ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠬᠠᠢᠷ᠎ᠠ ᠪᠠᠨ ᠨᠢᠭᠤᠴᠠᠯᠠᠵᠤ ᠰᠤᠷᠤᠭᠠᠷᠠᠢ> Элсэнд булагдсан сувдаа – П.Оюунгэрэл <хайраа нууцалж сураарай> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠬᠠᠢᠷ᠎ᠠ ᠪᠠᠨ ᠨᠢᠭᠤᠴᠠᠯᠠᠵᠤ ᠰᠤᠷᠤᠭᠠᠷᠠᠢ> Элсэнд булагдсан сувдаа – П.Оюунгэрэл <хайраа нууцалж сураарай>

ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠬᠠᠢᠷ᠎ᠠ ᠪᠠᠨ ᠨᠢᠭᠤᠴᠠᠯᠠᠵᠤ ᠰᠤᠷᠤᠭᠠᠷᠠᠢ> Элсэнд булагдсан сувдаа – П.Оюунгэрэл <хайраа нууцалж сураарай>

ᠠᠩᠭᠢᠯᠠᠯ:ᠲᠤᠭᠤᠵᠢ ᠷᠣᠮᠠᠨ
2026-11-01

2

ᠬᠠᠢᠷ᠎ᠠ ᠪᠠᠨ ᠨᠢᠭᠤᠴᠠᠯᠠᠵᠤ ᠰᠤᠷᠤᠭᠠᠷᠠᠢ


       ᠬᠥᠮᠦᠨ ᠭᠡᠳᠡᠭ ᠴᠢᠨᠢ ᠲᠡᠭᠦᠰ ᠤᠬᠠᠭᠠᠨᠲᠤ ᠠᠮᠢᠲᠠᠨ ᠶᠤᠮ ᠪᠣᠯᠬᠣᠷ ᠢ᠋ᠶ᠋ᠠᠨ ᠣᠢ ᠶ᠋ᠢᠨ ᠰᠠᠷᠮᠠᠭᠴᠢᠨ ᠲᠠᠢ ᠣᠭᠲᠣ ᠥᠭᠡᠷ᠎ᠡ ᠯᠡ ᠳᠡ᠃ ᠢᠴᠢᠭᠦᠷᠢ ᠰᠤᠨᠵᠢᠭᠤᠷᠢ ᠶ᠋ᠢ ᠮᠡᠳᠡᠳᠡᠭ ᠪᠠᠢᠮᠠᠨᠵᠢᠨ ᠴᠣᠬᠣᠮ ᠳ᠋ᠠᠭᠠᠨ ᠮᠤᠷᠤᠢ ᠪᠠᠨ ᠲᠡᠭᠰᠢᠯᠡᠵᠦ ᠪᠤᠷᠤᠭᠤ ᠪᠠᠨ ᠵᠠᠯᠠᠷᠠᠭᠤᠯᠵᠤ ᠴᠢᠳᠠᠭᠠᠳ ᠬᠥᠮᠦᠨ ᠵᠤᠨ ᠤ᠋ ᠡᠩᠨᠡᠭᠡᠨ ᠳ᠋ᠦ᠍ ᠨᠡᠷ᠎ᠡ ᠪᠦᠲᠦᠨ ᠴᠡᠭᠡᠵᠢ ᠲᠡᠨᠢᠭᠦᠬᠡᠨ ᠶᠠᠪᠤᠳᠠᠭ ᠤᠴᠢᠷ ᠲᠠᠢ ᠰᠠᠨ᠃ 
      《ᠪᠢ ᠴᠢᠮ᠎ᠠ ᠳ᠋ᠤ᠌ ᠬᠠᠢᠷᠠᠲᠠᠢ》 ᠭᠡᠳᠡᠭ ᠦᠭᠡ ᠥᠨᠥ ᠴᠠᠭ ᠲᠤ᠌ ᠳᠡᠩᠳᠡᠭᠦᠦ ᠢᠯᠠᠨ ᠳᠠᠯᠠᠨ ᠦᠭᠡᠢ ᠮᠥᠷᠲᠡᠭᠡᠨ ᠳᠠᠩᠴᠤ ᠶᠡᠷᠦᠮᠳᠡᠭ ᠡᠭᠦᠰᠦᠯ ᠲᠡᠭᠦᠰᠬᠡᠯ ᠦᠭᠡᠢ ᠪᠣᠯᠵᠤ᠂ ᠰᠢᠵᠢᠮ ᠨᠢ ᠲᠠᠰᠤᠷᠠᠭᠰᠠᠨ ᠴᠠᠭᠠᠰᠤᠨ ᠰᠢᠪᠠᠭᠤ ᠰᠢᠭ᠋ ᠣᠭᠣᠰᠣᠷ ᠵᠢᠯᠣᠭᠣ ᠦᠭᠡᠢ ᠪᠣᠯᠴᠢᠬᠠᠭᠰᠠᠨ ᠢ᠋ ᠶᠠᠭᠠᠬᠢᠶ᠎ᠠ ᠳᠠ᠃ ᠶᠠᠭ ᠯᠠ ᠬᠣᠲᠠᠨ ᠤ᠋ ᠬᠣᠶᠠᠷ ᠬᠡᠦᠬᠡᠳ ᠥᠷᠯᠥᠭᠡ ᠠᠭᠤᠯᠵᠠᠵᠤ ᠬᠣᠨᠢᠨ ᠤ᠋ ᠬᠣᠷᠣᠭᠠᠨ ᠳ᠋ᠤ᠌ ᠠᠢᠯ ᠭᠡᠷ ᠪᠣᠯᠵᠤ ᠣᠷᠣᠢ ᠪᠣᠯᠬᠤ ᠳ᠋ᠤ᠌ ᠬᠡᠷᠡᠯᠳᠦᠭᠡᠳ ᠰᠠᠯᠳᠠᠭ ᠰᠢᠭ᠋ ᠬᠠᠢᠷᠠᠯᠠᠯᠴᠠᠬᠤ ᠰᠠᠯᠤᠯᠴᠠᠬᠤ ᠨᠢ ᠡᠭᠦᠯᠡᠨ ᠦ᠌ ᠰᠡᠭᠦᠳᠡᠷ ᠬᠠᠯᠢᠬᠤ ᠰᠢᠭ᠋ ᠲᠦᠷᠭᠡᠨ ᠪᠣᠯᠴᠢᠬᠠᠵᠠᠢ᠃ ᠬᠠᠢᠷ᠎ᠠ ᠬᠡᠵᠢᠶ᠎ᠡ ᠴᠦ᠍ ᠲᠡᠢᠮᠦ ᠪᠠᠢᠳᠠᠭ ᠦᠭᠡᠢ᠃ ᠬᠢᠲᠠᠳ ᠤ᠋ᠨ ᠨᠢᠭᠡᠨ ᠱᠣᠭ ᠵᠦᠵᠦᠭᠡ ᠳ᠋ᠦ᠍᠂ ᠬᠣᠶᠠᠷ ᠵᠠᠯᠠᠭᠤ ᠤᠷᠤᠭ ᠳᠠᠩᠰᠠᠯᠠᠬᠤ ᠭᠠᠵᠠᠷ ᠲᠤ᠌ ᠪᠠᠲᠤᠯᠠᠪᠤᠷᠢ ᠪᠠᠨ ᠠᠪᠬᠤ ᠪᠠᠷ ᠣᠴᠢᠭᠰᠠᠨ ᠳ᠋ᠤ᠌ ᠤᠷᠤᠭ ᠳᠠᠩᠰᠠᠯᠠᠭᠴᠢ᠎ᠠ᠋ᠴᠠ᠄《ᠪᠠᠲᠤᠯᠠᠪᠤᠷᠢ ᠶ᠋ᠢᠨ ᠴᠢᠨᠢ ᠬᠤᠭᠤᠴᠠᠭ᠎ᠠ ᠶ᠋ᠢ ᠬᠡᠳᠦᠢ ᠪᠡᠷ ᠪᠢᠴᠢᠬᠦ ᠪᠣᠢ?》 ᠭᠡᠰᠡᠨ ᠳ᠋ᠦ᠍ ᠬᠣᠶᠠᠷ ᠵᠠᠯᠠᠭᠤ ᠪᠡᠶ᠎ᠡ ᠪᠡᠶ᠎ᠡ ᠪᠡᠨ ᠬᠠᠷᠠᠵᠤ ᠠᠪᠤᠭᠰᠠᠨ ᠢ᠋ᠶ᠋ᠠᠨ ᠵᠡᠷᠭᠡ ᠪᠡᠷ᠄《ᠭᠤᠷᠪᠠᠨ ᠰᠠᠷ᠎ᠠ ᠪᠠᠷ ᠬᠢᠴᠢᠬᠡ ᠳᠡ》 ᠭᠡᠵᠡᠢ᠃ ᠡᠨᠡ ᠨᠢ ᠬᠡᠳᠦᠢᠪᠡᠷ ᠶᠡᠬᠡᠲᠡᠭᠰᠡᠨ ᠰᠢᠨᠵᠢ ᠲᠡᠢ ᠪᠣᠯᠪᠠᠴᠤ ᠣᠳᠣ ᠶ᠋ᠢᠨ ᠨᠡᠢᠭᠡᠮ ᠳ᠋ᠦ᠍ ᠣᠷᠣᠰᠢᠵᠤ ᠪᠠᠢᠭ᠎ᠠ ᠤᠷᠤᠭ ᠭᠡᠷ ᠪᠦᠯᠢ ᠶ᠋ᠢᠨ ᠲᠠᠯ᠎ᠠ ᠶ᠋ᠢᠨ ᠵᠠᠷᠢᠮ ᠨᠣᠴᠢᠲᠠᠢ ᠠᠰᠠᠭᠤᠳᠠᠯ ᠢ᠋ ᠠᠮᠢᠳᠤᠯᠢᠭ ᠢ᠋ᠶ᠋ᠠᠷ ᠳᠤᠰᠬᠠᠵᠠᠢ᠃ 
