1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 1-08Мөнх ТунхMunkh Tunkh

ᠮᠥᠩᠬᠡ ᠲᠤᠩᠬᠤ 1-08Мөнх ТунхMunkh Tunkh

2023-01-08

745

ᠮᠥᠩᠬᠡ ᠲᠤᠩᠬᠤ ᠨᠢᠭᠡᠳᠦᠭᠡᠷ ᠤᠯᠠᠷᠢᠯ ᠨᠠᠢ᠍ᠮᠠᠳᠤᠭᠠᠷ ᠠᠩᠭᠢ

ᠮᠥᠩᠬᠡ᠄ ᠦᠭᠡᠢ᠂ ᠨᠡᠭᠡᠷᠡᠨ ᠭᠡᠳ ᠪᠠᠢᠬᠤ ᠳᠠ ᠠ᠋᠃
ᠲᠤᠩᠬᠤ᠄ ᠬᠡ ᠬᠡ᠂ ᠲᠡᠭᠡᠭᠡᠳ ᠬᠢᠷᠢ ᠥᠨᠳᠥᠷ ᠦᠰᠦᠷᠦᠭᠰᠡᠨ ᠭᠡᠨ᠎ᠡ?
ᠮᠥᠩᠬᠡ᠄ ᠶᠠᠭ ᠡᠢᠮᠦ ᠥᠨᠳᠥᠷ᠂ ᠪᠦᠷ ᠡᠢᠮᠦ ᠥᠨᠳᠥᠷ ᠶᠦᠮ ᠴᠢᠨᠢ᠃
ᠲᠤᠩᠬᠤ᠄ ᠶᠠᠭᠤ ᠭᠡᠵᠦ ᠡᠢᠮᠦ ᠥᠨᠳᠥᠷ ᠦᠰᠦᠷᠴᠦ ᠪᠠᠢᠳᠠᠭ ᠶᠤᠮ ᠪᠣᠢ? ᠬᠤᠳᠠᠯ ᠶᠠᠷᠢᠭᠠᠳ ᠪᠠᠢᠬᠤ ᠶᠤᠮ᠂ ᠬᠢ ᠬᠢ᠃
ᠮᠥᠩᠬᠡ᠄᠂ ᠵᠠ᠂ ᠪᠢ ᠬᠤᠳᠠᠯ ᠶᠠᠷᠢᠭ᠎ᠠ ᠦᠭᠡᠢ ᠰᠢᠳᠡ᠂ ᠵᠢᠩᠬᠢᠨᠢ ᠡᠴᠡ ᠪᠡᠨ ᠦᠰᠦᠷᠦᠭᠰᠡᠨ ᠭᠡᠳ ᠪᠠᠢᠬᠤ ᠳ᠋ᠤ᠌ ᠴᠢᠨᠢ᠃
ᠲᠤᠩᠬᠤ᠄ ᠲᠡᠭᠡᠪᠡᠯ᠂ ᠲᠡᠭᠡᠪᠡᠯ ᠣᠳᠣ ᠦᠰᠦᠷᠦᠭᠡᠳ ᠦᠵᠡᠭᠦᠯᠴᠢᠬᠡ᠃
ᠮᠥᠩᠬᠡ᠄ ᠬᠡ ᠬᠡ ᠬᠡ᠂ ᠵᠠ ᠵᠠ᠂᠂ ᠲᠣᠭᠯᠠᠭᠰᠠᠨ ᠶᠤᠮ ᠠ᠋᠃
ᠲᠤᠩᠬᠤ᠄ ᠲᠡᠷᠡ ᠠ᠋᠂ᠬᠠᠶᠠ ᠴᠢ ᠪᠠᠰᠠ ᠠᠷᠠᠢ ᠯᠠ ᠬᠡᠲᠦᠷᠡᠭᠦᠯᠬᠦ ᠶᠦ᠍ᠮ ᠠ᠋᠂ ᠬᠡ ᠬᠡ ᠬᠡ᠃
ᠮᠥᠩᠬᠡ᠄ ᠠ᠂ ᠲᠡᠭᠡᠭᠡᠳ᠂ ᠬᠠᠶᠠ ᠬᠡᠲᠦᠷᠡᠭᠦᠯᠬᠦ ᠦᠭᠡᠢ ᠪᠣᠯ ᠠᠮᠢᠳᠤᠷᠠᠯ ᠰᠣᠨᠢᠷᠬᠠᠯ ᠦᠭᠡᠢ ᠰᠢᠲᠠ᠃
ᠲᠤᠩᠬᠤ ᠮᠥᠩᠬᠡ᠄ ᠬᠣᠶᠠᠭᠤᠯᠠ ᠢᠨᠢᠶᠡᠨ᠎ᠡ᠃
ᠠᠷᠸ᠎ᠡ᠄ ᠵᠠ ᠶᠠᠭ᠂ ᠶᠠᠭᠤ ᠶᠠᠷᠢᠯᠴᠠᠵᠠᠭᠠᠵᠤ ᠪᠠᠢᠨ᠎ᠠ ᠳᠠ?
ᠲᠤᠩᠬᠤ᠄ ᠬᠠ ᠬᠠ᠂ ᠪᠢ ᠲᠣᠭᠯᠠᠭᠠᠳ ᠲᠤᠩᠬᠤ ᠳ᠋ᠤ᠌᠂ ᠡᠢᠮᠦ ᠥᠨᠳᠥᠷ ᠦᠰᠦᠷᠳᠡᠭ ᠭᠡᠳ ᠬᠡᠯᠡᠴᠢᠬᠡᠭᠰᠡᠨ ᠴᠢᠨᠢ ᠢᠲᠡᠭᠡᠳᠡᠭ ᠦᠭᠡᠢ᠂ ᠲᠡᠭᠡᠭᠡᠳ ᠪᠠᠷᠢᠭᠳᠠᠴᠢᠬᠠᠯ᠎ᠠ᠃
ᠠᠷᠸ᠎ᠡ᠄ ᠬᠠ ᠬᠠ ᠲᠡᠢᠮᠦ ᠤᠤ? ᠠᠬ᠎ᠠ ᠨᠢ ᠬᠠᠷᠢᠨ ᠡᠢᠮᠦ ᠥᠨᠳᠥᠷ ᠦᠰᠦᠷᠴᠦ ᠪᠠᠢᠭᠰᠠᠨ ᠳᠠ᠃
ᠲᠤᠩᠬᠤ᠄ ᠫᠥᠬᠥ᠂
ᠠᠷᠸ᠎ᠡ᠄ ᠠ ᠬᠠ ᠬᠠ᠂ ᠲᠣᠭᠯᠠᠭᠰᠠᠨ ᠶᠤᠮ ᠠ᠋᠂ ᠥᠨᠥᠳᠥᠷ ᠬᠠᠷᠢᠨ ᠲᠠ ᠨᠠᠷ ᠢ᠋ ᠶᠠᠮᠠᠷ ᠦᠯᠢᠭᠡᠷ ᠢ᠋ᠶ᠋ᠡᠷ ᠠᠶᠠᠯᠠᠭᠤᠯᠬᠤ ᠪᠠᠨ ᠣᠯᠴᠢᠬᠠᠯ᠎ᠠ᠃
ᠮᠥᠩᠬᠡ᠄ oh,nice᠂ ᠠᠷᠢᠭᠠᠲ᠋ᠤᠤ ᠠᠷᠸᠠᠰᠠᠩ ᠃
ᠪᠦᠭᠦᠳᠡᠭᠡᠷ ᠢ᠋ᠶ᠋ᠡᠨ ᠢᠨᠢᠶᠡᠨ᠎ᠡ᠃
ᠠᠷᠸ᠎ᠡ᠄ ᠵᠠ᠂ ᠲᠠ ᠳᠥᠷᠪᠡ ᠮᠠᠨᠢ ᠪᠡᠯᠡᠨ ᠤᠤ?
ᠮᠥᠩᠬᠡ ᠲᠤᠩᠬᠤ᠄ ᠪᠡᠯᠡᠨ᠃
ᠮᠣᠩᠭᠣᠯ ᠠᠷᠠᠳ ᠤ᠋ᠨ ᠦᠯᠢᠭᠡᠷ
ᠳᠠᠯᠠᠨ ᠬᠤᠳᠠᠯᠴᠢ ᠶ᠋ᠢᠨ ᠦᠯᠢᠭᠡᠷ
ᠳᠠᠯᠠᠨ ᠬᠤᠳᠠᠯᠴᠢ᠄ ᠵᠠ᠂ ᠭᠠᠢᠬᠠᠮᠰᠢᠭᠲᠤ ᠪᠠᠷᠠᠭ᠎ᠠ ᠪᠠᠢᠨ᠎ᠠ᠂ ᠣᠳᠣ ᠤᠬᠠᠭᠠᠨ
ᠴᠢᠯᠠᠭᠤ ᠭᠡᠳᠡᠭ ᠡᠨᠡ ᠪᠠᠷᠠᠭ᠎ᠠ ᠨᠢᠳᠤᠨᠤᠨ ᠵᠢᠯ ᠡᠴᠡ ᠡᠬᠢᠯᠡᠨ ᠰᠡᠢᠯᠦᠭᠰᠡᠨ᠂ ᠤᠷᠠᠨ ᠭᠠᠷ ᠤ᠋ᠨ ᠡᠨᠡ ᠴᠢᠯᠠᠭᠤ ᠨᠢ᠂ ᠤᠬᠠᠭᠠᠨᠲᠤ ᠥᠨᠳᠥᠷ ᠬᠥᠮᠦᠨ ᠪᠠᠢᠪᠠᠯ ᠤᠷᠲᠤ ᠪᠢᠴᠢᠭ ᠢ᠋ ᠬᠠᠷᠠᠭᠤᠯᠳᠠᠭ ᠶᠤᠮ᠂ ᠬᠦᠰᠡᠭᠰᠡᠨ ᠬᠥᠮᠦᠨ ᠳ᠋ᠦ᠍ ᠪᠡᠨ ᠦᠵᠡᠭᠦᠯᠦᠭᠡᠳ ᠬᠢᠷᠢ ᠤᠬᠠᠭᠠᠨ ᠲᠠᠢ ᠶ᠋ᠢ ᠨᠢ ᠣᠯᠵᠤ ᠮᠡᠳᠡᠬᠦ ᠬᠣᠪᠣᠷᠬᠠᠨ ᠡᠨᠡ ᠪᠣᠯᠤᠮᠵᠢ ᠶ᠋ᠢ ᠬᠣᠵᠢᠮᠳᠠᠵᠤ ᠪᠦᠦ ᠠᠯᠳᠠᠭᠠᠷᠠᠢ! ᠬᠣᠷᠢᠨ ᠵᠢᠯ ᠦ᠋ᠨ ᠨᠠᠰᠤ ᠲᠠᠢ ᠡᠨᠡ ᠴᠢᠯᠠᠭᠤ ᠨᠢ᠁
ᠨᠢᠭᠡᠳᠡᠬᠢ ᠦᠵᠡᠭᠴᠢ᠄ ᠨᠢᠳᠤᠨᠤᠨ ᠵᠢᠯ ᠡᠴᠡ ᠡᠬᠢᠯᠡᠨ ᠰᠡᠢᠯᠦᠭᠰᠡᠨ ᠬᠡ ᠪᠢᠵᠡ ᠳᠡ᠂ ᠬᠣᠷᠢᠨ ᠵᠢᠯ ᠦ᠋ᠨ ᠨᠠᠰᠤ ᠲᠠᠢ ᠭᠡᠵᠦ ᠶᠠᠭᠤ ᠭᠡᠵᠦ ᠪᠠᠢᠭ᠎ᠠ ᠶᠤᠮ ᠪᠣᠢ? ᠬᠤᠳᠠᠯ ᠶᠠᠷᠢᠭᠠᠳ ᠪᠠᠢᠨ᠎ᠠ ᠤᠤ? ᠨᠥᠬᠥᠷ᠃
ᠳᠠᠯᠠᠨ ᠬᠤᠳᠠᠯᠴᠢ᠄ ᠠ᠂ᠵᠠ ᠵᠠ᠂ ᠡᠬᠢᠨ ᠡᠴᠡ ᠪᠡᠨ ᠢᠩᠭᠢᠭᠡᠳ ᠯᠡ ᠣᠳᠣ ᠬᠠᠷᠠᠭᠳᠠᠳᠠᠭ ᠶᠤᠮ ᠳᠠ᠂ ᠵᠠ᠂ ᠡᠨᠡ ᠴᠢᠯᠠᠭᠤ ᠨᠢ ᠪᠠᠰᠠ ᠤᠬᠠᠭᠠᠨ ᠪᠣᠭᠣᠨᠢ ᠬᠥᠮᠦᠨ ᠳ᠋ᠦ᠍ ᠪᠣᠯ ᠪᠤᠷᠤᠭᠤ ᠵᠥᠷᠢᠭᠦᠦ ᠰᠣᠨᠣᠰᠳᠠᠨ᠎ᠠ᠂
ᠪᠤᠷᠤᠭᠤ ᠵᠥᠷᠢᠭᠦᠦ ᠰᠣᠨᠣᠰᠤᠭᠰᠠᠨ ᠪᠣᠯ ᠪᠢᠴᠢᠭ ᠤᠩᠰᠢᠬᠤ ᠪᠠᠢᠲᠤᠭᠠᠢ᠂ ᠣᠳᠣ ᠬᠠᠷᠠᠬᠤ ᠴᠤ᠌ ᠦᠭᠡᠢ ᠰᠢᠦ ᠳᠡ᠂ ᠲᠠ ᠨᠠᠷ ᠮᠢᠨᠢ ᠤᠬᠠᠭᠠᠨ ᠪᠣᠭᠣᠨᠢ ᠪᠢᠰᠢ ᠪᠢᠵᠡ ᠳᠡ ᠬᠥᠶᠢ᠂ ᠵᠠ᠂ ᠪᠦᠭᠦᠳᠡᠭᠡᠷ ᠢ᠋ᠶ᠋ᠡᠨ ᠯᠡ ᠬᠣᠷᠢᠨ ᠵᠢᠯ ᠭᠡᠵᠦ ᠰᠣᠨᠣᠰᠤᠭᠰᠠᠨ ᠪᠠᠢᠵᠠ ᠳᠠ᠂ ᠬᠡᠩ᠂ ᠪᠦᠭᠦᠳᠡᠭᠡᠷ ᠢ᠋ᠶ᠋ᠡᠨ ᠯᠡ ᠣᠳᠣ ᠵᠥᠪ ᠰᠣᠨᠣᠰᠤᠭ᠎ᠠ ᠪᠠᠢᠯᠭᠦᠢ ᠳᠡ᠂ ᠠᠯᠢᠪ ᠰᠣᠨᠣᠰᠤᠶ᠎ᠠ ᠳᠠ᠃
ᠬᠣᠶᠠᠳᠠᠬᠢ ᠬᠥᠮᠦᠨ᠄ ᠬᠣᠷᠢ ᠯᠠ ᠭᠡᠰᠡᠨ ᠶᠦ᠍ᠮ ᠳᠡ᠂ ᠶᠠᠭᠠᠬᠢᠯᠲᠠ ᠴᠤ᠌ ᠦᠭᠡᠢ᠂᠃
ᠭᠤᠷᠪᠠᠳᠠᠬᠢ ᠬᠥᠮᠦᠨ᠄ ᠦ᠂ ᠲᠡᠭᠡᠭᠰᠡᠨ ᠠ᠋᠂ ᠬᠣᠷᠢ ᠯᠠ ᠭᠡᠰᠡᠨ ᠶᠦ᠍ᠮ ᠳᠡ᠃
ᠳᠥᠷᠪᠡᠳᠡᠬᠢ ᠬᠥᠮᠦᠨ᠄ ᠲᠡᠢᠮᠦ ᠠ᠋᠂ ᠲᠡᠢᠮᠦ ᠪᠢ ᠴᠦ᠍ ᠪᠠᠰᠠ ᠰᠣᠨᠣᠰᠤᠭᠰᠠᠨ ᠠ᠋᠂
ᠨᠢᠭᠡᠳᠡᠬᠢ ᠬᠥᠮᠦᠨ᠄ ᠨᠢᠳᠤᠨᠤᠨ ᠭᠡᠵᠦ ᠦᠭᠡ ᠬᠡᠯᠡᠭᠡ ᠦᠭᠡᠢ ᠪᠠᠢᠬᠤ ᠠ᠋᠃
ᠳᠠᠯᠠᠨ ᠬᠤᠳᠠᠯᠴᠢ᠄ ᠵᠠ ᠲᠡᠭᠡᠭᠡᠳ ᠣᠳᠣ ᠬᠡᠨ ᠨᠢ ᠬᠡᠨ ᠦ᠌ ᠪᠡᠨ ᠤᠬᠠᠭᠠᠨ ᠮᠠᠭᠤᠲᠠᠢ ᠪᠣᠯᠬᠤ ᠶ᠋ᠢ ᠣᠯᠵᠤ ᠤᠷᠢᠲᠠᠵᠤ ᠮᠡᠳᠡᠬᠦ ᠶ᠋ᠢ ᠬᠦᠰᠡᠭᠰᠡᠨ ᠪᠠᠢᠨ᠎ᠠ ᠳᠠ᠂ ᠲᠠ ᠨᠠᠷ ᠴᠢᠨᠢ᠂ ᠤᠬᠠᠭᠠᠨᠲᠤ ᠴᠢᠯᠠᠭᠤ ᠪᠠᠨ ᠠᠪᠬᠤ ᠤᠤ ᠳᠠ᠂ ᠠᠷᠠᠳ ᠤ᠋ᠳ ᠮᠢᠨᠢ᠃ ᠬᠡ ᠬᠡ ᠬᠡ᠃
ᠠᠷᠠᠳ᠄ ᠵᠠ ᠨᠢᠭᠡ ᠶ᠋ᠢ ᠰᠣᠨᠢᠷᠬᠠᠵᠤ ᠬᠠᠷᠠᠶ᠎ᠠ ᠳᠠ᠃
ᠳᠠᠯᠠᠨ ᠬᠤᠳᠠᠯᠴᠢ᠄ ᠵᠠ ᠲᠡᠭᠡᠭᠡᠳ ᠣᠳᠣ᠂ ᠥᠪᠡᠷ ᠢ᠋ ᠴᠢᠨᠢ ᠨᠢᠭᠡ ᠴᠢᠯᠠᠭᠤ ᠠᠪᠴᠤ ᠪᠠᠢᠬᠤ ᠳ᠋ᠤ᠌ ᠥᠷᠢᠰᠦᠯᠳᠦᠭᠴᠢ ᠴᠢᠨᠢ ᠬᠣᠶᠠᠷ ᠢ᠋ ᠠᠪᠴᠤ ᠪᠠᠢᠭ᠎ᠠ ᠰᠢᠳᠡ ᠬᠥᠮᠦᠰ ᠮᠢᠨᠢ ᠠ᠋᠂ ᠥᠷᠢᠰᠦᠯᠳᠦᠭᠴᠢ ᠪᠡᠨ ᠪᠦᠭᠦᠳᠡᠭᠡᠷ ᠢ᠋ᠶ᠋ᠡᠨ ᠳᠠᠪᠠᠵᠤ ᠭᠠᠷᠤᠨ᠎ᠠ ᠯᠠ ᠭᠡᠵᠦ ᠦᠵᠡᠨ᠎ᠡ ᠰᠢᠦ ᠳᠡ᠂ ᠤᠬᠠᠭᠠᠨᠲᠤ ᠴᠢᠯᠠᠭᠤ ᠶ᠋ᠢ ᠪᠤᠯᠲᠤ ᠪᠠᠷ ᠢ᠋ᠶ᠋ᠠᠨ ᠠᠪᠴᠤ ᠭᠠᠷᠤᠶ᠎ᠠ᠃
ᠨᠢᠭᠡᠳᠡᠬᠢ ᠬᠥᠮᠦᠨ᠄ ᠠᠢ᠂ ᠲᠡᠭᠡᠪᠡᠯ ᠬᠣᠶᠠᠷ ᠢ᠋ ᠠᠪᠤᠶ᠎ᠠ᠃
ᠭᠤᠷᠪᠠᠳᠠᠬᠢ ᠠᠷᠠᠳ᠄ ᠪᠢ ᠲᠡᠭᠡᠪᠡᠯ ᠭᠤᠷᠪᠠ ᠶ᠋ᠢ ᠠᠪᠴᠢᠬᠠᠳᠠᠭ ᠶᠤᠮ ᠤᠤ᠃
ᠨᠢᠭᠡᠳᠡᠬᠢ ᠬᠥᠮᠦᠨ᠄ ᠵᠠ᠂ ᠲᠡᠭᠡᠵᠦ ᠪᠠᠢᠪᠠᠯ ᠪᠢ ᠥᠷᠢᠰᠦᠯᠳᠦᠭᠡᠳ ᠳᠥᠷᠪᠡ ᠶ᠋ᠢ ᠠᠪᠤᠶ᠎ᠠ᠃
ᠪᠠᠰᠠᠷ᠄ ᠶᠠᠭ᠂ ᠪᠢ ᠪᠠᠰᠠ ᠨᠢᠭᠡ ᠶ᠋ᠢ ᠠᠪᠴᠢᠬᠠᠳᠠᠭ ᠶᠤᠮ ᠤᠤ?
