1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 2-01-ᠳᠣᠯᠣᠭᠠᠨ ᠥᠨᠳᠡᠭᠡ  ᠲᠡᠢ ᠳᠣᠭᠣᠯᠠᠩ ᠱᠠᠭᠠᠵᠠᠭᠠᠢ ᠵᠢᠨ ᠦᠯᠢᠭᠡᠷMunkh Tunkh - Season 2Мөнх Тунх1 -р-Долоон өндөгтэй доголон шаазгайн үлгэр

ᠮᠥᠩᠬᠡ ᠲᠤᠩᠬᠤ 2-01-ᠳᠣᠯᠣᠭᠠᠨ ᠥᠨᠳᠡᠭᠡ  ᠲᠡᠢ ᠳᠣᠭᠣᠯᠠᠩ ᠱᠠᠭᠠᠵᠠᠭᠠᠢ ᠵᠢᠨ ᠦᠯᠢᠭᠡᠷMunkh Tunkh - Season 2Мөнх Тунх1 -р-Долоон өндөгтэй доголон шаазгайн үлгэр

2023-01-27

908

ᠮᠥᠩᠬᠡ ᠲᠤᠩᠬᠤ ᠬᠣᠶᠠᠳᠤᠭᠠᠷ ᠤᠯᠠᠷᠢᠯ ᠤᠨ ᠨᠢᠭᠡᠳᠦᠭᠡᠷ ᠠᠩᠭᠢ-ᠳᠣᠯᠣᠭᠠᠨ ᠥᠨᠳᠡᠭᠡ  ᠲᠡᠢ ᠳᠣᠭᠣᠯᠠᠩ ᠱᠠᠭᠠᠵᠠᠭᠠᠢ ᠵᠢᠨ ᠦᠯᠢᠭᠡᠷ

ᠲᠤᠩᠬᠤ᠄ ᠴᠢ ᠢᠩᠭᠢᠭᠡᠳ ᠬᠠᠮᠢᠭᠠᠰᠢ ᠪᠠᠨ ᠨᠢᠭᠤᠴᠢᠬᠠᠭᠰᠠᠨ ᠶᠤᠮ ᠪᠣᠢ? ᠬᠡᠯᠡᠴᠢᠬᠡ ᠳ᠋ᠠ
ᠮᠥᠩᠬᠡ᠄ ᠵᠠ᠂ ᠦᠭᠡᠢ᠃
ᠲᠤᠩᠬᠤ᠄ ᠮᠥᠩᠬᠡ ᠡ᠂ ᠬᠡᠯᠡᠯ ᠳ᠋ᠠ!
ᠮᠥᠩᠬᠡ᠄ ᠬᠡᠯᠡᠬᠦ ᠦᠭᠡᠢ᠃
ᠲᠤᠩᠬᠤ᠄ ᠴᠢ ᠮᠢᠨᠦ ᠲᠣᠭᠯᠠᠭᠠᠮ ᠊ᠢ ᠭᠠᠷᠭᠠᠵᠤ ᠥᠭᠬᠦ ᠦᠭᠡᠢ ᠪᠣᠯ ᠮᠠᠭᠤᠬᠠᠢ ᠳ᠋ᠠ᠃
ᠮᠥᠩᠬᠡ᠄ ᠬᠠ᠂ ᠵᠠ ᠲᠡᠭᠡᠭᠡᠳ ᠮᠠᠭᠤᠬᠠᠢ ᠯᠡ ᠪᠣᠯᠴᠢᠬᠠᠶ᠎ᠠ ᠳ᠋ᠠ᠃
ᠠᠷᠸ᠎ᠡ᠄ ᠮᠠᠨ ᠊ᠤ ᠬᠡᠳᠦ ᠮᠢᠨᠢ ᠶᠠᠭᠠᠬᠢᠭᠰᠠᠨ ᠳᠠᠭᠤ ᠱᠣᠣ ᠲᠠᠢ ᠪᠠᠶ᠋ᠢᠬᠤ ᠶᠤᠮ ᠪᠣᠢ? ᠠ᠂ ᠬᠡ ᠬᠡ᠂ ᠶᠠᠭᠤ ᠪᠣᠯᠪᠠ?
ᠲᠤᠩᠬᠤ᠄ ᠬᠠᠷᠢᠨ ᠮᠥᠩᠬᠡ᠁
ᠲᠤᠩᠬᠤ᠄  ᠡ᠁
ᠮᠥᠩᠬᠡ᠄ ᠬᠢ ᠬᠢ᠂ ᠪᠢ ᠲᠤᠩᠬᠤ ᠪᠠᠷ ᠲᠣᠭᠯᠠᠭᠠᠳ ᠪᠠᠮᠪᠠᠷ ᠊ᠢ ᠨᠢ ᠨᠢᠭᠤᠴᠢᠬᠠᠭᠰᠠᠨ ᠶᠤᠮ ᠯᠡ ᠳ᠋ᠠ᠂  ᠭᠡᠬᠦ ᠳ᠋ᠦ᠍ ᠠᠷᠠᠢ ᠬᠡᠲᠦᠷᠡᠭᠦᠯᠴᠢᠭᠰᠡᠨ ᠶᠤᠮ ᠰᠢᠭ ᠯᠠ ᠪᠠᠶ᠋ᠢᠨ᠎ᠠ᠂ ᠠᠭᠤᠴᠢᠯᠠᠭᠠᠷᠠᠢ ᠲᠤᠩᠬᠤ ᠡ᠂
ᠲᠤᠩᠬᠤ᠄ ᠬᠡ ᠬᠡ᠂ ᠵᠦᠭᠡᠷ ᠠ᠋᠃
ᠠᠷᠸ᠎ᠡ᠄ ᠬᠠ ᠬᠠ ᠬᠠ᠂ ᠮᠤᠨᠳᠠᠭ ᠬᠡᠦᠬᠡᠳ ᠊ᠦᠳ ᠰᠢᠦ᠂ ᠠᠬ᠎ᠠ ᠨᠢ ᠲᠠ ᠨᠠᠷ ᠊ᠢ ᠶᠠᠮᠠᠷ ᠦᠯᠢᠭᠡᠷ ᠵᠢᠡᠷ ᠠᠶᠠᠯᠠᠭᠤᠯᠬᠤ ᠪᠠᠨ ᠣᠯᠴᠢᠬᠠᠯ᠎ᠠ᠃
ᠲᠤᠩᠬᠤ᠄ ᠶᠸ ᠭᠣᠶᠣ
ᠮᠥᠩᠬᠡ᠄ ᠡᠸᠦ᠂  ᠨᠠᠶ᠋ᠢᠰ ᠶᠢᠦ
ᠠᠷᠸ᠎ᠡ ᠄ ᠵᠠ ᠪᠡᠯᠡᠨ ‍᠊ᠦᠦ?
