1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 1-02ᠮᠣᠭᠵᠣᠭᠤᠬᠠᠨ ᠲᠠᠬ᠋᠎ᠠ ᠎ᠲᠠᠢ ᠵᠣᠭᠵᠣᠭᠤᠬᠠᠨ ᠬᠦᠦМөнх ТунхMunkh Tunkh

ᠮᠥᠩᠬᠡ ᠲᠤᠩᠬᠤ 1-02ᠮᠣᠭᠵᠣᠭᠤᠬᠠᠨ ᠲᠠᠬ᠋᠎ᠠ ᠎ᠲᠠᠢ ᠵᠣᠭᠵᠣᠭᠤᠬᠠᠨ ᠬᠦᠦМөнх ТунхMunkh Tunkh

2023-01-02

2207

ᠮᠣᠭᠵᠣᠭᠤᠬᠠᠨ ᠲᠠᠬ᠋᠎ᠠ ᠎ᠲᠠᠢ ᠵᠣᠭᠵᠣᠭᠤᠬᠠᠨ ᠬᠦᠦ

0130 ᠵᠠ ᠥᠨᠥᠲᠥᠷ ᠶᠠᠮᠠᠷ ᠥᠯᠢᠭᠡᠷ ‍ᠢᠶ᠋ᠠᠷ ᠠᠶᠠᠯᠠᠬᠤ ᠪᠤᠢ?
0133 ᠮᠣᠭᠵᠣᠭᠤᠬᠠᠨ ᠲᠠᠬ᠋᠎ᠠ ᠎ᠲᠠᠢ ᠵᠣᠭᠵᠣᠭᠤᠬᠠᠨ ᠬᠦᠦ ᠭᠡᠳ ᠦᠯᠢᠭᠡᠷ ‍ᠢᠶ᠋ᠡᠷ ᠠᠶᠠᠯᠠᠨ᠎ᠠ ᠳ᠋ᠠ᠃
0137 ᠬᠥᠥᠭ ᠶᠠᠮᠠᠷ ᠬᠥᠭᠡᠷᠦᠬᠦᠨ ᠰᠣᠨᠣᠰᠳᠠᠬᠤ ᠶᠤᠮ ᠪᠤᠢ?ᠮᠣᠭᠵᠣᠭᠤᠬᠠᠨ ᠵᠢᠵᠢᠭᠬᠡᠨ ᠲᠠᠬ᠋᠎ᠠ ᠎ᠲᠠᠢ ᠵᠣᠭᠵᠣᠭᠤᠬᠠᠨ ᠬᠦᠦ ᠪᠠᠢᠳᠠᠭ ᠪᠠᠶ᠋ᠢᠬᠤ ᠳ᠋ᠠ᠃
0144  ᠢ ᠶᠠᠭᠤ ᠭᠡᠰᠡᠨ ᠦᠭᠡ ᠪᠤᠢ? ᠵᠣᠭᠵᠣᠭᠤᠬᠠᠨ ᠬᠦᠦ ᠭᠡᠰᠡᠨ ‍ᠦᠦ? ᠬᠢ ᠬᠢ ᠬᠢ ᠲᠡᠭᠡᠪᠡᠯ ᠨᠢᠭᠡ ᠵᠣᠭᠵᠣᠭᠤᠬᠠᠨ ᠯᠠ ᠠᠮᠢᠲᠠᠨ ᠪᠠᠶ᠋ᠢᠳᠠᠭ ᠪᠠᠶ᠋ᠢᠬᠤ ᠳ᠋ᠠ ᠬᠠ ᠬᠠ ᠬᠠ ᠪᠢ ᠶᠠᠮᠠᠷ ᠬᠥᠭᠵᠢᠯᠲᠡᠢ ᠶᠤᠮ ᠪᠤᠢ?
0202 ᠬᠤᠷᠴᠠ ᠦᠭᠡ ᠬᠡᠯᠡ ᠎ᠲᠡᠢ ᠰᠡᠷᠭᠦᠯᠡᠩ ᠵᠢᠭᠠᠬᠠᠨ ᠬᠦᠦ ᠪᠠᠶ᠋ᠢᠭ᠎ᠠ᠂ ᠵᠠ ᠲᠠ ᠬᠡᠳᠦ ᠮᠢᠨᠢ ᠪᠡᠯᠡᠨ ‍ᠦᠦ?
