ᠮᠥᠩᠬᠡ ᠲᠤᠩᠬᠤ 3-05Мөнх Тунх
ᠮᠥᠩᠬᠡ ᠲᠤᠩᠬᠤ3-5
ᠮᠥᠩᠬᠡ ᠄ ᠦ ᠴᠢ ᠂ ᠠᠬᠢᠭᠠᠳ ᠯᠠ ᠡᠬᠢᠯᠡᠵᠦ ᠪᠠᠶ᠋ᠢᠨ᠎ᠠ ᠊ᠦᠦ?
ᠮᠥᠩᠬᠡ ᠄ ᠪᠤᠢ ᠁
ᠪᠠᠰᠠᠷ ᠄ ᠹᠸᠹᠥ᠋ ᠂ ᠹᠸᠹᠥ᠋ ᠂ ᠹᠸᠢ ᠹᠦ ᠹᠥ᠋ ᠹᠥ᠋ ᠃ ᠹᠥ᠋ ᠹᠸᠢ ᠹᠥ᠋ ᠁
ᠬᠦ᠋ ᠬᠦ᠋ ᠁ ᠬᠦ᠋
ᠲᠤᠩᠬᠤ ᠄ ᠬᠠᠷᠢᠨ ᠲᠤᠭᠤᠯ ᠳ᠋ᠤ᠌ ᠠᠶᠤᠯ ᠲᠤᠯᠭᠠᠷᠠᠵᠤ ᠮᠠᠭᠠᠳ ᠦᠭᠡᠢ ᠪᠠᠶ᠋ᠢᠬ᠋᠎ᠠ
ᠵᠠ ᠂ ᠮᠠᠨ ᠪ ᠬᠢᠨ ᠮᠠᠰᠢ ᠪᠣᠯᠭᠣᠮᠵᠢᠲᠠᠢ ᠭᠠᠷᠴᠠᠭᠠᠨᠠ ᠰᠢᠦ!
ᠪᠠᠰᠠᠷ ᠄ ᠡ ᠡ ᠁
ᠮᠥᠩᠬᠡ ᠄ ᠦᠷᠭᠦᠯᠵᠢ ᠬᠣᠭᠣᠰᠣᠨ ᠦᠭᠡ ᠬᠡᠯᠡᠵᠦ ᠪᠠᠶ᠋ᠢᠬᠤ ᠶᠤᠮ ᠃ ᠪᠤᠢ ᠁
ᠪᠠᠰᠠᠷ ᠄ ᠮᠢᠨᠦ ᠬᠥᠭᠡᠷᠦᠬᠦᠨ ᠲᠤᠩᠬᠤ ᠡ ᠂ ᠪᠢᠲᠡᠭᠡᠢ ᠤᠬᠢᠯᠠᠭᠠᠷᠠᠢ!
ᠮᠥᠩᠬᠡ ᠄ ᠶᠠᠭᠠᠬᠢᠭ᠎ᠠ ᠴᠦ᠍ ᠦᠭᠡᠢ ᠪᠠᠶ᠋ᠢᠬᠤ ᠳ᠋ᠤ᠌ ᠤᠬᠢᠯᠠᠭᠠᠳ ᠯᠠ ᠁ ᠪᠠᠰᠠ ᠪᠢ ᠥᠪᠡᠷ ᠦ᠋ᠨ ᠶ᠋ᠢᠡᠨ ᠳᠤᠷ᠎ᠠ ᠪᠠᠷ ᠪᠠᠶ᠋ᠢᠭᠠᠳ ᠪᠠᠶ᠋ᠢᠮᠠᠷ ᠯᠠ ᠪᠠᠶ᠋ᠢᠨ᠎ᠠ ᠰᠢᠲᠡ!
ᠡ! ᠠ!
ᠲᠤᠩᠬᠤ ᠄ ᠶᠠᠭᠠᠬᠢᠨ᠎ᠠ ᠤᠤ ? ᠮᠥᠩᠬᠡ ᠡ! ᠴᠢ ᠵᠦᠭᠡᠷ ᠦᠦ ?
ᠮᠥᠩᠬᠡ ᠄ ᠶᠣᠣ ᠡ ᠂ ᠶᠣᠣ ! ᠶᠠᠭᠤ ᠪᠣᠯᠴᠢᠬᠠᠪᠠ ?
ᠴᠠᠰᠤᠬᠠᠨ ᠄ ᠮᠥᠩᠬᠡ ᠡ! ᠪᠣᠯᠭᠣᠮᠵᠢᠲᠠᠢ ᠪᠠᠶ᠋ᠢᠭᠠᠷᠠᠢ! ᠬᠠᠮᠢᠶ᠎ᠠ ᠦᠭᠡᠢ ᠪᠢᠲᠡᠭᠡᠢ ᠬᠥᠲᠡᠯᠦᠭᠡᠷᠡᠢ!
ᠮᠥᠩᠬᠡ ᠄ ᠨᠠᠶ᠋ᠢᠵᠠ ᠨᠤᠭᠤᠳ ᠡ! ᠨᠠᠮ᠎ᠠ ᠶ᠋ᠢ ᠡᠨᠲᠡ ᠡᠴᠡ ᠠᠪᠤᠷᠠᠭᠠᠷᠠᠢ! ᠶᠠᠭᠠᠬᠢᠵᠤ ᠭᠠᠷᠲᠠᠭ ᠶᠤᠮ ᠪᠤᠢ ?
ᠪᠠᠰᠠᠷ ᠄ ᠣᠴᠢᠯ᠎ᠠ ᠮᠥᠩᠬᠡ ᠡ! ᠲᠡᠰᠦᠭᠡᠷᠡᠢ!
ᠬᠥᠦᠭ ᠂ᠠᠢ! ᠴᠡᠨᠡᠭ ᠳᠠᠭᠤᠰᠤᠭᠰᠠᠨ ᠪᠠᠶ᠋ᠢᠨ᠎ᠠ ᠰᠢᠲᠡ! ᠶᠠᠭᠠᠬᠢᠬᠤ ᠭᠡᠵᠦ ᠪᠠᠬᠠᠨ ᠳᠡᠮᠡᠢ ᠰᠡᠯᠡᠭᠦᠴᠡᠵᠦ ᠪᠤᠢ ?
ᠲᠤᠩᠬᠤ ᠄ ᠦ! ᠣᠲᠣ ᠲᠡᠭᠡᠭᠡᠳ ᠶᠠᠭᠠᠬᠢᠬᠤ ᠪᠤᠢ? ᠡᠨᠡ ᠬᠠᠲᠠ ᠨᠤᠷᠠᠴᠢᠬᠠᠬᠤ ᠦᠭᠡᠢ ᠪᠠᠢᠭ᠎ᠠ!
ᠴᠠᠰᠤᠬᠠᠨ ᠄ ᠪᠢ ᠶᠡᠷᠦᠡᠴᠡ ᠪᠡᠨ ᠠᠷᠸ᠋ᠠ ᠠᠬ᠎ᠠ ᠤᠷᠤᠭᠤ ᠬᠣᠯᠪᠣᠭᠲᠠᠯᠠ᠃
ᠲᠤᠩᠬᠤ ᠄ ᠨᠡᠭᠡᠷᠡᠨ ᠲᠡᠶ᠋ᠢᠮᠦ ᠂ ᠠᠷᠸ᠎ᠠ ᠠᠬ᠎ᠠ ᠠ᠋ᠴᠠ ᠲᠤᠰᠠᠯᠠᠮᠵᠢ ᠠᠰᠠᠭᠤᠶ᠎ᠠ!
ᠠᠷᠸ᠎ᠡ ᠄ ᠪᠠᠶ᠋ᠢᠨ᠎ᠠ ᠤᠤ ? ᠴᠠᠰᠤᠬᠠᠨ ᠦᠦ? ᠶᠠᠭᠠᠬᠢᠭᠰᠠᠨ ? ᠶᠠᠭᠤ ᠪᠣᠯᠪᠠ ?
ᠴᠠᠰᠤᠬᠠᠨ ᠄ ᠪᠠᠶ᠋ᠢᠨ᠎ᠠ ᠂ ᠪᠠᠶ᠋ᠢᠨ᠎ᠠ ᠠᠷᠸ᠎ᠡ ᠠᠬ᠎ᠠ ᠠ᠋! ᠮᠥᠩᠬᠡ ᠮᠠᠨᠢ ᠭᠣᠣᠯ ᠳ᠋ᠤ᠌ ᠤᠨᠠᠴᠢᠬᠠᠯ᠎ᠠ ᠃
ᠠᠷᠸ᠎ᠡ ᠄ ᠦ ᠂ ᠶᠠᠭᠠᠬᠢᠲᠠᠭ ᠪᠢᠯᠡ! ᠮᠥᠩᠬᠡ ᠨᠢ ᠵᠦᠭᠡᠷ ᠦᠦ?
ᠴᠠᠰᠤᠬᠠᠨ ᠄ ᠮᠥᠩᠬᠡ ᠭᠠᠶ᠋ᠢᠭᠤᠢ ᠂ ᠪᠢᠲᠡ ᠨᠠᠷ ᠬᠠᠷᠢᠨ ᠶᠠᠭᠠᠬᠢᠵᠤ ᠭᠠᠷᠭᠠᠬᠤ ᠠᠷᠬ᠋᠎ᠠ ᠪᠠᠨ ᠣᠯᠬᠤ ᠦᠭᠡᠢ ᠃
ᠠᠷᠸ᠎ᠡ ᠄ ᠵᠠ ᠂ ᠣᠶ᠋ᠢᠯᠠᠭᠠᠯᠠ ᠂ ᠪᠢ ᠲᠦᠷᠭᠡᠬᠡᠨ ᠠᠷᠬ᠋᠎ᠠ ᠣᠯᠤᠭᠠᠳ ᠲᠡᠭᠡᠶ᠎ᠡ!
ᠥ᠂ ᠠ ᠂ ᠠ ᠶᠠᠭ ᠡᠨᠡ ᠦᠯᠢᠭᠡᠷ ᠲᠤᠰᠠ ᠪᠣᠯᠬᠤ ᠶᠤᠮ ᠪᠠᠶ᠋ᠢᠨ᠎ᠠ ᠃
ᠠᠷᠸ᠎ᠡ ᠄ ᠪᠠᠶ᠋ᠢᠨ᠎ᠠ ᠤᠤ ? ᠴᠠᠰᠤᠬᠠᠨ ᠡ!
ᠴᠠᠰᠤᠬᠠᠨ ᠄ ᠪᠠᠶ᠋ᠢᠨ᠎ᠠ ᠂ ᠪᠠᠶ᠋ᠢᠨ᠎ᠠ! ᠰᠣᠨᠣᠰᠴᠤ ᠪᠠᠶ᠋ᠢᠨ᠎ᠠ ᠃
ᠠᠷᠸ᠎ᠡ ᠄ ᠪᠢ ᠲᠠ ᠨᠠᠷ ᠤᠷᠤᠭᠤ ᠴᠠᠷᠴᠠᠬᠠᠢ ᠰᠢᠷᠭᠤᠯᠵᠢ ᠬᠣᠶᠠᠷ ᠦ᠋ᠨ ᠦᠯᠢᠭᠡᠷ ᠊ᠢ ᠶᠠᠪᠤᠭᠤᠯᠤᠯ᠎ᠠ ᠂ ᠤᠩᠰᠢᠵᠤ ᠮᠡᠲᠡᠭᠡᠳ ᠮᠥᠩᠬᠡ ᠶ᠋ᠢ ᠪᠡᠨ ᠲᠦᠷᠭᠡᠬᠡᠨ ᠭᠣᠣᠯ ᠡᠴᠡ ᠲᠠᠲᠠᠵᠤ ᠭᠠᠷᠭᠠᠭᠠᠷᠠᠢ ᠳᠡᠭᠦᠦ ᠨᠡᠷ ᠮᠢᠨᠢ!
ᠴᠠᠰᠤᠬᠠᠨ ᠄ ᠵᠠ ᠂ ᠣᠶ᠋ᠢᠯᠠᠭᠠᠯᠠ ᠃
ᠴᠠᠰᠤᠬᠠᠨ ᠄ ᠵᠠ ᠂ ᠰᠣᠨᠣᠰᠤᠭᠰᠠᠨ ᠤᠤ ? ᠮᠠᠨ ᠪ ᠬᠢ ᠡ!
ᠲᠤᠩᠬᠤ ᠄ ᠦᠯᠢᠭᠡᠷ ᠨᠢ ᠢᠷᠡᠴᠢᠬᠡᠭᠰᠡᠨ ᠦᠦ ?
ᠴᠠᠰᠤᠬᠠᠨ ᠄ ᠵᠠ ᠂ ᠢᠷᠡᠴᠢᠬᠡᠯ᠎ᠡ ᠂ ᠪᠢ ᠤᠩᠰᠢᠭᠠᠳ ᠶᠠᠮᠠᠷ ᠠᠷᠬ᠋᠎ᠠ ᠴᠠᠷᠭᠪᠠᠶ᠋ᠢᠬ᠋ᠠ ᠶ᠋ᠢ ᠮᠡᠲᠡᠭᠡᠳ ᠲᠡᠭᠡᠶ᠎ᠡ᠃
ᠲᠤᠩᠬᠤ ᠄ ᠥ᠂ ᠠᠰᠢᠭᠦᠢ ᠳ᠋ᠡ!
ᠪᠠᠰᠠᠷ ᠄ ᠶᠣᠣ ᠂ ᠵᠥᠪ ᠵᠦᠢᠯ ᠬᠡᠯᠡᠵᠦ ᠪᠠᠶ᠋ᠢᠬ᠋᠎ᠠ ᠨᠠᠶ᠋ᠢᠵᠠ ᠨᠠᠷ ᠦ᠋ᠨ ᠶ᠋ᠢᠠᠨ ᠦᠭᠡ ᠶ᠋ᠢ ᠬᠦᠯᠢᠶᠡᠵᠦ ᠠᠪᠲᠠᠭ ᠪᠠᠶ᠋ᠢᠵᠠᠢ ᠃ ᠶᠠᠭᠤ ᠭᠡᠳ ᠯᠡ ᠨᠠᠲᠠᠳᠦ ᠪᠤᠷᠤᠭᠤ ᠵᠦᠢᠯ ᠬᠡᠯᠡᠬᠦᠪ ᠳ᠋ᠡ!
ᠴᠠᠰᠤᠬᠠᠨ ᠄ ᠠ! ᠮᠡᠲᠡᠯᠡ ᠂ ᠮᠡᠲᠡᠯᠡ! ᠭᠤᠷᠪᠠᠭᠤᠯᠠ ᠪᠠᠨ ᠬᠢᠯᠭᠠᠰᠤᠨ ᠳᠡᠭᠡᠰᠦ ᠲᠤᠮᠤᠵᠤ ᠪᠠᠶ᠋ᠢᠵᠤ ᠮᠥᠩᠬᠡ ᠪᠡᠨ ᠲᠠᠲᠠᠵᠤ ᠭᠠᠷᠭᠠᠬᠤ ᠶᠤᠮ ᠪᠠᠶ᠋ᠢᠨ᠎ᠠ ᠃
ᠪᠠᠰᠠᠷ ᠄ ᠵᠠ ᠂ ᠲᠡᠭᠡᠶ᠎ᠡ ᠂ ᠲᠡᠭᠡᠶ᠎ᠡ ᠃ ᠴᠢᠲᠠᠨ᠎ᠠ ᠰᠢᠲᠡ ᠂ ᠴᠢᠲᠠᠨ᠎ᠠ ᠂ ᠴᠢᠲᠠᠨ᠎ᠠ ᠃ ᠬᠢᠯᠭᠠᠰᠤ ᠂ ᠬᠢᠯᠭᠠᠰᠤ ᠂ ᠬᠢᠯᠭᠠᠰᠤ ᠭᠡᠳᠡᠭ ᠴᠢᠨᠢ ?
