ᠬᠥᠬᠡ ᠰᠤᠳᠤᠷ - ᠢᠨᠵᠠᠨᠨᠠᠰᠢ < ᠠᠷᠪᠠᠨ ᠳᠣᠯᠣᠳᠤᠭᠠᠷ ᠪᠦᠯᠦᠭ > Хөх судар - Инжинаш < Арван долдугар бүлэг >
ᠰᠥᠩ ᠭᠤᠸᠠᠩᠴᠦ᠋ᠩ ᠦ᠋ᠨ ᠱᠣᠣ ᠰᠢ ᠶ᠋ᠢᠨ ᠳᠥᠷᠪᠡᠳᠦᠭᠡᠷ ᠣᠨ ᠂ ᠠᠯᠲᠠᠨ ᠤᠯᠤᠰ ᠤ᠋ᠨ ᠵᠠᠩᠽᠦᠩ ᠦ᠋ᠨ ᠴᠠᠩ ᠮᠢᠩ ᠦ᠋ᠨ
ᠪᠠᠰᠠ ᠳᠥᠷᠪᠡᠳᠦᠭᠡᠷ ᠣᠨ ᠂ ᠬᠠᠷᠠᠭᠴᠢᠨ ᠦᠬᠡᠷ ᠵᠢᠯ ᠂ ᠲᠠᠢᠽᠦ ᠭᠤᠴᠢᠨ ᠬᠣᠶᠠᠷ ᠰᠡᠭᠦᠳᠡᠷ ᠲᠡᠢ ᠪᠠᠢᠭᠰᠠᠭᠠᠷ
ᠥᠭᠡᠯᠦᠨ ᠦᠵᠢᠨ ᠡᠮᠡᠭᠡ ᠦᠷᠭᠦᠯᠵᠢ ᠪᠦᠬᠦᠢ ᠥᠮᠥᠭᠯᠡᠯ ᠬᠠᠮᠠᠭᠠᠯᠠᠯ ᠢ᠋ ᠢᠯᠡᠳᠬᠡᠪᠡ
ᠦᠯᠡᠮᠵᠢ ᠵᠦᠰᠦᠨ ᠡᠬᠡ ᠦᠯᠢᠳᠬᠡᠰᠢ ᠦᠭᠡᠢ ᠥᠷᠥᠰᠢᠶᠡᠯ ᠠᠭᠤᠳᠠᠮ ᠢ᠋ ᠦᠵᠡᠭᠦᠯᠪᠡ
ᠠᠯᠲᠠᠨ ᠥᠩᠭᠡᠲᠦ ᠪᠠᠳᠠᠷᠠᠩᠭᠤᠢ ᠴᠠᠭᠠᠨ ᠲᠩᠷᠢ ᠡᠴᠢᠭᠡ ᠢᠯᠡᠷᠡᠵᠦ
ᠠᠰᠠᠷᠠᠯ ᠥᠷᠥᠰᠢᠶᠡᠯᠳᠦ ᠥᠵᠢᠨ ᠡᠮᠡᠭᠡ ᠳᠡᠯᠡᠬᠡᠢ ᠶ᠋ᠢᠨ ᠡᠬᠡ ᠶ᠋ᠢ ᠵᠡᠭᠦᠳᠦᠯᠡᠭᠦᠯᠦᠨ ᠂
ᠠᠤᠭ᠎ᠠ ᠬᠦᠴᠦᠲᠦ ᠪᠣᠭᠳᠠ ᠪᠠᠭᠠᠲᠤᠷ ᠴᠢᠩᠭᠢᠰ ᠬᠠᠭᠠᠨ ᠢ᠋ ᠠᠪᠤᠷᠠᠨ
ᠠᠭᠤᠤ ᠡᠷᠳᠡᠮᠲᠦ ᠰᠡᠴᠡᠨ ᠵᠦᠰᠦᠨ ᠪᠥᠷᠲᠡᠭᠡᠯᠵᠢᠨ ᠬᠠᠲᠤᠨ ᠪᠡᠶᠡᠰᠪᠡᠢ ᠃
ᠲᠡᠨᠳᠡᠴᠡ ᠵᠠᠮᠤᠬ᠎ᠠ ᠰᠠᠷᠯᠠᠭ ᠬᠣᠲᠠᠨ ᠳ᠋ᠤᠷ ᠬᠦᠷᠴᠦ ᠵᠠᠯᠢᠲᠤ ᠬᠠᠭᠠᠨ ᠳ᠋ᠤᠷ ᠵᠣᠯᠭᠠᠨ ᠪᠡᠯᠡᠭ ᠢ᠋ᠶ᠋ᠡᠨ ᠪᠠᠷᠢᠵᠤ ᠂ ᠤᠷᠠᠨ ᠬᠣᠩᠰᠢᠶᠠᠷ ᠢ᠋ᠶ᠋ᠠᠨ ᠬᠥᠳᠡᠯᠭᠡᠨ ᠮᠥᠷᠭᠥᠵᠦ ᠮᠡᠳᠡᠭᠦᠯᠦᠷᠦᠨ : 《ᠮᠠᠨ ᠤ᠋ ᠡᠨᠡ ᠬᠣᠢᠲᠤ ᠭᠠᠵᠠᠷ ᠬᠡᠮᠡᠭᠴᠢ ᠮᠠᠨ ᠤ᠋ ᠰᠠᠭᠤᠯᠴᠠᠭᠰᠠᠨ ᠡᠯᠡᠰᠦ ᠮᠠᠩᠬ᠎ᠠ ᠠ᠋ᠴᠠ ᠭᠠᠳᠠᠨ᠎ᠠ ᠰᠤᠪᠤᠷᠭ᠎ᠠ ᠬᠣᠳᠠᠳᠤ ᠡᠨᠡ ᠡᠷᠭᠢᠨ ᠤᠯᠤᠰ ᠲᠤᠷ ᠬᠦᠷᠲᠡᠯ᠎ᠡ① ᠡᠷᠲᠡᠨ ᠡᠴᠡ ᠡᠳᠦᠭᠡ ᠪᠣᠯᠲᠠᠯ᠎ᠠ ᠡᠮᠦᠨ᠎ᠡ ᠬᠢᠲᠠᠳ ᠤᠯᠤᠰ ᠲᠤᠷ ᠡᠵᠡᠯᠡᠭᠳᠡᠭᠡᠭᠡᠳᠦᠢ ᠶ᠋ᠢᠨ ᠣᠴᠢᠷ᠎ᠠ ᠴᠥᠮ ᠥᠪᠡᠷ ᠥᠪᠡᠷ ᠦ᠋ᠨ ᠠᠢᠮᠠᠭ ᠠᠢᠮᠠᠭ ᠤ᠋ᠨ ᠤᠯᠤᠰ ᠢ᠋ᠶ᠋ᠠᠨ ᠡᠵᠡᠯᠡᠵᠦ ᠂ ᠡᠩᠬᠡ ᠲᠦᠪᠰᠢᠨ ᠢ᠋ᠶ᠋ᠡᠷ ᠡᠷᠮᠡᠭ ᠴᠠᠭ᠎ᠠ ᠪᠠᠨ ᠢᠳᠡᠵᠦ ᠂ ᠠᠮᠲᠠᠲᠤ ᠠᠷᠠᠵᠠ ᠪᠠᠨ ᠤᠤᠭᠤᠨ ᠡᠩᠬᠡ ᠮᠡᠨᠳᠦ ᠪᠡᠷ ᠵᠢᠷᠭᠠᠭᠰᠠᠭᠠᠷ ᠢᠷᠡᠭᠰᠡᠨ ᠢ᠋ ᠡᠨᠡ ᠨᠢᠭᠡᠨ ᠪᠸᠲ᠋ᠠ᠋ ᠤᠯᠤᠰ ᠤ᠋ᠨ ᠶᠢᠰᠦᠭᠡᠢ ᠪᠠᠭᠠᠲᠤᠷ ᠤ᠋ᠨ ᠬᠥᠪᠡᠭᠦᠨ ᠲᠡᠰᠬᠡᠯ ᠦᠭᠡᠢ ᠲᠡᠮᠦᠵᠢᠨ ᠬᠦᠦ ᠥᠰᠦᠭᠰᠡᠭᠡᠷ ᠡᠨᠡ ᠬᠣᠷᠢᠨ ᠣᠨ ᠤ᠋ ᠬᠣᠭᠣᠷᠣᠨᠳᠣ᠂ ᠤᠯᠤᠰ ᠪᠦᠷᠢ ᠠᠢᠮᠠᠭ ᠪᠦᠬᠦᠨ ᠡᠴᠡ ᠥ ᠡᠷᠢᠨ ᠪᠠᠢᠯᠳᠤᠵᠤ ᠂ ᠥᠯᠮᠡᠢ ᠶ᠋ᠢᠨ ᠳᠣᠣᠷ᠎ᠠ ᠪᠠᠨ ᠭᠢᠰᠬᠢᠨ ᠰᠡᠪ ᠡᠷᠢᠨ ᠳᠠᠢᠯᠠᠵᠤ ᠰᠡᠯᠡᠮ᠎ᠡ ᠶ᠋ᠢᠨ ᠳᠣᠣᠷ᠎ᠠ ᠪᠠᠨ ᠠᠯᠠᠭᠰᠠᠭᠠᠷ ᠃ ᠳᠠᠢᠯᠠᠵᠤ ᠠᠪᠤᠭᠰᠠᠨ ᠪᠠ ᠳᠠᠯᠠᠯᠵᠤ ᠳᠠᠭᠠᠭᠤᠯᠤᠭᠰᠠᠨ ᠲᠠᠢ ᠂ ᠵᠢᠷᠠᠨ ᠢᠯᠡᠭᠦᠦ ᠤᠯᠤᠰ ᠢ᠋ ᠬᠤᠷᠢᠶᠠᠵᠤ ᠠᠪᠤᠭᠠᠳ ᠣᠳᠣ ᠦᠯᠡᠳᠡᠭᠰᠡᠨ ᠢᠨᠦ ᠡᠷᠭᠢᠨ ᠦ᠌ ᠡᠨᠡ ᠶᠡᠬᠡ ᠰᠠᠷᠯᠠᠭ ᠤᠯᠤᠰ ᠤ᠋ᠨ ᠶᠡᠬᠡ ᠬᠠᠭᠠᠨ ᠡᠵᠡᠨ ᠴᠢᠮ᠎ᠠ ᠠ᠋ᠴᠠ ᠲᠡᠷᠢᠭᠦᠯᠡᠨ ᠂ ᠵᠡᠷᠭᠡᠯᠡᠳᠡᠭᠡ ᠤᠯᠤᠰ – ᠳᠣᠬ᠍ᠮᠣᠭ ᠤᠯᠤᠰ ᠤ᠋ᠨ ᠮᠡᠬᠡᠲᠦ ᠮᠡᠩᠭᠡᠯᠡ ᠰᠦᠯᠳᠡ ᠬᠠᠭᠠᠨ ᠂ ᠮᠠᠢᠯᠵᠢ ᠠᠢᠮᠠᠭ ᠤ᠋ᠨ ᠡᠵᠡᠨ ᠲᠣᠳᠣ ᠂ ᠨᠠᠢ᠍ᠮᠠᠨ ᠤᠯᠤᠰ ᠤ᠋ᠨ ᠡᠵᠡᠨ ᠲᠠᠢᠶᠠᠩ ᠬᠠᠭᠠᠨ ᠂ ᠥᠷᠥᠨ᠎ᠡ ᠡᠮᠦᠨ᠎ᠡ ᠶ᠋ᠢᠨ ᠠᠷᠰᠯᠠᠨ ᠬᠠᠭᠠᠨ ᠂ ᠵᠢᠴᠢ ᠮᠠᠨ ᠤ᠋ ᠠᠳᠠᠭ ᠤ᠋ᠨ ᠬᠡᠷᠡᠢᠳ ᠤᠯᠤᠰ ᠡᠨᠡ ᠬᠡᠳᠦᠬᠡᠨ ᠤᠯᠤᠰ ᠦᠯᠡᠳᠡᠪᠡ ᠃ ᠡᠭᠦᠨ ᠡᠴᠡ ᠭᠠᠳᠠᠨ᠎ᠠ ᠸᠠᠢᠯᠠᠨ ᠠᠢᠮᠠᠭ ᠂ ᠱᠠᠯᠵᠢᠭᠤᠳ ᠵᠡᠷᠭᠡ ᠶ᠋ᠢᠨ ᠬᠡᠳᠦᠨ ᠥᠴᠦᠬᠡᠨ ᠠᠢᠮᠠᠭ ᠤ᠋ᠳ ᠢ᠋ ᠶᠠᠭᠤᠨ ᠲᠣᠭᠠᠨ ᠳ᠋ᠤᠷ ᠲᠣᠭᠠᠴᠠᠬᠤ ? ᠶᠡᠬᠡ ᠪᠠᠭ᠎ᠠ ᠡᠨᠡ ᠠᠷᠪᠠᠭᠠᠳ ᠤᠯᠤᠰ ᠠ᠋ᠴᠠ ᠢᠯᠡᠭᠦᠦ ᠦᠯᠡᠳᠡᠭᠰᠡᠨ ᠦᠭᠡᠢ ᠃ ᠵᠢᠴᠢ ᠲᠡᠷᠡ ᠥᠷᠥᠨ᠎ᠡ ᠡᠮᠦᠨ᠎ᠡ ᠶ᠋ᠢᠨ ᠠᠷᠰᠯᠠᠨ ᠬᠠᠭᠠᠨ ᠤ᠋ ᠬᠠᠷᠯᠢᠭ᠋ ᠤᠯᠤᠰ ᠪᠠᠰᠠ ᠠᠰᠤᠷᠤ ᠬᠣᠯᠠ ᠵᠢᠴᠢ ᠰᠣᠯᠣᠩᠭᠣᠰ ᠂ ᠰᠣᠯᠤᠩᠭᠤᠳ ᠂ ᠭᠣᠷᠯᠣᠰ ᠴᠥᠮ ᠲᠡᠮᠦᠵᠢᠨ ᠳ᠋ᠦ᠍ᠷ ᠳᠡᠢᠯᠦᠭᠳᠡᠵᠦ ᠳᠠᠭᠠᠪᠠ ᠃ ᠡᠭᠦᠨ ᠡᠴᠡ ᠭᠠᠳᠠᠨ᠎ᠠ ᠦᠯᠡᠭᠰᠡᠨ ᠮᠠᠨ ᠤ᠋ ᠡᠨᠡ ᠬᠡᠳᠦᠨ ᠤᠯᠤᠰ ᠪᠠᠰᠠ ᠦᠷᠦᠭ ᠰᠦᠷᠦᠭ ᠨᠡᠢᠰ ᠦᠭᠡᠢ ᠲᠤᠯᠠ ᠡᠷᠲᠡ ᠣᠷᠣᠢ ᠮᠥᠨ ᠬᠦ᠌ ᠡᠨᠡ ᠠᠷᠭ᠎ᠠ ᠠᠨᠤ ᠠᠮᠲᠠᠰᠢᠭ᠍ᠰᠠᠨ ᠠᠪᠤᠷᠠᠯ ᠦᠭᠡᠢ ᠠᠪᠵᠢᠭ᠍ᠲᠤ ᠲᠡᠮᠦᠵᠢᠨ ᠦ᠌ ᠠᠶᠠᠭᠠᠨ ᠳᠣᠲᠣᠷᠠᠬᠢ ᠢᠳᠡᠰᠢ ᠪᠣᠯᠬᠤ ᠠ᠋ᠴᠠ ᠬᠡᠷᠬᠢᠪᠡᠴᠦ ᠬᠡᠯᠲᠦᠷᠢᠨ ᠴᠢᠳᠠᠬᠤ ᠦᠭᠡᠢ ᠪᠣᠯᠤᠭᠰᠠᠨ ᠲᠤᠯᠠ ᠮᠢᠨᠦ ᠡᠵᠡᠨ ᠸᠠᠩ ᠬᠠᠭᠠᠨ ᠪᠠ ᠵᠢᠴᠢ ᠲᠠᠢᠽᠢ ᠢ ᠰᠢᠨ᠎ᠡ ᠸᠠᠩ ᠬᠣᠶᠠᠭᠤᠯᠠ ᠲᠦᠰᠢᠮᠡᠯ ᠨᠠᠮᠠᠢ ᠵᠠᠷᠤᠨ ᠶᠡᠬᠡ ᠬᠠᠭᠠᠨ ᠠ᠋ᠴᠠ ᠠᠷᠭ᠎ᠠ ᠮᠡᠬᠡ ᠭᠤᠶᠤᠵᠤ ᠂ ᠴᠢᠳᠠᠬᠤᠯ᠎ᠠ ᠡᠨᠡ ᠪᠸᠲ᠋ᠠ᠋ ᠤᠯᠤᠰ ᠤ᠋ᠨ ᠲᠡᠮᠦᠵᠢᠨ ᠬᠥᠪᠡᠭᠦᠨ ᠢ᠋ ᠪᠦᠭᠦᠳᠡᠭᠡᠷ ᠨᠡᠢᠯᠡᠵᠦ ᠬᠠᠮᠲᠤ ᠬᠦᠴᠦᠨ ᠢ᠋ᠶ᠋ᠡᠷ ᠠᠷᠢᠯᠭᠠᠭᠠᠳ ᠠᠢᠮᠠᠭ ᠪᠦᠷᠢ ᠠᠮᠠᠷᠬᠠᠨ ᠢ᠋ᠶ᠋ᠠᠷ ᠬᠥᠯ ᠵᠢᠭᠢᠵᠦ ᠤᠮᠳᠠᠯᠴᠠᠰᠤᠭᠠᠢ ᠬᠡᠮᠡᠮᠦᠢ ᠃ ᠠᠳᠠᠭ ᠲᠠᠭᠠᠨ ᠣᠢᠷᠠᠯᠴᠠᠭ᠎ᠠ ᠪᠦᠬᠦᠢ ᠡᠷᠭᠢᠨ ᠰᠠᠷᠯᠠᠭ ᠤᠯᠤᠰ ᠂ ᠵᠢᠴᠢ ᠳᠣᠬ᠍ᠮᠣᠭ ᠤᠯᠤᠰ ᠂ ᠮᠠᠨ ᠤ᠋ ᠠᠳᠠᠭ ᠤ᠋ᠨ ᠬᠡᠷᠡᠢᠳ ᠤᠯᠤᠰ ᠂ ᠡᠨᠡ ᠭᠤᠷᠪᠠᠨ ᠤᠯᠤᠰ ᠨᠡᠢᠯᠡᠵᠦ ᠪᠸᠲ᠋ᠠ᠋ ᠤᠯᠤᠰ ᠢ᠋ ᠳᠠᠢᠯᠠᠨ ᠮᠥᠬᠥᠭᠡᠭᠡᠳ ᠭᠠᠵᠠᠷ ᠤᠯᠤᠰ ᠢ᠋ ᠰᠠᠴᠠᠭᠤ ᠬᠤᠪᠢᠶᠠᠯᠴᠠᠨ ᠂ ᠠᠳᠠᠯᠢ ᠪᠠᠷ ᠵᠢᠷᠭᠠᠯᠳᠤᠰᠤᠭᠠᠢ ᠬᠡᠮᠡᠮᠦᠢ᠃ ᠠᠷᠭ᠎ᠠ ᠵᠠᠯᠢ ᠠᠰᠤᠷᠤ ᠪᠦᠷᠢᠳᠦᠭᠰᠡᠨ ᠠᠯᠲᠠᠨ ᠭᠡᠷᠡᠯᠲᠦ ᠬᠠᠭᠠᠨ ᠡᠵᠡᠨ ᠡᠴᠡ ᠠᠷᠭ᠎ᠠ ᠤᠬᠠᠭᠠᠨ ᠭᠣᠶᠣᠷ᠎ᠠ ᠢᠷᠡᠪᠡ ᠃ 》ᠭᠡᠮᠡᠨ ᠮᠥᠷᠭᠥᠭᠰᠡᠨ᠎ᠡ ᠂ ᠶᠡᠷᠦ ᠶ᠋ᠢᠨ ᠦᠭᠡᠨ ᠳ᠋ᠦ᠍ 《ᠠᠪᠤᠭᠰᠠᠨ ᠬᠥᠮᠦᠨ ᠦ᠌ ᠠᠯᠠᠭ᠎ᠠ ᠵᠥᠭᠡᠯᠡᠨ ᠂ ᠠᠮᠲᠠᠯᠠᠭᠰᠠᠨ ᠬᠥᠮᠦᠨ ᠦ᠌ ᠠᠮᠠᠨ ᠵᠥᠭᠡᠯᠡᠨ ᠂ 》 ᠬᠡᠮᠡᠭᠰᠡᠨᠴᠢᠯᠡᠨ ᠠᠷᠭ᠎ᠠ ᠵᠠᠯᠢᠲᠤ ᠰᠠᠷᠯᠠᠭ ᠤ᠋ᠨ ᠬᠠᠭᠠᠨ ᠬᠠᠭᠠᠰ ᠴᠠᠭ ᠭᠡᠮᠰᠢᠨ ᠪᠣᠳᠣᠭᠠᠳ ᠬᠠᠷᠢᠨ ᠭᠡᠨᠡᠳᠲᠡ ᠢᠨᠢᠶᠡᠵᠦ ᠥᠭᠦᠯᠡᠷᠦᠨ᠄ 《ᠠᠮᠢᠲᠠᠨ ᠠᠯᠠᠬᠤᠢ ᠳ᠋ᠤᠷ ᠵᠢᠷᠦᠬᠡ ᠶ᠋ᠢ ᠰᠤᠭᠤᠯᠤᠨ ᠂ ᠠᠷᠭ᠎ᠠ ᠶ᠋ᠢ ᠡᠭᠦᠰᠬᠦᠶᠡ ᠵᠦᠢ ᠶ᠋ᠢ ᠢᠨᠦ ᠵᠢᠰᠢᠭᠳᠡᠭᠦᠢ 》ᠬᠡᠮᠡᠵᠦᠬᠦᠢ ᠃ ᠡᠳᠦᠭᠡ ᠣᠯᠠᠨ ᠴᠡᠷᠢᠭ ᠢ᠋ ᠬᠥᠳᠡᠯᠭᠡᠯ ᠦᠭᠡᠢ ᠂ ᠬᠣᠯᠠ ᠤᠯᠤᠰ ᠢ᠋ ᠴᠢᠷᠦᠭᠳᠡᠭᠦᠯᠦᠯ ᠦᠭᠡᠢ ᠪᠡᠷ ᠪᠸᠲ᠋ᠠ᠋ ᠤᠯᠤᠰ ᠢ᠋ ᠪᠠᠯᠪᠠ ᠬᠠᠪᠴᠢᠬᠤ ᠨᠢᠭᠡᠨ ᠰᠠᠢᠨ ᠠᠷᠭ᠎ᠠ ᠪᠣᠢ ᠃ ᠤᠷᠢᠳᠤ ᠵᠢᠯ ᠪᠸᠲ᠋ᠠ᠋ ᠤᠯᠤᠰ ᠲᠠᠢᠴᠢᠭᠤᠳ ᠠᠢᠮᠠᠭ ᠤ᠋ᠨ ᠣᠯᠠᠨ ᠨᠤᠲᠤᠭ ᠢ᠋ ᠳᠠᠢᠯᠠᠨ ᠠᠪᠤᠭᠰᠠᠨ ᠲᠤᠬᠠᠢ ᠳ᠋ᠤᠷ ᠲᠠᠢᠴᠢᠭᠤᠳ ᠤ᠋ᠨ ᠨᠢᠭᠡᠨ ᠠᠢᠮᠠᠭ ᠤ᠋ᠨ ᠡᠵᠡᠨ ᠢᠨᠦ ᠴᠢᠯᠭᠡᠷ ᠪᠥᠬᠡ ᠬᠡᠮᠡᠭᠴᠢ ᠮᠢᠨᠦ ᠡᠨᠳᠡ ᠰᠢᠷᠭᠤᠨ ᠢᠷᠡᠵᠦ ᠣᠷᠣᠰᠢᠮᠤᠢ᠃ ᠲᠡᠷᠡ ᠴᠢᠯᠭᠡᠷ ᠪᠥᠬᠡ ᠶ᠋ᠢᠨ ᠬᠥᠮᠦᠨ ᠢᠨᠦ ᠴᠢᠬᠡᠴᠢ ᠪᠠᠭᠠᠲᠤᠷ ᠱᠠᠯᠠᠮᠠᠭᠠᠢ ᠮᠡᠬᠡᠲᠡᠢ ᠲᠤᠯᠠ ᠳᠠᠷᠤᠢ ᠲᠡᠭᠦᠨ ᠢ᠋ ᠢᠯᠡᠭᠡᠵᠦ ᠂ ᠪᠸᠲ᠋ᠠ᠋ ᠤᠯᠤᠰ ᠲᠤᠷ ᠬᠠᠭᠤᠷᠤᠨ ᠳᠠᠭᠠᠭᠤᠯᠵᠤ ᠂ ᠠᠯᠠᠭᠰᠠᠨ ᠦᠭᠡᠢ ᠠᠴᠢ ᠳ᠋ᠤᠷ ᠬᠠᠷᠢᠭᠤᠯᠠᠮᠤᠢ ᠭᠡᠮᠡᠨ ᠪᠸᠲ᠋ᠠ᠋ ᠤᠯᠤᠰ ᠤ᠋ᠨ ᠡᠵᠡᠨ ᠦ᠌ ᠭᠠᠷᠴᠤ ᠠᠪᠠᠯᠠᠬᠤᠢ ᠳ᠋ᠤᠷ ᠠᠨᠤ ᠲᠣᠬᠢᠶᠠᠯᠳᠤᠭᠤᠯᠤᠨ᠂ ᠨᠢᠭᠡᠨ ᠵᠦᠢᠯ ᠦ᠋ᠨ ᠪᠢᠲᠡᠭᠦᠦ ᠠᠷᠭ᠎ᠠ ᠬᠡᠷᠡᠭᠯᠡᠵᠦ ᠂ ᠨᠢᠭᠡᠨ ᠲᠡᠮᠦᠵᠢᠨ ᠢ᠋ ᠪᠦᠷᠢᠯᠭᠡᠪᠡᠰᠦ ᠂ ᠬᠡᠳᠦᠢ ᠲᠦᠮᠡᠨ ᠮᠤᠬᠤᠯᠢ ᠪᠠᠢᠪᠠᠴᠤ ᠬᠡᠷᠡᠭ ᠦᠭᠡᠢ ᠪᠣᠯᠤᠮᠤᠢ᠃ ᠲᠡᠷᠡ ᠦᠶ᠎ᠡ ᠳ᠋ᠦ᠍ᠷ ᠪᠢᠳᠡᠨ ᠦ᠌ ᠡᠨᠡ ᠬᠡᠳᠦᠨ ᠤᠯᠤᠰ ᠨᠡᠢᠯᠡᠵᠦ ᠂ ᠳᠥᠷᠪᠡᠨ ᠵᠦᠭ ᠡᠴᠡ ᠬᠠᠪᠴᠢᠨ ᠪᠠᠢᠯᠳᠤᠪᠠᠰᠤ ᠰᠢᠷᠠᠵᠤ ᠬᠠᠭᠰᠠᠭᠠᠭᠰᠠᠨ ᠠᠷᠠᠰᠤ ᠶ᠋ᠢ ᠬᠠᠭᠤᠯᠬᠤ ᠮᠡᠲᠦ ᠪᠸᠲ᠋ᠠ᠋ ᠤᠯᠤᠰ ᠤ᠋ᠨ ᠨᠡᠢᠲᠡ ᠪᠡᠷ ᠴᠥᠮ ᠮᠠᠨ ᠤ᠋ ᠬᠡᠳᠦᠨ ᠤᠯᠤᠰ ᠤ᠋ᠨ ᠪᠣᠯᠬᠤ ᠦᠭᠡᠢ ᠬᠠᠮᠢᠭᠠᠰᠢ ᠡᠴᠢᠮᠦᠢ ? ᠭᠠᠭᠴᠠ ᠨᠢᠭᠡᠨ ᠲᠡᠮᠦᠵᠢᠨ ᠢ᠋ ᠪᠠᠢᠭᠰᠠᠨ ᠴᠠᠭ ᠲᠤᠷ ᠂ ᠪᠤᠰᠤ ᠤᠯᠤᠰ ᠤ᠋ᠨ ᠡᠵᠡᠳ ᠠᠶᠤᠵᠤ ᠦᠯᠦ ᠨᠡᠢᠯᠡᠮᠦᠢ ᠂ ᠠᠯᠢᠨ ᠴᠤ᠌ ᠴᠥᠮ ᠬᠢᠷᠭᠤᠢ ᠠ᠋ᠴᠠ ᠠᠶᠤᠭᠰᠠᠨ ᠪᠣᠯᠵᠣᠮᠣᠷ ᠮᠡᠲᠦ ᠪᠣᠯᠵᠤᠬᠤᠢ !》ᠬᠡᠮᠡᠭᠰᠡᠨ ᠳ᠋ᠦ᠍ᠷ ᠵᠠᠮᠤᠬ᠎ᠠ ᠶᠡᠬᠡᠯ᠎ᠡ ᠪᠠᠶᠠᠷᠯᠠᠨ ᠳᠠᠷᠤᠢ ᠮᠠᠯᠠᠭ᠎ᠠ ᠪᠠᠨ ᠠᠪᠴᠤ ᠮᠠᠭᠰᠢᠨ ᠮᠥᠷᠭᠥᠵᠦ ᠮᠠᠭᠲᠠᠨ ᠪᠢᠯᠳᠠᠤᠴᠢᠯᠠᠷᠤᠨ :
ᠬᠠᠮᠤᠭ ᠠᠷᠭ᠎ᠠ ᠬᠠᠳ ᠠ᠋ᠴᠠ ᠬᠡᠲᠦᠷᠡᠬᠦ ᠦᠭᠡᠢ
ᠡᠷᠬᠢᠮ ᠠᠷᠭ᠎ᠠ ᠡᠵᠡᠨ ᠡᠴᠡ ᠥᠩᠭᠡᠷᠡᠬᠦ ᠦᠭᠡᠢ ᠃
ᠬᠡᠮᠡᠭᠴᠢ ᠡᠨᠡ ᠪᠣᠯᠠᠢ ᠬᠡᠮᠡᠪᠡ ᠃
– – – –
① ᠡᠨᠡ ᠡᠯᠡᠰᠦ ᠮᠠᠩᠬ᠎ᠠ ᠬᠡᠮᠡᠭᠴᠢ ᠬᠠᠯᠬ᠎ᠠ ᠶ᠋ᠢᠨ ᠬᠣᠢᠲᠤ ᠵᠠᠬ᠎ᠠ ᠬᠦᠷᠪᠡᠰᠦ ᠳᠠᠷᠤᠢ ᠵᠣᠭᠰᠣᠵᠤ ᠂ ᠴᠢᠨᠠᠭ᠍ᠰᠢ ᠪᠠᠰᠠ ᠬᠦ᠌ ᠴᠥᠮ ᠰᠢᠷᠣᠢ ᠶ᠋ᠢᠨ ᠭᠠᠵᠠᠷ ᠠᠵᠤᠭᠤ ᠃ ᠰᠠᠢᠨ ᠰᠢᠷᠣᠢ ᠶ᠋ᠢᠨ ᠭᠠᠵᠠᠷ ᠪᠦᠬᠦᠨ ᠴᠥᠮ ᠬᠣᠲᠠ ᠴᠣᠭᠴᠠᠯᠠᠨ ᠲᠠᠷᠢᠶ᠎ᠠ ᠦᠢᠯᠡᠳᠬᠦ ᠪᠥᠯᠥᠭᠡ ᠂ ᠳᠡᠯᠡᠬᠡᠢ ᠳ᠋ᠠᠬᠢᠨ ᠤ᠋ ᠶᠡᠬᠡ ᠵᠢᠷᠤᠭ ᠲᠤᠷ ᠦᠵᠡᠬᠦᠯ᠎ᠡ ᠡᠯᠡᠰᠦᠨ ᠭᠠᠵᠠᠷ ᠨᠢᠭᠡᠬᠡᠨ ᠨᠠᠷᠢᠨ ᠵᠤᠷᠪᠤᠰ ᠢ᠋ᠶ᠋ᠠᠷ ᠪᠠᠢᠬᠤ ᠠᠨᠤ ᠮᠠᠰᠢ ᠦᠨᠡᠨ ᠂ ᠡᠨᠡ ᠰᠠᠷᠯᠠᠭ ᠤᠯᠤᠰ ᠬᠡᠮᠡᠭᠴᠢ ᠬᠣᠢᠲᠤ ᠣᠷᠣᠰ ᠤᠯᠤᠰ ᠯᠤᠭ᠎ᠠ ᠵᠠᠬ᠎ᠠ ᠨᠡᠢᠯᠡᠵᠦ ᠪᠠᠢᠬᠤ ᠲᠤᠯᠠ ᠭᠠᠵᠠᠷ ᠤ᠋ᠨ ᠬᠦᠴᠦᠨ ᠮᠠᠨ ᠤ᠋ ᠡᠮᠦᠨ᠎ᠡ ᠭᠠᠵᠠᠷ ᠤ᠋ᠨ ᠮᠡᠲᠦ ᠪᠤᠶᠤ ᠃
ᠲᠡᠭᠦᠨᠴᠡ ᠵᠠᠯᠢᠲᠤ ᠬᠠᠭᠠᠨ ᠳᠠᠷᠤᠢ ᠲᠠᠢᠴᠢᠭᠤᠳ ᠠ᠋ᠴᠠ ᠳᠤᠲᠠᠭᠠᠵᠤ ᠢᠷᠡᠭᠰᠡᠨ ᠴᠢᠯᠭᠡᠷ ᠪᠥᠬᠡ ᠶ᠋ᠢ ᠳᠠᠭᠤᠳᠠᠵᠤ ᠥᠭᠦᠯᠡᠷᠦᠨ :《ᠪᠢ ᠴᠢᠮ᠎ᠠ ᠳ᠋ᠤᠷ ᠨᠢᠭᠡᠨ ᠴᠢᠬᠤᠯᠠ ᠨᠠᠷᠢᠨ ᠠᠷᠭ᠎ᠠ ᠵᠢᠭᠠᠵᠤ ᠴᠢᠨᠦ ᠤᠯᠤᠰ ᠠᠢᠮᠠᠭ ᠢ᠋ ᠪᠸᠲ᠋ᠠ᠋ ᠤᠯᠤᠰ ᠠ᠋ᠴᠠ ᠠᠪᠴᠤ ᠥᠭᠰᠦᠭᠡᠢ ᠬᠡᠮᠡᠮᠦᠢ ᠃ ᠴᠢ ᠡᠨᠡ ᠲᠠᠰᠢᠷᠠᠮ ᠳ᠋ᠤᠷ ᠴᠢᠷᠮᠠᠢᠮᠤᠢ ᠤᠤ ᠦᠭᠡᠢ ᠦᠦ ? 》ᠬᠡᠮᠡᠭᠰᠡᠨ ᠳ᠋ᠦ᠍ᠷ ᠴᠢᠯᠭᠡᠷ ᠪᠥᠬᠡ ᠴᠢᠪᠬᠢᠲᠡᠯ᠎ᠡ ᠰᠥᠭᠥᠳᠴᠦ ᠴᠢᠨᠡᠭᠡ ᠪᠡᠷ ᠪᠠᠶᠠᠷᠯᠠᠨ ᠂ ᠴᠢᠩᠳᠠ ᠴᠢᠩᠳᠠ ᠮᠥᠷᠭᠥᠵᠦ ᠮᠡᠳᠡᠭᠦᠯᠦᠷᠦᠨ :《ᠠᠢᠮᠠᠭ ᠢ᠋ᠶ᠋ᠠᠨ ᠠᠪᠲᠠᠵᠤ ᠤᠯᠤᠰ ᠢ᠋ᠶ᠋ᠠᠨ ᠤᠷᠠᠭᠳᠠᠭᠰᠠᠨ ᠴᠢᠯᠭᠡᠷ ᠂ ᠭᠡᠷ ᠢ᠋ᠶ᠋ᠡᠨ ᠭᠢᠰᠬᠢᠯᠡᠭᠳᠡᠵᠦ ᠡᠮ᠎ᠡ ᠶᠦ᠍ᠭᠡᠨ ᠡᠷᠡᠦᠯᠡᠭᠳᠡᠭᠰᠡᠨ ᠪᠥᠬᠡ ᠪᠢ ᠠᠢᠮᠠᠭ ᠢ᠋ ᠮᠢᠨᠦ ᠠᠪᠴᠤ ᠤᠯᠤᠰ ᠢ᠋ ᠮᠢᠨᠦ ᠣᠯᠣᠭᠣᠭᠤᠯᠵᠤ ᠂ ᠭᠡᠷ ᠢ᠋ ᠮᠢᠨᠦ ᠭᠡᠳᠡᠷᠭᠦ ᠂ ᠡᠮ᠎ᠡ ᠶ᠋ᠢ ᠮᠢᠨᠦ ᠡᠪᠦᠷᠯᠡᠭᠦᠯᠰᠦᠭᠡᠢ ᠬᠡᠮᠡᠬᠦᠢ ᠳ᠋ᠦ᠍ᠷ ᠠᠮᠢ ᠪᠠᠨ ᠲᠠᠯᠪᠢᠨ ᠦᠯᠦ ᠵᠢᠳᠬᠦᠬᠦ ᠶᠣᠰᠣ ᠪᠣᠢ ᠤᠤ ? 》ᠭᠡᠮᠡᠨ ᠮᠥᠷᠭᠥᠯᠬᠢᠯᠡᠭᠦᠢ ᠳ᠋ᠦ᠍ᠷ ᠵᠠᠯᠢᠲᠤ ᠬᠠᠭᠠᠨ ᠢᠨᠢᠶᠡᠵᠦ ᠥᠭᠦᠯᠡᠷᠦᠨ : 《ᠨᠢᠭᠡᠨᠲᠡ ᠡᠢᠮᠦ ᠪᠥᠭᠡᠰᠦ ᠴᠢᠮ᠎ᠠ ᠳ᠋ᠤᠷ ᠪᠠᠭ᠎ᠠ ᠰᠠᠭ᠎ᠠ ᠴᠡᠷᠢᠭ ᠲᠤᠰᠠᠯᠠᠵᠤ ᠂ ᠨᠠᠷᠢᠨ ᠨᠢᠭᠲᠠ ᠭᠡᠨᠡᠳᠡᠭᠦᠯᠬᠦ ᠠᠷᠭ᠎ᠠ ᠶ᠋ᠢ ᠵᠢᠭᠠᠵᠤ ᠥᠭᠰᠦᠭᠡᠢ ᠂ ᠪᠢ ᠡᠨᠳᠡ ᠡᠴᠡ ᠥᠨᠳᠥᠷ ᠪᠡᠶᠡᠲᠦ ᠰᠠᠢᠨ ᠰᠢᠯᠢᠳᠡᠭ ᠴᠡᠷᠢᠭ ᠲᠠᠪᠤᠨ ᠵᠠᠭᠤᠨ ᠥᠭᠰᠦᠭᠡᠢ᠃ ᠡᠭᠦᠨ ᠡᠴᠡ ᠭᠠᠳᠠᠨ᠎ᠠ ᠪᠠᠰᠠ ᠮᠢᠨᠦ ᠰᠣᠯᠣᠭᠠᠢ ᠤᠪᠠᠳᠢᠰᠲᠤ ᠬᠠᠷᠢᠶᠠᠯᠴᠢ ᠂ ᠭᠤᠯᠭᠤᠭᠴᠢ ᠂ ᠪᠤᠵᠠᠷᠯᠠᠭᠴᠢ ᠭᠤᠷᠪᠠᠨ ᠬᠠᠷ᠎ᠠ ᠡᠮ᠎ᠡ ᠡᠴᠡ ᠭᠤᠯᠭᠤᠭᠴᠢ ᠬᠠᠷ᠎ᠠ ᠡᠮ᠎ᠡ ᠶ᠋ᠢ ᠳᠠᠭᠠᠭᠤᠯᠤᠨ ᠥᠭᠰᠦᠭᠡᠢ ᠃ ᠴᠢ ᠡᠳᠡᠭᠡᠷ ᠢ᠋ ᠠᠪᠴᠤ ᠲᠠᠪᠤ ᠠᠷᠪᠠ ᠪᠠᠷ ᠰᠠᠯᠭᠠᠵᠤ ᠂ ᠠᠪᠠ ᠭᠦᠷᠦᠭᠡᠴᠢ ᠶ᠋ᠢᠨ ᠬᠥᠮᠦᠨ ᠢ᠋ᠶ᠋ᠡᠷ ᠵᠠᠰᠠᠵᠤ ᠂ ᠪᠠᠰᠠ ᠰᠠᠩ ᠠ᠋ᠴᠠ ᠮᠠᠩᠨᠤᠭ ᠲᠠᠵᠢ ᠶ᠋ᠢᠨ ᠭᠡᠷᠡᠯᠲᠡᠢ ᠰᠠᠢᠨ ᠥᠷᠥᠭᠡ ᠡᠴᠡ ᠭᠤᠷᠪᠠᠭᠠᠳ ᠠᠪᠴᠤ ᠪᠸᠲ᠋ᠠ᠋ ᠤᠯᠤᠰ ᠲᠤᠷ ᠣᠷᠣᠵᠤ ᠂ ᠡᠢᠮᠦ ᠲᠡᠢᠮᠦ ᠭᠡᠨᠡᠳᠡᠭᠦᠯᠬᠦ ᠠᠷᠭ᠎ᠠ ᠪᠠᠷ ᠶᠠᠪᠤᠭᠳᠠᠨ ᠬᠡᠮᠡᠵᠦ ᠂ ᠨᠠᠷᠢᠨ ᠠᠷᠭ᠎ᠠ ᠶ᠋ᠢ ᠰᠢᠪᠡᠨᠡᠨ ᠬᠡᠯᠡᠵᠦ ᠥᠭᠭᠥᠭᠡᠳ ᠳᠠᠷᠤᠢ ᠮᠣᠷᠳᠠᠭᠤᠯᠪᠠ ᠃
