ᠮᠥᠩᠬᠡ ᠲᠤᠩᠬᠤ 1-03Мөнх ТунхMunkh Tunkh
ᠮᠥᠩᠬᠡ ᠲᠤᠩᠬᠤ ᠨᠢᠭᠡᠳᠦᠭᠡᠷ ᠤᠯᠠᠷᠢᠯ ᠭᠤᠷᠪᠠᠳᠤᠭᠠᠷ ᠠᠩᠭᠢ 1-03
ᠴᠠᠰᠤᠬᠠᠨ᠄ ᠮᠥᠩᠬᠡ ᠠ᠋ ᠰᠠᠢᠨ ᠪᠠᠷᠢᠭᠠᠷᠠᠢ᠂ ᠲᠤᠩᠬᠤ ᠠ᠋ ᠬᠠᠮᠢᠭ᠎ᠠ ᠪᠠᠢᠨ᠎ᠠ?
ᠪᠠᠰᠠᠷ᠄ ᠲᠤᠩᠬᠤ ᠶ᠋ᠢ ᠪᠢ ᠪᠠᠷᠢᠭᠰᠠᠨ ᠪᠠᠢᠨ᠎ᠠ᠃
ᠲᠤᠩᠬᠤ᠄ ᠶᠠᠭᠠᠬᠢᠨ᠎ᠠ᠂ ᠬᠡᠵᠢᠶ᠎ᠡ ᠵᠣᠭᠰᠣᠬᠤ ᠶᠤᠮ ᠪᠣᠢ?
ᠮᠥᠩᠬᠡ᠄ ᠭᠡᠷᠸᠮᠢ ᠬᠠᠮᠢᠭ᠎ᠠ ᠪᠠᠢᠨ᠎ᠠ?
ᠴᠠᠰᠤᠬᠠᠨ᠄ ᠴᠢᠮ᠎ᠠ ᠲᠠᠢ ᠬᠠᠮᠲᠤ ᠪᠠᠢᠬᠤ ᠦᠭᠡᠢ ᠪᠠᠢᠭ᠎ᠠ ᠶᠤᠮ
ᠮᠥᠩᠬᠡ᠄ ᠪᠠᠢᠬᠤ ᠦᠭᠡᠢ ᠪᠠᠢᠨ᠎ᠠ᠃
ᠲᠤᠩᠬᠤ᠄ ᠬ᠋ᠸᠷᠠᠮᠢ
ᠮᠥᠩᠬᠡ᠂ ᠪᠠᠰᠠᠷ᠄ ᠠ!
ᠭᠤᠷᠪᠠᠨ ᠴᠠᠭ ᠤ᠋ᠨ ᠡᠮᠦᠨ᠎ᠡ
ᠮᠥᠩᠬᠡ᠄ ᠭᠠᠳᠠᠭ᠎ᠠ ᠶᠠᠮᠠᠷ ᠭᠣᠶᠣ ᠪᠠᠢᠨ᠎ᠠ᠃
ᠲᠤᠩᠬᠤ᠄ ᠬᠠᠷᠢᠨ ᠲᠡᠢᠮᠦ᠂ ᠶᠡᠬᠡ ᠭᠣᠶᠣ ᠴᠡᠴᠡᠭᠡᠰ ᠲᠡᠢ ᠦᠯᠢᠭᠡᠷ ᠪᠠᠢᠨ᠎ᠠ᠃
ᠭᠡᠷᠸᠮᠢ᠄ ᠬᠠᠷᠢᠨ ᠲᠡᠢᠮᠦ ᠶᠣᠰᠣᠲᠠᠢ ᠭᠣᠶᠣ ᠴᠡᠴᠡᠭ ᠦ᠋ᠳ ᠪᠠᠢᠨ᠎ᠠ᠃
ᠪᠠᠰᠠᠷ᠄ ᠬᠥᠶᠢ᠂ ᠴᠢ ᠬᠡᠨ ᠪᠣᠢ?
ᠭᠡᠷᠸᠮᠢ᠄ ᠶᠠᠭᠤ ᠬᠡᠯᠡᠵᠦ ᠪᠠᠢᠭ᠎ᠠ ᠶᠤᠮ ᠪᠣᠢ᠂ ᠬᠡᠷᠸᠮᠢ ᠯᠡ ᠪᠠᠢᠨ᠎ᠠ ᠰᠢᠲᠠ᠃
ᠪᠠᠰᠠᠷ᠄ ᠴᠢᠮ᠎ᠠ ᠶ᠋ᠢ ᠶᠡᠷᠦ ᠡᠴᠡ ᠪᠡᠨ ᠬᠠᠷᠠᠭ᠎ᠠ ᠦᠭᠡᠢ ᠶᠦᠮ ᠪᠠᠢᠬᠤ ᠴᠢᠨᠢ᠂ ᠥᠩ᠃
ᠲᠤᠩᠬᠤ᠄ ᠪᠢᠳᠡ ᠨᠠᠷ ᠲᠠᠢ ᠬᠠᠮᠲᠤ ᠦᠯᠢᠭᠡᠷ ᠢ᠋ᠶ᠋ᠡᠷ ᠠᠶᠠᠯᠠᠳᠠᠭ ᠭᠡᠷᠸᠮᠢ ᠯᠡ ᠪᠠᠢᠨ᠎ᠠ ᠰᠢᠳᠡ᠂ ᠴᠢ ᠰᠠᠨᠠᠬᠤ ᠦᠭᠡᠢ ᠪᠠᠢᠭ᠎ᠠ ᠶᠤᠮ ᠤᠤ?
ᠮᠥᠩᠬᠡ᠄ ᠢᠩᠭᠢᠬᠦ ᠳ᠋ᠦ᠍ ᠠᠢᠯ ᠤ᠋ᠨ ᠠᠬ᠎ᠠ ᠠ᠋᠂ ᠶᠠᠭᠠᠬᠢᠭᠠᠳ ᠬᠥᠮᠦᠰ ᠡᠷᠡᠬᠡᠢᠳᠡᠢ ᠮᠡᠷᠭᠡᠨ ᠭᠡᠵᠦ ᠶᠠᠷᠢᠳᠠᠭ ᠶᠤᠮ ᠪᠣᠢ᠃
ᠮᠥᠩᠬᠡ᠄ ᠵᠠ᠂ ᠥᠨᠥᠳᠥᠷ ᠶᠠᠮᠠᠷ ᠦᠯᠢᠭᠡᠷ ᠢ᠋ᠶ᠋ᠡᠷ ᠠᠶᠠᠯᠠᠬᠤ ᠪᠣᠢ?
ᠠᠷᠸ᠎ᠠ᠄ ᠮᠤᠭᠵᠤᠭᠤᠬᠠᠨ ᠳᠠᠭ᠎ᠠ ᠲᠠᠢ ᠵᠤᠭᠵᠤᠭᠤᠬᠠᠨ᠁
ᠴᠠᠰᠤᠬᠠᠨ᠄ ᠮᠢᠨᠦ ᠬᠥᠭᠡᠷᠦᠬᠦᠨ ᠳᠡᠭᠦᠦ ᠵᠦᠢᠷ ᠰᠡᠴᠡᠨ ᠦᠭᠡ ᠶ᠋ᠢ ᠪᠡᠨ ᠰᠠᠢᠨ ᠮᠡᠳᠡᠳᠡᠭ ᠁
ᠮᠥᠩᠬᠡ᠄ ᠬᠡ ᠬᠡ᠂ ᠣᠳᠣ ᠰᠠᠨᠠᠭᠰᠠᠨ ᠤᠤ?
ᠪᠠᠰᠠᠷ᠄ ᠥ᠂ ᠲᠡᠢᠮᠦ ᠰᠢᠳᠡ᠂ ᠬᠡᠩ ᠬᠡᠩ᠂ ᠭᠸᠷᠡᠮᠢᠭ ᠭᠡᠰᠡᠨ ᠪᠠᠢᠨ᠎ᠠ ᠰᠢᠳᠡ᠂ ᠥᠩ
ᠭᠡᠷᠸᠮᠢ᠄ ᠪᠢᠰᠢ᠂ ᠭᠡᠷᠸᠮᠢ᠂ ᠭᠡᠷᠸᠮᠢ
ᠪᠠᠰᠠᠷ᠄ ᠥᠩ ᠁