ᠴᠠᠰᠤᠬᠠᠨ ᠄ᠦᠯᠢᠭᠡᠷ ᠲᠦ᠍ ᠪᠣᠯ ᠭᠠᠬᠠᠢ ᠶ᠋ᠢᠨ ᠬᠢᠯᠭᠠᠰᠤ ᠭᠠᠷᠴᠤ ᠪᠠᠶ᠋ᠢᠨ᠎ᠠ ᠃ ᠭᠡᠬᠦ ᠳ᠋ᠤ᠌ ᠪᠡᠨ ᠲᠡᠶ᠋ᠢᠮᠦ ᠵᠢᠵᠢᠭᠬᠡᠨ ᠵᠦᠢᠯ ᠰᠢᠷᠭᠤᠯᠵᠢ ᠵᠢ ᠯᠡ ᠳᠠᠭᠠᠭᠠᠨ᠎ᠠ ᠃ ᠪᠢᠳᠡᠨ ᠳ᠋ᠦ᠍ ᠢᠯᠡᠭᠦᠦ ᠲᠣᠮᠣ ᠪᠦᠲᠦᠭᠦᠨ ᠳᠡᠭᠡᠰᠦ ᠬᠡᠷᠡᠭ ᠪᠣᠯᠬᠤ ᠨᠢ ᠳ᠋ᠡ!
ᠲᠤᠩᠬᠤ ᠄ ᠨᠡᠭᠡᠷᠡᠨ ᠲᠡᠶ᠋ᠢᠮᠦ ᠂ ᠬᠢᠯᠭᠠᠰᠤ ᠶ᠋ᠢ ᠴᠢᠨᠢ ᠠᠮᠢᠲᠠᠨ ᠡᠴᠡ ᠠᠪᠲᠠᠭ ᠃ ᠠᠷᠸ᠎ᠡ ᠠᠬ᠎ᠠ ᠠᠲᠤᠭᠤᠨ ᠪ ᠲᠣᠮᠣ ᠳᠡᠯ ᠰᠡᠭᠦᠯ ᠶ᠋ᠢᠡᠷ ᠲᠤᠮᠤᠵᠤ ᠰᠦᠯᠵᠢᠵᠦ ᠳᠡᠭᠡᠰᠦ ᠬᠢᠵᠦ ᠪᠠᠶ᠋ᠢᠬᠰᠠᠨ ᠊ᠢ ᠰᠠᠨᠠᠵᠤ ᠪᠠᠶ᠋ᠢᠨ᠎ᠠ ᠤᠤ?
ᠳᠡᠭᠡᠰᠦ ᠲᠤᠮᠤᠬᠤ ᠲᠤᠬᠠᠢ
ᠳᠡᠭᠡᠰᠦ ᠲᠤᠮᠤᠬᠤ ᠭᠡᠳᠡᠭ ᠨᠢ ᠮᠣᠩᠭᠣᠯ ᠲᠦᠮᠡᠨ ᠪ ᠡᠷᠲᠡᠨ ᠡᠴᠡ ᠬᠢᠵᠦ ᠢᠷᠡᠭᠰᠡᠨ ᠦᠢᠯᠡ ᠶᠤᠮ ᠃ ᠠᠲᠤᠭᠤ ᠮᠠᠯ ᠦ᠋ᠨ ᠦᠰᠦ ᠬᠢᠯᠭᠠᠰᠤ ᠶ᠋ᠢ ᠨᠡᠶ᠋ᠢᠯᠡᠭᠦᠯᠦᠨ ᠡᠷᠴᠢᠯᠡᠵᠦ ᠴᠢᠩᠭᠠᠯᠠᠨ ᠤᠶᠠᠬ᠋ᠠ ᠣᠭᠣᠰᠣᠷ ᠪᠣᠯᠭᠠᠬᠤ ᠶ᠋ᠢ ᠳᠡᠭᠡᠰᠦ ᠲᠤᠮᠤᠬᠤ ᠭᠡᠵᠦ ᠨᠡᠷᠡᠯᠡᠳᠡᠭ᠃
ᠪᠠᠰᠠᠷ ᠄ ᠬᠦ᠋! ᠨᠢᠭᠡ ᠮᠠᠭᠤ ᠬᠢᠯᠭᠠᠰᠤ ᠪᠠᠷ ᠡᠶ᠋ᠢᠮᠦ ᠶᠡᠬᠡ ᠵᠦᠢᠯ ᠬᠢᠳᠡᠭ ᠬᠡᠷᠡᠭ ᠦᠦ ?
ᠲᠤᠩᠬᠤ ᠄ ᠵᠠ ᠲᠡᠭᠡᠪᠡᠯ᠂ ᠲᠠ ᠬᠣᠶᠠᠷ ᠮᠥᠩᠬᠡ ᠳ᠋ᠤ᠌ ᠬᠠᠨᠢ ᠪᠣᠯᠤᠭᠠᠳ ᠪᠠᠶ᠋ᠢᠵᠤ ᠪᠠᠶ᠋ᠢᠭᠠᠷᠠᠢ! ᠪᠢ ᠭᠢᠯᠠᠰ ᠳᠡᠭᠡᠰᠦ ᠲᠤᠮᠤᠭᠠᠳ ᠢᠷᠡᠶ᠎ᠡ ᠃
ᠪᠠᠰᠠᠷ ᠄ ᠲᠡᠭᠡ᠂ ᠲᠡᠭᠡ ᠃ ᠲᠣᠨᠣᠭᠠᠳ ᠢᠷ᠎ᠡ!
ᠴᠠᠰᠤᠬᠠᠨ ᠄ ᠬᠡ ᠂ ᠬᠡ ᠂ ᠪᠠᠰᠠᠷ ᠡ! ᠲᠣᠨᠤᠬᠤ ᠭᠡᠪᠡᠯ ᠡᠵᠡᠨ ᠳ᠋ᠤ᠌ ᠨᠢ ᠬᠡᠯᠡᠬᠦ ᠦᠭᠡᠢ ᠪᠡᠷ ᠶᠠᠭᠤᠮ᠎ᠠ ᠶ᠋ᠢ ᠨᠢ ᠠᠪᠬᠤ ᠶ᠋ᠢ ᠬᠡᠯᠡᠳᠡᠭ ᠪᠠᠶ᠋ᠢᠬᠤ ᠦᠭᠡᠢ ᠦᠦ? ᠳᠡᠭᠡᠰᠦ ᠲᠤᠮᠤᠬᠤ ᠭᠡᠳᠡᠭ ᠶᠤᠮ ᠃
ᠪᠠᠰᠠᠷ ᠄ ᠠ ᠂ ok ( ᠲᠡᠶ᠋ᠢᠮᠦ ᠠ᠋ ) ᠲᠤᠮᠤᠬᠤ ᠲᠤᠮᠤᠬᠤ
ᠮᠥᠩᠬᠡ ᠄ ᠮᠠᠨ ᠪ ᠬᠢ ᠡ! ᠪᠠᠶ᠋ᠢᠨ᠎ᠠ ᠤᠤ?
ᠴᠠᠰᠤᠬᠠᠨ ᠄ ᠮᠥᠩᠬᠡ ᠡ! ᠲᠡᠰᠦᠭᠡᠷᠡᠢ! ᠪᠢᠲᠡ ᠤᠲᠠᠬᠤ ᠦᠭᠡᠢ ᠃
ᠪᠠᠰᠠᠷ ᠄ ᠲᠤᠩᠬᠤ ᠳᠡᠭᠡᠰᠦ ᠲᠤᠮᠤᠬᠤ ᠭᠡᠳ ᠶᠠᠪᠤᠭᠰᠠᠨ᠂ ᠤᠲᠠᠬᠤ ᠦᠭᠡᠢ ᠴᠢᠮ᠎ᠠ ᠵᠢ ᠲᠠᠲᠠᠵᠤ ᠭᠠᠷᠭᠠᠨ᠎ᠠ ᠃
ᠮᠥᠩᠬᠡ ᠄ ᠲᠤᠩᠬᠤ ᠮᠢᠨᠢ ᠳ᠋ᠡ! ᠨᠠᠶ᠋ᠢᠵᠠ ᠮᠢᠨᠢ! ᠪᠢ ᠨᠡᠭᠡᠷᠡᠨ ᠮᠠᠭᠤ ᠨᠠᠶ᠋ᠢᠵᠠ ᠶᠤᠮ ᠡ! ᠬᠡᠲᠦᠷᠬᠡᠢ ᠪᠡᠶ᠎ᠡ ᠪᠡᠨ ᠲᠣᠭᠣᠭᠠᠳ ᠨᠠᠶ᠋ᠢᠵᠠ ᠶ᠋ᠢ ᠪᠠᠨ ᠭᠣᠮᠣᠲᠠᠭᠠᠴᠢᠬᠠᠯᠠ ᠃
ᠲᠤᠩᠬᠤ ᠄ ᠮᠣᠷᠢ ᠭᠤᠸᠠᠢ ᠂ ᠮᠣᠷᠢ ᠭᠤᠸᠠᠢ ᠡ! ᠲᠠ ᠨᠠᠲᠠ ᠳ᠋ᠤ᠌ ᠳᠡᠯ ᠰᠡᠭᠦᠯ ᠡᠴᠡ ᠪᠡᠨ ᠥᠭᠭᠦᠭᠡᠴᠢ! ᠪᠢ ᠳᠡᠭᠡᠰᠦ ᠲᠤᠮᠤᠵᠤ ᠨᠠᠶ᠋ᠢᠵᠠ ᠶ᠋ᠢ ᠪᠠᠨ ᠭᠣᠣᠯ ᠡᠴᠡ ᠲᠠᠲᠠᠵᠤ ᠭᠠᠷᠭᠠᠬᠤ ᠭᠡᠰᠡᠨ ᠶᠤᠮ ᠃
ᠮᠣᠷᠢ ᠄ ᠴᠢ ᠲᠡᠭᠡᠪᠡᠯ ᠨᠠᠲᠠ ᠳ᠋ᠤ᠌ᠴᠠᠷᠠᠰᠤ ᠮᠣᠲᠣᠨ ᠪ ᠦᠷ᠎ᠡ ᠠᠪᠴᠢᠷᠠᠵᠤ ᠥᠭ ᠃
ᠲᠤᠩᠬᠤ ᠄ ᠮᠣᠲᠣ ᠭᠤᠸᠠᠢ ᠂ ᠮᠣᠲᠣ ᠭᠤᠸᠠᠢ ᠡ! ᠲᠠ ᠨᠠᠲᠠ ᠳ᠋ᠤ᠌ ᠦᠷ᠎ᠡ ᠵᠢᠮᠢᠰ ᠡᠴᠡ ᠪᠡᠨ ᠥᠭᠭᠦᠭᠡᠴᠢ!
ᠮᠣᠲᠣ ᠄ ᠴᠢ ᠲᠡᠭᠡᠪᠡᠯ ᠮᠢᠨᠦ ᠮᠥᠴᠢᠷ ᠳᠡᠭᠡᠷ᠎ᠡ ᠡᠴᠡ ᠬᠡᠷᠢᠶ᠎ᠡ ᠶ᠋ᠢ ᠶᠠᠪᠤᠭᠤᠯᠵᠤ ᠥᠭ ᠃
ᠲᠤᠩᠬᠤ ᠄ ᠬᠡᠷᠢᠶ᠎ᠡ ᠭᠤᠸᠠᠢ ᠂ ᠬᠡᠷᠢᠶ᠎ᠡ ᠭᠤᠸᠠᠢ ᠡ! ᠲᠠ ᠮᠣᠲᠣᠨ ᠡᠴᠡ ᠬᠤᠯᠠᠳᠠᠵᠤ ᠲᠤᠰᠠ ᠪᠣᠯᠤᠭᠠᠴᠢ!
ᠬᠡᠷᠢᠶ᠎ᠡ ᠄ ᠴᠢ ᠲᠡᠭᠡᠪᠡᠯ ᠨᠠᠲᠠᠳᠦ ᠬᠤᠯᠤᠭᠠᠨ᠎ᠠ ᠡᠴᠡ ᠪᠤᠲᠠᠬ᠋᠎ᠠ ᠠᠪᠴᠢᠷᠠᠵᠤ ᠥᠭ ᠃
ᠲᠤᠩᠬᠤ ᠄ ᠬᠤᠯᠤᠭᠠᠨ᠎ᠠ ᠭᠤᠸᠠᠢ ᠂ ᠬᠤᠯᠤᠭᠠᠨ᠎ᠠ ᠭᠤᠸᠠᠢ ᠡ! ᠲᠠ ᠪᠤᠲᠠᠭᠠᠨ ᠡᠴᠡ ᠪᠡᠨ ᠥᠭᠭᠦᠭᠡᠴᠢ!
ᠬᠤᠯᠤᠭᠠᠨ᠎ᠠ ᠄ ᠴᠢ ᠲᠡᠭᠡᠪᠡᠯ ᠡᠭᠦᠷ ᠡᠴᠡ ᠮᠢᠨᠢ ᠮᠤᠤᠷ ᠊ᠢ ᠬᠣᠯᠠᠲᠠᠭᠤᠯᠵᠤ ᠥᠭ ᠃
ᠲᠤᠩᠬᠤ ᠄ ᠮᠤᠤᠷ ᠭᠤᠸᠠᠢ ᠂ ᠮᠤᠤᠷ ᠭᠤᠸᠠᠢ ᠡ! ᠲᠠ ᠬᠤᠯᠤᠭᠠᠨ᠎ᠠ ᠶ᠋ᠢ ᠪᠤᠤ ᠠᠶᠤᠯᠭᠠᠭᠠᠴᠢ᠃
ᠮᠤᠤᠷ ᠄ ᠴᠢ ᠲᠡᠭᠡᠪᠡᠯ ᠨᠠᠲᠠᠳᠦ ᠰᠦ᠋ ᠠᠪᠴᠢᠷᠠᠵᠤ ᠥᠭ ᠃
ᠲᠤᠩᠬᠤ ᠄ ᠦᠨᠢᠶ᠎ᠡ ᠮᠢᠨᠢ ᠂ ᠦᠨᠢᠶ᠎ᠡ ᠮᠢᠨᠢ! ᠲᠠ ᠰᠦᠨ ᠡᠴᠡ ᠪᠡᠨ ᠥᠭᠭᠦᠭᠡᠴᠢ!
