ᠬᠥᠬᠡ ᠰᠤᠳᠤᠷ - ᠢᠨᠵᠠᠨᠨᠠᠰᠢ < ᠠᠷᠪᠠᠨ ᠬᠣᠶᠠᠳᠤᠭᠠᠷ ᠪᠦᠯᠦᠭ > Хөх судар - Инжинаш < Арван хоёрдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠠᠷᠪᠠᠨ ᠬᠣᠶᠠᠳᠤᠭᠠᠷ ᠪᠦᠯᠦᠭ > Хөх судар - Инжинаш < Арван хоёрдугаар бүлэг >

ᠬᠥᠬᠡ ᠰᠤᠳᠤᠷ - ᠢᠨᠵᠠᠨᠨᠠᠰᠢ < ᠠᠷᠪᠠᠨ ᠬᠣᠶᠠᠳᠤᠭᠠᠷ ᠪᠦᠯᠦᠭ > Хөх судар - Инжинаш < Арван хоёрдугаар бүлэг >

ᠠᠩᠭᠢᠯᠠᠯ:ᠲᠡᠦᠬᠡ ᠰᠣᠶᠣᠯ
2023-06-26

316

ᠢᠴᠢᠩᠭᠦᠷᠢᠲᠦ ᠢᠯᠠᠭᠤ ᠬᠡᠷᠦᠯᠦᠨ ᠮᠦᠷᠡᠨ᠎ᠡ ᠭᠤᠷᠪᠠᠨ ᠵᠡᠷᠭᠡ ᠬᠣᠣᠷ᠎ᠠ ᠪᠠᠷ ᠬᠦᠨᠳᠦᠯᠡᠪᠡ

ᠢᠲᠡᠭᠡᠮᠵᠢᠲᠦ ᠲᠠᠢᠽᠦ ᠵᠢᠪᠬᠤᠯᠠᠩ ᠠᠭᠤᠯᠠᠨ᠎ᠠ ᠨᠢᠭᠡᠨ ᠤᠳᠠᠭ᠎ᠠ ᠡᠷᠳᠡᠮ  ᠢ᠋ᠶ᠋ᠡᠷ ᠬᠠᠷᠢᠭᠤᠯᠪᠠ


                           ᠠᠷᠪᠠᠨ ᠬᠣᠶᠠᠳᠤᠭᠠᠷ ᠪᠦᠯᠦᠭ  
                    ᠰᠥᠩ ᠰᠢᠶᠣᠣᠽᠦ᠋ᠩ ᠦ᠋ᠨ ᠴᠦᠨ ᠰᠢ ᠶ᠋ᠢᠨ ᠠᠷᠪᠠᠨ ᠵᠢᠷᠭᠤᠳᠤᠭᠠᠷ ᠣᠨ ᠂ᠠᠯᠲᠠᠨ ᠤᠯᠤᠰ ᠤ᠋ᠨ ᠱ᠌ᠢᠽᠦ᠋ᠩ ᠦ᠋ᠨ 
                           ᠳᠡ ᠳ᠋ᠢᠩ ᠦ᠋ᠨ ᠬᠣᠷᠢᠨ ᠶᠢᠰᠦᠳᠦᠭᠡᠷ ᠣᠨ᠂ ᠰᠢᠷᠠᠭᠴᠢᠨ ᠲᠠᠬᠢᠶ᠎ᠠ ᠵᠢᠯ ᠲᠠᠢᠽᠦ ᠬᠣᠷᠢᠨ ᠨᠠᠢ᠍ᠮᠠᠨ ᠰᠡᠭᠦᠳᠡᠷ ᠲᠡᠢ  

            ᠢᠴᠢᠩᠭᠦᠷᠢᠲᠦ ᠢᠯᠠᠭᠤ ᠬᠡᠷᠦᠯᠦᠨ ᠮᠦᠷᠡᠨ᠎ᠡ ᠭᠤᠷᠪᠠᠨ ᠵᠡᠷᠭᠡ ᠬᠣᠣᠷ᠎ᠠ ᠪᠠᠷ ᠬᠦᠨᠳᠦᠯᠡᠪᠡ 
            ᠢᠲᠡᠭᠡᠮᠵᠢᠲᠦ ᠲᠠᠢᠽᠦ ᠵᠢᠪᠬᠤᠯᠠᠩ ᠠᠭᠤᠯᠠᠨ᠎ᠠ ᠨᠢᠭᠡᠨ ᠤᠳᠠᠭ᠎ᠠ ᠡᠷᠳᠡᠮ  ᠢ᠋ᠶ᠋ᠡᠷ ᠬᠠᠷᠢᠭᠤᠯᠪᠠ  

                ᠡᠷᠡᠬᠡᠢᠪᠴᠢ ᠪᠡᠨ ᠮᠤᠰᠬᠢᠮᠠᠭᠴᠠ ᠡᠵᠡᠨ ᠲᠦᠰᠢᠮᠡᠯ ᠡᠷᠬᠡ ᠤᠬᠠᠭᠠᠨ ᠨᠢᠭᠡᠳᠦᠭᠡᠳ 
                     ᠡᠰᠢ ᠪᠡᠨ ᠲᠡᠪᠴᠢᠭᠰᠡᠨ ᠡᠴᠢᠭᠡ ᠬᠥᠪᠡᠭᠦᠨ ᠢ᠋ ᠡᠢᠨᠡᠨ ᠳᠠᠢᠨᠠᠨ ᠢᠳᠬᠠᠯᠭᠠᠪᠠᠢ      
                     ᠡᠷᠭᠢᠭᠦᠦ ᠮᠤᠩᠬᠠᠭ ᠾᠧ ᠸᠠᠩ ᠲᠤᠭᠤᠷᠢᠯ ᠡᠪᠡᠦ ᠶᠠᠭᠤᠲᠠᠢ ᠬᠠᠷᠠᠩᠭᠤᠢ !
                     ᠡᠯᠪᠡᠷᠢᠯ ᠦᠭᠡᠢ ᠰᠢᠨ᠎ᠡ ᠬᠦᠩ ᠢᠯᠠᠭᠤ ᠦᠨᠡᠬᠡᠷ ᠮᠠᠰᠢ ᠰᠥᠷᠭᠡᠦ ᠲᠡᠷᠰᠯᠡᠭᠦᠦ ᠃  

       ᠲᠡᠨᠳᠡᠴᠡ ᠵᠢᠨᠦᠩ ᠮᠤᠬᠤᠯᠢ ᠨᠢᠭᠡᠨ ᠨᠢᠭᠡᠨ ᠢ᠋ᠶ᠋ᠡᠷ ᠴᠥᠮ ᠬᠤᠪᠢᠶᠠᠨ ᠭᠠᠷᠭᠠᠵᠤ ᠲᠤᠰᠢᠶᠠᠭᠠᠳ ᠥᠪᠡᠷ ᠦ᠋ᠨ ᠪᠡᠶ᠎ᠡ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠯᠤᠭ᠎ᠠ ᠦᠯᠡᠳᠡᠭᠰᠡᠨ ᠣᠯᠠᠨ ᠵᠠᠩᠵᠤᠨ ᠢ᠋ ᠠᠪᠴᠤ ᠤᠯᠤᠰ ᠢ᠋ ᠰᠠᠬᠢᠬᠤ ᠪᠠᠷ ᠲᠣᠭᠲᠠᠪᠠ᠃ ᠡᠳᠡᠭᠡᠷ ᠪᠡᠯᠡᠳᠬᠡᠯ ᠢ᠋ ᠡᠵᠡᠨ ᠢ᠋ ᠳᠠᠭᠠᠬᠤ ᠠᠷᠪᠠᠨ ᠲᠦᠰᠢᠮᠡᠳ ᠴᠥᠮ ᠰᠠᠢᠨ ᠪᠡᠯᠭᠡᠲᠦ ᠬᠤᠪᠴᠠᠳ᠂ ᠮᠠᠩᠨᠤᠭ ᠳᠡᠪᠡᠯ ᠰᠤᠮᠤᠨ ᠤ᠋ ᠠᠯᠴᠢᠭᠤᠷ ᠬᠡᠳᠦ ① ᠰᠠᠭᠠᠳᠠᠭ ᠢ᠋ᠶ᠋ᠠᠷ ᠴᠢᠮᠡᠭᠯᠡᠵᠦ᠂ ᠴᠥᠮ ᠬᠤᠷᠢᠮ ᠲᠣᠢ ᠶ᠋ᠢᠨ ᠶᠣᠰᠣ ᠪᠠᠷ ᠡᠮᠦᠰᠴᠦ ᠪᠡᠶ᠎ᠡ ᠳ᠋ᠦ᠍ᠷ ᠢᠯᠡᠷᠬᠡᠢ ᠵᠡᠪᠰᠡᠭ ᠢ᠋ ᠲᠥᠭᠡ ᠢᠮᠠᠬᠤ ᠶ᠋ᠢᠨ ᠲᠡᠳᠦᠢ ᠪᠢᠲᠡᠭᠡᠢ ᠵᠡᠭᠦ᠂ ᠳᠣᠲᠣᠷ᠎ᠠ ᠳᠣᠲᠣᠷ᠎ᠠ ᠪᠠᠨ ᠥᠪᠡᠷ ᠥᠪᠡᠷ ᠦ᠋ᠨ ᠳᠠᠳᠤᠭᠰᠠᠨ ᠵᠡᠪᠰᠡᠭ ᠢ᠋ᠶ᠋ᠡᠨ ᠬᠤᠷᠴᠠ ᠪᠡᠯᠡᠳᠬᠡᠵᠦ ᠨᠢᠭᠤᠵᠤ ᠠᠪ᠂ ᠡᠵᠡᠨ ᠦ᠌ ᠪᠡᠶ᠎ᠡ ᠡᠴᠡ ᠲᠡᠷᠢᠭᠦᠯᠡᠨ ᠰᠤᠯᠠ ᠬᠥᠲᠥᠴᠢ ᠳ᠋ᠦ᠍ᠷ ᠬᠦᠷᠲᠡᠯ᠎ᠡ ᠨᠡᠢᠲᠡ ᠲᠠᠪᠢᠨ ᠬᠥᠮᠦᠨ ᠡᠴᠡ ᠬᠡᠲᠦᠷᠡᠭᠦᠯᠵᠦ ᠪᠣᠯᠬᠤ ᠦᠭᠡᠢ ᠭᠡᠮᠡᠨ ᠴᠥᠮ ᠵᠠᠷᠯᠠᠵᠤ ᠪᠠᠷᠠᠭᠰᠠᠨ ᠢ᠋ ᠲᠠᠢᠽᠦ ᠶ᠋ᠢᠨ ᠲᠡᠩᠰᠡᠭᠦᠯ ᠳ᠋ᠦ᠍ᠷ ᠶᠠᠪᠤᠬᠤ ᠶᠡᠬᠡ ᠥᠷᠯᠥᠭ ᠨᠣᠶᠠᠨ ᠤ᠋ ᠬᠥᠪᠡᠭᠦᠨ - ᠲᠠᠢᠽᠦ ᠶ᠋ᠢᠨ ᠰᠤᠯᠠ ᠬᠠᠲᠤᠨ ᠵᠢᠰᠦᠲᠦ᠂ ᠵᠢᠰᠦᠯᠢᠭ ᠬᠣᠶᠠᠷ ᠬᠠᠲᠤᠨ ᠤ᠋ ᠠᠬ᠎ᠠ ᠲᠡᠮᠳᠡᠭᠲᠦ ᠲᠣᠭᠣᠰ ᠤ᠋ᠨ ᠥᠳᠥ ᠬᠠᠳᠬᠤᠭᠰᠠᠨ ᠬᠡᠷᠡᠭ ᠮᠡᠳᠡᠭᠦᠯᠬᠦ ᠵᠠᠭᠤᠴᠢ ᠬᠢᠶ᠎ᠡ ᠶ᠋ᠢᠨ ᠲᠤᠰᠢᠶᠠᠯ ᠬᠠᠪᠰᠤᠷᠤᠭᠰᠠᠨ ᠬᠡᠭᠡᠨᠴᠢᠷ ᠲᠥᠷᠥᠭᠰᠡᠨ  ᠲᠡᠭᠦᠰᠴᠣᠭᠲᠤ᠂ ᠲᠠᠢᠽᠦ ᠳ᠋ᠦ᠍ᠷ ᠵᠦᠢ ᠵᠦᠢ ᠪᠡᠷ ᠮᠡᠳᠡᠭᠦᠯᠪᠡ᠃ ᠲᠠᠢᠽᠦ ᠲᠡᠭᠷᠢ ᠶ᠋ᠢᠨ ᠵᠦᠭ ᠭᠠᠷ ᠢ᠋ᠶ᠋ᠠᠨ ᠡᠷᠭᠦᠵᠦ᠂ ᠠᠯᠠᠭ᠎ᠠ ᠶᠤᠭᠠᠨ ᠬᠠᠮᠲᠤᠳᠬᠠᠨ ᠪᠡᠶᠡᠰᠦᠨ ᠥᠭᠦᠯᠡᠷᠦᠨ : 《ᠲᠡᠭᠷᠢ ᠡᠴᠢᠭᠡ ᠲᠡᠮᠳᠡᠭᠲᠡᠶ᠎ᠡ ᠥᠷᠥᠰᠢᠶᠡᠵᠦ ᠲᠡᠷᠡ ᠮᠡᠲᠦ ᠲᠡᠩᠬᠡᠭᠡ ᠲᠡᠢ ᠮᠤᠬᠤᠯᠢ ᠶ᠋ᠢ ᠲᠡᠮᠦᠵᠢᠨ ᠨᠠᠳᠠ ᠳ᠋ᠤᠷ ᠲᠡᠳᠬᠦᠭᠦᠯᠬᠦᠶ᠎ᠡ᠂ ᠲᠡᠨᠡᠭ ᠴᠢᠬᠡᠴᠢ ᠮᠢᠨᠦ ᠪᠡᠶ᠎ᠡ ᠲᠡᠳᠡᠨ ᠡᠴᠡ ᠶᠠᠭᠤᠨ ᠳ᠋ᠤᠷ ᠠᠶᠤᠬᠤ ᠪᠣᠢ ! 》 ᠬᠡᠮᠡᠭᠡᠳ ᠲᠡᠭᠦᠰᠴᠣᠭᠲᠤ ᠭᠣᠴᠣᠭ ᠬᠢᠶ᠎ᠡ ᠳ᠋ᠦ᠍ᠷ ᠲᠠᠷᠮ᠎ᠠ ᠴᠡᠯᠮᠡᠨ ᠦ᠌ ᠵᠦᠢᠯ ᠢ᠋ ᠲᠡᠪᠡᠷᠢᠭᠦᠯᠵᠦ᠂ᠲᠡᠩᠴᠡᠰᠢ ᠦᠭᠡᠢ ᠪᠣᠳᠣᠯᠭ᠎ᠠ ᠤᠬᠠᠭᠠᠨᠲᠤ ᠲᠡᠭᠦᠰ ᠲᠠᠰᠤᠷᠬᠠᠢ ᠵᠢᠨᠦᠩ ᠮᠤᠬᠤᠯᠢ ᠳ᠋ᠤᠷ ᠲᠡᠳᠬᠦᠨ ᠦᠵᠡᠵᠦ ᠱᠠᠩᠨᠠᠨ ᠢᠯᠡᠭᠡᠭᠰᠡᠨ᠎ᠡ ᠲᠡᠭᠰᠢ ᠴᠢᠭᠢᠷᠠᠭ ᠵᠢᠨᠦᠩ ᠮᠤᠬᠤᠯᠢ ᠪᠠᠷ ᠲᠡᠪᠡᠷᠢᠭᠰᠡᠭᠡᠷ ᠢᠷᠡᠵᠦ ᠬᠡᠰᠢᠭ ᠲᠣᠷ ᠮᠥᠷᠭᠥᠪᠡ ᠃ 
       ᠲᠡᠭᠦᠨᠴᠡ ᠵᠢᠴᠢ ᠥᠷᠯᠥᠭᠡ ᠲᠠᠢᠽᠦ ᠭᠠᠳᠠᠭᠠᠳᠤ ᠶᠡᠬᠡ ᠴᠠᠴᠠᠷ ᠲᠤᠷ ᠭᠠᠷᠴᠤ ᠭᠠᠳᠠᠭᠠᠳᠤ ᠳ᠋ᠤᠷ ᠳᠠᠭᠠᠬᠤ ᠪᠠ ᠳᠣᠲᠣᠭᠠᠳᠤ ᠳ᠋ᠤᠷ ᠬᠣᠴᠣᠷᠬᠤ ᠶ᠋ᠢ ᠲᠣᠭᠲᠠᠭᠠᠨ ᠭᠠᠷᠭᠠᠭᠰᠠᠨ ᠢ᠋ ᠦᠵᠡᠭᠡᠳ ᠭᠠᠢᠬᠠᠮᠰᠢᠭ ᠭᠡᠷᠡᠯᠲᠦ ᠴᠢᠷᠠᠢ ᠳ᠋ᠤᠷ ᠪᠠᠶᠠᠰᠬᠤ ᠪᠠᠢᠳᠠᠯ ᠢᠯᠡᠷᠡᠭᠡᠳ ᠭᠠᠯᠲᠤ ᠫᠤᠤ ᠭᠠᠵᠠᠷ ᠳᠡᠯᠪᠡᠷᠡᠲᠡᠯ᠎ᠡ ᠳᠠᠭᠤᠷᠢᠰᠴᠤ ᠭᠠᠯᠵᠠᠭᠤ ᠬᠠᠷ᠎ᠠ ᠮᠣᠷᠢᠨ ᠳ᠋ᠤᠷ ᠭᠠᠷᠴᠤ ᠮᠣᠷᠳᠠᠭᠠᠳ ᠭᠠᠪᠰᠢᠭᠠᠢ ᠲᠦᠰᠢᠮᠡᠳ ᠯᠤᠭᠡ ᠪᠡᠨ ᠭᠠᠪᠢᠶ᠎ᠠ ᠵᠢᠳᠬᠦᠯᠭᠡ ᠶ᠋ᠢ ᠬᠡᠯᠡᠯᠴᠡᠭᠰᠡᠭᠡᠷ ᠭᠠᠵᠠᠷ ᠤ᠋ᠨ ᠬᠣᠯᠠ ᠶ᠋ᠢ ᠶᠠᠪᠤᠵᠤ᠂ ᠭᠠᠳᠠᠭᠠᠳᠤ ᠬᠡᠷᠡᠢᠳ ᠤᠯᠤᠰ ᠤ᠋ᠨ ᠭᠠᠯᠠᠭᠤᠲᠤ ᠨᠠᠭᠤᠷ ᠲᠤᠷ ᠬᠦᠷᠲᠡᠯ᠎ᠡ ᠭᠠᠢᠬᠠᠮᠰᠢᠭ ᠠᠷᠭᠠᠲᠤ ᠬᠡᠷᠡᠢᠳ ᠦ᠋ᠨ ᠭᠠᠯᠪᠠ ᠨᠡᠷᠡᠲᠦ ᠡᠯᠴᠢ ᠶ᠋ᠢᠨ ᠲᠡᠷᠢᠭᠦᠨ ᠤᠲᠤᠯᠭᠠᠨ᠎ᠠ ᠠᠭᠤᠯᠵᠠᠪᠠ᠃ ᠲᠡᠳᠦᠢ ᠭᠠᠯᠪᠠ ᠭᠠᠷ ᠢ᠋ᠶ᠋ᠠᠨ ᠲᠠᠯᠪᠢᠵᠤ ᠭᠠᠵᠠᠷ ᠳᠣᠣᠷ᠎ᠠ ᠰᠥᠭᠥᠳᠴᠦ ᠭᠢᠯᠠᠪ ᠭᠢᠯᠠᠪ ᠬᠠᠷᠠᠵᠤ᠂ ᠭᠠᠭᠴᠠ ᠬᠢᠨᠠᠨ ᠦᠵᠡᠬᠦᠯ᠎ᠡ ᠭᠠᠳᠠᠰᠤ ᠣᠳᠣᠨ ᠮᠠᠨᠳᠤᠭᠰᠠᠨ ᠭᠠᠯᠪᠢᠩᠭ᠎ᠠ ᠮᠡᠲᠦ ᠰᠦᠷᠲᠦ ᠭᠠᠭᠴᠠ ᠲᠡᠭᠷᠢᠯᠢᠭ ᠦ᠋ᠨ ᠦᠷᠡᠰ᠂ ᠭᠠᠢᠬᠠᠮᠰᠢᠭᠲᠤ ᠲᠠᠢᠽᠦ ᠶ᠋ᠢ ᠳᠠᠭᠠᠭᠰᠠᠨ ᠭᠠᠪᠢᠶᠠᠲᠤ ᠰᠠᠢᠳ ᠴᠥᠮ ᠭᠠᠩᠭᠠᠩ ᠰᠣᠯᠣᠩᠭ᠎ᠠ ᠮᠡᠲᠦ ᠭᠠᠢᠬᠠᠯᠲᠠᠢ ᠮᠠᠩᠨᠤᠭ ᠡᠮᠦᠰᠴᠦ ᠭᠠᠷᠠᠬ᠎ᠠ ᠶ᠋ᠢᠨ ᠬᠠᠰ ᠢ᠋ ᠪᠦᠰᠡᠯᠡᠭᠡᠳ ᠭᠠᠷᠤᠳᠢ ᠶ᠋ᠢᠨ ᠵᠢᠭᠦᠷᠲᠦ ᠰᠢᠭᠦᠷ ᠭᠠᠢᠬᠠᠬᠤ ᠮᠡᠲᠦ ᠰᠦᠷᠲᠡᠢ ᠳ᠋ᠦ᠍ᠷ ᠭᠠᠯᠪᠠ ᠨᠡᠷᠡᠲᠦ ᠲᠦᠰᠢᠮᠡᠯ ᠭᠠᠪᠠᠯᠠ ᠪᠠᠨ ᠲᠡᠮᠲᠡᠷᠢᠭᠢᠯᠡᠨ ᠭᠠᠭᠴᠠ ᠮᠥᠷᠭᠥᠬᠦ ᠪᠣᠢ ‍ᠶ᠎ᠠ᠂ ᠭᠠᠩ ᠬᠢᠵᠦ ᠳᠠᠭᠤᠨ ᠴᠤ᠌ ᠭᠠᠷᠴᠤ ᠡᠰᠡ ᠴᠢᠳᠠᠭᠰᠠᠨ ᠳ᠋ᠤᠷ ᠭᠠᠢᠳᠠᠮ ᠦᠭᠡᠢ ᠶᠠᠪᠤᠭᠰᠠᠭᠠᠷ᠂ ᠭᠠᠵᠠᠭ᠎ᠠ ᠠᠭᠤᠯᠠᠨ᠎ᠠ ᠬᠦᠷᠦᠮᠡᠭᠴᠡ ᠭᠠᠰᠢᠭᠤᠨ ᠦᠮᠡᠬᠡᠢ ᠰᠡᠳᠬᠢᠯᠲᠦ ᠬᠠᠱᠠᠩ ᠮᠠᠭᠤ ᠢᠯᠠᠭᠤ ᠶ᠋ᠢᠨ ᠬᠣᠶᠠᠳᠤᠭᠠᠷ ᠤᠳᠤᠯᠭᠠᠨ᠎ᠠ ᠤᠴᠠᠷᠠᠯᠳᠤᠵᠤ᠂ ᠬᠠᠷ᠎ᠠ ᠠᠷᠢᠬᠢ ᠪᠠᠷᠢᠭᠰᠠᠨ᠎ᠠ ᠬᠠᠵᠠᠭᠤ ᠠ᠋ᠴᠠ ᠣᠶᠤᠲᠤ ᠰᠡᠴᠡᠨ ᠤᠷᠤᠭᠰᠢᠯᠠᠨ ᠲᠣᠰᠴᠤ ᠠᠪᠤᠭᠠᠳ ᠲᠠᠢᠽᠦ ᠶ᠋ᠢᠨ ᠠᠯᠲᠠᠨ ᠴᠥᠭᠥᠴᠡ ᠳ᠋ᠦ᠍ᠷ ᠬᠠᠭᠠᠰ ᠢ᠋ ᠠᠨᠤ ᠬᠢᠵᠦ᠂ ᠳᠡᠭᠡᠷ᠎ᠡ ᠢᠨᠤ ᠥᠪᠡᠷ ᠦ᠋ᠨ ᠠᠷᠢᠬᠢ ᠶ᠋ᠢ ᠬᠢᠵᠦ ᠳᠦᠭᠦᠷᠭᠡᠭᠡᠳ ᠬᠠᠷᠢᠭᠤ ᠠᠷᠢᠬᠢ ᠪᠠᠷᠢᠬᠤ ᠶ᠋ᠢ ᠮᠡᠳᠡᠭᠦᠯᠦᠭᠰᠡᠨ ᠳ᠋ᠦ᠍ᠷ ᠬᠠᠨ ᠵᠠᠶᠠᠭᠠᠲᠤ ᠲᠠᠢᠽᠦ ᠬᠠᠷᠠᠮᠠᠭᠴᠠ ᠳᠠᠷᠤᠢ ᠮᠡᠳᠡᠭᠡᠳ ᠬᠠᠷᠢᠭᠤ ᠠᠷᠢᠬᠢ ᠪᠠᠷᠢᠭᠰᠠᠨ ᠳ᠋ᠤᠷ ᠬᠠᠷ᠎ᠠ ᠬᠦᠷᠳᠦ ᠢᠯᠠᠭᠤ ᠬᠠᠯᠲᠤᠷᠢᠨ ᠠᠭᠠᠰᠢᠯᠠᠵᠤ ᠤᠤᠭᠤᠬᠤ ᠦᠭᠡᠢ ᠳ᠋ᠦ᠍ᠷ ᠬᠠᠰᠠᠷ ᠤᠷᠤᠭᠰᠢ ᠲᠠᠪᠰᠢᠵᠤ 《ᠬᠠᠲᠠᠲᠠᠯ᠎ᠠ ᠴᠢᠯᠡᠭᠡᠭᠡᠷᠡᠢ ! 》 ᠬᠡᠮᠡᠬᠦᠢ ᠳ᠋ᠦ᠍ᠷ ᠬᠠᠷᠭᠢᠰ ᠮᠠᠭᠤ ᠢᠯᠠᠭᠤ ᠬᠠᠯᠲᠤᠷᠢᠨ ᠠᠯᠳᠠᠭᠴᠢ ᠪᠣᠯᠤᠨ᠂ ᠬᠠᠰ ᠤ᠋ᠨ ᠰᠠᠭᠤᠳᠠᠯᠲᠤ ᠴᠥᠭᠥᠴᠡ ᠶ᠋ᠢ ᠬᠠᠷᠢᠨ ᠭᠠᠵᠠᠷ ᠲᠤᠷ ᠠᠯᠳᠠᠭᠰᠠᠨ ᠳ᠋ᠤᠷ ᠬᠠᠵᠠᠭᠤᠳᠠ ᠵᠣᠭᠰᠣᠵᠤ ᠪᠠᠢᠭᠰᠠᠨ ᠬᠠᠢᠷᠠᠲᠤ ᠣᠶᠤᠲᠤ ᠰᠡᠴᠡᠨ ᠦ᠌ ᠬᠠᠰ ᠴᠢᠷᠠᠢ ᠬᠤᠪᠢᠯᠤᠭᠠᠳ ᠬᠠᠭ ᠲᠡᠳᠡᠨ ᠡᠭᠡᠵᠦ ᠬᠠᠪᠠᠷ ᠢ᠋ᠶ᠋ᠠᠷ ᠢᠨᠢᠶᠡᠵᠦ ᠬᠠᠷᠢᠭᠤ ᠡᠢᠨ ᠥᠴᠢᠷᠦᠨ᠄ 
             ᠬᠠᠭᠠᠨ ᠤ᠋ ᠡᠷᠭᠦᠭᠰᠡᠨ ᠬᠦᠩ 
             ᠬᠠᠮᠤᠭ ᠶᠣᠰᠣ ᠶ᠋ᠢ ᠮᠠᠲᠠᠨᠠᠮ᠃  
             ᠬᠠᠷᠢ ᠤᠯᠤᠰ ᠤ᠋ᠨ ᠪᠠᠷᠢᠭᠰᠠᠨ ᠢ᠋  
             ᠬᠠᠢᠷᠠᠯᠠᠯ ᠥᠭᠡᠶ᠎ᠡ ᠰᠠᠴᠤᠭᠰᠠᠨ ᠲᠤᠯᠠ  
             ᠬᠠᠯᠠᠮᠵᠢᠲᠤ ᠮᠠᠨ ᠤ᠋ ᠡᠵᠡᠨ 
             ᠬᠠᠯᠬᠠᠢ ᠬᠡᠷᠬᠢᠨ ᠵᠣᠭᠣᠭᠯᠠᠬᠤ !
ᠬᠡᠮᠡᠭᠡᠳ ᠬᠠᠷ᠎ᠠ ᠠᠷᠢᠬᠢ ᠲᠡᠭᠦᠨ ᠢ᠋ ᠬᠠᠳᠠᠭᠠᠯᠠᠨ ᠠᠪᠴᠤ ᠯᠣᠩᠬᠣᠯᠠᠪᠠᠢ᠃ ᠡᠭᠦᠨ ᠳ᠋ᠦ᠍ᠷ ᠢᠯᠠᠭᠤ ᠶ᠋ᠢᠨ ᠴᠢᠷᠠᠢ ᠢᠰᠪᠡᠯᠴᠡᠵᠦ ᠨᠢᠭᠤᠷ ᠤᠯᠠᠢᠨ ᠬᠣᠣᠷᠠᠲᠤ ᠠᠷᠢᠬᠢ ᠪᠠᠨ  ᠪᠠᠰᠠ ᠬᠢᠵᠦ ᠪᠠᠷᠢᠰᠤᠭᠠᠢ ᠬᠡᠮᠡᠲᠡᠯ᠎ᠡ ᠣᠶᠤᠲᠤ ᠰᠡᠴᠡᠨ ᠥᠪᠡᠷ᠎ᠡ ᠴᠣᠮᠣ ᠴᠥᠭᠥᠴᠡ ᠳ᠋ᠦ᠍ᠷ ᠥᠪᠡᠷ ᠦ᠋ᠨ ᠠᠷᠢᠬᠢ ᠶ᠋ᠢ ᠬᠢᠵᠦ ᠠᠪᠠᠴᠢᠨ ᠢᠯᠠᠭᠤ ᠶ᠋ᠢᠨ ᠭᠠᠷ ᠲᠤᠷ  ᠪᠠᠷᠢᠭᠤᠯᠤᠭᠰᠠ ᠳ᠋ᠤᠷ ᠢᠯᠠᠭᠤ ᠠᠷᠭ᠎ᠠ ᠦᠭᠡᠢ ᠲᠡᠷᠡ ᠠᠷᠢᠬᠢ ᠶ᠋ᠢ ᠲᠠᠢᠽᠦ ᠳ᠋ᠦ᠍ᠷ ᠪᠠᠷᠢᠭᠰᠠᠨ᠎ᠠ᠂ ᠲᠠᠢᠽᠦ ᠲᠣᠰᠴᠤ ᠠᠪᠤᠭᠠᠳ ᠪᠠᠷᠠᠲᠠᠯ᠎ᠠ ᠴᠢᠯᠡᠭᠡᠪᠡ᠃ ᠡᠭᠦᠨ ᠳ᠋ᠦ᠍ᠷ ᠰᠠᠢᠬᠠᠨ ᠰᠤᠷᠲᠠᠯᠲᠤ ᠣᠷᠣᠭᠰᠢ ᠲᠠᠪᠰᠢᠵᠤ᠂ ᠬᠡᠷᠡᠢᠳ ᠦ᠋ᠨ ᠴᠣᠮᠣ ᠳ᠋ᠤᠷ ᠬᠡᠷᠡᠢᠳ ᠦ᠋ᠨ ᠠᠷᠢᠬᠢ ᠶ᠋ᠢ ᠬᠢᠵᠦ᠂ ᠲᠠᠢᠽᠦ ᠳ᠋ᠦ᠍ᠷ ᠡᠷᠭᠦᠨ ᠬᠠᠷᠢᠭᠤ ᠪᠠᠷᠢᠭᠤᠯᠪᠠᠰᠤ ᠢᠯᠠᠭᠤ ᠪᠠᠰᠠ ᠤᠤᠭᠤᠬᠤ ᠦᠭᠡᠢ ᠠᠭᠠᠰᠢ ᠪᠠᠨ ᠠᠯᠳᠠᠵᠤ᠂ ᠠᠷᠭ᠎ᠠ ᠪᠠᠨ ᠵᠠᠪᠬᠠᠷᠠᠨ ᠬᠠᠨᠴᠤ ᠤᠷᠤᠭᠤ ᠪᠠᠨ ᠴᠢᠳᠬᠤᠭᠰᠠᠨ ᠳ᠋ᠤᠷ ᠣᠯᠠᠨ ᠢ᠋ᠶ᠋ᠠᠷ ᠢᠨᠢᠶᠡᠯᠴᠡᠶ᠎ᠡ ᠬᠡᠮᠡᠲᠡᠯ᠎ᠡ ᠣᠶᠤᠨ ᠭᠤᠸ᠎ᠠ ᠨᠢᠳᠦᠨ ᠢ᠋ᠶ᠋ᠡᠨ ᠢᠷᠮᠡᠵᠦ᠂ ᠲᠣᠯᠣᠭᠠᠢ ᠶᠤᠭᠠᠨ ᠰᠠᠵᠢᠭᠠᠳ ᠣᠯᠠᠨ ᠬᠥᠮᠦᠨ ᠢ᠋ ᠵᠣᠭᠰᠣᠭᠠᠭᠰᠠᠨ ᠳ᠋ᠤᠷ ᠡᠨᠡᠲᠡᠭᠡ ᠵᠣᠭᠰᠣᠭᠰᠠᠨ ᠵᠠᠯᠮ᠎ᠠ ᠡᠷᠡᠬᠡᠢ ᠬᠤᠷᠤᠭᠤ ᠪᠠᠨ ᠭᠠᠷᠭᠠᠵᠤ ᠣᠶᠤᠨ ᠭᠤᠸ᠎ᠠ ᠶ᠋ᠢ ᠰᠠᠢᠰᠢᠶᠠᠪᠠ᠃ 
       ᠲᠡᠨᠳᠡᠴᠡ ᠢᠯᠠᠭᠤ ᠤᠭᠲᠤᠬᠤ ᠶᠣᠰᠣᠨ ᠢ᠋ ᠭᠦᠢᠴᠡᠳᠬᠡᠭᠡᠳ ᠤᠷᠪᠠᠨ ᠣᠳᠴᠤ ᠡᠭᠡᠬᠦᠶ᠎ᠡ᠂ ᠤᠳᠠᠯ ᠦᠭᠡᠢ ᠣᠷᠴᠠᠢᠵᠤ᠂ ᠤᠳᠠᠯ ᠦᠭᠡᠢ ᠣᠮᠣᠭᠰᠢᠮᠤᠢ᠃ ᠣᠷᠴᠠᠢᠬᠤ ᠠᠨᠤ ᠵᠥᠭᠡᠯᠡᠨ ᠭᠤᠷᠪᠠᠨ ᠠᠷᠭ᠎ᠠ ᠶ᠋ᠢᠨ ᠲᠡᠷᠢᠭᠦᠨ ᠨᠢᠭᠡ ᠢᠨᠤ ᠡᠰᠡ ᠴᠢᠳᠠᠭᠰᠠᠨ ᠳ᠋ᠤᠷ ᠣᠷᠴᠠᠢᠮᠤᠢ᠂ ᠣᠮᠣᠭᠰᠢᠬᠤ ᠠᠨᠤ ᠲᠠᠢᠽᠦ ᠶ᠋ᠢ ᠳᠠᠭᠠᠭᠰᠠᠨ ᠠᠨᠤ ᠳᠥᠴᠢ ᠲᠠᠪᠢᠨ ᠬᠥᠮᠦᠨ ᠪᠥᠭᠡᠳ ᠨᠡᠩ ᠪᠠᠰᠠ ᠴᠥᠮ ᠢ᠋ᠶ᠋ᠡᠷ ᠨᠠᠮ ᠳᠥᠯᠭᠡᠨ ᠵᠥᠭᠡᠯᠡᠨ ᠨᠠᠷᠢᠨ ᠠᠷᠠᠳ ᠪᠣᠢ ‍ᠶ᠎ᠠ᠂ ᠨᠡᠷᠡᠲᠦ ᠲᠠᠰᠤᠷᠬᠠᠢ ᠬᠦᠯᠦᠭ ᠪᠠᠭᠠᠲᠤᠳ ᠠᠨᠤ ᠨᠢᠭᠡᠬᠡᠨ ᠴᠦ᠍ ᠳᠠᠭᠠᠵᠤ ᠢᠷᠡᠭᠰᠡᠨ ᠦᠭᠡᠢ ᠲᠤᠯᠠ ᠬᠡᠳᠦᠢ ᠭᠠᠭᠴᠠ ᠪᠦᠬᠦ ᠪᠡᠯᠭᠦᠳᠡᠢ ᠪᠠᠢᠬᠤ ᠪᠣᠯᠪᠠᠴᠤ ᠲᠡᠷᠡ ᠰᠢᠨ᠎ᠡ ᠬᠦᠷᠭᠡᠨ ᠪᠣᠯᠤᠮᠤᠢ ᠬᠡᠮᠡᠵᠦ ᠪᠠᠢᠬᠤ ᠲᠤᠯᠠ ᠰᠡᠳᠬᠢᠯ ᠢᠨᠤ ᠪᠢᠳᠡᠨ ᠢ᠋ ᠣᠢᠷ᠎ᠠ ᠰᠠᠨᠠᠬᠤ ᠪᠥᠭᠡᠳ ᠪᠠᠰᠠ ᠴᠤ᠌ ᠭᠠᠭᠴᠠ ᠬᠥᠮᠦᠨ ᠬᠡᠷᠬᠢᠨ ᠴᠢᠳᠠᠬᠤ ! ᠬᠡᠳᠦᠢᠪᠡᠷ ᠨᠢᠭᠤᠴᠠ ᠬᠣᠣᠷ᠎ᠠ ᠶ᠋ᠢᠨ ᠵᠥᠭᠡᠯᠡᠨ ᠭᠤᠷᠪᠠᠨ ᠵᠢᠭᠰᠠᠭᠠᠯ ᠠ᠋ᠴᠠ ᠬᠡᠯᠲᠦᠷᠢᠨ ᠴᠢᠳᠠᠪᠠᠴᠤ ᠢᠯᠡᠷᠬᠡᠢ ᠴᠡᠷᠢᠭ ᠦ᠋ᠨ ᠬᠠᠲᠠᠭᠤ  ᠭᠤᠷᠪᠠᠨ ᠵᠢᠭᠰᠠᠭᠠᠯ ᠠ᠋ᠴᠠ ᠬᠡᠷᠬᠢᠨ ᠭᠡᠲᠦᠯᠦᠨ ᠴᠢᠳᠠᠮᠤᠢ ᠭᠡᠮᠡᠨ ᠣᠮᠣᠭᠰᠢᠮᠤᠢ᠃  
       ᠲᠡᠨᠳᠡᠴᠡ ᠬᠡᠷᠦᠯᠦᠨ ᠮᠥᠷᠡᠨ ᠦ᠌ ᠴᠢᠨᠠᠳᠤ ᠬᠥᠪᠡᠭᠡ ᠬᠣᠶᠠᠷ ᠤᠯᠤᠰ ᠤ᠋ᠨ ᠵᠠᠭᠠᠭ ᠤ᠋ᠨ ᠣᠪᠣᠭ᠎ᠠ ᠴᠢᠯᠠᠭᠤ ᠲᠠᠩᠰᠢ ᠶ᠋ᠢᠨ ᠮᠣᠳᠣᠨ ᠤ᠋ ᠳᠡᠷᠭᠡᠳᠡ ᠬᠡᠷᠡᠢᠳ ᠦ᠋ᠨ ᠸᠠᠩ ᠲᠣᠭᠣᠷᠢᠯ ᠬᠡᠮᠵᠢᠶ᠎ᠡ ᠦᠭᠡᠢ ᠣᠯᠠᠨ ᠢ᠋ᠶ᠋ᠠᠨ ᠠᠪᠴᠤ ᠰᠦᠷ ᠲᠠᠯᠪᠢᠨ ᠪᠦᠷᠢᠶ᠎ᠡ ᠪᠢᠰᠬᠢᠭᠦᠷ ᠬᠤᠭᠤᠷ ᠴᠤᠭᠤᠷ ᠢ᠋ᠶ᠋ᠠᠨ ᠳᠤᠤᠭᠠᠷᠭᠠᠵᠤ᠂ ᠥᠪᠡᠷ ᠦ᠋ᠨ ᠪᠡᠶ᠎ᠡ ᠪᠡᠷ ᠤᠭᠲᠤᠷ᠎ᠠ ᠢᠷᠡᠵᠦ ᠲᠡᠭᠰᠢ ᠰᠠᠢᠬᠠᠨ ᠵᠢᠭᠰᠠᠭᠠᠨ ᠪᠠᠢᠷᠢᠯᠠᠭᠰᠠᠨ ᠭᠤᠷᠪᠠᠳᠤᠭᠠᠷ ᠣᠲᠣᠯᠭᠠᠨ᠎ᠠ ᠤᠴᠠᠷᠠᠵᠤ᠂ ᠬᠣᠶᠠᠷ ᠤᠯᠤᠰ ᠤ᠋ᠨ ᠡᠵᠡᠳ ᠬᠠᠷᠢᠯᠴᠠᠨ ᠮᠣᠷᠢᠨ ᠠ᠋ᠴᠠ ᠪᠠᠭᠤᠯᠴᠠᠵᠤ ᠭᠠᠷ ᠪᠠᠷᠢᠯᠴᠠᠨ ᠪᠠᠶᠠᠰᠤᠯᠴᠠᠨ ᠵᠣᠯᠭᠠᠯᠳᠤᠵᠤ ᠬᠠᠷᠢᠯᠴᠠᠨ ᠠᠷᠢᠬᠢ ᠪᠠᠷᠢᠯᠴᠠᠬᠤᠶ᠎ᠠ᠂ ᠢᠯᠠᠭᠤ ᠡᠴᠢᠭᠡ ᠶ᠋ᠢᠨ ᠬᠤᠨᠳᠠᠭ᠎ᠠ ᠶ᠋ᠢ ᠪᠠᠷᠢᠭᠰᠠᠨ ᠳ᠋ᠤᠷ ᠰᠠᠢᠬᠠᠨ ᠰᠤᠷᠲᠠᠯᠲᠤ ᠡᠵᠡᠨ ᠦ᠌ ᠴᠥᠭᠥᠴᠡ ᠶ᠋ᠢ ᠪᠠᠷᠢᠭᠠᠳ ᠰᠡᠴᠡ ᠣᠶᠤᠲᠤ ᠰᠡᠴᠡᠨ ᠢ᠋ ᠳᠣᠬᠢᠭᠰᠠᠨ ᠳ᠋ᠤᠷ ᠣᠶᠤᠲᠤ ᠰᠡᠴᠡᠨ ᠬᠡᠳᠦᠢᠨᠡᠢ ᠪᠡᠯᠡᠳᠬᠡᠵᠦ ᠪᠠᠢᠭᠰᠠᠨ ᠲᠤᠯᠠ  ᠲᠠᠢᠽᠦ ᠾᠧ ᠸᠠᠩ ᠬᠣᠶᠠᠭᠤᠯᠠ ᠬᠠᠷᠢᠯᠴᠠᠨ ᠬᠤᠨᠳᠠᠭ᠎ᠠ ᠰᠣᠯᠢᠯᠴᠠᠬᠤ ᠶ᠋ᠢᠨ ᠤᠷᠢᠳ ᠶᠠᠭᠠᠷᠠᠨ ᠲᠠᠢᠽᠦ ᠾᠧ ᠸᠠᠩ ᠬᠣᠶᠠᠭᠤᠯᠠ ᠶ᠋ᠢᠨ ᠡᠰᠡᠷᠭᠦ ᠰᠥᠭᠥᠳᠴᠦ ᠥᠨᠳᠥᠷ ᠳᠠᠭᠤᠨ ᠢ᠋ᠶ᠋ᠠᠷ ᠡᠭᠡᠰᠢᠭᠯᠡᠨ ᠪᠡᠯᠭᠡᠯᠡᠷᠦᠨ :  
             ᠪᠧᠲ᠋ᠠ᠋ ᠬᠡᠷᠡᠢᠳ ᠬᠣᠶᠠᠷ ᠤᠯᠤᠰ ᠤ᠋ᠨ ᠡᠵᠡᠨ 
             ᠪᠢᠯᠬᠠᠮᠠᠯ ᠰᠠᠢᠬᠠᠨ ᠬᠡᠷᠦᠯᠦᠨ ᠮᠥᠷᠡᠨ ᠦ᠌ ᠵᠠᠬ᠎ᠠ ᠶ᠋ᠢᠨ  
             ᠪᠢᠳᠦᠷᠢᠶ᠎ᠡ ᠴᠢᠯᠠᠭᠤᠨ ᠤ᠋ ᠡᠵᠡᠳᠲᠦ ᠣᠪᠣᠭᠠᠨ ᠤ᠋ ᠳᠡᠷᠭᠡᠳᠡ  
             ᠪᠢᠯᠠᠷ ᠪᠢᠰᠬᠢᠭᠦᠷ ᠢ᠋ᠶ᠋ᠡᠷ ᠬᠠᠷᠢᠯᠴᠠᠨ ᠠᠭᠤᠯᠵᠠᠨ ᠤᠴᠠᠷᠠᠬᠤ ᠂  
             ᠠᠯᠳᠠᠬᠤᠢ ᠤᠯᠬᠤᠢ ᠳ᠋ᠤᠷ ᠵᠣᠪᠠᠯᠠᠩ ᠵᠢᠷᠭᠠᠯᠠᠩ ᠢ᠋ ᠬᠠᠮᠲᠤᠳᠬᠠᠨ 
             ᠠᠰᠢᠳᠠ ᠠᠶᠠᠯᠠᠵᠤ ᠨᠠᠢᠷᠠᠯᠳᠤᠨ ᠶᠠᠪᠤᠬᠤ ᠶ᠋ᠢᠨ ᠲᠤᠯᠠᠳᠠ 
             ᠠᠰᠠᠷᠠᠯᠲᠠᠢ ᠠᠴᠢᠯᠠᠯᠲᠠᠢ ᠬᠣᠶᠠᠷ ᠤᠯᠤᠰ ᠤ᠋ᠨ ᠡᠵᠡᠨ 
             ᠠᠯᠲᠠᠨ ᠤ᠋ ᠰᠢᠭᠦᠰᠦᠲᠦ ᠤᠮᠳᠠ ᠳᠠᠷᠠᠰᠤ ᠲᠡᠭᠦᠨ ᠢ᠋ 
             ᠠᠪᠤᠮᠠᠭᠴᠠ ᠳᠠᠷᠤᠢ ᠬᠠᠷᠢᠯᠴᠠᠨ ᠦᠯᠦ ᠪᠠᠷᠢᠯᠴᠠᠵᠤ᠂ 
             ᠠᠮᠲᠠᠲᠤ ᠰᠠᠷᠬᠤᠳ ᠤ᠋ᠨ ᠠᠩᠬ᠎ᠠ ᠳᠡᠭᠡᠵᠢ ᠲᠡᠭᠦᠨ ᠢ᠋ 
             ᠠᠯᠢᠮᠠᠳ ᠲᠡᠷᠡ ᠠᠭᠤᠯᠠᠨ ᠤ᠋ ᠡᠵᠡᠳ ᠣᠷᠤᠰᠢᠭ᠍ᠰᠠᠨ 
             ᠠᠪᠤᠷᠠᠯᠲᠤ ᠤᠪᠤᠭᠠᠨ᠎ᠠ ᠰᠠᠴᠤᠯᠢ ᠡᠷᠭᠦᠮᠦ !
