ᠮᠥᠩᠬᠡ ᠲᠤᠩᠬᠤ 3-04 ᠲᠣᠭᠣᠯ ᠪᠠᠷᠰ ᠬᠣᠶᠠᠷМөнх Тунх
ᠲᠣᠭᠣᠯ ᠪᠠᠷᠰ ᠬᠣᠶᠠᠷ
ᠮᠠᠢ᠂ ᠮᠠᠢ( ᠬᠣᠨᠢ ᠢᠮᠠᠭᠠᠨ ᠊ᠤ ᠮᠠᠢᠯᠠᠬᠤ ᠳᠠᠭᠤ)
ᠮᠥᠩᠬᠡ᠄ (ᠲᠣᠭᠯᠠᠭᠠᠮ ᠤ᠋ᠨ ᠬᠥᠳᠡᠯᠭᠡᠭᠡᠨ ᠊ᠢ ᠳᠠᠭᠠᠭᠰᠠᠨ ᠳᠠᠭᠤ)
ᠲᠤᠩᠬᠤ᠄ ᠢᠩᠭᠢᠬᠦ ᠳ᠋ᠦ᠍ ᠮᠥᠩᠬᠡ ᠠ᠋ ! ᠴᠢ ᠨᠠᠳᠠ ᠳ᠋ᠤ᠌ ᠲᠤᠰᠠᠯᠠᠬᠤ ᠦᠭᠡᠢ ᠶᠦ᠍ᠮ ᠦᠦ ? ᠭᠠᠭᠴᠠᠭᠠᠷ ᠢ᠋ᠶ᠋ᠠᠨ ᠲᠣᠭᠯᠠᠭᠠᠳ ᠯᠠ ᠪᠠᠶ᠋ᠢᠬᠤ ᠶᠤᠮ!
ᠮᠥᠩᠬᠡ᠄ ( ᠲᠣᠭᠯᠠᠭᠠᠮ ᠤ᠋ᠨ ᠬᠥᠳᠡᠯᠭᠡᠭᠡᠨ ᠊ᠢ ᠳᠠᠭᠠᠭᠰᠠᠨ ᠳᠠᠭᠤ )
ᠲᠤᠩᠬᠤ᠄ ᠵᠠ᠂ ᠮᠥᠩᠬᠡ ᠮᠢᠨᠢ! ᠨᠣᠮ ᠳᠡᠪᠲᠡᠷ ᠢ᠋ᠶ᠋ᠡᠨ ᠡᠮᠬᠢᠯᠡᠬᠦ ᠦᠭᠡᠢ ᠪᠣᠯ ᠦᠯᠢᠭᠡᠷ ᠦ᠋ᠨ ᠴᠠᠭ ᠪᠣᠯᠤᠯ᠎ᠠ᠃
ᠮᠥᠩᠬᠡ᠄ ᠮᠢᠨᠦ᠂ ᠮᠢᠨᠦ ᠶᠠᠭᠤᠮ᠎ᠠ ᠨᠤᠭᠤᠳ ᠊ᠢ ᠦᠯᠡᠳᠡᠴᠢᠬᠡᠬᠦ ᠦᠦ ᠳᠡ ! ᠪᠢ᠂ ᠪᠢ ᠡᠨᠡ ᠦᠶ᠎ᠡ ᠶ᠋ᠢ ᠪᠦᠷ ᠶᠠᠭ ᠳᠠᠪᠠᠬᠤ ᠭᠡᠳ ᠪᠠᠶ᠋ᠢᠨ᠎ᠠ᠃
ᠲᠤᠩᠬᠤ᠄ ᠠᠢ! ᠮᠥᠩᠬᠡ ᠠ᠋ ! ᠭᠤᠶᠤᠵᠤ ᠪᠠᠶ᠋ᠢᠨ᠎ᠠ ᠰᠢᠳᠡ!
ᠮᠥᠩᠬᠡ᠄ ᠥᠩ᠂ ᠥ᠂ᠲᠡᠷᠡ ᠲᠤᠩᠬᠤ ᠠ᠋ ! ᠴᠢᠮ᠎ᠠ ᠠ᠋ᠴᠠ ᠪᠣᠯᠤᠭᠠᠳ ᠪᠢ ᠦᠶ᠎ᠡ ᠪᠡᠨ ᠳᠠᠪᠠᠵᠤ ᠴᠢᠳᠠᠭᠰᠠᠨ ᠦᠭᠡᠢ ᠰᠢᠳᠡ᠂ ᠦ᠂ᠢᠯᠠᠭᠳᠠᠴᠢᠬᠠᠯᠠ ! ᠦᠭᠡᠢ᠂ᠴᠢ ᠨᠡᠭᠡᠷᠡᠨ ᠪᠠᠰᠠᠷ ᠊ᠤᠨ ᠬᠡᠯᠡᠳᠡᠭ ᠢ᠋ᠶ᠋ᠡᠷ ᠪᠠᠶ᠋ᠢᠪ ᠪᠠᠶ᠋ᠢᠪ ᠪᠠᠶ᠋ᠢᠪ᠁ ᠪᠠᠪ ᠪᠠᠪ ᠪᠠᠪ᠁
ᠲᠤᠩᠬᠤ᠄ ᠬᠡ ᠬᠡ ᠬᠡ᠂ᠢᠨᠢᠶᠡᠳᠦ ᠲᠡᠢ ᠴᠦ᠍ ᠭᠡᠳ ᠪᠤᠰᠤᠳ ᠊ᠢ ᠭᠣᠣᠴᠢᠯᠠᠬᠤ ᠴᠢᠨᠢ ᠮᠠᠭᠤᠬᠠᠢ ᠵᠠᠩ ᠳᠠ!
ᠠᠷᠸ᠎ᠡ ᠄ ᠴᠠᠭ ᠪᠣᠯᠤᠯ᠎ᠠ! ᠳᠡᠭᠦᠦ ᠨᠠᠷ ᠠ᠋ ! ᠣᠷᠣᠭᠠᠳ ᠢᠷ᠎ᠡ!
ᠵᠠ ᠳᠠ ᠬᠣᠶᠠᠷ ᠮᠠᠨᠢ ᠳᠡᠯᠦᠭᠡ ᠬᠢᠴᠢᠶᠡᠯ ᠦ᠋ᠨ ᠢ᠋ᠶ᠋ᠡᠨ ᠳᠠᠭᠠᠭᠠᠯᠭᠠᠪᠤᠷᠢ ᠶ᠋ᠢ ᠬᠢᠭᠡᠳ ᠭᠡᠷ ᠢ᠋ᠶ᠋ᠡᠨ ᠴᠡᠪᠡᠷᠯᠡᠴᠢᠬᠡᠭᠰᠡᠨ ᠊ᠦᠦ?
ᠮᠥᠩᠬᠡ᠄ ᠲᠡᠭᠡᠭᠰᠡᠨ ᠠ᠋ ᠂ ᠶᠠᠭᠰᠢᠲᠠᠯ᠎ᠠ ᠬᠢᠭᠡᠳ ᠵᠢᠮᠪᠢᠢᠲᠡᠯᠡ ᠴᠡᠪᠡᠷᠯᠡᠴᠢᠬᠡᠭᠰᠡᠨ ᠬᠢ ᠬᠢ ᠁
ᠲᠤᠩᠬᠤ᠄ ᠮᠥᠩᠬᠡ ᠠ᠋ ᠁
ᠮᠥᠩᠬᠡ᠄ ᠦ ᠴᠢ᠂ ᠠᠭᠢᠭᠠᠳ ᠯᠠ ᠡᠬᠢᠯᠡᠵᠦ ᠪᠠᠶ᠋ᠢᠨ᠎ᠠ ᠊ᠦᠦ? ᠪᠠᠪ ᠪᠠᠪ ᠪᠠᠪ᠁ ᠪᠠᠶ᠋ᠢᠪ ᠪᠠᠶ᠋ᠢᠪ ᠪᠠᠶ᠋ᠢᠪ᠁
ᠠᠷᠸ᠎ᠡ ᠄ ᠮᠥᠩᠬᠡ ᠠ᠋ !
ᠮᠥᠩᠬᠡ᠄ ᠠ!
ᠠᠷᠸ᠎ᠡ ᠄ ᠨᠢᠭᠡᠨ ᠢ᠋ᠶ᠋ᠡᠨ ᠭᠤᠤᠴᠢᠯᠠᠭᠳ ᠪᠠᠶ᠋ᠢᠬᠤ ᠨᠢ ᠪᠤᠷᠤᠭᠤ ᠵᠠᠩ ᠰᠢᠦ! ᠠᠬ᠎ᠠ ᠶ᠋ᠢᠨ ᠳᠡᠭᠦᠦ
ᠮᠥᠩᠬᠡ᠄ ᠬᠢ ᠬᠢ ᠁ ᠵᠠ!
ᠠᠷᠸ᠎ᠡ ᠄ ᠵᠠ᠂ ᠠᠶᠠᠯᠠᠬᠤ ᠳ᠋ᠤ᠌ ᠪᠠᠨ ᠪᠡᠯᠡᠨ ᠦᠦ ᠮᠠᠨ ᠊ᠤ ᠬᠢ ᠠ᠋?
ᠪᠠᠰᠠᠷ᠄ ᠬᠥᠪ ᠁
ᠴᠠᠰᠤᠬᠠᠨ ᠄ ᠮᠢᠶᠣᠤ ᠁
ᠮᠥᠩᠬᠡ᠄ ᠪᠣᠢ
ᠲᠤᠩᠬᠤ᠄ ᠬᠡᠩ ᠁
ᠮᠥᠩᠬᠡ᠄ ᠵᠠ᠂ ᠶᠠᠩᠵᠤ ᠲᠠᠢ ᠳᠠ! ᠡᠷ᠎ᠡ ᠬᠥᠮᠦᠨ ᠦ᠌ ᠵᠢᠷᠭᠠᠯ ᠡᠵᠡᠭᠦᠢ ᠬᠡᠭᠡᠷ᠎ᠡ ᠭᠡᠵᠦ ᠁
ᠪᠠᠰᠠᠷ᠄ ᠸᠠ! ᠲᠠ ᠨᠠᠷ ᠵᠦᠭᠡᠷ ᠯᠡ ᠰᠣᠨᠣᠰ!ᠠᠭᠯᠠᠭ ᠲᠠᠯ᠎ᠠ ᠶ᠋ᠢᠨ ᠠᠲ᠋ᠠᠮᠠᠨ ᠪᠠᠰᠠᠷ ᠤ᠋ᠨ ᠵᠢᠷᠭᠠᠯ ᠦᠯᠢᠭᠡᠷ ᠳᠣᠲᠣᠷ᠎ᠠ ᠰᠢᠦ ᠳᠡ!
ᠲᠤᠩᠬᠤ᠄ ᠵᠠ᠂
ᠴᠠᠰᠤᠬᠠᠨ ᠄ ᠲᠠ ᠬᠣᠶᠠᠷ ᠴᠢᠨᠢ ᠪᠦᠷ ᠪᠢᠳᠡ ᠬᠣᠶᠠᠷ ᠊ᠢ ᠮᠠᠷᠲᠠᠴᠢᠬᠠᠭᠠ ᠦᠭᠡᠢ ᠪᠢᠵᠡ?
ᠮᠥᠩᠬᠡ᠄ ᠬᠠᠨᠠᠰᠠ ᠳᠠ! ᠠᠯᠢᠪ! ᠪᠠᠰᠠᠷ ᠠ᠋ ᠂ ᠪᠢ ᠨᠡᠭᠡᠷᠡᠨ ᠵᠥᠩᠳᠡᠭᠡᠨ ᠬᠦᠯᠢᠶᠡᠯ᠎ᠡ!ᠨᠢᠰᠦᠶ᠎ᠡ᠂ ᠨᠢᠰᠦᠶ᠎ᠡ! ᠨᠢᠰᠦᠯᠭᠡ ᠳ᠋ᠦ᠍ ᠪᠡᠯᠡᠳᠬᠡᠭᠡᠳ!
ᠪᠠᠰᠠᠷ᠄ ᠮᠡᠳᠡᠯ᠎ᠡ᠂ ᠭᠦᠢᠴᠡᠳᠬᠡᠶ᠎ᠡ !