ᠴᠠᠰᠣᠬᠠᠨ᠄ ᠪᠠᠢᠵᠠᠭᠠᠷᠠᠢ ᠪᠠᠰᠠᠷ ᠠ᠋᠂ ᠡᠨᠳᠡ ᠨᠢᠭᠡ ᠯᠡ ᠵᠦᠢᠯ ᠣᠢᠯᠠᠭᠠᠮᠵᠢ ᠦᠭᠡᠢ ᠪᠠᠢᠨ᠎ᠠ ᠳᠠ᠂ ᠨᠢᠭᠡ ᠯᠡ ᠪᠢᠰᠢ ᠪᠠᠢᠨ᠎ᠠ᠃
ᠮᠥᠩᠬᠡ᠄ ᠦᠭᠡᠢ᠂ ᠬᠠᠷᠢᠨ ᠲᠡᠢᠮᠦ᠂ ᠲᠦᠷᠦᠭᠦᠨ ᠪᠦᠷ ᠶᠠᠭᠠᠬᠢᠯᠲᠠ ᠴᠤ᠌ ᠦᠭᠡᠢ ᠨᠢᠳᠤᠨᠤᠨ ᠵᠢᠯ ᠡᠴᠡ ᠰᠡᠢᠯᠵᠦ ᠡᠬᠢᠯᠡᠭᠰᠡᠨ ᠭᠡᠰᠡᠨ ᠯᠡ ᠶᠦ᠍ᠮ ᠳᠡ᠂ ᠨᠢᠳᠤᠨᠤᠨ ᠵᠢᠯ ᠭᠡᠳᠡᠭ ᠴᠢᠨᠢ ᠨᠢᠭᠡ ᠵᠢᠯ ᠦ᠋ᠨ ᠡᠮᠦᠨᠡᠬᠢ ᠶ᠋ᠢ ᠬᠡᠯᠡᠳᠡᠭ ᠪᠢᠵᠡ ᠳᠡ᠃ ᠤᠷᠵᠢᠨᠤᠨ ᠭᠡᠬᠦ ᠪᠡᠷ ᠬᠣᠶᠠᠷ ᠵᠢᠯ ᠦ᠋ᠨ ᠡᠮᠦᠨᠡᠬᠢ ᠶ᠋ᠢ ᠬᠡᠯᠡᠳᠡᠭ ᠪᠠᠢᠬᠤ ᠠ᠋᠃
ᠲᠤᠩᠬᠤ᠄ ᠲᠡᠢᠮᠦ ᠰᠢᠦ᠂ ᠶᠠᠷᠢᠶ᠎ᠠ ᠨᠢ ᠨᠢᠭᠡ ᠯᠡ ᠵᠥᠷᠢᠭᠡᠳ ᠪᠠᠢᠬᠤ ᠶᠤᠮ᠃
ᠪᠠᠰᠠᠷ᠄ ᠬᠡᠩ᠂ ᠬᠣᠷᠢᠨ ᠵᠢᠯ ᠭᠡᠵᠦ ᠰᠣᠨᠣᠰᠤᠭᠰᠠᠨ ᠶᠤᠮ ᠳᠠ᠃ ᠪᠢᠳᠡᠨ ᠦ᠌ ᠤᠬᠠᠭᠠᠨ ᠤ᠋ ᠢᠯᠭᠠᠭ᠎ᠠ ᠵᠢᠭᠠᠬᠠᠨ ᠭᠠᠷᠤᠭᠠᠳ ᠪᠠᠢᠨ᠎ᠠ ᠤᠤ ᠦᠭᠡᠢ ᠤᠤ? ᠥᠩ ᠬᠡᠩ ᠬᠡᠩ
ᠴᠠᠰᠣᠬᠠᠨ᠄ ᠲᠡᠢᠮᠦ ᠶᠠᠭᠤᠮ᠎ᠠ ᠪᠠᠢᠬᠤ ᠦᠭᠡᠢ ᠪᠠᠢᠬᠤ ᠠ᠋᠂ ᠨᠢᠳᠤᠨᠤᠨ ᠭᠡᠰᠡᠨ ᠶᠡᠬᠡ ᠰᠣᠨᠢᠨ ᠪᠠᠢᠨ᠎ᠠ᠂ ᠪᠦᠭᠦᠳᠡᠭᠡᠷ ᠢ᠋ᠶ᠋ᠡᠨ ᠳᠠᠭᠠᠶ᠎ᠠ᠃
ᠲᠤᠩᠬᠤ᠄ ᠲᠡᠭᠡᠶ᠎ᠡ ᠲᠡᠭᠡᠶ᠎ᠡ᠃
ᠳᠠᠯᠠᠨ ᠬᠤᠳᠠᠯᠴᠢ ᠄ ᠬᠥᠮᠦᠨ ᠭᠡᠳᠡᠭ ᠢᠲᠡᠭᠡᠮᠡᠲᠡᠭᠡᠢ᠂ ᠬᠡᠯᠡᠭᠰᠡᠨ ᠦᠭᠡᠨ ᠳ᠋ᠦ᠍ ᠣᠷᠣᠮᠠᠲᠠᠭᠠᠢ᠂ ᠶᠠᠷᠢᠶ᠎ᠠ ᠬᠤᠷᠴᠠ ᠨᠢ ᠳᠡᠢᠯᠦᠮᠡᠲᠡᠭᠡᠢ᠂ ᠶᠠᠷᠢᠭᠰᠠᠨ
ᠲᠡᠳᠬᠦᠭᠴᠢ ᠨᠢ ᠳᠡᠢᠯᠳᠠᠮᠡᠳᠡᠭᠡᠢ᠂ ᠭᠣᠣᠯ ᠤ᠋ᠨ ᠬᠡᠳᠦᠨ ᠬᠠᠢᠷ ᠢ᠋ ᠨᠢ ᠲᠡᠭᠦᠵᠦ ᠠᠪᠤᠭᠠᠳ ᠣᠴᠢᠨ᠎ᠠ ᠳᠠ᠂ ᠭᠣᠶᠣ ᠭᠡᠰᠡᠨ ᠪᠣᠳᠣᠯ ᠳ᠋ᠤ᠌ ᠨᠢ ᠳᠥᠰ ᠳᠡᠰ ᠲᠣᠬᠢᠷᠠᠨ ᠵᠠᠷᠤᠨ᠎ᠠ ᠳᠠ᠃
ᠪᠠᠰᠠᠷ᠄ ᠵᠠ᠂ ᠰᠠᠢᠨ ᠪᠠᠢᠨ᠎ᠠ ᠤᠤ?
ᠳᠠᠯᠠᠨ ᠬᠤᠳᠠᠯᠴᠢ᠄ ᠥ᠂ ᠠ!
ᠲᠤᠩᠬᠤ᠄ ᠲᠠ ᠵᠦᠭᠡᠷ ᠭᠣᠣᠯ ᠤ᠋ᠨ ᠴᠢᠯᠠᠭᠤ ᠠᠪᠤᠭᠠᠳ ᠬᠥᠮᠦᠰ ᠲᠦ᠍ ᠵᠠᠷᠤᠭᠠᠳ ᠪᠠᠢᠭᠰᠠᠨ ᠶᠤᠮ ᠤᠤ?