ᠪᠠᠰᠠᠷ᠄ ᠰᠠᠶᠢ ᠶ᠋ᠢᠨ ᠴᠢ ᠴᠢᠨᠢ ᠬᠡᠨ ᠪᠣᠢ ᠭᠡᠳᠡᠭ ᠬᠡᠰᠡᠭ ᠦ᠋ᠨ ᠵᠣᠬᠢᠶᠠᠯ ᠢ᠋ ᠪᠢ ᠪᠢᠴᠢᠭᠰᠡᠨ ᠰᠢᠲᠠ᠂ ᠲᠠᠨ ᠨᠠᠷ ᠲᠤ᠌ ᠲᠠᠭᠠᠯᠠᠭᠳᠠᠭᠰᠠᠨ ᠤᠤ᠂ ᠠ᠂ ᠭᠣᠶᠣ ᠭᠣᠶᠣ᠂ ᠭᠣᠶᠣ ᠪᠠᠢᠭᠰᠠᠨ ᠤᠤ᠂ ᠠ
ᠴᠠᠰᠤᠬᠠᠨ᠄ ᠪᠠᠰᠠᠷ ᠠ᠋ ᠬᠡᠦᠬᠡᠯᠳᠡᠢ ᠶ᠋ᠢ ᠨᠢ ᠦᠵᠡᠭᠦᠯ ᠯᠡ ᠳᠡ᠃
ᠪᠠᠰᠠᠷ᠄ ᠵᠠ ᠵᠠ᠃ ᠴᠠᠰᠤᠬᠠᠨ᠂ ᠬᠡᠩ enjoy (ᠢᠠᠽᠣᠢ)᠃
ᠴᠠᠰᠤᠬᠠᠨ᠄ ᠵᠠ᠂ ᠦᠯᠢᠭᠡᠷ ᠤᠩᠰᠢᠬᠤ ᠭᠡᠵᠦ ᠪᠠᠢᠬᠤ ᠰᠢᠭ᠋ ᠪᠠᠢᠨ᠎ᠠ᠃
ᠡᠷᠲᠡ ᠤᠷᠢᠳᠤ ᠶ᠋ᠢᠨ ᠴᠠᠭ ᠲᠤ᠌ ᠬᠣᠯᠠ ᠨᠤᠲᠤᠭ ᠤ᠋ᠨ ᠨᠢᠭᠡ ᠬᠠᠭᠠᠨ ᠬᠣᠣᠰ ᠦᠭᠡᠢ ᠰᠠᠢᠬᠠᠨ ᠬᠠᠲᠤᠨ ᠲᠠᠢ ᠶᠤᠮ ᠰᠠᠨᠵᠠᠢ᠃ᠨᠢᠭᠡᠨ ᠡᠳᠦᠷ ᠬᠠᠲᠤᠨ ᠨᠢ ᠴᠡᠴᠡᠷᠯᠢᠭᠲᠦ ᠬᠦᠷᠢᠶᠡᠯᠡᠩ ᠢ᠋ᠶ᠋ᠡᠷ ᠴᠡᠩᠭᠡᠨ ᠵᠤᠭᠠᠯᠠᠵᠤ ᠶᠠᠪᠤᠲᠠᠯ᠎ᠠ᠂ ᠬᠠᠷᠢ ᠭᠠᠵᠠᠷ ᠤ᠋ᠨ ᠵᠢᠰᠦ ᠦᠵᠡᠭᠳᠡᠭᠡ ᠦᠭᠡᠢ ᠨᠢᠭᠡᠨ ᠰᠢᠪᠠᠭᠤ᠂ ᠬᠠᠷᠪᠤᠭᠰᠠᠨ ᠰᠤᠮᠤ ᠰᠢᠭ᠋ ᠳᠡᠭᠦᠯᠢᠵᠦ ᠢᠷᠡᠭᠡᠳ᠂ᠰᠢᠭᠦᠷᠡᠵᠦ ᠣᠳᠴᠠᠢ᠃ ᠮᠡᠩᠳᠡᠵᠦ ᠰᠠᠨᠳᠤᠷᠤᠭᠰᠠᠨ ᠬᠠᠭᠠᠨ ᠮᠡᠷᠭᠡᠨ ᠵᠢᠷᠤᠬᠠᠢᠴᠢ ᠪᠠᠨ ᠳᠠᠭᠤᠳᠠᠵᠤ᠄ 《 ᠵᠠ᠂ ᠮᠢᠨᠦ ᠬᠠᠲᠤᠨ ᠢ᠋ ᠬᠡᠨ ᠣᠯᠵᠤ ᠢᠷᠡᠵᠦ ᠴᠢᠳᠠᠬᠤ ᠪᠣᠢ? ᠮᠡᠷᠭᠡᠨ ᠵᠢᠷᠤᠬᠠᠢᠴᠢ ᠴᠢ ᠦᠨᠡᠨ ᠢ᠋ᠶ᠋ᠡᠷ ᠨᠢ ᠬᠡᠯᠡ 