1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠮᠵᠢᠯᠠᠯᠲᠤ ᠭᠡᠷ ᠦ᠋ᠨ ᠴᠡᠭᠡᠷ ᠠᠯᠳᠠᠭᠳᠠᠭᠰᠠᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-06-ᠪᠣᠯᠣᠴᠢᠯᠠᠭᠤ

ᠤᠯᠠᠮᠵᠢᠯᠠᠯᠲᠤ ᠭᠡᠷ ᠦ᠋ᠨ ᠴᠡᠭᠡᠷ ᠠᠯᠳᠠᠭᠳᠠᠭᠰᠠᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-06-ᠪᠣᠯᠣᠴᠢᠯᠠᠭᠤ

2023-10-18

969

ᠤᠯᠠᠮᠵᠢᠯᠠᠯᠲᠤ ᠭᠡᠷ ᠦ᠋ᠨ ᠴᠡᠭᠡᠷ ᠠᠯᠳᠠᠭᠳᠠᠭᠰᠠᠨ

             ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ06-ᠪᠣᠯᠣᠴᠢᠯᠠᠭᠤ
        ᠭᠡᠷ ᠪᠦᠯᠢ ᠶ᠋ᠢᠨ ᠬᠥᠮᠦᠵᠢᠯ ᠦ᠋ᠨ ᠴᠡᠭᠡᠷ ᠶᠡᠬᠡ ᠠᠯᠳᠠᠭᠳᠠᠵᠤ ᠪᠠᠢᠨ᠎ᠠ᠃ ᠬᠥᠮᠦᠰ ᠦᠶ᠎ᠡ ᠵᠡᠷᠭᠡ ᠪᠡᠷ ᠢ᠋ᠶ᠋ᠡᠨ ᠲᠠᠭᠠᠷᠠᠪᠠᠯ ᠶᠠᠮᠠᠷ ᠴᠤ᠌ ᠨᠠᠷᠭᠢᠶ᠎ᠠ ᠬᠥᠭᠡᠷᠦᠭᠡ ᠲᠡᠢ ᠵᠣᠭᠣᠭ ᠢ᠋ ᠶᠠᠷᠢᠬᠤ ᠨᠢ ᠡᠩ ᠦ᠋ᠨ ᠤᠴᠢᠷ ᠪᠠᠢᠳᠠᠭ᠂ ᠭᠡᠪᠡᠴᠦ ᠬᠡᠦᠬᠡᠳ ᠦ᠋ᠨ ᠡᠮᠦᠨ᠎ᠡ ᠪᠣᠯ ᠬᠡᠯᠡᠬᠦ ᠬᠢᠬᠦ ᠪᠡᠨ ᠴᠥᠮ ᠬᠢᠴᠢᠶᠡᠬᠦ ᠶᠣᠰᠣᠲᠠᠢ᠃ ᠡᠨᠡ ᠲᠠᠯ᠎ᠠ ᠪᠠᠷ ᠮᠠᠨ ᠤ᠋ ᠣᠯᠠᠨ ᠰᠠᠢᠬᠠᠨ ᠴᠡᠭᠡᠷ ᠪᠠᠢᠭᠰᠠᠨ᠂ ᠲᠣᠮᠣᠴᠤᠤᠯ ᠵᠣᠭᠣᠭᠳᠠᠵᠤ ᠪᠠᠢᠬᠤ ᠳ᠋ᠤ᠌ ᠬᠡᠦᠬᠡᠳ ᠬᠠᠵᠠᠭᠤ ᠳ᠋ᠤ᠌ ᠢᠷᠡᠪᠡᠯ《ᠪᠢᠲᠡᠭᠡᠢ ᠲᠣᠮᠣ ᠬᠥᠮᠦᠨ ᠦ᠌ ᠦᠭᠡ ᠴᠢᠩᠨᠠᠭᠠᠳ ᠪᠠᠢ᠂ ᠨᠠᠭᠠᠳᠬᠤ ᠪᠠᠷ ᠭᠠᠷ᠂ ᠲᠤᠭᠤᠯ ᠪᠢᠷᠠᠭᠤ ᠳ᠋ᠤ᠌ ᠶᠠᠪᠤ》 ᠭᠡᠮᠡᠨ ᠵᠠᠩᠨᠠᠵᠤ ᠭᠠᠷᠭᠠᠳᠠᠭ᠃ ᠣᠳᠣ ᠵᠠᠷᠢᠮ ᠭᠡᠷ ᠦ᠋ᠨ ᠠᠬᠠᠮᠠᠳ ᠶᠠᠮᠠᠷ ᠴᠤ᠌ ᠡᠷᠡᠭᠡ ᠴᠡᠭᠡᠷ ᠦᠭᠡᠢ ᠪᠣᠯᠵᠤ᠂ ᠠᠮᠠ ᠬᠠᠯᠠᠰᠠᠪᠠᠯ ᠬᠡᠦᠬᠡᠳ ᠦ᠋ᠨ ᠡᠮᠦᠨ᠎ᠡ ᠪᠠᠭᠰᠢ ᠶ᠋ᠢ ᠨᠢ ᠮᠠᠭᠤᠯᠠᠨ᠎ᠠ᠂ ᠰᠤᠷᠭᠠᠭᠤᠯᠢ ᠶ᠋ᠢ ᠨᠢ ᠮᠠᠭᠤᠯᠠᠨ᠎ᠠ᠂ ᠨᠡᠢᠭᠡᠮ ᠢ᠋ ᠮᠠᠭᠤᠯᠠᠨ᠎ᠠ᠂ ᠡᠨᠡ ᠪᠣᠯ ᠲᠤᠩ ᠬᠠᠷᠢᠭᠤᠴᠠᠯᠭ᠎ᠠ ᠦᠭᠡᠢ ᠬᠢᠳᠡᠯ ᠪᠠᠢᠭ᠎ᠠ ᠶᠤᠮ᠃ ᠪᠠᠭᠰᠢ ᠪᠣᠯᠤᠨ ᠰᠤᠷᠭᠠᠭᠤᠯᠢ ᠶ᠋ᠢᠨ ᠳᠤᠲᠠᠭᠳᠠᠯ ᠢ᠋ ᠪᠠᠭᠰᠢ ᠪᠤᠶᠤ ᠰᠤᠷᠭᠠᠭᠤᠯᠢ ᠶ᠋ᠢᠨ ᠤᠳᠤᠷᠢᠳᠤᠯᠭ᠎ᠠ ᠳ᠋ᠤ᠌ ᠨᠢ ᠶᠠᠷᠢᠪᠠᠯ ᠰᠠᠶᠢ ᠬᠠᠷᠢᠭᠤᠴᠠᠯᠭ᠎ᠠ ᠲᠠᠢ ᠵᠥᠪ ᠶᠣᠰᠣᠨ ᠤ᠋ ᠠᠵᠢᠯᠯᠠᠭ᠎ᠠ ᠪᠣᠯᠤᠨ᠎ᠠ᠂ ᠬᠡᠦᠬᠡᠳ ᠲᠦ᠍ ᠬᠡᠯᠡᠬᠦ ᠪᠤᠶᠤ ᠲᠡᠳᠡᠨ ᠦ᠌ ᠡᠮᠦᠨ᠎ᠡ ᠬᠠᠮᠢᠶ᠎ᠠ ᠬᠠᠢᠳᠠᠭ ᠦᠭᠡᠢ ᠬᠡᠯᠡᠬᠦ ᠪᠣᠯ ᠲᠤᠩ ᠨᠠᠵᠠᠭᠠᠢ ᠨᠥᠯᠥᠭᠡ ᠦᠵᠡᠭᠦᠯᠦᠨ᠎ᠡ᠃ ᠬᠡᠦᠬᠡᠳ ᠦ᠋ᠨ ᠰᠡᠳᠬᠢᠯ ᠳ᠋ᠦ᠍ ᠪᠠᠭᠰᠢ ᠰᠤᠷᠭᠠᠭᠤᠯᠢ ᠨᠢ ᠮᠠᠭᠤᠬᠠᠢ ᠪᠣᠯᠴᠢᠬᠠᠪᠠᠯ ᠡᠨᠡᠬᠦ ᠣᠷᠴᠢᠨ ᠳ᠋ᠤ᠌ ᠬᠡᠷᠬᠢᠨ ᠪᠠᠶᠠᠷᠲᠠᠢ ᠰᠤᠷᠤᠯᠴᠠᠬᠤ ᠪᠢᠯᠡ! ᠨᠡᠩ ᠬᠡᠴᠡᠭᠦᠦ ᠨᠢ ᠬᠡᠦᠬᠡᠳ ᠢ᠋ ᠠᠷᠢᠬᠢ ᠨᠠᠢᠷ ᠤ᠋ᠨ ᠰᠢᠷᠡᠭᠡᠨ ᠳ᠋ᠦ᠍ ᠴᠦ᠍ ᠳᠠᠭᠠᠭᠤᠯᠵᠤ ᠶᠠᠪᠤᠳᠠᠭ ᠪᠠᠢᠨ᠎ᠠ᠂ ᠦᠶ᠎ᠡ ᠬᠤᠷᠠᠭ ᠤ᠋ᠨ ᠬᠥᠮᠦᠰ ᠠᠷᠢᠬᠢ ᠤᠤᠭᠤᠪᠠᠯ ᠶᠠᠭᠤ ᠶᠠᠷᠢᠵᠤ ᠶᠠᠭᠠᠬᠢᠵᠤ ᠠᠭᠠᠰᠢᠯᠠᠬᠤ ᠦᠭᠡᠢ ᠪᠣᠢ᠂ ᠠᠯᠢᠭ ᠱᠠᠯᠢᠭ ᠵᠠᠳᠠᠭᠠᠢ ᠵᠠᠢᠳᠠᠩ ᠵᠣᠭᠣᠭ ᠢ᠋ᠶ᠋ᠠᠨ ᠬᠡᠦᠬᠡᠳ ᠦ᠋ᠨ ᠬᠠᠵᠠᠭᠤ ᠳ᠋ᠤ᠌ ᠡᠷᠡᠭᠡ ᠴᠡᠭᠡᠷ ᠦᠭᠡᠢ ᠳᠡᠯᠭᠡᠵᠦ ᠭᠠᠷᠤᠨ᠎ᠠ᠂ ᠥᠪᠡᠷᠰᠡᠳ ᠦ᠋ᠨ ᠢᠳᠡᠵᠦ ᠤᠤᠭᠤᠵᠤ ᠨᠠᠭᠠᠳᠴᠤ ᠲᠠᠩᠬᠠᠢᠷᠠᠭᠰᠠᠨ ᠢ᠋ᠶ᠋ᠠᠷ ᠢ᠋ᠶ᠋ᠠᠨ ᠪᠠᠶᠠᠰᠤᠯ ᠪᠣᠯᠭᠠᠬᠤ ᠪᠠᠷ ᠪᠠᠷᠠᠬᠤ ᠦᠭᠡᠢ ᠥᠷᠥᠭᠡᠯ ᠪᠤᠰᠤᠳ ᠤ᠋ᠨ ᠠᠯᠢ ᠡᠮᠵᠡᠭ ᠳᠣᠷᠣᠢ ᠮᠠᠭᠤᠬᠠᠢ ᠤᠴᠢᠷ ᠢ᠋ᠶ᠋ᠠᠷ ᠨᠠᠷᠭᠢᠶ᠎ᠠ ᠪᠣᠯᠭᠠᠨ᠎ᠠ᠂ ᠵᠠᠷᠢᠮ ᠨᠢ ᠨᠢ ᠪᠦᠷ ᠬᠡᠦᠬᠡᠳ ᠢ᠋ᠶ᠋ᠡᠷ ᠨᠠᠭᠠᠳᠤᠮ ᠳᠣᠭᠣᠭᠢ ᠬᠢᠵᠦ ᠪᠣᠯᠭᠠᠳᠠᠭ᠃ ᠠᠮᠠᠨ ᠪᠡᠯᠭᠡ ᠶ᠋ᠢ ᠳᠡᠭᠡᠳᠦᠯᠡᠳᠡᠭ ᠮᠠᠯᠴᠢᠨ ᠲᠦᠮᠡᠨ ᠮᠠᠨᠢ ᠤᠴᠠᠷᠠᠭᠰᠠᠨ ᠪᠦᠬᠦᠨ ᠢ᠋ᠶ᠋ᠡᠨ ᠢᠷᠥᠭᠡᠵᠦ ᠪᠠᠢᠳᠠᠭ ᠰᠠᠢᠬᠠᠨ ᠤᠯᠠᠮᠵᠢᠯᠠᠯ ᠲᠠᠢ ᠪᠠᠢᠭᠰᠠᠨ᠂ ᠣᠳᠣ ᠠᠭᠤᠯᠵᠠᠭᠰᠠᠨ ᠪᠦᠬᠦᠨ ᠳ᠋ᠦ᠍ ᠬᠥᠮᠦᠨ ᠮᠠᠭᠤᠯᠠᠬᠤ᠂ ᠲᠠᠨᠢᠯ ᠨᠠᠢᠵᠠ ᠣᠢᠷ᠎ᠠ ᠳᠣᠲᠣᠨᠣ ᠪᠦᠬᠦᠨ ᠳ᠋ᠡᠭᠡᠨ ᠭᠣᠮᠣᠳᠠᠬᠤ ᠡᠮᠵᠡᠭ ᠰᠡᠳᠬᠢᠴᠡ ᠲᠡᠢ ᠪᠣᠯᠵᠤ ᠪᠠᠢᠨ᠎ᠠ᠃ ᠡᠢᠮᠦᠷᠬᠦ ᠰᠡᠳᠬᠢᠴᠡ ᠲᠡᠢ ᠬᠥᠮᠦᠰ ᠦ᠋ᠨ ᠰᠡᠳᠬᠢᠯ ᠰᠠᠨᠠᠭ᠎ᠠ ᠰᠠᠷᠠᠭᠤᠯ ᠥᠭᠡᠳᠡᠷᠬᠡᠭ ᠪᠠᠢᠵᠤ ᠴᠢᠳᠠᠬᠤ ᠦᠭᠡᠢ᠂ ᠥᠭᠡᠳᠡᠷᠬᠡᠭ ᠰᠡᠳᠬᠢᠯ ᠦᠭᠡᠢ ᠬᠥᠮᠦᠰ ᠠᠵᠢᠯ ᠠᠮᠢᠳᠤᠷᠠᠯ ᠢ᠋ᠶ᠋ᠠᠨ ᠥᠩᠭᠡ ᠲᠡᠢ ᠠᠪᠴᠤ ᠶᠠᠪᠤᠬᠤ ᠳ᠋ᠤ᠌ ᠬᠡᠴᠡᠭᠦᠦ᠃ ᠡᠨᠡ ᠮᠡᠲᠦ ᠶ᠋ᠢᠨ ᠭᠡᠷ ᠦ᠋ᠨ ᠠᠭᠠᠷ᠂ ᠠᠮᠢᠳᠤᠷᠠᠯ ᠤ᠋ᠨ ᠣᠷᠴᠢᠨ ᠳ᠋ᠤ᠌ ᠥᠰᠴᠦ ᠪᠠᠢᠨ᠎ᠠ ᠬᠡᠦᠬᠡᠳ ᠮᠠᠨᠢ ᠪᠠᠭᠰᠢ ᠠᠬᠠᠮᠠᠳ ᠢ᠋ᠶ᠋ᠠᠨ ᠬᠦᠨᠳᠦᠯᠡᠬᠦ ᠶ᠋ᠢ ᠮᠡᠳᠡᠬᠦ ᠦᠭᠡᠢ᠂ ᠠᠮᠢᠳᠤᠷᠠᠯ ᠤ᠋ᠨ ᠰᠤᠷᠲᠠᠯ ᠤ᠋ᠨ ᠲᠠᠯ᠎ᠠ ᠪᠠᠷ ᠪᠠᠭ᠎ᠠ ᠰᠤᠷᠭᠠᠭᠤᠯᠢ ᠠ᠋ᠴᠠ ᠲᠥᠷᠥᠭᠰᠡᠨ ᠡᠳᠦᠷ ᠦ᠋ᠨ ᠪᠠᠶᠠᠷ ᠬᠢᠵᠦ᠂ ᠳᠤᠮᠳᠠᠳᠤ ᠰᠤᠷᠭᠠᠭᠤᠯᠢ ᠳ᠋ᠤ᠌ ᠣᠷᠣᠪᠠᠯ ᠪᠦᠷ ᠨᠠᠢᠷ ᠤ᠋ᠨ ᠰᠢᠷᠡᠭᠡ ᠵᠠᠰᠠᠭᠠᠳ ᠯᠠᠷᠵᠢᠶᠠᠯᠠᠵᠤ ᠰᠦᠢᠳᠬᠡᠵᠦ ᠪᠤᠶᠠᠨ ᠢ᠋ᠶ᠋ᠠᠨ ᠪᠠᠷᠠᠵᠤ ᠪᠠᠢᠨ᠎ᠠ᠃
ᠲᠡᠢᠮᠦ ᠡᠴᠡ ᠭᠡᠷ ᠦ᠋ᠨ ᠠᠬᠠᠮᠠᠳ ᠪᠣᠯᠣᠭᠰᠠᠳ ᠭᠡᠷ ᠪᠦᠯᠢ ᠶ᠋ᠢᠨ ᠬᠥᠮᠦᠵᠢᠯ ᠦ᠋ᠨ ᠣᠯᠠᠨ ᠰᠠᠢᠬᠠᠨ ᠴᠡᠭᠡᠷ ᠶᠣᠰᠣ ᠪᠠᠨ ᠡᠷᠬᠢᠮᠯᠡᠵᠦ ᠶᠠᠪᠤᠪᠠᠯ ᠦᠷ᠎ᠡ ᠬᠡᠦᠬᠡᠳ ᠲᠦ᠍ ᠪᠡᠨ ᠰᠠᠢᠬᠠᠨ ᠨᠥᠯᠥᠭᠡ ᠦᠵᠡᠭᠦᠯᠦᠨ᠎ᠡ᠂ ᠦᠭᠡᠢ ᠪᠣᠯ ᠬᠦᠨᠳᠦ ᠪᠡᠨ ᠪᠠᠷᠠᠬᠤ ᠪᠠᠷ ᠪᠠᠷᠠᠬᠤ ᠦᠭᠡᠢ ᠲᠡᠳᠡᠨ ᠦ᠌ ᠡᠷᠡᠭᠦᠯ ᠮᠡᠨᠳᠦ ᠪᠡᠷ ᠬᠥᠮᠦᠵᠢᠬᠦ ᠶ᠋ᠢ ᠲᠤᠩ ᠶᠡᠬᠡ ᠪᠡᠷ ᠨᠥᠯᠥᠭᠡᠯᠡᠨ᠎ᠡ ᠰᠢᠦ᠃

        ᠦᠰᠦᠭ ᠠᠮᠢᠯᠠᠭᠤᠯᠤᠭᠴᠢ᠄ ᠵ· ᠪᠤᠶᠠᠨᠲᠣᠭᠲᠠᠬᠤ
        ᠬᠢᠨᠠᠭᠠᠴᠢ᠄ ᠣᠳᠬᠠᠨᠰᠣ᠎ᠠ᠂ ᠰᠡᠬᠡᠭᠡᠷᠡᠯ