ᠳᠠᠯᠠᠨ ᠬᠤᠳᠠᠯᠴᠢ ᠄ ᠦ ᠶᠧ᠂ ᠶᠠᠭᠠᠬᠢᠭᠰᠠᠨ ᠬᠥᠭᠡᠷᠦᠬᠦᠢ᠂ ᠨᠢᠭᠤᠷ ᠲᠤ᠌ ᠪᠠᠨ ᠴᠣᠭ ᠲᠠᠢ᠂ ᠨᠢᠳᠦᠨ ᠳ᠋ᠦ᠍ ᠪᠡᠨ ᠭᠠᠯ ᠲᠠᠢ ᠬᠡᠦᠬᠡᠳ ᠦ᠋ᠳ ᠪᠣᠢ᠂ ᠦᠭᠡᠢ᠂ ᠶᠠᠭᠤ ᠭᠡᠵᠦ ᠳᠡ᠂ ᠠᠬ᠎ᠠ ᠨᠢ ᠲᠡᠭᠡᠵᠦ ᠪᠤᠶᠠᠨ ᠢ᠋ᠶ᠋ᠠᠨ ᠭᠦᠪᠢᠬᠦ ᠬᠥᠮᠦᠨ ᠪᠢᠰᠢ᠂ ᠶᠠᠭᠤ ᠭᠡᠵᠦ ᠳᠡ᠂ ᠡᠨᠡ ᠴᠦ᠍ ᠣᠳᠣ᠂ ᠡᠨᠡ ᠬᠡᠳᠦᠨ ᠴᠢᠯᠠᠭᠤ ᠪᠠᠷ ᠲᠠ ᠬᠡᠳᠦ ᠶ᠋ᠢ ᠴᠢᠯᠠᠭᠤᠨ ᠪᠠᠷᠢᠵᠤ ᠭᠡᠷ ᠲᠣᠭᠯᠠᠬᠤ ᠶᠤᠮ ᠪᠣᠯᠪᠠ ᠤᠤ? ᠯᠠ ᠭᠡᠵᠦ ᠪᠣᠳᠣᠭᠠᠳ ᠲᠡᠭᠦᠵᠦ ᠪᠠᠢᠯ᠎ᠠ᠃
ᠮᠥᠩᠬᠡ᠄ ᠲᠠ ᠪᠢᠳᠡ ᠨᠠᠷ ᠢ᠋ ᠪᠠᠢᠨ᠎ᠠ ᠭᠡᠵᠦ ᠮᠡᠳᠡᠵᠦ ᠪᠠᠢᠭᠰᠠᠨ ᠶᠤᠮ ᠤᠤ?
ᠳᠠᠯᠠᠨ ᠬᠤᠳᠠᠯᠴᠢ᠄ ᠠ᠂ ᠮᠡᠳᠡᠬᠦ ᠪᠡᠷ ᠪᠠᠷᠠᠬᠤ ᠤᠤ ᠳᠠ᠂ ᠠᠬ᠎ᠠ ᠨᠢ ᠳᠠᠯᠠᠨ ᠨᠡᠭᠦᠳᠡᠯ ᠦ᠋ᠨ ᠴᠠᠭᠠᠳᠤᠬᠢ ᠶ᠋ᠢ ᠬᠠᠷᠠᠨ᠎ᠠ᠂ ᠳᠠᠯᠳᠠ ᠶ᠋ᠢᠨ ᠨᠣᠮ ᠢ᠋ ᠴᠦ᠍ ᠰᠣᠨᠣᠰᠤᠨ᠎ᠠ᠃ 
ᠪᠠᠰᠠᠷ᠄ ᠲᠡᠢᠮᠦ ᠪᠠᠢᠬᠤ ᠠ᠋᠃
ᠳᠠᠯᠠᠨ ᠬᠤᠳᠠᠯᠴᠢ᠄ ᠬᠥᠶᠢ᠂ ᠶᠠᠭᠠᠬᠢᠭᠰᠠᠨ ᠬᠥᠭᠡᠷᠦᠬᠦᠢ ᠶᠠᠷᠢᠳᠠᠭ ᠨᠣᠬᠠᠢ ᠪᠣᠢ?
ᠪᠠᠰᠠᠷ᠄ ᠠ᠂
ᠳᠠᠯᠠᠨ ᠬᠤᠳᠠᠯᠴᠢ᠄ ᠦᠭᠡᠢ᠂ ᠲᠡᠷᠡ ᠬᠠᠷᠠ᠂᠂ ᠶᠠᠭᠠᠬᠢᠭᠰᠠᠨ ᠴᠤ᠌ ᠴᠢᠷᠠᠢᠯᠢᠭ ᠶᠤᠮ᠂ ᠶᠠᠭᠤᠨ ᠨᠢᠭᠡ ᠶᠠᠫᠣᠨ ᠤ᠋ ᠬᠠᠴᠢᠺᠤ᠂ ᠮᠠᠴᠢᠺᠤ ᠠ᠂ ᠡᠨᠡ ᠶᠣᠰᠣᠲᠠᠢ ᠵᠢᠩᠬᠢᠨᠢ ᠮᠣᠩᠭᠣᠯ ᠪᠠᠩᠬᠤᠷ ᠤ᠋ᠨ ᠴᠢᠷᠠᠢ ᠶ᠋ᠢᠨ ᠪᠢᠳ ᠶᠠᠪᠤᠵᠤ ᠪᠠᠢᠨ᠎ᠠ ᠰᠢᠳᠡ᠂ ᠠᠯᠢᠪ᠂ ᠨᠠᠭᠠᠰᠢ ᠪᠠᠨ ᠨᠢᠭᠡ ᠠᠬ᠎ᠠ ᠤᠷᠤᠭᠤ ᠪᠠᠨ ᠬᠠᠷᠠ ᠳᠠ᠂( ᠪᠠᠰᠠᠷ᠄ ᠲᠡᠨᠡᠭᠳᠡᠭᠡᠳ ᠪᠠᠢᠨ᠎ᠠ ᠳᠠ) ᠸᠠ ᠶᠠ᠂ ᠲᠡᠷᠡ ᠬᠠᠷᠠ᠂ ᠬᠠ ᠬᠠ᠂ᠠᠯᠢ ᠤᠤ᠂ ᠠᠬ᠎ᠠ ᠨᠢ ᠵᠢᠭᠠᠬᠠᠨ ᠣᠴᠢᠵᠤ ᠬᠦᠵᠦᠭᠦᠦ ᠶ᠋ᠢ ᠨᠢ ᠢᠯᠢᠵᠦ ᠥᠭᠬᠦ ᠤᠤ᠂ ᠮᠢᠨᠦ ᠳᠡᠭᠦᠦ᠂ ᠬᠠᠯᠠᠭᠤᠴᠠᠵᠤ ᠪᠠᠢᠨ᠎ᠠ ᠤᠤ( ᠪᠠᠰᠠᠷ᠄᠃ ᠮᠠᠩᠭᠠᠷᠳᠠᠭᠠᠳ ᠪᠠᠢᠭ᠎ᠠ ᠪᠢᠵᠡ)᠂ ᠵᠠ᠂ ᠶᠠᠪᠤᠶ᠎ᠠ ᠳᠠ᠃
ᠳᠠᠯᠠᠨ ᠬᠤᠳᠠᠯᠴᠢ᠄ ᠵᠠ᠂ ᠡᠷᠳᠡᠨᠢ ᠶ᠋ᠢᠨ ᠰᠠᠢᠬᠠᠨ ᠤᠷᠭᠤᠮᠠᠯ ᠪᠠᠢᠨ᠎ᠠ᠂ ᠡᠩ ᠦᠭᠡᠢ ᠡᠨᠡ ᠤᠷᠭᠤᠮᠠᠯ ᠤ᠋ᠨ ᠲᠠᠯ᠎ᠠ ᠪᠠᠷ ᠡᠨᠳᠡ ᠲᠡᠨᠳᠡ ᠦᠭᠡᠢ ᠱᠤᠤᠭᠢᠵᠤ ᠡᠬᠢᠯᠡᠵᠦ ᠪᠠᠢᠨ᠎ᠠ᠂
ᠡᠷᠳᠡᠨᠢ ᠪᠣᠯᠤᠭᠰᠠᠨ ᠡᠨᠡ ᠤᠷᠭᠤᠮᠠᠯ ᠨᠢ ᠡᠷᠳᠡᠮᠲᠦ ᠬᠥᠮᠦᠨ ᠢ᠋ ᠨᠢᠰᠬᠡᠳᠡᠭ ᠷᠢᠳᠢ ᠰᠢᠳᠢ ᠲᠠᠢ ᠶᠤᠮ ᠠ᠋᠃
ᠨᠢᠭᠡᠳᠡᠬᠢ ᠬᠥᠮᠦᠨ᠄ ᠠᠢ ᠬᠥᠭᠡᠷᠦᠬᠦᠢ᠂ ᠳᠠᠯᠠᠨ ᠬᠤᠳᠠᠯᠴᠢ ᠳ᠋ᠤ᠌ ᠪᠠᠨ ᠳᠠᠬᠢᠭᠠᠳ ᠯᠠ ᠬᠠᠭᠤᠷᠤᠭᠳᠠᠴᠢᠬᠠᠯ᠎ᠡ ᠳᠡ᠃
ᠪᠤᠰᠤᠳ ᠬᠥᠮᠦᠨ᠄ ᠳᠠᠬᠢᠭᠠᠳ ᠯᠠ ᠬᠠᠭᠤᠷᠴᠢᠬᠠᠯ᠎ᠠ ᠳᠠ᠃
ᠪᠠᠰᠠᠷ᠄ ᠤᠭ ᠨᠢ ᠶᠡᠬᠡ ᠭᠣᠶᠣ ᠠᠭᠠᠰᠢ ᠲᠠᠢ ᠪᠠᠢᠬᠤ ᠶᠤᠮ᠂ ᠲᠡᠢᠮᠦ᠃ ᠲᠡᠭᠡᠭᠡᠳ ᠪᠠᠰᠠ ᠳᠡᠭᠡᠷ᠎ᠡ ᠡᠴᠡ ᠨᠢ ᠪᠦᠷ ᠠᠶᠤᠮᠠᠷ ᠣᠷᠴᠢᠨ ᠦᠶ᠎ᠡ ᠶ᠋ᠢᠨ ᠶᠠᠷᠢᠶ᠎ᠠ ᠲᠠᠢ ᠶᠤᠮ᠂ ᠬᠡ ᠬᠡ᠂ ᠬᠡᠳᠦᠭᠦᠯᠡ ᠪᠡᠨ᠂ ᠶᠠᠭᠠᠬᠢᠵᠤ ᠬᠥᠮᠦᠨ ᠬᠠᠭᠤᠷᠳᠠᠭ ᠦᠭᠡᠢ
ᠪᠣᠯᠭᠠᠬᠤ ᠤᠤ?
