ᠮᠥᠩᠬᠡ ᠲᠤᠩᠬᠤ 6-04Мөнх ТунхMunkh Tunkh
ᠡᠮᠦᠨᠡᠬᠢ ᠠᠩᠭᠢ ᠳ᠋ᠤ᠌
ᠮᠥᠩᠬᠡ᠄ ᠡᠢᠮᠦ ᠬᠠᠷᠠᠩᠭᠤᠢ ᠰᠥᠨᠢ ᠶᠠᠭᠤ ᠶᠤᠮ ᠪᠣᠯ ᠠ᠋᠃ ᠬᠥᠶᠢ᠂ ᠮᠠᠨ ᠤ᠋᠂ ᠡᠩ? ᠮᠠᠨ ᠤ᠋ ᠬᠢ ᠠ᠋᠂ ᠲᠠ ᠨᠠᠷ ᠬᠠᠮᠢᠭ᠎ᠠ ᠣᠴᠢᠴᠢᠬᠠᠪᠠ?
ᠲᠤᠩᠬᠤ᠄ ᠨᠡᠭᠡᠷᠡᠨ ᠬᠠᠮᠢᠭ᠎ᠠ ᠣᠴᠢᠴᠢᠬᠠᠪᠠ? ᠮᠥᠩᠬᠡ ᠠ᠋᠃
ᠮᠥᠩᠬᠡ᠄ ᠮᠠᠨ ᠤ᠋ ᠬᠢ ᠠ᠋᠂ ᠮᠠᠨ ᠤ᠋ ᠬᠢ ᠠ᠋᠂
ᠪᠢ ᠡᠨᠳᠡ ᠪᠠᠢᠨ᠎ᠠ᠃ᠴᠠᠰᠤᠠᠬᠨ ᠪᠠᠢᠨ᠎ᠠ ᠤᠤ? ᠡᠨᠳᠡ ᠨᠢᠭᠡ ᠵᠦᠢᠯ ᠢᠷᠡᠭᠡᠳ ᠪᠠᠢᠨ᠎ᠠ᠃ ᠠ ! ᠲᠠ ᠨᠠᠷ ᠨᠠᠮ᠎ᠠ ᠶ᠋ᠢ
ᠬᠤᠷᠳᠤᠨ ᠢᠷᠡᠭᠡᠳ ᠠᠪᠤᠭᠠᠴᠢ ᠠ᠋᠃
ᠪᠠᠯᠭᠠᠨ᠄ ᠠ !
ᠬᠡᠦᠬᠡᠳ᠄ ᠠ ! ᠠ ᠶᠠᠮᠠᠷ ᠠᠶᠤᠮᠠᠷ ᠶᠤᠮ ᠪᠣᠢ? ᠨᠠᠮ᠎ᠠ ᠶ᠋ᠢ ᠪᠢᠲᠡᠭᠡᠢ ᠢᠳᠡᠭᠡᠷᠡᠢ !
ᠮᠥᠩᠬᠡ᠄ ᠦᠭᠡᠢ᠂ ᠴᠢ ᠥᠪᠡᠷ ᠢ᠋ᠶ᠋ᠡᠨ ᠨᠠᠮ᠎ᠠ ᠶ᠋ᠢ ᠪᠢᠲᠡᠭᠡᠢ ᠢᠳᠡᠭᠡᠷᠡᠢ !
ᠪᠠᠯᠭᠠᠨ᠄ ᠦᠭᠡᠢ᠂ ᠴᠢ ᠤᠷᠤᠭᠤ ᠳᠠᠭᠠᠷᠢᠭᠠᠳ ᠪᠠᠢᠭ᠎ᠠ ᠶᠤᠮ ᠪᠢᠰᠢ ᠤᠤ?
ᠮᠥᠩᠬᠡ᠄ ᠦᠭᠡᠢ᠂ ᠴᠢ ᠥᠪᠡᠷ ᠢ᠋ᠶ᠋ᠡᠨ ᠪᠤᠲᠠᠨ ᠳᠤᠮᠳᠠ ᠠ᠋ᠴᠠ ᠭᠠᠷᠴᠤ ᠢᠷᠡᠴᠢᠬᠡᠭᠡᠳ ᠬᠥᠮᠦᠨ ᠠᠶᠤᠯᠭᠠᠭᠠᠳ ᠪᠠᠢᠭ᠎ᠠ ᠪᠢᠵᠡ ᠳᠡ᠃
ᠪᠠᠯᠭᠠᠨ᠄ ᠦᠭᠡᠢ᠂ ᠪᠢ ᠬᠠᠷᠢᠨ ᠥᠪᠡᠷ ᠢ᠋ ᠪᠡᠨ ᠬᠠᠮᠠᠭᠠᠯᠠᠵᠤ ᠪᠠᠢᠭ᠎ᠠ ᠴᠢᠷᠮᠠᠢᠯᠭ᠎ᠠ ᠶᠤᠮ᠂ ᠬᠡ ᠬᠡ ᠬᠡ
ᠮᠥᠩᠬᠡ᠄ ᠠᠢ᠂ ᠭᠡᠬᠦ ᠳ᠋ᠦ᠍ ᠪᠡᠨ ᠴᠢ ᠡᠢᠮᠦ ᠬᠠᠷᠠᠩᠭᠤᠢ ᠰᠥᠨᠢ ᠣᠢ ᠳᠣᠲᠣᠷ᠎ᠠ ᠶᠠᠭᠠᠬᠢᠭᠠᠳ ᠭᠠᠭᠴᠠᠭᠠᠷ ᠪᠠᠢᠳᠠᠭ ᠪᠢᠯᠡ?
