ᠮᠥᠩᠬᠡ ᠲᠤᠩᠬᠤ 1-05Мөнх ТунхMunkh Tunkh
ᠮᠥᠩᠬᠡ ᠲᠤᠩᠬᠤ 1-05
ᠮᠥᠩᠬᠡ ᠲᠤᠩᠬᠤ ᠨᠢᠭᠡᠳᠦᠭᠡᠷ ᠤᠯᠠᠷᠢᠯ ᠤ᠋ᠨ ᠲᠠᠪᠤᠳᠤᠭᠠᠷ ᠠᠩᠭᠢ
ᠬᠣᠶᠠᠳᠠᠬᠢ ᠬᠥᠪᠡᠭᠦᠨ᠄ ᠲᠠᠢᠨᠠᠽ᠂ ᠲᠠᠢᠨᠠᠽ᠂ ᠮᠢᠰᠲᠸᠷ ᠂ ᠲᠠᠢᠨᠠᠽ᠂ ᠱᠤᠮᠪᠠ ᠳ᠋ᠤᠮᠪᠠ ᠪᠤᠮᠪᠠ ᠵᠤᠮᠪᠠ ᠂ ᠬᠦᠢ ᠬᠦᠢ᠂ ᠬᠡ ᠬᠡ ᠬᠡ᠂ ᠶᠠᠭ ᠪᠠᠯᠠᠷᠠᠬᠤ ᠭᠡᠵᠦ ᠪᠠᠢᠨ᠎ᠠ᠃ᠬᠡ ᠬᠡ
ᠮᠥᠩᠬᠡ᠄ ᠶᠠᠭᠠᠬᠢᠨ᠎ᠠ᠂ ᠨᠠᠭᠠᠰᠢ ᠪᠠᠨ ᠨᠢᠰᠴᠦ ᠶᠠᠪᠤᠨ᠎ᠠ᠂
ᠪᠦᠭᠦᠳᠡᠭᠡᠷ᠄ ᠠ!
ᠴᠠᠰᠤᠬᠠᠨ ᠄ ᠮᠥᠩᠬᠡ ᠠ᠋ ᠰᠠᠢᠨ ᠪᠠᠷᠢᠭᠠᠷᠠᠢ ᠂ ᠲᠤᠩᠬᠤ ᠠ᠋ ᠬᠠᠮᠢᠭ᠎ᠠ ᠪᠠᠢᠨ᠎ᠠ?
ᠪᠠᠰᠠᠷ ᠄ ᠲᠤᠩᠬᠤ ᠶ᠋ᠢ ᠪᠢ ᠪᠠᠷᠢᠭᠰᠠᠨ ᠪᠠᠢᠨ᠎ᠠ᠃
ᠲᠤᠩᠬᠤ ᠄ ᠶᠠᠭᠠᠬᠢᠨ᠎ᠠ ᠂ᠬᠡᠵᠢᠶ᠎ᠡ ᠵᠣᠭᠰᠣᠬᠤ ᠶᠤᠮ ᠪᠣᠢ?
ᠮᠥᠩᠬᠡ ᠄ ᠭᠡᠷᠸᠮᠢ ᠬᠠᠮᠢᠭ᠎ᠠ ᠪᠠᠢᠨ᠎ᠠ?
ᠴᠠᠰᠤᠬᠠᠨ ᠄ ᠴᠢᠮ᠎ᠠ ᠲᠠᠢ ᠬᠠᠮᠲᠤ ᠪᠠᠢᠬᠤ ᠦᠭᠡᠢ ᠪᠠᠢᠭ᠎ᠠ ᠶᠤᠮ ᠤᠤ?
ᠮᠥᠩᠬᠡ ᠄ ᠪᠠᠢᠬᠤ ᠦᠭᠡᠢ ᠪᠠᠢᠨ᠎ᠠ ᠃
ᠲᠤᠩᠬᠤ᠄ ᠭᠡᠷᠸᠮᠢ
ᠮᠥᠩᠬᠡ ᠪᠠᠰᠠᠷ ᠄ ᠠ!
ᠳᠣᠯᠣᠳᠠᠬᠢ ᠬᠥᠪᠡᠭᠦᠨ ᠄ ᠵᠠ᠂ ᠪᠦᠭᠦᠳᠡ ᠪᠣᠯᠤᠭᠰᠠᠨ ᠤᠤ?
ᠮᠥᠩᠬᠡ ᠄ ᠶᠠᠭᠠᠬᠢᠨ᠎ᠠ᠂ ᠮᠠᠨ ᠤ᠋ ᠨᠢᠳᠦᠨ ᠦ᠌ ᠰᠢᠯ ᠲᠡᠢ ᠨᠠᠢᠵᠠ ᠪᠠᠢᠬᠤ ᠦᠭᠡᠢ ᠪᠠᠢᠨ᠎ᠠ ᠃
ᠴᠠᠰᠣᠬᠠᠨ᠄ ᠠᠪᠤᠷᠭᠤ ᠰᠢᠪᠠᠭᠤᠨ ᠤ᠋ ᠳᠠᠪᠢᠯᠲᠠ ᠳ᠋ᠤ᠌ ᠬᠡᠢᠰᠴᠢᠬᠡᠬᠦ ᠰᠢᠭ ᠪᠣᠯᠤᠯ᠎ᠠ᠃
ᠲᠤᠩᠬᠤ᠄ ᠶᠠᠭᠠᠬᠢᠨ᠎ᠠ ᠠᠬ᠎ᠠ ᠠ᠋᠂ ᠮᠠᠨ ᠤ᠋ ᠨᠠᠢᠵᠠ ᠶ᠋ᠢ ᠠᠪᠤᠷᠠᠭᠠᠷᠠᠢ᠃
ᠪᠠᠰᠠᠷ᠄ ᠠᠯᠢᠪ᠂ ᠪᠢ ᠬᠠᠮᠲᠤ ᠭᠠᠷᠤᠶ᠎ᠠ᠃
ᠳᠣᠯᠣᠳᠠᠬᠢ ᠬᠥᠪᠡᠭᠦᠨ᠄ ᠬᠡᠲᠦᠷᠬᠡᠢ ᠬᠦᠴᠦᠲᠡᠢ ᠰᠠᠯᠬᠢᠯᠠᠵᠤ ᠪᠠᠢᠨ᠎ᠠ᠂ ᠪᠢ ᠬᠠᠢᠭᠰᠠᠨ ᠨᠢ ᠳᠡᠭᠡᠷ᠎ᠡ᠂ ᠲᠠ ᠬᠡᠳᠦ ᠡᠨᠳᠡ ᠪᠡᠨ ᠠᠶᠤᠯ ᠦᠭᠡᠢ ᠪᠠᠢᠵᠤ ᠪᠠᠢᠭᠠᠷᠠᠢ!
ᠲᠤᠩᠬᠤ᠄ ᠶᠠᠭᠠᠬᠢᠨ᠎ᠠ᠂ ᠮᠠᠨ ᠤ᠋ ᠭᠡᠷᠸᠮᠢ ᠵᠦᠭᠡᠷ ᠪᠠᠢᠭ᠎ᠠ᠃
ᠨᠢᠭᠡᠳᠡᠬᠢ ᠬᠥᠪᠡᠭᠦᠨ᠄ ᠵᠦᠭᠡᠷ ᠤᠤ?
ᠭᠤᠷᠪᠠᠳᠠᠬᠢ ᠬᠥᠪᠡᠭᠦᠨ᠄ ᠵᠦᠭᠡᠷ ᠠ᠋᠂ ᠬᠠᠷᠪᠤ!
ᠪᠠᠰᠠᠷ᠄ ᠰᠠᠢᠨ ᠪᠠᠢᠵᠠᠭᠠᠨ᠎ᠠ ᠤᠤ? ᠮᠠᠨ ᠤ᠋ ᠬᠡᠦᠬᠡᠯᠳᠡᠢ ᠶ᠋ᠢᠨ ᠺᠢᠨᠣ᠋ ᠶ᠋ᠢ ᠵᠢᠭᠠᠬᠠᠨ ᠬᠡᠦᠬᠡᠳ ᠦ᠋ᠳ ᠪᠠᠰᠠ ᠦᠵᠡᠵᠦ ᠪᠠᠢᠭ᠎ᠠ ᠲᠤᠯᠠ ᠳᠠᠷᠠᠭ᠎ᠠ ᠶ᠋ᠢᠨ ᠬᠡᠰᠡᠭ ᠦ᠋ᠳ ᠲᠦ᠍ ᠣᠷᠣᠭᠰᠠᠨ ᠬᠡᠲᠦᠷᠬᠡᠢ ᠬᠦᠴᠦᠲᠡᠢ᠂ ᠬᠡᠲᠦᠷᠬᠡᠢ ᠬᠤᠷᠴᠠ ᠳᠣᠯᠣᠭᠠᠨ ᠤ᠋ᠳ ᠢ᠋ ᠦᠵᠡᠭᠦᠯᠬᠦ ᠶ᠋ᠢᠨ ᠣᠷᠣᠨ ᠳ᠋ᠤ᠌ ᠬᠠᠮᠤᠭ ᠤ᠋ᠨ ᠲᠠᠢᠪᠤᠩ ᠠᠮᠢᠲᠠᠳ ᠤ᠋ᠨ ᠨᠢᠭᠡ ᠪᠣᠯᠬᠤ ᠲᠡᠮᠡᠭᠡᠨ ᠦ᠌ ᠪᠢᠴᠢᠯᠭᠡ ᠶ᠋ᠢ ᠪᠦᠭᠦᠳᠡᠭᠡᠷ ᠢ᠋ᠶ᠋ᠡᠨ ᠦᠵᠡᠶ᠎ᠡ᠃
ᠳᠡᠯᠡᠬᠡᠢ ᠶ᠋ᠢᠨ ᠨᠡᠢᠲᠡ ᠲᠡᠮᠡᠭᠡᠨ ᠦ᠌ ᠶᠡᠷᠡᠨ ᠬᠤᠪᠢ ᠶ᠋ᠢ ᠨᠠᠷᠠᠨ ᠲᠡᠮᠡᠭᠡ ᠪᠤᠶᠤ ᠨᠢᠭᠡ ᠪᠦᠬᠦᠳᠦ ᠲᠡᠮᠡᠭᠡ ᠡᠵᠡᠯᠡᠳᠡᠭ ᠪᠣᠯ ᠶᠢᠰᠦ ᠠᠷᠪᠠᠨ ᠤ᠋ ᠵᠢᠷᠭᠤᠭᠠᠨ ᠬᠤᠪᠢ ᠶ᠋ᠢ ᠬᠣᠣᠰ ᠪᠦᠬᠦ ᠲᠡᠢ ᠲᠡᠮᠡᠭᠡ ᠡᠵᠡᠯᠡᠳᠡᠭ ᠪᠠᠢᠨ᠎ᠠ᠃ ᠬᠣᠣᠰ ᠪᠦᠬᠦ ᠲᠡᠢ ᠲᠡᠮᠡᠭᠡᠨ ᠦ᠌ ᠡᠪᠦᠭᠡ ᠪᠣᠯ ᠵᠡᠷᠯᠢᠭ ᠲᠡᠮᠡᠭᠡᠨ ᠭᠥᠷᠥᠭᠡᠰᠦ ᠪᠤᠶᠤ ᠬᠠᠪᠲᠠᠭᠠᠢ ᠶᠤᠮ᠃ ᠡᠨᠡ ᠠᠮᠢᠲᠠᠨ ᠣᠳᠣ ᠴᠤ᠌ ᠮᠠᠨ ᠤ᠋ ᠣᠷᠣᠨ ᠤ᠋ ᠠᠯᠲᠠᠢ ᠶ᠋ᠢᠨ ᠴᠠᠭᠠᠳᠤᠬᠢ ᠭᠣᠪᠢ ᠳ᠋ᠤ᠌ ᠠᠮᠢᠳᠤᠷᠠᠭᠰᠠᠭᠠᠷ ᠪᠠᠢᠨ᠎ᠠ᠃ ᠲᠡᠮᠡᠭᠡ ᠨᠢ ᠤᠰᠤ ᠦᠭᠡᠢ ᠪᠡᠷ ᠲᠠᠪᠢ ᠠ᠋ᠴᠠ ᠳᠠᠯᠠᠨ ᠬᠣᠨᠣᠭ ᠬᠦᠷᠲᠡᠯ᠎ᠡ ᠲᠡᠰᠴᠦ ᠴᠢᠳᠠᠳᠠᠭ ᠭᠠᠢᠬᠠᠯᠲᠠᠢ ᠠᠮᠢᠲᠠᠨ ᠪᠠᠢᠭ᠎ᠠ ᠶᠤᠮ᠂
ᠲᠡᠮᠡᠭᠡ᠄ ᠲᠠ ᠨᠠᠷ ᠨᠠᠮ᠎ᠠ ᠶ᠋ᠢ ᠲᠠᠢᠪᠤᠩ ᠣᠷᠬᠢᠵᠤ ᠪᠣᠯᠬᠤ ᠤᠤ? ᠲᠠ ᠨᠠᠷ ᠢᠩᠭᠢᠳᠡᠭ ᠪᠠᠢᠬᠤ ᠦᠭᠡᠢ ᠤᠤ᠃ ᠵᠦᠭᠡᠷ ᠮᠥᠷᠥ ᠪᠡᠷ ᠢ᠋ᠶ᠋ᠡᠨ ᠥᠪᠥᠰᠬᠢᠭᠡᠳ᠂ ᠨᠠᠷᠠᠨ ᠳ᠋ᠤ᠌ ᠢᠩᠭᠢᠭᠡᠳ ᠪᠡᠶ᠎ᠡ ᠪᠡᠨ ᠡᠭᠡᠭᠡᠳ᠂ ᠲᠡᠭᠡᠭᠡᠳ ᠢᠩᠭᠢᠭᠡᠳ ᠪᠠᠢᠵᠤ ᠪᠠᠢᠬᠤ ᠳ᠋ᠤ᠌ ᠲᠠ ᠨᠠᠷ ᠤ᠋ᠳ ᠰᠢᠳᠡ᠁
ᠲᠤᠩᠬᠤ᠄ ᠪᠦᠷ ᠰᠠᠨᠠᠭ᠎ᠠ ᠵᠣᠪᠠᠴᠢᠬᠠᠯᠠ᠂ ᠭᠡᠷᠸᠮᠢ ᠮᠠᠨᠢ ᠵᠦᠭᠡᠷ ᠯᠡ ᠪᠠᠢᠳᠠᠭ ᠪᠠᠢᠭ᠎ᠠ ᠳᠠ᠃
ᠮᠥᠩᠬᠡ: ᠦᠭᠡᠢ᠂ ᠬᠠᠷᠢᠨ ᠲᠡᠢᠮᠦ ᠠ᠋᠂ ᠭᠠᠢᠭᠤᠢ ᠪᠠᠢᠭ᠎ᠠ᠃
ᠴᠠᠰᠣᠬᠠᠨ᠄ ᠵᠠ᠂ ᠵᠦᠭᠡᠷ ᠳᠡ᠂ ᠰᠦᠫᠸᠷ ᠬᠦᠴᠦᠲᠡᠢ ᠬᠥᠮᠦᠨ ᠠᠷᠤ ᠠ᠋ᠴᠠ ᠨᠢ ᠶᠠᠪᠤᠭᠰᠠᠨ ᠶᠤᠮ ᠴᠢᠨᠢ ᠢᠷᠡᠬᠦ ᠪᠠᠢᠯᠭᠦᠢ ᠳᠡ᠃
ᠮᠥᠩᠬᠡ᠄ ᠠ! ᠪᠢ ᠨᠢᠭᠡ ᠵᠦᠢᠯ ᠢ᠋ ᠶᠡᠷᠦ ᠡᠴᠡ ᠪᠡᠨ ᠣᠢᠯᠠᠭᠠᠬᠤ ᠦᠭᠡᠢ ᠶᠦᠮ᠃
ᠲᠤᠩᠬᠤ᠄ ᠶᠠᠭᠤ?
ᠮᠥᠩᠬᠡ᠄ ᠡᠨᠡ ᠲᠣᠮᠣ ᠰᠢᠪᠠᠭᠤ ᠶᠠᠭᠠᠬᠢᠭᠠᠳ ᠵᠠᠪᠠᠯ ᠬᠠᠲᠤᠨ ᠢ᠋ ᠯᠡ ᠠᠪᠴᠤ ᠶᠠᠪᠤᠬᠤ ᠭᠡᠳ ᠪᠠᠢᠭ᠎ᠠ ᠶᠤᠮ ᠪᠣᠯ?
ᠲᠤᠩᠬᠤ᠄ ᠦᠭᠡᠢ᠂ ᠨᠡᠭᠡᠷᠡᠨ᠃
ᠴᠠᠰᠣᠬᠠᠨ᠄ ᠲᠡᠢᠮᠦ ᠪᠠᠢᠨ᠎ᠠ ᠰᠢᠦ᠃
ᠪᠠᠰᠠᠷ᠄ ᠬᠡᠩ!
ᠮᠥᠩᠬᠡ᠄ ᠪᠢ ᠬᠠᠷᠢᠨ ᠲᠡᠭᠡᠵᠦ ᠪᠣᠳᠣᠭᠠᠳ ᠯᠠ ᠪᠠᠢᠨ᠎ᠠ ᠃
ᠭᠡᠷᠸᠮᠢ᠄ ᠶᠣᠣ᠁
ᠮᠥᠩᠬᠡ᠄ ᠶᠠᠭᠤ ᠪᠣᠢ?
ᠲᠤᠩᠬᠤ᠄ ᠠ! ᠬᠠᠷᠢᠨ ᠶᠠᠭᠤ ᠴᠤ᠌? ᠶᠠᠭᠤ ᠪᠣᠢ?
ᠴᠠᠰᠣᠬᠠᠨ᠄ ᠬᠣᠢᠰᠢ ᠪᠠᠨ ᠪᠣᠯᠤᠭᠠᠷᠠᠢ!
ᠪᠠᠰᠠᠷ᠄ ᠵᠠ ᠣᠢᠷᠠᠲᠤᠭᠠᠳ ᠦᠵᠡᠭᠡᠷᠡᠢ᠂ ᠠ! ᠪᠢ ᠥᠪᠡᠷ ᠢ᠋ ᠴᠢᠨᠢ ᠬᠠᠵᠠᠨ᠎ᠠ ᠰᠢᠦ᠂ ᠪᠢ ᠬᠥᠮᠦᠨ ᠭᠡᠮᠲᠦᠭᠡᠮᠡᠷ ᠦᠭᠡᠢ ᠰᠢᠦ᠂ ᠦ᠁
ᠭᠡᠷᠸᠮᠢ᠄ ᠶᠣᠣ᠁ ᠨᠢᠷᠤᠭᠤ ᠨᠢᠷᠤᠭᠤ᠃
ᠮᠥᠩᠬᠡ᠄ ᠶᠣᠣ᠂ ᠭᠡᠷᠸᠮᠢ ᠪᠠᠢᠨ᠎ᠠ ᠰᠢᠲᠠ᠂ ᠠᠰᠢᠭᠦᠢ ᠳᠡ᠃
ᠲᠤᠩᠬᠤ᠄ ᠶᠣᠣ ᠶᠣᠣ᠂ ᠴᠢᠮ᠎ᠠ ᠶ᠋ᠢ ᠬᠠᠮᠢᠭ᠎ᠠ ᠣᠴᠢᠭ᠌ᠰᠠᠨ ᠪᠣᠯ ᠭᠡᠵᠦ ᠶᠠᠮᠠᠷ ᠶᠡᠬᠡ ᠰᠠᠨᠠᠭ᠎ᠠ ᠵᠣᠪᠠᠭᠰᠠᠨ ᠭᠡᠵᠦ ᠠ᠋᠃
ᠭᠡᠷᠸᠮᠢ᠄ ᠬᠠᠷᠢᠨ ᠰᠠᠯᠬᠢᠨ ᠳ᠋ᠤ᠌ ᠬᠡᠢᠰᠦᠭᠡᠳ ᠡᠢᠰᠢ ᠪᠡᠨ ᠣᠷᠣᠭᠠᠳ ᠢᠷᠡᠭᠰᠡᠨ ᠪᠠᠢᠨ᠎ᠠ ᠰᠢᠲᠠ᠃
ᠴᠠᠰᠣᠬᠠᠨ᠄ ᠪᠡᠶ᠎ᠡ ᠨᠢ ᠵᠦᠭᠡᠷ ᠤᠤ?
ᠭᠡᠷᠸᠮᠢ᠄ ᠵᠦᠭᠡᠷ ᠠ᠋᠂ ᠲᠦᠷᠦᠭᠦᠨ ᠦ᠌ ᠮᠥᠩᠬᠡ ᠶ᠋ᠢᠨ ᠪᠣᠳᠣᠯ ᠂ ᠭᠡᠬᠦ ᠳ᠋ᠦ᠍ ᠪᠡᠨ ᠶᠡᠬᠡ ᠵᠥᠪ ᠶᠦ᠍ᠮ ᠪᠢᠰᠢ ᠤᠤ?
ᠮᠥᠩᠬᠡ᠄ ᠬᠠᠷᠢᠨ ᠲᠡᠢᠮᠦ᠂ ᠴᠢ ᠶᠠᠭᠤ ᠭᠡᠵᠦ ᠪᠣᠳᠣᠵᠤ ᠪᠠᠢᠨ᠎ᠠ᠃
ᠭᠡᠷᠸᠮᠢ᠄ ᠬᠠᠷᠢᠨ ᠲᠡᠢᠮᠦ᠂ ᠬᠡᠳᠦᠭᠦᠯᠡ ᠪᠡᠨ ᠶᠡᠷᠦ ᠨᠢ ᠥᠪᠡᠷ ᠡᠴᠡ ᠨᠢ ᠣᠴᠢᠭᠠᠳ ᠠᠰᠠᠭᠤᠴᠢᠬᠠᠪᠠᠯ ᠶᠠᠭᠠᠬᠢᠳᠠᠭ ᠶᠤᠮ᠃
ᠪᠠᠰᠠᠷ᠄ ᠶᠠᠭᠠᠬᠢᠵᠤ ᠣᠴᠢᠳᠠᠭ ᠶᠤᠮ ᠪᠣᠢ? ᠪᠠᠭᠠᠲᠤᠷ ᠤ᠋ᠳ ᠴᠢᠨᠢ ᠣᠴᠢᠵᠤ ᠴᠢᠳᠠᠬᠤ ᠦᠭᠡᠢ ᠰᠢᠲᠠ᠃ ᠥᠩ
ᠴᠠᠰᠣᠬᠠᠨ᠄ ᠪᠢ ᠲᠦᠷᠦᠭᠦᠦ ᠬᠤᠪᠴᠠᠰᠤᠨ ᠤ᠋ ᠪᠠᠨ ᠬᠦᠴᠦ ᠶ᠋ᠢ ᠰᠢᠯᠭᠠᠵᠤ ᠪᠠᠢᠭᠠᠳ᠂ ᠨᠢᠭᠡ ᠰᠦᠫᠸᠷ ᠬᠦᠴᠦ ᠣᠯᠤᠭᠰᠠᠨ᠃
ᠮᠥᠩᠬᠡ: ᠸᠠ ᠧᠦ᠂ ᠶᠠᠭᠠᠬᠢᠳᠠᠭ ᠶᠤᠮ ᠪᠠᠢᠨ᠎ᠠ?᠃
ᠴᠠᠰᠣᠬᠠᠨ᠄ ᠮᠢᠨᠦ ᠡᠨᠡ ᠬᠠᠮᠠᠭᠠᠯᠠᠯᠲᠠ ᠶ᠋ᠢᠨ ᠰᠢᠯ ᠡᠰᠡᠷᠭᠦ ᠲᠠᠯ᠎ᠠ ᠶ᠋ᠢᠨ ᠰᠤᠯᠠ ᠲᠠᠯ᠎ᠠ ᠶ᠋ᠢ ᠣᠯᠵᠤ ᠴᠢᠳᠠᠳᠠᠭ᠂ ᠣᠳᠣ ᠬᠠᠷᠠᠵᠤ ᠪᠠᠢᠭᠠᠷᠠᠢ!
ᠵᠠ᠂ ᠪᠠᠰᠠᠷ ᠨᠢᠰᠴᠦ ᠴᠢᠳᠠᠬᠤ ᠶᠤᠮ ᠴᠢᠨᠢ ᠬᠡᠳᠦᠭᠦᠯᠡ ᠪᠡᠨ ᠢᠩᠭᠢᠵᠦ ᠬᠢᠵᠡᠭᠡᠶ᠎ᠡ᠃
ᠮᠥᠩᠬᠡ: ᠠᠪᠤᠷᠭᠤ ᠲᠣᠮᠣ ᠡᠯᠢᠶ᠎ᠡ ᠰᠢᠪᠠᠭᠤ ᠠᠬ᠎ᠠ ᠠ᠋᠂ ᠲᠠ ᠶᠠᠭᠠᠬᠢᠭᠠᠳ ᠬᠠᠲᠤᠨ ᠢ᠋ ᠵᠠᠪᠠᠯ ᠠᠪᠴᠤ ᠨᠢᠰᠬᠦ ᠭᠡᠳ ᠪᠠᠢᠭ᠎ᠠ ᠶᠤᠮ ᠪᠣᠢ? ᠰᠢᠪᠠᠭᠤ ᠠᠬ᠎ᠠ ᠠ᠋᠂ ᠲᠠ ᠶᠠᠭᠠᠬᠢᠭᠠᠳ ᠬᠠᠲᠤᠨ ᠢ᠋ ᠵᠠᠪᠠᠯ ᠠᠪᠴᠤ ᠶᠠᠪᠤᠬᠤ ᠭᠡᠳ ᠪᠠᠢᠭ᠎ᠠ ᠶᠤᠮ ᠪᠣᠢ?
ᠳᠡᠰ ᠰᠢᠪᠠᠭᠤ᠄ ᠪᠢ ᠠᠬ᠎ᠠ ᠪᠢᠰᠢ᠂ ᠡᠭᠡᠴᠢ ᠮᠢᠨᠦ ᠳᠡᠭᠦᠦ᠃
ᠮᠥᠩᠬᠡ᠄ ᠬᠢ ᠬᠢ᠂ ᠡᠮᠡᠭᠲᠡᠢ ᠪᠠᠢᠭᠰᠠᠨ ᠶᠤᠮ ᠤᠤ? ᠦ᠂ ᠶᠠᠭᠤ ᠠᠭᠤᠴᠢᠯᠠᠭᠠᠷᠠᠢ ᠡᠭᠡᠴᠢ ᠠ᠋᠂ ᠲᠠ ᠨᠠᠳᠠ ᠳ᠋ᠤ᠌ ᠨᠢᠭᠡ ᠶᠠᠭᠤᠮ᠎ᠠ ᠬᠠᠷᠢᠭᠤᠯᠵᠤ ᠥᠭᠭᠦᠭᠦᠯ ᠳᠡ᠂ ᠲᠠ ᠶᠠᠭᠠᠬᠢᠭᠠᠳ ᠵᠠᠪᠠᠯ ᠬᠠᠲᠤᠨ ᠢ᠋ ᠠᠪᠴᠤ ᠶᠠᠪᠤᠬᠤ ᠭᠡᠳ ᠪᠠᠢᠭ᠎ᠠ ᠶᠤᠮ᠃
ᠳᠡᠰ ᠰᠢᠪᠠᠭᠤ᠄ ᠵᠠ᠂ ᠡᠭᠡᠴᠢ ᠨᠢ ᠵᠤᠷᠠᠢᠭ ᠢ᠋ ᠴᠢᠨᠢ ᠦᠨᠡᠯᠡᠭᠡᠳ ᠬᠡᠯᠡᠵᠦ ᠥᠭᠭᠦᠶ᠎ᠡ᠂ ᠡᠭᠡᠴᠢ ᠶ᠋ᠢᠨ ᠬᠢᠨᠢ ᠳᠡᠭᠳᠡᠭᠡᠬᠡᠢ ᠨᠦ᠍ᠭᠦᠳ ᠬᠠᠳᠠᠨ ᠤ᠋ ᠵᠠᠪᠰᠠᠷ ᠤᠨᠠᠭᠰᠠᠨ ᠶᠤᠮ ᠰᠠᠨ᠂ ᠡᠭᠡᠴᠢ ᠨᠢ ᠶᠠᠭᠠᠬᠢᠵᠤ ᠴᠤ᠌ ᠬᠢᠴᠢᠶᠡᠭᠡᠳ ᠂ ᠬᠠᠳᠠᠨ ᠤ᠋ ᠵᠠᠪᠰᠠᠷ ᠢ᠋ᠶ᠋ᠠᠷ ᠳᠠᠯᠠᠪᠴᠢ ᠮᠢᠨᠢ ᠪᠠᠭᠲᠠᠬᠤ ᠦᠭᠡᠢ ᠪᠠᠢᠭ᠎ᠠ ᠲᠤᠯᠠ ᠬᠥᠮᠦᠨ ᠦ᠌ ᠨᠠᠷᠢᠨ ᠭᠠᠷ ᠢ᠋ᠶ᠋ᠠᠷ ᠠᠪᠤᠭᠤᠯᠬᠤ ᠭᠡᠰᠡᠨ ᠪᠢᠯᠡ᠃
ᠬᠠᠲᠤᠨ᠄ᠬᠥᠭᠡᠷᠦᠬᠦᠢ ᠳᠡ᠂ ᠪᠢ ᠴᠤ᠌ ᠭᠡᠰᠡᠨ ᠡᠬᠡ ᠬᠥᠮᠦᠨ᠂ ᠲᠠ ᠤᠴᠢᠷ ᠢ᠋ᠶ᠋ᠠᠨ ᠬᠡᠯᠡᠭᠰᠡᠨ ᠪᠣᠯ ᠲᠤᠰᠠᠯᠠᠯ ᠦᠭᠡᠢ ᠶᠠᠭᠠᠬᠢᠬᠤᠪ᠃
ᠭᠡᠷᠸᠮᠢ᠄ ᠲᠡᠭᠡᠭᠡᠳ ᠬᠠᠲᠤᠨ ᠨᠢ ᠰᠢᠪᠠᠭᠤ ᠲᠠᠢ ᠬᠠᠮᠲᠤ ᠨᠢᠰᠴᠦ ᠣᠴᠢᠭᠠᠳ ᠯᠠ ᠳᠡᠭᠳᠡᠭᠡᠬᠡᠢ ᠨᠦ᠍ᠭᠦᠳ ᠢ᠋ ᠨᠢ ᠠᠪᠤᠷᠠᠭᠠᠳ ᠯᠠ᠂ ᠬᠠᠭᠠᠨ ᠨᠢ ᠰᠤᠮᠤ ᠪᠠᠨ ᠬᠡᠦᠬᠡᠳ ᠦ᠋ᠳ ᠲᠦ᠍ ᠪᠡᠯᠡᠭᠯᠡᠨ᠎ᠡ ᠭᠡᠳ ᠲᠩᠷᠢ ᠤᠷᠤᠭᠤ ᠪᠠᠨ ᠬᠠᠷᠪᠤᠵᠤ ᠮᠠᠷᠮᠠᠭᠠᠳ ᠯᠠ᠂ ᠠᠬ᠎ᠠ ᠳᠡᠭᠦᠦ ᠨᠠᠷ ᠲᠩᠷᠢ ᠤᠷᠤᠭᠤ ᠪᠠᠨ ᠦᠰᠦᠷᠦᠭᠡᠳ ᠯᠡ᠂ ᠲᠡᠨᠳᠡ ᠪᠡᠨ ᠪᠦᠷ ᠣᠳᠣ ᠪᠣᠯᠵᠤ ᠪᠠᠢᠭᠠᠳ ᠶᠠᠪᠤᠵᠠᠢ᠃ ᠠᠶᠤᠮᠠᠷ ᠪᠠᠰᠠ ᠲᠡᠢᠮᠦ᠃
ᠠᠷᠸ᠎ᠠ᠄ ᠬᠠ ᠬᠠ᠂ ᠠᠶᠤᠮᠠᠷ ᠦᠯᠢᠭᠡᠷ ᠪᠠᠢᠵᠠᠢ᠂ ᠢᠩᠭᠢᠬᠦ ᠳ᠋ᠦ᠍ ᠬᠡᠦᠬᠡᠳ ᠦ᠋ᠳ ᠠ᠋᠂ ᠲᠠ ᠨᠠᠷ ᠠᠯᠲᠠᠨ ᠭᠠᠳᠠᠰᠤ ᠣᠳᠣ ᠦᠷᠭᠦᠯᠵᠢ ᠬᠣᠢᠲᠤ ᠵᠦᠭ ᠢ᠋ ᠵᠢᠭᠠᠵᠤ ᠪᠠᠢᠳᠠᠭ ᠢ᠋ ᠮᠡᠳᠡᠬᠦ ᠤᠤ᠃
ᠮᠥᠩᠬᠡ᠄ ᠫᠥᠬᠥ᠂ ᠲᠡᠢᠮᠦ ᠤᠤ!