ᠲᠤᠩᠬᠤ᠄ ᠬᠥᠶᠢ᠂ ᠬᠣᠶᠠᠷ ᠠ᠋᠂᠂ ᠬᠠᠮᠢᠭ᠎ᠠ ᠣᠴᠢᠨ᠎ᠠ ᠪᠣᠢ ?ᠤᠳᠠᠬᠤ ᠦᠭᠡᠢ ᠦᠯᠢᠭᠡᠷ ᠤᠩᠰᠢᠨ᠎ᠠ ᠰᠢᠦ ᠳᠡ! ᠬᠡᠳᠦᠭᠦᠯᠡ ᠪᠡᠨ ᠵᠥᠪ ᠵᠦᠢᠯ ᠬᠢᠬᠦ ᠭᠡᠵᠦ ᠦᠯᠢᠭᠡᠷ ᠲᠦ᠍ ᠣᠷᠣᠵᠤ ᠢᠷᠡᠭᠰᠡᠨ ᠪᠢᠵᠡ ᠳᠡ!
ᠮᠥᠩᠬᠡ᠄ ᠶᠣᠬᠤ᠂! ᠲᠤᠩᠬᠤ ᠠ᠋ᠴᠠ ᠬᠣᠯᠠᠳᠠᠵᠤ ᠨᠢᠭᠡ ᠠᠮᠠᠷᠠᠯ᠎ᠠ᠂ ᠲᠠᠩᠳᠠ ᠯᠠ ᠥᠭᠦᠯᠡᠵᠦ ᠪᠠᠶ᠋ᠢᠬᠤ ᠶᠤᠮ ᠁᠄ ᠵᠥᠪ ᠪᠠᠢ᠂ ᠢᠩᠭᠢ ᠲᠡᠭᠡᠭᠡᠳ ᠯᠡ ᠁ ᠦᠭᠡᠢ ᠡᠨᠡ ᠴᠢᠨᠢ ᠡᠷᠬᠡ ᠳᠤᠷ᠎ᠠ ᠪᠠᠷ ᠢ᠋ᠶ᠋ᠠᠨ᠂ ᠡᠩ ᠦᠭᠡᠢ ᠨᠠᠳᠠ ᠳ᠋ᠤ᠌ ᠵᠢᠭᠠᠵᠤ ᠵᠢᠭᠠᠪᠤᠷᠢᠯᠠᠬᠤ ᠶᠠᠮᠠᠷ ᠬᠡᠷᠡᠭ ᠪᠠᠶ᠋ᠢᠲᠠᠭ ᠪᠠᠶ᠋ᠢᠨ᠎ᠠ!
ᠪᠠᠰᠠᠷ᠄ ᠬᠠᠷᠢᠨ ᠲᠡᠶ᠋ᠢᠮᠦ ᠠ᠋᠃ᠥᠬᠢᠳ ᠊ᠤᠳ ᠲᠠᠩᠳᠠ ᠯᠠ ᠹᠸᠹᠦ᠋᠂ ᠹᠸᠹᠦ᠋᠂ ᠹᠧᠢ ᠹᠦ ᠹᠦ᠂ ᠹᠦ ᠹᠧᠢ ᠹᠦ᠁᠁
ᠮᠥᠩᠬᠡ᠄ ᠬᠠ ᠬᠠ ᠁
ᠪᠠᠰᠠᠷ᠄ ᠬᠡ ᠬᠡ ᠁
ᠮᠣᠩᠭᠣᠯ ᠠᠷᠠᠳ ᠤ᠋ᠨ ᠦᠯᠢᠭᠡᠷ ᠲᠤᠭᠤᠯ ᠪᠠᠷᠰ ᠬᠣᠶᠠᠷ
ᠡᠷᠲᠡ ᠤᠷᠢᠳᠤ ᠴᠠᠭ ᠲᠤ᠌ ᠪᠠᠷᠰ ᠲᠤᠭᠤᠯ ᠬᠣᠶᠠᠷ ᠢᠵᠢᠯᠢᠳᠦᠨ ᠳᠠᠰᠢᠭᠰᠠᠨ ᠪᠠᠶ᠋ᠢᠵᠠᠢ ᠃ ᠨᠢᠭᠡᠨ ᠡᠳᠦᠷ ᠪᠠᠷᠰ ᠨᠢ ᠵᠠᠮ ᠳᠡᠭᠡᠷ᠎ᠡ ᠡᠴᠡ ᠬᠣᠩᠬᠣ ᠣᠯᠤᠭᠠᠳ ᠲᠤᠭᠤᠯ ᠤ᠋ᠨ ᠬᠦᠵᠦᠭᠦᠨ ᠳ᠋ᠦ᠍ ᠵᠡᠭᠦᠵᠦ ᠥᠭᠭᠦᠭᠡᠳ᠄ 《 ᠨᠠᠮ᠎ᠠ ᠶ᠋ᠢ ᠪᠠᠶ᠋ᠢᠬᠤ ᠦᠭᠡᠢ ᠳ᠋ᠦ᠍ ᠴᠢᠮ᠎ᠠ ᠳ᠋ᠤ᠌ ᠠᠶᠤᠯ ᠤᠴᠠᠷᠠᠪᠠᠯ ᠳᠠᠭᠤ ᠭᠠᠷᠭᠠᠭᠠᠷᠠᠢ》ᠭᠡᠵᠡᠢ᠃ ᠪᠢ ᠬᠣᠩᠬᠣᠨ ᠤ᠋ ᠳᠠᠭᠤᠨ ᠢ᠋ᠶ᠋ᠠᠷ ᠢᠷᠡᠵᠦ ᠴᠢᠮ᠎ᠠ ᠶ᠋ᠢ ᠬᠠᠮᠠᠭᠠᠯᠠᠵᠤ ᠪᠠᠶ᠋ᠢᠶ᠎ᠠ᠃