》 ᠭᠡᠯᠡ᠃ᠵᠢᠷᠤᠬᠠᠢᠴᠢ ᠲᠡᠷᠡ ᠳᠣᠣᠷ᠎ᠠ ᠨᠢ ᠮᠡᠷᠭᠡᠯᠡᠨ ᠪᠠᠢᠵᠤ᠄《ᠵᠠ᠂ ᠲᠠᠭᠠᠯᠠᠯ ᠶᠣᠰᠣ ᠪᠠᠷ ᠴᠢᠨᠢ ᠲᠠᠨ ᠤ᠋ ᠬᠠᠲᠤᠨ ᠢ᠋ ᠣᠯᠵᠤ ᠢᠷᠡᠬᠦ ᠬᠥᠮᠦᠰ ᠣᠢᠷᠠᠬᠠᠨ ᠪᠠᠢᠨ᠎ᠠ᠂ ᠬᠠᠭᠠᠨᠲᠠᠨ ᠮᠢᠨᠢ᠂ ᠠᠯᠪᠠᠲᠤ ᠨᠠᠷ ᠤ᠋ᠨ ᠴᠢᠨᠢ ᠳᠣᠲᠣᠷ᠎ᠠ ᠠᠳᠤᠭᠤ ᠮᠠᠯ ᠢ᠋ ᠴᠢᠨᠢ ᠬᠠᠷᠢᠭᠤᠯᠵᠤ ᠥᠰᠦᠭᠰᠡᠨ ᠥᠨᠥᠴᠢᠨ ᠨᠠᠢ᠍ᠮᠠᠨ ᠬᠥᠪᠡᠭᠦᠨ ᠨᠠᠢᠳᠠᠪᠤᠷᠢ ᠶ᠋ᠢ ᠲᠠᠨᠢ ᠪᠡᠶᠡᠯᠡᠭᠦᠯᠬᠦ ᠶᠦᠮ ᠪᠠᠢᠨ᠎ᠠ ᠲᠠ᠃ ᠭᠡᠬᠦ ᠳ᠋ᠦ᠍ ᠪᠡᠨ ᠬᠠᠭᠠᠨᠲᠠᠨ ᠮᠢᠨᠢ ᠨᠠᠷᠠ ᠵᠢᠷᠭᠠᠬᠤ ᠠ᠋ᠴᠠ ᠨᠠᠭᠠᠨ᠎ᠠ ᠠᠮᠵᠢᠭᠤᠯᠬᠤ ᠠᠪᠴᠢᠷᠠᠬᠤ ᠦᠭᠡᠢ ᠶᠦᠮ ᠪᠣᠯ᠂ ᠡᠩᠬᠦᠷᠡᠢ ᠬᠠᠲᠤᠨ ᠴᠢᠨᠢ ᠡᠷᠭᠢᠵᠦ ᠢᠷᠡᠬᠦ ᠦᠭᠡᠢ ᠶ᠋ᠢᠨ ᠤᠴᠢᠷ ᠲᠠᠪᠢᠯᠠᠩ ᠤᠭᠲᠤᠵᠠᠢ ᠭᠡᠯᠡ᠃ᠬᠠᠭᠠᠨᠲᠠᠨ ᠲᠡᠷᠡ ᠳᠣᠣᠷ᠎ᠠ ᠪᠠᠨ ᠨᠠᠢ᠍ᠮᠠᠨ ᠬᠥᠪᠡᠭᠦᠨ ᠢ᠋ ᠣᠷᠳᠣᠨ ᠳ᠋ᠤ᠌ ᠪᠠᠨ ᠠᠪᠴᠢᠷᠠᠭᠤᠯᠪᠠ᠃
ᠮᠥᠩᠬᠡ᠄ ᠡᠨᠳᠡ ᠶᠠᠭᠤ ᠪᠣᠯᠤᠭᠠᠳ ᠪᠠᠢᠭ᠎ᠠ ᠶᠤᠮ ᠪᠣᠯ᠃
ᠲᠤᠩᠬᠤ᠄ ᠠ᠂ ᠨᠥᠭᠦᠭᠡ ᠨᠠᠢ᠍ᠮᠠᠨ ᠬᠥᠪᠡᠭᠦᠨ ᠨᠢ ᠬᠠᠭᠠᠨ ᠲᠠᠢ ᠠᠭᠤᠯᠵᠠᠵᠤ ᠪᠠᠢᠭ᠎ᠠ ᠶᠤᠮ ᠪᠠᠢᠨ᠎ᠠ᠂ ᠡᠭᠦᠨ ᠢ᠋ ᠬᠠᠷ᠎ᠠ ᠳᠠ᠂ ᠭᠡᠷᠸᠮᠢ᠃