ᠲᠡᠭᠦᠨᠴᠡ ᠴᠢᠯᠭᠡᠷ ᠪᠥᠬᠡ ᠲᠡᠷᠡ ᠬᠦ᠌ ᠠᠷᠭ᠎ᠠ ᠪᠠᠷ ᠶᠠᠪᠤᠵᠤ ᠂ ᠪᠸᠲ᠋ᠠ᠋ ᠤᠯᠤᠰ ᠤ᠋ᠨ ᠵᠠᠬ᠎ᠠ ᠶ᠋ᠢᠨ ᠴᠠᠭᠳᠠᠭᠤᠯ ᠳ᠋ᠤᠷ ᠤᠴᠠᠷᠠᠵᠤ ᠂ ᠶᠠᠯ᠎ᠠ ᠬᠦᠯᠢᠶᠡᠷ᠎ᠡ ᠢᠷᠡᠭᠰᠡᠨ ᠢ᠋ᠶ᠋ᠡᠨ ᠬᠡᠯᠡᠵᠦ ᠠᠷᠪᠠᠭᠠᠳ ᠮᠣᠷᠢᠲᠠᠨ ᠢ᠋ ᠠᠪᠴᠤ ᠴᠠᠭᠳᠠᠭᠤᠯ ᠯᠤᠭ᠎ᠠ ᠪᠤᠷᠬᠠᠨ ᠭᠠᠯᠳᠤᠨ᠎ᠠ ᠶ᠋ᠢᠨ ᠪᠠᠯᠭᠤ ᠬᠣᠷᠣᠭᠠᠨ᠎ᠠ ᠢᠷᠡᠵᠦ ᠂ ᠴᠡᠷᠢᠭ ᠦ᠋ᠨ ᠵᠢᠨᠦᠩ ᠮᠤᠬᠤᠯᠢ ᠳ᠋ᠤᠷ ᠮᠥᠷᠭᠥᠨ ᠵᠣᠯᠭᠠᠵᠤ ᠂ ᠶᠠᠯ᠎ᠠ ᠬᠦᠯᠢᠶᠡᠨ ᠳᠠᠭᠠᠬᠤ ᠪᠠᠨ ᠬᠡᠯᠡᠭᠰᠡᠨ ᠳ᠋ᠦ᠍ᠷ ᠵᠢᠨᠦᠩ ᠮᠤᠬᠤᠯᠢ ᠨᠢᠳᠦ ᠣᠷᠬᠢᠨ ᠴᠢᠯᠭᠡᠷ ᠪᠥᠬᠡ ᠶ᠋ᠢ ᠦᠵᠡᠪᠡᠰᠦ ᠰᠢᠪᠠᠭᠤᠨ ᠤ᠋ ᠳᠥᠭᠥᠰᠢ ᠂ ᠲᠠᠤᠯᠢ ᠶ᠋ᠢᠨ ᠠᠯᠬᠤᠰᠢ ᠂ ᠨᠢᠷᠤᠭᠤ ᠣᠬᠣᠷ ᠂ ᠨᠢᠳᠦᠨ ᠵᠥᠷᠢᠭᠦᠦ ᠂ ᠮᠠᠰᠢ ᠨᠢᠭᠡᠨ ᠵᠠᠯᠢᠬᠠᠢ ᠵᠢᠰᠤᠷ ᠲᠥᠪ ᠦᠭᠡᠢ ᠬᠥᠮᠦᠨ ᠲᠤᠯᠠ ᠮᠤᠬᠤᠯᠢ ᠶ᠋ᠢᠨ ᠳᠣᠲᠣᠷ᠎ᠠ ᠠᠷᠪᠠᠨ ᠬᠤᠪᠢ ᠲᠠᠪᠠ ᠦᠭᠡᠢ ᠪᠣᠯᠵᠤ ᠥᠭᠦᠯᠡᠷᠦᠨ:《ᠮᠠᠨ ᠤ᠋ ᠤᠯᠤᠰ ᠲᠤᠷ ᠴᠢᠨᠦ ᠮᠡᠲᠦ ᠨᠢᠭᠡᠨ ᠬᠥᠮᠦᠨ ᠢ᠋ᠶ᠋ᠡᠷ ᠦᠯᠦ ᠳᠤᠲᠠᠮᠤᠢ ᠂ ᠬᠡᠳᠦᠢ ᠲᠡᠢᠨ ᠪᠣᠯᠪᠠᠴᠤ ᠶᠡᠬᠡ ᠤᠯᠤᠰ ᠤ᠋ᠨ ᠶᠣᠰᠣᠨ ᠳ᠋ᠤᠷ ᠰᠢᠷᠭᠤᠵᠤ ᠢᠷᠡᠭᠰᠡᠳ ᠢ᠋ ᠪᠢᠲᠡᠭᠡᠢ ᠰᠢᠨᠲᠠᠷᠠᠭᠤᠯ ᠬᠡᠮᠡᠳᠡᠭ ᠲᠤᠯᠠ ᠴᠢ ᠳ᠋ᠦ᠍ᠷ ᠥᠪᠡᠷ᠎ᠡ ᠪᠠᠭᠤᠳᠠᠯᠯᠠᠲᠤᠭᠠᠢ ᠃ ᠮᠠᠨ ᠤ᠋ ᠡᠵᠡᠨ ᠣᠷᠳᠣᠨ ᠳ᠋ᠤᠷ ᠦᠭᠡᠢ ᠂ ᠡᠭᠡᠭᠰᠡᠨ ᠬᠣᠢᠨ᠎ᠠ ᠮᠡᠳᠡᠭᠦᠯᠵᠦ ᠦᠵᠡᠰᠦᠭᠡᠢ ᠃ ᠴᠢ ᠭᠠᠭᠴᠠ ᠴᠢᠩ ᠦᠨᠡᠨ ᠢ᠋ᠶ᠋ᠡᠨ ᠰᠠᠢᠬᠠᠨ ᠬᠢᠴᠢᠶᠡ ᠂ ᠪᠤᠰᠤ ᠭᠠᠵᠠᠷ ᠲᠤᠷ ᠪᠢᠲᠡᠭᠡᠢ ᠣᠳᠤᠭᠲᠤᠨ !》ᠬᠡᠮᠡᠭᠰᠡᠨ ᠳ᠋ᠦ᠍ᠷ ᠴᠢᠯᠭᠡᠷ ᠪᠥᠬᠡ ᠲᠡᠭᠷᠢ ᠨᠠᠳᠠ ᠳ᠋ᠤᠷ ᠭᠠᠪᠢᠶ᠎ᠠ ᠣᠯᠭᠣᠭᠤᠯᠪᠠ ᠭᠡᠮᠡᠨ ᠶᠡᠬᠡᠯ᠎ᠡ ᠪᠠᠶᠠᠷᠯᠠᠨ ᠮᠥᠷᠭᠥᠵᠦ ᠭᠠᠷᠴᠤ ᠡᠴᠢᠭᠡᠳ ᠬᠣᠯᠠ ᠡᠴᠢᠵᠦ ᠪᠠᠭᠤᠳᠠᠯᠯᠠᠭᠠᠳ ᠲᠤᠷᠰᠢᠪᠠᠰᠤ ᠂ ᠲᠠᠢᠽᠦ ᠴᠢᠪᠬᠢᠲᠡᠯ᠎ᠡ ᠲᠡᠭᠦᠨ ᠦ᠌ ᠲᠠᠢᠴᠢᠭᠤᠳ ᠤ᠋ᠨ ᠭᠠᠵᠠᠷ᠎ᠠ ᠂ ᠲᠠᠷᠢᠶᠠᠲᠤ ᠲᠠᠯ᠎ᠠ ᠪᠠ ᠲᠠᠢᠲ᠋ᠦ ᠶ᠋ᠢᠨ ᠭᠣᠣᠯ ᠤ᠋ᠨ ᠵᠡᠷᠭᠡ ᠭᠠᠵᠠᠷ᠎ᠠ ᠠᠪᠠᠯᠠᠷ᠎ᠠ ᠡᠴᠢᠭᠰᠡᠨ ᠳ᠋ᠦ᠍ᠷ ᠲᠡᠰᠬᠡᠯ ᠦᠭᠡᠢ ᠪᠠᠶᠠᠷᠯᠠᠨ ᠂ ᠬᠡᠳᠦᠨ ᠬᠥᠮᠦᠨ ᠢ᠋ ᠪᠠᠭᠤᠳᠠᠯ ᠳ᠋ᠠᠭᠠᠨ ᠦᠯᠡᠳᠡᠭᠡᠨ ᠂ ᠥᠪᠡᠷ ᠢ᠋ᠶ᠋ᠡᠨ ᠰᠡᠮᠡᠬᠡᠷ ᠪᠤᠰᠤ ᠠᠷᠠᠳ ᠢ᠋ᠶ᠋ᠠᠨ ᠲᠣᠰᠴᠤ ᠴᠤᠭᠯᠠᠭᠤᠯᠤᠨ ᠳᠠᠷᠤᠢ ᠲᠠᠷᠢᠶᠠᠲᠤ ᠶ᠋ᠢᠨ ᠲᠠᠯ᠎ᠠ ᠳ᠋ᠤᠷ ᠢᠷᠡᠵᠦ ᠂ ᠭᠦᠨ ᠪᠠᠯᠠᠷ ᠭᠠᠵᠠᠷ ᠨᠢᠭᠤᠨ ᠂ ᠶᠠᠪᠠᠭᠠᠨ ᠪᠠᠭᠤᠳᠠᠯ ᠢ᠋ᠶ᠋ᠠᠷ ᠪᠠᠭᠤᠭᠠᠳ ᠲᠠᠢᠽᠦ ᠶ᠋ᠢᠨ ᠠᠯᠢ ᠡᠳᠦᠷ ᠠᠯᠢ ᠠᠭᠤᠯᠠᠨ ᠢ᠋ ᠠᠪᠠᠯᠠᠨ ᠂ ᠠᠯᠢ ᠭᠠᠵᠠᠷ ᠪᠠᠭᠤᠳᠠᠯᠯᠠᠬᠤ ᠪᠠ ᠬᠡᠵᠢᠶ᠎ᠡ ᠠᠪᠠ ᠳᠦᠭᠦᠷᠴᠦ ᠠᠯᠢ ᠵᠠᠮ ᠢ᠋ᠶ᠋ᠠᠷ ᠡᠭᠡᠬᠦ ᠲᠡᠢ ᠪᠦᠷᠢᠨ᠎ᠡ ᠲᠤᠷᠰᠢᠵᠤ ᠣᠯᠤᠭᠠᠳ ᠳᠠᠷᠤᠢ ᠲᠠᠷᠢᠶᠠᠲᠤ ᠶ᠋ᠢᠨ ᠲᠠᠯ᠎ᠠ ᠶ᠋ᠢᠨ ᠤᠯᠠᠭᠠᠪᠤᠷ ᠳᠣᠪᠣ ᠶ᠋ᠢᠨ ᠪᠣᠷᠣ ᠲᠣᠬᠣᠮ ᠬᠡᠮᠡᠬᠦ ᠡᠷᠭᠢ ᠶ᠋ᠢᠨ ᠳᠣᠣᠷ᠎ᠠ ᠂ ᠲᠠᠢᠽᠦ ᠶ᠋ᠢᠨ ᠡᠭᠡᠬᠦ ᠶ᠋ᠢ ᠲᠣᠰᠴᠤ ᠵᠠᠮ ᠤ᠋ᠨ ᠬᠠᠵᠠᠭᠤᠳᠠ ᠭᠤᠷᠪᠠ ᠳᠥᠷᠪᠡᠨ ᠲᠣᠬᠣᠢ ᠠᠭᠤᠳᠠᠮ ᠂ ᠨᠠᠢ᠍ᠮᠠ ᠶᠢᠰᠦᠨ ᠲᠣᠬᠣᠢ ᠭᠦᠨ ᠬᠣᠶᠠᠷ ᠨᠦᠬᠡ ᠤᠬᠤᠵᠤ ᠂ ᠲᠡᠷᠡ ᠨᠦᠬᠡ ᠶ᠋ᠢᠨ ᠢᠷᠣᠭᠠᠷ ᠲᠤᠷ ᠠᠷᠪᠠ ᠬᠣᠷᠢᠨ ᠵᠢᠳᠠ ᠶ᠋ᠢ ᠬᠢᠷᠭᠠᠭᠤᠷ ᠮᠡᠲᠦ ᠬᠤᠷᠴᠠ ᠪᠢᠯᠡᠭᠦᠳᠡᠵᠦ ᠂ ᠴᠥᠮ ᠪᠦᠳᠦᠭᠦᠨ ᠣᠬᠣᠷ ᠡᠰᠢᠲᠦ ᠶ᠋ᠢᠳᠡ ᠶ᠋ᠢᠨ ᠳᠣᠣᠷ᠎ᠠ ᠬᠠᠭᠠᠰ ᠢ᠋ ᠴᠥᠮ ᠭᠠᠵᠠᠷ ᠲᠤᠷ ᠪᠠᠲᠤᠳᠠ ᠪᠤᠯᠠᠭᠠᠳ ᠰᠠᠢᠲᠤᠷ ᠬᠠᠩᠳᠠᠨ ᠨᠦᠳᠦᠵᠦ ᠴᠢᠩᠭᠠᠷᠠᠭᠤᠯᠤᠭᠠᠳ ᠨᠦᠬᠡ ᠶ᠋ᠢᠨ ᠳᠡᠭᠡᠷ᠎ᠡ ᠰᠠᠷᠯᠠᠭ ᠠ᠋ᠴᠠ ᠠᠪᠴᠢᠷᠠᠭᠰᠠᠨ ᠲᠠᠵᠢ ᠮᠠᠩᠨᠤᠭ ᠤ᠋ᠨ ᠴᠢᠮᠡᠭᠲᠦ ᠥᠷᠭᠥᠭᠡ ᠪᠡᠨ ᠪᠠᠷᠢᠭᠠᠳ ᠴᠢᠬᠡ ᠨᠦᠬᠡ ᠶ᠋ᠢᠨ ᠳᠡᠭᠡᠷ᠎ᠡ ᠦᠷᠭᠦᠭᠡᠨ ᠦ᠌ ᠬᠠᠭᠠᠰ ᠰᠠᠷᠠᠨ ᠤ᠋ ᠲᠥᠭᠥᠷᠢᠭ ᠶᠡᠬᠡ ᠤᠷᠠᠨ ᠰᠢᠷᠡᠭᠡ ᠲᠠᠯᠪᠢᠵᠤ ᠂ ᠲᠡᠷᠡ ᠰᠢᠷᠡᠭᠡᠨ ᠴᠢᠬᠡ ᠭᠣᠣᠯ ᠤ᠋ᠨ ᠲᠥᠪ ᠦ᠋ᠨ ᠰᠠᠭᠤᠳᠠᠯ ᠤ᠋ᠨ ᠭᠠᠵᠠᠷ ᠲᠤᠷ ᠪᠠᠰᠠ ᠣᠯᠪᠣᠭ ᠤ᠋ᠨ ᠴᠢᠨᠡᠭᠡᠨ ᠨᠦᠬᠡ ᠭᠠᠷᠭᠠᠨ ᠴᠣᠭᠣᠯᠵᠤ ᠂ ᠪᠠᠰᠠ ᠶᠡᠬᠡ ᠢᠰᠡᠭᠡᠢ ᠶ᠋ᠢ ᠮᠥᠨ ᠲᠡᠷᠡ ᠨᠦᠬᠡ ᠶ᠋ᠢᠨ ᠬᠢᠷᠢ ᠪᠡᠷ ᠤᠬᠤᠵᠤ ᠠᠪᠤᠭᠠᠳ ᠲᠡᠷᠡ ᠴᠣᠭᠣᠷᠣᠬᠠᠢ ᠶ᠋ᠢᠨ ᠳᠡᠭᠡᠷ᠎ᠡ ᠢᠨᠦ ᠰᠢᠨᠡᠬᠡᠨ ᠲᠡᠮᠡᠭᠡᠨ ᠦ᠌ ᠤᠩᠭᠠᠰᠤᠨ ᠤ᠋ ᠬᠥᠪᠬᠡᠯᠵᠡᠮᠡ ᠵᠤᠵᠠᠭᠠᠨ ᠮᠠᠩᠨᠤᠭ ᠣᠯᠪᠣᠭ ᠤ᠋ᠨ ᠳᠣᠣᠷ᠎ᠠ ᠠᠨᠤ ᠂ ᠲᠠᠯ᠎ᠠ ᠶ᠋ᠢᠨ ᠨᠠᠷᠢᠨ ᠪᠤᠷᠭᠠᠰᠤᠨ ᠤ᠋ ᠨᠠᠢᠯᠵᠠᠭᠤᠷ ᠢ᠋ ᠬᠥᠨᠳᠡᠯᠡᠨ ᠭᠤᠯᠳᠤ ᠪᠠᠷ ᠬᠡᠳᠦᠨᠲᠡ ᠰᠦᠯᠵᠢᠭᠦᠯᠦᠨ ᠬᠠᠲᠠᠵᠤ ᠂ ᠲᠡᠷᠡ ᠰᠠᠨᠳᠠᠯᠢ ᠶ᠋ᠢᠨ ᠴᠣᠭᠣᠷᠣᠬᠠᠢ ᠶ᠋ᠢᠨ ᠳᠡᠭᠡᠷ᠎ᠡ ᠢᠨᠦ ᠪᠦᠲᠡᠭᠡᠵᠦ ᠲᠠᠯᠪᠢᠭᠠᠳ ᠬᠣᠢᠨ᠎ᠠ ᠠᠨᠤ ᠮᠥᠨ ᠬᠦ᠌ ᠮᠠᠩᠨᠤᠭ ᠲᠦᠰᠢᠯᠭᠡ ᠶ᠋ᠢ ᠪᠣᠰᠬᠠᠵᠤ ᠂ ᠥᠷᠭᠥᠭᠡ ᠶ᠋ᠢ ᠲᠦᠰᠢᠭᠦᠯᠦᠨ ᠲᠠᠯᠪᠢᠭᠠᠳ ᠡᠮᠦᠨ᠎ᠡ ᠢᠨᠦ ᠰᠠᠷᠬᠤᠳ ᠴᠠᠢ ᠶ᠋ᠢᠨ ᠶᠡᠬᠡ ᠰᠢᠷᠡᠭᠡ ᠲᠠᠯᠪᠢᠨ ᠂ ᠲᠡᠷᠡ ᠣᠯᠪᠣᠭ ᠲᠤᠷ ᠰᠠᠭᠤᠮᠠᠭᠴᠠ ᠳᠠᠷᠤᠢ ᠴᠥᠮᠥ ᠡᠴᠢᠵᠦ ᠂ ᠲᠡᠷᠡ ᠵᠢᠳᠠ ᠮᠡᠰᠡᠲᠦ ᠨᠦᠬᠡ ᠳ᠋ᠦ᠍ᠷ ᠤᠨᠠᠬᠤ ᠪᠠᠷ ᠪᠡᠯᠡᠳᠬᠡᠵᠦ ᠂ ᠵᠢᠴᠢ ᠪᠡᠶ᠎ᠡ ᠪᠡᠨ ᠬᠠᠮᠠᠭᠠᠭᠯᠠᠵᠤ ᠳᠤᠲᠠᠭᠠᠨ ᠭᠠᠷᠬᠤ ᠲᠠᠪᠤᠨ ᠵᠠᠭᠤᠨ ᠰᠠᠷᠯᠠᠭ ᠤ᠋ᠨ ᠥᠨᠳᠥᠷ ᠪᠡᠶᠡᠲᠦ ᠴᠡᠷᠢᠭ ᠢ᠋ᠶ᠋ᠡᠨ ᠳᠠᠷᠤᠢ ᠲᠡᠷᠡ ᠳᠣᠪᠣ ᠶ᠋ᠢᠨ ᠤᠯᠭᠠᠪᠤᠷ ᠲᠦᠯᠡᠭᠡ ᠶ᠋ᠢᠨ ᠳᠣᠲᠣᠷ᠎ᠠ ᠪᠦᠭᠭᠦᠭᠦᠯᠵᠦ ᠂ ᠰᠠᠢᠨ ᠴᠠᠢ ᠰᠠᠢᠬᠠᠨ ᠬᠤᠷᠢᠮ ᠪᠡᠯᠡᠳᠬᠡᠨ ᠂ ᠦᠷᠭᠦᠭᠡᠨ ᠦ᠌ ᠳᠣᠲᠣᠷᠠᠬᠢ ᠶ᠋ᠢ ᠬᠡᠲᠦᠷᠬᠡᠶ᠎ᠡ ᠴᠢᠮᠡᠵᠦ ᠂ ᠽᠠᠨᠳᠠᠨ ᠬᠥᠬᠥᠯ ᠰᠢᠲᠠᠭᠠᠵᠤ ᠂ ᠲᠠᠢᠽᠦ ᠶ᠋ᠢᠨ ᠲᠡᠷᠡ ᠵᠠᠮ ᠢ᠋ᠶ᠋ᠠᠷ ᠵᠠᠮᠨᠠᠬᠤ ᠶ᠋ᠢ ᠬᠦᠯᠢᠶᠡᠪᠡᠢ ᠃
ᠲᠡᠷᠡ ᠡᠳᠦᠷ᠎ᠡ ᠴᠢᠪᠬᠢᠲᠡᠯ᠎ᠡ ᠲᠠᠢᠽᠦ ᠶ᠋ᠢᠨ ᠶᠡᠬᠡ ᠠᠪᠠ ᠲᠡᠭᠦᠰᠴᠦ ᠠᠭᠤᠯᠠᠨ ᠠ᠋ᠴᠠ ᠪᠠᠭᠤᠨ ᠲᠠᠷᠢᠶᠠᠲᠤ ᠶ᠋ᠢᠨ ᠲᠠᠯ᠎ᠠ ᠶ᠋ᠢᠨ ᠶᠡᠬᠡ ᠪᠠᠭᠤᠳᠠᠯ ᠳ᠋ᠤᠷ ᠢ᠋ᠶ᠋ᠡᠨ ᠢᠷᠡᠬᠦᠶ᠎ᠡ ᠂ ᠭᠣᠣᠯ ᠤ᠋ᠨ ᠠᠮᠠᠨ ᠳ᠋ᠤᠷ ᠬᠦᠷᠲᠡᠯ᠎ᠡ ᠪᠤᠷᠬᠠᠨ ᠭᠠᠯᠳᠤᠨ᠎ᠠ ᠠ᠋ᠴᠠ ᠲᠡᠮᠳᠡᠭ ᠥᠳᠥ ᠬᠠᠳᠬᠤᠭᠰᠠᠨ ᠬᠢᠶ᠎ᠡ ᠲᠡᠭᠦᠰᠴᠣᠭ᠍ᠲᠦ ᠢᠷᠡᠵᠦ ᠠᠮᠤᠭᠤᠯᠠᠩ ᠢ᠋ ᠡᠷᠢᠪᠡ ᠃ ᠲᠠᠢᠽᠦ ᠮᠣᠷᠢᠨ ᠢ᠋ᠶ᠋ᠠᠨ ᠲᠡᠳᠡᠨ ᠵᠣᠭᠰᠣᠭᠠᠵᠤ ᠦᠵᠢᠨ ᠡᠮᠡᠭᠡ ᠶ᠋ᠢᠨ ᠠᠮᠤᠷ ᠲᠤᠩᠭᠠᠯᠠᠭ ᠢ᠋ ᠠᠰᠠᠭᠤᠬᠤᠢ ᠳ᠋ᠤᠷ ᠲᠡᠭᠦᠰᠴᠣᠭ᠍ᠲᠦ ᠶᠠᠭᠠᠷᠠᠨ ᠥᠭᠡᠯᠦᠨ ᠥᠵᠢᠨ ᠦ᠌ ᠵᠠᠬᠢᠳᠠᠯ ᠪᠢᠴᠢᠭ ᠪᠠ ᠰᠡᠴᠡᠨ ᠬᠠᠲᠤᠨ ᠤ᠋ ᠭᠡᠷ ᠦ᠋ᠨ ᠢᠳᠡᠰᠢᠨ ᠦ᠌ ᠵᠦᠢᠯ ᠢ᠋ ᠡᠷᠭᠦᠨ ᠪᠠᠷᠢᠪᠠ ᠃ ᠲᠠᠢᠽᠦ ᠡᠬᠡ ᠶ᠋ᠢᠨ ᠵᠠᠬᠢᠳᠠᠯ ᠬᠡᠮᠡᠮᠡᠭᠴᠡ ᠮᠣᠷᠢᠨ ᠠ᠋ᠴᠠ ᠪᠠᠭᠤᠵᠤ ᠪᠢᠴᠢᠭ ᠢ᠋ ᠦᠵᠡᠪᠡᠰᠦ ᠂ ᠵᠠᠬᠢᠳᠠᠯ ᠤ᠋ᠨ ᠡᠬᠢ ᠳ᠋ᠦ᠍ᠷ ᠥᠪᠡᠷ ᠦ᠋ᠨ ᠠᠮᠤᠷ ᠲᠤᠩᠭᠠᠯᠠᠭ ᠢ᠋ ᠬᠡᠯᠡᠵᠦ ᠂ ᠬᠣᠢᠨ᠎ᠠ ᠰᠤᠷᠭᠠᠵᠤ ᠵᠠᠬᠢᠭ᠍ᠰᠠᠨ ᠠᠨᠤ : 《ᠬᠥᠪᠡᠭᠦᠨ ᠴᠢᠨᠦ ᠪᠡᠶ᠎ᠡ ᠠᠪᠠ ᠰᠢᠪᠠᠭᠤᠨᠠ ᠶᠠᠪᠤᠬᠤᠶ᠎ᠠ ᠪᠡᠶ᠎ᠡ ᠪᠡᠨ ᠬᠢᠴᠢᠶᠡᠨ ᠰᠤᠪᠢᠯᠠᠵᠤ ᠂ ᠥᠷᠯᠥᠭᠡ ᠦᠳᠡᠰᠢ ᠰᠠᠢᠬᠠᠨ ᠰᠡᠷᠡᠮᠵᠢᠯᠡ ᠂ ᠠᠪᠠ ᠲᠡᠭᠦᠰᠦᠮᠡᠭᠴᠡ ᠲᠦᠷᠭᠡᠬᠡᠨ ᠬᠠᠷᠢᠵᠤ ᠢᠷ᠎ᠡ ᠃ ᠮᠢᠨᠦ ᠪᠡᠶ᠎ᠡ ᠬᠠᠷᠠᠬᠠᠨ ᠭᠠᠳᠠᠭᠠᠳᠤ ᠨᠠᠢ᠍ᠮᠠᠨ ᠶᠡᠬᠡ ᠤᠯᠤᠰ ᠨᠡᠢᠯᠡᠵᠦ ᠮᠠᠨ ᠤ᠋ ᠤᠯᠤᠰ ᠢ᠋ ᠲᠠᠢᠯᠠᠮᠤᠢ ᠬᠡᠮᠡᠭᠰᠡᠨ ᠵᠢᠪᠳᠡᠷᠡᠭᠡ ᠶ᠋ᠢ ᠰᠣᠨᠣᠰᠤᠭᠰᠠᠨ ᠠ᠋ᠴᠠ ᠬᠠᠷᠢᠨ ᠠᠮᠤᠷ ᠦᠭᠡᠢ ᠪᠥᠬᠥᠶ᠎ᠡ ᠂ ᠬᠥᠪᠡᠭᠦᠨ ᠴᠢᠨᠦ ᠪᠡᠶ᠎ᠡ ᠬᠦᠷᠴᠦ ᠢᠷᠡᠭᠰᠡᠨ ᠳ᠋ᠦ᠍ᠷ ᠮᠢᠨᠦ ᠳᠣᠲᠣᠷ᠎ᠠ ᠰᠠᠶᠢ ᠠᠮᠤᠷ ᠪᠣᠯᠤᠭᠰᠠᠨ ᠪᠥᠯᠥᠭᠡ ᠃ ᠥᠨᠥᠬᠡᠨ ᠬᠥᠪᠡᠭᠦᠨ ᠴᠢ ᠡᠨᠡ ᠠᠪᠠ ᠳ᠋ᠤᠷ ᠡᠴᠢᠭᠰᠡᠨ᠎ᠡ ᠶᠠᠭᠤᠨ ᠤ᠋ ᠤᠴᠢᠷ ᠢ᠋ ᠮᠡᠳᠡᠬᠦ ᠦᠭᠡᠢ ᠂ ᠮᠢᠨᠦ ᠳᠣᠲᠣᠷ᠎ᠠ ᠬᠥᠪᠡᠭᠦᠨ ᠴᠢᠮᠠᠢ ᠲᠡᠢᠨ ᠳᠡᠢᠰᠤᠨᠠ ᠮᠣᠷᠳᠠᠭᠰᠠᠨ ᠠ᠋ᠴᠠ ᠢᠯᠡᠭᠦᠦ ᠠᠮᠤᠷ ᠦᠭᠡᠢ ᠪᠥᠬᠥᠶ᠎ᠡ ᠂ ᠥᠴᠥᠭᠡᠳᠦᠷ ᠰᠥᠨᠢ ᠪᠠᠰᠠ ᠨᠢᠭᠡᠨ ᠵᠢᠭᠲᠡᠢ ᠵᠡᠭᠦᠳᠦᠨ ᠵᠡᠭᠦᠳᠦᠯᠡᠪᠡ ᠃ ᠤᠤᠯ ᠬᠥᠪᠡᠭᠦᠨ ᠴᠢᠮᠠᠢ ᠣᠯᠬᠤᠢ ᠳ᠋ᠤᠷ ᠵᠡᠭᠦᠳᠦᠯᠡᠭᠰᠡᠨ ᠲᠡᠷᠡ ᠪᠠᠳᠠᠷᠠᠩᠭᠤᠢ ᠴᠠᠭᠠᠨ ᠭᠡᠷᠡᠯᠲᠦ ᠲᠡᠭᠷᠢ ᠨᠢᠭᠡᠨ ᠬᠠᠭᠠᠨ ᠭᠠᠷᠤᠳᠢ ᠶ᠋ᠢ ᠬᠥᠯᠭᠡᠯᠡᠵᠦ ᠢᠷᠡᠭᠡᠳ ᠬᠥᠪᠡᠭᠦᠨ ᠴᠢᠮᠠᠢ ᠨᠢᠭᠡᠨ ᠴᠢᠰᠤᠨ ᠤ᠋ ᠬᠤᠳᠳᠤᠭ ᠠ᠋ᠴᠠ ᠰᠢᠭᠦᠵᠦ ᠭᠠᠷᠭᠠᠪᠠ ᠭᠡᠮᠡᠨ ᠵᠡᠭᠦᠳᠦᠯᠡᠭᠰᠡᠨ ᠲᠤᠯᠠ ᠮᠢᠨᠦ ᠳᠣᠲᠣᠷ᠎ᠠ ᠨᠡᠩ ᠠᠮᠤᠷ ᠦᠭᠡᠢ ᠪᠣᠯᠵᠤ ᠂ ᠴᠡᠷᠢᠭ ᠦ᠋ᠨ ᠵᠢᠨᠦᠩ ᠪᠠ ᠲᠡᠷᠢᠭᠦᠯᠡᠭᠰᠡᠨ ᠲᠦᠰᠢᠮᠡᠯ ᠨᠠᠷ ᠲᠤ᠌ ᠬᠡᠯᠡᠵᠦ ᠴᠡᠷᠢᠭ ᠢᠯᠡᠭᠡᠬᠦ ᠡᠴᠡ ᠭᠠᠳᠠᠨ᠎ᠠ ᠂ ᠤᠷᠢᠳᠴᠢᠯᠠᠨ ᠬᠥᠮᠦᠨ ᠳᠣᠪᠲᠣᠯᠭᠠᠨ ᠰᠡᠷᠭᠦᠭᠡᠨ ᠬᠡᠯᠡᠵᠦ ᠢᠯᠡᠭᠡᠪᠡ ᠃ ᠬᠥᠪᠡᠭᠦᠨ ᠴᠢ ᠪᠡᠶ᠎ᠡ ᠪᠡᠨ ᠬᠢᠴᠢᠶᠡᠨ ᠬᠠᠮᠠᠭᠠᠯᠠᠭᠤᠯᠵᠤ ᠶᠠᠪᠤ ᠂ ᠳᠥᠷᠪᠡᠨ ᠳᠡᠭᠦᠦ ᠪᠡᠨ ᠰᠠᠢᠲᠤᠷ ᠵᠠᠬᠢᠵᠤ ᠪᠡᠶ᠎ᠡ ᠪᠡᠨ ᠰᠠᠬᠢᠭᠤᠯ ᠂ ᠲᠡᠷᠡᠬᠡᠨ ᠵᠢᠯ ᠨᠠᠢ᠍ᠮᠠᠨ ᠤᠯᠤᠰ ᠤ᠋ᠨ ᠲᠠᠢᠶᠠᠩ ᠬᠠᠭᠠᠨ ᠪᠣᠯᠠᠢ ᠂ ᠪᠠᠷᠠᠭᠤᠨ ᠯᠢᠶᠣᠤ ᠤᠯᠤᠰ ᠤ᠋ᠨ ᠡᠵᠡᠨ ᠶᠧ ᠯᠢᠦᠢ ᡁᠢ ᠭᠦ ᠶ᠋ᠢ ᠨᠠᠢ᠍ᠮᠠᠨ ᠮᠢᠩᠭᠠᠨ ᠴᠡᠷᠢᠭ ᠢ᠋ᠶ᠋ᠡᠷ ᠠᠪᠠ ᠶ᠋ᠢᠨ ᠭᠠᠵᠠᠷ ᠠ᠋ᠴᠠ ᠠᠨᠤ ᠪᠠᠷᠢᠵᠤ ᠠᠪᠤᠭᠠᠳ ᠤᠯᠤᠰ ᠲᠥᠷᠥ ᠶ᠋ᠢ ᠢᠨᠦ ᠪᠤᠯᠢᠶᠠᠨ ᠠᠪᠤᠭᠰᠠᠨ ᠦᠭᠡᠢ ᠦᠦ ? ᠬᠥᠪᠡᠭᠦᠨ ᠴᠢ ᠠᠪᠠ ᠠᠶᠠᠨ᠎ᠠ ᠬᠤᠯᠠᠭᠠᠢ ᠳᠠᠢᠰᠤᠨ ᠢ᠋ ᠰᠠᠢᠲᠤᠷ ᠬᠢᠴᠢᠶᠡᠭᠳᠡᠬᠦᠢ ᠂ ᠡᠷᠲᠡᠨ ᠦ᠌ ᠥᠯᠥᠭ ᠪᠦᠳᠦᠭᠦᠨ ᠦᠭᠡᠨ ᠳ᠋ᠦ᠍ᠷ :< ᠬᠣᠣᠷᠠᠲᠤ ᠮᠣᠭᠠᠢ ᠶ᠋ᠢ ᠨᠠᠷᠢᠬᠠᠨ ᠬᠡᠮᠡᠵᠦ ᠪᠢᠲᠡᠭᠡᠢ ᠪᠡᠷᠢ ᠂ ᠬᠤᠯᠠᠭᠠᠢ ᠬᠤᠳᠠᠯ ᠢ᠋ ᠥᠴᠦᠬᠡᠨ ᠬᠡᠮᠡᠵᠦ ᠪᠢᠲᠡᠭᠡᠢ ᠪᠠᠰᠤᠮᠵᠢᠯᠠ > ᠬᠡᠮᠡᠵᠦᠬᠦᠢ ᠃ ᠬᠥᠪᠡᠭᠦᠨ ᠮᠢᠨᠦ ᠰᠡᠷᠡᠵᠦ ᠶᠠᠪᠤᠭᠲᠤᠨ ! 》ᠬᠡᠮᠡᠵᠦᠬᠦᠢ᠃
ᠲᠠᠢᠽᠦ ᠡᠨᠡ ᠵᠠᠬᠢᠳᠠᠯ ᠢ᠋ ᠦᠵᠡᠭᠡᠳ ᠶᠡᠬᠡ ᠯᠡ ᠰᠡᠵᠢᠭᠯᠡᠵᠦ ᠥᠭᠦᠯᠡᠷᠦᠨ :《ᠪᠢ ᠬᠠᠷᠠᠬᠠᠨ ᠪᠢᠴᠢᠬᠡᠨ ᠡᠴᠡ ᠳᠥᠷᠪᠡᠨ ᠵᠦᠭ ᠲᠦ᠍ᠷ ᠴᠡᠷᠢᠭ ᠠᠪᠴᠤ ᠪᠠᠢᠯᠳᠤᠨ ᠶᠠᠪᠤᠬᠤᠶ᠎ᠠ ᠂ ᠥᠵᠢᠨ ᠡᠮᠡᠭᠡ ᠮᠢᠨᠦ ᠨᠠᠮᠠᠢ ᠭᠠᠷᠬᠤ ᠲᠤᠬᠠᠢ ᠨᠢᠭᠡᠨ ᠤᠳᠠᠭ᠎ᠠ ᠰᠤᠷᠭᠠᠨ ᠬᠡᠯᠡᠪᠡᠰᠦ ᠬᠣᠢᠨ᠎ᠠ ᠰᠡᠳᠬᠢᠯ ᠠᠮᠤᠳᠠᠭ ᠪᠥᠯᠥᠭᠡ ᠂ ᠨᠡᠩ ᠪᠠᠰᠠ ᠡᠨᠡ ᠤᠳᠠᠭ᠎ᠠ ᠴᠡᠷᠢᠭ ᠲᠡᠢᠨ ᠦ᠌ ᠬᠡᠷᠡᠭ ᠪᠤᠰᠤ ᠪᠥᠭᠡᠲᠡᠯ᠎ᠡ ᠥᠵᠢᠨ ᠡᠬᠡ ᠮᠢᠨᠦ ᠡᠢᠨ ᠬᠦ᠌ ᠰᠡᠵᠢᠭᠲᠦ ᠵᠡᠭᠦᠳᠦᠨ ᠵᠡᠭᠦᠳᠦᠯᠡᠭᠰᠡ ᠢᠨᠦ ᠬᠠᠷᠰᠢᠯ ᠬᠥᠨᠥᠭᠡᠯ ᠪᠣᠢ ᠲᠤᠯᠠ ᠲᠡᠭᠷᠢ ᠡᠴᠢᠭᠡ ᠮᠢᠨᠦ ᠲᠡᠮᠳᠡᠭ ᠥᠭᠴᠦ ᠡᠬᠡ ᠶ᠋ᠢ ᠮᠢᠨᠦ ᠰᠡᠷᠭᠡᠢᠯᠡᠭᠦᠯᠦᠭᠰᠡᠨ ᠪᠣᠢ ᠶᠠ ᠂ ᠡᠰᠡ ᠬᠢᠴᠢᠶᠡᠪᠡᠰᠦ ᠦᠯᠦ ᠪᠣᠯᠤᠮᠤᠢ ! 》 ᠬᠡᠮᠡᠵᠦ ᠵᠠᠬᠢᠷᠤᠨ: 《ᠬᠠᠰᠠᠷ ᠳᠡᠭᠦᠦ ᠮᠢᠨᠦ ᠬᠠᠴᠢᠷ ᠥᠳᠥᠲᠦ ᠰᠠᠭᠠᠳᠠᠭ ᠢ᠋ ᠠᠭᠰᠠᠵᠤ ᠂ ᠮᠢᠨᠦ ᠵᠡᠭᠦᠨ ᠭᠠᠷ ᠤ᠋ᠨ ᠳᠣᠣᠷ᠎ᠠ ᠣᠢᠷ᠎ᠠ ᠶᠠᠪᠤ ᠂ ᠪᠡᠯᠭᠦᠳᠡᠢ ᠳᠡᠭᠦᠦ ᠮᠢᠨᠦ ᠪᠢᠯᠢᠭ ᠦ᠋ᠨ ᠭᠡᠷᠡᠯᠲᠦ ᠢᠯᠳᠦᠨ ᠢ᠋ ᠮᠢᠨᠦ ᠵᠡᠭᠦᠵᠦ ᠂ ᠮᠢᠨᠦ ᠪᠠᠷᠠᠭᠤᠨ ᠭᠠᠷ ᠤ᠋ᠨ ᠳᠣᠣᠷ᠎ᠠ ᠣᠢᠷ᠎ᠠ ᠳᠠᠭ᠎ᠠ ᠂ ᠣᠴᠢᠭ ᠳᠡᠭᠦᠦ ᠮᠢᠨᠦ ᠣᠯᠠᠨ ᠬᠥᠯ ᠮᠣᠷᠢᠨ ᠢ᠋ ᠮᠢᠨᠦ ᠬᠥᠲᠥᠯᠵᠦ ᠮᠢᠨᠦ ᠬᠣᠢᠨ᠎ᠠ ᠮᠣᠷᠢᠨ ᠰᠡᠭᠦᠯ ᠦ᠋ᠨ ᠣᠢᠷ᠎ᠠ ᠳᠠᠭ᠎ᠠ ᠂ ᠭᠠᠴᠤᠭ ᠳᠡᠭᠦᠦ ᠮᠢᠨᠦ ᠭᠠᠩ ᠶ᠋ᠢᠳᠠ ᠪᠠ ᠭᠠᠢᠬᠠᠮᠰᠢᠭ᠍ᠲᠤ ᠰᠢᠪᠠᠭᠤᠨ ᠢ᠋ ᠮᠢᠨᠦ ᠡᠭᠦᠷᠴᠦ ᠮᠢᠨᠦ ᠮᠣᠷᠢᠨ ᠲᠣᠯᠣᠭᠠᠢ ᠶ᠋ᠢᠨ ᠡᠮᠦᠨ᠎ᠡ ᠣᠢᠷ᠎ᠠ ᠶᠠᠪᠤ ᠂ ᠵᠢᠷᠭᠤᠭᠠᠨ ᠰᠠᠢᠰᠢᠶᠠᠯ ᠤ᠋ᠨ ᠰᠠᠢᠳ ᠮᠢᠨᠦ ᠵᠢᠭ᠍ᠰᠠᠭᠠᠯ ᠤ᠋ᠨ ᠳᠣᠲᠣᠷ᠎ᠠ ᠶᠠᠪᠤ ᠂ ᠶᠢᠰᠦᠨ ᠡᠩ ᠦ᠋ᠨ ᠲᠦᠰᠢᠮᠡᠯ ᠮᠢᠨᠦ ᠢᠯᠳᠦ ᠵᠡᠪᠰᠡᠭ ᠢ᠋ᠶ᠋ᠡᠨ ᠪᠡᠯᠡᠨ ᠪᠠᠷᠢᠵᠤ ᠮᠢᠨᠦ ᠪᠡᠶ᠎ᠡ ᠶ᠋ᠢ ᠲᠣᠭᠣᠷᠢᠵᠤ ᠳᠠᠭ᠎ᠠ ᠃ ᠭᠤᠷᠪᠠᠨ ᠵᠠᠭᠤᠨ ᠰᠢᠯᠭᠠᠳᠠᠭ ᠴᠡᠷᠢᠭ ᠮᠢᠨᠦ ᠭᠤᠲᠤᠯ ᠬᠤᠪᠴᠠᠳ ᠮᠡᠲᠦ ᠬᠥᠯ ᠦ᠋ᠨ ᠳᠣᠣᠷ᠎ᠠ ᠠ᠋ᠴᠠ ᠪᠢᠲᠡᠭᠡᠢ ᠰᠠᠯᠤᠭᠲᠤᠨ ᠃ ᠲᠦᠮᠡᠨ ᠠᠪᠠ ᠶ᠋ᠢᠨ ᠴᠡᠷᠢᠭ ᠮᠢᠨᠦ ᠬᠠᠮᠢᠭ᠎ᠠ ᠪᠣᠢ ? ᠲᠦᠷᠭᠡᠨ᠎ᠡ ᠶᠠᠪᠤᠵᠤ ᠪᠠᠭᠤᠳᠠᠯ ᠪᠠᠭᠤᠳᠠᠯ ᠳ᠋ᠤᠷ ᠢ᠋ᠶ᠋ᠠᠨ ᠬᠦᠷᠰᠦᠭᠡᠢ᠂ ᠭᠡᠷ ᠲᠦ᠍ᠷ ᠭᠦᠷᠦᠨ ᠬᠦᠷᠲᠡᠯ᠎ᠡ ᠭᠡᠭᠡᠬᠡᠨ ᠵᠠᠬᠢᠶ᠎ᠠ ᠶ᠋ᠢ ᠮᠢᠨᠦ ᠬᠢᠴᠢᠶᠡᠵᠡᠭᠡ ! 》 ᠭᠡᠮᠡᠨ ᠵᠠᠷᠯᠠᠭᠠᠳ ᠳ᠋ᠡᠷᠭᠢ ᠬᠣᠩᠭᠣᠷ ᠮᠣᠷᠢᠨ ᠳ᠋ᠤᠷ ᠢ᠋ᠶ᠋ᠠᠨ ᠳᠡᠪᠬᠡᠯᠦᠨ ᠭᠠᠷᠴᠤ ᠮᠣᠷᠳᠠᠭᠠᠳ ᠳᠦᠷᠬᠢᠷᠡᠲᠡᠯ᠎ᠡ ᠶᠠᠪᠤᠵᠤ ᠬᠠᠷᠠᠬᠠᠨ ᠲᠠᠷᠢᠶᠠᠲᠤ ᠶ᠋ᠢᠨ ᠲᠠᠯ᠎ᠠ ᠶ᠋ᠢᠨ ᠶᠡᠬᠡ ᠪᠠᠭᠤᠳᠠᠯ ᠳ᠋ᠤᠷ ᠵᠦᠭᠯᠡᠨ ᠡᠴᠢᠬᠦᠶ᠎ᠡ᠂ ᠵᠠᠮ ᠳ᠋ᠤᠷ ᠪᠣᠷᠣ ᠲᠣᠬᠣᠮ ᠤ᠋ᠨ ᠳᠣᠣᠭᠤᠷ ᠥᠩᠭᠡᠷᠡᠬᠦᠶ᠎ᠡ ᠦᠵᠡᠪᠡᠰᠦ ᠤᠯᠭᠠᠪᠤᠷᠲᠤ ᠡᠷᠭᠢ ᠶ᠋ᠢᠨ ᠳᠣᠣᠷ᠎ᠠ ᠳᠠᠩᠰᠠ ᠡᠪᠡᠰᠦᠨ ᠦ᠌ ᠲᠠᠯ᠎ᠠ ᠳ᠋ᠤᠷ ᠨᠢᠭᠡᠨ ᠪᠦᠯᠦᠭ ᠦ᠋ᠨ ᠪᠠᠭᠤᠳᠠᠯ ᠪᠣᠢ᠂ ᠳᠣᠲᠣᠷ᠎ᠠ ᠬᠡᠳᠦ ᠬᠡᠳᠦᠨ ᠴᠢᠮᠡᠭᠲᠦ ᠥᠷᠭᠥᠭᠡ ᠪᠠᠷᠢᠵᠤᠬᠤᠢ᠃ ᠲᠠᠢᠽᠦ ᠶᠠᠪᠤᠭᠰᠠᠭᠠᠷ ᠲᠡᠷᠡ ᠪᠠᠭᠤᠳᠠᠯ ᠤ᠋ᠨ ᠡᠮᠦᠨ᠎ᠡ ᠬᠦᠷᠴᠦ ᠢᠷᠡᠬᠦᠶ᠎ᠡ ᠵᠢᠭ᠍ᠰᠠᠭᠠᠯ ᠤ᠋ᠨ ᠵᠠᠩᠵᠤᠨ ᠨᠠᠷ ᠰᠠᠶᠢ ᠠᠰᠠᠭᠤᠰᠤᠭᠠᠢ ᠬᠡᠮᠡᠲᠡᠯ᠎ᠡ ᠭᠡᠨᠡᠳᠲᠡ ᠨᠢᠭᠡᠨ ᠬᠥᠮᠦᠨ ᠵᠠᠮ ᠤ᠋ᠨ ᠬᠠᠵᠠᠭᠤᠳᠠ ᠴᠢᠪᠴᠢᠢᠲᠡᠯᠡ ᠰᠥᠭᠥᠳᠴᠦ ᠴᠢᠭ ᠴᠢᠭ ᠮᠥᠷᠭᠥᠵᠦ ᠪᠦᠬᠦᠢ ᠳ᠋ᠦ᠍ᠷ ᠲᠠᠢᠽᠦ ᠦᠵᠡᠪᠡᠰᠦ ᠬᠠᠷᠢᠨ ᠲᠠᠢᠴᠢᠭᠤᠳ ᠠᠢᠮᠠᠭ ᠤ᠋ᠨ ᠬᠠᠭᠤᠴᠢᠨ ᠡᠵᠡᠨ ᠲᠠᠷᠬᠤᠲᠠᠢ ᠂ ᠲᠡᠯᠪᠤᠲᠠᠢ ᠲᠠᠨ ᠤ᠋ ᠬᠤᠷᠰᠢᠶ᠎ᠠ ᠶᠠᠪᠤᠭᠰᠠᠨ ᠴᠢᠯᠭᠡᠷ ᠪᠥᠬᠡ ᠠᠵᠤᠭᠤ !
