ᠲᠡᠮᠦᠵᠢᠨ03-ᠲᠡᠮᠦᠵᠢᠨ ᠢᠳᠡᠷ ᠨᠠᠰᠤ- ᠪᠥᠷᠲᠡ ᠦᠵᠢᠨ ᠮᠡᠷᠭᠡᠳ ᠲᠦ ᠬᠤᠯᠠᠭᠠᠶᠢᠯᠠᠭᠳᠠᠭᠰᠠᠨ ᠨᠢТэмүүжин идэр нас 3 дугаар анги, Бөртэ үжин Мэргэдэд хулгайлагдсан нь
ᠲᠡᠮᠦᠵᠢᠨ03-ᠲᠡᠮᠦᠵᠢᠨ ᠢᠳᠡᠷ ᠨᠠᠰᠤ -ᠪᠥᠷᠲᠡ ᠦᠵᠢᠨ ᠮᠡᠷᠭᠢᠳ ᠦ᠋ᠳ ᠲᠦ᠍ ᠬᠤᠯᠠᠭᠠᠢᠯᠠᠭᠳᠠᠭᠰᠠᠨ ᠨᠢ
ᠲᠡᠮᠦᠵᠢᠨ ᠪᠡᠯᠭᠦᠳᠡᠢ ᠬᠣᠶᠠᠷ ᠪᠥᠷᠲᠡ ᠦᠵᠢᠨ ᠢ᠋ ᠣᠯᠬᠤ ᠪᠠᠷ ᠬᠣᠩᠭᠢᠷᠠᠳ ᠤ᠋ᠨ ᠳ᠋ᠠᠢ ᠰᠡᠴᠡᠨ ᠦ᠌ ᠭᠡᠷ ᠦ᠋ᠨ ᠵᠦᠭ ᠶᠠᠪᠤᠪᠠ᠃ ᠳ᠋ᠠᠢ ᠰᠡᠴᠡᠨ ᠦ᠌ ᠭᠡᠷ ᠲᠦ᠍ ᠣᠢᠷᠠᠳᠬᠤ ᠲᠣᠰᠤᠮ ᠲᠡᠮᠦᠵᠢᠨ ᠦ᠌ ᠲᠣᠯᠣᠭᠠᠢ ᠳᠣᠲᠣᠷ᠎ᠠ ᠲᠦᠮᠡᠨ ᠪᠣᠳᠣᠯ ᠡᠷᠭᠢᠯᠳᠦᠵᠦ᠂ ᠵᠢᠷᠦᠬᠡᠨ ᠦ᠌ ᠴᠣᠬᠢᠯᠲᠠ ᠨᠢ ᠤᠯᠠᠮ ᠪᠦᠷ ᠬᠤᠷᠳᠤᠨ ᠴᠣᠬᠢᠯᠠᠵᠤ ᠡᠬᠢᠯᠡᠪᠡ᠃《 ᠪᠥᠷᠲᠡ ᠦᠵᠢᠨ ᠮᠠᠨᠢ ᠶᠠᠮᠠᠷ ᠪᠦᠰᠡᠭᠦᠢ ᠪᠣᠯᠤᠭᠰᠠᠨ ᠪᠣᠯ ᠠ᠋? ᠣᠳᠣ ᠠᠭᠤᠯᠵᠠᠪᠠᠯ ᠨᠠᠮ᠎ᠠ ᠶ᠋ᠢ ᠲᠠᠨᠢᠬᠤ ᠪᠣᠯᠪᠠ ᠤᠤ? ᠪᠢ ᠠᠭᠤᠯᠵᠠᠭᠠᠳ ᠶᠠᠭᠤ ᠭᠡᠵᠦ ᠬᠡᠯᠡᠬᠦ ᠪᠣᠢ?》 ᠭᠡᠬᠦ ᠮᠡᠲᠦ ᠠᠰᠠᠭᠤᠯᠲᠠ ᠨᠤᠭᠤᠳ ᠲᠡᠮᠦᠵᠢᠨ ᠦ᠌ ᠭᠠᠷ ᠢ᠋ ᠨᠢ ᠬᠥᠯᠥᠷᠡᠭᠡᠵᠦ᠂ ᠲᠣᠯᠣᠭᠠᠢ ᠳ᠋ᠤ᠌ ᠨᠢ ᠲᠠᠰᠤᠷᠠᠯᠲᠠ ᠦᠭᠡᠢ ᠡᠷᠭᠢᠯᠳᠦᠭᠰᠡᠭᠡᠷ ᠪᠠᠢᠪᠠ᠃ ᠲᠡᠭᠡᠭᠡᠳ ᠲᠡᠮᠦᠵᠢᠨ ᠪᠡᠯᠭᠦᠳᠡᠢ ᠬᠣᠶᠠᠷ ᠳ᠋ᠠᠢ ᠰᠡᠴᠡᠨ ᠦ᠌ ᠭᠡᠷ ᠲᠦ᠍ ᠢᠷᠡᠪᠡᠯ ᠳ᠋ᠠᠢ ᠰᠡᠴᠡᠨ ᠲᠡᠮᠦᠵᠢᠨ ᠢ᠋ ᠬᠠᠷᠠᠭᠠᠳ ᠮᠠᠰᠢ ᠶᠡᠬᠡ ᠪᠡᠷ ᠪᠠᠶᠠᠷᠯᠠᠨ ᠬᠡᠯᠡᠪᠡ᠃ 《ᠴᠢᠮ᠎ᠠ ᠳ᠋ᠤ᠌ ᠮᠠᠰᠢ ᠶᠡᠬᠡ ᠰᠠᠨᠠᠭ᠎ᠠ ᠵᠣᠪᠠᠵᠤ ᠪᠠᠢᠯ᠎ᠠ᠃ ᠢᠩᠭᠢᠭᠡᠳ ᠠᠮᠢᠳᠤ ᠰᠡᠷᠡᠭᠦᠨ ᠢᠷᠡᠭᠰᠡᠨ ᠳ᠋ᠦ᠍ ᠴᠢᠨᠢ ᠦᠨᠡᠬᠡᠷ ᠶᠡᠬᠡ ᠪᠠᠶᠠᠷᠯᠠᠵᠤ ᠪᠠᠢᠨ᠎ᠠ》 ᠭᠡᠪᠡ᠃ ᠲᠡᠳᠡ ᠶᠠᠷᠢᠯᠴᠠᠭᠠᠳ ᠰᠠᠭᠤᠵᠤ ᠪᠠᠢᠲᠠᠯ᠎ᠠ ᠭᠠᠳᠠᠨ᠎ᠠ ᠠ᠋ᠴᠠ ᠪᠥᠷᠲᠡ ᠥᠵᠢᠨ ᠣᠷᠣᠵᠤ ᠢᠷᠡᠪᠡ᠃ ᠲᠡᠮᠦᠵᠢᠨ ᠨᠢᠭᠡ ᠴᠦ᠍ ᠦᠭᠡ ᠳᠤᠤᠭᠠᠷᠴᠤ ᠴᠢᠳᠠᠯ ᠦᠭᠡᠢ ᠪᠥᠷᠲᠡ ᠪᠡᠨ ᠰᠢᠷᠳᠡᠭᠡᠳ ᠯᠡ ᠰᠠᠭᠤᠭᠠᠳ ᠪᠠᠢᠪᠠ᠃ ᠪᠥᠷᠲᠡ ᠶ᠋ᠢ ᠬᠠᠷᠠᠪᠠᠯ ᠲᠩᠷᠢ ᠳᠡᠭᠡᠷ᠎ᠡ ᠡᠴᠡ ᠲᠡᠭᠷᠢ ᠶ᠋ᠢᠨ ᠡᠯᠴᠢ ᠭᠠᠵᠠᠷ ᠲᠤ᠌ ᠪᠠᠭᠤᠭᠠᠳ ᠢᠷᠡᠭᠰᠡᠨ ᠮᠡᠲᠦ ᠦᠵᠡᠰᠬᠦᠯᠡᠩᠲᠡᠢ ᠭᠤᠸ᠎ᠠ ᠰᠠᠢᠬᠠᠨ ᠪᠦᠰᠡᠭᠦᠢ ᠪᠣᠯᠤᠭᠰᠠᠨ ᠪᠠᠢᠪᠠ᠃ ᠪᠥᠷᠲᠡ ᠦᠵᠢᠨ ᠲᠡᠮᠦᠵᠢᠨ ᠢ᠋ ᠬᠠᠷᠠᠭᠠᠳ ᠢᠨᠢᠶᠡᠮᠰᠦᠭᠯᠡᠭᠡᠳ᠄《ᠰᠠᠢᠨ ᠰᠠᠭᠤᠵᠤ ᠪᠠᠢᠭᠰᠠᠨ ᠤᠤ? ᠡᠷ᠎ᠡ ᠨᠥᠬᠥᠷ ᠮᠢᠨᠢ! ᠴᠢᠮ᠎ᠠ ᠶ᠋ᠢ ᠢᠷᠡᠬᠦ ᠶ᠋ᠢ ᠮᠥᠨ ᠴᠦ᠍ ᠶᠡᠬᠡ ᠬᠦᠯᠢᠶᠡᠯ᠎ᠡ ᠳᠡ》 ᠭᠡᠯᠡ᠃ ᠲᠡᠮᠦᠵᠢᠨ ᠰᠠᠨᠳᠤᠷᠤᠭᠠᠳ ᠠᠮᠠᠨ ᠠ᠋ᠴᠠ ᠨᠢ ᠨᠢᠭᠡ ᠴᠦ᠍ ᠦᠭᠡ ᠭᠠᠷᠬᠤ ᠦᠭᠡᠢ ᠪᠠᠢᠭᠰᠠᠨ ᠲᠤᠯᠠ ᠠᠷᠠᠢᠬᠠᠨ ᠲᠣᠯᠣᠭᠠᠢ ᠳᠣᠬᠢᠪᠠ᠃
ᠲᠡᠮᠦᠵᠢᠨ ᠪᠡᠯᠭᠦᠳᠡᠢ ᠬᠣᠶᠠᠷ ᠪᠥᠷᠲᠡ ᠶ᠋ᠢ ᠠᠪᠤᠭᠠᠳ ᠬᠦᠷᠡᠯᠬᠦ ᠳᠣᠲᠣᠷ᠎ᠠ ᠰᠡᠩᠭᠦᠷ ᠭᠣᠷᠣᠬᠠᠨ ᠤ᠋ ᠵᠠᠬ᠎ᠠ ᠳ᠋ᠤ᠌ ᠢᠷᠡᠭᠡᠳ ᠪᠣᠭᠣᠷᠴᠤ ᠶ᠋ᠢ ᠳᠠᠭᠤᠳᠠᠭᠤᠯᠬᠤ ᠪᠠᠷ ᠪᠡᠯᠭᠦᠳᠡᠢ ᠶ᠋ᠢ ᠶᠠᠪᠤᠭᠤᠯᠪᠠ᠃ ᠪᠡᠯᠭᠦᠳᠡᠢ ᠶ᠋ᠢ ᠡᠵᠡᠭᠦᠢ ᠬᠣᠭᠣᠷᠣᠨᠳᠣ ᠲᠡᠮᠦᠵᠢᠨ᠂ ᠪᠥᠷᠲᠡ ᠬᠣᠶᠠᠷ ᠪᠠᠭ᠎ᠠ ᠳ᠋ᠤ᠌ ᠪᠠᠨ ᠬᠠᠮᠲᠤ ᠪᠠᠢᠭᠰᠠᠨ ᠦᠶ᠎ᠡ ᠪᠡᠨ ᠳᠤᠷᠠᠰᠤᠩᠬᠠᠨ᠂ ᠡᠨᠡ ᠬᠤᠭᠤᠴᠠᠭᠠᠨ ᠳ᠋ᠤ᠌ ᠪᠡᠶ᠎ᠡ ᠪᠡᠶ᠎ᠡ ᠲᠡᠢ ᠪᠡᠨ ᠠᠭᠤᠯᠵᠤᠬᠤᠢ ᠶ᠋ᠢ ᠮᠠᠰᠢ ᠶᠡᠬᠡ ᠬᠦᠯᠢᠶᠡᠵᠦ ᠪᠠᠢᠭᠰᠠᠨ ᠲᠠᠯ᠎ᠠ ᠪᠠᠷ ᠢ᠋ᠶ᠋ᠠᠨ ᠶᠠᠷᠢᠯᠴᠠᠩᠬᠠᠨ᠂ ᠪᠡᠶ᠎ᠡ ᠪᠡᠶ᠎ᠡ ᠪᠡᠨ ᠬᠠᠷᠠᠴᠠ ᠪᠠᠷ ᠢ᠋ᠶ᠋ᠠᠨ ᠤᠩᠰᠢᠵᠤ ᠪᠠᠢᠪᠠ᠃ ᠲᠡᠭᠡᠭᠡᠳ ᠲᠡᠷᠡ ᠬᠣᠶᠠᠷ ᠲᠡᠷᠡ ᠣᠷᠣᠢ ᠬᠦᠯᠢᠶᠡᠵᠦ ᠪᠡᠲᠡᠭᠢᠷᠡᠭᠰᠡᠨ ᠰᠡᠳᠬᠢᠯ ᠢ᠋ᠶ᠋ᠡᠨ ᠳᠡᠪᠲᠦᠭᠡᠨ ᠬᠠᠢᠷ᠎ᠠ ᠶ᠋ᠢᠨ ᠠᠩᠬᠠᠨ ᠤ᠋ ᠰᠥᠨᠢ ᠶ᠋ᠢ ᠦᠳᠡᠪᠡ᠃
ᠡᠨᠡ ᠬᠣᠭᠣᠷᠣᠨᠳᠣ ᠪᠡᠯᠭᠦᠳᠡᠢ ᠪᠣᠭᠣᠷᠴᠤ ᠶ᠋ᠢᠨ ᠭᠡᠷ ᠲᠦ᠍ ᠢᠷᠡᠬᠦ ᠳ᠋ᠦ᠍ ᠪᠣᠭᠣᠷᠴᠤ ᠡᠴᠢᠭᠡ ᠡᠬᠡ ᠳ᠋ᠦ᠍ ᠪᠡᠨ ᠶᠠᠭᠤ ᠴᠤ᠌ ᠬᠡᠯᠡᠯ ᠦᠭᠡᠢ ᠪᠡᠯᠭᠦᠳᠡᠢ ᠶ᠋ᠢᠨ ᠬᠠᠮᠲᠤ ᠲᠡᠮᠦᠵᠢᠨ᠂ ᠪᠥᠷᠲᠡ ᠦᠵᠢᠨ ᠬᠣᠶᠠᠷ ᠤ᠋ᠨ ᠪᠠᠢᠭ᠎ᠠ ᠭᠠᠵᠠᠷ ᠤᠷᠤᠭᠤ ᠶᠠᠪᠤᠪᠠ᠃
ᠲᠡᠮᠦᠵᠢᠨ ᠭᠡᠷ ᠪᠦᠯᠢ ᠶ᠋ᠢᠨ ᠬᠠᠮᠲᠤ ᠰᠡᠩᠭᠦᠷ ᠭᠣᠷᠣᠬᠠᠨ ᠠ᠋ᠴᠠ ᠨᠡᠭᠦᠵᠦ ᠬᠡᠷᠦᠯᠦᠨ ᠮᠥᠷᠡᠨ ᠦ᠌ ᠡᠬᠢᠨ ᠳ᠋ᠦ᠍ ᠪᠠᠭᠤᠵᠤ ᠨᠤᠲᠤᠭᠯᠠᠪᠠ᠃ ᠲᠡᠮᠦᠵᠢᠨ ᠪᠥᠷᠲᠡ ᠥᠵᠢᠨ ᠦ᠌ ᠡᠵᠢ ᠴᠣᠲᠠᠨ ᠡᠬᠡ ᠶ᠋ᠢᠨ ᠥᠭᠭᠦᠭᠰᠡᠨ ᠬᠠᠷ᠎ᠠ ᠪᠤᠯᠠᠭᠠᠨ ᠳᠠᠬᠤ ᠶ᠋ᠢ ᠠᠪᠴᠤ᠂ ᠬᠠᠰᠠᠷ ᠪᠡᠯᠭᠦᠳᠡᠢ ᠶ᠋ᠢᠨ ᠬᠠᠮᠲᠤ ᠶᠢᠰᠦᠭᠡᠢ ᠡᠴᠢᠭᠡ ᠶ᠋ᠢᠨ ᠬᠠᠭᠤᠴᠢᠨ ᠳᠣᠲᠣᠨᠣ ᠶ᠋ᠢᠨ ᠠᠨᠳᠠ—— ᠸᠠᠩ ᠬᠠᠨ ᠲᠠᠢ ᠠᠭᠤᠯᠵᠠᠬᠤ ᠪᠠᠷ ᠶᠠᠪᠤᠪᠠ᠃ ᠶᠠᠪᠤᠬᠤ ᠵᠠᠮ ᠳ᠋ᠤ᠌ ᠪᠠᠨ ᠲᠡᠮᠦᠵᠢᠨ ᠳᠡᠭᠦᠦ ᠨᠠᠷ ᠲᠤ᠌ ᠪᠠᠨ ᠬᠡᠯᠡᠪᠡ᠃《ᠪᠢᠳᠡ ᠨᠡᠷ᠎ᠡ ᠲᠡᠢ ᠲᠥᠷᠥ ᠲᠡᠢ ᠪᠠᠭᠠᠲᠤᠷ ᠬᠥᠮᠦᠨ ᠦ᠌ ᠤᠳᠤᠮ ᠠ᠋! ᠢᠷᠡᠭᠡᠳᠦᠢ ᠶ᠋ᠢᠨ ᠬᠠᠮᠤᠭ ᠮᠣᠩᠭᠣᠯ ᠤᠯᠤᠰ ᠤ᠋ᠨ ᠭᠠᠯ ᠭᠣᠯᠣᠮᠲᠠ᠂ ᠪᠢᠳᠡ ᠣᠳᠣ ᠬᠡᠦᠬᠡᠳ ᠪᠢᠰᠢ᠂ ᠡᠷ᠎ᠡ ᠶ᠋ᠢᠨ ᠴᠡᠭᠡᠯ ᠳ᠋ᠦ᠍ ᠬᠦᠷᠦᠭᠰᠡᠨ ᠡᠷ᠎ᠡ ᠪᠣᠯᠤᠯ᠎ᠠ᠃ ᠲᠡᠢᠮᠦ ᠡᠴᠡ ᠣᠢᠷ᠎ᠠ ᠰᠠᠭᠠᠬᠠᠯᠲᠠ ᠶ᠋ᠢᠨ ᠣᠪᠣᠭ ᠠᠢᠮᠠᠭ ᠤ᠋ᠳ ᠢ᠋ᠶ᠋ᠠᠨ ᠨᠢᠭᠡᠳᠬᠡᠵᠦ ᠬᠦᠴᠦ ᠴᠢᠳᠠᠯ ᠢ᠋ᠶ᠋ᠠᠨ ᠰᠡᠷᠭᠦᠭᠡᠵᠡᠭᠡᠶᠡ! ᠸᠠᠩ ᠬᠠᠨ ᠪᠣᠯ ᠪᠢᠳᠡᠨ ᠦ᠌ ᠡᠴᠢᠭᠡ ᠶ᠋ᠢᠨ ᠮᠠᠨᠢ ᠡᠷᠲᠡᠨ ᠦ᠌ ᠠᠨᠳᠠ ᠤᠴᠢᠷ ᠪᠢᠳᠡᠨ ᠳ᠋ᠦ᠍ ᠲᠤᠰᠠ ᠪᠣᠯᠬᠤ ᠤᠴᠢᠷ ᠲᠠᠢ》 ᠭᠡᠪᠡ᠃ ᠳᠡᠭᠦᠦ ᠨᠠᠷ ᠨᠢ ᠴᠦ᠍ ᠲᠣᠯᠣᠭᠠᠢ ᠳᠣᠬᠢᠪᠠ᠃ ᠲᠡᠮᠦᠵᠢᠨ ᠸᠠᠩ ᠬᠠᠨ ᠳᠡᠭᠡᠷ᠎ᠡ ᠣᠴᠢᠭᠠᠳ《ᠡᠴᠢᠭᠡ ᠶ᠋ᠢᠨ ᠮᠢᠨᠢ ᠬᠠᠭᠤᠴᠢᠨ ᠠᠨᠳᠠ—— ᠲᠠ᠂ ᠮᠢᠨᠦ ᠡᠴᠢᠭᠡ ᠡᠴᠡ ᠥᠭᠡᠷ᠎ᠡ ᠴᠦ᠍ ᠦᠭᠡᠢ ᠪᠢᠯᠡ᠃ ᠭᠡᠷᠭᠡᠢ ᠪᠥᠷᠲᠡ ᠦᠵᠢᠨ ᠦ᠌ ᠮᠢᠨᠢ ᠡᠬᠡ ᠪᠡᠯᠡᠭᠯᠡᠭᠰᠡᠨ ᠬᠠᠷ᠎ᠠ ᠪᠤᠯᠠᠭᠠᠨ ᠳᠠᠬᠤ ᠶ᠋ᠢ ᠲᠠᠨ ᠳ᠋ᠤ᠌ ᠠᠪᠴᠢᠷᠠᠯ᠎ᠠ》 ᠭᠡᠳ ᠪᠤᠯᠠᠭᠠᠨ ᠳᠠᠬᠤ ᠪᠠᠨ ᠥᠭᠪᠡ ᠭᠡᠨ᠎ᠡ᠃ ᠸᠠᠩ ᠬᠠᠨ ᠶᠡᠬᠡᠳᠡ ᠪᠠᠶᠠᠷᠯᠠᠭᠠᠳ ᠬᠡᠯᠡᠪᠡ᠃《ᠡᠩ᠂ ᠬᠠᠷ᠎ᠠ ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ᠌ ᠬᠠᠭᠠᠴᠠᠭᠰᠠᠨ ᠤᠯᠤᠰ ᠢ᠋ ᠴᠢᠨᠢ ᠬᠠᠮᠲᠤᠳᠬᠠᠵᠤ ᠥᠭᠭᠦᠶ᠎ᠡ᠂ ᠬᠦᠦ ᠮᠢᠨᠢ! ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ᠌ ᠪᠤᠲᠠᠷᠠᠭᠰᠠᠨ ᠤᠯᠤᠰ ᠢ᠋ ᠴᠢᠨᠢ ᠴᠤᠭᠯᠠᠭᠤᠯᠵᠤ ᠥᠭᠭᠦᠶ᠎ᠡ! ᠪᠥᠭᠡᠷ᠎ᠡ ᠨᠢ ᠪᠥᠭᠰᠡᠨ ᠳ᠋ᠦ᠍᠂ ᠴᠠᠷ ᠨᠢ ᠴᠡᠭᠡᠵᠢᠨ ᠳ᠋ᠦ᠍ ᠪᠠᠢᠭ᠃ ᠬᠠ ᠬᠠ——》 ᠭᠡᠪᠡ᠃