ᠲᠤᠩᠬᠤ᠄ ᠬᠡᠳᠦᠭᠦᠯᠡ ᠪᠡᠨ᠁ ᠦ᠁
ᠴᠠᠰᠣᠬᠠᠨ᠄ ᠲᠤᠩᠬᠤ ᠠ᠋᠂ ᠶᠠᠭᠠᠬᠢᠮᠠᠷ ᠪᠠᠢᠭ᠎ᠠ ᠪᠠᠨ ᠬᠡᠯᠡ᠂ ᠬᠡᠯᠡ ᠃ ᠰᠠᠨᠠᠭ᠎ᠠ ᠪᠣᠯᠭᠠᠨ ᠴᠢᠬᠤᠯᠠ ᠰᠢᠦ ᠳᠡ᠃
ᠲᠤᠩᠬᠤ᠄ ᠬᠡᠳᠦᠭᠦᠯᠡ ᠪᠡᠨ ᠲᠡᠭᠡᠪᠡᠯ ᠬᠤᠳᠠᠯ ᠬᠡᠯᠡᠬᠦ ᠤᠤ?
ᠮᠥᠩᠬᠡ᠄ ᠲᠤᠩᠬᠤ ᠠ᠋᠂ ᠴᠢ ᠴᠢᠨᠢ ᠬᠡᠵᠢᠶ᠎ᠡ ᠴᠤ᠌ ᠬᠤᠳᠠᠯ ᠬᠡᠯᠡᠵᠦ ᠪᠠᠢᠭ᠎ᠠ ᠦᠭᠡᠢ ᠪᠢᠵᠡ ᠳᠡ᠃
ᠲᠤᠩᠬᠤ᠄ ᠲᠡᠢᠮᠦ ᠯᠡ ᠳᠡ᠂ ᠭᠡᠬᠦ ᠳ᠋ᠦ᠍ ᠪᠡᠨ᠂ ᠵᠥᠪ ᠵᠦᠢᠯ ᠦ᠋ᠨ ᠲᠥᠯᠥᠭᠡ ᠬᠤᠳᠠᠯ ᠬᠡᠯᠡᠵᠦ ᠪᠣᠯᠬᠤ ᠪᠣᠯᠪᠠ ᠤᠤ?
ᠴᠠᠰᠣᠬᠠᠨ᠄ ᠵᠠ᠂ ᠶᠠᠮᠠᠷ ᠰᠠᠨᠠᠭ᠎ᠠ ᠣᠯᠤᠭᠰᠠᠨ ᠠ᠋᠃
ᠲᠤᠩᠬᠤ᠄ ᠬᠡᠳᠦᠭᠦᠯᠡ ᠪᠡᠨ ᠲᠡᠷᠡ ᠠᠬ᠎ᠠ ᠶ᠋ᠢ ᠣᠯᠤᠭᠠᠳ ᠢᠩᠭᠢᠵᠦ ᠬᠡᠯᠡᠶ᠎ᠡ᠂ ᠬᠠᠭᠠᠨᠲᠠᠨ ᠬᠥᠮᠦᠨ ᠳ᠋ᠦ᠍ ᠲᠤᠰᠠᠯᠠᠭᠰᠠᠨ ᠬᠥᠮᠦᠨ ᠪᠣᠯᠭᠠᠨ ᠳ᠋ᠤ᠌ ᠠᠯᠲᠠᠨ ᠱᠠᠩᠨᠠᠯ ᠥᠭᠴᠦ ᠪᠠᠢᠭ᠎ᠠ ᠭᠡᠶ᠎ᠡ᠂ ᠲᠡᠭᠡᠭᠡᠳ ᠠ᠂ ᠵᠢᠱ᠌ᠢᠶ᠎ᠡ ᠨᠢ᠂ ᠠᠷᠪᠠᠨ ᠬᠥᠮᠦᠨ ᠳ᠋ᠦ᠍ ᠲᠤᠰᠠᠯᠠᠬᠤ ᠶᠤᠮ ᠪᠣᠯ᠂ ᠠᠯᠲᠠᠨ ᠪᠣᠭᠴᠣ ᠥᠭᠴᠦ ᠪᠠᠢᠭ᠎ᠠ ᠭᠡᠳ ᠬᠡᠯᠡᠳᠡᠭ ᠶᠦ᠍ᠮ ᠤᠤ᠃
ᠮᠥᠩᠬᠡ᠄ ᠶᠠ ᠶᠠ᠂ ᠲᠤᠩᠬᠤ ᠠ᠋᠂ ᠠᠶᠤᠮᠠᠷ ᠰᠡᠳᠬᠢᠵᠦ ᠪᠠᠢᠨ᠎ᠠ᠂ ᠬᠡ ᠬᠡ᠂
ᠴᠠᠰᠣᠬᠠᠨ᠄ ᠦ᠂ ᠦᠨᠡᠬᠡᠷ ᠵᠥᠪ ᠪᠣᠳᠣᠯ ᠪᠠᠢᠨ᠎ᠠ᠂ ᠥᠪᠡᠷ ᠢ᠋ᠶ᠋ᠡᠷ ᠨᠢ ᠬᠥᠮᠦᠰ ᠲᠦ᠍ ᠲᠤᠰᠠᠯᠠᠭᠤᠯᠤᠨ᠎ᠠ ᠭᠡᠰᠡᠨ ᠦᠭᠡ ᠰᠢᠦ ᠳᠡ᠂ ᠭᠡᠬᠦ ᠳ᠋ᠦ᠍ ᠪᠡᠨ ᠬᠠᠮᠤᠭ ᠤ᠋ᠨ ᠭᠣᠣᠯ ᠨᠢ ᠲᠡᠷᠡ ᠬᠥᠮᠦᠨ ᠢ᠋ ᠶᠠᠭᠠᠬᠢᠵᠤ ᠢᠲᠡᠭᠡᠭᠦᠯᠬᠦ ᠪᠣᠢ᠂ ᠲᠡᠷᠡ ᠶᠡᠬᠡ ᠴᠢᠬᠤᠯᠠ ᠰᠢᠦ ᠳᠡ᠃
ᠪᠠᠰᠠᠷ᠄ ᠬᠡᠩ!
ᠮᠥᠩᠬᠡ᠄ ᠥᠩ᠃ ᠠ᠂ ᠣᠯᠤᠯ᠎ᠠ᠃
ᠲᠤᠩᠬᠤ᠄ ᠵᠠ᠃
ᠮᠥᠩᠬᠡ᠄ ᠬᠡᠳᠦᠭᠦᠯᠡ ᠪᠡᠨ ᠨᠢᠭᠡ ᠬᠠᠭᠠᠨ ᠤ᠋ ᠵᠠᠷᠯᠢᠭ ᠪᠢᠴᠢᠭ ᠬᠢᠵᠦ ᠠᠪᠤᠶ᠎ᠠ᠂ ᠲᠡᠭᠡᠭᠡᠳ ᠲᠡᠭᠦᠨ ᠢ᠋ ᠪᠡᠨ ᠪᠠᠷᠢᠵᠤ ᠶᠠᠪᠤᠭᠠᠳ᠂ ᠨᠥᠭᠦᠭᠡ ᠠᠬ᠎ᠠ ᠲᠠᠢ ᠲᠠᠭᠠᠷᠠᠯᠳᠤᠶ᠎ᠠ᠃ ᠬᠡᠷᠪᠡ
ᠢᠲᠡᠭᠡᠭᠦᠯᠵᠦ ᠴᠢᠳᠠᠬᠤ ᠶᠤᠮ ᠪᠣᠯ᠂ ᠨᠥᠭᠦᠭᠡ ᠠᠬ᠎ᠠ ᠪᠠᠷ ᠬᠥᠮᠦᠰ ᠲᠦ᠍ ᠲᠤᠰᠠᠯᠠᠭᠤᠯᠤᠶ᠎ᠠ᠃
ᠶᠠᠭᠤ ᠭᠡᠵᠦ ᠪᠣᠳᠣᠵᠤ ᠪᠠᠢᠨ᠎ᠠ᠃
ᠴᠠᠰᠣᠬᠠᠨ᠄ ᠶᠠᠭ ᠵᠥᠪ᠂ ᠲᠡᠭᠡᠪᠡᠯ ᠢᠯᠡᠭᠦᠦ ᠢᠲᠡᠭᠡᠭᠦᠯᠵᠦ ᠴᠢᠳᠠᠬᠤ ᠶᠤᠮ ᠪᠠᠢᠨ᠎ᠠ᠃
ᠲᠤᠩᠬᠤ᠄ ᠵᠠ᠂ ᠬᠡᠳᠦᠭᠦᠯᠡ ᠪᠡᠨ ᠲᠡᠭᠡᠪᠡᠯ ᠨᠢᠭᠡ ᠭᠣᠶᠣ ᠪᠢᠴᠢᠭ ᠬᠢᠵᠡᠭᠡᠶ᠎ᠡ᠃
ᠪᠠᠰᠠᠷ᠄ ᠵᠠ᠂ ᠠᠬ᠎ᠠ ᠰᠠᠢᠨ ᠤᠤ?
