ᠲᠡᠮᠦᠵᠢᠨ05-ᠬᠠᠮᠤᠭ ᠮᠣᠩᠭᠣᠯ ᠤᠯᠤᠰ ᠤᠨ ᠬᠠᠭᠠᠨ ᠪᠣᠯᠤᠭᠰᠠᠨ ᠨᠢТэмүүжин-5 Хамаг Монгол улсын Хаан болсон нь ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠦᠵᠢᠨ05-ᠬᠠᠮᠤᠭ ᠮᠣᠩᠭᠣᠯ ᠤᠯᠤᠰ ᠤᠨ ᠬᠠᠭᠠᠨ ᠪᠣᠯᠤᠭᠰᠠᠨ ᠨᠢТэмүүжин-5 Хамаг Монгол улсын Хаан болсон нь

ᠲᠡᠮᠦᠵᠢᠨ05-ᠬᠠᠮᠤᠭ ᠮᠣᠩᠭᠣᠯ ᠤᠯᠤᠰ ᠤᠨ ᠬᠠᠭᠠᠨ ᠪᠣᠯᠤᠭᠰᠠᠨ ᠨᠢТэмүүжин-5 Хамаг Монгол улсын Хаан болсон нь

ᠠᠩᠭᠢᠯᠠᠯ:ᠳᠣᠮᠣᠭ ᠦᠯᠢᠭᠡᠷ
2023-10-17

656

ᠲᠡᠮᠦᠵᠢᠨ05-ᠬᠠᠮᠤᠭ ᠮᠣᠩᠭᠣᠯ ᠤᠯᠤᠰ ᠤᠨ ᠬᠠᠭᠠᠨ ᠪᠣᠯᠤᠭᠰᠠᠨ ᠨᠢ

ᠲᠠᠪᠤᠳᠤᠭᠠᠷ ᠠᠩᠭᠢ
ᠬᠠᠮᠤᠭ ᠮᠣᠩᠭᠣᠯ ᠤᠯᠤᠰ ᠤ᠋ᠨ ᠬᠠᠨ ᠪᠣᠯᠭᠠᠭᠰᠠᠨ ᠨᠢ
ᠲᠡᠮᠦᠵᠢᠨ ᠮᠡᠷᠭᠢᠳ ᠦ᠋ᠳ ᠢ᠋ ᠬᠦᠢᠰᠦ ᠲᠡᠮᠲᠡᠷᠢᠨ ᠪᠦᠭᠦᠳᠡ ᠶ᠋ᠢ ᠬᠢᠳᠤᠵᠤ ᠳᠠᠭᠤᠰᠤᠭᠠᠳ ᠭᠠᠵᠠᠷ ᠰᠥᠬᠥᠷᠡᠨ ᠤᠨᠠᠵᠤ ᠬᠣᠶᠠᠷ ᠭᠠᠷ ᠢ᠋ᠶ᠋ᠠᠷ ᠢ᠋ᠶ᠋ᠠᠨ ᠲᠣᠯᠣᠭᠠᠢ ᠪᠠᠨ ᠠᠳᠬᠤᠪᠠ᠃ ᠲᠡᠭᠦᠨ ᠦ᠌ ᠲᠣᠯᠣᠭᠠᠢ ᠳ᠋ᠤ᠌ ᠪᠥᠷᠲᠡ ᠶ᠋ᠢᠨ ᠴᠦᠳᠦᠭᠡᠷ ᠭᠡᠳᠡᠰᠦ ᠶ᠋ᠢᠨ ᠲᠠᠯ᠎ᠠ ᠪᠠᠷ ᠬᠢ ᠪᠣᠳᠣᠯ ᠡᠷᠭᠢᠯᠳᠦᠵᠦ ᠪᠠᠢᠯ᠎ᠠ᠃ ᠭᠡᠲᠡᠯ᠎ᠡ ᠬᠤᠸᠠᠭ᠍ᠴᠢᠨ ᠡᠮᠡᠭᠡᠨ ᠲᠡᠮᠦᠵᠢᠨ ᠳᠡᠭᠡᠷ᠎ᠡ ᠭᠦᠶᠦᠵᠦ ᠢᠷᠡᠭᠡᠳ ᠡᠢᠨ ᠬᠦ᠌ ᠥᠭᠦᠯᠡᠬᠦᠨ᠄《ᠲᠡᠮᠦᠵᠢᠨ ᠮᠢᠨᠢ᠂ ᠠᠭᠤᠷ ᠣᠮᠣᠭ ᠢ᠋ᠶ᠋ᠠᠨ ᠳᠠᠷᠤᠭᠲᠤᠨ! ᠪᠥᠷᠲᠡ ᠬᠠᠲᠤᠨ ᠮᠠᠨᠢ ᠣᠯᠵᠠᠯᠠᠭᠳᠠᠵᠤ ᠢᠷᠡᠬᠦ ᠡᠴᠡ ᠪᠡᠨ ᠡᠮᠦᠨ᠎ᠡ ᠪᠡᠶ᠎ᠡ ᠳᠠᠪᠬᠤᠷ ᠪᠣᠯᠴᠢᠬᠠᠭᠰᠠᠨ ᠪᠠᠢᠭᠰᠠᠨ᠂ ᠲᠡᠭᠦᠨ ᠦ᠌ ᠭᠡᠳᠡᠰᠦᠨ ᠳ᠋ᠦ᠍ ᠪᠠᠢᠭ᠎ᠠ ᠬᠡᠦᠬᠡᠳ ᠲᠠᠨ ᠤ᠋ ᠬᠡᠦᠬᠡᠳ!》
