1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 6-03Мөнх ТунхMunkh Tunkh

ᠮᠥᠩᠬᠡ ᠲᠤᠩᠬᠤ 6-03Мөнх ТунхMunkh Tunkh

2023-11-18

425

ᠮᠥᠩᠬᠡ ᠲᠤᠩᠬᠤ 6-03

        ᠵᠢᠷᠭᠤᠳᠤᠭᠠᠷ ᠤᠯᠠᠷᠢᠯ ᠦᠨ ᠭᠤᠷᠪᠠᠳᠤᠭᠠᠷ ᠠᠩᠭᠢ 6—3

ᠠᠷᠸ᠎ᠡ᠄ ᠵᠠ ᠳᠡᠭᠦᠦ ᠨᠠᠷ ᠮᠢᠨᠢ ᠨᠠᠷᠠ ᠶᠠᠭᠤ ᠶᠠᠭᠤ ᠦᠭᠡᠢ ᠰᠢᠩᠭᠡᠬᠦ ᠨᠢ ᠪᠠᠢᠨ᠎ᠠ ᠰᠢᠦ᠂ ᠠᠬ᠎ᠠ ᠨᠢ ᠬᠣᠨᠢ ᠪᠠᠨ ᠨᠠᠭᠠᠰᠢᠯᠠᠭᠤᠯᠴᠢᠬᠠᠭᠠᠳ ᠬᠦᠷᠦᠭᠡᠳ ᠢᠷᠡᠶ᠎ᠡ᠃

ᠲᠤᠩᠬᠤ᠄ ᠵᠠ ᠠᠷᠸ᠎ᠡ ᠠᠬ᠎ᠠ ᠠ᠋᠃

ᠠᠷᠸ᠎ᠡ᠄ ᠥᠩ ᠬᠥᠶᠢ ᠡᠭᠦᠨ ᠢ᠋ ᠯᠡ ᠴᠢᠩᠭᠠᠯᠠᠬᠤ ᠦᠭᠡᠢ ᠪᠣᠯ ᠂ ᠠᠯᠢᠪ ᠮᠢᠨᠦ ᠳᠡᠭᠦᠦ ᠨᠠᠷ ᠲᠦᠷ ᠨᠠᠭᠠᠰᠢ ᠪᠠᠨ ᠬᠦᠷᠦᠭᠡᠳ ᠢᠷᠡᠭᠡᠴᠢ᠂ᠭᠡᠷ ᠦ᠋ᠨ ᠪᠦᠰᠡᠯᠡᠭᠦᠷ ᠵᠢᠭᠠᠬᠠᠨ ᠰᠤᠯᠠᠷᠠᠴᠢᠬᠠᠵᠠᠢ᠂ᠬᠡᠳᠦᠭᠦᠯᠡ ᠪᠡᠨ ᠨᠡᠢᠯᠡᠭᠡᠳ ᠴᠢᠩᠭᠠᠯᠠᠶ᠎ᠠ᠃

ᠲᠤᠩᠬᠤ᠄ ᠠᠯᠢᠪ᠂ ᠮᠥᠩᠬᠡ ᠠ᠋ ᠳ᠋ᠤᠷᠤᠷᠠᠨ ᠠ᠋᠂ᠪᠢᠳᠡ ᠬᠣᠶᠠᠷ ᠲᠤ ᠲᠤᠰᠠᠯᠠᠬᠤ ᠦᠭᠡᠢ ᠶᠦ᠍ᠮ ᠤᠤ?

ᠮᠥᠩᠬᠡ᠄ᠶᠠᠭ ᠪᠣᠯᠤᠯ᠎ᠠ ᠪᠣᠯᠤᠯ᠎ᠠ ᠲᠤᠩᠬᠤ ᠠ᠋᠂ᠤᠳᠠᠬᠤ ᠦᠭᠡᠢ ᠣᠴᠢᠯ᠎ᠠ᠃

ᠳ᠋ᠤᠷᠤᠷᠠᠨ ᠄ᠤᠳᠠᠬᠤ ᠦᠭᠡᠢ ᠣᠴᠢᠯ᠎ᠠ ᠲᠤᠩᠬᠤ ᠠ᠋᠂ᠣᠳᠣ ᠵᠢᠭᠠᠬᠠᠨ ᠯᠠ᠁

ᠠᠷᠸ᠎ᠡ᠄ᠮᠥᠩᠬᠡ ᠠ᠋

ᠮᠥᠩᠬᠡ᠄ᠵᠠ ᠶᠠᠭ᠂ᠪᠢᠳᠡ ᠬᠣᠶᠠᠷ ᠬᠦᠷᠦᠭᠡᠳ ᠢᠷᠡᠯ᠎ᠡ᠃ ᠦ᠂ᠵᠦᠭᠡᠷ ᠭᠡᠷ ᠦ᠋ᠨ ᠪᠦᠰᠡᠯᠡᠭᠦᠷ ᠴᠢᠩᠭᠠᠯᠠᠬᠤ ᠭᠡᠵᠦ ᠪᠠᠢᠭᠰᠠᠨ ᠶᠤᠮ ᠤᠤ?

