ᠮᠥᠩᠬᠡ ᠲᠤᠩᠬᠤ 5-01 Мөнх ТунхMunkh Tunkh
ᠮᠥᠩᠬᠡ ᠲᠤᠩᠬᠤ ᠲᠠᠪᠤᠳᠤᠭᠠᠷ ᠤᠯᠠᠷᠢᠯ ᠨᠢᠭᠡᠳᠦᠭᠡᠷ ᠠᠩᠭᠢ5-1
ᠮᠥᠩᠬᠡ᠄ ᠠᠪᠤᠷᠠᠭᠠᠷᠠᠢ!
ᠪᠠᠮᠪᠠᠷ᠄ ᠮᠢᠨᠦ ᠨᠠᠢᠵᠠ ᠨᠤᠭᠤᠳ ᠢ᠋ ᠪᠠᠭᠤᠯᠭ᠎ᠠ!
ᠴᠠᠰᠣᠬᠠᠨ ᠄ ᠳᠠᠭᠠᠷᠢᠭᠠᠳ!
ᠡᠩ ᠦᠭᠡᠢ ᠲᠤᠩᠬᠤ᠄ᠮᠥᠩᠬᠡ ᠠ᠋᠂ ᠡᠭᠦᠨ ᠢ᠋ ᠶᠠᠩᠵᠤᠯᠠᠵᠤ ᠪᠣᠯᠬᠤ ᠤᠤ?
ᠡᠪ ᠦᠭᠡᠢ ᠮᠥᠩᠬᠡ᠄ᠪᠣᠯᠤᠨ᠎ᠠ᠃
ᠰᠢᠰᠲ᠋ᠧᠮ ᠳᠠᠬᠢᠨ ᠠᠴᠢᠶᠠᠯᠠᠯ᠎ᠠ᠃
ᠮᠥᠩᠬᠡ᠄ ᠪᠢ ᠲᠡᠭᠡᠭᠡᠳ ᠴᠠᠰᠤᠬᠠᠨ ᠤ᠋ ᠪᠠᠶᠠᠨ ᠳᠤ ᠣᠷᠣᠭᠰᠠᠨ ᠴᠢᠨᠢ ᠶᠠᠭᠠᠬᠢᠵᠤ ᠴᠤ᠌ ᠴᠢᠳᠠᠳᠠᠭ ᠦᠭᠡᠢ᠂ᠭᠡᠬᠦ ᠳ᠋ᠦ᠍ ᠪᠡᠨ ᠴᠠᠰᠤᠬᠠᠨ ᠤ᠋ ᠰᠢᠯ ᠦ᠋ᠨ ᠤᠴᠢᠷ ᠢ᠋ ᠣᠯᠴᠢᠬᠠᠭᠠᠳ ᠶᠠᠭ ᠬᠡᠷᠡᠭᠲᠡᠢ ᠦᠶ᠎ᠡ ᠳ᠋ᠦ᠍ ᠨᠢ ᠵᠠ᠂ ᠪᠠᠰᠠᠷ ᠠ᠋ ᠳᠠᠭᠠᠷᠢᠭᠠᠷᠠᠢ ᠭᠡᠳ ᠯᠡ᠁
ᠪᠠᠰᠠᠷ᠄ ᠶᠠᠭ ᠰᠡᠭᠦᠯ ᠤᠨ ᠮᠥᠴᠡ ᠳ᠋ᠦ᠍ ᠠᠷᠢᠶᠠᠲᠠᠨ ᠪᠠᠰᠠᠷ ᠤ᠋ᠨ ᠣᠨᠴᠠᠭᠠᠢ ᠨᠢᠰᠬᠦ ᠴᠢᠳᠠᠪᠤᠷᠢ ᠶ᠋ᠢ ᠪᠦᠷ ᠬᠠᠷᠠᠭᠤᠯᠤᠯ᠎ᠠ ᠰᠢᠲᠠ᠃
ᠫᠠ᠂ ᠪᠠᠷᠤᠭ Gaptain Marvel ᠶᠤᠮ ᠦᠦ? ᠬᠠᠮᠢᠭᠠᠰᠢ ᠶᠤᠮ?
ᠲᠤᠩᠬᠤ᠄ ᠪᠠᠮᠪᠠᠷ ᠤ᠋ᠨ ᠢ᠋ᠶ᠋ᠠᠨ ᠬᠥᠭᠡᠷᠦᠬᠦᠨ ᠪᠠᠶᠠᠨ ᠳ᠋ᠤ᠌ ᠣᠷᠣᠭᠠᠳ ᠥᠪᠡᠷ ᠦ᠋ᠨ ᠢ᠋ᠶ᠋ᠡᠨ ᠪᠡᠶ᠎ᠡ ᠶ᠋ᠢ ᠬᠠᠮᠠᠭᠠᠯᠠᠬᠤ ᠭᠡᠰᠡᠨ ᠴᠢᠨᠢ ᠠᠭᠠᠷᠴᠠ ᠪᠠᠢᠭ᠎ᠠ ᠦᠭᠡᠢ᠃ ᠢᠩᠭᠢᠬᠦ ᠳ᠋ᠦ᠍ ᠪᠠᠮᠪᠠᠷ ᠮᠠᠨᠢ ᠡᠩ ᠦ᠋ᠨ ᠦᠶ᠎ᠡ ᠳ᠋ᠦ᠍ ᠪᠠᠰᠠ ᠶᠠᠷᠢᠭᠠᠳ ᠪᠠᠢᠭᠰᠠᠨ ᠤᠤ ᠳᠠ᠂ ᠪᠠᠮᠪᠠᠷ ᠠ᠋! ᠴᠢ ᠰᠣᠨᠣᠰᠴᠤ ᠪᠠᠢᠨ᠎ᠠ ᠤᠤ?
ᠪᠠᠮᠪᠠᠷ᠄ ᠪᠢ᠂ ᠪᠠ᠂ ᠪᠠ᠂ ᠪᠠ ᠪᠠᠮᠪᠠᠷ ᠲᠤᠩᠬᠤ ᠠ᠋!ᠴᠢ ᠪᠠᠢᠨ᠎ᠠ ᠤᠤ?
ᠪᠠᠰᠠᠷ᠄ ᠦ!ᠶᠠᠭᠠᠬᠢᠨ᠎ᠠ? ᠰᠠᠶᠢ ᠶ᠋ᠢᠨ ᠦᠢᠯᠡ ᠶᠠᠪᠤᠳᠠᠯ ᠠ᠋ᠴᠠ ᠪᠣᠯᠤᠭᠠᠳ ᠪᠠᠮᠪᠠᠷ ᠮᠢᠨᠢ ᠰᠣᠯᠢᠭᠳᠠᠭᠰᠠᠨ ᠪᠠᠢᠨ᠎ᠠ ᠰᠢᠳᠡ᠃ ᠳᠤᠷᠤᠷᠠᠨ ᠲᠠᠢ
ᠮᠠᠰᠢᠨ᠄ ᠬᠢ ᠬᠢ! ᠨᠠᠢᠵᠠ ᠨᠤᠭᠤᠳ ᠠ᠋! ᠪᠢ ᠳᠤᠤᠭᠠᠷᠤᠭᠰᠠᠨ ᠶᠤᠮ ᠠ᠋᠂
ᠮᠥᠩᠬᠡ᠄ ᠠ ᠬᠠ ᠬᠠ᠂ ᠲᠡᠢᠮᠦ ᠪᠠᠢᠨ᠎ᠠ᠂ ᠶᠣᠣ ᠭᠠᠢᠬᠠᠯ᠎ᠠ ᠰᠢᠳᠡ᠃
ᠲᠤᠩᠬᠤ᠄ ᠪᠠᠮᠪᠠᠷ ᠮᠢᠨᠢ ᠲᠡᠭᠡᠪᠡᠯ ᠨᠠᠳᠠ ᠳ᠋ᠤ᠌ ᠮᠠᠰᠢ ᠶᠡᠬᠡ ᠬᠡᠷᠡᠭᠲᠡᠢ ᠦᠶ᠎ᠡ ᠳᠤ ᠯᠠ ᠭᠠᠷᠴᠤ ᠢᠷᠡᠳᠡᠭ ᠶᠦ᠍ᠮ ᠪᠠᠢᠨ᠎ᠠ ᠳᠠ ᠲᠡᠢᠮᠦ!
ᠪᠠᠰᠠᠷ᠄ ᠪᠠᠰᠠ Gummy bear ᠶᠢᠨ ᠦᠶ᠎ᠡ ᠳ᠋ᠦ᠍ ᠭᠠᠷᠴᠤ ᠢᠷᠡᠳᠡᠭ᠂ ᠲᠡᠢᠮᠦ ᠠ᠋!ᠬᠡᠩ ᠬᠡᠩ ᠬᠡᠩ!
ᠴᠠᠰᠤᠬᠠᠨ ᠄ ᠨᠡᠭᠡᠷᠡᠨ᠂ ᠡᠨᠡ ᠦᠯᠢᠭᠡᠷ ᠳᠠᠬᠢᠭᠠᠳ ᠡᠬᠢᠯᠡᠴᠢᠬᠡᠭᠰᠡᠨ ᠶᠦᠮ ᠰᠢᠭ ᠪᠠᠢᠬᠤ ᠶᠤᠮ᠂ ᠦᠯᠢᠭᠡᠷ ᠦ᠋ᠨ ᠢ᠋ᠶ᠋ᠡᠨ ᠭᠣᠣᠯ ᠳᠦᠷᠢ ᠶ᠋ᠢ ᠣᠯᠵᠤ ᠲᠤᠰᠠᠯᠠᠬᠤ ᠤᠤ? ᠪᠦᠭᠦᠳᠡᠭᠡᠷ ᠢ᠋ᠶ᠋ᠡᠨ?
ᠡᠷᠲᠡ ᠤᠷᠢᠳᠤ ᠴᠠᠭ ᠲᠤ᠌ ᠲᠡᠮᠡᠭᠡ ᠣᠳᠣ ᠶ᠋ᠢᠨ ᠪᠤᠭᠤ ᠶ᠋ᠢᠨ ᠬᠢ ᠰᠢᠭ ᠠᠷᠪᠠᠨ ᠬᠣᠶᠠᠷ ᠰᠠᠯᠠᠭ᠎ᠠ ᠡᠪᠡᠷ ᠲᠡᠢ ᠪᠠᠢᠭᠰᠠᠨ ᠠᠵᠠᠢ᠃ ᠰᠦᠷᠯᠢᠭ ᠰᠠᠢᠬᠠᠨ ᠴᠢᠮᠡᠭᠯᠡᠯ ᠪᠣᠯᠤᠭᠰᠠᠨ ᠡᠪᠡᠷ ᠢ᠋ ᠨᠢ ᠰᠢᠭᠦᠷᠡᠵᠦ ᠠᠪᠤᠭᠠᠳ ᠪᠤᠭᠤ ᠣᠢ ᠳ᠋ᠤ᠌ ᠪᠠᠨ ᠣᠷᠣᠴᠢᠬᠠᠪᠠ᠃ ᠰᠠᠢᠬᠠᠨ ᠰᠡᠳᠬᠢᠯᠲᠦ ᠲᠡᠮᠡᠭᠡ ᠮᠢᠨᠢ (ᠠ ᠨᠠ ᠯᠠ) ᠮᠣᠷᠢᠨ ᠤ᠋ ᠦᠭᠡᠨ ᠳ᠋ᠦ᠍ ᠣᠷᠣᠭᠠᠳ ᠰᠡᠭᠦᠯ ᠢ᠋ᠶ᠋ᠡᠨ ᠪᠠᠰᠠ ᠰᠣᠯᠢᠴᠢᠬᠠᠵᠠᠢ ᠭᠡᠨ᠎ᠡ᠃
ᠮᠥᠩᠬᠡ᠄ ᠨᠡᠭᠡᠷᠡᠨ ᠲᠡᠢᠮᠦ ᠰᠢᠦ᠂ ᠡᠨᠡ ᠦᠯᠢᠭᠡᠷ ᠴᠦ᠍ ᠠᠳᠠᠯ ᠶᠠᠪᠤᠳᠠᠯ ᠢ᠋ᠶ᠋ᠠᠷ ᠳᠦᠭᠦᠷᠡᠩ ᠠᠶᠠᠯᠠᠯ ᠪᠣᠯᠵᠤ ᠪᠠᠢᠨ᠎ᠠ ᠳᠠ᠂ ᠨᠥᠭᠦᠭᠡ ᠡᠪᠡᠷ ᠢ᠋ᠶ᠋ᠡᠨ ᠠᠯᠳᠠᠭᠰᠠᠨ ᠬᠥᠭᠡᠷᠦᠬᠦᠢ ᠲᠡᠮᠡᠭᠡ ᠶ᠋ᠢ ᠣᠯᠵᠤ ᠠᠭᠤᠯᠵᠠᠵᠠᠭᠠᠬᠤ ᠤᠤ?