ᠮᠥᠩᠬᠡ ᠄ ᠪᠡᠯᠡᠨ ᠡ ᠂
ᠲᠤᠩᠬᠤ᠄ ᠪᠢ ᠪᠡᠯᠡᠨ ᠡ
ᠳᠣᠯᠣᠭᠠᠨ ᠥᠨᠳᠡᠭᠡ ᠲᠡᠢ ᠳᠣᠭᠣᠯᠠᠩ ᠱᠠᠭᠠᠵᠠᠭᠠᠢ ᠵᠢᠨ ᠦᠯᠢᠭᠡᠷ

     ᠡᠷᠲᠡ ᠤᠷᠢᠳᠤ ᠴᠠᠭ ᠲᠤ᠌ ᠨᠢᠭᠡᠨ ᠳᠣᠭᠣᠯᠠᠩ ᠱᠠᠭᠠᠵᠠᠭᠠᠢ ᠳᠣᠯᠣᠭᠠᠨ ᠥᠨᠳᠡᠭᠡ ᠲᠡᠢ ᠪᠠᠶ᠋ᠢᠵᠤ ᠭᠡᠨ᠎ᠡ᠃

ᠭᠡᠲᠡᠯ᠎ᠡ ᠨᠢᠭᠡ ᠡᠳᠦᠷ ᠦᠨᠡᠭᠡ ᠬᠦᠷᠴᠦ ᠢᠷᠡᠭᠡᠳ ᠄《ᠳᠣᠯᠣᠭᠠᠨ ᠥᠨᠳᠡᠭᠡᠨ ᠡᠴᠡ ᠪᠡᠨ ᠨᠢᠭᠡ ᠶ᠋ᠢ ᠨᠢ ᠥᠭᠭᠦᠭᠡᠴᠢ᠂ ᠪᠢ ᠢᠳᠡᠶ᠎ᠡᠭᠡᠵᠡᠢ᠃
ᠲᠡᠭᠡᠬᠦ ᠳ᠋ᠦ᠍ ᠱᠠᠭᠠᠵᠠᠭᠠᠢ᠄《 ᠪᠢ ᠥᠨᠳᠡᠭᠡᠨ ᠡᠴᠡ ᠪᠡᠨ ᠥᠭᠬᠦ ᠦᠭᠡᠢᠭᠡᠵᠦ ᠭᠡᠨ᠎ᠡ᠃
ᠴᠢᠮ᠎ᠠ ᠶ᠋ᠢ ᠥᠨᠳᠡᠭᠡᠨ ᠡᠴᠡ ᠪᠡᠨ ᠥᠭᠬᠦ ᠦᠭᠡᠢ  ᠪᠤᠯ ᠠᠯᠤᠰ ᠊ᠤᠨ  ᠴᠢᠨᠢ ᠲᠣᠭᠣᠰᠣ ᠶ᠋ᠢ ᠭᠠᠷᠭᠠᠨ᠎ᠠ᠂ ᠠᠯᠲᠠᠨ ᠤᠯᠢᠶᠠᠰᠤ ᠶ᠋ᠢ ᠴᠢᠨᠢ ᠬᠤᠭᠤ ᠮᠥᠷᠭᠥᠨ᠎ᠡᠭᠡᠵᠦ ᠦᠨᠡᠭᠡ ᠬᠡᠯᠡᠵᠡᠢ᠃
ᠱᠠᠭᠠᠵᠠᠭᠠᠢ ᠠᠶᠤᠭᠠᠳ ᠨᠢᠭᠡ ᠥᠨᠳᠡᠭᠡ ᠥᠭᠴᠡᠢ᠃ ᠢᠩᠭᠢᠲᠡᠯ᠎ᠡ ᠨᠥᠭᠦᠭᠡ ᠦᠨᠡᠭᠡ ᠡᠳᠦᠷ ᠪᠦᠷᠢ ᠬᠦᠷᠴᠦ ᠢᠷᠡᠵᠦ᠂ ᠤᠷᠢᠳᠤ ᠶᠣᠰᠣᠭᠠᠷ ᠬᠡᠯᠡᠵᠦ ᠥᠨᠳᠡᠭᠡ  ᠵᠢ ᠨᠢ ᠠᠪᠴᠤ ᠶᠠᠪᠤᠭᠰᠠᠭᠠᠷ ᠨᠢᠭᠡᠨᠲᠡ ᠭᠤᠷᠪᠠᠨ ᠥᠨᠳᠡᠭᠡ ᠶ᠋ᠢ ᠨᠢ ᠠᠪᠤᠭᠠᠳ ᠪᠠᠶ᠋ᠢᠵᠠᠢ᠃ 

ᠴᠠᠰᠤᠬᠠᠨ᠄ ᠦᠯᠢᠭᠡᠷ ᠳᠡᠭᠡᠷᠡᠬᠢ ᠱᠠᠭᠠᠵᠠᠭᠠᠢ ᠮᠦᠨ᠂ ᠳᠠᠨᠳᠠ ᠪᠠᠶ᠋ᠢᠨ᠎ᠠ᠃
ᠪᠠᠰᠠᠷ᠄ ᠶᠠᠭᠠᠬᠢᠭᠰᠠᠨ ᠳᠡᠭᠡᠷᠡᠯᠬᠡᠦ ᠦᠨᠡᠭᠡ ᠪᠤᠢ᠂ ᠲᠡᠶ᠋ᠢᠮᠦ ᠡ᠂ ᠪᠠᠮᠪᠠᠷ ᠡ ?
ᠪᠠᠰᠠᠷ᠄  ᠠᠶᠤ᠂  ᠪᠠᠮᠪᠤᠷᠴᠠᠩ? ᠪᠠᠮᠪᠤᠷᠰᠠᠩ ᠪᠠᠮᠪᠤᠷᠤᠶ᠋ᠢᠱᠺ? ᠪᠠᠮᠪᠤᠷᠤᠶ᠋ᠢᠱᠦᠨ᠃
ᠮᠥᠩᠬᠡ᠄ ᠊  ᠥ ᠰᠣᠨᠢᠨ ᠶᠤᠮ ᠳ᠋ᠠ ᠂ᠮᠠᠨ ᠊ᠤ ᠪᠠᠮᠪᠠᠷ  ᠮᠠᠨᠢ ᠶᠠᠭᠠᠬᠢᠭᠠᠳ ᠶᠠᠷᠢᠬᠤ ᠦᠭᠡᠢ ᠪᠠᠶ᠋ᠢᠭ᠎ᠠ ᠶᠤᠮ ᠪᠣᠯ ᠡ᠃
ᠴᠠᠰᠤᠬᠠᠨ᠄ ᠪᠠᠮᠪᠠᠷ ᠮᠠᠨᠢ ᠬᠡᠯᠡᠵᠦ ᠪᠠᠶ᠋ᠢᠭᠰᠠᠨ ᠰᠢᠦ ᠳ᠋ᠠ ᠲᠤᠩᠬᠤ ᠳ᠋ᠤ᠌ ᠦᠨᠡᠬᠡᠷ ᠬᠡᠷᠡᠭ ᠪᠣᠯᠤᠭᠰᠠᠨ ᠦᠶ᠎ᠡ ᠳ᠋ᠤ᠌ ᠨᠢ ᠭᠠᠷᠴᠤ ᠢᠷᠡᠨ᠎ᠡ ᠭᠡᠳ᠁
ᠲᠤᠩᠬᠤ᠄ ᠲᠡᠶ᠋ᠢᠮᠦ ᠰᠢᠦ᠂ ᠬᠥᠭᠡᠷᠦᠬᠦᠨ ᠪᠠᠮᠪᠠᠷ ᠮᠢᠨᠢ ᠮᠠᠰᠢ ᠶᠡᠬᠡ ᠬᠡᠷᠡᠭ ᠪᠣᠯᠤᠭᠰᠠᠨ ᠦᠶ᠎ᠡ ᠳ᠋ᠤ᠌ ᠠᠮᠢ ᠣᠷᠣᠳᠠᠭ ᠭᠡᠵᠦ  ᠪᠠᠶ᠋ᠢᠭᠰᠠᠨ᠃
ᠪᠠᠰᠠᠷ᠄ ᠪᠠᠮᠪᠠᠷ ᠡ᠂ ᠪᠠᠮᠪᠠᠷ ᠡ᠂ ᠲᠤᠩᠬᠤ  ᠳ᠋ᠤ᠌ ᠴᠢᠨᠢ ᠮᠠᠰᠢ ᠶᠡᠬᠡ ᠬᠡᠷᠡᠭ ᠲᠠᠢ ᠪᠣᠯᠴᠢᠬᠠᠯ᠎ᠠ᠂ ᠪᠠᠮᠪᠠᠷ ᠡ᠂ ᠪᠠᠮᠪᠠᠷ ᠡ᠂ ᠪᠠᠮᠪᠠᠷ  ᠡ᠁᠁
ᠲᠤᠩᠬᠤ᠄ ᠬᠡ ᠬᠡ ᠬᠡ᠂ ᠪᠠᠮᠪᠠᠷ ᠮᠠᠨᠢ ᠬᠡᠷᠡᠭ ᠲᠡᠢ ᠦᠶ᠎ᠡ ᠳ᠋ᠤ᠌ ᠭᠠᠷᠤᠭᠠᠳ ᠢᠷᠡᠬᠦ ᠪᠠᠶ᠋ᠢᠬᠤ ᠶᠤᠮ᠃ ᠬᠡᠳᠦᠭᠦᠯᠡ ᠪᠡᠨ ᠱᠠᠭᠠᠵᠠᠭᠠᠢ ᠵᠢᠨ ᠳ᠋ᠤ᠌ ᠣᠴᠢᠵᠤ ᠲᠤᠰᠠᠯᠠᠬᠤ ᠊ᠦᠦ?
