ᠬᠥᠬᠡ ᠰᠤᠳᠤᠷ - ᠢᠨᠵᠠᠨᠨᠠᠰᠢ < ᠠᠷᠪᠠᠨ ᠨᠢᠭᠡᠳᠦᠭᠡᠷ ᠪᠦᠯᠦᠭ > Хөх судар - Инжинаш < Арван нэгдүгээр бүлэг >
ᠠᠷᠪᠠᠨ ᠨᠢᠭᠡᠳᠦᠭᠡᠷ ᠪᠦᠯᠦᠭ
ᠰᠥᠩ ᠰᠢᠶᠤᠤᠽᠦ᠋ᠩ ᠦ᠋ᠨ ᠴᠦᠨ ᠰᠢ ᠶ᠋ᠢᠨ ᠠᠷᠪᠠᠨ ᠲᠠᠪᠤᠳᠤᠭᠠᠷ ᠣᠨ ᠂ ᠠᠯᠲᠠᠨ ᠤᠯᠤᠰ ᠤ᠋ᠨ ᠱ᠌ᠢᠽᠦ᠋ᠩ ᠦ᠋ᠨ
ᠳᠡ ᠳ᠋ᠢᠩ ᠦ᠋ᠨ ᠬᠣᠷᠢᠨ ᠨᠠᠢ᠍ᠮᠠᠳᠤᠭᠠᠷ ᠣᠨ᠂ᠰᠢᠷ᠎ᠠ ᠪᠡᠴᠢᠨ ᠵᠢᠯ᠂ ᠲᠠᠢᠽᠦ ᠬᠣᠷᠢᠨ ᠳᠣᠯᠣᠭᠠᠨ ᠰᠡᠭᠦᠳᠡᠷ ᠲᠡᠢ ᠪᠤᠶᠤ
ᠠᠳᠠᠪᠠᠰᠢ ᠴᠢᠬᠡᠴᠢ ᠢᠳᠡᠷ ᠳᠣᠪᠣ ᠤᠬᠢᠯᠠᠵᠤ ᠤᠷᠠᠨ ᠬᠠᠵᠢᠨ ᠢ᠋ ᠬᠡᠯᠡᠯᠴᠡᠮᠦᠢ
ᠠᠰᠤᠷᠤ ᠲᠡᠨᠡᠭ ᠫᠤᠯᠭᠤᠳᠠᠢ ᠪᠠᠶᠠᠷᠯᠠᠵᠤ ᠤᠷᠤᠭ ᠪᠠᠷᠢᠬᠤ ᠶ᠋ᠢ ᠮᠡᠳᠡᠭᠦᠯᠦᠮᠦᠢ
ᠠᠴᠢᠯᠠᠯ ᠡᠯᠪᠡᠷᠢᠯᠳᠦ ᠬᠣᠩᠭᠣᠷ ᠵᠤᠯᠠ ᠶ᠋ᠢᠨ ᠵᠠᠶᠠᠭᠠᠨ ᠮᠠᠰᠢ ᠥᠨᠳᠥᠷ
ᠠᠯᠤᠰ ᠪᠣᠳᠣᠯᠭᠠᠲᠤ ᠠᠯᠲᠠᠨᠱᠠᠭ᠎ᠠ ᠶ᠋ᠢᠨ ᠦᠭᠡᠰ ᠦᠨᠡᠬᠡᠷ ᠨᠡᠢᠴᠡᠮᠦᠢ ᠂
ᠠᠭᠤᠳᠠᠮ ᠤᠬᠠᠭᠠᠨᠲᠤ ᠣᠶᠤᠲᠤ ᠰᠡᠴᠡᠨ ᠦ᠌ ᠶᠠᠪᠤᠳᠠᠯ ᠶᠠᠭᠤ ᠲᠠᠢ ᠰᠠᠢᠰᠢᠶᠠᠯᠲᠠᠢ
ᠠᠯᠠᠯᠲᠠᠢ ᠪᠣᠭᠣᠯ ᠵᠠᠮᠤᠬ᠎ᠠ ᠵᠤᠯᠪᠢᠨ ᠤ᠋ ᠠᠷᠭ᠎ᠠ ᠠᠳᠠᠪᠠᠰᠢ ᠦᠯᠡᠮᠵᠢ ᠃
ᠲᠡᠨᠳᠡᠴᠡ ᠨᠠᠢ᠍ᠮᠠᠨ ᠤᠯᠤᠰ ᠤ᠋ᠨ ᠬᠣᠩᠭᠣᠷ ᠵᠤᠯᠠ᠂ ᠣᠯᠠᠨ ᠬᠡᠦᠬᠡᠳ ᠦ᠋ᠨ ᠰᠣᠩᠭᠣᠯᠭᠠᠨᠠ ᠣᠷᠣᠵᠤ ᠵᠢᠨᠦᠩ ᠮᠤᠬᠤᠯᠢ ᠶ᠋ᠢᠨ ᠰᠢᠳᠠᠷ ᠠᠯᠪᠠᠨ ᠳ᠋ᠤᠷ ᠵᠠᠷᠤᠴᠠᠯᠠᠬᠤᠢ ᠳ᠋ᠤᠷ ᠪᠡᠶ᠎ᠡ ᠤᠯᠠᠮ ᠰᠤᠯᠠ ᠠᠮᠠᠷ ᠪᠣᠯᠵᠤ ᠥᠬᠢᠨ ᠢᠨᠦ ᠨᠡᠩᠳᠡ ᠢᠯᠡᠷᠡᠬᠦ ᠦᠭᠡᠢ ᠪᠥᠬᠥᠶ᠎ᠡ ᠂ ᠰᠠᠨᠠᠮᠰᠠᠷ ᠦᠭᠡᠢ ᠡᠨᠡ ᠬᠡᠳᠦᠨ ᠳᠤᠰᠤᠯ ᠨᠢᠯᠪᠤᠰᠤᠨ ᠳ᠋ᠤᠷ ᠪᠠᠢᠴᠠᠭᠠᠬᠤᠢ ᠳ᠋ᠤᠷ ᠣᠨᠣᠭᠳᠠᠵᠤ ᠡᠰᠡ ᠬᠡᠯᠡᠪᠡᠰᠦ ᠪᠣᠯᠬᠤ ᠦᠭᠡᠢ ᠳ᠋ᠦ᠍ᠷ ᠬᠦᠷᠦᠭᠰᠡᠨ ᠲᠤᠯᠠ ᠠᠷᠭ᠎ᠠ ᠦᠭᠡᠢ ᠳᠠᠷᠤᠢ ᠥᠪᠡᠷ ᠦ᠋ᠨ ᠡᠴᠢᠭᠡ ᠶ᠋ᠢᠨ ᠬᠥᠭᠰᠢᠷᠡᠭᠰᠡᠨ᠂ ᠥᠪᠡᠷ ᠦ᠋ᠨ ᠳᠡᠭᠡᠷ᠎ᠡ ᠠᠬ᠎ᠠ ᠦᠭᠡᠢ ᠂ ᠬᠣᠢᠲᠤ ᠡᠬᠡ ᠨᠠᠰᠤᠨ ᠵᠠᠯᠠᠭᠤ ᠂ ᠳᠡᠭᠦᠦ ᠢᠨᠦ ᠤᠯᠠᠭᠠᠨ ᠨᠢᠯᠬ᠎ᠠ ᠪᠠᠢᠭᠰᠠᠭᠠᠷ ᠲᠡᠭᠦᠨ ᠦ᠌ ᠡᠴᠢᠭᠡ ᠨᠢᠭᠡᠨ ᠬᠥᠮᠦᠨ ᠴᠡᠷᠢᠭ ᠲᠦ᠍ᠷ ᠦᠬᠦᠪᠡᠰᠦ ᠨᠢᠭᠡᠨ ᠭᠡᠷ ᠳᠠᠷᠤᠢ ᠦᠨᠳᠦᠰᠦᠨ ᠲᠠᠰᠤᠷᠠᠬᠤᠢ ᠳ᠋ᠤᠷ ᠬᠦᠷᠬᠦ ᠲᠤᠯᠠ ᠲᠡᠭᠦᠨ ᠦ᠌ ᠪᠡᠶ᠎ᠡ ᠳᠡᠭᠡᠭᠰᠢᠳᠡ ᠡᠴᠢᠭᠡ ᠶ᠋ᠢᠨ ᠦᠬᠦᠬᠦ ᠶ᠋ᠢ ᠣᠷᠣᠯᠠᠨ ᠂ ᠳᠣᠷᠣᠭᠰᠢᠳᠠ ᠨᠢᠯᠬ᠎ᠠ ᠳᠡᠭᠦᠦ ᠬᠥᠮᠦᠵᠢᠵᠦ ᠦᠨᠳᠦᠰᠦᠨ ᠢ᠋ ᠵᠠᠯᠭᠠᠮᠵᠢᠯᠠᠬᠤ ᠶ᠋ᠢᠨ ᠤᠴᠢᠷ ᠪᠡᠶ᠎ᠡ ᠡᠷᠡᠴᠢᠯᠡᠨ ᠴᠢᠮᠡᠵᠦ ᠡᠴᠢᠭᠡ ᠶ᠋ᠢᠨ ᠲᠥᠯᠥᠭᠡ ᠴᠡᠷᠢᠭ ᠲᠦ᠍ᠷ ᠭᠠᠷᠴᠤ ᠢᠷᠡᠭᠰᠡᠨ ᠡᠴᠡ ᠡᠨᠡ ᠡᠳᠦᠷ ᠲᠣᠷ ᠬᠦᠷᠲᠡᠯ᠎ᠡ ᠡᠨᠡᠯᠦᠨ ᠰᠢᠨᠠᠯᠤᠨ ᠤᠬᠢᠯᠠᠵᠤ ᠲᠣᠭᠠᠴᠢᠭ᠍ᠰᠠᠨ ᠳ᠋ᠤᠷ ᠰᠢᠳᠠᠷ ᠠᠭ᠍ᠴᠢ ᠵᠠᠩᠵᠤᠨ ᠴᠡᠷᠢᠭ ᠳᠠᠭᠠᠭᠰᠠᠳ ᠲᠠᠪᠢᠬ᠍ᠴᠢᠨ ᠨᠢᠯᠪᠤᠰᠤᠨ ᠤᠨᠠᠭᠠᠬᠤ ᠶ᠋ᠢ ᠴᠦ᠍ ᠪᠠᠢᠲᠤᠭᠠᠢ᠂ ᠮᠤᠬᠤᠯᠢ ᠶ᠋ᠢᠨ ᠵᠡᠷᠭᠡ ᠶ᠋ᠢᠨ ᠶᠡᠬᠡ ᠡᠷ᠎ᠡ ᠴᠦ᠍ ᠲᠡᠰᠦᠨ ᠴᠢᠳᠠᠭᠰᠠᠨ ᠦᠭᠡᠢ᠃ ᠲᠡᠭᠦᠨ ᠦ᠌ ᠭᠠᠰᠢᠭᠤᠨ ᠳ᠋ᠤᠷ ᠦᠷᠦ ᠡᠪᠡᠳᠴᠦ ᠬᠠᠪᠠᠷ ᠪᠤᠷᠬᠢᠷᠠᠨ ᠠᠷᠠᠢ ᠨᠢᠯᠪᠤᠰᠤᠨ ᠡᠰᠡ ᠤᠨᠠᠭᠠᠪᠠᠢ ᠃
ᠲᠡᠳᠦᠢ ᠵᠢᠨᠦᠩ ᠮᠤᠬᠤᠯᠢ ᠡᠨᠡ ᠬᠡᠦᠬᠡᠨ ᠦᠨᠡᠨ ᠡᠯᠪᠡᠷᠢᠯᠲᠦ ᠲᠠᠬᠢᠮᠳᠠᠭᠤ᠂ ᠠᠴᠢᠯᠠᠯᠲᠤ ᠤᠬᠠᠭᠠᠨ ᠰᠠᠢᠲᠤ ᠬᠡᠦᠬᠡᠨ ᠪᠠᠢᠨᠠᠮ ᠬᠡᠮᠡᠵᠦ ᠪᠠᠰᠠ ᠲᠡᠭᠦᠨ ᠦ᠌ ᠲᠥᠪ ᠠᠷᠢᠭᠤᠨ ᠬᠢᠴᠢᠶᠡᠩᠭᠦᠢ ᠪᠣᠯᠭᠣᠮᠵᠢᠲᠠᠢ ᠳ᠋ᠤᠷ ᠮᠠᠰᠢᠳᠠ ᠡᠨᠡᠷᠢᠨ ᠥᠪᠡᠷ ᠦ᠋ᠨ ᠥᠬᠢᠨ ᠮᠡᠲᠦ ᠥᠷᠥᠰᠢᠶᠡᠵᠦ ᠲᠣᠷᠭ᠎ᠠ ᠪᠤᠯᠠᠭ᠎ᠠ ᠱᠠᠩᠨᠠᠵᠤ ᠵᠢᠷᠤᠮ ᠤ᠋ᠨ ᠥᠬᠢᠨ ᠢ᠋ᠶ᠋ᠡᠨ ᠪᠣᠯᠭᠠᠨ ᠮᠥᠷᠭᠥᠭᠦᠯᠪᠡ᠃ ᠡᠨᠡ ᠦᠨᠡᠬᠡᠷ ᠦᠨᠡᠨ ᠡᠯᠪᠡᠷᠢᠯᠲᠡᠨ ᠬᠡᠦᠬᠡᠨ ᠳᠤᠰᠤᠯ ᠨᠢᠯᠪᠤᠰᠤᠨ ᠤ᠋ ᠣᠴᠢᠷ᠎ᠠ ᠬᠥᠬᠡ ᠡᠭᠦᠯᠡᠨ᠎ᠡ ᠭᠢᠰᠬᠢᠵᠦ ᠳᠡᠭᠳᠡᠪᠡᠢ ᠃ ᠲᠡᠭᠦᠨᠴᠡ ᠵᠢᠨᠦᠩ ᠮᠤᠬᠤᠯᠢ ᠪᠤᠷᠬᠠᠨ ᠭᠠᠯᠳᠤᠨ᠎ᠠ ᠳ᠋ᠤᠷ ᠡᠭᠡᠵᠦ ᠲᠠᠢᠽᠦ ᠳ᠋ᠦ᠍ᠷ ᠵᠣᠯᠭᠠᠨ ᠮᠥᠷᠭᠥᠭᠰᠡᠨ ᠦ᠌ ᠬᠣᠢᠨ᠎ᠠ ᠤᠯᠤᠰ ᠲᠥᠷᠥ ᠶ᠋ᠢᠨ ᠬᠡᠷᠡᠭ ᠦᠢᠯᠡ ᠪᠡᠨ ᠮᠡᠳᠡᠭᠦᠯᠦᠨ ᠲᠡᠭᠦᠰᠴᠦ ᠬᠡᠳᠦᠨ ᠡᠳᠦᠷ ᠥᠩᠭᠡᠷᠡᠵᠦ ᠬᠢᠵᠠᠭᠠᠷ ᠵᠠᠬ᠎ᠠ ᠶ᠋ᠢᠨ ᠰᠤᠯᠠ ᠬᠡᠷᠡᠭ ᠢ᠋ ᠮᠡᠳᠡᠭᠦᠯᠬᠦ ᠶ᠋ᠢᠨ ᠵᠠᠪᠰᠠᠷ᠎ᠠ ᠡᠨᠡ ᠬᠣᠩᠭᠣᠷ ᠵᠤᠯᠠ ᠶ᠋ᠢᠨ ᠤᠴᠢᠷ ᠢ᠋ ᠮᠡᠳᠡᠭᠦᠯᠵᠦ᠂ ᠨᠠᠢ᠍ᠮᠠᠨ ᠤᠯᠤᠰ ᠢ᠋ ᠵᠠᠰᠠᠨ ᠴᠢᠳᠠᠪᠠᠰᠤ ᠬᠠᠷᠢᠨ ᠰᠣᠨᠢᠨ ᠬᠥᠮᠦᠨ ᠣᠯᠠᠨ ᠲᠥᠷᠥᠬᠦ ᠭᠠᠵᠠᠷ ᠬᠡᠮᠡᠭᠰᠡᠨ ᠳ᠋ᠦ᠍ᠷ ᠲᠠᠢᠽᠦ ᠶ᠋ᠢᠨ ᠪᠦᠷᠲᠡᠭᠡᠯᠵᠢᠨ ᠰᠡᠴᠡᠨ ᠵᠦᠰᠦᠨ ᠬᠠᠲᠤᠨ ᠰᠣᠨᠣᠰᠴᠤ ᠬᠣᠩᠭᠣᠷ ᠵᠤᠯᠠ ᠶ᠋ᠢ ᠳᠠᠭᠤᠳᠠᠨ ᠣᠷᠣᠭᠤᠯᠵᠤ ᠦᠵᠡᠭᠡᠳ ᠤᠴᠢᠷ ᠲᠤᠬᠠᠢ ᠶ᠋ᠢ ᠠᠨᠤ ᠲᠡᠭᠦᠨ ᠦ᠌ ᠠᠮᠠ ᠠ᠋ᠴᠠ ᠳᠠᠬᠢᠨ ᠨᠢᠭᠡᠨ ᠵᠡᠷᠭᠡ ᠰᠣᠨᠣᠰᠴᠤ ᠮᠥᠨ ᠲᠡᠭᠦᠨ ᠢ᠋ ᠦᠷᠦ ᠡᠪᠡᠳᠴᠦ ᠮᠠᠰᠢᠳᠠ ᠡᠨᠡᠷᠢᠨ ᠨᠢᠭᠦᠯᠡᠰᠬᠦᠢ ᠳ᠋ᠦ᠍ᠷ ᠵᠢᠨᠦᠩ ᠮᠤᠬᠤᠯᠢ ᠰᠡᠴᠡᠨ ᠵᠦᠰᠦᠨ ᠬᠠᠲᠤᠨ ᠤ᠋ ᠲᠡᠭᠦᠨ ᠢ᠋ ᠲᠠᠭᠠᠯᠠᠨ ᠪᠠᠶᠠᠰᠬᠤ ᠶ᠋ᠢ ᠰᠣᠨᠣᠰᠴᠤ ᠳᠠᠷᠤᠢ ᠵᠦᠰᠦᠨ ᠬᠠᠲᠤᠨ ᠤ᠋ ᠳᠡᠷᠭᠡᠳᠡ ᠰᠢᠳᠠᠷ ᠵᠠᠷᠤᠭᠳᠠ ᠭᠡᠮᠡᠨ ᠲᠤᠰᠢᠶᠠᠭᠠᠳ ᠥᠷᠯᠥᠭᠡ ᠦᠳᠡᠰᠢ ᠲᠡᠭᠦᠨ ᠦ᠌ ᠡᠮ᠎ᠡ ᠨᠤᠬᠤᠷᠴᠠ ᠬᠠᠲᠤᠨ ᠳ᠋ᠤᠷ ᠬᠠᠷᠠᠭᠠᠯᠵᠠᠭᠤᠯᠤᠨ᠂ ᠡᠮᠦᠰᠬᠦ ᠢᠳᠡᠬᠦ ᠶ᠋ᠢ ᠲᠡᠭᠦᠨ ᠦ᠌ ᠬᠥᠪᠡᠭᠦᠨ ᠪᠤᠯᠤ ᠯᠤᠭ᠎ᠠ ᠠᠳᠠᠯᠢ ᠠᠪᠴᠤ ᠶᠠᠪᠤᠪᠠᠢ᠃ ᠵᠢᠴᠢ ᠳ᠋ᠦ᠍ᠷ ᠡᠨᠡ ᠬᠣᠩᠭᠣᠷ ᠵᠤᠯᠠ ᠬᠡᠦᠬᠡᠨ ᠴᠦ᠍ ᠮᠠᠰᠢ ᠰᠡᠴᠡᠨ ᠰᠡᠷᠭᠦᠯᠡᠩ ᠭᠤᠸ᠎ᠠ ᠦᠵᠡᠰᠬᠦᠯᠡᠩ ᠪᠥᠭᠡᠳ ᠪᠠᠰᠠ ᠤᠢᠭᠤᠷ ᠤ᠋ᠨ ᠪᠢᠴᠢᠭ ᠦᠰᠦᠭ ᠲᠦ᠍ᠷ ᠰᠠᠢᠨ ᠲᠤᠯᠠ ᠠᠷᠪᠠᠨ ᠬᠣᠨᠣᠭ ᠨᠢᠭᠡᠨ ᠰᠠᠷ᠎ᠠ ᠶ᠋ᠢᠨ ᠵᠠᠪᠰᠠᠷ᠎ᠠ ᠰᠡᠴᠡᠨ ᠵᠦᠰᠦᠨ ᠬᠠᠲᠤᠨ ᠤ᠋ ᠬᠠᠢᠷ᠎ᠠ ᠶ᠋ᠢ ᠭᠦᠨ᠎ᠡ ᠣᠯᠵᠤ᠂ ᠰᠢᠭᠤᠳ ᠳᠣᠲᠣᠭᠠᠳᠤ ᠰᠠᠩ ᠬᠥᠮᠥᠷᠭᠡ ᠶ᠋ᠢᠨ ᠣᠷᠣᠬᠤ ᠭᠠᠷᠬᠤ ᠲᠡᠮᠳᠡᠭ ᠲᠣᠪᠴᠢ ᠪᠠ ᠳᠠᠩᠰᠠ ᠪᠢᠴᠢᠭ ᠢ᠋ ᠪᠦᠷᠢᠨ᠎ᠡ ᠪᠠᠷᠢᠵᠤ ᠡᠯ᠎ᠡ ᠨᠠᠷᠢᠨ ᠵᠥᠭᠡᠯᠡᠨ ᠢ᠋ ᠬᠠᠮᠲᠤ ᠪᠠᠷ ᠬᠠᠮᠢᠶᠠᠷᠴᠤ ᠮᠠᠰᠢ ᠨᠠᠷᠢᠨ ᠨᠢᠭᠲᠠ ᠬᠤᠷᠴᠠ ᠲᠣᠳᠣᠷᠬᠠᠢ ᠳ᠋ᠤᠷ ᠵᠦᠰᠦᠨ ᠬᠠᠲᠤᠨ ᠲᠡᠭᠦᠨ ᠦ᠌ ᠠᠳᠠᠪᠠᠰᠢ ᠬᠢᠴᠢᠶᠡᠩᠭᠦᠢ ᠬᠢᠨᠠᠮᠠᠭᠠᠢ ᠳ᠋ᠤᠷ ᠶᠡᠬᠡᠯ᠎ᠡ ᠥᠷᠥᠰᠢᠶᠡᠨ᠂ ᠰᠢᠭᠤᠳ ᠮᠤᠬᠤᠯᠢ ᠳ᠋ᠤᠷ ᠵᠠᠬᠢᠶ᠎ᠠ ᠪᠠᠭᠤᠯᠭᠠᠨ ᠬᠣᠩᠭᠣᠷ ᠵᠤᠯᠠ ᠶ᠋ᠢᠨ ᠡᠴᠢᠭᠡ ᠡᠬᠡ ᠳ᠋ᠦ᠍ᠷ ᠢᠨᠦ ᠬᠡᠯᠡᠭᠦᠯᠵᠦ ᠢᠯᠡᠭᠡᠭᠰᠡᠨ ᠳ᠋ᠦ᠍ᠷ᠂ ᠬᠣᠩᠭᠣᠷ ᠵᠤᠯᠠ ᠶ᠋ᠢᠨ ᠡᠴᠢᠭᠡ ᠡᠬᠡ ᠴᠢᠨᠦ ᠵᠡᠭᠦᠳᠦ ᠵᠡᠷᠭᠡᠯᠭᠡᠨ ᠮᠡᠲᠦ ᠪᠠᠶᠠᠷᠯᠠᠵᠤ᠂ ᠳᠠᠷᠤᠢ ᠭᠡᠷ ᠦ᠋ᠨ ᠬᠣᠲᠠᠯᠠᠭᠠᠷ ᠨᠡᠭᠦᠨ ᠢᠷᠡᠵᠦ ᠵᠢᠨᠦᠩ ᠮᠤᠬᠤᠯᠢ ᠶ᠋ᠢᠨ ᠬᠡᠰᠢᠭ ᠲᠣᠷ ᠨᠢᠯᠪᠤᠰᠤᠨ ᠢ᠋ᠶ᠋ᠠᠷ ᠬᠠᠷᠢᠭᠤᠯᠤᠨ ᠤᠬᠢᠯᠠᠨ ᠮᠥᠷᠭᠥᠵᠦ᠂ ᠪᠠᠰᠠ ᠭᠠᠳᠠᠨ᠎ᠠ ᠠ᠋ᠴᠠ ᠵᠦᠰᠦᠨ ᠬᠠᠲᠤᠨ ᠳ᠋ᠤᠷ ᠵᠦᠭᠯᠡᠨ ᠮᠥᠷᠭᠥᠵᠦ᠂ ᠡᠴᠢᠭᠡ ᠥᠬᠢᠨ ᠬᠦᠵᠦᠭᠦᠦ ᠲᠡᠪᠡᠷᠢᠯᠴᠡᠨ ᠤᠬᠢᠯᠠᠯᠴᠠᠨ ᠵᠣᠯᠭᠠᠯᠳᠤᠵᠤ ᠳᠡᠭᠡᠭᠰᠢᠳᠡ ᠵᠦᠰᠦᠨ ᠬᠠᠲᠤᠨ ᠤ᠋ ᠬᠦᠨᠳᠦ ᠬᠡᠰᠢᠭ᠂ ᠳᠣᠷᠣᠭᠰᠢᠳᠠ ᠵᠢᠨᠦᠩ ᠮᠤᠬᠤᠯᠢ ᠶ᠋ᠢᠨ ᠬᠠᠢᠷ᠎ᠠ ᠬᠠᠷᠠᠭᠠᠯᠵᠠᠯᠭ᠎ᠠ ᠳ᠋ᠤᠷ ᠨᠢᠭᠡᠨ ᠭᠡᠷ ᠦ᠋ᠨ ᠬᠣᠲᠠᠯᠠᠭᠠᠷ ᠲᠡᠩᠴᠡᠰᠢ ᠦᠭᠡᠢ ᠪᠠᠶᠠᠨ ᠡᠷᠬᠢᠮ᠂ ᠪᠠᠶᠠᠷ ᠵᠢᠷᠭᠠᠯ ᠢ᠋ ᠣᠯᠵᠤ ᠰᠠᠭᠤᠯᠴᠠᠪᠠᠢ ᠃ ᠡᠨᠡ ᠦᠨᠡᠬᠡᠷ ᠪᠢᠯᠢᠭ ᠣᠶᠤᠲᠠᠨ ᠤ᠋ ᠨᠢᠭᠡᠨ ᠨᠠᠰᠤᠨ ᠳ᠋ᠤᠷ ᠴᠢᠷᠮᠠᠢᠪᠠᠴᠤ ᠡᠰᠡ ᠣᠯᠬᠤ ᠶ᠋ᠢ ᠪᠢᠴᠢᠬᠠᠨ ᠥᠬᠢᠨ ᠦ᠌ ᠬᠡᠳᠦᠬᠡᠨ ᠬᠥᠳᠡᠯᠦᠯ ᠳ᠋ᠦ᠍ᠷ ᠬᠠᠷᠢᠨ ᠣᠯᠵᠤ ᠪᠦᠲᠦᠭᠡᠪᠡᠢ᠃ ᠲᠡᠩᠴᠡᠰᠢ ᠦᠭᠡᠢ ᠲᠡᠭᠦᠰ ᠤᠴᠠᠷᠠᠯᠲᠤ ᠬᠡᠦᠬᠡᠨ ᠬᠣᠩᠭᠣᠷ ᠵᠤᠯᠠ ᠶ᠋ᠢ ᠲᠡᠮᠳᠡᠭᠲᠡᠶ᠎ᠡ ᠡᠨᠡ ᠭᠠᠵᠠᠷ ᠲᠤᠷ ᠲᠠᠯᠪᠢᠭᠠᠳ ᠲᠡᠰᠬᠡᠯ ᠦᠭᠡᠢ ᠲᠡᠨᠡᠭ ᠦᠢᠯᠡᠲᠦ ᠬᠣᠰᠢᠭᠤᠴᠢ ᠢᠳᠡᠷ ᠳᠣᠪᠣ ᠶ᠋ᠢ ᠲᠡᠷᠡ ᠡᠳᠦᠷ ᠦ᠋ᠨ ᠡᠭᠡᠵᠦ ᠬᠠᠷᠢᠭ᠍ᠰᠠᠨ ᠠ᠋ᠴᠠ ᠬᠡᠯᠡᠰᠦᠭᠡᠢ᠃
ᠲᠡᠷᠡ ᠡᠳᠦᠷ ᠲᠡᠨᠡᠭ ᠴᠢᠬᠡᠴᠢ ᠢᠳᠡᠷ ᠳᠣᠪᠣ ᠳᠠᠷᠠᠭ᠎ᠠ ᠪᠠᠷ ᠭᠤᠷᠪᠠᠨ ᠦᠬᠦᠯ ᠡᠴᠡ ᠴᠢᠪ ᠴᠢᠬᠡ ᠬᠠᠷᠠᠵᠤ ᠪᠠᠢᠭᠰᠠᠭᠠᠷ ᠮᠤᠯᠲᠤᠷᠠᠨ ᠭᠠᠷᠴᠤ ᠵᠠᠮ ᠤ᠋ᠨ ᠭᠣᠳᠣᠰ ᠲᠤᠷ ᠡᠭᠡᠭᠦᠯᠦᠨ ᠪᠣᠳᠣᠵᠤ ᠥᠪᠡᠷ ᠦ᠋ᠨ ᠪᠡᠶ᠎ᠡ ᠮᠥᠨ ᠢᠨᠢᠶᠡᠳᠦᠮ ᠲᠥᠷᠥᠭᠰᠡᠭᠡᠷ ᠬᠡᠳᠦᠨ ᠡᠳᠦᠷ ᠰᠡᠭᠦᠭᠦᠯᠡᠨ ᠶᠠᠪᠤᠵᠤ᠂ ᠨᠢᠭᠡᠨ ᠡᠳᠦᠷ ᠤᠯᠤᠰ ᠲᠤᠷ ᠢ᠋ᠶ᠋ᠠᠨ ᠬᠦᠷᠴᠦ ᠪᠧᠢ ᠯᠢᠶᠣᠤ ᠬᠣᠲᠠᠨ ᠳ᠋ᠤᠷ ᠣᠷᠣᠵᠤ᠂ ᠲᠠᠢᠶᠠᠩ ᠬᠠᠭᠠᠨ ᠤ᠋ ᠬᠡᠷᠡᠭ ᠤᠯᠠᠮᠵᠢᠯᠠᠬᠤ ᠶᠠᠮᠤᠨ ᠳ᠋ᠤᠷ ᠭᠠᠷᠴᠤ ᠥᠪᠡᠷ ᠦ᠋ᠨ ᠤᠴᠢᠷ ᠲᠤᠬᠠᠢ ᠪᠠᠨ ᠨᠠᠷᠢᠪᠴᠢᠯᠠᠨ ᠲᠣᠭᠠᠴᠢᠵᠤ ᠠᠢᠯᠠᠳᠬᠠᠨ ᠳᠠᠷᠠᠭ᠎ᠠ ᠪᠠᠷ ᠪᠠᠷᠠᠯᠠᠨ ᠮᠥᠷᠭᠥᠵᠦ᠂ ᠬᠦᠨᠳᠦ ᠶᠡᠬᠡ ᠱᠠᠩ ᠬᠡᠰᠢᠭ ᠲᠣᠷ ᠢᠨᠦ ᠬᠦᠷᠲᠡᠵᠦ᠂ ᠬᠡᠰᠢᠭ ᠲᠣᠷ ᠮᠥᠷᠭᠥᠵᠦ ᠲᠥᠷᠥ ᠡᠴᠡ ᠪᠠᠭᠤᠮᠠᠭᠴᠠ ᠳᠠᠷᠤᠢ ᠠᠯᠲᠠᠨᠱᠠᠭ᠎ᠠ ᠳ᠋ᠤᠷ ᠤᠬᠢᠯᠠᠨ ᠮᠥᠷᠭᠥᠵᠦ ᠵᠣᠯᠭᠠᠭᠠᠳ ᠡᠯ᠎ᠡ ᠤᠴᠢᠷ ᠰᠢᠯᠲᠠᠭᠠᠨ ᠢ᠋ᠶ᠋ᠠᠨ ᠳᠡᠯᠭᠡᠷᠡᠩᠭᠦᠶᠡ ᠮᠡᠳᠡᠭᠦᠯᠦᠭᠰᠡᠨ ᠳ᠋ᠦ᠍ᠷ ᠠᠯᠲᠠᠨᠱᠠᠭ᠎ᠠ ᠮᠥᠨ ᠲᠡᠰᠬᠡᠯ ᠦᠭᠡᠢ ᠨᠢᠯᠪᠤᠰᠤᠨ ᠤᠨᠠᠭᠠᠵᠤ ᠢᠳᠡᠷ ᠳᠣᠪᠣ ᠶ᠋ᠢ ᠪᠠᠲᠤ ᠴᠢᠬᠡᠴᠢ ᠭᠡᠮᠡᠨ ᠡᠴᠢᠭᠡ ᠳ᠋ᠡᠭᠡᠨ ᠠᠢᠯᠠᠳᠬᠠᠵᠤ ᠶᠡᠬᠡ ᠴᠡᠷᠢᠭ ᠦ᠋ᠨ ᠲᠥᠪ ᠦ᠋ᠨ ᠵᠠᠩᠵᠤᠨ ᠭᠡᠮᠡᠨ ᠡᠷᠭᠦᠮᠵᠢᠯᠡᠪᠡᠢ ᠃
ᠲᠡᠳᠦᠢ ᠲᠦᠰᠢᠮᠡᠯ ᠲᠠᠷᠬᠠᠵᠤ ᠬᠥᠮᠦᠨ ᠰᠡᠯᠡᠭᠦᠷᠡᠭᠰᠡᠨ ᠴᠠᠭ ᠲᠤᠷ ᠰᠠᠶᠢ ᠬᠡᠷᠡᠢᠳ ᠦ᠋ᠨ ᠰᠣᠯᠤᠩᠭᠤᠸ᠎ᠠ ᠶ᠋ᠢᠨ ᠪᠠᠯᠩ ᠢ᠋ ᠡᠷᠭᠦᠨ ᠪᠠᠷᠢᠵᠤ᠂ ᠳᠠᠷᠤᠢ ᠲᠡᠭᠦᠨ ᠦ᠌ ᠨᠠᠷᠢᠨ ᠨᠢᠭᠲᠠ ᠤᠴᠢᠷ ᠰᠢᠯᠲᠠᠭᠠᠨ ᠪᠠ ᠦᠭᠡ ᠠᠶᠠᠰ ᠤ᠋ᠨ ᠰᠣᠨᠢᠨ ᠰᠡᠪᠡᠭᠦᠨ ᠢ᠋ ᠭᠠᠷᠭᠠᠨ ᠡᠬᠢᠯᠡᠨ ᠮᠡᠳᠡᠭᠦᠯᠵᠦ ᠶᠠᠭᠠᠬᠢᠨ ᠲᠡᠭᠦᠨ ᠢ᠋ ᠨᠢᠭᠡᠨᠲᠡ ᠲᠦᠯᠬᠢᠨ ᠭᠠᠷᠭᠠᠵᠤ ᠠᠯᠠᠮᠤᠢ ᠬᠡᠮᠡᠵᠦ ᠪᠠᠢᠲᠠᠯ᠎ᠠ ᠰᠣᠯᠤᠩᠭᠤᠸ᠎ᠠ ᠬᠦᠷᠴᠦ ᠭᠡᠨᠡᠳᠲᠡ ᠠᠯᠠᠬᠤ ᠶ᠋ᠢ ᠪᠠᠢᠵᠤ ᠲᠠᠯᠪᠢᠭ᠍ᠰᠠᠨ ᠬᠣᠢᠨ᠎ᠠ᠂ ᠫᠤᠯᠭᠤᠳᠠᠢ ᠲᠡᠭᠦᠨ ᠢ᠋ ᠪᠠᠭᠤᠳᠠᠯ ᠳ᠋ᠤᠷ ᠢ᠋ᠶ᠋ᠠᠨ ᠠᠪᠴᠤ ᠶᠠᠪᠤᠬᠤᠶ᠎ᠠ ᠵᠠᠮ ᠳ᠋ᠤᠷ ᠲᠡᠷᠡ ᠰᠣᠯᠤᠩᠭᠤᠸ᠎ᠠ ᠶ᠋ᠢᠨ ᠬᠡᠷᠬᠢᠨ ᠳᠠᠭᠤᠯᠠᠵᠤ ᠶᠠᠪᠤᠬᠤᠢ ᠳ᠋ᠤᠷ ᠤᠴᠠᠷᠠᠭᠰᠠᠨ᠎ᠠ ᠪᠠᠰᠠ ᠲᠡᠷᠡ ᠰᠣᠯᠤᠩᠭᠤᠸ᠎ᠠ ᠮᠣᠷᠢᠨ ᠤ᠋ ᠵᠢᠯᠣᠭᠣ ᠪᠠᠷ ᠤᠷᠤᠭᠤᠯ ᠢ᠋ᠶ᠋ᠠᠨ ᠬᠠᠯᠠᠠᠯᠠᠵᠤ᠂ ᠭᠠᠷ ᠲᠤᠷ ᠬᠢᠭᠰᠡᠨ ᠠᠯᠲᠠᠨ ᠡᠷᠡᠬᠡᠢᠪᠴᠢ ᠪᠠ ᠰᠠᠭᠠᠳᠠᠭ ᠲᠤᠷ ᠮᠤᠬᠤᠷ ᠰᠤᠮᠤ ᠶ᠋ᠢ ᠪᠠᠷᠢᠵᠤ᠂ ᠲᠡᠭᠦᠨ ᠦ᠌ ᠵᠦᠭ ᠶᠠᠮᠪᠠᠷ ᠶᠠᠮᠪᠠᠷ ᠦᠭᠡ ᠬᠡᠯᠡᠭᠰᠡᠨ᠂ ᠳᠠᠭᠠᠯᠳᠤᠭ᠎ᠠ ᠴᠢᠷᠠᠢ ᠪᠠᠨ ᠬᠠᠯᠬᠠᠯᠠᠨ ᠳᠣᠪᠲᠣᠯᠤᠨ ᠡᠭᠡᠭᠡᠳ ᠡᠨᠡ ᠬᠠᠪᠲᠠᠭ᠎ᠠ ᠪᠠ ᠮᠥᠩᠭᠥ ᠶ᠋ᠢ ᠥᠭᠭᠦᠭᠰᠡᠨ ᠢ᠋ ᠡᠬᠢᠨ ᠡᠴᠡ ᠨᠠᠷᠢᠪᠴᠢᠯᠠᠨ ᠦᠭᠡ ᠪᠠᠳᠠᠭ ᠢ᠋ ᠠᠯᠳᠠᠯ ᠦᠭᠡᠢ ᠨᠢᠭᠡᠨ ᠵᠡᠷᠭᠡ ᠪᠦᠷᠢᠳᠬᠡᠨ ᠮᠡᠳᠡᠭᠦᠯᠬᠦᠢ ᠳ᠋ᠦ᠍ᠷ ᠠᠯᠲᠠᠨᠱᠠᠭ᠎ᠠ ᠭᠠᠭᠴᠠ ᠦᠭᠡ ᠶ᠋ᠢ ᠴᠢᠩᠨᠠᠨ ᠬᠠᠪᠲᠠᠭ᠎ᠠ ᠶ᠋ᠢ ᠭᠠᠷ ᠢ᠋ᠶ᠋ᠠᠷ ᠬᠥᠩᠭᠡᠨ ᠪᠠᠷᠢᠵᠤ ᠴᠢᠩᠨᠠᠭᠰᠠᠭᠠᠷ ᠡᠬᠢᠨ ᠦ᠌ ᠦᠶ᠎ᠡ ᠳ᠋ᠦ᠍ᠷ ᠰᠣᠯᠤᠩᠭᠤᠸ᠎ᠠ ᠶ᠋ᠢᠨ ᠢᠷᠡᠵᠦ ᠠᠬ᠎ᠠ ᠠ᠋ᠴᠠ ᠪᠠᠨ ᠢᠳᠡᠷ ᠳᠣᠪᠣ ᠶ᠋ᠢ ᠭᠤᠶᠤᠵᠤ ᠲᠠᠯᠪᠢᠭᠤᠯᠤᠭᠰᠠᠨ ᠳ᠋ᠤᠷ ᠬᠦᠷᠴᠦ ᠳᠠᠷᠤᠢ ᠪᠠᠶᠠᠷᠯᠠᠨ ᠡᠭᠦᠰᠬᠡᠵᠦ ᠂ ᠳᠤᠮᠳᠠᠳᠤ ᠳ᠋ᠤᠷ ᠰᠣᠯᠤᠩᠭᠤᠸ᠎ᠠ ᠶ᠋ᠢᠨ ᠮᠣᠷᠢᠨ ᠤ᠋ ᠳᠡᠭᠡᠷ᠎ᠡ ᠵᠢᠯᠣᠭᠣ ᠪᠠᠷ ᠠᠮᠠ ᠪᠠᠨ ᠬᠠᠯᠠᠠᠯᠠᠵᠤ ᠰᠤᠮᠤ ᠪᠠ ᠡᠷᠡᠬᠡᠢᠪᠴᠢ ᠶ᠋ᠢ ᠪᠠᠷᠢᠵᠤ ᠢᠰᠪᠡᠯᠵᠡᠬᠦ ᠴᠢᠷᠠᠢ ᠪᠠᠷ ᠲᠡᠳᠡᠭᠡᠷ ᠦᠭᠡ ᠶ᠋ᠢ ᠬᠡᠯᠡᠭᠰᠡᠨ ᠦᠶ᠎ᠡ ᠳ᠋ᠦ᠍ᠷ ᠬᠦᠷᠴᠦ ᠳᠣᠲᠣᠷ᠎ᠠ ᠶᠡᠬᠡᠯ᠎ᠡ ᠬᠥᠪᠬᠡᠯᠵᠡᠨ ᠤᠶᠠᠷᠠᠵᠤ ᠪᠠᠰᠠ ᠰᠡᠭᠦᠯ ᠳ᠋ᠦ᠍ᠷ ᠫᠤᠯᠭᠤᠳᠠᠢ ᠮᠠᠩᠨᠤᠭ ᠬᠠᠪᠲᠠᠭ᠎ᠠ ᠪᠠ ᠪᠠᠭᠴᠠᠲᠤ ᠮᠥᠩᠭᠥ ᠶ᠋ᠢ ᠠᠪᠴᠢᠷᠠᠵᠤ ᠬᠠᠪᠲᠠᠭ᠎ᠠ ᠶ᠋ᠢ ᠡᠭᠡᠭᠦᠯᠦᠮᠦᠢ ᠬᠡᠮᠡᠵᠦ ᠲᠡᠭᠦᠨ ᠦ᠌ ᠡᠩᠭᠡᠷ ᠲᠣᠷ ᠵᠡᠭᠦᠯᠭᠡᠭᠰᠡᠨ ᠳ᠋ᠦ᠍ᠷ ᠬᠦᠷᠴᠦ ᠳᠣᠲᠣᠷ᠎ᠠ ᠰᠢᠷᠴᠢᠭᠢᠨᠡᠨ ᠭᠠᠰᠠᠯᠵᠤ ᠳᠣᠲᠣᠷ᠎ᠠ ᠪᠠᠨ ᠰᠡᠳᠬᠢᠷᠦᠨ :《ᠡᠨᠡ ᠰᠣᠯᠣᠩᠭᠤᠸ᠎ᠠ ᠯᠠᠪ ᠥᠴᠦᠬᠡᠨ ᠥᠬᠢᠳ ᠦ᠋ᠨ ᠢᠴᠢᠮᠡᠲᠡᠭᠡᠢ ᠳᠦᠷᠢᠮ ᠢ᠋ ᠭᠠᠷᠭᠠᠵᠤ ᠡᠷᠡᠬᠡᠢᠪᠴᠢ ᠪᠠ ᠤᠩᠭᠠᠷᠢᠯ ᠤᠲᠠᠰᠤ ᠶ᠋ᠢ ᠡᠭᠡᠭᠦᠯᠦᠨ ᠢᠯᠡᠭᠡᠪᠡᠢ ᠶᠠ ᠬᠡᠮᠡᠵᠦ ᠰᠠᠨᠠᠷᠤᠨ: ᠠᠶ᠎ᠠ ᠲᠡᠷᠡ ᠪᠠᠢᠯᠳᠤᠭᠠᠨ᠎ᠠ ᠲᠡᠭᠦᠨ ᠦ᠌ ᠪᠡᠶ᠎ᠡ ᠲᠡᠷᠢᠭᠦᠨ ᠡᠭᠡᠵᠦ᠂ ᠲᠡᠭᠦᠨ ᠦ᠌ ᠬᠡᠳᠦᠨ ᠨᠢᠯᠪᠤᠰᠤᠨ ᠤᠨᠠᠭᠠᠵᠤ ᠠᠮᠠ ᠠᠯᠳᠠᠵᠤ᠂ ᠲᠡᠭᠦᠨ ᠦ᠌ ᠰᠤᠮᠤ ᠶ᠋ᠢ ᠰᠠᠭᠠᠳᠠᠭ ᠲᠤᠷ ᠲᠥᠷᠥᠭᠰᠡᠨ ᠢ᠋ ᠦᠵᠡᠬᠦᠯ᠎ᠡ ᠡᠨᠡ ᠡᠳᠦᠷ ᠡᠨᠡ ᠮᠡᠲᠦ ᠨᠠᠢᠷ ᠢ᠋ ᠦᠲᠡᠭᠡᠷᠬᠦ ᠬᠥᠮᠦᠨ ᠪᠤᠰᠤ ᠮᠡᠲᠦ ᠪᠢᠯᠡ᠃ 》 ᠭᠡᠮᠡᠨ ᠬᠠᠪᠲᠠᠭ᠎ᠠ ᠶ᠋ᠢ ᠪᠠᠷᠢᠵᠤ ᠳᠣᠲᠣᠷ᠎ᠠ ᠪᠠᠨ ᠤᠷᠪᠠᠭᠤᠯᠤᠨ ᠬᠥᠷᠪᠡᠭᠦᠯᠦᠨ ᠪᠣᠳᠣᠵᠤ ᠠᠶᠤᠮᠰᠢᠭ᠋ ᠦᠭᠡᠢ ᠪᠠᠰᠠ ᠬᠠᠪᠲᠠᠭ᠎ᠠ ᠶ᠋ᠢ ᠬᠠᠨᠵᠠᠯᠤᠨ ᠦᠵᠡᠬᠦ ᠦᠭᠡᠢ ᠪᠣᠯᠤᠭᠠᠳ ᠪᠠᠰᠠ ᠬᠠᠪᠲᠠᠭ᠎ᠠ ᠶ᠋ᠢ ᠳᠠᠬᠢᠨ ᠳᠠᠬᠢᠨ ᠤᠷᠪᠠᠭᠤᠯᠤᠨ ᠬᠥᠷᠪᠡᠭᠦᠯᠦᠨ ᠦᠵᠡᠪᠡᠰᠦ ᠲᠣᠪ ᠲᠣᠳᠣᠷᠬᠠᠢ ᠲᠡᠭᠦᠨ ᠦ᠌ ᠢᠯᠡᠭᠡᠭᠰᠡᠨ ᠬᠠᠪᠲᠠᠭ᠎ᠠ ᠮᠥᠨ ᠂ ᠭᠠᠭᠴᠠ ᠪᠠᠬᠠᠨ ᠭᠬᠢᠷᠲᠦᠵᠦᠬᠦᠢ᠃ ᠬᠦᠨᠳᠦ ᠬᠥᠩᠭᠡᠨ ᠮᠥᠨ ᠪᠠᠷᠤᠭᠲᠠᠢ ᠲᠤᠯᠠ ᠳᠣᠲᠣᠷ᠎ᠠ ᠶᠡᠬᠡᠯ᠎ᠡ ᠠᠮᠤᠷ ᠦᠭᠡᠢ ᠪᠣᠯᠵᠤ ᠪᠠᠰᠠ ᠲᠡᠷᠡ ᠬᠠᠪᠲᠠᠭ᠎ᠠ ᠶ᠋ᠢ ᠴᠢᠩᠳᠠ ᠠᠳᠬᠠᠳ ᠦᠵᠡᠵᠦ ᠴᠢᠳᠠᠬᠤ ᠦᠭᠡᠢ᠂ ᠬᠡᠷᠪᠡ ᠤᠭ ᠡᠷᠭᠡᠢᠪᠴᠢ ᠶ᠋ᠢ ᠡᠭᠡᠭᠦᠯᠦᠨ ᠢᠯᠡᠭᠡᠭᠰᠡᠨ ᠪᠣᠯᠪᠠᠰᠤ ᠨᠢᠭᠡᠮᠦᠰᠦᠨ ᠠᠮᠲᠠᠨ ᠠᠯᠳᠠᠷᠠᠬᠤ ᠠ᠋ᠴᠠ ᠠᠶᠤᠵᠤ ᠭᠠᠷ ᠲᠤᠷ ᠢ᠋ᠶ᠋ᠠᠨ ᠬᠥᠩᠭᠡᠬᠡᠨ ᠪᠠᠷᠢᠵᠤ᠂ ᠭᠠᠭᠴᠠ ᠢᠳᠡᠷ ᠳᠣᠪᠣ ᠠ᠋ᠴᠠ ᠰᠣᠯᠤᠩᠭᠤᠸ᠎ᠠ ᠶ᠋ᠢᠨ ᠦᠭᠡ ᠶ᠋ᠢ ᠳᠠᠬᠢᠨ ᠳᠠᠪᠲᠠᠨ ᠠᠰᠠᠭᠤᠬᠤᠢ ᠳ᠋ᠤᠷ ᠢᠳᠡᠷ ᠳᠣᠪᠣ ᠴᠢᠬᠤᠯᠳᠠᠨ ᠮᠡᠳᠡᠭᠦᠯᠦᠷᠦᠨ : 《ᠪᠠᠭ᠎ᠠ ᠡᠵᠡᠨ ᠳᠤᠭᠤᠢ ᠬᠠᠪᠲᠠᠭ᠎ᠠ ᠶ᠋ᠢ ᠬᠠᠨᠵᠠᠯᠵᠤ ᠦᠵᠡᠲᠦᠭᠡᠢ᠂ ᠲᠡᠳᠡ ᠬᠡᠯᠡᠬᠦᠢ ᠳ᠋ᠦ᠍ᠷ ᠤᠭ ᠪᠡᠯᠡᠭ ᠢ᠋ ᠡᠭᠡᠭᠦᠯᠦᠨ ᠠᠪᠠᠴᠢ ᠭᠡᠮᠡᠨ ᠬᠡᠯᠡᠭᠰᠡᠨ ᠪᠣᠯᠪᠠᠴᠤ ᠯᠠᠪ ᠥᠪᠡᠷ᠎ᠡ ᠶᠠᠭᠤᠮ᠎ᠠ᠂ ᠲᠡᠷᠡ ᠬᠡᠷᠪᠡ ᠡᠭᠡᠭᠦᠯᠦᠨ ᠢᠯᠡᠭᠡᠬᠦ ᠪᠥᠭᠡᠰᠦ ᠭᠠᠷ ᠲᠤᠷ ᠵᠡᠭᠦᠵᠦ ᠨᠠᠳᠠ ᠳ᠋ᠤᠷ ᠦᠵᠡᠭᠦᠯᠬᠦ ᠶᠣᠰᠣ ᠪᠣᠢ ᠤᠤ ? ᠬᠡᠷᠪᠡ ᠡᠷᠡᠬᠡᠢᠪᠴᠢ ᠶ᠋ᠢ ᠡᠭᠡᠭᠦᠯᠬᠦᠢ ᠳ᠋ᠦ᠍ᠷ ᠬᠦᠷᠪᠡᠰᠦ᠂ ᠰᠤᠮᠤ ᠶ᠋ᠢ ᠮᠥᠨ ᠢᠯᠡᠭᠡᠬᠦ ᠬᠡᠷᠡᠭᠲᠡᠢ ᠪᠣᠯᠠᠢ᠃ ᠪᠠᠭ᠎ᠠ ᠡᠵᠡᠨ ᠣᠯᠠᠨ ᠰᠡᠵᠢᠭ ᠲᠥᠷᠥᠬᠦ ᠬᠡᠷᠡᠭ ᠦᠭᠡᠢ ! 》 ᠭᠡᠮᠡᠨ ᠰᠣᠯᠤᠩᠭᠤᠸ᠎ᠠ ᠶ᠋ᠢᠨ ᠦᠭᠡᠰ ᠢ᠋ ᠲᠣᠯᠣᠭᠠᠢ ᠬᠣᠯᠪᠣᠨ ᠨᠢᠭᠡᠨ ᠵᠡᠷᠭᠡ ᠬᠡᠯᠡᠭᠰᠡᠨ ᠳ᠋ᠦ᠍ᠷ ᠠᠯᠲᠠᠨᠱᠠᠭ᠎ᠠ ᠪᠠᠰᠠ ᠯᠠᠪᠯᠠᠨ ᠠᠰᠠᠭᠤᠷᠤᠨ : 《 ᠲᠡᠷᠡ ᠦᠨᠡᠬᠡᠷ ᠡᠢᠨ ᠬᠦ᠌ ᠥᠭᠦᠯᠡᠪᠡᠦ ? 》ᠢᠳᠡᠷ ᠳᠣᠪᠣ ᠨᠡᠩ ᠴᠢᠬᠤᠯᠳᠠᠵᠤ ᠮᠡᠳᠡᠭᠦᠯᠦᠷᠦᠨ : 《 ᠪᠣᠭᠣᠯ ᠴᠢᠨᠦ ᠪᠢ ᠭᠤᠷᠪᠠᠨ ᠤᠳᠠᠭ᠎ᠠ ᠶ᠋ᠢᠨ ᠠᠯᠠᠭᠳᠠᠯ ᠳ᠋ᠤᠷ ᠦᠭᠡ ᠡᠰᠡ ᠰᠢᠯᠵᠢᠭᠡᠳ ᠡᠳᠦᠢᠬᠡᠨ ᠶᠠᠪᠤᠳᠠᠯ ᠳ᠋ᠤᠷ ᠦᠭᠡᠰ ᠢ᠋ ᠴᠢᠮᠡᠭᠯᠡᠬᠦ ᠶᠣᠰᠣ ᠪᠣᠢ ᠤᠤ ? 》 ᠠᠯᠲᠠᠨᠱᠠᠭ᠎ᠠ ᠥᠭᠦᠯᠡᠷᠦᠨ: 《 ᠠ ᠭᠡᠨ᠎ᠡ ᠲᠡᠷᠡ ᠦᠭᠡ ᠶ᠋ᠢ ᠨᠢᠭᠡᠨᠲᠡ ᠡᠨᠳᠡ ᠲᠤᠯᠲᠠᠯ᠎ᠠ ᠬᠡᠯᠡᠪᠡᠰᠦ ᠠᠷᠠᠬᠠᠨ ᠮᠢᠨᠦ ᠪᠡᠯᠡᠭ ᠢ᠋ ᠡᠭᠡᠭᠦᠯᠦᠨᠡᠮ ?》 ᠬᠡᠮᠡᠵᠦ ᠬᠥᠮᠥᠰᠬᠡ ᠠᠲᠤᠷᠢᠨ ᠲᠣᠯᠣᠭᠠᠢ ᠰᠠᠵᠢᠯᠬᠢᠯᠠᠨ ᠪᠣᠳᠣᠬᠤᠶ᠎ᠠ ᠢᠳᠡᠷ ᠳᠣᠪᠣ ᠲᠡᠰᠬᠦ ᠠᠯᠳᠠᠷᠠᠨ ᠭᠠᠷ ᠢ᠋ᠶ᠋ᠠᠨ ᠨᠤᠭᠤᠯᠬᠢᠯᠠᠨ ᠮᠡᠳᠡᠭᠦᠯᠦᠷᠦᠨ : 《ᠲᠡᠷᠡ ᠬᠡᠷᠬᠢᠪᠡᠴᠦ ᠡᠷᠡᠬᠡᠢᠪᠴᠢ ᠪᠤᠰᠤ ! 》 ᠬᠡᠮᠡᠬᠦᠢ ᠳ᠋ᠦ᠍ᠷ ᠠᠯᠲᠠᠨᠱᠠᠭ᠎ᠠ ᠲᠡᠷᠡ ᠬᠠᠪᠲᠠᠭ᠎ᠠ ᠶ᠋ᠢ ᠭᠠᠷ ᠳᠡᠭᠡᠷ᠎ᠡ ᠪᠡᠨ ᠲᠠᠯᠪᠢᠵᠤ᠂ ᠲᠡᠭᠦᠨ ᠦ᠌ ᠬᠦᠨᠳᠦ ᠬᠥᠩᠭᠡᠨ ᠢ᠋ ᠢᠨᠦ ᠴᠢᠨᠠᠷᠯᠠᠨ ᠦᠵᠡᠪᠡᠰᠦ ᠬᠦᠨᠳᠦ ᠮᠥᠨ ᠪᠠᠷᠤᠭᠲᠠᠢ ᠳ᠋ᠤᠷ ᠪᠠᠰᠠ ᠰᠡᠵᠢᠭᠯᠡᠨ ᠬᠠᠨᠵᠠᠯᠵᠤ ᠦᠵᠡᠬᠦ ᠦᠭᠡᠢ ᠳ᠋ᠦ᠍ᠷ ᠢᠳᠡᠷ ᠳᠣᠪᠣ ᠮᠠᠰᠢᠳᠠ ᠪᠢᠴᠢᠮᠳᠡᠵᠦ ᠰᠢᠪᠠᠳᠠᠨ ᠥᠴᠢᠷᠦᠨ: 《ᠪᠠᠭ᠎ᠠ ᠡᠵᠡᠨ ᠲᠦᠷᠭᠡᠨ᠎ᠡ ᠬᠠᠨᠵᠠᠯᠵᠤ ᠦᠵᠡ᠂ ᠪᠣᠭᠣᠯ ᠪᠢ ᠪᠠᠰᠠ ᠨᠢᠭᠡᠨ ᠵᠠᠮ ᠡᠩᠭᠡᠷ ᠡᠴᠡ ᠭᠠᠨᠵᠤᠭᠠᠯᠠᠵᠤ ᠪᠣᠳᠣᠵᠤ ᠵᠣᠪᠠᠭᠰᠠᠨ ᠲᠤᠯᠠ ᠲᠦᠷᠭᠡᠨ ᠦᠵᠡᠭᠡᠳ ᠰᠡᠳᠬᠢᠯ ᠠᠮᠠᠷᠠᠰᠤᠭᠠᠢ᠂ ᠲᠡᠷᠡ ᠮᠡᠲᠦ ᠲᠡᠭᠷᠢ ᠶ᠋ᠢᠨ ᠥᠬᠢᠨ ᠮᠡᠲᠦ ᠰᠠᠢᠬᠠᠨ ᠬᠥᠮᠦᠨ᠂ ᠪᠠᠭ᠎ᠠ ᠡᠵᠡᠨ ᠳ᠋ᠦ᠍ᠷ ᠶᠠᠭᠤᠨ ᠢᠯᠡᠭᠡᠭᠰᠡᠨ ᠪᠣᠯᠪᠠ ? ᠪᠠᠭ᠎ᠠ ᠡᠵᠡᠨ ᠡᠷ᠎ᠡ ᠬᠥᠮᠦᠨ ᠲᠤᠯᠠ ᠲᠡᠭᠦᠨ ᠳ᠋ᠦ᠍ᠷ ᠶᠠᠭᠤᠨ ᠢᠯᠡᠭᠡᠭᠰᠡᠨ ᠪᠣᠯᠪᠠᠴᠤ ᠴᠥᠮ ᠭᠠᠢ ᠦᠭᠡᠢ᠂ ᠲᠡᠷᠡ ᠥᠬᠢᠨ ᠬᠥᠮᠦᠨ ᠣᠳᠣ ᠶᠠᠭᠠᠬᠢᠨ ᠬᠠᠷᠢᠭᠤ ᠶᠠᠭᠤᠨ ᠢᠯᠡᠭᠡᠬᠦ ᠶ᠋ᠢ ᠦᠵᠡᠰᠦᠭᠡᠢ !》 ᠭᠡᠮᠡᠨ ᠰᠢᠪᠠᠳᠠᠬᠤᠢ ᠳ᠋ᠤᠷ᠂ ᠠᠯᠲᠠᠨᠱᠠᠭ᠎ᠠ ᠠᠷᠭ᠎ᠠ ᠦᠭᠡᠢ ᠪᠢᠴᠢᠬᠠᠨ ᠬᠠᠢᠴᠢ ᠪᠠᠷᠢᠵᠤ᠂ ᠬᠠᠪᠲᠠᠭ᠎ᠠ ᠶ᠋ᠢᠨ ᠠᠮᠠᠰᠠᠷ ᠢ᠋ ᠥᠪᠡᠷ ᠦ᠋ᠨ ᠭᠠᠷ ᠢ᠋ᠶ᠋ᠠᠷ ᠬᠠᠨᠵᠠᠯᠵᠤ᠂ ᠳᠣᠲᠣᠷᠠᠬᠢ ᠪᠠᠭᠯᠠᠭ᠎ᠠ ᠶ᠋ᠢ ᠭᠠᠷᠭᠠᠵᠤ ᠦᠵᠡᠭᠡᠳ ᠤᠭ ᠡᠷᠡᠬᠡᠢᠪᠴᠢ ᠶ᠋ᠢ ᠪᠠᠭᠯᠠᠭᠰᠠᠨ ᠰᠣᠯᠭᠣ ᠴᠠᠭᠠᠰᠤ ᠲᠤᠯᠠ ᠶᠡᠬᠡᠯ᠎ᠡ ᠬᠢᠷᠳ᠋ᠬᠢᠨ ᠶᠠᠭᠠᠷᠠᠨ ᠬᠣᠶᠠᠷ ᠳᠠᠪᠬᠤᠷ ᠢ᠋ ᠳᠡᠯᠭᠡᠵᠦ ᠦᠵᠡᠪᠡᠰᠦ᠂ ᠳᠣᠲᠣᠷ᠎ᠠ ᠠᠨᠤ ᠲᠠᠪᠤᠨ ᠥᠩᠭᠡ ᠶ᠋ᠢᠨ ᠡᠷᠢᠶᠡᠨ ᠯᠠᠳ ᠢ᠋ᠶ᠋ᠠᠷ ᠪᠠᠭᠯᠠᠭᠰᠠᠨ ᠨᠢᠭᠡᠨ ᠪᠣᠭᠣᠳᠠᠯ ᠭᠠᠷᠴᠤ ᠢᠷᠡᠭᠰᠡᠨ ᠳ᠋ᠦ᠍ᠷ ᠪᠠᠰᠠ ᠠᠯᠠᠰᠬᠢᠨ ᠪᠠᠶᠠᠷᠯᠠᠵᠤ ᠰᠠᠨᠠᠷᠤᠨ : ᠤᠷᠢᠳᠤ ᠤᠳᠠᠭ᠎ᠠ ᠮᠢᠨᠦ ᠢᠯᠡᠭᠡᠭᠰᠡᠨ ᠳ᠋ᠦ᠍ᠷ ᠡᠢᠮᠦ ᠯᠠᠳ ᠦᠭᠡᠢ ᠪᠥᠯᠥᠭᠡ᠂ ᠯᠠᠪ ᠥᠪᠡᠷ᠎ᠡ ᠶᠠᠭᠤᠮ᠎ᠠ ᠪᠣᠢ ᠶᠠ ᠬᠡᠮᠡᠵᠦ ᠲᠡᠷᠡ ᠲᠠᠪᠤᠨ ᠥᠩᠭᠡ ᠶ᠋ᠢᠨ ᠪᠠᠭᠯᠠᠭ᠎ᠠ ᠶ᠋ᠢ ᠨᠡᠭᠡᠭᠡᠪᠡᠰᠦ ᠳᠣᠲᠣᠷ᠎ᠠ ᠠᠨᠤ ᠴᠢᠰᠤᠨ ᠮᠡᠲᠦ ᠰᠢᠨ᠎ᠡ ᠤᠯᠠᠭᠠᠨ ᠭᠬᠢᠪ ᠢ᠋ᠶ᠋ᠡᠷ ᠪᠠᠭᠯᠠᠭᠰᠠᠨ ᠪᠣᠭᠣᠳᠠᠯ ᠤ᠋ᠨ ᠳᠣᠲᠣᠷ᠎ᠠ ᠠ᠋ᠴᠠ ᠨᠢᠭᠡᠨ ᠶᠠᠭᠤᠮ᠎ᠠ ᠭᠠᠷᠴᠤ ᠢᠷᠡᠪᠡ᠂ ᠠᠯᠲᠠᠨᠱᠠᠭ᠎ᠠ ᠢᠳᠡᠷ ᠳᠣᠪᠣ ᠬᠣᠶᠠᠭᠤᠯᠠ ᠦᠵᠡᠪᠡᠰᠦ ᠶᠠᠭᠤᠨ ᠤ᠋ ᠠᠯᠲᠠᠨ ᠡᠷᠡᠬᠡᠢᠪᠴᠢ ᠪᠣᠢ ! ᠦᠵᠡᠰᠡ ᠲᠠᠪᠤᠨ ᠥᠩᠭᠡ ᠶ᠋ᠢᠨ ᠤᠩᠭᠠᠷᠢᠯ ᠤᠲᠠᠰᠤᠨ ᠢ᠋ᠶ᠋ᠠᠷ ᠨᠢᠭᠡᠨ ᠪᠢᠴᠢᠬᠠᠨ ᠨᠣᠮᠣᠨ ᠤ᠋ ᠬᠥᠪᠴᠢ ᠬᠢᠵᠦ᠂ ᠳᠡᠭᠡᠷ᠎ᠡ ᠢᠨᠦ ᠨᠢᠭᠡᠨ ᠵᠠᠭᠤᠨ ᠨᠠᠢ᠍ᠮᠠᠨ ᠮᠥᠬᠥᠯᠢᠭ ᠦ᠋ᠨ ᠴᠠᠭᠠᠨ ᠮᠠᠨᠤᠬᠤ ᠶ᠋ᠢᠨ ᠡᠷᠢᠭᠡ ᠶ᠋ᠢ ᠬᠡᠯᠬᠢᠵᠦᠬᠦᠢ᠃ ᠠᠯᠲᠠᠨᠱᠠᠭ᠎ᠠ ᠪᠠᠰᠠ ᠴᠤ᠌ ᠰᠣᠴᠢᠨ᠂ ᠪᠠᠰᠠ ᠴᠤ᠌ ᠪᠠᠶᠠᠷᠯᠠᠨ ᠨᠢᠭᠡᠨ ᠴᠠᠭ ᠲᠤᠷ ᠲᠡᠭᠦᠨ ᠦ᠌ ᠤᠬᠠᠭᠠᠨ ᠢ᠋ ᠣᠯᠬᠤ ᠦᠭᠡᠢ ᠭᠠᠷ ᠠ᠋ᠴᠠ ᠰᠠᠯᠭᠠᠯ ᠦᠭᠡᠢ ᠤᠷᠪᠠᠭᠤᠯᠤᠨ ᠬᠥᠷᠪᠡᠭᠦᠯᠵᠦ ᠰᠢᠪᠳᠤᠷᠤᠨ ᠳᠡᠯᠭᠡᠵᠦ ᠦᠵᠡᠨ᠂ ᠰᠡᠳᠬᠢᠯ ᠡᠴᠡ ᠬᠠᠭᠠᠴᠠᠯ ᠦᠭᠡᠢ ᠨᠢᠳᠦ ᠠᠨᠢᠨ᠂ ᠬᠥᠮᠥᠰᠬᠡ ᠠᠲᠤᠷᠢᠨ ᠪᠣᠳᠣᠯᠬᠢᠯᠠᠬᠤᠶᠠ ᠢᠳᠡᠷ ᠳᠣᠪᠣ ᠨᠡᠩᠳᠡ ᠪᠢᠲᠡᠭᠦᠷᠡᠨ ᠪᠠᠯᠠᠷᠠᠵᠤ ᠥᠭᠦᠯᠡᠷᠦᠨ: 《 ᠡᠨᠡ ᠶᠠᠮᠪᠠᠷ ᠰᠠᠨᠠᠭᠠᠨ ᠪᠣᠢ ? ᠡᠰᠡᠬᠦᠯ᠎ᠡ ᠮᠠᠨ ᠤ᠋ ᠤᠯᠤᠰ ᠬᠠᠭᠤᠴᠢᠨ ᠯᠢᠶᠣᠤ ᠤᠯᠤᠰ ᠢ᠋ ᠡᠵᠡᠯᠡᠭᠰᠡᠨ ᠲᠤᠯᠠ ᠮᠠᠨ ᠤ᠋ ᠪᠠᠭ᠎ᠠ ᠡᠵᠡᠨ ᠢ᠋ ᠬᠠᠷᠢᠨ ᠯᠢᠶᠣᠤ ᠤᠯᠤᠰ ᠤ᠋ᠨ ᠪᠤᠷᠬᠠᠨ ᠳ᠋ᠤᠷ ᠰᠦᠰᠦᠭᠲᠡᠢ ᠶ᠋ᠢ ᠳᠠᠭᠤᠷᠢᠶᠠᠵᠤ ᠭᠡᠵᠢᠭᠡ ᠪᠡᠨ ᠬᠤᠰᠤᠵᠤ᠂ ᠭᠡᠷ ᠡᠴᠡ ᠭᠠᠷᠴᠤ ᠲᠣᠢᠨ ᠪᠣᠯᠲᠤᠭᠠᠢ ᠬᠡᠮᠡᠭᠰᠡᠨ ᠴᠦ᠍ ᠪᠣᠯᠪᠠᠤ ? 