ᠦᠨᠢᠶ᠎ᠡ ᠄ ᠴᠢ ᠲᠡᠭᠡᠪᠡᠯ ᠨᠠᠳᠠᠳᠤ ᠡᠪᠡᠰᠦ ᠬᠤᠷᠢᠶᠠᠵᠤ ᠥᠭ ᠃
ᠢᠩᠭᠢᠭᠡᠳ ᠲᠤᠩᠬᠤ ᠮᠠᠨᠢ ᠬᠠᠮᠤᠭ ᠦ᠋ᠨ ᠰᠠᠶ᠋ᠢᠨ ᠨᠠᠶ᠋ᠢᠵᠠ ᠶ᠋ᠢᠨ ᠶ᠋ᠢᠡᠨ ᠲᠥᠯᠥᠭᠡ ᠦᠨᠢᠶᠡᠨ ᠳ᠋ᠤ᠌ ᠡᠪᠡᠰᠦ ᠬᠤᠷᠢᠶᠠᠵᠤ ᠥᠭᠭᠦᠭᠡᠳ᠂ ᠦᠨᠢᠶᠡᠨ ᠡᠴᠡ ᠪᠡᠨ ᠰᠦ᠋ ᠪᠡᠨ ᠠᠪᠴᠤ ᠠᠪᠤᠭᠰᠠᠨ ᠰᠦ᠋ ᠪᠡᠨ ᠮᠤᠤᠷ ᠲᠦ᠍ ᠥᠭᠴᠦ᠂ ᠬᠤᠯᠤᠭᠠᠨ᠎ᠠ ᠵᠢᠨ ᠡᠭᠦᠷ ᠡᠴᠡ ᠮᠤᠤᠷ ᠊ᠢ ᠬᠣᠯᠠᠲᠠᠭᠤᠯᠤᠭᠰᠠᠨ ᠶ᠋ᠢᠡᠷ ᠬᠤᠯᠤᠭᠠᠨ᠎ᠠ ᠲᠡᠭᠦᠨ ᠳ᠋ᠤ᠌ ᠪᠤᠲᠠᠬ᠋᠎ᠠ ᠥᠭᠴᠡᠢ᠂᠃ᠠᠪᠤᠭᠰᠠᠨ ᠪᠤᠲᠠᠬ᠋᠎ᠠ ᠪᠡᠨ ᠬᠡᠷᠢᠶ᠎ᠡ ᠳ᠋ᠤ᠌ ᠥᠭᠴᠦ᠂ᠬᠡᠷᠢᠶ᠎ᠡ ᠶ᠋ᠢ ᠮᠣᠲᠣᠨ ᠡᠴᠡ ᠬᠣᠯᠠᠲᠠᠭᠤᠯᠤᠭᠰᠠᠨ ᠶ᠋ᠢᠡᠷ ᠮᠣᠲᠣ ᠦᠷ᠎ᠡ ᠵᠢᠮᠢᠰ ᠠ᠋ᠴᠠ ᠪᠠᠨ ᠥᠭᠴᠡᠢ᠃ᠮᠣᠲᠣᠨ ᠪ ᠦᠷ᠎ᠡ ᠵᠢᠮᠢᠰ ᠶ᠋ᠢᠡᠨ ᠮᠣᠷᠢᠨ ᠳ᠋ᠤ᠌ ᠥᠭᠭᠦᠭᠰᠡᠨ ᠶ᠋ᠢᠡᠷ ᠮᠣᠷᠢ ᠲᠡᠭᠦᠨ ᠳ᠋ᠤ᠌ ᠳᠡᠯ ᠰᠡᠭᠦᠯ ᠡᠴᠡ ᠪᠡᠨ ᠥᠭᠴᠡᠢ ᠭᠡᠨ᠎ᠡ ᠃ ᠡᠨᠡ ᠪᠦᠬᠦᠨ ᠊ᠢ ᠬᠢᠵᠦ ᠶᠠᠪᠤᠬᠤ ᠳ᠋ᠤ᠌ ᠪᠠᠨ ᠮᠠᠨ ᠪ ᠲᠤᠩᠬᠤ ᠮᠠᠨᠢ ᠬᠦᠰᠡᠭᠰᠡᠨ ᠵᠦᠢᠯ ᠶ᠋ᠢᠡᠨ ᠠᠪᠬᠤ ᠶ᠋ᠢᠨ ᠲᠤᠯᠠᠲᠠ ᠲᠤᠰᠠᠯᠠᠮᠵᠢ ᠬᠦᠰᠡᠭᠰᠡᠨ ᠬᠥᠮᠦᠨ ᠳ᠋ᠤ᠌ ᠪᠡᠨ ᠵᠠᠪᠠᠯ ᠲᠤᠰᠠᠯᠠᠵᠤ ᠪᠠᠶ᠋ᠢᠬᠤ ᠶᠣᠰᠣᠲᠠᠢ ᠶ᠋ᠢ ᠣᠶ᠋ᠢᠯᠠᠭᠠᠵᠤ ᠶᠠᠪᠤᠵᠠᠢ ᠭᠡᠨ᠎ᠡ ᠃
ᠭᠣᠶᠣ ᠂ ᠭᠣᠶᠣ ᠪᠠᠶ᠋ᠢᠬ᠋᠎ᠠ ᠪᠢᠵᠡ ᠂ ᠵᠠ ᠂ ᠵᠠ ᠪᠠᠶ᠋ᠢᠵᠠ ᠂ ᠬᠥᠭᠵᠢᠮ ᠮᠠᠨᠢ ᠳᠠᠭᠤᠰᠲᠠᠯ᠎ᠠ ᠥᠭᠡᠷ᠎ᠡ ᠭᠣᠶᠣ ᠶᠠᠭᠤᠮ᠎ᠠ ᠶᠠᠭᠤ ᠶᠠᠷᠢᠲᠠᠭ ᠶᠤᠮ ᠪᠢᠯᠡ᠂ ᠪᠠᠶ᠋ᠢᠵᠠ ᠃
ᠮᠤᠨᠲᠠᠭ ᠡ ᠂ ᠦ ᠵᠠ ᠪᠣᠯᠴᠢᠬᠠᠯ᠎ᠠ! ᠮᠤᠨᠲᠠᠭ ᠬᠡᠦᠬᠡᠳ ᠪᠠᠶ᠋ᠢᠭᠠᠷᠠᠢ!
ᠲᠤᠩᠬᠤ ᠄ ᠮᠥᠩᠬᠡ ᠡ! ᠰᠠᠶ᠋ᠢᠨ ᠪᠠᠷᠢᠭᠠᠷᠠᠢ!
ᠪᠠᠰᠠᠷ ᠄ ᠵᠠ ᠲᠠᠲᠠᠯ᠎ᠠ ᠰᠢᠦ!
ᠲᠤᠩᠬᠤ ᠄ ᠬᠡᠩ ᠂ ᠬᠡᠩ ᠁
ᠪᠠᠰᠠᠷ ᠄ ᠠᠢ᠂ ᠥ ᠬᠥ᠋ ᠬᠥ᠋᠂ ᠵᠠ ᠶᠣᠰᠣᠲᠠᠢ ᠶᠡᠬᠡ ᠪᠣᠮᠪᠣᠶ᠋ᠢᠵᠤ ᠳᠠᠭᠤᠰᠴᠤ ᠪᠠᠶ᠋ᠢᠬ᠋᠎ᠠ ᠶᠤᠮ ᠪᠠᠶ᠋ᠢᠨ᠎ᠠ ᠬᠦ᠋! ᠥ ᠬᠥ᠂ ᠳᠠᠰᠬᠠᠯ ᠬᠥᠲᠡᠯᠭᠡᠭᠡᠨ ᠬᠢᠬᠦ ᠦᠭᠡᠢ ᠶᠤᠮ ᠪᠣᠯ ᠪᠣᠯᠬᠤ ᠦᠭᠡᠢ ᠶᠤᠮ ᠪᠠᠶ᠋ᠢᠨ᠎ᠠ ᠃
ᠮᠥᠩᠬᠡ ᠪᠢ᠂ ᠪᠢ ᠴᠢᠮ᠎ᠠ ᠶ᠋ᠢ ᠵᠥᠩᠲᠡᠭᠡᠨ ᠭᠣᠮᠣᠲᠠᠴᠢᠬᠠᠭᠰᠠᠨ ᠪᠠᠶ᠋ᠢᠬᠤ ᠳ᠋ᠤ᠌ ᠴᠢ ᠨᠠᠮ᠎ᠠ ᠶ᠋ᠢ ᠠᠪᠤᠷᠠᠯ᠎ᠠ ᠭᠡᠵᠦ ᠊ᠦᠦ ? ᠨᠠᠮ᠎ᠠ ᠶ᠋ᠢ ᠠᠭᠤᠴᠢᠯᠠᠭᠠᠷᠠᠢ ᠲᠤᠩᠬᠤ ᠡ!
