ᠬᠥᠬᠡ ᠰᠤᠳᠤᠷ - ᠢᠨᠵᠠᠨᠨᠠᠰᠢ < ᠠᠷᠪᠠᠨ ᠭᠤᠷᠪᠠᠳᠤᠭᠠᠷ ᠪᠦᠯᠦᠭ > Хөх судар - Инжинаш < Арван гуравдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠠᠷᠪᠠᠨ ᠭᠤᠷᠪᠠᠳᠤᠭᠠᠷ ᠪᠦᠯᠦᠭ > Хөх судар - Инжинаш < Арван гуравдугаар бүлэг >

ᠬᠥᠬᠡ ᠰᠤᠳᠤᠷ - ᠢᠨᠵᠠᠨᠨᠠᠰᠢ < ᠠᠷᠪᠠᠨ ᠭᠤᠷᠪᠠᠳᠤᠭᠠᠷ ᠪᠦᠯᠦᠭ > Хөх судар - Инжинаш < Арван гуравдугаар бүлэг >

ᠠᠩᠭᠢᠯᠠᠯ:ᠲᠡᠦᠬᠡ ᠰᠣᠶᠣᠯ
2023-06-27

347


                  ᠠᠷᠪᠠᠨ ᠭᠤᠷᠪᠠᠳᠤᠭᠠᠷ ᠪᠦᠯᠦᠭ 
                          ᠰᠥᠩ ᠰᠢᠶᠥᠥᠽᠦ᠋ᠩ ᠦ᠋ᠨ ᠴᠦᠨ ᠰᠢ ᠶ᠋ᠢᠨ ᠠᠷᠪᠠᠨ ᠵᠢᠷᠭᠤᠳᠤᠭᠠᠷ ᠣᠨ ᠂ ᠠᠯᠲᠠᠨ ᠤᠯᠤᠰ ᠤ᠋ᠨ ᠱ᠌ᠢᠽᠦ᠋ᠩ ᠦ᠋ᠨ 
                                ᠳᠡ ᠳ᠋ᠢᠩ ᠦ᠋ᠨ ᠬᠣᠷᠢᠨ ᠶᠢᠰᠦᠳᠦᠭᠡᠷ ᠣᠨ ᠂  ᠲᠠᠢᠽᠦ  ᠬᠣᠷᠢᠨ ᠨᠠᠢ᠍ᠮᠠᠨ ᠰᠡᠭᠦᠳᠡᠷ ᠲᠡᠢ ᠂ᠰᠢᠷᠬᠠᠴᠢᠨ ᠲᠠᠬᠢᠶ᠎ᠠ ᠵᠢᠯ  

              ᠵᠢᠨᠦᠩ ᠮᠤᠬᠤᠯᠢ ᠴᠠᠨ᠎ᠠ ᠲᠠᠯ᠎ᠠ ᠳ᠋ᠤᠷ ᠡᠩᠭᠦᠳ ᠦ᠋ᠨ ᠡᠵᠡᠨ ᠢ᠋ ᠪᠠᠷᠢᠪᠠ 
              ᠬᠦᠯᠦᠭ ᠪᠤᠭᠤᠷᠵᠢ ᠦᠯᠢᠶᠡᠨ ᠭᠣᠣᠯ ᠳ᠋ᠤᠷ ᠵᠠᠷᠤᠳ ᠤ᠋ᠨ ᠬᠠᠭᠠᠨ ᠢ᠋ ᠬᠥᠭᠡᠭᠡᠪᠡ  
   
                 ᠳᠠᠭ᠌ᠷᠢᠯᠢᠭ᠌ ᠤ᠋ᠨ ᠦᠷ᠎ᠡ ᠲᠡᠮᠦᠵᠢᠨ ᠪᠣᠭᠳᠠ ᠶ᠋ᠢ ᠲᠠᠪᠤᠨᠠᠩ ᠤ᠋ᠳ ᠡᠰᠡ ᠳᠠᠭᠠᠯᠠᠪᠠᠴᠤ 
                      ᠲᠡᠮᠳᠡᠭᠲᠡᠶ᠎ᠡ ᠡᠳᠦᠭᠡ ᠰᠠᠬᠢᠭᠤᠯᠰᠤᠨ ᠪᠣᠯᠤᠭᠰᠠᠨ ᠢ᠋ ᠬᠡᠨ ᠴᠦ᠍ ᠴᠥᠮ ᠮᠡᠳᠡᠮᠦᠢ ᠢ᠋᠎ᠡ 
                      ᠲᠡᠮᠡᠴᠡᠭᠴᠢ ᠠᠷᠠᠳ ᠰᠡᠳᠬᠢᠯ ᠳ᠋ᠡᠭᠡᠨ ᠡᠷᠭᠢᠴᠡᠭᠦᠯᠵᠦ ᠬᠢᠨᠠᠨ ᠪᠣᠳᠣᠵᠤ ᠦᠵᠡᠭᠲᠦᠨ 
                      ᠲᠡᠷᠡ ᠬᠦ᠌ ᠬᠠᠭᠠᠨ ᠤ᠋ ᠬᠡᠰᠢᠭ ᠦᠯᠡᠳᠡᠪᠦᠷᠢ ᠶ᠋ᠢ ᠮᠣᠩᠭᠣᠯᠴᠤᠳ ᠨᠡᠢᠲᠡ ᠪᠡᠷ ᠬᠦᠷᠲᠡᠯᠴᠡᠮᠦᠢ ᠃  

      ᠲᠡᠨᠳᠡᠴᠡ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠂ ᠴᠡᠷᠢᠭ ᠦ᠋ᠨ ᠵᠢᠨᠦᠩ ᠮᠤᠬᠤᠯᠢ ᠬᠣᠶᠠᠭᠤᠯᠠ ᠬᠠᠷᠠᠬᠠᠨ ᠲᠠᠢᠽᠦ ᠶ᠋ᠢᠨ ᠡᠷᠡᠬᠡᠢᠪᠴᠢ ᠪᠡᠨ ᠡᠷᠭᠢᠭᠦᠯᠵᠦ ᠂ ᠪᠦᠰᠡ ᠪᠡᠨ ᠰᠢᠪᠳᠤᠷᠤᠭᠰᠠᠨ ᠢ᠋ ᠲᠠᠢᠯᠤᠨ ᠰᠢᠭᠦᠮᠵᠢᠯᠡᠬᠦᠶ᠎ᠡ ᠂ ᠬᠠᠭᠠᠯᠭᠠᠨ ᠤ᠋ ᠴᠡᠷᠢᠭ ᠾᠧ ᠸᠠᠩ ᠢ᠋ ᠬᠦᠷᠭᠡᠭᠰᠡᠨ ᠠᠯᠤᠬ᠎ᠠ ᠂ ᠰᠦᠬᠡ ᠠᠬ᠎ᠠ ᠳᠡᠭᠦᠦ ᠬᠣᠶᠠᠭᠤᠯᠠ ᠡᠭᠡᠵᠦ ᠢᠷᠡᠪᠡ ᠭᠡᠮᠡᠨ ᠮᠡᠳᠡᠭᠦᠯᠦᠭᠰᠡᠨ ᠳ᠋ᠦ᠍ᠷ ᠵᠢᠨᠦᠩ ᠮᠤᠬᠤᠯᠢ ᠶ᠋ᠢᠨ ᠨᠠᠢ᠍ᠮᠠᠨ ᠤ᠋ ᠴᠡᠷᠢᠭ ᠡᠴᠡ ᠰᠣᠩᠭᠣᠨ ᠵᠠᠷᠤᠴᠠᠯᠠᠭᠰᠠᠨ ᠴᠠᠩᠨᠤᠷ ᠨᠡᠷᠡᠲᠦ ᠬᠥᠪᠡᠭᠦᠨ ᠬᠡᠷᠡᠭ ᠮᠡᠳᠡᠭᠦᠯᠬᠦ ᠲᠤᠯᠠ ᠶᠠᠭᠠᠷᠠᠨ ᠣᠷᠣᠵᠤ ᠮᠡᠳᠡᠭᠦᠯᠦᠭᠡᠳ ᠠᠯᠤᠬ᠎ᠠ ᠂ ᠰᠦᠬᠡ ᠠᠬ᠎ᠠ ᠳᠡᠭᠦᠦ ᠬᠣᠶᠠᠭᠤᠯᠠ ᠶ᠋ᠢ ᠤᠳᠤᠷᠢᠳᠤᠨ ᠣᠷᠣᠭᠤᠯᠵᠤ ᠵᠣᠯᠭᠠᠭᠤᠯᠤᠭᠰᠠᠨ᠎ᠠ ᠠᠯᠤᠬ᠎ᠠ ᠂ ᠰᠦᠬᠡ ᠠᠬ᠎ᠠ ᠳᠡᠭᠦᠦ ᠬᠣᠶᠠᠭᠤᠯᠠ ᠥᠷᠭᠥᠭᠡ ᠶ᠋ᠢᠨ ᠡᠭᠦᠳᠡᠨ ᠦ᠌ ᠰᠢᠳᠠᠷ ᠴᠣᠮᠴᠣᠢᠵᠤ ᠰᠠᠭᠤᠨ ᠡᠴᠢᠭᠰᠡᠨ ᠤᠴᠢᠷ ᠢ᠋ ᠬᠠᠭᠠᠰ ᠮᠡᠳᠡᠭᠦᠯᠲᠡᠯ᠎ᠡ ᠲᠣᠷᠭᠠᠨ ᠰᠢᠷ᠎ᠠ ᠢᠨᠢᠶᠡᠵᠦ ᠬᠥᠳᠡᠯᠦᠨ ᠴᠢᠳᠠᠬᠤ ᠦᠭᠡᠢ ᠪᠣᠯᠪᠠ ᠃ ᠶᠠᠭᠤᠨ ᠤ᠋ ᠤᠴᠢᠷ ᠡᠢᠮᠦ ᠪᠣᠯᠪᠠ ? ᠬᠡᠮᠡᠪᠡᠰᠦ : ᠦᠵᠡᠰᠡ ᠾᠧ ᠸᠠᠩ ᠤ᠋ᠨ ᠬᠥᠪᠡᠭᠦᠨ ᠰᠢᠨ᠎ᠡ ᠬᠦᠩ ᠢᠯᠠᠭᠤ ᠂ ᠡᠴᠢᠭᠡ ᠪᠡᠨ ᠬᠡᠷᠦᠯᠦᠨ ᠮᠥᠷᠡᠨ ᠦ᠌ ᠬᠤᠷᠢᠮ ᠳ᠋ᠤᠷ ᠪᠠᠷᠢᠭ᠍ᠳᠠᠨ ᠠᠪᠠᠴᠢᠭ᠍ᠳᠠᠵᠤ ᠲᠠᠢᠽᠦ ᠶ᠋ᠢᠨ ᠬᠣᠢᠨ᠎ᠠ ᠠ᠋ᠴᠠ ᠬᠥᠭᠡᠭᠡᠵᠦ ᠭᠤᠷᠪᠠᠨ ᠵᠡᠷᠭᠡ ᠶᠡᠬᠡᠯ᠎ᠡ ᠳᠠᠷᠤᠭᠳᠠᠵᠤ ᠡᠭᠡᠭᠡᠳ ᠡᠴᠢᠭᠡ ᠪᠡᠨ ᠯᠠᠪ ᠪᠸᠲ᠋ᠠ᠋ ᠤᠯᠤᠰ ᠲᠤᠷ ᠠᠯᠠᠭᠳᠠᠪᠠ ᠂ ᠣᠳᠣ ᠪᠢ ᠸᠠᠩ ᠤ᠋ᠨ ᠣᠷᠣ ᠶ᠋ᠢ ᠡᠵᠡᠯᠡᠨ ᠣᠯᠠᠨ ᠢ᠋ ᠬᠤᠷᠢᠶᠠᠮᠵᠢᠯᠠᠵᠤ ᠂ ᠡᠴᠢᠭᠡ ᠶ᠋ᠢᠨ ᠦᠰ ᠢ᠋ ᠠᠪᠤᠮᠤᠢ ᠭᠡᠮᠡᠨ ᠪᠣᠳᠣᠷᠣᠣᠯ ᠪᠢᠴᠢᠭ ᠪᠢᠴᠢᠵᠦ ᠂ ᠠᠯᠲᠠᠨ ᠤᠯᠤᠰ ᠲᠤᠷ ᠠᠢᠯᠠᠳᠬᠠᠨ ᠳᠣᠪᠲᠣᠯᠭᠠᠭᠠᠳ ᠸᠠᠩ ᠤ᠋ᠨ ᠰᠠᠭᠤᠷᠢᠨ ᠳ᠋ᠤᠷ ᠰᠠᠭᠤᠵᠤ ᠪᠡᠶ᠎ᠡ ᠪᠡᠨ《ᠢ ᠰᠢᠨ ᠸᠠᠩ 》ᠭᠡᠮᠡᠨ ᠡᠷᠭᠦᠭᠡᠳ ᠨᠢᠭᠡᠨᠲᠡᠭᠡᠭᠦᠷ ᠤᠯᠤᠰ ᠤ᠋ᠨ ᠨᠣᠶᠠᠳ ᠲᠦᠰᠢᠮᠡᠳ ᠢ᠋ᠶ᠋ᠡᠨ ᠵᠡᠷᠭᠡ ᠳᠡᠪᠰᠢᠭᠦᠯᠦᠨ ᠲᠠᠯᠪᠢᠵᠤ ᠂ ᠬᠠᠷᠠᠬᠠᠨ ᠦᠢᠮᠡᠬᠦᠢ ᠳ᠋ᠦ᠍ᠷ ᠭᠡᠨᠡᠳᠲᠡ ᠡᠴᠢᠭᠡ ᠢᠨᠤ ᠶᠡᠬᠡ ᠵᠢᠭ᠍ᠰᠠᠭᠠᠯ ᠵᠢᠭ᠍ᠰᠠᠭᠠᠨ ᠬᠦᠷᠴᠦ ᠢᠷᠡᠭᠰᠡᠨ ᠳ᠋ᠦ᠍ᠷ ᠢᠯᠠᠭᠤ ᠶᠡᠬᠡᠳᠡ ᠠᠮᠲᠠ ᠠᠯᠳᠠᠷᠠᠵᠤ ᠠᠷᠭ᠎ᠠ ᠦᠭᠡᠢ ᠤᠭᠲᠤᠨ ᠣᠷᠣᠭᠤᠯᠵᠤ᠂ ᠡᠴᠢᠭᠡ ᠪᠡᠨ ᠸᠠᠩ ᠬᠠᠭᠠᠨ ᠭᠡᠮᠡᠨ ᠡᠷᠭᠦᠭᠡᠳ ᠥᠷᠭᠥᠭᠡ ᠶ᠋ᠢ ᠢᠨᠤ ᠰᠢᠷ᠎ᠠ ᠯᠤᠤᠲᠤ ᠮᠠᠩᠨᠤᠭ ᠢ᠋ᠶ᠋ᠠᠷ ᠪᠦᠷᠬᠦᠵᠦ᠂ ᠯᠤᠤ ᠶ᠋ᠢᠨ ᠦᠷᠭᠦᠯᠭᠡ ᠲᠠᠲᠠᠭᠠᠳ ᠳᠣᠲᠣᠷ᠎ᠠ ᠮᠠᠩᠨᠤᠭ ᠭᠡᠰᠭᠦᠷ ᠡᠯᠭᠦᠵᠦ᠂ ᠭᠠᠳᠠᠭᠤᠷ ᠲᠣᠭᠣᠷᠢᠨ ᠴᠠᠴᠤᠭᠲᠤ ᠣᠶᠣᠭ ᠲᠤᠯᠵᠤ᠂ ᠶᠢᠰᠦᠨ ᠰᠢᠷ᠎ᠠ ᠦᠷᠭᠦᠭᠡᠳᠦ ᠬᠠᠭᠠᠯᠭᠠᠲᠤ ᠢᠰᠡᠭᠡᠢ ᠬᠦᠷᠢᠶ᠎ᠡ ᠲᠠᠲᠠᠭᠠᠳ ᠬᠠᠭᠠᠯᠭ᠎ᠠ ᠪᠦᠷᠢ ᠳ᠋ᠦ᠍ᠷ ᠰᠢᠷ᠎ᠠ ᠴᠠᠴᠤᠭᠲᠤ ᠪᠦᠷᠬᠦᠭᠦᠯᠲᠦ ᠶᠢᠰᠦᠨ ᠪᠥᠭᠳᠡᠭᠡ ᠤᠶᠠᠭᠤᠯᠵᠤ᠂ ᠡᠳᠦᠷ ᠪᠦᠷᠢ ᠶᠢᠰᠦᠨ ᠶᠢᠰᠦ ᠨᠠᠶᠠᠨ ᠨᠢᠭᠡᠨ ᠮᠣᠷᠢ᠂ ᠶᠢᠰᠦᠨ ᠬᠠᠭᠠᠯᠭ᠎ᠠ ᠳ᠋ᠤᠷ ᠥᠷᠳᠡᠵᠦ᠂ ᠬᠣᠲᠠ ᠶ᠋ᠢᠨ ᠬᠠᠭᠠᠯᠭ᠎ᠠ ᠪᠦᠷᠢ ᠳ᠋ᠦ᠍ᠷ ᠢᠯᠳᠦ ᠢᠷᠰᠡᠭᠰᠡᠨ ᠶᠢᠰᠦᠭᠡᠳ ᠶᠢᠰᠦᠭᠡᠳ ᠬᠥᠮᠦᠨ ᠵᠣᠭᠰᠣᠭᠠᠭᠠᠳ ᠪᠠᠰᠠ ᠥᠷᠯᠥᠭᠡ ᠦᠳᠡᠰᠢ ᠶ᠋ᠢᠨ ᠴᠠᠪ ᠪᠦᠷᠢ ᠳ᠋ᠦ᠍ᠷ ᠬᠤᠭᠤᠷ ᠴᠣᠭᠣᠷ ᠡᠭᠦᠰᠬᠡᠯᠭᠡᠨ᠂ ᠠᠯᠲᠠᠨ ᠤᠯᠤᠰ ᠤ᠋ᠨ ᠬᠠᠭᠠᠨ ᠢ᠋ ᠳᠠᠭᠤᠷᠢᠶᠠᠨ ᠬᠢᠷᠢ ᠬᠡᠮᠵᠢᠶ᠎ᠡ ᠦᠭᠡᠢ ᠠᠭᠠᠰᠢᠯᠠᠭᠰᠠᠨ ᠳ᠋ᠤᠷ ᠸᠠᠩ ᠬᠠᠭᠠᠨ ᠲᠣᠭᠣᠷᠢᠯ ᠡᠳᠡᠭᠡᠷ ᠳᠦᠷᠢᠮ ᠢ᠋ ᠦᠵᠡᠮᠡᠭᠴᠡ ᠬᠥᠪᠡᠭᠦᠨ ᠳ᠋ᠦ᠍ᠷ ᠢ᠋ᠶ᠋ᠡᠨ ᠠᠭᠤᠷᠯᠠᠬᠤ ᠬᠣᠷᠣᠰᠤᠯ ᠬᠢᠯᠢᠩ ᠢᠨᠤ ᠲᠠᠢᠳᠬᠤᠷᠠᠪᠠᠢ᠃ ᠡᠳᠡᠭᠡᠷ ᠴᠥᠮ ᠵᠠᠮᠤᠬ᠎ᠠ ᠶ᠋ᠢᠨ ᠡᠷᠭᠦᠭᠰᠡᠨ ᠠᠷᠭ᠎ᠠ ᠠᠵᠤᠭᠤ ᠃ 
      ᠲᠡᠳᠦᠢ ᠰᠣᠯᠤᠩᠭᠤᠸ᠎ᠠ ᠶ᠋ᠢ 《ᠰᠡᠷᠭᠦᠯᠡᠩ ᠭᠦᠩᠵᠦ 》ᠭᠡᠮᠡᠨ ᠡᠷᠭᠦᠭᠡᠳ ᠪᠡᠶ᠎ᠡ ᠪᠡᠨ ᠬᠤᠸᠠᠩ ᠲᠠᠢᠽᠢ ᠭᠡᠮᠡᠨ ᠡᠷᠭᠦᠵᠦ᠂ ᠪᠠᠭ᠎ᠠ ᠡᠬᠡ ᠨᠠᠷᠠᠨ ᠲᠤᠶᠠᠭ᠎ᠠ ᠶ᠋ᠢ ᠪᠠᠷᠠᠭᠤᠨ ᠣᠷᠳᠣᠨ ᠤ᠋ ᠬᠤᠸᠠᠩᠬᠡᠦ ᠭᠡᠮᠡᠨ ᠪᠠᠭ᠎ᠠ ᠳᠡᠭᠦᠦ ᠲᠤᠰᠠᠬᠤ ᠶ᠋ᠢ ᠳᠡᠳ᠋ ᠲᠠᠢᠽᠢ ᠬᠡᠮᠡᠵᠦ ᠪᠠᠰᠠ ᠡᠮ᠎ᠡ ᠶ᠋ᠢᠨ ᠪᠠᠭ᠎ᠠ ᠠᠪᠠᠭ᠎ᠠ ᠬᠥᠷᠭᠡᠯᠵᠡᠭᠡᠨ᠎ᠡ ᠶ᠋ᠢ ᠶᠡᠬᠡ ᠲᠠᠢᠰᠢ ᠡᠷᠭᠦᠮᠵᠢᠯᠡᠨ᠂ ᠣᠯᠠᠨ ᠢ᠋ ᠳᠡᠰ ᠳᠠᠷᠠᠭᠠᠯᠠᠨ ᠶᠡᠬᠡᠯ᠎ᠡ ᠡᠷᠭᠦᠮᠵᠢᠯᠡᠵᠦ᠂ ᠪᠸᠲ᠋ᠠ᠋ ᠤᠯᠤᠰ ᠤ᠋ᠨ ᠬᠦᠷᠭᠡᠵᠦ ᠢᠷᠡᠭᠰᠡᠨ ᠡᠯᠴᠢ ᠠᠯᠤᠬ᠎ᠠ ᠰᠦᠬᠡ ᠬᠣᠶᠠᠷ ᠢ᠋ ᠠᠷᠭ᠎ᠠ ᠦᠭᠡᠢ ᠬᠤᠷᠢᠮᠯᠠᠨ ᠱᠠᠩᠨᠠᠵᠤ ᠡᠭᠡᠭᠦᠯᠦᠭᠰᠡᠨ᠎ᠡ ᠂ ᠠᠯᠤᠬ᠎ᠠ ᠰᠦᠬᠡ ᠬᠣᠶᠠᠭᠤᠯᠠ ᠵᠠᠮ ᠪᠤᠷᠤᠭᠤᠯᠠᠨ ᠬᠠᠷᠢᠵᠤ ᠢᠷᠡᠭᠰᠡᠨ ᠢ᠋ᠶ᠋ᠡᠨ ᠮᠡᠳᠡᠭᠦᠯᠦᠭᠰᠡᠨ ᠳ᠋ᠦ᠍ᠷ ᠲᠣᠷᠭᠠᠨ ᠰᠢᠷ᠎ᠠ ᠲᠡᠭᠦᠨ ᠦ᠌ ᠬᠠᠭᠠᠨ ᠰᠠᠭᠤᠭᠰᠠᠨ ᠪᠠ ᠸᠠᠩ ᠤ᠋ᠨ ᠰᠠᠭᠤᠷᠢᠨ ᠢ᠋ ᠪᠤᠯᠢᠶᠠᠭᠰᠠᠨ ᠢ᠋ ᠰᠣᠨᠣᠰᠴᠤ ᠢᠨᠢᠶᠡᠭᠰᠡᠨ ᠠᠵᠤᠭᠤ᠃ 
      ᠲᠡᠭᠦᠨᠴᠡ ᠢ ᠰᠢᠨ ᠸᠠᠩ ᠢᠯᠠᠭᠤ ᠶ᠋ᠢᠨ ᠲᠥᠬᠥᠭᠡ ᠲᠣᠮᠣᠭᠣ ᠦᠭᠡᠢ ᠪᠡᠷ ᠳᠣᠣᠷᠠᠲᠤ ᠠᠷᠠᠳ ᠢ᠋ᠶ᠋ᠠᠨ ᠡᠷᠭᠦᠮᠵᠢᠯᠡᠵᠦ᠂ ᠭᠠᠳᠠᠭᠠᠳᠤ ᠣᠯᠠᠨ ᠠᠢᠮᠠᠭ ᠤ᠋ᠳ ᠢ᠋  ᠵᠠᠮᠤᠬ᠎ᠠ ᠶ᠋ᠢ ᠭᠠᠷᠭᠠᠵᠤ ᠡᠯᠰᠡᠭᠦᠯᠦᠷ᠎ᠡ ᠢᠯᠡᠭᠡᠵᠦ᠂ ᠪᠸᠲ᠋ᠠ᠋ ᠤᠯᠤᠰ ᠠ᠋ᠴᠠ ᠥᠰᠢᠶ᠎ᠡ ᠠᠪᠬᠤ ᠶ᠋ᠢ ᠪᠡᠯᠡᠳᠬᠡᠬᠦ ᠶ᠋ᠢ ᠲᠦᠷ ᠬᠡᠯᠡᠬᠦ ᠦᠭᠡᠢ᠃  
      ᠲᠡᠭᠦᠨᠴᠡ ᠲᠣᠷᠭᠠᠨ ᠰᠢᠷ᠎ᠠ ᠮᠤᠬᠤᠯᠢ ᠨᠠᠷ ᠾᠧ ᠸᠠᠩ ᠤ᠋ᠨ ᠡᠴᠢᠭᠡ ᠬᠥᠪᠡᠭᠦᠨ ᠢ᠋ ᠨᠢᠭᠡᠨ ᠵᠡᠷᠭᠡ ᠡᠯᠡᠭᠯᠡᠯᠴᠡᠨ ᠢᠨᠢᠶᠡᠯᠴᠡᠵᠦ᠂ ᠠᠯᠤᠬ᠎ᠠ ᠰᠦᠬᠡ ᠠᠬ᠎ᠠ ᠳᠡᠭᠦᠦ ᠬᠣᠶᠠᠭᠤᠯᠠ ᠶ᠋ᠢ ᠠᠪᠤᠨ ᠢᠷᠡᠵᠦ᠂ ᠲᠠᠢᠽᠦ ᠳ᠋ᠦ᠍ᠷ ᠵᠣᠯᠭᠠᠵᠤ ᠬᠡᠷᠡᠢᠳ ᠦ᠋ᠨ ᠬᠡᠷᠡᠭ ᠢ᠋ ᠵᠦᠢ ᠵᠦᠢ ᠪᠡᠷ ᠮᠡᠳᠡᠭᠦᠯᠵᠦ᠂ ᠡᠵᠡᠨ ᠳᠦᠱᠢᠮᠡᠯ ᠪᠠᠰᠠ ᠨᠢᠭᠡᠨ ᠵᠡᠷᠭᠡ ᠢᠨᠢᠶᠡᠯᠴᠡᠪᠡ᠃ 
      ᠲᠡᠭᠦᠨᠴᠡ ᠤᠳᠠᠭᠰᠠᠨ ᠦᠭᠡᠢ ᠨᠠᠮᠤᠷ ᠬᠤᠷᠢᠶᠠᠵᠤ ᠡᠪᠦᠯ ᠬᠠᠳᠠᠭᠠᠯᠠᠭᠠᠳ ᠵᠢᠷᠦᠪ ᠵᠠᠷᠤᠪ ᠪᠠᠰᠠ ᠨᠢᠭᠡᠨ ᠣᠨ ᠢ᠋ ᠥᠩᠭᠡᠷᠡᠵᠦ᠂ ᠴᠠᠭᠠᠨ ᠨᠣᠬᠠᠢ ᠵᠢᠯ ᠪᠣᠯᠪᠠ ᠃ ᠲᠠᠢᠽᠦ ᠬᠣᠷᠢᠨ ᠶᠢᠰᠦᠨ ᠰᠡᠭᠦᠳᠡᠷ ᠲᠡᠢ ᠃ ᠡᠨᠡ ᠵᠢᠯ ᠰᠥᠩ ᠤᠯᠤᠰ ᠤ᠋ᠨ ᠵᠣᠣ ᠳ᠋ᠦᠨ ᠬᠠᠭᠠᠨ ᠰᠠᠭᠤᠨ ᠭᠤᠸᠠᠩᠽᠦ᠋ᠩ ᠭᠡᠮᠡᠨ ᠡᠷᠭᠦᠮᠵᠢᠯᠡᠵᠦ᠂ ᠣᠨ ᠤ᠋ ᠨᠡᠷ᠎ᠡ ᠪᠡᠨ ᠱᠣᠣ ᠰᠢ ᠶ᠋ᠢᠨ ᠲᠡᠷᠢᠭᠦᠨ ᠣᠨ ᠬᠡᠮᠡᠪᠡ᠂ ᠠᠯᠲᠠᠨ ᠤᠯᠤᠰ ᠤ᠋ᠨ ᠵᠠᠩᠽᠦ᠋ᠩ ᠰᠠᠭᠤᠷᠢᠨ ᠳ᠋ᠤᠷ ᠰᠠᠭᠤᠵᠤ ᠣᠨ ᠤ᠋ ᠨᠡᠷ᠎ᠡ ᠪᠡᠨ ᠮᠢᠩ ᠴᠠᠩ ᠤ᠋ᠨ ᠲᠡᠷᠢᠭᠦᠨ ᠣᠨ ᠬᠡᠮᠡᠪᠡ ᠃ ᠬᠣᠶᠠᠷ ᠤᠯᠤᠰ ᠬᠠᠮᠲᠤ ᠪᠠᠷ ᠴᠥᠮ ᠡᠵᠡᠨ ᠬᠠᠯᠠᠪᠠᠢ ᠃ 
      ᠴᠠᠭᠠᠨ ᠨᠣᠬᠠᠢ ᠵᠢᠯ ᠦ᠋ᠨ ᠡᠬᠢ ᠲᠠᠭᠠᠯᠠᠮᠵᠢᠲᠠᠢ ᠳᠤᠯᠠᠭᠠᠨ ᠬᠠᠪᠤᠷ ᠬᠦᠷᠴᠦ ᠢᠷᠡᠪᠡ ᠃ 
      ᠲᠡᠳᠦᠢ ᠬᠡᠷᠡᠢᠳ ᠦ᠋ᠨ ᠵᠠᠮᠤᠬ᠎ᠠ ᠭᠠᠳᠠᠭᠠᠳᠤ ᠣᠯᠠᠨ ᠪᠠᠭ᠎ᠠ ᠠᠢᠮᠠᠭ ᠤ᠋ᠳ ᠢ᠋ ᠲᠣᠭᠣᠷᠢᠭ᠍ᠰᠠᠭᠠᠷ ᠪᠸᠲ᠋ᠠ᠋ ᠤᠯᠤᠰ ᠤ᠋ᠨ ᠪᠠᠷᠠᠭᠤᠨ ᠬᠣᠢᠲᠤ ᠳ᠋ᠤᠷ ᠣᠷᠣᠰᠢᠬᠤ ᠨᠢᠭᠡᠨ ᠠᠢᠮᠠᠭ – ᠲᠣᠷᠭᠤᠳ ᠤ᠋ᠨ ᠬᠠᠷᠢᠶᠠᠲᠤ ᠡᠩᠭᠦᠳ ᠬᠡᠮᠡᠬᠦ ᠠᠢᠮᠠᠭ ᠤ᠋ᠨ ᠭᠤᠴᠢᠨ ᠨᠢᠭᠡᠨ ᠨᠤᠲᠤᠭ ᠢ᠋ ᠡᠵᠡᠯᠡᠨ ᠵᠠᠬᠢᠷᠬᠤ ᠵᠠᠩᠭᠤᠤ ᠬᠡᠮᠡᠭᠴᠢ ᠶ᠋ᠢ ᠬᠡᠯᠡᠯᠴᠡᠭᠰᠡᠭᠡᠷ ᠪᠸᠲ᠋ᠠ᠋ ᠤᠯᠤᠰ ᠠ᠋ᠴᠠ ᠤᠷᠪᠠᠭᠤᠯᠬᠤᠢ ᠳ᠋ᠤᠷ ᠭᠥᠷᠦᠭᠦᠯᠪᠡ ᠃ ᠡᠭᠦᠨ ᠦ᠌ ᠤᠴᠢᠷ ᠶᠠᠭᠤᠨ ? ᠬᠡᠮᠡᠪᠡᠰᠦ : ᠡᠨᠡ ᠵᠠᠩᠭᠤᠤ ᠬᠡᠮᠡᠭᠴᠢ ᠡᠷᠲᠡ ᠵᠠᠯᠠᠢᠷᠠᠳ ᠂ ᠬᠠᠴᠢᠭᠤᠳ ᠂ ᠬᠠᠷᠠᠭᠠᠢ ᠂ ᠬᠠᠷᠠᠯᠳᠠᠢ ᠂ ᠴᠢᠮᠡᠳ ᠂ ᠪᠠᠷᠯᠠᠰ ᠂ ᠭᠣᠣᠷᠯᠤᠳ ᠪᠠ ᠪᠠᠰᠠ ᠭᠤᠷᠪᠠᠨ ᠲᠣᠷᠭᠤᠳ ᠤ᠋ᠨ ᠵᠡᠷᠭᠡ ᠶ᠋ᠢᠨ ᠣᠯᠠᠨ ᠠᠢᠮᠠᠭ ᠤ᠋ᠳ ᠪᠸᠲ᠋ᠠ᠋ ᠤᠯᠤᠰ ᠲᠤᠷ ᠣᠷᠣᠵᠤ ᠳᠠᠭᠠᠬᠤᠢ ᠳ᠋ᠤᠷ ᠬᠠᠮᠲᠤ ᠳᠠᠭᠠᠭᠰᠠᠨ ᠨᠢᠭᠡᠨ ᠲᠣᠷᠭᠤᠳ ᠠᠨᠤ ᠬᠠᠷᠢᠨ ᠡᠨᠡ ᠡᠩᠭᠦᠳ ᠦ᠋ᠨ ᠵᠠᠩᠭᠤᠤ ᠪᠥᠯᠥᠭᠡ ᠃ ᠡᠨᠡ ᠵᠠᠩᠭᠤᠤ ᠶ᠋ᠢᠨ ᠰᠠᠨᠠᠭᠠᠨ ᠤᠷᠠᠯᠢᠭ᠋ ᠭᠠᠷ ᠨᠠᠷᠢᠨ ᠲᠤᠯᠠ ᠣᠯᠠᠨ ᠢ᠋ᠶ᠋ᠠᠷ ᠲᠡᠭᠦᠨ ᠢ᠋ ᠴᠥᠮ ᠤᠷᠠᠨ ᠵᠠᠩᠭᠤᠤ ᠭᠡᠮᠡᠨ ᠳᠠᠭᠤᠳᠠᠮᠤᠢ ᠃ ᠡᠨᠡ ᠤᠷᠠᠨ ᠵᠠᠩᠭᠤᠤ ᠤᠭ ᠲᠤᠷ ᠮᠥᠨ ᠭᠤᠷᠪᠠᠨ ᠲᠣᠷᠭᠤᠳ ᠯᠤᠭ᠎ᠠ ᠰᠢᠳᠤᠷᠭᠤ ᠪᠠᠷ ᠠᠯᠪᠠ ᠪᠠᠷᠢᠭ᠍ᠰᠠᠭᠠᠷ ᠢᠷᠡᠭᠰᠡᠨ ᠪᠥᠯᠥᠭᠡ ᠃ ᠬᠣᠢᠨ᠎ᠠ ᠡᠭᠦᠨ ᠦ᠌ ᠳᠣᠣᠷᠠᠬᠢ ᠵᠡᠭᠦᠨ ᠭᠠᠷ ᠢ᠋ ᠵᠠᠬᠢᠷᠬᠤ ᠵᠠᠩᠵᠤᠨ ᠬᠠᠷ᠎ᠠ ᠪᠡᠷᠬᠡ ᠂ ᠪᠠᠷᠠᠭᠤᠨ ᠭᠠᠷ ᠢ᠋ ᠵᠠᠬᠢᠷᠬᠤ ᠵᠠᠩᠵᠤᠨ ᠰᠢᠷᠭᠤᠯ ᠪᠠᠷᠳᠠᠩ ᠬᠣᠶᠠᠭᠤᠯᠠ ᠶ᠋ᠢᠨ ᠰᠠᠨᠠᠭᠠᠨ ᠶᠡᠬᠡ ᠵᠠᠩ ᠪᠠᠷᠳᠠᠮ ᠵᠢᠴᠢ ᠵᠠᠩᠭᠤᠤ ᠶ᠋ᠢᠨ ᠨᠡᠢᠲᠡ ᠠᠷᠪᠠᠨ ᠠᠢᠮᠠᠭ ᠭᠤᠴᠢᠨ ᠨᠢᠭᠡᠨ ᠨᠤᠲᠤᠭ ᠢ᠋ ᠨᠡᠢᠭᠡᠮᠯᠡᠨ ᠵᠠᠬᠢᠷᠬᠤ ᠪᠤᠷᠢᠶᠠᠳ ᠤ᠋ᠨ ᠦᠷᠦᠰᠦᠭᠦᠦᠮᠢ ᠬᠡᠮᠡᠭᠴᠢ ᠪᠣᠳᠣᠯᠭ᠎ᠠ ᠤᠷᠲᠤ ᠵᠠᠩ ᠲᠠᠯᠪᠢᠭᠤ ᠂ ᠲᠡᠭᠦᠨ ᠦ᠌ ᠡᠵᠡᠨ ᠤᠷᠠᠨ ᠵᠠᠩᠭᠤᠤ ᠴᠤ᠌ ᠮᠥᠨ ᠮᠠᠰᠢ ᠨᠢᠭᠡᠨ ᠰᠢᠳᠤᠷᠭᠤ ᠰᠢᠯᠤᠭᠤᠨ ᠨᠠᠮ ᠳᠥᠯᠭᠡᠨ ᠬᠥᠮᠦᠨ ᠪᠥᠯᠥᠭᠡ ᠃ ᠡᠨᠡ ᠵᠠᠩᠭᠤᠤ ᠶ᠋ᠢᠨ ᠳᠣᠣᠷ᠎ᠠ ᠵᠠᠬᠢᠷᠬᠤ ᠠᠷᠪᠠᠨ ᠪᠢᠴᠢᠬᠠᠨ ᠠᠢᠮᠠᠭ ᠤ᠋ᠨ ᠨᠡᠷᠡᠰ ᠢ᠋ ᠲᠣᠭᠠᠴᠢᠪᠠᠰᠤ : ᠡᠩᠭᠦᠳ ᠂ ᠥᠰᠢᠨ ᠂ ᠬᠣᠢᠬᠢᠨ ᠂ ᠢᠳ᠋ ᠂ ᠰᠢᠳ᠋ ᠂ ᠡᠷᠦᠮ ᠂ ᠬᠠᠷᠯᠢᠰ ᠂ ᠰᠣᠢᠷᠰᠠᠨ ᠂ ᠬᠠᠭᠠᠰ ᠂ ᠪᠤᠷᠢᠶᠠᠳ ᠂ ᠭᠣᠷᠢ – ᠡᠨᠡ ᠠᠷᠪᠠᠨ ᠠᠢᠮᠠᠭ ᠤ᠋ᠨ ᠭᠤᠴᠢᠨ ᠨᠢᠭᠡᠨ ᠨᠤᠲᠤᠭ ᠤᠯᠤᠰ ᠪᠤᠶᠤ ᠃ 
