1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠬᠥᠮᠦᠵᠢᠭᠦᠯᠬᠦ ᠬᠠᠷᠠᠯᠲᠠ ᠢᠪᠴᠤᠷᠠᠭᠰᠠᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-04-ᠪᠣᠯᠣᠴᠢᠯᠠᠭᠤ

ᠬᠡᠦᠬᠡᠳ ᠬᠥᠮᠦᠵᠢᠭᠦᠯᠬᠦ ᠬᠠᠷᠠᠯᠲᠠ ᠢᠪᠴᠤᠷᠠᠭᠰᠠᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-04-ᠪᠣᠯᠣᠴᠢᠯᠠᠭᠤ

2023-10-14

1459

ᠬᠡᠦᠬᠡᠳ ᠬᠥᠮᠦᠵᠢᠭᠦᠯᠬᠦ ᠬᠠᠷᠠᠯᠲᠠ ᠢᠪᠴᠤᠷᠠᠭᠰᠠᠨ

    ᠬᠡᠴᠢᠨᠡᠨ ᠣᠯᠠᠨ ᠭᠡᠷ ᠦ᠋ᠨ ᠠᠬᠠᠮᠠᠳ ᠬᠡᠦᠬᠡᠳ ᠢ᠋ᠶ᠋ᠡᠨ ᠢᠷᠡᠭᠡᠳᠦᠢ ᠳ᠋ᠦ᠍ ᠪᠦᠷ ᠬᠣᠰᠢᠭᠤ ᠳᠠᠷᠤᠭ᠎ᠠ᠂ ᠢᠨᠵᠧᠨᠧᠷ᠂ ᠡᠷᠳᠡᠮᠲᠡᠨ᠂ ᠰᠢᠨᠵᠢᠯᠡᠬᠦ ᠤᠬᠠᠭᠠᠨᠲᠠᠨ ᠪᠣᠯᠭᠠᠬᠤ ᠬᠦᠰᠡᠯ ᠲᠡᠢ ᠪᠠᠢᠨ᠎ᠠ᠃ ᠡᠭᠦᠨ ᠦ᠌ ᠡᠰᠡᠷᠭᠦ ᠪᠡᠷ ᠵᠠᠷᠢᠮ ᠭᠡᠷ ᠦ᠋ᠨ ᠠᠬᠠᠮᠠᠳ ᠨᠢ ᠬᠡᠦᠬᠡᠳ ᠢ᠋ᠶ᠋ᠡᠨ ᠰᠤᠷᠭᠠᠭᠤᠯᠢ ᠳ᠋ᠤ᠌ ᠲᠤᠰᠢᠶᠠᠭᠠᠳ ᠥᠭᠪᠡᠯ ᠴᠠᠰᠢ ᠪᠠᠨ ᠶᠠᠭᠤ ᠶ᠋ᠢ ᠨᠢ ᠴᠦ᠍ ᠬᠠᠮᠢᠶᠠᠷᠬᠤ ᠦᠭᠡᠢ ᠬᠠᠶᠠᠭᠠᠨ ᠳ᠋ᠤ᠌ ᠨᠢ ᠬᠠᠶᠠᠭᠰᠠᠨ ᠪᠠᠢᠳᠠᠭ᠃ ᠡᠳᠡᠭᠡᠷ ᠨᠢ ᠪᠦᠷ ᠲᠤᠢᠯᠰᠢᠷᠠᠭᠰᠠᠨ ᠦᠵᠡᠯᠲᠡ ᠪᠠᠢᠭ᠎ᠠ ᠶᠤᠮ᠃ ᠬᠥᠮᠦᠨ ᠪᠦᠬᠦᠨ ᠨᠣᠶᠠᠨ ᠰᠠᠭᠤᠬᠤ ᠲᠠᠪᠢᠯᠠᠩ ᠲᠠᠢ ᠪᠢᠰᠢ᠂ ᠠᠳᠠᠯᠢᠬᠠᠨ ᠢ᠋ᠶ᠋ᠠᠷ ᠬᠥᠮᠦᠨ ᠪᠦᠬᠦᠨ ᠡᠷᠳᠡᠮᠲᠡᠨ ᠴᠦ᠍ ᠪᠣᠯᠵᠤ ᠳᠡᠢᠯᠬᠦ ᠦᠭᠡᠢ ᠨᠢ ᠯᠠᠪ᠂ ᠡᠨᠡ ᠪᠣᠯ ᠬᠡᠦᠬᠡᠳ ᠦ᠋ᠨ ᠲᠥᠷᠥᠯᠬᠢ ᠠᠪᠢᠶᠠᠰ ᠳᠤᠷ᠎ᠠ ᠰᠣᠨᠢᠷᠬᠠᠯ ᠪᠤᠶᠤ ᠬᠣᠵᠢᠮ ᠤ᠋ᠨ ᠣᠷᠣᠯᠳᠣᠯᠭ᠎ᠠ ᠴᠢᠷᠮᠠᠢᠯᠭ᠎ᠠ ᠠ᠋ᠴᠠ ᠲᠣᠭᠲᠠᠭᠠᠭᠳᠠᠬᠤ ᠠᠰᠠᠭᠤᠳᠠᠯ ᠬᠠᠷᠢᠨ ᠬᠡᠦᠬᠡᠳ ᠢ᠋ ᠡᠷᠡᠭᠦᠯ ᠰᠠᠷᠠᠭᠤᠯ ᠵᠠᠩ ᠰᠡᠳᠬᠢᠴᠡ ᠲᠡᠢ ᠬᠥᠮᠦᠨ ᠪᠣᠯᠭᠠᠨ ᠬᠥᠮᠦᠵᠢᠭᠦᠯᠬᠦ ᠪᠣᠯ ᠪᠢᠳᠡ ᠪᠦᠬᠦᠨ ᠤ ᠬᠠᠮᠲᠤ ᠶ᠋ᠢᠨ ᠬᠦᠰᠡᠯ ᠬᠠᠷᠠᠯᠲᠠ ᠪᠠᠢᠬᠤ ᠶᠣᠰᠣᠲᠠᠢ᠂ ᠡᠨᠡᠬᠦ ᠵᠣᠷᠢᠯᠲᠠ ᠳᠡᠭᠡᠷ᠎ᠡ ᠪᠢᠳᠡ ᠪᠦᠬᠦᠨ ᠤ ᠰᠠᠨᠠᠭ᠎ᠠ ᠤᠨᠤᠭ᠎ᠠ ᠨᠢᠭᠡᠳᠴᠦ ᠢᠷᠡᠪᠡᠯ ᠰᠠᠶᠢ ᠡᠷᠳᠡᠮᠲᠡᠨ ᠮᠡᠷᠭᠡᠳ ᠬᠥᠮᠦᠵᠢᠭᠦᠯᠬᠦ ᠪᠡᠷ ᠪᠠᠷᠠᠬᠤ ᠦᠭᠡᠢ ᠨᠡᠢᠭᠡᠮ ᠦ᠋ᠨ ᠡᠯ᠎ᠡ ᠲᠥᠷᠥᠯ ᠦ᠋ᠨ ᠠᠵᠢᠯ ᠤ᠋ᠨ ᠪᠠᠢᠷᠢ ᠳᠡᠭᠡᠷᠡᠬᠢ ᠣᠯᠠᠨ ᠠᠪᠢᠶᠠᠰᠲᠠᠨ ᠠ᠋ᠴᠠ ᠡᠬᠢᠯᠡᠭᠡᠳ ᠬᠥᠳᠡᠭᠡ ᠨᠤᠲᠤᠭ ᠢ᠋ᠶ᠋ᠠᠨ ᠥᠮᠴᠢᠯᠡᠵᠦ ᠶᠠᠪᠤᠬᠤ ᠡᠭᠡᠯ ᠵᠢᠷ ᠦ᠋ᠨ ᠮᠠᠯᠴᠢᠨ ᠲᠠᠷᠢᠶᠠᠴᠢᠨ ᠢ ᠴᠦ᠍ ᠬᠥᠮᠦᠵᠢᠭᠦᠯᠵᠦ ᠴᠢᠳᠠᠬᠤ ᠪᠣᠯᠤᠨ᠎ᠠ᠃ ᠭᠠᠭᠴᠠᠬᠦ ᠬᠡᠦᠬᠡᠳ ᠦ᠋ᠨ ᠪᠡᠶ᠎ᠡ ᠰᠡᠳᠬᠢᠴᠡ ᠡᠷᠡᠭᠦᠯ ᠰᠠᠷᠠᠭᠤᠯ ᠯᠠ ᠪᠣᠢᠵᠢᠪᠠᠯ ᠲᠣᠮᠣ ᠪᠣᠯᠤᠭᠰᠠᠨ ᠬᠣᠢᠨ᠎ᠠ ᠶᠠᠮᠠᠷ ᠣᠷᠴᠢᠨ ᠳ᠋ᠤ᠌ ᠶᠠᠭᠤ ᠬᠢᠭᠰᠡᠨ ᠴᠦ᠍ ᠠᠵᠢᠯ ᠠᠮᠢᠳᠤᠷᠠᠯ ᠳ᠋ᠤ᠌ ᠪᠠᠨ ᠢᠲᠡᠭᠡᠯ ᠳᠦᠭᠦᠷᠡᠩ ᠬᠥᠮᠦᠨ ᠪᠣᠯᠬᠤ ᠨᠢ ᠯᠠᠪ᠃ ᠡᠨᠡ ᠪᠣᠯ ᠰᠠᠶᠢ ᠬᠡᠦᠬᠡᠳ ᠬᠥᠮᠦᠵᠢᠭᠦᠯᠬᠦ ᠵᠥᠪ ᠬᠠᠷᠠᠯᠲᠠ ᠪᠠᠢᠭᠰᠠᠨ ᠴᠤ᠌ ᠣᠯᠠᠩᠬᠢ ᠭᠡᠷ ᠦ᠋ᠨ ᠠᠬᠠᠮᠠᠳ ᠤ᠋ᠨ ᠬᠡᠦᠬᠡᠳ ᠲᠡᠭᠡᠨ ᠲᠠᠯᠪᠢᠬᠤ ᠬᠦᠰᠡᠯ ᠱᠠᠭᠠᠷᠳᠠᠯᠭ᠎ᠠ ᠬᠡᠳᠦ ᠢᠪᠴᠤᠷᠠᠨ ᠲᠤᠢᠯᠰᠢᠷᠠᠭᠰᠠᠨ ᠠ᠋ᠴᠠ ᠪᠣᠯᠵᠤ ᠬᠡᠦᠬᠡᠳ ᠦ᠋ᠨ ᠳᠠᠷᠤᠭᠠᠰᠤ ᠬᠦᠨᠳᠦᠷᠡᠨ ᠵᠠᠩ ᠰᠡᠳᠬᠢᠴᠡ ᠡᠪᠳᠡᠷᠡᠵᠦ᠂ ᠵᠣᠵᠢᠭ ᠵᠥᠷᠢᠭᠦᠳ᠂ ᠶᠠᠭᠤᠨ ᠳ᠋ᠤ᠌ ᠴᠤ᠌ ᠰᠣᠨᠢᠷᠬᠠᠯ ᠦᠭᠡᠢ ᠠᠰᠠᠭᠤᠳᠠᠯ ᠲᠠᠢ ᠬᠡᠦᠬᠡᠳ ᠣᠯᠠᠰᠢᠷᠠᠬᠤ ᠬᠠᠨᠳᠤᠰᠢ ᠲᠠᠢ ᠪᠣᠯᠵᠤ ᠪᠠᠢᠨ᠎ᠠ ᠃ ᠤᠳᠤᠮ ᠳᠠᠮᠵᠢᠭᠰᠠᠨ ᠠᠪᠢᠶᠠᠰ ᠢ᠋ ᠬᠠᠮᠢᠶᠠᠷᠤᠯᠲᠠ ᠶ᠋ᠢᠨ᠂ ᠬᠠᠷᠢᠯᠴᠠᠭᠠᠨ ᠤ᠋᠂ ᠰᠤᠳᠤᠯᠭᠠᠨ ᠤ᠋᠂ ᠤᠷᠠᠯᠢᠭ ᠤ᠋ᠨ᠂ ᠠᠬᠤᠢᠴᠢ᠂ ᠬᠡᠪ ᠳᠤᠮᠳᠠ ᠶ᠋ᠢᠨ ᠭᠡᠬᠦ ᠮᠡᠲᠦ ᠶᠡᠬᠡ ᠲᠥᠯᠥᠪ ᠵᠢᠷᠭᠤᠭᠠᠨ ᠲᠥᠷᠥᠯ ᠳ᠋ᠦ᠍ ᠬᠤᠪᠢᠶᠠᠵᠤ ᠪᠠᠢᠳᠠᠭ᠃ ᠳᠠᠭᠤᠤ ᠤᠷᠠᠯᠢᠭ ᠳᠤ ᠠᠪᠢᠶᠠᠰ ᠲᠠᠢ ᠬᠡᠦᠬᠡᠳ ᠥᠯᠥᠭᠡᠢ ᠲᠡᠢ ᠪᠠᠢᠬᠤ ᠠ᠋ᠴᠠ ᠳᠠᠭᠤᠤ ᠬᠥᠭᠵᠢᠮ ᠰᠣᠨᠣᠰᠬᠤ ᠳ᠋ᠤ᠌ ᠠᠢᠵᠠᠮ ᠴᠣᠬᠢᠯᠭ᠎ᠠ ᠶ᠋ᠢᠨ ᠮᠡᠳᠡᠷᠡᠮᠵᠢ ᠰᠠᠢᠨ ᠪᠠᠢᠵᠤ ᠬᠥᠳᠡᠯᠭᠡᠭᠡᠨ ᠰᠡᠳᠬᠢᠯᠭᠡᠨ ᠨᠢ ᠡᠩ ᠦ᠋ᠨ ᠬᠡᠦᠬᠡᠳ ᠡᠴᠡ ᠣᠨᠳᠣᠣ ᠪᠠᠢᠳᠠᠭ᠂ ᠬᠠᠮᠢᠶᠠᠷᠤᠯᠲᠠ ᠶ᠋ᠢᠨ ᠠᠪᠢᠶᠠᠰ ᠲᠠᠢ ᠬᠡᠦᠬᠡᠳ ᠭᠤᠷᠪᠠ ᠲᠠᠪᠤᠬᠠᠨ ᠨᠠᠰᠤᠲᠠᠢ ᠪᠠᠢᠬᠤ ᠳ᠋ᠤ᠌ ᠯᠠ ᠠᠪᠢᠶᠠᠰ ᠨᠢ ᠢᠯᠡᠷᠡᠵᠦ ᠡᠬᠢᠯᠡᠳᠡᠭ᠂ ᠬᠡᠳᠦᠨ ᠬᠡᠦᠬᠡᠳ ᠢ ᠬᠠᠮᠲᠤ ᠨᠠᠭᠠᠳᠤᠭᠤᠯᠬᠤ ᠳ᠋ᠤ᠌ ᠲᠡᠷᠡ ᠬᠡᠦᠬᠡᠳ ᠪᠤᠰᠤᠳ ᠤ᠋ᠨ ᠳᠤᠮᠳᠠ《 ᠳᠠᠷᠤᠭ᠎ᠠ》 ᠰᠠᠭᠤᠴᠢᠬᠠᠭᠰᠠᠨ ᠂ᠨᠥᠭᠦᠭᠡ ᠬᠡᠳᠦ  ᠶ᠋ᠢ ᠪᠡᠨ ᠬᠠᠮᠢᠶᠠᠷᠴᠤ ᠵᠠᠬᠢᠷᠴᠤ ᠪᠠᠢᠳᠠᠭ ᠂ ᠨᠥᠭᠦᠭᠡ ᠬᠡᠳᠦ ᠨᠢ ᠴᠦ᠍ ᠭᠡᠳ ᠡᠨᠡ ᠬᠡᠦᠬᠡᠳ ᠦ᠋ᠨ ᠢ᠋ᠶ᠋ᠡᠨ ᠵᠠᠷᠯᠢᠭ ᠲᠤᠰᠢᠶᠠᠯ ᠠ᠋ᠴᠠ ᠵᠥᠷᠢᠴᠡᠬᠦ ᠦᠭᠡᠢ ᠳᠠᠭᠠᠵᠤ ᠪᠠᠢᠳᠠᠭ᠃ ᠰᠤᠳᠤᠯᠭᠠᠨ ᠤ᠋ ᠠᠪᠢᠶᠠᠰ ᠲᠠᠢ ᠬᠡᠦᠬᠡᠳ ᠦ᠋ᠨ ᠨᠠᠭᠠᠳᠤᠮ ᠨᠠᠭᠠᠳᠬᠤ ᠨᠢ ᠴᠦ᠍ ᠡᠩ ᠦ᠋ᠨ ᠬᠡᠦᠬᠡᠳ ᠡᠴᠡ ᠣᠨᠳᠣᠣ ᠪᠠᠢᠳᠠᠭ᠂ ᠰᠢᠨ᠎ᠡ ᠣᠯᠤᠭᠰᠠᠨ ᠲᠣᠭᠯᠠᠭᠠᠮ ᠤ᠋ᠨ ᠮᠠᠰᠢᠨ ᠢ᠋ᠶ᠋ᠠᠨ ᠲᠤᠩ ᠰᠡᠳᠬᠢᠯ ᠲᠥᠪᠯᠡᠷᠡᠭᠦᠯᠦᠨ ᠨᠠᠭᠠᠳᠬᠤ ᠮᠥᠷᠲᠡᠭᠡᠨ ᠨᠡᠭᠡᠭᠡᠵᠦ ᠡᠪᠳᠡᠯᠡᠵᠦ ᠪᠠᠢᠭᠰᠠᠨ ᠴᠤ᠌ ᠲᠡᠷᠡ ᠮᠠᠰᠢᠨ ᠤ᠋ ᠤᠴᠢᠷ ᠶᠣᠰᠣ ᠶ᠋ᠢ ᠮᠡᠳᠡᠵᠦ ᠠᠪᠬᠤ ᠦᠭᠡᠢ ᠪᠣᠯ ᠰᠠᠯᠬᠤ ᠦᠭᠡᠢ ᠪᠠᠢᠵᠤ ᠢᠳᠡᠵᠦ ᠤᠤᠭᠤᠬᠤ ᠪᠠᠨ ᠴᠤ᠌ ᠮᠠᠷᠲᠠᠭᠰᠠᠨ ᠪᠠᠢᠳᠠᠭ᠂ ᠡᠨᠡ ᠬᠡᠦᠬᠡᠳ ᠲᠣᠮᠣ ᠪᠣᠯᠤᠭᠰᠠᠨ ᠬᠣᠢᠨ᠎ᠠ ᠲᠤᠷᠰᠢᠯᠲᠠ ᠶ᠋ᠢᠨ ᠲᠠᠰᠤᠭ ᠲᠤ᠌ ᠰᠢᠨᠵᠢᠯᠡᠬᠦ ᠤᠬᠠᠭᠠᠨ ᠤ᠋ ᠰᠤᠳᠤᠯᠭᠠᠨ ᠬᠢᠬᠦ ᠳ᠋ᠦ᠍ ᠲᠣᠬᠢᠷᠠᠵᠤ ᠮᠡᠳᠡᠨ᠎ᠡ᠃ ᠡᠨᠡ ᠮᠡᠲᠦ ᠪᠡᠷ ᠬᠡᠦᠬᠡᠳ ᠦ᠋ᠨ ᠲᠥᠷᠥᠯᠬᠢ ᠵᠠᠩ ᠠᠪᠢᠶᠠᠰ ᠲᠤᠩ ᠨᠢᠯᠬ᠎ᠠ ᠪᠠᠭ᠎ᠠ ᠠ᠋ᠴᠠ ᠪᠠᠨ ᠲᠠᠨᠢᠭᠳᠠᠵᠤ ᠡᠬᠢᠯᠡᠳᠡᠭ᠃ ᠨᠡᠢᠭᠡᠮ ᠳᠡᠭᠡᠷ᠎ᠡ ᠵᠠᠷᠢᠮ ᠬᠥᠮᠦᠨ ᠰᠤᠷᠤᠯᠭ᠎ᠠ ᠶ᠋ᠢᠨ ᠨᠠᠮᠲᠠᠷ ᠳᠣᠣᠷ᠎ᠠ ᠴᠤ᠌ ᠲᠤᠩ ᠥᠨᠳᠥᠷ ᠠᠯᠪᠠᠨ ᠲᠤᠰᠢᠶᠠᠯ ᠳ᠋ᠤ᠌ ᠡᠭᠦᠷᠲᠦᠬᠦ ᠦᠭᠡᠢ ᠶᠠᠳᠠᠷᠠᠬᠤ ᠦᠭᠡᠢ ᠠᠮᠵᠢᠯᠲᠠ ᠰᠠᠢᠨ ᠶᠠᠪᠤᠵᠤ ᠪᠠᠢᠬᠤ ᠳ᠋ᠤ᠌ ᠵᠠᠷᠢᠮ ᠨᠢ ᠡᠷᠳᠡᠮ ᠦ᠋ᠨ ᠴᠣᠯᠠ ᠥᠨᠳᠥᠷ ᠴᠦ᠍ ᠥᠴᠦᠬᠡᠨ ᠲᠤᠰᠢᠶᠠᠯ ᠳᠡᠭᠡᠷ᠎ᠡ ᠪᠡᠶ᠎ᠡ ᠰᠡᠳᠬᠢᠯ ᠶᠠᠳᠠᠷᠠᠭᠠᠳ ᠡᠪᠡᠳᠴᠦ ᠤᠨᠠᠳᠠᠭ ᠨᠢ ᠴᠤ᠌ ᠪᠠᠢᠳᠠᠭ᠃ ᠡᠨᠡ ᠪᠣᠯ ᠳᠠᠷᠤᠢ ᠮᠡᠳᠡᠬᠦ ᠴᠢᠳᠠᠬᠤ ( ᠮᠡᠳᠡᠯᠭᠡ ᠴᠢᠳᠠᠪᠤᠷᠢ ᠶ᠋ᠢᠨ ᠢᠯᠭᠠᠭ᠎ᠠ) ᠶ᠋ᠢᠨ ᠵᠠᠢ ᠪᠠᠢᠭ᠎ᠠ᠃ ᠵᠠᠷᠢᠮ ᠬᠥᠮᠦᠨ ᠬᠡᠴᠢᠨᠡᠨ ᠭᠦᠨ ᠮᠡᠳᠡᠯᠭᠡ ᠲᠡᠢ ᠴᠦ᠍ ᠬᠥᠮᠦᠨ ᠦ᠌ ᠬᠠᠷᠢᠯᠴᠠᠭᠠᠨ ᠤ᠋ ᠠᠪᠢᠶᠠᠰ ᠪᠤᠶᠤ ᠬᠠᠮᠢᠶᠠᠷᠤᠯᠲᠠ ᠶ᠋ᠢᠨ ᠴᠢᠳᠠᠪᠤᠷᠢ ᠮᠡᠬᠦᠰ ᠪᠣᠯ ᠠᠯᠪᠠᠨ ᠲᠤᠰᠢᠶᠠᠯ ᠳ᠋ᠤ᠌ ᠲᠣᠬᠢᠷᠠᠮᠵᠢ ᠮᠠᠭᠤᠲᠠᠢ ᠪᠠᠢᠳᠠᠭ᠂ ᠡᠭᠦᠨ ᠲᠡᠢ ᠠᠳᠠᠯᠢᠬᠠᠨ ᠠᠷᠠᠯᠵᠢᠶ᠎ᠠ ᠬᠤᠳᠠᠯᠳᠤᠭᠠᠨ ᠤ᠋ ᠲᠠᠯᠠᠪᠤᠷ ᠳᠡᠭᠡᠷ᠎ᠡ ᠴᠦ᠍ ᠠᠪᠢᠶᠠᠰ ᠤᠬᠠᠭᠠᠨ ᠲᠠᠢ ᠮᠠᠢᠮᠠᠢᠴᠢᠨ ᠠᠰᠢᠭ ᠣᠷᠣᠯᠭ᠎ᠠ ᠵᠤᠵᠠᠭᠠᠨ ᠠᠵᠠ ᠵᠢᠷᠭᠠᠯᠲᠠᠢ ᠠᠮᠢᠳᠤᠷᠠᠵᠤ ᠪᠠᠢᠬᠤ ᠳ᠋ᠤ᠌ ᠵᠠᠷᠢᠮ ᠨᠢ ᠵᠢᠵᠢᠭᠬᠡᠨ ᠠᠷᠠᠯᠵᠢᠶ᠎ᠠ ᠳ᠋ᠤ᠌ ᠪᠠᠨ ᠶᠠᠳᠠᠷᠠᠵᠤ ᠲᠤᠢᠯᠳᠠᠵᠤ ᠪᠠᠢᠳᠠᠭ᠂ ᠠᠷᠠᠳ ᠤ᠋ᠨ ᠦᠭᠡᠨ ᠳ᠋ᠦ᠍《 ᠳᠡᠪᠡᠯ ᠲᠡᠢ ᠪᠦᠬᠦᠨ ᠪᠠᠷᠢᠯᠳᠤᠳᠠᠭ ᠦᠭᠡᠢ᠂ ᠳᠡᠯ ᠲᠡᠢ ᠪᠦᠬᠦᠨ ᠣᠷᠣᠯᠳᠣᠳᠠᠭ ᠦᠭᠡᠢ》 ᠬᠡᠮᠡᠳᠡᠭ ᠨᠢ ᠬᠥᠮᠦᠰ ᠦ᠋ᠨ ᠡᠢᠮᠦᠷᠬᠦ ᠵᠠᠩ ᠠᠪᠢᠶᠠᠰ ᠤ᠋ᠨ ᠵᠥᠷᠢᠶ᠎ᠡ ᠶ᠋ᠢ ᠶᠠᠷᠢᠵᠤ ᠪᠠᠢᠭ᠎ᠠ ᠶᠤᠮ᠃ ᠲᠡᠭᠡᠬᠦ ᠡᠴᠡ ᠭᠡᠷ ᠦ᠋ᠨ ᠠᠬᠠᠮᠠᠳ ᠬᠡᠦᠬᠡᠳ ᠦ᠋ᠨ ᠢ᠋ᠶ᠋ᠡᠨ ᠳᠤᠷ᠎ᠠ ᠠᠪᠢᠶᠠᠰ ᠢ᠋ ᠠᠩᠬᠠᠷᠤᠨ ᠲᠠᠨᠢᠵᠤ ᠠᠪᠢᠶᠠᠰ ᠤ᠋ᠨ ᠬᠢᠨᠢ ᠳᠠᠭᠠᠤ ᠵᠦᠢ ᠵᠣᠬᠢᠰᠲᠠᠢ ᠬᠥᠮᠦᠵᠢᠭᠦᠯᠪᠡᠯ ᠲᠠᠨ ᠤ᠋ ᠬᠡᠦᠬᠡᠳ ᠠᠮᠵᠢᠯᠲᠠ ᠣᠯᠬᠤ ᠳ᠋ᠤ᠌ ᠨᠡᠩ ᠠᠮᠠᠷᠬᠠᠨ ᠪᠢᠰᠢ ᠤᠤ᠃ ᠪᠢᠳᠡ ᠴᠢᠨᠢ ᠬᠡᠦᠬᠡᠳ ᠢ᠋ ᠪᠢᠲᠡᠭᠡᠢ ᠬᠡᠯᠡ ᠮᠣᠷᠢ᠂ ᠲᠡᠮᠡᠭᠡ᠂ ᠦᠬᠡᠷ᠂ ᠨᠣᠬᠠᠢ ᠪᠠᠨ ᠴᠤ᠌ ᠠᠶᠢᠭ ᠠᠷᠠᠨᠰᠢᠨ ᠢ᠋ ᠨᠢ ᠳᠠᠭᠠᠭᠤᠯᠤᠨ ᠭᠠᠷᠰᠢᠭᠤᠯᠵᠤ ᠴᠢᠳᠠᠳᠠᠭ ᠠᠷᠠᠳ ᠲᠦᠮᠡᠨ ᠪᠠᠢᠭᠰᠠᠨ᠂ ᠠᠳᠤᠭᠤ ᠪᠠᠨ ᠪᠢᠳᠡ ᠤᠷᠭᠠᠨ ᠮᠣᠷᠢ᠂ ᠤᠷᠤᠯᠳᠤᠭᠠᠨ ᠤ᠋ ᠬᠤᠷᠳᠤᠨ ᠬᠦᠯᠦᠭ ᠡᠴᠡ ᠠᠶᠠᠨ ᠵᠠᠮ ᠤ᠋ᠨ ᠵᠢᠷᠣᠭ᠎ᠠ ᠬᠠᠲᠠᠷᠢᠶ᠎ᠠ᠂ ᠬᠣᠨᠢᠨ ᠤ᠋ ᠨᠣᠮᠣᠬᠠᠨ ᠪᠣᠷᠣ ᠬᠦᠷᠲᠡᠯ᠎ᠡ《ᠠᠪᠢᠶᠠᠰ》 ᠢ᠋ ᠨᠢ ᠲᠠᠨᠢᠨ ᠰᠤᠷᠭᠠᠵᠤ ᠴᠢᠳᠠᠳᠠᠭ᠂ ᠨᠣᠬᠠᠢ ᠶ᠋ᠢ ᠠᠩ ᠤ᠋ᠨ ᠲᠠᠢᠭ᠎ᠠ᠂ ᠬᠣᠲᠠᠴᠢ ᠨᠣᠬᠠᠢ᠂ ᠮᠠᠯ ᠤ᠋ᠨ ᠨᠣᠬᠠᠢ ᠭᠡᠮᠡᠨ ᠨᠠᠷᠢᠨ ᠰᠢᠨᠵᠢᠵᠦ ᠨᠢᠮᠪᠠᠢ ᠭᠠᠷᠰᠢᠭᠤᠯᠤᠭᠰᠠᠨ ᠪᠠᠢᠳᠠᠭ᠃ ᠨᠡᠩ ᠬᠥᠮᠦᠨ ᠦ᠌ ᠬᠥᠮᠦᠵᠢᠯ ᠢ᠋ ᠶᠠᠭᠤᠨ ᠬᠡᠯᠡᠬᠦ ᠪᠢᠯᠡ᠃
    2008 ᠣᠨ ᠤ᠋ ᠪᠡᠭᠡᠵᠢᠩ ᠦ᠋ᠨ ᠣᠯᠧᠮᠫᠢᠺ ᠲᠦ᠍ ᠮᠣᠩᠭᠣᠯ ᠤ᠋ᠨ ᠪᠣᠺᠰᠴᠢᠨ ᠪᠠᠳᠠᠷᠠᠤ᠋ᠤᠭᠠᠨ(ᠪᠠᠳᠠᠷᠠ— ᠤᠤᠭᠠᠨ) ᠠᠯᠲᠠ ᠠᠪᠬᠤ ᠳ᠋ᠤ᠌ ᠲᠤᠬᠠᠢ ᠶ᠋ᠢᠨ ᠦᠶ᠎ᠡ ᠶ᠋ᠢᠨ ᠶᠡᠷᠦᠩᠬᠡᠢᠯᠡᠭᠴᠢ ᠨ· ᠡᠩᠬᠡᠪᠠᠶᠠᠷ ᠭᠡᠷ ᠲᠦ᠍ ᠨᠢ ᠬᠦᠷᠴᠦ ᠠᠪᠤ ᠡᠵᠢ ᠳ᠋ᠦ᠍ ᠨᠢ ᠪᠠᠶᠠᠷ ᠬᠦᠷᠭᠡᠯ᠎ᠡ᠃ ᠬᠦᠦ ᠶ᠋ᠢᠨ ᠲᠤᠬᠠᠢ ᠶᠠᠷᠢᠶ᠎ᠠ ᠪᠣᠯᠬᠤ ᠳ᠋ᠤ᠌ ᠪᠠᠳᠠᠷᠠᠤ᠋ᠤᠭᠠᠨ ᠤ᠋ ᠠᠪᠤ ᠢᠩᠭᠢᠵᠦ ᠬᠠᠭᠤᠴᠢᠯᠠᠭᠰᠠᠨ᠄《 ᠮᠢᠨᠦ ᠬᠦᠦ ᠪᠠᠭ᠎ᠠ ᠳ᠋ᠤ᠌ ᠪᠠᠨ ᠬᠥᠳᠡᠯᠭᠡᠭᠡᠨ ᠶᠡᠬᠡ ᠲᠡᠢ ᠬᠦᠦ ᠪᠠᠢᠭᠰᠠᠨ( ᠬᠠᠯᠬᠠᠴᠤᠤᠯ ᠦᠭᠡ ᠶ᠋ᠢ ᠲᠤᠩ ᠰᠠᠢᠬᠠᠨ ᠡᠶᠡᠷᠡᠭᠦᠯᠵᠦ ᠬᠡᠯᠡᠨ᠎ᠡ᠂ ᠮᠠᠨᠠᠢᠬᠢᠨ ᠪᠣᠯ ᠳᠦᠷᠰᠦᠭᠦᠢ᠂ ᠪᠦᠲᠦᠯ ᠦᠭᠡᠢ ᠭᠡᠮᠡᠨ ᠬᠡᠦᠬᠡᠳ ᠢ᠋ᠶ᠋ᠡᠨ ᠰᠢᠭᠤᠳ ᠮᠠᠭᠤᠬᠠᠢ ᠪᠠᠷ ᠬᠡᠯᠡᠳᠡᠭ)᠂ ᠬᠢᠴᠢᠶᠡᠯ ᠣᠷᠣᠬᠤ ᠳᠤᠷ᠎ᠠ ᠦᠭᠡᠢ ᠡᠳᠦᠷᠵᠢᠨ ᠭᠤᠳᠤᠮᠵᠢᠨ ᠳ᠋ᠤ᠌ ᠵᠣᠳᠣᠭᠠᠨ ᠬᠢᠳᠡᠭ᠂ ᠠᠷᠪᠠᠨ ᠬᠡᠳᠦ ᠬᠦᠷᠦᠭᠰᠡᠨ ᠬᠣᠢᠨ᠎ᠠ ᠨᠢᠭᠡ ᠡᠳᠦᠷ ᠬᠦᠦ ᠳ᠋ᠦ᠍ ᠪᠡᠨ<ᠮᠢᠨᠦ ᠬᠦᠦ᠂ ᠴᠢ ᠣᠳᠣ ᠢᠩᠭᠢᠵᠦ ᠡᠳᠦᠷᠵᠢᠨ ᠵᠣᠳᠣᠭᠠᠨ ᠬᠢᠭᠡᠳ ᠪᠦᠲᠦᠬᠦ ᠦᠭᠡᠢ ᠪᠠᠢᠬ᠎ᠠ ᠳᠠ᠂ ᠬᠠᠤᠯᠢ ᠵᠥᠷᠢᠴᠡᠵᠦ ᠬᠡᠷᠡᠭ ᠲᠠᠲᠠᠵᠤ ᠮᠡᠳᠡᠨ᠎ᠡ᠂ ᠠᠪᠤ ᠨᠢ ᠴᠢᠮᠠᠲᠤ ᠵᠥᠪᠰᠢᠶᠡᠷᠡᠳᠡᠭ ᠵᠣᠳᠣᠭᠠᠨ ᠣᠯᠵᠤ ᠥᠭᠭᠦᠶ᠎ᠡ> ᠭᠡᠵᠦ ᠵᠥᠪᠳᠡᠯ᠎ᠡ》 ᠭᠡᠰᠡᠨ᠂ ᠲᠡᠭᠡᠭᠡᠳ ᠪᠠᠳᠠᠷᠠᠤ᠋ᠤᠭᠠᠨ ᠪᠣᠺᠰ ᠤ᠋ᠨ ᠠᠩᠭᠢ ᠳ᠋ᠤ᠌ ᠣᠷᠣᠵᠤ᠂ ᠨᠥᠭᠦᠭᠡ ᠳᠤᠷ᠎ᠠ ᠲᠠᠢ ᠵᠣᠳᠣᠭᠠᠨ ᠢ᠋ᠶ᠋ᠠᠨ ᠤᠷᠮ᠎ᠠ ᠪᠠᠬᠠᠲᠠᠢ ᠲᠣᠭᠯᠠᠵᠤ ᠡᠬᠢᠯᠡᠭᠰᠡᠨ ᠪᠠᠢᠨ᠎ᠠ᠃ ᠡᠨᠡᠬᠦ 《ᠵᠥᠪᠰᠢᠶᠡᠷᠡᠳᠡᠭ ᠵᠣᠳᠣᠭᠠᠨ》 ᠢ᠋ᠶ᠋ᠠᠷ ᠢ᠋ᠶ᠋ᠠᠨ ᠪᠠᠳᠠᠷᠠᠤ᠋ᠤᠭᠠᠨ ᠤᠯᠤᠰ ᠣᠷᠣᠨ ᠳ᠋ᠤ᠌ ᠪᠠᠨ ᠥᠩᠭᠡ ᠭᠡᠷᠡᠯ ᠠᠪᠴᠢᠷᠠᠨ ᠤᠯᠤᠰ ᠤ᠋ᠨ ᠬᠥᠳᠡᠯᠮᠦᠷᠢ ᠶ᠋ᠢᠨ ᠪᠠᠭᠠᠲᠤᠷ᠂ ᠭᠠᠪᠢᠶᠠᠲᠤ ᠲᠠᠮᠢᠷᠴᠢᠨ ᠪᠣᠯᠤᠭᠠᠳ ᠭᠢᠯᠠᠷᠠᠭᠤᠯᠵᠤ ᠶᠠᠪᠤᠨ᠎ᠠ᠃ ᠬᠡᠦᠬᠡᠳ ᠦ᠋ᠨ ᠢ᠋ᠶ᠋ᠡᠨ ᠠᠪᠢᠶᠠᠰ ᠢ᠋ ᠲᠠᠨᠢᠵᠤ ᠵᠥᠪ ᠬᠥᠲᠥᠯᠪᠡᠯ ᠭᠠᠢᠬᠠᠮᠰᠢᠭ ᠭᠡᠵᠦ ᠡᠨᠡ ᠪᠠᠢᠬ᠎ᠠ᠃ ᠨᠥᠭᠦᠭᠡ ᠲᠠᠯ᠎ᠠ ᠪᠠᠷ ᠬᠡᠦᠬᠡᠳ ᠢ᠋ᠶ᠋ᠡᠨ ᠡᠷᠡᠭᠦᠯ ᠳᠤᠷ᠎ᠠ ᠰᠣᠨᠢᠷᠬᠠᠯ ᠲᠠᠢ ᠪᠣᠯᠭᠠᠨ ᠬᠥᠮᠦᠵᠢᠭᠦᠯᠬᠦ ᠨᠢ ᠪᠠᠰᠠ ᠴᠤ᠌ ᠲᠤᠩ ᠴᠢᠬᠤᠯᠠ ᠪᠠᠢᠳᠠᠭ᠃ ᠳᠤᠷ᠎ᠠ ᠰᠣᠨᠢᠷᠬᠠᠯ ᠥᠷᠭᠡᠨ᠂ ᠶᠠᠭᠤ ᠶ᠋ᠢ ᠴᠤ᠌ ᠬᠢᠬᠦ ᠳᠤᠷᠠᠲᠠᠢ ᠪᠠᠢᠪᠠᠯ ᠲᠡᠳᠡᠨ ᠦ᠌ ᠣᠷᠣᠰᠢᠵᠤ ᠠᠮᠢᠳᠤᠷᠠᠬᠤ ᠣᠷᠣᠨ ᠵᠠᠢ ᠨᠢ ᠥᠷᠭᠡᠵᠢᠵᠦ᠂ ᠨᠡᠢᠭᠡᠮ ᠳᠡᠭᠡᠷ᠎ᠡ ᠭᠠᠷᠤᠭᠠᠳ ᠠᠵᠢᠯ ᠣᠯᠳᠠᠬᠤ ᠦᠭᠡᠢ ᠭᠡᠮᠡᠨ ᠵᠣᠪᠠᠨ᠎ᠠ ᠤᠤ ᠳᠠ᠂ ᠨᠢᠭᠡ ᠳᠤᠮᠳᠠᠳᠤ ᠰᠤᠷᠭᠠᠭᠤᠯᠢ ᠶ᠋ᠢᠨ ᠰᠤᠷᠤᠭᠴᠢ ᠵᠣᠬᠢᠶᠠᠯ ᠳ᠋ᠤ᠌ ᠪᠠᠨ《 ᠮᠣᠩᠭᠣᠯ ᠬᠥᠮᠦᠨ ᠠᠷᠢᠬᠢ ᠭᠣᠯᠣᠬᠤ ᠦᠭᠡᠢ᠂ ᠬᠢᠲᠠᠳ ᠬᠥᠮᠦᠨ ᠠᠵᠢᠯ ᠭᠣᠯᠣᠬᠤ ᠦᠭᠡᠢ》 ᠭᠡᠮᠡᠨ ᠪᠢᠴᠢᠭᠰᠡᠨ ᠪᠠᠢᠳᠠᠭ᠃ ᠡᠨᠡ ᠦᠭᠡ ᠪᠠᠰᠠ ᠦᠨᠡᠨ ᠦ᠌ ᠬᠤᠪᠢ ᠲᠠᠢ ᠰᠢᠦ᠃ ᠮᠠᠨ ᠤ᠋ ᠬᠢᠨ ᠡᠭᠡᠯ ᠶᠡᠷᠦᠮᠳᠡᠭ ᠠᠵᠢᠯ ᠢ᠋ ᠭᠣᠯᠣᠭᠠᠳ ᠬᠢᠬᠦ ᠦᠭᠡᠢ᠂ ᠨᠡᠷ᠎ᠡ ᠲᠥᠷᠥ ᠲᠡᠢ ᠠᠵᠢᠯ ᠢ᠋ ᠨᠢ ᠪᠠᠰᠠ ᠤᠬᠠᠭᠠᠯᠢᠭ ᠡᠪᠲᠡᠢ ᠬᠢᠵᠦ ᠴᠢᠳᠠᠬᠤ ᠦᠭᠡᠢ᠂ ᠲᠡᠭᠡᠭᠰᠡᠭᠡᠷ ᠲᠡᠭᠡᠭᠰᠡᠭᠡᠷ ᠪᠠᠢᠵᠤ ᠠᠵᠢᠯ ᠦᠭᠡᠢᠳᠡᠵᠦ ᠰᠠᠭᠤᠨ᠎ᠠ᠃ ᠨᠥᠭᠦᠭᠡ ᠲᠠᠯ᠎ᠠ ᠠ᠋ᠴᠠ ᠨᠢ ᠬᠠᠷᠠᠬᠤ ᠳ᠋ᠤ᠌ ᠮᠠᠨ ᠤ᠋ ᠬᠡᠦᠬᠡᠳ ᠬᠥᠮᠦᠵᠢᠭᠦᠯᠬᠦ ᠬᠠᠷᠠᠯᠲᠠ ᠴᠤ᠌ ᠡᠭᠦᠨ ᠲᠡᠢ ᠠᠳᠠᠯᠢᠬᠠᠨ ᠢᠪᠴᠤᠬᠠᠨ ᠪᠣᠯᠤᠭᠰᠠᠨ ᠠ᠋ᠴᠠ ᠮᠠᠨ ᠤ᠋ ᠰᠤᠷᠤᠭᠴᠢ ᠬᠡᠦᠬᠡᠳ ᠦ᠋ᠨ ᠶᠡᠬᠡ ᠰᠤᠷᠭᠠᠭᠤᠯᠢ ᠳ᠋ᠤ᠌ ᠰᠢᠯᠭᠠᠬᠤ ᠵᠣᠷᠢᠯᠭ᠎ᠠ ᠨᠢ ᠴᠤ᠌ ᠰᠤᠷᠭᠠᠭᠤᠯᠢ ᠲᠡᠭᠦᠰᠦᠭᠰᠡᠨ ᠬᠣᠢᠨ᠎ᠠ ᠤᠯᠤᠰ ᠤ᠋ᠨ ᠠᠯᠪᠠᠲᠠᠨ ᠪᠣᠯᠬᠤ ᠬᠦᠰᠡᠯ ᠲᠡᠢ ᠨᠢ ᠳᠡᠢᠯᠦᠩᠭᠢ᠂ ᠡᠭᠦᠨ ᠦ᠌ ᠳ᠋ᠦᠩ ᠳ᠋ᠦ᠍ ᠨᠢᠭᠡ ᠠᠵᠢᠯ ᠤ᠋ᠨ ᠣᠷᠣᠨ ᠪᠠᠢᠷᠢ ᠶ᠋ᠢ ᠬᠡᠳᠦᠨ ᠵᠠᠭᠤᠨ ᠬᠥᠮᠦᠨ ᠥᠷᠢᠰᠦᠯᠳᠦᠵᠦ ᠂ ᠠᠵᠢᠯ ᠤ᠋ᠨ ᠪᠠᠢᠷᠢ ᠦᠭᠡᠢ ᠣᠶᠤᠲᠠᠨ᠂ ᠠᠰᠫᠢᠷᠠᠨᠲ ᠤ᠋ᠳ ᠬᠥᠬᠡᠬᠣᠲᠠ ᠶ᠋ᠢᠨ ᠭᠤᠳᠤᠮᠵᠢ ᠳᠦᠭᠦᠷᠡᠩ᠃ᠣᠶᠤᠲᠠᠳ ᠤ᠋ᠨ ᠬᠡᠢᠰᠪᠦᠷᠢ ᠪᠥᠭᠡᠳ ᠬᠡᠳᠦ ᠬᠣᠯᠠ ᠶ᠋ᠢᠨ ᠬᠦᠰᠡᠯᠡᠩ ᠣᠯᠠᠳᠠᠭᠰᠠᠨ ᠠ᠋ᠴᠠ ᠥᠪᠡᠷ ᠦ᠋ᠨ ᠠᠪᠢᠶᠠᠰ ᠴᠢᠳᠠᠪᠤᠷᠢ ᠳ᠋ᠤ᠌ ᠪᠠᠨ ᠠᠬᠤᠢᠴᠢ ᠦᠨᠡᠯᠡᠯᠲᠡ ᠳᠤᠲᠠᠵᠤ ᠣᠯᠠᠨ ᠰᠣᠩᠭᠣᠯᠲᠠ ᠶ᠋ᠢᠨ ᠳᠤᠮᠳᠠ ᠲᠥᠭᠡᠷᠢᠭᠳᠡᠵᠦ ᠪᠠᠢᠨ᠎ᠠ᠃ ᠦᠨᠡᠨ ᠳ᠋ᠦ᠍ ᠪᠡᠨ ᠣᠳᠣ ᠶ᠋ᠢᠨ ᠨᠡᠢᠭᠡᠮ ᠦ᠋ᠨ ᠬᠥᠭᠵᠢᠯᠲᠡ ᠬᠡᠷᠡᠭᠴᠡᠭᠡ ᠡᠴᠡ ᠦᠵᠡᠪᠡᠯ ᠠᠯᠪᠠᠲᠠᠨ ᠤ ᠣᠷᠣᠨ ᠲᠣᠭ᠎ᠠ ᠲᠤᠩ ᠬᠢᠵᠠᠭᠠᠷ ᠲᠠᠢ ᠪᠠᠢᠵᠤ᠂ᠡᠯ᠎ᠡ ᠲᠥᠷᠥᠯ ᠦ᠋ᠨ ᠮᠡᠷᠭᠡᠵᠢᠯ ᠦ᠋ᠨ ᠠᠵᠢᠯ ᠤ᠋ᠨ ᠣᠷᠣᠨ ᠪᠠᠢᠷᠢ ᠲᠤᠩ ᠥᠷᠭᠡᠨ ᠮᠥᠷᠲᠡᠭᠡᠨ ᠬᠥᠯᠥᠰᠥ ᠣᠯᠭᠣᠮᠵᠢ ᠨᠢ ᠴᠦ᠍ ᠬᠠᠷᠢᠴᠠᠩᠭᠤᠢ ᠥᠨᠳᠥᠷ ᠪᠠᠢᠭ᠎ᠠ ᠶ᠋ᠢ ᠣᠢᠯᠠᠭᠠᠬᠤ ᠶᠣᠰᠣᠲᠠᠢ᠃ ᠬᠥᠬᠡᠬᠣᠲᠠ ᠪᠡᠭᠡᠵᠢᠩ ᠳ᠋ᠦ᠍ ᠮᠡᠷᠭᠡᠵᠢᠯ ᠰᠠᠢᠲᠠᠢ ᠮᠣᠩᠭᠣᠯ ᠲᠣᠭᠣᠭᠠᠴᠢ ᠶ᠋ᠢᠨ ᠴᠠᠯᠢᠩ ᠲᠦᠮᠡ ᠳᠠᠪᠠᠳᠠᠭ᠂ ᠨᠡᠢᠭᠡᠮ ᠳᠡᠭᠡᠷ᠎ᠡ ᠡᠨᠡ ᠮᠡᠲᠦ ᠲᠣᠭᠣᠭᠠᠴᠢ᠂ ᠭᠠᠩᠨᠠᠭᠤᠷᠴᠢᠨ᠂ ᠤᠷᠠᠨ ᠳᠠᠷᠬᠠᠨ᠂ ᠦᠰᠦ ᠵᠠᠰᠠᠭᠴᠢ᠂ ᠵᠢᠰᠦ ᠭᠣᠶᠣᠯᠠᠭᠴᠢ ᠭᠡᠷ ᠪᠠᠷᠢᠯᠭ᠎ᠠ ᠤᠷᠠᠯᠠᠨ ᠴᠢᠮᠡᠭᠯᠡᠭᠴᠢ᠁ ᠭᠡᠳ ᠬᠣᠶᠠᠷ ᠮᠢᠩᠭ᠎ᠠ ᠭᠠᠷᠤᠢ ᠲᠥᠷᠥᠯ ᠦ᠋ᠨ ᠮᠡᠷᠭᠡᠵᠢᠯ ᠦ᠋ᠨ ᠠᠵᠢᠯ ᠪᠠᠢᠭ᠎ᠠ ᠰᠢᠦ᠃ᠠᠵᠤ ᠠᠬᠤᠢ ᠲᠦᠷᠭᠡᠨ ᠬᠥᠭᠵᠢᠯᠲᠡ ᠲᠡᠢ ᠥᠨᠥᠳᠥᠷ ᠵᠢᠩᠯᠢ ᠮᠡᠲᠦ ᠡᠵᠡᠩᠨᠡᠨ ᠬᠠᠮᠢᠶᠠᠷᠤᠭᠴᠢ ᠶᠡᠬᠡᠪᠡᠷ ᠳᠤᠲᠠᠭᠳᠠᠵᠤ ᠪᠠᠢᠭ᠎ᠠ ᠶ᠋ᠢ ᠪᠠᠰᠠ ᠮᠡᠳᠡᠬᠦ ᠶᠣᠰᠣᠲᠠᠢ᠃ᠤᠬᠠᠭᠠᠨ ᠠᠪᠢᠶᠠᠰ ᠢ᠋ᠶ᠋ᠠᠨ ᠲᠦᠰᠢᠵᠦ ᠠᠳᠠᠯ ᠦᠢᠯᠡᠰ ᠪᠤᠰᠬᠠᠬᠤ ᠶᠤᠮ ᠪᠣᠯ ᠵᠠᠯᠠᠭᠤᠴᠤᠳ ᠤ᠋ᠨ ᠠᠮᠵᠢᠯᠲᠠ ᠭᠠᠷᠭᠠᠬᠤ ᠣᠷᠣᠨ ᠵᠠᠢ ᠨᠡᠩ ᠥᠷᠭᠡᠨ ᠴᠢᠯᠥᠭᠡᠲᠡᠢ ᠭᠡᠳᠡᠭ ᠢ᠋ ᠤᠬᠠᠭᠠᠷᠠᠵᠤ᠂ ᠬᠥᠮᠦᠵᠢᠯ ᠦ᠋ᠨ ᠬᠠᠷᠠᠯᠲᠠ ᠪᠠᠨ ᠵᠦᠢ ᠵᠣᠬᠢᠰᠲᠠᠢ ᠪᠠᠢᠯᠭᠠᠪᠠᠯ᠂ᠠᠭᠤᠳᠠᠮ ᠬᠣᠷᠸ᠎ᠠ ᠳ᠋ᠤ᠌ ᠣᠯᠠᠨ ᠲᠥᠷᠥᠯ ᠦ᠋ᠨ ᠣᠨᠴᠠᠭᠠᠢ ᠣᠨᠴᠠᠭᠠᠢ.ᠠᠪᠢᠶᠠᠰᠲᠠᠨ ᠲᠥᠷᠥᠨ᠎ᠡ ᠭᠡᠳᠡᠭ ᠢ᠋ ᠮᠡᠳᠡᠬᠦ ᠤᠴᠢᠷᠲᠠᠢ᠃ᠨᠡᠢᠭᠡᠮ ᠳᠡᠭᠡᠷ᠎ᠡ ᠶᠠᠮᠠᠷᠪᠠ ᠠᠵᠢᠯ ᠢ ᠰᠡᠳᠬᠢᠯ ᠡᠴᠡ ᠪᠡᠨ ᠬᠢᠳᠡᠭ ᠬᠥᠮᠦᠰ ᠲᠤᠩ ᠬᠣᠪᠣᠷᠳᠠᠵᠤ ᠪᠠᠢᠨ᠎ᠠ᠃ᠰᠡᠳᠬᠢᠯ ᠰᠠᠨᠠᠭ᠎ᠠ ᠡᠷᠡᠭᠦᠯ ᠥᠭᠡᠳᠡᠷᠬᠡᠭ ᠪᠠᠢᠳᠠᠭ ᠯᠠ ᠶᠤᠮ ᠪᠣᠯ ᠠᠵᠢᠯ ᠤ᠋ᠨ ᠣᠷᠣᠨ ᠵᠠᠢ ᠥᠷᠭᠡᠵᠢᠨ᠎ᠡ ᠭᠡᠵᠦ ᠢᠲᠡᠭᠡᠭᠡᠷᠡᠢ!ᠳᠤᠮᠳᠠᠳᠤ ᠤᠯᠤᠰ ᠤ᠋ᠨ ᠬᠥᠮᠦᠨ ᠠᠮᠠ ᠶ᠋ᠢᠨ ᠪᠦᠲᠦᠴᠡ ᠶᠠᠭ ᠨᠠᠰᠤᠵᠢᠯ ᠤ᠋ᠨ ᠤᠯᠤᠰ ᠵᠦᠭ ᠬᠠᠨᠳᠤᠵᠤ ᠪᠠᠢᠨ᠎ᠠ᠃ᠶᠠᠪᠤᠬᠤ ᠳᠣᠳᠣᠮ ᠵᠠᠯᠠᠭᠤᠰ ᠤ᠋ᠨ ᠬᠠᠷᠢᠴᠠᠯ ᠪᠠᠭᠤᠷᠠᠨ᠎ᠠ᠂ᠠᠵᠤ ᠠᠬᠤᠢ ᠶ᠋ᠢᠨ ᠬᠥᠭᠵᠢᠯᠲᠡ ᠡᠴᠡ ᠪᠣᠯᠵᠤ ᠨᠡᠢᠭᠡᠮ ᠦ᠋ᠨ ᠠᠰᠠᠷᠠᠮᠵᠢ᠂ ᠰᠣᠶᠣᠯ᠂ ᠡᠷᠡᠭᠦᠯ ᠬᠠᠮᠠᠭᠠᠯᠠᠯ ᠮᠡᠲᠦ ᠨᠡᠢᠲᠡ ᠶ᠋ᠢᠨ ᠦᠢᠯᠡᠴᠢᠯᠡᠭᠡ ᠪᠦᠷ ᠶᠡᠬᠡᠪᠡᠷ ᠨᠡᠮᠡᠭᠳᠡᠨ᠎ᠡ᠃
