ᠲᠡᠮᠦᠵᠢᠨ01-ᠲᠡᠮᠦᠵᠢᠨ ᠦ ᠪᠠᠭ᠎ᠠ ᠨᠠᠰᠤ ᠮᠣᠩᠭᠣᠯ ᠠᠷᠠᠳ ᠤᠨ ᠦᠯᠢᠭᠡᠷ ᠰᠤᠨᠤᠰᠬᠤ Тэмүжиний Бага Нас Монгол ардын үлгэр (2023) _ үлгэр _ үлгэр сонсох _ үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠦᠵᠢᠨ01-ᠲᠡᠮᠦᠵᠢᠨ ᠦ ᠪᠠᠭ᠎ᠠ ᠨᠠᠰᠤ ᠮᠣᠩᠭᠣᠯ ᠠᠷᠠᠳ ᠤᠨ ᠦᠯᠢᠭᠡᠷ ᠰᠤᠨᠤᠰᠬᠤ Тэмүжиний Бага Нас Монгол ардын үлгэр (2023) _ үлгэр _ үлгэр сонсох _ үлгэр

ᠲᠡᠮᠦᠵᠢᠨ01-ᠲᠡᠮᠦᠵᠢᠨ ᠦ ᠪᠠᠭ᠎ᠠ ᠨᠠᠰᠤ ᠮᠣᠩᠭᠣᠯ ᠠᠷᠠᠳ ᠤᠨ ᠦᠯᠢᠭᠡᠷ ᠰᠤᠨᠤᠰᠬᠤ Тэмүжиний Бага Нас Монгол ардын үлгэр (2023) _ үлгэр _ үлгэр сонсох _ үлгэр

ᠠᠩᠭᠢᠯᠠᠯ:ᠳᠣᠮᠣᠭ ᠦᠯᠢᠭᠡᠷ
2023-10-13

1109

ᠲᠡᠮᠦᠵᠢᠨ ᠦ ᠪᠠᠭ᠎ᠠ ᠨᠠᠰᠤ

   ᠡᠷᠲᠡ ᠤᠷᠢᠳᠤ ᠶ᠋ᠢᠨ ᠴᠠᠭ ᠲᠤ᠌ ᠬᠠᠮᠤᠭ ᠮᠣᠩᠭᠣᠯ ᠤᠯᠤᠰ ᠤ᠋ᠨ ᠣᠪᠣᠭ ᠠᠢᠮᠠᠭ ᠤ᠋ᠳ ᠲᠠᠷᠠᠬᠠᠢ ᠪᠤᠲᠠᠷᠬᠠᠢ ᠪᠠᠢᠭᠰᠠᠨ ᠦᠶ᠎ᠡ ᠳ᠋ᠦ᠍ ᠤᠨᠤᠨ ᠤ᠋ ᠳᠡᠯᠢᠭᠦᠨ ᠪᠣᠯᠳᠣᠭ ᠲᠤ᠌ ᠶᠢᠰᠦᠭᠡᠢ ᠪᠠᠭᠠᠲᠤᠷ ᠥᠭᠡᠯᠦᠨ ᠦᠵᠢᠨ ᠬᠣᠶᠠᠷ ᠲᠤ᠌ ᠲᠡᠮᠦᠵᠢᠨ ᠬᠡᠮᠡᠬᠦ ᠨᠢᠭᠡᠨ ᠬᠥᠪᠡᠭᠦᠨ ᠪᠠᠷᠠᠭᠤᠨ ᠭᠠᠷ ᠲᠤ᠌ ᠪᠠᠨ ᠱᠠᠭᠠᠢ ᠶ᠋ᠢᠨ ᠴᠢᠨᠡᠭᠡᠨ ᠨᠥᠵᠢ ᠠᠳᠬᠤᠨ ᠮᠡᠨᠳᠦᠯᠡᠪᠡ᠃ ᠲᠡᠮᠦᠵᠢᠨ ᠲᠥᠷᠥᠭᠰᠡᠨ ᠦ᠌ ᠠᠷᠤ ᠠ᠋ᠴᠠ ᠬᠠᠰᠠᠷ᠂ ᠬᠠᠴᠢᠭᠤᠨ᠂ ᠲᠡᠮᠦᠭᠡ ᠭᠡᠳᠡᠭ ᠭᠤᠷᠪᠠᠨ ᠬᠥᠪᠡᠭᠦᠨ᠂ ᠪᠠᠰᠠ ᠲᠡᠮᠦᠯᠦᠨ ᠨᠡᠷ᠎ᠡ ᠲᠡᠢ ᠥᠬᠢᠨ ᠲᠥᠷᠥᠪᠡ᠃
ᠲᠡᠮᠦᠵᠢᠨ ᠶᠢᠰᠦᠨ ᠨᠠᠰᠤᠲᠠᠢ ᠪᠠᠢᠬᠤ ᠳ᠋ᠤ᠌ ᠠᠪᠤ ᠶᠢᠰᠦᠭᠡᠢ ᠪᠠᠭᠠᠲᠤᠷ ᠬᠦᠦ ᠳ᠋ᠦ᠍ ᠪᠡᠨ ᠭᠡᠷᠭᠡᠢ ᠪᠣᠯᠭᠠᠬᠤ ᠭᠤᠸ᠎ᠠ ᠵᠢᠰᠦ ᠰᠠᠢᠲᠠᠢ ᠰᠡᠳᠬᠢᠯ ᠠᠷᠢᠭᠤᠨ ᠥᠬᠢᠨ ᠬᠠᠢᠬᠤ ᠪᠠᠷ ᠲᠡᠮᠦᠵᠢᠨ ᠢ᠋ ᠳᠠᠭᠠᠭᠤᠯᠤᠨ ᠵᠠᠮ ᠳ᠋ᠤ᠌ ᠭᠠᠷᠪᠠ᠃ ᠵᠠᠮ ᠳ᠋ᠤ᠌ ᠶᠠᠪᠤᠵᠤ ᠪᠠᠢᠬᠤ ᠳ᠋ᠤ᠌ ᠳ᠋ᠠᠢ ᠰᠡᠴᠡᠨ ᠭᠡᠭᠴᠢ ᠠᠢᠯ ᠤ᠋ᠨ ᠭᠡᠷ ᠲᠦ᠍ ᠪᠠᠭᠤᠳᠠᠯᠯᠠᠨ ᠤᠴᠢᠷ ᠶᠠᠪᠤᠳᠠᠯ ᠢ᠋ᠶ᠋ᠠᠨ ᠶᠠᠷᠢᠪᠠ ᠭᠡᠨ᠎ᠡ᠃ ᠭᠡᠲᠡᠯ᠎ᠡ ᠳ᠋ᠠᠢ ᠰᠡᠴᠡᠨ᠄《ᠲᠡᠢᠮᠦ ᠤᠤ! ᠲᠠᠨ ᠤ᠋ ᠬᠦᠦ ᠴᠢᠨᠢ ᠨᠢᠳᠦᠨ ᠳ᠋ᠦ᠍ ᠪᠡᠨ ᠴᠣᠭ ᠲᠠᠢ᠂ ᠨᠢᠭᠤᠷ ᠲᠤ᠌ ᠪᠠᠨ ᠭᠠᠯ ᠲᠠᠢ ᠬᠦᠦ ᠶᠦᠮ ᠪᠠᠢᠨ᠎ᠠ᠃ ᠬᠡᠷᠪᠡ ᠲᠠᠭᠠᠰᠢᠶᠠᠪᠠᠯ ᠮᠠᠨ ᠤ᠋ ᠥᠬᠢᠨ ᠭᠤᠸ᠎ᠠ ᠵᠢᠰᠦ ᠰᠠᠢᠬᠠᠨ ᠢ᠋ᠶ᠋ᠠᠷ ᠪᠠᠷᠠᠬᠤ ᠦᠭᠡᠢ᠂ ᠰᠡᠳᠬᠢᠯ ᠠᠭᠤᠵᠢᠮ ᠠᠵᠢᠯ ᠳ᠋ᠤ᠌ ᠰᠠᠢᠨ ᠤᠴᠢᠷ ᠰᠠᠢᠨ ᠭᠡᠷᠭᠡᠢ ᠪᠣᠯᠤᠨ᠎ᠠ》 ᠭᠡᠪᠡ᠃ ᠶᠢᠰᠦᠭᠡᠢ ᠪᠠᠭᠠᠲᠤᠷ ᠳ᠋ᠠᠢ ᠰᠡᠴᠡᠨ ᠦ᠌ ᠥᠬᠢᠨ ᠢ᠋ ᠬᠠᠷᠠᠪᠠᠯ ᠦᠨᠡᠬᠡᠷ ᠭᠤᠸ᠎ᠠ ᠵᠢᠰᠦ ᠰᠠᠢᠲᠠᠢ ᠰᠠᠢᠬᠠᠨ ᠥᠬᠢᠨ ᠪᠠᠢᠬᠤ ᠶᠤᠮ᠃ ᠲᠡᠭᠦᠨ ᠦ᠌ ᠨᠡᠷ᠎ᠡ《ᠪᠥᠷᠲᠡ ᠦᠵᠢᠨ》 ᠭᠡᠨ᠎ᠡ᠃ ᠲᠡᠭᠡᠭᠡᠳ ᠲᠡᠷᠡ ᠬᠣᠶᠠᠷ ᠬᠡᠦᠬᠡᠳ ᠦ᠋ᠳ ᠲᠦ᠍ ᠪᠡᠨ ᠰᠦᠢ ᠲᠠᠯᠪᠢᠬᠤ ᠪᠠᠷ ᠪᠣᠯᠵᠠᠢ᠃ ᠭᠡᠲᠡᠯ᠎ᠡ ᠳ᠋ᠠᠢ ᠰᠡᠴᠡᠨ ᠡᠢᠨ ᠬᠦ᠌ ᠬᠡᠯᠡᠪᠡ᠃《ᠪᠢᠳᠡ ᠬᠣᠶᠠᠷ ᠬᠡᠦᠬᠡᠳ ᠢ᠋ᠶ᠋ᠡᠨ ᠰᠦᠢ ᠲᠠᠯᠪᠢᠴᠢᠬᠠᠯ᠎ᠠ᠃ ᠡᠭᠦᠨ ᠢ᠋ ᠪᠡᠨ ᠪᠡᠯᠭᠡᠰᠢᠶᠡᠭᠡᠳ ᠬᠦᠦ ᠪᠡᠨ ᠮᠠᠨ ᠤ᠋ ᠳ᠋ᠤ᠌ ᠦᠯᠡᠳᠡᠭᠡᠭᠡᠳ ᠶᠠᠪᠤ ᠠ᠋!》 ᠭᠡᠵᠦ ᠬᠡᠯᠡᠪᠡ᠃ ᠶᠢᠰᠦᠭᠡᠢ ᠪᠠᠭᠠᠲᠤᠷ ᠴᠤ᠌ ᠡᠭᠦᠨ ᠢ᠋ ᠨᠢ ᠵᠥᠪᠰᠢᠶᠡᠷᠡᠭᠡᠳ ᠳ᠋ᠠᠢ ᠰᠡᠴᠡᠨ ᠳ᠋ᠦ᠍ ᠬᠥᠲᠥᠯᠦᠭᠡ ᠮᠣᠷᠢ ᠪᠠᠨ ᠪᠡᠯᠡᠭᠯᠡᠨ ᠬᠦᠦ ᠪᠡᠨ ᠦᠯᠡᠳᠡᠭᠡᠭᠡᠳ ᠶᠠᠪᠤᠪᠠ᠃
   ᠵᠠᠮ ᠳ᠋ᠤ᠌ ᠪᠠᠨ ᠶᠢᠰᠦᠭᠡᠢ ᠪᠠᠭᠠᠲᠤᠷ ᠤ᠋ᠨ ᠠᠮᠠ ᠨᠢ ᠴᠠᠩᠭᠠᠭᠰᠠᠨ ᠲᠤᠯᠠ ᠵᠠᠮ ᠳ᠋ᠤ᠌ ᠬᠤᠷᠢᠮ ᠬᠢᠵᠦ ᠪᠣᠢ ᠲᠠᠲ᠋ᠠᠷ ᠢᠷᠭᠡᠨ ᠦ᠌ ᠭᠡᠷ ᠢ᠋ᠶ᠋ᠡᠷ ᠳᠠᠭᠠᠷᠢᠨ ᠭᠠᠷᠤᠶ᠎ᠠ ᠭᠡᠵᠦ ᠪᠣᠳᠣᠪᠠ᠃ ᠲᠠᠲ᠋ᠠᠷ ᠢᠷᠭᠡᠳ ᠶᠢᠰᠦᠭᠡᠢ ᠪᠠᠭᠠᠲᠤᠷ ᠢ᠋ ᠲᠠᠨᠢᠵᠤ ᠤᠤᠭᠤᠵᠤ ᠪᠦᠬᠦᠢ ᠠᠢᠷᠠᠭ ᠲᠤ᠌ ᠨᠢ ᠬᠣᠣᠷ ᠬᠢᠵᠦ ᠲᠡᠭᠦᠨ ᠢ᠋ ᠬᠣᠣᠷᠳᠠᠭᠤᠯᠪᠠ ᠭᠡᠨ᠎ᠡ᠃ ᠶᠢᠰᠦᠭᠡᠢ ᠪᠠᠭᠠᠲᠤᠷ ᠲᠡᠨᠳᠡ ᠡᠴᠡ ᠭᠠᠷᠤᠭᠠᠳ ᠪᠡᠶ᠎ᠡ ᠨᠢ ᠮᠠᠭᠤᠳᠠᠵᠤ ᠭᠤᠷᠪᠠ ᠬᠣᠨᠣᠭ ᠶᠠᠪᠤᠭᠰᠠᠨ ᠤ᠋ ᠡᠴᠦᠰ ᠲᠦ᠍ ᠠᠷᠠᠢ ᠬᠢᠨ ᠭᠡᠷ ᠲᠦ᠍ ᠪᠡᠨ ᠢᠷᠡᠭᠡᠳ ᠶᠠᠭᠤ ᠪᠣᠯᠤᠭᠰᠠᠨ ᠢ᠋ᠶ᠋ᠠᠨ ᠬᠡᠯᠡᠭᠡᠳ᠄《ᠲᠡᠮᠦᠵᠢᠨ ᠢ᠋ ᠬᠤᠷᠳᠤᠨ ᠶᠠᠪᠤᠵᠤ ᠠᠪᠴᠢᠷᠠ!》 