ᠭᠡᠷ ᠦ᠋ᠨ ᠬᠥᠮᠦᠵᠢᠯ ᠦ᠋ᠨ ᠬᠠᠷᠢᠭᠤᠴᠠᠯᠭ᠎ᠠ ᠠᠯᠳᠠᠭᠳᠠᠭᠰᠠᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-10-ᠪᠣᠯᠣᠴᠢᠯᠠᠭᠤ
ᠭᠡᠷ ᠦ᠋ᠨ ᠬᠥᠮᠦᠵᠢᠯ ᠦ᠋ᠨ ᠬᠠᠷᠢᠭᠤᠴᠠᠯᠭ᠎ᠠ ᠠᠯᠳᠠᠭᠳᠠᠭᠰᠠᠨ
ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ10-ᠪᠣᠯᠣᠴᠢᠯᠠᠭᠤ
ᠵᠠᠷᠢᠮ ᠭᠡᠷ ᠦ᠋ᠨ ᠠᠬᠠᠮᠠᠳ ᠬᠡᠦᠬᠡᠳ ᠢ᠋ᠶ᠋ᠡᠨ ᠳᠡᠩᠳᠡᠭᠦᠦ ᠪᠠᠭ᠎ᠠ ᠭᠡᠵᠦ ᠴᠢᠮᠠᠯᠠᠵᠤ᠂ ᠬᠡᠦᠬᠡᠳ ᠶᠠᠭᠤ ᠮᠡᠳᠡᠬᠦ ᠪᠣᠢ? ᠶᠡᠬᠡ ᠪᠣᠯᠤᠭᠰᠠᠨ ᠤ᠋ ᠬᠣᠢᠨ᠎ᠠ ᠰᠤᠷᠭᠠᠬᠤ ᠳ᠋ᠤ᠌ ᠣᠷᠣᠢᠲᠠᠬᠤ ᠦᠭᠡᠢ ᠭᠡᠵᠦ ᠦᠵᠡᠳᠡᠭ᠃ ᠪᠠᠰᠠ ᠵᠠᠷᠢᠮ ᠨᠢ ᠬᠡᠦᠬᠡᠳ ᠬᠡᠷᠡᠭ ᠲᠠᠲᠠᠬᠤ ᠨᠠᠰᠤ ᠪᠣᠯᠤᠭ᠎ᠠ ᠦᠭᠡᠢ ᠪᠠᠢᠨ᠎ᠠ᠂ ᠬᠠᠮᠢᠶ᠎ᠠ ᠦᠭᠡᠢ ᠭᠡᠮᠡᠨ ᠶᠠᠷᠢᠳᠠᠭ᠃ ᠬᠡᠦᠬᠡᠳ ᠦ᠋ᠨ ᠬᠡᠷᠡᠭ ᠲᠠᠲᠠᠬᠤ ᠨᠠᠰᠤ ᠶ᠋ᠢ ᠬᠦᠯᠢᠶᠡᠪᠡᠯ ᠭᠡᠷ ᠦ᠋ᠨ ᠬᠥᠮᠦᠵᠢᠯ ᠪᠦᠷᠢᠮᠦᠰᠦᠨ ᠣᠷᠣᠢᠲᠠᠯᠠ ᠭᠡᠰᠡᠨ ᠦᠭᠡ᠃ ᠦᠨᠡᠨ ᠳ᠋ᠦ᠍ ᠪᠡᠨ ᠬᠡᠦᠬᠡᠳ ᠲᠥᠷᠥᠭᠡᠳ ᠭᠤᠷᠪᠠᠨ ᠨᠠᠰᠤ ᠬᠦᠷᠬᠦ ᠳ᠋ᠦ᠍ ᠠᠵᠢᠯᠯᠠᠵᠤ ᠠᠮᠢᠳᠤᠷᠠᠬᠤ ᠤᠬᠠᠭᠠᠨ ᠴᠢᠳᠠᠪᠤᠷᠢ ᠶ᠋ᠢᠨ ᠬᠢᠨᠢ50% ᠨᠢ ᠲᠥᠯᠥᠪᠰᠢᠵᠦ᠂ ᠨᠠᠢ᠍ᠮᠠᠨ ᠨᠠᠰᠤ ᠲᠠᠢ ᠪᠣᠯᠬᠤ ᠦᠶᠡᠰ ᠶᠡᠬᠡ ᠲᠠᠷᠢᠬᠢᠨ ᠤ᠋ ᠪᠣᠢᠵᠢᠯᠲᠠ ᠦᠨᠳᠦᠰᠦᠨ ᠳ᠋ᠡᠭᠡᠨ ᠪᠦᠷᠢᠯᠳᠦᠵᠦ᠂ ᠤᠬᠠᠭᠠᠨ ᠴᠢᠳᠠᠪᠤᠷᠢ ᠣᠪᠣᠷ ᠰᠡᠳᠬᠢᠯᠭᠡ ᠶ᠋ᠢᠨ ᠬᠢᠨᠢ80% ᠨᠢ ᠲᠥᠯᠥᠪᠰᠢᠨ᠎ᠡ ᠭᠡᠰᠡᠨ ᠢ᠋ ᠰᠤᠳᠤᠯᠭᠠᠨ ᠢ᠋ᠶ᠋ᠠᠷ ᠭᠡᠷᠡᠴᠢᠯᠡᠭᠰᠡᠨ ᠪᠠᠢᠳᠠᠭ᠃ ᠡᠭᠦᠨ ᠢ᠋ ᠬᠡᠷᠬᠢᠨ ᠣᠢᠯᠠᠭᠠᠨ᠎ᠠ ᠪᠣᠢ? ᠬᠡᠦᠬᠡᠳ ᠰᠠᠶᠢ ᠥᠯᠥᠭᠡᠢ ᠳ᠋ᠦ᠍ ᠤᠨᠠᠬᠤ ᠳ᠋ᠤ᠌ ᠲᠠᠪᠤ ᠳᠣᠯᠣᠭᠠᠨ ᠵᠢᠩ ᠦ᠋ᠨ ᠬᠦᠨᠳᠦ ᠤᠬᠢᠯᠠᠬᠤ ᠠ᠋ᠴᠠ ᠥᠭᠡᠷ᠎ᠡ ᠬᠡᠯᠡ ᠦᠭᠡᠢ ᠪᠠᠢᠭᠰᠠᠨ᠃ ᠭᠤᠷᠪᠠᠨ ᠨᠠᠰᠤ ᠪᠣᠯᠬᠤ ᠳ᠋ᠤ᠌ ᠲᠥᠷᠥᠬᠦ ᠦᠶ᠎ᠡ ᠶ᠋ᠢᠨ ᠢ᠋ᠶ᠋ᠡᠨ ᠭᠤᠷᠪᠠᠨ ᠳᠠᠬᠢᠨ ᠠ᠋ᠴᠠ ᠳᠡᠭᠡᠭᠰᠢ ᠪᠠᠢᠵᠤ ᠬᠡᠯᠡ ᠳ᠋ᠦ᠍ ᠣᠷᠣᠴᠢᠬᠠᠭᠰᠠᠨ ᠪᠠᠢᠳᠠᠭ᠃ ᠡᠨᠡ ᠦᠶ᠎ᠡ ᠳ᠋ᠦ᠍ ᠬᠡᠦᠬᠡᠳ ᠦ᠋ᠨ ᠪᠡᠶ᠎ᠡ ᠮᠠᠬᠠᠪᠣᠳ ᠣᠶᠤᠨ ᠤ᠋ ᠪᠣᠢᠵᠢᠯᠲᠠ ᠨᠢ ᠬᠠᠮᠤᠭ ᠤ᠋ᠨ ᠲᠦᠷᠭᠡᠨ᠂ ᠬᠥᠭᠵᠢᠶᠡᠨᠲᠡᠢ ᠪᠣᠯᠬᠤ ᠮᠥᠷᠲᠡᠭᠡᠨ ᠬᠣᠵᠢᠮ ᠤ᠋ᠨ ᠬᠤᠪᠢ ᠵᠠᠶᠠᠭ᠎ᠠ ᠶ᠋ᠢ ᠲᠣᠭᠲᠠᠭᠠᠬᠤ ᠵᠠᠩ ᠠᠷᠠᠨᠰᠢᠨ ᠣᠪᠣᠷ ᠰᠡᠳᠬᠢᠯᠭᠡ ᠨᠢ ᠶᠡᠬᠡ ᠲᠥᠯᠥᠪ ᠪᠦᠷᠢᠯᠳᠦᠨ᠎ᠡ᠂ ᠨᠡᠩ ᠴᠦ᠍ ᠨᠠᠢ᠍ᠮᠠᠨ ᠨᠠᠰᠤ ᠲᠠᠢ ᠰᠤᠷᠭᠠᠭᠤᠯᠢ ᠳ᠋ᠤ᠌ ᠬᠦᠷᠭᠡᠬᠦ ᠳ᠋ᠦ᠍《ᠰᠡᠴᠡᠨ ᠮᠤᠩᠬᠠᠭ》 ᠨᠢ ᠴᠤ᠌ ᠢᠯᠭᠠᠷᠠᠭᠰᠠᠨ ᠪᠠᠢᠳᠠᠭ᠃ ᠬᠠᠯᠠᠭᠤᠨ ᠳᠤᠯᠠᠭᠠᠨ ᠭᠡᠷ ᠦ᠋ᠨ ᠠᠭᠠᠷ ᠪᠣᠢᠵᠢᠭᠰᠠᠨ ᠬᠡᠦᠬᠡᠳ ᠦ᠋ᠨ ᠬᠠᠯᠠᠭᠤᠨ ᠰᠡᠳᠬᠢᠯ ᠨᠢ ᠨᠡᠭᠡᠭᠡᠭᠳᠡᠵᠦ ᠶᠠᠭᠤ ᠪᠦᠬᠦᠨ ᠳ᠋ᠦ᠍ ᠰᠣᠨᠢᠭᠤᠴᠢ ᠪᠠᠢᠵᠤ《ᠰᠡᠴᠡᠨ ᠰᠡᠷᠭᠦᠯᠡᠩ ᠬᠡᠦᠬᠡᠳ》 ᠪᠣᠯᠵᠤ᠂ ᠭᠡᠷ ᠵᠠᠭᠤᠷ᠎ᠠ ᠪᠠᠨ ᠬᠠᠯᠠᠭᠤᠨ ᠳᠤᠯᠠᠭᠠᠨ ᠶᠠᠷᠢᠶ᠎ᠠ ᠵᠣᠭᠣᠭ ᠦᠭᠡᠢ᠂ ᠬᠡᠦᠬᠡᠳ ᠲᠡᠢ ᠪᠡᠨ ᠰᠡᠳᠬᠢᠯ ᠰᠠᠨᠠᠭ᠎ᠠ ᠪᠠᠨ ᠣᠢᠯᠠᠭᠠᠯᠴᠠᠳᠠᠭ ᠦᠭᠡᠢ᠂ ᠡᠪ ᠨᠠᠢᠷ ᠪᠠᠷᠤᠭᠲᠠᠢ ᠭᠡᠷ ᠪᠦᠯᠢ ᠶ᠋ᠢᠨ ᠬᠥᠢᠲᠡᠮᠰᠦᠭ ᠣᠷᠴᠢᠨ ᠳ᠋ᠤ᠌ ᠥᠰᠦᠭᠰᠡᠨ ᠬᠡᠦᠬᠡᠳ ᠶᠠᠭᠤᠨ ᠳ᠋ᠤ᠌ ᠴᠤ᠌ ᠳᠤᠷ᠎ᠠ ᠰᠣᠨᠢᠷᠬᠠᠯ ᠦᠭᠡᠢ ᠂ ᠬᠢᠵᠦ ᠣᠷᠣᠯᠳᠣᠬᠤ ᠶᠠᠭᠤᠮ᠎ᠠ ᠦᠭᠡᠢ᠂ ᠬᠡᠯᠡ ᠠᠮᠠᠨ ᠳ᠋ᠠᠭᠠᠨ ᠪᠢᠳᠠᠭᠤ ᠪᠥᠭᠡᠳ ᠬᠥᠮᠦᠨ ᠡᠴᠡ ᠵᠠᠢᠳᠠᠭᠤ ᠬᠥᠢᠲᠡᠮᠰᠦᠭ ᠬᠡᠦᠬᠡᠳ ᠪᠣᠯᠵᠤ《ᠪᠢᠳᠠᠭᠤ ᠮᠤᠩᠬᠠᠭ ᠬᠡᠦᠬᠡᠳ》 ᠭᠡᠮᠡᠨ ᠦᠵᠡᠭᠳᠡᠳᠡᠭ᠃ ᠲᠡᠢᠮᠦ ᠡᠴᠡ ᠭᠡᠷ ᠪᠦᠯᠢ ᠪᠣᠯ ᠬᠡᠦᠬᠡᠳ ᠦ᠋ᠨ ᠬᠥᠮᠦᠨ ᠮᠥᠰᠥ ᠶ᠋ᠢᠨ ᠪᠣᠢᠵᠢᠯᠲᠠ᠂ ᠵᠠᠩ ᠰᠤᠷᠲᠠᠯ ᠤ᠋ᠨ ᠲᠥᠯᠦᠪᠰᠢᠯ ᠳ᠋ᠦ᠍ ᠴᠢᠬᠤᠯᠠ ᠨᠥᠯᠥᠭᠡ ᠦᠵᠡᠭᠦᠯᠳᠡᠭ ᠪᠣᠯᠬᠣᠷ ᠡᠷᠳᠡᠮᠲᠡᠨ ᠡᠴᠡ᠄《ᠬᠡᠦᠬᠡᠳ ᠬᠥᠮᠦᠨ ᠪᠣᠯᠬᠤ ᠳ᠋ᠤ᠌ ᠭᠡᠷ ᠪᠦᠯᠢ80% ᠬᠤᠪᠢ ᠶ᠋ᠢᠨ ᠬᠠᠷᠢᠭᠤᠴᠠᠯᠭ᠎ᠠ ᠲᠠᠢ》 ᠭᠡᠵᠦ ᠲᠣᠳᠣᠷᠬᠠᠢᠯᠠᠭᠰᠠᠨ ᠪᠠᠢᠳᠠᠭ᠃