ᠲᠤᠩᠬᠤ ᠄ ᠬᠡ ᠬᠡ ᠂ ᠲᠡᠷᠡ ᠵᠠᠩ ᠴᠢᠨᠢ ᠦᠨᠡᠬᠡᠷ ᠮᠠᠭᠤᠬᠠᠢ ᠪᠠᠶ᠋ᠢᠬᠰᠠᠨ ᠰᠢᠦ! ᠨᠠᠶ᠋ᠢᠵᠠ ᠨᠢ ᠴᠢᠮ᠎ᠠ ᠠᠭᠤᠴᠢᠯᠠᠯ ᠦᠭᠡᠢ ᠶᠠᠭᠠᠬᠢᠬᠤᠪ ᠳ᠋ᠠ! ᠴᠢ ᠮᠢᠨᠦ ᠬᠠᠮᠤᠭ ᠦ᠋ᠨ ᠰᠠᠶ᠋ᠢᠨ ᠨᠠᠶ᠋ᠢᠵᠠ᠃
ᠪᠦᠭᠦᠲᠡᠭᠡᠷ᠄ ᠬᠠ ᠬᠠ ᠂ ᠬᠡ ᠬᠡ ᠁
ᠪᠠᠰᠠᠷ ᠄ ᠮᠢᠨᠦ ᠨᠠᠶ᠋ᠢᠵᠠ ᠨᠤᠭᠤᠳ ᠁ᠬᠠᠶ᠋ᠢᠷᠠᠲᠠᠢ᠃
ᠵᠠ ᠰᠠᠶ᠋ᠢᠨ ᠪᠠᠶ᠋ᠢᠵᠠᠭᠠᠨᠠ ᠦᠦ ? ᠲᠠ ᠪᠦᠬᠦᠨ ᠳ᠋ᠤ᠌ ᠪᠡᠨ ᠡᠨᠡ ᠡᠳᠦᠷ ᠦ᠋ᠨ ᠮᠡᠨᠲᠦ ᠶ᠋ᠢ ᠬᠦᠷᠭᠡᠶ᠎ᠡ!
ᠪᠠᠰᠠᠷ ᠫᠣᠲᠸᠺᠠᠰᠧᠲ ᠮᠠᠨᠢ ᠤᠶ᠋ᠢᠷᠠ ᠳ᠋ᠤ᠌ ᠭᠠᠷᠤᠬ᠋ᠠ ᠦᠭᠡᠢᠳᠤ ᠬᠦᠯᠢᠴᠡᠯ ᠦᠵᠡᠶ᠎ᠡ!
ᠣᠲᠣ ᠪᠠᠰᠠᠷ ᠫᠣᠲᠸᠺᠠᠰᠧᠲ ᠮᠠᠨᠢ ᠶᠡᠷᠦ ᠨᠢ ᠶᠡᠬᠡ ᠳᠠᠵᠢ ᠦᠭᠡᠢ ᠰᠠᠶ᠋ᠢᠨ ᠭᠠᠷᠴᠤ᠌ ᠡᠬᠢᠯᠡᠨ᠎ᠡ ᠭᠡᠵᠦ ᠬᠡᠯᠡᠬᠦ ᠳ᠋ᠤ ᠲᠠᠭᠠᠲᠠᠢ ᠪᠠᠶ᠋ᠢᠨ᠎ᠠ ᠃ ᠬᠡ ᠬᠡ ᠁
ᠵᠠ ᠂ ᠮᠠᠨ ᠊ᠤ ᠥᠨᠥᠲᠥᠷ ᠦ᠋ᠨ ᠵᠣᠴᠢᠳ ᠮᠠᠨᠢ ᠪᠣᠯ ᠮᠤᠨᠲᠠᠭ ᠮᠡᠷᠭᠡᠵᠢᠯ ᠦ᠋ᠨ ᠪᠣᠯᠪᠠᠰᠤᠷᠠᠯ ᠲᠠᠢ ᠬᠡᠦᠬᠡᠳ ᠦ᠋ᠳ ᠮᠠᠨᠢ ᠪᠠᠶ᠋ᠢᠨ᠎ᠠ ᠃ ᠵᠠ ᠰᠠᠶ᠋ᠢᠨ ᠪᠠᠶ᠋ᠢᠵᠠᠭᠠᠨᠠ ᠤᠤ?
ᠪᠠᠷᠢᠯᠭᠠᠴᠢᠨ ᠥᠬᠢᠨ ᠄ ᠰᠠᠶ᠋ᠢᠨ ᠪᠠᠶ᠋ᠢᠨ᠎ᠠ ᠤᠤ ? ᠪᠢ ᠪᠠᠷᠢᠯᠭᠠᠴᠢᠨ ᠥᠬᠢᠨ ᠪᠠᠶ᠋ᠢᠨ᠎ᠠ ᠃ ᠬᠢ ᠬᠢ
ᠭᠠᠩᠨᠠᠭᠤᠷᠴᠢᠨ ᠬᠦᠦ ᠄ ᠰᠠᠶ᠋ᠢᠨ ᠪᠠᠶ᠋ᠢᠨ᠎ᠠ ᠤᠤ ᠂ ᠪᠢ ᠭᠠᠩᠨᠠᠭᠤᠷᠴᠢᠨ ᠬᠦᠦ ᠪᠠᠶ᠋ᠢᠨ᠎ᠠ ᠃
ᠪᠠᠰᠠᠷ᠄ᠦ ᠂ ᠨᠡᠷ᠎ᠡ ᠪᠡᠨ ᠨᠢᠭᠤᠯᠴᠠᠵᠠᠭᠠᠭᠠᠳ ᠪᠠᠶ᠋ᠢᠨ᠎ᠠ ᠤᠤ ᠦᠬᠡᠢ ᠦᠦ? ᠵᠠ ᠵᠠ ᠂ ᠵᠠ ᠂ ᠵᠠ ᠲᠠ ᠬᠣᠶᠠᠷ ᠮᠠᠨᠢ ᠶᠣᠰᠣᠲᠠᠢ ᠮᠤᠨᠲᠠᠭ ᠶᠤᠮ ᠠ᠋!ᠮᠡᠷᠭᠡᠵᠢᠯ ᠦ᠋ᠨ ᠪᠣᠯᠪᠠᠰᠤᠷᠠᠯ ᠦ᠋ᠨ ᠲᠠᠯ᠎ᠠ ᠪᠠᠷ ᠮᠠᠨ ᠪ ᠥᠵᠡᠭᠴᠢᠳ ᠲᠦ᠍ ᠲᠠᠶ᠋ᠢᠯᠪᠤᠷᠢᠯᠠᠭᠠᠳ ᠥᠭᠭᠦᠭᠡᠴᠢ᠂ᠲᠡᠭᠡᠬᠦ ᠦᠦ ?
ᠪᠠᠷᠢᠯᠭᠠᠴᠢᠨ ᠥᠬᠢᠨ ᠄ ᠪᠠᠶᠠᠷᠯᠠᠯ᠎ᠠ! ᠪᠣᠯᠤᠯ ᠦᠭᠡᠢ ᠶᠠᠭᠠᠬᠢᠬᠤ ᠪᠣᠢ ? ᠮᠡᠷᠭᠡᠵᠢᠯ ᠦ᠋ᠨ ᠪᠣᠯᠪᠠᠰᠤᠷᠠᠯᠲᠠ ᠭᠡᠳᠡᠭ ᠨᠢ ᠪᠦᠬᠦᠨ ᠊ᠢ ᠭᠠᠷ ᠶ᠋ᠢᠠᠷ ᠂ ᠤᠷ᠎ᠠ ᠤᠬᠠᠭᠠᠨ ᠶ᠋ᠢᠠᠷ ᠶ᠋ᠢᠠᠨ ᠭᠡᠳ ᠪᠦᠬᠦᠢ ᠯᠡ ᠵᠦᠢᠯ ᠢᠶᠡᠷ ᠵᠤᠷᠢᠭᠤᠯᠵᠤ ᠬᠢᠳᠡᠭ ᠮᠡᠷᠭᠡᠵᠢᠯ ᠦ᠋ᠳ ᠊ᠢ ᠬᠡᠯᠡᠳᠡᠭ᠃
ᠭᠠᠩᠨᠠᠭᠤᠷᠴᠢᠨ ᠬᠦᠦ ᠄ ᠲᠡᠶ᠋ᠢᠮᠦ ᠰᠢᠦ! ᠵᠢᠱ᠌ᠢᠶ᠎ᠡ ᠨᠢ ᠪᠠᠷᠢᠯᠭᠠᠴᠢᠨ ᠭᠠᠩᠨᠠᠭᠤᠷᠴᠢᠨ ᠣᠶᠣᠲᠠᠯᠴᠢᠨ ᠂ ᠲᠣᠭᠣᠭᠠᠴᠢ ᠮᠤᠵᠢᠶᠠᠩ ᠭᠡᠳ ᠤᠷ᠎ᠠ ᠴᠢᠲᠠᠪᠤᠷᠢ ᠱᠠᠭᠠᠷᠲᠠᠭᠰᠠᠨ ᠪᠠᠰᠠ ᠮᠡᠲᠡᠷᠡᠮᠵᠢ ᠱᠠᠭᠠᠷᠲᠠᠭᠰᠠᠨ ᠮᠠᠰᠢ ᠣᠯᠠᠨ ᠠᠵᠢᠯ ᠦ᠋ᠳ ᠪᠠᠶ᠋ᠢᠲᠠᠭ ᠰᠢᠦ ᠳ᠋ᠡ!
ᠪᠠᠰᠠᠷ ᠄ ᠦ ᠂ ᠲᠡᠶ᠋ᠢᠮᠦ ᠰᠢᠦ! ᠪᠠᠬ᠋᠎ᠠ ᠪᠠᠶ᠋ᠢᠬᠤ ᠳ᠋ᠤ᠌ ᠮᠠᠨ ᠪ ᠠᠬ᠎ᠠ ᠶ᠋ᠢ ᠮᠠᠨ ᠪ ᠬᠢᠨ ᠶᠡᠬᠡ ᠭᠠᠷ ᠦ᠋ᠨ ᠤᠷ᠎ᠠ ᠳᠦᠢᠲᠡᠢ ᠬᠥᠮᠦᠨ ᠰᠢᠦ ᠭᠡᠵᠦ ᠢᠷᠡᠭᠡᠳ ᠯᠠ ᠮᠠᠭᠲᠠᠲᠠᠭ ᠪᠠᠶ᠋ᠢᠬᠰᠠᠨ᠃
ᠪᠠᠷᠢᠯᠭᠠᠴᠢᠨ ᠥᠬᠢᠨ ᠄ ᠬᠠᠷᠢᠨ ᠳ᠋ᠠ᠂ ᠳᠡᠯᠡᠬᠡᠢ ᠶ᠋ᠢᠨ ᠬᠡᠮᠵᠢᠶᠡᠨ ᠪ ᠤᠷ᠎ᠠ ᠴᠢᠲᠠᠪᠤᠷᠢ ᠭᠡᠳᠡᠭ ᠨᠢ ᠮᠡᠷᠭᠡᠵᠢᠯ ᠦ᠋ᠨ ᠪᠣᠯᠪᠠᠰᠤᠷᠠᠯ ᠳ᠋ᠤ᠌ ᠰᠢᠭᠤᠳ ᠬᠠᠮᠢᠶᠠᠷᠲᠠᠭ ᠶᠤᠮ ᠰᠢᠦ ᠳ᠋ᠡ! ᠮᠤᠨᠲᠠᠭ ᠰᠤᠷᠤᠯᠴᠠᠵᠤ ᠴᠢᠳᠠᠬᠤ ᠶᠤᠮ ᠪᠣᠯ ᠪᠦᠷ ᠳᠡᠯᠡᠬᠡᠢ ᠶ᠋ᠢᠨ ᠬᠡᠮᠵᠢᠶᠡᠨ ᠪ ᠮᠡᠷᠭᠡᠵᠢᠯ ᠲᠡᠢ ᠪᠣᠯᠤᠨ᠎ᠠ ᠭᠡᠵᠦ ᠪᠣᠲᠣ ᠳ᠋ᠡ
ᠪᠠᠰᠠᠷ᠄ ᠦ᠂ ᠮᠤᠨᠳᠠᠭ ᠶᠤᠮ ᠡ ᠂ᠲᠠ ᠬᠣᠶᠠᠷ ᠮᠠᠨᠢ ᠢᠩᠭᠢᠬᠦ ᠳᠦ ᠶᠠᠭᠠᠬᠢᠵᠤ ᠰᠤᠷᠤᠭᠰᠠᠨ ᠶᠤᠮ ᠪᠤᠢ? ᠮᠡᠷᠭᠡᠵᠢᠯ ᠶ᠋ᠢᠡᠨ!
ᠭᠠᠩᠨᠠᠭᠤᠷᠴᠢᠨ ᠬᠦᠦ ᠄ ᠤᠷ᠎ᠠ ᠴᠢᠲᠠᠪᠤᠷᠢ ᠲᠠᠢ ᠪᠣᠯᠬᠤ ᠶ᠋ᠢᠨ ᠲᠤᠯᠠᠲᠠ ᠪᠢᠲᠡ ᠮᠡᠷᠭᠡᠵᠢᠯ ᠤᠨ ᠪᠤᠯᠪᠠᠰᠤᠷᠠᠯ ᠰᠤᠷᠭᠠᠯᠲᠠ ᠳ᠋ᠤ᠌ ᠠᠩᠬ᠎ᠠ ᠤᠲᠠᠬ᠋᠎ᠠ ᠪᠠᠨ ᠶᠠᠪᠤᠵᠤ ᠪᠠᠶ᠋ᠢᠬᠰᠠᠨ ᠶᠤᠮ ᠃ ᠮᠠᠨ ᠪ ᠨᠠᠶ᠋ᠢᠵᠠ ᠨᠤᠭᠤᠳ ᠪᠣᠯᠬᠤ ᠪᠠᠷ ᠨᠢ Boss ( ᠡᠵᠡᠨᠲᠡᠨ ) ᠪᠣᠯᠤᠨ᠎ᠠ ᠭᠡᠳ ᠯᠡ ᠂ ᠶᠡᠷᠦᠩᠬᠡᠶ᠋ᠢᠯᠡᠭᠴᠢ ᠪᠣᠯᠤᠨ᠎ᠠ ᠭᠡᠳ ᠯᠠ ᠶᠠᠷᠢᠵᠠᠭᠠᠵᠤ ᠯᠠ ᠪᠠᠶ᠋ᠢᠬᠰᠠᠨ ᠬᠢ ᠬᠢ ᠁ ᠬᠠᠷᠢᠨ ᠮᠢᠨᠦ ᠬᠤᠪᠢ ᠳ᠋ᠤ᠌ ᠤᠷ᠎ᠠ ᠴᠢᠲᠠᠪᠤᠷᠢ ᠲᠠᠢ ᠬᠥᠮᠦᠨ ᠪᠣᠯᠬᠤ ᠶ᠋ᠢ ᠬᠠᠮᠤᠭ ᠦ᠋ᠨ ᠶᠡᠬᠡ ᠬᠦᠰᠡᠭᠰᠡᠨ ᠳ᠋ᠡ! ᠦ ᠡ ᠂ ᠠᠷᠠᠢ ᠶᠡᠬᠡ ᠰᠦᠷᠲᠡᠢᠯᠴᠢᠬᠡᠭᠰᠡᠨ ᠦᠦ ᠪᠢ?
ᠪᠠᠰᠠᠷ ᠄ᠮᠤᠨᠲᠠᠭ ᠯᠠ ᠶᠠᠷᠢᠵᠤ ᠪᠠᠶ᠋ᠢᠨ᠎ᠠ ᠰᠢᠲᠡ ᠃ ᠨᠡᠭᠡᠷᠡᠨ ᠰᠣᠨᠢᠨ ᠶᠠᠭᠤᠮ᠎ᠠ ᠰᠢᠦ! ᠬᠥᠮᠦᠨ ᠪᠣᠯᠭᠠᠨ ᠪ ᠬᠢᠵᠦ ᠴᠢᠲᠠᠲᠠᠭ ᠦᠭᠡᠢ ᠵᠦᠢᠯ ᠊ᠢ ᠬᠢᠳᠡᠭ ᠬᠥᠮᠦᠨ ᠪᠠᠶ᠋ᠢᠨ᠎ᠠ ᠭᠡᠳᠡᠭ ᠬᠡᠴᠢᠨᠡᠭᠡᠨ ᠰᠠᠶ᠋ᠢᠬᠠᠨ ᠶᠤᠮ ᠪᠤᠢ ? ᠲᠡᠶ᠋ᠢᠮᠦ ᠪᠠ!
