ᠲᠡᠮᠦᠵᠢᠨ02-ᠲᠡᠮᠦᠵᠢᠨ ᠢᠳᠡᠷ ᠨᠠᠰᠤТэмүүжин идэр нас 2- дугаар анги
ᠲᠡᠮᠦᠵᠢᠨ ᠢᠳᠡᠷ ᠨᠠᠰᠤ
(ᠬᠣᠶᠠᠳᠤᠭᠠᠷ ᠪᠦᠯᠦᠭ)
ᠲᠡᠮᠦᠵᠢᠨ ᠶᠠᠪᠤᠨ ᠶᠠᠪᠤᠭᠰᠠᠭᠠᠷ ᠪᠠᠳᠠᠷ ᠬᠤᠰᠢᠭᠤᠨ ᠤ᠋ ᠬᠣᠷᠴᠤᠬᠤᠢ ᠪᠣᠯᠳᠣᠭ ᠭᠡᠳᠡᠭ ᠭᠠᠵᠠᠷ ᠲᠤ᠌ ᠬᠦᠷᠴᠦ ᠪᠡᠯᠪᠡᠰᠦᠨ ᠡᠬᠡ ᠥᠨᠥᠴᠢᠨ ᠳᠡᠭᠦᠦ ᠨᠠᠷ ᠲᠠᠢ ᠪᠠᠨ ᠠᠭᠤᠯᠵᠠᠪᠠ᠃ ᠲᠡᠳᠡ ᠲᠡᠨᠳᠡ ᠡᠴᠡ ᠰᠡᠩᠭᠦᠷ ᠭᠣᠷᠣᠬᠠᠨ ᠤ᠋ ᠬᠠᠷ᠎ᠠ ᠵᠢᠷᠦᠬᠡᠨ ᠦ᠌ ᠬᠥᠬᠡ ᠨᠠᠭᠤᠷ ᠭᠡᠳᠡᠭ ᠭᠠᠵᠠᠷ ᠣᠴᠢᠵᠤ ᠨᠤᠲᠤᠭᠯᠠᠭᠠᠳ ᠲᠠᠷᠪᠠᠭ᠎ᠠ ᠵᠤᠷᠠᠮ᠎ᠠ ᠠᠯᠠᠵᠤ ᠢᠳᠡᠨ ᠠᠵᠠ ᠵᠢᠷᠭᠠᠯ ᠲᠠᠢ ᠠᠮᠢᠳᠤᠷᠠᠨ ᠰᠠᠭᠤᠵᠤ ᠪᠠᠢᠪᠠ᠃
ᠨᠢᠭᠡᠨ ᠡᠳᠦᠷ ᠭᠡᠷ ᠦ᠋ᠨ ᠬᠠᠵᠠᠭᠤ ᠳ᠋ᠤ᠌ ᠡᠷᠬᠡᠯᠡᠨ ᠲᠣᠭᠯᠠᠩᠬᠠᠨ ᠨᠡᠷᠡᠯᠡᠵᠦ ᠪᠣᠢ ᠨᠠᠢ᠍ᠮᠠᠨ ᠰᠢᠷᠭ᠎ᠠ ᠠᠭᠲᠠ ᠬᠦᠯᠦᠭ ᠢ᠋ ᠨᠢ ᠳᠡᠭᠡᠷᠡᠮᠴᠢᠳ ᠢᠷᠡᠵᠦ ᠨᠢᠳᠦᠨ ᠦ᠌ ᠬᠢᠨᠢ ᠡᠮᠦᠨ᠎ᠡ ᠳᠡᠭᠡᠷᠡᠮᠳᠡᠵᠦ ᠣᠷᠬᠢᠪᠠ᠃ ᠲᠡᠮᠦᠵᠢᠨ ᠦ᠌ ᠭᠡᠷ ᠪᠦᠯᠢ ᠳ᠋ᠦ᠍ ᠨᠠᠢ᠍ᠮᠠᠨ ᠰᠢᠷᠭ᠎ᠠ ᠠᠭᠲᠠᠨ ᠠ᠋ᠴᠠ ᠭᠠᠳᠠᠨ᠎ᠠ ᠣᠨᠣᠯᠭ᠎ᠠ ᠶ᠋ᠢᠨ ᠭᠠᠭᠴᠠ ᠮᠣᠷᠢ ᠲᠠᠢ ᠪᠥᠭᠡᠳ ᠲᠡᠭᠦᠨ ᠢ᠋ ᠨᠢ ᠪᠡᠯᠭᠦᠳᠡᠢ ᠤᠨᠤᠭᠠᠳ ᠲᠠᠷᠪᠠᠭ᠎ᠠ ᠠᠩᠨᠠᠬᠤ ᠪᠠᠷ ᠶᠠᠪᠤᠭᠰᠠᠨ ᠪᠠᠢᠪᠠ᠃ ᠲᠡᠮᠦᠵᠢᠨ ᠳᠡᠭᠡᠷᠡᠮᠴᠢᠳ ᠦ᠋ᠨ ᠵᠦᠭ ᠬᠥᠮᠥᠰᠬᠡ ᠪᠡᠨ ᠵᠠᠩᠭᠢᠳᠤᠨ ᠴᠣᠭᠣ ᠰᠢᠷᠲᠡᠭᠡᠳ ᠠᠭᠲᠠ ᠠᠷᠠᠭ᠎ᠠ ᠪᠠᠨ ᠪᠤᠲᠠᠷᠠᠵᠤ ᠤᠨᠠᠲᠠᠯ᠎ᠠ ᠰᠢᠲᠦ ᠵᠠᠭᠤᠨ《ᠪᠢ ᠲᠠ ᠨᠠᠷ ᠢ᠋ ᠵᠠᠪᠠᠯ ᠪᠠᠷᠢᠵᠤ ᠠᠪᠤᠨ᠎ᠠ》ᠭᠡᠵᠦ ᠥᠪᠡᠷᠲᠡᠭᠡᠨ ᠠᠮᠠᠯᠠᠪᠠ᠃ ᠣᠷᠣᠢ ᠨᠠᠷᠠ ᠵᠢᠷᠭᠠᠬᠤ ᠦᠶ᠎ᠡ ᠳ᠋ᠦ᠍ ᠪᠡᠯᠭᠦᠳᠡᠢ ᠮᠣᠷᠢᠨ ᠳ᠋ᠤ᠌ ᠪᠠᠨ ᠳᠠᠭᠠᠭᠠᠵᠤ ᠶᠠᠳᠠᠨ ᠲᠠᠷᠪᠠᠭ᠎ᠠ ᠨᠤᠭᠤᠳ ᠢ᠋ ᠠᠴᠢᠨ ᠶᠠᠪᠠᠭᠠᠨ ᠬᠥᠲᠥᠯᠦᠭᠡᠳ ᠢᠷᠡᠵᠦ ᠪᠣᠢ ᠬᠠᠷᠠᠭᠳᠠᠪᠠ᠃ ᠲᠡᠮᠦᠵᠢᠨ ᠭᠦᠶᠦᠨ ᠣᠴᠢᠭᠠᠳ ᠪᠡᠯᠭᠦᠳᠡᠢ ᠡᠴᠡ ᠮᠣᠷᠢᠨ ᠤ᠋ ᠵᠢᠯᠣᠭᠣ ᠶ᠋ᠢ ᠰᠢᠭᠦᠷᠡᠵᠦ ᠠᠪᠤᠭᠠᠳ ᠲᠠᠷᠪᠠᠭ᠎ᠠ ᠨᠤᠭᠤᠳ ᠢ᠋ ᠪᠠᠭᠤᠯᠭᠠᠭᠠᠳ ᠳᠡᠭᠡᠷᠡᠮᠴᠢᠳ ᠦ᠋ᠨ ᠠᠷᠤ ᠠ᠋ᠴᠠ ᠬᠠᠷ᠎ᠠ ᠡᠷᠴᠢ ᠪᠡᠷ ᠢ᠋ᠶ᠋ᠡᠨ ᠳᠠᠪᠬᠢᠨ ᠣᠳᠪᠠ᠃
ᠲᠡᠮᠦᠵᠢᠨ ᠭᠤᠷᠪᠠ ᠬᠣᠨᠣᠭ ᠶᠠᠪᠤᠭᠠᠳ ᠮᠠᠰᠢ ᠶᠡᠬᠡ ᠶᠠᠳᠠᠷᠠᠭᠰᠠᠨ ᠲᠤᠯᠠ《ᠨᠠᠷᠠ ᠰᠢᠩᠭᠡᠵᠦ ᠬᠠᠷᠤᠢ ᠪᠦᠷᠦᠢ ᠪᠣᠯᠤᠯ᠎ᠠ᠃ ᠮᠠᠷᠭᠠᠰᠢ ᠬᠥᠭᠡᠭᠡᠶ᠎ᠡ》 ᠭᠡᠵᠦ ᠪᠣᠳᠣᠭᠠᠳ ᠮᠣᠷᠢᠨ ᠠ᠋ᠴᠠ ᠪᠠᠨ ᠪᠠᠭᠤᠨ ᠡᠮᠡᠭᠡᠯ ᠢ᠋ᠶ᠋ᠡᠨ ᠳᠡᠷᠡᠯᠡᠨ ᠬᠡᠰᠡᠭ ᠵᠡᠭᠦᠷᠮᠡᠭᠯᠡᠪᠡ᠃ ᠭᠡᠲᠡᠯ᠎ᠡ ᠲᠡᠭᠦᠨ ᠦ᠌ ᠳᠤᠬᠤᠨ ᠳᠡᠭᠡᠷ᠎ᠡ ᠨᠢᠭᠡᠨ ᠬᠥᠮᠦᠨ ᠵᠥᠭᠡᠯᠡᠨ ᠢ᠋ᠶ᠋ᠡᠷ ᠦᠨᠦᠰᠪᠡ᠃ ᠲᠡᠮᠦᠵᠢᠨ ᠮᠠᠰᠢ ᠶᠡᠬᠡ ᠰᠠᠨᠳᠤᠷᠤᠭᠠᠳ ᠪᠣᠰᠤᠨ ᠬᠠᠷᠠᠲᠠᠯ᠎ᠠ ᠡᠮᠡᠭᠡᠯ ᠦ᠋ᠨ ᠬᠢᠨᠢ ᠳᠡᠷᠭᠡᠳᠡ ᠲᠡᠭᠦᠨ ᠦ᠌ ᠨᠠᠰᠤ ᠪᠠᠷᠠᠭᠰᠠᠨ ᠡᠴᠢᠭᠡ ᠨᠢ ᠰᠠᠭᠤᠵᠤ ᠪᠠᠢᠪᠠ᠃ ᠲᠡᠮᠦᠵᠢᠨ᠄《ᠠᠪᠤ ᠠ᠋᠂ ᠠᠪᠤ ᠠ᠋!》 