1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 1-04Мөнх ТунхMunkh Tunkh

ᠮᠥᠩᠬᠡ ᠲᠤᠩᠬᠤ 1-04Мөнх ТунхMunkh Tunkh

2023-01-04

1051

ᠮᠥᠩᠬᠡ ᠲᠤᠩᠬᠤ ᠨᠢᠭᠡᠳᠦᠭᠡᠷ ᠤᠯᠠᠷᠢᠯ ᠳᠥᠷᠪᠡᠳᠦᠭᠡᠷ ᠠᠩᠭᠢ

ᠮᠥᠩᠬᠡ ᠲᠤᠩᠬᠤ ᠨᠢᠭᠡᠳᠦᠭᠡᠷ ᠤᠯᠠᠷᠢᠯ ᠳᠥᠷᠪᠡᠳᠦᠭᠡᠷ ᠠᠩᠭᠢ
ᠮᠥᠩᠬᠡ ᠄ ᠬᠠ ᠬᠠ ᠁ᠮᠢᠨᠦ ᠨᠠᠢᠵᠠ ᠴᠢᠨᠢ ᠤᠬᠠᠭ᠎ᠠ ᠠᠯᠳᠠᠬᠤ ᠭᠡᠳ ᠪᠠᠢᠭ᠎ᠠ ᠤᠤ ᠳᠠ
ᠭᠡᠷᠸᠮᠢ᠄ ᠶᠣᠣ᠂ ᠡᠨᠡ ᠪᠦᠷ ᠲᠡᠷᠡ᠂ ᠶᠣᠣ ᠶᠠᠩᠵᠤ ᠶ᠋ᠢᠨ ᠶᠦᠮ ᠪᠣᠢ?
ᠲᠤᠩᠬᠤ᠄ ᠬᠡᠳᠦᠭᠦᠯᠡ ᠪᠡᠨ ᠣᠴᠢᠵᠤ ᠶᠠᠷᠢᠯᠴᠠᠵᠤ ᠦᠵᠡᠬᠦ ᠤᠤ?᠃
ᠭᠡᠷᠸᠮᠢ᠄ ᠪᠢ᠂ ᠠᠢ ᠪᠢ ᠶᠠᠭᠤᠮ᠎ᠠ ᠶᠠᠷᠢᠵᠤ ᠴᠢᠳᠠᠬᠤ ᠦᠭᠡᠢ ᠪᠠᠢᠬ᠎ᠠ᠂ ᠰᠠᠨᠳᠤᠷᠤᠭᠠᠳ ᠪᠠᠢᠨ᠎ᠠ᠃
ᠴᠠᠰᠤᠬᠠᠨ᠄ ᠬᠠᠲᠤᠨ ᠢ ᠠᠪᠤᠷᠠᠬᠤ ᠭᠡᠵᠦ ᠪᠠᠢᠭ᠎ᠠ ᠶᠤᠮ ᠴᠢᠨᠢ ᠪᠢᠳᠡᠨ ᠲᠡᠢ ᠶᠠᠷᠢᠬᠤ ᠵᠠᠪ ᠪᠠᠢᠬᠤ ᠦᠭᠡᠢ ᠪᠠᠢᠯᠭᠦᠢ ᠳᠡ᠃
