1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠰ ᠦ᠋ᠨ ᠠᠰᠢᠭ ᠰᠣᠨᠢᠷᠬᠠᠯ ᠤ᠋ᠨ ᠰᠡᠳᠬᠢᠴᠡ ᠬᠤᠪᠢᠷᠠᠭᠰᠠᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-03-ᠪᠣᠯᠣᠴᠢᠯᠠᠭᠤМонголчуудын гэр бүлийн хүмүүжил

ᠬᠥᠮᠦᠰ ᠦ᠋ᠨ ᠠᠰᠢᠭ ᠰᠣᠨᠢᠷᠬᠠᠯ ᠤ᠋ᠨ ᠰᠡᠳᠬᠢᠴᠡ ᠬᠤᠪᠢᠷᠠᠭᠰᠠᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-03-ᠪᠣᠯᠣᠴᠢᠯᠠᠭᠤМонголчуудын гэр бүлийн хүмүүжил

2023-10-12

1289

ᠭᠤᠷᠪᠠ ᠂ ᠬᠥᠮᠦᠰ ᠦ᠋ᠨ ᠠᠰᠢᠭ ᠰᠣᠨᠢᠷᠬᠠᠯ ᠤ᠋ᠨ ᠰᠡᠳᠬᠢᠴᠡ ᠬᠤᠪᠢᠷᠠᠭᠰᠠᠨ

    ᠥᠩᠭᠡᠷᠡᠭᠰᠡᠨ ᠳ᠋ᠦ᠍ ᠮᠠᠯᠴᠢᠨ ᠲᠦᠮᠡᠨ ᠮᠠᠨᠢ ᠠᠳᠤᠭᠤ ᠮᠠᠯ ᠢ᠋ᠶ᠋ᠠᠨ ᠠᠮᠢᠳᠤᠷᠠᠯ ᠤ᠋ᠨ ᠢ᠋ᠶ᠋ᠠᠨ ᠴᠢᠬᠤᠯᠠ ᠪᠦᠷᠢᠯᠳᠦᠬᠦᠨ ᠪᠣᠯᠭᠠᠨ ᠦᠵᠡᠵᠦ ᠠᠭᠤᠳᠠᠮ ᠲᠠᠯ᠎ᠠ ᠳ᠋ᠤ᠌ ᠪᠠᠨ ᠬᠥᠮᠦᠨ ᠮᠠᠯ ᠲᠠᠢ ᠪᠠᠨ ᠠᠮᠤᠭᠤᠯᠠᠩ ᠲᠠᠢᠪᠤᠩ ᠠᠮᠢᠳᠤᠷᠠᠬᠤ ᠪᠠᠷ ᠮᠠᠯᠵᠢᠯ ᠤ᠋ᠨ ᠵᠣᠷᠢᠯᠭ᠎ᠠ ᠪᠣᠯᠭᠠᠵᠤ ᠮᠢᠬ᠎ᠠ ᠢᠳᠡᠬᠦ ᠶ᠋ᠢᠨ ᠲᠥᠯᠥᠭᠡ ᠮᠠᠯ ᠮᠠᠯᠵᠢᠳᠠᠭ ᠪᠢᠰᠢ ᠮᠠᠯᠵᠢᠬᠤ ᠶ᠋ᠢᠨ ᠲᠥᠯᠥᠭᠡ ᠱᠥᠯᠥ ᠶ᠋ᠢ ᠨᠢ ᠤᠤᠭᠤᠳᠠᠭ ᠪᠠᠢᠭᠰᠠᠨ᠃ ᠣᠳᠣ ᠶ᠋ᠢᠨ ᠮᠠᠯᠴᠢᠨ ᠵᠠᠯᠠᠭᠤᠰ ᠠ᠋ᠴᠠ《ᠲᠠᠨ ᠤ᠋ ᠬᠢ ᠬᠡᠴᠢᠨᠡᠨ ᠬᠣᠨᠢ ᠮᠠᠯᠵᠢᠵᠤ ᠪᠠᠢᠭ᠎ᠠ ᠪᠣᠢ》 ᠭᠡᠮᠡᠨ ᠠᠰᠠᠭᠤᠬᠤ ᠳ᠋ᠤ᠌ 《ᠮᠠᠨ ᠤ᠋ ᠬᠢ ᠵᠠᠭᠤ ᠭᠠᠷᠤᠢ ᠶᠠᠭᠤᠮ᠎ᠠ ᠪᠠᠢᠨ᠎ᠠ》 ᠭᠡᠬᠦ ᠮᠡᠲᠦ ᠪᠡᠷ ᠶᠠᠷᠢᠳᠠᠭ ᠪᠣᠯᠵᠠᠢ᠃ ᠡᠨᠡ ᠮᠡᠲᠦ ᠬᠣᠨᠢ ᠦᠬᠡᠷ ᠢ᠋ᠶ᠋ᠡᠨ ᠴᠥᠮ ᠶᠠᠭᠤᠮ᠎ᠠ ᠪᠤᠶᠤ ᠲᠠᠸᠠᠷ ᠪᠣᠯᠭᠠᠨ ᠦᠵᠡᠬᠦ ᠪᠣᠯᠤᠭᠰᠠᠨ ᠠ᠋ᠴᠠ ᠬᠥᠮᠦᠰ ᠦ᠋ᠨ ᠰᠡᠳᠬᠢᠯ ᠳ᠋ᠦ᠍ ᠬᠠᠨᠢ ᠨᠠᠢᠵᠠ ᠬᠠᠷᠠᠭᠳᠠᠬᠤ ᠪᠠᠨ ᠪᠣᠯᠢᠵᠤ ᠮᠥᠩᠭᠥ ᠲᠥᠭᠥᠷᠢᠭ ᠯᠡ ᠦᠵᠡᠭᠳᠡᠬᠦ ᠪᠣᠯᠵᠠᠢ᠃ ᠡᠨᠡᠬᠦ ᠣᠷᠴᠢᠨ ᠳ᠋ᠤ᠌ ᠬᠣᠨᠢ ᠦᠬᠡᠷ ᠴᠦ᠍ ᠲᠦᠷᠭᠡᠨ ᠲᠠᠸᠠᠷ ᠪᠣᠯᠤᠨ ᠪᠣᠷᠣᠯᠠᠭᠤᠯᠤᠭᠳᠠᠬᠤ ᠱᠠᠭᠠᠷᠳᠠᠯᠭ᠎ᠠ ᠠ᠋ᠴᠠ ᠬᠠᠰᠢᠶᠠᠯᠠᠭᠳᠠᠨ ᠪᠣᠷᠳᠣᠭᠳᠠᠬᠤ ᠮᠡᠲᠦ ᠶᠠᠩᠵᠤ ᠶ᠋ᠢᠨ ᠬᠠᠯᠠ ᠲᠠᠮᠤ ᠶ᠋ᠢ ᠠᠮᠰᠠᠵᠤ ᠢᠳᠡᠰᠢ ᠭᠠᠷᠭᠠᠬᠤ ᠳ᠋ᠤ᠌ ᠪᠡᠷᠲᠡᠭᠰᠡᠨ ᠶᠠᠰᠤ ᠲᠠᠢ ᠮᠠᠯ ᠣᠯᠠᠨ ᠬᠠᠷᠠᠭᠳᠠᠬᠤ ᠪᠣᠯᠤᠭᠰᠠᠨ᠂ ᠡᠨᠡ ᠪᠣᠯ ᠠᠵᠤ ᠠᠬᠤᠢ ᠶ᠋ᠢᠨ ᠴᠠᠭ ᠡᠷᠢᠨ ᠳ᠋ᠡᠬᠢ ᠬᠥᠮᠦᠰ ᠦ᠋ᠨ ᠦᠵᠡᠯ ᠰᠡᠳᠬᠢᠴᠡ ᠶ᠋ᠢᠨ ᠬᠤᠪᠢᠷᠠᠯᠲᠠ ᠠ᠋ᠴᠠ ᠪᠣᠯᠤᠭᠰᠠᠨ ᠦᠵᠡᠭᠳᠡᠯ ᠪᠠᠢᠭ᠎ᠠ᠃
    ᠡᠨᠡ ᠮᠡᠲᠦ ᠬᠥᠮᠦᠰ ᠦ᠋ᠨ ᠥᠷᠲᠡᠭ  ᠤᠨ ᠦᠵᠡᠯᠲᠡ ᠬᠤᠪᠢᠷᠠᠬᠤ ᠶ᠋ᠢ ᠳᠠᠭᠠᠯᠳᠤᠨ ᠠᠵᠢᠯ ᠦᠢᠯᠡᠰ ᠠᠮᠢᠳᠤᠷᠠᠯ ᠠᠬᠤᠢ ᠳ᠋ᠤ᠌ ᠪᠠᠨ ᠲᠥᠷᠥᠭᠳᠡᠬᠦ ᠪᠣᠳᠣᠯ ᠰᠡᠳᠬᠢᠯᠭᠡᠨ ᠳ᠋ᠤ᠌ ᠣᠯᠠᠨ ᠬᠤᠪᠢᠷᠠᠯᠲᠠ ᠭᠠᠷᠤᠭᠰᠠᠨ᠃ ᠠᠢᠯ ᠰᠠᠭᠭᠠᠯᠲᠠ ᠤᠷᠤᠭ ᠲᠥᠷᠥᠯ ᠠᠬ᠎ᠠ ᠳᠡᠭᠦᠦ ᠨᠠᠢᠵᠠ ᠶᠢᠨ ᠲᠦᠰᠢᠭᠯᠡᠯᠴᠡᠨ ᠲᠤᠰᠠᠯᠠᠳᠠᠭ ᠮᠥᠰᠥ ᠬᠠᠢᠷ᠎ᠠ ᠨᠢᠮᠭᠡᠷᠡᠵᠦ ᠠᠲᠠᠭᠠᠷᠬᠠᠨ ᠵᠢᠲᠥᠭᠡᠷᠬᠡᠵᠦ᠂ ᠬᠠᠷᠢᠯᠴᠠᠨ ᠠᠰᠢᠭᠯᠠᠯᠴᠠᠬᠤ ᠪᠦᠯᠦᠭ ᠬᠣᠯᠪᠣᠭ᠎ᠠ ᠪᠣᠯᠵᠤ ᠭᠠᠴᠠᠭᠠᠨ ᠵᠥᠪᠯᠡᠯ ᠦ᠋ᠨ ᠰᠣᠩᠭᠣᠭᠤᠯᠢ ᠬᠦᠷᠲᠡᠯ᠎ᠡ ᠬᠡᠷᠡᠭᠦᠯ ᠤᠷᠤᠭᠤᠯ ᠲᠠᠢ ᠪᠣᠯᠤᠭᠰᠠᠨ᠂ ᠬᠥᠮᠦᠨ ᠦ ᠰᠠᠢᠨ ᠢ ᠦᠵᠡᠨ ᠶᠠᠳᠠᠨ ᠪᠤᠰᠤᠳ ᠤ᠋ᠨ ᠪᠦᠳᠦᠷᠢᠯ ᠤᠷᠤᠭᠤᠳᠠᠯ ᠢ᠋ᠶ᠋ᠠᠷ ᠪᠠᠶᠠᠰᠤᠯ ᠪᠣᠯᠭᠠᠬᠤ᠂ ᠠᠵᠢᠯ ᠤ᠋ᠨ ᠲᠤᠰᠢᠶᠠᠯ  ᠢ ᠡᠭᠦᠷᠭᠡ ᠬᠠᠷᠢᠭᠤᠴᠠᠯᠭ᠎ᠠ ᠭᠡᠮᠡᠨ ᠦᠵᠡᠬᠦ ᠡᠴᠡ ᠪᠡᠨ ᠢᠯᠡᠭᠦᠦ ᠡᠷᠬᠡ ᠠᠰᠢᠭ ᠭᠡᠮᠡᠨ ᠰᠢᠨᠤᠬᠤ ᠪᠣᠯᠵᠤ᠂ ᠡᠷᠳᠡᠮ ᠦ᠋ᠨ ᠴᠣᠯᠠ ᠬᠦᠷᠲᠡᠯ᠎ᠡ ᠨᠡᠷ᠎ᠡ ᠠᠰᠢᠭ ᠤ᠋ᠨ ᠮᠠᠢᠮᠠᠢ ᠪᠣᠯᠵᠤ᠂ᠡᠷᠳᠡᠮ ᠰᠢᠨᠵᠢᠯᠡᠭᠡᠨ ᠦ ᠡᠷᠬᠡ ᠰᠦᠷ ᠡᠷᠬᠢᠮ ᠴᠢᠨᠠᠷ ᠢ ᠭᠤᠲᠤᠭᠠᠵᠤ ᠪᠠᠢᠨ᠎ᠠ᠃ ᠥᠩᠭᠡᠷᠡᠭᠰᠡᠨ ᠳ᠋ᠦ᠍ ᠬᠥᠮᠦᠰ ᠤᠷᠠᠯᠢᠭ ᠤᠨ ᠲᠥᠯᠥᠭᠡ ᠳᠠᠭᠤᠤ ᠰᠢᠯᠦᠭ ᠬᠥᠭᠵᠢᠮ ᠵᠢᠷᠤᠭ ᠬᠥᠭᠡᠭᠡᠴᠡᠯᠳᠦᠵᠦ᠂ ᠡᠷᠳᠡᠮ ᠰᠢᠨᠵᠢᠯᠡᠭᠡᠨ ᠦ ᠲᠥᠯᠥᠭᠡ ᠰᠤᠳᠤᠯᠭᠠᠨ ᠬᠢᠵᠦ ᠡᠷᠳᠡᠮ ᠦ᠋ᠨ ᠴᠣᠯᠠ ᠬᠦᠷᠲᠡᠵᠦ ᠪᠠᠢᠭᠰᠠᠨ ᠪᠣᠯ ᠣᠳᠣ ᠣᠯᠠᠩᠬᠢ ᠨᠢ ᠨᠡᠷ᠎ᠡ ᠮᠥᠩᠭᠥᠨ ᠤ ᠡᠮᠦᠨ᠎ᠡ ᠡᠴᠡ ᠶᠠᠭᠤ ᠨᠢᠭᠡ ᠶ᠋ᠢ ᠬᠢᠬᠦ ᠭᠡᠮᠡᠨ ᠰᠡᠳᠬᠢᠯ ᠵᠦᠳᠡᠭᠡᠬᠦ ᠪᠣᠯᠵᠠᠢ᠃ ᠬᠥᠮᠦᠰ ᠦ᠋ᠨ ᠠᠰᠢᠭ ᠰᠣᠨᠢᠷᠬᠠᠯ ᠬᠦᠰᠡᠯ ᠬᠥᠭᠡᠭᠡᠴᠡᠯᠳᠦᠯ ᠤᠨ ᠭᠠᠵᠢᠭᠰᠢᠯ ᠤᠨ ᠳ᠋ᠦᠩ  ᠳ᠋ᠦ᠍ ᠬᠥᠮᠦᠰ ᠦ᠋ᠨ ᠬᠣᠭᠣᠷᠣᠨᠳᠣᠬᠢ ᠢᠲᠡᠭᠡᠯᠴᠡᠭᠡ ᠮᠠᠭᠤᠳᠠᠵᠤ ᠠᠲᠠᠭᠠᠷᠬᠠᠯ ᠵᠢᠲᠥᠭᠡᠷᠬᠡᠯ ᠭᠣᠮᠣᠳᠠᠯ ᠵᠢᠪᠡᠭᠦᠴᠡᠯ ᠬᠣᠷᠣᠰᠤᠯ ᠥᠰᠢᠶᠡᠷᠬᠡᠯ ᠦ᠋ᠨ ᠰᠡᠳᠬᠢᠴᠡ ᠬᠥᠮᠦᠰ ᠦ᠋ᠨ ᠡᠷᠡᠭᠦᠯ ᠠᠭᠤᠳᠠᠮᠴᠢ ᠰᠡᠳᠬᠢᠯ ᠢ ᠶᠡᠬᠡᠬᠡᠨ ᠡᠪᠳᠡᠵᠡᠢ᠃ ᠬᠥᠮᠦᠰ ᠮᠠᠨᠢ ᠠᠭᠤᠯᠵᠠᠵᠤ ᠤᠴᠠᠷᠠᠬᠤ ᠪᠣᠯᠭᠠᠨ ᠳ᠋ᠤ᠌ ᠪᠠᠨ ᠮᠡᠨᠳᠦᠴᠢᠯᠡᠨ ᠵᠣᠯᠭᠠᠳᠠᠭ ᠢᠷᠥᠭᠡᠯ ᠮᠠᠭᠲᠠᠭᠠᠯ ᠶᠠᠪᠤᠬᠤ ᠳᠣᠳᠣᠮ ᠲᠣᠭᠯᠠᠯᠲᠠ ᠶ᠋ᠢᠨ ᠲᠠᠢᠵᠠᠨ ᠳᠡᠭᠡᠷᠡᠬᠢ ᠦᠵᠡᠭᠦᠯᠦᠯᠭᠡ ᠶᠢᠨ ᠶᠠᠭᠤᠮ᠎ᠠ ᠲᠡᠳᠦᠢ ᠪᠣᠯᠤᠨ ᠠᠮᠢᠳᠤᠷᠠᠯ ᠠᠴᠠ ᠬᠣᠯᠠᠳᠠᠵᠤ᠂ ᠬᠠᠷᠢᠶᠠᠯ ᠭᠤᠲᠤᠭᠠᠯ᠎ᠠ ᠭᠣᠮᠣᠳᠠᠯ ᠎ᠤᠨ ᠦᠭᠡ ᠶᠢ ᠢᠷᠥᠭᠡᠯ ᠰᠢᠤᠬᠠᠨ ᠤᠷᠤᠰᠬᠠᠵᠤ᠂ ᠬᠡᠯᠡ ᠶᠠᠷᠢᠶᠠᠨ ᠤ ᠣᠷᠴᠢᠨ᠂ ᠵᠠᠩ ᠰᠡᠳᠬᠢᠴᠡ ᠶ᠋ᠢ ᠶᠡᠬᠡᠪᠡᠷ ᠪᠣᠬᠢᠷᠲᠤᠭᠤᠯᠵᠤ ᠪᠠᠢᠨ᠎ᠠ᠃ ᠡᠢᠮᠦᠷᠬᠦ ᠠᠮᠢᠳᠤᠷᠠᠯ ᠤᠨ ᠣᠷᠴᠢᠨ ᠨᠢ ᠬᠡᠦᠬᠡᠳ ᠦ᠋ᠨ ᠳᠡᠭᠵᠢᠨ ᠴᠣᠪᠣᠭᠣ ᠥᠭᠡᠳᠡᠷᠬᠡᠭ ᠰᠡᠳᠬᠢᠯ ᠢ ᠠᠯᠳᠠᠭᠤᠯᠵᠤ᠂ ᠨᠢᠯᠬ᠎ᠠ ᠣᠶᠤᠨ ᠳᠤ ᠨᠢ᠎ ᠶᠠᠮᠠᠷᠬᠠᠨ ᠪᠣᠬᠢᠷᠲᠤᠯ ᠳᠠᠷᠤᠭᠠᠰᠤ ᠠᠪᠴᠢᠷᠠᠭᠰᠠᠨ ᠢ ᠳᠣᠣᠷᠠᠬᠢ ᠮᠡᠲᠦ ᠠᠮᠢᠳᠤ ᠵᠢᠱ᠌ᠢᠶ᠎ᠡ ᠡᠴᠡ ᠬᠠᠷᠠᠭᠠᠷᠠᠢ᠃
    ᠪᠠᠭ᠎ᠠ ᠰᠤᠷᠭᠠᠭᠤᠯᠢ ᠶᠢᠨ ᠪᠡᠯᠡᠳᠬᠡᠯ ᠠᠩᠭᠢ ᠶᠢᠨ ᠰᠤᠷᠤᠯᠭ᠎ᠠ ᠳᠤ ᠪᠠᠨ ᠠᠨᠠᠢ ᠬᠦᠦ ᠰᠤᠷᠤᠯᠭ᠎ᠠ ᠰᠠᠢᠨ ᠨᠠᠢᠵᠠ ᠲᠠᠢ ᠪᠠᠨ ᠠᠲᠠᠭᠠᠷᠬᠠᠬᠤ ᠳᠤ ᠪᠠᠨ ᠠᠩᠭᠢ ᠶ᠋ᠢᠨ ᠭᠡᠷ ᠲᠦ᠍ ᠬᠥᠮᠦᠨ ᠦᠭᠡᠢ ᠶ᠋ᠢ ᠵᠠᠪᠰᠢᠨ ᠨᠠᠢᠵᠠ ᠶ᠋ᠢᠨ ᠢ᠋ᠶ᠋ᠡᠨ ᠬᠢᠴᠢᠶᠡᠯ ᠦ᠋ᠨ ᠨᠣᠮ ᠢ ᠵᠣᠷᠯᠣᠩ ᠳ᠋ᠤ᠌ ᠠᠪᠠᠴᠢᠨ ᠬᠠᠶᠠᠭᠰᠠᠨ ᠪᠠᠢᠨ᠎ᠠ᠃ ᠰᠤᠮᠤᠨ ᠤ᠋ ᠰᠤᠷᠭᠠᠭᠤᠯᠢ ᠶ᠋ᠢᠨ ᠬᠣᠶᠠᠳᠤᠭᠠᠷ ᠠᠩᠭᠢ ᠳ᠋ᠤ᠌ ᠰᠤᠷᠤᠯᠴᠠᠭ᠎ᠠ ᠨᠡᠯᠢᠶᠡᠳ ᠠᠯᠢᠶ᠎ᠠ ᠬᠦᠦ ᠶ᠋ᠢ ᠪᠠᠭᠰᠢ ᠨᠢ ᠪᠡᠶ᠎ᠡ ᠪᠡᠨ ᠪᠠᠷᠢᠬᠤ ᠴᠢᠳᠠᠪᠤᠷᠢ ᠶ᠋ᠢ ᠨᠢ ᠬᠥᠮᠦᠵᠢᠭᠦᠯᠬᠦ ᠭᠡᠮᠡᠨ ᠠᠩᠭᠢ ᠶ᠋ᠢᠨ ᠳᠠᠷᠤᠭ᠎ᠠ ᠪᠣᠯᠭᠠᠭᠰᠠᠨ ᠪᠠᠢᠨ᠎ᠠ᠃ ᠭᠡᠷ ᠲᠦ᠍ ᠪᠡᠨ ᠢᠷᠡᠭᠡᠳ ᠦᠭᠡ ᠰᠣᠨᠣᠰᠬᠤ ᠦᠭᠡᠢ ᠪᠣᠯᠬᠤ ᠪᠠᠷ ᠡᠵᠢ ᠨᠢ《ᠴᠢ ᠡᠨᠡ ᠮᠡᠲᠦ ᠦᠭᠡ ᠰᠣᠨᠣᠰᠬᠤ ᠦᠭᠡᠢ ᠠᠯᠢᠶᠠᠷᠬᠠᠭᠠᠳ ᠪᠠᠢᠪᠠᠯ ᠠᠩᠭᠢ ᠶ᠋ᠢᠨ ᠳᠠᠷᠤᠭ᠎ᠠ ᠪᠠᠨ ᠠᠯᠳᠠᠨ᠎ᠠ ᠰᠢᠦ》 ᠭᠡᠰᠡᠨ ᠳ᠋ᠦ᠍ ᠬᠦᠦ᠄《ᠭᠧᠩ ᠭᠧᠩ᠂ ᠰᠢᠬᠢᠷ ᠲᠦᠭᠡᠭᠡᠪᠡᠯ ᠮᠠᠨ ᠤ᠋ ᠠᠩᠭᠢ ᠶ᠋ᠢᠨ ᠬᠢ ᠪᠦᠷ ᠨᠠᠳᠠ ᠶ᠋ᠢ ᠰᠣᠩᠭᠣᠴᠢᠬᠠᠨ᠎ᠠ 》ᠭᠡᠮᠡᠨ ᠬᠡᠯᠡᠵᠦ ᠪᠠᠢᠨ᠎ᠠ᠃ ᠨᠢᠭᠡᠨ ᠮᠠᠯᠵᠢᠬᠤ ᠬᠤᠰᠢᠭᠤᠨ ᠤ᠋ ᠮᠠᠯ ᠠᠵᠤ ᠠᠬᠤᠢ ᠶ᠋ᠢᠨ ᠲᠣᠪᠴᠢᠶᠠᠨ ᠳ᠋ᠤ᠌ ᠲᠣᠪᠴᠢᠶᠠᠨ ᠳᠠᠷᠤᠭ᠎ᠠ ᠶ᠋ᠢᠨ ᠲᠤᠰᠢᠶᠠᠯ ᠳ᠋ᠤ᠌ ᠶᠠᠪᠤᠭ᠎ᠠ ᠳᠠᠷᠤᠭ᠎ᠠ ᠶ᠋ᠢᠨ ᠪᠠᠭ᠎ᠠ ᠰᠤᠷᠭᠠᠭᠤᠯᠢ ᠶ᠋ᠢᠨ ᠨᠢᠭᠡᠳᠦᠭᠡᠷ ᠣᠨ ᠳ᠋ᠤ᠌ ᠰᠤᠷᠤᠯᠴᠠᠭ᠎ᠠ ᠬᠦᠦ ᠡᠴᠡ ᠪᠠᠭᠰᠢ ᠨᠢ᠄《ᠠᠪᠤ ᠴᠢᠨᠢ ᠣᠢᠷ᠎ᠠ ᠳ᠋ᠤ᠌ ᠶᠠᠭᠤ ᠬᠢᠭᠡᠳ ᠶᠠᠭᠠᠷᠠᠵᠤ ᠪᠠᠢᠨ᠎ᠠ ᠪᠣᠢ ?》ᠭᠡᠮᠡᠨ ᠠᠰᠠᠭᠤᠭᠰᠠᠨ ᠳ᠋ᠤ᠌᠄ 《ᠠᠪᠤ ᠳᠠᠷᠤᠭ᠎ᠠ ᠪᠣᠯᠤᠨ᠎ᠠ ᠭᠡᠳ ᠡᠳᠦᠷᠵᠢᠨ ᠭᠠᠳᠠᠨ᠎ᠠ ᠠᠷᠢᠬᠢ ᠤᠤᠭᠤᠵᠤ ᠪᠠᠢᠨ᠎ᠠ》 ᠭᠡᠮᠡᠨ ᠬᠡᠯᠡᠭᠰᠡᠨ ᠪᠠᠢᠳᠠᠭ᠃ ᠭᠤᠸᠠᠩᠵᠧᠦ ᠬᠣᠲᠠ ᠶ᠋ᠢᠨ ᠨᠠᠢ᠍ᠮᠠᠨ ᠨᠠᠰᠤᠲᠠᠢ ᠥᠬᠢᠨ ᠡᠴᠡ ᠬᠣᠵᠢᠮ ᠤ᠋ᠨ ᠬᠦᠰᠡᠯᠡᠩ ᠢ ᠨᠢ ᠠᠰᠠᠭᠤᠬᠤ ᠳ᠋ᠤ᠌᠄《ᠠᠪᠯᠢᠭᠠᠴᠢ ᠨᠣᠶᠠᠨ ᠰᠠᠭᠤᠨ᠎ᠠ》 ᠭᠡᠮᠡᠨ ᠰᠢᠭᠤᠷᠬᠠᠢ ᠬᠠᠷᠢᠭᠤᠯᠤᠭᠰᠠᠨ  ᠢ ᠲᠥᠪ ᠲᠧᠯᠸᠢᠰ ᠡᠴᠡ ᠬᠠᠷᠠᠭᠰᠠᠨ ᠢ᠋ᠶ᠋ᠠᠨ ᠰᠠᠨᠠᠵᠤ ᠪᠠᠢᠨ᠎ᠠ᠃ ᠡᠳᠡᠭᠡᠷ ᠴᠢᠨᠢ ᠪᠦᠷ ᠯᠡ ᠭᠡᠨᠡᠨ ᠴᠠᠢᠯᠭᠠᠨ ᠬᠡᠦᠬᠡᠳ ᠦ᠋ᠨ ᠰᠡᠳᠬᠢᠯ ᠳ᠋ᠦ᠍ ᠰᠣᠶᠣᠭᠠᠯᠠᠵᠤ ᠪᠠᠢᠭ᠎ᠠ ᠬᠥᠮᠦᠨ ᠪᠣᠯᠬᠤ ᠲᠥᠯᠦᠪᠰᠢᠯ᠃ ᠡᠢᠮᠦᠷᠬᠦ ᠨᠡᠢᠭᠡᠮ ᠦ᠋ᠨ ᠠᠭᠠᠷ᠂ ᠭᠡᠷ ᠦ᠋ᠨ ᠬᠥᠮᠦᠵᠢᠯ ᠳ᠋ᠡᠬᠢ ᠣᠰᠣᠯ ᠳᠣᠭᠣᠯᠳᠠᠯ ᠪᠤᠶᠤ ᠵᠥᠪ ᠰᠠᠨᠠᠭᠠᠨ ᠤ᠋ ᠨᠣᠮᠯᠠᠯ ᠳᠤᠲᠠᠭᠰᠠᠨ ᠠ᠋ᠴᠠ ᠪᠣᠯᠤᠭᠰᠠᠨ ᠵᠠᠯᠠᠭᠤᠴᠤᠳ ᠤ᠋ᠨ ᠪᠦᠳᠦᠭᠦᠯᠢᠭ ᠲᠠᠩᠬᠠᠢ ᠮᠠᠭᠤᠬᠠᠢ ᠦᠵᠡᠯ ᠬᠢᠳᠡᠯ ᠢ ᠠᠯᠢ ᠶ᠋ᠢ ᠨᠢ ᠲᠣᠭᠠᠴᠠᠭᠠᠳ ᠪᠠᠷᠠᠬᠤ ᠪᠢᠯᠡ᠃
    ᠮᠠᠨ ᠤ᠋ ᠨᠣᠮ ᠰᠣᠨᠢᠨ ᠷᠠᠳᠢᠣ᠋ ᠲᠧᠯᠸᠢᠰ ᠳᠡᠭᠡᠷᠡᠬᠢ ᠰᠤᠷᠲᠠᠯᠴᠢᠯᠠᠭ᠎ᠠ ᠵᠢᠴᠢ ᠠᠪᠤ ᠡᠵᠢ ᠪᠠᠭᠰᠢ ᠠ᠋ᠴᠠ ᠱᠠᠭᠠᠷᠳᠠᠵᠤ ᠪᠠᠢᠭ᠎ᠠ ᠬᠥᠮᠦᠨ ᠪᠣᠯᠬᠤ ᠪᠠᠷᠢᠮᠵᠢᠶ᠎ᠠ ᠪᠣᠯᠤᠨ ᠬᠥᠮᠦᠰ ᠦ᠋ᠨ ᠪᠣᠳᠠᠲᠤ ᠠᠮᠢᠳᠤᠷᠠᠯ ᠳᠤᠮᠳᠠᠬᠢ ᠬᠢᠳᠡᠯ ᠭᠦᠶᠦᠳᠡᠯ ᠦᠢᠯᠡ ᠶᠠᠷᠢᠶ᠎ᠠ ᠦᠨᠡᠬᠡᠷ ᠲᠤᠩ ᠵᠥᠷᠢᠶ᠎ᠡ ᠲᠡᠢ ᠮᠥᠷᠲᠡᠭᠡᠨ ᠵᠥᠷᠢᠴᠡᠯ ᠲᠡᠢ ᠪᠣᠯᠵᠠᠢ᠃ ᠬᠡᠦᠬᠡᠳ ᠦ᠋ᠨ ᠰᠡᠳᠬᠢᠯ ᠳ᠋ᠦ᠍ ᠠᠰᠢᠭ ᠬᠣᠨᠵᠢᠶᠠᠨ ᠤ᠋ ᠲᠤᠬᠠᠢ ᠨᠠᠵᠠᠭᠠᠢ ᠦᠵᠡᠯ ᠰᠡᠳᠬᠢᠯᠭᠡᠨ ᠪᠦᠷᠢᠯᠳᠦᠭᠰᠡᠨ ᠬᠣᠢᠨ᠎ᠠ ᠰᠤᠷᠭᠠᠭᠤᠯᠢ ᠨᠡᠢᠭᠡᠮ ᠡᠴᠡ ᠲᠤᠰᠢᠶᠠᠭᠰᠠᠨ ᠲᠡᠷᠡ ᠣᠯᠠᠨ ᠶᠣᠰᠣ ᠮᠣᠷᠠᠯ ᠳᠦᠷᠢᠮ ᠲᠣᠭᠲᠠᠭᠠᠯ ᠨᠢ ᠰᠠᠨᠠᠭᠠᠨ ᠤ᠋ ᠬᠢᠨᠢ ᠥᠩᠭᠡ ᠪᠣᠯᠤᠨ ᠵᠠᠩᠰᠢᠯ ᠳᠠᠳᠬᠠᠯ ᠲᠠᠢ ᠨᠡᠢᠴᠡᠬᠦ ᠦᠭᠡᠢ ᠪᠣᠯᠤᠭᠰᠠᠨ ᠠ᠋ᠴᠠ ᠰᠠᠢᠨ ᠦᠷ᠎ᠡ ᠦᠢᠯᠡᠳᠦᠯ ᠭᠠᠷᠬᠤ ᠦᠭᠡᠢ ᠪᠣᠯᠳᠠᠭ᠃ᠡᠨᠡᠬᠦ ᠠᠭᠠᠷ ᠲᠤ᠌ ᠬᠡᠦᠬᠡᠳ ᠮᠠᠨᠢ ᠵᠥᠪ ᠪᠣᠳᠣᠯ ᠥᠭᠡᠳᠡᠷᠬᠡᠭ ᠰᠡᠳᠬᠢᠯᠭᠡᠨ ᠲᠡᠢ ᠬᠥᠮᠦᠵᠢᠭᠳᠡᠬᠦ ᠳ᠋ᠦ᠍ ᠬᠡᠴᠡᠭᠦᠦ ᠪᠣᠯᠵᠤ ᠪᠠᠢᠨ᠎ᠠ᠃
    ᠪᠢᠳᠡ ᠪᠣᠯ ᠲᠡᠭᠷᠢ ᠭᠠᠵᠠᠷ ᠵᠢᠶᠠᠨ ᠰᠢᠲᠦᠵᠦ ᠣᠩᠭᠣᠨ ᠪᠠᠢᠭᠠᠯᠢ ᠶ᠋ᠢᠨ ᠢ᠋ᠶ᠋ᠡᠨ ᠤᠨᠠᠭᠠᠨ ᠲᠥᠷᠬᠦ ᠶ᠋ᠢ ᠳᠠᠭᠠᠵᠤ ᠣᠮᠣᠭ ᠵᠣᠷᠢᠭ ᠬᠡᠢᠮᠣᠷᠢ ᠰᠦᠷ ᠨᠢ ᠪᠣᠰᠳᠠᠭ ᠮᠠᠯᠵᠢᠬᠤ ᠣᠲᠣᠮᠳᠠᠨ᠃ᠥᠪᠥᠷ ᠮᠣᠩᠭᠣᠯ ᠳ᠋ᠤ᠌ ᠪᠡᠯᠴᠢᠭᠡᠷ ᠤᠰᠤ ᠮᠠᠯᠵᠢᠬᠤ ᠰᠣᠶᠣᠯ ᠠᠯᠢ ᠬᠣᠰᠢᠭᠤ ᠨᠤᠲᠤᠭ ᠲᠤ᠌ ᠨᠢ ᠬᠢᠷᠢ ᠵᠡᠷᠭᠡ ᠬᠠᠮᠠᠭᠠᠯᠠᠭᠳᠠᠨ ᠦᠯᠡᠳᠡᠵᠦ ᠪᠠᠢᠭ᠎ᠠ ᠭᠠᠵᠠᠷ ᠵᠦᠢ ᠶ᠋ᠢᠨ ᠵᠢᠷᠤᠭ ᠢ᠋ᠶ᠋ᠠᠷ ᠪᠥᠬᠡ ᠮᠣᠷᠢᠨ ᠤ᠋ ᠬᠢᠨᠢ ᠲᠠᠷᠬᠠᠯᠲᠠ ᠬᠥᠮᠦᠨ ᠰᠣᠶᠣᠯ ᠤ᠋ᠨ ᠬᠢᠨᠢ ᠥᠳᠬᠡᠴᠡ ᠶ᠋ᠢ ᠰᠢᠭᠤᠳ ᠣᠯᠵᠤ ᠬᠠᠷᠠᠨ᠎ᠠ᠃ ᠡᠨᠡ ᠪᠣᠯ ᠵᠢᠩᠬᠢᠨᠢ ᠪᠠᠢᠭᠠᠯᠢ ᠰᠣᠶᠣᠯ ᠵᠦᠢ ᠶ᠋ᠢᠨ ᠭᠠᠵᠠᠷ ᠦᠨ ᠵᠢᠷᠤᠭ ᠪᠠᠢᠭ᠎ᠠ᠂ ᠪᠠᠢᠭᠠᠯᠢ ᠠᠮᠢ ᠠᠬᠤᠢ ᠶ᠋ᠢᠨ ᠡᠪᠳᠡᠷᠡᠯ ᠢ ᠳᠠᠭᠠᠵᠤ ᠨᠡᠢᠭᠡᠮ ᠰᠣᠶᠣᠯ ᠤ᠋ᠨ ᠠᠮᠢ ᠠᠬᠤᠢ ᠴᠤ᠌ ᠲᠡᠩᠴᠡᠭᠦᠷᠢ ᠪᠠᠨ ᠠᠯᠳᠠᠳᠠᠭ ᠵᠢᠮ᠎ᠡ ᠡᠨᠡ ᠳᠡ! ᠡᠬᠡ ᠪᠠᠢᠭᠠᠯᠢ ᠠ᠋ᠴᠠ ᠪᠠᠨ ᠲᠥᠷᠥᠵᠦ ᠲᠥᠯᠵᠢᠳᠡᠭ ᠬᠥᠮᠦᠨ ᠠᠮᠢᠲᠠᠨ᠂ ᠲᠦᠮᠡᠨ ᠪᠣᠳᠠᠰ ᠪᠦᠷ ᠯᠡ ᠪᠠᠢᠭᠠᠯᠢ ᠶ᠋ᠢᠨ ᠢ᠋ᠶ᠋ᠡᠨ ᠥᠩᠭᠡ ᠲᠥᠷᠬᠦ ᠪᠡᠷ ᠬᠡᠢᠮᠣᠷᠢ ᠵᠢᠪᠬᠤᠭ᠎ᠠ ᠲᠠᠢ ᠤᠬᠠᠭᠠᠯᠢᠭ ᠭᠡᠭᠡᠨᠯᠢᠭ ᠠᠮᠢᠳᠤᠷᠠᠳᠠᠭ ᠪᠣᠯᠬᠣᠷ ᠮᠠᠨ ᠤ᠋ ᠮᠠᠯᠴᠢᠨ ᠲᠦᠮᠡᠨ ᠥᠨᠥᠳᠥᠷ ᠡᠷᠬᠡ ᠮᠥᠩᠭᠥ ᠳᠠᠭᠠᠭᠰᠠᠨ ᠬᠦᠴᠦᠨ ᠢ ᠬᠡᠲᠦᠷᠬᠡᠢ ᠰᠢᠲᠦᠪᠡᠯ ᠬᠥᠮᠦᠨ ᠮᠥᠰᠥ ᠠᠯᠢ ᠦᠨᠡᠲᠦ ᠠᠷᠢᠭᠤᠨ ᠴᠢᠨᠠᠷ ᠤᠳᠤᠮ ᠴᠢᠰᠤ ᠪᠠᠨ ᠠᠯᠳᠠᠵᠤ ᠪᠦᠷᠢᠯᠭᠡᠬᠦ ᠲᠠᠪᠢᠯᠠᠩ ᠳ᠋ᠤ᠌ ᠤᠨᠠᠨ᠎ᠠ ᠭᠡᠳᠡᠭ ᠢ ᠡᠷᠲᠡᠬᠡᠨ ᠰᠡᠷᠡᠵᠦ ᠮᠡᠳᠡᠭᠡᠷᠡᠢ! ᠮᠥᠩᠭᠥ ᠲᠥᠭᠥᠷᠢᠭ ᠴᠢᠨᠢ ᠵᠠᠷᠤᠭᠠᠳ ᠪᠠᠷᠠᠪᠠᠯ ᠴᠠᠭᠠᠰᠤ ᠲᠡᠳᠦᠢ᠂ ᠡᠷᠬᠡ ᠶᠠᠩᠪᠠ ᠴᠢᠨᠢ ᠬᠤᠭᠤᠴᠠᠭ᠎ᠠ ᠨᠢ ᠥᠩᠭᠡᠷᠡᠪᠡᠯ ᠬᠣᠭᠣᠰᠣᠨ ᠨᠡᠷ᠎ᠡ ᠲᠡᠳᠦᠢ᠂ ᠦᠷ᠎ᠡ ᠲᠦᠮᠡᠨ ᠳ᠋ᠦ᠍ ᠮᠢᠨᠢ ᠥᠨᠢ ᠡᠭᠦᠷᠢᠳᠡ ᠥᠪ ᠬᠥᠷᠥᠩᠭᠡ ᠪᠣᠯᠵᠤ ᠦᠯᠡᠳᠡᠬᠦ ᠨᠢ ᠡᠴᠦᠰ ᠲᠦ᠍ ᠪᠡᠨ ᠬᠠᠰᠢᠯᠠ ᠵᠥᠪ ᠬᠥᠮᠦᠵᠢᠯ ᠰᠤᠷᠭᠠᠯ ᠰᠢᠦ ᠳᠡ! ᠲᠡᠭᠡᠬᠦ ᠡᠴᠡ ᠪᠢᠳᠡ ᠪᠦᠬᠦᠨ ᠶᠠᠰᠤ ᠬᠠᠲᠠᠭᠤ ᠡᠪᠦᠭᠡᠳ ᠦ᠋ᠨ ᠢ᠋ᠶ᠋ᠡᠨ ᠶᠣᠰᠣ ᠴᠢᠩᠭ᠎ᠠ ᠠᠮᠢᠳᠤᠷᠠᠯ ᠤ᠋ᠨ ᠰᠤᠷᠲᠠᠯ ᠢ ᠨᠢ ᠦᠷ᠎ᠡ ᠬᠡᠦᠬᠡᠳ ᠲᠦ᠍ ᠪᠡᠨ ᠥᠪᠯᠡᠵᠦ ᠤᠯᠠᠮᠵᠢᠯᠠᠬᠤ ᠶ᠋ᠢ ᠮᠥᠩᠬᠡ ᠶ᠋ᠢᠨ ᠬᠥᠷᠥᠩᠭᠡ ᠭᠡᠮᠡᠨ ᠤᠬᠠᠭᠠᠷᠠᠶ᠎ᠠ!
    ᠴᠢᠪᠠᠭ᠎ᠠ ᠪᠠᠯᠭᠠᠰᠤᠨ ᠳ᠋ᠠᠬᠢ《ᠨᠣᠮᠢᠨ ᠷᠠᠰᠢᠶᠠᠨ》ᠨᠣᠮ ᠤ᠋ᠨ ᠳᠡᠯᠭᠡᠭᠦᠷ ᠦ᠋ᠨ ᠡᠵᠡᠩᠨᠡᠭᠴᠢ ᠨᠠᠰᠤᠨ᠌ᠦ᠌ᠯᠵᠡᠢ ᠡᠴᠡ ᠮᠠᠯᠴᠢᠳ ᠦᠨ ᠨᠣᠮ ᠤᠩᠰᠢᠵᠤ ᠪᠠᠢᠭ᠎ᠠ ᠪᠠᠢᠳᠠᠯ ᠢ᠋ ᠠᠰᠠᠭᠤᠬᠤ ᠳ᠋ᠤ᠌ ᠠᠷᠤ ᠬᠣᠷᠴᠢᠨ ᠤ᠋ ᠬᠣᠢᠲᠤ ᠬᠡᠰᠡᠭ ᠦ᠋ᠨ ᠮᠠᠯᠵᠢᠬᠤ ᠠᠮᠢᠳᠤᠷᠠᠯ ᠢ᠋ᠶ᠋ᠠᠨ ᠬᠠᠳᠠᠭᠠᠯᠠᠵᠤ ᠪᠠᠢᠭ᠎ᠠ ᠬᠥᠮᠦᠰ ᠦ᠋ᠨ ᠨᠣᠮ ᠤᠩᠰᠢᠬᠤ ᠰᠣᠨᠢᠷᠬᠠᠯ ᠨᠢ ᠮᠠᠯᠵᠢᠯ ᠤ᠋ᠨ ᠠᠮᠢᠳᠤᠷᠠᠯ ᠨᠢᠮᠭᠡᠷᠡᠵᠦ ᠪᠠᠢᠭ᠎ᠠ ᠡᠮᠦᠨ᠎ᠡ ᠬᠡᠰᠡᠭ ᠦ᠋ᠨ ᠬᠥᠮᠦᠰ ᠡᠴᠡ ᠪᠡᠨ ᠬᠣᠯᠠ ᠥᠨᠳᠥᠷ ᠭᠡᠮᠡᠨ ᠶᠠᠷᠢᠵᠤ ᠪᠠᠢᠭᠰᠠᠨ᠃ ᠬᠥᠮᠦᠰ ᠦ᠋ᠨ ᠠᠵᠢᠯ ᠠᠮᠢᠳᠤᠷᠠᠯ ᠤ᠋ᠨ ᠣᠷᠴᠢᠨ ᠰᠣᠯᠢᠭᠳᠠᠬᠤ ᠪᠤᠶᠤ ᠪᠠᠢᠭᠠᠯᠢ ᠣᠷᠴᠢᠨ ᠨᠡᠢᠭᠡᠮ ᠦᠢᠯᠡᠳᠪᠦᠷᠢᠯᠡᠯ ᠦ᠋ᠨ ᠣᠷᠴᠢᠨ ᠬᠤᠪᠢᠷᠠᠬᠤ ᠶ᠋ᠢ ᠳᠠᠭᠠᠯᠳᠤᠨ ᠬᠥᠮᠦᠰ ᠦ᠋ᠨ ᠬᠠᠷᠢᠯᠴᠠᠭ᠎ᠠ᠂ ᠠᠰᠢᠭ ᠰᠣᠨᠢᠷᠬᠠᠯ᠂ ᠦᠵᠡᠯ ᠰᠡᠳᠬᠢᠯᠭᠡᠨ ᠳ᠋ᠦ᠍ ᠴᠥᠮ ᠬᠤᠪᠢᠷᠠᠯᠲᠠ ᠡᠭᠦᠰᠳᠡᠭ᠃ ᠮᠠᠨᠤᠰ ᠤ᠋ᠨ ᠶᠠᠭᠤ ᠶ᠋ᠢ ᠪᠠᠬᠠᠷᠬᠠᠵᠤ᠂ ᠶᠠᠭᠤ ᠶ᠋ᠢ ᠰᠢᠲᠦᠵᠦ ᠪᠠᠢᠬᠤ᠂ ᠶᠠᠭᠤ ᠬᠦᠰᠡᠵᠦ ᠶᠠᠭᠤᠨ ᠳ᠋ᠤ᠌ ᠲᠡᠮᠡᠦᠯᠵᠦ ᠪᠠᠢᠭ᠎ᠠ ᠪᠣᠳᠣᠯ ᠰᠡᠳᠬᠢᠯᠭᠡᠨ ᠴᠢᠨᠢ ᠡᠳᠦᠷ ᠳᠣᠳᠣᠮ ᠤ᠋ᠨ ᠶᠠᠷᠢᠶ᠎ᠠ ᠵᠣᠭᠣᠭ ᠠᠵᠢᠯ ᠠᠮᠢᠳᠤᠷᠠᠯ ᠢ᠋ᠶ᠋ᠠᠷ ᠳᠠᠮᠵᠢᠨ ᠬᠡᠦᠬᠡᠳ ᠢ᠋ ᠰᠢᠭᠤᠳ ᠨᠥᠯᠥᠭᠡᠯᠡᠳᠡᠭ ᠰᠢᠦ᠃ ᠪᠠᠶᠠᠨ ᠢ᠋ᠶ᠋ᠠᠨ ᠭᠠᠢᠬᠠᠭᠤᠯᠤᠭᠠᠳ ᠯᠠᠷᠵᠢᠶ᠎ᠠ ᠲᠠᠲᠠᠭᠠᠳ ᠪᠠᠢᠪᠠᠯ ᠪᠠᠷᠠᠮᠠᠯ ᠬᠡᠦᠬᠡᠳ ᠢ᠋ ᠯᠡ ᠥᠰᠬᠡᠨ᠎ᠡ᠃ ᠳᠤᠮᠳᠠᠳᠤ ᠶ᠋ᠢᠨ ᠬᠡᠳᠦᠨ ᠵᠢᠭᠤᠯᠴᠢᠨ ᠭᠧᠷᠮᠠᠨ ᠤ᠋ ᠬᠣᠭᠣᠯᠠᠨ ᠭᠡᠷ ᠲᠦ᠍ ᠬᠡᠳᠦ ᠠᠷᠪᠢᠨ ᠬᠣᠭᠣᠯᠠ ᠵᠠᠬᠢᠶᠠᠯᠠᠭᠠᠳ ᠢᠳᠡᠵᠦ ᠪᠠᠷᠠᠭᠰᠠᠨ ᠦᠭᠡᠢ ᠦᠯᠡᠳᠡᠭᠡᠵᠦ ᠭᠠᠷᠬᠤ ᠳ᠋ᠤ᠌ ᠪᠠᠨ ᠲᠣᠷᠭᠠᠭᠤᠯᠢ ᠳ᠋ᠤ᠌ ᠤᠴᠠᠷᠠᠬᠤ ᠦᠶᠡᠰ 《ᠪᠢᠳᠡ ᠥᠪᠡᠷ ᠦ᠋ᠨ ᠢ᠋ᠶ᠋ᠡᠨ ᠮᠥᠩᠭᠥ ᠶ᠋ᠢ ᠦᠷᠡᠬᠦ ᠶᠠᠮᠠᠷ ᠬᠠᠮᠢᠶᠠᠲᠠᠢ ᠪᠣᠢ?》 ᠭᠡᠮᠡᠨ ᠮᠠᠷᠭᠤᠬᠤ ᠳ᠋ᠤ᠌《ᠮᠥᠩᠭᠥ ᠴᠢᠨᠢ ᠲᠠᠨ ᠤ᠋ ᠬᠢ᠂ ᠭᠡᠪᠡᠴᠦ ᠲᠠᠨ ᠤ᠋ ᠪᠦᠷᠢᠯᠭᠡᠵᠦ ᠪᠠᠢᠭ᠎ᠠ ᠡᠬᠢ ᠪᠠᠶᠠᠯᠢᠭ ᠪᠣᠯ ᠪᠦᠬᠦ ᠬᠥᠮᠦᠨ ᠲᠥᠷᠥᠯᠬᠢᠲᠡᠨ ᠦ᠌ ᠰᠢᠦ》 ᠭᠡᠮᠡᠨ ᠰᠤᠷᠭᠠᠭᠰᠠᠨ ᠲᠤᠬᠠᠢ ᠰᠦᠯᠵᠢᠶ᠎ᠡ ᠡᠴᠡ ᠬᠠᠷᠠᠭᠰᠠᠨ ᠢ᠋ᠶ᠋ᠠᠨ ᠰᠠᠨᠠᠵᠤ ᠪᠠᠢᠨ᠎ᠠ᠃ ᠮᠠᠯᠴᠢᠨ ᠠᠷᠠᠳ ᠤ᠋ᠨ ᠮᠥᠬᠥᠯᠢᠭ ᠠᠮᠤ ᠶ᠋ᠢ ᠴᠦ᠍ ᠪᠦᠷᠢᠯᠭᠡᠬᠦ ᠦᠭᠡᠢ ᠠᠷᠪᠢᠴᠢ ᠶᠣᠰᠣ ᠦᠨᠡᠨ ᠳ᠋ᠦ᠍ ᠪᠡᠨ ᠪᠥᠮᠪᠥᠷᠴᠡᠭ ᠢ᠋ᠶ᠋ᠡᠨ ᠬᠠᠢᠷᠠᠯᠠᠭᠰᠠᠨ ᠪᠦᠲᠦᠨ ᠤᠬᠠᠭᠠᠨ ᠪᠠᠢᠭᠰᠠᠨ ᠢ᠋ ᠤᠬᠠᠭᠠᠷᠠᠬᠤ ᠶᠣᠰᠣᠲᠠᠢ᠂ ᠮᠠᠯᠵᠢᠬᠤ ᠨᠤᠲᠤᠭ ᠲᠤ᠌ ᠠᠩᠬ᠎ᠠ ᠴᠠᠭᠠᠴᠢᠯᠠᠵᠤ ᠢᠷᠡᠬᠦ ᠳᠦ ᠪᠡᠨ ᠤᠯᠠᠭᠠᠨ ᠨᠢᠴᠦᠭᠦᠨ ᠪᠠᠢᠭᠰᠠᠨ ᠢ᠋ᠶ᠋ᠠᠨ ᠨᠢᠭᠡ ᠮᠡᠳᠡᠬᠦ ᠳ᠋ᠦ᠍ ᠪᠠᠶᠠᠨ ᠴᠢᠨᠡᠭᠡᠯᠢᠭ ᠪᠣᠯᠴᠢᠬᠠᠭᠰᠠᠨ ᠲᠠᠷᠢᠶᠠᠴᠢᠨ ᠢᠷᠭᠡᠨ ᠦ᠌ ᠴᠠᠳᠴᠤ ᠬᠠᠩᠬᠤ ᠶ᠋ᠢ ᠮᠡᠳᠡᠬᠦ ᠦᠭᠡᠢ ᠨᠢᠳᠦᠨ ᠳ᠋ᠦ᠍ ᠥᠷᠲᠥᠭᠰᠡᠨ ᠪᠦᠬᠦᠨ ᠢ᠋ ᠭᠡᠷ ᠵᠦᠭ ᠢ᠋ᠶ᠋ᠡᠨ ᠬᠤᠮᠢᠳᠠᠭ《ᠬᠥᠳᠡᠯᠮᠦᠷᠢᠴᠢ》 ᠤᠬᠠᠭᠠᠨ ᠢ᠋ ᠰᠢᠲᠦᠭᠰᠡᠨ ᠦ᠌ ᠬᠡᠷᠡᠭ ᠠᠯᠠᠭ᠎ᠠ᠂ ᠬᠠᠷᠢᠨ ᠶᠠᠭᠤ ᠪᠦᠬᠦᠨ ᠢ᠋ ᠬᠡᠷᠡᠭᠴᠡᠭᠡᠨ ᠦ᠌ ᠬᠢᠷᠢ ᠳ᠋ᠦ᠍ ᠨᠥᠭᠡᠴᠡᠯᠡᠳᠡᠭ ᠮᠠᠯᠴᠢᠨ ᠬᠥᠮᠦᠨ ᠦ᠌《ᠠᠯᠵᠠᠭᠤ》ᠰᠤᠷᠲᠠᠯ ᠨᠡᠭᠦᠳᠡᠯᠴᠢᠨ ᠦ᠌ ᠶᠡᠬᠡ ᠤᠬᠠᠭᠠᠨ ᠪᠠᠢᠭᠰᠠᠨ ᠢ᠋ ᠮᠡᠳᠡᠭᠡᠷᠡᠢ! ᠲᠡᠢᠮᠦ ᠡᠴᠡ ᠬᠤᠪᠢᠷᠠᠯᠲᠠ ᠶᠡᠬᠡᠲᠡᠢ ᠥᠨᠥ ᠶ᠋ᠢᠨ ᠨᠡᠢᠭᠡᠮ ᠳ᠋ᠦ᠍ ᠮᠣᠩᠭᠣᠯᠴᠤᠳ ᠮᠠᠨᠢ ᠤᠯᠠᠮᠵᠢᠯᠠᠯᠲᠤ ᠦᠵᠡᠯᠲᠡ ᠰᠤᠷᠲᠠᠯ ᠢ᠋ᠶ᠋ᠠᠨ ᠮᠤᠵᠢᠭᠤᠳᠠ ᠪᠠᠷᠢᠮᠲᠠᠯᠠᠬᠤ ᠶ᠋ᠢ ᠪᠣᠳᠣᠭᠠᠷᠠᠢ᠃ ᠮᠠᠨ ᠤ᠋ ᠬᠥᠮᠦᠨ ᠵᠤᠨ ᠮᠠᠨᠢ ᠶᠠᠪᠤᠬᠤ ᠳᠣᠳᠣᠮ ᠬᠠᠷᠢᠶᠠᠯ ᠣᠯᠠᠨ ᠲᠠᠢ᠂ ᠳᠠᠷᠤᠭᠠᠰᠤ ᠶᠡᠬᠡ ᠲᠡᠢ᠂ ᠭᠣᠮᠣᠳᠠᠯ ᠣᠯᠠᠨ ᠲᠠᠢ᠂ ᠠᠲᠠᠭᠠᠷᠬᠠᠯ ᠶᠡᠬᠡ᠂ ᠪᠠᠴᠢᠮᠳᠠᠭᠤ ᠪᠤᠬᠢᠨᠢᠳᠤᠭᠤ ᠪᠠᠭᠲᠠᠷᠠᠯ ᠪᠡᠭᠲᠡᠷᠡᠯ ᠲᠡᠢ ᠪᠢᠲᠡᠭᠦᠦ ᠬᠠᠲᠠᠭᠤ ᠵᠠᠩ ᠰᠡᠳᠬᠢᠴᠡ ᠲᠡᠢ ᠪᠣᠯᠵᠤ ᠪᠠᠢᠭ᠎ᠠ ᠨᠢ ᠪᠦᠷ ᠯᠡ ᠮᠠᠯᠵᠢᠯ ᠤ᠋ᠨ ᠠᠮᠢᠳᠤᠷᠠᠯ ᠪᠤᠶᠤ ᠬᠥᠳᠡᠭᠡ ᠨᠤᠲᠤᠭ ᠡᠴᠡ ᠪᠡᠨ ᠬᠣᠯᠠᠳᠠᠭᠰᠠᠨ ᠠ᠋ᠴᠠ ᠣᠣᠷ ᠴᠢᠨᠠᠷ ᠢ᠋ᠶ᠋ᠠᠨ ᠠᠯᠳᠠᠵᠤ ᠪᠠᠢᠬᠤ ᠶ᠋ᠢᠨ ᠲᠡᠮᠳᠡᠭ ᠰᠢᠦ᠃ ᠲᠡᠢᠮᠦ ᠡᠴᠡ ᠲᠡᠷᠡ ᠰᠠᠢᠬᠠᠨ ᠶᠣᠰᠣ ᠵᠠᠩᠰᠢᠯ ᠢᠵᠠᠭᠤᠷ ᠰᠣᠶᠣᠯ ᠢ᠋ᠶ᠋ᠠᠨ ᠬᠠᠳᠠᠭᠠᠯᠠᠵᠤ ᠪᠠᠢᠭ᠎ᠠ ᠦᠵᠦᠮᠦᠴᠢᠨ ᠰᠥᠨᠢᠳ᠂ ᠠᠪᠠᠭ᠎ᠠ ᠠᠪᠠᠭᠠᠨᠠᠷ᠂ ᠪᠠᠷᠭᠤ ᠪᠤᠷᠢᠶᠠᠳ᠂ ᠲᠣᠷᠭᠤᠳ ᠥᠭᠡᠯᠡᠳ ᠶᠠᠰᠤᠲᠠᠨ ᠮᠠᠨᠢ ᠬᠥᠬᠡ ᠲᠡᠭᠷᠢ ᠬᠦᠯᠦᠭ ᠦ᠋ᠨ ᠲᠣᠭᠣᠰᠣ ᠡᠴᠡ ᠪᠡᠨ ᠪᠢᠲᠡᠭᠡᠢ ᠵᠠᠢᠳᠠᠭᠠᠰᠠᠢ! ᠲᠡᠭᠷᠢ ᠡᠴᠡ ᠡᠰᠢ ᠲᠡᠢ ᠠᠷᠢᠭᠤᠨ ᠴᠠᠢᠯᠭᠠᠨ ᠵᠠᠩ ᠢ᠋ᠶ᠋ᠠᠨ ᠪᠢᠲᠡᠭᠡᠢ ᠯᠡ ᠠᠯᠳᠠᠭᠠᠰᠠᠢ! ᠡᠨᠡ ᠪᠣᠯ ᠳᠡᠯᠡᠬᠡᠢ ᠳ᠋ᠦ᠍ ᠬᠣᠣᠰ ᠦᠭᠡᠢ ᠲᠩᠷᠢᠯᠢᠭ ᠳᠠᠷᠬᠠᠨ ᠰᠣᠶᠣᠯ ᠰᠢᠦ! ᠴᠡᠩᠬᠡᠷ ᠲᠡᠭᠷᠢ ᠴᠡᠯᠮᠡᠭ ᠠᠭᠠᠷ ᠴᠡᠩᠭᠡᠭ ᠤᠰᠤ ᠲᠠᠢ ᠬᠥᠳᠡᠭᠡ ᠨᠤᠲᠤᠭ ᠬᠥᠷᠥᠰᠥ ᠪᠡᠯᠴᠢᠭᠡᠷ ᠮᠠᠨᠢ ᠠᠯᠲᠠ ᠪᠣᠯᠤᠭᠰᠠᠨ ᠰᠢᠦ! ᠨᠠᠨᠳᠢᠩᠨᠠᠵᠤ ᠭᠠᠮᠨᠠᠵᠤ ᠶᠠᠪᠤᠶ᠎ᠠ!

   ᠦᠰᠦᠭ ᠠᠮᠢᠯᠠᠭᠤᠯᠤᠭᠴᠢ᠄ ᠵ ᠪᠤᠶᠠᠨᠲᠣᠭᠲᠠᠬᠤ᠂ ᠪᠦᠷᠢᠨᠴᠡᠴᠡᠭ᠂ ᠰ ᠳᠣᠷᠣᠨ᠎ᠠ
   ᠬᠢᠨᠠᠭᠰᠠᠨ ᠨᠢ᠄ ᠣᠳᠬᠠᠨᠰᠣ‌‍ᠠ᠋