ᠮᠥᠩᠬᠡ ᠲᠤᠩᠬᠤ 3-06 ᠨᠢᠭᠡ ᠲᠥᠭᠡ ᠡᠪᠦᠭᠡᠨМөнх тунх-нэг төө өвгөн
ᠮᠥᠩᠬᠡ ᠲᠤᠩᠬᠤ3-6- ᠨᠢᠭᠡ ᠲᠥᠭᠡ ᠡᠪᠦᠭᠡᠨ
ᠮᠣᠩᠭᠣᠯ ᠠᠷᠠᠳ ᠤ᠋ᠨ ᠦᠯᠢᠭᠡᠷ
ᠨᠢᠭᠡ ᠲᠥᠭᠡ ᠡᠪᠦᠭᠡᠨ
ᠮᠠᠯ ᠤ᠋ᠨ ᠮᠠᠢᠯᠠᠬᠤ ᠳᠠᠭᠤ᠄ ᠮᠠᠢ᠁ ᠮᠠᠢ᠁
ᠲᠤᠩᠬᠤ᠄ ᠪᠠᠢᠵᠠ ᠯᠠ ᠳᠠ᠂ ᠥ᠂ ᠮᠥᠩᠬᠡ ᠠ᠋! ᠴᠢ ᠥᠯᠮᠡᠢ ᠪᠡᠨ ᠡᠷᠭᠦᠭᠡᠳ ᠪᠠᠢᠨ᠎ᠠ ᠰᠢᠲᠠ!
ᠮᠥᠩᠬᠡ᠄ ᠬᠢ ᠬᠢ᠂ ᠵᠠ ᠣᠳᠣ ᠵᠢᠷᠤᠭᠠᠷᠠᠢ! ᠪᠥᠦᠭ
ᠲᠤᠩᠬᠤ᠄ ᠮᠥᠩᠬᠡ ᠠ᠋! ᠮᠥᠩᠬᠡ ᠪᠠᠢᠵᠠ ᠯᠠ ᠳᠠ᠂
ᠮᠥᠩᠬᠡ᠄ ᠪᠢᠪ!
ᠲᠤᠩᠬᠤ᠄ ᠴᠢ ᠨᠠᠳᠠ ᠠ᠋ᠴᠠ ᠨᠠᠮᠬᠠᠨ ᠶᠤᠮ ᠪᠢᠰᠢ ᠊ᠦᠦ ᠳ᠋ᠠ?
ᠮᠥᠩᠬᠡ᠄ ᠦ᠋ ᠠ ᠬᠢ ᠬᠢ ᠬᠢ᠂ ᠵᠠ᠂ᠶᠠᠭᠠᠬᠢᠬᠤᠪ ᠳᠠ᠂ ᠳᠠᠰᠬᠠᠯ ᠪᠠᠢᠩᠭᠤ ᠬᠢᠭᠡᠳ ᠪᠠᠢᠬᠤ ᠶᠤᠮ ᠪᠣᠯ ᠪᠢ ᠴᠢᠮ᠎ᠠ ᠠ᠋ᠴᠠ ᠥᠨᠳᠥᠷ ᠪᠣᠯᠤᠨ᠎ᠠ ᠰᠢᠳᠡ!
ᠲᠤᠩᠬᠤ᠄ ᠠᠷᠸ᠎ᠠ ᠠᠬ᠎ᠠ ᠠ᠋! ᠮᠥᠩᠬᠡ ᠨᠠᠳᠠ ᠠ᠋ᠴᠠ ᠨᠠᠮᠬᠠᠨ ᠶᠤᠮ ᠪᠠᠢᠨ᠎ᠠ ᠰᠢᠲᠠ!
ᠮᠥᠩᠬᠡ᠄ ᠬᠦᠢ᠂ ᠴᠣᠬᠣᠮ ᠳ᠋ᠤ᠌ ᠪᠠᠨ ᠥᠨᠳᠥᠷ ᠪᠠᠢᠭ᠎ᠠ ᠶᠤᠮ ᠳ᠋ᠠ ᠂ ᠵᠠ!
ᠲᠤᠩᠬᠤ᠄ ᠬᠡ ᠬᠡ ᠬᠡ
ᠠᠷᠤᠡ ᠄ ᠬᠠ ᠬᠠ᠂ ᠲᠠ ᠬᠣᠶᠠᠷ ᠮᠠᠨᠢ ᠬᠣᠶᠠᠭᠤᠯᠠ ᠪᠠᠨ ᠯᠠ ᠥᠰᠦᠨ᠎ᠡ ᠰᠢᠦ ᠳ᠋ᠠ! ᠣᠳᠣ ᠶᠠᠭ ᠥᠰᠦᠯᠲᠡ ᠶ᠋ᠢᠨ ᠦᠶ᠎ᠡ ᠳᠡᠭᠡᠷ᠎ᠡ ᠪᠡᠨ ᠶᠠᠪᠤᠭ᠎ᠠ ᠶᠤᠮ ᠪᠠᠢᠬᠤ ᠦᠭᠡᠢ ᠦᠦ!