ᠲᠡᠳᠦᠢ ᠲᠠᠢᠽᠦ ᠵᠢᠯᠣᠭᠣ ᠪᠠᠨ ᠲᠠᠲᠠᠵᠤ ᠤᠴᠢᠷ ᠢ᠋ ᠠᠰᠠᠭᠤᠪᠠᠰᠤ ᠂ ᠴᠢᠯᠭᠡᠷ ᠪᠥᠬᠡ:《ᠶᠠᠯ᠎ᠠ ᠬᠦᠯᠢᠶᠡᠨ ᠳᠠᠭᠠᠷ᠎ᠠ ᠢᠷᠠᠪᠠᠰᠤ ᠴᠡᠷᠢᠭ ᠦ᠋ᠨ ᠵᠢᠨᠦᠩ ᠵᠣᠯᠭᠠᠵᠤ ᠂ ᠡᠵᠡᠨ ᠦ᠌ ᠡᠭᠡᠭᠰᠡᠨ ᠬᠣᠢᠨ᠎ᠠ ᠮᠡᠳᠡᠰᠦᠭᠡᠢ ᠃》ᠭᠡᠮᠡᠨ ᠵᠠᠬᠢᠵᠤ ᠪᠠᠭᠤᠳᠠᠯᠯᠠᠭᠤᠯᠤᠭᠰᠠᠨ ᠳ᠋ᠤᠷ ᠡᠵᠡᠨ ᠳ᠋ᠦ᠍ᠷ ᠨᠢᠭᠤᠷ ᠵᠣᠯᠭᠠᠨ ᠴᠢᠳᠠᠬᠤ ᠦᠭᠡᠢ ᠪᠣᠯᠭᠤᠵᠠᠢ ᠭᠡᠮᠡᠨ ᠨᠢᠭᠤᠵᠤ ᠢᠷᠡᠨ ᠂ ᠮᠥᠷᠭᠥᠨ ᠵᠣᠯᠭᠠᠵᠤ ᠮᠡᠳᠡᠭᠦᠯᠦᠨ ᠮᠥᠷᠭᠥᠮᠦ ᠃ 》ᠬᠡᠮᠡᠬᠦᠶ᠎ᠡ ᠂ ᠲᠠᠢᠽᠦ ᠪᠠᠬᠠᠨ ᠮᠦᠰᠢᠶᠡᠵᠦ ᠲᠡᠷᠢᠭᠦᠨ ᠳᠣᠬᠢᠯᠬᠢᠯᠠᠨ ᠰᠠᠶᠢ ᠡᠴᠢᠰᠦᠭᠡᠢ ᠬᠡᠮᠡᠲᠡᠯ᠎ᠡ ᠴᠢᠯᠭᠡᠷ ᠪᠥᠬᠡ ᠴᠢᠬᠢᠲᠦ ᠮᠠᠯᠠᠭ᠎ᠠ ᠪᠠᠨ ᠠᠪᠴᠤ ᠴᠠᠪᠴᠢᠨ ᠰᠥᠭᠥᠳᠴᠦ ᠴᠡᠴᠡᠷᠬᠢᠯᠡᠨ ᠮᠥᠷᠭᠥᠵᠦ ᠂ ᠴᠢᠩᠭ᠎ᠠ ᠳᠠᠭᠤᠨ ᠢ᠋ᠶ᠋ᠠᠷ ᠴᠢᠩ ᠦᠨᠡᠮᠴᠢᠯᠡᠨ ᠮᠡᠳᠡᠭᠦᠯᠦᠷᠦᠨ :
ᠪᠣᠭᠳᠠ ᠡᠵᠡᠨ ᠴᠢᠮᠠᠢ ᠨᠠᠰᠤᠨ ᠰᠡᠭᠦᠳᠡᠷ ᠪᠠᠭ᠎ᠠ ᠪᠦᠬᠦᠢ ᠴᠠᠭ ᠲᠤᠷ
ᠪᠤᠷᠤᠭᠤ ᠪᠢᠳᠡ ᠪᠡᠷ ᠨᠠᠢᠷ ᠥᠭᠡᠶ᠎ᠡ ᠳᠠᠷᠤᠯᠠᠨ ᠶᠠᠪᠤᠯᠤᠭ᠎ᠠ ᠂
ᠪᠤᠶᠠᠨᠲᠤ ᠡᠵᠡᠨ ᠴᠢᠮᠠᠢ ᠨᠢᠷᠠᠢ ᠪᠡᠶ᠎ᠡ ᠨᠢᠯᠬ᠎ᠠ ᠪᠦᠬᠦᠢ ᠴᠠᠭ ᠲᠤᠷ
ᠪᠤᠰᠤᠴᠢᠷ ᠪᠢᠳᠡ ᠪᠡᠷ ᠨᠠᠰᠤᠳᠠ ᠳᠤᠷᠬᠠᠷᠤ ᠳᠠᠷᠤᠯᠠᠨ ᠶᠠᠪᠤᠯᠤᠭ᠎ᠠ ᠂
ᠦᠨᠡᠨ ᠡᠵᠡᠨ ᠴᠢᠮᠠᠢ ᠥᠴᠦᠬᠡᠨ ᠪᠤᠯᠪᠠᠷᠠᠢ ᠪᠦᠬᠦᠢ ᠴᠠᠭ ᠲᠤᠷ
ᠦᠷᠭᠦᠯᠵᠢ ᠪᠢᠳᠡ ᠪᠡᠷ ᠥᠷᠯᠥᠭᠡ ᠦᠳᠡᠰᠢ ᠳᠠᠷᠤᠯᠠᠨ ᠶᠠᠪᠤᠯᠤᠭ᠎ᠠ ᠃
ᠣᠶᠤᠲᠤ ᠡᠵᠡᠨ ᠴᠢᠮᠠᠢ ᠤᠷᠤᠭ᠍ᠰᠢ ᠪᠠᠭᠤᠷᠠᠢ ᠪᠦᠬᠦᠢ ᠴᠠᠭ ᠲᠤᠷ
ᠤᠷᠰᠢᠭ᠋ ᠲᠤ᠌ ᠪᠢᠳᠡ ᠪᠡᠷ ᠤᠷᠲᠤᠳᠠ ᠡᠷᠢᠨ ᠳᠠᠷᠤᠯᠠᠨ ᠶᠠᠪᠤᠯᠤᠭ᠎ᠠ ᠂
ᠡᠳᠦᠭᠡ ᠡᠵᠡᠨ ᠴᠢᠨᠦ ᠤᠳᠣᠭᠰᠠ ᠵᠦᠭ ᠲᠦ᠍ᠷ ᠤᠳᠠᠭ᠎ᠠ ᠦᠭᠡᠢ
ᠡᠷᠬᠡᠪᠰᠢ ᠮᠠᠭᠠᠳ ᠲᠠᠭ᠌ᠷᠢᠳᠠᠵᠠ ᠵᠠᠶᠠᠭᠠᠲᠤ ᠬᠠᠭᠠᠨ ᠬᠥᠪᠡᠭᠦᠨ ᠪᠠᠢᠨᠠᠮ ᠂
ᠡᠶ᠎ᠡ ᠪᠤᠷᠤᠭᠤᠲᠠᠨ ᠤᠷᠭᠤᠭᠰᠠᠨ ᠪᠤᠰᠤᠴᠢᠷ ᠴᠢᠯᠭᠡᠷ ᠪᠥᠬᠡ ᠪᠢ
ᠡᠭᠡᠨ ᠢᠷᠡᠵᠦ ᠶᠠᠯ᠎ᠠ ᠪᠠᠨ ᠬᠦᠯᠢᠶᠡᠨ ᠡᠮᠭᠡᠨᠢᠨ ᠤᠬᠢᠯᠠᠵᠤ ᠭᠤᠶᠤᠨᠠᠮ᠃
ᠡᠷᠬᠡᠲᠦ ᠡᠵᠡᠨ ᠴᠢ ᠡᠷᠲᠡᠨ ᠦ᠌ ᠥᠰᠢᠶ᠎ᠡ ᠶ᠋ᠢ ᠡᠨᠡᠷᠢᠨ ᠭᠡᠭᠡᠵᠦ
ᠡᠩᠭᠦᠷᠡᠢᠭᠦᠯᠦᠨ ᠥᠷᠥᠰᠢᠶᠡᠵᠦ ᠡᠨᠡ ᠠᠮᠢᠨ ᠢ᠋ ᠮᠢᠨᠦ ᠦᠯᠡᠳᠡᠭᠡᠵᠦ ᠠᠭᠤᠴᠢᠯᠠᠨ᠂
ᠡᠩᠭᠡᠷ ᠬᠣᠷᠮᠣᠢ ᠪᠠᠨ ᠲᠣᠭᠣᠰᠣᠨ ᠤ᠋ ᠳᠣᠲᠣᠷ᠎ᠠ ᠪᠠᠨ ᠬᠣᠷᠢᠶᠠᠨ ᠠᠪᠴᠤ
ᠡᠨᠡ ᠬᠦ᠌ ᠲᠡᠷᠢᠭᠦᠨ ᠢ᠋ ᠮᠢᠨᠦ ᠦᠯᠡᠳᠡᠭᠡᠵᠦ ᠢᠰᠢᠭᠡ ᠮᠡᠲᠦ ᠲᠡᠵᠢᠭᠡᠨ ᠠᠮᠢᠳᠤᠷᠠᠭᠤᠯ !
ᠬᠡᠮᠡᠵᠦ ᠡᠨᠡᠷᠢᠲᠡᠯᠡ ᠥᠭᠦᠯᠡᠵᠦ ᠂ ᠡᠯᠡᠰᠦᠨ᠎ᠡ ᠮᠥᠷᠭᠥᠯᠬᠢᠯᠡᠨ ᠡᠯᠳᠡᠪᠴᠢᠯᠡᠨ ᠬᠡᠯᠡᠵᠦ ᠡᠷᠭᠦᠨ ᠵᠠᠯᠠᠭᠰᠠᠨ ᠳ᠋ᠤᠷ ᠲᠠᠢᠽᠦ ᠡᠨᠡ ᠪᠠᠢᠳᠠᠯ ᠳ᠋ᠤᠷ ᠡᠨᠡᠷᠢᠨ ᠥᠷᠥᠰᠢᠶᠡᠯᠳᠦ ᠰᠡᠳᠬᠢᠯ ᠲᠥᠷᠥᠭᠳᠡᠵᠦ ᠂ ᠡᠷᠭᠢᠵᠦ ᠬᠠᠨᠳᠤᠨ ᠥᠴᠦᠬᠡᠨ ᠮᠦᠰᠢᠶᠡᠵᠦ ᠵᠠᠬᠢᠷᠤᠨ :
ᠲᠠᠯᠠᠷᠬᠠᠨ ᠠᠲᠠᠯ᠎ᠠ ᠲᠠᠰᠤᠷᠬᠠᠢ ᠬᠠᠷᠭᠢᠰ ᠲᠠᠢᠴᠢᠭᠤᠳ
ᠲᠠᠪᠠᠲᠠᠢ ᠠᠲᠠᠯ᠎ᠠ ᠲᠠᠰᠤᠯᠤᠨ ᠪᠠᠢᠯᠳᠤᠳᠠᠭ ᠲᠠᠢᠴᠢᠭᠤᠳ ᠂
ᠦᠭᠡ ᠤᠷᠠᠨ ᠪᠥᠭᠡᠲᠡᠯ᠎ᠡ ᠦᠨᠡᠨᠴᠢ ᠦᠭᠡᠢ ᠲᠠᠢᠴᠢᠭᠤᠳ
ᠦᠶ᠎ᠡ ᠦᠶ᠎ᠡ ᠳ᠋ᠦ᠍ᠷ ᠡᠷᠢᠨ ᠳᠠᠷᠤᠯᠠᠭᠰᠠᠨ ᠲᠠᠢᠴᠢᠭᠤᠳ ᠂
ᠡᠨᠡ ᠡᠳᠦᠷ ᠶᠠᠭᠤᠨ ᠳ᠋ᠤᠷ ᠪᠠᠰᠠ ᠡᠷᠢᠨ ᠢᠷᠡᠭᠰᠡᠨ ᠪᠣᠢ ?
ᠡᠪᠡᠦ ᠪᠠᠰᠠ ᠡᠢᠮᠦ ᠳᠦᠷᠢ ᠪᠡᠷ ᠠᠭᠠᠰᠢᠯᠠᠬᠤ ᠠᠵᠢ ᠂
ᠡᠩᠭᠡᠷ ᠢ᠋ ᠡᠵᠡᠯᠡᠬᠦ ᠰᠠᠨᠠᠭ᠎ᠠ ᠶ᠋ᠢ ᠡᠷᠬᠢᠯᠡᠭᠰᠡᠨ ᠦᠭᠡᠢ ᠴᠦ᠍ ᠪᠣᠯᠤᠰᠠ
ᠡᠳᠡᠭᠡᠷ ᠵᠡᠷᠭᠡ ᠶ᠋ᠢᠨ ᠦᠰᠦᠲᠦ ᠠᠳᠤᠭᠤᠰᠤ ᠶ᠋ᠢ ᠡᠷᠲᠡᠬᠡᠨ ᠡᠴᠦᠳᠬᠡᠯᠦᠭᠡ ᠂
ᠡᠷᠲᠡᠨ ᠦ᠌ ᠶᠠᠯ᠎ᠠ ᠪᠠᠨ ᠪᠦᠷᠢᠳᠬᠡᠨ ᠲᠣᠭᠠᠴᠢᠵᠤ ᠡᠷᠢᠨ ᠭᠤᠶᠤᠬᠤ ᠲᠤᠯᠠ
ᠡᠮᠡᠴᠡᠷ ᠴᠢᠨᠦ ᠶᠠᠯ᠎ᠠ ᠶ᠋ᠢ ᠭᠡᠯᠳᠦᠷᠢᠭᠦᠯᠪᠡᠰᠦ ᠪᠠᠷᠠᠭᠰᠠᠨ ᠪᠣᠯᠠᠢ !
ᠬᠡᠮᠡᠭᠡᠳ ᠵᠢᠯᠣᠭᠣ ᠪᠠᠨ ᠳᠤᠭᠲᠤᠷᠤᠨ ᠥᠩᠭᠡᠷᠡᠨ ᠡᠴᠢᠰᠦᠭᠡᠢ ᠬᠡᠮᠡᠲᠡᠯ᠎ᠡ ᠴᠢᠯᠭᠡᠷ ᠪᠥᠬᠡ ᠴᠡᠴᠡᠷᠬᠢᠯᠡᠨ ᠳᠠᠭᠵᠢᠵᠤ ᠡᠪᠦᠳᠦᠭ ᠢ᠋ᠶ᠋ᠡᠷ ᠮᠥᠯᠬᠥᠨ ᠶᠠᠪᠤᠵᠤ ᠂ ᠵᠣᠷᠢᠮᠠᠭ ᠢ᠋ᠶ᠋ᠠᠷ ᠤᠬᠢᠯᠠᠭᠴᠢ ᠪᠣᠯᠤᠨ ᠂ ᠲᠠᠢᠽᠦ ᠶ᠋ᠢᠨ ᠮᠣᠷᠢᠨ ᠢ᠋ ᠭᠡᠷᠦᠨ ᠰᠥᠭᠥᠳᠴᠦ ᠬᠦᠰᠡᠷ᠎ᠡ ᠮᠥᠷᠭᠥᠯᠬᠢᠯᠡᠨ ᠡᠪᠬᠡᠷᠡᠯᠳᠦ ᠡᠨᠡᠯᠭᠡᠲᠦ ᠡᠬᠡᠰᠢᠭ ᠢ᠋ᠶ᠋ᠡᠷ ᠡᠷᠭᠦᠨ ᠵᠠᠯᠠᠵᠤ ᠮᠡᠳᠡᠭᠦᠯᠦᠷᠦᠨ :
ᠠᠮᠢᠨ ᠢ᠋ ᠮᠢᠨᠦ ᠦᠯᠡᠳᠡᠭᠡᠭᠰᠡᠨ ᠠᠰᠠᠷᠠᠯᠲᠤ ᠡᠴᠢᠭᠡ ᠲᠡᠭᠷᠢ ᠮᠢᠨᠦ ᠠ᠋ !
ᠠᠯᠠᠬᠤ ᠪᠡᠶ᠎ᠡ ᠶ᠋ᠢ ᠬᠡᠯᠲᠦᠷᠢᠭᠦᠯᠦᠭᠰᠡᠨ ᠠᠴᠢᠲᠤ ᠪᠣᠭᠳᠠ ᠡᠵᠡᠨ ᠮᠢᠨᠦ ᠠ᠋ !
ᠠᠯᠠᠯ ᠦᠭᠡᠢ ᠦᠯᠡᠳᠡᠭᠡᠭᠰᠡᠨ ᠠᠰᠠᠷᠠᠯᠲᠤ ᠳᠡᠭᠷᠢᠯᠢᠭ ᠡᠴᠢᠭᠡ ᠮᠢᠨᠦ ᠠ᠋ !
ᠠᠭᠤᠷᠯᠠᠯ ᠦᠭᠡᠢ ᠥᠩᠭᠡᠷᠡᠭᠡᠭᠰᠡᠨ ᠠᠭᠤᠳᠠᠮ ᠥᠷᠥᠰᠢᠶᠡᠯᠳᠦ ᠡᠴᠢᠭᠡ ᠮᠢᠨᠦ ᠠ᠋ !