ᠭᠡᠷᠸᠮᠢ᠄ ᠶᠣᠣ ᠶᠣᠣ᠂ ᠲᠡᠢᠮᠦ ᠪᠠᠢᠬ᠎ᠠ᠂ ᠭᠡᠬᠦ ᠳ᠋ᠦ᠍ ᠪᠡᠨ ᠬᠡᠳᠦᠭᠦᠯᠡ ᠪᠡᠨ ᠶᠠᠳᠠᠵᠤ ᠳᠠᠭᠠᠵᠤ ᠶᠠᠪᠤᠭᠠᠳ ᠦᠵᠡᠶ᠎ᠡ᠂ ᠲᠡᠭᠡᠬᠦ ᠤᠤ᠃
ᠮᠥᠩᠬᠡ᠄ ᠦ᠂ ᠲᠡᠭᠡᠶ᠎ᠡ᠂ ᠲᠡᠭᠡᠶ᠎ᠡ᠃
ᠬᠠᠭᠠᠨ᠄ ᠵᠠ᠂ ᠲᠠ ᠨᠠᠷ ᠮᠢᠨᠢ᠂ ᠮᠢᠨᠦ ᠬᠠᠲᠤᠨ ᠢ᠋ ᠠᠪᠴᠢᠷᠠᠵᠤ ᠠᠯᠢ᠂ ᠨᠢᠭᠡᠨ ᠵᠦᠢᠯ ᠢ᠋ ᠰᠠᠨᠠᠬᠤ ᠠᠪᠠᠰᠤ᠂ᠠᠯᠲᠠᠨ ᠨᠠᠷᠠ ᠶᠢ ᠰᠢᠩᠭᠡᠬᠦ ᠡᠴᠡ ᠡᠮᠦᠨ᠎ᠡ ᠠᠮᠵᠢᠬᠤ ᠦᠭᠡᠢ ᠪᠣᠯ ᠬᠠᠲᠤᠨ ᠢ᠋ᠶ᠋ᠠᠨ ᠪᠢ ᠪᠦᠷᠢᠮᠦᠰᠦᠨ ᠠᠯᠳᠠᠬᠤ ᠪᠣᠯᠤᠨ᠎ᠠ ᠰᠢᠦ᠃ ᠬᠠᠲᠤᠨ ᠢ᠋ ᠮᠢᠨᠢ ᠡᠰᠡᠨ ᠮᠡᠨᠳᠦ ᠠᠪᠴᠤ ᠢᠷᠡᠪᠡᠰᠦ᠂ ᠬᠣᠷᠸ᠎ᠠ ᠶᠢᠷᠲᠢᠨᠴᠦ ᠳᠡᠭᠡᠷ᠎ᠡ ᠵᠥᠪᠬᠡᠨ ᠮᠢᠨᠦ ᠣᠷᠳᠣᠨ ᠳ᠋ᠤ᠌ ᠪᠠᠢᠳᠠᠭ ᠠᠯᠲᠠᠨ ᠰᠤᠮᠤ ᠶ᠋ᠢ ᠥᠭᠭᠦᠨ᠎ᠡ᠃ᠲᠡᠭᠦᠨ ᠢ᠋ᠶ᠋ᠡᠷ ᠪᠠᠷᠠᠬᠤ ᠥᠬᠡᠢ ᠪᠦᠭᠦᠳᠡ ᠶ᠋ᠢ ᠲᠦᠰᠢᠮᠡᠳ ᠨᠣᠶᠠᠳ ᠪᠣᠯᠭᠠᠨ᠎ᠠ᠃
ᠳᠥᠷᠪᠡᠳᠡᠬᠢ ᠬᠥᠪᠡᠭᠦᠨ᠄ ᠠᠪᠤᠷᠭᠤ ᠳᠡᠰ ᠰᠢᠪᠠᠭᠤ ᠠᠪᠴᠤ ᠶᠠᠪᠤᠵᠠᠢ᠃
ᠭᠤᠷᠪᠠᠳᠠᠬᠢ ᠬᠥᠪᠡᠭᠦᠨ : ᠲᠡᠨᠳᠡ ᠨᠢᠰᠴᠦ ᠶᠠᠪᠤᠨ᠎ᠠ᠃
ᠭᠡᠷᠸᠮᠢ᠄ ᠲᠠ ᠬᠡᠳᠦ ᠬᠠᠷᠠᠭᠰᠠᠨ ᠤᠤ ᠰᠠᠢ᠂ ᠲᠠ ᠬᠡᠳᠦ ᠬᠠᠷᠠᠭᠰᠠᠨ ᠤᠤ ᠰᠠᠢ᠃ ᠶᠣᠣ ᠬᠠᠷᠠᠭᠰᠠᠨ ᠪᠢᠵᠡ ᠳᠡ᠃
