ᠬᠥᠬᠡ ᠰᠤᠳᠤᠷ - ᠢᠨᠵᠠᠨᠨᠠᠰᠢ < ᠠᠷᠪᠠᠨ ᠨᠠᠢ᠍ᠮᠠᠳᠤᠭᠠᠷ ᠪᠦᠯᠦᠭ > Хөх судар - Инжинаш < Арван наймдугаар бүлэг >
ᠰᠥᠩ ᠭᠤᠸᠠᠩᠽᠦ᠋ᠩ ᠦ᠋ᠨ ᠱᠣᠣ ᠰᠢ ᠶ᠋ᠢᠨ ᠳᠥᠷᠪᠡᠳᠦᠭᠡᠷ ᠣᠨ ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋
ᠮᠢᠩ ᠴᠠᠩ ᠤ᠋ᠨ ᠪᠠᠰᠠ ᠳᠥᠷᠪᠡᠳᠦᠭᠡᠷ ᠣᠨ ᠂ ᠬᠠᠷᠠᠭ᠍ᠴᠢᠨ ᠦᠬᠡᠷ ᠵᠢᠯ ᠂ ᠲᠠᠢᠽᠦ ᠭᠤᠴᠢᠨ ᠬᠣᠶᠠᠷ ᠰᠡᠭᠦᠳᠡᠷ ᠲᠡᠢ
ᠲᠡᠭᠷᠢ ᠶ᠋ᠢᠨ ᠬᠥᠪᠡᠭᠦᠨ ᠦ᠌ ᠨᠥᠬᠥᠳ ᠪᠦᠷᠢᠳᠴᠦ ᠡᠴᠢᠭᠡ ᠬᠤᠷᠮᠤᠰᠲᠠ ᠷᠠᠰᠢᠶᠠᠨ ᠬᠦᠷᠲᠡᠭᠡᠪᠡ
ᠲᠠᠲ᠋ᠠᠷ ᠤ᠋ᠨ ᠶᠠᠪᠤᠭ᠎ᠠ ᠶ᠋ᠢᠨ ᠦᠭᠡ ᠬᠡᠲᠦᠷᠡᠭᠡᠳ ᠡᠵᠡᠨ ᠪᠣᠭᠳᠠ ᠬᠢᠯᠢᠩᠯᠡᠨ ᠬᠥᠭᠡᠭᠡᠯᠭᠡᠪᠡ
ᠲᠩᠷᠢ ᠡᠴᠢᠭᠡ ᠲᠡᠮᠦᠵᠢᠨ ᠪᠣᠭᠳᠠ ᠶ᠋ᠢ ᠲᠡᠮᠳᠡᠭ ᠪᠡᠯᠭᠡᠳᠡᠶ᠎ᠡ ᠲᠥᠷᠥᠭᠦᠯᠵᠦ
ᠲᠡᠷᠰ ᠰᠥᠷᠭᠡᠦ ᠦᠰ ᠥᠰᠢᠶᠡᠲᠡᠨ ᠢ᠋ ᠱᠦᠭᠦᠷᠳᠡᠨ ᠤᠬᠢᠶᠠᠵᠤ ᠠᠷᠢᠯᠭᠠᠭᠠᠳ
ᠲᠩᠷᠢᠯᠢᠭ ᠦᠨᠳᠦᠰᠦᠲᠦ ᠡᠬᠡ ᠬᠥᠪᠡᠭᠦᠨ ᠬᠠᠮᠤᠭ ᠨᠥᠬᠥᠳ ᠪᠦᠷᠢᠳᠦᠭᠰᠡᠨ ᠢ᠋ᠶ᠋ᠡᠷ
ᠲᠡᠩᠴᠡᠰᠢ ᠦᠭᠡᠢ ᠬᠤᠷᠮᠤᠰᠲᠠ ᠬᠠᠭᠠᠨ ᠬᠠᠰ ᠬᠤᠨᠳᠠᠭᠠᠲᠤ ᠷᠠᠰᠢᠶᠠᠨ ᠬᠠᠢᠷᠠᠯᠠᠪᠠ ᠃
ᠲᠡᠨᠳᠡᠴᠡ ᠥᠭᠡᠯᠦᠨ ᠦᠵᠢᠨ ᠂ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠂ ᠴᠡᠷᠢᠭ ᠦ᠋ᠨ ᠵᠢᠨᠦᠩ ᠮᠤᠬᠤᠯᠢ ᠨᠠᠷ ᠲᠤᠷ ᠵᠠᠬᠢᠵᠤ ᠂ ᠵᠠᠬᠢᠶ᠎ᠠ ᠶ᠋ᠢ ᠤᠯᠠᠮᠵᠢᠯᠠᠭᠤᠯᠪᠠ ᠃ ᠲᠡᠳᠦᠢ ᠲᠠᠢᠽᠦ ᠰᠣᠨᠣᠰᠴᠤ ᠠᠷᠭ᠎ᠠ ᠦᠭᠡᠢ ᠥᠵᠢᠨ ᠡᠮᠡᠭᠡ ᠶ᠋ᠢᠨ ᠬᠡᠰᠢᠭ ᠲᠣᠷ ᠮᠥᠷᠭᠥᠵᠦ ᠂ ᠳᠠᠷᠤᠢ ᠮᠥᠨ ᠡᠳᠦᠷ ᠲᠣᠷ ᠥᠭᠡᠯᠦᠨ ᠦᠵᠢᠨ ᠦ᠌ ᠡᠪᠦᠳᠦᠭ ᠦ᠋ᠨ ᠳᠣᠣᠷ᠎ᠠ ᠳᠥᠷᠪᠡᠨ ᠳᠡᠭᠦᠦ ᠪᠠ ᠳᠥᠷᠪᠡᠨ ᠬᠠᠲᠤᠨ ᠬᠢᠭᠡᠳ ᠳᠥᠷᠪᠡᠨ ᠬᠥᠪᠡᠭᠦᠨ ᠂ ᠭᠠᠭᠴᠠ ᠬᠡᠦᠬᠡᠨ ᠢ᠋ᠶ᠋ᠡᠨ ᠪᠦᠭᠦᠳᠡ ᠶ᠋ᠢ ᠠᠪᠴᠤ ᠥᠯᠵᠡᠢᠲᠦ ᠬᠡᠰᠢᠭ ᠬᠤᠷᠢᠮ ᠳ᠋ᠤᠷ ᠰᠠᠭᠤᠯᠴᠠᠪᠠ ᠃ ᠥᠵᠢᠨ ᠡᠮᠡᠭᠡ ᠥᠪᠡᠷ ᠦ᠋ᠨ ᠭᠠᠷ ᠢ᠋ᠶ᠋ᠠᠷ ᠲᠠᠢᠽᠦ ᠳ᠋ᠦ᠍ᠷ ᠠᠷᠢᠬᠢ ᠰᠣᠶᠣᠷᠬᠠᠨ ᠬᠠᠢᠷᠠᠯᠠᠵᠤ ᠂ ᠡᠷᠲᠡᠨ ᠢ᠋ ᠳᠤᠷᠠᠳᠴᠤ ᠡᠳᠦᠭᠡᠬᠢ ᠶ᠋ᠢ ᠰᠠᠢᠰᠢᠶᠠᠨ ᠡᠢᠨ ᠭᠡᠮᠡᠨ ᠢᠷᠥᠭᠡᠨ ᠪᠡᠯᠭᠡᠯᠡᠵᠦ ᠵᠠᠬᠢᠷᠤᠨ :
ᠡᠯᠦᠨᠴᠡ ᠬᠤᠯᠤᠨᠴᠠ ᠡᠪᠦᠭᠡ ᠡᠴᠢᠭᠡ ᠡᠨᠡ ᠪᠡᠶ᠎ᠡ ᠳ᠋ᠦ᠍ᠷ ᠬᠦᠷᠲᠡᠯ᠎ᠡ
ᠡᠨᠡ ᠬᠦ᠌ ᠲᠠᠪᠤᠨ ᠦᠶ᠎ᠡ ᠶ᠋ᠢᠨ ᠥᠰᠢᠶ᠎ᠡ ᠬᠣᠷᠣᠰᠤᠯ ᠢ᠋ ᠠᠷᠢᠯᠭᠠᠵᠤ ᠴᠢᠳᠠᠭᠰᠠᠨ ᠂
ᠡᠷᠬᠡᠲᠦ ᠲᠡᠭᠷᠢ ᠶ᠋ᠢ ᠳᠣᠳᠣᠷᠬᠠᠶ᠎ᠠ ᠠᠭᠤᠯᠵᠠᠵᠤ ᠵᠢᠷᠮᠦᠰᠦᠨ ᠪᠣᠯᠤᠭᠰᠠᠨ
ᠡᠷᠳᠡᠨᠢ ᠶ᠋ᠢᠨ ᠰᠦᠮᠪᠦᠷ ᠠᠭᠤᠯᠠ ᠮᠡᠲᠦ ᠵᠢᠪᠬᠤᠯᠠᠩᠲᠤ ᠬᠥᠪᠡᠭᠦᠨ ᠮᠢᠨᠦ ᠃
ᠡᠴᠢᠭᠡ ᠡᠬᠡ ᠠᠬ᠎ᠠ ᠳᠡᠭᠦᠦ ᠡᠮ᠎ᠡ ᠦᠷ᠎ᠡ ᠨᠥᠬᠥᠷ ᠰᠠᠳᠤᠨ ᠳ᠋ᠤᠷ ᠬᠦᠷᠲᠡᠯ᠎ᠡ
ᠡᠳᠡᠭᠡᠷ ᠲᠠᠪᠤᠨ ᠣᠭᠣᠰᠣᠷ ᠬᠡᠯᠬᠢᠶ᠎ᠡ ᠪᠦᠬᠦᠨ ᠢ᠋ ᠵᠢᠷᠭᠠᠭᠤᠯᠤᠨ ᠴᠢᠳᠠᠭᠰᠠᠨ ᠂
ᠡᠷᠴᠢᠭᠰᠡᠨ ᠮᠡᠲᠦ ᠴᠠᠭᠠᠨ ᠭᠡᠷᠡᠯ ᠭᠡᠷ ᠲᠦ᠍ᠷ ᠳᠦᠭᠦᠷᠴᠦ ᠣᠯᠤᠭᠰᠠᠨ
ᠡᠷᠳᠡᠮᠲᠦ ᠰᠦᠨ ᠳᠠᠯᠠᠢ ᠠᠳᠠᠯᠢ ᠰᠦᠷᠲᠦ ᠬᠥᠪᠡᠭᠦᠨ ᠮᠢᠨᠦ ᠴᠢ ᠂
ᠡᠷᠲᠡᠨ ᠡᠴᠡ ᠲᠠᠪᠤᠨ ᠦᠶ᠎ᠡ ᠡᠯᠳᠡᠪ ᠢ᠋ᠶ᠋ᠡᠷ ᠳᠠᠷᠤᠯᠠᠭᠳᠠᠭᠰᠠᠨ ᠥᠰᠢᠶᠡᠲᠦ
ᠡᠷᠡᠮᠡᠬᠡᠢ ᠰᠥᠷᠭᠡᠦ ᠲᠠᠢᠴᠢᠭᠤᠳ ᠠᠢᠮᠠᠭ ᠢ᠋ ᠲᠠᠰᠤᠯᠤᠨ ᠴᠢᠳᠠᠪᠠᠢ ᠃
ᠡᠭᠦᠷᠢᠳᠡ ᠪᠠᠳᠠᠷᠠᠩᠭᠤᠢ ᠰᠦᠯᠳᠡ ᠲᠡᠭᠷᠢ ᠳ᠋ᠦ᠍ᠷ ᠠᠭᠤᠯᠵᠠᠵᠤ ᠣᠯᠤᠭᠰᠠᠨ ᠂
ᠡᠯᠪᠡᠷᠢᠯ ᠲᠠᠬᠢᠮᠳᠠᠭᠤ ᠡᠷᠬᠡ ᠪᠤᠶᠠᠨ ᠬᠣᠣᠰ ᠪᠦᠷᠢᠳᠦᠭᠰᠡᠨ ᠬᠥᠪᠡᠭᠦᠨ ᠮᠢᠨᠦ
ᠡᠷᠢᠵᠦ ᠨᠡᠬᠡᠮᠵᠢᠯᠡᠨ ᠲᠠᠪᠤᠨ ᠦᠶ᠎ᠡ ᠳᠠᠷᠤᠯᠠᠨ ᠲᠡᠮᠡᠴᠡᠭᠰᠡᠨ ᠥᠰᠢᠶᠡᠲᠦ ᠂
ᠡᠯᠳᠡᠪ ᠬᠣᠣᠷᠠᠲᠤ ᠲᠠᠢᠴᠢᠭᠤᠳ ᠠᠢᠮᠠᠭ ᠢ᠋ ᠡᠴᠦᠳᠬᠡᠨ ᠴᠢᠳᠠᠭᠰᠠᠨ
ᠡᠨᠡᠷᠢᠯᠲᠦ ᠳᠡᠭᠡᠳᠦ ᠰᠦᠯᠳᠡ ᠲᠡᠭᠷᠢ ᠶ᠋ᠢ ᠡᠭᠦᠷᠢᠳᠡ ᠵᠡᠭᠦᠳᠦᠯᠡᠵᠦ ᠣᠯᠤᠭᠰᠠᠨ ᠂
ᠡᠷᠳᠡᠮ ᠥᠷᠥᠰᠢᠶᠡᠯ ᠪᠣᠳᠣᠯᠭ᠎ᠠ ᠪᠠᠭᠠᠲᠤᠷ ᠬᠣᠣᠰ ᠪᠦᠷᠢᠳᠦᠭᠰᠡᠨ ᠬᠥᠪᠡᠭᠦᠨ ᠮᠢᠨᠦ
ᠡᠨᠡ ᠡᠳᠦᠷ ᠦᠰᠲᠡᠨ ᠦ᠌ ᠦᠨᠳᠦᠰᠦᠨ ᠢ᠋ ᠡᠴᠦᠳᠬᠡᠨ ᠴᠢᠳᠠᠭᠰᠠᠨ ᠪᠠᠶᠠᠷ ᠲᠤᠷ
ᠡᠬᠡ ᠴᠢᠨᠦ ᠡᠩᠬᠡᠵᠢᠯᠳᠦ ᠰᠠᠷᠬᠤᠳ ᠷᠠᠰᠢᠶᠠᠨ ᠢ᠋ ᠰᠣᠶᠣᠷᠬᠠᠮᠤᠢ ᠃
ᠡᠭᠦᠨᠴᠡ ᠴᠢᠨᠦ ᠡᠷᠬᠡ ᠰᠦᠷ ᠡᠮᠦᠨ᠎ᠡ ᠳᠠᠯᠠᠢ ᠶ᠋ᠢ ᠳᠠᠪᠠᠲᠠᠯ᠎ᠠ ᠳᠠᠭᠤᠷᠢᠰᠴᠤ
ᠡᠩᠭᠡᠷ ᠬᠠᠮᠲᠤ ᠳᠡᠯᠡᠬᠡᠢ ᠳ᠋ᠠᠬᠢᠨ ᠢ᠋ ᠡᠩᠬᠡᠵᠢᠭᠦᠯᠦᠨ ᠡᠵᠡᠯᠡᠲᠦᠭᠡᠢ !
ᠭᠡᠮᠡᠨ ᠬᠡᠯᠡᠭᠰᠡᠭᠡᠷ ᠡᠨᠳᠡ ᠬᠦᠷᠴᠦ ᠰᠠᠨᠠᠮᠰᠠᠷ ᠦᠭᠡᠢ ᠨᠢᠳᠦᠨ ᠦ᠌ ᠨᠢᠯᠪᠤᠰᠤᠨ ᠤᠨᠠᠭᠠᠪᠠᠢ᠃ ᠲᠠᠢᠽᠦ ᠡᠬᠡ ᠶᠦ᠍ᠭᠡᠨ ᠡᠳᠡᠭᠡᠷ ᠦᠭᠡᠰ ᠢ᠋ ᠰᠣᠨᠣᠰᠤᠭᠰᠠᠭᠠᠷ ᠪᠠᠭ᠎ᠠ ᠨᠢᠯᠬ᠎ᠠ ᠴᠠᠭ ᠲᠤᠷ ᠪᠡᠯᠪᠡᠰᠦᠨ ᠡᠬᠡ ᠂ ᠥᠨᠥᠴᠢᠨ ᠬᠥᠪᠡᠭᠦᠨ ᠬᠡᠲᠦᠷᠬᠡᠶ᠎ᠡ ᠡᠯᠡᠵᠦ ᠵᠣᠪᠠᠭᠰᠠᠨ ᠢ᠋ᠶ᠋ᠠᠨ ᠪᠣᠳᠣᠵᠤ᠂ ᠪᠠᠰᠠ ᠭᠠᠳᠠᠨ᠎ᠠ ᠤᠯᠤᠰ ᠲᠤᠷ ᠭᠢᠰᠬᠢᠯᠡᠭᠳᠡᠨ ᠳᠠᠷᠤᠯᠠᠭᠳᠠᠵᠤ᠂ ᠥᠪᠡᠷ ᠦ᠋ᠨ ᠪᠣᠭᠣᠯ ᠤᠷᠪᠠᠵᠤ ᠰᠥᠷᠦᠭᠰᠡᠨ ᠢ᠋ ᠰᠠᠨᠠᠭᠠᠯᠵᠠᠵᠤ᠂ ᠰᠠᠨᠠᠮᠰᠠᠷ ᠦᠭᠡᠢ ᠪᠠᠰᠠ ᠨᠢᠳᠦᠨ ᠦ᠌ ᠨᠢᠯᠪᠤᠰᠤᠨ ᠤᠨᠠᠭᠠᠪᠠ᠃ ᠡᠨᠡ ᠡᠬᠡ ᠬᠥᠪᠡᠭᠦᠨ ᠬᠣᠶᠠᠷ ᠦᠨᠡᠨ ᠬᠥᠮᠦᠨ ᠦ᠌ ᠴᠢᠩ ᠦᠨᠡᠨ ᠰᠡᠳᠬᠢᠯ ᠡᠴᠡ ᠨᠢᠯᠪᠤᠰᠤᠨ ᠤᠨᠠᠭᠠᠭᠰᠠᠨ ᠢ᠋ᠶ᠋ᠠᠷ ᠬᠣᠭᠣᠰᠣᠨ ᠣᠭᠲᠠᠷᠭᠤᠢ ᠳ᠋ᠤᠷ ᠭᠡᠨᠡᠳᠲᠡ ᠠᠶᠤᠩᠭᠠᠯᠠᠵᠤ ᠂ ᠭᠤᠴᠢᠨ ᠬᠣᠶᠠᠷ ᠬᠠᠨᠠᠲᠤ ᠣᠷᠳᠣᠨ ᠴᠠᠭᠠᠨ ᠥᠷᠭᠥᠭᠡ ᠭᠡᠷ ᠦ᠋ᠨ ᠳᠡᠭᠡᠳᠦ ᠡᠷᠦᠬᠡ ᠨᠦᠬᠡ ᠶ᠋ᠢᠨ ᠤᠷᠤᠭᠤ᠂ ᠨᠢᠭᠡᠨ ᠵᠤᠷᠪᠤᠰ ᠤᠯᠠᠪᠲᠤᠷ ᠭᠡᠷᠡᠯ᠂ ᠨᠢᠭᠡᠨ ᠬᠠᠰ ᠤ᠋ᠨ ᠠᠶᠠᠭ᠎ᠠ ᠶ᠋ᠢ ᠪᠦᠷᠬᠦᠭᠰᠡᠭᠡᠷ ᠪᠠᠭᠤᠵᠤ ᠢᠷᠡᠨ᠂ ᠲᠠᠢᠽᠦ ᠶ᠋ᠢᠨ ᠪᠠᠷᠠᠭᠤᠨ ᠭᠠᠷ ᠲᠤᠷ ᠲᠣᠰᠪᠠᠢ᠃ ᠡᠨᠡ ᠦᠨᠡᠬᠡᠷ ᠰᠤᠳᠤᠷᠴᠢ ᠲᠦᠰᠢᠮᠡᠯ ᠪᠢ ᠪᠢᠴᠢᠭᠰᠡᠭᠡᠷ ᠡᠨᠳᠡ ᠬᠦᠷᠴᠦ ᠳᠣᠲᠣᠷ᠎ᠠ ᠰᠡᠵᠢᠭᠯᠡᠵᠦ ᠢᠲᠡᠭᠡᠬᠦ ᠦᠭᠡᠢ ᠪᠣᠯᠤᠭᠠᠳ ᠡᠨᠡ ᠨᠢᠭᠡᠨ ᠬᠡᠰᠡᠭ ᠢ᠋ ᠪᠢᠴᠢᠬᠦ ᠶ᠋ᠢ ᠪᠠᠢᠰᠤᠭᠠᠢ ᠬᠡᠮᠡᠬᠦᠯ᠎ᠡ ᠤᠭ ᠰᠤᠳᠤᠷ ᠲᠤᠷ ᠳᠣᠲᠣᠷᠬᠠᠶ᠎ᠠ ᠪᠠᠢᠬᠤ ᠶ᠋ᠢ ᠲᠠᠰᠤᠯᠤᠨ ᠠᠪᠬᠤ ᠠᠨᠤ ᠮᠠᠰᠢ ᠵᠣᠬᠢᠬᠤ ᠦᠭᠡᠢ᠂ ᠬᠠᠷᠢᠨ ᠶᠠᠯᠠᠲᠠᠢ ᠪᠣᠯᠤᠮᠤᠢ᠃ ᠰᠢᠭᠤᠳ ᠪᠢᠴᠢᠰᠦᠭᠡᠢ ᠬᠡᠮᠡᠬᠦᠯ᠎ᠡ ᠳᠠᠩᠴᠤ ᠥᠷᠢᠭᠦᠦ ᠳᠥᠷᠢᠭᠦᠦ ᠬᠤᠳᠠᠯ ᠲᠠᠩᠬᠠᠢ ᠮᠡᠲᠦ ᠳ᠋ᠦ᠍ᠷ ᠬᠣᠶᠠᠷ ᠲᠠᠰᠢ ᠲᠠᠲᠠᠬᠠᠳᠠᠨ᠂ ᠬᠡᠳᠦᠨ ᠤᠳᠠᠭ᠎ᠠ ᠪᠢᠷ ᠢᠳᠡᠭᠦᠯᠦᠭᠡᠳ ᠪᠠᠰᠠ ᠬᠡᠳᠦᠨ ᠤᠳᠠᠭ᠎ᠠ ᠲᠠᠯᠪᠢᠵᠤ᠂ ᠬᠡᠳᠦ ᠬᠡᠳᠦᠨ ᠡᠳᠦᠷ ᠲᠠᠲᠠᠭᠠᠯᠵᠠᠨ ᠰᠠᠭᠠᠳᠠᠬᠤᠶᠠ᠂ ᠴᠢᠪᠬᠢᠲᠡᠯ᠎ᠡ ᠰᠤᠳᠤᠷᠴᠢ ᠮᠢᠨᠦ ᠴᠡᠴᠡᠭ ᠦ᠋ᠨ ᠬᠦᠷᠢᠶᠡᠯᠡᠩ ᠳ᠋ᠦ᠍ᠷ ᠮᠢᠨᠦ ᠨᠢᠭᠡᠨ ᠬᠡᠳᠦᠨ ᠪᠡᠬᠡᠰ ᠦ᠋ᠨ ᠨᠥᠬᠥᠷ ᠢᠷᠡᠵᠦ ᠴᠡᠴᠡᠭ ᠦᠵᠡᠵᠦ ᠪᠣᠯᠵᠣᠮᠣᠷ ᠢ᠋ ᠴᠢᠩᠨᠠᠨ᠂ ᠨᠣᠭᠣᠭᠠᠨ ᠳᠠᠪᠠᠯᠭᠠᠨᠲᠤ ᠲᠠᠩᠬᠢᠮ ᠳ᠋ᠤᠷ ᠬᠠᠪᠤᠷ ᠤ᠋ᠨ ᠳᠡᠷᠡᠰᠦᠨ ᠤᠤᠭᠤᠬᠤᠶᠠ᠂ ᠪᠢᠴᠢᠭ ᠦ᠋ᠨ ᠨᠥᠬᠥᠳ ᠦ᠋ᠨ ᠵᠦᠭ ᠡᠳᠡᠭᠡᠷ ᠤᠴᠢᠷ ᠢ᠋ ᠭᠠᠷᠭᠠᠵᠤ ᠬᠡᠯᠡᠯᠴᠡᠨ᠂ ᠬᠡᠷᠬᠢᠪᠡᠰᠦ ᠰᠠᠢᠨ ᠢ᠋ ᠵᠥᠪᠯᠡᠯᠴᠡᠪᠡᠰᠦ᠂ ᠨᠥᠬᠥᠷ ᠱᠣᠣ ᠬᠦ᠌ ᠥᠭᠦᠯᠡᠷᠦᠨ : 《ᠡᠨᠡ ᠬᠡᠷᠡᠭ ᠲᠥᠪᠡᠳ ᠦ᠋ᠨ ᠰᠤᠳᠤᠷ ᠲᠤᠷ ᠮᠥᠨ ᠳᠣᠲᠤᠷᠬᠠᠶ᠎ᠠ ᠪᠣᠢ᠂ ᠯᠠᠪ ᠪᠠᠢᠬᠤ ᠬᠡᠷᠡᠭ ᠪᠣᠢ ᠶᠠ᠂ ᠵᠢᠴᠢ ᠲᠡᠢᠮᠦ ᠰᠣᠨᠢᠨ ᠰᠡᠪᠡᠭᠦᠨ ᠢᠲᠡᠭᠡᠰᠢ ᠦᠭᠡᠢ ᠬᠡᠷᠡᠭ᠂ ᠭᠠᠭᠴᠠ ᠶᠤᠸᠠᠨ ᠤᠯᠤᠰ ᠤ᠋ᠨ ᠲᠡᠳᠦᠢ ᠯᠡ ᠳ᠋ᠦ᠍ᠷ ᠭᠠᠷᠤᠭᠰᠠᠨ ᠪᠤᠰᠤ᠂ ᠤᠯᠤᠰ ᠤᠯᠤᠰ ᠠ᠋ᠴᠠ ᠪᠠᠢᠭᠰᠠᠭᠠᠷ ᠢᠷᠡᠵᠦᠬᠦᠢ ᠂ ᠲᠡᠭᠦᠨ ᠢ᠋ < ᠭᠠᠩ ᠵᠢᠶᠠᠨ > < ᠭᠠᠩ ᠮᠦ᠍ > ᠳ᠋ᠦ᠍ᠷ ᠪᠣᠯᠪᠠᠴᠤ ᠠᠶᠤᠮᠰᠢᠭ᠋ ᠦᠭᠡᠶ᠎ᠡ ᠬᠠᠰᠤᠭᠰᠠᠨ ᠦᠭᠡᠢ ᠪᠡᠷ ᠴᠥᠮ ᠭᠠᠷᠭᠠᠵᠤᠬᠤᠢ᠃ ᠦᠯᠢᠳᠬᠡᠪᠡᠰᠦ : ᠡᠷᠲᠡᠨ ᠦ᠌ ᠵᠧᠦ ᠤᠯᠤᠰ ᠤ᠋ᠨ ᠦᠶ᠎ᠡ ᠳ᠋ᠦ᠍ᠷ ᠱᠣᠣ ᠬᠦᠩ ᠱᠢ ᠡᠩᠬᠡ ᠶ᠋ᠢ ᠪᠠᠢᠴᠠᠭᠠᠬᠤᠶᠠ᠂ ᠵᠦᠩ ᠰᠢᠶᠠᠨ ᠤ᠋ ᠭᠠᠵᠠᠷ ᠬᠦᠷᠦᠭᠡᠳ ᠠᠭᠤᠯᠠᠨ ᠤ᠋ ᠽᠧᠦ ᠢᠦᠢ ᠪᠠᠷᠰ ᠂ ᠲᠠᠯ᠎ᠠ ᠶ᠋ᠢᠨ ᡁᠢ ᠵᠢᠢ ᠬᠢᠷᠭᠤᠤᠯ ᠂ ᠶᠢᠷᠲᠢᠨᠴᠦ ᠶ᠋ᠢᠨ ᠠᠮᠢᠳᠤ ᠬᠥᠮᠦᠨ ᠭᠤᠷᠪᠠᠭᠤᠯᠠ ᠬᠠᠮᠲᠤ ᠨᠡᠢᠯᠡᠵᠦ ᠶᠠᠪᠤᠭᠰᠠᠨ ᠬᠡᠷᠡᠭ ᠢᠲᠡᠭᠡᠯᠲᠡᠢ ᠦᠦ ᠦᠭᠡᠢ ᠦᠦ ? ᠬᠡᠷᠪᠡ ᠬᠤᠪᠢᠯᠭᠠᠨ ᠰᠠᠬᠢᠭᠤᠯᠰᠤᠨ ᠤ᠋ ᠬᠡᠷᠡᠭ ᠢ᠋ᠶ᠋ᠡᠷ ᠠᠪᠴᠤ ᠬᠡᠯᠡᠪᠡᠰᠦ ᠂ ᠵᠧᠦ ᠤᠯᠤᠰ ᠤ᠋ᠨ ᠡᠦ ᠸᠠᠩ ᠱᠠᠩ ᠤᠯᠤᠰ ᠢ᠋ ᠳᠠᠢᠯᠠᠬᠤᠶᠠ ᠴᠡᠷᠢᠭ ᠦ᠋ᠨ ᠬᠦᠷᠢᠶ᠎ᠡ ᠳ᠋ᠦ᠍ᠷ ᠪᠥᠬᠥᠶ᠎ᠡ ᠂ ᠣᠩᠭᠣᠴᠠ ᠪᠠᠷ ᠮᠧᠩ ᠦ᠋ᠨ ᠣᠯᠣᠮ ᠳ᠋ᠤᠷ ᠭᠦᠷᠦᠭᠰᠡᠨ᠎ᠡ ᠂ ᠨᠠᠢ᠍ᠮᠠᠨ ᠲᠣᠬᠣᠢ ᠤᠷᠲᠤ ᠮᠥᠩᠭᠥᠨ ᠦ᠌ ᠵᠢᠭᠠᠰᠤ ᠂ ᠣᠩᠭᠣᠴᠠᠨ ᠳ᠋ᠤᠷ ᠭᠠᠷᠴᠤ ᠰᠥᠨᠢ ᠪᠠᠰᠠ ᠮᠣᠩᠭᠣᠯ ᠭᠡᠷ ᠦ᠋ᠨ ᠡᠮᠦᠨ᠎ᠡ ᠣᠭᠲᠠᠷᠭᠤᠢ ᠠ᠋ᠴᠠ ᠨᠢᠭᠡᠨ ᠤᠯᠠᠭᠠᠨ ᠭᠡᠷᠡᠯ ᠪᠠᠭᠤᠵᠤ ᠢᠷᠡᠭᠡᠳ ᠡᠭᠦᠳᠡᠨ ᠦ᠌ ᠡᠮᠦᠨ᠎ᠡ ᠨᠢᠭᠡᠨ ᠰᠢᠪᠠᠭᠤ ᠬᠤᠪᠢᠯᠤᠨ ᠭᠡᠷ ᠲᠦ᠍ᠷ ᠨᠢᠰᠦᠨ ᠣᠷᠣᠵᠤ᠂ ᠭᠡᠨᠡᠳᠲᠡ ᠪᠠᠰᠠ ᠨᠢᠭᠡᠨ ᠤᠯᠠᠭᠠᠨ ᠥᠩᠭᠡᠲᠦ ᠬᠠᠰ ᠪᠣᠯᠤᠨ ᠬᠤᠪᠢᠯᠵᠤ ᠤᠨᠠᠪᠠᠢ᠃ ᠴᠣᠬᠢᠪᠠᠰᠤ ᠬᠣᠪ ᠤ᠋ᠨ ᠳᠠᠭᠤᠨ ᠭᠠᠷᠤᠮᠤᠢ ᠬᠡᠮᠡᠭᠰᠡᠨ᠂ ᠵᠢᠴᠢ ᠵᠧᠦ ᠮᠦ᠍ ᠸᠠᠩ ᠤ᠋ᠨ ᠺᠦᠨ ᠯᠦᠨ ᠠᠭᠤᠯᠠᠨ ᠤ᠋ ᠸᠠᠩ ᠮᠦ᠍ ᠨᠢᠶᠠᠩᠨᠢᠶᠠᠩ ᠳ᠋ᠤᠷ ᠤᠴᠠᠷᠠᠭᠰᠠᠨ᠂ ᠪᠠᠰᠠ ᠳᠠᠩ ᠮᠢᠩ ᠬᠤᠸᠠᠩ ᠤ᠋ᠨ ᠰᠠᠷᠠᠨ ᠣᠷᠳᠣᠨ᠎ᠠ ᠣᠷᠣᠵᠤ ᠲᠡᠭᠷᠢ ᠶ᠋ᠢᠨ ᠠᠶᠠᠯᠭᠤ ᠶ᠋ᠢ ᠶᠢᠷᠲᠢᠨᠴᠦ ᠳ᠋ᠦ᠍ᠷ ᠤᠯᠠᠮᠵᠢᠯᠠᠭᠰᠠᠨ᠂ ᠪᠠᠰᠠ ᠴᠢᠨ ᠮᠦ᠍ ᠬᠦᠩ ᠦ᠋ᠨ ᠥᠬᠢᠨ ᠯᠦᠩ ᠨᠢᠦᠢ ᠶ᠋ᠢᠨ ᠭᠠᠷᠤᠳᠢ ᠬᠥᠯᠭᠡᠯᠡᠵᠦ ᠣᠭᠲᠠᠷᠭᠤᠢ ᠳ᠋ᠤᠷ ᠡᠴᠢᠭᠰᠡᠨ᠂ ᠪᠠᠰᠠ ᠵᠠᠩ ᠴᠢᠶᠠᠨ ᠤ᠋ ᠳ᠋ᠧᠦ ᠨᠢᠦ ᠬᠦᠩ ᠳ᠋ᠦ᠍ᠷ ᠣᠷᠣᠵᠤ ᠲᠡᠭᠷᠢ ᠶ᠋ᠢᠨ ᡁᠢ ᠨᠢᠦᠢ ᠥᠬᠢᠨ ᠳ᠋ᠦ᠍ᠷ ᠤᠴᠠᠷᠠᠭᠰᠠᠨ᠂ ᠪᠠᠰᠠ ᠯᠢᠦ ᠶ᠋ᠢᠢ ᠶ᠋ᠢᠨ ᠡᠮᠦᠨ᠎ᠡ ᠳᠠᠯᠠᠢ ᠶ᠋ᠢᠨ ᠯᠤᠤᠰ ᠤ᠋ᠨ ᠤᠷᠳᠣᠨ᠎ᠠ ᠣᠷᠣᠵᠤ ᠯᠤᠤᠰ ᠤ᠋ᠨ ᠥᠬᠢᠨ ᠢ᠋ ᠠᠪᠤᠭᠰᠠᠨ᠂ ᠡᠳᠡᠭᠡᠷ ᠴᠥᠮ ᠦᠨᠡᠨ ᠬᠡᠷᠡᠭ ᠪᠣᠯᠠᠢ᠃ ᠲᠡᠢᠨ ᠬᠦ᠌ ᠨᠢᠭᠡᠨ ᠶᠡᠬᠡ ᠶᠤᠸᠠᠨ ᠤᠯᠤᠰ ᠤ᠋ᠨ ᠲᠤᠯᠭᠤᠷ ᠨᠡᠭᠡᠭᠡᠭᠰᠡᠨ ᠬᠠᠭᠠᠨ ᠢ᠋ ᠬᠡᠷᠬᠢᠨ ᠰᠢᠭᠤᠳ ᠦᠭᠡᠢ ᠭᠡᠮᠡᠨ ᠪᠠᠲᠤᠯᠠᠪᠠᠰᠤ ᠪᠣᠯᠤᠮᠤᠢ ! 》 ᠬᠡᠮᠡᠭᠰᠡᠨ ᠳ᠋ᠦ᠍ᠷ ᠪᠢ ᠳᠠᠷᠤᠢ ᠤᠭ ᠶᠣᠰᠣᠭᠠᠷ ᠬᠠᠭᠤᠯᠤᠨ ᠪᠢᠴᠢᠪᠡᠢ᠃
ᠲᠡᠳᠦᠢ ᠲᠠᠢᠽᠦ ᠰᠣᠴᠢᠨ ᠪᠡᠶᠡᠰᠴᠦ ᠲᠣᠰᠣᠨ ᠠᠪᠤᠭᠠᠳ ᠦᠵᠡᠪᠡᠰᠦ᠂ ᠲᠡᠷᠡ ᠠᠶᠠᠭᠠᠨ ᠤ᠋ ᠳᠣᠲᠣᠷ᠎ᠠ ᠲᠥᠪ ᠳᠦᠭᠦᠷᠡᠩ ᠰᠢᠯ ᠪᠣᠯᠣᠷ ᠮᠡᠲᠦ ᠲᠤᠩᠭᠠᠯᠠᠭ ᠰᠤᠪᠤᠳ ᠮᠠᠨᠤᠬᠤ ᠠᠳᠠᠯᠢ ᠥᠳᠬᠡᠯᠢᠭ ᠤᠰᠤ ᠪᠣᠢ᠃ ᠲᠠᠢᠽᠦ ᠲᠡᠭᠦᠨ ᠦ᠌ ᠰᠠᠢᠨ ᠮᠠᠭᠤ ᠶ᠋ᠢ ᠮᠡᠳᠡᠬᠦ ᠦᠭᠡᠢ ᠲᠤᠯᠠ ᠠᠶᠤᠮᠰᠢᠭ᠋ ᠦᠭᠡᠢ ᠳᠠᠷᠤᠢ ᠥᠭᠡᠯᠦᠨ ᠦᠵᠢᠨ ᠳ᠋ᠦ᠍ᠷ ᠪᠠᠷᠢᠬᠤ ᠦᠭᠡᠢ ᠂ ᠤᠷᠢᠳᠠ ᠥᠪᠡᠷ ᠢ᠋ᠶ᠋ᠡᠨ ᠥᠴᠦᠬᠡᠨ ᠠᠮᠲᠠᠯᠠᠵᠤ ᠦᠵᠡᠬᠦᠯ᠎ᠡ ᠪᠠᠯ ᠮᠡᠲᠦ ᠠᠮᠲᠠᠲᠠᠢ᠂ ᠲᠣᠰᠣᠨ ᠮᠡᠲᠦ ᠤᠮᠲᠠᠲᠠᠢ᠂ ᠪᠠᠰᠠ ᠴᠤ᠌ ᠰᠦᠨ ᠮᠡᠲᠦ ᠰᠢᠮᠡᠲᠡᠢ᠂ ᠠᠷᠢᠬᠢ ᠮᠡᠲᠦ ᠬᠦᠴᠢᠲᠡᠢ᠂ ᠲᠡᠭᠦᠨ ᠦ᠌ ᠠᠮᠲᠠ ᠰᠢᠮᠲᠡ ᠦᠨᠦᠷ ᠴᠢᠨᠠᠷ ᠢ᠋ ᠦᠨᠡᠬᠡᠷ ᠠᠳᠠᠯᠢᠳᠬᠠᠰᠢ ᠦᠭᠡᠢ᠂ ᠦᠯᠢᠳᠬᠡᠰᠢ ᠦᠭᠡᠢ ᠲᠤᠯᠠ ᠯᠠᠪ ᠰᠠᠢᠨ ᠢ᠋ ᠮᠡᠳᠡᠵᠦ᠂ ᠥᠭᠡᠯᠦᠨ ᠥᠵᠢᠨ ᠡᠮᠡᠭᠡ ᠳ᠋ᠦ᠍ᠷ ᠨᠢᠭᠡᠨ ᠴᠥᠭᠥᠴᠡ ᠣᠳᠬᠣᠨ ᠠᠪᠤᠪᠠᠰᠤ᠂ ᠠᠶᠠᠭᠠᠨ ᠤ᠋ ᠳᠣᠲᠣᠷ᠎ᠠ ᠬᠡᠪ ᠢ᠋ᠶ᠋ᠡᠷ ᠪᠣᠯᠪᠠᠢ᠃ ᠲᠡᠳᠦᠢ ᠳᠡᠭᠡᠵᠢ ᠶ᠋ᠢ ᠥᠭᠡᠯᠦᠨ ᠡᠮᠡᠭᠡ ᠳ᠋ᠦ᠍ᠷ ᠪᠠᠷᠢᠵᠤ᠂ ᠪᠠᠰᠠ ᠨᠢᠭᠡᠨ ᠴᠥᠭᠥᠴᠡ ᠤᠳᠬᠤᠨ ᠠᠪᠴᠤ ᠬᠠᠰᠠᠷ᠂ ᠪᠡᠯᠭᠦᠳᠡᠢ ᠲᠠᠨ᠎ᠠ ᠬᠠᠢᠷᠠᠯᠠᠨ ᠵᠢᠴᠢ ᠪᠠᠰᠠ ᠨᠢᠭᠡᠨ ᠴᠥᠭᠥᠴᠡ ᠤᠳᠬᠤᠨ ᠠᠪᠴᠤ ᠰᠡᠴᠡᠨ ᠵᠦᠰᠦᠨ ᠬᠠᠳᠤᠨ᠎ᠠ ᠥᠭᠴᠦ ᠲᠡᠷᠡ ᠠᠶᠠᠭᠠᠨ ᠤ᠋ ᠳᠣᠲᠣᠷ᠎ᠠ ᠦᠵᠡᠪᠡᠰᠦ᠂ ᠲᠡᠷᠡ ᠷᠠᠰᠢᠶᠠᠨ ᠤᠭ ᠬᠡᠪ ᠢ᠋ᠶ᠋ᠡᠷ ᠪᠠᠢᠬᠤ ᠲᠤᠯᠠ ᠲᠠᠢᠽᠦ ᠲᠡᠭᠦᠨ ᠦ᠌ ᠲᠡᠭᠷᠢ ᠶ᠋ᠢᠨ ᠭᠠᠢᠬᠠᠮᠰᠢᠭ᠋ ᠢ᠋ ᠤᠬᠠᠭᠠᠳ ᠳᠠᠷᠤᠢ ᠪᠢᠴᠢᠬᠠᠨ ᠮᠥᠩᠭᠥᠨ ᠦ᠌ ᠴᠥᠭᠥᠴᠡ ᠠᠴᠢᠷᠠᠭᠤᠯᠵᠤ᠂ ᠳᠥᠷᠪᠡᠨ ᠳᠡᠭᠦᠦ ᠂ ᠳᠥᠷᠪᠡᠨ ᠬᠦᠯᠦᠭ ᠂ ᠳᠥᠷᠪᠡᠨ ᠬᠥᠪᠡᠭᠦᠨ ᠂ ᠵᠢᠷᠭᠤᠭᠠᠨ ᠰᠠᠢᠳ ᠂ ᠶᠢᠰᠦᠨ ᠡᠩ ᠂ ᠭᠤᠷᠪᠠᠨ ᠬᠠᠲᠤᠨ ᠂ ᠬᠣᠶᠠᠷ ᠤᠷᠤᠭ ᠪᠦᠬᠦᠨ᠎ᠡ ᠨᠢᠭᠡ ᠨᠢᠭᠡᠨ ᠢ᠋ᠶ᠋ᠡᠷ ᠤᠳᠬᠤᠨ ᠠᠪᠴᠤ ᠲᠦᠭᠡᠭᠡᠨ ᠱᠠᠩᠨᠠᠭᠠᠳ ᠲᠡᠷᠡ ᠠᠶᠠᠭᠠᠨ ᠤ᠋ ᠳᠣᠲᠣᠷ᠎ᠠ ᠦᠵᠡᠪᠡᠰᠦ ᠠᠷᠠᠢ ᠭᠤᠷᠪᠠᠨ ᠬᠤᠨᠳᠠᠭ᠎ᠠ ᠶ᠋ᠢᠨ ᠲᠡᠳᠦᠢ ᠬᠣᠲᠣᠢᠭᠰᠠᠨ ᠳ᠋ᠤᠷ ᠪᠦᠭᠦᠳᠡᠭᠡᠷ ᠲᠡᠷᠢᠭᠦᠯᠡᠨ ᠤᠤᠭᠤᠵᠤ᠂ ᠶᠡᠬᠡ ᠬᠤᠷᠢᠮ ᠬᠤᠷᠢᠮᠯᠠᠵᠤ ᠪᠠᠶᠠᠰᠤᠯᠴᠠᠪᠠ᠃ ᠭᠠᠭᠴᠠ ᠨᠢᠭᠡᠨ ᠭᠠᠢᠬᠠᠮᠰᠢᠭ᠋ ᠠᠨᠤ ᠡᠨᠡ ᠷᠠᠰᠢᠶᠠᠨ ᠤ᠋ ᠠᠮᠲᠠ ᠶ᠋ᠢ ᠥᠭᠡᠯᠦᠨ ᠦᠵᠢᠨ ᠪᠠ ᠵᠦᠰᠦᠨ ᠬᠠᠲᠤᠨ ᠂ ᠵᠢᠴᠢ ᠲᠠᠢᠽᠦ ᠶ᠋ᠢᠨ ᠳᠥᠷᠪᠡᠨ ᠬᠥᠪᠡᠭᠦᠨ ᠦ᠌ ᠳᠣᠲᠣᠷ᠎ᠠ ᠠ᠋ᠴᠠ ᠥᠭᠡᠳᠡᠢ ᠂ ᠲᠣᠯᠢ ᠬᠣᠶᠠᠭᠤᠯᠠ ᠠ᠋ᠴᠠ ᠪᠤᠰᠤᠳ ᠠᠨᠤ ᠴᠥᠮ ᠠᠮᠲᠠ ᠶ᠋ᠢ ᠮᠡᠳᠡᠭᠰᠡᠨ ᠦᠭᠡᠢ ᠂ ᠬᠡᠯᠡᠬᠦ ᠢᠨᠦ ᠴᠥᠮ ᠠᠮᠠᠨ ᠳ᠋ᠤᠷ ᠣᠷᠣᠭᠰᠠᠨ ᠪᠣᠢ ᠶᠠ᠂ ᠴᠢᠨᠠᠭ᠍ᠰᠢ ᠬᠣᠭᠣᠯᠠᠢ ᠳ᠋ᠤᠷ ᠣᠷᠣᠭᠰᠠᠨ ᠦᠭᠡᠢ ᠬᠡᠮᠡᠯᠳᠦᠮᠦᠢ᠃ ᠲᠡᠷᠡ ᠦᠶ᠎ᠡ ᠳ᠋ᠦ᠍ᠷ ᠲᠠᠢᠽᠦ ᠵᠣᠭᠣᠭᠯᠠᠬᠤ ᠬᠠᠰ ᠠᠶᠠᠭᠠᠲᠤ ᠷᠠᠰᠢᠶᠠᠨ ᠢ᠋ ᠵᠣᠭᠣᠭᠯᠠᠭᠰᠠᠭᠠᠷ ᠢᠷᠣᠭᠠᠷ ᠲᠤᠷ ᠬᠦᠷᠴᠦ ᠥᠴᠦᠬᠡᠨ ᠦᠯᠡᠭᠰᠡᠨ ᠦᠶ᠎ᠡ ᠳ᠋ᠦ᠍ᠷ ᠲᠠᠢᠽᠦ ᠶ᠋ᠢᠨ ᠭᠤᠷᠪᠠᠳᠤᠭᠠᠷ ᠳᠡᠭᠦᠦ ᠬᠠᠪᠤᠲᠤ ᠬᠠᠰᠠᠷ ᠪᠠᠰᠠ ᠬᠦ᠌ ᠰᠡᠳᠬᠢᠯ ᠳ᠋ᠦ᠍ᠷ ᠭᠣᠮᠣᠳᠠᠯ ᠲᠠᠢ ᠲᠤᠯᠠ ᠳᠠᠬᠢᠨ ᠰᠥᠭᠥᠳᠴᠦ ᠪᠠᠰᠠ ᠨᠢᠭᠡᠨ ᠴᠥᠭᠥᠴᠡ ᠬᠠᠢᠷᠠᠯᠠᠮᠤ ᠬᠡᠮᠡᠭᠰᠡᠨ ᠲᠠᠢᠽᠦ ᠥᠴᠦᠬᠡᠨ ᠮᠦᠰᠢᠶᠡᠵᠦ ᠠᠶᠠᠭᠠᠨ ᠳᠣᠲᠣᠷ᠎ᠠ ᠦᠯᠡᠭᠰᠡᠨ ᠢ᠋ ᠳᠠᠬᠢᠨ ᠲᠡᠭᠦᠨ ᠦ᠌ ᠴᠥᠭᠥᠴᠡ ᠳ᠋ᠦ᠍ᠷ ᠬᠢᠵᠦ ᠥᠭᠭᠦᠭᠰᠡᠨ᠎ᠡ ᠂ ᠬᠠᠰᠠᠷ ᠶᠡᠬᠡᠯ᠎ᠡ ᠪᠠᠶᠠᠷᠯᠠᠨ ᠬᠡᠰᠢᠭ ᠲᠣᠷ ᠮᠥᠷᠭᠥᠨ ᠬᠦᠯᠢᠶᠡᠨ ᠠᠪᠴᠤ ᠠᠮᠠᠨ ᠳ᠋ᠤᠷ ᠴᠢᠳᠬᠤᠨ ᠤᠤᠭᠤᠪᠠᠰᠤ ᠮᠥᠨ ᠬᠦ᠌ ᠤᠭ ᠶᠣᠰᠣᠭᠠᠷ ᠠᠮᠠᠨ ᠳ᠋ᠤᠷ ᠣᠷᠣᠭᠰᠠᠨ ᠮᠡᠲᠦ ᠪᠣᠯᠪᠠᠴᠤ ᠴᠢᠨᠠᠭ᠍ᠰᠢ ᠬᠣᠭᠣᠯᠠᠢ ᠳ᠋ᠤᠷ ᠪᠠᠰᠠ ᠬᠦ᠌ ᠣᠷᠣᠭᠰᠠᠨ ᠦᠭᠡᠢ ᠲᠤᠯᠠ ᠬᠠᠰᠠᠷ ᠶᠡᠬᠡᠯ᠎ᠡ ᠭᠠᠢᠬᠠᠵᠤ ᠰᠦᠰᠦᠭᠯᠡᠨ ᠠᠶᠤᠨ ᠪᠢᠰᠢᠷᠡᠭᠡᠳ ᠣᠯᠠᠨ ᠢ᠋ ᠠᠪᠴᠤ ᠳᠣᠲᠣᠷ᠎ᠠ ᠭᠠᠳᠠᠨ᠎ᠠ ᠳᠦᠭᠦᠷᠲᠡᠯ᠎ᠡ ᠰᠥᠭᠥᠳᠴᠦ ᠬᠠᠰᠠᠷ ᠥᠪᠡᠷ ᠢ᠋ᠶ᠋ᠡᠨ ᠥᠨᠳᠥᠷ ᠢᠷᠠᠭᠤ ᠡᠭᠡᠰᠢᠭᠲᠦ ᠳᠠᠭᠤᠨ ᠢ᠋ᠶ᠋ᠠᠷ ᠡᠢᠨ ᠭᠡᠮᠡᠨ ᠪᠡᠯᠭᠡᠯᠡᠨ ᠮᠡᠳᠡᠭᠦᠯᠦᠷᠦᠨ :
ᠡᠷᠬᠡᠲᠦ ᠬᠤᠷᠮᠤᠰᠲᠠ ᠲᠡᠭᠷᠢ ᠡᠴᠢᠭᠡ ᠴᠢᠨᠦ ᠠ᠋ !
ᠡᠵᠡᠨ ᠪᠣᠭᠳᠠ ᠬᠥᠪᠡᠭᠦᠨ ᠳ᠋ᠡᠭᠡᠨ ᠴᠢᠮ᠎ᠠ ᠳ᠋ᠤᠷ ᠢ᠋ᠶ᠋ᠠᠨ
ᠡᠷᠳᠡᠨᠢ ᠰᠠᠪᠠ ᠳ᠋ᠤᠷ ᠷᠠᠰᠢᠶᠠᠨ ᠬᠢᠵᠦ ᠰᠣᠶᠣᠷᠬᠠᠭᠰᠠᠨ ᠂
ᠡᠨᠳᠡᠭᠦᠷᠡᠵᠦ ᠪᠢᠳᠡ ᠠᠲᠠᠭᠠᠷᠬᠠᠨ ᠰᠠᠨᠠᠵᠤ ᠬᠦᠷᠲᠡᠯ᠎ᠡ
ᠡᠨᠡ ᠬᠦ᠌ ᠷᠠᠰᠢᠶᠠᠨ ᠠᠮᠠᠨ ᠳ᠋ᠤᠷ ᠣᠷᠣᠪᠠᠴᠤ ᠬᠣᠭᠣᠯᠠᠢ ᠳ᠋ᠤᠷ ᠡᠰᠡ ᠣᠷᠣᠪᠠᠢ ᠃
ᠡᠭᠦᠪᠡᠷ ᠦᠵᠡᠬᠦᠯ᠎ᠡ ᠡᠵᠡᠨ ᠴᠢ ᠳᠣᠲᠣᠷᠬᠠᠶ᠎ᠠ ᠲᠡᠭᠷᠢ ᠶ᠋ᠢᠨ ᠬᠥᠪᠡᠭᠦᠨ ᠮᠥᠨ
ᠡᠭᠦᠨᠴᠡ ᠬᠣᠵᠢᠮ ᠳᠡᠭᠦᠦ ᠭᠡᠮᠡᠨ ᠡᠷᠡᠮᠰᠢᠨ ᠰᠠᠨᠠᠬᠤ ᠪᠠᠨ ᠡᠭᠦᠷᠢᠳᠡ ᠪᠠᠢᠵᠤ ᠂
ᠡᠷᠬᠡᠪᠰᠢ ᠪᠣᠭᠰᠢᠵᠤ ᠪᠣᠭᠣᠯᠴᠢᠯᠠᠨ ᠬᠦᠴᠦᠨ ᠢ᠋ᠶ᠋ᠡᠨ ᠪᠠᠷᠢᠯᠴᠠᠶᠠ ᠪᠢᠳᠡ !
ᠭᠡᠮᠡᠨ ᠥᠴᠢᠨ ᠮᠥᠷᠭᠥᠵᠦ᠂ ᠳᠡᠭᠡᠷ᠎ᠡ ᠳᠣᠣᠷ᠎ᠠ ᠂ ᠳᠣᠲᠣᠷ᠎ᠠ ᠭᠠᠳᠠᠨ᠎ᠠ ᠪᠠᠷ ᠶᠡᠬᠡᠯ᠎ᠡ ᠬᠤᠷᠢᠮᠯᠠᠵᠤ᠂ ᠤᠯᠤᠰ ᠤ᠋ᠨ ᠬᠣᠲᠠᠯᠠᠭᠠᠷ ᠥᠵᠢᠨ ᠡᠮᠡᠭᠡ ᠶ᠋ᠢᠨ ᠬᠦᠨᠳᠦ ᠬᠡᠰᠢᠭ ᠲᠣᠷ ᠰᠣᠭᠲᠣᠲᠠᠯ᠎ᠠ ᠬᠦᠷᠲᠡᠨ᠂ ᠥᠵᠢᠨ ᠡᠮᠡᠭᠡ ᠶ᠋ᠢᠨ ᠡᠮᠦᠨ᠎ᠡ ᠡᠴᠡ ᠳᠥᠷᠪᠡᠨ ᠬᠥᠪᠡᠭᠦᠨ ᠪᠡᠯᠭᠦᠳᠡᠢ ᠂ ᠬᠠᠰᠠᠷ ᠂ ᠣᠴᠢᠭ ᠂ ᠭᠠᠴᠤᠭ ᠳᠥᠷᠪᠡᠭᠦᠯᠡ ᠪᠠ ᠪᠠᠰᠠ ᠳᠥᠷᠪᠡᠨ ᠠᠴᠢ ᠠᠨᠤ ᠵᠣᠴᠢ ᠂ ᠴᠠᠭᠠᠲᠠᠢ ᠂ ᠥᠭᠡᠳᠡᠢ ᠂ ᠲᠣᠯᠢ ᠳᠥᠷᠪᠡᠭᠦᠯᠡ ᠂ ᠠᠪᠠᠭ᠎ᠠ ᠠᠴᠢ ᠨᠠᠷ ᠢ᠋ ᠭᠠᠷᠭᠠᠵᠤ᠂ ᠭᠠᠪᠢᠶᠠᠲᠤ ᠳᠥᠷᠪᠡᠨ ᠬᠦᠯᠦᠭ ᠂ ᠵᠢᠷᠭᠤᠭᠠᠨ ᠰᠠᠢᠳ ᠂ ᠶᠢᠰᠦᠨ ᠡᠩ ᠂ ᠬᠣᠶᠠᠷ ᠲᠡᠷᠢᠭᠦᠯᠡᠭᠴᠢ ᠂ ᠬᠣᠣᠰ ᠤᠷᠤᠭ ᠂ ᠲᠠᠢ ᠰᠡᠴᠡᠨ ᠂ ᠬᠦᠷᠭᠡᠨ ᠪᠤᠲ᠋ᠤ ᠨᠠᠷ ᠲᠤᠷ ᠠᠷᠢᠬᠢ ᠥᠭᠴᠦ ᠪᠠᠶᠠᠷ ᠪᠠᠶᠠᠰᠬᠤᠯᠠᠩ ᠲᠠᠢ ᠨᠠᠭᠤᠷ ᠳᠠᠯᠠᠢ ᠮᠡᠲᠦ ᠠᠷᠢᠬᠢ ᠂ ᠠᠭᠤᠯᠠ ᠲᠠᠯ᠎ᠠ ᠮᠡᠲᠦ ᠮᠢᠬ᠎ᠠ ᠪᠠᠷ ᠪᠤᠷᠬᠠᠨ ᠭᠠᠯᠳᠤᠨ᠎ᠠ ᠳ᠋ᠤᠷ ᠲᠡᠭᠷᠢ ᠶ᠋ᠢᠨ ᠬᠤᠷᠢᠮ ᠬᠤᠷᠢᠮᠯᠠᠪᠠ᠃
ᠡᠨᠡ ᠲᠠᠪᠤᠨ ᠰᠠᠷ᠎ᠠ ᠶ᠋ᠢᠨ ᠠᠷᠪᠠᠨ ᠲᠠᠪᠤᠨ᠎ᠠ᠃ ᠡᠴᠢᠭᠡ ᠲᠡᠭᠷᠢ ᠂ ᠡᠬᠡ ᠥᠭᠡᠯᠦᠨ ᠂ ᠲᠠᠢᠽᠦ ᠳ᠋ᠦ᠍ᠷ ᠷᠠᠰᠢᠶᠠᠨ ᠪᠠ ᠬᠤᠷᠢᠮ ᠬᠦᠷᠲᠡᠭᠡᠭᠰᠡᠨ ᠢ᠋ᠶ᠋ᠡᠷ ᠡᠳᠦᠭᠡ ᠪᠣᠭᠳᠠ ᠴᠢᠩᠭᠢᠰ ᠦ᠋ᠨ ᠵᠤᠨ ᠤ᠋ ᠲᠠᠬᠢᠯᠭ᠎ᠠ ᠶ᠋ᠢ ᠳᠠᠷᠤᠢ ᠡᠨᠡ ᠡᠳᠦᠷ ᠲᠣᠷ ᠳᠠᠬᠢᠵᠤ ᠪᠣᠢ ᠃
ᠲᠡᠭᠦᠨᠴᠡ ᠶᠡᠬᠡ ᠬᠤᠷᠢᠮ ᠲᠡᠭᠦᠰᠴᠦ ᠲᠠᠢᠽᠦ ᠲᠡᠷᠢᠭᠦᠯᠡᠨ ᠣᠯᠠᠨ ᠢ᠋ ᠠᠪᠴᠤ ᠲᠡᠭᠷᠢ ᠶ᠋ᠢ ᠳᠠᠬᠢᠨ ᠬᠡᠰᠢᠭ ᠲᠣᠷ ᠮᠥᠷᠭᠥᠵᠦ᠂ ᠪᠠᠰᠠ ᠥᠭᠡᠯᠦᠨ ᠥᠵᠢᠨ ᠡᠮᠡᠭᠡ ᠳ᠋ᠦ᠍ᠷ ᠠᠷᠢᠬᠢ ᠪᠠᠷᠢᠨ ᠪᠡᠯᠭᠡᠯᠡᠵᠦ ᠬᠡᠰᠢᠭ ᠲᠣᠷ ᠮᠥᠷᠭᠥᠭᠡᠳ ᠲᠠᠢᠽᠦ ᠪᠡᠶᠡᠰᠲᠡᠯᠡ ᠰᠣᠭᠲᠣᠵᠤ᠂ ᠣᠷᠳᠣᠨ ᠳ᠋ᠠᠭᠠᠨ ᠡᠭᠡᠬᠦᠶ᠎ᠡ ᠦᠵᠡᠪᠡᠰᠦ ᠬᠠᠰᠠᠷ ᠲᠦᠰᠢᠵᠦ ᠵᠠᠯᠮ᠎ᠠ ᠳ᠋ᠠᠭᠠᠨ ᠳᠥᠷᠪᠡᠨ ᠬᠥᠪᠡᠭᠦᠨ ᠬᠦᠷᠢᠶᠡᠯᠡᠨ ᠶᠠᠪᠤᠮᠤᠢ᠃ ᠲᠠᠢᠽᠦ ᠥᠪᠡᠷ ᠦ᠋ᠨ ᠣᠷᠳᠣᠨ ᠤ᠋ ᠪᠠᠷᠠᠭᠤᠨ ᠬᠠᠭᠠᠯᠭᠠᠨ ᠤ᠋ ᠮᠠᠩᠨᠤᠭ ᠴᠠᠴᠠᠷ ᠲᠤᠷ ᠬᠦᠷᠴᠦ ᠭᠥᠷᠦᠭᠡᠰᠦᠨ ᠦ᠌ ᠡᠪᠡᠷ ᠦ᠋ᠨ ᠰᠢᠷᠡᠭᠡᠨ ᠳ᠋ᠦ᠍ᠷ ᠵᠠᠯᠠᠷᠠᠨ ᠰᠠᠭᠤᠵᠤ ᠴᠠᠢ ᠵᠣᠭᠣᠭᠯᠠᠬᠤᠶᠠ᠂ ᠦᠵᠡᠪᠡᠰᠦ ᠴᠠᠭᠠᠲᠠᠢ ᠥᠨᠥᠬᠡᠨ ᠦ᠌ ᠬᠠᠰ ᠤ᠋ᠨ ᠠᠶᠠᠭ᠎ᠠ ᠶ᠋ᠢ ᠪᠠᠷᠢᠵᠤ ᠂ ᠵᠣᠴᠢ ᠴᠠᠢ ᠶ᠋ᠢᠨ ᠠᠯᠲᠠᠨ ᠲᠣᠮᠣ ᠶ᠋ᠢ ᠪᠠᠷᠢᠵᠤᠬᠤᠢ᠃ ᠲᠠᠢᠽᠦ ᠳᠠᠷᠤᠢ ᠲᠡᠷᠡ ᠬᠠᠰ ᠤ᠋ᠨ ᠠᠶᠠᠭ᠎ᠠ ᠪᠠᠷ ᠴᠠᠢ ᠵᠣᠭᠣᠭᠯᠠᠰᠤᠭᠠᠢ ᠭᠡᠮᠡᠨ ᠠᠶᠠᠭ᠎ᠠ ᠶ᠋ᠢ ᠠᠪᠴᠤ ᠦᠵᠡᠪᠡᠰᠦ ᠬᠠᠷᠢᠨ ᠢᠷᠣᠭᠠᠷ ᠲᠤᠷ ᠪᠠᠰᠠ ᠬᠡᠳᠦᠨ ᠴᠥᠭᠥᠴᠡ ᠦᠯᠡᠳᠡᠭᠰᠡᠨ ᠲᠤᠯᠠ ᠭᠡᠨᠡᠳᠲᠡ ᠬᠠᠰᠠᠷ ᠤ᠋ᠨ ᠦᠭᠡᠰ ᠢ᠋ ᠰᠠᠨᠠᠭᠠᠯᠵᠠᠵᠤ ᠭᠠᠷ ᠢ᠋ᠶ᠋ᠠᠷ ᠪᠠᠰᠠ ᠨᠢᠭᠡᠨ ᠠᠯᠲᠠᠨ ᠴᠥᠭᠥᠴᠡ ᠪᠠᠷᠢᠵᠤ᠂ ᠪᠠᠰᠠ ᠨᠢᠭᠡᠨ ᠴᠥᠭᠥᠴᠡ ᠷᠠᠰᠢᠶᠠᠨ ᠬᠢᠵᠦ ᠬᠠᠰᠠᠷ ᠪᠠ ᠵᠡᠯᠮ᠎ᠡ ᠬᠣᠶᠠᠭᠤᠯᠠ ᠶ᠋ᠢ ᠬᠠᠷᠠᠵᠤ ᠡᠢᠨ ᠭᠡᠮᠡᠨ ᠵᠠᠬᠢᠷᠤᠨ :
ᠲᠡᠭᠷᠢ ᠡᠴᠢᠭᠡ ᠲᠡᠮᠦᠵᠢᠨ ᠬᠥᠪᠡᠭᠦᠨ ᠨᠠᠳᠠ ᠳ᠋ᠤᠷ ᠨᠢᠭᠡᠨᠲᠡ ᠬᠦᠷᠲᠡᠭᠡᠪᠡᠰᠦ
ᠲᠡᠮᠳᠡᠭᠲᠦ ᠮᠢᠨᠦ ᠲᠡᠭᠦᠰ ᠷᠠᠰᠢᠶᠠᠨ ᠪᠣᠯᠤᠭᠰᠠᠨ ᠠᠨᠤ ᠲᠤᠯᠠᠳᠠ
ᠲᠡᠭᠦᠪᠡᠷ ᠮᠢᠨᠦ ᠭᠠᠷ ᠢ᠋ᠶ᠋ᠠᠷ ᠤᠤᠭᠤᠯᠭᠠᠪᠠᠰᠤ ᠮᠠᠭᠠᠳ ᠲᠣᠭᠲᠠᠭᠠᠳ
ᠲᠡᠭᠦᠨ ᠦ᠌ ᠪᠡᠶ᠎ᠡ ᠳ᠋ᠦ᠍ᠷ ᠠᠮᠲᠠᠲᠤ ᠷᠠᠰᠢᠶᠠᠨ ᠰᠢᠩᠭᠡᠬᠦ ᠪᠣᠯᠲᠤᠭᠠᠢ !
ᠬᠡᠮᠡᠭᠡᠳ ᠥᠪᠡᠷ ᠦ᠋ᠨ ᠮᠣᠳᠣᠷ ᠢ᠋ᠶ᠋ᠠᠷ ᠲᠡᠷᠡ ᠨᠢᠭᠡᠨ ᠠᠯᠲᠠᠨ ᠴᠥᠭᠥᠴᠡ ᠶ᠋ᠢ ᠪᠠᠷᠢᠵᠤ ᠂ ᠬᠠᠰᠠᠷ ᠪᠠ ᠵᠡᠯᠮ᠎ᠡ ᠬᠣᠶᠠᠭᠤᠯᠠ ᠳ᠋ᠤᠷ ᠬᠤᠪᠢᠶᠠᠨ ᠤᠤᠭᠤᠯᠭᠠᠭᠰᠠ ᠳ᠋ᠤᠷ ᠰᠠᠶᠢ ᠦᠨᠡᠬᠡᠷ ᠠᠮᠠᠨ ᠠ᠋ᠴᠠ ᠤᠷᠤᠰᠤᠨ ᠬᠣᠭᠣᠯᠠᠢ ᠤᠷᠤᠭᠤ ᠣᠷᠣᠵᠤ ᠦᠨᠦᠷ ᠠᠮᠲᠠ ᠶ᠋ᠢᠨ ᠦᠯᠢᠳᠬᠡᠰᠢ ᠦᠭᠡᠢ ᠶ᠋ᠢ ᠮᠡᠳᠡᠪᠡᠢ᠃ ᠲᠡᠳᠦᠢ ᠬᠠᠰᠠᠷ ᠵᠠᠯᠮ᠎ᠠ ᠬᠣᠶᠠᠭᠤᠯᠠ ᠬᠠᠮᠲᠤ ᠪᠠᠷ ᠰᠥᠭᠥᠳᠴᠦ ᠬᠠᠢᠷ᠎ᠠ ᠬᠡᠰᠢᠭ ᠲᠣᠷ ᠰᠦᠰᠦᠭᠯᠡᠨ ᠢᠭᠲᠦᠯᠵᠦ ᠰᠢᠳᠦᠨ ᠪᠢᠰᠢᠷᠡᠭᠡᠳ ᠮᠥᠷᠭᠥᠵᠦ ᠪᠠᠶᠠᠷᠯᠠᠬᠤᠶᠠ᠂ ᠲᠠᠢᠽᠦ ᠬᠣᠶᠠᠷ ᠭᠠᠷ ᠢ᠋ᠶ᠋ᠠᠨ ᠬᠠᠰᠠᠷ ᠵᠡᠯᠮ᠎ᠡ ᠬᠣᠶᠠᠭᠤᠯᠠ ᠶ᠋ᠢᠨ ᠮᠥᠷᠥ ᠳ᠋ᠦ᠍ᠷ ᠲᠠᠯᠪᠢᠵᠤ ᠡᠢᠨ ᠭᠡᠮᠡᠨ ᠵᠠᠬᠢᠷᠤᠨ :
ᠲᠡᠭᠷᠢ ᠶ᠋ᠢᠨ ᠷᠠᠰᠢᠶᠠᠨ ᠢ᠋ ᠲᠡᠭᠰᠢᠯᠡᠨ ᠬᠦᠷᠲᠡᠵᠦ ᠴᠢᠳᠠᠭᠰᠠᠨ ᠲᠠ ᠬᠣᠶᠠᠭᠤᠯᠠ
ᠲᠡᠭᠦᠰ ᠪᠦᠷᠢᠳᠬᠦ ᠦᠷ᠎ᠡ ᠠᠴᠢᠷ ᠴᠢᠨᠦ ᠲᠡᠩᠴᠡᠰᠢ ᠦᠭᠡᠢ ᠮᠠᠨᠳᠤᠵᠤ
ᠲᠡᠮᠦᠵᠢᠨ ᠮᠢᠨᠦ ᠬᠡᠦᠬᠡᠳ ᠠᠴᠢᠷ ᠯᠤᠭ᠎ᠠ ᠳᠠᠩ ᠰᠠᠴᠠᠭᠤ ᠶᠠᠪᠤᠵᠤ
ᠲᠡᠭᠦᠳᠡᠭᠡᠷᠡᠯ ᠦᠭᠡᠢ ᠭᠤᠷᠪᠠᠨ ᠮᠢᠩᠭᠠᠨ ᠣᠨ ᠳ᠋ᠤᠷ ᠳᠣᠯᠣᠭᠠᠨᠲᠠ ᠳᠡᠯᠭᠡᠷᠡᠲᠦᠭᠡᠢ !