ᠮᠥᠩᠬᠡ᠄ ᠪᠢ ᠪᠦᠷ ᠠᠷᠸ᠎ᠡ ᠠᠬ᠎ᠠ ᠠ᠋ᠴᠠ ᠥᠨᠳᠥᠷ ᠪᠣᠯᠤᠨ᠎ᠠ ᠭᠡᠳ ᠪᠣᠳᠣᠭᠰᠠᠨ ᠪᠠᠢᠭ᠎ᠠ᠃
ᠲᠤᠩᠬᠤ᠄ ᠬᠢ ᠬᠢ᠁
ᠠᠷᠸ᠎ᠠ ᠄ ᠬᠡ ᠬᠡ᠁
ᠲᠡᠭᠡᠨ᠎ᠡ ᠮᠢᠨᠦ ᠳᠡᠭᠦᠦ! ᠵᠠ ᠲᠠ ᠬᠡᠳᠦ ᠮᠠᠨᠢ ᠦᠯᠢᠭᠡᠷ ᠢ᠋ᠶ᠋ᠡᠷ ᠠᠶᠠᠯᠠᠬᠤ ᠳ᠋ᠤ᠌ ᠪᠠᠨ ᠪᠡᠯᠡᠨ ᠦᠦ?
ᠮᠥᠩᠬᠡ᠄ ᠪᠡᠯᠡᠨ! ᠥᠨᠥᠳᠥᠷ ᠶᠠᠮᠠᠷ ᠦᠯᠢᠭᠡᠷ ᠢ᠋ᠶ᠋ᠡᠷ ᠠᠶᠠᠯᠠᠬᠤ ᠪᠣᠢ?
ᠠᠷᠸ᠎ᠠ ᠄ ᠥᠨᠳᠥᠷ ᠨᠠᠮ ᠊ᠤᠨ ᠲᠠᠯ᠎ᠠ ᠪᠠᠷ ᠶᠡᠬᠡ ᠶᠠᠷᠢᠯᠴᠠᠭᠰᠠᠨ ᠶᠤᠮ ᠴᠢᠨᠢ ᠶᠡᠬᠡ ᠬᠥᠭᠡᠷᠦᠬᠦᠨ ᠦᠯᠢᠭᠡᠷ ᠰᠣᠩᠭᠣᠬᠤ ᠪᠠᠷ ᠰᠢᠢᠳᠦᠯ᠎ᠡ᠃
ᠴᠠᠰᠤᠬᠠᠨ ᠄ ᠸᠠ ᠦ᠂ ᠭᠣᠶᠣ!
ᠮᠥᠩᠬᠡ᠄ ᠦ᠂ nice( ᠭᠣᠶᠣ!)
ᠮᠣᠩᠭᠣᠯ ᠠᠷᠠᠳ ᠤ᠋ᠨ ᠦᠯᠢᠭᠡᠷ
ᠨᠢᠭᠡ ᠲᠥᠭᠡ ᠡᠪᠦᠭᠡᠨ
ᠡᠷᠲᠡ ᠤᠷᠢᠳᠤ ᠴᠠᠭ ᠲᠤ᠌᠂ ᠨᠢᠭᠡ ᠲᠥᠭᠡ ᠪᠡᠶ᠎ᠡ ᠲᠡᠢ᠂ ᠬᠣᠶᠠᠷ ᠲᠥᠭᠡ ᠰᠠᠬᠠᠯ ᠲᠠᠢ ᠨᠢᠭᠡ ᠡᠪᠦᠭᠡᠨ ᠪᠠᠢᠵᠠᠢ᠃ ᠲᠡᠷᠡ ᠬᠥᠮᠦᠨ ᠬᠥᠷᠥᠩᠭᠡ ᠪᠣᠯᠬᠤ ᠥᠭᠡᠳᠡᠰᠦᠨ ᠪᠢᠷᠠᠭᠤ ᠲᠠᠢ᠂ ᠬᠤᠷᠤᠭᠤᠨ ᠴᠢᠨᠡᠭᠡ ᠨᠣᠬᠠᠢ ᠲᠠᠢ᠂ ᠳᠡᠷᠡᠰᠦᠨ ᠲᠡᠷᠭᠡ ᠲᠡᠢ ᠶᠦᠮ ᠰᠠᠨᠵᠠᠢ᠃ ᠲᠡᠭᠡᠭᠡᠳ ᠨᠢᠭᠡ ᠡᠳᠦᠷ ᠥᠭᠡᠳᠡᠰᠦᠨ ᠪᠢᠷᠠᠭᠤ ᠪᠠᠨ ᠪᠦᠩ ᠪᠦᠩ ᠬᠢᠯᠭᠡᠵᠦ᠂ ᠬᠤᠷᠤᠭᠤᠨ ᠴᠢᠨᠡᠭᠡ ᠨᠣᠬᠠᠢ ᠪᠠᠨ ᠬᠠᠪ ᠬᠠᠪ ᠬᠤᠴᠠᠭᠤᠯᠤᠭᠠᠳ᠂ ᠳᠡᠷᠡᠰᠦᠨ ᠲᠡᠷᠭᠡ ᠪᠡᠨ ᠬᠠᠷ ᠬᠠᠷ ᠬᠢᠯᠭᠡᠨ ᠶᠠᠪᠤᠵᠠᠢ ᠭᠡᠨ᠎ᠡ᠃
ᠴᠠᠰᠤᠬᠠᠨ ᠄ ᠥᠨᠳᠥᠷ ᠨᠠᠮ ᠤ᠋ᠨ ᠲᠠᠯ᠎ᠠ ᠪᠠᠷ ᠶᠠᠷᠢᠯᠴᠠᠭᠠᠳ ᠪᠠᠢᠭᠰᠠᠨ ᠨᠢᠭᠡ ᠲᠥᠭᠡ ᠡᠪᠦᠭᠡᠨ ᠭᠡᠳᠡᠭ ᠦᠯᠢᠭᠡᠷ ᠢ᠋ᠶ᠋ᠡᠷ ᠠᠶᠠᠯᠠᠵᠤ ᠪᠠᠢᠭ᠎ᠠ ᠶᠤᠮ ᠪᠠᠢᠨ᠎ᠠ ᠳᠠ᠃
ᠪᠠᠰᠠᠷ᠄ ᠠ᠋ ᠬᠡᠩ!