ᠲᠡᠭᠡᠭᠡᠳ ᠲᠡᠮᠦᠵᠢᠨ ᠬᠡᠰᠡᠭ ᠪᠣᠳᠣᠯ ᠳ᠋ᠤ᠌ ᠠᠪᠲᠠᠨ ᠭᠡᠷ ᠲᠦ᠍ ᠪᠡᠨ ᠬᠠᠷᠢᠬᠤ ᠵᠠᠮ ᠳ᠋ᠤ᠌ ᠪᠠᠨ ᠪᠥᠷᠲᠡ ᠥᠵᠢᠨ ᠳ᠋ᠦ᠍ ᠪᠡᠨ ᠶᠠᠭᠤ ᠴᠤ᠌ ᠶᠠᠷᠢᠯ ᠦᠭᠡᠢ ᠴᠢᠮᠡᠭᠡ ᠦᠭᠡᠢ ᠯᠡ ᠪᠥᠷᠲᠡ ᠶ᠋ᠢᠨ ᠢ᠋ᠶ᠋ᠡᠨ ᠰᠠᠨᠳᠤᠷᠤᠭᠰᠠᠨ ᠴᠢᠷᠠᠢ ᠶ᠋ᠢ ᠰᠢᠷᠳᠡᠨ ᠶᠠᠪᠤᠵᠤ ᠪᠠᠢᠯ᠎ᠠ᠃ ᠲᠡᠮᠦᠵᠢᠨ ᠪᠥᠷᠲᠡ ᠶ᠋ᠢᠨ ᠭᠡᠳᠡᠰᠦᠨ ᠳ᠋ᠡᠬᠢ ᠬᠡᠦᠬᠡᠳ ᠦ᠋ᠨ ᠲᠠᠯ᠎ᠠ ᠪᠠᠷ ᠪᠤᠰᠤ᠂ ᠡᠩᠬᠦᠷᠡᠢ ᠬᠠᠢᠷᠠᠲᠤ ᠪᠥᠷᠲᠡ ᠦᠵᠢᠨ ᠢ᠋ᠶ᠋ᠡᠨ ᠡᠷᠲᠡᠨ ᠦ᠌ ᠥᠰᠲᠦ ᠭᠤᠷᠪᠠᠨ ᠮᠡᠷᠭᠢᠳ ᠦ᠋ᠳ ᠡᠴᠡ ᠬᠠᠮᠠᠭᠠᠯᠠᠵᠤ ᠴᠢᠳᠠᠭ᠎ᠠ ᠦᠭᠡᠢ ᠳ᠋ᠦ᠍ ᠪᠡᠨ ᠥᠪᠡᠷ ᠢ᠋ ᠪᠡᠨ ᠪᠤᠷᠤᠭᠤᠳᠬᠠᠨ ᠵᠢᠭᠰᠢᠵᠦ ᠪᠠᠢᠯ᠎ᠠ᠃
ᠲᠡᠭᠡᠭᠡᠳ ᠲᠡᠮᠦᠵᠢᠨ ᠭᠡᠷ ᠲᠦ᠍ ᠪᠡᠨ ᠬᠠᠷᠢᠬᠤ ᠵᠠᠮ ᠳ᠋ᠤ᠌ ᠪᠠᠨ ᠵᠠᠮᠤᠬ᠎ᠠ ᠪᠣᠯᠤᠨ ᠲᠤᠭᠤᠷᠢᠯ ᠸᠠᠩ ᠬᠠᠨ ᠬᠣᠶᠠᠷ ᠲᠤ᠌ ᠬᠠᠨᠳᠤᠨ᠄《ᠡᠴᠢᠭᠡ ᠸᠠᠩ ᠬᠠᠨ᠂ ᠡᠷᠲᠡᠨ ᠦ᠌ ᠠᠨᠳᠠ ᠵᠠᠮᠤᠬ᠎ᠠ ᠲᠠ ᠬᠣᠶᠠᠷ ᠮᠢᠨᠢ ᠨᠠᠳᠠ ᠳ᠋ᠤ᠌ ᠬᠡᠴᠡᠭᠦᠦ ᠬᠦᠨᠳᠦ ᠦᠶ᠎ᠡ ᠳ᠋ᠦ᠍ ᠲᠤᠰᠠᠯᠠᠵᠤ ᠤᠤᠯᠭᠠᠯᠠᠭᠳᠠᠭᠰᠠᠨ ᠡᠬᠡᠨᠡᠷ ᠢ᠋ ᠮᠢᠨᠢ ᠠᠪᠤᠷᠠᠵᠤ ᠦᠭᠯ᠎ᠡ!》ᠭᠡᠮᠡᠨ ᠪᠠᠶᠠᠷᠯᠠᠵᠤ ᠲᠠᠯᠠᠷᠬᠠᠭᠰᠠᠨ ᠢ᠋ᠶ᠋ᠠᠨ ᠬᠡᠯᠡᠭᠡᠳ ᠭᠤᠷᠪᠠᠨ ᠮᠡᠷᠭᠢᠳ ᠦ᠋ᠳ ᠡᠴᠡ ᠪᠤᠯᠢᠶᠠᠨ ᠠᠪᠤᠭᠰᠠᠨ ᠣᠯᠵᠠ ᠪᠠᠨ ᠲᠡᠭᠰᠢ ᠲᠡᠩᠴᠡᠭᠦᠦ ᠬᠤᠪᠢᠶᠠᠵᠤ ᠠᠪᠪᠠ᠃ ᠭᠡᠲᠡᠯ᠎ᠡ ᠭᠤᠷᠪᠠᠨ ᠮᠡᠷᠭᠢᠳ ᠦ᠋ᠳ ᠦ᠋ᠨ ᠨᠤᠲᠤᠭ ᠳᠡᠭᠡᠷ᠎ᠡ ᠪᠤᠯᠠᠭᠠᠨ ᠮᠠᠯᠠᠭᠠᠢ ᠲᠠᠢ᠂ ᠪᠤᠭᠤ ᠶ᠋ᠢᠨ ᠠᠷᠠᠰᠤᠨ ᠭᠤᠲᠤᠯ ᠲᠠᠢ᠂ ᠪᠤᠯᠠᠭᠠᠨ ᠬᠥᠭᠡᠮᠡᠢ ᠳᠡᠪᠡᠯ ᠲᠡᠢ᠂ ᠨᠢᠳᠦᠨ ᠳ᠋ᠦ᠍ ᠪᠡᠨ ᠭᠠᠯ ᠲᠠᠢ᠂ ᠨᠢᠭᠤᠷ ᠲᠤ᠌ ᠪᠠᠨ ᠴᠣᠭ ᠲᠠᠢ ᠬᠦᠴᠦ ᠭᠡᠳᠡᠭ ᠲᠠᠪᠤᠨ ᠨᠠᠰᠤ ᠲᠠᠢ ᠬᠦᠦ ᠦᠯᠡᠳᠡᠵᠦ ᠬᠣᠴᠣᠷᠤᠭᠰᠠᠨ ᠪᠠᠢᠬᠤ ᠶ᠋ᠢ ᠲᠡᠮᠦᠵᠢᠨ ᠬᠠᠷᠠᠭᠠᠳ ᠶᠡᠬᠡᠳᠡ ᠥᠬᠥᠭᠡᠷᠳᠡᠨ ᠥᠭᠡᠯᠦᠨ ᠡᠬᠡ ᠳ᠋ᠦ᠍ ᠪᠡᠯᠡᠭ ᠪᠣᠯᠭᠠᠬᠤ ᠪᠠᠷ ᠠᠪᠤᠭᠠᠳ ᠶᠠᠪᠤᠪᠠ᠃
ᠸᠠᠩ ᠬᠠᠨ ᠲᠣᠭᠣᠷᠢᠯ ᠣᠷᠬᠣᠨ ᠰᠡᠯᠡᠩᠭᠡ ᠶ᠋ᠢᠨ ᠲᠡᠨᠳᠡ ᠡᠴᠡ ᠪᠡᠨ ᠭᠡᠷ ᠤᠷᠤᠭᠤ ᠪᠠᠨ ᠪᠤᠴᠠᠪᠠ᠂ ᠬᠠᠷᠢᠨ ᠲᠡᠮᠦᠵᠢᠨ ᠵᠠᠮᠤᠬ᠎ᠠ ᠬᠣᠶᠠᠷ ᠸᠠᠩ ᠬᠠᠨ ᠠ᠋ᠴᠠ ᠰᠠᠯᠤᠭᠠᠳ ᠬᠣᠷᠬᠣᠨᠠᠭ ᠵᠤᠪᠤᠷ ᠢ᠋ ᠴᠢᠭᠯᠡᠨ ᠬᠣᠷᠬᠣᠨᠠᠭ ᠤ᠋ᠨ ᠬᠥᠨᠳᠡᠢ ᠳ᠋ᠦ᠍ ᠬᠠᠮᠲᠤ ᠨᠤᠲᠤᠭᠯᠠᠬᠤ ᠪᠠᠷ ᠰᠢᠢᠳᠴᠡᠭᠡᠪᠡ᠃ ᠲᠡᠭᠡᠭᠡᠳ ᠲᠡᠮᠦᠵᠢᠨ ᠪᠥᠷᠲᠡ ᠦᠵᠢᠨ ᠪᠣᠯᠤᠨ ᠬᠤᠸᠠᠭ᠍ᠴᠢᠨ ᠡᠮᠡᠭᠡᠨ ᠬᠣᠶᠠᠷ ᠢ᠋ ᠳᠠᠭᠠᠭᠤᠯᠤᠨ ᠭᠡᠷ ᠦ᠋ᠨ ᠵᠦᠭ ᠶᠠᠪᠤᠪᠠ᠃ ᠬᠠᠷᠢᠨ ᠥᠭᠡᠯᠦᠨ ᠡᠬᠡ ᠭᠡᠷ ᠦ᠋ᠨ ᠢ᠋ᠶ᠋ᠡᠨ ᠭᠠᠳᠠᠨ᠎ᠠ ᠠ᠋ᠴᠠ ᠲᠡᠳᠡᠨ ᠦ᠌ ᠢᠷᠡᠵᠦ ᠶᠠᠪᠤᠬᠤ ᠶ᠋ᠢ ᠬᠠᠷᠠᠨ ᠲᠡᠭᠷᠢ ᠳ᠋ᠦ᠍ ᠰᠦ ᠡᠷᠭᠦᠨ ᠬᠦᠯᠢᠶᠡᠵᠦ ᠪᠠᠢᠯ᠎ᠠ᠃
ᠪᠥᠷᠲᠡ ᠶ᠋ᠢᠨ ᠠᠮᠤᠷᠵᠢᠬᠤ ᠬᠤᠭᠤᠴᠠᠭ᠎ᠠ ᠬᠡᠳᠦᠢᠨ ᠬᠡᠷᠡᠢᠭᠰᠡᠨ ᠲᠤᠯᠠ ᠭᠡᠷ ᠦ᠋ᠨ ᠭᠠᠳᠠᠭ᠎ᠠ ᠢᠷᠡᠮᠡᠭᠴᠡ ᠲᠥᠷᠥᠬᠦ ᠶ᠋ᠢᠨ ᠡᠪᠡᠳᠦᠯᠲᠡ ᠥᠭᠴᠦ ᠡᠬᠢᠯᠡᠪᠡ᠃ ᠲᠡᠮᠦᠵᠢᠨ ᠶᠠᠭᠠᠬᠢᠬᠤ ᠪᠠᠨ ᠮᠡᠳᠡᠬᠦ ᠦᠭᠡᠢ ᠳᠡᠮᠡᠢ ᠰᠠᠨᠳᠤᠷᠤᠨ ᠪᠥᠷᠲᠡ ᠶ᠋ᠢᠨ ᠲᠥᠷᠥᠵᠦ ᠪᠣᠢ ᠭᠡᠷ ᠦ᠋ᠨ ᠭᠠᠳᠠᠭ᠎ᠠ ᠨᠠᠭᠠᠰᠢ ᠴᠠᠭᠠᠰᠢ ᠬᠣᠯᠬᠢᠵᠤ ᠪᠠᠢᠪᠠ᠃ ᠭᠡᠲᠡᠯ᠎ᠡ ᠮᠠᠷᠭᠠᠰᠢ ᠥᠷᠯᠥᠭᠡᠨ ᠦ᠌ ᠮᠠᠨᠳᠤᠬᠤ ᠨᠠᠷᠠ ᠲᠠᠢ ᠨᠢ ᠵᠡᠷᠭᠡᠴᠡᠨ ᠬᠡᠦᠬᠡᠳ ᠦ᠋ᠨ ᠤᠬᠢᠯᠠᠬᠤ ᠳᠠᠭᠤ ᠴᠠᠩᠭᠢᠨᠠᠲᠠᠯ᠎ᠠ ᠬᠠᠲᠠᠵᠤ ᠡᠬᠢᠯᠡᠪᠡ᠃ ᠲᠡᠮᠦᠵᠢᠨ ᠶᠠᠭ ᠲᠡᠷᠡ ᠭᠱᠠᠨ ᠳ᠋ᠤ᠌ ᠴᠢᠯᠭᠡᠷ ᠪᠥᠬᠡ ᠶ᠋ᠢᠨ ᠲᠠᠯ᠎ᠠ ᠪᠠᠷ ᠪᠣᠳᠣᠨ ᠠᠭᠤᠷ ᠣᠮᠣᠭ ᠨᠢ ᠳᠡᠭᠡᠳᠦ ᠴᠠᠭ ᠲᠤ᠌ ᠪᠠᠨ ᠬᠦᠷᠴᠦ᠄《ᠬᠠᠢᠷᠠᠲᠤ ᠡᠬᠡᠨᠡᠷ ᠪᠥᠷᠲᠡ ᠥᠵᠢᠨ ᠮᠠᠨᠢ᠂ ᠮᠢᠨᠦ ᠳᠡᠷᠭᠡᠳᠡ ᠪᠠᠢᠵᠤ ᠪᠣᠯᠬᠤ ᠴᠤ᠌ ᠦᠰᠲᠡᠨ ᠦ᠌ ᠦᠷ᠎ᠡ ᠤᠳᠤᠮ ᠳᠡᠷᠭᠡᠳᠡ ᠮᠢᠨᠢ ᠪᠠᠢᠵᠤ ᠦᠯᠦ ᠪᠣᠯᠤᠨ᠎ᠠ》 ᠭᠡᠮᠡᠨ ᠪᠣᠳᠣᠭᠠᠳ ᠪᠥᠷᠲᠡ ᠦᠵᠢᠨ ᠦ᠌ ᠠᠮᠤᠷᠵᠢᠵᠤ ᠪᠣᠢ ᠥᠷᠭᠥᠭᠡ ᠭᠡᠷ ᠤᠷᠤᠭᠤ ᠦᠰᠦᠷᠦᠨ ᠣᠷᠣᠭᠠᠳ ᠲᠡᠭᠦᠨ ᠦ᠌ ᠭᠠᠷ ᠠ᠋ᠴᠠ ᠬᠡᠦᠬᠡᠳ ᠢ᠋ ᠰᠢᠭᠦᠷᠡᠨ ᠠᠪᠴᠤ ᠭᠠᠷᠤᠭᠠᠳ ᠬᠠᠳᠠᠨ ᠤ᠋ ᠬᠠᠪᠴᠢᠯ ᠳᠡᠭᠡᠷ᠎ᠡ ᠢᠷᠡᠪᠡ᠃ ᠭᠡᠲᠡᠯ᠎ᠡ ᠲᠡᠮᠦᠵᠢᠨ ᠦ᠌ ᠠᠷᠤ ᠠ᠋ᠴᠠ ᠥᠭᠡᠯᠦᠨ ᠡᠬᠡ ᠶᠠᠭᠠᠷᠠᠨ ᠭᠦᠶᠦᠵᠦ ᠢᠷᠡᠭᠡᠳ ᠮᠥᠷᠦᠨ ᠳᠡᠭᠡᠷ᠎ᠡ ᠨᠢ ᠭᠠᠷ ᠢ᠋ᠶ᠋ᠠᠨ ᠵᠥᠭᠡᠯᠡᠬᠡᠨ ᠲᠠᠯᠪᠢᠭᠠᠳ ᠲᠡᠮᠦᠵᠢᠨ ᠦ᠌ ᠴᠢᠬᠢᠨ ᠳ᠋ᠦ᠍ ᠡᠢᠨ ᠬᠦ᠌ ᠥᠭᠦᠯᠡᠬᠦᠨ᠄《ᠬᠦᠦ ᠮᠢᠨᠢ᠂ ᠬᠠᠢᠷᠠᠲᠤ ᠪᠥᠷᠲᠡ ᠡᠴᠡ ᠨᠢ ᠨᠤᠭᠤᠨ ᠦᠷ᠎ᠡ ᠮᠡᠨᠳᠦᠯᠡᠯ᠎ᠡ᠃ ᠪᠥᠷᠲᠡ ᠦᠵᠢᠨ ᠣᠯᠵᠠᠯᠠᠭᠳᠠᠬᠤ ᠠ᠋ᠴᠠ ᠪᠠᠨ ᠡᠮᠦᠨ᠎ᠡ ᠪᠡᠶ᠎ᠡ ᠳᠠᠪᠬᠤᠷ ᠪᠠᠢᠭᠰᠠᠨ᠂ ᠨᠠᠳᠠ ᠳ᠋ᠤ᠌ ᠢᠳᠡᠭᠡ ᠬᠦᠦ ᠮᠢᠨᠢ᠂ ᠡᠨᠡ ᠪᠣᠯ ᠴᠢᠨᠦ ᠬᠦᠦ!》
ᠶᠠᠭ ᠲᠡᠷᠡ ᠦᠶ᠎ᠡ ᠳ᠋ᠦ᠍ ᠲᠡᠮᠦᠵᠢᠨ ᠣᠢᠯᠠᠭᠠᠵᠤ ᠬᠦᠦ ᠪᠡᠨ ᠲᠡᠪᠡᠷᠢᠨ ᠲᠤᠷᠬᠢᠷᠠᠲᠠᠯ᠎ᠠ ᠤᠬᠢᠯᠠᠭᠠᠳ ᠲᠡᠪᠡᠷᠢ ᠳ᠋ᠦ᠍ ᠨᠢ ᠡᠷᠬᠡᠯᠡᠨ ᠤᠨᠲᠠᠵᠤ ᠪᠠᠢᠭ᠎ᠠ ᠬᠦᠦ ᠪᠡᠨ ᠬᠡᠰᠡᠭ ᠬᠠᠷᠠᠨ ᠵᠣᠭᠰᠣᠭᠠᠳ᠄《ᠥᠷᠭᠥᠭᠡ ᠴᠠᠭᠠᠨ ᠭᠡᠷ ᠲᠦ᠍ ᠮᠢᠨᠢ ᠵᠣᠴᠢᠯᠠᠵᠤ ᠢᠷᠡᠭᠰᠡᠨ ᠪᠣᠯᠬᠣᠷ ᠴᠢᠮ᠎ᠠ ᠶ᠋ᠢ ᠵᠥᠴᠢ ᠭᠡᠵᠦ ᠨᠠᠷᠠᠯᠠᠶ᠎ᠠ!》 ᠭᠡᠳ ᠬᠦᠦ ᠪᠡᠨ ᠬᠣᠶᠠᠷ ᠭᠠᠷ ᠳᠡᠭᠡᠷ᠎ᠡ ᠪᠡᠨ ᠡᠷᠭᠦᠨ ᠠᠷᠠᠳ ᠢᠷᠭᠡᠳ ᠲᠦ᠍ ᠪᠡᠨ ᠬᠠᠨᠳᠤᠨ᠄《ᠤᠳᠤᠮ ᠢ᠋ ᠮᠢᠨᠢ ᠵᠠᠯᠭᠠᠬᠤ ᠨᠤᠭᠤᠨ ᠦᠷ᠎ᠡ ᠮᠡᠨᠳᠦᠯᠡᠯ᠎ᠡ!》 ᠭᠡᠮᠡᠨ ᠴᠢᠩᠭ᠎ᠠ ᠳᠠᠭᠤ ᠪᠠᠷ ᠣᠷᠢᠯᠠᠪᠠ᠃ ᠠᠷᠠᠳ ᠣᠯᠠᠨ ᠨᠢ ᠴᠦ᠍ ᠪᠠᠰᠠ ᠪᠠᠶᠠᠷᠯᠠᠨ ᠬᠦᠨᠳᠦᠳᠬᠡᠵᠦ ᠲᠣᠯᠣᠭᠠᠢ ᠪᠥᠬᠥᠢᠪᠡ᠃
ᠲᠡᠭᠡᠭᠡᠳ ᠲᠡᠮᠦᠵᠢᠨ ᠮᠠᠷᠭᠠᠰᠢ ᠥᠷᠯᠥᠭᠡᠨ ᠦ᠌ ᠮᠠᠨᠳᠤᠬᠤ ᠨᠠᠷᠠᠨ ᠢ᠋ᠶ᠋ᠠᠷ ᠥᠷᠭᠥᠭᠡ ᠴᠠᠭᠠᠨ ᠭᠡᠷ ᠢ᠋ᠶ᠋ᠡᠨ ᠪᠠᠭᠤᠯᠭᠠᠨ ᠬᠣᠷᠬᠣᠨᠠᠭ ᠤ᠋ᠨ ᠬᠥᠨᠳᠡᠢ ᠤᠷᠤᠭᠤ ᠶᠠᠪᠤᠵᠤ ᠵᠠᠮᠤᠬ᠎ᠠ ᠶ᠋ᠢᠨ ᠬᠠᠮᠲᠤ ᠨᠤᠲᠤᠭᠯᠠᠪᠠ᠃ ᠲᠡᠳᠡ ᠲᠡᠨᠳᠡ ᠡᠷᠲᠡᠨ ᠦ᠌ ᠠᠨᠳᠠ ᠪᠣᠯᠤᠯᠴᠠᠭᠰᠠᠨ ᠢ᠋ᠶ᠋ᠠᠨ ᠶᠠᠷᠢᠯᠴᠠᠵᠤ ᠤᠯᠠᠮ ᠳᠣᠲᠣᠨᠣ ᠪᠣᠯᠣᠯᠴᠠᠵᠠᠭᠠᠪᠠ᠃ ᠲᠡᠭᠡᠭᠡᠳ ᠲᠡᠮᠦᠵᠢᠨ ᠭᠤᠷᠪᠠᠨ ᠮᠡᠷᠭᠢᠳ ᠦ᠋ᠨ ᠲᠣᠭ᠍ᠲᠤᠭ᠎ᠠ ᠪᠡᠬᠢ ᠡᠴᠡ ᠣᠯᠵᠠᠯᠠᠨ ᠠᠪᠤᠭᠰᠠᠨ ᠠᠯᠲᠠᠨ ᠪᠦᠰᠡ᠂ ᠠᠭᠰᠤᠮ ᠬᠠᠯᠢᠭᠤᠨ ᠮᠣᠷᠢ ᠪᠠᠨ ᠵᠠᠮᠤᠬ᠎ᠠ ᠳ᠋ᠤ᠌ ᠪᠡᠯᠡᠭᠯᠡᠪᠡ᠃ ᠵᠠᠮᠤᠬ᠎ᠠ ᠬᠠᠷᠢᠭᠤ ᠳ᠋ᠤ᠌ ᠨᠢ ᠲᠠᠢᠷ ᠤᠰᠤᠨ ᠠ᠋ᠴᠠ ᠣᠯᠵᠠᠯᠠᠨ ᠠᠪᠤᠭᠰᠠᠨ ᠠᠯᠲᠠᠨ ᠪᠦᠰᠡ ᠪᠣᠯᠤᠨ ᠡᠪᠡᠷᠲᠦ ᠢᠰᠢᠭᠡᠨ ᠴᠠᠭᠠᠨ ᠮᠣᠷᠢ ᠪᠠᠨ ᠲᠡᠮᠦᠵᠢᠨ ᠳ᠋ᠦ᠍ ᠪᠡᠯᠡᠭ ᠪᠣᠯᠭᠠᠨ ᠥᠭᠪᠡ᠃ ᠡᠢᠨ ᠬᠦ᠌ ᠲᠡᠳᠡ ᠭᠤᠷᠪᠠᠳᠠᠬᠢ ᠤᠳᠠᠭ᠎ᠠ ᠪᠠᠨ ᠠᠨᠳᠠ ᠪᠣᠯᠤᠯᠴᠠᠵᠤ ᠬᠣᠷᠬᠣᠨᠠᠭ ᠵᠤᠪᠤᠷ ᠤ᠋ᠨ ᠬᠥᠨᠳᠡᠢ ᠳ᠋ᠦ᠍ ᠠᠰᠤᠷᠤ ᠲᠣᠮᠣ ᠨᠠᠢᠷ ᠨᠠᠭᠠᠳᠤᠮ ᠬᠢᠵᠦ ᠨᠢᠭᠡ ᠵᠢᠯ ᠭᠠᠷᠤᠢ ᠲᠠᠢ ᠨᠢᠭᠡᠨ ᠬᠥᠨᠳᠡᠢ ᠳ᠋ᠦ᠍ ᠬᠠᠮᠲᠤ ᠨᠤᠲᠤᠭᠯᠠᠪᠠ᠃ ᠭᠡᠲᠡᠯ᠎ᠡ ᠨᠢᠭᠡ ᠡᠳᠦᠷ ᠵᠠᠮᠤᠬ᠎ᠠ ᠲᠡᠮᠦᠵᠢᠨ ᠳ᠋ᠦ᠍ ᠬᠠᠨᠳᠤᠨ ᠡᠢᠨ ᠬᠦ᠌ ᠬᠡᠯᠡᠪᠡ᠃
《ᠡᠨᠳᠡ ᠡᠴᠡ ᠨᠡᠭᠦᠵᠦ ᠠᠭᠤᠯᠠᠨ ᠳ᠋ᠤ᠌ ᠰᠢᠬᠠᠨ ᠪᠠᠭᠤᠶ᠎ᠠ᠂ ᠠᠳᠤᠭᠤᠴᠢᠨ ᠳ᠋ᠤ᠌ ᠭᠡᠷ ᠪᠣᠯᠲᠤᠭᠠᠢ!
ᠭᠣᠣᠯ ᠳ᠋ᠤ᠌ ᠰᠢᠬᠠᠨ ᠪᠠᠭᠤᠶ᠎ᠠ᠂ ᠬᠣᠨᠢᠴᠢᠨ ᠬᠤᠷᠠᠭᠠᠴᠢᠨ ᠳ᠋ᠤ᠌ ᠬᠣᠭᠣᠯᠠ ᠪᠣᠯᠲᠤᠭᠠᠢ!》 ᠭᠡᠪᠡ᠃ ᠲᠡᠮᠦᠵᠢᠨ ᠵᠠᠮᠤᠬ᠎ᠠ ᠶ᠋ᠢᠨ ᠬᠡᠯᠡᠭᠰᠡᠨ ᠦᠭᠡ ᠶ᠋ᠢ ᠰᠠᠢᠨ ᠣᠢᠯᠠᠭᠠᠭ᠎ᠠ ᠦᠭᠡᠢ ᠤᠴᠢᠷ ᠬᠠᠷᠢᠭᠤ ᠶᠠᠭᠤ ᠴᠤ᠌ ᠬᠡᠯᠡᠭᠰᠡᠨ ᠦᠭᠡᠢ᠃
ᠲᠡᠭᠡᠭᠡᠳ ᠲᠡᠮᠦᠵᠢᠨ ᠥᠭᠡᠯᠦᠨ ᠡᠬᠡ ᠳᠡᠭᠡᠷ᠎ᠡ ᠣᠴᠢᠭᠠᠳ ᠵᠠᠮᠤᠬ᠎ᠠ ᠶ᠋ᠢᠨ ᠬᠡᠯᠡᠭᠰᠡᠨ ᠦᠭᠡ ᠶ᠋ᠢ ᠬᠡᠯᠡᠭᠡᠳ ᠡᠢᠨ ᠬᠦ᠌ ᠠᠰᠠᠭᠤᠪᠠ᠃
《ᠡᠩ᠁ ᠪᠢ ᠵᠠᠮᠤᠬ᠎ᠠ ᠶ᠋ᠢᠨ ᠬᠡᠯᠡᠭᠰᠡᠨ ᠦᠭᠡ ᠶ᠋ᠢ ᠰᠠᠢᠨ ᠤᠬᠠᠵᠤ ᠣᠢᠯᠠᠭᠠᠭᠰᠠᠨ ᠦᠭᠡᠢ᠂ ᠲᠡᠭᠡᠭᠡᠳ ᠲᠠᠨ ᠠ᠋ᠴᠠ ᠠᠰᠠᠭᠤᠬᠤ ᠭᠡᠵᠦ ᠢᠷᠡᠯ᠎ᠡ᠂ ᠥᠭᠡᠯᠦᠨ ᠡᠬᠡ ᠮᠢᠨᠢ!》 ᠭᠡᠪᠡ᠃ ᠭᠡᠲᠡᠯ᠎ᠡ ᠥᠭᠡᠯᠦᠨ ᠡᠬᠡ ᠶ᠋ᠢ ᠦᠭᠡ ᠬᠡᠯᠡᠵᠦ ᠠᠮᠵᠢᠭ᠎ᠠ ᠦᠭᠡᠢ ᠪᠠᠢᠲᠠᠯ᠎ᠠ ᠪᠥᠷᠲᠡ ᠦᠵᠢᠨ ᠡᠢᠨ ᠬᠦ᠌ ᠬᠠᠷᠢᠭᠤᠯᠪᠠ᠃