ᠭᠡᠳ ᠨᠠᠰᠤᠨ ᠡᠴᠦᠰᠯᠡᠪᠡ᠃ ᠲᠡᠮᠦᠵᠢᠨ ᠡᠴᠢᠭᠡ ᠶ᠋ᠢᠨ ᠢ᠋ᠶ᠋ᠡᠨ ᠨᠠᠰᠤ ᠪᠠᠷᠠᠭᠰᠠᠨ ᠢ᠋ ᠮᠡᠳᠡᠭᠡᠳ ᠮᠠᠰᠢ ᠶᠡᠬᠡ ᠰᠢᠨᠠᠯᠵᠤ ᠭᠠᠰᠢᠭᠤᠳᠠᠭᠰᠠᠨ ᠪᠣᠯᠪᠠᠴᠤ ᠪᠡᠯᠪᠡᠰᠦᠨ ᠡᠬᠡ ᠪᠣᠯᠤᠨ ᠨᠢᠯᠬ᠎ᠠ ᠪᠠᠯᠴᠢᠷ ᠳᠡᠭᠦᠦ ᠨᠠᠷ ᠢ᠋ᠶ᠋ᠠᠨ ᠪᠣᠳᠣᠭᠠᠳ ᠵᠢᠷᠦᠬᠡ ᠪᠡᠨ ᠴᠢᠩᠭᠠᠯᠠᠨ ᠲᠣᠯᠣᠭᠠᠢ ᠪᠠᠨ ᠥᠨᠳᠡᠢᠨ ᠪᠣᠰᠪᠠ᠃《ᠪᠢ ᠡᠷ᠎ᠡ ᠬᠥᠮᠦᠨ! ᠡᠨᠡ ᠠᠢᠯ ᠤ᠋ᠨ ᠲᠣᠮᠣ ᠬᠦᠦ ᠤᠴᠢᠷ ᠡᠴᠢᠭᠡ ᠶ᠋ᠢᠨ ᠦᠭᠡᠢ ᠳ᠋ᠦ᠍ ᠡᠴᠢᠭᠡ ᠪᠣᠯᠵᠤ᠂ ᠭᠡᠷ ᠦ᠋ᠨ ᠡᠵᠡᠨ᠂ ᠭᠡᠷ ᠪᠦᠯᠢ ᠶ᠋ᠢᠨ ᠲᠤᠯᠭᠠᠭᠤᠷᠢ ᠪᠠᠢᠵᠤ ᠡᠷ᠎ᠡ ᠶ᠋ᠢᠨ ᠴᠡᠭᠡᠯ ᠳ᠋ᠦ᠍ ᠬᠦᠷᠦᠭᠡᠳ ᠡᠴᠢᠭᠡ ᠶ᠋ᠢᠨ ᠢ᠋ᠶ᠋ᠡᠨ ᠥᠰᠢᠶ᠎ᠡ ᠶ᠋ᠢ ᠵᠠᠪᠠᠯ ᠠᠪᠬᠤ ᠶᠣᠰᠣᠲᠠᠢ!》 ᠭᠡᠮᠡᠨ ᠪᠣᠳᠣᠵᠤ ᠰᠡᠳᠬᠢᠯ ᠢ᠋ᠶ᠋ᠡᠨ ᠬᠠᠲᠠᠭᠤᠵᠢᠭᠤᠯᠤᠨ ᠨᠢᠯᠪᠤᠰᠤ ᠪᠠᠨ ᠠᠷᠴᠢᠪᠠ᠃
   ᠭᠡᠲᠡᠯ᠎ᠡ ᠶᠢᠰᠦᠭᠡᠢ ᠪᠠᠭᠠᠲᠤᠷ ᠨᠠᠰᠤ ᠨᠥᠭᠴᠢᠭᠰᠡᠨ ᠡᠴᠡ ᠬᠣᠢᠰᠢ ᠣᠢᠷ᠎ᠠ ᠰᠠᠭᠠᠬᠠᠯᠲᠠ ᠶ᠋ᠢᠨ ᠠᠢᠯ ᠤ᠋ᠳ ᠲᠡᠳᠡᠨ ᠢ᠋ ᠭᠠᠢ ᠪᠣᠯᠤᠨ᠎ᠠ ᠭᠡᠮᠡᠨ ᠨᠢᠳᠦ ᠦᠵᠦᠭᠦᠷᠯᠡᠵᠦ ᠪᠦᠭᠦᠳᠡ ᠬᠠᠶᠠᠭᠠᠳ ᠨᠡᠭᠦᠨ ᠣᠳᠪᠠ᠃ ᠴᠢᠳᠠᠯᠲᠠᠢ ᠲᠥᠷᠥᠭᠰᠡᠨ ᠥᠭᠡᠯᠦᠨ ᠡᠬᠡ ᠬᠦᠷᠵᠡ ᠰᠠᠪᠠᠷ ᠪᠠᠷᠢᠨ ᠶᠠᠪᠤᠵᠤ ᠣᠢᠷ᠎ᠠ ᠶ᠋ᠢᠨ ᠭᠠᠵᠠᠷ ᠢ᠋ ᠥᠭᠰᠥᠵᠦ ᠤᠷᠤᠭᠤᠳᠠᠵᠤ ᠡᠪᠡᠰᠦ ᠤᠷᠭᠤᠮᠠᠯ ᠤ᠋ᠨ ᠦᠨᠳᠦᠰᠦ ᠶ᠋ᠢ ᠮᠠᠯᠲᠠᠵᠤ᠂ ᠰᠥᠨᠢ ᠡᠳᠦᠷ ᠢ᠋ ᠬᠠᠲᠠᠭᠤᠵᠢᠨ ᠥᠩᠭᠡᠷᠡᠭᠦᠯᠵᠦ ᠰᠤᠤᠲᠤ ᠬᠥᠪᠡᠭᠦᠨ ᠢ᠋ᠶ᠋ᠡᠨ ᠲᠡᠵᠢᠭᠡᠨ ᠥᠰᠬᠡᠪᠡ᠃ ᠡᠢᠨ ᠬᠦ᠌ ᠥᠭᠡᠯᠦᠨ ᠦ᠌ ᠲᠡᠵᠢᠭᠡᠭᠰᠡᠨ ᠬᠥᠪᠡᠭᠦᠳ ᠰᠠᠢᠨ ᠡᠷᠡᠰ ᠪᠣᠯᠤᠨ ᠥᠰᠴᠦ᠂ ᠪᠡᠶ᠎ᠡ ᠬᠠ ᠲᠡᠨᠢᠭᠡᠷ ᠪᠣᠯᠵᠤ᠂ ᠤᠨᠤᠨ ᠮᠥᠷᠡᠨ ᠦ᠌ ᠡᠷᠭᠢ ᠳ᠋ᠦ᠍ ᠰᠠᠭᠤᠵᠤ ᠡᠯᠭᠦᠭᠦᠷ ᠳᠡᠭᠡᠭᠡ ᠤᠰᠤᠨ ᠳ᠋ᠤ᠌ ᠬᠠᠶᠠᠵᠤ᠂ ᠵᠢᠭᠠᠰᠤ ᠵᠢᠷᠠᠭᠠᠬᠠᠢ ᠱᠦᠭᠦᠨ ᠪᠠᠷᠢᠵᠤ᠂ ᠡᠬᠡ ᠥᠭᠡᠯᠦᠨ ᠢ᠋ ᠲᠡᠵᠢᠭᠡᠬᠦ ᠪᠣᠯᠪᠠ᠃