》 ᠬᠡᠮᠡᠭᠰᠡᠨ ᠳ᠋ᠦ᠍ᠷ ᠳᠡᠭᠡᠷ᠎ᠡ ᠳᠣᠣᠷ᠎ᠠ ᠴᠥᠮ ᠢᠨᠢᠶᠡᠯᠴᠡᠬᠦᠶᠡ ᠠᠯᠲᠠᠨᠱᠠᠭ᠎ᠠ ᠭᠡᠨᠡᠳᠲᠡ ᠰᠠᠨᠠᠭᠠᠯᠵᠠᠭᠠᠳ ᠰᠢᠷᠡᠭᠡ ᠶ᠋ᠢ ᠴᠣᠬᠢᠵᠤ ᠭᠦᠶᠦᠨ ᠪᠣᠰᠴᠤ ᠥᠨᠳᠥᠷ ᠳᠠᠭᠤᠨ ᠢ᠋ᠶ᠋ᠠᠷ : 《ᠥ ! ᠮᠡᠳᠡᠪᠡ ! 》 ᠭᠡᠮᠡᠨ ᠶᠡᠬᠡᠯ᠎ᠡ ᠪᠠᠶᠠᠷᠯᠠᠬᠤᠢ ᠳ᠋ᠤᠷ ᠢᠳᠡᠷ ᠳᠣᠪᠣ ᠲᠡᠷᠡ ᠦᠶ᠎ᠡ ᠳ᠋ᠦ᠍ᠷ ᠨᠢᠭᠡᠨ ᠰᠡᠳᠬᠢᠯ ᠢ᠋ᠶ᠋ᠡᠷ ᠲᠡᠷᠡ ᠪᠡᠯᠡᠭ ᠦ᠋ᠨ ᠤᠴᠢᠷ ᠢ᠋ ᠪᠣᠳᠣᠵᠤ ᠮᠠᠨᠠᠷᠠᠵᠤ ᠪᠠᠢᠭᠰᠠᠨ ᠲᠤᠯᠠ ᠠᠯᠲᠠᠨᠰᠠᠭᠠ ᠰᠢᠷᠡᠭᠡᠨ ᠢ᠋ ᠴᠣᠬᠢᠵᠤ ᠳᠠᠭᠤᠳᠠᠭᠰᠠᠨ ᠳ᠋ᠤᠷ ᠶᠡᠬᠡᠯ᠎ᠡ ᠰᠣᠴᠢᠵᠤ ᠥᠷᠪᠥᠯᠵᠡᠨ ᠬᠣᠶᠠᠷ ᠭᠤᠷᠪᠠᠨ ᠠᠯᠴᠠᠮ ᠤᠬᠤᠷᠢᠭ᠍ᠰᠠᠨᠠ ᠂ ᠣᠯᠠᠨ ᠬᠥᠮᠦᠨ ᠶᠡᠬᠡᠯ᠎ᠡ ᠢᠨᠢᠶᠡᠯᠴᠡᠬᠦᠢ ᠳ᠋ᠦ᠍ᠷ ᠢᠳᠡᠷ ᠳᠣᠪᠣ ᠰᠠᠶᠢ ᠠᠭᠠᠵᠢᠭᠤ ᠪᠢ ᠬᠠᠷᠢᠨ ᠮᠠᠰᠢ ᠰᠣᠴᠢᠵᠤᠬᠤᠢ ᠭᠡᠮᠡᠨ ᠪᠠᠰᠠ ᠡᠨᠡ ᠶᠠᠮᠪᠠᠷ ᠰᠠᠨᠠᠭᠠᠨ ᠪᠣᠢ ᠭᠡᠮᠡᠨ ᠰᠤᠷᠭᠠᠬᠤ ᠶ᠋ᠢ ᠭᠤᠶᠤᠬᠤᠢ ᠳ᠋ᠤᠷ ᠠᠯᠲᠠᠨᠱᠠᠭ᠎ᠠ ᠤᠷᠲᠤ ᠰᠡᠭᠦᠷᠡᠰᠦᠨ ᠠᠯᠳᠠᠵᠤ ᠥᠭᠦᠯᠡᠷᠦᠨ: 《ᠠᠶ᠎ᠠ ᠡᠭᠦᠨ ᠦ᠌ ᠰᠠᠨᠠᠭᠠᠨ ᠬᠡᠷᠡᠭᠯᠡᠭᠰᠡᠨ ᠮᠠᠰᠢ ᠭᠦᠨ ᠪᠣᠯᠠᠢ᠂ ᠮᠠᠰᠢ ᠨᠠᠷᠢᠨ ᠪᠥᠭᠡᠳ ᠪᠠᠰᠠ ᠮᠠᠰᠢ ᠤᠷᠠᠨ ᠣᠨᠣᠴᠢᠲᠠᠢ ᠂ ᠪᠠᠰᠠ ᠮᠠᠰᠢ ᠳᠠᠪᠬᠤᠷ ᠲᠣᠪᠴᠢᠶᠠᠲᠠᠢ ᠪᠣᠯᠠᠢ᠃》 ᠢᠳᠡᠷ ᠳᠣᠪᠣ ᠭᠠᠢᠬᠠᠨ ᠥᠭᠦᠯᠡᠷᠦᠨ᠄《ᠲᠡᠷᠡ ᠦᠨᠡᠬᠡᠷ ᠮᠠᠨ ᠤ᠋ ᠪᠠᠭ᠎ᠠ ᠡᠵᠡᠨ ᠢ᠋ ᠲᠣᠢᠨ ᠪᠣᠯᠲᠤᠭᠠᠢ ᠬᠡᠮᠡᠪᠡ ᠬᠡᠮᠡᠬᠦᠯ᠎ᠡ ᠪᠠᠰᠠ ᠲᠡᠷᠡ ᠨᠣᠮᠣᠨ ᠤ᠋ ᠬᠥᠪᠴᠢ ᠪᠡᠷ ᠶᠠᠭᠠᠬᠢᠮᠤᠢ?》 ᠬᠡᠮᠡᠬᠦᠢ ᠳ᠋ᠦ᠍ᠷ ᠠᠯᠲᠠᠨᠱᠠᠭ᠎ᠠ ᠪᠠᠰᠠ ᠰᠡᠭᠦᠷᠡᠰᠦᠨ ᠠᠯᠳᠠᠵᠤ ᠥᠭᠦᠯᠡᠷᠦᠨ: 《ᠠᠶ᠎ᠠ ᠡᠭᠦᠨ ᠦ᠌ ᠰᠠᠨᠠᠭᠠᠨ ᠬᠡᠷᠡᠭᠯᠡᠭᠰᠡᠨ ᠭᠦᠨ ᠪᠣᠯᠠᠢ᠂ ᠬᠣᠯᠠ ᠪᠣᠯᠠᠢ᠂ ᠥᠲᠡᠯ᠎ᠡ ᠠᠷᠠᠳ ᠬᠡᠷᠬᠢᠨ ᠣᠯᠵᠤ ᠲᠥᠰᠥᠭᠡᠯᠡᠮᠦᠢ᠃ ᠮᠢᠨᠦ ᠠᠩᠬ᠎ᠠ ᠤᠳᠠᠭ᠎ᠠ ᠲᠡᠭᠦᠨ ᠳ᠋ᠦ᠍ᠷ ᠢᠯᠡᠭᠡᠭᠰᠡᠨ ᠢᠨᠦ ᠠᠯᠲᠠᠨ ᠡᠷᠡᠬᠡᠢᠪᠴᠢ ᠳ᠋ᠦ᠍ᠷ ᠲᠠᠪᠤᠨ ᠥᠩᠭᠡ ᠶ᠋ᠢᠨ ᠤᠩᠭᠠᠷᠢᠯ ᠤᠲᠠᠰᠤ ᠶ᠋ᠢ ᠤᠶᠠᠵᠤ᠂ ᠳᠥᠷᠪᠡᠨ ᠦᠭᠡᠰ ᠦ᠋ᠨ ᠨᠢᠭᠡᠨ ᠪᠠᠳᠠᠭ ᠦᠭᠡ ᠪᠣᠯᠭᠠᠨ ᠢᠯᠡᠭᠡᠭᠰᠡᠨ ᠢᠨᠦ ᠠᠯᠲᠠᠨ ᠡᠷᠬᠡᠪᠰᠢ ᠰᠣᠯᠤᠩᠭᠤᠸ᠎ᠠ ᠳ᠋ᠤᠷ ᠵᠠᠩᠭᠢᠳᠤᠮᠤᠢ ᠬᠡᠮᠡᠭᠰᠡᠨ ᠪᠥᠯᠥᠭᠡ᠃ ᠡᠭᠦᠨ ᠳ᠋ᠦ᠍ᠷ ᠲᠡᠭᠦᠨ ᠦ᠌ ᠡᠨᠡ ᠤᠳᠠᠭ᠎ᠠ ᠶ᠋ᠢᠨ ᠬᠠᠷᠢᠭᠤ ᠢᠯᠡᠭᠡᠭᠰᠡᠨ ᠡᠨᠡ ᠪᠡᠯᠡᠭ ᠦ᠋ᠨ ᠰᠠᠨᠠᠭᠠᠨ ᠨᠡᠩ ᠭᠦᠨ᠂ ᠨᠡᠩ ᠳᠠᠪᠬᠤᠷ ᠪᠤᠯᠭᠠᠵᠤᠬᠠᠢ᠃ ᠲᠣᠪᠴᠢᠯᠠᠨ ᠲᠠᠢᠯᠪᠠᠰᠤ ᠮᠥᠨ ᠬᠦ᠌ ᠳᠥᠷᠪᠡᠨ ᠦᠰᠦᠭ ᠦ᠋ᠨ ᠨᠢᠭᠡᠨ ᠪᠠᠳᠠᠭ ᠦᠭᠡ ᠪᠣᠯᠤᠮᠤᠢ᠃ ᠶᠠᠮᠪᠠᠷ ᠦᠭᠡ ᠪᠣᠯᠤᠮᠤᠢ ? ᠬᠡᠮᠡᠪᠡᠰᠦ : ᠮᠢᠨᠦ ᠨᠠᠷᠢᠪᠴᠢᠯᠠᠨ ᠲᠠᠢᠯᠬᠤ ᠶ᠋ᠢ ᠬᠢᠨᠠᠨ ᠰᠣᠨᠣᠰ: ᠡᠨᠡ ᠲᠠᠪᠤᠨ ᠥᠩᠭᠡ ᠶ᠋ᠢᠨ ᠤᠩᠭᠠᠷᠢᠯ ᠢ᠋ᠶ᠋ᠡᠷ ᠨᠣᠮᠣᠨ ᠤ᠋ ᠬᠥᠪᠴᠢ ᠬᠢᠭᠰᠡᠨ ᠢᠨᠦ ᠲᠠᠪᠤᠨ ᠥᠩᠭᠡ ᠬᠡᠮᠡᠭᠴᠢ ᠰᠣᠯᠣᠩᠭ᠎ᠠ᠂ ᠰᠣᠯᠣᠩᠭ᠎ᠠ ᠬᠡᠮᠡᠭᠴᠢ ᠲᠡᠭᠦᠨ ᠦ᠌ ᠨᠡᠷ᠎ᠡ ᠪᠤᠰᠤ ᠤᠤ ? ᠵᠢᠴᠢ ᠲᠡᠭᠦᠨ ᠦ᠌ ᠳᠡᠭᠡᠷ᠎ᠡ ᠮᠠᠨᠤᠬᠤ ᠡᠷᠳᠡᠨᠢ ᠶ᠋ᠢᠨ ᠡᠷᠢᠭᠡ ᠶ᠋ᠢᠨ ᠮᠥᠬᠥᠯᠢᠭ ᠢ᠋ ᠬᠡᠯᠬᠢᠭᠰᠡᠨ ᠢᠨᠦ᠂ ᠮᠠᠨᠤᠬᠤ ᠬᠡᠮᠡᠭᠴᠢ ᠶ᠋ᠢ ᠲᠠᠷᠰᠢᠭᠤᠯᠤᠨ ᠬᠡᠯᠡᠪᠡᠰᠦ ᠲᠠᠨ ᠤ᠋ ᠮᠠᠨ ᠤ᠋ ᠬᠡᠮᠡᠬᠦ ᠦᠭᠡ ᠪᠣᠯᠬᠤ ᠦᠭᠡᠢ ᠦᠦ ? ᠪᠠᠰᠠ ᠡᠷᠢᠭᠡ ᠶ᠋ᠢ ᠬᠡᠯᠬᠢᠭᠰᠡᠨ ᠢᠨᠦ ᠲᠠᠷᠰᠢᠭᠤᠯᠤᠨ ᠬᠡᠯᠡᠪᠡᠰᠦ ᠡᠷᠬᠡ ᠳᠤᠷ᠎ᠠ ᠶ᠋ᠢᠨ ᠡᠷᠬᠡ ᠬᠡᠮᠡᠬᠦ ᠦᠭᠡᠰ ᠪᠣᠯᠬᠤ ᠪᠤᠰᠤ ᠤᠤ ! ᠲᠡᠢᠨ ᠪᠦᠬᠦᠨ ᠨᠣᠮᠣᠨ ᠤ᠋ ᠬᠥᠪᠴᠢ ᠳ᠋ᠦ᠍ᠷ ᠬᠡᠯᠬᠢᠭᠰᠡᠨ ᠲᠤᠯᠠ ᠬᠣᠶᠠᠷ ᠦᠵᠦᠭᠦᠷ ᠨᠡᠢᠯᠡᠬᠦ ᠦᠭᠡᠢ ᠶ᠋ᠢᠨ ᠣᠴᠢᠷ᠎ᠠ᠂ ᠡᠷᠬᠡ ᠬᠡᠮᠡᠪᠡᠰᠦ ᠡᠷᠬᠡ ᠪᠤᠰᠤ ᠲᠤᠯᠠᠳᠠ ᠡᠨᠡ ᠳᠥᠷᠪᠡᠨ ᠦᠰᠦᠭ ᠢ᠋ ᠨᠡᠢᠯᠡᠭᠦᠯᠦᠨ ᠤᠩᠰᠢᠪᠠᠰᠤ < ᠰᠣᠯᠣᠩᠭ᠎ᠠ ᠮᠢᠨᠦ ᠡᠷᠬᠡ ᠪᠤᠰᠤ > ᠬᠡᠮᠡᠭᠰᠡᠨ ᠦᠭᠡᠰ ᠪᠣᠯᠬᠤ ᠦᠭᠡᠢ ᠦᠦ ? ᠠᠶ᠎ᠠ ᠬᠠᠢᠷᠠᠬᠠᠨ ᠴᠢ ᠪᠡᠷ ᠶᠠᠭᠠᠬᠢᠨ ᠭᠡᠷᠡᠢ᠍ᠢ᠌ᠳ ᠤᠯᠤᠰ ᠤ᠋ᠨ ᠲᠡᠢᠮᠦ ᠡᠴᠢᠭᠡ ᠡᠴᠡ ᠲᠥᠷᠥᠵᠦ᠂ ᠲᠡᠢᠮᠦ ᠠᠬ᠎ᠠ ᠯᠤᠭ᠎ᠠ ᠡᠭᠦᠰᠪᠡ ? ᠨᠡᠩ ᠡᠨᠡ ᠨᠣᠮᠣᠨ ᠤ᠋ ᠬᠥᠪᠴᠢ ᠶ᠋ᠢᠨ ᠶᠠᠩᠵᠤ ᠪᠠᠷ ᠬᠢᠭᠰᠡᠨ ᠰᠠᠨᠠᠭᠠᠨ ᠨᠡᠩ ᠳᠠᠪᠬᠤᠷ᠂ ᠨᠡᠩ ᠨᠠᠷᠢᠨ ᠨᠤᠮᠤ ᠶ᠋ᠢᠨ ᠬᠥᠪᠴᠢ ᠰᠤᠮᠤ ᠶ᠋ᠢ ᠳᠠᠢᠷᠤᠨ ᠭᠠᠷᠭᠠᠬᠤ ᠠᠨᠤ ᠡᠭᠡᠨᠡᠭᠲᠡ ᠨᠣᠮᠣᠨ ᠤ᠋ ᠬᠦᠴᠦᠨ ᠳ᠋ᠦ᠍ᠷ ᠢᠲᠡᠭᠡᠵᠦᠬᠦᠢ᠃ ᠬᠡᠷᠪᠡ ᠨᠤᠮᠤ ᠦᠭᠡᠢ ᠪᠥᠭᠡᠰᠦ ᠲᠡᠷᠡ ᠨᠢᠭᠡᠨ ᠪᠢᠲᠡᠭᠦᠦ ᠰᠢᠷᠬᠡᠭᠲᠦ ᠳᠡᠭᠡᠰᠦ ᠪᠣᠯᠠᠢ᠃ ᠲᠡᠭᠦᠨ ᠳ᠋ᠦ᠍ᠷ ᠶᠠᠮᠪᠠᠷ ᠴᠢᠳᠠᠯ ᠪᠣᠢ ! ᠵᠢᠴᠢ ᠳ᠋ᠦ᠍ᠷ ᠬᠡᠳᠦᠢᠪᠡᠷ ᠨᠣᠮᠣᠨ ᠤ᠋ ᠳᠡᠭᠡᠷ᠎ᠡ ᠬᠥᠪᠴᠢᠯᠡᠵᠦ ᠰᠤᠮᠤ ᠣᠨᠢᠯᠠᠵᠤ ᠶᠠᠭᠤᠮ᠎ᠠ ᠬᠠᠷᠪᠤᠪᠠᠰᠤ᠂ ᠲᠡᠷᠡ ᠬᠥᠪᠴᠢ ᠶ᠋ᠢᠨ ᠰᠤᠮᠤ ᠶ᠋ᠢ ᠲᠠᠢᠷᠤᠨ ᠭᠠᠷᠭᠠᠬᠤ ᠠᠨᠤ ᠪᠠᠰᠠ ᠴᠤ᠌ ᠬᠥᠪᠴᠢ ᠶ᠋ᠢᠨ ᠥᠪᠡᠷ ᠦ᠋ᠨ ᠡᠷᠬᠡ ᠪᠤᠰᠤ᠂ ᠮᠥᠨ ᠬᠦ᠌ ᠨᠣᠮᠣᠨ ᠤ᠋ ᠬᠦᠴᠦᠨ ᠳ᠋ᠦ᠍ᠷ ᠪᠤᠰᠤ ᠤᠤ ? ᠲᠡᠢᠨ ᠬᠦ᠌ ᠨᠣᠮᠣᠨ ᠤ᠋ ᠠᠷᠠᠯ ᠠᠨᠤ ᠬᠠᠲᠠᠭᠤ ᠴᠢᠭᠢᠷᠠᠭ ᠢ᠋ ᠡᠷᠬᠢᠯᠡᠵᠦ ᠠᠷᠭ᠎ᠠ ᠶ᠋ᠢᠨ ᠠᠮᠢᠰᠬᠤᠯ ᠳ᠋ᠤᠷ ᠬᠠᠷᠢᠶᠠᠲᠠᠢ᠂ ᠠᠷᠭ᠎ᠠ ᠬᠡᠮᠡᠭᠴᠢ ᠡᠷ᠎ᠡ ᠬᠥᠮᠦᠨ᠂ ᠨᠣᠮᠣᠨ ᠤ᠋ ᠬᠥᠪᠴᠢ ᠬᠡᠮᠡᠭᠴᠢ ᠤᠶᠠᠨ ᠵᠥᠭᠡᠯᠡᠨ ᠢ᠋ ᠮᠥᠷᠳᠡᠵᠦ ᠪᠢᠯᠢᠭ ᠦ᠋ᠨ ᠠᠮᠢᠰᠬᠤᠯ ᠳ᠋ᠤᠷ ᠬᠠᠷᠢᠶᠠᠲᠠᠢ᠂ ᠪᠢᠯᠢᠭ ᠬᠡᠮᠡᠭᠴᠢ ᠡᠬᠡᠨᠡᠷ ᠬᠥᠮᠦᠨ᠂ ᠨᠣᠮᠣᠨ ᠤ᠋ ᠠᠷᠠᠯ ᠳ᠋ᠤ᠌ ᠬᠥᠪᠴᠢ ᠬᠥᠪᠴᠢᠯᠡᠪᠡᠰᠦ ᠬᠣᠶᠠᠭᠤᠯᠠ ᠨᠡᠢᠯᠡᠵᠦ ᠰᠠᠶᠢ ᠨᠢᠭᠡᠨ ᠨᠤᠮᠤ ᠪᠣᠯᠤᠮᠤᠢ᠂ ᠬᠡᠷᠪᠡ ᠠᠷᠠᠯ ᠦᠭᠡᠢ ᠬᠥᠪᠴᠢ ᠪᠣᠯᠪᠠᠰᠤ ᠳᠠᠷᠤᠢ ᠡᠷ᠎ᠡ ᠦᠭᠡᠢ ᠡᠬᠡᠨᠡᠷ᠂ ᠡᠷ᠎ᠡ ᠦᠭᠡᠢ ᠡᠬᠡᠨᠡᠷ ᠬᠡᠮᠡᠭᠴᠢ ᠬᠠᠷᠢᠯᠠᠭᠠᠳᠤᠢ ᠥᠬᠢᠨ ᠬᠥᠮᠦᠨ ᠪᠣᠯᠠᠢ᠃ ᠲᠡᠢᠨ ᠬᠦ᠌ ᠡᠭᠦᠨ ᠦ᠌ ᠰᠠᠨᠠᠭᠠᠨ ᠢ᠋ ᠬᠣᠯᠪᠣᠵᠤ ᠬᠡᠯᠡᠪᠡᠰᠦ ᠬᠠᠷᠢᠯᠠᠭᠠᠳᠤᠢ ᠰᠣᠯᠣᠩᠭᠤᠸ᠎ᠠ ᠥᠬᠢᠨ ᠨᠠᠳᠠ ᠳ᠋ᠤᠷ ᠶᠠᠮᠪᠠᠷ ᠴᠢᠳᠠᠯ ᠪᠣᠢ ᠬᠡᠮᠡᠭᠰᠡᠨ ᠦᠭᠡᠰ ᠪᠣᠯᠤᠮᠤᠢ᠃ ᠪᠠᠰᠠ ᠬᠡᠯᠡᠪᠡᠰᠦ ᠡᠨᠡ ᠬᠥᠪᠴᠢ ᠶ᠋ᠢ ᠠᠷᠠᠯ ᠳ᠋ᠤᠷ ᠬᠥᠪᠴᠢᠯᠡᠪᠡᠰᠦ ᠶᠠᠭᠤᠮ᠎ᠠ ᠶ᠋ᠢ ᠤᠨᠤᠬᠤ᠂ ᠰᠤᠮᠤ ᠣᠨᠢᠯᠠᠵᠤ ᠵᠢᠭᠠᠭᠰᠠᠨ ᠭᠠᠵᠠᠷ ᠬᠠᠷᠪᠤᠨ ᠬᠦᠷᠬᠦ ᠂ ᠬᠡᠦᠬᠡᠨ ᠬᠥᠮᠦᠨ ᠮᠢᠨᠦ ᠡᠷᠬᠡ ᠪᠤᠰᠤ ᠬᠡᠮᠡᠭᠰᠡᠨ ᠦᠭᠡ ᠪᠣᠯᠤᠮᠤᠢ ᠃ ᠵᠢᠴᠢ ᠡᠳᠡᠭᠡᠷ ᠭᠠᠳᠠᠭᠤᠷ ᠲᠠᠪᠤᠨ ᠥᠩᠭᠡ ᠶ᠋ᠢᠨ ᠯᠠᠳ ᠢ᠋ᠶ᠋ᠠᠷ ᠪᠠᠭᠯᠠᠵᠤ᠂ ᠳᠣᠲᠣᠷ᠎ᠠ ᠴᠢᠭ ᠤᠯᠠᠭᠠᠨ ᠭᠬᠢᠪ ᠬᠡᠮᠡᠭᠴᠢ ᠲᠡᠭᠦᠨ ᠦ᠌ ᠤᠪ ᠤᠯᠠᠭᠠᠨ ᠴᠢᠩ ᠦᠨᠡᠨ ᠴᠢᠰᠤᠨ ᠰᠡᠳᠬᠢᠯ ᠬᠡᠮᠡᠭᠰᠡᠨ ᠰᠠᠨᠠᠭᠠᠨ᠂ ᠨᠤᠮᠤ ᠪᠠ ᠬᠥᠪᠴᠢ ᠶ᠋ᠢ ᠬᠡᠷᠡᠭᠯᠡᠭᠰᠡᠨ ᠢᠨᠦ ᠨᠠᠳᠠ ᠯᠤᠭ᠎ᠠ ᠡᠷᠬᠡᠪᠰᠢ ᠡᠷ᠎ᠡ ᠡᠮ᠎ᠡ ᠪᠣᠯᠰᠤᠭᠠᠢ ᠬᠡᠮᠡᠬᠦ ᠰᠠᠨᠠᠭᠠᠨ᠂ ᠪᠦᠭᠦᠳᠡ ᠶ᠋ᠢ ᠨᠡᠢᠯᠡᠭᠦᠯᠦᠨ ᠬᠡᠯᠡᠪᠡᠰᠦ:《ᠥᠬᠢᠨ ᠰᠣᠯᠤᠩᠭᠤᠸ᠎ᠠ ᠴᠢᠩ ᠦᠨᠡᠨ ᠴᠢᠰᠤᠨ ᠰᠡᠳᠬᠢᠯ ᠡᠴᠡ ᠴᠢᠮ᠎ᠠ ᠯᠤᠭ᠎ᠠ ᠡᠷ᠎ᠡ ᠡᠮ᠎ᠡ ᠪᠣᠯᠰᠤᠭᠠᠢ ᠭᠡᠮᠡᠨ ᠰᠠᠨᠠᠪᠠᠴᠤ ᠴᠢᠳᠠᠪᠤᠷᠢ ᠦᠭᠡᠢ ᠥᠬᠢᠨ ᠰᠣᠯᠤᠩᠭᠤᠸ᠎ᠠ ᠮᠢᠨᠦ ᠡᠷᠬᠡ ᠪᠤᠰᠤ 》ᠬᠡᠮᠡᠭᠰᠡᠨ ᠦᠭᠡᠰ ᠪᠣᠯᠬᠤ ᠪᠣᠯᠠᠢ᠃ ᠲᠡᠭᠦᠨ ᠦ᠌ ᠭᠦᠨ ᠰᠠᠨᠠᠭᠠᠨ ᠳ᠋ᠤᠷ ᠨᠠᠮᠠᠶ᠋ᠢ ᠬᠦᠴᠦᠨ ᠲᠥᠷᠥᠵᠦ ᠤᠷᠤᠭ ᠪᠠᠷᠢᠲᠤᠭᠠᠢ ᠬᠡᠮᠡᠭᠰᠡᠨ ᠪᠤᠶᠤ᠃ ᠠᠶ᠎ᠠ ᠬᠠᠢᠷᠠᠬᠠᠨ ᠶᠠᠭᠤ ᠲᠠᠢ ᠬᠥᠭᠡᠷᠦᠬᠦᠢ᠂ ᠠᠶ᠎ᠠ ᠶᠠᠭᠤ ᠲᠠᠢ ᠬᠠᠢᠷᠠᠯᠠᠯᠲᠠᠢ ᠪᠣᠢ ! ᠡᠨᠡ ᠮᠡᠲᠦ ᠬᠥᠮᠦᠨ ᠯᠦ᠍ᠭᠡ ᠨᠢᠭᠡᠨ ᠨᠠᠰᠤᠨ ᠳ᠋ᠤᠷ ᠨᠥᠬᠥᠷ ᠡᠮ᠎ᠡ ᠪᠣᠯᠵᠤ ᠰᠠᠭᠤᠪᠠᠰᠤ ᠡᠨᠡ ᠶᠢᠷᠲᠢᠨᠴᠦ ᠳ᠋ᠦ᠍ᠷ ᠮᠥᠨ ᠲᠠᠯᠠᠭᠠᠷ ᠡᠰᠡ ᠲᠥᠷᠥᠪᠡ ᠬᠡᠮᠡᠪᠡᠰᠦ ᠪᠣᠯᠤᠮᠤᠢ᠃ ᠠᠶ᠎ᠠ ᠴᠢ ᠪᠢᠳᠡ ᠬᠣᠶᠠᠭᠤᠯᠠ ᠶ᠋ᠢᠨ ᠡᠴᠢᠭᠡ ᠶᠠᠭᠤᠨ ᠤ᠋ ᠤᠷᠤᠭ ᠪᠠᠷᠢᠭᠤᠯᠬᠤ ᠠᠵᠢ ! 