ᠲᠤᠩᠬᠤ᠄ ᠬᠠᠷᠢᠨ ᠲᠡᠢᠮᠦ ᠠ᠋᠂ ᠳᠡᠰ ᠰᠢᠪᠠᠭᠤ ᠭᠡᠵᠦ ᠶᠠᠭᠠᠬᠢᠵᠤ ᠮᠡᠳᠡᠳᠡᠭ ᠪᠠᠢᠨ᠎ᠠ᠃
ᠭᠡᠷᠸᠮᠢ ᠄ ᠳᠡᠯᠡᠬᠡᠢ ᠶ᠋ᠢᠨ ᠪᠦᠬᠦ ᠦᠨᠦᠷ ᠢ᠋ ᠮᠡᠳᠡᠳᠡᠭ ᠶᠦᠮ ᠪᠢᠯᠡ ᠤᠤ᠂ ᠬᠥᠶᠢ᠂ ᠭᠡᠬᠦ ᠳ᠋ᠦ᠍ ᠪᠡᠨ ᠪᠢᠳᠡ ᠨᠠᠷ ᠢ᠋ ᠡᠳᠦᠢ ᠳ᠋ᠦ᠍ ᠦᠨᠦᠷᠯᠡᠭᠡᠳ ᠮᠡᠳᠡᠴᠢᠬᠡᠮᠡᠷ ᠶᠦᠮ᠃
ᠳᠥᠷᠪᠡᠳᠡᠬᠢ ᠬᠥᠪᠡᠭᠦᠨ᠄ ᠮᠠᠲᠠᠯ ᠦᠭᠡᠢ ᠶᠠᠭᠠᠬᠢᠬᠤᠪ ᠳᠠ᠃
ᠮᠥᠩᠬᠡ᠄ ᠲᠠ ᠪᠢᠳᠡ ᠨᠠᠷ ᠢ᠋ ᠮᠡᠳᠡᠵᠦ ᠪᠠᠢᠭᠰᠠᠨ ᠶᠤᠮ ᠤᠤ᠂ ᠡᠨᠳᠡ ᠪᠠᠢᠭ᠎ᠠ ᠶ᠋ᠢ᠃
ᠳᠥᠷᠪᠡᠳᠡᠬᠢ ᠬᠥᠪᠡᠭᠦᠨ᠄ ᠠ ᠬᠠ᠂ ᠬᠠᠭᠠᠨ ᠤ᠋ ᠤᠷᠲᠤ ᠠ᠋ᠴᠠ ᠬᠣᠢᠰᠢ ᠳᠠᠭᠠᠵᠤ ᠪᠠᠢᠭ᠎ᠠ ᠶ᠋ᠢ ᠴᠢᠨᠢ ᠮᠡᠳᠡᠭᠰᠡᠨ ᠶᠦᠮ᠃
ᠭᠡᠷᠸᠮᠢ᠄ ᠺᠤᠯᠤᠮ ᠤ᠋ᠨ ᠳᠠᠭᠠᠵᠤ ᠪᠠᠢᠭ᠎ᠠ ᠶ᠋ᠢ ᠭᠡᠷᠸᠲ᠌ᠸᠯ ᠮᠡᠳᠡᠵᠦ ᠪᠠᠢᠳᠠᠭ ᠰᠢᠭ᠋ ᠪᠢᠳᠡ ᠨᠠᠷ ᠢ᠋ ᠪᠠᠰᠠ ᠮᠡᠳᠡᠵᠦ ᠪᠠᠢᠭᠰᠠᠨ ᠶᠤᠮ ᠪᠠᠢᠨ᠎ᠠ ᠰᠢᠳᠡ᠃ ᠶᠠᠮᠠᠷ cool (ᠰᠣᠷᠲᠣᠭᠣ ᠲᠠᠢ) ᠶᠤᠮ ᠪᠣᠢ᠃
ᠳᠥᠷᠪᠡᠳᠡᠬᠢ ᠬᠥᠪᠡᠭᠦᠨ᠄ ᠶᠠᠭᠠᠬᠢᠭᠰᠠᠨ ᠭᠡᠨ᠎ᠡ᠃ ᠮᠢᠨᠦ ᠳᠡᠭᠦᠦ ᠵᠦᠭᠡᠷ ᠤᠤ?
