ᠮᠥᠩᠬᠡ ᠲᠤᠩᠬᠤ 6-05Мөнх ТунхMunkh Tunkh
ᠵᠢᠷᠭᠤᠳᠤᠭᠠᠷ ᠤᠯᠠᠷᠢᠯᠤᠨ ᠲᠠᠪᠤᠳᠤᠭᠠᠷ ᠠᠩᠭᠢ 6—5
ᠮᠥᠩᠬᠡ:ᠣᠳᠣ ᠵᠢᠭᠠᠬᠠᠨ ᠪᠠᠷᠠᠭᠤᠨ ᠲᠠᠢᠰᠢ ᠪᠠᠨ ᠂ ᠠ᠂ ᠣᠳᠣ ᠵᠢᠭᠠᠬᠠᠨ ᠵᠡᠭᠦᠨ ᠂ ᠪᠠᠢᠵᠤ ᠪᠠᠢ ᠳᠠ ᠂ ᠡᠨᠡ ᠶᠠᠭᠤ ᠪᠣᠢ?
ᠠᠷᠸ᠎ᠠ᠂ ᠬᠥᠶᠢ᠂ ᠶᠠᠭᠠᠬᠢᠨ᠎ᠠ ᠰᠣᠴᠢᠭᠠᠴᠢᠬᠠᠭᠰᠠᠨ ᠠ᠋?
ᠮᠥᠩᠬᠡ: ᠂ ᠶᠣᠣ᠂ ᠬᠠᠷᠢᠨ ᠶᠠᠭᠤᠨ ᠰᠠᠨᠰᠠᠷ ᠤ᠋ᠨ ᠬᠥᠯᠭᠡ ᠣᠷᠣᠭᠠᠳ ᠢᠷᠡᠪᠡ ᠭᠡᠵᠦ ᠪᠣᠳᠣᠯ᠎ᠠ ᠰᠢᠲᠠ᠂ ᠬᠡ ᠬᠡ ᠬᠠ ᠬᠠ᠃
ᠠᠷᠸ᠎ᠠ᠄ ᠬᠡ ᠬᠡ᠂ ᠣᠷᠣᠢ ᠪᠣᠯᠵᠠᠢ ᠮᠥᠩᠬᠡ᠂ ᠣᠳᠣ ᠤᠨᠲᠠᠵᠤ ᠠᠮᠠᠷᠠᠬᠤ ᠦᠭᠡᠢ ᠪᠣᠯ ᠪᠣᠯᠬᠤ ᠦᠭᠡᠢ ᠰᠢᠦ᠃
ᠮᠥᠩᠬᠡ᠄ ᠵᠠ ᠠᠷᠸ᠎ᠠ ᠠᠬ᠎ᠠ ᠠ᠋᠃ ᠂ᠪᠢ ᠲᠡᠭᠡᠬᠦ ᠳ᠋ᠦ᠍ ᠪᠡᠨ ᠶᠠᠭ ᠰᠠᠨᠰᠠᠷ ᠣᠭᠲᠠᠷᠭᠤᠢ ᠶ᠋ᠢ ᠪᠦᠬᠦᠯᠢ ᠳ᠋ᠦ᠍ ᠨᠢ ᠳᠤᠷᠠᠨᠳᠠᠵᠤ ᠬᠠᠷᠠᠮᠠᠷ ᠪᠠᠢᠭ᠎ᠠ ᠪᠠᠢᠬᠤ ᠦᠭᠡᠢ ᠤᠤ᠃ ᠳᠠᠩᠴᠤ ᠡᠳᠦᠷ ᠣᠳᠣ ᠭᠠᠷᠠᠭ ᠤ᠋ᠳ ᠬᠠᠷᠠᠭᠳᠠᠬᠤ ᠦᠭᠡᠢ ᠶᠦᠮ ᠳᠡ ᠲᠡᠢᠮᠦ᠃ ᠬᠡ ᠬᠠ ᠬᠠ ᠬᠠ᠃
ᠠᠷᠸ᠎ᠠ᠄᠂ ᠲᠡᠢᠮᠦ ᠰᠢᠦ᠂ ᠬᠠ ᠬᠠ᠃
ᠠᠷᠸ᠎ᠠ;ᠡᠳᠦᠷ ᠣᠳᠣ ᠬᠠᠷᠠᠭᠳᠠᠬᠤ ᠦᠭᠡᠢ ᠪᠠᠢᠨ᠎ᠠ᠃ ᠦ᠋ ᠠ ᠬᠠ᠃
ᠲᠤᠩᠬᠤ᠄ ᠬᠥᠥᠭ᠂ ᠠᠷᠸ᠎ᠠ ᠠᠬ᠎ᠠ ᠠ᠋᠂ᠲᠠ ᠶᠠᠭᠤ ᠬᠢᠵᠦ ᠪᠠᠢᠭ᠎ᠠ ᠶᠤᠮ᠃
ᠠᠷᠸ᠎ᠠ᠄ᠵᠠ ᠥᠷᠯᠥᠭᠡᠨ ᠦ᠌ ᠮᠡᠨᠳᠦ ᠳᠡᠭᠦᠦ ᠨᠠᠷ ᠮᠢᠨᠢ ᠰᠡᠷᠡᠴᠢᠬᠡᠭᠰᠡᠨ ᠤᠤ?