0206 ᠪᠢ ᠪᠡᠯᠡᠨ
0207 ᠪᠢ ᠪᠠᠰᠠ ᠪᠡᠯᠡᠨ
0210 ᠬᠥᠪ
0220 ᠮᠣᠩᠭᠣᠯ ᠠᠷᠠᠳ ‍ᠤᠨ ᠦᠯᠢᠭᠡᠷ ᠮᠣᠭᠵᠣᠭᠤᠬᠠᠨ ᠲᠠᠬ᠋᠎ᠠ ᠎ᠲᠠᠢ ᠵᠣᠭᠵᠣᠭᠤᠬᠠᠨ ᠬᠦᠦ
0222  ᠬᠡ ᠵᠠ ᠮᠠᠨ ‍ᠤ ᠨᠥᠭᠦᠭᠡ ᠡᠭᠳᠡᠭᠦᠦ ᠲᠡᠢ ᠬᠥᠭᠡᠷᠦᠬᠦᠨ ᠵᠣᠭᠵᠣᠭᠤᠬᠠᠨ ᠳᠡᠭᠦᠦ ᠮᠢᠨᠢ ᠬᠠᠮᠢᠭ᠎ᠠ ᠪᠠᠶ᠋ᠢᠭ᠎ᠠ ᠪᠣᠯ ᠳ᠋ᠠ?
0227  ᠦᠭᠡᠢ ᠨᠡᠬᠡᠷᠡᠨ ᠨᠢᠭᠡ ᠭᠣᠶᠣ ᠳᠠᠭᠤᠤ ᠪᠠᠶ᠋ᠢᠳᠠᠭ᠂ ᠲᠡᠶ᠋ᠢᠮᠦ᠂ ᠮᠣᠭᠵᠣᠭᠤᠬᠠᠨ ᠲᠠᠬ᠋᠎ᠠ ᠎ᠲᠠᠢ ᠵᠣᠭᠵᠣᠭᠤᠬᠠᠨ ᠬᠦᠦ
0235   ᠬᠦᠢᠱ᠌ᠢ!  ᠮᠠᠨ ᠤ ᠬᠢᠨᠢ ᠳᠠᠭᠤᠤ ᠠᠰᠢᠬᠯᠠᠬᠤ ᠡᠷᠬᠡ ‍ᠶ᠋ᠢ ᠠᠪᠤᠭ᠎ᠠ ᠦᠭᠡᠢ
 ᠭᠡᠰᠡᠨ
0237 ᠳᠠᠭᠤᠤ ᠠᠰᠢᠬᠯᠠᠬᠤ ᠡᠷᠬᠡ?
0240 ᠥ ᠬᠥᠮᠦᠨ ‍ᠦ ᠪᠦᠲᠦᠭᠡᠯ ᠣᠶᠤᠨ ‍ᠤ ᠥᠮᠴᠢ ᠎ᠪᠡᠷ ᠬᠠᠮᠠᠭᠠᠯᠠᠭᠳᠠᠭᠰᠠᠨ ᠪᠣᠯ ᠪᠦᠲᠦᠭᠡᠭᠰᠡᠨ ᠡᠵᠡᠨ ᠎ᠡᠴᠡ  ᠨᠢ ᠵᠥᠪᠰᠢᠶᠡᠷᠡᠯ ᠠᠪᠴᠤ ᠠᠰᠢᠭ᠍ᠯᠠᠬᠤ ᠶᠣᠰᠣ ᠎ᠲᠠᠢ ᠶᠤᠮ ᠪᠠᠶ᠋ᠢᠬᠤ ᠦᠭᠡᠢ ‍ᠦᠦ?
0247 ᠠ ᠣᠶᠤᠨ ‍ᠤ ᠥᠮᠴᠢ ᠲᠡᠭᠡᠪᠡᠯ ᠶᠡᠬᠡ ᠴᠢᠬᠤᠯᠠ ᠵᠦᠢᠯ ᠪᠠᠢᠬᠤ ᠨᠢ ᠡ
0252 ᠳᠡᠭᠡᠯ ᠦᠭᠡᠢ ᠶᠠᠭᠠᠬᠢᠬᠤᠪ᠂ ᠵᠢᠱ᠌ᠢᠶ᠎ᠡ ᠨᠢ ᠬᠡᠨ ᠴᠢᠨᠦ ᠲᠣᠭᠯᠠᠭᠠᠮ ‍ᠢ ᠥᠭᠡᠷ᠎ᠡ ᠬᠥᠮᠦᠨ ᠠᠰᠠᠭᠤᠯ ᠦᠭᠡᠢ᠎ᠪᠡᠷ ᠠᠪᠴᠤ ᠪᠣᠯᠳᠠᠭ ᠦᠭᠡᠢ ᠰᠢᠦ ᠳ᠋ᠡ᠂ ᠣᠶᠤᠨ ‍ᠤ ᠥᠮᠴᠢ ᠭᠡᠳᠡᠭ ᠨᠢ ᠶᠠᠭ ᠯᠠ ᠲᠡᠶ᠋ᠢᠮᠦ ᠦᠨᠡᠲᠡᠢ ᠵᠦᠢᠯ ᠪᠠᠶ᠋ᠢᠬᠤ ᠦᠭᠡᠢ ‍ᠦᠦ?
0300  ᠪᠢ ᠶᠠᠭ ᠢᠩᠭᠢᠵᠦ ᠬᠡᠯᠡᠬᠦ ᠭᠡᠵᠦ ᠪᠠᠶ᠋ᠢᠯ᠎ᠠ᠃
0305  ᠬᠡ ᠬᠡ  ᠬᠡ ᠬᠡ ᠬᠡ
0306  ᠲᠡᠭᠡᠬᠦ ᠎ᠪᠡᠷ ᠨᠢ ᠪᠢ 
ᠤᠷᠲᠤ ᠎ᠪᠠᠷ᠎ ᠢᠶᠠᠨ ᠤᠷᠭ᠎ᠠ ᠨᠡᠷ᠎ᠡ ᠳᠤ ᠪᠠᠨ ᠨᠡᠢᠯᠡᠭ᠂
ᠥᠨᠢᠷ᠎ ᠪᠠᠷ᠎ ᠢᠶᠠᠨ ᠬᠠᠭᠠᠨ ᠨᠡᠷ᠎ᠡ ᠳᠤ ᠪᠠᠨ ᠨᠡᠢᠯᠡᠭ᠃
ᠬᠡᠳ ᠯᠠ
0313  ᠬᠠ ᠬᠠ ᠬᠠ 
0318  ᠰᠠᠶ᠋ᠢᠨ ‍ᠤᠤ? ᠲᠠ ᠨᠠᠷ ᠨᠥᠭᠦᠭᠡ ᠨᠢᠭᠡ ᠵᠣᠭᠵᠣᠭᠤᠬᠠᠨ ᠬᠦᠦ ᠭᠡᠵᠦ ᠲᠠᠨᠢᠬᠤ ‍ᠦᠦ?
0329  ᠨᠠᠶ᠋ᠢᠵᠠ ᠎ᠨᠤᠭᠤᠳ ᠳ᠋ᠠ᠂ ᠣᠳᠣ ᠳᠠᠷᠠᠭ᠎ᠠ ‍ᠶ᠋ᠢᠨ ᠬᠡᠰᠡᠭ ‍ᠦᠳ ᠲᠤ ᠭᠠᠷᠬᠤ ᠬᠡᠯᠡᠴᠡ ᠦᠭᠡ᠂ ᠵᠦᠢᠷ ᠰᠡᠴᠡᠨ ᠦᠭᠡ ‍ᠦᠳ ᠣᠢᠯᠠᠭᠠᠬᠤ ‍ᠳᠤ ᠵᠢᠭᠠᠬᠠᠨ ᠬᠦᠨᠳᠦᠷᠡᠯ ᠲᠡᠢ ᠪᠠᠢᠨ᠎ᠠ ᠪᠠᠶ᠋ᠢᠬ᠎ᠠ ᠠ᠋᠂ ᠬᠡᠷᠪᠡ ᠣᠢᠯᠠᠭᠠᠭ᠎ᠠ ᠦᠭᠡᠢ ᠦᠭᠡ ‍ᠦᠳ ᠭᠠᠷᠬᠤ ᠶᠤᠮ ᠪᠣᠯ᠂ ᠠᠪᠤ ᠡᠵᠢ ᠠᠬ᠎ᠠ ᠡᠭᠡᠴᠢ ᠨᠠᠷ᠂ ᠮᠥᠨ ᠡᠮᠧ ᠡᠪᠦᠭᠡ ᠎ᠨᠠᠷ ᠠ᠋ᠴᠠ ᠎ᠪᠠᠨ ᠵᠠᠪᠠᠯ ᠠᠰᠠᠭᠤᠭᠠᠷᠠᠢ!
0345  ᠬᠥᠶ᠋ᠢ᠂ ᠵᠣᠭᠵᠣᠭᠤᠬᠠᠨ ᠬᠦᠦ ᠭᠡᠵᠦ ᠲᠠ ᠨᠠᠷ ᠲᠠᠨᠢᠬᠤ ᠶᠤᠮ ‍ᠦᠦ
0347  ᠬᠠᠮᠢᠭ᠎ᠠ ᠬᠦᠷᠬᠦ ᠭᠡᠵᠦ ᠪᠠᠶ᠋ᠢᠭ᠎ᠠ ᠶᠤᠮ? ᠶᠠᠭᠤᠨ ‍ᠳᠤ ᠨᠢᠳᠦ ᠪᠡᠯᠴᠢᠭᠡᠭᠡᠳ ᠶᠠᠪᠤᠨ᠎ᠠ ᠳ᠋ᠠ?
0352  ᠮᠣᠭᠵᠣᠭᠤᠬᠠᠨ ᠳᠠᠭ᠎ᠠ ᠲᠠᠢ ᠵᠣᠭᠵᠣᠭᠤᠬᠠᠨ ᠬᠦᠦ ᠭᠡᠳᠡᠭ ᠦᠯᠢᠭᠡᠷ ‍ᠦᠨ ᠪᠠᠭᠠᠲᠤᠷ ᠨᠢ ᠮᠢᠨᠦ ᠳᠡᠭᠦᠦ ᠴᠢ ‍ᠦᠦ?
0357  ᠵᠠ᠂ ᠮᠥᠨ ᠪᠠᠶ᠋ᠢᠪᠠᠯ ᠲᠠ ᠠᠮᠠ ᠠᠰᠠᠭᠤᠬᠤ ᠭᠡᠵᠦ ᠢᠷᠡᠪᠡ  ‍ᠦᠦ? ᠠᠮᠠ ᠪᠤᠯᠢᠶᠠᠯᠳᠤᠬᠤ ᠭᠡᠵᠦ ᠢᠷᠡᠪᠡ  ‍ᠦᠦ? ᠠ᠂ ᠡᠰᠡᠪᠡᠯ ᠠᠮᠠ ᠠᠪᠬᠤ ᠭᠡᠵᠦ ᠢᠷᠡᠭᠰᠡᠨ ‍ ᠦᠦ?  ᠬᠠ᠂ ᠠᠮᠠ ᠳᠣᠷᠳᠣᠭᠠᠬᠤ ᠭᠡᠵᠦ ᠢᠷᠡᠭᠰᠡᠨ ᠶᠤᠮ ᠪᠠᠶ᠋ᠢᠨ᠎ᠠ᠃
0408  ᠸᠠ᠂ ᠶᠠᠮᠠᠷ ᠠᠶ᠋ᠢᠬᠤᠪᠲᠤᠷ ᠠᠮᠠ ᠬᠡᠯᠡ ᠎ᠲᠡᠢ ᠬᠡᠦᠬᠡᠳ ᠪᠤᠢ?
0413  ᠶᠠᠷᠢ ᠭᠡᠵᠦ ᠠᠮᠠ ᠬᠡᠯᠡ ᠵᠠᠶᠠᠭᠠᠵᠤ᠂ ᠢᠷᠵᠠᠢ ᠭᠡᠵᠦ ᠰᠢᠳᠦ ᠤᠷᠤᠭᠤᠯ ᠵᠠᠶᠠᠭᠠᠭᠰᠠᠨ ᠪᠢᠰᠢ ‍ᠦᠦ?
0425  ᠵᠠ᠂ ᠠᠬ᠎ᠠ ᠮᠢᠨᠢ ᠳ᠋ᠡ! 
ᠠᠪᠤ ‍ᠶ᠋ᠢᠨ ᠬᠦᠦ ᠠᠳᠠᠯᠢ ᠦᠭᠡᠢ᠂
ᠠᠷᠪᠠᠨ ᠬᠤᠷᠤᠭᠤ ᠲᠡᠭᠰᠢ ᠦᠭᠡᠢ᠃
 ᠭᠡᠵᠦ ᠬᠥᠮᠦᠨ ᠪᠣᠯᠭᠠᠨ ᠤᠷᠠᠨ ᠰᠡᠴᠡᠨ ᠦᠭᠡ ᠶᠠᠷᠢᠬᠤ ᠦᠭᠡᠢ ᠰᠢᠦ ᠳ᠋ᠡ!