ᠮᠥᠩᠬᠡ᠄ ᠲᠡᠭᠡᠶ᠎ᠡ ᠲᠡᠭᠡᠶ᠎ᠡ᠂ ᠪᠦᠭᠦᠳᠡᠭᠡᠷ ᠵᠢᠡᠨ ᠣᠴᠢᠴᠠᠭᠠᠶ᠎ᠡ!
ᠮᠥᠩᠬᠡ᠄ ᠰᠠᠶ᠋ᠢᠨ ᠪᠠᠶ᠋ᠢᠨ᠎ᠠ ᠊ᠤᠤ? ᠱᠠᠭᠠᠵᠠᠭᠠᠢ
ᠱᠠᠭᠠᠵᠠᠭᠠᠢ᠄ ᠢ!
ᠲᠤᠩᠬᠤ᠄ ᠰᠠᠶ᠋ᠢᠨ ᠪᠠᠶ᠋ᠢᠨ᠎ᠠ ᠊ᠤᠤ?
ᠱᠠᠭᠠᠵᠠᠭᠠᠢ᠄ ᠲᠠ ᠨᠠᠷ᠂ ᠲᠠ ᠨᠠᠷ ᠪᠠᠰᠠ ᠶᠠᠭᠠᠬᠢᠬᠤ ᠭᠡᠵᠦ ᠪᠠᠶ᠋ᠢᠬᠤ ᠶᠤᠮ?
ᠴᠠᠰᠤᠬᠠᠨ᠄ ᠱᠠᠭᠠᠵᠠᠭᠠᠢ ᠮᠢᠨᠢ ᠡ᠂ ᠲᠠᠶ᠋ᠢᠪᠤᠰᠢᠷᠠ᠂ ᠪᠢᠳᠡ ᠨᠠᠷ ᠥᠪᠡᠷ ᠲᠦ᠍ ᠴᠢᠨᠢ ᠲᠤᠰᠠᠯᠠᠬᠤ ᠪᠠᠷ ᠢᠷᠡᠭᠰᠡᠨ ᠶᠤᠮ᠃
ᠲᠤᠩᠬᠤ᠄ ᠲᠡᠶ᠋ᠢᠮᠦ ᠰᠢᠦ᠂ ᠪᠢᠳᠡ ᠦᠨᠡᠭᠡᠨ ᠡᠴᠡ ᠥᠨᠳᠡᠭᠡ  ᠨᠤᠭᠦᠳ ᠊ᠢ ᠴᠢᠨᠢ ᠬᠠᠮᠠᠭᠠᠯᠠᠬᠤ ᠪᠠᠷ ᠢᠷᠡᠯ᠎ᠡ᠃
ᠱᠠᠭᠠᠵᠠᠭᠠᠢ᠄ ᠲᠠ ᠨᠠᠷ ᠨᠠᠳᠠ ᠶ᠋ᠢ ᠲᠤᠰᠠᠯᠠᠬᠤ ᠭᠡᠵᠦ ᠪᠠᠶ᠋ᠢᠭ᠎ᠠ ᠡᠰᠡᠬᠦ ᠶ᠋ᠢ ᠪᠢ ᠶᠠᠭᠠᠬᠢᠵᠤ ᠮᠡᠳᠡᠬᠦ ᠪᠢᠯᠡ᠃
ᠪᠠᠰᠠᠷ᠄  ᠬᠥᠶᠢ᠂ ᠵᠦᠭᠡᠷ ᠲᠤᠰᠠᠯᠠᠭᠤᠯᠴᠢᠬ᠎ᠡ ᠳ᠋ᠠ
ᠴᠠᠰᠤᠬᠠᠨ᠄ ᠪᠠᠰᠠᠷ ᠡ᠂ ᠡᠨᠡ ᠱᠠᠭᠠᠵᠠᠭᠠᠢ ᠴᠢᠨᠢ ᠠᠶᠤᠭᠰᠠᠨ ᠪᠠᠶ᠋ᠢᠭ᠎ᠠ ᠰᠢᠦ ᠳ᠋ᠠ᠂ ᠪᠢᠳᠡ ᠠᠯᠢ ᠪᠣᠯᠬᠤ ᠯᠡ ᠲᠠᠶ᠋ᠢᠪᠤᠰᠢᠷᠠᠭᠤᠯᠬᠤ ᠬᠡᠷᠡᠭᠲᠡᠢ᠃
ᠮᠥᠩᠬᠡ᠄ ᠲᠠ ᠮᠢᠨᠢ ᠲᠠᠶ᠋ᠢᠪᠤᠰᠢᠷᠠᠭᠠᠷᠠᠢ᠂ ᠪᠢᠳᠡᠨ ᠳ᠋ᠦ᠍ ᠶᠠᠭ ᠶᠠᠭᠤ ᠪᠣᠯᠤᠭᠰᠠᠨ ᠵᠢᠠᠨ ᠶᠠᠷᠢᠵᠤ ᠥᠭᠴᠦ ᠪᠣᠯᠤᠨ᠎ᠠ ᠊ᠦᠦ?
