ᠵᠢᠷᠭᠠᠯᠲᠠᠢ ᠮᠣᠩᠭᠣᠯ-ᠬᠣᠣᠰ ᠰᠢᠷᠭ᠎ᠠ ᠪᠠᠭJargaltai MongolЖаргалтай Монгол Хос шарга баг
ᠵᠢᠷᠭᠠᠯᠲᠠᠢ ᠮᠣᠩᠭᠣᠯ
ᠦᠭᠡ᠄ ᠳ· ᠳᠣᠷᠵᠢᠫᠥ᠋ᠷᠪᠦ
ᠠᠶ᠎ᠠ᠄ ᠨ· ᠪᠠᠰᠠᠩᠳᠣᠷᠵᠢ
ᠳᠠᠭᠤᠴᠢᠨ᠄ ᠨ· ᠪᠠᠰᠠᠩᠳᠣᠷᠵᠢ᠂
ᠮ· ᠴᠡᠷᠡᠨᠫᠠᠭᠮᠠ᠂
ᠡ᠊· ᠸᠴᠢᠷᠰᠠᠢᠬᠠᠨ
ᠪᠤᠭᠤᠷᠤᠯ ᠡᠪᠦᠭᠡᠳ ᠦ᠋ᠨ ᠦᠨᠡᠨ ᠰᠤᠷᠭᠠᠯ ᠢ᠋
ᠪᠤᠷᠬᠠᠨ ᠤ ᠦᠭᠡ ᠮᠡᠲᠦ ᠪᠣᠳᠣᠯ ᠳ᠋ᠤ᠌ ᠪᠠᠨ ᠰᠥᠰᠥᠯᠡᠭᠡᠳ
ᠪᠤᠷᠤᠭᠤ ᠵᠥᠪ ᠲᠡᠢ ᠠᠮᠢᠳᠤᠷᠠᠯ ᠤ᠋ᠨ ᠨᠤᠭᠤᠴᠠᠭᠠᠨ ᠳ᠋ᠤ᠌ ᠪᠠᠨ
ᠪᠤᠰᠤᠳ ᠲᠤ᠌ ᠲᠤᠰᠠᠲᠠᠢ ᠡᠭᠡᠯᠢᠲᠡᠢ ᠶᠠᠪᠤᠶ᠎ᠠ ᠳ᠋ᠠ
ᠳᠡᠭᠡᠭᠰᠢᠯᠡᠨ ᠳᠡᠪᠵᠢᠵᠦ ᠠᠮᠢᠳᠤᠷᠠᠨ᠎ᠠ
ᠳᠡᠯᠡᠬᠡᠢ ᠳ᠋ᠦ᠍ ᠭᠠᠭᠴᠠᠬᠠᠨ ᠵᠠᠶᠠᠭᠠᠨ ᠳ᠋ᠤ᠌ ᠪᠠᠨ ᠪᠢᠳᠡ
ᠵᠢᠷᠭᠠᠨ ᠵᠢᠷᠭᠠᠵᠤ ᠳᠠᠭᠤᠯᠠᠶ᠎ᠠ ᠳ᠋ᠠ
ᠵᠢᠷᠭᠠᠯᠲᠠᠢ ᠳᠡᠯᠭᠡᠷ ᠮᠣᠩᠭᠣᠯ ᠢ᠋ᠶ᠋ᠠᠨ ᠪᠢᠳᠡ
ᠰᠠᠢᠨ ᠨᠥᠬᠥᠳ ᠦ᠋ᠨ ᠤᠷᠮ᠎ᠠ ᠪᠠᠷ ᠲᠡᠳᠬᠦᠭᠳᠡᠵᠦ
ᠰᠠᠨᠠᠭ᠎ᠠ ᠵᠥᠪ ᠦᠢᠯᠡᠰ ᠶ᠋ᠢᠡᠷ ᠭᠡᠭᠡᠨ
ᠬᠢᠴᠢᠶᠡᠬᠦ ᠶ᠋ᠢᠨ ᠰᠠᠢᠬᠠᠨ ᠶ᠋ᠢᠠᠷ ᠠᠮᠢᠳᠤᠷᠠᠯ ᠳᠡᠭᠡᠭᠰᠢᠯᠡᠵᠦ
ᠬᠡᠮᠵᠢᠶᠡᠯᠡᠰᠢ ᠦᠭᠡᠢ ᠶᠡᠬᠡ ᠪᠡᠷ ᠪᠠᠶᠠᠰᠤᠯ ᠲᠠᠢ ᠶᠠᠪᠤᠨ᠎ᠠ
ᠳᠡᠭᠡᠭᠰᠢᠯᠡᠨ ᠳᠡᠪᠵᠢᠵᠦ ᠠᠮᠢᠳᠤᠷᠠᠨ᠎ᠠ