0439  ᠮᠣᠭᠵᠣᠭᠤᠬᠠᠨ᠂ ᠵᠢᠭᠠᠬᠠᠨ ᠬᠡᠦᠬᠡᠳ ᠶᠤᠮ ᠪᠠᠶ᠋ᠢᠵᠤ᠂  ᠦᠭᠡ ᠬᠠᠶᠠᠭᠠᠳ ᠶᠠᠭᠠᠬᠢᠬᠤᠪ ᠳ᠋ᠠ᠂ ᠢᠩᠭᠢᠵᠦ ᠶᠡᠬᠡ ᠦᠭᠡ ᠬᠡᠯᠡᠬᠦ ᠬᠡᠷᠡᠭ ᠪᠠᠶ᠋ᠢᠨ᠎ᠠ ‍ᠤᠤ?
0445 
ᠪᠡᠶ᠎ᠡ ᠪᠠᠭᠠᠲᠤᠷ ᠪᠣᠯ ᠨᠢᠭᠡᠨ ᠦᠶ᠎ᠡ ‍ᠶ᠋ᠢᠨ ᠪᠠᠭᠠᠲᠤᠷ᠂
ᠪᠢᠯᠢᠭ ᠪᠠᠭᠠᠲᠤᠷ ᠪᠣᠯ ᠲᠦᠮᠡᠨ ᠦᠶ᠎ᠡ ‍ᠶ᠋ᠢᠨ ᠪᠠᠭᠠᠲᠤᠷ᠃
ᠭᠡᠳᠡᠭ ᠳ᠋ᠡ᠂ ᠪᠡᠶ᠎ᠡ ᠵᠢᠵᠢᠭ ᠴᠤ᠌ ᠪᠡᠯᠴᠢᠭᠡᠷ ᠨᠢ ᠲᠣᠮᠣ ᠶᠤᠮ ᠪᠣᠯᠬᠣᠷ᠂ ᠵᠦᠢᠷ ᠰᠡᠴᠡᠨ ᠦᠭᠡ᠂ ᠬᠡᠯᠡᠴᠡ ᠦᠭᠡ ᠎ᠪᠡᠷ ᠮᠠᠭᠤ ᠳᠡᠭᠦᠦ ᠎ᠪᠡᠨ ᠲᠠ ᠨᠠᠷ ᠳᠡᠶ᠋ᠢᠯᠬᠦ ᠦᠭᠡᠢ ᠪᠠᠶ᠋ᠢᠬ᠎ᠠ ᠠ᠋
0500  ᠠ ᠠ ᠠ
0508  ᠵᠠ᠂ ᠲᠡᠭᠡᠪᠡᠯ᠂
 ᠮᠥᠰᠥᠨ ᠳᠡᠭᠡᠷ᠎ᠡ ᠮᠥᠩᠭᠥᠨ ᠠᠶᠠᠭ᠎ᠠ᠃
0511  ᠪᠠᠰᠠᠷ ᠡ᠂ ᠨᠠᠭᠠᠳᠤᠬᠢ ᠴᠢᠨᠢ  ᠣᠨᠢᠰᠤᠭ᠎ᠠ ᠡ! ᠬᠡᠯᠡᠴᠡ ᠦᠭᠡ᠂ ᠵᠦᠢᠷ ᠰᠡᠴᠡᠨ ᠦᠭᠡᠨ ‍ᠳᠦ ᠣᠷᠣᠬᠤ ᠦᠭᠡᠢ᠃
0522  ᠬᠠ ᠬᠠ᠂ ᠠᠷᠭ᠎ᠠ ᠎ᠪᠠᠨ ᠪᠠᠷᠠᠬᠤ᠎ᠪᠠᠷ ᠠᠯᠠᠭ᠎ᠠ ᠎ᠪᠠᠨ ᠮᠠᠭᠠᠵᠢᠨ᠎ᠠ ᠭᠡᠵᠦ᠂ ᠠᠬ᠎ᠠ ᠡᠭᠡᠴᠢ ᠨᠠᠷ ᠮᠢᠨᠢ ᠳᠡᠭᠦᠦ ᠎ᠪᠡᠨ ᠪᠠᠷᠠᠬᠤ ᠦᠭᠡᠢ ᠨᠢ ᠳ᠋ᠠ᠃ ᠳᠡᠭᠦᠦ ᠶᠢᠨ ‍ᠢᠶ᠋ᠠᠨ ᠠᠮᠠ ᠭᠡᠵᠦ ᠠᠳᠠᠯᠠᠬᠤ ᠰᠢᠭ᠋᠂ ᠴᠢᠳᠠᠯ ᠭᠡᠵᠦ ᠳᠠᠭᠠᠭᠠᠴᠠ ᠰᠢᠭ᠋ ᠶᠤᠮ ᠪᠣᠯᠬᠣᠷ᠂ ᠳᠡᠶ᠋ᠢᠯᠦᠭᠳᠡᠬᠦ ‍ᠳᠤ ᠨᠢᠭᠡᠨᠲᠡ ᠥᠩᠭᠡᠷᠡᠭᠰᠡᠨ ᠪᠠᠶ᠋ᠢᠬ᠎ᠠ ᠠ᠋᠃
0537  ᠠ ᠠ᠂ ᠣ᠂ ᠣ
0538 
ᠪᠠᠷᠳᠠᠮ ᠡᠷᠳᠡᠮᠲᠦ ᠮᠠᠭᠲᠠᠭᠠᠯ ᠳᠦ ᠪᠠᠶᠠᠰᠬᠤ᠂
ᠪᠠᠬᠠᠳᠤᠮ᠎ᠠ ᠡᠷᠳᠡᠮᠲᠦ ᠰᠤᠳᠤᠷ ᠎ᠲᠤ᠌ ᠪᠠᠶᠠᠰᠬᠤ᠃
0549  ᠮᠣᠭᠵᠣᠭᠤᠬᠠᠨ᠂ ᠵᠣᠭᠵᠣᠭᠤᠬᠠᠨ ᠳᠠᠭ᠎ᠠ ᠎ᠲᠠᠢ᠂ ᠴᠠᠰᠤᠬᠠᠨ Versus᠂ ᠶᠠᠭᠤ ᠴᠤ᠌ ᠦᠭᠡᠢ᠃ FIGHTᠹᠠᠶ᠋ᠢᠲ  ᠪᠠᠢ᠃
0558 
ᠪᠠᠭᠰᠢ ᠰᠠᠶ᠋ᠢᠲᠠᠢ ᠱᠠᠪᠢ ᠪᠠᠷᠳᠠᠮ᠃
ᠪᠠᠭᠠᠲᠤᠷ ᠰᠠᠶ᠋ᠢᠲᠠᠢ ᠴᠡᠷᠢᠭ ᠪᠠᠷᠳᠠᠮ᠃
0603 
ᠬᠥᠮᠦᠨ ᠪᠣᠯᠬᠤ ᠪᠠᠭ᠎ᠠ ᠠ᠋ᠴᠠ ᠎ᠪᠠᠨ᠂
ᠬᠦᠯᠦᠭ ᠪᠣᠯᠬᠤ ᠤᠨᠠᠭᠠᠨ ᠠ᠋ᠴᠠ ᠎ᠪᠠᠨ᠃
 ᠡ
0608
ᠪᠦᠲᠦᠨ᠎ᠡ ᠬᠣᠮᠣᠯ ᠳᠡᠭᠡᠷ᠎ᠡ ᠭᠠᠷᠤᠭᠠᠳ᠂
ᠰᠦᠮᠪᠦᠷ ᠠᠭᠤᠯᠠᠨ ᠳᠡᠭᠡᠷ᠎ᠡ ᠭᠠᠷᠤᠯ᠎ᠠ ᠭᠡᠬᠦ᠃
0616 
ᠠᠭᠤᠷᠯᠠᠭᠰᠠᠨ ᠬᠥᠮᠦᠨ ᠤᠬᠠᠭᠠᠨ ᠲᠠᠢ ᠦᠭᠡ ᠬᠡᠯᠡᠳᠡᠭ ᠦᠭᠡᠢ᠂
ᠪᠤᠬᠢᠨᠢᠳᠤᠭᠰᠠᠨ ᠬᠥᠮᠦᠨ ᠪᠣᠳᠣᠯᠭ᠎ᠠ ᠲᠠᠢ ᠵᠠᠮ ᠵᠢᠭᠠᠳᠠᠭ ᠦᠭᠡᠢ᠃
