ᠵᠢᠷᠭᠠᠨ᠎ᠠ ᠬᠥ -ᠠ᠊ ∙ ᠪᠠᠶᠠᠷᠰᠠᠢᠬᠠᠨ Жарганаа хө А.Баярсайхан Jarganaa Ho A.Bayarsaikhan ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠠᠨ᠎ᠠ ᠬᠥ -ᠠ᠊ ∙ ᠪᠠᠶᠠᠷᠰᠠᠢᠬᠠᠨ Жарганаа хө А.Баярсайхан Jarganaa Ho A.Bayarsaikhan

ᠵᠢᠷᠭᠠᠨ᠎ᠠ ᠬᠥ -ᠠ᠊ ∙ ᠪᠠᠶᠠᠷᠰᠠᠢᠬᠠᠨ Жарганаа хө А.Баярсайхан Jarganaa Ho A.Bayarsaikhan

ᠠᠩᠭᠢᠯᠠᠯ:ᠳᠠᠭᠤᠤ ᠬᠥᠭᠵᠢᠮ
2023-10-20

1465

ᠵᠢᠷᠭᠠᠨ᠎ᠠ ᠬᠦ


       ᠦᠭᠡ᠂ ᠠᠶ᠎ᠠ᠄ ᠢᠷᠦᠭᠡᠯᠴᠢ ᠰᠦᠬᠡ 
       ᠳᠠᠭᠤᠴᠢᠨ᠄ ᠠ᠊᠂ ᠪᠠᠶᠠᠷᠰᠠᠢᠬᠠᠨ 

ᠬᠠᠷᠠᠴᠠ ᠲᠤᠯᠭᠠᠷᠠᠭᠠᠳ ᠳᠠᠯᠢᠴᠢᠬᠠᠭᠠᠳ ᠶᠠᠭᠠᠬᠢᠬᠤ ᠪᠣᠢ 
ᠬᠠᠢᠷ᠎ᠠ ᠪᠠᠨ ᠢᠯᠡᠴᠢᠯᠡᠭᠡᠳ ᠰᠠᠨᠠᠭ᠎ᠠ ᠪᠠᠨ ᠠᠮᠠᠷᠠᠭᠠᠶ᠎ᠠ 
ᠬᠠᠳᠠᠭ ᠲᠠᠯᠪᠢᠬᠤ ᠡᠳᠦᠷ ᠢ᠋ᠶ᠋ᠡᠨ ᠲᠣᠪᠯᠠᠵᠤ 
ᠬᠠᠨᠢ ᠪᠠᠨ ᠪᠣᠯᠭᠠᠬᠤ ᠵᠣᠷᠢᠭ ᠰᠢᠯᠤᠭᠤᠳᠪᠠ ᠬᠦ  
ᠬᠣᠢᠮᠣᠷ ᠢ᠋ᠶ᠋ᠠᠷ ᠢ᠋ᠶ᠋ᠠᠨ ᠳᠦᠭᠦᠷᠡᠩ ᠦᠷᠡᠰ ᠢ᠋ᠶ᠋ᠡᠷ ᠪᠠᠶᠠᠨ ᠵᠢᠷᠭᠠᠨ᠎ᠠ ᠬᠦ  
ᠬᠣᠲᠠ ᠪᠠᠷ ᠢ᠋ᠶ᠋ᠠᠨ ᠳᠦᠭᠦᠷᠡᠩ ᠮᠠᠯ ᠢ᠋ᠶ᠋ᠠᠷ ᠠᠷᠪᠢᠨ ᠠᠮᠢᠳᠤᠷᠠᠨ᠎ᠠ ᠬᠦ 