ᠥᠪᠥᠷ ᠮᠣᠩᠭᠣᠯ ᠳ᠋ᠤ᠌ ᠢᠷᠡᠬᠦ ᠲᠠᠪᠤᠨ ᠵᠢᠯ ᠳ᠋ᠦ᠍ ᠭᠠᠭᠴᠠᠬᠦ ᠮᠣᠩᠭᠣᠯ ᠡᠮ ᠡᠮᠨᠡᠯᠭᠡ ᠳᠡᠭᠡᠷ᠎ᠡ ᠲᠠᠪᠤᠨ ᠮᠢᠩᠭᠠᠨ ᠠᠵᠢᠯᠲᠠᠨ ᠤ᠋ ᠣᠷᠣᠨ ᠲᠣᠭ᠎ᠠ ᠨᠡᠮᠡᠭᠳᠡᠨ᠎ᠡ᠂ᠲᠡᠭᠡᠬᠦ ᠳ᠋ᠦ᠍ ᠡᠨᠡ ᠲᠠᠪᠤᠨ ᠵᠢᠯ ᠳ᠋ᠦ᠍ ᠲᠡᠭᠦᠰᠬᠦ ᠮᠣᠩᠭᠣᠯ ᠡᠮ ᠡᠮᠨᠡᠯᠭᠡ ᠰᠤᠷᠤᠭᠰᠠᠨ ᠣᠶᠤᠲᠠᠨ ᠰᠠᠶᠢ ᠭᠤᠷᠪᠠᠨ ᠮᠢᠩᠭ᠎ᠠ᠂ᠪᠠᠰᠠ ᠬᠣᠶᠠᠷ ᠮᠢᠩᠭᠠᠨ ᠣᠶᠤᠲᠠᠨ ᠳᠤᠲᠠᠭᠳᠠᠨ᠎ᠠ ᠭᠡᠮᠡᠨ ᠣᠷᠣᠨ ᠤ᠋ ᠡᠷᠡᠭᠦᠯ ᠬᠠᠮᠠᠭᠠᠯᠠᠯ ᠤ᠋ᠨ ᠲᠢᠩᠬᠢᠮ ᠤᠨ ᠣᠷᠣᠯᠠᠭᠴᠢ ᠳᠠᠷᠤᠭ᠎ᠠ᠂ᠣᠯᠠᠨ ᠤᠯᠤᠰ ᠤ᠋ᠨ ᠮᠣᠩᠭᠣᠯ ᠡᠮᠨᠡᠯᠭᠡ ᠶ᠋ᠢᠨ ᠬᠣᠷᠢᠶᠠᠨ ᠤ᠋ ᠬᠣᠷᠢᠶᠠᠨ ᠳᠠᠷᠤᠭ᠎ᠠ ᠤᠯᠠᠭᠠᠨ ᠨᠥᠬᠥᠷ ᠣᠢᠷᠠᠬᠠᠨ ᠲᠧᠯᠸᠢᠰ ᠢ᠋ᠶ᠋ᠡᠷ ᠶᠠᠷᠢᠵᠤ ᠪᠠᠢᠭᠰᠠᠨ ᠢ ᠲᠠᠨᠠᠷ ᠯᠠᠪ ᠠᠩᠬᠠᠷᠤᠯ ᠳ᠋ᠤ᠌ ᠪᠠᠨ ᠠᠪᠤᠭᠰᠠᠨ ᠪᠠᠢᠬ᠎ᠠ᠃
    ᠪᠢᠳᠡ ᠶᠡᠷᠦ ᠨᠢ ᠦᠨᠳᠦᠰᠦᠲᠡᠨ ᠦ᠌ ᠰᠣᠶᠣᠯ ᠢ᠋ᠶ᠋ᠠᠷ ᠢ᠋ᠶ᠋ᠠᠨ ᠦᠢᠯᠡᠰ ᠪᠤᠰᠬᠠᠬᠤ ᠣᠷᠣᠨ ᠵᠠᠢ ᠪᠤᠶᠤ ᠠᠵᠢᠯ ᠣᠯᠭᠣᠯᠲᠠ ᠶ᠋ᠢᠨ ᠣᠷᠣᠨ ᠲᠣᠭ᠎ᠠ ᠪᠠᠨ ᠥᠷᠭᠡᠳᠬᠡᠶ᠎ᠡ ᠭᠡᠪᠡᠯ ᠨᠡᠢᠲᠡ ᠶ᠋ᠢᠨ ᠬᠣᠭᠣᠯᠠᠨ ᠤ᠋ ᠦᠢᠯᠡᠴᠢᠯᠡᠭᠡ᠂ ᠦᠨᠳᠦᠰᠦᠲᠡᠨ ᠦ᠌ ᠬᠤᠪᠴᠠᠰᠤ ᠵᠠᠰᠠᠯ ᠣᠯᠠᠨ ᠨᠡᠢᠲᠡ ᠶ᠋ᠢᠨ ᠡᠷᠡᠭᠦᠯ ᠬᠠᠮᠠᠭᠠᠯᠠᠯ ᠭᠡᠬᠦ ᠭᠣᠣᠯᠳᠠᠯᠭ᠎ᠠ ᠲᠠᠢ ᠭᠤᠷᠪᠠᠨ ᠰᠠᠯᠠᠭ᠎ᠠ ᠮᠥᠴᠢᠷ ᠲᠦ᠍ ᠦᠨᠳᠦᠰᠦᠲᠡᠨ ᠦ᠌ ᠰᠣᠶᠣᠯ ᠢ᠋ᠶ᠋ᠠᠨ ᠬᠠᠳᠠᠭᠠᠯᠠᠵᠤ ᠤᠯᠠᠮᠵᠢᠯᠠᠵᠤ ᠳᠡᠯᠭᠡᠷᠡᠭᠦᠯᠵᠦ ᠴᠢᠳᠠᠪᠠᠯ ᠦᠨᠳᠦᠰᠦᠲᠡᠨ ᠦ᠌ ᠠᠵᠢᠯ ᠦᠢᠯᠡᠰ ᠦ᠋ᠨ ᠣᠷᠣᠨ ᠵᠠᠢ ᠶᠡᠬᠡ ᠪᠡᠷ ᠥᠷᠭᠡᠵᠢᠨ᠎ᠡ᠃ᠡᠨᠡ ᠲᠠᠯ᠎ᠠ ᠪᠠᠷ ᠮᠠᠨ ᠤ᠋ ᠮᠣᠩᠭᠣᠯ ᠬᠣᠭᠣᠯᠠ ᠢᠳᠡᠭᠡᠨ ᠵᠠᠬ᠎ᠠ ᠵᠡᠭᠡᠯᠢ ᠳ᠋ᠦ᠍ ᠨᠡᠯᠢᠶᠡᠳ ᠣᠷᠣᠨ ᠵᠠᠢ ᠡᠵᠡᠯᠡᠬᠦ ᠪᠣᠯᠵᠤ ᠪᠠᠢᠨ᠎ᠠ᠂ᠭᠠᠭᠴᠠ ᠬᠥᠬᠡᠬᠣᠲᠠ ᠳ᠋ᠤ᠌ ᠨᠠᠢ᠍ᠮᠠᠨ ᠵᠠᠭᠤ ᠭᠠᠷᠤᠢ ᠮᠣᠩᠭᠣᠯ ᠬᠣᠭᠣᠯᠠᠨ ᠭᠠᠵᠠᠷ ᠠᠵᠢᠯᠯᠠᠵᠤ ᠪᠠᠢᠬᠤ ᠪᠦᠷᠢᠳᠬᠡᠯ ᠪᠠᠢᠭ᠎ᠠ᠃ᠭᠡᠪᠡᠴᠦ ᠲᠣᠮᠣ ᠬᠡᠯᠪᠡᠷᠢ ᠶ᠋ᠢᠨ ᠬᠣᠭᠣᠯᠠ ᠢᠳᠡᠭᠡᠨ ᠦ᠌ ᠭᠠᠵᠠᠷ᠂ ᠵᠤᠭᠠᠴᠠᠯ ᠤ᠋ᠨ ᠭᠠᠵᠠᠷ ᠤ᠋ᠨ ᠣᠯᠠᠩᠬᠢ ᠶ᠋ᠢ ᠭᠠᠳᠠᠨᠠᠬᠢ ᠬᠥᠮᠦᠰ ᠡᠵᠡᠩᠨᠡᠵᠦ ᠪᠠᠢᠭ᠎ᠠ ᠨᠢ ᠬᠠᠷᠠᠮᠰᠠᠯᠲᠠᠢ᠂ ᠡᠨᠡᠬᠦ ᠠᠰᠠᠭᠤᠳᠠᠯ ᠳᠡᠭᠡᠷ᠎ᠡ ᠮᠠᠨ ᠳ᠋ᠤ᠌ ᠮᠡᠷᠭᠡᠵᠢᠯ᠂ᠡᠵᠡᠩᠨᠡᠨ ᠬᠠᠮᠢᠶᠠᠷᠤᠯᠲᠠ᠂ᠪᠡᠯᠡ ᠮᠥᠩᠭᠥ ᠳᠤᠲᠠᠭᠳᠠᠬᠤ ᠵᠡᠷᠭᠡ ᠪᠠᠭᠤᠷᠠᠢ ᠲᠠᠯ᠎ᠠ ᠣᠷᠣᠰᠢᠵᠤ ᠪᠠᠢᠬᠤ ᠪᠠᠨ ᠠᠩᠬᠠᠷᠤᠭᠤᠰᠢᠲᠠᠢ᠂ ᠨᠡᠩ ᠴᠦ᠍ ᠮᠠᠨ ᠤ᠋ ᠤᠯᠠᠮᠵᠢᠯᠠᠯᠲᠤ ᠤᠯᠠᠭᠠᠨ ᠴᠠᠭᠠᠨ ᠢᠳᠡᠭᠡᠨ ᠦ᠌ ᠬᠡᠷᠡᠭᠴᠡᠭᠡ ᠶᠠᠪᠤᠬᠤ ᠳᠣᠳᠣᠮ ᠨᠡᠮᠡᠭᠳᠡᠨ᠎ᠡ᠃ᠣᠢᠷ᠎ᠠ ᠶ᠋ᠢᠨ ᠵᠢᠯ ᠬᠤᠪᠴᠠᠰᠤ ᠵᠠᠰᠠᠯ ᠤ᠋ᠨ ᠰᠣᠶᠣᠯ ᠲᠤᠩ ᠬᠥᠭᠵᠢᠵᠦ ᠮᠣᠩᠭᠣᠯ ᠢ᠋ᠶ᠋ᠠᠷ ᠢ᠋ᠶ᠋ᠠᠨ ᠭᠣᠶᠣᠯᠠᠬᠤ ᠬᠥᠮᠦᠰ ᠶᠡᠬᠡ ᠣᠯᠠᠰᠢᠷᠠᠵᠠᠢ᠂ᠮᠣᠩᠭᠣᠯ ᠭᠣᠶᠣᠯᠠᠯ ᠢ᠋ᠶ᠋ᠠᠷ ᠭᠠᠩᠭᠠᠷᠠᠭᠠᠳ ᠲᠠᠢᠵᠠᠨ ᠳ᠋ᠤ᠌ ᠭᠠᠷᠬᠤ ᠳ᠋ᠤ᠌ ᠪᠦᠰᠡᠭᠦᠢᠴᠦᠳ ᠨᠢ ᠨᠢᠭᠡ ᠨᠢᠭᠡ ᠪᠡᠷ ᠢ᠋ᠶ᠋ᠡᠨ ᠬᠠᠲᠤᠭᠲᠠᠢ᠂ ᠬᠦᠦᠴᠤᠤᠯ ᠨᠢ ᠬᠠᠭᠠᠨ ᠰᠢᠭ᠋ ᠰᠦᠷ ᠵᠢᠪᠬᠤᠭᠠᠲᠠᠢ ᠡᠷᠬᠢᠮᠰᠦᠭ ᠬᠠᠷᠠᠭᠳᠠᠵᠤ ᠪᠠᠢᠨ᠎ᠠ᠃ᠣᠳᠣ ᠶ᠋ᠢᠨ ᠠᠩᠬᠠᠷᠬᠤ ᠵᠦᠢᠯ ᠪᠣᠯ ᠲᠣᠭᠯᠠᠯᠲᠠ ᠪᠤᠶᠤ ᠬᠤᠷᠢᠮ ᠶᠣᠰᠣᠯᠠᠯ ᠤ᠋ᠨ ᠡᠴᠡ ᠪᠡᠨ ᠡᠳᠦᠷ ᠳᠣᠳᠣᠮ ᠤᠨ ᠠᠵᠢᠯ ᠠᠮᠢᠳᠤᠷᠠᠯ ᠤ᠋ᠨ ᠬᠤᠪᠴᠠᠰᠤ ᠵᠦᠭ ᠬᠥᠭᠵᠢᠭᠦᠯᠬᠦ ᠶ᠋ᠢ ᠰᠤᠳᠤᠯᠤᠭᠤᠰᠢᠲᠠᠢ᠂ ᠡᠨᠡ ᠲᠠᠯ᠎ᠠ ᠪᠠᠷ ᠵᠠᠯᠠᠭᠤᠴᠤᠳ ᠲᠤᠩ ᠵᠣᠷᠢᠭᠲᠠᠢ ᠤᠷᠤᠯᠳᠤᠵᠤ ᠪᠠᠢᠨ᠎ᠠ᠂ ᠮᠣᠩᠭᠣᠯ ᠬᠤᠪᠴᠠᠰᠤ ᠪᠠᠨ ᠴᠠᠭ ᠤ᠋ᠨ ᠥᠩᠭᠡ ᠠᠢᠵᠠᠮ ᠳ᠋ᠤ᠌ ᠵᠣᠬᠢᠴᠠᠭᠤᠯᠤᠨ ᠳᠡᠯᠡᠬᠡᠢ ᠳ᠋ᠦ᠍ ᠬᠠᠨᠳᠤᠭᠤᠯᠵᠤ᠂ ᠦᠨᠡᠨ ᠬᠦ᠌ ᠬᠡᠷᠡᠭᠯᠡᠭᠴᠢᠳ ᠦ᠋ᠨ ᠲᠠᠭᠠᠰᠢᠶᠠᠯ ᠡᠩ ᠦ᠋ᠨ ᠠᠵᠢᠯ ᠠᠮᠢᠳᠤᠷᠠᠯ ᠤ᠋ᠨ ᠣᠷᠴᠢᠨ ᠳ᠋ᠤ᠌ ᠵᠣᠬᠢᠴᠠᠭᠤᠯᠵᠤ ᠴᠢᠳᠠᠪᠠᠯ ᠨᠠᠰᠤᠲᠠᠳ ᠨᠢ ᠨᠠᠮᠪᠠᠯᠢᠭ᠂ ᠵᠠᠯᠠᠭᠤᠰ ᠨᠢ ᠬᠡᠢᠮᠣᠷᠢᠯᠢᠭ᠂ ᠪᠠᠭᠠᠴᠤᠳ ᠨᠢ ᠳᠡᠭᠵᠢᠨ ᠴᠣᠪᠣᠭᠣ ᠪᠣᠯᠵᠤ ᠨᠡᠢᠭᠡᠮ ᠦ᠋ᠨ ᠰᠣᠶᠣᠯ ᠪᠣᠯᠪᠠᠰᠤᠨ ᠳ᠋ᠤ᠌ ᠦᠨᠡᠬᠡᠷ ᠭᠠᠪᠢᠶ᠎ᠠ ᠪᠠᠢᠭᠤᠯᠤᠨ᠎ᠠ᠃ ᠡᠷᠡᠭᠦᠯ ᠬᠠᠮᠠᠭᠠᠯᠠᠯ ᠡᠮ ᠡᠮᠨᠡᠯᠭᠡ ᠶ᠋ᠢᠨ ᠬᠤᠪᠢ ᠳ᠋ᠤ᠌ ᠮᠣᠩᠭᠣᠯ ᠡᠮᠨᠡᠯᠭᠡ ᠪᠠᠰᠠ ᠶᠡᠬᠡ ᠲᠦᠷᠭᠡᠨ ᠬᠥᠭᠵᠢᠵᠦ ᠪᠠᠢᠨ᠎ᠠ᠂ ᠡᠨᠡ ᠲᠠᠯ᠎ᠠ ᠪᠠᠷ ᠮᠣᠩᠭᠣᠯ ᠡᠮ ᠡᠮᠨᠡᠯᠭᠡ ᠳ᠋ᠡᠬᠢ ᠦᠨᠳᠦᠰᠦᠲᠡᠨ ᠦ᠌ ᠰᠣᠶᠣᠯ ᠰᠡᠳᠬᠢᠬᠦᠢ ᠭᠦᠨ ᠤᠬᠠᠭᠠᠨ ᠢ᠋ ᠰᠠᠢᠨ ᠰᠤᠳᠤᠯᠬᠤ ᠶᠣᠰᠣᠲᠠᠢ᠂ ᠪᠠᠢᠭᠠᠯᠢ ᠣᠷᠴᠢᠨ ᠳ᠋ᠤ᠌ ᠪᠠᠨ ᠵᠣᠬᠢᠴᠠᠭᠰᠠᠨ᠂ ᠡᠪᠡᠳᠴᠢᠲᠡᠨ ᠦ᠌ ᠪᠡᠨ ᠪᠣᠳᠠᠭᠠᠯᠢ ᠪᠡᠶ᠎ᠡ ᠶ᠋ᠢᠨ ᠵᠥᠷᠢᠶ᠎ᠡ ᠶ᠋ᠢ ᠬᠠᠷᠠᠭᠠᠯᠵᠠᠭᠰᠠᠨ ᠮᠣᠩᠭᠣᠯ ᠰᠣᠶᠣᠯ ᠰᠡᠳᠬᠢᠬᠦᠢ ᠶ᠋ᠢᠨ ᠡᠴᠢᠨ᠎ᠡ ᠭᠦᠨ ᠵᠦᠢᠯ ᠳ᠋ᠦ᠍ ᠨᠠᠷᠢᠨ ᠰᠤᠳᠤᠯᠤᠯᠲᠠ ᠬᠢᠵᠦ ᠣᠳᠣ ᠦᠶ᠎ᠡ ᠶ᠋ᠢᠨ ᠳᠠᠪᠰᠢᠩᠭᠤᠢ ᠮᠠᠰᠢᠨ ᠮᠡᠷᠭᠡᠵᠢᠯ ᠰᠢᠨᠵᠢᠯᠡᠬᠦ ᠤᠬᠠᠭᠠᠨ ᠲᠠᠢ ᠤᠶᠠᠯᠳᠤᠭᠤᠯᠪᠠᠯ ᠬᠥᠭᠵᠢᠯ ᠦ᠋ᠨ ᠶᠡᠬᠡ ᠣᠷᠣᠨ ᠵᠠᠢ ᠪᠠᠢᠨ᠎ᠠ ᠰᠢᠦ᠃
   ᠦᠰᠦᠭ ᠠᠮᠢᠯᠠᠭᠤᠯᠤᠭᠴᠢ ᠄ ᠰ· ᠳᠣᠷᠣᠨ᠎ᠠ᠂ ᠬᠡᠷᠡᠢᠳ ᠨᠠᠷᠠᠰᠤ᠂ ᠵ· ᠪᠤᠶᠠᠨᠲᠣᠭᠲᠠᠬᠤ᠂ ᠳᠡᠭᠵᠢᠨ
   ᠬᠢᠨᠠᠭᠴᠢ ᠄ ᠣᠳᠬᠠᠨᠰᠣ᠎ᠠ᠂ ᠰᠡᠬᠡᠭᠡᠷᠡᠯ᠂ ᠣᠶᠤᠨᠴᠡᠴᠡᠭ᠂ ᠭᠠᠷᠮ᠎ᠠ