ᠱᠠᠭᠠᠵᠠᠭᠠᠢ᠄ ᠵᠠ ᠂ᠡᠨᠡ ᠪᠦᠬᠦ ᠠᠶᠤᠮᠠᠷ ᠵᠦᠢᠯ ᠭᠤᠷᠪᠠ ᠬᠣᠨᠣᠭ ᠊ᠤᠨ ᠡᠮᠦᠨ᠎ᠡ ᠪᠣᠯᠤᠭᠰᠠᠨ ᠶᠤᠮ᠃ ᠠᠶᠤᠮᠰᠢᠭᠲᠤ ᠲᠣᠮᠣ ᠦᠨᠡᠭᠡ᠁᠁
ᠪᠠᠰᠠᠷ᠄ ᠦᠨᠡᠭᠡ ᠊ᠦᠦ? ᠦᠨᠡᠭᠡ ᠴᠢᠨᠢ ᠵᠢᠵᠢᠭᠬᠡᠨ ᠠᠮᠢᠲᠠᠨ ᠪᠢᠰᠢ ᠶᠤᠮ ᠊ᠦᠦ?
ᠱᠠᠭᠠᠵᠠᠭᠠᠢ᠄  ᠦᠭᠡᠢ᠂ᠡᠨᠡ ᠦᠨᠡᠭᠡ ᠪᠦᠷ ᠠᠯᠤᠰ ᠡᠴᠡ ᠲᠣᠭᠣᠰᠣ ᠭᠠᠷᠭᠠᠳᠠᠭ᠂ ᠠᠯᠲᠠᠨ ᠤᠯᠢᠶᠠᠰᠤ ᠬᠤᠭᠤ ᠮᠥᠷᠭᠥᠳᠡᠭ ᠭᠡᠨ᠎ᠡ᠃
ᠮᠥᠩᠬᠡ᠄ ᠫᠥᠬᠥ᠂ ᠲᠡᠶ᠋ᠢᠮᠦ ᠠᠶᠤᠮᠠᠷ ᠦᠨᠡᠭᠡ ᠪᠠᠶ᠋ᠢᠳᠠᠭ ᠶᠤᠮ ᠊ᠦᠦ?
ᠱᠠᠭᠠᠵᠠᠭᠠᠢ᠄  ᠬᠠᠷᠢᠨ ᠲᠡᠶ᠋ᠢᠮᠦ ᠠ᠋ ᠂ ᠤᠳᠤ ᠶᠠᠭᠠᠬᠢᠳᠠᠭ ᠪᠢᠯᠡ?
ᠪᠠᠰᠠᠷ᠄ ᠶᠠ᠂ ᠡᠪ ᠦᠭᠡᠢ ᠶᠠᠭᠤᠮ᠎ᠠ ᠪᠣᠯᠬᠤ ᠨᠢ ᠡ᠂ ᠪᠠᠮᠪᠠᠷ ᠡ?
ᠴᠠᠰᠤᠬᠠᠨ᠄ ᠵᠠ᠂ ᠤᠳᠤ ᠢᠷᠡᠬᠦ ᠭᠡᠵᠦ ᠪᠠᠶ᠋ᠢᠭ᠎ᠠ ᠪᠤᠯ ᠪᠢᠳᠡ ᠪᠤᠲᠠᠨ ᠊ᠤ ᠠᠷᠤ ᠳ᠋ᠤ᠌ ᠨᠢᠭᠤᠭᠳᠠᠭᠠᠳ ᠬᠠᠷᠠᠵᠤ ᠪᠠᠶ᠋ᠢᠶ᠎ᠠ᠂ ᠶᠠᠭᠠᠬᠢᠵᠤ ᠲᠤᠰᠠᠯᠠᠵᠤ ᠪᠣᠯᠬᠤ ᠪᠠᠨ ᠬᠠᠷᠠᠵᠤ ᠪᠠᠶ᠋ᠢᠭᠠᠳ ᠠᠷᠭ᠎ᠠ ᠣᠯᠤᠶ᠎ᠠ᠃
ᠲᠤᠩᠬᠤ᠄ ᠲᠡᠭᠡᠶ᠎ᠡ ᠂ ᠲᠡᠭᠡᠶ᠎ᠡ᠃

ᠱᠠᠭᠠᠵᠠᠭᠠᠢ᠄ ᠵᠠ!
ᠪᠠᠰᠠᠷ᠄ ᠢ᠂ ᠶᠠ᠂ ᠤᠯᠢᠶᠠᠰᠤ ᠬᠤᠭᠤ ᠮᠥᠷᠭᠥᠳᠡᠭ ᠭᠡᠬᠦ ᠪᠡᠷ ᠡᠶ᠋ᠢᠮᠦ ᠲᠣᠮᠣ ᠡᠪᠡᠷ ᠲᠡᠢ ᠶᠠᠭᠤᠮ᠎ᠠ ᠪᠠᠶ᠋ᠢᠬ᠎ᠠ ᠳ᠋ᠠ᠃
ᠮᠥᠩᠬᠡ᠄ ᠲᠡᠭᠡᠭᠡᠳ ᠪᠦᠷ ᠠᠯᠤᠰ ᠡᠴᠡ ᠲᠣᠭᠣᠰᠣ ᠭᠠᠷᠭᠠᠳᠠᠭ ᠭᠡᠵᠦ ᠪᠠᠶ᠋ᠢᠭ᠎ᠠ᠃
ᠲᠤᠩᠬᠤ᠄ ᠶᠠᠭᠠᠬᠢᠨ᠎ᠠ᠂ ᠲᠡᠭᠡᠭᠡᠳ ᠠᠪᠤᠷᠭᠤ ᠲᠣᠮᠣ ᠪᠡᠶ᠎ᠡ ᠲᠠᠢ ᠭᠡᠰᠡᠨ ᠪᠠᠶ᠋ᠢᠬ᠎ᠠ᠃
ᠪᠠᠰᠠᠷ᠄ ᠪᠠᠮᠪᠠᠷ?
ᠦᠨᠡᠭᠡ᠄ ᠴᠢᠮ᠎ᠠ ᠶ᠋ᠢ ᠥᠨᠳᠡᠭᠡᠨ ᠡᠴᠡ ᠪᠡᠨ ᠥᠭᠬᠦ ᠦᠭᠡᠢ ᠶᠤᠮ ᠪᠣᠯ ᠠᠯᠤᠰ ᠊ᠤᠨ ᠲᠣᠭᠣᠰᠣ ᠶ᠋ᠢ ᠭᠠᠷᠭᠠᠨ᠎ᠠ᠂ ᠠᠯᠲᠠᠨ ᠤᠯᠢᠶᠠᠰᠤ ᠶ᠋ᠢ ᠴᠢᠨᠢ ᠬᠤᠭᠤ ᠮᠥᠷᠭᠥᠨ᠎ᠡ ᠳ᠋ᠠ᠃
ᠪᠠᠰᠠᠷ᠄ ᠡ ᠡ ᠡ! ᠊  ᠥᠩ᠂ᠥ ᠬᠥ᠋ ᠬᠥ᠋ ᠬᠥ᠋ ᠁ᠬᠥᠶᠢ᠂  ᠡᠭᠦᠨ ᠊ᠢ ᠬᠠᠷᠠ᠁  ᠶᠤᠮ ᠪᠦᠷᠠ᠂ ᠪᠢ ᠣᠴᠢᠯ᠎ᠠ᠃
ᠦᠨᠡᠭᠡ᠄ ᠬᠥᠶᠢ!