ᠪᠠᠯᠭᠠᠨ᠄ ᠦ᠂ ᠪᠢ ᠁
ᠮᠥᠩᠬᠡ᠄ ᠪᠠᠢᠵᠤ ᠪᠠᠢᠭᠠᠷᠠᠢ᠂ ᠪᠢ ᠳᠠᠭᠠᠶ᠎ᠠ᠂ ᠴᠢ ᠲᠥᠭᠡᠷᠢᠴᠢᠬᠡᠭᠰᠡᠨ ᠶᠦᠮ ᠤᠤ?
ᠪᠠᠯᠭᠠᠨ᠄ ᠭᠡᠬᠦ ᠳ᠋ᠦ᠍ ᠪᠡᠨ ᠴᠢ ᠶᠠᠭᠠᠬᠢᠵᠤ ᠪᠣᠢ?
ᠮᠥᠩᠬᠡ᠄ ᠵᠠ ᠪᠠᠢᠵᠠ᠂ ᠲᠡᠭᠡᠬᠦ ᠪᠡᠷ ᠠᠬ᠎ᠠ ᠨᠠᠷ ᠴᠢᠨᠢ ᠬᠣᠭᠣᠷᠣᠨᠳᠣ ᠪᠠᠨ ᠮᠠᠭᠤᠳᠠᠯᠴᠠᠭᠠᠳ ᠭᠡᠷ ᠦ᠋ᠨ ᠢ᠋ᠶ᠋ᠡᠨ ᠬᠡᠰᠡᠭ ᠦ᠋ᠳ ᠢ᠋ ᠠᠪᠤᠭᠠᠳ ᠲᠠᠯ᠎ᠠ ᠲᠠᠯ᠎ᠠ ᠲᠠᠢᠰᠢ ᠪᠠᠨ ᠶᠠᠪᠤᠴᠢᠬᠠᠭᠰᠠᠨ ᠤᠤ?
ᠪᠠᠯᠭᠠᠨ᠄ ᠲᠡᠢᠮᠦ ᠠ᠋᠃
ᠮᠥᠩᠬᠡ᠄ ᠬᠠ ᠬᠠ᠂ ᠴᠢ ᠲᠡᠭᠡᠪᠡᠯ ᠬᠠᠮᠤᠭ ᠤ᠋ᠨ ᠪᠠᠭ᠎ᠠ ᠳᠡᠭᠦᠦ ᠨᠢ ᠪᠠᠢᠨ᠎ᠠ ᠰᠢᠲᠠ᠂ ᠲᠡᠢᠮᠦ?
ᠪᠠᠯᠭᠠᠨ᠄ ᠭᠡᠬᠦ ᠳ᠋ᠦ᠍ ᠪᠡᠨ ᠴᠢ ᠶᠠᠭᠠᠬᠢᠵᠤ ᠮᠡᠳᠡᠭᠡᠳ ᠪᠠᠢᠨ᠎ᠠ?
ᠮᠥᠩᠬᠡ᠄ ᠬᠡ ᠬᠠ ᠬᠠ᠂ ᠪᠢ ᠣᠯᠴᠢᠬᠠᠯ᠎ᠠ᠃
ᠪᠠᠯᠭᠠᠨ᠄ ᠠ? ᠶᠠᠭᠤ ᠣᠯᠴᠢᠬᠠᠯ᠎ᠠ ᠪᠢᠯᠡ?
ᠪᠠᠰᠠᠷ᠄ ᠬᠥᠶᠢ᠂ ᠮᠥᠩᠬᠡ ᠴᠢ ᠵᠦᠭᠡᠷ ᠤᠤ?
ᠮᠥᠩᠬᠡ᠄ ᠬᠥᠶᠢ᠂ ᠮᠠᠨ ᠤ᠋ ᠬᠢ ᠠ᠋᠃
ᠪᠠᠰᠠᠷ᠄ ᠮᠥᠩᠬᠡ ᠴᠢᠮ᠎ᠠ ᠶ᠋ᠢ ᠭᠡᠮᠲᠦᠭᠡᠭᠡ ᠦᠭᠡᠢ ᠪᠢᠵᠡ ᠳᠡ᠃
ᠮᠥᠩᠬᠡ᠄ ᠲᠡᠢᠮᠦ ᠶᠠᠭᠤᠮ᠎ᠠ ᠪᠢᠰᠢ ᠪᠠᠰᠠᠷ ᠠ᠋ ᠦᠭᠡᠢ᠃
ᠪᠠᠯᠭᠠᠨ᠄ ᠠ ! ᠪᠢ ᠤᠤ?
ᠪᠠᠰᠠᠷ᠄ ᠵᠠ ᠮᠢᠨᠦ ᠨᠠᠢᠵᠠ ᠶ᠋ᠢ᠁
ᠮᠥᠩᠬᠡ: ᠪᠠᠰᠠᠷ ᠠ᠋᠂ ᠡᠨᠡ ᠬᠡᠦᠬᠡᠳ᠁
ᠪᠠᠰᠠᠷ᠄ ᠶᠠᠭᠠᠬᠢᠨ᠎ᠠ ᠭᠡᠨ᠎ᠡ?
ᠴᠠᠰᠤᠬᠠᠨ᠄ ᠮᠥᠩᠬᠡ ᠴᠢ ᠵᠦᠭᠡᠷ ᠤᠤ?
ᠪᠠᠯᠭᠠᠨ᠄ ᠶᠠᠭᠤ ᠪᠣᠯᠤᠭᠠᠳ ᠪᠠᠢᠨ᠎ᠠ ?