   ᠨᠢᠭᠡᠨ ᠡᠳᠦᠷ ᠳᠥᠷᠪᠡᠨ ᠬᠥᠪᠡᠭᠦᠳ ᠪᠣᠯᠵᠣᠮᠣᠷ ᠠᠩᠨᠠᠵᠤ ᠪᠠᠢᠪᠠ ᠭᠡᠨ᠎ᠡ᠃ ᠭᠡᠲᠡᠯ᠎ᠡ ᠲᠡᠮᠦᠵᠢᠨ ᠦ᠌ ᠠᠩᠨᠠᠭᠰᠠᠨ ᠪᠣᠯᠵᠣᠮᠣᠷ ᠢ᠋ ᠪᠡᠭᠲᠡᠷ ᠪᠤᠯᠢᠶᠠᠨ ᠠᠪᠤᠪᠠ᠃ ᠳᠠᠷᠠᠭ᠎ᠠ ᠶ᠋ᠢᠨ ᠡᠳᠦᠷ ᠲᠡᠳᠡ ᠭᠣᠣᠯ ᠳᠡᠭᠡᠷ᠎ᠡ ᠵᠢᠭᠠᠰᠤ ᠪᠠᠷᠢᠵᠤ ᠪᠠᠢᠪᠠ᠃ ᠭᠡᠲᠡᠯ᠎ᠡ ᠡᠨᠡ ᠶᠠᠪᠤᠳᠠᠯ ᠳᠠᠬᠢᠭᠠᠳ ᠯᠠ ᠳᠠᠪᠲᠠᠭᠳᠠᠪᠠ᠃ ᠡᠭᠦᠨ ᠳ᠋ᠦ᠍ ᠠᠭᠤᠷᠰᠠᠭᠰᠠᠨ ᠲᠡᠮᠦᠵᠢᠨ ᠥᠭᠡᠯᠦᠨ ᠡᠬᠡ ᠳ᠋ᠦ᠍ ᠬᠡᠯᠡᠪᠡ᠃ ᠭᠡᠲᠡᠯ᠎ᠡ ᠥᠭᠡᠯᠦᠨ ᠡᠬᠡ ᠬᠠᠷᠢᠭᠤ ᠳ᠋ᠤ᠌ ᠨᠢ᠄《ᠲᠠ ᠨᠠᠷ ᠨᠢᠭᠡ ᠡᠴᠢᠭᠡ ᠶ᠋ᠢᠨ ᠬᠥᠪᠡᠭᠦᠳ ᠪᠠᠢᠲᠠᠯ᠎ᠠ ᠶᠠᠭᠤᠨ ᠳ᠋ᠤ᠌ ᠲᠡᠭᠡᠵᠦ ᠮᠠᠷᠭᠤᠯᠳᠤᠨ᠎ᠠ? ᠣᠳᠣ ᠰᠡᠭᠦᠳᠡᠷ ᠡᠴᠡ ᠪᠡᠨ ᠥᠭᠡᠷ᠎ᠡ ᠨᠥᠬᠥᠷ ᠦᠭᠡᠢ᠂ ᠰᠡᠭᠦᠯ ᠡᠴᠡ ᠪᠡᠨ ᠥᠭᠡᠷ᠎ᠡ ᠲᠠᠰᠢᠭᠤᠷ ᠦᠭᠡᠢ ᠪᠠᠢᠭ᠎ᠠ ᠪᠠᠨ ᠮᠡᠳᠡᠬᠦ ᠪᠢᠵᠡ? ᠡᠢᠮᠦ ᠪᠣᠯ ᠪᠢᠳᠡ ᠲᠠᠢᠴᠢᠭᠤᠳ ᠨᠠᠷ ᠠ᠋ᠴᠠ ᠶᠠᠭᠠᠬᠢᠵᠤ ᠥᠰᠢᠶ᠎ᠡ ᠪᠡᠨ ᠠᠪᠴᠤ ᠴᠢᠳᠠᠬᠤ ᠪᠣᠢ? ᠤᠷᠢᠳᠤ ᠶ᠋ᠢᠨ ᠠᠯᠤᠩᠭᠤᠸ᠎ᠠ ᠡᠬᠡ ᠶ᠋ᠢᠨ ᠲᠠᠪᠤᠨ ᠬᠥᠪᠡᠭᠦᠳ ᠶᠠᠭᠠᠬᠢᠭᠠᠳ ᠡᠪ ᠡᠶ᠎ᠡ ᠦᠭᠡᠢ ᠪᠣᠯᠪᠠ? ᠲᠠ ᠨᠠᠷ᠁》 ᠭᠡᠪᠡ᠃ ᠡᠭᠦᠨ ᠢ᠋ ᠰᠣᠨᠣᠰᠤᠭᠰᠠᠨ ᠲᠡᠮᠦᠵᠢᠨ ᠡᠬᠡ ᠶ᠋ᠢᠨ ᠢ᠋ᠶ᠋ᠡᠨ ᠦᠭᠡ ᠶ᠋ᠢ ᠦᠯᠦ ᠣᠢᠰᠢᠶᠠᠨ ᠬᠠᠰᠠᠷ ᠤ᠋ᠨ ᠬᠠᠮᠲᠤ ᠪᠠᠷ ᠪᠡᠭᠲᠡᠷ ᠢ᠋ ᠬᠠᠷᠪᠤᠨ ᠠᠯᠠᠪᠠ᠃ ᠲᠡᠭᠡᠭᠡᠳ ᠲᠡᠮᠦᠵᠢᠨ ᠭᠡᠷ ᠦ᠋ᠨ ᠵᠦᠭ ᠶᠠᠪᠤᠵᠤ ᠪᠠᠢᠬᠤ ᠵᠠᠭᠤᠷ᠎ᠠ ᠪᠠᠨ《ᠴᠢ ᠠᠷᠢᠶᠠᠲᠠᠨ ᠤᠤ᠂ ᠬᠥᠮᠦᠨ ᠤᠤ? ᠨᠢᠭᠡᠨ ᠡᠴᠢᠭᠡ ᠶ᠋ᠢᠨ ᠦᠷᠡᠰ ᠠᠲᠠᠯ᠎ᠠ ᠶᠠᠭᠤᠨ ᠳ᠋ᠤ᠌ ᠠᠭᠤᠷ ᠤ᠋ᠨ ᠮᠤᠩᠬᠠᠭ ᠠ᠋ᠴᠠ ᠪᠣᠯᠵᠤ ᠪᠡᠭᠲᠡᠷ ᠢ᠋ ᠬᠢᠳᠤᠪᠠ? ᠥᠴᠦᠬᠡᠨ ᠴᠦ᠍ ᠭᠡᠰᠡᠨ ᠡᠨᠡ ᠠᠩ ᠤ᠋ᠨ ᠣᠯᠵᠠ ᠡᠬᠡ ᠪᠣᠯᠤᠨ ᠥᠨᠥᠴᠢᠨ ᠳᠡᠭᠦᠦ ᠨᠠᠷ ᠢ᠋ ᠮᠠᠨᠢ ᠴᠠᠳᠬᠠᠵᠤ ᠴᠢᠳᠠᠬᠤ ᠦᠭᠡᠢ ᠴᠦ᠍ ᠬᠣᠭᠣᠰᠣᠨ ᠬᠣᠨᠣᠭᠤᠯᠬᠤ ᠦᠭᠡᠢ》 ᠭᠡᠮᠡᠨ ᠥᠪᠡᠷ ᠲᠡᠢ ᠪᠡᠨ ᠶᠠᠷᠢᠵᠤ ᠶᠠᠪᠤᠬᠤ ᠦᠶ᠎ᠡ ᠳ᠋ᠦ᠍ ᠲᠡᠮᠦᠵᠢᠨ ᠦ᠌ ᠰᠡᠳᠬᠢᠯ ᠵᠢᠷᠦᠬᠡ ᠤᠷᠤᠭᠤ ᠲᠦᠮᠡᠨ ᠵᠢᠳᠠ ᠪᠠᠷ ᠰᠦᠪᠡᠯᠡᠬᠦ ᠮᠡᠲᠦ ᠬᠥᠨᠳᠡᠭᠦᠷᠯᠡᠨ ᠡᠪᠡᠳᠴᠦ ᠪᠠᠢᠪᠠ᠃ ᠲᠡᠭᠡᠭᠡᠳ ᠭᠡᠷ ᠲᠦ᠍ ᠪᠡᠨ ᠣᠷᠣᠲᠠᠯ᠎ᠠ ᠥᠭᠡᠯᠦᠨ ᠡᠬᠡ ᠲᠡᠳᠡᠨ ᠦ᠌ ᠴᠢᠷᠠᠢ ᠶ᠋ᠢ ᠬᠠᠷᠠᠭᠠᠳ ᠶᠠᠭᠤ ᠪᠣᠯᠤᠭᠰᠠᠨ ᠢ᠋ ᠣᠢᠯᠠᠭᠠᠪᠠ᠃ ᠥᠭᠡᠯᠦᠨ ᠡᠬᠡ ᠶᠡᠬᠡᠳᠡ ᠠᠭᠤᠷᠯᠠᠨ ᠰᠢᠨᠠᠯᠵᠤ ᠡᠢᠨ ᠬᠦ᠌ ᠬᠡᠯᠡᠪᠡ᠃《ᠬᠠᠨᠢ ᠪᠠᠨ ᠪᠠᠷᠠᠭᠰᠠᠳ᠂ ᠢᠵᠢᠯᠢ ᠪᠡᠨ ᠢᠳᠡᠭ᠌ᠰᠡᠳ ᠬᠠᠯᠠᠭᠤᠨ ᠬᠡᠪᠡᠯᠢ ᠡᠴᠡ ᠭᠠᠷᠬᠤ ᠳ᠋ᠤ᠌ ᠪᠠᠨ ᠬᠠᠷ᠎ᠠ ᠨᠥᠵᠢ ᠠᠳᠬᠤᠵᠤ ᠲᠥᠷᠥᠭᠰᠡᠨ ᠨᠢᠯᠬ᠎ᠠ ᠦᠷ᠎ᠡ ᠪᠡᠨ ᠨᠢᠳᠤᠯᠤᠨ ᠢᠳᠡᠬᠦ ᠠᠩᠭᠢᠷ ᠮᠡᠲᠦ ᠪᠠᠯᠠᠮᠠᠳ ᠠᠷᠢᠶᠠᠲᠠᠨ ᠨᠤᠭᠤᠳ ᠤᠤ ᠲᠠ ᠨᠠᠷ! ᠰᠡᠭᠦᠳᠡᠷ ᠡᠴᠡ ᠪᠡᠨ ᠥᠭᠡᠷ᠎ᠡ ᠨᠥᠬᠥᠷ ᠦᠭᠡᠢ᠂ ᠰᠡᠭᠦᠯ ᠡᠴᠡ ᠪᠡᠨ ᠥᠭᠡᠷ᠎ᠡ ᠲᠠᠰᠢᠭᠤᠷ ᠦᠭᠡᠢ ᠪᠠᠢᠬᠤ ᠳ᠋ᠤ᠌ ᠲᠠᠢᠴᠢᠭᠤᠳ ᠨᠠᠷ ᠤ᠋ᠨ ᠬᠥᠨᠥᠭᠡᠯ ᠢ᠋ ᠬᠦᠯᠢᠶᠡᠨ ᠥᠰᠢᠶ᠎ᠡ ᠪᠡᠨ ᠬᠡᠨ ᠶᠠᠭᠠᠬᠢᠵᠤ ᠠᠪᠬᠤ ᠪᠣᠢ ᠭᠡᠵᠦ ᠪᠠᠢᠬᠤ ᠳ᠋ᠤ᠌ ᠲᠠ ᠨᠠᠷ ᠶᠠᠭᠠᠬᠢᠨ ᠡᠢᠮᠦ ᠬᠡᠷᠡᠭ ᠬᠢᠪᠡ?》 ᠭᠡᠵᠦ ᠬᠥᠪᠡᠭᠦᠳ ᠢ᠋ᠶ᠋ᠡᠨ ᠶᠡᠬᠡᠳᠡ ᠪᠤᠷᠤᠭᠤᠰᠢᠶᠠᠨ ᠵᠢᠮᠡᠯᠡᠪᠡ᠃
   ᠭᠡᠲᠡᠯ᠎ᠡ ᠡᠨᠡ ᠦᠶ᠎ᠡ ᠳ᠋ᠦ᠍ ᠲᠠᠢᠴᠢᠭᠤᠳ ᠣᠪᠣᠭ ᠤ᠋ᠨ ᠬᠢᠨ《ᠡᠷ᠎ᠡ ᠥᠰᠴᠦ ᠢᠰᠡᠭᠡᠢ ᠰᠤᠨᠤᠯ᠎ᠠ᠂ ᠡᠨᠡ ᠲᠡᠮᠦᠵᠢᠨ ᠢ᠋ ᠪᠠᠷᠢᠵᠤ ᠠᠪᠴᠤ ᠨᠢᠭᠡ ᠮᠥᠷ ᠳᠠᠷᠤᠬᠤ ᠦᠭᠡᠢ ᠪᠣᠯ ᠡᠷ᠎ᠡ ᠶ᠋ᠢᠨ ᠴᠡᠭᠡᠯ ᠳ᠋ᠦ᠍ ᠬᠦᠷᠪᠡᠯ ᠪᠢᠳᠡᠨ ᠳ᠋ᠦ᠍ ᠬᠣᠣᠷ ᠬᠦᠷᠭᠡᠵᠦ ᠮᠡᠳᠡᠨ᠎ᠡ》 ᠭᠡᠮᠡᠨ ᠪᠣᠳᠣᠵᠤ ᠪᠠᠷᠢᠵᠤ ᠠᠪᠬᠤ ᠪᠠᠷ ᠢᠷᠡᠪᠡ᠃ ᠡᠭᠦᠨ ᠢ᠋ ᠨᠢ ᠮᠡᠳᠡᠭᠰᠡᠨ ᠥᠭᠡᠯᠦᠨ ᠦᠵᠢᠨ ᠬᠡᠦᠬᠡᠳ ᠦ᠋ᠳ ᠢ᠋ᠶ᠋ᠡᠨ ᠠᠪᠤᠨ ᠣᠢ ᠰᠢᠭᠤᠢ ᠤᠷᠤᠭᠤ ᠵᠢᠭᠤᠲᠠᠨ ᠣᠳᠪᠠ᠃ ᠭᠡᠲᠡᠯ᠎ᠡ ᠣᠢ ᠶ᠋ᠢᠨ ᠠᠮᠠᠨ ᠳᠡᠭᠡᠷ᠎ᠡ ᠡᠴᠡ ᠲᠠᠢᠴᠢᠭᠤᠳ᠄《ᠲᠡᠮᠦᠵᠢᠨ ᠢ᠋ ᠭᠠᠷᠭᠠᠵᠤ ᠥᠭ! ᠪᠤᠰᠤᠳ ᠴᠢᠨᠢ ᠬᠡᠷᠡᠭ ᠦᠭᠡᠢ!》 ᠭᠡᠪᠡ᠃ ᠡᠭᠦᠨ ᠢ᠋ ᠰᠣᠨᠣᠰᠤᠭᠠᠳ ᠥᠭᠡᠯᠦᠨ ᠦᠵᠢᠨ ᠲᠡᠮᠦᠵᠢᠨ ᠢ᠋ ᠴᠠᠭᠠᠰᠢ ᠨᠢ ᠭᠠᠭᠴᠠᠭᠠᠷ ᠵᠢᠭᠤᠲᠠᠭᠠᠯᠭᠠᠪᠠ᠃ ᠲᠡᠮᠦᠵᠢᠨ ᠣᠢ ᠳ᠋ᠤ᠌ ᠬᠦᠢᠲᠡᠨ ᠴᠢᠯᠠᠭᠤ ᠳᠡᠷᠡᠯᠡᠨ᠂ ᠬᠣᠷᠣᠬᠠᠢ ᠰᠢᠪᠠᠵᠢ ᠪᠠᠷ ᠬᠣᠭᠣᠯᠠᠯᠠᠨ᠂ ᠲᠠᠰᠤ ᠬᠠᠷᠠᠩᠭᠤᠢ ᠰᠥᠨᠢ ᠥᠯᠥᠰᠬᠦᠯᠡᠩ ᠴᠢᠨᠣ᠎ᠠ ᠨᠤᠭᠤᠳ ᠤ᠋ᠨ ᠤᠯᠢᠯᠳᠤᠭᠠᠨ ᠳᠤᠮᠳᠠ ᠥᠭᠡᠯᠦᠨ ᠡᠬᠡ ᠪᠣᠯᠤᠨ ᠥᠨᠥᠴᠢᠨ ᠳᠡᠭᠦᠦ ᠨᠠᠷ ᠢ᠋ᠶ᠋ᠠᠨ ᠰᠠᠨᠠᠭᠠᠯᠵᠠᠨ ᠰᠡᠳᠬᠢᠯ ᠵᠢᠷᠦᠬᠡ ᠨᠢ ᠰᠢᠮᠰᠢᠷᠡᠨ ᠶᠢᠰᠦ ᠬᠣᠨᠣᠭ ᠢ᠋ ᠥᠩᠭᠡᠷᠡᠭᠦᠯᠪᠡᠢ!《ᠡᠴᠦᠰ ᠲᠦ᠍ ᠨᠢ ᠪᠢ ᠨᠡᠷ᠎ᠡ ᠲᠡᠢ ᠲᠥᠷᠥ ᠲᠡᠢ ᠪᠠᠭᠠᠲᠤᠷ ᠬᠥᠮᠦᠨ ᠦ᠌ ᠤᠳᠤᠮ ᠢᠷᠡᠭᠡᠳᠦᠢ ᠶ᠋ᠢᠨ ᠬᠠᠮᠤᠭ ᠮᠣᠩᠭᠣᠯ ᠤᠯᠤᠰ ᠤ᠋ᠨ ᠭᠠᠯ ᠭᠣᠯᠣᠮᠲᠠ ᠪᠠᠢᠵᠤ ᠶᠠᠭᠠᠬᠢᠨ ᠠᠶᠤᠨ ᠴᠡᠴᠡᠷᠡᠵᠦ ᠠᠲᠤᠷᠢᠨ ᠨᠢᠭᠤᠭᠳᠠᠬᠤ ᠪᠢᠯᠡ! ᠭᠡᠮᠡᠨ ᠡᠨᠡ ᠮᠡᠲᠦ ᠨᠡᠷ᠎ᠡ ᠦᠭᠡᠢ ᠦᠬᠦᠭᠰᠡᠨ ᠡᠴᠡ ᠡᠷ᠎ᠡ ᠬᠥᠮᠦᠨ ᠰᠢᠭ ᠦᠬᠦᠶ᠎ᠡ!》 ᠭᠡᠮᠡᠨ ᠪᠣᠳᠣᠵᠤ ᠣᠢ ᠠ᠋ᠴᠠ ᠭᠠᠷᠴᠤ ᠢᠷᠡᠭᠡᠳ ᠲᠠᠢᠴᠢᠭᠤᠳ ᠲᠤ᠌ ᠪᠠᠷᠢᠭᠳᠠᠪᠠ᠃ ᠲᠠᠢᠴᠢᠭᠤᠳ ᠲᠡᠮᠦᠵᠢᠨ ᠢ᠋ ᠨᠤᠲᠤᠭ ᠲᠤ᠌ ᠪᠠᠨ ᠠᠪᠴᠢᠷᠠᠵᠤ ᠬᠥᠮᠦᠨ ᠦ᠌ ᠮᠠᠭᠤ ᠪᠠᠷ ᠲᠠᠮᠤᠯᠠᠨ ᠰᠢᠢᠳᠬᠡᠵᠦ ᠠᠢᠯ ᠪᠦᠷᠢ ᠪᠡᠷ ᠳᠣᠷᠣᠮᠵᠢᠯᠠᠭᠤᠯᠤᠨ ᠶᠠᠪᠤᠭᠤᠯᠵᠤ ᠰᠡᠳᠬᠢᠯ ᠵᠢᠷᠦᠬᠡ ᠶ᠋ᠢ ᠨᠢ ᠮᠣᠬᠣᠭᠠᠵᠤ ᠬᠥᠮᠦᠨ ᠦ᠌ ᠠᠳᠠᠭ ᠪᠣᠯᠭᠠᠬᠤ ᠪᠠᠷ ᠬᠢᠴᠢᠶᠡᠵᠦ ᠪᠠᠢᠪᠠ᠃ ᠭᠡᠪᠡᠴᠦ ᠬᠥᠭᠰᠢᠨ ᠡᠬᠡ ᠥᠨᠥᠴᠢᠨ ᠳᠡᠭᠦᠦ ᠨᠠᠷ ᠤ᠋ᠨ ᠢ᠋ᠶ᠋ᠠᠨ ᠲᠥᠯᠥᠭᠡ ᠰᠢᠲᠦ ᠵᠠᠭᠤᠨ ᠲᠡᠪᠴᠢᠨ ᠪᠦᠬᠦ ᠰᠢᠢᠳᠬᠡᠯ ᠦ᠋ᠳ ᠢ᠋ ᠳᠠᠪᠠᠨ ᠭᠠᠷᠤᠭᠰᠠᠭᠠᠷ ᠪᠠᠢᠪᠠ᠃
   ᠭᠡᠲᠡᠯ᠎ᠡ ᠨᠢᠭᠡᠨ ᠡᠳᠦᠷ ᠮᠠᠰᠢ ᠲᠣᠮᠣ ᠬᠤᠷᠢᠮ ᠪᠣᠯᠵᠤ ᠬᠥᠮᠦᠨ ᠪᠦᠷᠢ ᠪᠠᠶᠠᠷᠯᠠᠨ ᠰᠣᠭ᠍ᠲᠤᠵᠠᠭᠠᠪᠠ᠃ ᠲᠡᠮᠦᠵᠢᠨ ᠡᠭᠦᠨ ᠢ᠋ ᠠᠰᠢᠭᠯᠠᠨ ᠬᠠᠵᠠᠭᠤ ᠳ᠋ᠤ᠌ ᠰᠠᠬᠢᠵᠤ ᠪᠣᠢ ᠬᠥᠮᠦᠨ ᠦ᠌ ᠲᠣᠯᠣᠭᠠᠢ ᠤᠷᠤᠭᠤ ᠳᠥᠩᠭᠡ ᠪᠡᠷ ᠢ᠋ᠶ᠋ᠡᠨ ᠴᠣᠬᠢᠨ ᠤᠨᠠᠭᠠᠭᠠᠳ ᠲᠡᠨᠳᠡ ᠡᠴᠡ ᠵᠢᠭᠤᠲᠠᠪᠠ᠃ ᠲᠡᠭᠡᠭᠡᠳ ᠤᠰᠤᠨ ᠳᠣᠲᠣᠷ᠎ᠠ ᠣᠷᠣᠨ ᠠᠮᠢᠰᠬᠤᠯᠯᠠᠬᠤ ᠬᠡᠮᠵᠢᠶ᠎ᠡ ᠪᠡᠷ ᠢ᠋ᠶ᠋ᠡᠨ ᠠᠮᠠ ᠪᠠᠨ ᠤᠰᠤᠨ ᠤ᠋ ᠮᠠᠨᠳᠠᠯ ᠳᠡᠭᠡᠷ᠎ᠡ ᠭᠠᠷᠭᠠᠨ ᠪᠦᠲᠦᠨ ᠪᠡᠶ᠎ᠡ ᠪᠡᠨ ᠤᠰᠤᠨ ᠳᠣᠣᠷ᠎ᠠ ᠣᠷᠣᠭᠤᠯᠤᠨ ᠨᠢᠭᠤᠭᠳᠠᠵᠤ ᠬᠡᠪᠲᠡᠪᠡ᠃ ᠭᠡᠲᠡᠯ᠎ᠡ ᠲᠠᠢᠴᠢᠭᠤᠳ ᠤ᠋ᠨ ᠳᠤᠮᠳᠠ ᠠ᠋ᠴᠠ ᠰᠤᠷᠬᠠᠨ ᠰᠢᠷ᠎ᠠ ᠭᠡᠳᠡᠭ ᠬᠥᠮᠦᠨ ᠲᠡᠭᠦᠨ ᠢ᠋ ᠣᠯᠵᠤ ᠬᠠᠷᠠᠭᠰᠠᠨ ᠪᠣᠯᠪᠠᠴᠤ《ᠶᠠᠮᠠᠷ ᠰᠡᠷᠭᠦᠯᠡᠩ ᠤᠬᠠᠭᠠᠨ ᠲᠠᠢ ᠬᠦᠦ ᠪᠣᠢ!》 