ᠠᠢᠯ ᠪᠦᠯᠢ ᠶ᠋ᠢᠨ ᠬᠠᠷᠢᠴᠠᠭᠠᠨ ᠳ᠋ᠤ᠌ ᠬᠤᠪᠢᠷᠠᠯᠲᠠ ᠭᠠᠷᠤᠭᠰᠠᠨ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-02-ᠪᠣᠯᠣᠴᠢᠯᠠᠭᠤМонголчуудын гэр бүлийн хүмүүжил
ᠬᠣᠶᠠᠷ᠂ ᠠᠢᠯ ᠪᠦᠯᠢ ᠶ᠋ᠢᠨ ᠬᠠᠷᠢᠴᠠᠭᠠᠨ ᠳ᠋ᠤ᠌ ᠬᠤᠪᠢᠷᠠᠯᠲᠠ ᠭᠠᠷᠤᠭᠰᠠᠨ
ᠵᠠᠭᠤᠴᠢ ᠬᠥᠭᠵᠢᠭᠰᠡᠨ ᠡᠴᠡ ᠪᠣᠯᠵᠤ ᠭᠡᠷ ᠪᠦᠯᠢ ᠶ᠋ᠢᠨ ᠤᠯᠠᠮᠵᠢᠯᠠᠯᠲᠤ ᠬᠠᠷᠢᠴᠠᠭ᠎ᠠ ᠪᠦᠷᠢᠮᠦᠰᠦᠨ ᠡᠪᠳᠡᠭᠳᠡᠵᠡᠢ᠃ ᠥᠩᠭᠡᠷᠡᠭᠰᠡᠨ ᠦ᠌ ᠭᠡᠷ ᠪᠦᠯᠢ ᠬᠣᠭᠣᠯᠠ ᠴᠠᠢ ᠪᠠᠨ ᠢᠳᠡᠬᠦ ᠳ᠋ᠦ᠍ ᠪᠡᠨ ᠴᠦ᠍ ᠰᠢᠷᠡᠭᠡ ᠪᠡᠨ ᠲᠣᠭᠣᠷᠢᠵᠤ ᠰᠠᠭᠤᠭᠠᠳ ᠡᠵᠢ ᠶ᠋ᠢᠨ ᠲᠦᠭᠡᠭᠡᠭᠰᠡᠨ ᠴᠠᠢ ᠶ᠋ᠢᠨ ᠬᠡᠰᠢᠭ ᠢ᠋ ᠬᠦᠷᠲᠡᠵᠦ ᠨᠠᠷᠭᠢᠶ᠎ᠠ ᠬᠥᠭᠡᠷᠦᠭᠡ ᠲᠡᠢ ᠠᠮᠲᠠ ᠲᠠᠢ ᠪᠠᠶᠠᠰᠤᠯ ᠲᠠᠢ ᠴᠡᠢᠯᠡᠵᠦ ᠬᠣᠭᠣᠯᠠᠯᠠᠵᠤ ᠰᠠᠭᠤᠳᠠᠭ᠂ ᠨᠡᠩ ᠴᠢᠬᠤᠯᠠ ᠨᠢ ᠪᠣᠳᠣᠯ ᠰᠠᠨᠠᠭ᠎ᠠ ᠪᠠᠨ ᠣᠢᠯᠠᠭᠠᠯᠴᠠᠵᠤ ᠪᠠᠢᠳᠠᠭ ᠰᠢᠦ᠂ ᠣᠳᠣ ᠪᠣᠯ ᠥᠪᠡᠷ ᠥᠪᠡᠷ ᠦ᠋ᠨ ᠲᠧᠯᠸᠢᠰ ᠰᠤᠪᠠᠭ ᠢ᠋ᠶ᠋ᠠᠨ ᠪᠤᠯᠢᠶᠠᠯᠴᠠᠬᠤ ᠪᠤᠶᠤ ᠭᠠᠷ ᠤᠲᠠᠰᠤ ᠰᠦᠯᠵᠢᠶ᠎ᠡ ᠲᠡᠢ ᠵᠠᠭᠤᠷᠠᠯᠳᠤᠵᠤ ᠬᠣᠭᠣᠯᠠ ᠴᠠᠢ ᠪᠠᠨ ᠴᠤ᠌ ᠠᠮᠲᠠ ᠬᠣᠷᠢᠨ ᠲᠠᠪᠤ ᠵᠣᠭᠣᠭ ᠵᠤᠭ᠎ᠠ ᠲᠠᠢ ᠲᠦᠮᠡᠨ ᠢ᠋ ᠢᠳᠡᠬᠦ ᠦᠭᠡᠢ ᠪᠣᠯᠵᠠᠢ(ᠬᠣᠭᠣᠯᠠ ᠴᠠᠢ ᠶ᠋ᠢᠨ ᠴᠠᠭ ᠪᠣᠯ ᠬᠥᠮᠦᠰ ᠦ᠋ᠨ ᠪᠡᠶ᠎ᠡ ᠰᠡᠳᠬᠢᠯ ᠠᠮᠠᠷᠠᠵᠤ᠂ ᠠᠮᠢᠳᠤᠷᠠᠯ ᠤ᠋ᠨ ᠪᠠᠶᠠᠷ ᠪᠠᠶᠠᠰᠤᠯ ᠢ᠋ᠶ᠋ᠠᠨ ᠬᠤᠪᠢᠶᠠᠯᠴᠠᠬᠤ ᠬᠠᠮᠤᠭ ᠤ᠋ᠨ ᠵᠢᠷᠭᠠᠯᠲᠤ ᠮᠥᠴᠡ)᠃ ᠥᠩᠭᠡᠷᠡᠭᠰᠡᠨ ᠳ᠋ᠦ᠍ ᠬᠡᠦᠬᠡᠳ ᠡᠳᠦᠷᠵᠢᠨ ᠡᠴᠢᠭᠡ ᠡᠬᠡ ᠪᠡᠨ ᠰᠡᠭᠦᠯᠳᠡᠵᠦ ᠠᠰᠠᠭᠤᠬᠤ ᠦᠭᠡᠢ ᠵᠦᠢᠯ ᠦᠭᠡᠢ᠂ ᠬᠢᠵᠦ ᠣᠷᠣᠯᠳᠣᠬᠤ ᠦᠭᠡᠢ ᠴᠦ᠍ ᠶᠠᠭᠤᠮ᠎ᠠ ᠦᠭᠡᠢ ᠪᠠᠢᠭᠰᠠᠨ ᠠ᠋ᠴᠠ ᠬᠡᠦᠬᠡᠳ ᠦ᠋ᠨ ᠬᠡᠯᠡᠨ ᠦ᠌ ᠬᠥᠮᠦᠵᠢᠯ᠂ ᠠᠵᠢᠯ ᠤ᠋ᠨ ᠡᠪ ᠳᠠᠮ ᠰᠤᠷᠬᠤ᠂ ᠰᠡᠳᠬᠢᠬᠦ ᠮᠡᠲᠦ ᠰᠠᠷᠠᠯ ᠰᠡᠳᠬᠢᠬᠦᠢ ᠶ᠋ᠢᠨ ᠬᠥᠮᠦᠵᠢᠯ ᠳ᠋ᠦ᠍ ᠲᠤᠩ ᠰᠠᠢᠨ ᠨᠥᠯᠥᠭᠡ ᠦᠵᠡᠭᠦᠯᠳᠡᠭ ᠪᠠᠢᠯ᠎ᠠ᠃ ᠭᠡᠲᠡᠯ᠎ᠡ ᠣᠳᠣ ᠶ᠋ᠢᠨ ᠬᠡᠦᠬᠡᠳ ᠬᠥᠮᠦᠨ ᠲᠡᠢ ᠬᠠᠮᠲᠤ ᠦᠰᠦᠨ ᠪᠣᠢᠵᠢᠵᠤ ᠪᠠᠢᠨ᠎ᠠ ᠭᠡᠬᠦ ᠡᠴᠡ ᠮᠠᠰᠢᠨ ᠲᠠᠢ ᠬᠠᠮᠲᠤ ᠥᠰᠴᠦ ᠪᠠᠢᠨ᠎ᠠ ᠭᠡᠵᠦ ᠬᠡᠯᠡᠬᠦ ᠳ᠋ᠦ᠍ ᠢᠯᠡᠭᠦᠦ ᠲᠣᠬᠢᠷᠠᠮᠵᠢᠲᠠᠢ ᠪᠣᠯᠵᠠᠢ᠃ ᠲᠡᠳᠡ ᠲᠣᠮᠣ ᠬᠥᠮᠦᠰ ᠢ᠋ ᠳᠠᠭᠠᠵᠤ ᠥᠯᠥᠭᠡᠢ ᠲᠡᠢ ᠪᠠᠢᠬᠤ ᠠ᠋ᠴᠠ ᠪᠠᠨ ᠲᠧᠯᠸᠢᠰ ᠦᠵᠡᠵᠦ᠂ ᠪᠠᠭ᠎ᠠ ᠯᠠ ᠶᠡᠬᠡ ᠪᠣᠯᠣᠮᠠᠭᠴᠠ ᠡᠯ᠎ᠡ ᠵᠦᠢᠯ ᠦ᠋ᠨ ᠬᠡᠦᠬᠡᠯᠳᠡᠢ᠂ ᠮᠠᠰᠢᠨ ᠲᠣᠭᠯᠠᠭᠠᠮ᠂ ᠲᠡᠭᠡᠵᠦ ᠪᠠᠢᠲᠠᠯ᠎ᠠ ᠭᠠᠷ ᠤᠲᠠᠰᠤ ᠰᠦᠯᠵᠢᠶᠡᠨ ᠨᠠᠢᠵᠠ ᠲᠠᠢ ᠨᠥᠬᠥᠷᠯᠡᠵᠦ ᠬᠠᠵᠠᠭᠤ ᠳ᠋ᠠᠬᠢ ᠬᠥᠮᠦᠰ ᠡᠴᠡ ᠪᠡᠨ ᠬᠥᠨᠳᠡᠢᠷᠡᠵᠦ ᠵᠠᠢᠳᠠᠵᠤ ᠡᠬᠢᠯᠡᠳᠡᠭ ᠪᠠᠢᠨ᠎ᠠ᠃
ᠲᠣᠮᠣ ᠬᠥᠮᠦᠰ ᠦ᠋ᠨ ᠬᠢᠨᠢ ᠵᠠᠩ ᠰᠡᠳᠬᠢᠴᠡ ᠴᠦ᠍ ᠨᠡᠢᠭᠡᠮ ᠦ᠋ᠨ ᠬᠤᠪᠢᠷᠠᠯᠲᠠ ᠳᠤᠮᠳᠠ ᠲᠤᠩ ᠶᠡᠬᠡ ᠬᠤᠪᠢᠷᠠᠵᠤ ᠡᠪᠳᠡᠷᠡᠵᠦ ᠪᠠᠢᠨ᠎ᠠ᠃ ᠲᠠᠯ᠎ᠠ ᠰᠢᠭ᠋ ᠲᠡᠨᠢᠭᠦᠬᠡᠨ ᠰᠡᠳᠬᠢᠯ ᠠᠭᠤᠯᠠ ᠰᠢᠭ᠋ ᠲᠣᠭᠲᠠᠭᠤᠬᠠᠨ ᠵᠠᠩ ᠢ᠋ᠶ᠋ᠠᠨ ᠪᠦᠷ ᠠᠯᠳᠠᠴᠢᠬᠠᠭᠰᠠᠨ᠂ ᠡᠳᠦᠷᠵᠢᠨ ᠶᠠᠭᠤᠨ ᠳ᠋ᠤ᠌ ᠶᠠᠭᠠᠷᠠᠵᠤ ᠪᠠᠢᠬᠤ ᠪᠠᠨ ᠴᠤ᠌ ᠮᠡᠳᠡᠬᠦ ᠦᠭᠡᠢ ᠪᠣᠯᠵᠤ᠂ ᠠᠭᠤᠯᠵᠠᠵᠤ ᠤᠴᠠᠷᠠᠬᠤ ᠳ᠋ᠤ᠌ ᠪᠠᠨ ᠠᠮᠠᠷ ᠮᠡᠨᠳᠦ ᠴᠦ᠍ ᠦᠭᠡᠢ ᠪᠡᠷ ᠠᠮᠠ ᠨᠡᠭᠡᠭᠡᠮᠡᠭᠴᠡ ᠡᠷᠬᠡ ᠮᠥᠩᠭᠥ ᠠᠰᠢᠭ ᠬᠣᠨᠵᠢᠶ᠎ᠠ ᠭᠡᠳ ᠪᠦᠬᠦ ᠨᠡᠢᠭᠡᠮ ᠢ᠋ᠶ᠋ᠡᠷ ᠢ᠋ᠶ᠋ᠡᠨ ᠰᠣᠯᠢᠶᠠᠷᠠᠬᠤ ᠶ᠋ᠢᠨ ᠨᠠᠭᠠᠨ᠎ᠠ ᠴᠠᠭᠠᠨ᠎ᠠ ᠬᠦᠷᠴᠦ᠂ ᠭᠡᠷ ᠪᠦᠯᠢ ᠶ᠋ᠢᠨ ᠭᠡᠭᠡᠨ ᠲᠤᠩᠭᠠᠯᠠᠭ ᠠᠭᠠᠷ ᠪᠦᠷᠬᠦᠭ ᠪᠦᠳᠡᠭᠢ ᠪᠣᠯᠵᠠᠢ᠃ ᠵᠢᠷ ᠦ᠋ᠨ ᠨᠢᠭᠡᠨ ᠬᠣᠲᠠ ᠶ᠋ᠢᠨ ᠠᠢᠯ ᠢ᠋ ᠲᠥᠰᠦᠭᠡᠯᠡᠵᠦ ᠦᠵᠡᠶ᠎ᠡ᠃ ᠬᠡᠦᠬᠡᠳ ᠨᠢ ᠰᠤᠷᠭᠠᠭᠤᠯᠢ ᠲᠠᠷᠬᠠᠭᠠᠳ ᠭᠡᠷ ᠲᠤ ᠪᠡᠨ ᠣᠷᠣᠵᠤ ᠢᠷᠡᠬᠦ ᠳ᠋ᠦ᠍ ᠠᠪᠤ ᠨᠢ ᠯᠢᠪᠢᠶᠠ ᠶ᠋ᠢᠨ ᠠᠰᠠᠭᠤᠳᠠᠯ ᠴᠤ᠌ ᠶᠤᠮ ᠤᠤ᠂ ᠠᠮᠧᠷᠢᠺᠠ ᠶ᠋ᠢᠨ ᠰᠣᠩᠭᠣᠭᠤᠯᠢ ᠳ᠋ᠤ᠌ ᠰᠠᠨᠠᠭ᠎ᠠ ᠲᠠᠯᠪᠢᠨ ᠲᠧᠯᠸᠢᠰ ᠬᠠᠷᠠᠭᠠᠳ ᠨᠠᠮ ᠵᠢᠮ᠂ ᠨᠥᠭᠦᠭᠡ ᠥᠷᠥᠭᠡᠨ ᠳ᠋ᠦ᠍ ᠡᠵᠢ ᠨᠢ ᠰᠦᠯᠵᠢᠶᠡᠨ ᠳᠡᠭᠡᠷ᠎ᠡ 《ᠨᠣᠭᠣᠭ᠎ᠠ ᠬᠤᠯᠠᠭᠠᠢᠯᠠᠭᠠᠳ》 ᠶᠠᠪ ᠶᠠᠭᠠᠷᠠᠤ(ᠰᠦᠯᠵᠢᠶᠡᠨ ᠳᠡᠭᠡᠷ᠎ᠡ ᠲᠦᠭ ᠲᠦᠮᠡᠨ ᠬᠤᠯᠠᠭᠠᠢᠴᠢ ᠶ᠋ᠢᠨ ᠰᠡᠳᠬᠢᠴᠡ ᠲᠡᠢ ᠬᠥᠮᠦᠰ ᠥᠰᠴᠦ ᠥᠨᠳᠡᠢᠵᠦ ᠪᠠᠢᠭ᠎ᠠ)᠂ ᠬᠡᠦᠬᠡᠳ ᠪᠣᠭᠴᠣ ᠪᠠᠨ ᠰᠢᠳᠡᠮᠡᠭᠴᠡ ᠬᠣᠪᠢᠨ ᠤ᠋ ᠥᠷᠥᠭᠡᠨ ᠳ᠋ᠦ᠍ ᠪᠡᠨ ᠣᠷᠣᠭᠠᠳ ᠡᠭᠦᠳᠡ ᠪᠡᠨ ᠲᠠᠭ ᠬᠠᠭᠠᠪᠠ᠃ ᠡᠨᠡ ᠴᠢᠨᠢ ᠬᠠᠷᠢᠴᠠᠩᠭᠤᠢ ᠪᠠᠷ ᠡᠷᠡᠭᠦᠯ ᠪᠦᠲᠦᠨ ᠭᠡᠷ ᠪᠦᠯᠢ ᠰᠢᠦ ᠳᠡ᠂ ᠬᠡᠦᠬᠡᠳ ᠬᠠᠷᠢᠵᠤ ᠢᠷᠡᠬᠦ ᠳ᠋ᠦ᠍ ᠡᠵᠡᠭᠦᠢ ᠬᠣᠭᠣᠰᠣᠨ ᠭᠡᠷ ᠪᠤᠶᠤ ᠣᠨᠢᠰᠣᠲᠠᠢ ᠡᠭᠦᠳᠡ ᠪᠠᠭ᠎ᠠ ᠪᠤᠰᠤ ᠰᠢᠦ᠃ ᠡᠴᠢᠭᠡ ᠡᠬᠡ ᠨᠢ ᠬᠥᠳᠡᠭᠡ ᠮᠠᠯ ᠢ᠋ᠶ᠋ᠠᠨ ᠮᠠᠯᠵᠢᠵᠤ ᠪᠠᠢᠬᠤ ᠪᠤᠶᠤ ᠭᠠᠳᠠᠭᠰᠢ ᠬᠦᠴᠦᠨ ᠦ᠌ ᠠᠵᠢᠯ ᠳ᠋ᠤ᠌ ᠶᠠᠪᠤᠭᠰᠠᠨ᠂ ᠨᠠᠭᠠᠳᠤᠮ ᠲᠣᠭᠯᠠᠭᠠᠮ ᠳ᠋ᠤ᠌ ᠰᠢᠨᠤᠭᠰᠠᠨ᠂ ᠬᠤᠷᠢᠮ ᠨᠠᠢᠷ ᠲᠤ᠌ ᠲᠥᠭᠡᠷᠢᠭᠰᠡᠨ᠂ ᠤᠷᠤᠭ ᠰᠠᠯᠤᠭᠰᠠᠨ ᠭᠡᠳ ᠴᠠᠭᠠᠨ᠎ᠠ ᠨᠢ ᠣᠯᠠᠨ ᠡᠮᠵᠡᠭ ᠣᠨᠢᠰᠣᠭ᠎ᠠ ᠬᠡᠦᠬᠡᠳ ᠦ᠋ᠨ ᠰᠡᠳᠬᠢᠴᠡ ᠶ᠋ᠢ ᠥᠨᠥᠴᠢᠷᠡᠭᠦᠯᠵᠦ ᠪᠠᠢᠨ᠎ᠠ᠃ ᠰᠠᠢᠨ ᠳ᠋ᠤ᠌ ᠪᠠᠨ ᠶᠡᠬᠡ ᠰᠤᠷᠭᠠᠭᠤᠯᠢ ᠶ᠋ᠢᠨ ᠰᠢᠯᠭᠠᠯᠲᠠ ᠳᠡᠭᠡᠷ᠎ᠡ 《ᠡᠬᠡ ᠶ᠋ᠢᠨ ᠰᠠᠨᠠᠭ᠎ᠠ ᠦᠷ᠎ᠡ ᠳ᠋ᠦ᠍》 ᠭᠡᠰᠡᠨ ᠵᠦᠢᠷ ᠰᠡᠴᠡᠨ ᠦᠭᠡ ᠶ᠋ᠢᠨ ᠳᠤᠲᠠᠭᠤ ᠬᠡᠰᠡᠭ ᠢ᠋ ᠪᠦᠲᠦᠨ ᠪᠣᠯᠭᠠᠬᠤ ᠳ᠋ᠤ᠌《 ᠠᠪᠤ ᠶ᠋ᠢᠨ ᠰᠠᠨᠠᠭ᠎ᠠ ᠠᠢᠯ ᠳ᠋ᠤ᠌》 ᠭᠡᠵᠦ ᠪᠢᠴᠢᠬᠦ ᠪᠣᠢ ᠳᠠ᠃ ᠡᠢᠮᠦᠷᠬᠦ ᠬᠠᠯᠠᠭᠤᠨ ᠠᠭᠠᠷ ᠢ᠋ᠶ᠋ᠠᠨ ᠠᠯᠳᠠᠵᠤ ᠪᠠᠢᠭ᠎ᠠ ᠭᠡᠷ ᠪᠦᠯᠢ ᠣᠯᠠᠰᠢᠷᠠᠵᠤ ᠯᠠ ᠪᠠᠢᠨ᠎ᠠ᠃ ᠬᠡᠦᠬᠡᠳ ᠦ᠋ᠨ ᠰᠡᠳᠬᠢᠯ ᠢ᠋ ᠬᠠᠯᠠᠭᠤᠨ ᠳᠤᠯᠠᠭᠠᠨ ᠭᠡᠷ ᠪᠦᠯᠢ ᠬᠠᠢᠷ᠎ᠠ ᠪᠢᠯᠬᠠᠭᠠᠭᠰᠠᠨ ᠡᠴᠢᠭᠡ ᠡᠬᠡ ᠶ᠋ᠢᠨ ᠬᠠᠢᠷ᠎ᠠ ᠳᠦᠭᠦᠷᠭᠡᠬᠦ ᠪᠢᠰᠢ ᠦᠷᠦ ᠵᠢᠷᠦᠬᠡ ᠦᠭᠡᠢ ᠦᠵᠡᠯ ᠰᠡᠳᠬᠢᠯᠭᠡ ᠦᠭᠡᠢ ᠰᠦᠯᠵᠢᠶᠡᠨ ᠦ᠌ ᠴᠢᠳᠬᠥᠷ ᠦ᠋ᠳ ᠥᠮᠴᠢᠯᠡᠬᠦ ᠪᠣᠯᠤᠯ᠎ᠠ᠃ ᠲᠧᠯᠸᠢᠰ᠂ ᠭᠠᠷ ᠤᠲᠠᠰᠤ᠂ ᠺᠣᠮᠫᠢᠦ᠋ᠲ᠋ᠧᠷ᠂ ᠰᠦᠯᠵᠢᠶ᠎ᠡ ᠮᠡᠲᠦ ᠨᠡᠢᠭᠡᠮ ᠦ᠋ᠨ ᠬᠥᠭᠵᠢᠯᠲᠡ ᠶ᠋ᠢᠨ ᠥᠩᠭᠡ ᠲᠥᠷᠬᠦ ᠪᠣᠯᠤᠭᠰᠠᠨ ᠣᠯᠠᠨ ᠵᠠᠭᠤᠴᠢ ᠶ᠋ᠢ ᠪᠢᠳᠡ ᠵᠥᠪ ᠮᠥᠷᠲᠡᠭᠡᠨ ᠬᠥᠭ ᠬᠡᠮᠵᠢᠶ᠎ᠡ ᠲᠡᠢ ᠠᠰᠢᠭᠯᠠᠵᠤ ᠴᠢᠳᠠᠬᠤ ᠦᠭᠡᠢ ᠪᠣᠯ ᠲᠡᠭᠦᠨ ᠦ᠌ ᠪᠣᠭᠣᠯ ᠪᠣᠯᠵᠤ᠂ ᠠᠢᠯ ᠭᠡᠷ ᠦ᠋ᠨ ᠠᠷᠢᠭᠤᠨ ᠴᠡᠪᠡᠷ ᠠᠭᠠᠷ ᠢ᠋ᠶ᠋ᠠᠨ ᠪᠣᠬᠢᠷᠲᠤᠭᠤᠯᠤᠨᠠ᠃ ᠵᠠᠷᠢᠮ ᠠᠢᠯ ᠳ᠋ᠤ᠌ ᠭᠡᠷ ᠪᠦᠯᠢ ᠶ᠋ᠢᠨ ᠬᠠᠯᠠᠭᠤᠨ ᠳᠤᠯᠠᠭᠠᠨ ᠠᠭᠠᠷ ᠪᠦᠷᠢᠮᠦᠰᠦᠨ ᠠᠯᠳᠠᠭᠳᠠᠭᠠᠳ᠂ ᠬᠡᠨ ᠬᠡᠨ ᠢ᠋ ᠪᠡᠨ ᠬᠠᠷᠠᠵᠤ ᠬᠠᠯᠠᠮᠵᠢᠯᠠᠬᠤ ᠦᠭᠡᠢ ᠪᠣᠯᠵᠤ᠂ ᠡᠴᠢᠭᠡ ᠨᠢ ᠠᠵᠢᠯ ᠡᠨᠡ ᠲᠡᠷᠡ ᠭᠡᠳ ᠭᠡᠷ ᠦ᠋ᠨ ᠪᠠᠷ᠎ᠠ ᠬᠠᠷᠠᠬᠤ ᠦᠭᠡᠢ᠂ ᠡᠬᠡ ᠨᠢ ᠠᠷᠢᠬᠢᠨ ᠪᠠᠭᠠᠷ ᠮᠠᠵᠢᠶᠠᠩ ᠤ᠋ᠨ ᠭᠠᠵᠠᠷ ᠲᠡᠨᠦᠵᠦ ᠭᠡᠷ ᠦ᠋ᠨ ᠠᠵᠤ᠂ ᠦᠷ᠎ᠡ ᠬᠡᠦᠬᠡᠳ ᠢ᠋ᠶ᠋ᠡᠨ ᠳᠣᠳᠣᠮᠳᠠᠬᠤ ᠦᠭᠡᠢ᠂ ᠬᠦᠦ ᠨᠢ ᠰᠦᠯᠵᠢᠶ᠎ᠡ ᠲᠣᠭᠯᠠᠭᠠᠮ ᠢ᠋ᠶ᠋ᠠᠷ ᠬᠠᠨᠢ ᠬᠢᠵᠦ᠂ ᠨᠢᠭᠡ ᠭᠡᠷ ᠦ᠋ᠨ ᠬᠡᠳᠦᠭᠦᠯᠡ ᠪᠦᠷ ᠬᠤᠪᠢ ᠬᠤᠪᠢ ᠪᠠᠨ ᠬᠥᠭᠡᠭᠡᠭᠡᠳ᠂ ᠭᠡᠷ ᠲᠦ᠍ ᠪᠡᠨ ᠬᠣᠭᠣᠯᠠ ᠴᠠᠢ ᠴᠤ᠌ ᠬᠢᠳᠡᠭ ᠦᠭᠡᠢ᠂ ᠬᠠᠮᠲᠤ ᠪᠠᠢᠭᠰᠠᠨ ᠴᠤ᠌ ᠬᠣᠶᠠᠷ ᠵᠣᠭᠣᠭ ᠬᠡᠯᠡᠯᠴᠡᠬᠦ ᠦᠭᠡᠢ ᠬᠡᠨ ᠠᠯᠢᠨ ᠢ᠋ᠶ᠋ᠠᠨ ᠬᠠᠮᠢᠶᠠᠷᠬᠤ ᠦᠭᠡᠢ᠂ ᠭᠡᠷ ᠪᠦᠯᠢ ᠶ᠋ᠢᠨ ᠠᠭᠤᠷ ᠠᠮᠢᠰᠬᠤᠯ ᠬᠦᠢᠲᠡᠨ ᠴᠡᠪᠳᠡᠭ ᠪᠣᠯᠤᠭᠰᠠᠨ ᠪᠠᠢᠨ᠎ᠠ᠃ ᠡᠢᠮᠦᠷᠬᠦ ᠭᠡᠷ ᠪᠦᠯᠢ ᠶ᠋ᠢᠨ《 ᠵᠥᠭᠡᠯᠡᠨ》 ᠬᠦᠴᠦᠷᠬᠡᠭᠯᠡᠯ ᠠᠮᠰᠠᠭᠴᠢᠳ ᠣᠯᠠᠰᠢᠷᠠᠬᠤ ᠬᠠᠨᠳᠤᠰᠢ ᠲᠠᠢ ᠪᠣᠯᠵᠤ᠂ ᠵᠠᠩ ᠰᠡᠳᠬᠢᠴᠡ ᠨᠢ ᠭᠠᠵᠢᠭᠰᠢᠭᠰᠠᠨ ᠬᠥᠮᠦᠰ ᠨᠡᠮᠡᠭᠳᠡᠭᠰᠡᠭᠡᠷ ᠪᠠᠢᠨ᠎ᠠ᠃ ᠠᠢᠯ ᠰᠠᠬᠠᠭᠠᠯᠲᠠ ᠶ᠋ᠢᠨ ᠡᠪ ᠨᠠᠢᠷ ᠰᠠᠳᠤᠨ ᠲᠥᠷᠥᠯ ᠦ᠋ᠨ ᠡᠶᠡᠯᠳᠡᠭ ᠬᠠᠷᠢᠴᠠᠭ᠎ᠠ ᠪᠦᠷ ᠨᠢᠮᠭᠡᠷᠡᠵᠦ᠂ ᠬᠥᠮᠦᠰ ᠦ᠋ᠨ ᠬᠠᠢᠷ᠎ᠠ ᠰᠡᠳᠬᠢᠯᠭᠡ ᠲᠤᠩ ᠶᠠᠳᠠᠮᠠᠭ ᠪᠣᠯᠵᠤ ᠪᠠᠢᠭ᠎ᠠ ᠨᠢ ᠬᠡᠦᠬᠡᠳ ᠪᠠᠭᠠᠴᠤᠳ ᠢ᠋ ᠮᠥᠨ ᠮᠠᠭᠤ ᠪᠠᠷ ᠨᠥᠯᠥᠭᠡᠯᠡᠬᠦ ᠪᠣᠯᠵᠠᠢ᠃
ᠦᠰᠦᠭ ᠠᠮᠢᠯᠠᠭᠤᠯᠤᠭᠴᠢ᠄ ᠪᠤᠶᠠᠨᠲᠣᠭᠲᠠᠬᠤ
ᠬᠢᠨᠠᠭᠴᠢ᠄ ᠤᠳᠬᠠᠨᠰᠪᠠ᠋᠂ ᠰᠡᠬᠡᠭᠡᠷᠡᠯ