ᠬᠡᠮᠡᠭᠰᠡᠨ ᠳ᠋ᠦ᠍ᠷ ᠲᠠᠢᠽᠦ᠂  ᠾᠧ ᠸᠠᠩ ᠬᠣᠶᠠᠭᠤᠯᠠ ᠮᠥᠨ ᠭᠡᠮᠡᠨ ᠵᠥᠪᠰᠢᠶᠡᠨ ᠮᠦᠰᠢᠶᠡᠵᠦ ᠮᠥᠷᠭᠥᠨ ᠶᠣᠰᠣᠯᠠᠵᠤ ᠣᠪᠣᠭ᠎ᠠ ᠴᠢᠯᠠᠭᠤᠨ ᠤ᠋ ᠳᠡᠭᠡᠷ᠎ᠡ ᠭᠤᠷᠪᠠᠨ ᠵᠡᠷᠭᠡ ᠲᠤᠰᠬᠠᠪᠠ᠃ ᠡᠭᠦᠨ ᠳ᠋ᠦ᠍ᠷ ᠰᠢᠨ᠎ᠡ ᠬᠦᠩ ᠢᠯᠠᠭᠤ ᠰᠢᠮᠰᠢᠷᠡᠨ ᠴᠢᠬᠤᠯᠳᠠᠵᠤ ᠬᠥᠮᠥᠰᠬᠡ ᠦᠷᠴᠢᠢᠨ᠂ ᠰᠡᠳᠬᠢᠯ ᠪᠠᠰᠠ ᠭᠦᠢᠴᠡᠬᠦ ᠦᠭᠡᠢ ᠶᠠᠭᠠᠷᠠᠨ ᠪᠠᠰᠠ ᠬᠣᠣᠷᠠᠲᠤ ᠬᠣᠣᠷᠠᠵᠠ ᠶ᠋ᠢ ᠪᠠᠰᠠ ᠬᠡᠮᠨᠡᠵᠦ ᠡᠴᠢᠭᠡ ᠳ᠋ᠦ᠍ᠷ ᠢ᠋ᠶ᠋ᠡᠨ ᠪᠠᠷᠢᠭᠤᠯᠪᠠ᠂ ᠡᠨᠡᠲᠡᠭᠡ ᠡᠴᠡ ᠣᠶᠤᠨ ᠭᠤᠸ᠎ᠠ ᠪᠠᠰᠠ ᠠᠯᠲᠠᠨ ᠴᠥᠭᠥᠴᠡ ᠳ᠋ᠦ᠍ᠷ ᠠᠷᠠᠵᠠ ᠬᠢᠵᠦ ᠲᠠᠢᠽᠦ ᠳ᠋ᠦ᠍ᠷ ᠡᠷᠭᠦᠭᠡᠳ ᠰᠠᠶᠢ ᠬᠠᠷᠢᠯᠴᠠᠨ ᠪᠠᠷᠢᠯᠴᠠᠶ᠎ᠠ ᠬᠡᠮᠡᠲᠡᠯ᠎ᠡ ᠣᠶᠤᠨ ᠭᠤᠸ᠎ᠠ᠂ ᠣᠶᠤᠲᠤ ᠰᠡᠴᠡᠨ ᠢ᠋ ᠬᠠᠷᠠᠵᠤ ᠦᠵᠡᠭᠰᠡᠨ ᠳ᠋ᠦ᠍ᠷ ᠣᠶᠤᠲᠤ ᠰᠡᠴᠡᠨ ᠳᠠᠬᠢᠨ ᠰᠥᠭᠥᠳᠴᠦ ᠪᠡᠯᠭᠡᠯᠡᠷᠦᠨ :  
             ᠪᠣᠷᠵᠢᠭᠢᠳ ᠬᠡᠷᠡᠢᠳ ᠬᠣᠶᠠᠷ ᠤᠯᠤᠰ ᠤ᠋ᠨ ᠡᠵᠡᠨ 
             ᠪᠤᠯᠪᠠᠷᠠᠢ ᠵᠥᠭᠡᠯᠡᠨ ᠨᠠᠢᠯᠵᠠᠭᠤᠷ ᠲᠠᠯ᠎ᠠ ᠶ᠋ᠢᠨ ᠵᠠᠬ᠎ᠠ ᠶ᠋ᠢᠨ 
             ᠪᠤᠷᠭᠠᠰᠤᠨ ᠮᠣᠳᠣᠨ ᠤ᠋ ᠡᠵᠡᠳᠲᠦ ᠲᠠᠩᠰᠢᠨ ᠤ᠋ ᠳᠡᠷᠭᠡᠳᠡ 
             ᠪᠦᠷᠢᠶ᠎ᠡ ᠪᠢᠰᠬᠢᠭᠦᠷ ᠢ᠋ᠶ᠋ᠡᠷ ᠬᠠᠷᠢᠯᠴᠠᠨ ᠠᠭᠤᠯᠵᠠᠨ ᠤᠴᠠᠷᠠᠵᠤ᠂ 
             ᠬᠠᠮᠵᠢᠬᠤ ᠬᠠᠮᠲᠤᠳᠬᠤ ᠤᠶᠠᠷᠠᠯ ᠪᠠᠶᠠᠷᠯᠠᠯ ᠢ᠋ ᠬᠠᠮᠲᠤᠳᠬᠠᠨ 
             ᠬᠠᠭᠠᠴᠠᠰᠢ ᠦᠭᠡᠢ ᠬᠠᠨᠢᠯᠠᠨ ᠶᠠᠪᠤᠬᠤ ᠶ᠋ᠢᠨ ᠲᠤᠯᠠᠳᠠ 
             ᠬᠠᠮᠭᠠᠯᠠᠭ᠍ᠴᠢ ᠬᠠᠷᠢᠭᠤᠯᠤᠭᠴᠢ ᠬᠣᠶᠠᠷ ᠤᠯᠤᠰ ᠤ᠋ᠨ ᠡᠵᠡᠨ 
             ᠬᠠᠰ ᠤ᠋ᠨ ᠰᠢᠮᠡᠳᠦ ᠤᠮᠳᠠ ᠳᠡᠷᠡᠰᠦᠨ ᠡᠷᠭᠦᠨ 
             ᠬᠠᠩᠭᠠᠢ ᠲᠡᠷᠡ ᠲᠠᠯ᠎ᠠ ᠶ᠋ᠢᠨ ᠰᠠᠬᠢᠭᠤᠯᠰᠤᠨ ᠣᠷᠣᠰᠢᠭᠰᠠᠨ 
             ᠬᠠᠷᠠᠭᠠᠯᠵᠠᠭᠴᠢ ᠲᠠᠩᠰᠢᠨ᠎ᠠ ᠰᠠᠴᠤᠯᠢ ᠡᠷᠭᠦᠨ ᠰᠣᠶᠣᠷᠬᠠᠮᠤ !
ᠬᠡᠮᠡᠭᠰᠡᠨ ᠳ᠋ᠦ᠍ᠷ ᠲᠠᠢᠽᠦ᠂ ᠾᠧ ᠸᠠᠩ ᠬᠣᠶᠠᠭᠤᠯᠠ ᠬᠠᠷᠢᠨ ᠴᠤ᠌ ᠮᠠᠰᠢ ᠵᠦᠢ ᠭᠡᠮᠡᠨ ᠵᠥᠪᠰᠢᠶᠡᠵᠦ ᠮᠦᠰᠢᠶᠡᠭᠰᠡᠭᠡᠷ ᠢᠷᠡᠵᠦ ᠮᠡᠬᠦᠢᠨ ᠶᠣᠰᠣᠯᠠᠨ ᠪᠠᠢᠵᠤ᠂ ᠮᠣᠳᠣᠨ ᠤ᠋ ᠡᠮᠦᠨ᠎ᠡ ᠡᠪᠡᠰᠦᠨ ᠳ᠋ᠦ᠍ᠷ ᠭᠤᠷᠪᠠᠨ ᠵᠡᠷᠭᠡ ᠲᠤᠰᠠᠬᠠᠲᠠᠯ᠎ᠠ ᠾᠧ ᠸᠠᠩ ᠤ᠋ᠨ ᠠᠷᠢᠬᠢ ᠳᠤᠰᠬᠠᠭᠰᠠᠨ ᠭᠠᠵᠠᠷ ᠬᠥᠬᠡ ᠡᠪᠡᠰᠦ ᠴᠥᠮ ᠤᠪ ᠤᠯᠠᠭᠠᠨ ᠪᠣᠯᠵᠤ ᠬᠤᠪᠢᠯᠤᠭᠠᠳ ᠮᠣᠳᠣᠨ ᠤ᠋ ᠳᠡᠭᠡᠷ᠎ᠡ ᠬᠦᠷᠦᠭᠰᠡᠨ ᠭᠠᠵᠠᠷ ᠮᠣᠳᠣᠨ ᠤ᠋ ᠬᠠᠯᠢᠰᠤ ᠬᠠᠷᠠᠵᠤ ᠪᠠᠢᠳᠠᠯ ᠬᠠᠭᠵᠠᠷᠠᠨ ᠱᠠᠭᠠᠷᠠᠵᠤ ᠳᠠᠷᠳᠠᠢᠭᠰᠠᠨ᠎ᠠ ᠂ᠪᠠᠰᠠ ᠴᠢᠨᠠᠳᠤ ᠡᠲᠡᠭᠡᠳ ᠦ᠋ᠨ ᠾᠧ  ᠸᠠᠩ ᠤ᠋ᠨ ᠠᠷᠢᠬᠢ ᠳᠤᠰᠬᠠᠭᠰᠠᠨ ᠴᠢᠯᠠᠭᠤᠨ ᠣᠪᠣᠭᠠᠨ ᠤ᠋ ᠴᠢᠯᠠᠭᠤ ᠠᠨᠤ ᠬᠠᠭ᠎ᠠ ᠬᠠᠭ᠎ᠠ ᠳᠡᠯᠪᠡ ᠳᠡᠯᠪᠡ ᠡᠴᠢᠵᠦ ᠦᠰᠦᠷᠦᠨ ᠬᠠᠭᠠᠷᠠᠬᠤᠢ ᠳ᠋ᠤᠷ ᠬᠠᠷ᠎ᠠ ᠬᠦᠷᠳᠦ ᠢᠯᠠᠭᠤ ᠬᠠᠮᠢᠭᠠᠰᠢ ᠣᠷᠣᠬᠤ ᠪᠠᠨ ᠮᠡᠳᠡᠬᠦ ᠦᠭᠡᠢ ᠪᠣᠯᠤᠭᠰᠠᠨ ᠳ᠋ᠤᠷ ᠬᠠᠷᠠᠩᠭᠤᠢ ᠪᠤᠷᠤᠩᠬᠤᠢ ᠾᠧ ᠸᠠᠩ ᠬᠠᠷᠠᠨ ᠬᠠᠷᠠᠭᠰᠠᠭᠠᠷ ᠵᠣᠭᠰᠣᠵᠤ ᠬᠠᠮᠢᠭᠠᠰᠢ ᠬᠠᠯᠢᠬᠤ ᠪᠠᠨ ᠡᠰᠡ ᠮᠡᠳᠡᠨ ᠬᠠᠷ᠎ᠠ ᠴᠢᠷᠠᠢ ᠬᠤᠪᠢᠯᠤᠭᠰᠠᠨ᠎ᠠ ᠬᠠᠷᠠᠬᠠᠨ ᠣᠯᠠᠨ ᠬᠥᠮᠦᠨ ᠲᠠᠢᠽᠦ ᠶ᠋ᠢᠨ ᠠᠷᠢᠬᠢ ᠳᠤᠰᠬᠠᠭᠰᠠᠨ ᠭᠠᠵᠠᠷ ᠤ᠋ᠨ ᠡᠪᠡᠰᠦ ᠪᠠ ᠴᠢᠯᠠᠭᠤ ᠡᠯᠡᠰᠦ ᠮᠣᠳᠣ ᠶ᠋ᠢ ᠦᠵᠡᠪᠡᠰᠦ ᠤᠭ ᠬᠡᠪ  ᠢ᠋ᠶ᠋ᠡᠷ ᠰᠠᠢᠬᠠᠨ᠂ ᠣᠭᠲᠣ ᠲᠡᠢᠮᠦ ᠦᠭᠡᠢ ᠳ᠋ᠦ᠍ᠷ ᠬᠠᠷᠠᠨ ᠵᠣᠭᠰᠣᠵᠤ ᠪᠠᠢᠭᠰᠠᠨ ᠣᠶᠤᠨ ᠭᠤᠸ᠎ᠠ ᠬᠠᠳᠠᠭᠠᠨᠠᠲᠠᠯ᠎ᠠ ᠢᠨᠢᠶᠡᠵᠦ ᠥᠭᠦᠯᠡᠷᠦᠨ : 《 ᠠᠶ᠎ᠠ ᠠᠪᠠᠢ ᠬᠠᠯᠠᠬᠠᠢ ᠮᠢᠨᠦ ! ᠠᠳᠠᠪᠠᠰᠢ ᠶᠠᠭᠤᠲᠠᠢ ᠰᠣᠨᠢᠨ ᠪᠣᠯᠪᠠ᠂ ᠬᠠᠭᠠᠨ ᠡᠷᠭᠦᠮᠵᠢᠯᠡᠭᠰᠡᠨ ᠬᠦᠩ ᠨᠣᠶᠠᠨ ᠤ᠋ ᠬᠠᠷ᠎ᠠ ᠨᠡᠷᠡᠲᠦ ᠠᠷᠢᠬᠢ ᠳᠠᠷᠠᠰᠤ ᠶ᠋ᠢᠨ ᠬᠠᠲᠠᠭᠤ ᠠᠨᠤ ᠶᠠᠭᠤᠲᠠᠢ ᠬᠡᠴᠡᠭᠦᠦ᠂ ᠬᠠᠳᠠ ᠴᠢᠯᠠᠭᠤ ᠴᠤ᠌ ᠬᠠᠭᠠᠷᠠᠭᠠᠳ ᠬᠠᠢᠷᠠᠬᠠᠨ ᠬᠥᠬᠡ ᠡᠪᠡᠰᠦ ᠴᠦ᠍ ᠬᠠᠲᠠᠭᠰᠠᠨ ᠮᠡᠲᠦ ᠤᠯᠠᠢᠪᠠ᠃ᠬᠠᠯᠢᠰᠤᠲᠤ ᠮᠣᠳᠣ ᠴᠤ᠌ ᠬᠠᠭᠵᠠᠷᠠᠭᠠᠳ ᠬᠠᠭᠤᠷᠠᠢ ᠡᠯᠡᠰᠦ ᠴᠦ᠍ ᠳᠣᠪᠣᠢᠮᠤᠢ᠃ ᠭᠠᠢᠬᠠᠯᠳᠤ ᠨᠡᠷ᠎ᠡ ᠬᠦᠩ ᠦ᠋ᠨ ᠭᠠᠴᠠᠭ᠎ᠠ ᠠᠭᠤᠯᠠᠨ ᠤ᠋ ᠤᠲᠤᠯᠭᠠᠨ ᠳ᠋ᠤᠷ ᠭᠠᠷᠭᠠᠵᠤ  ᠪᠠᠷᠢᠭᠰᠠᠨ ᠠᠷᠢᠬᠢ ᠶ᠋ᠢ ᠭᠠᠢᠬᠠᠨ ᠬᠠᠳᠠᠭᠠᠯᠠᠯᠤᠭ᠎ᠠ᠂ ᠭᠠᠷᠭᠠᠵᠤ ᠠᠪᠴᠤ ᠢᠷ᠎ᠡ᠂ ᠭᠠᠢᠬᠠᠯ ᠢ᠋ ᠠᠨᠤ ᠦᠵᠡᠰᠦᠭᠡᠢ !》 ᠬᠡᠮᠡᠭᠡᠳ ᠭᠠᠷ ᠤ᠋ᠨ ᠠᠶ᠎ᠠ ᠪᠠᠷ ᠠᠪᠴᠤ ᠴᠢᠯᠠᠭᠤᠨ ᠤ᠋ ᠳᠡᠭᠡᠷ᠎ᠡ ᠳᠤᠰᠬᠠᠪᠠᠰᠤ ᠴᠢᠯᠠᠭᠤ ᠴᠠᠪᠠ ᠭᠠᠷᠴᠤ ᠬᠠᠭᠠᠷᠠᠪᠠ᠃ ᠮᠣᠳᠣᠨ ᠤ᠋ ᠳᠡᠭᠡᠷ᠎ᠡ ᠲᠤᠰᠠᠬᠠᠪᠠᠰᠤ ᠮᠥᠷ ᠭᠠᠷᠴᠤ ᠬᠠᠭᠵᠠᠷᠠᠪᠠ᠃ ᠡᠪᠡᠰᠦᠨ ᠦ᠌ ᠳᠡᠭᠡᠷ᠎ᠡ ᠲᠤᠰᠬᠠᠪᠠᠰᠤ ᠦᠨᠦᠷ ᠭᠠᠷᠴᠤ ᠤᠯᠠᠢᠪᠠ᠃ ᠡᠯᠡᠰᠦᠨ  ᠦ᠌ ᠳᠡᠭᠡᠷ᠎ᠡ ᠲᠤᠰᠠᠬᠠᠪᠠᠰᠤ᠂ ᠡᠪᠡᠷ ᠭᠠᠷᠴᠤ ᠳᠣᠪᠣᠢᠪᠠ᠂ ᠡᠭᠦᠨ ᠳ᠋ᠦ᠍ᠷ ᠬᠠᠷᠠᠩᠭᠤᠢ ᠪᠤᠷᠤᠩᠬᠤᠢ ᠾᠧ ᠸᠠᠩ ᠢ᠋ᠶ᠋ᠠᠷ ᠬᠠᠷ᠎ᠠ ᠰᠡᠳᠬᠢᠯᠲᠦ ᠬᠥᠪᠡᠭᠦᠨ᠂ ᠬᠠᠷ᠎ᠠ ᠬᠦᠷᠳᠦ ᠢᠯᠠᠭᠤ ᠶ᠋ᠢ ᠬᠠᠷᠠᠨ ᠬᠠᠷᠠᠨ ᠦᠵᠡᠵᠦ ᠬᠠᠮᠢᠭᠠᠰᠢ ᠬᠠᠯᠲᠤᠷᠢᠬᠤ ᠪᠠᠨ ᠠᠯᠳᠠᠵᠤ ᠬᠠᠷᠠᠢᠯᠬᠢᠯᠠᠨ ᠳᠡᠪᠬᠡᠴᠡᠵᠦ ᠬᠠᠪᠬᠢᠨᠠᠲᠠᠯ᠎ᠠ ᠰᠢᠳᠦ ᠪᠡᠨ ᠬᠠᠪᠢᠷᠤᠨ᠂ ᠬᠠᠷᠢᠶᠠᠨ ᠵᠥᠭᠡᠵᠦ ᠥᠭᠦᠯᠡᠷᠦᠨ :ᠬᠠᠷᠭᠢᠰ ᠰᠥᠷᠭᠡᠦ ᠰᠡᠳᠬᠢᠯᠲᠦ ᠬᠠᠨᠤᠯ ᠦᠭᠡᠢ ᠵᠤᠯᠵᠠᠭ᠎ᠠ᠂ ᠬᠠᠷᠠᠲᠠᠢ ᠮᠠᠭᠤ ᠰᠡᠳᠬᠢᠯᠲᠦ ᠬᠠᠮᠠᠭᠠᠯᠠᠯ ᠦᠭᠡᠢ ᠦᠷ᠎ᠡ᠂ ᠬᠠᠭᠠᠨ ᠢᠵᠠᠭᠤᠷᠲᠤ ᠪᠣᠷᠵᠢᠭᠢᠳ ᠢ᠋ ᠬᠠᠷᠠᠳᠠᠵᠤ ᠬᠡᠷᠬᠢᠨ ᠪᠣᠯᠤᠮᠤᠢ? ᠬᠠᠯᠠᠬᠠᠢ ᠬᠣᠬᠣᠢ ᠨᠠᠮᠠᠶ᠋ᠢ ᠬᠣᠭᠣᠷᠣᠨᠳᠣ ᠠᠨᠤ ᠬᠠᠪᠴᠢᠵᠤ᠂ ᠬᠠᠯᠠᠭᠤᠨ ᠠᠮᠢᠨ ᠢ᠋ ᠮᠢᠨᠦ ᠬᠠᠭᠠᠴᠠᠭᠤᠯᠤᠨ ᠰᠠᠯᠭ᠎ᠠ ᠠᠯᠳᠠᠪᠠ !》 ᠬᠠᠭᠢᠷᠠᠨ ᠬᠣᠬᠢᠷᠠᠨ ᠠᠭᠤᠷᠯᠠᠵᠤ᠂ ᠬᠠᠨᠢᠶᠠᠨ ᠣᠭᠰᠢᠵᠤ ᠴᠢᠭᠯᠡᠷᠡᠭᠡᠳ ᠬᠠᠷᠠᠩᠭᠤᠳᠤᠨ ᠤᠨᠠᠬᠤ ᠰᠢᠬᠠᠭᠰᠠᠨ ᠳ᠋ᠤᠷ ᠬᠠᠪᠳᠠ ᠬᠤᠷᠴᠠ ᠲᠥᠷᠥᠭᠰᠡᠨ ᠬᠠᠢᠷᠠᠲᠤ ᠣᠶᠤᠲᠤ ᠰᠡᠴᠡᠨ᠂ ᠬᠠᠷ᠎ᠠ ᠪᠤᠳᠤᠩᠲᠤ ᠠᠷᠢᠬᠢ ᠶ᠋ᠢ ᠬᠠᠪᠴᠢᠨ ᠲᠡᠪᠡᠷᠢᠵᠦ ᠰᠥᠭᠥᠳᠦᠭᠡᠳ ᠬᠠᠯᠠᠭᠯᠠᠨ ᠪᠡᠯᠭᠡᠯᠡᠵᠦ ᠮᠡᠳᠡᠭᠦᠯᠦᠷᠦᠨ : 
             ᠥᠪᠡᠷ ᠦ᠋ᠨ ᠭᠠᠵᠠᠷ ᠤ᠋ᠨ ᠰᠠᠷᠬᠤᠳ
             ᠦᠪᠡᠳᠡᠭᠰᠢ ᠤᠯᠤᠰ ᠲᠤᠷ ᠢ᠋ᠶ᠋ᠠᠨ ᠡᠮ 
             ᠬᠣᠯᠠᠳᠠᠬᠢ ᠤᠯᠤᠰ ᠤ᠋ᠨ ᠠᠷᠢᠬᠢ 
             ᠬᠣᠢᠲᠤ ᠭᠠᠵᠠᠷ ᠲᠤᠷ ᠬᠣᠣᠷ᠎ᠠ᠂ 
             ᠡᠨᠡ ᠬᠦ᠌ ᠭᠠᠵᠠᠷ ᠤ᠋ᠨ ᠠᠷᠠᠵᠠ 
             ᠡᠨᠳᠡᠬᠢ ᠬᠥᠮᠦᠨ ᠳ᠋ᠦ᠍ᠷ ᠢ᠋ᠶ᠋ᠡᠨ ᠡᠮ᠂ 
             ᠡᠮᠦᠨᠡᠬᠢ ᠤᠯᠤᠰ ᠤ᠋ᠨ ᠠᠷᠢᠬᠢ 
             ᠡᠨᠳᠡ ᠢᠷᠠᠪᠠᠰᠤ ᠬᠣᠣᠷ᠎ᠠ᠃ 
             ᠠᠷᠤ ᠤᠯᠤᠰ ᠤ᠋ᠨ ᠠᠷᠠᠵᠠ 
             ᠠᠢᠯ ᠬᠣᠷᠣᠭ᠎ᠠ ᠳ᠋ᠠᠭᠠᠨ ᠡᠮ᠂ 
             ᠠᠯᠤᠰ ᠭᠠᠵᠠᠷ ᠤ᠋ᠨ ᠠᠷᠢᠬᠢ 
             ᠠᠶᠠᠯᠠᠵᠤ ᠢᠷᠡᠪᠡᠰᠦ ᠬᠣᠣᠷ᠎ᠠ᠃ 
             ᠠᠳᠤᠭᠤᠨ ᠤ᠋ ᠰᠥ ᠶ᠋ᠢᠨ ᠠᠷᠠᠵᠠ 
             ᠠᠷᠤ ᠭᠠᠵᠠᠷ ᠲᠤᠷ ᠢ᠋ᠶ᠋ᠠᠨ ᠡᠮ᠂ 
             ᠠᠮᠤ ᠪᠠᠷ ᠨᠡᠷᠡᠭᠰᠡᠨ ᠠᠷᠢᠬᠢ ᠶ᠋ᠢ 
             ᠠᠴᠢᠵᠤ ᠢᠷᠡᠪᠡᠰᠦ ᠬᠣᠣᠷ᠎ᠠ ᠃ 
             ᠠᠰᠤᠷᠤ ᠪᠥᠬᠡ ᠴᠢᠯᠠᠭᠤ ᠴᠤ᠌ 
             ᠠᠷᠪᠠᠨ ᠲᠠᠰᠢ ᠳᠡᠯᠪᠡᠷᠡᠪᠡ᠂ 
             ᠠᠷᠵᠠᠭᠠᠷ ᠬᠠᠯᠢᠰᠤᠲᠤ ᠮᠣᠳᠣ ᠴᠤ᠌ 
             ᠠᠩᠭᠠᠢᠨ ᠬᠠᠭᠵᠠᠷᠠᠵᠤ ᠱᠠᠭᠠᠷᠠᠪᠠ᠂ 
             ᠠᠮᠢᠳᠤ ᠠᠭᠰᠠᠨ ᠡᠪᠡᠰᠦ ᠴᠦ᠍ 
             ᠬᠱᠡᠨ᠎ᠡ ᠬᠤᠪᠬᠠᠢᠷᠠᠵᠤ ᠤᠯᠠᠢᠪᠠ᠂ 
             ᠢᠳᠡᠷ ᠠᠬᠤ ᠡᠯᠡᠰᠦ ᠴᠦ᠍ 
             ᠠᠷᠵᠠᠢᠵᠤ ᠲᠣᠪᠣᠢᠨ ᠣᠪᠣᠭᠠᠯᠠᠪᠠ᠃ 
             ᠠᠮᠢ ᠭᠤᠯᠳᠤ ᠬᠥᠮᠦᠨ 
             ᠠᠶ᠎ᠠ ᠬᠡᠷᠬᠢᠨ ᠤᠤᠭᠤᠬᠤ ᠭᠡᠮᠡᠨ 
             ᠠᠴᠢ ᠳ᠋ᠤᠷ ᠬᠠᠷᠢᠭᠤᠯᠠᠬᠤ ᠸᠠᠩ ᠪᠡᠷ 
             ᠠᠯᠳᠠᠰᠢ ᠭᠠᠷᠤᠭᠰᠠᠨ ᠬᠦᠩ ᠳ᠋ᠦ᠍ᠷ 
             ᠠᠰᠤᠷᠤ ᠪᠢᠲᠡᠭᠡᠢ ᠬᠢᠯᠢᠩᠯᠡ᠂ 
             ᠠᠳᠠᠪᠠᠰᠢ ᠮᠡᠳᠡᠭᠰᠡᠨ ᠪᠤᠰᠤ 
             ᠠᠷᠠᠵᠠ ᠬᠣᠣᠷᠠᠵᠠ ᠬᠣᠴᠣᠷᠴᠤ᠂ 
             ᠠᠷᠢᠬᠢ ᠪᠠᠬᠠᠨ ᠤᠤᠭᠤᠪᠠᠰᠤ 
             ᠠᠶ᠎ᠠ ᠳ᠋ᠠᠭᠠᠨ ᠪᠠᠢᠨ ᠪᠠᠢᠭᠰᠠᠭᠠᠷ 
             ᠠᠯᠠᠬᠤ ᠬᠣᠣᠷ᠎ᠠ ᠬᠤᠪᠢᠯᠤᠮᠤᠢ᠃ 
             ᠠᠳᠠᠪᠠᠰᠢ ᠮᠡᠳᠡᠨ ᠪᠠᠢᠵᠤ 
             ᠠᠯᠠᠶ᠎ᠠ ᠬᠡᠮᠡᠭᠰᠡᠨ ᠪᠤᠰᠤ᠂ 
             ᠠᠴᠢ ᠲᠤᠰᠠ ᠶ᠋ᠢ ᠰᠡᠳᠬᠢᠭᠴᠢ 
             ᠠᠭᠤᠳᠠᠮ ᠸᠠᠩ ᠠᠢᠯᠠᠳ᠂ 
             ᠠᠭᠤᠵᠢᠮ ᠮᠠᠨ ᠤ᠋ ᠡᠵᠡᠨ 
             ᠠᠮᠲᠠᠲᠠᠢᠬᠠᠨ ᠰᠠᠢᠬᠠᠨ ᠰᠠᠷᠬᠤᠳ 
             ᠠᠪᠴᠤ ᠢᠷᠡᠭᠰᠡᠨ ᠪᠥᠯᠥᠭᠡ᠂ 
             ᠠᠶᠤᠮᠰᠢᠭᠲᠤ ᠠᠷᠢᠬᠢ ᠪᠤᠰᠤ 
             ᠠᠷᠢᠭᠤᠨ ᠠᠷᠠᠵᠠ ᠪᠥᠯᠥᠭᠡ᠃ 
             ᠠᠯᠠᠰᠬᠢᠨ ᠦᠯᠦ ᠰᠡᠵᠢᠭᠯᠡᠮᠦᠢ 
             ᠠᠴᠢᠯᠠᠬᠤ ᠰᠡᠳᠬᠢᠯ ᠢ᠋ ᠭᠦᠢᠴᠡᠳᠬᠡᠪᠡᠰᠦ᠂ 
             ᠠᠶᠠᠭ᠎ᠠ ᠳᠦᠭᠦᠷᠡᠩ ᠬᠢᠭᠡᠳ 
             ᠠᠭᠤᠯᠠ ᠭᠣᠣᠯ ᠳ᠋ᠤᠷ ᠳᠤᠰᠬᠠᠵᠤ᠂ 
             ᠠᠶᠠᠭᠠᠨ ᠠ᠋ᠴᠠ ᠬᠤᠪᠢᠶᠠᠭᠠᠳ 
             ᠠᠯᠲᠠᠨ ᠴᠥᠭᠥᠴᠡ ᠳ᠋ᠦ᠍ᠷ ᠬᠢᠵᠦ᠂ 
             ᠠᠮᠠᠷᠠᠭ ᠨᠠᠢᠷᠠᠮᠳᠠᠭᠤ ᠬᠠᠨᠢᠯᠠᠭᠰᠠᠨ 
             ᠠᠳᠠᠯᠢ ᠤᠯᠤᠰ ᠤ᠋ᠨ ᠡᠵᠡᠳ ᠢ᠋ᠶ᠋ᠡᠷ 
             ᠠᠮᠰᠠᠨ ᠵᠣᠭᠣᠭᠯᠠᠵᠤ ᠴᠢᠯᠡᠭᠡᠭᠡᠷᠡᠢ !