       ᠬᠥᠮᠦᠨ ᠬᠥᠮᠦᠨ ᠢ᠋ᠶ᠋ᠡᠨ ᠬᠦᠨᠳᠦᠯᠡᠵᠦ ᠬᠥᠮᠦᠨ ᠬᠥᠮᠦᠨ ᠢ᠋ᠶ᠋ᠡᠨ ᠬᠠᠢᠷᠠᠯᠠᠵᠤ ᠶᠠᠪᠤᠨ᠎ᠠ ᠭᠡᠳᠡᠭ ᠬᠣᠷᠸ᠎ᠠ ᠶ᠋ᠢᠨ ᠬᠣᠣᠰ ᠦᠭᠡᠢ ᠨᠠᠨᠳᠢᠨ ᠵᠦᠢᠯᠡᠰ ᠪᠣᠯᠬᠤ ᠰᠠᠨ᠃ ᠬᠥᠮᠦᠨ ᠲᠥᠷᠥᠯᠬᠢᠲᠡᠨ ᠠᠩᠬ᠎ᠠ ᠰᠠᠷᠮᠠᠭᠴᠢᠨ ᠰᠢᠭ᠋ ᠣᠢ ᠶ᠋ᠢᠨ ᠳᠤᠮᠳᠠ ᠢᠯᠡ ᠨᠢᠴᠦᠭᠦᠨ ᠶᠠᠪᠤᠳᠠᠭ ᠪᠠᠢᠭᠰᠠᠨ ᠠ᠋ᠴᠠ ᠪᠠᠨ ᠡᠮᠦᠰᠬᠡᠯ ᠬᠤᠪᠴᠠᠰᠤ ᠲᠠᠢ ᠪᠣᠯᠤᠭᠰᠠᠨ᠎ᠠ᠋ᠴᠠ ᠬᠣᠢᠰᠢ ᠡᠷ᠎ᠡ ᠡᠮ᠎ᠡ ᠶ᠋ᠢᠨ ᠢᠯᠭᠠᠭ᠎ᠠ᠂ ᠢᠴᠢᠵᠦ ᠰᠢᠷᠪᠡᠭᠡᠲᠦᠬᠦ ᠶ᠋ᠢᠨ ᠶᠣᠰᠣᠨ ᠢ᠋ ᠤᠬᠠᠭᠠᠷᠠᠭᠰᠠᠨ ᠶᠤᠮ᠃ ᠬᠣᠷᠸ᠎ᠠ ᠶ᠋ᠢᠨ ᠬᠥᠮᠦᠰ ᠪᠦᠭᠦᠳᠡᠭᠡᠷ ᠱᠠᠯᠳᠠᠩ ᠨᠢᠴᠦᠭᠦᠨ ᠭᠦᠶᠦᠯᠳᠦᠬᠦ ᠳ᠋ᠦ᠍ ᠬᠦᠷᠪᠡᠯ᠂ ᠦᠭᠡᠢ ᠶᠡᠷᠦᠨᠢ ᠲᠡᠳᠡᠨ ᠳ᠋ᠦ᠍ ᠰᠠᠢᠬᠠᠨ ᠮᠠᠭᠤᠬᠠᠢ ᠶ᠋ᠢᠨ ᠢᠯᠭᠠᠭ᠎ᠠ ᠶᠠᠭᠤ ᠪᠠᠢᠬᠤ ᠰᠠᠨ ᠪᠢᠯᠡ! 
       ᠬᠥᠮᠦᠨ ᠠᠮᠢᠳᠤᠷᠠᠯ ᠳ᠋ᠠᠭᠠᠨ ᠬᠠᠢᠷᠠᠯᠠᠬᠤ ᠶᠠᠭᠤᠮ᠎ᠠ ᠲᠠᠢ ᠶᠠᠪᠤᠬᠤ ᠰᠠᠢᠬᠠᠨ ᠯᠠ ᠳᠠ᠂ ᠲᠡᠭᠡᠭᠡᠳ ᠬᠠᠢᠷᠠᠲᠠᠢ ᠬᠥᠮᠦᠨ ᠲᠡᠢ ᠪᠡᠨ ᠬᠠᠨᠢᠯᠠᠵᠤ ᠬᠠᠮᠲᠤᠷᠠᠵᠤ ᠴᠢᠳᠠᠬᠤ ᠦᠭᠡᠢ ᠴᠦ᠍ ᠭᠡᠰᠡᠨ ᠰᠡᠳᠬᠢᠯ ᠵᠢᠷᠦᠬᠡᠨ ᠳ᠋ᠡᠭᠡᠨ ᠨᠢᠭᠤᠴᠠᠯᠠᠨ ᠬᠠᠳᠠᠭᠠᠯᠠᠵᠤ᠂ ᠬᠠᠢᠷᠠᠲᠠᠢ ᠬᠥᠮᠦᠨ ᠲᠡᠢ ᠪᠡᠨ ᠬᠠᠷᠠᠴᠠ ᠮᠥᠷᠭᠥᠯᠳᠦᠭᠦᠯᠬᠦ ᠵᠠᠭᠤᠷ᠎ᠠ ᠬᠠᠴᠠᠷ ᠢ᠋ᠶ᠋ᠠᠨ ᠤᠯᠠᠢᠯᠭᠠᠨ ᠵᠤᠤᠮᠠᠯᠵᠠᠳᠠᠭ ᠢᠴᠢᠮᠡᠲᠡᠭᠡᠢ ᠬᠥᠭᠡᠷᠦᠬᠦᠨ ᠬᠡᠦᠬᠡᠨ ᠳᠦᠷᠢ ᠶ᠋ᠢ ᠬᠡᠨ ᠬᠥᠮᠦᠨ ᠴᠦ᠍ ᠬᠠᠷᠠᠬᠤ ᠳᠤᠷᠠᠲᠠᠢ ᠪᠢᠵᠡ᠃ ᠭᠡᠬᠦ ᠳ᠋ᠦ᠍ ᠣᠳᠣ ᠶ᠋ᠢᠨ ᠭᠠᠩᠭᠠᠩ ᠳᠡᠭᠵᠢᠨ ᠥᠬᠢᠳ ᠡᠳ᠋ ᠮᠥᠩᠭᠥ ᠡᠷᠬᠡ ᠰᠦᠷ ᠲᠠᠢ ᠯᠠ ᠪᠣᠯ ᠡᠴᠢᠭᠡ ᠶ᠋ᠢᠨ ᠢ᠋ᠶ᠋ᠡᠨ ᠦᠶ᠎ᠡ ᠶ᠋ᠢᠨ ᠬᠥᠮᠦᠨ ᠲᠡᠢ ᠴᠦ᠍ ᠬᠠᠨᠢᠯᠠᠬᠤ ᠠ᠋ᠴᠠ ᠪᠤᠴᠠᠬᠤ ᠦᠭᠡᠢ ᠪᠣᠯᠤᠭᠰᠠᠨ ᠴᠠᠭ᠃ ᠬᠠᠢᠷᠠᠨ ᠶᠤᠮ ᠳᠠ᠂ ᠣᠩᠭᠣᠨ ᠴᠡᠮᠴᠡᠭᠡᠷ ᠥᠬᠢᠳ ᠮᠢᠨᠢ᠃ 
       ᠬᠣᠷᠸ᠎ᠠ ᠳ᠋ᠤ᠌ ᠭᠠᠭᠴᠠᠬᠠᠨ ᠬᠠᠢᠷᠠᠲᠠᠢ ᠬᠥᠮᠦᠨ ᠳ᠋ᠡᠭᠡᠨ ᠣᠩᠭᠣᠨ ᠳᠠᠷᠬᠠᠨ ᠪᠡᠶ᠎ᠡ ᠪᠡᠨ ᠥᠭᠭᠦᠨ᠎ᠡ ᠠ᠋ ᠭᠡᠳᠡᠭ ᠪᠦᠰᠡᠭᠦᠢ ᠬᠥᠮᠦᠨ ᠳ᠋ᠦ᠍ ᠳᠠᠪᠲᠠᠭᠳᠠᠰᠢ ᠦᠭᠡᠢ ᠡᠷᠬᠢᠮ ᠨᠠᠨᠳᠢᠨ ᠤᠴᠠᠷᠠᠯ ᠪᠣᠯᠬᠤ ᠰᠠᠨ᠃  