ᠲᠤᠩᠬᠤ᠄ ᠠᠷᠸ᠎ᠠ ᠠᠬ᠎ᠠ ᠠ᠋᠂ ᠠᠯᠲᠠᠨ ᠭᠠᠳᠠᠰᠤ ᠣᠳᠣ᠂ ᠬᠠᠮᠤᠭ ᠤ᠋ᠨ ᠲᠣᠮᠣ ᠣᠳᠣ ᠨᠢ ᠶᠦ᠍ᠮ ᠤᠤ? ᠶᠠᠭᠠᠬᠢᠵᠤ ᠣᠯᠳᠠᠭ ᠶᠤᠮ ᠪᠣᠯ?
ᠠᠷᠸ᠎ᠠ᠄ ᠵᠠ᠂ ᠠᠬ᠎ᠠ ᠨᠢ ᠭᠣᠶᠣ ᠲᠠᠢᠯᠪᠤᠷᠢᠯᠠᠭᠠᠳ ᠥᠭᠭᠦᠶ᠎ᠡ᠃ ᠰᠢᠨᠠᠭ᠎ᠠ ᠳᠣᠯᠣᠭᠠᠨ ᠣᠳᠣ ᠭᠡᠳ ᠲᠡᠷᠡ ᠪᠠᠢᠨ᠎ᠠ ᠳᠠ᠂ ᠳᠣᠯᠣᠭᠠᠨ ᠪᠤᠷᠬᠠᠨ ᠴᠤ᠌ ᠭᠡᠵᠦ ᠨᠡᠷᠡᠯᠡᠳᠡᠭ ᠶᠦᠮ᠂ ᠲᠡᠷᠡ ᠳᠣᠯᠣᠭᠠᠨ ᠣᠳᠣᠨ ᠤ᠋ ᠡᠬᠢᠨ ᠦ᠌ ᠬᠣᠶᠠᠷ ᠣᠳᠣ ᠶ᠋ᠢ ᠨᠢ ᠳᠠᠭᠠᠭᠤᠯᠤᠭᠠᠳ ᠶᠠᠪᠤᠩᠭᠤᠲᠠ᠂ ᠠᠯᠲᠠᠨ ᠭᠠᠳᠠᠰᠤ ᠣᠳᠣ ᠶᠠᠭ ᠳᠠᠭᠠᠷᠠᠳᠠᠭ ᠶᠤᠮ ᠳᠠ᠃ ᠠᠯᠲᠠᠨ ᠭᠠᠳᠠᠰᠤ ᠪᠠᠢᠭ᠎ᠠ ᠵᠦᠭ ᠪᠣᠯ ᠵᠢᠩᠬᠢᠨᠢ ᠬᠣᠢᠲᠤ ᠵᠦᠭ ᠶᠦ᠍ᠮ ᠰᠢᠦ ᠳᠡ᠃
ᠮᠥᠩᠬᠡ᠄ ᠸᠠ ᠧᠦ᠃
ᠭᠡᠷᠸᠮᠢ᠄ ᠭᠣᠶᠣ ᠶᠤᠮ ᠠ᠋ ᠃
ᠲᠤᠩᠬᠤ᠄ ᠠ ᠬᠠ ᠬᠠ᠂ ᠠᠮᠠᠷᠬᠠᠨ ᠶᠤᠮ ᠪᠠᠢᠨ᠎ᠠ ᠰᠢᠦ ᠳᠡ᠂ ᠬᠡᠨ ᠬᠡ
ᠠᠷᠸ᠎ᠠ᠄ ᠵᠠ᠂ ᠮᠢᠨᠦ ᠳᠡᠭᠦᠦ ᠨᠠᠷ ᠰᠠᠢᠬᠠᠨ ᠠᠮᠠᠷᠠᠵᠠᠭ ᠠᠳᠠ! ᠥᠷᠯᠥᠭᠡ ᠡᠷᠲᠡ ᠰᠡᠷᠡᠵᠡᠭᠡᠨᠡ ᠰᠢᠦ᠂ ᠮᠠᠷᠭᠠᠰᠢ ᠠᠪᠤ ᠡᠵᠢ ᠨᠠᠷ ᠨᠢ ᠡᠷᠲᠡ ᠢᠷᠡᠵᠡᠭᠡᠨ᠎ᠡ ᠂ ᠵᠠ ᠤᠤ?
ᠮᠥᠩᠬᠡ᠄ ᠵᠠ! ᠠᠷᠸ᠎ᠠ ᠠᠬ᠎ᠠ ᠠ᠋᠂ ᠭᠡᠷᠸᠮᠢ ᠭᠡᠷᠸᠮᠢ ᠬᠢ ᠠ!
ᠭᠡᠷᠸᠮᠢ᠄ ᠶᠣᠣ᠁ ᠬᠡ ᠬᠢ ᠶᠣᠣ᠂ ᠬᠢ ᠬᠢ᠁
ᠠᠷᠸ᠎ᠠ᠄ ᠵᠠ᠂ ᠰᠠᠢᠬᠠᠨ ᠠᠮᠠᠷᠠᠵᠠᠭᠠᠭᠠᠷᠠᠢ!
ᠮᠥᠩᠬᠡ᠄ ᠰᠠᠢᠬᠠᠨ ᠠᠮᠠᠷᠠᠵᠠᠭᠠᠭᠠᠷᠠᠢ!
ᠲᠤᠩᠬᠤ᠄ ᠵᠠ᠂ᠰᠠᠢᠬᠠᠨ ᠠᠮᠠᠷᠠᠵᠠᠭᠠᠭᠠᠷᠠᠢ!
ᠭᠡᠷᠸᠮᠢ᠄ ᠵᠠ ᠂ ᠰᠠᠢᠬᠠᠨ ᠠᠮᠠᠷᠠᠵᠠᠭᠠᠭᠠᠷᠠᠢ!
ᠲᠤᠩᠬᠤ᠄ ᠬᠦᠢ᠂ ᠪᠠᠰᠠᠷ ᠬᠤᠷᠬᠢᠷᠠᠭᠠᠳ ᠪᠠᠢᠨ᠎ᠠ᠂ ᠬᠢ ᠬᠢ
ᠪᠦᠭᠦᠳᠡᠭᠡᠷ ᠢᠨᠢᠶᠡᠨ᠎ᠡ᠃
ᠵᠡᠭᠦᠳᠦᠨ ᠦ᠌ ᠠᠶᠠᠯᠠᠯ
ᠳᠠᠭᠤᠴᠢᠨ᠄ ᠭ᠂ ᠨᠣᠮᠢᠨᠡᠷᠳᠡᠨᠢ
ᠠᠶ᠎ᠠ᠄᠂ ᠶ᠋ᠢᠨ᠂ ᠲᠦᠪᠰᠢᠨ
ᠦᠭᠡ᠄ ᠴ᠂ ᠪᠠᠲᠤᠠᠣᠷᠭᠢᠯ
ᠦᠯᠢᠭᠡᠷ ᠦ᠋ᠨ ᠠᠶᠠᠯᠠᠯ
ᠬᠡᠦᠬᠡᠳ ᠪᠦᠷᠢ ᠶ᠋ᠢᠨ ᠬᠦᠰᠡᠯ ᠢ᠋ᠶ᠋ᠡᠷ
ᠠᠳᠠᠯ ᠶᠠᠪᠤᠳᠠᠯ ᠤ᠋ᠨ ᠶᠢᠷᠲᠢᠨᠴᠦ ᠪᠡᠷ
ᠬᠡᠦᠬᠡᠳ ᠪᠦᠬᠦᠨ ᠢ᠋ ᠠᠶᠠᠯᠠᠭᠤᠯᠤᠨ᠎ᠠ᠃
ᠬᠡᠦᠬᠡᠳ ᠦ᠋ᠳ ᠠ᠋᠂
ᠠᠷᠠᠳ ᠤ᠋ᠨ ᠰᠠᠢᠬᠠᠨ ᠦᠯᠢᠭᠡᠷ ᠢ᠋ᠶ᠋ᠡᠨ ᠤᠩᠰᠢᠭᠠᠷᠠᠢ᠂
ᠮᠥᠩᠬᠡ ᠲᠤᠩᠬᠤ ᠬᠣᠶᠠᠷ ᠲᠠᠢ ᠠᠶᠠᠯᠠᠭᠠᠷᠠᠢ᠂
ᠡᠷᠲᠡᠨ ᠦ᠌ ᠰᠠᠢᠬᠠᠨ
ᠤᠯᠠᠮᠵᠢᠯᠠᠯ ᠢ᠋ᠶ᠋ᠠᠨ
ᠰᠤᠷᠤᠭᠠᠷᠠᠢ᠂ ᠰᠤᠳᠤᠯᠤᠭᠠᠷᠠᠢ᠂
ᠭᠠᠢᠬᠠᠮᠰᠢᠭ ᠤ᠋ᠨ ᠠᠶᠠᠯᠠᠯ
ᠲᠥᠰᠦᠭᠡᠯᠡᠯ ᠦ᠋ᠨ ᠡᠭᠦᠰᠦᠯ ᠢ᠋ᠶ᠋ᠡᠷ ᠵᠡᠭᠦᠳᠦᠨ ᠦ᠌ ᠰᠠᠢᠬᠠᠨ ᠶᠢᠷᠲᠢᠨᠴᠦ ᠪᠡᠷ
ᠬᠡᠦᠬᠡᠳ ᠪᠦᠬᠦᠨ ᠢ᠋
ᠠᠶᠠᠯᠠᠭᠤᠯᠤᠨ᠎ᠠ᠂
ᠬᠡᠦᠬᠡᠳ ᠦ᠋ᠳ ᠠ᠋᠂
ᠠᠷᠠᠳ ᠤ᠋ᠨ ᠰᠠᠢᠬᠠᠨ ᠦᠯᠢᠭᠡᠷ ᠢ᠋ᠶ᠋ᠡᠨ
ᠤᠩᠰᠢᠭᠠᠷᠠᠢ᠂
ᠮᠥᠩᠬᠡ ᠲᠤᠩᠬᠤ ᠬᠣᠶᠠᠷ ᠲᠠᠢ ᠠᠶᠠᠯᠠᠭᠠᠷᠠᠢ᠃
ᠡᠷᠲᠡᠨ ᠦ᠌ ᠰᠠᠢᠬᠠᠨ ᠤᠯᠠᠮᠵᠢᠯᠠᠯ ᠢ᠋ᠶ᠋ᠠᠨ ᠰᠤᠷᠤᠭᠠᠷᠠᠢ᠂ ᠰᠤᠳᠤᠯᠤᠭᠠᠷᠠᠢ᠃
ᠦᠰᠦᠭ ᠠᠮᠢᠯᠠᠭᠤᠯᠵᠤ ᠬᠠᠲᠠᠭᠰᠠᠨ ᠨᠢ᠄ ᠾᠦᠩ ᠸᠧᠢ( ᠵᠦᠴᠦᠭᠡ ᠶ᠋ᠢᠨ ᠰᠡᠭᠦᠯᠴᠢ ᠶ᠋ᠢᠨ ᠳᠠᠭᠤᠨ ᠤ᠋ ᠦᠭᠡ ᠶ᠋ᠢ ᠭᠠᠷᠮ᠎ᠠ ᠠᠮᠢᠯᠠᠭᠤᠯᠵᠤ ᠥᠭᠪᠡ)
ᠬᠢᠨᠠᠭᠴᠢ᠄ ᠵ᠂ ᠪᠣᠶᠠᠨᠲᠤᠭᠲᠠᠬᠤ ᠂ ᠱᠤᠳᠤᠷᠭᠤ᠃