ᠳᠡᠯᠡᠬᠡᠢ ᠳ᠋ᠦ᠍ ᠭᠠᠭᠴᠠᠬᠠᠨ ᠵᠠᠶᠠᠭᠠᠨ ᠳ᠋ᠤ᠌ ᠪᠠᠨ ᠪᠢᠳᠡ
ᠵᠢᠷᠭᠠᠨ ᠵᠢᠷᠭᠠᠵᠤ ᠳᠠᠭᠤᠯᠠᠶ᠎ᠠ ᠳ᠋ᠠ
ᠵᠢᠷᠭᠠᠯᠲᠠᠢ ᠳᠡᠯᠭᠡᠷ ᠮᠣᠩᠭᠣᠯ ᠢ᠋ᠶ᠋ᠠᠨ ᠪᠢᠳᠡ
ᠠᠪᠤ ᠡᠵᠢ ᠶ᠋ᠢᠨ ᠠᠯᠳᠠᠷ ᠢ᠋ ᠡᠷᠭᠦᠨ
ᠠᠮᠢ ᠲᠠᠢ ᠪᠦᠬᠦᠨ ᠢ᠋ ᠬᠠᠢᠷ᠎ᠠ ᠪᠠᠷ ᠲᠡᠳᠬᠦᠵᠦ
ᠠᠭᠤᠯᠠ ᠤᠰᠤ ᠨᠤᠲᠤᠭ ᠤ᠋ᠨ ᠢ᠋ᠶ᠋ᠠᠨ ᠣᠯᠤᠭᠰᠠᠨ ᠢ᠋ ᠣᠭᠰᠢᠶᠠᠵᠤ
ᠤᠶᠠᠩᠭ᠎ᠠ ᠳᠠᠭᠤᠤ ᠪᠠᠷ ᠤᠮᠳᠠᠭᠠᠯᠠᠵᠤ ᠶᠠᠪᠤᠳᠠᠭ ᠳ᠋ᠠ
ᠳᠡᠭᠡᠭᠰᠢᠯᠡᠨ ᠳᠡᠪᠵᠢᠵᠦ ᠠᠮᠢᠳᠤᠷᠠᠨ᠎ᠠ
ᠳᠡᠯᠡᠬᠡᠢ ᠳ᠋ᠦ᠍ ᠭᠠᠭᠴᠠᠬᠠᠨ ᠵᠠᠶᠠᠭᠠᠨ ᠳ᠋ᠤ᠌ ᠪᠠᠨ ᠪᠢᠳᠡ
ᠵᠢᠷᠭᠠᠨ ᠵᠢᠷᠭᠠᠵᠤ ᠳᠠᠭᠤᠯᠠᠶ᠎ᠠ ᠳ᠋ᠠ
ᠵᠢᠷᠭᠠᠯᠲᠠᠢ ᠳᠡᠯᠭᠡᠷ ᠮᠣᠩᠭᠣᠯ ᠢ᠋ᠶ᠋ᠠᠨ ᠪᠢᠳᠡ
ᠳᠡᠭᠡᠭᠰᠢᠯᠡᠨ ᠳᠡᠪᠵᠢᠵᠦ ᠠᠮᠢᠳᠤᠷᠠᠨ᠎ᠠ
ᠳᠡᠯᠡᠬᠡᠢ ᠳ᠋ᠦ᠍ ᠭᠠᠭᠴᠠᠬᠠᠨ ᠵᠠᠶᠠᠭᠠᠨ ᠳ᠋ᠤ᠌ ᠪᠠᠨ ᠪᠢᠳᠡ
ᠵᠢᠷᠭᠠᠨ ᠵᠢᠷᠭᠠᠵᠤ ᠳᠠᠭᠤᠯᠠᠶ᠎ᠠ ᠳ᠋ᠠ
ᠵᠢᠷᠭᠠᠯᠲᠠᠢ ᠳᠡᠯᠭᠡᠷ ᠮᠣᠩᠭᠣᠯ ᠢ᠋ᠶ᠋ᠠᠨ ᠪᠢᠳᠡ
ᠵᠢᠷᠭᠠᠨ ᠵᠢᠷᠭᠠᠵᠤ ᠳᠠᠭᠤᠯᠠᠶ᠎ᠠ ᠳ᠋ᠠ
ᠵᠢᠷᠭᠠᠯᠲᠠᠢ ᠳᠡᠯᠭᠡᠷ ᠮᠣᠩᠭᠣᠯ ᠢ᠋ᠶ᠋ᠠᠨ ᠪᠢᠳᠡ
ᠦᠰᠦᠭ ᠬᠠᠳᠠᠭᠴᠢ᠄ ᠬᠠᠨ ᠱᠢ ᠵᠢᠶᠦ᠋ᠨ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
