ᠨᠡᠢᠭᠡᠮ ᠣᠷᠴᠢᠨ ᠤ ᠬᠤᠪᠢᠷᠠᠯᠲᠠ-ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ1-01-ᠪᠣᠯᠣᠴᠢᠯᠠᠭᠤМонголчуудын гэр бүлийн хүмүүжил
ᠮᠣᠩᠭᠣᠯᠴᠤᠳ ᠤ᠋ᠨ ᠭᠡᠷ ᠪᠦᠯᠢ ᠶ᠋ᠢᠨ ᠬᠥᠮᠦᠵᠢᠯ01
ᠪᠣᠯᠣᠴᠢᠯᠠᠭᠤ
ᠬᠠᠭᠤᠴᠢ ᠦᠭᠡᠨ ᠳ᠋ᠦ᠍ 《ᠰᠠᠢᠨ ᠬᠥᠮᠦᠨ ᠦ᠌ ᠦᠷ᠎ᠡ ᠵᠠᠭᠤᠨ ᠵᠢᠯ ᠦ᠋ᠨ ᠡᠮᠦᠨ᠎ᠡ ᠡᠴᠡ ᠬᠥᠮᠦᠵᠢᠭᠳᠡᠨ᠎ᠡ》 ᠭᠡᠰᠡᠨ ᠬᠡᠯᠡᠴᠡ ᠪᠠᠢᠳᠠᠭ᠃ ᠡᠨᠡ ᠪᠣᠯ ᠶᠡᠬᠡ ᠤᠴᠢᠷ ᠲᠠᠢ ᠦᠭᠡ ᠶᠦ᠍ᠮ᠃ ᠶᠠᠭᠠᠬᠢᠭᠠᠳ ᠪᠣᠢ? ᠭᠡᠪᠡᠯ ᠬᠡᠦᠬᠡᠳ ᠦ᠋ᠨ ᠬᠥᠮᠦᠵᠢᠯ ᠳ᠋ᠦ᠍ ᠭᠡᠷ ᠪᠦᠯᠢ ᠶ᠋ᠢᠨ ᠤᠳᠤᠮᠰᠢᠯ ᠬᠠᠮᠤᠭ ᠤ᠋ᠨ ᠴᠢᠬᠤᠯᠠ ᠪᠠᠢᠳᠠᠭ᠃《ᠬᠡᠭᠡᠷ ᠠᠯᠠᠭ ᠠ᠋ᠴᠠ ᠰᠢᠭᠢᠷ᠎ᠡ ᠠᠯᠠᠭ᠂ ᠬᠡᠯᠲᠡᠩ ᠭᠡᠭᠦᠦ ᠡᠴᠡ ᠱᠤᠪᠲᠤᠩ ᠤᠨᠠᠭ᠎ᠠ 》᠂《ᠬᠡᠳᠡᠷ ᠡᠷ᠎ᠡ ᠶ᠋ᠢᠨ ᠶᠠᠳᠠᠷ ᠬᠦᠦ᠂ ᠬᠡᠷᠡᠭᠦᠯᠴᠢ ᠡᠮ᠎ᠡ ᠶ᠋ᠢᠨ ᠬᠠᠷᠢᠶᠠᠯᠴᠢ ᠥᠬᠢᠨ》 ᠭᠡᠰᠡᠨ ᠨᠢ ᠪᠦᠷ ᠭᠡᠷ ᠪᠦᠯᠢ ᠶ᠋ᠢᠨ ᠬᠥᠮᠦᠵᠢᠯ ᠦ᠋ᠨ ᠤᠯᠠᠮᠵᠢᠯᠠᠯ ᠤᠳᠤᠮᠰᠢᠯ ᠢ᠋ ᠵᠢᠭᠠᠭᠰᠠᠨ ᠪᠠᠢᠳᠠᠭ᠃ ᠦᠶ᠎ᠡ ᠤᠯᠠᠮᠵᠢᠯᠠᠭᠰᠠᠨ ᠭᠡᠷ ᠦ᠋ᠨ ᠰᠤᠷᠭᠠᠯ᠂ ᠠᠮᠢᠳᠤᠷᠠᠯ ᠤ᠋ᠨ ᠵᠠᠩᠰᠢᠯ᠂ ᠤᠳᠤᠮᠰᠢᠯ ᠤᠬᠠᠭᠠᠨ ᠪᠣᠯ ᠬᠡᠦᠬᠡᠳ ᠦ᠋ᠨ ᠦᠰᠦᠨ ᠪᠣᠢᠵᠢᠬᠤ ᠶ᠋ᠢ ᠨᠥᠯᠥᠭᠡᠯᠡᠬᠦ ᠬᠠᠮᠤᠭ ᠴᠢᠬᠤᠯᠠ ᠬᠦᠴᠦᠨ ᠵᠦᠢᠯ ᠪᠣᠯᠤᠨ᠎ᠠ᠃《ᠮᠠᠯ ᠡᠵᠡᠨ ᠢ᠋ᠶ᠋ᠡᠨ ᠳᠠᠭᠤᠷᠢᠶᠠᠵᠤ᠂ ᠮᠠᠯᠠᠭᠠᠢ ᠲᠣᠯᠣᠭᠠᠢ ᠪᠠᠨ ᠳᠠᠭᠤᠷᠢᠶᠠᠨ᠎ᠠ》 ᠭᠡᠳᠡᠭ ᠢ᠋ᠶ᠋ᠡᠷ ᠨᠢᠭᠡ ᠬᠣᠲᠠ ᠠᠢᠯ ᠤ᠋ᠨ ᠬᠠᠵᠠᠭᠤ ᠪᠠᠷ ᠭᠠᠷᠬᠤ ᠳ᠋ᠤ᠌ ᠮᠠᠯ ᠰᠦᠷᠦᠭ ᠦ᠋ᠨ ᠬᠢᠨᠢ ᠬᠣᠲᠠᠨ ᠳ᠋ᠤ᠌ ᠪᠠᠨ ᠬᠡᠪᠲᠡᠰᠢᠭᠦᠯᠵᠦ ᠪᠠᠢᠭ᠎ᠠ ᠪᠠᠢᠳᠠᠯ ᠢ᠋ᠶ᠋ᠠᠷ ᠨᠢ ᠲᠡᠷᠡ ᠠᠢᠯ ᠤ᠋ᠨ ᠠᠮᠢᠳᠤᠷᠠᠯ ᠤ᠋ᠨ ᠲᠢᠭ ᠵᠢᠷᠤᠮ ᠲᠠᠨᠢᠭᠳᠠᠳᠠᠭ᠃ᠤᠨᠤᠭ᠎ᠠ ᠬᠦᠯᠦᠭ ᠤᠷᠤᠯᠳᠤᠭᠠᠨ ᠤ᠋ ᠮᠣᠷᠢ ᠨᠡᠩ ᠴᠦ᠍ ᠤᠶᠠᠭᠠᠴᠢᠨ ᠡᠵᠡᠨ ᠦ᠌ ᠪᠡᠨ ᠵᠠᠩ ᠠᠷᠠᠨᠰᠢᠨ᠂ ᠤᠬᠠᠭᠠᠨ ᠰᠠᠮᠪᠠᠭ᠎ᠠ ᠶ᠋ᠢ ᠭᠦᠢᠴᠡᠳ ᠢᠯᠡᠷᠡᠭᠦᠯᠳᠡᠭ᠃ ᠮᠠᠯ ᠰᠦᠷᠦᠭ ᠨᠢ ᠬᠦᠷᠲᠡᠯ᠎ᠡ ᠡᠳ᠋ᠯᠡᠭᠰᠡᠨ ᠡᠵᠡᠨ ᠦ᠌ ᠬᠢᠨᠢ ᠡᠷᠳᠡᠮ ᠰᠤᠷᠲᠠᠯ ᠤᠬᠠᠭᠠᠨ ᠪᠢᠯᠢᠭ ᠰᠢᠩᠭᠡᠵᠦ ᠪᠠᠢᠳᠠᠭ ᠶᠤᠮ ᠴᠢᠨᠢ ᠤᠳᠤᠮ ᠵᠠᠯᠭᠠᠬᠤ ᠦᠷ᠎ᠡ ᠬᠡᠦᠬᠡᠳ ᠨᠢ ᠡᠨᠡ ᠬᠦ᠌ ᠭᠠᠯ ᠭᠣᠯᠣᠮᠲᠠ ᠶ᠋ᠢᠨ ᠣᠯᠠᠨ ᠵᠠᠭᠤᠨ ᠤ᠋ ᠦᠶ᠎ᠡ ᠳᠠᠮᠵᠢᠭᠰᠠᠨ ᠤᠳᠤᠮ ᠰᠤᠷᠲᠠᠯ ᠥᠪᠯᠡᠭᠳᠡᠬᠦ ᠦᠭᠡᠢ ᠶᠠᠭᠠᠬᠢᠬᠤ ᠪᠣᠢ᠂ ᠶᠠᠮᠠᠷᠬᠠᠨ ᠭᠡᠷ ᠪᠦᠯᠢ ᠶ᠋ᠢᠨ ᠠᠭᠠᠷ ᠪᠠᠢᠪᠠᠯ ᠲᠡᠢᠮᠦᠷᠬᠦ ᠴᠢᠷᠠᠢ ᠲᠥᠷᠬᠦ ᠵᠠᠩ ᠰᠡᠳᠬᠢᠴᠡ ᠲᠡᠢ ᠬᠡᠦᠬᠡᠳ ᠢ᠋ ᠥᠰᠬᠡᠨ᠎ᠡ᠃ ᠲᠡᠭᠡᠬᠦ ᠪᠡᠷ ᠵᠠᠷᠢᠮ ᠬᠡᠦᠬᠡᠳ ᠣᠨ ᠬᠡᠯᠡᠵᠦ ᠶᠠᠷᠢᠬᠤ ᠠᠭᠠᠰᠢᠯᠠᠵᠤ ᠵᠠᠩᠨᠠᠬᠤ ᠳᠦᠷᠢ ᠶ᠋ᠢᠨ ᠴᠠᠭᠠᠨ᠎ᠠ ᠡᠴᠢᠭᠡ ᠡᠬᠡ ᠶ᠋ᠢᠨ ᠬᠢᠨᠢ ᠵᠠᠩ ᠲᠥᠯᠥᠪ ᠨᠢᠳᠦᠨ ᠳ᠋ᠦ᠍ ᠦᠵᠡᠭᠳᠡᠬᠦ ᠰᠢᠭ ᠪᠣᠯᠳᠠᠭ᠃ ᠭᠡᠷ ᠪᠦᠯᠢ ᠶ᠋ᠢᠨ ᠤᠳᠤᠮᠰᠢᠯ ᠤ᠋ᠨ ᠡᠨᠡ ᠬᠦ᠌ ᠭᠠᠢᠬᠠᠮᠰᠢᠭ ᠢ᠋ ᠮᠡᠳᠡᠬᠦ ᠪᠣᠯᠬᠣᠷ ᠮᠠᠨ ᠤ᠋ ᠠᠷᠠᠳ ᠤ᠋ᠨ ᠳᠤᠮᠳᠠ《ᠤᠳᠤᠮ ᠠᠷᠢᠯᠬᠤ ᠦᠭᠡᠢ᠂ ᠪᠣᠳᠣᠭ ᠠᠷᠢᠯᠤᠨ᠎ᠠ》 ᠭᠡᠰᠡᠨ ᠤᠴᠢᠷᠲᠠᠢ ᠬᠠᠭᠤᠴᠢ ᠦᠭᠡ ᠡᠷᠲᠡᠨ ᠡᠴᠡ ᠤᠯᠠᠮᠵᠢᠯᠠᠭᠳᠠᠵᠠᠢ᠃ ᠪᠢᠳᠡ ᠴᠢᠨᠢ ᠮᠤᠤᠷ ᠨᠣᠬᠠᠢ ᠪᠠᠨ ᠬᠦᠷᠲᠡᠯ᠎ᠡ ᠬᠥᠮᠦᠨ ᠦ᠌ ᠰᠠᠨᠠᠭ᠎ᠠ ᠶ᠋ᠢ ᠣᠢᠯᠠᠭᠠᠮᠠ ᠭᠠᠷᠰᠢᠭᠤᠯᠵᠤ ᠴᠢᠳᠠᠳᠠᠭ ᠰᠣᠶᠣᠯᠲᠤ ᠲᠦᠮᠡᠨ ᠪᠠᠢᠵᠤ ᠣᠳᠣ ᠪᠣᠯᠬᠤ ᠳ᠋ᠤ᠌ ᠬᠡᠦᠬᠡᠳ ᠦ᠋ᠨ ᠬᠥᠮᠦᠵᠢᠯ ᠳ᠋ᠦ᠍ ᠭᠠᠷ ᠨᠤᠬᠤᠯᠠᠨ ᠭᠠᠴᠢᠭᠳᠠᠨ ᠵᠣᠪᠠᠭᠠᠳ ᠬᠡᠴᠡᠭᠦᠳᠡᠵᠦ ᠪᠠᠢᠭ᠎ᠠ ᠶ᠋ᠢᠨ ᠦᠨᠳᠦᠰᠦ ᠨᠢ ᠴᠣᠬᠣᠮ ᠬᠠᠮᠢᠭ᠎ᠠ ᠪᠠᠢᠭ᠎ᠠ ᠪᠣᠢ? ᠡᠨᠡ ᠪᠣᠯ ᠤᠯᠠᠮᠵᠢᠯᠠᠯᠲᠤ ᠰᠣᠶᠣᠯ ᠰᠤᠷᠲᠠᠯ ᠶᠡᠬᠡᠳᠡ ᠠᠯᠳᠠᠭᠳᠠᠵᠤ᠂ ᠨᠡᠢᠭᠡᠮ ᠦ᠋ᠨ ᠥᠩᠭᠡᠪᠴᠢ ᠲᠠᠯ᠎ᠠ ᠶ᠋ᠢ ᠬᠡᠲᠦᠷᠬᠡᠢ ᠳᠠᠭᠠᠵᠤ ᠳᠡᠷᠪᠡᠬᠦ᠂ ᠲᠠᠷᠢᠶᠠᠯᠠᠩ ᠢᠷᠭᠡᠳ ᠦ᠋ᠨ ᠠᠮᠢᠨᠴᠢᠷ ᠬᠤᠪᠢᠨᠴᠢᠷ ᠰᠣᠶᠣᠯ ᠰᠡᠳᠬᠢᠬᠦᠢ ᠳ᠋ᠦ᠍ ᠳᠡᠩᠳᠡᠭᠦᠦ ᠨᠥᠯᠥᠭᠡᠯᠡᠭᠳᠡᠵᠦ ᠪᠠᠢᠭ᠎ᠠ ᠠ᠋ᠴᠠ ᠪᠣᠯᠤᠭᠰᠠᠨ ᠰᠢᠦ᠂ ᠲᠡᠭᠡᠬᠦ ᠪᠡᠷ《ᠠᠢᠯ ᠠ᠋ᠴᠠ ᠡᠷᠢᠬᠦ ᠪᠡᠷ ᠠᠪᠳᠠᠷ᠎ᠠ ᠠ᠋ᠴᠠ ᠪᠠᠨ ᠡᠷᠢ 》ᠭᠡᠳᠡᠭ ᠳᠡᠭᠡᠳᠦ ᠶ᠋ᠢᠨ ᠰᠤᠷᠭᠠᠯ ᠢ᠋ ᠢᠯᠡᠭᠦᠬᠡᠨ ᠰᠠᠨᠠᠵᠤ᠂ ᠬᠡᠴᠢᠨᠡᠨ ᠮᠢᠩᠭᠠᠨ ᠵᠢᠯ ᠥᠪᠯᠡᠵᠦ ᠤᠯᠠᠮᠵᠢᠯᠠᠭᠰᠠᠨ ᠭᠡᠷ ᠪᠦᠯᠢ ᠶ᠋ᠢᠨ ᠬᠥᠮᠦᠵᠢᠯ ᠦ᠋ᠨ ᠲᠤᠬᠠᠢ ᠥᠪ ᠬᠥᠷᠥᠩᠭᠡ ᠪᠡᠨ ᠤᠬᠠᠭᠠᠨᠲᠠᠢᠬᠠᠨ ᠨᠡᠭᠡᠭᠡᠨ ᠠᠰᠢᠭᠯᠠᠶ᠎ᠠ᠃ ᠥᠨᠥᠳᠥᠷ ᠦ᠋ᠨ ᠬᠡᠦᠬᠡᠳ ᠦ᠋ᠨ ᠬᠥᠮᠦᠵᠢᠯ ᠳ᠋ᠦ᠍ ᠣᠷᠣᠰᠢᠵᠤ ᠪᠠᠢᠭ᠎ᠠ ᠴᠢᠬᠤᠯᠠ ᠠᠰᠠᠭᠤᠳᠠᠯ ᠪᠣᠯ ᠠᠵᠤ ᠠᠮᠢᠳᠤᠷᠠᠯ ᠤ᠋ᠨ ᠶᠠᠳᠠᠭᠤᠷᠠᠯ ᠪᠢᠰᠢ᠂ ᠰᠤᠷᠭᠠᠭᠤᠯᠢ ᠶ᠋ᠢᠨ ᠨᠥᠬᠥᠴᠡᠯ ᠲᠥᠬᠥᠭᠡᠷᠦᠮᠵᠢ ᠶ᠋ᠢᠨ ᠠᠰᠠᠭᠤᠳᠠᠯ ᠴᠤ᠌ ᠪᠢᠰᠢ᠂ ᠬᠠᠷᠢᠨ ᠤᠯᠠᠮᠵᠢᠯᠠᠯᠲᠤ ᠭᠡᠷ ᠦ᠋ᠨ ᠰᠤᠷᠭᠠᠯ ᠶᠠᠭᠠᠬᠢᠬᠤ ᠠᠷᠭ᠎ᠠ ᠦᠭᠡᠢ ᠭᠡᠭᠡᠭᠳᠡᠵᠦ ᠪᠠᠢᠭ᠎ᠠ ᠶᠠᠪᠤᠳᠠᠯ ᠪᠣᠯᠬᠤ ᠶ᠋ᠢ ᠪᠢᠳᠡ ᠪᠦᠬᠦᠨ ᠤᠬᠠᠭᠠᠷᠠᠬᠤ ᠶᠣᠰᠣᠲᠠᠢ ᠪᠣᠯᠵᠤ ᠪᠠᠢᠨ᠎ᠠ᠃
ᠠᠮᠧᠷᠢᠺᠠ ᠶ᠋ᠢᠨ ᠬᠠᠷᠸᠠᠷᠳ᠋ ᠶᠡᠬᠡ ᠰᠤᠷᠭᠠᠭᠤᠯᠢ ᠶ᠋ᠢᠨ ᠰᠤᠳᠤᠯᠭᠠᠨ ᠳ᠋ᠤ᠌《ᠬᠥᠮᠦᠨ ᠦ᠌ ᠬᠤᠪᠢ ᠵᠠᠶᠠᠭ᠎ᠠ ᠨᠠᠢ᠍ᠮᠠᠨ ᠴᠠᠭ ᠤ᠋ᠨ ᠭᠠᠳᠠᠨ᠎ᠠ ᠢᠯᠭᠠᠷᠠᠨ᠎ᠠ》ᠭᠡᠰᠡᠨ ᠳ᠋ᠦᠩᠨᠡᠯᠲᠡ ᠪᠠᠢᠳᠠᠭ᠃ ᠦᠨᠡᠨ ᠳ᠋ᠦ᠍ ᠪᠡᠨ ᠬᠡᠦᠬᠡᠳ ᠴᠦ᠍ ᠭᠡᠰᠡᠨ᠂ ᠲᠣᠮᠣ ᠬᠥᠮᠦᠨ ᠴᠦ᠍ ᠭᠡᠰᠡᠨ ᠰᠤᠷᠤᠯᠴᠠᠵᠤ ᠪᠠᠢᠭ᠎ᠠ ᠪᠤᠶᠤ ᠠᠵᠢᠯᠯᠠᠵᠤ ᠪᠠᠢᠭ᠎ᠠ ᠴᠠᠭ ᠲᠤ᠌ ᠶᠠᠮᠠᠷ ᠴᠤ᠌ ᠤᠴᠢᠷ ᠶᠠᠪᠤᠳᠠᠯ ᠳ᠋ᠤ᠌ ᠬᠣᠯᠪᠣᠭᠳᠠᠬᠤ ᠦᠭᠡᠢ᠂ ᠬᠡᠲᠦᠷᠡᠬᠦ ᠳ᠋ᠦ᠍ ᠪᠡᠨ ᠠᠵᠢᠯ ᠰᠤᠷᠤᠯᠭ᠎ᠠ ᠶ᠋ᠢᠨ ᠪᠦᠲᠦᠮᠵᠢ ᠰᠠᠢᠨ ᠮᠠᠭᠤ ᠶ᠋ᠢᠨ ᠵᠥᠷᠢᠶ᠎ᠡ ᠭᠠᠷᠬᠤ ᠲᠡᠳᠦᠢ᠂ ᠬᠠᠷᠢᠨ ᠠᠵᠢᠯ ᠰᠤᠷᠤᠯᠭ᠎ᠠ ᠶ᠋ᠢᠨ ᠭᠠᠳᠠᠭᠤᠷ ᠶᠠᠭᠤ ᠰᠣᠨᠢᠷᠬᠠᠵᠤ ᠬᠠᠮᠢᠭᠠᠰᠢ ᠪᠠᠨ ᠭᠦᠶᠦᠵᠦ ᠪᠠᠢᠨ᠎ᠠ ᠭᠡᠳᠡᠭ ᠢ᠋ᠶ᠋ᠡᠷ ᠨᠢᠭᠡ ᠬᠥᠮᠦᠨ ᠦ᠌ ᠬᠤᠪᠢ ᠵᠠᠶᠠᠭ᠎ᠠ ᠲᠣᠭᠲᠠᠭᠠᠭᠳᠠᠨ᠎ᠠ᠃ ᠬᠡᠦᠬᠡᠳ ᠰᠤᠷᠭᠠᠭᠤᠯᠢ ᠪᠠᠨ ᠲᠠᠷᠬᠠᠭᠠᠳ ᠲᠣᠭᠯᠠᠭᠠᠮ ᠤ᠋ᠨ ᠭᠠᠵᠠᠷ ᠨᠸᠲ ᠰᠦᠯᠵᠢᠶ᠎ᠡ ᠪᠡᠷ ᠡᠷᠭᠢᠴᠡᠵᠦ ᠪᠠᠢᠨ᠎ᠠ ᠤᠤ? ᠭᠡᠷ ᠲᠦ᠍ ᠪᠡᠨ ᠬᠠᠷᠢᠭᠠᠳ ᠪᠠᠶᠠᠷ ᠬᠥᠷ ᠲᠡᠢ ᠨᠠᠭᠠᠳᠴᠤ ᠪᠠᠢᠨ᠎ᠠ ᠤᠤ? ᠠᠪᠤ ᠡᠵᠢ ᠳ᠋ᠦ᠍ ᠪᠡᠨ ᠳᠠᠮ ᠲᠤᠰᠠ ᠪᠣᠯᠵᠤ ᠪᠠᠢᠨ᠎ᠠ ᠤᠤ? ᠡᠰᠡᠬᠦᠯ᠎ᠡ ᠥᠪᠡᠷ ᠦ᠋ᠨ ᠳᠤᠷ᠎ᠠ ᠰᠣᠨᠢᠷᠬᠠᠯ ᠲᠠᠢ ᠶᠠᠭᠤᠮ᠎ᠠ ᠪᠠᠨ ᠤᠷᠤᠯᠳᠤᠵᠤ ᠪᠠᠢᠨ᠎ᠠ ᠤᠤ?