ᠮᠥᠩᠬᠡ᠄ᠡᠷᠲᠡ ᠤᠨᠲᠠᠭᠠᠳ ᠡᠷᠲᠡ ᠰᠡᠷᠡᠭᠰᠡᠨ ᠠ᠋᠃
ᠲᠤᠩᠬᠤ᠄ ᠠ ᠬᠠ
ᠠᠷᠸ᠎ᠠ᠄ᠠᠬ᠎ᠠ ᠨᠢ ᠥᠴᠥᠭᠡᠳᠦᠷ ᠨᠢᠭᠡ ᠰᠠᠨᠠᠭ᠎ᠠ ᠲᠥᠷᠥᠭᠡᠳ᠂ ᠲᠡᠭᠦᠨ ᠢ᠋ ᠪᠡᠨ ᠳ᠋ᠤᠷᠤᠷᠠᠨ ᠤ᠋ ᠠᠴᠢ ᠪᠠᠷ ᠬᠢᠵᠦ ᠳᠠᠭᠤᠰᠬᠠᠯ᠎ᠠ᠃
ᠳ᠋ᠤᠷᠤᠷᠠ᠄ ᠬᠡ ᠬᠡ ᠮᠢᠨᠦ ᠠᠴᠢ ᠪᠠᠷ ᠴᠦ᠍ ᠭᠡᠵᠦ ᠶᠠᠭᠤ ᠪᠠᠢᠬᠤᠪ ᠳᠠ᠃
ᠠᠷᠸ᠎ᠠ᠄ ᠲᠠ ᠨᠠᠷ ᠥᠭᠡᠷ᠎ᠡ ᠶᠢᠷᠲᠢᠨᠴᠦ ᠪᠡᠷ ᠠᠶᠠᠯᠠᠵᠤ ᠦᠵᠡᠮᠡᠷ ᠪᠠᠢᠨ᠎ᠠ ᠤᠤ?
ᠮᠥᠩᠬᠡ᠄ ᠬᠦ᠂ ᠡᠢᠮᠦ ᠡᠷᠲᠡ ᠦᠯᠢᠭᠡᠷ ᠢ᠋ᠶ᠋ᠡᠷ ᠠᠶᠠᠯᠠᠬᠤ ᠶᠤᠮ ᠤᠤ?
ᠠᠷᠸ᠎ᠠ᠄ ᠡᠨᠡ ᠤᠳᠠᠭ᠎ᠠ ᠳ᠋ᠤ᠌ ᠪᠢᠳᠡ ᠨᠠᠷ ᠦᠯᠢᠭᠡᠷ ᠢ᠋ᠶ᠋ᠡᠷ ᠠᠶᠠᠯᠠᠬᠤ ᠦᠭᠡᠢ᠂ᠡᠳᠦᠷ ᠣᠳᠣᠳ ᠢ᠋ ᠳᠤᠷᠠᠨᠳᠠᠵᠤ ᠪᠣᠯᠬᠤ ᠦᠭᠡᠢ ᠶᠦᠮ ᠴᠢᠨᠢ᠂ ᠶᠠᠭᠠᠬᠢᠭᠠᠳ ᠠᠶᠠᠯᠠᠵᠤ ᠪᠣᠯᠬᠤ ᠦᠭᠡᠢ ᠭᠡᠵᠦ?ᠲᠡᠢᠮᠦ ᠠ᠋᠃
ᠮᠥᠩᠬᠡ᠄ᠲᠠ ᠨᠡᠭᠡᠷᠡᠨ ᠶᠠᠷᠢᠭᠠᠳ ᠪᠠᠢᠭ᠎ᠠ ᠶᠤᠮ ᠤᠤ?ᠲᠡᠭᠡᠪᠡᠯ ᠬᠠᠮᠲᠤ ᠳ᠋ᠤ᠌ ᠪᠠᠨ ᠠᠶᠠᠯᠠᠵᠠᠭᠠᠶ᠎ᠠ᠃
ᠲᠤᠩᠬᠤ᠄ok
ᠪᠠᠰᠠᠷ᠄ ᠬᠥᠪ ᠬᠥᠪ
ᠵᠠ ᠳᠡᠭᠦᠦ ᠨᠠᠷ ᠮᠢᠨᠢ ᠭᠠᠢᠬᠠᠯᠲᠠᠢ ᠭᠠᠷᠠᠭ ᠶᠢᠷᠲᠢᠨᠴᠦ ᠪᠡᠷ ᠠᠶᠠᠯᠠᠬᠤ ᠳ᠋ᠤ᠌ ᠪᠡᠯᠡᠨ ᠤᠤ ?