ᠠᠯᠪᠠᠲᠤ ᠪᠣᠭᠣᠯ ᠤ᠋ᠨ ᠠᠴᠢᠯᠠᠯᠲᠤ ᠦᠨᠡᠨ ᠰᠦᠰᠦᠭ ᠢ᠋ ᠮᠢᠨᠦ ᠰᠡᠢᠯᠵᠦ ᠬᠠᠢᠷᠠᠯᠠᠭᠠᠳ
ᠠᠷᠢᠭᠤᠨ ᠭᠡᠷ ᠲᠦ᠍ᠷ ᠵᠠᠯᠠᠷᠠᠨ ᠪᠠᠭᠤᠭᠠᠳ ᠠᠮᠲᠠᠲᠤ ᠴᠠᠢ ᠶ᠋ᠢ ᠵᠣᠭᠣᠭᠯᠠᠨ ᠰᠣᠶᠣᠷᠬ᠎ᠠ ᠂
ᠠᠷᠪᠠᠨ ᠬᠣᠶᠠᠷ ᠵᠦᠢᠯ ᠦ᠋ᠨ ᠠᠭᠠᠰᠢ ᠪᠠᠷ ᠠᠭᠠᠰᠢᠯᠠᠨ ᠠᠷᠭᠠᠳᠠᠯ ᠦᠭᠡᠢ ᠪᠠᠢᠳᠠᠯ ᠢ᠋ ᠭᠠᠷᠭᠠᠨ ᠂
ᠠᠷᠤ ᠥᠪᠡᠷ ᠢ᠋ᠶ᠋ᠡᠷ ᠤᠷᠪᠠᠨ ᠬᠥᠷᠪᠡᠵᠦ
ᠠᠪᠤᠨ ᠠᠪᠤᠨ ᠮᠥᠷᠭᠥᠨ ᠮᠡᠳᠡᠭᠦᠯᠵᠦ ᠵᠠᠯᠠᠬᠤᠢ ᠳ᠋ᠤᠷ
ᠲᠠᠢᠽᠦ ᠲᠡᠷᠡ ᠲᠤᠬᠠᠢ ᠨᠠᠷᠠᠨ ᠤᠨᠠᠲᠠᠯ᠎ᠠ ᠠᠪᠠᠯᠠᠵᠤ ᠴᠢᠪᠬᠢᠲᠡᠯ᠎ᠡ ᠤᠮᠳᠠᠭᠠᠰᠬᠤ ᠴᠠᠭ ᠲᠤᠷ ᠲᠣᠬᠢᠶᠠᠯᠳᠤᠵᠤ ᠂ ᠪᠠᠰᠠ ᠲᠡᠭᠦᠨ ᠦ᠌ ᠥᠴᠢᠨ ᠮᠥᠷᠭᠥᠬᠦ ᠠᠳᠠᠪᠠᠰᠢ ᠬᠥᠭᠡᠷᠦᠬᠦᠢ ᠳ᠋ᠦ᠍ᠷ ᠮᠣᠷᠢ ᠪᠠᠨ ᠲᠡᠳᠡᠨ ᠵᠣᠭᠰᠣᠭᠠᠵᠤ ᠂ ᠪᠠᠬᠠᠨ ᠮᠥᠰᠢᠶᠡᠮᠰᠦᠭᠯᠡᠵᠦ ᠥᠨᠳᠥᠷ ᠳᠠᠭᠤᠨ ᠢ᠋ᠶ᠋ᠠᠷ ᠵᠠᠬᠢᠷᠤᠨ :《ᠴᠢᠨᠦ ᠰᠡᠳᠬᠢᠯ ᠴᠢᠩ ᠦᠨᠡᠨ ᠢᠨᠦ ᠮᠠᠭᠠᠳ ᠪᠥᠭᠡᠰᠦ ᠴᠢᠭᠡᠲᠦ ᠴᠠᠢ ᠶ᠋ᠢ ᠴᠢᠨᠦ ᠨᠢᠭᠡᠨ ᠠᠶᠠᠭ᠎ᠠ ᠤᠤᠭᠤᠰᠠ !》ᠬᠡᠮᠡᠭᠡᠳ ᠦᠷᠭᠦᠭᠡᠨ ᠦ᠌ ᠡᠭᠦᠳᠡᠨ ᠳ᠋ᠦ᠍ᠷ ᠮᠣᠷᠢᠯᠠᠨ ᠬᠦᠷᠴᠦ ᠮᠣᠷᠢᠨ ᠠ᠋ᠴᠠ ᠪᠠᠭᠤᠭᠠᠳ ᠲᠡᠷᠡ ᠭᠡᠷ ᠲᠦ᠍ᠷ ᠵᠠᠯᠠᠷᠠᠨ ᠣᠷᠣᠪᠠᠰᠤ ᠂ ᠥᠷᠭᠥᠭᠡ ᠶ᠋ᠢᠨ ᠳᠣᠲᠣᠷ᠎ᠠ ᠲᠠᠵᠢ ᠪᠠᠷ ᠲᠠᠲᠠᠭᠠᠳ ᠮᠠᠩᠨᠤᠭ ᠢ᠋ᠶ᠋ᠠᠷ ᠮᠠᠨᠵᠢᠭ᠍ᠯᠠᠵᠤ ᠂ ᠲᠣᠷᠭ᠎ᠠ ᠪᠠᠷ ᠲᠣᠭᠣᠷᠢᠭᠤᠯᠵᠤ ᠲᠣᠯᠢᠨ ᠢ᠋ᠶ᠋ᠠᠷ ᠳᠦᠭᠦᠷᠭᠡᠵᠦᠬᠦᠢ᠃ ᠭᠠᠳᠠᠭᠤᠷ ᠠᠨᠤ ᠬᠡᠪᠢᠰ ᠢ᠋ᠶ᠋ᠡᠷ ᠬᠡᠰᠡᠭᠦᠷᠯᠡᠵᠦ ᠂ ᠴᠠᠯᠮ᠎ᠠ ᠪᠠᠷ ᠴᠢᠮᠡᠭᠯᠡᠭᠡᠳ ᠣᠳᠣᠨᠴᠤᠤ ᠪᠠᠷ ᠣᠶᠣᠭ ᠲᠠᠲᠠᠵᠤ ᠂ ᠥᠭᠡᠳᠡᠩ ᠢ᠋ᠶ᠋ᠡᠷ ᠦᠷᠬᠥᠯᠢᠭ ᠬᠢᠵᠦᠬᠦᠢ ᠃ ᠲᠠᠢᠽᠦ ᠵᠠᠯᠠᠷᠠᠨ ᠣᠷᠣᠵᠤ ᠡᠳᠡᠭᠡᠷ ᠢ᠋ ᠦᠵᠡᠭᠡᠳ ᠡᠪᠴᠢᠭᠦᠨ ᠦ᠌ ᠳᠣᠲᠣᠷ᠎ᠠ ᠪᠠᠨ ᠡᠲᠡᠭᠡᠳ ᠨᠢᠭᠡᠨ ᠰᠠᠨᠠᠭᠠᠨ ᠲᠥᠷᠥᠭᠳᠡᠵᠦ ᠰᠠᠨᠠᠷᠤᠨ : ᠲᠠᠯᠠᠬ᠎ᠠ ᠪᠠᠨ ᠭᠠᠷᠤᠭᠰᠠᠨ ᠲᠠᠢᠴᠢᠭᠤᠳ ᠂ ᠴᠢᠨᠡᠭᠡ ᠪᠡᠨ ᠲᠠᠰᠤᠷᠠᠭᠰᠠᠨ ᠴᠢᠯᠭᠡᠷ ᠪᠥᠬᠡ ᠳ᠋ᠦ᠍ᠷ ᠶᠠᠭᠤᠨᠠᠢ ᠡᠳᠡᠭᠡᠷ ᠵᠡᠷᠭᠡ ᠴᠢᠮᠡᠭᠯᠡᠬᠦ ᠴᠢᠴᠢᠯᠬᠢᠯᠡᠬᠦ ᠬᠢᠷᠢ ᠪᠣᠢ ᠠᠵᠢ ? ᠡᠭᠦᠨ ᠦ᠌ ᠳᠣᠲᠣᠷ᠎ᠠ ᠯᠠᠪ ᠥᠪᠡᠷ᠎ᠡ ᠴᠢᠬᠤᠯᠠ ᠠᠷᠭ᠎ᠠ ᠪᠣᠢ ᠬᠡᠮᠡᠭᠡᠳ ᠰᠠᠨᠳᠠᠯᠢ ᠳ᠋ᠤᠷ ᠠᠯᠬᠤᠨ ᠭᠠᠷᠤᠭᠠᠳ ᠰᠠᠶᠢ ᠣᠯᠪᠣᠭ ᠲᠤᠷ ᠠᠨᠤ ᠰᠠᠭᠤᠵᠤ ᠪᠤᠳᠤᠰᠤᠭᠠᠢ ᠬᠡᠮᠡᠭᠡᠳ ᠨᠢᠭᠡᠨ ᠠᠯᠬᠤᠮ ᠳᠠᠪᠰᠢᠲᠠᠯᠠ ᠲᠠᠢᠽᠦ ᠶ᠋ᠢᠨ ᠳᠡᠭᠦᠦ ᠤᠷᠠᠨ ᠭᠠᠴᠤᠭ ᠂ ᠲᠠᠢᠽᠦ ᠶ᠋ᠢᠨ ᠵᠢᠳᠠ ᠪᠠ ᠵᠡᠪᠰᠡᠭ ᠢ᠋ ᠠᠪᠤᠨ ᠳᠠᠭᠠᠵᠤ ᠣᠷᠣᠵᠤ ᠢᠷᠡᠬᠦᠢ ᠳ᠋ᠦ᠍ᠷ ᠲᠡᠭᠦᠨ ᠦ᠌ ᠬᠠᠮᠢᠶᠠᠷᠴᠤ ᠶᠠᠪᠤᠭᠰᠠᠨ ᠲᠠᠢᠽᠦ ᠶ᠋ᠢᠨ ᠣᠯᠠᠨ ᠬᠠᠢᠷᠠᠲᠤ ᠰᠢᠪᠠᠭᠤᠳ ᠠ᠋ᠴᠠ ᠲᠠᠢᠽᠦ ᠶ᠋ᠢᠨ ᠨᠡᠷ᠎ᠡ ᠶ᠋ᠢ ᠬᠠᠯᠠᠵᠤ ᠬᠠᠢᠷᠠᠯᠠᠭᠰᠠᠨ ᠣᠷᠣᠰᠢᠭᠴᠢ ᠬᠡᠮᠡᠭᠴᠢ ᠶ᠋ᠢᠨ ᠪᠠᠷᠢᠭ᠍ᠰᠠᠨ ᠠᠯᠲᠠᠨ ᠰᠤᠳᠤᠲᠤ ᠨᠠᠴᠢᠨ ᠰᠢᠪᠠᠭᠤ ᠠᠨᠤ ᠭᠠᠳᠠᠨ᠎ᠠ ᠠ᠋ᠴᠠ ᠨᠢᠰᠦᠨ ᠳᠠᠭᠠᠵᠤ ᠣᠷᠣᠵᠤ ᠢᠷᠡᠭᠡᠳ ᠰᠢᠭᠤᠳ ᠲᠠᠢᠽᠦ ᠶ᠋ᠢᠨ ᠰᠠᠭᠤᠬᠤ ᠪᠠᠷ ᠪᠡᠯᠡᠳᠬᠡᠭᠰᠡᠨ ᠮᠠᠩᠨᠤᠭ ᠣᠯᠪᠣᠭ ᠲᠤᠷ ᠰᠠᠭᠤᠭᠰᠠᠨ ᠳ᠋ᠤᠷ ᠤᠷᠠᠨ ᠭᠠᠴᠤᠭ ᠶᠡᠬᠡᠯ᠎ᠡ ᠠᠶᠤᠵᠤ ᠂ ᠶᠠᠭᠠᠷᠠᠨ ᠲᠠᠢᠽᠦ ᠶ᠋ᠢᠨ ᠵᠢᠳᠠ ᠶ᠋ᠢ ᠥᠷᠭᠥᠭᠡ ᠶ᠋ᠢᠨ ᠲᠣᠭᠤᠷᠭᠠᠨᠠ ᠲᠦᠰᠢᠭᠦᠯᠦᠨ ᠲᠠᠯᠪᠢᠭᠠᠳ ᠮᠡᠩᠳᠡᠨ ᠰᠡᠩᠳᠡᠨ ᠰᠠᠨᠳᠠᠯᠢ ᠳ᠋ᠤᠷ ᠭᠦᠶᠦᠨ ᠭᠠᠷᠴᠤ ᠲᠡᠷᠡ ᠨᠠᠴᠢᠨ ᠰᠢᠪᠠᠭᠤ ᠶ᠋ᠢ ᠬᠣᠶᠠᠷ ᠭᠠᠷ ᠢ᠋ᠶ᠋ᠠᠷ ᠲᠡᠪᠡᠷᠢᠨ ᠠᠪᠬᠤᠶ᠎ᠠ ᠂ ᠲᠡᠷᠡ ᠨᠠᠴᠢᠨ ᠰᠢᠪᠠᠭᠤ ᠶ᠋ᠢᠨ ᠬᠢᠮᠤᠰᠤ ᠲᠡᠷᠡ ᠣᠯᠪᠣᠭ ᠲᠤᠷ ᠰᠢᠭᠢᠳᠦᠷᠡᠭᠰᠡᠨ ᠢ᠋ᠶ᠋ᠡᠷ ᠰᠢᠪᠠᠭᠤ ᠶ᠋ᠢ ᠠᠪᠬᠤᠢ ᠳ᠋ᠤᠷ ᠂ ᠲᠡᠷᠡ ᠮᠠᠩᠨᠤᠭ ᠣᠯᠪᠣᠭ ᠰᠢᠪᠠᠭᠤᠨ ᠤ᠋ ᠬᠥᠯ ᠢ᠋ ᠳᠠᠭᠠᠵᠤ ᠳᠡᠭᠡᠭᠰᠢ ᠰᠠᠯᠤᠭᠰᠠᠨᠠ ᠂ ᠳᠣᠣᠷᠠᠬᠢ ᠴᠣᠭᠣᠷᠣᠬᠠᠢ ᠨᠦᠬᠡ ᠢᠨᠦ ᠬᠤᠳᠳᠤᠭ ᠮᠡᠲᠦ ᠬᠠᠪ ᠬᠠᠷᠠᠩᠭᠤᠢ ᠪᠠᠷ ᠬᠠᠷᠠᠯᠠᠨ ᠭᠠᠷᠴᠤ ᠢᠷᠡᠭᠰᠡᠨ ᠳ᠋ᠦ᠍ᠷ ᠲᠠᠢᠽᠦ ᠲᠡᠷᠡ ᠨᠦᠬᠡ ᠶ᠋ᠢ ᠦᠵᠡᠭᠡᠳ ᠶᠡᠬᠡᠯ᠎ᠡ ᠬᠢᠷᠳ᠋ᠬᠢᠵᠦ ᠂ ᠴᠠᠭ ᠳᠣᠲᠣᠷ᠎ᠠ ᠤᠬᠠᠭᠠᠨ ᠢ᠋ ᠠᠨᠤ ᠤᠬᠠᠵᠤ ᠮᠡᠳᠡᠭᠡᠳ ᠶᠡᠬᠡᠯ᠎ᠡ ᠬᠢᠯᠢᠩᠯᠡᠵᠦ ᠪᠦᠬᠦᠯᠢ ᠪᠡᠶ᠎ᠡ ᠡᠴᠡ ᠬᠦᠢᠲᠡᠨ ᠬᠥᠯᠥᠰᠥ ᠠᠰᠬᠠᠯᠠᠵᠤ ᠂ ᠨᠢᠭᠡᠨ ᠠᠯᠬᠤᠮ ᠳ᠋ᠤᠷ ᠰᠠᠨᠳᠠᠯᠢ ᠠ᠋ᠴᠠ ᠪᠠᠭᠤᠵᠤ ᠢᠷᠡᠭᠡᠳ ᠭᠠᠩ ᠵᠢᠳᠠ ᠪᠠᠨ ᠰᠢᠭᠦᠷᠡᠨ ᠠᠪᠤᠮᠠᠭᠴᠠ ᠨᠢᠭᠡᠨᠲᠡ ᠳᠡᠪᠬᠡᠯᠦᠨ ᠦᠷᠭᠦᠭᠡᠨ ᠦ᠌ ᠭᠠᠳᠠᠨ᠎ᠠ ᠭᠠᠷᠴᠤ ᠢᠷᠡᠪᠡ ᠃ ᠡᠨᠡ ᠦᠶ᠎ᠡ ᠳ᠋ᠦ᠍ᠷ ᠴᠢᠯᠭᠡᠷ ᠪᠥᠬᠡ ᠬᠡᠳᠦᠢᠨᠡᠢ ᠴᠠᠢ ᠠᠪᠤᠭᠴᠢ ᠪᠣᠯᠤᠨ ᠭᠠᠷᠴᠤ ᠢᠷᠡᠭᠡᠳ ᠭᠠᠳᠠᠨ᠎ᠠ ᠪᠦᠬᠦᠢ ᠳ᠋ᠦ᠍ᠷ ᠲᠠᠢᠽᠦ ᠶ᠋ᠢᠨ ᠭᠡᠨᠡᠳᠲᠡ ᠬᠢᠯᠢᠩᠯᠡᠨ ᠬᠠᠰᠬᠢᠷᠤᠭᠰᠠᠨ ᠳᠠᠭᠤᠨ ᠢ᠋ ᠰᠣᠨᠣᠰᠤᠭᠠᠳ ᠬᠡᠷᠡᠭ ᠰᠡᠷᠡᠭᠳᠡᠭᠰᠡᠨ ᠢ᠋ ᠮᠡᠳᠡᠵᠦ ᠂ ᠴᠠᠢ ᠶ᠋ᠢᠨ ᠠᠶᠠᠭ᠎ᠠ ᠪᠠᠨ ᠲᠠᠶᠠᠭᠳᠠᠭᠠᠳ ᠮᠣᠷᠢᠨ ᠤ᠋ ᠪᠠᠨ ᠵᠦᠭ ᠮᠠᠴᠤᠨ ᠭᠦᠶᠦᠲᠡᠯᠡ ᠲᠠᠢᠽᠦ ᠬᠡᠳᠦᠢᠨᠡᠢ ᠭᠦᠶᠦᠨ ᠭᠠᠷᠴᠤ ᠢᠷᠡᠭᠡᠳ ᠦᠵᠡᠬᠦᠯ᠎ᠡ ᠂ ᠴᠢᠯᠭᠡᠷ ᠪᠥᠬᠡ ᠭᠡᠨᠡᠳᠲᠡ ᠮᠣᠷᠢᠨ ᠤ᠋ ᠴᠠᠪᠢᠯᠤᠤᠷ ᠢ᠋ ᠲᠠᠰᠤ ᠴᠠᠪᠴᠢᠵᠤ ᠂ ᠨᠢᠭᠡᠨ ᠬᠥᠯ ᠳᠥᠷᠥᠭᠡ ᠳ᠋ᠦ᠍ᠷ ᠭᠢᠰᠬᠢᠭᠰᠡᠨ ᠲᠤᠯᠠ ᠲᠠᠢᠽᠦ ᠪᠠᠷᠤᠭᠯᠠᠪᠠᠰᠤ ᠭᠦᠢᠴᠡᠵᠦ ᠬᠠᠳᠬᠠᠳ ᠵᠠᠪᠳᠤᠬᠤ ᠦᠭᠡᠢ ᠪᠣᠯᠤᠭᠰᠠᠨ ᠢ᠋ ᠦᠵᠡᠭᠡᠳ ᠭᠤᠷᠪᠠᠨ ᠠᠯᠬᠤᠮ ᠤᠷᠤᠭ᠍ᠰᠢ ᠭᠦᠶᠦᠵᠦ ᠂ ᠬᠥᠯ ᠵᠣᠭᠰᠣᠵᠤ ᠭᠠᠩ ᠶ᠋ᠢᠳᠡ ᠪᠡᠷ ᠨᠢᠭᠡᠨᠲᠡ ᠰᠢᠳᠡᠭᠰᠡᠨ ᠳ᠋ᠦ᠍ᠷ ᠴᠢᠪᠬᠢᠲᠡᠯ᠎ᠡ ᠴᠢᠯᠭᠡᠷ ᠪᠥᠬᠡ ᠶ᠋ᠢᠨ ᠭᠠᠵᠠᠷ ᠲᠤᠷ ᠵᠣᠭᠰᠣᠭᠰᠠᠨ ᠪᠠᠷᠠᠭᠤᠨ ᠬᠥᠯ ᠦ᠋ᠨ ᠲᠠᠬᠢᠮ ᠳ᠋ᠤᠷ ᠲᠣᠰᠴᠤ ᠡᠪᠦᠳᠦᠭ ᠢ᠋ᠶ᠋ᠡᠷ ᠨᠡᠪᠲᠡᠯᠵᠦ ᠂ ᠴᠢᠯᠭᠡᠷ ᠪᠥᠬᠡ ᠡᠪᠦᠳᠦᠭ ᠨᠤᠭᠤᠷᠠᠨ ᠭᠡᠳᠡᠷᠭᠦᠯᠡᠨ ᠤᠨᠠᠲᠠᠯ᠎ᠠ ᠲᠠᠢᠽᠦ ᠶ᠋ᠢᠨ ᠳᠡᠭᠦᠦ ᠨᠠᠷ ᠪᠠ ᠲᠦᠰᠢᠮᠡᠳ ᠨᠠᠷ ᠲᠣᠭᠣᠭ᠎ᠠ ᠪᠤᠴᠠᠯᠬᠤ ᠮᠡᠲᠦ ᠦᠢᠮᠡᠯᠳᠦᠵᠦ ᠂ ᠴᠢᠯᠭᠡᠷ ᠪᠥᠬᠡ ᠶ᠋ᠢᠨ ᠳᠡᠭᠡᠷ᠎ᠡ ᠶ᠋ᠢᠳᠡ ᠶ᠋ᠢᠨ ᠳᠡᠭᠡᠷ᠎ᠡ ᠵᠢᠳᠠ ᠂ ᠢᠯᠳᠦᠨ ᠦ᠌ ᠳᠡᠭᠡᠷ᠎ᠡ ᠢᠯᠳᠦ ᠲᠣᠰᠴᠤ ᠴᠠᠪᠴᠢᠯᠠᠨ ᠤᠨᠠᠭᠠᠵᠤ ᠳᠠᠷᠤᠵᠤ ᠬᠦᠯᠢᠪᠡ ᠃ ᠣᠯᠠᠨ ᠬᠥᠮᠦᠨ ᠦᠵᠡᠬᠦᠯ᠎ᠡ ᠴᠢᠯᠭᠡᠷ ᠪᠥᠬᠡ ᠶ᠋ᠢᠨ ᠮᠣᠷᠢᠨ ᠤ᠋ ᠳᠥᠷᠪᠡᠨ ᠬᠥᠯ ᠳ᠋ᠦ᠍ᠷ ᠬᠠᠪᠤᠲᠤ ᠬᠠᠰᠠᠷ ᠤ᠋ᠨ ᠵᠠᠪ ᠭᠠᠳᠠᠵᠤᠬᠤᠢ ᠃ ᠦᠵᠡᠰᠡ ᠬᠠᠪᠤᠲᠤ ᠬᠠᠰᠠᠷ ᠴᠢᠯᠭᠡᠷ ᠪᠥᠬᠡ ᠶ᠋ᠢ ᠪᠠᠷᠢᠵᠤ ᠦᠯᠦ ᠵᠠᠪᠳᠤᠬᠤ ᠠ᠋ᠴᠠ ᠠᠶᠤᠨ ᠂ ᠤᠷᠢᠳᠠ ᠮᠣᠷᠢᠨ ᠤ᠋ ᠬᠥᠯ ᠢ᠋ ᠬᠠᠷᠪᠤᠭᠰᠠᠨ ᠠᠵᠤᠭᠤ ᠃ ᠡᠨᠡ ᠦᠶ᠎ᠡ ᠳ᠋ᠦ᠍ᠷ ᠴᠢᠯᠭᠡᠷ ᠪᠥᠬᠡ ᠶ᠋ᠢᠨ ᠡᠪᠡᠰᠦᠨ᠎ᠡ ᠨᠢᠭᠤᠭᠰᠠᠨ ᠠᠷᠪᠠᠭᠠᠳ ᠨᠥᠬᠥᠷ ᠢᠨᠦ ᠪᠡᠯᠡᠳᠬᠡᠭᠰᠡᠨ ᠲᠡᠮᠳᠡᠭ ᠫᠤᠤ ᠪᠠᠨ ᠨᠢᠭᠡᠨᠲᠡ ᠲᠠᠯᠪᠢᠭ᠍ᠰᠠᠨ ᠲᠤᠯᠠ ᠫᠤᠤ ᠶ᠋ᠢᠨ ᠳᠠᠭᠤᠨ ᠳ᠋ᠤᠷ ᠠᠭᠤᠯᠠ ᠲᠠᠯ᠎ᠠ ᠠᠨᠢᠷᠯᠠᠨ ᠳᠠᠭᠤᠷᠢᠰᠴᠤ ᠪᠣᠷᠣ ᠲᠣᠬᠣᠮ ᠤ᠋ᠨ ᠤᠯᠭᠠᠪᠤᠷ ᠤ᠋ᠨ ᠲᠦᠯᠡᠭᠡᠨ ᠳ᠋ᠦ᠍ᠷ ᠨᠢᠭᠤᠭᠰᠠᠨ ᠰᠠᠷᠯᠠᠭ ᠤ᠋ᠨ ᠴᠡᠷᠢᠭ ᠬᠠᠮᠲᠤ ᠪᠠᠷ ᠪᠣᠰᠴᠤ ᠡᠷᠭᠢ ᠤᠷᠤᠭᠤ ᠳᠣᠪᠲᠣᠯᠤᠯᠴᠠᠨ ᠪᠠᠭᠤᠵᠤ ᠢᠷᠡᠪᠡ ᠂ ᠡᠨᠡ ᠲᠤᠬᠠᠢ ᠳ᠋ᠤᠷ ᠲᠠᠢᠽᠦ ᠶ᠋ᠢᠨ ᠪᠡᠶ᠎ᠡ ᠬᠠᠮᠠᠭᠠᠯᠠᠬᠤ ᠭᠤᠷᠪᠠᠨ ᠵᠠᠭᠤᠨ ᠪᠣᠯᠣᠳ ᠬᠦᠴᠦᠲᠦ ᠴᠡᠷᠢᠭ ᠡᠴᠡ ᠪᠤᠰᠤ ᠠᠨᠤ ᠬᠡᠳᠦᠢᠨᠡᠢ ᠤᠷᠤᠭᠰᠢᠯᠠᠨ ᠂ ᠠᠪᠠ ᠶ᠋ᠢᠨ ᠶᠡᠬᠡ ᠵᠠᠩᠵᠤᠨ ᠪᠤᠭᠤᠷᠵᠢ ᠶ᠋ᠢ ᠳᠠᠭᠠᠵᠤ ᠶᠡᠬᠡ ᠪᠠᠭᠤᠳᠠᠯ ᠳ᠋ᠤᠷ ᠡᠴᠢᠭᠰᠡᠨ ᠲᠤᠯᠠ ᠰᠠᠷᠯᠠᠭ ᠤ᠋ᠨ ᠡᠨᠡ ᠲᠠᠪᠤᠨ ᠵᠠᠭᠤᠨ ᠴᠡᠷᠢᠭ ᠲᠠᠢᠽᠦ ᠶ᠋ᠢᠨ ᠴᠡᠷᠢᠭ ᠴᠥᠭᠡᠨ ᠢ᠋ ᠦᠵᠡᠭᠡᠳ ᠨᠡᠩ ᠣᠳᠣ ᠣᠮᠣᠭᠳᠠᠶ᠎ᠠ ᠠᠯᠠᠨ ᠪᠠᠭᠤᠵᠤ ᠢᠷᠡᠬᠦᠶ᠎ᠡ ᠂ ᠡᠨᠡᠲᠡᠭᠡ ᠡᠴᠡ ᠡᠪᠡᠰᠦᠨ᠎ᠡ ᠠᠷᠪᠠᠭᠠᠳ ᠴᠡᠷᠢᠭ ᠤᠭᠲᠤᠨ ᠠᠪᠴᠤ ᠬᠠᠮᠲᠤ ᠪᠠᠷ ᠬᠠᠰᠬᠢᠷᠤᠯᠳᠤᠨ ᠂ ᠲᠠᠢᠽᠦ ᠶ᠋ᠢᠨ ᠡᠵᠡᠨ ᠰᠠᠢᠳ ᠵᠠᠩᠵᠤᠨ ᠴᠡᠷᠢᠭ ᠲᠡᠢ ᠲᠥᠭᠥᠷᠢᠭᠯᠡᠨ ᠬᠠᠭᠠᠵᠤ ᠠᠪᠤᠪᠠ ᠃ ᠡᠭᠦᠨ ᠳ᠋ᠦ᠍ᠷ ᠲᠠᠢᠽᠦ ᠶ᠋ᠢᠨ ᠳᠥᠷᠪᠡᠨ ᠳᠡᠭᠦᠦ ᠵᠢᠷᠭᠤᠭᠠᠨ ᠰᠠᠢᠳ ᠨᠠᠷ ᠲᠠᠢᠽᠦ ᠶ᠋ᠢ ᠬᠠᠮᠠᠭᠠᠯᠠᠵᠤ ᠭᠠᠳᠠᠭ᠍ᠰᠢ ᠬᠠᠨᠳᠤᠵᠤ ᠵᠢᠭ᠍ᠰᠠᠭᠠᠭᠠᠳ ᠵᠠᠯᠮ᠎ᠠ ᠴᠢᠯᠭᠡᠷ ᠪᠥᠬᠡ ᠶ᠋ᠢ ᠮᠣᠷᠢᠨ ᠤ᠋ ᠳᠡᠭᠡᠷ᠎ᠡ ᠥᠨᠳᠥᠷ ᠡᠷᠭᠦᠭᠦᠯᠵᠦ ᠂ ᠰᠠᠷᠯᠠᠭ ᠤ᠋ᠨ ᠴᠡᠷᠢᠭ ᠦ᠋ᠨ ᠵᠦᠭ ᠶᠡᠬᠡ ᠳᠠᠭᠤᠨ ᠢ᠋ᠶ᠋ᠠᠷ ᠬᠠᠰᠬᠢᠷᠤᠨ ᠥᠭᠦᠯᠡᠷᠦᠨ :《ᠲᠠᠨ ᠤ᠋ ᠡᠵᠡᠨ ᠴᠢᠯᠭᠡᠷ ᠪᠥᠬᠡ ᠶ᠋ᠢ ᠨᠢᠭᠡᠨᠲᠡ ᠠᠮᠢᠳᠤ ᠪᠠᠷᠢᠭ᠍ᠰᠠᠨ ᠪᠥᠭᠡᠲᠡᠯ᠎ᠡ ᠲᠠ ᠪᠠᠰᠠ ᠦᠬᠦᠯ ᠢ᠋ᠶ᠋ᠡᠨ ᠡᠷᠢᠨ ᠢᠷᠡᠪᠡᠦ ?》ᠬᠡᠮᠡᠬᠦᠢ ᠳ᠋ᠦ᠍ᠷ ᠰᠠᠷᠯᠠᠭ ᠤ᠋ᠨ ᠴᠡᠷᠢᠭ ᠯᠠᠪ ᠲᠠᠢᠽᠦ ᠶ᠋ᠢ ᠨᠦᠬᠡ ᠳ᠋ᠦ᠍ᠷ ᠤᠨᠠᠪᠠᠢ ᠶᠠ ᠭᠡᠮᠡᠨ ᠴᠢᠯᠭᠡᠷ ᠪᠥᠬᠡ ᠶ᠋ᠢ ᠬᠠᠮᠠᠭᠠᠯᠠᠷ᠎ᠠ ᠢᠷᠠᠪᠠᠰᠤ ᠬᠠᠷᠢᠨ ᠲᠠᠢᠽᠦ ᠤᠨᠠᠭᠰᠠᠨ ᠦᠭᠡᠢ ᠪᠥᠭᠡᠳ ᠴᠢᠯᠭᠡᠷ ᠪᠥᠬᠡ ᠪᠠᠰᠠ ᠪᠠᠷᠢᠭ᠍ᠳᠠᠵᠤ ᠠᠬᠤ ᠶ᠋ᠢ ᠦᠵᠡᠭᠡᠳ ᠶᠡᠬᠡᠯ᠎ᠡ ᠠᠶᠤᠨ ᠤᠬᠠᠭᠠᠨ ᠠᠯᠳᠠᠪᠠᠢ ᠃ ᠲᠡᠢᠨ ᠬᠦ᠌ ᠲᠡᠳᠡ ᠨᠠᠷ ᠳᠤᠲᠠᠭᠠᠰᠤᠭᠠᠢ ᠬᠡᠮᠡᠲᠡᠯ᠎ᠡ ᠪᠸᠲ᠋ᠠ᠋ ᠤᠯᠤᠰ ᠤ᠋ᠨ ᠴᠡᠷᠢᠭ ᠦ᠋ᠨ ᠳᠣᠲᠣᠷ᠎ᠠ ᠪᠦᠷᠢᠶ᠎ᠡ ᠶ᠋ᠢᠨ ᠳᠠᠭᠤᠨ ᠭᠠᠷᠴᠤ ᠪᠸᠲ᠋ᠠ᠋ ᠤᠯᠤᠰ ᠤ᠋ᠨ ᠴᠡᠷᠢᠭ ᠬᠣᠶᠠᠷ ᠳᠠᠰᠢ ᠰᠠᠯᠤᠨ ᠳᠣᠪᠲᠣᠯᠵᠤ ᠂ ᠰᠠᠷᠯᠠᠭ ᠤ᠋ᠨ ᠴᠡᠷᠢᠭ ᠢ᠋ ᠰᠢᠪᠲᠤᠯᠤᠨ ᠠᠯᠠᠨ ᠭᠠᠷᠤᠭᠠᠳ ᠪᠠᠰᠠ ᠨᠢᠭᠡᠨ ᠪᠦᠷᠢᠶ᠎ᠡ ᠳᠤᠤᠭᠠᠷᠤᠮᠠᠭᠴᠠ ᠬᠣᠶᠠᠷ ᠠᠩᠭᠢ ᠴᠡᠷᠢᠭ ᠵᠢᠭᠦᠷᠯᠡᠨ ᠂ ᠰᠠᠷᠯᠠᠭ ᠤ᠋ᠨ ᠴᠡᠷᠢᠭ ᠢ᠋ ᠬᠠᠭᠠᠵᠤ ᠪᠠᠢᠯᠳᠤᠨ ᠂ ᠰᠠᠷᠯᠠᠭ ᠤ᠋ᠨ ᠴᠡᠷᠢᠭ ᠭᠠᠷᠴᠤ ᠴᠢᠳᠠᠬᠤ ᠦᠭᠡᠢ ᠪᠣᠯᠤᠭᠰᠠᠨ ᠢ᠋ ᠮᠡᠳᠡᠭᠡᠳ ᠰᠡᠳᠬᠢᠯ ᠰᠢᠭᠤᠳᠴᠤ ᠲᠤᠯᠤᠨ ᠪᠠᠢᠯᠳᠤᠨ ᠡᠭᠦᠰᠬᠡᠪᠡ ᠃ ᠡᠨᠡ ᠤᠳᠠᠭ᠎ᠠ ᠶ᠋ᠢᠨ ᠪᠠᠢᠯᠳᠤᠭᠠᠨ ᠪᠠᠴᠢᠮ ᠪᠠᠢᠯᠳᠤᠭᠰᠠᠨ ᠢ᠋ᠶ᠋ᠠᠷ ᠬᠣᠶᠠᠷ ᠴᠡᠷᠢᠭ ᠦ᠋ᠨ ᠢᠯᠳᠦ ᠵᠢᠳᠠ ᠬᠠᠷᠢᠯᠴᠠᠨ ᠮᠥᠷᠭᠥᠴᠡᠵᠦ ᠬᠠᠷᠴᠢᠭᠢᠨᠠᠨ ᠳᠤᠤᠭᠠᠷᠴᠤ ᠬᠥᠮᠦᠨ ᠮᠣᠷᠢ ᠰᠢᠬᠠᠯᠴᠠᠨ ᠢᠪᠡᠯᠳᠦᠵᠦ ᠂ ᠳᠥᠷᠥᠭᠡ ᠬᠠᠪᠢᠷᠤᠨ ᠰᠤᠮᠤ ᠵᠢᠭᠤᠷᠠᠯᠳᠤᠨ ᠮᠠᠰᠢ ᠠᠶᠤᠮᠰᠢᠭ᠍ᠲᠠᠢ ᠃ ᠨᠡᠩ ᠪᠠᠰᠠ ᠨᠠᠷᠠᠨ ᠤᠨᠠᠵᠤ ᠂ ᠬᠠᠷᠠᠩᠭᠤᠢ ᠪᠣᠯᠤᠭᠰᠠᠨ᠎ᠠ ᠰᠠᠷᠯᠠᠭ ᠤ᠋ᠨ ᠴᠡᠷᠢᠭ ᠳᠤᠲᠠᠭᠠᠨ ᠭᠠᠷᠴᠤ ᠴᠢᠳᠠᠬᠤ ᠦᠭᠡᠢ ᠲᠤᠯᠠ ᠲᠠᠷᠬᠠᠵᠤ ᠪᠤᠷᠤᠭᠤᠯᠠᠰᠤᠭᠠᠢ ᠭᠡᠮᠡᠨ ᠪᠦᠭᠦᠳᠡᠭᠡᠷ ᠪᠠᠷᠬᠢᠷᠠᠨ ᠵᠠᠷᠯᠠᠵᠤ ᠂ ᠨᠢᠭᠡᠨ ᠬᠦᠴᠦᠨ ᠢ᠋ᠶ᠋ᠡᠷ ᠪᠠᠭᠯᠠᠷᠠᠨ ᠨᠢᠭᠡᠨ ᠬᠡᠰᠡᠭ ᠲᠡᠮᠦᠷ ᠪᠥᠮᠪᠥᠭᠡ ᠮᠡᠲᠦ ᠪᠣᠯᠵᠤ ᠂ ᠵᠡᠭᠦᠨ ᠪᠠᠷᠠᠭᠤᠱᠢ ᠥᠩᠬᠥᠷᠢᠨ ᠪᠠᠢᠯᠳᠤᠬᠤ ᠠᠨᠤ ᠥᠴᠦᠬᠡᠨ ᠴᠦ᠍ ᠰᠡᠪ ᠭᠠᠷᠬᠤ ᠦᠭᠡᠢ ᠃ ᠡᠨᠡ ᠦᠶ᠎ᠡ ᠪᠦᠷᠦᠭ ᠪᠠᠷᠤᠭ ᠪᠣᠯᠤᠭᠰᠠᠨ ᠳ᠋ᠤᠷ ᠣᠯᠠᠨ ᠲᠦᠰᠢᠮᠡᠳ ᠲᠠᠢᠽᠦ ᠶ᠋ᠢ ᠥᠪᠡᠷ ᠦ᠋ᠨ ᠪᠡᠶ᠎ᠡ ᠪᠡᠷ ᠤᠷᠤᠭᠰᠢᠯᠠᠨ ᠪᠠᠢᠯᠳᠤᠭᠤᠵᠠᠢ ᠭᠡᠮᠡᠨ ᠠᠶᠤᠵᠤ ᠂ ᠪᠦᠭᠦᠳᠡᠭᠡᠷ ᠲᠠᠢᠽᠦ ᠶ᠋ᠢ ᠲᠣᠭᠣᠷᠢᠯᠴᠠᠨ ᠬᠠᠮᠠᠭᠠᠯᠠᠵᠤ ᠂ ᠬᠣᠷᠢᠭ᠍ᠯᠠᠨ ᠢᠳᠬᠠᠵᠤ ᠪᠠᠢᠯᠳᠤᠭᠤᠯᠬᠤ ᠦᠭᠡᠢ ᠪᠦᠰᠡᠯᠡᠨ ᠪᠥᠬᠥᠶ᠎ᠡ ᠂ ᠲᠠᠢᠽᠦ ᠶ᠋ᠢᠨ ᠡᠮᠦᠨ᠎ᠡ ᠬᠠᠯᠬᠠᠯᠠᠬᠤ ᠵᠠᠩᠵᠤᠨ ᠤᠷᠠᠨ ᠭᠠᠴᠤᠭ ᠤ᠋ᠨ ᠮᠣᠷᠢᠨ ᠭᠡᠨᠡᠳᠲᠡ ᠳᠦᠢᠯᠡᠨ ᠲᠣᠩᠭᠣᠷᠴᠠᠵᠤ ᠂ ᠲᠠᠢᠽᠦ ᠶ᠋ᠢᠨ ᠮᠣᠷᠢᠨ ᠢ᠋ ᠢᠰᠬᠦᠴᠡᠭᠦᠢ ᠳ᠋ᠦ᠍ᠷ ᠲᠠᠢᠽᠦ ᠶ᠋ᠢᠨ ᠵᠥᠪᠲᠡᠢ ᠳᠥᠷᠥᠭᠡ ᠳᠠᠭᠠᠷᠢᠭᠳᠠᠭᠰᠠᠨᠠ ᠬᠥᠯ ᠢ᠋ᠶ᠋ᠡᠨ ᠢᠰᠬᠦᠯᠭᠦᠵᠡᠢ ᠭᠡᠵᠦ ᠰᠠᠶᠢ ᠬᠥᠯ ᠢ᠋ᠶ᠋ᠡᠨ ᠡᠷᠭᠦᠨ ᠠᠪᠲᠠᠯ᠎ᠠ ᠲᠠᠢᠽᠦ ᠶ᠋ᠢᠨ ᠵᠥᠪᠲᠡᠢ ᠳᠥᠷᠦᠭᠡᠨ ᠦ᠌ ᠰᠤᠷ ᠲᠤᠷ ᠨᠢᠭᠡᠨ ᠰᠦᠬᠡ ᠲᠣᠰᠴᠤ ᠮᠥᠩᠭᠥᠨ ᠳᠥᠷᠥᠭᠡ ᠲᠠᠰᠤ ᠡᠴᠢᠵᠦ ᠤᠨᠠᠭᠰᠠᠨ᠎ᠠ ᠂ ᠲᠠᠢᠽᠦ ᠲᠡᠷᠢᠭᠦᠯᠡᠨ ᠪᠡᠯᠭᠦᠳᠡᠢ ᠨᠠᠷ ᠪᠥᠬᠥᠢᠵᠦ ᠦᠵᠡᠪᠡᠰᠦ ᠬᠠᠷᠢᠨ ᠨᠢᠭᠡᠨ ᠬᠠᠪ ᠬᠠᠷ᠎ᠠ ᠡᠬᠡᠨᠡᠷ ᠶᠠᠪᠠᠭᠠᠨ ᠬᠤᠶᠠᠭ ᠡᠮᠦᠰᠴᠦ ᠲᠣᠯᠣᠭᠠᠢ ᠪᠠᠨ ᠬᠠᠷ᠎ᠠ ᠪᠥᠰ ᠢ᠋ᠶ᠋ᠡᠷ ᠣᠷᠢᠶᠠᠨ ᠭᠠᠷ ᠲᠤᠷ ᠣᠬᠣᠷ ᠡᠰᠢᠲᠦ ᠰᠦᠬᠡ ᠪᠠᠷᠢᠵᠤ ᠂ ᠣᠯᠠᠨ ᠮᠣᠷᠢᠳ ᠤ᠋ᠨ ᠬᠥᠯ ᠦ᠋ᠨ ᠳᠣᠣᠭᠤᠷ ᠮᠥᠯᠬᠥᠨ ᠭᠤᠯᠭᠤᠵᠤ ᠰᠢᠷᠭᠤᠨ ᠣᠷᠣᠵᠤ ᠢᠷᠡᠭᠡᠳ ᠲᠠᠢᠽᠦ ᠶ᠋ᠢᠨ ᠪᠠᠷᠠᠭᠤᠨ ᠬᠥᠯ ᠢ᠋ ᠬᠤᠷᠴᠠ ᠰᠦᠬᠡ ᠪᠡᠷ ᠴᠠᠪᠴᠢᠲᠠᠯᠠ ᠲᠠᠢᠽᠦ ᠬᠥᠯ ᠢ᠋ᠶ᠋ᠡᠨ ᠡᠷᠭᠦᠭᠰᠡᠨ ᠳ᠋ᠦ᠍ᠷ ᠲᠣᠬᠢᠶᠠᠯᠳᠤᠨ ᠭᠠᠭᠴᠠ ᠳᠥᠷᠥᠭᠡ ᠶ᠋ᠢᠨ ᠰᠤᠷ ᠢ᠋ ᠲᠠᠰᠤ ᠴᠠᠪᠴᠢᠵᠤ ᠲᠣᠬᠣᠮ ᠢ᠋ ᠨᠡᠪᠲᠡᠯᠵᠦᠬᠦᠢ ᠃ ᠪᠡᠯᠭᠦᠳᠡᠢ ᠡᠭᠦᠨ ᠢ᠋ ᠦᠵᠡᠵᠦ ᠶᠡᠬᠡᠯ᠎ᠡ ᠠᠶᠤᠨ ᠂ ᠶᠠᠭᠠᠷᠠᠵᠤ ᠮᠣᠷᠢᠨ ᠠ᠋ᠴᠠ ᠪᠠᠨ ᠦᠰᠦᠷᠦᠨ ᠪᠠᠭᠤᠭᠠᠳ ᠲᠡᠷᠡ ᠡᠬᠡᠨᠡᠷ ᠢ᠋ ᠰᠢᠭᠦᠷᠡᠨ ᠢᠷᠡᠲᠡᠯ᠎ᠡ ᠲᠡᠷᠡ ᠡᠬᠡᠨᠡᠷ ᠶᠠᠭᠠᠷᠠᠨ ᠤᠷᠪᠠᠨ ᠭᠤᠯᠭᠤᠵᠤ ᠮᠣᠷᠢᠨ ᠤ᠋ ᠳᠣᠣᠷ᠎ᠠ ᠰᠢᠷᠭᠤᠨ ᠡᠴᠢᠲᠡᠯ᠎ᠡ ᠪᠡᠯᠭᠦᠳᠡᠢ ᠭᠦᠢᠴᠡᠵᠦ ᠲᠡᠷᠡ ᠡᠬᠡᠨᠡᠷ ᠦ᠋ᠨ ᠪᠠᠷᠠᠭᠤᠨ ᠬᠥᠯ ᠦ᠋ᠨ ᠪᠤᠯᠴᠢᠩ ᠢ᠋ ᠬᠤᠭᠤ ᠢᠰᠬᠦᠯᠦᠭᠡᠳ ᠮᠥᠨ ᠬᠥᠯ ᠡᠴᠡ ᠴᠢᠷᠦᠨ ᠭᠠᠷᠭᠠᠵᠤ ᠰᠦᠬᠡ ᠪᠠᠷᠢᠭ᠍ᠰᠠᠨ ᠪᠠᠷᠠᠭᠤᠨ ᠭᠠᠷ ᠤ᠋ᠨ ᠪᠠᠭᠤᠤ ᠪᠠᠷ ᠢᠨᠦ ᠴᠠᠪᠴᠢᠵᠤ ᠠᠪᠤᠪᠠ ᠃ ᠡᠨᠡ ᠦᠶ᠎ᠡ ᠰᠠᠷᠯᠠᠭ ᠤ᠋ᠨ ᠴᠡᠷᠢᠭ ᠣᠯᠠᠨ ᠂ ᠪᠸᠲ᠋ᠠ᠋ ᠤᠯᠤᠰ ᠤ᠋ᠨ ᠴᠡᠷᠢᠭ ᠴᠥᠭᠡᠨ ᠲᠤᠯᠠ ᠰᠠᠷᠯᠠᠭ ᠤ᠋ᠨ ᠴᠡᠷᠢᠭ ᠤᠯᠠᠮ ᠤᠯᠠᠮ ᠲᠠᠢᠯᠤᠨ ᠡᠭᠦᠰᠬᠡᠵᠦ ᠂ ᠳᠥᠷᠪᠡᠨ ᠥᠪᠡᠷ᠎ᠡ ᠪᠣᠯᠤᠨ ᠲᠤᠯᠤᠨ ᠭᠠᠷᠴᠤ ᠢᠷᠡᠭᠰᠡᠨ ᠳ᠋ᠦ᠍ᠷ ᠬᠠᠰᠠᠷ ᠪᠡᠯᠭᠦᠳᠡᠢ ᠨᠠᠷ ᠶᠠᠭᠠᠷᠠᠨ ᠲᠠᠢᠽᠦ ᠶ᠋ᠢ ᠬᠠᠮᠠᠭᠠᠯᠠᠨ ᠠᠪᠴᠤ ᠲᠠᠷᠢᠶᠠᠲᠤ ᠶ᠋ᠢᠨ ᠲᠠᠯ᠎ᠠ ᠶ᠋ᠢᠨ ᠶᠡᠬᠡ ᠪᠠᠭᠤᠳᠠᠯ ᠤ᠋ᠨ ᠵᠦᠭ ᠳᠣᠪᠲᠣᠯᠤᠨ ᠡᠴᠢᠬᠦᠶ᠎ᠡ ᠂ ᠴᠢᠯᠭᠡᠷ ᠪᠥᠬᠡ ᠶ᠋ᠢᠨ ᠨᠥᠬᠥᠷ ᠠᠷᠪᠠᠨ ᠬᠥᠮᠦᠨ ᠣᠨᠴᠠ ᠲᠠᠢᠽᠦ ᠶ᠋ᠢ ᠠᠷᠢᠯᠭᠠᠰᠤᠭᠠᠢ ᠭᠡᠮᠡᠨ ᠨᠠᠶᠠᠭᠠᠳ ᠱᠠᠯᠠᠮᠠᠭᠠᠢ ᠬᠥᠮᠦᠨ ᠢ᠋ ᠠᠪᠴᠤ ᠲᠤᠰᠬᠠᠢᠯᠠᠨ ᠴᠣᠯᠭᠣᠷᠠᠨ ᠂ ᠲᠠᠢᠽᠦ ᠶ᠋ᠢᠨ ᠬᠣᠢᠨ᠎ᠠ ᠠ᠋ᠴᠠ ᠨᠡᠬᠡᠨ ᠢᠷᠡᠬᠦ ᠠᠨᠤ ᠴᠠᠬᠢᠯᠭᠠᠨ ᠮᠡᠲᠦ ᠬᠤᠷᠴᠠ ᠲᠦᠷᠭᠡᠨ ᠳ᠋ᠦ᠍ᠷ ᠬᠠᠰᠠᠷ ᠪᠠ ᠲᠣᠭᠲᠤᠩᠭᠤ ᠪᠠᠭᠠᠲᠤᠷ ᠬᠣᠶᠠᠭᠤᠯᠠ ᠂ ᠵᠠᠯᠮ᠎ᠠ ᠶ᠋ᠢ ᠡᠵᠡᠨ ᠢ᠋ ᠬᠠᠮᠠᠭᠠᠯᠠᠵᠤ ᠡᠴᠢ ᠭᠡᠮᠡᠨ ᠪᠡᠶ᠎ᠡ ᠪᠡᠶ᠎ᠡ ᠪᠡᠷ ᠨᠡᠬᠡᠬᠦ ᠴᠡᠷᠢᠭ ᠢ᠋ ᠲᠣᠰᠴᠤ ᠠᠪᠤᠨ ᠂ ᠰᠤᠮᠤ ᠪᠠᠨ ᠣᠨᠢᠯᠠᠵᠤ ᠲᠡᠷᠢᠭᠦᠯᠡᠭᠰᠡᠨ ᠭᠤᠷᠪᠠᠨ ᠬᠥᠮᠦᠨ ᠢ᠋ ᠬᠠᠷᠪᠤᠨ ᠤᠨᠠᠭᠠᠵᠤ ᠪᠠᠢᠲᠠᠯ᠎ᠠ ᠦᠯᠡᠳᠡᠭᠰᠡᠨ ᠠᠨᠤ ᠪᠠᠰᠠ ᠬᠦ᠌ ᠵᠣᠭᠰᠣᠯ ᠦᠭᠡᠢ ᠨᠡᠬᠡᠵᠦ ᠥᠴᠦᠬᠡᠨ ᠴᠦ᠍ ᠲᠦᠳᠡᠭᠡᠯᠵᠡᠬᠦ ᠦᠭᠡᠢ ᠪᠡᠷ ᠨᠢᠰᠬᠦ ᠮᠡᠲᠦ ᠬᠦᠷᠴᠦ ᠢᠷᠡᠭᠰᠡᠨ ᠳ᠋ᠦ᠍ᠷ ᠬᠠᠰᠠᠷ ᠨᠠᠷ ᠲᠡᠳᠡᠨ ᠦ᠌ ᠦᠯᠦ ᠵᠣᠭᠰᠣᠬᠤ ᠶ᠋ᠢ ᠮᠡᠳᠡᠵᠦ ᠂ ᠶᠠᠭᠠᠷᠠᠨ ᠲᠠᠢᠽᠦ ᠶ᠋ᠢᠨ ᠬᠣᠢᠨ᠎ᠠ ᠠ᠋ᠴᠠ ᠬᠠᠮᠠᠭᠠᠯᠠᠷ᠎ᠠ ᠳᠣᠪᠲᠣᠯᠪᠠ ᠃ ᠡᠨᠡ ᠬᠢᠷᠢ ᠳ᠋ᠦ᠍ᠷ ᠰᠠᠷᠯᠠᠭ ᠤ᠋ᠨ ᠴᠡᠷᠢᠭ ᠯᠤᠭ᠎ᠠ ᠪᠠᠢᠯᠳᠤᠬᠤ ᠵᠠᠩᠵᠤᠨ ᠴᠡᠷᠢᠭ ᠰᠠᠷᠯᠠᠭ ᠤ᠋ᠨ ᠴᠡᠷᠢᠭ ᠦ᠋ᠨ ᠬᠠᠭᠠᠰ ᠰᠠᠯᠵᠤ ᠲᠠᠢᠽᠦ ᠶ᠋ᠢ ᠨᠡᠬᠡᠵᠦ ᠡᠴᠢᠬᠦᠢ ᠶ᠋ᠢ ᠦᠵᠡᠭᠡᠳ ᠶᠡᠬᠡᠯ᠎ᠡ ᠠᠶᠤᠯᠳᠤᠵᠤ ᠂ ᠴᠢᠭ ᠴᠢᠭ ᠢ᠋ᠶ᠋ᠡᠷ ᠲᠠᠢᠽᠦ ᠶ᠋ᠢᠨ ᠬᠣᠢᠨ᠎ᠠ ᠠ᠋ᠴᠠ ᠨᠡᠬᠡᠵᠦ ᠳᠣᠪᠲᠣᠯᠤᠯᠴᠠᠨ ᠢᠷᠡᠬᠦᠶ᠎ᠡ ᠂ ᠰᠠᠷᠯᠠᠭ ᠤ᠋ᠨ ᠴᠡᠷᠢᠭ ᠨᠡᠩ ᠴᠢᠯᠥᠭᠡ ᠣᠯᠵᠤ ᠳᠥᠷᠪᠡᠨ ᠪᠠᠭ ᠢ᠋ᠶ᠋ᠠᠷ ᠲᠠᠢᠽᠦ ᠶ᠋ᠢᠨ ᠬᠣᠢᠨ᠎ᠠ ᠠ᠋ᠴᠠ ᠠᠯᠠᠨ ᠢᠷᠡᠪᠡ ᠃ ᠵᠠᠯᠮ᠎ᠠ ᠦᠵᠡᠪᠡᠰᠦ ᠣᠯᠠᠨ ᠵᠠᠩᠵᠤᠨ ᠨᠠᠷ ᠠ᠋ᠴᠠ ᠬᠣᠯᠠ ᠪᠣᠯᠪᠠᠰᠤ ᠲᠠᠢᠽᠦ ᠶ᠋ᠢ ᠬᠠᠮᠠᠭᠠᠯᠠᠬᠤᠢ ᠳ᠋ᠤᠷ ᠪᠡᠷᠬᠡ ᠲᠤᠯᠠ ᠶᠠᠭᠠᠷᠠᠨ ᠲᠠᠢᠽᠦ ᠶ᠋ᠢᠨ ᠤᠯᠠᠭᠠᠨ ᠰᠢᠭᠦᠷ ᠢ᠋ ᠥᠪᠡᠷ ᠦ᠋ᠨ ᠪᠡᠶ᠎ᠡ ᠶ᠋ᠢᠨ ᠳᠡᠭᠡᠷ᠎ᠡ ᠪᠡᠨ ᠪᠠᠷᠢᠭᠤᠯᠵᠤ ᠂ ᠰᠠᠷᠯᠠᠭ ᠤ᠋ᠨ ᠴᠡᠷᠢᠭ ᠢ᠋ ᠤᠭᠲᠤᠨ ᠪᠠᠢᠯᠳᠤᠨ ᠢᠷᠡᠬᠦᠶ᠎ᠡ ᠂ ᠵᠡᠪᠡ ᠴᠢᠯᠠᠭᠤᠨ ᠳ᠋ᠤᠷ ᠤᠴᠠᠷᠠᠵᠤ ᠰᠠᠶᠢ ᠰᠠᠷᠯᠠᠭ ᠤ᠋ᠨ ᠴᠡᠷᠢᠭ ᠢ᠋ ᠲᠣᠰᠴᠤ ᠪᠠᠢᠯᠳᠤᠨ ᠪᠥᠬᠥᠶ᠎ᠡ ᠂ ᠠᠯᠤᠬ᠎ᠠ ᠂ ᠰᠦᠬᠡ ᠂ ᠡᠭᠦᠯᠡ ᠴᠡᠷᠪᠢ ᠂ ᠪᠤᠯᠤ ᠨᠠᠷ ᠪᠠᠰᠠ ᠡᠵᠡᠨ ᠢ᠋ ᠡᠷᠢᠨ ᠬᠦᠷᠴᠦ ᠢᠷᠡᠪᠡ ᠃ ᠵᠠᠯᠮ᠎ᠠ ᠲᠠᠨ ᠡᠵᠡᠨ ᠢ᠋ ᠲᠦᠷᠭᠡᠨ ᠬᠠᠮᠠᠭᠠᠯᠠᠷ᠎ᠠ ᠡᠴᠢ ᠭᠡᠮᠡᠨ ᠳᠣᠪᠲᠣᠯᠭᠠᠨ ᠢᠯᠡᠭᠡᠭᠡᠳ ᠡᠨᠳᠡ ᠬᠠᠷᠠᠬᠠᠨ ᠪᠠᠢᠯᠳᠤᠨ ᠪᠥᠬᠥᠶ᠎ᠡ ᠂ ᠰᠠᠷᠯᠠᠭ ᠤ᠋ᠨ ᠴᠡᠷᠢᠭ ᠲᠠᠢᠽᠦ ᠶ᠋ᠢᠨ ᠤᠯᠠᠭᠠᠨ ᠰᠢᠬᠦᠷ ᠢ᠋ ᠦᠵᠡᠵᠦ ᠵᠡᠯᠮ᠎ᠡ ᠨᠠᠷ ᠢ᠋ ᠬᠦᠨᠳᠦᠳᠡ ᠬᠠᠭᠠᠵᠤ ᠠᠪᠤᠪᠠ ᠃ ᠮᠡᠳᠡᠭᠰᠡᠨ ᠠᠷᠠᠳ ᠪᠠᠰᠠ ᠤᠷᠢᠳᠠ ᠶ᠋ᠢᠨ ᠨᠡᠬᠡᠭᠰᠡᠨ ᠴᠡᠷᠢᠭ ᠯᠤᠭ᠎ᠠ ᠬᠠᠮᠲᠤᠷᠠᠨ ᠲᠠᠢᠽᠦ ᠶ᠋ᠢ ᠬᠥᠭᠡᠭᠡᠵᠦ ᠭᠦᠢᠴᠡᠭᠡᠳ ᠬᠠᠪᠤᠲᠤ ᠬᠠᠰᠠᠷ ᠂ ᠪᠦᠬᠦ ᠪᠡᠯᠭᠦᠳᠡᠢ ᠂ ᠲᠣᠭᠲᠣᠩᠭᠣ᠌ ᠪᠠᠭᠠᠲᠤᠷ ᠨᠠᠷ ᠢ᠋ ᠬᠠᠭᠠᠵᠤ ᠠᠪᠤᠪᠠ ᠃ ᠬᠠᠷᠠᠬᠠᠨ ᠬᠡᠳᠦᠨ ᠪᠥᠭᠡᠮ ᠢ᠋ᠶ᠋ᠡᠷ ᠵᠢᠭᠤᠷᠠᠯᠳᠤᠨ ᠪᠠᠢᠯᠳᠤᠵᠤ ᠴᠢᠬᠤᠯᠳᠠᠨ ᠪᠥᠬᠥᠶ᠎ᠡ ᠂ ᠭᠡᠨᠡᠳᠲᠡ ᠪᠠᠰᠠ ᠨᠢᠭᠡᠨ ᠠᠩᠭᠢ ᠴᠡᠷᠢᠭ ᠦᠢᠮᠡᠯᠳᠦᠵᠦ ᠂ ᠬᠠᠷ᠎ᠠ ᠬᠢᠷᠤ ᠂ ᠬᠤᠷᠴᠠ ᠪᠠᠢᠷᠢ ᠂ ᠰᠢᠷᠢ ᠬᠤᠲᠤᠭ ᠭᠤᠷᠪᠠᠭᠤᠯᠠ ᠵᠠᠯᠮ᠎ᠠ ᠶ᠋ᠢ ᠬᠠᠭᠠᠵᠤ ᠪᠠᠢᠯᠳᠤᠬᠤ ᠨᠢᠭᠡᠨ ᠠᠩᠭᠢ ᠶ᠋ᠢ ᠨᠡᠪᠲᠡᠯᠦᠨ ᠣᠷᠣᠵᠤ ᠢᠷᠡᠭᠡᠳ ᠡᠵᠡᠨ ᠢ᠋ ᠡᠷᠢᠨ ᠂ ᠡᠵᠡᠨ ᠬᠠᠮᠢᠭ᠎ᠠ ᠪᠣᠢ ᠭᠡᠮᠡᠨ ᠳᠠᠭᠤᠳᠠᠯᠴᠠᠨ ᠠᠯᠢ ᠠᠯᠢᠨ ᠢ᠋ᠶ᠋ᠠᠨ ᠴᠤ᠌ ᠬᠠᠮᠠᠭᠠᠯᠠᠨ ᠴᠢᠳᠠᠬᠤ ᠦᠭᠡᠢ ᠪᠣᠯᠵᠤ ᠬᠠᠷᠠᠬᠠᠨ ᠴᠢᠬᠤᠯᠳᠠᠬᠤᠶᠠ ᠂ ᠪᠣᠷᠣ ᠲᠣᠬᠣᠮ ᠤ᠋ᠨ ᠳᠣᠲᠣᠷ᠎ᠠ ᠪᠦᠬᠦᠢ ᠪᠸᠲ᠋ᠠ᠋ ᠤᠯᠤᠰ ᠤ᠋ᠨ ᠴᠡᠷᠢᠭ ᠭᠡᠳᠡᠷᠭᠦ ᠬᠠᠷᠢᠨ ᠰᠠᠷᠯᠠᠭ ᠤᠯᠤᠰ ᠤ᠋ᠨ ᠴᠡᠷᠢᠭ ᠲᠦ᠍ᠷ ᠳᠠᠷᠤᠭᠳᠠᠭᠠᠳ ᠬᠡᠳᠦᠨ ᠵᠦᠭ ᠪᠤᠳᠠᠷᠠᠯᠳᠤᠨ ᠰᠠᠯᠤᠭᠰᠠᠨᠠ ᠂ ᠪᠠᠰᠠ ᠴᠢᠨᠠᠳᠤ ᠡᠲᠡᠭᠡᠳ ᠲᠣᠷ ᠰᠠᠷᠯᠠᠭ ᠤ᠋ᠨ ᠴᠡᠷᠢᠭ 《ᠮᠠᠨ ᠤ᠋ ᠡᠵᠡᠨ ᠴᠢᠯᠭᠡᠷ ᠪᠥᠬᠡ ᠠᠯᠳᠠᠭᠤᠯᠤᠨ ᠢᠷᠡᠪᠡ ᠂ ᠡᠨᠡ ᠤᠳᠠᠭ᠎ᠠ ᠰᠠᠢᠲᠤᠷ ᠪᠠᠢᠯᠳᠤᠵᠤ ᠲᠡᠮᠦᠵᠢᠨ ᠢ᠋ ᠬᠡᠷᠬᠢᠪᠡᠴᠦ ᠪᠢᠲᠡᠭᠡᠢ ᠭᠠᠷᠭ᠎ᠠ ! 》 ᠬᠡᠮᠡᠯᠳᠦᠬᠦᠢ ᠳ᠋ᠦ᠍ᠷ ᠲᠠᠢᠽᠦ ᠶ᠋ᠢᠨ ᠣᠯᠠᠨ ᠵᠠᠩᠵᠤᠨ ᠨᠠᠷ ᠨᠡᠩ ᠴᠢᠬᠤᠯᠳᠠᠵᠤ ᠂ ᠵᠠᠯᠮ᠎ᠠ ᠲᠠᠨ ᠠᠷᠠᠬᠠᠨ ᠰᠢᠪᠲᠤᠯᠤᠨ ᠭᠠᠷᠴᠤ ᠲᠠᠢᠽᠦ ᠶ᠋ᠢ ᠡᠷᠢᠨ ᠢᠷᠡᠬᠦᠶ᠎ᠡ ᠂ ᠰᠠᠷᠯᠠᠭ ᠤ᠋ᠨ ᠴᠡᠷᠢᠭ ᠦ᠋ᠳ ᠲᠠᠢᠽᠦ ᠶ᠋ᠢ ᠨᠡᠬᠡᠭᠰᠡᠨ ᠪᠠ ᠪᠣᠷᠣ ᠲᠣᠬᠣᠮ ᠳ᠋ᠤᠷ ᠪᠠᠢᠯᠳᠤᠭᠰᠠᠨ ᠲᠠᠢ ᠪᠦᠭᠦᠳᠡᠭᠡᠷ ᠲᠠᠪᠤᠨ ᠠᠩᠭᠢ ᠪᠥᠭᠡᠮᠨᠡᠷᠡᠯᠳᠦᠨ ᠪᠠᠢᠯᠳᠤᠯᠴᠠᠵᠤ ᠂ ᠰᠠᠮᠠᠭᠤᠨ ᠰᠤᠮᠤᠨ ᠤ᠋ ᠬᠠᠷᠢᠯᠴᠠᠨ ᠶᠠᠪᠤᠬᠤ ᠠᠨᠤ ᠬᠤᠢ ᠰᠠᠯᠬᠢᠨ᠎ᠠ ᠰᠢᠭᠤᠷᠭᠠᠨ ᠰᠢᠭᠤᠷᠬᠤ ᠮᠡᠲᠦ ᠡᠷᠦᠢ ᠬᠤᠷᠤᠢ ᠦᠭᠡᠢ ᠃ ᠡᠨᠡ ᠦᠶ᠎ᠡ ᠳ᠋ᠦ᠍ᠷ ᠨᠢᠭᠡᠨᠲᠡ ᠬᠠᠷᠠᠩᠭᠤᠢ ᠪᠣᠯᠤᠨ ᠬᠣᠷᠢᠨ ᠬᠡᠳᠦᠨ ᠦ᠌ ᠰᠠᠷᠠᠨ ᠪᠠᠰᠠ ᠭᠠᠷᠤᠭᠠᠳᠤᠢ ᠲᠤᠯᠠ ᠬᠣᠶᠠᠷ ᠡᠲᠡᠭᠡᠳ ᠦ᠋ᠨ ᠴᠡᠷᠢᠭ ᠤᠯᠠᠮ ᠤᠯᠠᠮ ᠬᠠᠷᠢᠯᠴᠠᠨ ᠲᠠᠨᠢᠯᠴᠠᠬᠤ ᠦᠭᠡᠢ ᠪᠣᠯᠤᠭᠠᠳ ᠭᠠᠭᠴᠠ ᠪᠸᠲ᠋ᠠ᠋ ᠤᠯᠤᠰ ᠤ᠋ᠨ ᠴᠡᠷᠢᠭ《ᠮᠠᠨ ᠤ᠋ ᠡᠵᠡᠨ ᠠᠯᠢ ᠪᠠᠭ ᠲᠤᠷ ᠪᠣᠢ ?》ᠭᠡᠮᠡᠨ ᠬᠠᠰᠬᠢᠷᠤᠯᠳᠤᠨ ᠪᠠᠷᠬᠢᠷᠠᠯᠴᠠᠨ ᠠᠰᠠᠭᠤᠵᠤ ᠂ ᠶᠢᠰᠦᠨ ᠡᠩ ᠂ ᠵᠢᠷᠭᠤᠭᠠᠨ ᠰᠠᠢᠳ ᠂ ᠳᠥᠷᠪᠡᠨ ᠳᠡᠭᠦᠦ ᠨᠠᠷ ᠂ ᠡᠰᠡᠷᠭᠦ ᠲᠡᠰᠡᠷᠭᠦ ᠡᠷᠢᠯᠴᠡᠨ ᠵᠠᠷᠢᠮ ᠵᠠᠷᠢᠮ ᠥᠪᠡᠷ ᠵᠠᠭᠤᠷ᠎ᠠ ᠪᠠᠨ ᠪᠠᠢᠯᠳᠤᠵᠤ ᠂ ᠬᠡᠵᠢᠶ᠎ᠡ ᠳᠠᠭᠤᠨ ᠤ᠋ ᠡᠭᠡᠰᠢᠭ ᠢ᠋ᠶ᠋ᠡᠷ ᠨᠢ ᠰᠠᠶᠢ ᠲᠠᠨᠢᠯᠴᠠᠵᠤ ᠂ ᠲᠠᠢᠽᠦ ᠶ᠋ᠢ ᠡᠷᠢᠨ ᠡᠴᠢᠮᠦᠢ ᠃ ᠤᠯᠠᠮ ᠪᠠᠢᠭᠰᠠᠭᠠᠷ ᠲᠠᠪᠤᠨ ᠠᠩᠭᠢ ᠴᠡᠷᠢᠭ ᠪᠠᠰᠠ ᠨᠢᠭᠡᠨ ᠵᠤᠷᠪᠤᠰ ᠪᠣᠯᠤᠨ ᠵᠠᠯᠭᠠᠯᠳᠤᠭᠠᠳ ᠬᠣᠶᠠᠷ ᠡᠲᠡᠭᠡᠳ ᠦ᠋ᠨ ᠴᠡᠷᠢᠭ ᠨᠢᠭᠡᠨᠲᠡ ᠬᠤᠳᠬᠠᠨ ᠵᠢᠭᠤᠷᠠᠯᠳᠤᠭᠠᠳ ᠲᠡᠮᠳᠡᠭ ᠲᠤᠭ ᠨᠢᠭᠡᠮᠦᠰᠦᠨ ᠦᠵᠡᠭᠳᠡᠬᠦ ᠦᠭᠡᠢ ᠪᠣᠯᠵᠤ ᠂ ᠭᠠᠭᠴᠠ ᠵᠠᠷ ᠵᠡᠪᠰᠡᠭ ᠬᠠᠷᠢᠯᠴᠠᠨ ᠬᠠᠷᠰᠢᠯᠳᠤᠵᠤ ᠬᠢᠷᠴᠢᠭᠢᠨᠡᠨ ᠂ ᠭᠠᠯ ᠭᠠᠷᠴᠤ ᠲᠤᠶᠠᠭᠠᠯᠠᠨ ᠦᠵᠡᠭᠳᠡᠵᠦ ᠂ ᠡᠵᠡᠨ ᠲᠦᠰᠢᠮᠡᠯ ᠡᠴᠢᠭᠡ ᠬᠥᠪᠡᠭᠦᠨ ᠠᠬ᠎ᠠ ᠳᠡᠭᠦᠦ ᠪᠡᠨ ᠬᠠᠷᠢᠯᠴᠠᠨ ᠬᠠᠰᠬᠢᠷᠤᠯᠳᠤᠨ ᠡᠷᠢᠵᠦ ᠂ ᠵᠢᠭ᠍ᠰᠠᠭᠠᠯ ᠤ᠋ᠨ ᠰᠠᠮᠠᠭᠤᠨ ᠴᠡᠷᠢᠭ ᠦ᠋ᠨ ᠳᠣᠲᠣᠷ᠎ᠠ ᠲᠣᠯᠣᠭᠠᠢ ᠦᠭᠡᠢ ᠬᠥᠮᠦᠨ ᠢ᠋ ᠨᠠᠳᠬᠤᠭᠰᠠᠨ ᠮᠣᠷᠢ ᠠᠴᠢᠨ ᠭᠦᠶᠦᠵᠦ ᠂ ᠬᠥᠮᠦᠨ ᠦᠭᠡᠢ ᠡᠮᠡᠭᠡᠯ ᠲᠡᠢ ᠮᠣᠷᠢ ᠥᠭᠡᠳᠡ ᠤᠷᠤᠭᠤ ᠰᠠᠮᠠᠭᠤᠷᠠᠨ ᠭᠦᠶᠦᠯᠳᠦᠵᠦ ᠂ ᠬᠥᠮᠦᠨ ᠦ᠌ ᠲᠣᠯᠣᠭᠠᠢ ᠮᠣᠷᠢᠨ ᠬᠥᠯ ᠳᠣᠣᠷ᠎ᠠ ᠥᠩᠬᠥᠷᠢᠵᠦ ᠂ ᠮᠣᠷᠢᠨ ᠤ᠋ ᠡᠮᠡᠭᠡᠯ ᠦ᠋ᠨ ᠳᠣᠣᠷ᠎ᠠ ᠴᠡᠷᠢᠭ ᠦ᠋ᠨ ᠬᠥᠮᠦᠨ ᠰᠢᠷᠭᠤᠨ ᠣᠷᠣᠵᠤ ᠬᠣᠭᠣᠰᠣᠨ ᠡᠮᠡᠭᠡᠯ ᠶᠠᠪᠤᠵᠤ ᠂ ᠴᠢᠳᠬᠥᠷ ᠤᠬᠢᠯᠠᠨ ᠬᠤᠪᠢᠯᠭᠠᠨ ᠪᠠᠷᠬᠢᠷᠠᠵᠤ ᠂ ᠬᠥᠮᠦᠨ ᠬᠠᠰᠬᠢᠷᠤᠨ ᠮᠣᠷᠢ ᠢᠩᠭᠠᠷᠴᠠᠵᠤ ᠂ ᠨᠣᠬᠠᠢ ᠤᠯᠢᠨ ᠰᠢᠪᠠᠭᠤ ᠰᠢᠭᠦᠷᠦᠨ ᠂ ᠴᠢᠰᠤᠨ ᠳᠠᠯᠠᠢ ᠪᠤᠴᠠᠯᠵᠤ ᠂ ᠲᠠᠢᠱᠠᠨ ᠠᠭᠤᠯᠠ ᠳᠡᠯᠪᠡᠷᠡᠬᠦ ᠮᠡᠲᠦ ᠦᠢᠮᠡᠯᠳᠦᠬᠦᠶ᠎ᠡ ᠂ ᠪᠠᠷᠠᠭᠤᠨ ᠡᠮᠦᠨ᠎ᠡ ᠡᠴᠡ ᠨᠢᠭᠡᠨ ᠫᠤᠤ ᠳᠠᠭᠤᠷᠢᠰᠤᠨ ᠭᠡᠨᠡᠳᠲᠡ ᠲᠡᠭᠷᠢ ᠭᠠᠵᠠᠷ ᠳᠡᠯᠪᠡᠷᠡᠬᠦ ᠮᠡᠲᠦ ᠳᠠᠭᠤᠨ ᠭᠠᠷᠲᠠᠯ᠎ᠠ ᠵᠡᠭᠦᠨ ᠬᠣᠢᠲᠤ ᠠ᠋ᠴᠠ ᠪᠠᠰᠠ ᠶᠡᠬᠡ ᠬᠡᠩᠭᠡᠷᠭᠡ ᠶ᠋ᠢᠨ ᠳᠠᠭᠤᠨ ᠭᠠᠷᠴᠤ ᠬᠣᠶᠠᠷ ᠡᠲᠡᠭᠡᠳ ᠡᠴᠡ ᠳᠠᠯᠠᠢ ᠲᠦᠯᠬᠢᠬᠦ ᠮᠡᠲᠦ ᠬᠣᠶᠠᠷ ᠠᠩᠭᠢ ᠶᠡᠬᠡ ᠴᠡᠷᠢᠭ ᠣᠷᠣᠵᠤ ᠢᠷᠡᠭᠡᠳ ᠲᠠᠪᠤᠨ ᠪᠥᠭᠡᠮ ᠴᠡᠷᠢᠭ ᠢ᠋ ᠨᠢᠭᠡᠨᠲᠡ ᠬᠤᠮᠪᠢᠵᠤ ᠳᠤᠮᠳᠠ ᠪᠠᠨ ᠬᠠᠭᠠᠵᠤ ᠠᠪᠤᠭᠠᠳ ᠠᠭᠤᠯᠠᠨ ᠤ᠋ ᠡᠷᠭᠢ ᠶ᠋ᠢᠨ ᠳᠡᠭᠡᠷ᠎ᠡ ᠶᠡᠬᠡ ᠣᠯᠭᠠᠪᠤᠷ ᠲᠤᠷ ᠭᠠᠯ ᠬᠥᠭᠵᠢᠵᠦ ᠂ ᠭᠠᠯ ᠤ᠋ᠨ ᠭᠡᠷᠡᠯ ᠳ᠋ᠦ᠍ᠷ ᠪᠸᠲ᠋ᠠ᠋ ᠤᠯᠤᠰ ᠤ᠋ᠨ ᠲᠤᠭ ᠪᠣᠰᠴᠤ ᠭᠠᠭᠴᠠ ᠡᠵᠡᠨ ᠢ᠋ ᠲᠦᠷᠭᠡᠨ᠎ᠡ ᠭᠠᠷᠭ᠎ᠠ ᠭᠡᠮᠡᠨ ᠬᠠᠰᠬᠢᠷᠤᠯᠳᠤᠬᠤ ᠳᠠᠭᠤᠨ ᠳ᠋ᠤᠷ ᠠᠭᠤᠯᠠ ᠠᠨᠢᠷᠯᠠᠪᠠ ᠃ ᠡᠨᠡ ᠳᠠᠭᠤᠨ ᠢ᠋ ᠵᠡᠭᠦᠨ ᠬᠣᠢᠲᠤ ᠵᠦᠭ ᠦ᠋ᠨ ᠴᠡᠷᠢᠭ ᠰᠣᠨᠣᠰᠴᠤ ᠭᠡᠨᠡᠳᠲᠡ ᠴᠠᠩ ᠴᠣᠬᠢᠵᠤ ᠬᠠᠷᠢᠭᠤ ᠬᠠᠰᠬᠢᠷᠤᠨ ᠥᠭᠦᠯᠡᠷᠦᠨ :《ᠡᠵᠡᠨ ᠬᠡᠳᠦᠢᠨᠡᠢ ᠴᠡᠷᠢᠭ ᠦ᠋ᠨ ᠳᠣᠲᠣᠷ᠎ᠠ ᠠ᠋ᠴᠠ ᠭᠠᠷᠴᠤ ᠮᠠᠨ ᠤ᠋ ᠵᠢᠭ᠍ᠰᠠᠭᠠᠯ ᠳ᠋ᠤᠷ ᠵᠠᠯᠠᠷᠠᠨ ᠢᠷᠡᠪᠡ ᠂ ᠰᠠᠷᠯᠠᠭ ᠤ᠋ᠨ ᠴᠡᠷᠢᠭ ᠢ᠋ ᠬᠡᠯᠲᠦᠷᠢᠭᠦᠯ ᠂ ᠳᠡᠮᠡᠢ ᠪᠢᠲᠡᠭᠡᠢ ᠠᠯᠠᠯᠴᠠ ! 》 ᠬᠡᠮᠡᠮᠦᠢ ᠬᠡᠮᠡᠭᠰᠡᠨ ᠳ᠋ᠦ᠍ᠷ ᠬᠣᠶᠠᠷ ᠡᠲᠡᠭᠡᠳ ᠦ᠋ᠨ ᠪᠠᠢᠯᠳᠤᠭᠠᠨ ᠪᠠᠬᠠᠨ ᠨᠠᠮ ᠪᠣᠯᠣᠮᠠᠭᠴᠠ ᠬᠠᠰᠠᠷ ᠂ ᠪᠡᠯᠭᠦᠳᠡᠢ ᠂ ᠣᠴᠢᠭ ᠂ ᠭᠠᠴᠤᠭ ᠳᠥᠷᠪᠡᠨ ᠳᠡᠭᠦᠦ ᠢᠨᠦ ᠲᠠᠢᠽᠦ ᠶ᠋ᠢ ᠬᠠᠮᠠᠭᠠᠯᠠᠨ ᠂ ᠵᠠᠯᠮ᠎ᠠ ᠂ ᠲᠣᠭᠲᠣᠩᠭᠣ᠌ ᠬᠣᠶᠠᠭᠤᠯᠠ ᠰᠡᠭᠦᠯ ᠦ᠋ᠨ ᠳᠡᠳ᠋ ᠪᠠᠭ ᠲᠤᠷ ᠲᠠᠢᠽᠦ ᠳ᠋ᠦ᠍ᠷ ᠵᠣᠯᠭᠠᠵᠤ ᠡᠮᠦᠨ᠎ᠡ ᠵᠠᠮ ᠨᠡᠭᠡᠭᠡᠵᠦ ᠂ ᠵᠡᠪᠡ ᠂ ᠴᠢᠯᠠᠭᠤ ᠬᠣᠶᠠᠭᠤᠯᠠ ᠬᠣᠢᠨ᠎ᠠ ᠬᠠᠢᠭᠤᠯᠤᠨ ᠰᠢᠭᠤᠳ ᠰᠢᠪᠲᠤᠯᠤᠨ ᠶᠡᠬᠡ ᠲᠤᠭ ᠤ᠋ᠨ ᠳᠣᠣᠷ᠎ᠠ ᠬᠦᠷᠴᠦ ᠦᠵᠡᠪᠡᠰᠦ ᠂ ᠴᠡᠷᠢᠭ ᠦ᠋ᠨ ᠵᠢᠨᠦᠩ ᠮᠤᠬᠤᠯᠢ ᠮᠥᠨ ᠳᠣᠪᠲᠣᠯᠤᠨ ᠲᠤᠭ ᠤ᠋ᠨ ᠳᠣᠣᠷ᠎ᠠ ᠢᠷᠡᠵᠦ ᠭᠠᠭᠴᠠ ᠠᠪᠠ ᠶ᠋ᠢᠨ ᠶᠡᠬᠡ ᠵᠠᠩᠵᠤᠨ ᠪᠤᠭᠤᠷᠵᠢ ᠶ᠋ᠢ ᠠᠰᠠᠭᠤᠮᠤᠢ ᠃ ᠦᠵᠡᠰᠡ ᠪᠤᠭᠤᠷᠵᠢ ᠂ ᠮᠤᠬᠤᠯᠢ ᠶ᠋ᠢᠨ ᠴᠡᠷᠢᠭ ᠬᠠᠮᠲᠤ ᠬᠦᠷᠴᠦ ᠢᠷᠡᠭᠡᠳ ᠪᠤᠭᠤᠷᠵᠢ ᠶ᠋ᠢᠨ ᠵᠠᠷᠯᠠᠯ ᠢ᠋ ᠰᠣᠨᠣᠰᠴᠤ ᠮᠤᠬᠤᠯᠢ ᠶᠡᠬᠡᠯ᠎ᠡ ᠠᠶᠤᠵᠤ : 《ᠲᠠᠢᠽᠦ ᠨᠢᠭᠡᠨᠲᠡ ᠵᠢᠭ᠍ᠰᠠᠭᠠᠯ ᠠ᠋ᠴᠠ ᠭᠠᠷᠪᠠ ᠃ ᠰᠠᠷᠯᠠᠭ ᠤ᠋ᠨ ᠴᠡᠷᠢᠭ ᠢ᠋ ᠳᠡᠮᠡᠢ ᠪᠢᠲᠡᠭᠡᠢ ᠠᠯᠠ ! 