ᠭᠡᠷᠸᠮᠢ᠄ ᠵᠠ ᠲᠡᠭᠡᠭᠡᠳ ᠨᠠᠭᠠᠳᠤᠬᠢ ᠴᠢᠨᠢ ᠣᠴᠢᠭᠠᠳ ᠠᠪᠤᠷᠠᠴᠢᠬᠠᠬᠤ ᠪᠠᠢᠯᠭᠦᠢ ᠳᠡ᠃
ᠲᠤᠩᠬᠤ᠄ ᠬᠥᠭᠡᠷᠦᠬᠦᠢ ᠳᠡ᠂ ᠨᠥᠭᠦᠭᠡ ᠬᠠᠲᠤᠨ ᠨᠢ ᠶᠠᠭ ᠣᠷᠳᠣᠨ ᠤ᠋ ᠪᠠᠨ ᠬᠠᠵᠠᠭᠤ ᠲᠠᠯ᠎ᠠ ᠠ᠋ᠴᠠ ᠠᠯᠳᠠᠭᠳᠠᠭᠰᠠᠨ ᠶᠤᠮ ᠪᠠᠢᠨ᠎ᠠ ᠰᠢᠲᠠ᠃
ᠬ᠋ᠸᠷᠠᠮᠢ᠄ ᠠᠷᠭ᠎ᠠ ᠦᠭᠡᠢ ᠰᠢᠳᠡ᠂ ᠭᠤᠷᠪᠠ ᠶ᠋ᠢᠨ ᠭᠤᠷᠪᠠᠨ ᠬᠡᠦᠬᠡᠳ᠂ ᠨᠢᠭᠡ ᠮᠤᠤᠷ᠂ ᠨᠢᠭᠡ ᠨᠣᠬᠠᠢ᠂ ᠬᠠᠭᠠᠨ ᠲᠠᠢ ᠨᠢ ᠶᠡᠬᠡ ᠡᠢᠮᠦ ᠣᠢᠷᠠᠬᠠᠨ ᠢᠷᠡᠴᠢᠬᠡᠭᠰᠡᠨ ᠪᠠᠢᠬᠤ ᠳ᠋ᠤ᠌ ᠶᠠᠮᠠᠷ ᠴᠤ᠌ ᠬᠠᠮᠠᠭᠠᠯᠠᠯᠲᠠ ᠢᠷᠡᠬᠦ ᠦᠭᠡᠢ ᠪᠠᠢᠭ᠎ᠠ ᠪᠢᠵᠡ ᠳᠡ᠃
ᠮᠥᠩᠬᠡ᠄ ᠬᠡ ᠬᠡ᠂ ᠴᠢ ᠲᠠᠩᠳᠠ ᠪᠠᠨ ᠯᠣᠭᠢᠭ ᠲᠠᠢ ᠲᠠᠯ᠎ᠠ ᠠ᠋ᠴᠠ ᠨᠢ ᠬᠠᠷᠠᠬᠤ ᠶᠤᠮ᠃ ᠭᠡᠷᠸᠮᠢ᠄ ᠵᠣᠬᠢᠶᠠᠯ ᠳᠡᠭᠡᠷ᠎ᠡ ᠵᠢᠭᠠᠬᠠᠨ ᠪᠣᠳᠣᠵᠤ ᠪᠢᠴᠢᠮᠡᠷ ᠶᠦᠮ᠂ ᠲᠡᠢᠮᠦ᠃
ᠪᠠᠰᠠᠷ᠄ ᠦ᠂ ᠭᠡᠷᠸᠮᠢ ᠡᠪ ᠦᠭᠡᠢ ᠡᠪ ᠦᠭᠡᠢ ᠶᠠᠭᠤᠮ᠎ᠠ ᠶᠠᠷᠢᠵᠤ ᠪᠠᠢᠭᠠᠳ᠂ ᠬᠡᠦᠬᠡᠯᠳᠡᠢ ᠶ᠋ᠢᠨ ᠺᠢᠨᠣ᠋ ᠠ᠋ᠴᠠ ᠬᠠᠰᠤᠭᠳᠠᠪᠠ᠂ ᠠ ᠬᠠ ᠬᠠ᠃ ᠭᠡᠷᠸᠮᠢ᠄ ᠬᠠ ᠬᠠ ᠬᠠ᠃
ᠬᠠᠭᠠᠨ᠄ ᠲᠠ ᠨᠠᠷ ᠮᠢᠨᠢ ᠶᠠᠭᠤ ᠴᠢᠳᠠᠳᠠᠭ ᠢ᠋ᠶ᠋ᠠᠨ ᠬᠠᠭᠠᠨ ᠡᠵᠡᠨ ᠳ᠋ᠦ᠍ ᠪᠡᠨ ᠠᠢᠯᠠᠳᠬ᠎ᠠ !