ᠡᠨᠡ ᠶᠠᠪᠤᠳᠠᠯ ᠠ᠋ᠴᠠ ᠬᠣᠢᠰᠢ ᠬᠡᠰᠡᠭ ᠬᠤᠭᠤᠴᠠᠭ᠎ᠠ ᠥᠩᠭᠡᠷᠡᠭᠰᠡᠨ ᠦ᠌ ᠳᠠᠷᠠᠭ᠎ᠠ ᠲᠡᠮᠦᠵᠢᠨ ᠪᠦᠷᠭᠢ ᠡᠷᠭᠢ ᠳ᠋ᠦ᠍ ᠨᠤᠲᠤᠭᠯᠠᠨ ᠪᠠᠢᠬᠤ ᠳ᠋ᠤ᠌ ᠪᠤᠷᠬᠠᠨ ᠬᠠᠯᠳᠤᠨ ᠠ᠋ᠴᠠ ᠤᠷᠢᠶᠠᠩᠬᠠᠢ ᠶ᠋ᠢᠨ ᠵᠠᠷᠴᠢᠭᠤᠳᠠᠢ ᠡᠪᠦᠭᠡᠨ ᠵᠠᠯᠮ᠎ᠠ ᠨᠡᠷᠡᠲᠦ ᠬᠥᠪᠡᠭᠦᠨ ᠢ᠋ᠶ᠋ᠡᠨ ᠳᠠᠭᠠᠭᠤᠯᠤᠨ ᠲᠡᠮᠦᠵᠢᠨ ᠳᠡᠭᠡᠷ᠎ᠡ ᠢᠷᠡᠭᠡᠳ ᠡᠢᠨ ᠬᠦ᠌ ᠬᠡᠯᠡᠪᠡ᠃《ᠴᠢᠮ᠎ᠠ ᠵᠢ ᠲᠥᠷᠥᠬᠦ ᠦᠶ᠎ᠡ ᠳ᠋ᠦ᠍ ᠴᠢᠨᠢ ᠪᠢ ᠪᠤᠯᠠᠭᠠᠨ ᠥᠯᠥᠭᠡᠢ ᠪᠡᠯᠡᠭᠯᠡᠵᠦ᠂ ᠡᠨᠡ ᠵᠠᠯᠮ᠎ᠠ ᠨᠡᠷᠡᠲᠦ ᠬᠥᠪᠡᠭᠦᠨ ᠢ᠋ᠶ᠋ᠡᠨ ᠥᠭᠭᠦᠭᠰᠡᠨ ᠪᠣᠯᠪᠠᠴᠤ ᠬᠡᠲᠦᠷᠬᠡᠢ ᠪᠠᠯᠴᠢᠷ ᠪᠠᠢᠭᠰᠠᠨ ᠲᠤᠯᠠ ᠭᠡᠷ ᠤᠷᠤᠭᠤ ᠪᠠᠨ ᠪᠤᠴᠠᠭᠠᠭᠠᠳ ᠠᠪᠤᠭᠠᠳ ᠶᠠᠪᠤᠭᠰᠠᠨ ᠶᠤᠮ᠃ ᠣᠳᠣ ᠴᠢ ᠮᠢᠨᠦ ᠬᠥᠪᠡᠭᠦᠨ ᠵᠠᠯᠮ᠎ᠠ ᠪᠠᠷ ᠡᠮᠡᠭᠡᠯ ᠢ᠋ᠶ᠋ᠡᠨ ᠲᠣᠬᠣᠭᠤᠯᠵᠤ ᠡᠭᠦᠳᠡ ᠪᠡᠨ ᠰᠡᠬᠦᠭᠦᠯ ᠠ᠋》 ᠭᠡᠪᠡ᠃
ᠡᠭᠦᠨ ᠡᠴᠡ ᠬᠣᠢᠰᠢ ᠲᠡᠳᠡ ᠬᠡᠷᠦᠯᠦᠨ ᠮᠥᠷᠡᠨ ᠦ᠌ ᠡᠬᠢ ᠪᠦᠷᠭᠢ ᠶ᠋ᠢᠨ ᠡᠷᠭᠢ ᠳ᠋ᠦ᠍ ᠨᠤᠲᠤᠭᠯᠠᠨ ᠠᠵᠠ ᠵᠢᠷᠭᠠᠯ ᠲᠠᠢ ᠠᠮᠢᠳᠤᠷᠠᠵᠤ ᠪᠠᠢᠲᠠᠯ᠎ᠠ ᠨᠢᠭᠡᠨ ᠡᠳᠦᠷ ᠥᠷᠯᠥᠭᠡ ᠦᠷ ᠴᠠᠢᠬᠤ ᠠ᠋ᠴᠠ ᠡᠮᠦᠨ᠎ᠡ ᠥᠭᠡᠯᠦᠨ ᠡᠬᠡ ᠶ᠋ᠢᠨ ᠭᠡᠷ ᠲᠦ᠍ ᠵᠠᠷᠤᠴᠠᠯᠠᠭᠳᠠᠳᠠᠭ ᠬᠤᠸᠠᠭ᠍ᠴᠢᠨ ᠡᠮᠡᠭᠡᠨ ᠬᠠᠷ᠎ᠠ ᠡᠷᠴᠢ ᠪᠡᠷ ᠢ᠋ᠶ᠋ᠡᠨ ᠭᠡᠷ ᠲᠦ᠍ ᠭᠦᠶᠦᠨ ᠣᠷᠣᠵᠤ ᠢᠷᠡᠭᠡᠳ ᠰᠠᠨᠳᠤᠷᠤᠨ ᠬᠡᠯᠡᠪᠡ᠃《ᠥᠭᠡᠯᠦᠨ ᠡᠬᠡ ᠬᠤᠷᠳᠤᠨ ᠪᠣᠰᠤᠭᠠᠷᠠᠢ! ᠭᠠᠵᠠᠷ ᠳᠡᠯᠪᠡᠷᠡᠬᠦ ᠮᠡᠲᠦ ᠴᠢᠮᠡᠭᠡ ᠭᠠᠷᠴᠤ᠂ ᠮᠣᠷᠢᠨ ᠤ᠋ ᠲᠦᠪᠡᠷᠭᠡᠨ ᠰᠣᠨᠣᠰᠤᠭᠳᠠᠵᠤ ᠪᠠᠢᠨ᠎ᠠ᠃ ᠠᠶᠤᠮᠰᠢᠭᠲᠤ ᠲᠠᠢᠴᠢᠭᠤᠳ ᠢᠷᠡᠵᠦ ᠪᠠᠢᠭ᠎ᠠ ᠪᠠᠢᠬᠤ》 ᠭᠡᠯᠡ᠃ ᠥᠭᠡᠯᠦᠨ ᠡᠬᠡ ᠰᠠᠨᠳᠤᠷᠤᠨ ᠪᠣᠰᠤᠭᠠᠳ ᠬᠥᠪᠡᠭᠦᠳ ᠢ᠋ᠶ᠋ᠡᠨ ᠰᠡᠷᠡᠭᠡᠭᠡᠳ ᠬᠥᠮᠦᠨ ᠪᠦᠷᠢ ᠨᠢᠭᠡ ᠨᠢᠭᠡ ᠮᠣᠷᠢ ᠪᠠᠷᠢᠵᠤ ᠤᠨᠤᠭᠠᠳ ᠪᠤᠷᠬᠠᠨ ᠬᠠᠯᠳᠤᠨ ᠠᠭᠤᠯᠠ ᠶ᠋ᠢᠨ ᠵᠦᠭ ᠳᠠᠪᠬᠢᠬᠤ ᠭᠡᠲᠡᠯ᠎ᠡ ᠪᠥᠷᠲᠡ ᠥᠵᠢᠨ ᠭᠠᠭᠴᠠᠭᠠᠷ ᠢ᠋ᠶ᠋ᠠᠨ ᠮᠣᠷᠢ ᠦᠭᠡᠢ ᠬᠣᠴᠣᠷᠪᠠ᠃ ᠲᠡᠮᠦᠵᠢᠨ ᠰᠠᠨᠳᠤᠷᠤᠭᠠᠳ ᠪᠥᠷᠲᠡ ᠦᠵᠢᠨ ᠢ᠋ ᠰᠤᠨᠳᠠᠯᠠᠨ ᠶᠠᠪᠤᠬᠤ ᠭᠡᠲᠡᠯ᠎ᠡ ᠪᠥᠷᠲᠡ ᠦᠵᠢᠨ ᠬᠡᠯᠡᠪᠡ᠃《ᠲᠠᠢᠴᠢᠭᠤᠳ ᠴᠢᠮ᠎ᠠ ᠶ᠋ᠢ ᠮᠢᠨᠢ ᠪᠠᠷᠢᠵᠤ ᠠᠪᠬᠤ ᠪᠠᠷ ᠢᠷᠡᠵᠦ ᠪᠠᠢᠭ᠎ᠠ᠂ ᠪᠢ ᠴᠢᠮ᠎ᠠ ᠳ᠋ᠤ᠌ ᠳᠠᠷᠤᠭ᠎ᠠ ᠪᠣᠯᠤᠨ᠎ᠠ᠂ ᠡᠨᠡ ᠮᠣᠷᠢ ᠴᠢ ᠪᠢᠳᠡ ᠬᠣᠶᠠᠷ ᠢ᠋ ᠠᠪᠤᠭᠠᠳ ᠶᠠᠪᠤᠪᠠᠯ ᠵᠠᠮ ᠳ᠋ᠤ᠌ ᠪᠠᠨ ᠴᠤᠴᠠᠵᠤ ᠮᠡᠳᠡᠨ᠎ᠡ᠂ ᠪᠢ ᠡᠨᠡ ᠲᠡᠷᠭᠡᠨ ᠳ᠋ᠦ᠍ ᠨᠢᠭᠤᠭᠳᠠᠭᠠᠳ ᠶᠠᠪᠤᠴᠢᠬᠠᠶ᠎ᠠ᠂ ᠲᠦᠷᠦᠭᠦᠯᠡᠭᠡᠳ ᠶᠠᠪᠤᠵᠤ ᠪᠠᠢ᠂ ᠬᠣᠶᠠᠭᠤᠯᠠ ᠪᠠᠨ ᠪᠤᠷᠬᠠᠨ ᠬᠠᠯᠳᠤᠨ ᠠᠭᠤᠯᠠᠨ ᠳ᠋ᠤ᠌ ᠪᠠᠨ ᠠᠭᠤᠯᠵᠠᠵᠠᠭᠠᠶ᠎ᠠ!》 ᠭᠡᠵᠦ ᠬᠡᠯᠡᠭᠡᠳ ᠲᠡᠮᠦᠵᠢᠨ ᠢ᠋ ᠦᠨᠦᠰᠦᠭᠡᠳ ᠦᠳᠡᠨ ᠭᠠᠷᠭᠠᠪᠠ᠃ ᠲᠡᠮᠦᠵᠢᠨ ᠡᠴᠡ ᠠᠬ᠎ᠠ ᠳᠡᠭᠦᠦᠰ᠂ ᠭᠡᠷ ᠪᠦᠯᠢ ᠶ᠋ᠢᠨ ᠢ᠋ᠶ᠋ᠡᠨ ᠠᠮᠢ ᠨᠠᠰᠤ ᠶ᠋ᠢ ᠬᠠᠮᠢᠶᠠᠷᠴᠤ ᠪᠠᠢᠭᠰᠠᠨ ᠲᠤᠯᠠ ᠶᠠᠭᠠᠬᠢᠬᠤ ᠴᠤ᠌ ᠠᠷᠭ᠎ᠠ ᠦᠭᠡᠢ ᠪᠥᠷᠲᠡ ᠥᠵᠢᠨ ᠦ᠌ ᠴᠢᠬᠢᠨ ᠳ᠋ᠦ᠍《 ᠬᠣᠩᠭᠣᠷ ᠮᠢᠨᠢ᠂ ᠰᠠᠢᠨ ᠨᠢᠭᠤᠭᠳᠠᠭᠠᠷᠠᠢ! ᠴᠢᠮ᠎ᠠ ᠳ᠋ᠤ᠌ ᠮᠢᠨᠢ ᠬᠣᠣᠷ ᠬᠦᠷᠭᠡᠭᠰᠡᠨ ᠬᠡᠨ ᠴᠦ᠍ ᠪᠠᠢ᠂ ᠪᠢ ᠲᠡᠭᠦᠨ ᠢ᠋ ᠬᠦᠢᠰᠦ ᠲᠡᠮᠲᠡᠷᠢᠬᠦ ᠪᠣᠯᠤᠨ᠎ᠠ᠃ ᠠᠮᠠᠯᠠᠵᠤ ᠪᠠᠢᠨ᠎ᠠ᠂ ᠬᠠᠢᠷᠠᠲᠤ ᠮᠢᠨᠢ! ᠪᠤᠷᠬᠠᠨ ᠬᠠᠯᠳᠤᠨ ᠠᠭᠤᠯᠠᠨ ᠳ᠋ᠤ᠌ ᠪᠠᠨ ᠠᠭᠤᠯᠵᠠᠶ᠎ᠠ᠂ ᠪᠣᠯᠭᠣᠮᠵᠢᠲᠠᠢ ᠪᠠᠢᠭᠠᠷᠠᠢ!》 ᠭᠡᠵᠦ ᠬᠡᠯᠡᠭᠡᠳ ᠶᠠᠪᠤᠨ ᠣᠳᠪᠠ᠃ ᠬᠤᠸᠠᠭ᠍ᠴᠢᠨ ᠡᠮᠡᠭᠡᠨ᠂ ᠪᠥᠷᠲᠡ ᠦᠵᠢᠨ ᠢ᠋ ᠨᠢᠭᠤᠶᠠ ᠭᠡᠵᠦ ᠪᠥᠬᠥᠭᠡᠭ ᠲᠡᠢ ᠲᠡᠷᠭᠡᠨ ᠳ᠋ᠦ᠍ ᠣᠷᠣᠭᠤᠯᠵᠤ ᠡᠳ᠋ ᠪᠠᠷᠠᠭ᠎ᠠ ᠪᠠᠨ ᠬᠢᠵᠦ ᠪᠥᠭᠡᠷ᠎ᠡ ᠠᠯᠠᠭ ᠦᠬᠡᠷ ᠬᠥᠯᠯᠡᠵᠦ ᠲᠦᠩᠬᠡᠯᠢᠭ ᠭᠣᠷᠣᠬᠠᠨ ᠤ᠋ ᠥᠭᠡᠳᠡ ᠶᠠᠪᠤᠵᠤ ᠪᠠᠢᠲᠠᠯ᠎ᠠ ᠥᠭᠡᠳᠡ ᠡᠴᠡ ᠨᠢ ᠲᠠᠢᠴᠢᠭᠤᠳ ᠪᠢᠰᠢ ᠬᠠᠷᠢᠨ ᠭᠤᠷᠪᠠᠨ ᠮᠡᠷᠭᠢᠳ ᠦ᠋ᠳ ᠬᠠᠲᠠᠷᠢᠨ ᠢᠷᠡᠵᠦ᠄《ᠴᠢ ᠶᠠᠭᠤᠨ ᠬᠥᠮᠦᠨ ᠪᠣᠢ?》 ᠭᠡᠵᠦ ᠠᠰᠠᠭᠤᠪᠠᠯ ᠬᠤᠸᠠᠭ᠍ᠴᠢᠨ ᠡᠮᠡᠭᠡᠨ᠄《ᠪᠢ ᠲᠡᠮᠦᠵᠢᠨ ᠦ᠌ ᠬᠠᠷᠢᠶᠠᠲᠤ ᠶᠡᠬᠡ ᠭᠡᠷ ᠲᠦ᠍ ᠬᠣᠨᠢ ᠬᠢᠷᠭᠠᠬᠤ ᠪᠠᠷ ᠢᠷᠡᠭᠰᠡᠨ᠃ ᠣᠳᠣ ᠤᠩᠭᠠᠰᠤ ᠲᠡᠭᠡᠭᠡᠵᠦ ᠭᠡᠷ ᠲᠦ᠍ ᠪᠡᠨ ᠬᠠᠷᠢᠵᠤ ᠶᠠᠪᠤᠨ᠎ᠠ》 ᠭᠡᠪᠡ᠃ ᠮᠡᠷᠭᠢᠳ ᠦ᠋ᠳ᠄《ᠲᠡᠮᠦᠵᠢᠨ ᠭᠡᠷ ᠲᠦ᠍ ᠪᠠᠢᠭ᠎ᠠ ᠤᠤ? ᠭᠡᠷ ᠨᠢ ᠬᠠᠮᠢᠭ᠎ᠠ ᠪᠠᠢᠨ᠎ᠠ?》 