ᠲᠣᠮᠣ ᠬᠥᠮᠦᠰ ᠨᠢ ᠠᠵᠢᠯ ᠪᠠᠭᠤᠪᠠᠯ ᠠᠷᠢᠬᠢᠨ ᠰᠢᠷᠡᠭᠡ ᠮᠠᠵᠢᠶᠠᠩ ᠤ᠋ᠨ ᠭᠠᠵᠠᠷ ᠭᠦᠶᠦᠵᠦ ᠪᠠᠢᠨ᠎ᠠ ᠤᠤ? ᠡᠰᠡᠬᠦᠯ᠎ᠡ ᠠᠷᠤ ᠭᠡᠷ ᠠᠳᠠᠯ ᠠᠮᠢᠳᠤᠷᠠᠯ ᠳ᠋ᠤ᠌ ᠪᠠᠨ ᠶᠠᠭᠠᠷᠠᠵᠤ ᠪᠠᠢᠨ᠎ᠠ ᠤᠤ? ᠠᠵᠢᠯ ᠤ᠋ᠨ ᠴᠢᠯᠥᠭᠡᠨ ᠳ᠋ᠦ᠍ ᠪᠡᠨ ᠠᠪᠢᠶᠠᠰ ᠳᠠᠢ ᠪᠠᠢᠨ᠎ᠠ ᠤᠤ? ᠡᠰᠡᠬᠦᠯ᠎ᠡ ᠠᠷᠤ ᠭᠡᠷ ᠠᠳᠠᠯ ᠠᠮᠢᠳᠤᠷᠠᠯ ᠳ᠋ᠤ᠌ ᠪᠠᠨ ᠶᠠᠭᠠᠷᠠᠵᠤ ᠪᠠᠢᠨ᠎ᠠ ᠤᠤ? ᠠᠵᠢᠯ ᠤ᠋ᠨ ᠴᠢᠯᠥᠭᠡᠨ ᠳ᠋ᠦ᠍ ᠪᠡᠨ ᠠᠪᠢᠶᠠᠰ ᠲᠠᠢ ᠳᠤᠷ᠎ᠠ ᠲᠠᠢ ᠵᠦᠢᠯ ᠢ᠋ᠶ᠋ᠡᠨ ᠤᠷᠤᠯᠳᠤᠵᠤ ᠪᠠᠢᠨ᠎ᠠ ᠤᠤ? ᠭᠡᠳᠡᠭ ᠢ᠋ᠶ᠋ᠡᠷ ᠲᠤᠰ ᠬᠥᠮᠦᠨ ᠪᠤᠶᠤ ᠲᠡᠷᠡ ᠠᠢᠯ ᠭᠡᠷ ᠦᠨ ᠠᠮᠢᠳᠤᠷᠠᠯ ᠤ᠋ᠨ ᠥᠩᠭᠡ ᠲᠣᠭᠲᠠᠭᠠᠭᠳᠠᠨ᠎ᠠ᠃ ᠥᠨᠥ ᠰᠢᠯᠢᠩᠬᠣᠲᠠ ᠳ᠋ᠤ᠌ ᠱ᠂ ᠪᠥᠬᠡ ᠭᠡᠳᠡᠭ ᠬᠥᠪᠡᠭᠡᠲᠦ ᠰᠢᠷ᠎ᠠ ᠨᠤᠲᠤᠭ ᠲᠠᠢ ᠮᠠᠯᠴᠢᠨ ᠵᠠᠯᠠᠭᠤ ᠪᠠᠢᠳᠠᠭ᠃ ᠲᠡᠷᠡ ᠪᠡᠷ ᠵᠢᠷᠭᠤᠭᠠᠨ ᠵᠢᠯ ᠤᠨ ᠡᠮᠦᠨ᠎ᠡ ᠨᠤᠲᠤᠭ ᠪᠡᠯᠴᠢᠭᠡᠷ ᠢ᠋ᠶ᠋ᠡᠨ ᠪᠢᠲᠡᠭᠦᠮᠵᠢᠯᠡᠭᠦᠯᠦᠭᠡᠳ ᠬᠣᠲᠠ ᠣᠷᠣᠭᠰᠠᠨ ᠤ᠋ ᠳᠠᠷᠠᠭ᠎ᠠ ᠪᠡᠯᠴᠢᠭᠡᠷ ᠪᠢᠲᠡᠭᠦᠮᠵᠢᠯᠡᠭᠰᠡᠨ ᠨᠥᠬᠥᠪᠥᠷᠢ ᠪᠡᠷ ᠢ᠋ᠶ᠋ᠡᠨ ᠰᠢᠶᠠ ᠯᠢ ᠮᠠᠰᠢᠨ ᠠᠪᠤᠭᠠᠳ
ᠪᠦᠰᠡᠭᠦᠢ ᠲᠡᠢ ᠪᠡᠨ ᠬᠣᠶᠠᠭᠤᠯᠠ ᠲᠦᠷᠢᠶᠡᠰᠦᠨ ᠮᠠᠰᠢᠨ ᠭᠦᠶᠦᠯᠭᠡᠭᠰᠡᠨ᠃ ᠣᠳᠣ ᠪᠣᠯᠬᠤ ᠳ᠋ᠤ᠌ ᠬᠣᠶᠠᠷ ᠤᠳᠠᠭ᠎ᠠ ᠮᠠᠰᠢᠨ ᠢ᠋ᠶ᠋ᠠᠨ ᠰᠢᠨᠡᠳᠬᠡᠭᠰᠡᠨ ᠮᠥᠷᠲᠡᠭᠡᠨ ᠰᠢᠨ᠎ᠡ ᠣᠷᠣᠨ ᠰᠠᠭᠤᠴᠠ ᠶ᠋ᠢᠨ ᠠᠰᠠᠷ ᠲᠠᠢ ᠪᠣᠯᠵᠤ᠂ ᠬᠣᠶᠠᠷ ᠬᠡᠦᠬᠡᠳ ᠨᠢ ᠰᠤᠷᠭᠠᠭᠤᠯᠢ ᠰᠣᠶᠣᠯ ᠳ᠋ᠤ᠌ ᠪᠠᠨ ᠴᠢᠷᠮᠠᠢᠯᠭ᠎ᠠ ᠲᠠᠢ᠂ ᠲᠤᠩ ᠲᠣᠬᠢᠯᠢᠭ ᠠᠮᠢᠳᠤᠷᠠᠯ ᠲᠠᠢ ᠰᠢᠯᠢᠩᠬᠣᠲᠠ ᠶ᠋ᠢᠨ ᠰᠠᠭᠤᠭᠠᠯᠢ ᠪᠣᠯᠴᠢᠬᠠᠵᠠᠢ᠃ ᠱ᠂ ᠪᠥᠬᠡ ᠥᠷᠯᠥᠭᠡ ᠣᠷᠣᠢ ᠳ᠋ᠤ᠌ ᠪᠠᠨ ᠮᠠᠰᠢᠨ ᠢ᠋ᠶ᠋ᠠᠨ ᠭᠦᠶᠦᠯᠭᠡᠵᠦ ᠡᠳᠦᠷ ᠳᠤᠮᠳᠠ ᠪᠠᠨ ᠪᠦᠰᠡᠭᠦᠢ ᠨᠢ᠂ ᠭᠦᠶᠦᠯᠭᠡᠳᠡᠭ᠂ ᠡᠨᠡ ᠦᠶ᠎ᠡ ᠳ᠋ᠦ᠍ ᠵᠠᠯᠠᠭᠤ ᠮᠠᠨᠢ ᠭᠡᠷ ᠲᠦ᠍ ᠪᠡᠨ ᠲᠠᠪᠠᠲᠠᠢ ᠠᠮᠠᠷᠠᠬᠤ ᠶ᠋ᠢᠨ ᠳᠠᠭᠠᠤ ᠳᠤᠷ᠎ᠠ ᠪᠠᠬᠠᠲᠠᠢ ᠵᠣᠬᠢᠶᠠᠯ ᠢ᠋ᠶ᠋ᠠᠨ ᠪᠢᠴᠢᠳᠡᠭ᠃ ᠡᠭᠦᠨ ᠤ ᠬᠠᠷᠢᠭᠤ ᠳ᠋ᠤ᠌ 2009 ᠣᠨ ᠳ᠋ᠤ᠌ 《ᠣᠪᠣᠭᠠᠨ ᠵᠥᠷᠢᠭ 》 ᠬᠡᠮᠡᠬᠦ ᠲᠤᠭᠤᠵᠢᠰ ᠢ᠋ᠶ᠋ᠠᠷ ᠢ᠋ᠶ᠋ᠠᠨ ᠥᠪᠥᠷ ᠮᠣᠩᠭᠣᠯ ᠤ᠋ᠨ ᠵᠠᠰᠠᠭ ᠤ᠋ᠨ ᠣᠷᠳᠣᠨ ᠤ᠋ ᠬᠠᠮᠤᠭ ᠥᠨᠳᠥᠷ ᠣᠣᠬᠠ ᠵᠣᠬᠢᠶᠠᠯ ᠤ᠋ᠨ ᠱᠠᠩ ᠪᠣᠯᠬᠤ 《 ᠰᠣᠯᠣᠩᠭ᠎ᠠ 》 ᠱᠠᠩᠨᠠᠯ ᠢ ᠲᠤᠰᠤᠭᠰᠠᠨ᠃ ᠲᠡᠷᠡ ᠬᠡᠷᠪᠡ ᠠᠵᠢᠯ ᠤ᠋ᠨ ᠰᠡᠯᠡᠭᠦᠦ ᠪᠡᠷ ᠢ᠋ᠶ᠋ᠡᠨᠣᠯᠣᠭᠰᠠᠨ ᠬᠡᠳᠦᠨ ᠮᠥᠩᠭᠥ ᠪᠡᠨ ᠨᠠᠭᠠᠳᠤᠮ ᠴᠡᠩᠭᠡᠭᠡᠨ ᠳ᠋ᠦ᠍ ᠦᠷᠡᠵᠦ᠂ ᠠᠢᠯ ᠬᠡᠰᠦᠵᠦ ᠠᠬ᠎ᠠ ᠳᠡᠭᠦᠦ ᠨᠠᠷ ᠲᠠᠢ ᠪᠠᠨ ᠨᠠᠷᠭᠢᠵᠤ ᠠᠷᠢᠬᠢᠳᠠᠵᠤ ᠶᠠᠪᠤᠭᠰᠠᠨ ᠪᠣᠯ ᠰᠣᠯᠣᠩᠭ᠎ᠠ ᠱᠠᠩᠨᠠᠯᠲᠤ ᠵᠣᠬᠢᠶᠠᠯᠴᠢ ᠶ᠋ᠢ ᠪᠢᠲᠡᠭᠡᠢ ᠬᠡᠯᠡ᠂ᠰᠢᠯᠢᠩᠬᠣᠲᠠ ᠳ᠋ᠤ᠌ ᠠᠮᠢᠳᠤᠷᠠᠯ ᠤ᠋ᠨ ᠬᠥᠯ ᠲᠣᠭᠲᠠᠬᠤ ᠳ᠋ᠤ᠌ ᠪᠠᠰᠠ ᠬᠡᠴᠡᠭᠦᠦ ᠪᠠᠢᠬᠤ ᠲᠠ᠃ᠬᠣᠷᠸ᠎ᠠ ᠶ᠋ᠢᠨ ᠠᠮᠢᠳᠤᠷᠠᠯ ᠳ᠋ᠤ᠌ ᠲᠣᠭᠣᠰᠣ ᠬᠥᠳᠡᠯᠭᠡᠵᠦ ᠶᠠᠪᠤᠭ᠎ᠠ ᠬᠠᠷ᠎ᠠ ᠲᠡᠷᠢᠭᠦᠲᠡᠨ ᠦ᠌ ᠬᠤᠪᠢ ᠵᠠᠶᠠᠭ᠎ᠠ ᠢᠩᠭᠢᠵᠦ ᠯᠡ ᠨᠠᠢ᠍ᠮᠠᠨ ᠴᠠᠭ ᠤ᠋ᠨ ᠭᠠᠳᠠᠨ᠎ᠠ ᠢᠯᠭᠠᠷᠠᠨ᠎ᠠ ᠲᠠ! ᠣᠯᠠᠩᠬᠢ ᠤᠷᠠᠨ ᠪᠦᠲᠦᠭᠡᠯᠴᠢᠳ ᠣᠨᠴᠠᠭᠠᠢ ᠠᠪᠢᠶᠠᠰᠲᠠᠳ ᠪᠦᠷ ᠯᠡ ᠡᠨᠡ ᠮᠡᠲᠦ ᠠᠵᠢᠯ ᠤ᠋ᠨ ᠴᠢᠯᠥᠭᠡᠨ ᠦ᠌ ᠳᠤᠷ᠎ᠠ ᠣᠷᠣᠯᠳᠣᠯᠭ᠎ᠠ ᠪᠠᠷ ᠢ᠋ᠶ᠋ᠠᠨ ᠣᠯᠠᠨ ᠪᠦᠲᠦᠭᠡᠯ ᠭᠠᠷᠭᠠᠭᠰᠠᠨ ᠪᠠᠢᠳᠠᠭ᠂ ᠡᠢᠮᠦᠷᠬᠦ ᠭᠡᠷ ᠪᠦᠯᠢ ᠶ᠋ᠢᠨ ᠣᠷᠴᠢᠨ ᠳ᠋ᠤ᠌ ᠥᠰᠬᠦ ᠬᠡᠦᠬᠡᠳ ᠬᠢᠳᠡᠯ ᠠᠯᠳᠠᠵᠤ ᠡᠯᠳᠡᠪ ᠤᠨ ᠶᠠᠭᠤᠮᠠᠨ ᠳ᠋ᠤ᠌ ᠣᠷᠢᠶᠠᠴᠠᠯᠳᠤᠬᠤ ᠦᠭᠡᠢ ᠪᠠᠢᠳᠠᠭ᠃ᠲᠡᠢᠮᠦ ᠡᠴᠡ ᠬᠡᠦᠬᠡᠳ ᠦ᠋ᠨ ᠡᠷᠡᠭᠦᠯ ᠢ᠋ᠶ᠋ᠡᠷ ᠪᠣᠢᠵᠢᠬᠤ ᠬᠠᠯᠠᠭᠤᠨ ᠳᠤᠯᠠᠭᠠᠨ ᠭᠡᠷ ᠪᠦᠯᠢ᠂ᠴᠡᠪᠡᠷ ᠪᠣᠷᠣᠭᠵᠢᠭᠤᠨ ᠠᠮᠢᠳᠤᠷᠠᠯ ᠤ᠋ᠨ ᠰᠤᠷᠲᠠᠯ ᠳᠤᠲᠠᠭᠳᠠᠬᠤ ᠳ᠋ᠤ᠌ ᠬᠦᠷᠪᠡᠯ ᠬᠡᠦᠬᠡᠳ ᠠᠪᠤ ᠡᠵᠢ ᠭᠡᠷ ᠪᠦᠯᠢ ᠡᠴᠡ ᠪᠡᠨ ᠬᠥᠨᠳᠡᠢᠷᠡᠵᠦ ᠨᠡᠢᠭᠡᠮ ᠦ᠋ᠨ ᠡᠷᠡᠭᠦᠯ ᠪᠤᠰᠤ ᠣᠷᠴᠢᠨ ᠲᠣᠭᠣᠷᠢᠨ ᠳ᠋ᠤ᠌ ᠣᠢᠷᠠᠲᠤᠨ ᠬᠡᠦᠬᠡᠳ ᠦ᠋ᠨ ᠬᠤᠪᠢ ᠲᠠᠪᠢᠯᠠᠩ ᠴᠠᠰᠢ ᠬᠠᠨᠳᠤᠬᠤ ᠶ᠋ᠢᠨ ᠰᠤᠪᠢᠩ ᠡᠭᠦᠰᠦᠨ᠎ᠡ᠃