      ᠲᠡᠳᠦᠢ ᠤᠷᠢᠳᠤ ᠵᠢᠯ ᠪᠸᠲ᠋ᠠ᠋ ᠤᠯᠤᠰ ᠨᠠᠢ᠍ᠮᠠᠨ ᠪᠠ ᠵᠣᠷᠴᠢᠳ ᠢ᠋ ᠳᠠᠷᠤᠭᠰᠠᠨ᠂ ᠵᠢᠴᠢ ᠢᠵᠢᠯᠵᠢ ᠠᠢᠮᠠᠭ ᠯᠤᠭ᠎ᠠ ᠤᠷᠤᠭ ᠪᠠᠷᠢᠭ᠍ᠰᠠᠨ ᠲᠠᠢ ᠭᠤᠷᠪᠠᠨ ᠤᠳᠠᠭ᠎ᠠ ᠶ᠋ᠢᠨ ᠬᠡᠷᠡᠭ ᠲᠦ᠍ᠷ ᠴᠥᠮ ᠬᠠᠷ᠎ᠠ ᠪᠡᠷᠬᠡ ᠂ ᠰᠢᠷᠭᠤᠯ ᠪᠠᠷᠳᠠᠩ ᠨᠠᠷ ᠬᠥᠰᠡᠷᠳᠡᠭᠦᠯᠦᠨ ᠢᠯᠡᠭᠡᠭᠰᠡᠨ ᠦᠭᠡᠢ ᠳ᠋ᠦ᠍ᠷ ᠦᠷᠦᠰᠦᠭᠦᠦᠮᠢ ᠬᠥᠯ ᠳᠡᠪᠰᠡᠨ ᠭᠠᠰᠢᠭᠤᠳᠠᠭᠰᠠᠨ ᠪᠥᠯᠥᠭᠡ ᠃ ᠡᠨᠡ ᠬᠡᠷᠡᠭ ᠢ᠋ ᠬᠡᠷᠡᠢᠳ ᠦ᠋ᠨ ᠵᠠᠮᠤᠬ᠎ᠠ ᠰᠦᠪᠡᠭᠴᠢᠯᠡᠨ ᠰᠣᠨᠣᠰᠤᠭᠠᠳ ᠤᠷᠢᠳᠠ ᠵᠡᠭᠦᠨ ᠡᠮᠦᠨ᠎ᠡ ᠵᠠᠷᠤᠳ ᠤᠯᠤᠰ ᠤ᠋ᠨ ᠸᠠᠩᠴᠣᠭ ᠬᠡᠮᠡᠬᠦ ᠬᠠᠭᠠᠨ ᠳ᠋ᠤᠷ ᠳᠣᠪᠲᠣᠯᠤᠨ ᠡᠴᠢᠵᠦ : 《ᠪᠸᠲ᠋ᠠ᠋ ᠤᠯᠤᠰ ᠲᠠᠨ ᠤ᠋ ᠤᠯᠤᠰ ᠢ᠋ ᠳᠣᠪᠲᠣᠯᠤᠨ ᠢᠷᠡᠵᠦ ᠪᠠᠢᠯᠳᠤᠨ ᠠᠪᠰᠤᠭᠠᠢ ᠬᠡᠮᠡᠵᠦ ᠪᠣᠢ ᠂ ᠴᠢᠬᠤᠯᠠ ᠤᠭᠲᠤᠨ ᠡᠴᠢᠵᠦ ᠮᠠᠨ ᠤ᠋ ᠣᠯᠠᠨ ᠤᠯᠤᠰ ᠤ᠋ᠳ ᠯᠤᠭ᠎ᠠ ᠨᠡᠢᠯᠡᠵᠦ ᠪᠸᠲ᠋ᠠ᠋ ᠤᠯᠤᠰ ᠢ᠋ ᠮᠥᠬᠥᠭᠡᠰᠦᠭᠡᠢ ᠂ ᠶᠠᠳᠠᠬᠤ ᠳ᠋ᠠᠭᠠᠨ ᠴᠢ ᠴᠡᠷᠢᠭ ᠢ᠋ᠶ᠋ᠠᠨ ᠠᠪᠴᠤ ᠦᠯᠢᠶᠡᠨ ᠮᠥᠷᠡᠨ ᠢ᠋ ᠭᠡᠲᠦᠯᠵᠦ ᠂ ᠥᠪᠡᠷ ᠦ᠋ᠨ ᠬᠢᠵᠠᠭᠠᠷ ᠤ᠋ᠨ ᠭᠠᠳᠠᠨ᠎ᠠ ᠣᠯᠣᠭᠠᠢ ᠨᠡᠷᠡᠲᠦ ᠠᠭᠤᠯᠠᠨ᠎ᠠ ᠠᠪᠠᠯᠠᠭᠴᠢ ᠪᠣᠯᠤᠨ ᠂ ᠪᠸᠲ᠋ᠠ᠋ ᠤᠯᠤᠰ ᠤ᠋ᠨ ᠢᠷᠡᠬᠦ ᠴᠡᠷᠢᠭ ᠢ᠋ ᠲᠤᠯ ! 》 ᠭᠡᠮᠡᠨ ᠬᠠᠳᠬᠤᠨ ᠬᠡᠯᠡᠵᠦ ᠵᠥᠪᠯᠡᠨ ᠲᠣᠭᠲᠠᠭᠠᠭᠠᠳ ᠳᠠᠷᠤᠢ ᠡᠩᠭᠦᠳ ᠤᠯᠤᠰ ᠲᠤᠷ ᠢᠷᠡᠬᠦ ᠵᠠᠮ ᠳ᠋ᠤᠷ ᠥᠪᠡᠷ ᠦ᠋ᠨ ᠴᠡᠷᠢᠭ ᠲᠦ᠍ᠷ ᠱᠠᠩ ᠥᠭᠴᠦ ᠵᠠᠷᠤᠳ ᠤ᠋ᠨ ᠸᠠᠩᠴᠣᠭ ᠬᠠᠭᠠᠨ ᠤ᠋ ᠬᠥᠮᠦᠨ ᠪᠣᠯᠭᠠᠨ ᠪᠸᠲ᠋ᠠ᠋ ᠤᠯᠤᠰ ᠲᠤᠷ ᠣᠯᠣᠭᠠᠢ ᠠᠭᠤᠯᠠᠨ᠎ᠠ ᠲᠤᠯᠵᠤ ᠪᠠᠢᠯᠳᠤᠬᠤ ᠪᠢᠴᠢᠭ ᠪᠠᠷᠢᠭᠤᠯᠤᠨ ᠢᠯᠡᠭᠡᠭᠡᠳ ᠥᠪᠡᠷ ᠢ᠋ᠶ᠋ᠡᠨ ᠲᠣᠷᠭᠤᠳ ᠤ᠋ᠨ ᠡᠩᠭᠦᠳ ᠦ᠋ᠨ ᠤᠷᠠᠨ ᠵᠠᠩᠭᠤᠤ ᠶ᠋ᠢ ᠡᠳᠦᠭᠡᠷ᠎ᠡ ᠢᠷᠡᠭᠰᠡᠨ ᠳ᠋ᠦ᠍ᠷ ᠴᠢᠪᠬᠢᠲᠡᠯ᠎ᠡ ᠡᠩᠭᠦᠳ ᠦ᠋ᠨ ᠬᠠᠷ᠎ᠠ ᠪᠡᠷᠬᠡ ᠂ ᠰᠢᠷᠭᠤᠯ ᠪᠠᠷᠳᠠᠩ ᠬᠣᠶᠠᠭᠤᠯᠠ ᠶ᠋ᠢᠨ ᠰᠡᠳᠬᠢᠯ ᠳ᠋ᠦ᠍ᠷ ᠨᠡᠢᠴᠡᠭᠡᠳ ᠪᠠᠶᠠᠷᠯᠠᠨ ᠤᠭᠲᠤᠨ ᠵᠣᠯᠭᠠᠵᠤ ᠬᠤᠷᠢᠮᠯᠠᠨ ᠬᠦᠨᠳᠦᠯᠡᠵᠦ ᠬᠠᠷᠠᠬᠠᠨ ᠤᠤᠭᠤᠯᠴᠠᠬᠤᠶ᠎ᠠ ᠂ ᠪᠠᠰᠠ ᠵᠠᠮᠤᠬ᠎ᠠ ᠶ᠋ᠢᠨ ᠠᠷᠭ᠎ᠠ ᠬᠡᠷᠡᠭᠯᠡᠭᠰᠡᠨ ᠪᠸᠲ᠋ᠠ᠋ ᠤᠯᠤᠰ ᠤ᠋ᠨ ᠬᠠᠭᠤᠷᠮᠠᠭ ᠡᠯᠴᠢ ᠶᠠᠯ᠎ᠠ ᠠᠰᠠᠭᠤᠷ᠎ᠠ ᠢᠷᠡᠭᠰᠡᠨ᠎ᠡ ᠂ ᠡᠩᠭᠦᠳ ᠦ᠋ᠨ ᠣᠯᠠᠨ ᠢ᠋ᠶ᠋ᠠᠷ ᠶᠡᠬᠡᠯ᠎ᠡ ᠠᠮᠤᠷ ᠦᠭᠡᠢ ᠪᠣᠯᠵᠤ ᠂ ᠣᠳᠣ ᠬᠡᠷᠬᠢᠪᠡᠰᠦ ᠰᠠᠢᠨ ᠭᠡᠮᠡᠨ ᠵᠥᠪᠳᠡᠯᠴᠡᠬᠦᠢ ᠳ᠋ᠦ᠍ᠷ ᠵᠠᠮᠤᠬ᠎ᠠ ᠡᠩᠭᠦᠳ ᠦ᠋ᠨ ᠡᠵᠡᠨ ᠤᠷᠠᠨ ᠵᠠᠩᠭᠤᠤ ᠳ᠋ᠤᠷ ᠤᠴᠠᠷᠠᠵᠤ ᠰᠠᠨᠠᠭᠠᠨ ᠢ᠋ ᠠᠰᠠᠭᠤᠵᠤ ᠂ ᠣᠳᠣ ᠬᠡᠷᠬᠢᠬᠦ ᠶ᠋ᠢ ᠵᠥᠪᠯᠡᠪᠡᠰᠦ ᠵᠠᠩᠭᠤᠤ ᠥᠭᠦᠯᠡᠷᠦᠨ : 《ᠪᠸᠲ᠋ᠠ᠋ ᠤᠯᠤᠰ ᠤ᠋ᠨ ᠡᠵᠡᠨ ᠦ᠌ ᠰᠡᠳᠬᠢᠯ ᠥᠷᠦᠰᠢᠶᠡᠯᠲᠡᠢ ᠪᠥᠭᠡᠳ ᠰᠠᠨᠠᠭᠠᠨ ᠠᠭᠤᠳᠠᠮ ᠂ ᠥᠴᠦᠬᠡᠨ ᠣᠰᠣᠯ ᠢ᠋ ᠯᠠᠪ ᠠᠭᠤᠴᠢᠯᠠᠨ ᠭᠡᠯᠳᠦᠷᠢᠭᠦᠯᠦᠮᠦᠢ ᠂ ᠮᠢᠨᠦ ᠰᠠᠨᠠᠭ᠎ᠠ ᠪᠠᠷ ᠪᠣᠯᠪᠠᠰᠤ ᠂ ᠪᠢ ᠪᠡᠶ᠎ᠡ ᠪᠡᠷ ᠦᠷᠦᠰᠦᠭᠦᠦᠮᠢ ᠲᠠᠨ ᠤ᠋ ᠵᠡᠷᠭᠡ ᠶ᠋ᠢᠨ ᠬᠡᠳᠦᠨ ᠬᠥᠮᠦᠨ ᠢ᠋ ᠠᠪᠴᠤ ᠶᠠᠯ᠎ᠠ ᠬᠦᠯᠢᠶᠡᠨ ᠮᠥᠷᠭᠥᠷ᠎ᠡ ᠡᠴᠢᠪᠡᠰᠦ ᠯᠠᠪ ᠬᠡᠪ ᠢ᠋ᠶ᠋ᠡᠷ ᠠᠮᠤᠷ ᠰᠠᠭᠤᠵᠤ ᠠᠵᠤ ᠲᠦᠷᠦᠪᠡᠰᠦ ᠪᠣᠯᠤᠮᠤᠢ ᠃ 》 ᠬᠡᠮᠡᠬᠦᠢ ᠳ᠋ᠦ᠍ᠷ ᠦᠷᠦᠰᠦᠭᠦᠦᠮᠢ ᠣᠯᠠᠨ ᠤ᠋ ᠰᠦᠷᠦᠭ ᠡᠴᠡ ᠭᠠᠷᠴᠤ ᠥᠭᠦᠯᠡᠷᠦᠨ : 《ᠡᠵᠡᠨ ᠦ᠌ ᠡᠨᠡ ᠴᠣᠬᠣᠮ ᠤᠷᠲᠤ ᠤᠳᠠᠭᠠᠨ ᠤ᠋ ᠠᠷᠭ᠎ᠠ ᠮᠥᠨ ᠂ ᠡᠷᠲᠡᠬᠡᠨ ᠡᠴᠢᠭᠰᠡᠨ ᠪᠥᠭᠡᠰᠦ ᠡᠨᠡ ᠮᠡᠲᠦ ᠶᠠᠯ᠎ᠠ ᠠᠰᠠᠭᠤᠷ᠎ᠠ ᠢᠷᠡᠬᠦᠢ ᠳ᠋ᠦ᠍ᠷ ᠮᠥᠨ ᠬᠦᠷᠬᠦ ᠦᠭᠡᠢ ᠪᠥᠯᠥᠭᠡ ᠂ ᠬᠡᠳᠦᠢ ᠲᠡᠢᠨ ᠪᠣᠯᠪᠠᠴᠤ ᠡᠳᠦᠭᠡ ᠲᠦᠷᠭᠡᠨ᠎ᠡ ᠶᠠᠯ᠎ᠠ ᠬᠦᠯᠢᠶᠡᠷ᠎ᠡ ᠡᠴᠢᠪᠡᠰᠦ ᠪᠠᠰᠠ ᠴᠤ᠌ ᠵᠣᠪᠠᠯᠠᠩ ᠠ᠋ᠴᠠ ᠭᠡᠲᠦᠯᠪᠡᠰᠦ ᠪᠣᠯᠤᠮᠤᠢ ᠃ 》 ᠬᠡᠮᠡᠭᠰᠡᠨ ᠳ᠋ᠦ᠍ᠷ ᠂ ᠬᠠᠷ᠎ᠠ ᠪᠡᠷᠬᠡ ᠂ ᠰᠢᠷᠭᠤᠯ ᠪᠠᠷᠳᠠᠩ ᠬᠣᠶᠠᠭᠤᠯᠠ ᠬᠠᠮᠲᠤ ᠪᠠᠷ ᠭᠠᠷᠴᠤ ᠥᠭᠦᠯᠡᠷᠦᠨ : 《ᠬᠡᠷᠡᠭ ᠨᠢᠭᠡᠨᠲᠡ ᠡᠨᠡ ᠬᠢᠷᠢ ᠳ᠋ᠦ᠍ᠷ ᠬᠦᠷᠦᠭᠰᠡᠨ ᠲᠤᠯᠠ ᠪᠸᠲ᠋ᠠ᠋ ᠤᠯᠤᠰ ᠤ᠋ᠨ ᠡᠯᠴᠢ ᠶ᠋ᠢ ᠠᠯᠠᠭᠠᠳ ᠴᠡᠷᠢᠭ ᠠᠪᠴᠤ ᠲᠤᠯᠪᠠᠰᠤ ᠳᠡᠭᠡᠷ᠎ᠡ ᠂ 》 ᠬᠡᠮᠡᠭᠰᠡᠨ᠎ᠡ ᠵᠠᠮᠤᠬ᠎ᠠ ᠵᠣᠴᠢᠨ ᠤ᠋ ᠰᠠᠭᠤᠳᠠᠯ ᠳ᠋ᠤ᠌ ᠥᠭᠦᠯᠡᠷᠦᠨ : 《ᠲᠠᠨ ᠤ᠋ ᠡᠳᠡᠭᠡᠷ ᠴᠥᠮ ᠪᠣᠯᠬᠤ ᠦᠭᠡᠢ ᠂ ᠡᠷᠢᠨ ᠡᠴᠢᠵᠦ ᠶᠠᠯ᠎ᠠ ᠬᠦᠯᠢᠶᠡᠨ ᠮᠥᠷᠭᠥᠬᠦ ᠢᠨᠤ ᠭᠠᠷ ᠢ᠋ᠶ᠋ᠠᠨ ᠬᠦᠯᠢᠶᠡᠵᠦ ᠦᠬᠦᠬᠦ ᠶ᠋ᠢ ᠬᠦᠯᠢᠶᠡᠬᠦ ᠬᠡᠷᠡᠭ ᠃ ᠪᠸᠲ᠋ᠠ᠋ ᠤᠯᠤᠰ ᠤ᠋ᠨ ᠡᠯᠴᠢ ᠶ᠋ᠢ ᠠᠯᠠᠬᠤ ᠠᠨᠤ ᠨᠡᠩ ᠲᠦᠷᠭᠡᠨ᠎ᠡ ᠴᠡᠷᠢᠭ ᠢ᠋ ᠢᠷᠡᠭᠦᠯᠬᠦᠢ ᠶ᠋ᠢᠨ ᠬᠡᠷᠡᠭ ᠂ ᠲᠠ ᠲᠦᠷᠭᠡᠨ᠎ᠡ ᠢᠷᠡᠭᠰᠡᠨ ᠡᠯᠴᠢ ᠶ᠋ᠢ ᠰᠠᠢᠨ ᠢ᠋ᠶ᠋ᠠᠷ ᠡᠭᠡᠭᠦᠯᠦᠭᠡᠳ ᠲᠡᠭᠦᠨ ᠦ᠌ ᠮᠠᠨ ᠤ᠋ ᠠᠷᠭ᠎ᠠ ᠶ᠋ᠢ ᠮᠡᠳᠡᠵᠦ ᠡᠴᠢᠬᠦ ᠶ᠋ᠢ ᠡᠷᠲᠡᠬᠡᠨ ᠠᠷᠢᠯᠭᠠᠪᠠᠰᠤ ᠵᠣᠬᠢᠮᠤᠢ ! 》 ᠭᠡᠮᠡᠨ ᠳᠠᠷᠤᠢ ᠦᠷᠦᠰᠦᠭᠦᠦᠮᠢ ᠶ᠋ᠢ ᠭᠠᠷᠭᠠᠵᠤ ᠂ ᠪᠸᠲ᠋ᠠ᠋ ᠤᠯᠤᠰ ᠤ᠋ᠨ ᠬᠠᠭᠤᠷᠮᠠᠭ ᠡᠯᠴᠢ ᠶ᠋ᠢ ᠬᠦᠨᠳᠦᠯᠡᠭᠦᠯᠦᠨ ᠡᠭᠡᠭᠦᠯᠵᠦ ᠲᠡᠳᠦᠢ ᠵᠠᠩᠭᠤᠤ ᠶ᠋ᠢᠨ ᠵᠦᠭ ᠥᠭᠦᠯᠡᠷᠦᠨ : 《ᠪᠢ ᠬᠡᠷᠡᠢᠳ ᠦ᠋ᠨ ᠸᠠᠩ ᠬᠠᠭᠠᠨ ᠤ᠋ ᠵᠠᠷᠯᠢᠭ ᠢ᠋ ᠳᠠᠭᠠᠵᠤ ᠣᠯᠠᠨ ᠤᠯᠤᠰ ᠠᠢᠮᠠᠭ ᠤ᠋ᠳ ᠲᠤᠷ ᠬᠠᠭᠠᠨ ᠰᠠᠭᠤᠭᠰᠠᠨ ᠢ᠋ ᠵᠠᠷᠯᠠᠨ ᠰᠣᠨᠣᠰᠬᠠᠷ᠎ᠠ ᠪᠸᠲ᠋ᠠ᠋ ᠤᠯᠤᠰ ᠢ᠋ᠶ᠋ᠠᠷ ᠥᠩᠭᠡᠷᠡᠬᠦᠶ᠎ᠡ ᠂ ᠰᠣᠨᠣᠰᠪᠠᠰᠤ ᠲᠠᠨ ᠤ᠋ ᠡᠨᠡ ᠭᠤᠷᠪᠠᠨ ᠶᠠᠯ᠎ᠠ ᠳ᠋ᠤᠷ ᠶᠡᠬᠡ ᠴᠡᠷᠢᠭ ᠢ᠋ᠶ᠋ᠡᠨ ᠠᠪᠴᠤ ᠲᠠᠨ ᠢ᠋ ᠳᠠᠢᠯᠠᠷ᠎ᠠ ᠢᠷᠡᠮᠦᠢ ᠬᠡᠮᠡᠬᠦᠢ ᠳ᠋ᠦ᠍ᠷ ᠪᠢ ᠢᠲᠡᠭᠡᠭᠰᠡᠨ ᠦᠭᠡᠢ ᠪᠥᠯᠥᠭᠡ ᠃ ᠡᠨᠳᠡ ᠢᠷᠠᠪᠠᠰᠤ ᠬᠠᠷᠢᠨ ᠮᠠᠰᠢ ᠦᠨᠡᠨ ᠂ ᠲᠡᠢᠨ ᠬᠦ᠌ ᠣᠳᠣ ᠬᠢᠷᠭᠢᠰᠦᠭᠡᠢ ᠬᠡᠮᠡᠮᠦᠢ ? 》 ᠤᠷᠠᠨ ᠵᠠᠩᠭᠤᠤ ᠥᠭᠦᠯᠡᠷᠦᠨ : 《ᠮᠢᠨᠦ ᠰᠠᠨᠠᠭᠠᠨ ᠪᠠᠰᠠ ᠬᠦ᠌ ᠲᠡᠷᠢᠭᠦᠨ ᠭᠣᠳᠣᠢᠨ ᠶᠠᠯ᠎ᠠ ᠬᠦᠯᠢᠶᠡᠨ ᠤᠷᠲᠤ ᠤᠳᠠᠭᠠᠨ ᠠᠮᠤᠷ ᠰᠤᠯᠠ ᠰᠠᠭᠤᠬᠤ ᠠᠨᠤ ᠡᠷᠬᠢᠮ ᠃ 》ᠬᠠᠷ᠎ᠠ ᠪᠡᠷᠬᠡ ᠰᠢᠷᠭᠤᠯ ᠪᠠᠷᠳᠠᠩ ᠬᠣᠶᠠᠭᠤᠯᠠ ᠵᠡᠷᠭᠡ ᠪᠡᠷ ᠥᠴᠢᠷᠦᠨ : 《ᠲᠡᠷᠡ ᠬᠡᠷᠬᠢᠪᠡᠴᠦ ᠪᠣᠯᠬᠤ ᠦᠭᠡᠢ ᠂ ᠨᠢᠳᠦᠨ ᠦᠵᠡᠭᠰᠡᠭᠡᠷ ᠦᠬᠦᠯ ᠢ᠋ ᠡᠷᠢᠬᠦ ᠬᠡᠷᠡᠭ ᠂ ᠨᠢᠭᠡᠨᠲᠡ ᠦᠬᠦᠬᠦ ᠪᠣᠯᠪᠠᠴᠤ ᠪᠠᠢᠯᠳᠤᠵᠤ ᠦᠬᠦᠬᠦ ᠶ᠋ᠢ ᠪᠣᠯᠬᠤ ᠪᠣᠢ ᠢ᠋᠎ᠡ ᠂ ᠪᠠᠷᠢᠭ᠍ᠳᠠᠵᠤ ᠦᠬᠦᠬᠦ ᠦᠭᠡᠢ ᠃ ᠣᠳᠣ ᠭᠠᠭᠴᠠ ᠴᠡᠷᠢᠭ ᠪᠠᠢᠭᠤᠯᠵᠤ ᠲᠤᠯᠬᠤ ᠠ᠋ᠴᠠ ᠥᠪᠡᠷ᠎ᠡ ᠠᠷᠭ᠎ᠠ ᠦᠭᠡᠢ ᠃》 ᠵᠠᠮᠤᠬ᠎ᠠ ᠠᠰᠠᠭᠤᠷᠤᠨ : 《ᠲᠠᠨ ᠤ᠋ ᠠᠷᠪᠠᠨ ᠠᠢᠮᠠᠭ ᠤ᠋ᠨ ᠭᠤᠴᠢᠨ ᠨᠢᠭᠡᠨ ᠨᠤᠲᠤᠭ ᠲᠤᠷ ᠨᠡᠢᠲᠡ ᠬᠡᠳᠦᠢᠴᠢᠨᠡᠭᠡᠨ ᠴᠡᠷᠢᠭ ᠪᠣᠢ ? 》 ᠬᠠᠷ᠎ᠠ ᠪᠡᠷᠬᠡ ᠰᠢᠷᠭᠤᠯ ᠪᠠᠷᠳᠠᠩ ᠴᠤᠭᠠᠷ ᠥᠴᠢᠷᠦᠨ : 《ᠨᠡᠢᠲᠡ ᠶ᠋ᠢ ᠨᠡᠢᠯᠡᠭᠦᠯᠪᠡᠰᠦ ᠭᠤᠷᠪᠠᠨ ᠲᠦᠮᠡ ᠰᠢᠬᠠᠮᠤᠢ ᠃ 》ᠵᠠᠮᠤᠬ᠎ᠠ ᠥᠭᠦᠯᠡᠷᠦᠨ : 《ᠪᠸᠲ᠋ᠠ᠋ ᠤᠯᠤᠰ ᠤ᠋ᠨ ᠨᠡᠷ᠎ᠡ ᠲᠡᠢ ᠵᠠᠩᠵᠤᠨ ᠬᠣᠷᠢᠭᠠᠳ ᠰᠢᠬᠠᠮ ᠪᠣᠢ ᠂ ᠴᠣᠯᠭᠣᠷᠠᠭᠰᠠᠨ ᠰᠢᠯᠢᠳᠡᠭ ᠴᠡᠷᠢᠭ ᠵᠢᠷᠭᠤᠭᠠᠨ ᠲᠦᠮᠡ ᠢᠯᠡᠭᠦᠦ ᠪᠣᠢ ᠂ ᠲᠠᠨ ᠤ᠋ ᠴᠡᠷᠢᠭ ᠬᠠᠭᠠᠰ ᠲᠤᠷ ᠴᠤ᠌ ᠬᠦᠷᠬᠦ ᠦᠭᠡᠢ ᠪᠥᠭᠡᠳ ᠬᠡᠷᠬᠢᠨ ᠲᠡᠭᠦᠨ ᠯᠤᠭᠡ ᠡᠰᠡᠷᠭᠦᠴᠡᠯᠡᠪᠡᠰᠦ ᠪᠣᠯᠤᠮᠤᠢ ? 》ᠭᠡᠮᠡᠨ ᠠᠶᠤᠯᠭᠠᠪᠠᠢ ᠃ ᠦᠵᠡᠰᠡ ᠪᠸᠲ᠋ᠠ᠋ ᠤᠯᠤᠰ ᠤ᠋ᠨ ᠶᠠᠯ᠎ᠠ ᠠᠰᠠᠭᠤᠷ᠎ᠠ ᠢᠷᠡᠭᠰᠡᠨ ᠡᠨᠡ ᠡᠯᠴᠢ ᠪᠠᠰᠠ ᠴᠤ᠌ ᠵᠠᠮᠤᠬ᠎ᠠ ᠶ᠋ᠢᠨ ᠬᠠᠭᠤᠷᠮᠠᠭ ᠡᠯᠴᠢ ᠪᠥᠭᠡᠳ ᠡᠭᠡᠵᠦ ᠡᠴᠢᠪᠡᠰᠦ ᠪᠠᠰᠠ ᠡᠩᠭᠦᠳ ᠦ᠋ᠨ ᠡᠯᠴᠢ ᠪᠣᠯᠤᠨ ᠪᠸᠲ᠋ᠠ᠋ ᠤᠯᠤᠰ ᠲᠤᠷ ᠪᠠᠢᠯᠳᠤᠬᠤ ᠶ᠋ᠢ ᠡᠳᠦᠷ ᠲᠣᠭᠲᠠᠬᠤ ᠪᠢᠴᠢᠭ ᠢ᠋ ᠬᠦᠷᠭᠡᠬᠦ ᠠᠵᠤᠭᠤ ᠃ ᠲᠡᠳᠦᠢ ᠵᠠᠮᠤᠬ᠎ᠠ ᠣᠯᠠᠨ ᠤ᠋ ᠬᠦᠴᠦᠨ ᠢ᠋ ᠨᠢᠭᠡᠳᠬᠡᠬᠦ ᠶ᠋ᠢ ᠡᠷᠢᠵᠦ ᠡᠩᠭᠦᠳ ᠦ᠋ᠨ ᠡᠵᠡᠨ ᠲᠤᠷᠰᠢᠮᠡᠯ ᠢ᠋ ᠮᠣᠬᠣᠭᠠᠨ ᠠᠰᠠᠭᠤᠭᠰᠠᠨ ᠳ᠋ᠤᠷ ᠡᠩᠭᠦᠳ ᠦ᠋ᠨ ᠡᠵᠡᠨ ᠤᠷᠠᠨ ᠵᠠᠩᠭᠤᠤ ᠥᠭᠦᠯᠡᠷᠦᠨ : 《ᠮᠢᠨᠦ ᠪᠣᠳᠣᠯᠭᠠᠨ ᠳ᠋ᠤᠷ ᠡᠭᠡᠨᠡᠬᠲᠡ ᠶᠠᠯ᠎ᠠ ᠬᠦᠯᠢᠶᠡᠨ ᠡᠶᠡᠳᠦᠬᠦ ᠢᠨᠤ ᠡᠷᠬᠢᠮ ᠪᠸᠲ᠋ᠠ᠋ ᠤᠯᠤᠰ ᠤ᠋ᠨ ᠡᠵᠡᠨ ᠢ᠋ ᠡᠩ ᠦ᠋ᠨ ᠠᠷᠠᠳ ᠲᠤᠷ ᠦᠯᠢᠳᠬᠡᠵᠦ ᠦᠯᠦ ᠪᠣᠯᠤᠮᠤᠢ ᠂ ᠳᠣᠲᠤᠷᠬᠠᠶ᠎ᠠ ᠳᠠᠭ᠌ᠷᠢᠯᠢᠭ᠌ ᠤ᠋ᠨ ᠦᠷᠡᠰ ᠮᠥᠨ ᠃ 》 ᠵᠠᠮᠤᠬ᠎ᠠ ᠲᠣᠰᠴᠤ ᠥᠭᠦᠯᠡᠷᠦᠨ : 《 ᠪᠣᠯᠬᠤ ᠦᠭᠡᠢ ᠂ ᠪᠣᠯᠬᠤ ᠦᠭᠡᠢ ᠂ ᠨᠢᠭᠡᠨᠲᠡ ᠣᠷᠣᠢᠳᠠᠵᠤᠬᠤᠢ ᠃ ᠡᠳᠦᠭᠡ ᠪᠸᠲ᠋ᠠ᠋ ᠤᠯᠤᠰ ᠨᠢᠭᠡᠨᠲᠡ ᠶᠠᠯ᠎ᠠ ᠠᠰᠠᠭᠤᠬᠤ ᠴᠡᠷᠢᠭ ᠪᠠᠢᠭᠤᠯᠵᠤ ᠂ ᠥᠷᠯᠥᠭᠡ ᠮᠠᠨᠠᠭᠠᠷ ᠬᠦᠷᠴᠦ ᠢᠷᠡᠮᠡᠷ ᠪᠣᠯᠤᠭᠰᠠᠨ ᠳ᠋ᠤᠷ ᠰᠠᠶᠢ ᠡᠴᠢᠬᠦ ᠢᠨᠤ ᠭᠠᠷ ᠲᠠᠯᠪᠢᠨ ᠦᠬᠦᠬᠦ ᠶ᠋ᠢ ᠡᠷᠢᠬᠦ ᠬᠡᠷᠡᠭ ᠃ ᠪᠢ ᠤᠷᠢᠳᠤ ᠡᠳᠦᠷ ᠪᠸᠲ᠋ᠠ᠋ ᠤᠯᠤᠰ ᠤ᠋ᠨ ᠡᠵᠡᠨ ᠲᠡᠮᠦᠵᠢᠨ ᠯᠤᠭᠡ ᠨᠥᠬᠥᠷᠯᠡᠨ ᠬᠠᠮᠲᠤ ᠠᠬᠤᠢ ᠳ᠋ᠤᠷ ᠲᠡᠭᠦᠨ ᠦ᠌ ᠵᠠᠩ ᠰᠠᠨᠠᠭᠠᠨ ᠢ᠋ ᠳᠣᠲᠤᠷᠬᠠᠶ᠎ᠠ ᠮᠡᠳᠡᠯᠦᠭᠡ ᠃ ᠲᠡᠷᠡ ᠲᠡᠮᠦᠵᠢᠨ ᠶᠠᠮᠪᠠᠷ ᠪᠠ ᠬᠥᠮᠦᠨ ᠢ᠋ ᠪᠣᠯᠪᠠᠴᠤ ᠴᠥᠮ ᠪᠣᠭᠣᠯᠴᠢᠯᠠᠰᠤᠭᠠᠢ ᠬᠡᠮᠡᠮᠦᠢ ᠂ ᠡᠨᠡ ᠬᠡᠳᠦᠨ ᠵᠢᠯ ᠦ᠋ᠨ ᠬᠣᠭᠣᠷᠣᠨᠳᠣ ᠲᠡᠷᠡ ᠲᠠᠲ᠋ᠠᠷ ᠢ᠋ ᠲᠡᠭᠰᠢᠯᠡᠵᠦ ᠂ ᠰᠡᠮᠦ ᠶ᠋ᠢ ᠰᠠᠷᠨᠢᠭᠤᠯᠤᠨ ᠂ ᠲᠠᠢᠴᠢᠭᠤᠳ ᠢ᠋ ᠲᠠᠯᠠᠭᠳᠠᠵᠤ ᠂ ᠮᠡᠷᠭᠢᠳ ᠢ᠋ ᠮᠠᠯᠲᠠᠭᠠᠳ ᠲᠠᠨ ᠢ᠋ ᠴᠥᠮ ᠬᠤᠷᠢᠶᠠᠮᠵᠢᠯᠠᠭᠠᠳ ᠨᠠᠮᠠᠶ᠋ᠢ ᠪᠠᠰᠠ ᠳᠠᠭᠤᠰᠬᠠᠭᠰᠠᠨ ᠢ᠋ᠶ᠋ᠠᠷ ᠰᠦᠷ ᠶᠡᠬᠡᠳᠴᠦ ᠠᠯᠳᠠᠷ ᠠᠷᠪᠢᠳᠤᠭᠰᠠᠨ ᠢ᠋ᠶ᠋ᠡᠷ ᠠᠯᠢᠪᠠ ᠲᠡᠭᠦᠨ ᠳ᠋ᠦ᠍ᠷ ᠳᠠᠭᠠᠭᠰᠠᠨ ᠪᠦᠬᠦᠨ ᠢ᠋ ᠲᠡᠷᠡ ᠴᠥᠮ ᠬᠠᠭᠠᠨ ᠤ᠋ ᠳᠦᠷᠢᠮ ᠢ᠋ᠶ᠋ᠡᠷ ᠡᠵᠡᠯᠡᠵᠦ ᠂ ᠣᠨᠴᠠ ᠪᠣᠭᠣᠯ ᠠᠯᠪᠠᠲᠤ ᠶ᠋ᠢᠨ ᠶᠣᠰᠣᠭᠠᠷ ᠦᠵᠡᠮᠦᠢ ᠃ ᠲᠡᠢᠨ ᠬᠦ᠌ ᠪᠢ ᠬᠡᠷᠡᠢᠳ ᠦ᠋ᠨ ᠸᠠᠩ ᠬᠠᠭᠠᠨ ᠢ᠋ ᠳᠠᠬᠢᠨ ᠳᠠᠪᠲᠠᠨ ᠬᠣᠷᠢᠭ᠍ᠯᠠᠵᠤ ᠂ ᠲᠡᠭᠦᠨ ᠢ᠋ ᠰᠠᠶᠢ ᠪᠣᠷᠵᠢᠭᠢᠳ ᠯᠤᠭ᠎ᠠ ᠤᠷᠤᠭ ᠪᠠᠷᠢᠬᠤ ᠤᠷᠠᠨ ᠤᠷᠠᠬ᠎ᠠ ᠳ᠋ᠤᠷ ᠠᠨᠤ ᠡᠰᠡ ᠤᠨᠠᠭᠠᠪᠠᠢ ᠃ ᠲᠡᠷᠡ ᠰᠠᠢᠨ ᠢ᠋ᠶ᠋ᠠᠷ ᠡᠳᠦᠭᠡ ᠨᠢᠭᠡᠨ ᠤᠯᠤᠰ ᠤ᠋ᠨ ᠡᠵᠡᠨ ᠬᠠᠭᠠᠨ ᠪᠣᠯᠵᠤ ᠡᠮᠦᠨᠡᠰᠢ ᠬᠠᠨᠳᠤᠨ ᠰᠠᠭᠤᠮᠤᠢ ᠃ ᠦᠵᠡᠲᠡᠯ᠎ᠡ ᠡᠳᠦᠭᠡ ᠢᠵᠢᠯᠵᠢ ᠠᠢᠮᠠᠭ ᠤ᠋ᠨ ᠡᠵᠡᠨ ᠪᠤᠲ᠋ᠤ ᠨᠢᠭᠡᠨᠲᠡ ᠪᠤᠷᠤᠭᠤᠳᠴᠤ ᠪᠸᠲ᠋ᠠ᠋ ᠤᠯᠤᠰ ᠯᠤᠭ᠎ᠠ  ᠤᠷᠤᠭ ᠪᠠᠷᠢᠵᠤ ᠡᠴᠦᠰ ᠲᠦ᠍ᠷ ᠮᠥᠨ ᠪᠣᠷᠵᠢᠭᠢᠳ ᠤ᠋ᠨ ᠪᠣᠭᠣᠯ ᠪᠣᠯᠤᠯ ᠦᠭᠡᠢ ᠬᠠᠮᠢᠭᠠᠰᠢ ᠡᠴᠢᠮᠦᠢ ?  ᠲᠠ ᠡᠳᠡᠭᠡᠷ ᠢ᠋ ᠨᠢᠳᠦ ᠪᠡᠷ ᠦᠵᠡᠵᠦ ᠪᠠᠢᠭᠠᠳ ᠶᠠᠭᠤᠨ ᠳ᠋ᠤᠷ ᠣᠨᠴᠠ ᠪᠣᠷᠵᠢᠭᠢᠳ ᠢ᠋ ᠪᠢᠯᠳᠠᠤᠴᠢᠯᠠᠵᠤ ᠂ ᠦᠬᠦᠯ ᠦ᠋ᠨ ᠡᠭᠦᠳᠡ ᠶ᠋ᠢ ᠡᠷᠢᠬᠦ ᠠᠵᠢ ! 》 ᠬᠡᠮᠡᠬᠦᠢ ᠳ᠋ᠦ᠍ᠷ ᠵᠠᠩᠭᠤᠤ ᠰᠣᠨᠣᠰᠤᠭᠰᠠᠭᠠᠷ ᠲᠣᠯᠣᠭᠠᠢ ᠭᠣᠳᠣᠢᠵᠤ ᠠᠷᠭ᠎ᠠ ᠦᠭᠡᠢ ᠪᠣᠯᠵᠤ ᠂ ᠵᠠᠮᠤᠬ᠎ᠠ ᠠ᠋ᠴᠠ ᠬᠡᠷᠬᠢᠪᠡᠰᠦ ᠰᠠᠢᠨ ᠢ᠋ ᠠᠰᠠᠭᠤᠭᠰᠠᠨ ᠳ᠋ᠤᠷ ᠵᠠᠮᠤᠬ᠎ᠠ ᠥᠭᠦᠯᠡᠷᠦᠨ : 《ᠡᠳᠦᠭᠡ ᠲᠠᠨ ᠤ᠋ ᠤᠯᠤᠰ ᠤ᠋ᠨ ᠶᠡᠬᠡ ᠪᠠᠭ᠎ᠠ ᠬᠥᠭᠰᠢᠨ ᠶᠠᠳᠠᠭᠤᠯᠢᠭ᠋ ᠢ᠋ ᠴᠥᠮ ᠭᠠᠷᠭᠠᠭᠠᠳ ᠡᠷᠬᠡᠪᠰᠢ ᠬᠠᠳᠠᠨ ᠬᠦᠴᠦᠲᠡᠢ ᠳᠥᠷᠪᠡᠨ ᠲᠦᠮᠡᠨ ᠴᠡᠷᠢᠭ ᠰᠢᠯᠭᠠᠵᠤ ᠣᠯᠤᠭᠠᠳ ᠴᠠᠨ᠎ᠠ ᠶ᠋ᠢᠨ ᠲᠠᠯ᠎ᠠ ᠳ᠋ᠤᠷ ᠨᠡᠭᠦᠨ ᠡᠴᠢᠵᠦ᠂ ᠬᠡᠷᠡᠮ ᠬᠦᠷᠢᠶ᠎ᠡ ᠶ᠋ᠢ ᠥᠨᠳᠥᠷ ᠪᠤᠰᠬᠠᠵᠤ ᠂ ᠭᠣᠣ ᠤᠨᠠᠭᠤᠯᠢ ᠶ᠋ᠢ ᠭᠦᠨ᠎ᠡ ᠡᠷᠦᠭᠡᠳ ᠬᠦᠷᠢᠶ᠎ᠡ ᠪᠠᠭᠤᠵᠤ᠂ ᠪᠸᠲ᠋ᠠ᠋ ᠤᠯᠤᠰ ᠤ᠋ᠨ ᠢᠷᠡᠬᠦ ᠶ᠋ᠢ ᠰᠡᠷᠭᠡᠢᠯᠡᠵᠦ ᠬᠦᠯᠢᠶᠡ᠂ ᠪᠢ ᠬᠡᠷᠡᠢᠳ ᠦ᠋ᠨ ᠰᠢᠨ᠎ᠡ ᠸᠠᠩ ᠠ᠋ᠴᠠ ᠬᠣᠶᠠᠷ ᠲᠦᠮᠡᠨ ᠴᠡᠷᠢᠭ ᠵᠢᠭᠡᠯᠡᠵᠦ ᠂ ᠬᠡᠷᠪᠡ ᠪᠸᠲ᠋ᠠ᠋ ᠤᠯᠤᠰ ᠲᠠᠨ ᠳ᠋ᠤᠷ ᠬᠠᠯᠳᠠᠷ᠎ᠠ ᠢᠷᠠᠪᠠᠰᠤ ᠪᠢᠳᠡ ᠲᠤᠷᠰᠢᠵᠤ ᠣᠯᠤᠮᠠᠭᠴᠠ ᠳᠣᠪᠲᠣᠯᠤᠨ ᠢᠷᠡᠵᠦ ᠲᠤᠰᠠᠯᠠᠰᠤᠭᠠᠢ ᠂ ᠡᠢᠮᠦ ᠪᠣᠯᠪᠠᠰᠤ ᠪᠸᠲ᠋ᠠ᠋ ᠤᠯᠤᠰ ᠠ᠋ᠴᠠ ᠶᠠᠭᠤᠨ ᠠᠶᠤᠬᠤ ᠭᠠᠵᠠᠷ ᠪᠣᠢ ? ᠡᠳᠦᠭᠡ ᠰᠣᠨᠣᠰᠬᠤᠯ᠎ᠠ ᠵᠡᠭᠦᠨ ᠵᠠᠷᠤᠳ ᠤᠯᠤᠰ ᠤ᠋ᠨ ᠸᠠᠩᠴᠣᠭ ᠬᠠᠭᠠᠨ ᠪᠠᠰᠠ ᠪᠸᠲ᠋ᠠ᠋ ᠤᠯᠤᠰ ᠤ᠋ᠨ ᠬᠢᠵᠠᠭᠠᠷ ᠢ᠋ ᠬᠠᠯᠳᠠᠬᠤ ᠴᠢᠮᠡᠭᠡ ᠪᠣᠢ ᠃ ᠪᠸᠲ᠋ᠠ᠋ ᠤᠯᠤᠰ ᠦᠯᠦ ᠢᠷᠡᠬᠦ ᠴᠦ᠍ ᠮᠠᠭᠠᠳ ᠦᠭᠡᠢ ᠂ ᠪᠸᠲ᠋ᠠ᠋ ᠤᠯᠤᠰ ᠡᠰᠡ ᠢᠷᠡᠪᠡᠰᠦ ᠲᠠᠨ ᠤ᠋ ᠪᠦᠭᠦᠳᠡ ᠴᠡᠷᠢᠭ ᠪᠣᠯᠪᠠᠰᠤᠨ ᠪᠣᠯᠵᠤ ᠂ ᠲᠠ ᠮᠥᠨ ᠤᠯᠤᠰ ᠢ᠋ᠶ᠋ᠠᠨ ᠡᠵᠡᠯᠡᠵᠦ ᠡᠮᠦᠨᠡᠰᠢ ᠬᠠᠨᠳᠤᠨ ᠰᠠᠭᠤᠵᠤ ᠵᠢᠷᠭᠠᠮᠤᠢ ᠃ ᠬᠡᠷᠪᠡ ᠪᠸᠲ᠋ᠠ᠋ ᠤᠯᠤᠰ ᠪᠠᠢᠯᠳᠤᠷ᠎ᠠ ᠢᠷᠡᠪᠡᠰᠦ ᠳᠠᠷᠤᠢ ᠲᠤᠯᠵᠤ ᠪᠠᠢᠯᠳᠤᠮᠤᠢ ᠢ᠋᠎ᠡ !》ᠬᠡᠮᠡᠬᠦᠢ ᠳ᠋ᠦ᠍ᠷ ᠤᠷᠠᠨ ᠵᠠᠩᠭᠤᠤ ᠠᠷᠭ᠎ᠠ ᠦᠭᠡᠢ ᠲᠡᠷᠢᠭᠦᠨ ᠭᠣᠳᠣᠢᠵᠤ ᠦᠭᠡ ᠳᠠᠭᠠᠪᠠ ᠃ ᠡᠭᠦᠨ ᠳ᠋ᠦ᠍ᠷ ᠣᠢᠷᠠᠳ ᠤ᠋ᠨ ᠪᠤᠷᠢᠶᠠᠳ ᠤ᠋ᠨ ᠨᠤᠲᠤᠭ ᠤ᠋ᠨ ᠦᠷᠦᠰᠦᠭᠦᠦᠮᠢ ᠡᠳᠡᠨ ᠦ᠌ ᠰᠡᠳᠬᠢᠯ ᠨᠢᠭᠡᠳᠦᠭᠰᠡᠨ ᠢ᠋ ᠰᠠᠨᠠᠪᠠᠴᠤ ᠡᠭᠡᠭᠦᠯᠦᠨ ᠴᠢᠳᠠᠬᠤ ᠦᠭᠡᠢ ᠶ᠋ᠢ ᠮᠡᠳᠡᠭᠡᠳ ᠭᠡᠷ ᠦ᠋ᠨ ᠠᠮᠠᠨ ᠢ᠋ᠶ᠋ᠠᠨ ᠠᠪᠴᠤ ᠪᠠᠢᠭᠠᠯ ᠲᠠᠩᠭᠢᠰ ᠲᠤᠷ ᠵᠠᠢᠯᠠᠨ ᠡᠴᠢᠪᠡ ᠃ 
      ᠲᠡᠭᠦᠨᠴᠡ ᠤᠷᠠᠨ ᠵᠠᠩᠭᠤᠤ ᠵᠠᠮᠤᠬ᠎ᠠ ᠶ᠋ᠢᠨ ᠬᠠᠭᠠᠴᠠᠭᠤᠯᠬᠤ ᠠᠷᠭ᠎ᠠ ᠳ᠋ᠤᠷ ᠤᠨᠠᠵᠤ ᠪᠠᠰᠠ ᠬᠠᠷ᠎ᠠ ᠪᠡᠷᠬᠡ ᠂ ᠰᠢᠷᠭᠤᠯ ᠪᠠᠷᠳᠠᠩ ᠬᠣᠶᠠᠭᠤᠯᠠ ᠶ᠋ᠢᠨ ᠱᠠᠭᠠᠷᠳᠠᠬᠤᠢ ᠳ᠋ᠤᠷ ᠲᠡᠰᠬᠦ ᠦᠭᠡᠢ ᠠᠷᠪᠠᠨ ᠠᠢᠮᠠᠭ ᠤ᠋ᠨ ᠭᠤᠴᠢᠨ ᠨᠢᠭᠡᠨ ᠨᠤᠲᠤᠭ ᠤᠯᠤᠰ ᠢ᠋ ᠨᠡᠢᠯᠡᠭᠦᠯᠦᠨ ᠰᠢᠯᠭᠠᠵᠤ ᠂ ᠴᠢᠭᠢᠷᠠᠭ ᠴᠡᠷᠢᠭ ᠭᠤᠷᠪᠠᠨ ᠲᠦᠮᠡ ᠣᠯᠵᠤ ᠂ ᠳᠠᠷᠤᠢ ᠴᠠᠨ᠎ᠠ ᠶ᠋ᠢᠨ ᠲᠠᠯ᠎ᠠ ᠳ᠋ᠤᠷ ᠰᠠᠢᠨ ᠰᠢᠷᠣᠢ ᠶ᠋ᠢ ᠦᠵᠡᠵᠦ ᠤᠨᠠᠭᠤᠯᠢ ᠡᠷᠦᠵᠦ ᠭᠤᠷᠪᠠᠨ ᠳᠠᠪᠬᠤᠷ ᠬᠠᠯᠬᠠᠪᠴᠢ ᠳᠡᠯᠡᠳᠴᠦ ᠬᠦᠷᠢᠶ᠎ᠡ ᠪᠠᠭᠤᠭᠠᠳ ᠭᠠᠳᠠᠭᠤᠷ ᠪᠠᠰᠠ ᠬᠡᠷᠡᠮ ᠳᠡᠯᠡᠳᠴᠦ ᠮᠣᠷᠢ ᠤᠨᠠᠭᠠᠬᠤ ᠭᠣᠣ ᠲᠠᠲᠠᠵᠤ ᠂ ᠳᠡᠭᠡᠭᠦᠷ ᠪᠤᠷᠭᠠᠰᠤ ᠪᠠᠷ ᠪᠦᠷᠬᠦᠨ ᠰᠢᠷᠣᠢ ᠶ᠋ᠢ ᠰᠠᠴᠤᠭᠠᠳ ᠪᠦᠷᠢᠨ ᠪᠣᠯᠤᠭᠰᠠᠨ ᠳ᠋ᠤᠷ ᠵᠠᠮᠤᠬ᠎ᠠ ᠥᠭᠦᠯᠡᠷᠦᠨ : 《ᠬᠠᠷᠢᠨ ᠲᠤᠷᠰᠢᠭᠤᠯ ᠤ᠋ᠨ ᠮᠣᠷᠢ ᠲᠠᠯᠪᠢᠵᠤ ᠂ ᠮᠠᠨ ᠤ᠋ ᠬᠡᠷᠡᠢᠳ ᠪᠠ ᠲᠠᠨ ᠤ᠋ ᠥᠪᠡᠷ ᠲᠣᠷ ᠠᠳᠠᠯᠢ ᠪᠠᠷ ᠰᠣᠨᠣᠰᠬᠠᠵᠤ ᠪᠠᠢᠭᠲᠤᠨ ᠂ ᠪᠸᠲ᠋ᠠ᠋ ᠤᠯᠤᠰ ᠤ᠋ᠨ ᠴᠡᠷᠢᠭ ᠦ᠋ᠨ ᠬᠥᠳᠡᠯᠬᠦ ᠡᠳᠦᠷ ᠢ᠋ ᠣᠯᠤᠮᠠᠭᠴᠠ ᠮᠠᠨ ᠤ᠋ ᠬᠣᠶᠠᠷ ᠲᠦᠮᠡᠨ ᠴᠡᠷᠢᠭ ᠮᠠᠭᠠᠳ ᠭᠤᠷᠪᠠᠨ ᠡᠳᠦᠷ ᠦ᠋ᠨ ᠳᠣᠲᠣᠷ᠎ᠠ ᠮᠣᠷᠳᠠᠵᠤ ᠲᠠᠨ ᠢ᠋ ᠲᠤᠰᠠᠯᠠᠷ᠎ᠠ ᠢᠷᠡᠪᠡᠰᠦ ᠪᠠᠷᠠᠪᠠ ᠂ ᠡᠳᠦᠷ ᠪᠥᠭᠡᠰᠦ ᠰᠢᠷ᠎ᠠ ᠯᠤᠤᠲᠤ ᠳᠠᠯᠪᠠᠭ᠎ᠠ ᠪᠠᠷ ᠲᠡᠮᠳᠡᠭ ᠪᠣᠯᠭᠠᠵᠤ ᠲᠠᠨᠢᠲᠤᠭᠠᠢ ᠂ ᠰᠥᠨᠢ ᠪᠣᠯᠪᠠᠰᠤ ᠲᠡᠮᠡᠭᠡᠨ ᠦ᠌ ᠲᠣᠯᠣᠭᠠᠢ ᠳ᠋ᠤᠷ ᠴᠠᠭᠠᠨ ᠵᠤᠯᠠ ᠤᠶᠠᠬᠤ ᠪᠠᠷ ᠲᠠᠨᠢᠭᠲᠤᠨ ᠃ ᠡᠨᠡ ᠤᠳᠠᠭ᠎ᠠ ᠳ᠋ᠤᠷ ᠪᠸᠲ᠋ᠠ᠋ ᠤᠯᠤᠰ ᠢ᠋ ᠠᠷᠤ ᠥᠪᠥᠷ ᠡᠴᠡ ᠯᠠᠪ ᠪᠠᠢᠯᠳᠤᠵᠤ ᠡᠪᠳᠡᠮᠦᠢ ᠃》ᠭᠡᠮᠡᠨ ᠵᠥᠪᠳᠡᠭᠡᠳ ᠳᠠᠷᠤᠢ ᠬᠡᠷᠡᠢᠳ ᠤᠯᠤᠰ ᠤ᠋ᠨ ᠵᠦᠭ ᠳᠣᠪᠲᠣᠯᠤᠨ ᠡᠭᠡᠪᠡ ᠃ 
      ᠲᠡᠭᠦᠨᠴᠡ ᠪᠸᠲ᠋ᠠ᠋ ᠤᠯᠤᠰ ᠤ᠋ᠨ ᠵᠢᠨᠦᠩ ᠮᠤᠬᠤᠯᠢ ᠂ ᠭᠡᠨᠡᠳᠲᠡ ᠵᠠᠷᠤᠳ ᠬᠣᠲᠠ ᠶ᠋ᠢᠨ ᠸᠠᠩᠴᠤᠭ ᠬᠠᠭᠠᠨ ᠤ᠋ ᠬᠢᠵᠠᠭᠠᠷ ᠢ᠋ ᠬᠠᠯᠳᠠᠨ ᠪᠠᠢᠯᠳᠤᠬᠤ ᠪᠢᠴᠢᠭ ᠬᠦᠷᠴᠦ ᠢᠷᠡᠭᠰᠡᠨ᠎ᠡ ᠲᠠᠢᠽᠦ ᠳ᠋ᠦ᠍ᠷ ᠮᠡᠳᠡᠭᠦᠯᠵᠦ ᠂ ᠮᠤᠬᠤᠯᠢ ᠴᠡᠷᠢᠭ ᠠᠪᠤᠨ ᠣᠯᠣᠭᠠᠢ ᠠᠭᠤᠯᠠ ᠳ᠋ᠤᠷ ᠰᠡᠷᠭᠡᠢᠯᠡᠷ᠎ᠡ ᠮᠣᠷᠳᠠᠭᠠᠳ ᠳᠠᠷᠤᠴᠠᠪᠡᠷ ᠪᠠᠰᠠ ᠡᠩᠭᠦᠳ ᠦ᠋ᠨ ᠪᠠᠢᠯᠳᠤᠬᠤ ᠪᠢᠴᠢᠭ ᠬᠦᠷᠴᠦ ᠢᠷᠡᠭᠰᠡᠨ ᠳ᠋ᠦ᠍ᠷ ᠲᠣᠷᠭᠠᠨ ᠰᠢᠷ᠎ᠠ ᠲᠠᠢᠽᠦ ᠳ᠋ᠦ᠍ᠷ ᠮᠡᠳᠡᠭᠦᠯᠦᠭᠰᠡᠨ᠎ᠡ ᠂ ᠲᠠᠢᠽᠦ ᠶᠡᠬᠡᠯ᠎ᠡ ᠰᠡᠵᠢᠭᠯᠡᠵᠦ ᠥᠭᠦᠯᠡᠷᠦᠨ : 《ᠡᠩᠭᠦᠳ ᠦ᠋ᠨ ᠠᠷᠪᠠᠨ ᠠᠢᠮᠠᠭ ᠭᠤᠴᠢᠨ ᠨᠢᠭᠡᠨ ᠨᠤᠲᠤᠭ ᠤᠯᠤᠰ ᠢ᠋ ᠵᠠᠬᠢᠷᠬᠤ ᠤᠷᠠᠨ ᠵᠠᠩᠭᠤᠤ ᠬᠡᠮᠡᠭᠴᠢ ᠮᠠᠰᠢ ᠨᠢᠭᠡᠨ ᠨᠣᠮᠣᠬᠠᠨ ᠰᠢᠳᠤᠷᠭᠤ ᠬᠢᠴᠢᠶᠡᠩᠭᠦᠢ ᠪᠣᠯᠭᠣᠮᠵᠢᠲᠠᠢ ᠬᠥᠮᠦᠨ ᠪᠥᠯᠥᠭᠡ ᠃ ᠡᠨᠡ ᠬᠡᠷᠡᠭ ᠮᠠᠰᠢ ᠰᠡᠵᠢᠭᠯᠡᠯᠲᠡᠢ ᠃》ᠬᠡᠮᠡᠭᠡᠳ ᠢᠷᠡᠭᠰᠡᠨ ᠡᠯᠴᠢ ᠶ᠋ᠢ ᠳᠠᠭᠤᠳᠠᠨ ᠣᠷᠣᠭᠤᠯᠵᠤ ᠤᠷᠪᠠᠭᠰᠠᠨ ᠤᠴᠢᠷ ᠢ᠋ ᠠᠰᠠᠭᠤᠪᠠᠰᠤ ᠂ ᠲᠡᠷᠡ ᠢᠷᠡᠭᠰᠡᠨ ᠡᠯᠴᠢ ᠬᠠᠷᠢᠨ ᠨᠢᠭᠡᠨ ᠠᠮ ᠬᠥᠮᠦᠨ ① ᠪᠣᠯᠤᠭᠰᠠᠨ ᠳ᠋ᠤᠷ ᠲᠠᠢᠽᠦ ᠨᠡᠩ ᠰᠡᠵᠢᠭᠯᠡᠵᠦ ᠂ ᠵᠡᠯᠮ᠎ᠡ ᠶ᠋ᠢ ᠳᠠᠭᠤᠳᠠᠵᠤ ᠵᠠᠬᠢᠷᠤᠨ : ᠠᠮ ᠬᠥᠮᠦᠨ ᠢ᠋ᠶ᠋ᠡᠷ ᠠᠯᠠᠯᠳᠤᠬᠤ ᠪᠢᠴᠢᠭ ᠬᠦᠷᠭᠡᠭᠦᠯᠦᠭᠰᠡᠨ ᠢᠨᠤ ᠠᠳᠠᠪᠠᠰᠢ ᠮᠠᠰᠢ ᠬᠥᠭᠡᠷᠦᠬᠦᠢ ᠪᠠᠢᠨᠠᠮ ᠃ ᠠᠷᠢᠬᠢ ᠮᠢᠬ᠎ᠠ ᠴᠠᠳᠲᠠᠯ᠎ᠠ ᠢᠳᠡᠭᠦᠯᠵᠦ ᠬᠦᠨᠳᠦ ᠱᠠᠩ ᠥᠭᠴᠦ ᠦᠵᠡᠭᠦᠯ ᠭᠡᠮᠡᠨ ᠭᠠᠷᠭᠠᠭᠠᠳ ᠣᠶᠤᠲᠤ ᠰᠡᠴᠡᠨ ᠢ᠋  ᠳᠠᠭᠤᠳᠠᠵᠤ ᠵᠠᠬᠢᠷᠤᠨ ᠠᠮ  ᠬᠥᠮᠦᠨ ᠡᠯᠴᠢ ᠳ᠋ᠦ᠍ᠷ ᠢᠷᠡᠬᠦ ᠶᠣᠰᠣ ᠦᠭᠡᠢ ᠂ ᠠᠯᠭᠠᠰᠠᠯ ᠦᠭᠡᠢ ᠤᠴᠢᠷ ᠪᠣᠢ ᠂ ᠠᠷᠭ᠎ᠠ ᠪᠠᠷ ᠶᠠᠪᠤᠵᠤ ᠠᠮᠠ ᠠᠯᠳᠠᠭᠤᠯᠪᠠᠰᠤ᠂ ᠠᠯᠢᠪᠠ ᠠᠷᠭ᠎ᠠ ᠶ᠋ᠢ ᠮᠡᠳᠡᠪᠡᠰᠦ ᠪᠣᠯᠤᠮᠤᠢ᠂ ᠪᠢᠲᠡᠭᠡᠢ ᠵᠠᠨᠴᠢᠵᠤ ᠠᠯᠠᠬᠤ ᠪᠠᠷ ᠲᠡᠩᠭᠡᠭᠦᠯᠦᠨ ᠵᠤᠪᠠᠭ᠎ᠠ ᠂ ᠦᠨᠡᠬᠡᠷ ᠠᠮ ᠬᠥᠮᠦᠨ ᠮᠥᠨ ᠪᠣᠯᠪᠠᠰᠤ ᠬᠢᠯᠢᠰ ᠪᠣᠯᠬᠤ ᠦᠭᠡᠢ ᠦᠦ ? ᠰᠠᠢᠨ ᠡᠷ᠎ᠡ ᠬᠢᠯᠢᠰ ᠬᠡᠷᠡᠭ ᠢ᠋ ᠦᠰᠦᠨ ᠦ᠌ ᠲᠡᠳᠦᠢ ᠦᠯᠦ ᠶᠠᠪᠤᠮᠤᠢ ᠬᠡᠮᠡᠭᠰᠡᠨ᠎ᠡ ᠂ ᠣᠶᠤᠲᠤ ᠰᠡᠴᠡᠨ ᠵᠠᠬᠢᠶ᠎ᠠ ᠶ᠋ᠢ ᠬᠦᠯᠢᠶᠡᠨ ᠠᠪᠴᠤ ᠡᠴᠢᠭᠡᠳ ᠡᠩᠭᠦᠳ ᠦ᠋ᠨ ᠡᠯᠴᠢ ᠶ᠋ᠢ ᠱᠠᠪᠠᠩ ᠬᠥᠭᠵᠢᠮᠴᠢ ᠶ᠋ᠢᠨ ᠥᠷᠭᠥᠭᠡ ᠶ᠋ᠢᠨ ᠬᠠᠵᠠᠭᠤᠳᠠ ᠠᠷᠢᠬᠢ ᠤᠤᠭᠤᠯᠭᠠᠨ ᠶᠡᠬᠡᠯ᠎ᠡ ᠰᠣᠭᠲᠣᠭᠠᠵᠤ ᠂ ᠣᠶᠤᠲᠤ ᠰᠡᠴᠡᠨ ᠥᠭᠦᠯᠡᠷᠦᠨ :  《ᠮᠠᠨ ᠤ᠋ ᠤᠯᠤᠰ ᠬᠣᠭᠣᠷᠣᠨᠳᠣ ᠶ᠋ᠢᠨ ᠡᠯᠴᠢ ᠶ᠋ᠢ ᠦᠯᠦ ᠵᠣᠪᠠᠭᠠᠮᠤᠢ ᠂ ᠴᠢ ᠰᠣᠭᠲᠣᠲᠠᠯ᠎ᠠ ᠤᠤᠭᠤᠵᠤ ᠮᠠᠷᠭᠠᠲᠠ ᠡᠵᠡᠨ ᠦ᠌ ᠬᠡᠰᠢᠭ ᠲᠣᠷ ᠬᠦᠷᠲᠡᠭᠡᠳ ᠬᠠᠷᠢᠲᠤᠭᠠᠢ ᠃ 》ᠭᠡᠮᠡᠨ ᠯᠠᠭ ᠪᠣᠯᠲᠠᠯ᠎ᠠ ᠤᠨᠠᠭᠠᠵᠤ ᠰᠣᠭᠲᠣᠭᠠᠪᠠᠢ ᠃ ᠡᠨᠡ ᠡᠯᠴᠢ ᠶᠡᠬᠡᠯ᠎ᠡ ᠰᠣᠭᠲᠣᠵᠤ ᠦᠵᠡᠪᠡᠰᠦ ᠡᠳᠡ ᠮᠥᠨ ᠲᠡᠭᠦᠨ ᠢ᠋ ᠳᠡᠮᠡᠢ ᠬᠡᠷᠡᠭ ᠪᠣᠯᠭᠠᠬᠤ ᠦᠭᠡᠢ ᠳ᠋ᠦ᠍ᠷ ᠰᠡᠳᠬᠢᠯ ᠰᠤᠯᠠ ᠪᠣᠯᠵᠤ ᠂ ᠰᠥᠨᠢ ᠣᠯᠠᠨ ᠬᠥᠭᠵᠢᠮᠴᠢ ᠨᠠᠷ ᠪᠦᠭᠦᠳᠡᠭᠡᠷ ᠠᠷᠢᠬᠢᠳᠠᠵᠤ ᠳᠠᠭᠤᠯᠠᠯᠴᠠᠬᠤᠢ ᠳ᠋ᠤᠷ ᠡᠨᠡ ᠠᠮ ᠬᠥᠮᠦᠨ ᠰᠠᠨᠠᠭᠠᠨ ᠳ᠋ᠤ᠌ ᠦᠭᠡᠢ ᠴᠡᠭᠡᠷᠯᠡᠯ ᠢ᠋ᠶ᠋ᠡᠨ ᠤᠮᠠᠷᠲᠠᠵᠤ ᠦᠭᠡ ᠭᠠᠷᠴᠤ ᠰᠧ ᠨᠡᠢᠲᠦ ᠭᠡᠮᠡᠨ ᠳᠠᠭᠤᠯᠠᠭᠠᠳ ᠬᠠᠭᠠᠰ ᠴᠠᠭ ᠪᠣᠯᠵᠤ ᠂ ᠣᠶᠤᠲᠤ ᠰᠡᠴᠡᠨ ᠶᠡᠬᠡᠯ᠎ᠡ ᠢᠨᠢᠶᠡᠨ ᠲᠡᠭᠦᠨ ᠢ᠋ ᠪᠠᠷᠢᠭᠤᠯᠬᠤᠢ ᠳ᠋ᠤᠷ ᠲᠡᠷᠡ ᠰᠠᠶᠢ ᠰᠠᠨᠠᠭᠠᠯᠵᠠᠨ ᠭᠠᠷ ᠢ᠋ᠶ᠋ᠠᠷ ᠠᠮᠠ ᠪᠠᠨ ᠪᠥᠭᠯᠡᠪᠡᠢ ᠃ ᠡᠭᠦᠨ ᠳ᠋ᠦ᠍ ᠵᠡᠯᠮ᠎ᠡ ᠮᠥᠨ ᠢᠨᠢᠶᠡᠳᠦᠨ ᠠᠯᠳᠠᠵᠤ ᠂ ᠲᠡᠭᠦᠨ ᠢ᠋ ᠦᠨᠡᠨ ᠢ᠋ ᠡᠰᠡ ᠬᠡᠯᠡᠪᠡᠰᠦ ᠲᠦᠯᠬᠢᠨ ᠭᠠᠷᠭᠠᠵᠤ ᠣᠭᠲᠣᠴᠢᠨ ᠠᠯᠠ ᠬᠡᠮᠡᠭᠰᠡᠨ ᠳ᠋ᠦ᠍ᠷ ᠲᠡᠷᠡ ᠡᠯᠴᠢ ᠠᠷᠭ᠎ᠠ ᠦᠭᠡᠢ ᠠᠮᠢᠨ ᠢ᠋ ᠬᠡᠯᠲᠦᠷᠢᠰᠦᠭᠡᠢ ᠭᠡᠮᠡᠨ ᠴᠢᠨᠠᠭ᠍ᠰᠢ ᠢᠨᠠᠭ᠍ᠰᠢ ᠶ᠋ᠢᠨ ᠬᠣᠶᠠᠷ ᠡᠯᠴᠢ ᠴᠥᠮ ᠢ᠋ᠶ᠋ᠠᠷ ᠵᠠᠮᠤᠬ᠎ᠠ ᠶ᠋ᠢᠨ ᠬᠠᠭᠤᠷᠮᠠᠭ ᠡᠯᠴᠢ ᠪᠠ ᠵᠢᠴᠢ ᠵᠠᠷᠤᠳ ᠬᠣᠲᠠ ᠶ᠋ᠢᠨ ᠸᠠᠩᠴᠣᠭ ᠬᠠᠭᠠᠨ ᠤ᠋ ᠡᠯᠴᠢ ᠴᠦ᠍ ᠮᠥᠨ ᠴᠥᠮ ᠵᠠᠮᠤᠬ᠎ᠠ ᠶ᠋ᠢᠨ ᠬᠠᠭᠤᠷᠮᠠᠭ ᠡᠯᠴᠢ ᠶ᠋ᠢ ᠨᠢ ᠨᠦ᠍ ᠥᠭᠡᠶ᠎ᠡ ᠪᠦᠷᠢᠨ᠎ᠡ ᠲᠣᠭᠠᠴᠢᠨ ᠭᠠᠷᠭᠠᠭᠰᠠᠨ ᠳ᠋ᠤᠷ ᠵᠡᠯᠮ᠎ᠡ ᠵᠢᠴᠢ ᠥᠷᠯᠥᠭᠡ ᠲᠠᠢᠽᠦ ᠳ᠋ᠦ᠍ᠷ ᠮᠡᠳᠡᠭᠦᠯᠵᠦ ᠂ ᠬᠡᠷᠡᠢᠳ ᠦ᠋ᠨ ᠴᠡᠷᠢᠭ ᠮᠥᠨ ᠬᠥᠳᠡᠯᠬᠦ ᠶ᠋ᠢ ᠮᠡᠳᠡᠵᠦ ᠂ ᠲᠡᠷᠡ ᠠᠮ ᠡᠯᠴᠢ ᠶ᠋ᠢ ᠰᠤᠷᠭᠠᠨ ᠥᠭᠦᠯᠡᠷᠦᠨ : ᠠᠭᠲᠠ ᠶ᠋ᠢ ᠠᠯᠳᠠᠪᠠᠰᠤ ᠪᠠᠷᠢᠵᠤ ᠪᠣᠯᠤᠮᠤᠢ ᠂ ᠠᠮᠠᠨ ᠢ᠋ ᠠᠯᠳᠠᠪᠠᠰᠤ ᠪᠠᠷᠢᠬᠤᠶ᠎ᠠ ᠪᠡᠷᠬᠡ ᠂ ᠴᠢ ᠨᠢᠭᠡᠨᠲᠡ ᠦᠨᠡᠨ ᠢ᠋ᠶ᠋ᠡᠨ ᠬᠡᠯᠡᠭᠰᠡᠨ ᠲᠤᠯᠠ ᠴᠢᠨᠦ ᠠᠮᠢᠨ ᠢ᠋ ᠬᠡᠯᠲᠦᠷᠢᠭᠦᠯᠦᠶ᠎ᠡ ᠂ ᠴᠢ ᠡᠭᠡᠭᠰᠡᠨ ᠬᠣᠢᠨ᠎ᠠ ᠠᠮᠠ ᠠᠯᠳᠠᠭᠰᠠᠨ ᠢ᠋ᠶ᠋ᠠᠨ ᠰᠡᠷᠡᠭᠳᠡᠪᠡᠰᠦ ᠯᠠᠪ ᠠᠯᠠᠭᠳᠠᠮᠤᠢ᠂ ᠰᠠᠢᠬᠠᠨ ᠬᠢᠴᠢᠶᠡ !》ᠬᠡᠮᠡᠵᠦ ᠂ ᠱᠠᠩ ᠥᠭᠴᠦ ᠢᠯᠡᠭᠡᠭᠡᠳ ᠨᠢᠭᠡᠨᠲᠡᠭᠡᠭᠦᠷ ᠵᠢᠨᠦᠩ ᠮᠤᠬᠤᠯᠢ ᠶ᠋ᠢᠨ ᠬᠣᠢᠨ᠎ᠠ ᠠ᠋ᠴᠠ ᠡᠨᠡ ᠮᠡᠳᠡᠭᠡ ᠶ᠋ᠢ ᠳᠣᠪᠲᠣᠯᠭᠠᠨ ᠢᠯᠡᠭᠡᠵᠦ ᠂ ᠴᠡᠷᠢᠭ ᠡᠭᠡᠵᠦ ᠬᠡᠷᠡᠢᠳ ᠦ᠋ᠨ ᠴᠡᠷᠢᠭ ᠢ᠋ ᠳᠤᠯ ᠬᠡᠮᠡᠭᠡᠳ ᠨᠢᠭᠡᠨᠲᠡᠭᠡᠭᠦᠷ ᠲᠠᠢᠽᠦ ᠪᠡᠯᠡᠨ ᠪᠦᠬᠦᠢ ᠵᠠᠩᠵᠤᠨ ᠴᠡᠷᠢᠭ ᠢ᠋ ᠬᠣᠶᠠᠷ ᠠᠩᠭᠢ ᠲᠡᠭᠰᠢᠯᠡᠵᠦ ᠂ ᠲᠣᠷᠭᠠᠨ ᠰᠢᠷ᠎ᠠ ᠂ ᠪᠤᠭᠤᠷᠵᠢ ᠬᠣᠶᠠᠭᠤᠯᠠ ᠪᠠᠷ ᠤᠯᠤᠰ ᠢ᠋ ᠰᠠᠬᠢᠭᠤᠯᠵᠤ ᠂ ᠨᠢᠭᠡᠨ ᠬᠠᠭᠠᠰ ᠢ᠋ ᠥᠪᠡᠷ ᠢ᠋ᠶ᠋ᠡᠨ ᠠᠪᠴᠤ ᠫᠤᠤ ᠲᠠᠯᠪᠢᠨ ᠡᠩᠭᠦᠳ ᠬᠡᠷᠡᠢᠳ ᠦ᠋ᠨ ᠨᠡᠢᠯᠡᠬᠦ ᠶ᠋ᠢᠨ ᠤᠷᠢᠳ ᠬᠦᠷᠴᠦ ᠡᠪᠳᠡᠰᠦᠭᠡᠢ ᠭᠡᠮᠡᠨ ᠮᠣᠷᠳᠠᠪᠠ ᠃ 
– – – –
 ① ᠠᠮ ᠬᠥᠮᠦᠨ ᠬᠡᠮᠡᠭᠴᠢ ᠶᠠᠪᠠ ᠶ᠋ᠢ ᠬᠡᠯᠡᠮᠦᠢ ᠃ 

      ᠡᠭᠦᠨ ᠢ᠋ ᠲᠦᠷ ᠵᠣᠭᠰᠣᠵᠤ ᠬᠡᠷᠡᠢᠳ ᠢ᠋ ᠥᠭᠦᠯᠡᠬᠦ ᠢᠨᠦ᠂ ᠲᠡᠭᠦᠨᠴᠡ ᠵᠠᠮᠤᠬ᠎ᠠ ᠂ ᠬᠡᠷᠡᠢᠳ ᠲᠣᠷ ᠡᠭᠡᠵᠦ ᠢᠯᠠᠭᠤ ᠳ᠋ᠤᠷ ᠵᠣᠯᠭᠠᠵᠤ᠂ ᠵᠠᠷᠤᠳ ᠪᠠ ᠡᠩᠭᠦᠳ ᠢ᠋ ᠴᠥᠮ ᠪᠸᠲ᠋ᠠ᠋ ᠤᠯᠤᠰ ᠲᠤᠷ ᠳᠠᠢᠰᠤᠨ ᠪᠣᠯᠭᠠᠨ ᠴᠢᠳᠠᠭᠰᠠᠨ ᠢ᠋ᠶ᠋ᠠᠨ ᠲᠣᠭᠠᠴᠢᠵᠤ :《ᠡᠳᠦᠭᠡ ᠡᠩᠭᠦᠳ ᠬᠡᠷᠪᠡ ᠪᠸᠲ᠋ᠠ᠋ ᠤᠯᠤᠰ ᠢ᠋ ᠡᠪᠳᠡᠨ ᠴᠢᠳᠠᠪᠠᠰᠤ ᠪᠢᠳᠡᠨ ᠳᠠᠷᠤᠢ ᠬᠠᠪᠰᠤᠷᠤᠨ ᠣᠷᠣᠵᠤ᠂ ᠪᠸᠲ᠋ᠠ᠋ ᠤᠯᠤᠰ ᠢ᠋ ᠮᠥᠬᠥᠭᠡᠭᠡᠳ ᠨᠡᠢᠲᠡ ᠶ᠋ᠢ ᠡᠵᠡᠯᠡᠰᠦᠭᠡᠢ᠂ ᠬᠡᠷᠪᠡ ᠡᠩᠭᠦᠳ ᠳᠡᠢᠯᠦᠭᠳᠡᠪᠡᠰᠦ ᠪᠢᠳᠡ ᠵᠠᠪᠰᠠᠷ ᠤ᠋ᠨ ᠠᠰᠢᠭ᠋ ᠢ᠋ ᠣᠯᠵᠠᠯᠠᠨ ᠡᠭᠡᠶ᠎ᠡ ! 》ᠬᠡᠮᠡᠭᠰᠡᠨ ᠳ᠋ᠦ᠍ᠷ ᠰᠢᠨ᠎ᠡ ᠸᠠᠩ ᠢᠯᠠᠭᠤ ᠶᠡᠬᠡᠯ᠎ᠡ ᠪᠠᠶᠠᠷᠯᠠᠵᠤ᠂ ᠡᠴᠢᠭᠡ ᠡᠴᠡ ᠪᠡᠨ ᠳᠠᠯᠳᠠᠭᠤᠷ ᠬᠣᠶᠠᠷ ᠲᠦᠮᠡᠨ ᠲᠠᠪᠤᠨ ᠮᠢᠩᠭᠠᠨ ᠴᠡᠷᠢᠭ ᠠᠪᠴᠤ ᠨᠠᠢ᠍ᠮᠠᠨ ᠢ᠋ ᠰᠡᠷᠭᠡᠢᠯᠡᠮᠦᠢ ᠭᠡᠮᠡᠨ ᠰᠢᠯᠲᠠᠨ ᠳᠠᠷᠤᠢ ᠮᠣᠷᠳᠠᠵᠤ᠂ ᠡᠩᠭᠦᠳ ᠦ᠋ᠨ ᠵᠦᠭ ᠵᠣᠷᠢᠪᠠ ᠃ 
      ᠲᠡᠭᠦᠨᠴᠡ ᠦᠯᠢᠶᠡᠨ ᠭᠣᠣᠯ ᠂ ᠣᠯᠣᠭᠠᠢ ᠠᠭᠤᠯᠠᠨ᠎ᠠ ᠮᠣᠷᠳᠠᠭᠰᠠᠨ ᠪᠸᠲ᠋ᠠ᠋ ᠤᠯᠤᠰ ᠤ᠋ᠨ ᠵᠢᠨᠦᠩ ᠮᠤᠬᠤᠯᠢ ᠂ ᠵᠠᠮ ᠤ᠋ᠨ ᠵᠠᠭᠤᠷ᠎ᠠ ᠨᠡᠬᠡᠵᠦ ᠢᠷᠡᠭᠰᠡᠨ ᠮᠡᠳᠡᠭᠡ ᠶ᠋ᠢ ᠣᠯᠵᠤ ᠠᠷᠠᠢ ᠵᠠᠮᠤᠬ᠎ᠠ ᠬᠤᠢᠬᠤᠷ ᠤ᠋ᠨ ᠠᠷᠭ᠎ᠠ ᠳ᠋ᠤᠷ ᠡᠰᠡ ᠤᠨᠠᠪᠠ᠂ ᠡᠵᠡᠨ ᠦᠨᠡᠬᠡᠷ ᠬᠤᠪᠢᠯᠭᠠᠨ ᠮᠠᠲᠠᠯ ᠬᠡᠲᠦᠢᠳᠴᠦᠬᠦᠢ ᠭᠡᠮᠡᠨ ᠶᠠᠭᠠᠷᠠᠨ ᠶᠡᠬᠡ ᠴᠡᠷᠢᠭ ᠢ᠋ ᠡᠭᠡᠭᠦᠯᠵᠦ ᠂ ᠨᠢᠭᠡᠨᠲᠡᠭᠡᠭᠦᠷ ᠬᠡᠷᠡᠢᠳ ᠢ᠋ ᠮᠡᠳᠡᠭᠡᠴᠢᠯᠡᠨ᠂ ᠨᠢᠭᠡᠨᠲᠡᠭᠡᠭᠦᠷ ᠴᠡᠷᠢᠭ ᠬᠤᠪᠢᠶᠠᠨ ᠲᠠᠢᠽᠦ ᠶ᠋ᠢᠨ ᠬᠣᠢᠨ᠎ᠠ ᠠ᠋ᠴᠠ ᠲᠤᠰᠠᠯᠠᠷ᠎ᠠ ᠢᠯᠡᠭᠡᠵᠦ᠂ ᠥᠪᠡᠷ ᠦ᠋ᠨ ᠪᠡᠶ᠎ᠡ ᠨᠢᠭᠡᠨ ᠠᠩᠭᠢ ᠵᠠᠩᠵᠤᠨ ᠴᠡᠷᠢᠭ ᠢ᠋ ᠠᠪᠴᠤ ᠬᠡᠷᠡᠢᠳ ᠦ᠋ᠨ ᠵᠠᠮ ᠢ᠋ ᠲᠣᠰᠴᠤ ᠡᠪᠳᠡᠬᠦ ᠠᠷᠭ᠎ᠠ ᠶ᠋ᠢ ᠪᠡᠯᠡᠳᠬᠡᠪᠡ᠃ ᠲᠡᠨᠳᠡᠴᠡ ᠲᠠᠢᠽᠦ ᠲᠥᠷᠥᠯ ᠦ᠋ᠨ ᠲᠣᠭᠲᠣᠩᠭᠣ᠌ ᠪᠠᠭᠠᠲᠤᠷ ᠂ ᠰᠥᠨᠢᠳ ᠦ᠋ᠨ ᠰᠥᠪᠡᠭᠡᠲᠡᠢ ᠪᠠᠭᠠᠲᠤᠷ ᠬᠣᠶᠠᠷ ᠵᠠᠯᠠᠭᠤ ᠵᠠᠩᠵᠤᠨ ᠳ᠋ᠤᠷ ᠬᠣᠶᠠᠷ ᠮᠢᠩᠭᠠᠨ ᠴᠡᠷᠢᠭ ᠥᠭᠴᠦ ᠮᠣᠷᠳᠠᠭᠤᠯᠤᠭᠠᠳ ᠵᠠᠮ ᠨᠡᠭᠡᠭᠡᠬᠦ ᠬᠣᠰᠢᠭᠤᠴᠢ ᠪᠣᠯᠭᠠᠵᠤ ᠂ ᠮᠤᠬᠤᠯᠢ ᠶ᠋ᠢᠨ ᠳᠡᠭᠦᠦ ᠲᠡᠢᠨ ᠰᠠᠩ ᠂ ᠴᠢᠯᠠᠭᠤᠨ ᠤ᠋ ᠳᠡᠭᠦᠦ ᠴᠢᠮᠪᠢ ᠲᠡᠮᠦᠷ ᠂ ᠮᠡᠩᠭᠡᠯᠢᠭ ᠦ᠋ᠨ ᠬᠣᠶᠠᠷ ᠬᠥᠪᠡᠭᠦᠨ ᠠᠯᠤᠬ᠎ᠠ ᠂ ᠰᠦᠬᠡ ᠂ ᠵᠡᠪᠡ ᠶ᠋ᠢᠨ ᠶᠡᠬᠡ ᠬᠥᠪᠡᠭᠦᠨ ᠬᠠᠳᠤ ᠲᠡᠮᠦᠷ ᠂ ᠴᠤᠤ ᠮᠡᠷᠭᠡᠨ ᠦ᠌ ᠶᠡᠬᠡ ᠬᠥᠪᠡᠭᠦᠨ ᠬᠣᠪᠣᠯᠠᠢ ᠂ ᠴᠢᠨᠳᠠᠭᠠᠨ᠎ᠠ ᠰᠡᠴᠡᠨ ᠦ᠌ ᠬᠥᠪᠡᠭᠦᠨ ᠸᠡᠢᠵᠢᠩ ᠂ ᠬᠤᠳᠠᠭᠠᠨ᠎ᠠ ᠪᠡᠬᠢ ᠶ᠋ᠢᠨ ᠶᠡᠬᠡ ᠬᠥᠪᠡᠭᠦᠨ ᠬᠦᠳᠡᠷ ᠪᠦᠰᠡ ᠂ ᠵᠢᠴᠢ ᠰᠢᠳᠠᠷ ᠰᠤᠪᠢᠯᠠᠭᠴᠢ ᠣᠶᠤᠲᠤ ᠰᠡᠴᠡᠨ ᠂ ᠣᠶᠤᠨ ᠭᠤᠸ᠎ᠠ ᠂ ᠰᠠᠢᠬᠠᠨ ᠰᠤᠷᠲᠠᠯᠲᠤ ᠂ ᠲᠡᠭᠦᠰᠴᠦᠭ᠍ᠲᠤ ᠠᠷᠪᠠᠨ ᠬᠣᠶᠠᠷ ᠵᠠᠯᠠᠭᠤ ᠵᠠᠩᠵᠤᠨ ᠨᠠᠷ ᠢ᠋ ᠠᠪᠴᠤ ᠳᠡᠭᠦᠦ ᠬᠦᠷᠭᠡᠨ ᠪᠣᠱᠣᠭᠲᠤ ᠪᠤᠲ᠋ᠤ ᠮᠡᠷᠭᠢᠳ ᠦ᠋ᠨ ᠮᠠᠩᠨᠤᠭᠲᠤ ᠬᠣᠶᠠᠷ ᠠᠢᠮᠠᠭ ᠤ᠋ᠨ ᠴᠡᠷᠢᠭ ᠯᠤᠭᠡ ᠨᠡᠢᠲᠡ ᠭᠤᠷᠪᠠᠨ ᠲᠦᠮᠡᠨ ᠴᠡᠷᠢᠭ ᠪᠣᠯᠭᠠᠵᠤ ᠮᠣᠷᠳᠠᠭᠰᠠᠨ ᠠᠵᠤᠭᠤ ᠃  
      ᠵᠢᠨᠦᠩ ᠮᠤᠬᠤᠯᠢ ᠤᠯᠤᠰ ᠲᠤᠷ ᠡᠭᠡᠵᠦ ᠡᠵᠡᠨ ᠦ᠌ ᠳᠠᠭᠠᠭᠤᠯᠤᠨ ᠠᠪᠠᠴᠢᠭ᠍ᠰᠠᠨ ᠠᠨᠤ ᠴᠥᠮ ᠪᠠᠭ᠎ᠠ ᠵᠠᠩᠵᠤᠨ ᠨᠠᠷ ᠲᠤᠯᠠ ᠰᠡᠳᠬᠢᠯ ᠲᠠᠯᠪᠢᠭᠤ ᠦᠭᠡᠢ ᠶᠠᠭᠠᠷᠠᠨ ᠪᠡᠯᠭᠦᠳᠡᠢ ᠂ ᠬᠠᠰᠠᠷ ᠂ ᠪᠤᠭᠤᠷᠤᠯ ᠂ ᠴᠢᠯᠠᠭᠤᠨ ᠳᠥᠷᠪᠡᠭᠦᠯᠡ ᠳ᠋ᠦ᠍ᠷ ᠳᠥᠷᠪᠡᠨ ᠮᠢᠩᠭᠠᠨ ᠴᠡᠷᠢᠭ ᠥᠭᠴᠦ ᠡᠵᠡᠨ ᠢ᠋ ᠬᠢᠴᠢᠶᠡᠨ ᠬᠠᠮᠠᠭᠠᠯᠠᠨ ᠭᠡᠮᠡᠨ ᠨᠡᠭᠡᠭᠦᠯᠦᠨ ᠢᠯᠡᠭᠡᠭᠡᠳ ᠰᠠᠶᠢ ᠪᠡᠶ᠎ᠡ ᠡᠭᠡᠵᠦ ᠰᠢᠷᠢ ᠬᠤᠲᠤᠭ ᠂ ᠬᠠᠷ᠎ᠠ ᠬᠢᠷᠤ ᠂ ᠴᠢᠨᠳᠠᠭᠠᠨ᠎ᠠ ᠰᠡᠴᠡᠨ ᠂ ᠬᠤᠳᠠᠭᠠᠨ᠎ᠠ ᠪᠡᠬᠢ ᠳᠥᠷᠪᠡᠭᠦᠯᠡ ᠶ᠋ᠢ ᠰᠢᠭᠤᠳ ᠬᠡᠷᠡᠢᠳ ᠦ᠋ᠨ ᠬᠤᠯᠠᠭᠠᠢ ᠴᠡᠷᠢᠭ ᠢ᠋ ᠮᠥᠰᠬᠢᠵᠦ ᠡᠭᠡᠬᠦ ᠵᠠᠮ ᠳ᠋ᠤᠷ ᠪᠦᠭᠭᠦᠭᠡᠳ ᠲᠡᠭᠦᠨ ᠦ᠌ ᠴᠡᠷᠢᠭ ᠳᠠᠷᠤᠭᠳᠠᠵᠤ ᠡᠭᠡᠪᠡᠰᠦ ᠲᠠ ᠳᠥᠷᠪᠡᠭᠦᠯᠡ ᠭᠠᠷᠴᠤ ᠬᠡᠷᠡᠢᠳ ᠦ᠋ᠨ ᠭᠡᠵᠢᠭᠡ ᠶ᠋ᠢ ᠳᠠᠷᠤᠨ ᠣᠷᠣᠵᠤ ᠠᠴᠢᠶ᠎ᠠ ᠬᠥᠰᠬᠡ ᠶ᠋ᠢ ᠪᠤᠯᠢᠶᠠᠨ ᠠᠪ ᠭᠡᠮᠡᠨ ᠶᠠᠪᠤᠭᠤᠯᠤᠭᠠᠳ ᠥᠪᠡᠷ ᠢ᠋ᠶ᠋ᠡᠨ ᠵᠠᠯᠮ᠎ᠠ ᠂  ᠵᠡᠪᠡ ᠂ ᠴᠤᠤ ᠮᠡᠷᠭᠡᠨ ᠂ ᠬᠤᠷᠴᠠ ᠪᠠᠢᠷᠢ ᠳᠥᠷᠪᠡᠨ ᠵᠠᠩᠵᠤᠨ ᠢ᠋ ᠠᠪᠴᠤ ᠶᠡᠬᠡ ᠴᠡᠷᠢᠭ ᠢ᠋ ᠳᠠᠭᠠᠭᠤᠯᠤᠨ ᠤᠷᠢᠳᠠ ᠬᠡᠷᠡᠢᠳ ᠢ᠋ ᠬᠡᠯᠪᠢᠭᠡᠳ ᠬᠣᠢᠨ᠎ᠠ ᠡᠩᠭᠦᠳ ᠢ᠋ ᠡᠪᠳᠡᠮᠦᠢ ᠭᠡᠮᠡᠨ ᠲᠣᠭᠲᠠᠵᠤ ᠂ ᠭᠠᠳᠠᠭᠠᠳᠤ ᠳ᠋ᠤᠷ ᠠᠯᠳᠠᠷᠰᠢᠭᠤᠯᠬᠤ ᠠᠨᠤ ᠰᠢᠭᠤᠳ ᠡᠩᠭᠦᠳ ᠲᠣᠷ ᠮᠣᠷᠳᠠᠮᠤᠢ ᠬᠡᠮᠡᠵᠦ ᠰᠡᠮᠡᠬᠡᠷ ᠬᠡᠷᠡᠢᠳ ᠦ᠋ᠨ ᠵᠠᠮ ᠢ᠋ ᠲᠣᠰᠴᠤ ᠴᠠᠭᠠᠨ ᠣᠷᠬᠢᠭᠤᠯ ᠬᠡᠮᠡᠬᠦ ᠠᠭᠤᠯᠠᠨ ᠤ᠋ ᠵᠡᠪᠡ ᠳ᠋ᠦ᠍ᠷ ᠪᠠᠭᠤᠳᠠᠯᠯᠠᠪᠠ ᠃ 
      ᠲᠡᠭᠦᠨᠴᠡ ᠲᠠᠢᠽᠦ ᠶ᠋ᠢᠨ ᠴᠡᠷᠢᠭ ᠡᠩᠭᠦᠳ ᠦ᠋ᠨ ᠵᠠᠬ᠎ᠠ ᠳ᠋ᠤᠷ ᠬᠦᠷᠪᠡᠰᠦ ᠡᠩᠭᠦᠳ ᠦ᠋ᠨ ᠤᠷᠪᠠᠭᠰᠠᠨ ᠠᠨᠤ ᠮᠠᠰᠢ ᠦᠨᠡᠨ ᠪᠥᠭᠡᠳ ᠡᠮᠦᠨ᠎ᠡ ᠬᠣᠰᠢᠭᠤᠴᠢ ᠲᠣᠭᠲᠣᠩᠭᠣ᠌ ᠂ ᠰᠥᠪᠡᠭᠡᠲᠡᠢ ᠨᠠᠷ ᠬᠡᠳᠦ ᠬᠡᠳᠦᠨ ᠤᠳᠠᠭ᠎ᠠ ᠲᠡᠭᠦᠨ ᠦ᠌ ᠬᠦᠷᠢᠶ᠎ᠡ ᠶ᠋ᠢ ᠪᠠᠢᠯᠳᠤᠬᠤᠢ ᠳ᠋ᠤᠷ ᠲᠡᠳᠡᠨ ᠦ᠌ ᠪᠢᠲᠡᠭᠦᠦ ᠨᠦᠬᠡᠨ ᠳ᠋ᠦ᠍ᠷ ᠭᠡᠨᠡᠳᠡᠭᠳᠡᠨ ᠬᠦᠷᠢᠶ᠎ᠡ ᠶ᠋ᠢ ᠡᠪᠳᠡᠨ ᠴᠢᠳᠠᠬᠤ ᠦᠭᠡᠢ ᠪᠥᠬᠥᠶ᠎ᠡ ᠂ ᠲᠠᠢᠽᠦ ᠶ᠋ᠢᠨ ᠴᠡᠷᠢᠭ ᠣᠢᠷ᠎ᠠ ᠪᠣᠯᠤᠭᠰᠠᠨ ᠢ᠋ ᠰᠣᠨᠣᠰᠴᠤ ᠬᠠᠷᠠᠬᠠᠨ ᠡᠳᠦᠷ ᠰᠥᠨᠢ ᠦᠭᠡᠢ ᠰᠢᠮᠳᠠᠵᠤ ᠪᠠᠢᠯᠳᠤᠪᠠᠴᠤ ᠣᠯᠬᠤ ᠦᠭᠡᠢ ᠂ ᠲᠠᠢᠽᠦ ᠶ᠋ᠢᠨ ᠴᠡᠷᠢᠭ ᠡᠩᠭᠦᠳ ᠦ᠋ᠨ ᠬᠦᠷᠢᠶ᠎ᠡ ᠶ᠋ᠢ ᠥᠩᠭᠡᠷᠡᠨ ᠭᠠᠷᠴᠤ ᠬᠦᠷᠢᠶ᠎ᠡ ᠪᠠᠭᠤᠵᠤ ᠪᠠᠷᠠᠬᠤ ᠶ᠋ᠢᠨ ᠤᠷᠢᠳ ᠵᠡᠭᠦᠨ ᠡᠮᠦᠨ᠎ᠡ ᠡᠴᠡ ᠨᠢᠭᠡᠨ ᠠᠩᠭᠢ ᠶ᠋ᠢᠨ ᠴᠡᠷᠢᠭ ᠦ᠋ᠨ ᠲᠣᠭᠣᠰᠣᠨ ᠬᠠᠪᠤᠷ ᠤ᠋ᠨ ᠠᠭᠤᠷ ᠢ᠋ ᠳᠠᠭᠠᠵᠤ ᠲᠡᠭᠷᠢ ᠲᠤᠯᠲᠠᠯ᠎ᠠ ᠳᠡᠭᠳᠡᠵᠦ ᠨᠢᠰᠬᠦ ᠮᠡᠲᠦ ᠠᠢᠰᠤᠢ ᠃ ᠣᠶᠤᠲᠤ ᠰᠡᠴᠡᠨ ᠲᠠᠨ ᠭᠠᠰᠢᠭᠤᠳᠠᠨ ᠥᠭᠦᠯᠡᠷᠦᠨ: 《ᠡᠨᠡ ᠯᠠᠪ ᠬᠡᠷᠡᠢᠳ ᠦ᠋ᠨ ᠲᠤᠰᠠᠯᠠᠬᠤ ᠴᠡᠷᠢᠭ ᠪᠤᠶ᠎ᠠ !》ᠬᠡᠮᠡᠯᠳᠦᠬᠦᠶ᠎ᠡ ᠂ ᠰᠠᠢᠬᠠᠨ ᠰᠤᠷᠲᠠᠯᠲᠤ ᠬᠣᠯᠠ ᠠ᠋ᠴᠠ ᠦᠵᠡᠭᠡᠳ ᠥᠭᠦᠯᠡᠷᠦᠨ : 《ᠡᠨᠡ ᠬᠡᠷᠬᠢᠪᠡᠴᠦ ᠬᠡᠷᠡᠢᠳ ᠦ᠋ᠨ ᠴᠡᠷᠢᠭ ᠪᠤᠰᠤ᠂ ᠯᠠᠪ ᠮᠠᠨ ᠤ᠋ ᠵᠢᠨᠦᠩ ᠤᠯᠤᠰ ᠲᠤᠷ ᠡᠭᠡᠭᠡᠳ ᠡᠵᠡᠨ ᠦ᠌ ᠬᠣᠢᠨ᠎ᠠ ᠠ᠋ᠴᠠ ᠢᠯᠡᠭᠡᠭᠰᠡᠨ ᠴᠡᠷᠢᠭ᠂ ᠲᠠ ᠲᠡᠷᠡ ᠲᠤᠭ ᠤ᠋ᠨ ᠳᠠᠯᠪᠠᠭ᠎ᠠ ᠶ᠋ᠢᠨ ᠸᠠᠳᠠᠩ ᠢ᠋ ᠬᠢᠨᠠᠨ ᠦᠵᠡᠲᠦᠭᠡᠢ ! 》 ᠬᠡᠮᠡᠭᠰᠡᠨ  ᠳ᠋ᠦ᠍ᠷ ᠣᠯᠠᠨ ᠬᠥᠮᠦᠨ ᠰᠠᠷᠠᠪᠴᠢᠯᠠᠨ ᠦᠵᠡᠪᠡᠰᠦ ᠲᠤᠭ ᠤ᠋ᠨ ᠶᠡᠬᠡ ᠳᠠᠯᠪᠠᠭ᠎ᠠ ᠳ᠋ᠤᠷ ᠤᠢᠭᠤᠷ ᠦᠰᠦᠭ ᠢ᠋ᠶ᠋ᠡᠷ 《ᠶᠡᠬᠡ ᠪᠸᠲ᠋ᠠ᠋ ᠤᠯᠤᠰ ᠤ᠋ᠨ ᠪᠠᠷᠠᠭᠤᠨ ᠭᠠᠷᠤᠨ ᠶᠡᠬᠡ ᠵᠠᠩᠵᠤᠨ ᠪᠦᠬᠦ ᠪᠡᠯᠭᠦᠳᠡᠢ 》ᠬᠡᠮᠡᠵᠦᠬᠦᠢ᠃ ᠳᠠᠷᠠᠭ᠎ᠠ ᠳᠠᠷᠠᠭ᠎ᠠ ᠪᠠᠷ ᠬᠠᠪᠤᠲᠤ ᠬᠠᠰᠠᠷ ᠂ ᠬᠦᠯᠦᠭ ᠴᠢᠯᠠᠭᠤᠨ ᠬᠦᠯᠦᠭ ᠪᠤᠭᠤᠷᠤᠯ ᠨᠠᠷ ᠤ᠋ᠨ ᠶᠡᠬᠡ ᠲᠤᠭ ᠤ᠋ᠳ ᠢᠯᠡᠷᠡᠨ ᠭᠠᠷᠴᠤ ᠢᠷᠡᠪᠡ ᠃ ᠲᠠᠢᠽᠦ ᠂ ᠣᠶᠤᠲᠤ ᠰᠡᠴᠡᠨ ᠰᠠᠢᠬᠠᠨ ᠰᠤᠷᠲᠠᠯᠲᠤ ᠬᠣᠶᠠᠭᠤᠯᠠ ᠶ᠋ᠢ ᠴᠤᠭᠠᠷ ᠰᠠᠢᠰᠢᠶᠠᠷᠤᠨ :《ᠤᠬᠠᠮᠵᠢᠯᠠᠯ ᠰᠡᠷᠡᠮᠵᠢᠯᠡᠯᠳᠦ ᠣᠶᠤᠲᠤ ᠂ ᠰᠠᠨᠠᠭᠠᠨ ᠰᠠᠢᠰᠢᠶᠠᠯᠲᠤ ᠰᠠᠢᠬᠠᠨ ! 》ᠬᠡᠮᠡᠲᠡᠯ᠎ᠡ ᠳᠥᠷᠪᠡᠨ ᠵᠠᠩᠵᠤᠨ ᠤ᠋ ᠴᠡᠷᠢᠭ ᠬᠡᠳᠦᠢᠨᠡᠢ ᠬᠦᠷᠴᠦ ᠢᠷᠡᠭᠡᠳ ᠮᠣᠷᠢᠨ ᠠ᠋ᠴᠠ ᠪᠠᠭᠤᠯᠴᠠᠨ ᠂ ᠲᠠᠢᠽᠦ ᠳ᠋ᠦ᠍ᠷ ᠮᠥᠷᠭᠥᠵᠦ ᠪᠠᠷᠠᠭᠰᠠᠨ ᠬᠣᠢᠨ᠎ᠠ ᠵᠢᠨᠦᠩ ᠦ᠋ᠨ ᠤᠴᠢᠷ ᠢ᠋ ᠪᠦᠷᠢᠨ᠎ᠡ ᠮᠡᠳᠡᠭᠦᠯᠦᠭᠰᠡᠨ ᠳ᠋ᠦ᠍ᠷ ᠲᠠᠢᠽᠦ ᠮᠤᠬᠤᠯᠢ ᠶ᠋ᠢ ᠰᠠᠢᠰᠢᠶᠠᠷᠤᠨ : 《ᠪᠡᠶ᠎ᠡ ᠢᠨᠤ ᠲᠡᠨᠳᠡ ᠪᠥᠭᠡᠲᠡᠯ᠎ᠡ ᠰᠡᠳᠬᠢᠯ ᠢᠨᠤ ᠡᠨᠳᠡ ᠂ ᠪᠡᠯᠭᠦᠳᠡᠢ ᠮᠢᠨᠦ ᠳᠡᠭᠦᠦ ᠲᠤᠯᠠ ᠨᠠᠮᠠᠶ᠋ᠢ ᠬᠣᠷᠢᠭ᠍ᠯᠠᠭᠤᠯᠬᠤ ᠠᠷᠭ᠎ᠠ ᠪᠣᠯᠠᠢ ! 》ᠬᠡᠮᠡᠵᠦ ᠂ ᠶᠡᠬᠡ ᠴᠡᠷᠢᠭ ᠢ᠋ ᠨᠢᠭᠡᠨ ᠡᠳᠦᠷ ᠠᠮᠤᠭᠤᠯᠤᠮᠠᠭᠴᠠ ᠳᠡᠳ᠋ ᠡᠳᠦᠷ ᠴᠠᠨ᠎ᠠ ᠶ᠋ᠢᠨ ᠲᠠᠯ᠎ᠠ ᠶ᠋ᠢᠨ ᠡᠩᠭᠦᠳ ᠦ᠋ᠨ ᠬᠦᠷᠢᠶ᠎ᠡ ᠶ᠋ᠢ ᠪᠥᠭᠯᠡᠵᠦ ᠦᠵᠡᠬᠦᠯ᠎ᠡ ᠤᠷᠠᠨ ᠵᠠᠩᠭᠤᠤ ᠦᠨᠡᠬᠡᠷ ᠤᠷᠠᠨ ᠢ᠋ᠶ᠋ᠠᠨ ᠭᠠᠷᠭᠠᠵᠤ ᠂ ᠴᠡᠷᠢᠭ ᠦ᠋ᠨ ᠬᠦᠷᠢᠶ᠎ᠡ ᠪᠠᠭᠤᠭᠰᠠᠨ ᠠᠨᠤ ᠡᠪᠭᠦᠷ ᠳᠠᠪᠠᠬᠤᠷ ᠪᠠᠲᠤ ᠪᠡᠬᠢ ᠂ ᠦᠨᠡᠬᠡᠷ ᠬᠠᠯᠳᠠᠰᠢ ᠦᠭᠡᠢ – ᠨᠡᠢᠲᠡ ᠠᠷᠪᠠᠨ ᠨᠠᠢ᠍ᠮᠠᠨ ᠬᠠᠭᠠᠯᠭ᠎ᠠ ᠂ ᠠᠷᠪᠠᠨ ᠬᠣᠶᠠᠷ ᠲᠣᠪᠤᠳᠣ᠌ ᠬᠠᠷᠠᠭᠤᠯ ᠂ ᠲᠣᠯᠣᠭᠠᠢ ᠰᠡᠭᠦᠯ ᠵᠠᠯᠭᠠᠯᠳᠤᠨ ᠬᠠᠮᠠᠭᠠᠯᠠᠵᠤᠬᠤᠢ ᠃ ᠶᠠᠮᠪᠠᠷ ᠵᠡᠷᠭᠡ ᠶ᠋ᠢᠨ ᠬᠣᠲᠠ ᠪᠠᠯᠭᠠᠰᠤᠨ ᠠ᠋ᠴᠠ ᠴᠤ᠌ ᠪᠠᠲᠤ ᠪᠡᠬᠢ ᠂ ᠪᠸᠲ᠋ᠠ᠋ ᠤᠯᠤᠰ ᠤ᠋ᠨ ᠴᠡᠷᠢᠭ ᠠᠷᠪᠠᠨ ᠡᠳᠦᠷ ᠬᠠᠭᠠᠵᠤ ᠪᠠᠢᠯᠳᠤᠪᠠᠴᠤ ᠣᠢᠷ᠎ᠠ ᠬᠠᠯᠭᠠᠨ ᠴᠢᠳᠠᠬᠤ ᠦᠭᠡᠢ ᠂ ᠬᠠᠷᠠᠬᠠᠨ ᠳᠠᠩᠴᠤ ᠶᠠᠳᠠᠵᠤ ᠪᠥᠬᠥᠶ᠎ᠡ ᠠᠷᠪᠠᠳᠤᠭᠠᠷ ᠰᠥᠨᠢ ᠶ᠋ᠢᠨ ᠨᠢᠭᠡᠨ ᠵᠢᠩ ᠦ᠋ᠨ ᠴᠠᠭ ᠲᠤᠷ ᠭᠡᠨᠡᠳᠲᠡ ᠵᠡᠭᠦᠨ ᠡᠮᠦᠨ᠎ᠡ ᠡᠲᠡᠭᠡᠳ ᠡᠴᠡ ᠨᠢᠭᠡᠨ ᠠᠩᠭᠢ ᠶᠡᠬᠡ ᠴᠡᠷᠢᠭ ᠲᠡᠮᠡᠭᠡᠨ ᠦ᠌ ᠲᠣᠯᠣᠭᠠᠢ ᠳ᠋ᠤᠷ ᠴᠠᠷᠴᠠᠭᠰᠠᠨ ᠦᠬᠡᠷ ᠦ᠋ᠨ ᠲᠣᠰᠣᠨ ᠤ᠋ ᠴᠠᠭᠠᠨ ᠵᠤᠯᠠ ᠤᠶᠠᠵᠤ ᠂ ᠶᠡᠬᠡ ᠭᠠᠯ ᠤ᠋ᠨ ᠪᠠᠭ ᠡᠷᠭᠦᠭᠦᠯᠦᠨ ᠴᠣᠬᠢᠨ ᠢᠷᠡᠬᠦᠶ᠎ᠡ ᠂ ᠡᠩᠭᠦᠳ ᠦ᠋ᠨ ᠤᠷᠠᠨ ᠵᠠᠩᠭᠤᠤ ᠬᠠᠭᠠᠰ ᠰᠠᠷ᠎ᠠ ᠬᠠᠭᠠᠭᠳᠠᠵᠤ ᠬᠥᠯ ᠳᠡᠪᠰᠡᠨ ᠭᠠᠰᠢᠭᠤᠳᠠᠵᠤ ᠂ ᠬᠠᠷ᠎ᠠ ᠪᠡᠷᠬᠡ ᠰᠢᠷᠭᠤᠯ ᠪᠠᠷᠳᠠᠩ ᠬᠣᠶᠠᠭᠤᠯᠠ ᠶ᠋ᠢ ᠦᠵᠡᠵᠦ ᠳᠠᠭᠤ ᠲᠠᠯᠪᠢᠨ ᠤᠬᠢᠯᠠᠬᠤᠶ᠎ᠠ ᠡᠳᠡ ᠬᠣᠶᠠᠭᠤᠯᠠ ᠲᠡᠰᠬᠦ ᠠᠯᠳᠠᠷᠠᠨ :《ᠬᠡᠷᠡᠢᠳ ᠦ᠋ᠨ ᠴᠡᠷᠢᠭ ᠢ᠋ ᠨᠢᠳᠦᠨ ᠡᠴᠡ ᠪᠡᠨ ᠴᠢᠰᠤ ᠭᠠᠷᠲᠠᠯ᠎ᠠ ᠬᠠᠷᠠᠪᠠᠴᠤ ᠢᠷᠡᠬᠦ ᠦᠭᠡᠢ ᠳ᠋ᠦ᠍ᠷ ᠤᠷᠠᠨ ᠵᠠᠩᠭᠤᠤ ᠪᠠᠰᠠ ᠪᠠᠢᠨ ᠪᠠᠢᠨ ᠭᠠᠷᠴᠤ ᠳᠠᠭᠠᠮᠤᠢ 》 ᠬᠡᠮᠡᠬᠦᠢ ᠳ᠋ᠦ᠍ᠷ ᠬᠠᠷ᠎ᠠ ᠪᠡᠷᠬᠡ ᠂ ᠰᠢᠷᠭᠤᠯ ᠪᠠᠷᠳᠠᠩ ᠦᠬᠦᠨ ᠬᠣᠷᠢᠭ᠍ᠯᠠᠵᠤ ᠂ ᠬᠠᠷᠠᠬᠠᠨ ᠴᠢᠬᠤᠯᠳᠠᠨ ᠬᠦᠷᠢᠶ᠎ᠡ ᠪᠡᠨ ᠰᠠᠬᠢᠬᠤᠶ᠎ᠠ ᠂ ᠡᠨᠡ ᠰᠥᠨᠢ ᠦᠨᠡᠬᠡᠷ ᠲᠡᠮᠳᠡᠭ ᠵᠤᠯᠠᠳᠤ ᠬᠡᠷᠡᠢᠳ ᠦ᠋ᠨ ᠴᠡᠷᠢᠭ ᠬᠦᠷᠴᠦ ᠢᠷᠡᠭᠰᠡᠨ᠎ᠡ ᠂ ᠬᠠᠷ᠎ᠠ ᠪᠡᠷᠬᠡ ᠰᠢᠷᠭᠤᠯ ᠪᠠᠷᠳᠠᠩ ᠬᠣᠶᠠᠭᠤᠯᠠ ᠴᠡᠷᠢᠭ ᠢ᠋ᠶ᠋ᠡᠨ ᠨᠠᠢ᠍ᠮᠠᠨ ᠠᠩᠭᠢ ᠬᠤᠪᠢᠶᠠᠵᠤ ᠂ ᠨᠠᠢ᠍ᠮᠠᠨ ᠬᠠᠭᠠᠯᠭ᠎ᠠ ᠪᠠᠷ ᠠᠯᠠᠨ ᠭᠠᠷᠴᠤ ᠬᠡᠷᠡᠢᠳ ᠦ᠋ᠨ ᠴᠡᠷᠢᠭ ᠢ᠋ ᠤᠭᠲᠤᠨ ᠣᠷᠣᠭᠤᠯᠬᠤᠢ ᠪᠠᠷ ᠪᠡᠯᠡᠳᠬᠡᠵᠦ ᠂ ᠤᠷᠠᠨ ᠵᠠᠩᠭᠤᠤ ᠪᠠᠷ ᠬᠦᠷᠢᠶ᠎ᠡ ᠶ᠋ᠢ ᠰᠠᠬᠢᠭᠤᠯᠵᠤ ᠂ ᠬᠡᠷᠡᠢᠳ ᠦ᠋ᠨ ᠴᠡᠷᠢᠭ ᠦ᠋ᠨ ᠣᠢᠷ᠎ᠠ ᠬᠦᠷᠴᠦ ᠢᠷᠡᠬᠦᠢ ᠶ᠋ᠢ ᠬᠦᠯᠢᠶᠡᠬᠦᠶ᠎ᠡ ᠂ ᠬᠦᠷᠢᠶ᠎ᠡ ᠶ᠋ᠢ ᠬᠠᠭᠠᠭᠰᠠᠨ ᠪᠸᠲ᠋ᠠ᠋ ᠤᠯᠤᠰ ᠤ᠋ᠨ ᠴᠡᠷᠢᠭ ᠭᠠᠰᠠᠯᠵᠤ ᠂ ᠬᠡᠷᠡᠢᠳ ᠦ᠋ᠨ ᠴᠡᠷᠢᠭ ᠢ᠋ ᠡᠴᠢᠵᠦ ᠲᠤᠯᠤᠭᠰᠠᠨ ᠳ᠋ᠤᠷ ᠡᠩᠭᠦᠳ ᠦ᠋ᠨ ᠴᠡᠷᠢᠭ ᠶᠠᠭᠠᠷᠠᠨ ᠬᠡᠩᠭᠡᠷᠭᠡ ᠳᠡᠯᠡᠳᠦᠨ ᠨᠠᠢ᠍ᠮᠠᠨ ᠬᠠᠭᠠᠯᠭ᠎ᠠ ᠪᠠᠷ ᠬᠠᠮᠲᠤ ᠪᠠᠷ ᠪᠠᠢᠯᠳᠤᠨ ᠭᠠᠷᠴᠤ ᠲᠡᠮᠳᠡᠭ ᠭᠠᠯ ᠡᠷᠭᠦᠨ ᠠᠯᠠᠨ ᠭᠠᠷᠤᠭᠰᠠᠨ᠎ᠠ ᠂ ᠪᠸᠲ᠋ᠠ᠋ ᠤᠯᠤᠰ ᠤ᠋ᠨ ᠴᠡᠷᠢᠭ ᠲᠤᠯᠤᠨ ᠴᠢᠳᠠᠬᠤ ᠦᠭᠡᠢ ᠪᠣᠯᠵᠤ ᠂ ᠬᠣᠶᠠᠷ ᠲᠡᠰᠢ ᠪᠤᠲᠠᠷᠠᠯᠳᠤᠭᠰᠠᠨ ᠡᠨᠡ ᠵᠠᠪ ᠲᠤᠷ ᠬᠡᠷᠡᠢᠳ ᠦ᠋ᠨ ᠴᠡᠷᠢᠭ ᠨᠢᠰᠬᠦ ᠮᠡᠲᠦ ᠴᠣᠬᠢᠨ ᠡᠩᠭᠦᠳ ᠦ᠋ᠨ ᠴᠡᠷᠢᠭ ᠲᠦ᠍ᠷ ᠨᠡᠢᠯᠡᠭᠰᠡᠨ ᠳ᠋ᠦ᠍ᠷ ᠡᠩᠭᠦᠳ ᠦ᠋ᠨ ᠴᠡᠷᠢᠭ ᠤᠷᠪᠠᠵᠤ ᠂ ᠨᠠᠢ᠍ᠮᠠᠨ ᠬᠠᠭᠠᠯᠭ᠎ᠠ ᠶ᠋ᠢᠨ ᠮᠤᠷᠤᠢ ᠰᠠᠷᠤᠢ ᠵᠠᠮ ᠢ᠋ᠶ᠋ᠠᠷ ᠬᠡᠷᠡᠢᠳ ᠦ᠋ᠨ ᠴᠡᠷᠢᠭ ᠢ᠋ ᠤᠳᠤᠷᠢᠳᠤᠨ ᠴᠡᠷᠢᠭ ᠦ᠋ᠨ ᠬᠦᠷᠢᠶ᠎ᠡ ᠳ᠋ᠦ᠍ᠷ ᠣᠷᠣᠭᠤᠯᠵᠤ ᠢᠷᠡᠬᠦᠶ᠎ᠡ ᠂ ᠪᠸᠲ᠋ᠠ᠋ ᠤᠯᠤᠰ ᠤ᠋ᠨ ᠪᠤᠲᠠᠷᠠᠭᠰᠠᠨ ᠴᠡᠷᠢᠭ ᠴᠥᠮ ᠬᠡᠷᠡᠢᠳ ᠦ᠋ᠨ ᠴᠡᠷᠢᠭ ᠦ᠋ᠨ ᠰᠡᠭᠦᠯ ᠢ᠋ ᠳᠠᠭᠠᠵᠤ ᠂ ᠡᠩᠭᠦᠳ ᠦ᠋ᠨ ᠶᠡᠬᠡ ᠬᠦᠷᠢᠶ᠎ᠡ ᠳ᠋ᠦ᠍ᠷ ᠳᠦᠭᠦᠷᠲᠡᠯ᠎ᠡ ᠣᠷᠣᠭᠰᠠᠨ ᠳ᠋ᠤᠷ ᠡᠩᠭᠦᠳ ᠦ᠋ᠨ ᠡᠵᠡᠨ ᠲᠦᠰᠢᠮᠡᠯ ᠶᠡᠬᠡᠯ᠎ᠡ ᠠᠶᠤᠵᠤ ᠰᠠᠶᠢ ᠬᠠᠭᠠᠯᠭ᠎ᠠ ᠬᠠᠭᠠᠰᠤᠭᠠᠢ ᠬᠡᠮᠡᠲᠡᠯ᠎ᠡ ᠬᠦᠷᠢᠶ᠎ᠡ ᠶ᠋ᠢᠨ ᠳᠣᠲᠣᠷ᠎ᠠ ᠫᠤᠤ ᠶ᠋ᠢᠨ ᠳᠠᠭᠤᠨ ᠨᠢᠭᠡᠨᠲᠡ ᠭᠠᠷᠴᠤ ᠬᠡᠷᠡᠢᠳ ᠦ᠋ᠨ ᠴᠡᠷᠢᠭ ᠴᠤᠭᠠᠷ ᠭᠠᠷ ᠬᠥᠳᠡᠯᠦᠨ ᠡᠩᠭᠦᠳ ᠦ᠋ᠨ ᠴᠡᠷᠢᠭ ᠢ᠋ ᠠᠯᠠᠨ ᠡᠭᠦᠰᠬᠡᠵᠦ ᠂ ᠤᠷᠠᠨ ᠵᠠᠩᠭᠤᠤ ᠶ᠋ᠢ ᠬᠡᠳᠦᠢᠨᠡᠢ ᠠᠮᠢᠳᠤ ᠪᠠᠷᠢᠵᠤ ᠬᠦᠷᠢᠶ᠎ᠡ ᠳ᠋ᠦ᠍ᠷ ᠭᠠᠯ ᠮᠠᠨᠳᠤᠪᠠ ᠃ ᠡᠨᠡ ᠴᠡᠷᠢᠭ ᠶᠠᠭᠤᠨᠠᠢ ᠬᠡᠷᠡᠢᠳ ᠦ᠋ᠨ ᠴᠡᠷᠢᠭ ᠠᠵᠢ ! ᠦᠵᠡᠰᠡ ᠮᠤᠬᠤᠯᠢ ᠴᠠᠭᠠᠨ ᠣᠷᠭᠢᠯ ᠠᠭᠤᠯᠠᠨ ᠳ᠋ᠤᠷ ᠪᠦᠭᠭᠦᠵᠦ ᠂ ᠬᠡᠷᠡᠢᠳ ᠦ᠋ᠨ ᠴᠡᠷᠢᠭ ᠢ᠋ ᠨᠢᠭᠡᠨ ᠵᠡᠷᠭᠡ ᠴᠣᠴᠢᠮᠠᠲᠠᠭᠠᠢ ᠪᠠᠷ ᠲᠣᠰᠴᠤ ᠪᠠᠢᠯᠳᠤᠨ ᠶᠡᠬᠡᠯ᠎ᠡ ᠳᠠᠷᠤᠭᠠᠳ ᠳᠠᠷᠤᠢ ᠲᠡᠮᠳᠡᠭ ᠲᠤᠭ ᠬᠢᠭᠢᠷᠢ ᠪᠠ ᠴᠠᠭᠠᠨ ᠵᠣᠯᠠᠳᠤ ᠲᠡᠮᠡᠭᠡ ᠶ᠋ᠢ ᠴᠥᠮ ᠪᠤᠯᠢᠶᠠᠨ ᠠᠪᠴᠤ ᠢᠷᠡᠭᠡᠳ ᠤᠷᠢᠳᠠ ᠲᠠᠢᠽᠦ ᠳ᠋ᠦ᠍ᠷ ᠮᠡᠳᠡᠭᠡ ᠪᠠᠷᠢᠭᠤᠯᠤᠨ ᠡᠩᠭᠦᠳ ᠢ᠋ ᠭᠡᠨᠡᠳᠡᠭᠦᠯᠵᠦ ᠬᠦᠷᠢᠶ᠎ᠡ ᠳ᠋ᠦ᠍ᠷ ᠣᠷᠣᠭᠰᠠᠨ ᠠᠵᠤᠭᠤ ᠃ ᠲᠡᠳᠡᠭᠡᠷ ᠲᠡᠮᠡᠭᠡᠨ ᠦ ᠳᠡᠭᠡᠷ᠎ᠡ ᠠᠴᠢᠭ᠍ᠰᠠᠨ ᠠᠨᠤ ᠴᠥᠮ ᠬᠠᠭᠤᠷᠠᠢ ᠡᠪᠡᠰᠦ ᠬᠤᠯᠤᠰᠤ ᠠᠵᠤᠭᠤ ᠃ ᠬᠡᠷᠡᠢᠳ ᠦ᠋ᠨ ᠴᠡᠷᠢᠭ ᠢ᠋ ᠬᠡᠷᠬᠢᠨ ᠡᠪᠳᠡᠭᠰᠡᠨ ᠢ᠋ ᠲᠦᠷ ᠥᠭᠦᠯᠡᠬᠦ ᠦᠭᠡᠢ ᠃ 
      ᠲᠡᠭᠦᠨᠴᠡ ᠮᠤᠬᠤᠯᠢ ᠡᠩᠭᠦᠳ ᠦ᠋ᠨ ᠬᠦᠷᠢᠶ᠎ᠡ ᠳ᠋ᠦ᠍ᠷ ᠣᠷᠣᠮᠠᠭᠴᠠ ᠥᠪᠡᠷ ᠦ᠋ᠨ ᠤᠯᠤᠰ ᠤ᠋ᠨ ᠲᠤᠭ ᠬᠢᠭᠢᠷᠢ ᠶ᠋ᠢ ᠪᠣᠰᠬᠠᠯᠭᠠᠵᠤ ᠭᠠᠯ ᠡᠷᠭᠦᠭᠦᠯᠦᠨ ᠳᠣᠲᠣᠷ᠎ᠠ ᠠ᠋ᠴᠠ ᠭᠠᠳᠠᠭ᠍ᠰᠢ ᠠᠯᠠᠨ ᠡᠭᠦᠰᠬᠡᠭᠰᠡᠨ᠎ᠡ ᠂ ᠡᠩᠭᠦᠳ ᠦ᠋ᠨ ᠬᠠᠷ᠎ᠠ ᠪᠡᠷᠬᠡ ᠂ ᠰᠢᠷᠭᠤᠯ ᠪᠠᠷᠳᠠᠩ ᠲᠠᠨ ᠰᠠᠶᠢ ᠪᠸᠲ᠋ᠠ᠋ ᠤᠯᠤᠰ ᠤ᠋ᠨ ᠠᠷᠭ᠎ᠠ ᠳ᠋ᠤᠷ ᠤᠨᠠᠭᠰᠠᠨ ᠢ᠋ᠶ᠋ᠠᠨ ᠮᠡᠳᠡᠵᠦ ᠰᠥᠰᠥ ᠬᠡᠮᠬᠡᠷᠡᠨ ᠨᠢᠭᠡᠨᠲᠡ ᠬᠠᠰᠬᠢᠷᠤᠯᠳᠤᠨ ᠨᠠᠢ᠍ᠮᠠᠨ ᠬᠠᠭᠠᠯᠭ᠎ᠠ ᠪᠠᠷ ᠳᠤᠲᠠᠭᠠᠨ ᠭᠠᠷᠬᠤᠶ᠎ᠠ ᠂ ᠪᠸᠲ᠋ᠠ᠋ ᠤᠯᠤᠰ ᠤ᠋ᠨ ᠪᠢᠴᠢᠬᠠᠨ ᠠᠷᠪᠠᠨ ᠵᠠᠩᠵᠤᠨ ᠨᠠᠷ ᠬᠠᠭᠠᠵᠤ ᠪᠠᠢᠯᠳᠤᠭᠠᠳ ᠲᠥᠭᠥᠷᠢᠭᠯᠡᠨ ᠠᠪᠤᠭᠰᠠᠨ ᠳ᠋ᠤᠷ ᠡᠩᠭᠦᠳ ᠦ᠋ᠨ ᠴᠡᠷᠢᠭ ᠠᠷᠤ ᠥᠪᠥᠷ ᠴᠥᠮ ᠳᠠᠢᠰᠤᠨ ᠳ᠋ᠤᠷ ᠬᠠᠭᠠᠭᠳᠠᠵᠤ ᠂ ᠳᠣᠲᠣᠷ᠎ᠠ ᠭᠠᠳᠠᠨ᠎ᠠ ᠠ᠋ᠴᠠ ᠬᠠᠷᠪᠤᠬᠤ ᠠᠨᠤ ᠪᠣᠷᠣᠭᠠᠨ ᠣᠷᠣᠬᠤ ᠮᠡᠲᠦ ᠲᠤᠯᠠ ᠡᠩᠭᠦᠳ ᠦ᠋ᠨ ᠴᠡᠷᠢᠭ ᠥᠪᠡᠷ ᠦ᠋ᠨ ᠬᠦᠷᠢᠶᠡᠨ ᠦ ᠭᠠᠳᠠᠭᠤᠷ ᠲᠣᠭᠣᠷᠢᠨ ᠰᠠᠮᠠᠭᠤᠷᠠᠨ ᠭᠦᠶᠦᠯᠴᠡᠬᠦᠶ᠎ᠡ ᠂ ᠥᠪᠡᠷ ᠦ᠋ᠨ ᠤᠬᠤᠭᠰᠠᠨ ᠪᠢᠲᠡᠭᠦᠦ ᠨᠦᠬᠡ ᠳ᠋ᠦ᠍ᠷ ᠤᠨᠠᠯᠴᠠᠵᠤ ᠂ ᠵᠡᠭᠦᠨ ᠡᠮᠦᠨ᠎ᠡ ᠵᠦᠭ ᠶᠡᠬᠡ ᠬᠠᠭᠠᠰ ᠰᠢᠪᠲᠤᠯᠤᠨ ᠭᠠᠷᠴᠤ ᠬᠣᠶᠠᠷ ᠭᠠᠵᠠᠷ ᠶᠠᠪᠤᠭᠰᠠᠨ ᠦᠭᠡᠢ ᠂ ᠴᠠᠨ᠎ᠠ ᠶ᠋ᠢᠨ ᠲᠠᠯ᠎ᠠ ᠶ᠋ᠢᠨ ᠶᠡᠬᠡ ᠭᠣᠣ ᠠ᠋ᠴᠠ ᠲᠣᠭᠲᠣᠩᠭᠣ᠌ ᠰᠥᠪᠡᠭᠡᠲᠡᠢ ᠬᠣᠶᠠᠷ ᠪᠠᠭᠠᠲᠤᠷ ᠤ᠋ᠨ ᠴᠡᠷᠢᠭ ᠴᠤᠭᠠᠷ ᠭᠠᠷᠴᠤ ᠲᠥᠭᠥᠷᠢᠭᠯᠡᠨ ᠬᠠᠭᠠᠲᠠᠯ᠎ᠠ ᠠᠷᠪᠠᠨ ᠪᠠᠭ᠎ᠠ ᠵᠠᠩᠵᠤᠨ ᠨᠠᠷ ᠤ᠋ᠨ ᠴᠡᠷᠢᠭ ᠪᠠᠰᠠ ᠨᠡᠬᠡᠵᠦ ᠢᠷᠡᠨ ᠬᠣᠶᠠᠷ ᠳᠠᠪᠬᠤᠷ ᠬᠠᠭᠠᠵᠤ ᠠᠪᠤᠪᠠ ᠃ ᠡᠭᠦᠨ ᠳ᠋ᠦ᠍ᠷ ᠤᠷᠠᠨ ᠵᠠᠩᠭᠤᠤ ᠶ᠋ᠢ ᠮᠤᠬᠤᠯᠢ ᠪᠡᠶ᠎ᠡ ᠪᠡᠷ ᠠᠪᠤᠨ ᠪᠠᠷᠢᠵᠤ ᠂ ᠵᠠᠮ ᠤᠳᠤᠷᠢᠳᠤᠨ ᠲᠠᠢᠽᠦ ᠶ᠋ᠢ ᠤᠭᠲᠤᠨ ᠡᠩᠭᠦᠳ ᠦ᠋ᠨ ᠬᠦᠷᠢᠶ᠎ᠡ ᠳ᠋ᠦ᠍ᠷ ᠣᠷᠣᠭᠤᠯᠤᠭᠠᠳ ᠥᠪᠡᠷ ᠦ᠋ᠨ ᠨᠢᠭᠡᠨ ᠠᠩᠭᠢ ᠴᠡᠷᠢᠭ ᠢ᠋ᠶ᠋ᠡᠨ ᠠᠪᠴᠤ ᠡᠩᠭᠦᠳ ᠦ᠋ᠨ ᠬᠠᠭᠠᠭᠳᠠᠭᠰᠠᠨ ᠴᠡᠷᠢᠭ ᠢ᠋ ᠭᠤᠷᠪᠠᠨ ᠳᠠᠪᠬᠤᠷ ᠬᠠᠭᠠᠵᠤ ᠭᠠᠯ ᠡᠷᠭᠦᠭᠦᠯᠦᠨ ᠪᠠᠢᠯᠳᠤᠬᠤᠶ᠎ᠠ ᠂ ᠡᠩᠭᠦᠳ ᠦ᠋ᠨ ᠰᠢᠷᠭᠤᠯ ᠪᠠᠷᠳᠠᠩ ᠳᠣᠭᠲᠣᠩᠭᠣ᠌ ᠪᠠᠭᠠᠲᠤᠷ ᠤ᠋ᠨ ᠳ᠋ᠠᠮ ᠢᠯᠳᠦᠨ ᠦ᠌ ᠳᠣᠣᠷ᠎ᠠ ᠦᠬᠦᠵᠦ ᠶᠡᠬᠡ ᠲᠤᠭ ᠣᠢᠴᠢᠪᠠ ᠃ ᠬᠠᠷ᠎ᠠ ᠪᠡᠷᠬᠡ ᠣᠯᠠᠨ ᠴᠡᠷᠢᠭ ᠢ᠋ ᠠᠪᠴᠤ ᠱᠠᠯᠠᠭᠠᠮᠠᠢᠯᠠᠨ ᠪᠠᠢᠯᠳᠤᠵᠤ ᠂ ᠳᠥᠷᠪᠡᠨ ᠵᠦᠭ ᠰᠢᠪᠲᠤᠯᠤᠨ ᠭᠠᠷᠰᠤᠭᠠᠢ ᠬᠡᠮᠡᠭᠰᠡᠭᠡᠷ ᠪᠡᠶ᠎ᠡ ᠳ᠋ᠦ᠍ᠷ ᠬᠡᠳᠦ ᠬᠡᠳᠦᠨ ᠰᠤᠮᠤ ᠭᠠᠳᠠᠵᠤ ᠂ ᠴᠡᠷᠢᠭ ᠦ᠋ᠨ ᠳᠣᠲᠣᠷ᠎ᠠ ᠵᠠᠮ ᠡᠷᠢᠨ ᠪᠠᠢᠯᠳᠤᠭᠰᠠᠭᠠᠷ ᠴᠢᠪᠬᠢᠲᠡᠯ᠎ᠡ ᠰᠥᠪᠡᠭᠡᠲᠡᠢ ᠪᠠᠭᠠᠲᠤᠷ ᠲᠤᠷ ᠤᠴᠠᠷᠠᠭᠠᠳ ᠶᠡᠬᠡᠯ᠎ᠡ ᠠᠶᠤᠵᠤ ᠂ ᠬᠡᠳᠦᠨᠲᠡ ᠪᠠᠢᠯᠳᠤᠵᠤ ᠵᠠᠢ ᠡᠷᠢᠨ ᠪᠤᠷᠤᠭᠤᠯᠠᠰᠤᠭᠠᠢ ᠬᠡᠮᠡᠲᠡᠯ᠎ᠡ ᠰᠥᠪᠡᠭᠡᠲᠡᠢ ᠪᠠᠭᠠᠲᠤᠷ ᠨᠢᠭᠡᠨᠲᠡ ᠵᠠᠩᠳᠠᠨ ᠂ ᠵᠡᠭᠦᠨ ᠭᠠᠷ ᠢ᠋ᠶ᠋ᠠᠷ ᠶ᠋ᠢᠳᠠ ᠶ᠋ᠢ ᠵᠠᠢᠯᠠᠭᠤᠯᠤᠨ ᠰᠤᠩᠭᠠᠨ ᠣᠷᠣᠵᠤ ᠢᠷᠡᠭᠡᠳ ᠪᠠᠷᠠᠭᠤᠨ ᠭᠠᠷ ᠢ᠋ᠶ᠋ᠠᠨ ᠨᠢᠭᠡᠨᠲᠡ ᠬᠤᠷᠤᠢᠯᠠᠮᠠᠭᠴᠠ ᠬᠠᠷ᠎ᠠ ᠪᠡᠷᠬᠡ ᠶ᠋ᠢ ᠰᠢᠭᠦᠷᠡᠨ ᠠᠪᠴᠤ ᠭᠠᠵᠠᠷ ᠲᠤᠷ ᠲᠠᠶᠠᠭᠳᠠᠵᠤ ᠬᠦᠯᠢᠭᠦᠯᠦᠭᠡᠳ ᠠᠮᠢᠳᠤ ᠪᠠᠷᠢᠭ᠍ᠰᠠᠨ᠎ᠠ ᠂ ᠡᠭᠦᠨ ᠦ ᠲᠤᠭ ᠮᠥᠨ ᠤᠨᠠᠭᠰᠠᠨ ᠳ᠋ᠤᠷ ᠡᠩᠭᠦᠳ ᠦ᠋ᠨ ᠴᠡᠷᠢᠭ ᠨᠡᠩᠳᠡ ᠢᠲᠡᠭᠡᠬᠦ ᠭᠠᠵᠠᠷ ᠦᠭᠡᠢ ᠪᠣᠯᠵᠤ ᠂ ᠶᠡᠬᠡᠯ᠎ᠡ ᠰᠠᠮᠠᠭᠤᠷᠠᠨ ᠬᠠᠰᠬᠢᠷᠤᠯᠳᠤᠬᠤᠢ ᠳ᠋ᠤᠷ ᠮᠤᠬᠤᠯᠢ ᠣᠯᠠᠨ ᠴᠡᠷᠢᠭ ᠲᠦ᠍ᠷ ᠵᠠᠷᠯᠠᠵᠤ :《ᠡᠩᠭᠦᠳ ᠦ᠋ᠨ ᠴᠡᠷᠢᠭ ᠦ᠋ᠨ ᠬᠤᠶᠠᠭ ᠵᠡᠪᠰᠡᠭ ᠢ᠋ᠶ᠋ᠡᠨ ᠣᠷᠬᠢᠵᠤ ᠳᠠᠭᠠᠭᠰᠠᠳ ᠤ᠋ᠨ ᠨᠡᠢᠲᠡ ᠶ᠋ᠢᠨ ᠠᠮᠢᠨ ᠢ᠋ ᠴᠥᠮ ᠬᠡᠯᠲᠦᠷᠢᠭᠦᠯ ᠂ ᠡᠰᠡ ᠳᠠᠭᠠᠭᠰᠠᠳ ᠪᠦᠬᠦᠨ ᠢ᠋ ᠪᠠᠷᠠᠲᠠᠯ᠎ᠠ ᠬᠢᠳᠤᠨ ᠠᠷᠢᠯᠭ᠎ᠠ ! 》ᠭᠡᠮᠡᠨ ᠬᠠᠰᠬᠢᠷᠤᠭᠰᠠᠨ ᠳᠠᠭᠤᠨ ᠳ᠋ᠤ᠌ ᠠᠭᠤᠯᠠ ᠲᠠᠯ᠎ᠠ ᠠᠨᠢᠷᠯᠠᠨ ᠬᠥᠩᠭᠢᠷᠡᠰᠪᠡᠢ ᠃ 
      ᠡᠨᠡ ᠨᠢᠭᠡᠨ ᠵᠠᠷᠯᠠᠯ ᠢ᠋ ᠡᠩᠭᠦᠳ ᠦ᠋ᠨ ᠴᠡᠷᠢᠭ ᠪᠦᠭᠦᠳᠡᠭᠡᠷ ᠰᠣᠨᠣᠰᠴᠤ ᠬᠠᠷᠠᠬᠠᠨ ᠠᠮᠢ ᠭᠠᠷᠬᠤ ᠠᠷᠭ᠎ᠠ ᠦᠭᠡᠢ ᠪᠥᠬᠥᠶ᠎ᠡ ᠂ ᠡᠭᠦᠨ ᠳ᠋ᠦ᠍ᠷ ᠶᠡᠬᠡᠯ᠎ᠡ ᠪᠠᠶᠠᠷᠯᠠᠯᠴᠠᠨ ᠴᠤᠭᠠᠷ ᠳᠠᠭᠠᠰᠤᠭᠠᠢ ᠭᠡᠮᠡᠨ ᠪᠠᠷᠬᠢᠷᠠᠯᠴᠠᠵᠤ ᠂ ᠬᠢᠭᠢᠷᠢ ᠳᠠᠯᠪᠠᠭ᠎ᠠ ᠪᠠᠨ ᠴᠥᠮ ᠣᠷᠭᠢᠯᠴᠠᠵᠤ ᠬᠤᠶᠠᠭ ᠵᠡᠪᠰᠡᠭ ᠢ᠋ᠶ᠋ᠡᠨ ᠲᠠᠶᠠᠭᠳᠠᠯᠴᠠᠨ ᠳᠠᠭᠠᠪᠠ ᠃ ᠡᠭᠦᠨ᠎ᠡ ᠮᠤᠬᠤᠯᠢ ᠬᠠᠷᠠᠩᠭ᠎ᠠ ᠴᠣᠬᠢᠨ ᠭᠤᠷᠪᠠᠨ ᠠᠩᠭᠢ ᠴᠡᠷᠢᠭ ᠢ᠋ᠶ᠋ᠡᠷ ᠭᠤᠴᠢᠨ ᠨᠢᠭᠡᠨ ᠨᠤᠲᠤᠭ ᠤ᠋ᠨ ᠴᠡᠷᠢᠭ ᠦ᠋ᠳ ᠢ᠋ ᠬᠤᠪᠢᠶᠠᠨ ᠰᠠᠯᠭᠠᠵᠤ ᠵᠠᠬᠢᠷᠤᠭᠤᠯᠤᠭᠠᠳ ᠪᠠᠢᠴᠠᠭᠠᠪᠠᠰᠤ ᠡᠩᠭᠦᠳ ᠦ᠋ᠨ ᠭᠤᠷᠪᠠᠨ ᠲᠦᠮᠡᠨ ᠴᠡᠷᠢᠭ ᠡᠴᠡ ᠳᠥᠷᠪᠡᠨ ᠮᠢᠩᠭ᠎ᠠ ᠬᠣᠬᠢᠷᠠᠵᠤ᠂ ᠵᠢᠷᠭᠤᠭᠠᠨ ᠮᠢᠩᠭ᠎ᠠ ᠢᠯᠡᠭᠦᠦ ᠰᠢᠷᠬᠠᠳᠤᠭᠠᠳ ᠮᠢᠩᠭᠠᠨ ᠢᠯᠡᠭᠦᠦ ᠤᠷᠭᠤᠵᠤᠬᠤᠢ ᠃ ᠵᠢᠴᠢ ᠡᠳᠦᠷ ᠡᠩᠭᠦᠳ ᠦ᠋ᠨ ᠴᠡᠷᠢᠭ ᠦ᠋ᠨ ᠰᠢᠷᠬᠠᠳᠤᠭᠰᠠᠨ ᠪᠦᠭᠦᠳᠡ ᠳ᠋ᠦ᠍ᠷ ᠡᠮ ᠲᠦᠭᠡᠭᠡᠨ᠂ ᠤᠷᠠᠨ ᠵᠠᠩᠭᠤᠤ ᠠ᠋ᠴᠠ ᠣᠯᠠᠨ ᠴᠡᠷᠢᠭ ᠦ᠋ᠨ ᠲᠣᠭ᠎ᠠ ᠳᠠᠩᠰᠠ ᠶ᠋ᠢ ᠪᠠᠢᠴᠠᠭᠠᠨ ᠠᠪᠴᠤ ᠮᠤᠬᠤᠯᠢ ᠪᠡᠶ᠎ᠡ ᠪᠡᠷ ᠲᠠᠢᠽᠦ ᠶ᠋ᠢᠨ ᠡᠮᠦᠨ᠎ᠡ ᠬᠦᠯᠢᠵᠦ ᠠᠴᠢᠷᠠᠭᠠᠳ ᠰᠥᠭᠥᠳᠬᠡᠪᠡ ᠃ ᠳᠣᠭᠲᠣᠩᠭᠣ᠌ ᠪᠠᠭᠠᠲᠤᠷ ᠰᠢᠷᠭᠤᠯ ᠪᠠᠷᠳᠠᠩ ᠤ᠋ᠨ ᠲᠣᠯᠣᠭᠠᠢ ᠶ᠋ᠢ ᠡᠷᠭᠦᠪᠡ ᠃ ᠰᠥᠪᠡᠭᠡᠲᠡᠢ ᠪᠠᠭᠠᠲᠤᠷ ᠬᠠᠷ᠎ᠠ ᠪᠡᠷᠬᠡ ᠶ᠋ᠢ ᠬᠡᠳᠦ ᠬᠡᠳᠦᠨ ᠰᠤᠮᠤ ᠭᠠᠳᠠᠭᠤᠯᠠᠭᠰᠠᠭᠠᠷ ᠠᠮᠢᠳᠤ ᠠᠪᠴᠤ ᠢᠷᠡᠪᠡ ᠃ ᠲᠡᠳᠦᠢ ᠲᠠᠢᠽᠦ ᠤᠷᠠᠨ ᠵᠠᠩᠭᠤᠤ ᠠ᠋ᠴᠠ ᠠᠰᠠᠭᠤᠷᠤᠨ : 《ᠪᠢ ᠬᠣᠶᠠᠷ ᠦᠶ᠎ᠡ ᠳᠠᠢᠰᠤᠨ᠎ᠠ ᠲᠤᠯᠵᠤ ᠂ ᠨᠢᠭᠡᠨ ᠤᠳᠠᠭ᠎ᠠ ᠤᠷᠤᠭ ᠬᠣᠯᠪᠣᠲᠠᠯ᠎ᠠ ᠪᠢ ᠴᠢᠨᠦ ᠨᠤᠲᠤᠭ ᠠᠷᠠᠬᠠᠨ ᠬᠣᠯᠠ ᠭᠡᠵᠦ ᠨᠢᠭᠡᠬᠡᠨ ᠤᠳᠠᠭ᠎ᠠ ᠴᠤ᠌ ᠵᠠᠷᠯᠠᠭᠰᠠᠨ ᠦᠭᠡᠢ ᠪᠥᠭᠡᠲᠡᠯ᠎ᠡ ᠴᠢ ᠶᠠᠭᠤᠨ ᠳ᠋ᠤᠷ ᠵᠥᠪ ᠵᠦᠭᠡᠷ ᠡᠪ ᠡᠩᠬᠡ ᠪᠠᠢᠭᠰᠠᠭᠠᠷ ᠡᠨᠡ ᠮᠡᠲᠦ ᠣᠯᠠᠨ ᠢ᠋ ᠬᠥᠳᠡᠯᠭᠡᠵᠦ ᠡᠢᠮᠦ ᠬᠣᠯᠠ ᠳᠦᠯᠢᠢᠨ ᠲᠠᠪᠰᠢᠵᠤ ᠡᠨᠡ ᠮᠡᠲᠦ ᠰᠠᠮᠠᠭᠤᠨ ᠢ᠋ ᠡᠳᠦᠵᠦ ᠂ ᠡᠳᠦᠢᠴᠢᠨᠡᠭᠡᠨ ᠬᠥᠮᠦᠨ ᠠᠮᠢᠲᠠᠨ ᠢ᠋ ᠪᠤᠰᠠᠨᠢᠭᠤᠯᠬᠤᠢ ᠳ᠋ᠤᠷ ᠬᠦᠷᠭᠡᠭᠰᠡᠨ ᠢᠨᠦ ᠶᠠᠭᠤᠨ ᠪᠣᠢ ?  ᠪᠢ ᠶᠡᠷᠦ ᠶ᠋ᠢᠨ ᠡᠳᠦᠷ ᠲᠠᠨ ᠤ᠋ ᠠᠯᠢᠨ ᠢ᠋ ᠠᠨᠤ ᠮᠥᠯᠵᠢᠨ ᠵᠣᠪᠠᠭᠠᠭᠰᠠᠨ ᠭᠠᠵᠠᠷ ᠪᠣᠢ ? ᠶᠠᠭᠤᠨ ᠳ᠋ᠤᠷ ᠠᠮᠤᠷ ᠵᠢᠷᠭᠠᠯ ᠢ᠋ ᠲᠡᠪᠴᠢᠵᠦ ᠂ ᠠᠶᠤᠯ ᠳᠠᠢᠰᠤᠨ ᠢ᠋ ᠬᠦᠰᠡᠪᠡ ? 》 ᠬᠡᠮᠡᠭᠰᠡᠨ ᠳ᠋ᠦ᠍ᠷ ᠤᠷᠠᠨ ᠵᠠᠩᠭᠤᠤ ᠤᠬᠢᠯᠠᠨ ᠮᠥᠷᠭᠥᠵᠦ ᠮᠡᠳᠡᠭᠦᠯᠦᠷᠦᠨ : 《ᠡᠨᠡ ᠡᠳᠦᠷ ᠡᠵᠡᠨ ᠳ᠋ᠦ᠍ᠷ ᠪᠠᠷᠠᠯᠠᠵᠤ ᠰᠠᠶᠢ ᠪᠤᠰᠤᠳ ᠲᠤᠷ ᠮᠡᠬᠡᠯᠡᠭᠳᠡᠭᠰᠡᠨ ᠢ᠋ᠶ᠋ᠡᠨ ᠮᠡᠳᠡᠪᠡ ᠃ 》ᠬᠡᠮᠡᠭᠡᠳ ᠪᠸᠲ᠋ᠠ᠋ ᠤᠯᠤᠰ ᠤ᠋ᠨ ᠶᠠᠯ᠎ᠠ ᠠᠰᠠᠭᠤᠭᠰᠠᠨ ᠪᠢᠴᠢᠭ ᠪᠠ ᠢᠷᠡᠭᠰᠡᠨ ᠡᠯᠴᠢ ᠶ᠋ᠢᠨ ᠨᠡᠷ᠎ᠡ ᠵᠢᠴᠢ ᠵᠠᠮᠤᠬ᠎ᠠ ᠶ᠋ᠢᠨ ᠢᠷᠡᠵᠦ ᠶᠠᠭᠠᠬᠢᠨ ᠶᠠᠭᠠᠬᠢᠨ ᠡᠳᠦᠭᠡᠭᠰᠡᠨ ᠢ᠋ ᠡᠬᠢᠨ ᠡᠴᠡ ᠠᠳᠠᠭ ᠲᠤᠷ ᠬᠦᠷᠲᠡᠯ᠎ᠡ ᠨᠢᠭᠡᠨ ᠵᠡᠷᠭᠡ ᠨᠠᠷᠢᠪᠴᠢᠯᠠᠨ ᠬᠡᠯᠡᠵᠦ ᠂ ᠡᠴᠦᠰ ᠲᠦ᠍ᠷ ᠵᠠᠮᠤᠬ᠎ᠠ ᠳ᠋ᠤᠷ ᠮᠡᠬᠡᠯᠡᠭᠳᠡᠭᠰᠡᠨ ᠢ᠋ ᠡᠨᠡ ᠡᠳᠦᠷ ᠰᠠᠶᠢ ᠣᠯᠵᠤ ᠮᠡᠳᠡᠭᠰᠡᠨ ᠢᠨᠤ ᠦᠨᠡᠨ ᠭᠡᠮᠡᠨ ᠦᠬᠦᠬᠦ ᠶᠠᠯ᠎ᠠ ᠪᠠᠨ ᠮᠡᠬᠦᠢᠨ ᠬᠦᠯᠢᠶᠡᠬᠦᠢ ᠳ᠋ᠦ᠍ᠷ ᠲᠠᠢᠽᠦ ᠰᠡᠭᠦᠷᠡᠰᠦᠨ ᠠᠯᠳᠠᠵᠤ ᠬᠠᠷᠢᠭᠤ ᠵᠠᠬᠢᠷᠤᠨ : 《ᠪᠢ ᠤᠭ ᠠ᠋ᠴᠠ ᠲᠠᠨ ᠤ᠋ ᠨᠤᠲᠤᠭ ᠤ᠋ᠨ ᠬᠣᠯᠠ ᠶ᠋ᠢ ᠪᠣᠳᠣᠵᠤ ᠤᠯᠤᠰ ᠤ᠋ᠨ ᠬᠡᠷᠡᠭ ᠂ ᠭᠡᠷ ᠦ᠋ᠨ ᠶᠠᠪᠤᠳᠠᠯ ᠳ᠋ᠤᠷ ᠣᠭᠲᠣ ᠡᠰᠡ ᠵᠠᠷᠯᠠᠭᠰᠠᠨ ᠪᠥᠭᠡᠳ ᠶᠠᠭᠤᠨᠠᠢ ᠶᠠᠯ᠎ᠠ ᠠᠰᠠᠭᠤᠮᠤᠢ ?  ᠵᠢᠴᠢ ᠳ᠋ᠦ᠍ᠷ ᠵᠠᠮᠤᠬ᠎ᠠ ᠬᠠᠭᠤᠷᠮᠠᠭ ᠡᠯᠴᠢ ᠢᠯᠡᠭᠡᠵᠦ ᠲᠠᠨ ᠢ᠋ ᠰᠣᠴᠢᠭᠠᠨ ᠠᠶᠤᠯᠭᠠᠭᠰᠠᠨ ᠪᠣᠯᠪᠠᠴᠤ ᠴᠢ ᠮᠥᠨ ᠦᠨᠡᠨ ᠤᠴᠢᠷ ᠢ᠋ᠶ᠋ᠠᠨ ᠬᠠᠷᠢᠭᠤ ᠡᠯᠴᠢ ᠢᠯᠡᠭᠡᠵᠦ ᠭᠤᠶᠤᠨ ᠮᠡᠳᠡᠭᠦᠯᠪᠡᠰᠦ ᠵᠣᠬᠢᠬᠤ ᠦᠭᠡᠢ ᠦᠦ ? ᠦᠨᠡᠬᠡᠷ ᠭᠤᠶᠤᠵᠤ ᠪᠠᠢᠲᠠᠯ᠎ᠠ ᠡᠰᠡ ᠪᠣᠯᠪᠠᠰᠤ ᠲᠡᠷᠡ ᠴᠠᠭ ᠲᠤᠷ ᠲᠡᠢᠨ ᠳᠡᠭᠳᠡᠭᠡᠬᠦᠢ ᠳ᠋ᠦ᠍ᠷ ᠣᠷᠣᠢᠲᠠᠮᠤᠢ ᠤᠤ ? 》 ᠬᠡᠮᠡᠬᠦᠶ᠎ᠡ ᠂ ᠬᠠᠵᠠᠭᠤ ᠠ᠋ᠴᠠ ᠬᠠᠷ᠎ᠠ ᠪᠡᠷᠬᠡ ᠵᠡᠪᠡ ᠶ᠋ᠢᠨ ᠰᠢᠷᠬ᠎ᠠ ᠮᠠᠰᠢ ᠬᠦᠨᠳᠦ ᠪᠥᠭᠡᠲᠡᠯ᠎ᠡ ᠨᠢᠳᠦ ᠪᠡᠨ ᠴᠠᠢᠪᠠᠢᠯᠵᠠᠵᠤ ᠪᠠᠢᠭᠠᠳ ᠥᠨᠳᠥᠷ ᠳᠠᠭᠤᠨ ᠢ᠋ᠶ᠋ᠠᠷ ᠬᠠᠰᠬᠢᠷᠤᠨ ᠥᠴᠢᠷᠦᠨ :《ᠮᠢᠨᠦ ᠡᠵᠡᠨ ᠤᠭ ᠠ᠋ᠴᠠ ᠤᠷᠪᠠᠬᠤ ᠰᠡᠳᠬᠢᠯ ᠦᠭᠡᠢ ᠂ ᠴᠥᠮ ᠪᠢᠳᠡᠨ ᠦ᠌ ᠡᠭᠦᠰᠬᠡᠭᠰᠡᠨ ᠬᠡᠷᠡᠭ ᠂ ᠬᠥᠮᠦᠨ ᠪᠦᠬᠦᠨ ᠲᠡᠮᠦᠵᠢᠨ ᠴᠢᠮᠠᠶ᠋ᠢ ᠢᠯᠡ ᠳᠠᠯᠳᠠ ᠶ᠋ᠢ ᠮᠡᠳᠡᠭᠴᠢ ᠮᠡᠷᠭᠡᠨ ᠰᠡᠴᠡᠨ ᠳᠠᠭ᠌ᠷᠢᠯᠢᠭ᠌ ᠤ᠋ᠨ ᠦᠷᠡᠰ ᠬᠡᠮᠡᠮᠦᠢ ᠃ ᠮᠢᠨᠦ ᠡᠵᠡᠨ ᠳ᠋ᠦ᠍ᠷ ᠬᠠᠷᠢᠶ᠎ᠠ ᠦᠭᠡᠢ ᠂ ᠣᠳᠣ ᠲᠦᠷᠭᠡᠨ᠎ᠡ ᠨᠠᠮᠠᠶ᠋ᠢ ᠠᠯᠠᠪᠠᠰᠤ ᠪᠠᠷᠠᠪᠠ ! 》 ᠭᠡᠮᠡᠨ ᠳᠡᠪᠬᠡᠴᠡᠬᠦᠢ ᠳ᠋ᠦ᠍ᠷ ᠲᠠᠢᠽᠦ ᠬᠠᠷ᠎ᠠ ᠪᠡᠷᠬᠡ ᠶ᠋ᠢᠨ ᠰᠠᠢᠨ ᠡᠷ᠎ᠡ ᠶ᠋ᠢ ᠦᠵᠡᠭᠡᠳ ᠣᠷᠣᠭᠤᠯᠤᠨ ᠠᠪᠰᠤᠭᠠᠢ ᠭᠡᠮᠡᠨ ᠰᠠᠨᠠᠭᠠᠳ ᠮᠤᠬᠤᠯᠢ ᠶ᠋ᠢ ᠬᠠᠷᠠᠵᠤ ᠵᠠᠬᠢᠷᠤᠨ : 《ᠡᠨᠡ ᠬᠠᠷ᠎ᠠ ᠪᠡᠷᠬᠡ ᠥᠪᠡᠷ ᠦ᠋ᠨ ᠡᠵᠡᠨ ᠳ᠋ᠡᠭᠡᠨ ᠮᠠᠰᠢ ᠦᠨᠡᠨᠴᠢ ᠴᠢᠬᠡᠴᠢ ᠪᠠᠢᠳᠠᠯ ᠪᠣᠢ ᠂ ᠵᠢᠨᠦᠩ ᠦ᠋ᠨ ᠰᠠᠨᠠᠭᠠᠨ ᠳ᠋ᠤᠷ ᠶᠠᠮᠪᠠᠷ ? 》ᠮᠤᠬᠤᠯᠢ ᠣᠢᠷ᠎ᠠ ᠳᠠᠪᠰᠢᠵᠤ ᠰᠥᠭᠥᠳᠴᠦ ᠮᠡᠳᠡᠭᠦᠯᠦᠷᠦᠨ : 《ᠲᠦᠰᠢᠮᠡᠯ ᠮᠥᠨ ᠮᠠᠰᠢ  ᠬᠠᠢᠷᠠᠯᠠᠮᠤᠢ ᠂ ᠭᠠᠭᠴᠠ ᠲᠡᠭᠦᠨ ᠦ᠌  ᠪᠠᠢᠳᠠᠯ ᠢ᠋ ᠦᠵᠡᠬᠦᠯ᠎ᠡ ᠰᠢᠷᠬ᠎ᠠ ᠮᠠᠰᠢ ᠬᠦᠨᠳᠦ ᠡᠳᠡᠭᠡᠬᠦ ᠪᠠᠢᠳᠠᠯ ᠦᠭᠡᠢ ᠂ ᠲᠦᠰᠢᠮᠡᠯ ᠪᠢ ᠠᠪᠠᠴᠢᠵᠤ ᠤᠷᠤᠯᠳᠤᠵᠤ ᠦᠵᠡᠰᠦᠭᠡᠢ ᠂ ᠬᠡᠷᠪᠡ ᠲᠤᠩ ᠡᠰᠡ ᠡᠳᠡᠭᠡᠪᠡᠰᠦ ᠠᠯᠠᠭᠠᠳ ᠤᠯᠤᠰ ᠤ᠋ᠨ ᠴᠠᠭᠠᠵᠠ ᠶ᠋ᠢ ᠴᠢᠩᠭ᠎ᠠ ᠪᠣᠯᠭᠠᠰᠤᠭᠠᠢ ᠂ ᠬᠡᠷᠪᠡ ᠪᠠᠬᠠᠨ ᠰᠠᠢᠨ ᠪᠣᠯᠬᠤ ᠵᠠᠮ ᠪᠣᠢ ᠪᠣᠯᠪᠠᠰᠤ ᠡᠳᠡᠭᠡᠵᠦ ᠠᠪᠤᠭᠠᠳ ᠴᠡᠷᠢᠭ ᠦ᠋ᠨ ᠡᠮᠦᠨ᠎ᠡ ᠬᠡᠷᠡᠭᠯᠡᠰᠦᠭᠡᠢ ! 》 ᠬᠡᠮᠡᠭᠰᠡᠨ ᠳ᠋ᠦ᠍ᠷ ᠲᠠᠢᠽᠦ ᠮᠦᠰᠢᠶᠡᠨ ᠵᠥᠪᠰᠢᠶᠡᠵᠦ ᠤᠷᠠᠨ ᠵᠠᠩᠭᠤᠤ ᠶ᠋ᠢᠨ ᠵᠦᠭ ᠥᠭᠦᠯᠡᠷᠦᠨ : 《ᠪᠢ ᠮᠥᠨ ᠤᠭ ᠠ᠋ᠴᠠ ᠴᠢᠨᠦ ᠨᠣᠮᠣᠬᠠᠨ ᠰᠢᠳᠤᠷᠭᠤ ᠶ᠋ᠢ ᠮᠡᠳᠡᠬᠦ ᠪᠥᠯᠥᠭᠡ ᠃ ᠴᠢ ᠭᠠᠭᠴᠠ ᠳᠣᠣᠷᠠᠲᠤ ᠠᠷᠠᠳ ᠤ᠋ᠨ ᠬᠣᠣᠷ ᠢ᠋ ᠡᠳ᠋ᠯᠡᠵᠦᠬᠦᠢ ᠂ ᠦᠷᠦᠰᠦᠬᠦᠦᠮᠢ ᠬᠡᠷᠬᠢᠵᠡᠮ ? 》ᠤᠷᠠᠨ ᠵᠠᠩᠭᠤᠤ ᠮᠡᠳᠡᠭᠦᠯᠦᠷᠦᠨ :《ᠴᠡᠷᠢᠭ ᠡᠳᠦᠬᠦᠢ ᠶ᠋ᠢ ᠬᠣᠷᠢᠭ᠍ᠯᠠᠵᠤ ᠡᠰᠡ ᠪᠣᠯᠤᠭᠰᠠᠨ ᠳ᠋ᠤᠷ ᠤᠷᠭᠤᠵᠤᠬᠤᠢ ᠃ 》ᠲᠠᠢᠽᠦ ᠲᠡᠷᠢᠭᠦᠨ ᠳᠣᠬᠢᠵᠤ ᠰᠡᠭᠦᠷᠡᠰᠦᠨ ᠠᠯᠳᠠᠵᠤ ᠵᠠᠬᠢᠷᠤᠨ :《ᠮᠡᠷᠭᠡᠨ ᠠᠷᠠᠳ ᠮᠡᠬᠡᠨ ᠳ᠋ᠦ᠍ᠷ ᠦᠯᠦ ᠤᠨᠠᠮᠤᠢ 》ᠬᠡᠮᠡᠪᠡ ᠃ ᠲᠡᠳᠦᠢ ᠬᠠᠷ᠎ᠠ ᠪᠡᠷᠬᠡ ᠶ᠋ᠢ ᠬᠣᠶᠠᠷ ᠡᠳᠦᠷ ᠰᠤᠪᠢᠯᠠᠨ ᠰᠠᠢᠨ ᠪᠣᠯᠭᠠᠨ ᠡᠰᠡ ᠴᠢᠳᠠᠭᠠᠳ ᠤᠷᠠᠨ ᠵᠠᠩᠭᠤᠤ ᠶ᠋ᠢᠨ ᠶᠠᠯ᠎ᠠ ᠶ᠋ᠢ ᠲᠡᠭᠦᠨ ᠳ᠋ᠦ᠍ᠷ ᠨᠥᠮᠥᠷᠭᠡᠵᠦ ᠂ ᠬᠠᠷ᠎ᠠ ᠪᠡᠷᠬᠡ ᠶ᠋ᠢ ᠳᠠᠮᠨᠠᠨ ᠭᠠᠷᠭᠠᠵᠤ ᠠᠯᠠᠭᠠᠳ ᠲᠣᠯᠣᠭᠠᠢ ᠶ᠋ᠢ ᠰᠢᠷᠭᠤᠯ ᠪᠠᠷᠳᠠᠩ ᠤ᠋ᠨ ᠲᠣᠯᠣᠭᠠᠢ ᠯᠤᠭ᠎ᠠ ᠡᠯᠭᠦᠭᠦᠯᠵᠦ ᠡᠩᠭᠦᠳ ᠦ᠋ᠨ ᠣᠯᠠᠨ ᠢ᠋ ᠲᠣᠭᠲᠠᠭᠠᠨ ᠠᠮᠤᠭᠤᠯᠵᠤ ᠂ ᠤᠷᠠᠨ ᠵᠠᠩᠭᠤᠤ ᠶ᠋ᠢᠨ ᠠᠮᠢᠨ ᠢ᠋ ᠬᠡᠯᠲᠦᠷᠢᠭᠦᠯᠦᠨ ᠰᠢᠲᠦᠭᠦᠯᠦᠨ ᠳᠠᠭᠠᠭᠤᠯᠤᠭᠠᠳ ᠳᠡᠭᠡᠷ᠎ᠡ ᠢᠨᠤ ᠳᠥᠷᠪᠡᠳᠦᠭᠡᠷ ᠳᠡᠭᠦᠦ ᠤᠷᠠᠨ ᠭᠠᠴᠤᠭ ᠢ᠋ ᠲᠤᠰᠢᠶᠠᠨ ᠳᠠᠭᠠᠭᠠᠯᠭᠠᠵᠤ ᠂ ᠡᠩᠭᠦᠳ ᠠᠷᠪᠠᠨ ᠠᠢᠮᠠᠭ ᠭᠤᠴᠢᠨ ᠨᠢᠭᠡᠨ ᠨᠤᠲᠤᠭ ᠢ᠋ ᠤᠭ ᠬᠡᠪ ᠢ᠋ᠶ᠋ᠡᠷ ᠭᠠᠵᠠᠷ ᠲᠤᠷ ᠰᠠᠭᠤᠯᠭᠠᠨ ᠂ ᠤᠷᠠᠨ ᠵᠠᠩᠭᠤᠤ ᠪᠠᠷ ᠮᠥᠨ ᠲᠡᠭᠰᠢᠯᠡᠨ ᠵᠠᠬᠢᠷᠤᠭᠤᠯᠵᠤ ᠳᠠᠭᠠᠭᠠᠯᠭᠠᠪᠠ ᠃ ᠭᠠᠭᠴᠠ ᠦᠷᠦᠰᠦᠬᠦᠦᠮᠢ ᠦᠭᠡᠢ ᠲᠤᠯᠠ ᠲᠡᠭᠦᠨ ᠦ᠌ ᠬᠠᠷᠢᠶᠠᠲᠤ ᠪᠤᠷᠢᠶᠠᠳ ᠤ᠋ᠨ ᠣᠢᠷᠠᠳ ᠨᠢᠭᠡᠨ ᠠᠢᠮᠠᠭ ᠢ᠋ ᠲᠦᠷ ᠤᠷᠠᠨ ᠵᠠᠩᠭᠤᠤ ᠪᠠᠷ ᠬᠠᠷᠠᠭᠠᠯᠵᠠᠭᠤᠯᠤᠨ ᠢᠷᠡᠬᠦ ᠶ᠋ᠢ ᠬᠦᠯᠢᠶᠡᠯᠭᠡᠵᠦ ᠂ ᠨᠢᠭᠡᠨ ᠶᠡᠬᠡ ᠡᠩᠭᠦᠳ ᠤᠯᠤᠰ ᠢ᠋ ᠠᠮᠤᠭᠤᠯᠤᠨ ᠲᠦᠪᠰᠢᠳᠬᠡᠭᠰᠡᠨ᠎ᠡ ᠂ ᠠᠷᠪᠠᠨ ᠠᠢᠮᠠᠭ ᠤ᠋ᠨ ᠣᠯᠠᠨ ᠲᠦᠮᠡᠨ ᠢ᠋ᠶ᠋ᠡᠷ ᠰᠢᠳᠦᠨ ᠪᠠᠶᠠᠷᠯᠠᠯᠴᠠᠨ ᠳᠠᠭᠤᠳᠠᠯᠴᠠᠬᠤ ᠳᠠᠭᠤᠨ ᠳ᠋ᠤᠷ ᠲᠡᠭᠷᠢ ᠭᠠᠵᠠᠷ ᠳᠦᠷᠬᠢᠷᠡᠪᠡ ᠃ ᠲᠡᠳᠦᠢ ᠲᠠᠢᠽᠦ ᠤᠷᠠᠨ ᠵᠠᠩᠭᠤᠤ ᠶ᠋ᠢ ᠶᠡᠬᠡ ᠴᠡᠷᠢᠭ ᠦ᠋ᠨ ᠪᠠᠭᠤᠳᠠᠯ ᠬᠣᠷᠢᠶ᠎ᠠ ᠪᠠᠭᠤᠬᠤ ᠪᠠ ᠵᠠᠷ ᠵᠡᠪᠰᠡᠭ ᠡᠭᠦᠳᠬᠦ ᠂ ᠫᠤᠤ ᠲᠡᠷᠭᠡ ᠬᠢᠬᠦ ᠂ ᠬᠤᠶᠠᠭ ᠳᠤᠭᠤᠯᠠᠭ᠎ᠠ ᠳᠠᠪᠲᠠᠬᠤ ᠂ ᠬᠡᠩᠭᠡᠷᠭᠡ ᠪᠦᠷᠢᠶ᠎ᠡ ᠦᠢᠯᠡᠳᠬᠦ ᠂ ᠲᠤᠭ ᠬᠢᠭᠢᠷᠢ ᠵᠣᠬᠢᠶᠠᠬᠤ ᠡᠯ᠎ᠡ ᠴᠡᠷᠢᠭ ᠦ᠋ᠨ ᠤᠷᠠᠯᠠᠬᠤ ᠡᠭᠦᠳᠬᠦ ᠪᠦᠬᠦᠨ ᠢ᠋ ᠴᠥᠮ ᠲᠡᠭᠦᠨ ᠳ᠋ᠦ᠍ᠷ ᠲᠤᠰᠢᠶᠠᠨ ᠳᠣᠷᠣᠭ᠍ᠰᠢ ᠰᠤᠷᠭᠠᠯᠭᠠᠪᠠ ᠃ ᠲᠡᠭᠦᠨᠴᠡ ᠮᠥᠨ ᠴᠠᠨ᠎ᠠ ᠶ᠋ᠢᠨ ᠲᠠᠯ᠎ᠠ ᠳ᠋ᠤᠷ ᠶᠡᠬᠡ ᠲᠤᠭ ᠢ᠋ ᠳᠠᠬᠢᠵᠤ ᠂ ᠣᠯᠠᠨ ᠴᠡᠷᠢᠭ ᠲᠦ᠍ᠷ ᠱᠠᠩᠨᠠᠵᠤ ᠂ ᠣᠯᠠᠨ ᠵᠠᠩᠵᠤᠨ ᠨᠠᠷ ᠤ᠋ᠨ ᠭᠠᠪᠢᠶ᠎ᠠ ᠶ᠋ᠢ ᠢᠯᠭᠠᠵᠤ ᠂ ᠲᠣᠭᠲᠣᠩᠭᠣ᠌ ᠪᠠᠭᠠᠲᠤᠷ ᠂ ᠰᠥᠪᠡᠭᠡᠲᠡᠢ ᠪᠠᠭᠠᠲᠤᠷ ᠬᠣᠶᠠᠭᠤᠯᠠ ᠶ᠋ᠢ ᠲᠡᠷᠢᠭᠦᠨ ᠭᠠᠪᠢᠶ᠎ᠠ ᠳ᠋ᠤᠷ ᠱᠠᠩᠨᠠᠵᠤ ᠂ ᠳᠣᠷᠣᠭ᠍ᠰᠢ ᠳᠡᠰ ᠳᠠᠷᠠᠭᠠᠯᠠᠨ ᠶᠡᠬᠡᠯ᠎ᠡ ᠬᠤᠷᠢᠮᠯᠠᠨ ᠱᠠᠩᠨᠠᠵᠤ ᠂ ᠴᠡᠷᠢᠭ ᠳᠡᠢᠯᠦᠭᠰᠡᠨ ᠪᠠᠶᠠᠷ ᠤ᠋ᠨ ᠶᠣᠰᠣᠭᠠᠷ ᠪᠢᠯᠠᠷ ᠪᠢᠰᠬᠢᠭᠦᠷ ᠦᠯᠢᠶᠡᠨ ᠰᠡᠷᠡᠯᠵᠢᠨ ᠬᠡᠩᠭᠡᠷᠭᠡ ᠳᠡᠯᠡᠳᠦᠭᠰᠡᠭᠡᠷ ᠤᠯᠤᠰ ᠲᠤᠷ ᠡᠭᠡᠪᠡ ᠃ ᠤᠷᠠᠨ ᠵᠠᠩᠭᠤᠤ ᠥᠪᠡᠷ ᠦ᠋ᠨ ᠠᠷᠪᠠᠨ ᠲᠠᠪᠤᠨ ᠨᠠᠰᠤᠲᠤ ᠭᠠᠭᠴᠠ ᠥᠬᠢᠨ ᠢ᠋ᠶ᠋ᠡᠨ ᠪᠣᠯᠤᠭ᠎ᠠ ᠶ᠋ᠢ ᠲᠠᠢᠽᠦ ᠳ᠋ᠦ᠍ᠷ ᠵᠠᠷᠤᠴᠠᠯᠠᠭᠤᠯᠤᠮᠤᠢ ᠭᠡᠮᠡᠨ ᠪᠠᠷᠢᠭ᠍ᠰᠠᠨ ᠳ᠋ᠤᠷ ᠬᠠᠰᠠᠷ ᠦᠵᠡᠭᠡᠳ ᠶᠡᠬᠡᠯ᠎ᠡ ᠪᠠᠬᠠᠷᠬᠠᠨ ᠭᠠᠢᠬᠠᠭᠰᠠᠨ᠎ᠠ ᠲᠠᠢᠽᠦ ᠳᠠᠷᠤᠢ ᠪᠣᠯᠤᠭ᠎ᠠ ᠬᠡᠦᠬᠡᠨ ᠢ᠋ ᠬᠠᠪᠤᠲᠤ ᠬᠠᠰᠠᠷ ᠲᠤᠷ ᠱᠠᠩᠨᠠᠪᠠᠢ ᠃ ᠬᠠᠰᠠᠷ ᠶᠡᠬᠡᠯ᠎ᠡ ᠪᠠᠶᠠᠷᠯᠠᠨ ᠬᠡᠰᠢᠭ ᠲᠣᠷ ᠮᠥᠷᠭᠥᠵᠦ ᠂ ᠪᠣᠯᠤᠭ᠎ᠠ ᠬᠡᠦᠬᠡᠨ ᠢ᠋ ᠰᠤᠯᠠ ᠬᠠᠲᠤᠨ ᠪᠣᠯᠭᠠᠪᠠ ᠃ ᠤᠷᠠᠨ ᠵᠠᠩᠭᠤᠤ ᠤᠯᠤᠰ ᠤ᠋ᠨ ᠤᠷᠤᠭ ᠪᠣᠯᠤᠭᠰᠠᠨ᠎ᠠ ᠶᠡᠬᠡᠯ᠎ᠡ ᠨᠢᠭᠤᠷ ᠲᠠᠢ ᠪᠣᠯᠪᠠᠢ ᠃ 
      ᠲᠡᠭᠦᠨᠴᠡ ᠲᠠᠢᠽᠦ ᠶ᠋ᠢᠨ ᠴᠡᠷᠢᠭ ᠡᠭᠡᠵᠦ ᠰᠠᠶᠢ ᠤᠯᠤᠰ ᠤ᠋ᠨ ᠵᠠᠬ᠎ᠠ ᠳ᠋ᠤᠷ ᠬᠦᠷᠲᠡᠯ᠎ᠡ ᠬᠡᠷᠡᠢᠳ ᠦ᠋ᠨ ᠴᠡᠷᠢᠭ ᠢ᠋ ᠳᠠᠷᠤᠵᠤ ᠳᠡᠢᠯᠦᠭᠰᠡᠨ ᠰᠢᠷᠢ ᠬᠤᠲᠤᠭ᠂ ᠬᠠᠷ᠎ᠠ ᠬᠢᠷᠤ᠂ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ ᠳᠥᠷᠪᠡᠨ ᠵᠠᠩᠵᠤᠨ ᠤᠭᠲᠤᠨ ᠢᠷᠡᠵᠦ ᠮᠥᠷᠭᠥᠨ ᠵᠣᠯᠭᠠᠭᠠᠳ ᠬᠡᠷᠡᠢᠳ ᠦ᠋ᠨ ᠬᠤᠯᠠᠭᠠᠢ ᠴᠡᠷᠢᠭ ᠢ᠋ ᠳᠠᠷᠤᠵᠤ᠂ ᠣᠯᠵᠠᠯᠠᠭᠰᠠᠨ ᠶᠡᠬᠡ ᠣᠯᠵᠠ ᠪᠠᠨ ᠡᠷᠭᠦᠨ ᠪᠠᠶᠠᠷ ᠲᠤᠷ ᠨᠡᠢᠯᠡᠭᠦᠯᠵᠦ ᠬᠤᠷᠢᠮ ᠪᠠᠷᠢᠭ᠍ᠰᠠᠨ ᠳ᠋ᠤᠷ ᠲᠠᠢᠽᠦ ᠪᠡᠶᠡᠰᠴᠦ ᠬᠦᠨᠳᠦᠳᠡ ᠱᠠᠩ ᠬᠡᠰᠢᠭ ᠬᠦᠷᠲᠡᠭᠡᠪᠡ᠃ ᠬᠡᠷᠡᠢᠳ ᠦ᠋ᠨ ᠴᠡᠷᠢᠭ ᠢ᠋ ᠡᠭᠡᠨᠡᠭᠲᠡ ᠬᠡᠷᠬᠢᠨ ᠳᠠᠷᠤᠪᠠ ? ᠬᠡᠮᠡᠪᠡᠰᠦ : 《ᠵᠠᠮᠤᠬ᠎ᠠ ᠡᠩᠭᠦᠳ ᠡᠴᠡ ᠡᠭᠡᠵᠦ ᠰᠢᠨ᠎ᠡ ᠸᠠᠩ ᠢᠯᠠᠭᠤ ᠯᠤᠭ᠎ᠠ ᠨᠢᠭᠡᠨ ᠲᠦᠮᠡᠨ ᠲᠠᠪᠤᠨ ᠮᠢᠩᠭᠠᠨ ᠰᠢᠯᠭᠠᠭᠰᠠᠨ ᠴᠡᠷᠢᠭ ᠠᠪᠴᠤ ᠡᠴᠢᠭᠡ ᠪᠠ ᠥᠬᠢᠨ ᠳᠡᠭᠦᠦ ᠡᠴᠡ ᠪᠡᠨ ᠨᠢᠭᠤᠵᠤ᠂ ᠨᠠᠢ᠍ᠮᠠᠨ ᠢ᠋ ᠰᠡᠷᠭᠡᠢᠯᠡᠮᠦᠢ ᠭᠡᠮᠡᠨ ᠭᠠᠷᠴᠤ ᠢᠷᠡᠭᠡᠳ ᠬᠡᠳᠦᠨ ᠡᠳᠦᠷ ᠶᠠᠪᠤᠵᠤ᠂ ᠪᠸᠲ᠋ᠠ᠋ ᠤᠯᠤᠰ ᠤ᠋ᠨ ᠡᠮᠦᠨᠡᠭᠦᠷ ᠬᠤᠯᠠᠭᠤᠨ ᠥᠩᠭᠡᠷᠡᠵᠦ ᠰᠠᠶᠢ ᠴᠠᠭᠠᠨ ᠣᠷᠭᠢᠯ ᠬᠡᠮᠡᠬᠦ ᠠᠭᠤᠯᠠᠨ᠎ᠠ ᠪᠠᠭᠤᠳᠠᠯᠯᠠᠵᠤ᠂ ᠰᠥᠨᠢ ᠶ᠋ᠢᠨ ᠭᠤᠷᠪᠠᠨ ᠵᠢᠩ ᠦ᠋ᠨ ᠦᠶ᠎ᠡ ᠳ᠋ᠦ᠍ᠷ ᠮᠤᠬᠤᠯᠢ ᠶ᠋ᠢᠨ ᠪᠦᠭᠭᠦᠭᠰᠡᠨ ᠴᠡᠷᠢᠭ ᠡᠩᠭᠦᠳ ᠦ᠋ᠨ ᠳᠠᠷᠤᠭᠳᠠᠭᠰᠠᠨ ᠴᠡᠷᠢᠭ ᠭᠡᠮᠡᠨ ᠬᠠᠭᠤᠷᠮᠠᠭ ᠢ᠋ᠶ᠋ᠠᠷ ᠬᠠᠰᠬᠢᠷᠴᠤ ᠪᠢᠳᠡ ᠴᠥᠮ ᠬᠡᠷᠡᠢᠳ ᠦ᠋ᠨ ᠡᠳᠦᠭᠡᠭᠰᠡᠨ ᠠᠷᠭ᠎ᠠ ᠳ᠋ᠤᠷ ᠤᠨᠠᠵᠤ ᠤᠯᠤᠰ ᠡᠪᠳᠡᠷᠡᠵᠦ ᠣᠷᠣᠰᠢᠬᠤ ᠭᠠᠵᠠᠷ ᠦᠭᠡᠢ ᠥᠯᠪᠡᠷᠦᠨ ᠮᠣᠬᠣᠵᠤ ᠶᠠᠪᠤᠮᠤᠢ ᠭᠡᠮᠡᠨ ᠬᠡᠷᠡᠢᠳ ᠦ᠋ᠨ ᠴᠡᠷᠢᠭ ᠦ᠋ᠨ ᠬᠦᠷᠢᠶ᠎ᠡ ᠶ᠋ᠢ ᠭᠠᠯ ᠲᠠᠯᠪᠢᠨ ᠡᠪᠳᠡᠵᠦ ᠣᠷᠣᠭᠰᠠᠨ ᠳ᠋ᠤᠷ ᠬᠡᠷᠡᠢᠳ ᠦ᠋ᠨ ᠴᠡᠷᠢᠭ ᠰᠠᠨᠠᠭᠠᠨ ᠳ᠋ᠤᠷ ᠦᠭᠡᠢ ᠪᠠᠢᠭᠰᠠᠨ ᠲᠤᠯᠠ ᠶᠡᠬᠡᠯ᠎ᠡ ᠰᠠᠮᠠᠭᠤᠷᠠᠨ ᠬᠦᠷᠢᠶ᠎ᠡ ᠪᠡᠨ ᠣᠷᠬᠢᠵᠤ ᠪᠠᠢᠯᠳᠤᠯ ᠦᠭᠡᠢ ᠪᠡᠷ ᠪᠤᠷᠤᠭᠤᠯᠠᠪᠠᠢ᠃ ᠮᠤᠬᠤᠯᠢ ᠬᠣᠷᠢᠨ ᠭᠠᠵᠠᠷ ᠨᠡᠬᠡᠵᠦ ᠨᠢᠭᠡᠨ ᠵᠡᠷᠭᠡ ᠶᠡᠬᠡᠯ᠎ᠡ ᠳᠠᠷᠤᠵᠤ ᠂ ᠬᠡᠷᠡᠢᠳ ᠦ᠋ᠨ ᠲᠤᠭ ᠬᠢᠭᠢᠷᠢ ᠪᠠ ᠲᠡᠮᠳᠡᠭ ᠵᠣᠯᠠᠳᠤ ᠲᠡᠮᠡᠭᠡ ᠥᠷᠭᠥᠭᠡ ᠮᠠᠢᠬᠠᠨ ᠢ᠋ ᠪᠦᠷᠢᠨ᠎ᠡ ᠪᠤᠯᠢᠶᠠᠨ ᠠᠪᠴᠤ ᠡᠩᠭᠦᠳ ᠢ᠋ ᠭᠡᠨᠡᠳᠡᠭᠦᠯᠵᠦᠬᠦᠢ᠃ ᠲᠡᠳᠦᠢ ᠢᠯᠠᠭᠤ ᠨᠠᠷ ᠬᠠᠷᠠᠬᠠᠨ ᠳᠤᠲᠠᠭᠠᠨ ᠲᠠᠪᠢᠨ ᠭᠠᠵᠠᠷ ᠭᠠᠷᠴᠤ ᠲᠠᠷᠪᠠᠭᠠᠲᠠᠢ ᠶ᠋ᠢᠨ ᠮᠠᠩᠬᠠᠨ᠎ᠠ ᠬᠦᠷᠴᠦ ᠡᠳᠦᠢ ᠲᠡᠳᠦᠢ ᠦᠯᠡᠳᠡᠭᠰᠡᠨ ᠲᠣᠭᠣᠭ᠎ᠠ ᠲᠤᠯᠭ᠎ᠠ ᠪᠠᠨ ᠲᠤᠯᠵᠤ ᠰᠠᠶᠢ ᠴᠠᠢ ᠴᠢᠨᠠᠵᠤ ᠬᠣᠨᠢ ᠪᠠᠨ ᠡᠪᠳᠡᠲᠡᠯ᠎ᠡ ᠬᠠᠪᠤᠷ ᠤ᠋ᠨ ᠤᠯᠠᠭᠠᠨ ᠲᠣᠭᠣᠰᠣᠨ ᠶᠡᠬᠡᠯ᠎ᠡ ᠳᠡᠭᠳᠡᠵᠦ᠂ ᠲᠠᠯ᠎ᠠ ᠪᠤᠷᠭᠠᠰᠤᠨ ᠤ᠋ ᠳᠣᠲᠣᠷ᠎ᠠ ᠠ᠋ᠴᠠ ᠪᠸᠲ᠋ᠠ᠋ ᠤᠯᠤᠰ ᠤ᠋ᠨ ᠰᠢᠷᠢ ᠬᠤᠲᠤᠭ᠂ ᠬᠠᠷ᠎ᠠ ᠬᠢᠷᠤ᠂ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ ᠳᠥᠷᠪᠡᠨ ᠵᠠᠩᠵᠤᠨ ᠤ᠋ ᠴᠡᠷᠢᠭ ᠴᠣᠬᠢᠨ ᠭᠠᠷᠴᠤ ᠪᠡᠶ᠎ᠡ ᠪᠡᠨ ᠮᠥᠨ ᠬᠦ᠌ ᠡᠩᠭᠦᠳ ᠦ᠋ᠨ ᠰᠠᠯᠪᠠᠷᠠᠭᠰᠠᠨ ᠴᠡᠷᠢᠭ ᠬᠡᠮᠡᠵᠦ ᠬᠡᠷᠡᠢᠳ ᠢ᠋ ᠪᠸᠲ᠋ᠠ᠋ ᠤᠯᠤᠰ ᠯᠤᠭ᠎ᠠ ᠰᠡᠮᠡᠬᠡᠷ ᠨᠢᠭᠡᠳᠴᠦ ᠮᠠᠨ ᠢ᠋ ᠭᠡᠨᠡᠳᠡᠭᠦᠯᠪᠡ ᠭᠡᠮᠡᠨ ᠬᠠᠭᠠᠵᠤ ᠪᠠᠢᠯᠳᠤᠭᠰᠠᠨ ᠳ᠋ᠤᠷ ᠢᠯᠠᠭᠤ ᠵᠠᠮᠤᠬ᠎ᠠ ᠬᠣᠶᠠᠭᠤᠯᠠ ᠰᠥᠰᠥ ᠬᠡᠮᠬᠡᠷᠡᠨ ᠪᠤᠷᠤᠭᠤᠯᠠᠪᠠ᠃ ᠡᠨᠡ ᠤᠳᠠᠭ᠎ᠠ ᠶ᠋ᠢᠨ ᠪᠠᠢᠯᠳᠤᠭᠠᠨ ᠳ᠋ᠤᠷ ᠬᠡᠷᠡᠢᠳ ᠦ᠋ᠨ ᠴᠡᠷᠢᠭ ᠳᠥᠷᠪᠡᠨ ᠦ᠌ ᠨᠢᠭᠡᠨ ᠬᠤᠪᠢ ᠰᠢᠷᠬᠠᠲᠤᠵᠤ᠂ ᠨᠢᠭᠡᠨ ᠬᠤᠪᠢ ᠬᠣᠬᠢᠷᠠᠭᠠᠳ ᠦᠯᠡᠭᠰᠡᠨ ᠬᠣᠶᠠᠷ ᠬᠤᠪᠢ ᠠᠨᠤ ᠪᠠᠰᠠ ᠴᠥᠮ ᠵᠠᠷ ᠵᠡᠪᠰᠡᠭ᠂ ᠬᠤᠶᠠᠭ ᠳᠤᠭᠤᠯᠠᠭ᠎ᠠ᠂ ᠮᠣᠷᠢ ᠡᠮᠡᠭᠡᠯ᠂ ᠲᠣᠭᠣᠭ᠎ᠠ ᠲᠤᠯᠭ᠎ᠠ ᠪᠠᠨ ᠴᠥᠮ ᠠᠪᠲᠠᠵᠤ ᠨᠢᠴᠦᠭᠦᠨ ᠳᠤᠲᠠᠭᠠᠵᠤ ᠭᠠᠷᠪᠠ᠃ 
      ᠡᠭᠦᠨ ᠢ᠋ ᠸᠠᠩ ᠬᠠᠭᠠᠨ ᠡᠰᠡ ᠰᠣᠨᠣᠰᠪᠠᠴᠤ ᠰᠣᠯᠣᠩᠭᠤᠸ᠎ᠠ ᠬᠡᠳᠦᠢᠨᠡᠢ ᠰᠣᠨᠣᠰᠴᠤ ᠬᠠᠪᠤᠷ ᠤ᠋ᠨ ᠳᠤᠯᠠᠭᠠᠨ᠎ᠠ ᠲᠤᠩᠭᠠᠯᠠᠭ ᠪᠤᠯᠠᠭ ᠤ᠋ᠨ ᠡᠬᠢᠨ᠎ᠡ ᠰᠢᠷᠠᠩᠭᠤᠢ ᠨᠣᠭᠣᠭᠠᠨ ᠪᠤᠷᠭᠠᠰᠤᠨ ᠰᠢᠭᠤᠢ ᠶ᠋ᠢᠨ ᠳᠣᠣᠷ᠎ᠠ ᠣᠷᠣᠵᠤ ᠰᠡᠭᠦᠷᠡᠰᠦᠨ ᠠᠯᠳᠠᠵᠤ : 《ᠠᠬ᠎ᠠ ᠶ᠋ᠢᠨ ᠡᠨᠡ ᠶᠠᠪᠤᠳᠠᠯ ᠡᠷᠬᠡᠡᠦ᠋ᠬᠡᠢ ᠤᠯᠤᠰ ᠢ᠋ ᠮᠥᠬᠥᠭᠡᠮᠦᠢ᠃ 》ᠬᠡᠮᠡᠭᠡᠳ ᠪᠠᠰᠠ ᠨᠠᠢ᠍ᠮᠠᠨ ᠤᠯᠤᠰ ᠤ᠋ᠨ ᠠᠯᠲᠠᠨᠱᠠᠭ᠎ᠠ ᠶ᠋ᠢ ᠮᠥᠷᠥᠭᠡᠳᠦᠨ ᠭᠢᠩᠰᠢᠨ ᠳᠠᠭᠤᠯᠠᠭᠰᠠᠨ ᠪᠥᠯᠥᠭᠡ ᠃ ᠬᠣᠢᠨ᠎ᠠ ᠸᠠᠩ ᠬᠠᠭᠠᠨ ᠢᠯᠠᠭᠤ ᠶ᠋ᠢᠨ ᠶᠠᠪᠤᠳᠠᠯ ᠢ᠋ ᠪᠠᠭ᠎ᠠ ᠡᠮ᠎ᠡ ᠡᠴᠡ ᠪᠡᠨ ᠴᠥᠮ ᠰᠣᠨᠣᠰᠤᠭᠠᠳ ᠢᠯᠠᠭᠤ ᠶ᠋ᠢ ᠳᠣᠩᠭᠣᠳᠴᠤ ᠵᠠᠮᠤᠬ᠎ᠠ ᠶ᠋ᠢ ᠠᠯᠠᠶ᠎ᠠ ᠭᠡᠮᠡᠨ ᠬᠠᠷᠢᠶᠠᠯ ᠵᠦᠬᠡᠯ ᠢ᠋ᠶ᠋ᠡᠨ ᠲᠠᠯᠪᠢᠭ᠍ᠰᠠᠨ ᠳ᠋ᠤᠷ ᠢᠯᠠᠭᠤ᠂ ᠬᠣᠢᠲᠤ ᠡᠬᠡ ᠶ᠋ᠢᠨ ᠦᠭᠡ ᠶ᠋ᠢ ᠰᠣᠨᠣᠰᠴᠤ ᠨᠠᠮᠠᠶ᠋ᠢ ᠢᠴᠢᠭᠡᠪᠡ ᠭᠡᠮᠡᠨ ᠡᠴᠢᠭᠡ ᠳ᠋ᠡᠭᠡᠨ ᠬᠣᠷᠣᠰᠤᠭᠰᠠᠨ ᠢ᠋ᠶ᠋ᠠᠷ ᠪᠠᠷᠠᠬᠤ ᠦᠭᠡᠢ᠂ ᠵᠠᠮᠤᠬ᠎ᠠ ᠮᠥᠨ ᠸᠠᠩ ᠬᠠᠭᠠᠨ ᠢ᠋ ᠡᠷᠲᠡ ᠣᠷᠣᠢ ᠠᠯᠠᠬᠤ ᠰᠡᠳᠬᠢᠯ ᠡᠪᠦᠷᠯᠡᠪᠡᠢ᠃ 
      ᠲᠡᠢᠨ ᠬᠦ᠌ ᠰᠢᠷᠢ ᠬᠤᠲᠤᠭ ᠨᠠᠷ ᠤ᠋ᠨ ᠳᠥᠷᠪᠡᠨ ᠵᠠᠩᠵᠤᠨ ᠬᠡᠷᠡᠢᠳ ᠦ᠋ᠨ ᠬᠤᠯᠠᠭᠠᠢ ᠴᠡᠷᠢᠭ ᠢ᠋ ᠶᠡᠬᠡᠯ᠎ᠡ ᠳᠠᠷᠤᠵᠤ᠂ ᠪᠣᠢ ᠪᠦᠬᠦᠢ ᠶ᠋ᠢ ᠢᠨᠦ ᠣᠯᠵᠠᠯᠠᠭᠠᠳ ᠤᠯᠤᠰ ᠤ᠋ᠨ ᠵᠠᠬ᠎ᠠ ᠳ᠋ᠤᠷ ᠲᠠᠢᠽᠦ ᠶ᠋ᠢ ᠬᠦᠯᠢᠶᠡᠨ ᠤᠭᠲᠤᠭᠰᠠᠨ ᠠᠵᠤᠭ᠃  
      ᠲᠡᠭᠦᠨᠴᠡ ᠤᠯᠤᠰ ᠤ᠋ᠨ ᠳᠤᠮᠳᠠ ᠬᠦᠷᠲᠡᠯ᠎ᠡ ᠬᠠᠭᠤᠴᠢᠨ ᠰᠠᠢᠳ ᠮᠡᠩᠬᠡᠯᠢᠭ᠂ ᠬᠣᠷᠭᠣᠯᠵᠢ᠂ ᠥᠨᠳᠥᠷ ᠰᠡᠴᠡᠨ᠂ ᠦᠨᠡᠨ ᠲᠥᠷᠥ ᠳᠥᠷᠪᠡᠭᠦᠯᠡ᠂ ᠳᠡᠳ᠋ ᠤᠲᠤᠯᠭᠠᠨ᠎ᠠ ᠤᠭᠲᠤᠪᠠ᠃ ᠥᠨᠳᠥᠷ ᠰᠡᠴᠡᠨ ᠮᠤᠬᠤᠯᠢ ᠶ᠋ᠢᠨ ᠵᠠᠬᠢᠶ᠎ᠠ ᠪᠠᠷ ᠵᠠᠷᠤᠳ ᠤᠯᠤᠰ ᠤ᠋ᠨ ᠸᠠᠩᠴᠤᠭ ᠬᠠᠨ ᠢ᠋ ᠮᠡᠳᠡᠭᠡᠴᠢᠯᠡᠷ᠎ᠡ ᠡᠴᠢᠭᠰᠡᠨ ᠲᠤᠯᠠ ᠢᠷᠡᠵᠦ ᠮᠡᠳᠡᠭᠦᠯᠦᠷᠦᠨ : 《ᠵᠠᠷᠤᠳ ᠤᠯᠤᠰ ᠤ᠋ᠨ ᠴᠡᠷᠢᠭ ᠯᠠᠪ ᠨᠠᠮᠤᠷ ᠤ᠋ᠨ ᠲᠡᠷᠢᠭᠦᠨ ᠢ᠋ᠶ᠋ᠡᠷ ᠢᠨᠠᠭ᠍ᠰᠢ ᠬᠥᠳᠡᠯᠦᠮᠦᠢ᠃ ᠪᠠᠢᠯᠳᠤᠬᠤ ᠪᠢᠴᠢᠭ ᠠᠴᠢᠷᠠᠭᠰᠠᠨ ᠠᠨᠤ ᠡᠭᠡᠨᠡᠭᠲᠡ ᠵᠠᠮᠤᠬ᠎ᠠ ᠶ᠋ᠢᠨ ᠬᠠᠭᠤᠷᠮᠠᠭ ᠡᠯᠴᠢ ᠮᠥᠨ ᠪᠣᠯᠵᠤᠬᠤᠢ᠃ ᠲᠡᠳᠦᠢ ᠲᠦᠰᠢᠮᠡᠯ ᠪᠢ ᠰᠢᠭᠤᠳ ᠲᠡᠳᠡᠨ ᠦ᠌ ᠬᠣᠲᠠᠨ ᠳ᠋ᠤᠷ ᠣᠷᠣᠵᠤ ᠦᠰ ᠦᠭᠡᠢ ᠪᠥᠭᠡᠲᠡᠯ᠎ᠡ ᠥ ᠳᠡᠭᠳᠡᠭᠡᠨ ᠂ ᠳᠠᠯᠵᠢ ᠦᠭᠡᠢ ᠠᠲᠠᠯ᠎ᠠ ᠲᠡᠢᠨ ᠳᠡᠭᠳᠡᠭᠡᠬᠦ ᠪᠢᠴᠢᠭ ᠬᠦᠷᠭᠡᠭᠰᠡᠨ ᠢ᠋ ᠠᠰᠠᠭᠤᠪᠠᠰᠤ ᠂ ᠸᠠᠩᠴᠤᠭ ᠬᠠᠭᠠᠨ ᠠᠮᠠᠯᠳᠤᠵᠤ ᠪᠢᠴᠢᠭ ᠬᠥᠷᠭᠡᠯᠭᠡᠭᠰᠡᠨ ᠦᠭᠡᠢ ᠭᠡᠮᠡᠨ ᠬᠡᠯᠡᠮᠦᠢ᠃ ᠭᠠᠭᠴᠠ ᠡᠨᠡ ᠨᠠᠮᠤᠷ ᠵᠦᠭᠡᠷ ᠦᠯᠢᠶᠡᠨ ᠭᠣᠣᠯ ᠢ᠋ ᠭᠡᠲᠦᠯᠦᠨ ᠣᠯᠣᠭᠠᠢ ᠠᠭᠤᠯᠠᠨ ᠳ᠋ᠤᠷ ᠠᠪᠠᠯᠠᠰᠤᠭᠠᠢ ᠬᠡᠮᠡᠭᠰᠡᠨ ᠦᠨᠡᠨ᠂ ᠴᠡᠷᠢᠭ ᠲᠡᠢᠨ ᠦ᠌ ᠤᠴᠢᠷ ᠶᠡᠷᠦ ᠦᠭᠡᠢ᠃ 》ᠭᠡᠮᠡᠨ ᠥᠴᠢᠮᠦᠢ ᠭᠡᠮᠡᠨ ᠮᠡᠳᠡᠭᠦᠯᠪᠡ᠃  ᠲᠠᠢᠽᠦ ᠪᠡᠶᠡᠰᠦᠨ ᠰᠠᠢᠰᠢᠶᠠᠵᠤ ᠳᠠᠷᠤᠢ ᠥᠨᠳᠥᠷ ᠰᠡᠴᠡᠨ ᠳ᠋ᠦ᠍ᠷ ᠬᠦᠨᠳᠦᠳᠡ ᠱᠠᠩ ᠥᠭᠴᠦ ᠡᠨᠡ ᠨᠠᠮᠤᠷ ᠪᠢ ᠮᠥᠨ ᠣᠯᠣᠭᠠᠢ ᠠᠭᠤᠯᠠᠨ ᠳ᠋ᠤᠷ ᠠᠪᠠ ᠬᠢᠮᠦᠢ ᠂ ᠲᠡᠨᠳᠡ ᠠᠭᠤᠯᠵᠠᠵᠤ᠂ ᠦᠨᠡᠨ ᠰᠡᠳᠬᠢᠯ ᠢ᠋ᠶ᠋ᠡᠨ ᠬᠡᠯᠡᠯᠴᠡᠵᠦ ᠠᠪᠯᠠᠰᠤᠭᠠᠢ ᠭᠡᠮᠡᠨ ᠪᠣᠯᠵᠣᠷ᠎ᠠ ᠶᠠᠪᠤᠭᠤᠯᠪᠠ᠃ 
      ᠲᠡᠳᠦᠢ ᠪᠤᠷᠬᠠᠨ ᠭᠠᠯᠳᠤᠨ᠎ᠠ ᠳ᠋ᠤᠷ ᠬᠦᠷᠴᠦ ᠢᠷᠡᠬᠦᠶ᠎ᠡ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠂ ᠵᠣᠴᠢ ᠂ ᠴᠠᠭᠠᠲᠠᠢ ᠬᠣᠶᠠᠷ ᠢ᠋ ᠮᠣᠷᠢ ᠤᠨᠤᠭᠤᠯᠤᠨ᠂ ᠥᠭᠡᠳᠡᠢ ᠶ᠋ᠢ ᠲᠡᠪᠡᠷᠢᠨ ᠤᠯᠤᠰ ᠤ᠋ᠨ ᠬᠣᠲᠠᠯᠠᠭᠠᠷ ᠮᠥᠷᠭᠥᠨ ᠤᠭᠲᠤᠵᠤ᠂ ᠲᠠᠢᠽᠦ ᠥᠭᠡᠯᠦᠨ ᠦᠵᠢᠨ ᠳ᠋ᠦ᠍ᠷ ᠵᠣᠯᠭᠠᠵᠤ ᠂ ᠤᠯᠤᠰ ᠲᠤᠷ ᠪᠠᠶᠠᠷ ᠤ᠋ᠨ ᠶᠣᠰᠣᠭᠠᠷ ᠬᠤᠷᠢᠮᠯᠠᠬᠤᠶ᠎ᠠ ᠡᠨᠡ ᠪᠠᠶᠠᠷ ᠲᠤᠷ ᠭᠤᠷᠪᠠᠨ ᠬᠥᠮᠦᠨ ᠭᠠᠷᠴᠤ ᠢᠷᠡᠪᠡ : ᠲᠡᠷᠢᠭᠦᠨ ᠨᠢᠭᠡᠨ ᠢᠨᠤ ᠤᠷᠠᠨ ᠵᠠᠩᠭᠤᠤ ᠂ ᠠᠮᠢᠨ ᠢ᠋ ᠬᠡᠯᠲᠦᠷᠢᠭᠦᠯᠦᠭᠰᠡᠨ ᠬᠡᠰᠢᠭ ᠲᠣᠷ ᠪᠠᠷᠠᠭᠤᠨ ᠲᠥᠪᠡᠳ ᠤᠯᠤᠰ ᠤ᠋ᠨ ᠭᠡᠷᠡᠯ ᠭᠠᠷᠴᠤ ᠡᠭᠦᠯᠡ ᠪᠣᠷᠣᠭᠠᠨ ᠰᠠᠯᠬᠢᠨ ᠴᠠᠰᠤ ᠶ᠋ᠢ ᠮᠡᠳᠡᠬᠦ ᠨᠢᠭᠡᠨ ᠲᠣᠬᠣᠢ ᠶ᠋ᠢᠨ ᠰᠢᠯ ᠦ᠋ᠨ ᠰᠤᠪᠤᠷᠭ᠎ᠠ ᠡᠷᠳᠡᠨᠢ ᠶ᠋ᠢ ᠪᠠᠷᠢᠪᠠ᠃ ᠲᠠᠢᠽᠦ ᠲᠡᠭᠦᠨ ᠢ᠋ ᠴᠢᠩ ᠬᠢᠴᠢᠶᠡᠩᠭᠦᠢ ᠬᠡᠮᠡᠵᠦ ᠵᠠᠩᠭᠤᠤ ᠬᠡᠮᠡᠬᠦ ᠨᠡᠷ᠎ᠡ ᠶ᠋ᠢ ᠬᠠᠯᠠᠵᠤ ᠤᠷᠠᠨ ᠬᠢᠴᠢᠶᠡᠩᠭᠦᠢ ᠬᠡᠮᠡᠵᠦ ᠂ ᠲᠡᠭᠦᠨ ᠦ᠌ ᠬᠥᠪᠡᠭᠦᠨ ᠳ᠋ᠦ᠍ᠷ ᠦᠷᠡᠴᠢᠯᠡᠭᠰᠡᠨ ᠬᠡᠦᠬᠡᠨ ᠬᠠᠰᠠᠷ ᠤ᠋ᠨ ᠥᠬᠢᠨ ᠠᠯᠲᠠᠨ ᠬᠡᠮᠡᠬᠦ ᠨᠡᠷᠡᠲᠡᠢ ᠠᠪᠠᠬᠠᠢ ᠶᠤᠭᠠᠨ ᠥᠭᠴᠦ ᠳᠠᠪᠬᠤᠷ ᠤᠷᠤᠭ ᠪᠣᠯᠭᠠᠪᠠ ᠃ ᠬᠣᠶᠠᠳᠤᠭᠠᠷ ᠠᠨᠤ ᠭᠣᠷᠯᠣᠰ ᠤᠯᠤᠰ ᠤ᠋ᠨ ᠨᠠᠷᠠᠨ ᠬᠠᠨ ᠰᠠᠶᠢ ᠠᠷᠪᠠᠨ ᠨᠠᠢ᠍ᠮᠠᠨ ᠨᠠᠰᠤ ᠲᠠᠢ ᠂ ᠪᠠᠷᠠᠭᠤᠨ ᠬᠣᠢᠲᠤ ᠰᠠᠷᠯᠠᠭ ᠤᠯᠤᠰ ᠲᠤᠷ ᠤᠷᠤᠭ ᠭᠣᠶᠣᠷ᠎ᠠ ᠡᠴᠢᠭᠡᠳ ᠪᠦᠲᠦᠭᠰᠡᠨ ᠦᠭᠡᠢ᠂ ᠡᠭᠡᠬᠦ ᠵᠠᠮ ᠳ᠋ᠠᠭᠠᠨ ᠳᠠᠭᠠᠷᠢᠨ ᠢᠷᠡᠵᠦ᠂ ᠲᠠᠢᠽᠦ ᠳ᠋ᠦ᠍ᠷ ᠵᠣᠯᠭᠠᠵᠤ ᠣᠷᠣᠰ ᠤᠯᠤᠰ ᠤ᠋ᠨ ᠫᠤᠤ ᠨᠤᠮᠤ ᠂ ᠵᠡᠪᠡ ᠢᠯᠳᠦ ᠂ ᠬᠤᠶᠠᠭ ᠳᠤᠭᠤᠯᠠᠭ᠎ᠠ ᠂ ᠡᠮᠡᠭᠡᠯ ᠬᠠᠵᠠᠭᠠᠷ ᠂ ᠢᠯᠳᠡᠰᠢ ᠤᠯᠤᠰ ᠤ᠋ᠨ ᠶᠡᠬᠡ ᠮᠣᠷᠢ ᠂ ᠬᠠᠷ᠎ᠠ ᠴᠠᠭᠠᠨ ᠦᠨᠡᠭᠡᠨ ᠦ᠌ ᠠᠷᠠᠰᠤ ᠨᠡᠢᠲᠡ ᠶᠢᠰᠦ ᠶᠢᠰᠦᠨ ᠦ᠌ ᠪᠡᠯᠡᠭ ᠪᠠᠷᠢᠵᠤ ᠤᠷᠤᠭ ᠰᠠᠭᠤᠰᠤᠭᠠᠢ ᠬᠡᠮᠡᠬᠦᠢ ᠳ᠋ᠦ᠍ᠷ ᠲᠠᠢᠽᠦ ᠶ᠋ᠢᠨ ᠳᠡᠭᠦᠦ ᠪᠡᠯᠭᠦᠳᠡᠢ ᠶ᠋ᠢᠨ ᠠᠪᠠᠯᠢ ᠭᠡᠷᠭᠡᠢ ᠶ᠋ᠢᠨ ᠶᠡᠬᠡ ᠥᠬᠢᠨ ᠠᠯᠲᠠᠨ ᠭᠤᠷᠭᠤᠤᠯᠳᠠᠢ ᠨᠡᠷᠡᠲᠦ ᠥᠬᠢᠨ ᠢ᠋ ᠡᠬᠡ ᠢᠨᠤ ᠪᠢᠴᠢᠬᠠᠨ ᠳ᠋ᠤᠷ ᠣᠷᠬᠢᠵᠤ ᠨᠥᠭᠴᠢᠭᠰᠡᠨ ᠲᠤᠯᠠ ᠪᠦᠷᠲᠡᠭᠡᠯᠵᠢᠨ ᠵᠦᠰᠦᠨ ᠰᠡᠴᠡᠨ ᠬᠠᠲᠤᠨ ᠠᠪᠴᠤ ᠬᠠᠰᠠᠷ ᠤ᠋ᠨ ᠥᠬᠢᠨ ᠯᠤᠭᠡ ᠬᠠᠮᠲᠤ ᠦᠷᠡᠴᠢᠯᠡᠭᠰᠡᠨ ᠪᠣᠯᠥᠭᠡ ᠃ ᠲᠡᠷᠡ ᠦᠶ᠎ᠡ ᠳ᠋ᠦ᠍ᠷ ᠲᠠᠢᠽᠦ ᠥᠬᠢᠨ ᠦᠭᠡᠢ ᠴᠠᠭ ᠲᠤᠯᠠ ᠥᠬᠢᠨ ᠬᠦᠰᠡᠬᠦᠶ᠎ᠡ ᠲᠡᠵᠢᠭᠡᠭᠰᠡᠨ ᠠᠵᠤᠭᠤ ᠃ ᠲᠡᠳᠦᠢ ᠨᠡᠷ᠎ᠡ ᠶ᠋ᠢ ᠲᠠᠷᠰᠢᠭᠤᠯᠤᠨ ᠠᠯᠲᠠᠨ ᠭᠤᠷᠭᠤᠤᠯᠳᠠᠢ ᠭᠡᠮᠡᠨ ᠬᠠᠢᠷᠠᠯᠠᠭᠰᠠᠨ ᠠᠵᠤᠭᠤ᠃ ᠲᠡᠢᠨ ᠬᠦ᠌ ᠳᠠᠷᠤᠢ ᠡᠨᠡ ᠬᠡᠦᠬᠡᠨ ᠢ᠋ᠶ᠋ᠠᠨ ᠨᠠᠷᠠᠨ ᠬᠠᠭᠠᠨ ᠳ᠋ᠤᠷ ᠥᠭᠴᠦ ᠤᠷᠤᠭ ᠪᠠᠷᠢᠪᠠ᠂ ᠡᠨᠡ ᠠᠯᠲᠠᠨ ᠭᠤᠷᠭᠤᠤᠯᠳᠠᠢ ᠠᠪᠠᠬᠠᠢ ᠭᠣᠷᠯᠣᠰ ᠲᠤᠷ ᠡᠴᠢᠭᠡᠳ ᠨᠢᠭᠡᠨ ᠵᠢᠯ ᠪᠣᠯᠤᠭᠰᠠᠨ ᠦᠭᠡᠢ ᠪᠡᠷ ᠦᠭᠡᠢ ᠪᠣᠯᠤᠭᠰᠠᠨ ᠳ᠋ᠤᠷ ᠨᠠᠷᠠᠨ ᠬᠠᠭᠠᠨ ᠰᠠᠨᠠᠭᠰᠠᠭᠠᠷ ᠰᠣᠯᠢᠭᠤᠷᠠᠵᠤ ᠠᠷᠪᠠ ᠬᠣᠷᠢᠨ ᠡᠮ᠎ᠡ ᠠᠪᠤᠭᠰᠠᠨ ᠪᠥᠯᠥᠭᠡ ᠃ ᠡᠨᠡ ᠢᠨᠤ ᠬᠣᠵᠢᠮ ᠤ᠋ᠨ ᠬᠡᠷᠡᠭ ᠪᠤᠶᠤ ᠂ ᠵᠢᠴᠢ ᠭᠤᠷᠪᠠᠳᠤᠭᠠᠷ ᠠᠨᠤ ᠳᠠᠷᠤᠢ ᠡᠩᠭᠦᠳ ᠦ᠋ᠨ ᠣᠢᠷᠠᠳ ᠤ᠋ᠨ ᠪᠤᠷᠢᠶᠠᠳ ᠤ᠋ᠨ ᠠᠢᠮᠠᠭ ᠤ᠋ᠨ ᠦᠷᠦᠰᠦᠭᠦᠦᠮᠢ ᠬᠡᠳᠦᠢᠨᠡᠢ ᠤᠷᠭᠤᠵᠤ ᠪᠠᠢᠭᠠᠯ ᠲᠠᠩᠭᠢᠰ ᠲᠤᠷ ᠡᠴᠢᠭᠡᠳ ᠬᠠᠷᠢᠨ ᠨᠢᠭᠡᠨ ᠠᠯᠲᠠᠨ ᠰᠤᠳᠤᠳᠤ ᠨᠠᠴᠢᠨ ᠬᠡᠮᠡᠬᠦ ᠨᠢᠭᠡᠨ ᠭᠠᠢᠬᠠᠯᠲᠠᠢ ᠰᠢᠪᠠᠭᠤ ᠪᠠᠷᠢᠭᠠᠳ ᠪᠸᠲ᠋ᠠ᠋ ᠤᠯᠤᠰ ᠤ᠋ᠨ ᠴᠡᠷᠢᠭ ᠡᠭᠡᠭᠰᠡᠨ ᠢ᠋ ᠰᠣᠨᠣᠰᠴᠤ ᠨᠡᠬᠡᠵᠦ ᠢᠷᠡᠭᠡᠳ ᠡᠨᠡ ᠨᠠᠴᠢᠨ ᠬᠡᠮᠡᠬᠦ ᠰᠢᠪᠠᠭᠤ ᠪᠠᠨ ᠲᠠᠢᠽᠦ ᠳ᠋ᠦ᠍ᠷ ᠪᠠᠷᠢᠭ᠍ᠰᠠᠨ ᠳ᠋ᠤᠷ ᠲᠠᠢᠽᠦ ᠲᠡᠷᠡ ᠨᠠᠴᠢᠨ ᠰᠢᠪᠠᠭᠤ ᠶ᠋ᠢ ᠦᠵᠡᠪᠡᠰᠦ ᠦᠨᠡᠬᠡᠷ ᠰᠣᠨᠢᠨ ᠥᠪᠡᠷ᠎ᠡ ᠂ ᠭᠠᠢᠬᠠᠮᠰᠢᠭ᠋ ᠪᠠᠢᠳᠠᠯ ᠲᠠᠢ ᠪᠥᠭᠡᠳ ᠴᠢᠨᠣ᠎ᠠ ᠭᠥᠷᠥᠭᠡᠰᠦ ᠶ᠋ᠢ ᠪᠠᠷᠢᠬᠤ ᠠᠨᠤ ᠲᠠᠤᠯᠠᠢ ᠬᠢᠷᠭᠤᠤᠯ ᠪᠠᠷᠢᠬᠤ ᠠ᠋ᠴᠠ ᠴᠤ᠌ ᠬᠢᠯᠪᠠᠷ ᠲᠤᠯᠠ ᠪᠡᠶᠡᠰᠦᠨ ᠰᠠᠢᠰᠢᠶᠠᠵᠤ ᠬᠦᠨᠳᠦᠳᠡ ᠱᠠᠩᠨᠠᠵᠤ ᠂ ᠲᠡᠭᠦᠨ ᠦ᠌ ᠦᠷᠦᠰᠦᠭᠦᠦᠮᠢ ᠬᠡᠮᠡᠬᠦ ᠨᠡᠷ᠎ᠡ ᠶ᠋ᠢ ᠬᠠᠯᠠᠵᠤ ᠤᠯᠤᠰ ᠠᠢᠮᠠᠭ ᠲᠠᠭᠠᠨ ᠣᠷᠣᠰᠢᠲᠤᠭᠠᠢ ᠭᠡᠮᠡᠨ ᠨᠡᠷ᠎ᠡ ᠶ᠋ᠢ ᠣᠷᠣᠰᠢᠭᠴᠢ ᠭᠡᠮᠡᠨ ᠬᠠᠢᠷᠠᠯᠠᠭᠠᠳ ᠲᠡᠭᠦᠨ ᠦ᠌ ᠣᠢᠷᠠᠳ ᠤ᠋ᠨ ᠪᠤᠷᠢᠶᠠᠳ ᠠᠢᠮᠠᠭ ᠢ᠋ ᠠᠨᠤ ᠣᠷᠣᠰᠢᠭᠴᠢ ᠳ᠋ᠤᠷ ᠥᠭᠴᠦ ᠵᠠᠬᠢᠷᠤᠭᠤᠯᠪᠠ ᠃ ᠵᠠᠷᠢᠮ ᠰᠤᠳᠤᠷ ᠲᠤᠷ ᠲᠠᠢᠽᠦ ᠶ᠋ᠢᠨ ᠬᠠᠢᠷᠠᠯᠠᠭᠰᠠᠨ ᠬᠢᠴᠢᠶᠡᠩᠭᠦᠢ ᠬᠡᠮᠡᠭᠰᠡᠨ ᠪᠠ ᠣᠷᠣᠰᠢᠭᠴᠢ ᠬᠡᠮᠡᠬᠦ ᠶ᠋ᠢ ᠴᠥᠮ ᠬᠠᠯᠠᠭᠤᠷᠠᠵᠤ ᠬᠢᠴᠢᠶᠡᠩᠭᠦᠢ ᠶ᠋ᠢ ᠴᠢᠩᠭᠦᠢ ᠭᠡᠮᠡᠨ ᠪᠢᠴᠢᠭᠡᠳ ᠪᠠᠰᠠ ᠣᠷᠣᠰᠢᠭᠴᠢ ᠬᠡᠮᠡᠭᠰᠡᠨ ᠢ᠋ ᠣᠷᠣ ᠱ᠌ᠢᠭᠦᠱ᠌ᠢ ᠭᠡᠮᠡᠨ ᠪᠢᠴᠢᠭᠰᠡᠨ ᠣᠯᠠᠨᠲᠠ ᠪᠣᠢ᠃ ᠲᠡᠳᠡᠭᠡᠷ ᠢ᠋ ᠪᠠᠷᠢᠮᠲᠠᠯᠠᠪᠠᠰᠤ ᠶᠡᠬᠡᠳᠡ ᠲᠠᠰᠢᠶᠠᠷᠠᠮᠤᠢ ᠂ ᠡᠭᠦᠨ ᠦ᠌ ᠲᠤᠯᠠ ᠲᠣᠳᠣᠷᠬᠠᠢ ᠢᠯᠭᠠᠨ ᠭᠠᠷᠭᠠᠪᠠᠢ᠃ 
      ᠲᠡᠭᠦᠨᠴᠡ ᠲᠠᠢᠽᠦ ᠶ᠋ᠢᠨ ᠵᠠᠷᠤᠳ ᠲᠤᠷ ᠵᠠᠷᠤᠭ᠍ᠰᠠᠨ ᠡᠯᠴᠢ ᠥᠨᠳᠥᠷ ᠰᠡᠴᠡᠨ ᠬᠦᠷᠴᠦ ᠵᠠᠮᠤᠬ᠎ᠠ ᠶ᠋ᠢᠨ ᠬᠠᠭᠤᠷᠮᠠᠭ ᠡᠯᠴᠢ ᠪᠡᠷ ᠢᠯᠡᠭᠡᠭᠰᠡᠨ ᠮᠠᠭᠤ ᠥᠭᠡᠰᠲᠦ ᠪᠢᠴᠢᠭ ᠢ᠋ ᠠᠪᠠᠴᠢᠵᠤ ᠦᠵᠡᠭᠦᠯᠦᠨ ᠵᠢᠴᠢ ᠲᠠᠢᠽᠦ ᠶ᠋ᠢᠨ ᠡᠨᠡ ᠨᠠᠮᠤᠷ ᠬᠠᠮᠲᠤ ᠦᠯᠢᠶᠡᠨ ᠭᠣᠣᠯ ᠤ᠋ᠨ ᠣᠯᠣᠭᠠᠢ ᠠᠭᠤᠯᠠᠨ ᠳ᠋ᠤᠷ ᠴᠡᠷᠢᠭ ᠨᠡᠢᠯᠡᠵᠦ ᠠᠪᠠᠯᠠᠰᠤᠭᠠᠢ ᠬᠡᠮᠡᠭᠰᠡᠨ ᠢ᠋ ᠬᠡᠯᠡᠭᠰᠡᠨ ᠳ᠋ᠦ᠍ᠷ ᠸᠠᠩᠴᠤᠭ ᠬᠠᠨ ᠳᠤᠷᠠᠲᠠᠶ᠎ᠠ ᠪᠠᠶᠠᠷᠯᠠᠨ ᠬᠦᠯᠢᠶᠡᠨ ᠠᠪᠴᠤ ᠪᠸᠲ᠋ᠠ᠋ ᠤᠯᠤᠰ ᠤ᠋ᠨ ᠡᠯᠴᠢ ᠥᠨᠳᠥᠷ ᠰᠡᠴᠡᠨ ᠢ᠋ ᠮᠣᠷᠳᠠᠭᠤᠯᠤᠭᠰᠠᠨ᠎ᠠ ᠂ ᠥᠨᠳᠥᠷ ᠰᠡᠴᠡᠨ ᠪᠠᠶᠠᠷᠯᠠᠭᠰᠠᠭᠠᠷ ᠢᠷᠡᠵᠦ ᠲᠠᠢᠽᠦ ᠶ᠋ᠢᠨ ᠵᠠᠬᠢᠶ᠎ᠠ ᠶ᠋ᠢ ᠡᠭᠡᠭᠦᠯᠵᠦ ᠂ ᠲᠡᠭᠦᠨᠴᠡ ᠬᠠᠯᠠᠭᠤᠨ ᠵᠤᠨ ᠬᠠᠷᠠᠭᠰᠠᠭᠠᠷ ᠥᠩᠭᠡᠷᠡᠵᠦ ᠰᠡᠷᠢᠭᠦᠨ ᠨᠠᠮᠤᠷ ᠰᠡᠷ ᠰᠡᠷ ᠰᠠᠯᠬᠢᠯᠠᠨ ᠬᠦᠷᠴᠦ ᠢᠷᠡᠭᠰᠡᠨ᠎ᠡ ᠂ ᠲᠠᠢᠽᠦ ᠳᠠᠷᠤᠢ ᠪᠣᠯᠵᠣᠭ᠎ᠠ ᠳ᠋ᠤᠷ ᠨᠡᠢᠯᠡᠭᠦᠯᠦᠨ ᠦᠯᠢᠶᠡᠨ ᠭᠣᠣᠯ ᠤ᠋ᠨ ᠣᠯᠣᠭᠠᠢ ᠠᠭᠤᠯᠠᠨ᠎ᠠ ᠲᠦᠮᠡᠨ ᠠᠪᠠ ᠪᠠᠷ ᠠᠪᠠᠯᠠᠷ᠎ᠠ ᠢᠷᠠᠪᠠᠰᠤ ᠵᠠᠷᠤᠳ ᠤ᠋ᠨ ᠸᠠᠩᠴᠣᠭ ᠬᠠᠨ ᠂ ᠪᠠᠢ ᠱᠠ ᠴᠧᠩ – ᠴᠠᠭᠠᠨ ᠡᠯᠡᠰᠦᠨ ᠦ᠌ ᠬᠣᠲᠠ ᠠ᠋ᠴᠠ ᠭᠤᠷᠪᠠᠨ ᠲᠦᠮᠡᠨ ᠰᠢᠯᠭᠠᠭᠰᠠᠨ ᠴᠡᠷᠢᠭ ᠢ᠋ᠶ᠋ᠡᠨ ᠠᠪᠴᠤ ᠣᠯᠣᠭᠠᠢ ᠠᠭᠤᠯᠠᠨ᠎ᠠ ᠪᠠᠭᠤᠳᠠᠯᠯᠠᠭᠰᠠᠨ ᠠᠵᠤᠭᠤ ᠃ ᠡᠨᠡ ᠮᠡᠳᠡᠭᠡ ᠶ᠋ᠢ ᠬᠡᠷᠡᠢᠳ ᠦ᠋ᠨ ᠵᠠᠮᠤᠬ᠎ᠠ ᠰᠣᠨᠣᠰᠴᠤ ᠶᠡᠬᠡᠯ᠎ᠡ ᠭᠡᠯᠮᠡᠵᠦ ᠂ ᠸᠠᠩᠴᠣᠭ ᠬᠠᠨ ᠲᠡᠮᠦᠵᠢᠨ ᠳ᠋ᠦ᠍ᠷ ᠤᠴᠠᠷᠠᠪᠠᠰᠤ ᠮᠢᠨᠦ ᠠᠷᠭ᠎ᠠ ᠵᠠᠳᠠᠷᠠᠮᠤᠢ ᠭᠡᠮᠡᠨ ᠶᠠᠭᠠᠷᠠᠨ ᠰᠥᠨᠢ ᠳᠦᠯᠢᠨ ᠳᠣᠪᠲᠣᠯᠤᠨ ᠦᠯᠢᠶᠡᠨ ᠭᠣᠣᠯ ᠤ᠋ᠨ ᠡᠬᠢᠨ ᠳ᠋ᠦ᠍ᠷ ᠸᠠᠩᠴᠣᠭ ᠬᠠᠨ ᠤ᠋ ᠬᠦᠷᠢᠶ᠎ᠡ ᠳ᠋ᠦ᠍ᠷ ᠢᠷᠡᠵᠦ : 《ᠬᠠᠨ ᠴᠢ ᠪᠸᠲ᠋ᠠ᠋ ᠤᠯᠤᠰ ᠤ᠋ᠨ ᠲᠡᠮᠦᠵᠢᠨ ᠦ᠌ ᠤᠷᠠᠨ ᠠᠷᠭ᠎ᠠ ᠂ ᠮᠤᠬᠤᠯᠢ ᠶ᠋ᠢᠨ ᠮᠤᠬᠤᠷ ᠮᠡᠬᠡ ᠳ᠋ᠦ᠍ᠷ ᠣᠷᠣᠪᠠ ! 》 ᠭᠡᠮᠡᠨ ᠣᠷᠣᠵᠤ ᠢᠷᠡᠲᠡᠯ᠎ᠡ ᠸᠠᠩᠴᠣᠭ ᠬᠠᠨ ᠤ᠋ ᠨᠠᠢ᠍ᠮᠠᠨ ᠲᠦᠰᠢᠮᠡᠳ ᠮᠠᠰᠢ ᠂ ᠲᠥᠷᠥ ᠂ ᠲᠦᠲ᠋ᠤᠯᠠᠢ ᠂ ᠳ᠋ᠥᠷᠪᠡ ᠂ ᠬᠤᠱᠢᠭ᠎ᠠ ᠂ ᠣᠳᠤᠯᠣᠢ ᠂ ᠫᠠᠯᠠᠩ ᠮᠡᠷᠭᠡᠨ ᠂ ᠴᠠᠭᠠᠳᠤᠷ ᠪᠠᠭᠠᠲᠤᠷ ᠬᠡᠮᠡᠬᠦ ᠨᠠᠢ᠍ᠮᠠᠭᠤᠯᠠ ᠤᠷᠤᠭ᠍ᠰᠢ ᠲᠠᠪᠰᠢᠨ ᠵᠠᠮᠤᠬ᠎ᠠ ᠶ᠋ᠢ ᠪᠠᠷᠢᠵᠤ ᠬᠦᠯᠢᠭᠰᠡᠨ ᠳ᠋ᠦ᠍ᠷ ᠵᠠᠮᠤᠬ᠎ᠠ ᠠᠷᠭ᠎ᠠ ᠵᠠᠳᠠᠷᠠᠭᠰᠠᠨ ᠢ᠋ ᠮᠡᠳᠡᠭᠡᠳ ᠭᠡᠨᠡᠳᠲᠡ ᠨᠢᠭᠡᠨ ᠠᠷᠭ᠎ᠠ ᠣᠯᠵᠤ ᠂ ᠸᠠᠩᠴᠤᠭ ᠬᠠᠭᠠᠨ ᠢ᠋ ᠱᠠᠩᠨᠠᠢᠨ ᠦᠵᠡᠵᠦ ᠬᠠᠳᠠᠭᠠᠨᠠᠲᠠᠯ᠎ᠠ ᠶᠡᠬᠡᠯ᠎ᠡ ᠢᠨᠢᠶᠡᠵᠦ ᠥᠭᠦᠯᠡᠷᠦᠨ : 《ᠬᠥᠭᠡᠷᠦᠬᠦᠢ ᠬᠣᠬᠢ ᠮᠢᠨᠦ ᠸᠠᠵᠢᠬᠢᠶᠠᠨ ᠸᠠᠩᠴᠣᠭ ᠮᠢᠨᠦ ᠦᠯᠢᠶᠡᠨ ᠭᠣᠣᠯ ᠳ᠋ᠤᠷ ᠣᠭᠲᠣᠯᠤᠭᠳᠠᠵᠤ ᠂ ᠣᠯᠣᠭᠠᠢ ᠠᠭᠤᠯᠠᠨ᠎ᠠ ᠣᠩᠬᠣᠯᠠᠬᠤ ᠵᠠᠶᠠᠭ᠎ᠠ ᠴᠠᠭ ᠠᠨᠤ ᠬᠦᠷᠴᠦ ᠢᠷᠡᠭᠰᠡᠨ ᠠᠵᠤᠭᠤ ᠃ ᠨᠠᠮᠠᠶ᠋ᠢ ᠲᠦᠷᠭᠡᠨ ᠠᠯᠠ ᠂ ᠲᠦᠷᠭᠡᠨ ᠠᠯᠠ ! 》 ᠭᠡᠮᠡᠨ ᠭᠠᠳᠠᠭ᠍ᠰᠢ ᠭᠦᠶᠦᠭᠰᠡᠨ᠎ᠡ ᠂ ᠸᠠᠩᠴᠣᠭ ᠬᠠᠨ ᠰᠡᠵᠢᠭ ᠲᠥᠷᠥᠵᠦ ᠲᠦᠷ ᠡᠭᠡᠭᠦᠯᠦᠨ ᠠᠴᠢᠷᠠ ᠬᠡᠮᠡᠬᠦᠢ ᠳ᠋ᠦ᠍ᠷ ᠮᠠᠰᠢ ᠂ ᠲᠥᠷᠥ ᠬᠣᠶᠠᠭᠤᠯᠠ ᠶᠠᠭᠠᠷᠠᠨ ᠬᠣᠷᠢᠭ᠍ᠯᠠᠵᠤ ᠥᠭᠦᠯᠡᠷᠦᠨ : 《ᠡᠨᠡ ᠵᠠᠮᠤᠬ᠎ᠠ ᠶ᠋ᠢᠨ ᠦᠰᠦ ᠥᠭᠡᠳᠡ ᠣᠷᠢᠶᠠᠯᠳᠤᠵᠤ ᠂ ᠴᠢᠷᠠᠢ ᠳ᠋ᠤᠷ ᠬᠥᠬᠡ ᠮᠡᠩᠭᠡ ᠤᠷᠭᠤᠵᠤ ᠂ ᠡᠲᠡᠭᠡᠳ ᠮᠠᠭᠤ ᠰᠢᠨᠵᠢ ᠲᠡᠢ ᠂ ᠡᠭᠡᠨᠡᠭᠲᠡ ᠰᠠᠢᠨ ᠬᠥᠮᠦᠨ ᠪᠤᠰᠤ ᠂ ᠯᠠᠪ ᠤᠷᠠᠨ ᠢ᠋ᠶ᠋ᠠᠷ ᠬᠠᠭᠤᠷᠰᠤᠭᠠᠢ ᠬᠡᠮᠡᠮᠦᠢ ᠂ ᠰᠢᠭᠤᠳ ᠠᠯᠠᠭᠠᠳ ᠪᠸᠲ᠋ᠠ᠋ ᠤᠯᠤᠰ ᠤ᠋ᠨ ᠡᠵᠡᠨ ᠳ᠋ᠦ᠍ᠷ ᠦᠵᠡᠭᠦᠯᠵᠦ ᠡᠶᠡᠳᠦᠵᠦ ᠨᠡᠢᠷᠡᠯᠡᠳᠦᠪᠡᠰᠦ ᠳᠡᠭᠡᠷ᠎ᠡ ! 》 ᠬᠡᠮᠡᠬᠦᠢ ᠳ᠋ᠦ᠍ᠷ ᠸᠠᠩᠴᠣᠭ ᠬᠠᠨ ᠦᠭᠡ ᠶ᠋ᠢ ᠠᠪᠬᠤ ᠦᠭᠡᠢ ᠂ ᠵᠠᠮᠤᠬ᠎ᠠ ᠶ᠋ᠢ ᠡᠭᠡᠭᠦᠯᠦᠨ ᠠᠴᠢᠷᠠᠵᠤ ᠲᠡᠭᠦᠨ ᠦ᠌ ᠦᠭᠡ ᠶ᠋ᠢᠨ ᠤᠴᠢᠷ ᠢ᠋ ᠠᠰᠠᠭᠤᠪᠠᠰᠤ ᠂ ᠵᠠᠮᠤᠬ᠎ᠠ ᠬᠠᠪᠠᠷ ᠢ᠋ᠶ᠋ᠠᠨ ᠱᠠᠩᠨᠠᠢᠨ ᠪᠤᠷᠤᠭᠤ ᠬᠠᠨᠳᠤᠨ ᠥᠭᠦᠯᠡᠷᠦᠨ : 《ᠸᠠᠵᠢᠬᠢᠶᠠᠨ ᠠᠯᠠᠪᠠᠰᠤ ᠲᠦᠷᠭᠡᠨ ᠠᠯᠠᠬᠤ ᠦᠭᠡᠢ ᠂ ᠠᠳᠠᠪᠠᠰᠢ ᠶᠠᠮᠪᠠᠷ ᠪᠠᠢᠷᠢ ᠲᠠᠯᠪᠢᠮᠤᠢ ?》 ᠬᠡᠮᠡᠬᠦᠢ ᠳ᠋ᠦ᠍ ᠮᠠᠰᠢ ᠂ ᠲᠥᠷᠥ ᠬᠣᠶᠠᠭᠤᠯᠠ ᠬᠠᠮᠲᠤ ᠪᠠᠷ ᠢᠯᠳᠦ ᠪᠡᠨ ᠰᠤᠭᠤ ᠲᠠᠲᠠᠵᠤ ᠴᠠᠪᠴᠢᠨ ᠠᠯᠠᠰᠤᠭᠠᠢ ᠬᠡᠮᠡᠲᠡᠯ᠎ᠡ ᠸᠠᠩᠴᠣᠭ ᠬᠠᠨ ᠶᠠᠭᠠᠷᠠᠨ ᠪᠡᠶ᠎ᠡ ᠪᠡᠷ ᠬᠠᠯᠬᠠᠯᠠᠨ ᠵᠣᠭᠰᠣᠭᠠᠵᠤ ᠂ ᠵᠠᠮᠤᠬ᠎ᠠ ᠠ᠋ᠴᠠ : 《ᠶᠠᠭᠠᠬᠢᠨ ᠮᠢᠨᠦ ᠦᠬᠦᠬᠦ ᠴᠠᠭ ᠢᠷᠡᠪᠡ ᠬᠡᠮᠡᠮᠦᠢ ? 》 ᠵᠠᠮᠤᠬ᠎ᠠ ᠥᠭᠦᠯᠡᠷᠦᠨ : 《ᠡᠨᠡ ᠶᠠᠮᠪᠠᠷ ᠱᠠᠯᠢᠭ ᠬᠣᠬᠣᠢ ᠬᠡᠮᠡᠭᠴᠢ ᠪᠣᠢ ? ᠠᠯᠠᠪᠠᠰᠤ ᠪᠠᠷᠠᠪᠠᠶ᠎ᠠ ᠂ ᠶᠠᠭᠤᠨ ᠢ᠋ ᠳᠠᠬᠢᠨ ᠳᠠᠪᠲᠠᠨ ᠠᠰᠠᠭᠤᠬᠤ 》 ᠠᠵᠢ ! ᠪᠸᠲ᠋ᠠ᠋ ᠤᠯᠤᠰ ᠤ᠋ᠨ ᠲᠡᠮᠦᠵᠢᠨ ᠲᠡᠭᠦᠨ ᠦ᠌ ᠲᠦᠰᠢᠮᠡᠯ ᠮᠤᠬᠤᠯᠢ ᠶ᠋ᠢᠨ ᠬᠤᠢᠬᠤᠷ ᠠᠷᠭ᠎ᠠ ᠬᠤᠷᠴᠠ ᠬᠦᠴᠦᠨ ᠢ᠋ᠶ᠋ᠡᠷ ᠳᠥᠷᠪᠡ ᠲᠠᠪᠤᠨ ᠲᠦᠮᠡᠨ ᠴᠡᠷᠢᠭᠲᠦ ᠤᠯᠤᠰ ᠠᠢᠮᠠᠭ ᠤ᠋ᠨ ᠡᠵᠡᠨ ᠢ᠋ ᠨᠢᠭᠡᠨ ᠭᠦᠵᠡᠭᠡ ᠰᠢᠷ᠎ᠠ ᠲᠣᠰᠣᠨ ᠠ᠋ᠴᠠ ᠨᠢᠭᠡᠨ ᠬᠣᠨᠢᠨ ᠤ᠋ ᠤᠩᠭᠠᠰᠤ ᠶ᠋ᠢ ᠰᠤᠭᠤᠯᠬᠤ ᠮᠡᠲᠦ ᠬᠢᠯᠪᠠᠷ ᠢ᠋ᠶ᠋ᠠᠷ ᠪᠠᠷᠢᠬᠤ ᠶ᠋ᠢ ᠦᠵᠡᠵᠦ ᠪᠠᠢᠭᠠᠳ ᠨᠡᠩ ᠣᠳᠣ ᠴᠡᠷᠢᠭ ᠦᠭᠡᠢ ᠠᠪᠠ ᠶ᠋ᠢᠨ ᠳᠣᠲᠣᠷ᠎ᠠ ᠠ᠋ᠴᠠ ᠪᠠᠷᠢᠵᠤ ᠠᠪᠠᠴᠢᠬᠤ ᠶᠠᠮᠪᠠᠷ ᠪᠡᠷᠬᠡ ᠠᠵᠢ ! ᠬᠡᠷᠡᠢᠳ ᠦ᠋ᠨ ᠸᠠᠩ ᠬᠠᠭᠠᠨ ᠲᠡᠭᠦᠨ ᠢ᠋ ᠵᠠᠯᠠᠭᠰᠠᠨ ᠪᠥᠭᠡᠲᠡᠯ᠎ᠡ ᠪᠠᠰᠠ ᠪᠡᠶ᠎ᠡ ᠪᠠᠷᠢᠭ᠍ᠳᠠᠵᠤ ᠂ ᠵᠠᠭᠤᠨ ᠵᠦᠢᠯ ᠦ᠋ᠨ ᠭᠣᠳᠣᠮᠰᠢᠭ᠋ ᠢ᠋ ᠦᠵᠡᠭᠰᠡᠨ ᠪᠠᠢᠲᠠᠯ᠎ᠠ ᠳᠠ ᠡᠳᠦᠭᠡ ᠲᠡᠭᠦᠨ ᠯᠤᠭᠡ ᠪᠣᠯᠵᠣᠭ᠎ᠠ ᠬᠡᠯᠡᠯᠴᠡᠭᠡᠳ ᠲᠡᠭᠦᠨ ᠦ᠌ ᠭᠠᠵᠠᠷ ᠲᠤᠷ ᠣᠢᠷ᠎ᠠ ᠪᠥᠭᠡᠲᠡᠯ᠎ᠡ ᠪᠠᠷᠢᠬᠤ ᠶ᠋ᠢ ᠨᠡᠩ ᠬᠡᠯᠡᠯᠴᠡᠬᠦ ᠡᠴᠡ ᠭᠠᠳᠠᠨ᠎ᠠ ᠬᠡᠷᠡᠭ ᠪᠤᠰᠤ ᠤᠤ ? 》 ᠬᠡᠮᠡᠭᠰᠡᠨ ᠳ᠋ᠦ᠍ᠷ ᠸᠠᠩᠴᠣᠭ ᠬᠠᠨ ᠶᠡᠬᠡᠯ᠎ᠡ ᠵᠥᠪᠰᠢᠶᠡᠵᠦ ᠂ ᠥᠪᠡᠷ ᠢ᠋ᠶ᠋ᠡᠨ ᠬᠦᠯᠢᠶᠡᠰᠦ ᠶ᠋ᠢ ᠢᠨᠦ ᠲᠠᠢᠯᠵᠤ ᠂ ᠬᠡᠷᠬᠢᠪᠡᠰᠦ ᠰᠠᠢᠨ ᠭᠡᠮᠡᠨ ᠠᠰᠠᠭᠤᠬᠤᠢ ᠳ᠋ᠤᠷ ᠵᠠᠮᠤᠬ᠎ᠠ ᠥᠭᠦᠯᠡᠷᠦᠨ : 《ᠲᠡᠷᠡ ᠴᠢᠮᠠᠶ᠋ᠢ ᠵᠥᠭᠡᠯᠡᠨ ᠢ᠋ᠶ᠋ᠡᠷ ᠠᠷᠭᠠᠳᠠᠵᠤ ᠪᠠᠷᠢᠰᠤᠭᠠᠢ ᠬᠡᠮᠡᠪᠡᠰᠦ ᠂ ᠴᠢ ᠲᠡᠭᠦᠨᠴᠡ ᠢᠯᠡᠭᠦᠦ ᠵᠥᠭᠡᠯᠡᠨ ᠠᠷᠭ᠎ᠠ ᠶ᠋ᠢ ᠬᠡᠷᠡᠭᠯᠡᠵᠦ ᠂ ᠨᠢᠭᠡᠨᠲᠡᠭᠡᠭᠦᠷ ᠬᠥᠮᠦᠨ ᠢᠯᠡᠬᠡᠨ ᠤᠭᠲᠤᠭᠤᠯᠵᠤ ᠂ ᠨᠢᠭᠡᠨᠲᠡᠭᠡᠭᠦᠷ ᠵᠠᠮ ᠳ᠋ᠤᠷ ᠴᠡᠷᠢᠭ ᠪᠦᠭᠭᠦᠵᠦ ᠲᠡᠮᠦᠵᠢᠨ ᠢ᠋ ᠠᠯᠠᠪᠠᠰᠤ ᠂ ᠪᠸᠲ᠋ᠠ᠋ ᠤᠯᠤᠰ ᠲᠤᠷ ᠳᠠᠷᠤᠯᠬᠠᠳᠠᠨ ᠳᠠᠭᠠᠭᠰᠠᠨ ᠲᠡᠳᠡᠭᠡᠷ ᠣᠯᠠᠨ ᠠᠢᠮᠠᠭ ᠤᠯᠤᠰ ᠠᠯᠢᠨ ᠠᠨᠤ ᠴᠢᠮ᠎ᠠ ᠳ᠋ᠤᠷ ᠦᠯᠦ ᠳᠠᠭᠠᠬᠤ ᠪᠣᠢ ? 》 ᠬᠡᠮᠡᠭᠰᠡᠨ ᠳ᠋ᠦ᠍ᠷ ᠸᠠᠩᠴᠣᠭ ᠬᠠᠨ ᠨᠠᠰᠤᠨ ᠵᠠᠯᠠᠭᠤ ᠪᠥᠭᠡᠳ ᠪᠣᠯᠭᠣᠮᠵᠢ ᠦᠭᠡᠢ ᠲᠤᠯᠠ ᠲᠥᠷᠥ ᠂ ᠮᠠᠰᠢ ᠬᠣᠶᠠᠭᠤᠯᠠ ᠶ᠋ᠢᠨ ᠭᠠᠰᠢᠭᠤᠳᠠᠨ ᠢᠳᠬᠠᠬᠤ ᠶ᠋ᠢ ᠨᠢᠭᠡᠮᠦᠰᠦᠨ ᠠᠪᠬᠤ ᠦᠭᠡᠢ ᠪᠣᠯᠵᠤ ᠂ ᠣᠯᠣᠭᠠᠢ ᠠᠭᠤᠯᠠᠨ ᠤ᠋ ᠠᠷᠤ ᠳ᠋ᠤᠷ ᠲᠠᠪᠤᠨ ᠠᠩᠭᠢ ᠴᠡᠷᠢᠭ ᠪᠦᠭᠭᠦᠵᠦ ᠂ ᠫᠠᠯᠠᠩ ᠮᠡᠷᠭᠡᠨ ᠢ᠋ ᠡᠯᠴᠢ ᠪᠣᠯᠭᠠᠨ ᠲᠠᠢᠽᠦ ᠶ᠋ᠢ ᠤᠭᠲᠤᠷ᠎ᠠ ᠢᠯᠡᠭᠡᠵᠦ ᠲᠦᠲ᠋ᠤᠯᠠᠢ ᠂ ᠳ᠋ᠥᠷᠪᠡ ᠂ ᠬᠤᠱᠢᠭ᠎ᠠ ᠂ ᠤᠳᠣᠯᠣᠢ ᠂ ᠴᠠᠭᠠᠳᠤᠷ ᠪᠠᠭᠠᠲᠤᠷ ᠲᠠᠪᠤᠭᠤᠯᠠ ᠶ᠋ᠢ ᠲᠠᠪᠤᠨ ᠠᠩᠭᠢ ᠪᠦᠭᠭᠦᠭᠰᠡᠨ ᠴᠡᠷᠢᠭ ᠦ᠋ᠨ ᠳᠠᠷᠤᠭ᠎ᠠ ᠲᠠᠯᠪᠢᠵᠤ ᠪᠡᠯᠡᠳᠬᠡᠭᠡᠳ ᠥᠪᠡᠷ ᠢ᠋ᠶ᠋ᠡᠨ ᠮᠠᠰᠢ ᠂ ᠲᠥᠷᠥ ᠂ ᠵᠠᠮᠤᠬ᠎ᠠ ᠭᠤᠷᠪᠠᠭᠤᠯᠠ ᠶ᠋ᠢ ᠠᠪᠴᠤ ᠲᠠᠢᠯᠪᠠᠰᠤ ᠪᠠᠢᠯᠳᠤᠨ ᠳᠠᠷᠤᠭᠳᠠᠪᠠᠰᠤ ᠳᠤᠲᠠᠭᠠᠬᠤ ᠪᠠᠷ ᠪᠡᠯᠡᠳᠬᠡᠵᠦ ᠂ ᠶᠠᠪᠠᠭᠠᠨ ᠪᠠᠭᠤᠳᠠᠯ ᠢ᠋ᠶ᠋ᠠᠷ ᠪᠠᠭᠤᠳᠠᠯᠯᠠᠵᠤ ᠮᠡᠳᠡᠭᠡ ᠶ᠋ᠢ ᠬᠦᠯᠢᠶᠡᠨ ᠰᠠᠭᠤᠪᠠ ᠃ ᠲᠡᠳᠦᠢ ᠮᠠᠰᠢ ᠲᠥᠷᠥ ᠬᠣᠶᠠᠭᠤᠯᠠ ᠰᠡᠭᠦᠷᠡᠰᠦᠨ ᠠᠯᠳᠠᠵᠤ ᠂ ᠶᠠᠭᠠᠷᠠᠨ ᠦᠯᠢᠶᠡᠨ ᠭᠣᠣᠯ ᠤ᠋ᠨ ᠠᠷᠠᠰᠤᠨ ᠰᠠᠯ ᠂ ᠮᠣᠳᠣᠨ ᠣᠩᠭᠣᠴᠠ ᠶ᠋ᠢ ᠦᠯᠡᠮᠵᠢ ᠪᠡᠯᠡᠳᠬᠡᠭᠦᠯᠵᠦ ᠯᠠᠪ ᠰᠠᠢᠨ ᠦᠭᠡᠢ ᠶ᠋ᠢ ᠮᠡᠳᠡᠪᠡ ᠃ 
