ᠲᠡᠮᠦᠵᠢᠨ04 - (ᠬᠡᠦᠬᠡᠯᠳᠡᠢ ᠶᠢᠨ ᠺᠢᠨᠣ᠋ ᠮᠣᠩᠭᠣᠯ ᠬᠡᠯᠡ ᠪᠡᠷ) ᠵᠠᠮᠤᠬ᠎ᠠ ᠶᠢᠨ ᠳᠦᠷᠢ ᠳᠦ ᠲᠣᠭᠯᠠᠭᠰᠠᠨ ᠵᠣᠯᠪᠣᠭ᠎ᠠТэмүүжин 4 - р анги (Хүүхэлдэйн Кино Монгол хэлээр) Жамухын дүрд тоглосон Золбоо ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠦᠵᠢᠨ04 - (ᠬᠡᠦᠬᠡᠯᠳᠡᠢ ᠶᠢᠨ ᠺᠢᠨᠣ᠋ ᠮᠣᠩᠭᠣᠯ ᠬᠡᠯᠡ ᠪᠡᠷ) ᠵᠠᠮᠤᠬ᠎ᠠ ᠶᠢᠨ ᠳᠦᠷᠢ ᠳᠦ ᠲᠣᠭᠯᠠᠭᠰᠠᠨ ᠵᠣᠯᠪᠣᠭ᠎ᠠТэмүүжин 4 - р анги (Хүүхэлдэйн Кино Монгол хэлээр) Жамухын дүрд тоглосон Золбоо

ᠲᠡᠮᠦᠵᠢᠨ04 - (ᠬᠡᠦᠬᠡᠯᠳᠡᠢ ᠶᠢᠨ ᠺᠢᠨᠣ᠋ ᠮᠣᠩᠭᠣᠯ ᠬᠡᠯᠡ ᠪᠡᠷ) ᠵᠠᠮᠤᠬ᠎ᠠ ᠶᠢᠨ ᠳᠦᠷᠢ ᠳᠦ ᠲᠣᠭᠯᠠᠭᠰᠠᠨ ᠵᠣᠯᠪᠣᠭ᠎ᠠТэмүүжин 4 - р анги (Хүүхэлдэйн Кино Монгол хэлээр) Жамухын дүрд тоглосон Золбоо

ᠠᠩᠭᠢᠯᠠᠯ:ᠳᠣᠮᠣᠭ ᠦᠯᠢᠭᠡᠷ
2023-10-16

614

ᠵᠠᠮᠤᠬ᠎ᠠ ᠶᠢᠨ ᠳᠦᠷᠢ ᠳᠦ ᠲᠣᠭᠯᠠᠭᠰᠠᠨ ᠵᠣᠯᠪᠣᠭ᠎ᠠ

ᠮᠡᠷᠭᠢᠳ ᠦ᠋ᠳ ᠢ᠋ ᠬᠦᠢᠰᠦ ᠲᠡᠮᠲᠡᠷᠢᠭᠰᠡᠨ ᠨᠢ
   ᠭᠤᠷᠪᠠᠨ ᠮᠡᠷᠭᠢᠳ ᠪᠥᠷᠲᠡ ᠶ᠋ᠢ ᠲᠡᠷᠭᠡᠨ ᠡᠴᠡ ᠴᠢᠷᠴᠦ ᠪᠠᠭᠤᠯᠭᠠᠭᠠᠳ ᠬᠤᠸᠠᠭ᠍ᠴᠢᠨ ᠡᠮᠡᠭᠡᠨ ᠲᠡᠢ ᠬᠠᠮᠲᠤ ᠠᠪᠤᠭᠠᠳ ᠲᠡᠮᠦᠵᠢᠨ ᠦ᠌ ᠠᠷᠤ ᠠ᠋ᠴᠠ ᠪᠤᠷᠬᠠᠨ ᠬᠠᠯᠳᠤᠨ ᠠᠭᠤᠯᠠ ᠶ᠋ᠢᠨ ᠵᠦᠭ ᠶᠠᠪᠤᠪᠠ᠃ ᠲᠡᠭᠡᠭᠡᠳ ᠲᠡᠳᠡ ᠲᠡᠮᠦᠵᠢᠨ ᠢ᠋ ᠬᠠᠢᠨ ᠭᠤᠷᠪᠠ ᠬᠣᠨᠣᠭ ᠤ᠋ᠨ ᠲᠤᠷᠰᠢ ᠪᠤᠷᠬᠠᠨ ᠬᠠᠯᠳᠤᠨ ᠠᠭᠤᠯᠠ ᠶ᠋ᠢ ᠰᠠᠮᠨᠠᠭᠠᠳ ᠴᠤ᠌ ᠲᠡᠮᠦᠵᠢᠨ ᠢ᠋ ᠣᠯᠵᠤ ᠴᠢᠳᠠᠭᠰᠠᠨ ᠦᠭᠡᠢ ᠤᠴᠢᠷ ᠮᠡᠷᠭᠢᠳ ᠦ᠋ᠳ ᠠᠷᠭ᠎ᠠ ᠦᠭᠡᠢ ᠶ᠋ᠢᠨ ᠡᠷᠬᠡᠨ ᠳ᠋ᠦ᠍ ᠲᠡᠨᠳᠡ ᠡᠴᠡ ᠪᠤᠴᠠᠭᠠᠳ ᠶᠠᠪᠤᠪᠠ᠃ ᠭᠤᠷᠪᠠᠨ ᠮᠡᠷᠭᠢᠳ ᠦ᠋ᠳ ᠦ᠋ᠨ ᠲᠡᠮᠦᠵᠢᠨ ᠤᠷᠤᠭᠤ ᠳᠣᠪᠲᠣᠯᠤᠭᠰᠠᠨ ᠰᠢᠯᠲᠠᠭᠠᠨ ᠨᠢ ᠡᠷᠲᠡ ᠳᠡᠭᠡᠷ᠎ᠡ ᠦᠶ᠎ᠡ ᠳ᠋ᠦ᠍ ᠶᠢᠰᠦᠭᠡᠢ ᠪᠠᠭᠠᠲᠤᠷ ᠭᠤᠷᠪᠠᠨ ᠮᠡᠷᠭᠢᠳ ᠦ᠋ᠨ ᠴᠢᠯᠡᠳᠦ ᠡᠴᠡ ᠥᠭᠡᠯᠦᠨ ᠢ᠋ ᠪᠤᠯᠢᠶᠠᠨ ᠠᠪᠤᠭᠰᠠᠨ ᠤ᠋ ᠥᠰᠢᠶ᠎ᠡ ᠶ᠋ᠢ ᠠᠪᠬᠤ ᠪᠠᠷ ᠢᠷᠡᠭᠰᠡᠨ ᠪᠠᠢᠪᠠ᠃ ᠲᠡᠳᠡ ᠪᠥᠷᠲᠡ ᠦᠵᠢᠨ ᠢ᠋ ᠠᠪᠴᠤ ᠶᠠᠪᠤᠭᠠᠳ ᠴᠢᠯᠡᠳᠦ ᠶ᠋ᠢᠨ ᠳᠡᠭᠦᠦ ᠴᠢᠯᠡᠬᠡᠷ ᠪᠥᠬᠡ ᠳ᠋ᠦ᠍ ᠥᠭᠪᠡ᠃ ᠴᠢᠯᠡᠬᠡᠷ ᠪᠥᠬᠡ ᠦᠵᠡᠰᠬᠦᠯᠡᠩ ᠲᠡᠭᠦᠯᠳᠡᠷ ᠭᠤᠸ᠎ᠠ ᠰᠠᠢᠬᠠᠨ ᠪᠥᠷᠲᠡ ᠦᠵᠢᠨ ᠢ᠋ ᠬᠠᠷᠠᠨ ᠰᠢᠭᠦᠷᠡᠰᠦ ᠠᠯᠳᠠᠲᠠᠯ᠎ᠠ ᠬᠤᠸᠠᠭ᠍ᠴᠢᠨ ᠡᠮᠡᠭᠡᠨ ᠪᠥᠷᠲᠡ ᠦᠵᠢᠨ ᠦ᠌ ᠤᠷᠲᠤ ᠭᠠᠷ ᠢ᠋ᠶ᠋ᠠᠷ ᠢ᠋ᠶ᠋ᠠᠨ ᠬᠠᠯᠬᠠᠯᠠᠨ ᠵᠣᠭᠰᠣᠭᠠᠳ᠄《ᠲᠠ ᠶᠠᠭᠤᠨ ᠳ᠋ᠤ᠌ ᠪᠥᠷᠲᠡ ᠬᠠᠲᠤᠨ ᠤᠷᠤᠭᠤ ᠮᠠᠨᠢ ᠰᠢᠨᠤᠬᠠᠢ ᠬᠠᠷᠠᠴᠠ ᠪᠠᠷ ᠰᠢᠷᠲᠡᠭᠡᠳ ᠪᠠᠢᠨ᠎ᠠ? ᠲᠡᠮᠦᠵᠢᠨ ᠦ᠌ ᠭᠡᠷᠭᠡᠢ ᠭᠡᠳᠡᠭ ᠢ᠋ ᠨᠢ ᠮᠠᠷᠲᠠᠭ᠎ᠠ ᠦᠭᠡᠢ ᠪᠢᠵᠡ! ᠭᠠᠷ ᠬᠦᠷᠬᠦ ᠨᠢ ᠪᠠᠢᠲᠤᠭᠠᠢ ᠬᠠᠷᠠᠴᠠ ᠤᠨᠠᠭᠠᠬᠤ ᠶ᠋ᠢᠨ ᠲᠡᠳᠦᠢ ᠳ᠋ᠦ᠍ ᠲᠣᠯᠣᠭᠠᠢ ᠦᠭᠡᠢ ᠪᠣᠯᠤᠨ᠎ᠠ ᠭᠡᠳᠡᠭ ᠢ᠋ᠶ᠋ᠡᠨ ᠮᠠᠷᠲᠠᠭ᠎ᠠ ᠦᠭᠡᠢ ᠪᠢᠵᠡ!》 ᠭᠡᠲᠡᠯ᠎ᠡ ᠴᠢᠯᠡᠬᠡᠷ ᠪᠥᠬᠡ᠄《ᠮᠠᠭᠤ ᠵᠠᠷᠤᠴᠠ ᠡᠮᠡᠭᠡᠨ ᠴᠢ ᠣᠯᠠᠨ ᠳᠣᠯᠣᠭᠠᠨ ᠶᠠᠭᠤᠮ᠎ᠠ ᠶᠠᠷᠢᠭᠠᠳ ᠪᠠᠢᠯ ᠦᠭᠡᠢ᠂ ᠡᠨᠳᠡ ᠡᠴᠡ ᠭᠠᠷ!》 ᠭᠡᠳ ᠴᠡᠷᠢᠭ ᠦ᠋ᠳ ᠲᠦ᠍ ᠪᠡᠨ᠄《ᠡᠨᠡ ᠡᠮᠡᠭᠡᠨ ᠢ᠋ ᠡᠨᠳᠡ ᠡᠴᠡ ᠵᠠᠢᠯᠠᠭᠤᠯ!》 ᠭᠡᠪᠡ᠃ ᠴᠡᠷᠢᠭ ᠦ᠋ᠳ ᠴᠦ᠍ ᠴᠢᠯᠡᠬᠡᠷ ᠪᠥᠬᠡ ᠵᠢᠨ ᠬᠡᠯᠡᠭᠰᠡᠨ ᠶᠣᠰᠣᠭᠠᠷ ᠬᠤᠸᠠᠭ᠍ᠴᠢᠨ ᠡᠮᠡᠭᠡᠨ ᠢ᠋ ᠴᠢᠷᠴᠦ ᠲᠡᠳᠡᠨ ᠲᠡᠨᠳᠡ ᠡᠴᠡ ᠭᠠᠷᠭᠠᠪᠠ᠃
   ᠡᠨᠡ ᠬᠣᠭᠣᠷᠣᠨᠳᠣ ᠲᠡᠮᠦᠵᠢᠨ ᠬᠠᠰᠠᠷ᠂ ᠪᠡᠯᠭᠦᠳᠡᠢ ᠬᠣᠶᠠᠷ ᠢ᠋ ᠳᠠᠭᠠᠭᠤᠯᠤᠨ ᠪᠤᠷᠬᠠᠨ ᠬᠠᠯᠳᠤᠨ ᠠᠭᠤᠯᠠᠨ ᠠ᠋ᠴᠠ ᠪᠠᠭᠤᠵᠤ ᠲᠤᠤᠯᠠ ᠭᠣᠣᠯ ᠤ᠋ᠨ ᠬᠠᠷ᠎ᠠ ᠰᠢᠭᠤᠢ ᠳ᠋ᠤ᠌ ᠨᠤᠲᠤᠭᠯᠠᠵᠤ ᠪᠠᠢᠭ᠎ᠠ ᠸᠠᠩ ᠬᠠᠨ ᠲᠤᠭᠤᠷᠢᠯ ᠳᠡᠭᠡᠷ᠎ᠡ ᠣᠴᠢᠭᠠᠳ ᠡᠢᠨ ᠬᠦ᠌ ᠬᠡᠯᠡᠪᠡ᠃《ᠰᠠᠢᠨ ᠪᠠᠢᠨ᠎ᠠ ᠤᠤ? ᠸᠠᠩ ᠬᠠᠨ ᠮᠢᠨᠢ! ᠲᠠᠨ ᠤ᠋ ᠲᠤᠰᠠᠯᠠᠮᠵᠢ ᠨᠠᠳᠠ ᠳ᠋ᠤ᠌ ᠬᠡᠷᠡᠭᠲᠡᠢ ᠪᠠᠢᠨ᠎ᠠ᠃ ᠬᠡᠳᠦ ᠬᠣᠨᠣᠭ ᠤ᠋ᠨ ᠡᠮᠦᠨ᠎ᠡ ᠪᠢᠳᠡᠨ ᠢ᠋ ᠤᠨᠲᠠᠵᠤ ᠪᠠᠢᠬᠤ ᠳ᠋ᠤ᠌ ᠭᠤᠷᠪᠠᠨ ᠮᠡᠷᠭᠢᠳ ᠦ᠋ᠳ ᠳᠣᠪᠲᠣᠯᠤᠨ ᠢᠷᠡᠭᠡᠳ ᠠᠪᠠᠯᠢ ᠭᠡᠷᠭᠡᠢ ᠪᠥᠷᠲᠡ ᠥᠵᠢᠨ ᠢ᠋ ᠮᠢᠨᠢ ᠬᠤᠯᠠᠭᠠᠢᠯᠠᠭᠠᠳ ᠠᠪᠤᠭᠠᠳ ᠶᠠᠪᠤᠴᠢᠬᠠᠯ᠎ᠠ 》 ᠭᠡᠪᠡ᠃ ᠸᠠᠩ ᠬᠠᠨ ᠲᠤᠭᠤᠷᠢᠯ᠄《ᠸᠠᠩ ᠠᠬ᠎ᠠ ᠨᠢ ᠬᠡᠯᠡᠭᠰᠡᠨ ᠠᠮᠠᠨ ᠳ᠋ᠤ᠌ ᠪᠠᠨ ᠬᠦᠷᠳᠡᠭ ᠬᠥᠮᠦᠨ ᠰᠢᠦ᠃ ᠨᠢᠳᠤᠨᠤᠨ ᠴᠢᠮ᠎ᠠ ᠶ᠋ᠢ ᠢᠷᠡᠵᠦ ᠪᠤᠯᠠᠭᠠᠨ ᠳᠠᠬᠤ ᠪᠡᠯᠡᠭᠯᠡᠬᠦ ᠳ᠋ᠦ᠍ ᠴᠢᠨᠢ ᠬᠡᠴᠡᠭᠦᠦ ᠦᠶ᠎ᠡ ᠳ᠋ᠦ᠍ ᠴᠢᠨᠢ ᠲᠤᠰᠠᠯᠠᠨ᠎ᠠ ᠭᠡᠵᠦ ᠠᠮᠠᠯᠠᠭᠰᠠᠨ ᠰᠢᠦ ᠳᠡ᠂ ᠴᠢ ᠵᠠᠮᠤᠬ᠎ᠠ ᠳᠡᠭᠦᠦ ᠳ᠋ᠦ᠍ ᠡᠯᠴᠢ ᠢᠯᠡᠭᠡᠴᠢᠬᠡ᠂ ᠵᠠᠮᠤᠬ᠎ᠠ ᠣᠳᠣ ᠬᠣᠷᠬᠣᠨᠠᠭ ᠵᠤᠪᠤᠷ ᠭᠡᠳᠡᠭ ᠭᠠᠵᠠᠷ ᠨᠤᠲᠤᠭᠯᠠᠵᠤ ᠪᠠᠢᠭ᠎ᠠ᠂ ᠪᠢ ᠡᠨᠳᠡ ᠡᠴᠡ ᠬᠣᠶᠠᠷ ᠲᠦᠮᠡᠨ ᠴᠡᠷᠢᠭ ᠢ᠋ᠶ᠋ᠡᠨ ᠠᠪᠤᠭᠠᠳ ᠮᠡᠷᠭᠢᠳ ᠦ᠋ᠳ ᠦ᠋ᠨ ᠪᠠᠷᠠᠭᠤᠨ ᠭᠠᠷ ᠲᠠᠯ᠎ᠠ ᠠ᠋ᠴᠠ ᠨᠢ ᠳᠣᠪᠲᠣᠯᠤᠶ᠎ᠠ᠂ ᠠᠬ᠎ᠠ ᠬᠠᠷᠢᠨ ᠵᠠᠮᠤᠬ᠎ᠠ ᠵᠡᠭᠦᠨ ᠭᠠᠷ ᠲᠠᠯ᠎ᠠ ᠠ᠋ᠴᠠ ᠨᠢ ᠳᠣᠪᠲᠣᠯᠤᠭ!》 ᠭᠡᠪᠡ᠃
   ᠲᠡᠮᠦᠵᠢᠨ ᠪᠣᠳᠣᠪᠠ᠃《ᠲᠡᠢᠮᠦ ᠠ᠋᠂ ᠪᠢ ᠶᠠᠭᠠᠬᠢᠭᠠᠳ ᠰᠠᠨᠠᠭᠰᠠᠨ ᠦᠭᠡᠢ ᠪᠣᠢ ᠬᠣᠶᠠᠷᠲᠠ ᠠᠨᠳᠠ ᠪᠣᠯᠤᠯᠴᠠᠭᠰᠠᠨ ᠵᠠᠮᠤᠬ᠎ᠠ ᠬᠠᠨ ᠮᠢᠨᠢ ᠪᠠᠢᠭ᠎ᠠ ᠰᠢᠦ ᠳᠡ᠂ ᠪᠢᠳᠡ ᠴᠢᠨᠢ ᠠᠷᠪᠠᠨ ᠨᠢᠭᠡᠨ ᠨᠠᠰᠤᠨ ᠳ᠋ᠤ᠌ ᠪᠠᠨ ᠠᠩᠬ᠎ᠠ ᠪᠡᠶ᠎ᠡ ᠪᠡᠶ᠎ᠡ ᠳ᠋ᠦ᠍ ᠪᠡᠨ ᠱᠠᠭ᠎ᠠ ᠰᠣᠯᠢᠯᠴᠠᠨ ᠠᠨᠳᠠ ᠪᠣᠯᠤᠯᠴᠠᠵᠤ ᠬᠣᠶᠠᠳᠠᠬᠢ ᠤᠳᠠᠭ᠎ᠠ ᠪᠠᠨ ᠵᠠᠮᠤᠬ᠎ᠠ ᠠᠨᠳᠠ ᠦᠬᠡᠷ ᠦ᠋ᠨ ᠡᠪᠡᠷ ᠢ᠋ᠶ᠋ᠡᠷ ᠬᠢᠭᠰᠡᠨ ᠰᠤᠮᠤ ᠪᠠᠨ ᠪᠡᠯᠡᠭᠯᠡᠨ ᠠᠨᠳᠠ ᠪᠣᠯᠤᠯᠴᠠᠵᠤ ᠪᠠᠢᠭᠰᠠᠨ᠂ ᠵᠠᠮᠤᠬ᠎ᠠ ᠠᠨᠳᠠ ᠮᠢᠨᠢ ᠮᠢᠨᠦ ᠠᠰᠠᠭᠤᠳᠠᠯ ᠢ᠋ ᠰᠣᠨᠣᠰᠪᠠᠯ ᠨᠠᠳᠠ ᠲᠠᠢ ᠬᠠᠮᠲᠤ ᠮᠡᠷᠭᠢᠳ ᠦ᠋ᠳ ᠢ᠋ ᠳᠠᠭᠠᠷᠢᠨ ᠳᠣᠪᠲᠣᠯᠬᠤ ᠨᠢ ᠭᠠᠷᠴᠠᠭ᠎ᠠ ᠦᠭᠡᠢ᠃》 ᠭᠡᠵᠦ ᠪᠣᠳᠣᠭᠠᠳ ᠰᠠᠨᠳᠤᠷᠴᠤ ᠲᠡᠪᠡᠳᠡᠨ᠂ ᠳᠡᠯᠪᠡᠷᠡᠬᠦ ᠳ᠋ᠦ᠍ ᠪᠡᠯᠡᠨ ᠪᠠᠢᠭᠰᠠᠨ ᠵᠢᠷᠦᠬᠡ ᠨᠢ ᠪᠠᠭ᠎ᠠ ᠴᠤ᠌ ᠪᠣᠯᠪᠠ ᠲᠠᠢᠪᠤᠰᠢᠷᠠᠨ ᠦᠳᠲᠡᠷ ᠲᠦᠷᠭᠡᠨ ᠵᠠᠮᠤᠬ᠎ᠠ ᠳ᠋ᠤ᠌ ᠬᠡᠯᠡ ᠬᠦᠷᠭᠡᠭᠦᠯᠬᠦ ᠪᠡᠷ ᠬᠠᠰᠠᠷ᠂ ᠪᠡᠯᠭᠦᠳᠡᠢ ᠬᠣᠶᠠᠷ ᠢ᠋ ᠢᠯᠡᠭᠡᠪᠡ᠃ ᠲᠡᠮᠦᠵᠢᠨ ᠵᠠᠮᠤᠬ᠎ᠠ ᠳ᠋ᠤ᠌ ᠬᠠᠨᠳᠤᠨ᠄《 ᠦᠰ ᠬᠣᠨᠵᠢᠩᠲᠤ ᠮᠡᠷᠭᠢᠳ ᠢᠷᠡᠵᠦ᠂ ᠦᠷᠦ ᠶ᠋ᠢ ᠮᠢᠨᠢ ᠡᠪᠡᠳᠬᠡᠵᠦ᠂ ᠡᠪᠦᠷ ᠢ᠋ ᠮᠢᠨᠢ ᠬᠣᠭᠣᠰᠣᠯᠠᠵᠤ᠂ ᠥᠬᠥᠭᠡᠷᠳᠡᠮ᠎ᠡ ᠪᠥᠷᠲᠡ ᠥᠵᠢᠨ ᠢ᠋ ᠮᠢᠨᠢ ᠨᠠᠳᠠ ᠠ᠋ᠴᠠ ᠪᠤᠯᠢᠶᠠᠨ ᠣᠯᠵᠠᠯᠠᠴᠢᠬᠠᠯ᠎ᠠ᠃ ᠡᠯᠢᠭᠡ ᠵᠢᠷᠦᠬᠡ ᠮᠠᠨᠢ ᠡᠮᠲᠡᠷᠡᠵᠦ ᠡᠪᠳᠡᠷᠡᠵᠦ ᠪᠠᠢᠨ᠎ᠠ᠃ ᠬᠣᠶᠠᠷᠲᠠ ᠠᠨᠳᠠ ᠪᠣᠯᠤᠯᠴᠠᠭᠰᠠᠨ ᠠᠨᠳᠠ ᠨᠥᠬᠥᠷ ᠮᠢᠨᠢ ᠨᠠᠳᠠ ᠳ᠋ᠤ᠌ ᠪᠥᠷᠲᠡ ᠦᠵᠢᠨ ᠢ᠋ᠶ᠋ᠡᠨ ᠪᠤᠴᠠᠭᠠᠵᠤ ᠠᠪᠬᠤ ᠳ᠋ᠤ᠌ ᠮᠢᠨᠢ ᠲᠤᠰᠠᠯᠠᠭᠠᠴᠢ! ᠭᠤᠷᠪᠠᠨ ᠮᠡᠷᠭᠢᠳ ᠦ᠋ᠳ ᠪᠥᠷᠲᠡ ᠦᠵᠢᠨ ᠳ᠋ᠦ᠍ ᠮᠠᠨᠢ ᠬᠤᠷᠤᠭᠤᠨ ᠤ᠋ ᠦᠵᠦᠭᠦᠷ ᠢ᠋ᠶ᠋ᠡᠷ ᠢ᠋ᠶ᠋ᠡᠨ ᠬᠦᠷᠭᠡᠭᠰᠡᠨ ᠲᠡᠳᠦᠢ ᠳ᠋ᠦ᠍ ᠪᠢ ᠲᠡᠳᠡᠨ ᠢ᠋ ᠡᠪᠦᠭᠡ ᠳᠡᠭᠡᠳᠦᠰ ᠡᠴᠡ ᠦᠷ᠎ᠡ ᠤᠳᠤᠮ ᠬᠦᠷᠲᠡᠯ᠎ᠡ ᠨᠢ ᠬᠦᠢᠰᠦ ᠲᠡᠮᠲᠡᠷᠢᠵᠦ ᠦᠨᠡᠰᠦᠨ ᠲᠣᠪᠷᠠᠭ ᠪᠣᠯᠭᠠᠬᠤ ᠪᠣᠯᠤᠨ᠎ᠠ》 ᠭᠡᠪᠡ᠃ ᠬᠠᠷᠢᠭᠤ ᠳ᠋ᠤ᠌ ᠨᠢ ᠵᠠᠮᠤᠬ᠎ᠠ᠄《ᠬᠣᠶᠠᠷᠲᠠ ᠠᠨᠳᠠ ᠪᠣᠯᠤᠯᠴᠠᠭᠰᠠᠨ ᠳᠣᠲᠣᠨᠣ ᠶ᠋ᠢᠨ ᠠᠨᠳᠠ ᠮᠢᠨᠢ ᠨᠥᠬᠥᠷ ᠮᠢᠨᠢ ᠴᠢᠨᠦ ᠲᠤᠬᠠᠢ ᠰᠣᠨᠣᠰᠤᠭᠠᠳ ᠴᠡᠭᠡᠵᠢ ᠪᠡᠷ ᠬᠥᠨᠳᠡᠭᠦᠷᠯᠡᠨ᠂ ᠠᠭᠤᠷ ᠣᠮᠣᠭ ᠮᠠᠨᠢ ᠪᠤᠴᠠᠯᠵᠤ ᠴᠡᠭᠡᠵᠢᠨ ᠡᠴᠡ ᠴᠢᠰᠤ ᠱᠦᠭᠦᠷᠡᠨ ᠠᠮᠠᠨ ᠳ᠋ᠤ᠌ ᠠᠮᠲᠠᠭᠳᠠᠵᠤ ᠪᠠᠢᠨ᠎ᠠ᠃ ᠪᠢ ᠣᠳᠣ ᠡᠨᠳᠡ ᠡᠴᠡ ᠬᠣᠶᠠᠷ ᠲᠦᠮᠡᠨ ᠴᠡᠷᠢᠭ ᠢ᠋ᠶ᠋ᠡᠨ ᠠᠪᠤᠭᠠᠳ ᠭᠠᠷᠤᠯ᠎ᠠ᠃ ᠭᠤᠷᠪᠠᠭᠤᠯᠠ ᠪᠠᠨ ᠤᠨᠤᠨ ᠮᠥᠷᠡᠨ ᠦ᠌ ᠡᠬᠢ ᠪᠣᠲᠤᠬᠠᠨ ᠪᠤᠭᠤᠷᠵᠢ ᠭᠡᠳᠡᠭ ᠭᠠᠵᠠᠷ ᠲᠤ᠌ ᠠᠭᠤᠯᠵᠠᠵᠠᠭᠠᠶ᠎ᠠ!》
   