ᠨᠢᠭᠡ ᠡᠳᠦᠷ ᠪᠠᠷᠰ ᠠᠩ ᠡᠷᠢᠵᠦ ᠶᠠᠪᠤᠲᠠᠯ᠎ᠠ ᠬᠣᠩᠬᠣᠨ ᠤ᠋ ᠳᠠᠭᠤ ᠳᠤᠤᠭᠠᠷᠴᠠᠢ᠃ ᠰᠠᠨᠳᠤᠷᠴᠤ ᠭᠦᠶᠦᠵᠦ ᠢᠷᠡᠪᠡᠯ ᠲᠤᠭᠤᠯ ᠵᠦᠭᠡᠷ ᠯᠡ ᠡᠪᠡᠰᠦ ᠢᠳᠡᠵᠦ ᠪᠠᠶ᠋ᠢᠪᠠ ᠃ ᠶᠠᠭᠤ ᠪᠣᠯᠪᠠ? ᠴᠢᠮ᠎ᠠ ᠳ᠋ᠤ᠌ ᠶᠠᠮᠠᠷ ᠠᠶᠤᠯ ᠤᠴᠠᠷᠠᠪᠠ ᠭᠡᠲᠡᠯ᠎ᠡ᠂ ᠲᠤᠭᠤᠯ ᠬᠠᠮᠠᠷ ᠳᠡᠭᠡᠷ᠎ᠡ ᠮᠢᠨᠢ ᠬᠥᠬᠡ ᠲᠦᠷᠦᠭᠦᠦ ᠰᠠᠭᠤᠵᠤ ᠪᠢ ᠠᠶᠤᠭᠠᠳ ᠴᠢᠮ᠎ᠠ ᠶ᠋ᠢ ᠳᠠᠭᠤᠳᠠᠭᠰᠠᠨ ᠶᠤᠮ ᠭᠡᠵᠡᠢ᠃ ᠡᠭᠦᠨ ᠡᠴᠡ ᠬᠣᠶ᠋ᠢᠰᠢ ᠡᠶ᠋ᠢᠮᠦ ᠳᠡᠮᠡᠢ ᠶᠠᠭᠤᠮᠠᠨ ᠳ᠋ᠤ᠌ ᠨᠠᠮ᠎ᠠ ᠶ᠋ᠢ ᠳᠠᠭᠤᠳᠠᠬᠤ ᠬᠡᠷᠡᠭ ᠦᠭᠡᠢ ᠭᠡᠳ ᠪᠠᠷᠰ ᠠᠩ ᠳ᠋ᠤ᠌ ᠪᠠᠨ ᠶᠠᠪᠤᠯ᠎ᠠ᠃ ᠲᠡᠭᠡᠲᠡᠯ᠎ᠡ ᠤᠳᠠᠯ ᠦᠭᠡᠢ ᠳᠠᠬᠢᠭᠠᠳ ᠬᠣᠩᠬᠣ ᠵᠢᠩᠭᠢᠨᠡᠵᠦ ᠰᠣᠨᠣᠰᠳᠠᠪᠠ᠃ᠪᠠᠷᠰ ᠪᠠᠰᠠ ᠯᠠ ᠶᠠᠭᠠᠷᠠᠨ ᠭᠦᠶᠦᠵᠦ ᠢᠷᠡᠲᠡᠯ᠎ᠡ ᠡᠪᠡᠰᠦ ᠢᠳᠡᠭᠡᠳ ᠪᠠᠶ᠋ᠢᠵᠤ ᠪᠠᠶ᠋ᠢᠵᠠᠢ ᠃ ᠶᠠᠭᠤ ᠪᠣᠯᠪᠠ? ᠶᠠᠭᠤᠨ ᠳ᠋ᠤ᠌ ᠨᠠᠮ᠎ᠠ ᠶ᠋ᠢ ᠳᠠᠭᠤᠳᠠᠭ᠎ᠠ ᠪᠣᠢ ? ᠭᠡᠰᠡᠨ ᠳ᠋ᠦ᠍ ᠲᠤᠭᠤᠯ ᠵᠦᠭᠡᠷ᠂ ᠪᠢ ᠣᠭᠣᠳᠣᠩᠨᠠᠭᠠᠳ ᠲᠣᠯᠣᠭᠠᠢ ᠪᠠᠨ ᠰᠠᠵᠢᠯᠠᠵᠤ ᠪᠠᠶ᠋ᠢᠬᠰᠠᠨ ᠶᠤᠮ ᠭᠡᠵᠡᠢ᠃ ᠤᠳᠠᠭᠠᠬᠢ ᠲᠣᠬᠢᠶᠠᠯᠳᠤᠯ ᠳ᠋ᠤ᠌ ᠪᠠᠷᠰ ᠳᠠᠬᠢᠭᠠᠳ ᠭᠥᠷᠦᠭᠡᠨ ᠳ᠋ᠦ᠍ ᠪᠡᠨ ᠶᠠᠪᠤᠵᠤ ᠪᠠᠶ᠋ᠢᠲᠠᠯ᠎ᠠ ᠬᠣᠩᠬᠣ ᠵᠢᠩᠭᠢᠨᠡᠪᠡ᠂ ᠲᠣᠯᠣᠭᠠᠢ ᠳᠡᠭᠡᠷ᠎ᠡ ᠨᠢ ᠰᠢᠮᠠᠭᠤᠯ ᠰᠠᠭᠤᠭᠠᠳ ᠦᠷᠭᠦᠭᠡᠵᠦ ᠪᠠᠶ᠋ᠢᠬ᠋᠎ᠠ ᠪᠠᠶ᠋ᠢᠵᠠ ᠳᠠ ᠭᠡᠵᠦ ᠪᠣᠳᠣᠭᠠᠳ ᠪᠠᠷᠰ ᠡᠨᠡ ᠤᠳᠠᠭ᠎ᠠ ᠳ᠋ᠤ᠌ ᠣᠴᠢᠭᠰᠠᠨ ᠦᠭᠡᠢ ᠭᠡᠨ᠎ᠡ᠃
ᠲᠤᠩᠬᠤ᠄ ᠶᠠᠭᠠᠬᠢᠨ᠎ᠠ? ᠬᠤᠷᠳᠤᠬᠠᠨ ᠲᠤᠭᠤᠯ ᠳᠡᠭᠡᠷ᠎ᠡ ᠣᠴᠢᠵᠤ ᠶᠠᠭᠤ ᠲᠣᠬᠢᠶᠠᠯᠳᠤᠭᠰᠠᠨ ᠊ᠢ ᠨᠢ ᠠᠰᠠᠭᠤᠬᠤ ᠦᠭᠡᠢ ᠪᠣᠯ ?
ᠴᠠᠰᠤᠬᠠᠨ ᠄ ᠬᠠᠷᠢᠨ ᠲᠡᠶ᠋ᠢᠮᠦ ᠂ ᠪᠠᠷᠰ ᠬᠡᠷᠪᠡ ᠢᠷᠡᠭᠡ ᠦᠭᠡᠢ ᠶᠦ᠍ᠮ ᠪᠣᠯ ᠲᠤᠭᠤᠯ ᠳ᠋ᠤ᠌ ᠦᠨᠡᠬᠡᠷ ᠮᠠᠭᠤ ᠵᠦᠢᠯ ᠲᠣᠬᠢᠶᠠᠯᠳᠤᠪᠠᠯ ᠶᠠᠭᠠᠬᠢᠨ᠎ᠠ?
ᠪᠠᠰᠠᠷ᠄ ᠥ᠂ ᠥ ᠁ ᠬᠥᠶᠢ᠂ ᠥ᠂ ᠥ ᠁ ᠬᠥᠶᠢ ᠬᠥᠶᠢ! ᠪᠠᠯᠠᠷᠠᠭᠰᠠᠨ ᠠ᠋!
ᠮᠥᠩᠬᠡ᠄ ᠬᠥᠶᠢ ᠂ ᠬᠥᠶᠢ! ᠶᠠᠭᠤ ᠪᠣᠯᠤᠭᠠᠳ ᠪᠠᠶ᠋ᠢᠨ᠎ᠠ ᠪᠠᠰᠠᠷ ᠠ᠋?
ᠪᠠᠰᠠᠷ᠄ ᠬᠤᠷᠳᠤᠬᠠᠨ ᠪᠤᠴᠠᠬᠤ ᠦᠭᠡᠢ ᠪᠣᠯ ᠴᠡᠨᠡᠭ ᠳᠠᠭᠤᠰᠴᠢᠬᠠᠬᠤ ᠰᠢᠬ ᠪᠠᠶ᠋ᠢᠨ᠎ᠠ ᠃
ᠮᠥᠩᠬᠡ᠄ ᠦᠨᠡᠨ ᠳᠠᠭᠤᠰᠴᠤ ᠪᠠᠶ᠋ᠢᠬ᠋᠎ᠠ ᠦᠭᠡᠢ ᠪᠢᠵᠡ ᠳᠡ !
ᠪᠠᠰᠠᠷ᠄ ᠬᠠᠷᠢᠨ ᠶᠠᠭᠠᠬᠢᠴᠢᠬᠠᠪᠠ ?
ᠪᠠᠰᠠᠷ᠄ Battery ᠊ᠤᠨ ᠭᠠᠵᠠᠷ ᠠ᠋ᠴᠠ Sponsor ᠠᠪᠬᠤ ᠭᠡᠳ ᠪᠠᠶ᠋ᠢᠭ᠎ᠠ ᠶᠤᠮ ᠪᠠᠶ᠋ᠢᠬᠤ ᠳᠠ᠃
ᠮᠥᠩᠬᠡ᠄ ᠠ! ᠶᠠᠭᠠᠬᠢᠭᠰᠠᠨ ᠭᠡᠨ᠎ᠡ?
ᠪᠠᠰᠠᠷ᠄ ᠦ᠋ ᠂ ᠠ᠂ ᠶᠠᠭᠤ ᠬᠡ ᠴᠦ᠍ ᠦᠭᠡᠢ᠃ ᠪᠤᠴᠠᠶ᠎ᠠ᠂ ᠪᠤᠴᠠᠶ᠎ᠠ
ᠲᠤᠩᠬᠤ᠄ ᠶᠣᠣ᠂ ᠠᠰᠢᠭᠦᠢ ᠳᠡ! ᠬᠦᠷᠦᠭᠡᠳ ᠢᠷᠡᠭᠰᠡᠨ ᠦᠦ᠂ ᠲᠤᠭᠤᠯ ᠠᠶᠤᠯ ᠳ᠋ᠤ᠌ ᠣᠷᠣᠭᠰᠠᠨ ᠮᠠᠭᠠᠳ ᠦᠭᠡᠢ ᠬᠤᠷᠳᠤᠬᠠᠨ ᠬᠠᠶ᠋ᠢᠵᠤ ᠣᠯᠵᠠᠭᠠᠶ᠎ᠠ᠃
ᠮᠥᠩᠬᠡ᠄ ᠶᠠᠭᠤᠨ ᠲᠤᠭᠤᠯ ? ᠬᠠᠮᠢᠭ᠎ᠠ ᠠ᠋ᠴᠠ ᠭᠠᠷᠤᠭᠠᠳ ᠢᠷᠡᠪᠡ?
ᠴᠠᠰᠤᠬᠠᠨ ᠄ ᠵᠠ᠂ ᠵᠠᠮ ᠳ᠋ᠤ᠌ ᠪᠠᠨ ᠶᠠᠷᠢᠶ᠎ᠠ᠃
ᠪᠠᠰᠠᠷ᠄ ᠵᠠ ᠪᠠᠶ᠋ᠢᠵᠠ ! ᠶᠠᠭᠤᠨ ᠤᠷᠤᠭᠤ ᠶᠠᠭᠠᠷᠠᠭᠠᠳ ᠪᠠᠶ᠋ᠢᠨ᠎ᠠ ᠳᠠ! ᠬᠡ ᠬᠡ᠂ ᠵᠠᠪᠠᠯ ᠠᠶᠤᠯᠲᠠᠢ ᠭᠠᠵᠠᠷ ᠤᠷᠤᠭᠤ ᠶᠠᠪᠤᠬᠤ ᠬᠡᠷᠡᠭ ᠪᠠᠶ᠋ᠢᠨ᠎ᠠ ᠤᠤ ᠳᠠ᠂ ᠮᠠᠨ ᠤ᠋ ᠬᠥᠮᠦᠨ!
ᠲᠤᠩᠬᠤ᠄ ᠬᠠᠷᠢᠨ ᠲᠤᠭᠤᠯ ᠳ᠋ᠤ᠌ ᠠᠶᠤᠯ ᠲᠤᠯᠭᠠᠷᠠᠵᠤ ᠮᠠᠭᠠᠳ ᠦᠭᠡᠢ ᠪᠠᠶ᠋ᠢᠬ᠋᠎ᠠ ᠂ᠪᠠᠷᠰ ᠨᠠᠶ᠋ᠢᠵᠠ ᠨᠢ ᠬᠡᠷᠪᠡ ᠣᠴᠢᠬᠤ ᠦᠭᠡᠢ ᠪᠣᠯ ᠶᠠᠭᠠᠬᠢᠨ᠎ᠠ᠃
ᠮᠥᠩᠬᠡ᠄ ᠶᠠᠭᠤᠨ ᠲᠤᠭᠤᠯ ᠪᠣᠢ?
ᠪᠠᠰᠠᠷ᠄ ᠶᠠᠭᠤ ᠪᠠᠰᠠ ᠪᠠᠷᠰ ᠪᠣᠢ ? ᠠᠷᠠᠢ ᠣᠯᠠᠨ ᠪᠠᠷᠰ ᠭᠠᠷᠤᠭᠠᠳ ᠪᠠᠶ᠋ᠢᠨ᠎ᠠ ᠤᠤ ᠦᠭᠡᠢ ᠤᠤ?ᠣᠶ᠋ᠢᠷ᠎ᠠ ᠶ᠋ᠢᠨ ᠦᠶ᠎ᠡ ᠳ᠋ᠦ᠍᠁
ᠮᠥᠩᠬᠡ᠄ ᠪᠢ ᠪᠦᠷ ᠶᠠᠭᠤ ᠴᠤ᠌ ᠣᠶ᠋ᠢᠯᠠᠭᠠᠲᠠᠭ ᠦᠭᠡᠢ᠃
ᠴᠠᠰᠤᠬᠠᠨ ᠄ ᠶᠠᠮᠠᠷ ᠲᠤ᠌ ᠪᠠᠨ ᠴᠤ᠌ ᠪᠦᠭᠦᠳᠡᠭᠡᠷ ᠢ᠋ᠶ᠋ᠡᠨ ᠡᠬᠢᠯᠡᠭᠡᠳ ᠲᠤᠭᠤᠯ ᠊ᠢ ᠣᠯᠬᠤ ᠬᠡᠷᠡᠭᠲᠡᠢ ᠪᠠᠶ᠋ᠢᠨ᠎ᠠ ᠃
ᠴᠠᠰᠤᠬᠠᠨ ᠄ ᠵᠠ᠂ ᠮᠠᠨ ᠊ᠤ ᠬᠢ ᠠ᠋᠂ ᠮᠠᠰᠢ ᠪᠣᠯᠭᠣᠮᠵᠢᠲᠠᠢ ᠭᠠᠷᠴᠠᠭᠠᠨᠠ ᠰᠢᠦ!
ᠪᠠᠰᠠᠷ᠄ ᠬᠦ᠌ ᠬᠦ᠌ ᠁ ᠬᠥ ᠬᠥ ᠁ ᠵᠠ᠂ ᠪᠠᠰᠠᠷ ᠠ᠋ ᠂ ᠪᠠᠰᠠᠷ ᠠ᠋ ! ᠴᠢ ᠨᠢᠰᠳᠡᠭ ᠠᠮᠢᠲᠠᠨ ᠰᠢᠦ᠂ ᠨᠢᠰᠳᠡᠭ ᠰᠢᠦ᠂ ᠳᠣᠭᠣᠭᠰᠢ ᠬᠠᠷᠠᠵᠤ ᠪᠣᠯᠬᠤ ᠦᠭᠡᠢ᠂ ᠪᠣᠯᠬᠤ ᠦᠭᠡᠢ᠂ ᠪᠣᠯᠬᠤ ᠦᠭᠡᠢ ᠁ ᠳᠣᠣᠷ᠎ᠠ ᠶᠠᠭᠤ ᠪᠠᠶ᠋ᠢᠨ᠎ᠠ ? ᠥᠩ ᠠ᠁ ᠥ ᠥ ᠥ᠁ ᠶᠣᠣ ᠁ ᠪᠢ ᠴᠢᠨᠢ ᠡᠷ᠎ᠡ ᠶ᠋ᠢᠨ ᠰᠠᠢᠨ ᠳ᠋ᠤ᠌ ᠪᠠᠨ ᠬᠠᠮᠤᠭ ᠤ᠋ᠨ ᠲᠦᠷᠦᠭᠦᠨ ᠳ᠋ᠦ᠍ ᠭᠠᠷᠴᠤ ᠢᠷᠡᠯ᠎ᠡ᠃ ᠶᠣᠣ ᠬᠦ᠌ ᠬᠦ᠌ ᠁
ᠲᠤᠩᠬᠤ᠄ ᠬᠢ ᠬᠢ ᠁ ᠪᠠᠰᠠᠷ ᠮᠢᠨᠢ ᠠᠶᠤᠯᠲᠠ ᠦᠭᠡᠢ ᠳᠡ!ᠳᠠᠪᠠᠭᠠᠳ ᠯᠠ ᠭᠠᠷᠴᠢᠬᠠᠯ᠎ᠠ!
ᠮᠥᠩᠬᠡ᠄ ᠬᠥᠶᠢ ! ᠲᠤᠭᠤᠯ ᠲᠡᠨᠳᠡ ᠪᠠᠶ᠋ᠢᠨ᠎ᠠ ᠃
ᠲᠤᠩᠬᠤ᠄ ᠦ᠂ ᠠᠰᠢᠭᠦᠢ ᠳᠡ! ᠵᠦᠭᠡᠷ ᠠ᠋! ᠬᠢ ᠬᠢ᠂ ᠠᠮᠤᠷ ᠪᠠᠶ᠋ᠢᠨ᠎ᠠ ᠤᠤ ?
ᠲᠤᠭᠤᠯ᠄ ᠮᠡᠨᠳᠦ ᠠ᠋! ᠠᠮᠤᠷ ᠪᠠᠶ᠋ᠢᠨ᠎ᠠ ᠤᠤ? ᠳᠠ ᠳᠥᠷᠪᠡ ᠬᠡᠨ ᠪᠣᠢ? ᠢᠩᠭᠢᠲᠡᠯ᠎ᠡ ᠪᠡᠨ ᠶᠠᠭᠤᠨ ᠳ᠋ᠤ᠌ ᠠᠮᠢᠰᠬᠤᠭᠠᠳᠠᠭᠠ ᠪᠣᠢ?
ᠴᠠᠰᠤᠬᠠᠨ ᠄ ᠬᠠᠷᠢᠨ ᠲᠡᠶ᠋ᠢᠮᠦ ᠠ᠋!ᠬᠣᠩᠬᠣᠨ ᠤ᠋ ᠵᠢᠩᠭᠢᠨᠡᠬᠦ ᠳᠠᠭᠤ ᠰᠣᠨᠣᠰᠤᠭᠠᠳ ᠶᠠᠭᠠᠷᠠᠨ ᠶᠠᠭᠠᠷᠠᠨ ᠢᠷᠡᠯ᠎ᠡ᠃
ᠮᠥᠩᠬᠡ᠄ ᠠᠢ!