ᠴᠠᠰᠤᠬᠠᠨ᠄ ᠮᠠᠨ ᠤ᠋ ᠭᠸᠷᠡᠮᠢ ᠮᠠᠨᠢ ᠥᠪᠡᠷ ᠦ᠋ᠨ ᠬᠢᠨᠢ ᠰᠢᠲᠦᠳᠡᠭ ᠪᠠᠭᠠᠲᠤᠷ ᠨᠢ ᠭᠠᠷᠤᠭᠠᠳ ᠢᠷᠡᠭᠰᠡᠨ ᠴᠢᠨᠢ ᠰᠠᠨᠳᠤᠷᠤᠭᠠᠳ ᠶᠠᠭᠤᠮ᠎ᠠ ᠶᠠᠷᠢᠵᠤ ᠴᠢᠳᠠᠬᠤ ᠦᠭᠡᠢ ᠪᠠᠢᠭ᠎ᠠ ᠶᠤᠮ ᠤᠤ ᠳᠠ᠃
ᠳᠥᠷᠪᠡᠳᠡᠬᠢ ᠬᠥᠪᠡᠭᠦᠨ᠄ ᠬᠡ ᠬᠡ ᠬᠡ
ᠴᠠᠰᠤᠬᠠᠨ᠄ ᠢᠩᠭᠢᠬᠦ ᠳ᠋ᠦ᠍ ᠲᠠ ᠠᠬ᠎ᠠ ᠳᠡᠭᠦᠦ ᠨᠠᠷ ᠲᠤ᠌ ᠪᠠᠨ ᠲᠤᠰᠠᠯᠠᠬᠤ ᠦᠭᠡᠢ ᠶᠦᠮ ᠤᠤ᠃
ᠳᠥᠷᠪᠡᠳᠡᠬᠢ ᠬᠥᠪᠡᠭᠦᠨ᠄ ᠪᠢ ᠥᠪᠡᠷ ᠦ᠋ᠨ ᠬᠢᠵᠦ ᠴᠢᠳᠠᠬᠤ ᠵᠦᠢᠯ ᠢ᠋ᠶ᠋ᠡᠨ ᠬᠢᠭᠰᠡᠨ ᠪᠣᠯᠬᠣᠷ᠂ ᠠᠬ᠎ᠠ ᠳᠡᠭᠦᠦ ᠨᠠᠷ ᠮᠢᠨᠢ ᠦᠯᠡᠳᠡᠭᠰᠡᠨ ᠢ᠋ ᠨᠢ ᠬᠢᠵᠦ ᠴᠢᠳᠠᠨ᠎ᠠ᠃ ᠪᠢᠳᠡ ᠥᠪᠡᠷᠰᠡᠳ ᠦ᠋ᠨ ᠬᠢᠵᠦ ᠴᠢᠳᠠᠳᠠᠭ ᠵᠦᠢᠯ ᠳᠡᠭᠡᠷ᠎ᠡ ᠪᠡᠨ ᠪᠡᠶ᠎ᠡ ᠪᠠᠶᠠᠨ ᠳ᠋ᠤ᠌ ᠪᠠᠨ ᠵᠠᠭᠤᠨ ᠬᠤᠪᠢ ᠢᠲᠡᠭᠡᠵᠦ ᠴᠢᠳᠠᠳᠠᠭ ᠶᠤᠮ ᠰᠢᠦ ᠳᠡ᠃
ᠪᠠᠰᠠᠷ᠄ ᠰᠤᠮᠤ ᠨᠢ ᠠᠷᠠᠢ ᠤᠳᠠᠭᠠᠨ ᠶᠠᠪᠤᠭᠠᠳ ᠪᠠᠢᠨ᠎ᠠ ᠤᠤ ᠦᠭᠡᠢ ᠤᠤ᠂ ᠥᠩ!