ᠭᠡᠮᠡᠨ ᠮᠡᠳᠡᠭᠦᠯᠵᠦ ᠪᠠᠷᠠᠭᠠᠳ ᠮᠥᠷᠭᠥᠵᠦ ᠪᠣᠰᠲᠠᠯ᠎ᠠ ᠬᠠᠪᠤᠲᠤ ᠬᠠᠰᠠᠷ ᠠᠶᠠᠭ᠎ᠠ ᠳᠦᠭᠦᠷᠡᠩ ᠠᠷᠢᠬᠢ ᠠᠪᠴᠢᠷᠠᠵᠤ ᠪᠠᠷᠢᠭᠤᠯᠪᠠ᠃ ᠣᠶᠤᠲᠤ ᠰᠡᠴᠡᠨ ᠡᠷᠳᠡᠨᠢ ᠶ᠋ᠢᠨ ᠡᠪᠡᠷ ᠦ᠋ᠨ ᠠᠶᠠᠭ᠎ᠠ ᠶ᠋ᠢ ᠠᠪᠴᠤ ᠬᠥᠮᠥᠰᠬᠡ ᠯᠤᠭᠡ ᠰᠠᠴᠠᠭᠤ ᠡᠷᠭᠦᠵᠦ᠂ ᠠᠯᠲᠠᠨ ᠰᠠᠪᠠ ᠪᠠᠷ ᠤᠳᠬᠤᠨ ᠠᠪᠴᠤ ᠬᠠᠮᠤᠭ ᠵᠦᠭ  ᠦ᠋ᠳ ᠲᠣᠷ ᠰᠠᠴᠤᠯᠢ ᠡᠷᠭᠦᠵᠦ᠂ ᠬᠠᠩᠭᠢᠨᠠᠮ᠎ᠠ ᠰᠠᠢᠬᠠᠨ ᠡᠭᠡᠰᠢᠭᠲᠦ ᠳᠠᠭᠤᠨ ᠢ᠋ᠶ᠋ᠠᠷ ᠬᠠᠪᠰᠤᠨ ᠡᠪᠰᠡᠵᠦ ᠡᠢᠨ ᠪᠡᠯᠭᠡᠯᠡᠨ ᠮᠡᠳᠡᠭᠦᠯᠦᠷᠦᠨ : 
             ᠬᠠᠭᠠᠨ ᠬᠤᠷᠮᠤᠰᠲᠠ ᠲᠡᠭᠷᠢ ᠡᠴᠡ ᠲᠡᠷᠢᠭᠦᠯᠡᠵᠦ 
             ᠬᠠᠮᠤᠭ ᠳᠡᠯᠡᠬᠡᠢ ᠶ᠋ᠢᠨ ᠡᠵᠡᠳ ᠪᠦᠭᠦᠳᠡᠭᠡᠷ ᠲᠣᠷ 
             ᠬᠠᠳᠠᠨ ᠬᠦᠴᠦᠲᠦ ᠠᠷᠢᠬᠢ ᠶ᠋ᠢ ᠲᠤᠰᠬᠠᠵᠤ 
             ᠬᠠᠩᠭᠠᠨ ᠪᠠᠶᠠᠰᠬᠠᠬᠤᠢ ᠶ᠋ᠢᠨ ᠰᠠᠴᠤᠯᠢ ᠡᠷᠭᠦᠮᠦ᠃ 
             ᠬᠠᠷᠢᠯᠴᠠᠨ ᠨᠠᠢᠷᠠᠯᠳᠤᠬᠤ ᠬᠣᠶᠠᠷ ᠡᠵᠡᠨ ᠢ᠋ ᠪᠢᠳᠡ 
             ᠬᠠᠮᠲᠤᠳᠠ ᠬᠠᠢᠷᠠᠯᠠᠨ ᠬᠠᠷᠠᠭᠠᠯᠵᠠᠨ ᠰᠣᠶᠣᠷᠬᠠᠬᠤ ᠠᠵᠢᠶᠠᠮᠤ᠃ 
             ᠡᠵᠡᠯᠡᠭᠴᠢ ᠡᠰᠡᠷᠸ᠎ᠠ ᠲᠡᠭᠷᠢ ᠡᠴᠡ ᠡᠬᠢᠯᠡᠵᠦ 
             ᠡᠩᠭᠡᠷ ᠳᠡᠯᠡᠬᠡᠢ ᠶ᠋ᠢᠨ ᠰᠠᠬᠢᠭᠤᠯᠰᠤᠨ ᠪᠦᠭᠦᠳᠡᠭᠡᠷ ᠲᠣᠷ 
             ᠡᠷᠴᠢᠮ ᠬᠦᠴᠦᠲᠦ ᠠᠷᠠᠵᠠ ᠶ᠋ᠢ ᠲᠤᠰᠬᠠᠵᠤ 
             ᠢᠨᠢᠶᠡᠨ ᠪᠠᠶᠠᠰᠬᠠᠬᠤ ᠶ᠋ᠢᠨ ᠰᠠᠴᠤᠯᠢ ᠶ᠋ᠢ ᠡᠷᠭᠦᠮᠦ ! 
             ᠡᠷᠢᠨ ᠨᠠᠢᠷᠠᠯᠳᠤᠬᠤ ᠬᠣᠶᠠᠷ ᠤᠯᠤᠰ ᠤ᠋ᠨ ᠡᠵᠡᠨ ᠢ᠋ 
             ᠡᠷᠬᠡᠪᠰᠢ ᠡᠪᠡᠰᠡᠭᠦᠯᠵᠦ ᠬᠠᠢᠷᠠᠯᠠᠨ ᠰᠣᠶᠣᠷᠬ᠎ᠠ᠂ 
             ᠡᠳᠡᠭᠡᠷ ᠣᠯᠠᠨ ᠤᠯᠤᠰ ᠪᠦᠭᠦᠳᠡᠭᠡᠷ ᠢ᠋ 
             ᠡᠷᠬᠢᠭᠳᠡᠯ ᠥᠭᠡᠶ᠎ᠡ ᠨᠢᠭᠦᠯᠡᠰᠦᠨ ᠬᠠᠢᠷᠠᠯᠠᠵᠤ ᠰᠣᠶᠣᠷᠬ᠎ᠠ ! 
ᠭᠡᠮᠡᠨ ᠤᠩᠰᠢᠵᠤ ᠰᠠᠷᠬᠤᠳ ᠤ᠋ᠨ ᠳᠡᠭᠡᠵᠢ ᠶ᠋ᠢ ᠲᠡᠭᠷᠢ ᠭᠠᠵᠠᠷ ᠲᠤᠷ ᠡᠷᠭᠦᠵᠦ ᠪᠠᠷᠠᠭᠠᠳ ᠨᠢᠭᠡᠨ ᠠᠳᠠᠯᠢ ᠬᠣᠶᠠᠷ ᠠᠯᠲᠠᠨ ᠴᠥᠭᠥᠴᠡ ᠳ᠋ᠦ᠍ᠷ ᠬᠤᠪᠢᠶᠠᠨ ᠳᠦᠭᠦᠷᠭᠡᠵᠦ᠂ ᠬᠣᠶᠠᠷ ᠲᠡᠰᠢ ᠠᠪᠠᠴᠢᠵᠤ ᠪᠠᠷᠢᠭᠠᠳ ᠲᠠᠢᠽᠦ᠂ ᠾᠧ ᠸᠠᠩ ᠬᠠᠷᠢᠯᠴᠠᠨ ᠰᠣᠯᠢᠯᠴᠠᠨ ᠪᠠᠷᠢᠯᠴᠠᠬᠤᠶ᠎ᠠ ᠣᠶᠤᠲᠤ ᠰᠡᠴᠡᠨ ᠣᠷᠣᠭᠰᠢ ᠳᠠᠪᠰᠢᠨ ᠢᠷᠡᠭᠡᠳ ᠤᠷᠪᠠᠭᠤᠯᠤᠭᠰᠠᠨ ᠮᠠᠩᠨᠤᠭ ᠤ᠋ᠨ ᠨᠢᠳᠤᠷᠭ᠎ᠠ ᠪᠠᠨ ᠪᠠᠭᠤᠯᠭᠠᠵᠤ᠂ ᠦᠰᠦᠲᠦ ᠮᠠᠩᠨᠤᠭ ᠬᠣᠷᠮᠣᠢ  ᠶᠤᠭᠠᠨ ᠰᠡᠬᠦᠭᠡᠳ ᠤᠷᠠᠨ ᠢᠷᠠᠭᠤ ᠥᠨᠳᠥᠷ ᠬᠣᠭᠣᠯᠠᠢ ᠪᠠᠷ ᠡᠢᠨ ᠪᠡᠯᠭᠡᠯᠡᠷᠦᠨ : 
             ᠪᠤᠰᠤᠳ ᠢ᠋ ᠲᠤᠰᠠᠯᠠᠬᠤ ᠶ᠋ᠢ ᠪᠡᠶ᠎ᠡ ᠶ᠋ᠢᠨ ᠣᠨᠣᠯ ᠪᠣᠯᠭᠠᠭᠰᠠᠨ 
             ᠪᠣᠷᠵᠢᠭᠢᠳ ᠢᠵᠠᠭᠤᠷᠲᠤ ᠪᠣᠱᠤᠭᠲᠤ ᠡᠵᠡᠨ ᠬᠢᠭᠡᠳ 
             ᠪᠣᠷᠵᠢᠭᠢᠳ ᠤ᠋ᠨ ᠲᠤᠰᠠ ᠶ᠋ᠢ ᠰᠡᠳᠬᠢᠯ ᠦ᠋ᠨ ᠰᠠᠬᠢᠯ ᠪᠣᠯᠭᠠᠭᠰᠠᠨ 
             ᠪᠣᠳᠣᠯᠭ᠎ᠠ ᠤᠬᠠᠭᠠᠨᠲᠤ ᠸᠠᠩ ᠡᠵᠡᠨ ᠬᠣᠶᠠᠭᠤᠯᠠ ᠪᠠᠷ᠂ 
             ᠪᠤᠯᠠᠭ᠎ᠠ ᠶ᠋ᠢᠨ ᠳᠠᠬᠤ ᠪᠠᠷ ᠵᠠᠬ᠎ᠠ ᠶ᠋ᠢᠨ ᠲᠡᠷᠢᠭᠦᠨ ᠪᠣᠯᠭᠠᠵᠤ 
             ᠪᠤᠷᠬᠠᠨ ᠭᠠᠯᠳᠤᠨ᠎ᠠ ᠳ᠋ᠤᠷ ᠬᠤᠷᠢᠮᠯᠠᠨ ᠨᠠᠢᠷᠠᠯᠳᠤᠵᠤ ᠶᠠᠪᠤᠬᠤᠶ᠎ᠠ᠃ 
             ᠪᠤᠲᠠᠷᠠᠭᠰᠠᠨ  ᠢ᠋ᠶ᠋ᠠᠨ ᠪᠠᠭᠴᠠᠯᠠᠨ ᠪᠤᠯᠲᠠᠷᠢᠭᠰᠠᠨ ᠢ᠋ᠶ᠋ᠠᠨ ᠬᠣᠷᠢᠶᠠᠨ 
             ᠪᠣᠷᠣ ᠪᠤᠯᠠᠭᠠᠨ ᠤ᠋ ᠳᠠᠬᠤ ᠪᠠᠷ ᠪᠦᠷᠢᠯᠳᠦᠭᠦᠯᠦᠶ᠎ᠡ ᠭᠡᠮᠡᠨ᠂ 
             ᠪᠣᠳᠠᠲᠠᠢ ᠰᠠᠢᠬᠠᠨ ᠬᠠᠨᠢᠯᠠᠭᠰᠠᠨ ᠤ᠋ ᠲᠤᠯᠠᠳᠠ 
             ᠪᠣᠭᠣᠯ ᠠᠯᠪᠠᠲᠤ ᠡᠯᠪᠡᠭ ᠵᠤᠵᠠᠭᠠᠨᠲᠤ ᠬᠡᠷᠡᠢᠳ ᠦ᠋ᠨ 
             ᠪᠤᠲᠠᠷᠠᠨ ᠰᠠᠷᠨᠢᠭᠰᠠᠨ ᠬᠡᠳᠦᠨ ᠤᠳᠠᠭ᠎ᠠ ᠶ᠋ᠢᠨ ᠠᠶᠤᠯ ᠳ᠋ᠤᠷ 
             ᠪᠤᠷᠬᠣᠲᠠᠢ ᠮᠤᠬᠤᠯᠢ ᠳ᠋ᠤᠷ ᠪᠧᠲ᠋ᠠ᠋ ᠤᠯᠤᠰ ᠪᠦᠭᠦᠳᠡᠭᠡᠷ 
             ᠪᠤᠯᠲᠤ ᠳᠠᠢᠰᠤᠨ ᠢ᠋ ᠲᠡᠭᠰᠢᠳᠬᠡᠨ ᠳᠠᠷᠤᠵᠤ ᠠᠪᠤᠷᠠᠭᠰᠠᠨ ᠤ᠋ ᠣᠴᠢᠷ᠎ᠠ 
             ᠪᠣᠯᠵᠣᠭ᠎ᠠ ᠳ᠋ᠤᠷ ᠨᠡᠢᠴᠡᠭᠦᠯᠦᠭᠴᠢ ᠬᠡᠷᠡᠢᠳ ᠦ᠋ᠨ ᠸᠠᠩ ᠡᠵᠡᠨ᠂ 
             ᠪᠣᠰᠤᠨ ᠰᠠᠭᠤᠨ ᠦᠯᠦ ᠤᠮᠠᠷᠲᠠᠬᠤ ᠶ᠋ᠢᠨ ᠲᠤᠯᠠᠳᠠ 
             ᠪᠤᠯᠪᠠᠷᠠᠢ ᠰᠠᠢᠬᠠᠨ ᠠᠪᠠᠬᠠᠢ ᠠᠭᠡ ᠨᠠᠷ ᠢ᠋ᠶ᠋ᠠᠷ ᠢ᠋ᠶ᠋ᠠᠨ ᠢᠨᠠᠭᠯᠠᠵᠤ 
             ᠪᠣᠳᠠᠲᠠᠶ᠎ᠠ ᠰᠠᠢᠬᠠᠨ ᠤᠷᠤᠭ ᠪᠠᠷᠢᠯᠴᠠᠵᠤ ᠬᠠᠨᠢᠯᠠᠶ᠎ᠠ᠃   
ᠭᠡᠮᠡᠨ ᠬᠣᠶᠠᠷ ᠤᠯᠤᠰ ᠤ᠋ᠨ ᠬᠤᠪᠢᠲᠤ ᠡᠵᠡᠳ ᠬᠠᠮᠲᠤ ᠪᠠᠷ ᠬᠤᠲᠤᠭᠲᠤ ᠡᠨᠡ ᠣᠪᠣᠭ᠎ᠠ ᠲᠠᠩᠰᠢ ᠳ᠋ᠤᠷ ᠵᠣᠯᠭᠠᠯᠳᠤᠭᠰᠠᠨ᠎ᠠ᠂ ᠬᠣᠣᠷᠠᠲᠤ ᠠᠷᠢᠬᠢ ᠶ᠋ᠢ ᠬᠣᠶᠠᠷ ᠤᠳᠠᠭ᠎ᠠ ᠪᠠᠷᠢᠪᠠᠴᠤ ᠬᠣᠯᠢᠯᠳᠤᠨ ᠲᠣᠬᠢᠶᠠᠯᠳᠤᠭᠰᠠᠨ ᠢ᠋ ᠡᠰᠡ ᠮᠡᠳᠡᠭᠰᠡᠨ ᠦ᠌ ᠰᠢᠯᠲᠠᠭᠠᠨ ᠪᠣᠢ ‍ᠶ᠎ᠠ᠃ ᠬᠣᠷᠰᠢᠵᠤ ᠨᠡᠢᠯᠡᠨ ᠬᠣᠣᠷᠯᠠᠶ᠎ᠠ ᠬᠡᠮᠡᠭᠰᠡᠨ ᠪᠤᠰᠤ ᠲᠤᠯᠠ ᠬᠤᠲᠤᠭᠲᠤ ᠡᠵᠡᠳ ᠬᠠᠭᠤᠴᠢᠨ ᠶᠣᠰᠣ ᠪᠠᠷ ᠨᠠᠢᠷᠠᠯᠳᠤᠵᠤ᠂ ᠭᠣᠣᠯ ᠬᠤᠨᠳᠠᠭ᠎ᠠ ᠪᠠᠷ ᠬᠤᠷᠢᠮᠯᠠᠨ ᠵᠣᠭᠣᠭᠯᠠᠵᠤ ᠪᠠᠶᠠᠰᠤᠯᠴᠠᠨ᠂ ᠬᠤᠭᠤᠷ ᠶᠠᠲᠤᠭ᠎ᠠ ᠮᠡᠲᠦ ᠡᠶᠡᠯᠡᠨ ᠡᠪᠯᠡᠵᠦ ᠵᠢᠷᠭᠠᠯᠳᠤᠮᠤᠢ ᠬᠡᠮᠡᠭᠰᠡᠨ᠎ᠡ᠂ ᠲᠠᠢᠽᠦ ᠥᠴᠦᠬᠡᠨ ᠮᠦᠰᠢᠶᠡᠵᠦ᠂ ᠠᠯᠲᠠᠨ ᠤ᠋ ᠴᠥᠬᠥᠴᠡᠳᠦ ᠠᠷᠠᠵᠠ ᠶ᠋ᠢ ᠪᠠᠷᠠᠲᠠᠯ᠎ᠠ ᠬᠥᠨᠲᠥᠷᠴᠦ ᠵᠣᠭᠣᠭᠯᠠᠭᠠᠳ ᠾᠧ ᠸᠠᠩ ᠳ᠋ᠤᠷ ᠦᠵᠡᠭᠦᠯᠵᠦ ᠤᠤᠭᠤ ᠭᠡᠮᠡᠨ ᠨᠠᠢᠷ ᠲᠠᠯᠪᠢᠭᠰᠠᠨ ᠳ᠋ᠤᠷ ᠾᠧ ᠸᠠᠩ ᠡᠳᠡᠭᠡᠷ ᠦᠭᠡᠰ ᠲᠣᠷ ᠳᠣᠲᠣᠷ᠎ᠠ ᠬᠥᠳᠡᠯᠵᠦ ᠨᠢᠳᠦᠨ ᠡᠴᠡ ᠨᠢᠯᠪᠤᠰᠤᠨ ᠤᠨᠠᠭᠠᠵᠤ ᠱᠣᠭᠰᠢᠨ ᠪᠥᠭᠰᠢᠨ ᠤᠬᠢᠯᠠᠨ ᠪᠠᠢᠵᠤ᠂ ᠠᠯᠲᠠᠨ ᠴᠥᠭᠥᠴᠡᠲᠦ ᠠᠷᠢᠬᠢ ᠶ᠋ᠢ ᠠᠮᠠ ᠳᠦᠭᠦᠷᠡᠩ ᠣᠭᠣᠴᠢᠵᠤ ᠤᠤᠭᠤᠭᠠᠳ ᠠᠪᠠᠢ ᠬᠠᠷᠢᠨ ᠬᠠᠬᠠᠵᠤ ᠬᠠᠨᠢᠶᠠᠭᠰᠠᠨ᠎ᠠ ᠲᠠᠢᠽᠦ ᠾᠧ ᠸᠠᠩ ᠢ᠋ ᠲᠣᠬᠣᠷᠤᠭᠤᠯᠤᠨ ᠥᠭᠦᠯᠡᠷᠦᠨ :              
             ᠠᠨᠳᠠᠴᠢᠯᠠᠵᠤ ᠶᠠᠪᠤᠭᠰᠠᠨ ᠠᠪᠤᠭᠠᠢ ᠸᠠᠩ ᠮᠢᠨᠦ ᠴᠢ 
             ᠠᠵᠢᠭ ᠦᠭᠡᠢ ᠲᠣᠬᠢᠶᠠᠯ ᠪᠣᠯᠤᠭᠰᠠᠨ ᠥᠴᠦᠬᠡᠨ ᠠᠳᠠᠯ ᠳ᠋ᠤᠷ᠂ 
             ᠠᠬᠤ ᠰᠡᠳᠬᠢᠯ  ᠢ᠋ᠶ᠋ᠡᠨ ᠳᠡᠮᠡᠢ ᠪᠢᠲᠡᠭᠡᠢ ᠴᠢᠬᠤᠯᠳᠠᠭᠲᠤᠨ 
             ᠠᠯᠭᠠᠰᠠᠩᠭᠤᠢ ᠦᠭᠡᠢ ᠪᠡᠷ ᠦᠯᠦ ᠬᠡᠷᠡᠭᠰᠡᠮᠦ ! 
ᠬᠡᠮᠡᠭᠡᠳ ᠳᠠᠷᠠᠭ᠎ᠠ ᠪᠠᠷ ᠭᠤᠷᠪᠠᠨ ᠬᠤᠨᠳᠠᠭ᠎ᠠ ᠤᠤᠭᠤᠯᠴᠠᠵᠤ᠂ ᠬᠠᠮᠲᠤ ᠮᠣᠷᠢᠯᠠᠵᠤ ᠬᠡᠷᠡᠢᠳ ᠦ᠋ᠨ ᠪᠡᠯᠡᠳᠬᠡᠭᠰᠡᠨ ᠶᠡᠬᠡ ᠪᠠᠭᠤᠳᠠᠯ ᠳ᠋ᠤᠷ ᠢᠷᠡᠪᠡᠢ᠃ ᠡᠨᠡ ᠦᠶ᠎ᠡ ᠳ᠋ᠦ᠍ᠷ ᠰᠢᠨ᠎ᠡ ᠬᠦᠩ ᠢᠯᠠᠭᠤ ᠲᠣᠭᠣᠭᠠᠨ ᠳ᠋ᠤᠷ ᠤᠨᠠᠭᠰᠠᠨ ᠢᠯᠠᠭᠠᠨ ᠤ᠋ ᠮᠡᠯᠡᠬᠡᠢ᠂ ᠲᠣᠨᠠᠭ ᠲᠤᠷ ᠣᠷᠣᠭᠰᠠᠨ ᠢᠮᠠᠭᠠᠨ ᠤ᠋ ᠢᠰᠢᠭᠡ ᠮᠡᠲᠦ᠂ ᠢᠨᠢᠶᠡᠮᠡᠭᠴᠡ ᠪᠠᠰᠠ ᠢᠷᠪᠠᠢᠵᠤ᠂ ᠢᠷᠪᠠᠢᠮᠠᠭᠴᠠ ᠪᠠᠰᠠ ᠢᠨᠢᠶᠡᠵᠦ᠂ ᠠᠪᠠ ᠳ᠋ᠤᠷ ᠣᠷᠣᠭᠰᠠᠨ ᠲᠠᠤᠯᠠᠢ ᠶ᠋ᠢᠨ ᠪᠥᠵᠥᠩ᠂ ᠠᠷᠭᠠᠯ ᠳ᠋ᠤᠷ ᠴᠣᠬᠢᠭᠳᠠᠭᠰᠠᠨ ᠠᠯᠠᠭᠳᠠᠭ᠎ᠠ ᠮᠡᠲᠦ᠂ ᠠᠭᠠᠰᠢ ᠪᠠᠨ ᠠᠯᠲᠠᠨ ᠠᠭᠠᠯᠢ ᠪᠠᠨ ᠵᠠᠪᠬᠠᠷᠠᠨ ᠠᠭᠠᠰᠢᠯᠠᠮᠤᠢ᠃ 
       ᠲᠡᠭᠦᠨᠴᠡ ᠬᠡᠷᠡᠢᠳ ᠦ᠋ᠨ ᠶᠡᠬᠡ ᠴᠢᠭᠤᠯᠭᠠᠨ ᠤ᠋ ᠣᠯᠠᠨ ᠤᠷᠤᠭ ᠰᠠᠳᠤᠨ ᠦᠵᠡᠪᠡᠰᠦ ᠪᠧᠲ᠋ᠠ᠋ ᠤᠯᠤᠰ ᠤ᠋ᠨ ᠡᠵᠡᠨ ᠳᠥᠴᠢ ᠲᠠᠪᠢᠬᠠᠨ ᠬᠥᠮᠦᠨ ᠳᠠᠭᠠᠭᠤᠯᠤᠭᠠᠳ ᠪᠠᠰᠠ ᠴᠥᠮ ᠵᠥᠭᠡᠯᠡᠨ ᠨᠠᠢᠷᠠᠮᠳᠠᠭᠤ ᠠᠷᠠᠳ ᠪᠥᠭᠡᠳ ᠴᠥᠮ ᠢ᠋ᠶ᠋ᠡᠷ ᠤᠯᠠᠭᠠᠨ ᠨᠣᠭᠣᠭᠠᠨ ᠰᠠᠢᠨ ᠪᠡᠯᠡᠭᠲᠦ ᠮᠠᠩᠨᠤᠭ ᠳᠡᠪᠡᠯ᠂ ᠰᠠᠢᠬᠠᠨ ᠥᠯᠵᠡᠢᠲᠦ ᠰᠤᠮᠤᠨ ᠠᠯᠴᠢᠭᠤᠷ ᠢ᠋ᠶ᠋ᠠᠷ ᠴᠢᠮᠡᠵᠦ᠂ ᠪᠡᠶ᠎ᠡ ᠳ᠋ᠦ᠍ᠷ ᠬᠤᠷᠤᠭᠤᠨ ᠤ᠋ ᠲᠡᠳᠦᠢ ᠢᠯᠳᠦ ᠰᠦᠬᠡ ᠵᠠᠷ ᠵᠡᠪᠰᠡᠭ ᠵᠡᠭᠦᠭᠰᠡᠨ ᠦᠭᠡᠢ᠃ ᠨᠡᠩᠳᠡ ᠲᠠᠢᠽᠦ ᠪᠡᠶ᠎ᠡ ᠳ᠋ᠦ᠍ᠷ ᠠᠯᠲᠠᠨ ᠯᠤᠤᠲᠤ ᠬᠤᠪᠴᠠᠳ ᠡᠮᠦᠰᠴᠦ ᠡᠷᠳᠡᠨᠢᠰ ᠦ᠋ᠨ ᠲᠥᠷᠥ ᠶ᠋ᠢᠨ ᠪᠦᠰᠡ ᠪᠦᠰᠡᠯᠡᠭᠡᠳ ᠨᠠᠷᠠᠨ ᠮᠡᠲᠦ ᠭᠡᠷᠡᠯᠲᠦ ᠵᠢᠰᠦ᠂ ᠨᠠᠭᠤᠷ ᠲᠠᠯ᠎ᠠ ᠶ᠋ᠢ ᠭᠡᠢᠭᠦᠯᠦᠭᠡᠳ ᠨᠠᠷᠠᠰᠤ ᠮᠡᠲᠦ ᠰᠦᠷᠲᠦ ᠴᠣᠭᠴᠠ᠂ ᠨᠠᠢᠵᠡᠮ ᠦ᠋ᠨ ᠣᠯᠠᠨ ᠢ᠋ ᠰᠦᠷᠲᠡᠭᠡᠵᠦᠬᠦᠢ᠃ 
       ᠲᠡᠨᠳᠡᠴᠡ ᠾᠧ ᠸᠠᠩ ᠬᠤᠷᠢᠮ ᠳ᠋ᠤᠷ ᠬᠦᠷᠦᠮᠡᠭᠴᠡ ᠬᠤᠷᠠᠭᠰᠠᠨ ᠣᠯᠠᠨ ᠢ᠋ ᠵᠠᠩᠳᠠᠵᠤ᠂ ᠵᠡᠭᠦᠭᠰᠡᠨ ᠵᠠᠷ ᠵᠡᠪᠰᠡᠭ ᠢ᠋ ᠴᠥᠮ ᠬᠤᠷᠢᠶᠠᠯᠭᠠᠨ ᠲᠥᠪ ᠳᠤᠮᠳᠠ ᠶ᠋ᠢᠨ ᠣᠢᠷ᠎ᠠ ᠰᠠᠭᠤᠳᠠᠯ ᠳ᠋ᠤᠷ ᠲᠠᠢᠽᠦ ᠶ᠋ᠢ ᠨᠠᠢᠷ ᠲᠠᠯᠪᠢᠬᠤᠢ ᠳ᠋ᠤᠷ ᠳᠠᠬᠢᠨ ᠳᠠᠬᠢᠨ ᠮᠠᠷᠭᠤᠪᠠᠴᠤ ᠾᠧ ᠸᠠᠩ ᠣᠭᠲᠣ ᠪᠣᠯᠬᠤ ᠦᠭᠡᠢ ᠲᠤᠯᠠ ᠬᠣᠶᠠᠷ ᠤᠯᠤᠰ ᠤ᠋ᠨ ᠡᠵᠡᠨ ᠵᠡᠷᠭᠡᠴᠡᠵᠦ ᠡᠮᠦᠨᠡᠰᠢ ᠬᠠᠲᠤᠨ᠂ ᠲᠠᠢᠽᠦ ᠪᠠᠷᠠᠭᠤᠨ ᠪᠡᠶ᠎ᠡ ᠵᠣᠴᠢᠨ ᠤ᠋ ᠰᠠᠭᠤᠳᠠᠯ ᠳ᠋ᠤᠷ ᠰᠠᠭᠤᠪᠠ᠃ ᠾᠧ ᠸᠠᠩ ᠵᠡᠭᠦᠨ ᠡᠲᠡᠭᠡᠳ ᠲᠣᠷ ᠭᠡᠷ ᠦ᠋ᠨ ᠡᠵᠡᠨ ᠦ᠌ ᠣᠷᠣᠨ ᠳ᠋ᠤᠷ ᠰᠠᠭᠤᠭᠠᠳ ᠬᠦᠰᠡᠷ᠎ᠡ ᠬᠣᠶᠠᠷ ᠠᠢᠮᠠᠭᠯᠠᠨ ᠪᠠᠭ᠎ᠠ ᠪᠠᠭ᠎ᠠ ᠠᠢᠮᠠᠭ  ᠤ᠋ᠳ ᠤ᠋ᠨ ᠡᠵᠡᠳ ᠪᠠ ᠣᠢᠷ᠎ᠠ ᠤᠷᠤᠭ ᠡᠯᠢᠭᠡ ᠢᠨᠤ ᠠᠷᠪᠠᠭᠠᠳ ᠰᠢᠷᠡᠭᠡ ᠰᠠᠭᠤᠯᠴᠠᠵᠤ᠂ ᠣᠷᠣᠯᠳᠣᠭ᠎ᠠ ᠪᠠᠷᠢᠯᠳᠤᠭ᠎ᠠ᠂ ᠱᠠᠪᠠᠩ ᠬᠥᠭᠵᠢᠮ ᠡᠭᠦᠰᠬᠡᠵᠦ ᠶᠡᠬᠡ ᠬᠤᠷᠢᠮ ᠡᠬᠢᠯᠡᠭᠰᠡᠨ᠎ᠡ᠂ ᠾᠧ ᠸᠠᠩ ᠪᠠᠭ᠎ᠠ ᠬᠥᠪᠡᠭᠦᠨ ᠲᠤᠰᠠᠬᠤ ᠶ᠋ᠢ ᠲᠡᠪᠡᠷᠢᠭᠦᠯᠦᠨ ᠠᠴᠢᠷᠠᠭᠤᠯᠵᠤ ᠲᠠᠢᠽᠦ ᠳ᠋ᠦ᠍ᠷ ᠮᠥᠷᠭᠥᠭᠦᠯᠦᠨ ᠵᠣᠯᠭᠠᠭᠤᠯᠬᠤᠢ ᠳ᠋ᠤᠷ ᠲᠠᠢᠽᠦ ᠨᠢᠳᠦ ᠣᠷᠬᠢᠨ ᠦᠵᠡᠬᠦᠯ᠎ᠡ ᠨᠠᠰᠤᠨ ᠬᠡᠳᠦᠢ ᠪᠠᠭ᠎ᠠ ᠪᠣᠯᠪᠠᠴᠤ ᠲᠥᠷᠥᠭᠰᠡᠨ ᠢᠨᠤ ᠨᠠᠮ ᠳᠥᠯᠭᠡᠨ ᠭᠤᠸ᠎ᠠ ᠦᠵᠡᠰᠬᠦᠯᠡᠩ᠂ ᠬᠠᠷᠢᠨ ᠢᠯᠠᠭᠤ ᠠ᠋ᠴᠠ ᠠᠷᠪᠠᠨ ᠬᠤᠪᠢ ᠰᠡᠴᠡᠨ ᠭᠡᠭᠡᠬᠡᠨ ᠬᠡᠰᠢᠭ ᠪᠤᠶᠠᠨ ᠲᠠᠢ ᠪᠠᠢᠳᠠᠯ ᠪᠣᠢ᠃ ᠲᠡᠳᠦᠢ ᠾᠧ ᠸᠠᠩ ᠠᠯᠢᠪᠠ ᠳᠠᠷᠠᠰᠤ ᠢᠳᠡᠭᠡᠨ ᠢ᠋ ᠡᠷᠬᠡᠪᠰᠢ ᠤᠷᠢᠳᠠ ᠨᠢᠭᠡᠨ ᠰᠢᠪᠠ ᠠᠪᠴᠤ ᠠᠮᠰᠠᠭᠠᠳ ᠰᠠᠶᠢ ᠲᠠᠢᠽᠦ ᠳ᠋ᠦ᠍ᠷ ᠢᠳᠡᠭᠦᠯᠬᠦ ᠲᠤᠯᠠ ᠢᠯᠠᠭᠤ ᠬᠣᠣᠷ᠎ᠠ ᠬᠣᠯᠢᠬᠤ ᠠᠷᠭ᠎ᠠ ᠣᠯᠬᠤ ᠦᠭᠡᠢ ᠳᠡᠭᠡᠷ᠎ᠡ ᠰᠠᠢᠬᠠᠨ ᠰᠤᠷᠲᠠᠯᠲᠤ ᠣᠶᠤᠲᠤ ᠰᠡᠴᠡᠨ ᠬᠣᠶᠠᠭᠤᠯᠠ ᠲᠠᠢᠽᠦ ᠶ᠋ᠢᠨ ᠬᠠᠵᠠᠭᠤᠳᠠ ᠵᠣᠭᠰᠣᠵᠤ ᠢᠳᠡᠭᠡᠨ ᠪᠦᠬᠦᠨ ᠢ᠋ ᠡᠷᠳᠡᠨᠢ ᠶ᠋ᠢᠨ ᠡᠪᠡᠷ ᠠᠶᠠᠭ᠎ᠠ ᠳ᠋ᠤᠷ ᠬᠢᠵᠦ ᠪᠠᠷᠢᠬᠤ ᠲᠤᠯᠠ ᠨᠡᠩ ᠠᠷᠭ᠎ᠠ ᠦᠭᠡᠢ ᠪᠥᠬᠥᠶ᠎ᠡ᠂ ᠾᠧ ᠸᠠᠩ ᠢᠯᠠᠭᠤ ᠶ᠋ᠢᠨ ᠮᠠᠭᠤ ᠶ᠋ᠢ ᠲᠣᠭᠠᠴᠠᠨ ᠵᠦᠬᠡᠨ ᠬᠠᠷᠢᠶᠠᠨ ᠦᠯᠦ ᠵᠣᠭᠰᠣᠨ᠂ ᠥᠪᠡᠷ ᠢ᠋ᠶ᠋ᠡᠨ ᠲᠠᠢᠽᠦ ᠳ᠋ᠦ᠍ᠷ ᠪᠤᠷᠤᠭᠤ ᠶᠠᠯ᠎ᠠ ᠪᠠᠨ ᠬᠦᠯᠢᠶᠡᠨ ᠪᠠᠷᠠᠬᠤ ᠦᠭᠡᠢ ᠳ᠋ᠦ᠍ᠷ ᠶᠠᠭᠤᠨᠠᠢ ᠤᠷᠤᠭ ᠤ᠋ᠨ ᠬᠡᠷᠡᠭ ᠢ᠋ ᠬᠡᠯᠡᠯᠴᠡᠬᠦ ᠴᠢᠯᠥᠭᠡ ᠪᠣᠢ ! ᠲᠡᠳᠦᠢ ᠾᠧ ᠸᠠᠩ ᠳᠠᠬᠢᠨ ᠳᠠᠪᠲᠠᠨ ᠭᠡᠮᠰᠢᠨ ᠭᠠᠰᠠᠯᠬᠤᠢ ᠳ᠋ᠤᠷ ᠲᠠᠢᠽᠦ ᠮᠦᠰᠢᠶᠡᠵᠦ ᠥᠭᠦᠯᠡᠷᠦᠨ :  
             ᠥᠭᠦᠯᠡᠯ ᠰᠠᠢᠲᠤ ᠥᠨᠳᠥᠷ ᠡᠷᠬᠢᠮ ᠸᠠᠩ ᠠᠪᠤᠭᠠᠢ 
             ᠦᠷᠭᠦᠯᠵᠢ ᠳᠡᠮᠡᠢ ᠪᠢᠲᠡᠭᠡᠢ ᠬᠡᠲᠦᠷᠬᠡᠢ ᠭᠠᠰᠢᠭᠤᠳᠠᠭᠲᠤᠨ ᠂ 
             ᠦᠨᠡᠨ ᠬᠤᠳᠠᠯ ᠢ᠋ ᠦᠯᠦ ᠮᠡᠳᠡᠬᠦ ᠬᠡᠦᠬᠡᠳ ᠦ᠋ᠨ 
             ᠥᠴᠦᠬᠡᠨ ᠲᠡᠳᠦᠢ ᠡᠨᠳᠡᠭᠳᠡᠯ ᠠᠯᠳᠠᠭᠳᠠᠯ ᠢ᠋ ᠬᠡᠷᠬᠢᠬᠦ ᠠᠵᠢᠶᠠᠮ !
             ᠦᠨᠡᠬᠡᠷ ᠬᠡᠳᠦᠢ ᠦᠬᠦᠭᠦᠯᠦᠶ᠎ᠡ ᠬᠡᠮᠡᠭᠰᠡᠨ ᠪᠣᠯᠪᠠᠴᠤ 
             ᠥᠷᠥᠰᠢᠶᠡᠯ ᠳ᠋ᠦ᠍ᠷ ᠢᠲᠡᠭᠡᠭᠰᠡᠨ ᠢ᠋ ᠲᠡᠭᠷᠢ ᠦᠯᠦ ᠮᠥᠬᠥᠭᠡᠬᠦ ᠲᠤᠯᠠ 
             ᠦᠨᠡᠨᠴᠢ ᠪᠢ ᠶᠠᠭᠤᠨ ᠠ᠋ᠴᠠ ᠠᠶᠤᠮᠤᠢ ! 