ᠠᠷᠸ᠎ᠡ᠄ᠲᠡᠢᠮᠦ ᠠ᠋᠂ᠮᠥᠩᠬᠡ ᠠᠯᠢᠪ᠂ᠴᠠᠭᠠᠳᠤ ᠲᠠᠯ᠎ᠠ ᠠ᠋ᠴᠠ ᠨᠢ ᠪᠠᠷᠢᠭᠠᠷᠠᠢ᠃

ᠪᠦᠭᠦᠳᠡᠭᠡᠷ᠄ᠨᠢᠭᠡ ᠬᠣᠶᠠᠷ ᠤ᠋ᠨ ᠭᠤᠷᠪᠠ ᠠ᠋᠃

ᠠᠷᠸ᠎ᠡ᠄ ᠱᠦᠪᠪᠡ᠂ᠵᠠ ᠪᠣᠯᠴᠢᠬᠠᠯ᠎ᠠ᠃

ᠮᠥᠩᠬᠡ᠄ᠠᠢ᠂ ᠠᠷᠸ᠎ᠡ ᠠᠬ᠎ᠠ ᠠ᠋᠂ᠭᠠᠭᠴᠠ ᠭᠡᠷ ᠦ᠋ᠨ ᠪᠦᠰᠡᠯᠡᠭᠦᠷ ᠴᠢᠩᠭᠠᠯᠠᠬᠤ ᠭᠡᠵᠦ ᠶᠠᠮᠠᠷ ᠶᠡᠬᠡ ᠶᠠᠭᠤᠮ᠎ᠠ ᠪᠣᠯᠳᠠᠭ ᠶᠤᠮ ᠪᠣᠢ? ᠠ ᠵᠦᠭᠡᠷ᠂ᠭᠠᠭᠴᠠᠭᠠᠷ ᠢ᠋ᠶ᠋ᠠᠨ ᠴᠤ᠌ ᠬᠠᠮᠢᠶ᠎ᠠ ᠦᠭᠡᠢ ᠪᠦᠰᠡᠯᠡᠴᠢᠬᠡᠨ᠎ᠡ ᠪᠢᠵᠡ ᠳᠡ?ᠮᠠᠨ ᠤ᠋ ᠠᠷᠸ ᠎ᠡᠠᠬ᠎ᠠ ᠴᠢᠨᠢ ᠡᠢᠮᠦ ᠲᠣᠮᠣ ᠪᠤᠯᠴᠢᠩ ᠲᠠᠢ ᠶᠤᠮ ᠴᠢᠨᠢ᠃

ᠠᠷᠸ᠎ᠡ᠄ ᠬᠡ ᠬᠡ᠂ᠶᠠᠭᠤ ᠭᠡᠵᠢ ᠳᠡ ᠮᠥᠩᠬᠡ ᠮᠢᠨᠢ᠂ᠭᠡᠷ ᠪᠠᠷᠢᠬᠤ ᠪᠠᠭᠤᠯᠭᠠᠬᠤ ᠭᠡᠳ ᠨᠠᠷᠢᠨ ᠳᠡᠰ ᠳᠠᠷᠠᠭᠠᠯᠠᠯ ᠲᠠᠢ ᠪᠠᠢᠳᠠᠭ ᠃ ᠪᠦᠷ ᠭᠡᠷ ᠪᠠᠷᠢᠬᠤ ᠶᠣᠰᠣᠨ ᠬᠦᠷᠲᠡᠯ᠎ᠡ ᠪᠠᠢᠳᠠᠭ ᠶᠤᠮ ᠰᠢᠦ ᠳᠡ᠃

ᠮᠥᠩᠬᠡ᠄ ᠦ᠋ ᠠ᠂ ᠵᠠ ᠲᠡᠷᠡ ᠴᠦ᠍ ᠶᠠᠭᠠᠬᠢᠬᠤᠪ ᠳᠠ᠂ᠭᠠᠭᠴᠠᠭᠠᠷ ᠢ᠋ᠶ᠋ᠠᠨ ᠪᠠᠢᠭᠰᠠᠨ ᠴᠤ᠌ ᠪᠣᠯᠤᠨ᠎ᠠ ᠰᠢᠲᠠ ᠲᠡᠢᠮᠦ?

ᠲᠤᠩᠬᠤ᠄ ᠬᠡᠩ

ᠮᠥᠩᠬᠡ᠄ ᠡᠰᠡᠬᠦᠯ᠎ᠡ ᠪᠣᠯᠳᠠᠭ ᠦᠭᠡᠢ ᠶᠦᠮ ᠤᠤ? ᠬᠡ ᠬᠡ ᠬᠡ᠃

ᠠᠷᠸ᠎ᠡ᠄ᠦ᠂ ᠨᠡᠭᠡᠷᠡᠨ ᠳᠡᠭᠦᠦ ᠨᠠᠷ ᠮᠢᠨᠢ᠂ᠦᠯᠢᠭᠡᠷ ᠢ᠋ᠶ᠋ᠡᠷ ᠠᠶᠠᠯᠠᠬᠤ ᠴᠠᠭ ᠪᠣᠯᠤᠭᠰᠠᠨ ᠪᠠᠢᠨ᠎ᠠ ᠰᠢᠦ ᠳᠡ᠃

ᠮᠥᠩᠬᠡ᠄ᠵᠠ᠂ᠥᠨᠥᠳᠥᠷ ᠴᠢᠨᠢ ᠪᠦᠭᠦᠳᠡᠭᠡᠷ ᠢ᠋ᠶ᠋ᠡᠨ ᠶᠠᠮᠠᠷ ᠦᠯᠢᠭᠡᠷ ᠢ᠋ᠶ᠋ᠡᠷ ᠠᠶᠠᠯᠠᠬᠤ ᠪᠢᠯᠡ?

ᠠᠷᠸ᠎ᠡ᠄ᠠᠬ᠎ᠠ ᠨᠢ ᠲᠠ ᠨᠠᠷ ᠲᠤ᠌ ᠪᠠᠨ ᠦᠨᠡᠬᠡᠷ ᠰᠣᠨᠢᠷᠬᠠᠯ ᠲᠠᠢ ᠦᠯᠢᠭᠡᠷ ᠪᠡᠯᠡᠳᠦᠭᠰᠡᠨ ᠪᠠᠢᠭ᠎ᠠ᠃

ᠲᠤᠩᠬᠤ᠄ ᠸᠠ ᠧᠦ᠂ᠶᠠᠮᠠᠷ ᠦᠯᠢᠭᠡᠷ ᠶᠦ᠍ᠮ ᠪᠣᠢ?

ᠠᠷᠸ᠎ᠡ᠄ᠥᠨᠥᠳᠥᠷ ᠪᠦᠭᠦᠳᠡᠭᠡᠷ ᠢ᠋ᠶ᠋ᠡᠨ ᠮᠣᠩᠭᠣᠯ ᠠᠷᠠᠳ ᠤ᠋ᠨ ᠦᠯᠢᠭᠡᠷ ᠭᠡᠷ ᠭᠡᠳᠡᠭ ᠦᠯᠢᠭᠡᠷ ᠢ᠋ᠶ᠋ᠡᠷ ᠠᠶᠠᠯᠠᠨ᠎ᠠ ᠰᠢᠦ ᠳᠡ᠃

ᠲᠤᠩᠬᠤ᠄ᠭᠡᠷ ᠭᠡᠬᠦ ᠪᠡᠷ ᠴᠢᠨᠢ ᠥᠩ᠂ᠮᠣᠩᠭᠣᠯ ᠭᠡᠷ ᠦ᠋ᠨ ᠢ᠋ᠶ᠋ᠡᠨ ᠲᠠᠯ᠎ᠠ ᠪᠠᠷ ᠰᠣᠨᠢᠷᠬᠠᠯᠲᠠᠢ ᠵᠦᠢᠯ ᠦ᠋ᠳ ᠢ᠋ ᠮᠡᠳᠡᠵᠦ ᠠᠪᠬᠤ ᠨᠢ ᠠ᠋᠃

ᠮᠥᠩᠬᠡ᠄ ᠠ! ᠭᠡᠷ ᠠ᠋᠂ ᠠ  ᠶᠡᠬᠡ ᠯᠡ ᠰᠣᠨᠢᠷᠬᠠᠯᠲᠠᠢ ᠦᠯᠢᠭᠡᠷ ᠪᠠᠢᠭ᠎ᠠ ᠤᠤ? ᠭᠡᠷ ᠴᠦ᠍ ᠤᠭ ᠨᠢ ᠰᠣᠨᠢᠷᠬᠠᠯᠲᠠᠢ  ᠯᠡ ᠳᠠ᠂ᠭᠡᠬᠦ ᠳ᠋ᠦ᠍ ᠪᠡᠨ ᠢᠯᠡᠭᠦᠦ ᠰᠣᠨᠢᠷᠬᠠᠯᠲᠠᠢ ᠦᠯᠢᠭᠡᠷ ᠢ᠋ᠶ᠋ᠡᠷ ᠠᠶᠠᠯᠠᠪᠠᠯ ᠭᠣᠶᠣ ᠶᠤᠮ ᠪᠢᠰᠢ ᠤᠤ?

ᠲᠤᠩᠬᠤ᠄ᠮᠥᠩᠬᠡ ᠠ᠋᠂ᠭᠣᠶᠣ ᠯᠠ ᠦᠯᠢᠭᠡᠷ ᠪᠠᠢᠨ᠎ᠠ ᠰᠢᠳᠡ᠂ ᠪᠦᠭᠦᠳᠡᠭᠡᠷ ᠢ᠋ᠶ᠋ᠡᠨ ᠠᠶᠠᠯᠠᠭᠠᠳ ᠦᠵᠡᠶ᠎ᠡ᠃

ᠮᠥᠩᠬᠡ᠄ ᠵᠠ ᠵᠠ ᠵᠠ᠃

ᠠᠷᠸ᠎ᠡ᠄ ᠵᠠ ᠪᠡᠯᠡᠨ ᠤᠤ?