ᠳᠥᠷᠪᠡᠳᠡᠬᠢ ᠬᠥᠪᠡᠭᠦᠨ᠄ ᠠᠯᠢ ᠬᠡᠳᠦᠢᠨ ᠤᠨᠤᠭᠰᠠᠨ ᠪᠠᠢᠬᠤ ᠠ᠋᠂ ᠬᠥᠶᠢ᠂ ᠨᠠᠷᠠ ᠵᠢᠷᠭᠠᠵᠤ ᠪᠠᠢᠨ᠎ᠠ ᠤᠤ ᠳᠠ᠃
ᠮᠥᠩᠬᠡ: ᠬᠡᠳᠦᠭᠦᠯᠡ ᠪᠡᠨ ᠣᠴᠢᠵᠤ ᠬᠠᠷᠠᠶ᠎ᠠ᠃
ᠪᠠᠰᠠᠷ᠄ ᠶᠠᠮᠠᠷ ᠬᠥᠭᠡᠷᠦᠬᠦᠨ ᠶᠦᠮ ᠪᠣᠢ? ᠸᠠ ᠧᠦ᠂ ᠵᠠᠢᠷᠮᠠᠭ ᠠ᠋ᠴᠠ ᠭᠣᠶᠣ ᠪᠠᠢᠬᠤ ᠳᠠ᠃ ᠵᠢᠷᠦᠬᠡ ᠭᠡᠵᠦ ᠶᠠᠭᠤ ᠪᠣᠢ? ᠪᠢᠳᠡ ᠶᠠᠭᠠᠬᠢᠬᠤ ᠭᠡᠵᠦ ᠠᠮᠢᠳᠤᠷᠠᠳᠠᠭ ᠶᠤᠮ ᠪᠣᠢ?ᠬᠠᠢᠷ᠎ᠠ ᠭᠡᠵᠦ ᠶᠠᠭᠤ ᠶᠤᠮ ᠪᠣᠢ? ᠵᠠ ᠪᠠᠢᠵᠠ ᠶᠠᠭᠠᠬᠢᠬᠤ ᠤᠤ? ᠣᠴᠢᠭᠠᠳ ᠶᠠᠭᠤᠮ᠎ᠠ ᠠᠰᠠᠭᠤᠴᠢᠬᠠᠬᠤ ᠤᠤ? ᠴᠢᠮᠡᠭᠡ ᠦᠭᠡᠢ ᠵᠥᠷᠢᠬᠦ ᠤᠤ? ᠨᠠᠢᠵᠠ ᠨᠤᠭᠤᠳ ᠤᠷᠤᠭᠤ ᠪᠠᠨ ᠣᠴᠢᠬᠤ ᠤᠤ? ᠨᠠᠮ᠎ᠠ ᠶ᠋ᠢ ᠭᠡᠬᠦ ᠪᠣᠯᠪᠠ ᠤᠤ? ᠪᠠᠷᠤᠭ ᠳᠠᠭᠤᠤ ᠵᠣᠬᠢᠶᠠᠴᠢᠬᠠᠪᠠ ᠤᠤ? ᠮᠢᠨᠦ ᠵᠢᠷᠦᠬᠡ ᠶ᠋ᠢ ᠠᠪᠬᠤ ᠭᠡᠵᠦ ᠡᠨᠡ ᠬᠣᠷᠸ᠎ᠠ ᠳ᠋ᠤ᠌ ᠴᠢ ᠮᠡᠨᠳᠦᠯᠡᠭᠡ ᠤᠤ? ᠵᠠ ᠪᠠᠢᠵᠠ᠂ ᠶᠠᠭᠠᠬᠢᠳᠠᠭ ᠶᠤᠮ ᠪᠢᠯᠡ᠁ ᠶᠠᠮᠠᠷ ᠬᠡᠴᠡᠭᠦᠦ ᠶᠦᠮ ᠪᠣᠢ? ᠶᠠᠮᠠᠷ ᠠ᠋!