ᠭᠡᠮᠡᠨ ᠬᠡᠯᠡᠯᠴᠡᠬᠦ ᠵᠠᠪᠰᠠᠷ ᠬᠤᠷᠢᠮ ᠥᠨᠳᠥᠷᠯᠡᠵᠦ ᠪᠤᠳᠠᠭ᠎ᠠ ᠭᠠᠷᠬᠤᠢ ᠳ᠋ᠤᠷ ᠨᠢᠭᠡᠨ ᠪᠠᠭ᠎ᠠ ᠬᠥᠪᠡᠭᠦᠨ ᠬᠣᠶᠠᠷ ᠶᠡᠬᠡ ᠠᠶᠠᠭᠠᠨ ᠳ᠋ᠤ᠌ ᠬᠣᠨᠢᠨ ᠤ᠋ ᠵᠤᠯᠪᠤᠳᠠᠰᠤ ① ᠶ᠋ᠢᠨ ᠱᠥᠯᠥ ᠠᠪᠴᠤ ᠢᠷᠡᠭᠡᠳ ᠬᠥᠮᠦᠨ ᠪᠦᠷᠢ ᠳ᠋ᠦ᠍ᠷ ᠨᠢᠭᠡᠨ ᠠᠶᠠᠭ᠎ᠠ ᠪᠠᠷᠢᠪᠠ᠃ ᠲᠡᠳᠦᠢ ᠰᠠᠢᠬᠠᠨ ᠰᠤᠷᠲᠠᠯᠲᠤ ᠲᠡᠷᠡ ᠨᠢᠭᠡᠨ ᠠᠶᠠᠭ᠎ᠠ ᠶ᠋ᠢ ᠲᠡᠮᠳᠡᠭᠲᠡᠶ᠎ᠡ ᠰᠡᠵᠢᠭᠯᠡᠵᠦ᠂ ᠮᠠᠰᠢ ᠶᠠᠭᠠᠷᠠᠨ ᠬᠠᠯᠪᠠᠭ᠎ᠠ ᠪᠠᠷ ᠤᠳᠬᠤᠨ ᠠᠪᠴᠤ ᠡᠪᠡᠷ ᠠᠶᠠᠭ᠎ᠠ ᠳ᠋ᠤᠷ ᠬᠢᠵᠦ ᠦᠵᠡᠪᠡᠰᠦ᠂ ᠦᠵᠡᠲᠡᠯ᠎ᠡ ᠣᠷᠭᠢᠯᠤᠨ ᠪᠤᠴᠠᠯᠵᠤ ᠭᠠᠷᠴᠤ ᠢᠷᠡᠭᠰᠡᠨ᠎ᠡ ᠲᠠᠢᠽᠦ ᠶ᠋ᠢ ᠠᠯᠭᠤᠷ ᠬᠠᠷᠠᠵᠤ ᠦᠵᠡᠪᠡᠰᠦ ᠬᠡᠳᠦᠢᠨᠡᠢ ᠮᠡᠳᠡᠭᠡᠳ ᠲᠡᠷᠢᠭᠦᠨ ᠳᠣᠬᠢᠵᠤ᠂ ᠮᠥᠨ ᠬᠦ᠌ ᠦᠯᠦ ᠮᠡᠳᠡᠭᠴᠢ ᠪᠣᠯᠬᠤᠶ᠎ᠠ ᠰᠠᠢᠬᠠᠨ ᠰᠤᠷᠲᠠᠯᠲᠤ ᠨᠢᠭᠡᠨ ᠬᠠᠯᠪᠠᠭ᠎ᠠ ᠤᠳᠬᠤᠨ ᠠᠪᠴᠤ ᠾᠧ ᠸᠠᠩ ᠤ᠋ᠨ ᠱᠥᠯᠥ ᠳ᠋ᠦ᠍ᠷ ᠬᠢᠰᠦᠭᠡᠢ ᠭᠡᠮᠡᠨ ᠲᠠᠢᠽᠦ ᠶ᠋ᠢ ᠬᠠᠷᠠᠵᠤ ᠦᠵᠡᠪᠡᠰᠦ ᠲᠠᠢᠽᠦ ᠬᠥᠮᠥᠰᠬᠡ ᠠᠲᠤᠷᠢᠨ ᠲᠣᠯᠣᠭᠠᠢ ᠰᠠᠵᠢᠵᠤ ᠵᠣᠭᠰᠣᠭᠠᠪᠠ᠃ ᠦᠨᠡᠬᠡᠷ ᠲᠡᠭᠷᠢ ᠶ᠋ᠢᠨ ᠬᠥᠪᠡᠭᠦᠨ ᠪᠣᠭᠳᠠ ᠬᠥᠮᠦᠨ ᠪᠣᠯᠠᠢ᠃ ᠦᠨᠡᠨ ᠥᠷᠥᠰᠢᠶᠡᠯ ᠬᠡᠮᠡᠭᠴᠢ ᠡᠨᠡ ᠰᠠᠶᠢ ᠦᠨᠡᠨ ᠥᠷᠥᠰᠢᠶᠡᠯ ᠪᠣᠯᠠᠢ᠂ ᠥᠲᠡᠯ᠎ᠡ ᠠᠷᠠᠳ ᠬᠡᠷᠬᠢᠨ ᠡᠨᠡ ᠮᠡᠲᠦ ᠴᠢᠳᠠᠬᠤ ᠠᠵᠢ᠃ ᠤᠳᠠᠭᠰᠠᠨ ᠦᠭᠡᠢ ᠳᠡᠭᠡᠳᠦ ᠬᠤᠷᠢᠮ ᠳᠦᠭᠦᠷᠦᠭᠰᠡᠨ ᠳ᠋ᠦ᠍ᠷ ᠾᠧ ᠸᠠᠩ ᠳᠡᠭᠡᠳᠦ ᠬᠤᠷᠢᠮ ᠤ᠋ᠨ ᠨᠠᠷᠢᠨ ᠨᠠᠷᠢ ᠠᠮᠲᠠᠲᠤ ᠠᠵᠢᠮ ᠤ᠋ᠨ ᠵᠦᠢᠯ ᠢ᠋ ᠳᠣᠣᠷᠠᠲᠤ ᠰᠢᠷᠡᠬᠡᠨ᠎ᠡ ᠬᠣᠶᠠᠷ ᠤᠯᠤᠰ ᠤ᠋ᠨ ᠡᠵᠡᠨ ᠦ᠌ ᠬᠡᠰᠢᠭ ᠪᠣᠯᠭᠠᠨ ᠪᠠᠭᠤᠯᠭᠠᠬᠤᠢ ᠳ᠋ᠤᠷ ᠣᠶᠤᠲᠤ ᠰᠡᠴᠡᠨ ᠦᠵᠡᠬᠦᠯ᠎ᠡ ᠪᠠᠷᠠᠭᠤᠨ ᠮᠥᠷᠥ ᠶ᠋ᠢᠨ ᠬᠠᠮᠤᠭ ᠤ᠋ᠨ ᠳᠡᠭᠡᠳᠦ ᠰᠢᠷᠡᠭᠡᠨ ᠦ᠌ ᠳᠡᠭᠡᠳᠦ ᠡᠲᠡᠭᠡᠳ ᠲᠣᠷ ᠰᠠᠭᠤᠭᠰᠠᠨ ᠰᠢᠨ᠎ᠡ ᠬᠦᠩ ᠢᠯᠠᠭᠤ ᠶ᠋ᠢᠨ ᠬᠠᠳᠠᠮ ᠡᠴᠢᠭᠡ ᠲᠠᠲ᠋ᠠᠷ ᠠᠢᠮᠠᠭ ᠤ᠋ᠨ ᠲᠡᠮᠡᠯᠵᠢᠭᠡᠨ᠎ᠡ ᠨᠣᠶᠠᠨ ᠬᠡᠮᠡᠭᠴᠢ ᠬᠡᠳᠦᠨ ᠬᠤᠨᠳᠠᠭ᠎ᠠ ᠠᠷᠢᠬᠢ ᠬᠡᠪᠡᠯᠢ ᠳ᠋ᠦ᠍ᠷ ᠣᠷᠣᠭᠰᠠᠨ ᠢ᠋ᠶ᠋ᠠᠷ ᠬᠡᠲᠦᠷᠬᠡᠢ ᠣᠮᠣᠭ ᠲᠥᠷᠥᠵᠦ᠂ ᠲᠠᠢᠽᠦ ᠶ᠋ᠢ ᠪᠠᠢᠨ ᠪᠠᠢᠨ ᠬᠡᠷᠳᠡᠢᠨ ᠬᠡᠷᠲᠡᠢᠨ ᠬᠠᠷᠠᠵᠤ᠂ ᠲᠠᠢᠽᠦ ᠯᠤᠭ᠎ᠠ ᠲᠡᠮᠡᠴᠡᠵᠦ ᠦᠭᠡ ᠬᠡᠯᠡᠯᠴᠡᠰᠦᠭᠡᠢ ᠬᠡᠮᠡᠬᠦ ᠶ᠋ᠢ ᠦᠵᠡᠭᠡᠳ ᠬᠠᠷᠠᠬᠠᠨ ᠰᠢᠲᠦ ᠵᠠᠭᠠᠲᠤᠨᠠᠨ ᠠᠲᠠᠯ᠎ᠠ ᠡᠳᠦᠭᠡ ᠴᠢᠪᠬᠢᠲᠡᠯ᠎ᠡ ᠾᠧ ᠸᠠᠩ ᠥᠪᠡᠷ ᠦ᠋ᠨ ᠲᠡᠷᠡ ᠬᠥᠳᠡᠯᠭᠡᠭᠰᠡᠨ ᠦᠭᠡᠢ ᠨᠢᠭᠡᠨ ᠠᠶᠠᠭ᠎ᠠ ᠬᠣᠨᠢᠨ ᠵᠤᠯᠪᠤᠳᠠᠰᠤᠨ ᠤ᠋ ᠱᠥᠯᠥ ᠶ᠋ᠢ ᠲᠡᠮᠡᠯᠵᠢᠭᠡᠨ᠎ᠡ ᠡᠪᠦᠭᠡᠨ ᠳ᠋ᠦ᠍ᠷ ᠬᠦᠷᠭᠡ ᠭᠡᠮᠡᠨ ᠰᠠᠪᠠ ᠵᠥᠭᠡᠭᠡᠬᠦ ᠠᠷᠠᠳ ᠲᠤᠷ ᠵᠠᠬᠢᠭᠰᠠᠨ ᠳ᠋ᠤᠷ ᠰᠠᠢᠬᠠᠨ ᠰᠤᠷᠲᠠᠯᠲᠤ ᠶᠡᠬᠡᠯ᠎ᠡ ᠪᠠᠶᠠᠷᠯᠠᠨ ᠳᠠᠷᠤᠢ ᠲᠡᠷᠡ ᠬᠣᠣᠷᠠᠲᠤ ᠱᠥᠯᠥ ᠶ᠋ᠢ ᠲᠠᠢᠽᠦ ᠶ᠋ᠢ ᠥᠪᠡᠷ᠎ᠡ ᠳᠠᠰᠢ ᠬᠠᠨᠳᠤᠭᠰᠠᠨ ᠵᠠᠪ ᠲᠤᠷ ᠳᠡᠪᠰᠢᠭᠦᠯᠵᠦ᠂ ᠾᠧ ᠸᠠᠩ ᠤ᠋ᠨ ᠱᠥᠯᠥ ᠶ᠋ᠢᠨ ᠣᠷᠣᠨ ᠳ᠋ᠤᠷ ᠲᠠᠯᠪᠢᠵᠤ᠂ ᠾᠧ ᠸᠠᠩ ᠤ᠋ᠨ ᠱᠥᠯᠥ ᠶ᠋ᠢ ᠲᠠᠢᠽᠦ ᠶ᠋ᠢᠨ ᠱᠥᠯᠥ ᠶ᠋ᠢᠨ ᠣᠷᠣᠨ ᠳ᠋ᠤᠷ ᠲᠠᠯᠪᠢᠵᠤ ᠰᠣᠯᠢᠪᠠ᠃ ᠰᠠᠪᠠ ᠵᠥᠭᠡᠭᠡᠬᠦ ᠬᠥᠮᠦᠨ ᠡᠭᠡᠵᠦ ᠢᠷᠡᠭᠡᠳ ᠳᠠᠷᠤᠢ ᠲᠡᠷᠡ ᠬᠣᠣᠷᠠᠲᠤ ᠱᠥᠯᠥ ᠶ᠋ᠢ ᠠᠪᠴᠤ ᠡᠴᠢᠭᠡᠳ ᠲᠡᠮᠡᠯᠵᠢᠭᠡᠨ᠎ᠡ ᠡᠪᠦᠭᠡᠨ ᠦ᠌ ᠡᠮᠦᠨ᠎ᠡ ᠠᠪᠠᠴᠢᠵᠤ ᠲᠠᠯᠪᠢᠪᠠ᠃ ᠡᠨᠡ ᠢᠨᠤ ᠨᠢᠭᠡᠨ ᠠᠳᠠᠯᠢ ᠬᠣᠶᠠᠷ ᠠᠶᠠᠭ᠎ᠠ ᠲᠤᠯᠠ ᠬᠡᠨ ᠴᠦ᠍ ᠴᠥᠮ ᠡᠰᠡ ᠤᠪᠠᠢᠯᠠᠪᠠ᠃ ᠭᠠᠭᠴᠠ ᠰᠠᠢᠬᠠᠨ ᠰᠤᠷᠲᠠᠯᠲᠤ᠂ ᠣᠶᠤᠲᠤ ᠰᠡᠴᠡᠨ ᠥᠪᠡᠷ ᠦ᠋ᠨ ᠰᠠᠪᠠ ᠵᠡᠪᠰᠡᠭ ᠢ᠋ᠶ᠋ᠡᠨ ᠬᠤᠷᠢᠶᠠᠭᠴᠢ ᠪᠣᠯᠤᠨ ᠰᠣᠯᠢᠨ ᠲᠠᠯᠪᠢᠭᠰᠠᠨ ᠪᠥᠯᠥᠭᠡ ᠃ 
- - - -
①ᠳᠣᠲᠣᠷ ᠬᠤᠷᠠᠭ᠎ᠠ

       ᠲᠡᠭᠦᠨᠴᠡ ᠲᠡᠷᠡ ᠲᠡᠮᠡᠴᠡᠯᠳᠦ ᠶᠡᠬᠡ ᠰᠠᠨᠠᠭᠠᠲᠤ ᠲᠡᠮᠡᠯᠵᠢᠭᠡᠨ᠎ᠡ ᠡᠪᠦᠭᠡᠨ ᠨᠣᠶᠠᠨ ᠢ᠋ᠶ᠋ᠠᠷ ᠲᠡᠳᠦᠢᠬᠡᠨ ᠪᠢᠴᠢᠬᠠᠨ ᠨᠢᠭᠤᠷ ᠲᠤᠷ ᠲᠡᠰᠳᠡᠰᠢ ᠦᠭᠡᠢ ᠣᠮᠣᠷᠬᠠᠭᠯᠠᠭᠠᠳ ᠲᠡᠳᠡᠭᠡᠷ ᠨᠢᠭᠡᠨ ᠰᠢᠷᠡᠭᠡᠨ ᠦ᠌ ᠨᠥᠬᠥᠳ ᠲᠣᠷ ᠪᠠᠬᠠᠨ ᠴᠤ᠌ ᠨᠠᠢᠷ ᠲᠠᠯᠪᠢᠯ ᠦᠭᠡᠢ ᠪᠡᠷ ᠪᠠᠷᠰ ᠴᠢᠨᠣ᠎ᠠ ᠮᠡᠲᠦ ᠪᠡᠷ ᠪᠠᠪᠠᠢᠲᠠᠯ᠎ᠠ ᠣᠭᠣᠴᠢᠵᠤ ᠪᠠᠷᠠᠲᠠᠯ᠎ᠠ ᠵᠠᠯᠭᠢᠵᠤ ᠪᠠᠷᠠᠮᠠᠭᠴᠠ ᠪᠠᠯᠪᠠ ᠬᠡᠮᠬᠡ ᠡᠴᠢᠵᠦ᠂ ᠪᠠᠭᠠᠰᠤ ᠰᠢᠭᠡᠰᠦ ᠪᠡᠨ ᠠᠯᠳᠠᠵᠤ ᠪᠠᠯᠪᠠᠷᠠᠨ ᠨᠤᠷᠠᠵᠤ ᠤᠨᠠᠭᠠᠳ ᠪᠠᠷᠬᠢᠷᠠᠨ ᠴᠠᠷᠬᠢᠷᠠᠨ ᠥᠩᠬᠥᠷᠢᠬᠦᠶ᠎ᠡ᠂ ᠪᠠᠢᠭᠰᠠᠨ ᠰᠦᠪᠡ ᠪᠦᠬᠦᠨ ᠡᠴᠡ ᠪᠠᠷᠠᠭᠳᠠᠰᠢ ᠦᠭᠡᠢ ᠴᠢᠰᠤ ᠪᠠᠳᠠᠷᠠᠲᠠᠯ᠎ᠠ ᠴᠤᠪᠤᠷᠢᠵᠤ᠂ ᠪᠠᠷᠠᠭᠤᠨ ᠵᠡᠭᠦᠨ ᠭᠠᠷ ᠢ᠋ᠶ᠋ᠠᠷ ᠪᠠᠴᠢᠮᠳᠠᠬᠤ ᠬᠡᠬᠦᠳᠡᠭ ᠢ᠋ᠶ᠋ᠡᠨ ᠮᠠᠯᠲᠠᠭᠰᠠᠭᠠᠷ ᠪᠠᠵᠢᠵᠤ ᠨᠤᠬᠤᠵᠤ᠂ ᠡᠩᠭᠡᠷ ᠢ᠋ᠶ᠋ᠡᠨ ᠪᠠᠷᠰ ᠤᠷᠠᠭᠰᠠᠨ ᠮᠡᠲᠦ ᠪᠠᠷᠠᠩᠬᠠᠢ ᠪᠣᠯᠲᠠᠯ᠎ᠠ ᠮᠠᠯᠲᠠᠭᠠᠳ ᠪᠠᠯᠠᠮᠠᠳ ᠬᠣᠣᠷᠲᠤ ᠤᠷᠤᠭᠤᠯ ᠢ᠋ᠶ᠋ᠠᠨ ᠪᠡᠯᠴᠢ ᠵᠠᠭᠤᠵᠤ᠂ ᠪᠠᠷᠳᠠᠮ ᠳᠡᠭᠡᠷᠡᠩᠭᠦᠢ ᠬᠡᠯᠡ ᠪᠡᠨ ᠬᠠᠵᠠᠭᠰᠠᠭᠠᠷ ᠪᠠᠬᠠᠨ ᠲᠡᠳᠦᠢ ᠬᠣᠭᠣᠷᠣᠨᠳᠣ ᠪᠠᠷᠠᠭᠳᠠᠨ ᠳᠠᠭᠤᠰᠴᠤ ᠦᠬᠦᠳᠬᠡᠪᠡᠢ᠃ ᠡᠷᠲᠡ ᠲᠠᠢᠽᠦ ᠶ᠋ᠢᠨ ᠡᠴᠢᠭᠡ ᠶᠢᠰᠦᠭᠡᠢ ᠪᠠᠭᠠᠲᠤᠷ ᠲᠤᠷ ᠬᠣᠣᠷ᠎ᠠ ᠥᠭᠭᠦᠭᠰᠡᠨ ᠢᠨᠦ ᠳᠠᠷᠤᠢ ᠡᠨᠡ ᠲᠡᠮᠡᠯᠵᠢᠭᠡᠨ᠎ᠡ ᠡᠪᠦᠭᠡᠨ ᠨᠣᠶᠠᠨ ᠤ᠋ ᠭᠠᠷᠭᠠᠭᠰᠠᠨ ᠰᠠᠨᠠᠭ᠎ᠠ ᠪᠥᠯᠥᠭᠡ᠃ ᠭᠠᠭᠴᠠ ᠢᠯᠡᠷᠡᠭᠰᠡᠨ ᠦᠭᠡᠢ ᠲᠤᠯᠠ ᠲᠠᠢᠽᠦ ᠡᠨᠡ ᠦᠶ᠎ᠡ ᠳ᠋ᠦ᠍ᠷ ᠬᠦᠷᠲᠡᠯ᠎ᠡ ᠪᠠᠰᠠ ᠬᠦ᠌ ᠮᠡᠳᠡᠭᠡᠳᠦᠢ ᠠᠵᠤᠭᠤ᠃ ᠲᠡᠳᠦᠢ ᠭᠡᠨᠡᠳᠲᠡ ᠭᠦᠶᠦᠨ ᠪᠣᠰᠴᠤ ᠵᠣᠭᠰᠣᠭᠠᠳ ᠶᠢᠰᠦᠭᠡᠢ ᠪᠠᠭᠠᠲᠤᠷ ᠤ᠋ᠨ ᠰᠦᠨᠡᠰᠦᠨ ᠣᠷᠣᠰᠢᠵᠤ : 《ᠡᠨᠡ ᠡᠳᠦᠷ ᠰᠠᠶᠢ ᠤᠭ ᠦᠨᠳᠦᠰᠦᠨ ᠦ᠌ ᠦᠰ ᠢ᠋ ᠠᠪᠴᠤ ᠪᠠᠷᠠᠪᠠ 》 ᠭᠡᠮᠡᠨ ᠤᠴᠢᠷ ᠢ᠋ ᠲᠣᠭᠠᠴᠠᠨ ᠬᠡᠯᠡᠭᠰᠡᠨ᠎ᠡ ᠣᠯᠠᠨ ᠢ᠋ᠶ᠋ᠠᠷ ᠰᠠᠶᠢ ᠣᠯᠵᠤ ᠮᠡᠳᠡᠪᠡ᠃ ᠲᠡᠳᠦᠢ ᠦᠭᠡ ᠬᠡᠯᠡᠵᠦ ᠳᠠᠭᠤᠰᠤᠮᠠᠭᠴᠠ ᠲᠡᠮᠡᠯᠵᠢᠭᠡᠨ᠎ᠡ ᠡᠪᠦᠭᠡᠨ ᠦ᠌ ᠪᠡᠶ᠎ᠡ ᠳᠠᠷᠳᠠᠢᠨ ᠤᠨᠠᠵᠤ ᠡᠴᠢᠭᠡᠳ ᠲᠠᠷᠲᠠᠭ ᠲᠠᠷᠳᠠᠭ ᠲᠡᠯᠴᠢᠯᠡᠭᠡᠳ ᠲᠡᠮᠦᠵᠢᠨ ᠲᠠᠢᠽᠦ ᠶ᠋ᠢᠨ ᠡᠮᠦᠨ᠎ᠡ ᠲᠠᠷᠢᠬᠢ ᠪᠠᠨ ᠳᠡᠯᠪᠡ ᠮᠥᠷᠭᠥᠭᠡᠳ ᠲᠡᠰᠬᠡᠯ ᠦᠭᠡᠢ ᠰᠦᠷᠡᠬᠡᠢ ᠪᠡᠷ ᠳᠠᠰᠤᠯ ᠥᠭᠡᠶ᠎ᠡ ᠦᠬᠦᠪᠡᠢ᠃ 
       ᠲᠡᠭᠦᠨᠴᠡ ᠲᠡᠳᠡᠭᠡᠷ ᠬᠤᠷᠠᠭᠰᠠᠨ ᠣᠯᠠᠨ ᠢ᠋ᠶ᠋ᠠᠷ ᠲᠡᠷᠡ ᠦᠢᠮᠡᠭᠡᠨ ᠢ᠋ ᠦᠵᠡᠵᠦ ᠲᠡᠪᠡᠷᠢᠨ ᠴᠢᠷᠴᠦ ᠠᠪᠠᠴᠢᠬᠤᠶ᠎ᠠ᠂ ᠲᠠᠲ᠋ᠠᠷ ᠤ᠋ᠨ ᠬᠦᠷᠭᠡᠨ ᠢᠯᠠᠭᠤ ᠪᠠ ᠲᠡᠮᠡᠯᠵᠢᠭᠡᠨ᠎ᠡ ᠶ᠋ᠢᠨ ᠳᠡᠭᠦᠦ ᠬᠥᠷᠭᠡᠯᠵᠡᠭᠡᠨ᠎ᠡ ᠲᠠᠨ ᠲᠡᠰᠬᠡᠯ ᠥᠭᠡᠶ᠎ᠡ ᠴᠢᠬᠤᠯᠳᠠᠭᠠᠳ ᠲᠡᠮᠳᠡᠭ ᠫᠤᠤ ᠪᠠᠨ ᠲᠠᠯᠪᠢᠭᠰᠠᠨ ᠳ᠋ᠤᠷ᠂ ᠳᠡᠰ ᠦ᠋ᠨ ᠲᠤᠭ ᠪᠣᠰᠤᠮᠠᠭᠴᠠ ᠲᠡᠷᠲᠡᠭᠡ ᠰᠢᠭᠤᠢ ᠶ᠋ᠢᠨ ᠳᠣᠲᠣᠷ᠎ᠠ ᠲᠡᠩᠰᠡᠯ ᠨᠦᠬᠡᠨ ᠡᠴᠡ ᠲᠡᠮᠦᠷ ᠦ᠋ᠨ ᠬᠦᠷᠳᠦᠨ ᠢ᠋ ᠡᠷᠭᠢᠭᠦᠯᠦᠭᠴᠢ ᠲᠡᠩᠴᠡᠰᠢ ᠦᠭᠡᠢ ᠬᠦᠴᠦᠲᠦ ᠲᠠᠲ᠋ᠠᠷ ᠠᠢᠮᠠᠭ ᠤ᠋ᠨ ᠬᠥᠮᠦᠨ ᠲᠡᠨᠡᠭ ᠠᠷᠰᠯᠠᠨ ᠬᠡᠮᠡᠭᠴᠢ ᠲᠡᠷᠢᠭᠦᠯᠡᠨ ᠭᠠᠷᠴᠤ ᠢᠷᠡᠭᠡᠳ : 《ᠲᠡᠮᠦᠵᠢᠨ ᠬᠥᠪᠡᠭᠦᠨ ᠲᠡᠩᠬᠡᠷᠡᠬᠦ ᠶ᠋ᠢ ᠣᠭᠲᠣᠬᠠᠨ ᠴᠤ᠌ ᠪᠢᠲᠡᠭᠡᠢ ᠰᠠᠨᠠ ! 》 ᠭᠡᠮᠡᠨ ᠲᠡᠭᠰᠢ ᠰᠢᠯᠭᠠᠭᠰᠠᠨ ᠴᠡᠷᠢᠭ ᠳᠡᠩᠲᠡᠢ ᠭᠤᠷᠪᠠᠨ ᠵᠠᠭᠤᠨ ᠬᠥᠮᠦᠨ᠂ ᠲᠠᠴᠢᠭᠢᠨᠠᠲᠠᠯ᠎ᠠ ᠴᠣᠬᠢᠨ ᠢᠷᠡᠬᠦᠶ᠎ᠡ ᠲᠡᠷᠢᠭᠦᠯᠡᠭᠰᠡᠨ ᠲᠡᠨᠡᠭ ᠠᠷᠰᠯᠠᠨ ᠢ᠋ᠶ᠋ᠠᠷ ᠲᠠᠷᠠᠰᠬᠢᠨ ᠵᠠᠮ ᠤ᠋ᠨ ᠳᠤᠮᠳᠠ ᠠ᠋ᠴᠠ ᠲᠠᠷᠳᠠᠭ ᠭᠡᠲᠡᠯ᠎ᠡ ᠤᠨᠠᠭᠰᠠᠨ᠎ᠠ᠂ ᠲᠡᠷᠡᠬᠡᠨ ᠪᠢᠴᠢᠬᠠᠨ ᠴᠢᠯᠥᠭᠡᠨ ᠳ᠋ᠦ᠍ᠷ ᠲᠡᠭᠦᠰᠴᠣᠭᠲᠤ᠂ ᠵᠠᠯᠮ᠎ᠠ ᠨᠠᠷ ᠲᠠᠪᠰᠢᠵᠤ ᠲᠡᠩᠬᠡᠭᠡ ᠦᠭᠡᠢ ᠾᠧ ᠸᠠᠩ ᠢ᠋ ᠳᠡᠷᠳᠡᠢᠲᠡᠯ᠎ᠡ ᠪᠠᠷᠢᠵᠤ ᠬᠦᠯᠢᠭᠡᠳ ᠬᠠᠰᠠᠷ ᠪᠡᠯᠭᠦᠳᠡᠢ ᠬᠣᠶᠠᠭᠤᠯᠠ ᠪᠠᠷ ᠬᠠᠪᠴᠢᠨ ᠠᠪᠴᠤ ᠢᠷᠡᠭᠡᠳ ᠬᠠᠷ᠎ᠠ ᠮᠥᠷᠡᠨ᠎ᠡ ᠰᠤᠨᠳᠠᠯᠠᠵᠤ ᠬᠠᠯᠬᠠᠪᠴᠢ ᠪᠣᠯᠭᠠᠨ ᠠᠪᠤᠪᠠᠢ᠃ ᠡᠨᠡ ᠦᠨᠡᠬᠡᠷ 
       ᠯᠤᠤ ᠪᠠᠷᠰ ᠲᠡᠮᠡᠴᠡᠯᠳᠦᠬᠦᠶ᠎ᠡ ᠮᠣᠭᠠᠢ ᠮᠡᠨᠡᠬᠡᠢ ᠬᠡᠮᠬᠡᠷᠡᠨ ᠵᠢᠭᠠᠰᠤ ᠬᠠᠪᠲᠠᠰᠤ ᠬᠠᠪᠴᠢᠭᠳᠠᠵᠤ  
       ᠲᠡᠭᠷᠢ ᠠᠰᠤᠷᠢ ᠴᠡᠷᠢᠭᠯᠡᠬᠦᠶ᠎ᠡ ᠯᠤᠤᠰ ᠨᠠᠢ᠍ᠮᠠᠨ ᠴᠢᠷᠦᠭᠳᠡᠵᠦ ᠬᠤᠪᠢᠯᠭᠠᠨ ᠴᠢᠳᠬᠥᠷ ᠪᠠᠷᠢᠭᠳᠠᠪᠠᠢ! 