ᠭᠡᠳ ᠮᠠᠰᠢ ᠴᠢᠩᠭ᠎ᠠ ᠪᠠᠷ ᠲᠤᠷᠬᠢᠷᠠᠨ ᠤᠬᠢᠯᠠᠭᠠᠳ ᠲᠡᠪᠡᠷᠢᠭᠡᠳ ᠠᠪᠤᠪᠠ᠃ ᠶᠢᠰᠦᠭᠡᠢ ᠪᠠᠭᠠᠲᠤᠷ᠄《ᠮᠢᠨᠦ ᠬᠦᠦ ᠶᠠᠳᠠᠷᠠᠵᠤ ᠶᠠᠪᠤᠨ᠎ᠠ ᠤᠤ ᠳᠠ? ᠲᠠ ᠨᠠᠷ ᠢ᠋ ᠪᠡᠨ ᠡᠷᠲᠡ ᠣᠷᠬᠢᠭᠠᠳ ᠶᠠᠪᠤᠭᠰᠠᠨ ᠳ᠋ᠤ᠌ ᠠᠭᠤᠴᠢᠯᠠᠭᠠᠷᠠᠢ!》 ᠭᠡᠳ ᠲᠡᠮᠦᠵᠢᠨ ᠦ᠌ ᠲᠣᠯᠣᠭᠠᠢ ᠶ᠋ᠢ ᠵᠥᠭᠡᠯᠡᠨ ᠢᠯᠢᠭᠡᠳ᠄《ᠮᠢᠨᠦ ᠬᠦᠦ ᠬᠠᠢᠭᠰᠠᠨ ᠵᠦᠢᠯ ᠢ᠋ᠶ᠋ᠡᠨ ᠣᠯᠤᠨ᠎ᠠ ᠠ᠋!》 ᠲᠡᠮᠦᠵᠢᠨ ᠶᠠᠭᠤ ᠴᠤ᠌ ᠬᠡᠯᠡᠵᠦ ᠴᠢᠳᠠᠬᠤ ᠦᠭᠡᠢ ᠠᠪᠤ ᠶ᠋ᠢ ᠪᠡᠨ ᠲᠡᠪᠡᠷᠢᠭᠡᠳ ᠤᠬᠢᠯᠠᠭᠠᠳ ᠯᠠ ᠪᠠᠢᠪᠠ᠃ ᠶᠢᠰᠦᠭᠡᠢ ᠪᠠᠭᠠᠲᠤᠷ᠄《ᠮᠢᠨᠦ ᠬᠦᠦ ᠵᠣᠷᠢᠭᠲᠠᠢ᠂ ᠤᠬᠠᠭᠠᠨᠲᠠᠢ ᠪᠠᠢᠭᠠᠷᠠᠢ! ᠰᠠᠯᠬᠢ ᠬᠡᠴᠢᠨᠡᠭᠡᠨ ᠬᠦᠴᠦᠲᠡᠢ ᠰᠠᠯᠬᠢᠯᠠᠭᠰᠠᠨ ᠴᠤ᠌ ᠠᠭᠤᠯᠠ ᠬᠡᠵᠢᠶ᠎ᠡ ᠴᠦ᠍ ᠪᠥᠬᠥᠢᠳᠡᠭ ᠦᠭᠡᠢ ᠶᠦᠮ ᠰᠢᠦ!》 ᠭᠡᠵᠦ ᠬᠡᠯᠡᠭᠡᠳ ᠶᠠᠪᠤᠭᠠᠳ ᠥᠭᠪᠡ᠃ ᠲᠡᠮᠦᠵᠢᠨ ᠬᠠᠰᠬᠢᠷᠤᠨ ᠰᠡᠷᠡᠲᠡᠯ᠎ᠡ ᠡᠨᠡ ᠪᠦᠬᠦᠨ ᠵᠡᠭᠦᠳᠦ ᠪᠠᠢᠪᠠ᠃
ᠥᠷᠯᠥᠭᠡ ᠪᠣᠯᠵᠤ ᠨᠠᠷᠠ ᠲᠡᠭᠷᠢ ᠳ᠋ᠦ᠍ ᠮᠠᠨᠳᠤᠨ ᠰᠢᠪᠠᠭᠤᠳ ᠵᠢᠷᠭᠢᠯᠳᠦᠭᠡᠳ ᠲᠡᠮᠦᠵᠢᠨ ᠦ᠌ ᠶᠠᠳᠠᠷᠠᠭᠰᠠᠨ ᠪᠡᠶ᠎ᠡ ᠨᠢ ᠲᠡᠩᠬᠡᠷᠡᠵᠦ ᠡᠷᠴᠢ ᠬᠦᠴᠦ ᠪᠡᠷ ᠳᠦᠭᠦᠷᠦᠭᠰᠡᠨ ᠪᠠᠢᠪᠠ᠃ ᠲᠡᠮᠦᠵᠢᠨ᠄《ᠥᠴᠥᠭᠡᠳᠦᠷ ᠰᠥᠨᠢ ᠠᠪᠤ ᠮᠢᠨᠢ ᠢᠷᠡᠭᠡᠳ ᠡᠷᠴᠢ ᠬᠦᠴᠦ ᠶ᠋ᠢ ᠮᠢᠨᠢ ᠰᠡᠯᠪᠢᠵᠦ ᠦᠭᠭᠡᠳ ᠶᠠᠪᠤᠯ᠎ᠠ᠃》 ᠭᠡᠮᠡᠨ ᠪᠣᠳᠣᠭᠠᠳ ᠰᠡᠳᠬᠢᠯ ᠵᠢᠷᠦᠬᠡ ᠨᠢ ᠪᠠᠶᠠᠷ ᠪᠠᠶᠠᠰᠤᠯ ᠢ᠋ᠶ᠋ᠠᠷ ᠳᠦᠭᠦᠷᠴᠦ ᠪᠢᠷ᠎ᠠ ᠴᠢᠳᠠᠯ ᠨᠢ ᠪᠡᠶ᠎ᠡ ᠶ᠋ᠢ ᠨᠢ ᠵᠠᠳᠠ ᠲᠠᠲᠠᠯᠠᠬᠤ ᠮᠡᠲᠦ ᠰᠠᠨᠠᠭᠳᠠᠪᠠ᠃ ᠲᠡᠮᠦᠵᠢᠨ ᠨᠠᠢ᠍ᠮᠠᠨ ᠰᠢᠷᠭ᠎ᠠ ᠶ᠋ᠢᠨ ᠢ᠋ᠶ᠋ᠡᠨ ᠠᠷᠤ ᠠ᠋ᠴᠠ ᠨᠡᠬᠡᠨ ᠶᠠᠪᠤᠪᠠ᠃ ᠭᠡᠲᠡᠯ᠎ᠡ ᠲᠡᠭᠦᠨ ᠦ᠌ ᠵᠠᠮ ᠳ᠋ᠤ᠌ ᠣᠯᠠᠨ ᠠᠳᠤᠭᠤᠨ ᠳᠤᠮᠳᠠ ᠨᠢᠭᠡᠨ ᠬᠥᠪᠡᠭᠦᠨ ᠭᠡᠭᠦᠦ ᠰᠠᠭᠠᠨ ᠰᠠᠭᠤᠵᠤ ᠬᠠᠷᠠᠭᠳᠠᠪᠠ᠃ ᠲᠡᠮᠦᠵᠢᠨ ᠲᠡᠭᠦᠨ ᠡᠴᠡ ᠮᠣᠷᠢᠳ ᠢ᠋ᠶ᠋ᠠᠨ ᠠᠰᠠᠭᠤᠲᠠᠯ᠎ᠠ ᠲᠡᠷᠡ ᠬᠥᠪᠡᠭᠦᠨ ᠡᠢᠨ ᠬᠡᠯᠡᠪᠡ᠃《ᠥᠷᠯᠥᠭᠡ ᠬᠡᠰᠡᠭ ᠬᠥᠮᠦᠰ ᠨᠠᠢ᠍ᠮᠠᠨ ᠰᠢᠷᠭ᠎ᠠ ᠠᠭᠲᠠ ᠶ᠋ᠢ ᠡᠭᠦᠪᠡᠷ ᠬᠥᠭᠡᠭᠡᠵᠦ ᠶᠠᠪᠤᠬᠤ ᠬᠠᠷᠠᠭᠳᠠᠭᠰᠠᠨ᠃ ᠮᠥᠷ ᠢ᠋ ᠨᠢ ᠪᠢ ᠵᠢᠭᠠᠵᠤ ᠥᠭᠭᠦᠶ᠎ᠡ!》 ᠭᠡᠳ ᠭᠡᠷ ᠲᠦ᠍ ᠪᠡᠨ ᠬᠠᠷᠢᠯ ᠦᠭᠡᠢ ᠬᠤᠪᠢᠩ ᠰᠢᠨᠠᠭ᠎ᠠ ᠪᠠᠨ ᠪᠣᠭᠣᠵᠤ ᠲᠠᠯᠪᠢᠭᠠᠳ ᠶᠠᠪᠤᠪᠠ᠃ ᠲᠡᠷᠡ ᠬᠥᠪᠡᠭᠦᠨ ᠲᠡᠮᠦᠵᠢᠨ ᠳ᠋ᠦ᠍᠄《ᠴᠢ ᠶᠡᠬᠡ ᠪᠤᠬᠢᠨᠢᠳᠤᠭᠤ ᠶᠠᠪᠤᠨ᠎ᠠ ᠳᠠ! ᠡᠷ᠎ᠡ ᠤᠯᠤᠰ ᠤ᠋ᠨ ᠵᠣᠪᠠᠯᠠᠩ ᠠᠳᠠᠯᠢᠬᠠᠨ᠂ ᠪᠢ ᠴᠢᠮ᠎ᠠ ᠳ᠋ᠤ᠌ ᠲᠤᠰᠠᠯᠠᠶ᠎ᠠ! ᠮᠢᠨᠦ ᠡᠴᠢᠭᠡ ᠶ᠋ᠢ〈ᠨᠠᠬᠤ ᠪᠠᠶᠠᠨ〉ᠭᠡᠳᠡᠭ᠃ ᠪᠢ ᠲᠡᠭᠦᠨ ᠦ᠌ ᠭᠠᠭᠴᠠ ᠬᠥᠪᠡᠭᠦᠨ—— ᠪᠣᠭᠣᠷᠴᠤ ᠭᠡᠳᠡᠭ》 ᠭᠡᠪᠡ᠃
ᠲᠡᠮᠦᠵᠢᠨ ᠡᠢᠨ ᠬᠦ᠌ ᠪᠣᠭᠣᠷᠴᠤ ᠲᠠᠢ ᠲᠠᠨᠢᠯᠴᠠᠭᠠᠳ ᠲᠡᠷᠡ ᠬᠣᠶᠠᠷ ᠮᠣᠷᠢ ᠪᠠᠨ ᠤᠨᠤᠨ ᠰᠢᠷᠭ᠎ᠠ ᠮᠣᠷᠢᠳ ᠤ᠋ᠨ ᠠᠷᠤ ᠠ᠋ᠴᠠ ᠮᠥᠷ ᠢ᠋ᠶ᠋ᠡᠷ ᠨᠢ ᠮᠥᠰᠬᠢᠵᠦ ᠭᠤᠷᠪᠠ ᠬᠣᠨᠣᠭ ᠤ᠋ᠨ ᠲᠤᠷᠰᠢ ᠶᠠᠪᠤᠯ᠎ᠠ᠃ ᠲᠡᠳᠡ ᠶᠠᠪᠤᠭᠰᠠᠭᠠᠷ ᠨᠢᠭᠡ ᠬᠦᠷᠢᠶ᠎ᠡ ᠢᠷᠭᠡᠨ ᠳ᠋ᠦ᠍ ᠬᠦᠷᠪᠡᠯ ᠨᠠᠢ᠍ᠮᠠᠨ ᠰᠢᠷᠭ᠎ᠠ ᠮᠣᠷᠢ ᠨᠢ ᠲᠡᠨᠳᠡ ᠡᠪᠡᠰᠦ ᠢᠳᠡᠵᠦ ᠪᠣᠢ ᠬᠠᠷᠠᠭᠳᠠᠪᠠ᠃ ᠲᠡᠮᠦᠵᠢᠨ᠄《ᠪᠣᠭᠣᠷᠴᠤ ᠴᠢ ᠡᠨᠳᠡ ᠪᠡᠨ ᠬᠦᠯᠢᠶᠡᠵᠦ ᠪᠠᠢ᠂ ᠪᠢ ᠮᠣᠷᠢ ᠳ᠋ᠤ᠌ ᠪᠠᠨ ᠶᠠᠪᠤᠭᠠᠳ ᠪᠤᠭᠯᠠᠭᠠᠳ ᠠᠪᠤᠭᠠᠳ ᠢᠷᠡᠶ᠎ᠡ!》 ᠭᠡᠲᠡᠯ᠎ᠡ ᠪᠣᠭᠣᠷᠴᠤ᠄《ᠡᠷ᠎ᠡ ᠤᠯᠤᠰ ᠵᠠᠮ ᠤ᠋ᠨ ᠳᠤᠮᠳᠠ ᠨᠥᠬᠥᠷ ᠢ᠋ᠶ᠋ᠡᠨ ᠬᠠᠶᠠᠳᠠᠭ ᠦᠭᠡᠢ ᠶᠦᠮ ᠠ᠋! ᠬᠠᠮᠲᠤ ᠶᠠᠪᠤᠶ᠎ᠠ!》 ᠭᠡᠳ ᠲᠡᠷᠡ ᠬᠣᠶᠠᠷ ᠬᠠᠮᠲᠤ ᠳᠣᠪᠲᠣᠯᠵᠤ ᠣᠷᠣᠭᠠᠳ ᠰᠢᠷᠭ᠎ᠠ ᠮᠣᠷᠢᠳ ᠢ᠋ ᠬᠥᠭᠡᠭᠡᠨ ᠭᠠᠷᠭᠠᠬᠤ ᠭᠡᠲᠡᠯ᠎ᠡ ᠮᠣᠷᠢᠳ ᠤ᠋ᠨ ᠴᠠᠭᠠᠨ᠎ᠠ ᠬᠡᠰᠡᠭ ᠳᠡᠭᠡᠷᠡᠮᠴᠢᠳ ᠳᠡᠰ ᠳᠡᠰ ᠢᠨᠢᠶᠡᠯᠳᠦᠨ ᠭᠠᠯ ᠲᠣᠭᠣᠷᠢᠨ ᠬᠢᠲᠤᠭ᠎ᠠ ᠢᠷᠯᠡᠨ ᠮᠢᠬ᠎ᠠ ᠢᠳᠡᠭᠡᠳ ᠰᠠᠭᠤᠵᠤ ᠪᠠᠢᠪᠠ᠃ ᠲᠡᠷᠡ ᠬᠣᠶᠠᠷ ᠲᠡᠳᠡᠨ ᠢ᠋ ᠣᠷᠣᠲᠠᠯ᠎ᠠ ᠬᠦᠯᠢᠶᠡᠵᠦ ᠪᠠᠢᠭᠠᠳ ᠤᠨᠲᠠᠭᠰᠠᠨ ᠬᠣᠢᠭᠤᠷ ᠮᠣᠷᠢᠳ ᠢ᠋ᠶ᠋ᠠᠨ ᠠᠪᠤᠭᠠᠳ ᠵᠢᠭᠤᠲᠠᠪᠠ᠃ ᠬᠣᠢᠨ᠎ᠠ ᠠ᠋ᠴᠠ ᠨᠢ ᠳᠡᠭᠡᠷᠡᠮᠴᠢᠳ ᠬᠥᠭᠡᠭᠡᠵᠦ ᠡᠬᠢᠯᠡᠪᠡ᠃ ᠲᠡᠳᠡᠨ ᠦ᠌ ᠳᠣᠲᠣᠷ᠎ᠠ ᠠ᠋ᠴᠠ ᠨᠢᠭᠡᠨ ᠴᠠᠭᠠᠨ ᠮᠣᠷᠢᠲᠠᠢ ᠳᠡᠭᠡᠷᠡᠮᠴᠢᠨ ᠰᠡᠯᠡᠮ᠎ᠡ ᠪᠡᠨ ᠳᠠᠯᠠᠢᠨ ᠪᠠᠷᠢᠵᠤ ᠭᠠᠭᠴᠠᠭᠠᠷ ᠭᠦᠢᠴᠡᠵᠦ ᠢᠷᠡᠬᠦ ᠳ᠋ᠦ᠍ ᠪᠣᠭᠣᠷᠴᠤ᠄《ᠴᠢ ᠨᠤᠮᠤ ᠰᠤᠮᠤ ᠪᠠᠨ ᠨᠠᠳᠠ ᠳ᠋ᠤ᠌ ᠥᠭᠭᠦᠭᠡᠴᠢ! ᠪᠢ ᠲᠡᠳᠡᠨ ᠤᠷᠤᠭᠤ ᠬᠠᠷᠪᠤᠶ᠎ᠠ!》 