ᠭᠡᠮᠡᠨ ᠢᠷᠥᠭᠡᠨ ᠰᠣᠶᠣᠷᠬᠠᠪᠠᠢ ① ᠃ ᠵᠢᠴᠢ ᠰᠤᠳᠤᠷ ᠠᠢᠯᠠᠳᠬᠤ ᠮᠡᠷᠭᠡᠳ ᠢ᠋ᠶ᠋ᠡᠷ ᠪᠧᠲ᠋ᠠ᠋ ᠤᠯᠤᠰ ᠡᠨᠡ ᠨᠢᠭᠡᠨ ᠥᠴᠦᠬᠡᠨ ᠳᠠᠢᠰᠤᠨ ᠢ᠋ ᠳᠠᠷᠤᠭᠠᠳ ᠶᠠᠭᠤᠨ ᠳ᠋ᠤᠷ ᠡᠢᠮᠦ ᠶᠡᠬᠡ ᠬᠤᠷᠢᠮ ᠬᠤᠷᠢᠮᠯᠠᠪᠠ ? ᠬᠡᠮᠡᠪᠡᠰᠦ : ᠮᠠᠰᠢ ᠨᠢᠭᠡᠨ ᠭᠦᠨ ᠤᠴᠢᠷ ᠪᠣᠢ ᠪᠥᠯᠥᠭᠡ ᠃ ᠲᠡᠢᠨ ᠬᠦ᠌ ᠤᠴᠢᠷ ᠢ᠋ ᠲᠣᠳᠣᠷᠬᠠᠢᠯᠠᠨ ᠡᠰᠡ ᠭᠠᠷᠭᠠᠬᠤᠯᠠ ᠂ ᠦᠵᠡᠬᠦ ᠮᠡᠷᠭᠡᠳ ᠤᠴᠢᠷ ᠢ᠋ ᠣᠯᠬᠤ ᠦᠭᠡᠢ ᠤᠬᠠᠭᠠᠨ ᠠᠯᠳᠠᠬᠤ ᠲᠤᠯᠠ ᠤᠭ ᠤᠴᠢᠷ ᠢ᠋ ᠨᠠᠷᠢᠪᠴᠢᠯᠠᠨ ᠲᠣᠭᠠᠴᠢᠬᠤ ᠶ᠋ᠢ ᠬᠢᠨᠠᠨ ᠰᠣᠨᠣᠰᠳᠠᠬᠤᠢ ᠃
– – – –
① ᠤᠭ ᠰᠤᠳᠤᠷ ᠲᠤᠷ ᠬᠡᠯᠡᠭᠰᠡᠨ ᠢᠨᠦ : ᠲᠠᠢᠽᠦ ᠶ᠋ᠢᠨ ᠲᠡᠭᠷᠢ ᠶ᠋ᠢᠨ ᠷᠠᠰᠢᠶᠠᠨ ᠢ᠋ ᠳᠡᠭᠷᠢᠯᠢᠭ ᠡᠵᠡᠨ ᠦ᠌ ᠮᠣᠳᠣᠷ ᠢ᠋ᠶ᠋ᠠᠷ ᠤᠤᠭᠤᠯᠭᠠᠨ᠂ ᠠᠯᠲᠠᠨ ᠠᠮᠠᠨ ᠢ᠋ᠶ᠋ᠡᠷ ᠡᠢᠨ ᠬᠦ᠌ ᠢᠷᠦᠭᠡᠭᠰᠡᠨ ᠢ᠋ᠶ᠋ᠡᠷ ᠡᠳᠦᠭᠡ ᠬᠠᠪᠤᠲᠤ ᠬᠠᠰᠠᠷ ᠤ᠋ᠨ ᠦᠷᠡᠰ᠂ ᠵᠡᠭᠦᠨ ᠬᠣᠷᠴᠢᠨ ᠠᠷᠪᠠᠨ ᠬᠣᠰᠢᠭᠤ᠂ ᠪᠠᠷᠠᠭᠤᠨ ᠬᠥᠬᠡ ᠨᠠᠭᠤᠷ᠂ ᠠᠯᠠᠱᠠᠨ ᠲᠠᠢ ᠨᠡᠢᠲᠡ ᠳᠥᠴᠢᠨ ᠲᠠᠪᠤᠨ ᠬᠣᠰᠢᠭᠤ᠂ ᠵᠢᠴᠢ ᠵᠡᠯᠮ᠎ᠡ ᠶ᠋ᠢᠨ ᠦᠷᠡᠰ ᠭᠤᠷᠪᠠᠨ ᠬᠠᠷᠠᠴᠢᠨ᠂ ᠵᠡᠭᠦᠨ ᠲᠦᠮᠡᠳ ᠲᠡᠢ ᠨᠡᠢᠲᠡ ᠳᠥᠷᠪᠡᠨ ᠬᠣᠰᠢᠭᠤ ᠳᠡᠯᠭᠡᠷᠡᠵᠦ᠂ ᠪᠣᠭᠳᠠ ᠶ᠋ᠢᠨ ᠦᠷᠡᠰ ᠨᠢᠭᠡᠨ ᠵᠠᠭᠤᠨ ᠳᠠᠯᠠᠨ ᠬᠣᠰᠢᠭᠤ ᠯᠤᠭ᠎ᠠ ᠳᠠᠩ ᠰᠠᠴᠠᠭᠤ ᠤᠷᠤᠭ ᠪᠠᠷᠢᠵᠤ ᠶᠠᠪᠤᠬᠤ ᠠᠨᠤ᠂ ᠡᠨᠡ ᠲᠡᠭᠷᠢ ᠶ᠋ᠢᠨ ᠷᠠᠰᠢᠶᠠᠨ ᠢ᠋ ᠲᠩᠷᠢᠯᠢᠭ ᠦ᠋ᠨ ᠭᠠᠷ ᠠ᠋ᠴᠠ ᠬᠦᠷᠲᠡᠵᠦ ᠠᠮᠰᠠᠭᠠᠳ ᠲᠡᠮᠳᠡᠭᠲᠡᠶ᠎ᠡ ᠡᠨᠡ ᠦᠨᠡᠨ ᠦᠭᠡᠰ ᠪᠦᠲᠦᠭᠰᠡᠨ ᠦᠭᠡ ᠵᠠᠷᠯᠢᠭ ᠪᠡᠯᠭᠡ ᠢᠷᠦᠭᠡᠯ ᠡᠴᠡ ᠪᠣᠯᠪᠠ ᠬᠡᠮᠡᠵᠦᠬᠦᠢ᠃ ᠲᠡᠢᠨ ᠬᠦ᠌ ᠠᠷᠭ᠎ᠠ ᠦᠭᠡᠢ ᠤᠭ ᠶᠣᠰᠣᠭᠠᠷ ᠪᠢᠴᠢᠪᠡᠢ᠃
ᠡᠳᠦᠭᠡ ᠦᠭᠡ ᠶ᠋ᠢ ᠨᠢᠭᠡᠮᠦᠰᠦᠨ ᠵᠠᠭᠤᠨ ᠵᠢᠯ ᠰᠢᠬᠠᠮ ᠡᠭᠡᠭᠦᠯᠵᠦ᠂ ᠲᠠᠢᠽᠦ ᠶ᠋ᠢᠨ ᠳᠥᠷᠪᠡᠨ ᠦᠶ᠎ᠡ ᠡᠴᠡ ᠳᠡᠭᠡᠭᠰᠢ ᠡᠴᠡ ᠡᠬᠢᠯᠡᠨ ᠬᠡᠯᠡᠬᠦ ᠬᠡᠷᠡᠭᠲᠡᠢ ᠪᠣᠯᠪᠠᠢ᠃ ᠲᠠᠢᠽᠦ ᠶ᠋ᠢᠨ ᠡᠯᠳᠴᠡ ᠡᠪᠦᠭᠡ ᠶ᠋ᠢᠨ ᠨᠡᠷ᠎ᠡ ᠢᠨᠦ ᠬᠠᠪᠤᠯ ᠬᠠᠨ ᠂ ᠡᠨᠡ ᠬᠠᠪᠤᠯ ᠬᠠᠨ ᠨᠠᠢ᠍ᠮᠠᠨ ᠮᠤᠵᠢᠳᠤ ᠪᠧᠲ᠋ᠠ᠋ ᠤᠯᠤᠰ ᠢ᠋ ᠡᠵᠡᠯᠡᠵᠦ ᠬᠠᠭᠠᠨ ᠰᠠᠭᠤᠵᠤ ᠠᠭᠰᠠᠨ ᠠᠵᠤᠭᠤ᠃ ᠡᠨᠡ ᠬᠠᠪᠤᠯ ᠬᠠᠭᠠᠨ ᠠ᠋ᠴᠠ ᠨᠡᠢᠲᠡ ᠳᠣᠯᠣᠭᠠᠨ ᠬᠥᠪᠡᠭᠦᠨ ᠲᠡᠢ᠂ ᠬᠠᠮᠤᠭ ᠤ᠋ᠨ ᠤᠤᠭᠠᠨ ᠬᠥᠪᠡᠭᠦᠨ ᠦ᠌ ᠨᠡᠷ᠎ᠡ ᠪᠠᠷᠳᠠᠮ ᠪᠠᠭᠠᠲᠤᠷ ᠂ ᠡᠨᠡ ᠪᠠᠷᠳᠠᠮ ᠪᠠᠭᠠᠲᠤᠷ ᠤ᠋ᠨ ᠭᠤᠷᠪᠠᠳᠤᠭᠠᠷ ᠬᠥᠪᠡᠭᠦᠨ ᠢᠨᠦ ᠳᠠᠷᠤᠢ ᠶᠢᠰᠦᠭᠡᠢ ᠪᠠᠭᠠᠲᠤᠷ ᠮᠥᠨ᠂ ᠲᠡᠷᠡ ᠦᠶ᠎ᠡ ᠳ᠋ᠦ᠍ᠷ ᠲᠠᠢᠴᠢᠭᠤᠳ ᠠᠢᠮᠠᠭ ᠤ᠋ᠨ ᠡᠵᠡᠨ ᠦ᠌ ᠡᠪᠦᠭᠡ ᠢᠨᠦ ᠨᠡᠷ᠎ᠡ ᠭᠠᠪᠠᠭᠠᠢ ᠬᠡᠮᠡᠭᠴᠢ ᠳ᠋ᠦ᠍ᠷ ᠠᠷᠪᠠᠨ ᠬᠥᠪᠡᠭᠦᠨ ᠲᠡᠢ ᠪᠥᠯᠥᠭᠡ᠃ ᠲᠡᠷᠡ ᠲᠤᠬᠠᠢ ᠬᠠᠪᠤᠯ ᠬᠠᠭᠠᠨ ᠥᠩᠭᠡᠷᠡᠵᠦ᠂ ᠪᠧᠲ᠋ᠠ᠋ ᠤᠯᠤᠰ ᠤ᠋ᠨ ᠰᠦᠷ ᠪᠠᠭᠤᠷᠠᠵᠤ ᠂ ᠪᠠᠷᠳᠠᠮ ᠪᠠᠭᠠᠲᠤᠷ ᠤ᠋ᠨ ᠬᠦᠴᠦᠨ ᠪᠠᠰᠠ ᠮᠡᠬᠦᠰ ᠪᠣᠯᠤᠭᠰᠠᠨ ᠳ᠋ᠤᠷ ᠲᠠᠢᠴᠢᠭᠤᠳ ᠠᠢᠮᠠᠭ᠂ ᠠᠢᠮᠠᠭ ᠪᠦᠷᠢ ᠶ᠋ᠢ ᠠᠪᠴᠤ ᠰᠡᠮᠡᠬᠡᠷ ᠤᠷᠪᠠᠭᠠᠳ ᠠᠷᠪᠠᠨ ᠭᠤᠷᠪᠠᠨ ᠬᠥᠪᠡᠭᠦᠨ ᠢ᠋ᠶ᠋ᠡᠨ ᠠᠪᠴᠤ ᠰᠥᠨᠢ ᠬᠤᠯᠠᠭᠤᠵᠤ᠂ ᠪᠠᠷᠳᠠᠮ ᠪᠠᠭᠠᠲᠤᠷ ᠤ᠋ᠨ ᠬᠦᠷᠢᠶ᠎ᠡ ᠳ᠋ᠦ᠍ᠷ ᠣᠷᠣᠵᠤ᠂ ᠭᠡᠨᠡᠳᠲᠡ ᠪᠦᠷᠢᠶ᠎ᠡ ᠲᠠᠲᠠᠵᠤ᠂ ᠰᠣᠴᠢᠮᠠᠲᠠᠭᠠᠢ ᠪᠠᠷ ᠪᠠᠢᠯᠳᠤᠨ᠂ ᠪᠠᠷᠳᠠᠮ ᠪᠠᠭᠠᠲᠤᠷ ᠤ᠋ᠨ ᠠᠬ᠎ᠠ ᠳᠡᠭᠦᠦ ᠳᠣᠯᠣᠭᠤᠯᠠ ᠶ᠋ᠢᠨ ᠬᠡᠳᠦᠢᠴᠢᠨᠡᠭᠡᠨ ᠭᠡᠷ ᠦ᠋ᠨ ᠠᠮᠠ ᠬᠥᠮᠦᠨ ᠢ᠋ ᠠᠯᠠᠨ ᠡᠭᠦᠰᠬᠡᠭᠰᠡᠨ ᠳ᠋ᠦ᠍ᠷ ᠡᠳᠡᠭᠡᠷ ᠦ᠋ᠨ ᠳᠣᠲᠣᠷ᠎ᠠ ᠠ᠋ᠴᠠ ᠰᠠᠶᠢ ᠲᠠᠪᠤᠬᠠᠨ ᠬᠥᠮᠦᠨ ᠳᠤᠲᠠᠭᠠᠨ ᠭᠠᠷᠪᠠᠢ᠃ ᠪᠠᠷᠳᠠᠮ ᠪᠠᠭᠠᠲᠤᠷ ᠤ᠋ᠨ ᠵᠢᠷᠭᠤᠭᠠᠨ ᠳᠡᠭᠦᠦ ᠨᠠᠷ ᠴᠥᠮ ᠠᠯᠠᠭᠳᠠᠭᠠᠳ ᠪᠠᠷᠳᠠᠮ ᠪᠠᠭᠠᠲᠤᠷ ᠤ᠋ᠨ ᠪᠡᠶ᠎ᠡ ᠪᠠ ᠵᠢᠴᠢ ᠭᠤᠷᠪᠠᠨ ᠬᠥᠪᠡᠭᠦᠨ ᠢ᠋ᠶ᠋ᠡᠨ ᠠᠪᠴᠤ ᠪᠠᠢᠯᠳᠤᠨ ᠭᠠᠷᠬᠤᠶ᠎ᠠ ᠲᠡᠷᠡ ᠲᠤᠬᠠᠢ ᠳ᠋ᠤᠷ ᠲᠠᠢᠽᠦ ᠶ᠋ᠢᠨ ᠡᠴᠢᠭᠡ ᠶᠢᠰᠦᠭᠡᠢ ᠪᠠᠭᠠᠲᠤᠷ ᠰᠠᠶᠢ ᠠᠷᠪᠠᠨ ᠭᠤᠷᠪᠠᠨ ᠨᠠᠰᠤ ᠲᠠᠢ ᠪᠥᠭᠡᠳ ᠲᠡᠮᠦᠷ ᠰᠢᠷᠬᠡᠭᠲᠦ ᠨᠤᠮᠤ᠂ ᠪᠣᠯᠣᠳ ᠬᠦᠴᠦᠲᠦ ᠵᠡᠪᠡ ᠪᠡᠷ ᠲᠠᠢᠴᠢᠭᠤᠳ ᠤ᠋ᠨ ᠥᠪᠴᠢ ᠲᠡᠮᠦᠷ ① ᠦ᠋ᠨ ᠬᠤᠶᠠᠭᠲᠤ ᠴᠡᠷᠢᠭ ᠦ᠋ᠨ ᠡᠵᠡᠨ ᠦ᠌ ᠴᠡᠭᠡᠵᠢ ᠪᠡᠷ ᠢᠨᠦ ᠰᠢᠪᠲᠤ ᠬᠠᠷᠪᠤᠵᠤ ᠤᠨᠠᠭᠠᠭᠠᠳ ᠮᠣᠷᠢ ᠶ᠋ᠢ ᠠᠨᠤ ᠪᠤᠯᠢᠶᠠᠨ ᠠᠪᠴᠤ ᠤᠨᠤᠭᠠᠳ ᠪᠠᠢᠯᠳᠤᠨ ᠭᠠᠷᠤᠭᠰᠠᠨ ᠲᠤᠯᠠ ᠪᠠᠭᠠᠲᠤᠷ ᠴᠣᠯᠠ ᠣᠯᠤᠭᠰᠠᠨ ᠠᠵᠤᠭᠤ᠃
ᠲᠡᠳᠦᠢ ᠲᠠᠢᠴᠢᠭᠤᠳ ᠤ᠋ᠨ ᠭᠠᠪᠠᠭᠠᠢ ᠳ᠋ᠤᠷ ᠪᠧᠲ᠋ᠠ᠋ ᠤᠯᠤᠰ ᠤ᠋ᠨ ᠨᠠᠢ᠍ᠮᠠᠨ ᠮᠣᠵᠢ ᠠᠯᠪᠠᠲᠤ ᠤᠯᠤᠰ ᠢ᠋ᠶ᠋ᠠᠨ ᠴᠥᠮ ᠪᠤᠯᠢᠶᠠᠭᠳᠠᠭᠰᠠᠨ ᠳ᠋ᠤᠷ ᠶᠢᠰᠦᠭᠡᠢ ᠪᠠᠭᠠᠲᠤᠷ ᠬᠡᠳᠦ ᠬᠡᠳᠦᠨ ᠵᠢᠯ ᠤᠯᠤᠰ ᠦᠭᠡᠢ ᠭᠠᠳᠠᠭᠠᠳᠤ ᠠᠢᠮᠠᠭ ᠲᠤᠷ ᠵᠣᠪᠠᠨ ᠶᠠᠪᠤᠵᠤ ᠰᠠᠶᠢ ᠴᠡᠷᠢᠭ ᠪᠠᠢᠭᠤᠯᠤᠨ᠂ ᠠᠷᠪᠠᠨ ᠳᠣᠯᠣᠭᠠᠨ ᠨᠠᠰᠤᠨ ᠳ᠋ᠠᠭᠠᠨ ᠤᠯᠤᠰ ᠢ᠋ᠶ᠋ᠠᠨ ᠭᠡᠳᠡᠷᠭᠦ ᠪᠤᠯᠢᠶᠠᠨ ᠠᠪᠴᠤ ᠲᠠᠢᠴᠢᠭᠤᠳ ᠪᠠ ᠲᠠᠲ᠋ᠠᠷ ᠢ᠋ ᠳᠠᠷᠤᠵᠤ ᠴᠢᠳᠠᠪᠠᠢ᠃ ᠲᠡᠢᠨ ᠬᠦ᠌ ᠲᠠᠢᠴᠢᠭᠤᠳ ᠯᠤᠭ᠎ᠠ ᠦᠶ᠎ᠡ ᠦᠶ᠎ᠡ ᠶ᠋ᠢᠨ ᠥᠰᠢᠶᠡᠲᠡᠢ ᠠᠵᠤᠭᠤ ᠃ ᠲᠡᠢᠮᠦ ᠶ᠋ᠢᠨ ᠲᠤᠯᠠᠳᠠ ᠲᠠᠢᠽᠦ ᠡᠨᠡ ᠡᠳᠦᠷ ᠲᠠᠢᠴᠢᠭᠤᠳ ᠤ᠋ᠨ ᠬᠠᠭᠤᠴᠢᠨ ᠡᠵᠡᠨ ᠴᠢᠯᠭᠡᠷ ᠪᠥᠬᠡ ᠶ᠋ᠢ ᠪᠠᠷᠢᠵᠤ ᠠᠯᠠᠨ ᠴᠢᠳᠠᠭᠰᠠᠨ ᠂ ᠡᠷᠲᠡᠨ ᠦ᠌ ᠭᠠᠪᠠᠭᠠᠢ ᠶ᠋ᠢᠨ ᠦᠷ᠎ᠡ ᠶ᠋ᠢ ᠲᠠᠰᠤᠯᠤᠨ ᠴᠢᠳᠠᠭᠰᠠᠨ ᠢ᠋ᠶ᠋ᠠᠷ 《ᠠᠰᠢᠳᠠ ᠶ᠋ᠢᠨ ᠳᠠᠢᠰᠤᠨ ᠢ᠋ ᠠᠯᠠ ᠳ᠋ᠤᠷ ᠢ᠋ᠶ᠋ᠠᠨ ᠬᠠᠪᠴᠢᠪᠠ᠂ ᠦᠷᠭᠦᠯᠵᠢ ᠶ᠋ᠢᠨ ᠳᠠᠢᠰᠤᠨ ᠢ᠋ ᠥᠯᠡᠮᠡᠢ ᠳ᠋ᠦ᠍ᠷ ᠢ᠋ᠶ᠋ᠡᠨ ᠭᠢᠰᠬᠢᠪᠡ ᠂ ᠲᠠᠩᠭᠠᠷᠢᠭ᠍ᠲᠤ ᠲᠠᠢᠴᠢᠭᠤᠳ ᠤ᠋ᠨ ᠦᠷ᠎ᠡ ᠶ᠋ᠢ ᠢᠨᠦ ᠲᠠᠰᠤᠯᠪᠠ᠂ ᠲᠠᠷᠪᠠᠭᠠᠲᠠᠢ ᠶ᠋ᠢ ᠲᠠᠢᠴᠢᠭᠤᠳ ᠤ᠋ᠨ ᠦᠨᠳᠦᠰᠦᠨ ᠢ᠋ ᠢᠨᠦ ᠬᠡᠢᠰᠬᠡᠪᠡ 》 ᠭᠡᠮᠡᠨ ᠡᠢᠨ ᠬᠦ᠌ ᠬᠤᠷᠢᠮ ᠬᠤᠷᠢᠮᠯᠠᠭᠰᠠᠨ ᠠᠵᠤᠭᠤ᠃ ᠲᠡᠢᠮᠦ ᠶ᠋ᠢᠨ ᠲᠤᠯᠠ ᠪᠤᠰᠤ ᠪᠠᠶᠠᠷ ᠠ᠋ᠴᠠ ᠢᠯᠡᠭᠦᠦ ᠬᠢᠵᠦᠬᠦᠢ᠃
– – – –
① ᠡᠨᠡ ᠥᠪᠴᠢ ᠲᠡᠮᠦᠷ ᠬᠡᠮᠡᠭᠴᠢ ᠶᠠᠮᠪᠠᠷ ᠲᠡᠮᠦᠷ ᠢ᠋ ᠬᠡᠯᠡᠭᠰᠡᠨ ᠢ᠋ ᠮᠡᠳᠡᠬᠦ ᠦᠭᠡᠢ ᠂ ᠯᠠᠪ ᠬᠠᠭᠤᠴᠢᠨ ᠮᠣᠩᠭᠣᠯ ᠦᠭᠡᠰ ᠪᠣᠢ ᠶᠠ ᠂ ᠡᠰᠡᠬᠦᠯ᠎ᠡ ᠨᠠᠪᠴᠢ ᠲᠡᠮᠦᠷ ᠬᠡᠮᠡᠭᠰᠡᠨ ᠦᠭᠡ ᠴᠦ᠍ ᠪᠣᠯᠪᠠᠤ ᠂ ᠬᠣᠵᠢᠮ ᠤ᠋ᠨ ᠮᠡᠷᠭᠡᠳ ᠠᠷᠤ ᠭᠠᠵᠠᠷ ᠤ᠋ᠨ ᠬᠥᠮᠦᠨ ᠡᠴᠡ ᠠᠰᠠᠭᠤᠮᠤ ᠃
ᠲᠡᠨᠳᠡᠴᠡ ᠲᠠᠢᠽᠦ ᠶ᠋ᠢᠨ ᠬᠠᠰᠠᠷ᠂ ᠵᠠᠯᠮ᠎ᠠ ᠬᠣᠶᠠᠭᠤᠯᠠ ᠳ᠋ᠤᠷ ᠮᠣᠳᠣᠷ ᠢ᠋ᠶ᠋ᠠᠷ ᠷᠠᠰᠢᠶᠠᠨ ᠬᠦᠷᠲᠡᠭᠡᠵᠦ᠂ ᠳᠣᠲᠣᠭᠠᠳᠤ ᠣᠷᠳᠣᠨ ᠴᠠᠭᠠᠨ ᠭᠡᠷ ᠲᠡᠭᠡᠨ ᠪᠠᠭᠤᠪᠠᠰᠤ ᠰᠡᠴᠡᠨ ᠵᠦᠰᠦᠨ ᠬᠠᠲᠤᠨ ᠵᠢᠰᠦᠲᠦ ᠂ ᠵᠢᠰᠦᠯᠢᠭ ᠂ ᠭᠣᠣᠯ ᠤ᠋ᠨ ᠰᠠᠷᠠᠨ ᠭᠤᠷᠪᠠᠨ ᠬᠠᠲᠤᠨ ᠢ᠋ ᠠᠪᠴᠤ ᠤᠭᠲᠤᠨ ᠵᠣᠯᠭᠠᠵᠤ᠂ ᠭᠤᠷᠪᠠᠨ ᠬᠠᠲᠤᠨ ᠢ᠋ ᠮᠥᠷᠭᠥᠭᠦᠯᠵᠦ ᠥᠪᠡᠷ ᠢ᠋ᠶ᠋ᠡᠨ ᠮᠥᠨ ᠲᠠᠢᠽᠦ ᠳ᠋ᠦ᠍ᠷ ᠲᠠᠯ᠎ᠠ ᠬᠢᠵᠦ ᠶᠣᠰᠣᠯᠠᠪᠠᠢ᠃ ᠭᠤᠷᠪᠠᠨ ᠬᠠᠲᠤᠨ ᠪᠠᠰᠠ ᠰᠡᠴᠡᠨ ᠵᠦᠰᠦᠨ ᠬᠠᠲᠤᠨ ᠳ᠋ᠤᠷ ᠮᠥᠷᠭᠥᠭᠦᠷ ᠳᠤᠷ ᠰᠡᠴᠡᠨ ᠵᠦᠰᠦᠨ ᠬᠠᠲᠤᠨ ᠢ᠋ᠶ᠋ᠠᠷ ᠬᠠᠭᠠᠰ ᠶᠣᠰᠣᠨ ᠢ᠋ ᠬᠠᠷᠢᠭᠤᠯᠪᠠᠢ᠃ ᠲᠡᠭᠦᠨᠴᠡ ᠡᠨᠡ ᠭᠤᠷᠪᠠᠨ ᠲᠥᠷᠥ ᠶ᠋ᠢᠨ ᠬᠠᠲᠤᠳ ᠲᠤᠷ ᠤᠯᠠᠭᠠᠨ ᠽᠠᠨᠳᠠᠨ ᠤ᠋ ᠲᠥᠪ ᠰᠢᠷᠡᠭᠡ ᠱᠠᠩᠨᠠᠵᠤ ᠂ ᠥᠷᠭᠥᠭᠡ ᠴᠠᠴᠠᠷ ᠪᠠ ᠮᠣᠩᠭᠣᠯ ᠭᠡᠷ ᠂ ᠣᠷᠳᠣᠨ ᠭᠡᠷ ᠲᠦ᠍ᠷ ᠴᠥᠮ ᠤᠯᠠᠭᠠᠨ ᠢᠰᠡᠭᠡᠢ ᠪᠠ ᠴᠠᠯᠮ᠎ᠠ ᠂ ᠲᠠᠷᠮ᠎ᠠ ᠂ ᠬᠡᠪᠢᠰ ᠢ᠋ᠶ᠋ᠡᠷ ᠵᠢᠷᠢᠭᠯᠡᠭᠰᠡᠨ ᠭᠠᠷᠤᠳᠢ ᠶ᠋ᠢᠨ ᠮᠠᠩᠨᠠᠢᠴᠢ ᠬᠠᠳᠠᠭᠤᠯᠵᠤ ᠽᠠᠨᠳᠠᠨ ᠰᠢᠷᠡᠭᠡᠨ ᠦ᠌ ᠣᠯᠪᠣᠭ ᠲᠦᠰᠢᠯᠭᠡ ᠶ᠋ᠢ ᠮᠥᠨ ᠴᠥᠮ ᠭᠠᠷᠤᠳᠢᠳᠤ ᠲᠣᠷᠭ᠎ᠠ ᠨᠣᠯᠣᠮ ᠢ᠋ᠶ᠋ᠠᠷ ᠬᠢᠵᠦ ᠵᠢᠴᠢ ᠥᠷᠭᠥᠭᠡ ᠶ᠋ᠢᠨ ᠦᠷᠬᠥᠯᠢᠭ ᠂ ᠣᠷᠬᠢᠭᠤᠯ ᠂ ᠣᠶᠣᠭ ᠂ ᠭᠢᠰᠬᠢᠭᠦᠯ ᠬᠡᠰᠡᠭᠦᠷ ᠢ᠋ ᠴᠥᠮ ᠴᠣᠯ ᠤᠯᠠᠭᠠᠨ ᠠᠯᠳᠠᠮᠠᠯ ᠮᠠᠩᠨᠤᠭ ᠢ᠋ ᠬᠠᠯᠠᠨ ᠬᠡᠷᠡᠭᠯᠡᠭᠦᠯᠪᠡᠢ᠃ ᠲᠡᠳᠦᠢ ᠳᠥᠷᠪᠡᠨ ᠳᠡᠭᠦᠦ ᠂ ᠳᠥᠷᠪᠡᠨ ᠬᠦᠯᠦᠭ ᠂ ᠶᠢᠰᠦᠨ ᠡᠩ ᠂ ᠵᠢᠷᠭᠤᠭᠠᠨ ᠰᠠᠢᠳ ᠠ᠋ᠴᠠ ᠪᠤᠰᠤᠳ ᠢ᠋ ᠴᠥᠮ ᠮᠥᠷᠭᠥᠨ ᠵᠣᠯᠭᠠᠭᠤᠯᠬᠤ ᠪᠣᠯᠭᠠᠵᠤᠬᠤᠢ᠃ ᠡᠨᠡ ᠮᠡᠲᠦ ᠡᠷᠬᠢᠮ ᠶᠡᠬᠡ ᠪᠣᠯᠤᠭᠰᠠᠨ ᠳ᠋ᠤᠷ ᠭᠤᠷᠪᠠᠨ ᠲᠥᠷᠥ ᠶ᠋ᠢᠨ ᠬᠠᠲᠤᠳ ᠰᠡᠴᠡᠨ ᠵᠦᠰᠦᠨ ᠬᠠᠲᠤᠨ ᠤ᠋ ᠥᠷᠥᠰᠢᠶᠡᠯ ᠬᠡᠰᠢᠭ ᠢ᠋ ᠢᠭᠲᠦᠯᠦᠨ ᠰᠢᠲᠦᠵᠦ ᠭᠦᠨ᠎ᠡ ᠰᠦᠰᠦᠭᠯᠡᠪᠡᠢ᠃ ᠨᠡᠩᠳᠡ ᠭᠣᠣᠯ ᠤ᠋ᠨ ᠰᠠᠷᠠᠨ ᠬᠠᠲᠤᠨ ᠰᠡᠴᠡᠨ ᠵᠦᠰᠦᠨ ᠢ᠋ ᠦᠨᠡᠬᠡᠷ ᠭᠠᠢᠬᠠᠨ ᠪᠢᠰᠢᠷᠡᠵᠦ ᠰᠢᠲᠦᠨ ᠰᠠᠨᠠᠵᠤ ᠂ ᠵᠦᠰᠦᠨ ᠬᠠᠳᠤᠨ᠎ᠠ ᠳᠠᠬᠢᠨ ᠮᠥᠷᠭᠥᠵᠦ ᠡᠢᠨ ᠭᠡᠮᠡᠨ ᠮᠡᠳᠡᠭᠦᠯᠦᠷᠦᠨ :
ᠲᠡᠭᠷᠢ ᠮᠡᠲᠦ ᠥᠨᠳᠥᠷ ᠡᠵᠡᠨ ᠳ᠋ᠦ᠍ᠷ ᠦᠨᠡᠬᠡᠷ
ᠭᠠᠵᠠᠷ ᠠᠳᠠᠯᠢ ᠵᠤᠵᠠᠭᠠᠨ ᠬᠠᠲᠤᠨ ᠠᠭᠤᠯᠵᠠᠬᠤ ᠶ᠋ᠢ
ᠡᠨᠡ ᠡᠳᠦᠷ ᠰᠠᠶᠢ ᠦᠨᠡᠨ ᠭᠠᠢᠬᠠᠮᠰᠢᠭ᠋ ᠢ᠋ ᠦᠵᠡᠪᠡ ᠃
ᠡᠷᠢᠬᠦ ᠢᠨᠦ ᠡᠵᠡᠨ ᠬᠠᠲᠤᠨ ᠤ᠋ ᠥᠯᠵᠡᠢ ᠪᠠᠲᠤᠳᠴᠤ
ᠡᠷᠬᠢᠮ ᠥᠨᠳᠥᠷ ᠲᠦᠮᠡᠨ ᠤᠯᠤᠰ ᠤ᠋ᠨ ᠡᠬᠡ ᠪᠣᠯᠤᠭᠠᠳ
ᠡᠩᠬᠡ ᠲᠦᠪᠰᠢᠨ ᠳᠡᠯᠡᠬᠡᠢ ᠳ᠋ᠠᠬᠢᠨ ᠢ᠋ ᠠᠰᠠᠷᠠᠲᠤᠭᠠᠢ !
ᠭᠡᠮᠡᠨ ᠮᠥᠷᠭᠥᠬᠦᠢ ᠳ᠋ᠦ᠍ᠷ ᠵᠦᠰᠦᠨ ᠬᠠᠲᠤᠨ ᠪᠠᠬᠠᠨ ᠮᠦᠰᠢᠶᠡᠵᠦ᠂ ᠭᠣᠣᠯ ᠤ᠋ᠨ ᠰᠠᠷᠠᠨ ᠬᠠᠲᠤᠨ ᠤ᠋ ᠭᠠᠷ ᠠ᠋ᠴᠠ ᠠᠨᠤ ᠲᠡᠳᠬᠦᠨ ᠪᠣᠰᠬᠠᠵᠤ ᠬᠠᠵᠠᠭᠤᠳᠠ ᠪᠦᠬᠦᠢ ᠪᠣᠭᠣᠨᠢ ᠰᠠᠭᠤᠳᠠᠯ ᠳ᠋ᠤᠷ ᠰᠠᠭᠤᠯᠭᠠᠵᠤ ᠴᠠᠢ ᠬᠠᠢᠷᠠᠯᠠᠨ᠂ ᠥᠷᠥᠰᠢᠶᠡᠯᠳᠦ ᠵᠠᠷᠯᠢᠭ ᠢ᠋ᠶ᠋ᠠᠷ ᠦᠷᠦ ᠡᠪᠡᠳᠴᠦ ᠦᠷᠭᠦᠯᠵᠢ ᠶ᠋ᠢᠨ ᠤᠷᠲᠤ ᠵᠣᠭᠣᠭ ᠢ᠋ ᠬᠡᠯᠡᠯᠴᠡᠮᠦᠢ᠃
ᠰᠤᠳᠤᠷᠴᠢ ᠲᠦᠰᠢᠮᠡᠯ ᠲᠠᠢᠵᠢ ᠢᠨᠵᠠᠨᠨᠠᠰᠢ ᠪᠢᠴᠢᠭᠰᠡᠭᠡᠷ ᠡᠨᠳᠡ ᠬᠦᠷᠴᠦ ᠡᠢᠨ ᠰᠢᠯᠦᠭᠯᠡᠷᠦᠨ :
ᠠᠳᠬᠠᠭ ᠦᠭᠡᠢ ᠠᠰᠠᠷᠠᠯ ᠨᠢᠭᠦᠯᠡᠰᠬᠦᠢᠲᠦ ᠡᠬᠡ
ᠠᠭᠤᠤ ᠶᠡᠬᠡ ᠳᠠᠯᠠᠢ ᠮᠡᠲᠦ ᠮᠡᠷᠭᠡᠨᠡ ᠂
ᠠᠯᠲᠠᠨ ᠳᠡᠯᠡᠬᠡᠢ ᠶ᠋ᠢᠨ ᠨᠡᠢᠲᠡ ᠶ᠋ᠢᠨ ᠡᠵᠡᠨ ᠲᠤᠯᠠᠳᠠ
ᠠᠯᠭᠠᠰᠠᠯ ᠦᠭᠡᠢ ᠲᠡᠭᠷᠢ ᠡᠴᠡ ᠢᠷᠡᠵᠦᠬᠦᠢ ᠃
ᠲᠡᠨᠳᠡᠴᠡ ᠪᠧᠲ᠋ᠠ᠋ ᠤᠯᠤᠰ ᠡᠭᠦᠨᠴᠡ ᠳᠡᠮᠡᠢ ᠬᠡᠷᠡᠭ ᠦᠭᠡᠢ ᠠᠮᠤᠷ ᠰᠤᠯᠠ ᠪᠥᠬᠥᠶ᠎ᠡ᠂ ᠲᠠᠢᠽᠦ ᠡᠭᠡᠨᠡᠭᠲᠡ ᠰᠠᠷᠯᠠᠭ ᠤᠯᠤᠰ ᠤ᠋ᠨ ᠡᠷᠢᠨ ᠬᠠᠯᠳᠠᠭᠰᠠᠨ ᠳ᠋ᠤ᠌ ᠠᠭᠤᠷᠰᠠᠨ ᠬᠠᠷᠢᠭᠤ ᠴᠡᠷᠢᠭ ᠠᠪᠴᠤ ᠲᠠᠢᠯᠠᠰᠤᠭᠠᠢ ᠬᠡᠮᠡᠬᠦᠢ ᠳ᠋ᠦ᠍ᠷ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠂ ᠴᠡᠷᠢᠭ ᠦ᠋ᠨ ᠵᠢᠨᠦᠩ ᠮᠤᠬᠤᠯᠢ ᠨᠠᠷ ᠴᠡᠷᠢᠭ ᠦ᠋ᠨ ᠬᠤᠶᠠᠭ ᠢ᠋ ᠪᠠᠬᠠᠨ ᠠᠮᠠᠷᠠᠭᠤᠯᠤᠨ᠂ ᠠᠭᠲᠠ ᠮᠣᠷᠢᠳ ᠢ᠋ ᠪᠠᠬᠠᠨ ᠪᠣᠷᠳᠣᠰᠤᠭᠠᠢ ᠬᠡᠮᠡᠭᠰᠡᠨ ᠳ᠋ᠦ᠍ᠷ ᠲᠠᠢᠽᠦ ᠦᠭᠡ ᠶ᠋ᠢ ᠠᠪᠴᠤ ᠵᠥᠪᠰᠢᠶᠡᠭᠡᠳ ᠲᠡᠳᠦᠢ ᠣᠯᠠᠨ ᠴᠡᠷᠢᠭ ᠢ᠋ ᠵᠢᠰᠢᠶᠠᠯᠠᠨ ᠪᠣᠯᠪᠠᠰᠤᠷᠠᠭᠤᠯᠪᠠ ᠃
ᠡᠭᠦᠨᠴᠡ ᠤᠳᠠᠭᠰᠠᠨ ᠦᠭᠡᠢ ᠪᠠᠰᠠ ᠡᠳᠦᠷ ᠰᠥᠨᠢ ᠵᠢᠷᠦᠪ ᠵᠠᠷᠤᠪ ᠥᠩᠭᠡᠷᠡᠵᠦ᠂ ᠨᠠᠷᠠᠨ ᠰᠠᠷᠠᠨ ᠪᠠᠷᠤᠭ ᠪᠦᠷᠦᠭ ᠬᠥᠳᠡᠭᠡᠰᠴᠦ ᠨᠠᠮᠤᠷ ᠬᠤᠷᠢᠶᠠᠵᠤ ᠡᠪᠦᠯ ᠨᠢᠭᠤᠭᠠᠳ ᠬᠠᠷᠠᠭᠴᠢᠨ ᠦᠬᠡᠷ ᠵᠢᠯ ᠡᠨᠳᠡ ᠲᠡᠭᠦᠰᠴᠦ ᠬᠥᠬᠡ ᠪᠠᠷᠰ ᠣᠨ ᠡᠭᠦᠨ ᠡᠴᠡ ᠡᠬᠢᠯᠡᠪᠡᠢ᠃ ᠲᠠᠢᠽᠦ ᠭᠤᠴᠢᠨ ᠭᠤᠷᠪᠠᠨ ᠰᠡᠭᠦᠳᠡᠷ ᠲᠡᠢ ᠪᠣᠯᠪᠠ ᠃ ᠡᠮᠦᠨ᠎ᠡ ᠰᠥᠩ ᠤᠯᠤᠰ ᠤ᠋ᠨ ᠭᠤᠸᠠᠩᠽᠦ᠋ᠩ ᠬᠠᠭᠠᠨ ᠤ᠋ ᠱᠣᠣ ᠰᠢ ᠬᠡᠮᠡᠬᠦ ᠶ᠋ᠢᠨ ᠲᠠᠪᠤᠳᠤᠭᠠᠷ ᠣᠨ᠂ ᠵᠢᠴᠢ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ ᠮᠢᠩ ᠴᠠᠩ ᠬᠡᠮᠡᠬᠦ ᠶ᠋ᠢᠨ ᠪᠠᠰᠠ ᠲᠠᠪᠤᠳᠤᠭᠠᠷ ᠣᠨ ᠪᠣᠯᠪᠠ᠃ ᠤᠳᠠᠭᠰᠠᠨ ᠦᠭᠡᠢ ᠲᠣᠭᠣᠰᠣᠲᠤ ᠬᠠᠪᠤᠷ ᠢ᠋ ᠳᠠᠭᠤᠯᠤᠨ ᠥᠩᠭᠡᠷᠡᠵᠦ᠂ ᠲᠣᠨᠣᠯᠣᠮᠠ ᠵᠤᠨ ᠢ᠋ ᠪᠠᠰᠠ ᠲᠤᠭᠤᠷᠪᠢᠨ ᠬᠥᠳᠡᠭᠡᠰᠦᠭᠡᠳ ᠲᠤᠩᠭᠠᠯᠠᠭ ᠨᠠᠮᠤᠷ ᠲᠤᠶᠠᠭᠠᠯᠠᠨ ᠬᠦᠷᠴᠦ ᠢᠷᠡᠭᠡᠳ ᠨᠠᠮᠤᠷ ᠤ᠋ᠨ ᠲᠡᠷᠢᠭᠦᠨ ᠰᠠᠷ᠎ᠠ ᠪᠣᠯᠵᠤ᠂ ᠨᠤᠮᠤ ᠬᠠᠲᠠᠭᠤᠷᠠᠵᠤ ᠮᠣᠷᠢ ᠲᠠᠷᠭᠤᠯᠠᠨ ᠂ ᠬᠠᠷᠠᠬᠠᠨ ᠴᠡᠷᠢᠭ ᠬᠤᠶᠠᠭ ᠢ᠋ ᠪᠠᠢᠴᠠᠭᠠᠨ ᠰᠢᠯᠭᠠᠬᠤ ᠦᠶ᠎ᠡ ᠪᠣᠯᠤᠭᠰᠠ ᠳ᠋ᠤᠷ ᠲᠠᠢᠽᠦ ᠵᠠᠷ ᠲᠠᠷᠬᠠᠭᠠᠨ᠂ ᠣᠯᠠᠨ ᠳ᠋ᠦᠢᠨ ᠦ᠌ ᠴᠡᠷᠢᠭ ᠢ᠋ ᠳᠥᠭᠦᠯᠡᠨ ᠮᠥᠷᠡᠨ ᠦ᠌ ᠶᠡᠬᠡ ᠲᠠᠯ᠎ᠠ ᠳ᠋ᠤᠷ ᠬᠤᠷᠢᠶᠠᠵᠤ᠂ ᠠᠷᠪᠠᠨ ᠲᠦᠮᠡᠨ ᠴᠡᠷᠢᠭ ᠦ᠋ᠨ ᠡᠷᠳᠡᠮ ᠢ᠋ ᠰᠢᠯᠭᠠᠨ ᠦᠵᠡᠬᠦᠶ᠎ᠡ᠂ ᠪᠠᠷᠠᠭᠤᠨ ᠡᠮᠦᠨ᠎ᠡ ᠵᠠᠬ᠎ᠠ ᠶ᠋ᠢᠨ ᠲᠤᠷᠰᠢᠭᠤᠯ ᠤ᠋ᠨ ᠬᠥᠮᠦᠨ ᠢᠷᠡᠵᠦ ᠮᠡᠳᠡᠭᠦᠯᠦᠷᠦᠨ :《ᠳᠣᠷᠣᠨ᠎ᠠ ᠡᠮᠦᠨ᠎ᠡ ᠶ᠋ᠢᠨ ᠰᠠᠷᠯᠠᠭ ᠤᠯᠤᠰ ᠤ᠋ᠨ ᠡᠮᠦᠨᠡᠬᠢ ᠴᠠᠭᠠᠨ ᠲᠠᠩᠭᠤᠳ ᠤᠯᠤᠰ ᠤ᠋ᠨ ᠰᠢᠳᠤᠷᠭᠤ ᠬᠠᠭᠠᠨ ᠨᠢᠭᠡᠨ ᠳ᠋ᠤᠷᠳᠤᠩ ᠨᠡᠷᠡᠲᠦ ᠨᠣᠶᠠᠨ ᠳ᠋ᠤᠷ ᠵᠠᠭᠤᠨ ᠢᠯᠡᠭᠦᠦ ᠠᠴᠢᠶᠠᠲᠤ ᠴᠡᠷᠢᠭ ᠥᠭᠴᠦ ᠪᠡᠯᠡᠭ ᠬᠦᠷᠭᠡᠨ ᠡᠯᠴᠢ ᠢᠷᠡᠭᠰᠡᠨ᠎ᠡ᠂ ᠲᠡᠭᠦᠨ ᠦ᠌ ᠴᠡᠷᠢᠭ ᠢ᠋ ᠢᠨᠦ ᠵᠠᠬ᠎ᠠ ᠶ᠋ᠢᠨ ᠭᠠᠳᠠᠨ᠎ᠠ ᠦᠯᠡᠳᠡᠭᠡᠰᠦᠭᠡᠢ ᠬᠡᠮᠡᠬᠦᠯ᠎ᠡ ᠲᠡᠷᠢᠭᠦᠯᠡᠭᠰᠡᠨ ᠡᠯᠴᠢ ᠳ᠋ᠤᠷᠳᠤᠩ ᠠᠴᠢᠷᠠᠭᠰᠠᠨ ᠠᠯᠪᠠ ᠶ᠋ᠢᠨ ᠡᠳ᠋ ᠴᠥᠮ ᠴᠡᠷᠢᠭ ᠦ᠋ᠳ ᠦ᠋ᠨ ᠠᠴᠢᠶ᠎ᠠ ᠳ᠋ᠤᠷ ᠪᠣᠢ ᠭᠡᠮᠡᠨ ᠴᠡᠷᠢᠭ ᠡᠴᠡ ᠪᠡᠨ ᠰᠠᠯᠬᠤ ᠦᠭᠡᠢ ᠲᠤᠯᠠ ᠵᠠᠬ᠎ᠠ ᠶ᠋ᠢᠨ ᠡᠵᠡᠨ ᠵᠠᠮᠪᠠᠯᠠ ᠲᠡᠳᠡ ᠨᠠᠷ ᠲᠤᠷ ᠲᠦᠳᠡᠭᠡᠯᠵᠢᠭᠦᠯᠦᠨ ᠤᠷᠢᠳᠠ ᠮᠡᠳᠡᠭᠦᠯᠦᠨ ᠢᠯᠡᠭᠡᠪᠡ᠃ 》ᠬᠡᠮᠡᠭᠰᠡᠨ ᠳ᠋ᠦ᠍ᠷ ᠴᠡᠷᠢᠭ ᠦ᠋ᠨ ᠵᠢᠨᠦᠩ ᠮᠤᠬᠤᠯᠢ ᠲᠡᠷᠡ ᠴᠡᠷᠢᠭ ᠦ᠋ᠨ ᠬᠥᠮᠦᠨ ᠳ᠋ᠦ᠍ᠷ ᠬᠦᠨᠳᠦᠳᠡ ᠱᠠᠩᠨᠠᠵᠤ᠂ ᠵᠠᠬ᠎ᠠ ᠶ᠋ᠢᠨ ᠳᠠᠷᠤᠭ᠎ᠠ ᠡᠵᠡᠨ᠂ ᠲᠠᠢᠽᠦ ᠶ᠋ᠢᠨ ᠲᠥᠷᠥᠯ ᠦ᠋ᠨ ᠠᠪᠠᠭ᠎ᠠ ᠰᠠᠢᠨ ᠪᠥᠬᠡ ᠬᠠᠨ ᠤ᠋ ᠵᠠᠮᠪᠠᠯᠠ ᠶ᠋ᠢ ᠰᠠᠢᠰᠢᠶᠠᠨ ᠮᠠᠭᠲᠠᠵᠤ ᠲᠠᠢᠽᠦ ᠳ᠋ᠦ᠍ᠷ ᠮᠡᠳᠡᠭᠦᠯᠵᠦ ᠂ ᠰᠠᠢᠨ ᠮᠣᠷᠢᠨ ᠤ᠋ ᠱᠠᠩ ᠥᠭᠴᠦ ᠤᠷᠢᠳᠠ ᠳᠣᠪᠲᠣᠯᠭᠠᠨ ᠶᠠᠪᠤᠭᠤᠯᠤᠭᠠᠳ ᠲᠠᠢᠽᠦ ᠯᠦ᠍ᠭᠡ ᠵᠥᠪᠳᠡᠨ ᠥᠭᠦᠯᠡᠷᠦᠨ: 《ᠡᠨᠡ ᠲᠠᠩᠭᠤᠳ ᠤ᠋ᠨ ᠡᠯᠴᠢ ᠢᠷᠡᠭᠰᠡᠨ ᠢᠨᠦ ᠯᠠᠪ ᠪᠠᠰᠠ ᠰᠠᠷᠯᠠᠭ ᠤ᠋ᠨ ᠵᠠᠯᠢᠲᠤ ᠬᠠᠭᠠᠨ ᠤ᠋ ᠵᠠᠯᠢᠬᠠᠢ ᠠᠷᠭ᠎ᠠ ᠪᠣᠢ ᠶᠠ᠂ ᠲᠤᠰᠢᠮᠡᠯ ᠪᠢ ᠤᠷᠢᠳᠠ ᠪᠡᠶ᠎ᠡ ᠪᠡᠷ ᠡᠴᠢᠵᠦ ᠪᠠᠢᠳᠠᠯ ᠢ᠋ ᠦᠵᠡᠰᠦᠭᠡᠢ ! 》ᠬᠡᠮᠡᠭᠰᠡᠨ ᠳ᠋ᠦ᠍ᠷ ᠲᠠᠢᠽᠦ ᠵᠥᠪᠰᠢᠶᠡᠵᠦ᠂ ᠮᠤᠬᠤᠯᠢ ᠳᠠᠷᠤᠢ ᠵᠠᠭᠤᠨ ᠢᠯᠡᠭᠦᠦ ᠴᠡᠷᠢᠭ ᠦ᠋ᠨ ᠵᠢᠭ᠍ᠰᠠᠭᠠᠯ ᠢ᠋ ᠠᠪᠴᠤ ᠲᠠᠩᠭᠤᠳ ᠤ᠋ᠨ ᠡᠯᠴᠢ ᠳ᠋ᠦ᠍ᠷ ᠤᠭᠲᠤᠨ ᠵᠣᠯᠭᠠᠷ᠎ᠠ ᠪᠠᠷᠠᠭᠤᠨ ᠡᠮᠦᠨ᠎ᠡ ᠵᠦᠭ ᠲᠦ᠍ᠷ ᠮᠣᠷᠳᠠᠨ ᠢᠷᠡᠪᠡᠢ᠃ ᠡᠨᠡ ᠲᠠᠩᠭᠤᠳ ᠤ᠋ᠨ ᠰᠢᠳᠤᠷᠭᠤ ᠬᠠᠭᠠᠨ ᠶᠠᠭᠤᠨ ᠳ᠋ᠤᠷ ᠵᠥᠪ ᠵᠦᠭᠡᠷ ᠪᠠᠢᠭᠰᠠᠭᠠᠷ ᠭᠡᠨᠡᠳᠲᠡ ᠪᠧᠲ᠋ᠠ᠋ ᠤᠯᠤᠰ ᠲᠤᠷ ᠠᠯᠪᠠ ᠪᠠᠷᠢᠨ ᠢᠷᠡᠪᠡ ? ᠬᠡᠮᠡᠪᠡᠰᠦ : ᠪᠠᠰᠠ ᠨᠢᠭᠡᠨ ᠵᠦᠢᠯ ᠦ᠋ᠨ ᠴᠤᠤ ᠦᠭᠡᠰ ᠠᠯᠳᠠᠷᠰᠢᠵᠤ ᠂ ᠠᠯᠲᠠᠨ ᠤᠯᠤᠰ ᠤ᠋ᠨ ᠡᠮᠦᠨ᠎ᠡ ᠪᠦᠬᠦᠢ ᠰᠥᠩ ᠤᠯᠤᠰ ᠦᠢᠮᠡᠭᠰᠡᠨ ᠨᠢᠭᠡᠨ ᠰᠢᠯᠲᠠᠭᠠᠨ ᠪᠣᠢ᠃ ᠲᠡᠢᠨ ᠬᠦ᠌ ᠲᠠᠩᠭᠤᠳ ᠤ᠋ᠨ ᠰᠢᠳᠤᠷᠭᠤ ᠬᠠᠭᠠᠨ ᠰᠣᠨᠣᠰᠴᠤ ᠠᠶᠤᠭᠰᠠᠨ ᠨᠢᠭᠡᠨ ᠤᠴᠢᠷ ᠪᠣᠢ᠃ ᠡᠭᠦᠨ ᠢ᠋ ᠬᠢᠨᠠᠨ ᠲᠠᠢᠯᠬᠤ ᠶ᠋ᠢ ᠰᠣᠨᠣᠰ : ᠦᠵᠡᠰᠡ ᠲᠠᠢᠽᠦ ᠶ᠋ᠢᠨ ᠡᠨᠡ ᠬᠡᠳᠦᠨ ᠵᠢᠯ ᠦ᠋ᠨ ᠬᠣᠭᠣᠷᠣᠨᠳᠣ ᠳᠥᠷᠪᠡᠨ ᠵᠦᠭ ᠢ᠋ ᠪᠠᠢᠯᠳᠤᠨ ᠳᠠᠢᠯᠠᠬᠤ ᠠᠨᠤ ᠠᠰᠤᠷᠤ ᠬᠦᠴᠦᠲᠡᠢ ᠪᠣᠯᠤᠭᠰᠠᠨ᠎ᠠ᠂ ᠨᠡᠷ᠎ᠡ ᠰᠦᠷ ᠲᠦᠮᠡᠨ ᠭᠠᠵᠠᠷ ᠠᠯᠳᠠᠷᠰᠢᠵᠤ᠂ ᠬᠢᠲᠠᠳ ᠂ ᠲᠥᠪᠡᠳ ᠂ ᠲᠠᠩᠭᠤᠳ ᠂ ᠤᠢᠭᠤᠷ ᠂ ᠬᠣᠲᠣᠩ ᠂ ᠰᠢ ᠢᠦᠢ ᠂ ᠰᠠᠷᠲᠠᠭᠴᠢᠨ ᠤ ᠵᠡᠷᠭᠡ ᠶ᠋ᠢᠨ ᠣᠯᠠᠨ ᠤᠯᠤᠰ ᠴᠥᠮ ᠠᠮᠤᠷ ᠦᠭᠡᠢ ᠪᠣᠯᠵᠤ᠂ ᠵᠦᠭ ᠪᠦᠷᠢ ᠡᠴᠡ ᠲᠤᠷᠰᠢᠭᠤᠯ ᠢᠷᠡᠵᠦ᠂ ᠪᠧᠲ᠋ᠠ᠋ ᠤᠯᠤᠰ᠂ ᠠᠯᠢ ᠳᠠᠰᠢ ᠳᠠᠢᠯᠠᠬᠤ ᠶ᠋ᠢ ᠲᠤᠷᠰᠢᠬᠤᠶᠠ ᠡᠨᠡ ᠲᠤᠬᠠᠢ ᠳ᠋ᠤᠷ ᠪᠠᠰᠠ ᠪᠧᠲ᠋ᠠ᠋ ᠤᠯᠤᠰ ᠰᠠᠷᠯᠠᠭ ᠤᠯᠤᠰ ᠢ᠋ ᠳᠠᠢᠯᠠᠬᠤ ᠶᠡᠬᠡ ᠴᠡᠷᠢᠭ ᠢ᠋ ᠰᠣᠩᠭᠣᠵᠤ ᠰᠢᠯᠭᠠᠬᠤᠢ ᠶ᠋ᠢ ᠲᠣᠬᠢᠶᠠᠯᠳᠤᠭᠠᠳ ᠠᠯᠢ ᠲᠡᠰᠢ ᠡᠴᠢᠬᠦ ᠶ᠋ᠢ ᠮᠡᠳᠡᠬᠦ ᠦᠭᠡᠢ ᠤᠯᠤᠰ ᠪᠦᠷᠢ ᠲᠦᠭᠰᠢᠬᠦᠶᠡ ᠂ ᠪᠠᠰᠠ ᠪᠠᠷᠠᠭᠤᠨ ᠰᠢᠶᠠ ᠤᠯᠤᠰ᠂ ᠡᠮᠦᠨ᠎ᠡ ᠰᠥᠩ ᠤᠯᠤᠰ ᠪᠠᠰᠠ ᠪᠠᠬᠠᠨ ᠡᠪᠳᠡᠷᠡᠯᠴᠡᠵᠦ ᠪᠠᠷᠠᠭᠤᠨ ᠰᠢᠶᠠ ᠤᠯᠤᠰ ᠤ᠋ᠨ ᠡᠵᠡᠨ ᠢᠨᠦ ᠣᠪᠣᠭ ᠯᠢ ᠨᠡᠷ᠎ᠡ ᠽᠦᠨ ᠰᠢᠦᠢ ᠂ ᠪᠠᠰᠠ ᠴᠤᠤ ᠦᠭᠡᠰ ᠲᠠᠯᠪᠢᠨ ᠂ ᠠᠷᠤ ᠠ᠋ᠴᠠ ᠴᠡᠷᠢᠭ ᠵᠢᠭᠡᠯᠡᠨ ᠰᠥᠩ ᠤᠯᠤᠰ ᠢ᠋ ᠪᠠᠢᠯᠳᠤᠮᠤᠢ ᠬᠡᠮᠡᠭᠰᠡᠨ ᠦᠭᠡ ᠪᠥᠬᠥᠶ᠎ᠡ ᠂ ᠴᠢᠪᠬᠢᠲᠡᠯ᠎ᠡ ᠡᠨᠡ ᠦᠶ᠎ᠡ ᠳ᠋ᠦ᠍ᠷ ᠪᠠᠰᠠ ᠰᠥᠩ ᠤᠯᠤᠰ ᠤ᠋ᠨ ᠠᠷᠪᠠᠨ ᠬᠣᠶᠠᠳᠤᠭᠠᠷ ᠡᠵᠡᠨ ᠬᠠᠭᠤᠴᠢᠨ ᠬᠠᠭᠠᠨ ᠂ ᠵᠣᠣ ᠳ᠋ᠦᠨ – ᠰᠥᠩ ᠭᠤᠸᠠᠩᠽᠦ᠋ᠩ ᠬᠠᠭᠠᠨ ᠠᠨᠤ ᠴᠥᠩ ᠬᠤᠸᠠ ᠬᠦᠩ ᠬᠡᠮᠡᠬᠦ ᠣᠷᠳᠣᠨ ᠳ᠋ᠤᠷ ᠢ᠋ᠶ᠋ᠡᠨ ᠰᠢᠷᠭᠤᠵᠤ᠂ ᠣᠯᠠᠨ ᠪᠢᠨ ᠹᠧᠢ ᠨᠠᠷ ᠯᠤᠭ᠎ᠠ ᠪᠠᠨ ᠡᠳᠦᠷ ᠰᠥᠨᠢ ᠦᠭᠡᠢ ᠵᠢᠷᠭᠠᠭᠠᠳ ᠦᠵᠢᠳ ᠦ᠋ᠨ ᠵᠢᠷᠭᠠᠯ ᠴᠡᠩᠭᠡᠯ ᠳ᠋ᠦ᠍ᠷ ᠰᠢᠨᠤᠬᠠᠢᠷᠠᠨ᠂ ᠤᠯᠤᠰ ᠲᠥᠷᠥ ᠶ᠋ᠢᠨ ᠶᠡᠬᠡ ᠵᠠᠰᠠᠭ ᠤ᠋ᠨ ᠦᠢᠯᠡ ᠪᠡᠨ ᠬᠡᠷᠡᠭᠰᠡᠬᠦ ᠦᠭᠡᠢ ᠪᠠᠢᠭᠰᠠᠭᠠᠷ᠂ ᠲᠥᠷᠥ ᠶ᠋ᠢᠨ ᠡᠷᠬᠡ ᠪᠠᠷᠢᠭ᠍ᠰᠠᠨ ᠲᠦᠰᠢᠮᠡᠳ ᠬᠠᠨ ᠲᠦᠸᠸ ᠵᠧᠦ ᠬᠡᠮᠡᠭᠴᠢ ᠂ ᠪᠠᠰᠠ ᠢᠦ ᠮᠣᠤ ᠬᠡᠮᠡᠭᠴᠢ ᠂ ᠵᠢᠴᠢ ᠪᠠᠰᠠ ᠢ ᠯᠢ ᠬᠡᠮᠡᠭᠴᠢ ᠡᠳᠡ ᠭᠤᠷᠪᠠᠭᠤᠯᠠ ᠭᠤᠷᠪᠠᠨ ᠴᠢᠩ ᠦ᠋ᠨ ᠡᠷᠬᠡ ᠶ᠋ᠢ ᠪᠠᠷᠢᠵᠤ᠂ ᠳᠣᠲᠣᠭᠠᠳᠤ ᠣᠷᠳᠣᠨ ᠤ᠋ ᠡᠷᠬᠡ ᠶ᠋ᠢ ᠡᠵᠡᠯᠡᠭᠰᠡᠨ ᠣᠷᠳᠣᠨ ᠤ᠋ ᠡᠷᠡᠮᠳᠡᠭ ᠵᠠᠷᠤᠴᠠ ᠲᠠᠢᠭᠠᠨ ᠵᠠᠩ ᠰᠥᠩ ᠬᠡᠮᠡᠭᠴᠢ ᠲᠡᠢ ᠳᠥᠷᠪᠡᠭᠦᠯᠡ ᠵᠥᠪᠯᠡᠵᠦ᠂ ᠪᠠᠰᠠ ᠡᠷᠬᠡ ᠲᠡᠮᠡᠴᠡᠬᠦ ᠣᠯᠠᠨ ᠨᠥᠬᠥᠳ ᠬᠤᠷᠰᠢᠶ᠎ᠠ ᠨᠠᠷ ᠢ᠋ ᠲᠠᠲᠠᠵᠤ ᠠᠪᠤᠭᠠᠳ ᠪᠦᠭᠦᠳᠡᠭᠡᠷ ᠵᠥᠪᠳᠡᠵᠦ ᠂ ᠭᠤᠸᠠᠩᠽᠦ᠋ᠩ ᠬᠠᠭᠠᠨ ᠤ᠋ ᠲᠠᠢᠽᠢ ᠵᠣᠣ ᠺᠦᠸᠸ ᠦ᠋ᠨ ᠳᠦᠷᠰᠦ ᠦᠭᠡᠢ ᠵᠥᠭᠡᠯᠡᠨ ᠪᠠᠭᠤᠷᠠᠢ ᠶ᠋ᠢ ᠦᠵᠡᠵᠦ ᠭᠠᠷᠤᠭᠠᠳ ᠡᠭᠦᠨ ᠢ᠋ ᠬᠠᠭᠠᠨ ᠰᠠᠭᠤᠯᠭᠠᠪᠠᠰᠤ ᠤᠯᠤᠰ ᠤ᠋ᠨ ᠡᠷᠬᠡ ᠪᠦᠷᠢᠨ᠎ᠡ ᠡᠨᠡ ᠳᠥᠷᠪᠡᠨ ᠬᠥᠮᠦᠨ ᠦ᠌ ᠵᠣᠷᠢᠭ ᠪᠣᠯᠬᠤ ᠲᠤᠯᠠ ᠳᠠᠷᠤᠢ ᠣᠯᠠᠨ ᠲᠦᠰᠢᠮᠡᠳ ᠢ᠋ ᠡᠷᠡᠦᠯᠡᠵᠦ ᠂ ᠵᠥᠭᠡᠯᠡᠨ ᠢ᠋ᠶ᠋ᠡᠷ ᠤᠷᠪᠠᠵᠤ ᠂ ᠪᠠᠰᠠ ᠤᠷᠠᠨ ᠰᠢᠯᠲᠠᠭ ᠵᠢᠭᠠᠵᠤ – ᠬᠠᠭᠠᠨ ᠨᠠᠰᠤᠵᠢᠪᠠ ᠂ ᠤᠯᠤᠰ ᠤ᠋ᠨ ᠡᠷᠬᠡ ᠶ᠋ᠢ ᠶᠠᠪᠤᠭᠤᠯᠵᠤ ᠴᠢᠳᠠᠬᠤ ᠦᠭᠡᠢ ᠬᠡᠷᠡᠭ ᠰᠠᠭᠠᠲᠠᠬᠤ ᠲᠤᠯᠠ ᠬᠠᠭᠠᠨ ᠤ᠋ ᠲᠠᠢᠽᠢ ᠵᠢᠶᠠᠨ ᠸᠠᠩ ᠵᠧᠦ ᠺᠦᠸᠸ ᠢ᠋ ᠡᠷᠭᠦᠵᠦ ᠬᠠᠭᠠᠨ ᠰᠠᠭᠤᠯᠭᠠᠭᠠᠳ ᠬᠠᠭᠤᠴᠢᠨ ᠡᠵᠡᠨ ᠭᠤᠸᠠᠩᠽᠦ᠋ᠩ ᠬᠠᠭᠠᠨ ᠵᠣᠣ ᠳ᠋ᠦᠨ ᠢ᠋ ᠡᠷᠭᠦᠵᠦ ᠲᠡᠢ ᠱᠠᠩ ᠬᠤᠸᠠᠩ ᠬᠡᠮᠡᠭᠡᠳ ᠳᠠᠷᠤᠢ ᠲᠡᠷᠡ ᠴᠥᠩ ᠬᠤᠸᠠ ᠬᠦᠩ ᠣᠷᠳᠣᠨ ᠳ᠋ᠤᠷ ᠠᠨᠤ ᠬᠣᠷᠢᠭ᠍ᠰᠠᠨᠠ᠂ ᠭᠤᠸᠠᠩᠽᠦ᠋ᠩ ᠬᠠᠭᠠᠨ ᠶᠡᠬᠡᠯ᠎ᠡ ᠰᠣᠴᠢᠵᠤ᠂ ᠰᠠᠶᠢ ᠰᠡᠬᠡᠰᠬᠢᠵᠦ ᠤᠬᠠᠪᠠᠴᠤ ᠬᠡᠷᠡᠭ ᠨᠢᠭᠡᠨᠲᠡ ᠦᠢᠯᠡᠳᠴᠦ ᠲᠡᠭᠦᠰᠦᠭᠰᠡᠨ ᠲᠤᠯᠠ ᠠᠷᠭ᠎ᠠ ᠦᠭᠡᠢ ᠲᠡᠭᠷᠢ ᠶ᠋ᠢᠨ ᠵᠦᠭ ᠬᠠᠨᠳᠤᠵᠤ ᠤᠷᠲᠤ ᠨᠢᠭᠡᠨ ᠰᠡᠭᠦᠷᠡᠰᠦᠨ ᠠᠯᠳᠠᠭᠠᠳ ᠵᠤᠵᠠᠭᠠᠯᠢᠭ ᠴᠡᠴᠡᠭ ᠦ᠋ᠨ ᠰᠡᠭᠦᠳᠡᠷ ᠦ᠋ᠨ ᠳᠣᠣᠷ᠎ᠠ ᠲᠡᠷᠢᠭᠦᠨ ᠳᠣᠬᠢᠯᠬᠢᠯᠠᠨ ᠭᠤᠨᠢᠶᠠᠵᠤ᠂ ᠤᠯᠤᠰ ᠤᠯᠠᠮᠵᠢᠯᠠᠬᠤ ᠡᠷᠳᠡᠨᠢ ᠶ᠋ᠢᠨ ᠲᠠᠮᠠᠭ᠎ᠠ ᠴᠠᠴᠤᠭ ᠤ᠋ᠨ ᠵᠡᠷᠭᠡ ᠶ᠋ᠢ ᠪᠦᠷᠢᠨ᠎ᠡ ᠬᠥᠪᠡᠭᠦᠨ ᠵᠢᠶᠠᠨ ᠸᠠᠩ ᠵᠣᠣ ᠺᠦᠸᠸ ᠲᠦ᠍ᠷ ᠬᠦᠷᠭᠡᠭᠦᠯᠪᠡᠢ᠃ ᠡᠭᠦᠨ ᠳ᠋ᠦ᠍ᠷ ᠭᠠᠳᠠᠨ᠎ᠠ ᠮᠣᠵᠢ ᠳ᠋ᠤᠷ ᠪᠦᠬᠦᠢ ᠬᠡᠳᠦᠨ ᠴᠢᠬᠡᠴᠢ ᠴᠡᠷᠢᠭ ᠦ᠋ᠨ ᠲᠦᠰᠢᠮᠡᠳ ᠲᠡᠭᠰᠢ ᠦᠭᠡᠢ ᠶ᠋ᠢ ᠦᠵᠡᠵᠦ ᠦᠯᠦ ᠲᠦᠪᠳᠡᠨ᠂ ᠲᠥᠷᠥ ᠶ᠋ᠢᠨ ᠡᠷᠬᠡ ᠶ᠋ᠢ ᠡᠵᠡᠯᠡᠭᠰᠡᠨ ᠬᠠᠨ ᠲᠦᠸᠧ ᠵᠧᠦ ᠂ ᠢᠦ ᠮᠣᠤ ᠂ ᠢ ᠯᠢ ᠂ ᠲᠠᠢᠭᠠᠨ ᠵᠠᠩ ᠰᠥᠩ ᠨᠠᠷ ᠢ᠋ ᠤᠨᠠᠭᠠᠰᠤᠭᠠᠢ ᠭᠡᠮᠡᠨ ᠡᠨᠡ ᠳᠥᠷᠪᠡᠨ ᠬᠥᠮᠦᠨ ᠠᠯᠲᠠᠨ ᠤᠯᠤᠰ᠂ ᠰᠢᠶᠠ ᠤᠯᠤᠰ᠂ ᠪᠠᠰᠠ ᠠᠷᠤ ᠶ᠋ᠢᠨ ᠬᠦᠴᠦᠷᠬᠡᠭ ᠪᠧᠲ᠋ᠠ᠋ ᠤᠯᠤᠰ ᠯᠤᠭ᠎ᠠ ᠵᠥᠪᠯᠡᠨ ᠨᠢᠭᠡᠳᠴᠦ ᠬᠠᠭᠤᠴᠢᠨ ᠡᠵᠡᠨ ᠢ᠋ ᠵᠠᠢᠯᠠᠭᠤᠯᠤᠨ᠂ ᠲᠥᠷᠥ ᠶ᠋ᠢ ᠢᠨᠦ ᠪᠤᠯᠢᠶᠠᠵᠤ᠂ ᠡᠷᠬᠡ ᠶ᠋ᠢ ᠢᠨᠦ ᠡᠵᠡᠯᠡᠪᠡ᠃ ᠡᠨᠡ ᠳᠥᠷᠪᠡᠨ ᠵᠠᠯᠢᠬᠠᠢ ᠲᠦᠰᠢᠮᠡᠯ ᠢ᠋ ᠳᠠᠢᠯᠠᠨ ᠠᠷᠢᠯᠭᠠᠪᠠᠰᠤ ᠵᠣᠬᠢᠮᠤᠢ ᠭᠡᠮᠡᠨ ᠲᠡᠷᠡ ᠳᠥᠷᠪᠡᠭᠦᠯᠡ ᠶ᠋ᠢᠨ ᠶᠠᠯ᠎ᠠ ᠶ᠋ᠢ ᠠᠨᠤ ᠲᠣᠭᠠᠴᠢᠨ ᠭᠠᠷᠭᠠᠵᠤ ᠳᠡᠯᠡᠬᠡᠢ ᠳ᠋ᠠᠭᠢᠨ᠎ᠠ ᠨᠡᠷ᠎ᠡ ᠦᠭᠡᠢ ᠲᠤᠩᠬᠠᠭ ᠲᠠᠷᠬᠠᠭᠠᠨ ᠨᠠᠭᠠᠭᠰᠠᠨ ᠳ᠋ᠤᠷ ᠬᠡᠷᠡᠭ ᠬᠡᠳᠦᠢ ᠪᠦᠲᠦᠪᠡᠴᠦ ᠨᠡᠷ᠎ᠡ ᠨᠢᠭᠡᠨᠲᠡ ᠠᠯᠳᠠᠷᠰᠢᠵᠤ ᠭᠠᠷᠪᠠ᠃ ᠡᠨᠡ ᠲᠠᠩᠭᠤᠳ ᠤ᠋ᠨ ᠵᠡᠭᠦᠨ ᠡᠮᠦᠨ᠎ᠡ ᠵᠠᠬ᠎ᠠ ᠰᠥᠩ ᠤᠯᠤᠰ ᠲᠤᠷ ᠣᠢᠷ᠎ᠠ ᠲᠤᠯᠠ ᠡᠨᠡ ᠴᠢᠮᠡᠭᠡ ᠶ᠋ᠢ ᠦᠨᠡᠨ ᠪᠣᠯᠭᠠᠨ ᠰᠠᠨᠠᠵᠤ᠂ ᠪᠧᠲ᠋ᠠ᠋ ᠤᠯᠤᠰ ᠢ᠋ ᠲᠤᠷᠰᠢᠪᠠᠰᠤ ᠶᠡᠬᠡ ᠴᠡᠷᠢᠭ ᠰᠤᠷᠭᠠᠬᠤ ᠠᠨᠤ ᠮᠠᠰᠢ ᠦᠨᠡᠨ ᠲᠤᠯᠠ ᠡᠨᠡ ᠲᠠᠩᠭᠤᠳ ᠤ᠋ᠨ ᠰᠣᠯᠣᠭᠠᠢ ᠤᠪᠠᠳᠢᠰ ᠢ᠋ ᠰᠤᠷᠴᠤ ᠡᠷᠬᠢᠯᠡᠳᠡᠭ ᠰᠢᠳᠤᠷᠭᠤ ᠬᠠᠭᠠᠨ ᠣᠯᠠᠨ ᠲᠦᠰᠢᠮᠡᠳ ᠯᠦ᠍ᠭᠡ ᠪᠡᠨ ᠵᠥᠪᠳᠡᠨ ᠥᠭᠦᠯᠡᠷᠦᠨ :《ᠪᠢᠳᠡᠨ ᠦ᠌ ᠲᠠᠩᠭᠤᠳ ᠤᠯᠤᠰ ᠤᠭ ᠠ᠋ᠴᠠ ᠬᠣᠢᠲᠤ ᠰᠥᠩ ᠤᠯᠤᠰ ᠲᠤᠷ ᠠᠯᠪᠠ ᠪᠠᠨ ᠪᠠᠷᠢᠵᠤ ᠠᠮᠤᠭᠤᠯᠠᠩ ᠰᠠᠭᠤᠬᠤᠶ᠎ᠠ ᠂ ᠰᠠᠨᠠᠮᠰᠠᠷ ᠦᠭᠡᠢ ᠪᠠᠰᠠ ᠨᠢᠭᠡᠨ ᠠᠯᠲᠠᠨ ᠤᠯᠤᠰ ᠭᠡᠮᠡᠨ ᠭᠠᠷᠴᠤ ᠢᠷᠡᠭᠡᠳ ᠰᠥᠩ ᠤᠯᠤᠰ ᠢ᠋ ᠡᠮᠦᠨ᠎ᠡ ᠵᠦᠭ ᠬᠠᠢ ᠵᠧᠦ ᠬᠣᠲᠠᠨ ᠳ᠋ᠤᠷ ᠬᠥᠷᠭᠡᠭᠡᠭᠡᠳ ᠳᠤᠮᠳᠠᠳᠤ ᠶ᠋ᠢ ᠡᠵᠡᠯᠡᠭᠰᠡᠨ ᠳ᠋ᠦ᠍ᠷ ᠪᠠᠰᠠ ᠲᠡᠭᠦᠨ ᠳ᠋ᠦ᠍ᠷ ᠠᠯᠪᠠ ᠪᠠᠷᠢᠬᠤᠢ ᠳ᠋ᠤᠷ ᠬᠦᠷᠪᠡ᠃ ᠡᠳᠦᠭᠡ ᠪᠠᠰᠠ ᠠᠷᠤ ᠡᠯᠡᠰᠦᠨ ᠳ᠋ᠦ᠍ᠷ ᠨᠢᠭᠡᠨ ᠪᠧᠲ᠋ᠠ᠋ ᠤᠯᠤᠰ ᠭᠡᠮᠡᠨ ᠭᠠᠷᠴᠤ ᠢᠷᠡᠭᠡᠳ ᠡᠵᠡᠨ ᠰᠠᠢᠳ ᠲᠡᠮᠦᠵᠢᠨ ᠂ ᠮᠤᠬᠤᠯᠢ ᠭᠡᠮᠡᠨ ᠠᠯᠳᠠᠷᠰᠢᠵᠤ ᠂ ᠶᠡᠬᠡ ᠰᠥᠩ ᠤᠯᠤᠰ ᠴᠤ᠌ ᠲᠡᠳᠡᠨ ᠳ᠋ᠦ᠍ᠷ ᠳᠣᠲᠣᠭᠤᠷ ᠢ᠋ᠶ᠋ᠡᠷ ᠳᠠᠭᠠᠪᠠ ᠃ ᠡᠭᠦᠪᠡᠷ ᠦᠵᠡᠬᠦᠯ᠎ᠡ ᠮᠠᠨ ᠤ᠋ ᠤᠯᠤᠰ ᠨᠡᠩ ᠣᠢᠷ᠎ᠠ ᠲᠤᠯᠠ ᠲᠡᠳᠡ ᠮᠠᠨ ᠢ᠋ ᠶᠠᠭᠤᠨᠠᠢ ᠰᠤᠯᠠ ᠲᠠᠯᠪᠢᠬᠤ ᠠᠵᠢ ! ᠨᠡᠩ ᠪᠠᠰᠠ ᠲᠡᠷᠡ ᠪᠧᠲ᠋ᠠ᠋ ᠤᠯᠤᠰ ᠤ᠋ᠨ ᠡᠵᠡᠨ ᠲᠡᠮᠦᠵᠢᠨ ᠢ᠋ ᠲᠥᠷᠥᠬᠦᠢ ᠳ᠋ᠦ᠍ᠷ ᠠᠯᠲᠠᠨ ᠭᠠᠳᠠᠰᠤ – ᠽᠢ ᠸᠧᠢ ᠣᠳᠣᠨ ᠠ᠋ᠴᠠ ᠭᠡᠷᠡᠯ ᠪᠠᠭᠤᠪᠠ ᠭᠡᠮᠡᠨ ᠲᠡᠭᠷᠢ ᠶ᠋ᠢ ᠰᠢᠨᠵᠢᠬᠦ ᠶᠠᠮᠤᠨ ᠲᠠᠢ ᠶᠡᠬᠡᠬᠡᠨ ᠤᠯᠤᠰ ᠡᠰᠡ ᠠᠶᠤᠭᠰᠠᠨ ᠢ᠋ᠶ᠋ᠠᠷ ᠦᠭᠡᠢ᠃ ᠲᠡᠢᠨ ᠬᠦ᠌ ᠬᠠᠭᠤᠷᠠᠢ ᠴᠠᠭ ᠲᠤᠷ ᠤᠰᠤᠨ ᠤ᠋ ᠵᠠᠮ ᠢ᠋ᠶ᠋ᠠᠨ ᠵᠠᠰᠠᠵᠤ᠂ ᠬᠠᠮᠤᠭ ᠪᠦᠭᠦᠳᠡᠭᠡᠷ ᠠᠮᠤᠭᠤᠯᠠᠩ ᠵᠢᠷᠭᠠᠬᠤ ᠶ᠋ᠢ ᠪᠣᠳᠣᠵᠤ ᠡᠷᠲᠡᠬᠡᠨ ᠨᠢᠭᠡᠨ ᠡᠯᠴᠢ ᠢᠯᠡᠬᠡᠨ᠂ ᠡᠳᠦᠢ ᠲᠡᠳᠦᠢ ᠪᠡᠯᠡᠭ ᠬᠦᠷᠭᠡᠭᠦᠯᠪᠡᠰᠦ ᠳᠡᠭᠡᠷ᠎ᠡ ᠮᠡᠲᠦ᠃ 》ᠬᠡᠮᠡᠭᠰᠡᠨ ᠳ᠋ᠦ᠍ᠷ ᠲᠠᠩᠭᠤᠳ ᠤ᠋ᠨ ᠲᠡᠷᠢᠭᠦᠯᠡᠭᠰᠡᠨ ᠲᠠᠢᠰᠢ ᠲᠦᠰᠢᠮᠡᠯ ᠪᠠᠶᠠᠨ ᠰᠠᠷᠲᠠᠸᠠᠬᠢ ᠬᠡᠮᠡᠭᠴᠢ ᠨᠣᠶᠠᠨ ᠠᠨᠤ ᠲᠥᠷᠥ ᠶ᠋ᠢᠨ ᠣᠯᠠᠨ ᠲᠦᠰᠢᠮᠡᠳ ᠢ᠋ᠶ᠋ᠡᠨ ᠠᠪᠴᠤ ᠰᠥᠭᠥᠳᠦᠭᠡᠳ ᠬᠤᠪᠢᠯᠭᠠᠳᠤ ᠡᠵᠡᠨ ᠦ᠌ ᠬᠣᠯᠠ ᠪᠣᠳᠣᠯᠭ᠎ᠠ ᠳ᠋ᠤᠷ ᠬᠣᠲᠠᠯᠠ ᠲᠦᠰᠢᠮᠡᠳ ᠪᠢᠳᠡ ᠦᠨᠡᠬᠡᠷ ᠬᠦᠷᠬᠦ ᠦᠭᠡᠢ ᠭᠡᠮᠡᠨ ᠮᠥᠷᠭᠥᠭᠰᠡᠨ ᠳ᠋ᠦ᠍ᠷ ᠰᠢᠳᠤᠷᠭᠤ ᠬᠠᠭᠠᠨ ᠳᠠᠷᠤᠢ ᠲᠠᠢᠰᠢ ᠲᠦᠰᠢᠮᠡᠯ ᠪᠠᠶᠠᠨ ᠰᠠᠷᠲᠠᠸᠠᠬᠢ ᠶ᠋ᠢᠨ ᠶᠡᠬᠡ ᠬᠥᠪᠡᠭᠦᠨ ᠳ᠋ᠤᠷᠳᠤᠩ ᠬᠡᠮᠡᠭᠴᠢ ᠶ᠋ᠢ ᠡᠯᠴᠢ ᠪᠣᠯᠭᠠᠨ᠂ ᠲᠤᠰ ᠭᠠᠵᠠᠷ ᠠ᠋ᠴᠠ ᠭᠠᠷᠬᠤ ᠡᠳ᠋ ᠲᠠᠸᠠᠷ ᠪᠠ ᠠᠯᠲᠠᠨ ᠲᠣᠷᠭ᠎ᠠ ᠂ ᠬᠠᠰ ᠰᠤᠪᠤᠳ ᠣᠭ᠌ᠶᠤ ᠱ᠌ᠢᠷᠦ ᠂ ᠭᠠᠤᠯᠢ ᠵᠡᠰ ᠂ ᠪᠣᠯᠣᠳ ᠲᠡᠮᠦᠷ ᠦ᠋ᠨ ᠵᠦᠢᠯ ᠢ᠋ ᠨᠢᠭᠡᠨ ᠵᠠᠭᠤᠨ ᠠᠴᠢᠶ᠎ᠠ ᠪᠡᠯᠡᠳᠬᠡᠵᠦ᠂ ᠳ᠋ᠤᠷᠳᠤᠩ ᠨᠣᠶᠠᠨ ᠳ᠋ᠤᠷ ᠲᠤᠰᠢᠶᠠᠨ ᠥᠭᠴᠦ ᠪᠧᠲ᠋ᠠ᠋ ᠤᠯᠤᠰ ᠲᠤᠷ ᠢᠯᠡᠭᠡᠭᠰᠡᠨ ᠠᠵᠤᠭᠤ᠃ ᠬᠠᠷᠢᠨ ᠴᠤ᠌ ᠰᠠᠷᠯᠠᠭ ᠤᠯᠤᠰ ᠤ᠋ᠨ ᠠᠷᠭ᠎ᠠ ᠵᠠᠯᠢ ᠪᠠᠷ ᠢᠷᠡᠭᠰᠡᠨ ᠢᠨᠦ ᠪᠤᠰᠤ ᠃
ᠲᠡᠭᠦᠨᠴᠡ ᠪᠧᠲ᠋ᠠ᠋ ᠤᠯᠤᠰ ᠤ᠋ᠨ ᠴᠡᠷᠢᠭ ᠦ᠋ᠨ ᠵᠢᠨᠦᠩ ᠮᠤᠬᠤᠯᠢ᠂ ᠲᠠᠩᠭᠤᠳ ᠤ᠋ᠨ ᠡᠯᠴᠢ ᠳ᠋ᠤᠷᠳᠤᠩ ᠳ᠋ᠤᠷ ᠤᠴᠠᠷᠠᠯᠳᠤᠭᠠᠳ ᠤᠴᠢᠷ ᠲᠤᠬᠠᠢ ᠶ᠋ᠢ ᠬᠢᠨᠠᠨ ᠠᠰᠠᠭᠤᠭᠠᠳ ᠦᠨᠡᠨ ᠤᠴᠢᠷ ᠢ᠋ ᠣᠯᠵᠤ᠂ ᠥᠪᠡᠷ ᠦ᠋ᠨ ᠤᠯᠤᠰ ᠤ᠋ᠨ ᠦᠨᠡᠨ ᠰᠢᠯᠲᠠᠭᠠᠨ ᠢ᠋ ᠮᠥᠨ ᠲᠣᠭᠠᠴᠢᠵᠤ :《ᠡᠮᠦᠨ᠎ᠡ ᠰᠥᠩ ᠤᠯᠤᠰ ᠮᠠᠨ ᠯᠤᠭ᠎ᠠ ᠰᠦᠯᠪᠡᠭᠡᠯᠡᠨ ᠳᠣᠲᠣᠭᠤᠷ ᠢ᠋ᠶ᠋ᠠᠷ ᠳᠠᠭᠠᠪᠠ ᠬᠡᠮᠡᠭᠴᠢ ᠮᠠᠰᠢ ᠬᠤᠳᠠᠯ ᠦᠭᠡ᠂ ᠲᠠ ᠡᠳᠦᠭᠡ ᠡᠨᠳᠡᠭᠦᠷᠡᠭᠡᠳ ᠮᠠᠨ ᠳ᠋ᠤᠷ ᠡᠳᠦᠢ ᠶᠠᠭᠤᠮ᠎ᠠ ᠪᠠᠷᠢᠭᠠᠳ ᠡᠭᠡᠭᠰᠡᠨ ᠬᠣᠢᠨ᠎ᠠ᠂ ᠡᠵᠡᠨ ᠲᠠᠨ ᠤ᠋ ᠦᠨᠡᠨ ᠢ᠋ ᠮᠡᠳᠡᠪᠡᠯ᠂ ᠡᠨᠳᠡᠭᠦᠷᠡᠵᠦ ᠡᠳ᠋ ᠲᠠᠸᠠᠷ ᠢ᠋ᠶ᠋ᠡᠨ ᠠᠯᠳᠠᠪᠠ ᠬᠡᠮᠡᠪᠡᠰᠦ ᠬᠠᠷᠢᠨ ᠴᠤ᠌ ᠵᠦᠭᠡᠷ ᠪᠠᠢᠭᠰᠠᠨ ᠳ᠋ᠤᠷ ᠬᠦᠷᠬᠦ ᠦᠭᠡᠢ ᠪᠢᠰᠢᠦ ? ᠡᠳ᠋ ᠲᠠᠸᠠᠷ ᠢ᠋ᠶ᠋ᠡᠨ ᠡᠭᠡᠭᠦᠯᠦᠨ ᠠᠪᠠᠴᠢᠪᠠᠰᠤ ᠳᠡᠭᠡᠷ᠎ᠡ ᠂ ᠡᠷᠬᠡ ᠰᠦᠷ ᠡᠴᠡ ᠠᠪᠴᠤ ᠬᠡᠯᠡᠪᠡᠰᠦ ᠡᠳᠦᠭᠡ ᠦᠨᠡᠬᠡᠷ ᠦᠭᠡᠢ᠃ ᠡᠶ᠎ᠡ ᠨᠠᠢᠷ ᠢ᠋ᠶ᠋ᠠᠷ ᠡᠪᠰᠡᠨ ᠬᠡᠯᠡᠪᠡᠰᠦ ᠡᠳᠦᠢ ᠲᠡᠳᠦᠢ ᠪᠣᠢ᠃ ᠡᠭᠡᠵᠦ ᠬᠠᠷᠢᠬᠤ ᠪᠠ ᠡᠷᠲᠡᠬᠡᠨ ᠨᠠᠢᠷᠠᠯᠳᠤᠬᠤ ᠶ᠋ᠢ ᠡᠷᠭᠢᠨ ᠡᠯᠴᠢ ᠲᠦᠰᠢᠮᠡᠯ ᠥᠪᠡᠷ ᠢ᠋ᠶ᠋ᠡᠨ ᠲᠣᠭᠲᠠᠭ᠎ᠠ ! 》ᠬᠡᠮᠡᠭᠰᠡᠨ ᠳ᠋ᠦ᠍ᠷ᠂ ᠳ᠋ᠤᠷᠳᠤᠩ ᠨᠣᠶᠠᠨ ᠳᠤᠭᠤᠢᠬᠠᠨ ᠪᠣᠳᠣᠬᠤᠯ᠎ᠠ ᠂ ᠳᠣᠣᠷ᠎ᠠ ᠠᠭᠠᠰᠢ ᠳᠤᠷ᠎ᠠ ᠰᠠᠢᠲᠤ ᠂ ᠲᠤᠭᠤᠯᠭᠠᠲᠤ ᠮᠤᠬᠤᠯᠢ ᠶ᠋ᠢᠨ ᠰᠦᠷ ᠪᠠᠢᠳᠠᠯ ᠦᠭᠡᠢ ᠵᠠᠬᠢᠶ᠎ᠠ ᠦᠨᠡᠨ ᠢ᠋ᠶ᠋ᠡᠷ ᠥᠲᠡᠯ᠎ᠡ ᠪᠤᠰᠤ ᠲᠤᠯᠠ ᠡᠷᠬᠡ ᠰᠦᠷ ᠬᠡᠷᠬᠢᠨ ᠡᠶ᠎ᠡ ᠨᠠᠢᠷ ᠲᠤᠷ ᠬᠦᠷᠬᠦ ᠬᠡᠮᠡᠭᠡᠳ ᠳᠠᠷᠤᠢ ᠮᠤᠬᠤᠯᠢ ᠶ᠋ᠢ ᠳᠠᠭᠠᠵᠤ᠂ ᠪᠧᠲ᠋ᠠ᠋ ᠤᠯᠤᠰ ᠲᠤᠷ ᠢᠷᠡᠬᠦᠯ᠎ᠡ ᠡᠨᠡ ᠤᠯᠤᠰ ᠤ᠋ᠨ ᠡᠳ᠋ ᠲᠠᠸᠠᠷ ᠤ᠋ᠨ ᠡᠯᠪᠡᠭ ᠳᠡᠯᠪᠡᠭ ᠂ ᠴᠡᠷᠢᠭ ᠬᠤᠶᠠᠭ ᠤ᠋ᠨ ᠴᠢᠭᠢᠷᠠᠭ ᠪᠠᠶᠠᠯᠢᠭ ᠭᠡᠷ ᠬᠣᠷᠣᠭᠠᠨ ᠤ᠋ ᠠᠭᠤᠯᠠ ᠲᠠᠯ᠎ᠠ ᠶ᠋ᠢ ᠪᠦᠷᠬᠦᠭᠰᠡᠨ ᠪᠠ ᠠᠳᠤᠭᠤ ᠮᠠᠯ ᠤ᠋ᠨ ᠠᠢᠯ ᠬᠣᠷᠣᠭ᠎ᠠ ᠳ᠋ᠤᠷ ᠳᠦᠭᠦᠷᠡᠩ ᠢ᠋ ᠦᠵᠡᠭᠡᠳ ᠳ᠋ᠤᠷᠳᠤᠩ ᠨᠣᠶᠠᠨ ᠢ᠋ᠶ᠋ᠠᠷ ᠳᠤᠭᠤᠢᠬᠠᠨ ᠳᠣᠲᠣᠷ᠎ᠠ ᠪᠠᠨ ᠶᠡᠬᠡᠯ᠎ᠡ ᠭᠠᠢᠬᠠᠨ ᠪᠢᠰᠢᠷᠡᠪᠡᠢ ᠃ ᠵᠢᠴᠢ ᠡᠳᠦᠷ ᠮᠤᠬᠤᠯᠢ ᠳ᠋ᠤᠷᠳᠤᠩ ᠢ᠋ ᠤᠳᠤᠷᠢᠳᠤᠨ ᠲᠠᠢᠽᠦ ᠳ᠋ᠦ᠍ᠷ ᠵᠣᠯᠭᠠᠭᠤᠯᠬᠤᠶᠠ᠂ ᠲᠠᠢᠽᠦ ᠶ᠋ᠢᠨ ᠭᠤᠷᠪᠠᠨ ᠳᠠᠪᠬᠤᠷ ᠬᠣᠲᠠ ᠬᠦᠷᠢᠶ᠎ᠡ ᠪᠠᠭᠤᠭᠰᠠᠨ ᠠᠨᠤ ᠪᠠᠲᠤ ᠪᠡᠬᠢ ᠤᠷᠠᠨ ᠨᠠᠷᠢᠨ ᠪᠠ ᠲᠠᠵᠢ ᠮᠠᠩᠨᠤᠭ ᠂ ᠢᠰᠡᠭᠡᠢ ᠬᠡᠪᠢᠰ ᠦ᠋ᠨ ᠥᠷᠭᠥᠭᠡ ᠴᠠᠴᠠᠷ ᠤ᠋ᠨ ᠭᠠᠢᠬᠠᠮᠰᠢᠭ᠍ᠲᠠᠢ ᠭᠡᠷᠡᠯᠲᠡᠢ ᠶ᠋ᠢ ᠦᠵᠡᠭᠡᠳ ᠪᠠᠰᠠ ᠬᠠᠭᠠᠯᠭ᠎ᠠ ᠪᠦᠷᠢ ᠶ᠋ᠢᠨ ᠵᠠᠩᠵᠤᠨ ᠴᠡᠷᠢᠭ ᠲᠤᠭ ᠳᠠᠯᠪᠠᠭ᠎ᠠ ᠶ᠋ᠢᠨ ᠰᠦᠷ ᠢᠯᠡᠲᠡᠢ ᠶ᠋ᠢ ᠦᠵᠡᠵᠦ ᠂ ᠦᠨᠡᠬᠡᠷ ᠵᠢᠷᠦᠬᠡ ᠲᠦᠭᠰᠢᠵᠦ ᠱᠠᠭ᠍ᠰᠢᠨ ᠭᠠᠢᠬᠠᠭᠰᠠᠭᠠᠷ ᠲᠠᠢᠽᠦ ᠶ᠋ᠢᠨ ᠠᠷᠰᠯᠠᠨᠲᠤ ᠴᠠᠴᠠᠷ ᠤ᠋ᠨ ᠡᠮᠦᠨ᠎ᠡ ᠢᠷᠡᠵᠦ ᠰᠥᠭᠥᠳᠴᠦ ᠮᠥᠷᠭᠥᠭᠡᠳ ᠲᠡᠷᠢᠭᠦᠨ ᠡᠷᠭᠦᠵᠦ ᠂ ᠲᠠᠢᠽᠦ ᠶ᠋ᠢᠨ ᠭᠠᠯ ᠣᠳᠣᠨ ᠮᠡᠲᠦ ᠬᠤᠷᠴᠠ ᠭᠡᠭᠡᠬᠡᠨ ᠬᠣᠶᠠᠷ ᠨᠢᠳᠦᠨ ᠢ᠋ᠶ᠋ᠡᠷ ᠣᠷᠣᠢ ᠤᠷᠤᠭᠤ ᠬᠠᠷᠠᠬᠤ ᠶ᠋ᠢ ᠨᠢᠭᠡᠨᠲᠡ ᠦᠵᠡᠮᠡᠭᠴᠡ ᠲᠠᠩᠭᠤᠳ ᠤ᠋ᠨ ᠡᠯᠴᠢ ᠶ᠋ᠢᠨ ᠲᠠᠪᠤᠨ ᠤᠬᠠᠭᠠᠨ ᠲᠠᠰᠤ ᠡᠴᠢᠨ ᠵᠠᠪᠬᠠᠷᠠᠭᠠᠳ ᠳ᠋ᠤᠷᠳᠤᠩ ᠨᠣᠶᠠᠨ ᠤ᠋ ᠳᠣᠣᠷ᠎ᠠ ᠪᠡᠶ᠎ᠡ ᠳ᠋ᠦ᠍ᠷ ᠬᠦᠷᠲᠡᠯ᠎ᠡ ᠮᠢᠨᠴᠦᠭᠦᠷᠡᠨ ᠡᠴᠢᠭᠡᠳ ᠪᠡᠶ᠎ᠡ ᠪᠡᠨ ᠰᠢᠯᠡᠭᠡᠨ ᠰᠠᠵᠢᠯᠠᠵᠤ ᠂ ᠬᠡᠳᠦ ᠬᠡᠳᠦᠨᠲᠡ ᠤᠨᠳᠤᠯᠵᠢᠨ ᠢᠨᠴᠠᠭᠯᠠᠵᠤ ᠂ ᠬᠡᠯᠡᠨ ᠢᠨᠦ ᠨᠢᠭᠡᠨᠲᠡ ᠲᠠᠲᠠᠭᠠᠳ ᠨᠢᠭᠡᠬᠡᠨ ᠴᠦ᠍ ᠦᠭᠡ ᠮᠡᠳᠡᠭᠦᠯᠦᠨ ᠴᠢᠳᠠᠭᠰᠠᠨ ᠦᠭᠡᠢ ᠪᠡᠷ ᠬᠠᠭᠠᠨ ᠤ᠋ ᠪᠠᠨ ᠢᠯᠡᠭᠡᠭᠰᠡᠨ ᠪᠢᠴᠢᠭ ᠢ᠋ ᠡᠷᠭᠦᠨ ᠪᠠᠷᠢᠪᠠ ᠃
ᠲᠡᠳᠦᠢ ᠲᠠᠢᠽᠦ ᠶ᠋ᠢᠨ ᠬᠠᠵᠠᠭᠤ ᠠ᠋ᠴᠠ ᠰᠠᠢᠬᠠᠨ ᠰᠤᠷᠲᠠᠯᠲᠤ ᠰᠡᠩᠳᠡᠨ ᠮᠡᠩᠳᠡᠨ ᠲᠣᠰᠴᠤ ᠠᠪᠤᠭᠠᠳ ᠠᠯᠲᠠᠲᠤ ᠯᠠᠴᠠ ᠪᠠᠷ ᠯᠠᠴᠠᠳᠠᠭᠰᠠᠨ ᠪᠢᠲᠡᠭᠦᠮᠵᠢ ᠶ᠋ᠢ ᠡᠪᠳᠡᠵᠦ ᠂ ᠥᠨᠳᠥᠷ ᠡᠭᠡᠰᠢᠭᠲᠦ ᠳᠠᠭᠤᠨ ᠢ᠋ᠶ᠋ᠠᠷ ᠳᠠᠭᠤᠳᠠᠪᠠᠰᠤ ᠂ ᠲᠡᠷᠡ ᠪᠢᠴᠢᠭ ᠢ᠋ ᠠᠷᠤ ᠭᠠᠵᠠᠷ ᠤ᠋ᠨ ᠬᠡᠷᠡᠭᠯᠡᠬᠦ ᠤᠢᠭᠤᠷ ᠦᠭᠡ ᠪᠡᠷ ᠪᠢᠴᠢᠭᠰᠡᠨ ᠢᠨᠦ :
ᠪᠠᠷᠠᠭᠤᠨ ᠲᠠᠩᠭᠤᠳ ᠤᠯᠤᠰ ᠤ᠋ᠨ ᠥᠴᠦᠬᠡᠨ ᠣᠷᠣᠨ ᠢ᠋ ᠡᠵᠡᠯᠡᠭᠰᠡᠨ ᠡᠵᠡᠨ ᠰᠢᠳᠤᠷᠭᠤ ᠪᠢ ᠪᠡᠷ
ᠪᠧᠲ᠋ᠠ᠋ ᠤᠯᠤᠰ ᠤ᠋ᠨ ᠨᠡᠢᠲᠡ ᠶ᠋ᠢ ᠡᠵᠡᠯᠡᠬᠦ ᠡᠵᠡᠨ ᠴᠢᠨᠦ ᠡᠷᠳᠡᠮ ᠣᠶᠤᠨ ᠢ᠋ ᠣᠯᠵᠤ ᠰᠣᠨᠣᠰᠤᠭᠰᠠᠨ ᠠ᠋ᠴᠠ
ᠡᠷᠬᠡ ᠪᠤᠶᠠᠨ ᠡᠭᠡᠯ ᠪᠤᠰᠤ ᠶ᠋ᠢ ᠡᠭᠦᠷᠢᠳᠡ ᠭᠠᠢᠬᠠᠨ ᠡᠷᠬᠡᠲᠦ ᠳᠠᠭ᠌ᠷᠢᠯᠢᠭ᠌ ᠤ᠋ᠨ ᠦᠷᠡᠰ ᠢ᠋ ᠮᠡᠳᠡᠵᠦ
ᠡᠳᠦᠢ ᠲᠡᠳᠦᠢ ᠠᠯᠪᠠ ᠪᠠᠷᠢᠵᠤ ᠳᠠᠭᠠᠰᠤᠭᠠᠢ ᠭᠡᠮᠡᠨ ᠬᠡᠳᠦᠢᠨᠡᠢ ᠰᠠᠨᠠᠭᠰᠠᠭᠠᠷ ᠪᠣᠯᠪᠠᠴᠤ
ᠡᠨᠡ ᠲᠡᠷᠡ ᠳ᠋ᠦ᠍ᠷ ᠰᠠᠭᠠᠲᠠᠵᠤ ᠡᠭᠡᠨᠡᠭᠲᠡ ᠴᠢᠯᠥᠭᠡ ᠣᠯᠵᠤ ᠠᠭᠤᠯᠵᠠᠨ ᠴᠢᠳᠠᠭᠠᠳᠤᠢ ᠪᠥᠯᠥᠭᠡ ᠃
ᠡᠳᠦᠭᠡ ᠡᠵᠡᠨ ᠴᠢᠨᠦ ᠡᠷᠬᠢᠮ ᠨᠡᠷ᠎ᠡ ᠡᠮᠦᠨ᠎ᠡ ᠰᠥᠩ ᠳ᠋ᠦ᠍ᠷ ᠬᠦᠷᠲᠡᠯ᠎ᠡ ᠡᠷᠭᠦᠭᠳᠡᠭᠰᠡᠨ ᠪᠥᠭᠡᠳ
ᠡᠷᠡᠮᠡᠬᠡᠢ ᠰᠦᠷ ᠢᠨᠦ ᠡᠪᠬᠡᠷᠡᠯᠳᠦ ᠳᠠᠯᠠᠢ ᠶ᠋ᠢᠨ ᠬᠥᠪᠡᠭᠡ ᠬᠦᠷᠲᠡᠯ᠎ᠡ ᠡᠯᠪᠡᠭ ᠦᠯᠡᠮᠵᠢ ᠳᠠᠭᠤᠷᠢᠰᠤᠨ ᠳᠡᠯᠭᠡᠷᠡᠭᠰᠡᠨ ᠲᠤᠯᠠ
ᠡᠭᠦᠷᠢᠳᠡ ᠰᠢᠳᠤᠷᠭᠤ ᠥᠴᠦᠬᠡᠨ ᠪᠢ ᠪᠡᠷ ᠡᠵᠡᠨ ᠴᠢᠨᠦ ᠪᠠᠷᠠᠭᠤᠨ ᠭᠠᠷ ᠴᠢᠨᠦ ᠪᠣᠯᠤᠨ ᠳᠠᠭᠠᠰᠤᠭᠠᠢ ᠭᠡᠮᠡᠨ
ᠡᠯᠴᠢ ᠳ᠋ᠤᠷᠳᠤᠩ ᠳ᠋ᠤᠷ ᠡᠳ᠋ ᠲᠠᠸᠠᠷ ᠵᠠᠭᠤᠨ ᠠᠴᠢᠶ᠎ᠠ ᠪᠠᠷᠢᠭᠤᠯᠵᠤ ᠡᠷᠭᠦᠨ ᠬᠦᠷᠭᠡᠷ᠎ᠡ ᠢᠯᠡᠭᠡᠪᠡᠢ ᠃
ᠡᠪᠡᠳᠴᠢᠲᠦ ᠪᠡᠶ᠎ᠡ ᠰᠠᠢᠨ ᠪᠣᠯᠤᠭᠰᠠᠨ ᠴᠠᠭ ᠲᠤ᠌ ᠡᠷᠬᠡᠪᠰᠢ ᠡᠷᠢᠨ ᠬᠦᠷᠴᠦ ᠮᠥᠷᠭᠥᠨ ᠠᠭᠤᠯᠵᠠᠵᠤ ᠳᠠᠭᠠᠰᠤᠭᠠᠢ
ᠪᠠᠷᠢᠬᠤ ᠪᠡᠯᠡᠭ ᠡᠯ᠎ᠡ ᠵᠦᠢᠯ ᠢ᠋ ᠥᠷᠥᠰᠢᠶᠡᠬᠦᠯ᠎ᠡ ᠦᠯᠡᠳᠡᠭᠡᠨ ᠠᠪᠴᠤ ᠥᠴᠦᠬᠡᠨ ᠰᠡᠳᠬᠢᠯ ᠢ᠋ ᠮᠢᠨᠦ ᠭᠦᠢᠴᠡᠭᠡᠭᠡᠳ
ᠪᠡᠷᠬᠡ ᠴᠢᠬᠤᠯᠠ ᠴᠠᠭ ᠲᠤᠷ ᠪᠡᠶ᠎ᠡ ᠶ᠋ᠢ ᠮᠢᠨᠦ ᠪᠠᠷᠠᠭᠤᠨ ᠭᠠᠷ ᠢ᠋ᠶ᠋ᠠᠨ ᠪᠣᠯᠭᠠᠨ ᠬᠠᠢᠷᠠᠯᠠᠨ ᠰᠣᠶᠣᠷᠬ᠎ᠠ ᠬᠡᠮᠡᠵᠦᠬᠦᠢ ᠃
ᠲᠠᠢᠽᠦ ᠰᠣᠨᠣᠰᠴᠤ ᠪᠠᠷᠠᠭᠠᠳ ᠬᠠᠷᠢᠭᠤ ᠪᠡᠶᠡᠰᠴᠦ ᠡᠢᠨ ᠭᠡᠮᠡᠨ ᠪᠠᠰᠠ ᠬᠦ᠌ ᠲᠣᠯᠣᠭᠠᠢ ᠬᠣᠯᠪᠣᠵᠤ ᠵᠠᠬᠢᠷᠤᠨ:
ᠠᠭᠤᠷ ᠬᠢᠯᠢᠩ ᠠᠰᠤᠷᠤ ᠶᠡᠬᠡ ᠠᠪᠤᠰᠢ ᠦᠭᠡᠢ ᠨᠠᠳᠠ ᠳ᠋ᠤᠷ
ᠠᠳᠠᠪᠠᠰᠢ ᠶᠠᠮᠪᠠᠷ ᠠᠷᠤᠤᠬᠠᠨ ᠰᠠᠢᠨ ᠭᠠᠵᠠᠷ ᠪᠠᠢᠬᠤ ᠠᠵᠢ !
ᠠᠯᠤᠰ ᠬᠣᠯᠠ ᠪᠥᠭᠡᠲᠡᠯ᠎ᠡ ᠠᠮᠠᠷᠬᠠᠯᠠᠷᠠ ᠢᠷᠡᠭᠰᠡᠨ ᠦ᠌ ᠲᠤᠯᠠᠳᠠ
ᠠᠷᠪᠠᠨ ᠬᠤᠪᠢ ᠬᠢᠴᠢᠶᠡᠨ ᠬᠦᠨᠳᠦᠯᠡᠪᠡᠰᠦ ᠰᠠᠶᠢ ᠵᠣᠬᠢᠮᠤᠢ ᠃
ᠠᠯᠲᠠᠨ ᠴᠥᠭᠥᠴᠡ ᠳ᠋ᠦ᠍ᠷ ᠠᠷᠠᠵᠠ ᠬᠢᠵᠦ ᠬᠦᠷᠲᠡᠭᠡᠭᠡᠳ
ᠠᠪᠠᠴᠢᠵᠤ ᠰᠠᠢᠬᠠᠨ ᠠᠮᠲᠠᠲᠤ ᠳᠡᠭᠡᠳᠦ ᠪᠡᠷ ᠬᠤᠷᠢᠮᠯᠠ ᠂
ᠠᠬᠤᠢ ᠶᠡᠬᠡ ᠲᠠᠯᠠᠷᠬᠠᠨ ᠪᠠᠶᠠᠷᠯᠠᠬᠤ ᠮᠢᠨᠦ ᠡᠨᠡ ᠰᠡᠳᠬᠢᠯ ᠢ᠋
ᠠᠷᠪᠠᠨ ᠬᠤᠪᠢ ᠪᠦᠷᠢᠳᠲᠡᠯᠡ ᠰᠠᠢᠬᠠᠨ ᠲᠣᠳᠣᠷᠬᠠᠢᠯᠠᠨ ᠬᠡᠯᠡ !