》 ᠬᠡᠮᠡᠭᠡᠳ ᠳᠡᠭᠡᠭᠰᠢ ᠲᠡᠭᠷᠢ ᠶ᠋ᠢ ᠬᠠᠨᠳᠤᠵᠤ ᠤᠷᠲᠤ ᠰᠡᠭᠦᠷᠡᠰᠦᠨ ᠠᠯᠳᠠᠵᠤ ᠂ ᠨᠢᠳᠦᠨ ᠦ᠌ ᠨᠢᠯᠪᠤᠰᠤᠨ ᠢ᠋ ᠨᠢᠰᠠᠯᠬᠤᠢ ᠳ᠋ᠤᠷ ᠢᠳᠡᠷ ᠳᠣᠪᠣ ᠬᠠᠵᠠᠭᠤ ᠠ᠋ᠴᠠ ᠡᠨᠡ ᠬᠣᠶᠠᠷ ᠥᠬᠢᠨ ᠬᠥᠪᠡᠭᠦᠨ ᠦ᠌ ᠥᠩᠭᠡ ᠵᠢᠰᠦ ᠪᠠ ᠤᠬᠠᠭᠠᠨ ᠡᠷᠳᠡᠮ ᠴᠥᠮ ᠲᠡᠩᠴᠡᠭᠰᠡᠨ ᠪᠥᠭᠡᠳ ᠪᠠᠰᠠ ᠡᠨᠡ ᠮᠡᠲᠦ ᠨᠠᠢᠷ ᠵᠢᠷᠤᠮ ᠲᠠᠢ ᠶ᠋ᠢ ᠦᠵᠡᠭᠡᠳ ᠠᠶᠠᠭ᠎ᠠ ᠶ᠋ᠢᠨ ᠴᠢᠨᠡᠭᠡᠨ ᠪᠣᠯᠬᠢ ᠪᠢᠲᠡᠭᠦᠯᠢᠭ ᠶᠡᠬᠡ ᠵᠢᠷᠦᠬᠡ ᠬᠡᠳᠦᠢᠨᠡᠢ ᠤᠶᠡᠷᠡᠨ ᠬᠥᠳᠡᠯᠵᠦ ᠰᠠᠨᠠᠭᠰᠠᠭᠠᠷ ᠬᠠᠪᠠᠷ ᠤ᠋ᠨ ᠰᠠᠮᠰᠠ ᠠᠨᠤ ᠰᠡᠲᠡᠷᠡᠬᠦ ᠪᠡᠷ ᠰᠢᠷᠬᠢᠷᠡᠨ ᠪᠤᠷᠬᠢᠷᠠᠵᠤ ᠴᠢᠩᠨᠠᠭᠰᠠᠭᠠᠷ ᠡᠨᠳᠡ ᠬᠦᠷᠴᠦ ᠲᠤᠩ ᠳᠠᠷᠤᠨ ᠴᠢᠳᠠᠬᠤ ᠦᠭᠡᠢ ᠪᠣᠯᠵᠤ᠂ ᠳᠠᠷᠤᠢ ᠨᠢᠯᠪᠤᠰᠤᠨ ᠤ᠋ ᠳᠤᠰᠤᠯ ᠡᠩᠭᠡᠷ ᠳᠦᠭᠦᠷᠡᠩ ᠲᠦᠴᠢᠭᠢᠨᠡᠲᠡᠯ᠎ᠡ ᠤᠨᠠᠵᠤ ᠂ ᠳᠠᠷᠤᠢ ᠪᠤᠤᠷ᠎ᠠ ᠪᠦᠳᠦᠭᠦᠨ ᠬᠣᠭᠣᠯᠠᠢ ᠪᠠᠷ ᠦ ᠥ ᠤᠬᠢᠯᠠᠨ ᠡᠭᠦᠰᠬᠡᠵᠦ ᠴᠡᠭᠡᠵᠢ ᠬᠡᠬᠦᠳᠡᠭ ᠢ᠋ᠶ᠋ᠡᠨ ᠴᠣᠬᠢᠵᠤ ᠥᠭᠦᠯᠡᠷᠦᠨ :《ᠠᠶ᠎ᠠ ᠪᠢ ᠬᠡᠳᠦᠢᠴᠢᠨᠡᠭᠡᠨ ᠤᠳᠠᠭ᠎ᠠ ᠴᠢᠷᠦᠭᠳᠡᠨ ᠭᠠᠷᠭᠠᠭᠳᠠᠵᠤ ᠠᠯᠠᠭᠳᠠᠬᠤᠢ ᠳ᠋ᠤᠷ ᠬᠦᠷᠲᠡᠯ᠎ᠡ ᠨᠢᠭᠡᠬᠡᠨ ᠤᠳᠠᠭ᠎ᠠ ᠴᠤ᠌ ᠡᠨᠡ ᠮᠡᠲᠦ ᠵᠣᠪᠠᠭᠰᠠᠨ ᠦᠭᠡᠢ ᠪᠥᠯᠥᠭᠡ᠃ ᠡᠨᠡ ᠪᠢᠳᠡᠭᠦᠷᠯᠡᠭᠡ ᠠᠯᠠᠬᠤ ᠠ᠋ᠴᠠ ᠴᠤ᠌ ᠪᠡᠷᠬᠡ ᠃ ᠡᠨᠡ ᠬᠡᠷᠡᠭ ᠢ᠋ ᠪᠣᠭᠣᠯ ᠪᠢ ᠠᠮᠢ ᠪᠠᠨ ᠲᠡᠪᠴᠢᠨ ᠶᠠᠪᠤᠵᠤ ᠪᠦᠲᠦᠭᠡᠶ᠎ᠡ ᠂ ᠮᠠᠷᠭᠠᠲᠠ ᠪᠣᠭᠣᠯ ᠪᠢ ᠡᠴᠢᠵᠦ ᠡᠨᠡ ᠤᠷᠤᠭ ᠢ᠋ ᠬᠡᠯᠡᠯᠴᠡᠶ᠎ᠡ ᠃ ᠾᠧ ᠸᠠᠩ ᠦᠨᠡᠬᠡᠷ ᠡᠰᠡ ᠦᠭᠪᠡᠰᠦ ᠪᠣᠭᠣᠯ ᠴᠢᠨᠦ ᠪᠢ ᠲᠡᠷᠡ ᠰᠣᠯᠤᠩᠭᠤᠸ᠎ᠠ ᠬᠠᠲᠤᠨ ᠢ᠋ ᠨᠢᠷᠤᠭᠤᠨ ᠳ᠋ᠤᠷ ᠢ᠋ᠶ᠋ᠠᠨ ᠡᠭᠦᠷᠦᠨ ᠠᠪᠴᠢᠷᠠᠵᠤ ᠡᠵᠡᠨ ᠪᠠ ᠬᠠᠲᠤᠨ ᠢ᠋ᠶ᠋ᠠᠨ ᠬᠠᠮᠲᠤᠳᠬᠠᠶᠠ ᠂ ᠤᠷᠢᠳᠠ ᠰᠠᠢᠨ ᠢ᠋ᠶ᠋ᠠᠷ ᠬᠡᠯᠡᠯᠴᠡᠶ᠎ᠡ ᠂ ᠡᠰᠡ ᠪᠣᠯᠪᠠᠰᠤ ᠣᠳᠣ ᠰᠢᠭᠤᠳ ᠴᠡᠷᠢᠭ ᠠᠪᠤᠨ ᠡᠴᠢᠵᠦ ᠬᠠᠲᠤᠨ ᠢ᠋ᠶ᠋ᠠᠨ ᠵᠠᠯᠠᠨ ᠠᠪᠴᠢᠷᠠᠶ᠎ᠠ ᠃ ᠪᠣᠭᠣᠯ ᠪᠢ ᠲᠡᠳᠡᠨ ᠳ᠋ᠦ᠍ ᠬᠡᠯᠡᠭᠰᠡᠨ ᠦᠭᠡ ᠪᠣᠢ ᠂ ᠨᠠᠮᠠᠶ᠋ᠢ ᠡᠰᠡ ᠠᠯᠠᠪᠠᠰᠤ ᠪᠢ ᠴᠡᠷᠢᠭ ᠪᠠᠢᠭᠤᠯᠤᠨ ᠢᠷᠡᠵᠦ ᠪᠠᠰᠠ ᠬᠦ᠌ ᠠᠯᠠᠵᠤ ᠠᠴᠢ ᠬᠠᠷᠢᠭᠤᠯᠤᠮᠤᠢ ᠬᠡᠮᠡᠭᠰᠡᠨ ᠦᠭᠡ ᠪᠣᠢ ᠂ ᠭᠠᠭᠴᠠ ᠲᠡᠷᠡ ᠠᠪᠠᠬᠠᠢ ᠶ᠋ᠢᠨ ᠠᠰᠤᠷᠤ ᠤᠬᠠᠭᠠᠨ ᠲᠠᠢ ᠳ᠋ᠤᠷ ᠠᠷᠭ᠎ᠠ ᠦᠭᠡᠢ ᠬᠡᠰᠢᠭ ᠲᠣᠷ ᠮᠥᠷᠭᠥᠪᠡ᠃ ᠦᠵᠡᠰᠡ ᠮᠠᠨ ᠳ᠋ᠤᠷ ᠬᠠᠲᠤᠨ ᠡᠵᠡᠨ ᠪᠣᠯᠬᠤ ᠵᠠᠶᠠᠭᠠᠲᠠᠢ ᠠᠵᠤᠭᠤ᠂ ᠪᠣᠭᠣᠯ ᠪᠢ ᠮᠠᠷᠭᠠᠲᠠ ᠳᠠᠷᠤᠢ ᠬᠡᠯᠡᠯᠴᠡᠷ᠎ᠡ ᠮᠣᠷᠳᠠᠰᠤᠭᠠᠢ!》 ᠬᠡᠮᠡᠬᠦᠢ ᠳ᠋ᠦ᠍ᠷ ᠠᠯᠲᠠᠨᠱᠠᠭ᠎ᠠ ᠥᠭᠦᠯᠡᠷᠦᠨ :《ᠬᠡᠳᠦᠢ ᠲᠡᠳᠡ ᠦᠨᠡᠬᠡᠷ ᠥᠭᠬᠦ ᠪᠣᠯᠪᠠᠴᠤ ᠮᠢᠨᠦ ᠡᠴᠢᠭᠡ ᠶᠠᠭᠤᠨ ᠤ᠋ ᠪᠣᠯᠤᠮᠤᠢ ᠬᠡᠮᠡᠮᠦᠢ ᠦᠦ ? ᠠᠯᠭᠤᠷ ᠵᠥᠪᠯᠡᠵᠦ ᠮᠡᠳᠡᠰᠦᠭᠡᠢ ! 》 ᠬᠡᠮᠡᠬᠦᠢ ᠳ᠋ᠦ᠍ᠷ ᠢᠳᠡᠷ ᠳᠣᠪᠣ ᠬᠡᠮᠡᠭᠴᠢ ᠤᠭ ᠠ᠋ᠴᠠ ᠮᠠᠰᠢ ᠨᠢᠭᠡᠨ ᠴᠢᠬᠡᠴᠢ ᠬᠥᠮᠦᠨ ᠲᠤᠯᠠ ᠡᠳᠡ ᠬᠣᠶᠠᠭᠤᠯᠠ ᠶ᠋ᠢᠨ ᠲᠥᠯᠥᠭᠡ ᠬᠠᠷᠢᠨ ᠮᠠᠰᠢ ᠴᠢᠩ ᠦᠨᠡᠨ ᠢ᠋ᠶ᠋ᠡᠷ ᠰᠡᠳᠬᠢᠯ ᠵᠣᠪᠠᠮᠤᠢ ᠃ ᠲᠡᠳᠦᠢ ᠠᠯᠲᠠᠨᠱᠠᠭ᠎ᠠ ᠪᠠᠰᠠ ᠲᠡᠭᠦᠨ ᠦ᠌ ᠪᠧᠲ᠋ᠠ᠋ ᠠ᠋ᠤᠯᠤᠰ ᠤ᠋ᠨ ᠴᠠᠭᠳᠠᠭᠤᠯ ᠳ᠋ᠤᠷ ᠪᠠᠷᠢᠭ᠍ᠳᠠᠭᠰᠠᠨ ᠤᠴᠢᠷ ᠢ᠋ ᠠᠰᠠᠭᠤᠪᠠᠰᠤ᠂ ᠢᠳᠡᠷ ᠳᠣᠪᠣ ᠳᠠᠷᠤᠢ ᠮᠤᠬᠤᠯᠢ ᠶ᠋ᠢᠨ ᠳᠡᠪᠡᠯ ᠬᠤᠪᠴᠠᠳ ᠱᠠᠩ ᠬᠡᠰᠢᠭ ᠬᠦᠷᠲᠡᠭᠡᠭᠰᠡᠨ ᠬᠡᠷᠡᠭ ᠢ᠋ ᠨᠠᠷᠢᠪᠴᠢᠯᠠᠨ ᠨᠢᠭᠡᠨ ᠵᠡᠷᠭᠡ ᠲᠣᠭᠠᠴᠢᠵᠤ ᠂ ᠪᠠᠰᠠ ᠰᠣᠨᠣᠰᠬᠤᠯ᠎ᠠ ᠮᠠᠨ ᠤ᠋ ᠶᠤᠸᠠᠨᠱᠤᠸᠠᠢ ᠶ᠋ᠢᠨ ᠶᠠᠰᠤ ᠶ᠋ᠢ ᠮᠥᠨ ᠬᠦᠷᠭᠡᠯᠭᠡᠨ ᠢᠯᠡᠭᠡᠪᠡ ᠬᠡᠮᠡᠮᠦ᠂ ᠡᠨᠡ ᠶᠠᠮᠪᠠᠷ ᠰᠠᠨᠠᠭᠠᠨ ᠪᠣᠢ ?》ᠠᠯᠲᠠᠨᠱᠠᠭ᠎ᠠ ᠤᠷᠲᠤ ᠰᠡᠭᠦᠷᠡᠰᠦᠨ ᠠᠯᠳᠠᠵᠤ ᠥᠭᠦᠯᠡᠷᠦᠨ: 《ᠠᠶ᠎ᠠ ᠥᠪᠡᠷ᠎ᠡ ᠤᠯᠤᠰ ᠴᠥᠮ ᠭᠡᠮ ᠦᠭᠡᠢ᠂ ᠭᠠᠭᠴᠠ ᠡᠨᠡ ᠪᠧᠲ᠋ᠠ᠋ ᠤᠯᠤᠰ ᠠᠶᠤᠯᠲᠠᠢ ᠪᠠᠢᠨᠠᠮ᠂ ᠲᠡᠭᠦᠨ ᠢ᠋ ᠪᠢ ᠠᠯᠬᠠᠲᠠᠢ ᠠᠭᠤᠯᠠᠨ ᠤ᠋ ᠪᠠᠢᠯᠳᠤᠭᠠᠨ ᠳ᠋ᠤᠷ ᠣᠯᠵᠤ ᠮᠡᠳᠡᠪᠡ᠃ ᠪᠧᠲ᠋ᠡ᠋ ᠤᠯᠤᠰ ᠤ᠋ᠨ ᠡᠵᠡᠨ ᠳ᠋ᠦ᠍ᠷ ᠦᠨᠡᠨ ᠲᠡᠭᠷᠢ ᠶ᠋ᠢᠨ ᠬᠥᠪᠡᠭᠦᠨ ᠦ᠌ ᠰᠢᠨᠵᠢ ᠪᠠᠢᠬᠤ ᠪᠥᠭᠡᠳ ᠲᠡᠭᠦᠨ ᠦ᠌ ᠲᠤᠰᠢᠮᠡᠳ ᠢᠨᠦ ᠵᠠᠬ᠎ᠠ ᠳᠠᠷᠠᠭᠠᠯᠠᠨ ᠴᠥᠮ ᠴᠣᠯᠭᠣᠷᠠᠭᠰᠠᠨ ᠣᠳᠣᠳ ᠤ᠋ᠨ ᠳᠦᠷᠢᠮ ᠪᠣᠢ ᠂ ᠨᠡᠩ ᠪᠠᠰᠠ ᠲᠡᠭᠷᠢ ᠶ᠋ᠢᠨ ᠰᠠᠯᠬᠢᠨ ᠪᠣᠷᠣᠭᠠᠨ ᠢ᠋ᠶ᠋ᠠᠷ ᠲᠤᠰᠠᠯᠠᠮᠤᠢ᠂ ᠮᠠᠭᠠᠳ ᠥᠲᠡᠯ᠎ᠡ ᠬᠥᠮᠦᠨ ᠪᠤᠰᠤ ᠵᠢᠴᠢ ᠮᠠᠨ ᠤ᠋ ᠪᠠᠭ᠍ᠰᠢ ᠳ᠋ᠠᠳᠠᠳᠤᠩᠭ᠎ᠠ ᠵᠢᠴᠢ ᠮᠥᠩᠭᠥᠯᠵᠢ ᠰᠠᠢᠳ ᠯᠣᠬ᠎ᠠ ᠬᠡᠯᠡᠯᠴᠡᠬᠦ ᠪᠦᠷᠢ ᠲᠡᠳᠡ ᠪᠧᠲ᠋ᠠ᠋ ᠤᠯᠤᠰ ᠤ᠋ᠨ ᠡᠵᠡᠨ ᠴᠣᠬᠣᠮ ᠠᠯᠲᠠᠨ ᠭᠠᠳᠠᠰᠤ ᠣᠳᠤᠨ᠎ᠠ ᠲᠣᠬᠢᠶᠠᠯᠳᠤᠮᠤᠢ᠂ ᠯᠠᠪ ᠶᠡᠬᠡ ᠦᠢᠯᠡ ᠪᠦᠲᠦᠭᠡᠮᠦᠢ ᠬᠡᠮᠡᠮᠦᠢ᠃ ᠲᠡᠢᠨ ᠬᠦ᠌ ᠮᠠᠨ ᠤ᠋ ᠤᠯᠤᠰ ᠡᠭᠡᠨᠡᠭᠲᠡ ᠪᠧᠲ᠋ᠠ᠋ ᠤᠯᠤᠰ ᠯᠤᠭ᠎ᠠ ᠨᠠᠢᠷᠠᠯᠳᠤᠨ ᠡᠶᠡᠳᠦᠭᠡᠳ ᠰᠠᠢᠨ ᠢ᠋ᠶ᠋ᠠᠷ ᠶᠠᠪᠤᠬᠤᠢ ᠳ᠋ᠤᠷ ᠦᠯᠦ ᠬᠥᠷᠥᠮᠦᠢ᠃ ᠲᠡᠳᠡ ᠬᠡᠷᠡᠢᠳ ᠯᠦ᠍ᠭᠡ ᠤᠷᠤᠭ ᠪᠣᠯᠰᠤᠭᠠᠢ ᠬᠡᠮᠡᠭᠰᠡᠨ ᠬᠡᠷᠡᠭ ᠬᠡᠷᠬᠢᠪᠡ ? 》 ᠢᠳᠡᠷ ᠳᠣᠪᠣ ᠮᠡᠳᠡᠭᠦᠯᠦᠷᠦᠨ:《 ᠲᠡᠭᠦᠨ ᠦ᠌ ᠠᠬ᠎ᠠ ᠢᠯᠠᠭᠤ ᠦᠯᠦ ᠥᠭᠬᠦ ᠪᠡᠷ ᠦᠯᠦ ᠪᠠᠷᠠᠨ᠂ ᠬᠠᠷᠢᠨ ᠵᠠᠮᠤᠬ᠎ᠠ ᠯᠤᠭ᠎ᠠ ᠵᠥᠪᠯᠡᠵᠦ ᠣᠯᠠᠨ ᠠᠢᠮᠠᠭ ᠤ᠋ᠨ ᠴᠡᠷᠢᠭ ᠯᠦ᠍ᠭᠡ ᠨᠡᠢᠯᠡᠵᠦ ᠲᠠᠢᠯᠵᠤ ᠮᠥᠬᠥᠭᠡᠰᠦᠭᠡᠢ ᠬᠡᠮᠡᠮᠦᠢ᠃ 》 ᠠᠯᠲᠠᠨᠱᠠᠭ᠎ᠠ ᠢᠨᠢᠶᠡᠳᠦᠨ ᠠᠯᠳᠠᠵᠤ ᠥᠭᠦᠯᠡᠷᠦᠨ: 《ᠬᠤᠳᠳᠤᠭ ᠤ᠋ᠨ ᠮᠡᠨᠡᠬᠡᠢ᠂ ᠲᠡᠭᠷᠢ ᠶ᠋ᠢᠨ ᠬᠡᠮᠵᠢᠶ᠎ᠡ ᠶ᠋ᠢ ᠬᠤᠳᠳᠤᠭ ᠤ᠋ᠨ ᠠᠮᠠᠰᠠᠷ ᠬᠢᠷᠢ ᠪᠡᠷ ᠰᠠᠨᠠᠮᠤᠢ ᠬᠡᠮᠡᠭᠰᠡᠨ ᠳᠠᠷᠤᠢ ᠡᠭᠦᠨ ᠢ᠋ ᠬᠡᠯᠡᠭᠰᠡᠨ ᠪᠣᠯᠠᠢ᠂ ᠵᠤᠨ ᠤ᠋ ᠭᠤᠷᠪᠠᠨ ᠴᠠᠭᠠᠨ ᠨᠢᠭᠤᠭᠳᠠᠯ ᠤ᠋ᠨ ᠴᠢᠭᠢᠭ ᠲᠣᠷ ᠲᠥᠷᠥᠭᠰᠡᠨ ᠬᠣᠷᠣᠬᠠᠢ ᠰᠢᠮᠠᠭᠤᠯ ᠳ᠋ᠤᠷ ᠶᠢᠰᠦᠨ ᠦ᠌ ᠦᠶ᠎ᠡ ᠶ᠋ᠢᠨ ᠭᠤᠷᠪᠠᠨ ᠲᠣᠬᠣᠢ ᠵᠤᠵᠠᠭᠠᠨ ᠬᠥᠯᠳᠡᠭᠰᠡᠨ ᠮᠥᠯᠰᠥ ᠶ᠋ᠢ ᠬᠡᠯᠡᠵᠦ ᠦᠭᠪᠡᠴᠦ ᠲᠡᠷᠡ ᠶᠠᠭᠤᠨ ᠤ᠋ ᠢᠲᠡᠭᠡᠮᠵᠢᠯᠡᠬᠦ ᠪᠣᠢ ! 》 ᠬᠡᠮᠡᠪᠡ᠃
ᠲᠡᠭᠦᠨᠴᠡ ᠡᠨᠡ ᠨᠢᠭᠡᠨ ᠵᠦᠢᠯ ᠦ᠋ᠨ ᠤᠷᠤᠭ ᠤ᠋ᠨ ᠬᠡᠷᠡᠭ ᠡᠭᠡᠨᠡᠭᠲᠡ ᠢᠳᠡᠷ ᠳᠣᠪᠣ ᠶ᠋ᠢᠨ ᠰᠡᠳᠬᠢᠯ ᠡᠴᠡ ᠭᠠᠷᠬᠤ ᠦᠭᠡᠢ ᠪᠣᠯᠵᠤ᠂ ᠨᠢᠭᠡᠨ ᠡᠳᠦᠷ ᠳᠠᠷᠤᠢ ᠤᠯᠤᠰ ᠤ᠋ᠨ ᠵᠥᠪᠰᠢᠶᠡᠯ ᠦ᠋ᠨ ᠶᠡᠬᠡ ᠰᠠᠢᠳ ᠮᠥᠩᠭᠥᠯᠵᠢ᠂ ᠪᠢᠴᠢᠭ ᠲᠠᠮᠠᠭ᠎ᠠ ᠶ᠋ᠢ ᠪᠠᠷᠢᠭ᠍ᠰᠠᠨ ᠤᠯᠤᠰ ᠤ᠋ᠨ ᠪᠠᠭ᠍ᠰᠢ ᠳ᠋ᠠᠳᠠᠳᠤᠩᠭ᠎ᠠ ᠬᠣᠶᠠᠭᠤᠯᠠ ᠶ᠋ᠢᠨ ᠳᠡᠷᠭᠡᠳᠡ ᠢᠷᠡᠵᠦ᠂ ᠠᠯᠲᠠᠨᠱᠠᠭ᠎ᠠ ᠰᠣᠯᠤᠩᠭᠤᠸ᠎ᠠ ᠬᠣᠶᠠᠭᠤᠯᠠ ᠶ᠋ᠢᠨ ᠤᠴᠢᠷ ᠢ᠋ ᠪᠦᠷᠢᠨ᠎ᠡ ᠬᠡᠯᠡᠵᠦ ᠬᠣᠶᠠᠷ ᠤᠯᠤᠰ ᠤᠷᠤᠭ ᠪᠠᠷᠢᠵᠤ ᠨᠡᠢᠴᠡᠭᠡᠳ ᠨᠢᠭᠡᠨ ᠬᠦᠴᠦᠨ ᠢ᠋ᠶ᠋ᠡᠷ ᠪᠤᠰᠤ ᠤᠯᠤᠰ ᠢ᠋ ᠬᠤᠷᠢᠶᠠᠪᠠᠰᠤ ᠪᠣᠯᠬᠤ ᠦᠭᠡᠢ ᠦᠦ ? ᠬᠡᠮᠡᠬᠦᠢ ᠳ᠋ᠦ᠍ᠷ ᠮᠥᠩᠭᠥᠯᠵᠢ᠂ ᠳ᠋ᠠᠳᠠᠳᠤᠩᠭ᠎ᠠ ᠬᠣᠶᠠᠭᠤᠯᠠ ᠪᠣᠳᠣᠪᠠᠰᠤ ᠮᠥᠨ ᠳᠡᠮᠡᠢ ᠶᠡᠬᠡ ᠬᠠᠷᠰᠢᠯᠠᠬᠤ ᠭᠠᠵᠠᠷ ᠦᠭᠡᠢ᠂ ᠬᠠᠷᠢᠨ ᠴᠤ᠌ ᠨᠢᠭᠡᠨ ᠬᠦᠴᠦᠨ ᠨᠡᠮᠡᠬᠦ ᠬᠡᠷᠡᠭ᠂ ᠦᠰ ᠬᠡᠮᠡᠪᠡᠰᠦ ᠪᠠᠰᠠ ᠲᠡᠢᠮᠦ ᠡᠵᠡᠨ ᠡᠴᠢᠭᠡ ᠦᠬᠦᠵᠦ ᠶᠡᠬᠡ ᠵᠠᠩᠵᠤᠨ ᠬᠣᠬᠢᠷᠠᠭᠰᠠᠨ ᠬᠦᠨᠳᠦ ᠦᠰ ᠦᠭᠡᠢ᠂ ᠬᠠᠷᠢᠨ ᠴᠤ᠌ ᠪᠣᠯᠤᠮᠠᠷ ᠬᠡᠷᠡᠭ ᠲᠤᠯᠠ ᠵᠢᠴᠢ ᠡᠳᠦᠷ ᠳᠠᠷᠤᠢ ᠲᠠᠢᠶᠠᠩ ᠬᠠᠭᠠᠨ ᠳ᠋ᠤᠷ ᠭᠡᠷ ᠦ᠋ᠨ ᠬᠡᠷᠡᠭ ᠵᠥᠪᠳᠡᠬᠦᠢ ᠳ᠋ᠦ᠍ᠷ ᠳᠤᠷᠠᠳᠬᠠᠨ ᠠᠢᠯᠠᠳᠬᠠᠭᠰᠠᠨ ᠳ᠋ᠤᠷ ᠲᠠᠢᠶᠠᠩ ᠬᠠᠭᠠᠨ ᠵᠥᠪᠰᠢᠶᠡᠵᠦ ᠳᠠᠷᠤᠢ ᠢᠳᠡᠷ ᠳᠣᠪᠣ ᠳ᠋ᠤᠷ ᠶᠣᠰᠣᠨ ᠤ᠋ ᠪᠡᠯᠡᠭ ᠪᠠᠷᠢᠭᠤᠯᠵᠤ ᠭᠡᠷᠡᠢ᠍ᠢ᠌ᠳ ᠤᠯᠤᠰ ᠤ᠋ᠨ ᠵᠦᠭ ᠢᠯᠡᠭᠡᠪᠡ᠃ ᠲᠡᠳᠦᠢ ᠠᠯᠲᠠᠨᠱᠠᠭ᠎ᠠ ᠶᠡᠬᠡᠯ᠎ᠡ ᠪᠠᠶᠠᠷᠯᠠᠵᠤ ᠢᠳᠡᠷ ᠳᠣᠪᠣ ᠳ᠋ᠤᠷ ᠬᠡᠲᠦᠷᠬᠡᠶ᠎ᠡ ᠱᠠᠩᠨᠠᠨ ᠮᠣᠷᠳᠠᠭᠤᠯᠪᠠ ᠃