ᠪᠦᠭᠦᠳᠡᠭᠡᠷ᠄ ᠰᠣᠴᠢᠨ ᠪᠠᠷᠬᠢᠷᠠᠪᠠ᠃
ᠳᠠᠯᠠᠨ ᠬᠤᠳᠠᠯᠴᠢ᠄ ᠵᠠ᠂ ᠶᠠᠪᠤᠶ᠎ᠠ ᠳᠠ᠃
ᠴᠠᠰᠣᠬᠠᠨ᠄ ᠲᠠ ᠲᠦᠷ ᠬᠦᠯᠢᠶᠡᠨ᠎ᠡ ᠤᠤ? ᠲᠠᠨ ᠢ᠋ ᠡᠨᠡ ᠨᠤᠲᠤᠭ ᠤ᠋ᠨ ᠬᠥᠮᠦᠨ ᠪᠠᠢᠨ᠎ᠠ ᠭᠡᠳ ᠪᠢᠳᠡᠨ ᠳ᠋ᠦ᠍ ᠨᠢᠭᠡ ᠲᠤᠰᠠᠯᠠᠬᠤ ᠪᠣᠯᠪᠠ ᠤᠤ ᠭᠡᠳ ᠢᠷᠡᠭᠰᠡᠨ ᠶᠦ᠍ᠮ᠃ ᠲᠠᠨᠢᠬᠤ ᠬᠥᠮᠦᠨ ᠬᠠᠷᠢᠨ ᠪᠠᠢᠳᠠᠭ ᠦᠭᠡᠢ ᠨᠢ᠃
ᠳᠠᠯᠠᠨ ᠬᠤᠳᠠᠯᠴᠢ᠄ ᠶᠠ ᠶᠠ᠂ ᠵᠠ᠂ ᠠᠬ᠎ᠠ ᠨᠢ ᠴᠦ᠍ ᠳᠡ᠂ ᠬᠥᠯ ᠲᠣᠯᠣᠭᠠᠢ ᠨᠢ ᠳᠡᠢᠯᠳᠡᠭᠳᠡᠬᠦ᠌ ᠦᠭᠡᠢ ᠠᠵᠢᠯ ᠲᠠᠢ ᠶᠠᠪᠤᠵᠤ ᠪᠠᠢᠨ᠎ᠠ ᠳᠠ᠂ ᠳᠠᠷᠠᠭ᠎ᠠ ᠰᠠᠢᠬᠠᠨ ᠠᠭᠤᠯᠵᠠᠶ᠎ᠠ᠂ ᠲᠡᠭᠡᠬᠦ ᠤᠤ᠂ ᠮᠢᠨᠦ ᠳᠡᠭᠦᠦ ᠨᠠᠷ᠂ ᠶᠠᠷᠢᠶ᠎ᠠ ᠶᠠᠷᠢᠶ᠎ᠠ᠃
ᠮᠥᠩᠬᠡ᠄ ᠥ ᠵᠠ ᠵᠠ᠂ ᠬᠡᠳᠦᠭᠦᠯᠡ ᠪᠡᠨ ᠴᠦ᠍ ᠡᠨᠡ ᠠᠯᠲᠠᠨ ᠪᠣᠭᠴᠣ ᠶ᠋ᠢ ᠠᠪᠴᠤ ᠴᠢᠳᠠᠬᠤ ᠦᠭᠡᠢ ᠨᠢ ᠳᠡ᠃
ᠪᠠᠰᠠᠷ᠄ ᠨᠢᠭᠡᠨᠲᠡ ᠢᠩᠭᠢᠭᠡᠳ ᠪᠣᠯᠬᠤ ᠦᠭᠡᠢ ᠶᠦ᠍ᠮ ᠴᠢᠨᠢ᠂ ᠬᠡ ᠬᠡ᠂ ᠬᠡᠳᠦᠭᠦᠯᠡ ᠪᠡᠨ ᠴᠦ᠍ ᠪᠣᠯᠢᠶ᠎ᠠ ᠳᠠ᠃
ᠳᠠᠯᠠᠨ ᠬᠤᠳᠠᠯᠴᠢ᠄ ᠵᠠ ᠵᠠ᠂ ᠠᠬ᠎ᠠ ᠶ᠋ᠢᠨ ᠬᠢᠨᠢ ᠠᠵᠢᠯ ᠲᠥᠷᠥᠯ ᠴᠦ᠍ ᠶᠠᠭᠠᠬᠢᠬᠤ ᠪᠣᠢ᠂ ᠠᠮᠢᠨ ᠬᠥᠭᠡᠷᠦᠬᠦᠨ ᠳᠡᠭᠦᠦ ᠨᠠᠷ ᠮᠢᠨᠢ᠂ ᠠᠵᠤ ᠠᠬᠤᠢ ᠬᠡᠴᠡᠭᠦᠦ ᠪᠣᠯᠪᠠᠯ᠂ ᠠᠬ᠎ᠠ ᠨᠢ ᠲᠠ ᠨᠠᠷ ᠲᠤ᠌ ᠲᠤᠰᠠᠯᠠᠵᠤ ᠴᠢᠳᠠᠨ᠎ᠠ᠃ ᠵᠠ᠂ ᠣᠳᠣ ᠶᠠᠭᠤᠨ ᠲᠣᠮᠣ ᠠᠯᠲᠠᠨ ᠪᠣᠭᠴᠣ ᠠᠪᠴᠤ ᠴᠢᠳᠠᠬᠤ ᠦᠭᠡᠢ ᠪᠠᠢᠭ᠎ᠠ ᠬᠡᠷᠡᠭ ᠪᠣᠢ᠃
ᠲᠤᠩᠬᠤ᠄ ᠪᠢᠳᠡ ᠰᠠᠶᠢ ᠬᠠᠮᠲᠤ ᠶᠠᠪᠤᠵᠤ ᠪᠠᠢᠭᠠᠳ᠂ ᠬᠠᠰᠢᠶᠠᠨ ᠳᠡᠭᠡᠷ᠎ᠡ ᠡᠴᠡ ᠡᠢᠮᠦ ᠵᠠᠷᠯᠠᠯ ᠬᠠᠷᠠᠭᠰᠠᠨ ᠶᠤᠮ ᠠ᠋᠂ ᠠᠬ᠎ᠠ ᠠ᠋᠃
ᠮᠥᠩᠬᠡ᠄ ᠠᠷᠪᠠᠨ ᠬᠥᠮᠦᠨ ᠳ᠋ᠦ᠍ ᠲᠤᠰᠠᠯᠠᠪᠠᠯ᠂ ᠠᠶᠤᠮᠠᠷ ᠲᠣᠮᠣ ᠠᠯᠲᠠᠨ ᠪᠣᠭᠴᠣ ᠥᠭᠬᠦ ᠶᠦ᠍ᠮ ᠭᠡᠨ᠎ᠡ᠃
ᠴᠠᠰᠣᠬᠠᠨ᠄ ᠬᠥᠮᠦᠰ ᠲᠦ᠍ ᠶᠠᠭᠠᠬᠢᠵᠤ ᠲᠤᠰᠠᠯᠠᠵᠤ ᠪᠣᠯᠬᠤ ᠪᠣᠢ ᠭᠡᠵᠦ ᠪᠣᠳᠣᠭᠠᠳ ᠯᠠ᠂᠃
ᠪᠠᠰᠠᠷ᠄ ᠠᠯᠲᠠᠨ ᠪᠣᠭᠴᠣ ᠶ᠋ᠢ ᠶᠠᠭᠠᠬᠢᠵᠤ ᠠᠪᠬᠤ ᠪᠣᠢ ?ᠭᠡᠳ᠁
ᠴᠠᠰᠣᠬᠠᠨ᠄ ᠥᠩ᠂ ᠲᠠᠨ ᠢ᠋ ᠡᠨᠳᠡᠬᠢ ᠶ᠋ᠢᠨ ᠬᠥᠮᠦᠨ ᠪᠠᠢᠨ᠎ᠠ᠂ ᠶᠠᠭᠠᠬᠢᠵᠤ ᠲᠤᠰᠠᠯᠠᠵᠤ ᠪᠣᠯᠬᠤ ᠶ᠋ᠢ ᠮᠡᠳᠡᠬᠦ ᠪᠠᠢᠬ᠎ᠠ ᠭᠡᠵᠦ ᠪᠣᠳᠣᠯ᠎ᠠ᠃
ᠳᠠᠯᠠᠨ ᠬᠤᠳᠠᠯᠴᠢ᠄ ᠥᠩ᠂
ᠴᠠᠰᠣᠬᠠᠨ᠄ ᠬᠠᠷᠢᠨ ᠬᠥᠮᠦᠰ ᠢ᠋ ᠵᠦᠭᠡᠷ ᠪᠢᠴᠢᠭᠡᠳ ᠲᠠᠯᠪᠢᠴᠢᠬᠠᠭᠰᠠᠨ ᠶᠤᠮ ᠪᠣᠯᠪᠠ ᠤᠤ ᠭᠡᠳ ᠪᠣᠳᠣᠭᠰᠠᠨ ᠴᠢᠨᠢ᠂ ᠲᠡᠷᠡ ᠬᠠᠷᠠ ᠳᠠ᠂ ᠬᠠᠭᠠᠨ ᠤ᠋ ᠳᠠᠷᠤᠳᠠᠰᠤ ᠪᠠᠢᠨ᠎ᠠ ᠯᠠᠢ᠃