ᠲᠤᠩᠬᠤ᠄ ᠴᠢᠮ᠎ᠠ ᠳ᠋ᠤ᠌ ᠬᠠᠷᠢᠨ ᠠᠶᠤᠯ ᠲᠣᠬᠢᠶᠠᠯᠳᠤᠴᠢᠬᠠᠬᠤ ᠪᠣᠢ ᠳᠠ ᠭᠡᠵᠦ ᠶᠡᠬᠡ ᠠᠶᠤᠵᠤ ᠪᠠᠶ᠋ᠢᠯ᠎ᠠ ᠃ ᠠᠰᠢᠭᠦᠢ ᠳᠡ! ᠪᠠᠷᠰ ᠢᠷᠡᠴᠢᠬᠡᠭᠰᠡᠨ ᠪᠠᠶ᠋ᠢᠨ᠎ᠠ᠃
ᠲᠤᠭᠤᠯ᠄ ᠲᠡᠶ᠋ᠢᠮᠦ ᠠ᠋!ᠪᠢ ᠴᠦ᠍ ᠶᠡᠬᠡ ᠠᠶᠤᠭᠰᠠᠨ᠂ ᠴᠢᠨᠣ᠎ᠠ ᠭᠤᠸᠠᠢ ᠢᠷᠡᠭᠡᠳ ᠨᠠᠮ᠎ᠠ ᠶ᠋ᠢ ᠢᠳᠡᠨ᠎ᠡ ᠭᠡᠰᠡᠨ ᠰᠢᠦ᠂ ᠪᠦᠷ
ᠪᠠᠰᠠᠷ᠄ ᠠ᠂ ᠡᠨᠳᠡ ᠪᠠᠰᠠ ᠴᠢᠨᠣ᠎ᠠ ᠪᠠᠶ᠋ᠢᠬ᠋᠎ᠠ ᠶᠤᠮ ᠦᠦ?
ᠪᠠᠷᠰ᠄ ᠬᠡ᠂ ᠣᠳᠣ ᠪᠠᠶ᠋ᠢᠬᠤ ᠦᠭᠡᠢ᠂ᠮᠢᠨᠦ ᠪᠠᠷ᠎ᠠ ᠪᠠᠷ ᠰᠤᠷᠠᠭ ᠨᠢ ᠲᠠᠰᠤᠷᠠᠭᠰᠠᠨ᠂ ᠪᠢ ᠬᠡᠳᠦᠢ ᠵᠠᠯᠬᠠᠭᠤᠷᠠᠭᠰᠠᠨ ᠴᠤ᠌ ᠨᠠᠶ᠋ᠢᠵᠠ ᠳ᠋ᠤ᠌ ᠪᠠᠨ ᠬᠡᠯᠡᠭᠰᠡᠨ ᠦᠭᠡᠨ ᠳ᠋ᠦ᠍ ᠪᠡᠨ ᠡᠵᠡᠨ ᠪᠣᠯᠵᠤ ᠭᠦᠶᠦᠭᠡᠳ ᠢᠷᠡᠯ᠎ᠡ᠃
ᠲᠤᠭᠤᠯ᠄ ᠠᠪᠤᠷᠠᠯᠲᠤ ᠡᠨᠡᠷᠢᠩᠭᠦᠢ ᠨᠠᠶ᠋ᠢᠵᠠ ᠮᠢᠨᠢ ᠪᠠᠶ᠋ᠢᠬ᠋᠎ᠠ ᠦᠭᠡᠢ ᠪᠣᠯ ᠪᠢ ᠴᠦ᠍ ᠦᠨᠡᠬᠡᠷ ᠪᠠᠯᠠᠷᠠᠬᠤ ᠳᠥᠭᠥᠯ᠎ᠡ !
ᠴᠠᠰᠤᠬᠠᠨ ᠄ ᠶᠣᠰᠣᠲᠠᠢ ᠮᠤᠨᠳᠠᠭ ᠂ ᠨᠠᠶ᠋ᠢᠵᠠ ᠨᠥᠬᠥᠳ ᠡᠶ᠋ᠢᠮᠦ ᠯᠡ ᠪᠠᠶ᠋ᠢᠬᠤ ᠤᠴᠢᠷ ᠲᠠᠢ ᠃
ᠲᠤᠭᠤᠯ᠄ ᠪᠠᠶᠠᠷᠯᠠᠯ᠎ᠠ! ᠵᠠ᠂ ᠪᠢᠳᠡ ᠬᠣᠶᠠᠷ ᠢᠩᠭᠢᠭᠡᠳ ᠶᠠᠪᠤᠶ᠎ᠠ ᠳᠠ!
ᠲᠤᠩᠬᠤ᠄ ᠪᠠᠶᠠᠷᠲᠠᠢ!
ᠴᠠᠰᠤᠬᠠᠨ ᠄ ᠪᠠᠶᠠᠷᠲᠠᠢ!
ᠮᠥᠩᠬᠡ᠄ ᠦ᠂ ᠲᠡᠭᠡᠭᠡᠳ ᠱᠠᠯ ᠳᠡᠮᠡᠢ ᠭᠦᠶᠦᠵᠦ ᠭᠦᠶᠦᠵᠦ ᠢᠷᠡᠭᠰᠡᠨ ᠬᠡᠷᠡᠭ ᠦᠦ ?
ᠲᠤᠩᠬᠤ᠄ ᠶᠠᠭᠤ ᠭᠡᠵᠦ ᠳᠡ ᠂ ᠮᠥᠩᠬᠡ ᠮᠢᠨᠢ!ᠬᠡᠷᠪᠡ ᠪᠠᠷᠰ ᠢᠷᠡᠭᠡ ᠦᠭᠡᠢ ᠪᠠᠶ᠋ᠢᠬᠰᠠᠨ ᠪᠣᠯ ᠪᠢᠳᠡ᠁
ᠮᠥᠩᠬᠡ᠄ ᠵᠠ᠂ ᠪᠣᠯᠢ ᠠ᠋᠂ ᠶᠠᠮᠠᠷ ᠴᠢ ᠪᠢᠳᠡ ᠬᠣᠶᠠᠷ ᠪᠠᠶ᠋ᠢᠬ᠋᠎ᠠ ᠪᠢᠰᠢ ᠳᠡ! ᠲᠡᠷᠡ ᠨᠠᠶ᠋ᠢᠵᠠ ᠨᠢ ᠪᠦᠬᠦᠯᠢ ᠪᠦᠳᠦᠭᠦᠨ ᠪᠠᠷᠰ ᠪᠠᠶ᠋ᠢᠬ᠋᠎ᠠ ᠪᠠᠶ᠋ᠢᠨ᠎ᠠ ᠰᠢᠲᠠ ! ᠦᠷᠭᠦᠯᠵᠢ ᠬᠣᠭᠣᠰᠣᠨ ᠦᠭᠡ ᠬᠡᠯᠡᠵᠦ ᠪᠠᠶ᠋ᠢᠬᠤ ᠶᠤᠮ᠃
ᠲᠤᠩᠬᠤ᠄ ᠴᠢ᠂ ᠴᠢ ᠶᠠᠭᠠᠬᠢᠭᠰᠠᠨ ᠮᠠᠭᠤᠬᠠᠢ ᠶᠤᠮ ᠪᠣᠢ?