ᠭᠡᠲᠡᠯ᠎ᠡ ᠬᠤᠸᠠᠭ᠍ᠴᠢᠨ ᠡᠮᠡᠭᠡᠨ᠄《ᠭᠡᠷ ᠨᠢ ᠣᠢᠷᠠᠬᠠᠨ ᠪᠠᠢᠭ᠎ᠠ ᠴᠤ᠌ ᠲᠡᠮᠦᠵᠢᠨ ᠭᠡᠷ ᠲᠦ᠍ ᠪᠡᠨ ᠪᠠᠢᠭ᠎ᠠ ᠦᠭᠡᠢ ᠶ᠋ᠢ ᠪᠢ ᠮᠡᠳᠡᠬᠦ ᠦᠭᠡᠢ᠂ ᠪᠢ ᠬᠣᠢᠲᠤ ᠭᠡᠷ ᠡᠴᠡ ᠭᠠᠷᠴᠤ ᠢᠷᠡᠭᠰᠡᠨ》 ᠭᠡᠪᠡ᠃ ᠭᠤᠷᠪᠠᠨ ᠮᠡᠷᠭᠢᠳ ᠦ᠋ᠳ ᠳᠠᠪᠬᠢᠭᠠᠳ ᠶᠠᠪᠤᠴᠢᠬᠠᠪᠠ᠃ᠬᠤᠸᠠᠭ᠍ᠴᠢᠨ ᠡᠮᠡᠭᠡᠨ ᠪᠥᠭᠡᠷ᠎ᠡ ᠠᠯᠠᠭ ᠦᠬᠡᠷ ᠢ᠋ᠶ᠋ᠡᠨ ᠭᠤᠶᠠᠳᠠᠵᠤ ᠶᠠᠭᠠᠷᠠᠪᠴᠢᠯᠠᠨ ᠶᠠᠪᠤᠬᠤ ᠭᠡᠲᠡᠯ᠎ᠡ ᠲᠡᠷᠭᠡᠨ ᠦ᠌ ᠲᠡᠩᠭᠡᠯᠢᠭ ᠨᠢ ᠬᠤᠭᠤᠷᠠᠪᠠ᠃ ᠲᠡᠩᠭᠡᠯᠢᠭ ᠬᠤᠭᠤᠷᠠᠭᠰᠠᠨ ᠤᠴᠢᠷ ᠶᠠᠪᠠᠭᠠᠨ ᠢ᠋ᠶ᠋ᠠᠷ ᠵᠢᠭᠤᠲᠠᠶ᠎ᠠ ᠭᠡᠵᠦ ᠪᠠᠢᠲᠠᠯ᠎ᠠ ᠬᠣᠢᠨ᠎ᠠ ᠠ᠋ᠴᠠ ᠨᠢ ᠮᠡᠷᠭᠢᠳ ᠦ᠋ᠳ ᠪᠡᠯᠭᠦᠳᠡᠢ ᠶ᠋ᠢᠨ ᠡᠬᠡ ᠶ᠋ᠢ ᠰᠤᠨᠳᠠᠯᠠᠵᠤ᠂ ᠬᠣᠶᠠᠷ ᠬᠥᠯ ᠢ᠋ ᠨᠢ ᠰᠠᠨᠵᠢᠭᠢᠨᠠᠭᠤᠯᠤᠨ ᠳᠠᠪᠬᠢᠵᠤ ᠢᠷᠡᠭᠡᠳ᠄《ᠡᠨᠡ ᠲᠡᠷᠭᠡᠨ ᠳᠣᠲᠣᠷ᠎ᠠ ᠶᠠᠭᠤ ᠪᠠᠢᠨ᠎ᠠ?》 ᠭᠡᠵᠦ ᠬᠤᠸᠠᠭ᠍ᠴᠢᠨ ᠡᠮᠡᠭᠡᠨ ᠡᠴᠡ ᠠᠰᠠᠭᠤᠪᠠ᠃《ᠤᠩᠭᠠᠰᠤ ᠪᠠᠢᠭ᠎ᠠ》 ᠭᠡᠪᠡ᠃ ᠮᠡᠷᠭᠢᠳ ᠦ᠋ᠳ ᠦ᠋ᠨ ᠠᠬᠠᠮᠠᠳ ᠨᠢ᠄《ᠲᠡᠷᠡ ᠲᠡᠷᠭᠡ ᠶ᠋ᠢ ᠰᠢᠯᠭ᠎ᠠ!》 ᠭᠡᠵᠦ ᠴᠡᠷᠢᠭ ᠦ᠋ᠳ ᠲᠦ᠍ ᠪᠡᠨ ᠲᠤᠰᠢᠶᠠᠵᠤ ᠥᠭᠪᠡ᠃ ᠲᠡᠭᠡᠭᠡᠳ ᠴᠡᠷᠢᠭ ᠦ᠋ᠳ ᠬᠠᠭᠠᠯᠲᠠᠲᠠᠢ ᠲᠡᠷᠭᠡᠨ ᠦ᠌ ᠬᠠᠭᠠᠯᠭ᠎ᠠ ᠶ᠋ᠢ ᠨᠡᠭᠡᠭᠡᠭᠰᠡᠨ ᠳ᠋ᠦ᠍ ᠳᠣᠲᠣᠷ᠎ᠠ ᠨᠢ ᠬᠠᠲᠤᠨ ᠪᠣᠯᠪᠠ ᠤᠤ ᠭᠡᠮᠡᠷ ᠴᠢᠷᠠᠢ ᠵᠢᠰᠦ ᠭᠤᠸ᠎ᠠ ᠰᠠᠢᠬᠠᠨ ᠵᠠᠯᠠᠭᠤᠬᠠᠨ ᠪᠦᠰᠡᠭᠦᠢ ᠰᠠᠭᠤᠵᠤ ᠪᠠᠢᠨ᠎ᠠ᠃ ᠴᠡᠷᠢᠭ ᠦ᠋ᠳ ᠲᠡᠭᠦᠨ ᠢ᠋ ᠲᠡᠷᠭᠡᠨ ᠡᠴᠡ ᠴᠢᠷᠴᠦ ᠭᠠᠷᠭᠠᠪᠠ᠃
ᠦᠰᠦᠭ ᠠᠮᠢᠯᠠᠭᠤᠯᠤᠭᠰᠠᠨ ᠨᠢ᠄ ᠮᠥᠩᠭᠦᠨᠴᠡᠴᠡᠭ
ᠦᠰᠦᠭ ᠬᠠᠲᠠᠭᠰᠠᠨ ᠨᠢ᠄ ᠮᠥᠩᠭᠦᠨᠴᠡᠴᠡᠭ
ᠬᠢᠨᠠᠭᠴᠢ ᠪᠠᠭᠰᠢ ᠨᠢ᠄ ᠮᠥᠴᠢᠷ᠂ ᠢᠷᠡᠭᠡᠳᠦᠢ