ᠲᠡᠭᠦᠨᠴᠡ ᠢᠳᠡᠷ ᠳᠣᠪᠣ ᠣᠮᠣᠭ ᠵᠣᠷᠢᠭ᠍ᠳᠠᠶᠠ ᠬᠡᠳᠦᠨ ᠠᠷᠪᠠᠨ ᠨᠥᠬᠥᠳ ᠳᠠᠭᠠᠭᠰᠠᠳ ᠢ᠋ᠶ᠋ᠠᠨ ᠠᠪᠴᠤ ᠬᠡᠷᠡᠢᠳ ᠤᠯᠤᠰ ᠤ᠋ᠨ ᠵᠠᠬ᠎ᠠ ᠬᠡᠷᠦᠯᠦᠨ ᠮᠦᠷᠡᠨ᠎ᠡ ᠬᠦᠷᠴᠦ ᠢᠷᠡᠪᠡᠰᠦ ᠬᠡᠷᠡᠢᠳ ᠤᠯᠤᠰ ᠬᠠᠷᠠᠬᠠᠨ ᠶᠡᠬᠡᠯ᠎ᠡ ᠶᠠᠭᠠᠷᠠᠯᠴᠠᠮᠤᠢ᠃ ᠤᠴᠢᠷ ᠢ᠋ ᠠᠰᠠᠭᠤᠪᠠᠰᠤ ᠬᠡᠷᠡᠢᠳ ᠪᠧᠲ᠋ᠠ᠋ ᠤᠯᠤᠰ ᠬᠣᠶᠠᠭᠤᠯᠠ ᠬᠡᠷᠦᠯᠦᠨ ᠮᠦᠷᠡᠨ᠎ᠡ ᠴᠢᠭᠤᠯᠭᠠᠨ ᠨᠡᠢᠯᠡᠵᠦ ᠤᠷᠤᠭ ᠪᠠᠷᠢᠮᠤᠢ ᠭᠡᠮᠡᠨ ᠦᠢᠮᠡᠯᠳᠦᠬᠦᠢ ᠳ᠋ᠦ᠍ᠷ ᠢᠳᠡᠷ ᠳᠣᠪᠣ ᠶᠡᠬᠡᠯ᠎ᠡ ᠠᠮᠤᠷ ᠦᠭᠡᠢ ᠪᠣᠯᠵᠤ ᠶᠠᠭᠠᠷᠠᠨ ᠳᠣᠪᠲᠣᠯᠵᠤ ᠱᠠᠭᠠᠷᠳᠠᠨ ᠫᠤᠯᠭᠤᠳᠠᠢ ᠶ᠋ᠢᠨ ᠪᠠᠭᠤᠳᠠᠯ ᠳ᠋ᠤᠷ ᠢᠷᠡᠵᠦ ᠶᠣᠰᠣᠨ ᠤ᠋ ᠪᠡᠯᠡᠭ ᠢ᠋ᠶ᠋ᠠᠨ ᠲᠤᠰᠢᠶᠠᠵᠤ ᠤᠷᠤᠭ ᠪᠠᠷᠢᠬᠤ ᠶ᠋ᠢ ᠬᠡᠯᠡᠭᠰᠡᠨ ᠳ᠋ᠦ᠍ᠷ ᠫᠤᠯᠭᠤᠳᠠᠢ ᠶᠡᠬᠡᠯ᠎ᠡ ᠬᠢᠷᠳ᠋ᠬᠢᠵᠦ᠂ ᠡᠳᠦᠭᠡ ᠬᠠᠷᠠᠬᠠᠨ ᠪᠧᠲ᠋ᠠ᠋ ᠤᠯᠤᠰ ᠯᠤᠭ᠎ᠠ ᠤᠷᠤᠭ ᠪᠠᠷᠢᠵᠤ ᠬᠣᠶᠠᠷ ᠤᠯᠤᠰ ᠨᠠᠢᠷᠠᠯᠳᠤᠮᠤᠢ ᠭᠡᠵᠦ ᠪᠥᠬᠥᠶ᠎ᠡ ᠬᠡᠷᠪᠡ ᠡᠢᠮᠦ ᠨᠢᠭᠡᠨ ᠰᠠᠯᠠᠭ᠎ᠠ ᠭᠠᠷᠪᠠᠰᠤ ᠮᠢᠨᠦ ᠶᠡᠬᠡ ᠬᠡᠷᠡᠭ ᠲᠦ᠍ᠷ ᠰᠠᠭᠠᠲᠠᠯ ᠭᠠᠷᠤᠮᠤᠢ ᠬᠡᠮᠡᠭᠡᠳ ᠬᠤᠷᠭ᠎ᠠ᠂ ᠠᠨᠳᠤ ᠯᠤᠭ᠎ᠠ ᠵᠥᠪᠯᠡᠪᠡᠰᠦ ᠠᠨᠳᠤ ᠥᠭᠦᠯᠡᠷᠦᠨ:《ᠡᠳᠦᠭᠡ ᠠᠷᠠᠬᠠᠨ ᠮᠠᠨ ᠤ᠋ ᠪᠠᠭ᠎ᠠ ᠡᠵᠡᠨ ᠰᠢᠨ᠎ᠡ ᠬᠦᠩ ᠰᠡᠳᠬᠢᠯ ᠡᠭᠡᠵᠦ ᠪᠧᠲ᠋ᠠ᠋ ᠤᠯᠤᠰ ᠯᠤᠭ᠎ᠠ ᠵᠣᠯᠢᠶ᠎ᠠ ᠤᠷᠤᠭ ᠪᠠᠷᠢᠵᠤ᠂ ᠡᠭᠦᠷᠢᠳᠡ ᠠᠮᠠᠷᠠᠭ ᠪᠣᠯᠭᠠᠰᠤᠭᠠᠢ ᠭᠡᠮᠡᠨ ᠰᠡᠳᠦᠬᠦᠶᠡ ᠬᠡᠷᠪᠡ ᠡᠢᠮᠦ ᠨᠢᠭᠡᠨ ᠬᠡᠷᠡᠭ ᠭ᠍ᠡᠷᠪᠠᠰᠤ ᠪᠧᠲ᠋ᠠ᠋ ᠤᠯᠤᠰ ᠢ᠋ ᠪᠠᠰᠠ ᠠᠮᠠᠷᠬᠠᠯᠠᠨ ᠴᠢᠳᠠᠬᠤ ᠦᠭᠡᠢ ᠪᠣᠯᠤᠮᠤᠢ᠃ ᠬᠡᠷᠪᠡ ᠡᠢᠨ ᠬᠦ᠌ ᠪᠣᠯᠪᠠᠰᠤ ᠮᠠᠨ ᠤ᠋ ᠤᠯᠤᠰ ᠡᠴᠦᠰ ᠲᠦ᠍ᠷ ᠲᠦᠭᠰᠢᠭᠦᠷᠢᠲᠡᠢ ᠪᠣᠯᠤᠮᠤᠢ᠂ ᠵᠢᠴᠢ ᠡᠨᠡ ᠨᠠᠢ᠍ᠮᠠᠨ ᠢ᠋ ᠨᠢᠭᠡᠨᠲᠡ ᠣᠭᠴᠣ ᠲᠠᠰᠤ ᠡᠭᠡᠭᠦᠯᠰᠦᠭᠡᠢ ᠬᠡᠮᠡᠬᠦᠯ᠎ᠡ ᠲᠡᠷᠡ ᠢᠳᠡᠷ ᠳᠣᠪᠣ ᠯᠠᠪ ᠴᠡᠷᠢᠭ ᠪᠠᠢᠭᠤᠯᠤᠨ ᠦᠬᠦᠨ ᠪᠠᠢᠯᠳᠤᠮᠤᠢ᠂ ᠬᠣᠶᠠᠷ ᠲᠤᠷ ᠪᠧᠲ᠋ᠠ᠋ ᠤᠯᠤᠰ ᠤᠷᠤᠭ ᠡᠰᠡ ᠲᠣᠭᠲᠠᠪᠠᠰᠤ ᠠᠪᠠᠬᠠᠢ ᠶ᠋ᠢ ᠪᠠᠰᠠ ᠰᠠᠭᠠᠲᠠᠭᠤᠯᠵᠤ ᠪᠣᠯᠤᠮᠤᠢ ᠤᠤ ! ᠨᠡᠩ ᠴᠦ᠍ ᠨᠠᠢ᠍ᠮᠠᠨ ᠪᠠᠰᠠ ᠶᠡᠬᠡ ᠤᠯᠤᠰ ᠂ ᠠᠯᠲᠠᠨᠱᠠᠭ᠎ᠠ ᠪᠠᠰᠠ ᠮᠠᠨ ᠤ᠋ ᠠᠪᠠᠬᠠᠢ ᠯᠤᠭ᠎ᠠ ᠳᠠᠩ ᠲᠡᠭᠰᠢ᠂ ᠮᠠᠨ ᠳ᠋ᠤᠷ ᠪᠠᠰᠠ ᠨᠢᠭᠡᠨ ᠲᠦᠰᠢᠯᠭᠡ ᠢᠪᠡᠯᠭᠡ ᠪᠤᠰᠤ ᠤᠤ ? ᠲᠡᠢᠮᠦ ᠶ᠋ᠢᠨ ᠲᠤᠯᠠ ᠲᠡᠭᠦᠨ ᠦ᠌ ᠪᠡᠯᠡᠭ ᠢ᠋ ᠦᠯᠡᠳᠡᠭᠡᠨ ᠠᠪᠴᠤ ᠲᠡᠳᠡᠨ ᠦ᠌ ᠰᠡᠳᠬᠢᠯ ᠢ᠋ ᠰᠤᠯᠠ ᠪᠣᠯᠭᠠᠭᠠᠳ ᠪᠢᠳᠡ ᠦᠭᠡ ᠶ᠋ᠢ ᠲᠠᠮᠵᠢᠭᠠᠢ ᠠᠩᠭᠠᠷᠬᠠᠢ ᠬᠡᠯᠡᠵᠦ᠂ ᠠᠪᠠᠬᠠᠢ ᠶ᠋ᠢᠨ ᠪᠡᠶ᠎ᠡ ᠠᠮᠤᠷ ᠦᠭᠡᠢ ᠡᠪᠡᠳᠴᠦ ᠪᠣᠢ ᠭᠡᠮᠡᠨ ᠬᠡᠯᠡᠵᠦ ᠰᠠᠢᠨ ᠰᠠᠢᠬᠠᠨ ᠪᠣᠯᠤᠭᠰᠠᠨ ᠴᠠᠭ ᠲᠤᠷ ᠡᠨᠳᠡᠴᠡ ᠮᠡᠳᠡᠭᠡ ᠢᠯᠡᠭᠡᠰᠦᠭᠡᠢ᠃ ᠲᠠ ᠢᠷᠡᠵᠦ ᠭᠠᠯ ᠭᠣᠯᠣᠮᠲᠠ ᠳ᠋ᠤᠷ ᠬᠠᠯᠢᠮ ᠣᠷᠭᠢᠭ᠍ᠳᠠᠬᠤᠢ ᠭᠡᠮᠡᠨ ᠶᠠᠪᠤᠭᠤᠯᠪᠠᠰᠤ᠂ ᠬᠣᠵᠢᠮ ᠠᠨᠤ ᠵᠠᠮ ᠠᠭᠤᠳᠠᠮ ᠦᠨᠡᠬᠡᠷ ᠪᠧᠲ᠋ᠠ᠋ ᠤᠯᠤᠰ ᠲᠤᠷ ᠲᠣᠭᠲᠠᠪᠠᠰᠤ᠂ ᠪᠢᠳᠡ ᠨᠠᠢ᠍ᠮᠠᠨ ᠠ᠋ᠴᠠ ᠠᠶᠤᠬᠤ ᠦᠭᠡᠢ ᠪᠣᠯᠬᠤ ᠲᠤᠯᠠ ᠳᠠᠷᠤᠢ ᠲᠣᠭᠲᠠᠭᠰᠠᠨ ᠦᠭᠡᠢ ᠪᠡᠷ ᠲᠦᠯᠬᠢᠵᠦ ᠲᠡᠭᠦᠨ ᠦ᠌ ᠪᠡᠯᠡᠭ ᠢ᠋ ᠡᠭᠡᠭᠦᠯᠦᠮᠦᠢ ᠶᠠ !》 ᠭᠡᠮᠡᠨ ᠲᠣᠭᠲᠠᠭᠠᠳ ᠳᠠᠷᠤᠢ ᠪᠡᠯᠡᠭ ᠢ᠋ ᠦᠯᠡᠳᠡᠭᠡᠨ ᠠᠪᠴᠤ ᠮᠠᠨ ᠤ᠋ ᠮᠡᠳᠡᠭᠡ ᠶ᠋ᠢ ᠬᠦᠯᠢᠶᠡ ᠭᠡᠮᠡᠨ ᠢᠳᠡᠷ ᠳᠣᠪᠣ ᠶ᠋ᠢ ᠡᠭᠡᠭᠦᠯᠪᠡ᠂ ᠢᠳᠡᠷ ᠳᠣᠪᠣ ᠬᠡᠷᠡᠭ ᠬᠢᠯᠪᠠᠷ ᠪᠦᠲᠦᠭᠰᠡᠨ ᠳ᠋ᠦ᠍ᠷ ᠶᠡᠬᠡᠯ᠎ᠡ ᠪᠠᠶᠠᠷᠯᠠᠨ ᠤᠯᠤᠰ ᠲᠤᠷ ᠡᠭᠡᠬᠦ ᠶ᠋ᠢ ᠬᠡᠯᠡᠬᠦ ᠦᠭᠡᠢ᠃
ᠭᠠᠭᠴᠠ ᠬᠡᠯᠡᠬᠦ ᠢᠨᠦ᠂ ᠰᠢᠨ᠎ᠡ ᠬᠦᠩ ᠢᠯᠠᠭᠤ ᠶᠠᠭᠠᠬᠢᠨ ᠭᠡᠨᠡᠳᠲᠡ ᠰᠡᠳᠬᠢᠯ ᠡᠭᠡᠵᠦ᠂ ᠪᠧᠲ᠋ᠠ᠋ ᠤᠯᠤᠰ ᠯᠤᠭ᠎ᠠ ᠤᠷᠤᠭ ᠪᠠᠷᠢᠵᠤ ᠠᠮᠠᠷᠠᠭᠯᠠᠬᠤ ᠶ᠋ᠢ ᠡᠭᠦᠰᠬᠡᠪᠡ ? ᠬᠡᠮᠡᠪᠡᠰᠦ ᠢᠯᠭᠠᠨ ᠰᠠᠯᠭᠠᠨ ᠬᠢᠨᠠᠨ ᠮᠡᠳᠡᠭᠦᠯᠬᠦ ᠶ᠋ᠢ ᠰᠣᠨᠣᠰ : ᠡᠨᠡ ᠢᠯᠠᠭᠤ ᠶᠠᠭᠤᠨ ᠤ᠋ ᠰᠡᠳᠬᠢᠯ ᠡᠷᠭᠢᠵᠦ ᠪᠧᠲ᠋ᠠ᠋ ᠤᠯᠤᠰ ᠲᠤᠷ᠂ ᠠᠮᠠᠷᠬᠠᠯᠠᠬᠤ ᠶ᠋ᠢ ᠰᠡᠳᠬᠢᠬᠦ ᠪᠣᠢ᠂ ᠮᠥᠨ ᠬᠦ᠌ ᠲᠡᠷᠡ ᠢᠯᠵᠠᠷᠠᠰᠢ ᠦᠭᠡᠢ ᠵᠠᠮᠤᠬ᠎ᠠ ᠶ᠋ᠢᠨ ᠭᠠᠷᠭᠠᠭᠰᠠᠨ ᠵᠠᠯᠢᠬᠠᠢ ᠠᠷᠭ᠎ᠠ ᠪᠣᠯᠠᠢ᠃ ᠶᠠᠮᠪᠠᠷ ᠠᠷᠭ᠎ᠠ ᠬᠡᠮᠡᠪᠡᠰᠦ : ᠢᠯᠠᠭᠤ ᠬᠠᠷᠠᠬᠠᠨ ᠲᠡᠷᠡ ᠤᠳᠠᠭ᠎ᠠ ᠶ᠋ᠢᠨ ᠰᠡᠳᠬᠢᠯ ᠡᠰᠡ ᠪᠦᠲᠦᠭᠰᠡᠨ ᠳ᠋ᠦ᠍ᠷ ᠨᠢᠭᠡᠨ ᠨᠠᠮᠤᠷ ᠢ᠋ ᠬᠣᠷᠣᠰᠤᠭᠰᠠᠭᠠᠷ ᠥᠩᠭᠡᠷᠡᠵᠦ᠂ ᠡᠨᠡ ᠵᠢᠯ ᠦ᠋ᠨ ᠬᠠᠪᠤᠷ ᠪᠣᠯᠵᠤ ᠮᠥᠨ ᠬᠦ᠌ ᠵᠠᠮᠤᠬ᠎ᠠ ᠯᠤᠭ᠎ᠠ ᠪᠧᠲ᠋ᠠ᠋ ᠤᠯᠤᠰ ᠢ᠋ ᠡᠪᠳᠡᠬᠦ ᠠᠷᠭ᠎ᠠ ᠶ᠋ᠢ ᠵᠥᠪᠯᠡᠵᠦ ᠬᠡᠯᠡᠯᠴᠡᠬᠦᠶ᠎ᠡ᠂ ᠵᠠᠮᠤᠬ᠎ᠠ ᠢᠷᠪᠠᠯᠵᠠᠨ ᠢᠨᠢᠶᠡᠵᠦ ᠥᠭᠦᠯᠡᠷᠦᠨ:《 ᠨᠢᠳᠤᠨᠤᠨ ᠵᠢᠯ ᠬᠥᠭᠰᠢᠨ ᠸᠠᠩ ᠡᠵᠡᠨ ᠤᠷᠠᠨ ᠰᠠᠢᠬᠠᠨ ᠠᠷᠭ᠎ᠠ ᠪᠡᠯᠡᠳᠬᠡᠵᠦ ᠪᠧᠲ᠋ᠠ᠋ ᠤᠯᠤᠰ ᠤ᠋ᠨ ᠡᠵᠡᠨ ᠲᠡᠮᠦᠵᠢᠨ ᠢ᠋ ᠮᠥᠬᠥᠭᠡ ᠬᠡᠮᠡᠭᠰᠡᠨ ᠡᠴᠡ ᠢᠨᠠᠭ᠍ᠰᠢ ᠪᠢ ᠤᠮᠳᠠᠨ ᠬᠡᠪᠲᠡᠨ ᠪᠣᠳᠣᠭᠰᠠᠭᠠᠷ ᠬᠠᠷᠢᠨ ᠠᠷᠠᠬᠠᠨ ᠭᠡᠵᠦ ᠨᠢᠭᠡᠨ ᠰᠠᠢᠨ ᠠᠷᠭ᠎ᠠ ᠶ᠋ᠢ ᠣᠯᠪᠠ᠂ ᠭᠠᠭᠴᠠ ᠪᠠᠬᠠᠨ ᠴᠤ᠌ ᠵᠠᠳᠠᠷᠠᠭᠤᠯᠵᠤ ᠪᠣᠯᠬᠤ ᠦᠭᠡᠢ᠂ ᠡᠨᠡ ᠨᠢᠭᠡᠨ ᠵᠦᠢᠯ ᠦ᠋ᠨ ᠠᠷᠭ᠎ᠠ ᠮᠠᠰᠢ ᠤᠷᠠᠨ ᠪᠥᠭᠡᠳ ᠨᠠᠷᠢᠨ᠂ ᠨᠡᠩ ᠪᠠᠰᠠ ᠮᠠᠭᠠᠳ ᠣᠨᠣᠴᠢᠲᠠᠢ᠂ ᠡᠨᠡ ᠠᠷᠭ᠎ᠠ ᠶ᠋ᠢ ᠬᠡᠷᠬᠢᠨ ᠬᠡᠷᠡᠭᠯᠡᠮᠡᠭᠴᠡ ᠪᠧᠲ᠋ᠠ᠋ ᠤᠯᠤᠰ ᠤ᠋ᠨ ᠡᠵᠡᠨ ᠲᠡᠮᠦᠵᠢᠨ ᠢ᠋ ᠳᠡᠷᠳᠡᠢᠲᠡᠯᠡ ᠪᠠᠷᠢᠵᠤ ᠠᠷᠢᠯᠭᠠᠪᠠᠰᠤ ᠪᠣᠯᠤᠮᠤᠢ᠃》 ᠬᠡᠮᠡᠭᠰᠡᠨ ᠳ᠋ᠦ᠍ᠷ ᠰᠢᠨ᠎ᠡ ᠬᠦᠩ ᠢᠯᠠᠭᠤ ᠰᠢᠯᠦᠰᠦ ᠪᠡᠨ ᠭᠣᠭᠣᠵᠢᠲᠠᠯ᠎ᠠ ᠪᠠᠶᠠᠷᠯᠠᠵᠤ᠂ ᠵᠢᠴᠢ ᠡᠳᠦᠷ ᠠᠯᠲᠠᠨ ᠪᠤᠯᠠᠭ ᠤ᠋ᠨ ᠡᠬᠢ ᠬᠡᠮᠡᠬᠦ ᠭᠠᠵᠠᠷ ᠲᠤᠷ ᠠᠷᠠᠵᠠ ᠬᠣᠣᠷᠠᠵᠠ ᠪᠡᠯᠡᠳᠬᠡᠵᠦ᠂ ᠠᠯᠲᠠᠨ ᠪᠤᠯᠠᠭ ᠤ᠋ᠨ ᠬᠤᠷᠢᠮ ᠭᠡᠮᠡᠨ ᠨᠡᠷᠡᠯᠡᠵᠦ᠂ ᠭᠤᠷᠪᠠᠨ ᠶᠡᠬᠡ ᠠᠯᠲᠠᠨ ᠴᠣᠮᠣ ᠳ᠋ᠤ᠌ ᠠᠷᠢᠬᠢ ᠪᠠᠷᠢᠭ᠍ᠰᠠᠨ ᠬᠣᠢᠨ᠎ᠠ᠂ ᠰᠢᠳᠠᠷ ᠠᠷᠠᠳ ᠢ᠋ ᠴᠥᠮ ᠵᠠᠢᠯᠠᠭᠤᠯᠵᠤ ᠬᠤᠷᠢᠮᠯᠠᠨ ᠪᠠᠢᠵᠤ ᠠᠷᠭ᠎ᠠ ᠶ᠋ᠢ ᠠᠰᠠᠭᠤᠪᠠᠰᠤ ᠢᠯᠵᠠᠷᠠᠰᠢ ᠦᠭᠡᠢ ᠵᠠᠮᠤᠬ᠎ᠠ ᠵᠣᠯᠪᠢᠨ᠂ ᠢᠷᠪᠠᠭᠠᠷ ᠤᠷᠤᠭᠤᠯ ᠢ᠋ᠶ᠋ᠠᠷ ᠢᠷᠪᠢᠰᠬᠢᠲᠡᠯᠡ ᠢᠨᠢᠶᠡᠵᠦ ᠥᠭᠦᠯᠡᠷᠦᠨ: 《 ᠡᠨᠡ ᠠᠷᠭ᠎ᠠ ᠶ᠋ᠢ ᠬᠡᠯᠡᠵᠦ ᠭᠠᠷᠭᠠᠪᠠᠰᠤ᠂ ᠡᠷᠡᠮᠡᠬᠡᠢ ᠮᠠᠭᠤ ᠪᠧᠲ᠋ᠠ᠋ ᠤᠯᠤᠰ ᠤ᠋ᠨ ᠡᠵᠡᠨ ᠲᠡᠮᠦᠵᠢᠨ ᠢ᠋ ᠡᠷᠬᠡ ᠦᠭᠡᠢ ᠵᠠᠭᠤᠷᠮ᠎ᠠ ᠨᠠᠰᠤᠯᠠᠭᠤᠯᠤᠮᠤᠢ᠂ ᠡᠷᠳᠡᠮᠲᠦ ᠡᠷᠭᠢᠨ ᠬᠦᠩ ᠡᠵᠡᠨ ᠴᠢ ᠮᠢᠨᠦ ᠮᠡᠳᠡᠭᠦᠯᠬᠦ ᠶ᠋ᠢ ᠬᠢᠨᠠᠨ ᠰᠣᠨᠣᠰᠲᠤᠭᠠᠢ : ᠤᠷᠢᠳᠤ ᠡᠳᠦᠷ ᠪᠢ ᠪᠧᠲ᠋ᠠ᠋ ᠤᠯᠤᠰ ᠲᠤᠷ ᠠᠵᠤ ᠲᠡᠮᠦᠵᠢᠨ ᠯᠤᠭᠡ ᠨᠥᠬᠥᠷᠯᠡᠨ ᠠᠬᠤᠶ᠎ᠠ ᠂ ᠲᠡᠭᠦᠨ ᠦ᠌ ᠰᠠᠨᠠᠭᠠᠨ ᠢ᠋ ᠦᠵᠡᠬᠦᠯ᠎ᠡ ᠲᠡᠷᠡ ᠲᠠᠨ ᠤ᠋ ᠤᠯᠤᠰ ᠢ᠋ ᠥᠷᠥᠰᠢᠶᠡᠯ ᠬᠡᠰᠢᠭ ᠢ᠋ᠶ᠋ᠡᠷ ᠥᠪᠡᠷ ᠦ᠋ᠨ ᠡᠷᠬᠡ ᠳ᠋ᠦ᠍ᠷ ᠢ᠋ᠶ᠋ᠡᠨ ᠣᠷᠣᠭᠤᠯᠤᠨ ᠠᠪᠴᠤ ᠨᠠᠢᠷ ᠵᠢᠷᠤᠮ ᠢ᠋ᠶ᠋ᠠᠷ ᠨᠠᠢᠵᠠᠮ ᠤ᠋ᠨ ᠳᠣᠲᠣᠷ᠎ᠠ ᠪᠠᠨ ᠨᠠᠭᠠᠯᠳᠤᠭᠤᠯᠤᠨ ᠠᠪᠰᠤᠭᠠᠢ ᠬᠡᠮᠡᠬᠦ ᠰᠠᠨᠠᠭᠠᠨ ᠪᠣᠢ ᠪᠥᠯᠥᠭᠡ᠃ ᠲᠡᠢᠨ ᠬᠦ᠌ ᠥᠨᠥᠬᠡᠨ ᠲᠡᠷᠡ ᠤᠷᠤᠭ ᠪᠠᠷᠢᠰᠤᠭᠠᠢ ᠭᠡᠮᠡᠨ ᠢᠷᠡᠭᠰᠡᠨ ᠦᠭᠡᠢ ᠦᠦ᠂ ᠡᠭᠦᠨ ᠳ᠋ᠦ᠍ᠷ ᠳᠠᠷᠤᠢ ᠭᠦᠨ ᠪᠣᠳᠣᠯᠭᠠᠲᠤ ᠬᠦᠩ ᠡᠵᠡᠨ ᠴᠢ ᠮᠡᠷᠭᠡᠨ ᠭᠡᠭᠡᠬᠡᠨ ᠲᠤᠯᠠ ᠮᠡᠬᠡᠯᠡᠭᠳᠡᠭᠰᠡᠨ ᠦᠭᠡᠢ ᠡᠭᠡᠭᠦᠯᠪᠡ᠂ ᠲᠡᠢᠨ ᠪᠣᠯᠪᠠᠴᠤ ᠲᠡᠮᠦᠵᠢᠨ ᠦ᠌ ᠲᠡᠷᠡ ᠬᠦ᠌ ᠰᠡᠳᠬᠢᠯ ᠪᠠᠰᠠ ᠬᠦ᠌ ᠲᠠᠰᠤᠷᠠᠭᠠᠳᠤᠢ ᠪᠣᠯᠠᠢ᠃ ᠳᠠᠷᠤᠢ ᠡᠨᠡ ᠲᠠᠰᠢᠷᠠᠮ ᠳ᠋ᠤᠷ ᠨᠡᠢᠯᠡᠭᠦᠯᠦᠨ ᠲᠡᠭᠦᠨ ᠦ᠌ ᠠᠷᠭ᠎ᠠ ᠳ᠋ᠤᠷ ᠠᠷᠭ᠎ᠠ ᠬᠡᠷᠡᠭᠯᠡᠨ᠂ ᠮᠡᠬᠡ ᠳ᠋ᠦ᠍ᠷ ᠮᠡᠬᠡ ᠵᠠᠷᠤᠵᠤ᠂ ᠲᠡᠭᠦᠨ ᠦ᠌ ᠰᠠᠨᠠᠭᠰᠠᠨ ᠦᠭᠡᠢ ᠪᠡᠷ ᠢᠨᠦ ᠰᠠᠯᠪᠠᠷᠠᠭᠤᠯᠤᠨ᠂ ᠲᠡᠭᠦᠨ ᠦ᠌ ᠪᠣᠳᠣᠭᠰᠠᠨ ᠦᠭᠡᠢ ᠪᠡᠷ ᠢᠨᠦ ᠪᠤᠲᠠᠷᠠᠭᠤᠯᠬᠤ ᠨᠢᠭᠡᠨ ᠰᠠᠢᠨ ᠠᠷᠭ᠎ᠠ ᠪᠣᠢ᠃ ᠡᠷᠭᠢᠨ ᠬᠦᠩ ᠡᠵᠡᠨ ᠴᠢ ᠡᠳᠦᠭᠡ ᠨᠢᠭᠡᠨ ᠤᠷᠠᠨ ᠦᠭᠡ ᠲᠡᠢ ᠬᠥᠮᠦᠨ ᠢ᠋ ᠪᠧᠲ᠋ᠠ᠋ ᠤᠯᠤᠰ ᠲᠤᠷ ᠢᠯᠡᠭᠡᠵᠦ ᠲᠡᠷᠡ ᠤᠳᠠᠭ᠎ᠠ ᠤᠷᠤᠭ ᠪᠠᠷᠢᠰᠤᠭᠠᠢ ᠭᠡᠮᠡᠨ ᠵᠠᠷᠤᠭᠰᠠᠨ ᠳ᠋ᠤᠷ ᠨᠢᠭᠡᠨ ᠳ᠋ᠦ᠍ᠷ ᠠᠪᠠᠬᠠᠢ ᠶ᠋ᠢᠨ ᠨᠠᠰᠤᠨ ᠠᠷᠠᠬᠠᠨ ᠪᠠᠭ᠎ᠠ᠂ ᠬᠣᠶᠠᠷ ᠲᠤᠷ ᠤᠯᠤᠰ ᠤ᠋ᠨ ᠬᠣᠭᠣᠷᠣᠨᠳᠣ ᠴᠡᠷᠢᠭ ᠲᠡᠢᠨ ᠦ᠌ ᠶᠠᠭᠠᠷᠠᠯ ᠮᠡᠩᠳᠡᠯ ᠳ᠋ᠦ᠍ᠷ ᠲᠣᠬᠢᠶᠠᠯᠳᠤᠵᠤ ᠪᠠᠬᠠᠨ ᠬᠣᠢᠰᠢᠯᠠᠪᠠ᠃ ᠡᠳᠦᠭᠡ ᠠᠪᠠᠬᠠᠢ ᠨᠠᠰᠤᠨ ᠪᠠᠰᠠ ᠬᠠᠷᠢᠯᠠᠬᠤ ᠳ᠋ᠤᠷ ᠬᠦᠷᠪᠡ ᠂ ᠵᠢᠴᠢ ᠲᠡᠮᠦᠵᠢᠨ ᠳ᠋ᠦ᠍ᠷ ᠪᠠᠰᠠ ᠨᠢᠭᠡᠨ ᠰᠡᠴᠡᠨ ᠰᠡᠴᠡᠭᠯᠢᠭ ᠨᠡᠷᠡᠲᠦ ᠪᠢᠴᠢᠬᠠᠨ ᠠᠪᠠᠬᠠᠢ ᠪᠣᠢ ① ᠲᠥᠷᠥᠭᠰᠡᠨ ᠢᠨᠦ ᠥᠩᠭᠡ ᠭᠡᠷᠡᠯ᠂ ᠤᠬᠠᠭᠠᠨ ᠮᠠᠲᠠᠯ ᠶᠢᠷᠲᠢᠨᠴᠦ ᠳ᠋ᠦ᠍ᠷ ᠬᠣᠣᠰ ᠦᠭᠡᠢ ᠂ ᠲᠡᠭᠦᠨ ᠢ᠋ ᠮᠠᠨ ᠤ᠋ ᠬᠥᠭᠰᠢᠨ ᠡᠵᠡᠨ ᠦ᠌ ᠬᠣᠵᠢᠮ ᠤ᠋ᠨ ᠬᠠᠲᠤᠨ ᠠ᠋ᠴᠠ ᠲᠥᠷᠥᠭᠰᠡᠨ ᠡᠷᠭᠢᠨ ᠬᠦᠩ ᠡᠵᠡᠨ ᠴᠢᠨᠦ ᠲᠡᠷᠡ ᠪᠠᠭ᠎ᠠ ᠳᠡᠭᠦᠦ ᠲᠤᠰᠬᠤ ᠳ᠋ᠤᠷ ᠭᠣᠶᠣᠰᠤᠭᠠᠢ ᠬᠡᠮᠡᠵᠦ ᠪᠧᠲ᠋ᠠ᠋ ᠤᠯᠤᠰ ᠲᠤᠷ ᠢᠯᠡᠭᠡᠵᠦ᠂ ᠮᠠᠨ ᠤ᠋ ᠬᠣᠶᠠᠷ ᠤᠯᠤᠰ ᠬᠠᠷᠢᠯᠴᠠᠨ ᠵᠣᠯᠢᠶ᠎ᠠ ᠤᠷᠤᠭ ᠪᠠᠷᠢᠯᠳᠤᠵᠤ ᠲᠥᠷᠥᠭᠰᠡᠨ ᠦᠷ᠎ᠡ ᠪᠡᠷ ᠢ᠋ᠶ᠋ᠡᠨ ᠬᠠᠨᠢᠯᠠᠵᠤ᠂ᠦᠶ᠎ᠡ ᠤᠯᠠᠷᠢᠨ ᠬᠠᠷᠢᠯᠴᠠᠨ ᠲᠤᠰᠠᠯᠠᠯᠴᠠᠨ ᠶᠠᠪᠤᠯᠴᠠᠰᠤᠭᠠᠢ ᠬᠡᠮᠡᠪᠡᠰᠦ ᠲᠡᠮᠦᠵᠢᠨ ᠯᠠᠪ ᠳᠤᠷᠠᠯᠠᠮᠤᠢ᠂ ᠲᠡᠢᠨ ᠬᠦ᠌ ᠬᠡᠷᠦᠯᠦᠨ ᠮᠥᠷᠡᠨ ᠦ᠌ ᠲᠠᠯ᠎ᠠ ᠳ᠋ᠤᠷ ᠶᠡᠬᠡ ᠬᠤᠷᠢᠮ ᠪᠡᠯᠡᠳᠬᠡᠨ ᠵᠠᠯᠠᠵᠤ ᠬᠤᠷᠢᠮ ᠳ᠋ᠤᠷ ᠬᠣᠶᠠᠷ ᠡᠲᠡᠭᠡᠳ ᠨᠢᠳᠦ ᠪᠡᠷ ᠦᠵᠡᠵᠦ ᠭᠠᠷ ᠠ᠋ᠴᠠ ᠪᠠᠷᠢᠯᠴᠠᠨ ᠬᠡᠯᠡᠯᠴᠡᠵᠦ ᠲᠣᠭᠲᠠᠰᠤᠭᠠᠢ ᠭᠡᠮᠡᠨ ᠵᠠᠯᠠᠭᠤᠯᠪᠠᠰᠤ ᠯᠠᠪ ᠲᠡᠭᠦᠨ ᠦ᠌ ᠰᠠᠨᠠᠭᠠᠨ ᠳ᠋ᠤᠷ ᠨᠡᠢᠴᠡᠵᠦ ᠮᠠᠭᠠᠳ ᠢ᠋ᠶ᠋ᠠᠷ ᠪᠠᠶᠠᠷᠯᠠᠨ ᠢᠷᠡᠮᠦᠢ᠂ ᠲᠡᠷᠡ ᠪᠠᠶᠠᠷ ᠤ᠋ᠨ ᠬᠡᠷᠡᠭ ᠲᠦ᠍ᠷ ᠢᠷᠡᠬᠦᠢ ᠳ᠋ᠦ᠍ᠷ ᠴᠡᠷᠢᠭ ᠠᠪᠤᠨ ᠢᠷᠡᠵᠦ ᠪᠣᠯᠤᠮᠤᠢ ᠤᠤ !