       ᠲᠡᠭᠦᠨᠴᠡ ᠣᠶᠤᠨ ᠭᠤᠸ᠎ᠠ᠂ ᠲᠠᠢᠽᠦ ᠶ᠋ᠢᠨ ᠮᠣᠷᠢ ᠶ᠋ᠢ ᠠᠴᠢᠷᠠᠵᠤ ᠠᠷᠭᠠᠰᠤᠨ ᠤ᠋ ᠬᠣᠷᠭᠣᠯᠵᠢ ᠲᠠᠢᠽᠦ ᠶ᠋ᠢ ᠲᠡᠳᠬᠦᠨ ᠤᠨᠤᠭᠤᠯᠤᠭᠠᠳ ᠬᠠᠮᠲᠤ ᠪᠦᠭᠦᠳᠡᠭᠡᠷ ᠮᠣᠷᠢᠯᠠᠵᠤ ᠬᠠᠰᠬᠢᠷᠤᠨ ᠪᠠᠷᠬᠢᠷᠠᠨ ᠬᠠᠷᠢᠶᠠᠵᠤ᠂ ᠬᠠᠲᠠᠭᠤ ᠵᠡᠪᠰᠡᠭ ᠢ᠋ᠶ᠋ᠡᠷ ᠬᠠᠷᠠᠭᠠᠯᠵᠠᠵᠤ ᠲᠠᠢᠽᠦ ᠶ᠋ᠢ ᠬᠠᠮᠠᠭᠠᠯᠠᠨ ᠡᠭᠡᠬᠦᠶ᠎ᠡ ᠵᠠᠯᠮ᠎ᠠ ᠥᠨᠳᠥᠷ ᠰᠡᠴᠡᠨ ᠦᠨᠡᠨ ᠲᠥᠷᠥ ᠬᠣᠶᠠᠭᠤᠯᠠ ᠾᠧ ᠸᠠᠩ ᠢ᠋ ᠬᠡᠳᠦᠢᠨᠡᠢ ᠮᠣᠷᠢᠨ ᠤ᠋ ᠳᠡᠭᠡᠷ᠎ᠡ ᠲᠡᠪᠡᠷᠢᠭᠰᠡᠨ ᠢ᠋ ᠦᠵᠡᠭᠡᠳ ᠲᠡᠮᠳᠡᠭ ᠫᠤᠤ ᠶ᠋ᠢ ᠲᠦᠷ ᠲᠠᠯᠪᠢᠬᠤ ᠦᠭᠡᠢ ᠲᠡᠷᠢᠭᠦᠨ ᠡᠷᠭᠢᠵᠦ ᠦᠵᠡᠬᠦᠯ᠎ᠡ ᠪᠦᠬᠦ ᠪᠡᠯᠭᠦᠳᠡᠢ ᠭᠠᠭᠴᠠᠭᠠᠷ ᠬᠣᠴᠣᠷᠴᠤ ᠮᠣᠷᠢ ᠪᠠᠨ ᠤᠨᠤᠵᠤ ᠬᠤᠷᠢᠮ ᠳ᠋ᠤᠷ ᠪᠦᠬᠦᠢ ᠣᠯᠠᠨ ᠬᠥᠮᠦᠨ ᠢ᠋ ᠬᠤᠳᠬᠤᠨ ᠠᠯᠠᠵᠤ᠂ ᠡᠷᠢᠨ ᠬᠢᠳᠤᠬᠤᠶ᠎ᠠ ᠵᠠᠯᠮ᠎ᠠ ᠶᠠᠭᠠᠷᠠᠨ ᠡᠭᠡᠨ ᠳᠣᠪᠲᠣᠯᠵᠤ ᠠᠪᠴᠤ ᠢᠷᠡᠪᠡ᠃ ᠡᠨᠡ ᠬᠢᠷᠢ ᠳ᠋ᠦ᠍ᠷ ᠨᠦᠬᠡ ᠳ᠋ᠦ᠍ᠷ ᠪᠦᠭᠭᠦᠭᠰᠡᠨ ᠭᠤᠷᠪᠠᠨ ᠵᠠᠭᠤᠨ ᠰᠢᠯᠭᠠᠳᠠᠭ ᠴᠡᠷᠢᠭ ᠦ᠋ᠨ ᠲᠡᠷᠢᠭᠦᠯᠡᠭᠰᠡᠨ ᠬᠥᠮᠦᠨ ᠲᠡᠨᠡᠭ ᠠᠷᠰᠯᠠᠨ ᠤ᠋  ᠬᠦᠵᠦᠭᠦᠨ ᠳ᠋ᠦ᠍ᠷ ᠰᠤᠮᠤ ᠲᠣᠰᠴᠤ ᠤᠨᠠᠭᠰᠠᠨ ᠳ᠋ᠤᠷ ᠲᠡᠭᠦᠨ ᠦ᠌ ᠳᠡᠭᠦᠦ ᠲᠡᠮᠦᠷ ᠵᠠᠭᠠᠨ ᠲᠡᠷᠢᠭᠦᠯᠡᠨ ᠭᠠᠷᠴᠤ ᠨᠡᠬᠡᠵᠦ ᠢᠷᠡᠲᠡᠯ᠎ᠡ ᠳᠡᠮᠡᠢ ᠬᠣᠷᠢᠨ ᠠᠯᠴᠠᠮ ᠶᠠᠪᠤᠭᠰᠠᠨ ᠦᠭᠡᠢ ᠪᠠᠰᠠ ᠲᠠᠷᠳᠠᠰᠬᠢᠵᠦ ᠭᠡᠳᠡᠷᠭᠦᠯᠡᠨ ᠤᠨᠠᠪᠠ᠃ ᠡᠨᠡ ᠵᠠᠪ ᠲᠤᠷ ᠲᠠᠢᠽᠦ ᠶ᠋ᠢᠨ ᠣᠯᠠᠨ ᠰᠠᠢᠳ ᠲᠠᠢᠽᠦ ᠶ᠋ᠢ ᠠᠪᠴᠤ ᠨᠡᠯᠢᠶᠡᠳ ᠬᠣᠯᠠ ᠵᠤᠭᠵᠢᠨ ᠭᠠᠷᠴᠤ ᠢᠷᠡᠪᠡ᠃ᠡᠭᠦᠨ ᠳ᠋ᠦ᠍ᠷ ᠬᠡᠷᠡᠢᠳ ᠦ᠋ᠨ ᠢᠯᠠᠭᠤ ᠡᠴᠢᠭᠡ ᠪᠡᠨ ᠪᠠᠷᠢᠭᠳᠠᠨ ᠠᠪᠠᠴᠢᠭᠳᠠᠵᠤ᠂ ᠣᠳᠣ ᠬᠡᠷᠬᠢᠬᠦ ᠶ᠋ᠢ ᠵᠥᠪᠳᠡᠬᠦᠶ᠎ᠡ ᠡᠮ᠎ᠡ ᠶ᠋ᠢᠨ ᠠᠪᠠᠭ᠎ᠠ ᠬᠥᠷᠭᠡᠯᠵᠡᠭᠡᠨ᠎ᠡ ᠴᠢᠬᠤᠯᠳᠠᠨ ᠱᠠᠭᠠᠷᠳᠠᠵᠤ ᠥᠭᠦᠯᠡᠷᠦᠨ : 《ᠣᠳᠣ ᠡᠮᠦᠨ᠎ᠡ ᠰᠥᠩ ᠤᠯᠤᠰ ᠤ᠋ᠨ ᠬᠠᠭᠠᠨ ᠢ᠋ᠶ᠋ᠠᠨ ᠨᠢᠭᠡᠨᠲᠡ ᠠᠪᠬᠤ ᠦᠭᠡᠢ ᠪᠣᠯᠤᠭᠰᠠᠨ ᠶᠣᠰᠣ ᠶ᠋ᠢ ᠡᠰᠡ ᠳᠠᠭᠤᠷᠢᠶᠠᠪᠠᠰᠤ ᠪᠣᠯᠬᠤ ᠦᠭᠡᠢ ᠪᠣᠯᠪᠠ᠃ ᠣᠳᠣ ᠲᠦᠷᠭᠡᠨ᠎ᠡ ᠨᠡᠬᠡᠨ ᠠᠯᠠᠵᠤ ᠪᠠᠷᠠᠲᠠᠯ᠎ᠠ ᠰᠥᠨᠥᠭᠡᠬᠦ ᠡᠨᠡ ᠴᠠᠭ ᠢ᠋ ᠪᠢᠲᠡᠭᠡᠢ ᠠᠯᠲᠠ᠂ ᠰᠠᠢᠲᠤᠷ ᠱᠠᠯᠠᠮᠠᠭᠠᠢᠯᠠᠪᠠᠰᠤ᠂ ᠸᠠᠩ ᠡᠵᠡᠨ ᠊ᠢ ᠬᠠᠷᠢᠨ ᠠᠮᠢᠳᠤ ᠪᠠᠷ ᠪᠤᠯᠢᠶᠠᠨ ᠠᠴᠢᠷᠠᠵᠤ ᠴᠢᠳᠠᠬᠤ ᠴᠤ᠌ ᠮᠠᠭᠠᠳ ᠦᠭᠡᠢ !》 ᠬᠡᠮᠡᠭᠰᠡᠨ ᠳ᠋ᠦ᠍ᠷ ᠢᠯᠠᠭᠤ ᠴᠤ᠌ ᠤᠭ ᠠ᠋ᠴᠠ ᠡᠴᠢᠭᠡ ᠪᠡᠨ ᠪᠠᠭ᠎ᠠ ᠡᠮ᠎ᠡ ᠳ᠋ᠦ᠍ᠷ ᠢ᠋ᠶ᠋ᠡᠨ ᠬᠡᠯᠪᠡᠷᠢᠪᠡ ᠭᠡᠮᠡᠨ ᠰᠡᠪ ᠰᠠᠨᠠᠳᠠᠭ ᠡᠯᠪᠡᠷᠢᠯ ᠦᠭᠡᠢ ᠬᠥᠪᠡᠭᠦᠨ ᠲᠤᠯᠠ ᠳᠠᠷᠤᠢ ᠰᠡᠳᠬᠢᠯ ᠲᠣᠭᠲᠠᠵᠤ᠂ ᠰᠣᠭᠲᠣᠭᠤ ᠬᠦᠴᠦᠨ ᠳ᠋ᠦ᠍ᠷ ᠶᠡᠬᠡ ᠴᠡᠷᠢᠭ ᠢ᠋ ᠠᠪᠴᠤ ᠰᠢᠯᠭᠠᠭᠰᠠᠨ ᠴᠡᠷᠢᠭ ᠢ᠋ ᠤᠷᠤᠭᠰᠢᠯᠠᠭᠤᠯᠤᠨ ᠨᠡᠬᠡᠨ ᠬᠦᠷᠴᠦ ᠢᠷᠡᠭᠡᠳ ᠱᠠᠯᠠᠮᠠᠭᠠᠢᠯᠠᠨ ᠤᠷᠤᠭᠰᠢᠯᠠᠵᠤ ᠠᠯᠠᠨ ᠣᠷᠣᠭᠰᠠᠨ᠎ᠠ᠂ ᠲᠠᠢᠽᠦ ᠶ᠋ᠢᠨ ᠰᠦᠷᠦᠭ ᠦ᠋ᠨ ᠳᠣᠲᠣᠷ᠎ᠠ ᠭᠡᠨᠡᠳᠲᠡ ᠫᠤᠤ ᠶ᠋ᠢᠨ ᠳᠠᠭᠤᠨ ᠭᠠᠷᠤᠮᠠᠭᠴᠠ ᠲᠡᠭᠷᠢ ᠡᠯᠡᠰᠦᠨ ᠦ᠌ ᠪᠤᠷᠭᠠᠰᠤᠨ ᠤ᠋ ᠰᠥᠭᠡᠭ ᠡᠴᠡ ᠵᠡᠰ ᠪᠦᠷᠢᠶ᠎ᠡ ᠶ᠋ᠢᠨ ᠳᠠᠭᠤᠨ ᠭᠠᠷᠴᠤ ᠵᠡᠪᠡ ᠴᠢᠯᠠᠭᠤᠨ ᠬᠣᠶᠠᠭᠤᠯᠠ᠂ ᠵᠢᠪᠬᠤᠯᠠᠩ ᠭᠡᠷᠡᠯᠲᠦ ᠨᠢᠭᠡᠨ ᠮᠢᠩᠭᠠᠨ ᠴᠡᠷᠢᠭ ᠢ᠋ ᠠᠪᠴᠤ ᠢᠷᠡᠭᠡᠳ ᠬᠥᠨᠳᠡᠯᠢᠳᠦᠨ ᠲᠣᠰᠴᠤ ᠪᠠᠢᠯᠳᠤᠨ ᠣᠷᠣᠪᠠ᠃ ᠡᠭᠦᠨ ᠳ᠋ᠦ᠍ᠷ ᠵᠠᠮᠤᠬ᠎ᠠ ᠶ᠋ᠢᠨ ᠠᠬ᠎ᠠ ᠠᠱᠤᠭ᠎ᠠ ᠬᠡᠮᠡᠭᠴᠢ ᠶᠡᠬᠡ ᠰᠡᠷᠡᠭᠡ ᠪᠡᠨ ᠡᠷᠭᠢᠭᠦᠯᠵᠦ ᠪᠠᠢᠯᠳᠤᠨ ᠣᠷᠣᠵᠤ᠂ ᠵᠡᠪᠡ ᠴᠢᠯᠠᠭᠤᠨ ᠬᠣᠶᠠᠭᠤᠯᠠ ᠯᠤᠭ᠎ᠠ ᠪᠠᠢᠯᠳᠤᠵᠤ ᠥᠴᠦᠬᠡᠨ ᠴᠦ᠍ ᠬᠡᠷᠡᠭᠰᠡᠬᠦ ᠦᠭᠡᠢ ᠪᠥᠭᠡᠳ ᠪᠠᠰᠠ ᠪᠡᠶ᠎ᠡ ᠡᠭᠡᠵᠦ ᠢᠯᠠᠭᠤ ᠶ᠋ᠢᠨ ᠵᠦᠭ ᠥᠭᠦᠯᠡᠷᠦᠨ : 《 ᠬᠦᠩ ᠡᠵᠡᠨ ᠴᠢ ᠲᠡᠮᠦᠵᠢᠨ ᠢ᠋ ᠲᠦᠷᠭᠡᠨ᠎ᠡ ᠬᠥᠭᠡᠭᠡᠵᠦ ᠪᠠᠷᠢᠬᠤ ᠦᠭᠡᠢ ᠶᠠᠮᠪᠠᠷ ᠴᠠᠭ ᠢ᠋ ᠬᠦᠯᠢᠶᠡᠮᠦᠢ?》 ᠬᠡᠮᠡᠬᠦᠢ ᠳ᠋ᠦ᠍ᠷ ᠢᠯᠠᠭᠤ ᠳᠠᠷᠤᠢ ᠬᠡᠩᠭᠡᠷᠭᠡ ᠳᠡᠯᠡᠳᠦᠨ ᠴᠢᠯᠠᠭᠤᠨ ᠨᠠᠷ ᠤ᠋ᠨ ᠴᠡᠷᠢᠭ ᠢ᠋ ᠨᠡᠪᠲᠡᠯᠦᠨ ᠭᠠᠷᠴᠤ ᠡᠴᠢᠬᠦᠶ᠎ᠡ᠂ ᠵᠡᠪᠡ ᠴᠢᠯᠠᠭᠤᠨ ᠨᠠᠷ ᠶᠡᠬᠡᠯ᠎ᠡ ᠰᠢᠬᠠᠮᠳᠠᠵᠤ ᠨᠢᠭᠡᠨ ᠢᠨᠤ ᠢᠯᠠᠭᠤ ᠶ᠋ᠢ ᠲᠤᠰᠰᠤᠭᠠᠢ ᠭᠡᠬᠦᠯ᠎ᠡ ᠡᠨᠡ ᠠᠱᠤᠭ᠎ᠠ ᠶ᠋ᠢᠨ ᠪᠠᠢᠯᠳᠤᠬᠤ ᠠᠨᠤ ᠠᠰᠤᠷᠤ ᠲᠦᠷᠭᠡᠨ᠂ ᠪᠠᠬᠠᠨ ᠴᠤ᠌ ᠵᠠᠪ ᠲᠠᠯᠪᠢᠬᠤ ᠦᠭᠡᠢ ᠳ᠋ᠦ᠍ᠷ ᠬᠠᠷᠠᠬᠠᠨ ᠴᠢᠬᠤᠯᠳᠠᠵᠤ ᠪᠥᠬᠥᠶ᠎ᠡ᠂ ᠲᠡᠷᠡ ᠠᠱᠤᠭ᠎ᠠ ᠬᠡᠨ ᠦ᠌ ᠵᠡᠪᠰᠡᠭ ᠲᠣᠷ ᠣᠨᠣᠭᠳᠠᠭᠰᠠᠨ ᠢ᠋ ᠮᠡᠳᠡᠬᠦ ᠦᠭᠡᠢ᠂ ᠲᠡᠭᠦᠨ ᠦ᠌ ᠭᠠᠷ ᠬᠥᠯ ᠬᠥᠳᠡᠯᠬᠦ ᠢᠨᠤ ᠠᠰᠤᠷᠤ ᠤᠳᠠᠭᠠᠨ ᠪᠣᠯᠵᠤ᠂ ᠴᠢᠷᠠᠢ ᠬᠤᠪᠢᠯᠤᠨ ᠰᠡᠷᠡᠭᠡ ᠪᠡᠨ ᠠᠯᠳᠠᠵᠤ᠂ ᠰᠡᠷᠲᠡᠢᠨ ᠤᠨᠠᠨ ᠡᠴᠢᠬᠦᠶ᠎ᠡ ᠵᠡᠪᠡ ᠴᠢᠯᠠᠭᠤᠨ ᠬᠣᠶᠠᠷ ᠠᠮᠢᠳᠤ ᠪᠠᠷ ᠪᠠᠷᠢᠰᠤᠭᠠᠢ ᠭᠡᠮᠡᠨ ᠬᠠᠮᠲᠤ ᠪᠠᠷ ᠱᠤᠩᠭᠤᠨ ᠣᠷᠣᠵᠤ ᠢᠷᠡᠲᠡᠯ᠎ᠡ ᠲᠡᠷᠡ ᠬᠠᠷᠢᠨ ᠠᠷᠤ ᠪᠠᠷ ᠲᠠᠪᠠᠷᠴᠠᠭᠯᠠᠨ ᠤᠨᠠᠨ ᠡᠴᠢᠬᠦᠢ ᠳ᠋ᠦ᠍ᠷ ᠬᠣᠶᠠᠷ ᠬᠥᠯ ᠢᠨᠤ ᠳᠡᠭᠡᠭᠰᠢ ᠰᠠᠶᠢ ᠰᠡᠷᠲᠡᠢᠲᠡᠯ᠎ᠡ ᠵᠡᠪᠡ ᠴᠢᠯᠠᠭᠤᠨ ᠬᠣᠶᠠᠭᠤᠯᠠ ᠬᠣᠶᠠᠷ ᠬᠥᠯ ᠡᠴᠡ ᠢᠨᠤ ᠵᠡᠷᠭᠡ ᠪᠡᠷ ᠠᠳᠬᠤᠨ ᠠᠪᠴᠤ ᠬᠠᠷᠠᠬᠠᠨ ᠪᠤᠯᠢᠶᠠᠯᠳᠤᠬᠤᠶ᠎ᠠ᠂ ᠵᠡᠪᠡ ᠨᠢᠭᠡᠨᠲᠡ ᠴᠠᠪᠴᠢᠭᠰᠠᠨ᠎ᠠ᠂ ᠠᠱᠤᠭ᠎ᠠ ᠶ᠋ᠢᠨ ᠨᠢᠭᠡᠨ ᠭᠤᠶ᠎ᠠ ᠶ᠋ᠢ ᠵᠡᠪᠡ ᠲᠠᠰᠤᠯᠵᠤ ᠠᠪᠤᠪᠠ᠃ ᠴᠢᠯᠠᠭᠤᠨ ᠦᠯᠡᠭᠰᠡᠨ ᠢ᠋ ᠢᠨᠦ ᠴᠢᠷᠴᠦ ᠢᠯᠠᠭᠤ ᠶ᠋ᠢᠨ ᠬᠣᠢᠨ᠎ᠠ ᠠ᠋ᠴᠠ ᠨᠡᠬᠡᠰᠦᠭᠡᠢ ᠬᠡᠮᠡᠲᠡᠯ᠎ᠡ ᠬᠡᠷᠡᠢᠳ ᠦ᠋ᠨ ᠴᠡᠷᠢᠭ ᠦ᠋ᠨ ᠳᠣᠲᠣᠷ᠎ᠠ ᠠ᠋ᠴᠠ ᠴᠤᠤ ᠮᠡᠷᠭᠡᠨ ᠰᠢᠪᠲᠤᠯᠤᠨ ᠠᠯᠠᠵᠤ ᠭᠠᠷᠴᠤ ᠢᠷᠡᠪᠡ᠃ ᠲᠡᠳᠡ ᠬᠣᠶᠠᠭᠤᠯᠠ ᠶᠡᠬᠡᠯ᠎ᠡ ᠪᠠᠶᠠᠷᠯᠠᠨ ᠢᠨᠢᠶᠡᠨ ᠥᠭᠦᠯᠡᠷᠦᠨ: 《 ᠪᠢᠳᠡ ᠨᠢᠭᠡᠨ ᠬᠥᠮᠦᠨ ᠢ᠋ ᠪᠤᠯᠢᠶᠠᠯᠳᠤᠨ ᠰᠠᠯᠭᠠᠲᠠᠯ᠎ᠠ ᠴᠢ ᠬᠠᠮᠢᠭ᠎ᠠ ᠪᠠᠢᠭᠰᠠᠨ ᠠᠵᠢ !》 ᠬᠡᠮᠡᠬᠦᠢ ᠳ᠋ᠦ᠍ᠷ ᠴᠤᠤ ᠮᠡᠷᠭᠡᠨ ᠵᠢᠬᠡᠭᠦᠨ ᠢ᠋ᠶ᠋ᠡᠷ ᠥᠭᠦᠯᠡᠷᠦᠨ: 《 ᠠ᠋ ! ᠡᠭᠦᠨ ᠢ᠋ ᠬᠠᠷᠢᠨ ᠲᠠ ᠬᠣᠶᠠᠭᠤᠯᠠ ᠠᠯᠠᠭᠰᠠᠨ ᠠᠵᠤᠭᠤ᠃ ᠪᠢ ᠦᠨᠡᠬᠡᠷ ᠭᠠᠢᠬᠠᠮᠤᠢ᠂ ᠲᠠ ᠬᠣᠶᠠᠭᠤᠯᠠ ᠶ᠋ᠢᠨ ᠨᠢᠳᠦ ᠴᠥᠮ ᠪᠠᠯᠠᠷᠠᠪᠠ᠃ ᠲᠡᠭᠦᠨ ᠦ᠌ ᠤᠯᠠᠭᠠᠨ ᠰᠤᠭᠤ ᠶ᠋ᠢ ᠦᠵᠡ! 》 ᠬᠡᠮᠡᠭᠰᠡᠨ ᠳ᠋ᠦ᠍ᠷ ᠬᠣᠶᠠᠭᠤᠯᠠ ᠲᠡᠭᠦᠨ ᠢ᠋ ᠤᠷᠪᠠᠭᠤᠯᠤᠨ ᠦᠵᠡᠪᠡᠰᠦ᠂ ᠲᠡᠭᠦᠨ ᠦ᠌ ᠤᠯᠠᠭᠠᠨ ᠰᠤᠭᠤ ᠳ᠋ᠤᠷ ᠴᠤᠤ ᠮᠡᠷᠭᠡᠨ ᠦ᠌ ᠲᠡᠮᠳᠡᠭᠲᠦ ᠲᠡᠮᠦᠷ ᠰᠤᠮᠤ ᠬᠠᠭᠠᠰ ᠢᠯᠡᠭᠦᠦ ᠰᠢᠭᠠᠵᠤ᠂ ᠥᠳᠥ ᠢᠨᠤ ᠨᠢᠭᠡᠨ ᠰᠥᠭᠥᠮ ᠰᠢᠬᠠᠮ ᠭᠠᠷᠴᠤ ᠪᠠᠢᠬᠤ ᠲᠤᠯᠠ ᠭᠤᠷᠪᠠᠭᠤᠯᠠ ᠶᠡᠬᠡᠯ᠎ᠡ ᠢᠨᠢᠶᠡᠯᠴᠡᠨ ᠲᠣᠯᠣᠭᠠᠢ ᠶ᠋ᠢ ᠠᠨᠤ ᠴᠠᠪᠴᠢᠨ ᠴᠤᠤ ᠮᠡᠷᠭᠡᠨ ᠳ᠋ᠦ᠍ᠷ ᠥᠭᠭᠦᠨ ᠳᠠᠷᠤᠢ ᠢᠯᠠᠭᠤ ᠶ᠋ᠢ ᠨᠡᠬᠡᠨ ᠳᠣᠪᠲᠣᠯᠭᠠᠵᠤ ᠪᠠᠰᠠ ᠭᠦᠢᠴᠡᠨ ᠬᠦᠷᠴᠦ ᠢᠷᠡᠭᠡᠳ ᠬᠣᠢᠨ᠎ᠠ ᠠ᠋ᠴᠠ ᠠᠯᠠᠨ ᠰᠢᠪᠲᠤᠯᠵᠤ᠂ ᠡᠮᠦᠨ᠎ᠡ ᠢᠨᠤ ᠭᠠᠷᠴᠤ ᠬᠠᠯᠠᠭᠯᠠᠨ ᠪᠠᠢᠯᠳᠤᠮᠤᠢ᠃ ᠦᠵᠡᠰᠡ ᠴᠤᠤ ᠮᠡᠷᠭᠡᠨ ᠮᠤᠬᠤᠯᠢ ᠶ᠋ᠢᠨ ᠠᠷᠭ᠎ᠠ ᠪᠠᠷ ᠶᠠᠪᠤᠵᠤ ᠭᠦᠨ ᠡᠪᠡᠰᠦᠨ᠎ᠡ ᠪᠠᠭᠤᠳᠠᠯᠯᠠᠵᠤ᠂ ᠬᠡᠷᠡᠢᠳ ᠦ᠋ᠨ ᠪᠦᠭᠭᠦᠭᠰᠡᠨ ᠴᠡᠷᠢᠭ ᠢ᠋ ᠲᠤᠷᠰᠢᠵᠤ ᠰᠣᠨᠣᠰᠤᠭᠠᠳ ᠲᠡᠭᠦᠨ  ᠦ᠌ ᠡᠰᠡᠷᠭᠦ ᠭᠦᠨ ᠣᠯᠠᠯᠵᠢᠨ᠎ᠠ ᠨᠢᠭᠤᠵᠤ ᠵᠠᠮ ᠲᠣᠰᠴᠤ ᠲᠡᠨᠡᠭ ᠠᠷᠰᠯᠠᠨ ᠪᠠ ᠲᠡᠮᠦᠷ ᠵᠠᠭᠠᠨ ᠨᠠᠷ ᠢ᠋ ᠬᠠᠷᠪᠤᠨ ᠤᠨᠠᠭᠠᠵᠤ᠂ ᠲᠠᠢᠽᠦ ᠶ᠋ᠢ ᠬᠠᠮᠠᠭᠠᠯᠠᠷ᠎ᠠ ᠢᠯᠠᠭᠤ ᠶ᠋ᠢᠨ ᠴᠡᠷᠢᠭ ᠦ᠋ᠨ ᠬᠣᠢᠨ᠎ᠠ ᠠ᠋ᠴᠠ ᠨᠡᠬᠡᠵᠦ ᠢᠷᠡᠭᠡᠳ ᠡᠨᠡ ᠠᠱᠤᠭ᠎ᠠ ᠶ᠋ᠢ ᠮᠥᠨ ᠬᠠᠷᠪᠤᠨ ᠤᠨᠠᠭᠠᠭᠰᠠᠨ ᠠᠵᠤᠭᠤ᠃ ᠲᠡᠳᠦᠢ ᠭᠤᠷᠪᠠᠨ ᠵᠠᠩᠵᠤᠨ ᠢᠯᠠᠭᠤ ᠶ᠋ᠢ ᠬᠠᠭᠠᠵᠤ ᠪᠠᠢᠯᠳᠤᠬᠤᠶ᠎ᠠ ᠢᠯᠠᠭᠤ ᠶᠡᠬᠡᠯ᠎ᠡ ᠪᠠᠴᠢᠮᠳᠠᠵᠤ ᠬᠠᠷᠠᠬᠠᠨ ᠵᠠᠪ ᠡᠷᠢᠨ ᠮᠥᠨ ᠬᠦ᠌ ᠲᠠᠢᠽᠦ ᠶ᠋ᠢᠨ ᠬᠣᠢᠨ᠎ᠠ ᠠ᠋ᠴᠠ ᠨᠡᠬᠡᠬᠦ ᠶ᠋ᠢ ᠡᠷᠢᠨ ᠵᠢᠳᠠ ᠢᠯᠳᠦᠨ ᠦ᠌ ᠳᠣᠣᠭᠤᠷ ᠰᠢᠷᠭᠤᠨ ᠭᠠᠷᠴᠤ ᠡᠴᠢᠬᠦᠶ᠎ᠡ᠂ ᠴᠤᠤ ᠮᠡᠷᠭᠡᠨ ᠪᠠᠰᠠ ᠨᠢᠭᠡᠨ ᠵᠡᠪᠡ ᠣᠨᠢᠯᠠᠨ ᠡᠰᠡᠷᠭᠦ ᠡᠴᠡ ᠨᠢᠭᠡᠨᠲᠡ ᠬᠠᠷᠪᠤᠭᠰᠠᠨ ᠳ᠋ᠤᠷ ᠢᠯᠠᠭᠤ ᠤᠭ ᠠ᠋ᠴᠠ ᠴᠤᠤ ᠮᠡᠷᠭᠡᠨ ᠢ᠋ ᠰᠡᠵᠢᠭᠯᠡᠵᠦ ᠪᠠᠢᠭᠰᠠᠨ ᠲᠤᠯᠠ ᠶᠠᠭᠠᠷᠠᠨ ᠳ᠋ᠠᠮ ᠢᠯᠳᠦ ᠪᠡᠷ ᠬᠠᠯᠬᠠᠯᠠᠬᠤᠶ᠎ᠠ ᠲᠣᠪᠬᠢᠲᠠᠯ᠎ᠠ ᠢᠯᠠᠭᠤ ᠶ᠋ᠢᠨ ᠢᠯᠳᠦ ᠠᠳᠬᠤᠭᠰᠠᠨ ᠪᠠᠷᠠᠭᠤᠨ ᠭᠠᠷ ᠤ᠋ᠨ ᠳᠤᠮᠳᠠᠳᠤ ᠬᠤᠷᠤᠭᠤ ᠶ᠋ᠢ ᠲᠠᠰᠤ ᠬᠠᠷᠪᠤᠵᠤ᠂ ᠰᠤᠮᠤ ᠢᠯᠳᠦᠨ ᠦ᠌ ᠡᠰᠢ ᠳ᠋ᠦ᠍ᠷ ᠭᠠᠳᠠᠭᠰᠠᠨ᠎ᠠ ᠢᠯᠠᠭᠤ ᠳ᠋ᠠᠮ ᠢᠯᠳᠦ ᠪᠡᠨ ᠠᠯᠳᠠᠵᠤ ᠶᠠᠭᠠᠷᠠᠨ ᠡᠮᠡᠭᠡᠯ ᠦ᠋ᠨ ᠪᠦᠭᠦᠷᠭᠡ ᠪᠡᠨ ᠲᠡᠪᠡᠷᠢᠵᠦ ᠥᠪᠡᠷ ᠦ᠋ᠨ ᠴᠡᠷᠢᠭ ᠦ᠋ᠨ ᠳᠣᠲᠣᠷ᠎ᠠ ᠪᠠᠨ ᠳᠤᠲᠠᠭᠠᠵᠤ ᠣᠷᠣᠭᠰᠠᠨ᠎ᠠ ᠴᠢᠯᠠᠭᠤᠨ᠂ᠵᠡᠪᠡ ᠬᠣᠶᠠᠭᠤᠯᠠ ᠮᠥᠨ ᠪᠠᠷᠢᠰᠤᠭᠠᠢ ᠬᠡᠮᠡᠬᠦ ᠦᠭᠡᠢ ᠶᠠᠭᠠᠷᠠᠨ ᠴᠡᠷᠢᠭ ᠢ᠋ᠶ᠋ᠡᠨ ᠠᠪᠴᠤ ᠲᠠᠢᠽᠦ ᠶ᠋ᠢᠨ ᠬᠣᠢᠨ᠎ᠠ ᠠ᠋ᠴᠠ ᠨᠡᠬᠡᠵᠦ ᠬᠡᠷᠦᠯᠦᠨ ᠮᠥᠷᠡᠨ ᠦ᠌ ᠡᠮᠦᠨ᠎ᠡ ᠭᠠᠴᠠᠭ᠎ᠠ ᠠᠭᠤᠯᠠᠨ᠎ᠠ ᠭᠦᠢᠴᠡᠵᠦ ᠬᠦᠷᠲᠡᠯ᠎ᠡ ᠠᠭᠤᠯᠠᠨ ᠤ᠋ ᠭᠠᠴᠠᠭ᠎ᠠ ᠵᠠᠮ ᠳ᠋ᠤᠷ ᠬᠡᠷᠡᠢᠳ ᠦ᠋ᠨ ᠭᠠᠯᠪᠠ ᠬᠣᠶᠠᠷ ᠮᠢᠩᠭᠠᠨ ᠴᠡᠷᠢᠭ ᠢ᠋ ᠠᠪᠴᠤ ᠵᠠᠮ ᠢ᠋ ᠬᠥᠨᠳᠡᠯᠢᠳᠦᠨ ᠭᠠᠷᠴᠤ ᠲᠣᠰᠣᠨ ᠠᠪᠤᠭᠠᠳ ᠲᠠᠢᠽᠦ ᠶ᠋ᠢᠨ ᠨᠢᠭᠡᠨ ᠰᠦᠷᠦᠭ ᠬᠠᠷᠠᠬᠠᠨ ᠭᠠᠷᠴᠤ ᠴᠢᠳᠠᠬᠤ ᠦᠭᠡᠢ ᠪᠦᠬᠦᠢ ᠳ᠋ᠦ᠍ᠷ ᠥᠨᠳᠥᠷ ᠰᠡᠴᠡᠨ᠂ ᠦᠨᠡᠨ ᠲᠥᠷᠥ ᠬᠣᠶᠠᠭᠤᠯᠠ ᠾᠧ ᠸᠠᠩ ᠤ᠋ᠨ ᠪᠦᠰᠡ ᠡᠴᠡ ᠠᠳᠬᠤᠵᠤ ᠬᠦᠵᠦᠭᠦᠨ ᠳ᠋ᠦ᠍ᠷ ᠢᠯᠳᠦ ᠲᠠᠯᠪᠢᠨ ᠥᠨᠳᠥᠷ ᠡᠷᠭᠦᠵᠦ᠂ ᠪᠦᠭᠭᠦᠭᠰᠡᠨ ᠴᠡᠷᠢᠭ ᠬᠡᠷᠪᠡ ᠬᠥᠳᠡᠯᠪᠡᠰᠦ ᠲᠠᠨ ᠤ᠋ ᠡᠵᠡᠨ ᠢ᠋ ᠠᠯᠠᠮᠤᠢ ᠭᠡᠮᠡᠨ ᠾᠧ ᠸᠠᠩ ᠢ᠋ ᠴᠡᠷᠢᠭ ᠦ᠋ᠨ ᠡᠮᠦᠨ᠎ᠡ ᠠᠪᠴᠤ ᠭᠠᠷᠤᠭᠰᠠᠨ ᠳ᠋ᠤᠷ ᠾᠧ ᠸᠠᠩ ᠭᠠᠯᠪᠠ ᠶ᠋ᠢ ᠦᠵᠡᠭᠡᠳ ᠥᠨᠳᠥᠷ ᠳᠠᠭᠤᠨ ᠢ᠋ᠶ᠋ᠠᠷ ᠳᠠᠭᠤ ᠲᠠᠯᠪᠢᠨ ᠤᠬᠢᠯᠠᠵᠤ᠄ 《ᠮᠢᠨᠦ ᠠᠮᠢᠨ ᠢ᠋ ᠦᠯᠡᠳᠡᠭᠡᠲᠦᠭᠡᠢ 》ᠭᠡᠮᠡᠨ ᠪᠠᠷᠬᠢᠷᠠᠵᠤ ᠬᠠᠰᠬᠢᠷᠤᠨ ᠬᠡᠯᠡᠬᠦᠢ ᠳ᠋ᠦ᠍ᠷ ᠭᠠᠯᠪᠠ ᠪᠤᠯᠢᠶᠠᠨ ᠠᠪᠰᠤᠭᠠᠢ ᠬᠡᠮᠡᠬᠦᠯ᠎ᠡ ᠪᠧᠲ᠋ᠠ᠋ ᠤᠯᠤᠰ ᠤ᠋ᠨ ᠨᠢᠭᠡᠨ ᠮᠢᠩᠭᠠᠨ ᠴᠡᠷᠢᠭ ᠭᠦᠢᠴᠡᠨ ᠬᠦᠷᠴᠦ ᠢᠷᠡᠭᠡᠳ ᠬᠡᠷᠡᠢᠳ ᠦ᠋ᠨ ᠴᠡᠷᠢᠭ ᠬᠥᠳᠡᠯᠦᠮᠡᠭᠴᠡ ᠾᠧ ᠸᠠᠩ ᠤ᠋ᠨ ᠲᠣᠯᠣᠭᠠᠢ ᠳᠠᠷᠤᠢ ᠤᠨᠠᠬᠤ ᠲᠤᠯᠠ ᠭᠠᠯᠪᠠ ᠶ᠋ᠢᠨ ᠴᠡᠷᠢᠭ ᠬᠣᠢᠰᠢ ᠤᠬᠤᠷᠢᠭᠰᠠᠨ᠎ᠠ ᠵᠡᠯᠮ᠎ᠡ᠂ ᠵᠡᠪᠡ᠂ ᠴᠤᠤ ᠮᠡᠷᠭᠡᠨ᠂ ᠪᠦᠬᠦ ᠪᠡᠯᠭᠦᠳᠡᠢ᠂ ᠬᠠᠪᠤᠲᠤ ᠬᠠᠰᠠᠷ ᠮᠢᠩᠭᠠᠨ ᠴᠡᠷᠢᠭ ᠢ᠋ ᠠᠪᠴᠤ ᠾᠧ ᠸᠠᠩ ᠢ᠋ᠶ᠋ᠠᠷ ᠬᠠᠯᠬᠠᠪᠴᠢ ᠬᠢᠵᠦ ᠵᠣᠭᠰᠣᠭᠠᠳ ᠭᠠᠴᠠᠭ᠎ᠠ ᠠᠭᠤᠯᠠ ᠶ᠋ᠢ ᠬᠥᠳᠡᠭᠡᠰᠡᠨ ᠭᠠᠷᠴᠤ ᠾᠧ ᠸᠠᠩ  ᠢ᠋ᠶ᠋ᠠᠷ ᠬᠣᠢᠲᠤ ᠬᠠᠯᠬᠠᠪᠴᠢ ᠪᠣᠯᠭᠠᠨ᠂ ᠴᠢᠯᠠᠭᠤᠨ ᠵᠡᠪᠡ ᠬᠣᠶᠠᠭᠤᠯᠠ ᠡᠮᠦᠨ᠎ᠡ ᠵᠠᠮ ᠨᠡᠭᠡᠭᠡᠷ᠎ᠡ ᠳᠣᠪᠲᠣᠯᠤᠭᠰᠠᠭᠠᠷ ᠰᠠᠶᠢ ᠠᠭᠤᠳᠠᠮ ᠭᠠᠵᠠᠷ ᠬᠦᠷᠴᠦ ᠢᠷᠡᠲᠡᠯ᠎ᠡ ᠬᠣᠢᠨ᠎ᠠ ᠠ᠋ᠴᠠ ᠨᠢᠭᠡᠨ ᠴᠢᠷᠠᠮ᠎ᠠ ᠨᠢᠴᠦᠭᠦᠨ ᠬᠥᠮᠦᠨ ᠵᠠᠢᠳᠠᠩ ᠮᠣᠷᠢ ᠤᠨᠤᠵᠤ ᠳᠣᠪᠲᠣᠯᠤᠨ ᠢᠷᠡᠬᠦ ᠪᠥᠭᠡᠳ ᠠᠮᠠᠨ ᠳ᠋ᠤᠷ ᠪᠠᠰᠠ 《ᠮᠢᠨᠦ ᠬᠥᠭᠰᠢᠨ ᠡᠵᠡᠨ ᠢ᠋ ᠪᠢᠲᠡᠭᠡᠢ ᠠᠯᠠ ! ᠡᠵᠡᠨ ᠮᠢᠨᠦ ᠮᠠᠰᠢ ᠬᠢᠯᠢᠰ!》 ᠭᠡᠮᠡᠨ ᠬᠠᠰᠬᠢᠷᠤᠮᠤᠢ᠃ ᠣᠯᠠᠨ ᠬᠥᠮᠦᠨ ᠦᠵᠡᠬᠦᠯ᠎ᠡ ᠫᠤᠯᠭᠤᠳᠠᠢ ᠬᠠᠷᠢᠨ ᠬᠣᠭᠣᠰᠣᠨ ᠭᠠᠷ ᠢ᠋ᠶ᠋ᠠᠷ ᠵᠠᠢᠳᠠᠩ ᠮᠣᠷᠢᠨ ᠤ᠋ ᠳᠡᠯ ᠡᠴᠡ ᠰᠢᠭᠦᠷᠦᠨ ᠳᠣᠪᠲᠣᠯᠤᠨ ᠬᠦᠷᠴᠦ ᠢᠷᠡᠪᠡ᠃ ᠵᠡᠯᠮ᠎ᠡ ᠬᠥᠮᠦᠨ ᠢᠯᠡᠭᠡᠵᠦ ᠫᠣᠯᠭᠤᠳᠠᠢ ᠶ᠋ᠢ ᠮᠣᠷᠢᠨ ᠤ᠋ ᠳᠡᠭᠡᠷ᠎ᠡ ᠬᠦᠯᠢᠭᠦᠯᠵᠦ ᠴᠡᠷᠢᠭ ᠦ᠋ᠨ ᠡᠮᠦᠨ᠎ᠡ ᠬᠠᠯᠬᠠᠪᠴᠢ ᠪᠣᠯᠭᠠᠨ ᠠᠪᠠᠴᠢᠪᠠ᠃ 