ᠥᠨᠥᠳᠥᠷ ᠦ᠋ᠨ ᠨᠡᠢᠭᠡᠮ ᠦ᠋ᠨ ᠨᠢᠰᠬᠦ ᠮᠡᠲᠦ ᠲᠦᠷᠭᠡᠨ ᠬᠥᠭᠵᠢᠯᠲᠡ ᠨᠢ ᠬᠥᠮᠦᠰ ᠦ᠋ᠨ ᠠᠵᠢᠯ ᠠᠮᠢᠳᠤᠷᠠᠯ ᠳ᠋ᠤ᠌ ᠲᠤᠩ ᠣᠯᠠᠨ ᠳᠥᠭᠥᠮ ᠲᠦᠳᠡ ᠨᠥᠬᠥᠴᠡᠯ 《ᠬᠠᠩᠭᠠᠬᠤ ᠶ᠋ᠢᠨ ᠬᠠᠮᠲᠤ ᠪᠠᠰᠠ ᠨᠡᠩ ᠥᠨᠳᠥᠷ ᠰᠣᠶᠣᠯ ᠤᠬᠠᠮᠰᠠᠷ᠂ᠣᠶᠤᠨ ᠤ᠋ ᠲᠤᠩᠭᠠᠯᠲᠠ᠂ ᠪᠡᠶ᠎ᠡ ᠪᠡᠨ ᠪᠠᠷᠢᠬᠤ ᠴᠢᠳᠠᠪᠤᠷᠢ ᠵᠢᠴᠢ ᠶᠢᠰᠦᠨ ᠥᠩᠭᠡ ᠶ᠋ᠢᠨ ᠠᠮᠢᠳᠤᠷᠠᠯ ᠤ᠋ᠨ ᠤᠷᠤᠰᠬᠠᠯ ᠳᠤᠮᠳᠠ ᠡᠷᠡᠭᠦᠯ ᠲᠣᠬᠢᠷᠠᠮᠵᠢᠲᠠᠢ ᠰᠣᠩᠭᠣᠯᠲᠠ ᠬᠢᠬᠦ ᠣᠶᠤᠨᠰᠠᠭ ᠮᠡᠳᠡᠷᠡᠮᠵᠢ ᠶ᠋ᠢ ᠱᠠᠭᠠᠷᠳᠠᠵᠤ ᠪᠠᠢᠨ᠎ᠠ᠃ ᠪᠢᠳᠡ ᠨᠡᠢᠭᠡᠮ ᠦ᠋ᠨ ᠭᠡᠭᠡᠨ ᠲᠠᠯ᠎ᠠ ᠳ᠋ᠤ᠌ ᠵᠥᠪ ᠶᠠᠪᠤᠵᠤ ᠵᠦᠢ ᠲᠡᠢ ᠠᠮᠢᠳᠤᠷᠠᠵᠤ ᠳᠡᠢᠯᠬᠦ ᠦᠭᠡᠢ ᠪᠣᠯ ᠰᠡᠭᠦᠳᠡᠷ ᠲᠠᠯ᠎ᠠ ᠳ᠋ᠤ᠌ ᠨᠢ ᠠᠮᠢᠳᠤᠷᠠᠯ ᠤ᠋ᠨ ᠬᠥᠯ ᠤᠯᠠ ᠪᠠᠨ ᠠᠯᠳᠠᠬᠤ ᠠᠶᠤᠯ ᠲᠠᠢ ᠪᠣᠯᠵᠤ ᠪᠠᠢᠨ᠎ᠠ᠃ ᠡᠷᠬᠡ ᠮᠥᠩᠭᠥ ᠪᠡᠨ ᠠᠳᠠᠯᠢᠳᠬᠠᠨ ᠯᠠᠷᠵᠢᠶ᠎ᠠ ᠶᠠᠩᠪᠠ ᠲᠠᠲᠠᠬᠤ᠂ ᠪᠠᠶᠠᠷ ᠨᠠᠢᠷ ᠤ᠋ᠨ ᠵᠤᠳ ᠪᠣᠯᠵᠤ ᠪᠠᠢᠬᠤ᠂ ᠠᠷᠠᠯᠵᠢᠶ᠎ᠠ ᠮᠠᠢᠮᠠᠢ᠂ ᠬᠣᠲᠠ
ᠣᠷᠣᠬᠤ ᠤᠷᠤᠰᠬᠠᠯ ᠭᠠᠵᠠᠷ ᠠᠪᠴᠤ ᠪᠠᠢᠬᠤ᠂ ᠬᠥᠳᠡᠭᠡ ᠮᠠᠯ ᠮᠠᠯᠵᠢᠬᠤ ᠰᠠᠭᠠᠯᠢ ᠰᠦ ᠪᠠᠷᠢᠬᠤ ᠵᠠᠯᠠᠭᠤᠰ ᠬᠣᠪᠣᠷᠳᠠᠭᠰᠠᠨ (ᠪᠠᠭ᠎ᠠ ᠡᠴᠡ ᠪᠡᠨ ᠬᠣᠲᠠ ᠪᠠᠷᠠᠭᠠᠳᠠᠭᠰᠠᠨ ᠪᠠᠭᠠᠴᠤᠤᠯ ᠵᠠᠯᠠᠭᠤᠰ ᠬᠥᠳᠡᠭᠡ ᠶ᠋ᠢᠨ ᠠᠵᠢᠯ ᠠᠮᠢᠳᠤᠷᠠᠯ ᠳ᠋ᠤ᠌ ᠳᠠᠰᠬᠤ ᠦᠭᠡᠢ ᠪᠣᠯᠵᠠᠢ)᠂ ᠬᠡᠦᠬᠡᠳ ᠢ᠋ᠶ᠋ᠡᠨ ᠵᠠᠪᠠᠯ ᠬᠣᠲᠠ ᠳ᠋ᠤ᠌ ᠰᠤᠷᠭᠠᠨ ᠬᠥᠮᠦᠵᠢᠯ ᠬᠦᠷᠲᠡᠭᠡᠪᠡᠯ ᠰᠠᠶᠢ ᠴᠠᠭ ᠤ᠋ᠨ ᠥᠩᠭᠡ ᠶ᠋ᠢ ᠳᠠᠭᠠᠵᠤ ᠠᠮᠴᠢᠬᠤ ᠮᠡᠲᠦ ᠪᠣᠯᠤᠭᠰᠠᠨ ᠭᠡᠳ ᠣᠯᠠᠨ ᠠᠰᠠᠭᠤᠳᠠᠯ ᠮᠠᠨ ᠤ᠋ ᠡᠮᠦᠨ᠎ᠡ ᠲᠤᠯᠭᠠᠷᠠᠵᠠᠢ᠃ ᠡᠳᠡᠭᠡᠷ ᠪᠦᠬᠦᠨ ᠳ᠋ᠦ᠍ ᠪᠢᠳᠡ ᠯᠠᠪᠳᠠᠭᠤᠨ ᠲᠥᠪᠯᠡᠭᠦᠨ ᠪᠣᠳᠣᠯᠭ᠎ᠠ ᠲᠠᠢ ᠬᠠᠨᠳᠤᠬᠤ ᠬᠡᠷᠡᠭᠲᠡᠢ ᠪᠣᠯᠤᠭᠠᠳ ᠪᠠᠢᠨ᠎ᠠ᠃ ᠳᠣᠣᠷ᠎ᠠ ᠲᠡᠭᠡᠪᠡᠯ ᠣᠳᠣᠬᠠᠨ ᠤ᠋ ᠨᠡᠢᠭᠡᠮ ᠦ᠋ᠨ ᠬᠤᠪᠢᠷᠠᠯᠲᠠ ᠠ᠋ᠴᠠ ᠪᠣᠯᠵᠤ ᠬᠡᠦᠬᠡᠳ ᠦ᠋ᠨ ᠦᠰᠦᠨ ᠪᠣᠢᠵᠢᠬᠤ ᠣᠷᠴᠢᠨ ᠳ᠋ᠤ᠌ ᠲᠤᠯᠭᠠᠷᠠᠵᠤ ᠪᠠᠢᠭ᠎ᠠ ᠠᠰᠠᠭᠤᠳᠠᠯ ᠳ᠋ᠤ᠌ ᠵᠠᠳᠠᠯᠤᠯᠲᠠ ᠬᠢᠶ᠎ᠡ᠄
ᠨᠢᠭᠡ᠂ ᠨᠡᠢᠭᠡᠮ ᠣᠷᠴᠢᠨ ᠤ ᠬᠤᠪᠢᠷᠠᠯᠲᠠ