》ᠬᠡᠮᠡᠭᠰᠡᠨ ᠢᠨᠦ ᠴᠠᠭ ᠵᠠᠭᠤᠷ᠎ᠠ ᠶ᠋ᠢᠨ ᠵᠠᠢ ᠭᠠᠷᠭᠠᠬᠤ ᠠᠷᠭ᠎ᠠ ᠠᠵᠤᠭᠤ ᠃ ᠲᠡᠢᠨ ᠬᠦ᠌ ᠲᠠᠢᠽᠦ ᠡᠨᠡ ᠵᠠᠪ ᠲᠤᠷ ᠶᠡᠬᠡ ᠲᠤᠭ ᠤ᠋ᠨ ᠳᠣᠣᠷ᠎ᠠ ᠬᠦᠷᠴᠦ ᠴᠢᠳᠠᠵᠤᠬᠤᠢ ᠃ ᠮᠤᠬᠤᠯᠢ ᠂ ᠪᠤᠭᠤᠷᠵᠢ ᠶ᠋ᠢᠨ ᠴᠡᠷᠢᠭ ᠢ᠋ ᠬᠡᠷᠬᠢᠨ ᠮᠡᠳᠡᠵᠦ ᠴᠢᠪᠬᠢᠲᠡᠯ᠎ᠡ ᠡᠨᠡ ᠦᠶ᠎ᠡ ᠳ᠋ᠦ᠍ᠷ ᠲᠣᠬᠢᠶᠠᠯᠳᠤᠨ ᠬᠦᠷᠴᠦ ᠢᠷᠡᠪᠡ ᠬᠡᠮᠡᠪᠡᠰᠦ ᠄ ᠦᠵᠡᠰᠡ ᠮᠤᠬᠤᠯᠢ ᠂ ᠴᠢᠯᠭᠡᠷ ᠪᠥᠬᠡ ᠶ᠋ᠢᠨ ᠢᠷᠡᠭᠰᠡᠨ ᠢ᠋ ᠬᠠᠷᠠᠬᠠᠨ ᠰᠡᠵᠢᠭᠯᠡᠵᠦ ᠂ ᠬᠥᠮᠦᠨ ᠢᠯᠡᠬᠡᠨ ᠲᠡᠭᠦᠨ ᠦ᠌ ᠪᠠᠭᠤᠳᠠᠯ ᠳ᠋ᠤᠷ ᠦᠵᠡᠭᠦᠯᠦᠭᠡᠳ ᠦᠭᠡᠢ ᠬᠡᠮᠡᠬᠦᠢ ᠳ᠋ᠦ᠍ᠷ ᠠᠷᠪᠠᠨ ᠬᠤᠪᠢ ᠤᠬᠠᠵᠤ ᠰᠠᠶᠢ ᠲᠠᠢᠽᠦ ᠶ᠋ᠢᠨ ᠬᠣᠢᠨ᠎ᠠ ᠠ᠋ᠴᠠ ᠬᠥᠮᠦᠨ ᠵᠠᠷᠤᠰᠤᠭᠠᠢ ᠬᠡᠮᠡᠲᠡᠯ᠎ᠡ ᠭᠡᠨᠡᠳᠲᠡ ᠥᠵᠢᠨ ᠡᠮᠡᠭᠡ ᠶ᠋ᠢᠨ ᠲᠡᠨᠳᠡ ᠡᠴᠡ ᠵᠠᠬᠢᠶ᠎ᠠ ᠪᠠᠭᠤᠵᠤ ᠮᠠᠭᠤ ᠵᠡᠭᠦᠳᠦᠨ ᠪᠣᠯᠪᠠ ᠂ ᠲᠥᠷᠭᠡᠨ᠎ᠡ ᠲᠠᠢᠽᠦ ᠶ᠋ᠢᠨ ᠬᠣᠢᠨ᠎ᠠ ᠠ᠋ᠴᠠ ᠴᠡᠷᠢᠭ ᠠᠪᠤᠨ ᠵᠢᠨᠦᠩ ᠪᠡᠶ᠎ᠡ ᠪᠡᠷ ᠡᠴᠢ ᠬᠡᠮᠡᠭᠰᠡᠨ ᠳ᠋ᠦ᠍ᠷ ᠮᠤᠬᠤᠯᠢ ᠶ᠋ᠢᠨ ᠰᠡᠵᠢᠭ ᠯᠦ᠍ᠭᠡ ᠴᠢᠪᠬᠢᠲᠡᠯ᠎ᠡ ᠨᠡᠢᠴᠡᠵᠦ ᠂ ᠬᠢᠶ᠎ᠡ ᠲᠡᠭᠥᠰᠴᠤᠭᠲᠤ ᠶ᠋ᠢᠨ ᠬᠣᠢᠨ᠎ᠠ ᠠ᠋ᠴᠠ ᠴᠡᠷᠢᠭ ᠠᠪᠤᠨ ᠳᠠᠷᠤᠨ ᠳᠣᠪᠲᠣᠯᠤᠨ ᠤᠭᠲᠤᠷ᠎ᠠ ᠢᠷᠡᠭᠡᠳ ᠡᠨᠡ ᠦᠶ᠎ᠡ ᠳ᠋ᠦ᠍ᠷ ᠤᠴᠠᠷᠠᠵᠤᠬᠤᠢ ᠃ ᠵᠢᠴᠢ ᠠᠪᠠ ᠶ᠋ᠢᠨ ᠶᠡᠬᠡ ᠵᠠᠩᠵᠤᠨ ᠪᠤᠭᠤᠷᠵᠢ ᠲᠡᠷᠢᠭᠦᠯᠡᠨ ᠪᠤᠭᠤᠷᠤᠯ ᠂ ᠴᠢᠨᠳᠠᠭᠠᠨ᠎ᠠ ᠰᠡᠴᠡᠨ ᠂ ᠬᠤᠳᠠᠭᠠᠨ᠎ᠠ ᠪᠡᠬᠢ ᠲᠠᠨ ᠠᠪᠠ ᠶ᠋ᠢᠨ ᠶᠡᠬᠡ ᠴᠡᠷᠢᠭ ᠢ᠋ ᠠᠪᠴᠤ ᠤᠷᠢᠳᠠ ᠶᠡᠬᠡ ᠪᠠᠭᠤᠳᠠᠯ ᠳ᠋ᠤᠷ ᠡᠴᠢᠵᠦ ᠂ ᠡᠭᠡᠬᠦ ᠶ᠋ᠢ ᠪᠡᠯᠡᠳᠬᠡᠨ ᠲᠠᠢᠽᠦ ᠶ᠋ᠢ ᠬᠦᠯᠢᠶᠡᠬᠦᠶ᠎ᠡ ᠂ ᠵᠡᠭᠦᠨ ᠬᠣᠢᠲᠤ ᠠᠭᠤᠯᠠᠨ ᠤ᠋ ᠬᠣᠱᠣᠣ ᠶ᠋ᠢᠨ ᠳᠡᠭᠡᠷ᠎ᠡ ᠲᠠᠢᠽᠦ ᠶ᠋ᠢᠨ ᠴᠠᠪ ᠵᠣᠭᠣᠭ ᠢ᠋ ᠳᠠᠭᠠᠭᠠᠭᠰᠠᠨ ᠲᠤᠰᠢᠮᠡᠯ ᠰᠠᠢᠬᠠᠨ ᠰᠤᠷᠲᠠᠯᠲᠤ ᠬᠡᠳᠦᠢᠨᠡᠢ ᠤᠷᠣᠭ᠍ᠰᠢ ᠳᠣᠪᠲᠣᠯᠤᠨ ᠢᠷᠡᠬᠦᠶ᠎ᠡ ᠂ ᠬᠣᠢᠨ᠎ᠠ ᠫᠤᠤ ᠶ᠋ᠢᠨ ᠳᠠᠭᠤᠨ ᠢ᠋ ᠰᠣᠨᠣᠰᠴᠤ ᠬᠣᠯᠠ ᠲᠡᠷᠢᠭᠦᠨ ᠡᠷᠭᠦᠵᠦ ᠦᠵᠡᠬᠦᠯ᠎ᠡ ᠂ ᠣᠯᠭᠠᠪᠤᠷ ᠤ᠋ᠨ ᠳᠣᠲᠣᠷ᠎ᠠ ᠠ᠋ᠴᠠ ᠴᠡᠷᠢᠭ ᠭᠠᠷᠴᠤ ᠲᠠᠢᠽᠦ ᠶ᠋ᠢ ᠬᠠᠭᠠᠭᠰᠠᠨ ᠢ᠋ ᠦᠵᠡᠭᠡᠳ ᠪᠤᠭᠤᠷᠵᠢ ᠲᠠᠨ ᠤ᠋ ᠵᠦᠭ ᠪᠠᠷᠬᠢᠷᠠᠨ ᠬᠡᠯᠡᠪᠡᠴᠦ ᠰᠣᠨᠣᠰᠳᠠᠬᠤ ᠦᠭᠡᠢ ᠲᠤᠯᠠ ᠶᠠᠭᠠᠷᠠᠨ ᠲᠦᠷᠡᠢᠲᠦ ᠭᠤᠲᠤᠯ ᠢ᠋ᠶ᠋ᠠᠨ ᠲᠠᠢᠯᠤᠨ ᠠᠪᠴᠤ ᠲᠣᠯᠣᠭᠠᠢ ᠳᠡᠭᠡᠷ᠎ᠡ ᠪᠡᠨ ᠡᠷᠭᠢᠭᠦᠯᠵᠦ ᠂ ᠤᠷᠪᠠᠪᠠ ᠤᠷᠪᠠᠪᠠ ᠭᠡᠮᠡᠨ ᠳᠣᠬᠢᠶ᠎ᠠ ᠥᠭᠭᠦᠭᠰᠡᠨ ᠳ᠋ᠦ᠍ᠷ ᠪᠤᠭᠤᠷᠵᠢ ᠲᠠᠨ ᠬᠠᠷᠠᠬᠠᠨ ᠡᠵᠡᠨ ᠢ᠋ ᠪᠠᠷᠠᠭᠠᠳᠠᠨ ᠬᠠᠷᠠᠵᠤ ᠪᠥᠬᠥᠶ᠎ᠡ ᠂ ᠡᠨᠡ ᠳᠣᠬᠢᠶ᠎ᠠ ᠳ᠋ᠤᠷ ᠶᠠᠭᠠᠷᠠᠨ ᠬᠡᠩᠭᠡᠷᠭᠡ ᠳᠡᠯᠡᠳᠦᠨ ᠲᠠᠪᠤᠨ ᠮᠢᠩᠭᠠᠨ ᠴᠡᠷᠢᠭ ᠢ᠋ ᠠᠪᠤᠨ ᠳᠣᠪᠲᠣᠯᠤᠨ ᠢᠷᠡᠭᠰᠡᠨ ᠢᠨᠦ ᠬᠣᠶᠠᠷ ᠡᠲᠡᠭᠡᠳ ᠦ᠋ᠨ ᠴᠡᠷᠢᠭ ᠢ᠋ ᠢᠯᠭᠠᠷᠠᠭᠤᠯᠤᠨ ᠭᠠᠷᠭᠠᠭᠰᠠᠨ ᠠᠵᠤᠭᠤ ᠃ ᠲᠡᠳᠦᠢ ᠮᠤᠬᠤᠯᠢ ᠶᠠᠭᠠᠷᠠᠨ ᠲᠠᠢᠽᠦ ᠶ᠋ᠢ ᠪᠤᠰᠤ ᠳᠠᠰᠢ ᠵᠠᠯᠠᠵᠤ ᠂ ᠲᠠᠢᠽᠦ ᠶ᠋ᠢᠨ ᠤᠯᠠᠭᠠᠨ ᠠᠷᠰᠯᠠᠨᠲᠤ ᠰᠢᠬᠦᠷ ᠢ᠋ ᠪᠡᠶ᠎ᠡ ᠶ᠋ᠢᠨ ᠳᠡᠭᠡᠷ᠎ᠡ ᠪᠡᠨ ᠪᠠᠷᠢᠭᠤᠯᠵᠤ ᠂ ᠭᠠᠯ ᠢ᠋ ᠨᠡᠮᠡᠭᠦᠯᠦᠭᠰᠡᠨ ᠳ᠋ᠦ᠍ᠷ ᠪᠤᠭᠤᠷᠵᠢ ᠲᠠᠨ ᠬᠠᠷᠠᠬᠠᠨ ᠴᠡᠷᠢᠭ ᠦ᠋ᠨ ᠳᠣᠲᠣᠷ᠎ᠠ ᠴᠢᠰᠤᠨ ᠵᠠᠮ ᠭᠠᠷᠭᠠᠵᠤ ᠲᠠᠢᠽᠦ ᠶ᠋ᠢ ᠡᠷᠢᠬᠦᠶᠡ ᠂ ᠣᠯᠠᠨ ᠵᠠᠩᠵᠤᠨ ᠨᠠᠷ ᠡᠨᠡ ᠰᠢᠭᠦᠷ ᠢ᠋ ᠦᠵᠡᠭᠡᠳ ᠶᠡᠬᠡᠯ᠎ᠡ ᠪᠠᠶᠠᠷᠯᠠᠯᠴᠠᠨ ᠪᠦᠭᠦᠳᠡᠭᠡᠷ ᠳᠣᠪᠲᠣᠯᠤᠯᠴᠠᠨ ᠬᠦᠷᠴᠦ ᠢᠷᠠᠪᠠᠰᠤ ᠂ ᠴᠡᠷᠢᠭ ᠦ᠋ᠨ ᠵᠢᠨᠦᠩ ᠮᠤᠬᠤᠯᠢ ᠮᠥᠨ ᠬᠦᠷᠴᠦ ᠢᠷᠡᠭᠰᠡᠨ ᠲᠤᠯᠠ ᠨᠡᠩᠳᠡ ᠪᠠᠶᠠᠷᠯᠠᠯᠴᠠᠨ ᠳᠠᠭᠤᠳᠠᠯᠴᠠᠬᠤᠶᠠ ᠂ ᠣᠯᠠᠨ ᠴᠡᠷᠢᠭ ᠪᠠᠰᠠ ᠴᠥᠮ ᠢᠯᠭᠠᠷᠠᠨ ᠭᠠᠷᠴᠤ ᠢᠷᠡᠭᠰᠡᠨ ᠢ᠋ᠶ᠋ᠡᠷ ᠪᠤᠭᠤᠷᠵᠢ ᠳᠠᠷᠤᠢ ᠰᠠᠮᠠᠭᠤᠨ ᠰᠤᠮᠤ ᠲᠠᠯᠪᠢᠵᠤ ᠂ ᠰᠠᠷᠯᠠᠭ ᠤ᠋ᠨ ᠴᠡᠷᠢᠭ ᠢ᠋ ᠨᠢᠭᠡᠬᠡᠨ ᠴᠦ᠍ ᠦᠯᠡᠳᠡᠭᠡᠯ ᠦᠭᠡᠢ ᠠᠯᠠᠰᠤᠭᠠᠢ ᠬᠡᠮᠡᠲᠡᠯ᠎ᠡ ᠮᠤᠬᠤᠯᠢ ᠶᠠᠭᠠᠷᠠᠨ ᠬᠣᠷᠢᠭ᠍ᠯᠠᠨ ᠥᠭᠦᠯᠡᠷᠦᠨ ᠄ 《ᠪᠣᠯᠬᠤ ᠦᠭᠡᠢ ᠂ ᠥᠨᠥᠬᠡᠨ ᠪᠢ ᠡᠵᠡᠨ ᠦ᠌ ᠭᠠᠷᠴᠤ ᠢᠷᠡᠬᠦᠢ ᠳ᠋ᠦ᠍ᠷ ᠰᠠᠢᠨ ᠢ᠋ ᠪᠣᠳᠣᠵᠤ ᠨᠢᠭᠡᠨᠲᠡ ᠬᠡᠯᠲᠦᠷᠢᠭᠦᠯᠬᠦ ᠵᠠᠬᠢᠶ᠎ᠠ ᠵᠠᠷᠯᠠᠪᠠ ᠃ ᠡᠳᠦᠭᠡ ᠬᠡᠷᠪᠡ ᠪᠠᠲᠤ ᠶ᠋ᠢ ᠠᠯᠳᠠᠪᠠᠰᠤ ᠴᠡᠷᠢᠭ ᠦ᠋ᠨ ᠴᠠᠭᠠᠵᠠ ᠢᠲᠡᠭᠡᠮᠵᠢ ᠦᠭᠡᠢ ᠪᠣᠯᠤᠮᠤᠢ ᠃ ᠤᠷᠢᠳᠠ ᠵᠠᠷᠯᠠᠨ ᠳᠠᠭᠠᠭᠤᠯᠰᠤᠭᠠᠢ ᠃ ᠬᠡᠷᠪᠡ ᠵᠥᠷᠢᠴᠡᠪᠡᠰᠦ ᠠᠯᠠᠨ ᠬᠢᠳᠤᠬᠤᠢ ᠳ᠋ᠤᠷ ᠬᠣᠵᠢᠮᠳᠠᠬᠤ ᠦᠭᠡᠢ ᠪᠣᠯᠠᠢ ! 》ᠭᠡᠮᠡᠨ ᠳᠠᠬᠢᠨ ᠴᠠᠩ ᠴᠣᠬᠢᠨ ᠵᠠᠷᠯᠠᠭᠰᠠᠨ ᠳ᠋ᠤᠷ ᠰᠠᠷᠯᠠᠭ ᠤ᠋ᠨ ᠴᠡᠷᠢᠭ ᠨᠢᠭᠡᠨᠲᠡ ᠬᠡᠳᠦᠨ ᠠᠷᠪᠠᠨ ᠳᠠᠪᠬᠤᠷ ᠬᠠᠭᠠᠭᠳᠠᠵᠤ ᠂ ᠵᠢᠭᠦᠷ ᠤᠷᠭᠤᠪᠠᠴᠤ ᠨᠢᠰᠦᠨ ᠭᠠᠷᠬᠤᠶ᠎ᠠ ᠪᠡᠷᠬᠡ ᠪᠣᠯᠤᠭᠰᠠᠨ ᠢ᠋ᠶ᠋ᠠᠨ ᠮᠡᠳᠡᠭᠡᠳ ᠠᠯᠠᠭᠳᠠᠵᠤ ᠦᠯᠡᠭᠰᠡᠨ ᠴᠡᠷᠢᠭ ᠦ᠋ᠳ ᠬᠤᠶᠠᠭ ᠵᠡᠪᠰᠡᠭ ᠢ᠋ᠶ᠋ᠡᠨ ᠳᠡᠢᠯᠦᠯᠴᠡᠵᠦ ᠲᠠᠶᠠᠭᠳᠠᠨ ᠰᠥᠭᠥᠳᠴᠦ ᠳᠠᠭᠠᠪᠠ ᠃
ᠲᠡᠳᠦᠢ ᠠᠷᠪᠠ ᠬᠣᠷᠢ ᠪᠠᠷ ᠰᠠᠯᠭᠠᠵᠤ ᠪᠠᠷᠢᠭᠤᠯᠤᠨ ᠠᠴᠢᠷᠠᠭᠰᠠᠨ ᠳ᠋ᠤᠷ ᠪᠤᠭᠤᠷᠵᠢ ᠶ᠋ᠢᠨ ᠠᠭᠤᠷ ᠡᠭᠡᠨᠡᠭᠲᠡ ᠠᠯᠳᠠᠷᠠᠬᠤ ᠦᠭᠡᠢ ᠪᠦᠭᠦᠳᠡᠭᠡᠷ ᠢ᠋ ᠠᠯᠠᠰᠤᠭᠠᠢ ᠬᠡᠮᠡᠬᠦᠢ ᠳ᠋ᠦ᠍ᠷ ᠲᠠᠢᠽᠦ ᠵᠠᠬᠢᠷᠤᠨ :《ᠳᠠᠭᠠᠭᠰᠠᠨ ᠢ᠋ ᠠᠯᠠᠪᠠᠰᠤ ᠰᠠᠢᠨ ᠡᠷ᠎ᠡ ᠶ᠋ᠢᠨ ᠨᠡᠷ᠎ᠡ ᠶ᠋ᠢ ᠭᠤᠲᠤᠭᠠᠮᠤᠢ᠂ ᠵᠠᠷᠯᠠᠭᠰᠠᠨ ᠢ᠋ ᠡᠭᠡᠭᠦᠯᠪᠡᠰᠦ ᠪᠠᠭᠠᠲᠤᠷ ᠴᠡᠷᠢᠭ ᠦ᠋ᠨ ᠰᠡᠳᠬᠢᠯ ᠢ᠋ ᠠᠯᠳᠠᠮᠤᠢ᠃》 ᠭᠡᠮᠡᠨ ᠵᠠᠬᠢᠬᠤᠶᠠ ᠂ ᠮᠤᠬᠤᠯᠢ ᠮᠥᠨ ᠲᠣᠰᠴᠤ ᠥᠭᠦᠯᠡᠷᠦᠨ᠄《ᠰᠠᠷᠯᠠᠭ ᠤ᠋ᠨ ᠴᠡᠷᠢᠭ ᠢ᠋ ᠳᠠᠭᠤᠰᠲᠠᠯ᠎ᠠ ᠠᠯᠠᠬᠤ ᠬᠡᠷᠡᠭ ᠪᠠᠭ᠎ᠠ᠂ ᠰᠠᠢᠬᠠᠨ ᠮᠠᠨ ᠤ᠋ ᠪᠠᠲᠤ ᠨᠡᠷ᠎ᠡ ᠳ᠋ᠦ᠍ᠷ ᠬᠠᠷᠰᠢᠬᠤ ᠬᠡᠷᠡᠭ ᠶᠡᠬᠡ ᠪᠣᠯᠠᠢ !》ᠬᠡᠮᠡᠭᠰᠡᠨ ᠳ᠋ᠦ᠍ᠷ ᠪᠤᠭᠤᠷᠵᠢ ᠦᠭᠡ ᠶ᠋ᠢ ᠠᠪᠴᠤ ᠥᠴᠢᠷᠦᠨ :《ᠡᠵᠡᠨ ᠪᠠ ᠵᠢᠨᠦᠩ ᠬᠣᠶᠠᠭᠤᠯᠠ ᠶ᠋ᠢᠨ ᠡᠪᠴᠢᠭᠦᠦ ᠴᠡᠭᠡᠵᠢᠨ ᠦ᠌ ᠠᠭᠤᠳᠠᠮ ᠪᠠᠭᠲᠠᠭᠠᠮᠵᠢ ᠳ᠋ᠤᠷ ᠪᠢ ᠦᠨᠡᠬᠡᠷ ᠬᠦᠷᠬᠦ ᠦᠭᠡᠢ ᠂ ᠪᠤᠭᠤᠷᠵᠢ ᠪᠢ ᠪᠡᠶ᠎ᠡ ᠪᠡᠷ ᠡᠵᠡᠨ ᠢ᠋ ᠳᠠᠭᠠᠵᠤ ᠶᠠᠪᠤᠭᠠᠳ ᠡᠨᠡ ᠮᠡᠲᠦ ᠲᠦᠭᠰᠢᠯᠲᠡᠢ ᠳ᠋ᠦ᠍ᠷ ᠬᠦᠷᠦᠭᠦᠯᠦᠭᠰᠡᠨ ᠢᠨᠦ ᠦᠨᠡᠬᠡᠷ ᠮᠢᠨᠦ ᠶᠠᠯ᠎ᠠ ᠪᠣᠯᠠᠢ !》ᠭᠡᠮᠡᠨ ᠡᠵᠡᠨ ᠵᠢᠨᠦᠩ ᠬᠣᠶᠠᠭᠤᠯᠠ ᠳ᠋ᠤᠷ ᠰᠥᠭᠥᠳᠴᠦ ᠶᠠᠯ᠎ᠠ ᠬᠦᠯᠢᠶᠡᠬᠦᠶ᠎ᠡ ᠂ ᠲᠠᠢᠽᠦ ᠵᠠᠬᠢᠷᠤᠨ :《ᠡᠨᠡ ᠲᠦᠭᠰᠢᠯ ᠢ᠋ ᠪᠢ ᠥᠪᠡᠷ ᠢ᠋ᠶ᠋ᠡᠨ ᠡᠷᠢᠵᠦᠬᠦᠢ ᠂ ᠬᠦᠯᠦᠭ ᠴᠢᠮ᠎ᠠ ᠳ᠋ᠤᠷ ᠬᠠᠷᠢᠶ᠎ᠠ ᠦᠭᠡᠢ !》 ᠬᠡᠮᠡᠲᠡᠯ᠎ᠡ ᠮᠤᠬᠤᠯᠢ ᠪᠠᠰᠠ ᠥᠭᠦᠯᠡᠷᠦᠨ :《ᠰᠡᠵᠢᠭᠲᠦ ᠴᠢᠯᠭᠡᠷ ᠪᠥᠬᠡ ᠶ᠋ᠢ ᠦᠵᠡᠵᠦ ᠪᠠᠢᠭᠠᠳ ᠡᠰᠡ ᠰᠡᠷᠡᠮᠵᠢᠯᠡᠨ ᠡᠨᠳᠡ ᠢᠷᠡᠭᠦᠯᠬᠦᠢ ᠳ᠋ᠦ᠍ᠷ ᠬᠦᠷᠦᠭᠦᠯᠦᠭᠰᠡᠨ ᠦ᠌ ᠴᠣᠬᠣᠮ ᠶᠠᠯ᠎ᠠ ᠪᠣᠯᠪᠠᠰᠤ ᠮᠢᠨᠦ ᠪᠣᠢ ᠶᠠ ! 》ᠭᠡᠮᠡᠨ ᠡᠵᠡᠨ ᠲᠦᠰᠢᠮᠡᠯ ᠭᠤᠷᠪᠠᠭᠤᠯᠠ ᠣᠰᠣᠯ ᠶᠠᠯ᠎ᠠ ᠡᠨᠳᠡᠭᠦᠷᠡᠯ ᠢ᠋ ᠪᠤᠯᠢᠶᠠᠯᠴᠠᠨ ᠪᠥᠬᠥᠶ᠎ᠡ ᠂ ᠬᠠᠷ᠎ᠠ ᠬᠢᠷᠤ ᠂ ᠴᠢᠯᠭᠡᠷ ᠪᠥᠬᠡ ᠶ᠋ᠢᠨ ᠬᠠᠷᠴᠠᠭᠠᠢ ᠶᠠᠰᠤ ᠶ᠋ᠢ ᠴᠣᠭᠣᠯᠵᠤ ᠴᠤᠯᠪᠤᠭᠤᠷ ᠢ᠋ᠶ᠋ᠠᠷ ᠤᠶᠠᠵᠤ ᠮᠣᠷᠢ ᠯᠤᠭ᠎ᠠ ᠪᠠᠨ ᠬᠣᠯᠪᠣᠨ ᠠᠪᠴᠤ ᠢᠷᠡᠪᠡ ᠃ ᠲᠡᠳᠦᠢ ᠲᠠᠢᠽᠦ : 《< ᠠᠯᠳᠠᠪᠠ > ᠭᠡᠮᠡᠨ ᠪᠠᠷᠬᠢᠷᠠᠯᠴᠠᠭᠰᠠᠨ ᠠᠨᠤ ᠶᠠᠭᠤᠨ ? 》 ᠭᠡᠮᠡᠨ ᠠᠰᠠᠭᠤᠭᠰᠠᠨ ᠳ᠋ᠤᠷ ᠬᠠᠷ᠎ᠠ ᠬᠢᠷᠤ ᠮᠡᠳᠡᠭᠦᠯᠦᠷᠦᠨ :《ᠲᠡᠷᠡ ᠢᠨᠦ ᠰᠠᠷᠯᠠᠭ ᠤ᠋ᠨ ᠴᠡᠷᠢᠭ ᠲᠡᠳᠡᠨ ᠦ᠌ ᠰᠡᠳᠬᠢᠯ ᠢ᠋ ᠣᠮᠣᠭᠰᠢᠭᠤᠯᠤᠨ ᠂ ᠣᠯᠠᠨ ᠢ᠋ᠶ᠋ᠠᠨ ᠴᠢᠭᠢᠷᠠᠭ ᠪᠣᠯᠭᠠᠭᠰᠠᠨ ᠠᠷᠭ᠎ᠠ ᠪᠣᠯᠠᠢ ᠃ ᠰᠠᠢᠳ ᠪᠢ ᠦᠨᠡᠬᠡᠷ ᠪᠤᠯᠢᠶᠠᠭᠳᠠᠬᠤᠢ ᠳ᠋ᠤᠷ ᠬᠦᠷᠪᠡᠰᠦ ᠲᠡᠭᠦᠨ ᠦ᠌ ᠲᠣᠯᠣᠭᠠᠢ ᠶ᠋ᠢ ᠴᠠᠪᠴᠢᠨ ᠠᠪᠰᠤᠭᠠᠢ ᠭᠡᠮᠡᠨ ᠬᠡᠳᠦᠢᠨᠡᠢ ᠪᠡᠯᠡᠳᠬᠡᠭᠰᠡᠨ ᠪᠥᠯᠥᠭᠡ ᠂ ᠲᠡᠷᠡ ᠬᠦ᠌ ᠡᠨᠡ ᠴᠢᠯᠭᠡᠷ ᠪᠥᠬᠡ ᠶ᠋ᠢᠨ ᠲᠤᠭᠤᠯᠤᠨ ᠲᠡᠭᠡᠭᠯᠡᠵᠦ ᠭᠦᠶᠦᠬᠦ ᠢᠨᠦ ᠬᠠᠷᠢᠨ ᠰᠠᠢᠳ ᠮᠢᠨᠦ ᠮᠣᠷᠢᠨ ᠠ᠋ᠴᠠ ᠴᠤ᠌ ᠬᠤᠷᠳᠤᠨ ᠂ ᠦᠨᠡᠬᠡᠷ ᠦᠬᠦᠬᠦ ᠡᠴᠡ ᠠᠶᠤᠬᠤ ᠪᠣᠭᠣᠯ ᠠᠵᠤᠭᠤ ! 》 ᠬᠡᠮᠡᠬᠦᠶ᠎ᠡ ᠂ ᠡᠵᠡᠨ ᠰᠠᠢᠳ ᠬᠠᠷᠠᠬᠠᠨ ᠢᠨᠢᠶᠡᠯᠴᠡᠨ ᠬᠠᠷᠠᠩᠭ᠎ᠠ ᠴᠣᠬᠢᠨ ᠴᠡᠷᠢᠭ ᠬᠤᠷᠢᠶᠠᠬᠤᠶ᠎ᠠ ᠃ ᠴᠤᠤ ᠮᠡᠷᠭᠡᠨ ᠬᠠᠷᠢᠨ ᠲᠡᠷᠡ ᠬᠦ᠌ ᠬᠠᠷ᠎ᠠ ᠡᠮ᠎ᠡ ᠨᠢ ᠴᠤᠯᠪᠢᠵᠤ ᠠᠪᠴᠤ ᠢᠷᠡᠪᠡ ᠃ ᠡᠵᠡᠨ ᠰᠠᠢᠳ ᠪᠠ ᠵᠠᠩᠵᠤᠨ ᠴᠡᠷᠢᠭ ᠢ᠋ ᠪᠠᠢᠴᠠᠭᠠᠨ ᠦᠵᠡᠪᠡᠰᠦ ᠂ ᠪᠦᠭᠦᠳᠡᠭᠡᠷ ᠬᠠᠷᠢᠨ ᠰᠠᠢᠨ ᠰᠠᠢᠬᠠᠨ ᠂ ᠭᠠᠭᠴᠠ ᠪᠡᠯᠭᠦᠳᠡᠢ ᠶ᠋ᠢᠨ ᠭᠠᠷ ᠤ᠋ᠨ ᠠᠷᠤ ᠳ᠋ᠤᠷ ᠨᠢᠭᠡᠨ ᠵᠡᠪᠡ ᠶ᠋ᠢᠨ ᠰᠢᠷᠬ᠎ᠠ ᠣᠯᠵᠤ ᠂ ᠵᠢᠴᠢ ᠵᠠᠯᠮ᠎ᠠ ᠶ᠋ᠢᠨ ᠵᠡᠭᠦᠨ ᠭᠠᠷ ᠤ᠋ᠨ ᠡᠷᠡᠬᠡᠢ ᠬᠤᠷᠤᠭᠤ ᠠᠨᠤ ᠰᠠᠮᠠᠭᠤᠨ ᠶ᠋ᠢᠳᠠ ᠶ᠋ᠢ ᠵᠠᠢᠯᠠᠭᠤᠯᠬᠤᠶᠠ ᠪᠢᠴᠢᠬᠠᠨ ᠡᠰᠬᠡᠵᠦᠬᠦᠢ ᠂ ᠪᠤᠰᠤ ᠵᠠᠩᠵᠤᠨ ᠨᠠᠷ ᠴᠥᠮ ᠰᠠᠢᠬᠠᠨ ᠂ ᠴᠡᠷᠢᠭ ᠮᠥᠨ ᠳᠡᠮᠡᠢ ᠬᠣᠬᠢᠷᠠᠭᠰᠠᠨ ᠦᠭᠡᠢ ᠂ ᠭᠠᠭᠴᠠ ᠬᠡᠳᠦᠨ ᠠᠷᠪᠠᠨ ᠬᠤᠶᠠᠭ ᠰᠢᠷᠬᠠᠲᠤᠵᠤ ᠠᠷᠪᠠᠭᠠᠳ ᠴᠡᠷᠢᠭ ᠦᠬᠦᠭᠰᠡᠨ ᠲᠤᠯᠠ ᠲᠠᠢᠽᠦ ᠪᠡᠶ᠎ᠡ ᠪᠡᠷ ᠡᠴᠢᠵᠦ ᠭᠠᠷ ᠢ᠋ᠶ᠋ᠠᠷ ᠰᠠᠷᠬᠤᠳ ᠰᠠᠴᠤᠯᠬᠢᠯᠠᠨ ᠳᠤᠰᠤᠭᠠᠵᠤ ᠂ ᠶᠠᠰᠤᠨ ᠢ᠋ ᠠᠪᠰᠠᠯᠠᠨ ᠂ ᠡᠮ᠎ᠡ ᠦᠷ᠎ᠡ ᠶ᠋ᠢ ᠬᠦᠨᠳᠦᠳᠡ ᠱᠠᠩᠨᠠᠭᠲᠤᠨ ! ᠬᠡᠮᠡᠭᠡᠳ ᠮᠤᠬᠤᠯᠢ ᠶ᠋ᠢ ᠢᠯᠡᠬᠡᠨ ᠂ ᠴᠢᠯᠭᠡᠷ ᠪᠥᠬᠡ ᠶ᠋ᠢᠨ ᠪᠠᠭᠤᠳᠠᠯ ᠥᠷᠭᠥᠭᠡ ᠪᠠ ᠨᠦᠬᠡ ᠰᠢᠷᠡᠭᠡᠨ ᠢ᠋ ᠪᠠᠢᠴᠠᠯᠭᠠᠨ ᠠᠪᠤᠭᠤᠯᠵᠤ ᠂ ᠶᠡᠬᠡ ᠪᠠᠭᠤᠳᠠᠯ ᠳ᠋ᠤᠷ ᠬᠦᠷᠲᠡᠯ᠎ᠡ ᠵᠡᠭᠦᠨ ᠡᠲᠡᠭᠡᠳ ᠦᠷ ᠴᠠᠢᠵᠤ ᠭᠡᠭᠡᠷᠡᠵᠦᠬᠦᠢ ᠃
ᠵᠢᠴᠢ ᠡᠳᠦᠷ ᠴᠡᠷᠢᠭ ᠢ᠋ ᠨᠢᠭᠡᠨ ᠡᠳᠦᠷ ᠠᠮᠠᠷᠠᠭᠤᠯᠵᠤ ᠂ ᠰᠠᠷᠯᠠᠭ ᠤ᠋ᠨ ᠦᠯᠡᠭᠰᠡᠨ ᠭᠤᠷᠪᠠᠨ ᠵᠠᠭᠤᠨ ᠴᠡᠷᠢᠭ ᠢ᠋ ᠠᠪᠴᠤ ᠡᠭᠡᠬᠦᠶ᠎ᠡ ᠂ ᠵᠢᠨᠦᠩ ᠮᠤᠬᠤᠯᠢ ᠵᠠᠮ ᠲᠣᠰᠴᠤ ᠴᠢᠯᠭᠡᠷ ᠪᠥᠬᠡ ᠶ᠋ᠢᠨ ᠡᠯ᠎ᠡ ᠬᠢᠭᠰᠡᠨ ᠤᠪᠠᠳᠢᠰ ᠠᠷᠭ᠎ᠠ ᠶ᠋ᠢ ᠨᠠᠷᠢᠪᠴᠢᠯᠠᠨ ᠮᠡᠳᠡᠭᠦᠯᠬᠦᠢ ᠳ᠋ᠦ᠍ᠷ ᠲᠠᠢᠽᠦ ᠲᠡᠭᠷᠢ ᠶ᠋ᠢᠨ ᠵᠦᠭ ᠨᠠᠮᠠᠨᠴᠢᠯᠠᠨ ᠥᠭᠦᠯᠡᠷᠦᠨ :
ᠦᠵᠡᠰᠡ ᠨᠠᠳᠠ ᠳ᠋ᠤᠷ ᠡᠢᠮᠦ ᠦᠬᠦᠯ ᠪᠠᠢᠭᠰᠠᠨᠠ
ᠥᠨᠳᠥᠷ ᠲᠡᠭᠷᠢ ᠡᠴᠢᠭᠡ ᠮᠢᠨᠦ ᠠᠪᠤᠷᠠᠨ ᠂
ᠥᠷᠥᠰᠢᠶᠡᠯᠲᠦ ᠡᠬᠡ ᠶ᠋ᠢ ᠮᠢᠨᠦ ᠰᠡᠷᠭᠦᠭᠡᠨ ᠵᠡᠭᠦᠳᠦᠯᠡᠭᠦᠯᠵᠦ
ᠥᠴᠦᠬᠡᠨ ᠬᠥᠪᠡᠭᠦᠨ ᠢ᠋ᠶ᠋ᠡᠨ ᠲᠡᠮᠦᠵᠢᠨ ᠨᠠᠮᠠᠢ ᠠᠪᠤᠷᠠᠭᠰᠠᠨ ᠠᠵᠤᠭᠤ ᠃
ᠬᠡᠮᠡᠪᠡ ᠃ ᠣᠯᠠᠨ ᠳᠡᠭᠦᠦ ᠨᠠᠷ ᠪᠠ ᠲᠦᠰᠢᠮᠡᠳ ᠬᠢᠭᠡᠳ ᠵᠠᠩᠵᠤᠨ ᠴᠡᠷᠢᠭ ᠪᠦᠭᠦᠳᠡᠭᠡᠷ ᠭᠠᠢᠬᠠᠨ ᠪᠠᠶᠠᠰᠤᠯᠴᠠᠨ ᠮᠥᠷᠭᠥᠵᠦ ᠂ ᠵᠢᠨᠦᠩ ᠮᠤᠬᠤᠯᠢ ᠲᠡᠷᠡ ᠨᠠᠴᠢᠨ ᠬᠡᠮᠡᠭᠴᠢ ᠰᠢᠪᠠᠭᠤᠨ ᠢ᠋ ᠠᠯᠲᠠᠨ ᠭᠠᠷᠠᠬ᠎ᠠ ᠪᠠᠷ ᠴᠢᠮᠡᠵᠦ ᠮᠠᠭᠲᠠᠪᠠᠢ ᠃ ᠵᠠᠮ ᠳ᠋ᠤᠷ ᠲᠡᠷᠢᠭᠦᠨ ᠣᠳᠤᠯᠭᠠᠨ᠎ᠠ ᠥᠨᠳᠥᠷ ᠰᠡᠴᠡᠨ ᠵᠣᠴᠢ ᠶ᠋ᠢ ᠠᠪᠴᠤ ᠤᠭᠲᠤᠨ ᠂ ᠳᠡᠳ᠋ ᠤᠲᠤᠯᠭᠠᠨ᠎ᠠ ᠲᠣᠷᠭᠠᠨ ᠰᠢᠷ᠎ᠠ ᠴᠠᠭᠠᠲᠠᠢ ᠶ᠋ᠢ ᠠᠪᠤᠨ ᠤᠭᠲᠤᠵᠤ ᠂ ᠭᠤᠲᠠᠭᠠᠷ ᠣᠳᠤᠯᠭᠠᠨ᠎ᠠ ᠤᠯᠤᠰ ᠤ᠋ᠨ ᠨᠠᠭᠠᠴᠤ ᠲᠠᠢ ᠰᠡᠴᠡᠨ ᠵᠢᠴᠢ ᠲᠡᠭᠦᠨ ᠦ᠌ ᠬᠣᠶᠠᠷ ᠬᠥᠪᠡᠭᠦᠨ ᠠᠵᠢᠨᠠᠢ ᠮᠡᠷᠭᠡᠨ ᠂ ᠬᠤᠳᠠᠷᠭ᠎ᠠ ᠪᠠᠭᠠᠲᠤᠷ ᠢ᠋ᠶ᠋ᠠᠷ ᠲᠠᠢᠽᠦ ᠶ᠋ᠢᠨ ᠬᠣᠶᠠᠷ ᠪᠠᠭ᠎ᠠ ᠬᠥᠪᠡᠭᠦᠨ ᠥᠭᠡᠳᠡᠢ᠂ ᠲᠣᠯᠢ ᠶ᠋ᠢ ᠲᠡᠪᠡᠷᠢᠭᠦᠯᠵᠦ ᠤᠭᠲᠤᠪᠠ ᠃ ᠲᠠᠢᠽᠦ ᠬᠠᠳᠠᠮ ᠡᠴᠢᠭᠡ ᠲᠡᠢ ᠰᠡᠴᠡᠨ ᠬᠣᠶᠠᠷ ᠠᠷᠢᠬᠢ ᠪᠠᠷᠢᠨ ᠵᠣᠯᠭᠠᠯᠳᠤᠵᠤ᠂ ᠪᠤᠷᠬᠠᠨ ᠭᠠᠯᠳᠤᠨ᠎ᠠ ᠳ᠋ᠤᠷ ᠪᠠᠭᠤᠵᠤ᠂ ᠥᠭᠡᠯᠦᠨ ᠥᠵᠢᠨᠡ ᠮᠥᠷᠭᠥᠨ ᠠᠭᠤᠯᠵᠠᠵᠤ ᠡᠢᠨ ᠮᠡᠳᠡᠭᠦᠯᠦᠷᠦᠨ:
ᠠᠯᠲᠠᠨ ᠥᠩᠭᠡᠲᠦ ᠪᠠᠳᠠᠷᠠᠩᠭᠤᠢ ᠲᠡᠭᠷᠢ ᠡᠴᠢᠭᠡ ᠪᠠ
ᠠᠰᠠᠷᠠᠯ ᠶᠡᠬᠡᠲᠦ ᠥᠵᠢᠨ ᠡᠮᠡᠭᠡ ᠡᠬᠡ ᠮᠢᠨᠦ ᠲᠠ ᠂
ᠠᠯᠤᠰ ᠠ᠋ᠴᠠ ᠠᠪᠤᠷᠠᠯ ᠬᠠᠮᠠᠭᠠᠯᠠᠯ ᠢ᠋ᠶ᠋ᠠᠷ ᠬᠠᠷᠠᠭᠠᠯᠵᠠᠨ
ᠠᠶᠤᠯ ᠦᠬᠦᠯ ᠡᠴᠡ ᠠᠮᠢᠨ ᠢ᠋ ᠮᠢᠨᠦ ᠠᠪᠤᠷᠠᠪᠠᠢ ᠲᠠ ᠂
ᠠᠳᠠᠪᠠᠰᠢ ᠪᠠᠳᠠᠷᠠᠩᠭᠤᠢ ᠴᠠᠭᠠᠨ ᠲᠡᠭᠷᠢ ᠡᠴᠢᠭᠡ ᠪᠠ
ᠠᠰᠤᠷᠤ ᠡᠨᠡᠷᠢᠯᠲᠦ ᠥᠵᠢᠨ ᠡᠮᠡᠭᠡ ᠡᠬᠡ ᠮᠢᠨᠦ ᠲᠠ ᠂
ᠠᠰᠢᠳᠠ ᠳᠠᠯᠳᠠ ᠠ᠋ᠴᠠ ᠠᠪᠤᠷᠠᠨ ᠢᠪᠡᠭᠡᠵᠦ ᠬᠠᠮᠠᠭᠠᠯᠠᠨ
ᠠᠯᠠᠭᠳᠠᠯ ᠬᠥᠨᠥᠭᠡᠯ ᠡᠴᠡ ᠠᠮᠢᠨ ᠢ᠋ ᠮᠢᠨᠦ ᠠᠪᠤᠷᠠᠪᠠᠢ ᠡᠬᠡ ᠮᠢᠨᠦ !