ᠳᠤᠷᠠᠨᠳᠠᠵᠤ ᠠᠯᠤᠰᠷᠠᠭᠠᠳ ᠰᠠᠨᠠᠭᠠᠰᠢᠷᠠᠭᠠᠳ ᠶᠠᠭᠠᠬᠢᠬᠤ  ᠪᠣᠢ
ᠳᠤᠷᠠᠯᠠᠭᠰᠠᠨ ᠢ᠋ᠶ᠋ᠠᠨ ᠬᠡᠯᠡᠭᠡᠳ ᠰᠠᠨᠠᠭ᠎ᠠ ᠪᠠᠨ ᠠᠮᠠᠷᠠᠭᠠᠶ᠎ᠠ
ᠭᠡᠷ ᠣᠷᠣᠨ ᠢ᠋ᠶ᠋ᠠᠨ ᠲᠥᠬᠥᠭᠡᠷᠡᠵᠦ ᠪᠡᠯᠡᠳᠦᠭᠡᠳ
ᠭᠡᠷᠭᠡᠢ ᠪᠡᠨ ᠪᠣᠯᠭᠠᠬᠤ ᠵᠣᠷᠢᠭ ᠰᠢᠯᠤᠭᠤᠳᠪᠠ ᠬᠦ 
ᠬᠣᠢᠮᠣᠷ ᠢ᠋ᠶ᠋ᠠᠷ ᠢ᠋ᠶ᠋ᠠᠨ ᠳᠦᠭᠦᠷᠡᠩ ᠦᠷᠡᠰ ᠢ᠋ᠶ᠋ᠡᠷ ᠪᠠᠶᠠᠨ ᠵᠢᠷᠭᠠᠨ᠎ᠠ ᠬᠦ 
ᠬᠣᠲᠠ ᠪᠠᠷ ᠢ᠋ᠶ᠋ᠠᠨ ᠳᠦᠭᠦᠷᠡᠩ ᠮᠠᠯ ᠢ᠋ᠶ᠋ᠠᠷ ᠠᠷᠪᠢᠨ ᠠᠮᠢᠳᠤᠷᠠᠨ᠎ᠠ ᠬᠦ 

ᠨᠤᠲᠤᠭ ᠠᠯᠭᠠᠰᠠᠵᠤ ᠱᠣᠭᠰᠢᠬᠤ ᠪᠠᠨ ᠪᠣᠯᠢᠶ᠎ᠠ
ᠨᠢᠭᠤᠴᠠᠬᠠᠨ ᠬᠠᠢᠷᠠᠲᠠᠢ ᠶᠠᠪᠤᠳᠠᠭ ᠢ᠋ᠶ᠋ᠠᠨ ᠬᠡᠯᠡᠶ᠎ᠡ
ᠨᠠᠢᠷ ᠬᠤᠷᠢᠮ ᠨᠢ ᠳᠠᠭᠤ ᠲᠠᠢ ᠴᠤᠤ ᠲᠠᠢ
ᠨᠠᠰᠤ ᠪᠠᠷ ᠢ᠋ᠶ᠋ᠠᠨ ᠬᠣᠶᠠᠭᠤᠯᠠ ᠪᠠᠨ ᠬᠠᠨᠠᠭᠠᠷ ᠠᠮᠢᠳᠤᠷᠠᠨ᠎ᠠ ᠬᠦ 
ᠬᠣᠢᠮᠣᠷ ᠢ᠋ᠶ᠋ᠠᠷ ᠢ᠋ᠶ᠋ᠠᠨ ᠳᠦᠭᠦᠷᠡᠩ ᠦᠷᠡᠰ ᠢ᠋ᠶ᠋ᠡᠷ ᠪᠠᠶᠠᠨ ᠵᠢᠷᠭᠠᠨ᠎ᠠ ᠬᠦ 
ᠬᠣᠲᠠ ᠪᠠᠷ ᠢ᠋ᠶ᠋ᠠᠨ ᠳᠦᠭᠦᠷᠡᠩ ᠮᠠᠯ ᠢ᠋ᠶ᠋ᠠᠷ ᠠᠷᠪᠢᠨ ᠠᠮᠢᠳᠤᠷᠠᠨ᠎ᠠ ᠬᠦ 
ᠬᠣᠢᠮᠣᠷ ᠢ᠋ᠶ᠋ᠠᠷ ᠢ᠋ᠶ᠋ᠠᠨ ᠳᠦᠭᠦᠷᠡᠩ ᠦᠷᠡᠰ ᠢ᠋ᠶ᠋ᠡᠷ ᠪᠠᠶᠠᠨ ᠵᠢᠷᠭᠠᠨ᠎ᠠ ᠬᠦ 
ᠬᠣᠲᠠ ᠪᠠᠷ ᠢ᠋ᠶ᠋ᠠᠨ ᠳᠦᠭᠦᠷᠡᠩ ᠮᠠᠯ ᠢ᠋ᠶ᠋ᠠᠷ ᠠᠷᠪᠢᠨ ᠠᠮᠢᠳᠤᠷᠠᠨ᠎ᠠ ᠬᠦ 
ᠳᠦᠭᠦᠷᠡᠩ ᠵᠢᠷᠭᠠᠯ ᠲᠠᠢ ᠠᠮᠢᠳᠤᠷᠠᠨ᠎ᠠ ᠬᠦ

       ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