ᠨᠢᠭᠡᠳᠡᠬᠢ ᠬᠥᠪᠡᠭᠦᠨ᠄ ᠪᠢ ᠣᠨᠢᠯᠠᠭᠰᠠᠨ ᠢ᠋ ᠪᠡᠨ ᠠᠯᠳᠠᠯ ᠦᠭᠡᠢ ᠮᠡᠷᠭᠡᠨ ᠬᠠᠷᠪᠤᠵᠤ ᠴᠢᠳᠠᠨ᠎ᠠ !
ᠬ᠋ᠸᠷᠠᠮᠢ᠄ Hawkeye ( ᠬᠠᠸᠺᠡᠷᠸ)
ᠬᠣᠶᠠᠳᠠᠬᠢ ᠬᠥᠪᠡᠭᠦᠨ᠄ ᠪᠢ ᠶᠠᠮᠠᠷ ᠴᠤ᠌ ᠵᠦᠢᠯ ᠢ᠋ ᠶᠠᠪᠤᠳᠠᠯ ᠳᠤᠮᠳᠠ ᠪᠠᠨ ᠰᠢᠭᠦᠷᠡᠴᠦ ᠴᠢᠳᠠᠨ᠎ᠠ᠃
ᠬ᠋ᠸᠷᠠᠮᠢ᠄ Godzilla ( ᠭᠤᠳ᠋ᠽᠢᠯᠸ)
ᠭᠤᠷᠪᠠᠳᠠᠬᠢ ᠬᠥᠪᠡᠭᠦᠨ᠄ ᠪᠢ ᠳᠠᠯᠳᠠ ᠶ᠋ᠢᠨ ᠶᠠᠭᠤᠮ᠎ᠠ ᠶ᠋ᠢ ᠬᠠᠷᠠᠬᠤ ᠳᠠᠷᠬᠠᠨ ᠤᠪᠠᠳᠢᠰ ᠲᠠᠢ ᠪᠢᠯᠡ᠃
ᠬ᠋ᠸᠷᠠᠮᠢ᠄ superman extravision (ᠬᠡᠳᠦ ᠬᠠᠷᠠᠭᠠᠲᠤ ᠴᠤᠤᠲᠤ ᠡᠷ᠎ᠡ)
ᠳᠥᠷᠪᠡᠳᠡᠬᠢ ᠬᠥᠪᠡᠭᠦᠨ᠄ ᠪᠢ ᠠᠯᠢᠪᠠ ᠵᠦᠢᠯ ᠢ᠋ ᠦᠨᠦᠷ ᠢ᠋ᠶ᠋ᠡᠷ ᠨᠢ ᠰᠢᠩᠰᠢᠯᠡᠵᠦ᠂ ᠠᠯᠢ ᠴᠤ᠌ ᠭᠠᠵᠠᠷ ᠠ᠋ᠴᠠ ᠣᠯᠵᠤ ᠴᠢᠳᠠᠳᠠᠭ ᠶᠤᠮ ᠠ᠋᠃
ᠬ᠋ᠸᠷᠠᠮᠢ᠄ Wolverine( ᠸᠠᠯᠸᠡᠷᠢᠨ) ᠶ ᠦ᠋ᠨ ᠦᠨᠦᠷᠯᠡᠬᠦ ᠴᠢᠳᠠᠪᠤᠷᠢ᠂ ᠦ ᠁
ᠲᠠᠪᠤᠳᠠᠬᠢ ᠬᠥᠪᠡᠭᠦᠨ᠄ ᠪᠢ ᠰᠢᠭᠤᠷᠭ᠎ᠠ ᠰᠠᠯᠬᠢ ᠬᠣᠶᠠᠷ ᠢ᠋ ᠰᠢᠭᠤᠳ ᠰᠣᠷᠣᠵᠤ ᠴᠢᠳᠠᠨ᠎ᠠ᠃
ᠬ᠋ᠸᠷᠠᠮᠢ᠄ Storm( ᠰᠲ᠋ᠤᠷᠮ )
ᠵᠢᠷᠭᠤᠭᠠᠳᠠᠬᠢ ᠬᠥᠪᠡᠭᠦᠨ᠄ ᠲᠠᠩᠭᠢᠰ ᠳᠠᠯᠠᠢ ᠶ᠋ᠢᠨ ᠤᠰᠤ ᠶ᠋ᠢ ᠲᠡᠷᠡ ᠴᠢᠭ ᠢ᠋ᠶ᠋ᠡᠷ ᠨᠢ ᠰᠣᠷᠣᠵᠤ ᠴᠢᠳᠠᠨ᠎ᠠ᠃