ᠪᠠᠰᠠᠷ᠄ ᠠ᠂ ᠶᠠᠮᠠᠷ ᠭᠣᠶᠣ ᠶᠤᠮ ᠪᠣᠢ? ᠵᠠ ᠶᠠᠭᠠᠬᠢᠵᠤ ᠲᠠᠨᠢᠯᠴᠠᠬᠤ ᠤᠤ? ᠶᠠᠭᠠᠬᠢᠪᠠᠯ ᠵᠦᠭᠡᠷ ᠶᠦᠮ ᠪᠣᠯ?(ᠶᠠᠩᠵᠤ ᠶᠠᠩᠵᠤ ᠪᠠᠷ ᠳᠠᠭᠤᠳᠠᠵᠤ ᠪᠠᠢᠨ᠎ᠠ᠃)
ᠪᠠᠰᠠᠷ: ᠠᠭᠤᠴᠢᠯᠠᠭᠠᠷᠠᠢ! ᠤᠨᠠᠬᠤ ᠳᠤ ᠡᠪᠡᠳᠦᠭᠰᠡᠨ ᠤᠤ?
ᠭᠢᠴᠢᠢ᠄ ᠶᠠᠭᠠᠬᠢᠭᠰᠠᠨ ᠠ᠋?
ᠪᠠᠰᠠᠷ᠄ ᠲᠩᠷᠢ ᠡᠴᠡ ᠤᠨᠠᠬᠤ ᠳ᠋ᠤ᠌᠂ ᠲᠩᠷᠢ ᠶ᠋ᠢᠨ ᠡᠯᠴᠢ ᠮᠢᠨᠢ! ᠰᠠᠢᠨ ᠪᠠᠢᠨ᠎ᠠ ᠤᠤ? ᠭᠢᠴᠢᠢ᠄ ᠰᠠᠢᠨ᠂ ᠰᠠᠢᠨ ᠪᠠᠢᠨ᠎ᠠ ᠤᠤ?
ᠪᠠᠰᠠᠷ᠄ ᠶᠠ᠂ ᠲᠡᠭᠡᠭᠡᠳ ᠲᠠᠨᠢᠯᠴᠠᠭᠠᠳ ᠯᠠ᠂ ᠨᠠᠢᠵᠠᠯᠠᠭᠠᠳ ᠯᠠ᠁ ᠠ᠂ ᠠᠶᠤᠮᠠᠷ ᠶᠡᠬᠡ ᠶᠠᠭᠤᠮ᠎ᠠ ᠪᠣᠳᠣᠵᠤ ᠪᠠᠢᠭᠰᠠᠨ ᠴᠢᠨᠢ ᠶᠠᠪᠤᠴᠢᠬᠠᠭᠰᠠᠨ ᠪᠠᠢᠨ᠎ᠠ ᠰᠢᠦ ᠳᠡ᠃
ᠭᠡᠷᠸᠮᠢ᠄ ᠲᠠᠢᠨᠠᠽ᠂ ᠲᠠᠢᠨᠠᠽ᠂ ᠮᠢᠰᠲᠸᠷ᠂ ᠲᠠᠢᠨᠠᠽ᠂ ᠱᠤᠮᠪᠠ ᠳ᠋ᠤᠮᠪᠠ ᠪᠤᠮᠪᠠ ᠵᠤᠮᠪᠠ
ᠮᠥᠩᠬᠡ᠄ ᠲᠠᠢᠨᠠᠽ᠂ ᠲᠠᠢᠨᠠᠽ᠂ ᠮᠢᠰᠲᠸᠷ ᠲᠠᠢᠨᠠᠽ᠂ ᠱᠤᠮᠪᠠ ᠳ᠋ᠤᠮᠪᠠ ᠪᠤᠮᠪᠠ ᠵᠤᠮᠪᠠ
ᠪᠦᠭᠦᠳᠡᠭᠡᠷ᠄ ᠲᠠᠢᠨᠠᠽ᠂ ᠲᠠᠢᠨᠠᠽ᠂ ᠮᠢᠰᠲᠸᠷ᠂ ᠲᠠᠢᠨᠠᠽ᠂ ᠱᠤᠮᠪᠠ ᠳ᠋ᠤᠮᠪᠠ ᠪᠤᠮᠪᠠ ᠵᠤᠮᠪᠠᠠ
ᠬᠣᠶᠠᠳᠠᠬᠢ ᠬᠥᠪᠡᠭᠦᠨ᠄ ᠲᠠᠢᠨᠠᠽ᠂ ᠲᠠᠢᠨᠠᠽ᠂ ᠮᠢᠰᠲᠸᠷ᠂ ᠲᠠᠢᠨᠠᠽ᠂ ᠱᠤᠮᠪᠠ ᠳ᠋ᠤᠮᠪᠠ ᠪᠤᠮᠪᠠ ᠵᠤᠮᠪᠠ᠂ ᠬᠦᠢ ᠬᠦᠢ᠂ ᠬᠡ ᠬᠡ ᠬᠡ᠂ ᠶᠠᠭ ᠪᠠᠯᠠᠷᠠᠬᠤ ᠭᠡᠵᠦ ᠪᠠᠢᠨ᠎ᠠ᠃ᠬᠡ ᠬᠡ
ᠮᠥᠩᠬᠡ᠄ ᠶᠠᠭᠠᠬᠢᠨ᠎ᠠ᠂ ᠨᠠᠭᠠᠰᠢ ᠪᠠᠨ ᠨᠢᠰᠴᠦ ᠶᠠᠪᠤᠨ᠎ᠠ᠂
ᠪᠠᠰᠠᠷ᠄ ᠠ᠂ ᠡᠨᠡ ᠪᠣᠯ ᠠᠩᠬᠠᠨ ᠤ᠋ ᠬᠠᠷᠠᠴᠠ ᠪᠠᠷ ᠳᠤᠷᠠᠯᠠᠭᠰᠠᠨ ᠴᠢᠷᠠᠢᠯᠢᠭ ᠤ᠋ᠨ ᠳᠠᠭᠤᠤ
ᠴᠢᠮ᠎ᠠ ᠶ᠋ᠢ ᠪᠢ ᠠᠩᠬ᠎ᠠ ᠬᠠᠷᠠᠭᠠᠳ ᠡᠢᠮᠦ ᠪᠣᠳᠣᠯ ᠲᠥᠷᠥᠭᠰᠡᠨ
ᠬᠠᠮᠤᠭ ᠤ᠋ᠨ ᠠᠮᠲᠠᠲᠠᠢ ᠵᠠᠢᠷᠮᠠᠭ ᠪᠠᠢᠪᠠᠯ ᠡᠢᠮᠦ ᠪᠠᠢᠬᠤ ᠭᠡᠵᠦ
ᠴᠢᠮ᠎ᠠ ᠶ᠋ᠢ ᠪᠢ ᠠᠩᠬ᠎ᠠ ᠬᠠᠷᠠᠭᠠᠳ ᠡᠢᠮᠦ ᠪᠣᠳᠣᠯ ᠲᠥᠷᠥᠭᠰᠡᠨ
ᠬᠠᠮᠤᠭ ᠤ᠋ᠨ ᠲᠣᠳᠣ ᠰᠣᠯᠣᠩᠭ᠎ᠠ ᠪᠠᠢᠪᠠᠯ ᠡᠢᠮᠦ ᠯᠡ ᠪᠠᠢᠬᠤ᠂ ᠧᠦ
