ᠲᠡᠮᠡᠭᠡᠨ ᠦ᠌ ᠳᠠᠭᠤᠤ-ᠬᠠᠢᠷ᠎ᠠ Temeenii duu-KhairТэмээний дуу-Хайр
ᠲᠡᠮᠡᠭᠡᠨ ᠦ᠌ ᠳᠠᠭᠤᠤ
ᠦᠭᠡ᠄ ᠴ · ᠠᠯᠲᠠᠨᠲᠦᠯᠬᠢᠭᠦᠷ
ᠠᠶ᠎ᠠ᠄ ᠽᠸᠩᠷᠠᠪᠳᠠᠨ
ᠳᠠᠭᠤᠴᠢᠨ᠄ ᠬᠠᠢᠷ᠎ᠠ
ᠽᠠᠨᠳᠠᠨ ᠬᠦᠷᠡᠩ ᠲᠡᠮᠡᠭᠡᠨ ᠦ᠌ ᠮᠢᠨᠢ
ᠵᠠᠶᠠᠭ᠎ᠠ ᠨᠢ ᠶᠠᠭᠠᠬᠢᠭᠰᠠᠨ ᠡᠭᠡᠯᠢᠲᠡᠢ ᠪᠣᠢ
ᠵᠠᠬ᠎ᠠ ᠦᠭᠡᠢ ᠨᠣᠮᠢᠨ ᠭᠣᠪᠢ ᠶ᠋ᠢᠨ ᠮᠢᠨᠢ
ᠬᠠᠶᠠᠭ᠎ᠠ ᠨᠢ ᠶᠠᠮᠠᠷ ᠠᠭᠤᠳᠠᠮ ᠪᠣᠢ
ᠵᠠᠬ᠎ᠠ ᠦᠭᠡᠢ ᠨᠣᠮᠢᠨ ᠭᠣᠪᠢ ᠶ᠋ᠢᠨ ᠮᠢᠨᠢ
ᠬᠠᠶᠠᠭ᠎ᠠ ᠨᠢ ᠶᠠᠮᠠᠷ ᠠᠭᠤᠳᠠᠮ ᠪᠣᠢ
ᠨᠤᠲᠤᠭ ᠠᠮᠢ ᠲᠠᠢ ᠲᠡᠮᠡᠭᠡᠨ ᠦ᠌ ᠮᠢᠨᠢ
ᠠᠯᠬᠤᠭ᠎ᠠ ᠨᠢ ᠶᠠᠭᠠᠬᠢᠭᠰᠠᠨ ᠵᠥᠭᠡᠯᠡᠬᠡᠨ ᠪᠣᠢ
ᠨᠢᠯᠪᠤᠰᠤ ᠪᠠᠨ ᠨᠢᠭᠤᠳᠠᠭ ᠦᠭᠡᠢ ᠢᠩᠭᠡ ᠮᠢᠨᠢ
ᠰᠡᠳᠬᠢᠯ ᠨᠢ ᠶᠠᠮᠠᠷ ᠤᠶᠠᠬᠠᠨ ᠪᠣᠢ
ᠨᠢᠯᠪᠤᠰᠤ ᠪᠠᠨ ᠨᠢᠭᠤᠳᠠᠭ ᠦᠭᠡᠢ ᠢᠩᠭᠡ ᠮᠢᠨᠢ
ᠰᠡᠳᠬᠢᠯ ᠨᠢ ᠶᠠᠮᠠᠷ ᠤᠶᠠᠬᠠᠨ ᠪᠣᠢ
ᠲᠠᠤᠯᠠᠢ ᠶ᠋ᠢᠨ ᠤᠷᠤᠭᠤᠯ ᠲᠠᠢ ᠲᠡᠮᠡᠭᠡᠨ ᠦ᠌ ᠮᠢᠨᠢ
ᠳᠣᠮᠣᠭ ᠨᠢ ᠶᠠᠭᠠᠬᠢᠭᠰᠠᠨ ᠬᠡᠨᠡᠭᠡᠨ ᠪᠣᠢ
ᠲᠤᠭ ᠰᠢᠷᠡᠭᠡ ᠪᠦᠬᠦ ᠶ᠋ᠢᠨ ᠬᠢᠨᠢ
ᠢᠯᠴᠢ ᠨᠢ ᠶᠠᠮᠠᠷ ᠳᠤᠯᠠᠭᠠᠬᠠᠨ ᠪᠣᠢ
ᠲᠤᠭ ᠰᠢᠷᠡᠭᠡ ᠪᠦᠬᠦ ᠶ᠋ᠢᠨ ᠬᠢᠨᠢ
ᠢᠯᠴᠢ ᠨᠢ ᠶᠠᠮᠠᠷ ᠳᠤᠯᠠᠭᠠᠬᠠᠨ ᠪᠣᠢ
ᠤᠯᠠᠪᠤᠷ ᠰᠢᠷᠭᠠᠯ ᠨᠠᠷᠠ ᠨᠢ ᠪᠣᠯᠪᠠᠯ
ᠮᠠᠨᠳᠤᠳᠠᠭ ᠪᠠᠢᠲᠠᠯ᠎ᠠ ᠪᠠᠨ ᠵᠢᠷᠭᠠᠨ᠎ᠠ ᠳᠠ
ᠤᠯᠠᠭᠠᠨ ᠪᠤᠭᠤᠷᠤᠯ ᠲᠡᠮᠡᠭᠡᠳ ᠮᠢᠨᠢ
ᠮᠠᠩᠬᠠᠨ ᠭᠣᠪᠢ ᠳ᠋ᠠᠭᠠᠨ ᠲᠡᠰᠢᠨᠡ ᠳᠠ
ᠤᠯᠠᠭᠠᠨ ᠪᠤᠭᠤᠷᠤᠯ ᠲᠡᠮᠡᠭᠡᠳ ᠮᠢᠨᠢ
ᠮᠠᠩᠬᠠᠨ ᠭᠣᠪᠢ ᠳ᠋ᠠᠭᠠᠨ ᠲᠡᠰᠢᠨᠡ ᠳᠠ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
