ᠬᠥᠬᠡ ᠰᠤᠳᠤᠷ - ᠢᠨᠵᠠᠨᠨᠠᠰᠢ < ᠠᠷᠪᠠ ᠶᠢᠰᠦᠳᠦᠭᠡᠷ ᠪᠦᠯᠦᠭ > Хөх судар - Инжинаш < Арав есдүгээр бүлэг >
ᠰᠥᠩ ᠭᠤᠸᠠᠩᠽᠦ᠋ᠩ ᠦ᠋ᠨ ᠱᠣᠣ ᠰᠢ ᠶ᠋ᠢᠨ ᠲᠠᠪᠤᠳᠤᠭᠠᠷ ᠣᠨ ᠂ ᠠᠯᠲᠠᠨ ᠤᠯᠤᠰ ᠤ᠋ᠨ ᠵᠠᠩᠽᠦ᠋ᠩ
ᠬᠠᠭᠠᠨ ᠤ᠋ ᠴᠠᠩ ᠮᠢᠩ ᠦ᠋ᠨ ᠪᠠᠰᠠ ᠲᠠᠪᠤᠳᠤᠭᠠᠷ ᠣᠨ᠂ ᠲᠠᠢᠽᠦ ᠭᠤᠴᠢᠨ ᠭᠤᠷᠪᠠᠲᠠᠢ ᠪᠠᠢᠭᠰᠠᠭᠠᠷ ᠂
ᠬᠥᠬᠡ ᠪᠠᠷᠰ ᠵᠢᠯ ᠪᠠᠢᠭᠰᠠᠭᠠᠷ ᠪᠤᠶᠤ ᠂ ᠡᠨᠡ ᠪᠦᠯᠦᠭ ᠲᠣᠷ ᠬᠠᠯᠠᠮᠤᠢ
ᠵᠠᠯᠢᠲᠤ ᠬᠠᠭᠠᠨ ᠶᠢᠰᠦᠨ ᠤᠯᠤᠰ ᠤ᠋ᠨ ᠴᠡᠷᠢᠭ ᠢ᠋ ᠴᠤᠭᠯᠠᠭᠤᠯᠵᠤ ᠪᠣᠷᠵᠢᠭᠢᠳ ᠢ᠋ ᠪᠠᠢᠯᠳᠤᠬᠤ ᠪᠠᠷ ᠪᠡᠯᠡᠳᠬᠡᠪᠡ
ᠲᠠᠢᠽᠦ ᠪᠣᠭᠳᠠ ᠲᠠᠪᠤᠨ ᠪᠠᠷᠰ ᠤ᠋ᠨ ᠪᠠᠭᠠᠲᠤᠳ ᠢ᠋ ᠰᠢᠯᠭᠠᠵᠤ ᠰᠠᠷᠯᠠᠭ ᠢ᠋ ᠰᠠᠢᠷᠬᠠᠬᠤ ᠶ᠋ᠢ ᠲᠣᠭᠲᠠᠭᠠᠪᠠ
ᠴᠢᠭᠢᠷᠠᠭ ᠡᠵᠡᠨ ᠴᠢᠳᠠᠪᠤᠷᠢᠲᠤ ᠰᠠᠢᠳ ᠤᠯᠤᠰ ᠢ᠋ ᠪᠠᠢᠭᠤᠯᠬᠤᠢ ᠶ᠋ᠢᠨ ᠡᠷᠳᠡᠨᠢ
ᠴᠢᠩᠭ᠎ᠠ ᠴᠠᠭᠠᠵᠠ ᠴᠡᠩᠭᠡᠯᠲᠦ ᠱᠠᠩ ᠴᠡᠷᠢᠭ ᠢ᠋ ᠵᠠᠬᠢᠷᠬᠤᠢ ᠶ᠋ᠢᠨ ᠰᠦᠷ ᠂
ᠴᠢᠬᠡᠴᠢ ᠵᠢᠨᠦᠩ ᠴᠢᠷᠮᠠᠭᠴᠢ ᠵᠠᠩᠵᠤᠨ ᠴᠢᠨᠠᠳᠤᠰ ᠢ᠋ ᠳᠡᠢᠯᠬᠦᠢ ᠶ᠋ᠢᠨ ᠦᠨᠳᠦᠰᠦ
ᠴᠢᠨᠠᠷᠲᠤ ᠢᠯᠳᠦ ᠴᠢᠬᠢᠮᠠᠢ ᠨᠤᠮᠤ ᠴᠢᠨᠡᠭᠡᠨ ᠢ᠋ ᠮᠡᠳᠡᠬᠦᠢ ᠶ᠋ᠢᠨ ᠲᠣᠪᠴᠢᠶ᠎ᠠ ᠃
ᠲᠡᠨᠳᠡᠴᠡ ᠲᠠᠩᠭᠤᠳ ᠤ᠋ᠨ ᠰᠢᠳᠤᠷᠭᠤ ᠬᠠᠭᠠᠨ ᠳᠣᠲᠣᠭᠠᠳᠤ ᠣᠷᠲᠣᠨ᠎ᠠ ᠣᠷᠣᠵᠤ ᠂ ᠬᠣᠶᠠᠷ ᠡᠳᠦᠷ ᠦ᠋ᠨ ᠬᠤᠷᠢᠮ ᠳ᠋ᠤᠷ ᠣᠭᠲᠣ ᠪᠠᠶᠠᠷ ᠦᠭᠡᠢ ᠳ᠋ᠦ᠍ᠷ ᠮᠣᠭᠠᠢ ᠶ᠋ᠢᠨ ᠰᠢᠮᠨᠤ ᠭᠦᠷᠪᠡᠯᠵᠢᠨ ᠭᠤᠸ᠎ᠠ ᠬᠠᠲᠤᠨ ᠬᠡᠳᠦᠢᠨᠡᠢ ᠬᠠᠬᠤᠤᠯᠢ ᠢᠳᠡᠵᠦ ᠦᠭᠡ ᠨᠡᠪᠲᠡᠷᠡᠭᠰᠡᠨ ᠲᠤᠯᠠ ᠳᠠᠷᠤᠢ ᠬᠤᠷᠢᠮ ᠤ᠋ᠨ ᠳᠡᠭᠡᠷ᠎ᠡ ᠠᠷᠢᠬᠢᠨ ᠤ᠋ ᠬᠤᠨᠳᠠᠭ᠎ᠠ ᠶ᠋ᠢᠨ ᠲᠠᠪᠰᠢ ᠶ᠋ᠢ ᠡᠷᠭᠦᠵᠦ ᠥᠭᠦᠯᠡᠷᠦᠨ : 《ᠬᠠᠰ ᠬᠠᠳᠠ ᠮᠡᠲᠦ ᠬᠠᠭᠠᠨ ᠡᠵᠡᠨ ᠮᠢᠨᠦ ᠂ ᠬᠠᠷᠠᠬᠠᠨ ᠤᠷᠵᠢᠳᠤᠷ ᠠ᠋ᠴᠠ ᠬᠠᠯᠠᠰᠢᠷᠠᠨ ᠵᠣᠪᠠᠨᠢᠵᠤ ᠪᠠᠶᠠᠷ ᠦᠭᠡᠢ ᠢᠨᠤ ᠬᠠᠭᠠᠨ ᠤ᠋ ᠶᠡᠬᠡ ᠲᠥᠷᠥ ᠳ᠋ᠦ᠍ᠷ ᠶᠠᠮᠪᠠᠷ ᠬᠠᠷᠰᠢᠯᠳᠤ ᠬᠡᠷᠡᠭ ᠭᠠᠷᠴᠤ ᠬᠠᠲᠠᠭᠤᠵᠢᠨ ᠪᠠᠢᠬᠤ ᠮᠡᠲᠦ ᠢᠨᠤ ᠶᠠᠭᠤᠨ ᠪᠣᠯᠪᠠ ? 》ᠬᠡᠮᠡᠭᠰᠡᠨ ᠳ᠋ᠦ᠍ᠷ ᠰᠢᠳᠤᠷᠭᠤ ᠨᠡᠷᠡᠲᠦ ᠬᠠᠭᠠᠨ ᠢ᠋ᠶ᠋ᠠᠷ ᠰᠢᠯᠤᠭᠤᠨ ᠰᠠᠢᠬᠠᠨ ᠭᠦᠷᠪᠡᠯᠵᠢᠨ ᠭᠤᠸ᠎ᠠ ᠬᠠᠲᠤᠨ ᠢ᠋ᠶ᠋ᠠᠨ ᠰᠢᠷ᠎ᠠ ᠮᠠᠩᠭᠣᠭ ᠡᠪᠦᠳᠦᠭ ᠲᠣᠷ ᠢ᠋ᠶ᠋ᠠᠨ ᠰᠠᠭᠤᠯᠭᠠᠵᠤ ᠂ ᠰᠠᠷᠯᠠᠭ ᠤᠯᠤᠰ ᠤ᠋ᠨ ᠬᠡᠷᠡᠭ ᠪᠠ ᠪᠧᠲ᠋ᠠ᠋ ᠤᠯᠤᠰ ᠤ᠋ᠨ ᠦᠢᠯᠡ ᠲᠡᠢ ᠪᠦᠷᠢᠨ᠎ᠡ ᠬᠡᠯᠡᠵᠦ ᠬᠣᠶᠠᠷ ᠲᠠᠰᠢ ᠵᠣᠪᠠᠭᠤᠷᠢᠰᠢᠶᠠᠨ ᠥᠭᠦᠯᠡᠷᠦᠨ : 《ᠰᠠᠷᠯᠠᠭ ᠤᠯᠤᠰ ᠲᠤᠷ ᠴᠡᠷᠢᠭ ᠪᠦᠦ ᠥᠭᠰᠦᠭᠡᠢ ᠬᠡᠮᠡᠬᠦᠯ᠎ᠡ ᠰᠠᠷᠯᠠᠭ ᠤᠯᠤᠰ ᠪᠤᠰᠤ ᠨᠠᠢ᠍ᠮᠠᠨ ᠶᠡᠬᠡᠬᠡᠨ ᠤᠯᠤᠰ ᠠ᠋ᠴᠠ ᠬᠡᠳᠦ ᠬᠡᠳᠦᠨ ᠲᠦᠮᠡᠨ ᠴᠡᠷᠢᠭ ᠣᠯᠤᠭᠰᠠᠨ ᠲᠤᠯᠠ ᠭᠡᠨᠡᠳᠲᠡ ᠪᠧᠲ᠋ᠠ᠋ ᠤᠯᠤᠰ ᠢ᠋ ᠳᠠᠢᠯᠠᠪᠠᠰᠤ ᠳᠠᠭᠠᠯᠳᠤᠭ᠎ᠠ ᠮᠠᠨ ᠯᠤᠭ᠎ᠠ ᠣᠷᠣᠯᠳᠣᠮᠤᠢ ᠂ ᠨᠡᠩ ᠪᠠᠰᠠ ᠮᠠᠨ ᠤ᠋ ᠤᠯᠤᠰ ᠯᠤᠭ᠎ᠠ ᠮᠠᠰᠢ ᠣᠢᠷ᠎ᠠ᠂ ᠡᠭᠦᠨ ᠳ᠋ᠦ᠍ᠷ ᠵᠣᠪᠠᠨᠢᠮᠤᠢ᠃ ᠰᠠᠷᠯᠠᠭ ᠲᠤᠷ ᠴᠡᠷᠢᠭ ᠥᠭᠰᠦᠭᠡᠢ ᠭᠡᠬᠦᠯ᠎ᠡ ᠪᠠᠶᠠᠨ ᠰᠠᠷᠲᠠᠸᠠᠬᠢ ᠲᠠᠢᠰᠢ ᠲᠠᠨ ᠤ᠋ ᠡᠴᠢᠭᠡ ᠬᠥᠪᠡᠭᠦᠨ ᠦ ᠥᠴᠢᠬᠦ ᠢᠨᠤ ᠪᠧᠲ᠋ᠠ᠋ ᠤᠯᠤᠰ ᠰᠠᠷᠯᠠᠭ ᠤᠯᠤᠰ ᠠ᠋ᠴᠠ ᠬᠡᠲᠦᠷᠬᠡᠢ ᠬᠡᠴᠡᠭᠦᠦ ᠪᠠᠭᠠᠲᠤᠷ᠂ ᠰᠠᠷᠯᠠᠭ ᠤᠯᠤᠰ ᠬᠡᠷᠬᠢᠪᠡᠴᠦ ᠪᠧᠲ᠋ᠠ᠋ ᠤᠯᠤᠰ ᠢ᠋ ᠲᠠᠢᠯᠤᠨ ᠴᠢᠳᠠᠬᠤ ᠦᠭᠡᠢ ᠬᠡᠮᠡᠮᠦᠢ᠃ ᠬᠡᠷᠪᠡ ᠦᠨᠡᠬᠡᠷ ᠡᠢᠮᠦ ᠪᠣᠯᠪᠠᠰᠤ ᠪᠧᠲ᠋ᠠ᠋ ᠤᠯᠤᠰ ᠳᠡᠢᠯᠦᠭᠰᠡᠨ ᠴᠠᠭ ᠲᠤ᠌᠂ ᠪᠢᠳᠡᠨ ᠢ᠋ ᠤᠷᠢᠳᠠ ᠶ᠋ᠢᠨ ᠦᠭᠡ ᠡᠴᠡ ᠤᠷᠪᠠᠵᠤ᠂ ᠣᠯᠠᠨ ᠯᠤᠭ᠎ᠠ ᠨᠡᠢᠯᠡᠪᠡ ᠭᠡᠮᠡᠨ ᠨᠡᠩᠳᠡ ᠬᠦᠯᠢᠶᠡᠬᠦ ᠦᠭᠡᠢ᠂ ᠯᠠᠪ ᠶᠡᠬᠡ ᠴᠡᠷᠢᠭ ᠬᠥᠳᠡᠯᠦᠮᠦᠢ᠃ ᠡᠨᠡ ᠬᠣᠶᠠᠷ ᠴᠥᠮ ᠬᠡᠴᠡᠭᠦᠦ ᠲᠤᠯᠠ ᠲᠠᠰᠤᠯᠤᠨ ᠴᠢᠳᠠᠬᠤ ᠦᠭᠡᠢ ᠲᠠᠲᠠᠭᠠᠯᠵᠠᠮᠤᠢ᠃ ᠳ᠋ᠤᠷᠳᠤᠩ ᠤ᠋ᠨ ᠬᠡᠯᠡᠬᠦ ᠢᠨᠤ ᠪᠧᠲ᠋ᠠ᠋ ᠤᠯᠤᠰ ᠤ᠋ᠨ ᠡᠵᠡᠨ ᠲᠡᠮᠦᠵᠢᠨ ᠬᠡᠮᠡᠭᠴᠢ ᠲᠡᠮᠳᠡᠭᠲᠡᠶ᠎ᠡ ᠮᠠᠭᠠᠳ ᠲᠡᠭᠷᠢ ᠶ᠋ᠢᠨ ᠬᠥᠪᠡᠭᠦᠨ ᠮᠥᠨ ᠬᠡᠮᠡᠮᠦᠢ ᠃ ᠴᠢ ᠦᠵᠡ ᠂ ᠡᠨᠡ ᠬᠡᠷᠡᠭ ᠢ᠋ ᠬᠡᠷᠬᠢᠪᠡᠰᠦ ᠰᠠᠢᠨ ? 》ᠬᠡᠮᠡᠭᠰᠡᠨ ᠳ᠋ᠦ᠍ᠷ ᠡᠪᠦᠳᠦᠭ ᠲᠣᠷ ᠰᠠᠭᠤᠭᠰᠠᠨ ᠦᠯᠡᠮᠵᠢ ᠰᠠᠢᠬᠠᠨ ᠭᠦᠷᠪᠡᠯᠵᠢᠨ ᠭᠤᠸ᠎ᠠ ᠬᠠᠲᠤᠨ ᠥᠴᠦᠬᠡᠨ ᠲᠡᠳᠦᠢ ᠵᠢᠮᠢᠰᠬᠢᠲᠡᠯᠡ ᠢᠨᠢᠶᠡᠵᠦ ᠂ ᠥᠪᠡᠷᠮᠢᠴᠡ ᠰᠠᠢᠬᠠᠨ ᠢᠷᠠᠭᠤ ᠵᠡᠷᠭᠡᠭᠴᠢ ᠠᠯᠲᠠᠨ ᠭᠤᠷᠭᠤᠤᠯᠳᠠᠢ ᠮᠡᠲᠦ ᠳᠠᠭᠤᠨ ᠢ᠋ᠶ᠋ᠠᠷ ᠥᠭᠦᠯᠡᠷᠦᠨ : 《ᠥᠷᠥᠰᠢᠶᠡᠯ ᠶᠡᠬᠡᠲᠦ ᠬᠠᠭᠠᠨ ᠡᠵᠡᠨ ᠥᠴᠦᠬᠡᠨ ᠬᠥᠮᠦᠨ ᠳ᠋ᠦ᠍ᠷ ᠮᠡᠬᠡᠯᠡᠭᠳᠡᠪᠡᠢ !》 ᠬᠡᠮᠡᠭᠰᠡᠨ ᠳ᠋ᠦ᠍ᠷ ᠰᠢᠳᠤᠷᠭᠤ ᠬᠠᠭᠠᠨ ᠤᠴᠢᠷ ᠢ᠋ ᠠᠰᠠᠭᠤᠭᠰᠠᠨ ᠳ᠋ᠤᠷ ᠭᠦᠷᠪᠡᠯᠵᠢᠨ ᠬᠠᠲᠤᠨ ᠥᠭᠦᠯᠡᠷᠦᠨ : 《ᠬᠠᠭᠠᠨ ᠡᠵᠡᠨ ᠮᠢᠨᠦ ᠦᠨᠡᠬᠡᠷ ᠰᠢᠳᠤᠷᠭᠤ ᠰᠢᠯᠤᠭᠤᠨ ᠤ᠋ ᠲᠤᠢᠯ ᠳ᠋ᠤᠷ ᠬᠦᠷᠴᠦᠬᠦᠢ ᠃ ᠲᠡᠷᠡ ᠳ᠋ᠤᠷᠳᠤᠩ ᠪᠢᠳᠡᠨ ᠦ᠌ ᠬᠦᠨᠳᠦ ᠪᠡᠯᠡᠭ ᠢ᠋ ᠪᠧᠲ᠋ᠠ᠋ ᠤᠯᠤᠰ ᠲᠤᠷ ᠬᠦᠷᠭᠡᠵᠦ ᠡᠴᠢᠭᠡᠳ ᠲᠡᠷᠡ ᠬᠠᠷᠢᠨ ᠡᠵᠡᠨ ᠦ᠌ ᠡᠳ᠋ ᠢ᠋ᠶ᠋ᠡᠷ ᠪᠧᠲ᠋ᠠ᠋ ᠤᠯᠤᠰ ᠯᠤᠭ᠎ᠠ ᠨᠠᠢᠷ ᠲᠠᠯ᠎ᠠ ᠲᠠᠢ ᠪᠣᠯᠵᠤ ᠂ ᠪᠧᠲ᠋ᠠ᠋ ᠤᠯᠤᠰ ᠤ᠋ᠨ ᠮᠠᠰᠢ ᠬᠦᠨᠳᠦ ᠶᠡᠬᠡ ᠪᠡᠯᠩ ᠦ᠋ᠨ ᠱᠠᠩ ᠬᠡᠰᠢᠭ ᠲᠣᠷ ᠬᠦᠷᠲᠡᠭᠡᠳ ᠪᠠᠰᠠ ᠲᠡᠭᠦᠨ ᠦ᠌ ᠡᠴᠢᠭᠡ ᠪᠠᠶᠠᠨ ᠰᠠᠷᠲᠠᠸᠠᠬᠢ ᠳ᠋ᠤᠷ ᠨᠡᠷᠡᠲᠡᠢ ᠰᠠᠢᠨ ᠮᠣᠷᠢ ᠬᠣᠶᠠᠷ ᠬᠣᠣᠰ ᠢᠷᠡᠭᠰᠡᠨ ᠢ᠋ᠶ᠋ᠡᠷ ᠡᠳᠡᠨ ᠦ᠌ ᠡᠴᠢᠭᠡ ᠬᠥᠪᠡᠭᠦᠨ ᠮᠠᠨ ᠤ᠋ ᠤᠯᠤᠰ ᠢ᠋ ᠬᠤᠳᠠᠯᠳᠤᠵᠤ ᠂ ᠪᠧᠲ᠋ᠠ᠋ ᠤᠯᠤᠰ ᠢ᠋ ᠳᠣᠯᠳᠣᠢᠳᠠᠨ ᠪᠠᠶᠠᠨ ᠡᠷᠬᠢᠮ ᠢ᠋ ᠣᠯᠰᠤᠭᠠᠢ ᠬᠡᠮᠡᠬᠦ ᠪᠣᠯᠠᠢ᠃ ᠡᠵᠡᠨ ᠬᠡᠷᠪᠡ ᠡᠰᠡ ᠢᠲᠡᠭᠡᠪᠡᠰᠦ ᠳ᠋ᠤᠷᠳᠤᠩ ᠲᠠᠨ ᠤ᠋ ᠪᠧᠲ᠋ᠠ᠋ ᠤᠯᠤᠰ ᠠ᠋ᠴᠠ ᠣᠯᠤᠭᠰᠠᠨ ᠱᠠᠩ ᠤ᠋ᠨ ᠡᠳ᠋ ᠢ᠋ ᠠᠴᠢᠷᠠᠭᠤᠯᠵᠤ ᠦᠵᠡᠭᠳᠡᠬᠦᠢ ᠂ ᠲᠡᠷᠡ ᠬᠡᠷᠪᠡ ᠭᠡᠮ ᠦᠭᠡᠢ ᠪᠥᠭᠡᠰᠦ ᠂ ᠣᠯᠤᠭᠰᠠᠨ ᠡᠳ᠋ ᠢ᠋ᠶ᠋ᠡᠨ ᠡᠵᠡᠨ ᠳ᠋ᠦ᠍ᠷ ᠶᠠᠭᠤᠨ ᠳ᠋ᠤᠷ ᠪᠦᠷᠢᠳᠬᠡᠨ ᠦᠯᠦ ᠠᠢᠯᠠᠳᠬᠠᠮᠤᠢ ? ᠵᠢᠴᠢ ᠪᠠᠰᠠ ᠠᠩᠬᠠᠨ ᠤ᠋ ᠪᠧᠲ᠋ᠠ᠋ ᠤᠯᠤᠰ ᠤ᠋ᠨ ᠡᠵᠡᠨ ᠡᠮᠦᠨ᠎ᠡ ᠰᠥᠩ ᠤᠯᠤᠰ ᠢ᠋ ᠳᠣᠲᠣᠭᠤᠷ ᠢ᠋ᠶ᠋ᠠᠷ ᠣᠯᠪᠠ ᠬᠡᠮᠡᠭᠰᠡᠨ ᠴᠤᠤ ᠦᠭᠡᠰ ᠲᠠᠯᠪᠢᠭ᠍ᠰᠠᠨ ᠠᠨᠤ ᠪᠠᠰᠠ ᠬᠦ᠌ ᠡᠨᠡ ᠡᠴᠢᠭᠡ ᠬᠥᠪᠡᠭᠦᠨ ᠦ᠌ ᠲᠠᠯᠪᠢᠭ᠍ᠰᠠᠨ ᠦᠭᠡᠰ ᠪᠣᠯᠠᠢ᠃ ᠲᠡᠳᠡᠨ ᠦ᠌ ᠬᠡᠯᠡᠬᠦ ᠪᠡᠷ ᠪᠧᠲ᠋ᠠ᠋ ᠤᠯᠤᠰ ᠲᠡᠷᠡ ᠮᠡᠲᠦ ᠬᠦᠴᠦᠲᠡᠢ ᠪᠥᠭᠡᠳ ᠲᠡᠭᠦᠨ ᠢ᠋ ᠵᠠᠬ᠎ᠠ ᠨᠡᠢᠯᠡᠬᠦ ᠬᠡᠷᠡᠢᠳ ᠤᠯᠤᠰ ᠪᠠ ᠨᠠᠢ᠍ᠮᠠᠨ ᠤᠯᠤᠰ ᠤ᠋ᠳ ᠵᠡᠷᠭᠡ ᠶ᠋ᠢᠨ ᠤᠯᠤᠰ ᠤ᠋ᠳ ᠢ᠋ ᠶᠠᠭᠤᠨ ᠳ᠋ᠤᠷ ᠡᠳᠦᠢ ᠬᠦᠷᠲᠡᠯ᠎ᠡ ᠬᠤᠷᠢᠶᠠᠵᠤ ᠦᠯᠦ ᠴᠢᠳᠠᠮᠤᠢ ? ᠮᠠᠨ ᠤ᠋ ᠤᠯᠤᠰ ᠲᠡᠷᠡ ᠬᠡᠷᠡᠢᠳ ᠪᠠ ᠨᠠᠢ᠍ᠮᠠᠨ ᠤ᠋ ᠵᠡᠷᠭᠡ ᠶ᠋ᠢᠨ ᠤᠯᠤᠰ ᠲᠤᠷ ᠦᠯᠢᠳᠬᠡᠪᠡᠰᠦ ᠠᠷᠪᠠ ᠬᠣᠷᠢᠨ ᠤ᠋ ᠴᠢᠨᠡᠭᠡᠨ ᠶᠡᠬᠡ ᠦᠭᠡᠢ ᠦᠦ ? ᠪᠧᠲ᠋ᠠ᠋ ᠤᠯᠤᠰ ᠠ᠋ᠴᠠ ᠶᠠᠮᠪᠠᠷ ᠠᠶᠤᠬᠤ ᠭᠠᠵᠠᠷ ᠪᠣᠢ ᠠᠵᠢ ᠂ ᠨᠡᠩ ᠪᠠᠰᠠ ᠲᠡᠷᠡ ᠪᠠᠶᠠᠨ ᠰᠠᠷᠲᠠᠸᠠᠬᠢ ᠂ ᠳ᠋ᠤᠷᠳᠤᠩ ᠡᠴᠢᠭᠡ ᠬᠥᠪᠡᠭᠦᠨ ᠬᠣᠶᠠᠭᠤᠯᠠ ᠪᠧᠲ᠋ᠠ᠋ ᠤᠯᠤᠰ ᠤ᠋ᠨ ᠡᠵᠡᠨ ᠦ᠌ ᠯᠠᠪᠲᠠᠢ ᠲᠡᠭᠷᠢ ᠶ᠋ᠢᠨ ᠬᠥᠪᠡᠭᠦᠨ ᠢ᠋ ᠳᠣᠲᠣᠷᠬᠠᠶ᠎ᠠ ᠮᠡᠳᠡᠭᠰᠡᠨ ᠶᠠᠮᠪᠠᠷ ᠭᠡᠷᠡᠴᠢ ᠪᠣᠢ ? ᠡᠭᠦᠨ ᠢ᠋ᠶ᠋ᠡᠷ ᠳᠠᠷᠤᠢ ᠲᠡᠳᠡᠨ ᠦ᠌ ᠡᠴᠢᠭᠡ ᠬᠥᠪᠡᠭᠦᠨ ᠦ᠌ ᠥᠪᠡᠷ᠎ᠡ ᠰᠡᠳᠬᠢᠯ ᠡᠪᠦᠷᠯᠡᠭᠰᠡᠨ ᠢ᠋ ᠮᠡᠳᠡᠵᠦ ᠪᠣᠯᠤᠯᠲᠠᠢ ᠪᠣᠯᠠᠢ 》ᠬᠡᠮᠡᠭᠰᠡᠨ ᠦᠭᠡᠰ ᠲᠣᠷ ᠰᠢᠳᠤᠷᠭᠤ ᠬᠠᠭᠠᠨ ᠰᠣᠭᠲᠣᠭᠰᠠᠨ ᠠ᠋ᠴᠠ ᠰᠡᠷᠭᠦᠵᠦ ᠂ ᠵᠡᠭᠦᠳᠦᠨ ᠡᠴᠡ ᠰᠡᠷᠢᠭᠰᠡᠨ ᠠᠳᠠᠯᠢ ᠪᠣᠯᠵᠤ ᠳᠠᠷᠤᠢ ᠰᠠᠷᠯᠠᠭ ᠤᠯᠤᠰ ᠲᠤᠷ ᠬᠣᠶᠠᠷ ᠮᠢᠩᠭᠠᠨ ᠰᠢᠯᠭᠠᠭᠰᠠᠨ ᠴᠡᠷᠢᠭ ᠥᠭᠰᠦᠭᠡᠢ ᠭᠡᠮᠡᠨ ᠵᠠᠮᠤᠬ᠎ᠠ ᠶ᠋ᠢ ᠬᠤᠷᠢᠮᠯᠠᠭᠤᠯᠪᠠ ᠃ ᠵᠠᠮᠤᠬ᠎ᠠ ᠶᠡᠬᠡᠯ᠎ᠡ ᠪᠠᠶᠠᠷᠯᠠᠨ ᠰᠢᠳᠤᠷᠭᠤ ᠬᠠᠭᠠᠨ ᠳ᠋ᠤᠷ ᠮᠥᠷᠭᠥᠨ ᠶᠣᠰᠣᠯᠠᠵᠤ ᠂ ᠲᠠᠩᠭᠤᠳ ᠤ᠋ᠨ ᠨᠡᠢᠰᠯᠡᠯ ᠬᠣᠲᠠ ᠲᠦᠷᠢᠮᠡᠬᠡᠢ ᠪᠠᠯᠭᠠᠰᠤᠨ ᠠ᠋ᠴᠠ ᠭᠠᠷᠴᠤ ᠰᠠᠷᠯᠠᠭ ᠤᠯᠤᠰ ᠲᠤᠷ ᠢᠷᠡᠵᠦ ᠴᠡᠷᠢᠭ ᠣᠯᠤᠭᠰᠠᠨ ᠭᠠᠪᠢᠶ᠎ᠠ ᠪᠠᠨ ᠮᠡᠳᠡᠭᠦᠯᠪᠡ ᠃ ᠡᠨᠡ ᠬᠡᠷᠡᠭ ᠳᠣᠲᠣᠷ᠎ᠠ ᠠ᠋ᠴᠠ ᠬᠤᠪᠢᠰᠤᠭᠰᠠᠨ ᠢ᠋ ᠪᠠᠶᠠᠨ ᠰᠠᠷᠲᠠᠸᠠᠬᠢ ᠂ ᠳ᠋ᠤᠷᠳᠤᠩ ᠲᠠᠨ ᠤ᠋ ᠡᠴᠢᠭᠡ ᠬᠥᠪᠡᠭᠦᠨ ᠰᠣᠨᠣᠰᠴᠤ ᠠᠳᠠᠯᠢ ᠳᠠᠩ ᠤ᠋ᠨ ᠳᠠᠭᠠᠴᠢᠬ᠍ᠴᠢ ᠨᠣᠶᠠᠳ ᠤ᠋ᠨ ᠵᠦᠭ ᠥᠭᠦᠯᠡᠭᠰᠡᠨ ᠢᠨᠤ :
ᠡᠦ ᠣᠪᠣᠭᠲᠤ ᠵᠠᠩ ᠬᠢᠲᠠᠳ ᠥᠷᠨᠢᠪᠡ
ᠦᠭᠡ ᠤᠷᠠᠨ ᠭᠦᠷᠪᠡᠯᠵᠢᠨ ᠬᠠᠲᠤᠨ ᠥᠮᠴᠢᠯᠡᠪᠡ ᠂
ᠦᠨᠡᠨ ᠰᠢᠳᠤᠷᠭᠤ ᠮᠠᠨ ᠤ᠋ ᠬᠠᠭᠠᠨ ᠦᠨᠡᠮᠰᠢᠪᠡ
ᠦᠯᠢᠳᠬᠡᠰᠢ ᠦᠭᠡᠢ ᠵᠣᠪᠠᠯᠠᠩ ᠤ᠋ᠨ ᠦᠨᠳᠦᠰᠦ ᠦᠨᠳᠦᠰᠦᠯᠡᠪᠡ ᠬᠡᠮᠡᠪᠡᠢ ᠃