ᠪᠦᠭᠦᠳᠡᠭᠡᠷ᠄ ᠪᠡᠯᠡᠨ᠃ ᠮᠣᠩᠭᠣᠯ ᠠᠷᠠᠳ ᠤ᠋ᠨ ᠦᠯᠢᠭᠡᠷ ᠭᠡᠷ

ᠮᠣᠩᠭᠣᠯ ᠤ᠋ᠨ ᠳᠡᠭᠡᠳᠦ ᠡᠪᠦᠭᠡ ᠬᠡᠭᠡᠷ᠎ᠡ ᠪᠡᠷ ᠭᠡᠷ ᠂ ᠬᠡᠵᠡ ᠪᠡᠷ ᠳᠡᠷ᠎ᠡ ᠬᠢᠵᠦ ᠶᠠᠪᠤᠭᠰᠠᠨ ᠥᠨᠢ ᠡᠷᠲᠡᠨ ᠦ᠌ ᠦᠶ᠎ᠡ ᠶᠦ᠍ᠮ ᠭᠡᠨ᠎ᠡ᠃ᠠᠮᠢᠲᠠᠳ ᠮᠥᠷ ᠮᠥᠷ ᠢ᠋ᠶ᠋ᠡᠨ ᠬᠥᠭᠡᠭᠡᠨ ᠰᠠᠯᠵᠤ᠂ᠵᠠᠷᠢᠮ ᠨᠢ ᠭᠠᠵᠠᠷ ᠨᠦᠬᠡᠯᠡᠨ ᠰᠢᠷᠭᠤᠵᠤ᠂ᠨᠢᠭᠡ ᠬᠡᠰᠡᠭ ᠨᠢ ᠤᠰᠤᠨ ᠤ᠋ ᠭᠦᠨ ᠳ᠋ᠦ᠍᠂ᠨᠥᠭᠦᠭᠡ ᠬᠡᠰᠡᠭ ᠨᠢ ᠮᠣᠳᠣᠨ ᠤ᠋ ᠣᠷᠣᠢ ᠳ᠋ᠤ᠌᠂ᠭᠡᠷ ᠲᠡᠢ ᠪᠣᠯᠵᠠᠢ᠃ᠲᠡᠷᠡ ᠴᠠᠭ ᠲᠤ᠌ ᠨᠠᠰᠤᠨ ᠥᠨᠳᠥᠷ ᠪᠣᠯᠲᠠᠯ᠎ᠠ ᠪᠠᠨ ᠤᠬᠠᠭᠠᠨ ᠠ᠋ᠴᠠ ᠪᠠᠨ ᠣᠨᠳᠣᠣ ᠥᠪ ᠬᠥᠷᠥᠩᠭᠡ ᠬᠤᠷᠢᠶᠠᠭ᠎ᠠ ᠦᠭᠡᠢ ᠨᠢᠭᠡᠨ ᠡᠪᠦᠭᠡᠨ ᠪᠠᠢᠵᠠᠢ ᠭᠡᠨ᠎ᠡ᠃ᠨᠢᠭᠡᠨ ᠡᠳᠦᠷ ᠳᠣᠯᠣᠭᠠᠨ ᠬᠦᠦ ᠳ᠋ᠦ᠍ ᠪᠡᠨ ᠶᠡᠬᠡ ᠭᠡᠷ ᠦ᠋ᠨ ᠦᠯᠢᠭᠡᠷ ᠢ᠋ᠶ᠋ᠡᠷ ᠪᠠᠭ᠎ᠠ ᠭᠡᠷ ᠢ᠋ ᠪᠠᠷᠢᠵᠤ ᠪᠣᠯᠤᠨ᠎ᠠ᠃ᠭᠡᠬᠦ ᠳ᠋ᠦ᠍ ᠬᠥᠪᠡᠭᠦᠳ ᠨᠢ ᠪᠣᠳᠣᠭᠠᠳ ᠪᠣᠳᠣᠭᠠᠳ᠂ ᠤᠴᠢᠷ ᠢ᠋ ᠨᠢ ᠦᠯᠦ  ᠤᠬᠠᠪᠠ ᠭᠡᠨ᠎ᠡ᠃ᠲᠡᠭᠡᠭᠡᠳ ᠡᠪᠦᠭᠡᠨ ᠳᠣᠯᠣᠭᠠᠨ ᠬᠦᠦ ᠲᠡᠢ ᠪᠡᠨ ᠬᠠᠨ᠎ᠠ ᠪᠠᠨ ᠳᠡᠯᠭᠡᠵᠦ᠂ᠬᠠᠭᠠᠯᠭ᠎ᠠ ᠪᠠᠨ ᠪᠤᠰᠬᠠᠵᠤ᠂ᠲᠣᠭᠣᠨᠣ ᠪᠠᠨ ᠡᠷᠭᠦᠨ᠂ᠣᠨᠢ ᠪᠠᠨ ᠡᠯᠭᠦᠵᠦ ᠂ᠲᠤᠭᠤᠷᠭ᠎ᠠ ᠪᠠᠨ ᠪᠠᠷᠢᠵᠤ᠂ ᠳᠡᠭᠡᠪᠦᠷ ᠢ᠋ᠶ᠋ᠡᠨ ᠲᠠᠲᠠᠵᠤ ᠪᠦᠰᠡᠯᠡᠭᠦᠷ ᠢ᠋ᠶ᠋ᠡᠨ ᠲᠠᠲᠠᠭᠠᠳ᠂ᠪᠥᠮᠪᠥᠷᠴᠡᠭ ᠦ᠋ᠨ ᠳᠡᠯᠡᠬᠡᠢ ᠶ᠋ᠢᠨ ᠬᠡᠯᠪᠡᠷᠢ ᠲᠡᠢ ᠪᠥᠮᠪᠥᠭᠡᠷ ᠴᠠᠭᠠᠨ ᠭᠡᠷ ᠲᠡᠢ ᠪᠣᠯᠪᠠ ᠭᠡᠨ᠎ᠡ᠃ᠲᠥᠷᠥᠬᠦ ᠨᠢᠭᠡ ᠡᠳᠦᠷ ᠪᠠᠢᠬᠤ ᠳ᠋ᠤ᠌᠂ᠲᠡᠭᠦᠰᠬᠦ ᠨᠢᠭᠡ ᠡᠳᠦᠷ ᠪᠣᠢ᠃ᠬᠠᠨᠠᠨ ᠭᠡᠷ ᠡᠴᠡ ᠪᠡᠨ ᠠᠪᠤ ᠨᠢ ᠬᠠᠳᠠᠨ ᠭᠡᠷ ᠲᠦ᠍ ᠪᠡᠨ ᠪᠤᠴᠠᠬᠤ ᠪᠣᠯᠤᠯ᠎ᠠ᠂ ᠶᠠᠭᠠᠬᠢᠵᠤ ᠠᠵᠤ ᠲᠥᠷᠥᠬᠦ ᠶ᠋ᠢ ᠭᠡᠷ ᠴᠢᠨᠢ ᠵᠢᠭᠠᠭᠠᠳ ᠥᠭᠭᠦᠨ᠎ᠡ᠂ᠭᠠᠭᠴᠠ ᠬᠦ᠌ ᠪᠦᠰᠡᠯᠡᠭᠦᠷ ᠢ᠋ᠶ᠋ᠡᠨ ᠴᠢᠩᠭᠠᠯᠠᠵᠤ ᠶᠠᠪᠤᠭᠠᠷᠠᠢ ᠭᠡᠳ ᠨᠠᠰᠤᠨ ᠥᠭᠡᠳᠡ ᠪᠣᠯᠵᠠᠢ᠃ᠲᠡᠭᠡᠲᠡᠯ᠎ᠡ ᠨᠢᠭᠡ ᠡᠳᠦᠷ ᠭᠡᠷ ᠦ᠋ᠨ ᠬᠢᠨᠢ ᠪᠦᠰᠡᠯᠡᠭᠦᠷ ᠰᠤᠯᠠᠷᠠᠵᠠᠢ᠃ᠪᠡᠶ᠎ᠡ ᠪᠡᠶ᠎ᠡ ᠳ᠋ᠦ᠍ ᠪᠡᠨ ᠨᠠᠢᠳᠠᠭᠰᠠᠭᠠᠷ ᠬᠡᠨ ᠨᠢ ᠴᠦ᠍ ᠴᠢᠩᠭᠠᠯᠠᠵᠤ ᠲᠠᠲᠠᠯ ᠦᠭᠡᠢ ᠰᠠᠭᠤᠲᠠᠯ᠎ᠠ ᠭᠡᠷ ᠨᠢ ᠶᠠᠢᠵᠢᠢᠵᠤ ᠤᠨᠠᠪᠠ᠃ᠠᠬ᠎ᠠ ᠳᠡᠭᠦᠦ ᠳᠣᠯᠣᠭ᠎ᠠ ᠂ ᠴᠢᠮ᠎ᠠ ᠠ᠋ᠴᠠ ᠪᠣᠯᠤᠯ᠎ᠠ ᠲᠠᠨ ᠠ᠋ᠴᠠ ᠪᠣᠯᠤᠯ᠎ᠠ ᠭᠡᠯᠴᠡᠨ ᠬᠡᠷᠡᠯᠳᠦᠵᠦ᠂ᠰᠡᠭᠦᠯ ᠳ᠋ᠦ᠍ ᠪᠡᠨ ᠪᠦᠷ ᠲᠠᠭᠠᠷᠠᠵᠤ ᠲᠣᠬᠢᠷᠠᠬᠤ ᠪᠠᠨ ᠪᠣᠯᠢᠵᠤ᠂ ᠲᠠᠷᠬᠠᠵᠤ ᠰᠠᠯᠬᠤ ᠳ᠋ᠤ᠌ ᠪᠠᠨ ᠬᠦᠷᠴᠡᠢ᠃ᠡᠴᠢᠭᠡ ᠡᠴᠡ ᠦᠯᠡᠳᠡᠭᠰᠡᠨ ᠬᠥᠷᠥᠩᠭᠡ ᠶ᠋ᠢ ᠡᠩ ᠲᠡᠩᠴᠡᠭᠦᠦ  ᠬᠤᠪᠢᠶᠠᠵᠤ ᠠᠪᠬᠤ ᠪᠠᠷ ᠰᠢᠢᠳᠦᠭᠡᠳ᠂ᠬᠠᠷᠠᠭᠰᠠᠨ ᠵᠦᠭ ᠲᠦ᠍ ᠪᠠᠨ ᠣᠳᠬᠤ ᠳ᠋ᠤ᠌ ᠣᠳᠬᠣᠨ ᠳᠡᠭᠦᠦ ᠳ᠋ᠦ᠍ ᠨᠢ ᠪᠦᠰᠡᠯᠡᠭᠦᠷ ᠡᠴᠡ ᠥᠭᠡᠷ᠎ᠡ ᠶᠠᠭᠤᠮ᠎ᠠ ᠦᠯᠡᠳᠡᠭᠰᠡᠨ ᠦᠭᠡᠢ᠃