ᠲᠤᠩᠬᠤ᠄ ᠲᠡᠢᠮᠦ ᠠ᠋
ᠮᠥᠩᠬᠡ᠄ ᠪᠡᠯᠡᠨ᠃ ᠬᠦ᠂
ᠪᠠᠰᠠᠷ:ᠶᠠᠮᠠᠷ ᠭᠣᠶᠣ ᠭᠠᠷᠠᠭ ᠶᠢᠷᠲᠢᠨᠴᠦ᠁ ᠠ ᠡᠨᠡ ᠴᠢᠨᠢ ᠳᠡᠰ ᠬᠠᠷᠠᠩᠭᠤᠢ ᠪᠠᠢᠨ᠎ᠠ ᠰᠢᠲᠠ᠃
ᠠᠷᠸ᠎ᠠ᠄ᠵᠠ ᠤᠳᠠᠬᠤ ᠦᠭᠡᠢ ᠤᠴᠢᠷ ᠢ᠋ ᠨᠢ ᠬᠡᠯᠡᠨ᠎ᠡ᠃
ᠴᠠᠰᠤᠬᠠᠨ᠄ ᠠᠷᠸ᠎ᠠ ᠠᠬ᠎ᠠ ᠠ᠋᠂ᠪᠢᠳᠡ ᠨᠠᠷ ᠬᠠᠮᠢᠭ᠎ᠠ ᠢᠷᠡᠴᠢᠬᠡᠪᠡ?
ᠠᠷᠸ᠎ᠠ᠄ ᠬᠠᠮᠢᠭ᠎ᠠ ᠭᠡᠬᠦ ᠡᠴᠡ ᠢᠯᠡᠭᠦᠦ ᠬᠡᠵᠢᠶ᠎ᠡ ᠭᠡᠵᠦ ᠠᠰᠠᠭᠤᠬᠤ ᠨᠢ ᠵᠦᠭᠡᠷ ᠪᠠᠢᠬᠤ᠃
ᠮᠥᠩᠬᠡ ᠲᠤᠩᠬᠤ᠄ ᠠ?
ᠠᠷᠸ᠎ᠠ᠄ᠪᠢᠳᠡ ᠶᠢᠷᠲᠢᠨᠴᠦ ᠶ᠋ᠢᠨ ᠠᠩᠬ᠎ᠠ ᠡᠭᠦᠰᠦᠭᠰᠡᠨ ᠮᠥᠴᠡ ᠳ᠋ᠦ᠍ ᠢᠷᠡᠭᠰᠡᠨ ᠪᠠᠢᠨ᠎ᠠ᠃ ᠪᠢᠳᠡᠨ ᠦ᠌ ᠮᠡᠳᠡᠬᠦ ᠶᠢᠷᠲᠢᠨᠴᠦ ᠴᠠᠭ ᠬᠤᠭᠤᠴᠠᠭ᠎ᠠ ᠪᠦᠬᠦᠨ ᠦ᠌ ᠡᠬᠢᠯᠡᠯ᠃
ᠪᠦᠭᠦᠳᠡᠭᠡᠷ᠄ ᠸᠠ ᠧᠦ᠃
ᠠᠷᠸ᠎ᠠ᠄ ᠲᠠ ᠨᠠᠷ ᠪᠦᠬᠦ ᠬᠣᠷᠸ᠎ᠠ ᠶᠢᠷᠲᠢᠨᠴᠦ ᠡᠨᠡ ᠬᠤᠮᠠᠬᠢ ᠶ᠋ᠢᠨ ᠲᠣᠭᠣᠰᠣ ᠰᠢᠭ᠋ ᠪᠠᠢᠭᠰᠠᠨ ᠢ᠋ ᠭᠡᠳᠡᠭ ᠢ᠋ ᠮᠡᠳᠡᠬᠦ ᠤᠤ?
ᠮᠥᠩᠬᠡ᠂᠄ ᠠ᠂ ᠡᠨᠡ ᠲᠡᠷᠡ ᠵᠢᠵᠢᠭᠬᠡᠨ ᠵᠢᠵᠢᠭᠬᠡᠨ ᠲᠣᠭᠣᠰᠣᠨ ᠠ᠋ᠴᠠ ᠪᠦᠬᠦ ᠶᠢᠷᠲᠢᠨᠴᠦ ᠪᠠᠭᠲᠠᠭᠰᠠᠨ ᠭᠡᠵᠢ ᠤᠤ?
ᠪᠠᠰᠠᠷ᠄ ᠪᠢ ᠡᠨᠡ ᠲᠣᠭᠣᠰᠣ ᠶ᠋ᠢ ᠵᠠᠯᠭᠢᠴᠢᠬᠠᠪᠠᠯ ᠪᠦᠬᠦ ᠶᠢᠷᠲᠢᠨᠴᠦ ᠶ᠋ᠢ ᠲᠡᠷᠡ ᠴᠢᠭ ᠲᠦ᠍ ᠨᠢ ᠢᠳᠡᠴᠢᠬᠡᠬᠦ ᠶᠦᠮ ᠪᠠᠢᠨ᠎ᠠ ᠰᠢᠳᠡ᠃
ᠲᠤᠩᠬᠤ᠄ ᠮᠠᠨ ᠤ᠋ ᠶᠢᠷᠲᠢᠨᠴᠦ ᠡᠢᠮᠦ ᠬᠥᠭᠡᠷᠦᠬᠦᠨ ᠵᠢᠵᠢᠭᠬᠡᠨ ᠪᠠᠢᠭᠰᠠᠨ ᠭᠡᠬᠦ ᠪᠡᠷ ᠦᠨᠡᠬᠡᠷ ᠰᠣᠨᠢᠷᠬᠠᠯ ᠲᠠᠢ ᠶᠤᠮ ᠠ᠋᠃
ᠮᠥᠩᠬᠡ᠄ ᠲᠡᠭᠡᠬᠦ ᠪᠡᠷ ᠠᠷᠸ᠎ᠠ ᠠᠬ᠎ᠠ ᠠ᠋᠂ ᠬᠣᠷᠸ᠎ᠠ ᠶᠢᠷᠲᠢᠨᠴᠦ ᠭᠡᠳᠡᠭ ᠬᠡᠦᠬᠡᠳ ᠰᠢᠭ ᠲᠣᠮᠣ ᠪᠣᠯᠳᠠᠭ ᠬᠡᠷᠡᠭ ᠤᠤ?
ᠠᠷᠸ᠎ᠠ᠄ ᠶᠠᠭ ᠲᠡᠢᠮᠦ᠃ ᠭᠡᠬᠦ ᠳ᠋ᠦ᠍ ᠪᠡᠨ ᠡᠨᠡ ᠵᠢᠵᠢᠭᠬᠡᠨ ᠪᠠᠢᠭ᠎ᠠ ᠨᠢ ᠶᠢᠷᠲᠢᠨᠴᠦ ᠳᠥᠩᠭᠡᠵᠦ ᠲᠡᠭ ᠮᠢᠩᠭᠠᠨ ᠤ᠋ ᠰᠠᠶ᠎ᠠ ᠲᠡᠷᠪᠤᠮ ᠤ᠋ᠨ ᠨᠢᠭᠡ ᠰᠧᠺᠦ᠋ᠨ᠋ᠳ᠋ ᠪᠠᠢᠬᠤ ᠳ᠋ᠤ᠌ ᠯᠠ ᠳᠠ᠃ ᠭᠡᠬᠦ ᠳ᠋ᠦ᠍ ᠪᠡᠨ ᠬᠡᠳᠦᠬᠡᠨ ᠬᠣᠷᠣᠮ ᠤ᠋ᠨ ᠳᠣᠲᠣᠷ᠎ᠠ ᠳᠡᠯᠡᠬᠡᠢ ᠡᠴᠡ ᠴᠦ᠍ ᠲᠣᠮᠣ ᠪᠣᠯᠤᠨ᠎ᠠ ᠭᠡᠳ ᠪᠣᠳᠣ ᠳᠠ᠃ ᠡᠨᠡ ᠪᠣᠯ ᠡᠬᠡ ᠲᠠᠰᠤᠷᠠᠯᠲᠠ᠃
ᠪᠠᠰᠠᠷ᠄ ᠪᠢ ᠪᠠᠢᠩᠭᠤ᠃
ᠠᠷᠸ᠎ᠠ᠄ ᠣᠳᠣ ᠶᠢᠷᠲᠢᠨᠴᠦ ᠠᠩᠬ᠎ᠠ ᠡᠭᠦᠰᠦᠭᠡᠳ ᠬᠦᠷᠴᠦ ᠠᠮᠵᠢᠭ᠎ᠠ ᠦᠭᠡᠢ ᠪᠠᠢᠭ᠎ᠠ ᠪᠠ ᠠᠩᠬᠠᠨ ᠤ᠋ ᠠᠲ᠋ᠣᠮ ᠴᠤ᠌ ᠡᠭᠦᠰᠴᠦ ᠠᠮᠵᠢᠭ᠎ᠠ ᠦᠭᠡᠢ ᠪᠠᠢᠨ᠎ᠠ ᠭᠡᠰᠡᠨ ᠦᠭᠡ᠃ ᠬᠠᠷᠢᠨ ᠭᠤᠷᠪᠠᠨ ᠵᠠᠭᠤ ᠨᠠᠶᠠᠨ ᠮᠢᠩᠭᠠᠨ ᠵᠢᠯ ᠦ᠋ᠨ ᠳᠠᠷᠠᠭ᠎ᠠ᠂ ᠠᠩᠬᠠᠨ ᠤ᠋ ᠠᠲ᠋ᠣᠮ ᠤ᠋ᠳ ᠪᠤᠶᠤ ᠤᠰᠤᠲᠥ᠋ᠷᠥᠭᠴᠢH ᠪᠣᠯᠤᠨ ᠾᠧᠯᠢ ᠪᠤᠶᠤH ᠢᠶᠣᠨ ᠡᠭᠦᠰᠦᠨ᠎ᠡ᠃
ᠮᠥᠩᠬᠡ᠄ ᠸᠠ ᠧᠦ᠂ᠠᠩᠬ᠎ᠠ ᠡᠨᠡ ᠬᠣᠶᠠᠷ ᠡᠯᠧᠮᠧᠨ᠋ᠲ ᠡᠭᠦᠰᠴᠦ ᠪᠠᠢᠭᠰᠠᠨ ᠶᠤᠮ ᠤᠤ?ᠲᠡᠭᠡᠪᠡᠯ ᠪᠤᠰᠤᠳ ᠡᠯᠧᠮᠧᠨ᠋ᠲ ᠦ᠋ᠳ ᠶᠠᠭᠠᠬᠢᠵᠤ ᠡᠭᠦᠰᠦᠭᠰᠡᠨ ᠶᠦ᠍ᠮ ᠪᠣᠢ?