《ᠵᠠᠮᠤᠬ᠎ᠠ ᠠᠨᠳᠠ ᠠᠮᠠᠷᠬᠠᠨ ᠤᠢᠳᠳᠠᠭ ᠪᠢᠵᠡ ᠳᠡ! ᠣᠳᠣ ᠪᠢᠳᠡᠨ ᠡᠴᠡ ᠤᠢᠳᠬᠤ ᠴᠠᠭ ᠨᠢ ᠪᠣᠯᠤᠭᠰᠠᠨ ᠪᠢᠵᠡ! ᠵᠠᠮᠤᠬ᠎ᠠ ᠠᠨᠳᠠ ᠶ᠋ᠢᠨ ᠬᠡᠯᠡᠭᠰᠡᠨ ᠦᠭᠡ ᠨᠢ ᠪᠢᠳᠡᠨ ᠢ᠋ ᠵᠢᠱ᠌ᠢᠶᠡᠯᠡᠭᠰᠡᠨ ᠦᠭᠡ ᠪᠢᠰᠢ ᠤᠤ! ᠵᠠᠮᠤᠬ᠎ᠠ ᠲᠠᠢ ᠬᠠᠮᠲᠤ ᠨᠡᠭᠦᠬᠦ ᠦᠭᠡᠢ ᠪᠡᠷ ᠥᠭᠡᠷ᠎ᠡ ᠭᠠᠵᠠᠷ ᠤᠷᠤᠭᠤ ᠶᠠᠪᠤᠶ᠎ᠠ!》
ᠲᠡᠭᠡᠭᠡᠳ ᠲᠡᠮᠦᠵᠢᠨ ᠪᠥᠷᠲᠡ ᠦᠵᠢᠨ ᠦ᠌ ᠦᠭᠡ ᠶ᠋ᠢ ᠵᠥᠪᠰᠢᠶᠡᠷᠡᠨ ᠵᠠᠮᠤᠬ᠎ᠠ ᠠ᠋ᠴᠠ ᠰᠠᠯᠵᠤ ᠨᠡᠭᠦᠬᠦ ᠪᠡᠷ ᠪᠣᠯᠪᠠ᠃
ᠲᠡᠳᠡᠨ ᠦ᠌ ᠶᠠᠪᠤᠬᠤ ᠵᠠᠮ ᠳ᠋ᠤ᠌ ᠲᠠᠢᠴᠢᠭᠤᠳ ᠨᠤᠲᠤᠭᠯᠠᠵᠤ ᠪᠠᠢᠭ᠎ᠠ ᠭᠠᠵᠠᠷ ᠪᠠᠢᠪᠠ᠃ ᠭᠡᠲᠡᠯ᠎ᠡ ᠲᠠᠢᠴᠢᠭᠤᠳ ᠲᠡᠮᠦᠵᠢᠨ ᠢᠷᠡᠵᠦ ᠪᠠᠢᠭ᠎ᠠ ᠶ᠋ᠢ ᠮᠡᠳᠡᠮᠡᠭᠴᠡ ᠲᠡᠳᠡᠨ ᠦ᠌ ᠨᠢᠳᠦᠨ ᠦ᠌ ᠡᠮᠦᠨ᠎ᠡ ᠲᠡᠮᠦᠵᠢᠨ ᠳ᠋ᠦ᠍ ᠬᠥᠨᠥᠭᠡᠭᠳᠡᠵᠦ ᠪᠣᠢ ᠥᠪᠡᠷᠰᠡᠳ ᠦ᠋ᠨ ᠬᠢᠨᠢ ᠳᠦᠷᠢ ᠲᠥᠷᠬᠦ ᠠᠷᠤ ᠠᠷᠤ ᠠ᠋ᠴᠠ ᠪᠠᠨ ᠤᠷᠤᠰᠤᠨ ᠬᠠᠷᠠᠭᠳᠠᠵᠤ᠂ ᠰᠥᠨᠢ ᠴᠦ᠍ ᠤᠨᠲᠠᠵᠤ ᠴᠢᠳᠠᠬᠤ ᠦᠭᠡᠢ ᠬᠥᠨᠵᠢᠯᠡ ᠳ᠋ᠦ᠍ ᠪᠡᠨ ᠬᠥᠯᠥᠷᠡᠨ᠂ ᠬᠡᠰᠡᠭ ᠨᠢᠳᠦ ᠪᠡᠨ ᠠᠨᠢᠬᠤ ᠳ᠋ᠤ᠌ ᠬᠠᠷ᠎ᠠ ᠳᠠᠷᠤᠵᠤ ᠵᠡᠭᠦᠳᠦᠯᠡᠨ᠂ ᠰᠢᠭᠡᠰᠦ ᠠᠯᠳᠠᠲᠠᠯ᠎ᠠ ᠲᠡᠮᠦᠵᠢᠨ ᠡᠴᠡ ᠠᠶᠤᠨ ᠰᠠᠨᠳᠤᠷᠴᠤ ᠵᠠᠮᠤᠬ᠎ᠠ ᠶ᠋ᠢᠨ ᠵᠦᠭ ᠵᠢᠭᠤᠲᠠᠨ ᠣᠳᠪᠠᠢ᠃ ᠲᠡᠮᠦᠵᠢᠨ ᠲᠠᠢᠴᠢᠭᠤᠳ ᠤ᠋ᠨ ᠨᠤᠲᠤᠭ ᠳᠡᠭᠡᠷ᠎ᠡ ᠢᠷᠡᠬᠦ ᠦᠶ᠎ᠡ ᠳ᠋ᠦ᠍ ᠲᠠᠢᠴᠢᠭᠤᠳ ᠪᠦᠭᠦᠳᠡ ᠵᠢᠭᠤᠲᠠᠴᠢᠬᠠᠭᠰᠠᠨ ᠬᠠᠷᠢᠨ ᠬᠥᠭᠡᠴᠦ ᠬᠡᠮᠡᠬᠦ ᠵᠢᠵᠢᠭᠬᠡᠨ ᠬᠦᠦ ᠭᠠᠭᠴᠠᠭᠠᠷ ᠢ᠋ᠶ᠋ᠠᠨ ᠦᠯᠡᠳᠡᠨ ᠬᠣᠴᠣᠷᠤᠭᠰᠠᠨ ᠪᠠᠢᠬᠤ ᠶ᠋ᠢ ᠲᠡᠮᠦᠵᠢᠨ ᠣᠯᠵᠤ ᠬᠠᠷᠠᠭᠠᠳ ᠥᠭᠡᠯᠦᠨ ᠡᠬᠡ ᠳ᠋ᠦ᠍ ᠪᠠᠰᠠ ᠯᠠ ᠥᠭᠪᠡ᠃