ᠲᠤᠩᠬᠤ᠄ ᠲᠡᠭᠡᠶ᠎ᠡ ᠲᠡᠭᠡᠶ᠎ᠡ᠃
ᠪᠠᠰᠠᠷ᠄ ᠠ! Excuse me (ᠠᠭᠤᠴᠢᠯᠠᠭᠠᠷᠠᠢ)᠂ ᠪᠦᠭᠦᠳᠡᠭᠡᠷ ᠢ᠋ᠶ᠋ᠡᠨ ᠪᠠᠷᠤᠭ ᠬᠠᠢᠬᠤ ᠱᠠᠭᠠᠷᠳᠠᠯᠭ᠎ᠠ ᠥᠬᠡᠢ ᠶᠦᠮ ᠪᠢᠰᠢ ᠤᠤ? ᠮᠠᠨ ᠤ᠋ ᠦᠯᠢᠭᠡᠷ ᠦ᠋ᠨ ᠭᠣᠣᠯ ᠳᠦᠷᠢ ᠶ᠋ᠢᠨ ᠲᠡᠮᠡᠭᠡ ᠲᠡᠨᠳᠡ ᠪᠠᠢᠬᠤ ᠰᠢᠭ᠋ ᠪᠠᠢᠨ᠎ᠠ᠃
ᠮᠥᠩᠬᠡ᠄ ᠦ ᠬᠢ ᠬᠢ᠂ ᠲᠦᠷᠦᠭᠦᠨ ᠡᠴᠡ ᠬᠣᠢᠰᠢ ᠲᠡᠮᠡᠭᠡ ᠶ᠋ᠢᠨ ᠢ᠋ᠶ᠋ᠡᠨ ᠬᠠᠵᠠᠭᠤ ᠳ᠋ᠤ᠌ ᠯᠠ ᠪᠠᠢᠭᠠᠳ ᠪᠠᠢᠭᠰᠠᠨ ᠪᠠᠢᠨ᠎ᠠ ᠰᠢᠳᠡ᠃
ᠲᠤᠩᠬᠤ᠄ ᠲᠡᠮᠡᠭᠡ ᠮᠢᠨᠢ ᠶᠡᠬᠡᠯ᠎ᠡ ᠭᠤᠨᠢᠭᠲᠠᠢ ᠪᠠᠢᠭ᠎ᠠ ᠪᠠᠢᠬᠤ ᠳᠠ! ᠪᠦᠭᠦᠳᠡᠭᠡᠷ ᠢ᠋ᠶ᠋ᠡᠨ ᠣᠴᠢᠵᠤ ᠲᠤᠰᠠᠯᠠᠵᠠᠭᠠᠶᠠ᠃
ᠲᠡᠮᠡᠭᠡ᠄ ᠵᠠ᠂ ᠰᠠᠢᠨ ᠪᠠᠢᠵᠠᠭᠠᠨ᠎ᠠ ᠤᠤ ?ᠨᠢᠳᠦᠨ ᠳ᠋ᠦ᠍ ᠪᠡᠨ ᠭᠠᠯ ᠲᠠᠢ ᠨᠢᠭᠤᠷ ᠲᠤ᠌ ᠪᠠᠨ ᠴᠣᠭ ᠲᠠᠢ ᠬᠥᠭᠡᠷᠦᠬᠦᠨ ᠬᠡᠦᠬᠡᠳ ᠦ᠋ᠳ ᠪᠠᠢᠨ᠎ᠠ᠂ᠬᠡᠷᠡᠭ ᠶᠠᠪᠤᠳᠠᠯ ᠶᠠᠭᠤ ᠪᠣᠯᠪᠠ ?ᠬᠠᠮᠢᠭ᠎ᠠ ᠬᠦᠷᠴᠦ ᠶᠠᠪᠤᠨ᠎ᠠ ᠳᠠ? ᠠᠵᠠ ᠵᠢᠷᠭᠠᠯ ᠲᠠᠢ ᠡᠨᠡ ᠲᠠᠯ᠎ᠠ ᠳᠡᠭᠡᠷ᠎ᠡ ᠠᠵᠠ ᠬᠡᠢᠮᠣᠷᠢ ᠬᠠᠢᠵᠤ ᠶᠠᠪᠤᠨ᠎ᠠ ᠤᠤ ᠡᠰᠡᠬᠦᠯ᠎ᠡ ᠨᠠᠮ᠎ᠠ ᠶ᠋ᠢ ᠬᠠᠢᠵᠤ ᠶᠠᠪᠤᠨ᠎ᠠ ᠤᠤ?ᠬᠡᠨ ᠭᠡᠰᠡᠨ ᠤᠤ ᠳᠠ?
ᠮᠥᠩᠬᠡ᠄ ᠠᠢ?
ᠪᠠᠰᠠᠷ᠄ ᠠᠢ?
ᠮᠠᠰᠢᠨ᠄ ᠠᠢ ᠬᠦ?
ᠲᠡᠮᠡᠭᠡ᠄ ᠲᠦᠷᠦᠭᠦᠦ ᠡᠨᠳᠡ ᠶᠠᠷᠢᠯᠴᠠᠭᠠᠳ ᠵᠣᠭᠰᠣᠬᠤ ᠶ᠋ᠢ ᠴᠢᠨᠢ ᠶᠡᠬᠡ ᠤᠳᠠᠭᠠᠨ ᠬᠠᠷᠠᠯ᠎ᠠ᠂ ᠠᠬᠠᠮᠠᠳ ᠲᠡᠮᠡᠭᠡ ᠲᠡᠢ ᠢᠷᠡᠵᠦ ᠮᠡᠨᠳᠦᠯᠡᠬᠦ ᠦᠭᠡᠢ ᠶᠦᠮ ᠪᠣᠯᠪᠠ ᠤᠤ ᠭᠡᠳ ᠭᠠᠢᠬᠠᠭᠠᠳ᠂ ᠥᠨᠳᠡᠯᠵᠡᠨ ᠥᠨᠳᠡᠯᠵᠡᠨ ᠡᠪᠡᠰᠦ ᠪᠡᠨ ᠬᠡᠪᠢᠭᠡᠳ ᠵᠣᠭᠰᠣᠵᠤ ᠪᠠᠢᠭᠰᠠᠨ ᠴᠢᠨᠢ ᠬᠦᠷᠦᠭᠡᠳ ᠢᠷᠡᠴᠢᠬᠡᠯ᠎ᠡ᠃
ᠲᠤᠩᠬᠤ᠄ ᠬᠢ ᠬᠢ᠂ ᠲᠡᠮᠡᠭᠡ ᠭᠤᠸᠠᠢ᠂ ᠲᠡᠮᠡᠭᠡ ᠭᠤᠸᠠᠢ ᠪᠢᠳᠡ ᠨᠠᠷ ᠬᠠᠷᠢᠨ ᠲᠠᠨ ᠳ᠋ᠤ᠌ ᠲᠤᠰᠠᠯᠠᠬᠤ ᠰᠠᠨᠠᠭ᠎ᠠ ᠲᠠᠢ᠁
ᠲᠡᠮᠡᠭᠡ᠄ ᠵᠠ! ᠶᠠᠭᠤᠨ ᠳ᠋ᠤ᠌ ᠲᠤᠰᠠᠯᠠᠬᠤ ᠭᠡᠰᠡᠨ ᠪᠢᠯᠡ?
ᠴᠠᠰᠤᠬᠠᠨ᠄ ᠲᠠᠨ ᠤ᠋ ᠡᠪᠡᠷ ᠰᠡᠭᠦᠯ ᠢ᠋ ᠠᠪᠤᠭᠠᠳ ᠶᠠᠪᠤᠴᠢᠬᠠᠭᠰᠠᠨ ᠪᠢᠵᠡ ᠳᠡ?
ᠲᠡᠮᠡᠭᠡ᠄ ᠲᠡᠭᠡᠭᠡᠳ?
ᠮᠥᠩᠬᠡ᠄ ᠪᠢᠳᠡ ᠨᠠᠷ ᠲᠠᠨ ᠢ᠋ ᠶᠡᠬᠡᠯ᠎ᠡ ᠭᠤᠨᠢᠭᠯᠠᠵᠤ ᠪᠠᠢᠭ᠎ᠠ ᠪᠠᠢᠬᠤ ᠳᠠ ᠭᠡᠳ ᠲᠤᠰᠠᠯᠠᠬᠤ ᠭᠡᠳ ᠢᠷᠡᠯ᠎ᠡ᠂ ᠲᠡᠭᠡᠭᠰᠡᠨ ᠴᠢᠨᠢ ᠲᠠ?