ᠬᠥᠮᠦᠨ ᠠᠬ᠎ᠠ ᠎ᠲᠠᠢ᠂ 
ᠳᠡᠪᠡᠯ ᠵᠠᠬ᠎ᠠ ᠎ᠲᠠᠢ᠃
ᠶᠠᠭᠤᠮ᠎ᠠ ᠤᠴᠢᠷ ᠎ᠲᠠᠢ᠂
ᠮᠣᠳᠣ ᠮᠦᠴᠢᠷ ᠲᠠᠢ᠃
ᠪᠠᠭ᠎ᠠ ᠠ᠋ᠴᠠ ᠶᠡᠬᠡ ᠪᠣᠯᠤᠨ᠎ᠠ᠂
ᠪᠠᠯᠴᠢᠷ ᠠ᠋ᠴᠠ ᠲᠣᠮᠣ ᠪᠣᠯᠤᠨ᠎ᠠ᠃
ᠪᠡᠶ᠎ᠡ ᠥᠲᠡᠯᠪᠡᠴᠦ᠂ 
ᠰᠠᠨᠠᠭ᠎ᠠ ᠥᠲᠡᠯᠬᠦ ᠦᠭᠡᠢ᠃
ᠠᠭᠲᠠ ‍ᠶ᠋ᠢᠨ ᠰᠠᠶ᠋ᠢᠨ ‍ᠢ ᠤᠨᠤᠵᠤ ᠮᠡᠳᠡᠨ᠎ᠡ ᠂
ᠬᠥᠮᠦᠨ ‍ᠦ ᠰᠠᠶ᠋ᠢᠨ ‍ᠢ ᠬᠠᠨᠢᠯᠠᠵᠤ ᠮᠡᠳᠡᠨ᠎ᠡ᠃
ᠡᠮᠡᠭᠡᠯ  ᠦᠨ ᠮᠣᠳᠣ ᠤᠷᠤᠭᠤ᠃
ᠡᠷ᠎ᠡ ᠬᠥᠮᠦᠨ ᠤ ᠦᠭᠡ ᠮᠡᠲᠦ ᠴᠥᠬᠡᠨ ᠠᠯᠳᠠᠵᠤ
ᠲᠡᠮᠦᠷ ᠮᠡᠲᠦ ᠪᠢᠲᠡᠭᠡᠢ ᠨᠣᠴᠤ᠃
ᠬᠡᠦᠬᠡᠳ ᠬᠥᠮᠦᠨ ᠠᠭᠠᠰᠢᠯᠠᠪᠠᠴᠤ
ᠰᠠᠯᠬᠢᠨ ᠮᠡᠲᠦ ᠭᠦᠨ ᠦᠭᠡᠢ ᠰᠣᠷ᠃
ᠡᠭᠦᠯᠡ ᠰᠥᠷᠥᠪᠡᠯ ᠪᠣᠷᠣᠭᠠᠨ᠂
ᠦᠭᠡ ᠰᠥᠷᠥᠪᠡᠯ ᠬᠡᠷᠡᠭᠦᠯ᠃
ᠠᠭᠠᠰᠢ ᠮᠠᠭᠤᠲᠠᠢ ᠳᠤ ᠪᠠᠨ ᠭᠣᠯᠣᠭᠳᠠᠨ᠎ᠠ᠂
ᠠᠵᠢᠯ ᠮᠠᠭᠤᠲᠠᠢ ᠳᠤ ᠪᠠᠨ ᠬᠣᠵᠢᠬᠳᠠᠨ᠎ᠠ᠃
ᠤᠬᠠᠭᠠᠨᠲᠤ ᠬᠥᠮᠦᠨ ᠲᠥᠷᠥᠭᠦᠯᠦᠨ᠎ᠡ᠂
ᠣᠷᠣᠯᠭ᠎ᠠ ᠰᠠᠢᠲᠤ ᠣᠷᠣᠢᠯᠠᠨ᠎ᠠ᠃ 
0649  ᠠ᠂ ᠠ᠂ ᠠ
0656  ᠡ᠂ ᠡ ᠂ ᠡ
0658  ᠮᠢᠨᠦ ᠬᠥᠭᠡᠷᠦᠬᠦᠨ ᠳᠡᠭᠦᠦ ᠵᠦᠢᠷ ᠰᠡᠴᠡᠨ ᠦᠭᠡ ᠎ᠪᠡᠨ ᠰᠠᠶ᠋ᠢᠨ ᠮᠡᠳᠡᠳᠡᠭ ᠮᠤᠨᠳᠠᠭ ᠬᠦᠦ ᠴᠦ᠍ ᠭᠡᠰᠡᠨ ᠬᠥᠮᠦᠰ ᠲᠦ ᠣᠩᠭᠢᠷᠠᠵᠤ ᠱᠣᠣᠯᠠᠵᠤ ᠪᠢᠰᠢ᠂ ᠨᠠᠶ᠋ᠢᠵᠠᠯᠠᠨ ᠵᠢᠭᠠᠵᠤ ᠥᠭᠴᠦ ᠪᠠᠶ᠋ᠢᠭᠠᠷᠠᠢ! ᠵᠠ
0706  ᠵᠠ᠂ ᠡᠭᠡᠴᠢ ᠠ᠋᠂  ᠣᠶ᠋ᠢᠯᠠᠭᠠᠯ᠎ᠠ᠃
0711  ᠣᠳᠣ ᠬᠡᠳᠦᠭᠦᠯᠡ ᠎ᠪᠡᠨ ᠥᠪᠡᠷᠰᠡᠳ ‍ᠢᠶ᠋ᠡᠨ ᠰᠤᠷᠤᠭᠰᠠᠨ ᠬᠡᠯᠡᠴᠡ ᠦᠭᠡ ᠪᠣᠯᠤᠨ ᠵᠦᠢᠷ ᠰᠡᠴᠡᠨ ᠦᠭᠡᠰ ‍ᠢᠶ᠋ᠡᠷ ᠶᠠᠷᠢᠯᠴᠠᠵᠤ ᠲᠣᠭᠯᠠᠬᠤ ‍ᠦᠦ?
0716  ᠲᠡᠭᠡᠶ᠎ᠡ ᠯᠡ ᠳ᠋ᠠ᠃
0718 ᠲᠦᠨᠲᠦᠭᠡᠷ ᠨᠣᠶᠠᠨ ᠲᠦᠮᠡᠨ ᠵᠢᠳᠠ ᠎ᠲᠠᠢ᠃
0723  ᠨᠠᠭᠠᠳᠤᠬᠢ ᠴᠢᠨᠢ ᠪᠠᠰᠠ ᠣᠨᠢᠰᠣᠭ᠎ᠠ ᠰᠢᠳᠡ᠃
ᠬᠢ ᠬᠢ ᠬᠢ  ᠬᠢ ᠬᠢ ᠬᠢ  ᠬᠠ ᠬᠠ ᠬᠠ
0749 ᠬᠥᠷᠡᠩ ᠠᠯᠠᠭ ᠵᠢᠷᠦᠬᠡ ᠴᠢᠨᠢ ᠡ ᠬᠥ᠂
ᠪᠤᠷᠤᠭᠤ ᠲᠡᠶ᠋ᠢᠰᠢ ᠎ᠪᠠᠨ ᠬᠥ᠂
ᠳᠠᠩᠳᠠ ᠨᠠᠮ᠎ᠠ ‍ᠶ᠋ᠢ ᠡᠪᠡᠳᠬᠡᠨ᠎ᠡ᠂
ᠴᠢᠮ᠎ᠠ ‍ᠶ᠋ᠢ ᠬᠡᠨ ‍ᠳᠦ ᠎ᠪᠡᠨ ᠬᠡᠯᠡᠬᠦ ᠪᠤᠢ?
ᠮᠣᠭᠵᠣᠭᠤᠬᠠᠨ ᠳᠠᠭ᠎ᠠ ᠲᠠᠢ ᠵᠣᠭᠵᠣᠭᠤᠬᠠᠨ ᠬᠦᠦ ᠪᠢ᠂
ᠰᠢᠨᠡᠬᠡᠨ ᠳᠤᠷᠠᠯᠠᠯ ᠳᠦ ᠎ᠪᠠᠨ ᠰᠢᠲᠠᠬᠤ ᠭᠡᠵᠦ ᠶᠠᠪᠤᠨ᠎ᠠ ᠳ᠋ᠠ᠃