ᠲᠤᠩᠬᠤ᠄ᠨᠥᠭᠦᠭᠡ ᠠᠬ᠎ᠠ  ᠳᠡᠭᠦᠦᠰ ᠨᠢ ᠬᠠᠮᠢᠭ᠎ᠠ ᠪᠠᠢᠭ᠎ᠠ ᠶᠤᠮ ᠪᠣᠯ ᠠ᠋?ᠶᠠᠭᠠᠬᠢᠭᠠᠳ ᠭᠡᠷ ᠢ᠋ᠶ᠋ᠡᠨ ᠪᠠᠷᠢᠭᠠᠳ ᠬᠠᠮᠲᠤ ᠠᠵᠤ ᠲᠥᠷᠥᠵᠦ ᠪᠣᠯᠬᠤ ᠦᠭᠡᠢ ᠪᠠᠢᠭ᠎ᠠ  ᠶᠤᠮ ᠪᠣᠯ?ᠬᠡᠳᠦᠨ ᠲᠡᠢᠱᠢ ᠪᠠᠨ ᠰᠠᠯᠤᠭᠠᠳ ᠶᠠᠪᠤᠴᠢᠬᠠᠳᠠᠭ᠃

ᠪᠠᠰᠠᠷ ᠄ ᠦᠯᠢᠭᠡᠷ  ᠎ᠢᠶᠡᠷ ᠠᠶᠠᠯᠠᠬᠤ ᠠ᠋ᠴᠠ ᠪᠠᠨ ᠡᠮᠦᠨ᠎ᠡ ᠵᠢᠭᠠᠯ  ᠵᠢᠭᠤᠯ ᠶᠠᠭᠤᠮ᠎ᠠ ᠢᠳᠡᠳᠡᠭ  ᠪᠠᠢᠵᠠᠢ ᠳᠠ᠂ ᠶᠠᠭᠤ ᠶᠠᠭᠤ ᠦᠭᠡᠢ ᠬᠣᠳᠣᠭᠣᠳᠣ ᠬᠣᠩᠬᠣᠯᠵᠠᠭᠠᠳ ᠶᠠᠪᠤᠴᠢᠬᠠᠬᠤ ᠴᠢᠨᠢ ᠬᠥᠶᠢ᠃

ᠮᠥᠩᠬᠡ᠄ ᠠ!ᠪᠠᠰᠠᠷ ᠠ᠋ ᠴᠢ ᠰᠠᠶᠢ ᠶᠠᠭᠤᠮ᠎ᠠ ᠬᠡᠯᠡᠭᠰᠡᠨ ᠤᠤ?

ᠪᠠᠰᠠᠷ᠄ ᠠ᠂ᠦᠭᠡᠢ ᠦᠭᠡᠢ ᠦᠭᠡᠢ᠂ᠦᠯᠢᠭᠡᠷ ᠢ᠋ᠶ᠋ᠡᠷ ᠠᠶᠠᠯᠠᠬᠤ ᠴᠢᠨᠢ ᠬᠡᠴᠢᠨᠡᠭᠡᠨ ᠰᠠᠢᠬᠠᠨ ᠪᠢᠯᠡ ᠳᠠ ᠭᠡᠳ ᠪᠣᠳᠣᠭᠠᠳ ᠶᠠᠪᠤᠵᠤ ᠪᠠᠢᠨ᠎ᠠ ᠰᠢᠳᠡ᠃ ᠥᠩ᠂ᠠᠷᠠᠢ ᠡᠨᠡ ᠴᠢᠨᠢ ᠪᠣᠳᠣᠯ ᠡᠨᠡ ᠲᠡᠷᠡ ᠰᠣᠨᠣᠰᠳᠠᠭ ᠪᠣᠯᠴᠢᠬᠠᠭᠰᠠᠨ ᠶᠤᠮ ᠪᠢᠰᠢ ᠪᠢᠵᠡ ᠳᠡ?ᠲᠤᠩᠬᠤ ᠶ᠋ᠢᠨ ᠨᠢᠭᠤᠭᠰᠠᠨ ᠰᠢᠬᠢᠷ᠂ᠮᠥᠩᠬᠡ ᠶ᠋ᠢᠨ  ᠷᠤᠫᠤᠲ ᠬᠣᠪᠴᠠᠰᠤ ᠶ᠋ᠢ ᠦᠷᠡᠭᠰᠡᠨ᠂ ᠴᠠᠰᠤᠬᠠᠨ ᠤ᠋ ᠣᠷᠢᠶᠠᠯᠲᠠ ᠲᠠᠢ ᠤᠲᠠᠰᠤ ᠪᠠᠷ ᠲᠣᠭᠯᠠᠵᠤ ᠪᠠᠢᠭᠠᠳ ᠭᠣᠣᠯ ᠳ᠋ᠤ᠌ ᠤᠨᠠᠭᠠᠭᠰᠠᠨ ᠢ᠋  ᠮᠡᠳᠡᠴᠢᠬᠡᠬᠦ ᠪᠣᠢ ᠳᠠ᠂ ᠵᠠ ᠪᠢᠲᠡᠭᠡᠢ ᠪᠣᠳᠣ ᠪᠢᠲᠡᠭᠡᠢ ᠪᠢᠲᠡᠭᠡᠢ ᠪᠣᠳᠣ ᠠ᠋᠃

ᠮᠥᠩᠬᠡ ᠲᠤᠩᠬᠤ᠄ ᠠ?