ᠴᠠᠭᠠᠨ ᠲᠣᠯᠣᠭᠠᠢ ᠰᠤᠷᠬᠤ ᠳ᠋ᠤ᠌ ᠴᠤ᠌ ᠢᠩᠭᠢᠵᠦ ᠰᠠᠨᠳᠤᠷᠴᠤ ᠦᠵᠡᠭᠡ ᠦᠭᠡᠢ
ᠲᠣᠭ᠎ᠠ ᠪᠠᠨ ᠨᠡᠮᠡᠵᠦ ᠬᠠᠰᠤᠬᠤ ᠳ᠋ᠤ᠌ ᠴᠤ᠌ ᠰᠢᠢᠳᠪᠦᠷᠢ ᠪᠤᠷᠤᠭᠤ ᠭᠠᠷᠤᠭ᠎ᠠ ᠦᠭᠡᠢ
ᠦᠨᠡᠬᠡᠷ ᠴᠢ ᠪᠣᠯ ᠶᠠᠷᠢᠶᠠᠨ ᠦᠭᠡᠢ ᠨᠠᠢᠵᠠ ᠮᠢᠨᠢ ᠪᠣᠯᠬᠤ ᠨᠢ ᠪᠠᠷᠠᠭᠠᠨ ᠦᠭᠡᠢ
ᠭᠡᠬᠦ ᠳ᠋ᠦ᠍ ᠪᠡᠨ ᠶᠠᠭᠠᠬᠢᠵᠤ ᠶᠠᠷᠢᠶ᠎ᠠ ᠶ᠋ᠢ ᠪᠢ ᠡᠬᠢᠯᠡᠭᠦᠯᠵᠦ ᠴᠢᠮ᠎ᠠ ᠲᠠᠢ ᠶᠠᠷᠢᠬᠤ ᠪᠣᠢ᠃
ᠠᠢ! ᠬᠠᠮᠲᠤ ᠰᠠᠭᠠᠲᠠᠨ ᠲᠣᠭᠯᠠᠬᠤ ᠤᠤ?
ᠡᠰᠡᠪᠡᠯ ᠪᠢ ᠴᠢᠮ᠎ᠠ ᠳ᠋ᠤ᠌ ᠳᠠᠭᠤᠤ ᠳᠠᠭᠤᠯᠠᠵᠤ ᠥᠭᠬᠦ ᠤᠤ?
ᠦ ᠦ
ᠴᠢᠯᠠᠭᠤᠨ ᠭᠡᠷ ᠪᠠᠷᠢᠵᠤ ᠲᠣᠭᠯᠠᠬᠤ ᠤᠤ?
ᠡᠰᠡᠪᠡᠯ ᠬᠠᠮᠲᠤ ᠮᠥᠩᠬᠡ ᠲᠤᠩᠬᠤ ᠦᠵᠡᠵᠦ ᠰᠠᠭᠤᠬᠤ ᠤᠤ?
ᠦ ᠦ ᠠ᠁

   ᠦᠰᠦᠭ ᠠᠮᠢᠯᠠᠭᠤᠯᠵᠤ ᠬᠠᠲᠠᠭᠰᠠᠨ᠄ ᠾᠦᠩ ᠸᠧᠢ
   ᠬᠢᠨᠠᠯᠲᠠ ᠬᠢᠭᠰᠡᠨ᠄ ᠱᠤᠳᠤᠷᠭᠤ᠂ ᠳ᠂ ᠪᠥᠬᠡᠴᠢᠯᠠᠭᠤ᠂ ᠮᠥᠴᠢᠷ᠂ ᠢᠷᠡᠭᠡᠳᠦᠢ ᠂ ᠭᠠᠷᠮ᠎ᠠ᠃