ᠠᠷᠸ᠎ᠡ᠄ᠣᠢᠷᠠᠯᠴᠠᠭ᠎ᠠ ᠪᠠᠷ ᠶᠢᠷᠲᠢᠨᠴᠦ ᠡᠭᠦᠰᠦᠭᠰᠡᠨ ᠡᠴᠡ ᠵᠠᠭᠤᠨ ᠰᠠᠶ᠎ᠠ ᠵᠢᠯ ᠦ᠋ᠨ ᠳᠠᠷᠠᠭ᠎ᠠ ᠠᠩᠬᠠᠨ ᠤ᠋ ᠣᠳᠣᠳ ᠡᠭᠦᠰᠴᠦ᠂ᠣᠳᠣᠳ ᠳᠣᠲᠣᠷ᠎ᠠ ᠳᠠᠷᠠᠭ᠎ᠠ ᠶ᠋ᠢᠨ ᠡᠯᠧᠮᠧᠨ᠋ᠲ ᠦ᠋ᠳ ᠡᠭᠦᠰᠦᠭᠰᠡᠨ ᠶᠦ᠍ᠮ ᠰᠢᠦ ᠳᠡ᠃
ᠪᠠᠰᠠᠷ᠄ᠲᠡᠭᠡᠪᠡᠯ ᠣᠳᠣᠳ ᠬᠠᠪ ᠬᠠᠪ ᠭᠡᠳ ᠤᠰᠤᠲᠥ᠋ᠷᠥᠭᠴᠢ ᠶ᠋ᠢ ᠢᠳᠡᠭᠡᠳ᠂ ᠪᠤᠰᠤᠳ ᠡᠯᠧᠮᠧᠨ᠋ᠲ ᠦ᠋ᠳ ᠢ᠋ ᠭᠠᠷᠭᠠᠳᠠᠭ ᠭᠡᠰᠡᠨ ᠦᠭᠡ ᠤᠤ?
ᠠᠷᠸ᠎ᠡ᠄ᠲᠡᠢᠮᠦ ᠠ᠋᠂ᠣᠳᠣᠳ ᠳᠣᠲᠣᠷ᠎ᠠ ᠤᠰᠤᠲᠥ᠋ᠷᠥᠭᠴᠢ ᠪᠠ ᠪᠣᠯᠤᠨ ᠾᠧᠯᠢ ᠶ᠋ᠢᠨ ᠴᠠᠭᠠᠰᠢ ᠬᠦᠴᠢᠯᠲᠦ᠋ᠷᠦᠭᠴᠢ ᠨᠡᠭᠦᠷᠡᠰᠦᠲᠥ᠋ᠷᠥᠭᠴᠢ ᠡᠴᠦᠰ ᠲᠦ᠍ ᠨᠢ ᠣᠳᠣᠳ ᠤ᠋ᠨ ᠴᠥᠮ᠎ᠡ ᠳ᠋ᠦ᠍ ᠲᠡᠮᠦᠷ ᠪᠣᠯᠤᠨ ᠨᠢᠺᠧᠯ ᠡᠭᠦᠰᠳᠡᠭ᠃
ᠮᠥᠩᠬᠡ᠄ ᠲᠡᠮᠦᠷ ᠠ᠋᠂ᠲᠡᠭᠡᠬᠦ ᠪᠡᠷ ᠴᠢᠨᠢ ᠪᠢᠳᠡ ᠨᠠᠷ ᠤ᠋ᠨ ᠠᠰᠢᠭᠯᠠᠳᠠᠭ ᠲᠡᠮᠦᠷ ᠨᠢᠭᠡᠨ ᠴᠠᠭ ᠲᠤ᠌ ᠣᠳᠣᠳ ᠤ᠋ᠨ ᠴᠥᠮ᠎ᠡ ᠳ᠋ᠦ᠍ ᠨᠢ ᠪᠠᠢᠭᠰᠠᠨ ᠭᠡᠰᠡᠨ ᠦᠭᠡ ᠤᠤ?