ᠪᠠᠰᠠᠷ᠄ ᠵᠢᠭᠠᠬᠠᠨ ᠲᠠᠶ᠋ᠢᠪᠤᠩ ᠪᠠᠢ ᠯᠡ ᠳ᠋ᠠ᠂
ᠦᠨᠡᠭᠡ᠄ ᠴᠢ ᠬᠡᠨ ᠪᠤᠢ?
ᠪᠠᠰᠠᠷ᠄ ᠠᠷᠪᠠᠨ ᠲᠠᠪᠤᠨ ᠲᠣᠯᠣᠭᠠᠢ ᠲᠠᠢ᠂ ᠠᠲᠠᠭᠠᠯᠵᠢᠨ ᠬᠠᠷ᠎ᠠ ᠪᠠᠰᠠᠷ ᠪᠠᠶ᠋ᠢᠨ᠎ᠠ ᠳ᠋ᠠ᠂ ᠬᠡ ᠬᠡ
ᠦᠨᠡᠭᠡ᠄  ᠲᠡᠶ᠋ᠢᠨ ᠶᠠᠮᠠᠷ ᠨᠡᠷ᠎ᠡ ᠪᠠᠶ᠋ᠢᠳᠠᠭ ᠪᠣᠢ?
ᠪᠠᠰᠠᠷ᠄ ᠬᠡ ᠬᠡ᠂ ᠲᠣᠭᠯᠠᠭᠰᠠᠨ ᠶᠤᠮ ᠠ᠋᠂ ᠦᠨᠡᠭᠡ ᠡᠭᠡᠴᠢ ᠡ᠂ ᠲᠠ ᠡᠨᠡ ᠬᠥᠭᠡᠷᠦᠬᠦᠢ ᠱᠠᠭᠠᠵᠠᠭᠠᠢ ᠶ᠋ᠢ ᠵᠦᠭᠡᠷ ᠣᠷᠬᠢᠵᠤ ᠪᠣᠯᠳᠠᠭ ᠦᠭᠡᠢ ᠶᠤᠮ ᠊ᠦᠦ?
ᠦᠨᠡᠭᠡ᠄ ᠵᠠ᠂ᠪᠤᠰᠤᠳ ᠊ᠤᠨ ᠬᠡᠷᠡᠭ ᠲᠦ᠍ ᠣᠷᠣᠭᠠᠳ ᠪᠠᠶ᠋ᠢᠪᠠᠯ ᠴᠢᠨᠢ ᠪᠤᠲᠠᠩᠲᠤ ᠠᠭᠤᠯᠠ ᠵᠢᠨ ᠣᠷᠣᠢ ᠡᠴᠡ ᠲᠣᠭᠣᠰᠣ ᠲᠠᠲᠠᠭᠤᠯᠤᠨ ᠳᠠᠪᠬᠢᠵᠤ ᠢᠷᠡᠭᠡᠳ ᠪᠤᠴᠠᠵᠤ  ᠢᠷᠡᠵᠦ ᠴᠢᠳᠠᠬᠤ ᠥᠬᠡᠢ ᠪᠣᠯᠲᠠᠯ᠎ᠠ ᠴᠢᠨᠢ ᠮᠥᠷᠭᠦᠴᠢᠬᠡᠨ᠎ᠡ ᠰᠢᠦ᠃
ᠱᠠᠭᠠᠵᠠᠭᠠᠢ᠄ ᠢ᠁ ᠢ᠁
ᠪᠠᠰᠠᠷ᠄ ᠲᠠ ᠵᠢᠭᠠᠬᠠᠨ ᠲᠠᠶ᠋ᠢᠪᠤᠩ ᠪᠠᠶ᠋ᠢᠲᠤᠭᠠᠢ!
ᠦᠨᠡᠭᠡ᠄ ᠪᠢ?
ᠲᠤᠩᠬᠤ᠄ ᠲᠠ ᠴᠢᠳᠠᠯ ᠦᠭᠡᠢ ᠰᠤᠯᠠ ᠳᠣᠷᠣᠢ ᠨᠢᠭᠡᠨ ᠵᠢᠡᠨ ᠢᠩᠭᠢᠵᠦ ᠳᠡᠭᠡᠷᠡᠯᠬᠡᠵᠦ ᠪᠣᠯᠬᠤ ᠦᠭᠡᠢ ᠰᠢᠦ ᠳ᠋ᠠ᠃
ᠮᠥᠩᠬᠡ᠄ ᠲᠡᠶ᠋ᠢᠮᠦ ᠰᠢᠦ᠂ ᠲᠠᠨ ᠡᠴᠡ ᠥᠭᠡᠷ᠎ᠡ ᠬᠦᠴᠦᠲᠡᠢ ᠬᠡᠨ ᠨᠢᠭᠡᠨ ᠪᠠᠶ᠋ᠢᠵᠤ ᠯᠡ ᠪᠠᠶ᠋ᠢᠭ᠎ᠠ᠂ ᠭᠡᠬᠦ ᠳ᠋ᠦ᠍ ᠪᠡᠨ ᠲᠠᠨ ᠊ᠢ ᠳᠡᠭᠡᠷᠡᠯᠬᠡᠬᠦ ᠦᠭᠡᠢ ᠪᠠᠶ᠋ᠢᠨ᠎ᠠ ᠭᠡᠳᠡᠭ ᠴᠢᠨᠢ ᠲᠡᠷᠡ ᠬᠦᠴᠦᠲᠡᠨ ᠮᠠᠰᠢ ᠶᠡᠬᠡ ᠤᠬᠠᠭᠠᠨ ᠲᠠᠢ ᠪᠠᠰᠠ ᠤᠬᠠᠮᠰᠠᠷ ᠲᠠᠢ ᠪᠠᠶ᠋ᠢᠨ᠎ᠠ ᠭᠡᠰᠡᠨ ᠦᠭᠡ᠃
ᠴᠠᠰᠤᠬᠠᠨ᠄ ᠲᠡᠶ᠋ᠢᠮᠦ ᠪᠣᠯᠬᠣᠷ ᠯᠡ ᠥᠪᠡᠷ ᠡᠴᠡ ᠪᠡᠨ ᠬᠦᠴᠦ ᠪᠠᠭ᠎ᠠ ᠲᠠᠢ ᠨᠢᠭᠡ ᠶ᠋ᠢ ᠳᠡᠭᠡᠷᠡᠯᠬᠡᠨ᠎ᠡ ᠭᠡᠳᠡᠭ ᠮᠠᠭᠤᠬᠠᠢ ᠰᠢᠦ ᠳ᠋ᠠ᠃
ᠦᠨᠡᠭᠡ᠄  ᠵᠠ᠂ᠲᠡᠶ᠋ᠢᠮᠦ ᠳ᠋ᠠ᠂ ᠪᠢ ᠴᠦ᠍ ᠪᠠᠭ᠎ᠠ ᠳ᠋ᠤ᠌ ᠪᠠᠨ ᠲᠡᠭᠡᠷᠡᠯᠬᠡᠭᠦᠯᠳᠡᠭ ᠪᠠᠶ᠋ᠢᠭᠰᠠᠨ ᠮᠢᠨᠢ ᠤᠳᠤ ᠢᠩᠭᠢᠵᠦ ᠮᠠᠭᠤ  ᠪᠠᠷ ᠨᠥᠯᠥᠭᠡᠯᠡᠵᠡᠢ᠃ ᠥᠪᠡᠷ ᠠ᠋ᠴᠠ ᠪᠠᠨ ᠳᠣᠣᠷ᠎ᠠ ᠭᠡᠵᠦ ᠦᠵᠡᠭᠰᠡᠨ ᠠᠮᠢᠲᠠᠨ ᠪᠣᠯᠭᠠᠨ ᠵᠢᠠᠨ ᠳᠡᠭᠡᠷᠡᠯᠬᠡᠬᠦ ᠭᠡᠳ ᠪᠠᠶ᠋ᠢᠳᠠᠭ ᠪᠣᠯᠵᠠᠢ᠃ ᠲᠡᠳᠡᠨ ᠳ᠋ᠦ᠍ ᠲᠤᠰᠠᠯᠠᠳᠠᠭ ᠪᠠᠶ᠋ᠢᠭᠰᠠᠨ ᠪᠣᠯ ᠳᠡᠰ ᠥᠭᠡᠷ᠎ᠡ ᠪᠠᠶ᠋ᠢᠬᠤ ᠪᠠᠶ᠋ᠢᠭᠰᠠᠨ ᠰᠢᠦ ᠳ᠋ᠠ᠂ ᠨᠠᠮ᠎ᠠ ᠶ᠋ᠢ ᠠᠭᠤᠴᠢᠯᠠᠭᠠᠷᠠᠢ ᠱᠠᠭᠠᠵᠠᠭᠠᠢ ᠮᠢᠨᠢ᠃
ᠱᠠᠭᠠᠵᠠᠭᠠᠢ᠄ ᠦᠨᠡᠬᠡᠷ ᠭᠡᠵᠡᠢ ᠦᠦ?