ᠲᠡᠮᠦᠵᠢᠨ ᠵᠠᠮᠤᠬ᠎ᠠ ᠶ᠋ᠢᠨ ᠦᠭᠡ ᠶ᠋ᠢ ᠰᠣᠨᠣᠰᠤᠭᠠᠳ ᠶᠡᠬᠡᠳᠡ ᠪᠠᠶᠠᠷᠯᠠᠨ ᠲᠤᠭᠤᠷᠢᠯ ᠬᠠᠨ ᠳ᠋ᠤ᠌ ᠳᠠᠮᠵᠢᠭᠤᠯᠤᠨ ᠬᠡᠯᠡᠪᠡ᠃ ᠲᠡᠭᠡᠭᠡᠳ ᠲᠣᠭᠣᠷᠢᠯ ᠬᠠᠨ ᠵᠠᠮ ᠢ᠋ᠶ᠋ᠠᠷ ᠢ᠋ᠶ᠋ᠠᠨ ᠲᠡᠮᠦᠵᠢᠨ ᠢ᠋ ᠠᠪᠤᠭᠠᠳ ᠤᠨᠤᠨ ᠮᠥᠷᠡᠨ ᠦ᠌ ᠡᠬᠢ ᠪᠣᠲᠤᠬᠠᠨ ᠪᠤᠭᠤᠷᠵᠢ ᠭᠡᠳᠡᠭ ᠭᠠᠵᠠᠷ ᠢᠷᠡᠲᠡᠯ᠎ᠡ ᠵᠠᠮᠤᠬ᠎ᠠ ᠠᠯᠢ ᠬᠡᠳᠦᠢᠨ ᠦ᠌ ᠭᠤᠷᠪᠠ ᠬᠣᠨᠣᠭ ᠤ᠋ᠨ ᠡᠮᠦᠨ᠎ᠡ ᠢᠷᠡᠴᠢᠬᠡᠭᠰᠡᠨ ᠬᠦᠯᠢᠶᠡᠵᠦ ᠪᠠᠢᠪᠠ᠃ ᠵᠠᠮᠤᠬ᠎ᠠ ᠲᠣᠭᠣᠷᠢᠯ ᠬᠠᠨ ᠢ᠋ ᠬᠣᠴᠣᠷᠤᠨ ᠢᠷᠡᠭᠰᠡᠨ ᠳ᠋ᠦ᠍ ᠳᠤᠷ᠎ᠠ ᠦᠭᠡᠢ ᠪᠠᠢᠭᠰᠠᠨ ᠴᠤ᠌ ᠠᠷᠰᠠᠷ ᠵᠦᠢᠯ ᠦ᠋ᠳ ᠢ᠋ ᠠᠷᠤ ᠳ᠋ᠤ᠌ ᠪᠠᠨ ᠦᠯᠡᠳᠡᠭᠡᠨ ᠭᠣᠣᠯ ᠵᠣᠷᠢᠯᠭ᠎ᠠ ᠪᠣᠯᠬᠤ ᠠᠨᠳᠠ ᠨᠥᠬᠥᠷ ᠲᠡᠮᠦᠵᠢᠨ ᠦ᠌ ᠠᠪᠠᠯᠢ ᠭᠡᠷᠭᠡᠢ ᠪᠥᠷᠲᠡ ᠦᠵᠢᠨ ᠢ᠋ ᠪᠤᠴᠠᠭᠠᠨ ᠠᠪᠬᠤ ᠪᠠᠷ ᠲᠡᠳᠡ ᠭᠤᠷᠪᠠ ᠮᠡᠷᠭᠢᠳ ᠢ᠋ ᠳᠠᠭᠠᠷᠢᠨ ᠳᠣᠪᠲᠣᠯᠬᠤ ᠪᠠᠷ ᠵᠠᠮ ᠳ᠋ᠤ᠌ ᠪᠠᠨ ᠭᠠᠷᠪᠠ᠃ ᠲᠡᠮᠦᠵᠢᠨ ᠭᠤᠷᠪᠠᠨ ᠮᠡᠷᠭᠢᠳ ᠦ᠋ᠳ ᠤᠷᠤᠭᠤ ᠳᠠᠭᠠᠷᠢᠨ ᠢᠷᠡᠬᠦ ᠳ᠋ᠦ᠍ ᠭᠤᠷᠪᠠᠨ ᠮᠡᠷᠭᠢᠳ ᠦ᠋ᠨ ᠲᠣᠭ᠍ᠲᠤᠭ᠎ᠠ ᠪᠡᠬᠢ ᠳ᠋ᠦ᠍ ᠲᠡᠨᠳᠡᠬᠢ ᠶ᠋ᠢᠨ ᠠᠩᠴᠢᠳ《ᠲᠡᠮᠦᠵᠢᠨ ᠢᠷᠡᠵᠦ ᠪᠠᠢᠨ᠎ᠠ 》 ᠭᠡᠮᠡᠨ ᠬᠡᠯᠡᠵᠦ ᠳᠣᠭᠣᠯᠭᠠᠪᠠ᠃ ᠡᠭᠦᠨ ᠢ᠋ ᠰᠣᠨᠣᠰᠤᠭᠠᠳ ᠲᠣᠭ᠍ᠲᠤᠭ᠎ᠠ ᠪᠡᠬᠢ᠂ ᠲᠡᠢᠷ ᠤᠰᠤᠨ᠂ ᠴᠢᠯᠡᠬᠡᠷ ᠪᠥᠬᠡ ᠰᠡᠯᠡᠩᠭᠡ ᠶ᠋ᠢ ᠤᠷᠤᠭᠤᠳᠠᠨ ᠪᠠᠷᠭᠤᠵᠢᠨ ᠣᠷᠣᠨ ᠤᠷᠤᠭᠤ ᠵᠢᠭᠤᠲᠠᠪᠠ᠃ ᠴᠢᠯᠡᠬᠡᠷ ᠪᠥᠬᠡ ᠵᠢᠭᠤᠲᠠᠵᠤ ᠶᠠᠪᠤᠬᠤ ᠳ᠋ᠤ᠌ ᠪᠠᠨ ᠡᠢᠨ ᠬᠦ᠌ ᠪᠣᠳᠣᠪᠠ᠃《 ᠴᠢᠯᠡᠬᠡᠷ ᠪᠥᠬᠡ ᠴᠢ ᠣᠳᠣ ᠪᠠᠢᠭ᠎ᠠ ᠠᠮᠢᠳᠤᠷᠠᠯ ᠢ᠋ᠶ᠋ᠠᠨ ᠭᠣᠯᠣᠨ ᠢᠯᠡᠭᠦᠦ ᠶᠠᠭᠤᠮᠠᠨ ᠳ᠋ᠤ᠌ ᠰᠢᠨᠤᠨ ᠳᠤᠷᠠᠯᠠᠵᠤ᠂ ᠡᠷᠲᠡ ᠳᠡᠭᠡᠷ᠎ᠡ ᠦᠶ᠎ᠡ ᠶ᠋ᠢᠨ ᠦᠰ ᠬᠣᠨᠵᠢᠩ ᠢ᠋ᠶ᠋ᠠᠷ ᠳᠡᠯᠢᠮ ᠬᠢᠵᠦ ᠡᠴᠦᠰ ᠲᠦ᠍ ᠨᠢ ᠥᠪᠡᠷᠲᠡᠭᠡᠨ ᠪᠠᠢᠭᠰᠠᠨ ᠪᠦᠬᠦ ᠵᠦᠢᠯ ᠢ᠋ᠶ᠋ᠡᠨ ᠠᠯᠳᠠᠵᠤ ᠣᠯᠠᠨ ᠠᠷᠠᠳ ᠤ᠋ᠨ ᠢ᠋ᠶ᠋ᠠᠨ ᠠᠮᠢ ᠨᠠᠰᠤ ᠶ᠋ᠢ ᠬᠣᠬᠢᠷᠠᠭᠠᠯ᠎ᠠ ᠳᠠ!》 