ᠴᠠᠰᠤᠬᠠᠨ ᠄ ᠥᠩ? ᠶᠠᠭᠠᠬᠢᠭᠰᠠᠨ ᠶᠤᠮ ᠪᠠᠰᠠᠷ ᠠ᠋?
ᠪᠠᠰᠠᠷ᠄ ᠬᠡᠩ! ᠨᠠᠮᠬᠠᠨ ᠶᠤᠮ ᠠ᠋᠃
ᠴᠠᠰᠤᠬᠠᠨ ᠄ ᠬᠡ ᠬᠡ᠂ ᠪᠢ ᠴᠢᠨᠢ ᠮᠤᠤᠷ ᠶᠤᠮ ᠴᠢᠨᠢ ᠵᠢᠵᠢᠭᠬᠡᠨ ᠪᠠᠢᠬᠤ ᠦᠭᠡᠢ ᠶᠠᠭᠠᠬᠢᠬᠤᠪ ᠳᠠ!
ᠪᠠᠰᠠᠷ᠄ ᠶᠠᠭᠠᠬᠢᠯᠲᠠ ᠴᠤ᠌ ᠦᠭᠡᠢ ᠵᠢᠵᠢᠭᠬᠡᠨ ᠶᠦᠮ ᠠ᠋᠃ ᠪᠢ ᠪᠠᠷᠤᠭ ᠠᠭᠤᠯᠠ ᠶ᠋ᠢᠨ ᠬᠡᠮᠵᠢᠶ᠎ᠡ ᠲᠡᠢ ᠶᠦᠮ ᠊ᠦᠦ ᠳ᠋ᠠ᠃
ᠮᠥᠩᠬᠡ᠄ ᠡᠩ᠂ ᠬᠡ
ᠪᠠᠰᠠᠷ᠄ ᠶᠠᠭᠠᠬᠢᠭᠰᠠᠨ ᠮᠥᠩᠬᠡ ᠠ᠋
ᠮᠥᠩᠬᠡ᠄ ᠬᠡᠩ᠂ ᠨᠠᠮᠬᠠᠨ ᠶᠤᠮ ᠠ᠋!
ᠴᠠᠰᠤᠬᠠᠨ ᠄ ᠬᠢ ᠬᠢ᠁
ᠪᠠᠰᠠᠷ᠄ ᠬᠡ ᠬᠡ᠁
ᠲᠤᠩᠬᠤ᠄ ᠵᠠ! ᠮᠠᠨ ᠤ᠋ ᠬᠢ ᠠ᠋! ᠪᠡᠶ᠎ᠡ ᠪᠡᠶ᠎ᠡ ᠡᠴᠡ ᠪᠡᠨ ᠲᠣᠮᠣ ᠪᠡᠶ᠎ᠡ ᠲᠡᠢ ᠭᠡᠵᠦ ᠪᠠᠢᠬᠤ ᠪᠠᠷ ᠨᠢᠭᠡ ᠲᠥᠭᠡ ᠡᠪᠦᠭᠡ ᠪᠡᠨ ᠣᠯᠵᠠᠭᠠᠶ᠎ᠠ᠃
ᠴᠠᠰᠤᠬᠠᠨ ᠄ ᠵᠠ! ᠲᠡᠭᠡᠶ᠎ᠡ ᠲᠡᠭᠡᠶ᠎ᠡ᠃
ᠮᠥᠩᠬᠡ᠄ ᠲᠡᠷᠡ᠁ ᠲᠡᠨᠳᠡ ᠶᠠᠪᠤᠵᠤ ᠪᠠᠢᠬᠤ ᠰᠢᠭ᠋ ᠪᠠᠢᠨ᠎ᠠ ᠰᠢᠲᠠ᠂ ᠲᠡᠭᠦᠨ ᠢ᠋ ᠬᠠᠷ᠎ᠠ ᠳᠠ! ᠵᠠ ᠪᠦᠭᠦᠳᠡᠭᠡᠷ ᠢ᠋ᠶ᠋ᠡᠷ ᠥᠭᠡᠳᠡ ᠡᠴᠡ ᠨᠢ ᠠᠯᠬᠤᠵᠤ ᠯᠠ ᠪᠠᠢᠶ᠎ᠠ᠃
ᠮᠥᠩᠬᠡ᠄ ᠦ ᠸᠠ᠂ ᠬᠡ ᠬᠡ᠂ ᠠᠶᠠᠭᠦᠢ ᠬᠣᠯᠠ ᠪᠠᠢᠭ᠎ᠠ ᠶᠤᠮ ᠰᠢᠭ᠋ ᠬᠠᠷᠠᠭᠳᠠᠭᠠᠳ ᠪᠠᠢᠭᠰᠠᠨ ᠴᠢᠨᠢ᠂ ᠡᠢᠮᠦ ᠵᠢᠵᠢᠭᠬᠡᠨ ᠪᠣᠯᠤᠭᠠᠳ ᠲᠡᠢᠮᠦ ᠬᠣᠯᠠ ᠪᠠᠢᠭ᠎ᠠ ᠶᠤᠮ ᠰᠢᠭ᠋ ᠬᠠᠷᠠᠭᠳᠠᠭᠠᠳ ᠪᠠᠢᠭᠰᠠᠨ ᠶᠤᠮ ᠪᠠᠢᠨ᠎ᠠ ᠰᠢᠲᠠ!