ᠠᠷᠸ᠎ᠡ᠄ ᠶᠠᠭ ᠵᠥᠪ᠂ᠪᠢᠳᠡᠨ ᠦ᠌ ᠠᠮᠢᠰᠬᠤᠯᠯᠠᠵᠤ ᠪᠠᠢᠭ᠎ᠠ ᠠᠭᠠᠷ᠂ᠢᠳᠡᠳᠡᠭ ᠬᠣᠭᠣᠯᠠ᠂ ᠬᠡᠷᠡᠭᠯᠡᠳᠡᠭ ᠡᠳ᠋ ᠵᠦᠢᠯᠡᠰ ᠪᠦᠭᠦᠳᠡ ᠡᠨᠢᠬᠡ ᠭᠠᠷᠤᠯ ᠲᠠᠢ᠃ᠪᠢᠳᠡᠨ ᠦ᠌ ᠪᠡᠶ᠎ᠡ ᠳ᠋ᠦ᠍ ᠪᠠᠢᠭ᠎ᠠ ᠠᠲ᠋ᠣᠮ ᠤ᠋ᠳ ᠨᠢᠭᠡᠨ ᠴᠠᠭ ᠲᠤ᠌ ᠣᠳᠣᠳ ᠤ᠋ᠨ ᠴᠥᠮ᠎ᠡ ᠳ᠋ᠦ᠍ ᠪᠦᠷᠢᠯᠳᠦᠭᠰᠡᠨ᠂ᠪᠢᠳᠡ ᠪᠦᠭᠦᠳᠡ ᠣᠳᠣᠳ ᠠ᠋ᠴᠠ ᠡᠭᠦᠰᠦᠭᠰᠡᠨ ᠶᠦ᠍ᠮ ᠰᠢᠦ ᠳᠡ᠂ᠦᠨᠡᠬᠡᠷ ᠭᠠᠢᠬᠠᠯᠲᠠᠢ ᠪᠠᠢᠭ᠎ᠠ ᠪᠢᠵᠡ?
ᠮᠥᠩᠬᠡ᠄ ᠸᠠ ᠧᠦ᠂ᠪᠢᠳᠡ ᠣᠳᠣᠳ ᠠ᠋ᠴᠠ ᠡᠭᠦᠰᠦᠯ ᠲᠡᠢ ᠭᠡᠵᠢ ᠤᠤ?ᠲᠡᠭᠡᠬᠦ ᠪᠡᠷ ᠴᠢᠨᠢ ᠪᠢᠳᠡ ᠣᠳᠣᠳ ᠤ᠋ᠨ ᠦᠷᠭᠦᠯᠵᠢᠯᠡᠯ ᠭᠡᠰᠡᠨ ᠦᠭᠡ ᠶᠦ᠍ᠮ ᠤᠤ?
ᠠᠷᠸ᠎ᠡ᠄ᠶᠠᠭ ᠵᠥᠪ᠃
ᠴᠠᠰᠤᠬᠠᠨ᠄ᠶᠠᠮᠠᠷ ᠭᠣᠶᠣ ᠶᠤᠮ ᠪᠣᠢ! ᠪᠢᠳᠡ ᠣᠳᠣᠳ ᠠ᠋ᠴᠠ ᠡᠭᠦᠰᠦᠭᠰᠡᠨ ᠭᠡᠬᠦ ᠪᠡᠷ᠃
ᠪᠠᠰᠠᠷ᠄ ᠦ᠂ ᠲᠡᠭᠡᠬᠦ ᠪᠡᠷ ᠪᠢ ᠣᠳᠣ ᠪᠣᠯᠤᠨ᠎ᠠ ᠭᠡᠰᠡᠨ ᠦᠭᠡ ᠤᠤ?
ᠲᠤᠩᠬᠤ᠄ᠴᠢ ᠤᠭ ᠠ᠋ᠴᠠ ᠪᠠᠨ ᠯᠠ ᠣᠳᠣ ᠰᠢᠦ ᠳᠡ᠂ ᠪᠠᠰᠠᠷ ᠠ᠋᠃
ᠪᠠᠰᠠᠷ᠄ ᠬᠡ ᠬᠡ ᠬᠡ᠂ᠪᠢ ᠭᠡᠬᠦ ᠳ᠋ᠦ᠍ ᠪᠡᠨ ᠣᠳᠣ ᠪᠢᠰᠢ᠂ᠬᠠᠷ᠎ᠠ ᠨᠦᠬᠡ ᠪᠣᠯᠤᠮᠠᠷ ᠪᠠᠢᠨ᠎ᠠ᠃ᠪᠦᠬᠦ ᠶᠠᠭᠤᠮ᠎ᠠ ᠶ᠋ᠢ ᠬᠣᠪᠬᠤ ᠰᠤᠷᠤᠭᠠᠳ᠂ ᠬᠠᠪ ᠬᠠᠪ ᠢᠩᠭᠢᠭᠡᠳ᠂ ᠨᠠᠮ᠎ᠠ ᠶ᠋ᠢ ᠪᠤᠯᠢᠶᠠᠬᠤ ᠦᠭᠡᠢ ᠪᠣᠯ ᠢᠩᠭᠢᠵᠦ ᠳᠠᠭᠤᠳᠠ ᠠ᠋᠂ ᠬᠡ ᠬᠡ