ᠲᠡᠮᠦᠵᠢᠨ᠄《ᠰᠢᠯᠢ ᠶ᠋ᠢᠨ ᠰᠠᠢᠨ ᠡᠷᠡᠰ ᠥᠪᠡᠷ ᠦ᠋ᠨ ᠢ᠋ᠶ᠋ᠡᠨ ᠡᠮᠦᠨ᠎ᠡ ᠡᠴᠡ ᠨᠥᠬᠥᠷ ᠢ᠋ᠶ᠋ᠡᠨ ᠰᠣᠯᠢᠳᠠᠭ ᠦᠭᠡᠢ ᠶᠦᠮ᠃》 ᠭᠡᠳ ᠮᠣᠷᠢᠨ ᠳᠡᠭᠡᠷ᠎ᠡ ᠡᠴᠡ ᠡᠷᠭᠢᠵᠦ ᠬᠠᠷᠠᠭᠠᠳ ᠴᠠᠭᠠᠨ ᠮᠣᠷᠢᠲᠠᠢ ᠳᠡᠭᠡᠷᠡᠮᠴᠢᠨ ᠳ᠋ᠦ᠍ ᠬᠠᠨᠳᠤᠨ᠄《ᠬᠣᠢᠲᠤ ᠨᠠᠰᠤᠨ ᠳ᠋ᠤ᠌ ᠪᠠᠨ ᠠᠭᠤᠯᠵᠠᠶ᠎ᠠ!》 ᠭᠡᠳ ᠲᠣᠯᠣᠭᠠᠢ ᠶ᠋ᠢ ᠨᠢ ᠲᠠᠰᠤ ᠬᠠᠷᠪᠤᠪᠠ᠃ ᠡᠨᠡ ᠦᠶ᠎ᠡ ᠳ᠋ᠦ᠍ ᠨᠠᠷᠠ ᠠᠭᠤᠯᠠ ᠶ᠋ᠢᠨ ᠴᠠᠭᠠᠭᠤᠷ ᠣᠷᠣᠨ ᠬᠠᠷᠠᠩᠭᠤᠢ ᠪᠣᠯᠤᠭᠰᠠᠨ ᠲᠤᠯᠠ ᠳᠡᠭᠡᠷᠡᠮᠴᠢᠳ ᠠᠷᠤ ᠠ᠋ᠴᠠ ᠨᠢ ᠬᠥᠭᠡᠭᠡᠬᠦ ᠪᠡᠨ ᠪᠣᠯᠢᠪᠠ᠃
ᠲᠡᠮᠦᠵᠢᠨ ᠪᠣᠭᠣᠷᠴᠤ ᠬᠣᠶᠠᠷ ᠮᠣᠷᠢᠳ ᠢ᠋ᠶ᠋ᠠᠨ ᠠᠪᠤᠭᠠᠳ ᠭᠤᠷᠪᠠᠨ ᠡᠳᠦᠷ ᠭᠤᠷᠪᠠᠨ ᠰᠥᠨᠢ ᠶᠠᠪᠤᠭᠠᠳ ᠪᠣᠭᠣᠷᠴᠤ ᠶ᠋ᠢᠨ ᠭᠡᠷ ᠦ᠋ᠨ ᠭᠠᠳᠠᠭ᠎ᠠ ᠢᠷᠡᠪᠡᠢ᠃ ᠲᠡᠮᠦᠵᠢᠨ᠄《ᠵᠠ᠂ ᠨᠠᠢᠵᠠ ᠮᠢᠨᠢ! ᠪᠢ ᠴᠢᠨᠦ ᠲᠤᠰᠠᠯᠠᠮᠵᠢ ᠦᠭᠡᠢ ᠪᠡᠷ ᠮᠣᠷᠢᠳ ᠢ᠋ᠶ᠋ᠠᠨ ᠣᠯᠵᠤ ᠠᠪᠴᠤ ᠴᠢᠳᠠᠬᠤ ᠦᠭᠡᠢ ᠪᠠᠢᠯ᠎ᠠ᠃ ᠲᠡᠢᠮᠦ ᠡᠴᠡ ᠬᠣᠶᠠᠭᠤᠯᠠ ᠪᠠᠨ ᠨᠣᠶᠠᠨ ᠨᠢᠷᠤᠭᠤ ᠲᠠᠢ ᠡᠷ᠎ᠡ ᠤᠯᠤᠰ ᠤ᠋ᠳ ᠪᠠᠢᠨ᠎ᠠ ᠳᠠ! ᠨᠠᠢ᠍ᠮᠠᠨ ᠰᠢᠷᠭ᠎ᠠ ᠠᠭᠲᠠ ᠮᠣᠷᠢᠳ ᠢ᠋ᠶ᠋ᠠᠨ ᠲᠡᠩᠴᠡᠭᠦᠦ ᠬᠤᠪᠢᠶᠠᠭᠠᠳ ᠠᠪᠤᠶ᠎ᠠ!》 ᠭᠡᠲᠡᠯ᠎ᠡ ᠪᠣᠭᠣᠷᠴᠤ᠄《ᠪᠢ ᠴᠢᠮ᠎ᠠ ᠶ᠋ᠢ ᠠᠩᠬ᠎ᠠ ᠬᠠᠷᠠᠭᠠᠳ ᠡᠨᠡ ᠵᠠᠯᠠᠭᠤ ᠨᠡᠯᠢᠶᠡᠳ ᠬᠦᠨᠳᠦᠬᠡᠨ ᠶᠠᠪᠤᠵᠤ ᠪᠠᠢᠨ᠎ᠠ ᠳᠠ ᠭᠡᠵᠦ ᠪᠣᠳᠣᠭᠰᠠᠨ᠂ ᠠᠳᠠᠯᠢᠬᠠᠨ ᠡᠷ᠎ᠡ ᠤᠯᠤᠰ ᠪᠠᠢᠨ᠎ᠠ᠂ ᠪᠡᠶ᠎ᠡ ᠪᠡᠶ᠎ᠡ ᠳ᠋ᠦ᠍ ᠪᠡᠨ ᠲᠤᠰᠠᠯᠠᠶ᠎ᠠ ᠯᠠ ᠭᠡᠵᠦ ᠪᠣᠳᠣᠭᠰᠠᠨ ᠶᠤᠮ᠃ ᠰᠢᠷ᠎ᠠ ᠬᠠᠷᠠᠮᠵᠢ ᠬᠠᠷᠠᠭ᠎ᠠ ᠦᠭᠡᠢ ᠰᠢᠦ! ᠮᠢᠨᠦ ᠡᠴᠢᠭᠡ ᠶ᠋ᠢ〈ᠨᠠᠬᠤ ᠪᠠᠶᠠᠨ〉 ᠭᠡᠳᠡᠭ᠃ ᠮᠢᠨᠦ ᠡᠴᠢᠭᠡ ᠶ᠋ᠢᠨ ᠬᠤᠷᠢᠶᠠᠭᠰᠠᠨ ᠬᠥᠷᠥᠩᠭᠡ ᠨᠠᠳᠠ ᠳ᠋ᠤ᠌ ᠡᠯᠪᠡᠭ ᠬᠦᠷᠦᠨ᠎ᠡ ᠠ᠋!》 ᠭᠡᠳ ᠠᠪᠤᠭᠰᠠᠨ ᠦᠭᠡᠢ᠃
ᠲᠡᠭᠡᠭᠡᠳ ᠲᠡᠷᠡ ᠬᠣᠶᠠᠷ ᠪᠣᠭᠣᠷᠴᠤ ᠶ᠋ᠢᠨ ᠭᠡᠷ ᠲᠦ᠍ ᠢᠷᠡᠬᠦ ᠳ᠋ᠦ᠍ ᠲᠡᠭᠦᠨ ᠦ᠌ ᠡᠴᠢᠭᠡ ᠡᠬᠡ ᠬᠣᠶᠠᠷ ᠨᠢ ᠬᠠᠢᠷᠠᠲᠠᠢ ᠭᠠᠭᠴᠠ ᠬᠦᠦ ᠪᠡᠨ ᠠᠯᠠᠭ᠎ᠠ ᠪᠣᠯᠴᠢᠬᠠᠯ᠎ᠠ ᠭᠡᠳ ᠬᠠᠢᠭᠠᠳ ᠨᠢᠰᠦ ᠨᠢᠯᠪᠤᠰᠤ ᠪᠣᠯᠴᠢᠬᠠᠭᠰᠠᠨ ᠰᠠᠭᠤᠵᠤ ᠪᠠᠢᠪᠠ᠃ ᠲᠡᠭᠡᠭᠡᠳ ᠪᠣᠭᠣᠷᠴᠤ ᠶᠠᠭᠤ ᠪᠣᠯᠤᠭᠰᠠᠨ ᠢ᠋ᠶ᠋ᠠᠨ ᠡᠴᠢᠭᠡ ᠡᠬᠡ ᠳ᠋ᠦ᠍ ᠪᠡᠨ ᠬᠡᠯᠡᠨ ᠣᠢᠯᠠᠭᠠᠭᠤᠯᠪᠠ᠃ ᠪᠣᠭᠣᠷᠴᠤ ᠶ᠋ᠢᠨ ᠡᠴᠢᠭᠡ ᠡᠬᠡ ᠲᠡᠮᠦᠵᠢᠨ ᠳ᠋ᠦ᠍ ᠵᠠᠮ ᠳ᠋ᠤ᠌ ᠢᠳᠡᠬᠦ ᠬᠦᠨᠡᠰᠦ ᠬᠣᠭᠣᠯᠠ ᠶ᠋ᠢ ᠨᠢ ᠪᠡᠯᠡᠳᠴᠦ ᠥᠭᠭᠦᠭᠡᠳ᠄《ᠬᠦᠦ ᠡᠴᠡ ᠮᠢᠨᠢ ᠢᠯᠭᠠᠭ᠎ᠠ ᠶᠠᠭᠤ ᠪᠠᠢᠬᠤᠪ ᠳᠠ! ᠵᠠᠮ ᠳ᠋ᠤ᠌ ᠪᠠᠨ ᠰᠠᠢᠨ ᠶᠠᠪᠤᠭᠠᠳ ᠭᠡᠷ ᠲᠦ᠍ ᠪᠡᠨ ᠭᠥᠷᠥᠭᠡᠷᠡᠢ! ᠡᠬᠡ᠂ ᠳᠡᠭᠦᠦ ᠨᠠᠷ ᠴᠢᠨᠢ ᠰᠠᠨᠠᠭ᠎ᠠ ᠵᠣᠪᠠᠵᠤ ᠰᠠᠭᠤᠭ᠎ᠠ ᠪᠠᠢᠬᠤ᠂ ᠲᠠ ᠬᠣᠶᠠᠷ ᠡᠭᠦᠨ ᠡᠴᠡ ᠬᠣᠢᠰᠢ ᠰᠠᠢᠬᠠᠨ ᠨᠥᠬᠥᠷᠯᠡᠵᠦ ᠪᠡᠶ᠎ᠡ ᠪᠡᠶ᠎ᠡ ᠳ᠋ᠦ᠍ ᠪᠡᠨ ᠥᠮᠥᠭ ᠲᠦᠰᠢᠭ ᠪᠣᠯᠵᠤ ᠶᠠᠪᠤᠭᠠᠷᠠᠢ!》 ᠭᠡᠵᠦ ᠬᠡᠯᠡᠭᠡᠳ ᠲᠡᠮᠦᠵᠢᠨ ᠢ᠋ ᠦᠳᠡᠨ ᠭᠠᠷᠭᠠᠪᠠ᠃