ᠡᠪᠦᠭᠡ᠄ ᠵᠠ! ᠪᠠᠯᠴᠢᠷ ᠊ᠤᠳ ᠶᠠᠭᠤ ᠬᠢᠵᠦ ᠶᠠᠪᠤᠨ᠎ᠠ ᠳᠠ?
ᠪᠠᠰᠠᠷ᠄ ᠠ! ᠪᠠᠯᠴᠢᠷ ᠊ᠤᠳ ᠭᠡᠨ᠎ᠡ? ᠬᠡ ᠬᠡ᠂ ᠬᠡ ᠬᠡ᠂ ᠨᠢᠭᠡ ᠶᠡᠬᠡ ᠵᠢᠵᠢᠭᠬᠡᠨ ᠶᠠᠭᠤᠮ᠎ᠠ ᠪᠠᠢᠵᠤ᠂᠂ ᠬᠥᠭᠡᠷᠦᠬᠦᠨ ᠶᠦᠮ ᠠ᠋᠂ ᠬᠡ ᠬᠡ ᠬᠡ᠁!
ᠮᠥᠩᠬᠡ᠄ ᠬᠠ᠁ ᠶᠣᠣ
ᠲᠤᠩᠬᠤ᠄ ᠵᠠ! ᠮᠠᠨ ᠤ᠋ ᠬᠢ ᠠ᠋! ᠪᠤᠯᠢᠵᠠᠭᠠ ᠯᠠ ᠳᠠ!
ᠮᠥᠩᠬᠡ᠄ ᠵᠠ᠂ ᠨᠠᠮ᠎ᠠ ᠶ᠋ᠢ ᠠᠭᠤᠴᠢᠯᠠᠭᠠᠷᠠᠢ! ᠰᠠᠢᠨ ᠪᠠᠢᠨ᠎ᠠ ᠤᠤ? ᠡᠪᠦᠭᠡ!
ᠪᠠᠰᠠᠷ᠄ ᠨᠢᠭᠡ ᠲᠥᠭᠡ ᠡᠪᠦᠭᠡ ᠢᠩᠭᠢᠭᠡᠴᠢ! ᠰᠠᠢᠨ ᠪᠠᠢᠨ᠎ᠠ ᠤᠤ? ᠨᠢᠭᠡ ᠲᠥᠭᠡ ᠡᠪᠦᠭᠡ!
ᠡᠪᠦᠭᠡ᠄ ᠵᠠ! ᠪᠠᠯᠴᠢᠷ ᠤ᠋ᠳ ᠪᠦᠷ ᠳᠠᠪᠠᠯᠠᠵᠤ ᠪᠠᠢᠨ᠎ᠠ ᠤᠤ? ᠥᠨᠳᠥᠷ ᠪᠡᠶ᠎ᠡ ᠲᠡᠢ ᠪᠠᠢᠯ᠎ᠠ ᠭᠡᠳ ᠡᠪᠦᠭᠡ ᠡᠴᠡ ᠪᠡᠨ ᠶᠠᠭᠤ ᠪᠠᠷ ᠳᠠᠪᠠᠬᠤ ᠪᠠᠨ ᠦᠵᠡᠬᠦ ᠦᠦ ᠳ᠋ᠠ?
ᠲᠡᠷᠡ ᠬᠦᠦ ᠲᠡᠢ ᠨᠢᠭᠡ ᠪᠠᠷᠢᠯᠳᠤᠶ᠎ᠠ᠂ ᠲᠡᠷᠡ ᠥᠬᠢᠨ ᠲᠡᠢ ᠨᠢᠭᠡ ᠨᠣᠮ ᠬᠠᠶᠠᠯᠴᠠᠶᠠ᠂ ᠲᠡᠷᠡ ᠨᠣᠬᠠᠢ ᠲᠠᠢ ᠨᠢᠭᠡ ᠤᠷᠤᠯᠳᠤᠵᠤ ᠦᠵᠡᠶ᠎ᠡ᠂ᠪᠣᠯᠵᠤ ᠪᠠᠢᠨ᠎ᠠ ᠤᠤ?
ᠴᠠᠰᠤᠬᠠᠨ ᠄ ᠡᠪᠦᠭᠡ ᠠ᠋! ᠪᠢᠳᠡᠨ ᠢ᠋ ᠥᠷᠥᠰᠢᠶᠡᠭᠡᠷᠡᠢ! ᠲᠠᠨ ᠲᠠᠢ ᠵᠦᠭᠡᠷ ᠯᠡ᠁
ᠮᠥᠩᠬᠡ ( ᠪᠠᠰᠠᠷ )᠄ ᠪᠣᠯᠵᠤ ᠪᠠᠢᠨ᠎ᠠ ᠤᠤ ᠡᠪᠦᠭᠡ ᠠ᠋?
ᠪᠠᠰᠠᠷ᠄ ᠬᠣᠶᠠᠭᠤᠯᠠ ᠪᠠᠨ ᠬᠦᠴᠦ ᠪᠡᠨ ᠦᠵᠡᠯᠴᠡᠶ᠎ᠡ ᠳ᠋ᠠ!
ᠮᠥᠩᠬᠡ᠄ ᠠᠯᠢ ᠨᠢᠭᠡ ᠬᠦᠴᠦ ᠪᠡᠨ ᠦᠵᠡᠯᠴᠡᠶ᠎ᠡ!
᠁
ᠵᠠ! ᠪᠠᠢᠵᠠ᠂ ᠬᠠᠮᠢᠭ᠎ᠠ ᠠ᠋ᠴᠠ ᠨᠢ ᠴᠦ᠍ ᠪᠠᠷᠢᠵᠤ ᠠᠪᠳᠠᠭ ᠶᠤᠮ ᠪᠢᠯᠡ ᠳᠠ᠂ ᠬᠢ ᠬᠢ᠁ ᠦ᠂ ᠡᠪᠦᠭᠡ ᠠ᠋! ᠳᠡᠭᠦᠦ ᠨᠢ ᠪᠠᠰᠠ ᠲᠠᠨ ᠢ᠋ ᠭᠡᠮᠲᠦᠭᠡᠴᠢᠬᠡᠬᠦ ᠪᠣᠢ ᠳᠠ! ᠠ᠁
ᠡᠪᠦᠭᠡ᠄ ᠦ ᠬᠡ᠂ ᠣᠯᠠᠨ ᠶᠠᠭᠤᠮ᠎ᠠ ᠶᠠᠷᠢᠵᠤ ᠪᠠᠢᠬᠤ ᠳ᠋ᠤ᠌ ᠨᠢ ᠡᠪᠦᠭᠡᠨ ᠠᠬ᠎ᠠ ᠨᠢ ᠬᠥᠯ ᠳᠣᠣᠷ᠎ᠠ ᠨᠢ ᠴᠢᠯᠠᠭᠤ ᠲᠠᠯᠪᠢᠭᠰᠠᠨ ᠪᠢᠰᠢ᠂ ᠪᠥᠬᠡ ᠬᠥᠮᠦᠨ ᠪᠦᠳᠦᠭᠦᠨ ᠡᠪᠡᠰᠦᠨ ᠳ᠋ᠦ᠍ ᠭᠡᠳ ᠤᠨᠠᠭᠠᠳ ᠦᠭᠬᠦᠯ᠎ᠡ ᠳ᠋ᠠ! ᠬᠡ ᠬᠡ᠁
ᠲᠤᠩᠬᠤ᠄ ᠡᠪᠦᠭᠡ ᠠ᠋! ᠪᠢ ᠲᠠᠨ ᠲᠠᠢ ᠨᠣᠮ ᠬᠠᠶᠠᠯᠴᠠᠬᠤ ᠬᠡ ᠦᠭᠡᠢ ᠰᠢᠦ ᠳ᠋ᠠ!
ᠡᠪᠦᠭᠡ᠄
《 ᠮᠣᠩᠭᠣᠯ ᠤ᠋ᠨ ᠨᠢᠭᠤᠴᠠ ᠲᠣᠪᠴᠢᠶᠠᠨ 》᠂《 ᠵᠠᠩᠭᠠᠷ ᠤ᠋ᠨ ᠲᠤᠤᠯᠢᠰ 》᠂《 ᠭᠡᠰᠡᠷ ᠲᠣᠭᠣᠵᠢ 》᠂
《 ᠣᠶᠤᠨ ᠲᠦᠯᠬᠢᠭᠦᠷ 》᠂ 《 ᠴᠠᠭᠠᠰᠤᠨ ᠰᠢᠪᠠᠭᠤᠨ ᠤ᠋ ᠦᠯᠢᠭᠡᠷ 》᠂ 《 ᠮᠣᠩᠭᠣᠯ ᠠᠷᠠᠳ ᠤ᠋ᠨ ᠦᠯᠢᠭᠡᠷ ᠦ᠋ᠳ 》᠂ ᠳ· ᠭᠠᠷᠮ᠎ᠠ ᠶ᠋ᠢᠨ《 ᠬᠥᠭᠵᠢᠯᠲᠡᠢ ᠲᠣᠭᠣᠵᠢ ᠤ᠋ᠳ 》᠂ ᠢᠰ ᠨᠠᠳᠮᠢᠳ ᠤ᠋ᠨ 《 ᠵᠢᠷᠠᠨ ᠨᠢᠭᠡᠲᠡᠢ ᠲᠣᠭᠣᠵᠢ ᠊ᠤᠳ》᠂ ᠵ· ᠳᠠᠰᠢᠳᠣᠨᠳᠣᠭ ᠤ᠋ᠨ《 ᠴᠢᠯᠠᠭᠤᠨ ᠳᠣᠮᠣᠭ 》᠂《 ᠠᠪᠤ ᠡᠵᠢ ᠪᠣᠢ 》᠂《 ᠬᠠᠷ᠎ᠠ ᠰᠢᠪᠠᠭᠤᠨ ᠤ᠋ ᠴᠠᠭᠠᠨ ᠳᠣᠮᠣᠭ 》 ᠭᠡᠬᠦ ᠳᠣᠮᠣᠭ ᠤ᠋ᠳ᠁
ᠲᠤᠩᠬᠤ᠄ ᠡᠪᠦᠭᠡ ᠠ᠋! ᠪᠢ ᠤᠭ ᠨᠢ ᠤᠩᠰᠢᠭᠰᠠᠨ ᠯᠠ ᠳᠠ᠂ ᠲᠡᠭᠡᠬᠦ ᠳ᠋ᠦ᠍ ᠪᠡᠨ ᠪᠢ ᠲᠠᠨ ᠲᠠᠢ ᠨᠣᠮ ᠬᠠᠶᠠᠯᠴᠠᠶᠠ ᠬᠡ ᠦᠭᠡᠢ ᠰᠢᠳᠡ!
ᠡᠪᠦᠭᠡ᠄ ᠵᠠ᠂ ᠦ᠂ ᠬᠡ ᠬᠡ᠂ ᠵᠠ᠂ᠥᠬᠢᠨ ᠢ᠋ ᠪᠡᠨ ᠲᠡᠭᠡᠪᠡᠯ ᠥᠩᠭᠡᠷᠡᠭᠡᠶ᠎ᠡ! ᠳᠠᠷᠠᠭ᠎ᠠ ᠶ᠋ᠢᠨ ᠬᠢᠨᠢ᠁
ᠪᠠᠰᠠᠷ᠄ ᠶᠠᠮᠠᠷ ᠬᠥᠭᠡᠷᠦᠬᠦᠨ ᠨᠣᠬᠠᠢ ᠪᠣᠢ? ᠪᠢ ᠴᠢᠮ᠎ᠠ ᠶ᠋ᠢ ᠬᠠᠷᠮᠠᠨ ᠳ᠋ᠤ᠌ ᠪᠠᠨ ᠬᠢᠭᠡᠳ ᠠᠪᠤᠭᠠᠳ ᠶᠠᠪᠤᠴᠢᠬᠠᠨ᠎ᠠ ᠰᠢᠦ᠂ ᠥᠩ᠂ ᠪᠢ ᠬᠠᠷᠮᠠᠯᠠᠭᠠᠳ ᠠᠪᠤᠭᠠᠳ ᠶᠠᠪᠤᠴᠢᠬᠠᠨ᠎ᠠ ᠰᠢᠦ! ᠠᠢᠪ ᠬᠠᠢᠪ ᠬᠠᠢᠪ ᠢᠩᠭᠢᠭᠡᠳ ᠪᠠᠢᠭ᠎ᠠ ᠶᠤᠮ ᠊ᠦᠦ? ᠶᠠᠮᠠᠷ ᠬᠥᠭᠡᠷᠦᠬᠦᠨ ᠨᠣᠬᠠᠢ ᠪᠣᠢ?
ᠤᠬᠠᠭᠠᠨ ᠤ᠋ ᠤᠷᠤᠯᠳᠤᠭᠠᠨ!
ᠡᠪᠦᠭᠡ᠄ ᠬᠠᠷ᠎ᠠ ᠨᠠᠭᠤᠷ ᠢ᠋ ᠲᠣᠭᠣᠷᠢᠪᠠᠴᠤ᠂ ᠮᠣᠷᠢᠨ ᠲᠤᠭᠤᠷᠠᠢ ᠶ᠋ᠢᠨ ᠮᠥᠷ ᠦᠭᠡᠢ᠂ ᠬᠠᠮᠪᠤ ᠲᠣᠷᠭ᠎ᠠ ᠶ᠋ᠢ ᠡᠰᠬᠡᠪᠡᠴᠦ᠂ ᠬᠠᠢᠴᠢᠨ ᠊ᠤ ᠥᠭᠡᠳᠡᠰᠦ ᠦᠭᠡᠢ᠂ ᠲᠡᠷᠡ ᠶᠠᠭᠤ ᠪᠣᠢ?
ᠴᠠᠰᠤᠬᠠᠨ ᠄ ᠫᠠᠰ!
ᠡᠪᠦᠭᠡ᠄ ᠵᠠ! ᠵᠡᠭᠦᠳᠦ ᠪᠠᠢᠭᠰᠠᠨ ᠶᠤᠮ᠃ ᠵᠠ ᠲᠡᠭᠡᠪᠡᠯ 《 ᠬᠠᠶᠠᠩ ᠬᠠᠶᠠᠩ ᠬᠣᠷᠮᠣᠢ ᠲᠠᠢ᠂ ᠬᠠᠷ᠎ᠠ ᠬᠤᠷᠠᠭᠠᠨ ᠮᠠᠯᠠᠭᠠᠢ ᠲᠠᠢ᠂ ᠴᠠᠢᠷᠠᠭ ᠴᠠᠢᠷᠠᠭ ᠪᠡᠶ᠎ᠡ ᠲᠡᠢ᠂ ᠴᠠᠭᠠᠨ ᠬᠤᠷᠠᠭᠠᠨ ᠴᠠᠮᠴᠠ ᠲᠠᠢ 》 ᠲᠡᠷᠡ ᠶᠠᠭᠤ ᠪᠣᠢ?
ᠴᠠᠰᠤᠬᠠᠨ ᠄ ᠫᠠᠰ!
ᠡᠪᠦᠭᠡ᠄ ᠭᠡᠷ ᠪᠠᠢᠭᠰᠠᠨ ᠶᠤᠮ᠃ ᠡᠩ! ᠢᠩᠭᠢᠬᠦ ᠳ᠋ᠦ᠍ ᠴᠢ ᠪᠠᠰᠠ ᠥᠷᠢᠰᠦᠯᠳᠦᠬᠦ ᠦᠭᠡᠢ ᠪᠠᠢᠭᠰᠠᠨ ᠶᠤᠮ ᠤᠤ?
ᠴᠠᠰᠤᠬᠠᠨ ᠄ ᠠ ᠬᠠ᠂
ᠡᠪᠦᠭᠡ᠄ ᠵᠠ᠂ ᠲᠡᠷᠡ ᠮᠠᠷᠵᠠᠩ ᠮᠠᠷᠵᠠᠩ ᠢᠨᠢᠶᠡᠭᠡᠳ ᠪᠠᠢᠳᠠᠭ ᠨᠣᠬᠠᠢ ᠣᠷᠣᠯᠳᠣᠬᠤ ᠤᠤ ᠳᠠ?
ᠪᠠᠰᠠᠷ᠄ ᠦ᠋᠂ ᠵᠠ ᠲᠡᠭᠡᠶ᠎ᠡ! ᠦ ᠬᠦ᠌᠁
ᠤᠷᠤᠯᠳᠤᠭᠠᠨ!