      ᠲᠡᠭᠦᠨᠴᠡ ᠲᠠᠢᠽᠦ ᠦᠯᠢᠶᠡᠨ ᠭᠣᠣᠯ ᠳ᠋ᠤᠷ ᠠᠪᠠᠯᠠᠷ᠎ᠠ ᠮᠣᠷᠳᠠᠬᠤᠢ ᠳ᠋ᠤᠷ ᠬᠦᠯᠦᠭ ᠪᠤᠭᠤᠷᠵᠢ ᠶ᠋ᠢ ᠠᠪᠠ ᠶ᠋ᠢᠨ ᠵᠠᠩᠵᠤᠨ ᠲᠠᠯᠪᠢᠵᠤ ᠂ ᠮᠤᠬᠤᠯᠢ ᠪᠠᠷ ᠤᠯᠤᠰ ᠢ᠋ ᠰᠠᠬᠢᠭᠤᠯᠪᠠ ᠃ ᠲᠡᠭᠦᠨᠴᠡ ᠵᠠᠮ ᠳ᠋ᠤᠷ ᠵᠠᠷᠤᠳ ᠤ᠋ᠨ ᠸᠠᠩᠴᠣᠭ ᠬᠠᠨ ᠤ᠋ ᠤᠭᠲᠤᠭᠤᠯ ᠤ᠋ᠨ ᠡᠯᠴᠢ ᠫᠠᠯᠠᠩ ᠮᠡᠷᠭᠡᠨ ᠠᠭᠤᠯᠵᠠᠵᠤ ᠮᠥᠷᠭᠥᠨ ᠤᠭᠲᠤᠵᠤ ᠳᠣᠲᠣᠷ᠎ᠠ ᠪᠠᠨ ᠶᠡᠬᠡᠯ᠎ᠡ ᠪᠠᠶᠠᠷᠯᠠᠵᠤ ᠂ ᠮᠠᠨ ᠤ᠋ ᠠᠷᠭ᠎ᠠ ᠳ᠋ᠤᠷ ᠤᠨᠠᠪᠠ ᠭᠡᠮᠡᠨ ᠰᠥᠨᠢ ᠪᠠᠭᠤᠳᠠᠯ ᠳ᠋ᠤ᠌ ᠡᠭᠡᠭᠰᠡᠨ᠎ᠡ ᠂ ᠲᠡᠭᠦᠨ ᠦ᠌ ᠭᠡᠷ ᠦ᠋ᠨ ᠪᠣᠭᠣᠯ ᠱᠤᠤᠮᠠᠷ ᠬᠡᠮᠡᠭᠴᠢ ᠬᠥᠮᠦᠨ ᠫᠠᠯᠠᠩ ᠮᠡᠷᠭᠡᠨ ᠦ᠌ ᠠᠷᠠᠵᠠ ᠠᠷᠢᠬᠢ ᠶ᠋ᠢ ᠬᠤᠯᠠᠭᠤᠨ ᠤᠤᠭᠤᠵᠤ ᠰᠣᠭᠲᠣᠭᠠᠳ ᠫᠠᠯᠠᠩ ᠮᠡᠷᠭᠡᠨ ᠢ᠋ ᠡᠭᠡᠵᠦ ᠢᠷᠡᠲᠡᠯ᠎ᠡ ᠠᠴᠢᠶ᠎ᠠ ᠬᠥᠰᠬᠡ ᠣᠭᠲᠣ ᠪᠡᠯᠡᠨ ᠪᠣᠯᠤᠭᠰᠠᠨ ᠦᠭᠡᠢ ᠳ᠋ᠦ᠍ᠷ ᠶᠡᠬᠡᠯ᠎ᠡ ᠬᠢᠯᠢᠩᠯᠡᠵᠦ ᠂ ᠵᠠᠭᠤᠨ ᠲᠠᠰᠢᠭᠤᠷ ᠭᠤᠶᠠᠳᠠᠭᠰᠠᠨ ᠳ᠋ᠤᠷ ᠪᠣᠭᠣᠯ ᠱᠤᠤᠮᠠᠷ ᠶᠡᠬᠡᠯ᠎ᠡ ᠬᠣᠷᠣᠰᠴᠤ ᠳᠠᠷᠤᠢ ᠵᠡᠪᠡ ᠢᠳᠡᠭᠦᠯᠦᠨ ᠪᠸᠲ᠋ᠠ᠋ ᠤᠯᠤᠰ ᠤ᠋ᠨ ᠬᠦᠷᠢᠶ᠎ᠡ ᠳ᠋ᠦ᠍ᠷ ᠢᠷᠡᠵᠦ ᠂ ᠸᠠᠩᠴᠤᠭ ᠬᠠᠨ ᠤ᠋ ᠠᠯᠢᠪᠠ ᠠᠷᠭ᠎ᠠ ᠶ᠋ᠢ ᠨᠢᠭᠡᠨᠲᠡ ᠪᠠᠷᠬᠢᠷᠠᠭᠰᠠᠨ ᠳ᠋ᠤᠷ ᠪᠤᠭᠤᠷᠵᠢ ᠶᠡᠬᠡᠯ᠎ᠡ ᠰᠣᠴᠢᠵᠤ ᠂ ᠶᠠᠭᠠᠷᠠᠨ ᠪᠡᠶ᠎ᠡ ᠪᠡᠷ ᠵᠠᠭᠤᠭᠠᠳ ᠴᠡᠷᠢᠭ ᠢ᠋ ᠠᠪᠴᠤ ᠫᠠᠯᠠᠩ ᠮᠡᠷᠭᠡᠨ ᠢ᠋ ᠨᠡᠬᠡᠵᠦ ᠪᠠᠷᠢᠭᠠᠳ ᠬᠦᠨᠳᠦ ᠡᠷᠡᠭᠦᠳᠡᠵᠦ ᠦᠨᠡᠨ ᠢ᠋ ᠴᠥᠮ ᠣᠯᠤᠭᠠᠳ ᠲᠠᠢᠽᠦ ᠳ᠋ᠦ᠍ᠷ ᠮᠡᠳᠡᠭᠦᠯᠵᠦ ᠂ ᠶᠡᠬᠡ ᠴᠡᠷᠢᠭ ᠢ᠋ᠶ᠋ᠡᠷ ᠳᠠᠷᠤᠨ ᠢᠷᠠᠪᠠᠰᠤ ᠂ ᠫᠠᠯᠠᠩ ᠮᠡᠷᠭᠡᠨ ᠦ᠌ ᠳᠠᠭᠠᠭᠰᠠᠨ ᠨᠥᠬᠥᠷ ᠰᠡᠯᠲᠡ ᠳᠤᠲᠠᠭᠠᠨ ᠭᠠᠷᠤᠭᠰᠠᠨ ᠠᠨᠤ ᠳᠣᠪᠲᠣᠯᠤᠨ ᠡᠭᠡᠵᠦ ᠠᠷᠭ᠎ᠠ ᠰᠡᠷᠡᠭᠳᠡᠭᠰᠡᠨ ᠢ᠋ ᠸᠠᠩᠴᠣᠭ ᠬᠠᠨ ᠳ᠋ᠤᠷ ᠮᠡᠳᠡᠭᠦᠯᠦᠭᠰᠡᠨ ᠳ᠋ᠦ᠍ᠷ ᠸᠠᠩᠴᠤᠭ ᠬᠠᠨ ᠶᠡᠬᠡ ᠯᠡ ᠭᠡᠯᠮᠡᠵᠦ ᠂ ᠤᠷᠢᠳᠠ ᠪᠤᠷᠤᠭᠤᠯᠠᠨ ᠦᠯᠢᠶᠡᠨ ᠭᠣᠣᠯ ᠢ᠋ ᠭᠡᠲᠦᠯᠲᠡᠯ᠎ᠡ ᠬᠣᠴᠣᠷᠤᠭᠰᠠᠨ ᠴᠡᠷᠢᠭ ᠪᠸᠲ᠋ᠠ᠋ ᠤᠯᠤᠰ ᠲᠤᠷ ᠶᠡᠬᠡᠯ᠎ᠡ ᠳᠠᠷᠤᠭᠳᠠᠪᠠᠢ ᠃  
      ᠲᠠᠢᠽᠦ ᠬᠣᠢᠲᠤ ᠵᠢᠯ ᠪᠠᠢᠯᠳᠤᠬᠤ ᠪᠠᠷ ᠲᠣᠭᠲᠠᠵᠤ ᠠᠪᠠ ᠲᠡᠭᠦᠰᠴᠦ ᠤᠯᠤᠰ ᠲᠤᠷ ᠡᠭᠡᠵᠦ ᠰᠢᠨᠠᠯᠲᠠᠯ᠎ᠠ ᠴᠡᠷᠢᠭ ᠢ᠋ᠶ᠋ᠡᠨ ᠰᠢᠯᠭᠠᠵᠤ ᠪᠡᠯᠡᠳᠬᠡᠪᠡᠢ ᠃ ᠴᠠᠭᠠᠨ ᠨᠣᠬᠠᠢ ᠵᠢᠯ ᠡᠨᠳᠡ ᠲᠡᠭᠦᠰᠪᠡ ᠃ 
           ᠥᠴᠦᠬᠡᠨ ᠬᠥᠮᠦᠨ ᠢ᠋ ᠤᠯᠤᠰ ᠭᠡᠷ ᠦ᠋ᠨ ᠬᠦᠨᠳᠦ ᠬᠡᠷᠡᠭ ᠲᠦ᠍ᠷ ᠬᠡᠷᠡᠭᠯᠡᠪᠡᠰᠦ  
           ᠦᠨᠡᠨᠴᠢ ᠰᠠᠢᠳ ᠲᠥᠷᠥ ᠳ᠋ᠦ᠍ᠷ ᠠᠪᠴᠤ ᠬᠡᠷᠬᠢᠨ ᠴᠢᠳᠠᠬᠤ ᠠᠵᠢ ! 

ᠴᠣᠬᠣᠯᠠᠭᠰᠠᠨ ᠠᠨᠤ 
      ᠡᠷᠲᠡᠨ ᠦ᠌ ᠦᠭᠡᠰ ᠢᠨᠤ : 《ᠰᠡᠴᠡᠨ ᠭᠡᠭᠡᠬᠡᠨ ᠲᠡᠭᠷᠢ ᠶ᠋ᠢᠨ ᠬᠥᠪᠡᠭᠦᠨ ᠡᠴᠡ ᠬᠡᠲᠦᠷᠡᠬᠦ ᠢᠨᠤ ᠦᠭᠡᠢ 》ᠬᠡᠮᠡᠵᠦᠬᠦᠢ ᠃ ᠡᠨᠡ ᠪᠦᠯᠦᠭ ᠲᠣᠷ ᠲᠠᠢᠽᠦ ᠶ᠋ᠢᠨ ᠡᠩᠭᠦᠳ ᠦ᠋ᠨ ᠠᠮ ᠬᠡᠯᠡᠲᠦ ᠡᠯᠴᠢ ᠶ᠋ᠢ ᠦᠵᠡᠮᠡᠭᠴᠡ ᠬᠠᠭᠤᠷᠮᠠᠭ ᠢ᠋ ᠮᠡᠳᠡᠭᠰᠡᠨ ᠢᠨᠤ ᠬᠥᠮᠦᠨ ᠦ᠌ ᠡᠵᠡᠨ ᠦ᠌ ᠰᠡᠴᠡᠨ ᠭᠡᠭᠡᠬᠡᠨ ᠮᠡᠷᠭᠡᠨ ᠬᠤᠷᠴᠠ ᠠᠨᠤ ᠪᠤᠶᠤ ᠃ ᠵᠢᠴᠢ ᠲᠡᠭᠦᠨ ᠦ᠌ ᠦᠨᠡᠨ ᠬᠤᠳᠠᠯ ᠢ᠋ ᠲᠡᠩᠰᠡᠭᠦᠯᠬᠦᠢ ᠳ᠋ᠦ᠍ᠷ : 《ᠰᠠᠢᠨ ᠡᠷ᠎ᠡ ᠬᠥᠮᠦᠨ ᠢ᠋ ᠥᠴᠦᠬᠡᠨ ᠲᠡᠳᠦᠢ ᠦᠯᠦ ᠬᠢᠯᠢᠰᠳᠡᠭᠦᠯᠦᠮᠦᠢ ᠂ ᠪᠢᠲᠡᠭᠡᠢ ᠵᠠᠨᠴᠢᠬᠤ ᠠᠯᠠᠬᠤ ᠪᠠᠷ ᠲᠡᠩᠰᠡᠭᠦᠯ ! 》 ᠬᠡᠮᠡᠭᠰᠡᠨ ᠢᠨᠦ ᠦᠨᠡᠨ ᠪᠣᠭᠳᠠ ᠬᠥᠮᠦᠨ ᠦ᠌ ᠰᠡᠳᠬᠢᠯ ᠪᠣᠯᠠᠢ ᠂  ᠬᠣᠢᠨ᠎ᠠ ᠡᠩᠭᠦᠳ ᠢ᠋ ᠡᠪᠳᠡᠭᠡᠳ ᠡᠵᠡᠨ ᠢ᠋ ᠢᠨᠤ ᠪᠠᠷᠢᠭᠠᠳ ᠠᠮᠠᠨ ᠨᠡᠭᠡᠭᠡᠮᠡᠭᠴᠡ ᠤᠷᠠᠨ ᠵᠠᠩᠭᠤᠤ ᠶ᠋ᠢᠨ ᠰᠢᠳᠤᠷᠭᠤ ᠰᠢᠯᠤᠭᠤᠨ ᠢ᠋ ᠠᠨᠤ ᠳᠤᠷᠠᠳᠴᠤ ᠪᠠᠰᠠ ᠲᠡᠭᠦᠨ ᠦ᠌ ᠵᠠᠩᠵᠤᠨ ᠬᠠᠷ᠎ᠠ ᠪᠡᠷᠬᠡ ᠶ᠋ᠢᠨ ᠡᠵᠡᠨ ᠳ᠋ᠡᠭᠡᠨ ᠦᠨᠡᠨᠴᠢ ᠵᠢᠷᠤᠮᠲᠠᠢ ᠳ᠋ᠤᠷ ᠣᠷᠣᠭᠤᠯᠤᠨ ᠠᠪᠰᠤᠭᠠᠢ ᠬᠡᠮᠡᠭᠰᠡᠨ ᠢᠨᠦ ᠴᠣᠬᠣᠮ ᠤᠯᠤᠰ ᠤ᠋ᠨ ᠡᠵᠡᠨ ᠬᠠᠭᠠᠨ ᠪᠣᠯᠵᠤ ᠂ ᠢᠷᠭᠡᠨ ᠦ᠌ ᠡᠴᠢᠭᠡ ᠡᠬᠡ ᠪᠣᠯᠤᠭᠰᠠᠨ ᠴᠢᠩ ᠦᠨᠡᠨᠴᠢ ᠥᠷᠥᠰᠢᠶᠡᠩᠭᠦᠢ ᠪᠠᠭᠳᠠᠮᠵᠢᠲᠤ ᠰᠡᠳᠬᠢᠯ ᠪᠤᠶᠤ ᠃ ᠬᠣᠢᠨ᠎ᠠ ᠪᠠᠶᠠᠷ ᠤ᠋ᠨ ᠬᠤᠷᠢᠮ ᠳ᠋ᠤᠷ ᠵᠠᠩᠭᠤᠤ ᠶ᠋ᠢᠨ ᠨᠡᠷ᠎ᠡ ᠶ᠋ᠢ ᠬᠠᠯᠠᠵᠤ ᠬᠢᠴᠢᠶᠡᠩᠭᠦᠢ ᠬᠡᠮᠡᠭᠰᠡᠨ ᠪᠠ ᠦᠷᠦᠰᠦᠬᠦᠦᠮᠢ ᠶ᠋ᠢᠨ ᠨᠡᠷ᠎ᠡ ᠶ᠋ᠢ ᠬᠠᠯᠠᠵᠤ ᠣᠷᠣᠰᠢᠭᠴᠢ ᠬᠡᠮᠡᠭᠰᠡᠨ ᠡᠳᠡᠭᠡᠷ ᠦᠭᠡᠰ ᠲᠣᠷ ᠬᠡᠳᠦᠢᠴᠢᠨᠡᠭᠡᠨ ᠳᠠᠪᠬᠤᠷ ᠭᠦᠨ ᠰᠠᠨᠠᠭᠠᠨ ᠪᠣᠢ ᠃ ᠤᠭ ᠠ᠋ᠴᠠ ᠤᠷᠠᠨ ᠵᠠᠩᠭᠤᠤ ᠰᠢᠳᠤᠷᠭᠤ ᠬᠢᠴᠢᠶᠡᠯᠲᠡᠢ ᠬᠡᠮᠡᠬᠦ ᠪᠥᠭᠡᠳ ᠡᠨᠡ ᠤᠳᠠᠭ᠎ᠠ ᠡᠨᠳᠡᠵᠦ ᠡᠨᠡ ᠮᠡᠲᠦ ᠪᠣᠯᠤᠭᠰᠠᠨ ᠳ᠋ᠤᠷ ᠬᠢᠴᠢᠶᠡᠯ ᠡᠭᠡᠨᠡᠭᠲᠡ ᠭᠦᠶᠦᠬᠡᠨ ᠲᠤᠯᠠ ᠣᠳᠣ ᠡᠭᠦᠨ ᠡᠴᠡ ᠬᠣᠢᠰᠢ ᠭᠦᠨ᠎ᠡ ᠬᠢᠴᠢᠶᠡᠲᠦᠭᠡᠢ ᠭᠡᠮᠡᠨ ᠨᠡᠷ᠎ᠡ ᠶ᠋ᠢ ᠬᠢᠴᠢᠶᠡᠩᠭᠦᠢ ᠭᠡᠮᠡᠨ ᠬᠠᠢᠷᠠᠯᠠᠵᠤᠬᠤᠢ ᠂ ᠤᠷᠠᠨ ᠪᠥᠭᠡᠳ ᠬᠢᠴᠢᠶᠡᠩᠭᠦᠢ ᠪᠣᠯᠪᠠᠰᠤ ᠣᠳᠣ ᠳᠠᠬᠢᠨ ᠡᠨᠳᠡᠬᠦ ᠦᠭᠡᠢ ᠪᠣᠯᠬᠤ ᠦᠭᠡᠢ ᠦᠦ ? ᠵᠢᠴᠢ ᠤᠷᠭᠤᠵᠤ ᠡᠴᠢᠭᠰᠡᠨ ᠦᠷᠦᠰᠦᠬᠦᠦᠮᠢ ᠶ᠋ᠢ ᠮᠥᠨ ᠬᠦ᠌ ᠥᠷᠥᠰᠢᠶᠡᠨ ᠠᠢᠮᠠᠭ ᠲᠤᠷ ᠢ᠋ᠶ᠋ᠠᠨ ᠣᠷᠣᠰᠢᠲᠤᠭᠠᠢ ᠭᠡᠮᠡᠨ ᠣᠷᠣᠰᠢᠭᠴᠢ ᠬᠡᠮᠡᠭᠰᠡᠨ ᠪᠣᠯᠪᠠᠴᠤ ᠡᠭᠡᠨᠡᠭᠲᠡ ᠲᠡᠭᠦᠨ ᠦ᠌ ᠡᠵᠡᠨ ᠳ᠋ᠦ᠍ᠷ ᠢᠨᠤ ᠵᠣᠪᠠᠯᠠᠩ ᠬᠦᠷᠴᠦ ᠢᠷᠡᠭᠰᠡᠨ ᠳ᠋ᠦ᠍ᠷ ᠣᠷᠬᠢᠵᠤ ᠡᠴᠢᠭᠰᠡᠨ ᠢ᠋ ᠵᠢᠭᠰᠢᠵᠦ ᠥᠭᠭᠦᠭᠰᠡᠨ ᠨᠡᠷ᠎ᠡ ᠪᠣᠯᠠᠢ ᠃ ᠠᠶ᠎ᠠ ᠡᠨᠡ ᠦᠨᠡᠬᠡᠷ ᠴᠢᠪᠬᠢᠲᠡᠯ᠎ᠡ 《ᠶᠡᠬᠡ ᠰᠤᠷᠲᠠᠬᠤᠢ ᠪᠢᠴᠢᠭ 》 ᠲᠣᠷ ᠥᠭᠦᠯᠡᠭᠰᠡᠨ : 《ᠲᠡᠭᠦᠨ ᠦ᠌ ᠰᠠᠢᠨ ᠢ᠋ ᠰᠠᠢᠰᠢᠶᠠᠨᠠᠮ ᠪᠥᠭᠡᠳ ᠲᠡᠭᠦᠨ ᠦ᠌ ᠮᠠᠭᠤ ᠶ᠋ᠢ ᠤᠬᠠᠮᠵᠢᠯᠠᠬᠤ ᠪᠠ ᠲᠡᠭᠦᠨ ᠦ᠌ ᠮᠠᠭᠤ ᠶ᠋ᠢ ᠵᠢᠭᠰᠢᠨᠡᠮ ᠪᠥᠭᠡᠳ ᠲᠡᠭᠦᠨ ᠦ᠌ ᠰᠠᠢᠨ ᠢ᠋ ᠮᠡᠳᠡᠬᠦ ᠢᠨᠦ ᠳᠡᠯᠡᠬᠡᠢ ᠳ᠋ᠠᠭᠢᠨ᠎ᠠ ᠮᠠᠰᠢᠳᠠ ᠴᠥᠭᠡᠨ ᠪᠣᠯᠠᠢ ᠃ 》 ᠬᠡᠮᠡᠭᠰᠡᠨ ᠨᠢᠭᠡᠨ ᠠᠩᠭᠢ ᠳ᠋ᠤᠷ ᠬᠣᠣᠰᠤᠯᠳᠠᠵᠤᠬᠤᠢ ᠃ ᠴᠢᠩᠭᠢᠰ ᠪᠣᠭᠳᠠ ᠬᠡᠮᠡᠭᠰᠡᠨ ᠡᠷᠭᠦᠮᠵᠢᠯᠡᠯ ᠢ᠋ ᠬᠡᠲᠦᠷᠬᠡᠶ᠎ᠡ ᠡᠷᠭᠦᠪᠡ ᠬᠡᠮᠡᠵᠦ ᠪᠣᠯᠤᠮᠤᠢ ᠤᠤ ? ᠦᠨᠡᠬᠡᠷ ᠮᠣᠩᠭᠣᠯ ᠤ᠋ᠨ ᠲᠥᠷᠥᠯᠬᠢ ᠪᠣᠭᠳᠠ ᠪᠣᠯᠠᠢ ᠂ ᠵᠢᠴᠢ ᠠᠯᠲᠠᠨ ᠠᠷᠤᠲ᠋ᠤ ᠂ ᠠᠯᠲᠠᠨ ᠭᠤᠷᠭᠤᠤᠯᠳᠠᠢ ᠬᠣᠶᠠᠷ ᠠᠪᠠᠬᠠᠢ ᠶ᠋ᠢ ᠨᠢᠭᠡᠨ ᠢ᠋ ᠢᠨᠦ ᠬᠠᠭᠠᠨ ᠳ᠋ᠤᠷ ᠥᠭᠭᠦᠭᠰᠡᠨ ᠪᠥᠭᠡᠳ ᠨᠢᠭᠡᠨ ᠢ᠋ ᠢᠨᠤ ᠬᠠᠷᠠᠴᠤ ᠳ᠋ᠤᠷ ᠥᠭᠭᠦᠭᠰᠡᠨ ᠢᠨᠤ ᠡᠨᠡ ᠰᠠᠨᠠᠭᠠᠨ ᠨᠡᠩᠳᠡ ᠭᠦᠨ ᠨᠡᠩ ᠬᠣᠯᠠ᠂ ᠶᠠᠭᠤᠨ ᠬᠡᠮᠡᠪᠡᠰᠦ : 《ᠬᠠᠨ ᠤ᠋ ᠡᠷᠬᠢᠮ ᠢ᠋ ᠦᠯᠦ ᠲᠠᠰᠢᠵᠤ ᠂ ᠬᠠᠷᠠᠴᠤ ᠶ᠋ᠢᠨ ᠳᠣᠣᠷᠠᠲᠤ ᠶ᠋ᠢ ᠡᠰᠡ ᠵᠢᠭᠰᠢᠭᠰᠡᠨ ᠠᠨᠤ ᠪᠤᠶᠤ ᠂ ᠡᠨᠡ ᠳᠠᠷᠤᠢ ᠮᠣᠩᠭᠣᠯ ᠤ᠋ᠨ ᠢᠯᠡᠷᠬᠡᠢ ᠰᠤᠷᠭᠠᠯ ᠰᠣᠶᠣᠯ ᠪᠢᠰᠢᠦ ? ᠡᠨᠡ ᠢᠨᠦ ᠶᠠᠰᠤ ᠮᠢᠬ᠎ᠠ ᠪᠠᠷ ᠬᠣᠯᠠᠳᠠᠬᠢᠨ ᠢ᠋ ᠡᠪᠦᠷᠯᠡᠬᠦ ᠂ ᠬᠣᠢᠴᠢ ᠡᠳᠦᠷ ᠦ᠋ᠨ ᠬᠥᠯ ᠵᠣᠭᠰᠣᠯᠲᠠ ᠶ᠋ᠢ ᠦᠯᠡᠮᠵᠢ ᠪᠡᠯᠡᠳᠬᠡᠭᠰᠡᠨ ᠮᠠᠰᠢᠳᠠ ᠮᠡᠷᠭᠡᠨ ᠪᠠᠭᠠᠲᠤᠷ ᠰᠠᠨᠠᠭᠠᠨ ᠮᠥᠨ ᠂ ᠴᠣᠬᠣᠮ ᠶᠡᠬᠡ ᠡᠷ᠎ᠡ ᠶ᠋ᠢᠨ ᠳᠡᠭᠡᠭᠰᠢᠳᠡ ᠬᠠᠭᠠᠨ ᠬᠤᠷᠮᠤᠰᠲᠠ ᠯᠤᠭ᠎ᠠ ᠵᠡᠷᠭᠡᠯᠡᠵᠦ ᠂ ᠳᠣᠷᠣᠭᠰᠢᠳᠠ ᠭᠤᠢᠯᠢᠨᠴᠢ ᠯᠤᠭ᠎ᠠ ᠰᠠᠭᠤᠬᠤ ᠰᠠᠨᠠᠭᠠᠨ ᠪᠣᠯᠠᠢ ᠃ ᠪᠠᠰᠠ ᠡᠷᠲᠡᠨ ᠦ᠌ ᠦᠭᠡᠰ ᠲᠣᠷ ᠲᠡᠢᠮᠦ ᠡᠴᠢᠭᠡ ᠠᠪᠠᠰᠤ ᠡᠷᠬᠡᠪᠰᠢ ᠲᠡᠢᠮᠦ ᠬᠥᠪᠡᠭᠦᠨ ᠪᠣᠢ ᠃ ᠯᠤᠤ ᠮᠡᠲᠦ ᠡᠵᠡᠨ ᠳ᠋ᠦ᠍ᠷ ᠮᠠᠭᠠᠳ ᠪᠠᠷᠰ ᠠᠳᠠᠯᠢ ᠰᠠᠢᠳ ᠠᠮᠤᠢ ᠬᠡᠮᠡᠭᠰᠡᠨᠴᠢᠯᠡᠨ᠂ ᠲᠠᠢᠽᠦ ᠡᠩᠭᠦᠳ ᠦ᠋ᠨ ᠬᠠᠷ᠎ᠠ ᠪᠡᠷᠬᠡ ᠶ᠋ᠢ ᠬᠠᠢᠷᠠᠯᠠᠨ ᠦᠯᠡᠳᠡᠭᠡᠨ ᠠᠪᠰᠤᠭᠠᠢ ᠬᠡᠮᠡᠬᠦᠯ᠎ᠡ ᠮᠤᠬᠤᠯᠢ ᠪᠠᠰᠠ ᠴᠤ᠌ ᠲᠡᠢᠨ ᠰᠠᠨᠠᠭᠠᠳ ᠭᠠᠭᠴᠠ ᠡᠳᠡᠭᠡᠬᠦ ᠦᠭᠡᠢ ᠳ᠋ᠦ᠍ᠷ ᠰᠠᠶᠢ ᠠᠯᠠᠵᠤ ᠤᠯᠤᠰ ᠤ᠋ᠨ ᠴᠠᠭᠠᠵᠠ ᠶ᠋ᠢ ᠴᠢᠩᠭ᠎ᠠ ᠪᠣᠯᠭᠠᠭᠰᠠᠨ ᠠᠨᠤ ᠂ ᠡᠷᠲᠡᠨ ᠦ᠌ ᠣᠯᠠᠨ ᠤᠯᠤᠰ ᠤ᠋ᠨ ᠦᠶ᠎ᠡ ᠶ᠋ᠢᠨ ᠂ ᠦ᠌ ᠸᠸᠨ ᠬᠦᠩ ᠦ᠋ᠨ ᠴᠡᠷᠢᠭ ᠦ᠋ᠨ ᠴᠠᠭᠠᠵᠠ ᠠ᠋ᠴᠠ ᠵᠥᠷᠢᠴᠡᠭᠰᠡᠨ ᠵᠠᠩᠵᠤᠨ ᠸᠧᠢ ᠴᠧᠦ ᠶ᠋ᠢ ᠠᠯᠠᠰᠤᠭᠠᠢ ᠦᠯᠡᠳᠡᠭᠡᠰᠦᠭᠡᠢ ᠬᠡᠮᠡᠭᠰᠡᠨ ᠡᠴᠡ ᠶᠠᠭᠤᠨ ᠥᠪᠡᠷ᠎ᠡ ? ᠮᠤᠬᠤᠯᠢ ᠶ᠋ᠢ ᠦᠨᠡᠬᠡᠷ ᠮᠣᠩᠭᠣᠯ ᠫᠠᠩ ᠲᠦᠩ ᠬᠡᠮᠡᠵᠦ ᠪᠣᠯᠤᠯᠲᠠᠢ ᠃ 《ᠭᠠᠩ ᠮᠦ᠍ ᠪᠢᠴᠢᠭ 》 ᠲᠣᠷ ᠮᠤᠬᠤᠯᠢ ᠶ᠋ᠢ ᠮᠡᠷᠭᠡᠨ ᠪᠣᠳᠣᠯᠭᠠᠲᠤ ᠬᠡᠴᠡᠭᠦᠦ ᠪᠠᠭᠠᠲᠤᠷ ᠭᠡᠮᠡᠨ ᠪᠢᠰᠢᠷᠡᠨ ᠮᠠᠭᠲᠠᠭᠰᠠᠨ ᠠᠨᠤ ᠬᠢᠯᠪᠠᠷᠬᠠᠨ ᠳ᠋ᠤᠷ ᠠᠳᠬᠠᠭᠲᠤ ᠬᠢᠲᠠᠳ ᠲᠡᠷᠡ ᠮᠡᠲᠦ ᠪᠢᠰᠢᠷᠡᠨ ᠦᠯᠦ ᠦᠯᠡᠳᠡᠭᠡᠮᠦᠢ ᠃ ᠨᠡᠩ ᠪᠠᠰᠠ ᠡᠭᠡᠨᠡᠭᠲᠡ ᠰᠠᠢᠨ ᠢ᠋ᠶ᠋ᠠᠷ ᠡᠴᠦᠰᠯᠡᠭᠰᠡᠨ ᠢᠨᠤ ᠡᠷᠲᠡᠨ ᠦ᠌ ᠱᠤ᠌ ᠤᠯᠤᠰ ᠤ᠋ᠨ ᠵᠣᠣ ᠽᠢ ᠯᠦᠩ ᠦ᠋ᠨ ᠪᠠᠭᠠᠲᠤᠷ ᠬᠡᠴᠡᠭᠦᠦ ᠪᠤᠶᠠᠨ ᠵᠠᠶᠠᠭ᠎ᠠ ᠪᠣᠢ ᠃ ᠵᠢᠴᠢ ᠲᠠᠢᠽᠦ ᠰᠠᠢᠬᠠᠨ ᠥᠩᠭᠡ ᠶ᠋ᠢ ᠭᠠᠭᠴᠠᠭᠠᠷᠯᠠᠬᠤ ᠦᠭᠡᠢ ᠂ ᠤᠯᠠᠭᠠᠨ ᠥᠩᠭᠡ ᠨᠡᠮᠡᠭᠦᠨ ᠵᠠᠭᠠᠷ ᠢ᠋ᠶ᠋ᠠᠷ ᠭᠠᠪᠢᠶ᠎ᠠ ᠳ᠋ᠤᠷ ᠱᠠᠩᠨᠠᠵᠤ ᠂ ᠡᠳ᠋ ᠲᠠᠸᠠᠷ ᠪᠣᠯᠭᠠᠭᠰᠠᠨ ᠢ᠋ᠶ᠋ᠠᠷ ᠦᠵᠡᠪᠡᠰᠦ ᠂ ᠲᠠᠢᠽᠦ ᠶ᠋ᠢᠨ ᠨᠢᠳᠦ ᠰᠡᠳᠬᠢᠯ ᠨᠠᠷᠠᠨ ᠮᠡᠲᠦ ᠭᠡᠭᠡᠬᠡᠨ ᠂ ᠪᠣᠳᠣᠯᠭ᠎ᠠ ᠤᠬᠠᠭᠠᠨ ᠳᠠᠯᠠᠢ ᠠᠳᠠᠯᠢ ᠠᠭᠤᠳᠠᠮ ᠢ᠋ ᠪᠠᠷᠢᠭ᠍ᠰᠠᠭᠠᠷ ᠮᠡᠳᠡᠪᠡᠰᠦ ᠪᠣᠯᠬᠤ ᠪᠤᠰᠤ ᠤᠤ ? ᠪᠡᠶ᠎ᠡ ᠳ᠋ᠦ᠍ᠷ ᠰᠢᠶᠠᠩ ᠢᠦᠢ ᠂ ᠭᠤᠸᠠᠨ ᠢᠦᠢ ᠶ᠋ᠢᠨ ᠴᠢᠭᠢᠷᠠᠭ ᠪᠠᠭᠠᠲᠤᠷ ᠪᠣᠢ ᠂ ᠰᠡᠳᠬᠢᠯ ᠳ᠋ᠦ᠍ᠷ ᠸᠸᠨ ᠸᠠᠩ ᠂ ᠬᠤᠸᠠᠨ ᠬᠦᠩ ᠦ᠋ᠨ ᠠᠭᠤᠳᠠᠮ ᠡᠷᠳᠡᠮ ᠪᠣᠢ ᠂ ᠶᠠᠭᠠᠬᠢᠨ ᠳᠥᠷᠪᠡᠨ ᠳᠠᠯᠠᠢ ᠶ᠋ᠢ ᠳᠠᠪᠠᠲᠠᠯ᠎ᠠ ᠰᠣᠨᠢᠨ ᠡᠲᠡᠭᠡᠳ ᠡᠷᠬᠡᠲᠡᠨ ᠮᠠᠬᠠᠪᠤᠳᠲᠤ ᠤᠯᠤᠰ ᠲᠤᠷ ᠬᠡᠳᠦᠢᠴᠢᠨᠡᠭᠡᠨ ᠲᠦᠮᠡᠨ ᠭᠠᠵᠠᠷ ᠲᠤᠷ ᠪᠡᠶ᠎ᠡ ᠪᠡᠷ ᠴᠥᠮ ᠬᠦᠷᠴᠦ ᠳᠠᠢᠯᠠᠭᠰᠠᠨ ᠬᠠᠳ ᠤ᠋ᠳ ᠠᠳᠠᠪᠠᠰᠢ ᠬᠡᠳᠦ ᠭᠠᠷᠪᠠ ? ᠮᠡᠷᠭᠡᠳ ᠪᠡᠷ ᠬᠢᠨᠠᠨ ᠰᠡᠳᠬᠢᠪᠡᠰᠦ ᠰᠠᠶᠢ ᠲᠡᠭᠦᠨ ᠦ᠌ ᠲᠤᠢᠯ ᠤ᠋ᠨ ᠭᠠᠢᠬᠠᠮᠰᠢᠭ᠋ ᠢ᠋ ᠤᠯᠠᠮᠵᠢᠯᠠᠨ ᠲᠥᠰᠥᠭᠡᠯᠡᠮᠦᠢ ᠂ ᠠᠶ᠎ᠠ ᠬᠣᠢᠨ᠎ᠠ ᠮᠢᠩ ᠤᠯᠤᠰ ᠤ᠋ᠨ ᠲᠠᠢᠽᠦ  ᠵᠣ᠌ ᠶᠤᠸᠠᠨ ᠵᠠᠩ ᠮᠣᠩᠭᠣᠯ ᠤ᠋ᠨ ᠲᠥᠷᠥ ᠶ᠋ᠢ ᠪᠤᠯᠢᠶᠠᠭᠠᠳ ᠮᠣᠩᠭᠣᠯ ᠤ᠋ᠨ ᠳ᠋ᠠᠳᠦ᠋ ᠶ᠋ᠢᠨ ᠮᠣᠩᠭᠣᠯ ᠰᠤᠳᠤᠷ ᠢ᠋ ᠡᠰᠡ ᠰᠢᠲᠠᠭᠠᠭᠰᠠᠨ ᠪᠥᠭᠡᠰᠦ ᠮᠠᠨ ᠤ᠋ ᠮᠣᠩᠭᠣᠯ ᠮᠥᠨ ᠡᠭᠦᠨ ᠡᠴᠡ ᠳᠡᠭᠡᠷ᠎ᠡ ᠨᠢᠳᠦ ᠴᠢᠬᠢ ᠲᠡᠢ ᠪᠥᠯᠥᠭᠡ ᠃