ᠲᠡᠭᠦᠨᠴᠡ ᠰᠠᠷᠯᠠᠭ ᠤ᠋ᠨ ᠵᠠᠯᠢᠲᠤ ᠬᠠᠭᠠᠨ ᠪᠣᠳᠣᠪᠠᠰᠤ ᠥᠪᠡᠷ ᠦ᠋ᠨ ᠲᠠᠪᠤᠨ ᠮᠣᠵᠢ ᠶ᠋ᠢᠨ ᠴᠡᠷᠢᠭ ᠪᠠ ᠭᠠᠳᠠᠭᠠᠳᠤ ᠶᠢᠰᠦᠨ ᠤᠯᠤᠰ ᠤ᠋ᠨ ᠲᠤᠰᠠᠯᠠᠬᠤ ᠴᠡᠷᠢᠭ ᠲᠡᠢ ᠨᠡᠢᠯᠡᠭᠦᠯᠪᠡᠰᠦ ᠂ ᠨᠡᠢᠲᠡ ᠵᠢᠷᠭᠤᠭᠠᠨ ᠲᠦᠮᠡᠨ ᠶᠢᠰᠦᠨ ᠮᠢᠩᠭᠠᠨ ᠳᠣᠯᠣᠭᠠᠨ ᠵᠠᠭᠤᠨ ᠢᠯᠡᠭᠦᠦ ᠪᠣᠯᠤᠭᠰᠠᠨ ᠲᠤᠯᠠ ᠡᠷᠬᠡᠪᠰᠢ ᠠᠷᠪᠠᠨ ᠲᠦᠮᠡᠨ ᠦ᠌ ᠲᠣᠭ᠎ᠠ ᠳ᠋ᠤᠷ ᠬᠦᠷᠦᠭᠦᠯᠰᠦᠭᠡᠢ ᠭᠡᠮᠡᠨ ᠪᠣᠳᠣᠭᠰᠠᠭᠠᠷ ᠂ ᠭᠡᠨᠡᠳᠲᠡ ᠨᠢᠭᠡᠨ ᠠᠷᠭ᠎ᠠ ᠣᠯᠵᠤ ᠂ ᠣᠮᠣᠭ ᠰᠠᠨᠠᠭᠠᠨ ᠠᠨᠤ ᠨᠡᠩ ᠥᠰᠴᠦ ᠳᠠᠷᠤᠢ ᠪᠠᠢᠯᠳᠤᠬᠤ ᠠᠷᠭ᠎ᠠ ᠶ᠋ᠢ ᠪᠤᠳᠤᠬᠤᠶ᠎ᠠ ᠬᠡᠷᠡᠢᠳ ᠦ᠋ᠨ ᠵᠠᠮᠤᠬ᠎ᠠ ᠣᠷᠣᠵᠤ ᠴᠢᠬᠢᠨ ᠦ᠌ ᠳᠡᠷᠭᠡᠳᠡ ᠡᠢᠮᠦ ᠲᠡᠢᠮᠦ ᠭᠡᠮᠡᠨ ᠬᠡᠯᠡᠵᠦ ᠬᠣᠢᠲᠤ ᠬᠠᠪᠤᠷ ᠤ᠋ᠨ ᠳᠤᠯᠠᠭᠠᠨ ᠢ᠋ ᠬᠦᠯᠢᠶᠡᠯᠭᠡᠪᠡ ᠃ ᠪᠧᠲ᠋ᠠ᠋ ᠤᠯᠤᠰ ᠳᠥᠷᠪᠡᠨ ᠵᠦᠭ ᠦ᠋ᠨ ᠲᠤᠷᠰᠢᠭᠤᠯ ᠤ᠋ᠨ ᠠᠷᠠᠳ ᠲᠤᠷ ᠬᠦᠨᠳᠦᠳᠡ ᠱᠠᠩᠨᠠᠨ ᠡᠨᠡ ᠮᠡᠳᠡᠭᠡ ᠶ᠋ᠢ ᠳᠠᠬᠢᠨ ᠲᠤᠷᠰᠢᠭᠤᠯᠤᠷᠠ ᠶᠠᠪᠤᠭᠤᠯᠤᠭᠠᠳ ᠣᠯᠠᠨ ᠲᠦᠰᠢᠮᠡᠳ ᠯᠦ᠍ᠭᠡ ᠵᠥᠪᠯᠡᠯᠳᠦᠨ ᠪᠥᠬᠥᠶ᠎ᠡ ᠂ ᠲᠠᠢᠽᠦ ᠲᠣᠷᠭᠠᠨ ᠰᠢᠷ᠎ᠠ ᠵᠢᠨᠦᠩ ᠮᠤᠬᠤᠯᠢ ᠨᠠᠷ ᠲᠤᠷ ᠵᠠᠬᠢᠶ᠎ᠠ ᠪᠠᠭᠤᠯᠭᠠᠨ᠂ ᠳᠥᠷᠪᠡᠨ ᠬᠥᠪᠡᠭᠦᠳ ᠂ ᠣᠯᠠᠨ ᠦᠶᠡᠯᠢᠳ ᠬᠥᠪᠡᠭᠦᠨ ᠬᠢᠭᠡᠳ ᠣᠯᠠᠨ ᠰᠠᠢᠳ ᠲᠦᠰᠢᠮᠡᠳ ᠂ ᠤᠷᠤᠭ ᠰᠠᠳᠤᠨ ᠤ᠋ ᠬᠡᠦᠬᠡᠳ ᠲᠣᠷ ᠪᠢᠴᠢᠭ ᠦ᠋ᠨ ᠬᠠᠤᠯᠢ ᠪᠠ ᠴᠡᠷᠢᠭ ᠦ᠋ᠨ ᠡᠷᠳᠡᠮ ᠰᠤᠷᠭᠠᠬᠤ ᠵᠢᠭᠠᠬᠤ ᠬᠥᠮᠦᠨ ᠢ᠋ ᠵᠢᠭᠠᠨ ᠭᠠᠷᠭᠠᠵᠤ ᠪᠠᠭ᠍ᠰᠢ ᠪᠣᠯᠭᠠᠬᠤ ᠶ᠋ᠢ ᠵᠥᠪᠯᠡᠨ ᠲᠣᠭᠲᠠᠭᠠᠵᠤ ᠮᠡᠳᠡᠭᠦᠯ ᠬᠡᠮᠡᠭᠰᠡᠨ ᠲᠤᠯᠠ ᠣᠯᠠᠨ ᠢ᠋ᠶ᠋ᠠᠷ ᠵᠠᠬᠢᠶ᠎ᠠ ᠳᠠᠭᠠᠵᠤ ᠵᠥᠪᠳᠡᠨ ᠲᠣᠭᠲᠠᠭᠠᠭᠰᠠᠨ ᠠᠨᠤ : ᠪᠢᠴᠢᠭ ᠦ᠋ᠨ ᠬᠠᠤᠯᠢ ᠶ᠋ᠢ ᠰᠤᠷᠭᠠᠬᠤ ᠪᠠᠭ᠍ᠰᠢ ᠲᠠᠢᠽᠦ ᠶ᠋ᠢᠨ ᠣᠢᠷ᠎ᠠ ᠤᠭᠰᠠᠭ᠎ᠠ ᠶ᠋ᠢᠨ ᠠᠯᠲᠠᠨ ᠤᠯᠤᠰ ᠤ᠋ᠨ ᠬᠡᠷᠡᠮ ᠦ᠋ᠨ ᠭᠠᠳᠠᠨ᠎ᠠ ᠬᠦᠢ ᠬᠤᠸᠠ ᠶ᠋ᠢ ᠡᠵᠡᠯᠡᠨ ᠰᠠᠭᠤᠬᠤ ᠰᠠᠢᠨ ᠪᠥᠬᠡ ᠬᠠᠨ ᠤ᠋ ᠳᠡᠳ᠋ ᠬᠥᠪᠡᠭᠦᠨ – ᠪᠧᠲ᠋ᠠ᠋ ᠤᠯᠤᠰ ᠤ᠋ᠨ ᠪᠠᠷᠠᠭᠤᠨ ᠡᠮᠦᠨ᠎ᠡ ᠵᠠᠬ᠎ᠠ ᠶ᠋ᠢ ᠳᠠᠭᠠᠭᠠᠴᠢᠯᠠᠬᠤ ᠡᠵᠡᠨ ᠵᠠᠮᠪᠠᠯᠠ ᠤᠷᠲᠤᠳᠠ ᠬᠢᠲᠠᠳ ᠤᠯᠤᠰ ᠲᠤᠷ ᠶᠠᠪᠤᠬᠤ ᠲᠤᠯᠠ ᠬᠡᠳᠦᠨ ᠵᠦᠢᠯ ᠦ᠋ᠨ ᠪᠢᠴᠢᠭ ᠦᠰᠦᠭ ᠲᠣᠷ ᠮᠠᠰᠢ ᠮᠡᠷᠭᠡᠨ ᠪᠥᠭᠡᠳ ᠬᠡᠳᠦ ᠬᠡᠳᠦᠨ ᠤᠯᠤᠰ ᠤ᠋ᠨ ᠦᠭᠡ ᠬᠡᠯᠡ ᠳ᠋ᠦ᠍ᠷ ᠭᠦᠨ᠎ᠡ ᠨᠡᠪᠲᠡᠷᠡᠵᠦ ᠂ ᠠᠯᠲᠠᠨ ᠤᠯᠤᠰ ᠂ ᠰᠥᠩ ᠤᠯᠤᠰ ᠤ᠋ᠨ ᠬᠢᠲᠠᠳ ᠪᠢᠴᠢᠭ ᠢ᠋ ᠬᠢᠴᠢᠶᠡᠨ ᠰᠤᠷᠴᠤ ᠬᠢᠲᠠᠳ ᠪᠢᠴᠢᠭ ᠂ ᠲᠥᠪᠡᠳ ᠦᠰᠦᠭ ᠂ ᠰᠢᠷ᠎ᠠ ᠪᠢᠴᠢᠭ ᠂ ᠤᠢᠭᠤᠷ ᠦᠰᠦᠭ ᠵᠡᠷᠭᠡ ᠶ᠋ᠢᠨ ᠡᠨᠡ ᠳᠥᠷᠪᠡᠨ ᠬᠡᠯᠡᠨ ᠢ᠋ ᠴᠥᠮ ᠰᠤᠷᠴᠤᠬᠤᠢ ᠃ ᠲᠡᠭᠦᠨ ᠢ᠋ ᠡᠮᠦᠨ᠎ᠡ ᠬᠠᠷᠠᠭᠤᠯ ᠠ᠋ᠴᠠ ᠠᠴᠢᠷᠠᠭᠤᠯᠵᠤ ᠂ ᠲᠡᠭᠦᠨ ᠦ᠌ ᠳᠣᠣᠷ᠎ᠠ ᠰᠠᠢᠬᠠᠨ ᠰᠤᠷᠲᠠᠯᠲᠤ ᠶ᠋ᠢ ᠲᠤᠰᠢᠶᠠᠨ ᠬᠠᠪᠰᠤᠷᠤᠭᠤᠯᠵᠤ ᠂ ᠪᠠᠭ᠎ᠠ ᠡᠵᠡᠳ ᠲᠣᠷ ᠨᠥᠬᠥᠷ ᠪᠣᠯᠭᠠᠨ ᠂ ᠪᠢᠴᠢᠭ ᠦ᠋ᠨ ᠬᠠᠤᠯᠢ ᠶ᠋ᠢ ᠰᠤᠷᠭᠠᠭᠤᠯᠰᠤᠭᠠᠢ ᠂ ᠵᠢᠴᠢ ᠴᠡᠷᠢᠭ ᠦ᠋ᠨ ᠡᠷᠳᠡᠮ ᠰᠤᠷᠭᠠᠬᠤᠢ ᠳ᠋ᠤᠷ ᠪᠣᠯᠪᠠᠰᠤ ᠮᠥᠨ ᠬᠦ᠌ ᠤᠭᠰᠠᠭ᠎ᠠ ᠶ᠋ᠢᠨ ᠲᠣᠭᠲᠣᠩᠭᠣ᠌ ᠪᠠᠭᠠᠲᠤᠷ ᠤ᠋ᠨ ᠦᠶ᠎ᠡ ᠳᠡᠭᠡᠷ᠎ᠡ ᠪᠥᠭᠡᠳ ᠴᠡᠷᠢᠭ ᠦ᠋ᠨ ᠡᠷᠳᠡᠮ ᠮᠠᠰᠢ ᠪᠦᠷᠢᠳᠴᠦᠬᠦᠢ ᠂ ᠴᠡᠷᠢᠭ ᠦ᠋ᠨ ᠠᠷᠪᠠᠨ ᠨᠠᠢ᠍ᠮᠠᠨ ᠵᠦᠢᠯ ᠦ᠋ᠨ ᠡᠷᠳᠡᠮ ᠡᠰᠡ ᠪᠦᠷᠢᠳᠦᠭᠰᠡᠨ ᠢᠨᠦ ᠦᠭᠡᠢ ᠪᠥᠭᠡᠳ ᠲᠡᠭᠦᠨ ᠦ᠌ ᠬᠥᠪᠡᠭᠦᠨ ᠠᠨᠳᠠᠨ ᠴᠢᠩ ᠨᠠᠰᠤᠨ ᠪᠠᠭ᠎ᠠ ᠪᠡᠶ᠎ᠡ ᠪᠤᠯᠪᠠᠷᠠᠢ ᠪᠥᠭᠡᠲᠡᠯ᠎ᠡ ᠪᠠᠭᠠᠲᠤᠷ ᠪᠣᠳᠣᠯᠭᠠᠲᠠᠢ ᠵᠢᠴᠢ ᠰᠥᠪᠡᠭᠡᠲᠡᠢ ᠪᠠᠭᠠᠲᠤᠷ ᠂ ᠡᠳᠡ ᠬᠣᠶᠠᠭᠤᠯᠠ ᠣᠯᠠᠨ ᠠ᠋ᠴᠠ ᠣᠨᠴᠠᠭᠠᠢ ᠲᠤᠯᠠ ᠪᠠᠭ᠎ᠠ ᠡᠵᠡᠳ ᠲᠣᠷ ᠨᠥᠬᠥᠷ ᠪᠣᠯᠭᠠᠨ ᠬᠠᠪᠰᠤᠷᠤᠭᠤᠯᠵᠤ ᠂ ᠪᠠᠭ᠎ᠠ ᠡᠵᠡᠳ ᠢ᠋ ᠴᠡᠷᠢᠭ ᠦ᠋ᠨ ᠡᠷᠳᠡᠮ ᠰᠤᠷᠭᠠᠰᠤᠭᠠᠢ ᠃ ᠵᠢᠴᠢ ᠬᠠᠷᠪᠤᠬᠤ ᠨᠠᠮᠨᠠᠬᠤ ᠵᠦᠢᠯ ᠳ᠋ᠦ᠍ᠷ ᠪᠣᠯᠪᠠᠰᠤ ᠂ ᠮᠥᠨ ᠬᠦ᠌ ᠡᠵᠡᠨ ᠦ᠌ ᠬᠣᠶᠠᠳᠤᠭᠠᠷ ᠳᠡᠭᠦᠦ ᠪᠦᠬᠦ ᠪᠡᠯᠭᠦᠳᠡᠢ ᠪᠡᠷ ᠵᠢᠭᠠᠯᠭᠠᠰᠤᠭᠠᠢ ᠭᠡᠮᠡᠨ ᠵᠢᠴᠢ ᠣᠯᠠᠨ ᠤᠷᠤᠭ ᠰᠠᠳᠤᠨ ᠲᠦᠰᠢᠮᠡᠳ ᠰᠠᠢᠳ ᠤ᠋ᠨ ᠬᠡᠦᠬᠡᠳ ᠠᠴᠢᠷ ᠢ᠋ ᠪᠢᠴᠢᠭ ᠴᠡᠷᠢᠭ ᠦ᠋ᠨ ᠰᠤᠷᠭᠠᠯ ᠳ᠋ᠤᠷ ᠣᠷᠣᠭᠤᠯᠬᠤᠢ ᠶ᠋ᠢ ᠬᠠᠮᠲᠤ ᠪᠠᠷ ᠨᠡᠷ᠎ᠡ ᠵᠢᠭ᠍ᠰᠠᠭᠠᠭᠰᠠᠨ ᠠᠨᠤ :
ᠡᠵᠡᠨ ᠦ᠌ ᠳᠥᠷᠪᠡᠨ ᠬᠥᠪᠡᠭᠦᠨ : ᠵᠣᠴᠢ ᠂ ᠴᠠᠭᠠᠲᠠᠢ ᠂ ᠥᠭᠡᠳᠡᠢ ᠂ ᠲᠣᠯᠢ ᠃ ᠡᠵᠡᠨ ᠦ᠌ ᠳᠡᠭᠦᠦ ᠪᠡᠯᠭᠦᠳᠡᠢ ᠂ ᠬᠠᠰᠠᠷ ᠬᠣᠶᠠᠭᠤᠯᠠ ᠶ᠋ᠢᠨ ᠠᠬᠠᠮᠠᠳ ᠬᠥᠪᠡᠭᠦᠨ : ᠶᠠᠰᠤᠪᠤᠪᠠ ᠂ ᠲᠣᠵᠤ ᠂ ᠵᠢᠴᠢ ᠡᠵᠡᠨ ᠦ᠌ ᠳᠡᠭᠦᠦ ᠬᠦᠷᠭᠡᠨ ᠪᠣᠲ᠋ᠤ ᠶ᠋ᠢᠨ ᠠᠬᠠᠮᠠᠳ ᠬᠥᠪᠡᠭᠦᠨ ᠂ ᠤᠯᠤᠰ ᠤ᠋ᠨ ᠵᠢᠭᠡ ᠨᠠᠨᠰᠠᠷ ᠃ ᠡᠵᠡᠨ ᠦ᠌ ᠲᠥᠷᠥᠯ ᠦ᠋ᠨ ᠬᠦᠷᠭᠡᠨ ᠵᠠᠯᠮ᠎ᠠ ᠶ᠋ᠢᠨ ᠠᠬᠠᠮᠠᠳ ᠬᠥᠪᠡᠭᠦᠨ : ᠵᠢᠪᠬᠡ ᠴᠡᠴᠡᠭ ᠂ ᠵᠢᠴᠢ ᠡᠵᠡᠨ ᠦ᠌ ᠬᠠᠳᠠᠮ ᠤ᠋ᠨ ᠠᠵᠢᠨᠠᠢ ᠮᠡᠷᠭᠡᠨ ᠦ᠌ ᠠᠬᠠᠮᠠᠳ ᠬᠥᠪᠡᠭᠦᠨ ᠪᠣᠯᠣᠳ ᠪᠠᠰᠠ ᠡᠵᠡᠨ ᠦ᠌ ᠬᠠᠳᠠᠮ ᠤ᠋ᠨ ᠳᠡᠭᠦᠦ : ᠬᠤᠳᠠᠷᠭ᠎ᠠ ᠪᠠᠭᠠᠲᠤᠷ ᠤ᠋ᠨ ᠠᠬᠠᠮᠠᠳ ᠬᠥᠪᠡᠭᠦᠨ ᠵᠣᠷᠢᠭ᠍ᠲᠤ ᠂ ᠪᠠᠰᠠ ᠤᠯᠤᠰ ᠤ᠋ᠨ ᠨᠠᠭᠠᠴᠤ ᠯᠢᠳᠡᠷ ᠰᠡᠴᠡᠨ ᠂ ᠥᠷᠯᠥᠭᠡ ᠨᠣᠶᠠᠨ ᠬᠣᠶᠠᠷ ᠨᠠᠭᠠᠴᠤ ᠨᠣᠶᠠᠳ ᠤ᠋ᠨ ᠠᠴᠢ ᠨᠠᠷ ᠲᠣᠭᠲᠠᠬᠤ ᠪᠡᠬᠢ ᠂ ᠸᠴᠢᠷ ᠪᠡᠬᠢ ᠃ ᠡᠵᠡᠨ ᠦ᠌ ᠲᠥᠷᠥᠯ ᠦ᠋ᠨ ᠳᠡᠭᠦᠦ : ᠵᠠᠮᠪᠠᠯᠠ ᠶ᠋ᠢᠨ ᠠᠬᠠᠮᠠᠳ ᠬᠥᠪᠡᠭᠦᠨ ᠠᠬᠠᠢ ᠃ ᠡᠨᠡ ᠤᠷᠤᠭ ᠰᠠᠳᠤᠨ ᠲᠠᠢ ᠠᠷᠪᠠᠨ ᠭᠤᠷᠪᠠᠨ ᠣᠪᠣᠭ᠎ᠠ ᠨᠣᠶᠠᠳ ᠲᠡᠷᠢᠭᠦᠯᠡᠵᠦ ᠂ ᠳᠣᠷᠣᠭ᠍ᠰᠢ ᠶᠢᠰᠦᠨ ᠡᠩ ᠦ᠋ᠨ ᠳᠡᠭᠦᠦ ᠨᠠᠷ ᠬᠡᠦᠬᠡᠳ ᠦ᠋ᠨ ᠢᠳᠡᠷᠰᠢᠭᠰᠡᠨ ᠢ᠋ ᠵᠢᠭ᠍ᠰᠠᠭᠠᠭᠰᠠᠨ ᠠᠨᠤ : ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠶ᠋ᠢᠨ ᠤᠳᠬᠠᠳ ᠬᠥᠪᠡᠭᠦᠨ ᠴᠢᠮᠪᠢ ᠃ ᠵᠢᠨᠦᠩ ᠮᠤᠬᠤᠯᠢ ᠶ᠋ᠢᠨ ᠶᠡᠬᠡ ᠬᠥᠪᠡᠭᠦᠨ ᠪᠤᠯᠤ ᠂ ᠪᠠᠭ᠎ᠠ ᠬᠥᠪᠡᠭᠦᠨ ᠰᠦᠷᠲᠦ ᠂ ᠬᠦᠯᠦᠭ ᠴᠢᠯᠠᠭᠤᠨ ᠤ᠋ ᠶᠡᠬᠡ ᠬᠥᠪᠡᠭᠦᠨ ᠸᠴᠢᠷ ᠂ ᠳᠡᠳ᠋ ᠬᠥᠪᠡᠭᠦᠨ ᠠᠯᠮᠠᠰ ᠂ ᠬᠦᠯᠦᠭ ᠪᠤᠭᠤᠷᠵᠢ ᠶ᠋ᠢᠨ ᠶᠡᠬᠡ ᠬᠥᠪᠡᠭᠦᠨ ᠡᠭᠦᠯᠡᠨ ᠴᠡᠷᠪᠢ ᠂ ᠳᠡᠳ᠋ ᠬᠥᠪᠡᠭᠦᠨ ᠠᠯᠢᠶ᠎ᠠ ᠃ ᠬᠦᠯᠦᠭ ᠪᠤᠭᠤᠷᠤᠯ ᠤ᠋ᠨ ᠶᠡᠬᠡ ᠬᠥᠪᠡᠭᠦᠨ ᠪᠣᠳᠣᠯᠠᠩ ᠂ ᠳᠡᠳ᠋ ᠬᠥᠪᠡᠭᠦᠨ ᠤᠭᠤᠲ᠋ᠠᠢ ᠂ ᠮᠡᠩᠭᠡᠯᠢᠭ ᠦ᠋ᠨ ᠶᠡᠬᠡ ᠬᠥᠪᠡᠭᠦᠨ ᠠᠯᠤᠬ᠎ᠠ ᠂ ᠳᠡᠳ᠋ ᠬᠥᠪᠡᠭᠦᠨ ᠰᠦᠬᠡ ᠂ ᠪᠠᠰᠠ ᠮᠡᠩᠭᠡᠯᠢᠭ ᠦ᠋ᠨ ᠳᠡᠭᠦᠦ ᠮᠡᠩᠭᠡᠲᠦ ᠶ᠋ᠢᠨ ᠬᠥᠪᠡᠭᠦᠨ ᠲᠠᠩᠭᠤᠳ ᠃ ᠴᠤᠤ ᠮᠡᠷᠭᠡᠨ ᠦ᠌ ᠶᠡᠬᠡ ᠬᠥᠪᠡᠭᠦᠨ ᠬᠣᠪᠣᠯᠠᠢ ᠂ ᠳᠡᠳ᠋ ᠬᠥᠪᠡᠭᠦᠨ ᠱᠣᠪᠤᠯᠠᠢ ᠃ ᠰᠢᠷᠢ ᠬᠤᠲᠤᠭ ᠤ᠋ᠨ ᠶᠡᠬᠡ ᠬᠥᠪᠡᠭᠦᠨ ᠠᠨᠳᠠ ᠂ ᠪᠠᠭ᠎ᠠ ᠬᠥᠪᠡᠭᠦᠨ ᠰᠣᠪᠤᠳᠢ ᠃ ᠵᠡᠪᠡ ᠶ᠋ᠢᠨ ᠶᠡᠬᠡ ᠬᠥᠪᠡᠭᠦᠨ ᠬᠠᠲᠠᠭᠤ ᠲᠡᠮᠦᠷ ᠂ ᠳᠡᠳ᠋ ᠬᠥᠪᠡᠭᠦᠨ ᠲᠤᠭᠤᠯᠭ᠎ᠠ ᠲᠡᠮᠦᠷ ᠃ ᠴᠢᠨᠳᠠᠭᠠᠨ᠎ᠠ ᠰᠡᠴᠡᠨ ᠦ᠌ ᠶᠡᠬᠡ ᠬᠥᠪᠡᠭᠦᠨ ᠸᠠᠢᠵᠢᠩ ᠂ ᠳᠡᠳ᠋ ᠬᠥᠪᠡᠭᠦᠨ ᠠᠯᠠᠢᠵᠢᠩ ᠃ ᠬᠤᠳᠠᠭᠠᠨ᠎ᠠ ᠪᠡᠬᠢ ᠶ᠋ᠢᠨ ᠶᠡᠬᠡ ᠬᠥᠪᠡᠭᠦᠨ ᠬᠦᠳᠡᠷ ᠪᠦᠰᠡ ᠂ ᠳᠡᠳ᠋ ᠬᠥᠪᠡᠭᠦᠨ ᠬᠦᠷᠡᠯ ᠪᠦᠰᠡ ᠃ ᠬᠠᠷ᠎ᠠ ᠬᠢᠷᠤ ᠶ᠋ᠢᠨ ᠶᠡᠬᠡ ᠬᠥᠪᠡᠭᠦᠨ ᠥᠳᠥ ᠂ ᠳᠡᠳ᠋ ᠬᠥᠪᠡᠭᠦᠨ ᠰᠣᠳᠣ ᠃ ᠬᠤᠷᠴᠠ ᠪᠠᠢᠷᠢ ᠶ᠋ᠢᠨ ᠶᠡᠬᠡ ᠬᠥᠪᠡᠭᠦᠨ ᠪᠣᠭᠣᠰᠤ ᠭᠤᠸ᠎ᠠ ᠂ ᠳᠡᠳ᠋ ᠬᠥᠪᠡᠭᠦᠨ ᠠᠯᠠᠭ ᠲᠤᠭᠤᠯ ᠃ ᠥᠨᠳᠥᠷ ᠰᠡᠴᠡᠨ ᠦ᠌ ᠡᠮ᠎ᠡ ᠶ᠋ᠢᠨ ᠨᠢᠭᠡᠨ ᠬᠡᠪᠡᠯᠢ ᠡᠴᠡ ᠬᠠᠮᠲᠤ ᠲᠥᠷᠥᠭᠰᠡᠨ ᠭᠤᠷᠪᠠᠨ ᠬᠥᠪᠡᠭᠦᠨ ᠦ᠌ ᠠᠬᠠᠮᠠᠳ ᠪᠣᠯᠢᠭᠲ᠋ᠤ ᠪᠠᠷᠰ ᠂ ᠳᠡᠳ᠋ ᠰᠢᠯᠢᠭᠲᠦ ᠪᠠᠷᠰ ᠂ ᠭᠤᠲᠠᠭᠠᠷ ᠲᠡᠩᠬᠡᠯᠳᠦ ᠪᠠᠷᠰ ᠃ ᠦᠨᠡᠨ ᠲᠥᠷᠥ ᠶ᠋ᠢᠨ ᠭᠠᠭᠴᠠ ᠬᠥᠪᠡᠭᠦᠨ ᠳ᠋ᠣᠷᠵᠢ ᠂ ᠣᠶᠤᠲᠤ ᠰᠡᠴᠡᠨ ᠦ᠌ ᠭᠠᠭᠴᠠ ᠬᠥᠪᠡᠭᠦᠨ ᠶᠣᠯᠣ ᠶ᠋ᠢᠨ ᠪᠠᠭᠠᠰᠤ ᠃ ᠣᠶᠤᠨ ᠭᠤᠸ᠎ᠠ ᠶ᠋ᠢᠨ ᠶᠡᠬᠡ ᠬᠥᠪᠡᠭᠦᠨ ᠤᠨᠵᠢᠭᠠᠢ ᠂ ᠳᠡᠳ᠋ ᠬᠥᠪᠡᠭᠦᠨ ᠰᠤᠨᠵᠢᠭᠠᠢ ᠃ ᠰᠥᠪᠡᠭᠡᠲᠡᠢ ᠪᠠᠭᠠᠲᠤᠷ ᠤ᠋ᠨ ᠳᠡᠭᠦᠦ ᠷᠠᠰᠢᠶᠠᠨ ᠃ ᠭᠢᠯᠦᠭᠡᠨ ᠪᠠᠭᠠᠲᠤᠷ ᠤ᠋ᠨ ᠳᠡᠭᠦᠦ ᠲᠣᠨᠲᠣᠢ ᠴᠡᠷᠪᠢ ᠂ ᠵᠢᠴᠢ ᠵᠢᠨᠦᠩ ᠮᠤᠬᠤᠯᠢ ᠶ᠋ᠢᠨ ᠤᠳᠬᠤᠨ ᠳᠡᠭᠦᠦ ᠪᠤᠭᠤ ᠡᠳᠡᠭᠡᠷ ᠡᠷᠳᠡᠨᠢ ᠪᠠᠷᠢᠯᠴᠠᠵᠤ ᠡᠷᠡᠰᠢᠭᠰᠡᠨ ᠡᠨᠡ ᠭᠤᠴᠢᠨ ᠵᠢᠷᠭᠤᠭᠠᠨ ᠳᠡᠭᠦᠦ ᠨᠠᠷ ᠬᠡᠦᠬᠡᠳ ᠢ᠋ ᠬᠠᠮᠲᠤ ᠪᠢᠴᠢᠭ ᠴᠡᠷᠢᠭ ᠦ᠋ᠨ ᠰᠤᠷᠭᠠᠯ ᠳ᠋ᠤᠷ ᠣᠷᠣᠭᠤᠯᠬᠤ ᠪᠠᠷ ᠮᠡᠳᠡᠭᠦᠯᠦᠭᠰᠡᠨ ᠳ᠋ᠦ᠍ᠷ ᠲᠠᠢᠽᠦ ᠵᠥᠪᠰᠢᠶᠡᠨ ᠲᠣᠭᠲᠠᠭᠠᠪᠠᠢ ᠃
ᠡᠨᠡ ᠵᠢᠯ ᠭᠠᠳᠠᠭ᠍ᠰᠢ ᠴᠡᠷᠢᠭ ᠭᠠᠷᠤᠭᠰᠠᠨ ᠦᠭᠡᠢ ᠃ ᠳᠣᠲᠣᠷ᠎ᠠ ᠪᠥᠭᠡᠰᠦ ᠬᠡᠦᠬᠡᠳ ᠳᠡᠭᠦᠦ ᠨᠠᠷ ᠢ᠋ᠶ᠋ᠠᠨ ᠪᠢᠴᠢᠭ ᠴᠡᠷᠢᠭ ᠦ᠋ᠨ ᠡᠷᠳᠡᠮ ᠢ᠋ ᠰᠤᠷᠭᠠᠨ ᠬᠥᠮᠦᠵᠢᠭᠦᠯᠵᠦ ᠂ ᠬᠦᠷᠢᠶ᠎ᠡ ᠪᠠᠭᠤᠳᠠᠯ ᠢ᠋ ᠵᠠᠰᠠᠨ ᠬᠥᠬᠡ ᠵᠦᠯᠭᠡ ᠳ᠋ᠦ᠍ᠷ ᠬᠦᠷᠡᠩ ᠬᠦᠦ ᠪᠡᠷ ᠠᠷᠠᠵᠠ ᠬᠣᠣᠷᠠᠵᠠ ᠨᠡᠷᠡᠵᠦ ᠂ ᠬᠦᠯᠦᠭ ᠪᠠᠭᠠᠲᠤᠳ ᠲᠡᠷᠢᠭᠦᠯᠡᠵᠦ ᠂ ᠬᠥᠷ ᠶᠡᠬᠡ ᠤᠯᠤᠰ ᠴᠡᠷᠢᠭ ᠢᠷᠭᠡᠨ ᠲᠡᠢ ᠪᠦᠬᠦᠨ ᠢ᠋ᠶ᠋ᠡᠷ ᠭᠥᠷᠯᠡᠨ ᠵᠢᠷᠭᠠᠵᠤ ᠴᠡᠩᠭᠡᠯᠳᠦᠨ ᠂ ᠭᠠᠳᠠᠨ᠎ᠠ ᠪᠥᠭᠡᠰᠦ ᠴᠡᠷᠢᠭ ᠬᠤᠶᠠᠭ ᠢ᠋ᠶ᠋ᠠᠨ ᠪᠠᠢᠯᠳᠤᠬᠤ ᠳᠠᠢᠯᠠᠬᠤ ᠂ ᠬᠤᠷᠴᠠ ᠱᠠᠯᠠᠮᠠᠭᠠᠢᠯᠠᠬᠤ ᠶ᠋ᠢ ᠪᠣᠯᠪᠠᠰᠤᠷᠠᠭᠤᠯᠤᠨ ᠂ ᠬᠦᠴᠦᠨ ᠢ᠋ᠶ᠋ᠡᠨ ᠲᠡᠵᠢᠭᠡᠵᠦ ᠬᠥᠳᠡᠯᠬᠦ ᠵᠣᠭᠰᠣᠬᠤ ᠶ᠋ᠢ ᠰᠤᠷᠭᠠᠵᠤ ᠂ ᠬᠦᠴᠦᠨ ᠴᠢᠳᠠᠯᠳᠠᠨᠠ ᠬᠦᠨᠳᠦ ᠬᠥᠩᠭᠡᠨ ᠢ᠋ᠶ᠋ᠡᠷ ᠱᠠᠩ ᠬᠡᠰᠢᠭ ᠬᠠᠢᠷᠠᠯᠠᠵᠤ ᠂ ᠬᠥᠮᠦᠨ ᠮᠣᠷᠢ ᠪᠠᠨ ᠪᠣᠷᠳᠣᠵᠤ ᠂ ᠬᠥᠮᠦᠨ ᠪᠦᠬᠦᠨ ᠬᠣᠯᠠ ᠣᠢᠷ᠎ᠠ ᠶ᠋ᠢᠨ ᠵᠠᠬ᠎ᠠ ᠬᠢᠵᠠᠭᠠᠷ ᠲᠠᠢ ᠨᠡᠢᠲᠡ ᠪᠡᠷ ᠰᠠᠷᠯᠠᠭ ᠢ᠋ ᠰᠡᠷᠭᠡᠢᠯᠡᠨ ᠪᠡᠯᠡᠳᠬᠡᠭᠰᠡᠭᠡᠷ ᠂ ᠰᠡᠷᠢᠭᠦᠨ ᠨᠠᠮᠤᠷ ᠥᠩᠭᠡᠷᠡᠵᠦ ᠡᠪᠦᠯ ᠪᠣᠯᠵᠤ ᠤᠳᠠᠭᠰᠠᠨ ᠦᠭᠡᠢ ᠨᠢᠭᠡᠨ ᠵᠢᠯ ᠪᠣᠯᠪᠠ ᠃
ᠡᠨᠡ ᠪᠦᠯᠦᠭ ᠦ᠋ᠨ ᠬᠥᠬᠡ ᠪᠠᠷᠰ ᠵᠢᠯ ᠡᠨᠳᠡ ᠲᠡᠭᠦᠰᠴᠦ ᠬᠥᠬᠡᠭᠴᠢᠨ ᠲᠠᠤᠯᠠᠢ ᠵᠢᠯ ᠡᠬᠢᠯᠡᠵᠦ ᠂ ᠲᠠᠢᠽᠦ ᠭᠤᠴᠢᠨ ᠳᠥᠷᠪᠡᠨ ᠰᠡᠭᠦᠳᠡᠷ ᠲᠡᠢ ᠪᠣᠯᠵᠤ ᠂ ᠡᠨᠡ ᠦᠶ᠎ᠡ ᠡᠮᠦᠨ᠎ᠡ ᠰᠥᠩ ᠤᠯᠤᠰ ᠤ᠋ᠨ ᠤᠷᠢᠳᠤ ᠶ᠋ᠢᠨ ᠡᠵᠡᠨ ᠂ ᠵᠣᠣ ᠳ᠋ᠦᠨ ᠭᠤᠸᠠᠩᠽᠦ᠋ᠩ ᠬᠠᠭᠠᠨ ᠠᠨᠤ ᠨᠢᠳᠤᠨᠤᠨ ᠤ᠋ ᠵᠢᠷᠭᠤᠭᠠᠨ ᠰᠠᠷ᠎ᠠ ᠳ᠋ᠤ᠌ ᠬᠠᠯᠢᠭ᠍ᠰᠠᠨ ᠳ᠋ᠤᠷ ᠬᠥᠪᠡᠭᠦᠨ ᠢᠨᠦ ᠵᠣᠣ ᠺᠦᠸ ᠸ ᠭᠠᠷᠴᠤ ᠪᠡᠯᠪᠡᠰᠦᠷᠡᠬᠦ ᠦᠭᠡᠢ ᠪᠡᠷ ᠰᠢᠭᠤᠳ ᠰᠠᠭᠤᠷᠢᠨ ᠢ᠋ ᠠᠨᠤ ᠡᠵᠡᠯᠡᠵᠦ ᠂ ᠡᠨᠡ ᠵᠢᠯ ᠳ᠋ᠦ᠍ᠷ ᠣᠨ ᠤ᠋ ᠨᠡᠷ᠎ᠡ ᠪᠡᠨ ᠴᠢᠩ ᠶᠤᠸᠠᠨ ᠤ᠋ ᠲᠡᠷᠢᠭᠦᠨ ᠣᠨ ᠭᠡᠮᠡᠨ ᠬᠠᠯᠠᠪᠠᠢ ᠃ ᠡᠨᠡ ᠵᠣᠣ ᠺᠦᠸᠸ ᠳᠠᠷᠤᠢ ᠰᠥᠩ ᠤᠯᠤᠰ ᠤ᠋ᠨ ᠠᠷᠪᠠᠨ ᠭᠤᠷᠪᠠᠳᠤᠭᠠᠷ ᠨᠢᠩᠽᠦ᠋ᠩ ᠬᠠᠭᠠᠨ ᠮᠥᠨ ᠂ ᠡᠭᠦᠨ ᠦ᠌ ᠡᠯᠪᠡᠷᠢᠯ ᠦᠭᠡᠢ ᠢᠨᠢᠶᠡᠳᠦᠮ ᠢ᠋ ᠵᠣ᠌ ᠽᠢ 《ᠭᠠᠩ ᠮᠦ᠍ ᠪᠢᠴᠢᠭ 》 ᠦ᠋ᠨ ᠠᠷᠪᠠᠨ ᠨᠠᠢ᠍ᠮᠠᠳᠤᠭᠠᠷ ᠲᠣᠭᠳᠣᠢ ᠶ᠋ᠢᠨ ᠬᠣᠶᠠᠳᠤᠭᠠᠷ ᠳᠡᠪᠲᠡᠷ ᠦ᠋ᠨ ᠠᠷᠪᠠᠨ ᠨᠢᠭᠡᠳᠦᠭᠡᠷ ᠠᠷᠪᠠᠨ ᠬᠣᠶᠠᠳᠤᠭᠠᠷ ᠬᠠᠭᠤᠳᠠᠰᠤ ᠳ᠋ᠤᠷ ᠨᠠᠷᠢᠪᠴᠢᠯᠠᠨ ᠲᠣᠭᠠᠴᠢᠵᠤ ᠂ ᠤᠷᠢᠳᠤ ᠶ᠋ᠢᠨ ᠬᠠᠭᠠᠨ ᠤ᠋ ᠡᠮ᠎ᠡ ᠢᠨᠦ ᠲᠠᠢᠬᠡᠦ ᠭᠠᠷᠴᠤ ᠭᠠᠰᠠᠯᠠᠩ ᠢ᠋ ᠲᠡᠭᠦᠰᠬᠡᠭᠰᠡᠨ ᠢ᠋ ᠭᠠᠷᠭᠠᠵᠤᠬᠤᠢ ᠃ ᠡᠨᠡ ᠦᠶ᠎ᠡ ᠠᠯᠲᠠᠨ ᠤᠯᠤᠰ ᠤ᠋ᠨ ᠵᠢᠷᠭᠤᠳᠤᠭᠠᠷ ᠡᠵᠡᠨ ᠵᠠᠩᠴᠦ᠋ᠩ ᠸᠠᠨ ᠶᠠᠨ ᠵᠢᠩ ᠦ᠋ᠨ ᠮᠢᠩ ᠴᠠᠩ ᠤ᠋ᠨ ᠵᠢᠷᠭᠤᠳᠤᠭᠠᠷ ᠣᠨ ᠪᠣᠯᠪᠠ ᠃ ᠡᠨᠡ ᠸᠠᠨ ᠶᠠᠨ ᠵᠢᠩ ᠣᠨ ᠤ᠋ ᠨᠡᠷ᠎ᠡ ᠪᠡᠨ ᠮᠢᠩ ᠴᠠᠩ ᠭᠡᠮᠡᠨ ᠵᠢᠷᠭᠤᠭᠠᠨ ᠵᠢᠯ ᠬᠠᠯᠠᠵᠤ ᠂ ᠴᠧᠩ ᠠᠨ ᠭᠡᠮᠡᠨ ᠲᠠᠪᠤᠨ ᠵᠢᠯ ᠂ ᠪᠠᠰᠠ ᠳᠠᠢ ᠾᠧ ᠭᠡᠮᠡᠨ ᠨᠠᠢ᠍ᠮᠠᠨ ᠵᠢᠯ ᠭᠤᠷᠪᠠᠨ ᠤᠳᠠᠭ᠎ᠠ ᠬᠠᠯᠠᠵᠤ ᠨᠡᠢᠲᠡ ᠠᠷᠪᠠᠨ ᠶᠢᠰᠦᠨ ᠵᠢᠯ ᠰᠠᠭᠤᠭᠰᠠᠨ ᠪᠥᠯᠥᠭᠡ ᠃ ᠡᠨᠡ ᠬᠢᠷᠢ ᠳ᠋ᠦ᠍ᠷ ᠰᠠᠶᠢ ᠲᠡᠷᠢᠭᠦᠨ ᠤᠳᠠᠭ᠎ᠠ ᠶ᠋ᠢᠨ ᠮᠢᠩ ᠴᠠᠩ ᠤ᠋ᠨ ᠵᠢᠷᠭᠤᠳᠤᠭᠠᠷ ᠣᠨ ᠳ᠋ᠤᠷ ᠬᠦᠷᠪᠡ ᠃ ᠣᠳᠣ ᠬᠣᠢᠲᠤ ᠵᠢᠯ ᠳᠠᠷᠤᠢ ᠴᠧᠩ ᠠᠨ ᠭᠡᠮᠡᠨ ᠬᠠᠯᠠᠮᠤᠢ ᠃ ᠪᠢᠴᠢᠭ ᠠᠢᠯᠠᠳᠬᠤ ᠮᠡᠷᠭᠡᠳ ᠲᠣᠷ ᠡᠢᠨ ᠬᠦ᠌ ᠲᠠᠢᠯᠤᠨ ᠡᠰᠡ ᠬᠡᠯᠡᠪᠡᠰᠦ ᠣᠨ ᠤ᠋ ᠨᠡᠷ᠎ᠡ ᠶ᠋ᠢ ᠬᠠᠯᠠᠭᠰᠠᠨ ᠢ᠋ᠶ᠋ᠠᠷ ᠥᠪᠡᠷ᠎ᠡ ᠬᠠᠭᠠᠨ ᠬᠠᠯᠠᠪᠠ ᠬᠡᠮᠡᠪᠡᠰᠦ ᠣᠳᠣ ᠭᠡᠭᠡᠬᠡᠨ ᠲᠣᠳᠣᠷᠬᠠᠢ ᠦᠭᠡᠢ ᠪᠣᠯᠤᠮᠤᠢ ᠃ ᠨᠢᠭᠡᠨ ᠬᠠᠭᠠᠨ ᠪᠥᠭᠡᠳ ᠣᠨ ᠤ᠋ ᠨᠡᠷ᠎ᠡ ᠪᠡᠨ ᠬᠡᠳᠦᠨᠲᠡ ᠬᠠᠯᠠᠬᠤ ᠠᠨᠤ ᠮᠥᠨ ᠪᠣᠢ ᠂ ᠡᠭᠦᠷᠢᠳᠡ ᠨᠢᠭᠡᠨ ᠨᠡᠷ᠎ᠡ ᠪᠡᠷ ᠶᠠᠪᠤᠬᠤ ᠠᠨᠤ ᠮᠥᠨ ᠪᠣᠢ ᠂ ᠶᠡᠬᠡ ᠪᠠᠷᠤᠭ ᠢ᠋ ᠬᠡᠯᠡᠪᠡᠰᠦ ᠂ ᠲᠡᠷᠡ ᠬᠠᠭᠠᠨ ᠤ᠋ ᠴᠠᠭ ᠣᠨ ᠮᠠᠭᠤ ᠪᠤᠶᠤ ᠴᠡᠷᠢᠭ ᠲᠡᠢᠨ ᠠᠰᠤᠷᠤ ᠰᠠᠮᠠᠭᠤᠨ ᠪᠥᠭᠡᠰᠦ ᠣᠨ ᠤ᠋ ᠨᠡᠷ᠎ᠡ ᠪᠡᠨ ᠬᠠᠯᠠᠬᠤ ᠠᠨᠤ ᠤᠷᠲᠤᠳᠠ ᠪᠠᠢᠬᠤ ᠬᠡᠷᠡᠭ ᠂ ᠲᠡᠭᠦᠨ ᠦ᠌ ᠰᠠᠨᠠᠭᠠᠨ ᠠᠨᠤ ᠠᠢᠯ ᠪᠦᠯᠦᠭ ᠲᠣᠷ ᠵᠤᠳ ᠲᠣᠷᠬᠠᠨ ᠪᠣᠯᠪᠠᠰᠤ ᠶᠠᠮᠪᠠᠷ ᠴᠠᠭ ᠢ᠋ ᠴᠦ᠍ ᠪᠣᠳᠣᠬᠤ ᠦᠭᠡᠢ ᠂ ᠪᠦᠭᠦᠳᠡᠭᠡᠷ ᠬᠡᠯᠡᠯᠴᠡᠵᠦ ᠰᠢᠨᠡᠯᠡᠮᠦᠢ ᠬᠡᠮᠡᠬᠦ ᠮᠡᠲᠦ ᠲᠡᠷᠡ ᠨᠢᠭᠡᠨ ᠵᠢᠯ ᠢ᠋ ᠬᠡᠲᠦᠷᠡᠪᠡᠰᠦ ᠲᠡᠷᠡ ᠨᠢᠭᠡᠨ ᠭᠠᠮᠰᠢᠭ᠋ ᠥᠩᠭᠡᠷᠡᠮᠦᠢ ᠬᠡᠮᠡᠬᠦ ᠰᠠᠨᠠᠭᠠᠨ ᠂ ᠡᠳᠡᠭᠡᠷ ᠴᠥᠮ ᠤᠯᠤᠰ ᠲᠥᠷᠥ ᠳᠣᠷᠣᠢᠲᠠᠬᠤ ᠰᠢᠬᠠᠪᠠᠰᠤ ᠡᠮᠡᠭᠡᠳ ᠴᠢᠪᠠᠭᠠᠴᠠ ᠨᠠᠷ ᠤ᠋ᠨ ᠪᠡᠯᠡᠩᠴᠢ ᠤᠪᠣᠩᠴᠢ ᠠᠭᠠᠰᠢ ᠶ᠋ᠢ ᠳᠠᠭᠤᠷᠢᠶᠠᠬᠤ ᠪᠣᠯᠠᠢ ᠃ ᠰᠠᠢᠨ ᠬᠡᠷᠡᠭ ᠪᠤᠰᠤ ᠵᠢᠴᠢ ᠡᠨᠡ ᠵᠢᠯ ᠦ᠋ᠨ ᠭᠤᠷᠪᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠰᠥᠩ ᠤᠯᠤᠰ ᠤ᠋ᠨ 《ᠭᠠᠩ ᠮᠦ᠍ ᠪᠢᠴᠢᠭ 》 ᠲᠣᠷ ᠨᠠᠷᠠᠨ ᠭᠬᠢᠷᠲᠦᠭᠰᠡᠨ ᠢ᠋ ᠲᠣᠭᠠᠴᠢᠵᠤ ᠂ ᠰᠥᠩ ᠨᠢᠩᠽᠦ᠋ᠩ ᠬᠠᠭᠠᠨ ᠤ᠋ ᠡᠷᠳᠡᠮ ᠠᠯᠳᠠᠵᠤ ᠡᠯᠪᠡᠷᠢᠯ ᠢ᠋ ᠣᠷᠬᠢᠭᠠᠳ ᠵᠢᠷᠤᠮ ᠶᠣᠰᠣᠯᠠᠯ ᠢ᠋ ᠲᠡᠪᠴᠢᠭᠡᠳ ᠵᠠᠯᠢᠬᠠᠢ ᠲᠦᠰᠢᠮᠡᠯ ᠬᠠᠨ ᠲᠦᠸ᠋ᠸ ᠵᠧᠦ ᠶ᠋ᠢ ᠬᠡᠷᠡᠭᠯᠡᠭᠰᠡᠨ ᠡᠴᠡ ᠪᠣᠯᠪᠠ ᠭᠡᠮᠡᠨ ᠡᠭᠡᠨᠡᠭᠲᠡ ᠬᠣᠢᠲᠤ ᠡᠲᠡᠭᠡᠳ ᠦ᠋ᠨ ᠠᠷᠤ ᠶ᠋ᠢᠨ ᠬᠥᠮᠦᠨ ᠳᠡᠪᠬᠡᠷᠡᠬᠦ ᠶ᠋ᠢᠨ ᠰᠢᠯᠲᠠᠭᠠᠨ ᠪᠤᠰᠤ ᠭᠡᠮᠡᠨ ᠵᠣ᠌ ᠽᠢ 《ᠭᠠᠩ ᠮᠦ᠍ ᠪᠢᠴᠢᠭ 》 ᠦ᠋ᠨ ᠠᠷᠪᠠᠨ ᠨᠠᠢ᠍ᠮᠠᠳᠤᠭᠠᠷ ᠲᠣᠭᠳᠣᠢ ᠶ᠋ᠢᠨ ᠳᠡᠳ᠋ ᠳᠡᠪᠲᠡᠷ ᠦ᠋ᠨ ᠬᠣᠷᠢᠨ ᠭᠤᠷᠪᠠᠳᠤᠭᠠᠷ ᠬᠠᠭᠤᠳᠠᠰᠤ ᠶ᠋ᠢᠨ ᠡᠮᠦᠨ᠎ᠡ ᠪᠡᠶ᠎ᠡ ᠶ᠋ᠢᠨ ᠰᠡᠭᠦᠯ ᠳ᠋ᠦ᠍ᠷ ᠲᠠᠢᠯᠤᠨ ᠭᠠᠷᠭᠠᠵᠤᠬᠤᠢ ᠃ ᠡᠨᠡ ᠪᠠᠰᠠ ᠥᠲᠡᠯ᠎ᠡ ᠰᠢᠭᠦᠮᠵᠢᠯᠡᠯ ᠪᠣᠯᠠᠢ ᠃ ᠲᠡᠢᠮᠦ ᠪᠥᠭᠡᠰᠦ ᠡᠷᠲᠡᠨ ᠦ᠌ ᠶᠣᠣ ᠂ ᠱᠦᠨ ᠂ ᠢᠦᠢ ᠂ ᠳᠠᠩ ᠤ᠋ᠨ ᠪᠣᠭᠳᠠ ᠬᠠᠳ ᠤ᠋ᠨ ᠦᠶ᠎ᠡ ᠳ᠋ᠦ᠍ᠷ ᠨᠠᠷᠠᠨ ᠰᠠᠷᠠᠨ ᠡᠭᠦᠷᠢᠳᠡ ᠭᠬᠢᠷᠲᠦᠬᠦ ᠦᠭᠡᠢ ᠬᠡᠮᠡᠮᠦᠢ ᠦᠦ ? ᠨᠠᠷᠠᠨ ᠰᠠᠷᠠᠨ ᠭᠬᠢᠷᠲᠦᠮᠦᠢ ᠬᠡᠮᠡᠭᠴᠢ ᠲᠦᠮᠡᠨ ᠪᠣᠳᠠᠰ ᠤ᠋ᠨ ᠡᠭᠡᠯ ᠠᠮᠢᠰᠬᠤᠯ ᠢ᠋ᠶ᠋ᠠᠷ ᠪᠦᠲᠦᠭᠰᠡᠨ ᠨᠢᠭᠡᠨ ᠵᠦᠢᠯ ᠦ᠋ᠨ ᠪᠤᠯᠠᠩᠭᠢᠷ ᠠᠮᠢᠰᠬᠤᠯ ᠂ ᠮᠥᠨ ᠬᠦ᠌ ᠨᠠᠷᠠᠨ ᠰᠠᠷᠠᠨ ᠮᠡᠲᠦ ᠣᠭᠲᠠᠷᠭᠤᠢ ᠳ᠋ᠤᠷ ᠣᠷᠬᠢᠴᠠᠨ ᠶᠠᠪᠤᠮᠤᠢ ᠂ ᠲᠥᠪᠡᠳ ᠨᠣᠮ ᠳ᠋ᠤᠷ ᠲᠡᠷᠡ ᠪᠤᠯᠠᠩᠭᠢᠷ ᠤ᠋ᠨ ᠴᠤᠭᠯᠠᠷᠠᠯ ᠢ᠋ 《ᠷᠠᠬᠤ 》 ᠭᠡᠮᠡᠨ ᠨᠡᠷᠡᠢᠳᠴᠦᠬᠦᠢ ᠃ ᠶᠠᠪᠤᠭᠰᠠᠭᠠᠷ ᠲᠡᠭᠦᠨ ᠳ᠋ᠦ᠍ᠷ ᠬᠠᠯᠬᠠᠯᠠᠭᠳᠠᠬᠤ ᠶ᠋ᠢ ᠬᠡᠯᠡᠭᠰᠡᠨ ᠪᠣᠯᠠᠢ ᠃ ᠳᠡᠯᠡᠬᠡᠢ ᠳ᠋ᠠᠬᠢᠨ ᠤ᠋ ᠭᠠᠵᠠᠷ ᠬᠡᠮᠡᠭᠴᠢ ᠶᠡᠬᠡ ᠡᠴᠡ ᠶᠡᠬᠡ ᠠᠭᠤᠳᠠᠮ ᠪᠣᠯᠠᠢ ᠃ ᠲᠡᠷᠡ ᠵᠡᠷᠭᠡ ᠶ᠋ᠢᠨ ᠨᠢᠭᠡᠨ ᠥᠴᠦᠬᠡᠨ ᠰᠥᠩ ᠯᠢᠽᠦ᠋ᠩ ᠬᠠᠭᠠᠨ ᠡᠷᠳᠡᠮ ᠢ᠋ ᠠᠯᠳᠠᠬᠤᠢ ᠳ᠋ᠤᠷ ᠨᠠᠷᠠᠨ ᠰᠠᠷᠠᠨ ᠬᠤᠪᠢᠰᠬᠤᠢ ᠳ᠋ᠤᠷ ᠬᠦᠷᠬᠦ ᠶᠣᠰᠣ ᠪᠣᠢ ᠤᠤ ? ᠲᠡᠷᠡ ᠰᠥᠩ ᠯᠢᠽᠦ᠋ᠩ ᠡᠴᠡ ᠶᠡᠬᠡ ᠬᠠᠳ ᠳᠡᠯᠡᠬᠡᠢ ᠳ᠋ᠠᠭᠢᠨ᠎ᠠ ᠲᠣᠭ᠎ᠠ ᠲᠣᠮᠰᠢ ᠦᠭᠡᠢ ᠪᠣᠢ ᠪᠣᠯᠠᠢ ᠃ ᠨᠢᠭᠡᠨ ᠬᠠᠭᠠᠨ ᠡᠷᠳᠡᠮ ᠢ᠋ ᠠᠯᠳᠠᠪᠠᠰᠤ ᠨᠠᠷᠠᠨ ᠰᠠᠷᠠᠨ ᠲᠡᠷᠡ ᠮᠡᠲᠦ ᠲᠡᠮᠳᠡᠭ ᠦᠵᠡᠭᠦᠯᠬᠦ ᠪᠥᠭᠡᠰᠦ ᠡᠨᠡ ᠨᠠᠷᠠᠨ ᠣᠳᠣ ᠠᠯᠢᠨ ᠤ᠋ ᠲᠥᠯᠥᠭᠡ ᠭᠬᠢᠷᠲᠦᠵᠦ ᠭᠦᠢᠴᠡᠶ᠎ᠡ ! ᠲᠡᠢᠮᠦ ᠶ᠋ᠢᠨ ᠲᠤᠯᠠ ᠥᠲᠡᠯ᠎ᠡ ᠲᠠᠩᠬᠠᠢ ᠰᠢᠭᠦᠮᠵᠢᠯᠡᠯ ᠦ᠋ᠨ ᠠᠮᠲᠠ ᠴᠢᠨᠠᠷ ᠠᠨᠤ ᠡᠭᠡᠨᠡᠭᠲᠡ ᠪᠢᠰᠢᠷᠡᠯ ᠲᠡᠢ ᠦᠭᠡᠢ ᠪᠣᠯᠠᠢ ᠃ ᠨᠠᠷᠠᠨ ᠬᠡᠮᠡᠭᠴᠢ ᠠᠷᠭ᠎ᠠ ᠶ᠋ᠢᠨ ᠠᠮᠢᠰᠬᠤᠯ ᠤ᠋ᠨ ᠲᠤᠢᠯ ᠤ᠋ᠨ ᠴᠤᠭᠯᠠᠷᠠᠯ ᠤ᠋ᠨ ᠭᠠᠢᠬᠠᠮᠰᠢᠭ᠋ ᠂ ᠰᠠᠷᠠᠨ ᠬᠡᠮᠡᠭᠴᠢ ᠪᠢᠯᠢᠭ ᠦ᠋ᠨ ᠠᠮᠢᠰᠬᠤᠯ ᠤ᠋ᠨ ᠲᠤᠢᠯ ᠤ᠋ᠨ ᠴᠤᠭᠯᠠᠷᠠᠯ ᠤ᠋ᠨ ᠭᠠᠢᠬᠠᠮᠰᠢᠭ᠋ ᠂ ᠷᠠᠬᠤ ᠬᠡᠮᠡᠭᠴᠢ ᠵᠠᠪᠰᠠᠷ ᠤ᠋ᠨ ᠬᠡᠢ ᠶ᠋ᠢᠨ ᠠᠮᠢᠰᠬᠤᠯ ᠤ᠋ᠨ ᠲᠤᠢᠯ ᠤ᠋ᠨ ᠴᠤᠭᠯᠠᠷᠠᠯ – ᠪᠤᠳᠤᠩᠭᠤᠢ ᠶ᠋ᠢᠨ ᠭᠠᠢᠬᠠᠮᠰᠢᠭ᠋ ᠮᠥᠨ ᠬᠦ᠌ ᠨᠠᠷᠠᠨ ᠰᠠᠷᠠᠨ ᠮᠡᠲᠦ ᠣᠭᠲᠠᠷᠭᠤᠢ ᠳ᠋ᠤᠷ ᠡᠷᠭᠢᠨ ᠶᠠᠪᠤᠬᠤ ᠪᠣᠯᠪᠠᠴᠤ ᠭᠡᠷᠡᠯ ᠲᠤᠶᠠᠭ᠎ᠠ ᠦᠭᠡᠢ ᠲᠤᠯᠠ ᠲᠡᠭᠦᠨ ᠦ᠌ ᠶᠠᠪᠤᠳᠠᠯ ᠢ᠋ ᠮᠠᠨ ᠤ᠋ ᠳᠤᠮᠳᠠᠳᠤ ᠤᠯᠤᠰ ᠲᠣᠭᠲᠠᠭᠠᠨ ᠡᠰᠡ ᠴᠢᠳᠠᠵᠤᠬᠤᠢ ᠃ ᠪᠠᠷᠠᠭᠤᠨ ᠳᠠᠯᠠᠢ ᠶ᠋ᠢᠨ ᠰᠢ ᠶᠠᠩ ᠬᠤᠢ ᠬᠤᠢ ᠶ᠋ᠢᠨ ᠠᠨ ᠭᠦᠸᠧ ᠶᠢᠨ ᠬᠡᠮᠡᠭᠴᠢ ᠂ ᠳᠠᠢᠴᠢᠩ ᠤᠯᠤᠰ ᠤ᠋ᠨ ᠡᠩᠬᠡ ᠠᠮᠤᠭᠤᠯᠠᠩ ᠡᠵᠡᠨ – ᠱᠧᠩ ᠽᠦ᠍ ᠪᠣᠭᠳᠠ ᠶ᠋ᠢᠨ ᠦᠶ᠎ᠡ ᠳ᠋ᠦ᠍ᠷ ᠰᠠᠶᠢ ᠨᠠᠷᠠᠨ ᠰᠠᠷᠠᠨ ᠭᠬᠢᠷᠲᠦᠬᠦ ᠶ᠋ᠢᠨ ᠲᠣᠳᠣᠷᠬᠠᠢ ᠡᠳᠦᠷ ᠴᠠᠭ ᠢ᠋ ᠵᠢᠭᠠᠨ ᠭᠠᠷᠭᠠᠵᠤ ᠲᠣᠭᠲᠠᠭᠠᠨ ᠴᠢᠳᠠᠵᠤᠬᠤᠢ ᠃ ᠲᠡᠷᠡ ᠢᠨᠦ ᠶᠠᠭᠤᠨᠠᠢ ᠬᠥᠮᠦᠨ ᠦ᠌ ᠲᠥᠯᠥᠭᠡ ᠨᠠᠷᠠᠨ ᠰᠠᠷᠠᠨ ᠭᠬᠢᠷᠲᠦᠬᠦ ᠠᠵᠢ ! ᠲᠡᠷᠡ ᠪᠤᠳᠤᠩᠭᠤᠢ ᠶ᠋ᠢᠨ ᠴᠤᠭᠯᠠᠷᠠᠯ ᠤ᠋ᠨ ᠠᠮᠢᠰᠬᠤᠯ ᠨᠠᠷᠠᠨ ᠰᠠᠷᠠᠨ ᠯᠤᠭ᠎ᠠ ᠡᠷᠭᠢᠭᠰᠡᠭᠡᠷ ᠂ ᠳᠥᠷᠪᠡᠨ ᠡᠲᠡᠭᠡᠳ ᠦ᠋ᠨ ᠬᠠᠮᠢᠭ᠎ᠠ ᠲᠣᠬᠢᠶᠠᠯᠳᠤᠬᠤ ᠮᠠᠭᠠᠳ ᠦᠭᠡᠢ ᠪᠣᠯᠠᠢ ᠃ ᠨᠠᠷᠠᠨ ᠰᠠᠷᠠᠨ ᠤ᠋ ᠪᠦᠷᠬᠦᠬᠦ ᠭᠬᠢᠷᠲᠦᠬᠦ ᠨᠠᠷᠢᠨ ᠨᠢᠭᠲᠠ ᠶ᠋ᠢ ᠮᠡᠳᠡᠰᠦᠭᠡᠢ ᠬᠡᠮᠡᠭᠴᠢᠳ ᠮᠢᠨᠦ 《ᠰᠢᠳᠤᠷᠭᠤ ᠪᠠᠲᠤ ᠬᠣᠷᠣᠭ᠎ᠠ 》 ᠶ᠋ᠢᠨ 《ᠯᠢᠩ ᠶᠦᠨ ᠫᠦ᠍ 》– ᠡᠬᠢᠳᠡᠭ ᠡᠭᠦᠯᠡᠰ ᠦ᠋ᠨ ᠪᠠᠭᠤᠳᠠᠯ ᠬᠡᠮᠡᠬᠦ ᠪᠢᠴᠢᠭ ᠲᠣᠷ ᠦᠵᠡᠭᠳᠡᠬᠦᠢ᠃
ᠡᠨᠡ ᠵᠠᠪᠰᠠᠷ ᠠᠯᠲᠠᠨ ᠤᠯᠤᠰ ᠲᠤᠷ ᠪᠠᠰᠠ ᠨᠢᠭᠡᠨ ᠬᠡᠷᠡᠭ ᠭᠠᠷᠴᠤ ᠪᠧᠲ᠋ᠠ᠋ ᠤᠯᠤᠰ ᠯᠤᠭ᠎ᠠ ᠬᠣᠯᠪᠣᠭᠳᠠᠪᠠᠢ᠃ ᠡᠷᠲᠡ ᠲᠠᠢᠽᠦ ᠶ᠋ᠢᠨ ᠡᠰᠡᠷᠭᠦᠴᠡᠯ – ᠲᠠᠲ᠋ᠠᠷ ᠠᠢᠮᠠᠭ ᠤ᠋ᠨ ᠡᠵᠡᠨ ᠮᠡᠭᠡᠵᠢᠨ ᠰᠡᠭᠡᠷ ᠂ ᠮᠡᠭᠡᠵᠢᠨ ᠰᠡᠭᠦᠯ ᠬᠡᠮᠡᠬᠦ ᠠᠬ᠎ᠠ ᠳᠡᠭᠦᠦ ᠬᠣᠶᠠᠭᠤᠯᠠ ᠠ᠋ᠴᠠ ᠮᠡᠭᠡᠵᠢᠨ ᠰᠡᠭᠡᠷ ᠠᠯᠠᠭᠳᠠᠵᠤ ᠂ ᠮᠡᠭᠡᠵᠢᠨ ᠰᠡᠭᠦᠯ ᠡᠭᠡᠵᠦ ᠠᠯᠲᠠᠨ ᠤᠯᠤᠰ ᠲᠤᠷ ᠣᠷᠣᠵᠤ ᠡᠯᠳᠡᠪ ᠵᠦᠢᠯ ᠢ᠋ᠶ᠋ᠡᠷ ᠬᠤᠪᠢᠯᠤᠨ ᠶᠠᠪᠤᠭᠰᠠᠭᠠᠷ ᠠᠬ᠎ᠠ ᠠ᠋ᠴᠠ ᠪᠠᠨ ᠬᠤᠪᠢᠶᠠᠨ ᠠᠪᠤᠭᠰᠠᠨ ᠡᠳ᠋ ᠢ᠋ᠶ᠋ᠡᠨ ᠬᠡᠷᠡᠭᠯᠡᠵᠦ ᠂ ᠠᠯᠲᠠᠨ ᠤᠯᠤᠰ ᠲᠤᠷ ᠳᠣᠲᠣᠭᠠᠳᠤ ᠡᠷᠬᠡ ᠶ᠋ᠢ ᠡᠵᠡᠯᠡᠭᠰᠡᠨ ᠼᠠᠨ ᡁᠢ ᠵᠧᠩ ᠱᠢ ᠲᠦᠰᠢᠮᠡᠯ – ᠵᠠᠰᠠᠭ ᠤ᠋ᠨ ᠬᠡᠷᠡᠭ ᠢ᠋ ᠬᠠᠪᠰᠤᠷᠤᠨ ᠮᠡᠳᠡᠭᠴᠢ ᠲᠦᠰᠢᠮᠡᠯ ᠦ᠋ᠨ ᠬᠤᠪᠢᠶᠠᠷᠢ ᠳ᠋ᠤᠷ ᠶᠠᠪᠤᠬᠤ ᡂᠢ ᠭᠦᠸᠧ ᠬᠡᠮᠡᠭᠴᠢ ᠶ᠋ᠢᠨ ᠬᠠᠭᠠᠯᠭᠠᠨ ᠳ᠋ᠤᠷ ᠰᠢᠷᠭᠤᠨ ᠣᠷᠣᠵᠤ ᠪᠧᠲ᠋ᠠ᠋ ᠤᠯᠤᠰ ᠠ᠋ᠴᠠ ᠥᠰᠢᠶ᠎ᠡ ᠠᠪᠬᠤ ᠶ᠋ᠢ ᠡᠷᠢᠮᠦᠢ ᠃ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠡᠵᠡᠨ ᠸᠠᠨ ᠶᠠᠨ ᠵᠢᠩ ᠂ ᠯᠢ ᠹᠧᠢ ᠬᠡᠮᠡᠭᠴᠢ ᠰᠤᠯᠠ ᠬᠠᠲᠤᠨ ᠯᠤᠭ᠎ᠠ ᠪᠠᠨ ᠬᠡᠲᠦᠷᠬᠡᠶ᠎ᠡ ᠠᠮᠠᠷᠬᠠᠯᠠᠭᠠᠳ ᠵᠢᠷᠭᠤᠭᠠᠨ ᠤᠵᠢᠳ ᠤ᠋ᠨ ᠵᠢᠷᠭᠠᠯ ᠴᠡᠩᠭᠡᠯ ᠳ᠋ᠦ᠍ᠷ ᠨᠡᠷᠪᠡᠭᠳᠡᠭᠰᠡᠨᠡ ᠂ ᠡᠨᠡ ᡂᠢ ᠭᠦᠸᠧ ᠬᠡᠮᠡᠭᠴᠢ ᠬᠥᠮᠦᠨ ᠮᠠᠰᠢ ᠵᠠᠯᠢᠬᠠᠢ ᠵᠢᠰᠤᠷ ᠪᠥᠭᠡᠳ ᠠᠳᠠᠪᠠᠰᠢ ᠮᠡᠷᠭᠡᠨ ᠠᠷᠭ᠎ᠠ ᠲᠠᠢ ᠲᠤᠯᠠ ᠡᠨᠡ ᠯᠢ ᠹᠧᠢ ᠬᠠᠲᠤᠨ ᠤ᠋ ᠡᠷᠡᠮᠳᠡᠭ ᠵᠠᠷᠤᠴᠠ ᠳ᠋ᠤᠷ ᠬᠦᠨᠳᠦ ᠡᠳ᠋ ᠬᠡᠷᠡᠭᠯᠡᠵᠦ ᠂ ᠯᠢ ᠹᠧᠢ ᠯᠤᠭ᠎ᠠ ᠰᠦᠯᠪᠡᠭᠡᠯᠡᠨ ᠠᠮᠠᠷᠠᠭ ᠢ᠋ ᠣᠯᠵᠤ ᠰᠢᠵᠢᠮ ᠭᠦᠶᠦᠯᠭᠡᠨ ᠤᠪᠠᠳᠢᠰ ᠬᠡᠷᠡᠭᠯᠡᠨ ᠤᠯᠤᠰ ᠤ᠋ᠨ ᠡᠷᠬᠡ ᠶ᠋ᠢ ᠲᠤᠭᠤᠷᠪᠢᠬᠤᠶᠠ ᠂ ᠸᠠᠨ ᠶᠠᠨ ᠵᠢᠩ ᠨᠢᠭᠡᠨᠲᠡ ᠥᠩᠭᠡ ᠳ᠋ᠦ᠍ᠷ ᠵᠢᠪᠦᠭᠰᠡᠨ ᠲᠤᠯᠠ ᠯᠢ ᠹᠧᠢ ᠶ᠋ᠢᠨ ᠦᠭᠡ ᠪᠡᠷ ᡂᠢ ᠭᠦᠸᠧ ᠶ᠋ᠢ ᠡᠷᠬᠢᠯᠡᠨ ᠵᠠᠰᠠᠭ ᠤ᠋ᠨ ᠬᠡᠷᠡᠭ ᠦ᠋ᠨ ᠳᠣᠲᠣᠭᠠᠳᠤ ᠵᠥᠪᠯᠡᠯ ᠳ᠋ᠦ᠍ᠷ ᠣᠷᠣᠭᠤᠯᠤᠭᠰᠠᠨ ᠠᠵᠤᠭᠤ ᠃ ᠲᠡᠳᠦᠢ ᡂᠢ ᠭᠦᠸᠧ ᠶ᠋ᠢᠨ ᠳᠣᠣᠷᠠᠲᠤ ᠠᠷᠠᠳ ᠢ᠋ ᠴᠥᠮ ᠤᠯᠤᠰ ᠤ᠋ᠨ ᠴᠢᠬᠤᠯᠠ ᠲᠤᠰᠢᠶᠠᠯ ᠳ᠋ᠤᠷ ᠠᠬᠤᠭᠤᠯᠤᠨ ᠲᠥᠷᠥ ᠶ᠋ᠢᠨ ᠡᠷᠬᠡ ᠶ᠋ᠢ ᠡᠵᠡᠯᠡᠭᠦᠯᠵᠦ ᠂ ᠤᠯᠤᠰ ᠤ᠋ᠨ ᠴᠠᠭᠠᠵᠠ ᠶ᠋ᠢ ᠵᠠᠢᠲᠤᠭᠳᠠᠨ ᠵᠡᠷᠭᠡ ᠬᠤᠳᠠᠯᠳᠤᠨ ᠬᠥᠨᠳᠡᠯᠡᠨ ᠶᠠᠪᠤᠬᠤᠢ ᠶ᠋ᠢ ᠠᠯᠲᠠᠨ ᠤᠯᠤᠰ ᠤ᠋ᠨ ᠦᠨᠡᠨ ᠰᠢᠳᠤᠷᠭᠤ ᠤᠭᠰᠠᠭ᠎ᠠ ᠶ᠋ᠢᠨ ᠰᠠᠢᠳ ᠫᠢᠩ ᠵᠠᠩ ᠵᠧᠩ ᠱᠢ ᠲᠦᠰᠢᠮᠡᠯ – ᠤᠯᠤᠰ ᠤ᠋ᠨ ᠵᠠᠰᠠᠭ ᠢ᠋ ᠲᠤᠰᠠᠯᠠᠨ ᠰᠢᠳᠬᠡᠭᠴᠢ ᠸᠠᠨ ᠶᠠᠨ ᠱᠸᠦ ᠵᠧᠨ ᠦᠵᠡᠵᠦ ᠭᠠᠷᠤᠭᠠᠳ ᠬᠣᠴᠢᠯᠠᠨ ᠠᠢᠯᠠᠳᠬᠠᠭᠰᠠᠨ᠎ᠠ ᠂ ᠳᠣᠲᠣᠷ᠎ᠠ ᠠ᠋ᠴᠠ ᠯᠢ ᠹᠧᠢ ᠂ ᡂᠢ ᠭᠦᠸᠧ ᠶ᠋ᠢ ᠥᠮᠥᠭᠯᠡᠨ ᠭᠠᠷᠭᠠᠭᠰᠠᠨ ᠳ᠋ᠤᠷ ᡂᠢ ᠭᠦᠸᠧ ᠶ᠋ᠢᠨ ᠣᠮᠣᠭ ᠬᠡᠲᠦᠷᠡᠭᠰᠡᠨᠡ ᠂ ᠸᠠᠨ ᠶᠠᠨ ᠱᠸᠦ ᠵᠧᠨ ᠤᠯᠤᠰ ᠳᠣᠷᠣᠢᠲᠠᠬᠤ ᠶ᠋ᠢ ᠤᠭᠲᠤᠨ ᠮᠡᠳᠡᠭᠡᠳ ᠤᠷᠲᠤ ᠰᠡᠭᠦᠷᠡᠰᠦᠨ ᠠᠯᠳᠠᠵᠤ ᠡᠨᠡ ᠵᠢᠯ ᠦ᠋ᠨ ᠠᠷᠪᠠᠨ ᠨᠢᠭᠡᠨ ᠰᠠᠷ᠎ᠠ ᠳ᠋ᠤᠷ ᠫᠢᠩ ᠵᠠᠩ ᠵᠧᠩ ᠱᠢ ᠶ᠋ᠢᠨ ᠲᠤᠰᠢᠶᠠᠯ ᠢ᠋ᠶ᠋ᠠᠨ ᠴᠢᠯᠥᠭᠡᠯᠡᠭᠰᠡᠨᠡ ᠂ ᡂᠢ ᠭᠦᠸᠧ ᠶ᠋ᠢᠨ ᠡᠷᠬᠡ ᠰᠦᠷ ᠨᠡᠩ ᠶᠡᠬᠡᠳᠴᠦ ᠴᠡᠷᠢᠭ ᠦ᠋ᠨ ᠡᠷᠬᠡ ᠶ᠋ᠢ ᠪᠠᠰᠠ ᠳᠠᠢᠴᠢᠯᠠᠨ ᠪᠠᠷᠢᠬᠤ ᠪᠣᠯᠤᠭᠰᠠᠨ ᠳ᠋ᠤᠷ ᠮᠡᠭᠡᠵᠢᠨ ᠰᠡᠭᠦᠯ ᠤᠴᠠᠷᠠᠯ ᠢ᠋ ᠣᠯᠵᠤ ᠂ ᠬᠢᠵᠠᠭᠠᠷ ᠢ᠋ ᠴᠠᠭᠳᠠᠬᠤ ᠴᠡᠷᠢᠭ ᠲᠦ᠍ᠷ ᠭᠠᠷᠴᠤ ᠬᠤᠯᠠᠭᠤᠨ ᠳᠣᠪᠲᠣᠯᠵᠤ ᠪᠧᠲ᠋ᠠ᠋ ᠤᠯᠤᠰ ᠲᠤᠷ ᠣᠷᠣᠵᠤ ᠢᠷᠡᠭᠡᠳ ᠪᠤᠯᠢᠶᠠᠨ ᠲᠠᠪᠴᠢᠯᠠᠨ ᠶᠠᠪᠤᠬᠤᠶ᠎ᠠ ᠴᠢᠪᠬᠢᠲᠡᠯ᠎ᠡ ᠬᠦᠯᠦᠭ ᠴᠢᠯᠠᠭᠤᠨ ᠤ᠋ ᠵᠠᠬ᠎ᠠ ᠬᠡᠴᠡ ᠪᠡᠨ ᠪᠠᠢᠴᠠᠭᠠᠬᠤ ᠴᠡᠷᠢᠭ ᠲᠦ᠍ᠷ ᠤᠴᠠᠷᠠᠵᠤ ᠨᠢᠭᠡᠨ ᠵᠡᠷᠭᠡ ᠶᠡᠬᠡᠯ᠎ᠡ ᠳᠠᠷᠤᠭᠳᠠᠵᠤ ᠠᠷᠠᠢ ᠠᠮᠢ ᠲᠠᠢ ᠪᠠᠨ ᠠᠯᠲᠠᠨ ᠤᠯᠤᠰ ᠲᠤᠷ ᠡᠭᠡᠵᠦ ᠡᠴᠢᠪᠡ ᠃ ᠬᠦᠯᠦᠭ ᠴᠢᠯᠠᠭᠤᠨ ᠵᠠᠬ᠎ᠠ ᠬᠡᠴᠡ ᠶ᠋ᠢ ᠰᠡᠷᠭᠡᠢᠯᠡᠬᠦ ᠶ᠋ᠢ ᠵᠠᠬ᠎ᠠ ᠶ᠋ᠢᠨ ᠲᠦᠰᠢᠮᠡᠳ ᠲᠣᠷ ᠬᠢᠨᠠᠨ ᠰᠤᠷᠭᠠᠵᠤ ᠂ ᠣᠯᠵᠠ ᠣᠮᠣᠭ ᠲᠠᠢ ᠡᠭᠡᠵᠦ ᠢᠷᠠᠪᠠᠰᠤ ᠤᠯᠤᠰ ᠤ᠋ᠨ ᠳᠣᠲᠣᠷ᠎ᠠ ᠴᠡᠷᠢᠭ ᠵᠠᠷᠯᠠᠬᠤ ᠲᠡᠮᠳᠡᠭ ᠦ᠋ᠨ ᠵᠡᠪᠡ ᠴᠠᠷᠴᠠᠬᠠᠢ ᠨᠢᠰᠬᠦ ᠮᠡᠲᠦ ᠳᠣᠪᠲᠣᠯᠤᠯᠴᠠᠨ ᠪᠠᠭᠤᠪᠠ ᠃