ᠳᠠᠯᠠᠨ ᠬᠤᠳᠠᠯᠴᠢ᠄ ᠥᠩ᠁ ᠵᠠ᠂ ᠬᠥᠮᠦᠨ ᠳ᠋ᠦ᠍ ᠲᠤᠰᠠ ᠬᠦᠷᠭᠡᠨ᠎ᠡ ᠭᠡᠳᠡᠭ ᠵᠠᠢ ᠲᠠᠢ ᠡᠷ᠎ᠡ ᠶ᠋ᠢᠨ ᠬᠢᠬᠦ ᠠᠵᠢᠯ ᠶᠤᠮ᠂ ᠵᠠᠪ ᠦᠭᠡᠢ ᠴᠦ᠍ ᠭᠡᠰᠡᠨ ᠠᠬ᠎ᠠ ᠨᠢ ᠲᠠ ᠨᠠᠷ ᠲᠤ᠌ ᠴᠠᠭ ᠭᠠᠷᠭᠠᠵᠤ ᠲᠤᠰᠠᠯᠠᠵᠤ ᠪᠣᠯᠤᠨ᠎ᠠ ᠰᠢᠦ᠃
ᠡᠢᠨ ᠳᠠᠯᠠᠨ ᠬᠤᠳᠠᠯᠴᠢ ᠮᠠᠨᠢ ᠡᠷᠭᠢᠨ ᠲᠣᠭᠣᠷᠢᠨ ᠤ᠋ ᠪᠠᠨ ᠬᠥᠮᠦᠨ ᠪᠦᠷᠢ ᠳ᠋ᠦ᠍ ᠲᠤᠰᠠᠯᠠᠵᠤ ᠡᠬᠢᠯᠡᠵᠡᠢ᠃
ᠬᠥᠭᠰᠢᠨ ᠬᠥᠮᠦᠨ ᠳ᠋ᠦ᠍ ᠨᠡᠭᠦᠬᠦ ᠳ᠋ᠦ᠍ ᠨᠢ ᠲᠤᠰᠠᠯᠠᠪᠠ᠂ ᠶᠠᠳᠠᠷᠠᠭᠰᠠᠨ ᠬᠥᠮᠦᠨ ᠳ᠋ᠦ᠍ ᠳᠠᠮᠨᠠᠨ ᠲᠤᠰᠠᠯᠠᠪᠠ᠃ ᠵᠣᠪᠠᠯᠠᠩᠲᠤ ᠬᠥᠮᠦᠨ ᠳ᠋ᠦ᠍ ᠵᠥᠪᠯᠡᠨ ᠲᠤᠰᠠᠯᠠᠪᠠ᠃ ᠲᠠᠭᠠᠷᠠᠭᠰᠠᠨ ᠵᠦᠯᠭᠡ ᠪᠣᠯᠭᠠᠨ ᠢ᠋ᠶ᠋ᠠᠨ ᠤᠰᠤᠯᠠᠪᠠ᠃ ᠲᠡᠪᠡᠳᠡᠭᠰᠡᠨ ᠬᠥᠮᠦᠨ ᠳ᠋ᠦ᠍ ᠲᠡᠪᠡᠨᠡ ᠪᠡᠷ ᠲᠤᠰᠠᠯᠠᠪᠠ᠂ ᠲᠡᠷᠭᠡ ᠦᠭᠡᠢ ᠬᠥᠮᠦᠨ ᠳ᠋ᠦ᠍ ᠡᠭᠦᠷᠦᠨ ᠲᠤᠰᠠᠯᠠᠪᠠ᠂ ᠰᠠᠯᠠᠩ ᠬᠥᠮᠦᠨ ᠳ᠋ᠦ᠍ ᠰᠠᠨᠠᠭᠤᠯᠵᠤ ᠲᠤᠰᠠᠯᠠᠪᠠ᠂ ᠲᠠᠯᠠᠷᠬᠠᠯ ᠤ᠋ᠨ ᠦᠭᠡ ᠪᠦᠷᠢ ᠶ᠋ᠢ ᠰᠠᠪᠠᠯᠠᠪᠠ᠂ ᠡᠨᠡ ᠪᠦᠬᠦᠨ ᠦ᠌ ᠠᠷᠤ ᠳ᠋ᠤ᠌ ᠳᠠᠯᠠᠨ ᠬᠤᠳᠠᠯᠴᠢ ᠮᠠᠨᠢ ᠡᠷᠳᠡᠨᠢᠰ ᠰᠢᠭ ᠰᠠᠢᠬᠠᠨ ᠵᠦᠢᠯ ᠪᠣᠯ ᠡᠨᠡᠬᠡᠨ ᠪᠡᠶ᠎ᠡ ᠪᠡᠷ ᠢ᠋ᠶ᠋ᠡᠨ ᠪᠤᠰᠤᠳ ᠲᠤ᠌ ᠲᠤᠰᠠᠯᠠᠨ ᠡᠩ ᠦᠭᠡᠢ ᠲᠠᠯᠠᠷᠬᠠᠯ ᠤ᠋ᠨ ᠦᠭᠡ ᠶ᠋ᠢ ᠬᠦᠷᠲᠡᠬᠦ ᠭᠡᠳᠡᠭ ᠢ᠋ ᠣᠢᠯᠠᠭᠠᠨ ᠤᠬᠠᠭᠠᠷᠠᠵᠤ ᠡᠬᠢᠯᠡᠵᠡᠢ᠃
ᠬᠥᠮᠦᠨ᠄ ᠪᠠᠶᠠᠷᠯᠠᠯ᠎ᠠ᠃
ᠳᠠᠯᠠᠨ ᠬᠤᠳᠠᠯᠴᠢ᠄ ᠬᠢ ᠬᠢ᠂ ᠵᠦᠭᠡᠷ ᠠ᠋᠂ ᠵᠦᠭᠡᠷ᠃
ᠠᠷᠠᠳ᠄ ᠪᠠᠶᠠᠷᠯᠠᠯ᠎ᠠ᠂ ᠨᠠᠢᠵᠠ ᠠ᠋᠃
ᠳᠠᠯᠠᠨ ᠬᠤᠳᠠᠯᠴᠢ᠄ ᠵᠦᠭᠡᠷ᠂ ᠲᠣᠮᠣ ᠶᠠᠭᠤᠮ᠎ᠠ ᠪᠢᠰᠢ ᠳᠡ᠂ ᠠᠮᠠᠷ᠃ ᠢᠩᠭᠢᠵᠦ ᠵᠠᠰᠠᠷᠠᠨ᠎ᠠ ᠭᠡᠵᠦ ᠪᠠᠢᠳᠠᠭ ᠠ᠋᠃ ᠪᠤᠶᠠᠨᠲᠠᠢ ᠬᠦᠦ ᠰᠢᠦ᠂ ᠮᠢᠨᠦ ᠬᠦᠦ᠃
ᠳᠠᠯᠠᠨ ᠬᠤᠳᠠᠯᠴᠢ᠄ ᠵᠦᠭᠡᠷ ᠠ᠋᠂ ᠬᠠᠷᠢᠨ ᠲᠠ ᠨᠠᠷ ᠲᠤ᠌ ᠪᠠᠶᠠᠷᠯᠠᠯ᠎ᠠ᠂ ᠵᠦᠭᠡᠷ ᠠ᠋᠂ ᠳᠠᠮ ᠳᠠᠮ ᠳ᠋ᠤ᠌ ᠪᠠᠨ ᠬᠡᠳᠦᠭᠦᠯᠡ ᠪᠡᠨ ᠲᠡᠭᠡᠭᠡᠳ ᠰᠠᠢᠬᠠᠨ ᠪᠣᠯᠤᠨ᠎ᠠ ᠰᠢᠲᠠ ᠬᠦ᠃
ᠬᠡᠦᠬᠡᠨ᠄ ᠪᠠᠶᠠᠷᠯᠠᠯ᠎ᠠ!
ᠳᠠᠯᠠᠨ ᠬᠤᠳᠠᠯᠴᠢ᠄ ᠠᠢ ᠶᠠᠭᠠᠬᠢᠭᠰᠠᠨ᠂ ᠵᠦᠭᠡᠷ ᠵᠦᠭᠡᠷ᠂ ᠬᠢ ᠬᠢ᠃
ᠲᠤᠩᠬᠤ᠄ ᠠᠬ᠎ᠠ ᠠ᠋᠂ ᠪᠢᠳᠡ ᠨᠠᠷ ᠲᠠᠨ ᠳ᠋ᠤ᠌ ᠨᠢᠭᠡ ᠬᠡᠯᠡᠬᠦ ᠶᠠᠭᠤᠮ᠎ᠠ ᠪᠠᠢᠨ᠎ᠠ᠃
ᠳᠠᠯᠠᠨ ᠬᠤᠳᠠᠯᠴᠢ᠄ ᠠ᠂ ᠬᠠᠭᠠᠨ ᠠᠷᠪᠠᠨ ᠬᠥᠮᠦᠨ ᠳ᠋ᠦ᠍ ᠲᠤᠰᠠᠯᠠᠪᠠᠯ ᠠᠯᠲᠠᠨ ᠪᠣᠭᠴᠣ ᠥᠭᠭᠦᠨ᠎ᠡ ᠭᠡᠵᠦ ᠬᠤᠳᠠᠯ ᠬᠡᠯᠡᠭᠰᠡᠨ ᠭᠡᠵᠡᠢ ᠤᠤ?
ᠲᠤᠩᠬᠤ᠄ ᠲᠠ ᠶᠠᠭᠠᠬᠢᠵᠤ ᠮᠡᠳᠡᠭᠰᠡᠨ ᠶᠦ᠍ᠮ ᠪᠣᠢ?