ᠬ᠋ᠸᠷᠠᠮᠢ᠄ ᠤᠰᠤ ᠶ᠋ᠢ ᠰᠣᠷᠣᠬᠤ ᠠ᠋᠂ ᠵᠠ ᠪᠠᠢᠵᠠ᠂ ᠤᠰᠤ ᠶ᠋ᠢ ᠤᠳᠤᠷᠢᠳᠳᠠᠭ ᠭᠡᠵᠦ ᠪᠣᠳᠣᠭᠠᠳ ᠯᠠ Avatar ( ᠸᠸᠲ᠋ᠸᠷ ) ᠦ᠋ᠨ Aang (ᠠᠩ) ᠶᠤᠮ ᠪᠣᠯ ᠤᠤ᠃ᠪᠢᠰᠢ᠂ ᠠ Aquaman ( ᠠᠠᠠᠺᠣᠸᠮᠠᠨ) ᠶᠤᠮ ᠪᠠᠢᠨ᠎ᠠ᠃
ᠳᠣᠯᠣᠳᠠᠬᠢ ᠬᠥᠪᠡᠭᠦᠨ᠄ ᠬᠤᠷᠮᠤᠰᠲᠠ ᠲᠩᠷᠢ ᠶ᠋ᠢᠨ ᠳᠣᠣᠷ᠎ᠠ ᠬᠤᠷᠳᠤᠨ ᠭᠦᠶᠦᠵᠦ ᠴᠢᠳᠠᠨ᠎ᠠ᠃
ᠬ᠋ᠸᠷᠠᠮᠢ᠄ Flash ( ᠹᠸᠯᠠᠱᠸ)Of course( ᠲᠡᠢᠮᠦ᠂ ᠶᠠᠭ ᠲᠠᠭᠠᠷᠠᠵᠤ ᠪᠠᠢᠨ᠎ᠠ)
ᠨᠠᠢᠮᠠᠳᠠᠬᠢ ᠬᠥᠪᠡᠭᠦᠨ᠄ ᠪᠢ ᠣᠷᠴᠢᠯᠠᠩ ᠤ᠋ᠨ ᠨᠠᠷᠠ ᠰᠠᠷ᠎ᠠ ᠶ᠋ᠢ ᠰᠠᠭᠠᠲᠠᠭᠤᠯᠵᠤ ᠴᠢᠳᠠᠨ᠎ᠠ᠃
ᠬ᠋ᠸᠷᠠᠮᠢ᠄ ᠬᠡᠨ ᠪᠠᠢᠵᠤ ᠪᠣᠯᠬᠤ ᠪᠠ Galaxy ( ᠺᠧᠯᠩᠽᠢ)᠂ ᠪᠢᠰᠢ᠂ ᠨᠠᠷᠠ ᠶ᠋ᠢ ᠪᠠᠷᠢᠨ᠎ᠠ᠂ ᠳ᠋ᠣᠺᠲ᠋ᠣᠷ Manhattan ( ᠮᠠᠠᠾᠠᠣᠠᠲ᠋ᠠᠨ)᠂ ᠪᠢᠰᠢ᠂ ᠨᠠᠷᠠ ᠶ᠋ᠢ ᠪᠠᠷᠢᠨ᠎ᠠ᠂ Thanos ( ᠲᠠᠢᠨᠠᠽ) ᠭᠡᠪᠡᠯ᠂ Thanos ( ) ᠲᠠᠢᠨᠠᠽ᠂ ᠠ᠂ ᠂ Thanos ( ᠲᠠᠢᠨᠠᠽ )᠃Thanos ( ᠲᠠᠢᠨᠠᠽ) ᠦ᠂ Thanos ( ᠲᠠᠢᠨᠠᠽ)᠃ ᠣᠳᠣ ᠢᠩᠭᠢᠭᠡᠳ ᠬᠠᠷ᠎ᠠ ᠳᠠ᠃ ᠮᠣᠩᠭᠣᠯ ᠦᠯᠢᠭᠡᠷ ᠦ᠋ᠳ ᠡᠢᠮᠦ cool ( ᠰᠣᠷᠲᠣᠭᠣ ᠲᠠᠢ) ᠭᠡᠵᠦ ᠬᠡᠯᠡᠬᠦ ᠦᠭᠡᠢ ᠶᠠᠭᠠᠬᠢᠭᠰᠠᠨ ᠶᠤᠮ ᠪᠣᠢ?
ᠪᠠᠰᠠᠷ᠄ How do you like that ( ᠰᠣᠯᠣᠩᠭᠣᠰ ᠳᠠᠭᠤᠤ ᠶ᠋ᠢᠨ ᠨᠡᠷ᠎ᠡ)᠂ ᠨᠡᠭᠡᠷᠡᠨ᠂ ᠥᠩ᠂ ᠧᠦ ᠧᠦ ᠶᠧ᠂ look at you now look at me ( ᠰᠣᠯᠣᠩᠭᠣᠰ ᠳᠠᠭᠤᠨ ᠤ᠋ ᠦᠭᠡ)᠂ ᠦ᠂ ᠶᠠᠭᠠᠬᠢᠨ᠎ᠠ᠂ ᠬᠡ ᠬᠡ᠂ ᠪᠠᠷᠠᠭᠰᠠᠨ ᠠ᠋᠃ ᠠ᠂ ᠰᠠᠶᠢ reaction ( ᠬᠠᠷᠢᠭᠤ ᠲᠤᠰᠬᠠᠯ)ᠬᠢᠵᠦ ᠪᠠᠢᠭᠰᠠᠨ ᠶᠤᠮ ᠠ᠋᠃ ᠵᠠ᠂ ᠮᠠᠨ ᠤ᠋ ᠬᠡᠷᠸᠮᠢ ᠲᠡᠢ ᠠᠩᠭᠢ ᠭᠣᠶᠣ ᠪᠣᠯᠵᠤ ᠪᠠᠢᠨ᠎ᠠ᠂ ᠠ᠂ ᠳᠠᠷᠠᠭ᠎ᠠ ᠶ᠋ᠢᠨ ᠬᠣᠶᠠᠷ ᠠᠩᠭᠢ ᠠ᠋ᠴᠠ ᠪᠦᠷ ᠶᠠᠭᠤ ᠪᠣᠯᠤᠨ᠎ᠠ ᠭᠡᠵᠦ ᠪᠣᠳᠣᠵᠤ ᠪᠠᠢᠨ᠎ᠠ᠃ᠪᠠᠭᠠᠲᠤᠷ ᠲᠠᠢ ᠲᠠᠨᠢᠯᠴᠠᠭᠠᠳ ᠯᠠ᠂ ᠲᠡᠭᠡᠩᠭᠦᠲᠡ ᠪᠡᠨ ᠦᠯᠢᠭᠡᠷ ᠦ᠋ᠨ ᠪᠠᠭᠠᠲᠤᠷ ᠤ᠋ᠳ ᠪᠦᠷ ᠠᠪᠤᠷᠭᠤ ᠰᠢᠪᠠᠭᠤ ᠲᠠᠢ᠂ ᠠ ᠶᠠ᠂ ᠪᠢ ᠪᠦᠷ ᠶᠠᠭ spoiler᠂( ᠵᠦᠴᠦᠭᠡ ᠶ᠋ᠢᠨ ᠵᠠᠳᠠᠯᠤᠯᠲᠠ ) ᠬᠢᠨ᠎ᠡ᠃ ᠵᠠ ᠳᠠᠷᠠᠭ᠎ᠠ ᠶ᠋ᠢᠨ ᠠᠩᠭᠢ ᠳ᠋ᠤ᠌ ᠠᠭᠤᠯᠵᠠᠶ᠎ᠠ᠃ bye(ᠪᠠᠶᠠᠷᠲᠠᠢ )
ᠦᠰᠦᠭ ᠠᠮᠢᠯᠠᠭᠤᠯᠵᠤ ᠬᠠᠲᠠᠭᠰᠠᠨ ᠨᠢ᠄ ᠾᠦᠩ ᠸᠧᠢ
ᠬᠢᠨᠠᠯᠲᠠ ᠬᠢᠭᠰᠡᠨ ᠨᠢ᠄ ᠢᠷᠡᠭᠡᠳᠦᠢ᠂ ᠮᠥᠴᠢᠷ᠂ ᠰᠡᠴᠡᠩᠭᠤᠸ᠎ᠠ᠂ ᠱᠤᠳᠤᠷᠭᠤ᠃
ᠬᠡᠦᠬᠡᠯᠳᠡᠢ ᠵᠦᠴᠦᠭᠡ ᠳ᠋ᠡᠬᠢ ᠠᠩᠭ᠌ᠯᠢ ᠦᠭᠡ ᠶ᠋ᠢ ᠰᠡᠴᠡᠩᠭᠤᠸ᠎ᠠ ᠪᠠᠭᠤᠯᠭᠠᠵᠤ ᠥᠭᠪᠡ᠃