ᠲᠡᠭᠡᠭᠡᠳ ᠲᠡᠳᠡ ᠶᠠᠪᠤᠭᠰᠠᠭᠠᠷ ᠬᠦᠷᠡᠯᠬᠦ ᠳᠣᠲᠣᠷ᠎ᠠ ᠰᠡᠩᠭᠦᠷ ᠭᠣᠷᠣᠬᠠᠨ ᠤ᠋ ᠬᠠᠷ᠎ᠠ ᠵᠢᠷᠦᠬᠡᠨ ᠦ᠌ ᠬᠥᠬᠡ ᠨᠠᠭᠤᠷ ᠲᠤ᠌ ᠣᠴᠢᠨ ᠪᠠᠭᠤᠪᠠ᠃ ᠭᠡᠲᠡᠯ᠎ᠡ ᠲᠡᠮᠦᠵᠢᠨ ᠢ᠋ ᠳᠠᠭᠠᠬᠤ ᠪᠠᠷ ᠣᠢᠷ᠎ᠠ ᠰᠠᠭᠠᠬᠠᠯᠲᠠ ᠶ᠋ᠢᠨ ᠣᠪᠣᠭ ᠠᠢᠮᠠᠭ ᠤ᠋ᠳ ᠠ᠋ᠴᠠ ᠬᠥᠮᠦᠰ ᠢᠷᠡᠵᠡᠭᠡᠪᠡ᠃ ᠲᠡᠳᠡᠨ ᠦ᠌ ᠳᠤᠮᠳᠠ ᠠ᠋ᠴᠠ ᠬᠣᠷᠴᠢ ᠭᠡᠳᠡᠭ ᠬᠥᠮᠦᠨ ᠢᠷᠡᠭᠡᠳ ᠡᠢᠨ ᠬᠦ᠌ ᠬᠡᠯᠡᠪᠡ᠃
《ᠬᠡᠩ— ᠪᠢᠳᠡ ᠪᠣᠳᠤᠨᠴᠢᠷ ᠪᠣᠭᠳᠠ ᠶ᠋ᠢᠨ ᠪᠠᠷᠢᠵᠤ ᠠᠪᠤᠭᠰᠠᠨ ᠡᠮ᠎ᠡ ᠡᠴᠡ ᠲᠥᠷᠥᠭᠰᠡᠨ ᠲᠤᠯᠠ ᠵᠠᠮᠤᠬ᠎ᠠ ᠲᠠᠢ ᠴᠢᠰᠤ ᠨᠢᠭᠡᠲᠡᠢ ᠬᠥᠮᠦᠰ ᠪᠥᠯᠥᠭᠡ᠃ ᠲᠡᠢᠮᠦ ᠡᠴᠡ ᠵᠠᠮᠤᠬ᠎ᠠ ᠠ᠋ᠴᠠ ᠰᠠᠯᠵᠤ ᠪᠣᠯᠬᠤ ᠦᠭᠡᠢ᠂ ᠭᠡᠪᠡᠴᠦ ᠵᠠᠭᠠᠷᠢᠨ ᠲᠡᠭᠷᠢ ᠢᠷᠡᠵᠦ ᠨᠢᠳᠦᠨ ᠳ᠋ᠦ᠍ ᠮᠢᠨᠢ ᠰᠣᠨᠢᠷᠬᠠᠯᠲᠠᠢ ᠵᠦᠢᠯ ᠢ᠋ ᠦᠵᠡᠭᠦᠯᠦᠭᠰᠡᠨ ᠢ᠋ ᠲᠡᠮᠦᠵᠢᠨ ᠴᠢᠮ᠎ᠠ ᠳ᠋ᠤ᠌ ᠬᠡᠯᠡᠶ᠎ᠡ! ᠬᠤᠸᠠᠭ᠍ᠴᠢᠨ ᠦᠨᠢᠶ᠎ᠡ ᠢᠷᠡᠵᠦ ᠵᠠᠮᠤᠬ᠎ᠠ ᠶ᠋ᠢ ᠲᠣᠭᠣᠷᠢᠵᠤ ᠵᠠᠮᠤᠬ᠎ᠠ ᠪᠣᠯᠤᠨ ᠲᠡᠷᠡ ᠭᠡᠷ ᠢ᠋ ᠨᠢ ᠮᠥᠷᠭᠥᠭᠰᠡᠭᠡᠷ ᠥᠷᠥᠭᠡᠰᠦᠨ ᠡᠪᠡᠷ ᠢ᠋ᠶ᠋ᠡᠨ ᠬᠤᠭᠤᠯᠵᠤ᠂ ᠰᠣᠯᠵᠢᠷ ᠡᠪᠡᠷ ᠲᠡᠢ ᠪᠣᠯᠤᠭᠠᠳ 〈ᠡᠪᠡᠷ ᠢ᠋ ᠮᠢᠨᠢ ᠥᠭ!〉ᠭᠡᠵᠦ ᠵᠠᠮᠤᠬ᠎ᠠ ᠶ᠋ᠢᠨ ᠵᠦᠭ ᠮᠥᠭᠡᠷᠡᠵᠦ ᠰᠢᠷᠣᠢ ᠰᠠᠴᠤᠯᠠᠵᠤ ᠪᠠᠢᠭᠠᠳ ᠭᠡᠨᠡᠳᠲᠡᠬᠡᠨ ᠲᠡᠮᠦᠵᠢᠨ ᠴᠢᠨᠦ ᠠᠷᠤ ᠠ᠋ᠴᠠ ᠶᠠᠪᠤᠵᠤ 〈ᠲᠡᠮᠦᠵᠢᠨ ᠬᠠᠭᠠᠨ ᠪᠣᠯᠤᠨ᠎ᠠ〉ᠭᠡᠮᠡᠨ ᠲᠡᠷᠡ ᠬᠦ᠌ ᠦᠬᠡᠷ ᠮᠥᠭᠡᠷᠡᠪᠡ᠃ᠢᠩᠭᠢᠵᠦ ᠯᠡ ᠵᠠᠭᠠᠷᠢᠨ ᠲᠡᠭᠷᠢ ᠢᠷᠡᠵᠦ ᠮᠢᠨᠦ ᠨᠢᠳᠦᠨ ᠳ᠋ᠦ᠍ ᠬᠠᠷᠠᠭᠤᠯᠤᠯ᠎ᠠ᠃ ᠲᠡᠮᠦᠵᠢᠨ ᠴᠢ ᠬᠡᠷᠪᠡ ᠬᠠᠭᠠᠨ ᠪᠣᠯᠪᠠᠯ ᠪᠦᠬᠦᠨ ᠡᠴᠡ ᠲᠦᠷᠦᠭᠦᠯᠡᠵᠦ ᠬᠡᠯᠡᠭᠰᠡᠨ ᠤᠴᠢᠷ ᠨᠠᠮ᠎ᠠ ᠶ᠋ᠢ ᠶᠠᠭᠠᠬᠢᠵᠤ ᠱᠠᠩᠨᠠᠬᠤ ᠪᠣᠳᠣᠯ ᠲᠠᠢ ᠪᠠᠢᠨ᠎ᠠ?》 ᠭᠡᠵᠦ ᠠᠰᠠᠭᠤᠪᠠ᠃ ᠲᠡᠮᠦᠵᠢᠨ ᠬᠠᠷᠢᠭᠤ ᠳ᠋ᠤ᠌ ᠨᠢ《ᠦᠨᠡᠬᠡᠷ ᠨᠠᠮ᠎ᠠ ᠶ᠋ᠢ ᠤᠯᠤᠰ ᠤ᠋ᠨ ᠡᠵᠡᠨ ᠪᠣᠯᠭᠠᠪᠠᠯ ᠴᠢᠮ᠎ᠠ ᠶ᠋ᠢ ᠲᠦᠮᠡᠨ ᠦ᠌ ᠨᠣᠶᠠᠨ ᠪᠣᠯᠭᠠᠶ᠎ᠠ!》 ᠭᠡᠪᠡ᠃ ᠭᠡᠲᠡᠯ᠎ᠡ ᠬᠣᠷᠴᠢ᠄《ᠦᠨᠡᠬᠡᠷ ᠲᠦᠮᠡᠨ ᠦ᠌ ᠨᠣᠶᠠᠨ ᠪᠣᠯᠪᠠᠯ ᠶᠠᠮᠠᠷ ᠰᠠᠢᠬᠠᠨ ᠶᠤᠮ ᠪᠣᠢ! ᠨᠠᠮ᠎ᠠ ᠶ᠋ᠢ ᠲᠦᠮᠡᠨ ᠦ᠌ ᠨᠣᠶᠠᠨ ᠪᠣᠯᠭᠠᠭᠠᠳ ᠪᠦᠬᠦ ᠤᠯᠤᠰ ᠠ᠋ᠴᠠ ᠭᠤᠸ᠎ᠠ ᠰᠠᠢᠬᠠᠨ ᠥᠬᠢᠳ ᠭᠤᠴᠢ ᠶ᠋ᠢ ᠰᠢᠯᠢᠵᠦ ᠡᠬᠡᠨᠡᠷ ᠪᠣᠯᠭᠠᠬᠤ ᠡᠷᠬᠡ ᠶ᠋ᠢ ᠣᠯᠭᠣ! ᠪᠠᠰᠠ ᠮᠢᠨᠦ ᠬᠡᠯᠡᠭᠰᠡᠨ ᠦᠭᠡ ᠶ᠋ᠢ ᠠᠩᠬᠠᠷᠴᠤ ᠰᠣᠨᠣᠰᠴᠤ ᠪᠠᠢ!》 ᠭᠡᠪᠡ᠃ ᠲᠡᠮᠦᠵᠢᠨ ᠬᠥᠩᠭᠡᠬᠡᠨ ᠢᠨᠢᠶᠡᠮᠰᠦᠭᠯᠡᠨ ᠵᠥᠪᠰᠢᠶᠡᠷᠡᠪᠡ᠃
ᠭᠡᠲᠡᠯ᠎ᠡ ᠬᠡᠳᠦᠨ ᠡᠳᠦᠷ ᠦ᠋ᠨ ᠳᠠᠷᠠᠭ᠎ᠠ ᠠᠯᠲᠠᠨ᠂ ᠬᠣᠴᠢᠷ᠂ ᠰᠡᠴᠢ ᠪᠡᠬᠢ ᠨᠠᠷ ᠶᠠᠷᠢᠯᠴᠠᠵᠤ᠂ ᠲᠡᠮᠦᠵᠢᠨ ᠢ᠋ ᠬᠠᠨ ᠪᠣᠯᠭᠠᠬᠤ ᠪᠠᠷ ᠰᠢᠢᠳᠦᠭᠡᠳ ᠲᠡᠮᠦᠵᠢᠨ ᠳ᠋ᠦ᠍ ᠡᠢᠨ ᠬᠦ᠌ ᠬᠡᠯᠡᠪᠡ᠃
《ᠪᠢᠳᠡ ᠴᠢᠮ᠎ᠠ ᠶ᠋ᠢ ᠬᠠᠨ ᠪᠣᠯᠭᠠᠵᠤ ᠣᠯᠠᠨ ᠲᠡᠢᠨ ᠳ᠋ᠦ᠍ ᠬᠠᠮᠲᠤ ᠲᠤᠯᠤᠯᠳᠤᠵᠤ ᠣᠯᠵᠠ ᠠᠰᠢᠭ ᠢ᠋ᠶ᠋ᠠᠨ ᠴᠢᠮ᠎ᠠ ᠳ᠋ᠤ᠌ ᠥᠭᠭᠦᠶ᠎ᠡ! ᠬᠠᠷᠢᠨ ᠬᠠᠨ ᠲᠡᠮᠦᠵᠢᠨ ᠴᠢᠨᠦ ᠵᠠᠷᠯᠢᠭ ᠢ᠋ ᠪᠢᠳᠡ ᠬᠠᠢᠬᠤᠷᠬᠤ ᠦᠭᠡᠢ ᠶᠠᠪᠤᠪᠠᠯ ᠪᠢᠳᠡᠨ ᠦ᠌ ᠲᠣᠯᠣᠭᠠᠢ ᠶ᠋ᠢ ᠠᠪ!》 ᠭᠡᠪᠡ᠃ ᠡᠢᠨ ᠬᠦ᠌ ᠣᠯᠠᠨ ᠣᠪᠣᠭ ᠠᠢᠮᠠᠭ ᠤ᠋ᠨ ᠠᠷᠠᠳ ᠢᠷᠭᠡᠳ ᠴᠤᠭᠯᠠᠵᠤ ᠨᠢᠭᠡᠨ ᠳᠠᠭᠤ ᠪᠠᠷ ᠲᠡᠮᠦᠵᠢᠨ ᠳ᠋ᠦ᠍ ᠬᠠᠮᠤᠭ ᠮᠣᠩᠭᠣᠯ ᠤᠯᠤᠰ ᠤ᠋ᠨ ᠡᠵᠡᠨ ᠬᠠᠨ ᠪᠣᠯᠪᠠ᠃

ᠠᠯᠲᠠ ᠪᠡᠶ᠎ᠡ ᠮᠢᠨᠢ ᠠᠯᠵᠢᠶᠠᠪᠠᠰᠤ ᠠᠯᠵᠢᠶᠠᠲᠤᠭᠠᠢ᠂
ᠠᠬᠤᠢ ᠲᠥᠷᠥ ᠮᠢᠨᠢ ᠪᠦᠦ ᠠᠯᠳᠠᠷᠠᠲᠤᠭᠠᠢ!
ᠪᠦᠲᠦᠨ ᠪᠡᠶ᠎ᠡ ᠮᠢᠨᠢ ᠵᠣᠪᠠᠪᠠᠰᠤ ᠵᠣᠪᠠᠲᠤᠭᠠᠢ᠂
ᠪᠦᠷᠢᠨ ᠤᠯᠤᠰ ᠮᠢᠨᠢ ᠪᠦᠦ ᠵᠣᠪᠠᠲᠤᠭᠠᠢ!

   ᠦᠰᠦᠭ ᠠᠮᠢᠯᠠᠭᠤᠯᠤᠭᠰᠠᠨ᠄ ᠮᠥᠩᠭᠦᠨᠴᠡᠴᠡᠭ
   ᠦᠰᠦᠭ ᠬᠠᠲᠠᠭᠰᠠᠨ᠄ ᠮᠥᠩᠭᠦᠨᠴᠡᠴᠡᠭ
   ᠬᠢᠨᠠᠭᠴᠢ ᠪᠠᠭᠰᠢ᠄ ᠮᠥᠴᠢᠷ