ᠮᠥᠩᠬᠡ᠄ ᠨᠢᠭᠡ᠂ ᠬᠣᠶᠠᠷ ᠤ᠋ᠨ ᠭᠤᠷᠪᠠ ᠠ᠋᠂ ᠭᠦᠶᠦ!
ᠪᠠᠰᠠᠷ᠄ ᠬᠠᠮᠢᠭ᠎ᠠ ᠣᠴᠢᠭᠰᠠᠨ ᠶᠤᠮ ᠪᠣᠯ?
ᠡᠪᠦᠭᠡ᠄ ᠠ᠋᠂ ᠶᠠ! ᠰᠠᠶᠢ ᠯᠠ ᠢᠷᠡᠪᠡ ᠤᠤ?
ᠪᠠᠰᠠᠷ᠄ ᠵᠠ᠂ ᠣᠳᠣ ᠶᠣᠰᠣᠲᠠᠢ ᠪᠠᠷ᠎ᠠ ᠰᠤᠷᠠᠭ ᠦᠭᠡᠢ᠂ ᠪᠠᠢᠬᠤ ᠦᠭᠡᠢ ᠪᠠᠢᠬ᠎ᠠ? ᠬᠢ ᠬᠢ᠁
ᠡᠪᠦᠭᠡ᠄ ᠥᠩ᠂ ᠰᠠᠶᠢ ᠯᠠ ᠢᠷᠡᠪᠡ ᠤᠤ?
ᠪᠠᠰᠠᠷ᠄ ᠬᠥᠶᠢ᠂ ᠬᠥᠥᠭ ᠵᠠ! ᠲᠠᠰᠤᠷᠠᠭᠰᠠᠨ ᠪᠠᠢᠯᠭᠦᠢ ᠯᠡ ᠳ᠋ᠠ!
ᠡᠪᠦᠭᠡ᠄ ᠴᠢᠮᠠᠢ ᠶ᠋ᠢ ᠪᠠᠷᠢᠶᠠᠨ ᠳ᠋ᠤ᠌ ᠣᠷᠣᠴᠢᠬᠠᠭᠠᠳ ᠯᠠ ᠬᠦᠯᠢᠶᠡᠭᠡᠳ ᠪᠠᠢᠯ᠎ᠠ᠃
ᠮᠥᠩᠬᠡ᠄ ᠫᠥᠬᠥ᠂ ᠲᠠ ᠶᠠᠭᠠᠬᠢᠵᠤ ᠡᠢᠮᠦ ᠬᠤᠷᠳᠤᠨ ᠶᠠᠪᠤᠴᠢᠬᠠᠪᠠ?
ᠡᠪᠦᠭᠡ᠄ ᠣᠷᠣᠯᠳᠣᠬᠤ ᠳ᠋ᠤ᠌ ᠳᠦᠷᠢᠮ ᠭᠠᠷᠭᠠᠭ᠎ᠠ ᠦᠭᠡᠢ ᠰᠢᠦ ᠳ᠋ᠠ! ᠠᠬ᠎ᠠ ᠨᠢ ᠨᠢᠷᠤᠭᠤᠨ ᠳᠡᠭᠡᠷ᠎ᠡ ᠨᠢ ᠰᠠᠭᠤᠭᠠᠳ ᠲᠦᠷᠦᠭᠦᠯᠡᠨ᠎ᠡ ᠨᠢᠰᠦᠭᠡᠳ ᠲᠦᠷᠦᠭᠦᠯᠡᠨ᠎ᠡ ᠦᠦ ᠡᠪᠦᠭᠡᠨ ᠠᠬ᠎ᠠ ᠶ᠋ᠢᠨ ᠬᠢᠨᠢ ᠳᠤᠷ᠎ᠠ ᠰᠢᠦ ᠳ᠋ᠠ ! ᠬᠡ ᠬᠡ᠁
ᠮᠥᠩᠬᠡ᠄ ᠵᠠ ᠵᠠ! ᠶᠠᠭᠠᠬᠢᠯᠲᠠ ᠴᠤ᠌ ᠦᠭᠡᠢ ᠲᠠ ᠢᠯᠠᠯ᠎ᠠ᠃
ᠪᠠᠰᠠᠷ᠄ ᠠ! ᠬᠤᠳᠠᠯ᠂ ᠬᠤᠳᠠᠯ ᠶᠠᠷᠢᠭᠠᠳ ᠪᠠᠢᠨ᠎ᠠ ᠰᠢᠲᠠ! ᠬᠤᠳᠠᠯ ᠶᠠᠷᠢᠭᠠᠳ᠁ ᠠᠷᠭᠠᠯᠠᠭᠠᠳ᠁ ᠬᠣᠯᠬᠢᠳᠠᠭᠠᠳ ᠪᠠᠢᠨ᠎ᠠ ᠰᠢᠲᠠ! ᠠ᠂ ᠪᠣᠯᠢ ᠠ᠋!
ᠴᠠᠰᠤᠬᠠᠨ ᠄ ᠪᠠᠰᠠᠷ ᠠ᠋! ᠲᠠᠢᠪᠤᠰᠢᠷᠠ ᠳ᠋ᠠ!
