1. ᠲᠡᠷᠢᠭᠦᠨ ᠨᠢᠭᠤᠷ >
  2. ᠨᠡᠪᠲᠡᠷᠡᠭᠦᠯᠭᠡ >
  3. 《ᠪᠦᠪᠡᠢ ᠶ᠋ᠢᠨ ᠳᠠᠭᠤᠤ 》ᠥᠬᠡᠢ ᠣᠷᠴᠢᠨ ᠳ᠋ᠤ᠌ ᠥᠰᠦᠭᠰᠡᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-09-ᠪᠣᠯᠣᠴᠢᠯᠠᠭᠤ

《ᠪᠦᠪᠡᠢ ᠶ᠋ᠢᠨ ᠳᠠᠭᠤᠤ 》ᠥᠬᠡᠢ ᠣᠷᠴᠢᠨ ᠳ᠋ᠤ᠌ ᠥᠰᠦᠭᠰᠡᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-09-ᠪᠣᠯᠣᠴᠢᠯᠠᠭᠤ

2023-10-21

1071

《ᠪᠦᠪᠡᠢ ᠶ᠋ᠢᠨ ᠳᠠᠭᠤᠤ 》ᠥᠬᠡᠢ ᠣᠷᠴᠢᠨ ᠳ᠋ᠤ᠌ ᠥᠰᠦᠭᠰᠡᠨ

               -ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ09-ᠪᠣᠯᠣᠴᠢᠯᠠᠭᠤ
     ᠥᠯᠥᠭᠡᠢ ᠲᠡᠢ ᠬᠡᠦᠬᠡᠳ ᠢ᠋ᠶ᠋ᠡᠨ ᠪᠦᠪᠡᠢᠯᠡᠵᠦ ᠰᠠᠭᠠᠲᠠᠭᠤᠯᠬᠤ ᠪᠤᠶᠤ ᠤᠨᠲᠠᠭᠤᠯᠬᠤ ᠵᠠᠩᠰᠢᠯ ᠪᠣᠯ ᠮᠠᠨ ᠤ᠋ ᠮᠣᠩᠭᠣᠯ ᠰᠣᠶᠣᠯ ᠤ᠋ᠨ ᠨᠢᠭᠡᠨ ᠭᠠᠢᠬᠠᠮᠰᠢᠭ ᠪᠠᠢᠨ᠎ᠠ᠃《ᠪᠦᠪᠡᠢ ᠶ᠋ᠢᠨ ᠳᠠᠭᠤᠤ》 ᠰᠣᠨᠣᠰᠴᠤ ᠪᠠᠢᠭᠠᠳ ᠤᠨᠲᠠᠬᠤ ᠬᠡᠦᠬᠡᠳ ᠲᠠᠢᠪᠤᠭᠤᠨ ᠰᠠᠢᠬᠠᠨ ᠤᠨᠲᠠᠬᠤ ᠪᠠᠷ ᠪᠠᠷᠠᠬᠤ ᠦᠭᠡᠢ ᠡᠢᠮᠦᠷᠬᠦ ᠬᠠᠢᠷ᠎ᠠ ᠶ᠋ᠢᠨ ᠪᠦᠪᠡᠢ ᠲᠡᠢ ᠣᠷᠴᠢᠨ ᠳ᠋ᠤ᠌ ᠥᠰᠦᠭᠰᠡᠨ ᠬᠡᠦᠬᠡᠳ ᠦ᠋ᠨ ᠰᠠᠨᠠᠭ᠎ᠠ ᠪᠣᠳᠣᠯ ᠨᠠᠮ ᠲᠣᠭᠲᠠᠭᠤᠨ᠂ ᠦᠷᠦ ᠵᠥᠭᠡᠯᠡᠨ᠂ ᠠᠴᠢᠯᠠᠯ ᠵᠢᠷᠤᠮ ᠤ᠋ᠨ ᠰᠡᠳᠬᠢᠯᠭᠡ ᠲᠡᠢ ᠬᠥᠮᠦᠨᠯᠢᠭ ᠳᠥᠯᠭᠡᠬᠡᠨ ᠰᠠᠢᠬᠠᠨ ᠵᠠᠩ ᠠᠷᠠᠨᠰᠢᠨ ᠲᠥᠯᠥᠪᠰᠢᠬᠦ ᠳ᠋ᠦ᠍ ᠲᠤᠩ ᠴᠢᠬᠤᠯᠠ ᠨᠥᠯᠥᠭᠡ ᠦᠵᠡᠭᠦᠯᠳᠡᠭ᠃