ᠠᠷᠸ᠎ᠡ᠄ ᠬᠡ ᠬᠡ ᠬᠡ᠂ ᠬᠥᠭᠡᠷᠦᠬᠦᠨ ᠰᠢᠲᠠ᠃
ᠮᠥᠩᠬᠡ᠄ᠦᠨᠡᠬᠡᠷ ᠰᠣᠨᠢᠷᠬᠠᠯᠲᠠᠢ ᠶᠤᠮ ᠠ᠋᠂ ᠠᠷᠸ᠎ᠡ ᠠᠬ᠎ᠠ ᠠ᠋᠃ᠰᠠᠨᠰᠠᠷ ᠣᠭᠲᠠᠷᠭᠤᠢ᠂ᠣᠳᠣ ᠭᠠᠷᠠᠭ ᠤ᠋ᠳ ᠤ᠋ᠨ ᠡᠭᠦᠰᠦᠯ ᠭᠡᠳ᠂
ᠬᠡᠵᠢᠶ᠎ᠡ ᠴᠦ᠍ ᠦᠨᠡᠨ ᠢᠩᠭᠢᠵᠦ ᠲᠥᠰᠦᠭᠡᠯᠡᠵᠦ ᠪᠠᠢᠭ᠎ᠠ ᠦᠭᠡᠢ᠃
ᠠᠷᠸ᠎ᠡ᠄ ᠪᠢᠳᠡ ᠡᠨᠡ ᠬᠣᠷᠸ᠎ᠠ ᠳ᠋ᠤ᠌ ᠣᠳᠣᠳ ᠤ᠋ᠨ ᠲᠣᠭᠣᠰᠣᠨ ᠠ᠋ᠴᠠ ᠪᠦᠲᠦᠵᠦ᠂ᠶᠢᠷᠲᠢᠨᠴᠦ ᠶ᠋ᠢᠨ ᠭᠣᠯᠣᠮᠲᠠ ᠶ᠋ᠢ ᠵᠠᠯᠭᠠᠭᠤᠯᠵᠤ᠂ᠦᠷᠭᠦᠯᠵᠢᠯᠡᠭᠦᠯᠦᠨ ᠠᠪᠴᠤ ᠶᠠᠪᠤᠵᠤ ᠪᠠᠢᠭ᠎ᠠ ᠶᠤᠮ ᠰᠢᠦ ᠳᠡ᠃ᠪᠢᠳᠡᠨ ᠦ᠌ ᠣᠳᠣ ᠮᠡᠳᠡᠵᠦ ᠪᠠᠢᠭ᠎ᠠ ᠮᠡᠳᠡᠯᠭᠡ ᠶ᠋ᠢ ᠠᠪᠤ ᠡᠵᠢ ᠡᠪᠦᠭᠡ ᠳᠡᠭᠡᠳᠦᠰ ᠮᠠᠨᠢ ᠪᠢᠳᠡᠨ ᠳ᠋ᠦ᠍ ᠤᠯᠠᠮᠵᠢᠯᠠᠭᠤᠯᠤᠨ ᠦᠯᠡᠳᠡᠭᠡᠭᠰᠡᠨ ᠶᠦ᠍ᠮ᠃ᠬᠠᠷᠢᠨ ᠲᠡᠷᠡ ᠮᠡᠳᠡᠯᠭᠡ ᠶ᠋ᠢᠨ ᠥᠪ ᠢ᠋ ᠵᠠᠯᠭᠠᠭᠤᠯᠤᠨ ᠠᠪᠴᠤ ᠶᠠᠪᠤᠬᠤ᠂ᠤᠯᠠᠮ ᠥᠷᠭᠡᠵᠢᠭᠦᠯᠵᠦ᠂ᠡᠮᠦᠨᠡᠬᠢ ᠦᠶ᠎ᠡ ᠶ᠋ᠢᠨ ᠢ᠋ᠶ᠋ᠡᠨ ᠲᠠᠢᠯᠤᠭ᠎ᠠ ᠦᠭᠡᠢ ᠨᠢᠭᠤᠴᠠ ᠨᠤᠭᠤᠳ ᠢ᠋ ᠲᠠᠢᠯᠵᠤ᠂ᠳᠠᠷᠠᠭ᠎ᠠ ᠦᠶ᠎ᠡ ᠳ᠋ᠡᠭᠡᠨ ᠳᠠᠮᠵᠢᠭᠤᠯᠬᠤ ᠨᠢ ᠲᠠ ᠨᠠᠷ ᠤ᠋ᠨ ᠮᠠᠨᠢ ᠬᠠᠷᠢᠭᠤᠴᠠᠯᠭ᠎ᠠ ᠶᠤᠮ ᠰᠢᠦ ᠳᠡ᠃