ᠡᠪᠦᠭᠡ᠄ ᠡᠪᠦᠭᠡᠨ ᠠᠬ᠎ᠠ ᠨᠢ ᠲᠠ ᠨᠠᠷ ᠲᠤ᠌ ᠪᠢᠷ᠎ᠠ ᠵᠢᠵᠢᠭ ᠴᠦ᠍ ᠪᠦᠬᠦᠨ ᠢ᠋ ᠴᠢᠳᠠᠳᠠᠭ ᠶᠤᠮ ᠰᠢᠦ》 ᠭᠡᠳᠡᠭ ᠢ ᠰᠤᠷᠭᠠᠬᠤ ᠰᠠᠨᠠᠭ᠎ᠠ ᠲᠠᠢ ᠨᠠᠭᠠᠳᠤᠮ ᠬᠢᠯ᠎ᠡ᠃ ᠪᠡᠶ᠎ᠡ ᠪᠠᠭ᠎ᠠ ᠴᠤ᠌ ᠭᠡᠰᠡᠨ ᠮᠤᠨᠳᠠᠭ ᠪᠠᠢᠵᠤ ᠪᠣᠯᠳᠠᠭ ᠶᠤᠮ ᠰᠢᠦ ᠳ᠋ᠠ!
ᠮᠥᠩᠬᠡ᠄ ᠬᠢ ᠬᠢ᠂ ᠣᠢᠯᠠᠭᠠᠯ᠎ᠠ ᠡᠪᠦᠭᠡ!
ᠴᠠᠰᠤᠬᠠᠨ ᠄ ᠪᠠᠶᠠᠷᠯᠠᠯ᠎ᠠ ᠲᠠᠨ ᠳ᠋ᠤ᠌!
ᠲᠤᠩᠬᠤ᠄ ᠣᠢᠯᠠᠭᠠᠯ᠎ᠠ᠂ ᠪᠠᠶᠠᠷᠯᠠᠯ᠎ᠠ!
ᠪᠠᠰᠠᠷ᠄ ᠭᠡᠲᠡᠯ᠎ᠡ᠂ ᠬᠥᠮᠦᠨ ᠦ᠌ ᠮᠥᠷᠦᠨ ᠳᠡᠭᠡᠷ᠎ᠡ ᠰᠠᠭᠤᠭᠠᠳ ᠶᠠᠪᠤᠭᠠᠳ᠁ ᠬᠤᠳᠠᠯ᠁ ᠲᠡᠭᠡᠬᠦᠯᠡᠷ ᠴᠢᠨᠢ ᠡᠨᠡ ᠪᠤᠷᠤᠭᠤ᠁ ᠵᠠ ᠵᠠ! ᠵᠠ ᠵᠠ᠂ ᠪᠠᠶᠠᠷᠯᠠᠯ᠎ᠠ ᠡᠪᠦᠭᠡ ᠠ᠋!
ᠵᠠ ᠵᠠ! ᠪᠠᠶᠠᠷᠯᠠᠯ᠎ᠠ᠂ ᠡᠪᠦᠭᠡ ᠠ᠋!
ᠡᠪᠦᠭᠡ᠄ ᠬᠠ ᠬᠠ ᠬᠠ᠁
ᠪᠦᠭᠦᠳᠡᠭᠡᠷ᠄ ᠬᠡ ᠬᠡ᠁
ᠵᠠᠷᠯᠠᠯ᠄ ᠲᠥᠰᠥᠪᠯᠡᠯ ᠳ᠋ᠦ᠍ ᠰᠠᠭᠤᠷᠢᠯᠠᠭᠰᠠᠨ ᠲᠸᠭᠨᠢᠭ ᠊ᠤᠨ ᠪᠣᠯᠤᠨ ᠮᠡᠷᠭᠡᠵᠢᠯ ᠦ᠋ᠨ ᠪᠣᠯᠪᠠᠰᠤᠷᠠᠯ ᠰᠤᠷᠭᠠᠯ ᠲᠥᠰᠥᠯ ᠲᠡᠢ ᠬᠠᠮᠲᠤᠷᠠᠨ ᠠᠵᠢᠯᠯᠠᠪᠠ᠃
ᠲᠤᠩᠬᠤ᠄ ᠪᠡᠶ᠎ᠡ ᠶ᠋ᠢᠨ ᠳᠠᠰᠬᠠᠯ ᠬᠢᠶ᠎ᠡ᠂ ᠭᠡᠷ ᠲᠦ᠍ ᠪᠡᠨ ᠭᠣᠶᠣ ᠪᠠᠢ᠂ ᠪᠠᠢ ᠪᠠᠢ! ᠬᠢ ᠬᠢ! ᠬᠡᠦᠬᠡᠳ ᠦ᠋ᠳ ᠠ᠋! ᠭᠡᠷ ᠲᠦ᠍ ᠪᠡᠨ ᠪᠠᠢᠩᠭᠤ ᠳᠠᠰᠬᠠᠯ ᠬᠢᠵᠦ ᠪᠠᠢᠭᠠᠷᠠᠢ!
ᠦᠰᠦᠭ ᠠᠮᠢᠯᠠᠭᠤᠯᠤᠭᠴᠢ᠄ ᠬᠤᠸᠠᠷ
ᠦᠰᠦᠭ ᠬᠠᠲᠠᠭᠴᠢ᠄ ᠾᠦᠩ ᠸᠧᠢ
ᠬᠢᠨᠠᠯᠲᠠ ᠬᠢᠭᠰᠡᠨ ᠨᠢ᠄ ᠱᠤᠳᠤᠷᠭᠤ᠂ ᠠ • ᠰᠠᠷᠠᠩᠭᠡᠷᠡᠯ ᠂ ᠮᠥᠴᠢᠷ᠂ ᠪᠥᠬᠡᠴᠢᠯᠠᠭᠤ᠂ ᠪᠠᠶᠠᠷᠴᠡᠴᠡᠭ᠂ ᠾᠦᠩ ᠸᠧᠢ᠂ᠬᠤᠸᠠᠷ᠃