ᠳᠥᠷᠪᠡᠨ ᠤᠯᠠᠷᠢᠯ -ᠲᠥᠷᠥᠪᠡᠬᠢДөрвөн улирал-Төрбэхи ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠥᠷᠪᠡᠨ ᠤᠯᠠᠷᠢᠯ -ᠲᠥᠷᠥᠪᠡᠬᠢДөрвөн улирал-Төрбэхи

ᠳᠥᠷᠪᠡᠨ ᠤᠯᠠᠷᠢᠯ -ᠲᠥᠷᠥᠪᠡᠬᠢДөрвөн улирал-Төрбэхи

2026-09-07

1172

ᠳᠥᠷᠪᠡᠨ ᠤᠯᠠᠷᠢᠯ 


 ᠦᠭᠡ᠄ ᠰᠦᠮᠡᠨᠬᠤᠸᠠᠷ 
 ᠠᠶ᠎ᠠ᠄ ᠰᠦᠷᠯᠢᠭ 
 ᠳᠠᠭᠤᠴᠢᠨ᠄ ᠳᠦᠷᠦᠪᠡᠬᠢ 

 ᠢᠷᠭᠤᠢ ᠶ᠋ᠢᠨ ᠳᠡᠯᠪᠡᠭᠡ ᠨᠠᠮ᠎ᠠ ᠶ᠋ᠢ ᠳᠠᠭᠤᠳᠠᠭᠠᠳ 
 ᠡᠪᠦᠯ ᠴᠠᠭ ᠤ᠋ᠨ ᠬᠠᠭᠤᠴᠢ ᠶ᠋ᠢ ᠰᠣᠨᠣᠰᠤᠯ᠎ᠠ 
 ᠬᠠᠢᠯᠬᠤ ᠴᠠᠰᠤᠨ ᠨᠠᠮ᠎ᠠ ᠶ᠋ᠢ ᠳᠠᠭᠤᠳᠠᠭᠠᠳ 
 ᠬᠠᠪᠤᠷ ᠴᠠᠭ ᠢ᠋ ᠵᠠᠷᠯᠠᠨ ᠰᠡᠷᠡᠭᠡᠯ᠎ᠡ 
 ᠲᠥᠯ ᠦ᠋ᠨ ᠳᠠᠭᠤᠨ ᠲᠠᠢ ᠬᠠᠪᠤᠷ ᠤ᠋ᠨ ᠮᠡᠨᠳᠦ ᠡ 
 ᠲᠥᠷᠥᠭᠰᠡᠨ ᠨᠤᠲᠤᠭ ᠮᠢᠨᠢ ᠠᠮᠤᠷ ᠮᠡᠨᠳᠦ ᠡ 
 ᠲᠥᠯ ᠦ᠋ᠨ ᠳᠠᠭᠤᠨ ᠲᠠᠢ ᠬᠠᠪᠤᠷ ᠤ᠋ᠨ ᠮᠡᠨᠳᠦ ᠡ 
 ᠲᠥᠷᠥᠭᠰᠡᠨ ᠨᠤᠲᠤᠭ ᠮᠢᠨᠢ ᠠᠮᠤᠷ ᠮᠡᠨᠳᠦ ᠡ 

 ᠵᠦᠢᠯ ᠦ᠋ᠨ ᠴᠡᠴᠡᠭᠡᠰ ᠨᠠᠮ᠎ᠠ ᠶ᠋ᠢ ᠳᠠᠭᠤᠳᠠᠭᠠᠳ
 ᠬᠠᠪᠤᠷ ᠴᠠᠭ ᠤ᠋ᠨ ᠠᠶᠠᠰ ᠢ᠋ ᠪᠠᠬᠠᠳᠤᠯ᠎ᠠ
 ᠥᠩᠭᠡ ᠶ᠋ᠢᠨ ᠰᠣᠯᠣᠩᠭ᠎ᠠ ᠨᠠᠮ᠎ᠠ ᠶ᠋ᠢ ᠳᠠᠭᠤᠳᠠᠭᠠᠳ
 ᠵᠤᠨ ᠴᠠᠭ ᠢ᠋ ᠵᠠᠷᠯᠠᠨ ᠮᠢᠰᠢᠶᠡᠯ᠎ᠡ
 ᠬᠤᠷ᠎ᠠ ᠶ᠋ᠢᠨ ᠬᠡᠰᠢᠭ ᠲᠡᠢ ᠵᠤᠨ ᠤ᠋ ᠮᠡᠨᠳᠦ ᠡ
 ᠬᠠᠢᠷᠠᠲᠠᠢ ᠨᠤᠲᠤᠭ ᠮᠢᠨᠢ ᠠᠮᠤᠷ ᠮᠡᠨᠳᠦ ᠡ
 ᠬᠤᠷ᠎ᠠ ᠶ᠋ᠢᠨ ᠬᠡᠰᠢᠭ ᠲᠡᠢ ᠵᠤᠨ ᠤ᠋ ᠮᠡᠨᠳᠦ ᠠ᠋
 ᠬᠠᠢᠷᠠᠲᠠᠢ ᠨᠤᠲᠤᠭ ᠮᠢᠨᠢ ᠠᠮᠤᠷ ᠮᠡᠨᠳᠦ ᠠ᠋

 ᠰᠢᠷᠭᠠᠯ ᠨᠠᠪᠴᠢ ᠨᠢ ᠨᠠᠮ᠎ᠠ ᠶ᠋ᠢ ᠳᠠᠭᠤᠳᠠᠭᠠᠳ
 ᠵᠤᠨ ᠴᠠᠭ ᠤ᠋ᠨ ᠥᠩᠭᠡ ᠪᠡᠨ ᠳᠤᠷᠠᠰᠤᠯ᠎ᠠ
 ᠨᠡᠭᠦᠳᠡᠯ ᠦ᠋ᠨ ᠰᠢᠪᠠᠭᠤᠳ ᠨᠠᠮ᠎ᠠ ᠶ᠋ᠢ ᠳᠠᠭᠤᠳᠠᠭᠠᠳ
 ᠨᠠᠮᠤᠷ ᠴᠠᠭ ᠢ᠋ ᠵᠠᠷᠯᠠᠨ ᠨᠢᠰᠦᠯ᠎ᠡ
 ᠨᠠᠪᠴᠢᠨ ᠴᠢᠮᠡᠭ ᠲᠡᠢ ᠨᠠᠮᠤᠷ ᠤ᠋ᠨ ᠮᠡᠨᠳᠦ ᠠ᠋
 ᠨᠠᠷᠠᠯᠠᠭ ᠨᠤᠲᠤᠭ ᠮᠢᠨᠢ ᠠᠮᠤᠷ ᠮᠡᠨᠳᠦ ᠠ᠋
 ᠨᠠᠪᠴᠢᠨ ᠴᠢᠮᠡᠭ ᠲᠡᠢ ᠨᠠᠮᠤᠷ ᠤ᠋ᠨ ᠮᠡᠨᠳᠦ ᠠ᠋
 ᠨᠠᠷᠠᠯᠠᠭ ᠨᠤᠲᠤᠭ ᠮᠢᠨᠢ ᠠᠮᠤᠷ ᠮᠡᠨᠳᠦ ᠠ᠋

 ᠮᠣᠳᠣᠨ ᠤ᠋ ᠨᠠᠮᠠᠭ᠎ᠠ ᠨᠠᠮ᠎ᠠ ᠶ᠋ᠢ ᠳᠠᠭᠤᠳᠠᠭᠠᠳ
 ᠨᠠᠮᠤᠷ ᠴᠠᠭ ᠤ᠋ᠨ ᠵᠢᠷᠭᠠᠯ ᠢ᠋ ᠱᠠᠭᠰᠢᠯ᠎ᠠ
 ᠡᠪᠦᠭᠡᠨ ᠭᠠᠴᠤᠷ᠎ᠠ ᠨᠠᠮ᠎ᠠ ᠶ᠋ᠢ ᠳᠠᠭᠤᠳᠠᠭᠠᠳ
 ᠡᠪᠦᠯ ᠴᠠᠭ ᠢ᠋ ᠵᠠᠷᠯᠠᠨ ᠳᠠᠭᠤᠯᠠᠯ᠎ᠠ
 ᠦᠩ ᠲᠡᠢ ᠲᠦᠰᠢᠭ ᠲᠡᠢ ᠡᠪᠦᠯ ᠦ᠋ᠨ ᠮᠡᠨᠳᠦ ᠠ᠋
 ᠥᠰᠦᠭᠰᠡᠨ ᠨᠤᠲᠤᠭ ᠮᠢᠨᠢ ᠠᠮᠤᠷ ᠮᠡᠨᠳᠦ ᠠ᠋
 ᠦᠩ ᠲᠡᠢ ᠲᠦᠰᠢᠭ ᠲᠡᠢ ᠡᠪᠦᠯ ᠦ᠋ᠨ ᠮᠡᠨᠳᠦ ᠠ᠋
 ᠥᠰᠦᠭᠰᠡᠨ ᠨᠤᠲᠤᠭ ᠮᠢᠨᠢ ᠠᠮᠤᠷ ᠮᠡᠨᠳᠦ ᠠ᠋

 ᠦᠰᠦᠭ ᠬᠠᠳᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
 ᠬᠢᠨᠠᠭᠴᠢ᠄ ᠭᠦᠩᠭᠠᠷ