1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠳᠡᠯᠦᠮᠡᠲᠡᠭᠡᠢ ᠵᠠᠩ-ᠬᠡᠦᠬᠡᠳ ᠦ᠋ᠨ ᠵᠠᠩ ᠰᠡᠳᠬᠢᠴᠡ ᠳᠤ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-01-ᠪᠣᠯᠣᠴᠢᠯᠠᠭᠤ

ᠬᠥᠳᠡᠯᠦᠮᠡᠲᠡᠭᠡᠢ ᠵᠠᠩ-ᠬᠡᠦᠬᠡᠳ ᠦ᠋ᠨ ᠵᠠᠩ ᠰᠡᠳᠬᠢᠴᠡ ᠳᠤ ᠢᠯᠡᠷᠡᠵᠦ ᠪᠠᠢᠭ᠎ᠠ ᠠᠰᠠᠭᠤᠳᠠᠯ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ2-01-ᠪᠣᠯᠣᠴᠢᠯᠠᠭᠤ

2023-10-27

998

ᠬᠥᠳᠡᠯᠦᠮᠡᠲᠡᠭᠡᠢ ᠵᠠᠩ-ᠬᠡᠦᠬᠡᠳ ᠦ᠋ᠨ ᠵᠠᠩ ᠰᠡᠳᠬᠢᠴᠡ ᠳᠤ ᠢᠯᠡᠷᠡᠵᠦ ᠪᠠᠢᠭ᠎ᠠ ᠠᠰᠠᠭᠤᠳᠠᠯ

ᠬᠣᠶᠠᠳᠤᠭᠠᠷ ᠪᠦᠯᠦᠭ 
ᠬᠡᠦᠬᠡᠳ ᠦ᠋ᠨ ᠵᠠᠩ ᠰᠡᠳᠬᠢᠴᠡ ᠳᠤ ᠢᠯᠡᠷᠡᠵᠦ ᠪᠠᠢᠭ᠎ᠠ ᠠᠰᠠᠭᠤᠳᠠᠯ 

    ᠳᠡᠭᠡᠷ᠎ᠡ ᠪᠦᠯᠦᠭ ᠲᠦ᠍ ᠬᠡᠦᠬᠡᠳ ᠦ᠋ᠨ ᠦᠰᠦᠨ ᠪᠣᠢᠵᠢᠵᠤ ᠪᠠᠢᠭ᠎ᠠ ᠨᠡᠢᠭᠡᠮ ᠂ ᠭᠡᠷ ᠪᠦᠯᠢ ᠶ᠋ᠢᠨ ᠭᠡᠮ ᠰᠣᠭᠣᠭ ᠢ᠋ ᠲᠣᠪᠴᠢᠬᠠᠨ ᠶᠠᠷᠢᠯᠴᠠᠯ᠎ᠠ ᠃ᠠᠰᠠᠭᠤᠳᠠᠯ ᠲᠠᠢ ᠬᠡᠦᠬᠡᠳ ᠦ᠋ᠨ ᠠᠷᠤ ᠳ᠋ᠤ᠌ ᠯᠠᠪᠲᠠᠢ ᠠᠰᠠᠭᠤᠳᠠᠯ ᠲᠠᠢ ᠭᠡᠷ ᠪᠦᠯᠢ ᠪᠠᠢᠨ᠎ᠠ ᠭᠡᠵᠦ ᠰᠤᠳᠤᠯᠭᠠᠨ ᠭᠡᠷᠡᠴᠢᠯᠡᠭᠰᠡᠨ ᠃ ᠳᠣᠣᠷ᠎ᠠ ᠲᠡᠭᠡᠪᠡᠯ ᠮᠠᠨ ᠤ᠋ ᠣᠷᠴᠢᠨ ᠳ᠋ᠠᠬᠢ ᠠᠰᠠᠭᠤᠳᠠᠯ ᠲᠠᠢ ᠭᠡᠷ ᠪᠦᠯᠢ ᠡᠴᠡ ᠶᠠᠮᠠᠷᠬᠠᠨ ᠠᠰᠠᠭᠤᠳᠠᠯ ᠲᠠᠢ ᠬᠡᠦᠬᠡᠳ ᠦᠰᠦᠨ ᠪᠣᠢᠵᠢᠵᠤ ᠪᠠᠢᠬᠤ ᠶ᠋ᠢ ᠪᠣᠳᠠᠲᠠᠢ ᠣᠢᠯᠠᠭᠠᠶ᠎ᠠ ᠃

ᠨᠢᠭᠡ ᠂ ᠬᠥᠳᠡᠯᠦᠮᠡᠲᠡᠭᠡᠢ ᠵᠠᠩ
    ᠬᠥᠳᠡᠯᠦᠮᠡᠲᠡᠭᠡᠢ ᠵᠠᠩ ᠲᠠᠢ ᠬᠡᠦᠬᠡᠳ ᠭᠡᠳᠡᠭ ᠨᠢ ᠬᠣᠭᠣᠯᠠ ᠢᠳᠡᠬᠦ ᠳ᠋ᠦ᠍ ᠪᠡᠨ ᠴᠦ᠍ ᠨᠠᠮ ᠵᠢᠮ ᠰᠠᠭᠤᠵᠤ ᠴᠢᠳᠠᠬᠤ ᠦᠭᠡᠢ ᠪᠣᠰᠤᠨ ᠰᠠᠭᠤᠨ ᠭᠦᠶᠦᠬᠦ ᠪᠤᠶᠤ ᠬᠢᠴᠢᠶᠡᠯ ᠳᠡᠭᠡᠷ᠎ᠡ ᠬᠡᠳᠦᠨ ᠮᠢᠨᠦ᠋ᠲ ᠴᠦ᠍ ᠨᠠᠮ ᠲᠣᠭᠲᠠᠭᠤᠨ ᠪᠠᠢᠵᠤ ᠳᠡᠢᠯᠬᠦ ᠦᠭᠡᠢ᠂ ᠬᠣᠢᠨ᠎ᠠ ᠡᠮᠦᠨᠡᠬᠢ ᠬᠡᠦᠬᠡᠳ ᠢ᠋ᠶ᠋ᠡᠨ ᠴᠢᠴᠢᠵᠦ ᠭᠣᠳᠤᠯᠠᠭᠠᠳ ᠠᠮᠤᠷ ᠰᠠᠭᠤᠯᠭᠠᠬᠤ ᠦᠭᠡᠢ᠂ ᠰᠠᠨᠠᠭ᠎ᠠ ᠪᠣᠳᠣᠯ ᠨᠢ ᠬᠡᠵᠢᠶᠡᠳᠡ ᠲᠥᠪᠯᠡᠷᠡᠬᠦ ᠦᠭᠡᠢ᠂ ᠠᠭᠤᠷᠯᠠᠵᠤ ᠪᠠᠴᠢᠮᠳᠠᠬᠤ ᠨᠢ ᠬᠢᠯᠪᠠᠷ᠂ᠳᠣᠭᠳᠣᠯᠵᠤ ᠬᠥᠭᠰᠡᠬᠦ ᠨᠢ ᠠᠮᠠᠷᠬᠠᠨ ᠣᠷᠢᠯᠠᠵᠤ ᠪᠠᠷᠬᠢᠷᠠᠬᠤ ᠨᠢ ᠶᠡᠬᠡ ᠂ ᠤᠨᠲᠠᠵᠤ ᠬᠡᠪᠲᠡᠬᠦ ᠨᠢ ᠲᠠᠢᠪᠤᠭᠤᠨ ᠪᠤᠰᠤ ᠬᠡᠲᠦᠷᠬᠡᠢ ᠬᠥᠳᠡᠯᠭᠡᠭᠡᠨ ᠲᠡᠢ ᠬᠡᠦᠬᠡᠳ ᠢ᠋ ᠵᠢᠭᠠᠵᠤ ᠪᠠᠢᠨ᠎ᠠ ᠃ᠥᠷᠯᠥᠭᠡ ᠣᠷᠣᠢ ᠳ᠋ᠤ᠌ ᠪᠠᠨ ᠬᠡᠦᠬᠡᠳ ᠢ᠋ᠶ᠋ᠡᠨ ᠭᠠᠭᠴᠠᠭᠠᠷ ᠢ᠋ ᠨᠢ ᠭᠡᠷ ᠲᠦ᠍ ᠪᠡᠨ ᠣᠨᠢᠰᠤᠯᠠᠭᠠᠳ ᠠᠷᠠᠯᠵᠢᠶ᠎ᠠ ᠮᠠᠢᠮᠠᠢ ᠳ᠋ᠤ᠌ ᠪᠠᠨ ᠶᠠᠭᠠᠷᠠᠳᠠᠭ ᠡᠴᠢᠭᠡ ᠡᠭᠡᠴᠦᠦᠯ᠂ᠠᠯᠪᠠᠨ ᠠᠵᠢᠯ ᠢ᠋ᠶ᠋ᠠᠷ ᠳᠠᠢᠯᠠᠯᠭ᠎ᠠ ᠵᠠᠯᠠᠯᠭᠠᠨ ᠳ᠋ᠤ᠌ ᠣᠯᠠᠨ ᠶᠠᠪᠤᠳᠠᠭ《ᠠᠵᠢᠯ ᠤ᠋ᠨ ᠭᠠᠯᠵᠠᠭᠤᠲᠠᠢ  ᠬᠥᠮᠦᠰ》᠂ ᠬᠡᠦᠬᠡᠳ ᠢ᠋ᠶ᠋ᠡᠨ ᠠᠷᠭᠠᠳᠠᠵᠤ ᠪᠦᠪᠡᠢᠯᠡᠬᠦ ᠦᠭᠡᠢ ᠠᠶᠤᠯᠭᠠᠵᠤ ᠤᠨᠲᠠᠭᠤᠯᠬᠤ᠂ᠶᠡᠬᠡ ᠪᠡᠷ ᠴᠣᠬᠢᠵᠤ ᠵᠠᠩᠳᠤᠷᠬᠤ ᠪᠤᠶᠤ ᠡᠶ᠎ᠡ ᠡᠪ ᠮᠠᠭᠤᠲᠠᠢ ᠭᠡᠷ ᠪᠦᠯᠢ ᠶ᠋ᠢᠨ ᠣᠷᠴᠢᠨ ᠳ᠋ᠤ᠌ ᠥᠰᠴᠦ ᠪᠠᠢᠭ᠎ᠠ ᠬᠡᠦᠬᠡᠳ ᠲᠦ᠍ ᠡᠨᠡ ᠬᠦ᠌ ᠵᠠᠩ ᠠᠷᠠᠨᠰᠢᠨ ᠲᠥᠯᠥᠪᠰᠢᠷᠡᠵᠦ ᠲᠣᠭᠲᠠᠳᠠᠭ ᠨᠢ ᠣᠯᠠᠨ ᠬᠠᠷᠠᠭᠳᠠᠵᠤ ᠪᠠᠢᠨ᠎ᠠ᠃ ᠬᠡᠦᠬᠡᠳ ᠪᠠᠢᠩᠭᠤ ᠭᠠᠭᠴᠠᠭᠠᠷ ᠰᠠᠭᠤᠳᠠᠭ ᠪᠣᠯᠬᠣᠷ ᠰᠡᠳᠬᠢᠯ ᠰᠠᠨᠠᠭ᠎ᠠ ᠲᠣᠭᠲᠠᠪᠤᠷᠢ ᠠᠯᠳᠠᠨ᠎ᠠ᠂ᠳᠡᠷᠭᠡᠳᠡ ᠨᠢ ᠬᠥᠮᠦᠨ ᠪᠠᠢᠬᠤ ᠦᠭᠡᠢ ᠡᠴᠡ ᠠᠶᠤᠳᠠᠰᠤ ᠬᠦᠷᠳᠡᠭ ᠪᠣᠯᠬᠣᠷ ᠬᠡᠵᠢᠶᠡᠳᠡ ᠬᠠᠵᠠᠭᠤ ᠬᠠᠪᠢ ᠶ᠋ᠢᠨ ᠬᠥᠮᠦᠰ ᠢ᠋ᠶ᠋ᠡᠨ ᠲᠠᠲᠠᠵᠤ ᠴᠢᠩᠭᠠᠭᠠᠨ ᠪᠠᠢᠵᠤ᠂ ᠲᠡᠳᠡᠨ ᠦ᠌ ᠠᠩᠬᠠᠷᠤᠯ ᠢ᠋ ᠪᠡᠶ᠎ᠡ ᠵᠦᠭ ᠢ᠋ᠶ᠋ᠡᠨ ᠲᠠᠲᠠᠬᠤ ᠶ᠋ᠢ ᠣᠷᠣᠯᠳᠣᠳᠠᠭ ᠨᠢ ᠲᠡᠳᠡᠨ ᠦ᠌ ᠲᠣᠭᠲᠠᠭᠰᠠᠨ ᠠᠷᠠᠨᠰᠢᠨ ᠪᠣᠯᠵᠠᠢ᠃ ᠮᠢᠨᠦ ᠳᠡᠭᠡᠳᠦ ᠳᠤᠮᠳᠠᠳᠤ ᠶ᠋ᠢᠨ ᠨᠢᠭᠡ ᠬᠠᠮᠲᠤ ᠰᠤᠷᠤᠭᠴᠢ ᠭᠤᠴᠢ ᠭᠠᠷᠤᠮᠠᠭᠴᠠ ᠰᠤᠮᠤᠨ ᠤ᠋ ᠱᠦᠵᠢ ᠶ᠋ᠢᠨ ᠲᠤᠰᠢᠶᠠᠯ ᠳ᠋ᠤ᠌ ᠶᠠᠪᠤᠭᠰᠠᠨ᠂ ᠬᠤᠰᠢᠭᠤᠨ ᠳᠡᠭᠡᠷ᠎ᠡ ᠢᠷᠡᠪᠡᠯ ᠠᠵᠢᠯ ᠣᠯᠠᠨ ᠲᠠᠢ ᠵᠠᠯᠠᠯᠭ᠎ᠠ ᠪᠤᠳᠠᠭᠠᠯᠠᠯᠭ᠎ᠠ ᠪᠠᠰᠠ ᠠᠷᠪᠢᠨ ᠭᠡᠨ᠎ᠡ᠃ ᠲᠡᠳᠡᠨ ᠦ᠌ ᠬᠢ ᠪᠠᠢᠰᠢᠩ ᠳ᠋ᠤ᠌ ᠰᠠᠭᠤᠳᠠᠭ ᠪᠣᠯᠬᠣᠷ ᠴᠣᠩᠬᠣᠨ ᠳ᠋ᠤ᠌ ᠪᠠᠨ ᠬᠤᠯᠠᠭᠠᠢᠴᠢ ᠠ᠋ᠴᠠ ᠰᠡᠷᠭᠡᠢᠯᠡᠬᠦ ᠲᠣᠣᠷ ᠲᠠᠢ ᠂ ᠦᠳᠡ ᠳ᠋ᠦ᠍ ᠭᠠᠳᠠᠨ᠎ᠠ ᠬᠣᠭᠣᠯᠠ ᠢᠳᠡᠭᠡᠳ ᠢᠷᠡᠬᠦ ᠳ᠋ᠦ᠍ ᠣᠨᠢᠰᠣᠲᠠᠢ ᠭᠡᠷ ᠲᠦ᠍ ᠬᠣᠴᠣᠷᠠᠭᠰᠠᠨ ᠠᠷᠪᠠ ᠬᠦᠷᠦᠭᠡᠳᠦᠢ ᠬᠦᠦ ᠨᠢ ᠴᠣᠩᠬᠣᠨ ᠲᠣᠣᠷ ᠢ᠋ᠶ᠋ᠠᠨ ᠴᠣᠭᠣᠯᠤᠨ ᠠᠢᠯ ᠤ᠋ᠨ ᠬᠡᠦᠬᠡᠳ ᠲᠦ᠍ ᠰᠢᠬᠢᠷ ᠥᠭᠴᠦ ᠬᠠᠨᠢ ᠪᠣᠯᠭᠠᠨ ᠵᠣᠭᠰᠣᠭᠠᠵᠤ ᠪᠠᠢᠳᠠᠭ ᠭᠡᠨ᠎ᠡ᠂ ᠲᠡᠳᠡᠭᠡᠷ ᠬᠠᠨᠢ ᠪᠣᠯᠳᠠᠭ ᠬᠡᠦᠬᠡᠳ ᠨᠢ ᠡᠬᠢᠯᠡᠭᠡᠳ ᠬᠡᠳᠦᠨ ᠰᠢᠬᠢᠷ ᠢ᠋ᠶ᠋ᠡᠷ ᠰᠡᠭᠦᠯᠳᠡᠵᠦ ᠢᠷᠡᠭᠡᠳ ᠨᠢᠭᠡ ᠬᠣᠶᠠᠷ ᠲᠥᠭᠥᠷᠢᠭ ᠥᠭᠪᠡᠯ ᠰᠠᠶᠢ ᠬᠠᠨᠢ ᠪᠣᠯᠳᠠᠭ ᠭᠡᠵᠦ ᠨᠠᠢᠵᠠ ᠶ᠋ᠢᠨ ᠢ᠋ᠶ᠋ᠡᠨ ᠶᠠᠷᠢᠬᠤ ᠶ᠋ᠢ ᠰᠣᠨᠣᠰᠴᠤ ᠪᠠᠢᠭᠰᠠᠨ᠃ᠬᠣᠲᠠ ᠳ᠋ᠤ᠌ ᠪᠠᠢᠭ᠎ᠠ ᠪᠠᠭ᠎ᠠ ᠰᠤᠷᠭᠠᠭᠤᠯᠢ ᠶ᠋ᠢᠨ ᠬᠣᠶᠠᠳᠤᠭᠠᠷ ᠣᠨ ᠤ᠋ ᠬᠡᠦᠬᠡᠳ ᠦ᠋ᠨ ᠬᠡᠯᠡ ᠪᠢᠴᠢᠭ ᠦ᠋ᠨ ᠥᠭᠦᠯᠡᠪᠦᠷᠢ ᠵᠣᠬᠢᠶᠠᠬᠤ ᠳᠠᠰᠬᠠᠯ ᠳ᠋ᠤ᠌ 《ᠥᠴᠥᠭᠡᠳᠦᠷ ᠣᠷᠣᠢ ᠡᠮᠧ ᠭᠤᠸᠠᠩᠵᠠ ᠳ᠋ᠤ᠌ ᠬᠣᠭᠣᠯᠠ ᠢᠳᠡᠬᠦ ᠪᠡᠷ ᠶᠠᠪᠤᠭᠠᠳ ᠂ ᠪᠢ ᠭᠠᠭᠴᠠᠭᠠᠷ ᠢ᠋ᠶ᠋ᠠᠨ ᠳᠠᠰᠬᠠᠯ ᠢ᠋ᠶ᠋ᠠᠨ ᠬᠢᠪᠡ》 ᠭᠡᠬᠦ ᠮᠡᠲᠦ ᠪᠡᠷ ᠵᠣᠬᠢᠶᠠᠭᠰᠠᠨ ᠥᠭᠦᠯᠡᠪᠦᠷᠢ ᠣᠯᠠᠨ ᠬᠠᠷᠠᠭᠳᠠᠬᠤ ᠪᠣᠯᠤᠭᠰᠠᠨ ᠪᠠᠢᠨ᠎ᠠ ᠃ ᠡᠢᠮᠦᠷᠬᠦ ᠣᠷᠴᠢᠨ ᠳᠤ ᠥᠰᠴᠦ ᠪᠠᠢᠭ᠎ᠠ ᠬᠡᠦᠬᠡᠳ ᠠᠮᠠᠷᠬᠠᠨ ᠰᠡᠳᠬᠢᠴᠡ ᠶ᠋ᠢᠨ ᠠᠰᠠᠭᠤᠳᠠᠯ ᠲᠠᠢ ᠪᠣᠯᠳᠠᠭ᠃ ᠲᠡᠭᠡᠪᠡᠯ ᠬᠥᠳᠡᠯᠦᠮᠡᠲᠡᠭᠡᠢ ᠰᠡᠳᠬᠢᠴᠡ ᠶ᠋ᠢᠨ ᠭᠡᠮ ᠠᠷᠬᠠᠭ ᠢ᠋ ᠵᠠᠰᠠᠬᠤ ᠳ᠋ᠤ᠌ ᠠᠪᠤ ᠡᠵᠢ ᠨᠢ ᠬᠡᠦᠬᠡᠳ ᠲᠡᠢ ᠪᠡᠨ ᠢᠯᠡᠭᠦᠬᠡᠨ ᠬᠠᠮᠲᠤ ᠪᠠᠢᠬᠤ᠂ ᠬᠢᠵᠦ ᠪᠠᠢᠭ᠎ᠠ᠂ ᠨᠠᠭᠠᠳᠴᠤ ᠪᠠᠢᠭ᠎ᠠ ᠵᠦᠢᠯ ᠢ᠋ ᠨᠢ ᠢᠯᠡᠭᠦᠬᠡᠨ ᠣᠢᠯᠠᠭᠠᠬᠤ ᠪᠤᠶᠤ ᠬᠠᠮᠲᠤ ᠨᠠᠭᠠᠳᠬᠤ᠂ ᠢᠯᠡᠭᠦᠬᠡᠨ ᠶᠠᠷᠢᠯᠴᠠᠨ ᠵᠣᠭᠣᠭᠳᠠᠬᠤ ᠂ᠬᠡᠦᠬᠡᠳ ᠦ᠋ᠨ ᠶᠠᠭᠤ ᠬᠡᠯᠡᠵᠦ ᠶᠠᠭᠤ ᠪᠣᠳᠣᠵᠤ ᠪᠠᠢᠬᠤ ᠶ᠋ᠢ ᠰᠡᠳᠬᠢᠯ ᠲᠠᠯᠪᠢᠨ ᠰᠣᠨᠣᠰᠴᠤ ᠬᠡᠦᠬᠡᠳ ᠦ᠋ᠨ ᠢ᠋ᠶ᠋ᠡᠨ ᠰᠠᠨᠠᠭ᠎ᠠ ᠪᠣᠳᠣᠯ ᠰᠡᠳᠬᠢᠴᠡ ᠶ᠋ᠢᠨ ᠬᠤᠪᠢᠷᠠᠯᠲᠠ ᠶ᠋ᠢ ᠰᠠᠢᠨ ᠣᠢᠯᠠᠭᠠᠬᠤ᠂ᠨᠢᠯᠬ᠎ᠠ ᠪᠠᠭ᠎ᠠ ᠳᠡᠭᠡᠷ᠎ᠡ ᠨᠢ ᠪᠦᠪᠡᠢᠯᠡᠵᠦ ᠤᠨᠲᠠᠭᠤᠯᠬᠤ᠂ᠦᠯᠢᠭᠡᠷ ᠳᠣᠮᠣᠭ ᠶᠠᠷᠢᠵᠤ ᠬᠡᠦᠬᠡᠳ ᠦ᠋ᠨ ᠰᠡᠳᠬᠢᠯ ᠢ᠋ ᠪᠠᠶᠠᠰᠬᠠᠬᠤ᠂ᠪᠠᠴᠢᠮᠳᠠᠨ ᠠᠭᠤᠷᠯᠠᠬᠤ ᠦᠶᠡᠰ ᠰᠠᠨᠠᠭ᠎ᠠ ᠰᠡᠳᠬᠢᠯ ᠢ᠋ ᠠᠷᠭᠠᠳᠠᠨ ᠲᠠᠢᠪᠤᠰᠢᠷᠠᠭᠤᠯᠵᠤ᠂ ᠪᠠᠢᠩᠭᠤ ᠲᠣᠯᠣᠭᠠᠢ ᠶ᠋ᠢ ᠨᠢ ᠢᠯᠢᠵᠦ᠂ ᠡᠴᠢᠭᠡ ᠡᠬᠡ ᠶ᠋ᠢᠨ ᠬᠠᠢᠷ᠎ᠠ ᠶ᠋ᠢ ᠮᠡᠳᠡᠷᠡᠭᠦᠯᠦᠨ᠂ ᠵᠣᠷᠢᠭᠲᠠᠢ ᠬᠥᠮᠦᠨ ᠪᠣᠯᠤᠨ᠎ᠠ ᠰᠢᠦ ᠭᠡᠵᠦ ᠦᠷᠭᠦᠯᠵᠢ ᠵᠣᠷᠢᠭᠵᠢᠭᠤᠯᠵᠤ ᠪᠠᠢᠬᠤ ᠨᠢ ᠴᠢᠬᠤᠯᠠ᠃
    ᠦᠰᠦᠭ ᠠᠮᠢᠯᠠᠭᠤᠯᠤᠭᠰᠠᠨ ᠨᠢ᠄ ᠪᠦᠷᠢᠨᠴᠡᠴᠡᠭ
    ᠬᠢᠨᠠᠭᠰᠠᠨ ᠨᠢ᠄ᠣᠳᠭᠠᠨᠰᠸ᠎ᠠ