1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠭᠠᠭᠴᠠᠭᠠᠷᠳᠠᠮᠠᠯ ᠣᠷᠴᠢᠨ ᠳ᠋ᠤ᠌ ᠥᠰᠴᠦ ᠪᠠᠢᠨ᠎ᠠ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-08-ᠪᠣᠯᠣᠴᠢᠯᠠᠭᠤ

ᠬᠡᠦᠬᠡᠳ ᠭᠠᠭᠴᠠᠭᠠᠷᠳᠠᠮᠠᠯ ᠣᠷᠴᠢᠨ ᠳ᠋ᠤ᠌ ᠥᠰᠴᠦ ᠪᠠᠢᠨ᠎ᠠ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-08-ᠪᠣᠯᠣᠴᠢᠯᠠᠭᠤ

2023-10-20

765

ᠬᠡᠦᠬᠡᠳ ᠭᠠᠭᠴᠠᠭᠠᠷᠳᠠᠮᠠᠯ ᠣᠷᠴᠢᠨ ᠳ᠋ᠤ᠌ ᠥᠰᠴᠦ ᠪᠠᠢᠨ᠎ᠠ

          ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ08-ᠪᠣᠯᠣᠴᠢᠯᠠᠭᠤ
    ᠮᠠᠯᠴᠢᠳ ᠭᠠᠭᠴᠠᠬᠠᠨ ᠬᠡᠦᠬᠡᠳ ᠠᠪᠬᠤ ᠨᠢ ᠣᠯᠠᠰᠢᠷᠠᠭᠰᠠᠨ ᠠ᠋ᠴᠠ ᠬᠥᠳᠡᠭᠡ ᠠᠢᠯ ᠳ᠋ᠤ᠌ ᠬᠡᠦᠬᠡᠳ ᠲᠤᠩ ᠴᠥᠭᠡᠷᠡᠵᠦ᠂ ᠨᠠᠭᠠᠳᠬᠤ ᠬᠠᠨᠢ ᠦᠭᠡᠢ ᠭᠠᠨᠢᠷᠬᠠᠳᠠᠭ ᠬᠡᠦᠬᠡᠳ ᠣᠯᠠᠨ ᠪᠣᠯᠵᠠᠢ᠃ ᠡᠨᠡᠬᠦ ᠣᠷᠴᠢᠨ ᠳ᠋ᠤ᠌ ᠥᠰᠦᠭᠰᠡᠨ ᠬᠡᠦᠬᠡᠳ ᠲᠦ᠍ ᠭᠡᠨᠡᠨ ᠴᠠᠢᠯᠭᠠᠨ ᠤᠢᠳᠬᠠᠷ ᠵᠣᠪᠠᠭᠤᠷᠢ ᠦᠭᠡᠢ ᠬᠡᠦᠬᠡᠳ ᠨᠠᠰᠤ ᠦᠭᠡᠢ ᠪᠣᠯᠵᠤ᠂ ᠪᠦᠷ ᠯᠡ ᠲᠣᠮᠣ ᠬᠥᠮᠦᠰ ᠦ᠋ᠨ ᠬᠠᠵᠠᠭᠤᠳᠠ ᠶᠡᠬᠡ ᠬᠥᠮᠦᠨ ᠦ᠌ ᠦᠭᠡ ᠬᠡᠯᠡᠵᠦ᠂ ᠶᠡᠬᠡ ᠬᠥᠮᠦᠨ ᠰᠢᠭ ᠬᠠᠭᠤᠷᠮᠠᠭᠯᠠᠨ ᠪᠠᠶᠠᠷᠯᠠᠵᠤ ᠬᠡᠦᠬᠡᠳ ᠨᠠᠰᠤᠨ ᠤ᠋ ᠵᠢᠩᠬᠢᠨᠢ ᠪᠠᠶᠠᠷ ᠪᠠᠶᠠᠰᠤᠯ ᠬᠥᠭᠵᠢᠶᠡᠨ ᠨᠠᠷᠭᠢᠶᠠᠨ ᠢ᠋ᠶ᠋ᠠᠨ ᠠᠯᠳᠠᠵᠤ ᠪᠠᠢᠨ᠎ᠠ᠃ ᠡᠢᠮᠦᠷᠬᠦ ᠪᠠᠭ᠎ᠠ ᠨᠠᠰᠤᠨ ᠤ᠋ ᠴᠣᠪᠣᠭᠣ ᠳᠡᠭᠵᠢᠨ ᠵᠠᠩ ᠠᠷᠠᠨᠰᠢᠨ ᠢ᠋ᠶ᠋ᠠᠨ ᠠᠯᠳᠠᠵᠤ ᠪᠠᠢᠭ᠎ᠠ ᠬᠡᠦᠬᠡᠳ ᠬᠣᠲᠠ ᠬᠥᠳᠡᠭᠡ ᠦᠭᠡᠢ ᠲᠦᠭᠡᠮᠡᠯ ᠪᠣᠯᠵᠠᠢ᠂ ᠠᠬ᠎ᠠ ᠡᠭᠡᠴᠢ ᠶ᠋ᠢᠨ ᠬᠠᠯᠠᠮᠵᠢ ᠬᠦᠷᠲᠡᠭᠰᠡᠨ ᠦᠭᠡᠢ᠂ ᠳᠡᠭᠦᠦ ᠨᠠᠷ ᠢ᠋ ᠬᠠᠷᠠᠭᠠᠯᠵᠠᠬᠤ ᠬᠠᠷᠢᠭᠤᠴᠠᠯᠭ᠎ᠠ ᠮᠡᠳᠡᠭᠰᠡᠨ ᠦᠭᠡᠢ ᠬᠡᠦᠬᠡᠳ ᠮᠠᠨᠢ ᠬᠡᠨ ᠢ᠋ ᠴᠦ᠍ ᠣᠢᠯᠠᠭᠠᠵᠤ ᠬᠠᠯᠠᠮᠵᠢᠯᠠᠬᠤ ᠶ᠋ᠢ ᠮᠡᠳᠡᠬᠦ ᠦᠭᠡᠢ ᠬᠤᠪᠢᠨᠴᠢᠷ ᠵᠠᠩ ᠠᠷᠠᠨᠰᠢᠨ ᠲᠥᠯᠥᠪᠰᠢᠵᠦ ᠪᠠᠢᠨ᠎ᠠ᠃ ᠡᠢᠮᠦᠷᠬᠦ ᠪᠠᠶᠠᠷ ᠪᠠᠶᠠᠰᠤᠯ ᠠᠵᠠ ᠵᠢᠷᠭᠠᠯ ᠢ᠋ ᠮᠡᠳᠡᠷᠡᠬᠦ ᠦᠭᠡᠢ ᠬᠡᠦᠬᠡᠳ ᠲᠦ᠍ ᠶᠠᠮᠠᠷ ᠰᠠᠢᠨ ᠰᠠᠢᠬᠠᠨ ᠬᠦᠰᠡᠯ ᠮᠥᠷᠥᠭᠡᠳᠦᠯ ᠤᠷᠭᠤᠬᠤ ᠪᠢᠯᠡ! ᠡᠢᠮᠦᠷᠬᠦ ᠥᠨᠥᠴᠢᠷᠡᠮᠡᠯ ᠭᠠᠭᠴᠠᠭᠠᠷᠳᠠᠮᠠᠯ ᠬᠣᠲᠠ ᠠᠢᠯ ᠤ᠋ᠨ ᠬᠡᠦᠬᠡᠳ ᠦ᠋ᠳ ᠫᠤᠤᠳᠠᠯᠭ᠎ᠠ ᠠᠯᠠᠯᠭᠠᠨ ᠲᠠᠢ ᠰᠦᠯᠵᠢᠶᠡᠨ ᠲᠣᠭᠯᠠᠭᠠᠮ ᠳ᠋ᠤ᠌ ᠰᠢᠨᠤᠭᠰᠠᠨ ᠠ᠋ᠴᠠ ᠲᠡᠳᠡᠨ ᠳ᠋ᠦ᠍ ᠥᠰᠢᠶ᠎ᠡ ᠠᠪᠬᠤ ᠪᠣᠳᠣᠯ᠂ ᠬᠣᠷᠣᠰᠤᠯ ᠵᠢᠪᠡᠭᠦᠴᠡᠯ ᠦ᠋ᠨ ᠡᠷᠡᠭᠦᠯ ᠪᠤᠰᠤ ᠰᠡᠳᠬᠢᠴᠡ ᠲᠡᠢ ᠪᠣᠯᠤᠭᠰᠠᠨ ᠢ᠋ᠶ᠋ᠠᠷ ᠭᠡᠷ ᠦ᠋ᠨ ᠬᠥᠮᠦᠵᠢᠯ᠂ ᠰᠤᠷᠭᠠᠭᠤᠯᠢ ᠶ᠋ᠢᠨ ᠬᠥᠮᠦᠵᠢᠯ ᠪᠣᠯᠤᠨ ᠬᠡᠦᠬᠡᠳ ᠦ᠋ᠨ ᠲᠤᠰ ᠪᠡᠶ᠎ᠡ ᠶ᠋ᠢᠨ ᠬᠢᠨᠢ ᠬᠡᠪ ᠦ᠋ᠨ ᠰᠤᠷᠭᠠᠨ ᠬᠥᠮᠦᠵᠢᠯ ᠬᠦᠷᠲᠡᠬᠦ ᠠᠵᠢᠯᠯᠠᠭ᠎ᠠ ᠶ᠋ᠢ ᠨᠢ ᠴᠥᠮ ᠨᠠᠵᠠᠭᠠᠢ ᠪᠠᠷ ᠨᠥᠯᠥᠭᠡᠯᠡᠬᠦ ᠪᠣᠯᠵᠠᠢ᠃ ᠮᠠᠨ ᠤ᠋ ᠳᠠᠷᠠᠭ᠎ᠠ ᠦᠶ᠎ᠡ ᠢᠷᠡᠬᠦ ᠳ᠋ᠦ᠍ ᠠᠪᠠᠭ᠎ᠠ ᠨᠠᠭᠠᠴᠤ ᠦᠭᠡᠢ ᠬᠡᠦᠬᠡᠳ ᠣᠯᠠᠰᠢᠷᠠᠵᠤ ᠰᠠᠳᠤᠨ ᠲᠥᠷᠥᠯ ᠦ᠋ᠨ ᠬᠣᠯᠪᠣᠭ᠎ᠠ ᠤᠯᠠᠮ ᠨᠢᠮᠭᠡᠷᠡᠵᠦ᠂ ᠲᠡᠷᠡ ᠣᠯᠠᠨ ᠰᠠᠳᠤᠨ ᠲᠥᠷᠥᠯ ᠦ᠋ᠨ ᠳᠠᠭᠤᠳᠠᠯᠭ᠎ᠠ ᠠᠮᠢᠳᠤᠷᠠᠯ ᠠ᠋ᠴᠠ ᠪᠠᠯᠠᠷᠠᠵᠤ᠂ ᠮᠣᠩᠭᠣᠯ ᠦᠭᠡᠰ ᠦ᠋ᠨ ᠰᠠᠩ ᠴᠤ᠌ ᠤᠯᠠᠮ ᠶᠠᠳᠠᠭᠤᠷᠠᠨ᠎ᠠ ᠭᠡᠰᠡᠨ ᠦᠭᠡ ᠰᠢᠦ᠃《 ᠦᠭᠡ ᠶᠠᠳᠠᠭᠤᠷᠠᠨ᠎ᠠ ᠭᠡᠳᠡᠭ ᠶᠠᠭᠤᠮ᠎ᠠ ᠪᠠᠨ ᠪᠠᠷᠠᠭᠰᠠᠨ ᠤ᠋ ᠲᠡᠮᠳᠡᠭ 》 ᠭᠡᠮᠡᠨ ᠦ᠌᠂ ᠪᠤᠶᠠᠨᠬᠡᠰᠢᠭ ᠨᠢᠭᠡᠨ ᠵᠣᠬᠢᠶᠠᠯ ᠳ᠋ᠤ᠌ ᠪᠠᠨ ᠬᠡᠯᠡᠭᠰᠡᠨ ᠪᠠᠢᠳᠠᠭ᠂ ᠪᠢᠳᠡ ᠴᠢᠨᠢ ᠮᠠᠯ ᠢ᠋ᠶ᠋ᠠᠨ ᠪᠠᠷᠠᠵᠤ ᠪᠠᠢᠨ᠎ᠠ᠂ ᠪᠡᠯᠴᠢᠭᠡᠷ ᠤᠰᠤ ᠪᠠᠨ ᠪᠠᠷᠠᠵᠤ ᠪᠠᠢᠨ᠎ᠠ᠂ ᠠᠩ ᠠᠮᠢᠲᠠᠨ ᠢ᠋ᠶ᠋ᠠᠨ ᠪᠠᠷᠠᠵᠤ ᠪᠠᠢᠨ᠎ᠠ᠂ ᠰᠠᠳᠤᠨ ᠲᠥᠷᠥᠯ ᠢ᠋ᠶ᠋ᠡᠨ ᠬᠦᠷᠲᠡᠯ᠎ᠡ ᠪᠠᠷᠠᠬᠤ ᠰᠢᠬᠠᠭᠰᠠᠨ᠃ ᠠᠮᠢᠳᠤᠷᠠᠯ ᠠᠬᠤᠢ᠂ ᠠᠵᠢᠯ ᠮᠣᠳᠣ᠂ ᠪᠠᠢᠭᠠᠯᠢ ᠣᠷᠴᠢᠨ ᠠ᠋ᠴᠠ ᠪᠠᠨ ᠬᠣᠯᠠᠳᠠᠵᠤ ᠪᠠᠢᠭ᠎ᠠ ᠬᠡᠦᠬᠡᠳ ᠮᠠᠨᠢ ᠬᠡᠯᠡ ᠪᠡᠷ ᠶᠠᠳᠠᠭᠤᠷᠠᠬᠤ ᠦᠭᠡᠢ ᠶᠠᠭᠠᠬᠢᠨ᠎ᠠ ᠪᠣᠢ! ᠦᠭᠡ ᠶᠠᠳᠠᠭᠤᠷᠠᠯ᠎ᠠ ᠭᠡᠰᠡᠨ ᠴᠢᠨᠢ ᠣᠶᠤᠨ ᠬᠣᠭᠣᠰᠣᠷᠠᠵᠤ ᠪᠠᠢᠨ᠎ᠠ ᠭᠡᠰᠡᠨ ᠯᠡ ᠦᠭᠡ ᠰᠢᠦ᠃
    ᠪᠠᠭᠠᠷᠢᠨ ᠪᠠᠷᠠᠭᠤᠨ ᠬᠤᠰᠢᠭᠤᠨ ᠤ᠋ ᠶᠡᠬᠡᠨᠠᠭᠤᠷ ᠰᠤᠮᠤᠨ ᠤ᠋ ᠶᠡᠬᠡᠨᠠᠭᠤᠷ ᠭᠠᠴᠠᠭ᠎ᠠ ᠪᠠᠷ ᠨᠤᠲᠤᠭ ᠲᠠᠢ ᠠᠮᠤᠷᠵᠢᠷᠭᠠᠯ ᠰᠧ ‍ᠪᠡᠯᠮ᠎ᠠ ᠬᠣᠶᠠᠷ ᠨᠠᠰᠤᠲᠠᠨ ᠤ᠋ ᠬᠥᠪᠡᠭᠦᠨ ᠬᠥᠬᠡᠦ᠌‍ᠨᠳᠦᠰᠦ ᠪᠡᠨ ᠠᠪᠬᠤ ᠶ᠋ᠢᠨ ᠲᠥᠯᠥᠭᠡ ᠦᠢᠯᠡ ᠪᠡᠨ ᠪᠠᠷᠠᠭᠰᠠᠨ ᠥᠩᠭᠡᠷᠡᠯᠲᠡ ᠶ᠋ᠢ ᠰᠣᠨᠣᠰᠪᠠᠯ ᠲᠠᠨᠠᠷ ᠯᠠᠪ ᠶᠠᠭᠤ ᠨᠢᠭᠡ ᠶ᠋ᠢ ᠪᠣᠳᠣᠬᠤ ᠪᠠᠢᠬ᠎ᠠ᠃ 1992 ᠣᠨ ᠳ᠋ᠤ᠌ ᠳᠥᠴᠢᠨ ᠲᠠᠪᠤᠲᠠᠢ ᠠᠮᠤᠷᠵᠢᠷᠭᠠᠯ ᠳ᠋ᠤ᠌ ᠵᠢᠷᠭᠤᠭᠠᠳᠠᠬᠢ ᠦᠷ᠎ᠡ ᠶ᠋ᠢᠨ ᠬᠢᠨᠢ ᠵᠠᠶᠠᠭ᠎ᠠ ᠢᠷᠡᠵᠦ ᠪᠢᠯᠡ᠂ ᠬᠥᠯ ᠬᠦᠨᠳᠦ ᠪᠦᠰᠡᠭᠦᠢ ᠨᠢ ᠪᠡᠶ᠎ᠡ ᠪᠡᠨ ᠪᠠᠢᠴᠠᠭᠠᠯᠭᠠᠭᠰᠠᠨ ᠳ᠋ᠤ᠌ ᠬᠦᠦ ᠵᠠᠶᠠᠭᠠᠭᠰᠠᠨ ᠢ᠋ ᠮᠡᠳᠡᠭᠡᠳ ᠲᠠᠪᠤᠨ ᠥᠬᠢᠨ ᠲᠡᠢ ᠪᠠᠢᠭᠰᠠᠨ ᠲᠡᠷᠡ ᠬᠣᠶᠠᠭᠤᠯᠠ ᠪᠠᠨ ᠲᠡᠭᠷᠢ ᠨᠤᠷᠠᠭᠰᠠᠨ ᠴᠤ᠌ ᠦᠷ᠎ᠡ ᠶ᠋ᠢᠨ ᠵᠠᠶᠠᠭ᠎ᠠ ᠪᠠᠨ ᠠᠯᠳᠠᠬᠤ ᠦᠭᠡᠢ ᠭᠡᠮᠡᠨ ᠬᠠᠲᠠᠭᠤ ᠪᠣᠳᠣᠵᠠᠢ᠃ ᠬᠥᠩᠭᠡᠵᠢᠬᠦ ᠶ᠋ᠢᠨ ᠨᠠᠭᠠᠨ᠎ᠠ ᠴᠠᠭᠠᠨ᠎ᠠ ᠪᠣᠯᠬᠤ ᠳ᠋ᠤ᠌ ᠬᠥᠮᠦᠨ ᠠᠮᠠ ᠶ᠋ᠢᠨ ᠲᠥᠷᠥ ᠶ᠋ᠢᠨ ᠪᠣᠳᠣᠯᠭ᠎ᠠ ᠶ᠋ᠢᠨ ᠠᠯᠪᠠᠨ ᠤ᠋ ᠬᠢᠨᠢ ᠰᠢᠬᠠᠮᠳᠠᠭᠤᠯᠤᠨ ᠪᠠᠢᠵᠤ ᠳ᠋ᠠᠪᠠᠨ ᠪᠠᠯᠭᠠᠰᠤᠨ ᠳ᠋ᠤ᠌ ᠠᠪᠠᠴᠢᠨ ᠠᠯᠪᠠᠳᠠᠯᠭ᠎ᠠ ᠪᠠᠷ ᠤᠷᠤᠭ ᠤᠨᠠᠭᠠᠯᠭᠠᠨ᠎ᠠ ᠭᠡᠰᠡᠨ ᠳ᠋ᠦ᠍ ᠡᠪᠦᠭᠡᠨ ᠰᠥᠨᠢ ᠪᠡᠷ ᠬᠥᠭᠰᠢᠨ ᠢ᠋ᠶ᠋ᠡᠨ ᠲᠷᠠᠺᠲ᠋ᠣᠷ ᠲᠤ᠌ ᠲᠡᠭᠡᠭᠡᠭᠡᠳ ᠯᠢᠨᠳᠦᠩ ᠪᠠᠯᠭᠠᠰᠤ ᠵᠦᠭ ᠵᠠᠢᠯᠠᠨ ᠶᠠᠪᠤᠵᠠᠢ᠂ ᠰᠥᠨᠢᠵᠢᠨ ᠠᠶᠠᠯᠠᠵᠤ ᠦᠷ ᠢ᠋ᠶ᠋ᠡᠷ ᠨᠢᠭᠡ ᠲᠠᠨᠢᠯ ᠠᠢᠯ ᠳ᠋ᠤ᠌ ᠪᠠᠨ ᠬᠦᠷᠴᠦ ᠬᠣᠶᠠᠷ ᠡᠳᠦᠷ ᠠᠮᠠᠷᠠᠭᠠᠳ ᠲᠷᠠᠺᠲ᠋ᠣᠷ ᠢ᠋ᠶ᠋ᠠᠨ ᠲᠡᠨᠳᠡ ᠣᠷᠬᠢᠭᠠᠳ ᠳᠠᠬᠢᠨ ᠴᠠᠰᠢ ᠶᠠᠪᠤᠵᠤ ᠠᠷᠤ ᠬᠣᠷᠴᠢᠨ ᠤ᠋ ᠱᠤᠸᠠᠩ ᠴᠧᠩ ᠪᠠᠯᠭᠠᠰᠤᠨ ᠤ᠋ ᠨᠢᠭᠡᠨ ᠲᠠᠨᠢᠯ ᠲᠠᠷᠢᠶᠠᠴᠢᠨ ᠠᠢᠯ ᠳ᠋ᠤ᠌ ᠬᠦᠷᠦᠭᠡᠳ ᠬᠡᠦᠬᠡᠳ ᠢ᠋ᠶ᠋ᠡᠨ ᠬᠥᠩᠭᠡᠵᠢᠵᠡᠢ᠂ ᠬᠡᠦᠬᠡᠳ ᠨᠢᠭᠡᠨᠲᠡ ᠭᠠᠷᠤᠭᠰᠠᠨ ᠬᠣᠢᠨ᠎ᠠ ᠲᠡᠳᠡᠨ ᠲᠣᠷᠭᠠᠬᠤ ᠠ᠋ᠴᠠ ᠥᠭᠡᠷ᠎ᠡ ᠠᠷᠭ᠎ᠠ ᠦᠭᠡᠢ ᠪᠣᠯᠵᠠᠢ᠂ ᠬᠡᠦᠬᠡᠳ ᠦ᠋ᠨ ᠲᠣᠷᠭᠠᠭᠤᠯᠢ ᠳ᠋ᠤ᠌ ᠵᠠᠭᠤ ᠨᠠᠶᠠ ᠭᠠᠷᠤᠢ ᠪᠤᠭ ᠮᠠᠯ ᠬᠣᠷᠢᠭᠠᠳ ᠦᠬᠡᠷ ᠢ᠋ ᠨᠢ ᠪᠦᠬᠦᠨ ᠢ᠋ ᠬᠤᠷᠢᠶᠠᠵᠠᠢ᠃ ᠲᠤᠬᠠᠢ ᠶ᠋ᠢᠨ ᠵᠢᠯ ᠬᠣᠲᠠ ᠪᠠᠨ ᠬᠤᠷᠢᠶᠠᠯᠭᠠᠭᠰᠠᠨ ᠠᠮᠤᠷᠵᠢᠷᠭᠠᠯ ᠤ᠋ᠨ ᠬᠢᠨᠢ ᠣᠳᠣ ᠠᠵᠢᠷᠭ᠎ᠠ ᠠᠳᠤᠭᠤ ᠲᠠᠢ᠂ ᠵᠠᠭᠤ ᠢᠯᠡᠭᠦᠦ ᠪᠤᠭ ᠮᠠᠯ ᠲᠠᠢ᠂ ᠲᠣᠭᠣᠰᠬᠠᠨ ᠪᠦᠲᠦᠴᠡ ᠲᠡᠢ ᠪᠠᠢᠰᠢᠩ᠂ ᠬᠦᠷᠢᠶ᠎ᠡ ᠬᠠᠰᠢᠶ᠎ᠠ ᠲᠠᠢ᠂ ᠤᠨᠤᠬᠤ ᠠ᠋ᠴᠠ ᠮᠠᠰᠢᠨ ᠲᠠᠢ᠂ ᠰᠠᠶᠢᠬᠠᠨ ᠬᠦᠦ ᠳ᠋ᠦ᠍ ᠪᠡᠨ ᠪᠡᠷᠢ ᠪᠠᠭᠤᠯᠭᠠᠭᠠᠳ ᠦᠷ᠎ᠡ ᠶ᠋ᠢᠨ ᠢ᠋ᠶ᠋ᠡᠨ ᠰᠠᠢᠨ ᠳ᠋ᠤ᠌ ᠰᠡᠳᠬᠢᠯ ᠥᠶᠥᠭ ᠵᠢᠷᠭᠠᠵᠤ ᠶᠠᠪᠤᠨ᠎ᠠ᠃ 《 ᠬᠡᠦᠬᠡᠳ ᠵᠠᠶᠠᠭᠠᠪᠠᠯ ᠬᠦᠨᠡᠰᠦ ᠵᠠᠶᠠᠭᠠᠨ᠎ᠠ 》 ᠭᠡᠳᠡᠭ ᠬᠠᠭᠤᠴᠢ ᠦᠭᠡᠨ ᠦ᠌ ᠲᠠᠢᠯᠤᠮᠵᠢ ᠡᠨᠡ ᠪᠠᠢᠬ᠎ᠠ᠃ ᠳᠣᠲᠣᠷ᠎ᠠ ᠣᠷᠣᠨ ᠤ᠋ ᠲᠠᠷᠢᠶᠠᠴᠢᠳ ᠲᠣᠷᠭᠠᠭᠳᠠᠵᠤ ᠪᠠᠢᠭᠰᠠᠨ ᠴᠤ᠌ ᠬᠡᠳᠦᠨ ᠬᠡᠦᠬᠡᠳ ᠠᠪᠤᠭᠠᠳ ᠪᠠᠢᠳᠠᠭ᠂ ᠮᠠᠨ ᠤ᠋ ᠮᠠᠯᠴᠢᠳ ᠬᠠᠤᠯᠢ ᠶ᠋ᠢᠨ ᠵᠥᠪᠰᠢᠶᠡᠷᠡᠯ ᠲᠡᠢ ᠬᠣᠶᠠᠷ ᠭᠤᠷᠪᠠᠬᠠᠨ ᠬᠡᠦᠬᠡᠳ ᠢ᠋ᠶ᠋ᠡᠨ ᠴᠦ᠍ ᠠᠪᠬᠤ ᠦᠭᠡᠢ ᠪᠠᠢᠬᠤ ᠨᠢ ᠲᠣᠩ ᠬᠠᠴᠢᠨ ᠶᠤᠮ ᠠ!
    ᠲᠡᠭᠡᠬᠦ ᠪᠡᠷ ᠮᠣᠩᠭᠣᠯ ᠲᠦᠮᠡᠨ ᠮᠠᠨᠢ ᠦᠷ᠎ᠡ ᠬᠡᠦᠬᠡᠳ ᠦ᠋ᠨ ᠢ᠋ᠶ᠋ᠡᠨ ᠲᠥᠯᠥᠭᠡ᠂ ᠨᠡᠢᠭᠡᠮ ᠦ᠋ᠨ ᠲᠥᠯᠥᠭᠡ ᠬᠠᠤᠯᠢ ᠶᠣᠰᠣᠨ ᠤ᠋ ᠬᠡᠪᠴᠢᠶᠡᠨ ᠳᠣᠲᠣᠷ᠎ᠠ ᠨᠠᠭᠠᠳᠤ ᠵᠠᠬ᠎ᠠ ᠳ᠋ᠤ᠌ ᠪᠠᠨ ᠬᠣᠶᠠᠷ ᠬᠡᠦᠬᠡᠳ ᠠᠪᠴᠤ ᠪᠠᠢᠭᠠᠷᠠᠢ᠂ ᠬᠡᠦᠬᠡᠳ ᠦ᠋ᠨ ᠪᠠᠭ᠎ᠠ ᠨᠠᠰᠤᠨ ᠤ᠋ ᠪᠠᠶᠠᠷ ᠵᠢᠷᠭᠠᠯ ᠳ᠋ᠤ᠌ ᠰᠠᠨᠠᠭ᠎ᠠ ᠠᠩᠬᠠᠷᠤᠯ ᠢ᠋ᠶ᠋ᠠᠨ ᠢᠯᠡᠭᠦᠬᠡᠨ ᠲᠠᠯᠪᠢᠵᠤ᠂ ᠬᠡᠦᠬᠡᠳ ᠢ᠋ᠶ᠋ᠡᠨ ᠦᠶ᠎ᠡ ᠬᠤᠷᠠᠭ ᠤ᠋ᠨ ᠬᠢᠨᠢ ᠨᠠᠢᠵᠠ ᠨᠠᠷ ᠲᠠᠢ ᠨᠢ ᠢᠯᠡᠭᠦᠬᠡᠨ ᠬᠠᠮᠲᠤ ᠨᠠᠭᠠᠳᠤᠭᠤᠯᠵᠤ ᠪᠠᠢᠭᠠᠷᠠᠢ ᠭᠡᠵᠦ ᠰᠠᠨᠠᠭᠤᠯᠤᠶ᠎ᠠ᠃

   ᠦᠰᠦᠭ ᠠᠮᠢᠯᠠᠭᠤᠯᠤᠭᠴᠢ᠄ ᠠᠰᠬ᠎ᠠ
   ᠦᠰᠦᠭ ᠬᠢᠨᠠᠭᠴᠢ᠄ ᠣᠳᠬᠠᠨᠰᠣ᠎ᠠ᠂ ᠭᠠᠷᠮ᠎ᠠ