ᠪᠠᠰᠠᠷ᠄ ᠠ᠂ ᠶᠠᠭᠠᠬᠢᠭᠰᠠᠨ ᠪᠣᠢ? ᠵᠦᠭᠡᠷ ᠤᠤ ᠮᠠᠨ  ᠤ᠋ ᠬᠢ ᠠ᠋᠂ ᠠᠷᠠᠢ ᠮᠢᠨᠦ ᠪᠣᠳᠣᠯ ᠢ᠋ ᠰᠣᠨᠣᠰᠤᠭᠠᠳ ᠪᠠᠢᠭ᠎ᠠ ᠶᠤᠮ ᠪᠢᠰᠢ ᠪᠢᠵᠡ ᠳᠡ᠃ ᠦᠭᠡᠢ ᠪᠠᠢᠮᠠᠷ ᠶᠤᠮ᠃

ᠲᠤᠩᠬᠤ᠄ ᠠ! ᠦᠭᠡᠢ ᠪᠠᠰᠠᠷ ᠠ᠋᠂ᠶᠠᠭᠤ ᠴᠤ᠌ ᠰᠣᠨᠣᠰᠳᠠᠬᠤ ᠦᠭᠡᠢ ᠪᠠᠢᠨ᠎ᠠ᠃

ᠪᠠᠰᠠᠷ᠄ ᠠ᠂ᠲᠡᠢᠮᠦ ᠪᠠᠢᠯᠭᠦᠢ ᠳᠡ ᠬᠡ ᠬᠡ ᠬᠡ᠂ ᠠ!

ᠲᠤᠩᠬᠤ᠄ᠮᠢᠨᠦ ᠨᠢᠭᠤᠭᠰᠠᠨ ᠰᠢᠬᠢᠷ ᠢ᠋ ᠶᠠᠭᠠᠬᠢᠭᠰᠠᠨ ᠭᠡᠨ᠎ᠡ?

ᠠᠷᠸ᠎ᠡ᠄ ᠪᠠᠢᠨ᠎ᠠ ᠤᠤ ᠪᠠᠢᠨ᠎ᠠ ᠤᠤ?ᠮᠥᠩᠬᠡ ᠪᠠᠰᠠᠷ ᠤ᠋ᠨ ᠷᠤᠫᠤᠲ᠋ ᠬᠤᠪᠴᠠᠰᠤᠨ ᠤ᠋ ᠲᠤᠬᠢᠷᠠᠭ᠎ᠠ ᠨᠢ ᠠᠯᠳᠠᠭᠳᠠᠭᠰᠠᠨ ᠪᠠᠢᠨ᠎ᠠ᠃ᠠᠬ᠎ᠠ ᠨᠢ ᠰᠠᠶᠢ ᠵᠠᠰᠠᠴᠢᠬᠠᠯ᠎ᠠ᠂ᠲᠠ ᠨᠠᠷ ᠲᠤ ᠶᠠᠮᠠᠷ ᠨᠢᠭᠡᠨ ᠶᠠᠭᠤᠮ᠎ᠠ ᠲᠣᠬᠢᠶᠠᠯᠳᠤᠭ᠎ᠠ ᠦᠭᠡᠢ ᠪᠢᠵᠡ ᠳᠡ᠃

ᠮᠥᠩᠬᠡ᠄ ᠠ᠂ ᠬᠠ ᠬᠠ ᠬᠠ ᠶᠠᠭᠤ ᠴᠤ᠌ ᠪᠣᠯᠤᠭ᠎ᠠ ᠦᠭᠡᠢ ᠠᠷᠸ᠎ᠡ ᠠᠬ᠎ᠠ᠂ ᠠ ᠬᠠ᠂ ᠲᠡᠢᠮᠦ ᠲᠡᠢᠮᠦ ᠵᠦᠭᠡᠷ ᠵᠦᠭᠡᠷ᠃

ᠪᠠᠰᠠᠷ᠄ᠵᠠ ᠶᠣᠰᠣᠲᠠᠢ ᠠᠭᠤᠴᠢᠯᠠᠭᠠᠷᠠᠢ!

ᠵᠠ ᠮᠠᠨᠠᠢᠬᠢ ᠠ᠋᠂ᠣᠳᠣ ᠦᠯᠢᠭᠡᠷ ᠦ᠋ᠨ ᠢ᠋ᠶ᠋ᠡᠨ ᠭᠣᠣᠯ ᠳᠦᠷᠢ ᠨᠦ᠍ᠭᠦᠳ ᠢ᠋ ᠬᠠᠢᠵᠤ ᠶᠠᠪᠤᠬᠤ ᠤᠤ ᠳᠠ᠂ᠬᠥᠶᠢ᠂ ᠬᠡᠳᠦᠭᠦᠯᠡ ᠪᠡᠨ ᠬᠡ ᠬᠡ᠃

ᠲᠤᠩᠬᠤ᠄ ᠬᠢ ᠬᠢ ᠬᠢ᠂ᠣᠳᠣ ᠨᠥᠭᠦᠭᠡ ᠬᠡᠦᠬᠡᠳ ᠦ᠋ᠳ ᠮᠠᠨᠢ ᠬᠠᠮᠢᠭ᠎ᠠ ᠪᠠᠢᠭ᠎ᠠ ᠶᠤᠮ ᠪᠣᠯ ᠠ᠋?ᠪᠦᠭᠦᠳᠡᠭᠡᠷ ᠢ᠋ᠶ᠋ᠡᠨ ᠶᠠᠭᠤ ᠴᠤ᠌ ᠭᠡᠰᠡᠨ ᠬᠠᠢᠵᠤ ᠣᠯᠬᠤ ᠤᠤ?

ᠴᠠᠰᠤᠬᠠᠨ᠄ᠲᠡᠭᠡᠶ᠎ᠡ᠂ᠲᠤᠰ ᠲᠤᠰ ᠲᠤ ᠪᠠᠨ ᠭᠡᠷ ᠦ᠋ᠨ ᠢ᠋ᠶ᠋ᠡᠨ ᠬᠡᠰᠡᠭ ᠦ᠋ᠳ ᠢ᠋ ᠠᠪᠤᠭᠠᠳ ᠶᠠᠪᠤᠵᠤ ᠪᠠᠢᠭ᠎ᠠ ᠪᠣᠯᠬᠣᠷ ᠬᠣᠯᠠᠳᠠᠭ᠎ᠠ ᠦᠭᠡᠢ  ᠪᠠᠢᠭ᠎ᠠ ᠪᠠᠢᠬᠤ᠂ ᠪᠦᠭᠦᠳᠡᠭᠡᠷ

 ᠢ᠋ᠶ᠋ᠡᠨ ᠬᠥᠳᠡᠯᠬᠦ ᠤᠤ?

ᠮᠥᠩᠬᠡ᠄ᠵᠠ ᠲᠡᠭᠡᠶ᠎ᠡ᠃

ᠪᠠᠰᠠᠷ᠄ᠬᠡᠳᠦᠭᠦᠯᠡ ᠪᠡᠨ ᠪᠦᠷ ᠶᠠᠭ ᠯᠠ ᠵᠥᠷᠢᠭᠡᠳ ᠪᠠᠢᠬᠤ ᠰᠢᠭ᠋ ᠪᠠᠢᠨ᠎ᠠ ᠳᠠ᠃

ᠲᠤᠩᠬᠤ᠄ᠬᠠᠷᠢᠨ ᠲᠡᠢᠮᠦ ᠠ᠋᠂ᠤᠭ ᠨᠢ ᠡᠷᠲᠡᠬᠡᠨ ᠣᠯᠴᠢᠬᠠᠭᠰᠠᠨ ᠪᠣᠯ ᠭᠡᠷ ᠢ᠋ᠶ᠋ᠡᠨ ᠪᠠᠷᠢᠬᠤ ᠦᠭᠡᠢ ᠤᠤ᠂ᠣᠳᠣ ᠣᠷᠣᠢ ᠪᠣᠯᠬᠤ ᠭᠡᠳ ᠪᠠᠢᠳᠠᠭ᠃

ᠮᠥᠩᠬᠡ᠄ᠨᠠᠢᠵᠠ ᠨᠤᠭᠤᠳ ᠠ᠋᠂ ᠪᠦᠭᠦᠳᠡᠭᠡᠷ ᠢ᠋ᠶ᠋ᠡᠨ ᠡᠨᠳᠡ ᠪᠡᠨ ᠮᠠᠢᠬᠠᠨ ᠢ᠋ᠶ᠋ᠠᠨ ᠪᠠᠷᠢᠭᠠᠳ ᠠᠮᠠᠷᠠᠪᠠᠯ ᠶᠠᠭᠠᠬᠢᠭᠰᠠᠨ ᠶᠤᠮ ᠪᠣᠢ?ᠲᠡᠭᠡᠭᠡᠳ ᠮᠠᠷᠭᠠᠰᠢ ᠰᠠᠢᠬᠠᠨ ᠨᠠᠷᠠ ᠭᠠᠷᠬᠤ ᠪᠠᠷ ᠬᠠᠢᠪᠠᠯ ᠶᠠᠭᠠᠬᠢᠳᠠᠭ ᠶᠤᠮ?ᠨᠥᠭᠦᠭᠡ ᠠᠷᠸ᠎ᠡ ᠠᠬ᠎ᠠ ᠶ᠋ᠢᠨ  ᠶᠠᠭᠠᠷᠠᠯᠲᠠᠢ ᠦᠶ᠎ᠡ ᠳ᠋ᠦ᠍ ᠬᠡᠷᠡᠭᠯᠡᠭᠡᠷᠡᠢ  ᠭᠡᠳ ᠦᠭᠭᠦᠭᠰᠡᠨ ᠮᠠᠢᠬᠠᠨ ᠢ᠋ ᠁

ᠳ᠋ᠤᠷᠤᠷᠠᠨ᠄ᠨᠠᠢᠵᠠ ᠨᠤᠭᠤᠳ ᠠ᠋᠂ ᠪᠦᠭᠦᠳᠡᠭᠡᠷ ᠢ᠋ᠶ᠋ᠡᠨ ᠡᠨᠳᠡ ᠠᠮᠠᠷᠠᠭᠰᠠᠨ ᠨᠢ ᠳᠡᠭᠡᠷ᠎ᠡ ᠶᠦ᠍ᠮ ᠰᠢᠭ ᠪᠠᠢᠨ᠎ᠠ ᠳᠠ᠃

ᠴᠠᠰᠤᠬᠠᠨ᠄ ᠬᠠᠷᠢᠨ ᠲᠡᠢᠮᠦ ᠠ᠋᠃

ᠮᠥᠩᠬᠡ᠄ ᠠ! ᠲᠡᠷᠡ ᠶᠠᠭᠤ ᠪᠣᠢ? ᠡᠢᠮᠦ ᠬᠠᠷᠠᠩᠭᠤᠢ ᠰᠥᠨᠢ ᠶᠠᠭᠤ ᠶᠤᠮ ᠪᠣᠯ ᠠ᠋? ᠮᠠᠨ ᠤ᠋ ᠬᠢ ᠠ᠋᠂ᠲᠡᠨᠳᠡ ᠨᠢᠭᠡ ᠶᠠᠭᠤᠮ᠎ᠠ ᠪᠠᠢᠬᠤ ᠰᠢᠭ᠋ ᠪᠠᠢᠨ᠎ᠠ᠂ ᠬᠥᠶᠢ᠂ ᠮᠠᠨ ᠤ᠋᠁ ᠠ! ᠮᠠᠨ ᠤ᠋ ᠬᠢ ᠠ᠋᠂ᠲᠠ ᠨᠠᠷ ᠬᠠᠮᠢᠭ᠎ᠠ ᠣᠴᠢᠴᠢᠬᠠᠪᠠ?