ᠬᠡᠮᠡᠭᠡᠳ ᠵᠢᠨᠦᠩ ᠮᠤᠬᠤᠯᠢ ᠳ᠋ᠤᠷ ᠬᠠᠷᠢ ᠤᠯᠤᠰ ᠤ᠋ᠨ ᠡᠯᠴᠢ ᠶ᠋ᠢ ᠬᠠᠷᠢᠭᠤ ᠬᠠᠢᠷᠠᠯᠠᠬᠤ᠂ ᠬᠦᠨᠳᠦᠳᠡ ᠱᠠᠩᠨᠠᠨ ᠬᠤᠷᠢᠮᠯᠠᠬᠤ ᠶ᠋ᠢ ᠵᠠᠬᠢᠵᠤ᠂ ᠳᠣᠲᠣᠭᠠᠳᠤ ᠪᠠᠭᠤᠳᠠᠯ ᠳ᠋ᠤᠷ ᠪᠠᠭᠤᠯᠭᠠᠭᠤᠯᠤᠨ᠂ ᠲᠣᠭᠲᠠᠭᠠᠨ ᠬᠡᠳᠦᠨ ᠡᠳᠦᠷ ᠥᠨᠵᠢᠭᠦᠯ ᠭᠡᠮᠡᠨ ᠭᠠᠷᠭᠠᠪᠠᠢ᠃ ᠲᠡᠳᠦᠢ ᠲᠠᠢᠽᠦ ᠶ᠋ᠢᠨ ᠴᠠᠢ ᠰᠠᠷᠬᠤᠳ ᠢ᠋ ᠳᠠᠭᠠᠭᠠᠭᠰᠠᠨ ᠲᠦᠰᠢᠮᠡᠯ ᠶᠠᠪᠤᠭ᠎ᠠ ᠬᠡᠮᠡᠭᠴᠢ ᠳ᠋ᠦ᠍ᠷ ᠲᠠᠩᠭᠤᠳ ᠤ᠋ᠨ ᠡᠯᠴᠢ ᠶ᠋ᠢ ᠬᠤᠷᠢᠮᠯᠠᠬᠤ ᠳᠠᠢᠯᠠᠬᠤ ᠶ᠋ᠢ ᠲᠤᠰᠢᠶᠠᠨ᠂ ᠲᠠᠢᠽᠦ ᠶ᠋ᠢᠨ ᠡᠮᠦᠨ᠎ᠡ ᠡᠴᠡ ᠬᠠᠷᠭᠠᠯᠵᠠᠭᠤᠯᠪᠠᠢ᠃
ᠡᠨᠡ ᠶᠠᠪᠤᠭ᠎ᠠ ᠬᠡᠮᠡᠭᠴᠢ ᠬᠥᠮᠦᠨ ᠲᠠᠢᠴᠢᠭᠤᠳ ᠢ᠋ ᠲᠠᠢᠯᠠᠬᠤᠢ ᠶ᠋ᠢ ᠳᠠᠭᠠᠭᠠᠭᠰᠠᠨ ᠪᠣᠯᠥᠭᠡ᠃ ᠡᠨᠡ ᠶᠠᠪᠤᠭ᠎ᠠ ᠪᠣᠯᠪᠠᠰᠤ ᠲᠠᠲ᠋ᠠᠷ ᠬᠥᠮᠦᠨ᠂ ᠮᠠᠰᠢ ᠨᠢᠭᠡᠨ ᠪᠢᠯᠳᠠᠤᠴᠢ ᠬᠤᠯᠵᠢᠨ ᠲᠤᠯᠠ ᠲᠠᠢᠽᠦ ᠳ᠋ᠦ᠍ᠷ ᠪᠠᠷᠢᠭ᠍ᠳᠠᠨ ᠳᠠᠭᠠᠬᠤ ᠦᠶ᠎ᠡ ᠳ᠋ᠦ᠍ᠷ ᠢᠯᠳᠦ ᠪᠡᠷ ᠮᠥᠷᠥ ᠶᠦ᠍ᠭᠡᠨ ᠴᠠᠪᠴᠢᠵᠤ ᠲᠠᠩᠭᠠᠷᠢᠭ᠍ᠯᠠᠵᠤ ᠳᠠᠭᠠᠭᠰᠠᠨ ᠳ᠋ᠤᠷ ᠲᠠᠢᠽᠦ ᠲᠡᠭᠦᠨ ᠦ᠌ ᠰᠢᠨᠵᠢ ᠶ᠋ᠢ ᠡᠰᠡ ᠲᠣᠭᠣᠮᠵᠢᠯᠠᠪᠠᠴᠤ ᠶᠠᠪᠤᠳᠠᠯ ᠲᠠᠰᠤᠷᠬᠠᠢ ᠳ᠋ᠤᠷ ᠪᠠᠬᠠᠨ ᠮᠦᠰᠢᠶᠡᠵᠦ᠂ ᠲᠡᠭᠦᠨ ᠦ᠌ ᠪᠤᠯᠢᠶᠠᠭᠳᠠᠭᠰᠠᠨ ᠡᠮ᠎ᠡ ᠮᠥᠩᠭᠥᠯᠥᠨ ᠭᠤᠸ᠎ᠠ ᠬᠡᠮᠡᠭᠴᠢ ᠶ᠋ᠢ ᠢᠨᠦ ᠴᠡᠷᠢᠭ ᠲᠦ᠍ᠷ ᠵᠠᠷᠯᠠᠵᠤ ᠡᠷᠢᠭᠦᠯᠦᠨ ᠠᠴᠢᠷᠠᠭᠤᠯᠵᠤ ᠥᠭᠭᠦᠭᠦᠯᠦᠭᠰᠡᠨ ᠠᠵᠤᠭᠤ᠃ ᠲᠡᠢᠨ ᠬᠦ᠌ ᠲᠡᠷᠡ ᠶᠠᠪᠤᠭ᠎ᠠ ᠶ᠋ᠢ ᠰᠢᠳᠠᠷ ᠠᠪᠴᠤ ᠴᠠᠢ ᠰᠠᠷᠬᠤᠳ ᠢ᠋ ᠳᠠᠭᠠᠭᠠᠯᠭᠠᠭᠰᠠᠨ ᠢ᠋ᠶ᠋ᠠᠷ ᠡᠳᠦᠭᠡ ᠶ᠋ᠢᠨ ᠢᠷᠡᠭᠰᠡᠨ ᠲᠠᠩᠭᠤᠳ ᠤᠯᠤᠰ ᠤ᠋ᠨ ᠡᠯᠴᠢ ᠶ᠋ᠢ ᠶᠠᠪᠤᠭ᠎ᠠ ᠳ᠋ᠤᠷ ᠲᠤᠰᠢᠶᠠᠨ ᠲᠠᠢᠯᠠᠭᠤᠯᠵᠤ᠂ ᠪᠤᠷᠬᠠᠨ ᠭᠠᠯᠳᠤᠨ᠎ᠠ ᠶ᠋ᠢᠨ ᠠᠭᠤᠯᠠ ᠤᠰᠤ᠂ ᠲᠠᠯ᠎ᠠ ᠪᠡᠯᠴᠢᠭᠡᠷ ᠪᠠ ᠬᠣᠷᠢᠶ᠎ᠠ ᠬᠦᠷᠢᠶ᠎ᠡ ᠂ ᠪᠠᠭᠤᠳᠠᠯ ᠨᠡᠭᠦᠳᠡᠯ ᠬᠢᠭᠡᠳ ᠴᠡᠷᠢᠭ ᠬᠤᠶᠠᠭ ᠮᠣᠷᠢ ᠠᠭᠲᠠ ᠂ ᠠᠳᠤᠭᠤ ᠮᠠᠯ ᠂ ᠰᠠᠩ ᠬᠥᠮᠥᠷᠭᠡ ᠶ᠋ᠢ ᠲᠣᠭᠣᠷᠢᠭᠤᠯᠤᠨ ᠦᠵᠡᠭᠦᠯᠵᠦ ᠂ ᠬᠡᠳᠦᠨ ᠡᠳᠦᠷ ᠬᠠᠮᠲᠤ ᠶᠠᠪᠤᠬᠤᠶ᠎ᠠ ᠲᠡᠷᠡ ᠦᠶ᠎ᠡ ᠳ᠋ᠦ᠍ᠷ ᠦᠵᠢᠨ ᠡᠮᠡᠭᠡ ᠣᠯᠠᠨ ᠪᠡᠷᠢᠶᠡᠳ ᠪᠠ ᠠᠪᠠᠭᠠᠢ ᠨᠠᠷ ᠢ᠋ᠶ᠋ᠠᠨ ᠠᠪᠴᠤ ᠨᠠᠮᠤᠷ ᠤ᠋ᠨ ᠨᠠᠢ᠍ᠮᠠᠨ ᠰᠠᠷ᠎ᠠ ᠶ᠋ᠢᠨ ᠨᠠᠢᠷᠠᠮᠳᠠᠭᠤ ᠰᠠᠢᠬᠠᠨ᠎ᠠ ᠂ ᠪᠤᠷᠬᠠᠨ ᠭᠠᠯᠳᠤᠨ᠎ᠠ ᠳ᠋ᠤᠷ ᠭᠠᠷᠴᠤ ᠮᠤᠭᠤᠨ ᠢ᠋ ᠳᠠᠬᠢᠨ᠂ ᠣᠷᠣᠯᠳᠣᠭ᠎ᠠ ᠪᠠᠷᠢᠯᠳᠤᠭ᠎ᠠ ᠦᠵᠡᠷ᠎ᠡ ᠭᠠᠷᠤᠭᠰᠠᠨ ᠲᠤᠯᠠ ᠠᠷᠪᠠ ᠬᠣᠷᠢᠨ ᠲᠡᠷᠭᠡ ᠵᠠᠯᠭᠠᠯᠳᠤᠨ ᠭᠠᠷᠴᠤ ᠢᠷᠡᠭᠰᠡᠨ ᠳ᠋ᠦ᠍ᠷ ᠤᠴᠠᠷᠠᠭᠠᠳ ᠶᠠᠪᠤᠭ᠎ᠠ ᠶᠠᠭᠠᠷᠠᠨ ᠰᠥᠭᠥᠳᠴᠦ ᠦᠵᠢᠨ ᠡᠮᠡᠭᠡ ᠪᠠ ᠤᠯᠤᠰ ᠤ᠋ᠨ ᠬᠠᠲᠤᠨ ᠲᠥᠷᠥ ᠶ᠋ᠢᠨ ᠬᠠᠲᠤᠳ ᠤ᠋ᠨ ᠡᠷᠳᠡᠨᠢᠰ ᠦ᠋ᠨ ᠲᠡᠷᠭᠡ ᠥᠩᠭᠡᠷᠡᠨ ᠭᠠᠷᠬᠤᠢ ᠶ᠋ᠢ ᠬᠦᠯᠢᠶᠡᠬᠦᠶ᠎ᠡ ᠂ ᠲᠠᠩᠭᠤᠳ ᠤ᠋ᠨ ᠡᠯᠴᠢ ᠳ᠋ᠤᠷᠳᠤᠩ ᠮᠥᠨ ᠶᠠᠭᠠᠷᠠᠨ ᠶᠠᠪᠤᠭ᠎ᠠ ᠶ᠋ᠢ ᠳᠠᠭᠠᠵᠤ ᠬᠣᠢᠨ᠎ᠠ ᠠᠨᠤ ᠰᠥᠭᠥᠳᠪᠡ ᠃ ᠥᠵᠢᠨ ᠡᠮᠡᠭᠡ ᠶ᠋ᠢᠨ ᠲᠡᠮᠡᠭᠡ ᠶ᠋ᠢᠨ ᠲᠡᠩᠬᠡ ① ᠂ ᠳᠥᠷᠪᠡᠨ ᠬᠠᠲᠤᠨ ᠤ᠋ ᠣᠭ᠌ᠶᠤ ᠱ᠌ᠢᠷᠦ ᠬᠠᠲᠠᠭᠰᠠᠨ ᠤᠯᠠᠭᠠᠨ ᠢᠰᠡᠭᠡᠢ ᠪᠥᠷᠬᠥᠭᠡᠰᠦᠲᠦ ᠲᠡᠷᠭᠡ ᠥᠩᠭᠡᠷᠡᠨ ᠭᠠᠷᠬᠤᠶ᠎ᠠ ᠂ ᠨᠢᠭᠡᠨ ᠨᠢᠭᠡᠨ ᠢ᠋ᠶ᠋ᠡᠷ ᠦᠵᠡᠪᠡᠰᠦ ᠂ ᠲᠠᠢᠽᠦ ᠶ᠋ᠢᠨ ᠳᠥᠷᠪᠡᠨ ᠬᠠᠲᠤᠳ ᠪᠠ ᠣᠯᠠᠨ ᠳᠡᠭᠦᠦ ᠪᠡᠷᠢᠶᠡᠳ ᠬᠢᠭᠡᠳ ᠠᠪᠠᠭᠠᠢ ᠨᠠᠷ ᠤ᠋ᠨ ᠣᠭ᠌ᠶᠤ ᠱ᠌ᠢᠷᠦ ᠶ᠋ᠢᠨ ᠬᠠᠲᠠᠮᠠᠯ ᠲᠡᠮᠳᠡᠭᠲᠦ ᠲᠡᠷᠭᠡ ᠨᠢᠳᠦᠨ ᠢ᠋ ᠭᠢᠯᠠᠰᠬᠠᠮᠤᠢ᠃ ᠤᠳᠠᠭᠰᠠᠨ ᠦᠭᠡᠢ ᠬᠠᠲᠤᠳ ᠤ᠋ᠨ ᠵᠢᠭ᠍ᠰᠠᠭᠠᠯ ᠤ᠋ᠨ ᠰᠡᠭᠦᠯ ᠳ᠋ᠡᠬᠢ ᠪᠠᠷᠰ ᠲᠠᠰᠢᠭᠤᠷ ᠪᠠ ᠢᠷᠪᠢᠰ ᠦ᠋ᠨ ᠵᠢᠳᠠ ᠬᠦᠷᠴᠦ ᠢᠷᠡᠭᠰᠡᠨ ᠬᠣᠢᠨ᠎ᠠ ᠰᠠᠶᠢ ᠪᠣᠰᠴᠤ ᠵᠣᠭᠰᠣᠪᠠ᠃
– – – –
① ᠲᠡᠮᠡᠭᠡ ᠶ᠋ᠢᠨ ᠲᠡᠩᠬᠡ ᠬᠡᠮᠡᠭᠴᠢ ᠯᠠᠪ ᠲᠡᠮᠡᠭᠡ ᠬᠥᠯᠦᠭᠰᠡᠨ ᠰᠡᠦᠬᠡ ᠶ᠋ᠢ ᠬᠡᠯᠡᠭᠰᠡᠨ ᠪᠣᠢ ᠶᠠ ᠃
ᠲᠡᠳᠦᠢ ᠰᠥᠨᠢ ᠰᠤᠯᠠ ᠬᠡᠯᠡᠯᠴᠡᠬᠦᠢ ᠳ᠋ᠦ᠍ᠷ ᠲᠠᠩᠭᠤᠳ ᠤ᠋ᠨ ᠡᠯᠴᠢ ᠳ᠋ᠤᠷᠳᠤᠩ᠂ ᠶᠠᠪᠤᠭ᠎ᠠ ᠶ᠋ᠢᠨ ᠵᠦᠭ ᠥᠭᠦᠯᠡᠷᠦᠨ : 《ᠲᠠᠨ ᠤ᠋ ᠡᠵᠡᠨ ᠦ᠌ ᠲᠥᠷᠥᠭᠰᠡᠨ ᠪᠠᠢᠳᠠᠯ ᠮᠠᠨ ᠤ᠋ ᠡᠵᠡᠨ ᠡᠴᠡ ᠵᠠᠭᠤᠨ ᠬᠤᠪᠢ ᠢᠯᠡᠭᠦᠦ ᠰᠦᠷᠲᠡᠢ ᠭᠡᠷᠡᠯᠲᠡᠢ ᠪᠣᠯᠪᠠᠴᠤ ᠭᠠᠭᠴᠠ ᠬᠠᠲᠤᠳ ᠠᠨᠤ ᠮᠠᠨ ᠤ᠋ ᠡᠵᠡᠨ ᠦ᠌ ᠬᠠᠲᠤᠨ ᠳ᠋ᠤᠷ ᠠᠳᠠᠯᠢ ᠨᠢᠭᠤᠷ ᠴᠢᠷᠠᠢ ᠭᠡᠷᠡᠯ ᠭᠠᠷᠬᠤ ᠬᠠᠲᠤᠨ ᠨᠢᠭᠡᠬᠡᠨ ᠴᠦ᠍ ᠦᠭᠡᠢ᠂ ᠮᠠᠨ ᠤ᠋ ᠡᠵᠡᠨ ᠦ᠌ ᠶᠡᠬᠡ ᠬᠠᠲᠤᠨ ᠭᠦᠷᠪᠡᠯᠵᠢᠨ ᠭᠤᠸ᠎ᠠ ᠬᠤᠸᠠᠩᠬᠡᠦ ᠬᠡᠮᠡᠭᠴᠢ ᠶ᠋ᠢᠨ ᠨᠢᠭᠤᠷ ᠤ᠋ᠨ ᠭᠡᠭᠡᠬᠡᠨ ᠦ᠌ ᠲᠤᠶᠠᠭ᠎ᠠ ᠭᠡᠷᠡᠯ ᠳ᠋ᠦ᠍ᠷ ᠰᠥᠨᠢ ᠴᠣᠩᠬᠣᠨ ᠤ᠋ ᠴᠠᠭᠠᠰᠤ ᠲᠤᠶᠠᠭᠠᠯᠠᠮᠤᠢ 》ᠬᠡᠮᠡᠭᠰᠡᠨ ᠳ᠋ᠦ᠍ᠷ ᠶᠠᠪᠤᠭ᠎ᠠ ᠶᠡᠬᠡᠯ᠎ᠡ ᠢᠨᠢᠶᠡᠵᠦ ᠥᠭᠦᠯᠡᠷᠦᠨ : 《ᠡᠨᠡ ᠶᠢᠷᠲᠢᠨᠴᠦ ᠳ᠋ᠦ᠍ᠷ ᠮᠢᠬ᠎ᠠ ᠴᠢᠰᠤ ᠪᠠᠷ ᠪᠦᠲᠦᠭᠰᠡᠨ ᠠᠮᠢᠳᠤ ᠬᠥᠮᠦᠨ ᠡᠴᠡ ᠪᠠᠰᠠ ᠭᠡᠷᠡᠯ ᠲᠤᠶᠠᠭ᠎ᠠ ᠭᠠᠷᠬᠤ ᠶᠣᠰᠣ ᠪᠣᠢ ᠤᠤ ? ᠡᠨᠡ ᠦᠭᠡ ᠶ᠋ᠢ ᠬᠡᠨ ᠢᠲᠡᠭᠡᠬᠦ ᠠᠵᠢ ! 》 ᠬᠡᠮᠡᠭᠰᠡᠨ ᠳ᠋ᠦ᠍ᠷ ᠳ᠋ᠤᠷᠳᠤᠩ ᠶᠡᠬᠡᠳᠡ ᠴᠢᠬᠤᠯᠳᠠᠨ ᠥᠭᠦᠯᠡᠷᠦᠨ :《ᠪᠢ ᠵᠥᠪ ᠵᠦᠭᠡᠷ ᠪᠠᠢᠭᠰᠠᠭᠠᠷ ᠬᠤᠳᠠᠯ ᠬᠡᠯᠡᠵᠦ ᠬᠥᠮᠦᠨ ᠳ᠋ᠦ᠍ᠷ ᠡᠯᠡᠭᠯᠡᠭᠳᠡᠶᠡ ᠭᠡᠮᠡᠨ ᠰᠠᠨᠠᠬᠤ ᠶᠣᠰᠣ ᠪᠣᠢ ᠤᠤ ? ᠶᠠᠮᠪᠠᠷ ᠪᠢ ᠭᠠᠭᠴᠠᠭᠠᠷ ᠮᠡᠳᠡᠬᠦ ᠪᠤᠰᠤ ᠂ ᠮᠠᠨ ᠤ᠋ ᠤᠯᠤᠰ ᠤ᠋ᠨ ᠬᠣᠲᠠᠯᠠᠭᠠᠷ ᠴᠥᠮ ᠮᠡᠳᠡᠬᠦ ᠬᠡᠷᠡᠭ᠂ ᠮᠠᠨ ᠤ᠋ ᠤᠯᠤᠰ ᠴᠥᠮ ᠪᠠᠢᠰᠢᠩ ᠭᠡᠷ ᠲᠦ᠍ᠷ ᠰᠠᠭᠤᠬᠤ ᠲᠤᠯᠠ ᠥᠨᠳᠥᠷ ᠠᠰᠠᠷ ᠣᠯᠠᠨ᠂ ᠮᠠᠨ ᠤ᠋ ᠡᠵᠡᠨ ᠦ᠌ ᠲᠡᠷᠡ ᠭᠦᠷᠪᠡᠯᠵᠢᠨ ᠭᠤᠸ᠎ᠠ ᠬᠠᠲᠤᠨ ᠰᠥᠨᠢ ᠠᠯᠢ ᠠᠰᠠᠷ ᠲᠤᠷ ᠬᠣᠨᠣᠪᠠᠰᠤ ᠂ ᠲᠡᠷᠡ ᠠᠰᠠᠷ ᠤ᠋ᠨ ᠡᠭᠦᠳᠡ ᠴᠣᠩᠬᠣᠨ ᠤ᠋ ᠴᠠᠭᠠᠰᠤ ᠶ᠋ᠢ ᠨᠡᠪᠲᠡ ᠨᠢᠭᠡᠨ ᠵᠦᠢᠯ ᠦ᠋ᠨ ᠰᠣᠨᠢᠨ ᠡᠲᠡᠭᠡᠳ ᠤᠯᠠᠪᠢᠷ ᠥᠩᠭᠡᠲᠦ ᠲᠤᠶᠠᠭ᠎ᠠ ᠰᠠᠴᠤᠷᠠᠨ ᠭᠠᠷᠴᠤ ᠶᠡᠷᠦ ᠯᠠᠪ ᠲᠡᠷᠡ ᠵᠤᠯᠠ ① ᠂ ᠲᠣᠰᠣᠨ ᠤ᠋ ᠭᠡᠷᠡᠯ ᠡᠴᠡ ᠥᠪᠡᠷ᠎ᠡ ᠥᠩᠭᠡᠲᠡᠢ᠃ ᠮᠠᠨ ᠤ᠋ ᠲᠡᠷᠡ ᠭᠦᠷᠪᠡᠯᠵᠢᠨ ᠭᠤᠸ᠎ᠠ ᠬᠠᠲᠤᠨ ᠬᠡᠮᠡᠭᠴᠢ ᠲᠡᠭᠷᠢ ᠶ᠋ᠢᠨ ᠥᠬᠢᠨ ᠪᠤᠶᠤ ᠃ ᠲᠡᠭᠦᠨ ᠦ᠌ ᠲᠡᠵᠢᠭᠡᠭᠰᠡᠨ ᠡᠴᠢᠭᠡ ᠣᠪᠣᠭ ᠡᠦ ᠂ ᠨᠡᠷ᠎ᠡ ᠵᠠᠩ ᠶᠠ ᠬᠡᠮᠡᠭᠴᠢ ᠪᠡᠷ ᠭᠦᠷᠪᠡᠯᠵᠢᠨ ᠭᠤᠸ᠎ᠠ ᠥᠬᠢᠨ ᠢ᠋ ᠬᠠᠩᠭᠠᠢ ᠬᠠᠨ ᠤ᠋ ᠠᠷᠤ᠂ ᠬᠠᠲᠤᠨ ᠮᠥᠷᠡᠨ ᠦ᠌ ᠬᠥᠪᠡᠭᠡ ᠳ᠋ᠡᠬᠢ ᠭᠦᠨ ᠪᠠᠯᠠᠷ ᠣᠢ ᠰᠢᠭᠤᠢ ᠠ᠋ᠴᠠ ᠤᠯᠠᠭᠠᠨ ᠭᠡᠷᠡᠯ ᠢ᠋ᠶ᠋ᠡᠷ ᠢᠨᠦ ᠠᠪᠴᠤᠬᠤᠢ᠃ ᠲᠡᠭᠦᠨᠴᠡ ᠠᠷᠪᠠᠭᠠᠳ ᠨᠠᠰᠤᠯᠠᠮᠠᠭᠴᠠ ᠨᠢᠭᠡᠨ ᠴᠠᠭᠠᠨ ᠦᠰᠦᠲᠦ ᠬᠤ᠌ ᠡᠮᠡᠭᠡᠨ ᠢ᠋ ᠳᠠᠭᠠᠵᠤ᠂ ᠨᠢᠭᠡᠨ ᠬᠣᠶᠠᠷᠬᠠᠨ ᠵᠢᠯ ᠳ᠋ᠦ᠍ᠷ ᠬᠤᠪᠢᠯᠤᠨ ᠤᠷᠪᠠᠬᠤ ᠶᠢᠯᠸᠢ ᠤᠪᠠᠳᠢᠰ ᠢ᠋ ᠰᠤᠷᠴᠤ ᠳᠠᠭᠠᠭᠰᠠᠨ ᠭᠥᠭᠦᠯᠳᠦ ᠡᠬᠡ ᠮᠥᠨ ᠬᠠᠷᠢᠶᠠᠯᠴᠢ ᠡᠮᠡᠭᠡᠨ ᠪᠠᠰᠠ ᠤᠪᠠᠳᠢᠰ ᠶᠢᠯᠸᠢᠰ ᠢ᠋ ᠴᠢᠳᠠᠮᠤᠢ᠃ ᠲᠡᠢᠨ ᠬᠦ᠌ ᠨᠡᠷ᠎ᠡ ᠠᠯᠳᠠᠷᠰᠢᠭ᠍ᠰᠠᠨᠠ᠂ ᠮᠠᠨ ᠤ᠋ ᠡᠵᠡᠨ ᠠᠪᠴᠢᠷᠠᠵᠤ ᠦᠵᠡᠭᠡᠳ ᠶᠡᠬᠡᠯ᠎ᠡ ᠭᠠᠢᠬᠠᠨ ᠦᠯᠡᠳᠡᠭᠡᠵᠦ ᠪᠠᠭ᠎ᠠ ᠲᠥᠷᠥ ᠶ᠋ᠢᠨ ᠬᠠᠲᠤᠨ ᠪᠣᠯᠭᠠᠪᠠ᠃ ᠳᠠᠷᠠᠭ᠎ᠠ ᠪᠠᠷ ᠮᠠᠨ ᠤ᠋ ᠤᠷᠢᠳᠤ ᠶ᠋ᠢᠨ ᠤᠯᠤᠰ ᠤ᠋ᠨ ᠶᠡᠬᠡ ᠬᠠᠲᠤᠨ ᠲᠦᠷᠭᠡᠨ ᠡᠪᠡᠳᠴᠢᠨ ᠢ᠋ᠶ᠋ᠡᠷ ᠦᠬᠦᠭᠡᠳ ᠳᠠᠷᠤᠢ ᠡᠨᠡ ᠭᠦᠷᠪᠡᠯᠵᠢᠨ ᠭᠤᠸ᠎ᠠ ᠬᠠᠲᠤᠨ ᠣᠷᠣᠵᠤ ᠨᠢᠭᠡᠨ ᠰᠠᠷ᠎ᠠ ᠴᠦ᠍ ᠪᠣᠯᠤᠭᠰᠠᠨ ᠦᠭᠡᠢ ᠪᠡᠷ ᠶᠡᠬᠡ ᠤᠯᠤᠰ ᠤ᠋ᠨ ᠬᠠᠲᠤᠨ ᠤ᠋ ᠣᠷᠣ ᠶ᠋ᠢ ᠳᠠᠷᠤᠪᠠᠢ᠃ ᠨᠡᠩᠳᠡ ᠭᠠᠢᠬᠠᠯᠲᠠᠢ ᠠᠨᠤ ᠲᠡᠷᠡ ᠬᠠᠲᠤᠨ ᠰᠥᠨᠢ ᠨᠣᠢᠷᠰᠤᠪᠠᠰᠤ ᠤᠯᠠᠭᠠᠨ ᠭᠡᠷᠡᠯ ᠨᠡᠩ ᠦᠯᠡᠮᠵᠢ᠂ ᠳᠡᠷᠭᠡᠳᠡ ᠪᠠᠢᠬᠤ ᠬᠥᠮᠦᠨ ᠳ᠋ᠦ᠍ᠷ ᠮᠡᠳᠡᠭᠳᠡᠬᠦ ᠦᠭᠡᠢ᠂ ᠴᠣᠩᠬᠣᠨ ᠤ᠋ ᠭᠠᠳᠠᠨ᠎ᠠ ᠪᠦᠬᠦᠢ ᠬᠥᠮᠦᠨ ᠳ᠋ᠦ᠍ᠷ ᠰᠠᠶᠢ ᠮᠡᠳᠡᠭᠳᠡᠮᠦᠢ᠃ ᠡᠨᠡ ᠢᠨᠦ ᠮᠠᠨ ᠤ᠋ ᠤᠯᠤᠰ ᠤ᠋ᠨ ᠬᠣᠲᠠᠯᠠᠭᠠᠷ ᠢ᠋ᠶ᠋ᠠᠷ ᠴᠥᠮ ᠮᠡᠳᠡᠬᠦ ᠢᠷᠣ᠎ᠠ ᠶ᠋ᠢᠨ ᠬᠡᠷᠡᠭ᠃ ᠪᠠᠰᠠ ᠬᠠᠲᠤᠨ ᠤ᠋ ᠤᠷᠲᠤᠳᠠ ᠬᠡᠯᠡᠬᠦ ᠢᠨᠦ᠂ ᠲᠡᠭᠦᠨ ᠦ᠌ ᠪᠡᠶ᠎ᠡ ᠨᠢᠭᠡᠨᠲᠡ ᠥᠳᠡᠯᠦᠰᠢ ᠦᠭᠡᠢ ᠰᠢᠳᠢ ᠣᠯᠪᠠ ᠬᠡᠮᠡᠮᠦᠢ᠃ ᠮᠠᠨ ᠤ᠋ ᠤᠯᠤᠰ ᠣᠯᠠᠨ ᠢ᠋ᠶ᠋ᠠᠷ ᠮᠠᠨ ᠤ᠋ ᠲᠡᠷᠡ ᠬᠠᠲᠤᠨ ᠢ᠋ ᠮᠠᠭᠠᠳ ᠲᠡᠭᠷᠢ ᠶ᠋ᠢᠨ ᠥᠬᠢᠨ ᠬᠡᠯᠡᠮᠲᠦᠮᠦᠢ ᠃ ᠪᠢ ᠦᠵᠡᠪᠡᠰᠦ ᠬᠡᠳᠦᠢ ᠲᠡᠭᠷᠢ ᠶ᠋ᠢᠨ ᠥᠬᠢᠨ ᠪᠤᠰᠤ ᠪᠣᠯᠪᠠᠴᠤ ᠯᠠᠪ ᠯᠤᠤᠰ ᠤ᠋ᠨ ᠭᠦᠩᠵᠦ ᠂ ᠬᠡᠷᠬᠢᠪᠡᠴᠦ ᠭᠡᠮᠡᠨ ᠡᠭᠡᠯ ᠥᠲᠡᠯ᠎ᠡ ᠬᠥᠮᠦᠨ ᠪᠤᠰᠤ ᠃ ᠲᠠᠨ ᠤ᠋ ᠡᠨᠡ ᠡᠵᠡᠨ ᠳ᠋ᠦ᠍ᠷ ᠮᠠᠨ ᠤ᠋ ᠲᠡᠷᠡ ᠬᠠᠲᠤᠨ ᠲᠣᠬᠢᠶᠠᠯᠳᠤᠭᠰᠠᠨ ᠪᠥᠭᠡᠰᠦ ᠴᠣᠬᠣᠮ ᠲᠠᠨ ᠤ᠋ ᠡᠵᠡᠨ ᠦ᠌ ᠥᠩᠭᠡ ᠭᠡᠷᠡᠯ ᠰᠦᠷ ᠵᠢᠪᠬᠤᠯᠠᠩ ᠳ᠋ᠤᠷ ᠲᠡᠩᠴᠡᠬᠦ ᠪᠥᠯᠥᠭᠡ ! 》ᠬᠡᠮᠡᠭᠰᠡᠨ ᠳ᠋ᠦ᠍ᠷ ᠶᠠᠪᠤᠭ᠎ᠠ ᠶᠡᠬᠡᠯ᠎ᠡ ᠱᠠᠭ᠍ᠰᠢᠨ ᠭᠠᠢᠬᠠᠪᠠ ᠃
– – – –
① ᠯᠠᠪ ᠵᠤᠯᠠ ᠬᠡᠮᠡᠭᠴᠢ ᠯᠡ ᠶ᠋ᠢ ᠬᠡᠯᠡᠮᠦᠢ ᠃
ᠰᠤᠳᠤᠷᠴᠢ ᠲᠦᠰᠢᠮᠡᠯ ᠪᠢ ᠪᠢᠴᠢᠭᠰᠡᠭᠡᠷ ᠡᠨᠡ ᠨᠢᠭᠡᠨ ᠬᠡᠰᠡᠭ ᠭᠠᠵᠠᠷ ᠲᠤᠷ ᠬᠦᠷᠦᠭᠡᠳ ᠠᠷᠭ᠎ᠠ ᠦᠭᠡᠢ ᠬᠡᠳᠦᠨ ᠦᠰᠦᠭ ᠲᠡᠮᠳᠡᠭᠯᠡᠨ ᠪᠢᠴᠢᠭᠰᠡᠨ ᠢᠨᠦ : ᠡᠷᠲᠡ ᠱᠠᠩ ᠤᠯᠤᠰ ᠳᠤᠮᠳᠠᠯᠠᠵᠤ ᠂ ᠤᠯᠤᠰ ᠤ᠋ᠨ ᠨᠡᠷ᠎ᠡ ᠶ᠋ᠢ ᠶᠢᠨ ᠭᠡᠮᠡᠨ ᠬᠠᠯᠠᠵᠤ ᠂ ᠶᠢᠨ ᠤᠯᠤᠰ ᠤ᠋ᠨ ᠬᠠᠮᠤᠭ ᠤ᠋ᠨ ᠰᠡᠭᠦᠯ ᠦ᠋ᠨ ᠬᠠᠭᠠᠨ ᠂ ᠨᠡᠷ᠎ᠡ ᠵᠧᠦ ᠰᠢᠨ ᠂ ᠳᠠᠷᠤᠢ ᠶᠢᠨ ᠵᠧᠦ ᠸᠠᠩ ᠮᠥᠨ ᠂ ᠲᠡᠷᠡ ᠶᠢᠨ ᠵᠧᠦ ᠸᠠᠩ ᠳ᠋ᠤᠷ ᠤᠯᠤᠰ ᠢ᠋ ᠮᠥᠬᠥᠭᠡᠬᠦ ᠥᠩᠭᠡ ᠲᠡᠢ ᠂ ᠦᠨᠡᠭᠡᠨ ᠰᠢᠮᠨᠤ ᠣᠷᠣᠰᠢᠭ᠍ᠰᠠᠨ ᠨᠢᠭᠡᠨ ᠰᠦ᠍ ᠳᠡ ᠵᠢᠢ ᠬᠡᠮᠡᠬᠦ ᠬᠤᠸᠠᠩᠬᠡᠦ ᠪᠣᠢ ᠬᠡᠮᠡᠬᠦᠢ ᠳ᠋ᠦ᠍ᠷ ᠪᠢ ᠬᠠᠷᠠᠬᠠᠨ ᠭᠠᠢᠬᠠᠨ ᠰᠡᠵᠢᠭᠯᠡᠵᠦ ᠪᠥᠬᠥᠶ᠎ᠡ ᠂ ᠡᠨᠡ ᠲᠠᠩᠭᠤᠳ ᠤ᠋ᠨ ᠰᠢᠳᠤᠷᠭᠤ ᠬᠠᠭᠠᠨ ᠳ᠋ᠤᠷ ᠪᠠᠰᠠ ᠨᠢᠭᠡᠨ ᠭᠡᠷᠡᠯ ᠰᠠᠴᠤᠷᠠᠬᠤ ᠲᠡᠭᠷᠢ ᠶ᠋ᠢᠨ ᠥᠬᠢᠨ ᠪᠠᠭᠤᠭᠰᠠᠨ ᠭᠦᠷᠪᠡᠯᠵᠢᠨ ᠭᠤᠸ᠎ᠠ ᠬᠠᠲᠤᠨ ᠭᠠᠷᠴᠤ ᠢᠷᠡᠭᠰᠡᠨ᠎ᠡ ᠨᠡᠩᠳᠡ ᠰᠣᠴᠢᠨ ᠭᠠᠢᠬᠠᠪᠠᠢ ᠃ ᠠᠶ᠎ᠠ ᠡᠨᠡ ᠲᠡᠭᠷᠢ ᠶ᠋ᠢᠨ ᠥᠬᠢᠨ ᠶᠠᠭᠤᠲᠠᠢ ᠲᠡᠨᠡᠭ ᠠᠵᠢ ! ᠨᠢᠭᠡᠨᠲᠡ ᠲᠡᠭᠷᠢ ᠡᠴᠡ ᠪᠠᠭᠤᠵᠤ ᠢᠷᠡᠪᠡᠰᠦ ᠂ ᠣᠳᠣ ᠴᠣᠬᠣᠮ ᠲᠡᠩᠨᠡᠬᠦ ᠲᠠᠭᠠᠷᠠᠬᠤ ᠲᠡᠭᠷᠢ ᠶ᠋ᠢᠨ ᠦᠷᠡᠰ ᠲᠠᠢᠽᠦ ᠶ᠋ᠢ ᠡᠷᠢᠨ ᠡᠴᠢᠵᠦ ᠲᠡᠳᠬᠦᠨ ᠲᠤᠰᠠᠯᠠᠵᠤ ᠂ ᠲᠡᠭᠦᠰ ᠵᠢᠷᠭᠠᠪᠠᠰᠤ ᠵᠣᠬᠢᠬᠤ ᠠᠲᠠᠯ᠎ᠠ ᠶᠠᠭᠤᠨ ᠳ᠋ᠤᠷ ᠲᠡᠷᠡ ᠬᠦ᠌ ᠨᠢᠭᠡᠨ ᠰᠢᠳᠤᠷᠭᠤ ᠬᠠᠭᠠᠨ ᠢ᠋ ᠡᠷᠢᠨ ᠡᠴᠢᠭᠰᠡᠨ ᠪᠣᠯᠪᠠ᠃ ᠡᠰᠡᠬᠦᠯ᠎ᠡ ᠡᠨᠡ ᠲᠡᠭᠷᠢ ᠶ᠋ᠢᠨ ᠥᠬᠢᠨ ᠬᠠᠷᠢᠨ ᠴᠤ᠌ ᠪᠠᠯᠠᠮᠠᠳ ᠲᠠᠢᠵᠢ ᠢᠨᠵᠠᠨᠨᠠᠰᠢ ᠨᠠᠳᠠ ᠳ᠋ᠤᠷ ᠠᠳᠠᠯᠢ ᠪᠠᠶᠠᠨ ᠡᠷᠬᠢᠮ ᠢ᠋ ᠪᠢᠯᠳᠠᠤᠴᠢᠯᠠᠬᠤ ᠦᠭᠡᠢ᠂ ᠪᠠᠭᠤᠷᠠᠢ ᠳᠣᠣᠷᠠᠲᠤ ᠶ᠋ᠢ ᠲᠤᠰᠠᠯᠠᠰᠤᠭᠠᠢ ᠬᠡᠮᠡᠬᠦ ᠰᠠᠨᠠᠭ᠎ᠠ ᠲᠠᠢ ᠴᠤ᠌ ᠪᠣᠯᠪᠠᠤ ? ᠶᠠᠭᠤᠲᠠᠢ ᠢᠨᠢᠶᠡᠯᠲᠡᠢ ᠡᠨᠡ ᠭᠦᠷᠪᠡᠯᠵᠢᠨ ᠭᠤᠸ᠎ᠠ ᠬᠠᠲᠤᠨ ᠢ᠋ ᠣᠯᠠᠨ ᠢ᠋ᠶ᠋ᠠᠷ ᠲᠡᠭᠷᠢ ᠶ᠋ᠢᠨ ᠥᠬᠢᠨ ᠪᠠᠭᠤᠵᠤ ᠢᠷᠡᠪᠡ ᠬᠡᠮᠡᠯᠳᠦᠬᠦᠢ ᠳ᠋ᠦ᠍ᠷ ᠲᠠᠩᠭᠤᠳ ᠤ᠋ᠨ ᠡᠯᠴᠢ ᠳ᠋ᠤᠷᠳᠤᠩ ᠬᠠᠷᠢᠨ ᠯᠤᠤᠰ ᠤ᠋ᠨ ᠭᠦᠩᠵᠦ ᠪᠣᠯᠪᠠᠤ ᠭᠡᠮᠡᠨ ᠬᠡᠯᠡᠭᠰᠡᠨ ᠢᠨᠦ ᠬᠠᠷᠢᠨ ᠴᠤ᠌ ᠲᠡᠭᠦᠨ ᠦ᠌ ᠡᠵᠡᠨ ᠬᠠᠲᠤᠨ ᠭᠦᠷᠪᠡᠯᠵᠢᠨ ᠭᠤᠸ᠎ᠠ ᠬᠠᠲᠤᠨ ᠮᠥᠷᠡᠨ ᠦ᠌ ᠮᠢᠩᠭᠠᠨ ᠣᠨ ᠤ᠋ ᠤᠰᠤᠨ ᠮᠣᠭᠠᠢ ᠶ᠋ᠢᠨ ᠰᠢᠮᠨᠤ ᠪᠣᠯᠬᠤ ᠶ᠋ᠢ ᠮᠡᠳᠡᠵᠦ ᠂ ᠵᠣᠷᠢᠮᠠᠭ ᠢ᠋ᠶ᠋ᠠᠷ ᠳᠠᠭᠠᠷᠢᠨ ᠬᠡᠯᠡᠭᠰᠡᠨ ᠮᠡᠲᠦ᠃ ᠵᠢᠴᠢ ᠡᠨᠡ ᠰᠢᠳᠤᠷᠭᠤ ᠬᠠᠭᠠᠨ ᠦᠨᠡᠬᠡᠷ ᠲᠡᠭᠦᠨ ᠦ᠌ ᠨᠡᠷ᠎ᠡ ᠪᠡᠷ ᠮᠠᠰᠢ ᠰᠢᠳᠤᠷᠭᠤ ᠲᠤᠯᠠᠳᠠ ᠰᠠᠶᠢ ᠡᠨᠡ ᠮᠣᠭᠠᠢ ᠶ᠋ᠢᠨ ᠰᠢᠮᠨᠤᠰ ᠲᠤᠷ ᠪᠠᠴᠢᠯᠠᠭᠳᠠᠵᠤ ᠂ ᠤᠯᠤᠰ ᠭᠡᠷ ᠢ᠋ᠶ᠋ᠡᠨ ᠡᠪᠯᠡᠭᠦᠯᠬᠦ ᠠᠵᠤᠭᠤ᠃ ᠮᠤᠩᠬᠠᠭ ᠪᠢ ᠭᠠᠭᠴᠠ ᠡᠷᠲᠡᠨ ᠦ᠌ ᠱᠠᠩ ᠤᠯᠤᠰ ᠤ᠋ᠨ ᠰᠦ᠍ ᠳᠡ ᠵᠢᠢ ᠂ ᠮᠧᠢ ᠺᠠᠩ ᠬᠦᠩ ᠦ᠋ᠨ ᠭᠤᠷᠪᠠᠨ ᠦᠵᠡᠰᠬᠦᠯᠡᠩ᠂ ᠪᠠᠰᠠ ᠵᠧᠦ ᠢᠦ ᠸᠠᠩ ᠤ᠋ᠨ ᠪᠦᠦ ᠰᠧ ᠂ ᠴᠢ ᠰᠢᠶᠠᠩ ᠬᠦᠩ ᠦ᠋ᠨ ᠥᠬᠢᠨ ᠳᠡᠭᠦᠦ ᠸᠧᠨ ᠵᠢᠶᠠᠩ ᠂ ᠴᠤ᠌ ᠡᠦ ᠸᠠᠩ ᠤ᠋ᠨ ᠪᠤᠯᠢᠶᠠᠭᠰᠠᠨ ᠰᠢ ᠹᠧᠢ ᠶ᠋ᠢᠨ ᠰᠢᠶᠠᠨ ᠬᠦᠩ ᠦ᠋ᠨ ᠪᠠᠭ᠎ᠠ ᠹᠧᠢ ᠯᠢ ᠵᠶ᠋ᠢ ᠂ ᠴᠢ ᠵᠤᠸᠠᠩ ᠬᠦᠩ ᠦ᠋ᠨ ᠱᠦᠢ ᠱᠢ ᠡᠬᠡᠨᠡᠷ ᠂ ᠡᠦ ᠭᠤᠸᠠᠩ ᠸᠠᠩ ᠤ᠋ᠨ ᠰᠢ ᠽᠢ ᠡᠬᠡᠨᠡᠷ ᠂ ᠵᠢᠴᠢ ᠰᠦᠢ ᠤᠯᠤᠰ ᠤ᠋ᠨ ᠶᠠᠩ ᠳᠢ ᠬᠠᠭᠠᠨ ᠤ᠋ ᠵᠠᠩ ᠂ ᠢᠨ ᠂ ᠰᠢᠶᠣᠤ ᠭᠤᠷᠪᠠᠨ ᠹᠧᠢ ᠂ ᠳᠠᠩ ᠤᠯᠤᠰ ᠤ᠋ᠨ ᠡᠦ ᠽᠧ ᠲᠢᠶᠠᠨ ᠂ ᠶᠠᠩ ᠬᠦᠢ ᠹᠧᠢ ᠂ ᠰᠥᠩ ᠤᠯᠤᠰ ᠤ᠋ᠨ ᠡᠬᠢᠨ ᠤ ᠦᠶ᠎ᠡ ᠶ᠋ᠢᠨ ᠴᠠᠢ ᠱᠢ ᠿᠦᠩ ᠦ᠋ᠨ ᠳ᠋ᠦ᠋ ᠸᠧᠨ ᠵᠢᠢ ᠮᠡᠲᠦ ᠶ᠋ᠢᠨ ᠡᠢᠮᠦ ᠰᠠᠢᠬᠠᠨ ᠥᠩᠭᠡᠲᠦ ᠡᠬᠡᠨᠡᠷ ᠦ᠋ᠳ ᠬᠢᠲᠠᠳ ᠤᠯᠤᠰ ᠲᠤᠷ ᠰᠠᠶᠢ ᠲᠦᠷᠦᠨᠡᠮ ᠶᠠ ᠭᠡᠮᠡᠨ ᠰᠡᠳᠬᠢᠬᠦᠶ᠎ᠡ ᠂ ᠡᠨᠡ ᠮᠣᠩᠭᠣᠯ ᠪᠢᠴᠢᠭ ᠲᠣᠷ ᠲᠠᠩᠭᠤᠳ ᠭᠠᠵᠠᠷ ᠲᠤᠷ ᠪᠠᠰᠠ ᠡᠢᠮᠦ ᠨᠢᠭᠡᠨ ᠰᠣᠨᠢᠨ ᠡᠬᠡᠨᠡᠷ ᠭᠠᠷᠤᠭᠰᠠᠨ ᠠᠨᠤ ᠬᠠᠷᠢᠨ ᠴᠤ᠌ ᠨᠡᠯᠢᠶᠡᠳ ᠰᠣᠨᠢᠷᠬᠠᠯᠲᠠᠢ ᠦᠭᠡᠢ ᠦᠦ ! ᠡᠷᠲᠡ ᠶᠠᠩ ᠬᠦᠢ ᠹᠧᠢ ᠶ᠋ᠢᠨ ᠨᠢᠰᠦᠨ ᠳᠠᠷᠪᠠᠯᠵᠠᠬᠤ ᠪᠥᠵᠢᠭ ᠳᠠᠭᠤᠴᠢ ᠾᠧ ᠺᠦᠸᠠᠢ ᡁᠢ ᠶ᠋ᠢᠨ ᠮᠠᠯᠠᠭ᠎ᠠ ᠳ᠋ᠤᠷ ᠰᠠᠯᠬᠢᠨ᠎ᠠ ᠬᠡᠢᠰᠦᠨ ᠥᠴᠦᠬᠡᠨ ᠬᠦᠷᠦᠭᠰᠡᠨ ᠢ᠋ᠶ᠋ᠡᠷ ᠾᠧ ᠺᠦᠸᠠᠢ ᡁᠢ ᠶ᠋ᠢᠨ ᠮᠠᠯᠠᠭ᠎ᠠ ᠳ᠋ᠤᠷ ᠰᠠᠢᠬᠠᠨ ᠦᠨᠦᠷ ᠢᠨᠦ ᠰᠢᠩᠭᠡᠵᠦ ᠨᠢᠭᠡᠨᠲᠡ ᠰᠠᠷᠨᠢᠬᠤ ᠦᠭᠡᠢ ᠪᠣᠯᠤᠭᠰᠠᠨ ᠢ᠋ᠶ᠋ᠠᠷ ᠦᠵᠡᠬᠦᠯ᠎ᠡ ᠂ ᠡᠨᠡ ᠭᠦᠷᠪᠡᠯᠵᠢᠨ ᠭᠤᠸ᠎ᠠ ᠬᠠᠲᠤᠨ ᠳ᠋ᠤᠷ ᠪᠠᠰᠠ ᠴᠤ᠌ ᠨᠢᠭᠡᠨ ᠵᠦᠢᠯ ᠦ᠋ᠨ ᠢᠷᠦᠸᠠᠳᠤ ᠭᠠᠢᠬᠠᠮᠰᠢᠭ᠋ ᠪᠠᠢᠬᠤ ᠴᠤ᠌ ᠶᠠᠭᠤᠨ ᠤ᠋ ᠮᠠᠭᠠᠳ ᠠᠵᠢ !