ᠭᠡᠮᠡᠨ ᠮᠥᠷᠭᠥᠵᠦ ᠪᠠᠶᠠᠰᠤᠯᠴᠠᠨ ᠵᠣᠯᠭᠠᠪᠠᠢ ᠃
ᠲᠡᠭᠦᠨ ᠡᠴᠡ ᠭᠠᠳᠠᠨ᠎ᠠ ᠴᠡᠷᠢᠭ ᠦ᠋ᠨ ᠵᠢᠨᠦᠩ ᠮᠤᠬᠤᠯᠢ ᠲᠡᠷᠢᠭᠦᠯᠡᠨ ᠂ ᠨᠠᠭᠠᠴᠤ ᠲᠠᠢ ᠰᠡᠴᠡᠨ ᠪᠠ ᠲᠣᠷᠭᠠᠨ ᠰᠢᠷ᠎ᠠ ᠨᠠᠷ ᠢ᠋ ᠠᠪᠴᠤ ᠳᠥᠷᠪᠡᠨ ᠳᠡᠭᠦᠦ ᠂ ᠳᠥᠷᠪᠡᠨ ᠬᠦᠯᠦᠭ ᠂ ᠵᠢᠷᠭᠤᠭᠠᠨ ᠰᠠᠢᠳ ᠂ ᠶᠢᠰᠦᠨ ᠡᠩ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠬᠥᠬᠢᠭᠦᠯᠦᠨ ᠱᠠᠩᠨᠠᠵᠤ ᠭᠦᠢᠴᠡᠳᠬᠡᠭᠰᠡᠨ ᠡᠴᠡ ᠭᠠᠳᠠᠨ᠎ᠠ ᠴᠢᠯᠭᠡᠷ ᠪᠥᠬᠡ ᠶ᠋ᠢᠨ ᠴᠢᠬᠢᠨ ᠳ᠋ᠦ᠍ᠷ ᠵᠡᠪᠡ ᠬᠠᠳᠬᠤᠵᠤ ᠂ ᠬᠠᠷᠴᠠᠭᠠᠢ ᠶᠠᠰᠤᠨ᠎ᠠ ᠵᠤᠯᠠ ᠰᠢᠲᠠᠭᠠᠨ ᠂ ᠭᠤᠯᠭᠤᠭᠴᠢ ᠡᠮ᠎ᠡ ᠶ᠋ᠢᠨ ᠭᠤᠶ᠎ᠠ ᠳ᠋ᠤᠷ ᠭᠣᠬ᠎ᠠ ᠬᠠᠳᠬᠤᠵᠤ ᠂ ᠬᠠᠷ᠎ᠠ ᠮᠢᠬ᠎ᠠ ᠶ᠋ᠢ ᠬᠠᠯᠢᠨ ᠣᠭᠲᠣᠯᠵᠤ ᠂ ᠳᠣᠯᠣᠭᠠᠨ ᠡᠳᠦᠷ ᠰᠥᠨᠢ ᠬᠦᠨᠳᠦᠳᠡ ᠡᠷᠭᠦᠳᠬᠡᠨ ᠡᠯ᠎ᠡ ᠦᠨᠡᠨ ᠥᠴᠥᠭ ᠢ᠋ ᠴᠥᠮ ᠠᠪᠴᠤ ᠴᠢᠯᠭᠡᠷ ᠪᠥᠬᠡ ᠶ᠋ᠢ ᠴᠢᠭ ᠴᠢᠭᠳᠡ ᠲᠡᠯᠡᠵᠦ ᠣᠭᠲᠣᠴᠢᠨ ᠠᠯᠠᠵᠤ ᠂ ᠭᠤᠯᠤᠭᠤᠭ᠍ᠴᠢ ᠡᠮ᠎ᠡ ᠶ᠋ᠢ ᠭᠤᠷᠪᠠᠨ ᠠᠩᠭᠢ ᠰᠠᠯᠭᠠᠨ ᠬᠡᠷᠴᠢᠵᠦ ᠠᠯᠠᠭᠠᠳ ᠰᠠᠶᠢ ᠰᠠᠷᠯᠠᠭ ᠤ᠋ᠨ ᠳᠠᠭᠠᠭᠰᠠᠨ ᠴᠡᠷᠢᠭ ᠡᠴᠡ ᠬᠠᠷᠢᠬᠤ ᠳᠤᠷᠠᠲᠠᠢ ᠬᠥᠮᠦᠨ ᠪᠠᠢᠨ᠎ᠠ ᠤᠤ ? ᠬᠡᠮᠡᠵᠦ ᠠᠰᠠᠭᠤᠪᠠᠰᠤ ᠂ ᠬᠠᠷᠢᠬᠤ ᠳᠤᠷᠠᠲᠠᠢ ᠠᠨᠤ ᠵᠠᠭᠤᠨ ᠢᠯᠡᠭᠦᠦ ᠪᠣᠢ ᠂ ᠳᠤᠷ᠎ᠠ ᠦᠭᠡᠢ ᠢᠨᠦ ᠬᠣᠶᠠᠷ ᠵᠠᠭᠤᠨ ᠢᠯᠡᠭᠦᠦ ᠪᠣᠢ ᠃ ᠶᠠᠭᠤᠨ ? ᠬᠡᠮᠡᠪᠡᠰᠦ᠄ ᠡᠨᠡ ᠪᠸᠲ᠋ᠠ᠋ ᠤᠯᠤᠰ ᠤ᠋ᠨ ᠴᠡᠷᠢᠭ ᠦ᠋ᠨ ᠢᠳᠡᠬᠦ ᠡᠮᠦᠰᠬᠦ ᠢᠨᠦ ᠲᠡᠳᠡᠨ ᠦ᠌ ᠴᠡᠷᠢᠭ ᠯᠦ᠍ᠭᠡ ᠦᠯᠢᠦᠬᠡᠪᠡᠰᠦ ᠲᠡᠭᠷᠢ ᠶ᠋ᠢᠨ ᠴᠡᠷᠢᠭ ᠮᠡᠲᠦ ᠦᠯᠡᠮᠵᠢ ᠡᠯᠪᠡᠭ ᠳᠡᠯᠪᠡᠭ ᠲᠤᠯᠠ ᠰᠠᠷᠯᠠᠭ ᠤ᠋ᠨ ᠴᠡᠷᠢᠭ ᠦ᠋ᠨ ᠠᠷᠪᠠᠨ ᠬᠥᠮᠦᠨ ᠦ᠌ ᠠᠮᠢᠳᠤᠷᠠᠯ ᠲᠡᠵᠢᠭᠡᠯ ᠢ᠋ᠶ᠋ᠡᠷ ᠪᠸᠲ᠋ᠠ᠋ ᠤᠯᠤᠰ ᠤ᠋ᠨ ᠨᠢᠭᠡᠬᠡᠨ ᠴᠡᠷᠢᠭ ᠢ᠋ ᠲᠡᠵᠢᠭᠡᠬᠦ ᠲᠤᠯᠠ ᠡᠮ᠎ᠡ ᠦᠷ᠎ᠡ ᠦᠭᠡᠢ ᠢᠨᠦ ᠴᠥᠮ ᠬᠠᠷᠢᠬᠤ ᠳᠤᠷ᠎ᠠ ᠦᠭᠡᠢ ᠪᠣᠯᠵᠤᠬᠤᠢ ᠃ ᠲᠡᠳᠡᠭᠡᠷ ᠬᠠᠷᠢᠬᠤ ᠳᠤᠷᠠᠲᠠᠢ ᠴᠡᠷᠢᠭ ᠢ᠋ ᠳᠠᠭᠤᠳᠠᠵᠤ ᠮᠤᠬᠤᠯᠢ ᠵᠠᠬᠢᠷᠤᠨ᠄ 《ᠮᠠᠨ ᠤ᠋ ᠡᠵᠡᠨ ᠲᠠᠨ ᠢ᠋ ᠡᠰᠡ ᠠᠯᠠᠬᠤ ᠪᠠᠷ ᠦᠯᠦ ᠪᠠᠷᠠᠨ ᠪᠠᠰᠠ ᠬᠠᠷᠢᠨ ᠡᠭᠡᠭᠦᠯᠦᠨ ᠢᠯᠡᠭᠡᠵᠦ᠂ ᠡᠴᠢᠭᠡ ᠡᠬᠡ ᠡᠮ᠎ᠡ ᠦᠷ᠎ᠡ ᠶ᠋ᠢ ᠲᠠᠨ ᠤ᠋ ᠤᠴᠠᠷᠠᠭᠤᠯᠬᠤ ᠡᠨᠡ ᠠᠴᠢ ᠶ᠋ᠢ ᠲᠠᠨ ᠡᠯᠢᠭᠡ ᠵᠢᠷᠦᠬᠡ ᠳ᠋ᠡᠭᠡᠨ ᠲᠡᠮᠳᠡᠭᠯᠡᠨ ᠠᠪᠲᠤᠭᠠᠢ ᠂ ᠡᠵᠡᠨ ᠳ᠋ᠦ᠍ᠷ ᠴᠢᠨᠦ ᠢᠯᠡᠭᠡᠬᠦ ᠨᠢᠭᠡᠨ ᠵᠦᠢᠯ ᠦ᠋ᠨ ᠡᠶᠡᠳᠦᠬᠦ ᠨᠠᠢᠷᠠᠯᠳᠤᠬᠤ ᠪᠡᠯᠡᠭ ᠪᠣᠢ᠂ ᠳᠠ ᠰᠠᠢᠬᠠᠨ ᠠᠪᠠᠴᠢᠴᠤ ᠡᠵᠡᠨ ᠳ᠋ᠡᠭᠡᠨ ᠡᠷᠭᠦᠨ ᠪᠠᠷᠢᠲᠤᠭᠠᠢ ᠂ ᠡᠷᠲᠡᠨ ᠡᠴᠡ ᠡᠷᠡᠬᠡᠢ ᠶ᠋ᠢᠨ ᠲᠡᠳᠦᠢ ᠴᠦ᠍ ᠥ ᠦᠰ ᠦᠭᠡᠢ ᠪᠥᠭᠡᠲᠡᠯ᠎ᠡ ᠡᠷᠬᠡᠪᠰᠢ ᠡᠷᠢᠨ ᠠᠯᠠᠯᠳᠤᠵᠤ ᠶᠠᠭᠠᠬᠢᠮᠤᠢ ? ᠡᠢᠮᠦ ᠦᠭᠡ ᠶ᠋ᠢ ᠰᠠᠢᠬᠠᠨ ᠬᠡᠯᠡ ᠂ ᠡᠷᠲᠡ ᠣᠷᠣᠢ ᠲᠠᠨ ᠤ᠋ ᠭᠠᠵᠠᠷ᠎ᠠ ᠬᠦᠷᠦᠮᠦᠢ ᠂ ᠡᠭᠡᠭᠰᠡᠨ ᠲᠠ ᠲᠡᠷᠡ ᠦᠶ᠎ᠡ ᠳ᠋ᠦ᠍ᠷ ᠡᠨᠡ ᠠᠴᠢ ᠶ᠋ᠢ ᠬᠠᠷᠢᠭᠤᠯᠤᠭᠲᠤᠨ ! 》ᠬᠡᠮᠡᠭᠰᠡᠨ ᠳ᠋ᠦ᠍ᠷ ᠣᠯᠠᠨ ᠴᠡᠷᠢᠭ ᠪᠠᠶᠠᠷᠯᠠᠨ ᠤᠬᠢᠯᠠᠵᠤ ᠬᠠᠷᠢᠵᠤ ᠢᠷᠡᠭᠡᠳ ᠠᠰᠢᠭ᠋ ᠠᠯᠳᠠᠵᠤ ᠡᠵᠡᠨ ᠮᠥᠬᠥᠭᠰᠡᠨ ᠢ᠋ᠶ᠋ᠡᠨ ᠮᠡᠳᠡᠭᠦᠯᠵᠦ ᠂ ᠪᠸᠲ᠋ᠠ᠋ ᠤᠯᠤᠰ ᠤ᠋ᠨ ᠪᠡᠯᠡᠭ ᠢ᠋ ᠡᠷᠭᠦᠭᠰᠡᠨ ᠳ᠋ᠦ᠍ᠷ ᠵᠠᠯᠢᠲᠤ ᠬᠠᠭᠠᠨ ᠶᠡᠬᠡᠯ᠎ᠡ ᠭᠠᠰᠢᠭᠤᠳᠠᠨ ᠲᠡᠷᠡ ᠪᠡᠯᠡᠭ ᠢ᠋ ᠨᠡᠭᠡᠭᠡᠵᠦ ᠦᠵᠡᠬᠦᠶ᠎ᠡ ᠂ ᠭᠡᠨᠡᠳᠲᠡ ᠴᠢᠯᠭᠡᠷ ᠪᠥᠬᠡ ᠶ᠋ᠢᠨ ᠲᠣᠯᠣᠭᠠᠢ ᠪᠠ ᠬᠠᠷ᠎ᠠ ᠡᠮ᠎ᠡ ᠶ᠋ᠢᠨ ᠭᠠᠷ ᠠᠨᠤ ᠤᠨᠠᠵᠤ ᠢᠷᠡᠭᠰᠡᠨ ᠳ᠋ᠦ᠍ᠷ ᠶᠡᠬᠡᠯ᠎ᠡ ᠭᠢᠷᠲ᠌ᠬᠢᠵᠦ ᠂ ᠬᠠᠪᠠᠷ ᠤ᠋ᠨ ᠰᠦᠪᠡ ᠳ᠋ᠦ᠍ᠷ ᠮᠠᠭᠤᠬᠠᠢ ᠦᠨᠦᠷ ᠬᠠᠷᠪᠤᠨ ᠣᠷᠣᠵᠤ ᠬᠠᠭᠠᠨ ᠤ᠋ ᠪᠡᠶ᠎ᠡ ᠬᠠᠷᠠᠩᠭᠤᠲᠠᠨ ᠤᠨᠠᠪᠠᠢ ᠃
ᠲᠡᠳᠦᠢ ᠬᠡᠷᠡᠢᠳ ᠦ᠋ᠨ ᠵᠠᠮᠤᠬ᠎ᠠ ᠰᠠᠢᠨ ᠮᠡᠳᠡᠭᠡ ᠰᠣᠨᠣᠰᠤᠷᠠ ᠲᠥᠷᠥ ᠳ᠋ᠦ᠍ᠷ ᠠᠨᠤ ᠭ᠍ᠡᠷᠪᠠᠰᠤ ᠂ ᠴᠢᠯᠭᠡᠷ ᠪᠥᠬᠡ ᠶ᠋ᠢᠨ ᠲᠣᠯᠣᠭᠠᠢ ᠴᠢᠬᠡ ᠳᠤᠮᠳᠠ ᠪᠠᠢᠵᠤ ᠂ ᠵᠠᠯᠢᠲᠤ ᠬᠠᠭᠠᠨ ᠤ᠋ ᠪᠡᠶ᠎ᠡ ᠶ᠋ᠢ ᠵᠠᠵᠢᠵᠤ ᠡᠭᠦᠷᠦᠨ ᠣᠷᠣᠭᠤᠯᠤᠭᠰᠠᠨᠠ ᠵᠠᠮᠤᠬ᠎ᠠ ᠶᠡᠬᠡᠯ᠎ᠡ ᠠᠮᠲᠠ ᠰᠢᠮᠳᠠ ᠦᠭᠡᠢ ᠪᠣᠯᠪᠠᠢ᠃ ᠬᠡᠳᠦᠨ ᠡᠳᠦᠷ ᠪᠣᠯᠵᠤ ᠂ ᠵᠠᠯᠢᠲᠤ ᠬᠠᠭᠠᠨ ᠰᠡᠷᠭᠦᠭᠰᠡᠨ ᠦ᠌ ᠬᠣᠢᠨ᠎ᠠ ᠂ ᠪᠸᠲ᠋ᠠ᠋ ᠤᠯᠤᠰ ᠢ᠋ ᠮᠥᠬᠥᠭᠡᠮᠦᠢ ᠬᠡᠮᠡᠵᠦ ᠰᠢᠷᠡᠭᠡ ᠪᠡᠨ ᠴᠠᠪᠴᠢᠨ ᠲᠠᠩᠭᠠᠷᠢᠭ᠍ᠯᠠᠵᠤ᠂ ᠳᠠᠷᠤᠢ ᠵᠠᠮᠤᠬ᠎ᠠ ᠪᠠᠷ ᠡᠯᠴᠢ ᠪᠣᠯᠭᠠᠨ ᠂ ᠬᠣᠢᠲᠤ ᠲᠤᠭᠮᠤᠭ ᠤᠯᠤᠰ ᠤ᠋ᠨ ᠮᠡᠬᠡᠲᠦ ᠮᠡᠩᠭᠡᠯᠡ ᠬᠠᠭᠠᠨ ᠂ ᠪᠠᠷᠠᠭᠤᠨ ᠨᠠᠢ᠍ᠮᠠᠨ ᠤᠯᠤᠰ ᠤ᠋ᠨ ᠨᠠᠷᠠᠨ ᠤ᠋ ᠲᠠᠢᠶᠠᠩ ᠬᠠᠭᠠᠨ ᠂ ᠵᠡᠭᠦᠨ ᠭᠣᠷᠯᠣᠰ ᠤᠯᠤᠰ ᠤ᠋ᠨ ᠰᠣᠯᠢᠭᠤᠲᠤ ᠨᠠᠷᠠᠨ ᠬᠠᠭᠠᠨ ᠵᠢᠴᠢ ᠪᠠᠷᠠᠭᠤᠨ ᠬᠣᠢᠲᠤ ᠮᠠᠢᠯᠵᠢ ᠠᠢᠮᠠᠭ ᠤ᠋ᠨ ᠲᠣᠮᠣᠭᠠᠲᠤ ᠲᠣᠳᠣ ᠂ ᠡᠭᠦᠨ ᠡᠴᠡ ᠭᠠᠳᠠᠨ᠎ᠠ ᠸᠠᠢᠯᠠᠨ ᠠᠢᠮᠠᠭ ᠂ ᠰᠠᠮᠠᠷᠬᠠᠨ ᠠᠢᠮᠠᠭ ᠵᠡᠷᠭᠡ ᠣᠯᠠᠨ ᠠᠢᠮᠠᠭ ᠤ᠋ᠳ ᠲᠤᠷ ᠪᠦᠷᠢᠨ᠎ᠡ ᠡᠯᠴᠢ ᠵᠠᠷᠤᠵᠤ ᠡᠶᠡᠳᠡᠬᠦ ᠶ᠋ᠢ ᠬᠡᠯᠡᠯᠴᠡᠭᠦᠯᠪᠡ᠃
ᠲᠡᠨᠳᠡᠴᠡ ᠲᠠᠢᠽᠦ ᠶ᠋ᠢᠨ ᠳᠥᠷᠪᠡᠨ ᠳᠡᠭᠦᠦ ᠂ ᠳᠥᠷᠪᠡᠨ ᠬᠦᠯᠦᠭ ᠂ ᠵᠢᠷᠭᠤᠭᠠᠨ ᠰᠠᠢᠳ ᠂ ᠶᠢᠰᠦᠨ ᠡᠩ ᠪᠦᠭᠦᠳᠡᠭᠡᠷ ᠲᠠᠢᠽᠦ ᠶ᠋ᠢᠨ ᠠᠶᠤᠯ ᠠ᠋ᠴᠠ ᠭᠡᠲᠦᠯᠦᠭᠰᠡᠨ ᠪᠠᠶᠠᠷ ᠤ᠋ᠨ ᠶᠣᠰᠣᠭᠠᠷ ᠂ ᠳᠣᠲᠣᠷ᠎ᠠ ᠭᠠᠳᠠᠨ᠎ᠠ ᠶᠡᠬᠡ ᠬᠤᠷᠢᠮ ᠪᠠᠷᠢᠵᠤ ᠬᠤᠷᠢᠮᠯᠠᠪᠠ ᠃ ᠳᠡᠳ᠋ ᠡᠳᠦᠷ ᠰᠡᠴᠡᠨ ᠵᠦᠰᠦᠨ ᠬᠠᠲᠤᠨ ᠮᠥᠨ ᠶᠡᠬᠡ ᠬᠤᠷᠢᠮ ᠪᠠᠷᠢᠬᠤᠢ ᠳ᠋ᠤᠷ ᠳᠥᠷᠪᠡᠨ ᠬᠥᠪᠡᠭᠦᠨ – ᠵᠣᠴᠢ ᠂ ᠴᠠᠭᠠᠲᠠᠢ ᠂ ᠥᠭᠡᠳᠡᠢ ᠂ ᠲᠣᠯᠢ ᠨᠠᠷ ᠠᠷᠢᠬᠢ ᠡᠷᠭᠦᠨ ᠪᠡᠯᠭᠡᠯᠡᠨ ᠮᠥᠷᠭᠥᠪᠡ᠃ ᠰᠡᠭᠦᠯ ᠳ᠋ᠦ᠍ᠷ ᠵᠦᠰᠦᠨ ᠬᠠᠲᠤᠨ ᠭᠠᠷ ᠢ᠋ᠶ᠋ᠠᠷ ᠠᠷᠢᠬᠢ ᠪᠠᠷᠢᠵᠤ ᠲᠠᠰᠢᠷᠠᠮ ᠮᠡᠳᠡᠭᠦᠯᠦᠷᠦᠨ : 《ᠭᠠᠳᠠᠨ᠎ᠠ ᠭᠠᠪᠢᠶ᠎ᠠ ᠪᠦᠲᠦᠪᠡᠰᠦ ᠳᠣᠲᠣᠷ᠎ᠠ ᠲᠤᠰᠠ ᠶ᠋ᠢ ᠪᠦᠲᠦᠭᠡᠪᠡᠰᠦ ᠵᠣᠬᠢᠮᠤᠢ ᠂ ᠮᠠᠨ ᠤ᠋ ᠨᠥᠬᠥᠷ ᠡᠮ᠎ᠡ ᠶ᠋ᠢᠨ ᠳᠣᠣᠷ᠎ᠠ ᠵᠠᠷᠤᠴᠠᠯᠠᠬᠤ ᠡᠨᠡ ᠰᠤᠯᠠ ᠬᠠᠲᠤᠳ ᠢ᠋ ᠦᠵᠡᠪᠡᠰᠦ ᠂ ᠵᠢᠰᠦᠲᠦ ᠵᠢᠰᠦᠯᠢᠭ ᠬᠣᠶᠠᠭᠤᠯᠠ① ᠰᠢᠳᠤᠷᠭᠤ ᠨᠣᠮᠣᠬᠠᠨ ᠂ ᠪᠢᠴᠢᠬᠠᠨ ᠠ᠋ᠴᠠ ᠬᠦᠴᠦᠨ ᠢ᠋ᠶ᠋ᠡᠨ ᠥᠭᠴᠦ ᠡᠳᠦᠢ ᠴᠢᠨᠡᠭᠡᠨ ᠵᠢᠯ ᠪᠣᠯᠲᠠᠯ᠎ᠠ ᠣᠰᠣᠯ ᠳᠤᠰᠤᠯ ᠭᠠᠷᠤᠭᠰᠠᠨ ᠦᠭᠡᠢ ᠬᠢᠴᠢᠶᠡᠯᠲᠡᠢ ᠲᠤᠯᠠ ᠡᠵᠡᠨ ᠥᠷᠥᠰᠢᠶᠡᠬᠦᠯ᠎ᠡ ᠬᠤᠪᠢ ᠬᠢᠷᠢ ᠥᠭᠴᠦ ᠰᠠᠭᠤᠳᠠᠯ ᠰᠢᠷᠡᠭᠡ ᠬᠠᠢᠷᠠᠯᠠᠨ ᠂ ᠪᠠᠷᠠᠭᠤᠨ ᠡᠲᠡᠭᠡᠳ ᠦ᠋ᠨ ᠲᠥᠷᠥ ᠶ᠋ᠢᠨ ᠬᠠᠲᠤᠨ ᠪᠣᠯᠭᠠᠮᠤ ! ᠵᠢᠴᠢ ᠰᠣᠯᠣᠩᠭᠣᠰ ᠤ᠋ᠨ ᠭᠣᠣᠯ ᠤ᠋ᠨ ᠰᠠᠷᠠᠨ ᠬᠡᠳᠦᠢ ᠬᠦᠴᠦᠨ ᠪᠠᠷᠢᠵᠤ ᠣᠨ ᠤᠳᠠᠭᠠᠳᠤᠢ ᠪᠣᠯᠪᠠᠴᠤ ᠤᠭ ᠠ᠋ᠴᠠ ᠮᠥᠨ ᠨᠢᠭᠡᠨ ᠤᠯᠤᠰ ᠤ᠋ᠨ ᠡᠵᠡᠨ ᠦ᠌ ᠭᠦᠩᠵᠦ ᠪᠥᠭᠡᠳ ᠪᠠᠰᠠ ᠤᠯᠤᠰ ᠲᠥᠷᠥ ᠳ᠋ᠦ᠍ᠷ ᠲᠠᠪᠤᠨ ᠮᠣᠵᠢ ᠤᠯᠤᠰ ᠠᠯᠪᠠᠲᠤ ᠶ᠋ᠢ ᠳᠠᠭᠠᠭᠤᠯᠤᠨ ᠣᠷᠣᠭᠤᠯᠤᠭᠰᠠᠨ ᠭᠠᠪᠢᠶ᠎ᠠ ᠪᠣᠢ ᠃ ᠬᠥᠮᠦᠨ ᠢᠨᠦ ᠮᠥᠨ ᠮᠠᠰᠢ ᠴᠢᠩ ᠬᠢᠴᠢᠶᠡᠩᠭᠦᠢ ᠂ ᠮᠡᠷᠭᠡᠨ ᠭᠡᠭᠡᠬᠡᠨ ᠂ ᠭᠠᠷ ᠤᠷᠠᠨ ᠂ ᠪᠣᠳᠣᠯᠭ᠎ᠠ ᠬᠣᠯᠠ ᠂ ᠡᠵᠡᠨ ᠥᠷᠥᠰᠢᠶᠡᠬᠦᠯ᠎ᠡ ᠲᠡᠭᠦᠨ ᠳ᠋ᠦ᠍ᠷ ᠮᠥᠨ ᠬᠤᠪᠢ ᠬᠢᠷᠢ ᠥᠭᠴᠦ ᠰᠠᠭᠤᠳᠠᠯ ᠰᠢᠷᠡᠭᠡ ᠬᠦᠷᠲᠡᠭᠡᠨ ᠂ ᠵᠡᠭᠦᠨ ᠡᠲᠡᠭᠡᠳ ᠦ᠋ᠨ ᠲᠥᠷᠥ ᠶ᠋ᠢᠨ ᠬᠠᠲᠤᠨ ᠪᠣᠯᠭᠠᠮᠤ !》ᠭᠡᠮᠡᠨ ᠭᠤᠶᠤᠨ ᠮᠡᠳᠡᠭᠦᠯᠦᠭᠰᠡᠨ ᠳ᠋ᠦ᠍ᠷ ᠲᠠᠢᠽᠦ ᠴᠢᠷᠠᠢ ᠶ᠋ᠢ ᠲᠥᠪ ᠪᠣᠯᠭᠠᠨ ᠵᠠᠬᠢᠷᠤᠨ :《ᠡᠷᠲᠡᠨ ᠦ᠌ ᠦᠭᠡᠨ ᠳ᠋ᠦ᠍ᠷ ᠬᠥᠮᠦᠨ ᠦ᠌ ᠬᠠᠭᠤᠴᠢᠨ ᠠᠨᠤ ᠰᠠᠢᠨ ᠂ ᠬᠤᠪᠴᠠᠳ ᠤ᠋ᠨ ᠰᠢᠨ᠎ᠡ ᠠᠨᠤ ᠰᠠᠢᠬᠠᠨ ᠬᠡᠮᠡᠭᠰᠡᠴᠢᠯᠡᠨ ᠂ ᠥᠨᠥᠬᠡᠨ ᠰᠠᠶᠢ ᠵᠠᠷᠤᠴᠠᠯᠠᠭᠰᠠᠨ ᠥᠴᠦᠬᠡᠨ ᠡᠬᠡᠨᠡᠷ ᠦ᠋ᠳ ᠲᠣᠷ ᠠᠳᠠᠪᠠᠰᠢ ᠶᠠᠮᠪᠠᠷ ᠠᠪᠤᠰᠢᠲᠠᠢ ᠭᠠᠵᠠᠷ ᠪᠣᠢ ! ᠲᠥᠪ ᠲᠥᠷᠥ ᠶ᠋ᠢᠨ ᠤᠯᠤᠰ ᠤ᠋ᠨ ᠬᠠᠲᠤᠨ ᠨᠢᠭᠡᠨ ᠡᠴᠡ ᠬᠣᠶᠠᠷ ᠦᠭᠡᠢ ᠂ ᠬᠡᠳᠦᠢ ᠬᠠᠵᠠᠭᠤ ᠶ᠋ᠢᠨ ᠬᠠᠲᠤᠨ ᠬᠡᠮᠡᠭᠳᠡᠪᠡᠰᠦ ᠡᠭᠡᠨᠡᠭᠲᠡ ᠲᠥᠷᠥ ᠶ᠋ᠢᠨ ᠬᠠᠲᠤᠨ ᠳ᠋ᠤᠷ ᠣᠷᠣᠬᠤ ᠪᠣᠯᠠᠢ ᠃ ᠲᠥᠷᠥ ᠶ᠋ᠢᠨ ᠬᠠᠲᠤᠳ ᠠᠷᠠᠬᠠᠨ ᠤᠯᠠᠳᠠᠪᠠᠰᠤ ᠂ ᠠᠯᠪᠠᠲᠤ ᠤᠯᠤᠰ ᠲᠤᠷ ᠶᠠᠷᠰᠢᠭ᠋ ᠤ᠋ᠨ ᠳᠡᠭᠡᠷ᠎ᠡ ᠬᠣᠯᠠᠳᠠᠬᠢ ᠰᠣᠨᠣᠰᠤᠯᠲᠠ ᠳ᠋ᠤᠷ ᠭᠠᠵᠢᠭᠤ ᠤᠵᠢᠳ ᠪᠣᠯᠤᠭᠠᠳ ᠶᠡᠬᠡ ᠤᠯᠤᠰ ᠲᠥᠷᠥ ᠶ᠋ᠢ ᠪᠦᠲᠦᠭᠡᠬᠦ ᠶᠣᠰᠣᠨ ᠳ᠋ᠤᠷ ᠬᠠᠷᠰᠢᠮᠤᠢ ᠂ ᠬᠠᠲᠤᠨ ᠴᠢ ᠳᠡᠮᠡᠢ ᠪᠢᠲᠡᠭᠡᠢ ᠶᠠᠭᠠᠷᠬᠠᠳᠤᠨ !》ᠭᠡᠮᠡᠨ ᠬᠡᠦᠬᠡᠳ ᠢ᠋ᠶ᠋ᠡᠷ ᠢ᠋ᠶ᠋ᠡᠨ ᠠᠷᠢᠬᠢ ᠬᠢᠯᠭᠡᠵᠦ ᠭᠠᠷ ᠢ᠋ᠶ᠋ᠠᠷ ᠬᠠᠷᠢᠭᠤ ᠪᠠᠷᠢᠪᠠ ᠃ ᠵᠦᠰᠦᠨ ᠬᠠᠲᠤᠨ ᠲᠠᠢᠽᠦ ᠶ᠋ᠢᠨ ᠦᠯᠦ ᠵᠥᠪᠰᠢᠶᠡᠷᠡᠬᠦ ᠶ᠋ᠢ ᠦᠵᠡᠭᠡᠳ ᠶᠠᠭᠠᠷᠠᠨ ᠰᠠᠭᠤᠭᠰᠠᠨ ᠠ᠋ᠴᠠ ᠪᠠᠨ ᠪᠤᠰᠤ ᠶᠣᠰᠣᠯᠠᠨ ᠥᠭᠦᠯᠡᠷᠦᠨ : 《ᠬᠠᠢᠷᠠᠲᠤ ᠡᠵᠡᠨ ᠮᠢᠨᠦ ᠂ ᠬᠠᠷᠠᠬᠠᠨ ᠪᠢᠴᠢᠬᠠᠨ ᠠ᠋ᠴᠠ ᠬᠣᠯᠪᠣᠭᠰᠠᠨ ᠢ᠋ ᠪᠣᠳᠣᠪᠠᠰᠤ ᠂ ᠬᠠᠲᠤᠨ ᠪᠦᠷᠲᠡᠭᠡᠯᠵᠢᠨ ᠨᠠᠳᠠ ᠳ᠋ᠤᠷ ᠬᠠᠯᠠᠬᠠᠢ ᠡᠨᠡ ᠨᠢᠭᠡᠨ ᠨᠢᠭᠤᠷ ᠢ᠋ ᠬᠠᠢᠷᠠᠯᠠᠨ ᠰᠣᠶᠣᠷᠬ᠎ᠠ !》ᠬᠡᠮᠡᠭᠰᠡᠨ ᠳ᠋ᠦ᠍ᠷ ᠲᠠᠢᠽᠦ ᠠᠷᠭ᠎ᠠ ᠥᠭᠡᠶ᠎ᠡ ᠥᠭᠦᠯᠡᠷᠦᠨ :《ᠵᠢᠰᠦᠲᠦ ᠂ ᠵᠢᠰᠦᠯᠢᠭ ᠬᠣᠶᠠᠭᠤᠯᠠ ᠬᠠᠭᠤᠴᠢᠨ ᠵᠠᠷᠤᠭᠳᠠᠭᠰᠠᠨ ᠲᠤᠯᠠ ᠬᠠᠲᠤᠨ ᠴᠢ ᠡᠷᠭᠦᠮᠵᠢᠯᠡᠰᠦᠭᠡᠢ ᠬᠡᠮᠡᠪᠡᠰᠦ ᠡᠷᠭᠦᠮᠵᠢᠯᠡᠲᠦᠭᠡᠢ ᠃ ᠭᠠᠭᠴᠠ ᠭᠣᠣᠯ ᠤ᠋ᠨ ᠰᠠᠷᠠᠨ ᠨᠢᠳᠤᠨᠤᠨ ᠢᠷᠡᠭᠡᠳ ᠵᠢᠳᠬᠦᠯ ᠬᠢᠴᠢᠶᠡᠯ ᠢᠯᠡᠳᠭᠡᠳᠦᠢ ᠂ ᠵᠢᠯ ᠣᠨ ᠮᠥᠨ ᠤᠳᠠᠭᠠᠳᠤᠢ ᠂ ᠲᠡᠷᠡ ᠭᠦᠩᠵᠦ ᠬᠡᠮᠡᠬᠦᠢ ᠳ᠋ᠦ᠍ᠷ ᠲᠡᠭᠦᠨ ᠦ᠌ ᠤᠯᠤᠰ ᠲᠠᠭᠠᠨ ᠭᠦᠩᠵᠦ ᠪᠣᠢ ᠶᠠ ᠂ ᠲᠡᠮᠦᠵᠢᠨ ᠨᠠᠳᠠ ᠳ᠋ᠤᠷ ᠪᠣᠯᠪᠠᠰᠤ ᠲᠡᠭᠦᠵᠦ ᠢᠷᠡᠭᠰᠡᠨ ᠨᠢᠭᠡᠨ ᠥᠴᠦᠬᠡᠨ ᠰᠤᠯᠠ ᠡᠬᠡᠨᠡᠷ ᠪᠤᠶᠤ ! 》 ᠬᠡᠮᠡᠬᠦᠢ ᠳ᠋ᠦ᠍ᠷ ᠵᠦᠰᠦᠨ ᠬᠠᠲᠤᠨ ᠬᠠᠷᠢᠭᠤ ᠮᠡᠳᠡᠭᠦᠯᠦᠷᠦᠨ : 《ᠭᠣᠣᠯ ᠤ᠋ᠨ ᠰᠠᠷᠠᠨ ᠤ᠋ ᠣᠨ ᠵᠢᠯ ᠬᠡᠳᠦᠢ ᠤᠳᠠᠭᠠᠳᠤᠢ ᠪᠣᠯᠪᠠᠴᠤ ᠤᠯᠤᠰ ᠲᠥᠷᠥ ᠳ᠋ᠦ᠍ᠷ ᠲᠠᠪᠤᠨ ᠮᠣᠵᠢ ᠳᠠᠭᠠᠭᠤᠯᠤᠭᠰᠠᠨ ᠵᠢᠳᠬᠦᠯᠭᠡ ᠭᠠᠪᠢᠶ᠎ᠠ ᠪᠣᠢ ᠪᠣᠯᠠᠢ ᠂ ᠡᠵᠡᠨ ᠡᠷᠬᠡᠪᠰᠢ ᠬᠠᠮᠲᠤ ᠥᠷᠥᠰᠢᠶᠡᠮᠦ ! 》ᠭᠡᠮᠡᠨ ᠬᠡᠳᠦᠨ ᠤᠳᠠᠭ᠎ᠠ ᠬᠡᠯᠡᠲᠡᠯ᠎ᠡ ᠡᠵᠡᠨ ᠡᠭᠡᠨᠡᠭᠲᠡ ᠵᠥᠪᠰᠢᠶᠡᠬᠦ ᠦᠭᠡᠢ ᠳ᠋ᠦ᠍ᠷ ᠵᠦᠰᠦᠨ ᠬᠠᠲᠤᠨ ᠪᠡᠶ᠎ᠡ ᠡᠭᠡᠵᠦ ᠰᠢᠳᠠᠷ ᠥᠬᠢᠨ ᠬᠣᠩᠭᠣᠷ ᠵᠤᠯᠠ ᠲᠠᠨ ᠳ᠋ᠤᠷ ᠵᠠᠬᠢᠷᠤᠨ : 《ᠮᠠᠷᠭᠠᠲᠠ ᠰᠠᠢᠨ ᠡᠳᠦᠷ ᠲᠤᠯᠠ ᠡᠵᠡᠨ ᠦ᠌ ᠬᠡᠰᠢᠭ ᠲᠣᠷ ᠮᠥᠷᠭᠥᠭᠦᠯᠵᠦ ᠰᠢᠷᠡᠭᠡᠨ ᠳ᠋ᠦ᠍ᠷ ᠢᠨᠦ ᠰᠠᠭᠤᠯᠭ᠎ᠠ !》ᠬᠡᠮᠡᠪᠡ ᠃
– – – –
① ᠳᠡᠭᠡᠷ᠎ᠡ ᠠᠢᠮᠠᠭ ᠤ᠋ᠨ ᠶᠡᠬᠡ ᠵᠣᠷᠣ ᠬᠡᠮᠡᠬᠦ ᠨᠣᠶᠠᠨ ᠤ᠋ ᠬᠣᠶᠠᠷ ᠥᠬᠢᠨ ᠪᠤᠶᠤ ᠂ ᠠᠬ᠎ᠠ ᠠᠨᠤ ᠲᠡᠭᠥᠰᠴᠤᠭᠲᠤ ᠬᠢᠶ᠎ᠡ ᠮᠥᠨ ᠃
