1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠢ᠋ ᠰᠤᠷᠭᠠᠨ ᠬᠥᠮᠦᠵᠢᠭᠦᠯᠬᠦ ᠣᠷᠣᠨ ᠵᠠᠢ ᠪᠠᠭᠠᠰᠤᠭᠰᠠᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-07-ᠪᠣᠯᠣᠴᠢᠯᠠᠭᠤ

ᠬᠡᠦᠬᠡᠳ ᠢ᠋ ᠰᠤᠷᠭᠠᠨ ᠬᠥᠮᠦᠵᠢᠭᠦᠯᠬᠦ ᠣᠷᠣᠨ ᠵᠠᠢ ᠪᠠᠭᠠᠰᠤᠭᠰᠠᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-07-ᠪᠣᠯᠣᠴᠢᠯᠠᠭᠤ

2023-10-19

626

ᠬᠡᠦᠬᠡᠳ ᠢ᠋ ᠰᠤᠷᠭᠠᠨ ᠬᠥᠮᠦᠵᠢᠭᠦᠯᠬᠦ ᠣᠷᠣᠨ ᠵᠠᠢ ᠪᠠᠭᠠᠰᠤᠭᠰᠠᠨ

              ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ07-ᠪᠣᠯᠣᠴᠢᠯᠠᠭᠤ
       ᠮᠠᠨ ᠤ᠋ ᠮᠠᠯᠴᠢᠨ ᠠᠷᠠᠳ ᠤ᠋ᠨ ᠬᠡᠦᠬᠡᠳ ᠦ᠋ᠨ ᠬᠥᠮᠦᠵᠢᠯ ᠲᠤᠩ ᠠᠭᠤᠳᠠᠮᠴᠢ ᠪᠠᠢᠭᠰᠠᠨ᠂ ᠬᠥᠮᠦᠨ ᠦ᠌ ᠥᠪᠡᠷ ᠦ᠋ᠨ ᠬᠡᠦᠬᠡᠳ ᠢ᠋ ᠢᠯᠭᠠᠯ ᠦᠭᠡᠢ ᠢᠵᠢᠯᠬᠡᠨ ᠬᠠᠢᠷᠠᠯᠠᠵᠤ᠂ ᠠᠳᠠᠯᠢᠬᠠᠨ ᠰᠤᠷᠭᠠᠳᠠᠭ ᠪᠠᠢᠭᠰᠠᠨ᠃ ᠮᠠᠨ ᠤ᠋ ᠪᠠᠭ᠎ᠠ ᠶ᠋ᠢᠨ ᠦᠶ᠎ᠡ ᠳ᠋ᠦ᠍ ᠵᠤᠨ ᠤ᠋ ᠬᠠᠯᠠᠭᠤᠨ ᠦᠳᠡ ᠳ᠋ᠦ᠍ ᠨᠠᠭᠤᠷ ᠭᠣᠣᠯ ᠳ᠋ᠤ᠌ ᠰᠡᠷᠢᠭᠦᠴᠡᠵᠦ 38
ᠪᠠᠢᠭ᠎ᠠ ᠠᠳᠤᠭᠤ ᠶ᠋ᠢ ᠠᠯᠢᠶ᠎ᠠ ᠬᠡᠦᠬᠡᠳ ᠦ᠋ᠳ ᠦᠷᠭᠦᠭᠡᠵᠦ ᠨᠠᠭᠠᠳᠴᠤ ᠪᠠᠢᠬᠤ ᠲᠠᠢ ᠲᠠᠭᠠᠷᠠᠭᠰᠠᠨ ᠠᠢᠯ ᠤ᠋ᠨ ᠠᠪᠤ ᠲᠡᠳᠡᠭᠡᠷ ᠬᠡᠦᠬᠡᠳ ᠦ᠋ᠳ ᠢ᠋ ᠮᠤᠯᠭᠤ ᠵᠠᠩᠨᠠᠭᠠᠳ ᠭᠡᠷ ᠲᠦ᠍ ᠨᠢ ᠲᠠᠭᠤᠵᠤ ᠣᠴᠢᠨ ᠴᠠᠢ ᠶ᠋ᠢ ᠨᠢ ᠤᠤᠭᠤᠵᠤ ᠪᠠᠢᠮᠠᠨ《 ᠲᠠᠨᠠᠷ ᠴᠢᠨᠢ ᠬᠡᠦᠬᠡᠳ ᠢ᠋ᠶ᠋ᠡᠨ ᠶᠠᠭᠠᠬᠢᠵᠤ ᠰᠤᠷᠭᠠᠵᠤ ᠪᠠᠢᠨ᠎ᠠ ᠪᠣᠢ? 》 ᠭᠡᠮᠡᠨ ᠠᠪᠤ ᠡᠵᠢ ᠲᠡᠢ ᠨᠢ ᠬᠠᠮᠲᠤ ᠳ᠋ᠤ᠌ ᠨᠢ ᠰᠤᠷᠭᠠᠭᠠᠳ ᠶᠠᠪᠤᠳᠠᠭ ᠪᠠᠢᠭᠰᠠᠨ᠃ ᠣᠳᠣ ᠲᠡᠢᠮᠦ ᠪᠢᠰᠢ ᠪᠤᠯᠠᠵᠠᠢ᠂ ᠬᠠᠮᠢᠶ᠎ᠠ ᠦᠭᠡᠢ ᠲᠠᠨᠢᠬᠤ ᠦᠭᠡᠢ ᠬᠡᠦᠬᠡᠳ ᠢ᠋ ᠬᠡᠭᠡᠷ᠎ᠡ ᠭᠠᠳᠠᠨ᠎ᠠ ᠬᠡᠯᠡᠵᠦ ᠰᠤᠷᠭᠠᠬᠤ ᠶᠤᠮ ᠪᠣᠯ ᠬᠡᠦᠬᠡᠳ ᠬᠦᠯᠢᠶᠡᠬᠦ ᠦᠭᠡᠢ ᠮᠥᠷᠲᠡᠭᠡᠨ ᠡᠴᠢᠭᠡ ᠡᠬᠡ ᠨᠢ ᠴᠦ᠍ ᠬᠡᠦᠬᠡᠳ ᠢ᠋ᠶ᠋ᠡᠨ ᠥᠮᠥᠭᠯᠡᠵᠦ ᠡᠯᠳᠡᠪ ᠱᠠᠯᠳᠠᠪ ᠪᠣᠯᠤᠨ᠎ᠠ᠃ ᠴᠡᠴᠡᠷᠯᠢᠭ ᠦ᠋ᠨ ᠡᠭᠦᠳᠡᠨ ᠳ᠋ᠦ᠍ ᠬᠡᠦᠬᠡᠳ ᠢ᠋ᠶ᠋ᠡᠨ ᠬᠦᠷᠭᠡᠴᠢᠬᠡᠭᠡᠳ ᠡᠭᠦᠳᠡ ᠪᠡᠷ ᠣᠷᠣᠵᠤ ᠪᠠᠢᠭ᠎ᠠ ᠬᠡᠦᠬᠡᠳ ᠲᠦ᠍ ᠪᠡᠨ ᠡᠮᠡᠭᠡ ᠡᠵᠢ ᠨᠢ《 ᠮᠢᠨᠦ ᠣᠮᠪᠣᠯᠣ ᠬᠥᠮᠦᠨ ᠳ᠋ᠦ᠍ ᠪᠢᠲᠡᠭᠡᠢ ᠬᠣᠨᠵᠢᠭᠳᠠ ᠠ᠂ ᠬᠡᠦᠬᠡᠳ ᠴᠢᠮ᠎ᠠ ᠶ᠋ᠢ ᠨᠢᠭᠡ ᠢᠰᠬᠦᠯᠦᠭᠡᠳ ᠠᠪᠤᠪᠠᠯ ᠴᠢ ᠬᠣᠶᠠᠷ ᠢᠰᠬᠦᠯᠦᠭᠡᠳ ᠠᠪ 》 ᠭᠡᠵᠦ ᠵᠢᠭᠠᠵᠤ ᠰᠤᠷᠭᠠᠬᠤ ᠪᠣᠯᠤᠭᠰᠠᠨ ᠨᠢ ᠠᠶᠤᠯ ᠤ᠋ᠨ ᠳᠣᠬᠢᠶ᠎ᠠ ᠪᠢᠰᠢ ᠤᠤ( ᠶᠠᠭᠤ ᠪᠣᠯᠭᠠᠨ ᠳ᠋ᠤ᠌ ᠬᠣᠨᠵᠢᠭᠳᠠᠬᠤ ᠠ᠋ᠴᠠ ᠯᠠ ᠠᠶᠤᠬᠤ ᠪᠣᠯᠵᠠᠢ᠂ ᠡᠴᠦᠰ ᠲᠦ᠍ ᠨᠢ ᠬᠥᠮᠦᠨ ᠴᠢᠨᠠᠷ ᠢ᠋ᠶ᠋ᠠᠨ ᠪᠦᠬᠦᠨ ᠢ᠋ ᠠᠯᠳᠠᠬᠤ ᠳ᠋ᠤ᠌ ᠬᠦᠷᠴᠦ ᠪᠠᠢᠨ᠎ᠠ )᠃ ᠡᠭᠦᠨ ᠦ᠌ ᠬᠠᠷᠢᠭᠤ ᠳ᠋ᠤ᠌ ᠣᠳᠣ ᠶ᠋ᠢᠨ ᠬᠡᠦᠬᠡᠳ ᠨᠢ ᠬᠠᠯᠳᠠᠵᠤ ᠪᠣᠯᠬᠤ ᠦᠭᠡᠢ ᠬᠠᠷ᠎ᠠ ᠬᠠᠮᠠᠭᠤ ᠪᠣᠯᠵᠤ᠂ ᠵᠥᠷᠢᠭᠦᠳ ᠴᠥᠯᠴᠢᠭᠡᠷ᠂ ᠰᠡᠳᠬᠢᠴᠡ ᠶ᠋ᠢᠨ ᠳᠠᠭᠠᠭᠠᠴᠠ ᠳᠣᠷᠣᠢ᠂ ᠬᠡᠯᠡᠵᠦ ᠰᠤᠷᠭᠠᠬᠤ ᠶ᠋ᠢ ᠬᠦᠯᠢᠴᠡᠵᠦ ᠳᠠᠭᠠᠭᠠᠬᠤ ᠦᠭᠡᠢ ᠪᠣᠯᠵᠠᠢ᠃ ᠭᠠᠵᠠᠷ ᠣᠢᠴᠢᠭᠰᠠᠨ ᠵᠢᠭᠠᠯ ᠬᠦᠦ ᠰᠢᠯᠪᠤᠯᠠᠭᠰᠠᠨ ᠡᠪᠦᠳᠦᠭ ᠢ᠋ᠶ᠋ᠡᠨ ᠢᠯᠢᠨ ᠡᠴᠢᠭᠡ ᠪᠡᠨ ᠴᠢᠷᠠᠢᠳᠠᠨ ᠤᠬᠢᠯᠠᠩᠨᠠᠬᠤ ᠳ᠋ᠤ᠌《 ᠰᠠᠢᠨ ᠡᠷ᠎ᠡ ᠡᠨᠡ ᠵᠢᠭᠠᠬᠠᠨ ᠣᠢᠴᠢᠬᠤ ᠳ᠋ᠤ᠌ ᠠᠶᠤᠬᠤ ᠦᠭᠡᠢ ᠶᠦᠮ 》 ᠭᠡᠮᠡᠨ ᠵᠣᠷᠢᠭᠵᠢᠭᠤᠯᠬᠤ ᠳ᠋ᠤ᠌ ᠨᠥᠭᠦᠭᠡ ᠬᠦᠦ ᠪᠣᠰᠤᠭᠠᠳ ᠭᠦᠶᠦᠴᠢᠬᠡᠳᠡᠭ᠃ ᠣᠳᠣ ᠪᠣᠯ ᠬᠡᠪᠢᠰᠦᠨ ᠳᠡᠭᠡᠷ᠎ᠡ ᠣᠢᠴᠢᠭᠰᠠᠨ ᠬᠡᠦᠬᠡᠳ ᠢ᠋ ᠬᠦᠷᠲᠡᠯ᠎ᠡ《 ᠢᠱ᠌ᠢ! ᠢᠱ᠌ᠢ! ᠬᠥᠭᠡᠷᠦᠬᠦᠢ 》 ᠭᠡᠮᠡᠨ ᠤᠤᠯᠭ᠎ᠠ ᠠᠯᠲᠠᠨ ᠭᠦᠶᠦᠵᠦ ᠣᠴᠢᠨ ᠢᠯᠢᠵᠦ ᠥᠭᠴᠦ ᠪᠠᠢᠭᠰᠠᠭᠠᠷ ᠤᠬᠢᠯᠠᠬᠤ ᠦᠭᠡᠢ ᠬᠡᠦᠬᠡᠳ ᠢ᠋ ᠣᠬᠢᠯᠠᠭᠤᠯᠴᠢᠬᠠᠳᠠᠭ ᠡᠬᠡᠴᠦᠦᠯ ᠣᠯᠠᠨ ᠪᠣᠯᠤᠭᠰᠠᠨ᠂ ᠡᠢᠮᠦ ᠯᠡ ᠣᠷᠴᠢᠨ ᠬᠡᠦᠬᠡᠳ ᠦ᠋ᠨ ᠰᠡᠳᠬᠢᠴᠡ ᠶ᠋ᠢ ᠬᠡᠪᠡᠷᠡᠭ ᠪᠣᠯᠭᠠᠭᠰᠠᠭᠠᠷ ᠪᠠᠢᠨ᠎ᠠ᠃ ᠬᠣᠲᠠ ᠳ᠋ᠤ᠌ ᠣᠯᠠᠩᠬᠢ ᠵᠠᠯᠠᠭᠤᠰ ᠬᠡᠦᠬᠡᠳ ᠲᠡᠢ ᠪᠣᠯᠣᠮᠠᠭᠴᠠ ᠨᠠᠰᠤᠲᠠᠨ ᠳ᠋ᠤ᠌ ᠪᠠᠨ ᠠᠮᠢᠳᠤ ᠬᠡᠦᠬᠡᠯᠳᠡᠢ ᠲᠡᠪᠡᠷᠢᠭᠦᠯᠦᠭᠡᠳ ᠠᠵᠢᠯ ᠳ᠋ᠤ᠌ ᠪᠠᠨ ᠶᠠᠭᠠᠷᠠᠴᠢᠬᠠᠨ᠎ᠠ᠂ ᠡᠳᠡᠭᠡᠷ ᠬᠡᠦᠬᠡᠳ ᠡᠴᠢᠭᠡ ᠡᠬᠡ ᠶ᠋ᠢᠨ ᠬᠠᠢᠷ᠎ᠠ ᠰᠤᠷᠭᠠᠯ ᠠ᠋ᠴᠠ ᠬᠣᠯᠠᠳᠠᠵᠤ ᠨᠠᠰᠤᠲᠠᠨ ᠤ᠋ ᠭᠠᠷ ᠳᠡᠭᠡᠷ᠎ᠡ ᠪᠥᠭᠡᠴᠡᠢᠯᠡᠭᠳᠡᠭᠰᠡᠭᠡᠷ ᠪᠠᠢᠵᠤ ᠵᠠᠩ ᠰᠡᠳᠬᠢᠴᠡ ᠡᠲᠡᠭᠡᠳ ᠬᠡᠪᠡᠷᠡᠭ ᠪᠣᠯᠵᠤ ᠪᠠᠢᠨ᠎ᠠ᠂ ᠦᠶ᠎ᠡ ᠠᠯᠤᠰᠯᠠᠭᠰᠠᠨ ᠰᠤᠷᠭᠠᠨ ᠬᠥᠮᠦᠵᠢᠯ ᠥᠨᠥᠳᠥᠷ ᠦ᠋ᠨ ᠪᠣᠢᠵᠢᠯᠲᠠ ᠶ᠋ᠢ ᠲᠤᠩ ᠮᠠᠭᠤ ᠪᠠᠷ ᠨᠥᠯᠥᠭᠡᠯᠡᠵᠦ ᠪᠠᠢᠨ᠎ᠠ᠃《 ᠤᠬᠢᠯᠠᠵᠤ ᠪᠠᠢᠮᠠᠨ ᠬᠥᠮᠦᠨ ᠪᠣᠯᠳᠠᠭ᠂ ᠮᠠᠢᠯᠠᠵᠤ ᠪᠠᠢᠮᠠᠨ ᠮᠠᠯ ᠪᠣᠯᠤᠨ᠎ᠠ 》 ᠭᠡᠳᠡᠭ᠃ ᠬᠡᠦᠬᠡᠳ ᠦ᠋ᠨ ᠡᠳᠦᠷ ᠳᠣᠳᠣᠮ ᠤ᠋ᠨ ᠬᠡᠷᠡᠭᠦᠯ ᠵᠣᠳᠣᠭᠠᠨ᠂ ᠣᠰᠣᠯ ᠭᠠᠷᠭᠠᠭᠠᠳ ᠪᠠᠭᠰᠢ ᠳ᠋ᠤ᠌ ᠪᠠᠨ ᠵᠠᠩᠨᠠᠭᠳᠠᠬᠤ ᠪᠤᠶᠤ ᠠᠯᠠᠭᠠᠨ ᠪᠣᠣᠪᠣ ᠢᠳᠡᠭᠡᠳ ᠤᠬᠢᠯᠠᠵᠤ ᠢᠷᠡᠭᠰᠡᠨ ᠬᠡᠦᠬᠡᠳ ᠲᠦ᠍ ᠡᠴᠢᠭᠡ ᠡᠬᠡ ᠨᠢ ᠨᠢᠭᠤᠷ ᠥᠭᠳᠡᠭ ᠦᠭᠡᠢ ᠪᠠᠢᠭᠰᠠᠨ᠂ ᠬᠠᠷᠢᠨ ᠴᠤ᠌ ᠳᠦᠷᠰᠦᠭᠦᠢ ᠠᠭᠠᠰᠢᠯᠠᠪᠠᠯ ᠬᠠᠲᠠᠭᠤ ᠴᠢᠩᠭ᠎ᠠ ᠰᠤᠷᠭ᠎ᠠ ᠭᠡᠮᠡᠨ ᠪᠠᠭᠰᠢ ᠳ᠋ᠤ᠌ ᠨᠢ ᠵᠠᠬᠢᠵᠤ ᠪᠠᠢᠳᠠᠭ᠃ ᠣᠳᠣ ᠬᠡᠦᠬᠡᠳ ᠦ᠋ᠨ ᠪᠠᠭ᠎ᠠ ᠰᠠᠭ᠎ᠠ ᠬᠡᠷᠡᠭᠦᠯ ᠤᠷᠤᠭᠤᠯ ᠤ᠋ᠨ ᠬᠣᠢᠨ᠎ᠠ ᠠ᠋ᠴᠠ ᠪᠠᠭᠰᠢ ᠰᠤᠷᠭᠠᠭᠤᠯᠢ ᠲᠠᠢ ᠨᠢ ᠬᠡᠷᠡᠭ ᠵᠠᠷᠭᠤ ᠬᠥᠭᠡᠭᠡᠴᠡᠯᠳᠦᠬᠦ ᠭᠡᠷ ᠦ᠋ᠨ ᠠᠬᠠᠮᠠᠳ ᠣᠯᠠᠰᠢᠷᠠᠭᠰᠠᠨ ᠠ᠋ᠴᠠ ᠪᠠᠭᠰᠢ ᠴᠤ᠌ ᠢᠯᠡᠭᠦᠦ ᠳᠤᠲᠠᠭᠤ ᠤᠴᠢᠷ ᠠ᠋ᠴᠠ ᠬᠢᠴᠢᠶᠡᠬᠦ ᠪᠣᠯᠵᠤ᠂ ᠬᠡᠦᠬᠡᠳ ᠯᠡ ᠠᠮᠠᠭᠠᠢ ᠵᠢᠯᠣᠭᠣ ᠦᠭᠡᠢ ᠡᠮᠨᠢᠭᠰᠢᠬᠦ ᠪᠣᠯᠵᠤ ᠪᠠᠢᠨ᠎ᠠ᠃ ᠡᠢᠮᠦᠷᠬᠦ ᠬᠥᠮᠦᠵᠢᠯ ᠦ᠋ᠨ ᠣᠷᠴᠢᠨ ᠠ᠋ᠴᠠ ᠠᠰᠠᠭᠤᠳᠠᠯ ᠲᠠᠢ ᠬᠡᠦᠬᠡᠳ ᠭᠠᠷᠬᠤ ᠦᠭᠡᠢ ᠶᠠᠭᠠᠬᠢᠨ᠎ᠠ ᠪᠣᠢ!
        ᠥᠨᠥᠳᠥᠷ ᠦ᠋ᠨ ᠨᠡᠭᠡᠭᠡᠯᠲᠡ ᠲᠡᠢ ᠨᠡᠢᠭᠡᠮ ᠦ᠋ᠨ ᠣᠷᠴᠢᠨ ᠳ᠋ᠤ᠌ ᠬᠡᠦᠬᠡᠳ ᠦ᠋ᠳ ᠭᠡᠷ ᠪᠦᠯᠢ ᠶ᠋ᠢᠨ ᠬᠥᠮᠦᠵᠢᠯ ᠡᠴᠡ ᠬᠣᠯᠠ ᠳᠠᠪᠠᠭᠠᠳ ᠲᠤᠩ ᠥᠷᠭᠡᠨ ᠨᠡᠢᠭᠡᠮ ᠠᠬᠤᠢ ᠠ᠋ᠴᠠ ᠬᠥᠮᠦᠵᠢᠯ ᠬᠦᠷᠲᠡᠵᠦ ᠪᠠᠢᠭ᠎ᠠ ᠶᠤᠮ᠂ ᠮᠠᠨ ᠤ᠋ ᠪᠦᠬᠦ ᠨᠡᠢᠭᠡᠮ ᠦ᠋ᠨ ᠠᠮᠢᠳᠤᠷᠠᠯ ᠤ᠋ᠨ ᠰᠤᠷᠲᠠᠯ᠂ ᠬᠥᠮᠦᠨ ᠦ᠌ ᠬᠠᠷᠢᠯᠴᠠᠭᠠᠨ ᠤ᠋ ᠶᠣᠰᠣ ᠵᠠᠩᠰᠢᠯ᠂ ᠥᠪ ᠤᠯᠠᠮᠵᠢᠯᠠᠯ ᠶᠠᠮᠠᠷᠬᠠᠨ ᠪᠠᠢᠬᠤ ᠨᠢ ᠬᠡᠦᠬᠡᠳ ᠢ᠋ ᠶᠠᠮᠠᠷᠬᠠᠨ ᠨᠡᠢᠭᠡᠮᠴᠢ ᠬᠥᠮᠦᠨ ᠪᠣᠯᠭᠠᠬᠤ ᠳ᠋ᠤ᠌ ᠰᠢᠭᠤᠳ ᠨᠥᠯᠥᠭᠡᠯᠡᠨ᠎ᠡ᠂ ᠡᠨᠡ ᠲᠠᠯ᠎ᠠ ᠪᠠᠷ ᠣᠷᠳᠣᠰᠴᠤᠳ ᠤ᠋ᠨ ᠠᠢᠯ ᠪᠣᠯᠭᠠᠨ ᠲᠡᠭᠷᠢ ᠮᠥᠷᠭᠥᠯ ᠰᠦᠯᠳᠡ ᠲᠠᠬᠢᠯᠭ᠎ᠠ ᠪᠠᠨ ᠬᠠᠳᠠᠭᠠᠯᠠᠵᠤ ᠥᠷᠯᠥᠭᠡ ᠪᠣᠯᠭᠠᠨ ᠡᠵᠡᠨ ᠰᠠᠩ ᠢ᠋ᠶ᠋ᠠᠨ ᠤᠩᠰᠢᠵᠤ ᠪᠠᠢᠬᠤ᠂ ᠬᠤᠷᠢᠮ ᠲᠥᠷᠥ ᠶ᠋ᠢᠨ ᠶᠣᠰᠣ ᠪᠠᠨ ᠪᠦᠲᠦᠨ ᠬᠠᠳᠠᠭᠠᠯᠠᠵᠤ᠂ ᠠᠷᠠᠳ ᠤ᠋ᠨ ᠳᠠᠭᠤᠤ ᠬᠥᠭᠵᠢᠮ ᠢ᠋ᠶ᠋ᠡᠨ ᠰᠠᠢᠨ ᠤᠯᠠᠮᠵᠢᠯᠠᠵᠤ ᠪᠠᠢᠬᠤ᠂ ᠣᠢᠷᠠᠳᠴᠤᠳ ᠬᠡᠦᠬᠡᠳ ᠢ᠋ᠶ᠋ᠡᠨ ᠪᠠᠭ᠎ᠠ ᠠ᠋ᠴᠠ ᠨᠢ ᠵᠠᠩᠭᠠᠷ ᠬᠠᠢᠯᠠᠭᠤᠯᠵᠤ ᠠᠷᠠᠳ ᠤ᠋ᠨ ᠳᠠᠭᠤᠤ ᠪᠠᠨ ᠪᠦᠷᠢᠨ ᠤᠯᠠᠮᠵᠢᠯᠠᠨ ᠰᠤᠷᠭᠠᠵᠤ ᠪᠠᠢᠭ᠎ᠠ ᠵᠡᠷᠭᠡ ᠬᠥᠮᠦᠵᠢᠯ ᠨᠢ ᠡᠨᠡ ᠨᠤᠲᠤᠭ ᠤ᠋ᠨ ᠬᠡᠦᠬᠡᠳ ᠬᠠᠮᠢᠭ᠎ᠠ ᠣᠴᠢᠭᠰᠠᠨ ᠴᠤ᠌ ᠪᠤᠰᠤᠳ ᠠ᠋ᠴᠠ ᠢᠯᠭᠠᠷᠠᠬᠤ ᠬᠡᠪ ᠲᠥᠷᠬᠦ ᠰᠣᠶᠣᠯ ᠰᠤᠷᠲᠠᠯ ᠲᠠᠢ ᠪᠣᠯᠤᠨ ᠬᠥᠮᠦᠵᠢᠭᠳᠡᠵᠦ ᠪᠠᠢᠬᠤ ᠶ᠋ᠢ ᠰᠤᠷᠤᠯᠴᠠᠭᠤᠰᠢᠲᠠᠢ!

      ᠦᠰᠦᠭ ᠠᠮᠢᠯᠠᠭᠤᠯᠤᠭᠴᠢ᠄ ᠵ· ᠪᠤᠶᠠᠨᠲᠣᠭᠲᠠᠬᠤ
      ᠬᠢᠨᠠᠭᠠᠴᠢ᠄ ᠣᠳᠬᠠᠨᠰᠣ᠎ᠠ᠂ ᠰᠡᠬᠡᠭᠡᠷᠡᠯ