– – – –
① ᠡᠨᠡ ᠠᠪᠠᠬᠠᠢ ᠶ᠋ᠢ 《ᠶᠡᠬᠡ ᠶᠣᠸᠠᠨ ᠤ᠋ ᠰᠤᠳᠤᠷ 》 ᠲᠤᠷ ᠬᠤᠸᠠ ᠶ᠋ᠢᠨ ᠭᠦᠩᠵᠦ ᠬᠡᠮᠡᠭᠡᠳ 《ᠬᠥᠬᠡ ᠰᠤᠳᠤᠷ》 ᠲᠤᠷ ᠰᠡᠴᠡᠨ ᠰᠡᠴᠡᠭᠯᠢᠭ ᠬᠡᠮᠡᠵᠦᠬᠦᠢ᠂ ᠲᠡᠷᠡ ᠶᠣᠰᠣᠭᠠᠷ ᠪᠢᠴᠢᠪᠡ᠃
ᠲᠡᠢᠨ ᠬᠦ᠌ ᠤᠭᠲᠤᠭᠤᠯ ᠪᠠ ᠬᠤᠷᠢᠮ ᠲᠣᠢ ᠳ᠋ᠤᠷ ᠤᠳᠠᠭ᠎ᠠ ᠪᠦᠷᠢ ᠳ᠋ᠦ᠍ᠷ ᠴᠥᠮ ᠬᠣᠣᠷ᠎ᠠ ᠬᠣᠯᠢᠵᠤ ᠢᠳᠡᠭᠦᠯᠦᠰᠦᠭᠡᠢ᠂ ᠲᠡᠷᠡ ᠡᠰᠡ ᠣᠷᠣᠪᠠᠰᠤ ᠬᠤᠷᠢᠮ ᠤ᠋ᠨ ᠭᠠᠵᠠᠷ᠎ᠠ ᠨᠦᠬᠡ ᠪᠤᠶᠤ ᠰᠢᠭᠤᠢ ᠳ᠋ᠤᠷ ᠴᠡᠷᠢᠭ ᠪᠦᠭᠭᠦᠵᠦ ᠰᠢᠭᠤᠳ ᠭᠠᠷᠴᠤ ᠪᠠᠷᠢᠵᠤ ᠠᠯᠠᠰᠤᠭᠠᠢ᠂ ᠦᠨᠡᠬᠡᠷ ᠪᠤᠯᠲᠠᠷᠠᠨ ᠳᠤᠲᠠᠭᠠᠨ ᠭᠠᠷᠤᠭᠤᠵᠠᠢ ᠬᠡᠮᠡᠪᠡᠰᠦ᠂ ᠲᠡᠭᠦᠨ ᠦ᠌ ᠡᠭᠡᠵᠦ ᠡᠴᠢᠬᠦ ᠵᠠᠮ ᠳ᠋ᠤᠷ ᠬᠣᠶᠠᠷ ᠬᠠᠪᠴᠢᠯ ᠭᠠᠴᠠᠭ᠎ᠠ ᠳ᠋ᠤᠷ ᠬᠣᠶᠠᠷ ᠠᠩᠭᠢ ᠴᠡᠷᠢᠭ ᠪᠦᠭᠭᠦᠭᠦᠯᠵᠦ ᠲᠣᠰᠴᠤ ᠠᠯᠠᠭᠤᠯᠰᠤᠭᠠᠢ᠂ ᠡᠢᠨ ᠪᠣᠯᠪᠠᠰᠤ ᠨᠢᠭᠡᠨ ᠲᠡᠮᠦᠵᠢᠨ ᠢ᠋ ᠴᠦ᠍ ᠪᠠᠢᠲᠤᠭᠠᠢ᠂ ᠬᠡᠳᠦᠢ ᠲᠦᠮᠡᠨ ᠲᠡᠮᠦᠵᠢᠨ ᠪᠣᠯᠪᠠᠴᠤ ᠠᠯᠠᠭᠳᠠᠯ ᠦᠭᠡᠢ ᠬᠠᠮᠢᠭᠠᠰᠢ ᠡᠴᠢᠮᠦᠢ᠂ ᠨᠢᠭᠡᠬᠡᠨ ᠲᠡᠮᠦᠵᠢᠨ ᠤᠨᠠᠪᠠᠰᠤ ᠪᠧᠲ᠋ᠠ᠋ ᠤᠯᠤᠰ ᠳᠠᠷᠤᠢ ᠮᠥᠬᠥᠭᠰᠡᠨ ᠪᠣᠯᠠᠢ᠃ ᠥᠪᠡᠷ᠎ᠡ ᠬᠡᠨ ᠴᠦ᠍ ᠪᠡᠷ ᠲᠡᠮᠦᠵᠢᠨ ᠦ᠌ ᠮᠡᠲᠦ ᠲᠤᠯᠵᠤ ᠦᠯᠦ ᠴᠢᠳᠠᠮᠤᠢ᠂ ᠯᠤᠤ ᠬᠡᠳᠦᠢ ᠴᠢᠳᠠᠯᠲᠠᠢ ᠪᠣᠯᠪᠠᠴᠤ ᠲᠣᠯᠣᠭᠠᠢ ᠦᠭᠡᠢ ᠪᠣᠯᠪᠠᠰᠤ ᠬᠡᠷᠬᠢᠨ ᠴᠢᠳᠠᠮᠤᠢ᠂ᠨᠢᠭᠡᠬᠡᠨ ᠮᠤᠬᠤᠯᠢ ᠲᠡᠭᠦᠨ ᠳ᠋ᠦ᠍ᠷ ᠠᠳᠠᠪᠠᠰᠢ ᠬᠡᠳᠦᠢᠴᠢᠨᠡᠭᠡᠨ ᠴᠢᠳᠠᠯ ᠪᠣᠢ᠂ ᠶᠠᠷᠠᠭᠳᠠᠭᠠᠨ ᠴᠥᠮ ᠪᠤᠲᠠᠷᠠᠨ ᠰᠠᠷᠨᠢᠬᠤ ᠪᠣᠯᠠᠢ᠃ ᠡᠢᠨ ᠪᠣᠯᠪᠠᠰᠤ ᠲᠡᠮᠦᠵᠢᠨ ᠦ᠌ ᠬᠡᠳᠦᠢᠴᠢᠨᠡᠭᠡᠨ ᠵᠢᠯ ᠦ᠋ᠨ ᠵᠣᠪᠠᠨ ᠵᠦᠳᠡᠵᠦ ᠵᠥᠭᠡᠭᠡᠵᠦ ᠨᠥᠭᠡᠭᠰᠡᠨ ᠨᠢᠭᠡᠨ ᠶᠡᠬᠡ ᠪᠧᠲ᠋ᠠ᠋ ᠤᠯᠤᠰ ᠤ᠋ᠨ ᠨᠡᠢᠲᠡ ᠪᠦᠭᠦᠳᠡᠭᠡᠷ ᠴᠥᠮ ᠬᠡᠷᠬᠢᠮ ᠬᠦᠩ ᠡᠵᠡᠨ ᠴᠢᠨᠦ ᠪᠣᠯᠬᠤ ᠪᠣᠯᠠᠢ᠂ ᠲᠡᠷᠡ ᠴᠠᠭ ᠲᠤᠷ ᠮᠠᠨ ᠤ᠋ ᠸᠠᠩ ᠤ᠋ᠨ ᠲᠥᠷᠥ ᠪᠣᠷᠵᠢᠭᠢᠳ ᠤ᠋ᠨ ᠬᠠᠭᠠᠨ ᠦᠨᠳᠦᠰᠦᠨ ᠢ᠋ ᠣᠯᠪᠠᠰᠤ᠂ ᠮᠠᠨ ᠤ᠋ ᠬᠣᠢᠲᠤ ᠭᠠᠵᠠᠷ ᠳᠠᠷᠤᠢ ᠡᠮᠦᠨ᠎ᠡ ᠠᠯᠲᠠᠨ ᠤ᠋ ᠶᠡᠬᠡ ᠤᠯᠤᠰ ᠯᠤᠭ᠎ᠠ ᠳᠠᠩ ᠰᠠᠴᠠᠭᠤ ᠪᠣᠯᠵᠤ ᠬᠥᠭᠰᠢᠨ ᠡᠵᠡᠨ ᠬᠠᠭᠠᠨ ᠰᠠᠭᠤᠵᠤ ᠬᠦᠩ ᠡᠵᠡᠨ ᠸᠠᠩ ᠤ᠋ᠨ ᠰᠠᠭᠤᠷᠢᠨ ᠢ᠋ᠶ᠋ᠠᠨ ᠵᠠᠯᠭᠠᠮᠵᠢᠯᠠᠪᠠᠰᠤ ᠲᠣᠭᠣᠷᠢᠭ᠍ᠰᠠᠨ ᠪᠠᠭ᠎ᠠ ᠠᠢᠮᠠᠭ ᠤ᠋ᠳ ᠣᠭᠲᠣ ᠳᠠᠢᠯᠠᠯ ᠦᠭᠡᠢ ᠪᠡᠷ ᠥᠪᠡᠰᠦᠪᠡᠨ ᠳᠠᠭᠠᠵᠤ ᠢᠷᠡᠮᠦᠢ᠃ ᠲᠡᠷᠡ ᠴᠠᠭ ᠲᠤᠷ ᠬᠦᠩ ᠡᠵᠡᠨ ᠮᠥᠨ ᠬᠠᠭᠠᠨ ᠪᠣᠯᠬᠤ ᠦᠭᠡᠢ ᠬᠠᠮᠢᠭᠠᠰᠢ ᠡᠴᠢᠮᠦᠢ ? 》 ᠬᠡᠮᠡᠭᠰᠡᠨ ᠡᠨᠡ ᠨᠢᠭᠡᠨ ᠵᠡᠷᠭᠡ ᠶ᠋ᠢᠨ ᠦᠭᠡᠨ ᠳ᠋ᠦ᠍ᠷ ᠰᠢᠨ᠎ᠡ ᠬᠦᠩ ᠢᠯᠠᠭᠤ ᠦᠨᠡᠬᠡᠷ ᠳᠠᠷᠤᠢ ᠲᠡᠷᠡ ᠬᠢᠷᠢ ᠳ᠋ᠦ᠍ᠷ ᠬᠦᠷᠦᠭᠰᠡᠨ ᠮᠡᠲᠦ ᠪᠠᠶᠠᠷᠯᠠᠵᠤ ᠂ ᠭᠠᠷ ᠬᠥᠯ ᠰᠡᠷᠪᠡᠯᠵᠡᠨ ᠶᠠᠭᠠᠷᠠᠨ ᠪᠥᠭᠰᠢᠨ ᠮᠠᠭᠰᠢᠨ ᠪᠣᠰᠴᠤ ᠪᠠᠰᠠ ᠭᠤᠷᠪᠠᠨ ᠶᠡᠬᠡ ᠠᠯᠲᠠᠨ ᠴᠣᠮᠣ ᠠᠷᠢᠬᠢ ᠬᠢᠵᠦ ᠬᠣᠶᠠᠷ ᠭᠠᠷ ᠢ᠋ᠶ᠋ᠠᠷ ᠪᠠᠷᠢᠵᠤ ᠪᠡᠶᠡᠰᠦᠨ ᠢᠨᠢᠶᠡᠵᠦ ᠵᠠᠮᠤᠬ᠎ᠠ ᠶ᠋ᠢ ᠮᠠᠭᠲᠠᠵᠤ ᠡᠢᠨ ᠥᠭᠦᠯᠡᠷᠦᠨ᠄
ᠦᠨᠡᠬᠡᠷ ᠥᠨᠳᠥᠷ ᠪᠣᠳᠣᠯᠭ᠎ᠠ ᠬᠣᠣᠰ ᠪᠦᠷᠢᠳᠦᠭᠰᠡᠨ
ᠦᠯᠡᠮᠵᠢ ᠠᠷᠭ᠎ᠠ ᠲᠡᠭᠦᠰᠦᠭᠰᠡᠨ ᠠᠬ᠎ᠠ ᠮᠢᠨᠦ ᠪᠣᠯᠠᠢ ᠂
ᠦᠨᠡᠨ ᠳ᠋ᠦ᠍ᠷ ᠦᠬᠦᠵᠦ ᠲᠥᠷᠥᠬᠦ ᠶ᠋ᠢ ᠴᠥᠮ ᠲᠥᠰᠦᠭᠡᠯᠡᠭᠰᠡᠨ
ᠥᠷᠯᠥᠭᠡ ᠶ᠋ᠢᠨ ᠨᠡᠷᠡᠨ᠎ᠡ ᠲᠡᠩᠴᠡᠭᠰᠡᠨ ᠠᠬ᠎ᠠ ᠮᠢᠨᠢ ᠪᠣᠯᠠᠢ
ᠬᠡᠮᠡᠭᠰᠡᠨ ᠳ᠋ᠦ᠍ᠷ ᠵᠠᠮᠤᠬ᠎ᠠ ᠪᠠᠰᠠ ᠬᠠᠷᠢᠭᠤ ᠪᠠᠷᠢᠵᠤ ᠢᠯᠠᠭᠤ ᠶ᠋ᠢᠨ ᠴᠢᠬᠢᠨ ᠳ᠋ᠦ᠍ᠷ ᠰᠢᠪᠡᠨᠡᠨ ᠰᠤᠷᠭᠠᠨ ᠥᠭᠦᠯᠡᠷᠦᠨ:《 ᠡᠷᠭᠢᠨ ᠳᠡᠭᠦᠦ ᠴᠢ ᠶᠠᠭᠠᠬᠢᠨ ᠬᠡᠷᠬᠢᠪᠡᠴᠦ ᠡᠳᠡᠭᠡᠷ ᠨᠠᠷᠢᠨ ᠠᠷᠭ᠎ᠠ ᠶ᠋ᠢ ᠬᠥᠭᠰᠢᠨ ᠸᠠᠩ ᠠᠪᠠᠭ᠎ᠠ ᠪᠠ ᠠᠪᠠᠬᠠᠢ ᠥᠬᠢᠨ ᠳᠡᠭᠦᠦ ᠨᠠᠷ ᠠ᠋ᠴᠠ ᠳᠠᠷᠠᠭᠠᠯᠠᠨ᠂ ᠡᠷᠭᠢᠨ ᠳᠡᠭᠦᠦ ᠪᠡᠷᠢ ᠬᠢᠭᠡᠳ ᠠᠨᠳᠤ ᠫᠤᠯᠭᠤᠳᠠᠢ ᠳ᠋ᠤᠷ ᠬᠦᠷᠲᠡᠯ᠎ᠡ ᠥᠴᠦᠬᠡᠨ ᠴᠦ᠍ ᠪᠢᠲᠡᠭᠡᠢ ᠬᠡᠯᠡ᠂ ᠭᠠᠭᠴᠠ ᠲᠡᠮᠦᠵᠢᠨ ᠦ᠌ ᠠᠴᠢ ᠳ᠋ᠤᠷ ᠬᠠᠷᠢᠭᠤᠯᠠᠨ ᠵᠠᠯᠠᠵᠤ ᠤᠷᠤᠭ ᠪᠠᠷᠢᠮᠤᠢ ᠭᠡᠮᠡᠨ ᠠᠯᠳᠠᠷᠰᠢᠭᠤᠯ᠂ ᠬᠡᠵᠢᠶ᠎ᠡ ᠲᠡᠮᠦᠵᠢᠨ ᠢ᠋ ᠬᠦᠷᠴᠦ ᠢᠷᠡᠭᠰᠡᠨ ᠬᠣᠢᠨ᠎ᠠ ᠭᠡᠨᠡᠳᠲᠡ ᠬᠥᠳᠡᠯᠵᠦ ᠠᠯᠠᠵᠤ ᠪᠠᠷᠠᠭᠰᠠᠨ ᠬᠣᠢᠨ᠎ᠠ ᠮᠡᠳᠡᠪᠡᠴᠦ ᠲᠠᠯᠠᠭᠠᠷ᠂ ᠭᠤᠷᠪᠠᠨ ᠠᠩᠭᠢ ᠪᠦᠭᠭᠦᠬᠦ ᠴᠡᠷᠢᠭ ᠦ᠋ᠨ ᠲᠡᠷᠢᠭᠦᠯᠡᠭᠰᠡᠨ ᠬᠥᠮᠦᠨ ᠪᠠ ᠴᠡᠷᠢᠭ ᠢ᠋ ᠴᠥᠮ ᠪᠢ ᠡᠷᠢᠵᠦ ᠰᠤᠷᠭᠠᠨ ᠲᠣᠭᠲᠠᠭᠠᠰᠤᠭᠠᠢ᠂ ᠯᠠᠪ ᠳᠡᠭᠦᠦ ᠴᠢᠮ᠎ᠠ ᠳ᠋ᠤᠷ ᠡᠨᠡ ᠶᠡᠬᠡ ᠭᠠᠪᠢᠶ᠎ᠠ ᠶ᠋ᠢ ᠵᠢᠳᠬᠦᠨ ᠪᠦᠲᠦᠭᠡᠪᠡᠰᠦ ᠪᠠᠷᠠᠪᠠ᠃ ᠲᠡᠷᠡ ᠬᠣᠣᠷ᠎ᠠ ᠶ᠋ᠢ ᠡᠷᠬᠡᠪᠰᠢ ᠰᠢᠨ᠎ᠡ ᠠᠯ ᠰᠡᠭᠦᠯ ᠢ᠋ ᠨᠠᠭᠤᠷ ᠠ᠋ᠴᠠ ᠰᠥᠨᠢ ᠪᠠᠷᠢᠵᠤ ᠰᠡᠴᠢᠭ ᠦ᠋ᠨ ᠴᠢᠰᠤᠨ ᠢ᠋ ᠬᠡᠷᠡᠭᠯᠡ᠂ ᠲᠡᠷᠡ ᠬᠣᠶᠠᠷ ᠮᠥᠴᠡ ᠪᠣᠯᠬᠤ ᠦᠭᠡᠢ ᠪᠡᠷ ᠬᠥᠮᠦᠨ ᠦ᠌ ᠬᠣᠳᠣᠭᠣᠳᠣ ᠳᠡᠯᠪᠡᠷᠡᠵᠦ ᠭᠡᠳᠡᠰᠦ ᠲᠠᠰᠤᠷᠠᠮᠤᠢ᠂ ᠮᠠᠰᠢ ᠲᠦᠷᠭᠡᠨ᠃ ᠬᠠᠭᠤᠴᠢᠨ ᠬᠠᠲᠠᠭᠰᠠᠨ ᠠᠨᠤ ᠬᠦᠴᠦᠨ ᠤᠳᠠᠭᠠᠨ᠂ ᠲᠡᠷᠡ ᠭᠡᠨᠡᠳᠲᠡ ᠮᠡᠳᠡᠪᠡᠰᠦ ᠲᠡᠭᠦᠨ ᠦ᠌ ᠡᠴᠢᠭᠡ ᠶᠢᠰᠦᠭᠡᠢ ᠪᠠᠭᠠᠲᠤᠷ ᠤ᠋ᠨ ᠮᠡᠲᠦ ᠬᠡᠳᠦ ᠬᠡᠳᠦᠨ ᠬᠥᠮᠦᠨ ᠢ᠋ ᠴᠠᠪᠴᠢᠨ ᠤᠨᠠᠭᠠᠬᠤ ᠪᠣᠯᠭᠤᠵᠠᠢ᠂ ᠬᠣᠣᠷ᠎ᠠ ᠶ᠋ᠢ ᠪᠠᠬᠠᠨ ᠦᠯᠡᠮᠵᠢᠬᠡᠨ ᠪᠡᠯᠡᠳ᠂ ᠶᠡᠬᠡ ᠰᠢᠬᠠᠮᠳᠠᠪᠠᠰᠤ ᠮᠢᠬ᠎ᠠ ᠱᠥᠯᠥ ᠳ᠋ᠦ᠍ᠷ ᠴᠥᠮ ᠬᠣᠯᠢᠵᠤ ᠤᠷᠤᠭᠤᠯ᠃ 》 ᠬᠡᠮᠡᠭᠰᠡᠨ ᠳ᠋ᠦ᠍ᠷ ᠢᠯᠠᠭᠤ ᠨᠡᠩ ᠶᠡᠬᠡᠳᠡ ᠪᠠᠶᠠᠷᠯᠠᠨ ᠠᠶᠠᠭ᠎ᠠ ᠠᠶᠠᠭ᠎ᠠ ᠪᠠᠷ ᠤᠤᠭᠤᠵᠤ ᠵᠠᠮᠤᠬ᠎ᠠ ᠶ᠋ᠢᠨ ᠭᠠᠷ ᠢ᠋ ᠪᠠᠷᠢᠵᠤ ᠡᠢᠨ ᠮᠠᠭᠲᠠᠷᠤᠨ :
ᠶᠠᠮᠪᠠᠷᠪᠠ ᠠᠷᠭ᠎ᠠ ᠴᠥᠮ ᠪᠦᠷᠢᠳᠦᠭᠰᠡᠨ ᠰᠡᠴᠡᠨ
ᠶᠠᠭᠤ ᠲᠠᠢ ᠮᠡᠷᠭᠡᠨ ᠮᠡᠬᠡ ᠵᠠᠯᠢᠲᠤ ᠠᠷᠭ᠎ᠠ ᠪᠣᠢ᠂
ᠶᠠᠮᠪᠠᠷᠪᠠ ᠬᠡᠷᠡᠭ ᠲᠦ᠍ᠷ ᠴᠥᠮ ᠶᠠᠰᠤ ᠮᠢᠬ᠎ᠠ ᠪᠠᠷ ᠬᠠᠨᠢᠯᠠᠶ᠎ᠠ
ᠢᠯᠭᠠᠯ ᠦᠭᠡᠢ ᠪᠠᠶᠠᠨ ᠡᠷᠬᠢᠮ ᠢ᠋ ᠬᠠᠮᠲᠤᠳᠬᠠᠨ ᠶᠠᠪᠤᠯᠴᠠᠶᠠ !