ᠮᠥᠩᠬᠡ᠄ ᠲᠡᠭᠡᠭᠡᠳ ᠶᠠᠭᠤᠮ᠎ᠠ ᠯᠠ ᠪᠣᠯ ᠤᠬᠢᠯᠠᠨ᠎ᠠ᠃
ᠲᠤᠩᠬᠤ᠄ ᠭᠡᠬᠦ ᠳ᠋ᠤ᠌ ᠪᠠᠨ ᠁
ᠮᠥᠩᠬᠡ᠄ ᠪᠣᠢ᠁
ᠴᠠᠰᠤᠬᠠᠨ ᠄ ᠮᠥᠩᠬᠡ ᠠ᠋ ! ᠴᠢ ᠨᠠᠶ᠋ᠢᠵᠠ ᠶ᠋ᠢ ᠪᠡᠨ ᠠᠷᠠᠢ ᠯᠠ ᠶᠡᠬᠡ ᠭᠣᠮᠣᠳᠠᠭᠠᠭᠠᠳ ᠪᠠᠶ᠋ᠢᠭ᠎ᠠ ᠶᠤᠮ ᠪᠢᠰᠢ ᠰᠢᠦ ?
ᠮᠥᠩᠬᠡ᠄ ᠬᠡᠩ ᠁ ᠲᠡᠭᠡᠭᠡᠳ ᠯᠡ ᠣᠬᠢᠯᠠᠴᠢᠬᠠᠳᠠᠭ ᠶᠤᠮ᠃
ᠲᠤᠩᠬᠤ᠄ ᠮᠠᠭᠤᠬᠠᠢ ᠶᠠᠭᠤᠮ᠎ᠠ ᠁ ᠬᠡᠩ ᠂ ᠬᠡᠩ ᠬᠡᠩ ᠁
ᠪᠠᠰᠠᠷ᠄ ᠦ᠋ ᠂ ᠵᠠ᠂ ᠵᠠ᠂ᠲᠤᠩᠬᠤ ᠠ᠋ ! ᠮᠢᠨᠦ ᠬᠥᠭᠡᠷᠦᠬᠦᠨ ᠲᠤᠩᠬᠤ ᠠ᠋ ! ᠪᠢᠲᠡᠭᠡᠢ ᠤᠬᠢᠯᠠᠭᠠᠷᠠᠢ! ᠮᠥᠩᠬᠡ ᠨᠢ ᠡᠷᠭᠢᠵᠦ ᠢᠷᠡᠭᠡᠳ ᠠᠭᠤᠴᠢᠯᠠᠯ ᠭᠣᠶᠣᠴᠢᠬᠠᠬᠤ ᠤᠤ ᠂ ᠵᠠ᠂ ᠵᠠ ᠪᠢᠲᠡᠭᠡᠢ ᠤᠬᠢᠯᠠᠭᠠᠷᠠᠢ!
ᠮᠥᠩᠬᠡ᠄ ᠬᠡᠩ ᠂ ᠪᠢ ᠶᠡᠷᠦ ᠨᠢ ᠶᠠᠭᠠᠬᠢᠭᠰᠠᠨ ᠪᠣᠢ ᠂ ᠶᠠᠭᠠᠬᠢᠭ᠎ᠠ ᠴᠤ᠌ ᠦᠭᠡᠢ ᠪᠠᠶ᠋ᠢᠬᠤ ᠳ᠋ᠤ᠌ ᠤᠬᠢᠯᠠᠭᠠᠳ ᠯᠠ ᠁ ᠪᠠᠰᠠ ᠪᠢ ᠥᠪᠡᠷ ᠦ᠋ᠨ ᠢ᠋ᠶ᠋ᠡᠨ ᠳᠤᠷ᠎ᠠ ᠪᠠᠷ ᠪᠠᠶ᠋ᠢᠭᠠᠳ ᠪᠠᠶ᠋ᠢᠮᠠᠷ ᠪᠠᠶ᠋ᠢᠨ᠎ᠠ ᠰᠢᠳᠡ ! ᠠ ᠁
ᠲᠤᠩᠬᠤ᠄ ᠠ᠂ ᠶᠠᠭᠠᠬᠢᠨ᠎ᠠ! ᠮᠥᠩᠬᠡ ᠠ᠋ !
ᠲᠠᠶ᠋ᠢᠯᠪᠤᠷᠢ᠄
Battery| ᠴᠠᠬᠢᠯᠭᠠᠨ ᠴᠡᠨᠡᠭᠯᠡᠬᠦ ᠭᠠᠵᠠᠷ ᠭᠡᠰᠡᠨ ᠠᠩᠭ᠌ᠯᠢ ᠦᠭᠡ᠃
Sponsor| ᠬᠠᠪᠰᠤᠷᠤᠯᠭ᠎ᠠ ᠳᠡᠮᠵᠢᠯᠭᠡ ᠣᠯᠬᠤ ᠭᠡᠰᠡᠨ ᠠᠩᠭ᠌ᠯᠢ ᠦᠭᠡ᠃
ᠦᠰᠦᠭ ᠠᠮᠢᠯᠠᠭᠤᠯᠤᠭᠴᠢ᠄ ᠪᠦᠷᠢᠨᠴᠡᠴᠡᠭ
ᠦᠰᠦᠭ ᠬᠠᠳᠠᠭᠴᠢ᠄ ᠾᠦᠩ ᠸᠧᠢ
ᠬᠢᠨᠠᠯᠲᠠ᠄ ᠪᠥᠬᠡᠴᠢᠯᠠᠭᠤ᠂ ᠱᠤᠳᠤᠷᠭᠤ᠂ ᠮᠥᠴᠢᠷ᠂ ᠾᠦᠩ ᠸᠧᠢ᠂ ᠠᠢ ᠵᠢᠶᠦ᠋ᠨ