ᠵᠢᠴᠢ ᠡᠳᠦᠷ ᠥᠷᠯᠥᠭᠡ ᠡᠷᠲᠡ ᠰᠠᠷᠠᠨ ᠬᠠᠲᠤᠨ ᠢ᠋ ᠮᠡᠳᠡᠭᠦᠯᠦᠷ᠎ᠡ ᠦᠵᠢᠨ ᠡᠮᠡᠭᠡ ᠶ᠋ᠢᠨ ᠳᠡᠷᠭᠡᠳᠡ ᠡᠴᠢᠵᠦ ᠂ ᠭᠣᠣᠯ ᠤ᠋ᠨ ᠰᠠᠷᠠᠨ ᠬᠠᠲᠤᠨ ᠤ᠋ ᠤᠯᠤᠰ ᠲᠥᠷᠥ ᠳ᠋ᠦ᠍ᠷ ᠭᠠᠪᠢᠶ᠎ᠠ ᠲᠠᠢ ᠶ᠋ᠢ ᠲᠣᠭᠠᠴᠢᠵᠤ ᠂ ᠵᠢᠰᠦᠲᠦ ᠂ ᠵᠢᠰᠦᠯᠢᠭ ᠬᠣᠶᠠᠷ ᠬᠠᠲᠤᠨ ᠯᠤᠭ᠎ᠠ ᠵᠡᠭᠦᠨ ᠪᠠᠷᠠᠭᠤᠨ ᠲᠥᠷᠥ ᠶ᠋ᠢᠨ ᠬᠠᠲᠤᠨ ᠭᠡᠮᠡᠨ ᠲᠤᠰ ᠲᠤᠰ ᠡᠷᠭᠦᠮᠵᠢᠯᠡᠰᠦᠭᠡᠢ ᠬᠡᠮᠡᠭᠰᠡᠨ ᠢ᠋ ᠲᠠᠢᠽᠦ ᠶ᠋ᠢᠨ ᠵᠢᠰᠦᠯᠢᠭ ᠵᠢᠰᠦᠲᠦ ᠬᠣᠶᠠᠷ ᠢ᠋ ᠵᠥᠪᠰᠢᠶᠡᠭᠡᠳ ᠭᠠᠭᠴᠠ ᠭᠣᠣᠯ ᠤ᠋ᠨ ᠰᠠᠷᠠᠨ ᠢ᠋ ᠣᠨ ᠵᠢᠯ ᠤᠳᠠᠭᠠᠳᠤᠢ ᠭᠡᠮᠡᠨ ᠦᠯᠦ ᠵᠥᠪᠰᠢᠶᠡᠬᠦ ᠶ᠋ᠢ ᠮᠡᠳᠡᠭᠦᠯᠵᠦ ᠂ ᠣᠯᠳᠠᠬᠤᠯ᠎ᠠ ᠥᠵᠢᠨ ᠡᠮᠡᠭᠡ ᠬᠠᠮᠲᠤ ᠪᠠᠷ ᠢ᠋ ᠳᠠᠭᠤᠳᠠᠨ ᠠᠪᠴᠢᠷᠠᠵᠤ ᠡᠷᠭᠦᠮᠵᠢᠯᠡᠭᠡᠳ ᠡᠵᠡᠨ ᠳ᠋ᠦ᠍ᠷ ᠬᠠᠮᠲᠤᠳᠠ ᠵᠠᠬᠢᠶ᠎ᠠ ᠥᠭᠭᠦᠭᠦᠯᠦᠮᠦ !》ᠭᠡᠮᠡᠨ ᠭᠤᠶᠤᠨ ᠮᠡᠳᠡᠭᠦᠯᠦᠭᠰᠡᠨ ᠳ᠋ᠦ᠍ᠷ ᠥᠵᠢᠨ ᠡᠮᠡᠭᠡ ᠪᠡᠶᠡᠰᠦᠨ ᠵᠠᠬᠢᠷᠤᠨ :《ᠨᠠᠳᠠ ᠳ᠋ᠤᠷ ᠮᠥᠨ ᠬᠡᠳᠦᠢᠨᠡᠢ ᠲᠡᠢᠮᠦ ᠰᠠᠨᠠᠭᠠᠨ ᠪᠠᠢᠭᠰᠠᠨ ᠪᠥᠯᠥᠭᠡ ᠂ ᠲᠡᠢᠨ ᠪᠣᠯᠪᠠᠴᠤ ᠲᠠᠨ ᠤ᠋ ᠨᠥᠬᠥᠷ ᠡᠮ᠎ᠡ ᠬᠣᠶᠠᠭᠤᠯᠠ ᠥᠪᠡᠷ ᠢ᠋ᠶ᠋ᠡᠨ ᠮᠡᠳᠡᠬᠦ ᠦᠭᠡᠢ ᠦᠦ ? ᠭᠡᠮᠡᠨ ᠵᠠᠬᠢᠭ᠍ᠰᠠᠨ ᠦᠭᠡᠢ ᠪᠥᠯᠥᠭᠡ ᠂ ᠡᠳᠦᠭᠡ ᠵᠦᠰᠦᠨ ᠪᠡᠷᠢ ᠶ᠋ᠢᠨ ᠮᠢᠨᠦ ᠮᠡᠳᠡᠭᠦᠯᠬᠦ ᠦᠭᠡ ᠮᠠᠰᠢ ᠮᠥᠨ ᠂ ᠰᠠᠷᠠᠨ ᠪᠡᠷᠢ ᠬᠡᠳᠦᠢ ᠰᠢᠨᠡᠬᠡᠨ ᠭᠡᠪᠡᠴᠦ ᠲᠡᠭᠦᠨ ᠦ᠌ ᠵᠢᠳᠬᠦᠯ ᠭᠠᠪᠢᠶ᠎ᠠ ᠪᠠᠭ᠎ᠠ ᠦᠭᠡᠢ ᠂ ᠲᠠᠪᠤᠨ ᠮᠣᠵᠢᠳᠤ ᠨᠢᠭᠡᠨ ᠤᠯᠤᠰ ᠢ᠋ ᠤᠳᠤᠷᠢᠳᠤᠨ ᠣᠷᠣᠭᠤᠯᠪᠠ ᠃ ᠪᠠᠰᠠ ᠴᠤ᠌ ᠨᠢᠭᠡᠨ ᠬᠠᠨ ᠬᠥᠮᠦᠨ ᠦ᠌ ᠬᠡᠦᠬᠡᠨ ᠂ ᠭᠤᠷᠪᠠᠨ ᠳ᠋ᠤᠷ ᠬᠥᠮᠦᠨ ᠢᠨᠦ ᠴᠢᠩ ᠬᠢᠴᠢᠶᠡᠩᠭᠦᠢ ᠂ ᠵᠥᠭᠡᠯᠡᠨ ᠨᠠᠢᠷᠠᠮᠳᠠᠭᠤ ᠂ ᠮᠢᠨᠦ ᠨᠢᠳᠦᠨ ᠳ᠋ᠦ᠍ᠷ ᠦᠵᠡᠭᠳᠡᠭᠰᠡᠨ ᠡᠴᠡ ᠢᠨᠠᠭ᠍ᠰᠢ ᠮᠢᠨᠦ ᠰᠡᠳᠬᠢᠯ ᠳ᠋ᠦ᠍ᠷ ᠲᠠᠪᠠᠲᠠᠢ ᠂ ᠨᠢᠳᠦᠨ ᠳ᠋ᠦ᠍ᠷ ᠳᠤᠯᠠᠭᠠᠨ ᠂ ᠪᠢ ᠮᠠᠰᠢ ᠡᠨᠡᠷᠢᠨ ᠥᠷᠥᠰᠢᠶᠡᠵᠦ ᠦᠷᠦ ᠡᠪᠡᠳᠦᠨ ᠬᠥᠭᠡᠷᠦᠬᠦᠢᠯᠡᠮᠦᠢ ᠂ ᠨᠡᠩ ᠪᠠᠰᠠ ᠮᠢᠨᠦ ᠪᠡᠶ᠎ᠡ ᠶ᠋ᠢᠨ ᠨᠠᠷᠢᠨ ᠵᠥᠭᠡᠯᠡᠨ ᠡᠳᠡᠭᠡᠷ ᠦᠢᠯᠡ ᠬᠤᠪᠴᠠᠳ ᠢ᠋ ᠴᠥᠮ ᠲᠡᠭᠦᠨ ᠦ᠌ ᠪᠠᠷᠢᠭ᠍ᠰᠠᠨ ᠠᠨᠤ ᠮᠥᠨ ᠂ ᠦᠨᠡᠬᠡᠷ ᠤᠷᠠᠨ ᠠᠨᠤ ᠭᠠᠢᠬᠠᠯᠲᠠᠢ ᠂ ᠨᠠᠷᠢᠨ ᠰᠠᠢᠬᠠᠨ ᠂ ᠪᠢ ᠬᠡᠳᠦᠢᠨᠡᠢ ᠰᠠᠨᠠᠭᠠᠨ ᠳ᠋ᠤᠷ ᠪᠠᠢᠭᠰᠠᠨ ᠪᠥᠯᠥᠭᠡ ᠃ ᠡᠨᠡ ᠲᠠᠪᠤᠨ ᠰᠠᠷ᠎ᠠ ᠶ᠋ᠢᠨ ᠠᠷᠪᠠᠨ ᠲᠠᠪᠤᠨ ᠤ᠋ ᠰᠠᠢᠨ ᠡᠳᠦᠷ ᠂ ᠪᠢ ᠪᠠᠰᠠ ᠲᠠᠨ ᠤ᠋ ᠨᠥᠬᠥᠷ ᠡᠮ᠎ᠡ ᠲᠡᠷᠢᠭᠦᠯᠡᠨ ᠭᠠᠪᠢᠶ᠎ᠠ ᠵᠢᠳᠬᠦᠯᠳᠦ ᠰᠠᠢᠳ ᠪᠠ ᠲᠦᠰᠢᠮᠡᠳ ᠂ ᠬᠠᠷᠢ ᠬᠠᠯᠠᠮᠵᠢᠲᠤ ᠤᠷᠤᠭ ᠰᠠᠳᠤᠨ ᠬᠢᠭᠡᠳ ᠴᠡᠷᠢᠭ ᠬᠤᠶᠠᠭ ᠲᠤᠷ ᠬᠠᠭᠤᠴᠢᠨ ᠦᠰ ᠢ᠋ ᠬᠠᠷᠢᠭᠤᠯᠵᠤ ᠰᠢᠨ᠎ᠡ ᠳᠠᠢᠰᠤᠨ ᠢ᠋ ᠳᠠᠷᠤᠭᠰᠠᠨ ᠥᠯᠵᠡᠢᠲᠦ ᠬᠤᠷᠢᠮ ᠥᠭᠰᠦᠭᠡᠢ ᠬᠡᠮᠡᠭᠰᠡᠭᠡᠷ ᠪᠥᠯᠥᠭᠡ ᠂ ᠴᠢᠪᠬᠢᠲᠡᠯ᠎ᠡ ᠡᠨᠡ ᠡᠳᠦᠷ ᠲᠣᠬᠢᠶᠠᠯᠳᠤᠪᠠ ᠂ ᠮᠠᠰᠢ ᠪᠡᠯᠭᠡ ᠲᠡᠢ ᠪᠣᠯᠪᠠ ! 》ᠭᠡᠮᠡᠨ ᠳᠠᠷᠤᠢ ᠵᠠᠬᠢᠶ᠎ᠠ ᠪᠠᠭᠤᠯᠭᠠᠨ ᠵᠢᠰᠦᠲᠦ ᠂ ᠵᠢᠰᠦᠯᠢᠭ ᠂ ᠭᠣᠣᠯ ᠤ᠋ᠨ ᠰᠠᠷᠠᠨ ᠭᠤᠷᠪᠠᠨ ᠬᠠᠲᠤᠨ ᠢ᠋ ᠡᠮᠦᠨ᠎ᠡ ᠪᠡᠨ ᠳᠠᠭᠤᠳᠠᠨ ᠠᠴᠢᠷᠠᠵᠤ ᠲᠥᠷᠥ ᠶ᠋ᠢᠨ ᠬᠠᠲᠤᠨ ᠤ᠋ ᠮᠠᠯᠠᠭ᠎ᠠ ᠂ ᠴᠡᠷᠪᠡᠭ ᠂ ᠡᠷᠢᠭᠡ ᠂ ᠬᠣᠭᠣᠯᠠᠪᠴᠢ ᠂ ᠨᠣᠮᠬᠢᠨ ᠠᠯᠴᠢᠭᠤᠷ① ᠴᠢᠮᠡᠭ ᠤ᠋ᠳ ᠪᠠ ᠵᠢᠴᠢ ᠲᠡᠮᠳᠡᠭᠲᠦ ᠬᠠᠲᠠᠮᠠᠯ② ᠬᠠᠢᠷᠠᠯᠠᠵᠤ ᠂ ᠵᠢᠰᠦᠲᠦ ᠂ ᠵᠢᠰᠦᠯᠢᠭ ᠬᠣᠶᠠᠭᠤᠯᠠ ᠶ᠋ᠢ ᠪᠠᠷᠠᠭᠤᠨ ᠡᠲᠡᠭᠡᠳ ᠦ᠋ᠨ ᠲᠥᠷᠥ ᠶ᠋ᠢᠨ ᠬᠠᠲᠤᠨ ᠪᠣᠯᠭᠠᠨ ᠂ ᠭᠣᠣᠯ ᠤ᠋ᠨ ᠰᠠᠷᠠᠨ ᠢ᠋ ᠵᠡᠭᠦᠨ ᠡᠲᠡᠭᠡᠳ ᠦ᠋ᠨ ᠲᠥᠷᠥ ᠶ᠋ᠢᠨ ᠬᠠᠲᠤᠨ ᠪᠣᠯᠭᠠᠨ ᠡᠷᠭᠦᠮᠵᠢᠯᠡᠵᠦ ᠂ ᠲᠥᠷᠥ ᠶ᠋ᠢᠨ ᠲᠦᠰᠢᠮᠡᠯ ᠳ᠋ᠦ᠍ᠷ ᠵᠠᠷᠯᠠᠪᠠ ᠃
– – – –
① ᠨᠣᠮᠬᠢᠨ ᠠᠯᠴᠢᠭᠤᠷ ᠬᠡᠮᠡᠭᠴᠢ ᠡᠳᠦᠭᠡ ᠡᠬᠡᠨᠡᠷ ᠦ᠋ᠨ ᠬᠣᠭᠣᠯᠠᠪᠴᠢ ᠶ᠋ᠢᠨ ᠳᠡᠭᠡᠷ᠎ᠡ ᠵᠡᠭᠦᠵᠦ ᠬᠣᠷᠮᠣᠢ ᠳ᠋ᠤᠷ ᠲᠤᠯᠤᠮᠤᠢ ᠂ ᠳᠡᠭᠡᠷ᠎ᠡ ᠢᠨᠦ ᠣᠭ᠌ᠶᠤ ᠱ᠌ᠢᠷᠦ ᠪᠡᠷ ᠡᠯ᠎ᠡ ᠠᠵᠤ ᠲᠥᠷᠥᠬᠦ ᠬᠡᠷᠡᠭᠯᠡᠯ ᠢ᠋ ᠴᠥᠮ ᠤᠷᠠᠯᠠᠨ ᠬᠢᠵᠦ ᠲᠠᠬᠢᠮᠳᠠᠭᠤ ᠪᠡᠷᠢ ᠬᠠᠳᠠᠮ ᠡᠴᠢᠭᠡ ᠡᠬᠡ ᠶ᠋ᠢ ᠡᠩᠰᠡᠭᠯᠡᠨ ᠰᠤᠪᠢᠯᠠᠬᠤᠶᠠ ᠪᠡᠯᠡᠨ ᠬᠡᠮᠡᠭᠰᠡᠨ ᠰᠠᠨᠠᠭᠠᠨ ᠂ ᠲᠡᠷᠡ ᠢᠨᠦ ᠡᠯᠪᠡᠷᠢᠬᠦ ᠲᠠᠬᠢᠮᠳᠠᠭᠤᠯᠬᠤ ᠶ᠋ᠢ ᠰᠤᠷᠭᠠᠭᠰᠠᠨ ᠲᠡᠮᠳᠡᠭ ᠮᠥᠨ ᠂ ᠲᠡᠷᠡ ᠦᠶ᠎ᠡ ᠳ᠋ᠦ᠍ᠷ ᠨᠣᠮᠬᠢᠨ ᠠᠯᠴᠢᠭᠤᠷ ᠵᠡᠭᠦᠪᠡᠰᠦ ᠨᠡᠷ᠎ᠡ ᠲᠡᠢ ᠪᠡᠷᠢ ᠳ᠋ᠦ᠍ᠷ ᠲᠣᠭᠠᠴᠠᠳᠠᠭ ᠠᠵᠤᠭᠤ ᠂ ᠡᠨᠡ ᠨᠣᠮᠬᠢᠨ ᠠᠯᠴᠢᠭᠤᠷ ᠢ᠋ ᠬᠢᠲᠠᠳ ᠢ᠋ᠶ᠋ᠡᠷ ᠦ ᠱᠠᠢ ᠬᠠᠨ ᠱᠸᠤ ᠶ᠋ᠢᠨ ᠭᠡᠮᠡᠨ ᠬᠡᠯᠡᠮᠦᠢ ᠃
② ᠲᠡᠮᠳᠡᠭᠲᠦ ᠬᠠᠳᠠᠮᠠᠯ ᠬᠡᠮᠡᠭᠴᠢ ᠴᠣᠪ ᠤ᠋ᠨ ᠫᠦᠰᠡ ᠮᠡᠲᠦ ᠪᠤᠶᠤ ᠃
ᠴᠣᠬᠣᠯᠠᠭᠰᠠᠨ ᠠᠨᠤ ᠄
ᠰᠠᠷᠯᠠᠭ ᠤᠯᠤᠰ ᠤ᠋ᠨ ᠵᠠᠯᠢᠲᠤ ᠰᠦᠯᠳᠡ ᠬᠠᠭᠠᠨ ᠤ᠋ ᠵᠠᠯᠢᠬᠠᠢ ᠠᠷᠭ᠎ᠠ ᠭᠠᠷᠭᠠᠭᠰᠠᠨ ᠠᠨᠤ ᠮᠥᠨ ᠬᠡᠳᠦᠨ ᠬᠤᠪᠢ ᠶ᠋ᠢᠨ ᠭᠠᠢᠬᠠᠯ ᠪᠣᠢ ᠃ ᠡᠷᠲᠡᠨ ᠦ᠌ ᠴᠦᠨ ᠴᠢᠦ ᠶ᠋ᠢᠨ ᠦᠶ᠎ᠡ ᠶ᠋ᠢᠨ ᠦ ᠤᠯᠤᠰ ᠤ᠋ᠨ ᠺᠦᠩᠽᠢ ᠂ ᠵᠢᠢ ᠭᠤᠸᠠᠩ ᠤ᠋ᠨ ᠵᠤᠸᠠᠨ ᠵᠣ᠌ ᠶ᠋ᠢ ᠬᠡᠷᠡᠭᠯᠡᠨ ᠦ ᠸᠠᠩ ᠂ ᠵᠢᠢ ᠯᠢᠶᠣᠤ ᠶ᠋ᠢ ᠠᠯᠠᠬᠤᠶ᠎ᠠ ᠬᠠᠳᠠᠷᠠ ᠵᠢᠭᠠᠰᠤᠨ ᠤ᠋ ᠬᠤᠷᠢᠮ ᠬᠤᠷᠢᠮᠯᠠᠭᠰᠠᠨ ᠠ᠋ᠴᠠ ᠤᠷᠠᠨ ᠬᠡᠷᠡᠭᠯᠡᠭᠰᠡᠨ ᠪᠥᠭᠡᠲᠡᠯ᠎ᠡ ᠨᠢᠭᠡᠬᠡᠨ ᠨᠠᠴᠢᠨ ᠰᠢᠪᠠᠭᠤ ᠳᠠᠷᠤᠢ ᠠᠷᠭ᠎ᠠ ᠶ᠋ᠢ ᠡᠪᠳᠡᠵᠦ ᠬᠡᠷᠡᠭ ᠰᠡᠷᠡᠭᠳᠡᠵᠦ ᠂ ᠴᠢᠯᠭᠡᠷ ᠪᠥᠬᠡ ᠪᠠ ᠭᠤᠯᠭᠤᠭᠴᠢ ᠡᠬᠡᠨᠡᠷ ᠴᠥᠮ ᠪᠠᠷᠢᠭ᠍ᠳᠠᠵᠤ ᠂ ᠴᠡᠷᠢᠭ ᠳᠠᠷᠤᠭᠳᠠᠨ ᠬᠤᠶᠠᠭ ᠳᠠᠭᠠᠭᠠᠳ ᠂ ᠵᠠᠯᠢᠲᠤ ᠬᠠᠭᠠᠨ ᠬᠠᠷᠠᠩᠭᠤᠳᠤᠨ ᠤᠨᠠᠵᠤ ᠂ ᠲᠠᠩᠭᠠᠷᠢᠭ᠍ᠯᠠᠭᠰᠠᠨ ᠠᠨᠤ ᠦᠨᠡᠬᠡᠷ ᠲᠡᠭᠷᠢ ᠶ᠋ᠢᠨ ᠴᠠᠭ ᠢ᠋ ᠵᠥᠷᠢᠴᠡᠬᠦᠶᠡ ᠪᠡᠷᠬᠡ ᠠᠵᠤᠭᠤ ᠃ ᠵᠢᠴᠢ ᠪᠣᠷᠣ ᠲᠣᠬᠣᠮ ᠳ᠋ᠤᠷ ᠰᠥᠨᠢ ᠶ᠋ᠢᠨ ᠬᠠᠷᠠᠩᠭᠤᠢ ᠳ᠋ᠤᠷ ᠲᠠᠢᠽᠦ ᠶ᠋ᠢᠨ ᠪᠡᠶ᠎ᠡ ᠰᠠᠮᠠᠭᠤᠨ ᠴᠡᠷᠢᠭ ᠲᠦ᠍ᠷ ᠬᠠᠭᠠᠭᠳᠠᠭᠰᠠᠨ ᠪᠠ ᠮᠤᠬᠤᠯᠢ ᠶ᠋ᠢᠨ ᠴᠡᠷᠢᠭ ᠲᠣᠬᠢᠶᠠᠯᠳᠤᠨ ᠢᠷᠡᠵᠦ ᠡᠵᠡᠨ ᠦ᠌ ᠬᠠᠭᠠᠭᠳᠠᠭᠰᠠᠨ ᠢ᠋ ᠮᠡᠳᠡᠵᠦ ᠂ ᠴᠠᠭ ᠳᠣᠲᠣᠷ᠎ᠠ ᠡᠵᠡᠨ ᠬᠡᠳᠦᠢᠨᠡᠢ ᠭᠠᠷᠪᠠ ᠃ ᠰᠠᠷᠯᠠᠭ ᠤ᠋ᠨ ᠴᠡᠷᠢᠭ ᠢ᠋ ᠬᠡᠯᠲᠦᠷᠢᠭᠦᠯᠪᠡ ᠬᠡᠮᠡᠭᠰᠡᠨ ᠪᠠ ᠵᠢᠴᠢ ᠡᠵᠡᠨ ᠢ᠋ ᠣᠯᠤᠭᠠᠳ ᠤᠷᠢᠳᠠ ᠶ᠋ᠢᠨ ᠵᠠᠬᠢᠶ᠎ᠠ ᠶ᠋ᠢ ᠪᠤᠴᠠᠭᠤᠯᠬᠤ ᠦᠭᠡᠢ ᠂ ᠪᠠᠲᠤ ᠶ᠋ᠢ ᠦᠵᠡᠭᠦᠯᠬᠦ ᠂ ᠪᠤᠭᠤᠷᠵᠢ ᠶ᠋ᠢ ᠬᠣᠷᠢᠵᠤ ᠂ ᠰᠠᠷᠯᠠᠭ ᠤ᠋ᠨ ᠴᠡᠷᠢᠭ ᠢ᠋ ᠬᠢᠯᠪᠠᠷ ᠢ᠋ᠶ᠋ᠠᠷ ᠬᠦᠴᠦᠨ ᠢ᠋ ᠢᠨᠦ ᠰᠤᠯᠠᠳᠬᠠᠵᠤ ᠂ ᠰᠡᠳᠬᠢᠯ ᠢ᠋ ᠢᠨᠦ ᠡᠭᠡᠭᠦᠯᠵᠦ ᠂ ᠠᠮᠢᠳᠤᠷᠠᠬᠤ ᠵᠠᠮ ᠢ᠋ ᠡᠷᠢᠨ ᠰᠠᠨᠠᠭᠤᠯᠵᠤ ᠂ ᠪᠠᠰᠠ ᠲᠠᠢᠽᠦ ᠶ᠋ᠢ ᠰᠠᠷᠯᠠᠭ ᠤ᠋ᠨ ᠴᠡᠷᠢᠭ ᠡᠷᠢᠬᠦ ᠰᠠᠨᠠᠭᠠᠨ ᠢ᠋ ᠲᠠᠰᠤᠯᠤᠭᠰᠠᠨ ᠠᠨᠤ ᠦᠨᠡᠬᠡᠷ ᠲᠡᠭᠷᠢ ᠶ᠋ᠢᠨ ᠲᠥᠷᠥᠯᠬᠢ ᠶᠡᠬᠡ ᠵᠠᠩᠵᠤᠨ ᠤ᠋ ᠰᠠᠪᠠ ᠮᠥᠨ ᠃ ᠡᠷᠲᠡᠨ ᠦ᠌ ᠸᠧᠢ ᠤᠯᠤᠰ ᠤ᠋ᠨ ᠦ ᠳᠢ ᠂ ᠼᠤᠤ ᠮᠧᠩ ᠳᠧ ᠶ᠋ᠢᠨ ᠶᠡᠬᠡ ᠴᠡᠷᠢᠭ ᠦ᠋ᠨ ᠤᠮᠳᠠᠭᠠᠰᠬᠤ ᠦᠶ᠎ᠡ ᠳ᠋ᠦ᠍ᠷ ᠬᠠᠷ᠎ᠠ ᠭᠦᠢᠯᠡᠰᠦᠨ ᠦ᠌ ᠮᠣᠳᠣ ᠶ᠋ᠢ ᠵᠢᠭᠠᠭᠰᠠᠨ ᠠ᠋ᠴᠠ ᠴᠤ᠌ ᠬᠡᠲᠦᠢᠳᠴᠦᠬᠦᠢ ᠂ ᠲᠡᠷᠡ ᠮᠡᠲᠦ ᠬᠠᠷᠠᠩᠭᠤᠢ ᠵᠢᠭᠤᠷᠠᠯᠳᠤᠭᠠᠨ ᠳ᠋ᠤᠷ ᠲᠡᠢᠮᠦ ᠨᠢᠭᠡᠨ ᠦᠭᠡ ᠶ᠋ᠢ ᠡᠰᠡ ᠬᠡᠯᠡᠭᠰᠡᠨ ᠪᠤᠰᠤ ᠂ ᠲᠠᠢᠽᠦ ᠶ᠋ᠢᠨ ᠲᠦᠭᠰᠢᠭᠦᠷᠢ ᠮᠠᠰᠢ ᠣᠯᠠᠨ ᠪᠣᠯᠠᠢ ᠃ ᠬᠡᠷᠬᠢᠨ ᠲᠡᠢᠮᠦ ᠬᠢᠯᠪᠠᠷ ᠢ᠋ᠶ᠋ᠠᠷ ᠬᠣᠶᠠᠷ ᠤᠯᠤᠰ ᠤ᠋ᠨ ᠴᠡᠷᠢᠭ ᠢᠯᠭᠠᠷᠠᠨ ᠴᠢᠳᠠᠬᠤ ᠠᠵᠢ !ᠬᠣᠢᠨ᠎ᠠ ᠦᠨᠡᠬᠡᠷ ᠤᠭ ᠵᠠᠷᠯᠠᠭᠰᠠᠨ ᠢ᠋ᠶ᠋ᠠᠨ ᠦᠯᠦ ᠡᠭᠡᠭᠦᠯᠦᠨ ᠬᠡᠯᠲᠦᠷᠢᠭᠦᠯᠦᠭᠰᠡᠨ ᠂ ᠡᠨᠡ ᠨᠢᠭᠡᠬᠡᠨ ᠵᠦᠢᠯ ᠢ᠋ᠶ᠋ᠡᠷ ᠪᠢᠴᠢᠭᠡᠴᠢ ᠢᠨᠵᠠᠨᠨᠠᠰᠢ ᠪᠢ ᠳᠠᠷᠤᠢ ᠮᠤᠬᠤᠯᠢ ᠯᠠᠪ ᠶᠡᠬᠡ ᠬᠡᠷᠡᠭ ᠪᠦᠲᠦᠭᠡᠨ ᠴᠢᠳᠠᠬᠤ ᠶ᠋ᠢ ᠮᠡᠳᠡᠪᠡᠢ ᠃ ᠳᠡᠯᠡᠬᠡᠢ ᠳ᠋ᠠᠭᠢᠨ᠎ᠠ ᠵᠠᠷᠯᠠᠬᠤᠶ᠎ᠠ ᠪᠡᠷᠬᠡ ᠢᠨᠦ ᠪᠠᠲᠤ ᠪᠣᠯᠠᠢ ᠃ ᠪᠠᠲᠤ ᠶ᠋ᠢ ᠴᠡᠷᠢᠭ ᠲᠦ᠍ᠷ ᠦᠵᠡᠭᠦᠯᠦᠨ ᠴᠢᠳᠠᠪᠠᠰᠤ ᠴᠡᠷᠢᠭ ᠦ᠋ᠨ ᠰᠡᠳᠬᠢᠯ ᠰᠠᠶᠢ ᠲᠡᠮᠦᠷ ᠴᠢᠯᠠᠭᠤ ᠮᠡᠲᠦ ᠲᠣᠭᠲᠠᠨᠢᠵᠤ ᠲᠠᠢᠯᠤᠨ ᠴᠢᠳᠠᠮᠤᠢ ᠃ ᠪᠤᠰᠤᠳ ᠢ᠋ ᠠᠪᠤᠷᠠᠭᠰᠠᠨ ᠪᠤᠰᠤ ᠂ ᠤᠴᠢᠷ ᠢ᠋ ᠵᠠᠰᠠᠭᠰᠠᠨ ᠪᠣᠯᠠᠢ ᠃ ᠰᠠᠷᠯᠠᠭ ᠢ᠋ ᠰᠠᠨᠠᠭᠰᠠᠨ ᠪᠤᠰᠤ ᠂ ᠰᠠᠨᠠᠭ᠎ᠠ ᠪᠠᠨ ᠢᠯᠡᠳᠬᠡᠭᠰᠡᠨ ᠪᠣᠯᠠᠢ ᠬᠡᠮᠡᠮᠦ᠃ ᠬᠣᠣᠷᠯᠠᠭᠴᠢᠳ ᠲᠤᠷ ᠴᠤ᠌ ᠬᠤᠳᠠᠯ ᠦᠯᠦ ᠬᠡᠯᠡᠬᠦ ᠶ᠋ᠢ ᠦᠵᠡᠪᠡᠰᠦ ᠂ ᠥᠪᠡᠷ ᠲᠣᠷ ᠦᠨᠡᠨᠴᠢ ᠢᠨᠦ ᠨᠡᠩ ᠮᠠᠭᠠᠳ ᠪᠤᠰᠤ ᠤᠤ ? ᠬᠡᠷᠬᠢᠨ ᠲᠠᠢᠯᠤᠯ ᠦᠭᠡᠢ ᠪᠣᠯᠤᠨ ᠴᠢᠳᠠᠮᠤᠢ᠃ ᠵᠢᠴᠢ ᠪᠤᠭᠤᠷᠵᠢ ᠂ ᠮᠤᠬᠤᠯᠢ ᠂ ᠲᠠᠢᠽᠦ ᠡᠵᠡᠨ ᠰᠠᠢᠳ ᠭᠤᠷᠪᠠᠭᠤᠯᠠ ᠶ᠋ᠢᠨ ᠣᠰᠣᠯ ᠢ᠋ᠶ᠋ᠠᠨ ᠪᠤᠯᠢᠶᠠᠯᠳᠤᠨ ᠶᠠᠯ᠎ᠠ ᠶᠤᠭᠠᠨ ᠥᠪᠡᠷᠯᠡᠯᠴᠡᠨ ᠬᠡᠯᠡᠯᠴᠡᠬᠦ ᠢᠨᠦ ᠂ ᠬᠣᠢᠰᠢᠳᠠ ᠬᠢᠴᠢᠶᠡᠯ ᠰᠡᠷᠡᠮᠵᠢᠯᠡᠯ ᠦ᠋ᠨ ᠨᠡᠮᠡᠭᠳᠡᠯ ᠪᠦᠬᠦᠢ ᠢᠨᠦ ᠢᠯᠡᠷᠡᠵᠦᠬᠦᠢ ᠃ ᠶᠠᠭᠠᠬᠢᠨ ᠵᠠᠭᠤᠨᠲᠠ ᠪᠠᠢᠯᠳᠤᠪᠠᠰᠤ ᠂ ᠵᠠᠭᠤᠨᠲᠠ ᠲᠠᠢᠯᠤᠯ ᠦᠭᠡᠢ ᠪᠣᠯᠤᠨ ᠴᠢᠳᠠᠮᠤᠢ ! ᠡᠨᠡ ᠳᠠᠷᠤᠢ ᠡᠵᠡᠨ ᠰᠠᠢᠳ ᠤ᠋ᠨ ᠡᠷᠬᠡ ᠤᠬᠠᠭᠠᠨ ᠨᠢᠭᠡᠳᠴᠦ ᠡᠯ᠎ᠡ ᠤᠯᠤᠰ ᠢ᠋ ᠪᠠᠢᠯᠳᠤᠬᠤ ᠦᠨᠳᠦᠰᠦᠨ ᠪᠣᠢ ᠪᠤᠶᠤ ᠃ ᠵᠢᠴᠢ ᠭᠠᠳᠠᠨ᠎ᠠ ᠪᠥᠭᠡᠰᠦ ᠡᠨᠡ ᠮᠡᠲᠦ ᠰᠠᠢᠳ ᠲᠦᠰᠢᠮᠡᠳ ᠪᠣᠢ ᠂ ᠳᠣᠲᠣᠷ᠎ᠠ ᠪᠥᠭᠡᠰᠦ ᠵᠦᠰᠦᠨ ᠬᠠᠲᠤᠨ ᠤ᠋ ᠵᠡᠷᠭᠡ ᠶ᠋ᠢᠨ ᠬᠠᠲᠤᠳ ᠬᠥᠪᠡᠭᠦᠳ ᠪᠣᠢ ᠂ ᠲᠠᠢᠽᠦ ᠦᠨᠡᠬᠡᠷ ᠬᠣᠲᠠᠯᠠ ᠲᠡᠭᠦᠰᠦᠭᠰᠡᠨ ᠲᠡᠭᠷᠢ ᠶ᠋ᠢᠨ ᠬᠥᠪᠡᠭᠦᠨ ᠪᠣᠯᠠᠢ ᠃ ᠡᠷᠲᠡᠨ ᠦ᠌ ᠪᠡᠨ ᠵᠣᠣ ᠶ᠋ᠢᠨ ᠰᠤᠷᠭᠠᠯ ᠳ᠋ᠤᠷ ᠡᠬᠡᠨᠡᠷ ᠦ᠋ᠨ ᠠᠳᠬᠠᠭ ᠢ᠋ ᠲᠡᠷᠢᠭᠦᠨ ᠳ᠋ᠦ᠍ᠷ ᠴᠡᠭᠡᠷᠯᠡᠵᠦᠬᠦᠢ ᠂ ᠰᠡᠳᠬᠢᠯ ᠡᠴᠡ ᠠᠳᠬᠠᠭ ᠦᠭᠡᠢ ᠶ᠋ᠢ ᠡᠬᠡᠨᠡᠷ ᠦ᠋ᠨ ᠳᠣᠲᠣᠷᠠᠬᠢ ᠡᠷ᠎ᠡ ᠬᠡᠮᠡᠵᠦᠬᠦᠢ ᠃ ᠡᠨᠡ ᠡᠬᠡᠨᠡᠷ ᠦ᠋ᠨ ᠳᠣᠲᠣᠷᠠᠬᠢ ᠡᠷ᠎ᠡ ᠪᠤᠯᠬᠤᠢ ᠳ᠋ᠤᠷ ᠬᠣᠶᠠᠷ ᠵᠦᠢᠯ ᠦ᠋ᠨ ᠬᠤᠪᠢᠶᠠᠯ ᠪᠣᠢ ᠄ ᠨᠢᠭᠡᠨ ᠢᠨᠦ ᠰᠡᠳᠬᠢᠯ ᠦ᠋ᠨ ᠤᠭ ᠠ᠋ᠴᠠ ᠲᠥᠷᠥᠭᠳᠡᠭᠰᠡᠨ ᠠᠳᠬᠠᠭ ᠦᠭᠡᠢ ᠂ ᠨᠢᠭᠡᠨ ᠢᠨᠦ ᠰᠤᠷᠴᠤ ᠮᠡᠳᠡᠭᠡᠳ ᠮᠤᠰᠬᠢᠨ ᠳᠠᠭᠤᠷᠢᠶᠠᠭᠰᠠᠨ ᠠᠳᠬᠠᠭ ᠦᠭᠡᠢ ᠪᠤᠶᠤ᠃ ᠡᠭᠦᠨ ᠡᠴᠡ ᠭᠠᠳᠠᠨ᠎ᠠ ᠂ ᠪᠠᠰᠠ ᠬᠣᠶᠠᠷ ᠠᠳᠬᠠᠭ ᠦᠭᠡᠢ ᠶᠠᠪᠤᠳᠠᠯ ᠪᠦᠬᠦᠢ ᠢᠨᠦ ᠂ ᠨᠢᠭᠡᠨ ᠢᠨᠦ ᠡᠷ᠎ᠡ ᠳ᠋ᠦ᠍ᠷ ᠢ᠋ᠶ᠋ᠡᠨ ᠬᠡᠲᠦᠷᠬᠡᠢ ᠠᠮᠠᠷᠠᠭ ᠤ᠋ᠨ ᠣᠴᠢᠷ᠎ᠠ᠂ ᠡᠷ᠎ᠡ ᠶ᠋ᠢᠨ ᠲᠠᠪᠠ ᠶ᠋ᠢ ᠳᠠᠭᠠᠭᠤᠯᠤᠨ ᠠᠳᠬᠠᠭ ᠦᠭᠡᠢ᠂ ᠨᠢᠭᠡᠨ ᠢᠨᠦ ᠡᠷ᠎ᠡ ᠡᠴᠡ ᠪᠡᠨ ᠬᠡᠲᠦᠷᠬᠡᠶ᠎ᠡ ᠠᠶᠤᠬᠤᠢ ᠶ᠋ᠢᠨ ᠣᠴᠢᠷ᠎ᠠ ᠂ ᠡᠷ᠎ᠡ ᠶ᠋ᠢᠨ ᠡᠷᠬᠡ ᠶ᠋ᠢ ᠳᠠᠭᠠᠵᠤ ᠠᠳᠬᠠᠭᠯᠠᠬᠤ ᠦᠭᠡᠢ ᠂ ᠡᠨᠡ ᠬᠣᠶᠠᠷ ᠠᠨᠤ ᠬᠥᠪᠭᠡᠮᠡᠯ ᠬᠤᠳᠠᠯ ᠪᠤᠶᠤ ᠂ ᠬᠤᠪᠢᠰᠬᠤ ᠤᠷᠪᠠᠭᠤ ᠮᠠᠭᠠᠳ ᠦᠭᠡᠢ ᠂ ᠲᠡᠢᠨ ᠬᠦ᠌ ᠲᠠᠢᠽᠦ ᠶ᠋ᠢᠨ ᠡᠨᠡ ᠰᠡᠴᠡᠨ ᠵᠦᠰᠦᠨ ᠪᠦᠷᠲᠡᠭᠡᠯᠵᠢᠨ ᠬᠠᠲᠤᠨ ᠤ᠋ ᠡᠨᠡ ᠪᠣᠯᠪᠠᠰᠤ ᠴᠣᠬᠣᠮ ᠰᠡᠳᠬᠢᠯ ᠦ᠋ᠨ ᠤᠭ ᠰᠠᠨᠠᠭᠠᠨ ᠤ᠋ ᠦᠨᠡᠨ ᠡᠴᠡ ᠠᠳᠬᠠᠭ ᠦᠭᠡᠢ ᠢᠨᠦ ᠢᠯᠡᠷᠡᠪᠡ᠃ ᠶᠠᠭᠠᠬᠢᠨ ᠮᠡᠳᠡᠪᠡ ? ᠬᠡᠮᠡᠪᠡᠰᠦ ᠄ ᠲᠠᠢᠽᠦ ᠶ᠋ᠢᠨ ᠲᠡᠳᠡᠪᠡᠰᠢ ᠦᠯᠢᠳᠬᠡᠯ ᠮᠠᠰᠢ ᠬᠣᠯᠠ᠂ ᠣᠨᠴᠠ ᠵᠢᠯ ᠣᠨ ᠤ᠋ ᠤᠳᠠᠭᠠᠨ ᠢ᠋ ᠡᠷᠢᠬᠦ ᠪᠥᠭᠡᠳ ᠬᠠᠭᠤᠴᠢᠨ ᠡᠷᠲᠡᠨ ᠦ᠌ ᠵᠢᠳᠬᠦᠯ ᠢ᠋ ᠬᠡᠯᠡᠯᠴᠡᠬᠦ ᠢᠨᠦ ᠬᠡᠳᠦᠢ ᠭᠡᠷ ᠦ᠋ᠨ ᠳᠣᠲᠣᠷ᠎ᠠ ᠪᠣᠯᠪᠠᠴᠤ ᠤᠯᠤᠰ ᠤ᠋ᠨ ᠴᠠᠭᠠᠵᠠ ᠪᠥᠬᠦᠷ ᠢ᠋ ᠮᠡᠳᠡᠪᠡᠰᠦ ᠪᠣᠯᠤᠮᠤᠢ᠃ ᠲᠡᠢᠨ ᠬᠦ᠌ ᠬᠠᠭᠤᠷᠮᠠᠭ ᠦᠭᠡᠢ ᠢᠨᠦ ᠮᠠᠭᠠᠳ ᠲᠤᠯᠠ ᠰᠡᠴᠡᠨ ᠵᠦᠰᠦᠨ ᠬᠠᠲᠤᠨ ᠤ᠋ ᠳᠠᠭᠠᠭᠤᠯᠤᠨ ᠦᠢᠯᠡᠳᠦᠭᠰᠡᠨ ᠦᠭᠡᠢ ᠢᠨᠦ ᠢᠯᠡ ᠪᠤᠰᠤ ᠤᠤ ! ᠰᠡᠴᠡᠨ ᠴᠣᠯᠠ ᠬᠣᠭᠣᠰᠣᠨ ᠪᠤᠰᠤ ᠶ᠋ᠢ ᠦᠵᠡᠭᠳᠡᠬᠦᠢ ᠃