ᠬᠡᠮᠡᠵᠦ ᠬᠤᠷᠢᠮ ᠲᠠᠷᠬᠠᠵᠤ ᠬᠡᠳᠦᠨ ᠰᠠᠷ᠎ᠠ ᠥᠩᠭᠡᠷᠡᠨ᠂ ᠡᠴᠢᠭᠡ ᠪᠡᠨ ᠮᠡᠬᠡᠯᠡᠵᠦ ᠡᠨᠡ ᠠᠷᠭ᠎ᠠ ᠪᠠᠨ ᠡᠭᠦᠰᠬᠡᠨ ᠡᠬᠢᠯᠡᠵᠦ ᠾᠧ ᠸᠠᠩ ᠳ᠋ᠤᠷ ᠪᠧᠲ᠋ᠠ᠋ ᠤᠯᠤᠰ ᠯᠤᠭ᠎ᠠ ᠵᠣᠯᠢᠶ᠎ᠠ ᠤᠷᠤᠭ ᠰᠠᠭᠤᠰᠤᠭᠠᠢ᠂ ᠡᠢᠮᠦ ᠪᠣᠯᠪᠠᠰᠤ ᠡᠭᠦᠷᠢᠳᠡ ᠢᠲᠡᠭᠡᠯᠲᠡᠢ ᠪᠣᠯᠵᠤ ᠪᠣᠯᠤᠮᠤᠢ ᠬᠡᠮᠡᠬᠦᠢ ᠳ᠋ᠦ᠍ᠷ ᠡᠨᠡ ᠬᠡᠷᠡᠭ ᠬᠡᠳᠦᠢ ᠾᠧ ᠸᠠᠩ ᠤ᠋ᠨ ᠰᠡᠳᠬᠢᠯ ᠳ᠋ᠦ᠍ᠷ ᠨᠡᠢᠴᠡᠪᠡᠴᠦ ᠭᠠᠭᠴᠠ ᠬᠥᠪᠡᠭᠦᠨ ᠢᠯᠠᠭᠤ ᠶᠠᠭᠠᠬᠢᠨ ᠭᠡᠨᠡᠳᠲᠡ ᠪᠠᠢᠭᠰᠠᠭᠠᠷ ᠡᠨᠡ ᠮᠡᠲᠦ ᠰᠡᠳᠬᠢᠯ ᠬᠠᠯᠠᠵᠤ ᠪᠧᠲ᠋ᠠ᠋ ᠤᠯᠤᠰ ᠯᠤᠭ᠎ᠠ ᠢᠨᠠᠭᠯᠠᠬᠤ ᠶ᠋ᠢ ᠡᠷᠢᠭᠰᠡᠨ ᠪᠣᠯᠪᠠ ᠭᠡᠮᠡᠨ ᠰᠡᠵᠢᠭᠯᠡᠵᠦ᠂ ᠲᠡᠭᠦᠨ ᠦ᠌ ᠦᠭᠡ ᠪᠦᠷᠢ ᠴᠥᠮ ᠦᠨᠡᠨ ᠦᠭᠡ ᠪᠥᠭᠡᠳ ᠪᠠᠰᠠ ᠰᠡᠳᠬᠢᠯ ᠡᠭᠡᠭᠰᠡᠨ ᠢ᠋ᠶ᠋ᠡᠨ ᠳᠠᠬᠢᠨ ᠳᠠᠪᠲᠠᠨ ᠬᠡᠯᠡᠬᠦ ᠢᠨᠦ ᠤᠴᠢᠷ ᠲᠤᠬᠠᠢ ᠳ᠋ᠤᠷ ᠮᠠᠰᠢ ᠨᠡᠢᠴᠡᠬᠦ ᠲᠤᠯᠠ ᠪᠠᠰᠠ ᠲᠡᠭᠦᠨ ᠢ᠋ ᠰᠡᠩᠬᠡᠷᠡᠨ ᠮᠡᠳᠡᠭᠰᠡᠨ ᠴᠦ᠍ ᠪᠣᠯᠪᠠᠤ ᠭᠡᠮᠡᠨ ᠬᠡᠯᠪᠡᠯᠵᠡᠵᠦ ᠰᠠᠨᠠᠨ ᠳᠠᠷᠤᠢ ᠲᠡᠭᠦᠨ ᠦ᠌ ᠦᠭᠡ ᠶ᠋ᠢ ᠳᠠᠭᠠᠵᠤ ᠵᠠᠯᠠᠭᠤᠯᠤᠷᠠ ᠵᠠᠷᠤᠲᠤᠭᠠᠢ᠂ ᠰᠠᠢᠬᠠᠨ ᠬᠢᠴᠢᠶᠡ ᠬᠡᠮᠡᠪᠡᠢ᠃
ᠲᠡᠭᠦᠨᠴᠡ ᠢᠯᠠᠭᠤ ᠭᠠᠷᠴᠤ ᠢᠷᠡᠮᠡᠭᠴᠡ ᠫᠤᠯᠭᠤᠳᠠᠢ ᠶ᠋ᠢ ᠳᠠᠭᠤᠳᠠᠵᠤ ᠰᠤᠷᠭᠠᠨ ᠥᠭᠦᠯᠡᠷᠦᠨ:《ᠪᠢ ᠪᠣᠳᠣᠪᠠᠰᠤ ᠡᠳᠦᠷ ᠪᠦᠷᠢ ᠪᠠᠢᠯᠳᠤᠵᠤ ᠲᠠᠢᠯᠠᠯᠴᠠᠬᠤ ᠠ᠋ᠴᠠ ᠲᠠᠨ ᠤ᠋ ᠨᠡᠢᠲᠡ ᠶ᠋ᠢᠨ ᠰᠠᠨᠠᠭᠠᠨ ᠢ᠋ᠶ᠋ᠠᠷ ᠪᠧᠲ᠋ᠠ᠋ ᠤᠯᠤᠰ ᠯᠤᠭ᠎ᠠ ᠦᠷ᠎ᠡ ᠪᠡᠷ ᠢ᠋ᠶ᠋ᠡᠨ ᠬᠠᠨᠢᠯᠠᠵᠤ ᠬᠠᠰᠢᠶ᠎ᠠ ᠲᠥᠰᠢᠶ᠎ᠡ ᠪᠣᠯᠬᠤ ᠠᠨᠤ ᠳᠡᠭᠡᠷ᠎ᠡ ᠲᠤᠯᠠ ᠪᠧᠲ᠋ᠠ᠋ ᠤᠯᠤᠰ ᠤ᠋ᠨ ᠡᠵᠡᠨ ᠢ᠋ ᠵᠠᠯᠠᠵᠤ᠂ ᠬᠤᠷᠢᠮᠯᠠᠨ ᠨᠢᠭᠡᠨ ᠳ᠋ᠦ᠍ᠷ ᠲᠡᠳᠡᠨ ᠦ᠌ ᠬᠠᠭᠤᠴᠢᠨ ᠠᠴᠢ ᠳ᠋ᠤᠷ ᠬᠠᠷᠢᠭᠤᠯᠤᠶ᠎ᠠ᠂ᠬᠣᠶᠠᠷ ᠲᠤᠷ ᠰᠢᠨ᠎ᠡ ᠤᠷᠤᠭ ᠪᠣᠯᠤᠯᠴᠠᠬᠤ ᠶ᠋ᠢ ᠨᠢᠭᠤᠷ ᠲᠤᠯᠤᠨ ᠭᠠᠷ ᠪᠠᠷᠢᠨ ᠬᠡᠯᠡᠯᠴᠡᠶ᠎ᠡ ᠬᠡᠮᠡᠬᠦ ᠰᠠᠨᠠᠭᠠᠨ ᠂ ᠴᠢ ᠡᠭᠦᠨ ᠢ᠋ ᠪᠦᠷᠢᠳᠬᠡᠨ ᠬᠡᠯᠡᠭᠡᠳ ᠰᠠᠢᠬᠠᠨ ᠵᠠᠯᠠᠵᠤ ᠪᠣᠯᠵᠣᠵᠤ ᠢᠷ᠎ᠡ᠂ ᠬᠡᠷᠬᠢᠪᠡᠴᠦ ᠪᠢᠲᠡᠭᠡᠢ ᠠᠯᠭᠤᠷᠯᠠᠨ ᠣᠰᠤᠯᠲᠠ ! 》 ᠭᠡᠮᠡᠨ ᠵᠠᠬᠢᠭ᠍ᠰᠠᠨ ᠳ᠋ᠤᠷ ᠫᠤᠯᠭᠤᠳᠠᠢ ᠬᠡᠮᠡᠭᠴᠢ ᠮᠠᠰᠢ ᠨᠢᠭᠡᠨ ᠲᠡᠨᠡᠭ ᠪᠢᠲᠡᠭᠦᠯᠢᠭ ᠡᠷ᠎ᠡ ᠲᠤᠯᠠ ᠨᠢᠭᠡᠮᠦᠰᠦᠨ ᠦᠬᠦᠲᠡᠯ᠎ᠡ ᠢᠲᠡᠭᠡᠵᠦ ᠶᠡᠬᠡᠯ᠎ᠡ ᠪᠠᠶᠠᠷᠯᠠᠨ ᠮᠠᠩᠨᠠᠢ ᠳ᠋ᠠᠭᠠᠨ ᠵᠠᠯᠪᠠᠷᠢᠨ᠂ ᠮᠠᠭᠰᠢᠨ ᠪᠥᠵᠢᠭᠯᠡᠵᠦ ᠥᠴᠢᠷᠦᠨ: 《 ᠮᠠᠩᠨᠤᠭ ᠮᠡᠲᠦ ᠡᠷᠳᠡᠮᠲᠦ ᠮᠠᠨ ᠤ᠋ ᠬᠦᠩ ᠡᠵᠡᠨ ᠮᠢᠨᠦ ᠂ ᠮᠠᠭᠠᠳ ᠡᠨᠡ ᠪᠣᠳᠣᠯᠭ᠎ᠠ ᠮᠠᠰᠢ ᠤᠨᠤᠭᠰᠠᠨ ᠪᠣᠯᠠᠢ ᠂ ᠮᠠᠷᠭᠤᠯ ᠦᠭᠡᠢ ᠵᠢᠳᠬᠦᠵᠦ ᠮᠠᠴᠤᠨ ᠮᠠᠭᠠᠵᠢᠵᠤ ᠪᠦᠲᠦᠭᠡᠶ᠎ᠡ ! 》 ᠬᠡᠮᠡᠵᠦ ᠮᠠᠳᠠᠬ᠍ᠴᠢᠨ ᠪᠠᠶᠠᠷᠯᠠᠭᠰᠠᠭᠠᠷ ᠭᠠᠷᠴᠤ ᠢᠷᠡᠭᠡᠳ ᠮᠠᠷᠭᠠᠲᠠ ᠥᠷᠯᠥᠭᠡ ᠢᠨᠦ ᠮᠠᠩᠨᠠᠢ ᠬᠠᠯᠵᠠᠨ ᠮᠣᠷᠢ ᠳ᠋ᠤᠷ ᠮᠠᠯᠠᠭ᠎ᠠ ᠳᠡᠪᠡᠯ ᠲᠡᠢ ᠮᠣᠷᠳᠠᠵᠤ᠂ ᠮᠠᠯᠤ ᠪᠣᠳᠣᠩ ᠬᠡᠮᠡᠬᠦ ᠮᠠᠰᠢ ᠰᠠᠢᠨ ᠨᠥᠬᠥᠷ ᠰᠡᠯᠲᠡᠨ ᠯᠦ᠍ᠭᠡ ᠮᠠᠩᠬ᠎ᠠ ᠡᠯᠡᠰᠦᠨ ᠦ᠌ ᠵᠠᠮ ᠳ᠋ᠤᠷ ᠮᠠᠷᠭᠤᠯ ᠦᠭᠡᠢ ᠶᠠᠪᠤᠭᠰᠠᠭᠠᠷ ᠨᠢᠭᠡᠨ ᠡᠳᠦᠷ ᠪᠧᠲ᠋ᠠ᠋ ᠤᠯᠤᠰ ᠤ᠋ᠨ ᠵᠠᠬ᠎ᠠ ᠳ᠋ᠤᠷ ᠣᠷᠣᠵᠤ᠂ ᠴᠠᠭᠳᠠᠭᠤᠯ ᠤ᠋ᠨ ᠪᠠᠭᠤᠳᠠᠯ ᠳ᠋ᠤᠷ ᠬᠦᠷᠴᠦ ᠬᠠᠷᠠᠭᠤᠯ ᠤ᠋ᠨ ᠬᠥᠮᠦᠨ ᠳ᠋ᠦ᠍ᠷ ᠵᠣᠯᠭᠠᠵᠤ᠂ ᠬᠠᠮᠲᠤ ᠪᠤᠷᠬᠠᠨ ᠭᠠᠯᠳᠤᠨ᠎ᠠ ᠳ᠋ᠤᠷ ᠢᠷᠡᠭᠡᠳ ᠲᠠᠢᠽᠦ ᠶ᠋ᠢᠨ ᠬᠡᠷᠡᠭ ᠮᠡᠳᠡᠭᠦᠯᠬᠦ ᠵᠠᠭᠤᠴᠢ ᠶ᠋ᠢᠨ ᠦᠷᠭᠦᠭᠡᠨ᠎ᠡ ᠢᠷᠡᠵᠦ ᠵᠣᠯᠭᠠᠨ᠂ ᠵᠠᠯᠠᠬᠤ ᠤᠴᠢᠷ ᠢ᠋ᠶ᠋ᠠᠨ ᠮᠡᠳᠡᠭᠦᠯᠦᠭᠰᠡᠨ ᠳ᠋ᠦ᠍ᠷ ᠲᠡᠷᠡ ᠵᠢᠰᠢᠶᠡᠨ ᠦ᠌ ᠵᠠᠭᠤᠴᠢ ᠳ᠋ᠤᠷ ᠶᠠᠪᠤᠬᠤ ᠠᠨᠤ ᠣᠶᠤᠲᠤ ᠰᠡᠴᠡᠨ ᠲᠤᠯᠠ ᠫᠤᠯᠭᠤᠳᠠᠢ ᠠ᠋ᠴᠠ ᠤᠴᠢᠷ ᠲᠤᠬᠠᠢ ᠶ᠋ᠢ ᠨᠠᠷᠢᠪᠴᠢᠯᠠᠨ ᠠᠰᠠᠭᠤᠵᠤ᠂ ᠠᠯᠢᠪᠠ ᠪᠡᠯᠡᠭ ᠦ᠋ᠨ ᠲᠡᠷᠢᠭᠦᠨ ᠠᠷᠢᠭᠤᠨ ᠴᠠᠭᠠᠨ ᠭᠬᠢᠪ ᠢ᠋ ᠠᠪᠴᠤ ᠠᠯᠭᠤᠷ ᠣᠷᠣᠵᠤ ᠮᠡᠳᠡᠭᠦᠯᠬᠦᠶᠡ ᠠᠤᠬᠠ ᠬᠦᠴᠦᠲᠦ ᠲᠠᠢᠽᠦ ᠶ᠋ᠢᠨ ᠠᠮᠲᠠᠲᠤ ᠵᠣᠭᠣᠭ ᠤ᠋ᠨ ᠰᠢᠷᠡᠭᠡ ᠠᠷᠠᠢ ᠪᠠᠭᠤᠬᠤᠢ ᠳ᠋ᠤᠷ ᠲᠣᠬᠢᠶᠠᠯᠳᠤᠵᠤ᠂ ᠠᠭᠠᠵᠢᠮ ᠢ᠋ᠶ᠋ᠠᠷ ᠣᠷᠣᠵᠤ ᠠᠯᠢᠪᠠ ᠰᠢᠯᠲᠠᠭᠠᠨ ᠢ᠋ ᠮᠡᠳᠡᠭᠦᠯᠦᠭᠰᠡᠨ ᠳ᠋ᠦ᠍ᠷ ᠠᠰᠠᠷᠠᠯ ᠥᠷᠥᠰᠢᠶᠡᠯᠲᠦ ᠲᠠᠢᠽᠦ ᠠᠯᠠᠰᠬᠢᠨ ᠪᠠᠶᠠᠰᠤᠭᠠᠳ ᠠᠯᠬᠤᠨ ᠭᠠᠷᠴᠤ ᠢᠷᠡᠭᠡᠳ ᠠᠯᠪᠠᠲᠤ ᠤᠯᠤᠰ ᠲᠤᠷ ᠵᠣᠯᠭᠠᠬᠤ ᠠᠭᠤᠳᠠᠮ ᠥᠷᠭᠥᠭᠡ ᠳ᠋ᠦ᠍ᠷ ᠣᠷᠣᠵᠤ᠂ᠠᠷᠰᠯᠠᠨ ᠪᠠᠷᠰ ᠤ᠋ᠨ ᠣᠯᠪᠣᠭᠲᠤ ᠠᠷᠴᠠ ᠽᠠᠨᠳᠠᠨ ᠤ᠋ ᠰᠢᠷᠡᠭᠡ ᠳ᠋ᠦ᠍ᠷ ᠠᠮᠤᠭᠤᠯᠠᠩ ᠲᠥᠪᠯᠡᠵᠦ ᠰᠠᠭᠤᠭᠠᠳ ᠠᠯᠤᠰ ᠠ᠋ᠴᠠ ᠢᠷᠡᠭᠰᠡᠨ ᠠᠮᠤᠷ ᠡᠷᠢᠭᠴᠢ ᠫᠤᠯᠭᠤᠳᠠᠢ ᠶ᠋ᠢ ᠠᠪᠤᠨ ᠢᠷᠡᠵᠦ ᠵᠣᠯᠭᠠᠭᠤᠯ ᠬᠡᠮᠡᠭᠰᠡᠨ᠎ᠡ ᠂ ᠠᠷᠤ ᠥᠪᠥᠷ ᠲᠣᠷ ᠵᠢᠭ᠍ᠰᠠᠭᠠᠭᠰᠠᠨ᠂ ᠠᠷᠪᠠᠨ ᠨᠠᠢ᠍ᠮᠠᠨ ᠭᠣᠴᠣᠭ ᠤ᠋ᠳ ᠠᠭᠤᠯᠠ ᠠᠨᠢᠷᠯᠠᠬᠤ ᠮᠡᠲᠦ ᠪᠡᠷ ᠠᠬᠤ ᠪᠦᠭᠦᠳᠡᠭᠡᠷ ᠲᠣᠭᠣᠷᠢᠵᠤ᠂ ᠠᠷᠭᠠᠰᠤᠨ ᠤ᠋ ᠬᠣᠷᠭᠣᠯᠵᠢ ᠠᠮᠢ ᠲᠡᠮᠡᠴᠡᠲᠡᠯᠡ ᠭᠦᠶᠦᠵᠦ ᠭᠠᠷᠴᠤ ᠢᠷᠡᠭᠡᠳ ᠠᠢᠯᠠᠨ ᠶᠠᠪᠤᠵᠤ ᠰᠡᠬᠦᠭᠦᠯᠦᠭᠰᠡᠨ᠂ ᠠᠷᠭᠠᠳᠠᠷ᠎ᠠ ᠢᠷᠡᠭᠰᠡᠨ ᠫᠤᠯᠭᠤᠳᠠᠢ ᠶ᠋ᠢ ᠠᠪᠤᠨ ᠣᠷᠣᠵᠤ ᠢᠷᠡᠵᠦ ᠠᠷᠰᠯᠠᠭᠲᠤ ᠥᠷᠭᠥᠭᠡ ᠶ᠋ᠢᠨ ᠡᠮᠦᠨ᠎ᠡ ᠂ ᠠᠷᠠᠰᠤᠨ ᠤ᠋ ᠳᠡᠪᠢᠰᠬᠡᠷ ᠲᠣᠢ ᠰᠥᠭᠥᠳᠬᠡᠮᠡᠭᠴᠡ ᠠᠢᠮᠠᠭᠯᠠᠨ ᠵᠢᠭ᠍ᠰᠠᠭᠠᠵᠤ ᠵᠣᠭᠰᠣᠭᠰᠠᠨ ᠠᠮᠪᠠᠨ ᠲᠦᠰᠢᠮᠡᠯ ᠪᠦᠭᠦᠳᠡᠭᠡᠷ᠂ ᠠᠪᠠ ᠬᠣᠮᠣᠷᠭᠠᠨ ᠤ᠋ ᠶᠣᠰᠣᠭᠠᠷ ᠠᠩ ᠳᠦᠷᠭᠢᠲᠡᠯ᠎ᠡ ᠬᠠᠰᠬᠢᠷᠤᠭᠰᠠᠨ ᠳ᠋ᠤᠷ ᠠᠰᠬᠠᠨ ᠵᠠᠩᠲᠤ ᠫᠤᠯᠭᠤᠳᠠᠢ ᠠᠶᠤᠨ ᠰᠣᠴᠢᠵᠤ ᠰᠢᠷᠪᠡᠭᠡᠲᠦᠭᠡᠳ ᠠᠭᠠᠰᠢ ᠪᠠᠨ ᠠᠯᠲᠠᠨ ᠰᠥᠭᠥᠳᠴᠦ ᠠᠯᠠᠭ᠎ᠠ ᠪᠠᠨ ᠬᠠᠮᠲᠤᠳᠬᠠᠨ ᠵᠠᠯᠪᠠᠷᠢᠭᠠᠳ ᠠᠮᠠ ᠪᠠᠨ ᠠᠩᠭᠠᠢᠨ ᠠᠩᠭᠠᠢᠭᠰᠠᠭᠠᠷ ᠠᠯᠢᠪᠠ ᠦᠭᠡ ᠪᠡᠨ ᠠᠯᠤᠰᠲᠠᠨ ᠨᠢᠭᠡᠨᠲᠡ ᠤᠮᠠᠷᠲᠠᠭᠠᠳ ᠠᠷᠭ᠎ᠠ ᠪᠠᠨ ᠵᠠᠪᠠᠬᠠᠨ ᠰᠥᠭᠥᠳᠦᠭᠰᠡᠨ ᠳ᠋ᠦ᠍ᠷ ᠠᠷᠭᠠᠰᠤᠨ ᠤ᠋ ᠬᠣᠷᠭᠣᠯᠵᠢ ᠲᠦᠰᠢᠮᠡᠯ ᠠᠩᠬᠠᠷᠤᠨ ᠬᠠᠷᠠᠵᠤ ᠠᠭᠰᠠᠭᠠᠷ᠂ ᠠᠯᠤᠰ ᠠ᠋ᠴᠠ ᠢᠷᠡᠭᠰᠡᠨ ᠠᠶᠤᠮᠠᠲᠠᠭᠠᠢ ᠫᠤᠯᠭᠤᠳᠠᠢ ᠶ᠋ᠢᠨ ᠲᠥᠯᠥᠭᠡ ᠳ᠋ᠦ᠍ᠷ ᠠᠶᠤᠨ ᠳᠠᠪᠰᠢᠵᠤ ᠤᠳᠤᠭᠠᠳ ᠠᠷᠤ ᠶ᠋ᠢ ᠠᠨᠤ ᠲᠦᠯᠬᠢᠵᠦ᠂ ᠠᠶᠠᠷᠬᠠᠨ ᠢ᠋ᠶ᠋ᠠᠷ ᠥᠭᠦᠯᠡᠷᠦᠨ : 《ᠠᠬᠠᠢ ᠫᠤᠯᠭᠤᠳᠠᠢ ᠴᠢ ᠶᠠᠭᠠᠬᠢᠪᠠ᠂ ᠠᠢᠯᠠᠳᠬᠠᠯ ᠢ᠋ᠶ᠋ᠠᠨ ᠠᠢᠯᠠᠳᠬ᠎ᠠ᠂ ᠠᠪᠠᠢ ᠮᠢᠨᠦ ᠬᠡᠷᠬᠢᠪᠡ ? 》 ᠬᠡᠮᠡᠪᠡ ᠃ ᠠᠶ᠎ᠠ ᠡᠨᠡ ᠬᠡᠷᠡᠭ ᠦ᠋ᠨ ᠠᠯᠢ ᠲᠠᠰᠢ ᠪᠣᠯᠬᠤ ᠶ᠋ᠢ ᠭᠱᠠᠨ᠎ᠠ ᠮᠡᠳᠡᠶ᠎ᠡ ᠬᠡᠮᠡᠪᠡᠰᠦ ᠂ ᠠᠯᠵᠠᠭᠤ ᠰᠤᠳᠤᠷᠴᠢ ᠮᠢᠨᠦ ᠠᠯᠢᠶᠠᠷᠬᠠᠨ ᠨᠠᠭᠠᠳᠴᠤ ᠪᠢᠴᠢᠭᠰᠡᠨ ᠠᠶᠤᠮᠠᠲᠠᠭᠠᠢ ᠰᠢᠯᠦᠭ ᠦ᠋ᠨ ᠦᠭᠡᠰ ᠢ᠋ ᠠᠭᠠᠵᠢᠮ ᠢ᠋ᠶ᠋ᠠᠷ ᠦᠵᠡᠵᠦ ᠠᠩᠬᠠᠷᠤᠨ ᠬᠠᠷᠠᠵᠤ ᠢᠨᠢᠶᠡᠭᠡᠳ ᠠᠯᠭᠤᠷ ᠠᠭᠠᠵᠢᠮ ᠢ᠋ᠶ᠋ᠠᠷ ᠠᠷᠭᠠᠴᠢ ᠬᠡᠷᠡᠢᠳ ᠦ᠋ᠨ ᠬᠡᠷᠡᠭ ᠢ᠋ ᠠᠵᠢᠶᠠᠷᠠᠨ ᠰᠢᠨᠵᠢᠵᠦ ᠤᠩᠰᠢᠪᠠᠰᠤ ᠠᠮᠲᠠ ᠰᠢᠮᠳᠠ ᠢᠯᠡᠷᠡᠮᠦᠢ ᠃
ᠪᠤᠶᠠᠨ ᠶᠡᠬᠡᠲᠦ ᠶ᠋ᠢᠨ ᠳᠦᠷᠢᠮ ᠳᠦᠷᠰᠦ
ᠪᠤᠰᠤᠳ ᠢ᠋ ᠰᠦᠷᠲᠡᠭᠡᠭᠦ ᠶ᠋ᠢᠨ ᠰᠦᠷ᠂
ᠪᠣᠳᠣᠯᠭ᠎ᠠ ᠭᠦᠨ᠎ᠡ ᠶ᠋ᠢᠨ ᠶᠣᠰᠣᠯᠠᠯ ᠬᠥᠭᠵᠢᠮ
ᠪᠣᠱᠣᠭ ᠢ᠋ ᠵᠠᠷᠯᠠᠬᠤ ᠶ᠋ᠢᠨ ᠵᠠᠷ᠂
ᠪᠣᠭᠳᠠ ᠬᠥᠮᠦᠨ ᠦ᠌ ᠲᠥᠷᠥᠯᠬᠢ ᠵᠢᠪᠬᠤᠯᠠᠩ
ᠪᠤᠯᠲᠤ ᠬᠥᠮᠥᠨ᠎ᠡ ᠲᠦᠭᠡᠮᠡᠯ ᠂
ᠪᠣᠭᠣᠯ ᠠᠯᠪᠠᠲᠤ ᠶ᠋ᠢᠨ ᠠᠶᠤᠨ ᠪᠠᠯᠠᠷᠠᠬᠤ
ᠪᠤᠷᠤᠭᠤ ᠦᠭᠡᠢ ᠪᠣᠯᠠᠢ᠃
ᠲᠡᠨᠳᠡᠴᠡ ᠠᠶᠤᠵᠤ ᠪᠠᠯᠠᠷᠠᠭᠰᠠᠨ ᠫᠤᠯᠭᠤᠳᠠᠢ ᠠᠮᠢᠰᠬᠤᠭ᠎ᠠ ᠶᠠᠳᠠᠵᠤ ᠮᠡᠳᠡᠭᠦᠯᠦᠷᠦᠨ :
ᠠᠯᠤᠰ ᠬᠣᠯᠠ ᠬᠡᠷᠡᠢᠳ ᠦ᠋ᠨ
ᠠᠯᠲᠠᠨ ᠤ᠋ ᠡᠷᠭᠦᠮᠵᠢᠯᠡᠭᠰᠡᠨ ᠸᠠᠩ ᠂
ᠠᠭᠠᠯᠢ ᠰᠠᠢᠲᠤ ᠡᠵᠡᠨ ᠮᠢᠨᠦ
ᠠᠬᠤᠢ ᠶᠡᠬᠡ ᠰᠦᠷᠲᠦ ᠂
ᠠᠯᠳᠠᠷ ᠶᠡᠬᠡ ᠨᠡᠷᠡᠲᠦ
ᠠᠯᠲᠠᠨ ᠶᠠᠰᠤᠲᠤ ᠡᠵᠡᠨ ᠴᠢᠮᠠᠶ᠋ᠢ ᠂
ᠠᠢᠯ ᠬᠦᠷᠢᠶ᠎ᠡ ᠳ᠋ᠡᠭᠡᠨ ᠵᠠᠯᠠᠵᠤ
ᠠᠮᠲᠠᠲᠤ ᠬᠤᠷᠢᠮ ᠬᠤᠷᠢᠮᠯᠠᠨ ᠂
ᠠᠪᠠ ᠬᠣᠮᠣᠷᠭᠠᠨ ᠬᠢᠵᠦ ᠂
ᠠᠰᠢᠭ᠍ᠲᠠᠢ ᠡᠨᠡ ᠤᠴᠠᠷᠠᠯ ᠳ᠋ᠤᠷ
ᠠᠪᠠᠬᠠᠢ ᠶᠤᠭᠠᠨ ᠥᠭᠬᠦ ᠂
ᠡᠬᠡ ᠳ᠋ᠦ᠍ᠷ ᠢ᠋ᠶ᠋ᠡᠨ ᠭᠤᠶᠤᠵᠤ ᠂
ᠠᠰᠢᠳᠠ ᠶ᠋ᠢᠨ ᠠᠯᠲᠠᠨ ᠣᠭᠣᠰᠣᠷ ᠢ᠋ᠶ᠋ᠠᠷ
ᠠᠮᠠᠷᠬᠠᠭᠯᠠᠨ ᠬᠠᠨᠢᠯᠠᠬᠤ ᠤᠷᠤᠭ ᠢ᠋
ᠠᠮᠠ ᠬᠡᠯᠡ ᠪᠡᠷ ᠬᠡᠯᠡᠯᠴᠡᠵᠦ
ᠠᠪᠬᠤ ᠥᠭᠬᠦ ᠶ᠋ᠢ ᠲᠣᠭᠲᠠᠭᠠᠶ᠎ᠠ ᠭᠡᠮᠡᠨ
ᠠᠯᠪᠠᠲᠤ ᠪᠣᠭᠣᠯ ᠨᠠᠮᠠᠶ᠋ᠢ
ᠠᠭᠲᠠ ᠬᠥᠲᠥᠯᠦᠭᠦᠯᠦᠨ ᠵᠠᠷᠤᠵᠤ ᠂
ᠠᠷᠢᠭᠤᠨ ᠴᠠᠭᠠᠨ ᠭᠬᠢᠪ ᠢ᠋ᠶ᠋ᠡᠷ
ᠠᠶᠤᠨ ᠡᠮᠢᠶᠡᠨ ᠵᠠᠯᠠᠭᠤᠯᠪᠠ ᠃
ᠠᠤᠭ᠎ᠠ ᠬᠦᠴᠦᠲᠦ ᠡᠵᠡᠨ ᠮᠢᠨᠦ ᠠ᠋
ᠠᠶᠠᠯᠠᠨ ᠮᠣᠷᠢᠯᠠᠵᠤ ᠰᠣᠶᠣᠷᠬ᠎ᠠ ᠃
ᠠᠩᠬ᠎ᠠ ᠡᠷᠲᠡᠨ ᠦ᠌ ᠴᠠᠭ ᠠ᠋ᠴᠠ
ᠠᠨᠳᠠ ᠪᠣᠯᠤᠯᠴᠠᠨ ᠶᠠᠪᠤᠯᠴᠠᠭᠰᠠᠨ ᠂
ᠠᠭᠠᠰᠢ ᠰᠠᠢᠲᠤ ᠸᠠᠩ
ᠠᠪᠤᠷᠢ ᠰᠠᠢᠲᠤ ᠡᠵᠡᠨ ᠮᠢᠨᠦ
ᠠᠴᠢ ᠶᠡᠬᠡᠲᠦ ᠪᠣᠷᠵᠢᠭᠢᠳ ᠤ᠋ᠨ
ᠠᠪᠤᠷᠠᠯ ᠶᠡᠬᠡᠲᠦ ᠡᠵᠡᠨ ᠴᠢᠨᠦ
ᠠᠰᠢᠳᠠ ᠲᠤᠰᠠᠯᠠᠭᠰᠠᠨ ᠢ᠋ ᠰᠡᠳᠬᠢᠨ
ᠠᠷᠠᠵᠠ ᠬᠣᠣᠷᠠᠵᠠ ᠪᠠᠷ ᠬᠤᠷᠢᠮᠯᠠᠵᠤ ᠂
ᠠᠪᠠᠬᠠᠢ ᠡᠬᠡ ᠪᠡᠷ ᠬᠠᠨᠢᠯᠠᠵᠤ
ᠠᠰᠠᠷᠠᠭᠰᠠᠨ ᠬᠡᠰᠢᠭ ᠲᠣᠷ ᠬᠠᠷᠢᠭᠤᠯᠤᠶ᠎ᠠ ᠭᠡᠮᠡᠨ
ᠠᠶᠤᠮᠠᠲᠠᠭᠠᠢ ᠪᠣᠭᠣᠯ ᠫᠤᠯᠭᠤᠳᠠᠢ ᠨᠠᠮᠠᠶ᠋ᠢ
ᠠᠯᠤᠰ ᠠ᠋ᠴᠠ ᠰᠡᠬᠦᠭᠦᠯᠡᠨ
ᠠᠳᠤᠭᠤ ᠬᠥᠭᠡᠯᠭᠡᠨ ᠵᠠᠷᠤᠵᠤ
ᠠᠷᠢᠭᠤᠨ ᠴᠠᠭᠠᠨ ᠭᠬᠢᠪ ᠢ᠋ᠶ᠋ᠡᠷ ᠵᠠᠯᠠᠭᠤᠯᠪᠠ ᠃
ᠠᠰᠢᠭ᠋ ᠶᠡᠬᠡᠲᠦ ᠡᠵᠡᠨ ᠮᠢᠨᠦ ᠠ᠋
ᠠᠯᠭᠠᠰᠠᠯ ᠥᠭᠡᠶ᠎ᠡ ᠵᠠᠯᠠᠷᠠᠨ ᠰᠣᠶᠣᠷᠬ᠎ᠠ ! 》 ᠬᠡᠮᠡᠭᠡᠳ ᠠᠪᠤᠨ ᠠᠪᠤᠨ ᠮᠥᠷᠭᠥᠵᠦ ᠠᠩᠬᠠᠷᠤᠨ ᠠᠩᠬᠠᠷᠤᠨ ᠬᠠᠷᠠᠬᠤᠢ ᠳ᠋ᠤᠷ ᠠᠭᠤᠳᠠᠮ ᠥᠷᠥᠰᠢᠶᠡᠯᠳᠦ ᠲᠠᠢᠽᠦ :《ᠠᠰᠠᠷᠠᠬᠤᠢ ᠨᠢᠭᠦᠯᠡᠰᠬᠦᠢ ᠲᠥᠷᠥᠭᠡᠳ ᠠᠳᠠᠯᠢ ᠤᠯᠤᠰ ᠤ᠋ᠨ ᠤᠷᠢᠬᠤᠢ ᠳ᠋ᠤ᠌ ᠠᠮᠠᠷᠬᠠᠯᠠᠷᠠ ᠣᠳᠬᠤᠢ ᠳ᠋ᠤᠷ ᠶᠠᠭᠤᠪᠠᠢ ᠃ ᠠᠭᠠᠵᠢᠮᠬᠠᠨᠠ ᠳᠠᠷᠤᠢ ᠡᠴᠢᠰᠦᠭᠡᠢ ! 》 ᠬᠡᠮᠡᠵᠦ ᠠᠯᠲᠠᠨ ᠤ᠋ ᠠᠮᠠᠨ ᠢ᠋ᠶ᠋ᠠᠨ ᠠᠯᠳᠠᠪᠠᠢ ᠃ ᠠᠶ᠎ᠠ ᠡᠨᠡ ᠦᠭᠡᠰ ᠲᠣᠷ ᠠᠰᠬᠠᠨ ᠴᠤᠯᠭᠤᠢ ᠫᠤᠯᠭᠤᠳᠠᠢ ᠪᠠᠷ ᠠᠳᠠᠪᠠᠰᠢ ᠬᠡᠲᠦᠷᠬᠡᠶ᠎ᠡ ᠪᠠᠶᠠᠷᠯᠠᠵᠤ ᠂ ᠠᠷᠪᠠᠨ ᠬᠡᠳᠦᠨᠲᠡ ᠮᠥᠷᠭᠥᠭᠡᠳ ᠠᠮᠠ ᠪᠠᠨ ᠬᠠᠮᠬᠢᠯ ᠦᠭᠡᠢ ᠠᠩᠭᠠᠯᠵᠠᠨ ᠳᠡᠷᠪᠡᠯᠵᠡᠨ ᠢᠨᠢᠶᠡᠭᠰᠡᠭᠡᠷ ᠠᠯᠭᠤᠷ ᠮᠥᠯᠬᠥᠨ ᠪᠣᠰᠴᠤ ᠠᠯᠴᠠᠭ ᠪᠠᠯᠴᠠᠭ ᠠᠯᠬᠤᠭᠰᠠᠭᠠᠷ᠂ᠠᠰᠠᠷᠠᠯ ᠥᠷᠥᠰᠢᠶᠡᠯᠳᠦ ᠲᠠᠢᠽᠦ ᠶ᠋ᠢᠨ ᠠᠷᠢᠬᠢ ᠮᠢᠬ᠎ᠠ ᠶ᠋ᠢᠨ ᠬᠡᠰᠢᠭ ᠲᠣᠷ ᠠᠮᠲᠠᠳᠠᠶ᠎ᠠ ᠬᠦᠷᠲᠡᠬᠦ ᠪᠥᠭᠡᠳ ᠠᠯᠤᠰᠬᠢᠨ ᠪᠠᠶᠠᠷᠯᠠᠭᠰᠠᠭᠠᠷ ᠠᠷᠪᠢᠨ ᠡᠯᠪᠡᠭ ᠱᠠᠩ ᠳ᠋ᠤᠷ ᠠᠴᠢᠶ᠎ᠠ ᠳᠦᠭᠦᠷᠡᠩ ᠬᠦᠷᠲᠡᠯᠴᠡᠭᠡᠳ ᠠᠶᠤᠨ ᠰᠦᠰᠦᠭᠯᠡᠵᠦ ᠮᠥᠷᠭᠥᠭᠡᠳ ᠠᠯᠴᠠᠢᠲᠠᠯᠠ ᠣᠯᠵᠠᠯᠠᠭᠠᠳ ᠬᠠᠷᠢᠪᠠᠢ ᠃
ᠲᠡᠨᠳᠡᠴᠡ ᠡᠨᠡ ᠬᠡᠷᠡᠢᠳ ᠤᠯᠤᠰ ᠠ᠋ᠴᠠ ᠵᠠᠯᠠᠷ᠎ᠠ ᠢᠷᠡᠭᠰᠡᠨ ᠡᠨᠡ ᠮᠡᠳᠡᠭᠡ ᠶ᠋ᠢ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠂ ᠴᠡᠷᠢᠭ ᠦ᠋ᠨ ᠵᠢᠨᠦᠩ ᠮᠤᠬᠤᠯᠢ ᠲᠠᠨ ᠰᠣᠨᠣᠰᠴᠤ ᠬᠡᠷᠡᠢᠳ ᠤᠯᠤᠰ ᠤ᠋ᠨ ᠭᠡᠮ ᠬᠣᠣᠷ ᠲᠠᠢ ᠶ᠋ᠢ ᠮᠡᠳᠡᠳᠡᠭ ᠲᠤᠯᠠ ᠶᠠᠭᠠᠷᠠᠨ ᠯᠠᠪ ᠰᠠᠢᠨ ᠰᠡᠳᠬᠢᠯ ᠦᠭᠡᠢ ᠬᠡᠮᠡᠵᠦ ᠂ ᠲᠠᠢᠽᠦ ᠶ᠋ᠢ ᠠᠮᠠᠨ ᠠᠯᠳᠠᠭᠤᠵᠠᠢ ᠭᠡᠮᠡᠨ ᠶᠠᠭᠠᠷᠠᠨ ᠢᠷᠡᠲᠡᠯ᠎ᠡ ᠲᠠᠢᠽᠦ ᠬᠡᠳᠦᠢᠨᠡᠢ ᠨᠢᠭᠡᠨᠲᠡ ᠡᠴᠢᠰᠦᠭᠡᠢ ᠭᠡᠮᠡᠨ ᠠᠮᠠᠨ ᠠᠯᠳᠠᠵᠤ ᠭᠠᠷᠭᠠᠪᠠ᠃ ᠲᠣᠷᠭᠠᠨ ᠰᠢᠷ᠎ᠠ ᠮᠤᠬᠤᠯᠢ ᠲᠠᠨ ᠮᠡᠳᠡᠭᠦᠯᠦᠷᠦᠨ : 《 ᠬᠡᠷᠡᠢᠳ ᠦ᠋ᠨ ᠡᠨᠡ ᠡᠵᠡᠨ ᠢ᠋ ᠵᠠᠯᠠᠭᠰᠠᠨ ᠠᠨᠤ ᠬᠡᠷᠬᠢᠪᠡᠴᠦ ᠰᠠᠢᠨ ᠰᠠᠨᠠᠭᠠᠨ ᠪᠤᠰᠤ᠂ ᠡᠵᠡᠨ ᠮᠡᠳᠡᠭᠰᠡᠭᠡᠷ ᠠᠲᠠᠯ᠎ᠠ ᠶᠠᠭᠤᠨ ᠳ᠋ᠤᠷ ᠠᠯᠲᠠᠨ ᠠᠮᠠᠨ ᠢ᠋ᠶ᠋ᠠᠨ ᠠᠯᠳᠠᠪᠠᠢ᠂ ᠠᠳᠠᠪᠠᠰᠢ ᠲᠦᠭᠰᠢᠯᠲᠡᠢ ᠪᠠᠢᠨᠠᠮ᠃ 》 ᠲᠠᠢᠽᠦ ᠥᠴᠦᠬᠡᠨ ᠮᠦᠰᠢᠶᠡᠵᠦ ᠵᠠᠬᠢᠷᠤᠨ :
ᠦᠪᠡᠳᠡᠭᠰᠢ ᠲᠦᠰᠢᠮᠡᠳ ᠲᠠᠨ ᠤ᠋ ᠥᠭᠦᠯᠡᠬᠦ ᠢᠨᠦ ᠨᠡᠢᠴᠡᠮᠦᠢ
ᠥᠴᠥᠭᠡᠳᠦᠷ ᠡᠳᠦᠷ ᠦ᠋ᠨ ᠬᠢᠷᠢ ᠳ᠋ᠦ᠍ᠷ
ᠦᠨᠡᠨ ᠥᠭᠡᠰᠲᠦ ᠠᠮᠠᠨ ᠢ᠋ ᠨᠢᠭᠡᠨᠲᠡ ᠠᠯᠳᠠᠭᠰᠠᠨ ᠢ᠋ ᠬᠡᠷᠬᠢᠬᠦ ?