ᠮᠥᠩᠬᠡ᠄ ᠪᠢᠰᠢ ᠪᠠᠰᠠᠷ ᠠ᠋᠃
ᠪᠠᠰᠠᠷ᠄ ᠠᠷᠢᠶᠠᠲᠠᠨ ᠪᠠᠰᠠᠷ ᠤ᠋ᠨ᠁
ᠪᠠᠯᠭᠠᠨ᠄ ᠲᠠ ᠨᠠᠷ ᠴᠢᠨᠢ ᠨᠠᠳᠠ ᠤᠷᠤᠭᠤ ᠪᠦᠭᠦᠳᠡᠭᠡᠷ ᠢ᠋ᠶ᠋ᠡᠨ ᠳᠠᠭᠠᠷᠢᠭᠠᠳ᠂ ᠲᠡᠭᠡᠪᠡᠯ ᠪᠢ ᠲᠠ ᠨᠠᠷ ᠢ᠋ ᠠᠬ᠎ᠠ ᠨᠠᠷ ᠲᠤ᠌ ᠪᠠᠨ ᠬᠡᠯᠡᠬᠦ ᠶᠦᠮ ᠴᠢᠨᠢ᠁
ᠴᠠᠰᠤᠠᠬᠨ᠄ ᠡᠨᠡ ᠮᠠᠨ ᠤ᠋ ᠦᠯᠢᠭᠡᠷ ᠦ᠋ᠨ ᠮᠠᠨᠢ ᠭᠣᠣᠯ ᠳᠦᠷᠢ ᠨᠥᠬᠥᠳ ᠦ᠋ᠨ ᠨᠢᠭᠡ ᠮᠥᠨ ᠤᠤ?
ᠮᠥᠩᠬᠡ᠄ ᠪᠢ ᠲᠦᠷᠦᠭᠦᠨ ᠡᠴᠡ ᠬᠣᠢᠰᠢ ᠲᠡᠭᠡᠵᠦ ᠬᠡᠯᠡᠬᠦ ᠭᠡᠳ ᠪᠠᠢᠬᠤ ᠳ᠋ᠤ᠌ ᠴᠢᠨᠢ ᠨᠠᠮ᠎ᠠ ᠶ᠋ᠢ ᠶᠡᠷᠦ ᠡᠴᠡ ᠪᠡᠨ ᠰᠣᠨᠣᠰᠬᠤ ᠦᠭᠡᠢ ᠶᠦᠮ᠂ ᠮᠥᠨ ᠪᠠᠢᠭ᠎ᠠ ᠪᠢᠵᠡ ᠳᠡ᠃
ᠪᠠᠰᠠᠷ᠄ ᠠ᠂ ᠬᠢ ᠬᠢ᠂ ᠶᠠᠭᠠᠬᠢᠭᠰᠠᠨ ᠬᠥᠭᠡᠷᠦᠬᠦᠨ ᠬᠦᠦ ᠪᠣᠢ?
ᠪᠠᠯᠭᠠᠨ᠄ ᠠᠬ᠎ᠠ ᠨᠠᠷ ᠮᠠᠨᠢ ᠡᠳ᠋ ᠬᠥᠷᠥᠩᠭᠡ ᠪᠡᠨ ᠲᠡᠩᠴᠡᠭᠦᠦ ᠬᠤᠪᠢᠶᠠᠵᠤ ᠠᠪᠤᠭᠠᠳ ᠲᠠᠯ᠎ᠠ ᠲᠠᠯ᠎ᠠ ᠲᠡᠢᠰᠢ ᠪᠠᠨ ᠶᠠᠪᠤᠭᠰᠠᠨ ᠠ᠋ᠴᠠ ᠬᠣᠢᠰᠢ ᠨᠢᠭᠡ ᠴᠦ᠍ ᠤᠳᠠᠭ᠎ᠠ ᠠᠭᠤᠯᠵᠠᠭ᠎ᠠ ᠦᠭᠡᠢ ᠯᠡ ᠪᠠᠢᠨ᠎ᠠ᠃
ᠪᠠᠰᠠᠷ᠄ ᠵᠦᠭᠡᠷ ᠳᠡ᠂ ᠮᠠᠷᠭᠠᠰᠢ ᠪᠦᠭᠦᠳᠡᠭᠡᠷ ᠢ᠋ᠶ᠋ᠡᠨ ᠠᠬ᠎ᠠ ᠨᠠᠷ ᠢ᠋ ᠨᠢ ᠵᠠᠪᠠᠯ ᠬᠠᠢᠵᠤ ᠣᠯᠣᠨ᠎ᠠ᠂OK
ᠪᠠᠯᠭᠠᠨ᠄ ᠠᠬ᠎ᠠ ᠨᠠᠷ ᠢ᠋ ᠪᠡᠨ ᠮᠥᠨ ᠴᠦ᠍ ᠶᠡᠬᠡ ᠰᠠᠨᠠᠵᠤ ᠪᠠᠢᠨ᠎ᠠ ᠳᠠ᠂ ᠤᠤᠯ ᠨᠢ ᠪᠥᠮᠪᠥᠭᠡᠷ ᠴᠠᠭᠠᠨ ᠭᠡᠷ ᠲᠦ᠍ ᠪᠡᠨ ᠬᠡᠴᠢᠨᠡᠭᠡᠨ ᠰᠠᠢᠬᠠᠨ ᠠᠵᠤ ᠲᠥᠷᠥᠳᠡᠭ ᠪᠠᠢᠭᠰᠠᠨ ᠭᠡᠵᠦ ᠪᠣᠳᠣᠨ᠎ᠠ᠃
ᠮᠥᠩᠬᠡ᠄ ᠦᠭᠡᠢ᠂ ᠲᠠ ᠨᠠᠷ ᠲᠡᠭᠡᠭᠡᠳ ᠭᠠᠭᠴᠠᠬᠠᠨ ᠭᠡᠷ ᠦ᠋ᠨ ᠪᠦᠰᠡᠯᠡᠭᠦᠷ ᠢ᠋ᠶ᠋ᠡᠨ ᠴᠢᠩᠭᠠᠯᠠᠭᠠ ᠦᠭᠡᠢ ᠡᠴᠡ ᠪᠡᠨ ᠪᠣᠯᠤᠭᠠᠳ ᠬᠡᠳᠦᠨ ᠲᠡᠢᠰᠢ ᠪᠠᠨ ᠰᠠᠯᠤᠭᠠᠳ ᠶᠠᠪᠤᠴᠢᠬᠠᠭᠰᠠᠨ ᠶᠤᠮ ᠤᠤ?
ᠪᠠᠯᠭᠠᠨ᠄ ᠶᠠᠭᠠᠬᠢᠵᠤ ᠠᠮᠢᠳᠤᠷᠠᠬᠤ ᠶ᠋ᠢ ᠭᠢᠷᠮᠠᠨ ᠵᠢᠭᠠᠵᠤ ᠥᠭᠭᠦᠨ᠎ᠡ ᠭᠡᠰᠡᠨ᠂ ᠪᠤᠭᠤᠷᠤᠯ ᠠᠪᠤ ᠶ᠋ᠢᠨ ᠢ᠋ᠶ᠋ᠡᠨ ᠦᠭᠡ ᠶ᠋ᠢ ᠰᠣᠨᠣᠰᠤᠭ᠎ᠠ ᠦᠭᠡᠢ ᠡᠴᠡ ᠯᠡ ᠡᠨᠡ ᠪᠦᠬᠦ ᠵᠦᠢᠯ ᠪᠣᠯᠤᠭᠰᠠᠨ ᠶᠤᠮ ᠳᠡ᠃
ᠲᠤᠩᠬᠤ᠄ ᠲᠡᠢᠮᠦ ᠰᠢᠦ᠂ ᠡᠪ ᠲᠡᠢ ᠨᠠᠢᠷᠲᠠᠢ ᠪᠠᠢᠨ᠎ᠠ ᠭᠡᠳᠡᠭ ᠬᠠᠮᠤᠭ ᠤ᠋ᠨ ᠴᠢᠬᠤᠯᠠ ᠪᠠᠢᠭ᠎ᠠ ᠪᠢᠵᠡ᠂ ᠮᠥᠩᠬᠡ ᠠ᠋?
ᠮᠥᠩᠬᠡ᠄ ᠪᠦᠭᠦᠳᠡ ᠬᠠᠮᠲᠤ ᠳ᠋ᠤ᠌ ᠪᠠᠨ ᠡᠪ ᠲᠡᠢ ᠨᠠᠢᠷᠲᠠᠢ᠂ ᠥᠪᠡᠷ ᠦ᠋ᠨ ᠭᠡᠰᠡᠨ ᠰᠡᠳᠬᠢᠯ ᠢ᠋ᠶ᠋ᠡᠷ ᠬᠠᠨᠳᠤᠵᠤ ᠪᠠᠢᠵᠤ᠂ ᠠᠵᠠ ᠵᠢᠷᠭᠠᠯ ᠲᠠᠢ ᠠᠵᠤ ᠲᠥᠷᠥᠬᠦ ᠶᠦᠮ ᠪᠠᠢᠨ᠎ᠠ ᠰᠢᠦ ᠳᠡ᠃
ᠪᠠᠰᠠᠷ᠄ ᠡᠨᠡ ᠬᠡ ᠬᠡ᠂ ᠰᠠᠶᠢ ᠶ᠋ᠢᠨ ᠳᠠᠭᠤᠤ ᠶ᠋ᠢ ᠪᠢ ᠳᠠᠭᠤᠯᠠᠭᠠ ᠦᠭᠡᠢ ᠰᠢᠦ᠂ ᠡᠨᠡ ᠬᠡᠨ ᠦ᠌᠂ ᠬᠡᠨ ᠦ᠌ ᠳᠡ᠂ ᠪᠠᠯᠭᠠᠨ ᠤ᠋ ᠳᠠᠭᠤᠤ ᠤᠤ ᠳᠠ᠃
ᠪᠦᠭᠦᠳᠡᠭᠡᠷ ᠢᠨᠢᠶᠡᠨ᠎ᠡ᠃
ᠲᠤᠩᠬᠤ᠄ ᠪᠠᠰᠠᠷ ᠠ᠋᠂ ᠴᠢ ᠮᠥᠨ ᠯᠡ ᠪᠠᠢᠭᠰᠠᠨ ᠰᠢᠲᠠ᠃ ᠬᠡ ᠬᠡ
ᠪᠠᠰᠠᠷ᠄ ᠦᠭᠡᠢ ᠪᠢ ᠪᠢᠰᠢ᠃ ᠵᠠ ᠶᠠᠭᠠᠬᠢᠭᠰᠠᠨ ᠰᠠᠢᠬᠠᠨ ᠨᠠᠷᠠ ᠲᠠᠢ ᠡᠳᠦᠷ ᠶᠦᠮ ᠳᠡ᠂ ᠨᠡᠭᠡᠷᠡᠨ ᠠᠬ᠎ᠠ ᠨᠠᠷ ᠨᠢ ᠬᠠᠮᠤᠭ ᠤ᠋ᠨ ᠰᠡᠭᠦᠯ ᠳ᠋ᠦ᠍ ᠡᠨᠳᠡ ᠪᠠᠢᠭᠰᠠᠨ ᠶᠤᠮ ᠤᠤ?
ᠪᠠᠯᠭᠠᠨ᠄ ᠲᠡᠢᠮᠦ ᠠ᠋᠂ ᠤᠤᠯ ᠨᠢ ᠶᠠᠭ ᠡᠨᠳᠡ ᠡᠴᠡ ᠯᠡ ᠰᠠᠯᠤᠭᠠᠳ ᠶᠠᠪᠤᠵᠠᠭᠠᠭᠰᠠᠨ ᠶᠤᠮ᠃
ᠴᠠᠰᠤᠬᠠᠨ᠄ ᠠᠬ᠎ᠠ ᠨᠠᠷ ᠨᠢ ᠵᠠᠪᠠᠯ ᠢᠷᠡᠨ᠎ᠡ᠂ ᠴᠢᠮ᠎ᠠ ᠳ᠋ᠤ᠌ ᠭᠡᠰᠡᠨ ᠰᠠᠨᠠᠭ᠎ᠠ ᠵᠣᠪᠠᠵᠤ ᠪᠠᠢᠭ᠎ᠠ ᠪᠠᠢᠬᠤ᠃
ᠪᠠᠯᠭᠠᠨ᠄ ᠠᠬ᠎ᠠ ᠨᠠᠷ ᠮᠠᠨᠢ ᠴᠤ᠌ ᠨᠠᠮ᠎ᠠ ᠶ᠋ᠢ ᠮᠠᠷᠲᠠᠭᠰᠠᠨ ᠶᠤᠮ ᠰᠢᠭ᠋ ᠪᠠᠢᠨ᠎ᠠ ᠳᠠ᠂ ᠵᠠ ᠵᠠ ᠨᠠᠢᠵᠠ ᠨᠤᠭᠤᠳ ᠠ᠋᠂ ᠪᠢ ᠢᠩᠭᠢᠭᠡᠳ ᠵᠠᠮ ᠢ᠋ᠶ᠋ᠠᠨ ᠬᠥᠭᠡᠭᠡᠶ᠎ᠡ᠂ ᠨᠠᠳᠠ ᠲᠠᠢ ᠬᠠᠮᠲᠤ ᠬᠡᠰᠡᠭᠬᠡᠨ ᠴᠦ᠍ ᠭᠡᠰᠡᠨ ᠪᠠᠢᠭᠰᠠᠨ ᠳ᠋ᠤ᠌ ᠪᠠᠨ ᠪᠠᠶᠠᠷᠯᠠᠯ᠎ᠠ᠃
ᠲᠤᠩᠬᠤ᠄ ᠵᠦᠭᠡᠷ ᠳᠡ᠂ ᠭᠡᠬᠦ ᠳ᠋ᠦ᠍ ᠪᠡᠨ ᠴᠢ ᠬᠠᠮᠢᠭᠠᠰᠢ ᠪᠠᠨ ᠶᠠᠪᠤᠬᠤ ᠭᠡᠵᠦ ᠪᠠᠢᠭ᠎ᠠ ᠶᠤᠮ᠃
ᠪᠠᠯᠭᠠᠨ᠄ ᠠᠮᠢᠳᠤ ᠬᠥᠮᠦᠨ ᠠᠷᠭ᠎ᠠ ᠲᠠᠢ᠂ ᠠᠷᠭᠠᠯ ᠤ᠋ᠨ ᠭᠠᠯ ᠴᠣᠭ ᠲᠠᠢ ᠭᠡᠳᠡᠭ᠂ ᠪᠢ ᠵᠢᠵᠢᠭ ᠴᠦ᠍᠂ ᠪᠢ ᠠᠷᠭ᠎ᠠ ᠪᠠᠨ ᠣᠯᠤᠭᠠᠳ ᠳᠥᠩᠭᠡᠬᠦ ᠪᠠᠢᠬᠤ᠃ ᠪᠠᠶᠠᠷᠲᠠᠢ ᠨᠠᠢᠵᠠ ᠨᠤᠭᠤᠳ ᠮᠢᠨᠢ᠃
ᠠᠬ᠎ᠠ᠄ ᠮᠢᠨᠦ ᠳᠡᠭᠦᠦ!
ᠪᠠᠯᠭᠠᠨ᠄ ᠠ ?
ᠠᠬ᠎ᠠ᠄ ᠮᠢᠨᠦ ᠳᠡᠭᠦᠦ ᠠᠬ᠎ᠠ ᠨᠠᠷ ᠨᠢ ᠡᠨᠳᠡ ᠪᠠᠢᠨ᠎ᠠ᠂ ᠲᠠ ᠨᠠᠷ ᠢ᠋ ᠪᠡᠨ ᠢᠷᠡᠬᠦ ᠦᠭᠡᠢ ᠨᠢ ᠯᠡ ᠭᠡᠵᠦ ᠪᠣᠳᠣᠵᠤ ᠪᠠᠢᠯ᠎ᠠ᠃
ᠠᠬ᠎ᠠ᠄ ᠬᠡᠷᠬᠢᠨ ᠠᠵᠤ ᠲᠥᠷᠥᠬᠦ ᠶ᠋ᠢ ᠭᠡᠷ ᠴᠢᠨᠢ ᠵᠢᠭᠠᠭᠠᠳ ᠥᠭᠭᠦᠨ᠎ᠡ ᠭᠡᠵᠦ ᠪᠤᠭᠤᠷᠤᠯ ᠠᠪᠤ ᠮᠢᠨᠢ ᠦᠨᠡᠨ ᠬᠡᠯᠡᠵᠡᠢ᠂ ᠭᠠᠭᠴᠠ ᠮᠣᠳᠣ ᠭᠠᠯ ᠪᠣᠯᠳᠠᠭ ᠦᠭᠡᠢ ᠶ᠋ᠢᠨ ᠦᠯᠢᠭᠡᠷ ᠢ᠋ ᠠᠬ᠎ᠠ ᠨᠠᠷ ᠨᠢ ᠰᠠᠢᠨ ᠣᠢᠯᠠᠭᠠᠵᠤ ᠠᠪᠤᠯ᠎ᠠ᠃
ᠪᠠᠰᠠᠷ᠄ ᠠ ᠶᠠ ᠶᠠ᠂ ᠶᠣᠰᠣᠲᠠᠢ ᠨᠡᠭᠡᠷᠡᠨ ᠰᠡᠳᠬᠢᠯ ᠬᠥᠳᠡᠯᠦᠭᠡᠳ ᠪᠠᠢᠬᠤ ᠴᠢᠨᠢ ᠬᠥᠶᠢ᠃
ᠴᠠᠰᠤᠬᠠᠨ᠄ ᠠᠰᠢᠭᠦᠢ ᠳᠡ᠂ ᠠᠬ᠎ᠠ ᠨᠠᠷ ᠲᠠᠢ ᠪᠠᠨ ᠠᠭᠤᠯᠵᠠᠭᠠᠳ ᠰᠠᠢᠨ ᠶᠠᠭᠤᠮ᠎ᠠ ᠪᠣᠯᠤᠯ᠎ᠠ᠃
ᠮᠥᠩᠬᠡ᠄ ᠬᠠᠷᠢᠨ ᠲᠡᠢᠮᠦ ᠪᠣᠯᠬᠣᠷ᠃
ᠪᠠᠯᠭᠠᠨ᠄ ᠢᠩᠭᠢᠭᠡᠳ ᠠᠬ᠎ᠠ ᠨᠠᠷ ᠲᠠᠢ ᠪᠠᠨ ᠠᠭᠤᠯᠵᠠᠭᠠᠳ᠂ ᠨᠠᠢᠵᠠ ᠨᠤᠭᠤᠳ ᠲᠠᠢ ᠪᠠᠨ ᠬᠠᠮᠲᠤ ᠪᠥᠮᠪᠥᠭᠡᠷ ᠴᠠᠭᠠᠨ ᠭᠡᠷ ᠢ᠋ᠶ᠋ᠡᠨ ᠪᠠᠷᠢᠭᠰᠠᠨ ᠶᠤᠮ ᠳᠠ᠃ ᠣᠳᠣ ᠲᠠ ᠪᠦᠬᠦᠨ ᠳ᠋ᠦ᠍ ᠪᠡᠨ ᠮᠣᠩᠭᠣᠯ ᠭᠡᠷ ᠬᠡᠷᠬᠢᠨ ᠪᠠᠷᠢᠬᠤ ᠲᠠᠯ᠎ᠠ ᠪᠠᠷ ᠵᠢᠭᠠᠵᠤ ᠥᠭᠭᠦᠶ᠎ᠡ᠃
ᠭᠡᠷ ᠪᠠᠷᠢᠨ᠎ᠠ ᠭᠡᠳᠡᠭ ᠨᠠᠷᠢᠨ ᠳᠡᠰ ᠳᠠᠷᠠᠭᠠᠯᠠᠯ ᠲᠠᠢ᠂ ᠮᠣᠩᠭᠣᠯᠴᠤᠳ ᠡᠷᠲᠡ ᠳᠡᠭᠡᠷ᠎ᠡ ᠦᠶ᠎ᠡ ᠡᠴᠡ ᠰᠠᠢᠨ ᠡᠳᠦᠷ ᠰᠣᠩᠭᠣᠵᠤ ᠨᠡᠭᠦᠳᠡᠯ ᠰᠠᠭᠤᠳᠠᠯ ᠬᠢᠳᠡᠭ ᠪᠠᠢᠵᠠᠢ᠃ ᠭᠡᠷ ᠪᠠᠷᠢᠬᠤ ᠳ᠋ᠤ᠌ ᠪᠠᠨ ᠳᠠᠷᠠᠭᠠᠬᠢ ᠳᠠᠷᠠᠭᠠᠯᠠᠯ ᠢ᠋ᠶ᠋ᠠᠷ ᠪᠠᠷᠢᠳᠠᠭ ᠶᠤᠮ᠃
ᠵᠠ ᠡᠬᠢᠯᠡᠭᠡᠳ ᠱᠠᠯᠠ ᠪᠠᠨ ᠲᠠᠯᠪᠢᠨ᠎ᠠ᠂ ᠲᠣᠭᠣᠨᠣ ᠠᠪᠳᠠᠷ᠎ᠠ ᠵᠡᠷᠭᠡ ᠣᠪᠣᠭᠣᠷ ᠬᠡᠮᠵᠢᠶ᠎ᠡ ᠲᠡᠢ ᠡᠳ᠋ ᠶᠠᠭᠤᠮᠠᠰ ᠢ᠋ ᠱᠠᠯᠠᠨ ᠳᠡᠭᠡᠷ᠎ᠡ ᠪᠡᠨ ᠣᠷᠣᠭᠤᠯᠵᠤ ᠲᠠᠯᠪᠢᠨ᠎ᠠ᠃ ᠳᠠᠷᠠᠭ᠎ᠠ ᠨᠢ ᠪᠠᠷᠠᠭᠤᠨ ᠤᠷᠲᠤ ᠲᠠᠯ᠎ᠠ ᠠ᠋ᠴᠠ ᠨᠢ ᠬᠠᠨ᠎ᠠ ᠪᠠᠨ ᠳᠤᠭᠤᠢᠯᠠᠵᠤ᠂ ᠳᠣᠲᠣᠭᠤᠷ ᠬᠣᠰᠢᠯᠠᠩ ᠢ᠋ᠶ᠋ᠠᠨ ᠲᠠᠲᠠᠵᠤ᠂ ᠬᠠᠨ᠎ᠠ ᠪᠠᠨ ᠲᠣᠭᠲᠠᠭᠠᠨ᠎ᠠ᠃ ᠭᠡᠷ ᠦ᠋ᠨ ᠡᠵᠡᠨ ᠡᠰᠡᠬᠦᠯ᠎ᠡ ᠠᠬᠠᠮᠠᠳ ᠬᠥᠪᠡᠭᠦᠳ ᠡᠴᠡ ᠨᠢ ᠲᠣᠭᠣᠨᠣ ᠪᠠᠨ ᠡᠷᠭᠦᠵᠦ᠂ ᠪᠠᠭᠠᠨ᠎ᠠ ᠪᠠᠨ ᠲᠤᠯᠤᠭᠠᠳ᠂ ᠲᠠᠯ᠎ᠠ ᠪᠦᠷᠢ ᠡᠴᠡ ᠨᠢ ᠣᠨᠢ ᠪᠠᠨ ᠬᠠᠳᠬᠤᠨ᠎ᠠ᠃ ᠲᠣᠭᠣᠨᠣᠨ ᠤ᠋ ᠳᠥᠷᠪᠡᠨ ᠤᠨᠢᠨ ᠳ᠋ᠤ᠌ ᠡᠭᠦᠳᠡ ᠶ᠋ᠢ ᠤᠶᠠᠭᠠᠳ᠂ ᠬᠠᠨᠠᠨ ᠳ᠋ᠤ᠌ ᠳᠠᠪᠲᠠᠵᠤ ᠤᠶᠠᠭᠠᠳ᠂ ᠳᠣᠲᠣᠭᠤᠷ ᠪᠦᠷᠢᠶᠡᠰᠦ ᠪᠡᠨ ᠤᠭᠯᠠᠵᠤ ᠴᠠᠪᠤᠭ ᠢ᠋ᠶ᠋ᠠᠨ ᠲᠠᠯᠪᠢᠨ᠎ᠠ᠂ ᠬᠠᠨ᠎ᠠ ᠶ᠋ᠢᠨ ᠢᠰᠡᠭᠡᠢ ᠲᠤᠭᠤᠷᠭ᠎ᠠ ᠪᠠᠨ ᠪᠠᠷᠢᠭᠠᠳ᠂ ᠤᠷᠲᠤ ᠳᠡᠭᠡᠪᠦᠷ ᠢ᠋ᠶ᠋ᠡᠨ ᠡᠬᠢᠯᠡᠵᠦ᠂ ᠳᠠᠷᠠᠭ᠎ᠠ ᠨᠢ ᠬᠣᠢᠲᠤ ᠳᠡᠭᠡᠪᠦᠷ ᠦ᠋ᠨ ᠢᠰᠡᠭᠡᠢ ᠶ᠋ᠢ ᠲᠠᠯᠪᠢᠨ᠎ᠠ᠃ ᠬᠣᠢᠲᠤ ᠲᠠᠯ᠎ᠠ ᠶ᠋ᠢᠨ ᠴᠠᠪᠤᠭ ᠳᠡᠭᠡᠪᠦᠷ ᠢ᠋ᠶ᠋ᠡᠷ ᠤᠷᠲᠤ ᠲᠠᠯ᠎ᠠ ᠶ᠋ᠢᠨ ᠴᠠᠪᠤᠭ ᠳᠡᠭᠡᠪᠦᠷ ᠦ᠋ᠨ ᠠᠮᠠ ᠶᠢ ᠳᠠᠷᠤᠳᠠᠭ ᠶᠣᠰᠣ ᠲᠠᠢ᠃ ᠡᠢᠮᠦ ᠡᠴᠡ ᠬᠣᠢᠲᠤ ᠲᠠᠯ᠎ᠠ ᠶ᠋ᠢᠨ ᠴᠠᠪᠤᠭ ᠳᠡᠭᠡᠪᠦᠷ ᠤᠷᠲᠤ ᠲᠠᠯ᠎ᠠ ᠶ᠋ᠢᠨ ᠴᠠᠪᠤᠭ ᠳᠡᠭᠡᠪᠦᠷ ᠡᠴᠡ ᠲᠥᠭᠡ ᠡᠯᠪᠡᠭ ᠲᠡᠢ ᠪᠠᠢᠳᠠᠭ᠃ ᠭᠠᠳᠠᠭᠤᠷ ᠴᠠᠭᠠᠨ ᠪᠦᠷᠢᠶᠡᠰᠦ ᠪᠡᠨ ᠤᠭᠯᠠᠵᠤ᠂ ᠬᠣᠰᠢᠯᠠᠩ ᠢ᠋ᠶ᠋ᠠᠨ ᠲᠠᠲᠠᠨ᠎ᠠ᠃ ᠬᠦ ᠲᠠᠯᠪᠢᠵᠤ᠂ ᠵᠤᠤᠬ᠎ᠠ ᠶᠠᠨᠲᠤᠩ ᠢ᠋ᠶ᠋ᠠᠨ ᠤᠭᠰᠠᠷᠠᠵᠤ᠂ ᠬᠠᠶᠠᠭᠠᠪᠴᠢ ᠪᠠᠨ ᠬᠢᠨ᠎ᠡ᠃ ᠬᠠᠮᠤᠭ ᠤ᠋ᠨ ᠰᠡᠭᠦᠯ ᠳ᠋ᠦ᠍ ᠨᠢ ᠬᠥᠰᠢᠭᠡ ᠪᠡᠨ ᠲᠠᠲᠠᠵᠤ᠂ ᠭᠡᠷ ᠦ᠋ᠨ ᠳᠣᠲᠣᠷᠠᠬᠢ ᠲᠠᠪᠢᠯᠭ᠎ᠠ ᠪᠠᠨ ᠲᠠᠯᠪᠢᠨ᠎ᠠ᠃ᠪᠠᠭᠤᠭᠰᠠᠨ ᠭᠠᠵᠠᠷ ᠢ᠋ᠶ᠋ᠠᠨ ᠴᠢᠨᠠᠭᠰᠠᠨ ᠴᠠᠢ ᠶ᠋ᠢᠨ ᠢ᠋ᠶ᠋ᠡᠨ ᠳᠡᠭᠡᠵᠢ ᠶ᠋ᠢ ᠢᠷᠡᠭᠰᠡᠨ ᠵᠦᠭ ᠡᠴᠡ ᠪᠡᠨ ᠡᠬᠢᠯᠡᠨ ᠨᠠᠷᠠ ᠵᠥᠪ ᠲᠣᠭᠣᠷᠢᠭᠤᠯᠤᠨ ᠡᠷᠭᠦᠵᠦ᠂ ᠤᠯᠠᠮ ᠢ᠋ᠶ᠋ᠠᠷ ᠰᠢᠨ᠎ᠡ ᠨᠤᠲᠤᠭ ᠤ᠋ᠨ ᠢ᠋ᠶ᠋ᠠᠨ ᠥᠨᠳᠥᠷ ᠠᠭᠤᠯᠠ ᠤᠷᠤᠰᠴᠤ ᠪᠠᠢᠭ᠎ᠠ ᠭᠣᠣᠯ ᠤ᠋ᠨ ᠡᠬᠢ ᠥᠭᠡᠳᠡ ᠡᠷᠭᠦᠵᠦ᠂ ᠥᠭᠭᠦᠭᠡᠵᠢ ᠬᠡᠰᠢᠭ ᠢ᠋ᠶ᠋ᠡᠨ ᠬᠦᠷᠲᠡᠭᠡᠬᠦ ᠶ᠋ᠢ ᠪᠡᠯᠭᠡᠳᠡᠨ᠎ᠡ᠃