ᠦᠵᠡᠰᠡ ᠰᠠᠷᠯᠠᠭ ᠤᠯᠤᠰ ᠤ᠋ᠨ ᠵᠠᠯᠢᠲᠤ ᠬᠠᠭᠠᠨ ᠡᠨᠡ ᠬᠠᠪᠤᠷ ᠭᠠᠷᠴᠤ ᠢᠷᠡᠮᠡᠭᠴᠡ ᠳᠠᠷᠤᠢ ᠥᠪᠡᠷ ᠦ᠋ᠨ ᠪᠡᠶ᠎ᠡ ᠪᠡᠷ ᠶᠠᠪᠤᠵᠤ ᠂ ᠤᠯᠤᠰ ᠤ᠋ᠨ ᠳᠣᠲᠣᠷᠠᠬᠢ ᠠᠷᠪᠠᠨ ᠲᠠᠪᠤᠨ ᠨᠠᠰᠤᠨ ᠠ᠋ᠴᠠ ᠳᠡᠭᠡᠭᠰᠢ ᠳᠠᠯᠠᠨ ᠨᠠᠰᠤᠨ ᠠ᠋ᠴᠠ ᠳᠣᠷᠣᠭ᠍ᠰᠢ ᠠᠷᠠᠳ ᠢ᠋ ᠴᠥᠮ ᠡᠯᠰᠡᠵᠦ ᠴᠡᠷᠢᠭ ᠪᠣᠯᠭᠠᠭᠠᠳ ᠪᠠᠰᠠ ᠪᠡᠶ᠎ᠡ ᠪᠡᠷ ᠪᠠᠷᠠᠭᠤᠨ ᠬᠣᠢᠲᠤ ᠡᠲᠡᠭᠡᠳ ᠦ᠋ᠨ ᠲᠣᠭᠮᠣᠭ ᠬᠡᠮᠡᠬᠦ ᠤᠯᠤᠰ ᠤ᠋ᠨ ᠰᠦᠯᠳᠡᠲᠦ ᠮᠡᠩᠭᠡᠯᠠ ᠬᠠᠭᠠᠨ ᠳ᠋ᠤᠷ ᠡᠴᠢᠵᠦ ᠲᠣᠯᠣᠭᠠᠢ ᠲᠠᠯᠪᠢᠨ ᠮᠥᠷᠭᠥᠨ ᠭᠤᠶᠤᠵᠤ ᠂ ᠪᠠᠰᠠ ᠬᠣᠶᠠᠷ ᠲᠦᠮᠡᠨ ᠴᠡᠷᠢᠭ ᠵᠢᠭᠡᠯᠡᠨ ᠠᠴᠢᠷᠠᠵᠤ ᠪᠠᠰᠠ ᠬᠡᠷᠡᠢᠳ ᠦ᠋ᠨ ᠵᠠᠮᠤᠬ᠎ᠠ ᠶ᠋ᠢ ᠢᠯᠡᠬᠡᠨ ᠢ ᠰᠢᠨ᠎ᠡ ᠸᠠᠩ ᠢᠯᠠᠭᠤ ᠠ᠋ᠴᠠ ᠲᠠᠪᠤᠨ ᠮᠢᠩᠭᠠᠨ ᠴᠡᠷᠢᠭ ᠨᠡᠮᠡᠨ ᠠᠪᠴᠤ ᠢᠷᠡᠭᠰᠡᠨ᠎ᠡ ᠰᠠᠷᠯᠠᠭ ᠤ᠋ᠨ ᠴᠡᠷᠢᠭ ᠠᠷᠪᠠᠨ ᠬᠣᠶᠠᠷ ᠲᠦᠮᠡᠨ ᠳᠥᠷᠪᠡᠨ ᠮᠢᠩᠭᠠᠨ ᠵᠢᠷᠭᠤᠭᠠᠨ ᠵᠠᠭᠤᠨ ᠪᠣᠯᠤᠭᠰᠠ ᠳ᠋ᠤᠷ ᠵᠠᠯᠢᠲᠤ ᠬᠠᠭᠠᠨ ᠶᠡᠬᠡᠯ᠎ᠡ ᠪᠠᠶᠠᠷᠯᠠᠨ ᠡᠨᠡ ᠤᠳᠠᠭ᠎ᠠ ᠣᠳᠣᠬᠠᠨ ᠴᠤ᠌ ᠪᠧᠲ᠋ᠠ᠋ ᠤᠯᠤᠰ ᠢ᠋ ᠪᠠᠷᠲᠠᠭᠠᠪᠠᠷ ᠰᠥᠨᠥᠭᠡᠨ ᠴᠢᠳᠠᠮᠤᠢ ᠭᠡᠮᠡᠨ ᠪᠠᠲᠤᠳᠠ ᠰᠠᠨᠠᠭᠠᠳ ᠪᠧᠲ᠋ᠠ᠋ ᠤᠯᠤᠰ ᠲᠤᠷ ᠪᠠᠢᠯᠳᠤᠬᠤ ᠡᠳᠦᠷ ᠢ᠋ ᠪᠣᠯᠵᠣᠵᠤ ᠢᠯᠡᠭᠡᠬᠦᠶ᠎ᠡ ᠂ ᠣᠯᠠᠨ ᠲᠦᠰᠢᠮᠡᠳ ᠦ᠋ᠨ ᠰᠦᠷᠦᠭ ᠡᠴᠡ ᠨᠢᠭᠡᠨ ᠪᠠᠶᠠᠨ ᠬᠡᠮᠡᠭᠴᠢ ᠨᠡᠷᠡᠲᠡᠢ ᠭᠠᠪᠢᠶᠠᠲᠤ ᠰᠠᠢᠳ ᠤ᠋ᠨ ᠠᠷᠪᠠᠨ ᠭᠤᠷᠪᠠᠨ ᠨᠠᠰᠤ ᠲᠠᠢ ᠨᠢᠯᠬ᠎ᠠ ᠦᠷᠡᠰ ᠪᠢᠴᠢᠬᠠᠨ ᠲᠤᠰᠢᠮᠡᠯ ᠭᠠᠷᠴᠤ ᠪᠧᠲ᠋ᠠ᠋ ᠤᠯᠤᠰ ᠢ᠋ ᠬᠢᠯᠪᠠᠷ ᠢ᠋ᠶ᠋ᠠᠷ ᠬᠠᠯᠳᠠᠵᠤ ᠦᠯᠦ ᠪᠣᠯᠬᠤ ᠂ ᠲᠡᠭᠷᠢ ᠭᠠᠵᠠᠷ ᠤ᠋ᠨ ᠠᠮᠢᠰᠬᠤᠯ ᠪᠧᠲ᠋ᠠ᠋ ᠤᠯᠤᠰ ᠲᠤᠷ ᠴᠤᠭᠯᠠᠷᠠᠵᠤᠬᠤᠢ ᠭᠡᠮᠡᠨ ᠬᠣᠷᠢᠭ᠍ᠯᠠᠭᠰᠠᠨ ᠢ᠋ ᠨᠢᠯᠬ᠎ᠠ ᠬᠡᠦᠬᠡᠳ ᠪᠥᠭᠡᠳ ᠦᠭᠡ ᠳ᠋ᠦ᠍ᠷ ᠳᠤᠷᠠᠲᠠᠢ ᠂ ᠳᠠᠩ ᠬᠢᠷᠢ ᠪᠡᠨ ᠮᠡᠳᠡᠬᠦ ᠦᠭᠡᠢ ᠵᠤᠯᠵᠠᠭ᠎ᠠ ᠬᠣᠬᠣᠢ ᠭᠡᠮᠡᠨ ᠵᠠᠩᠳᠠᠨ ᠡᠭᠡᠭᠦᠯᠵᠦ ᠡᠯᠴᠢ ᠶᠠᠪᠤᠭᠤᠯᠪᠠ ᠃
ᠲᠡᠭᠦᠨᠴᠡ ᠡᠯᠴᠢ ᠪᠧᠲ᠋ᠠ᠋ ᠤᠯᠤᠰ ᠲᠤᠷ ᠬᠦᠷᠴᠦ ᠪᠠᠢᠯᠳᠤᠭᠠᠨ ᠤ᠋ ᠪᠢᠴᠢᠭ ᠢ᠋ ᠪᠠᠷᠢᠭ᠍ᠰᠠᠨ ᠳ᠋ᠤᠷ ᠤᠯᠠᠮᠵᠢᠯᠠᠨ ᠣᠷᠣᠭᠤᠯᠤᠨ ᠲᠤᠰ ᠪᠡᠶ᠎ᠡ ᠪᠡᠷ ᠪᠠᠷᠢᠭᠤᠯᠵᠤ ᠪᠢᠴᠢᠭ ᠢ᠋ ᠳᠠᠭᠤᠳᠠᠪᠠᠰᠤ ᠲᠡᠭᠦᠨ ᠦ᠌ ᠦᠭᠡ ᠢᠨᠦ :
ᠰᠠᠷᠯᠠᠭ ᠤᠯᠤᠰ ᠤ᠋ᠨ ᠵᠠᠯᠢᠲᠤ ᠰᠦᠯᠳᠡ ᠬᠠᠭᠠᠨ ᠤ᠋ ᠵᠠᠷᠯᠢᠭ : ᠪᠧᠲ᠋ᠠ᠋ ᠤᠯᠤᠰ ᠤ᠋ᠨ ᠡᠵᠡᠨ ᠲᠡᠮᠦᠵᠢᠨ ᠬᠥᠪᠡᠭᠦᠨ ᠳ᠋ᠦ᠍ᠷ ᠢᠯᠡᠭᠡᠪᠡ ᠃ ᠳᠠᠩ ᠬᠢᠷᠢ ᠡᠴᠡ ᠪᠡᠨ ᠬᠡᠲᠦᠷᠡᠭᠰᠡᠨ ᠲᠡᠮᠦᠵᠢᠨ ᠴᠢᠨᠦ ᠶᠠᠯ᠎ᠠ ᠶ᠋ᠢ ᠠᠰᠠᠭᠤᠬᠤ ᠠᠨᠤ :ᠲᠡᠮᠦᠵᠢᠨ ᠴᠢ ᠡᠨᠡ ᠬᠣᠷᠢᠭᠠᠳ ᠵᠢᠯ ᠦ᠋ᠨ ᠬᠣᠭᠣᠷᠣᠨᠳᠣ ᠰᠦᠷ ᠬᠦᠴᠦᠨ ᠳ᠋ᠡᠭᠡᠨ ᠡᠷᠡᠮᠰᠢᠵᠦ ᠂ ᠶᠡᠬᠡ ᠪᠠᠭ᠎ᠠ ᠰᠢᠳᠤᠷᠭᠤ ᠨᠣᠮᠣᠬᠠᠨ ᠤᠯᠤᠰ ᠠᠢᠮᠠᠭ ᠤ᠋ᠳ ᠢ᠋ ᠳᠠᠷᠤᠯᠠᠨ ᠲᠠᠪᠴᠢᠯᠠᠵᠤ ᠬᠢᠳᠤᠨ ᠳᠠᠭᠠᠭᠤᠯᠤᠭᠰᠠᠨ ᠠᠨᠤ ᠬᠡᠲᠦᠷᠬᠡᠢ ᠣᠯᠠᠨ ᠳ᠋ᠤᠷ ᠪᠢ ᠬᠠᠷᠠᠬᠠᠨ ᠣᠯᠠᠨ ᠤ᠋ ᠲᠥᠯᠥᠭᠡ ᠶᠠᠯ᠎ᠠ ᠠᠰᠠᠭᠤᠬᠤ ᠴᠡᠷᠢᠭ ᠪᠠᠢᠭᠤᠯᠰᠤᠭᠠᠢ ᠭᠡᠵᠦ ᠪᠠᠢᠲᠠᠯ᠎ᠠ ᠲᠡᠮᠦᠵᠢᠨ ᠴᠢ ᠲᠡᠭᠷᠢ ᠶ᠋ᠢᠨ ᠵᠢᠷᠦᠬᠡ ᠶ᠋ᠢ ᠪᠠᠷᠢᠵᠤ ᠠᠶᠤᠮᠰᠢᠭ᠋ ᠦᠭᠡᠢ ᠮᠢᠨᠦ ᠠᠷᠠᠯᠵᠢᠶᠠᠨ ᠤ᠋ ᠬᠥᠮᠦᠨ ᠢ᠋ ᠵᠠᠮ ᠲᠣᠰᠴᠤ ᠠᠯᠠᠨ ᠂ ᠠᠯᠲᠠ ᠮᠥᠩᠭᠥᠨ ᠢ᠋ ᠳᠡᠭᠡᠷᠡᠮᠳᠡᠭᠰᠡᠨ ᠢ᠋ᠶ᠋ᠡᠷ ᠦᠯᠦ ᠪᠠᠷᠠᠨ ᠠᠯᠠᠭᠳᠠᠭᠰᠠᠨ ᠬᠥᠮᠦᠨ ᠦ᠌ ᠲᠣᠯᠣᠭᠠᠢ ᠪᠠ ᠭᠠᠷ ᠬᠥᠯ ᠢ᠋ ᠨᠠᠳᠠ ᠳ᠋ᠤᠷ ᠱᠠᠷᠢᠯᠯᠠᠵᠤ ᠢᠯᠡᠭᠡᠭᠰᠡᠨ ᠢᠨᠦ ᠬᠠᠷᠭᠢᠰ ᠰᠥᠷᠭᠡᠦ ᠶ᠋ᠢᠨ ᠲᠤᠢᠯ ᠳ᠋ᠤᠷ ᠬᠦᠷᠦᠭᠰᠡᠨ ᠲᠤᠯᠠ ᠮᠠᠨ ᠤ᠋ ᠬᠣᠢᠲᠤ ᠭᠠᠵᠠᠷ ᠤ᠋ᠨ ᠲᠡᠷᠢᠭᠦᠨ ᠨᠢᠭᠡᠨ ᠲᠡᠷᠰᠯᠡᠭᠦᠦ ᠬᠤᠯᠠᠭᠠᠢ ᠬᠡᠮᠡᠭᠴᠢ ᠲᠡᠮᠦᠵᠢᠨ ᠦ᠌ ᠪᠡᠶ᠎ᠡ ᠴᠢ ᠮᠥᠨ ᠃ ᠲᠡᠢᠨ ᠬᠦ᠌ ᠴᠢᠮᠠᠢ ᠠᠷᠢᠯᠭᠠᠨ ᠣᠯᠠᠨ ᠢ᠋ ᠪᠦᠷᠢᠨ ᠢ᠋ᠶ᠋ᠡᠷ ᠠᠮᠤᠭᠤᠯᠠᠬᠤᠢ ᠶ᠋ᠢᠨ ᠣᠴᠢᠷ᠎ᠠ ᠂ ᠪᠢ ᠣᠯᠠᠨ ᠤᠯᠤᠰ ᠤ᠋ᠨ ᠴᠡᠷᠢᠭ ᠬᠣᠷᠢᠨ ᠲᠦᠮᠡᠨ ᠢ᠋ ᠠᠪᠴᠤ ᠲᠡᠮᠦᠵᠢᠨ ᠴᠢᠮᠠᠢ ᠳᠠᠢᠯᠠᠨ ᠤᠮᠠᠷ᠎ᠠ ᠭᠠᠵᠠᠷ ᠢ᠋ ᠤᠬᠢᠶᠠᠨ ᠠᠷᠢᠯᠭᠠᠵᠤ ᠂ ᠣᠯᠠᠨ ᠪᠦᠬᠦᠨ ᠦ᠌ ᠵᠣᠪᠠᠯᠠᠩ ᠢ᠋ ᠤᠰᠠᠳᠬᠠᠮᠤᠢ ᠃ ᠲᠡᠮᠦᠵᠢᠨ ᠴᠢ ᠦᠨᠡᠬᠡᠷ ᠶᠢᠰᠦᠭᠡᠢ ᠪᠠᠭᠠᠲᠤᠷ ᠤ᠋ᠨ ᠬᠥᠪᠡᠭᠦᠨ ᠮᠥᠨ ᠪᠣᠯᠪᠠᠰᠤ ᠂ ᠢᠳᠦᠯᠡᠢ ᠶ᠋ᠢᠨ ᠲᠣᠯᠣᠭᠠᠢ ᠪᠠᠨ ᠬᠡᠷᠴᠢᠭᠦᠯᠦᠷᠡ ᠬᠦᠷᠭᠡᠵᠦ ᠢᠷᠡᠬᠦ ᠪᠡᠨ ᠬᠢᠴᠢᠶᠡᠨ ᠠᠢᠯᠠᠳᠬᠠᠵᠤ ᠢᠯᠡᠭᠡ ᠃ ᠪᠢᠲᠡᠭᠡᠢ ᠢᠳᠦᠯᠡᠢ ᠶ᠋ᠢᠨ ᠵᠢᠷᠦᠬᠡ ᠪᠡᠨ ᠴᠡᠴᠡᠷᠡᠨ ᠳᠠᠭᠵᠢᠵᠤ ᠬᠦᠵᠦᠭᠦᠦ ᠪᠡᠨ ᠰᠢᠷᠭᠢᠭᠦᠯᠦᠨ ᠡᠭᠦᠷ ᠯᠤᠭᠰᠢ ᠳ᠋ᠤᠷ ᠢ᠋ᠶ᠋ᠠᠨ ᠰᠢᠷᠭᠤᠲᠤᠭᠠᠢ ᠬᠡᠮᠡᠵᠦᠬᠦᠢ ᠃
ᠲᠠᠢᠽᠦ ᠦᠵᠡᠵᠦ ᠪᠠᠷᠠᠭᠠᠳ ᠠᠶᠤᠩᠭ᠎ᠠ ᠶ᠋ᠢᠨ ᠬᠢᠯᠢᠩ ᠴᠢᠷᠠᠢ ᠳ᠋ᠤᠷ ᠢᠯᠡᠷᠡᠭᠰᠡᠨᠡ ᠮᠤᠬᠤᠯᠢ ᠶᠠᠭᠠᠷᠠᠨ ᠬᠣᠭᠣᠯᠠᠢ ᠵᠠᠰᠠᠵᠤ ᠳᠣᠬᠢᠶ᠎ᠠ ᠡᠷᠭᠦᠭᠰᠡᠨ ᠳ᠋ᠦ᠍ᠷ ᠲᠠᠢᠽᠦ ᠮᠤᠬᠤᠯᠢ ᠶ᠋ᠢ ᠬᠠᠷᠠᠵᠤ ᠦᠵᠡᠪᠡᠰᠦ ᠂ ᠮᠤᠬᠤᠯᠢ ᠬᠠᠷᠢᠨ ᠪᠤᠯᠤᠩ ᠤ᠋ᠨ ᠵᠦᠭ ᠪᠤᠷᠤᠭᠤ ᠬᠠᠨᠳᠤᠬᠤ ᠪᠤᠰᠤ ᠲᠡᠮᠳᠡᠭ ᠡᠷᠭᠦᠭᠰᠡᠨ᠎ᠡ ᠲᠠᠢᠽᠦ ᠲᠡᠭᠦᠨ ᠦ᠌ ᠰᠠᠨᠠᠭᠠᠨ ᠢ᠋ ᠠᠨᠤ ᠤᠬᠠᠵᠤ ᠬᠦᠷᠴᠦ ᠢᠷᠡᠭᠰᠡᠨ ᠬᠢᠯᠢᠩ ᠢ᠋ᠶ᠋ᠡᠨ ᠬᠥᠪ ᠲᠡᠳᠡᠨ ᠡᠭᠡᠭᠦᠯᠵᠦ ᠬᠥᠩᠭᠡᠨ ᠢ᠋ᠶ᠋ᠡᠷ ᠵᠠᠬᠢᠷᠤᠨ : 《ᠬᠥᠮᠦᠨ ᠪᠦᠬᠦᠨ ᠴᠥᠮ ᠥᠪᠡᠷ᠎ᠡ ᠥᠪᠡᠷ᠎ᠡ ᠰᠠᠨᠠᠭᠰᠠᠨ ᠭᠠᠵᠠᠷ ᠪᠣᠢ ᠂ ᠬᠥᠮᠦᠨ ᠦ᠌ ᠬᠣᠭᠣᠷᠣᠨᠳᠣ ᠶᠠᠪᠤᠬᠤ ᠡᠯᠴᠢ ᠳ᠋ᠦ᠍ᠷ ᠶᠠᠮᠪᠠᠷ ᠬᠠᠷᠢᠶ᠎ᠠ ᠃ ᠡᠨᠡ ᠡᠯᠴᠢ ᠶ᠋ᠢ ᠬᠦᠨᠳᠦ ᠪᠡᠷ ᠬᠤᠷᠢᠮᠯᠠᠵᠤ ᠬᠦᠨᠳᠦᠳᠡ ᠱᠠᠩᠨᠠᠨ ᠂ ᠬᠡᠳᠦᠨ ᠡᠳᠦᠷ ᠦ᠋ᠨ ᠳᠣᠲᠣᠷ᠎ᠠ ᠬᠠᠷᠢᠭᠤ ᠮᠡᠳᠡᠭᠡ ᠥᠭ ! 》ᠭᠡᠮᠡᠨ ᠵᠠᠬᠢᠭ᠍ᠰᠠᠨ ᠳ᠋ᠤᠷ ᠮᠤᠬᠤᠯᠢ ᠶᠡᠬᠡᠯ᠎ᠡ ᠪᠠᠶᠠᠷᠯᠠᠵᠤ ᠂ ᠰᠠᠷᠯᠠᠭ ᠤ᠋ᠨ ᠡᠯᠴᠢ ᠶ᠋ᠢ ᠳᠠᠭᠠᠭᠤᠯᠤᠨ ᠭᠠᠷᠴᠤ ᠬᠦᠨᠳᠦ ᠪᠡᠷ ᠬᠤᠷᠢᠮᠯᠠᠪᠠ ᠃ ᠰᠥᠨᠢ ᠮᠤᠬᠤᠯᠢ ᠂ ᠵᠠᠯᠮ᠎ᠠ ᠪᠠ ᠬᠤᠳᠠᠭᠠᠨ᠎ᠠ ᠪᠡᠬᠢ ᠬᠣᠶᠠᠭᠤᠯᠠ ᠶ᠋ᠢ ᠳᠠᠭᠠᠭᠤᠯᠤᠨ ᠲᠠᠢᠽᠦ ᠶ᠋ᠢᠨ ᠳᠡᠷᠭᠡᠳᠡ ᠣᠷᠣᠵᠤ ᠶᠠᠭᠤᠨ ᠬᠡᠯᠡᠯᠴᠡᠭᠰᠡᠨ ᠢ᠋ ᠮᠡᠳᠡᠬᠦ ᠦᠭᠡᠢ᠂ ᠭᠠᠭᠴᠠ ᠰᠠᠷᠯᠠᠭ ᠤᠯᠤᠰ ᠯᠤᠭ᠎ᠠ ᠨᠠᠢᠷᠠᠮᠳᠠᠮᠤᠢ ᠡᠪᠰᠡᠮᠦᠢ ᠬᠡᠮᠡᠬᠦ ᠵᠡᠷᠭᠡ ᠶ᠋ᠢᠨ ᠦᠭᠡ ᠶ᠋ᠢ ᠬᠡᠯᠡᠯᠴᠡᠵᠦ ᠭᠠᠷᠴᠤ ᠢᠷᠡᠮᠡᠭᠴᠡ ᠮᠥᠨ ᠰᠥᠨᠢ ᠳᠠᠷᠤᠢ ᠮᠢᠩᠭᠠᠨ ᠲᠡᠮᠡᠭᠡ ᠶ᠋ᠢᠨ ᠠᠴᠢᠶ᠎ᠠ ᠬᠦᠨᠳᠦ ᠪᠡᠯᠡᠭ ᠠᠴᠢᠭᠤᠯᠵᠤ᠂ ᠵᠢᠴᠢ ᠡᠳᠦᠷ ᠰᠠᠷᠯᠠᠭ ᠤᠯᠤᠰ ᠤ᠋ᠨ ᠵᠠᠯᠢᠲᠤ ᠬᠠᠭᠠᠨ ᠳ᠋ᠤᠷ ᠪᠤᠷᠤᠭᠤ ᠬᠦᠯᠢᠶᠡᠬᠦ ᠪᠠ ᠡᠶᠡᠳᠡᠬᠦ ᠪᠢᠴᠢᠭ ᠪᠢᠴᠢᠭᠦᠯᠵᠦ᠂ ᠵᠡᠯᠮ᠎ᠡ ᠪᠠ ᠬᠤᠳᠠᠭᠠᠨ᠎ᠠ ᠪᠡᠬᠢ ᠳ᠋ᠦ᠍ᠷ ᠲᠤᠰᠢᠶᠠᠨ ᠥᠭᠴᠦ ᠵᠠᠭᠤᠨ ᠴᠡᠷᠢᠭ ᠢ᠋ᠶ᠋ᠡᠷ ᠮᠢᠩᠭᠠᠨ ᠲᠡᠮᠡᠭᠡᠨ ᠠᠴᠢᠶ᠎ᠠ ᠶ᠋ᠢ ᠬᠥᠲᠥᠯᠦᠭᠦᠯᠵᠦ᠂ ᠰᠠᠷᠯᠠᠭ ᠤ᠋ᠨ ᠡᠯᠴᠢ ᠯᠦ᠍ᠭᠡ ᠬᠠᠮᠲᠤ ᠮᠣᠷᠳᠠᠭᠤᠯᠤᠭᠠᠳ ᠴᠢᠨᠳᠠᠭᠠᠨ᠎ᠠ ᠰᠡᠴᠡᠨ ᠪᠠ ᠶᠠᠪᠤᠭ᠎ᠠ ᠬᠣᠶᠠᠭᠤᠯᠠ ᠪᠠᠷ ᠲᠠᠩᠭᠤᠳ ᠤ᠋ᠨ ᠰᠢᠳᠤᠷᠭᠤ ᠬᠠᠭᠠᠨ ᠢ᠋ ᠭᠠᠵᠠᠷ ᠤ᠋ᠨ ᠣᠢᠷ᠎ᠠ ᠪᠠᠷ ᠴᠡᠷᠢᠭ ᠲᠤᠰᠠᠯᠠ ᠭᠡᠮᠡᠨ ᠢᠯᠡᠭᠡᠭᠡᠳ ᠮᠤᠬᠤᠯᠢ ᠪᠤᠭᠤᠷᠵᠢ ᠬᠣᠶᠠᠭᠤᠯᠠ ᠳᠦᠭᠦᠯᠡ ᠮᠥᠷᠡᠨ ᠦ᠌ ᠬᠥᠪᠡᠭᠡ ᠳ᠋ᠦ᠍ᠷ ᠶᠡᠬᠡ ᠴᠡᠷᠢᠭ ᠢ᠋ ᠪᠠᠢᠴᠠᠭᠠᠨ ᠪᠦᠷᠢᠳᠬᠡᠵᠦ᠂ ᠲᠠᠢᠽᠦ ᠶ᠋ᠢ ᠵᠠᠩᠵᠤᠨ ᠰᠢᠯᠭ᠎ᠠ ᠭᠡᠮᠡᠨ ᠮᠡᠳᠡᠭᠦᠯᠦᠭᠰᠡᠨ᠎ᠡ ᠂ ᠲᠡᠳᠦᠢ ᠲᠠᠢᠽᠦ ᠶᠡᠬᠡ ᠴᠡᠷᠢᠭ ᠦ᠋ᠨ ᠬᠦᠷᠢᠶᠡᠨ ᠳ᠋ᠦ᠍ᠷ ᠢᠷᠡᠵᠦ ᠥᠨᠳᠥᠷ ᠮᠠᠩᠬ᠎ᠠ ᠶ᠋ᠢᠨ ᠳᠣᠪᠣ ᠳ᠋ᠤᠷ ᠪᠡᠯᠡᠳᠬᠡᠭᠰᠡᠨ ᠠᠷᠰᠯᠠᠨᠲᠤ ᠴᠠᠴᠠᠷ ᠲᠤᠷ ᠰᠠᠭᠤᠭᠠᠳ ᠦᠵᠡᠪᠡᠰᠦ ᠴᠡᠷᠢᠭ ᠦ᠋ᠨ ᠲᠠᠯᠠᠪᠤᠷ ᠤ᠋ᠨ ᠳᠣᠲᠣᠷ᠎ᠠ ᠶᠢᠰᠦᠨ ᠥᠨᠳᠥᠷ ᠲᠠᠭᠲᠤ ᠴᠠᠴᠠᠷ ᠳᠡᠯᠡᠳᠴᠦ ᠣᠯᠠᠨ ᠴᠡᠷᠢᠭ ᠳᠠᠯᠠᠢ ᠶ᠋ᠢᠨ ᠳᠠᠪᠠᠯᠭᠠᠨ ᠮᠡᠲᠦ ᠵᠢᠭ᠍ᠰᠠᠭᠠᠵᠤᠬᠤᠢ᠃ ᠲᠡᠭᠦᠨᠴᠡ ᠣᠯᠠᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠵᠢᠨᠦᠩ ᠦ᠋ᠨ ᠴᠠᠴᠠᠷ ᠤ᠋ᠨ ᠡᠮᠦᠨ᠎ᠡ ᠶᠡᠬᠡ ᠬᠠᠯᠵᠢᠨ ᠪᠦᠷᠢᠶ᠎ᠡ ᠶ᠋ᠢᠨ ᠳᠠᠭᠤᠨ ᠭᠠᠷᠴᠤ ᠵᠢᠨᠦᠩ ᠦ᠋ᠨ ᠥᠨᠳᠥᠷ ᠲᠠᠭᠲᠤ ᠳ᠋ᠤᠷ ᠴᠡᠷᠢᠭ ᠲᠦ᠍ᠷ ᠲᠤᠩᠬᠠᠭᠯᠠᠬᠤ ᠳᠠᠯᠪᠠᠭ᠎ᠠ ᠬᠤᠷᠤᠢᠯᠠᠮᠠᠭᠴᠠ ᠮᠢᠩᠭᠠᠨ ᠳᠠᠭᠤᠨ ᠲᠦᠮᠡᠨ ᠴᠢᠮᠡᠭᠡ ᠶᠠᠭ ᠲᠠᠭ ᠵᠣᠭᠰᠣᠵᠤ᠂ ᠵᠤᠨ ᠤ᠋ ᠦᠶ᠎ᠡ ᠶ᠋ᠢᠨ ᠶᠡᠬᠡ ᠰᠠᠯᠬᠢᠨ ᠰᠢᠭᠤᠷᠭᠠᠨᠲᠤ ᠠᠵᠢᠷᠭᠠᠨ ᠬᠤᠷ᠎ᠠ ᠭᠡᠨᠡᠳᠲᠡ ᠳᠡᠰ ᠵᠣᠭᠰᠣᠭᠰᠠᠨ ᠮᠡᠲᠦ ᠪᠣᠯᠤᠭᠰᠠᠨ ᠳ᠋ᠤᠷ ᠵᠢᠨᠦᠩ ᠦ᠋ᠨ ᠲᠠᠭᠲᠤ ᠠ᠋ᠴᠠ ᠠᠷᠪᠠᠨ ᠲᠠᠪᠤᠨ ᠬᠥᠪᠴᠢᠲᠦ ᠪᠢᠲᠡᠭᠦᠦ ᠨᠤᠮᠤ ᠨᠢᠭᠡ ᠵᠢᠴᠢ ᠵᠠᠭᠤᠨ ᠵᠢᠩ ᠦ᠋ᠨ ᠬᠣᠣᠰ ᠢᠯᠳᠦ ᠨᠢᠭᠡᠨ ᠬᠤᠪᠢ ᠶ᠋ᠢ ᠪᠠᠭᠤᠯᠭᠠᠨ ᠢᠷᠡᠭᠦᠯᠵᠦ ᠴᠡᠷᠢᠭ ᠦ᠋ᠨ ᠲᠠᠯᠠᠪᠤᠷ ᠤ᠋ᠨ ᠳᠤᠮᠳᠠ ᠪᠠᠷᠰ ᠤ᠋ᠨ ᠠᠷᠠᠰᠤ ᠳᠡᠪᠢᠰᠦᠭᠰᠡᠨ ᠦᠬᠡᠷ ᠳᠣᠪᠣᠷᠴᠠᠭ ᠲᠤᠷ ᠲᠠᠯᠪᠢᠭᠤᠯᠵᠤ ᠂ ᠣᠯᠠᠨ ᠴᠡᠷᠢᠭ ᠦ᠋ᠨ ᠮᠢᠩᠭᠠᠨ ᠤ᠋ ᠳᠠᠷᠤᠭ᠎ᠠ ᠨᠠᠷ ᠲᠤᠷ ᠵᠠᠷᠯᠠᠨ ᠥᠭᠦᠯᠡᠷᠦᠨ : 《ᠡᠨᠡ ᠠᠷᠪᠠᠨ ᠲᠠᠪᠤᠨ ᠬᠥᠪᠴᠢᠲᠦ ᠨᠤᠮᠤ ᠶ᠋ᠢ ᠲᠠᠲᠠᠵᠤ ᠲᠠᠮᠰᠢᠶᠠᠯᠭᠠ ᠠ᠋ᠴᠠ ᠰᠠᠯᠭᠠᠨ ᠴᠢᠳᠠᠭᠴᠢᠳ ᠲᠤᠷ ᠴᠠᠭᠠᠨ ᠮᠥᠩᠭᠥ ᠲᠠᠪᠤᠨ ᠯᠠᠩ ᠂ ᠴᠠᠭᠠᠨ ᠪᠥᠰ ᠲᠠᠪᠤᠨ ᠪᠦᠬᠦᠯᠢ ᠱᠠᠩᠨᠠᠵᠤ ᠨᠢᠭᠡᠨ ᠵᠡᠷᠭᠡ ᠳᠡᠪᠰᠢᠭᠦᠯᠦᠮᠦᠢ᠃ ᠬᠡᠷᠪᠡ ᠲᠤᠯᠲᠠᠯ᠎ᠠ ᠳᠡᠯᠢᠵᠦ ᠴᠢᠳᠠᠭᠴᠢᠳ ᠲᠤᠷ ᠴᠠᠭᠠᠨ ᠮᠥᠩᠭᠥ ᠬᠣᠷᠢᠨ ᠯᠠᠩ᠂ ᠴᠠᠢᠪᠤᠷ ᠪᠥᠰ ᠬᠣᠷᠢᠨ ᠬᠡᠰᠡᠭ ᠱᠠᠩᠨᠠᠭᠠᠳ ᠬᠣᠶᠠᠷ ᠵᠡᠷᠭᠡ ᠳᠡᠪᠰᠢᠭᠦᠯᠦᠮᠦᠢ᠃ ᠬᠡᠷᠪᠡ ᠡᠨᠡ ᠨᠤᠮᠤ ᠳ᠋ᠤᠷ ᠡᠨᠡ ᠰᠤᠮᠤᠨ ᠤ᠋ ᠬᠢᠷᠢ ᠪᠦᠳᠦᠭᠦᠨ ᠲᠡᠮᠦᠷ ᠰᠤᠮᠤ ᠶ᠋ᠢ ᠣᠨᠢᠯᠠᠵᠤ ᠬᠠᠷᠪᠤᠨ ᠭᠠᠷᠭᠠᠵᠤ ᠴᠢᠳᠠᠭᠴᠢᠳ ᠲᠤᠷ ᠴᠠᠭᠠᠨ ᠮᠥᠩᠭᠥ ᠲᠠᠪᠢᠨ ᠯᠠᠩ ᠂ ᠥᠩᠭᠡᠲᠦ ᠴᠠᠯᠮ᠎ᠠ ᠠᠷᠪᠠᠨ ᠬᠡᠰᠡᠭ ᠱᠠᠩᠨᠠᠵᠤ ᠭᠤᠷᠪᠠᠨ ᠵᠡᠷᠭᠡ ᠳᠡᠪᠰᠢᠭᠦᠯᠦᠮᠦᠢ᠃ ᠬᠡᠷᠪᠡ ᠡᠨᠡ ᠨᠤᠮᠤ ᠰᠤᠮᠤ ᠪᠠᠷ ᠲᠠᠪᠤᠨ ᠵᠠᠭᠤᠨ ᠨᠣᠮᠣᠨ ᠤ᠋ ᠦᠵᠦᠭᠦᠷ ᠦ᠋ᠨ ᠠᠷᠠᠰᠤᠨ ᠠᠶᠠᠭ᠎ᠠ ᠶ᠋ᠢ ᠬᠠᠷᠪᠤᠵᠤ᠂ ᠭᠤᠷᠪᠠᠨ ᠵᠡᠷᠭᠡ ᠤᠨᠤᠪᠠᠰᠤ ᠴᠠᠭᠠᠨ ᠮᠥᠩᠭᠥ ᠵᠠᠭᠤᠨ ᠯᠠᠩ ᠂ ᠠᠯᠲᠠᠲᠤ ᠲᠣᠷᠭ᠎ᠠ ᠠᠷᠪᠠᠨ ᠣᠷᠢᠶᠠᠳᠠᠰᠤ ᠱᠠᠩᠨᠠᠭᠠᠳ ᠰᠢᠭᠤᠳ ᠡᠷᠭᠦᠵᠦ ᠡᠵᠡᠨ ᠦ᠌ ᠮᠣᠳᠣᠷ ᠢ᠋ᠶ᠋ᠠᠷ ᠠᠷᠢᠬᠢ ᠬᠠᠢᠷᠠᠯᠠᠨ᠂ ᠳᠥᠷᠪᠡᠨ ᠬᠦᠯᠦᠭ ᠪᠠ ᠵᠢᠷᠭᠤᠭᠠᠨ ᠰᠠᠢᠳ ᠯᠤᠭ᠎ᠠ ᠰᠠᠴᠠᠭᠤ ᠡᠷᠭᠦᠮᠵᠢᠯᠡᠵᠦ ᠂ ᠵᠡᠭᠦᠨ ᠪᠠᠷᠠᠭᠤᠨ ᠡᠲᠡᠭᠡᠳ ᠦ᠋ᠨ ᠮᠥᠷᠥ ᠶ᠋ᠢᠨ ᠵᠠᠩᠵᠤᠨ ᠨᠠᠷ ᠤ᠋ᠨ ᠵᠡᠷᠭᠡ ᠳ᠋ᠦ᠍ᠷ ᠳᠡᠪᠰᠢᠭᠦᠯᠦᠨ ᠬᠣᠰᠢᠭᠤᠴᠢ ᠪᠠ ᠮᠠᠩᠯᠠᠢᠯᠠᠭᠴᠢ ᠨᠣᠶᠠᠳ ᠤ᠋ᠨ ᠲᠤᠰᠢᠶᠠᠯ ᠳ᠋ᠤᠷ ᠶᠠᠪᠤᠭᠤᠯᠤᠮᠤᠢ ᠃ ᠵᠢᠴᠢ ᠡᠨᠡ ᠵᠠᠭᠤᠨ ᠵᠢᠩ ① ᠦ᠋ᠨ ᠬᠣᠣᠰ ᠢᠯᠳᠦ ᠶ᠋ᠢ ᠬᠣᠶᠠᠷ ᠭᠠᠷ ᠲᠤᠷ ᠢ᠋ᠶ᠋ᠠᠨ ᠬᠣᠣᠰᠯᠠᠨ ᠪᠠᠷᠢᠵᠤ ᠡᠷᠭᠦᠨ ᠳᠠᠭᠠᠭᠠᠨᠴᠢᠳ ᠢ᠋ ᠠᠩᠬ᠎ᠠ ᠡᠷᠭᠦᠮᠵᠢᠯᠡᠯ ᠢ᠋ᠶ᠋ᠡᠷ ᠡᠷᠭᠦᠮᠦᠢ᠃ ᠬᠡᠷᠪᠡ ᠢᠯᠳᠦᠨ ᠢ᠋ ᠪᠠᠷᠢᠵᠤ ᠡᠷᠭᠦᠨ ᠬᠡᠷᠡᠭᠯᠡᠵᠦ ᠶᠠᠪᠤᠨ ᠴᠢᠳᠠᠭᠴᠢᠳ ᠢ᠋ ᠬᠣᠶᠠᠷ ᠵᠡᠷᠭᠡ ᠡᠷᠭᠦᠮᠵᠢᠯᠡᠯ ᠢ᠋ᠶ᠋ᠡᠷ ᠡᠷᠭᠦᠮᠦᠢ ᠃ ᠬᠡᠷᠪᠡ ᠡᠨᠡ ᠢᠯᠳᠦᠨ ᠢ᠋ ᠠᠪᠤᠭᠠᠳ ᠶᠡᠷᠦ ᠶ᠋ᠢᠨ ᠢᠯᠳᠦᠨ ᠮᠡᠲᠦ ᠬᠡᠷᠡᠭᠯᠡᠨ ᠶᠠᠪᠤᠨ ᠴᠢᠳᠠᠭᠴᠢᠳ ᠢ᠋ ᠭᠤᠷᠪᠠ ᠵᠡᠷᠭᠡ ᠡᠷᠭᠦᠮᠵᠢᠯᠡᠯ ᠢ᠋ᠶ᠋ᠡᠷ ᠡᠷᠭᠦᠮᠦᠢ᠃ ᠬᠡᠷᠪᠡ ᠡᠨᠡ ᠢᠯᠳᠦᠨ ᠢ᠋ ᠠᠪᠤᠭᠠᠳ ᠶᠡᠷᠦ ᠶ᠋ᠢᠨ ᠢᠯᠳᠦᠨ ᠮᠡᠲᠦ ᠬᠡᠷᠡᠭᠯᠡᠨ ᠮᠣᠷᠢᠨ ᠳ᠋ᠤᠷ ᠭᠠᠷᠴᠤ ᠥᠭᠡᠳᠡ ᠤᠷᠤᠭᠤ ᠳᠣᠪᠲᠣᠯᠤᠨ ᠠᠯᠠᠯᠳᠤᠨ ᠴᠢᠳᠠᠭᠴᠢᠳ ᠢ᠋ ᠳᠥᠷᠪᠡᠨ ᠵᠡᠷᠭᠡ ᠶ᠋ᠢᠨ ᠡᠷᠭᠦᠮᠵᠢᠯᠡᠯ ᠢ᠋ᠶ᠋ᠡᠷ ᠡᠷᠭᠦᠵᠦ ᠳᠡᠭᠡᠳᠦ ᠨᠣᠶᠠᠳ ᠤ᠋ᠨ ᠲᠣᠭᠠᠨ ᠳ᠋ᠤᠷ ᠣᠷᠣᠭᠤᠯᠵᠤ ᠮᠥᠨ ᠬᠦ᠌ ᠮᠥᠷᠥ ᠶ᠋ᠢᠨ ᠵᠠᠩᠵᠤᠨ ᠳ᠋ᠤᠷ ᠣᠷᠣᠭᠤᠯᠤᠮᠤᠢ᠃ ᠡᠨᠡ ᠬᠦ᠌ ᠳᠡᠩᠰᠡᠯ ᠳ᠋ᠦ᠍ᠷ ᠡᠵᠡᠨ ᠦ᠌ ᠳᠥᠷᠪᠡᠨ ᠳᠡᠭᠦᠦ ᠂ ᠳᠥᠷᠪᠡᠨ ᠬᠥᠪᠡᠭᠦᠨ ᠂ ᠳᠥᠷᠪᠡᠨ ᠬᠦᠯᠦᠭ ᠂ ᠵᠢᠷᠭᠤᠭᠠᠨ ᠰᠠᠢᠳ ᠶᠢᠰᠦᠨ ᠡᠩ ᠦ᠋ᠨ ᠨᠣᠶᠠᠳ ᠢ᠋ ᠭᠠᠷᠭᠠᠭᠠᠳ ᠦᠯᠡᠭᠰᠡᠨ ᠶᠡᠬᠡ ᠪᠠᠭ᠎ᠠ ᠨᠣᠶᠠᠳ ᠲᠦᠰᠢᠮᠡᠳ ᠡᠴᠡ ᠲᠡᠷᠢᠭᠦᠯᠡᠨ ᠵᠠᠩᠵᠤᠨ ᠪᠠᠭᠠᠲᠤᠳ ᠴᠡᠷᠢᠭ ᠬᠤᠶᠠᠭ ᠬᠢᠭᠡᠳ ᠰᠤᠯᠠ ᠠᠷᠠᠳ ᠂ ᠬᠥᠮᠦᠨ ᠦ᠌ ᠪᠣᠭᠣᠯ ᠪᠠ ᠪᠣᠭᠣᠯ ᠤ᠋ᠨ ᠬᠢᠲᠠᠳ ᠲᠤᠷ ᠬᠦᠷᠲᠡᠯ᠎ᠡ ᠴᠥᠮ ᠭᠠᠷᠴᠤ ᠰᠢᠯᠭᠠᠵᠤ ᠳᠠᠩᠰᠠᠨ ᠦᠵᠡᠭᠦᠯ ᠂ ᠡᠵᠡᠨ ᠳ᠋ᠦ᠍ᠷ ᠡᠯᠪᠡᠷᠢᠬᠦᠢ ᠳ᠋ᠦ᠍ᠷ ᠡᠷᠡᠭᠡ ᠦᠭᠡᠢ ᠂ ᠴᠡᠷᠢᠭ ᠲᠦ᠍ᠷ ᠴᠢᠷᠮᠠᠢᠬᠤᠢ ᠳ᠋ᠤᠷ ᠬᠢᠴᠢᠶᠡᠯ ᠴᠡᠭᠡᠷᠯᠡᠯ ᠦᠭᠡᠢ ᠂ ᠴᠢᠳᠠᠯᠲᠤ ᠠᠷᠠᠳ ᠢ᠋ ᠴᠢᠷᠴᠦ ᠭᠠᠷᠭᠠᠨ ᠡᠷᠳᠡᠮᠲᠦ ᠬᠥᠮᠦᠨ ᠢ᠋ ᠡᠷᠢᠨ ᠢᠯᠡᠷᠡᠭᠦᠯᠵᠦ ᠡᠵᠡᠨ ᠳ᠋ᠦ᠍ᠷ ᠲᠤᠰᠠᠯᠠᠭᠤᠯᠤᠮᠤᠢ ᠂ ᠬᠠᠯᠬᠠᠯᠠᠨ ᠳᠠᠷᠤᠵᠤ ᠪᠣᠯᠬᠤ ᠦᠭᠡᠢ ᠃ ᠠᠯᠢᠪᠠ ᠠᠢᠮᠠᠭ ᠤ᠋ᠨ ᠳᠠᠷᠤᠭ᠎ᠠ ᠪᠠ ᠵᠠᠬᠢᠷᠤᠭᠰᠠᠳ ᠳᠣᠣᠷᠠᠲᠤ ᠠᠷᠠᠳ ᠢ᠋ᠶ᠋ᠠᠨ ᠠᠶᠤᠯᠭᠠᠨ ᠳᠠᠷᠤᠯᠠᠵᠤ ᠮᠥᠷᠥᠢᠴᠡᠨ ᠲᠡᠩᠰᠡᠭᠦᠯᠬᠦ ᠦᠭᠡᠢ ᠳᠠᠷᠤᠨ ᠳᠠᠯᠳᠠᠯᠠᠪᠠᠰᠤ ᠪᠠᠢᠴᠠᠭᠠᠨ ᠭᠠᠷᠭᠠᠭᠰᠠᠨ ᠴᠠᠭ ᠲᠤᠷ ᠡᠵᠡᠨ ᠦ᠌ ᠬᠤᠷᠴᠠ ᠴᠠᠭᠠᠵᠠ ᠪᠠᠷ ᠲᠣᠯᠣᠭᠠᠢ ᠶ᠋ᠢ ᠠᠪᠴᠤ ᠣᠯᠠᠨ ᠳ᠋ᠤᠷ ᠴᠡᠭᠡᠷᠯᠡᠯ ᠦᠵᠡᠭᠦᠯᠦᠮᠦᠢ᠃ ᠴᠢᠳᠠᠯ ᠬᠦᠴᠦᠨ ᠦᠭᠡᠢ ᠪᠣᠯᠪᠠᠴᠤ ᠭᠠᠷᠴᠤ ᠳᠠᠩᠰᠠᠨ ᠦᠵᠡᠬᠦᠢ ᠳ᠋ᠦ᠍ᠷ ᠭᠠᠢᠭᠤᠢ ᠂ ᠴᠢᠳᠠᠯ ᠬᠦᠴᠦᠨ ᠪᠣᠢ ᠠᠷᠠᠳ ᠢ᠋ ᠳᠠᠷᠤᠨ ᠳᠠᠯᠳᠠᠯᠠᠵᠤ ᠡᠰᠡ ᠢᠯᠡᠷᠡᠭᠦᠯᠪᠡᠰᠦ ᠶᠠᠯ᠎ᠠ ᠬᠡᠯᠡᠯᠴᠡᠮᠦᠢ ! 》 ᠭᠡᠮᠡᠨ ᠵᠠᠷᠯᠠᠭᠰᠠᠨ ᠳ᠋ᠤᠷ ᠵᠠᠩᠵᠤᠨ ᠪᠠᠭᠠᠲᠤᠳ ᠴᠡᠷᠢᠭ ᠬᠤᠶᠠᠭ ᠤ᠋ᠳ ᠤ᠋ᠨ ᠳᠡᠪᠬᠡᠴᠡᠨ ᠪᠠᠶᠠᠷᠯᠠᠯᠴᠠᠨ ᠵᠧ ᠭᠡᠮᠡᠨ ᠳᠠᠭᠤᠳᠠᠯᠴᠠᠬᠤ ᠳᠠᠭᠤᠨ ᠳ᠋ᠤᠷ ᠮᠥᠷᠡᠨ ᠲᠠᠯ᠎ᠠ ᠬᠦᠩᠭᠢᠷᠰᠡᠪᠡᠢ ᠃ ᠶᠡᠬᠡ ᠢᠯᠳᠦ ᠂ ᠨᠤᠮᠤ ᠰᠤᠮᠤᠨ ᠤ᠋ ᠬᠠᠵᠠᠭᠤᠳᠠ ᠂ ᠳᠣᠪᠣ ᠶ᠋ᠢᠨ ᠳᠡᠭᠡᠷᠡᠬᠢ ᠵᠠᠳᠠᠭᠠᠢ ᠴᠠᠴᠠᠷ ᠲᠤᠷ ᠲᠣᠷᠭᠠᠨ ᠰᠢᠷ᠎ᠠ ᠂ ᠪᠤᠭᠤᠷᠵᠢ ᠬᠣᠶᠠᠭᠤᠯᠠ ᠵᠣᠭᠰᠣᠵᠤ ᠂ ᠶᠡᠬᠡ ᠰᠢᠷᠡᠭᠡᠨ ᠳ᠋ᠦ᠍ᠷ ᠮᠥᠷᠥ ᠶ᠋ᠢᠨ ᠵᠠᠩᠵᠤᠨ ᠤ᠋ ᠬᠤᠶᠠᠭ ᠳᠤᠭᠤᠯᠠᠭ᠎ᠠ ᠲᠡᠷᠢᠭᠦᠯᠡᠨ ᠳᠡᠪᠡᠯ ᠮᠠᠯᠠᠭ᠎ᠠ ᠂ ᠪᠦᠰᠡ ᠭᠤᠲᠤᠯ ᠬᠢᠭᠡᠳ ᠠᠯᠲᠠᠲᠤ ᠲᠣᠷᠭ᠎ᠠ ᠂ ᠮᠥᠩᠭᠥᠨ ᠦ᠌ ᠥᠯᠥᠭᠡᠢ ᠂ ᠰᠠᠢᠨ ᠴᠡᠯᠮᠡᠨ ᠂ ᠰᠠᠢᠬᠠᠨ ᠪᠥᠰ ᠦ᠋ᠨ ᠱᠠᠩ ᠤ᠋ᠨ ᠵᠦᠢᠯ ᠢ᠋ ᠠᠭᠤᠯᠠ ᠮᠡᠲᠦ ᠣᠪᠣᠭᠠᠯᠠᠵᠤᠬᠤᠢ ᠃ ᠲᠠᠢᠽᠦ ᠶ᠋ᠢᠨ ᠲᠥᠪ ᠦ᠋ᠨ ᠴᠠᠴᠠᠷ ᠤ᠋ᠨ ᠳᠣᠣᠷ᠎ᠠ ᠵᠡᠭᠦᠨ ᠬᠠᠵᠠᠭᠤᠳᠠ ᠬᠠᠪᠢᠷᠭᠠᠯᠠᠨ ᠪᠠᠰᠠ ᠨᠢᠭᠡᠨ ᠴᠠᠴᠠᠷ ᠪᠣᠰᠬᠠᠵᠤ ᠲᠡᠷᠢᠭᠦᠨ ᠦ᠌ ᠲᠡᠷᠢᠭᠦᠨ ᠳ᠋ᠦ᠍ᠷ ᠭᠠᠷᠬᠤ ᠵᠠᠩᠵᠤᠨ ᠨᠠᠷ ᠢ᠋ ᠵᠣᠭᠰᠣᠬᠤ ᠳ᠋ᠤᠷ ᠪᠡᠯᠡᠳᠬᠡᠵᠦᠬᠦᠢ ᠃ ᠪᠠᠷᠠᠭᠤᠨ ᠬᠠᠵᠠᠭᠤᠳᠠ ᠬᠠᠪᠢᠷᠭᠠᠯᠠᠨ ᠪᠠᠰᠠ ᠨᠢᠭᠡᠨ ᠴᠠᠴᠠᠷ ᠪᠤᠰᠬᠠᠵᠤ ᠳᠥᠷᠪᠡᠨ ᠳᠡᠭᠦᠦ ᠂ ᠳᠥᠷᠪᠡᠨ ᠬᠦᠯᠦᠭ ᠂ ᠳᠥᠷᠪᠡᠨ ᠪᠠᠭ᠎ᠠ ᠡᠵᠡᠳ ᠦ᠋ᠨ ᠵᠣᠭᠰᠣᠬᠤᠢ ᠳ᠋ᠤᠷ ᠪᠡᠯᠡᠳᠬᠡᠵᠦᠬᠦᠢ ᠃
– – – –
① ᠠᠷᠤ ᠭᠠᠵᠠᠷ ᠨᠢᠭᠡᠨ ᠦ᠌ ᠬᠣᠶᠠᠷ ᠤ᠋ᠨ ᠬᠡᠮᠡᠬᠦ ᠶ᠋ᠢ ᠨᠢᠭᠡᠨ ᠵᠢᠩ ᠬᠣᠶᠠᠷ ᠵᠢᠩ ᠬᠡᠮᠡᠮᠦᠢ ᠃
ᠲᠡᠳᠦᠢ ᠡᠯ᠎ᠡ ᠵᠦᠢᠯ ᠴᠥᠮ ᠪᠡᠯᠡᠨ ᠵᠠᠯᠠᠨ ᠪᠣᠯᠤᠭᠰᠠᠨ ᠲᠤᠯᠠ ᠵᠢᠨᠦᠩ ᠦ᠋ᠨ ᠥᠨᠳᠥᠷ ᠴᠠᠴᠠᠷ ᠤ᠋ᠨ ᠡᠮᠦᠨ᠎ᠡ ᠨᠢᠭᠡᠨ ᠶᠡᠬᠡ ᠦᠬᠡᠷ ᠫᠤᠤ ᠶ᠋ᠢᠨ ᠳᠠᠭᠤᠨ ᠨᠢᠭᠡᠨᠲᠡ ᠭᠠᠷᠴᠤ ᠶᠡᠬᠡ ᠬᠡᠩᠭᠡᠷᠭᠡ ᠬᠦᠩᠭᠢᠷᠰᠡᠨ ᠳᠠᠭᠤᠷᠢᠰᠴᠤ ᠡᠭᠦᠰᠬᠡᠪᠡ ᠃ ᠲᠡᠳᠦᠢ ᠴᠡᠷᠢᠭ ᠦ᠋ᠨ ᠵᠢᠭ᠍ᠰᠠᠭᠠᠯ ᠤ᠋ᠨ ᠱᠠᠭᠠᠷᠳᠠᠬᠤ ᠬᠡᠩᠭᠡᠷᠭᠡ ᠬᠠᠮᠲᠤ ᠪᠠᠷ ᠳᠡᠯᠡᠳᠴᠦ ᠪᠠᠷᠠᠭᠤᠨ ᠡᠲᠡᠭᠡᠳ ᠦ᠋ᠨ ᠬᠥᠬᠡ ᠥᠩᠭᠡᠲᠦ ᠲᠤᠭ ᠤ᠋ᠨ ᠡᠩ ᠡᠴᠡ ᠨᠢᠭᠡᠨ ᠵᠠᠩᠵᠤᠨ ᠭᠠᠷᠪᠠ ᠃ ᠪᠡᠶ᠎ᠡ ᠥᠨᠳᠥᠷ ᠪᠡᠯᠭᠡᠭᠦᠰᠦᠨ ᠨᠠᠷᠢᠨ ᠂ ᠰᠠᠷᠠᠯ ᠮᠣᠷᠢ ᠤᠨᠤᠵᠤ ᠭᠠᠩ ᠵᠢᠳᠠ ᠪᠠᠷᠢᠵᠤᠬᠤᠠᠢ ᠃ ᠲᠡᠳᠦᠢ ᠮᠣᠷᠢ ᠪᠠᠨ ᠬᠡᠢᠰᠬᠡᠨ ᠭᠠᠷᠴᠤ ᠢᠷᠡᠭᠡᠳ ᠴᠡᠷᠢᠭ ᠦ᠋ᠨ ᠲᠠᠯᠠᠪᠤᠷ ᠤ᠋ᠨ ᠳᠤᠮᠳᠠ ᠬᠦᠷᠴᠦ ᠮᠣᠷᠢᠨ ᠠ᠋ᠴᠠ ᠪᠠᠨ ᠳᠡᠪᠬᠡᠯᠦᠨ ᠪᠠᠭᠤᠵᠤ ᠂ ᠴᠤᠯᠪᠤᠭᠤᠷ ᠢ᠋ᠶ᠋ᠠᠨ ᠪᠦᠰᠡ ᠳ᠋ᠡᠭᠡᠨ ᠳᠣᠷᠭᠤᠮᠰᠤᠭᠯᠠᠭᠠᠳ ᠵᠢᠳᠠ ᠪᠠᠨ ᠡᠭᠦᠷᠴᠦ ᠠᠯᠬᠤᠨ ᠢᠷᠡᠵᠦ ᠂ ᠶᠡᠬᠡ ᠨᠤᠮᠤ ᠶ᠋ᠢ ᠰᠢᠭᠦᠷᠡᠨ ᠠᠪᠴᠤ ᠲᠡᠮᠦᠷ ᠰᠤᠮᠤ ᠶ᠋ᠢ ᠣᠨᠢᠯᠠᠭᠠᠳ ᠲᠠᠪᠤᠨ ᠵᠠᠭᠤᠨ ᠨᠣᠮᠣᠨ ᠤ᠋ ᠦᠵᠦᠭᠦᠷ ᠦ᠋ᠨ ᠶᠡᠬᠡ ᠪᠤᠭᠤ ᠶ᠋ᠢᠨ ᠠᠷᠠᠰᠤᠨ ᠤ᠋ ᠠᠶᠠᠭ᠎ᠠ ᠶ᠋ᠢ ᠳᠠᠷᠠᠭ᠎ᠠ ᠪᠠᠷ ᠭᠤᠷᠪᠠᠨ ᠰᠤᠮᠤ ᠰᠢᠪᠲᠤ ᠰᠢᠪᠲᠤ ᠬᠠᠷᠪᠤᠨ ᠭᠠᠷᠭᠠᠪᠠ ᠃ ᠡᠭᠦᠨ ᠳ᠋ᠦ᠍ᠷ ᠵᠢᠨᠦᠩ ᠦ᠋ᠨ ᠲᠠᠭᠲᠤ ᠳ᠋ᠤᠷ ᠮᠤᠬᠤᠯᠢ ᠥᠪᠡᠷ ᠢ᠋ᠶ᠋ᠡᠨ ᠶᠡᠬᠡ ᠬᠡᠩᠭᠡᠷᠭᠡ ᠶ᠋ᠢ ᠳᠡᠯᠡᠳᠬᠦᠶ᠎ᠡ ᠲᠡᠷᠡ ᠵᠠᠩᠵᠤᠨ ᠨᠤᠮᠤ ᠰᠤᠮᠤ ᠶ᠋ᠢ ᠲᠠᠯᠪᠢᠵᠤ ᠂ ᠬᠣᠶᠠᠷ ᠶᠡᠬᠡ ᠢᠯᠳᠦᠨ ᠢ᠋ ᠠᠳᠬᠤᠨ ᠠᠪᠴᠤ ᠨᠢᠭᠡᠨ ᠵᠡᠷᠭᠡ ᠡᠷᠭᠢᠭᠦᠯᠵᠦ ᠪᠠᠰᠠ ᠨᠢᠭᠡᠨ ᠥᠷᠥᠭᠡᠰᠦᠨ ᠢ᠋ ᠰᠤᠭᠤᠨ ᠳ᠋ᠤᠷ ᠢ᠋ᠶ᠋ᠠᠨ ᠬᠠᠪᠴᠢᠵᠤ ᠮᠣᠷᠢ ᠪᠠᠨ ᠤᠨᠤᠭᠠᠳ ᠥᠭᠡᠳᠡ ᠤᠷᠤᠭᠤ ᠳᠣᠪᠲᠣᠯᠤᠨ ᠂ ᠢᠯᠳᠦ ᠶ᠋ᠢ ᠬᠡᠷᠡᠭᠯᠡᠬᠦ ᠢᠨᠦ ᠶᠡᠷᠦ ᠶ᠋ᠢᠨ ᠢᠯᠳᠦ ᠶ᠋ᠢ ᠬᠡᠷᠡᠭᠯᠡᠬᠦ ᠮᠡᠲᠦ ᠳ᠋ᠦ᠍ᠷ ᠵᠢᠨᠦᠩ ᠦ᠋ᠨ ᠲᠠᠭᠲᠤ ᠳ᠋ᠤᠷ ᠳᠠᠪᠬᠤᠷ ᠬᠡᠩᠭᠡᠷᠭᠡ ᠳᠠᠭᠤᠷᠢᠰᠴᠤ ᠣᠯᠠᠨ ᠴᠡᠷᠢᠭ ᠦ᠋ᠨ ᠬᠠᠷᠠᠩᠭ᠎ᠠ ᠬᠡᠩᠭᠡᠷᠭᠡ ᠪᠦᠷᠢᠶ᠎ᠡ ᠪᠢᠰᠬᠢᠭᠦᠷ ᠦ᠋ᠨ ᠬᠥᠭᠵᠢᠮ ᠳᠠᠭᠠᠵᠤ ᠡᠭᠦᠰᠬᠡᠪᠡ ᠃ ᠲᠡᠳᠦᠢ ᠪᠤᠭᠤᠷᠵᠢ ᠂ ᠪᠤᠭᠤᠷᠤᠯ ᠬᠣᠶᠠᠭᠤᠯᠠ ᠶᠠᠭᠠᠷᠠᠨ ᠦᠵᠡᠬᠦᠯ᠎ᠡ ᠲᠠᠢᠽᠦ ᠶ᠋ᠢᠨ ᠤᠯᠠᠭᠠᠨ ᠮᠠᠩᠭᠣᠭ ᠤ᠋ᠨ ᠠᠷᠰᠯᠭ᠍ᠲᠤ ᠲᠤᠭ ᠢ᠋ ᠳᠠᠯᠠᠯᠵᠤ ᠡᠷᠭᠦᠮᠵᠢᠯᠡᠬᠦ ᠲᠡᠮᠳᠡᠭ ᠬᠥᠳᠡᠯᠦᠭᠰᠡᠨ ᠳ᠋ᠦ᠍ᠷ ᠬᠣᠶᠠᠭᠤᠯᠠ ᠮᠡᠩᠳᠡᠨ ᠰᠡᠩᠳᠡᠨ ᠱᠠᠩ ᠤ᠋ᠨ ᠡᠳ᠋ ᠡᠷᠭᠦᠮᠵᠢᠯᠡᠯ ᠦ᠋ᠨ ᠳᠤᠭᠤᠯᠠᠭ᠎ᠠ ᠶ᠋ᠢ ᠠᠪᠤᠨ ᠲᠠᠭᠲᠤ ᠠ᠋ᠴᠠ ᠭᠦᠶᠦᠨ ᠪᠠᠭᠤᠵᠤ ᠢᠷᠡᠭᠡᠳ ᠮᠥᠩᠭᠥ ᠲᠣᠷᠭ᠎ᠠ ᠶ᠋ᠢ ᠥᠭᠴᠦ ᠶᠣᠰᠣᠲᠤ ᠮᠠᠯᠠᠭ᠎ᠠ ᠶ᠋ᠢ ᠡᠮᠦᠰᠬᠡᠵᠦ ᠂ ᠬᠣᠶᠠᠷ ᠰᠤᠭᠤᠨ ᠠ᠋ᠴᠠ ᠲᠦᠰᠢᠵᠦ ᠡᠵᠡᠨ ᠦ᠌ ᠥᠨᠳᠥᠷ ᠠᠷᠰᠯᠠᠨᠲᠤ ᠴᠠᠴᠠᠷ ᠤ᠋ᠨ ᠡᠮᠦᠨ᠎ᠡ ᠠᠪᠠᠷᠢᠭᠤᠯᠵᠤ ᠂ ᠡᠵᠡᠨ ᠦ᠌ ᠣᠢᠷ᠎ᠠ ᠪᠠᠷᠰ ᠤ᠋ᠨ ᠠᠷᠠᠰᠤᠨ ᠤ᠋ ᠳᠡᠭᠡᠷ᠎ᠡ ᠰᠥᠭᠥᠳᠬᠡᠪᠡ ᠃ ᠣᠯᠠᠨ ᠬᠥᠮᠦᠨ ᠦᠵᠡᠪᠡᠰᠦ ᠂ ᠦᠵᠡᠰᠡ ᠬᠠᠷᠢᠨ ᠵᠦᠷᠭᠡᠨ ᠠᠢᠮᠠᠭ ᠤ᠋ᠨ ᠵᠦᠯᠭᠡᠲᠡᠢ ᠪᠠᠭᠠᠲᠤᠷ ᠠᠵᠤᠭᠤ ᠃ ᠡᠭᠦᠨ ᠳ᠋ᠦ᠍ᠷ ᠲᠠᠢᠽᠦ ᠶᠡᠬᠡᠳᠡ ᠪᠡᠶᠡᠰᠦᠨ ᠵᠠᠬᠢᠷᠤᠨ : 《ᠮᠢᠨᠦ ᠳᠥᠷᠪᠡᠨ ᠬᠦᠯᠦᠭ ᠦ᠋ᠳ ᠡᠴᠡ ᠭᠠᠳᠠᠨ᠎ᠠ ᠪᠠᠰᠠ ᠡᠨᠡ ᠮᠡᠲᠦ ᠡᠷᠡᠰ ᠪᠠᠢᠬᠤ ᠠᠨᠤ ᠲᠡᠭᠷᠢ ᠡᠴᠢᠭᠡ ᠦᠨᠡᠨ ᠢ᠋ᠶ᠋ᠡᠷ ᠲᠡᠮᠦᠵᠢᠨ ᠨᠠᠮᠠᠢ ᠥᠷᠥᠰᠢᠶᠡᠬᠦ ᠠᠵᠤᠭᠤ ! 》 ᠭᠡᠮᠡᠨ ᠨᠠᠰᠤᠨ ᠢ᠋ ᠠᠰᠠᠭᠤᠪᠠᠰᠤ ᠰᠠᠶᠢ ᠠᠷᠪᠠᠨ ᠵᠢᠷᠭᠤᠭᠠᠨ ᠨᠠᠰᠤ ᠲᠠᠢ ᠬᠡᠮᠡᠬᠦᠢ ᠳ᠋ᠦ᠍ᠷ ᠲᠠᠢᠽᠦ ᠨᠡᠩ ᠪᠠᠶᠠᠷᠯᠠᠨ ᠰᠠᠢᠰᠢᠶᠠᠵᠤ ᠂ ᠵᠦᠯᠭᠡᠲᠡᠢ ᠳ᠋ᠦ᠍ᠷ ᠪᠠᠭᠠᠲᠤᠷ ᠴᠣᠯᠠ ᠬᠠᠢᠷᠠᠯᠠᠵᠤ ᠪᠠᠷᠰ ᠤ᠋ᠨ ᠰᠡᠭᠦᠯ ᠦ᠋ᠨ ᠲᠤᠭ ᠂ ᠪᠠᠷᠰ ᠤ᠋ᠨ ᠬᠦᠷᠮ᠎ᠡ ᠂ ᠪᠠᠷᠰ ᠤ᠋ᠨ ᠳᠡᠪᠢᠰᠬᠡᠷ ᠱᠠᠩᠨᠠᠵᠤ ᠂ ᠥᠪᠡᠷ ᠦ᠋ᠨ ᠮᠣᠳᠣᠷ ᠢ᠋ᠶ᠋ᠠᠷ ᠭᠤᠷᠪᠠᠨ ᠠᠯᠲᠠᠨ ᠬᠤᠨᠳᠠᠭ᠎ᠠ ᠠᠷᠠᠵᠠ ᠬᠦᠷᠲᠡᠭᠡᠪᠡ᠃ ᠲᠡᠳᠦᠢ ᠬᠡᠰᠢᠭ ᠲᠣᠷ ᠮᠥᠷᠭᠥᠭᠦᠯᠵᠦ ᠵᠡᠭᠦᠨ ᠬᠠᠵᠠᠭᠤ ᠶ᠋ᠢᠨ ᠮᠥᠷᠥ ᠶ᠋ᠢᠨ ᠵᠠᠩᠵᠤᠨ ᠤ᠋ ᠴᠠᠴᠠᠷ ᠲᠤᠷ ᠠᠪᠠᠴᠢᠵᠤ ᠵᠣᠭᠰᠣᠭᠠᠪᠠ ᠃ ᠳᠠᠭᠠᠯᠳᠤᠭ᠎ᠠ ᠪᠠᠰᠠ ᠨᠢᠭᠡᠨ ᠵᠠᠩᠵᠤᠨ ᠵᠡᠭᠦᠨ ᠡᠲᠡᠭᠡᠳ ᠦ᠋ᠨ ᠨᠣᠭᠣᠭᠠᠨ ᠲᠤᠭ ᠤ᠋ᠨ ᠡᠩ ᠡᠴᠡ ᠳᠣᠪᠲᠣᠯᠤᠨ ᠭᠠᠷᠴᠤ ᠢᠷᠡᠪᠡ ᠃ ᠪᠡᠶ᠎ᠡ ᠥᠨᠳᠥᠷ ᠮᠥᠷᠥ ᠥᠷᠭᠡᠨ᠂ ᠴᠢᠷᠠᠢ ᠶ᠋ᠢᠨ ᠥᠩᠭᠡ ᠲᠣᠭᠣᠭᠠᠨ ᠤ᠋ ᠢᠷᠣᠭᠠᠷ ᠮᠡᠲᠦ ᠬᠠᠷ᠎ᠠ ᠂ ᠨᠢᠳᠦᠨ ᠥᠨᠳᠡᠭᠡ ᠶ᠋ᠢᠨ ᠬᠠᠯᠢᠰᠤ ᠠᠳᠠᠯᠢ ᠪᠦᠯᠲᠡᠭᠡᠷ ᠂ ᠬᠣᠶᠠᠷ ᠴᠢᠬᠢᠨ ᠦ᠌ ᠳᠡᠭᠡᠷ᠎ᠡ ᠰᠢᠷᠠᠩᠭᠤᠢ ᠥᠩᠭᠡ ᠲᠡᠢ ᠪᠣᠰᠤᠭ᠎ᠠ ᠦᠰᠦ ᠤᠷᠭᠤᠵᠤ ᠠᠮᠠᠨ ᠤ᠋ ᠵᠠᠪᠠᠵᠢ ᠴᠢᠰᠤ ᠳᠤᠰᠤᠯᠠᠬᠤ ᠮᠡᠲᠦ ᠤᠯᠠᠭᠠᠨ ᠂ ᠨᠠᠰᠤᠨ ᠮᠥᠨ ᠬᠣᠷᠢ ᠬᠦᠷᠦᠭᠡᠳᠦᠢ ᠂ ᠬᠠᠷ᠎ᠠ ᠲᠡᠮᠦᠷ ᠦ᠋ᠨ ᠮᠠᠯᠠᠭ᠎ᠠ ᠂ ᠬᠠᠷ᠎ᠠ ᠲᠡᠮᠦᠷ ᠦ᠋ᠨ ᠴᠡᠭᠡᠵᠢᠪᠴᠢ ᠡᠮᠦᠰᠴᠦ ᠬᠠᠷ᠎ᠠ ᠮᠣᠷᠢ ᠤᠨᠤᠭᠠᠳ ᠭᠠᠷ ᠲᠠᠭᠠᠨ ᠦᠬᠡᠷ ᠦ᠋ᠨ ᠲᠣᠯᠣᠭᠠᠢ ᠶ᠋ᠢᠨ ᠴᠢᠨᠡᠭᠡᠨ ᠬᠣᠣᠰ ᠲᠡᠮᠦᠷ ᠮᠠᠨᠴᠤᠷᠭ᠎ᠠ ᠪᠠᠷᠢᠵᠤ ᠠᠶᠤᠩᠭ᠎ᠠ ᠶ᠋ᠢᠨ ᠰᠢᠭᠤᠷᠭᠠᠨ ᠮᠡᠲᠦ ᠰᠢᠭᠦᠷᠬᠢᠯᠡᠨ ᠭᠠᠷᠴᠤ ᠢᠷᠡᠭᠡᠳ ᠮᠣᠷᠢᠨ ᠠ᠋ᠴᠠ ᠪᠠᠨ ᠪᠤᠷᠤᠭᠤ ᠲᠠᠯ᠎ᠠ ᠤᠷᠤᠭᠤ ᠳᠡᠪᠬᠡᠯᠦᠨ ᠪᠠᠭᠤᠵᠤ ᠂ ᠲᠡᠮᠦᠷ ᠮᠠᠨᠴᠤᠷᠭ᠎ᠠ ᠪᠠᠨ ᠠᠷᠤ ᠳ᠋ᠠᠭᠠᠨ ᠰᠤᠢᠷᠠᠮᠠᠭᠴᠠ ᠶᠡᠬᠡ ᠨᠤᠮᠤ ᠶ᠋ᠢ ᠰᠢᠭᠦᠷᠡᠨ ᠠᠪᠴᠤ ᠲᠡᠮᠦᠷ ᠰᠤᠮᠤ ᠶ᠋ᠢ ᠰᠠᠢᠲᠤᠷ ᠣᠨᠢᠯᠠᠭᠠᠳ ᠪᠡᠶ᠎ᠡ ᠪᠥᠬᠥᠢᠨ ᠭᠠᠷ ᠲᠤᠯᠤᠮᠠᠭᠴᠠ ᠨᠤᠮᠤ ᠵᠢᠵᠢᠭᠢᠨᠠᠵᠤ ᠰᠤᠮᠤ ᠰᠤᠷᠴᠢᠭᠢᠨᠠᠨ ᠡᠴᠢᠵᠦ ᠂ ᠠᠶᠠᠭ᠎ᠠ ᠶ᠋ᠢ ᠨᠡᠪᠲᠡᠯᠦᠭᠡᠳ ᠳᠠᠷᠠᠭ᠎ᠠ ᠪᠠᠷ ᠭᠤᠷᠪᠠᠨᠲᠠ ᠤᠨᠤᠵᠤ ᠂ ᠰᠤᠮᠤ ᠰᠢᠪᠲᠤᠯᠤᠨ ᠭᠠᠷᠤᠭᠠᠳ ᠴᠢᠨᠠᠭᠰᠢ ᠪᠠᠨ ᠵᠠᠭᠤᠨ ᠨᠣᠮᠣᠨ ᠤ᠋ ᠭᠠᠳᠠᠨ᠎ᠠ ᠭᠠᠷᠪᠠᠢ ᠃ ᠡᠭᠦᠨ ᠳ᠋ᠦ᠍ᠷ ᠵᠢᠨᠦᠩ ᠦ᠋ᠨ ᠬᠡᠩᠭᠡᠷᠭᠡ ᠳᠠᠭᠤᠷᠢᠰᠲᠠᠯᠠ ᠲᠡᠷᠡ ᠪᠠᠰᠠ ᠪᠡᠶ᠎ᠡ ᠡᠭᠡᠨ ᠬᠣᠶᠠᠷ ᠢᠯᠳᠦ ᠶ᠋ᠢ ᠨᠢᠭᠡᠬᠡᠨ ᠭᠠᠷ ᠢ᠋ᠶ᠋ᠠᠷ ᠰᠢᠭᠦᠷᠡᠨ ᠠᠪᠴᠤ ᠮᠣᠷᠢᠨ ᠳ᠋ᠠᠭᠠᠨ ᠨᠢᠭᠡᠨᠲᠡ ᠦᠰᠦᠷᠦᠨ ᠭᠠᠷᠤᠭᠠᠳ ᠴᠡᠷᠢᠭ ᠦ᠋ᠨ ᠲᠠᠯᠠᠪᠤᠷ ᠲᠤᠷ ᠲᠣᠭᠣᠷᠢᠨ ᠳᠣᠪᠲᠣᠯᠵᠤ ᠮᠠᠭᠰᠢᠨ ᠪᠥᠵᠢᠭᠯᠡᠬᠦ ᠢᠨᠦ ᠮᠣᠳᠣᠨ ᠢᠯᠳᠦ ᠪᠡᠷ ᠨᠠᠭᠠᠳᠬᠤ ᠠᠳᠠᠯᠢ ᠃ ᠲᠡᠳᠦᠢ ᠵᠢᠨᠦᠩ ᠦ᠋ᠨ ᠳᠠᠪᠬᠤᠷ ᠬᠡᠩᠭᠡᠷᠭᠡ ᠳᠠᠭᠤᠷᠢᠰᠴᠤ ᠱᠠᠩ ᠤ᠋ᠨ ᠲᠠᠭᠲᠤ ᠠ᠋ᠴᠠ ᠪᠤᠭᠤᠷᠵᠢ ᠂ ᠪᠤᠭᠤᠷᠤᠯ ᠬᠣᠶᠠᠭᠤᠯᠠ ᠪᠠᠭᠤᠨ ᠢᠷᠡᠵᠦ ᠤᠷᠢᠳᠤ ᠶᠣᠰᠣᠭᠠᠷ ᠡᠮᠦᠰᠬᠡᠨ ᠱᠠᠩᠨᠠᠵᠤ ᠲᠠᠢᠽᠦ ᠶ᠋ᠢᠨ ᠡᠮᠦᠨ᠎ᠡ ᠠᠪᠠᠷᠢᠭᠤᠯᠵᠤ ᠰᠥᠭᠥᠳᠬᠡᠭᠰᠡᠨ᠎ᠡ ᠂ ᠲᠠᠢᠽᠦ ᠦᠵᠡᠪᠡᠰᠦ ᠰᠥᠨᠢᠳ ᠠᠢᠮᠠᠭ ᠤ᠋ᠨ ᠭᠢᠯᠦᠭᠡᠨ ᠪᠠᠭᠠᠲᠤᠷ ᠲᠤᠯᠠ ᠲᠠᠰᠤᠷᠬᠠᠶᠠ ᠰᠠᠢᠰᠢᠶᠠᠨ ᠪᠡᠶᠡᠰᠴᠦ ᠵᠠᠬᠢᠷᠤᠨ :《 ᠡᠨᠡ ᠬᠥᠪᠡᠭᠦᠨ ᠢ᠋ ᠡᠨᠡ ᠮᠡᠲᠦ ᠭᠡᠮᠡᠨ ᠪᠢ ᠦᠨᠡᠬᠡᠷ ᠰᠠᠨᠠᠭᠰᠠᠨ ᠦᠭᠡᠢ ᠂ ᠭᠠᠵᠠᠷ ᠳᠡᠯᠡᠬᠡᠢ ᠳ᠋ᠦ᠍ᠷ ᠭᠠᠭᠴᠠ ᠪᠠᠭᠠᠲᠤᠷ ᠬᠡᠮᠡᠪᠡᠰᠦ ᠪᠣᠯᠤᠮᠤᠢ ! 》 ᠭᠡᠮᠡᠨ ᠴᠣᠯᠠ ᠬᠠᠢᠷᠠᠯᠠᠵᠤ ᠂ ᠪᠠᠷᠰ ᠤ᠋ᠨ ᠰᠡᠭᠦᠯ ᠦ᠋ᠨ ᠲᠤᠭ ᠂ ᠪᠠᠷᠰ ᠤ᠋ᠨ ᠬᠦᠷᠮ᠎ᠡ ᠂ ᠪᠠᠷᠰ ᠤ᠋ᠨ ᠳᠡᠪᠢᠰᠬᠡᠷ ᠬᠦᠷᠲᠡᠭᠡᠵᠦ ᠂ ᠥᠪᠡᠷ ᠦ᠋ᠨ ᠮᠣᠳᠣᠷ ᠢ᠋ᠶ᠋ᠠᠷ ᠠᠷᠢᠬᠢ ᠬᠠᠢᠷᠠᠯᠠᠨ ᠵᠡᠭᠦᠨ ᠲᠠᠭᠲᠤ ᠶ᠋ᠢᠨ ᠵᠦᠯᠭᠡᠲᠡᠢ ᠯᠦ᠋ᠭᠡ ᠵᠣᠭᠰᠣᠭᠠᠪᠠ ᠃ ᠡᠨᠡ ᠬᠢᠷᠢ ᠳ᠋ᠦ᠍ᠷ ᠬᠡᠳᠦᠢᠨᠡᠢ ᠫᠤᠤ ᠳᠠᠭᠤᠷᠢᠰᠴᠤ ᠬᠡᠩᠭᠡᠷᠭᠡ ᠳᠡᠯᠡᠳᠦᠨ ᠂ ᠪᠠᠷᠠᠭᠤᠨ ᠡᠲᠡᠭᠡᠳ ᠦ᠋ᠨ ᠴᠠᠭᠠᠨ ᠲᠤᠭ ᠤ᠋ᠨ ᠡᠩ ᠡᠴᠡ ᠪᠠᠰᠠ ᠨᠢᠭᠡᠨ ᠵᠠᠩᠵᠤᠨ ᠭᠠᠷᠪᠠ ᠃ ᠣᠯᠠᠨ ᠬᠥᠮᠦᠨ ᠦᠵᠡᠪᠡᠰᠦ ᠶᠢᠰᠦᠨ ᠲᠣᠬᠣᠢ ᠥᠨᠳᠥᠷ ᠪᠡᠶ᠎ᠡ ᠲᠡᠢ ᠂ ᠭᠤᠷᠪᠠᠨ ᠲᠥᠭᠡ ᠥᠷᠭᠡᠨ ᠰᠦᠪᠡᠭᠡ ᠲᠡᠢ ᠂ ᠴᠢᠷᠠᠢ ᠶ᠋ᠢᠨ ᠥᠩᠭᠡ ᠬᠤᠨ ᠭᠠᠯᠠᠭᠤ ᠮᠡᠲᠦ ᠴᠠᠭᠠᠨ ᠂ ᠨᠢᠭᠤᠷ ᠤ᠋ᠨ ᠶᠡᠬᠡ ᠪᠠᠷᠰ ᠤ᠋ᠨ ᠬᠡᠬᠦᠳᠡᠭ ᠡᠴᠡ ᠦᠯᠡᠮᠵᠢ ᠂ ᠢᠷᠪᠢᠰ ᠦ᠋ᠨ ᠴᠡᠭᠡᠵᠢ ᠥᠲᠡᠭᠡ ᠶ᠋ᠢᠨ ᠤᠭᠤᠴᠠ ᠂ ᠣᠳᠣᠨ ᠤ᠋ ᠨᠢᠳᠦ ᠂ ᠬᠦᠷᠢ ᠶ᠋ᠢᠨ ᠬᠥᠮᠥᠰᠬᠡ ᠂ ᠦᠨᠡᠬᠡᠷ ᠲᠡᠭᠷᠢ ᠰᠠᠬᠢᠭᠤᠯᠰᠤᠨ ᠮᠡᠲᠦ ᠰᠦᠷ ᠭᠡᠷᠡᠯᠲᠡᠢ ᠰᠠᠢᠬᠠᠨ ᠲᠥᠷᠥᠵᠦᠬᠦᠢ ᠃ ᠨᠠᠰᠤᠨ ᠠᠷᠪᠠᠨ ᠳᠣᠯᠣᠭ᠎ᠠ ᠨᠠᠢ᠍ᠮᠠ ᠠ᠋ᠴᠠ ᠬᠡᠲᠦᠷᠡᠬᠦ ᠦᠭᠡᠢ ᠂ ᠪᠡᠶ᠎ᠡ ᠳ᠋ᠦ᠍ᠷ ᠮᠥᠩᠭᠥᠨ ᠬᠤᠶᠠᠭ ᠳᠤᠭᠤᠯᠠᠭ᠎ᠠ ᠡᠮᠦᠰᠴᠦ ᠬᠡᠬᠦᠳᠡᠭ ᠲᠣᠷ ᠡᠷᠳᠡᠨᠢ ᠶ᠋ᠢᠨ ᠬᠦᠷᠡᠯ ᠲᠣᠯᠢ ᠤᠶᠠᠭᠠᠳ ᠭᠠᠷ ᠲᠠᠭᠠᠨ ᠭᠠᠩ ᠰᠢᠳᠦᠲᠦ ᠵᠠᠩᠭᠤᠤ ᠪᠢᠯᠠᠭᠤ ᠪᠠᠷᠢᠭᠠᠳ ᠴᠠᠭᠠᠨ ᠰᠠᠷᠠᠯ ᠮᠣᠷᠢ ᠤᠨᠤᠨ ᠂ ᠰᠡᠭᠦᠵᠢᠨ ᠳ᠋ᠡᠭᠡᠨ ᠲᠡᠮᠦᠷ ᠪᠥᠮᠪᠥᠭᠡ ᠵᠡᠭᠦᠭᠡᠳ ᠠᠷᠤ ᠳ᠋ᠤᠷ ᠢ᠋ᠶ᠋ᠠᠨ ᠪᠤᠭᠤ ᠶ᠋ᠢᠨ ᠡᠪᠡᠷ ᠢ᠋ ᠤᠶᠠᠵᠤᠬᠤᠢ᠃ ᠦᠵᠡᠰᠡ ᠵᠦᠷᠴᠢᠳ ᠦ᠋ᠨ ᠰᠥᠪᠡᠭᠡᠲᠡᠢ ᠪᠠᠭᠠᠲᠤᠷ ᠮᠥᠨ ᠂ ᠣᠯᠠᠨ ᠢ᠋ᠶ᠋ᠠᠷ ᠴᠥᠮ ᠲᠠᠨᠢᠮᠤᠢ ᠃ ᠲᠡᠳᠦᠢ ᠰᠥᠪᠡᠭᠡᠲᠡᠢ ᠪᠠᠭᠠᠲᠤᠷ ᠰᠦᠷᠬᠢᠷᠡᠲᠡᠯᠡ ᠭᠠᠷᠴᠤ ᠢᠷᠡᠭᠡᠳ ᠰᠦᠷ ᠰᠠᠷᠠᠯ ᠮᠣᠷᠢᠨ ᠤ᠋ ᠪᠠᠨ ᠬᠦᠵᠦᠭᠦᠨ ᠦ᠌ ᠳᠡᠭᠡᠭᠦᠷ ᠬᠥᠷᠪᠡᠨ ᠦᠰᠦᠷᠴᠦ ᠪᠠᠭᠤᠭᠠᠳ ᠪᠢᠯᠠᠭᠤ ᠶᠤᠭᠠᠨ ᠪᠠᠷᠠᠭᠤᠨ ᠲᠠᠯ᠎ᠠ ᠳ᠋ᠤᠷ ᠢ᠋ᠶ᠋ᠠᠨ ᠲᠥᠷᠥᠮᠯᠡᠭᠡᠳ ᠶᠡᠬᠡ ᠨᠤᠮᠤ ᠶ᠋ᠢ ᠠᠪᠴᠤ ᠤᠷᠲᠤ ᠰᠤᠮᠤ ᠶ᠋ᠢ ᠣᠨᠢᠯᠠᠭᠠᠳ ᠵᠡᠭᠦᠨ ᠭᠠᠷ ᠢ᠋ᠶ᠋ᠠᠷ ᠲᠤᠯᠵᠤ ᠂ ᠪᠠᠷᠠᠭᠤᠨ ᠭᠠᠷ ᠢ᠋ᠶ᠋ᠠᠷ ᠲᠠᠲᠠᠬᠤᠶᠠ ᠂ ᠠᠷᠪᠠᠨ ᠲᠠᠪᠤᠨ ᠬᠥᠪᠴᠢᠲᠦ ᠪᠦᠳᠦᠭᠦᠨ ᠨᠤᠮᠤ ᠂ ᠠᠷᠢᠭᠤᠨ ᠲᠡᠷᠭᠡᠯ ᠰᠠᠷᠠᠨ ᠮᠡᠲᠦ ᠳᠦᠭᠦᠷᠴᠦ ᠠᠷᠪᠠᠨ ᠵᠢᠷᠭᠤᠭᠠᠨ ᠪᠠᠷᠢᠮ ᠤ᠋ᠨ ᠤᠷᠲᠤ ᠲᠡᠮᠦᠷ ᠰᠤᠮᠤ ᠶ᠋ᠢ ᠵᠡᠪᠡ ᠳ᠋ᠦ᠍ᠷ ᠲᠤᠯᠲᠠᠯ᠎ᠠ ᠲᠠᠲᠠᠭᠠᠳ ᠳᠠᠷᠠᠭ᠎ᠠ ᠪᠠᠷ ᠭᠤᠷᠪᠠᠨ ᠰᠤᠮᠤ ᠴᠥᠮ ᠶᠡᠬᠡ ᠠᠶᠠᠭᠠᠨ ᠤ᠋ ᠳᠤᠮᠳᠠᠳᠤ ᠤᠯᠠᠭᠠᠨ ᠨᠠᠷᠠᠨ ᠢ᠋ ᠨᠡᠪᠲᠡᠯᠦᠭᠰᠡᠨᠡ ᠂ ᠳᠡᠭᠡᠷ᠎ᠡ ᠳᠣᠣᠷ᠎ᠠ ᠬᠠᠮᠲᠤ ᠪᠠᠷ ᠳᠠᠭᠤᠨ ᠠᠯᠳᠠᠯᠴᠠᠨ ᠰᠠᠢᠰᠢᠶᠠᠯᠴᠠᠨ ᠮᠠᠭᠲᠠᠬᠤ ᠳᠠᠭᠤᠨ ᠢ᠋ᠶ᠋ᠠᠷ ᠴᠠᠴᠠᠷ ᠮᠠᠢᠬᠠᠨ ᠤ᠋ ᠲᠣᠭᠣᠰᠣ ᠤᠨᠠᠵᠤ ᠂ ᠵᠢᠨᠦᠩ ᠪᠡᠶ᠎ᠡ ᠪᠡᠷ ᠳᠠᠪᠬᠤᠷ ᠬᠡᠩᠭᠡᠷᠭᠡ ᠶ᠋ᠢ ᠳᠡᠯᠡᠳᠦᠨ ᠴᠡᠷᠢᠭ ᠦ᠋ᠨ ᠬᠥᠭᠵᠢᠮ ᠬᠥᠩᠭᠢᠷᠡᠰᠬᠦᠶᠡ ᠂ ᠰᠥᠪᠡᠭᠡᠲᠡᠢ ᠪᠠᠭᠠᠲᠤᠷ ᠬᠡᠳᠦᠢᠨᠡᠢ ᠶᠡᠬᠡ ᠢᠯᠳᠦ ᠶ᠋ᠢ ᠠᠪᠴᠤ ᠥᠷᠥᠭᠡᠰᠦᠨ ᠢ᠋ ᠠᠮᠠᠨ ᠳ᠋ᠤᠷ ᠢ᠋ᠶ᠋ᠠᠨ ᠵᠠᠭᠤᠵᠤ ᠨᠢᠭᠡᠨ ᠢ᠋ ᠪᠠᠷᠠᠭᠤᠨ ᠭᠠᠷ ᠲᠠᠭᠠᠨ ᠪᠠᠷᠢᠵᠤ ᠂ ᠨᠢᠭᠡᠨᠲᠡ ᠤᠷᠪᠠᠨ ᠳᠡᠪᠬᠡᠯᠵᠦ ᠮᠣᠷᠢᠨ ᠤ᠋ ᠬᠣᠨᠳᠣᠯᠠᠢ ᠪᠠᠷ ᠠᠨᠤ ᠠᠪᠠᠷᠢᠨ ᠭᠠᠷᠴᠤ ᠤᠨᠤᠭᠠᠳ ᠵᠡᠭᠦᠨ ᠭᠠᠷ ᠢ᠋ᠶ᠋ᠠᠷ ᠥᠪᠡᠷ ᠦ᠋ᠨ ᠤᠷᠲᠤ ᠡᠰᠢᠲᠦ ᠴᠢᠨᠣ᠎ᠠ ᠶ᠋ᠢᠨ ᠰᠢᠳᠦᠲᠦ ᠪᠢᠯᠠᠭᠤ ᠪᠠᠨ ᠠᠪᠴᠤ ᠭᠤᠷᠪᠠᠨ ᠵᠡᠪᠰᠡᠭ ᠢ᠋ ᠠᠳᠠᠯᠢ ᠪᠠᠷ ᠡᠭᠡᠯᠵᠢᠯᠡᠨ ᠬᠡᠷᠡᠭᠯᠡᠵᠦ ᠂ ᠪᠠᠰᠠ ᠳᠡᠭᠡᠭᠰᠢ ᠳᠣᠷᠣᠭ᠍ᠰᠢ ᠴᠣᠬᠢᠵᠤ ᠲᠣᠰᠴᠤ ᠬᠠᠮᠲᠤ ᠪᠠᠷ ᠪᠥᠵᠢᠭᠯᠡᠨ ᠬᠡᠷᠡᠭᠯᠡᠬᠦ ᠢᠨᠦ ᠭᠤᠷᠪᠠᠨ ᠪᠥᠮᠪᠥᠭᠡ ᠪᠡᠷ ᠨᠠᠭᠠᠳᠬᠤ ᠮᠡᠲᠦ ᠪᠡᠷ ᠴᠡᠷᠢᠭ ᠦ᠋ᠨ ᠲᠠᠯᠠᠪᠤᠷ ᠢ᠋ ᠨᠢᠭᠡᠨ ᠵᠡᠷᠭᠡ ᠲᠣᠭᠣᠷᠢᠨ ᠢᠷᠡᠬᠦᠶ᠎ᠡ ᠂ ᠲᠠᠢᠽᠦ ᠴᠦ᠍ ᠳᠠᠭᠤᠨ ᠭᠠᠷᠴᠤ ᠰᠠᠢᠰᠢᠶᠠᠪᠠ ᠃ ᠲᠡᠳᠦᠢ ᠲᠣᠷᠭᠠᠨ ᠰᠢᠷ᠎ᠠ ᠪᠡᠶ᠎ᠡ ᠪᠡᠷ ᠪᠠᠭᠤᠵᠤ ᠱᠠᠩᠨᠠᠨ ᠡᠮᠦᠰᠬᠡᠵᠦ ᠂ ᠲᠠᠢᠽᠦ ᠶ᠋ᠢᠨ ᠡᠮᠦᠨ᠎ᠡ ᠠᠴᠢᠷᠠᠭᠰᠠᠨ ᠳ᠋ᠤᠷ ᠠᠷᠪᠠᠨ ᠲᠦᠮᠡᠨ ᠴᠡᠷᠢᠭ ᠦ᠋ᠳ ᠪᠠᠶᠠᠰᠤᠯᠴᠠᠨ ᠬᠠᠰᠬᠢᠷᠤᠯᠳᠤᠬᠤ ᠪᠠ ᠴᠠᠩ ᠬᠡᠩᠭᠡᠷᠭᠡ ᠂ ᠪᠦᠷᠢᠶ᠎ᠡ ᠬᠠᠷᠠᠩᠭ᠎ᠠ ᠂ ᠫᠤᠤ ᠶ᠋ᠢᠨ ᠳᠠᠭᠤᠨ ᠂ ᠬᠥᠮᠦᠨ ᠦ᠌ ᠦᠢᠮᠡᠭᠡᠨ ᠢᠨᠦ ᠳᠠᠯᠠᠢ ᠪᠤᠴᠠᠯᠤᠨ ᠮᠣᠷᠢᠨ ᠤᠷᠪᠠᠯᠬᠢᠯᠠᠬᠤ ᠮᠡᠲᠦ ᠰᠦᠷᠡᠬᠡᠢ ᠭᠤᠷᠪᠠᠨ ᠵᠡᠷᠭᠡ ᠦᠯᠢᠶᠡᠨ ᠳᠡᠯᠡᠳᠪᠡ ᠃ ᠲᠠᠢᠽᠦ ᠡᠪᠦᠳᠦᠭ ᠢ᠋ᠶ᠋ᠡᠨ ᠳᠠᠪᠰᠢᠨ ᠮᠦᠰᠢᠶᠡᠵᠦ ᠥᠭᠦᠯᠡᠷᠦᠨ : 《ᠡᠪᠦᠳᠦᠭ ᠦ᠋ᠨ ᠳᠣᠣᠷ᠎ᠠ ᠮᠢᠨᠦ ᠡᠨᠡ ᠮᠡᠲᠦ ᠦᠪᠡᠳᠡᠭᠰᠢ ᠪᠠᠭᠠᠲᠤᠳ ᠪᠠᠢᠬᠤᠢ ᠳ᠋ᠤᠷ ᠡᠨᠡ ᠳᠡᠯᠡᠬᠡᠢ ᠶ᠋ᠢ ᠡᠩᠬᠡᠵᠢᠭᠦᠯᠬᠦᠢ ᠳ᠋ᠦ᠍ᠷ ᠶᠠᠮᠪᠠᠷ ᠵᠣᠪᠠᠬᠤ ᠭᠠᠵᠠᠷ ᠪᠣᠢ ! 》 ᠬᠡᠮᠡᠵᠦ ᠰᠥᠪᠡᠬᠡᠲᠡᠢ ᠳ᠋ᠦ᠍ᠷ 《ᠰᠦᠷᠡᠬᠡᠢ ᠪᠠᠭᠠᠲᠤᠷ 》ᠴᠣᠯᠠ ᠬᠠᠢᠷᠠᠯᠠᠵᠤ ᠂ ᠪᠠᠷᠰ ᠤ᠋ᠨ ᠰᠡᠭᠦᠯ ᠦ᠋ᠨ ᠲᠤᠭ ᠂ ᠪᠠᠷᠰ ᠤ᠋ᠨ ᠬᠦᠷᠮ᠎ᠡ ᠂ ᠪᠠᠷᠰ ᠤ᠋ᠨ ᠳᠡᠪᠢᠰᠬᠡᠷ ᠱᠠᠩᠨᠠᠵᠤ ᠪᠠᠰᠠ ᠥᠪᠡᠷ ᠦ᠋ᠨ ᠮᠣᠳᠣᠷ ᠢ᠋ᠶ᠋ᠠᠷ ᠠᠷᠢᠬᠢ ᠬᠠᠢᠷᠠᠯᠠᠨ ᠤᠤᠭᠤᠯᠭᠠᠵᠤ ᠂ ᠵᠡᠭᠦᠭᠰᠡᠨ ᠰᠢᠵᠢᠷ ᠠᠯᠲᠠᠨ ᠤ᠋ ᠡᠷᠡᠬᠡᠢᠪᠴᠢ ᠪᠡᠨ ᠠᠪᠴᠤ ᠲᠡᠭᠦᠨ ᠦ᠌ ᠭᠠᠷ ᠲᠤᠷ ᠵᠡᠭᠦᠯᠭᠡᠵᠦ ᠠᠯᠲᠠᠨ ᠠᠮᠠᠨ ᠠᠯᠳᠠᠵᠤ ᠡᠢᠨ ᠲᠡᠢᠨ ᠭᠡᠮᠡᠨ ᠢᠷᠥᠭᠡᠨ ᠵᠠᠬᠢᠷᠤᠨ :
ᠠᠷᠪᠠᠨ ᠲᠠᠪᠤᠨ ᠬᠥᠪᠴᠢᠲᠦ ᠨᠤᠮᠤ
ᠠᠬᠤᠢ ᠶᠡᠬᠡ ᠬᠦᠨᠳᠦ ᠢᠯᠳᠦᠨ ᠢ᠋
ᠠᠵᠢᠭ ᠦᠭᠡᠢ ᠠᠪᠴᠤ ᠬᠡᠷᠡᠭᠯᠡᠨ
ᠠᠶᠠᠭᠠᠨ ᠤ᠋ ᠭᠣᠣᠯ ᠢ᠋ ᠭᠤᠷᠪᠠᠨᠲᠠ ᠣᠨᠣᠪᠠ ᠃
ᠠᠬᠤ ᠦᠶᠡᠰ ᠬᠥᠮᠦᠨ ᠦ᠌ ᠮᠠᠩᠯᠠᠢ
ᠠᠯᠲᠠᠨ ᠢ᠋ ᠪᠠᠢᠯᠳᠤᠬᠤᠶ᠎ᠠ ᠶᠡᠬᠡ ᠬᠤᠪᠢᠲᠠᠨ ᠂
ᠠᠯᠤᠰ ᠬᠣᠯᠠ ᠬᠢᠲᠠᠳ ᠤᠯᠤᠰ ᠢ᠋
ᠠᠯᠲᠠᠨ ᠡᠷᠡᠬᠡᠢᠪᠴᠢ ᠮᠡᠲᠦ ᠠᠳᠬᠤᠨ ᠶᠠᠪᠤᠲᠤᠭᠠᠢ ᠃
ᠭᠡᠮᠡᠨ ᠢᠷᠦᠭᠡᠪᠡ ᠃ ᠡᠨᠡ ᠢᠷᠦᠭᠡᠭᠰᠡᠨ ᠢ᠋ᠶ᠋ᠡᠷ ᠬᠣᠵᠢᠮ ᠠᠯᠲᠠᠨ ᠤᠯᠤᠰ ᠤ᠋ᠨ ᠪᠢᠶᠠᠨ ᠯᠢᠶᠠᠩ ᠪᠠᠯᠭᠠᠰᠤᠨ ᠢ᠋ ᠡᠪᠳᠡᠵᠦ ᠂ ᠠᠯᠲᠠᠨ ᠤᠯᠤᠰ ᠤ᠋ᠨ ᠰᠡᠭᠦᠯ ᠦ᠋ᠨ ᠡᠵᠡᠨ ᠠᠢᠽᠦ᠋ᠩ ᠸᠠᠨ ᠶᠠᠨ ᠱᠸᠦ ᠰᠢᠦᠢ ᠶ᠋ᠢ ᠮᠥᠬᠥᠭᠡᠬᠦᠶᠡ ᠳᠠᠷᠤᠢ ᠡᠨᠡ ᠰᠥᠪᠡᠭᠡᠲᠡᠢ ᠪᠠᠭᠠᠲᠤᠷ ᠤ᠋ᠨ ᠲᠡᠷᠢᠭᠦᠯᠡᠭᠰᠡᠨ ᠵᠠᠩᠵᠤᠨ ᠪᠤᠶᠤ ᠃ ᠲᠡᠷᠡ ᠪᠡᠯᠭᠡ ᠡᠳᠦᠭᠡ ᠮᠡᠳᠡᠭᠳᠡᠪᠡ ᠃ ᠲᠡᠭᠦᠨᠴᠡ ᠰᠥᠪᠡᠭᠡᠲᠡᠢ ᠪᠠᠭᠠᠲᠤᠷ ᠬᠡᠰᠢᠭ ᠲᠣᠷ ᠮᠥᠷᠭᠥᠵᠦ ᠂ ᠰᠢᠨ᠎ᠡ ᠰᠢᠯᠭᠠᠭᠰᠠᠨ ᠵᠠᠩᠵᠤᠨ ᠤ᠋ ᠲᠠᠭᠲᠤ ᠶ᠋ᠢᠨ ᠳᠡᠭᠡᠷ᠎ᠡ ᠡᠲᠡᠭᠡᠳ ᠲᠣᠷ ᠵᠣᠭᠰᠣᠭᠠᠪᠠ ᠃ ᠳᠠᠭᠠᠯᠳᠤᠭ᠎ᠠ ᠪᠠᠰᠠ ᠫᠤᠤ ᠳᠠᠭᠤᠷᠢᠰᠤᠨ ᠬᠡᠩᠭᠡᠷᠭᠡ ᠳᠦᠴᠢᠭᠢᠨᠡᠵᠦ ᠂ ᠪᠠᠷᠠᠭᠤᠨ ᠡᠲᠡᠭᠡᠳ ᠦ᠋ᠨ ᠲᠠᠢᠽᠦ ᠶ᠋ᠢᠨ ᠤᠭᠰᠠᠭ᠎ᠠ ᠶ᠋ᠢᠨ ᠤᠯᠠᠭᠠᠨ ᠲᠤᠭ ᠤ᠋ᠨ ᠡᠩ ᠳᠣᠲᠣᠷ᠎ᠠ ᠪᠠᠰᠠ ᠨᠢᠭᠡᠨ ᠤᠯᠠᠭᠠᠨ ᠳᠠᠯᠪᠠᠭ᠎ᠠ ᠬᠥᠳᠡᠯᠵᠦ ᠨᠢᠭᠡᠨ ᠶᠡᠬᠡ ᠵᠠᠩᠵᠤᠨ ᠭᠠᠷᠪᠠ ᠃ ᠣᠯᠠᠨ ᠬᠥᠮᠦᠨ ᠦᠵᠡᠪᠡᠰᠦ ᠲᠠᠢᠽᠦ ᠶ᠋ᠢᠨ ᠲᠥᠷᠥᠯ ᠦ᠋ᠨ ᠲᠣᠭᠲᠣᠩᠭᠣ᠌ ᠪᠠᠭᠠᠲᠤᠷ ᠂ ᠪᠠᠭ᠎ᠠ ᠡᠵᠡᠨ ᠦ᠌ ᠴᠡᠷᠢᠭ ᠦ᠋ᠨ ᠰᠤᠷᠭᠠᠯ ᠤ᠋ᠨ ᠪᠠᠭ᠍ᠰᠢ ᠮᠥᠨ ᠂ ᠨᠠᠰᠤᠨ ᠭᠤᠴᠢᠨ ᠢ᠋ ᠰᠢᠬᠠᠵᠤ ᠂ ᠪᠡᠶ᠎ᠡ ᠶᠢᠰᠦᠨ ᠲᠣᠬᠣᠢ ᠂ ᠴᠢᠷᠠᠢ ᠶ᠋ᠢᠨ ᠥᠩᠭᠡ ᠴᠢᠪᠠᠭ᠎ᠠ ᠮᠡᠲᠦ ᠂ ᠬᠥᠮᠥᠰᠬᠡ ᠶ᠋ᠢᠨ ᠥᠷᠭᠡᠨ ᠬᠦᠷᠢ ᠬᠣᠷᠣᠬᠠᠢ ᠠᠳᠠᠯᠢ ᠂ ᠨᠢᠳᠦᠨ ᠦ᠌ ᠭᠡᠷᠡᠯ ᠴᠣᠯᠮᠣᠨ ᠣᠳᠣ ᠮᠡᠲᠦ ᠂ ᠨᠢᠭᠤᠷ ᠤ᠋ᠨ ᠶᠡᠬᠡ ᠲᠡᠷᠭᠡᠯ ᠰᠠᠷᠠᠨ ᠠᠳᠠᠯᠢ ᠂ ᠰᠠᠢᠬᠠᠨ ᠥᠰᠦᠭᠰᠡᠨ ᠭᠤᠷᠪᠠᠨ ᠮᠤᠰᠬᠢᠶ᠎ᠡ ᠰᠠᠬᠠᠯ ᠪᠦᠰᠡᠯᠡᠭᠦᠷ ᠲᠣᠷ ᠲᠤᠯᠵᠤ ᠂ ᠰᠠᠢᠬᠠᠨ ᠰᠢᠨᠵᠢᠲᠦ ᠬᠣᠶᠠᠷ ᠴᠢᠬᠢᠨ ᠦ᠌ ᠭᠡᠳᠡᠰᠦ ᠮᠥᠷᠥ ᠳ᠋ᠦ᠍ᠷ ᠬᠦᠷᠴᠦᠬᠦᠢ ᠂ ᠴᠡᠭᠡᠵᠢ ᠥᠨᠳᠥᠷ ᠂ ᠨᠢᠷᠤᠭᠤ ᠥᠷᠭᠡᠨ ᠂ ᠪᠡᠯᠭᠡᠭᠦᠰᠦᠨ ᠪᠦᠳᠦᠭᠦᠨ ᠂ ᠪᠡᠶ᠎ᠡ ᠮᠢᠬᠠᠯᠢᠭ᠋ ᠂ ᠤᠯᠠᠭᠠᠨ ᠮᠠᠩᠨᠤᠭ ᠤ᠋ᠨ ᠬᠤᠶᠠᠭ ᠳᠤᠭᠤᠯᠠᠭ᠎ᠠ ᠡᠮᠦᠰᠴᠦ ᠤᠯᠠᠭᠠᠨ ᠵᠡᠭᠡᠷᠳᠡ ᠮᠣᠷᠢ ᠤᠨᠤᠵᠤᠬᠤᠢ ᠃ ᠰᠡᠭᠦᠵᠢᠨ ᠳ᠋ᠡᠭᠡᠨ ᠲᠡᠮᠦᠷ ᠪᠥᠮᠪᠥᠭᠡ ᠬᠠᠷᠪᠤᠬᠤ ᠪᠣᠯᠣᠳ ᠤ᠋ᠨ ᠰᠢᠷᠬᠡᠭ ᠂ ᠰᠠᠬᠢᠭᠤᠯᠰᠤᠨ ᠨᠤᠮᠤ ᠠᠭᠰᠠᠵᠤ ᠂ ᠭᠠᠷ ᠲᠠᠭᠠᠨ ᠶᠡᠬᠡ ᠳ᠋ᠠᠮ ᠢᠯᠳᠦ ᠪᠠᠷᠢᠵᠤ ᠂ ᠵᠢᠭ᠍ᠰᠠᠭᠠᠯ ᠤ᠋ᠨ ᠳᠣᠲᠣᠷ᠎ᠠ ᠠ᠋ᠴᠠ ᠠᠯᠭᠤᠷ ᠠᠭᠠᠵᠢᠮ ᠢ᠋ᠶ᠋ᠠᠷ ᠭᠠᠷᠴᠤ ᠢᠷᠡᠭᠡᠳ ᠠᠯᠠᠪᠬᠢᠨ ᠮᠣᠷᠢᠨ ᠠ᠋ᠴᠠ ᠪᠠᠨ ᠪᠠᠭᠤᠵᠤ ᠪᠦᠳᠦᠭᠦᠨ ᠨᠤᠮᠤ ᠂ ᠤᠷᠲᠤ ᠰᠤᠮᠤ ᠶ᠋ᠢ ᠠᠪᠴᠤ ᠳᠠᠬᠢᠨ ᠠᠯᠠᠪᠬᠢᠨ ᠮᠣᠷᠢ ᠪᠠᠨ ᠤᠨᠤᠵᠤ ᠭᠡᠨᠡᠳᠲᠡ ᠭᠤᠷᠪᠠᠨᠲᠠ ᠲᠠᠰᠢᠭᠤᠷᠳᠠᠨ ᠳᠣᠪᠲᠣᠯᠤᠨ ᠬᠥᠳᠡᠯᠵᠦ ᠂ ᠬᠥᠨᠳᠡᠯᠡᠨ ᠡᠲᠡᠭᠡᠳ ᠡᠴᠡ ᠨᠢᠭᠡᠨᠲᠡ ᠬᠠᠷᠪᠤᠵᠤ ᠳᠣᠣᠷ᠎ᠠ ᠤᠯᠠᠭᠠᠨ ᠨᠠᠷᠠᠨ ᠢ᠋ ᠤᠨᠤᠵᠤ ᠂ ᠪᠠᠰᠠ ᠭᠡᠨᠡᠳᠲᠡ ᠮᠣᠷᠢ ᠪᠠᠨ ᠡᠷᠭᠢᠭᠦᠯᠵᠦ ᠡᠰᠡᠷᠭᠦ ᠳᠣᠪᠲᠣᠯᠤᠨ ᠡᠴᠢᠬᠦᠶ᠎ᠡ ᠂ ᠳᠤᠮᠳᠠᠳᠤ ᠰᠤᠮᠤ ᠳ᠋ᠤᠷ ᠳᠤᠮᠳᠠᠳᠤ ᠤᠯᠠᠭᠠᠨ ᠨᠠᠷᠠᠨ ᠢ᠋ ᠤᠨᠤᠭᠠᠳ ᠳᠣᠪᠲᠣᠯᠤᠨ ᠳᠡᠷᠭᠡᠳᠡ ᠢᠨᠦ ᠬᠦᠷᠴᠦ ᠪᠠᠰᠠ ᠡᠭᠡᠵᠦ ᠳᠣᠪᠲᠣᠯᠤᠨ ᠢᠷᠡᠭᠡᠳ ᠲᠠᠪᠤᠨ ᠵᠠᠭᠤᠨ ᠨᠣᠮᠣᠨ ᠤ᠋ ᠦᠵᠦᠭᠦᠷ ᠦ᠋ᠨ ᠲᠤᠭ ᠤ᠋ᠨ ᠳᠣᠣᠷ᠎ᠠ ᠬᠦᠷᠴᠦ ᠢᠷᠡᠭᠡᠳ ᠭᠡᠨᠡᠳᠲᠡ ᠪᠡᠶ᠎ᠡ ᠤᠷᠪᠠᠵᠤ ᠬᠠᠷᠪᠤᠭᠰᠠᠨ ᠳ᠋ᠤᠷ ᠳᠡᠭᠡᠳᠦ ᠤᠯᠠᠭᠠᠨ ᠨᠠᠷᠠᠨ ᠢ᠋ ᠰᠢᠪᠲᠤᠯᠤᠭᠰᠠᠨᠠ ᠂ ᠵᠢᠨᠦᠩ ᠦ᠋ᠨ ᠴᠠᠴᠠᠷ ᠲᠤᠷ ᠳᠠᠪᠬᠤᠷ ᠬᠡᠩᠭᠡᠷᠭᠡ ᠳᠠᠭᠤᠷᠢᠰᠴᠤ ᠣᠯᠠᠨ ᠴᠡᠷᠢᠭ ᠬᠠᠮᠲᠤ ᠪᠠᠷ ᠬᠠᠰᠬᠢᠷᠤᠯᠳᠤᠨ ᠂ ᠮᠠᠭᠲᠠᠵᠤ ᠳᠡᠪᠬᠡᠴᠡᠨ ᠰᠠᠢᠰᠢᠶᠠᠯᠴᠠᠨ ᠴᠤᠭᠠᠷ ᠦᠯᠢᠶᠡᠨ ᠳᠡᠯᠡᠳᠴᠦ ᠲᠠᠢᠽᠦ ᠴᠦ᠍ ᠰᠠᠭᠤᠨ ᠲᠣᠭᠲᠠᠬᠤ ᠦᠭᠡᠢ ᠂ ᠵᠠᠯᠠᠷᠠᠨ ᠵᠣᠭᠰᠣᠵᠤ ᠮᠠᠭᠲᠠᠨ ᠰᠠᠢᠰᠢᠶᠠᠨ ᠪᠡᠶᠡᠰᠦᠨ ᠳᠠᠭᠤᠳᠠᠬᠤᠶᠠ ᠡᠨᠡ ᠦᠢᠮᠡᠬᠡᠨᠡ ᠲᠡᠭᠷᠢ ᠳᠡᠯᠪᠡᠷᠡᠨ ᠭᠠᠵᠠᠷ ᠬᠠᠭᠠᠷᠠᠬᠤ ᠮᠡᠲᠦ ᠃ ᠲᠡᠳᠦᠢ ᠲᠣᠭᠲᠣᠩᠭᠣ᠌ ᠪᠠᠭᠠᠲᠤᠷ ᠶᠡᠬᠡ ᠨᠤᠮᠤ ᠶ᠋ᠢ ᠮᠣᠷᠢᠨ ᠤ᠋ ᠳᠡᠭᠡᠷ᠎ᠡ ᠡᠴᠡ ᠲᠠᠶᠠᠭᠳᠠᠵᠤ ᠂ ᠳᠠᠷᠤᠢ ᠠᠷᠤ ᠠ᠋ᠴᠠ ᠪᠠᠨ ᠠᠭᠰᠠᠭᠰᠠᠨ ᠶᠡᠬᠡ ᠳ᠋ᠡᠮ ᠢᠯᠳᠦ ᠪᠡᠨ ᠠᠪᠴᠤ ᠳᠠᠷᠤᠢ ᠮᠣᠷᠢ ᠪᠠᠨ ᠤᠨᠤᠭᠰᠠᠭᠠᠷ ᠲᠡᠷᠡ ᠶᠡᠬᠡ ᠢᠯᠳᠦᠨ ᠦ᠌ ᠨᠢᠭᠡ ᠥᠷᠥᠭᠡᠰᠦᠨ ᠢ᠋ ᠢᠨᠦ ᠳ᠋ᠠᠮ ᠢᠯᠳᠦᠨ ᠢ᠋ᠶ᠋ᠡᠷ ᠨᠢᠭᠡᠨᠲᠡ ᠡᠲᠡᠵᠦ ᠳᠡᠭᠡᠭᠰᠢ ᠴᠣᠬᠢᠭᠠᠳ ᠪᠠᠭᠤᠵᠤ ᠢᠷᠡᠬᠦᠢ ᠳ᠋ᠦ᠍ᠷ ᠵᠡᠭᠦᠨ ᠭᠠᠷ ᠢ᠋ᠶ᠋ᠠᠷ ᠲᠣᠰᠴᠤ ᠠᠪᠤᠭᠠᠳ ᠠᠮᠠᠨ ᠳ᠋ᠤᠷ ᠢ᠋ᠶ᠋ᠠᠨ ᠵᠠᠭᠤᠵᠤ ᠂ ᠳᠠᠬᠢᠨ ᠨᠢᠭᠡᠨᠲᠡ ᠡᠲᠡᠵᠦ ᠨᠥᠬᠥᠭᠡ ᠥᠷᠥᠭᠡᠰᠦᠨ ᠢ᠋ ᠳᠡᠭᠡᠭᠰᠢ ᠡᠷᠭᠦᠨ ᠴᠣᠬᠢᠵᠤ ᠭᠠᠷᠭᠠᠭᠠᠳ ᠪᠠᠷᠠᠭᠤᠨ ᠭᠠᠷ ᠢ᠋ᠶ᠋ᠠᠷ ᠲᠣᠰᠴᠤ ᠠᠪᠤᠭᠠᠳ ᠨᠢᠭᠡᠨᠲᠡ ᠤᠬᠤᠰᠬᠢᠨ ᠤᠯᠠᠭᠠᠨ ᠵᠡᠭᠡᠷᠳᠡ ᠮᠣᠷᠢ ᠤᠨᠤᠨ ᠂ ᠤᠯᠠᠪᠲᠤᠷ ᠲᠣᠭᠣᠰᠣ ᠨᠢᠭᠡᠨ ᠵᠤᠷᠪᠤᠰ ᠪᠣᠯᠵᠤ ᠳᠣᠪᠲᠣᠯᠤᠨ ᠬᠥᠳᠡᠯᠪᠡ ᠃ ᠣᠯᠠᠨ ᠬᠥᠮᠦᠨ ᠦᠵᠡᠬᠦᠯ᠎ᠡ ᠲᠣᠭᠲᠣᠩᠭᠣ᠌ ᠪᠠᠭᠠᠲᠤᠷ ᠭᠤᠷᠪᠠᠨ ᠶᠡᠬᠡ ᠢᠯᠳᠦᠨ ᠢ᠋ ᠡᠭᠡᠯᠵᠢᠯᠡᠨ ᠤᠯᠠᠷᠢᠭᠤᠯᠵᠤ ᠂ ᠵᠣᠯᠢᠵᠤ ᠰᠣᠯᠢᠨ ᠂ ᠳᠡᠭᠡᠭᠰᠢ ᠴᠣᠬᠢᠵᠤ ᠳᠣᠷᠣᠭ᠍ᠰᠢ ᠡᠷᠭᠢᠭᠦᠯᠦᠨ ᠂ ᠠᠷᠤ ᠪᠠᠷ ᠤᠷᠪᠠᠨ ᠥᠪᠥᠷ ᠢ᠋ᠶ᠋ᠡᠷ ᠬᠥᠷᠪᠡᠵᠦ ᠂ ᠴᠡᠷᠢᠭ ᠦ᠋ᠨ ᠲᠠᠯᠠᠪᠤᠷ ᠢ᠋ ᠭᠤᠷᠪᠠᠨ ᠵᠡᠷᠭᠡ ᠲᠣᠭᠣᠷᠢᠬᠤᠶᠠ ᠂ ᠤᠯᠠᠭᠠᠨ ᠭᠠᠯ ᠤ᠋ᠨ ᠯᠤᠤ ᠲᠡᠮᠦᠷ ᠦ᠋ᠨ ᠬᠠᠢᠷᠰᠤ ᠬᠡᠷᠡᠯᠳᠦᠬᠦ ᠮᠡᠲᠦ ᠳ᠋ᠦ᠍ᠷ ᠣᠯᠠᠨ ᠴᠡᠷᠢᠭ ᠬᠤᠶᠠᠭ ᠭᠠᠷ ᠰᠡᠷᠪᠡᠯᠵᠡᠨ ᠬᠥᠯ ᠳᠡᠪᠬᠡᠴᠡᠨ ᠳᠦᠴᠢᠭᠢᠨᠡᠨ ᠦᠢᠮᠡᠯᠳᠦᠵᠦ ᠪᠠᠷᠬᠢᠷᠠᠯᠴᠠᠨ ᠭᠠᠢᠬᠠᠯᠳᠤᠵᠤ ᠂ ᠬᠥᠮᠦᠨ ᠦ᠌ ᠲᠠᠷᠢᠬᠢ ᠳᠦᠩᠭᠢᠨᠡᠵᠦ ᠰᠡᠳᠬᠢᠯ ᠢ᠋ ᠤᠢᠮᠤᠷᠠᠭᠤᠯᠤᠮᠤᠢ ᠃ ᠵᠢᠨᠦᠩ ᠮᠤᠬᠤᠯᠢ ᠴᠤ᠌ ᠲᠠᠨᠤᠭ ᠦᠭᠡᠢ ᠪᠠᠶᠠᠷᠯᠠᠨ ᠂ ᠭᠠᠷ ᠬᠥᠯ ᠮᠠᠲᠠᠭᠴᠢᠨ ᠶᠠᠭᠠᠷᠠᠨ ᠬᠥᠭᠵᠢᠮ ᠦ᠋ᠨ ᠲᠤᠭ ᠢ᠋ ᠳᠠᠯᠠᠯᠤᠨ ᠂ ᠵᠢᠨᠦᠩ ᠢ᠋ ᠤᠭᠲᠤᠬᠤ ᠪᠣᠷᠣᠭᠴᠢᠨ ᠪᠦᠷᠢᠶ᠎ᠡ ᠪᠡᠷ ᠤᠭᠲᠣᠭᠤᠯᠤᠨ ᠂ ᠲᠠᠢᠽᠦ ᠶ᠋ᠢᠨ ᠴᠠᠴᠠᠷ ᠲᠤᠷ ᠠᠪᠠᠷᠢᠭᠤᠯᠤᠭᠰᠠᠨᠠ ᠲᠠᠢᠽᠦ ᠰᠠᠭᠤᠳᠠᠯ ᠠ᠋ᠴᠠ ᠪᠡᠶ᠎ᠡ ᠮᠡᠬᠦᠢᠨ ᠲᠡᠰᠳᠡᠰᠢ ᠦᠭᠡᠢ ᠪᠠᠶᠠᠷᠯᠠᠵᠤ ᠰᠠᠢᠰᠢᠶᠠᠨ ᠥᠭᠦᠯᠡᠷᠦᠨ : 《ᠮᠢᠨᠦ ᠤᠭᠰᠠᠭ᠎ᠠ ᠲᠥᠷᠥᠯ ᠳ᠋ᠦ᠍ᠷ ᠡᠨᠡ ᠮᠡᠲᠦ ᠰᠠᠬᠢᠭᠤᠯᠰᠤᠨ ᠡᠷᠳᠡᠮᠲᠦ ᠬᠥᠮᠦᠨ ᠪᠦᠬᠦᠢ ᠢᠨᠦ ᠦᠨᠡᠬᠡᠷ ᠲᠡᠭᠷᠢ ᠡᠴᠢᠭᠡ ᠮᠢᠨᠦ ᠪᠠᠭᠤᠯᠭᠠᠨ ᠲᠥᠷᠥᠭᠦᠯᠵᠦ ᠨᠠᠳᠠ ᠳ᠋ᠤᠷ ᠲᠤᠰᠠᠯᠠᠭᠤᠯᠬᠤ ᠠᠨᠤ ᠪᠣᠯᠠᠢ ! 》 ᠬᠡᠮᠡᠵᠦ ᠪᠠᠷᠰ ᠤ᠋ᠨ ᠲᠤᠭ ᠂ ᠪᠠᠷᠰ ᠤ᠋ᠨ ᠬᠦᠷᠮ᠎ᠡ ᠂ ᠪᠠᠷᠰ ᠤ᠋ᠨ ᠳᠡᠪᠢᠰᠬᠡᠷ ᠱᠠᠩᠨᠠᠵᠤ ᠂ ᠲᠣᠭᠲᠣᠩᠭᠣ᠌ ᠪᠠᠭᠠᠲᠤᠷ ᠲᠤᠷ 《ᠲᠤᠢᠯ ᠤ᠋ᠨ ᠪᠠᠭᠠᠲᠤᠷ 》 ᠴᠣᠯᠠ ᠬᠠᠢᠷᠠᠯᠠᠨ ᠂ ᠥᠪᠡᠷ ᠦ᠋ᠨ ᠤᠤᠭᠤᠬᠤ ᠠᠯᠲᠠᠨ ᠴᠥᠭᠦᠴᠡᠨ ᠳ᠋ᠦ᠍ᠷ ᠠᠷᠠᠵᠠ ᠬᠣᠣᠷᠠᠵᠠ ᠬᠢᠵᠦ ᠠᠯᠲᠠᠨ ᠮᠣᠳᠣᠷ ᠢ᠋ᠶ᠋ᠠᠷ ᠭᠤᠷᠪᠠᠨᠲᠠ ᠬᠦᠷᠲᠡᠭᠡᠨ ᠤᠤᠭᠤᠯᠭᠠᠵᠤ ᠥᠪᠡᠷ ᠦ᠋ᠨ ᠪᠡᠶ᠎ᠡ ᠳ᠋ᠦ᠍ᠷ ᠵᠡᠭᠦᠬᠦ ᠣᠷᠣᠰ ᠤᠯᠤᠰ ᠤ᠋ᠨ ᠲᠠᠪᠤᠨ ᠥᠩᠭᠡ ᠶ᠋ᠢᠨ ᠰᠤᠪᠤᠳ ᠤ᠋ᠨ ᠰᠢᠭᠢᠳᠬᠡᠭᠡᠷᠢᠲᠡᠢ ᠠᠯᠲᠠᠨ ᠤ᠋ ᠪᠠᠷᠢᠴᠡᠲᠦ ᠰᠡᠯᠡᠮ᠎ᠡ ᠪᠡᠨ ᠠᠪᠴᠤ ᠭᠠᠷ ᠢ᠋ᠶ᠋ᠠᠷ ᠵᠡᠭᠦᠯᠭᠡᠭᠡᠳ ᠢᠷᠥᠭᠡᠨ ᠵᠠᠬᠢᠷᠤᠨ ᠮᠠᠭᠲᠠᠭᠰᠠᠨ ᠠᠨᠤ :
ᠳᠠᠭ᠌ᠷᠢᠯᠢᠭ᠌ ᠦᠨᠳᠦᠰᠦᠲᠦ ᠶ᠋ᠢᠨ ᠲᠡᠩᠴᠡᠰᠢ ᠦᠭᠡᠢ ᠪᠠᠭᠠᠲᠤᠷ
ᠠᠯᠲᠠᠨ ᠦᠨᠳᠦᠰᠦᠲᠡᠨ ᠦ᠌ ᠠᠳᠠᠯᠢᠳᠬᠠᠰᠢ ᠦᠭᠡᠢ ᠪᠠᠭᠠᠲᠤᠷ ᠂
ᠪᠣᠷᠵᠢᠭᠢᠳ ᠢᠵᠠᠭᠤᠷᠲᠠᠨ ᠤ᠋ ᠪᠤᠶᠠᠨ ᠪᠦᠷᠢᠳᠦᠭᠰᠡᠨ ᠪᠠᠭᠠᠲᠤᠷ
ᠴᠠᠭᠠᠨ ᠶᠠᠰᠤᠲᠠᠨ ᠤ᠋ ᠴᠠᠭᠯᠠᠰᠢ ᠦᠭᠡᠢ ᠪᠠᠭᠠᠲᠤᠷ᠃ ᠭᠡᠮᠡᠨ ᠰᠠᠢᠰᠢᠶᠠᠭᠠᠳ ᠤᠭᠰᠠᠭ᠎ᠠ ᠲᠥᠷᠥᠯ ᠦ᠋ᠨ ᠨᠡᠢᠲᠡ ᠶ᠋ᠢᠨ ᠳᠠᠷᠤᠭ᠎ᠠ ᠨᠣᠶᠠᠨ ᠡᠷᠭᠦᠮᠵᠢᠯᠡᠵᠦ ᠂ ᠵᠡᠭᠦᠨ ᠲᠠᠭᠲᠤ ᠶ᠋ᠢᠨ ᠳᠡᠭᠡᠳᠦ ᠡᠲᠡᠭᠡᠳ ᠲᠣᠷ ᠪᠣᠯᠭᠠᠪᠠ①᠃ ᠲᠡᠭᠦᠨᠴᠡ ᠴᠡᠷᠢᠭ ᠦ᠋ᠨ ᠲᠠᠯᠠᠪᠤᠷ ᠲᠤᠷ ᠬᠡᠳᠦ ᠬᠡᠳᠦᠨ ᠵᠡᠷᠭᠡ ᠳᠡᠯᠡᠳᠪᠡᠰᠦ ᠂ ᠲᠥᠷᠥᠯ ᠤᠷᠤᠭ ᠲᠦᠰᠢᠮᠡᠯ ᠲᠥᠰᠢᠶ᠎ᠡ ᠶ᠋ᠢᠨ ᠰᠦᠷᠦᠭ ᠡᠴᠡ ᠭᠠᠷᠬᠤ ᠬᠥᠮᠦᠨ ᠦᠭᠡᠢ ᠪᠣᠯᠤᠭᠰᠠᠨ ᠳ᠋ᠤᠷ ᠮᠤᠬᠤᠯᠢ ᠠᠷᠭ᠎ᠠ ᠦᠭᠡᠢ ᠤᠯᠠᠭᠠᠨ ᠲᠤᠭ ᠢ᠋ ᠬᠤᠷᠢᠶᠠᠯᠭᠠᠨ ᠂ ᠴᠡᠷᠢᠭ ᠬᠤᠶᠠᠭ ᠤ᠋ᠨ ᠬᠥᠬᠡ ᠲᠤᠭ ᠳᠠᠯᠠᠯᠤᠨ ᠬᠡᠩᠭᠡᠷᠭᠡ ᠳᠡᠯᠡᠳᠴᠦ ᠰᠢᠯᠭᠠᠨ ᠡᠭᠦᠰᠬᠡᠪᠡ ᠂ ᠵᠠᠷᠢᠮ ᠶᠡᠬᠡ ᠨᠤᠮᠤ ᠶ᠋ᠢ ᠲᠡᠪᠬᠡ ᠡᠴᠡ ᠰᠠᠯᠭᠠᠨ ᠴᠢᠳᠠᠮᠤᠢ ᠂ ᠵᠠᠷᠢᠮ ᠬᠣᠭᠣᠰᠣᠨ ᠨᠤᠮᠤ ᠶ᠋ᠢ ᠲᠤᠯᠲᠠᠯ᠎ᠠ ᠲᠠᠲᠠᠵᠤ ᠴᠢᠳᠠᠮᠤᠢ ᠂ ᠵᠠᠷᠢᠮ ᠰᠤᠮᠤ ᠣᠨᠢᠯᠠᠵᠤ ᠬᠠᠷᠪᠤᠨ ᠭᠠᠷᠭᠠᠵᠤ ᠴᠢᠳᠠᠮᠤᠢ ᠂ ᠵᠠᠷᠢᠮ ᠠᠶᠠᠭᠠᠨ ᠤ᠋ ᠳᠡᠷᠭᠡᠳᠡ ᠬᠦᠷᠭᠡᠬᠦ ᠪᠠ ᠬᠡᠲᠦᠷᠡᠲᠡᠯ᠎ᠡ ᠬᠠᠷᠪᠤᠨ ᠴᠢᠳᠠᠮᠤᠢ ᠃ ᠵᠢᠴᠢ ᠢᠯᠳᠦᠨ ᠢ᠋ ᠪᠣᠯᠪᠠᠰᠤ ᠡᠷᠭᠦᠨ ᠢᠯᠠᠬᠤ ᠪᠠ ᠡᠷᠭᠢᠭᠦᠯᠦᠨ ᠬᠦᠴᠦᠷᠡᠬᠦ ᠪᠠᠰᠠ ᠪᠥᠵᠢᠭᠯᠡᠨ ᠴᠢᠳᠠᠬᠤ ᠬᠠᠮᠲᠤ ᠪᠠᠷ ᠢ᠋ ᠬᠡᠷᠡᠭᠯᠡᠨ ᠴᠢᠳᠠᠬᠤ ᠬᠢᠭᠡᠳ ᠡᠭᠦᠨ ᠢ᠋ ᠴᠢᠳᠠᠪᠠᠰᠤ ᠲᠡᠭᠦᠨ ᠢ᠋ ᠴᠢᠳᠠᠬᠤ ᠦᠭᠡᠢ ᠂ ᠨᠢᠭᠡᠨ ᠵᠦᠢᠯ ᠢ᠋ ᠴᠢᠳᠠᠪᠠᠰᠤ ᠨᠢᠭᠡᠨ ᠵᠡᠷᠭᠡ ᠦᠯᠢᠶᠡᠨ ᠳᠡᠯᠡᠳᠴᠦ ᠬᠡᠳᠦᠢ ᠲᠡᠷᠢᠭᠦᠨ ᠦ᠌ ᠡᠰᠡ ᠭᠠᠷᠤᠭᠰᠠᠨ ᠪᠣᠯᠪᠠᠴᠤ ᠲᠡᠷᠢᠭᠦᠨ ᠳᠡᠳ᠋ ᠭᠤᠲᠠᠭᠠᠷ ᠨᠡᠯᠢᠶᠡᠳ ᠭᠠᠷᠴᠤ ᠡᠢᠨ ᠬᠦ᠌ ᠭᠤᠷᠪᠠᠨ ᠡᠳᠦᠷ ᠰᠢᠯᠭᠠᠵᠤ ᠂ ᠳᠡᠰ ᠵᠡᠷᠭᠡ ᠪᠡᠷ ᠢᠨᠦ ᠱᠠᠩᠨᠠᠨ ᠬᠥᠬᠢᠭᠦᠯᠵᠦ ᠂ ᠬᠠᠮᠤᠭ ᠤ᠋ᠨ ᠰᠡᠭᠦᠯ ᠦ᠋ᠨ ᠡᠳᠦᠷ ᠦ᠋ᠨ ᠠᠳᠠᠭ ᠲᠤᠷ ᠬᠡᠩᠭᠡᠷᠭᠡ ᠭᠤᠷᠪᠠᠨ ᠵᠡᠷᠭᠡ ᠱᠠᠭᠠᠷᠳᠠᠨ ᠳᠡᠯᠡᠳᠲᠡᠯᠡ ᠨᠢᠭᠡᠨᠲᠡ ᠭᠠᠷᠬᠤ ᠬᠥᠮᠦᠨ ᠦᠭᠡᠢ ᠪᠣᠯᠤᠭᠰᠠᠨ ᠲᠤᠯᠠ ᠮᠤᠬᠤᠯᠢ ᠰᠠᠶᠢ ᠰᠢᠯᠭᠠᠨ ᠲᠡᠭᠦᠰᠬᠦ ᠫᠤᠤ ᠶ᠋ᠢ ᠲᠠᠯᠪᠢᠰᠤᠭᠠᠢ ᠬᠡᠮᠡᠲᠡᠯ᠎ᠡ ᠨᠢᠭᠡᠨ ᠪᠠᠷᠠᠬᠠᠢ ᠶ᠋ᠢᠨ ᠠᠷᠠᠰᠤᠨ ᠬᠤᠶᠠᠭ ᠂ ᠲᠡᠮᠦᠷ ᠦ᠋ᠨ ᠳᠤᠭᠤᠯᠠᠭᠠᠲᠤ ᠴᠡᠷᠢᠭ ᠦ᠋ᠨ ᠬᠥᠮᠦᠨ ᠭᠠᠷᠴᠤ ᠢᠷᠡᠭᠡᠳ ᠲᠡᠮᠦᠷ ᠦ᠋ᠨ ᠰᠤᠮᠤ ᠪᠦᠳᠦᠭᠦᠨ ᠨᠤᠮᠤ ᠶ᠋ᠢ ᠰᠢᠭᠦᠷᠡᠨ ᠠᠪᠴᠤ ᠨᠤᠮᠤ ᠳᠦᠭᠦᠷᠡᠩ ᠰᠤᠮᠤ ᠲᠤᠯᠲᠠᠯ᠎ᠠ ᠲᠠᠲᠠᠵᠤ ᠂ ᠳᠠᠷᠠᠭ᠎ᠠ ᠪᠠᠷ ᠨᠢᠭᠡᠨ ᠠᠮᠢᠰᠬᠤᠯ ᠢ᠋ᠶ᠋ᠠᠷ ᠠᠷᠪᠠᠨ ᠲᠠᠪᠤᠨ ᠰᠤᠮᠤ ᠬᠠᠷᠪᠤᠵᠤ ᠨᠠᠢ᠍ᠮᠠᠨ ᠰᠤᠮᠤ ᠤᠨᠤᠭᠰᠠᠨ ᠳ᠋ᠤᠷ ᠳᠡᠭᠡᠷ᠎ᠡ ᠳᠣᠣᠷ᠎ᠠ ᠪᠠᠷ ᠶᠡᠬᠡᠯ᠎ᠡ ᠰᠣᠴᠢᠨ ᠭᠠᠢᠬᠠᠯᠳᠤᠵᠤ ᠲᠡᠷᠡ ᠬᠥᠮᠦᠨ ᠢ᠋ ᠦᠵᠡᠪᠡᠰᠦ : ᠬᠦᠷᠡᠩ ᠬᠦᠷᠡᠯ ᠢ᠋ᠶ᠋ᠡᠷ ᠳᠠᠪᠲᠠᠵᠤ ᠵᠢᠪᠡᠲᠦᠭᠰᠡᠨ ᠰᠢᠷᠡᠮᠦ ᠴᠢᠳᠬᠤᠭᠰᠠᠨ ᠂ ᠬᠠᠢᠯᠠᠰᠤᠨ ᠮᠣᠳᠣᠨ ᠤ᠋ ᠭᠡᠰᠢᠭᠦᠨ ᠬᠠᠷᠠᠪᠤᠷ ᠲᠦᠯᠡᠭᠡᠨ ᠦ᠌ ᠬᠣᠵᠤᠤᠯ᠎ᠠ ᠮᠡᠲᠦ ᠵᠢᠰᠦ ᠲᠡᠢ ᠲᠦᠷᠦᠵᠦᠬᠦᠢ ᠃ ᠬᠡᠳᠦᠢ ᠠᠷᠤ ᠭᠠᠵᠠᠷ ᠪᠣᠯᠪᠠᠴᠤ ᠲᠡᠷᠡ ᠮᠡᠲᠦ ᠰᠦᠷᠡᠬᠡᠢ ᠮᠠᠭᠤᠬᠠᠢ ᠲᠥᠷᠥᠭᠰᠡᠨ ᠬᠥᠮᠦᠨ ᠮᠠᠰᠢ ᠴᠤᠬᠠᠭ ᠃ ᠬᠣᠶᠠᠷ ᠳᠥᠭᠥᠰᠢ ᠬᠥᠬᠡ ᠮᠡᠩᠭᠡ ᠤᠷᠭᠤᠵᠤ ᠳᠡᠭᠡᠷ᠎ᠡ ᠢᠨᠦ ᠨᠢᠭᠡᠨ ᠲᠥᠭᠡ ᠤᠯᠠᠭᠠᠨ ᠦᠰᠦ ᠴᠢᠪ ᠴᠢᠬᠡ ᠭᠠᠳᠠᠭ᠎ᠠ ᠮᠡᠲᠦ ᠤᠷᠭᠤᠵᠤᠬᠤᠢ ᠃ ᠬᠣᠶᠠᠷ ᠨᠢᠳᠦᠨ ᠦ᠌ ᠴᠠᠭᠠᠨ ᠠᠨᠤ ᠭᠢᠯᠪᠡᠯᠵᠡᠨ ᠠᠰᠤᠷᠤ ᠠᠶᠤᠮᠰᠢᠭ᠍ᠲᠠᠢ ᠂ ᠭᠡᠨᠡᠳᠲᠡ ᠦᠵᠡᠪᠡᠰᠦ ᠬᠥᠮᠦᠨ ᠬᠠᠷ᠎ᠠ ᠭᠥᠷᠦᠭᠡᠰᠦᠨ ᠠᠳᠠᠯᠢ ᠰᠦᠷᠡᠬᠡᠢ ᠂ ᠡᠭᠦᠨ ᠳ᠋ᠦ᠍ᠷ ᠵᠢᠨᠦᠩ ᠮᠤᠬᠤᠯᠢ ᠰᠤᠯᠠ ᠴᠡᠷᠢᠭ ᠦ᠋ᠳ ᠡᠴᠡ ᠡᠨᠡ ᠮᠡᠲᠦ ᠲᠡᠷᠢᠭᠦᠨ ᠦ᠌ ᠲᠡᠷᠢᠭᠦᠨ ᠪᠠᠭᠠᠲᠤᠷ ᠭᠠᠷᠤᠭᠰᠠᠨ ᠳ᠋ᠤᠷ ᠲᠡᠰᠳᠡᠰᠢ ᠦᠭᠡᠢ ᠪᠠᠶᠠᠷᠯᠠᠨ ᠶᠠᠭᠠᠷᠠᠨ ᠬᠥᠭᠵᠢᠮ ᠡᠭᠦᠰᠬᠡᠯᠭᠡᠨ ᠂ ᠥᠪᠡᠷ ᠢ᠋ᠶ᠋ᠡᠨ ᠭᠦᠶᠦᠨ ᠪᠣᠰᠴᠤ ᠶᠡᠬᠡ ᠬᠡᠩᠭᠡᠷᠭᠡ ᠶ᠋ᠢᠨ ᠮᠠᠨᠴᠤᠷᠭ᠎ᠠ ᠶ᠋ᠢ ᠳᠠᠯᠠᠢᠵᠤ ᠬᠦᠴᠦᠯᠡᠨ ᠳᠡᠯᠡᠳᠬᠦ ᠢᠨᠦ ᠠᠶᠤᠩᠭ᠎ᠠ ᠮᠡᠲᠦ ᠳᠦᠴᠢᠭᠢᠨᠡᠮᠦᠢ ᠃ ᠡᠭᠦᠨ ᠳ᠋ᠦ᠍ᠷ ᠲᠡᠷᠡ ᠰᠦᠷᠡᠬᠡᠢ ᠡᠷ᠎ᠡ ᠶᠡᠬᠡᠯ᠎ᠡ ᠪᠠᠶᠠᠷᠯᠠᠵᠤ ᠂ ᠥᠪᠡᠷ ᠦ᠋ᠨ ᠵᠠᠭᠤᠨ ᠵᠢᠩ ᠦ᠋ᠨ ᠳ᠋ᠠᠮ ᠢᠯᠳᠦ ᠪᠠ ᠡᠨᠡ ᠬᠣᠶᠠᠷ ᠵᠠᠭᠤᠨ ᠵᠢᠩ ᠦ᠋ᠨ ᠬᠣᠣᠰ ᠶᠡᠬᠡ ᠢᠯᠳᠦ ᠭᠤᠷᠪᠠᠭᠤᠯᠠ ᠶ᠋ᠢ ᠰᠢᠭᠦᠷᠡᠨ ᠠᠪᠴᠤ ᠨᠢᠭᠡᠨ ᠬᠠᠮᠲᠤ ᠪᠠᠷᠠᠭᠤᠨ ᠰᠤᠭᠤᠨ ᠳ᠋ᠠᠭᠠᠨ ᠬᠠᠪᠴᠢᠭᠠᠳ ᠲᠡᠭᠰᠢ ᠭᠠᠵᠠᠷ ᠠ᠋ᠴᠠ ᠨᠢᠭᠡᠨᠲᠡ ᠳᠡᠪᠬᠡᠯᠦᠨ ᠮᠣᠷᠢᠨ ᠳ᠋ᠠᠭᠠᠨ ᠦᠰᠦᠷᠦᠨ ᠭᠠᠷᠤᠭᠰᠠᠨ᠎ᠠ ᠵᠡᠪᠰᠡᠭ ᠪᠠ ᠬᠥᠮᠦᠨ ᠲᠡᠢ ᠭᠤᠷᠪᠠ ᠳᠥᠷᠪᠡᠨ ᠵᠠᠭᠤᠨ ᠵᠢᠩ ᠬᠦᠨᠳᠦ ᠶ᠋ᠢ ᠭᠡᠨᠡᠳᠲᠡ ᠮᠣᠷᠢᠨ ᠤ᠋ ᠳᠡᠭᠡᠷ᠎ᠡ ᠴᠣᠬᠢᠭ᠍ᠰᠠᠨ ᠮᠡᠲᠦ ᠠᠴᠢᠭ᠍ᠰᠠᠨ ᠳ᠋ᠤᠷ ᠲᠡᠭᠦᠨ ᠦ᠌ ᠲᠡᠷᠡ ᠮᠣᠷᠢ ᠢᠨᠦ ᠶᠡᠷᠦ ᠶ᠋ᠢᠨ ᠴᠡᠷᠢᠭ ᠦ᠋ᠨ ᠮᠣᠷᠢ ᠲᠤᠯᠠ ᠨᠢᠷᠤᠭᠤ ᠠᠨᠤ ᠬᠤᠭᠤ ᠡᠴᠢᠵᠦ ᠫᠠᠭᠪᠠᠢᠲᠠᠯᠠ ᠤᠨᠠᠪᠠ ᠃ ᠡᠭᠦᠨ ᠳ᠋ᠦ᠍ᠷ ᠵᠢᠨᠦᠩ ᠮᠤᠬᠤᠯᠢ ᠨᠡᠩ ᠶᠡᠬᠡᠯ᠎ᠡ ᠰᠣᠴᠢᠨ ᠪᠡᠶᠡᠰᠴᠦ ᠴᠠᠴᠠᠷ ᠠ᠋ᠴᠠ ᠪᠠᠨ ᠳᠡᠪᠬᠡᠯᠦᠨ ᠪᠠᠭᠤᠵᠤ ᠥᠪᠡᠷ ᠦ᠋ᠨ ᠤᠨᠤᠬᠤ ᠬᠠᠷ᠎ᠠ ᠬᠠᠯᠵᠢᠨ ᠬᠠᠳ ᠤ᠋ᠨ ᠱᠣᠩᠬᠣᠷ ᠨᠡᠷᠡᠲᠦ ᠮᠣᠷᠢ ᠪᠠᠨ ᠥᠪᠡᠷ ᠢ᠋ᠶ᠋ᠡᠨ ᠬᠥᠲᠥᠯᠦᠨ ᠠᠴᠢᠷᠠᠭᠠᠳ ᠣᠨᠣᠭᠤᠯᠤᠭᠰᠠᠨ ᠳ᠋ᠤᠷ ᠲᠡᠷᠡ ᠡᠷ᠎ᠡ ᠶᠡᠬᠡᠯ᠎ᠡ ᠪᠠᠶᠠᠷᠯᠠᠨ ᠮᠥᠷᠭᠥᠭᠡᠳ ᠮᠣᠷᠢᠨ ᠳ᠋ᠤᠷ ᠦᠰᠦᠷᠦᠨ ᠭᠠᠷᠴᠤ ᠥᠭᠡᠳᠡ ᠳᠣᠪᠲᠣᠯᠤᠨ ᠤᠷᠤᠭᠤ ᠤᠷᠤᠯᠳᠤᠵᠤ ᠂ ᠭᠤᠷᠪᠠᠨ ᠵᠠᠭᠤᠨ ᠵᠢᠩ ᠦ᠋ᠨ ᠭᠤᠷᠪᠠᠨ ᠢᠯᠳᠦ ᠶ᠋ᠢ ᠨᠢᠭᠡᠬᠡᠨ ᠭᠠᠷ ᠢ᠋ᠶ᠋ᠠᠷ ᠮᠥᠷᠢ ᠶ᠋ᠢ ᠨᠡᠢᠯᠡᠭᠦᠯᠦᠨ ᠠᠳᠬᠤᠵᠤ ᠫᠠᠷᠴᠢᠭᠢᠨᠠᠭᠤᠯᠤᠨ ᠡᠷᠭᠢᠭᠦᠯᠬᠦ ᠪᠠ ᠡᠰᠡᠬᠦᠯ᠎ᠡ ᠢᠷᠡᠬᠦ ᠳ᠋ᠡᠭᠡᠨ ᠬᠠᠪᠴᠢᠨ ᠪᠠᠰᠠ ᠥᠷᠥᠭᠡᠰᠦᠨ ᠢ᠋ ᠢᠨᠦ ᠠᠮᠠᠨ ᠳ᠋ᠠᠭᠠᠨ ᠵᠠᠭᠤᠵᠤ ᠦᠯᠡᠭᠰᠡᠨ ᠨᠢᠭᠡᠨ ᠢ᠋ ᠬᠤᠷᠤᠭᠤᠨ ᠳ᠋ᠠᠭᠠᠨ ᠬᠠᠪᠴᠢᠬᠤ ᠪᠠ ᠡᠯ᠎ᠡ ᠵᠦᠢᠯ ᠢ᠋ᠶ᠋ᠡᠷ ᠡᠷᠭᠢᠭᠦᠯᠦᠨ ᠪᠥᠵᠢᠭᠯᠡᠵᠦ ᠶᠠᠪᠤᠬᠤ ᠠᠨᠤ ᠴᠠᠭᠠᠰᠤᠨ ᠢᠯᠳᠦ ᠪᠡᠷ ᠨᠠᠭᠠᠳᠬᠤ ᠮᠡᠲᠦ ᠳ᠋ᠦ᠍ᠷ ᠲᠠᠢᠽᠦ ᠡᠴᠡ ᠲᠡᠷᠢᠭᠦᠯᠡᠨ ᠮᠠᠭᠲᠠᠯᠴᠠᠨ ᠳᠠᠭᠤᠳᠠᠯᠴᠠᠬᠤᠶᠠ ᠡᠯᠡᠰᠦᠨ ᠲᠠᠯ᠎ᠠ ᠲᠤᠷᠭᠢᠮᠤᠢ ᠃ ᠡᠭᠦᠨ ᠳ᠋ᠦ᠍ᠷ ᠡᠨᠡ ᠡᠷ᠎ᠡ ᠨᠡᠩ ᠬᠥᠭᠡᠷᠦᠨ ᠡᠭᠦᠰᠬᠡᠵᠦ ᠂ ᠨᠢᠭᠡᠨ ᠵᠡᠷᠭᠡ ᠬᠤᠢ ᠰᠠᠯᠬᠢᠨ ᠭᠠᠯ ᠤ᠋ᠨ ᠬᠦᠷᠳᠦᠨ ᠮᠡᠲᠦ ᠡᠷᠭᠢᠭᠦᠯᠵᠦ ᠂ ᠨᠡᠩᠳᠡ ᠰᠠᠢᠨ ᠮᠣᠷᠢ ᠣᠯᠤᠭᠰᠠᠨ ᠳ᠋ᠤᠷ ᠪᠠᠷᠰ ᠲᠤᠷ ᠵᠢᠭᠦᠷ ᠤᠷᠭᠤᠭᠰᠠᠨ ᠮᠡᠲᠦ ᠪᠣᠯᠵᠤ ᠶᠡᠬᠡᠯ᠎ᠡ ᠪᠠᠶᠠᠷᠯᠠᠨ ᠪᠥᠵᠢᠭᠯᠡᠵᠦ ᠪᠠᠷᠠᠭᠠᠳ ᠭᠤᠷᠪᠠᠨ ᠢᠯᠳᠦ ᠪᠡᠨ ᠮᠥᠨ ᠬᠦ᠌ ᠵᠡᠭᠦᠨ ᠰᠤᠭᠤᠨ ᠳ᠋ᠠᠭᠠᠨ ᠬᠠᠪᠴᠢᠵᠤ ᠂ ᠳᠣᠪᠲᠣᠯᠤᠨ ᠢᠷᠡᠵᠦ ᠨᠢᠭᠡᠨᠲᠡ ᠪᠥᠬᠥᠢᠮᠡᠭᠴᠡ ᠥᠪᠡᠷ ᠦ᠋ᠨ ᠦᠬᠦᠭᠰᠡᠨ ᠮᠣᠷᠢ ᠪᠠᠨ ᠰᠢᠭᠦᠷᠡᠨ ᠠᠪᠴᠤ ᠪᠠᠷᠠᠭᠤᠨ ᠭᠠᠷ ᠤ᠋ᠨ ᠰᠤᠭᠤᠨ ᠳ᠋ᠠᠭᠠᠨ ᠡᠮᠡᠭᠡᠯ ᠬᠠᠵᠠᠭᠠᠷ ᠲᠠᠢ ᠪᠠᠷ ᠰᠤᠭᠤᠪᠴᠢᠯᠠᠵᠤ ᠂ ᠠᠮᠠᠨ ᠳ᠋ᠠᠭᠠᠨ 《ᠭᠠᠴᠢᠭ᠍ᠳᠠᠯ ᠢ᠋ ᠬᠠᠮᠲᠤᠳᠬᠠᠭᠰᠠᠨ ᠭᠠᠭᠴᠠ ᠬᠦᠯᠦᠭ ᠮᠢᠨᠦ ᠂ ᠵᠣᠪᠠᠯᠠᠩ ᠢ᠋ ᠬᠠᠮᠲᠤᠳᠬᠠᠭᠰᠠᠨ ᠵᠢᠷᠣᠭ᠎ᠠ ᠬᠦᠯᠦᠭ ᠮᠢᠨᠦ ᠂ ᠭᠠᠪᠢᠶ᠎ᠠ ᠪᠦᠲᠦᠭᠡᠬᠦᠶ᠎ᠡ ᠴᠢᠮᠠᠢ ᠶᠤᠭᠠᠨ ᠦᠬᠦᠭᠦᠯᠪᠡᠢ ᠂ ᠵᠣᠷᠢᠭ ᠪᠦᠲᠦᠭᠡᠬᠦᠶ᠎ᠡ ᠴᠢᠮᠠᠢ ᠶᠤᠭᠠᠨ ᠠᠯᠠᠪᠠ ! 》 ᠭᠡᠮᠡᠨ ᠬᠡᠯᠡᠭᠰᠡᠭᠡᠷ ᠴᠡᠷᠢᠭ ᠦ᠋ᠨ ᠲᠠᠯᠠᠪᠤᠷ ᠤ᠋ᠨ ᠭᠠᠳᠠᠨ᠎ᠠ ᠮᠠᠩᠬ᠎ᠠ ᠶ᠋ᠢᠨ ᠳᠣᠪᠣ ᠳ᠋ᠤᠷ ᠠᠪᠠᠴᠢᠵᠤ ᠲᠠᠯᠪᠢᠭᠠᠳ ᠮᠣᠷᠢᠨ ᠠ᠋ᠴᠠ ᠪᠠᠨ ᠪᠠᠭᠤᠵᠤ ᠡᠮᠡᠭᠡᠯ ᠬᠠᠵᠠᠭᠠᠷ ᠢ᠋ ᠰᠠᠯᠭᠠᠵᠤ ᠭᠤᠷᠪᠠᠨᠲᠠ ᠮᠥᠷᠭᠥᠭᠡᠳ ᠡᠭᠡᠵᠦ ᠢᠷᠡᠲᠡᠯ᠎ᠡ ᠮᠤᠬᠤᠯᠢ ᠂ ᠲᠣᠷᠭᠠᠨ ᠰᠢᠷ᠎ᠠ ᠂ ᠭᠤᠷᠪᠠᠨ ᠬᠦᠯᠦᠭ ᠦ᠋ᠳ ᠬᠠᠮᠲᠤ ᠪᠠᠷ ᠣᠷᠣᠵᠤ ᠬᠤᠪᠴᠠᠭᠤᠯᠤᠨ ᠱᠠᠩᠨᠠᠵᠤ ᠂ ᠲᠠᠢᠽᠦ ᠶ᠋ᠢᠨ ᠴᠠᠴᠠᠷ ᠲᠤᠷ ᠠᠪᠠᠷᠢᠭᠤᠯᠵᠤ ᠮᠥᠷᠭᠥᠭᠦᠯᠦᠭᠰᠡᠨᠡ ᠂ ᠲᠠᠢᠽᠦ ᠬᠡᠲᠦᠷᠬᠡᠶ᠎ᠡ ᠪᠡᠶᠡᠰᠦᠨ ᠬᠡᠨ ᠭᠡᠮᠡᠨ ᠠᠰᠠᠭᠤᠭᠰᠠᠨ ᠳ᠋ᠤᠷ ᠲᠡᠷᠡ ᠡᠷ᠎ᠡ ᠮᠡᠳᠡᠭᠦᠯᠦᠷᠦᠨ : 《ᠮᠠᠩᠨᠤᠳ ᠠᠢᠮᠠᠭ ᠤ᠋ᠨ ᠬᠣᠢᠯᠠᠲᠠᠷ ᠬᠡᠮᠡᠭᠴᠢ ᠮᠥᠨ ! 》 ᠲᠠᠢᠽᠦ : 《 ᠮᠢᠨᠦ ᠰᠤᠯᠠ ᠴᠡᠷᠢᠭ ᠦ᠋ᠳ ᠲᠣᠷ ᠴᠦ᠍ ᠡᠨᠡ ᠮᠡᠲᠦ ᠪᠠᠭᠠᠲᠤᠳ ᠪᠦᠬᠦᠢ ᠢᠨᠦ ᠲᠡᠭᠷᠢ ᠦᠨᠡᠬᠡᠷ ᠲᠡᠮᠦᠵᠢᠨ ᠬᠥᠪᠡᠭᠦᠨ ᠨᠠᠮᠠᠢ ᠲᠡᠳᠬᠦᠨ ᠬᠥᠮᠦᠵᠢᠭᠦᠯᠬᠦ ᠲᠡᠮᠳᠡᠭ ᠪᠣᠯᠠᠢ ! 》 ᠭᠡᠮᠡᠨ ᠲᠡᠭᠷᠢ ᠳ᠋ᠦ᠍ᠷ ᠨᠠᠮᠠᠭᠴᠢᠯᠠᠨ ᠂ ᠬᠤᠢᠯᠠᠳᠠᠷ ᠲᠤᠷ ᠪᠠᠷᠰ ᠤ᠋ᠨ ᠲᠤᠭ ᠂ ᠪᠠᠷᠰ ᠤ᠋ᠨ ᠬᠦᠷᠮ᠎ᠡ ᠂ ᠪᠠᠷᠰ ᠤ᠋ᠨ ᠳᠡᠪᠢᠰᠬᠡᠷ ᠬᠦᠷᠲᠡᠭᠡᠨ 《ᠬᠤᠪᠢᠯᠭᠠᠨ ᠪᠠᠭᠠᠲᠤᠷ 》 ᠴᠣᠯᠠ ᠬᠦᠷᠲᠡᠭᠡᠭᠡᠳ ᠬᠣᠰᠢᠭᠤᠴᠢ ᠶ᠋ᠢᠨ ᠲᠤᠰᠢᠶᠠᠯ ᠳ᠋ᠤᠷ ᠳᠡᠪᠰᠢᠭᠦᠯᠵᠦ ᠂ ᠰᠢᠨ᠎ᠡ ᠰᠢᠯᠭᠠᠭᠰᠠᠨ ᠳᠥᠷᠪᠡᠨ ᠪᠠᠷᠰ ᠤ᠋ᠨ ᠵᠠᠩᠵᠤᠨ ᠤ᠋ᠳ ᠤ᠋ᠨ ᠳᠣᠣᠷ᠎ᠠ ᠵᠣᠭᠰᠣᠭᠠᠪᠠ ᠃ ᠲᠡᠳᠦᠢ ᠮᠤᠬᠤᠯᠢ ᠰᠥᠭᠥᠳᠴᠦ ᠶᠠᠯ᠎ᠠ ᠬᠦᠯᠢᠶᠡᠪᠡ ᠂ ᠶᠠᠭᠤᠨ ᠤ᠋ ᠤᠴᠢᠷ ᠪᠣᠯᠪᠠ ?
– – – –
① ᠡᠨᠡ ᠯᠠᠪ ᠡᠨᠡ ᠦᠶ᠎ᠡ ᠶ᠋ᠢᠨ ᠲᠥᠷᠥᠯ ᠦ᠋ᠨ ᠳᠠᠷᠤᠭ᠎ᠠ ᠳᠠ ᠲᠠᠢᠵᠢ ᠂ ᠳᠠ ᠲᠠᠪᠤᠨᠠᠩ ᠨᠠᠷ ᠤ᠋ᠨ ᠶᠣᠰᠣ ᠪᠣᠯᠠᠢ
ᠴᠣᠬᠣᠯᠠᠭᠰᠠᠨ ᠠᠨᠤ
ᠡᠨᠡ ᠪᠦᠯᠦᠭ ᠲᠣᠷ ᠳᠥᠷᠪᠡᠨ ᠴᠠᠭ ᠤ᠋ᠨ ᠠᠮᠢᠰᠬᠤᠯ ᠪᠦᠷᠢᠦᠳᠴᠦᠬᠦᠢ ᠂ ᠠᠯᠢ ᠳᠥᠷᠪᠡᠨ ᠴᠠᠭ ᠤ᠋ᠨ ᠠᠮᠢᠰᠬᠤᠯ ᠬᠡᠮᠡᠪᠡᠰᠦ :ᠨᠢᠭᠡᠨ ᠨᠢᠭᠡᠨ ᠢ᠋ᠶ᠋ᠡᠷ ᠠᠳᠠᠯᠢᠳᠬᠠᠨ ᠨᠠᠷᠢᠪᠴᠢᠯᠠᠨ ᠲᠠᠢᠯᠤᠨ ᠮᠡᠳᠡᠭᠦᠯᠬᠦ ᠶ᠋ᠢ ᠬᠢᠨᠠᠨ ᠰᠣᠨᠣᠰ !ᠳᠥᠷᠪᠡᠨ ᠦ᠌ ᠲᠣᠭ᠎ᠠ ᠠᠯᠢ ᠪᠣᠢ ᠬᠡᠮᠡᠪᠡᠰᠦ ᠲᠡᠷᠢᠭᠦᠨ ᠨᠢᠭᠡᠨ ᠢᠨᠦ ᠪᠧᠲ᠋ᠠ᠋ ᠤᠯᠤᠰ ᠂ ᠳᠡᠳ᠋ ᠨᠢᠭᠡᠨ ᠲᠠᠩᠭᠤᠳ ᠤᠯᠤᠰ ᠂ ᠭᠤᠲᠠᠭᠠᠷ ᠨᠢᠭᠡᠨ ᠢᠨᠦ ᠠᠯᠲᠠᠨ ᠤᠯᠤᠰ ᠂ ᠳᠥᠲᠥᠭᠡᠷ ᠨᠢᠭᠡᠨ ᠢᠨᠦ ᠰᠠᠷᠯᠠᠭ ᠤᠯᠤᠰ᠃ ᠡᠨᠡ ᠳᠥᠷᠪᠡᠨ ᠤᠯᠤᠰ ᠡᠨᠡ ᠪᠦᠯᠦᠭ ᠲᠣᠷ ᠬᠠᠮᠲᠤ ᠭᠠᠷᠤᠭᠰᠠᠨ ᠪᠤᠰᠤ ᠤᠤ ? ᠲᠡᠷᠢᠭᠦᠨ ᠳ᠋ᠦ᠍ᠷ ᠪᠧᠲ᠋ᠠ᠋ ᠤᠯᠤᠰ ᠤ᠋ᠨ ᠡᠵᠡᠨ ᠰᠠᠢᠳ ᠲᠡᠭᠷᠢ ᠭᠠᠵᠠᠷ ᠤ᠋ᠨ ᠠᠭᠤᠷ ᠠᠮᠢᠰᠬᠤᠯ ᠢ᠋ ᠣᠯᠵᠤ ᠂ ᠳᠡᠭᠡᠷ᠎ᠡ ᠳᠣᠣᠷ᠎ᠠ ᠰᠠᠨᠠᠭᠠᠨ ᠲᠡᠩᠴᠡᠭᠡᠳ ᠬᠠᠷᠠᠬᠠᠨ ᠬᠠᠨᠳᠤᠭᠰᠠᠨ ᠵᠦᠭ ᠲᠦ᠍ᠷ ᠡᠰᠡᠷᠭᠦᠴᠡᠯ ᠦᠭᠡᠢ ᠂ ᠡᠳᠦᠷ ᠢᠷᠡᠬᠦᠢ ᠳ᠋ᠦ᠍ᠷ ᠥᠩᠭᠡ ᠨᠡᠮᠡᠭᠳᠡᠨ ᠰᠠᠷ᠎ᠠ ᠢᠷᠡᠬᠦᠢ ᠳ᠋ᠦ᠍ᠷ ᠰᠠᠢᠨ ᠪᠣᠯᠵᠤ ᠂ ᠤᠯᠤᠰ ᠤ᠋ᠨ ᠬᠣᠲᠠᠯᠠᠭᠠᠷ ᠬᠠᠷᠠᠬᠠᠨ ᠣᠮᠣᠭ ᠴᠢᠮᠡᠭᠳᠡᠶᠡ ᠮᠠᠨᠳᠤᠨ ᠪᠠᠳᠠᠷᠠᠬᠤ ᠦᠶ᠎ᠡ ᠲᠤᠯᠠ ᠬᠠᠷᠠᠬᠠᠨ ᠭᠤᠷᠪᠠᠨ ᠬᠠᠪᠤᠷ ᠤ᠋ᠨ ᠲᠦᠮᠡᠨ ᠪᠣᠳᠠᠰ ᠬᠥᠮᠦᠵᠢᠨ ᠳᠡᠯᠭᠡᠷᠡᠬᠦ ᠴᠠᠭ ᠠ᠋ᠴᠠ ᠶᠠᠭᠤᠨ ᠥᠪᠡᠷ᠎ᠡ ? ᠲᠡᠢᠨ ᠬᠦ᠌ ᠪᠧᠲ᠋ᠠ᠋ ᠤᠯᠤᠰ ᠬᠠᠪᠤᠷ ᠢ᠋ ᠡᠵᠡᠯᠡᠪᠡ ᠬᠡᠮᠡᠪᠡᠢ ᠃ ᠳᠡᠳ᠋ ᠲᠣᠷ ᠲᠠᠩᠭᠤᠳ ᠤᠯᠤᠰ ᠤ᠋ᠨ ᠡᠷ᠎ᠡ ᠡᠮ᠎ᠡ ᠭᠠᠵᠢᠭᠤ ᠰᠣᠯᠢᠭᠠᠢ ᠶ᠋ᠢᠨ ᠪᠠᠴᠢ ᠵᠢᠭ ᠲᠦ᠍ᠷ ᠣᠷᠣᠵᠤ ᠂ ᠳᠣᠲᠣᠷ᠎ᠠ ᠭᠠᠳᠠᠨ᠎ᠠ ᠮᠤᠩᠬᠠᠭᠤᠷᠠᠨ ᠡᠷᠭᠢᠭᠦᠲᠦᠵᠦ ᠂ ᠬᠠᠷᠠᠬᠠᠨ ᠬᠠᠯᠠᠭᠤᠨ ᠠᠮᠠᠷᠠᠭ ᠤ᠋ᠨ ᠬᠥᠭᠵᠢᠬᠦ ᠴᠠᠭ ᠡᠳᠦᠷ ᠰᠥᠨᠢ ᠥᠭᠡᠶ᠎ᠡ ᠴᠡᠩᠭᠡᠯᠳᠦᠨ ᠵᠢᠷᠭᠠᠯᠳᠤᠵᠤ ᠰᠠᠨᠠᠭᠠᠨ ᠰᠡᠳᠬᠢᠯ ᠰᠠᠳᠤᠷ ᠪᠣᠯᠤᠭᠠᠳ ᠣᠯᠠᠨ ᠢᠷᠭᠡᠨ ᠪᠦᠭᠦᠳᠡᠭᠡᠷ ᠬᠠᠭᠤᠷᠲᠠᠨ ᠮᠡᠬᠡᠯᠡᠭᠳᠡᠵᠦ ᠂ ᠢᠲᠡᠭᠡᠮᠵᠢᠯᠡᠨ ᠪᠢᠰᠢᠷᠡᠬᠦ ᠴᠠᠭ ᠲᠤᠯᠠ ᠴᠣᠬᠣᠮ ᠶᠡᠬᠡ ᠬᠠᠯᠠᠭᠤᠨ ᠤ᠋ ᠬᠥᠮᠦᠨ ᠪᠦᠬᠦᠨ ᠬᠥᠯᠥᠰᠥ ᠤᠷᠤᠰᠬᠤ ᠵᠤᠨ ᠠ᠋ᠴᠠ ᠶᠠᠮᠪᠠᠷ ᠢᠯᠭᠠᠯ ᠪᠣᠢ ? ᠵᠢᠴᠢ ᠭᠤᠲᠠᠭᠠᠷ ᠲᠤᠷ ᠠᠯᠲᠠᠨ ᠤᠯᠤᠰ ᠤ᠋ᠨ ᠵᠠᠰᠠᠭ ᠴᠠᠭᠠᠵᠠ ᠂ ᠠᠷᠭ᠎ᠠ ᠪᠢᠯᠢᠭ ᠦ᠋ᠨ ᠵᠢᠷᠤᠮ ᠶᠣᠰᠣ ᠤᠷᠪᠠᠵᠤ ᠂ ᠳᠣᠲᠣᠷ᠎ᠠ ᠭᠠᠳᠠᠨ᠎ᠠ ᠨᠢᠭᠡᠨᠲᠡ ᠰᠠᠮᠠᠭᠤᠷᠠᠵᠤ ᠴᠢᠪᠬᠢᠲᠡᠯ᠎ᠡ ᠳᠡᠭᠡᠷ᠎ᠡ ᠳᠣᠣᠷ᠎ᠠ ᠪᠠᠷ ᠡᠳ᠋ ᠢ᠋ ᠲᠡᠮᠡᠴᠡᠯᠳᠦᠨ ᠂ ᠤᠯᠠᠮ ᠤᠯᠠᠮ ᠤᠵᠢᠳ ᠢ᠋ ᠡᠷᠬᠢᠯᠡᠨ ᠂ ᠰᠠᠨᠠᠭᠠᠨ ᠰᠡᠳᠬᠢᠯ ᠰᠠᠢᠬᠠᠨ ᠢ᠋ ᠬᠦᠰᠡᠵᠦ ᠂ ᠣᠯᠠᠨ ᠢᠷᠭᠡᠨ ᠴᠤᠭᠠᠷ ᠵᠠᠪᠰᠢᠶᠠᠨ ᠢ᠋ ᠡᠷᠢᠬᠦᠶᠡ ᠳᠣᠷᠣᠢᠲᠠᠨ ᠪᠠᠭᠤᠷᠠᠬᠤ ᠬᠡᠮᠵᠢᠶ᠎ᠡ ᠲᠤᠯᠠ ᠣᠳᠣ ᠵᠢᠬᠡᠭᠦᠨ ᠨᠠᠮᠤᠷ ᠤ᠋ᠨ ᠵᠠᠭᠤᠨ ᠠᠮᠢᠲᠠᠨ ᠢᠴᠡᠭᠡᠯᠡᠨ ᠨᠢᠭᠤᠬᠤ ᠨᠠᠮᠤᠷ ᠪᠤᠰᠤ ᠤᠤ ? ᠳᠥᠲᠥᠭᠡᠷ ᠲᠣᠷ ᠰᠠᠷᠯᠠᠭ ᠤᠯᠤᠰ ᠤ᠋ᠨ ᠠᠭᠤᠷ ᠬᠢᠯᠢᠩ ᠂ ᠵᠠᠶᠠᠭ᠎ᠠ ᠪᠠᠷᠢᠯᠳᠤᠯᠭ᠎ᠠ ᠲᠤᠯᠵᠤ ᠂ ᠬᠣᠯᠠ ᠣᠢᠷ᠎ᠠ ᠪᠠᠷ ᠦᠢᠯᠡ ᠬᠥᠳᠡᠯᠦᠭᠡᠳ ᠬᠠᠷᠠᠬᠠᠨ ᠬᠦ᠌ ᠬᠡᠷᠦᠵᠦ ᠣᠮᠣᠭ᠍ᠰᠢᠨ ᠂ ᠡᠷᠢᠯᠭᠡ ᠪᠡᠨ ᠡᠷᠢᠨ ᠡᠯᠳᠡᠪ ᠵᠦᠢᠯ ᠦ᠋ᠨ ᠦᠭᠡ ᠨᠡᠮᠡᠵᠦ ᠂ ᠰᠠᠢᠨ ᠳ᠋ᠤᠷ ᠣᠷᠣᠬᠤᠢ ᠶ᠋ᠢ ᠪᠠᠷᠠᠭᠠᠳᠠᠨ ᠡᠷᠢᠵᠦ ᠂ ᠤᠯᠤᠰ ᠤ᠋ᠨ ᠡᠵᠡᠨ ᠬᠠᠷᠠᠬᠠᠨ ᠤᠮᠳᠠᠨ ᠬᠡᠪᠲᠡᠨ ᠪᠠᠶᠠᠷᠯᠠᠨ ᠰᠡᠳᠬᠢᠬᠦ ᠦᠶ᠎ᠡ ᠲᠤᠯᠠ ᠬᠠᠩᠭᠢᠨᠠᠮ᠎ᠠ ᠬᠦᠢᠲᠡᠨ ᠡᠪᠦᠯ ᠦ᠋ᠨ ᠦᠶ᠎ᠡ ᠶ᠋ᠢᠨ ᠲᠦᠮᠡᠨ ᠵᠦᠢᠯ ᠬᠠᠭᠠᠭᠳᠠᠨ ᠪᠥᠭᠯᠡᠭᠳᠡᠭᠰᠡᠨ ᠡᠪᠦᠯ ᠮᠡᠲᠦ ᠪᠢᠰᠢ ᠦᠦ? ᠲᠡᠢᠨ ᠬᠦ᠌ ᠪᠧᠲ᠋ᠠ᠋ ᠤᠯᠤᠰ ᠢ᠋ ᠬᠥᠮᠦᠵᠢᠭᠦᠯᠬᠦ ᠬᠠᠪᠤᠷ ᠤ᠋ᠨ ᠴᠠᠭ ᠢ᠋ ᠡᠵᠡᠯᠡᠪᠡ ᠃ ᠲᠠᠩᠭᠤᠳ ᠤᠯᠤᠰ ᠲᠤᠨᠤᠷᠠᠭᠰᠠᠨ ᠵᠤᠨ ᠤ᠋ ᠦᠶ᠎ᠡ ᠶ᠋ᠢ ᠡᠵᠡᠯᠡᠪᠡ ᠃ ᠠᠯᠲᠠᠨ ᠤᠯᠤᠰ ᠵᠢᠬᠡᠭᠦᠷᠡᠬᠦ ᠨᠠᠮᠤᠷ ᠤ᠋ᠨ ᠬᠢᠷᠢ ᠶ᠋ᠢ ᠡᠵᠡᠯᠡᠪᠡ ᠃ ᠰᠠᠷᠯᠠᠭ ᠤᠯᠤᠰ ᠬᠥᠯᠳᠡᠭᠰᠡᠨ ᠡᠪᠦᠯ ᠦ᠋ᠨ ᠤᠯᠠᠷᠢᠯ ᠢ᠋ ᠡᠵᠡᠯᠡᠪᠡ ᠃ ᠬᠠᠪᠤᠷ ᠤ᠋ᠨ ᠬᠥᠮᠦᠵᠢᠬᠦ ᠴᠠᠭ ᠢ᠋ ᠬᠠᠷᠢᠭᠤᠯᠬᠤᠶᠠ ᠪᠡᠷᠬᠡ ᠂ ᠵᠤᠨ ᠤ᠋ ᠲᠤᠨᠤᠷᠠᠭᠰᠠᠨ ᠦᠶ᠎ᠡ ᠶ᠋ᠢ ᠰᠡᠷᠭᠦᠭᠡᠬᠦᠶᠡ ᠪᠡᠷᠬᠡ ᠂ ᠨᠠᠮᠤᠷ ᠤ᠋ᠨ ᠵᠢᠬᠡᠭᠦᠷᠡᠭᠰᠡᠨ ᠬᠡᠮᠵᠢᠶ᠎ᠡ ᠶ᠋ᠢ ᠳᠤᠯᠠᠭᠠᠯᠠᠬᠤᠶᠠ ᠪᠡᠷᠬᠡ ᠂ ᠡᠪᠦᠯ ᠦ᠋ᠨ ᠬᠥᠯᠳᠡᠭᠰᠡᠨ ᠶᠢᠰᠦᠨ ᠢ᠋ ᠭᠡᠰᠬᠡᠬᠦᠶᠡ ᠪᠡᠷᠬᠡ ᠴᠥᠮ ᠥᠪᠡᠷ ᠥᠪᠡᠷ ᠦ᠋ᠨ ᠴᠠᠭ ᠲᠣᠭ᠎ᠠ ᠬᠡᠮᠵᠢᠶ᠎ᠡ ᠤᠯᠠᠷᠢᠯ ᠪᠣᠯᠠᠢ ᠃ ᠲᠡᠭᠷᠢ ᠪᠣᠯᠪᠠᠴᠤ ᠬᠡᠷᠬᠢᠨ ᠴᠢᠳᠠᠬᠤ ? ᠬᠠᠪᠤᠷ ᠤ᠋ᠨ ᠥᠷᠯᠥᠭᠡ ᠶ᠋ᠢᠨ ᠨᠢᠭᠡᠨ ᠴᠠᠭ ᠤ᠋ᠨ ᠵᠢᠬᠡᠭᠦᠨ ᠪᠣᠷᠣᠭᠠᠨ ᠢ᠋ᠶ᠋ᠠᠷ ᠵᠠᠭᠤᠨ ᠪᠣᠳᠠᠰ ᠢ᠋ ᠬᠡᠷᠬᠢᠨ ᠬᠥᠯᠳᠡᠭᠡᠨ ᠴᠢᠳᠠᠬᠤ ? ᠵᠤᠨ ᠤ᠋ ᠨᠢᠭᠡᠨ ᠰᠥᠨᠢ ᠶ᠋ᠢᠨ ᠬᠣᠢᠨ᠎ᠠ ᠰᠠᠯᠬᠢᠨ ᠢ᠋ᠶ᠋ᠠᠷ ᠲᠦᠮᠡᠨ ᠦᠷᠡᠰ ᠢ᠋ ᠬᠡᠷᠬᠢᠨ ᠪᠣᠯᠪᠠᠰᠤᠷᠠᠭᠤᠯᠤᠨ ᠴᠢᠳᠠᠬᠤ ? ᠨᠠᠮᠤᠷ ᠤ᠋ᠨ ᠨᠢᠭᠡᠨ ᠦᠳᠡ ᠶ᠋ᠢᠨ ᠨᠠᠢᠷᠠᠮᠳᠠᠭᠤ ᠠᠭᠤᠷ ᠢ᠋ᠶ᠋ᠠᠷ ᠲᠦᠮᠡᠨ ᠴᠡᠴᠡᠭ ᠢ᠋ ᠬᠡᠷᠬᠢᠨ ᠳᠡᠯᠭᠡᠷᠡᠭᠦᠯᠦᠨ ᠴᠢᠳᠠᠬᠤ ? ᠡᠪᠦᠯ ᠦ᠋ᠨ ᠨᠢᠭᠡᠨ ᠡᠳᠦᠷ ᠦ᠋ᠨ ᠳᠤᠯᠠᠭᠠᠨ ᠢ᠋ᠶ᠋ᠠᠷ ᠲᠦᠮᠡᠨ ᠢᠴᠡᠭᠰᠡᠳ ᠢ᠋ ᠬᠡᠷᠬᠢᠨ ᠬᠥᠳᠡᠯᠭᠡᠨ ᠴᠢᠳᠠᠬᠤ ? ᠦᠯᠢᠭᠡᠷᠯᠡᠪᠡᠰᠦ ᠪᠧᠲ᠋ᠠ᠋ ᠤᠯᠤᠰ ᠤ᠋ᠨ ᠮᠠᠨᠳᠤᠨ ᠪᠠᠳᠠᠷᠠᠬᠤ ᠶ᠋ᠢ ᠲᠡᠭᠷᠢ ᠪᠣᠯᠪᠠᠴᠤ ᠲᠤᠰᠠᠯᠠᠨ ᠲᠡᠳᠬᠦᠮᠦᠢ ᠂ ᠲᠠᠩᠭᠤᠳ ᠤᠯᠤᠰ ᠤ᠋ᠨ ᠡᠷᠭᠢᠭᠦᠳᠡᠨ ᠮᠤᠩᠬᠠᠷᠠᠬᠤ ᠶ᠋ᠢ ᠰᠠᠬᠢᠭᠤᠯᠰᠤᠨ ᠪᠣᠯᠪᠠᠴᠤ ᠰᠡᠷᠭᠦᠭᠡᠬᠦᠶᠡ ᠪᠡᠷᠬᠡ ᠂ ᠠᠯᠲᠠᠨ ᠤᠯᠤᠰ ᠤ᠋ᠨ ᠤᠵᠢᠳᠯᠠᠨ ᠵᠢᠷᠭᠠᠬᠤ ᠶ᠋ᠢ ᠪᠣᠭᠳᠠ ᠪᠣᠯᠪᠠᠴᠤ ᠰᠤᠷᠭᠠᠬᠤᠶ᠎ᠠ ᠪᠡᠷᠬᠡ ᠂ ᠰᠠᠷᠯᠠᠭ ᠤᠯᠤᠰ ᠤ᠋ᠨ ᠮᠤᠩᠬᠠᠭᠳᠠᠨ ᠣᠮᠣᠷᠬᠠᠬᠤᠢ ᠶ᠋ᠢ ᠪᠤᠷᠬᠠᠨ ᠪᠣᠯᠪᠠᠴᠤ ᠠᠪᠤᠷᠠᠬᠤᠶᠠ ᠪᠡᠷᠬᠡ ᠃ ᠪᠧᠲ᠋ᠠ᠋ ᠤᠯᠤᠰ ᠤ᠋ᠨ ᠨᠢᠭᠡᠬᠡᠨ ᠭᠠᠵᠢᠭᠤ ᠶᠠᠪᠤᠭ᠎ᠠ ᠶᠠᠭᠠᠬᠢᠨ ᠴᠢᠳᠠᠮᠤᠢ ? ᠲᠠᠩᠭᠤᠳ ᠤᠯᠤᠰ ᠤ᠋ᠨ ᠨᠢᠭᠡᠬᠡᠨ ᠰᠢᠳᠤᠷᠭᠤ ᠳ᠋ᠤᠷᠳᠤᠩ ᠬᠡᠷᠬᠢᠨ ᠴᠢᠳᠠᠬᠤ ? ᠠᠯᠲᠠᠨ ᠤᠯᠤᠰ ᠤ᠋ᠨ ᠨᠢᠭᠡᠬᠡᠨ ᠵᠢᠷᠤᠮᠲᠠᠨ ᠸᠠᠨ ᠶᠠᠨ ᠱᠸᠦ ᠰᠢᠦᠢ ᠶᠠᠭᠠᠬᠢᠨ ᠴᠢᠳᠠᠬᠤ ? ᠰᠠᠷᠯᠠᠭ ᠤᠯᠤᠰ ᠤ᠋ᠨ ᠨᠢᠭᠡᠬᠡᠨ ᠮᠡᠷᠭᠡᠨ ᠪᠠᠶᠠᠨ ᠬᠡᠷᠬᠢᠨ ᠴᠢᠳᠠᠬᠤ ? ᠠᠶ᠎ᠠ ᠡᠷᠲᠡᠨ ᠦ᠌ ᠴᠦᠨ ᠴᠢᠦ ᠶ᠋ᠢᠨ ᠦᠶ᠎ᠡ ᠶ᠋ᠢᠨ ᠰᠠᠮᠠᠭᠤᠨ ᠢ᠋ ᠶᠡᠬᠡᠳᠡ ᠦᠨᠡᠨᠴᠢ ᠲᠤᠢᠯ ᠤ᠋ᠨ ᠪᠣᠭᠳᠠ ᠺᠦᠩ ᠹᠦᠽᠢ ᠡᠰᠡ ᠲᠦᠪᠰᠢᠳᠬᠡᠨ ᠴᠢᠳᠠᠪᠠ ᠃ ᠵᠢᠴᠢ ᠮᠠᠩᠭᠤᠳ ᠤ᠋ᠨ ᠬᠤᠢᠯᠠᠳᠠᠷ ᠤ᠋ᠨ ᠮᠣᠷᠢᠨ ᠳ᠋ᠤᠷ ᠤᠬᠢᠯᠠᠭᠰᠠᠨ ᠵᠢᠷᠤᠮ ᠢ᠋ ᠡᠳᠦᠭᠡ ᠬᠡᠨ ᠳᠠᠭᠤᠷᠢᠶᠠᠨ ᠴᠢᠳᠠᠬᠤ ᠠᠵᠢ ! ᠡᠨᠡ ᠪᠦᠯᠦᠭ ᠦ᠋ᠨ ᠳᠥᠷᠪᠡᠨ ᠤᠯᠤᠰ ᠤ᠋ᠨ ᠳᠥᠷᠪᠡᠨ ᠴᠠᠭ ᠤ᠋ᠨ ᠦᠯᠢᠳᠬᠡᠯ ᠢ᠋ ᠬᠣᠵᠢᠮ ᠤ᠋ᠨ ᠮᠡᠷᠭᠡᠳ ᠠᠯᠭᠤᠷ ᠲᠤᠩᠭᠠᠭᠳᠠᠬᠤᠢ ᠃