ᠦᠨᠡᠭᠡ᠄ ᠦᠨᠡᠬᠡᠷ ᠴᠢᠩ ᠰᠡᠳᠬᠢᠯ ᠡᠴᠡ ᠪᠡᠨ ᠨᠠᠮ᠎ᠠ ᠶ᠋ᠢ᠂ ᠠᠭᠤᠴᠢᠯᠠᠭᠠᠷᠠᠢ᠂ ᠴᠢᠮ᠎ᠠ ᠳ᠋ᠤ᠌ ᠨᠢᠭᠡ ᠵᠦᠢᠯ ᠊ᠢ ᠥᠭᠭᠦᠶ᠎ᠡ᠃
ᠠᠷᠸ᠎ᠡ᠄ ᠬᠡᠦᠬᠡᠳ ᠊ᠦᠳ ᠮᠢᠨᠢ ᠥᠪᠡᠷ ᠡᠴᠡ ᠴᠢᠨᠢ ᠳᠣᠣᠷ᠎ᠠ ᠢᠯᠡᠭᠦᠦ ᠡᠰᠡᠬᠦᠯ᠎ᠡ ᠥᠭᠡᠷ᠎ᠡ ᠬᠡᠦᠬᠡᠳ ᠪᠠᠶ᠋ᠢᠪᠠᠯ ᠳᠡᠭᠡᠷᠡᠯᠬᠡᠬᠦ ᠪᠣᠯᠤᠨ ᠭᠠᠳᠠᠭᠤᠷᠬᠠᠬᠤ ᠦᠢᠯᠡᠳᠦᠯ ᠬᠡᠵᠢᠶ᠎ᠡ ᠴᠦ᠍ ᠪᠢᠲᠡᠭᠡᠢ ᠭᠠᠷᠭᠠᠵᠤ ᠪᠠᠶ᠋ᠢᠭᠠᠷᠠᠢ᠂ ᠪᠢᠳᠡ ᠴᠢᠨᠢ ᠪᠦᠭᠦᠳᠡᠭᠡᠷ ᠵᠢᠡᠨ ᠨᠢᠭᠡ ᠳᠡᠯᠡᠬᠡᠢ ᠳᠡᠭᠡᠷ᠎ᠡ ᠠᠮᠢᠳᠤᠷᠠᠳᠠᠭ ᠬᠥᠮᠦᠨ ᠭᠡᠳᠡᠭ ᠨᠢᠭᠡᠨ ᠭᠠᠶ᠋ᠢᠬᠠᠯᠲᠠᠢ ᠲᠥᠷᠥᠯ ᠶᠤᠮ ᠰᠢᠦ ᠳ᠋ᠠ᠂ ᠬᠡᠦᠬᠡᠳ ᠳᠡᠭᠡᠷᠡᠯᠬᠡᠳᠡᠭ ᠦᠭᠡᠢ ᠬᠡᠦᠬᠡᠳ ᠊ᠤᠳ  ᠲᠦ᠍ ᠪᠠᠨ ᠮᠥᠩᠬᠡ ᠲᠤᠩᠬᠤ ᠬᠠᠶ᠋ᠢᠷᠠᠲᠠᠢ ᠰᠢᠦ᠃ ᠬᠣᠶᠠᠳᠤᠭᠠᠷ ᠤᠯᠠᠷᠢᠯ ᠳ᠋ᠤ᠌ ᠪᠠᠨ ᠲᠠᠪᠠᠲᠠᠢ ᠮᠣᠷᠢᠯᠠ᠃ ᠠᠳᠠᠯ ᠶᠠᠪᠤᠳᠠᠯ ᠵᠢᠠᠷ ᠬᠠᠮᠲᠤ ᠳ᠋ᠤ᠌ ᠪᠡᠨ ᠠᠶᠠᠯᠠᠵᠠᠭᠠᠶ᠎ᠠ᠃

ᠪᠠᠰᠠᠷ ᠡᠸᠦ ᠺᠡᠢok
ᠵᠠ ᠰᠠᠶ᠋ᠢᠨ ᠪᠠᠶ᠋ᠢᠵᠠᠭᠠᠨ᠎ᠠ ᠊ᠦᠦ? ᠮᠠᠨ ᠊ᠤ ᠪᠠᠰᠠᠷ ᠫᠣᠲᠸᠺᠠᠰᠧᠲ ᠡᠬᠢᠯᠡᠬᠦ ᠳ᠋ᠦ᠍ ᠪᠡᠯᠡᠨ ᠪᠣᠯᠤᠯ᠎ᠠ᠃ ᠥᠨᠥᠳᠥᠷ ᠲᠠ ᠪᠦᠬᠦᠨ ᠳ᠋ᠦ᠍ ᠪᠡᠨ ᠪᠢᠳᠡᠨ ᠲᠡᠢ ᠬᠠᠮᠲᠤᠷᠠᠨ ᠰᠢᠨᠡᠬᠡᠨ ᠳᠠᠭᠤᠤ ᠪᠦᠲᠦᠭᠡᠯᠴᠡᠭᠰᠡᠨ ᠶᠠᠩᠵᠤ ᠵᠢᠨ ᠴᠢᠷᠠᠶ᠋ᠢᠯᠢᠭ ᠬᠣᠶᠠᠷ ᠳᠦᠷᠢ ᠶ᠋ᠢ ᠲᠠᠨᠢᠯᠴᠠᠭᠤᠯᠤᠶ᠎ᠠ᠃
ᠵᠠ ᠰᠠᠶ᠋ᠢᠨ ᠪᠠᠶ᠋ᠢᠵᠠᠭᠠᠨ᠎ᠠ ᠊ᠦᠦ? ᠲᠠ ᠬᠣᠶᠠᠷ ᠮᠠᠨᠢ ᠮᠠᠨ ᠊ᠤ ᠦᠵᠡᠭᠴᠢ ᠰᠣᠨᠣᠰᠤᠭᠴᠢ ᠳ᠋ᠤ᠌ ᠥᠪᠡᠷᠰᠡᠳ ᠊ᠢ ᠪᠡᠨ ᠲᠠᠨᠢᠯᠴᠠᠭᠤᠯᠬᠤ ᠦᠭᠡᠢ ᠊ᠦᠦ?