     ᠬᠡᠦᠬᠡᠳ ᠦ᠋ᠨ ᠵᠠᠩ ᠰᠡᠳᠬᠢᠴᠡ᠂ ᠮᠣᠷᠠᠯ ᠰᠤᠷᠲᠠᠯ ᠤ᠋ᠨ ᠲᠠᠯ᠎ᠠ ᠳ᠋ᠤ᠌ ᠠᠰᠠᠭᠤᠳᠠᠯ ᠭᠠᠷᠤᠭᠰᠠᠨ ᠨᠢ ᠬᠡᠦᠬᠡᠳ ᠦ᠋ᠨ ᠣᠶᠤᠨ ᠰᠡᠳᠬᠢᠯᠭᠡᠨ ᠳ᠋ᠦ᠍ ᠬᠠᠢᠷ᠎ᠠ ᠳᠤᠲᠠᠭᠰᠠᠨ ᠠ᠋ᠴᠠ ᠪᠣᠯᠤᠭᠰᠠᠨ ᠶᠤᠮ᠃ ᠥᠨᠥ ᠶ᠋ᠢᠨ ᠬᠡᠦᠬᠡᠳ ᠲᠦ᠍ ᠡᠴᠢᠭᠡ ᠡᠬᠡ ᠶ᠋ᠢᠨ ᠪᠦᠪᠡᠢᠯᠡᠯ ᠡᠩᠬᠦᠷᠡᠢᠯᠡᠯ ᠳᠤᠲᠠᠭᠳᠠᠵᠤ᠂ ᠲᠡᠳᠡᠨᠡᠷ ᠦᠨᠡᠬᠡᠷ ᠴᠦ᠍《ᠪᠦᠪᠡᠢ ᠶ᠋ᠢᠨ ᠳᠠᠭᠤᠤ》 ᠦᠭᠡᠢ ᠴᠠᠭ ᠦᠶ᠎ᠡ ᠳ᠋ᠦ᠍ ᠠᠮᠢᠳᠤᠷᠠᠵᠤ ᠪᠣᠢ᠃ ᠣᠯᠠᠩᠬᠢ ᠵᠠᠯᠠᠭᠤ ᠡᠬᠡᠴᠦᠦᠯ ᠬᠡᠦᠬᠡᠳ ᠢ᠋ᠶ᠋ᠡᠨ ᠪᠦᠪᠡᠢᠯᠡᠵᠦ ᠰᠠᠭᠠᠲᠠᠭᠤᠯᠵᠤ ᠴᠢᠳᠠᠬᠤ ᠦᠭᠡᠢ ᠪᠣᠯᠤᠭᠰᠠᠨ ᠮᠥᠷᠲᠡᠭᠡᠨ ᠵᠠᠷᠢᠮ ᠨᠢ ᠬᠡᠦᠬᠡᠳ ᠢ᠋ᠶ᠋ᠡᠨ《ᠴᠢᠳᠬᠥᠷ ᠢᠷᠡᠯ᠎ᠡ᠂ ᠭᠠᠳᠠᠨ᠎ᠠ ᠶᠠᠭᠤ ᠳᠤᠤᠭᠠᠷᠴᠤ ᠪᠠᠢᠨ᠎ᠠ ᠪᠣᠢ? ᠬᠣᠭ ᠲᠡᠭᠦᠳᠡᠭ ᠬᠥᠮᠦᠨ ᠢᠷᠡᠵᠦ ᠪᠠᠢᠨ᠎ᠠ ᠲᠦᠷᠭᠡᠨ ᠤᠨᠲᠠ ᠠ᠋᠂ ᠦᠭᠡᠢ ᠪᠣᠯ ᠠᠪᠤᠭᠠᠳ ᠶᠠᠪᠤᠨ᠎ᠠ ᠰᠢᠦ》 ᠭᠡᠮᠡᠨ ᠠᠶᠤᠯᠭᠠᠵᠤ ᠪᠠᠢᠮᠠᠨ ᠤᠨᠲᠠᠭᠤᠯᠵᠤ ᠪᠠᠢᠨ᠎ᠠ᠃ ᠠᠶᠤᠵᠤ ᠡᠮᠢᠶᠡᠵᠦ ᠤᠨᠲᠠᠭᠰᠠᠨ ᠬᠡᠦᠬᠡᠳ ᠬᠠᠷ᠎ᠠ ᠳᠠᠷᠤᠬᠤ ᠪᠤᠶᠤ ᠲᠠᠢᠪᠤᠩ ᠲᠠᠪᠠᠲᠠᠢ ᠤᠨᠲᠠᠵᠤ ᠳᠡᠢᠯᠬᠦ ᠦᠭᠡᠢ᠂ᠡᠢᠮᠦᠷᠬᠦ ᠠᠷᠭᠠᠳᠠᠯ ᠪᠦᠪᠡᠢᠯᠡᠯ ᠥᠬᠡᠢ ᠣᠷᠴᠢᠨ ᠳ᠋ᠤ᠌ ᠥᠰᠦᠭᠰᠡᠨ ᠬᠡᠦᠬᠡᠳ ᠠᠮᠠᠷᠬᠠᠨ ᠰᠡᠳᠬᠢᠴᠡ ᠶ᠋ᠢᠨ ᠠᠷᠬᠠᠭ ᠲᠠᠢ ᠪᠣᠯᠳᠠᠭ᠃ ᠮᠠᠯᠴᠢᠨ ᠠᠷᠠᠳ ᠤ᠋ᠨ ᠮᠠᠨᠢ ᠡᠷᠪᠡᠢ ᠦᠷ᠎ᠡ ᠳ᠋ᠡᠭᠡᠨ ᠳᠠᠭᠤᠯᠠᠭᠰᠠᠨ《ᠪᠦᠪᠡᠢ ᠶ᠋ᠢᠨ ᠳᠠᠭᠤᠤ》᠂ ᠴᠢᠨᠠᠭᠰᠢᠯᠠᠭᠠᠳ ᠬᠣᠨᠢ ᠮᠠᠯ ᠳ᠋ᠠᠭᠠᠨ ᠬᠦᠷᠲᠡᠯ᠎ᠡ ᠳᠠᠭᠤᠯᠠᠭᠰᠠᠨ《ᠲᠣᠢᠭ ᠤ᠋ᠨ ᠳᠠᠭᠤᠤ》 ᠵᠡᠷᠭᠡ ᠪᠡᠷ ᠢ᠋ᠶ᠋ᠡᠨ ᠪᠣᠲᠣᠭᠣ ᠪᠠᠨ ᠭᠣᠯᠣᠭᠰᠠᠨ ᠢᠩᠭᠡ ᠶ᠋ᠢ ᠴᠤ᠌ ᠨᠢᠯᠪᠤᠰᠤ ᠪᠥᠮᠪᠥᠷᠢᠭᠦᠯᠦᠨ ᠲᠥᠯ ᠢ᠋ ᠨᠢ ᠠᠪᠤᠭᠤᠯᠳᠠᠭ ᠨᠢᠭᠡ ᠵᠦᠢᠯ ᠦ᠋ᠨ ᠭᠦᠨ ᠳᠠᠯᠳᠠ ᠬᠠᠢᠷ᠎ᠠ ᠪᠠᠢᠭ᠎ᠠ ᠶᠤᠮ ᠃ ᠡᠨᠡ ᠬᠠᠢᠷ᠎ᠠ ᠬᠡᠦᠬᠡᠳ ᠲᠦ᠍ ᠨᠡᠩ ᠬᠡᠷᠡᠭ ᠲᠡᠢ᠂ ᠣᠳᠣ ᠵᠠᠷᠢᠮ ᠭᠡᠷ ᠦ᠋ᠨ ᠠᠬᠠᠮᠠᠳ ᠬᠡᠦᠬᠡᠳ ᠢ᠋ᠶ᠋ᠡᠨ ᠲᠦᠷᠦᠮᠡᠭᠴᠡ ᠨᠠᠰᠤᠲᠠᠨ ᠳ᠋ᠠᠭᠠᠨ ᠣᠷᠬᠢᠵᠤ ᠥᠪᠡᠷ ᠢ᠋ᠶ᠋ᠡᠨ ᠠᠵᠢᠯ ᠶᠠᠪᠤᠳᠠᠯ ᠭᠡᠳ ᠭᠠᠳᠠᠭᠰᠢ ᠶᠠᠪᠤᠴᠢᠬᠠᠳᠠᠭ᠃ ᠨᠡᠩ ᠬᠡᠦᠬᠡᠳ ᠨᠢ ᠴᠡᠴᠡᠷᠯᠢᠭ ᠰᠤᠷᠭᠠᠭᠤᠯᠢ ᠳ᠋ᠤ᠌ ᠣᠷᠣᠮᠠᠭᠴᠠ ᠬᠣᠲᠠ ᠳ᠋ᠤ᠌ ᠭᠡᠷ ᠲᠦᠷᠢᠶᠡᠰᠦᠯᠡᠵᠦ᠂ ᠳᠠᠯᠠ ᠭᠠᠷᠤᠭᠰᠠᠨ ᠨᠠᠰᠤᠲᠠᠨ ᠳᠣᠯᠣᠭᠠᠨ ᠨᠠᠰᠤᠲᠠᠢ ᠬᠡᠦᠬᠡᠳ ᠬᠣᠶᠠᠷ ᠢ᠋ᠶ᠋ᠠᠨ ᠬᠠᠮᠲᠤ ᠣᠷᠬᠢᠵᠤ᠂ ᠬᠡᠳᠦᠨ ᠭᠠᠷᠠᠭ ᠲᠡᠷᠡᠴᠢᠯᠡᠨ᠂ ᠰᠠᠷ᠎ᠠ᠂ ᠵᠢᠯ ᠢ᠋ᠶ᠋ᠡᠷ ᠬᠢᠵᠦ ᠴᠦ᠍ ᠦᠵᠡᠳᠡᠭ ᠦᠭᠡᠢ᠃ ᠶᠠᠭ ᠢᠩᠭᠢᠵᠦ ᠡᠴᠢᠭᠡ ᠡᠬᠡ ᠶ᠋ᠢᠨ ᠴᠢᠩ ᠵᠢᠷᠦᠬᠡᠨ ᠦ᠌ ᠬᠠᠯᠠᠭᠤᠨ ᠳᠤᠯᠠᠭᠠᠨ ᠬᠠᠢᠷ᠎ᠠ ᠲᠠᠲᠠᠭᠳᠠᠭᠰᠠᠨ ᠠ᠋ᠴᠠ ᠬᠡᠦᠬᠡᠳ ᠦ᠋ᠨ ᠰᠡᠳᠬᠢᠯ ᠳ᠋ᠦ᠍ ᠨᠢᠭᠡ ᠵᠦᠢᠯ ᠦ᠋ᠨ ᠭᠤᠨᠢᠭ ᠤᠢᠳᠬᠠᠷ ᠪᠣᠢ ᠪᠣᠯᠵᠤ᠂ ᠡᠴᠦᠰ ᠲᠡᠭᠡᠨ ᠭᠠᠭᠴᠠᠭᠠᠷᠳᠠᠮᠠᠯ᠂ ᠵᠣᠵᠢᠭ ᠵᠥᠷᠢᠭᠦᠳ᠂ ᠬᠥᠢᠲᠡᠮᠰᠦᠭ᠂ ᠬᠥᠳᠡᠯᠦᠮᠡᠲᠡᠭᠡᠢ ᠰᠡᠳᠬᠢᠴᠡ ᠶ᠋ᠢᠨ ᠭᠠᠴᠢᠭ ᠲᠠᠢ ᠪᠣᠯᠬᠤ ᠮᠡᠲᠦ ᠪᠡᠷ ᠶᠠᠩᠵᠤ ᠪᠦᠷᠢ ᠶ᠋ᠢᠨ ᠰᠣᠨᠢᠨ ᠵᠠᠩ ᠴᠢᠨᠠᠷ ᠲᠠᠢ ᠬᠡᠦᠬᠡᠳ ᠪᠣᠢ ᠪᠣᠯᠵᠤ ᠪᠣᠢ᠃ ᠮᠣᠩᠭᠣᠯ ᠤᠯᠤᠰ ᠤ᠋ᠨ ᠠᠯᠳᠠᠷᠲᠤ ᠳᠠᠭᠤᠴᠢᠨ ᠴᠢᠮᠡᠳᠵᠠᠶᠠᠭ᠎ᠠ ᠠ᠋ᠴᠠ ᠰᠤᠷᠪᠤᠯᠵᠢᠯᠠᠭᠴᠢ᠄《ᠲᠠᠨ ᠢ᠋ ᠳᠠᠭᠤᠴᠢᠨ ᠪᠣᠯᠬᠤ ᠳ᠋ᠤ᠌ ᠶᠠᠮᠠᠷ ᠬᠦᠴᠦᠨ ᠵᠦᠢᠯ ᠬᠠᠮᠤᠭ ᠤ᠋ᠨ ᠶᠡᠬᠡ ᠨᠥᠯᠥᠭᠡᠯᠡᠭᠰᠡᠨ ᠪᠣᠢ?》 ᠭᠡᠵᠦ ᠠᠰᠠᠭᠤᠭᠰᠠᠨ ᠳ᠋ᠤ᠌ ᠲᠡᠷᠡ ᠥᠴᠦᠬᠡᠨ ᠴᠦ᠍ ᠲᠦᠳᠡᠭᠡᠯᠵᠡᠯ ᠦᠭᠡᠢ ᠪᠡᠷ《ᠡᠵᠢ ᠶ᠋ᠢᠨ ᠮᠢᠨᠢ ᠪᠦᠪᠡᠢ ᠶ᠋ᠢᠨ ᠳᠠᠭᠤᠤ》 ᠭᠡᠵᠦ ᠬᠠᠷᠢᠭᠤᠯᠤᠭᠰᠠᠨ ᠪᠠᠢᠳᠠᠭ᠃ ᠥᠩᠭᠡᠷᠡᠭᠰᠡᠨ ᠦ᠌ ᠭᠡᠷ ᠦ᠋ᠨ ᠠᠬᠠᠮᠠᠳ᠂ ᠨᠠᠰᠤᠲᠠᠨ ᠪᠤᠭᠤᠷᠤᠯᠴᠤᠳ ᠬᠡᠦᠬᠡᠳ ᠢ᠋ᠶ᠋ᠡᠨ ᠪᠦᠷ《ᠪᠦᠪᠡᠢ ᠶ᠋ᠢᠨ ᠳᠠᠭᠤᠤ》 ᠶ᠋ᠢᠨ ᠳᠤᠮᠳᠠ ᠡᠩᠬᠦᠷᠡᠢᠯᠡᠭᠦᠯᠦᠨ ᠡᠷᠬᠡᠯᠡᠭᠦᠯᠵᠦ᠂ ᠦᠯᠢᠭᠡᠷ ᠲᠡᠦᠬᠡ ᠶᠠᠷᠢᠨ ᠤᠬᠠᠭᠠᠷᠠᠭᠤᠯᠵᠤ ᠬᠥᠮᠦᠵᠢᠭᠦᠯᠳᠡᠭ᠃ ᠨᠡᠢᠭᠡᠮ ᠳᠡᠭᠡᠷ᠎ᠡ ᠨᠡᠷ᠎ᠡ ᠬᠦᠨᠳᠦᠲᠡᠢ ᠶᠠᠪᠤᠭ᠎ᠠ ᠡᠷᠳᠡᠮᠲᠡᠨ ᠮᠡᠷᠭᠡᠳ ᠦ᠋ᠨ ᠠᠯᠢ ᠨᠢ ᠪᠦᠪᠡᠢ ᠶ᠋ᠢᠨ ᠳᠠᠭᠤᠤ ᠶ᠋ᠢᠨ ᠳᠤᠮᠳᠠ ᠥᠰᠦᠭᠰᠡᠨ ᠦᠭᠡᠢ ᠪᠣᠢ? ᠠᠯᠢ ᠨᠢ ᠦᠯᠢᠭᠡᠷ ᠦ᠋ᠨ ᠳᠠᠯᠠᠢ ᠶ᠋ᠢᠨ ᠳᠤᠮᠳᠠ ᠤᠮᠪᠠᠵᠤ ᠪᠣᠢᠵᠢᠭᠰᠠᠨ ᠦᠭᠡᠢ ᠪᠣᠢ? ᠡᠷᠲᠡᠨ ᠦ᠌ ᠡᠪᠦᠭᠡᠳ ᠨᠠᠰᠤᠲᠠᠳ ᠦᠳᠡᠰᠢ ᠪᠣᠯᠣᠮᠠᠭᠴᠠ ᠨᠢᠭᠡ ᠡᠳᠦᠷ ᠦ᠋ᠨ ᠶᠠᠭᠠᠷᠠᠯᠲᠠᠢ ᠠᠵᠢᠯ ᠢ᠋ᠶ᠋ᠠᠨ ᠳᠠᠭᠤᠰᠬᠠᠭᠠᠳ ᠲᠣᠰᠣᠨ ᠳ᠋ᠧᠩ ᠦ᠋ᠨ ᠭᠡᠷᠡᠯ ᠳ᠋ᠦ᠍ ᠬᠡᠦᠬᠡᠳ ᠲᠡᠭᠡᠨ ᠦᠯᠢᠭᠡᠷ ᠶᠠᠷᠢᠵᠤ ᠰᠠᠭᠤᠳᠠᠭ᠃ ᠠᠢᠯ ᠠᠢᠮᠠᠭ ᠤ᠋ᠨ ᠠᠬᠠᠮᠠᠳ ᠲᠣᠮᠣᠭᠠᠲᠠᠨ ᠴᠤ᠌ ᠲᠣᠭᠣᠷᠢᠵᠤ ᠠᠢᠯᠴᠢᠯᠠᠬᠤ ᠪᠠᠷ ᠢᠷᠡᠭᠡᠳ ᠦᠯᠢᠭᠡᠷ ᠶᠠᠷᠢᠳᠠᠭ᠃ ᠲᠡᠷᠡ ᠦᠶ᠎ᠡ ᠶ᠋ᠢᠨ ᠬᠡᠦᠬᠡᠳ ᠴᠢᠯᠥᠭᠡ ᠯᠡ ᠪᠠᠢᠪᠠᠯ ᠡᠪᠦᠭᠡ ᠡᠮᠡᠭᠡ ᠠᠪᠤ ᠡᠵᠢ ᠪᠡᠨ《ᠦᠯᠢᠭᠡᠷ ᠶᠠᠷᠢᠭᠠᠳ ᠠᠯᠢ》 ᠭᠡᠵᠦ ᠱᠠᠭᠠᠷᠳᠠᠳᠠᠭ᠃ ᠨᠠᠰᠤᠲᠠᠨ ᠲᠣᠮᠣᠭᠠᠲᠠᠳ ᠤ᠋ᠨ ᠶᠠᠷᠢᠭᠰᠠᠨ ᠲᠡᠳᠡᠭᠡᠷ ᠦᠯᠢᠭᠡᠷ ᠳᠣᠮᠣᠭ ᠨᠢ ᠬᠡᠦᠬᠡᠳ ᠦ᠋ᠨ ᠨᠢᠯᠬ᠎ᠠ ᠣᠶᠤᠨ ᠳ᠋ᠤ᠌ ᠰᠥᠰᠥ ᠵᠣᠷᠢᠭ᠂ ᠠᠴᠢᠯᠠᠯ ᠬᠠᠢᠷ᠎ᠠ ᠶ᠋ᠢᠨ ᠬᠥᠮᠦᠵᠢᠯ ᠥᠭᠳᠡᠭ ᠪᠠᠢᠭᠰᠠᠨ᠃ ᠬᠡᠦᠬᠡᠳ ᠦᠯᠢᠭᠡᠷ ᠡᠴᠡ᠂ ᠶᠢᠷᠲᠢᠨᠴᠦ ᠶ᠋ᠢ ᠣᠢᠯᠠᠭᠠᠵᠤ᠂ ᠦᠯᠢᠭᠡᠷ ᠡᠴᠡ ᠠᠮᠢᠳᠤᠷᠠᠯ ᠢ᠋ ᠰᠤᠪᠢᠨ᠂ ᠦᠯᠢᠭᠡᠷ ᠡᠴᠡ ᠣᠷᠣᠰᠢᠨ ᠲᠣᠭᠲᠠᠨᠢᠬᠤ ᠤᠬᠠᠭᠠᠨ ᠢ᠋ᠶ᠋ᠠᠨ ᠣᠯᠳᠠᠭ᠃ ᠦᠯᠢᠭᠡᠷ ᠳᠣᠮᠣᠭ ᠬᠠᠭᠤᠴᠢᠯᠠᠬᠤ ᠪᠣᠯ ᠬᠡᠦᠬᠡᠳ ᠦ᠋ᠨ ᠬᠥᠮᠦᠵᠢᠯ ᠦ᠋ᠨ ᠪᠠᠰᠠ ᠨᠢᠭᠡᠨ ᠭᠠᠢᠬᠠᠮᠰᠢᠭᠲᠠᠢ ᠵᠣᠷ ᠤᠬᠠᠭᠠᠨ ᠪᠠᠢᠭᠰᠠᠨ᠂ ᠣᠰᠣᠯ ᠭᠠᠷᠭᠠᠭᠰᠠᠨ ᠬᠡᠦᠬᠡᠳ ᠢ᠋ ᠠᠪᠤᠨ ᠳᠣᠣᠷ᠎ᠠ ᠨᠢ ᠢᠯᠠᠨ ᠳᠠᠯᠠᠨ ᠦᠭᠡᠢ ᠰᠢᠭᠤᠳ ᠰᠢᠭᠦᠮᠵᠢᠯᠡᠳᠡᠭ ᠦᠭᠡᠢ᠂ ᠬᠠᠷᠢᠨ ᠲᠣᠯᠣᠭᠠᠢ ᠶ᠋ᠢ ᠨᠢ ᠢᠯᠢᠨ《ᠠᠢ ᠬᠥᠭᠡᠷᠦᠬᠦᠢ᠂ ᠮᠢᠨᠦ ᠮᠠᠭᠤ ᠬᠦᠦ ᠶᠠᠭᠠᠬᠢᠭᠠᠳ ᠡᠢᠮᠦ ᠮᠠᠭᠤᠬᠠᠢ ᠤᠴᠢᠷ ᠭᠠᠷᠭᠠᠴᠢᠬᠠᠪᠠ ᠳᠠ᠂ ᠬᠠᠮᠢᠶ᠎ᠠ ᠦᠭᠡᠢ᠂ ᠪᠢᠲᠡᠭᠡᠢ ᠵᠣᠪᠠ᠂ ᠲᠠᠬᠢᠵᠤ ᠠᠯᠳᠠᠭ᠎ᠠ ᠭᠠᠷᠭᠠᠬᠤ ᠦᠭᠡᠢ ᠪᠣᠯ ᠪᠣᠯᠴᠢᠬᠠᠨ᠎ᠠ ᠰᠢᠳᠡ》 ᠭᠡᠮᠡᠨ ᠰᠡᠳᠬᠢᠯ ᠢ᠋ ᠨᠢ ᠠᠷᠭᠠᠳᠠᠨ ᠲᠠᠢᠳᠬᠤᠷᠠᠭᠤᠯᠬᠤ ᠳ᠋ᠤ᠌ ᠡᠨᠡᠬᠦ ᠬᠠᠯᠠᠭᠤᠨ ᠬᠠᠢᠷ᠎ᠠ ᠪᠢᠯᠬᠠᠭᠰᠠᠨ ᠳᠣᠲᠣᠨᠣ ᠳᠤᠯᠠᠭᠠᠨ ᠰᠤᠷᠭᠠᠯ ᠳ᠋ᠤ᠌ ᠬᠡᠦᠬᠡᠳ ᠥᠪᠡᠷᠰᠡᠳ ᠦ᠋ᠨ ᠬᠢᠭᠰᠡᠨ ᠣᠰᠣᠯ ᠡᠨᠳᠡᠯ ᠳ᠋ᠡᠭᠡᠨ ᠨᠡᠩ ᠭᠦᠨ ᠭᠡᠮᠰᠢᠵᠦ ᠪᠡᠶ᠎ᠡ ᠪᠡᠨ ᠰᠠᠢᠬᠠᠨ ᠠᠪᠴᠤ ᠶᠠᠪᠤᠬᠤ ᠬᠦᠨᠳᠦ ᠰᠡᠳᠬᠢᠯ ᠲᠥᠷᠥᠳᠡᠭ᠂ ᠡᠴᠢᠭᠡ ᠡᠬᠡᠴᠦᠦᠯ ᠬᠡᠦᠬᠡᠳ ᠦ᠋ᠨ ᠲᠡᠷᠡᠬᠦ ᠠᠯᠳᠠᠭ᠎ᠠ ᠵᠣᠷᠢᠭᠤᠯᠤᠭᠰᠠᠨ ᠬᠥᠮᠦᠵᠢᠯ ᠢ᠋ᠶ᠋ᠡᠨ ᠠᠵᠢᠯ ᠤ᠋ᠨ ᠰᠡᠯᠡᠭᠦᠦ ᠣᠷᠣᠢ ᠦᠳᠡᠰᠢ ᠶ᠋ᠢᠨ ᠴᠠᠭ ᠢ᠋ᠶ᠋ᠠᠷ ᠬᠡᠦᠬᠡᠳ ᠲᠡᠢ ᠪᠡᠨ ᠬᠠᠯᠠᠭᠤᠨ ᠵᠣᠭᠣᠭ ᠳᠡᠯᠭᠡᠬᠦ ᠲᠠᠰᠢᠷᠠᠮ ᠳ᠋ᠤ᠌ ᠶᠠᠭ ᠬᠡᠦᠬᠡᠳ ᠦ᠋ᠨ ᠣᠰᠣᠯ ᠳ᠋ᠤ᠌ ᠲᠣᠬᠢᠷᠠᠮᠵᠢᠲᠠᠢ ᠰᠠᠢᠬᠠᠨ ᠦᠯᠢᠭᠡᠷ ᠶᠠᠷᠢᠵᠤ ᠥᠭᠳᠡᠭ᠃ ᠲᠡᠳᠡᠭᠡᠷ ᠦᠯᠢᠭᠡᠷ ᠦ᠋ᠨ ᠪᠠᠭᠠᠲᠤᠷ ᠤ᠋ᠨ ᠰᠠᠢᠨ ᠰᠠᠢᠬᠠᠨ ᠳᠦᠷᠢ ᠲᠥᠷᠬᠦ ᠪᠡᠷ ᠣᠴᠢᠵᠤ ᠬᠠᠷᠢᠭᠤᠴᠠᠯᠭᠠᠲᠤ ᠰᠡᠳᠬᠢᠯᠭᠡ ᠲᠡᠢ᠂ ᠰᠥᠰᠥ ᠵᠣᠷᠢᠭ ᠲᠠᠢ᠂ ᠦᠨᠡᠨᠴᠢ ᠰᠢᠳᠤᠷᠭᠤ᠂ ᠠᠵᠢᠯᠴᠢ ᠪᠣᠷᠣᠭᠵᠢᠭᠤᠨ᠂ ᠦᠷᠦ ᠵᠥᠭᠡᠯᠡᠨ ᠲᠤᠰᠠᠴᠢ ᠵᠠᠩ ᠲᠠᠢ᠂ ᠠᠭᠤᠳᠠᠮᠴᠢ ᠪᠠᠭᠲᠠᠭᠠᠮᠵᠢᠲᠠᠢ᠂ ᠪᠠᠶᠠᠰᠤᠩᠭᠤᠢ ᠰᠡᠳᠬᠢᠯᠭᠡ ᠲᠡᠢ᠂ ᠥᠪᠡᠷ ᠦ᠋ᠨ ᠦᠵᠡᠯᠲᠡ ᠲᠡᠢ ᠶᠣᠰᠣᠷᠬᠠᠭ ᠪᠣᠯᠪᠠᠰᠤᠨ ᠰᠠᠢᠨ ᠰᠠᠢᠬᠠᠨ ᠬᠥᠮᠦᠨ ᠦ᠌ ᠳᠦᠷᠢ ᠶ᠋ᠢ ᠬᠡᠦᠬᠡᠳ ᠦ᠋ᠨ ᠴᠡᠪᠡᠷ ᠴᠠᠢᠯᠭᠠᠨ ᠣᠶᠤᠨ ᠲᠠᠷᠢᠬᠢᠨ ᠳ᠋ᠤ᠌ ᠭᠦᠨ ᠭᠦᠨᠵᠡᠭᠡᠢ ᠱᠤᠭᠤᠵᠤ ᠬᠥᠮᠦᠵᠢᠯ ᠦ᠋ᠨ ᠵᠣᠷᠢᠯᠭ᠎ᠠ ᠳ᠋ᠤ᠌ ᠪᠠᠨ ᠬᠦᠷᠳᠡᠭ᠃ ᠡᠨᠡ ᠪᠣᠯ ᠬᠡᠦᠬᠡᠳ ᠲᠦ᠍ ᠶᠡᠬᠡ ᠶᠣᠰᠣ ᠬᠡᠢᠰᠪᠦᠷᠢ ᠰᠤᠷᠭᠠᠯ ᠶᠠᠷᠢᠬᠤ ᠦᠭᠡᠢ᠂ ᠬᠠᠷᠢᠨ ᠬᠡᠪ ᠳᠠᠭᠤᠷᠢᠶᠠᠯ ᠢ᠋ᠶ᠋ᠠᠷ ᠬᠥᠮᠦᠵᠢᠭᠦᠯᠬᠦ ᠠᠷᠭ᠎ᠠ ᠪᠠᠢᠭᠰᠠᠨ ᠶᠤᠮ᠃ ᠦᠯᠢᠭᠡᠷ ᠭᠡᠵᠦ ᠦᠨᠡᠬᠡᠷ ᠴᠦ᠍ ᠦᠷ᠎ᠡ ᠬᠡᠦᠬᠡᠳ ᠦ᠋ᠨ ᠴᠢᠨᠢ ᠦᠰᠦᠨ ᠪᠣᠢᠵᠢᠬᠤ ᠳ᠋ᠤ᠌ ᠬᠡᠷᠡᠭᠰᠡᠬᠦ ᠣᠶᠤᠨ ᠤᠬᠠᠭᠠᠨ᠂ ᠰᠥᠰᠥ ᠵᠣᠷᠢᠭ ᠤ᠋ᠨ ᠠᠮᠤ ᠬᠦᠨᠡᠰᠦ ᠮᠥᠨ᠃ ᠭᠡᠲᠡᠯ᠎ᠡ ᠣᠳᠣ ᠶ᠋ᠢᠨ ᠭᠡᠷ ᠦ᠋ᠨ ᠠᠬᠠᠮᠠᠳ ᠦᠰᠦᠭ ᠲᠠᠨᠢᠬᠤ ᠪᠠᠢᠲᠠᠯ᠎ᠠ ᠨᠣᠮ ᠤᠩᠰᠢᠬᠤ ᠦᠭᠡᠢ ᠪᠣᠯᠵᠤ᠂ ᠨᠡᠩ ᠴᠦ᠍ ᠦᠯᠢᠭᠡᠷ ᠴᠡᠭᠡᠵᠢᠯᠡᠵᠦ ᠶᠠᠷᠢᠬᠤ ᠭᠡᠳᠡᠭ ᠨᠢ ᠡᠳᠦᠷ ᠦ᠋ᠨ ᠣᠳᠣ ᠰᠢᠭ᠋ ᠬᠣᠪᠣᠷ ᠪᠣᠯᠵᠠᠢ᠃ ᠵᠠᠪ ᠯᠠ ᠭᠠᠷᠪᠠᠯ ᠲᠧᠯᠸᠢᠰ ᠢ᠋ᠶ᠋ᠡᠨ ᠨᠡᠭᠡᠭᠡᠵᠦ ᠵᠣᠳᠣᠭᠠᠨ ᠠᠯᠠᠯᠭ᠎ᠠ᠂ ᠬᠡᠷᠡᠭᠦᠯ ᠬᠠᠷᠢᠶᠠᠯ᠂ ᠰᠠᠯᠤᠯᠲᠠ ᠪᠤᠲᠠᠷᠠᠯ᠂ ᠣᠷᠢᠯᠠᠭ᠎ᠠ ᠪᠠᠷᠬᠢᠷᠠᠭ᠎ᠠ᠂ ᠮᠡᠬᠡᠯᠡᠯ ᠪᠠᠰᠢᠷᠯᠠᠯ ᠢ᠋ᠶ᠋ᠠᠷ ᠳᠦᠭᠦᠷᠦᠭᠰᠡᠨ ᠬᠠᠭᠤᠷᠮᠠᠭ ᠵᠦᠵᠦᠭᠡ ᠰᠣᠨᠢᠷᠬᠠᠵᠤ ᠰᠠᠭᠤᠳᠠᠭ ᠠ᠋ᠴᠠ ᠲᠡᠳᠡ ᠦᠨᠡᠨᠳᠡᠭᠡᠨ ᠵᠢᠩᠬᠢᠨᠢ ᠡᠴᠢᠭᠡ ᠡᠬᠡ ᠪᠣᠯᠣᠭᠰᠠᠳ ᠤ᠋ᠨ ᠬᠠᠷᠢᠭᠤᠴᠠᠯᠭ᠎ᠠ ᠪᠠᠨ ᠭᠦᠢᠴᠡᠳᠬᠡᠵᠦ ᠴᠢᠳᠠᠭᠰᠠᠨ ᠦᠭᠡᠢ ᠭᠡᠵᠦ ᠬᠡᠯᠡᠬᠦ ᠳ᠋ᠦ᠍ ᠥᠴᠦᠬᠡᠨ ᠴᠦ᠍ ᠠᠬᠠᠳᠠᠭᠤᠯᠤᠭᠰᠠᠨ ᠦᠭᠡᠢ᠃
     ᠭᠡᠷ ᠦ᠋ᠨ ᠠᠬᠠᠮᠠᠳ ᠤ᠋ᠨ ᠬᠡᠪ ᠴᠢᠨᠠᠷ ᠮᠠᠭᠤᠳᠠᠵᠤ᠂ ᠮᠡᠳᠡᠯᠭᠡ ᠮᠡᠷᠭᠡᠵᠢᠯ ᠬᠣᠮᠰᠠᠳᠠᠨ ᠦᠯᠢᠭᠡᠷ ᠪᠠᠢᠲᠤᠭᠠᠢ ᠦᠰᠦᠭ ᠤᠩᠰᠢᠬᠤ ᠶ᠋ᠢ ᠨᠢ ᠵᠢᠯᠣᠭᠣᠳᠴᠤ ᠴᠢᠳᠠᠬᠤ ᠦᠭᠡᠢ ᠲᠡᠷᠡᠴᠢᠯᠡᠨ ᠤᠷᠲᠤ ᠬᠤᠭᠤᠴᠠᠭ᠎ᠠ ᠪᠠᠷ ᠬᠡᠦᠬᠡᠳ ᠲᠡᠢ ᠬᠠᠮᠲᠤ ᠰᠠᠭᠤᠬᠤ ᠦᠭᠡᠢ ᠬᠠᠶᠠᠭᠠᠨ ᠳ᠋ᠤ᠌ ᠨᠢ ᠣᠷᠬᠢᠵᠤ ᠪᠠᠢᠭ᠎ᠠ ᠨᠢ ᠬᠡᠦᠬᠡᠳ ᠢ᠋ ᠥᠨᠦᠴᠢᠷᠡᠭᠦᠯᠵᠦ᠂ ᠭᠠᠭᠴᠠᠭᠠᠷᠳᠠᠭᠤᠯᠵᠤ᠂ ᠬᠠᠢᠷ᠎ᠠ ᠪᠠᠷ ᠬᠣᠭᠣᠰᠣᠷᠠᠭᠤᠯᠵᠤ ᠪᠣᠢ᠃ ᠬᠡᠦᠬᠡᠳ ᠢ᠋ᠶ᠋ᠡᠨ ᠬᠠᠷᠠᠵᠤ ᠳᠣᠳᠣᠮᠳᠠᠵᠤ ᠪᠠᠢᠭ᠎ᠠ ᠨᠠᠰᠤᠲᠠᠨ ᠨᠢ ᠬᠥᠮᠦᠨ ᠢ᠋ ᠠᠰᠠᠷᠠᠬᠤ ᠪᠠᠢᠲᠤᠭᠠᠢ ᠬᠥᠮᠦᠨ ᠢ᠋ᠶ᠋ᠡᠷ ᠠᠰᠠᠷᠠᠭᠤᠯᠬᠤ ᠨᠠᠰᠤᠨ ᠤ᠋ ᠬᠥᠮᠦᠰ ᠲᠤᠯᠠ ᠲᠡᠳᠡ ᠨᠠᠷ ᠬᠡᠦᠬᠡᠳ ᠢ᠋ ᠳᠤᠷ᠎ᠠ ᠪᠠᠷ ᠨᠢ ᠲᠠᠯᠪᠢᠵᠤ᠂ ᠬᠡᠷᠡᠭ ᠭᠠᠷᠭᠠᠬᠤ ᠦᠭᠡᠢ᠂ ᠭᠡᠮᠲᠦᠵᠦ ᠪᠡᠷᠲᠡᠬᠦ ᠦᠭᠡᠢ᠂ ᠭᠡᠭᠡᠵᠦ ᠠᠯᠳᠠᠬᠤ ᠦᠭᠡᠢ ᠯᠡ ᠪᠣᠯ ᠪᠣᠯᠤᠭᠰᠠᠨ ᠬᠡᠷᠡᠭ ᠭᠡᠵᠦ ᠪᠤᠷᠬᠠᠨ ᠳ᠋ᠠᠭᠠᠨ ᠵᠠᠯᠪᠠᠷᠢᠨ᠂ ᠬᠡᠦᠬᠡᠳ ᠨᠢ ᠶᠠᠭᠤ ᠠᠪᠬᠤ ᠭᠡᠪᠡᠯ ᠲᠡᠭᠦᠨ ᠢ᠋ ᠨᠢ ᠥᠭᠴᠦ᠂ ᠶᠠᠭᠠᠬᠢᠵᠤ ᠠᠭᠠᠰᠢᠯᠠᠪᠠᠴᠤ ᠬᠠᠮᠢᠶᠠᠷᠬᠤ ᠦᠭᠡᠢ᠂ ᠶᠣᠰᠣᠲᠠᠢ《ᠡᠷᠬᠡᠯᠡᠭᠦᠯᠬᠦ ᠡᠴᠡ ᠴᠠᠰᠢ ᠲᠠᠩᠬᠠᠢᠷᠠᠭᠤᠯᠬᠤ》 ᠬᠡᠮᠵᠢᠶᠡᠨ ᠳ᠋ᠦ᠍ ᠬᠦᠷᠭᠡᠵᠦ ᠪᠣᠢ᠃ ᠢᠩᠭᠢᠵᠦ ᠲᠠᠩᠬᠠᠢᠷᠠᠵᠤ ᠰᠤᠷᠤᠭᠰᠠᠨ ᠬᠡᠦᠬᠡᠳ ᠳᠠᠷᠤᠢ ᠠᠰᠠᠭᠤᠳᠠᠯ ᠲᠠᠢ ᠬᠡᠦᠬᠡᠳ ᠪᠣᠯᠳᠠᠭ᠂ ᠡᠨᠡ ᠠᠰᠠᠭᠤᠳᠠᠯ ᠢ᠋ ᠣᠳᠣ ᠶ᠋ᠢᠨ ᠭᠡᠷ ᠪᠦᠯᠢ ᠶ᠋ᠢᠨ ᠬᠥᠮᠦᠵᠢᠯ ᠪᠣᠢ ᠪᠣᠯᠭᠠᠭᠰᠠᠨ ᠶᠤᠮ᠃ ᠲᠡᠢᠮᠦ ᠡᠴᠡ ᠮᠠᠯᠴᠢᠨ ᠲᠦᠮᠡᠨ ᠮᠢᠨᠢ ᠲᠠᠪᠤᠨ ᠬᠣᠰᠢᠭᠤ ᠮᠠᠯ ᠢ᠋ᠶ᠋ᠠᠨ《ᠲᠣᠢᠭ ᠤ᠋ᠨ ᠳᠠᠭᠤᠤ》 ᠲᠠᠢ᠂ ᠲᠠᠩᠬᠢᠯ ᠬᠥᠭᠡᠷᠦᠬᠦᠨ ᠬᠡᠦᠬᠡᠳ ᠢ᠋ᠶ᠋ᠡᠨ《ᠪᠦᠪᠡᠢ ᠶ᠋ᠢᠨ ᠳᠠᠭᠤᠤ》 ᠲᠠᠢ ᠥᠰᠬᠡᠶ᠎ᠡ! ᠥᠪ ᠰᠣᠶᠣᠯ ᠦᠨᠡᠲᠦ ᠬᠥᠷᠥᠩᠭᠡ《ᠪᠦᠪᠡᠢ ᠶ᠋ᠢᠨ ᠳᠠᠭᠤᠤ》 ᠪᠠᠨ ᠳᠠᠭᠤᠯᠠᠵᠤ ᠰᠤᠷᠤᠶ᠎ᠠ! ᠳᠠᠭᠤᠷᠢᠰᠬᠠᠵᠤ ᠤᠯᠠᠮᠵᠢᠯᠠᠶ᠎ᠠ!

   ᠦᠰᠦᠭ ᠠᠮᠢᠯᠠᠭᠤᠯᠤᠭᠴᠢ᠄ ᠨᠠᠷᠠᠨ ᠲᠣᠭᠣᠨᠣ
   ᠬᠢᠨᠠᠭᠴᠢ᠄ ᠣᠳᠬᠠᠨᠰᠣ᠎ᠠ᠂ ᠰᠡᠬᠡᠭᠡᠷᠡᠯ