ᠲᠡᠨᠳᠡᠴᠡ ᠵᠢᠴᠢ ᠡᠳᠦᠷ ᠲᠠᠩᠭᠤᠳ ᠤ᠋ᠨ ᠡᠯᠴᠢ ᠳ᠋ᠤᠷᠳᠤᠩ ᠲᠠᠢᠽᠦ ᠶ᠋ᠢᠨ ᠬᠦᠨᠳᠦ ᠱᠠᠩ ᠬᠡᠰᠢᠭ ᠲᠣᠷ ᠬᠦᠷᠲᠡᠵᠦ᠂ ᠠᠶᠠᠷᠯᠠᠨ ᠮᠥᠷᠭᠥᠭᠡᠳ ᠡᠭᠡᠪᠡᠢ᠃ ᠶᠠᠪᠤᠭ᠎ᠠ ᠲᠠᠢᠽᠦ ᠳ᠋ᠦ᠍ᠷ ᠵᠠᠬᠢᠶ᠎ᠠ ᠶ᠋ᠢ ᠡᠭᠡᠭᠦᠯᠵᠦ᠂ ᠲᠠᠢᠽᠦ ᠶ᠋ᠢ ᠳᠠᠭᠠᠵᠤ ᠶᠡᠬᠡ ᠠᠪᠠ ᠳ᠋ᠤᠷ ᠭᠠᠷᠬᠤᠶ᠎ᠠ᠂ ᠲᠡᠷᠡ ᠴᠠᠢ ᠶ᠋ᠢᠨ ᠠᠯᠲᠠᠨ ᠤ᠋ ᠳᠠᠩᠬᠤ ᠶ᠋ᠢ ᠡᠭᠦᠷᠦᠨ ᠶᠠᠪᠤᠬᠤ ᠲᠤᠯᠠ ᠨᠢᠭᠡᠨ ᠡᠳᠦᠷ ᠠᠪᠠ ᠠᠰᠤᠷᠤ ᠡᠰᠡᠷᠡᠭ ᠪᠣᠯᠵᠤ᠂ ᠲᠠᠪᠤᠨ ᠪᠠᠷᠰ ᠂ ᠶᠢᠰᠦᠨ ᠢᠷᠪᠢᠰ ᠂ ᠪᠤᠭᠤ ᠭᠥᠷᠥᠭᠡᠰᠦ ᠬᠡᠳᠦᠨ ᠵᠠᠭᠤᠨ ᠣᠯᠵᠤ᠂ ᠠᠪᠠ ᠶ᠋ᠢᠨ ᠬᠦᠷᠢᠶ᠎ᠡ ᠳ᠋ᠦ᠍ᠷ ᠶᠡᠬᠡ ᠪᠠᠶᠠᠷ ᠬᠢᠵᠦ᠂ ᠲᠠᠢᠽᠦ ᠪᠡᠶ᠎ᠡ ᠪᠡᠷ ᠬᠣᠶᠠᠷ ᠪᠠᠷᠰ ᠢ᠋ ᠭᠦᠶᠦᠯᠭᠡ ᠪᠡᠷ ᠬᠠᠷᠪᠤᠭᠰᠠᠨ ᠢ᠋ᠶ᠋ᠠᠷ ᠮᠥᠨ ᠴᠦ᠍ ᠮᠠᠰᠢ ᠪᠠᠶᠠᠰᠬᠤᠯᠠᠩ ᠲᠠᠢ᠃ ᠰᠥᠨᠢ ᠣᠯᠠᠨ ᠵᠠᠩᠵᠤᠨ ᠨᠠᠷ ᠲᠠᠷᠬᠠᠪᠠᠴᠤ ᠲᠠᠢᠽᠦ ᠪᠠᠰᠠ ᠨᠣᠢᠷᠰᠤᠬᠤ ᠦᠭᠡᠢ᠂ ᠰᠢᠳᠠᠷ ᠰᠠᠢᠳ ᠯᠤᠭ᠎ᠠ ᠪᠠᠨ ᠰᠤᠯᠠ ᠬᠡᠯᠡᠯᠴᠡᠨ ᠴᠠᠢ ᠵᠣᠭᠣᠭᠯᠠᠬᠤᠶᠠ᠂ ᠶᠠᠪᠤᠭ᠎ᠠ ᠨᠢᠭᠡᠨ ᠳᠡᠭᠡᠭᠦᠷ ᠴᠠᠢ ᠶ᠋ᠢ ᠪᠠᠷᠢᠵᠤ ᠂ ᠨᠢᠭᠡᠨᠲᠡᠭᠡᠭᠦᠷ ᠲᠠᠢᠽᠦ ᠶ᠋ᠢᠨ ᠪᠠᠶᠠᠰᠬᠤᠯᠠᠩ ᠲᠠᠢ ᠳ᠋ᠤᠷ ᠲᠠᠭᠠᠯᠴᠠᠭᠤᠯᠤᠨ ᠰᠤᠯᠠ ᠦᠭᠡ ᠮᠡᠳᠡᠭᠦᠯᠦᠨ᠂ ᠠᠪᠠ ᠶ᠋ᠢᠨ ᠡᠰᠡᠷᠡᠭ ᠢ᠋ ᠮᠠᠭᠲᠠᠵᠤ ᠬᠡᠯᠡᠭᠰᠡᠭᠡᠷ ᠦᠭᠡ ᠤᠷᠲᠤ ᠪᠣᠯᠵᠤ᠂ ᠳᠠᠷᠤᠢ ᠲᠠᠩᠭᠤᠳ ᠤ᠋ᠨ ᠳ᠋ᠤᠷᠳᠤᠩ ᠡᠯᠴᠢ ᠶ᠋ᠢᠨ ᠦᠭᠡᠰ ᠢ᠋ ᠮᠡᠳᠡᠭᠦᠯᠵᠦ᠂ ᠪᠠᠰᠠ ᠲᠠᠢᠽᠦ ᠶ᠋ᠢ ᠪᠢᠯᠳᠠᠤᠴᠢᠯᠠᠨ ᠪᠠᠶᠠᠰᠬᠠᠵᠤ ᠨᠢᠭᠤᠷ ᠣᠯᠰᠤᠭᠠᠢ ᠭᠡᠮᠡᠨ ᠪᠠᠰᠠ ᠥᠭᠦᠯᠡᠷᠦᠨ : 《ᠮᠠᠨ ᠤ᠋ ᠳᠡᠭᠷᠢᠯᠢᠭ ᠡᠵᠡᠨ ᠠᠯᠢ ᠴᠠᠭ ᠲᠤ᠌ ᠲᠠᠩᠭᠤᠳ ᠢ᠋ ᠳᠠᠢᠯᠠᠵᠤ᠂ ᠲᠡᠷᠡ ᠲᠠᠰᠤᠷᠬᠠᠢ ᠰᠠᠢᠬᠠᠨ ᠲᠥᠷᠥᠭᠰᠡᠨ ᠭᠦᠷᠪᠡᠯᠵᠢᠨ ᠭᠤᠸ᠎ᠠ ᠶ᠋ᠢ ᠣᠯᠵᠤ ᠠᠪᠬᠤ ᠪᠣᠯᠪᠠ ? ᠁ 》 ᠭᠡᠮᠡᠨ ᠳᠣᠣᠷᠠᠲᠤ ᠦᠭᠡ ᠶ᠋ᠢ ᠬᠡᠯᠡᠵᠦ ᠭᠠᠷᠭᠠᠬᠤᠢ ᠶ᠋ᠢᠨ ᠤᠷᠢᠳ᠂ ᠲᠠᠢᠽᠦ ᠶ᠋ᠢᠨ ᠴᠢᠷᠠᠢ ᠭᠡᠨᠡᠳᠲᠡ ᠪᠠᠷᠤᠢᠨ ᠬᠤᠪᠢᠯᠵᠤ᠂ ᠰᠦᠷᠡᠬᠡᠢ ᠳᠠᠭᠤᠨ ᠢ᠋ᠶ᠋ᠠᠷ ᠵᠠᠩᠳᠠᠨ ᠥᠭᠦᠯᠡᠷᠦᠨ : 《ᠰᠢᠯᠵᠠᠢᠴᠢ ᠠ᠋ᠴᠠ ᠭᠠᠷᠤᠭᠰᠠᠨ ᠱᠠᠯᠢᠭ ᠵᠢᠭᠰᠢᠯᠲᠡᠢ ᠬᠣᠬᠣᠢ᠂ ᠰᠢᠨᠤᠬᠠᠢ ᠤᠵᠢᠳ ᠦᠭᠡᠰ ᠢ᠋ ᠰᠢᠳᠡᠯ ① ᠪᠣᠯᠭᠠᠨ ᠬᠡᠯᠡᠮᠦᠢ᠃ ᠰᠢᠷᠬ᠎ᠠ ᠦᠭᠡᠢ ᠬᠠᠳ ᠨᠣᠶᠠᠳ ᠢ᠋ ᠡᠪᠳᠡᠬᠦ ᠢᠨᠤ ᠰᠢᠯᠵᠢ ᠮᠡᠲᠦ ᠡᠳᠡᠭᠡᠷ ᠠᠷᠠᠳ ᠠ᠋ᠴᠠ ᠭᠠᠷᠤᠮᠤᠢ᠂ ᠡᠭᠦᠨ ᠢ᠋ ᠡᠭᠦᠨ ᠡᠴᠡ ᠬᠣᠢᠰᠢ ᠮᠢᠨᠦ ᠨᠢᠳᠦ ᠴᠢᠬᠢᠨ ᠦ᠌ ᠰᠢᠳᠠᠷ ᠪᠦᠦ ᠪᠠᠢᠯᠭ᠎ᠠ᠂ ᠲᠦᠷᠭᠡᠨ᠎ᠡ ᠭᠠᠷᠭᠠᠵᠤ ᠪᠤᠰᠤ ᠠᠯᠪᠠᠨ᠎ᠠ ᠶᠠᠪᠤᠭᠤᠯ᠂ ᠮᠢᠨᠦ ᠢᠳᠡᠭᠡᠨ ᠦ᠌ ᠥᠷᠭᠥᠭᠡ ᠳ᠋ᠦ᠍ᠷ ᠬᠥᠯ ᠪᠢᠲᠡᠭᠡᠢ ᠭᠢᠰᠬᠢᠭᠦᠯ ! 》 ᠭᠡᠮᠡᠨ ᠮᠠᠲᠠᠷ ᠳᠣᠣᠷ᠎ᠠ ᠠᠨᠤ ᠮᠡᠩᠬᠡᠯᠢᠭ ᠰᠠᠢᠳ ᠲᠤᠷ ᠲᠤᠰᠢᠶᠠᠨ ᠦᠯᠳᠡᠵᠦ ᠭᠠᠷᠭᠠᠭᠠᠳ ᠠᠪᠠ ᠶ᠋ᠢᠨ ᠶᠡᠬᠡ ᠵᠠᠩᠵᠤᠨ ᠪᠤᠭᠤᠷᠵᠢ ᠳ᠋ᠤᠷ ᠲᠤᠰᠢᠶᠠᠯᠭᠠᠪᠠ᠃ ᠡᠭᠦᠨ ᠳ᠋ᠦ᠍ᠷ ᠣᠯᠠᠨ ᠲᠦᠰᠢᠮᠡᠳ ᠰᠠᠢᠳ ᠡᠨᠡ ᠬᠡᠷᠡᠭ ᠢ᠋ ᠰᠣᠨᠣᠰᠤᠭᠠᠳ ᠲᠣᠷᠭᠠᠨ ᠰᠢᠷ᠎ᠠ ᠂ ᠮᠤᠬᠤᠯᠢ ᠣᠯᠠᠨ ᠢ᠋ ᠠᠪᠴᠤ ᠠᠪᠠ ᠶ᠋ᠢᠨ ᠲᠠᠯ᠎ᠠ ᠳᠦᠭᠦᠷᠡᠩ ᠰᠥᠭᠥᠳᠴᠦ ᠮᠠᠩᠯᠠᠢ ᠳ᠋ᠠᠭᠠᠨ ᠵᠠᠯᠪᠠᠷᠢᠨ ᠮᠠᠭᠲᠠᠨ ᠪᠠᠶᠠᠰᠤᠯᠴᠠᠵᠤ ᠡᠢᠨ ᠭᠡᠮᠡᠨ ᠮᠡᠳᠡᠭᠦᠯᠦᠷᠦᠨ:
ᠠᠯᠲᠠᠨ ᠶᠠᠰᠤᠲᠤ ᠡᠵᠡᠨ ᠮᠢᠨᠦ
ᠠᠰᠤᠷᠤ ᠮᠡᠷᠭᠡᠨ ᠲᠤᠯᠠ
ᠠᠯᠢᠶ᠎ᠠ ᠥᠭᠡᠰᠲᠦ ᠶᠠᠪᠤᠭ᠎ᠠ ᠶ᠋ᠢ ᠶᠠᠯᠠᠯᠠᠵᠤ
ᠠᠯᠢᠪᠠ ᠮᠠᠭᠤ ᠶ᠋ᠢ ᠠᠶᠤᠯᠭᠠᠪᠠᠢ ᠃
ᠠᠮᠲᠠᠲᠤ ᠦᠭᠡᠰ ᠴᠢᠬᠢ ᠳ᠋ᠦ᠍ᠷ
ᠠᠮᠠᠷᠠᠭ ᠪᠣᠯᠪᠠᠴᠤ ᠠᠯᠤᠰ ᠴᠠᠭᠠᠨ᠎ᠠ ᠬᠣᠣᠷ ᠲᠠᠢ ᠶ᠋ᠢ
ᠬᠱᠡᠨ ᠵᠠᠭᠤᠷ᠎ᠠ ᠲᠣᠯᠢᠳᠠᠭᠰᠠᠨ ᠠᠨᠤ
ᠠᠯᠪᠠᠲᠤ ᠮᠠᠨ ᠤ᠋ ᠬᠡᠰᠢᠭ ᠪᠣᠯᠠᠢ !
ᠬᠡᠮᠡᠯᠳᠦᠵᠦ ᠮᠥᠷᠭᠥᠪᠡᠢ᠃ ᠡᠭᠦᠨᠴᠡ ᠰᠢᠳᠠᠷ ᠳᠡᠷᠭᠡᠳᠡ ᠪᠠᠢᠬᠤ ᠠᠷᠠᠳ ᠲᠤᠷ ᠬᠡᠳᠦᠢ ᠵᠠᠯᠢᠬᠠᠢ ᠵᠢᠰᠤᠷ ᠬᠣᠪᠴᠢ ᠪᠢᠯᠳᠠᠤᠴᠢ ᠠᠭᠠᠰᠢᠲᠠᠢ ᠠᠨᠤ ᠪᠣᠢ ᠪᠣᠯᠪᠠᠴᠤ ᠠᠬᠤ ᠡᠨᠡ ᠬᠡᠷᠡᠭ ᠡᠴᠡ ᠠᠶᠤᠨ ᠰᠢᠷᠪᠡᠭᠡᠲᠦᠨ ᠠᠶᠤᠮᠰᠢᠭ᠋ ᠦᠭᠡᠢ ᠠᠷᠭ᠎ᠠ ᠵᠠᠯᠢ ᠬᠡᠷᠡᠭᠯᠡᠵᠦ᠂ ᠠᠮᠠᠷᠠᠭ ᠢᠨᠠᠭ ᠪᠣᠯᠰᠤᠭᠠᠢ ᠬᠡᠮᠡᠬᠦ ᠦᠭᠡᠢ ᠪᠣᠯᠪᠠᠢ᠃
– – – –
① ᠠᠷᠤ ᠭᠠᠵᠠᠷ ᠴᠢᠳᠠᠯ ᠢ᠋ ᠰᠢᠳᠡᠯ ᠬᠡᠮᠡᠮᠦᠢ ᠃
ᠲᠡᠨᠳᠡᠴᠡ ᠲᠠᠩᠭᠤᠳ ᠤ᠋ᠨ ᠡᠯᠴᠢ ᠳ᠋ᠤᠷᠳᠤᠩ ᠨᠣᠶᠠᠨ ᠤᠯᠤᠰ ᠲᠤᠷ ᠢ᠋ᠶ᠋ᠠᠨ ᠬᠦᠷᠴᠦ ᠬᠣᠲᠠᠨ ᠳ᠋ᠤᠷ ᠣᠷᠣᠭᠠᠳ ᠶᠡᠮᠦᠨᠡ ᠭᠠᠷᠴᠤ ᠬᠠᠭᠠᠨ ᠳ᠋ᠤᠷ ᠢ᠋ᠶ᠋ᠡᠨ ᠵᠣᠯᠭᠠᠵᠤ᠂ ᠡᠴᠢᠭᠰᠡᠨ ᠲᠤᠬᠠᠢ ᠪᠠᠨ ᠪᠦᠷᠢᠨ᠎ᠡ ᠮᠡᠳᠡᠭᠦᠯᠦᠭᠰᠡᠨ ᠳ᠋ᠦ᠍ᠷ ᠰᠢᠳᠤᠷᠭᠤ ᠬᠠᠭᠠᠨ ᠶᠡᠬᠡᠯ᠎ᠡ ᠭᠡᠮᠰᠢᠨ ᠥᠭᠦᠯᠡᠷᠦᠨ : 《ᠪᠢ ᠥᠪᠡᠷ ᠢ᠋ᠶ᠋ᠡᠨ ᠴᠦᠯᠢᠰᠳᠡᠵᠦᠬᠦᠢ᠃ ᠳ᠋ᠤᠷᠳᠤᠩ ᠴᠢᠮᠠᠢ ᠶᠠᠪᠤᠭᠰᠠᠨ ᠤ᠋ ᠬᠣᠢᠨ᠎ᠠ ᠤᠯᠤᠰ ᠤ᠋ᠨ ᠨᠠᠭᠠᠴᠤ ᠡᠦ ᠵᠠᠩ ᠶᠠ ᠠ᠋ᠴᠠ ᠰᠣᠨᠣᠰᠬᠠᠤᠯᠠ᠂ ᠪᠧᠲ᠋ᠠ᠋ ᠤᠯᠤᠰ ᠤ᠋ᠨ ᠡᠵᠡᠨ ᠰᠥᠩ ᠤᠯᠤᠰ ᠤ᠋ᠨ ᠲᠦᠰᠢᠮᠡᠳ ᠯᠦ᠍ᠭᠡ ᠨᠡᠢᠯᠡᠵᠦ ᠲᠡᠭᠦᠨ ᠦ᠌ ᠲᠥᠷᠥ ᠶ᠋ᠢ ᠠᠪᠰᠤᠭᠠᠢ ᠬᠡᠮᠡᠭᠰᠡᠨ ᠦᠭᠡᠰ ᠣᠷᠣ ᠲᠠᠰᠤ ᠬᠤᠳᠠᠯ ᠬᠡᠷᠡᠭ ᠠᠵᠤᠭᠤ᠃ ᠬᠠᠢᠷᠠᠬᠠᠨ ᠵᠠᠭᠤᠨ ᠠᠴᠢᠶ᠎ᠠ ᠡᠳ᠋ ᠠᠭᠤᠷᠠᠰᠤᠨ ᠢ᠋ᠶ᠋ᠠᠷ ᠠᠷᠤ ᠭᠠᠵᠠᠷ ᠤ᠋ᠨ ᠠᠳᠤᠭᠤᠰᠤᠨ ᠮᠠᠯ ᠢ᠋ ᠲᠡᠵᠢᠭᠡᠪᠡ᠃ ᠪᠢ ᠪᠣᠳᠣᠪᠠᠴᠤ ᠪᠢᠴᠢᠬᠠᠨ ᠲᠡᠳᠦᠢ ᠪᠧᠲ᠋ᠠ᠋ ᠤᠯᠤᠰ ᠪᠡᠷᠬᠡ ᠬᠡᠴᠡᠭᠦᠦ ᠬᠢᠲᠠᠳ ᠤᠯᠤᠰ ᠲᠤᠷ ᠬᠡᠷᠬᠢᠨ ᠬᠠᠯᠳᠠᠨ ᠴᠢᠳᠠᠬᠤ ᠴᠢᠨᠡᠭᠡ ᠪᠣᠢ ᠠᠵᠢ ! ᠭᠦᠷᠪᠡᠯᠵᠢᠨ ᠬᠤᠸᠠᠩᠬᠡᠦ ᠡᠴᠡ ᠪᠤᠰᠤ ᠪᠣᠯᠪᠠᠰᠤ ᠂ ᠭᠦᠶᠦᠬᠡᠨ ᠮᠡᠬᠦᠰ ᠪᠢ ᠡᠳᠦᠢ ᠬᠦᠷᠲᠡᠯ᠎ᠡ ᠢᠲᠡᠭᠡᠵᠦ ᠰᠠᠭᠤᠬᠤ ᠪᠥᠯᠥᠭᠡ ! 》 ᠭᠡᠮᠡᠨ ᠳᠠᠬᠢᠨ ᠳᠠᠪᠲᠠᠨ ᠭᠠᠰᠢᠭᠤᠳᠠᠨ ᠭᠡᠮᠰᠢᠵᠦ ᠵᠣᠭᠰᠣᠬᠤ ᠦᠭᠡᠢ ᠳ᠋ᠦ᠍ᠷ ᠳ᠋ᠤᠷᠳᠤᠩ ᠨᠣᠶᠠᠨ ᠪᠡᠷ ᠲᠣᠪ ᠳᠤᠭᠤᠢ ᠪᠣᠯᠵᠤ ᠳᠤᠷ᠎ᠠ ᠬᠠᠷᠢᠵᠤ ᠤᠷᠮ᠎ᠠ ᠦᠭᠡᠢ ᠪᠡᠷ ᠲᠥᠷᠥ ᠡᠴᠡ ᠪᠠᠭᠤᠵᠤ᠂ ᠭᠡᠷ ᠲᠦ᠍ᠷ ᠶᠥᠭᠡᠨ ᠡᠭᠡᠭᠡᠳ ᠲᠡᠳᠦᠢ ᠨᠡᠢᠴᠡᠨ ᠰᠡᠳᠬᠢᠯ ᠳᠠᠭᠠᠴᠢᠬ᠍ᠴᠢ ᠣᠯᠠᠨ ᠨᠥᠬᠥᠳ ᠦ᠋ᠨ ᠢ᠋ᠶ᠋ᠡᠨ ᠵᠦᠭ ᠥᠭᠦᠯᠡᠷᠦᠨ : 《ᠪᠢ ᠪᠧᠲ᠋ᠠ᠋ ᠤᠯᠤᠰ ᠤ᠋ᠨ ᠡᠵᠡᠨ ᠢ᠋ ᠦᠵᠡᠪᠡᠰᠦ ᠲᠡᠰᠳᠡᠰᠢ ᠦᠭᠡᠢ ᠰᠦᠷ ᠭᠡᠷᠡᠯ ᠲᠡᠢ᠂ ᠲᠡᠮᠳᠡᠭᠲᠡᠶ᠎ᠡ ᠲᠡᠭᠷᠢ ᠶ᠋ᠢᠨ ᠬᠥᠪᠡᠭᠦᠨ ᠮᠠᠭᠠᠳ ᠮᠥᠨ᠂ ᠠᠯᠢᠪᠠ ᠬᠥᠮᠦᠨ ᠦᠵᠡᠪᠡᠰᠦ ᠠᠶᠤᠨ ᠰᠦᠷᠳᠡᠭᠡᠳ ᠠᠷᠪᠠᠨ ᠠᠯᠲᠠ ᠶ᠋ᠢᠨ ᠭᠠᠳᠠᠨ᠎ᠠ ᠠᠶᠤᠮᠰᠢᠭ᠋ ᠲᠠᠢ ᠵᠢᠪᠬᠤᠯᠠᠩ ᠪᠠᠳᠠᠷᠠᠮᠤᠢ᠃ ᠠᠶ᠎ᠠ ᠬᠠᠢᠷᠠᠬᠠᠨ ᠮᠠᠨ ᠤ᠋ ᠬᠠᠭᠠᠨ ᠡᠵᠡᠨ᠂ ᠠᠳᠠᠪᠠᠰᠢ ᠤᠨᠤᠭᠰᠠᠨ ᠠᠰᠢᠭ᠋ ᠲᠠᠢ ᠬᠡᠷᠡᠭ ᠢ᠋ᠶ᠋ᠡᠨ ᠠᠯᠳᠠᠪᠠᠢ 》ᠬᠡᠮᠡᠪᠡᠢ᠃
ᠲᠡᠭᠦᠨᠴᠡ ᠪᠧᠲ᠋ᠠ᠋ ᠲᠠᠩᠭᠤᠳ ᠬᠣᠶᠠᠷ ᠤᠯᠤᠰ ᠢ᠋ ᠥᠭᠦᠯᠡᠬᠦ ᠦᠭᠡᠢ ᠃ ᠵᠢᠴᠢ ᠲᠡᠷᠡ ᠤᠳᠠᠭ᠎ᠠ ᠶ᠋ᠢᠨ ᠵᠠᠯᠢᠲᠤ ᠬᠠᠭᠠᠨ ᠪᠧᠲ᠋ᠠ᠋ ᠤᠯᠤᠰ ᠤ᠋ᠨ ᠬᠡᠷᠬᠢᠪᠡᠴᠦ ᠵᠦᠭᠡᠷ ᠦᠯᠦ ᠵᠣᠭᠰᠣᠬᠤ ᠶ᠋ᠢ ᠮᠡᠳᠡᠬᠦ ᠲᠤᠯᠠ ᠭᠠᠵᠠᠷ ᠭᠠᠵᠠᠷ ᠤ᠋ᠨ ᠤᠯᠤᠰ ᠤᠯᠤᠰ ᠲᠤᠷ ᠢᠯᠡᠭᠡᠭᠰᠡᠨ ᠡᠯᠴᠢ ᠵᠠᠮᠤᠬ᠎ᠠ ᠡᠭᠡᠵᠦ ᠢᠷᠡᠭᠡᠳ ᠤᠯᠤᠰ ᠪᠦᠷᠢ ᠡᠴᠡ ᠴᠥᠮ ᠬᠤᠰᠢᠶᠠᠭᠠᠳ ᠮᠢᠩᠭᠠᠨ ᠴᠡᠷᠢᠭ ᠣᠯᠵᠤ ᠂ ᠪᠦᠭᠦᠳᠡ ᠶ᠋ᠢ ᠨᠡᠢᠯᠡᠭᠦᠯᠪᠡᠰᠦ ᠮᠥᠨ ᠬᠡᠳᠦᠨ ᠲᠦᠮᠡᠨ ᠦ᠌ ᠲᠤᠭᠠᠨᠠ ᠬᠦᠷᠦᠭᠰᠡᠨ ᠲᠤᠯᠠ ᠰᠡᠳᠬᠢᠯ ᠰᠢᠭᠤᠳᠴᠤ ᠪᠠᠰᠠ ᠲᠠᠩᠭᠤᠳ ᠤ᠋ᠨ ᠰᠢᠳᠤᠷᠭᠤ ᠬᠠᠭᠠᠨ ᠠ᠋ᠴᠠ ᠲᠤᠰᠠᠯᠠᠬᠤ ᠴᠡᠷᠢᠭ ᠭᠤᠶᠤᠵᠤ᠂ ᠵᠠᠮᠤᠬ᠎ᠠ ᠶ᠋ᠢ ᠡᠯᠴᠢ ᠵᠠᠷᠤᠭᠰᠠᠨ ᠳ᠋ᠤᠷ ᠰᠢᠳᠤᠷᠭᠤ ᠬᠠᠭᠠᠨ ᠣᠯᠠᠨ ᠲᠦᠰᠢᠮᠡᠳ ᠯᠦ᠍ᠭᠡ ᠪᠡᠨ ᠵᠥᠪᠳᠡᠬᠦᠢ ᠳ᠋ᠦ᠍ᠷ ᠲᠡᠷᠢᠭᠦᠯᠡᠭᠰᠡᠨ ᠲᠠᠢᠰᠢ ᠲᠦᠰᠢᠮᠡᠯ ᠪᠠᠶᠠᠨ ᠰᠠᠷᠲᠠᠸᠠᠬᠢ ᠨᠣᠶᠠᠨ ᠪᠠ ᠬᠥᠪᠡᠭᠦᠨ ᠢᠨᠦ ᠳ᠋ᠤᠷᠳᠤᠩ ᠨᠣᠶᠠᠨ ᠢ᠋ᠶ᠋ᠠᠷ ᠬᠣᠷᠢᠭ᠍ᠯᠠᠨ ᠮᠡᠳᠡᠭᠦᠯᠦᠷᠦᠨ : 《ᠬᠠᠭᠠᠨ ᠡᠵᠡᠨ ᠠ᠋ ᠂ ᠪᠢᠳᠡ ᠨᠢᠭᠡᠨᠲᠡ ᠲᠦᠮᠡᠨ ᠯᠠᠩ ᠤ᠋ᠨ ᠪᠡᠯᠡᠭ ᠢ᠋ᠶ᠋ᠡᠨ ᠰᠦᠢᠳᠬᠡᠵᠦ ᠂ ᠲᠡᠮᠦᠵᠢᠨ ᠯᠦ᠍ᠭᠡ ᠮᠠᠰᠢ ᠰᠠᠢᠬᠠᠨ ᠪᠣᠯᠤᠭᠰᠠᠨ ᠪᠥᠭᠡᠳ ᠲᠡᠭ ᠬᠢᠷᠢ ᠪᠡᠨ ᠦᠯᠦ ᠮᠡᠳᠡᠬᠦ ᠲᠡᠨᠡᠭᠷᠡᠭᠡᠭ ᠰᠠᠷᠯᠠᠭ ᠯᠤᠭ᠎ᠠ ᠨᠡᠢᠯᠡᠵᠦ᠂ ᠲᠡᠷᠡ ᠬᠦ᠌ ᠪᠧᠲ᠋ᠠ᠋ ᠤᠯᠤᠰ ᠯᠤᠭ᠎ᠠ ᠥ ᠥᠰᠢᠶ᠎ᠡ ᠲᠡᠢ ᠪᠣᠯᠬᠤ ᠠᠨᠤ ᠵᠣᠬᠢᠰ ᠦᠭᠡᠢ ᠮᠡᠲᠦ᠂ ᠲᠡᠮᠳᠡᠭᠲᠡᠶ᠎ᠡ ᠲᠡᠷᠡ ᠬᠦ᠌ ᠪᠧᠲ᠋ᠠ᠋ ᠤᠯᠤᠰ ᠤ᠋ᠨ ᠡᠵᠡᠨ ᠲᠡᠮᠦᠵᠢᠨ ᠬᠡᠮᠡᠭᠴᠢ ᠲᠠᠰᠤᠷᠬᠠᠢ ᠳᠠᠭ᠌ᠷᠢᠯᠢᠭ᠌ ᠤ᠋ᠨ ᠦᠷᠡᠰ ᠦ᠋ᠨ ᠪᠠᠢᠳᠠᠯ ᠲᠠᠢ᠃ ᠲᠡᠭᠦᠨ ᠦ᠌ ᠲᠡᠳᠡᠭᠡᠷ ᠴᠡᠷᠢᠭ ᠬᠤᠶᠠᠭ ᠠᠨᠤ ᠲᠡᠩᠴᠡᠰᠢ ᠦᠭᠡᠢ ᠬᠤᠷᠴᠠ ᠭᠠᠢᠬᠠᠮᠰᠢᠭ᠋ ᠲᠠᠢ ᠪᠥᠭᠡᠳ ᠲᠡᠳᠡᠨ ᠦ᠌ ᠨᠢᠭᠡᠨ ᠴᠡᠷᠢᠭ ᠦ᠋ᠨ ᠬᠦᠨᠡᠰᠦ ᠬᠦᠴᠦᠨ ᠪᠤᠰᠤᠳ ᠤ᠋ᠨ ᠠᠷᠪᠠᠨ ᠴᠡᠷᠢᠭ ᠴᠦ᠍ ᠠᠮᠢᠳᠤᠷᠠᠨ ᠭᠦᠢᠴᠡᠮᠦᠢ᠃ ᠲᠡᠢᠨ ᠬᠦ᠌ ᠲᠡᠳᠡᠨ ᠦ᠌ ᠴᠡᠷᠢᠭ ᠴᠥᠮ ᠳᠤᠷᠠᠲᠠᠶ᠎ᠠ ᠦᠬᠦᠨ ᠵᠢᠳᠬᠦᠯᠴᠡᠮᠦᠢ᠃ ᠨᠡᠩ ᠪᠠᠰᠠ ᠪᠧᠲ᠋ᠠ᠋ ᠤᠯᠤᠰ ᠤ᠋ᠨ ᠡᠵᠡᠨ ᠦ᠌ ᠡᠩ ᠦ᠋ᠨ ᠡᠳᠦᠷ ᠦ᠋ᠨ ᠱᠠᠩ ᠬᠡᠰᠢᠭ ᠪᠠ ᠭᠠᠪᠢᠶ᠎ᠠ ᠵᠢᠳᠬᠦᠯᠭᠡ ᠳ᠋ᠦ᠍ᠷ ᠬᠥᠬᠢᠭᠦᠯᠦᠨ ᠬᠥᠮᠦᠵᠢᠭᠦᠯᠬᠦ ᠢᠨᠦ ᠲᠥᠷᠥᠭᠰᠡᠨ ᠠᠬ᠎ᠠ ᠳᠡᠭᠦᠦ ᠬᠡᠦᠬᠡᠳ ᠠᠴᠢᠷ ᠮᠡᠲᠦ ᠪᠡᠷ ᠠᠳᠠᠯᠢ ᠠᠰᠠᠷᠠᠨ ᠦᠵᠡᠮᠦᠢ᠃ ᠶᠠᠯ᠎ᠠ ᠪᠤᠷᠤᠭᠤ ᠳ᠋ᠤᠷ ᠠᠨᠤ ᠵᠠᠰᠠᠭᠯᠠᠨ ᠰᠢᠳᠬᠡᠬᠦ ᠢᠨᠦ ᠥᠪᠡᠷ ᠦ᠋ᠨ ᠦᠷ᠎ᠡ ᠪᠡᠨ ᠤᠬᠠᠭᠤᠯᠬᠤ ᠠᠳᠠᠯᠢ ᠪᠠᠷ ᠴᠤᠭᠠᠷ ᠰᠡᠩᠬᠡᠷᠡᠭᠦᠯᠦᠨ ᠤᠬᠠᠭᠤᠯᠤᠮᠤᠢ᠃ ᠯᠠᠪ ᠬᠣᠢᠴᠢ ᠡᠳᠦᠷ ᠬᠣᠢᠲᠤ ᠭᠠᠵᠠᠷ ᠢ᠋ ᠭᠠᠭᠴᠠᠭᠠᠷ ᠬᠣᠷᠢᠶᠠᠨ ᠡᠵᠡᠯᠡᠮᠦᠢ ᠶᠠ᠂ ᠬᠤᠲᠤᠭᠲᠤ ᠡᠵᠡᠨ ᠮᠢᠨᠦ ᠬᠣᠯᠠ ᠤᠷᠲᠤ ᠤᠷᠢᠳᠠ ᠶ᠋ᠢᠨ ᠪᠣᠳᠣᠯᠭ᠎ᠠ ᠪᠠᠷ ᠢ᠋ᠶ᠋ᠠᠨ ᠶᠠᠪᠤᠪᠠᠰᠤ ᠵᠣᠬᠢᠮᠤᠢ᠃ ᠣᠯᠠᠨ ᠤᠷᠰᠢᠭ᠋ ᠳᠡᠭᠳᠡᠭᠡᠨ ᠂ ᠤᠯᠤᠰ ᠢᠷᠭᠡᠨ ᠢ᠋ ᠬᠥᠳᠡᠯᠭᠡᠵᠦ ᠶᠠᠭᠤᠬᠢᠮᠤᠢ ! ᠡᠨᠡ ᠰᠠᠷᠯᠠᠭ ᠤ᠋ᠨ ᠡᠯᠴᠢ ᠶ᠋ᠢᠨ ᠦᠭᠡ ᠠᠶᠠᠰ ᠤ᠋ᠨ ᠣᠮᠣᠷᠬᠠᠭ ᠳᠡᠭᠡᠷᠡᠩᠭᠦᠢ ᠪᠠᠢᠳᠠᠯ ᠢ᠋ ᠡᠵᠡᠨ ᠠᠢᠯᠠᠳᠴᠤ ᠡᠰᠡ ᠭᠠᠷᠪᠠᠤ ? ᠠᠶᠠᠰ ᠠᠪᠵᠠᠭ᠎ᠠ ᠠᠨᠤ ᠦᠨᠡᠬᠡᠷ ᠥᠭᠡᠷ᠎ᠡ ᠥᠭᠡᠷᠡᠭᠡᠨ ᠪᠠᠢᠨᠠᠮ᠂ ᠬᠡᠷᠬᠢᠪᠡᠴᠦ ᠪᠧᠲ᠋ᠠ᠋ ᠤᠯᠤᠰ ᠢ᠋ ᠠᠷᠢᠯᠭᠠᠵᠤ ᠦᠯᠦ ᠴᠢᠳᠠᠮᠤᠢ᠃ ᠲᠡᠷᠡ ᠪᠧᠲ᠋ᠠ᠋ ᠤᠯᠤᠰ ᠤ᠋ᠨ ᠴᠡᠷᠢᠭ ᠦ᠋ᠨ ᠵᠢᠨᠦᠩ ᠮᠤᠬᠤᠯᠢ ᠬᠡᠮᠡᠭᠴᠢ ᠮᠣᠬᠣᠰᠢ ᠦᠭᠡᠢ ᠮᠡᠷᠭᠡᠨ ᠪᠣᠳᠣᠯᠭ᠎ᠠ ᠪᠠᠭᠠᠲᠤᠷ ᠬᠡᠴᠡᠭᠦᠦ ᠬᠣᠣᠰ ᠪᠦᠷᠢᠳᠦᠭᠰᠡᠨ ᠬᠤᠪᠢᠯᠭᠠᠨ ᠰᠠᠬᠢᠭᠤᠯᠰᠤᠨ ᠮᠡᠲᠦ ᠢᠯᠡ ᠳᠠᠯᠳᠠ ᠶ᠋ᠢ ᠮᠡᠳᠡᠮᠦᠢ᠃ ᠪᠧᠲ᠋ᠠ᠋ ᠤᠯᠤᠰ ᠢ᠋ ᠬᠢᠯᠪᠠᠷ ᠢ᠋ᠶ᠋ᠠᠷ ᠮᠥᠬᠥᠭᠡᠨ ᠦᠯᠦ ᠴᠢᠳᠠᠮᠤᠢ᠃ ᠬᠠᠭᠠᠨ ᠡᠵᠡᠨ ᠬᠠᠷᠢᠶ᠎ᠠ ᠦᠭᠡᠢ ᠰᠠᠷᠯᠠᠭ ᠤᠯᠤᠰ ᠤ᠋ᠨ ᠲᠥᠯᠥᠭᠡ᠂ ᠬᠠᠨᠢᠯᠠᠵᠤ ᠰᠠᠢᠬᠠᠨ ᠪᠣᠯᠤᠭᠰᠠᠨ ᠪᠧᠲ᠋ᠠ᠋ ᠤᠯᠤᠰ ᠯᠤᠭ᠎ᠠ ᠬᠠᠷᠰᠢᠬᠤ ᠠᠨᠤ ᠶᠠᠮᠪᠠᠷ ᠰᠠᠢᠨ ᠭᠠᠵᠠᠷ ᠪᠠᠢᠬᠤ ᠪᠣᠢ ! 