ᠨᠡᠢᠭᠡᠮ ᠪᠠᠢᠭᠠᠯᠢ ᠶ᠋ᠢᠨ ᠬᠤᠪᠢᠷᠠᠯᠲᠠ ᠶ᠋ᠢ ᠳᠠᠭᠠᠯᠳᠤᠨ ᠮᠠᠯᠴᠢᠳ ᠤ᠋ᠨ ᠨᠠᠮ ᠲᠣᠭᠲᠠᠭᠤᠨ ᠠᠮᠢᠳᠤᠷᠠᠯ ᠥᠭᠡᠷᠡᠴᠢᠯᠡᠭᠳᠡᠵᠦ᠂ ᠪᠠᠢᠭᠠᠯᠢᠯᠢᠭ ᠮᠠᠯᠵᠢᠯ ᠠ᠋ᠴᠠ ᠪᠠᠨ ᠪᠢᠲᠡᠭᠦᠮᠵᠢᠯᠡᠬᠦ᠂ ᠬᠣᠲᠠᠵᠢᠯᠲᠠ᠂ ᠠᠷᠠᠯᠵᠢᠶ᠎ᠠ ᠬᠤᠳᠠᠯᠳᠤᠭ᠎ᠠ ᠮᠡᠲᠦ ᠣᠯᠠᠨ ᠬᠡᠯᠪᠡᠷᠢ ᠶ᠋ᠢᠨ ᠠᠮᠢᠳᠤᠷᠠᠯ ᠤ᠋ᠨ ᠰᠣᠩᠭᠣᠯᠲᠠ ᠳᠤᠮᠳᠠ ᠲᠣᠯᠣᠭᠠᠢ ᠲᠥᠭᠡᠷᠢᠬᠦ ᠳ᠋ᠦ᠍ ᠬᠦᠷᠴᠦ ᠪᠠᠢᠨ᠎ᠠ᠃ ᠬᠣᠲᠠ ᠳ᠋ᠤ᠌ ᠣᠷᠣᠵᠤ ᠠᠵᠤ ᠲᠥᠷᠥᠬᠦ ᠳ᠋ᠦ᠍ ᠮᠡᠷᠭᠡᠵᠢᠯ ᠦ᠋ᠨ ᠠᠵᠢᠯ ᠬᠢᠬᠦ ᠪᠤᠶᠤ ᠬᠤᠳᠠᠯᠳᠤᠭ᠎ᠠ ᠡᠵᠡᠩᠨᠡᠯᠲᠡ ᠬᠢᠵᠦ ᠬᠥᠯ ᠲᠣᠭᠲᠠᠬᠤ ᠦᠭᠡᠢ ᠪᠣᠯ ᠡᠳᠦᠷᠵᠢᠨ ᠬᠢᠳᠡᠯ ᠠᠯᠳᠠᠵᠤ ᠬᠣᠲᠠ ᠵᠡᠭᠡᠯᠢ ᠬᠡᠰᠦᠨ ᠬᠥᠯᠥᠰᠥᠨ ᠤ ᠵᠢᠵᠢᠭ ᠪᠠᠢᠰᠢᠩ ᠳ᠋ᠤ᠌ ᠭᠤᠷᠪᠠᠨ ᠴᠠᠭ ᠤ᠋ᠨ ᠬᠣᠭᠣᠯᠠ ᠯᠠ ᠢᠳᠡᠭᠡᠳ ᠰᠠᠭᠤᠯᠲᠠᠢ ᠪᠢᠰᠢ᠂ ᠶᠠᠭ ᠡᠢᠨᠬᠦ ᠠᠵᠢᠯ ᠬᠢᠳᠡᠯ ᠠᠯᠳᠠᠭᠰᠠᠨ ᠬᠡᠰᠡᠭ ᠬᠥᠮᠦᠰ ᠠᠷᠢᠬᠢ᠂ ᠮᠠᠵᠢᠶᠠᠩ ᠳ᠋ᠤ᠌ ᠣᠷᠣᠬᠤ᠂ ᠡᠰᠡᠬᠦᠯ᠎ᠡ ᠮᠥᠷᠥᠢ ᠲᠡᠢ ᠲᠣᠭᠯᠠᠭᠠᠮ ᠨᠠᠭᠠᠳᠬᠤ ᠮᠡᠲᠦ ᠡᠷᠡᠭᠦᠯ ᠪᠤᠰᠤ ᠠᠮᠢᠳᠤᠷᠠᠯ ᠤ᠋ᠨ ᠰᠤᠷᠲᠠᠯ ᠳ᠋ᠤ᠌ ᠠᠪᠲᠠᠵᠤ᠂ ᠠᠢᠯ ᠭᠡᠷ ᠦ᠋ᠨ ᠠᠮᠢᠳᠤᠷᠠᠯ ᠤ᠋ᠨ ᠬᠡᠪ ᠦ᠋ᠨ ᠪᠠᠢᠳᠠᠯ ᠡᠪᠳᠡᠭᠳᠡᠵᠦ᠂ ᠮᠠᠯᠴᠢᠨ ᠲᠦᠮᠡᠨ ᠳ᠋ᠦ᠍ ᠡᠢᠮᠦ ᠲᠡᠢᠮᠦ ᠣᠯᠠᠨ ᠬᠦᠴᠢᠷᠳᠡᠯ ᠲᠤᠯᠭᠠᠷᠠᠭᠰᠠᠨ ᠪᠠᠢᠨ᠎ᠠ᠃ ᠨᠢᠭᠡ ᠭᠡᠷ ᠦ᠋ᠨ ᠬᠢᠨ ᠬᠥᠳᠡᠭᠡ ᠬᠣᠲᠠ ᠭᠡᠳ ᠬᠡᠳᠦᠨ ᠲᠠᠰᠢ ᠠᠮᠢᠳᠤᠷᠠᠭᠰᠠᠨ᠂ ᠨᠠᠰᠤᠲᠠᠨ ᠨᠢ ᠬᠡᠦᠬᠡᠳ ᠬᠠᠷᠠᠭᠰᠠᠨ ᠠ᠋ᠴᠠ ᠦᠶ᠎ᠡ ᠠᠯᠤᠰᠯᠠᠭᠰᠠᠨ ᠰᠤᠷᠭᠠᠨ ᠬᠥᠮᠦᠵᠢᠯ ᠪᠣᠢ ᠪᠣᠯᠤᠭᠰᠠᠨ᠂ ᠠᠮᠢᠳᠤᠷᠠᠯ ᠤ᠋ᠨ ᠵᠠᠷᠤᠳᠠᠯ ᠪᠠᠷᠢᠳᠠᠯ ᠨᠡᠮᠡᠭᠳᠡᠭᠰᠡᠨ᠂ ᠮᠠᠯ ᠬᠥᠷᠥᠩᠭᠡ ᠪᠡᠷ ᠪᠠᠶᠠᠨ ᠰᠢᠭ᠋ ᠮᠠᠯᠴᠢᠳ ᠪᠦᠷ ᠯᠡ ᠬᠥᠯᠥᠰᠥᠨ ᠮᠠᠯᠴᠢᠨ ᠵᠠᠷᠤᠵᠤ ᠬᠣᠲᠠ ᠣᠷᠣᠭᠰᠠᠨ ᠠ᠋ᠴᠠ ᠬᠥᠳᠡᠯᠮᠦᠷᠢᠴᠢ ᠪᠣᠷᠣᠭᠵᠢᠭᠤᠨ ᠰᠤᠷᠲᠠᠯ ᠠᠯᠳᠠᠭᠳᠠᠵᠤ ᠪᠠᠢᠬᠤ᠂ ᠬᠣᠲᠠ ᠬᠥᠳᠡᠭᠡ ᠦᠭᠡᠢ ᠮᠥᠷᠥᠢ ᠲᠡᠢ ᠲᠣᠭᠯᠠᠭᠠᠮ ᠳᠡᠯᠭᠡᠷᠡᠵᠦ᠂ ᠲᠠᠩᠬᠠᠢ ᠰᠤᠷᠲᠠᠯ ᠭᠠᠵᠠᠷ ᠠᠪᠴᠤ ᠪᠠᠢᠬᠤ᠂ᠡᠴᠦᠰ ᠲᠦ᠍ ᠨᠢ ᠠᠵᠢᠯ ᠠᠮᠢᠳᠤᠷᠠᠯ ᠦᠭᠡᠢ ᠪᠣᠯᠵᠤ ᠠᠢᠯ ᠪᠦᠯᠢ ᠰᠠᠯᠵᠤ ᠪᠤᠲᠠᠷᠠᠵᠤ ᠪᠠᠢᠬᠤ ᠭᠡᠳ ᠮᠠᠯᠴᠢᠳ ᠮᠠᠨᠢ ᠮᠠᠯ ᠠᠬᠤᠢ ᠠ᠋ᠴᠠ ᠪᠠᠨ ᠰᠠᠯᠤᠭᠰᠠᠨ ᠬᠣᠲᠠ ᠭᠡᠳᠡᠭ ᠲᠠᠨᠢᠯ ᠪᠤᠰᠤ ᠠᠮᠢᠳᠤᠷᠠᠯ ᠦᠢᠯᠡᠳᠪᠦᠷᠢᠯᠡᠯ ᠦ᠋ᠨ ᠣᠷᠴᠢᠨ ᠳ᠋ᠤ᠌ ᠲᠤᠩ ᠶᠡᠬᠡ ᠬᠣᠬᠢᠷᠠᠯ ᠠᠮᠰᠠᠵᠤ ᠪᠠᠢᠭ᠎ᠠ ᠠ᠋ᠴᠠ ᠬᠡᠦᠬᠡᠳ ᠦ᠋ᠨ ᠦᠰᠦᠨ ᠪᠣᠢᠵᠢᠯᠲᠠ ᠶ᠋ᠢᠨ ᠣᠷᠴᠢᠨ ᠢ ᠲᠤᠢᠯ ᠤ᠋ᠨ ᠮᠠᠭᠤ ᠪᠠᠷ ᠨᠥᠯᠥᠭᠡᠯᠡᠵᠦ ᠪᠠᠢᠨ᠎ᠠ᠃ ᠨᠠᠶᠠ ᠶᠡᠷᠡᠭᠡᠳ ᠣᠨ ᠤ ᠦᠶ᠎ᠡ ᠳ᠋ᠦ᠍ ᠮᠠᠯᠴᠢᠳ ᠮᠠᠨᠢ ᠬᠡᠢᠮᠣᠷᠢ ᠴᠣᠭ ᠰᠦᠯᠳᠡ ᠪᠠᠳᠠᠷᠠᠭᠰᠠᠨ ᠠᠮᠢᠳᠤᠷᠠᠯ ᠳ᠋ᠤ᠌ ᠪᠠᠨ ᠢᠲᠡᠭᠡᠯ ᠳᠦᠭᠦᠷᠡᠩ ᠵᠢᠪᠬᠤᠭᠠᠲᠤ ᠬᠥᠮᠦᠰ ᠪᠠᠢᠭᠰᠠᠨ᠂ ᠰᠡᠭᠦᠯᠴᠢ ᠶ᠋ᠢᠨ ᠠᠷᠪᠠᠭᠠᠳ ᠵᠢᠯ ᠳ᠋ᠦ᠍ ᠶᠠᠪᠤᠭᠳᠠᠭᠰᠠᠨ ᠪᠦᠲᠦᠴᠡ ᠶ᠋ᠢᠨ ᠲᠣᠬᠢᠷᠠᠭᠤᠯᠤᠯᠲᠠ ᠭᠡᠲᠡᠯ᠎ᠡ ᠮᠠᠯ ᠤ᠋ᠨ ᠡᠭᠦᠯᠳᠡᠷ ᠰᠣᠯᠢᠬᠤ᠂ ᠬᠠᠰᠢᠶᠠᠯᠠᠬᠤ᠂ ᠨᠡᠭᠦᠯᠭᠡᠬᠦ ᠭᠡᠳ ᠮᠠᠯᠴᠢᠳ ᠤ᠋ᠨ ᠤᠯᠠᠮᠵᠢᠯᠠᠯᠲᠤ ᠠᠷᠭ᠎ᠠ ᠵᠠᠭᠪᠤᠷ ᠰᠣᠶᠣᠯ ᠰᠡᠳᠬᠢᠯᠭᠡᠨ ᠪᠦᠷᠢᠮᠦᠰᠦᠨ ᠨᠤᠷᠠᠯᠲᠠ ᠳ᠋ᠤ᠌ ᠤᠴᠠᠷᠠᠭᠰᠠᠨ ᠵᠢᠴᠢ ᠪᠠᠢᠭᠠᠯᠢ ᠶ᠋ᠢᠨ ᠭᠠᠩ ᠵᠤᠳ᠂ ᠨᠤᠲᠤᠭ ᠪᠡᠯᠴᠢᠭᠡᠷ ᠬᠤᠪᠢᠶᠠᠭᠰᠠᠨ ᠠ᠋ᠴᠠ ᠪᠣᠯᠤᠭᠰᠠᠨ ᠬᠤᠪᠢ ᠬᠤᠪᠢ ᠪᠠᠨ ᠬᠥᠭᠡᠭᠡᠭᠰᠡᠨ ᠬᠤᠪᠢᠨᠴᠢᠷ ᠬᠡᠪᠡᠷᠡᠭ ᠠᠵᠤ ᠠᠬᠤᠢ ᠶ᠋ᠢᠨ ᠣᠷᠴᠢᠨ ᠳ᠋ᠤ᠌ ᠦᠨᠡᠬᠡᠷ ᠰᠡᠳᠬᠢᠯ ᠦ᠋ᠨ ᠬᠦᠴᠦ ᠲᠠᠮᠢᠷ ᠰᠤᠯᠠᠳᠠᠵᠤ᠂ ᠮᠠᠯᠴᠢᠨ ᠬᠥᠮᠦᠨ ᠤ ᠭᠦᠳᠦᠰ ᠵᠣᠷᠢᠮᠠᠭ ᠮᠤᠵᠢᠭᠤᠳᠠ ᠪᠠᠷᠢᠮᠲᠠᠯᠠᠯ ᠢ᠋ᠶ᠋ᠠᠨ ᠠᠯᠳᠠᠭᠰᠠᠨ ᠪᠠᠭᠤᠷᠠᠢ ᠡᠩᠨᠡᠭᠡ ᠪᠣᠯᠵᠤ ᠪᠠᠢᠨ᠎ᠠ᠃ ᠲᠡᠢᠮᠦ ᠡᠴᠡ ᠮᠠᠯᠴᠢᠳ ᠮᠠᠨᠢ ᠮᠠᠯᠵᠢᠯ ᠮᠡᠳᠡᠬᠦ ᠦᠭᠡᠢ᠂ ᠲᠠᠯ᠎ᠠ ᠨᠤᠲᠤᠭ ᠬᠥᠳᠡᠭᠡ ᠶ᠋ᠢᠨ ᠠᠮᠢᠳᠤᠷᠠᠯ ᠢ ᠣᠢᠯᠠᠭᠠᠬᠤ ᠦᠭᠡᠢ ᠬᠥᠮᠦᠰ ᠦ᠋ᠨ ᠠᠯᠪᠠᠨ ᠭᠡᠷ ᠲᠡᠬᠢ ᠰᠤᠳᠤᠯᠭᠠᠨ ᠳ᠋ᠤ᠌ ᠪᠢᠲᠡᠭᠡᠢ ᠲᠥᠭᠡᠷᠢᠭᠳᠡᠶᠡ! ᠥᠪᠡᠷ ᠦ᠋ᠨ ᠦᠵᠡᠯᠲᠡ ᠪᠠᠷᠢᠮᠲᠠᠯᠠᠯ ᠲᠠᠢ ᠡᠵᠡᠨ ᠬᠥᠮᠦᠨ ᠤ ᠣᠪᠣᠷ ᠢ᠋ᠶ᠋ᠠᠷ ᠥᠪᠡᠷ ᠦ᠋ᠨ ᠠᠮᠢᠳᠤᠷᠠᠯ ᠳ᠋ᠤ᠌ ᠪᠠᠨ ᠡᠵᠡᠨ ᠰᠠᠭᠤᠶ᠎ᠠ᠃
ᠦᠰᠦᠭ ᠠᠮᠢᠯᠠᠭᠤᠯᠤᠭᠴᠢ᠄ ᠪᠤᠶᠠᠨᠲᠣᠭᠲᠠᠬᠤ᠂ ᠰ· ᠳᠣᠷᠣᠨ᠎ᠠ
ᠬᠢᠨᠠᠭᠴᠢ᠄ ᠭᠠᠷᠮ᠎ᠠ᠂ ᠣᠳᠬᠠᠨᠰᠣ ᠠ᠋᠂ ᠰᠡᠬᠡᠭᠡᠷᠡᠯ