ᠦᠨᠡᠨᠴᠢ ᠦᠭᠡᠢ ᠭᠡᠷᠡᠢ᠍ᠢ᠌ᠳ
ᠦᠨᠡᠬᠡᠷ ᠠᠷᠭᠠᠳᠠᠬᠤ ᠪᠣᠯᠪᠠᠰᠤ
ᠦᠵᠡᠵᠦ ᠪᠠᠢᠨ ᠮᠡᠳᠡᠰᠦᠭᠡᠢ ᠃
ᠥᠨᠳᠥᠷ ᠲᠡᠭᠷᠢ ᠡᠴᠢᠭᠡ ᠥᠪᠡᠷ ᠢ᠋ᠶ᠋ᠡᠨ ᠮᠡᠳᠡᠲᠦᠭᠡᠢ
ᠦᠬᠦᠯ ᠦ᠋ᠨ ᠭᠠᠵᠠᠷ ᠪᠣᠯᠪᠠᠴᠤ
ᠦᠳᠲᠡᠷ ᠡᠴᠢᠵᠦ ᠮᠡᠳᠡᠶ᠎ᠡ ᠂
ᠦᠯᠭᠡ ᠡᠷᠲᠡᠨ ᠤ ᠦᠭᠡᠨ ᠳ᠋ᠦ᠍ᠷ
ᠥᠲᠡᠭᠡ ᠪᠠᠷᠰ ᠢ᠋ ᠪᠠᠷᠢᠬᠤᠷ ᠲᠤᠷ
ᠥᠶᠥᠭᠡ ᠬᠠᠶᠠᠬᠤ ᠬᠡᠷᠡᠭᠲᠡᠢ ᠂
ᠥᠲᠡᠭᠦᠰ ᠯᠤᠤᠰ ᠢ᠋ ᠤᠨᠤᠬᠤᠶᠠ
ᠥᠪᠡᠷ ᠦ᠋ᠨ ᠠᠮᠢᠨ ᠢ᠋ ᠲᠡᠪᠴᠢᠯᠲᠡᠢ ᠬᠡᠮᠡᠬᠦ
ᠦᠭᠡᠰ ᠪᠠᠢᠳᠠᠭ ᠪᠢᠰᠢ ᠦᠦ ?
ᠦᠨᠡᠨᠴᠢ ᠲᠦᠰᠢᠮᠡᠳ ᠲᠠ ᠪᠠᠷ ᠥᠮᠥᠭᠯᠡᠨ ᠬᠠᠮᠠᠭᠠᠯᠠᠵᠤ ᠪᠣᠯᠬᠤ
ᠥᠨᠢᠳᠡ ᠶ᠋ᠢᠨ ᠠᠷᠭ᠎ᠠ ᠶ᠋ᠢ ᠰᠡᠳᠬᠢᠭᠳᠡᠬᠦᠢ ᠂
ᠥᠪᠡᠷ᠎ᠡ ᠳ᠋ᠦ᠍ᠷ ᠴᠢᠬᠤᠯᠠᠴᠢᠯᠠᠬᠤ ᠪᠤᠰᠤ ᠃
ᠦᠨᠡᠨᠴᠢ ᠳᠡᠭᠦᠦ ᠪᠡᠯᠭᠦᠳᠡᠢ ᠶ᠋ᠢᠨ ᠥᠭᠭᠦᠭᠰᠡᠨ ᠬᠦᠴᠦᠨ ᠢ᠋ ᠰᠡᠳᠬᠢᠮᠦᠢ ᠂
ᠥᠩᠭᠡ ᠵᠢᠰᠦᠲᠡᠢᠬᠡᠨ ᠪᠡᠷᠢ ᠶ᠋ᠢ ᠥᠷᠥᠰᠢᠶᠡᠨ ᠠᠪᠴᠤ ᠥᠭᠰᠦᠭᠡᠢ ᠃
ᠪᠤᠰᠤ ᠳ᠋ᠤᠷ ᠪᠣᠳᠣᠯᠬᠢᠯᠠᠬᠤ ᠪᠤᠰᠤ
ᠪᠣᠭᠰᠢᠲᠠᠯᠠ ᠬᠦᠴᠦᠨ ᠢ᠋ᠶ᠋ᠡᠨ ᠥᠭᠭᠦᠭᠰᠡᠨ ᠂
ᠪᠣᠱᠣᠭᠲᠤ ᠳᠡᠭᠦᠦ ᠪᠡᠯᠭᠦᠳᠡᠢ ᠶ᠋ᠢ
ᠪᠣᠳᠣᠵᠤ ᠰᠠᠨᠠᠭᠰᠠᠨ ᠪᠥᠯᠥᠭᠡ ᠂
ᠪᠣᠳᠣᠯᠭ᠎ᠠ ᠰᠠᠢᠲᠤ ᠲᠠ ᠪᠠᠷ
ᠪᠣᠯᠭᠣᠮᠵᠢᠯᠠᠯ ᠬᠠᠮᠠᠭᠠᠯᠠᠯ ᠢ᠋ ᠪᠡᠯᠡᠳᠬᠡᠲᠦᠭᠡᠢ ᠂
ᠪᠤᠴᠠᠯ ᠦᠭᠡᠢ ᠪᠡᠶ᠎ᠡ
ᠪᠣᠯᠢᠯ ᠥᠭᠡᠶ᠎ᠡ ᠡᠴᠢᠮᠦᠢ !
ᠬᠡᠮᠡᠭᠰᠡᠨ᠎ᠡ᠂ ᠮᠤᠬᠤᠯᠢ ᠲᠠᠢᠽᠦ ᠶ᠋ᠢᠨ ᠰᠠᠨᠠᠭᠠᠨ ᠢ᠋ ᠲᠥᠰᠦᠭᠡᠯᠡᠨ ᠮᠡᠳᠡᠭᠡᠳ ᠳᠠᠷᠤᠢ ᠰᠥᠭᠥᠳᠴᠦ: 《 ᠳᠠᠭ᠌ᠷᠢᠯᠢᠭ᠌ ᠤ᠋ᠨ ᠦᠷᠡᠰ ᠲᠡᠭᠦᠰ ᠪᠣᠳᠣᠯᠭᠠᠲᠤ ᠡᠵᠡᠨ ᠳ᠋ᠦ᠍ᠷ ᠲᠦᠰᠢᠮᠡᠯ ᠪᠢᠳᠡ ᠦᠨᠡᠬᠡᠷ ᠬᠦᠷᠬᠦ ᠦᠭᠡᠢ ! 》 ᠬᠡᠮᠡᠵᠦ ᠬᠡᠷᠡᠢᠳ ᠲᠣᠷ ᠡᠴᠢᠬᠦ ᠶ᠋ᠢ ᠪᠣᠳᠣᠷᠠ ᠤᠬᠤᠷᠢᠨ ᠭᠠᠷᠴᠤ ᠣᠶᠤᠲᠤ ᠰᠡᠴᠡᠨ ᠢ᠋ ᠳᠠᠭᠤᠳᠠᠨ ᠠᠪᠠᠴᠢᠵᠤ ᠠᠰᠠᠭᠤᠷᠤᠨ: 《 ᠴᠢᠨᠦ ᠣᠶᠤᠨ ᠰᠠᠢᠨ ᠪᠥᠭᠡᠳ ᠤᠬᠠᠯ ᠶᠠᠭᠤ ᠲᠠᠢ ᠮᠠᠭᠤ᠂ ᠭᠠᠳᠠᠭᠠᠳᠤ ᠤᠯᠤᠰ ᠤ᠋ᠨ ᠬᠥᠮᠦᠨ ᠢ᠋ ᠶᠠᠭᠤᠨ ᠳ᠋ᠤᠷ ᠨᠠᠳᠠ ᠳ᠋ᠤᠷ ᠮᠡᠳᠡᠭᠡ ᠢᠯᠡᠭᠡᠯ ᠦᠭᠡᠢ ᠪᠡᠷ ᠡᠵᠡᠨ ᠤ ᠳᠡᠷᠭᠡᠳᠡ ᠣᠷᠣᠭᠤᠯᠪᠠ ? ᠭᠡᠨᠡᠳᠲᠡ ᠬᠡᠷᠪᠡ ᠭᠡᠮ ᠬᠣᠣᠷᠳᠠᠨᠠ ᠲᠣᠬᠢᠶᠠᠯᠳᠤᠵᠤ ᠭᠡᠨᠡᠳᠡᠭᠦᠯᠦᠨ ᠬᠠᠳᠬᠤᠭᠴᠢ ᠪᠣᠯᠪᠠᠰᠤ ᠣᠳᠣ ᠬᠡᠷᠬᠢᠬᠦ ᠪᠣᠢ? ᠣᠶᠤᠲᠤ ᠰᠡᠴᠡᠨ ᠪᠣᠯᠪᠠᠰᠤ ᠤᠬᠠᠯ ᠭᠦᠶᠦᠨ ᠪᠣᠯᠠᠢ᠃ ᠰᠣᠴᠢ ᠨᠡᠷ᠎ᠡ ᠪᠡᠨ ᠳᠠᠭᠠᠵᠤ ᠰᠣᠴᠢᠮᠠᠲᠠᠭᠠᠢ ᠪᠡᠯᠡᠩᠴᠢ ᠪᠠᠢᠨᠠᠮ᠃ ᠥᠨᠥᠴᠢᠨ ᠥᠰᠦᠭᠰᠡᠨ ᠪᠥᠭᠡᠳ ᠦᠢᠯᠡᠰ ᠶᠠᠭᠤᠨ ᠳ᠋ᠤᠷ ᠲᠠᠰᠤᠷᠬᠠᠢ᠂ ᠴᠣᠬᠣᠮ ᠳ᠋ᠤᠷ ᠴᠢᠨᠦ ᠴᠦᠯᠢᠰᠳᠡᠭᠰᠡᠨ ᠶᠠᠯ᠎ᠠ ᠶ᠋ᠢ ᠬᠦᠨᠳᠦᠳᠡ ᠰᠢᠳᠬᠡᠪᠡᠰᠦ ᠵᠣᠬᠢᠮᠤᠢ᠃ ᠭᠠᠭᠴᠠ ᠲᠡᠷᠢᠭᠦᠨ ᠤᠳᠠᠭ᠎ᠠ ᠲᠤᠯᠠ ᠳᠥᠷᠪᠡᠨ ᠬᠣᠨᠢ ᠲᠣᠷᠭᠠᠵᠤ ᠵᠠᠭᠤᠴᠢ ᠶ᠋ᠢᠨ ᠥᠷᠭᠥᠭᠡ ᠶ᠋ᠢᠨ ᠨᠡᠢᠲᠡ ᠳ᠋ᠦ᠍ᠷ ᠢᠳᠡᠭᠦᠯᠵᠦ ᠲᠡᠮᠳᠡᠭ ᠪᠣᠯᠭᠠᠰᠤᠭᠠᠢ᠃ 》 ᠭᠡᠮᠡᠨ ᠰᠢᠳᠬᠡᠪᠡ᠃ ᠣᠶᠤᠲᠤ ᠰᠡᠴᠡᠨ ᠶᠡᠬᠡᠯ᠎ᠡ ᠭᠡᠮᠰᠢᠨ ᠪᠥᠭᠡᠳ ᠪᠠᠰᠠ ᠰᠢᠲᠦᠵᠦ ᠳᠠᠷᠤᠢ ᠲᠣᠷᠭᠠᠭᠤᠯᠢ ᠶ᠋ᠢ ᠪᠠᠶᠠᠷᠯᠠᠨ ᠭᠠᠷᠭᠠᠵᠤ᠂ ᠳᠡᠭᠡᠷ᠎ᠡ ᠵᠢᠷᠭᠤᠭᠠᠨ ᠬᠣᠨᠢ ᠨᠡᠮᠡᠨ ᠭᠠᠷᠭᠠᠵᠤ ᠣᠯᠠᠨ ᠳ᠋ᠤᠷ ᠴᠥᠮ ᠬᠤᠷᠢᠮ ᠪᠠᠷᠢᠵᠤ ᠶᠠᠯ᠎ᠠ ᠪᠠᠨ ᠲᠠᠢᠯᠪᠠ᠃ ᠡᠭᠦᠨ ᠳ᠋ᠦ᠍ᠷ ᠠᠳᠠᠯᠢ ᠲᠤᠰᠢᠶᠠᠯᠲᠠᠨ ᠨᠠᠷ ᠨᠡᠩ ᠴᠦ᠍ ᠬᠢᠴᠢᠶᠡᠯᠴᠡᠬᠦ ᠪᠣᠯᠪᠠᠢ᠃ ᠪᠠᠰᠠ ᠣᠶᠤᠲᠤ ᠰᠡᠴᠡᠨᠤ ᠥᠪᠡᠷ ᠦ᠋ᠨ ᠶᠠᠯ᠎ᠠ ᠬᠥᠩᠭᠡᠨ ᠭᠡᠮᠡᠨ ᠳᠥᠷᠪᠡᠨ ᠬᠣᠨᠢᠨ ᠤ᠋ ᠳᠡᠭᠡᠷ᠎ᠡ ᠵᠢᠷᠭᠤᠭᠠᠨ ᠬᠣᠨᠢ ᠨᠡᠮᠡᠨ ᠭᠠᠷᠭᠠᠭᠰᠠᠨ ᠢ᠋ ᠲᠠᠢᠽᠦ ᠪᠠ ᠮᠤᠬᠤᠯᠢ ᠲᠠᠨ ᠰᠣᠨᠣᠰᠴᠤ ᠰᠡᠮᠡᠬᠡᠷ ᠶᠡᠬᠡᠯ᠎ᠡ ᠪᠠᠶᠠᠷᠯᠠᠪᠠ᠃ ᠡᠨᠡ ᠦᠨᠡᠬᠡᠷ
ᠮᠠᠨᠳᠤᠬᠤ ᠲᠥᠷᠥ ᠶ᠋ᠢᠨ ᠰᠠᠢᠳ ᠲᠦᠰᠢᠮᠡᠳ ᠥᠪᠡᠷ ᠦ᠋ᠨ ᠶᠠᠯ᠎ᠠ ᠪᠠᠨ ᠢᠯᠡᠷᠬᠡᠢᠯᠡᠨ ᠦᠵᠡᠭᠦᠯᠦᠮᠦᠢ
ᠮᠠᠭᠤᠳᠠᠬᠤ ᠤᠯᠤᠰ ᠤ᠋ᠨ ᠡᠵᠡᠨ ᠲᠦᠰᠢᠮᠡᠯ ᠪᠡᠶ᠎ᠡ ᠶ᠋ᠢᠨ ᠡᠨᠳᠡᠭᠦᠦ ᠪᠡᠨ ᠪᠠᠯᠠᠯᠵᠤ ᠠᠷᠢᠯᠭᠠᠮᠤᠢ᠃
ᠲᠡᠭᠦᠴᠡ ᠪᠦᠬᠦ ᠪᠡᠯᠭᠦᠳᠡᠢ ᠡᠨᠡ ᠮᠡᠳᠡᠭᠡ ᠶ᠋ᠢ ᠰᠣᠨᠣᠰᠴᠤ ᠠᠬ᠎ᠠ ᠲᠠᠢᠽᠦ ᠳ᠋ᠦ᠍ᠷ ᠰᠦᠰᠦᠭᠯᠡᠨ ᠪᠢᠰᠢᠷᠡᠵᠦ ᠮᠥᠷᠭᠥᠵᠦ ᠮᠡᠳᠡᠭᠦᠯᠦᠷᠦᠨ:《ᠲᠦᠭᠰᠢᠯᠲᠡᠢ ᠭᠠᠵᠠᠷ ᠪᠣᠯᠪᠠᠴᠤ ᠲᠥᠷᠥᠭᠰᠡᠨ ᠢ᠋ᠶ᠋ᠡᠨ ᠦᠯᠦ ᠤᠮᠠᠷᠲᠠᠬᠤ ᠡᠵᠡᠨ ᠠᠬ᠎ᠠ ᠶ᠋ᠢᠨ ᠮᠢᠨᠦ ᠬᠡᠰᠢᠭ᠂ ᠠᠶᠤᠯ ᠲᠠᠢ ᠣᠷᠣᠨ ᠪᠣᠯᠪᠠᠴᠤ ᠠᠮᠠᠷᠠᠭ ᠶᠤᠭᠠᠨ ᠡᠰᠡ ᠣᠷᠬᠢᠬᠤ ᠠᠬ᠎ᠠ ᠡᠵᠡᠨ ᠮᠢᠨᠦ ᠬᠠᠢᠷ᠎ᠠ᠃ ᠲᠡᠨᠡᠭ ᠪᠡᠶ᠎ᠡ ᠳ᠋ᠦ᠍ᠷ ᠨᠢᠭᠡᠨ ᠭᠤᠸ᠎ᠠ ᠡᠬᠡᠨᠡᠷ ᠦᠭᠡᠢ ᠳ᠋ᠦ᠍ᠷ ᠲᠡᠷᠡ ᠶᠠᠮᠪᠠᠷ ᠴᠢᠬᠤᠯᠠ ᠬᠡᠷᠡᠭ᠂ ᠲᠡᠭᠷᠢ ᠶ᠋ᠢᠨ ᠬᠥᠪᠡᠭᠦᠨ ᠤ ᠪᠡᠶ᠎ᠡ ᠬᠦᠨᠳᠦ᠂ ᠲᠡᠭᠦᠨ ᠤ ᠲᠤᠯᠠ ᠪᠡᠶ᠎ᠡ ᠪᠡᠷ ᠮᠣᠷᠢᠯᠠᠬᠤ ᠶ᠋ᠢ ᠪᠠᠢᠮᠤ ! 》 ᠬᠡᠮᠡᠭᠰᠡᠨ ᠳ᠋ᠦ᠍ᠷ ᠲᠠᠢᠽᠦ ᠮᠦᠰᠢᠶᠡᠨ ᠪᠡᠶᠡᠰᠴᠦ ᠬᠠᠷᠢᠭᠤ ᠡᠢᠨ ᠭᠡᠮᠡᠨ ᠵᠠᠬᠢᠷᠤᠨ :
ᠲᠥᠷᠥᠭᠰᠡᠨ ᠬᠡᠮᠡᠭᠴᠢ ᠲᠥᠷᠥᠯ ᠪᠦᠷᠢ ᠨᠢᠭᠡᠨ ᠡᠬᠡ ᠡᠴᠡ ᠬᠠᠮᠲᠤ ᠲᠥᠷᠥᠬᠦ ᠦᠭᠡᠢ ᠪᠣᠯᠠᠢ
ᠠᠮᠠᠷᠠᠭ ᠭᠡᠭᠴᠢ ᠠᠬ᠎ᠠ ᠪᠦᠬᠦᠨ ᠲᠠᠪᠤᠨ ᠬᠡᠯᠬᠢᠶ᠎ᠡ ᠡᠴᠡ ᠬᠡᠲᠦᠷᠡᠨ ᠭᠠᠷᠬᠤᠶ᠎ᠠ ᠪᠡᠷᠬᠡ ᠪᠤᠶᠤ ᠂
ᠲᠡᠨᠡᠭ ᠪᠣᠯᠪᠠᠴᠤ ᠲᠡᠩᠴᠡᠰᠢ ᠦᠭᠡᠢ ᠬᠦᠴᠦᠨ ᠢ᠋ᠶ᠋ᠡᠨ ᠥᠭᠴᠦ ᠦᠬᠦᠨ ᠵᠢᠳᠬᠦᠨ ᠳᠡᠭᠦᠦ ᠮᠢᠨᠦ
ᠲᠡᠭᠷᠢ ᠬᠡᠮᠡᠪᠡᠴᠦ ᠲᠡᠢᠮᠦ ᠬᠥᠮᠦᠨ ᠢ᠋ ᠬᠥᠮᠦᠵᠢᠭᠦᠯᠦᠨ ᠮᠠᠨᠳᠤᠭᠤᠯᠵᠤ ᠥᠷᠥᠰᠢᠶᠡᠨ ᠬᠠᠢᠷᠠᠯᠠᠬᠤ ᠪᠤᠶᠤ ᠳᠡᠭᠦᠦ ᠮᠢᠨᠦ᠃
ᠬᠡᠮᠡᠭᠰᠡᠨ ᠳ᠋ᠦ᠍ᠷ ᠲᠡᠨᠡᠭ ᠬᠦᠴᠦᠲᠡᠢ ᠪᠦᠬᠦ ᠪᠡᠯᠭᠦᠳᠡᠢ ᠠᠬ᠎ᠠ ᠶ᠋ᠢᠨ ᠡᠷᠬᠡᠪᠰᠢ ᠠᠪᠴᠤ ᠥᠭᠰᠦᠭᠡᠢ ᠬᠡᠮᠡᠮᠦᠢ ᠳ᠋ᠦ᠍ᠷ:《 ᠡᠷᠬᠡᠲᠦ ᠲᠡᠭᠷᠢ ᠡᠴᠡ ᠲᠥᠷᠥᠭᠰᠡᠨ᠂ ᠡᠯᠢᠭᠡᠰᠡᠭ ᠠᠬ᠎ᠠ ᠡᠵᠡᠨ ᠤ ᠮᠢᠨᠦ ᠬᠦᠨᠳᠦ ᠥᠷᠥᠰᠢᠶᠡᠯ᠂ ᠬᠠᠨ ᠬᠤᠷᠮᠤᠰᠲᠠ ᠠ᠋ᠴᠠ ᠵᠠᠶᠠᠭᠠᠲᠤ ᠬᠠᠢᠷᠠᠲᠤ ᠠᠬ᠎ᠠ ᠡᠵᠡᠨ ᠤ ᠮᠢᠨᠦ ᠶᠡᠬᠡ ᠬᠡᠰᠢᠭ ! 》 ᠭᠡᠮᠡᠨ ᠮᠥᠷᠭᠥᠵᠦ ᠬᠤᠪᠢᠲᠤ ᠰᠠᠢᠬᠠᠨ ᠲᠥᠷᠥᠭᠰᠡᠨ᠂ ᠬᠤᠲᠤᠭᠲᠤ ᠰᠣᠯᠤᠩᠭᠤᠸ᠎ᠠ ᠶ᠋ᠢ ᠠᠪᠤᠮᠤᠢ ᠭᠡᠮᠡᠨ ᠬᠣᠣᠰ ᠦᠭᠡᠢ ᠪᠠᠶᠠᠷᠯᠠᠬᠤᠶᠠ᠂ ᠬᠣᠯᠠ ᠪᠣᠳᠣᠯᠭᠠᠲᠤ ᠮᠤᠬᠤᠯᠢ ᠬᠣᠢᠰᠢ ᠬᠠᠨᠳᠤᠨ ᠦᠵᠡᠵᠦ ᠬᠤᠳᠠᠭᠠᠨ᠎ᠠ ᠪᠡᠬᠢ ᠶ᠋ᠢᠨ ᠵᠦᠭ ᠬᠣᠰᠢᠭᠤ ᠪᠠᠷ ᠳᠣᠬᠢᠵᠤ ᠥᠭᠦᠯᠡᠷᠦᠨ:《ᠬᠣᠴᠢ ᠦᠭᠡᠢ ᠬᠦᠴᠦᠲᠡᠢ᠂ ᠬᠤᠯᠠᠩ ᠦᠭᠡᠢ ᠪᠡᠯᠭᠦᠳᠡᠢ᠂ ᠬᠣᠣᠷᠲᠤ ᠬᠡᠷᠡᠢᠳ ᠢ᠋ ᠦᠨᠡᠮᠰᠢᠷᠡᠨ ᠬᠣᠯᠪᠣᠬᠤ ᠭᠡᠮᠡᠨ ᠰᠠᠨᠠᠮᠤᠢ᠂ ᠬᠣᠪᠳᠣᠭ ᠰᠡᠳᠬᠢᠯ ᠶᠡᠬᠡᠳᠡᠪᠡ᠂ ᠬᠤᠪᠢᠶᠠᠨ ᠴᠢᠯᠡᠬᠦ ᠶ᠋ᠢ ᠬᠡᠷᠬᠢᠶᠡ! ᠬᠤᠷᠢᠴᠠᠬᠤ ᠰᠡᠳᠬᠢᠯ ᠶᠡᠬᠡᠲᠡᠪᠡ᠂ ᠬᠣᠭᠣᠰᠣᠨ ᠬᠣᠨᠣᠬᠤ ᠶ᠋ᠢ ᠶᠠᠭᠠᠬᠢᠶ᠎ᠠ!》 ᠬᠡᠮᠡᠮᠦᠢ᠃
ᠲᠡᠨᠳᠡᠴᠡ ᠵᠢᠯ ᠦ᠋ᠨ ᠳᠣᠣᠷ᠎ᠠ ᠪᠣᠯᠤᠭᠰᠠᠨ ᠲᠤᠯᠠ ᠤᠷᠢᠳᠠ ᠬᠡᠷᠡᠢᠳ ᠲᠣᠷ ᠬᠥᠮᠦᠨ ᠵᠠᠷᠤᠵᠤ ᠬᠣᠢᠲᠤ ᠵᠢᠯ ᠦ᠋ᠨ ᠭᠤᠷᠪᠠᠨ ᠰᠠᠷ᠎ᠠ ᠶ᠋ᠢᠨ ᠬᠣᠷᠢᠨ ᠨᠢᠭᠡᠨ᠎ᠡ ① ᠵᠤᠨ ᠤ᠋ ᠠᠭᠤᠷ ᠣᠷᠣᠬᠤ ᠰᠠᠢᠨ ᠡᠳᠦᠷ ᠲᠤᠯᠠ ᠳᠠᠷᠤᠢ ᠴᠢᠭᠤᠯᠭᠠᠨ ᠳ᠋ᠤᠷ ᠬᠦᠷᠴᠦ ᠬᠤᠷᠢᠮᠯᠠᠮᠤᠢ ᠭᠡᠮᠡᠨ ᠪᠣᠯᠵᠣᠭ᠎ᠠ ᠶ᠋ᠢ ᠲᠣᠭᠲᠠᠭᠠᠨ ᠬᠥᠮᠦᠨ ᠵᠠᠷᠤᠪᠠᠢ ᠃ ᠰᠢᠨ᠎ᠡ ᠵᠢᠯ ᠳ᠋ᠦ᠍ᠷ ᠣᠷᠣᠵᠤ᠂ ᠡᠨᠡ ᠵᠢᠯ ᠰᠢᠷ᠎ᠠ ᠪᠡᠴᠢᠨ ᠵᠢᠯ᠂ ᠲᠠᠢᠽᠦ ᠬᠣᠷᠢᠨ ᠳᠣᠯᠣᠭᠠᠨ ᠨᠠᠰᠤᠨ ᠰᠡᠭᠦᠳᠡᠷ ᠲᠡᠢ ᠪᠣᠯᠪᠠ᠃ ᠰᠥᠩ ᠤᠯᠤᠰ ᠤ᠋ᠨ ᠰᠢᠶᠤᠤᠽᠦ᠋ᠩ ᠬᠠᠭᠠᠨ ᠵᠣᠣ ᠴᠦᠨ ᠦ᠌ ᠴᠦᠨ ᠰᠢ ᠬᠡᠮᠡᠬᠦ ᠣᠨ ᠤ᠋ ᠠᠷᠪᠠᠨ ᠲᠠᠪᠤᠳᠤᠭᠠᠷ ᠣᠨ᠂ ᠠᠯᠲᠠᠨ ᠤᠯᠤᠰ ᠤ᠋ᠨ ᠱᠢᠽᠦ᠋ᠩ ᠬᠠᠭᠠᠨ ᠸᠠᠨ ᠶᠠᠨ ᠶᠦᠩ ᠦ᠋ᠨ ᠳᠠ ᠳ᠋ᠢᠩ ᠬᠡᠮᠡᠬᠦ ᠶ᠋ᠢᠨ ᠬᠣᠷᠢᠨ ᠨᠠᠢ᠍ᠮᠠᠳᠤᠭᠠᠷ ᠣᠨ ᠪᠥᠯᠥᠭᠡ ᠃
– – – –
① ᠡᠳᠦᠭᠡ ᠳ᠋ᠦ᠍ᠷ ᠤᠷᠢᠳᠤᠰ ᠤ᠋ᠨ ᠪᠣᠭᠳᠠ ᠴᠢᠩᠭᠢᠰ ᠦ᠋ᠨ ᠭᠡᠭᠡᠨ ᠮᠥᠰᠬᠢᠨ ᠦ ᠬᠠᠪᠤᠷ ᠤ᠋ᠨ ᠲᠠᠬᠢᠯᠭ᠎ᠠ ᠶ᠋ᠢ ᠳᠠᠷᠤᠢ ᠡᠨᠡ ᠡᠳᠦᠷ ᠳᠠᠬᠢᠵᠤ ᠪᠣᠢ᠃ ᠮᠠᠭᠤ ᠳᠠᠢᠰᠤᠨ ᠢ᠋ ᠭᠡᠳᠡᠷᠭᠦ ᠳᠠᠷᠤᠭᠰᠠᠨ ᠳ᠋ᠤᠷ ᠲᠣᠬᠢᠶᠠᠯᠳᠤᠭᠤᠯᠵᠤᠬᠤᠢ᠃
ᠲᠡᠭᠦᠨᠴᠡ ᠬᠠᠪᠤᠷ ᠤ᠋ᠨ ᠰᠡᠭᠦᠯ ᠰᠠᠷ᠎ᠠ ᠶ᠋ᠢᠨ ᠰᠢᠨᠡᠳ ᠪᠣᠯᠵᠤ᠂ ᠲᠠᠢᠽᠦ ᠤᠷᠢᠳᠠ ᠲᠣᠷᠭᠠᠨ ᠰᠢᠷ᠎ᠠ ᠶ᠋ᠢ ᠳᠠᠭᠤᠳᠠᠨ ᠣᠷᠣᠭᠤᠯᠵᠤ ᠬᠡᠷᠡᠢᠳ ᠲᠣᠷ ᠡᠴᠢᠬᠦ ᠶ᠋ᠢ ᠵᠥᠪᠯᠡᠪᠡᠰᠦ᠂ ᠲᠣᠷᠭᠠᠨ ᠰᠢᠷ᠎ᠠ ᠡᠷᠬᠡᠪᠰᠢ ᠡᠵᠡᠨ ᠤ ᠪᠡᠶ᠎ᠡ ᠶ᠋ᠢ ᠬᠠᠮᠠᠭᠠᠯᠠᠬᠤ ᠴᠡᠷᠢᠭ ᠠᠪᠴᠤ ᠡᠴᠢᠪᠡᠰᠦ ᠵᠣᠬᠢᠮᠤᠢ ᠬᠡᠮᠡᠮᠦᠢ᠃ ᠲᠣᠷᠭᠠᠨ ᠰᠢᠷ᠎ᠠ ᠭᠠᠷᠴᠤ ᠡᠴᠢᠭᠰᠡᠨ ᠬᠣᠢᠨ᠎ᠠ ᠵᠢᠨᠦᠩ ᠮᠤᠬᠤᠯᠢ ᠶ᠋ᠢ ᠳᠠᠭᠤᠳᠠᠨ ᠣᠷᠣᠭᠤᠯᠵᠤ ᠵᠥᠪᠳᠡᠪᠡᠰᠦ:《ᠬᠡᠷᠪᠡ ᠤᠷᠤᠭ ᠤ᠋ᠨ ᠤᠴᠢᠷ ᠪᠠᠶᠠᠷ ᠤ᠋ᠨ ