ᠮᠥᠩᠬᠡ ᠲᠤᠩᠬᠤ 6-02Мөнх ТунхMunkh Tunkh
ᠮᠥᠩᠬᠡ ᠲᠤᠩᠬᠤ᠄ ᠵᠢᠷᠭᠤᠳᠤᠭᠠᠷ ᠤᠯᠠᠷᠢᠯ ᠬᠣᠶᠠᠳᠤᠭᠠᠷ ᠠᠩᠭᠢ6—2
ᠮᠠᠯ ᠤ᠋ᠨ ᠮᠠᠢᠯᠠᠬᠤ ᠳᠠᠭᠤ᠄ ᠮᠠᠢ ᠮᠠᠢ
ᠮᠥᠩᠬᠡ᠄ ᠶᠠᠮᠠᠷ ᠲᠠᠨ ᠴᠤ᠌ ᠠᠷᠸ᠎ᠠ ᠠᠬ᠎ᠠ ᠨᠢᠭᠡ ᠵᠦᠢᠯ ᠬᠡᠯᠡᠬᠦ ᠬᠡᠷᠡᠭᠲᠡᠢ ᠪᠠᠢᠬᠤ
ᠠᠷᠸ᠎ᠠ᠄ ᠪᠢᠳᠡ ᠪᠣᠯ ᠣᠯᠠᠨ ᠠᠷᠪᠢᠨ ᠦᠯᠢᠭᠡᠷ ᠢ᠋ᠶ᠋ᠡᠷ ᠠᠶᠠᠯᠠᠵᠤ᠂ ᠠᠳᠠᠯ ᠶᠠᠪᠤᠳᠠᠯ ᠢ᠋ ᠲᠤᠭᠤᠯᠤᠭᠰᠠᠨ ᠷᠢᠳᠢ ᠰᠢᠳᠢ ᠶ᠋ᠢᠨ ᠶᠢᠷᠲᠢᠨᠴᠦ ᠶ᠋ᠢᠨ ᠦᠨᠡᠨᠴᠢ ᠠᠶᠠᠯᠠᠭᠴᠢᠳ ᠪᠢᠯᠡ᠃
ᠮᠥᠩᠬᠡ᠄ ᠪᠢᠳᠡ ᠪᠣᠯ ᠠᠲᠠᠭᠠᠯᠵᠢᠨ ᠬᠠᠷ᠎ᠠ ᠮᠠᠩᠭᠤᠰ ᠲᠠᠢ ᠴᠤ᠌ ᠲᠤᠯᠤᠯᠳᠤᠨ᠂ ᠢᠯᠠᠨ ᠲᠠᠢᠯᠵᠤ ᠴᠢᠳᠠᠭᠰᠠᠨ ᠡᠷᠴᠢ ᠵᠣᠷᠢᠭᠲᠤ ᠠᠶᠠᠯᠠᠭᠴᠢᠳ ᠪᠢᠯᠡ᠃
ᠠᠷᠸ᠎ᠠ᠄ ᠬᠠᠷᠢᠨ ᠣᠳᠣ᠁
ᠳ᠋ᠤᠷᠤᠷᠠᠨ᠄ ᠬᠥᠮᠦᠨ ᠪᠠᠢᠨ᠎ᠠ ᠤᠤ? ᠬᠥᠶᠢ ᠡᠨᠳᠡ ᠬᠥᠮᠦᠨ ᠬᠥᠶᠢ᠂ ᠲᠠ ᠨᠠᠷ ᠴᠢᠨᠢ ᠶᠠᠭᠤ ᠬᠢᠵᠦ ᠪᠠᠢᠭ᠎ᠠ ᠪᠣᠢ?
ᠮᠥᠩᠬᠡ᠄ ᠳ᠋ᠤᠷᠤᠷᠠᠨ ᠪᠢᠳᠡ ᠡᠨᠳᠡ ᠮᠠᠰᠢ ᠴᠢᠬᠤᠯᠠ ᠵᠦᠢᠯ ᠦ᠋ᠨ ᠲᠠᠯ᠎ᠠ ᠪᠠᠷ ᠶᠠᠷᠢᠵᠤ ᠪᠠᠢᠨ᠎ᠠ᠃
ᠳ᠋ᠤᠷᠤᠷᠠᠨ᠄ ᠲᠠ ᠨᠠᠷ ᠴᠢᠨᠢ ᠭᠡᠷᠡᠯ ᠢ᠋ᠶ᠋ᠡᠨ ᠤᠨᠲᠠᠷᠠᠭᠠᠴᠢᠬᠠᠭᠰᠠᠨ ᠶᠠᠭᠤ ᠶᠠᠷᠢᠭᠠᠳ ᠰᠠᠭᠤᠵᠤ ᠪᠠᠢᠭ᠎ᠠ ᠶᠤᠮ ᠪᠣᠢ? ᠪᠢ᠂ ᠪᠢ ᠶᠠᠭᠤ ᠴᠤ᠌ ᠣᠢᠯᠠᠭᠠᠬᠤ ᠦᠭᠡᠢ ᠪᠠᠢᠨ᠎ᠠ᠃
ᠮᠥᠩᠬᠡ᠄ ᠳ᠋ᠤᠷᠤᠷᠠᠨ ᠠ᠋ ᠴᠢ ᠵᠦᠭᠡᠷ ᠤᠤ?
ᠠᠷᠸ᠎ᠠ᠄ ᠬᠥᠶᠢ ᠵᠦᠭᠡᠷ ᠤᠤ?
ᠳ᠋ᠤᠷᠤᠷᠠᠨ᠄ ᠬᠥᠶᠢ ᠠᠷᠸ᠎ᠠ ᠠᠬ᠎ᠠ ᠶᠠᠭᠤ᠂ ᠶᠠᠭᠤ ᠪᠣᠯᠤᠭᠠᠳ ᠪᠠᠢᠨ᠎ᠠ᠂ ᠲᠠ ᠨᠠᠷ ᠴᠢᠨᠢ?
ᠲᠤᠩᠬᠤ᠄ ᠬᠠᠮᠤᠭ ᠤ᠋ᠨ ᠰᠣᠨᠢᠨ ᠨᠢ ᠪᠢ ᠪᠦᠷ ᠳᠡᠭᠡᠳᠦ ᠦᠯᠢᠭᠡᠷ ᠲᠦ᠍ ᠢᠩᠭᠢᠵᠦ ᠶᠡᠬᠡ ᠣᠢᠷᠠᠲᠤᠵᠤ ᠢᠷᠡᠭᠰᠡᠨ ᠭᠡᠬᠦ ᠪᠡᠷ ᠭᠠᠢᠬᠠᠭᠠᠳ ᠪᠠᠢᠬᠤ ᠶᠤᠮ᠂ ᠡᠢᠮᠦ ᠪᠠᠢᠬᠤ ᠪᠣᠯᠤᠮᠵᠢ ᠲᠠᠢ ᠶᠤᠮ ᠤᠤ ᠠᠷᠸ᠎ᠠ ᠠᠬ᠎ᠠ ᠠ᠋?
ᠠᠷᠸ᠎ᠠ᠄ ᠨᠡᠭᠡᠷᠡᠨ ᠲᠡᠢᠮᠦ ᠭᠡᠵᠦ ᠤᠤ᠂ ᠡᠨᠡ ᠣᠯᠠᠨ ᠵᠢᠯ ᠦ᠋ᠨ ᠬᠤᠭᠤᠴᠠᠭᠠᠨ ᠳ᠋ᠤ᠌ ᠬᠠᠢᠵᠤ ᠢᠷᠡᠭᠰᠡᠨ ᠵᠦᠢᠯ ᠮᠠᠨᠢ ᠡᠢᠮᠦ ᠣᠢᠷᠠᠬᠠᠨ ᠢᠷᠡᠭᠰᠡᠨ ᠪᠠᠢᠬᠤ ᠪᠣᠯᠤᠮᠵᠢ ᠲᠠᠢ ᠤᠤ?
ᠮᠥᠩᠬᠡ᠄ ᠲᠡᠭᠡᠪᠡᠯ ᠨᠢᠭᠡ ᠦᠭᠡ ᠪᠡᠷ ᠪᠢᠳᠡ ᠨᠠᠷ《ᠳᠡᠭᠡᠳᠦ ᠦᠯᠢᠭᠡᠷ》 ᠢ᠋ ᠣᠯᠬᠤ ᠳ᠋ᠤ᠌ ᠪᠦᠷ ᠡᠢᠮᠦᠬᠡᠨ ᠣᠢᠷᠠᠬᠠᠨ ᠢᠷᠡᠴᠢᠬᠡᠭᠰᠡᠨ ᠪᠠᠢᠭ᠎ᠠ ᠭᠡᠰᠡᠨ ᠦᠭᠡ ᠶᠦᠮ ᠤᠤ?
ᠲᠤᠩᠬᠤ᠄ ᠭᠡᠬᠦ ᠳ᠋ᠦ᠍ ᠪᠡᠨ ᠮᠢᠨᠦ ᠣᠴᠢᠭᠰᠠᠨ ᠭᠠᠵᠠᠷ ᠦᠨᠡᠬᠡᠷ ᠰᠣᠨᠢᠷᠬᠠᠯᠲᠠᠢ ᠭᠠᠵᠠᠷ ᠪᠠᠢᠭᠰᠠᠨ᠂ ᠮᠠᠰᠢ ᠲᠣᠳᠣ᠂ ᠬᠤᠷᠴᠠ ᠭᠡᠷᠡᠯ ᠪᠠᠰᠠ ᠲᠣᠮᠣ ᠣᠨᠢᠰᠣᠨ ᠬᠠᠭᠠᠯᠭ᠎ᠠ᠂ ᠭᠡᠷᠡᠯ ᠨᠢ ᠲᠣᠳᠣ ᠠ᠋ᠴᠠ ᠲᠣᠳᠣ ᠠᠰᠠᠭᠠᠳ ᠯᠠ᠂ ᠬᠠᠮᠤᠭ ᠤ᠋ᠨ ᠰᠣᠨᠢᠨ ᠵᠦᠢᠯ ᠨᠢ ᠪᠢ ᠲᠠ ᠨᠠᠷ ᠢ᠋ ᠪᠦᠭᠦᠳᠡ ᠶ᠋ᠢ ᠨᠢ ᠬᠥᠭᠰᠢᠷᠡᠭᠰᠡᠨ ᠪᠠᠢᠭ᠎ᠠ ᠪᠠᠷ ᠣᠯᠵᠤ ᠬᠠᠷᠠᠭᠰᠠᠨ᠂ᠮᠥᠩᠬᠡ ᠠᠷᠸ᠎ᠠ ᠠᠬ᠎ᠠ ᠭᠡᠳ ᠯᠡ ᠳᠠᠭᠤᠳᠠᠭᠠᠳ ᠯᠠ ᠪᠠᠢᠭᠰᠠᠨ᠂ ᠲᠠ ᠨᠠᠷ ᠤ᠋ᠨ ᠬᠡᠨ ᠨᠢ ᠴᠦ᠍ ᠨᠠᠮ᠎ᠠ ᠶ᠋ᠢ ᠰᠣᠨᠣᠰᠤᠭ᠎ᠠ ᠦᠭᠡᠢ᠂ ᠨᠠᠮ᠎ᠠ ᠶ᠋ᠢ ᠶᠡᠬᠡ ᠠᠶᠤᠯᠭᠠᠭᠰᠠᠨ᠂ ᠡᠭᠦᠷᠢᠳᠡ ᠲᠡᠨᠳᠡ ᠪᠡᠨ ᠭᠠᠴᠠᠴᠢᠬᠠᠪᠠᠯ ᠭᠡᠬᠦ ᠡᠴᠡ ᠲᠡᠭᠡᠭᠡᠳ ᠪᠠᠰᠠ ᠴᠠᠭ ᠬᠤᠭᠤᠴᠠᠭ᠎ᠠ ᠪᠤᠴᠠᠭᠠᠳ ᠯᠠ ᠭᠡᠨᠡᠳᠲᠡ ᠤᠬᠤᠷᠢᠭᠠᠳ ᠯᠠ ᠫᠣᠩ
ᠮᠥᠩᠬᠡ᠄ ᠪᠦᠷ ᠲᠡᠢᠮᠦ ᠶᠡᠬᠡ ᠵᠦᠢᠯ ᠪᠣᠯᠴᠢᠬᠠᠭᠰᠠᠨ ᠶᠤᠮ ᠤᠤ᠂ ᠦᠭᠡᠢ ᠲᠡᠭᠡᠭᠰᠡᠨ ᠴᠦ᠍ ᠭᠡᠰᠡᠨ ᠲᠤᠩᠬᠤ ᠠ᠋ ᠪᠢᠳᠡ ᠣᠳᠣ ᠬᠠᠮᠲᠤ ᠪᠠᠢᠭ᠎ᠠ ᠨᠢ ᠴᠢᠬᠤᠯᠠ ᠰᠢᠦ ᠳᠡ᠃ ᠲᠤᠩᠬᠤ ᠠ᠋᠂ ᠵᠢᠷᠦᠬᠡ ᠵᠢᠷᠦᠬᠡ᠂ ᠨᠠ ᠨᠠ᠁
ᠲᠤᠩᠬᠤ᠄ ᠬᠢ ᠬᠢ᠂ ᠬᠥᠭᠡᠷᠦᠬᠦᠨ ᠰᠢᠳᠡ ᠮᠥᠩᠬᠡ ᠠ᠋᠃
ᠠᠷᠸ᠎ᠠ᠄ ᠵᠠ ᠲᠡᠭᠡᠬᠦ ᠪᠡᠷ ᠨᠢᠭᠡ ᠰᠣᠨᠢᠨ ᠵᠦᠢᠯ ᠪᠢᠳᠡ ᠨᠠᠷ ᠮᠡᠳᠡᠵᠦ ᠠᠪᠤᠭᠰᠠᠨ ᠨᠢ ᠳᠡᠭᠡᠳᠦ ᠦᠯᠢᠭᠡᠷ ᠤᠷᠤᠭᠤ ᠠᠶᠠᠯᠠᠬᠤ ᠳ᠋ᠤ᠌ ᠴᠠᠭ ᠬᠤᠭᠤᠴᠠᠭᠠᠨ ᠤ᠋ ᠲᠣᠪᠴᠢᠯᠠᠯ ᠬᠦᠷᠲᠡᠯ᠎ᠡ ᠬᠠᠮᠢᠶᠠᠲᠠᠢ ᠪᠠᠢᠬᠤ ᠨᠢ ᠠ᠋᠃
ᠮᠥᠩᠬᠡ᠄ ᠲᠡᠭᠡᠪᠡᠯ ᠠᠷᠸ᠎ᠠ ᠠᠬ᠎ᠠ ᠠ᠋ ᠬᠡᠳᠦᠭᠦᠯᠡ ᠪᠡᠨ ᠣᠳᠣ ᠳᠠᠬᠢᠭᠠᠳ ᠦᠯᠢᠭᠡᠷ ᠢ᠋ᠶ᠋ᠡᠷ ᠠᠶᠠᠯᠠᠬᠤ ᠶᠤᠮ ᠪᠣᠯ ᠰᠢᠭᠤᠳ ᠳᠡᠭᠡᠳᠦ ᠦᠯᠢᠭᠡᠷ ᠤᠷᠤᠭᠤ ᠣᠴᠢᠨ᠎ᠠ ᠭᠡᠰᠡᠨ ᠦᠭᠡ ᠤᠤ?
ᠠᠷᠸ᠎ᠠ᠄ ᠬᠠᠷᠢᠨ᠂ ᠦᠭᠡᠢ ᠮᠢᠨᠦ ᠬᠤᠪᠢ ᠳ᠋ᠤ᠌ ᠪᠦᠷ ᠠᠶᠠᠭᠦᠢ ᠰᠣᠨᠢᠷᠬᠠᠯᠲᠠᠢ ᠰᠠᠨᠠᠭᠳᠠᠵᠤ ᠪᠠᠢᠨ᠎ᠠ᠂ ᠬᠡᠳᠦᠢ ᠪᠠᠭ᠎ᠠ ᠬᠤᠪᠢ ᠲᠠᠢ ᠴᠤ᠌ ᠭᠡᠰᠡᠨ ᠬᠡᠳᠦᠭᠦᠯᠡ ᠪᠡᠨ ᠦᠵᠡᠭᠡᠳ ᠠᠯᠳᠠᠬᠤ ᠤᠤ?
ᠮᠥᠩᠬᠡ᠄ ᠲᠡᠭᠡᠪᠡᠯ ᠪᠦᠭᠦᠳᠡᠭᠡᠷ ᠢ᠋ᠶ᠋ᠡᠨ ᠣᠳᠣ ᠠᠷᠠᠢ ᠳᠡᠭᠡᠳᠦ᠁
ᠲᠤᠩᠬᠤ᠄ 《ᠳᠡᠭᠡᠳᠦ ᠦᠯᠢᠭᠡᠷ》 ᠤᠷᠤᠭᠤ ᠠᠶᠠᠯᠠᠬᠤ ᠭᠡᠵᠦ ᠪᠠᠢᠭ᠎ᠠ ᠶᠤᠮ ᠭᠡᠵᠦ ᠤᠤ?
ᠮᠥᠩᠬᠡ᠄ ᠲᠤᠩᠬᠤ ᠠ᠋ ᠨᠠᠮ᠎ᠠ ᠶ᠋ᠢ ᠨᠢᠭᠡ ᠴᠢᠮᠬᠢᠭᠡᠳ ᠥᠭᠭᠦᠭᠡᠴᠢ᠂ ᠪᠢ ᠬᠠᠷᠢᠨ ᠵᠡᠭᠦᠳᠦᠯᠡᠭᠡ ᠦᠭᠡᠢ ᠪᠢᠵᠡ ᠳᠡ᠂ ᠪᠢᠳᠡ ᠨᠠᠷ ᠪᠦᠷ ᠳᠡᠭᠡᠳᠦ ᠦᠯᠢᠭᠡᠷ ᠲᠦ᠍ ᠡᠢᠮᠦ ᠣᠢᠷᠠᠬᠠᠨ ᠢᠷᠡᠴᠢᠬᠡᠭᠰᠡᠨ ᠪᠠᠢᠭᠰᠠᠨ ᠭᠡᠵᠦ ᠤᠤ?
ᠲᠤᠩᠬᠤ᠄ ᠠ ᠬᠠ᠃
ᠮᠥᠩᠬᠡ᠄Yes It's show time (ᠲᠡᠢᠮᠦ᠂ ᠵᠠ ᠮᠡᠷᠭᠡᠵᠢᠯ ᠢ᠋ᠶ᠋ᠡᠨ ᠦᠵᠡᠭᠦᠯᠦᠶ᠎ᠡ )
ᠠᠷᠸ᠎ᠠ᠄ ᠵᠠ ᠮᠠᠨ ᠤ᠋ ᠬᠢ ᠠ᠋ ᠳᠡᠭᠡᠳᠦ ᠦᠯᠢᠭᠡᠷ ᠢ᠋ ᠣᠯᠬᠤ ᠠᠶᠠᠯᠠᠯ ᠳ᠋ᠤ᠌ ᠪᠠᠨ ᠶᠠᠪᠤᠬᠤ ᠳ᠋ᠤ᠌ ᠪᠡᠯᠡᠨ ᠤᠤ?
ᠪᠦᠭᠦᠳᠡᠭᠡᠷ᠄ ᠪᠡᠯᠡᠨ
ᠮᠥᠩᠬᠡ᠄ ᠶᠠ ᠡᠨᠡ ᠭᠠᠵᠠᠷ ᠨᠢᠭᠡ ᠯᠡ ᠳᠡᠭᠡᠳᠦ ᠦᠯᠢᠭᠡᠷ ᠰᠢᠭᠬᠠᠷᠠᠭᠳᠠᠬᠤ ᠦᠭᠡᠢ ᠯᠡ ᠪᠠᠢᠨ᠎ᠠ ᠳᠠ᠂ ᠲᠤᠩᠬᠤ ᠠ᠋ ᠡᠢᠮᠦ ᠭᠠᠵᠠᠷ ᠪᠠᠢᠭᠰᠠᠨ ᠶᠤᠮ ᠤᠤ?
ᠲᠤᠩᠬᠤ᠄ ᠦᠭᠡᠢ ᠳᠡ᠂ ᠬᠡᠳᠦᠭᠦᠯᠡ ᠪᠡᠨ ᠵᠢᠩᠬᠢᠨᠢ ᠡᠴᠡ ᠪᠡᠨ ᠵᠤᠭᠵᠤᠭᠤᠬᠠᠨ ᠬᠦᠦ ᠶ᠋ᠢᠨ ᠦᠯᠢᠭᠡᠷ ᠤᠷᠤᠭᠤ ᠣᠷᠣᠭᠠᠳ ᠢᠷᠡᠴᠢᠬᠡᠬᠦ ᠰᠢᠭᠪᠣᠯᠤᠯᠠ᠃
ᠮᠥᠩᠬᠡ᠄ ᠬᠥᠶᠢ᠂ ᠵᠦᠭᠡᠷ ᠤᠤ ᠪᠠᠰᠠᠷ ᠠ᠋?
ᠪᠠᠰᠠᠷ᠄ ᠵᠠ ᠰᠠᠢᠨ ᠪᠠᠢᠵᠠᠭᠠᠨ᠎ᠠ ᠤᠤ ᠨᠠᠢᠵᠠ ᠨᠤᠭᠤᠳ ᠠ᠋᠂ ᠪᠦᠷ ᠶᠠᠭᠠᠬᠢᠭᠰᠠᠨ ᠤᠳᠠᠭᠠᠨ ᠠᠭᠤᠯᠵᠠᠭᠰᠠᠨ ᠦᠭᠡᠢ᠂ ᠲᠠ ᠨᠠᠷ ᠮᠢᠨᠢ ᠰᠠᠢᠨ ᠰᠠᠭᠤᠵᠤ ᠪᠠᠢᠭᠰᠠᠨ ᠪᠢᠵᠡ ᠳᠡ᠂ ᠲᠠ ᠨᠠᠷ ᠢ᠋ ᠪᠡᠨ ᠶᠠᠮᠠᠷ ᠶᠡᠬᠡ ᠰᠠᠨᠠᠪᠠ᠃ ᠶᠠᠭ ᠪᠦᠷ ᠬᠥᠮᠦᠨ ᠦ᠌ ᠬᠡᠯᠡ ᠪᠡᠷ ᠶᠠᠷᠢᠭ᠎ᠠ ᠦᠭᠡᠢ ᠶᠠᠮᠠᠷ ᠶᠡᠬᠡ ᠤᠳᠠᠭᠰᠠᠨ ᠶᠤᠮ ᠪᠣᠢ᠂ ᠪᠦᠷ ᠶᠠᠷᠢᠭᠠᠳ ᠯᠠ ᠪᠠᠢᠮᠠᠷ ᠰᠠᠨᠠᠭᠳᠠᠵᠤ ᠪᠠᠢᠨ᠎ᠠ ᠰᠢᠲᠠ᠃ ᠮᠠᠨ ᠤ᠋ ᠬᠠᠭᠠᠨ ᠤ᠋ ᠮᠢᠩᠭᠠᠨ ᠮᠥᠩᠭᠥᠨ ᠪᠥᠮᠪᠥᠭᠡ ᠶ᠋ᠢ ᠮᠠᠨ ᠤ᠋ ᠬᠠᠭᠠᠨ ᠤ᠋ ᠮᠢᠩᠭᠠᠨ ᠮᠥᠩᠭᠥᠨ ᠪᠥᠮᠪᠥᠭᠡ ᠭᠡᠬᠦ ᠦᠭᠡᠢ᠂ ᠥᠭᠡᠷ᠎ᠡ ᠬᠡᠨ ᠦ᠌ ᠬᠠᠭᠠᠨ ᠤ᠋ ᠮᠢᠩᠭᠠᠨ ᠮᠥᠩᠭᠥᠨ ᠪᠥᠮᠪᠥᠭᠡ ᠶ᠋ᠢ ᠮᠠᠨ ᠤ᠋ ᠬᠠᠭᠠᠨ ᠤ᠋ ᠮᠢᠩᠭᠠᠨ ᠮᠥᠩᠭᠥᠨ ᠪᠥᠮᠪᠥᠭᠡ ᠭᠡᠬᠦ ᠶᠦᠮ ᠪᠣᠢ?
ᠲᠤᠩᠬᠤ᠄ ᠬᠠᠷᠢᠨ ᠲᠡᠢᠮᠦ᠂ ᠭᠠᠢᠭᠤᠢ ᠪᠠᠢᠭ᠎ᠠ᠂ ᠪᠢ ᠴᠠᠭ ᠬᠤᠭᠤᠴᠠᠭ᠎ᠠ ᠪᠠᠷ ᠠᠶᠠᠯᠠᠭᠰᠠᠨ ᠠ᠋ᠴᠠ ᠪᠣᠯᠤᠭᠠᠳ ᠡᠢᠮᠦ ᠵᠦᠢᠯ ᠪᠣᠯᠴᠢᠬᠠᠪᠠ ᠤᠤ?
ᠳ᠋ᠤᠷᠤᠷᠠᠨ᠄ ᠰᠣᠨᠢᠨ ᠶᠤᠮ ᠳᠠ
ᠮᠥᠩᠬᠡ᠄ ᠲᠤᠩᠬᠤ ᠠ᠋᠂ ᠴᠢ ᠪᠠᠰᠠᠷ ᠢ᠋ ᠵᠦᠭᠡᠷ ᠤᠤ ᠭᠡᠳ ᠨᠢᠭᠡ ᠠᠰᠠᠭᠤ ᠳᠠ᠃
ᠲᠤᠩᠬᠤ᠄ ᠬᠥᠶᠢ ᠬᠥᠶᠢ᠂ ᠪᠠᠰᠠᠷ ᠠ᠋ ᠵᠦᠭᠡᠷ ᠤᠤ?
ᠪᠠᠰᠠᠷ᠄ ᠵᠠ ᠲᠡᠭᠡᠭᠡᠳ ᠡᠨᠡ ᠤᠯᠠᠷᠢᠯ ᠳ᠋ᠤ᠌ ᠪᠢᠳᠡᠨ ᠢ᠋ ᠬᠡᠴᠢᠨᠡᠭᠡᠨ ᠶᠡᠬᠡ ᠠᠳᠠᠯ ᠶᠠᠪᠤᠳᠠᠯ ᠬᠦᠯᠢᠶᠡᠵᠦ ᠪᠠᠢᠭ᠎ᠠ ᠭᠡᠵᠦ ᠰᠠᠨᠠᠨ᠎ᠠ᠂ ᠶᠣᠣ ᠪᠦᠷ ᠲᠥᠰᠦᠭᠡᠯᠡᠭᠰᠡᠨ ᠴᠢᠨᠢ ᠳᠣᠭᠳᠣᠯᠤᠭᠠᠳ ᠪᠠᠢᠬᠤ ᠴᠢᠨᠢ ᠠ᠋ ᠪᠦᠷ᠁
ᠲᠤᠩᠬᠤ᠄ ᠪᠠᠰᠠᠷ ᠠ᠋᠂ ᠴᠢ ᠬᠡᠨ ᠲᠡᠢ ᠶᠠᠷᠢᠭᠠᠳ ᠪᠠᠢᠭ᠎ᠠ ᠶᠤᠮ ᠪᠣᠢ?
ᠪᠠᠰᠠᠷ᠄ ᠶᠠᠭᠤ ᠬᠡᠨ ᠲᠡᠢ ᠴᠦ᠍ ᠪᠢᠰᠢ᠂ ᠣᠳᠣ ᠣᠴᠢᠯ᠎ᠠ᠃ ᠵᠠ ᠵᠢᠭᠠᠬᠠᠨ ᠥᠪᠡᠷ ᠲᠡᠢ ᠪᠡᠨ ᠪᠢᠰᠢᠯᠭᠠᠯ ᠬᠢᠭᠡᠳ ᠬᠢ ᠬᠢ
ᠮᠥᠩᠬᠡ᠄ ᠠ᠂ ᠪᠢᠳᠡ ᠨᠠᠷ ᠴᠢᠮ᠎ᠠ ᠶ᠋ᠢ ᠬᠠᠷᠢᠨ ᠶᠠᠭᠠᠬᠢᠭᠰᠠᠨ ᠶᠤᠮ ᠪᠣᠯ ᠭᠡᠳ ᠯᠡᠭᠠᠢᠬᠠᠯᠠ ᠰᠢᠳᠡ᠂ ᠬᠢ ᠬᠢ
ᠳ᠋ᠤᠷᠤᠷᠠᠨ᠄ ᠮᠠᠨ ᠤ᠋ ᠬᠢ ᠠ᠋᠂ ᠡᠨᠡ ᠳᠡᠭᠡᠳᠦ ᠦᠯᠢᠭᠡᠷ ᠪᠢᠰᠢ ᠭᠡᠬᠦ ᠪᠡᠷ ᠬᠡᠳᠦᠭᠦᠯᠡ ᠪᠡᠨ ᠵᠤᠭᠵᠤᠭᠤᠬᠠᠨ ᠤ᠋ ᠦᠯᠢᠭᠡᠷ ᠲᠦ᠍ ᠪᠠᠢᠭ᠎ᠠ ᠭᠡᠰᠡᠨ ᠦᠭᠡ ᠤᠤ?
ᠲᠤᠩᠬᠤ᠄ ᠬᠠᠷᠢᠨ ᠲᠡᠢᠮᠦ ᠪᠠᠢᠨ᠎ᠠ᠂ ᠬᠡᠳᠦᠭᠦᠯᠡ ᠪᠡᠨ ᠳᠡᠭᠡᠳᠦ ᠦᠯᠢᠭᠡᠷ ᠤᠷᠤᠭᠤ ᠠᠶᠠᠯᠠᠵᠤ ᠴᠢᠳᠠᠭᠰᠠᠨ ᠦᠭᠡᠢ᠃
ᠪᠠᠰᠠᠷ᠄ ᠲᠠ ᠨᠠᠷ ᠡᠨᠡ ᠶᠠᠪᠤᠵᠤ ᠪᠠᠢᠭ᠎ᠠ ᠬᠥᠭᠵᠢᠮ ᠢ᠋ ᠰᠣᠨᠣᠰᠴᠤ ᠪᠠᠢᠨ᠎ᠠ ᠤᠤ᠂ ᠠᠶ᠎ᠠ ᠦᠭᠡᠢ ᠬᠡᠮᠨᠡᠯ ᠲᠡᠢ ᠬᠥᠭᠵᠢᠮ ᠶᠠᠪᠤᠭᠠᠳ ᠪᠠᠢᠨ᠎ᠠ ᠰᠢᠲᠠ᠃
ᠮᠥᠩᠬᠡ᠄ ᠦᠨᠡᠬᠡᠷ ᠢ᠋ᠶ᠋ᠡᠨ ᠲᠡᠢᠮᠦ ᠪᠠᠢᠨ᠎ᠠ᠂ ᠲᠡᠨᠳᠡ ᠶᠠᠭᠤ ᠪᠣᠯᠵᠤ ᠪᠠᠢᠭ᠎ᠠ ᠶᠤᠮ ᠪᠣᠯ? ᠶᠠᠭ ᠲᠡᠷᠡ ᠬᠠᠪᠢ ᠠ᠋ᠴᠠ ᠯᠠ ᠰᠣᠨᠣᠰᠤᠭᠳᠠᠭᠠᠳ ᠪᠠᠢᠬᠤ ᠰᠢᠭ᠋ ᠪᠠᠢᠬᠤ ᠶᠤᠮ᠃
ᠪᠠᠰᠠᠷ᠄ ᠵᠠ ᠣᠳᠣ ᠪᠠᠷᠤᠭ ᠬᠠᠮᠤᠭ ᠤ᠋ᠨ ᠳᠣᠷᠭᠢᠶᠠ ᠪᠠᠷ ᠢ᠋ᠶ᠋ᠠᠨ ᠮᠠᠨ ᠤ᠋ ᠵᠤᠭᠵᠤᠭᠤᠬᠠᠨ ᠡᠨᠡ ᠬᠥᠭᠵᠢᠮ ᠢ᠋ ᠲᠠᠯᠪᠢᠭᠰᠠᠨ ᠪᠠᠢᠭ᠎ᠠ ᠪᠠᠢᠬᠤ ᠳᠠ᠂ ᠣᠴᠢᠵᠤ ᠦᠵᠡᠬᠦ ᠤᠤ?
ᠮᠥᠩᠬᠡ᠄ ᠬᠢ ᠬᠢ ᠪᠠᠷᠤᠭ ᠮᠥᠨ ᠳᠡ᠂ ᠶᠠᠮᠠᠷ ᠲᠠᠢᠴᠦ᠍ ᠪᠦᠭᠦᠳᠡᠭᠡᠷ ᠢ᠋ᠶ᠋ᠡᠨ ᠣᠴᠢᠵᠤ ᠦᠵᠡᠬᠦ ᠤᠤ?
ᠲᠤᠩᠬᠤ᠄ ᠲᠡᠭᠡᠶ᠎ᠡ!
ᠳᠠᠭᠤᠤ᠄ ᠪᠦᠭᠦᠳᠡᠭᠡᠷ ᠳᠠᠭᠤᠯᠠᠨ᠎ᠠ
ᠵᠤᠭᠵᠤᠭᠤᠬᠠᠨ᠄ ᠡᠨᠡ ᠮᠥᠴᠡ ᠳ᠋ᠦ᠍ ᠵᠤᠭᠵᠤᠭᠤᠬᠠᠨ ᠮᠢᠨᠦ ᠪᠡᠶ᠎ᠡ ᠬᠡᠳᠦᠨ ᠮᠥᠷ ᠶᠠᠪᠤᠴᠢᠬᠠᠬᠤ ᠤᠤ?
ᠥ ᠲᠡᠢᠮᠦ ᠪᠠᠢᠨ᠎ᠠ᠂ ᠮᠤᠭᠵᠤᠭᠤᠬᠠᠨ ᠳᠠᠭ᠎ᠠ ᠶ᠋ᠢᠨ ᠪᠤᠯᠴᠢᠩ ᠰᠢᠷᠪᠥᠰᠥ ᠬᠠᠷᠠᠴᠢᠬᠠᠬᠤ ᠤᠤ?
ᠮᠥᠩᠬᠡ ᠲᠤᠩᠬᠤ ᠲᠠᠢ ᠶᠠᠮᠠᠷ ᠨᠢᠭᠡᠨ ᠶᠠᠭᠤᠮ᠎ᠠ ᠶ᠋ᠢ ᠪᠢ ᠥᠪᠡᠷ ᠦ᠋ᠨ ᠪᠡᠶ᠎ᠡ ᠪᠡᠷ ᠠᠮᠠᠯᠠᠴᠢᠬᠠᠬᠤ ᠤᠤ?
ᠥ᠂ ᠲᠡᠢᠮᠦ ᠪᠠᠢᠨ᠎ᠠ᠂ ᠨᠠᠢᠵᠠ ᠨᠤᠭᠤᠳ ᠣᠷᠣᠵᠤ ᠢᠷᠡᠵᠦ ᠪᠠᠢᠨ᠎ᠠ᠂ ᠲᠢᠺ ᠰᠣᠨᠣᠰᠤᠭᠠᠳ ᠢᠷᠡᠴᠢᠬᠡᠪᠡ ᠤᠤ?
ᠠᠢ᠂ ᠢᠩᠭᠢᠬᠦ ᠦᠶ᠎ᠡ ᠰᠠᠶᠢ ᠠᠨᠳᠠ ᠨᠤᠭᠤᠳ ᠳᠤᠮᠳᠠ ᠪᠠᠨ ᠬᠣᠴᠣᠷᠴᠤ ᠪᠠᠢᠨ᠎ᠠ᠃
ᠮᠢᠨᠦ ᠨᠠᠢᠵᠠ ᠳᠠᠭᠠᠭᠠᠳ ᠲᠡᠢᠮᠦ ᠦᠶ᠎ᠡ ᠲᠠᠰᠤᠷᠴᠢᠬᠠᠬᠤ
ᠮᠥᠩᠬᠡ᠄ ᠴᠡᠭᠡᠵᠢᠨ ᠳ᠋ᠦ᠍ ᠴᠡᠭᠡᠵᠢᠯᠡᠭᠰᠡᠨ ᠬᠡᠳᠦᠨ ᠮᠥᠷ ᠢ᠋ᠶ᠋ᠡᠨ ᠨᠤᠭᠤᠯᠵᠤ ᠪᠠᠢᠨ᠎ᠠ᠂
ᠴᠢᠮ᠎ᠠ ᠲᠠᠢ ᠠᠭᠤᠯᠵᠠᠬᠤ ᠭᠡᠳ ᠳᠥᠷᠪᠡᠨ ᠨᠠᠢᠵᠠ ᠨᠢ ᠴᠤᠭᠯᠠᠵᠤ ᠪᠠᠢᠨ᠎ᠠ᠂
ᠠᠭᠤᠯᠵᠠᠭ᠎ᠠ ᠦᠭᠡᠢ ᠤᠳᠠᠭᠰᠠᠨ ᠨᠠᠢᠵᠠ ᠶ᠋ᠢ ᠪᠡᠨ ᠰᠠᠨᠠᠭᠰᠠᠨ ᠪᠠᠢᠨ᠎ᠠ᠃
ᠴᠠᠰᠤᠬᠠᠨ᠄ ᠴᠣᠭᠯᠢᠭ ᠵᠤᠭᠵᠤᠭᠤᠬᠠᠨ ᠠᠮᠤᠷ ᠲᠠᠢᠪᠤᠩ ᠪᠠᠢᠨ᠎ᠠ ᠤᠤ?ᠪᠢᠳᠡ ᠳᠥᠷᠪᠡ ᠨᠢ ᠠᠭᠤᠯᠵᠠᠬᠤ ᠪᠠᠷ ᠢᠷᠡᠯ᠎ᠡ ᠰᠠᠢᠨ ᠤᠤ?
ᠵᠤᠭᠵᠤᠭᠤᠬᠠᠨ᠄ ᠬᠡᠩ! ᠵᠠ᠂ ᠲᠠ ᠨᠠᠷ ᠠᠮᠠ ᠠᠰᠠᠭᠤᠬᠤᠭᠡᠵᠦ ᠢᠷᠡᠭᠡ ᠤᠤ᠂ ᠡᠰᠡᠬᠦᠯ᠎ᠡ ᠠᠮᠠ ᠳᠤᠷᠳᠤᠭᠤᠬᠤ ᠭᠡᠵᠦ ᠢᠷᠡᠭᠡᠤᠤ?
ᠪᠦᠭᠦᠳᠡᠭᠡᠷ᠄ ᠠ?
ᠵᠤᠭᠵᠤᠭᠤᠬᠠᠨ᠄ ᠬᠠ ᠬᠠ ᠬᠠ ᠬᠠᠮᠢᠭ᠎ᠠ ᠶᠠᠪᠤᠭᠰᠠᠨ ᠲᠠ ᠨᠠᠷ?
ᠪᠦᠭᠦᠳᠡᠭᠡᠷ ᠢᠨᠢᠶᠡᠨ᠎ᠡ᠃
ᠵᠤᠭᠵᠤᠭᠤᠬᠠᠨ᠄ ᠵᠠ ᠰᠠᠢᠨ ᠪᠠᠢᠵᠠᠭᠠᠨ᠎ᠠ ᠤᠤ ᠨᠠᠢᠵᠠ ᠨᠤᠭᠤᠳ ᠮᠢᠨᠢ᠂ ᠦᠯᠢᠭᠡᠷ ᠢ᠋ᠶ᠋ᠡᠷ ᠠᠶᠠᠯᠠᠭᠴᠢ ᠨᠠᠢᠵᠠ ᠨᠤᠭᠤᠳ ᠢ᠋ ᠮᠠᠨᠢ ᠶᠠᠮᠠᠷ ᠷᠢᠳᠢ ᠰᠢᠳᠢ ᠨᠢ ᠨᠠᠳᠠ ᠳᠡᠭᠡᠷ᠎ᠡ ᠠᠪᠴᠢᠷᠠᠭᠰᠠᠨ ᠪᠢᠯᠡ?
ᠲᠤᠩᠬᠤ᠄ ᠪᠢ ᠬᠠᠷᠢᠨ ᠴᠢᠮ᠎ᠠ ᠠ᠋ᠴᠠ ᠵᠦᠢᠷ ᠦᠭᠡ ᠠᠰᠠᠭᠤᠬᠤ ᠭᠡᠵᠦ ᠦᠯᠢᠭᠡᠷ ᠤᠷᠤᠭᠤ ᠠᠶᠠᠯᠠᠭᠠᠳ《 ᠳᠡᠭᠡᠳᠦ ᠦᠯᠢᠭᠡᠷ》 ᠪᠠᠢᠳᠠᠭ ᠨᠢᠭᠡ ᠲᠡᠢᠮᠦ ᠥᠪᠡᠷᠮᠢᠴᠡ ᠭᠠᠵᠠᠷ ᠤᠷᠤᠭᠤ ᠠᠶᠠᠯᠠᠴᠢᠬᠠᠭᠰᠠᠨ ᠶᠤᠮ᠃ ᠲᠡᠭᠡᠭᠡᠳ ᠳᠠᠬᠢᠭᠠᠳ ᠠᠶᠠᠯᠠᠪᠠᠯ ᠲᠡᠢᠰᠢ ᠪᠡᠨ ᠣᠴᠢᠵᠤ ᠮᠠᠭᠠᠳ ᠦᠭᠡᠢ ᠭᠡᠳ ᠠᠶᠠᠯᠠᠭᠰᠠᠨ ᠴᠢᠨᠢ ᠡᠨᠳᠡ ᠪᠡᠨ ᠬᠦᠷᠦᠭᠡᠳ ᠢᠷᠡᠯ᠎ᠡ᠃
ᠵᠤᠭᠵᠤᠭᠤᠬᠠᠨ᠄ ᠲᠤᠩᠬᠤ ᠨᠠᠢᠵᠠ ᠮᠢᠨᠢ ᠪᠢᠲᠡᠭᠡᠢ ᠭᠤᠨᠢᠭᠯᠠ ᠳᠠ᠂ ᠠᠶᠠᠨ ᠵᠠᠮ ᠤ᠋ᠨ ᠢᠷᠦᠭᠡᠯ ᠢ᠋ᠶ᠋ᠡᠷ ᠨᠠᠮ᠎ᠠ ᠶ᠋ᠢ ᠵᠣᠷᠢᠵᠤ ᠢᠷᠡᠭᠰᠡᠨ ᠨᠢ ᠪᠠᠰᠠ ᠯᠠ ᠨᠢᠭᠡ ᠤᠴᠢᠷ ᠲᠠᠢ ᠪᠠᠢᠬ᠎ᠠ᠃ ᠨᠢᠭᠤᠷ ᠲᠤ᠌ ᠪᠠᠨ ᠭᠠᠯ ᠲᠠᠢ᠂ ᠨᠢᠳᠦᠨ ᠳ᠋ᠦ᠍ ᠪᠡᠨ ᠴᠣᠭ ᠲᠠᠢ᠂ ᠷᠢᠳᠢ ᠰᠢᠳᠢ ᠶ᠋ᠢᠨ ᠶᠢᠷᠲᠢᠨᠴᠦ ᠶ᠋ᠢᠨ ᠭᠠᠢᠬᠠᠮᠰᠢᠭ ᠣᠯᠠᠨ ᠠᠷᠪᠠᠨ ᠦᠯᠢᠭᠡᠷ ᠢ᠋ ᠲᠤᠭᠤᠯᠤᠭᠰᠠᠨ ᠲᠠ ᠬᠡᠳᠦ ᠮᠠᠨᠢ 《ᠳᠡᠭᠡᠳᠦ ᠦᠯᠢᠭᠡᠷ》 ᠢ᠋ ᠵᠠᠪᠠᠯ ᠣᠯᠤᠨ᠎ᠠ ᠭᠡᠵᠦ ᠪᠢ ᠢᠲᠡᠭᠡᠵᠦ ᠪᠠᠢᠨ᠎ᠠ᠃
ᠲᠤᠩᠬᠤ᠄ ᠬᠢ ᠬᠢ ᠪᠠᠶᠠᠷᠯᠠᠯ᠎ᠠ ᠵᠤᠭᠵᠤᠭᠤᠬᠠᠨ ᠪᠢᠳᠡ ᠵᠠᠪᠠᠯ ᠣᠯᠤᠨ᠎ᠠ᠃
ᠪᠠᠰᠠᠷ᠄ ᠮᠠᠨ ᠤ᠋ ᠵᠤᠭᠵᠤᠭᠤᠬᠠᠨ ᠴᠤ᠌ ᠶᠣᠰᠣᠲᠠᠢ ᠴᠡᠴᠡᠨ ᠮᠡᠷᠭᠡᠨ ᠰᠢᠦ᠂ ᠦᠨᠡᠬᠡᠷ ᠢ᠋ᠶ᠋ᠡᠨ ᠵᠤᠭᠵᠤᠭᠤᠬᠠᠨ᠂ ᠴᠢᠮ᠎ᠠ ᠳ᠋ᠤ᠌ ᠲᠡᠢᠽ ᠲᠠᠷᠠᠺ ᠡᠨᠡ ᠲᠡᠷᠡ ᠬᠢᠬᠦ ᠪᠣᠳᠣᠯ ᠪᠠᠢᠨ᠎ᠠ ᠤᠤ?
ᠪᠢ ᠪᠣᠯ ᠳᠠᠭᠤᠯᠠᠬᠤ ᠳ᠋ᠤ᠌ ᠪᠠᠨ ᠭᠣᠶᠣ ᠳᠠ ᠧᠦ ᠪᠧᠢ
ᠨᠠᠮ᠎ᠠ ᠶ᠋ᠢ ᠪᠠᠷᠠᠨ᠎ᠠ ᠭᠡᠵᠦ ᠪᠠᠢᠬᠤ ᠦᠭᠡᠢ ᠧᠦ ᠪᠧᠢ
ᠡᠨᠡ ᠲᠡᠷᠡ ᠭᠡᠳ ᠯᠡ ᠠ᠂ ᠬᠡ ᠬᠡ ᠬᠡ᠂ ᠬᠠ᠁
ᠪᠦᠭᠦᠳᠡᠭᠡᠷ ᠢᠨᠢᠶᠡᠨ᠎ᠡ᠃
ᠲᠤᠩᠬᠤ᠄ ᠵᠠ᠂ ᠪᠢᠳᠡ ᠢᠩᠭᠢᠭᠡᠳ ᠪᠤᠴᠠᠶ᠎ᠠ ᠳᠠ᠂ ᠵᠤᠭᠵᠤᠭᠤᠬᠠᠨ ᠮᠢᠨᠢ ᠰᠠᠢᠨ ᠰᠠᠭᠤᠵᠤ ᠪᠠᠢᠭᠠᠷᠠᠢ᠃
ᠵᠤᠭᠵᠤᠭᠤᠬᠠᠨ᠄ ᠪᠠᠶᠠᠷᠲᠠᠢ ᠨᠠᠢᠵᠠ ᠨᠤᠭᠤᠳ ᠠ᠋᠃
ᠪᠠᠰᠠᠷ᠄ ᠵᠠ ᠳᠠᠷᠠᠭ᠎ᠠ ᠠᠭᠤᠯᠵᠠᠵᠠᠭᠠᠶ᠎ᠠ᠃
ᠠᠷᠸ᠎ᠠ᠄ ᠵᠠ ᠮᠠᠨ ᠤ᠋ ᠬᠢ ᠠ᠋᠂ ᠶᠠᠮᠠᠷ ᠠᠳᠠᠯ ᠶᠠᠪᠤᠳᠠᠯ ᠲᠠᠢ ᠢᠷᠡᠪᠡ?
ᠲᠤᠩᠬᠤ᠄ ᠪᠢᠳᠡ ᠨᠠᠷ ᠦᠯᠢᠭᠡᠷ ᠢ᠋ᠶ᠋ᠡᠷ ᠠᠶᠠᠯᠠᠭᠰᠠᠨᠴᠦ᠍ ᠭᠡᠰᠡᠨ《 ᠳᠡᠭᠡᠳᠦ ᠦᠯᠢᠭᠡᠷ 》 ᠢ᠋ ᠣᠯᠵᠤ ᠴᠢᠳᠠᠭᠰᠠᠨ ᠦᠭᠡᠢ ᠠᠷᠸ᠎ᠠ ᠠᠬ᠎ᠠ ᠠ᠋᠃
ᠮᠥᠩᠬᠡ᠄ ᠬᠠᠷᠢᠨ ᠲᠡᠢᠮᠦ ᠠ᠋᠂ ᠦᠭᠡᠢ ᠲᠡᠭᠡᠭᠰᠡᠨ ᠴᠦ᠍ ᠭᠡᠰᠡᠨ ᠪᠢᠳᠡ ᠨᠠᠷ ᠵᠤᠭᠵᠤᠭᠤᠬᠠᠨ ᠲᠠᠢ ᠲᠠᠭᠠᠷᠠᠭᠠᠳ ᠬᠠᠮᠲᠤ ᠳ᠋ᠤ᠌ ᠪᠠᠨ ᠦᠭᠡᠯᠡᠭᠡᠳ᠂ ᠳᠠᠭᠤᠤ ᠳᠠᠭᠤᠯᠠᠭᠠᠳ ᠯᠠ ᠶᠣᠣ ᠶᠣᠰᠣᠲᠠᠢ ᠶᠠᠩᠵᠤ ᠶ᠋ᠢᠨ ᠪᠠᠢᠯ᠎ᠠ ᠰᠢᠳᠡ ᠠᠷᠸ᠎ᠠ ᠠᠬ᠎ᠠ᠃
ᠠᠷᠸ᠎ᠠ᠄ ᠬᠠ ᠬᠠ ᠪᠣᠯᠵᠤ ᠳᠠ᠃
ᠲᠤᠩᠬᠤ᠄ ᠭᠡᠬᠦ ᠳ᠋ᠦ᠍ ᠪᠡᠨ ᠠᠷᠸ᠎ᠠ ᠠᠬ᠎ᠠ ᠠ᠋᠁
ᠠᠷᠸ᠎ᠠ᠄ ᠶᠠᠭᠠᠬᠢᠭᠰᠠᠨ ᠪᠣᠢ ᠮᠢᠨᠦ ᠳᠡᠭᠦᠦ?
ᠲᠤᠩᠬᠤ᠄ ᠠ ᠵᠦᠭᠡᠷ ᠯᠡ᠁
ᠠᠷᠸ᠎ᠠ᠄ ᠬᠦᠢ ᠵᠦᠭᠡᠷ ᠤᠤ ᠲᠤᠩᠬᠤ ᠠ᠋?
ᠲᠤᠩᠬᠤ᠄ ᠠ ᠬᠠᠷᠢᠨ ᠪᠢ᠂ ᠪᠢ ᠰᠠᠶᠢ ᠳᠠᠬᠢᠵᠤ ᠠᠶᠠᠯᠠᠭᠠᠳ ᠦᠯᠢᠭᠡᠷ ᠤᠷᠤᠭᠤ ᠣᠷᠣᠭᠠᠳ ᠪᠦᠭᠦᠳᠡᠭᠡᠷ ᠢ᠋ᠶ᠋ᠡᠨ《 ᠳᠡᠭᠡᠳᠦ ᠦᠯᠢᠭᠡᠷ》 ᠢ᠋ ᠣᠯᠤᠨ᠎ᠠ ᠭᠡᠵᠦ ᠪᠣᠳᠣᠭᠰᠠᠨ ᠶᠤᠮ᠃ ᠲᠡᠭᠡᠭᠰᠡᠨ ᠴᠢᠨᠢ ᠳᠠᠩᠴᠤ ᠴᠢᠳᠠᠭᠰᠠᠨ ᠦᠭᠡᠢ ᠠᠷᠸ᠎ᠠ ᠠᠬ᠎ᠠ ᠨᠠᠢᠵᠠ ᠨᠤᠭᠤᠳ ᠠ᠋ ᠨᠠᠮ᠎ᠠ ᠶ᠋ᠢ ᠠᠭᠤᠴᠢᠯᠠᠭᠠᠷᠠᠢ᠂ ᠮᠠᠭᠠᠳ ᠦᠭᠡᠢ ᠮᠢᠨᠦ ᠠᠶᠠᠯᠠᠭᠰᠠᠨ ᠦᠯᠢᠭᠡᠷ ᠭᠠᠭᠴᠠᠬᠠᠨ ᠤᠳᠠᠭ᠎ᠠ ᠣᠴᠢᠬᠤ ᠪᠣᠯᠤᠮᠵᠢ ᠲᠠᠢ ᠪᠠᠢᠭᠰᠠᠨ ᠪᠣᠯ ᠮᠠᠭᠠᠳ ᠦᠭᠡᠢ ᠬᠡᠳᠦᠭᠦᠯᠡ ᠪᠡᠨ ᠳᠡᠭᠡᠳᠦ ᠦᠯᠢᠭᠡᠷ ᠢ᠋ ᠬᠡᠵᠢᠶ᠎ᠡ ᠴᠦ᠍ ᠳᠠᠬᠢᠭᠠᠳ᠁
ᠮᠥᠩᠬᠡ᠄ ᠵᠦᠭᠡᠷ ᠳᠡ ᠲᠤᠩᠬᠤ ᠠ᠋᠂ ᠬᠠᠮᠤᠭ ᠤ᠋ᠨ ᠴᠢᠬᠤᠯᠠ ᠵᠦᠢᠯ ᠨᠢ ᠶᠠᠭᠤ ᠭᠡᠵᠦ ᠰᠠᠨᠠᠨ᠎ᠠ᠂ ᠪᠢᠳᠡ ᠣᠳᠣ ᠬᠦᠷᠲᠡᠯ᠎ᠡ ᠬᠠᠮᠲᠤ ᠳ᠋ᠤ᠌ ᠪᠠᠨ ᠪᠠᠢᠭ᠎ᠠ ᠨᠢ ᠶᠦᠮ ᠰᠢᠦ ᠳᠡ᠂ ᠶᠠᠮᠠᠷ ᠴᠤ᠌ ᠪᠠᠷᠲᠠᠭ᠎ᠠ ᠰᠠᠭᠠᠳ ᠶᠠᠭᠤ ᠴᠤ᠌ ᠲᠣᠬᠢᠶᠠᠯᠳᠤᠵᠤ ᠪᠠᠢᠭᠰᠠᠨ᠂ ᠪᠢᠳᠡ ᠨᠠᠷ ᠬᠠᠮᠲᠤ ᠳ᠋ᠤ᠌ ᠪᠠᠨ ᠪᠠᠢᠭ᠎ᠠ ᠨᠢ ᠬᠠᠮᠤᠭ ᠤ᠋ᠨ ᠴᠢᠬᠤᠯᠠ᠂ 《ᠳᠡᠭᠡᠳᠦ ᠦᠯᠢᠭᠡᠷ》 ᠢ᠋ ᠣᠯᠬᠤ ᠠ᠋ᠴᠠ ᠢᠯᠡᠭᠦᠦ᠂ ᠪᠢ ᠬᠠᠮᠤᠭ ᠤ᠋ᠨ ᠦᠨᠡᠲᠡᠢ ᠵᠦᠢᠯ ᠢ᠋ᠶ᠋ᠡᠨ ᠣᠯᠤᠭᠰᠠᠨ᠂ ᠲᠡᠷᠡ ᠨᠢ ᠲᠠ ᠨᠠᠷ ᠮᠠᠨᠢ᠂ ᠨᠠᠢᠵᠠ ᠨᠤᠭᠤᠳ ᠮᠠᠨᠢ᠂ ᠭᠡᠷ ᠪᠦᠯᠢ ᠮᠠᠨᠢ ᠶᠤᠮ ᠰᠢᠦ ᠳᠡ᠃
ᠲᠤᠩᠬᠤ᠄ ᠬᠢ ᠬᠢ ᠦᠨᠡᠬᠡᠷ ᠢ᠋ᠶ᠋ᠡᠨ ᠲᠡᠢᠮᠦ ᠰᠢᠦ᠂ ᠬᠥᠭᠡᠷᠦᠬᠦᠨ ᠰᠢᠲᠠ ᠮᠥᠩᠬᠡ᠃
ᠠᠷᠸ᠎ᠠ᠄ ᠡᠢᠮᠦ ᠮᠤᠨᠳᠠᠭ ᠳᠡᠭᠦᠦ ᠨᠠᠷ ᠲᠠᠢ᠂ ᠪᠢ ᠴᠦ᠍ ᠠᠵᠠ ᠲᠠᠢ ᠬᠥᠮᠦᠨ ᠶᠦᠮ ᠳᠡ᠂ ᠵᠠ ᠬᠡᠨ ᠵᠠᠢᠷᠮᠠᠭ ᠢᠳᠡᠮᠡᠷ ᠪᠠᠢᠨ᠎ᠠ?
ᠲᠤᠩᠬᠤ᠄ ᠪᠢ ᠪᠢ᠂ ᠪᠢ ᠭᠦᠵᠡᠭᠡᠯᠵᠡᠭᠡᠨ᠎ᠡ ᠲᠡᠢ ᠶ᠋ᠢ᠁
ᠮᠥᠩᠬᠡ᠄ ᠦᠭᠡᠢ᠂ ᠪᠢ ᠭᠦᠵᠡᠭᠡᠯᠵᠡᠭᠡᠨ᠎ᠡ ᠲᠡᠢ ᠶ᠋ᠢ ᠨᠢ ᠬᠠᠷᠢᠨ᠁
ᠬᠤᠸᠠᠷ ᠦᠰᠦᠭ ᠢ᠋ ᠨᠢ ᠠᠮᠢᠯᠠᠭᠤᠯᠵᠤ᠂ ᠾᠦᠩ ᠸᠧᠢ ᠬᠥᠳᠡᠯᠭᠡᠭᠡᠨᠲᠦ ᠵᠢᠷᠤᠭ ᠲᠤ᠌ ᠦᠰᠦᠭ ᠬᠠᠲᠠᠪᠠ᠂ ᠱᠤᠳᠤᠷᠭᠤ ᠮᠥᠴᠢᠷ ᠬᠢᠨᠠᠵᠤ ᠥᠭᠪᠡ᠃