ᠭᠡᠮᠡᠨ ᠪᠣᠳᠣᠵᠤ ᠬᠠᠷᠠᠭᠰᠠᠨ ᠴᠤ᠌ ᠬᠠᠷᠠᠭ᠎ᠠ ᠦᠭᠡᠢ ᠮᠡᠲᠦ ᠥᠩᠭᠡᠷᠡᠭᠡᠪᠡ ᠭᠡᠨ᠎ᠡ᠃ ᠲᠡᠭᠡᠭᠡᠳ ᠲᠡᠮᠦᠵᠢᠨ ᠳ᠋ᠦ᠍《ᠪᠢ ᠴᠢᠮ᠎ᠠ ᠶ᠋ᠢ ᠬᠠᠷᠠᠭ᠎ᠠ ᠦᠭᠡᠢ ᠮᠡᠲᠦ ᠥᠩᠭᠡᠷᠡᠭᠦᠯᠪᠡ᠃ ᠲᠠᠢᠴᠢᠭᠤᠳ ᠡᠨᠳᠡ ᠡᠴᠡ ᠬᠣᠯᠠᠳᠠᠬᠤ ᠦᠶ᠎ᠡ ᠳ᠋ᠦ᠍ ᠤᠰᠤᠨ ᠠ᠋ᠴᠠ ᠭᠠᠷᠤᠨ ᠭᠡᠷ ᠤᠷᠤᠭᠤ ᠪᠠᠨ ᠶᠠᠪᠤ!》 ᠬᠡᠮᠡᠵᠡᠢ᠃ ᠭᠡᠲᠡᠯ᠎ᠡ ᠲᠡᠮᠦᠵᠢᠨ ᠲᠠᠢᠴᠢᠭᠤᠳ ᠶᠠᠪᠤᠭᠰᠠᠨ ᠤ᠋ ᠳᠠᠷᠠᠭ᠎ᠠ ᠤᠰᠤᠨ ᠠ᠋ᠴᠠ ᠭᠠᠷᠤᠭᠠᠳ ᠰᠤᠷᠬᠠᠨ ᠰᠢᠷ᠎ᠠ ᠶ᠋ᠢᠨ ᠳ᠋ᠦ᠍ ᠣᠴᠢᠵᠤ ᠲᠤᠰᠠᠯᠠᠮᠵᠢ ᠭᠤᠶᠤᠪᠠ ᠭᠡᠨ᠎ᠡ᠃ ᠲᠡᠭᠡᠭᠡᠳ ᠰᠤᠷᠬᠠᠨ ᠰᠢᠷ᠎ᠠ ᠲᠡᠮᠦᠵᠢᠨ ᠳ᠋ᠦ᠍ ᠲᠤᠰᠠᠯᠠᠬᠤ ᠪᠠᠷ ᠪᠣᠯᠵᠤ ᠵᠤᠨ ᠤ᠋ ᠠᠭᠠᠭᠢᠮ᠎ᠠ ᠬᠠᠯᠠᠭᠤᠨ ᠳ᠋ᠤ᠌ ᠭᠤᠷᠪᠠ ᠬᠣᠨᠣᠭ ᠤ᠋ᠨ ᠲᠤᠷᠰᠢ ᠤᠩᠭᠠᠰᠤᠨ ᠳᠣᠲᠣᠷ᠎ᠠ ᠨᠢᠭᠤᠵᠤ ᠬᠠᠲᠠᠭᠠᠨ ᠨᠡᠷ᠎ᠡ ᠲᠡᠢ ᠥᠬᠢᠨ ᠢ᠋ᠶ᠋ᠡᠷ ᠢ᠋ᠶ᠋ᠡᠨ ᠠᠰᠠᠷᠠᠭᠤᠯᠪᠠ ᠭᠡᠨ᠎ᠡ᠃ ᠡᠨᠡ ᠦᠶ᠎ᠡ ᠳ᠋ᠦ᠍ ᠲᠡᠮᠦᠵᠢᠨ ᠤᠩᠭᠠᠰᠤᠨ ᠳᠣᠲᠣᠷ᠎ᠠ ᠵᠤᠨ ᠤ᠋ ᠨᠣᠬᠠᠢ ᠭᠠᠰᠠᠯᠤᠮ᠎ᠠ ᠬᠠᠯᠠᠭᠤᠨ ᠳ᠋ᠤ᠌ ᠬᠥᠯᠥᠰᠥ ᠨᠢ ᠭᠣᠣᠯ ᠮᠡᠲᠦ ᠤᠷᠤᠰᠴᠤ ᠲᠠᠮᠤᠯᠠᠭᠤᠯᠵᠤ ᠰᠢᠷᠬᠠᠯᠠᠭᠰᠠᠨ ᠪᠠᠶᠠᠨ ᠳᠡᠭᠡᠭᠦᠷ ᠨᠢ ᠬᠠᠴᠢᠭ᠂ ᠬᠤᠪᠠᠯᠵᠠ᠂ ᠪᠥᠭᠡᠰᠦ ᠨᠦ᠍ᠭᠦᠳ ᠨᠠᠢᠷᠯᠠᠨ ᠭᠦᠶᠦᠯᠳᠦᠵᠡᠢ᠃ ᠡᠨᠡ ᠦᠶ᠎ᠡ ᠳ᠋ᠦ᠍ ᠲᠡᠮᠦᠵᠢᠨ ᠡᠨᠡ ᠲᠡᠪᠴᠢᠶᠡᠷᠢ ᠶ᠋ᠢ ᠪᠠᠷᠢᠵᠤ ᠪᠠᠢᠭᠰᠠᠨ ᠵᠦᠢᠯ ᠪᠣᠯ ᠭᠡᠷ ᠪᠦᠯᠢ ᠪᠡᠨ ᠰᠠᠨᠠᠭᠠᠯᠵᠠᠬᠤ ᠰᠡᠳᠬᠢᠯ ᠦ᠋ᠨ ᠬᠦᠴᠦ ᠪᠠᠢᠪᠠ᠃
ᠡᠢᠨ ᠬᠦ᠌ ᠲᠠᠢᠴᠢᠭᠤᠳ ᠢ᠋ ᠶᠠᠪᠤᠭᠰᠠᠨ ᠤ᠋ ᠳᠠᠷᠠᠭ᠎ᠠ ᠲᠡᠮᠦᠵᠢᠨ ᠬᠦᠦ ᠥᠪᠡᠷ ᠢ᠋ ᠨᠢ ᠡᠵᠡᠭᠦᠢ ᠳ᠋ᠦ᠍ ᠬᠠᠷᠠᠵᠤ ᠬᠠᠨᠳᠠᠭ ᠬᠥᠮᠦᠨ ᠦᠭᠡᠢ ᠪᠣᠯᠤᠭᠰᠠᠨ ᠥᠭᠡᠯᠦᠨ ᠡᠬᠡ ᠥᠨᠥᠴᠢᠨ ᠳᠡᠭᠦᠦ ᠨᠠᠷ ᠲᠤ᠌ ᠪᠠᠨ ᠰᠠᠨᠠᠭ᠎ᠠ ᠨᠢ ᠵᠣᠪᠠᠵᠤ᠂ ᠮᠠᠰᠢ ᠶᠡᠬᠡ ᠪᠡᠷ ᠰᠠᠨᠠᠨ ᠭᠠᠩᠰᠠᠷᠠᠵᠤ ᠭᠡᠷ ᠦ᠋ᠨ ᠵᠦᠭ ᠬᠠᠷ᠎ᠠ ᠡᠷᠴᠢ ᠪᠡᠷ ᠢ᠋ᠶ᠋ᠡᠨ ᠳᠠᠪᠬᠢᠪᠠ ᠭᠡᠨ᠎ᠡ᠃

ᠠᠯᠲᠠ ᠪᠡᠶ᠎ᠡ ᠮᠢᠨᠢ ᠠᠯᠵᠢᠶᠠᠪᠠᠰᠤ ᠠᠯᠵᠢᠶᠠᠲᠤᠭᠠᠢ᠂
ᠠᠬᠤᠢ ᠲᠥᠷᠥ ᠮᠢᠨᠢ ᠪᠦᠦ ᠠᠯᠳᠠᠷᠠᠲᠤᠭᠠᠢ!