ᠴᠠᠰᠤᠬᠠᠨ᠄ᠪᠦᠭᠦᠳᠡᠭᠡᠷ ᠢ᠋ᠶ᠋ᠡᠨ ᠠᠷᠠᠢ  ᠯᠡ ᠬᠣᠯᠠ ᠶᠠᠪᠤᠴᠢᠬᠠᠬᠤ ᠰᠢᠭ᠋ ᠪᠣᠯᠤᠯ᠎ᠠ᠂ᠮᠥᠩᠬᠡ   ᠡ᠂ ᠴᠢᠮ᠎ᠠ ᠳ᠋ᠤ᠌ ᠠᠷᠸ᠎ᠡ ᠠᠬ᠎ᠠ ᠶ᠋ᠢᠨ᠁ ᠮᠥᠩᠬᠡ᠂ ᠬᠥᠶᠢ᠂ ᠮᠥᠩᠬᠡ ᠬᠠᠮᠢᠭᠠᠰᠢ ᠪᠠᠨ ᠠᠯᠠᠭ᠎ᠠ ᠪᠣᠯᠴᠢᠬᠠᠪᠠ?

ᠪᠠᠰᠠᠷ᠄ᠬᠥᠶᠢ ᠮᠥᠩᠬᠡ ᠠ᠋᠂ᠬᠠᠮᠢᠭᠠᠰᠢ ᠪᠠᠨ ᠠᠯᠠᠭ᠎ᠠ ᠪᠣᠯᠴᠢᠬᠠᠪᠠ?ᠰᠠᠶᠢᠬᠠᠨ  ᠯᠡ ᠮᠢᠨᠦ ᠠᠷᠤ ᠳ᠋ᠤ᠌ ᠪᠠᠢᠭᠰᠠᠨ ᠶᠤᠮ ᠳᠠ᠃

ᠲᠤᠩᠬᠤ᠄ ᠠ! ᠨᠡᠭᠡᠷᠡᠨ ᠬᠠᠮᠢᠭ᠎ᠠ ᠣᠴᠢᠴᠢᠬᠠᠪᠠ? ᠮᠥᠩᠬᠡ ᠠ᠋?

ᠮᠥᠩᠬᠡ᠄ ᠮᠠᠨ ᠤ᠋ ᠬᠢ ᠠ᠋᠂ ᠮᠠᠨ ᠤ᠋ ᠬᠢ ᠠ᠋ ᠪᠢ ᠡᠨᠳᠡ ᠪᠠᠢᠨ᠎ᠠ᠂ ᠮᠠᠨ ᠤ᠋ ᠬᠢ ᠠ᠋᠃

ᠴᠠᠰᠤᠬᠠᠨ᠄ ᠪᠠᠢᠨ᠎ᠠ ᠤᠤ?ᠮᠥᠩᠬᠡ ᠠ᠋᠂ᠮᠥᠩᠬᠡ ᠴᠢ ᠬᠠᠮᠢᠭ᠎ᠠ ᠪᠠᠢᠨ᠎ᠠ?

ᠮᠥᠩᠬᠡ᠄ᠪᠠᠢᠨ᠎ᠠ ᠤᠤ? ᠠ ᠪᠠᠢᠨ᠎ᠠ ᠪᠠᠢᠨ᠎ᠠ ᠴᠠᠰᠤᠬᠠᠨ ᠠ᠋᠂ᠪᠢ ᠲᠥᠭᠡᠷᠢᠴᠢᠬᠡᠯ᠎ᠡ᠂ᠬᠠᠮᠢᠭᠠᠰᠢ ᠪᠠᠨ ᠶᠠᠪᠤᠬᠤ ᠪᠠᠨ ᠮᠡᠳᠡᠬᠦ ᠦᠭᠡᠢ ᠪᠠᠢᠨ᠎ᠠ᠂ᠨᠠᠮ᠎ᠠ ᠶ᠋ᠢ ᠡᠨᠳᠡ ᠡᠴᠡ ᠢᠷᠡᠭᠡᠳ  ᠠᠪᠤᠭᠠᠴᠢ ᠠ᠋᠃

ᠴᠠᠰᠤᠬᠠᠨ᠄ᠵᠠ ᠲᠡᠭᠡᠶ᠎ᠡ ᠣᠳᠣᠬᠠᠨ᠂ᠪᠠᠢᠷᠢᠰᠢᠯ ᠲᠣᠭᠲᠠᠭᠠᠭᠴᠢ ᠪᠠᠷ ᠴᠢᠮ᠎ᠠ ᠶ᠋ᠢ ᠬᠠᠢᠭᠠᠳ ᠣᠯᠤᠶ᠎ᠠ᠃

ᠮᠥᠩᠬᠡ᠄ ᠴᠠᠰᠤᠬᠠᠨ ᠪᠠᠢᠨ᠎ᠠ ᠤᠤ?ᠡᠨᠳᠡ ᠨᠢᠭᠡ ᠵᠦᠢᠯ ᠢᠷᠡᠭᠡᠳ ᠪᠠᠢᠨ᠎ᠠ᠂ ᠠ!

ᠲᠠ ᠨᠠᠷ ᠨᠠᠮ᠎ᠠ ᠶ᠋ᠢ ᠬᠤᠷᠳᠤᠨ ᠢᠷᠡᠭᠡᠳ ᠠᠪᠤᠭᠠᠴᠢ ᠠ᠋᠃

     ᠦᠰᠦᠭ ᠢ᠋ ᠨᠢ ᠾᠦᠩ ᠸᠧᠢ ᠠᠮᠢᠯᠠᠭᠤᠯᠵᠤ᠂  ᠺᠡᠷᠢᠯ  ᠦᠰᠦᠭ ᠢ᠋ ᠠ᠊᠂ ᠰᠠᠷᠠᠨᠭᠡᠷᠡᠯ  ᠠᠮᠢᠯᠠᠭᠤᠯᠤᠨ  ᠥᠭᠪᠡ᠂ ᠬᠥᠳᠡᠯᠭᠡᠭᠡᠨᠲᠦ ᠵᠢᠷᠤᠭ ᠲᠤ ᠨᠢ ᠾᠦᠩ ᠸᠧᠢ ᠦᠰᠦᠭ ᠬᠠᠲᠠᠪᠠ᠂ᠮᠥᠴᠢᠷ ᠱᠤᠳᠤᠷᠭᠤ᠂ ᠵᠡᠷᠭᠡ ᠪᠠᠭᠰᠢ ᠨᠠᠷ ᠬᠢᠨᠠᠯᠲᠠ ᠬᠢᠵᠦ ᠥᠭᠪᠡ