       ᠲᠡᠳᠦᠢ ᠳᠡᠮᠡᠢ ᠠᠷᠪᠠᠨ ᠭᠠᠵᠠᠷ ᠶᠠᠪᠤᠭᠰᠠᠨ ᠦᠭᠡᠢ᠂ ᠬᠣᠢᠨ᠎ᠠ ᠠ᠋ᠴᠠ ᠢᠯᠠᠭᠤ ᠶ᠋ᠢᠨ ᠴᠡᠷᠢᠭ ᠮᠥᠨ ᠨᠡᠬᠡᠨ ᠬᠦᠷᠴᠦ ᠢᠷᠡᠭᠡᠳ ᠭᠠᠯᠪᠠ ᠶ᠋ᠢ ᠶᠠᠭᠤᠨ ᠳ᠋ᠤᠷ ᠴᠡᠷᠢᠭ ᠬᠥᠳᠡᠯᠦᠭᠰᠡᠨ ᠦᠭᠡᠢ ᠪᠣᠢ ? ᠭᠡᠮᠡᠨ ᠠᠯᠠᠰᠤᠭᠠᠢ ᠬᠡᠮᠡᠬᠦᠢ ᠳ᠋ᠦ᠍ᠷ ᠭᠠᠯᠪᠠ ᠶᠡᠬᠡᠯ᠎ᠡ ᠴᠢᠬᠤᠯᠳᠠᠨ ᠪᠠᠷᠬᠢᠷᠠᠵᠤ ᠤᠬᠢᠯᠠᠨ ᠮᠡᠳᠡᠭᠦᠯᠦᠷᠦᠨ :《 ᠲᠡᠳᠡ ᠮᠠᠨ ᠤ᠋ ᠸᠠᠩ ᠡᠵᠡᠨ ᠢ᠋ ᠠᠷᠤ ᠠ᠋ᠴᠠ ᠠᠨᠤ ᠠᠳᠬᠤᠨ ᠥᠨᠳᠥᠷ ᠡᠷᠭᠦᠵᠦ᠂ ᠪᠢᠴᠢᠬᠠᠨ ᠨᠢᠯᠬᠠᠰ ᠮᠡᠲᠦ ᠡᠷᠭᠢᠭᠦᠯᠦᠨ ᠬᠦᠵᠦᠭᠦᠨ ᠳ᠋ᠦ᠍ᠷ ᠢᠯᠳᠦ ᠲᠠᠯᠪᠢᠵᠤ ᠮᠠᠨ ᠤ᠋ ᠴᠡᠷᠢᠭ ᠥᠴᠦᠬᠡᠨ ᠬᠥᠳᠡᠯᠪᠡᠰᠦ ᠳᠠᠷᠤᠢ ᠠᠯᠠᠮᠤᠢ᠃ ᠪᠣᠭᠣᠯ ᠪᠢ ᠬᠡᠷᠬᠢᠨ ᠴᠡᠷᠢᠭ ᠬᠥᠳᠡᠯᠭᠡᠮᠦᠢ? 》 ᠬᠡᠮᠡᠬᠦᠢ ᠳ᠋ᠦ᠍ᠷ ᠢᠯᠠᠭᠤ ᠰᠣᠭᠲᠣᠭᠤ ᠪᠥᠭᠡᠳ ᠬᠤᠷᠤᠭᠤ ᠮᠥᠨ ᠡᠪᠡᠷᠰᠢᠶᠡᠵᠦ ᠬᠠᠷᠠᠬᠠᠨ ᠴᠢᠬᠤᠯᠳᠠᠬᠤ ᠴᠠᠭ ᠲᠤᠯᠠ ᠳᠠᠷᠤᠢ ᠲᠠᠴᠢᠶᠠᠳᠠᠵᠤ ᠭᠠᠯᠪᠠ ᠶ᠋ᠢ ᠬᠠᠷᠢᠶᠠᠨ ᠥᠭᠦᠯᠡᠷᠦᠨ :《ᠴᠢ ᠡᠴᠢᠭᠡ ᠶ᠋ᠢ ᠦᠵᠡᠵᠦ ᠪᠠᠢᠭᠠᠳ ᠶᠠᠭᠤᠨ ᠳ᠋ᠤᠷ ᠦᠯᠦ ᠪᠤᠯᠢᠶᠠᠨ ᠠᠪᠤᠮᠤᠢ? ᠵᠢᠴᠢ ᠳ᠋ᠦ᠍ᠷ ᠲᠠᠨ ᠤ᠋ ᠴᠡᠷᠢᠭ ᠬᠡᠳᠦᠢ ᠡᠰᠡ ᠬᠥᠳᠡᠯᠪᠡᠴᠦ ᠡᠵᠡᠨ ᠦ᠌ ᠠᠮᠢᠨ ᠭᠠᠷᠴᠤ ᠪᠣᠯᠤᠮᠤᠢ ᠤᠤ ? ᠲᠡᠢᠨ ᠬᠦ᠌ ᠰᠢᠭᠤᠳ ᠲᠡᠮᠦᠵᠢᠨ ᠢ᠋ ᠠᠯᠠᠪᠠᠰᠤ ᠪᠠᠷᠠᠪᠠ᠂ ᠴᠢ ᠶᠠᠭᠤᠨ ᠳ᠋ᠤᠷ ᠴᠠᠭ ᠢ᠋ ᠠᠯᠳᠠᠪᠠ! ᠭᠡᠮᠡᠨ ᠭᠠᠯᠪᠠ ᠶ᠋ᠢ ᠮᠣᠷᠢᠨ ᠤ᠋ ᠬᠠᠵᠠᠭᠤᠳᠠ ᠳᠠᠷᠤᠨ ᠤᠨᠠᠭᠠᠵᠤ ᠬᠦᠨᠳᠦᠳᠡ ᠳᠥᠴᠢᠨ ᠰᠢᠳᠠᠮ ᠳᠡᠯᠡᠳᠴᠦ ᠰᠢᠳᠬᠡᠭᠡᠳ ᠮᠥᠨ ᠬᠦ᠌ ᠴᠡᠷᠢᠭ ᠦ᠋ᠨ ᠡᠮᠦᠨ᠎ᠡ ᠶᠠᠪᠤᠭᠤᠯᠤᠨ ᠨᠢᠭᠡᠨ ᠡᠳᠦᠷ ᠨᠢᠭᠡᠨ ᠰᠥᠨᠢ ᠵᠣᠭᠰᠣᠯ ᠦᠭᠡᠢ ᠨᠡᠬᠡᠨ ᠬᠥᠭᠡᠭᠡᠵᠦ ᠭᠦᠢᠴᠡᠲᠡᠯ᠎ᠡ ᠪᠧᠲ᠋ᠠ᠋ ᠤᠯᠤᠰ ᠤ᠋ᠨ ᠴᠡᠷᠢᠭ ᠭᠡᠨᠡᠳᠲᠡ ᠵᠣᠭᠰᠣᠪᠠ ᠃ ᠦᠵᠡᠬᠦᠯ᠎ᠡ ᠬᠥᠨᠳᠡᠯᠡᠨ ᠡᠲᠡᠭᠡᠳ ᠦ᠋ᠨ ᠠᠭᠤᠯᠠᠨ ᠤ᠋ ᠵᠡᠪᠡ ᠳ᠋ᠦ᠍ᠷ ᠵᠡᠰ ᠪᠦᠷᠢᠶ᠎ᠡ ᠶ᠋ᠢᠨ ᠳᠠᠭᠤᠨ ᠭᠠᠷᠴᠤ ᠬᠡᠷᠡᠢᠳ ᠦ᠋ᠨ ᠵᠠᠮᠤᠬ᠎ᠠ ᠶ᠋ᠢᠨ ᠪᠦᠭᠭᠦᠭᠰᠡᠨ ᠴᠡᠷᠢᠭ ᠭᠤᠷᠪᠠᠨ ᠮᠢᠩᠭᠠᠨ ᠰᠢᠯᠭᠠᠳᠠᠭ ᠡᠷᠡᠰ ᠢ᠋ ᠠᠪᠴᠤ ᠠᠯᠠᠨ ᠭᠠᠷᠴᠤ ᠢᠷᠡᠭᠡᠳ ᠶᠡᠬᠡ ᠳᠠᠭᠤᠨ ᠢ᠋ᠶ᠋ᠠᠷ : 《 ᠲᠡᠮᠦᠵᠢᠨ ᠢ᠋ ᠲᠦᠷᠭᠡᠨ᠎ᠡ ᠦᠯᠡᠳᠡᠭᠡ!  ᠬᠡᠮᠡᠬᠦᠢ ᠳ᠋ᠦ᠍ᠷ ᠪᠧᠲ᠋ᠠ᠋ ᠤᠯᠤᠰ ᠤ᠋ᠨ ᠡᠮᠦᠨ᠎ᠡ ᠴᠡᠷᠢᠭ ᠵᠠᠮᠤᠬ᠎ᠠ ᠶ᠋ᠢᠨ ᠴᠡᠷᠢᠭ ᠲᠦ᠍ᠷ ᠲᠤᠰᠤᠭᠳᠠᠵᠤ᠂ ᠬᠣᠢᠨ᠎ᠠ ᠠ᠋ᠴᠠ ᠢᠯᠠᠭᠤ ᠶ᠋ᠢᠨ ᠴᠡᠷᠢᠭ ᠨᠡᠬᠡᠵᠦ ᠵᠡᠭᠦᠨ ᠡᠲᠡᠭᠡᠳ ᠬᠡᠷᠦᠯᠦᠨ ᠮᠥᠷᠡᠨ᠂ ᠪᠠᠷᠠᠭᠤᠨ ᠪᠡᠶ᠎ᠡ ᠵᠢᠪᠬᠤᠯᠠᠩ ᠠᠭᠤᠯᠠ ᠡᠭᠦᠨ ᠦ᠌ ᠳᠣᠲᠣᠷ᠎ᠠ ᠬᠠᠭᠠᠭᠳᠠᠭᠰᠠᠨ᠎ᠠ᠂ ᠵᠡᠯᠮ᠎ᠡ ᠪᠠᠰᠠ ᠲᠡᠮᠳᠡᠭ ᠫᠤᠤ ᠶᠤᠭᠠᠨ ᠳᠠᠷᠠᠭ᠎ᠠ ᠪᠠᠷ ᠭᠤᠷᠪᠠᠨᠲᠠ ᠲᠠᠯᠪᠢᠵᠤ᠂ ᠴᠢᠯᠠᠭᠤᠨ ᠵᠡᠪᠡ ᠬᠣᠶᠠᠭᠤᠯᠠ ᠶ᠋ᠢᠨ ᠮᠢᠩᠭᠠᠨ ᠴᠡᠷᠢᠭ ᠢ᠋ ᠬᠣᠶᠠᠷ ᠲᠠᠰᠢ ᠬᠤᠪᠢᠶᠠᠵᠤ ᠲᠡᠷᠢᠭᠦᠨ ᠰᠡᠭᠦᠯ ᠢ᠋ ᠬᠠᠮᠠᠭᠠᠯᠠᠨ᠂ ᠴᠢᠯᠠᠭᠤᠨ ᠵᠡᠪᠡ ᠢᠯᠠᠭᠤ ᠶ᠋ᠢ ᠲᠤᠯᠵᠤ᠂ ᠪᠡᠯᠭᠦᠳᠡᠢ ᠬᠠᠰᠠᠷ ᠡᠮᠦᠨ᠎ᠡ ᠶ᠋ᠢ ᠪᠠᠢᠯᠳᠤᠨ᠂ ᠲᠠᠢᠽᠦ ᠪᠡᠶ᠎ᠡ ᠪᠡᠷ ᠴᠤᠤ ᠮᠡᠷᠭᠡᠨ ᠨᠠᠷ ᠤ᠋ᠨ ᠶᠢᠰᠦᠨ ᠰᠠᠢᠳ ᠢ᠋ ᠠᠪᠴᠤ ᠳᠤᠮᠳᠠᠳᠤ ᠶ᠋ᠢ ᠡᠵᠡᠯᠡᠨ ᠬᠣᠶᠠᠷ ᠳᠠᠰᠢ ᠲᠤᠰᠠᠯᠠᠨ ᠬᠠᠷᠠᠬᠠᠨ ᠴᠥᠭᠡᠨ ᠢ᠋ᠶ᠋ᠡᠷ ᠣᠯᠠᠨ᠎ᠠ ᠲᠤᠯᠵᠤ᠂ ᠤᠯᠠᠮ ᠤᠯᠠᠮ ᠬᠦᠴᠦᠨ ᠬᠦᠷᠦᠯᠴᠡᠬᠦ ᠦᠭᠡᠢ ᠪᠥᠬᠥᠶ᠎ᠡ᠂ ᠭᠤᠷᠪᠠᠨ ᠡᠲᠡᠭᠡᠳ ᠡᠴᠡ ᠬᠠᠮᠲᠤ ᠪᠠᠷ ᠫᠤᠤ ᠳᠠᠭᠤᠷᠢᠰᠤᠨ᠂ ᠬᠡᠩᠭᠡᠷᠭᠡ ᠳᠡᠯᠡᠳᠴᠦ ᠭᠤᠷᠪᠠᠨ ᠠᠩᠭᠢ ᠶᠡᠬᠡ ᠴᠡᠷᠢᠭ ᠪᠦᠭᠭᠦᠭᠰᠡᠨ ᠭᠠᠵᠠᠷ ᠠ᠋ᠴᠠ ᠴᠤᠭᠠᠷ ᠭᠠᠷᠴᠤ ᠢᠷᠡᠪᠡ᠃ ᠣᠯᠠᠨ ᠴᠡᠷᠢᠭ ᠦᠵᠡᠪᠡᠰᠦ ᠢᠯᠠᠭᠤ ᠶ᠋ᠢᠨ ᠠᠷᠤ ᠶ᠋ᠢᠨ ᠬᠣᠢᠨ᠎ᠠ ᠠ᠋ᠴᠠ ᠪᠧᠲ᠋ᠠ᠋ ᠤᠯᠤᠰ ᠤ᠋ᠨ ᠪᠤᠭᠤᠷᠵᠢ᠂ ᠪᠤᠭᠤᠷᠤᠯ ᠬᠣᠶᠠᠭᠤᠯᠠ ᠶ᠋ᠢᠨ ᠬᠤᠯᠤᠰᠤ ᠡᠪᠡᠰᠦᠨ᠎ᠡ ᠪᠦᠭᠭᠦᠭᠰᠡᠨ ᠴᠡᠷᠢᠭ ᠠᠯᠠᠨ ᠭᠠᠷᠴᠤ ᠰᠠᠯᠬᠢᠨ ᠭᠠᠯ ᠮᠡᠲᠦ ᠴᠣᠬᠢᠨ ᠣᠷᠣᠵᠤ ᠢᠷᠡᠬᠦᠶ᠎ᠡ᠂ ᠢᠯᠠᠭᠤ ᠶ᠋ᠢᠨ ᠴᠡᠷᠢᠭ ᠦ᠋ᠨ ᠰᠡᠭᠦᠯ ᠢᠨᠤ ᠶᠡᠬᠡᠯ᠎ᠡ ᠰᠠᠮᠠᠭᠤᠷᠠᠪᠠ᠃ ᠪᠠᠰᠠ ᠪᠠᠷᠠᠭᠤᠨ ᠪᠡᠶ᠎ᠡ ᠶ᠋ᠢᠨ ᠵᠢᠪᠬᠤᠯᠠᠩ ᠠᠭᠤᠯᠠᠨ ᠤ᠋ ᠵᠡᠪᠡ ᠡᠴᠡ ᠰᠢᠷᠢ ᠬᠤᠲᠤᠭ ᠤ᠋ᠨ ᠲᠠᠪᠤᠨ ᠵᠠᠭᠤᠨ ᠴᠡᠷᠢᠭ ᠴᠣᠬᠢᠨ ᠭᠠᠷᠴᠤ ᠵᠠᠮᠤᠬ᠎ᠠ ᠶ᠋ᠢᠨ ᠴᠡᠷᠢᠭ ᠦ᠋ᠨ ᠬᠥᠨᠳᠡᠯᠡᠨ ᠡᠲᠡᠭᠡᠳ ᠡᠴᠡ ᠵᠢᠰᠢᠭᠦᠦ ᠪᠡᠷ ᠠᠯᠠᠨ ᠣᠷᠣᠭᠰᠠᠨ ᠳ᠋ᠤᠷ ᠵᠠᠮᠤᠬ᠎ᠠ ᠶ᠋ᠢᠨ ᠠᠷᠤ ᠶ᠋ᠢᠨ ᠴᠡᠷᠢᠭ ᠶᠡᠬᠡᠯ᠎ᠡ ᠠᠶᠤᠯᠳᠤᠪᠠᠢ᠃ ᠲᠡᠷᠢᠭᠦᠨ ᠰᠡᠭᠦᠯ ᠬᠣᠶᠠᠷ ᠡᠲᠡᠭᠡᠳ ᠦ᠋ᠨ ᠴᠡᠷᠢᠭ ᠬᠠᠷᠠᠬᠠᠨ ᠪᠤᠲᠠᠷᠠᠯᠳᠤᠬᠤᠶ᠎ᠠ ᠪᠧᠲ᠋ᠠ᠋ ᠤᠯᠤᠰ ᠤ᠋ᠨ ᠶᠡᠬᠡ ᠵᠢᠨᠦᠩ ᠣᠯᠠᠨ ᠵᠠᠩᠵᠤᠨ ᠨᠠᠷ  ᠵᠠᠮᠤᠬ᠎ᠠ ᠶ᠋ᠢᠨ ᠭᠡᠵᠢᠭᠡ ᠶ᠋ᠢ ᠳᠠᠷᠤᠨ ᠶᠡᠬᠡ ᠴᠡᠷᠢᠭ ᠢ᠋ ᠠᠪᠴᠤ ᠰᠢᠪᠲᠤᠯᠤᠨ ᠠᠯᠠᠨ ᠣᠷᠣᠵᠤ ᠢᠷᠡᠬᠦ ᠢᠨᠤ ᠴᠠᠬᠢᠯᠭᠠᠨ ᠴᠠᠭᠢᠯᠬᠢᠯᠡᠨ ᠠᠶᠤᠩᠭ᠎ᠠ ᠳᠠᠭᠠᠷᠢᠬᠤ ᠮᠡᠲᠦ ᠳ᠋ᠦ᠍ᠷ  ᠪᠤᠭᠤᠷᠵᠢ ᠪᠤᠭᠤᠷᠤᠯ ᠤ᠋ᠨ ᠴᠡᠷᠢᠭ ᠢᠯᠠᠭᠤ ᠶ᠋ᠢᠨ ᠴᠡᠷᠢᠭ ᠢ᠋ ᠴᠣᠬᠢᠨ ᠣᠷᠣᠬᠤ ᠠᠨᠤ ᠨᠣᠭᠣᠭ᠎ᠠ ᠬᠡᠷᠴᠢᠵᠦ ᠲᠠᠷᠪᠤᠰ ᠬᠠᠭᠠᠯᠬᠤ ᠠᠳᠠᠯᠢ᠃ ᠬᠡᠷᠡᠢᠳ ᠦ᠋ᠨ ᠬᠣᠶᠠᠷ ᠠᠩᠭᠢ ᠪᠧᠲ᠋ᠠ᠋ ᠤᠯᠤᠰ ᠤ᠋ᠨ ᠴᠡᠷᠢᠭ ᠦ᠋ᠨ ᠵᠢᠨᠦᠩ ᠦ᠋ᠨ ᠶᠡᠬᠡ ᠲᠤᠭ ᠢ᠋ ᠦᠵᠡᠮᠡᠭᠴᠡ ᠴᠥᠮ ᠰᠥᠰᠥ ᠬᠡᠮᠬᠡᠷᠡᠨ ᠪᠠᠢᠯᠳᠤᠬᠤ ᠰᠠᠨᠠᠭᠠᠨ ᠦᠭᠡᠢ ᠪᠣᠯᠪᠠᠢ᠃ ᠡᠭᠦᠨ ᠢ᠋ ᠪᠧᠲ᠋ᠠ᠋ ᠤᠯᠤᠰ ᠤ᠋ᠨ ᠨᠥᠭᠥᠭᠡ ᠭᠤᠷᠪᠠᠨ ᠠᠩᠭᠢ ᠴᠡᠷᠢᠭ ᠦᠵᠡᠭᠡᠳ ᠣᠮᠣᠭ ᠰᠦᠷ ᠶᠡᠬᠡᠳᠡ ᠪᠠᠳᠠᠷᠠᠭᠠᠳ ᠱᠠᠯᠠᠮᠠᠭᠠᠢᠯᠠᠨ ᠣᠷᠣᠵᠤ ᠪᠠᠢᠯᠳᠤᠭᠰᠠᠨ ᠳ᠋ᠤᠷ ᠬᠡᠷᠡᠢᠳ ᠦ᠋ᠨ ᠴᠡᠷᠢᠭ ᠭᠡᠳᠡᠷᠭᠦ ᠲᠡᠷᠢᠭᠦᠨ ᠰᠡᠭᠦᠯ ᠴᠥᠮ ᠳᠠᠢᠰᠤᠨ ᠳ᠋ᠤᠷ ᠤᠴᠠᠷᠠᠵᠤ᠂ ᠪᠠᠢᠯᠳᠤᠯ ᠦᠭᠡᠢ ᠪᠡᠷ ᠪᠤᠲᠠᠷᠠᠯᠳᠤᠨ ᠡᠭᠦᠰᠬᠡᠪᠡ᠃ ᠡᠨᠡ ᠵᠠᠪ ᠲᠤᠷ ᠪᠦᠬᠦ ᠪᠡᠯᠭᠦᠳᠡᠢ᠂ ᠬᠠᠪᠤᠲᠤ ᠬᠠᠰᠠᠷ᠂ ᠴᠤᠤ ᠮᠡᠷᠭᠡᠨ᠂ ᠵᠠᠯᠮ᠎ᠠ ᠨᠠᠷ ᠲᠠᠢᠽᠦ ᠶ᠋ᠢᠨ ᠳᠤᠮᠳᠠᠳᠤ ᠴᠡᠷᠢᠭ ᠢ᠋ ᠬᠥᠳᠡᠯᠭᠡᠵᠦ᠂ ᠵᠠᠮᠤᠬ᠎ᠠ ᠶ᠋ᠢᠨ ᠴᠡᠷᠢᠭ ᠢ᠋ ᠬᠠᠪᠴᠢᠨ ᠠᠯᠠᠨ ᠣᠷᠣᠭᠰᠠᠨ᠎ᠠ ᠵᠠᠮᠤᠬ᠎ᠠ ᠶ᠋ᠢᠨ ᠴᠡᠷᠢᠭ ᠦ᠋ᠨ ᠰᠡᠳᠬᠢᠯ ᠨᠢᠭᠡᠨᠲᠡ ᠬᠡᠮᠬᠡᠷᠡᠭᠰᠡᠨ ᠲᠤᠯᠠ ᠵᠠᠮᠤᠬ᠎ᠠ ᠲᠡᠷᠢᠭᠦᠯᠡᠨ ᠵᠡᠭᠦᠨ ᠬᠣᠢᠲᠤ ᠭᠠᠴᠠᠭ᠎ᠠ ᠠᠭᠤᠯᠠᠨ ᠤ᠋ ᠵᠦᠭ ᠪᠤᠷᠤᠭᠤᠯᠠᠨ ᠡᠴᠢᠬᠦᠶ᠎ᠡ ᠬᠠᠰᠠᠷ ᠬᠣᠯᠠ ᠠ᠋ᠴᠠ ᠦᠵᠡᠵᠦ ᠲᠠᠨᠢᠭᠠᠳ ᠬᠥᠭᠡᠭᠡᠵᠦ ᠭᠦᠢᠴᠡᠭᠡᠳ ᠨᠢᠭᠡᠨᠲᠡ ᠬᠠᠷᠪᠤᠭᠰᠠᠨ ᠳ᠋ᠤᠷ ᠪᠠᠷᠠᠭᠤᠨ ᠴᠢᠬᠢ ᠶ᠋ᠢ ᠰᠡᠳᠡ ᠬᠠᠷᠪᠤᠪᠠ᠃ ᠡᠨᠡ ᠴᠢᠯᠥᠭᠡᠨ ᠳ᠋ᠦ᠍ᠷ ᠳᠤᠮᠳᠠᠳᠤ ᠴᠡᠷᠢᠭ ᠰᠢᠷᠢ ᠬᠤᠲᠤᠭ ᠤ᠋ᠨ ᠴᠡᠷᠢᠭ ᠯᠦ᠋ᠭᠡ ᠠᠭᠤᠯᠵᠠᠵᠤ ᠰᠢᠷᠢ ᠬᠤᠲᠤᠭ᠂ ᠵᠡᠪᠡ ᠴᠢᠯᠠᠭᠤᠨ ᠬᠣᠶᠠᠭᠤᠯᠠ ᠳ᠋ᠤᠷ ᠢᠯᠠᠭᠤ ᠶ᠋ᠢ ᠲᠣᠰᠴᠤ ᠪᠠᠢᠯᠳᠤᠷ᠎ᠠ ᠢᠯᠡᠭᠡᠪᠡ᠃ ᠢᠯᠠᠭᠤ᠂  ᠪᠤᠭᠤᠷᠵᠢ ᠪᠤᠭᠤᠷᠤᠯ ᠤ᠋ᠨ ᠴᠡᠷᠢᠭ ᠲᠦ᠍ᠷ ᠬᠠᠭᠠᠭᠳᠠᠵᠤ ᠬᠠᠷᠠᠬᠠᠨ ᠴᠢᠬᠤᠯᠳᠠᠨ ᠭᠠᠷ ᠡᠪᠡᠷᠰᠢᠶᠡᠵᠦ᠂ ᠭᠠᠯᠪᠠ ᠭᠠᠷᠴᠤ ᠪᠠᠢᠯᠳᠤᠬᠤᠶ᠎ᠠ ᠴᠢᠯᠠᠭᠤᠨ ᠤ᠋ ᠳᠠᠮ ᠢᠯᠳᠦ ᠳ᠋ᠦ᠍ᠷ ᠵᠡᠭᠦᠨ ᠭᠤᠶ᠎ᠠ ᠳᠠᠭᠠᠷᠢᠭᠳᠠᠵᠤ ᠴᠢᠰᠤ ᠴᠤᠪᠤᠷᠢᠭᠤᠯᠤᠨ ᠪᠤᠷᠤᠭᠤᠯᠠᠭᠰᠠᠨ᠎ᠠ ᠪᠤᠭᠤᠷᠵᠢ ᠪᠤᠭᠤᠷᠤᠯ ᠤ᠋ᠨ ᠶᠡᠬᠡ ᠴᠡᠷᠢᠭ ᠢᠯᠠᠭᠤ ᠶ᠋ᠢ ᠬᠠᠪᠴᠢᠨ ᠢᠷᠡᠭᠰᠡᠨ ᠳ᠋ᠦ᠍ ᠢᠯᠠᠭᠤ ᠳᠤᠭᠤᠯᠠᠭ᠎ᠠ ᠪᠠᠨ ᠠᠪᠴᠤ ᠲᠠᠶᠠᠭᠳᠠᠭᠠᠳ ᠰᠤᠯᠠ ᠴᠡᠷᠢᠭ ᠦ᠋ᠨ ᠵᠠᠪᠰᠠᠷ ᠲᠤᠷ ᠰᠢᠷᠭᠤᠯᠠᠨ ᠣᠷᠣᠵᠤ ᠳᠤᠲᠠᠭᠠᠨ ᠭᠠᠷᠬᠤᠶ᠎ᠠ ᠬᠡᠷᠡᠢᠳ ᠦ᠋ᠨ ᠶᠡᠬᠡ ᠲᠤᠭ ᠳᠠᠷᠤᠢ ᠤᠨᠠᠪᠠᠢ᠃   
        ᠬᠡᠷᠡᠢᠳ ᠦ᠋ᠨ ᠴᠡᠷᠢᠭ ᠲᠤᠭ ᠬᠢᠭᠢᠷᠢ ᠶ᠋ᠢ ᠴᠣᠬᠢᠯᠴᠠᠵᠤ ᠪᠤᠭᠤᠷᠵᠢ᠂ ᠪᠤᠭᠤᠷᠤᠯ ᠨᠠᠷ ᠲᠤᠷ ᠳᠠᠭᠠᠵᠤ ᠡᠭᠦᠰᠬᠡᠪᠡ᠃ ᠡᠨᠡ ᠦᠶ᠎ᠡ ᠳ᠋ᠦ᠍ᠷ ᠲᠠᠢᠽᠦ ᠶ᠋ᠢᠨ ᠠᠷᠪᠠᠨ ᠰᠠᠢᠳ ᠬᠡᠳᠦᠢᠨᠡᠢ ᠲᠠᠢᠽᠦ ᠶ᠋ᠢ ᠠᠪᠴᠤ ᠳᠣᠪᠲᠣᠯᠤᠨ᠂ ᠵᠢᠪᠬᠤᠯᠠᠩ ᠠᠭᠤᠯᠠᠨ ᠳ᠋ᠤᠷ ᠪᠡᠯᠡᠳᠬᠡᠭᠰᠡᠨ ᠠᠪᠠ ᠶ᠋ᠢᠨ ᠪᠠᠭᠤᠳᠠᠯ ᠳ᠋ᠤᠷ ᠬᠦᠷᠴᠦ ᠪᠠᠭᠤᠳᠠᠯᠯᠠᠪᠠ᠃ ᠣᠯᠠᠨ ᠵᠠᠩᠵᠤᠨ ᠴᠡᠷᠢᠭ ᠬᠡᠷᠡᠢᠳ ᠦ᠋ᠨ ᠴᠡᠷᠢᠭ ᠢ᠋ ᠶᠡᠬᠡᠯ᠎ᠡ ᠳᠠᠷᠤᠵᠤ᠂ ᠵᠢᠨᠦᠩ ᠮᠤᠬᠤᠯᠢ ᠬᠡᠷᠡᠢᠳ ᠦ᠋ᠨ ᠴᠡᠷᠢᠭ ᠢ᠋ ᠭᠤᠴᠢᠨ ᠭᠠᠵᠠᠷ ᠨᠡᠬᠡᠵᠦ ᠠᠯᠠᠭᠠᠳ ᠬᠠᠷᠠᠩᠭ᠎ᠠ ᠴᠣᠬᠢᠵᠤ ᠴᠡᠷᠢᠭ ᠬᠣᠷᠢᠶᠠᠨ ᠵᠢᠪᠬᠤᠯᠠᠩ ᠠᠭᠤᠯᠠᠨ ᠤ᠋ ᠪᠠᠭᠤᠳᠠᠯ ᠳ᠋ᠤᠷ ᠬᠦᠷᠴᠦ ᠢᠷᠡᠪᠡ᠃ ᠦᠵᠡᠰᠡ ᠮᠤᠬᠤᠯᠢ ᠣᠯᠠᠨ ᠵᠠᠩᠵᠤᠨ ᠢ᠋ ᠴᠥᠮ ᠠᠩᠭᠢ ᠠᠩᠭᠢ ᠪᠠᠷ ᠪᠡᠯᠡᠳᠬᠡᠷ᠎ᠡ ᠶᠠᠪᠤᠭᠤᠯᠵᠤ᠂ ᠲᠠᠢᠽᠦ ᠶ᠋ᠢ ᠮᠣᠷᠳᠠᠭᠤᠯᠤᠭᠠᠳ ᠬᠣᠢᠨ᠎ᠠ ᠠ᠋ᠴᠠ ᠶᠡᠬᠡ ᠴᠡᠷᠢᠭ ᠢ᠋ ᠠᠪᠴᠤ ᠬᠣᠢᠲᠤ ᠵᠠᠮ ᠢ᠋ᠶ᠋ᠠᠷ ᠬᠡᠷᠡᠢᠳ ᠦ᠋ᠨ ᠵᠠᠬ᠎ᠠ ᠳ᠋ᠤᠷ ᠢᠷᠡᠵᠦ ᠬᠦᠯᠢᠶᠡᠭᠰᠡᠨ ᠠᠵᠤᠭᠤ᠃ ᠲᠡᠢᠨ ᠬᠦ᠌ ᠬᠡᠷᠡᠢᠳ ᠦ᠋ᠨ ᠴᠡᠷᠢᠭ ᠢ᠋ ᠶᠡᠬᠡᠯ᠎ᠡ ᠳᠠᠷᠤᠪᠠᠢ᠃ 
       ᠲᠡᠭᠦᠨᠴᠡ ᠮᠤᠬᠤᠯᠢ ᠲᠠᠢᠽᠦ ᠶ᠋ᠢᠨ ᠬᠠᠭᠠᠭᠳᠠᠭᠰᠠᠨ ᠢ᠋ ᠲᠠᠢᠯᠵᠤ ᠬᠣᠢᠨ᠎ᠠ ᠠ᠋ᠴᠠ ᠵᠢᠪᠬᠤᠯᠠᠩ ᠠᠭᠤᠯᠠᠨ ᠤ᠋ ᠪᠠᠭᠤᠳᠠᠯ ᠳ᠋ᠤᠷ ᠢᠷᠡᠵᠦ᠂ ᠣᠯᠠᠨ ᠵᠠᠩᠵᠤᠨ ᠨᠠᠷ ᠢ᠋ ᠠᠪᠴᠤ ᠲᠠᠢᠽᠦ ᠳ᠋ᠦ᠍ᠷ ᠠᠷᠢᠬᠢ ᠪᠠᠷᠢᠵᠤ ᠡᠢᠨ ᠪᠡᠯᠭᠡᠯᠡᠷᠦᠨ: 
             ᠠᠷᠪᠠᠨ ᠵᠦᠭ ᠦ᠋ᠨ ᠲᠡᠭᠷᠢ ᠰᠠᠬᠢᠭᠤᠯᠰᠤᠨ ᠲᠠᠭᠠᠯᠴᠠᠭᠴᠢ  
             ᠠᠬᠤᠢ ᠶᠡᠬᠡ ᠪᠤᠶᠠᠨ ᠵᠠᠶᠠᠭᠠᠲᠤ ᠡᠵᠡᠨ ᠮᠢᠨᠦ᠂  
             ᠠᠷᠢᠶᠠᠲᠠᠨ ᠬᠦᠷᠦᠭᠡᠳ ᠦ᠋ᠨ ᠡᠭᠦᠷ ᠯᠤᠭᠰᠢ ᠠ᠋ᠴᠠ 
             ᠠᠮᠤᠷ ᠮᠡᠨᠳᠦ ᠪᠡᠷ ᠡᠭᠡᠵᠦ ᠢᠷᠡᠭᠰᠡᠨ ᠪᠠᠶᠠᠷ ᠲᠤᠷ 
             ᠠᠮᠲᠠᠲᠤ ᠠᠷᠠᠵᠠ ᠶ᠋ᠢᠨ ᠠᠯᠲᠠᠨ ᠤ᠋ ᠬᠤᠨᠳᠠᠭ᠎ᠠ ᠶ᠋ᠢ ᠪᠠᠷᠢᠮᠤᠢ᠃ 
             ᠠᠮᠰᠠᠨ ᠵᠣᠭᠣᠭᠯᠠᠵᠤ ᠠᠶᠤᠯ ᠰᠣᠴᠢᠯ ᠢ᠋ ᠲᠣᠬᠣᠷᠤᠭᠤᠯᠵᠤ 
             ᠠᠰᠢᠳᠠ ᠬᠣᠵᠢᠮ ᠡᠢᠮᠦ ᠲᠦᠭᠰᠢᠭᠦᠷᠢᠲᠡᠢ ᠭᠠᠵᠠᠷ ᠲᠤᠷ 
             ᠠᠶᠠᠯᠠᠨ ᠮᠣᠷᠢᠯᠠᠬᠤ ᠶ᠋ᠢ ᠪᠠᠬᠠᠨ ᠴᠥᠭᠡᠴᠢᠯᠡᠬᠦ ᠪᠣᠯᠪᠠᠤ !
ᠬᠡᠮᠡᠭᠰᠡᠨ ᠳ᠋ᠦ᠍ᠷ ᠲᠠᠢᠽᠦ ᠶᠡᠬᠡᠳᠡ ᠪᠡᠶᠡᠰᠦᠨ ᠬᠠᠷᠢᠭᠤ ᠠᠷᠢᠬᠢ ᠬᠦᠷᠲᠡᠭᠡᠵᠦ ᠮᠥᠨ ᠬᠦ᠌ ᠪᠡᠯᠭᠡᠯᠡᠵᠦ ᠵᠠᠬᠢᠷᠤᠨ :
             ᠠᠯᠢᠪᠠ ᠳᠠᠢᠰᠤᠨ᠎ᠠ ᠬᠣᠯᠠ ᠣᠢᠷ᠎ᠠ ᠪᠠᠷ ᠬᠠᠷᠠᠭᠠᠯᠵᠠᠭᠰᠠᠨ 
             ᠠᠩᠬ᠎ᠠ ᠤᠴᠠᠷᠠᠯᠳᠤᠭᠰᠠᠨ ᠵᠢᠨᠦᠩ ᠮᠤᠬᠤᠯᠢ ᠮᠢᠨᠦ᠂ 
             ᠠᠶᠤᠯ ᠳᠠᠢᠰᠤᠨ ᠢ᠋ ᠠᠯᠳᠠᠯ ᠦᠭᠡᠢ ᠳᠠᠷᠤᠭᠴᠢ 
             ᠠᠰᠤᠷᠤ ᠮᠡᠷᠭᠡᠨ ᠵᠢᠨᠦᠩ ᠮᠤᠬᠤᠯᠢ ᠮᠢᠨᠦ ! 
ᠬᠡᠮᠡᠵᠦ᠂ ᠣᠯᠠᠨ ᠵᠠᠩᠵᠤᠨ ᠨᠠᠷ ᠤ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠵᠤ ᠡᠷᠭᠦᠬᠦᠶ᠎ᠡ ᠴᠤᠤ ᠮᠡᠷᠭᠡᠨ ᠡᠴᠡ ᠡᠬᠢᠯᠡᠵᠦ ᠡᠷᠬᠢᠯᠡᠨ ᠱᠠᠩᠨᠠᠪᠠ᠃ ᠶᠡᠬᠡ ᠬᠤᠷᠢᠮ ᠬᠤᠷᠢᠮᠯᠠᠬᠤᠶ᠎ᠠ ᠥᠨᠳᠥᠷ ᠰᠡᠴᠡᠨ᠂ ᠦᠨᠡᠨ ᠲᠥᠷᠥ ᠬᠣᠶᠠᠭᠤᠯᠠ ᠾᠧ ᠸᠠᠩ ᠢ᠋ ᠴᠢᠷᠠᠮ᠎ᠠ ᠨᠢᠴᠦᠭᠦᠨ ᠢ᠋ᠶ᠋ᠡᠷ ᠬᠣᠶᠠᠷ ᠭᠠᠷ ᠢ᠋ᠶ᠋ᠠᠷ ᠠᠲᠤᠷᠢᠲᠠᠯ᠎ᠠ ᠬᠦᠯᠢᠭᠡᠳ ᠲᠦᠯᠬᠢᠨ ᠠᠴᠢᠷᠠᠭᠰᠠᠨ ᠳ᠋ᠤᠷ᠂ ᠲᠠᠢᠽᠦ ᠦᠵᠡᠭᠡᠳ ᠬᠢᠷᠳ᠋ᠬᠢᠨ ᠰᠣᠴᠢᠵᠤ ᠮᠡᠩᠳᠡᠨ ᠰᠡᠩᠳᠡᠨ : 《ᠬᠥᠭᠰᠢᠨ ᠠᠪᠤᠭᠠᠢ ᠶ᠋ᠢ ᠶᠠᠭᠤᠨ ᠳ᠋ᠤᠷ ᠡᠨᠡ ᠮᠡᠲᠦ ᠭᠤᠲᠤᠭᠠᠪᠠ?》 ᠬᠡᠮᠡᠬᠦ ᠪᠥᠭᠡᠳ ᠨᠢᠭᠡᠨ ᠳᠡᠭᠡᠭᠦᠷ ᠥᠪᠡᠷ ᠢᠶᠡᠨ ᠾᠧ ᠸᠠᠩ ᠤ᠋ᠨ ᠬᠦᠯᠢᠶᠡᠰᠦᠨ ᠢ᠋ ᠤᠭᠲᠤᠴᠠᠨ ᠲᠠᠢᠯᠵᠤ᠂ ᠥᠪᠡᠷ ᠦ᠋ᠨ ᠡᠮᠦᠰᠦᠭᠰᠡᠨ ᠳᠠᠪᠬᠤᠴᠠ ᠮᠠᠩᠨᠤᠭ ᠳᠡᠪᠡᠯ ᠢ᠋ᠶ᠋ᠡᠨ ᠲᠠᠢᠯᠤᠨ ᠾᠧ ᠸᠠᠩ ᠳ᠋ᠤᠷ ᠬᠡᠲᠦᠷᠦᠭᠦᠯᠵᠤ᠂ᠠᠯᠲᠠᠨ ᠴᠦᠬᠦᠴᠡᠲᠤ ᠠᠷᠠᠵᠠ ᠬᠣᠣᠷᠠᠵᠠ ᠪᠠᠨ ᠪᠠᠷᠢᠵᠤ ᠾᠧ ᠸᠠᠩ ᠢ᠋ ᠲᠣᠬᠣᠷᠤᠭᠤᠯᠵᠤ ᠡᠢᠨ ᠭᠡᠮᠡᠨ ᠥᠭᠦᠯᠡᠷᠦᠨ:
             ᠠᠴᠢᠯᠠᠯ ᠦᠭᠡᠢ ᠬᠥᠪᠡᠭᠦᠨ ᠢ᠋ ᠠᠰᠠᠷᠠᠨ ᠲᠡᠵᠢᠭᠡᠬᠦ ᠡᠴᠡ 
             ᠠᠳᠤᠭᠤ ᠬᠤᠷᠢᠶᠠᠬᠤ ᠠᠵᠢᠷᠭ᠎ᠠ ᠲᠡᠵᠢᠭᠡᠪᠡᠰᠦ ᠳᠡᠭᠡᠷ᠎ᠡ᠂ 
             ᠠᠪᠤ ᠠᠨᠤ ᠠᠮᠢ ᠬᠣᠯᠪᠣᠵᠤ ᠶᠠᠪᠤᠨᠠᠮ ᠪᠥᠭᠡᠲᠡᠯ᠎ᠡ 
             ᠠᠯᠠᠯᠳᠤᠨ ᠪᠠᠢᠯᠳᠤᠵᠤ ᠬᠥᠭᠡᠭᠡᠵᠦ ᠢᠷᠡᠬᠦ ᠢᠨᠤ 
             ᠠᠪᠠᠢ ᠶᠠᠭᠤᠲᠠᠢ ᠡᠯᠪᠡᠷᠢᠯ ᠦᠭᠡᠢ ᠶ᠋ᠢᠨ ᠲᠤᠢᠯ ᠠᠵᠤᠭᠤ᠃ 
             ᠠᠯᠲᠠᠨ ᠳᠡᠯᠡᠬᠡᠢ ᠳ᠋ᠦ᠍ᠷ ᠡᠢᠮᠦ ᠬᠥᠮᠦᠨ ᠪᠠᠢᠳᠠᠭ ᠤᠤ ? 
             ᠠᠪᠤᠭᠠᠢ ᠮᠢᠨᠦ ᠴᠢ ᠰᠡᠳᠬᠢᠯ ᠢ᠋ᠶ᠋ᠡᠨ ᠰᠤᠯᠠᠳᠬᠠᠵᠤ ᠠᠮᠤᠵᠢᠭᠤᠯ᠂ 
             ᠠᠭᠤᠳᠠᠮ ᠪᠢ ᠠᠯᠠᠬᠤᠢ ᠳ᠋ᠤᠷ ᠦᠯᠦ ᠬᠦᠷᠦᠮᠦᠢ ! 
ᠬᠡᠮᠡᠭᠡᠳ ᠾᠧ ᠸᠠᠩ ᠢ᠋ ᠵᠣᠴᠢᠨ ᠤ᠋ ᠰᠠᠭᠤᠳᠠᠯ ᠳ᠋ᠤᠷ ᠰᠠᠭᠤᠯᠭᠠᠵᠤ ᠶᠡᠬᠡ ᠬᠤᠷᠢᠮ ᠬᠤᠷᠢᠮᠯᠠᠬᠤᠢ ᠳ᠋ᠤᠷ ᠾᠧ ᠸᠠᠩ ᠢᠭᠲᠦᠯᠦᠨ ᠤᠶᠠᠷᠠᠵᠤ᠂ ᠨᠢᠳᠦᠨ ᠡᠴᠡ ᠨᠢᠯᠪᠤᠰᠤ ᠴᠤᠪᠤᠷᠢᠭᠤᠯᠵᠤ ᠲᠡᠭᠷᠢ ᠶ᠋ᠢᠨ ᠵᠦᠭ ᠬᠠᠨᠳᠤᠵᠤ᠂ ᠥᠨᠳᠥᠷ ᠳᠠᠭᠤᠨ ᠢ᠋ᠶ᠋ᠠᠷ ᠡᠭᠰᠢᠨ ᠪᠥᠭᠰᠢᠨ ᠤᠬᠢᠯᠠᠵᠤ ᠲᠡᠰᠳᠡᠰᠢ ᠦᠭᠡᠢ ᠪᠦᠲᠡᠨ ᠬᠠᠬᠠᠵᠤ ᠥᠭᠦᠯᠡᠷᠦᠨ᠄ 
             ᠬᠣᠩᠰᠢᠶᠠᠷ ᠮᠠᠭᠤᠲᠤ ᠵᠠᠮᠤᠬ᠎ᠠ ᠶ᠋ᠢᠨ ᠬᠣᠣᠷᠠᠲᠤ ᠠᠷᠢᠬᠢ ᠳ᠋ᠤᠷ 
             ᠬᠣᠴᠢ ᠦᠭᠡᠢ ᠬᠤᠪᠠᠬᠠᠢ ᠶᠠᠰᠤ ᠪᠣᠯᠤᠨ ᠠᠯᠳᠠᠪᠠ ᠪᠢ᠂ 
             ᠬᠤᠢᠬᠤᠷ ᠮᠠᠭᠤᠲᠤ ᠬᠥᠪᠡᠭᠦᠨ ᠦ᠌ ᠬᠣᠯᠴᠢᠷᠭᠠᠨ ᠶᠠᠪᠤᠳᠠᠯ ᠳ᠋ᠤᠷ 
             ᠬᠤᠷᠠᠭᠰᠠᠨ ᠮᠢᠨᠦ ᠠᠮᠢᠨ ᠠ᠋ᠴᠠ ᠪᠠᠨ ᠬᠠᠭᠠᠴᠢ ᠠᠯᠳᠠᠪᠠ ᠪᠢ᠂ 
             ᠬᠤᠷᠮᠤᠰᠲᠠ ᠮᠡᠲᠦ ᠪᠣᠷᠵᠢᠭᠢᠳ ᠤ᠋ᠨ ᠰᠠᠢᠨ ᠥᠷᠥᠰᠢᠶᠡᠯ ᠢ᠋ᠶ᠋ᠡᠷ 
             ᠬᠤᠲᠤᠭᠲᠤ ᠠᠮᠢᠨ ᠢ᠋ ᠮᠢᠨᠦ ᠦᠯᠡᠳᠡᠭᠡᠪᠡᠢ ᠨᠠᠮᠠᠶ᠋ᠢ᠃ 
             ᠬᠤᠷ᠎ᠠ ᠮᠡᠲᠦ ᠳᠡᠭᠷᠢᠯᠢᠭ ᠦ᠋ᠨ ᠬᠠᠢᠷ᠎ᠠ ᠥᠷᠥᠰᠢᠶᠡᠯ ᠢ᠋ᠶ᠋ᠡᠷ 
             ᠬᠣᠴᠣᠷᠬᠤ ᠠᠮᠢᠨ ᠢ᠋ ᠮᠢᠨᠦ ᠦᠯᠡᠳᠡᠭᠡᠪᠡᠢ ᠨᠠᠮᠠᠶ᠋ᠢ᠂ 
             ᠬᠣᠯᠠ ᠣᠢᠷ᠎ᠠ ᠳ᠋ᠤᠷ ᠬᠤᠢᠬᠤᠷ ᠭᠥᠪᠡᠭᠦᠨ᠎ᠡ ᠬᠣᠣᠷᠯᠠᠭᠳᠠᠮᠤᠢ 
             ᠬᠣᠴᠣᠷᠤᠯ ᠦᠭᠡᠢ ᠬᠣᠯᠴᠢᠷᠭᠠᠨ᠎ᠠ ᠵᠠᠮᠤᠬ᠎ᠠ ᠳ᠋ᠤᠷ ᠠᠯᠠᠭᠳᠠᠨᠠᠮ ‍ᠶ᠎ᠠ ᠪᠢ ! 
