1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠲᠤ ᠠᠯᠢᠪᠠ ᠶ᠋ᠢ ᠪᠡᠯᠡᠨᠴᠢᠯᠡᠭᠦᠯᠬᠦ ᠪᠣᠯᠤᠭᠰᠠᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-05-ᠪᠣᠯᠣᠴᠢᠯᠠᠭᠤ

ᠬᠡᠦᠬᠡᠳ ᠲᠤ ᠠᠯᠢᠪᠠ ᠶ᠋ᠢ ᠪᠡᠯᠡᠨᠴᠢᠯᠡᠭᠦᠯᠬᠦ ᠪᠣᠯᠤᠭᠰᠠᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-05-ᠪᠣᠯᠣᠴᠢᠯᠠᠭᠤ

2023-10-17

1118

ᠬᠡᠦᠬᠡᠳ ᠲᠤ ᠠᠯᠢᠪᠠ ᠶ᠋ᠢ ᠪᠡᠯᠡᠨᠴᠢᠯᠡᠭᠦᠯᠬᠦ ᠪᠣᠯᠤᠭᠰᠠᠨ

    ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ05-ᠪᠣᠯᠣᠴᠢᠯᠠᠭᠤ
    ᠵᠠᠷᠢᠮ ᠭᠡᠷ ᠦ᠋ᠨ ᠠᠬᠠᠮᠠᠳ᠂ ᠬᠡᠦᠬᠡᠳ ᠭᠠᠭᠴᠠᠬᠠᠨ ᠰᠠᠢᠨ ᠰᠤᠷᠪᠠᠯ ᠪᠣᠯᠴᠢᠬᠠᠨ᠎ᠠ᠂ ᠥᠭᠡᠷ᠎ᠡ ᠶᠠᠭᠤ ᠶ᠋ᠢ ᠴᠤ᠌ ᠬᠠᠮᠢᠶᠠᠷᠬᠤ ᠬᠡᠷᠡᠭ ᠦᠭᠡᠢ᠂ ᠶᠠᠭᠤ ᠴᠤ᠌ ᠬᠢᠬᠦ ᠬᠡᠷᠡᠭ ᠦᠭᠡᠢ᠂ ᠪᠤᠰᠤᠳ ᠪᠦᠬᠦ ᠶᠠᠭᠤᠮ᠎ᠠ ᠶ᠋ᠢ ᠨᠢ ᠠᠪᠤ ᠡᠵᠢ ᠨᠢ ᠪᠡᠯᠡᠨ ᠪᠣᠯᠭᠠᠵᠤ ᠥᠭᠭᠦᠨ᠎ᠡ ᠭᠡᠰᠡᠨ ᠦᠵᠡᠯᠲᠡ ᠲᠡᠢ ᠪᠠᠢᠳᠠᠭ᠃ ᠬᠢᠴᠢᠶᠡᠯ ᠪᠠᠭᠤᠭᠠᠳ ᠢᠷᠡᠬᠦ ᠳ᠋ᠦ᠍ ᠢᠳᠡᠵᠦ ᠤᠤᠭᠤᠬᠤ ᠨᠢ ᠪᠡᠯᠡᠨ᠂ ᠳᠠᠰᠬᠠᠯ ᠬᠢᠬᠦ ᠳ᠋ᠦ᠍ ᠨᠢ ᠬᠠᠵᠠᠭᠤ ᠳ᠋ᠤ᠌ ᠨᠢ ᠬᠠᠷᠠᠵᠤ ᠰᠠᠭᠤᠬᠤ ᠪᠠᠷ ᠪᠠᠷᠠᠬᠤ ᠦᠭᠡᠢ ᠤᠰᠤ ᠴᠠᠢ ᠵᠢᠮᠢᠰ ᠰᠢᠬᠢᠷ ᠲᠦ᠍ ᠬᠦᠷᠲᠡᠯ᠎ᠡ ᠵᠥᠭᠡᠭᠡᠵᠦ ᠶᠠᠭᠠᠷᠠᠨ᠎ᠠ᠂ ᠤᠨᠲᠠᠬᠤ ᠳ᠋ᠤ᠌ ᠣᠷᠣ ᠬᠥᠨᠵᠢᠯᠡ ᠶ᠋ᠢ ᠨᠢ ᠳᠡᠯᠭᠡᠵᠦ ᠥᠭᠭᠦᠨ᠎ᠡ᠂ ᠰᠤᠷᠭᠠᠭᠤᠯᠢ ᠳ᠋ᠠᠭᠠᠨ ᠶᠠᠪᠤᠬᠤ ᠳ᠋ᠤ᠌ ᠳᠠᠰᠬᠠᠯ ᠳᠡᠪᠲᠡᠷ ᠡᠮᠦᠰᠴᠦ ᠵᠡᠭᠦᠬᠦ ᠶ᠋ᠢ ᠨᠢ ᠪᠡᠯᠡᠳᠬᠡᠵᠦ ᠥᠭᠭᠦᠨ᠎ᠡ᠂ ᠮᠠᠷᠲᠠᠵᠤ ᠣᠷᠬᠢᠭᠰᠠᠨ ᠢ᠋ ᠨᠢ ᠬᠣᠢᠨ᠎ᠠ ᠠ᠋ᠴᠠ ᠨᠢ ᠬᠦᠷᠭᠡᠵᠦ ᠭᠦᠶᠦᠨ᠎ᠡ᠃ ᠨᠡᠩ ᠴᠠᠰᠢ ᠨᠢ ᠶᠠᠷᠢᠪᠠᠯ ᠠᠢᠯ ᠪᠣᠯᠬᠤ ᠳ᠋ᠤ᠌ ᠭᠡᠷ ᠲᠡᠷᠭᠡ ᠡᠴᠡ ᠬᠡᠦᠬᠡᠳ ᠲᠡᠢ ᠪᠣᠯᠤᠭᠰᠠᠨ ᠬᠣᠢᠨ᠎ᠠ ᠣᠮᠪᠣᠯᠣ ᠪᠠᠨ ᠶᠠᠭᠠᠬᠢᠵᠤ ᠡᠵᠡᠮᠳᠡᠬᠦ ᠲᠤᠬᠠᠢ ᠳ᠋ᠤ᠌ ᠬᠦᠷᠲᠡᠯ᠎ᠡ ᠪᠢᠰᠢᠯᠭᠠᠵᠤ ᠰᠠᠭᠤᠬᠤ ᠪᠣᠯᠵᠠᠢ᠃ ᠬᠡᠦᠬᠡᠳ ᠶᠠᠭᠤᠮ᠎ᠠ ᠬᠢᠬᠦ ᠶ᠋ᠢ ᠪᠠᠢᠴᠢᠬ᠎ᠠ᠂ ᠰᠡᠳᠬᠢᠬᠦ ᠴᠦ᠍ ᠬᠡᠷᠡᠭ ᠦᠭᠡᠢ ᠪᠣᠯᠤᠭᠰᠠᠨ᠃ ᠳᠡᠭᠡᠳᠦ ᠳᠤᠮᠳᠠᠳᠤ ᠲᠡᠭᠦᠰᠲᠡᠯ᠎ᠡ ᠪᠡᠨ ᠨᠠᠰᠤᠲᠠᠢ ᠡᠵᠢ ᠪᠡᠷ ᠢ᠋ᠶ᠋ᠡᠨ ᠬᠠᠷᠠᠭᠤᠯᠵᠤ ᠭᠠᠷ ᠤ᠋ᠨ ᠬᠣᠭᠣᠯᠠ ᠶ᠋ᠢ ᠨᠢ ᠢᠳᠡᠭᠰᠡᠨ ᠨᠢᠭᠡᠨ ᠥᠬᠢᠨ ᠶᠡᠬᠡ ᠰᠤᠷᠭᠠᠭᠤᠯᠢ ᠳ᠋ᠤ᠌ ᠣᠴᠢᠭᠠᠳ ᠰᠠᠷ᠎ᠠ ᠪᠣᠯᠤᠭᠰᠠᠨ ᠦᠭᠡᠢ ᠬᠠᠷᠢᠵᠤ ᠢᠷᠡᠭᠰᠡᠨ᠂ ᠰᠤᠷᠭᠠᠭᠤᠯᠢ ᠶ᠋ᠢᠨ ᠬᠣᠭᠣᠯᠠᠨ ᠭᠡᠷ᠂ ᠭᠤᠸᠠᠩᠵᠠ ᠪᠤᠶᠤ ᠪᠤᠰᠤᠳ ᠤ᠋ᠨ ᠬᠢᠭᠰᠡᠨ ᠬᠣᠭᠣᠯᠠ ᠶ᠋ᠢ ᠰᠡᠵᠢᠭᠯᠡᠭᠡᠳ ᠢᠳᠡᠵᠦ ᠴᠢᠳᠠᠬᠤ ᠦᠭᠡᠢ᠂ ᠬᠣᠭᠣᠯᠠ ᠢᠳᠡᠬᠦ ᠳᠤᠷᠠᠰᠢᠯ ᠪᠦᠷ ᠪᠠᠢᠬᠤ ᠦᠭᠡᠢ ᠡᠴᠡ ᠪᠣᠯᠵᠤ᠂ ᠪᠡᠶ᠎ᠡ ᠨᠢ ᠮᠠᠭᠤᠳᠠᠭᠠᠳ ᠡᠮᠨᠡᠯᠭᠡ ᠳ᠋ᠦ᠍ ᠣᠷᠣᠭᠰᠠᠨ ᠠ᠋ᠴᠠ ᠰᠤᠷᠭᠠᠭᠤᠯᠢ ᠠ᠋ᠴᠠ ᠪᠠᠨ ᠪᠤᠴᠠᠨ ᠢᠷᠡᠵᠡᠢ᠃
    ᠡᠢᠮᠦᠷᠬᠦ ᠣᠷᠴᠢᠨ ᠳ᠋ᠤ᠌ ᠥᠰᠬᠦ ᠬᠡᠦᠬᠡᠳ ᠳᠤᠷ᠎ᠠ ᠰᠣᠨᠢᠷᠬᠠᠯ ᠳᠠᠩ ᠴᠤᠯᠭᠤᠢ᠂ ᠰᠠᠷᠠᠯ ᠰᠡᠳᠬᠢᠬᠦᠢ ᠨᠢ ᠲᠦᠵᠢᠷᠡᠭᠰᠡᠨ᠂ ᠠᠵᠢᠯ ᠠᠮᠢᠳᠤᠷᠠᠯ ᠢ᠋ ᠣᠢᠯᠠᠭᠠᠬᠤ ᠦᠭᠡᠢ᠂ ᠪᠡᠶ᠎ᠡ ᠪᠡᠨ ᠳᠠᠭᠠᠭᠠᠬᠤ ᠴᠢᠳᠠᠪᠤᠷᠢ ᠠᠨᠠᠢ᠂ ᠥᠪᠡᠷ ᠦ᠋ᠨ ᠦᠵᠡᠯᠲᠡ ᠪᠡᠷ ᠳᠤᠲᠠᠮᠠᠭ᠂ ᠠᠯᠢᠪᠠ ᠪᠠᠨ ᠪᠤᠰᠤᠳ ᠲᠤ ᠨᠠᠢᠳᠠᠬᠤ ᠵᠡᠮᠳᠡᠭ ᠠᠷᠠᠨᠰᠢᠨ ᠲᠠᠢ ᠪᠣᠯᠳᠠᠭ ᠨᠢ ᠮᠡᠳᠡᠭᠡᠵᠢ᠃ ᠮᠠᠯ ᠠᠬᠤᠢ ᠳ᠋ᠤ᠌ ᠣᠢᠷᠠᠲᠤᠵᠤ᠂ ᠬᠥᠳᠡᠭᠡ ᠭᠠᠳᠠᠭ᠎ᠠ ᠠᠵᠢᠯ ᠮᠣᠳᠣᠨ ᠳ᠋ᠤ᠌ ᠶᠠᠪᠤᠳᠠᠭ ᠬᠡᠦᠬᠡᠳ ᠦ᠋ᠨ ᠬᠠᠷᠠᠭ᠎ᠠ ᠰᠣᠨᠣᠷ᠂ ᠵᠦᠭ ᠴᠢᠭ ᠢᠯᠭᠠᠬᠤ᠂ ᠣᠷᠣᠨ ᠵᠠᠢ ᠶ᠋ᠢᠨ ᠰᠠᠷᠠᠯ ᠨᠢ ᠪᠦᠷ ᠰᠠᠢᠨ ᠪᠠᠢᠳᠠᠭ᠂ ᠠᠵᠢᠯ ᠬᠢᠵᠦ ᠴᠢᠳᠠᠬᠤ ᠦᠭᠡᠢ ᠬᠡᠦᠬᠡᠳ ᠰᠤᠷᠴᠤ ᠰᠤᠳᠤᠯᠬᠤ ᠶ᠋ᠢᠨ ᠠᠷᠭ᠎ᠠ ᠳᠠᠮ ᠢ᠋ ᠶᠠᠭᠠᠬᠢᠵᠤ ᠣᠯᠳᠠᠭ ᠪᠢᠯᠡ! ᠰᠢᠯᠢᠳᠡᠭ ᠡᠴᠢᠭᠡ ᠡᠬᠡ ᠪᠣᠯ ᠬᠡᠦᠬᠡᠳ ᠦ᠋ᠨ ᠰᠡᠳᠬᠢᠯ ᠦ᠋ᠨ ᠨᠠᠢᠵᠠ ᠪᠠᠢᠵᠤ᠂ ᠬᠡᠦᠬᠡᠳ ᠦ᠋ᠨ ᠡᠷᠬᠡ ᠴᠢᠯᠥᠭᠡ ᠲᠡᠢ ᠦᠰᠦᠨ ᠪᠣᠢᠵᠢᠯᠲᠠ ᠳ᠋ᠤ᠌ ᠢᠳᠡᠪᠬᠢᠲᠡᠢ ᠲᠤᠷᠰᠢᠯᠭ᠎ᠠ ᠤᠬᠠᠭᠠᠨᠲᠤ ᠵᠥᠪᠳᠡᠯ ᠥᠭᠳᠡᠭ ᠥᠮᠥᠭ ᠲᠦᠰᠢᠭ ᠪᠣᠯᠬᠤ ᠠ᠋ᠴᠠ ᠪᠢᠰᠢ ᠠᠯᠢᠪᠠ ᠶ᠋ᠢ ᠬᠡᠦᠬᠡᠳ ᠦ᠋ᠨ ᠡᠮᠦᠨ᠎ᠡ ᠡᠴᠡ ᠬᠢᠭᠰᠡᠭᠡᠷ ᠪᠠᠢᠵᠤ᠂ ᠬᠡᠦᠬᠡᠳ ᠶᠠᠭᠤ ᠬᠢᠬᠦ᠂ ᠬᠠᠮᠢᠭᠠᠰᠢ ᠶᠠᠪᠤᠬᠤ ᠪᠠᠨ ᠴᠤ᠌ ᠣᠯᠬᠤ ᠦᠭᠡᠢ ᠵᠦᠭ ᠴᠢᠭ ᠢ᠋ᠶ᠋ᠡᠨ ᠠᠯᠳᠠᠭᠰᠠᠨ ᠬᠥᠮᠦᠨ ᠪᠣᠯᠭᠠᠳᠠᠭ ᠦᠭᠡᠢ᠂ ᠬᠡᠦᠬᠡᠳ ᠢ᠋ᠶ᠋ᠡᠨ ᠡᠯ᠎ᠡ ᠲᠠᠯ᠎ᠠ ᠪᠠᠷ ᠵᠢᠯᠣᠭᠣᠳᠬᠤ ᠠ᠋ᠴᠠ ᠪᠢᠰᠢ ᠪᠦᠬᠦ ᠲᠠᠯ᠎ᠠ ᠪᠠᠷ ᠡᠵᠡᠮᠳᠡᠵᠦ ᠪᠣᠯᠬᠤ ᠦᠭᠡᠢ ᠭᠡᠳᠡᠭ ᠢ᠋ ᠮᠡᠳᠡᠬᠦ ᠦᠭᠡᠢ ᠪᠠᠢᠭ᠎ᠠ ᠨᠢ ᠲᠤᠩ ᠠᠶᠤᠯᠲᠠᠢ ᠭᠡᠷ ᠪᠦᠯᠢ ᠶ᠋ᠢᠨ ᠬᠥᠮᠦᠵᠢᠯ ᠪᠠᠢᠭ᠎ᠠ᠃ ᠮᠣᠩᠭᠣᠯ ᠤ᠋ᠨ ᠨᠡᠢᠰᠯᠡᠯ ᠤᠯᠠᠭᠠᠨᠪᠠᠭᠠᠲᠤᠷ ᠬᠣᠲᠠ ᠳ᠋ᠤ᠌《 ᠶᠢᠰᠦᠨ ᠡᠷᠳᠡᠨᠢ》 ᠬᠡᠮᠡᠬᠦ ᠰᠠᠢᠬᠠᠨ ᠨᠡᠷ᠎ᠡ ᠲᠡᠢ ᠬᠤᠪᠢ ᠶ᠋ᠢᠨ ᠰᠤᠷᠭᠠᠭᠤᠯᠢ ᠪᠠᠢᠳᠠᠭ᠂ ᠲᠡᠷᠡ ᠬᠦ᠌ ᠰᠤᠷᠭᠠᠭᠤᠯᠢ ᠶ᠋ᠢᠨ ᠵᠠᠬᠢᠷᠤᠯ ᠡᠩᠬᠡᠫᠦ᠋ᠷᠫᠦ ᠪᠣᠯ ᠮᠣᠩᠭᠣᠯ ᠤᠯᠤᠰ ᠤ᠋ᠨ ᠬᠠᠮᠤᠭ ᠤ᠋ᠨ ᠵᠠᠯᠠᠭᠤ ᠵᠠᠬᠢᠷᠤᠯ ᠭᠡᠳᠡᠭ᠃ ᠡᠩᠬᠫᠦ᠋ᠷᠫᠦ ᠶ᠋ᠢ ᠰᠤᠷᠭᠠᠭᠤᠯᠢ ᠳ᠋ᠤ᠌ ᠰᠠᠭᠤᠬᠤ ᠨᠠᠰᠤᠨ ᠳ᠋ᠤ᠌ ᠨᠢ ᠡᠵᠢ ᠨᠢ ᠬᠦᠨᠳᠦ ᠡᠪᠡᠳᠴᠢᠨ ᠣᠯᠤᠭᠰᠠᠨ ᠠ᠋ᠴᠠ ᠪᠣᠯᠵᠤ ᠰᠤᠷᠭᠠᠭᠤᠯᠢ ᠰᠣᠶᠣᠯ ᠤ᠋ᠨ ᠮᠥᠷ ᠬᠥᠭᠡᠭᠡᠬᠦ ᠠᠵᠠ ᠲᠣᠬᠢᠶᠠᠯ ᠢ᠋ᠶ᠋ᠠᠨ ᠠᠯᠳᠠᠵᠠᠢ᠂ ᠭᠡᠪᠡᠴᠦ ᠡᠨᠡ ᠪᠢᠴᠢᠬᠠᠨ ᠬᠦᠦ ᠡᠵᠢ ᠪᠡᠨ ᠰᠤᠪᠢᠯᠠᠬᠤ ᠶ᠋ᠢᠨ ᠳᠠᠭᠠᠤ ᠰᠤᠷᠬᠤ ᠪᠢᠴᠢᠭ ᠣᠯᠵᠤ ᠢᠷᠡᠭᠡᠳ ᠡᠵᠢ ᠪᠡᠷ ᠢ᠋ᠶ᠋ᠡᠨ ᠦᠰᠦᠭ ᠵᠢᠭᠠᠯᠭᠠᠨ ᠥᠪᠡᠷ ᠢ᠋ᠶ᠋ᠡᠨ ᠰᠤᠷᠴᠤ ᠡᠬᠢᠯᠡᠭᠰᠡᠨ ᠭᠡᠳᠡᠭ᠂ ᠠᠷᠪᠠᠨ ᠵᠢᠷᠭᠤᠭᠠᠨ ᠨᠠᠰᠤᠲᠠᠢ ᠮᠣᠩᠭᠣᠯ ᠤᠯᠤᠰ ᠤ᠋ᠨ ᠰᠢᠨᠵᠢᠯᠡᠬᠦ ᠤᠬᠠᠭᠠᠨ ᠲᠧᠭᠨᠢᠭ ᠦ᠋ᠨ ᠶᠡᠬᠡ ᠰᠤᠷᠭᠠᠭᠤᠯᠢ ᠶ᠋ᠢ ᠲᠡᠭᠦᠰᠬᠡᠵᠦ᠂ ᠠᠷᠪᠠ ᠶᠢᠰᠦᠨ ᠨᠠᠰᠤᠲᠠᠢ ᠬᠤᠪᠢ ᠶ᠋ᠢᠨ ᠰᠤᠷᠭᠠᠭᠤᠯᠢ ᠪᠠᠨ ᠪᠠᠢᠭᠤᠯᠤᠭᠰᠠᠨ᠃ ᠶᠠᠫᠣᠨ ᠳ᠋ᠤ᠌ ᠪᠣᠯᠤᠭᠰᠠᠨ ᠠᠽᠢᠶ᠎ᠠ ᠲᠢᠪ ᠦ᠋ᠨ ᠵᠠᠯᠠᠭᠤᠰ ᠤ᠋ᠨ ᠣᠶᠤᠨ ᠤ᠋ ᠤᠷᠤᠯᠳᠤᠭᠠᠨ ᠳ᠋ᠤ᠌ ᠨᠠᠷᠠᠨ ᠬᠠᠭᠠᠨ ᠠ᠋ᠴᠠ ᠱᠠᠩᠨᠠᠯ ᠲᠣᠰᠴᠤ᠂ ᠡᠩᠬᠡᠫᠦ᠋ᠷᠫᠦ ᠶ᠋ᠢᠨ ᠦᠢᠯᠡ ᠶᠠᠪᠤᠳᠠᠯ ᠤ᠋ᠨ ᠲᠤᠬᠠᠢ ᠮᠡᠳᠡᠭᠡᠯᠡᠯ ᠶᠠᠫᠣᠨ ᠳ᠋ᠤ᠌ ᠶᠡᠬᠡ ᠳᠣᠩᠰᠣᠯᠭᠠᠯ ᠪᠣᠯᠤᠭᠰᠠᠨ᠃ ᠡᠩᠬᠡᠫᠦ᠋ᠷᠫᠦ ᠵᠠᠬᠢᠷᠤᠯ ᠣᠳᠣ ᠳ᠋ᠣᠺᠲ᠋ᠣᠷᠠᠨᠲ ᠤᠩᠰᠢᠵᠤ ᠪᠠᠢᠨ᠎ᠠ ᠭᠡᠰᠡᠨ᠃ ᠠᠮᠢᠳᠤᠷᠠᠯ ᠠ᠋ᠴᠠ ᠬᠡᠦᠬᠡᠳ ᠠᠯᠢᠪᠠ ᠶ᠋ᠢ ᠰᠤᠷᠤᠨ᠎ᠠ ᠭᠡᠳᠡᠭ ᠦ᠋ᠨ ᠠᠮᠢᠳᠤ ᠵᠢᠱ᠌ᠢᠶ᠎ᠡ ᠡᠨᠡ ᠪᠠᠢᠭ᠎ᠠ᠃
    ᠬᠡᠦᠬᠡᠳ ᠲᠤ ᠠᠯᠢᠪᠠ ᠶ᠋ᠢ ᠪᠡᠯᠡᠨ ᠪᠣᠯᠭᠠᠵᠤ ᠥᠭᠬᠦ ᠨᠢ ᠬᠡᠦᠬᠡᠳ ᠲᠤ ᠶᠠᠭᠤ ᠴᠤ᠌ ᠥᠭᠭᠦᠭᠰᠡᠨ ᠦᠭᠡᠢ ᠲᠡᠢ ᠠᠳᠠᠯᠢᠬᠠᠨ ᠭᠡᠮᠡᠨ ᠰᠣᠳᠣᠨ ᠬᠥᠮᠦᠰ ᠰᠡᠴᠡᠯᠡᠭᠰᠡᠨ ᠪᠠᠢᠳᠠᠭ᠃ ᠬᠡᠦᠬᠡᠳ ᠠᠮᠢᠳᠤᠷᠠᠯ ᠢ᠋ᠶ᠋ᠠᠨ ᠥᠪᠡᠷ ᠦ᠋ᠨ ᠤᠬᠠᠭᠠᠨ ᠴᠢᠳᠠᠪᠤᠷᠢ ᠪᠠᠷ ᠪᠦᠲᠦᠭᠡᠨ ᠪᠠᠢᠭᠤᠯᠬᠤ᠂ ᠥᠭᠡᠳᠡ ᠨᠢ ᠲᠠᠲᠠᠬᠤ ᠶ᠋ᠢᠨ ᠪᠠᠶᠠᠷ ᠪᠠᠶᠠᠰᠤᠯ᠂ ᠠᠮᠵᠢᠯᠲᠠ ᠶ᠋ᠢᠨ ᠲᠥᠷᠥᠭᠳᠡᠯ ᠢ᠋ ᠣᠯᠵᠤ ᠮᠡᠳᠡᠷᠡᠬᠦ ᠦᠭᠡᠢ ᠪᠣᠯᠤᠨ᠎ᠠ ᠭᠡᠳᠡᠭ ᠴᠢᠨᠢ ᠬᠡᠦᠬᠡᠳ ᠦ᠋ᠨ ᠠᠮᠢᠳᠤᠷᠠᠨ ᠪᠦᠲᠦᠭᠡᠬᠦ ᠡᠷᠬᠡ ᠴᠢᠯᠥᠭᠡ ᠶ᠋ᠢ ᠪᠤᠯᠢᠶᠠᠭᠰᠠᠨ ᠭᠡᠵᠦ ᠣᠢᠯᠠᠭᠠᠵᠤ ᠪᠣᠯᠤᠨ᠎ᠠ ᠳᠠ᠃ ᠪᠢᠳᠡ ᠦᠨᠡᠨ ᠳ᠋ᠦ᠍ ᠪᠡᠨ ᠬᠡᠦᠬᠡᠳ ᠦ᠋ᠨ ᠢ᠋ᠶ᠋ᠡᠨ ᠡᠷᠬᠡ ᠵᠦᠢ ᠳ᠋ᠦ᠍ ᠭᠠᠷ ᠲᠥᠷᠥᠭᠰᠡᠨ ᠠᠰᠠᠭᠤᠳᠠᠯ ᠪᠣᠯᠵᠤ ᠪᠠᠢᠭ᠎ᠠ ᠰᠢᠦ! ᠬᠥᠳᠡᠯᠮᠦᠷᠢᠴᠢ ᠪᠦᠲᠦᠭᠡᠯᠴᠢ ᠠᠮᠢᠳᠤᠷᠠᠬᠤ ᠡᠷᠬᠡ ᠶ᠋ᠢ ᠨᠢ ᠪᠤᠯᠢᠶᠠᠯ᠎ᠠ᠂ ᠠᠵᠢᠯ ᠮᠡᠷᠭᠡᠵᠢᠯ ᠠᠮᠢᠳᠤᠷᠠᠯ ᠤ᠋ᠨ ᠰᠣᠩᠭᠣᠯᠲᠠ ᠬᠢᠬᠦ ᠡᠷᠬᠡ ᠶ᠋ᠢ ᠨᠢ ᠪᠤᠯᠢᠶᠠᠯ᠎ᠠ᠂ ᠡᠨᠡ ᠠᠭᠤᠯᠠ ᠤᠰᠤ ᠪᠠᠢᠭᠠᠯᠢ ᠳᠡᠯᠡᠬᠡᠢ ᠪᠡᠨ《 ᠮᠣᠩᠭᠣᠯ》 ᠨᠢᠳᠦ ᠪᠡᠷ ᠲᠠᠨᠢᠵᠤ ᠮᠡᠳᠡᠷᠡᠨ ᠰᠡᠳᠬᠢᠯ ᠳᠦᠭᠦᠷᠡᠩ ᠠᠵᠠ ᠵᠢᠷᠭᠠᠯ ᠲᠠᠢ ᠠᠮᠢᠳᠤᠷᠠᠬᠤ ᠡᠷᠬᠡ ᠲᠡᠢ ᠨᠢ ᠬᠦᠷᠲᠡᠯ᠎ᠡ ᠬᠠᠯᠳᠠᠬᠤ ᠪᠣᠯᠵᠠᠢ᠃ ᠮᠣᠩᠭᠣᠯ ᠬᠡᠦᠬᠡᠳ ᠮᠠᠨᠢ ᠮᠣᠩᠭᠣᠯ ᠵᠠᠶᠠᠭ᠎ᠠ ᠪᠠᠨ ᠯᠠ ᠡᠳ᠋ᠯᠡᠬᠦ ᠪᠣᠯᠤᠭᠠᠰᠠᠢ!
    ᠠᠭᠤᠳᠠᠮ ᠲᠠᠯ᠎ᠠ ᠳ᠋ᠤ᠌ ᠮᠣᠷᠢᠨ ᠨᠢᠷᠤᠭᠤᠨ ᠳᠡᠭᠡᠷ᠎ᠡ ᠨᠡᠭᠦᠳᠡᠯ ᠪᠠᠭᠤᠳᠠᠯ᠂ ᠠᠶᠠᠨ ᠵᠢᠩ᠂ ᠠᠩ ᠬᠦᠷᠦᠭᠡ᠂ ᠠᠳᠤᠭᠤ ᠮᠠᠯ ᠤ᠋ᠨ ᠳᠡᠷᠭᠡᠳᠡ ᠥᠰᠦᠭᠰᠡᠨ ᠮᠣᠩᠭᠣᠯ ᠬᠡᠦᠬᠡᠳ ᠦ᠋ᠨ ᠰᠠᠷᠠᠯ ᠰᠡᠳᠬᠢᠬᠦᠢ ᠣᠨᠴᠠ ᠬᠤᠷᠴᠠ ᠴᠣᠪᠣᠭᠣ ᠪᠠᠢᠳᠠᠭ ᠤ᠋ᠨ ᠰᠢᠯᠲᠠᠭᠠᠨ ᠪᠠᠢᠭᠠᠯᠢ ᠠᠬᠤᠢ ᠠᠵᠢᠯ ᠠᠮᠢᠳᠤᠷᠠᠯ ᠤ᠋ᠨ ᠠᠯᠢᠪᠠ ᠪᠦᠬᠦᠨ ᠢ᠋ ᠴᠥᠮ ᠨᠢᠳᠦ ᠪᠡᠷ ᠢ᠋ᠶ᠋ᠡᠨ ᠦᠵᠡᠵᠦ ᠴᠢᠬᠢ ᠪᠡᠷ ᠢ᠋ᠶ᠋ᠡᠨ ᠰᠣᠨᠣᠰᠤᠨ ᠦᠢᠯᠡᠳᠦᠯᠭᠡ ᠡᠴᠡ ᠰᠤᠷᠤᠭᠰᠠᠨ ᠪᠠᠢᠳᠠᠭ᠂ ᠲᠡᠢᠮᠦ ᠪᠣᠯᠬᠣᠷ ᠮᠣᠩᠭᠣᠯᠴᠤᠳ ᠶᠡᠷᠦ ᠨᠢ ᠦᠵᠡᠭᠰᠡᠨ ᠦᠭᠡᠢ᠂ ᠥᠩᠭᠡᠷᠡᠭᠦᠯᠦᠭᠰᠡᠨ ᠦᠭᠡᠢ ᠳᠠᠯᠳᠠ ᠶ᠋ᠢᠨ ᠶᠠᠷᠢᠶ᠎ᠠ ᠴᠤᠤᠷᠬᠠᠯ ᠳ᠋ᠤ᠌ ᠢᠲᠡᠭᠡᠬᠦ ᠦᠭᠡᠢ ᠪᠠᠢᠵᠤ《 ᠳᠠᠮ ᠤ᠋ᠨ ᠦᠭᠡ ᠳᠠᠯᠠᠨ ᠬᠤᠳᠠᠯᠴᠢ》 ᠬᠡᠮᠡᠳᠡᠭ᠂ ᠡᠨᠡᠬᠦ ᠤᠳᠤᠮᠰᠢᠯ ᠡᠴᠡ ᠪᠡᠨ ᠪᠣᠯᠵᠤ ᠬᠣᠷᠰᠢᠶ᠎ᠠ ᠳᠡᠯᠭᠡᠭᠦᠷ ᠦ᠋ᠨ ᠭᠠᠵᠠᠷ ᠪᠠᠷᠠᠭ᠎ᠠ ᠲᠠᠸᠠᠷ ᠦᠵᠡᠬᠦ ᠳᠤ ᠪᠡᠨ ᠴᠦ᠍ ᠬᠤᠳᠠᠯᠳᠤᠭᠴᠢ ᠶ᠋ᠢᠨ ᠣᠯᠠᠨ ᠲᠠᠢᠯᠪᠤᠷᠢ ᠳ᠋ᠤ᠌ ᠳᠤᠷ᠎ᠠ ᠦᠭᠡᠢ ᠪᠠᠢᠵᠤ ᠵᠠᠪᠠᠯ ᠥᠪᠡᠷ ᠢ᠋ᠶ᠋ᠡᠨ ᠪᠠᠷᠢᠵᠤ ᠲᠡᠮᠲᠡᠷᠢᠵᠦ ᠦᠵᠡᠳᠡᠭ᠂ ᠡᠭᠦᠨ ᠢ᠋ ᠪᠡᠨ ᠮᠣᠩᠭᠣᠯ ᠬᠥᠮᠦᠨ ᠭᠠᠷ ᠲᠤ᠌ ᠪᠠᠨ ᠨᠢᠳᠦ ᠲᠡᠢ ᠰᠢᠦ ᠭᠡᠳᠡᠭ᠃ ᠡᠨᠡ ᠨᠢ ᠮᠠᠨ ᠤ᠋ ᠬᠡᠦᠬᠡᠳ ᠪᠣᠯ ᠠᠯᠢᠪᠠ ᠶ᠋ᠢ ᠦᠢᠯᠡᠳᠦᠯᠭᠡ ᠡᠴᠡ ᠰᠤᠷᠳᠠᠭ ᠭᠧᠨ ᠤᠳᠤᠮᠰᠢᠯ ᠲᠠᠢ ᠭᠡᠰᠡᠨ ᠦᠭᠡ᠃ ᠲᠡᠢᠮᠦ ᠡᠴᠡ ᠬᠡᠦᠬᠡᠳ ᠢ᠋ᠶ᠋ᠡᠨ ᠪᠠᠭ᠎ᠠ ᠠ᠋ᠴᠠ ᠨᠢ ᠠᠵᠢᠯ ᠮᠣᠳᠣᠨ ᠳ᠋ᠤ᠌ ᠢᠯᠡᠭᠦᠬᠡᠨ ᠣᠢᠷᠠᠲᠤᠭᠤᠯᠤᠶ᠎ᠠ᠂ ᠪᠡᠶ᠎ᠡ ᠪᠡᠨ ᠳᠠᠭᠠᠭᠠᠵᠤ ᠥᠪᠡᠷ ᠦ᠋ᠨ ᠠᠵᠢᠯ ᠰᠤᠷᠤᠯᠭ᠎ᠠ ᠳ᠋ᠤ᠌ ᠪᠠᠨ ᠡᠵᠡᠨ ᠮᠡᠳᠡᠬᠦ ᠤᠬᠠᠮᠰᠠᠷ ᠳᠠᠳᠬᠠᠯ ᠢ᠋ ᠡᠷᠲᠡᠬᠡᠨ ᠬᠥᠮᠦᠵᠢᠭᠦᠯᠦᠶ᠎ᠡ᠃

   ᠦᠰᠦᠭ ᠠᠮᠢᠯᠠᠭᠤᠯᠤᠭᠴᠢ᠄ ᠵ· ᠪᠤᠶᠠᠨᠲᠣᠭᠲᠠᠬᠤ᠂ ᠳᠡᠭᠵᠢᠨ᠂ ᠣᠳᠬᠠᠨᠰᠣ᠎ᠠ
   ᠬᠢᠨᠠᠭᠴᠢ᠄ ᠣᠳᠬᠠᠨᠰᠣ᠎ᠠ᠂ ᠭᠠᠷᠮ᠎ᠠ