ᠲᠡᠨᠳᠡ ᠡᠴᠡ ᠲᠡᠮᠦᠵᠢᠨ ᠨᠠᠢ᠍ᠮᠠᠨ ᠰᠢᠷᠭ᠎ᠠ ᠠᠭᠲᠠ ᠮᠣᠷᠢᠳ ᠢ᠋ᠶ᠋ᠠᠨ ᠬᠥᠭᠡᠭᠡᠭᠰᠡᠭᠡᠷ ᠭᠤᠷᠪᠠᠨ ᠡᠳᠦᠷ ᠭᠤᠷᠪᠠᠨ ᠰᠥᠨᠢ ᠶᠠᠪᠤᠭᠠᠳ ᠭᠡᠷ ᠲᠦ᠍ ᠪᠡᠨ ᠢᠷᠡᠪᠡ᠃ ᠥᠭᠡᠯᠦᠨ ᠡᠬᠡ ᠲᠡᠮᠦᠵᠢᠨ ᠢ᠋ ᠬᠠᠷᠠᠭᠠᠳ᠄《ᠠᠰᠢᠭᠦᠢ ᠳᠡ᠂ ᠬᠦᠦ ᠮᠢᠨᠢ ᠨᠠᠢ᠍ᠮᠠᠨ ᠰᠢᠷᠭ᠎ᠠ ᠪᠠᠨ ᠣᠯᠤᠭᠠᠳ ᠢᠷᠡᠵᠡᠢ᠃》
ᠪᠠᠶᠠᠷ ᠤ᠋ᠨ ᠨᠢᠯᠪᠤᠰᠤ ᠲᠠᠢ ᠤᠭᠲᠤᠨ ᠠᠪᠤᠪᠠ᠃
ᠲᠡᠮᠦᠵᠢᠨ ᠬᠡᠳᠦ ᠬᠣᠨᠣᠭ ᠤ᠋ᠨ ᠲᠤᠷᠰᠢ ᠡᠴᠢᠭᠡ ᠶ᠋ᠢᠨ ᠢ᠋ᠶ᠋ᠡᠨ ᠲᠤᠬᠠᠢ ᠪᠣᠳᠣᠪᠠ᠃《ᠠᠪᠤ ᠮᠢᠨᠢ ᠨᠠᠮ᠎ᠠ ᠶ᠋ᠢ ᠶᠢᠰᠦᠨ ᠨᠠᠰᠤᠲᠠᠢ ᠪᠠᠢᠬᠤ ᠳ᠋ᠤ᠌〈ᠪᠥᠷᠲᠡ ᠥᠵᠢᠨ〉 ᠬᠡᠮᠡᠬᠦ ᠭᠤᠸ᠎ᠠ ᠵᠢᠰᠦ ᠰᠠᠢᠬᠠᠨ ᠥᠬᠢᠨ ᠲᠡᠢ ᠰᠦᠢ ᠲᠠᠯᠪᠢᠵᠤ ᠥᠭᠭᠦᠭᠡᠳ ᠥᠪᠡᠷ ᠢ᠋ᠶ᠋ᠡᠨ ᠪᠤᠷᠬᠠᠨ ᠤ᠋ ᠣᠷᠣᠨ ᠳ᠋ᠤ᠌ ᠣᠴᠢᠭᠰᠠᠨ ᠶᠤᠮ᠃ ᠢᠩᠭᠢᠬᠦ ᠳ᠋ᠦ᠍ ᠲᠡᠳᠡ᠂ ᠲᠡᠷᠡ ᠥᠬᠢᠨ ᠣᠳᠣ ᠬᠠᠮᠢᠭ᠎ᠠ ᠪᠠᠢᠨ᠎ᠠ?》 ᠭᠡᠵᠦ ᠪᠣᠳᠣᠭᠠᠳ ᠪᠡᠯᠭᠦᠳᠡᠢ ᠶ᠋ᠢ ᠳᠠᠭᠠᠭᠤᠯᠤᠨ ᠪᠥᠷᠲᠡ ᠥᠵᠢᠨ ᠢ᠋ ᠬᠠᠢᠵᠤ ᠣᠯᠬᠤ ᠪᠠᠷ ᠵᠠᠮ ᠳ᠋ᠤ᠌ ᠭᠠᠷᠪᠠ᠃
ᠠᠯᠲᠠ ᠪᠡᠶ᠎ᠡ ᠮᠢᠨᠢ ᠠᠯᠵᠢᠶᠠᠪᠠᠰᠤ ᠠᠯᠵᠢᠶᠠᠲᠤᠭᠠᠢ᠂
ᠠᠬᠤᠢ ᠲᠥᠷᠥ ᠮᠢᠨᠢ ᠪᠦᠦ ᠠᠯᠳᠠᠷᠠᠲᠤᠭᠠᠢ!
ᠪᠦᠲᠦᠨ ᠪᠡᠶ᠎ᠡ ᠮᠢᠨᠢ ᠵᠣᠪᠠᠪᠠᠰᠤ ᠵᠣᠪᠠᠲᠤᠭᠠᠢ᠂
ᠪᠦᠷᠢᠨ ᠤᠯᠤᠰ ᠮᠢᠨᠢ ᠪᠦᠦ ᠵᠣᠪᠠᠲᠤᠭᠠᠢ!
ᠦᠰᠦᠭ ᠠᠮᠢᠯᠠᠭᠤᠯᠤᠭᠰᠠᠨ᠄ ᠮᠥᠩᠭᠦᠨᠴᠡᠴᠡᠭ
ᠦᠰᠦᠭ ᠬᠠᠲᠠᠭᠰᠠᠨ᠄ ᠮᠥᠩᠭᠦᠨᠴᠡᠴᠡᠭ
ᠬᠢᠨᠠᠭᠴᠢ ᠪᠠᠭᠰᠢ᠄ ᠮᠥᠴᠢᠷ᠂ ᠢᠷᠡᠭᠡᠳᠦᠢ