ᠲᠡᠮᠡᠭᠡ᠄ ᠶᠠᠭᠤᠨ ᠳ᠋ᠤ᠌ ᠨᠢ ᠲᠤᠰᠠᠯᠠᠬᠤᠪ ᠳᠠ?
ᠪᠠᠰᠠᠷ᠄ ᠠ! ᠢᠩᠭᠢᠬᠦ ᠳ᠋ᠦ᠍ ᠲᠠ ᠶᠠᠭ ᠡᠨᠡ ᠦᠯᠢᠭᠡᠷ ᠦ᠋ᠨ ᠭᠣᠣᠯ ᠳᠦᠷᠢ ᠨᠢ ᠮᠥᠨ ᠤᠤ? ᠪᠤᠭᠤ᠂ ᠮᠣᠷᠢ ᠬᠣᠶᠠᠷ ᠡᠪᠡᠷ ᠰᠡᠭᠦᠯ ᠢ᠋ ᠲᠠᠨᠢ ᠠᠪᠴᠤ ᠶᠠᠪᠤᠭ᠎ᠠ ᠦᠭᠡᠢ ᠤᠤ?
ᠲᠡᠮᠡᠭᠡ᠄ ᠦᠯᠢᠭᠡᠷ ᠭᠡᠵᠦ ᠶᠠᠭᠤ ᠶᠠᠷᠢᠨ᠎ᠠ ᠪᠣᠢ? ᠠ! ᠭᠡᠬᠦ ᠳ᠋ᠦ᠍ ᠪᠡᠨ ᠶᠠᠭ ᠲᠡᠢᠮᠦ ᠵᠦᠢᠯ ᠪᠣᠯ ᠪᠣᠯᠤᠭᠰᠠᠨ ᠰᠢᠦ᠂ ᠪᠣᠯᠵᠣᠭᠠᠲᠤ ᠡᠳᠦᠷ ᠢ᠋ᠶ᠋ᠡᠨ ᠢᠷᠡᠯ ᠦᠭᠡᠢ ᠥᠩᠭᠡᠷᠡᠵᠦ ᠪᠢᠯᠡ᠃
ᠮᠥᠩᠬᠡ᠄ ᠦ᠂ ᠲᠡᠭᠡᠭᠡᠳ ᠲᠠᠨ ᠳ᠋ᠤ᠌ ᠬᠡᠴᠡᠭᠦᠦ ᠪᠢᠰᠢ ᠪᠠᠢᠨ᠎ᠠ ᠭᠡᠵᠦ ᠤᠤ?
ᠲᠡᠮᠡᠭᠡ᠄ ᠬᠥᠶᠢ᠂ ᠪᠠᠢ᠂ ᠳᠡᠭᠦᠦ ᠮᠢᠨᠢ ᠦᠭᠡᠢ!ᠠᠬ᠎ᠠ ᠨᠢ ᠪᠠᠶᠠᠷ ᠬᠥᠷ ᠲᠡᠢ ᠪᠡᠷ ᠠᠯᠴᠢᠭᠤᠷ ᠪᠣᠯᠭᠠᠭᠠᠳ ᠥᠭᠴᠢᠬᠡᠭᠰᠡᠨ ᠶᠦᠮ᠃
ᠪᠠᠰᠠᠷ᠄ ᠠᠯᠴᠢᠭᠤᠷ ᠪᠣᠯᠭᠠᠭᠠᠳ?
ᠲᠡᠮᠡᠭᠡ᠄ ᠦ᠂ ᠴᠠᠬᠢᠭᠤᠷ ᠲᠡᠮᠦᠷ ᠠᠬ᠎ᠠ ᠶ᠋ᠢᠨ ᠦᠭᠡ ᠡᠴᠡ ᠬᠡᠷᠡᠭᠯᠡᠴᠢᠬᠡᠯᠡ᠂ ᠬᠡ ᠬᠡ᠂ ᠪᠡᠯᠡᠭ ᠪᠣᠯᠭᠠᠭᠠᠳ ᠳᠤᠷᠠᠰᠬᠠᠴᠢᠬᠠᠭᠰᠠᠨ ᠶᠤᠮ᠃
ᠲᠤᠩᠬᠤ᠄ ᠸᠠ! ᠲᠠ ᠲᠡᠭᠡᠪᠡᠯ ᠠᠭᠤᠴᠢᠯᠠᠴᠢᠬᠠᠭᠰᠠᠨ ᠶᠤᠮ ᠤᠤ?
ᠲᠡᠮᠡᠭᠡ᠄ ᠲᠡᠢᠮᠦ ᠠ᠋!
ᠴᠠᠰᠣᠬᠠᠨ᠄ ᠲᠡᠭᠡᠪᠡᠯ᠂ ᠲᠡᠮᠡᠭᠡ ᠠᠬ᠎ᠠ ᠮᠢᠨᠢ ᠲᠡᠳᠡᠨ ᠢ᠋ ᠪᠡᠨ ᠠᠭᠤᠴᠢᠯᠠᠴᠢᠬᠠᠭᠰᠠᠨ ᠪᠠᠢᠨ᠎ᠠ ᠰᠢᠦ ᠳᠡ!
ᠲᠡᠮᠡᠭᠡ᠄ ᠠᠢ ᠳᠠ!ᠡᠨᠡ ᠵᠢᠵᠢᠭᠬᠡᠨ ᠴᠠᠭᠠᠨ ᠪᠥᠮᠪᠥᠭᠡ ᠶᠠᠭ ᠵᠥᠪ ᠬᠡᠯᠡᠯ᠎ᠡ ᠰᠢᠦ᠃
ᠴᠠᠰᠤᠬᠠᠨ᠄ ᠡᠩ?
ᠪᠠᠰᠠᠷ᠄ ᠦ!
ᠲᠡᠮᠡᠭᠡ᠄ ᠣᠯᠠᠨ ᠵᠢᠯ ᠥᠩᠭᠡᠷᠡᠵᠡᠢ᠂ ᠲᠡᠭᠡᠯ᠎ᠡ ᠴᠦ᠍ ᠨᠠᠳᠠ ᠠ᠋ᠴᠠ ᠢᠯᠡᠭᠦᠦ ᠲᠡᠳᠡ ᠨᠠᠷ ᠲᠤ᠌ ᠮᠠᠨᠢ ᠦᠨᠡᠬᠡᠷ ᠬᠡᠷᠡᠭᠲᠡᠢ ᠪᠠᠢᠭᠰᠠᠨ ᠶᠤᠮ ᠠ᠋!ᠨᠠᠮ᠎ᠠ ᠶ᠋ᠢ ᠬᠠᠷ᠎ᠠ ᠯᠠ ᠳᠠ᠂ ᠡᠪᠡᠷ ᠦᠭᠡᠢ ᠰᠡᠭᠦᠯ ᠦᠭᠡᠢ ᠪᠠᠢᠯ᠎ᠠ ᠭᠡᠳ ᠵᠦᠭᠡᠷ ᠯᠡ ᠪᠠᠢᠭ᠎ᠠ ᠪᠢᠵᠡ ᠳᠡ᠂ ᠬᠢ ᠬᠢ᠂ ᠮᠠᠨ ᠤ᠋ ᠬᠣᠶᠠᠷ ᠮᠠᠨᠢ ᠡᠪᠡᠷ ᠰᠡᠭᠦᠯ ᠦᠭᠡᠢ ᠪᠣᠯ ᠡᠨᠡᠭᠦᠬᠡᠨ ᠳ᠋ᠦ᠍ ᠪᠡᠨ ᠵᠢᠭᠠᠬᠠᠨ ᠴᠢᠷᠠᠢ ᠮᠠᠭᠤᠲᠠᠢ ᠶᠤᠮ ᠤᠤ ᠳᠠ᠂ ᠬᠠ ᠬᠠ᠁
ᠪᠠᠰᠠᠷ ᠄ ᠠ ᠬᠠ ᠬᠠ! ᠬᠡ ᠬᠡ᠂ ᠡᠨᠡ ᠲᠡᠮᠡᠭᠡ ᠠᠬ᠎ᠠ ᠶᠣᠰᠣᠲᠠᠢ ᠪᠤᠵᠢᠭᠢᠨᠠᠭᠤᠯᠵᠤ ᠪᠠᠢᠨ᠎ᠠ ᠳᠠ᠃ ᠬᠢ ᠬᠢ!
ᠲᠣᠷᠤᠨ᠄ ᠬᠠᠷᠢᠨ ᠲᠡᠢᠮᠦ᠃
ᠲᠡᠮᠡᠭᠡ᠄ ᠦ!《ᠰᠠᠢᠨ ᠬᠥᠮᠦᠨ ᠢ᠋ ᠳᠤᠷᠠᠰᠬᠤ ᠪᠠᠷ》 ᠭᠡᠵᠦ ᠮᠠᠨ ᠤ᠋ ᠬᠣᠶᠠᠷ ᠢᠷᠡᠵᠦ ᠶᠠᠪᠤᠨ᠎ᠠ ᠤᠤ ᠳᠠ?
ᠮᠣᠷᠢ᠄ ᠬᠥᠶᠢ! ᠶᠠᠭᠠᠬᠢᠨ᠎ᠠ? ᠲᠡᠮᠡᠭᠡ ᠨᠠᠢᠵᠠ ᠠ᠋᠂ ᠴᠢ ᠮᠢᠨᠢ ᠵᠦᠭᠡᠷ ᠤᠤ? ᠣᠯᠠᠨ ᠬᠥᠮᠦᠨ ᠪᠤᠵᠢᠭᠢᠨᠠᠭᠠᠳ ᠪᠠᠢᠬᠤ ᠪᠠᠷ ᠨᠢ ᠶᠠᠮᠠᠷ ᠨᠢᠭᠡᠨ ᠠᠶᠤᠯ ᠤᠴᠠᠷᠠᠭ᠎ᠠ ᠭᠡᠵᠦ ᠪᠣᠳᠣᠭᠠᠳ ᠲᠤᠭᠤᠷᠠᠢ ᠶ᠋ᠢᠨ ᠢ᠋ᠶ᠋ᠡᠨ ᠬᠤᠷᠳᠤ ᠪᠠᠷ ᠪᠢᠳᠡ ᠬᠣᠶᠠᠷ ᠶᠠᠭᠠᠷᠠᠨ ᠶᠠᠭᠠᠷᠠᠨ ᠢᠷᠡᠯ᠎ᠡ᠃
ᠪᠤᠭᠤ᠄ ᠡᠨᠡ ᠣᠯᠠᠨ ᠵᠢᠵᠢᠭᠬᠡᠨ ᠠᠮᠢᠲᠠᠨ ᠴᠢᠨᠢ ᠶᠠᠭᠤ ᠪᠢᠯᠡ?ᠲᠡᠮᠡᠭᠡ ᠨᠠᠢᠵᠠ ᠶ᠋ᠢ ᠮᠢᠨᠢ ᠬᠣᠷᠣᠭᠠᠭᠠᠳ ᠪᠠᠢᠨ᠎ᠠ ᠤᠤ? ᠲᠩᠷᠢ ᠳᠡᠭᠡᠷ᠎ᠡ ᠡᠴᠡ ᠪᠡᠨ ᠨᠤᠷᠠᠭᠠᠯᠭᠠᠮᠠᠷ ᠪᠠᠢᠨ᠎ᠠ ᠤᠤ᠂ ᠲᠡᠷᠲᠡᠭᠡ ᠬᠣᠯᠠ ᠤᠷᠤᠭᠤ ᠮᠥᠷᠭᠥᠯᠡᠮᠡᠷ ᠪᠠᠢᠨ᠎ᠠ ᠤᠤ?
ᠮᠠᠰᠢᠨ᠄ ᠦ! ᠦᠭᠡᠢ ᠦᠭᠡᠢ ᠠᠬ᠎ᠠ ᠨᠠᠷ ᠠ᠋! ᠡᠢᠮᠦ ᠤᠴᠢᠷ ᠲᠠᠢ ᠶᠤᠮ ᠠ᠋᠁
ᠮᠣᠷᠢ᠄ ᠬᠣᠣ᠂ᠶᠠᠷᠢᠳᠠᠭ ᠢᠯᠠᠭ᠎ᠠ᠁
ᠪᠠᠰᠠᠷ᠄ ᠬᠡ ᠠ ᠬᠡᠩ ᠬᠡᠩ ᠁
ᠲᠡᠮᠡᠭᠡ᠄ ᠠ ᠬᠢ ᠬᠢ!ᠵᠠ᠂ ᠮᠢᠨᠦ ᠨᠠᠢᠵᠠ ᠨᠤᠭᠤᠳ ᠲᠠᠢᠪᠤᠰᠢᠷᠠᠵᠠᠭᠠ᠂ ᠮᠠᠨ ᠤ᠋ ᠲᠠᠯ᠎ᠠ ᠶ᠋ᠢᠨ ᠬᠡᠦᠬᠡᠳ ᠦ᠋ᠳ ᠪᠠᠢᠭ᠎ᠠ ᠶᠤᠮ᠂ ᠬᠥᠭᠡᠷᠦᠬᠦᠢ ᠮᠢᠨᠢ ᠨᠠᠳᠠ ᠳᠤ ᠰᠠᠨᠠᠭ᠎ᠠ ᠵᠣᠪᠠᠵᠤ ᠶᠠᠪᠤᠭ᠎ᠠ ᠶᠤᠮ ᠭᠡᠨ᠎ᠡ᠃
ᠪᠤᠭᠤ᠄ ᠦ᠂ ᠪᠢᠳᠡᠨ ᠢ᠋ ᠠᠭᠤᠴᠢᠯᠠᠭᠠᠷᠠᠢ! ᠬᠢ ᠬᠢ ᠬᠢ᠃
ᠮᠣᠷᠢ᠄ ᠦ᠂ ᠠᠭᠤᠴᠢᠯᠠᠭᠠᠷᠠᠢ! ᠬᠡ ᠬᠡ ᠬᠡ᠃
ᠮᠠᠰᠢᠨ᠄ ᠢᠯᠠᠭ᠎ᠠ ᠪᠠᠢᠬᠤ ᠳ᠋ᠤ᠌ ᠪᠠᠨ ᠶᠠᠭᠠᠬᠢᠳᠠᠭ ᠪᠣᠢ?
ᠪᠠᠰᠠᠷ᠄ ᠵᠠ!ᠨᠠᠭᠠᠳᠤᠶ᠎ᠠ᠂ᠨᠠᠭᠠᠳᠤᠶ᠎ᠠ! ᠮᠢᠨᠦ ᠨᠠᠢᠵᠠ ᠲᠠᠢᠪᠤᠰᠢᠷᠠ᠂《ᠲᠣᠷᠤᠨ》 ᠭᠡᠵᠦ ᠶᠡᠷᠦ ᠡᠴᠡ ᠪᠡᠨ ᠮᠡᠳᠡᠬᠦ ᠦᠭᠡᠢ ᠰᠢᠳᠡ᠂ᠦᠯᠢᠭᠡᠷ ᠦ᠋ᠨ ᠠᠮᠢᠲᠠᠨ!
ᠮᠠᠰᠢᠨ᠄ ᠵᠠ ᠵᠠ!
ᠴᠠᠰᠤᠬᠠᠨ᠄ ᠲᠡᠢᠮᠦ᠂ᠮᠡᠳᠡᠬᠦ ᠦᠭᠡᠢ ᠰᠢᠦ ᠳᠡ!
ᠲᠣᠷᠤᠨ᠄ ᠬᠢ ᠬᠢ ᠬᠢ ᠵᠠ᠂ ᠵᠠ!
ᠪᠤᠭᠤ᠄ ᠪᠢᠳᠡ ᠡᠷᠭᠢᠭᠦᠯᠦᠨ ᠥᠭᠬᠦ ᠭᠡᠰᠡᠨ ᠴᠢᠨᠢ ᠲᠡᠮᠡᠭᠡ ᠨᠠᠢᠵᠠ ᠮᠢᠨᠢ 《ᠬᠡᠷᠡᠭ ᠦᠭᠡᠢ》 ᠭᠡᠰᠡᠨ ᠶᠦᠮ ᠠ᠋!
ᠮᠣᠷᠢ᠄ 《ᠶᠠᠭᠠᠬᠢᠭᠠᠳ ᠪᠣᠢ?》 ᠭᠡᠰᠡᠨ ᠴᠢᠨᠢ ᠲᠠ ᠬᠣᠶᠠᠷ ᠲᠤ᠌ ᠲᠤᠰᠠᠯᠠᠮᠠᠷ ᠪᠠᠢᠨ᠎ᠠ ᠭᠡᠵᠦ ᠪᠠᠢᠨ᠎ᠠ ᠯᠠᠢ᠂ ᠪᠢᠳᠡ ᠲᠡᠮᠡᠭᠡ ᠳ᠋ᠦ᠍ ᠪᠡᠨ ᠠᠯᠢ ᠪᠣᠯᠬᠤ ᠲᠤᠰᠠᠯᠠᠵᠤ ᠪᠣᠯᠬᠤ ᠪᠦᠬᠦᠨ ᠢ᠋ᠶ᠋ᠡᠷ ᠲᠤᠰᠠᠯᠠᠬᠤ ᠶ᠋ᠢ ᠬᠦᠰᠡᠳᠡᠭ ᠳᠡ᠃
ᠲᠡᠮᠡᠭᠡ᠄ ᠬᠡᠷᠪᠡ ᠨᠢᠭᠡ ᠨᠠᠢᠵᠠ ᠶ᠋ᠢᠨ ᠢ᠋ᠶ᠋ᠡᠨ ᠵᠦᠢᠯ ᠢ᠋ ᠠᠪᠬᠤ ᠳ᠋ᠤ᠌ ᠪᠠᠨ 《ᠡᠷᠭᠢᠭᠦᠯᠵᠦ ᠥᠭᠭᠦᠨ᠎ᠡ》 ᠭᠡᠵᠦ ᠠᠮᠠᠯᠠᠭᠰᠠᠨ ᠪᠣᠯ ᠵᠠᠪᠠᠯ ᠥᠭᠬᠦ ᠶᠣᠰᠣᠲᠠᠢ᠂ ᠠ᠂ ᠭᠡᠬᠦ ᠳ᠋ᠦ᠍ ᠪᠡᠨ ᠥᠭᠭᠦᠭᠰᠡᠨ ᠨᠠᠢᠵᠠ ᠨᠢ ᠲᠡᠳᠡᠨ ᠳ᠋ᠦ᠍ ᠪᠡᠨ ᠳᠤᠷᠠᠰᠬᠠᠨ᠂ ᠥᠪᠡᠷ ᠢ᠋ᠶ᠋ᠡᠨ ᠥᠭᠭᠦᠭᠰᠡᠨ ᠲᠣᠬᠢᠶᠠᠯ ᠳ᠋ᠤ᠌ ᠥᠭᠭᠦᠭᠰᠡᠨ ᠪᠡᠯᠡᠭ ᠢ᠋ ᠨᠢ ᠨᠠᠨᠳᠢᠩᠨᠠᠨ ᠬᠠᠳᠠᠭᠠᠯᠠᠬᠤ ᠶᠣᠰᠣᠲᠠᠢ ᠶᠤᠮ ᠰᠢᠦ ᠳᠡ!
ᠮᠥᠩᠬᠡ᠄ ᠲᠡᠢᠮᠦ ᠰᠢᠦ!
ᠲᠤᠩᠬᠤ᠄ ᠦᠨᠡᠲᠡᠢ ᠰᠤᠷᠭᠠᠮᠵᠢ ᠪᠠᠢᠨ᠎ᠠ ᠃
ᠴᠠᠰᠤᠬᠠᠨ᠄ ᠵᠠ ᠲᠡᠭᠡᠪᠡᠯ ᠪᠦᠭᠦᠳᠡᠭᠡᠷ ᠢ᠋ᠶ᠋ᠡᠨ ᠦᠯᠢᠭᠡᠷ ᠢ᠋ᠶ᠋ᠡᠷ ᠢ᠋ᠶ᠋ᠡᠨ ᠠᠶᠠᠯᠠᠴᠢᠬᠠᠭᠰᠠᠨ ᠶᠤᠮ ᠴᠢᠨᠢ ᠡᠨᠳᠡ ᠬᠦᠷᠦᠭᠡᠳ ᠪᠤᠴᠠᠬᠤ ᠤᠤ ᠳᠠ?
ᠲᠤᠩᠬᠤ᠄ ᠵᠠ ᠪᠠᠶᠠᠷᠲᠠᠢ! ᠲᠠ ᠨᠠᠷ ᠮᠢᠨᠢ ᠰᠠᠢᠨ ᠰᠠᠭᠤᠵᠠᠭᠠᠵᠤ ᠪᠠᠢᠭᠠᠷᠠᠢ!
ᠮᠣᠷᠢ᠄ ᠪᠠᠶᠠᠷᠲᠠᠢ
ᠪᠤᠭᠤ᠄ ᠪᠠᠶᠠᠷᠲᠠᠢ
ᠪᠠᠰᠠᠷ᠄ ᠪᠠᠶᠠᠷᠲᠠᠢ
ᠮᠥᠩᠬᠡ᠄ ᠪᠠᠶᠠᠷᠲᠠᠢ
ᠲᠡᠮᠡᠭᠡ᠄ ᠵᠠ ᠪᠠᠶᠠᠷᠲᠠᠢ
ᠠᠷᠸ᠎ᠠ ᠄ ᠵᠠ᠂ ᠰᠠᠢᠬᠠᠨ ᠠᠶᠠᠯᠠᠵᠠᠭᠠᠭᠠᠳ ᠢᠷᠡᠪᠡ ᠤᠤ ?ᠮᠠᠨ ᠤ᠋ ᠬᠢ ᠠ᠋
ᠮᠥᠩᠬᠡ᠄ ᠶᠧ!ᠶᠠᠩᠵᠤ ᠶ᠋ᠢᠨ ᠠᠳᠠᠯ ᠶᠠᠪᠤᠳᠠᠯ ᠲᠠᠢ ᠶᠠᠪᠤᠯ᠎ᠠ ᠳᠠ᠂ ᠠᠷᠸ᠎ᠠ ᠠᠬ᠎ᠠ ᠠ᠋᠂ ᠶᠠᠭᠤ ᠪᠣᠯᠤᠭᠰᠠᠨ ᠭᠡᠵᠦ ᠰᠠᠨᠠᠨ᠎ᠠ? ᠡᠨᠳᠡ ᠲᠡᠨᠳᠡ ᠡᠴᠡ ᠪᠡᠨ( ᠯᠠᠰᠦ᠋ᠸᠧᠷ) ᠦ᠋ᠨ ᠰᠤᠮᠤ ᠣᠷᠣᠵᠤ ᠢᠷᠡᠭᠡᠳ ᠰᠠᠨᠠᠭ᠎ᠠ ᠴᠠᠰᠤᠬᠠᠨ ᠪᠦᠷ ᠰᠢᠯ ᠢ᠋ᠶ᠋ᠡᠷ ᠢ᠋ᠶ᠋ᠡᠨ ᠪᠠᠬ᠎ᠠ ᠪᠠᠮᠪᠠᠷ ᠢ᠋ ᠬᠠᠭᠤᠯᠪᠤᠷᠢᠯᠠᠭᠠᠳ ᠭᠠᠷᠭᠠᠭᠠᠳ ᠢᠷᠡᠭᠰᠡᠨ ᠭᠡᠵᠦ ᠪᠣᠳᠣ ᠳᠠ!
ᠲᠤᠩᠬᠤ᠄ ᠬᠠᠷᠢᠨ ᠲᠡᠢᠮᠦ᠂ ᠬᠠᠷᠢᠨ ᠲᠡᠢᠮᠦ! ᠪᠢᠳᠡ ᠨᠠᠷ ᠤ᠋ᠨ ᠪᠡᠶ᠎ᠡ ᠬᠣᠭᠣᠷᠣᠨᠳᠣ ᠪᠠᠨ ᠰᠣᠯᠢᠭᠳᠠᠭᠠᠳ᠂ ᠪᠢ ᠪᠦᠷ ᠵᠢᠵᠢᠭᠬᠡᠨ ᠪᠣᠯᠤᠭᠰᠠᠨ᠂ ᠲᠡᠭᠡᠭᠡᠳ ᠶᠠᠭᠠᠬᠢᠬᠤ ᠪᠠᠨ ᠮᠡᠳᠡᠬᠦ ᠦᠭᠡᠢ 《ᠠᠭᠠᠷᠴᠠ ᠥᠭᠭᠦᠭᠡᠴᠢ᠂ ᠠᠭᠠᠷᠴᠠ ᠥᠭᠭᠦᠭᠡᠴᠢ》 ᠭᠡᠳ ᠯᠡ ᠶᠣᠰᠣᠲᠠᠢ ᠠᠳᠠᠯ ᠶᠠᠪᠤᠳᠠᠯ ᠲᠠᠢ ᠭᠣᠶᠣ ᠦᠯᠢᠭᠡᠷ ᠪᠠᠢᠭᠰᠠᠨ!
ᠴᠠᠰᠤᠬᠠᠨ᠄ ᠮᠢᠶᠣᠤ᠂ ᠮᠢᠶᠣᠤ᠂ ᠮᠢᠶᠣᠤ᠁
ᠠᠷᠸ᠎ᠠ᠄ ᠦ ᠬᠦ᠂ ᠲᠠ ᠨᠠᠷ ᠢ᠋ ᠦᠯᠢᠭᠡᠷ ᠲᠦ᠍ ᠣᠷᠣᠭᠰᠠᠨ ᠴᠠᠭ ᠠ᠋ᠴᠠ ᠡᠬᠢᠯᠡᠭᠡᠳ ᠡᠨᠡ ᠭᠡᠷᠡᠯ ᠠᠰᠠᠭᠠᠳ ᠪᠠᠢᠭᠰᠠᠨ ᠶᠤᠮ᠂ᠡᠢᠮᠦ ᠤᠴᠢᠷ ᠲᠠᠢ ᠪᠠᠢᠭᠰᠠᠨ ᠶᠤᠮ ᠪᠠᠢᠪᠠ ᠪᠣᠢ᠃
ᠡᠪ ᠦᠭᠡᠢ ᠮᠥᠩᠬᠡ᠄ ᠲᠠ ᠨᠠᠷ ᠪᠢᠳᠡᠨ ᠢ᠋ ᠰᠣᠨᠣᠰᠴᠤ ᠪᠠᠢᠭ᠎ᠠ ᠶ᠋ᠢ ᠮᠡᠳᠡᠵᠦ ᠪᠠᠢᠨ᠎ᠠ᠂ ᠲᠤᠩ ᠤᠳᠠᠬᠤ ᠦᠭᠡᠢ ᠢᠯᠡᠭᠦᠦ ᠰᠣᠨᠢᠷᠬᠠᠯᠲᠠᠢ ᠭᠡᠨᠡᠳᠲᠡ ᠶ᠋ᠢᠨ ᠪᠡᠯᠡᠭ ᠲᠡᠢ ᠠᠭᠤᠯᠵᠠᠵᠠᠭᠠᠶ᠎ᠠ᠃
ᠡᠩ ᠦᠭᠡᠢ ᠲᠤᠩᠬᠤ᠄ ᠵᠠ ᠮᠥᠩᠬᠡ ᠠ᠋! ᠶᠠᠪᠤᠬᠤ ᠦᠭᠡᠢ ᠪᠣᠯ ᠠᠮᠵᠢᠬᠤ ᠪᠠᠨ ᠪᠠᠢᠯ᠎ᠠ ᠃
ᠡᠪ ᠦᠭᠡᠢ ᠮᠥᠩᠬᠡ᠄ ᠵᠠ ᠣᠢᠯᠭᠠᠯᠠ᠂ ᠪᠠᠶᠠᠷᠲᠠᠢ!ᠳᠠᠷᠠᠭ᠎ᠠ ᠠᠭᠤᠯᠵᠠᠨ᠎ᠠ᠃
ᠲᠤᠩᠬᠤ᠄ ᠶᠠᠭᠠᠬᠢᠨ᠎ᠠ? ᠡᠳᠡ ᠨᠠᠷ ᠮᠠᠨᠢ ᠪᠦᠷ ᠯᠡ ᠶᠡᠬᠡ ᠠᠭᠤᠷᠲᠠᠢ ᠪᠣᠯᠤᠭᠠᠳ ᠪᠠᠢᠬᠤ ᠶᠤᠮ᠃
ᠠᠷᠸ᠎ᠠ᠄ ᠵᠦᠭᠡᠷ ᠳᠡ! ᠮᠢᠨᠦ ᠳᠡᠭᠦᠦ ᠨᠠᠷ᠂ ᠠᠯᠢᠪᠠ ᠵᠦᠢᠯ ᠳ᠋ᠦ᠍ ᠰᠠᠢᠨ ᠮᠠᠭᠤ ᠲᠠᠯ᠎ᠠ ᠦᠷᠭᠦᠯᠵᠢ ᠪᠠᠢᠳᠠᠭ ᠶᠤᠮ᠂ ᠬᠠᠷᠢᠨ ᠪᠢᠳᠡ ᠰᠠᠢᠨ ᠲᠠᠯ᠎ᠠ ᠶ᠋ᠢ ᠨᠢ ᠣᠯᠵᠤ ᠨᠡᠭᠡᠭᠡᠬᠦ ᠬᠡᠷᠡᠭᠲᠡᠢ ᠳᠡ!
ᠮᠥᠩᠬᠡ᠄ ᠠ᠋ ᠦ᠂ ᠪᠢ ᠪᠣᠯ ᠰᠠᠢᠬᠠᠨ ᠠᠶᠠᠯᠠᠭᠠᠳ ᠪᠠᠢᠬᠤ ᠪᠣᠳᠣᠯ ᠲᠠᠢ ᠪᠠᠢᠨ᠎ᠠ ᠃
ᠲᠤᠩᠬᠤ᠄ ᠤᠭ ᠨᠢ ᠡᠨᠡ ᠬᠡᠳᠦ ᠶ᠋ᠢ ᠪᠡᠨ ᠰᠠᠢᠨ ᠣᠢᠯᠭᠠᠭᠠᠳ ᠨᠠᠢᠵᠠ ᠨᠤᠭᠤᠳ ᠪᠣᠯᠴᠢᠬᠠᠬᠤ ᠶᠤᠮ ᠰᠠᠨ!
ᠠᠷᠸ᠎ᠠ ᠄ ᠬᠢ ᠬᠢ᠂ ᠮᠤᠨᠳᠠᠭ ᠰᠢᠦ! ᠮᠢᠨᠦ ᠳᠡᠭᠦᠦ ᠨᠠᠷ᠃
ᠮᠠᠰᠢᠨ᠄ ᠰᠠᠶᠢ ᠶ᠋ᠢᠨ ᠦᠯᠢᠭᠡᠷ ᠳᠡᠭᠡᠷ᠎ᠡ ᠪᠠᠬ᠎ᠠ ᠪᠠᠮᠪᠠᠷ ᠢ᠋ ᠬᠦᠷᠲᠡᠯ᠎ᠡ ᠬᠠᠭᠤᠯᠤᠭᠠᠳ ᠠᠪᠴᠢᠬᠠᠭᠰᠠᠨ ᠪᠠᠢᠭᠰᠠᠨ ᠶᠤᠮ ᠴᠢᠨᠢ᠂ ᠮᠢᠨᠦ ᠡᠰᠡᠷᠭᠦ ᠲᠠᠯ᠎ᠠ ᠴᠤ᠌ ᠭᠡᠰᠡᠨ ᠪᠠᠢᠭ᠎ᠠ ᠭᠡᠰᠡᠨ ᠦᠭᠡ ᠥᠥ ?
ᠮᠥᠩᠬᠡ᠄ ᠸᠠ᠂ ᠲᠡᠢᠮᠦ ᠪᠠᠢᠬᠤ ᠨᠢ ᠠ᠋! ᠪᠦᠷ ᠷᠣᠪᠲᠤᠨ ᠲᠣᠷᠤᠨ ᠤ᠋ ᠪᠣᠰᠤᠯᠭ᠎ᠠ ᠭᠡᠳ ᠯᠡ ᠮᠢᠨᠦ Comic ᠪᠠᠷᠤᠭ ᠰᠢᠨᠡᠬᠡᠨ ᠦᠯᠢᠭᠡᠷ ᠣᠯᠤᠭᠠᠳ ᠪᠠᠢᠭ᠎ᠠ ᠶᠤᠮ ᠪᠢᠰᠢ ᠤᠤ ? ᠠ ᠬᠠ ᠬᠠ!
ᠲᠤᠩᠬᠤ᠄ ᠰᠡᠭᠦᠯᠴᠢ ᠶ᠋ᠢᠨ ᠡᠰᠡᠷᠭᠦᠴᠡᠭᠴᠢᠳ ᠦᠷᠭᠦᠯᠵᠢ ᠪᠡᠯᠡᠨ ᠰᠢᠦ!
(ᠪᠦᠭᠦᠳᠡᠭᠡᠷ ᠢᠨᠢᠶᠡᠨ᠎ᠡ)
ᠲᠠᠢᠯᠪᠤᠷᠢ᠄
Gaptain Marvel ____ ᠨᠢᠰᠳᠡᠭ ᠡᠷᠳᠡᠮ ᠲᠡᠢ ᠡᠮᠡᠭᠲᠡᠢ᠂ ᠺᠢᠨᠥ ᠶ᠋ᠢᠨ ᠪᠠᠭᠠᠲᠤᠷ
Gummy bear ____ᠭᠧᠷᠮᠠᠨ ᠦᠭᠡ᠂ ᠺᠦᠮᠢ ᠡᠴᠡ ᠦᠰᠦᠷᠦᠨ ᠭᠠᠷᠴᠤ ᠢᠷᠡᠳᠡᠭ ᠪᠠᠭᠠᠪᠠᠭᠠᠢ᠂ ᠨᠣᠭᠣᠭᠠᠨ ᠥᠩᠭᠡᠲᠡᠢ ᠃
Excuse me ____ ᠠᠭᠤᠴᠢᠯᠠᠭᠠᠷᠠᠢ ᠭᠡᠰᠡᠨ ᠠᠩᠭ᠌ᠯᠢ ᠦᠭᠡ᠃
Comic ____ ᠶᠠᠫᠣᠨ ᠤ᠋ ᠦᠷᠭᠦᠯᠵᠢᠯᠡᠭᠰᠡᠨ ᠵᠢᠷᠤᠭᠲᠤ ᠳᠡᠪᠲᠡᠷ᠃
ᠦᠰᠦᠭ ᠠᠮᠢᠯᠠᠭᠤᠯᠤᠭᠴᠢ᠄ ᠬᠤᠸᠠᠷ
ᠦᠰᠦᠭ ᠬᠠᠳᠠᠭᠴᠢ ᠄ ᠾᠦᠩ ᠸᠧᠢ
ᠬᠢᠨᠠᠯᠲᠠ᠄ ᠱᠤᠳᠤᠷᠭᠤ᠂ ᠪᠥᠬᠡᠴᠢᠯᠠᠭᠤ᠂ᠰᠠᠷᠠᠩᠭᠤᠸ᠎ᠠ᠂ ᠮᠥᠴᠢᠷ