ᠰᠠᠶ᠋ᠢᠨ ᠪᠠᠶ᠋ᠢᠨ᠎ᠠ ᠊ᠤᠤ? ᠪᠢᠳᠡ ᠬᠤᠷᠠᠮᠳᠤᠯ ᠊ᠤᠨ ᠪᠡᠯᠭᠡ ᠲᠡᠮᠳᠡᠭ ᠪᠣᠯᠤᠭᠰᠠᠨ ᠪᠣᠲᠣᠭᠣ ᠨᠤᠭᠤᠳ ᠪᠠᠶ᠋ᠢᠭ᠎ᠠ ᠶᠤᠮ
ᠰᠠᠶ᠋ᠢᠨ ᠪᠠᠶ᠋ᠢᠨ᠎ᠠ ᠊ᠤᠤ?
ᠸᠠ ᠡᠸᠦ᠂ ᠢᠩᠭᠢᠬᠦ ᠳ᠋ᠦ᠍ ᠲᠠ ᠬᠣᠶᠠᠷ ᠮᠢᠨᠢ ᠶᠠᠭᠠᠬᠢᠵᠤ ᠪᠠᠶ᠋ᠢᠭᠠᠳ ᠬᠤᠷᠠᠮᠳᠤᠯ ᠊ᠤᠨ ᠪᠡᠯᠭᠡ ᠲᠡᠮᠳᠡᠭ ᠪᠣᠯᠴᠢᠬᠠᠳᠠᠭ ᠪᠢᠯᠡ?
ᠲᠡᠮᠡᠭᠡ ᠤᠰᠤ ᠡᠯᠪᠡᠭ ᠦᠶ᠎ᠡ ᠳ᠋ᠤ᠌ ᠤᠰᠤ ᠪᠠᠨ ᠪᠦᠬᠦ ᠳ᠋ᠤ᠌ ᠪᠠᠨ ᠨᠥᠭᠡᠴᠡᠯᠡᠵᠦ ᠠᠪᠤᠭᠠᠳ᠂ ᠤᠰᠤ ᠦᠭᠡᠢ ᠦᠶ᠎ᠡ ᠳ᠋ᠤ᠌ ᠨᠥᠭᠡᠴᠡᠯᠡᠭᠰᠡᠨ ᠤᠰᠤᠨ ᠡᠴᠡ ᠪᠠᠨ ᠬᠡᠷᠡᠭᠯᠡᠵᠦ ᠠᠮᠢᠳᠤᠷᠠᠳᠠᠭ ᠠᠮᠢᠲᠠᠨ ᠪᠣᠯᠬᠣᠷ ᠦᠨᠳᠦᠰᠦᠲᠡᠨ ᠊ᠦ ᠬᠤᠷᠠᠮᠳᠤᠯ ᠊ᠤᠨ ᠪᠡᠯᠭᠡ ᠲᠡᠮᠳᠡᠭ ᠪᠣᠯᠤᠭᠰᠠᠨ ᠭᠡᠵᠦ ᠡᠵᠢ ᠢᠩᠭᠡ ᠮᠢᠨᠢ ᠬᠡᠯᠡᠵᠦ ᠪᠠᠶ᠋ᠢᠭᠰᠠᠨ᠂
ᠭᠠᠶ᠋ᠢᠬᠠᠯᠲᠠᠢ ᠭᠠᠶ᠋ᠢᠬᠠᠯᠲᠠᠢ᠃
ᠢᠩᠭᠡ ᠭᠡᠳᠡᠭ ᠢᠩᠭᠡ ᠲᠡᠮᠡᠭᠡ ᠶ᠋ᠢ ᠬᠡᠯᠡᠳᠡᠭ ᠶᠤᠮ ᠰᠢᠦ ᠬᠡᠦᠬᠡᠳ ᠊ᠦᠳ ᠡ!
ᠵᠠ ᠲᠡᠭᠡᠭᠡᠳ《1031ᠳ᠋ᠦ᠍ ᠶᠠᠭᠤ ᠪᠣᠯᠤᠨ᠎ᠠ ᠭᠡᠰᠡᠨ ᠪᠤᠢ?
ᠠ᠂ ᠳᠡᠯᠡᠬᠡᠢ ᠵᠢᠨ ᠬᠤᠷᠠᠮᠳᠤᠯ ᠊ᠤᠨ ᠡᠳᠦᠷ ᠊ᠢ ᠵᠢᠯ ᠪᠦᠷᠢ ᠵᠢᠨ ᠠᠷᠪᠠᠳᠤᠭᠠᠷ ᠰᠠᠷ᠎ᠠ ᠵᠢᠨ ᠭᠤᠴᠢᠨ ᠨᠢᠭᠡᠨ ᠳ᠋ᠦ᠍ ᠮᠣᠩᠭᠣᠯ ᠤᠯᠤᠰ ᠲᠤ᠌ ᠵᠣᠬᠢᠶᠠᠨ ᠪᠠᠶ᠋ᠢᠭᠤᠯᠳᠠᠭ ᠪᠠᠶ᠋ᠢᠭ᠎ᠠ᠂
ᠬᠦ᠋ ᠬᠦ᠋ ᠬᠦ᠋᠂ ᠬᠡ ᠬᠡ᠂ ᠮᠢᠨᠦ ᠳᠡᠭᠦᠦ ᠨᠠᠷ ᠪᠦᠷ ᠴᠡᠭᠡᠵᠢᠯᠡᠭᠡᠳ ᠪᠡᠯᠡᠳᠴᠢᠬᠡᠭᠰᠡᠨ ᠶᠤᠮ ᠰᠢᠭ ᠶᠠᠷᠢᠭᠠᠳ ᠪᠠᠶ᠋ᠢᠨ᠎ᠠ᠂ ᠵᠢᠭᠠᠬᠠᠨ ᠲᠠᠶ᠋ᠢᠪᠤᠩ ᠶᠠᠷᠢᠬᠤ ᠊ᠦᠦ?