ᠳᠠᠯᠠᠨ ᠬᠤᠳᠠᠯᠴᠢ᠄ ᠪᠢ ᠲᠡᠷᠡ ᠲᠠᠮᠠᠭ᠎ᠠ ᠶ᠋ᠢ ᠬᠠᠭᠤᠷᠮᠠᠴᠢ ᠲᠠᠮᠠᠭ᠎ᠠ ᠭᠡᠳᠡᠭ ᠢ᠋ ᠨᠢ ᠠᠩᠬᠠᠨ ᠠ᠋ᠴᠠ ᠪᠠᠨ ᠮᠡᠳᠡᠵᠦ ᠪᠠᠢᠭᠰᠠᠨ ᠠ᠋᠂ ᠭᠡᠬᠦ ᠳ᠋ᠦ᠍ ᠪᠡᠨ ᠠᠬ᠎ᠠ ᠨᠢ ᠠᠮᠢᠳᠤᠷᠠᠯ ᠳ᠋ᠤ᠌ ᠪᠠᠨ ᠬᠥᠮᠦᠨ ᠬᠠᠭᠤᠷᠴᠤ ᠶᠠᠪᠤᠭᠰᠠᠨ ᠠ᠋ᠴᠠ ᠲᠤᠰᠠᠯᠠᠵᠤ ᠶᠠᠪᠤᠭᠰᠠᠨ ᠦᠭᠡᠢ᠂ ᠲᠠ ᠨᠠᠷ ᠰᠢᠭ᠋ ᠬᠥᠭᠡᠷᠦᠬᠦᠨ ᠬᠡᠦᠬᠡᠳ ᠦ᠋ᠳ ᠬᠦᠷᠲᠡᠯ᠎ᠡ ᠬᠥᠮᠦᠨ ᠲᠤᠰᠠᠯᠠᠬᠤ ᠶ᠋ᠢᠨ ᠦᠨ᠎ᠡ ᠴᠠᠨ᠎ᠠ ᠶ᠋ᠢ ᠮᠡᠳᠡᠵᠦ ᠪᠠᠢᠬᠤ ᠳ᠋ᠤ᠌ ᠪᠢ ᠴᠦ᠍ ᠪᠠᠰᠠ ᠶᠠᠭᠠᠬᠢᠭᠠᠳ ᠪᠣᠯᠬᠤ ᠦᠭᠡᠢ ᠭᠡᠮᠡᠨ ᠪᠣᠳᠣᠭᠰᠠᠨ ᠶᠤᠮ ᠠ᠋᠂ ᠡᠬᠢᠨ ᠳ᠋ᠦ᠍ ᠪᠡᠨ ᠵᠠᠯᠬᠠᠭᠤ ᠲᠠᠢ ᠰᠠᠨᠠᠭᠳᠠᠵᠤ ᠪᠠᠢᠭᠰᠠᠨ ᠪᠣᠯᠪᠠᠴᠤ ᠭᠡᠬᠦ ᠳ᠋ᠦ᠍ ᠪᠡᠨ ᠳᠠᠷᠠᠭ᠎ᠠ ᠨᠢ ᠶᠠᠭᠠᠬᠢᠭᠰᠠᠨ ᠭᠡᠵᠦ᠂ ᠬᠥᠮᠦᠨ ᠪᠣᠯᠭᠠᠨ ᠲᠠᠯᠠᠷᠬᠠᠯ ᠢ᠋ᠶ᠋ᠠᠨ ᠢᠯᠡᠷᠬᠡᠢᠯᠡᠨ᠂ ᠢᠷᠦᠭᠡᠯ ᠬᠡᠯᠡᠵᠦ ᠥᠭᠴᠦ ᠪᠠᠢᠭ᠎ᠠ ᠨᠢ ᠬᠡᠴᠢᠨᠡᠭᠡᠨ ᠰᠠᠢᠬᠠᠨ ᠰᠠᠨᠠᠭᠳᠠᠵᠤ ᠪᠠᠢᠭᠰᠠᠨ ᠭᠡᠵᠦ ᠪᠣᠳᠣᠨ᠎ᠠ᠃
ᠦ ᠪᠠᠶᠠᠷᠯᠠᠯ᠎ᠠ ᠮᠢᠨᠦ ᠬᠦᠦ᠃
ᠪᠠᠶᠠᠷᠯᠠᠯ᠎ᠠ᠂ ᠨᠠᠢᠵᠠ ᠠ᠋᠃
ᠪᠠᠶᠠᠷᠯᠠᠯ᠎ᠠ᠂ ᠮᠢᠨᠦ ᠬᠦᠦ᠃
ᠪᠤᠶᠠᠨ ᠨᠢ ᠥᠭᠡᠳᠡ ᠪᠡᠨ ᠪᠠᠢᠭ ᠠ᠋᠂ ᠮᠢᠨᠦ ᠬᠦᠦ ᠶ᠋ᠢᠨ᠃
ᠪᠠᠶᠠᠷᠯᠠᠯ᠎ᠠ᠃
ᠳᠠᠯᠠᠨ ᠬᠤᠳᠠᠯᠴᠢ᠄ ᠠᠬ᠎ᠠ ᠨᠢ ᠡᠭᠦᠨ ᠡᠴᠡ ᠴᠠᠭᠠᠰᠢ ᠥᠪᠡᠷ ᠦ᠋ᠨ ᠢ᠋ᠶ᠋ᠡᠨ ᠴᠢᠳᠠᠬᠤ ᠪᠦᠬᠦᠨ ᠢ᠋ᠶ᠋ᠡᠷ ᠢ᠋ᠶ᠋ᠡᠨ ᠬᠥᠮᠦᠨ ᠪᠦᠷᠢ ᠳ᠋ᠦ᠍ ᠲᠤᠰᠠᠯᠠᠵᠤ ᠶᠠᠪᠤᠬᠤ ᠶ᠋ᠢ ᠬᠢᠴᠢᠶᠡᠬᠦ ᠪᠣᠯᠤᠨ᠎ᠠ᠃
ᠪᠠᠰᠠ ᠳᠡᠭᠦᠦ ᠨᠠᠷ ᠢ᠋ ᠪᠡᠨ ᠴᠦ᠍ ᠭᠡᠰᠡᠨ ᠳᠡ᠂ ᠬᠤᠳᠠᠯ ᠬᠠᠭᠤᠷᠮᠠᠭ ᠢ᠋ᠶ᠋ᠠᠷ ᠬᠠᠭᠤᠷᠴᠤ ᠪᠠᠢᠭᠰᠠᠨ ᠳ᠋ᠤ᠌ ᠠᠭᠤᠴᠢᠯᠠᠭᠠᠷᠠᠢ᠂ ᠣᠳᠣ ᠠᠬ᠎ᠠ ᠨᠢ ᠵᠥᠪ ᠬᠥᠮᠦᠨ ᠪᠣᠯᠤᠭᠰᠠᠨ ᠠ᠋᠃ ᠬᠠᠢ᠂ ᠲᠡᠭᠡᠬᠦ ᠳ᠋ᠦ᠍ ᠪᠡᠨ᠂ ᠪᠠᠰᠠᠷ᠂ ᠲᠡᠷᠡ ᠬᠠᠴᠢᠺᠤ ᠴᠠᠭᠠᠰᠢ ᠭᠡᠳᠡᠭ ᠪᠣᠯ ᠦᠨᠡᠨ ᠪᠠᠢᠭᠰᠠᠨ ᠰᠢᠦ᠂ ᠮᠢᠨᠦ ᠳᠡᠭᠦᠦ ᠪᠣᠯ ᠮᠣᠩᠭᠣᠯ ᠳ᠋ᠤ᠌ ᠪᠠᠢᠲᠤᠭᠠᠢ᠂ ᠳᠡᠯᠡᠬᠡᠢ ᠳ᠋ᠦ᠍ ᠪᠠᠢᠬᠤ ᠦᠭᠡᠢ ᠨᠣᠬᠠᠢ ᠰᠢᠦ᠃ ᠠᠯᠢᠪ ᠨᠠᠭᠠᠰᠢ ᠪᠠᠨ ᠨᠢᠭᠡ ᠬᠠᠷᠠ ᠳᠠ᠂ ᠠ ᠲᠡᠷᠡ ᠡᠯᠢᠭᠡ ᠪᠣᠢ᠂ ᠲᠡᠷᠡ ᠬᠠᠷᠠᠵᠤ ᠪᠠᠢᠨ᠎ᠠ ᠤᠤ᠂ ᠠ᠂ ᠨᠠᠭᠠᠰᠢ ᠪᠠᠨ ᠨᠢᠭᠡ ᠦᠨᠦᠰᠦᠶ᠎ᠡ᠃
ᠪᠦᠭᠦᠳᠡᠭᠡᠷ ᠢ᠋ᠶ᠋ᠡᠨ ᠢᠨᠢᠶᠡᠨ᠎ᠡ᠃
ᠪᠠᠰᠠᠷ᠄ ᠶᠠᠳᠠᠷᠠᠭ᠎ᠠ ᠲᠠᠢ ᠶᠤᠮ ᠃
ᠬᠥᠮᠦᠨ ᠨᠢᠭᠡ᠄ ᠴᠢ ᠶᠠᠭᠠᠬᠢᠵᠤ ᠢᠩᠭᠢᠵᠦ ᠨᠢᠰᠦᠭᠡᠳ ᠪᠠᠢᠨ᠎ᠠ?
ᠪᠠᠰᠠᠷ᠄cool ᠪᠣᠯᠬᠤ ᠪᠠᠷ ᠢ᠋ᠶ᠋ᠠᠨ ᠨᠢᠰᠴᠦ ᠴᠢᠳᠠᠳᠠᠭ ᠶᠤᠮ᠃
ᠬᠥᠮᠦᠨ ᠨᠢᠭᠡ᠄cool ᠭᠡᠵᠦ ᠶᠠᠭᠤ ᠪᠠᠢᠳᠠᠭ ᠶᠤᠮ᠂ ᠢᠳᠡᠳᠡᠭ ᠶᠠᠭᠤᠮ᠎ᠠ ᠤᠤ? ᠤᠤᠭᠤᠳᠠᠭ ᠶᠠᠭᠤᠮ᠎ᠠ ᠤᠤ?
ᠪᠠᠰᠠᠷ᠄ ᠥᠩ᠂ cool ᠭᠡᠵᠦ ᠪᠠᠶᠠᠨ ᠳ᠋ᠤ᠌ ᠰᠠᠢᠨ ᠶᠠᠭᠤᠮ᠎ᠠ ᠶ᠋ᠢ ᠬᠡᠯᠡᠳᠡᠭ ᠶᠦ᠍ᠮ᠃
ᠬᠡᠦᠬᠡᠳ ᠦ᠋ᠨ ᠥᠰᠦᠯᠲᠡ ᠶ᠋ᠢ ᠳᠡᠮᠵᠢᠭᠴᠢcool ᠪᠦᠲᠦᠭᠡᠭᠳᠡᠬᠦᠨ᠃

   ᠦᠰᠦᠭ ᠠᠮᠢᠯᠠᠭᠤᠯᠵᠤ ᠬᠠᠲᠠᠭᠰᠠᠨ ᠨᠢ᠄ ᠾᠦᠩ ᠸᠧᠢ᠂
   ᠬᠢᠨᠠᠯᠲᠠ ᠬᠢᠭᠰᠡᠨ ᠨᠢ᠄ ᠱᠤᠳᠤᠷᠭᠤ᠂ ᠮᠥᠴᠢᠷ᠂ ᠳ᠋᠂ ᠪᠥᠬᠡᠴᠢᠯᠠᠭᠤ᠃