       ᠬᠠᠢᠷ᠎ᠠ ᠭᠡᠳᠡᠭ ᠴᠢᠨᠢ ᠪᠣᠯᠣᠷ ᠰᠢᠯ ᠰᠢᠭ ᠲᠤᠩᠭᠠᠯᠠᠭ ᠠᠷᠢᠭᠤᠬᠠᠨ ᠮᠥᠷᠲᠡᠯ᠎ᠡ ᠪᠡᠨ ᠡᠮᠵᠡᠭ ᠬᠡᠪᠡᠷᠡᠭ ᠠᠮᠢᠨᠴᠢᠷᠬᠠᠨ ᠡᠯᠢᠭᠡᠰᠡᠭ ᠪᠠᠢᠳᠠᠭ ᠰᠠᠨ᠃ ᠬᠡᠷᠪᠡ ᠲᠡᠭᠦᠨ ᠢ᠋ᠶ᠋ᠡᠨ ᠨᠠᠨᠳᠢᠩᠨᠠᠨ ᠡᠷᠬᠢᠮᠯᠡᠵᠦ ᠴᠢᠳᠠᠪᠠᠯ ᠮᠥᠩᠬᠡ ᠶ᠋ᠢᠨ ᠡᠷᠳᠡᠨᠢ ᠪᠣᠯᠬᠤ᠃ ᠬᠡᠷᠪᠡ ᠰᠡᠪᠲᠦᠭᠡᠵᠦ ᠭᠬᠢᠷᠲᠦᠭᠦᠯᠴᠢᠬᠡᠪᠡᠯ ᠬᠥᠰᠡᠷ ᠲᠦ᠍ ᠤᠨᠠᠵᠤ ᠰᠦᠢᠷᠡᠭᠰᠡᠨ ᠪᠣᠯᠣᠷ ᠰᠢᠭ᠋ ᠪᠤᠲᠠᠷᠠᠵᠤ᠂ ᠬᠡᠵᠢᠶ᠎ᠡ ᠴᠦ᠍ ᠳᠠᠬᠢᠨ ᠣᠯᠳᠠᠬᠤ ᠦᠭᠡᠢ ᠠ᠋᠃ 
       ᠬᠡᠷᠪᠡ ᠴᠢ ᠬᠡᠨ ᠨᠢᠭᠡᠨ ᠢ᠋ᠶ᠋ᠡᠨ ᠵᠠᠭᠤᠷᠠᠳᠤ ᠶ᠋ᠢᠨ ᠰᠢᠨᠤᠯ ᠴᠡᠩᠭᠡᠯ ᠦ᠋ᠨ ᠲᠥᠯᠥᠭᠡ ᠪᠤᠰᠤ ᠵᠢᠷᠦᠬᠡ ᠰᠡᠳᠬᠢᠯ ᠢ᠋ᠶ᠋ᠡᠷ ᠢ᠋ᠶ᠋ᠡᠨ ᠬᠠᠢᠷᠠᠯᠠᠭᠰᠠᠨ ᠪᠣᠯ ᠲᠡᠭᠦᠨ ᠢ᠋ᠶ᠋ᠡᠨ ᠨᠠᠮᠢᠷᠠᠭ᠎ᠠ ᠵᠥᠭᠡᠯᠡᠨ ᠪᠣᠷᠣᠭᠠᠨ ᠰᠢᠪᠡᠷᠡᠭᠰᠡᠨ ᠪᠦᠷᠦᠩᠬᠦᠢ ᠡᠳᠦᠷ ᠦ᠋ᠳ ᠲᠦ᠍ ᠴᠦ᠍ ᠶᠦᠮ ᠤᠤ᠂ ᠰᠠᠷᠠᠨ ᠤ᠋ ᠮᠥᠩᠭᠥᠨ ᠲᠤᠶᠠᠭ᠎ᠠ ᠭᠡᠭᠡᠪᠴᠢ ᠪᠡᠷ ᠠᠰᠬᠠᠷᠠᠨ ᠪᠠᠭᠤᠭᠰᠠᠨ ᠲᠡᠷᠭᠡᠯ ᠰᠠᠷᠠ ᠲᠠᠢ ᠦᠳᠡᠰᠢ ᠪᠡᠷ ᠴᠦ᠍ ᠶᠦᠮ ᠤᠤ ᠦᠭᠡᠢᠯᠡᠨ ᠳᠤᠷᠠᠰᠬᠤ ᠶ᠋ᠢᠨ ᠰᠠᠢᠬᠠᠨ ᠢ᠋ ᠥᠪᠡᠷ ᠢ᠋ᠶ᠋ᠡᠨ ᠯᠡ ᠮᠡᠳᠡᠷᠡᠵᠦ ᠬᠡᠨ ᠳ᠋ᠦ᠍ ᠴᠦ᠍ ᠪᠢᠲᠡᠭᠡᠢ ᠴᠤᠬᠤᠢᠯᠭᠠᠭᠠᠷᠠᠢ᠃ ᠨᠡᠩ ᠴᠦ᠍ ᠬᠠᠪᠢᠷᠭ᠎ᠠ ᠶ᠋ᠢ ᠴᠢᠨᠢ ᠨᠠᠯᠠᠭᠠᠳ ᠬᠡᠪᠲᠡᠬᠦ ᠬᠠᠨᠢ ᠶ᠋ᠢᠨ ᠢ᠋ᠶ᠋ᠡᠨ ᠰᠡᠳᠬᠢᠯ ᠳ᠋ᠦ᠍ ᠪᠠᠷᠠᠭᠠᠨ ᠰᠡᠭᠦᠳᠡᠷ ᠪᠢᠲᠡᠭᠡᠢ ᠲᠤᠰᠬᠠᠭᠠᠷᠠᠢ᠂ ᠬᠠᠢᠷ᠎ᠠ ᠶ᠋ᠢᠨ ᠴᠢᠨᠢ ᠴᠠᠷᠠᠭ᠎ᠠ ᠳ᠋ᠤ᠌ ᠪᠣᠯ ᠥᠨᠳᠡᠭᠡᠨ ᠡᠴᠡ ᠴᠦ᠍ ᠬᠡᠪᠡᠷᠡᠭ ᠶᠦᠮ ᠰᠢᠦ ᠳᠡ ᠴᠠᠭᠠᠳᠤᠬᠢ ᠴᠢᠨᠢ᠃ 
       ᠡᠷᠲᠡᠨ ᠡᠴᠡ《ᠰᠡᠴᠡᠨ ᠨᠤᠭᠤᠨ ᠭᠤᠸ᠎ᠠ ᠥᠬᠢᠳ ᠦ᠋ᠨ ᠨᠠᠢᠷ ᠰᠡᠳᠬᠢᠯᠭᠡ ᠦᠯᠡᠮᠵᠢ》 ᠭᠡᠳᠡᠭᠴᠢᠯᠡᠨ ᠬᠥᠮᠦᠨ ᠬᠥᠮᠦᠨ ᠳ᠋ᠡᠭᠡᠨ ᠬᠠᠢᠷᠠᠲᠠᠢ ᠪᠠᠢᠬᠤ ᠰᠠᠢᠬᠠᠨ ᠠ᠋᠃ ᠲᠡᠭᠡᠪᠡᠴᠦ ᠬᠠᠢᠷ᠎ᠠ ᠪᠠᠨ ᠨᠢᠭᠤᠴᠠᠯᠠᠵᠤ ᠶᠠᠪᠤᠭᠠᠷᠠᠢ ᠯᠠ ᠳᠠ᠃ 
       ᠶᠠᠭᠤᠮ᠎ᠠ ᠶᠡᠷᠦᠨᠢ ᠡᠴᠢᠨ᠎ᠡ ᠳᠠᠯᠳᠠ ᠪᠠᠢᠬᠤ ᠲᠣᠰᠤᠮ ᠢ᠋ᠶ᠋ᠠᠨ ᠨᠡᠩ ᠴᠦ᠍ ᠦᠨ᠎ᠡ ᠥᠷᠲᠡᠭ ᠲᠡᠢ ᠡᠷᠬᠢᠮ ᠨᠠᠨᠳᠢᠨ ᠪᠠᠢᠳᠠᠭ ᠶᠤᠮ ᠠ᠋᠃   

                     ᠬᠠᠷᠠᠭᠴᠢᠨ ᠮᠣᠭᠠᠢ ᠵᠢᠯ ᠦ᠋ᠨ ᠳᠥᠷᠪᠡᠨ ᠰᠠᠷ᠎ᠠ ᠳ᠋ᠤ᠌ ᠬᠥᠬᠡᠬᠣᠲᠠᠨ᠎ᠠ