ᠭᠡᠵᠦ ᠬᠠᠷ᠎ᠠ ᠲᠣᠯᠣᠭᠠᠢ ᠪᠠᠨ ᠬᠠᠷᠢᠶᠠᠨ ᠬᠠᠯᠠᠭᠯᠠᠨ ᠵᠢᠭᠤᠲᠠᠪᠠ ᠭᠡᠨ᠎ᠡ᠃
   ᠡᠨᠡ ᠦᠶ᠎ᠡ ᠳ᠋ᠦ᠍ ᠲᠡᠮᠦᠵᠢᠨ ᠵᠢᠭᠤᠲᠠᠭᠰᠠᠨ ᠮᠡᠷᠭᠢᠳ ᠦ᠋ᠳ ᠢ᠋ ᠬᠠᠢᠵᠤ ᠣᠯᠤᠭᠠᠳ ᠲᠡᠳᠡᠨ ᠦ᠌ ᠳᠤᠮᠳᠠ ᠠ᠋ᠴᠠ ᠪᠥᠷᠲᠡ ᠶ᠋ᠢ ᠬᠠᠢᠵᠤ ᠡᠬᠢᠯᠡᠪᠡ᠃《 ᠪᠥᠷᠲᠡ᠂ ᠪᠥᠷᠲᠡ ᠠ᠋! ᠴᠢ ᠮᠢᠨᠢ ᠡᠨᠳᠡ ᠪᠠᠢᠨ᠎ᠠ ᠤᠤ?ᠪᠥᠷᠲᠡ᠂ ᠪᠥᠷᠲᠡ ᠠ᠋! ᠡᠩᠬᠦᠷᠡᠢ ᠬᠣᠩᠭᠣᠷ ᠪᠥᠷᠲᠡ ᠮᠢᠨᠢ ᠡᠨᠳᠡ ᠪᠠᠢᠨ᠎ᠠ ᠤᠤ?》 ᠭᠡᠳ ᠪᠥᠷᠲᠡ ᠶ᠋ᠢ ᠳᠠᠭᠤᠳᠠᠵᠤ ᠬᠠᠢᠵᠤ ᠪᠠᠢᠬᠤ ᠶ᠋ᠢ ᠪᠥᠷᠲᠡ ᠲᠡᠷᠭᠡᠨ ᠳᠣᠲᠣᠷ᠎ᠠ ᠠ᠋ᠴᠠ ᠰᠣᠨᠣᠰᠤᠭᠠᠳ ᠰᠢᠭᠤᠳ ᠲᠡᠷᠭᠡᠨ ᠡᠴᠡ ᠦᠰᠦᠷᠴᠦ ᠭᠠᠷᠴᠤ ᠲᠡᠮᠦᠵᠢᠨ ᠦ᠌ ᠵᠦᠭ ᠭᠦᠶᠦᠵᠦ ᠡᠬᠢᠯᠡᠪᠡ᠃ ᠲᠡᠭᠡᠭᠡᠳ ᠲᠡᠮᠦᠵᠢᠨ ᠢ᠋ ᠣᠯᠵᠤ ᠬᠠᠷᠠᠭᠠᠳ ᠲᠡᠮᠦᠵᠢᠨ ᠦ᠌ ᠮᠣᠷᠢᠨ ᠤ᠋ ᠬᠠᠵᠠᠭᠠᠷ ᠠ᠋ᠴᠠ ᠨᠢ ᠲᠡᠳᠡᠨ ᠠᠪᠪᠠ᠃ ᠲᠡᠮᠦᠵᠢᠨ ᠲᠡᠭᠡᠵᠦ ᠨᠢᠭᠡ ᠬᠠᠢᠷᠠᠲᠤ ᠪᠥᠷᠲᠡ ᠥᠵᠢᠨ ᠲᠡᠢ ᠪᠡᠨ ᠠᠭᠤᠯᠵᠠᠪᠠ᠃ ᠲᠡᠮᠦᠵᠢᠨ ᠮᠣᠷᠢᠨ ᠠ᠋ᠴᠠ ᠪᠠᠭᠤᠨ ᠬᠠᠢᠷᠠᠲᠠᠢ ᠪᠥᠷᠲᠡ ᠥᠵᠢᠨ ᠢ᠋ ᠪᠡᠨ ᠲᠡᠪᠡᠷᠢᠬᠦ ᠭᠡᠲᠡᠯ᠎ᠡ ᠪᠥᠷᠲᠡ ᠥᠵᠢᠨ ᠬᠡᠳᠦᠢᠨ ᠪᠡᠶ᠎ᠡ ᠳᠠᠪᠬᠤᠷ ᠪᠣᠯᠴᠢᠬᠠᠭᠰᠠᠨ ᠲᠣᠭᠣᠭᠠᠨ ᠴᠢᠨᠡᠭᠡ ᠭᠡᠳᠡᠰᠦ ᠨᠢ ᠴᠦᠨᠳᠦᠢᠨ ᠬᠠᠷᠠᠭᠳᠠᠪᠠ᠃ ᠶᠠᠭ ᠡᠨᠡ ᠦᠶ᠎ᠡ ᠳ᠋ᠦ᠍ ᠲᠡᠮᠦᠵᠢᠨ ᠦ᠌ ᠲᠣᠯᠣᠭᠠᠢ ᠳᠡᠭᠡᠷ᠎ᠡ ᠠᠶᠤᠩᠭ᠎ᠠ ᠪᠠᠭᠤᠵᠤ ᠠᠭᠠᠳᠠᠷ ᠪᠣᠷᠣᠭ᠎ᠠ ᠠᠰᠬᠠᠷᠠᠨ ᠬᠥᠬᠡ ᠮᠥᠩᠬᠡ ᠲᠡᠭᠷᠢ ᠨᠤᠷᠠᠭᠠᠳ ᠢᠷᠡᠬᠦ ᠨᠢ ᠰᠠᠨᠠᠭᠳᠠᠪᠠ᠃《ᠪᠥᠷᠲᠡ᠂ ᠠ᠋ ᠁ ᠪᠥᠷᠲᠡ ᠴᠢᠨᠦ ᠭᠡᠳᠡᠰᠦ᠁ ᠴᠢᠯᠡᠬᠡᠷ ᠪᠥᠬᠡ ᠴᠢᠮ᠎ᠠ ᠶ᠋ᠢ ᠮᠢᠨᠢ ᠠ᠋ ᠁ ᠪᠢ᠁ ᠶᠠᠭᠤ᠁》 ᠭᠡᠵᠦ ᠭᠠᠴᠢᠵᠤ ᠪᠠᠢᠭᠠᠳ ᠭᠡᠨᠡᠳᠲᠡ ᠮᠠᠰᠢ ᠶᠡᠬᠡ ᠪᠡᠷ ᠠᠭᠤᠷ ᠬᠢᠯᠢᠩ ᠪᠠᠳᠠᠷᠠᠵᠤ ᠭᠠᠵᠠᠷ ᠰᠥᠬᠥᠷᠡᠨ ᠤᠨᠠᠭᠠᠳ《ᠮᠠᠭᠤ ᠴᠢᠯᠡᠬᠡᠷ ᠪᠥᠬᠡ ᠴᠢᠮ᠎ᠠ ᠶ᠋ᠢ ᠭᠠᠵᠠᠷ ᠤ᠋ᠨ ᠮᠤᠬᠤᠷ ᠠ᠋ᠴᠠ ᠬᠠᠢᠵᠤ ᠣᠯᠤᠭᠠᠳ ᠬᠥᠮᠦᠨ ᠦ᠌ ᠮᠠᠭᠤ ᠪᠠᠷ ᠲᠠᠷᠴᠢᠯᠭᠠᠨ ᠤᠰᠠᠳᠬᠠᠵᠤ᠂ ᠥᠭᠡᠳᠡ ᠦᠭᠡᠢ ᠮᠠᠭᠤ ᠮᠡᠷᠭᠢᠳ ᠦ᠋ᠳ ᠦ᠋ᠨ ᠡᠷᠬᠢᠮ ᠰᠢᠲᠦᠭᠡᠨ ᠢ᠋ ᠨᠢ ᠡᠪᠳᠡᠵᠦ᠂ ᠥᠰᠬᠦ ᠬᠥᠷᠥᠰᠥ ᠶ᠋ᠢ ᠨᠢ ᠲᠠᠰᠤᠳᠠᠨ ᠬᠢᠳᠤᠵᠤ᠂ ᠬᠤᠲᠤᠭᠲᠤ ᠰᠠᠬᠢᠭᠤᠰᠤ ᠶ᠋ᠢ ᠨᠢ ᠬᠤᠭᠤ ᠳᠠᠭᠠᠷᠢᠵᠤ᠂ ᠦᠷ᠎ᠡ ᠶ᠋ᠢᠨ ᠦᠷ᠎ᠡ ᠶ᠋ᠢ ᠬᠦᠷᠲᠡᠯ᠎ᠡ ᠦᠨᠡᠰᠦ ᠶ᠋ᠢ ᠬᠢᠲᠡᠯ᠎ᠡ ᠬᠢᠳᠤᠬᠤ ᠪᠣᠯᠤᠨ᠎ᠠ᠃》 ᠭᠡᠵᠦ ᠬᠠᠰᠬᠢᠷᠤᠭᠠᠳ ᠵᠢᠭᠤᠲᠠᠵᠤ ᠶᠠᠪᠤᠭᠰᠠᠨ ᠮᠡᠷᠭᠢᠳ ᠦ᠋ᠨ ᠳᠤᠮᠳᠠ ᠠ᠋ᠴᠠ ᠲᠣᠭ᠍ᠲᠤᠭ᠎ᠠ ᠪᠡᠬᠢ ᠶ᠋ᠢ ᠪᠠᠷᠢᠵᠤ ᠠᠪᠤᠭᠠᠳ ᠨᠢᠳᠦᠨ ᠳᠡᠭᠡᠷ᠎ᠡ ᠨᠢ ᠮᠡᠷᠭᠢᠳ ᠣᠯᠠᠨ ᠲᠦᠮᠡᠨ ᠢ᠋ ᠬᠦᠢᠰᠦ ᠲᠡᠮᠲᠡᠷᠢᠪᠡ ᠭᠡᠨ᠎ᠡ᠃

ᠠᠯᠲᠠ ᠪᠡᠶ᠎ᠡ ᠮᠢᠨᠢ ᠠᠯᠵᠢᠶᠠᠪᠠᠰᠤ ᠠᠯᠵᠢᠶᠠᠲᠤᠭᠠᠢ᠂
ᠠᠬᠤᠢ ᠲᠥᠷᠥ ᠮᠢᠨᠢ ᠪᠦᠦ ᠠᠯᠳᠠᠷᠠᠲᠤᠭᠠᠢ!
ᠪᠦᠲᠦᠨ ᠪᠡᠶ᠎ᠡ ᠮᠢᠨᠢ ᠵᠣᠪᠠᠪᠠᠰᠤ ᠵᠣᠪᠠᠲᠤᠭᠠᠢ᠂
ᠪᠦᠷᠢᠨ ᠤᠯᠤᠰ ᠮᠢᠨᠢ ᠪᠦᠦ ᠵᠣᠪᠠᠲᠤᠭᠠᠢ!

   ᠦᠰᠦᠭ ᠠᠮᠢᠯᠠᠭᠤᠯᠤᠭᠰᠠᠨ᠄ ᠮᠥᠩᠭᠦᠨᠴᠡᠴᠡᠭ
   ᠦᠰᠦᠭ ᠬᠠᠲᠠᠭᠰᠠᠨ᠄ ᠮᠥᠩᠭᠦᠨᠴᠡᠴᠡᠭ
   ᠬᠢᠨᠠᠭᠴᠢ ᠪᠠᠭᠰᠢ᠄ ᠮᠥᠴᠢᠷ