ᠭᠡᠮᠡᠨ ᠣᠬᠢᠯᠠᠬᠤᠢ ᠳ᠋ᠤᠷ ᠲᠠᠢᠽᠦ ᠳᠠᠬᠢᠨ ᠳᠠᠪᠲᠠᠨ ᠲᠣᠬᠣᠷᠤᠭᠤᠯᠵᠤ ᠠᠷᠢᠬᠢ ᠤᠤᠭᠤᠯᠭᠠᠨ᠂ ᠪᠠᠰᠠ ᠳᠡᠭᠦᠦ ᠳ᠋ᠡᠭᠡᠨ ᠪᠡᠯᠭᠦᠳᠡᠢ ᠳ᠋ᠦ᠍ᠷ ᠲᠡᠭᠦᠨ ᠦ᠌ ᠥᠬᠢᠨ ᠰᠣᠯᠣᠩᠭᠣᠸ᠎ᠠ ᠶ᠋ᠢ ᠭᠤᠶᠤᠬᠤ ᠶ᠋ᠢ ᠠᠷᠢᠬᠢ ᠪᠠᠷᠢᠵᠤ ᠬᠡᠯᠡᠭᠰᠡᠨ ᠳ᠋ᠦ᠍ᠷ ᠾᠧ ᠸᠠᠩ ᠤᠬᠢᠯᠠᠨ ᠪᠠᠢᠵᠤ ᠥᠭᠦᠯᠡᠷᠦᠨ :  
             ᠠᠮᠢᠨ ᠢ᠋ ᠮᠢᠨᠦ ᠦᠯᠡᠳᠡᠭᠡᠭᠰᠡᠨ ᠠᠴᠢ ᠳ᠋ᠤᠷ 
             ᠠᠪᠠᠬᠠᠢ ᠶᠤᠭᠠᠨ ᠥᠭᠰᠦᠭᠡᠢ ᠭᠡᠮᠡᠨ ᠰᠠᠨᠠᠪᠠᠴᠤ᠂ 
             ᠠᠯᠠᠯᠳᠤᠬᠤ ᠲᠡᠢᠨ ᠳᠠᠢᠰᠤᠨ ᠡᠰᠡ ᠵᠣᠭᠰᠣᠪᠠᠰᠤ 
             ᠠᠮᠠᠷᠠᠭ ᠤᠷᠤᠭ ᠢ᠋ ᠬᠡᠷᠬᠢᠵᠦ ᠪᠠᠷᠢᠬᠤ ᠪᠣᠢ ? 
             ᠠᠯᠭᠤᠷ ᠪᠠᠢᠵᠤ ᠠᠮᠤᠷ ᠲᠤᠩᠭᠠᠯᠠᠭ ᠪᠣᠯᠤᠭᠰᠠᠨ ᠴᠠᠭ ᠲᠤ᠌ 
             ᠠᠯᠭᠠᠰᠠᠯ ᠦᠭᠡᠢ ᠠᠯᠲᠠᠨ ᠣᠭᠣᠰᠣᠷ ᠢ᠋ ᠬᠣᠯᠪᠣᠰᠤᠭᠠᠢ᠂ 
             ᠠᠳᠠᠪᠠᠰᠢ ᠡᠨᠡ ᠪᠠᠢᠯᠳᠤᠭᠠᠨ ᠤ᠋ ᠳᠣᠲᠣᠷ᠎ᠠ 
             ᠠᠶ᠎ᠠ ᠪᠢ ᠬᠡᠷᠬᠢᠨ ᠲᠣᠭᠲᠠᠭᠠᠶ᠎ᠠ ! 
ᠬᠡᠮᠡᠭᠰᠡᠨ ᠳ᠋ᠦ᠍ᠷ ᠲᠠᠢᠽᠦ ᠪᠣᠳᠣᠪᠠᠰᠤ ᠦᠭᠡ ᠮᠥᠨ ᠮᠠᠰᠢ ᠵᠦᠢ ᠲᠤᠯᠠ ᠬᠠᠷᠢᠭᠤ ᠥᠭᠦᠯᠡᠷᠦᠨ : 
             ᠲᠡᠢᠨ ᠳᠠᠢᠰᠤᠨ ᠢ᠋ ᠪᠢ ᠡᠷᠢᠭᠰᠡᠨ ᠢᠨᠦ ᠪᠤᠰᠤ 
             ᠳᠠᠷᠤᠯᠠᠨ ᠬᠣᠣᠷᠯᠠᠬᠤ ᠶ᠋ᠢ ᠬᠥᠪᠡᠭᠦᠨ ᠴᠢᠨᠦ ᠡᠭᠦᠰᠬᠡᠵᠦᠬᠦᠢ᠂ 
             ᠠᠴᠢᠲᠤ ᠨᠠᠮᠠᠶ᠋ᠢ ᠠᠷᠭᠠᠳᠠᠨ ᠠᠪᠠᠴᠢᠵᠤ ᠠᠯᠠᠰᠤᠭᠠᠢ ᠬᠡᠮᠡᠬᠦᠢ ᠳ᠋ᠦ᠍ᠷ 
             ᠠᠪᠤᠭᠠᠢ ᠴᠢᠮᠠᠶ᠋ᠢ ᠲᠦᠰᠢᠮᠡᠳ ᠮᠢᠨᠦ ᠬᠠᠯᠬᠠᠪᠴᠢ ᠪᠣᠯᠭᠠᠨ ᠠᠴᠢᠷᠠᠵᠤᠬᠤᠢ! 
ᠭᠡᠮᠡᠨ ᠪᠡᠶ᠎ᠡ ᠡᠭᠡᠵᠦ ᠫᠣᠯᠭᠤᠳᠠᠢ ᠠ᠋ᠴᠠ ᠠᠰᠠᠭᠤᠷᠤᠨ : 
             ᠠᠮᠠ ᠬᠣᠩᠰᠢᠶᠠᠷ ᠠᠳᠠᠪᠠᠰᠢ ᠰᠠᠢᠲᠤ ᠫᠣᠯᠭᠣᠳᠠᠢ ᠴᠢ  
             ᠠᠶᠤᠮᠰᠢᠭ ᠦᠭᠡᠢ ᠨᠠᠮᠠᠶ᠋ᠢ ᠮᠡᠬᠡᠯᠡᠵᠦ ᠠᠪᠠᠴᠢᠭᠰᠠᠨ᠎ᠠ᠂ 
             ᠠᠷᠭ᠎ᠠ ᠤᠬᠠᠭᠠᠨᠲᠤ ᠵᠢᠨᠦᠩ ᠮᠢᠨᠦ ᠡᠰᠡ ᠰᠡᠷᠡᠭᠰᠡᠨ ᠪᠥᠭᠡᠰᠦ 
             ᠠᠬᠤ ᠠᠮᠢ ᠶ᠋ᠢ ᠮᠢᠨᠦ ᠠᠯᠠᠵᠤ ᠪᠠᠷᠠᠭᠰᠠᠨ ᠪᠣᠯᠠᠢ ! 
ᠬᠡᠮᠡᠭᠰᠡᠨ ᠳ᠋ᠦ᠍ᠷ  ᠫᠣᠯᠭᠣᠳᠠᠢ ᠮᠥᠷᠭᠥᠵᠦ ᠮᠡᠳᠡᠭᠦᠯᠦᠷᠦᠨ :  
             ᠠᠪᠤ ᠡᠵᠢ ᠪᠡᠨ ᠦᠯᠡᠳᠡᠭᠡᠯ ᠦᠭᠡᠢ ᠮᠡᠬᠡᠯᠡᠭᠴᠢ ᠨᠠᠷ  
             ᠠᠯᠪᠠᠲᠤ ᠪᠣᠭᠣᠯ ᠫᠣᠯᠭᠣᠳᠠᠢ ᠶ᠋ᠢ ᠮᠡᠬᠡᠯᠡᠬᠦᠢ ᠳ᠋ᠦ᠍ᠷ ᠶᠠᠭᠤ ᠪᠣᠢ? 
             ᠠᠵᠢᠭ ᠰᠡᠵᠢᠭ ᠦᠭᠡᠢ ᠲᠡᠨᠡᠭ ᠮᠤᠩᠬᠠᠭ ᠫᠣᠯᠭᠣᠳᠠᠢ 
             ᠠᠯᠲᠠᠨ ᠶᠠᠰᠤᠲᠠᠨ ᠯᠤᠭ᠎ᠠ ᠤᠷᠤᠭ ᠪᠠᠷᠢᠮᠤᠢ ᠬᠡᠮᠡᠬᠦᠶ᠎ᠡ᠂ 
             ᠠᠬᠤᠢ ᠶᠡᠬᠡᠳᠡ ᠪᠠᠶᠠᠷᠯᠠᠨ ᠦᠨᠡᠮᠰᠢᠶᠡᠵᠦ ᠭᠦᠶᠦᠭᠰᠡᠭᠡᠷ ᠪᠣᠭᠣᠯ ᠪᠢ 
             ᠠᠶᠤᠮᠰᠢᠭᠲᠠᠢ ᠮᠠᠭᠤ ᠬᠢᠵᠢᠭ ᠡᠪᠡᠳᠴᠢᠨ᠎ᠡ ᠪᠠᠷᠢᠭᠳᠠᠭᠰᠠᠨ᠎ᠠ᠂ 
             ᠠᠷᠪᠠᠨ ᠬᠣᠨᠣᠭ ᠮᠤᠩᠬᠠᠷᠠᠵᠤ ᠰᠠᠶᠢ ᠪᠠᠬᠠᠨ ᠰᠡᠷᠭᠦᠪᠡᠰᠦ 
             ᠠᠢᠯ ᠪᠦᠭᠦᠳᠡᠭᠡᠷ ᠦᠢᠮᠡᠨ ᠠᠢᠮᠠᠨ ᠬᠡᠯᠡᠯᠴᠡᠬᠦ ᠢᠨᠤ᠂ 
             ᠠᠷᠭ᠎ᠠ ᠵᠠᠯᠢ ᠬᠠᠷᠭᠢᠰ ᠮᠠᠭᠤ ᠪᠠᠷ ᠴᠢᠮᠠᠶ᠋ᠢ ᠮᠡᠬᠡᠯᠡᠵᠦ 
             ᠠᠰᠠᠷᠠᠯ ᠡᠨᠡᠷᠢᠯᠲᠦ ᠬᠥᠭᠰᠢᠨ ᠡᠵᠡᠨ ᠢ᠋ ᠮᠢᠨᠦ ᠠᠪᠲᠠᠪᠠ᠂ 
             ᠠᠮᠢᠨ ᠵᠠᠶᠠᠭ᠎ᠠ ᠬᠠᠮᠢᠭᠠᠰᠢ ᠪᠣᠯᠬᠤ ᠮᠠᠭᠠᠳ ᠦᠭᠡᠢ ᠬᠡᠮᠡᠬᠦᠶ᠎ᠡ 
             ᠠᠩᠬ᠎ᠠ ᠡᠵᠡᠨ ᠬᠥᠭᠰᠢᠨ ᠸᠠᠩ ᠯᠤᠭ᠎ᠠ ᠪᠠᠨ ᠦᠬᠦᠶ᠎ᠡ ᠭᠡᠮᠡᠨ 
             ᠠᠷᠤ ᠨᠢᠴᠦᠭᠦᠨ ᠠᠯᠠ ᠵᠠᠢᠳᠠᠩ ᠢ᠋ᠶ᠋ᠠᠷ ᠨᠡᠬᠡᠵᠦ ᠢᠷᠡᠯᠦᠭᠡ᠃ 
             ᠠᠯᠤᠰᠳᠠ ᠥᠪᠡᠷ᠎ᠡ ᠮᠠᠭᠤ ᠰᠡᠳᠬᠢᠯ ᠣᠭᠲᠣ ᠦᠭᠡᠢ ᠪᠥᠯᠥᠭᠡ᠃ 
             ᠠᠯᠠᠬᠤ ᠠᠮᠢᠳᠤᠷᠠᠭᠤᠯᠬᠤ ᠡᠵᠡᠨ ᠴᠢᠨᠦ ᠥᠷᠥᠰᠢᠶᠡᠯ᠂ 
             ᠠᠮᠠᠯᠳᠤᠨ ᠲᠠᠩᠭᠠᠷᠢᠭᠯᠠᠵᠤ ᠥᠪᠡᠷ᠎ᠡ ᠰᠡᠳᠬᠢᠯ ᠦᠭᠡᠢ ! 
ᠬᠡᠮᠡᠭᠡᠳ ᠲᠦᠴᠢᠭᠢᠨᠡᠲᠡᠯ᠎ᠡ ᠮᠥᠷᠭᠥᠯᠬᠢᠯᠡᠭᠦᠢ ᠳ᠋ᠦ᠍ᠷ ᠲᠠᠢᠽᠦ ᠪᠠᠬᠠᠨ ᠮᠦᠰᠢᠶᠡᠵᠦ ᠵᠠᠬᠢᠷᠤᠨ : 
             ᠥᠪᠡᠷ ᠦ᠋ᠨ ᠡᠵᠡᠨ ᠳ᠋ᠦ᠍ᠷ ᠦᠨᠡᠨᠴᠢ ᠪᠣᠯᠪᠠᠰᠤ ᠶᠠᠭᠤᠨ ᠠ᠋ᠴᠠ ᠴᠤ᠌ ᠳᠡᠭᠡᠷ᠎ᠡ 
             ᠦᠭᠡ ᠠᠲᠠᠵᠤ ᠶᠠᠪᠤᠳᠠᠯ ᠵᠥᠷᠢᠴᠡᠭᠡᠳ ᠣᠰᠣᠯ ᠭᠠᠷᠬᠤᠢ ᠳ᠋ᠤᠷ ᠭᠠᠢᠭᠤᠢ᠂ 
             ᠦᠬᠦᠯ ᠦᠨ ᠭᠠᠵᠠᠷ ᠴᠤ᠌ ᠦᠯᠦ ᠬᠠᠭᠠᠴᠠᠨ ᠳᠠᠭᠠᠵᠤ ᠢᠷᠡᠭᠰᠡᠨ ᠢᠨᠦ 
             ᠦᠨᠡᠨᠴᠢ ᠰᠢᠳᠤᠷᠭᠤ ᠳ᠋ᠤᠷ ᠥᠷᠥᠰᠢᠶᠡᠨ ᠠᠪᠤᠷᠠᠪᠠᠰᠤ ᠪᠣᠯᠤᠮᠤᠢ !
ᠬᠡᠮᠡᠭᠡᠳ ᠬᠦᠯᠢᠶᠡᠰᠦᠨ ᠢ᠋ ᠲᠠᠢᠯᠤᠭᠤᠯᠵᠤ ᠳᠡᠪᠡᠯ ᠬᠤᠪᠴᠠᠳ ᠱᠠᠩᠨᠠᠨ ᠡᠮᠦᠰᠬᠡᠵᠦ ᠠᠷᠢᠬᠢ ᠮᠢᠬ᠎ᠠ ᠢᠳᠡᠭᠦᠯᠦᠨ ᠵᠠᠬᠢᠷᠤᠨ : 
             ᠥᠪᠡᠷ ᠦ᠋ᠨ ᠡᠵᠡᠨ ᠳ᠋ᠦ᠍ᠷ ᠢ᠋ᠶ᠋ᠡᠨ ᠰᠢᠳᠤᠷᠭᠤ ᠪᠠᠷ ᠶᠠᠪᠤᠭᠲᠤᠨ 
             ᠥᠷᠢᠭᠦᠦ ᠮᠠᠭᠤ ᠳ᠋ᠤᠷ ᠠᠨᠤ ᠢᠳᠬᠠᠵᠤ ᠬᠣᠷᠢᠭᠯᠠᠭᠲᠤᠨ᠂ 
             ᠦᠨᠡᠬᠡᠷ ᠬᠡᠷᠪᠡ ᠦᠭᠡ ᠳ᠋ᠦ᠍ᠷ ᠡᠰᠡ ᠣᠷᠣᠨ ᠵᠥᠷᠢᠴᠡᠪᠡᠰᠦ 
             ᠥᠪᠡᠷ ᠢ᠋ᠶ᠋ᠡᠨ ᠦᠬᠦᠯ ᠦ᠋ᠨ ᠡᠭᠦᠳᠡᠨ ᠳ᠋ᠦ᠍ᠷ ᠣᠷᠣᠬᠤᠢ ᠶ᠋ᠢ 
             ᠥᠯᠥᠭ ᠴᠢᠬᠡᠴᠢ ᠫᠣᠯᠭᠣᠳᠠᠢ ᠴᠢ ᠬᠡᠷᠬᠢᠨ ᠴᠢᠳᠠᠬᠤ? 
             ᠦᠵᠦᠭᠦᠷ ᠲᠣᠷ ᠬᠦᠷᠲᠡᠯ᠎ᠡ ᠴᠢᠩ ᠦᠨᠡᠨ ᠢ᠋ᠶ᠋ᠡᠨ ᠭᠦᠢᠴᠡᠳᠭᠡ 
             ᠥᠷᠯᠥᠭᠡ ᠦᠳᠡᠰᠢ ᠦᠭᠡᠶ᠎ᠡ ᠦᠭᠡ ᠶ᠋ᠢ ᠮᠢᠨᠦ ᠰᠡᠳᠬᠢ᠂ 
             ᠥᠲᠡᠯᠬᠦ ᠰᠢᠬᠠᠭᠰᠠᠨ ᠠᠪᠤᠭᠠᠢ ᠶ᠋ᠢ ᠮᠢᠨᠦ ᠬᠠᠷᠠᠭᠠᠯᠵᠠ ! 
ᠬᠡᠮᠡᠭᠰᠡᠨ ᠳ᠋ᠦ᠍ᠷ ᠫᠣᠯᠭᠤᠳᠠᠢ ᠨᠢᠯᠪᠤᠰᠤ ᠠᠰᠬᠠᠷᠠᠲᠠᠯ᠎ᠠ ᠤᠬᠢᠯᠠᠵᠤ ᠮᠥᠷᠭᠥᠯᠬᠢᠯᠡᠨ ᠰᠢᠲᠦᠪᠡᠢ᠃ 
       ᠲᠡᠭᠦᠨᠴᠡ ᠾᠧ ᠸᠠᠩ ᠢ᠋ ᠲᠣᠬᠣᠷᠤᠭᠤᠯᠤᠨ ᠵᠢᠪᠬᠤᠯᠠᠩ ᠠᠭᠤᠯᠠᠨ ᠳ᠋ᠤᠷ ᠠᠷᠪᠠᠨ ᠡᠳᠦᠷ ᠦ᠋ᠨ ᠶᠡᠬᠡ ᠠᠪᠠ ᠬᠢᠵᠦ ᠵᠢᠷᠭᠠᠯᠳᠤᠭᠠᠳ ᠠᠪᠠ ᠳᠦᠭᠦᠷᠴᠦ ᠬᠤᠷᠢᠮ ᠬᠤᠷᠢᠮᠯᠠᠨ ᠾᠧ ᠸᠠᠩ ᠳ᠋ᠤᠷ ᠲᠣᠷᠭ᠎ᠠ ᠮᠠᠩᠨᠤᠭ ᠡᠮᠦᠰᠬᠡᠨ ᠲᠠᠷᠭᠤᠨ ᠮᠣᠷᠢ ᠤᠨᠤᠭᠤᠯᠵᠤ᠂ ᠬᠡᠷᠡᠢᠳ ᠡᠴᠡ ᠠᠮᠢᠳᠤ ᠪᠠᠷᠢᠭᠰᠠᠨ ᠲᠠᠪᠤᠨ ᠵᠠᠭᠤᠨ ᠢᠯᠡᠭᠦᠦ ᠴᠡᠷᠢᠭ ᠢ᠋ ᠭᠡᠳᠡᠷᠭᠦ ᠥᠭᠴᠦ ᠲᠠᠢᠽᠦ ᠪᠡᠶ᠎ᠡ ᠪᠡᠷ ᠦᠵᠡᠵᠦ ᠲᠤᠭ ᠬᠢᠭᠢᠷᠢ ᠰᠢᠬᠦᠷ ᠳᠠᠯᠪᠠᠭ᠎ᠠ ᠥᠭᠴᠦ ᠣᠯᠠᠨ ᠰᠠᠢᠳ ᠠ᠋ᠴᠠ ᠠᠰᠠᠭᠤᠷᠤᠨ: 《 ᠮᠢᠨᠦ ᠠᠪᠤᠭᠠᠢ ᠶ᠋ᠢ ᠬᠡᠨ ᠬᠡᠷᠡᠢᠳ ᠲᠣᠷ ᠬᠦᠷᠭᠡᠵᠦ ᠡᠴᠢᠮᠦᠢ ? ᠦᠬᠦᠬᠦ ᠠᠮᠢᠨ ᠢ᠋ᠶ᠋ᠠᠨ ᠦᠯᠦ ᠬᠠᠢᠷᠠᠯᠠᠭᠴᠢᠳ ᠠᠪᠠᠰᠤ ᠭᠠᠷᠴᠤ ᠢᠷ᠎ᠡ᠂ ᠡᠭᠡᠵᠦ ᠢᠷᠡᠭᠰᠡᠨ ᠴᠠᠭ ᠲᠤ᠌ ᠬᠦᠨᠳᠦ ᠪᠡᠷ ᠡᠷᠭᠦᠮᠵᠢᠯᠡᠨ ᠱᠠᠩᠨᠠᠮᠤᠢ ! 》 ᠬᠡᠮᠡᠭᠰᠡᠨ ᠳ᠋ᠦ᠍ᠷ ᠣᠯᠠᠨ ᠤ᠋ ᠳᠣᠲᠣᠷ᠎ᠠ ᠠ᠋ᠴᠠ ᠬᠣᠶᠠᠷ ᠵᠠᠯᠠᠭᠤ ᠵᠠᠩᠵᠤᠨ :《 ᠪᠣᠭᠣᠯ ᠪᠢᠳᠡᠨ ᠬᠣᠶᠠᠭᠤᠯᠠ ᠡᠴᠢᠬᠦ ᠶ᠋ᠢ ᠬᠦᠰᠡᠮᠦᠢ !》ᠭᠡᠮᠡᠨ ᠭᠠᠷᠴᠤ ᠢᠷᠡᠭᠡᠳ ᠬᠡᠬᠦᠯᠵᠡᠨ ᠵᠣᠭᠰᠣᠭᠰᠠᠨ᠎ᠠ᠂ ᠣᠯᠠᠨ ᠬᠥᠮᠦᠨ ᠦᠵᠡᠪᠡᠰᠦ ᠬᠠᠭᠤᠴᠢᠨ ᠲᠦᠰᠢᠮᠡᠯ ᠮᠡᠩᠭᠡᠯᠢᠭ ᠦ᠋ᠨ ᠬᠣᠶᠠᠷ ᠬᠥᠪᠡᠭᠦᠨ ᠠᠯᠤᠬ᠎ᠠ ᠰᠦᠬᠡ ᠠᠬ᠎ᠠ ᠳᠡᠭᠦᠦ ᠬᠣᠶᠠᠭᠤᠯᠠ ᠲᠤᠯᠠ ᠲᠠᠢᠽᠦ ᠪᠡᠶᠡᠰᠦᠨ ᠮᠦᠰᠢᠶᠡᠵᠦ ᠰᠠᠢᠰᠢᠶᠠᠨ ᠡᠢᠨ ᠭᠡᠮᠡᠨ ᠮᠠᠭᠲᠠᠵᠤ ᠵᠠᠬᠢᠷᠤᠨ : 《 ᠪᠠᠷᠰ ᠠ᠋ᠴᠠ ᠪᠠᠮᠪᠠᠷ ᠲᠥᠷᠥᠮᠦᠢ᠂ ᠪᠠᠭᠠᠲᠤᠷ ᠠ᠋ᠴᠠ ᠪᠠᠭᠠᠲᠤᠷ ᠭᠠᠷᠤᠮᠤᠢ 》 ᠬᠡᠮᠡᠵᠦ᠂ ᠠᠯᠤᠬ᠎ᠠ ᠰᠦᠬᠡ ᠠᠬ᠎ᠠ ᠳᠡᠭᠦᠦ ᠬᠣᠶᠠᠭᠤᠯᠠ ᠪᠠᠷ ᠾᠧ ᠸᠠᠩ ᠤ᠋ᠨ ᠵᠢᠭᠰᠠᠭᠠᠯ ᠢ᠋ ᠳᠠᠷᠤᠭᠤᠯᠤᠨ᠂ ᠾᠧ ᠸᠠᠩ ᠳ᠋ᠤᠷ ᠠᠷᠢᠬᠢ ᠪᠠᠷᠢᠵᠤ ᠮᠣᠷᠳᠠᠭᠤᠯᠪᠠ᠃ ᠾᠧ ᠸᠠᠩ ᠨᠢᠳᠦᠨ ᠨᠢᠯᠪᠤᠰᠤᠨ ᠴᠤᠪᠤᠷᠢᠭᠤᠯᠤᠨ᠂ ᠠᠮᠢᠨ ᠢ᠋ ᠠᠪᠤᠷᠠᠭᠰᠠᠨ ᠬᠡᠰᠢᠭ ᠲᠣᠷ ᠬᠦᠨᠳᠦᠳᠡ ᠶᠣᠰᠣᠯᠠᠵᠤ ᠭᠦᠨ᠎ᠡ ᠲᠠᠩᠭᠠᠷᠢᠭᠯᠠᠭᠠᠳ ᠬᠡᠷᠡᠢᠳ ᠤᠯᠤᠰ ᠲᠠᠭᠠᠨ ᠡᠭᠡᠵᠦ ᠡᠴᠢᠬᠦ ᠶ᠋ᠢ ᠥᠭᠦᠯᠡᠬᠦ ᠦᠭᠡᠢ᠃ 
       ᠲᠡᠳᠦᠢ ᠲᠠᠢᠽᠦ ᠾᠧ ᠸᠠᠩ ᠢ᠋ ᠮᠣᠷᠳᠠᠭᠤᠯᠤᠭᠠᠳ ᠪᠡᠶ᠎ᠡ ᠡᠭᠡᠵᠦ ᠠᠷᠰᠯᠠᠨᠲᠤ ᠴᠠᠴᠠᠷ ᠲᠤ᠌ ᠣᠷᠣᠵᠤ ᠰᠠᠭᠤᠭᠠᠳ ᠡᠨᠡ ᠤᠳᠠᠭ᠎ᠠ ᠶ᠋ᠢᠨ ᠵᠥᠭᠡᠯᠡᠨ ᠭᠤᠷᠪᠠᠨ ᠵᠢᠭᠰᠠᠭᠠᠯ ᠢ᠋ ᠡᠪᠳᠡᠭᠰᠡᠨ ᠠᠷᠪᠠᠨ ᠰᠡᠴᠡᠳ ᠰᠠᠢᠳ ᠪᠠ ᠬᠠᠲᠠᠭᠤ ᠭᠤᠷᠪᠠᠨ ᠵᠢᠭᠰᠠᠭᠠᠯ ᠢ᠋ ᠳᠠᠷᠤᠭᠰᠠᠨ ᠠᠷᠪᠠᠨ ᠪᠠᠭᠠᠲᠤᠷ ᠵᠠᠩᠵᠤᠨ ᠢ᠋ ᠨᠢᠭᠡᠨ ᠨᠢᠭᠡᠨ ᠢ᠋ᠶ᠋ᠡᠷ ᠬᠦᠨᠳᠦᠳᠡ ᠱᠠᠩᠨᠠᠨ ᠬᠥᠬᠢᠭᠦᠯᠵᠦ᠂ ᠴᠤᠤ ᠮᠡᠷᠭᠡᠨ ᠢ᠋ ᠲᠡᠷᠢᠭᠦᠨ ᠳ᠋ᠦ᠍ᠷ ᠲᠣᠭᠠᠴᠠᠪᠠ᠃ ᠳᠠᠷᠤᠢ ᠵᠢᠨᠦᠩ ᠮᠤᠬᠤᠯᠢ ᠠ᠋ᠴᠠ ᠾᠧ ᠸᠠᠩ ᠢ᠋ ᠨᠢᠴᠦᠭᠦᠯᠡᠭᠦᠯᠦᠨ ᠬᠦᠯᠢᠭᠰᠡᠨ ᠤᠴᠢᠷ ᠢ᠋ ᠠᠰᠠᠭᠤᠭᠰᠠᠨ ᠳ᠋ᠤᠷ ᠮᠤᠬᠤᠯᠢ ᠮᠥᠷᠭᠥᠵᠦ ᠮᠡᠳᠡᠭᠦᠯᠦᠷᠦᠨ : 《ᠡᠵᠡᠨ ᠮᠢᠨᠦ ᠠᠢᠯᠠᠳ ᠰᠠᠢᠨ ᠬᠥᠮᠦᠨ ᠳ᠋ᠦ᠍ᠷ ᠰᠠᠨᠠᠭᠠᠨ ᠬᠡᠷᠡᠭ ᠲᠡᠢ ᠂ ᠮᠠᠭᠤ ᠠᠷᠠᠳ ᠲᠤᠷ ᠮᠠᠨᠴᠤᠷᠭ᠎ᠠ ᠬᠡᠷᠡᠭ ᠲᠡᠢ᠂ ᠶᠡᠬᠡ ᠠᠶᠤᠯ ᠢ᠋ ᠡᠰᠡ ᠦᠵᠡᠭᠦᠯᠪᠡᠰᠦ᠂ ᠦᠯᠡᠮᠵᠢ ᠥᠷᠥᠰᠢᠶᠡᠯ ᠢ᠋ ᠦᠯᠦ ᠮᠡᠳᠡᠮᠦᠢ᠃ ᠲᠡᠢᠨ ᠬᠦ᠌ ᠲᠦᠰᠢᠮᠡᠯ ᠪᠢ ᠠᠯᠠᠬᠤ ᠰᠦᠷ ᠢ᠋ ᠤᠷᠢᠳᠠ ᠦᠵᠡᠭᠦᠯᠵᠦ᠂ ᠠᠮᠢᠳᠤᠷᠠᠭᠤᠯᠬᠤ ᠬᠡᠰᠢᠭ ᠢ᠋ ᠬᠣᠢᠨ᠎ᠠ ᠬᠦᠷᠲᠡᠭᠡᠪᠡ᠃》ᠬᠡᠮᠡᠭᠰᠡᠨ ᠳ᠋ᠦ᠍ᠷ ᠲᠠᠢᠽᠦ ᠮᠠᠰᠢ ᠮᠦᠰᠢᠶᠡᠨ ᠪᠡᠶᠡᠰᠴᠦ ᠵᠢᠨᠦᠩ ᠮᠤᠬᠤᠯᠢ ᠶ᠋ᠢ ᠰᠠᠢᠰᠢᠶᠠᠨ ᠮᠠᠭᠲᠠᠨ ᠡᠢᠨ ᠵᠠᠬᠢᠷᠤᠨ :《ᠰᠦᠷ ᠢ᠋ ᠪᠠᠳᠠᠷᠠᠭᠤᠯᠵᠤ ᠬᠡᠰᠢᠭ ᠢ᠋ ᠬᠦᠨᠳᠦᠳᠬᠡᠬᠦ ᠰᠠᠢᠳ᠂ ᠰᠦᠯᠳᠡ ᠶ᠋ᠢ ᠰᠠᠬᠢᠵᠤ ᠴᠠᠭᠠᠵᠠ ᠶ᠋ᠢ ᠴᠢᠩᠭᠠᠳᠬᠠᠭᠰᠠᠨ ᠵᠢᠨᠦᠩ》ᠬᠡᠮᠡᠵᠦ᠂ᠾᠧ ᠸᠠᠩ ᠡᠨᠡ ᠤᠳᠠᠭ᠎ᠠ ᠳ᠋ᠤᠷ ᠮᠢᠨᠦ ᠡᠷᠡᠬᠡᠢᠪᠴᠢ ᠳ᠋ᠦ᠍ᠷ ᠡᠷᠭᠢᠭᠳᠡᠵᠦ ᠪᠥᠰᠡᠨ ᠳ᠋ᠦ᠍ᠷ ᠪᠦᠷᠬᠦᠭᠳᠡᠨ ᠂ ᠡᠷᠬᠡ ᠳ᠋ᠦ᠍ᠷ ᠬᠤᠷᠢᠶᠠᠭᠳᠠᠵᠤ ᠪᠦᠭᠦᠳᠡᠭᠡᠷ ᠲᠣᠷ ᠪᠦᠷᠢᠳᠬᠦ ᠪᠠ ᠦᠭᠡᠢ ᠶ᠋ᠢ ᠠᠰᠠᠭᠤᠭᠰᠠᠨ ᠳ᠋ᠤᠷ ᠮᠤᠬᠤᠯᠢ ᠥᠭᠦᠯᠡᠷᠦᠨ : 《 ᠾᠧ ᠸᠠᠩ ᠬᠡᠮᠡᠭᠴᠢ ᠬᠡᠯᠪᠡᠢᠭᠦᠦ ᠵᠢᠷᠦᠬᠡᠲᠦ ᠬᠥᠮᠦᠨ ᠪᠠᠢᠨᠠᠮ᠂ ᠬᠡᠰᠢᠭ ᠥᠷᠥᠰᠢᠶᠡᠯ ᠳ᠋ᠦ᠍ᠷ ᠦᠯᠦ ᠭᠡᠰᠦᠮᠦᠢ ‍ᠢ᠎ᠡ ! 》ᠬᠡᠮᠡᠭᠰᠡᠨ ᠳ᠋ᠦ᠍ᠷ ᠲᠠᠢᠽᠦ : 《  ᠮᠤᠬᠤᠯᠢ ᠶ᠋ᠢᠨ ᠮᠣᠬᠣᠭᠠᠭᠰᠠᠨ ᠵᠥᠪ᠂ ᠵᠢᠨᠦᠩ ᠦ᠋ᠨ ᠵᠢᠱ᠌ᠢᠭᠰᠡᠨ ᠮᠥᠨ!》ᠬᠡᠮᠡᠵᠦ ᠳᠥᠷᠪᠡᠨ ᠬᠦᠯᠦᠭ ᠢ᠋ᠶ᠋ᠡᠨ ᠠᠪᠴᠤ ᠡᠭᠡᠵᠦ ᠢᠷᠡᠬᠦᠶ᠎ᠡ ᠲᠡᠷᠢᠭᠦᠨ ᠤᠲᠤᠯᠭᠠᠨ᠎ᠠ᠂ ᠦᠯᠬᠦ ᠰᠠᠢᠳ ᠤᠭᠲᠤᠵᠤ᠂ ᠳᠡᠳ᠋ ᠣᠳᠤᠯᠭᠠᠨ᠎ᠠ ᠰᠡᠴᠡᠨ ᠵᠦᠰᠦᠨ ᠬᠠᠲᠤᠨ ᠤ᠋ ᠡᠮᠦᠨ᠎ᠡ ᠡᠴᠡ ᠮᠡᠩᠭᠡᠯᠢᠭ ᠢᠷᠡᠵᠦ ᠤᠭᠲᠤᠪᠠ᠃ ᠭᠤᠲᠠᠭᠠᠷ ᠣᠳᠤᠯᠭᠠᠨ᠎ᠠ ᠲᠣᠷᠭᠠᠨ ᠰᠢᠷ᠎ᠠ᠂ ᠲᠠᠢᠽᠦ ᠶ᠋ᠢᠨ ᠶᠡᠬᠡ ᠬᠥᠪᠡᠭᠦᠨ ᠵᠣᠴᠢ ᠶ᠋ᠢ ᠲᠡᠪᠡᠷᠢᠵᠦ ᠤᠭᠲᠤᠭᠠᠳ ᠪᠤᠷᠬᠠᠨ ᠭᠠᠯᠳᠤᠨ᠎ᠠ ᠳ᠋ᠤᠷ ᠢ᠋ᠶ᠋ᠠᠨ ᠪᠠᠭᠤᠵᠤ᠂ ᠳᠣᠲᠣᠷ᠎ᠠ ᠭᠠᠳᠠᠨ᠎ᠠ ᠳ᠋ᠤᠷ ᠬᠤᠷᠢᠮᠯᠠᠨ ᠱᠠᠩᠨᠠᠪᠠᠢ᠃  