ᠪᠠᠷᠢᠯᠭᠠᠴᠢᠨ ᠥᠬᠢᠨ ᠄ ᠬᠠᠷᠢᠨ ᠲᠡᠶ᠋ᠢᠮᠦ! ᠶᠣᠰᠣᠲᠠᠢ ᠭᠣᠶᠣ! ᠨᠡᠭᠡᠷᠡᠨ ᠢᠮᠡᠲᠸᠷ ᠂ ᠳᠦᠷᠰᠦᠯᠢᠭ ᠤᠷᠠᠯᠢᠬ ᠦ᠋ᠨ ᠵᠢᠷᠤᠭᠠᠴᠢ ᠨᠠᠷ ᠬᠦᠷᠲᠡᠯ᠎ᠡ ᠮᠡᠷᠭᠡᠵᠢᠯ ᠦ᠋ᠨ ᠪᠣᠯᠪᠠᠰᠤᠷᠠᠯ ᠲᠠᠢ ᠬᠥᠮᠦᠨ ᠳ᠋ᠦ᠍ ᠣᠷᠣᠲᠠᠭ ᠶᠤᠮ ᠰᠢᠦ ᠳ᠋ᠡ !
ᠪᠠᠰᠠᠷ᠄ ᠶᠠ! ᠶᠠᠭ ᠮᠢᠨᠦ ᠬᠡᠯᠡᠬᠦ ᠭᠡᠵᠦ ᠪᠠᠶ᠋ᠢᠭᠰᠠᠨ ᠦᠭᠡ ᠵᠢ ᠬᠡᠯᠡᠴᠢᠬᠡᠯ᠎ᠡ ᠰᠢᠦ! ᠠᠶ᠋ᠢᠬᠤᠪᠲᠤᠷ ᠥᠬᠢᠨ ᠪᠤᠢ᠃
ᠪᠠᠰᠠᠷ ᠄ ᠬᠢ ᠬᠢ
ᠪᠠᠷᠢᠯᠭᠠᠴᠢᠨ ᠥᠬᠢᠨ ᠄ ᠬᠢ ᠬᠢ
ᠭᠠᠩᠨᠠᠭᠤᠷᠴᠢᠨ ᠬᠦᠦ ᠄ ᠬᠢ ᠬᠢ
ᠪᠠᠰᠠᠷ ᠄ ᠵᠠ ᠲᠠ ᠬᠣᠶᠠᠷ ᠮᠠᠨᠢ ᠨᠠᠶ᠋ᠢᠵᠠ ᠨᠤᠭᠤᠳ ᠳ᠋ᠤ᠌ ᠪᠠᠨ ᠶᠠᠭᠤ ᠭᠡᠵᠦ ᠤᠷᠢᠶᠠᠯᠠᠮᠠᠷ ᠪᠠᠶ᠋ᠢᠨ᠎ᠠ ?
ᠪᠠᠷᠢᠯᠭᠠᠴᠢᠨ ᠥᠬᠢᠨ ᠄ ᠪᠦᠭᠦᠲᠡᠭᠡᠷ ᠶ᠋ᠢᠡᠨ ᠮᠡᠷᠭᠡᠵᠢᠯ ᠪᠦᠬᠦᠨ ᠰᠠᠶ᠋ᠢᠬᠠᠨ ᠪᠣᠯᠬᠤ ᠪᠠᠷ ᠵᠢᠠᠨ ᠥᠪᠡᠷᠰᠡᠳ ᠊ᠦᠨ ᠴᠢᠲᠠᠲᠠᠭ ᠮᠡᠳᠡᠳᠡᠭ ᠳᠤᠷᠠᠲᠠᠢ ᠵᠦᠢᠯ ᠶ᠋ᠢᠡᠷ ᠶ᠋ᠢᠡᠨ ᠰᠢᠨ᠎ᠡ ᠵᠦᠢᠯ ᠊ᠢ ᠪᠦᠲᠦᠭᠡᠳᠡᠭ ᠮᠡᠷᠭᠡᠵᠢᠯ ᠲᠡᠢ ᠬᠥᠮᠦᠨ ᠪᠤᠯᠵᠠᠭᠠᠶ᠎ᠠ!
ᠭᠠᠩᠨᠠᠭᠤᠷᠴᠢᠨ ᠬᠦᠦ ᠄ ᠮᠡᠷᠭᠡᠵᠢᠯ ᠪᠦᠬᠦᠨ ᠰᠠᠶ᠋ᠢᠬᠠᠨ ᠭᠡᠳᠡᠭ ᠰᠢᠦ ᠳ᠋ᠡ! ᠲᠡᠭᠦᠨ ᠰᠢᠭ᠌ ᠮᠢᠨᠦ ᠬᠡᠯᠡᠬᠦ ᠳᠤᠷᠠᠲᠠᠢ ᠨᠢᠭᠡ ᠦᠭᠡ ᠪᠠᠶ᠋ᠢᠲᠠᠭ ᠶᠤᠮ ᠃ ᠮᠡᠷᠭᠡᠵᠢᠯ ᠦ᠋ᠨ ᠪᠣᠯᠪᠠᠰᠤᠷᠠᠯᠲᠠ ᠮᠢᠨᠦ ᠰᠣᠩᠭᠣᠯᠲᠠ!
ᠪᠠᠰᠠᠷ ᠄ ᠥ ᠂ ᠶᠠᠩᠵᠤ ᠶ᠋ᠢᠡᠨ ᠶᠠᠩᠵᠤ ᠶ᠋ᠢᠡᠨ᠂ ᠵᠠ
ᠪᠠᠶᠠᠷᠯᠠᠯ᠎ᠠ! ᠬᠣᠶᠠᠷ ᠡ ᠁
ᠭᠠᠩᠨᠠᠭᠤᠷᠴᠢᠨ ᠄ ᠪᠠᠶᠠᠷᠯᠠᠯ᠎ᠠ!
ᠪᠠᠷᠢᠯᠭᠠᠴᠢᠨ ᠥᠬᠢᠨ ᠄ ᠪᠠᠶᠠᠷᠯᠠᠯ᠎ᠠ!
ᠪᠠᠰᠠᠷ ᠄ ᠵᠠ ᠂ ᠨᠠᠶ᠋ᠢᠵᠠ ᠨᠤᠭᠤᠳ ᠡ! ᠤᠲᠠᠬᠤ ᠦᠭᠡᠢ ᠳᠠᠬᠢᠨ ᠰᠢᠨ᠎ᠡ ᠳ᠋ᠤᠭᠠᠷ ᠶ᠋ᠢᠠᠷ ᠠᠭᠤᠯᠵᠠᠵᠠᠭᠠᠶ᠎ᠠ!
ᠵᠠ ᠲᠡᠭᠡᠭᠡᠳ ᠪᠠᠭᠠᠴᠤᠳ ᠮᠢᠨᠢ ᠮᠤᠨᠲᠠᠭ ᠪᠠᠶ᠋ᠢᠭᠠᠳ ᠭᠡᠷ ᠭᠡᠷ ᠲᠦ᠍ ᠪᠡᠨ ᠥᠪᠡᠷ ᠊ᠢ ᠪᠡᠨ ᠬᠥᠭᠵᠢᠭᠦᠯᠦᠭᠡᠳ ᠰᠢᠨ᠎ᠡ ᠰᠢᠨ᠎ᠡ ᠵᠦᠢᠯ ᠰᠤᠷᠤᠭᠠᠳ ᠮᠤᠨᠲᠠᠭ ᠪᠠᠶ᠋ᠢᠭᠠᠷᠠᠢ!
ᠮᠤᠨᠲᠠᠭ ᠬᠡᠦᠬᠡᠳ ᠪᠠᠶ᠋ᠢᠭᠠᠷᠠᠢ! ᠥ ᠂ ᠥ ᠥ ᠁
bye ( ᠪᠠᠶᠠᠷᠲᠠᠢ! )