ᠪᠠᠰᠠᠷ᠄ᠲᠠ ᠨᠠᠷ ᠴᠢᠨᠢ ᠭᠡᠨᠡᠳᠲᠡ ᠬᠠᠮᠢᠭᠠᠰᠢ ᠪᠠᠨ ᠬᠠᠷᠠᠭᠠᠳ ᠪᠠᠢᠭ᠎ᠠ ᠶᠤᠮ ᠪᠣᠢ?ᠪᠠᠢᠨ᠎ᠠ ᠤᠤ ᠪᠠᠢᠨ᠎ᠠ ᠤᠤ?ᠨᠢᠭᠡ ᠨᠢᠭᠡ᠂ᠬᠣᠶᠠᠷ ᠬᠣᠶᠠᠷ ᠬᠣᠶᠠᠷ᠂ ᠦ᠂ ᠲᠠ ᠨᠠᠷ ᠭᠡᠰᠡᠨ ᠶᠦ᠍ᠮ ᠤᠤ? ᠬᠡ ᠬᠡ᠂ᠮᠠᠨ ᠤ᠋ ᠠᠷᠸ᠎ᠡ ᠠᠬ᠎ᠠ ᠶ᠋ᠢᠨ ᠬᠡᠯᠡᠵᠦ ᠪᠠᠢᠭ᠎ᠠ ᠶᠣᠰᠣᠲᠠᠢ ᠦᠨᠡᠨ ᠦᠭᠡ ᠰᠢᠦ᠂ᠲᠡᠢᠮᠦ ᠠ᠋ ᠮᠠᠨ ᠤ᠋ ᠬᠢ ᠠ᠋᠂ᠪᠠᠶᠠᠷᠯᠠᠯ᠎ᠠ᠂ ᠮᠠᠨ ᠤ᠋ ᠬᠢ ᠠ᠋᠃
ᠲᠤᠩᠬᠤ᠄ ᠦ᠂ ᠪᠠᠰᠠᠷ ᠠ᠋᠂ᠠᠶᠠᠭᠦᠢ ᠴᠢᠬᠤᠯᠠ ᠶᠠᠭᠤᠮ᠎ᠠ ᠬᠡᠯᠡᠵᠦ ᠪᠠᠢᠬᠤ ᠳ᠋ᠤ᠌᠂ ᠬᠡ ᠬᠡ ᠬᠡ᠃
ᠪᠠᠰᠠᠷ᠄ᠦᠭᠡᠢ ᠂ ᠪᠢ ᠬᠠᠷ᠎ᠠ ᠨᠦᠬᠡ ᠪᠣᠯᠤᠮᠠᠷ ᠪᠠᠢᠨ᠎ᠠ᠃
ᠠᠷᠸ᠎ᠡ᠄ ᠵᠠ᠂ᠠᠬ᠎ᠠ ᠨᠢ ᠲᠠ ᠨᠠᠷ ᠲᠤ᠌ ᠪᠦᠷ ᠰᠣᠨᠢᠷᠬᠠᠯ ᠲᠠᠢ ᠵᠦᠢᠯ᠁
ᠪᠢᠳᠡᠨ ᠦ᠌ ᠥᠨᠥᠳᠥᠷ ᠦ᠋ᠨ ᠦᠵᠡᠭᠰᠡᠨ ᠵᠦᠢᠯᠡᠰ ᠬᠣᠷᠸ᠎ᠠ ᠶᠢᠷᠲᠢᠨᠴᠦ ᠶ᠋ᠢᠨ ᠲᠡᠦᠬᠡ ᠶ᠋ᠢᠨ ᠥᠴᠦᠬᠡᠨ ᠬᠡᠰᠡᠭ ᠶᠦᠮ ᠰᠢᠦ᠁ ᠬᠡᠷᠪᠡ ᠲᠠ ᠨᠠᠷ ᠤ᠋ᠨ ᠰᠣᠨᠢᠷᠬᠠᠯ ᠢ᠋ ᠥᠳᠥᠭᠡᠵᠦ ᠭᠠᠯ ᠢ᠋ ᠨᠢ ᠠᠰᠠᠭᠠᠭᠰᠠᠨ ᠪᠣᠯ ᠢᠯᠡᠭᠦᠦ ᠶᠡᠬᠡ ᠶ᠋ᠢ ᠰᠢᠮᠳᠠᠨ ᠰᠤᠷᠤᠯᠴᠠᠭᠠᠷᠠᠢ!
ᠦᠰᠦᠭ ᠢ᠋ ᠨᠢ ᠾᠦᠩ ᠸᠧᠢ ᠠᠮᠢᠯᠠᠭᠤᠯᠵᠤ᠂ ᠺᠸᠷᠢᠯ ᠦᠰᠦᠭ ᠢ᠋ ᠠ᠂ ᠰᠠᠷᠠᠨᠭᠡᠷᠡᠯ ᠠᠮᠢᠯᠠᠭᠤᠯᠤᠨ ᠥᠭᠪᠡ᠂ ᠬᠥᠳᠡᠯᠭᠡᠭᠡᠨᠲᠦ ᠵᠢᠷᠤᠭ ᠲᠤ᠌ ᠨᠢ ᠾᠦᠩ ᠸᠧᠢ ᠦᠰᠦᠭ ᠬᠠᠲᠠᠪᠠ᠂ᠮᠥᠴᠢᠷ ᠱᠤᠳᠤᠷᠭᠤ᠂ ᠵᠡᠷᠭᠡ ᠪᠠᠭᠰᠢ ᠨᠠᠷ ᠬᠢᠨᠠᠯᠲᠠ ᠬᠢᠵᠦ ᠥᠭᠪᠡ