ᠪᠦᠲᠦᠨ ᠪᠡᠶ᠎ᠡ ᠮᠢᠨᠢ ᠵᠣᠪᠠᠪᠠᠰᠤ ᠵᠣᠪᠠᠲᠤᠭᠠᠢ᠂
ᠪᠦᠷᠢᠨ ᠤᠯᠤᠰ ᠮᠢᠨᠢ ᠪᠦᠦ ᠵᠣᠪᠠᠲᠤᠭᠠᠢ!


ᠲᠣᠳᠣᠷᠬᠠᠢᠯᠠᠬᠤ ᠨᠢ᠄
1᠂ ᠲᠡᠦᠬᠡᠨ ᠪᠢᠴᠢᠭ ᠲᠦ᠍ ᠲᠡᠮᠦᠵᠢᠨ ᠳᠡᠭᠦᠦ ᠬᠠᠰᠠᠷ ᠲᠠᠢ ᠪᠠᠨ ᠪᠡᠭᠲᠡᠷ ᠢ᠋ ᠬᠠᠷᠪᠤᠵᠤ ᠠᠯᠠᠭᠰᠠᠨ ᠭᠡᠵᠦ ᠲᠡᠮᠳᠡᠭᠯᠡᠵᠦ ᠪᠠᠢᠳᠠᠭ ᠲᠤᠯᠠ ᠡᠨᠳᠡ ᠲᠡᠷᠡ ᠶᠠᠩᠵᠤ ᠪᠠᠷ ᠨᠢ ᠦᠰᠦᠭ ᠬᠠᠲᠠᠵᠤ᠂ ᠦᠰᠦᠭ ᠠᠮᠢᠯᠠᠭᠤᠯᠤᠭᠰᠠᠨ ᠪᠠᠢᠨ᠎ᠠ᠃

2᠂《ᠡᠨᠡ ᠠᠩ ᠤ᠋ᠨ ᠣᠯᠵᠠ ᠡᠬᠡ ᠪᠣᠯᠤᠨ ᠥᠨᠥᠴᠢᠨ ᠳᠡᠭᠦᠦ ᠨᠠᠷ ᠢ᠋ ᠮᠠᠨᠢ ᠴᠠᠳᠬᠠᠵᠤ ᠴᠢᠳᠠᠬᠤ ᠦᠭᠡᠢ ᠴᠦ᠍ ᠬᠣᠭᠣᠰᠣᠨ ᠬᠣᠨᠣᠭᠤᠯᠬᠤ ᠦᠭᠡᠢ》 ᠭᠡᠳᠡᠭ ᠦ᠋ᠨ《ᠦᠭᠡᠢ》 ᠰᠣᠨᠣᠰᠳᠠᠵᠤ ᠦᠭᠡᠢ ᠲᠤᠯᠠ ᠦᠰᠦᠭ ᠬᠠᠲᠠᠬᠤ ᠳ᠋ᠤ᠌ ᠪᠠᠨ ᠪᠢᠴᠢᠭᠡ ᠦᠭᠡᠢ ᠴᠦ᠍ ᠦᠰᠦᠭ ᠠᠮᠢᠯᠠᠭᠤᠯᠬᠤ ᠳ᠋ᠤ᠌ ᠪᠠᠨ ᠥᠭᠦᠯᠡᠪᠦᠷᠢ ᠶ᠋ᠢᠨ ᠤᠳᠬ᠎ᠠ ᠣᠨᠣᠪᠴᠢᠲᠠᠢ ᠢᠯᠡᠳᠬᠡᠭᠳᠡᠬᠦ ᠶ᠋ᠢ ᠪᠣᠳᠣᠯᠬᠢᠯᠠᠨ ᠨᠡᠮᠡᠵᠦ ᠪᠢᠴᠢᠵᠦ ᠣᠷᠣᠭᠤᠯᠵᠠᠢ᠃

3᠂ᠪᠢᠴᠢᠯᠯᠢᠭ ᠲᠦ᠍ ᠦᠰᠦᠭ ᠬᠠᠲᠠᠬᠤ ᠳ᠋ᠤ᠌ ᠪᠠᠨ ᠠᠩᠬᠠᠷᠤᠮᠵᠢ ᠦᠭᠡᠢ ᠡᠴᠡ ᠪᠣᠯᠵᠤ《ᠲᠡᠮᠦᠵᠢᠨ ᠬᠦᠦ ᠥᠪᠡᠷ ᠢ᠋ ᠨᠢ ᠡᠵᠡᠭᠦᠢ ᠳ᠋ᠦ᠍ ᠬᠠᠷᠠᠵᠤ ᠬᠠᠨᠳᠠᠭ ᠬᠥᠮᠦᠨ ᠦᠭᠡᠢ ᠪᠣᠯᠤᠭᠰᠠᠨ ᠥᠭᠡᠯᠦᠨ ᠡᠬᠡ ᠥᠨᠥᠴᠢᠨ ᠳᠡᠭᠦᠦ ᠨᠠᠷ ᠲᠤ᠌ ᠪᠠᠨ ᠰᠠᠨᠠᠭ᠎ᠠ ᠨᠢ ᠵᠣᠪᠠᠵᠤ᠂》 ᠭᠡᠳᠡᠭ ᠳᠠᠬᠢ《ᠬᠠᠨᠳᠤᠬᠤ》 ᠶ᠋ᠢ ᠪᠤᠷᠤᠭᠤ ᠬᠠᠲᠠᠭᠰᠠᠨ ᠪᠠᠢᠨ᠎ᠠ᠃ ᠬᠠᠨᠳᠤᠬᠤ ᠭᠡᠵᠦ ᠵᠠᠰᠠᠪᠤᠷᠢᠯᠠᠨ ᠦᠵᠡᠬᠦ ᠪᠣᠯᠪᠠ ᠤᠤ!

   ᠦᠰᠦᠭ ᠠᠮᠢᠯᠠᠭᠤᠯᠤᠭᠰᠠᠨ᠄ ᠮᠥᠩᠭᠦᠨᠴᠡᠴᠡᠭ
   ᠦᠰᠦᠭ ᠬᠠᠲᠠᠭᠰᠠᠨ᠄ ᠮᠥᠩᠭᠦᠨᠴᠡᠴᠡᠭ
   ᠬᠢᠨᠠᠭᠴᠢ ᠪᠠᠭᠰᠢ᠄ ᠮᠥᠴᠢᠷ