》ᠬᠡᠮᠡᠭᠰᠡᠨ ᠳ᠋ᠤᠢ ᠰᠢᠳᠤᠷᠭᠤ ᠬᠠᠭᠠᠨ ᠲᠣᠯᠣᠭᠠᠢ ᠳᠠᠷᠤᠨ ᠳᠠᠭᠤᠨ ᠦᠭᠡᠶ᠎ᠡ ᠳᠣᠲᠣᠭᠠᠳᠤ ᠤᠷᠳᠣᠨ᠎ᠠ ᠡᠭᠡᠪᠡ᠃ ᠡᠨᠡ ᠦᠭᠡ ᠶ᠋ᠢ ᠰᠠᠷᠯᠠᠭ ᠤ᠋ᠨ ᠡᠯᠴᠢ ᠪᠣᠯᠤᠨ ᠢᠷᠡᠭᠰᠡᠨ ᠵᠠᠮᠤᠬ᠎ᠠ ᠰᠣᠨᠣᠰᠤᠭᠠᠳ ᠶᠠᠭᠠᠷᠠᠨ ᠭᠦᠷᠪᠡᠯᠵᠢᠨ ᠭᠤᠸ᠎ᠠ ᠬᠠᠲᠤᠨ ᠤ᠋ ᠲᠡᠵᠢᠭᠡᠭᠰᠡᠨ ᠡᠴᠢᠭᠡ ᠡᠦ ᠵᠠᠩ ᠶᠠ ᠶ᠋ᠢᠨ ᠬᠠᠭᠠᠯᠭᠠᠨ ᠳ᠋ᠤᠷ ᠰᠢᠷᠭᠤᠨ ᠣᠷᠣᠵᠤ᠂ ᠪᠠᠭ᠎ᠠ ᠰᠠᠬᠠ ᠡᠳ᠋ ᠬᠡᠷᠡᠭᠯᠡᠨ᠂ ᠤᠯᠤᠰ ᠤ᠋ᠨ ᠴᠠᠭᠠᠨ ᠪᠤᠯᠠᠭ᠎ᠠ ᠬᠣᠶᠠᠷ ᠬᠣᠣᠰ ᠢ᠋ ᠪᠠᠷᠢᠭ᠍ᠰᠠᠨ ᠳ᠋ᠤᠷ ᠡᠦ ᠵᠠᠩ ᠶᠠ ᠬᠦᠯᠢᠶᠡᠨ ᠠᠪᠴᠤ ᠰᠠᠮ ᠢ᠋ᠶ᠋ᠠᠷ ᠰᠢᠮᠨᠤ ᠥᠬᠢᠨ ᠭᠦᠷᠪᠡᠯᠵᠢᠨ ᠭᠤᠸ᠎ᠠ ᠳ᠋ᠤᠷ ᠢ᠋ᠶ᠋ᠠᠨ ᠬᠡᠯᠡᠵᠦ ᠣᠷᠣᠭᠤᠯᠤᠭᠰᠠᠨᠠ᠂ ᠭᠦᠷᠪᠡᠯᠵᠢᠨ ᠭᠤᠸ᠎ᠠ ᠨᠡᠷᠡᠲᠦ ᠮᠣᠭᠠᠢ ᠶ᠋ᠢᠨ ᠰᠢᠮᠨᠤ ᠲᠠᠩᠭᠤᠳ ᠤᠯᠤᠰ ᠤ᠋ᠨ ᠲᠠᠯᠠᠬ᠎ᠠ ᠶ᠋ᠢ ᠭᠠᠷᠭᠠᠷᠠ ᠢᠷᠡᠭᠰᠡᠨ ᠦ᠌ ᠳᠤᠯᠳᠠ ᠲᠠᠰᠤᠷᠬᠠᠢ ᠰᠠᠢᠬᠠᠨ ᠬᠥᠬᠡ ᠬᠥᠮᠥᠰᠬᠡ ᠪᠡᠨ ᠠᠲᠤᠷᠢᠮᠠᠭᠴᠠ ᠨᠢᠭᠡᠨ ᠠᠷᠭ᠎ᠠ ᠣᠯᠪᠠᠢ ᠃
ᠶᠠᠮᠪᠠᠷ ᠠᠷᠭ᠎ᠠ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠭᠳᠡᠬᠦᠢ᠃
ᠠᠪᠠ ᠶ᠋ᠢᠨ ᠬᠣᠷᠢᠶᠠᠨ ᠳ᠋ᠤᠷ ᠨᠢᠭᠡᠨ ᠪᠢᠯᠳᠠᠤᠴᠢ ᠶ᠋ᠢ ᠶᠠᠯᠠᠯᠠᠭᠰᠠᠨ ᠢ᠋ᠶ᠋ᠠᠷ
ᠠᠯᠢᠪᠠ ᠬᠣᠪᠴᠢ ᠶ᠋ᠢ ᠠᠯᠠᠭ᠎ᠠ ᠪᠣᠯᠭᠠᠨ ᠴᠢᠳᠠᠵᠤᠬᠤᠢ ᠂
ᠠᠯᠠᠬᠤ ᠠᠮᠢᠳᠤᠷᠠᠭᠤᠯᠬᠤ ᠡᠨᠡ ᠮᠡᠲᠦ ᠭᠡᠭᠡᠬᠡᠨ ᠲᠣᠳᠣᠷᠬᠠᠢ ᠳ᠋ᠤᠷ
ᠠᠯᠲᠠᠨ ᠳᠡᠯᠡᠬᠡᠢ ᠶ᠋ᠢ ᠰᠠᠶᠢ ᠠᠯᠠᠭᠠᠨ ᠳ᠋ᠠᠭᠠᠨ ᠲᠣᠭᠲᠠᠭᠠᠵᠤᠬᠤᠢ ᠃
ᠴᠣᠬᠣᠯᠠᠭᠰᠠᠨ ᠠᠨᠤ
ᠡᠨᠡ ᠪᠦᠯᠦᠭ ᠲᠣᠷ ᠲᠠᠢᠽᠦ ᠶ᠋ᠢᠨ ᠳᠥᠷᠪᠡᠨ ᠦᠶ᠎ᠡ ᠶ᠋ᠢᠨ ᠥᠰᠢᠶᠡᠲᠡᠨ ᠠᠷᠢᠯᠵᠤ ᠂ ᠳᠥᠷᠪᠡᠨ ᠳᠡᠭᠦᠦ ᠂ ᠳᠥᠷᠪᠡᠨ ᠬᠦᠯᠦᠭ ᠂ ᠳᠥᠷᠪᠡᠨ ᠬᠠᠲᠤᠨ ᠂ ᠳᠥᠷᠪᠡᠨ ᠬᠥᠪᠡᠭᠦᠨ ᠂ ᠳᠥᠷᠪᠡᠨ ᠳᠥᠷᠪᠡ ᠶ᠋ᠢᠨ ᠬᠠᠮᠠᠭᠠᠯᠠᠯ ᠰᠠᠶᠢ ᠪᠦᠷᠢᠳᠦᠭᠰᠡᠨᠡ ᠂ ᠳᠡᠭᠡᠳᠦ ᠲᠡᠭᠷᠢ ᠡᠴᠡ ᠳᠡᠯᠭᠡᠷᠡᠬᠦ ᠷᠠᠰᠢᠶᠠᠨ ᠪᠠᠭᠤᠵᠤ ᠢᠷᠡᠭᠰᠡᠨ ᠢᠨᠦ ᠴᠥᠮ ᠲᠡᠭᠷᠢ ᠡᠴᠡ ᠬᠥᠪᠡᠭᠦᠨ ᠢ᠋ᠶ᠋ᠡᠨ ᠬᠥᠮᠦᠵᠢᠭᠦᠯᠬᠦᠢ ᠶ᠋ᠢᠨ ᠣᠴᠢᠷ᠎ᠠ᠂ ᠲᠡᠷᠡ ᠴᠠᠭ ᠤ᠋ᠨ ᠣᠯᠠᠨ ᠤᠷᠤᠭ ᠲᠥᠷᠥᠯ ᠂ ᠲᠦᠰᠢᠮᠡᠯ ᠢᠷᠭᠡᠨ ᠢ᠋ ᠢᠨᠦ ᠨᠢᠭᠡᠨ ᠰᠡᠳᠬᠢᠯ ᠢ᠋ᠶ᠋ᠡᠷ ᠪᠢᠰᠢᠷᠡᠭᠦᠯᠦᠨ ᠬᠠᠮᠲᠤᠳᠬᠠᠬᠤ ᠰᠢᠯᠲᠠᠭᠠᠨ ᠪᠣᠯᠠᠢ᠃ ᠡᠨᠡ ᠨᠢᠭᠡᠨ ᠢ᠋ᠶ᠋ᠡᠷ ᠲᠠᠢᠽᠦ ᠶ᠋ᠢᠨ ᠮᠠᠭᠠᠳ ᠲᠡᠭᠷᠢ ᠶ᠋ᠢᠨ ᠬᠥᠪᠡᠭᠦᠨ ᠢ᠋ ᠳᠣᠲᠣᠷᠬᠠᠶ᠎ᠠ ᠮᠡᠳᠡᠪᠡᠰᠦ ᠪᠣᠯᠣᠮᠢ ᠶᠠ᠃ ᠪᠠᠰᠠ ᠡᠷᠲᠡᠨ ᠦ᠌ ᠪᠣᠭᠳᠠ ᠬᠠᠳ ᠲᠤᠷ ᠡᠷᠬᠡᠪᠰᠢ ᠳᠥᠷᠪᠡᠨ ᠬᠠᠲᠤᠨ ᠪᠠᠢᠯᠭᠦᠢ ᠦᠯᠦ ᠪᠣᠯᠤᠮᠤᠢ ᠬᠡᠮᠡᠵᠦᠬᠦᠢ᠃ ᠳᠥᠷᠪᠡᠨ ᠬᠠᠲᠤᠨ ᠬᠡᠮᠡᠭᠴᠢ ᠨᠢᠭᠡᠨ ᠬᠤ᠌ ᠨᠢᠭᠡᠨ ᠹᠧᠢ ᠂ ᠬᠣᠶᠠᠷ ᠪᠢᠨ ᠬᠡᠮᠡᠵᠦᠬᠦᠢ ᠃ ᠲᠠᠢᠽᠦ ᠶ᠋ᠢᠨ ᠳᠥᠷᠪᠡᠨ ᠬᠠᠲᠤᠨ ᠪᠣᠯᠤᠭᠰᠠᠨ ᠠᠨᠤ ᠶᠠᠮᠪᠠᠷ ᠰᠤᠷᠴᠤ ᠳᠠᠭᠤᠷᠢᠶᠠᠭᠰᠠᠨ ᠠᠨᠤ ᠪᠤᠰᠤ᠂ ᠶᠠᠷᠠᠭᠳᠠᠭᠠᠨ ᠪᠦᠷᠢᠳᠦᠭᠰᠡᠨ ᠢᠨᠦ ᠲᠤᠯᠠ ᠮᠥᠨ ᠴᠥᠮ ᠲᠡᠭᠷᠢ ᠶ᠋ᠢᠨ ᠣᠳᠣᠳ ᠢ᠋ ᠮᠡᠳᠡᠪᠡᠰᠦ ᠪᠣᠯᠤᠮᠤᠢ ᠶᠠ᠃ ᠵᠢᠴᠢ ᠲᠡᠷᠡ ᠬᠦ᠌ ᠲᠡᠭᠷᠢ ᠶ᠋ᠢᠨ ᠷᠠᠰᠢᠶᠠᠨ ᠢ᠋ ᠥᠭᠡᠯᠦᠨ ᠡᠮᠡᠭᠡ ᠂ ᠪᠦᠷᠲᠡᠭᠡᠯᠵᠢᠨ ᠡᠬᠡ ᠂ ᠵᠢᠴᠢ ᠥᠭᠡᠳᠡᠢ ᠂ ᠲᠣᠯᠢ ᠂ ᠠᠬ᠎ᠠ ᠳᠡᠭᠦᠦ ᠬᠣᠶᠠᠭᠤᠯᠠ ᠡᠨᠡ ᠳᠥᠷᠪᠡᠨ ᠬᠥᠮᠦᠨ ᠡᠴᠡ ᠪᠤᠰᠤᠳ ᠤ᠋ᠨ ᠬᠣᠭᠣᠯᠠᠢ ᠳ᠋ᠤᠷ ᠡᠰᠡ ᠣᠷᠣᠭᠰᠠᠨ ᠠᠨᠤ ᠦᠨᠡᠬᠡᠷ ᠲᠡᠩᠷᠢ ᠶ᠋ᠢᠨ ᠡᠴᠢᠭᠡ ᠡᠬᠡ ᠡᠮ᠎ᠡ ᠦᠷ᠎ᠡ ᠡᠴᠡ ᠪᠤᠰᠤᠳ ᠦᠯᠦ ᠪᠣᠯᠬᠤ ᠠᠵᠤᠭᠤ᠃ ᠥᠭᠡᠳᠡᠢ ᠬᠣᠢᠨ᠎ᠠ ᠬᠠᠭᠠᠨ ᠰᠠᠭᠤᠷᠢᠨ ᠢ᠋ ᠵᠠᠯᠭᠠᠮᠵᠢᠯᠠᠪᠠ᠃ ᠲᠣᠯᠢ ᠬᠡᠳᠦᠢ ᠬᠠᠭᠠᠨ ᠰᠠᠭᠤᠷᠢᠨ ᠢ᠋ ᠡᠰᠡ ᠵᠠᠯᠭᠠᠮᠵᠢᠯᠠᠪᠠᠴᠤ ᠲᠣᠯᠢ ᠶ᠋ᠢᠨ ᠶᠡᠬᠡ ᠬᠥᠪᠡᠭᠦᠨ ᠮᠥᠩᠬᠡ ᠂ ᠳᠥᠷᠪᠡᠳᠦᠭᠡᠷ ᠬᠥᠪᠡᠭᠦᠨ ᠬᠤᠪᠢᠯᠠᠢ ᠰᠡᠴᠡᠨ ᠴᠥᠮ ᠶᠡᠬᠡ ᠬᠠᠭᠠᠨ ᠰᠠᠭᠤᠷᠢᠨ ᠳ᠋ᠤᠷ ᠰᠠᠭᠤᠪᠠ᠃ ᠥᠭᠡᠳᠡᠢ ᠢᠨᠦ ᠪᠡᠶ᠎ᠡ ᠪᠡᠷ ᠬᠠᠭᠠᠨ ᠪᠣᠯᠪᠠ᠃ ᠲᠣᠯᠢ ᠠᠨᠤ ᠬᠣᠶᠠᠷ ᠬᠠᠭᠠᠨ ᠤ᠋ ᠡᠴᠢᠭᠡ ᠪᠣᠯᠪᠠ᠃ ᠵᠢᠴᠢ ᠬᠠᠰᠠᠷ ᠵᠡᠯᠮ᠎ᠡ ᠬᠣᠶᠠᠭᠤᠯᠠ ᠳ᠋ᠤᠷ ᠲᠠᠢᠽᠦ ᠮᠣᠳᠣᠷ ᠢ᠋ᠶ᠋ᠠᠷ ᠤᠤᠭᠤᠯᠭᠠᠭᠰᠠᠨ ᠢ᠋ᠶ᠋ᠠᠷ ᠬᠠᠰᠠᠷ ᠬᠠᠨ ᠤ᠋ ᠦᠷᠡᠰ ᠢᠨᠦ ᠪᠤᠰᠤ ᠭᠤᠷᠪᠠᠨ ᠳᠡᠭᠦᠦ ᠡᠴᠡ ᠢᠯᠡᠭᠦᠦ᠂ ᠳᠥᠴᠢᠨ ᠬᠡᠳᠦᠨ ᠬᠣᠰᠢᠭᠤ ᠦᠷᠡᠵᠢᠵᠦ᠂ ᠮᠣᠩᠭᠣᠯ ᠭᠠᠵᠠᠷ ᠤ᠋ᠨ ᠵᠡᠭᠦᠨ ᠪᠠᠷᠠᠭᠤᠨ ᠬᠣᠶᠠᠷ ᠦᠵᠦᠭᠦᠷ ᠢ᠋ ᠳᠠᠷᠤᠵᠤᠬᠤᠢ᠃ ᠵᠠᠯᠮ᠎ᠠ ᠬᠦᠷᠲᠡᠭᠰᠡᠨ ᠢ᠋ᠶ᠋ᠡᠷ ᠲᠠᠢᠽᠦ ᠶ᠋ᠢᠨ ᠦᠶ᠎ᠡ ᠶ᠋ᠢᠨ ᠤᠷᠤᠭ ᠠ᠋ᠴᠠ ᠭᠠᠭᠴᠠ ᠨᠢᠭᠡᠨ ᠵᠡᠯᠮ᠎ᠡ ᠶ᠋ᠢᠨ ᠦᠷᠡᠰ ᠡᠳᠦᠭᠡ ᠳᠥᠷᠪᠡᠨ ᠬᠣᠰᠢᠭᠤ ᠲᠠᠪᠤᠨᠠᠩ ᠦᠷᠡᠵᠢᠵᠦ᠂ ᠸᠠᠩ ᠾᠧᠦ ᠭᠠᠷᠬᠤ ᠠᠨᠤ ᠮᠥᠨ ᠢᠯᠭᠠᠯᠲᠠᠢ ᠬᠡᠮᠡᠪᠡᠰᠦ ᠪᠣᠯᠤᠨᠠᠮ ᠶᠠ᠃ ᠲᠡᠷᠡ ᠦᠶ᠎ᠡ ᠶ᠋ᠢᠨ ᠵᠠᠯᠮ᠎ᠠ ᠠ᠋ᠴᠠ ᠤᠷᠢᠳᠠ ᠶ᠋ᠢᠨ ᠤᠷᠤᠭ ᠪᠠ ᠵᠠᠯᠮ᠎ᠠ ᠠ᠋ᠴᠠ ᠢᠯᠡᠭᠦᠦ ᠭᠠᠪᠢᠶᠠᠲᠤ ᠲᠦᠰᠢᠮᠡᠳ ᠦ᠋ᠨ ᠠᠯᠢᠨ ᠤ᠋ ᠦᠷᠡᠰ ᠡᠭᠦᠨ ᠳ᠋ᠦ᠍ᠷ ᠬᠦᠷᠴᠦ ᠴᠢᠳᠠᠮᠤᠢ ? ᠡᠳᠡᠭᠡᠷ ᠴᠥᠮ ᠴᠣᠬᠣᠮ ᠲᠡᠭᠷᠢ ᠶ᠋ᠢᠨ ᠬᠥᠪᠡᠭᠦᠨ ᠦ᠌ ᠭᠠᠷ ᠠ᠋ᠴᠠ ᠲᠡᠭᠷᠢ ᠶ᠋ᠢᠨ ᠷᠠᠰᠢᠶᠠᠨ ᠢ᠋ ᠬᠦᠷᠲᠡᠵᠦ ᠰᠢᠩᠭᠡᠭᠰᠡᠨ ᠦ᠌ ᠴᠢᠳᠠᠯ ᠬᠡᠮᠡᠬᠦ ᠶ᠋ᠢ ᠠᠷᠠᠢᠬᠠᠨ ᠬᠤᠳᠠᠯ ᠬᠡᠮᠡᠵᠦ ᠦᠯᠦ ᠪᠣᠯᠤᠮᠤᠢ᠃ ᠵᠢᠴᠢ ᠲᠡᠭᠷᠢ ᠮᠡᠲᠦ ᠥᠨᠳᠥᠷ ᠮᠡᠷᠭᠡᠨ ᠭᠡᠭᠡᠬᠡᠨ ᠡᠵᠡᠨ ᠳ᠋ᠦ᠍ᠷ ᠭᠠᠵᠠᠷ ᠠᠳᠠᠯᠢ ᠵᠤᠵᠠᠭᠠᠨ ᠠᠭᠤᠳᠠᠮ ᠪᠠᠭᠲᠠᠭᠠᠮᠵᠢᠲᠤ ᠬᠠᠲᠤᠨ ᠠᠭᠤᠯᠵᠠᠵᠤ᠂ ᠬᠠᠮᠤᠭ ᠡᠬᠡᠨᠡᠷ ᠦ᠋ᠨ ᠣᠬᠢ ᠮᠠᠩᠯᠠᠢ ᠪᠣᠯᠵᠤ᠂ ᠠᠳᠬᠠᠭ ᠬᠠᠷᠠᠮ ᠦᠭᠡᠢ ᠶ᠋ᠢ ᠮᠣᠩᠭᠣᠯ ᠲᠤᠭᠠᠲᠠᠨᠠ ᠬᠠᠤᠯᠢ ᠪᠣᠯᠭᠠᠨ ᠬᠣᠴᠣᠷᠤᠭᠤᠯᠤᠭᠰᠠᠨ ᠠᠨᠤ ᠦᠨᠡᠨ ᠢ᠋ᠶ᠋ᠡᠷ ᠲᠡᠭᠷᠢ ᠶ᠋ᠢᠨ ᠰᠣᠶᠣᠯ ᠮᠠᠭᠠᠳ ᠮᠥᠨ ᠪᠤᠶᠤ᠃ ᠡᠷᠲᠡᠨ ᠦ᠌ ᠦᠭᠡᠰ ᠲᠣᠷ《ᠬᠥᠮᠦᠨ ᠢ᠋ ᠡᠷᠢᠨ ᠡᠴᠢᠵᠦ ᠦᠯᠦ ᠬᠠᠯᠳᠠᠬᠤ ᠠᠨᠤ ᠬᠢᠯᠪᠠᠷ ᠂ ᠬᠥᠮᠦᠨ ᠦ᠌ ᠡᠷᠢᠨ ᠢᠷᠡᠵᠦ ᠬᠠᠯᠳᠠᠬᠤᠶᠠ ᠦᠯᠦ ᠬᠠᠷᠢᠭᠤᠯᠬᠤ ᠠᠨᠤ ᠪᠡᠷᠬᠡ 》ᠬᠡᠮᠡᠵᠦᠬᠦᠢ᠃ ᠲᠠᠢᠽᠦ ᠶ᠋ᠢᠨ ᠰᠠᠷᠯᠠᠭ ᠤᠯᠤᠰ ᠢ᠋ ᠦᠯᠦ ᠤᠮᠠᠷᠲᠠᠬᠤ ᠠᠨᠤ ᠴᠣᠬᠣᠮ ᠬᠡᠷᠡᠭ ᠪᠦᠲᠦᠭᠡᠬᠦ ᠶᠡᠬᠡ ᠡᠷ᠎ᠡ ᠶ᠋ᠢᠨ ᠴᠢᠬᠡ ᠴᠢᠭᠢᠷᠠᠭ ᠪᠣᠯᠠᠢ᠃ ᠪᠠᠰᠠ ᠶᠡᠷᠦ ᠶ᠋ᠢᠨ ᠦᠭᠡᠰ ᠲᠣᠷ ᠥᠩᠭᠡᠷᠡᠭᠰᠡᠨ ᠢ᠋ ᠰᠢᠭᠦᠮᠵᠢᠯᠡᠬᠦᠢ ᠶ᠋ᠢ ᠮᠡᠷᠭᠡᠨ ᠬᠡᠮᠡᠬᠦ ᠡᠴᠡ ᠤᠭᠲᠤᠵᠤ ᠤᠬᠠᠭᠰᠠᠨ ᠢ᠋ ᠮᠠᠲᠠᠯ ᠤᠬᠠᠭᠠᠨᠲᠠᠨ ᠬᠡᠮᠡᠭᠳᠡᠬᠦᠢ ᠬᠡᠮᠡᠵᠦᠬᠦᠢ᠃ ᠵᠢᠨᠦ᠋ᠩ ᠮᠤᠬᠤᠯᠢ ᠶ᠋ᠢᠨ ᠰᠢᠳᠤᠷᠭᠤ ᠬᠠᠭᠠᠨ ᠢ᠋ ᠰᠢᠨᠵᠢᠭᠰᠡᠨ ᠡᠴᠡ ᠢᠯᠡᠭᠦᠦ ᠬᠡᠯᠡᠭᠰᠡᠨ ᠢᠨᠦ ᠦᠨᠡᠬᠡᠷ ᠶᠡᠬᠡ ᠰᠠᠪᠠ ᠪᠤᠶᠤ᠃ ᠪᠠᠰᠠ ᠰᠢᠳᠤᠷᠭᠤ ᠬᠠᠭᠠᠨ ᠤ᠋ ᠮᠤᠩᠬᠠᠭ ᠬᠡᠯᠪᠡᠢᠭᠦᠦ ᠢᠨᠦ ᠡᠨᠡ ᠦᠶ᠎ᠡ ᠡᠴᠡ ᠢᠯᠡᠷᠡᠨ ᠭᠠᠷᠴᠤᠬᠤᠢ᠃ ᠬᠣᠵᠢᠮ ᠤᠯᠤᠰ ᠮᠥᠬᠥᠬᠦ ᠦᠶ᠎ᠡ ᠳ᠋ᠦ᠍ᠷ ᠡᠳᠡᠭᠡᠷ ᠦᠭᠡᠰ ᠴᠥᠮ ᠤᠨᠤᠬᠤ ᠪᠣᠯᠠᠢ᠃ ᠵᠢᠴᠢ ᠰᠥᠩ ᠤᠯᠤᠰ ᠪᠠ ᠠᠯᠲᠠᠨ ᠤᠯᠤᠰ ᠤ᠋ᠨ ᠪᠧᠲ᠋ᠠ᠋ ᠤᠯᠤᠰ ᠲᠤᠷ ᠠᠯᠪᠠ ᠪᠠᠷᠢᠬᠤ ᠢᠷᠣ᠎ᠠ ᠡᠨᠡ ᠦᠶ᠎ᠡ ᠳ᠋ᠦ᠍ᠷ ᠮᠡᠳᠡᠭᠳᠡᠵᠦᠬᠦᠢ᠃ ᠵᠢᠴᠢ ᠲᠠᠩᠭᠤᠳ ᠤ᠋ᠨ ᠡᠯᠴᠢ ᠳ᠋ᠤᠷᠳᠤᠩ ᠤ᠋ᠨ ᠥᠪᠡᠷ ᠦ᠋ᠨ ᠤᠯᠤᠰ ᠤ᠋ᠨ ᠪᠧᠲ᠋ᠠ᠋ ᠤᠯᠤᠰ ᠲᠤᠷ ᠦᠯᠦ ᠬᠦᠷᠬᠦ ᠶ᠋ᠢ ᠪᠣᠳᠣᠵᠤ ᠮᠡᠳᠡᠭᠰᠡᠨ ᠢ᠋ ᠮᠥᠨ ᠰᠠᠢᠰᠶᠠᠯᠲᠠᠢ ᠪᠣᠯᠠᠢ᠃ ᠡᠳᠡᠭᠡᠷ ᠦ᠋ᠨ ᠤᠴᠢᠷ ᠴᠥᠮ ᠳᠡᠮᠡᠢ ᠰᠣᠴᠢᠯᠲᠠᠢ ᠭᠠᠵᠠᠷ ᠦᠭᠡᠢ ᠪᠣᠯᠠᠢ᠃ ᠭᠠᠭᠴᠠ ᠮᠠᠰᠢ ᠨᠢᠭᠡᠨ ᠭᠠᠢᠬᠠᠯᠲᠠᠢ ᠭᠠᠵᠠᠷ ᠪᠠᠢᠬᠤ ᠠᠨᠤ ᠲᠠᠢᠽᠦ ᠶ᠋ᠢᠨ ᠴᠠᠢ ᠰᠠᠷᠬᠤᠳ ᠢ᠋ ᠳᠠᠭᠠᠭᠠᠭᠰᠠᠨ ᠲᠦᠰᠢᠮᠡᠯ ᠶᠠᠪᠤᠭ᠎ᠠ ᠶ᠋ᠢᠨ ᠥᠴᠦᠬᠡᠨ ᠲᠡᠳᠦᠢ ᠭᠠᠵᠢᠭᠤ ᠠᠮᠢᠰᠬᠤᠯ ᠭᠠᠷᠤᠮᠠᠭᠴᠠ ᠲᠠᠢᠽᠦ ᠳᠠᠷᠤᠢ ᠴᠠᠭ ᠬᠱᠡᠨᠡ ᠠᠶᠤᠩᠭ᠎ᠠ ᠶ᠋ᠢᠨ ᠰᠦᠷ ᠢ᠋ ᠵᠠᠷᠯᠠᠨ ᠣᠭᠴᠣ ᠲᠠᠰᠤ ᠰᠢᠳᠬᠡᠭᠰᠡᠨ ᠢᠨᠦ ᠦᠨᠡᠨ ᠢ᠋ᠶ᠋ᠡᠷ ᠳᠠᠩ ᠳᠠᠢᠽᠦ᠋ᠩ ᠦ᠋ᠨ ᠢᠯᠠᠮ᠎ᠠ ᠶ᠋ᠢᠨ ᠮᠣᠳᠣᠨ ᠢ᠋ ᠳᠠᠭᠠᠵᠤ ᠮᠠᠭᠲᠠᠭᠰᠠᠨ᠂ ᠪᠢᠯᠳᠠᠤᠴᠢ ᠲᠦᠰᠢᠮᠡᠯ ᠢ᠋ ᠢᠴᠢᠭᠡᠭᠰᠡᠨ ᠡᠴᠡ ᠬᠡᠲᠦᠢᠳᠴᠦᠬᠦᠢ᠃ ᠠᠶ᠎ᠠ ᠤᠯᠤᠰ ᠪᠦᠲᠦᠭᠡᠨ ᠲᠥᠷᠥ ᠨᠡᠭᠡᠭᠡᠬᠦ ᠠᠷᠠᠳ ᠪᠠ ᠬᠠᠳ ᠤ᠋ᠳ ᠤ᠋ᠨ ᠲᠡᠭᠷᠢ ᠶ᠋ᠢᠨ ᠲᠥᠷᠥᠯᠬᠢ ᠰᠡᠴᠡᠨ ᠭᠡᠭᠡᠬᠡᠨ ᠬᠤᠷᠴᠠ ᠭᠠᠢᠬᠠᠮᠰᠢᠭ᠍ᠲᠠᠢ ᠲᠥᠷᠥᠬᠦ ᠢᠨᠦ ᠨᠢᠭᠡᠨᠲᠡ ᠲᠣᠭᠲᠠᠭᠰᠠᠨ ᠬᠡᠷᠡᠭ ᠠᠵᠤᠭᠤ᠂ ᠡᠰᠡ ᠬᠢᠨᠠᠪᠰᠤ ᠪᠣᠯᠤᠮᠤᠢ ᠤᠤ !