ᠢᠩᠭᠢᠭᠡᠳ ᠪᠢᠳᠡ ᠪᠥᠮᠪᠥᠭᠡᠷ ᠴᠠᠭᠠᠨ ᠭᠡᠷ ᠢ᠋ᠶ᠋ᠡᠨ ᠪᠠᠷᠢᠭᠠᠳ᠂ ᠠᠵᠠ ᠵᠢᠷᠭᠠᠯ ᠲᠠᠢ ᠠᠵᠠ ᠲᠥᠷᠥᠬᠦ ᠪᠡᠷ ᠪᠣᠯᠤᠯ᠎ᠠ᠂ ᠪᠢᠴᠢᠬᠠᠨ ᠳᠡᠭᠦᠦ ᠶ᠋ᠢ ᠮᠢᠨᠢ ᠣᠯᠵᠤ ᠥᠭᠴᠦ᠂ ᠪᠢᠳᠡᠨ ᠢ᠋ ᠡᠷᠭᠢᠨ ᠠᠭᠤᠯᠵᠠᠭᠤᠯᠤᠭᠰᠠᠨ ᠳ᠋ᠤ᠌ ᠮᠠᠰᠢ ᠶᠡᠬᠡ ᠪᠠᠶᠠᠷᠯᠠᠯ᠎ᠠ᠂ ᠲᠠ ᠨᠠᠷ ᠲᠤ᠌ ᠪᠠᠨ᠃
ᠲᠤᠩᠬᠤ᠄ ᠵᠦᠭᠡᠷ ᠳᠡ᠂ ᠬᠠᠷᠢᠨ ᠪᠢᠳᠡ ᠪᠦᠬᠦᠨ ᠳ᠋ᠦ᠍ ᠭᠡᠷ ᠬᠡᠷᠬᠢᠨ ᠪᠠᠷᠢᠬᠤ ᠲᠠᠯ᠎ᠠ ᠪᠠᠷ ᠵᠢᠭᠠᠵᠤ ᠵᠥᠪᠯᠡᠵᠦ ᠥᠭᠭᠦᠭᠰᠡᠨ ᠳ᠋ᠦ᠍ ᠮᠠᠰᠢ ᠶᠡᠬᠡ ᠪᠠᠶᠠᠷᠯᠠᠯ᠎ᠠ᠃
ᠭᠡᠷ ᠪᠣᠯ ᠪᠢᠳᠡᠨ ᠦ᠌ ᠠᠮᠢᠳᠤᠷᠠᠯ ᠠᠬᠤᠢ ᠭᠡᠬᠦ ᠡᠴᠡ ᠢᠯᠡᠭᠦᠦ ᠡᠪᠲᠡᠢ ᠨᠠᠢᠷᠲᠠᠢ ᠠᠵᠤ ᠲᠥᠷᠥᠬᠦ ᠠᠷᠭ᠎ᠠ ᠤᠬᠠᠭᠠᠨ ᠢ᠋ ᠠᠭᠤᠯᠤᠭᠰᠠᠨ ᠦᠨᠳᠦᠰᠦᠲᠡᠨ ᠦ᠌ ᠠᠭᠤᠤ ᠥᠪ ᠰᠣᠶᠣᠯ ᠤ᠋ᠳ ᠤ᠋ᠨ ᠨᠢᠭᠡ ᠶᠦᠮ ᠰᠢᠦ ᠳᠡ᠃
ᠮᠥᠩᠬᠡ᠄ ᠲᠡᠢᠮᠦ ᠰᠢᠦ᠂ ᠮᠠᠰᠢ ᠶᠡᠬᠡ ᠵᠦᠢᠯ ᠢ᠋ ᠣᠢᠯᠠᠭᠠᠵᠤ ᠰᠤᠷᠴᠤ ᠮᠡᠳᠡᠯ᠎ᠡ᠃
ᠳ᠋ᠤᠷᠤᠷᠠᠨ ᠄ ᠣᠳᠣ ᠪᠣᠯ ᠠᠷᠸ᠎ᠠ ᠠᠬ᠎ᠠ ᠶ᠋ᠢᠨ ᠬᠡᠯᠡᠬᠦ ᠭᠡᠰᠡᠨ ᠢ᠋ ᠣᠢᠯᠠᠭᠠᠯ᠎ᠠ᠃
ᠪᠠᠰᠠᠷ᠄ ᠪᠢ ᠬᠠᠷᠢᠨ ᠡᠭᠦᠷ ᠲᠦ᠍ ᠠᠮᠢᠳᠤᠷᠠᠳᠠᠭ᠃
ᠪᠦᠭᠦᠳᠡᠭᠡᠷ ᠢ᠋ᠶ᠋ᠡᠨ ᠢᠨᠢᠶᠡᠨ᠎ᠡ᠃
ᠾᠦᠩ ᠸᠧᠢ ᠦᠰᠦᠭ ᠢ᠋ ᠨᠢ ᠠᠮᠢᠯᠠᠭᠤᠯᠵᠤ ᠬᠠᠲᠠᠪᠠ᠂ ᠮᠥᠴᠢᠷ ᠬᠢᠨᠠᠵᠤ ᠥᠭᠪᠡ᠃