ᠡᠨᠡ ᠲᠠᠯ᠎ᠠ ᠪᠠᠷ ᠣᠯᠠᠩᠬᠢ ᠭᠡᠷ ᠦ᠋ᠨ ᠠᠬᠠᠮᠠᠳ ᠤ᠋ᠨ ᠡᠢᠮᠦᠷᠬᠦ ᠣᠢᠯᠠᠭᠠᠯᠲᠠ ᠪᠣᠯ《ᠬᠡᠦᠬᠡᠳ ᠢ᠋ᠶ᠋ᠡᠨ ᠰᠠᠢᠨ ᠪᠠᠭᠰᠢ ᠰᠠᠢᠨ ᠰᠤᠷᠭᠠᠭᠤᠯᠢ ᠳ᠋ᠤ᠌ ᠬᠦᠷᠭᠡᠪᠡᠯ ᠪᠣᠯᠴᠢᠬᠠᠨ᠎ᠠ》 ᠭᠡᠮᠡᠨ ᠪᠤᠷᠤᠭᠤ ᠪᠣᠳᠣᠭᠠᠳ ᠬᠢᠭᠡᠳ ᠪᠠᠢᠳᠠᠭ᠂ ᠡᠨᠡ ᠪᠣᠯ ᠲᠤᠩ ᠪᠤᠷᠤᠭᠤ ᠲᠠᠨᠢᠯᠲᠠ ᠶᠤᠮ᠃ ᠰᠤᠷᠭᠠᠭᠤᠯᠢ ᠶ᠋ᠢᠨ ᠬᠥᠮᠦᠵᠢᠯ ᠶᠠᠭᠠᠬᠢᠵᠤ ᠰᠠᠢᠨ ᠪᠣᠯᠤᠯ᠎ᠠ ᠭᠡᠳ ᠭᠡᠷ ᠪᠦᠯᠢ ᠶ᠋ᠢᠨ ᠬᠥᠮᠦᠵᠢᠯ ᠢ᠋ ᠣᠷᠣᠯᠠᠵᠤ ᠴᠢᠳᠠᠳᠠᠭ ᠦᠭᠡᠢ ᠪᠢᠯᠡ᠃ ᠭᠡᠷ ᠪᠦᠯᠢ ᠶ᠋ᠢᠨ ᠬᠥᠮᠦᠵᠢᠯ ᠨᠢ ᠬᠠᠢᠷ᠎ᠠ ᠰᠡᠳᠬᠢᠯᠭᠡ ᠶ᠋ᠢᠨ ᠬᠥᠮᠦᠵᠢᠯ ᠢ᠋ᠶ᠋ᠡᠷ ᠭᠣᠣᠯᠳᠠᠵᠤ ᠪᠠᠢᠬᠤ ᠳ᠋ᠤ᠌ ᠰᠤᠷᠭᠠᠭᠤᠯᠢ ᠶ᠋ᠢᠨ ᠬᠥᠮᠦᠵᠢᠯ ᠨᠢ ᠲᠠᠷᠢᠬᠢᠨ ᠤ᠋ ᠬᠥᠮᠦᠵᠢᠯ ᠪᠤᠶᠤ ᠨᠣᠮ ᠡᠷᠳᠡᠮ ᠵᠢᠭᠠᠬᠤ ᠪᠠᠷ ᠭᠣᠣᠯᠳᠠᠨᠠ᠃《ᠬᠡᠦᠬᠡᠳ ᠰᠠᠢᠨ ᠰᠤᠷᠬᠤ ᠤᠤ? ᠮᠠᠭᠤ ᠰᠤᠷᠬᠤ ᠤᠤ?》 ᠭᠡᠳᠡᠭ ᠨᠢ ᠲᠠᠷᠢᠬᠢ ᠲᠣᠯᠣᠭᠠᠢ ᠶ᠋ᠢᠨ ᠰᠡᠴᠡᠨ ᠰᠡᠷᠭᠦᠯᠡᠩ᠂ ᠪᠢᠳᠠᠭᠤ ᠮᠤᠩᠬᠠᠭ ᠲᠠᠢ ᠬᠠᠮᠢᠶ᠎ᠠ ᠦᠭᠡᠢ᠂ ᠬᠠᠷᠢᠨ ᠬᠡᠦᠬᠡᠳ ᠦ᠋ᠨ ᠣᠪᠣᠷ ᠰᠡᠳᠬᠢᠯᠭᠡ᠂ ᠵᠠᠩ ᠠᠷᠠᠨᠰᠢᠨ᠂ ᠳᠤᠷ᠎ᠠ ᠰᠣᠨᠢᠷᠬᠠᠯ ᠠ᠋ᠴᠠ ᠲᠣᠭᠲᠠᠭᠠᠭᠳᠠᠨ᠎ᠠ᠃ ᠡᠨᠡ ᠪᠣᠯ ᠬᠡᠦᠬᠡᠳ ᠦ᠋ᠨ ᠬᠥᠮᠦᠨ ᠪᠣᠯᠬᠤ ᠦᠨᠳᠦᠰᠦ ᠶ᠋ᠢ ᠲᠠᠯᠪᠢᠬᠤ ᠭᠡᠷ ᠪᠦᠯᠢ ᠶ᠋ᠢᠨ ᠬᠥᠮᠦᠵᠢᠯ ᠲᠡᠢ ᠬᠣᠯᠪᠣᠭᠳᠠᠨ᠎ᠠ᠃ ᠳᠠᠷᠤᠢ ᠬᠡᠦᠬᠡᠳ ᠵᠢᠷᠦᠬᠡ ᠰᠡᠳᠬᠢᠯ ᠦ᠋ᠨ ᠬᠥᠮᠦᠵᠢᠯ ᠢ᠋ᠶ᠋ᠡᠷ ᠶᠠᠮᠠᠷ᠂ ᠶᠠᠮᠠᠷᠬᠠᠨ ᠬᠥᠮᠦᠨ ᠮᠥᠰᠥ ᠵᠠᠩ ᠰᠤᠷᠲᠠᠯ ᠲᠠᠢ ᠬᠥᠮᠦᠨ ᠪᠣᠯᠬᠤ ᠨᠢ ᠭᠣᠣᠯᠳᠠᠭᠤ ᠭᠡᠷ ᠪᠦᠯᠢ ᠶ᠋ᠢᠨ ᠣᠷᠴᠢᠨ ᠳ᠋ᠤ᠌ ᠲᠥᠯᠥᠪᠰᠢᠨ᠎ᠡ ᠭᠡᠰᠡᠨ ᠦᠭᠡ᠃ ᠬᠠᠯᠠᠭᠤᠨ ᠰᠡᠳᠬᠢᠯ᠂ ᠥᠭᠡᠳᠡᠷᠬᠡᠭ ᠰᠡᠳᠬᠢᠯ᠂ ᠬᠠᠷᠢᠭᠤᠴᠠᠯᠭᠠᠲᠤ ᠰᠡᠳᠬᠢᠯ᠂ ᠠᠴᠢᠯᠠᠯ ᠵᠢᠷᠤᠮ ᠤ᠋ᠨ ᠰᠡᠳᠬᠢᠯ᠂ ᠦᠷᠦ ᠵᠥᠭᠡᠯᠡᠨ ᠰᠡᠳᠬᠢᠯ ᠭᠡᠳ ᠲᠡᠷᠡ ᠣᠯᠠᠨ ᠬᠥᠮᠦᠯᠢᠭ ᠰᠡᠳᠬᠢᠯᠭᠡᠨ ᠢ᠋ ᠭᠡᠷ ᠪᠦᠯᠢ ᠶ᠋ᠢᠨ ᠠᠭᠠᠷ ᠠ᠋ᠴᠠ ᠬᠦᠷᠲᠡᠨ᠎ᠡ᠃ ᠨᠥᠭᠦᠭᠡ ᠲᠠᠯ᠎ᠠ ᠪᠠᠷ ᠠᠪᠤ ᠡᠵᠢ ᠪᠣᠯᠤᠭᠰᠠᠨ ᠪᠢᠳᠡ ᠭᠠᠭᠴᠠ ᠬᠣᠶᠠᠷᠬᠠᠨ ᠬᠡᠦᠬᠡᠳ ᠲᠡᠢ ᠪᠡᠨ ᠪᠠᠰᠠ ᠰᠡᠳᠬᠢᠯ ᠰᠠᠨᠠᠭ᠎ᠠ ᠪᠠᠨ ᠣᠢᠯᠠᠭᠠᠯᠴᠠᠬᠤ ᠳ᠋ᠤ᠌ ᠬᠦᠴᠢᠷᠳᠡᠵᠦ ᠪᠠᠢᠭᠠᠳ᠂ ᠠᠳᠠᠯᠢ ᠪᠤᠰᠤ ᠭᠡᠷ ᠪᠦᠯᠢ ᠶ᠋ᠢᠨ ᠠᠭᠠᠷ ᠲᠤ᠌ ᠥᠰᠴᠦ ᠪᠠᠢᠭ᠎ᠠ ᠲᠡᠷᠡ ᠣᠯᠠᠨ ᠠᠪᠤ ᠶ᠋ᠢᠨ ᠬᠡᠦᠬᠡᠳ ᠢ᠋ ᠳᠠᠭᠠᠭᠤᠯᠵᠤ ᠶᠠᠪᠤᠭ᠎ᠠ ᠪᠠᠭᠰᠢ ᠰᠤᠷᠭᠠᠭᠤᠯᠢ ᠳ᠋ᠤ᠌ ᠨᠠᠢᠳᠠᠬᠤ ᠪᠣᠯ ᠲᠤᠩ ᠣᠰᠣᠯ ᠲᠠᠢ ᠪᠣᠳᠣᠯ ᠪᠠᠢᠭ᠎ᠠ᠃ ᠲᠡᠭᠡᠬᠦ ᠪᠡᠷ ᠬᠡᠦᠬᠡᠳ ᠢ᠋ ᠬᠥᠮᠦᠨ ᠪᠣᠯᠭᠠᠬᠤ ᠳ᠋ᠤ᠌ ᠭᠡᠷ ᠪᠦᠯᠢ ᠶ᠋ᠢᠨ ᠬᠠᠷᠢᠭᠤᠴᠠᠯᠭ᠎ᠠ80 ᠬᠤᠪᠢ ᠡᠵᠡᠯᠡᠨ᠎ᠡ ᠭᠡᠰᠡᠨ ᠢ᠋ ᠵᠥᠪ ᠣᠢᠯᠠᠭᠠᠬᠤ ᠴᠢᠬᠤᠯᠠ ᠲᠠᠢ᠃ ᠰᠣᠶᠣᠯ ᠤ᠋ᠨ ᠬᠤᠪᠢᠰᠬᠠᠯ ᠤ᠋ᠨ ᠭᠠᠯᠵᠠᠭᠤ ᠰᠢᠭᠤᠷᠭᠠᠨ ᠳᠤᠮᠳᠠ ᠰᠤᠷᠭᠠᠭᠤᠯᠢ ᠡᠭᠦᠳᠡ ᠪᠡᠨ ᠬᠠᠭᠠᠭᠰᠠᠨ ᠠ᠋ᠴᠠ ᠶᠠᠮᠠᠷ ᠴᠤ᠌ ᠰᠢᠰᠲ᠋ᠧᠮ ᠲᠡᠢ ᠰᠤᠷᠭᠠᠨ ᠬᠥᠮᠦᠵᠢᠯ ᠣᠯᠵᠤ ᠬᠦᠷᠲᠡᠭᠰᠡᠨ ᠦᠭᠡᠢ ᠬᠥᠳᠡᠭᠡ ᠬᠠᠷᠢᠵᠤ ᠬᠥᠳᠡᠯᠮᠦᠷᠢ ᠳ᠋ᠦ᠍ ᠣᠷᠣᠯᠴᠠᠨ ᠠᠳᠤᠭᠤᠴᠢᠨ ᠲᠡᠮᠡᠭᠡᠴᠢᠨ ᠪᠣᠯᠵᠤ ᠶᠠᠪᠤᠭᠰᠠᠨ ᠮᠠᠯᠴᠢᠨ ᠵᠠᠯᠠᠭᠤᠰ ᠮᠠᠨᠢ1977 ᠣᠨ ᠠ᠋ᠴᠠ ᠡᠬᠢᠯᠡᠨ ᠲᠥᠷᠥ ᠶ᠋ᠢᠨ ᠲᠩᠷᠢ ᠠᠭᠠᠵᠢᠮ ᠢ᠋ᠶ᠋ᠠᠷ ᠭᠡᠢᠵᠦ ᠶᠡᠬᠡ ᠰᠤᠷᠭᠠᠭᠤᠯᠢ ᠶ᠋ᠢᠨ ᠰᠢᠯᠭᠠᠯᠲᠠ ᠰᠡᠷᠭᠦᠬᠦ ᠳ᠋ᠦ᠍ ᠠᠵᠠ ᠲᠠᠭᠠᠷᠠᠵᠤ᠂ ᠵᠠᠭᠤ ᠭᠠᠷᠤᠢᠬᠠᠨ ᠬᠤᠪᠢ ᠪᠠᠷ ᠶᠡᠬᠡ ᠰᠤᠷᠭᠠᠭᠤᠯᠢ ᠶ᠋ᠢᠨ ᠪᠣᠱᠣᠭ᠎ᠠ ᠶ᠋ᠢ ᠠᠯᠬᠤᠭᠰᠠᠨ ᠲᠡᠳᠡᠭᠡᠷ ᠣᠶᠤᠲᠠᠨ ᠳᠤᠮᠳᠠ ᠠ᠋ᠴᠠ ᠰᠠᠮᠫᠢᠯᠨᠣᠷᠪᠤ᠂ ᠮᠢᠩᠭᠠᠨᠴᠣᠭᠲᠤ᠂ ᠴᠢᠮᠡᠳᠳᠣᠷᠵᠢ᠂ ᠬᠠᠷᠠᠨᠤᠳ ᠰᠠᠢᠨᠴᠣᠭᠲᠣ᠂ ᠪᠣᠷᠵᠢᠭᠢᠨ ᠭᠡᠷᠡᠯᠲᠦ᠂ ᠷᠠ᠂ ᠡᠷᠳᠡᠮᠲᠦ᠂ᠲᠡᠭᠦᠰᠪᠠᠶᠠᠷ᠁ ᠲᠤᠩ ᠣᠯᠠᠨ ᠪᠢᠴᠢᠭᠲᠡᠨ᠂ ᠡᠷᠳᠡᠮᠲᠡᠨ᠂ ᠰᠢᠨᠵᠢᠯᠡᠬᠦ ᠤᠬᠠᠭᠠᠨᠲᠠᠨ ᠲᠥᠷᠥᠭᠰᠡᠨ ᠨᠢ ᠶᠠᠭᠤ ᠶ᠋ᠢ ᠬᠠᠷᠠᠭᠤᠯᠵᠤ ᠪᠠᠢᠭ᠎ᠠ ᠪᠢᠯᠡ! ᠨᠡᠢᠭᠡᠮ ᠰᠤᠷᠭᠠᠭᠤᠯᠢ ᠶ᠋ᠢᠨ ᠬᠥᠮᠦᠵᠢᠯ ᠬᠥᠯ ᠠᠯᠲᠠᠨ ᠰᠠᠮᠠᠭᠤᠷᠠᠵᠤ ᠪᠠᠢᠭᠰᠠᠨ ᠴᠤ᠌ ᠬᠥᠳᠡᠯᠮᠦᠷᠢ ᠶ᠋ᠢᠨ ᠬᠥᠮᠦᠵᠢᠯ ᠣᠨᠴᠠᠭᠠᠢᠯᠠᠨ ᠮᠠᠯᠴᠢᠨ ᠠᠷᠠᠳ ᠤ᠋ᠨ ᠭᠡᠷ ᠦ᠋ᠨ ᠬᠥᠮᠦᠵᠢᠯ ᠲᠣᠭᠲᠠᠭᠤᠨ ᠪᠠᠢᠵᠤ᠂ ᠬᠡᠦᠬᠡᠳ ᠦ᠋ᠨ ᠬᠥᠮᠦᠨ ᠮᠥᠰᠥ᠂ᠰᠡᠳᠬᠢᠴᠡ ᠶ᠋ᠢᠨ ᠬᠥᠮᠦᠵᠢᠯ ᠦ᠋ᠨ ᠡᠷᠡᠭᠦᠯ ᠣᠷᠴᠢᠨ ᠪᠠᠢᠭᠰᠠᠨ ᠠ᠋ᠴᠠ ᠡᠢᠮᠦᠷᠬᠦ ᠰᠣᠳᠣᠨ ᠬᠥᠮᠦᠰ ᠲᠥᠷᠥᠭᠰᠡᠨ ᠳᠡ᠃ ᠭᠡᠷ ᠦ᠋ᠨ ᠬᠥᠮᠦᠵᠢᠯ ᠦ᠋ᠨ ᠡᠭᠦᠷᠭᠡ ᠬᠠᠷᠢᠭᠤᠴᠠᠯᠭ᠎ᠠ ᠶᠠᠮᠠᠷᠬᠠᠨ ᠬᠦᠨᠳᠦ ᠠᠴᠢ ᠬᠣᠯᠪᠣᠭᠳᠠᠯ ᠲᠠᠢ ᠭᠡᠳᠡᠭ ᠢ᠋ ᠰᠣᠶᠣᠯ ᠤ᠋ᠨ ᠬᠤᠪᠢᠰᠬᠠᠯ ᠤ᠋ᠨ ᠨᠡᠢᠭᠡᠮ ᠦ᠋ᠨ ᠰᠢᠯᠭᠠᠯᠲᠠ ᠭᠦᠢᠴᠡᠳ ᠬᠠᠷᠠᠭᠤᠯᠤᠭᠰᠠᠨ ᠪᠢᠰᠢ ᠤᠤ! ᠡᠨᠡ ᠮᠡᠲᠦ ᠨᠡᠢᠭᠡᠮ ᠦ᠋ᠨ ᠭᠠᠢ ᠪᠠᠷᠴᠢᠳ᠂ ᠲᠡᠢᠨ ᠳᠠᠵᠢᠨ᠂ ᠲᠥᠷᠥ ᠭᠦᠷᠦᠨ ᠦ᠌ ᠬᠤᠪᠢᠰᠤᠯ ᠭᠡᠳ ᠶᠠᠮᠠᠷ ᠴᠤ᠌ ᠨᠡᠢᠭᠡᠮ ᠲᠥᠷᠥ ᠵᠦᠭ ᠴᠢᠭ ᠢ᠋ᠶ᠋ᠡᠨ ᠠᠯᠲᠠᠨ ᠰᠠᠮᠠᠭᠤᠷᠠᠯ ᠭᠠᠷᠤᠭᠰᠠᠨ ᠴᠤ᠌ ᠤᠭᠰᠠᠭ᠎ᠠ ᠶᠠᠰᠤᠲᠠᠨ ᠤ᠋ ᠦᠷ᠎ᠡ ᠵᠠᠯᠭᠠᠮᠵᠢ ᠪᠣᠯᠬᠤ ᠬᠡᠦᠬᠡᠳ ᠪᠠᠭᠠᠴᠤᠤᠯ ᠢ᠋ ᠡᠷᠡᠭᠦᠯ ᠠᠪᠴᠤ ᠦᠯᠡᠳᠡᠬᠦ ᠡᠴᠦᠰ ᠦ᠋ᠨ ᠪᠡᠬᠢᠯᠡᠯᠲᠡ ᠪᠣᠯ ᠭᠡᠷ ᠪᠦᠯᠢ ᠶ᠋ᠢᠨ ᠬᠥᠮᠦᠵᠢᠯ ᠭᠡᠳᠡᠭ ᠢ᠋ ᠤᠬᠠᠭᠠᠷᠠᠶᠠ! ᠵᠠ ᠲᠡᠭᠡᠪᠡᠯ ᠭᠡᠷ ᠦ᠋ᠨ ᠠᠬᠠᠮᠠᠳ ᠮᠠᠨᠢ ᠬᠡᠦᠬᠡᠳ ᠦ᠋ᠨ ᠦᠰᠦᠨ ᠪᠣᠢᠵᠢᠯᠲᠠ ᠶ᠋ᠢᠨ ᠵᠠᠩᠭᠢᠯᠠᠭ᠎ᠠ ᠶ᠋ᠢᠨ ᠬᠣᠶᠠᠷ ᠱᠠᠲᠤ ᠶ᠋ᠢ ᠠᠩᠬᠠᠷᠤᠯ ᠳ᠋ᠠᠭᠠᠨ ᠠᠪᠤᠭᠠᠷᠠᠢ! ᠭᠤᠷᠪᠠᠨ ᠨᠠᠰᠤᠨ ᠠ᠋ᠴᠠ ᠡᠮᠦᠨ᠎ᠡ ᠪᠣᠯ ᠣᠢ ᠰᠠᠷᠠᠯ ᠣᠪᠣᠷ ᠰᠡᠳᠬᠢᠯᠭᠡ ᠲᠥᠯᠥᠪᠰᠢᠬᠦ ᠵᠠᠩᠭᠢᠯᠠᠭ᠎ᠠ ᠶ᠋ᠢᠨ ᠬᠤᠭᠤᠴᠠᠭ᠎ᠠ ᠪᠠᠢᠵᠤ᠂ ᠬᠠᠭᠠᠨ ᠰᠢᠭ᠋ ᠠᠰᠠᠷᠠ ᠭᠡᠳᠡᠭ ᠬᠠᠭᠤᠴᠢ ᠰᠤᠷᠭᠠᠯ ᠰᠠᠨᠠᠵᠤ ᠪᠠᠢ! ᠠᠷᠪᠠᠨ ᠭᠤᠷᠪᠠᠨ ᠨᠠᠰᠤᠨ ᠤ᠋ ᠨᠠᠭᠠᠨ᠎ᠠ ᠴᠠᠭᠠᠨ᠎ᠠ ᠪᠣᠯ ᠬᠡᠦᠬᠡᠳ ᠨᠠᠰᠤᠨ ᠠ᠋ᠴᠠ ᠤᠷᠢ ᠵᠠᠯᠠᠭᠤ ᠨᠠᠰᠤᠨ ᠳ᠋ᠤ᠌ ᠣᠷᠣᠬᠤ ᠰᠢᠯᠵᠢᠯᠲᠡ ᠶ᠋ᠢᠨ ᠬᠤᠭᠤᠴᠠᠭ᠎ᠠ᠂ ᠳᠠᠷᠤᠢ ᠪᠡᠶ᠎ᠡ ᠪᠡᠨ ᠳᠠᠭᠠᠭᠠᠬᠤ ᠴᠢᠳᠠᠪᠤᠷᠢ ᠲᠥᠯᠥᠪᠰᠢᠬᠦ ᠵᠠᠩᠭᠢᠯᠠᠭ᠎ᠠ ᠶ᠋ᠢᠨ ᠱᠠᠲᠤ ᠪᠣᠯᠤᠨ᠎ᠠ᠂ ᠡᠨᠡ ᠦᠶ᠎ᠡ ᠳ᠋ᠦ᠍ ᠬᠡᠦᠬᠡᠳ ᠲᠡᠢ ᠪᠡᠨ ᠡᠷᠬᠡ ᠲᠡᠭᠰᠢ ᠵᠥᠪᠳᠡᠬᠦ᠂ ᠬᠡᠦᠬᠡᠳ ᠦ᠋ᠨ ᠰᠡᠳᠬᠢᠯ ᠦ᠋ᠨ ᠦᠭᠡ ᠶ᠋ᠢ ᠢᠯᠡᠭᠦᠬᠡᠨ ᠰᠣᠨᠣᠰᠴᠤ ᠪᠠᠢᠭᠠᠷᠠᠢ᠃ ᠡᠨᠡᠬᠦ ᠰᠢᠯᠵᠢᠯᠲᠡ ᠶ᠋ᠢᠨ ᠨᠠᠰᠤ ᠶ᠋ᠢ ᠠᠩᠬᠠᠷᠤᠯ ᠳ᠋ᠤ᠌ ᠪᠠᠨ ᠠᠪᠬᠤ ᠦᠭᠡᠢ ᠪᠤᠶᠤ ᠣᠢᠯᠠᠭᠠᠬᠤ ᠦᠭᠡᠢ ᠡᠴᠡ ᠪᠣᠯᠵᠤ᠂ ᠬᠡᠦᠬᠡᠳ ᠲᠡᠢ ᠪᠡᠨ ᠰᠠᠢᠨ ᠬᠠᠮᠵᠢᠯᠴᠠᠵᠤ ᠴᠢᠳᠠᠬᠤ ᠦᠭᠡᠢ ᠭᠡᠷ ᠦ᠋ᠨ ᠠᠬᠠᠮᠠᠳ ᠲᠤᠩ ᠣᠯᠠᠨ ᠪᠠᠢᠨ᠎ᠠ᠂ ᠡᠭᠦᠨ ᠦ᠌ ᠳ᠋ᠦᠩ ᠳ᠋ᠦ᠍ ᠬᠡᠦᠬᠡᠳ ᠦ᠋ᠨ ᠵᠠᠩ ᠰᠡᠳᠬᠢᠴᠡ ᠶ᠋ᠢ ᠶᠡᠬᠡᠪᠡᠷ ᠡᠪᠳᠡᠯᠡᠵᠦ ᠪᠠᠢᠨ᠎ᠠ᠃
ᠦᠰᠦᠭ ᠠᠮᠢᠯᠠᠭᠤᠯᠤᠭᠴᠢ ᠄ ᠵ ᠂ ᠪᠤᠶᠠᠨᠲᠣᠭᠲᠠᠬᠤ
ᠬᠢᠨᠠᠭᠴᠢ᠄ ᠣᠳᠬᠠᠨᠰᠣ᠎ᠠ᠂ ᠰᠡᠬᠡᠭᠡᠷᠡᠯ