ᠬᠡ ᠬᠡ ᠬᠡ᠂  ᠬᠠᠷᠢᠨ ᠰᠠᠨᠳᠤᠷᠤᠭᠠᠳ᠂ ᠪᠢ ᠪᠠᠰᠠ ᠠᠶᠠᠭᠦᠢ ᠷᠣᠪᠣᠲ ᠰᠢᠭ᠋ ᠶᠠᠷᠢᠭᠠᠳ ᠪᠠᠶ᠋ᠢᠭᠰᠠᠨ ᠡ᠂
ᠬᠡ ᠬᠡ
ᠡᠨᠡ ᠦᠢᠯᠡ ᠠᠵᠢᠯᠯᠠᠭ᠎ᠠ ᠪᠠᠷ ᠵᠢᠠᠨ ᠮᠥᠷᠥᠭᠡᠳᠦᠯ ᠳ᠋ᠦ᠍ ᠪᠡᠨ ᠬᠦᠷᠬᠦ ᠬᠠᠮᠤᠭ ᠊ᠤᠨ ᠡᠩ ᠊ᠦᠨ ᠠᠷᠭ᠎ᠠ ᠵᠠᠮ ᠨᠢ ᠮᠥᠩᠭᠥ ᠵᠢᠨ ᠬᠤᠷᠠᠮᠳᠤᠯ ᠪᠠᠶ᠋ᠢᠳᠠᠭ ᠤᠴᠢᠷ ᠡᠴᠡ ᠪᠠᠭ᠎ᠠ ᠠ᠋ᠴᠠ ᠡᠬᠢᠯᠡᠨ ᠬᠤᠷᠠᠮᠳᠤᠭᠤᠯᠵᠤ ᠰᠤᠷᠬᠤ ᠬᠡᠷᠡᠭᠲᠡᠢ ᠭᠡᠳᠡᠭ ᠊ᠢ ᠬᠦᠷᠭᠡᠬᠦ ᠵᠣᠷᠢᠯᠭ᠎ᠠ ᠲᠠᠢ ᠶᠤᠮ᠃
ᠭᠠᠶ᠋ᠢᠬᠠᠯᠲᠠᠢ ᠠᠮᠸᠢᠽᠸᠩ !
ᠠᠮᠸᠢᠽᠸᠩ ᠭᠡᠳᠡᠭ ᠨᠢ ᠭᠠᠶ᠋ᠢᠬᠠᠯᠲᠠᠢ ᠭᠡᠳᠡᠭ ᠠᠩᠭ᠍ᠯᠢ ᠦᠭᠡ ᠪᠠᠶ᠋ᠢᠭ᠎ᠠ᠂ ᠪᠠᠶᠠᠷᠯᠠᠯ᠎ᠠ᠃
ᠬᠡ ᠬᠡ ᠬᠡ ᠬᠢ ᠬᠢ ᠬᠢ
ᠬᠤᠷᠠᠮᠳᠤᠯ ᠡ ᠭᠡᠵᠦ ᠬᠤᠷᠠᠮᠳᠤᠯ ᠡᠭᠦᠰᠬᠡᠬᠦ ᠵᠢᠨ ᠲᠤᠯᠠᠳᠠ ᠮᠡᠳᠡᠭᠡᠵᠢ ᠬᠠᠳᠠᠭᠠᠯᠠᠮᠵᠢ ᠡᠭᠦᠰᠬᠡᠬᠦ ᠬᠡᠷᠡᠭᠲᠡᠢ᠂ ᠲᠡᠶ᠋ᠢᠮᠦ ᠡ᠃
ᠬᠤᠷᠠᠮᠳᠤᠯ ᠵᠢᠠᠷ ᠪᠦᠷ ᠳᠤᠭᠤᠢ᠂ ᠰᠦᠺᠥᠦ᠋ᠲ᠋ᠧᠷ ᠂ ᠺᠣᠮᠫᠢᠦ᠋ᠲ᠋ᠧᠷ᠂ ᠴᠤᠪᠠ᠂ ᠬᠤᠪᠴᠠᠰᠤ᠂ ᠭᠣᠶᠣ ᠭᠡᠳ ᠶᠤᠤ᠂ ᠪᠦᠬᠦ ᠬᠦᠰᠡᠭᠰᠡᠨ ᠪᠦᠬᠦᠨ ᠵᠢᠡᠨ ᠠᠪᠴᠤ ᠪᠣᠯᠳᠠᠭ ᠪᠠᠶ᠋ᠢᠬ᠎ᠠ᠂ ᠲᠡᠶ᠋ᠢᠮᠦ ᠡ
ᠶᠠᠭ ᠵᠥᠪ᠂
ᠵᠠ 《 ᠪᠠᠰᠠᠷ ᠫᠣᠲᠸᠺᠠᠰᠧᠲ ᠊ᠤᠨ ᠤᠷᠢᠯᠭ᠎ᠠ ᠶ᠋ᠢ ᠠᠪᠴᠤ ᠢᠷᠡᠭᠰᠡᠨ ᠲᠠ ᠬᠣᠶᠠᠷ ᠲᠤ᠌ ᠪᠠᠨ ᠪᠠᠶᠠᠷᠯᠠᠯ᠎ᠠ᠃
ᠠ᠂ ᠮᠦᠨ ᠦᠵᠡᠭᠴᠢ ᠰᠣᠨᠣᠰᠤᠭᠴᠢ ᠳ᠋ᠤ᠌ ᠪᠠᠨ ᠬᠡᠯᠡᠬᠦ ᠨᠢ ᠬᠣᠶᠠᠷ ᠬᠥᠭᠡᠷᠦᠬᠦᠨ ᠪᠣᠲᠣᠭᠣ ᠲᠠᠢ ᠪᠡᠨ ᠮᠥᠩᠬᠡ ᠲᠤᠩᠬᠤ ᠮᠠᠨᠢ ᠶᠠᠩᠵᠤ ᠵᠢᠨ ᠰᠠᠶ᠋ᠢᠬᠠᠨ ᠳᠠᠭᠤᠤ ᠬᠢᠭᠰᠡᠨ ᠪᠠᠶ᠋ᠢᠭ᠎ᠠ ᠰᠢᠦ᠂ ᠲᠡᠷᠡ ᠮᠠᠨᠢ ᠬᠡᠳᠦᠢ ᠠ᠋ᠴᠠ ᠰᠠᠴᠤᠭᠳᠠᠬᠤ ᠪᠤᠢ ?
ᠰᠢᠨᠡᠬᠡᠨ ᠳᠠᠭᠤᠤ ᠮᠠᠨᠢ ᠨᠢᠭᠡᠳᠡᠬᠢ ᠡᠳᠦᠷ ᠪᠤᠶᠤ ᠠᠷᠪᠠᠳᠤᠭᠠᠷ ᠰᠠᠷ᠎ᠠ ᠵᠢᠨ ᠬᠣᠷᠢᠨ ᠵᠢᠷᠭᠤᠭᠠᠨ ᠳ᠋ᠤ᠌ ᠰᠠᠴᠤᠭᠳᠠᠬᠤ ᠪᠠᠶ᠋ᠢᠭ᠎ᠠ᠃
ᠲᠠ ᠪᠦᠬᠦᠨ ᠲᠡᠢ ᠪᠡᠨ ᠤᠳᠠᠬᠤ ᠥᠬᠡᠢ ᠠᠭᠤᠯᠵᠠᠶ᠎ᠠ! ᠪᠠᠶᠠᠷᠲᠠᠢ!
ᠪᠠᠶᠠᠷᠲᠠᠢ!
ᠵᠠ᠂  ᠪᠠᠶᠠᠷᠯᠠᠯ᠎ᠠ ᠬᠠᠶ᠋ᠢᠷᠠᠲᠠᠢ ᠰᠢᠦ!
ᠪᠠᠢ ᠢ!