       ᠲᠡᠳᠦᠢ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠮᠤᠬᠤᠯᠢ ᠶ᠋ᠢᠨ ᠡᠵᠡᠨ ᠦ᠌ ᠡᠷᠡᠬᠡᠢᠪᠴᠢ ᠪᠡᠨ ᠡᠷᠭᠢᠭᠦᠯᠵᠦ᠂ ᠪᠦᠰᠡ ᠪᠡᠨ ᠰᠢᠪᠳᠤᠷᠤᠭᠰᠠᠨ ᠢ᠋ ᠠᠰᠠᠭᠤᠭᠰᠠᠨ ᠳ᠋ᠤᠷ ᠵᠢᠨᠦᠩ ᠮᠤᠬᠤᠯᠢ ᠢᠨᠢᠶᠡᠨ ᠥᠭᠦᠯᠡᠷᠦᠨ : 《 ᠠᠬᠠᠢ ᠴᠢ ᠶᠠᠭᠠᠬᠢᠨ ᠡᠰᠡ ᠮᠡᠳᠡᠪᠡ ? ᠠᠯᠤᠰ ᠬᠣᠯᠠ ᠪᠣᠳᠣᠯᠭ᠎ᠠ ᠤᠬᠠᠭᠠᠨᠲᠤ ᠡᠵᠡᠨ ᠠᠢᠯᠠᠳᠤᠨ ᠪᠦᠰᠡᠯᠡᠮᠦᠢ᠂ ᠮᠠᠰᠢ ᠰᠣᠨᠢᠨ ᠭᠠᠢᠬᠠᠯᠲᠠᠢ ᠪᠠᠢᠨᠠᠮ !》 ᠬᠡᠮᠡᠭᠡᠳ ᠲᠠᠢᠯᠤᠨ ᠥᠭᠦᠯᠡᠷᠦᠨ :《ᠡᠷᠡᠬᠡᠢ ᠬᠤᠷᠤᠭᠤ ᠬᠡᠮᠡᠭᠴᠢ ᠡᠷ᠎ᠡ ᠬᠥᠮᠦᠨ ᠦ᠌ ᠨᠢᠭᠡᠨ ᠪᠡᠶ᠎ᠡ ᠶ᠋ᠢᠨ ᠡᠷᠬᠢᠯᠡᠬᠦ ᠲᠣᠪᠴᠢ ᠣᠨᠢᠰᠣ ᠪᠤᠶᠤ᠂ ᠬᠡᠬᠦᠳᠡᠭ ᠬᠡᠮᠡᠭᠴᠢ ᠡᠨᠡ ᠪᠡᠶ᠎ᠡ ᠶ᠋ᠢᠨ ᠠᠷᠭ᠎ᠠ ᠤᠬᠠᠭᠠᠨ ᠢ᠋ ᠠᠬᠤᠭᠤᠯᠤᠭᠰᠠᠨ ᠭᠠᠵᠠᠷ ᠪᠤᠰᠤ ᠤᠤ ? ᠡᠷᠡᠬᠡᠢᠪᠴᠢ ᠶ᠋ᠢ ᠡᠷᠭᠢᠭᠦᠯᠦᠭᠰᠡᠨ ᠢᠨᠤ ᠡᠵᠡᠨ ᠦ᠌ ᠪᠡᠶ᠎ᠡ ᠪᠡᠷ ᠡᠰᠡᠷᠭᠦᠴᠡᠯ ᠦ᠋ᠨ ᠡᠵᠡᠨ ᠢ᠋ ᠢᠨᠤ ᠡᠷᠬᠡ ᠳ᠋ᠡᠭᠡᠨ ᠬᠤᠷᠢᠶᠠᠰᠤᠭᠠᠢ ᠬᠡᠮᠡᠭᠰᠡᠨ ᠰᠡᠳᠬᠢᠯ᠂ ᠭᠡᠳᠡᠰᠦ ᠬᠡᠪᠡᠯᠢ ᠶ᠋ᠢᠨ ᠪᠦᠰᠡ ᠪᠡᠨ ᠰᠢᠪᠳᠤᠷᠤᠭᠰᠠᠨ ᠠᠨᠤ᠂ ᠬᠡᠷᠡᠢᠳ ᠤᠯᠤᠰ ᠤ᠋ᠨ ᠠᠷᠭ᠎ᠠ ᠳ᠋ᠤᠷ ᠠᠷᠭ᠎ᠠ ᠶ᠋ᠢ ᠬᠡᠷᠡᠭᠯᠡᠵᠦ᠂ ᠠᠪᠠ ᠶ᠋ᠢᠨ ᠬᠣᠷᠣᠭ᠎ᠠ ᠳ᠋ᠤᠷ ᠠᠪᠴᠤ ᠢᠷᠡᠰᠦᠭᠡᠢ ᠬᠡᠮᠡᠭᠰᠡᠨ ᠰᠠᠨᠠᠭᠠᠨ᠂ ᠪᠠᠰᠠ ᠡᠷᠡᠬᠡᠢᠪᠴᠢ ᠬᠡᠮᠡᠭᠴᠢ ᠡᠷ᠎ᠡ ᠶ᠋ᠢᠨ ᠡᠷᠳᠡᠮ ᠦ᠋ᠨ ᠲᠣᠪᠴᠢᠶ᠎ᠠ᠂ ᠪᠦᠰᠡ ᠬᠡᠮᠡᠭᠴᠢ ᠡᠷ᠎ᠡ ᠶ᠋ᠢᠨ ᠳᠦᠷᠰᠦ ᠶ᠋ᠢᠨ ᠲᠡᠮᠳᠡᠭ᠃ ᠲᠡᠢᠨ ᠬᠦ᠌ ᠡᠷᠡᠬᠡᠢᠪᠴᠢ ᠠᠲᠠᠯ᠎ᠠ ᠶᠠᠭᠤᠨ ᠳ᠋ᠤ᠌ ᠦᠯᠦ ᠬᠠᠷᠪᠤᠮᠤᠢ? ᠡᠷᠳᠡᠮ ᠠᠲᠠᠯ᠎ᠠ ᠶᠠᠭᠤᠨ ᠳ᠋ᠤᠷ ᠦᠯᠦ ᠬᠡᠷᠡᠭᠯᠡᠮᠦᠢ? ᠪᠦᠰᠡᠲᠡᠢ ᠠᠲᠠᠯ᠎ᠠ ᠶᠠᠭᠤᠨ ᠳ᠋ᠤᠷ ᠦᠯᠦ ᠪᠦᠰᠡᠯᠡᠮᠦᠢ? ᠪᠦᠲᠦᠨᠡᠮ ᠪᠥᠭᠡᠲᠡᠯ᠎ᠡ ᠶᠠᠭᠤᠨ ᠳ᠋ᠤᠷ ᠦᠯᠦ ᠶᠠᠪᠤᠮᠤᠢ ? ᠬᠡᠮᠡᠭᠰᠡᠨ ᠦᠭᠡ᠃ ᠵᠢᠴᠢ ᠡᠷᠡᠬᠡᠢᠪᠴᠢ ᠬᠡᠮᠡᠭᠴᠢ ᠡᠵᠡᠨ ᠪᠦᠰᠡ ᠬᠡᠮᠡᠭᠴᠢ ᠲᠦᠰᠢᠮᠡᠯ᠂ ᠡᠷᠡᠬᠡᠢᠪᠴᠢ ᠪᠡᠨ ᠠᠳᠬᠤᠵᠤ ᠪᠦᠰᠡ ᠪᠡᠨ ᠴᠢᠩᠭᠠᠳᠬᠠᠵᠤ᠂ ᠡᠵᠡᠨ ᠲᠦᠰᠢᠮᠡᠯ ᠨᠢᠭᠡᠨ ᠰᠡᠳᠬᠢᠯ ᠬᠠᠮᠲᠤ ᠬᠦᠴᠦᠨ ᠢ᠋ᠶ᠋ᠡᠷ ᠶᠠᠪᠤᠪᠠᠰᠤ᠂ ᠡᠳᠦᠢ ᠲᠡᠳᠦᠢ ᠳᠠᠢᠰᠤᠨ ᠠ᠋ᠴᠠ ᠶᠠᠭᠤᠨ ᠳ᠋ᠤᠷ ᠠᠶᠤᠮᠤᠢ ᠬᠡᠮᠡᠭᠰᠡᠨ ᠦᠭᠡᠰ ᠪᠤᠰᠤ ᠤᠤ ? ᠳᠣᠲᠣᠷ᠎ᠠ ᠪᠣᠳᠣᠯᠭᠠᠲᠤ ᠲᠣᠷᠭᠠᠨ᠎ᠠ ᠠᠬᠠᠢ ᠮᠢᠨᠦ᠂ ᠱᠠᠯᠠᠮᠠᠭᠠᠢ ᠮᠡᠷᠭᠡᠨ ᠰᠢᠷ᠎ᠠ ᠠᠪᠤᠭᠠᠢ ᠮᠢᠨᠦ᠂ ᠶᠠᠭᠠᠬᠢᠨ ᠡᠰᠡ ᠮᠡᠳᠡᠪᠡ ᠬᠡᠮᠡᠮᠦᠢ᠃ ᠳᠣᠲᠣᠷᠬᠠᠶ᠎ᠠ ᠨᠠᠮᠠᠶ᠋ᠢ ᠲᠡᠩᠰᠡᠵᠦ ᠠᠰᠠᠭᠤᠭᠰᠠᠨ ᠠᠨᠤ ᠪᠣᠯᠠᠢ ! 》 ᠬᠡᠮᠡᠭᠰᠡᠨ ᠳ᠋ᠦ᠍ᠷ ᠲᠣᠷᠭᠠᠨ ᠰᠢᠷ᠎ᠠ ᠲᠣᠪᠬᠢᠲᠠᠯ᠎ᠠ ᠤᠬᠠᠵᠤ ᠦᠨᠡᠮᠴᠢᠯᠡᠨ ᠥᠭᠦᠯᠡᠷᠦᠨ ᠄《 ᠡᠷᠡᠬᠡᠢᠪᠴᠢ ᠪᠡᠨ ᠡᠷᠭᠢᠭᠦᠯᠦᠭᠰᠡᠨ ᠢ᠋ ᠬᠡᠳᠦᠢ ᠪᠠᠬᠠᠨ ᠮᠡᠳᠡᠪᠡᠴᠦ ᠪᠦᠰᠡ ᠪᠡᠨ ᠰᠢᠪᠲᠤᠷᠤᠭᠰᠠᠨ ᠢ᠋ ᠦᠨᠡᠬᠡᠷ ᠡᠰᠡ ᠤᠬᠠᠪᠠᠢ᠃ ᠡᠨᠡ ᠮᠡᠲᠦ ᠨᠠᠷᠢᠪᠴᠢᠯᠠᠨ ᠳᠠᠢᠯᠦᠭᠰᠠᠨ᠎ᠠ ᠰᠠᠶᠢ ᠮᠡᠳᠡᠪᠡᠢ ! 》 ᠭᠡᠮᠡᠨ ᠲᠠᠢᠽᠦ ᠶ᠋ᠢ ᠭᠠᠢᠬᠠᠯᠳᠤᠵᠤ ᠬᠡᠯᠡᠯᠴᠡᠬᠦᠶ᠎ᠡ ᠬᠡᠷᠡᠢᠳ ᠦ᠋ᠨ ᠾᠧ ᠸᠠᠩ ᠢ᠋ ᠬᠦᠷᠭᠡᠭᠰᠡᠨ ᠠᠯᠤᠬ᠎ᠠ᠂ ᠰᠦᠬᠡ ᠡᠭᠡᠵᠦ ᠢᠷᠡᠪᠡ ᠬᠡᠮᠡᠮᠦᠢ᠃ 
       ᠡᠭᠦᠨ ᠦ᠌ ᠬᠡᠷᠬᠢᠭᠰᠡᠨ ᠢ᠋ ᠳᠣᠣᠷᠠᠲᠤ ᠪᠦᠯᠦᠭ ᠲᠣᠷ ᠦᠵᠡᠭᠳᠡᠬᠦᠢ᠃  

ᠴᠣᠬᠣᠯᠠᠭᠰᠠᠨ ᠠᠨᠤ 
       ᠡᠷᠲᠡ ᠵᠧᠦ ᠤᠯᠤᠰ ᠤ᠋ᠨ ᠦᠶ᠎ᠡ᠂ ᠴᠢᠨ ᠠᠢ ᠬᠦᠩ ᠡᠵᠡᠷᠬᠡᠭ ᠲᠥᠷᠥ ᠲᠦᠷᠢᠮᠡᠬᠡᠢ ᠶ᠋ᠢᠨ ᠶᠣᠰᠣ ᠶ᠋ᠢ ᠲᠡᠮᠡᠴᠡᠵᠦ᠂ ᠴᠢᠭᠤᠯᠭᠠᠨ ᠤ᠋ ᠲᠡᠷᠢᠭᠦᠨ ᠪᠣᠯᠰᠤᠭᠠᠢ ᠭᠡᠮᠡᠨ ᠯᠢᠨ ᠲᠦᠩ ᠳ᠋ᠦ᠍ᠷ ᠴᠢᠭᠤᠯᠭᠠᠨ ᠴᠢᠭᠤᠯᠤᠭᠤᠯᠵᠤ ᠬᠤᠷᠢᠮᠯᠠᠭᠠᠳ ᠡᠵᠡᠷᠬᠡᠭ ᠲᠥᠷᠥ ᠪᠡᠨ ᠴᠦ ᠯᠢᠩ ᠸᠠᠩ ᠳ᠋ᠤᠷ ᠭᠡᠳᠡᠷᠭᠦ ᠪᠤᠯᠢᠶᠠᠭᠳᠠᠭᠰᠠᠨ᠂ ᠵᠢᠴᠢ ᠴᠦ ᠪᠠ ᠸᠠᠩ᠂ ᠯᠢᠦ ᠹᠠᠩ ᠢ᠋ ᠾᠦᠩ ᠮᠸᠠ ᠤ ᠬᠤᠷᠢᠮ ᠳ᠋ᠤᠷ ᠬᠤᠷᠢᠮᠯᠠᠭᠰᠠᠨ᠂ ᠪᠠᠰᠠ ᠬᠠᠨ ᠤᠯᠤᠰ ᠤ᠋ᠨ ᠦᠶ᠎ᠡ ᠳ᠋ᠦ᠍ᠷ ᠵᠡᠭᠦᠨ ᠡᠦ ᠤᠯᠤᠰ ᠤ᠋ᠨ ᠯᠦ᠍ ᠰᠤ᠌ ᠬᠥᠬᠡ ᠮᠥᠷᠡᠨ ᠦ᠌ ᠬᠥᠪᠡᠭᠡ ᠳ᠋ᠦ᠍ᠷ ᠱᠤ᠌ ᠤᠯᠤᠰ ᠤ᠋ᠨ ᠵᠢᠩ ᠵᠧᠦ ᠶ᠋ᠢ ᠰᠠᠬᠢᠬᠤ ᠭᠤᠸᠠᠨ ᠶᠦᠨ ᠴᠠᠩ ᠢ᠋ ᠬᠤᠷᠢᠮᠯᠠᠭᠰᠠᠨ - ᠡᠨᠡ ᠭᠤᠷᠪᠠᠨ ᠬᠤᠷᠢᠮ ᠢ᠋ ᠪᠢ ᠦᠵᠡᠬᠦ ᠲᠤᠲᠤᠮ ᠭᠠᠢᠬᠠᠬᠤ ᠪᠥᠯᠥᠭᠡ᠃ ᠡᠳᠦᠭᠡ ᠡᠨᠡ ᠪᠢᠴᠢᠭ ᠲᠣᠷ ᠪᠠᠰᠠ ᠨᠢᠭᠡᠨ ᠬᠡᠷᠦᠯᠦᠨ ᠦ᠌ ᠬᠤᠷᠢᠮ ᠭᠠᠷᠴᠤ ᠢᠷᠡᠭᠰᠡᠨ ᠢᠨᠤ ᠤᠴᠢᠷ ᠬᠡᠳᠦᠢ ᠪᠠᠭᠠᠬᠠᠨ ᠪᠣᠯᠪᠠᠴᠤ ᠤᠴᠠᠷᠠᠯ ᠠᠨᠤ ᠮᠠᠰᠢ  ᠭᠠᠢᠬᠠᠮᠰᠢᠭᠲᠠᠢ᠃ ᠯᠢᠨ ᠲᠦᠩ ᠦ᠋ᠨ ᠬᠤᠷᠢᠮ ᠰᠦᠷ ᠡᠷᠳᠡᠮ ᠬᠣᠶᠠᠷ ᠢ᠋ᠶ᠋ᠠᠷ ᠴᠢᠨ ᠤᠯᠤᠰ ᠳᠠᠷᠤᠭᠳᠠᠪᠠ᠃ ᠾᠦᠩ ᠮᠸᠠ ᠤ ᠬᠤᠷᠢᠮ ᠡᠷᠬᠡ ᠬᠦᠴᠦᠨ ᠬᠡᠲᠦᠷᠡᠭᠰᠡᠨ ᠢ᠋ᠶ᠋ᠡᠷ ᠴᠦ ᠤᠯᠤᠰ ᠡᠵᠡᠷᠬᠡᠵᠦᠬᠦᠢ᠃ ᠬᠤᠸᠠᠩ ᠬᠤ᠌ ᠶ᠋ᠢᠨ ᠬᠤᠷᠢᠮ ᠳ᠋ᠤᠷ ᠦᠨᠡᠴᠢ ᠪᠠᠭᠠᠲᠤᠷ ᠢ᠋ᠶ᠋ᠠᠷ ᠭᠤᠸᠠᠨ ᠯᠤᠤ ᠶᠧ ᠡᠭᠡᠵᠦᠬᠦᠢ᠃ ᠭᠠᠭᠴᠠ ᠡᠨᠡ ᠬᠡᠷᠦᠯᠦᠨ ᠦ᠌ ᠬᠤᠷᠢᠮ ᠳ᠋ᠤᠷ ᠡᠨᠡ ᠭᠤᠷᠪᠠᠨ ᠵᠦᠢᠯ ᠴᠥᠮ ᠪᠦᠷᠢᠳᠴᠦᠬᠦᠢ᠃ ᠲᠠᠢᠽᠦ ᠶ᠋ᠢᠨ ᠲᠦᠰᠢᠮᠡᠳ ᠦ᠋ᠨ ᠵᠥᠭᠡᠯᠡᠨ ᠭᠤᠷᠪᠠᠨ ᠵᠢᠭᠰᠠᠭᠠᠯ ᠢ᠋ ᠡᠪᠳᠡᠭᠰᠡᠨ ᠢᠨᠤ ᠡᠷᠳᠡᠮ᠂ ᠲᠠᠢᠽᠦ ᠶ᠋ᠢᠨ ᠵᠠᠩᠵᠤᠨ ᠨᠠᠷ ᠤ᠋ᠨ ᠬᠠᠲᠠᠭᠤ ᠭᠤᠷᠪᠠᠨ ᠵᠢᠭᠰᠠᠭᠠᠯ ᠢ᠋ ᠡᠪᠳᠡᠭᠰᠡᠨ ᠢᠨᠦ ᠪᠠᠭᠠᠲᠤᠷ᠂ ᠲᠠᠢᠽᠦ ᠶ᠋ᠢᠨ ᠦᠬᠦᠯ ᠡᠴᠡ ᠦᠯᠦ ᠠᠶᠤᠨ ᠡᠴᠢᠭᠰᠡᠨ ᠢᠨᠦ ᠪᠠᠲᠤ᠂ ᠲᠠᠢᠽᠦ ᠶ᠋ᠢᠨ ᠬᠣᠣᠷᠠᠲᠤ ᠱᠥᠯᠥ ᠶ᠋ᠢ ᠦᠯᠦ ᠬᠢᠯᠭᠡᠬᠦ ᠢᠨᠦ ᠥᠷᠥᠰᠢᠶᠡᠯ᠂ ᠲᠠᠢᠽᠦ ᠶ᠋ᠢᠨ ᠾᠧ ᠸᠠᠩ ᠢ᠋ ᠬᠦᠨᠳᠦᠯᠡᠵᠦ ᠡᠭᠡᠭᠦᠯᠬᠦ ᠢᠨᠦ ᠵᠢᠷᠤᠮ᠂ ᠲᠠᠢᠽᠦ ᠶ᠋ᠢᠨ ᠡᠷᠲᠡᠨ ᠡᠴᠡ ᠪᠣᠳᠣᠵᠤ ᠲᠣᠭᠲᠠᠭᠠᠭᠰᠠᠨ ᠠᠨᠤ ᠮᠡᠷᠭᠡᠨ᠂  ᠲᠠᠢᠽᠤ ᠶ᠋ᠢᠨ ᠫᠣᠯᠭᠤᠳᠠᠢ ᠶ᠋ᠢ ᠰᠤᠷᠭᠠᠭᠰᠠᠨ ᠠᠨᠤ ᠶᠣᠰᠣᠯᠠᠯ᠂ ᠲᠠᠢᠽᠦ ᠶ᠋ᠢᠨ ᠡᠴᠦᠰᠲᠡᠯ᠎ᠡ ᠳᠡᠭᠦᠦ ᠪᠡᠨ ᠰᠡᠳᠬᠢᠬᠦ ᠢᠨᠦ ᠡᠯᠢᠭᠡᠰᠡᠭ᠂ ᠲᠠᠢᠽᠦ ᠶ᠋ᠢᠨ ᠾᠧ ᠸᠠᠩ ᠢ᠋ ᠡᠷᠡᠦᠯᠡᠨ ᠡᠰᠡ ᠤᠷᠤᠭ ᠲᠣᠭᠲᠠᠬᠤ ᠠᠨᠤ ᠭᠣᠣᠯᠴᠢ᠂ ᠲᠠᠢᠽᠦ ᠶ᠋ᠢᠨ ᠬᠠᠷᠢᠭᠤ ᠦᠯᠦ ᠴᠡᠷᠢᠭᠯᠡᠬᠦ ᠢᠨᠦ ᠠᠭᠤᠳᠠᠮ᠂ ᠲᠠᠢᠽᠦ ᠶ᠋ᠢᠨ ᠾᠧ ᠸᠠᠩ ᠤ᠋ᠨ ᠦᠯᠦ ᠮᠡᠳᠡᠬᠦ ᠶ᠋ᠢ ᠢᠲᠡᠭᠡᠭᠰᠡᠨ ᠢᠨᠤ ᠭᠡᠭᠡᠬᠡᠨ᠂ ᠲᠠᠢᠽᠦ ᠶ᠋ᠢᠨ ᠡᠳᠡᠭᠡᠷ ᠵᠦᠢᠯ ᠴᠥᠮ ᠶᠠᠷᠠᠭᠳᠠᠭᠠᠨ ᠲᠥᠷᠥᠭᠳᠡᠭᠰᠡᠨ ᠢᠨᠤ ᠪᠣᠭᠳᠠ ᠪᠣᠯᠠᠢ᠂ ᠪᠣᠭᠳᠠ ᠬᠡᠮᠡᠭᠴᠢ ᠣᠨᠴᠠ ᠴᠢᠩ ᠦᠨᠡᠨ ᠰᠡᠳᠬᠢᠯ ᠡᠴᠡ ᠪᠡᠨ ᠡᠳᠦᠬᠦ ᠶ᠋ᠢ ᠬᠡᠯᠡᠮᠦᠢ᠃ ᠣᠷᠴᠢᠯᠠᠩ ᠤ᠋ᠨ ᠬᠣᠭᠣᠷᠣᠨᠳᠣ ᠬᠡᠳᠦᠢᠪᠡᠷ ᠰᠤᠷᠤᠯᠴᠠᠭᠰᠠᠨ ᠪᠣᠭᠳᠠ᠂ ᠳᠠᠭᠤᠷᠢᠶᠠᠭᠰᠠᠨ ᠪᠣᠭᠳᠠ ᠭᠡᠮᠡᠨ ᠢᠯᠭᠠᠬᠤ ᠪᠣᠯᠪᠠᠴᠤ ᠡᠭᠡᠨᠡᠭᠲᠡ ᠲᠥᠷᠥᠯᠬᠢ ᠪᠣᠭᠳᠠ ᠳ᠋ᠤᠷ ᠦᠯᠦ ᠬᠥᠷᠥᠮᠦᠢ᠃ ᠲᠠᠢᠽᠦ ᠶ᠋ᠢᠨ ᠡᠭᠦᠨ ᠢ᠋ ᠲᠥᠷᠥᠯᠬᠢ ᠪᠣᠭᠳᠠ ᠬᠡᠮᠡᠪᠡᠰᠦ ᠪᠣᠯᠤᠮᠤᠢ᠃ ᠶᠠᠭᠤᠨ ᠬᠡᠮᠡᠪᠡᠰᠦ : ᠰᠤᠷᠭᠠᠬᠤ ᠪᠠ ᠳᠠᠭᠤᠷᠢᠶᠠᠬᠤ ᠪᠢᠴᠢᠭ ᠰᠤᠳᠤᠷ ᠦᠭᠡᠢ ᠠᠲᠠᠯ᠎ᠠ ᠬᠣᠪᠢᠨ ᠳ᠋ᠠᠭᠠᠨ ᠰᠤᠷᠤᠭᠰᠠᠨ ᠶᠠᠪᠤᠳᠠᠯ ᠦᠵᠡᠯ ᠲᠤᠯᠠ ᠲᠥᠷᠥᠯᠬᠢ ᠪᠣᠭᠳᠠ  ᠳ᠋ᠤᠷ ᠣᠷᠣᠭᠰᠠᠨ ᠪᠤᠶᠤ᠃ ᠠᠶ᠎ᠠ ᠲᠡᠢᠨ ᠬᠦ᠌ 《 ᠰᠢᠭᠦᠮᠵᠢᠯᠡᠯ ᠥᠭᠦᠯᠡᠯ 》 ᠳ᠋ᠦ᠍ᠷ ᠥᠭᠦᠯᠡᠭᠰᠡᠨ ᠢᠨᠤ : 《ᠬᠥᠮᠦᠨ ᠡᠰᠡ ᠮᠡᠳᠡᠬᠦᠶ᠎ᠡ ᠡᠰᠡ ᠠᠭᠤᠷᠯᠠᠪᠠᠰᠤ ᠡᠷᠳᠡᠮᠲᠡᠨ ᠰᠠᠢᠳ ᠪᠤᠰᠤ ᠤᠤ? 》ᠬᠡᠮᠡᠵᠦᠬᠦᠢ᠃ ᠲᠠᠢᠽᠦ᠂ ᠬᠥᠪᠡᠭᠦᠨ ᠦ᠌ ᠶᠠᠯ᠎ᠠ ᠶ᠋ᠢ ᠡᠴᠢᠭᠡ ᠳ᠋ᠦ᠍ᠷ ᠦᠯᠦ ᠬᠦᠷᠦᠭᠦᠯᠦᠨ ᠠᠭᠤᠳᠠᠮ  ᠢ᠋ᠶ᠋ᠠᠷ ᠠᠪᠠᠴᠢᠵᠤ᠂ ᠲᠡᠭᠦᠨ ᠦ᠌ ᠲᠤᠢᠯ ᠢ᠋ ᠦᠵᠡᠬᠦ ᠪᠠ ᠲᠠᠢᠽᠦ ᠂ ᠢᠯᠠᠭᠤ ᠶ᠋ᠢᠨ ᠪᠤᠷᠤᠭᠤ ᠶ᠋ᠢ ᠾᠧ ᠸᠠᠩ ᠳ᠋ᠤᠷ ᠦᠯᠦ ᠨᠥᠮᠥᠷᠭᠡᠵᠦ᠂ ᠨᠢᠭᠤᠴᠠ ᠬᠣᠣᠷ᠎ᠠ ᠪᠠᠷ ᠦᠯᠦ ᠦᠬᠦᠭᠦᠯᠬᠦ ᠠᠨᠤ ᠦᠨᠡᠬᠡᠷ ᠲᠦᠮᠡᠨ ᠦᠶ᠎ᠡ ᠶ᠋ᠢᠨ ᠢᠯᠡᠷᠬᠡᠢ ᠭᠡᠭᠡᠬᠡᠨ ᠪᠠᠭᠠᠲᠤᠷ ᠪᠣᠭᠳᠠ ᠪᠣᠯᠠᠢ᠃ ᠡᠷᠲᠡᠨ ᠺᠦᠩ ᠹᠦᠴᠢ᠂ ᠴᠧᠨ ᠼᠠᠢ ᠬᠣᠶᠠᠷ ᠤᠯᠤᠰ ᠲᠤᠷ ᠬᠠᠭᠠᠭᠳᠠᠵᠤ᠂ ᠶᠠᠲᠤᠭ᠎ᠠ ᠴᠢᠪᠬᠠᠭᠳᠠᠵᠤ ᠬᠢᠯᠢᠰ ᠢ᠋ ᠬᠦᠯᠢᠴᠡᠨ᠂ ᠱᠠᠪᠢ ᠨᠠᠷ ᠥᠯᠪᠡᠷᠦᠭᠰᠡᠨ ᠳ᠋ᠦ᠍ᠷ ᠦᠯᠦ ᠠᠭᠤᠷᠯᠠᠬᠤ ᠠᠨᠤ ᠲᠡᠭᠷᠢ ᠳ᠋ᠦ᠍ᠷ ᠢᠲᠡᠭᠡᠭᠰᠡᠨ ᠠᠲᠠᠯ᠎ᠠ ᠬᠣᠢᠨ᠎ᠠ ᠸᠧᠢ ᠤᠯᠤᠰ ᠤ᠋ᠨ ᠡᠵᠡᠨ ᠦ᠌ ᠰᠠᠳᠤᠷ ᠦᠵᠡᠯᠲᠦ ᠡᠮ᠎ᠡ ᠨᠠᠨᠽᠢ ᠳ᠋ᠤᠷ ᠵᠣᠯᠭᠠᠭᠰᠠᠨ᠎ᠠ ᠱᠠᠪᠢ ᠠᠨᠤ ᠽᠢ ᠯᠦ᠍ ᠦᠯᠦ ᠲᠠᠭᠠᠯᠠᠨ ᠦᠵᠡᠭᠰᠡᠨ ᠳ᠋ᠦ᠍ᠷ  ᠹᠦᠽᠢ ᠰᠡᠭᠦᠷᠡᠰᠦᠨ ᠠᠯᠳᠠᠵᠤ : 《ᠨᠠᠳᠠ ᠳ᠋ᠤᠷ ᠪᠤᠰᠤᠴᠢᠷ ᠰᠡᠳᠬᠢᠯ ᠦᠭᠡᠢ ᠶ᠋ᠢ ᠲᠡᠭᠷᠢ ᠠᠢᠯᠠᠳᠲᠤᠭᠠᠢ᠂ ᠲᠡᠭᠷᠢ ᠠᠢᠯᠠᠳᠲᠤᠭᠠᠢ!》 ᠬᠡᠮᠡᠭᠰᠡᠨ ᠢᠨᠤ ᠦᠨᠡᠬᠡᠷ ᠪᠣᠭᠳᠠ ᠬᠥᠮᠦᠨ ᠲᠡᠭᠷᠢ ᠳ᠋ᠦ᠍ᠷ ᠢᠲᠡᠭᠡᠭᠰᠡᠨ ᠢᠨᠦ ᠡᠢᠮᠦ ᠠᠵᠤᠭᠤ᠃ ᠲᠡᠢᠨ ᠬᠦ᠌ ᠡᠷᠲᠡᠨ ᠦ᠌ ᠰᠤᠷᠭᠠᠯ ᠳ᠋ᠤᠷ ᠪᠣᠭᠳᠠ ᠬᠥᠮᠦᠨ ᠲᠡᠭᠷᠢ ᠳ᠋ᠦ᠍ᠷ ᠢᠲᠡᠭᠡᠮᠵᠢᠯᠡᠮᠦᠢ᠃ ᠮᠡᠷᠭᠡᠳ ᠰᠠᠢᠳ ᠥᠷᠥᠰᠢᠶᠡᠯ ᠵᠢᠷᠤᠮ ᠳ᠋ᠤᠷ ᠢᠲᠡᠭᠡᠮᠵᠢᠯᠡᠮᠦᠢ᠃ ᠥᠲᠡᠯ᠎ᠡ ᠠᠷᠠᠳ ᠡᠷᠬᠡ ᠬᠦᠴᠦᠨ ᠳ᠋ᠦ᠍ᠷ ᠢᠲᠡᠭᠡᠮᠵᠢᠯᠡᠮᠦᠢ᠃ ᠥᠴᠦᠬᠡᠨ ᠬᠥᠮᠦᠨ ᠡᠳ᠋ ᠠᠰᠢᠭ ᠲᠤᠷ ᠢᠲᠡᠭᠡᠮᠵᠢᠯᠡᠮᠦᠢ ᠬᠡᠮᠡᠵᠦᠬᠦᠢ᠃ ᠪᠠᠶᠠᠨ ᠡᠷᠬᠢᠮ ᠳ᠋ᠦ᠍ᠷ ᠢᠲᠡᠭᠡᠭᠰᠡᠳ ᠶᠠᠳᠠᠩᠭᠢᠷᠠᠨ ᠪᠠᠭᠤᠷᠠᠮᠤᠢ᠂ ᠡᠷᠬᠡ ᠬᠦᠴᠦᠨ ᠳ᠋ᠦ᠍ᠷ ᠢᠲᠡᠭᠡᠭᠰᠡᠳ ᠳᠠᠷᠤᠭᠳᠠᠵᠤ ᠳᠣᠷᠣᠢᠲᠠᠵᠤ᠂ ᠥᠷᠥᠰᠢᠶᠡᠯ ᠵᠢᠷᠤᠮ ᠳ᠋ᠤᠷ ᠢᠲᠡᠭᠡᠭᠰᠡᠳ ᠶᠠᠳᠠᠩᠭᠢ ᠦᠭᠡᠢ᠂ ᠪᠠᠭᠤᠷᠠᠢ ᠦᠭᠡᠢ᠂ᠲᠡᠭᠷᠢ ᠭᠠᠵᠠᠷ ᠲᠤᠷ ᠢᠲᠡᠭᠡᠭᠰᠡᠳ ᠠᠶᠤᠯ ᠲᠦᠭᠰᠢᠯ ᠦᠭᠡᠢ ᠬᠡᠮᠡᠵᠦᠬᠦᠢ᠃ ᠲᠡᠢᠮᠦ ᠶ᠋ᠢᠨ ᠲᠤᠯᠠ ᠬᠡᠷᠡᠢᠳ ᠤᠯᠤᠰ ᠠ᠋ᠴᠠ ᠲᠠᠢᠽᠦ ᠶ᠋ᠢ ᠠᠷᠭᠠᠳᠠᠷ᠎ᠠ ᠵᠠᠯᠠᠷ᠎ᠠ ᠢᠷᠡᠭᠰᠡᠨ᠎ᠡ ᠲᠣᠷᠭᠠᠨ ᠰᠢᠷ᠎ᠠ ᠮᠤᠬᠤᠯᠢ ᠨᠠᠷ ᠣᠷᠣᠵᠤ ᠬᠣᠷᠢᠭᠯᠠᠭᠰᠠᠨ ᠳ᠋ᠤᠷ ᠲᠠᠢᠽᠦ : 《ᠲᠡᠮᠦᠵᠢᠨ ᠨᠠᠮᠠᠶ᠋ᠢ ᠲᠥᠷᠥᠭᠦᠯᠬᠦ ᠦᠬᠦᠭᠦᠯᠬᠦ ᠶ᠋ᠢ ᠲᠡᠭᠷᠢ ᠡᠴᠢᠭᠡ ᠮᠡᠳᠡᠲᠦᠭᠡᠢ !》 ᠬᠡᠮᠡᠭᠡᠳ ᠬᠡᠷᠡᠢᠳ ᠲᠣᠷ ᠬᠦᠷᠴᠦ ᠾᠧ ᠸᠠᠩ ᠯᠤᠭ᠎ᠠ ᠬᠤᠷᠢᠮ ᠬᠤᠷᠢᠮᠯᠠᠬᠤᠶ᠎ᠠ᠂ ᠾᠧ ᠸᠠᠩ ᠥᠪᠡᠷ ᠦ᠋ᠨ ᠬᠥᠪᠡᠭᠦᠨ ᠦ᠌ ᠪᠤᠷᠤᠭᠤ ᠳ᠋ᠤᠷ ᠴᠢᠬᠤᠯᠳᠠᠨ ᠲᠡᠨᠴᠢᠭᠦᠷᠡᠬᠦᠢ ᠳ᠋ᠦ᠍ᠷ ᠲᠠᠢᠽᠦ ᠶ᠋ᠢᠨ ᠲᠡᠨᠡᠭ ᠴᠢᠬᠡᠴᠢ  ᠨᠠᠮᠠᠶ᠋ᠢ ᠲᠡᠭᠷᠢ ᠦᠯᠦ ᠮᠥᠬᠥᠭᠡᠮᠦᠢ ᠬᠡᠮᠡᠭᠰᠡᠨ ᠦᠭᠡ ᠳ᠋ᠦ᠍ᠷ ᠴᠥᠮ ᠮᠠᠭᠠᠳ ᠲᠡᠭᠷᠢ ᠭᠠᠵᠠᠷ ᠲᠤᠷ ᠢᠲᠡᠭᠡᠭᠰᠡᠨ ᠰᠠᠨᠠᠭᠠᠨ ᠪᠣᠯᠠᠢ᠃ ᠲᠡᠢᠨ ᠬᠦ᠌ 《 ᠶᠡᠬᠡ ᠰᠤᠷᠲᠠᠬᠤᠢ 》 ᠪᠢᠴᠢᠭ ᠲᠣᠷ ᠥᠭᠦᠯᠡᠭᠰᠡᠨ ᠢᠨᠦ : 《ᠠᠷᠪᠠᠨ ᠨᠢᠳᠦ ᠪᠡᠷ ᠦᠵᠡᠬᠦ᠂ ᠠᠷᠪᠠᠨ ᠭᠠᠷ  ᠢ᠋ᠶ᠋ᠠᠷ ᠵᠢᠭᠠᠬᠤ ᠠᠨᠤ ᠲᠡᠷᠡ ᠬᠦ᠌ ᠪᠡᠷ ᠴᠢᠩᠭ᠎ᠠ ᠦᠭᠡᠢ ᠦᠦ ? ᠪᠤᠶᠠᠨ ᠳ᠋ᠤᠷ ᠭᠡᠷ ᠥᠩᠭᠡ ᠲᠡᠢ᠂ ᠡᠷᠳᠡᠮ ᠳ᠋ᠦ᠍ᠷ ᠪᠡᠶ᠎ᠡ ᠥᠩᠭᠡᠲᠡᠢ᠂ ᠰᠡᠳᠬᠢᠯ ᠠᠭᠤᠳᠠᠮ ᠪᠣᠯᠪᠠᠰᠤ ᠪᠡᠶ᠎ᠡ ᠲᠠᠯᠪᠢᠭᠤ᠂ ᠲᠡᠢᠮᠦ ᠶ᠋ᠢᠨ ᠲᠤᠯᠠ ᠡᠷᠳᠡᠮᠲᠡᠨ ᠰᠠᠢᠳ ᠡᠷᠬᠡ ᠦᠭᠡᠢ ᠰᠠᠨᠠᠭᠠᠨ ᠢ᠋ ᠦᠨᠡᠮᠯᠡᠮᠦᠢ ᠬᠡᠮᠡᠵᠦᠬᠦᠢ᠃ᠲᠠᠢᠽᠦ ᠶ᠋ᠢᠨ ᠰᠠᠨᠠᠭᠠᠨ ᠦᠨᠡᠨ ᠪᠣᠯᠤᠭᠰᠠᠨ ᠢ᠋ ᠤᠬᠠᠪᠠᠰᠤ ᠵᠣᠬᠢᠬᠤ ᠪᠣᠯᠠᠢ᠃ ᠲᠠᠢᠽᠦ ᠶ᠋ᠢᠨ ᠰᠠᠨᠠᠭᠠᠨ ᠦᠨᠡᠨ ᠦᠭᠡᠢ ᠪᠣᠯᠪᠠᠰᠤ ᠪᠡᠶ᠎ᠡ ᠬᠡᠷᠬᠢᠨ ᠲᠡᠷᠡ ᠮᠡᠲᠦ ᠲᠠᠯᠪᠢᠭᠤ ᠪᠣᠯᠤᠨ ᠴᠢᠳᠠᠬᠤ ᠪᠣᠢ ᠠᠵᠢ !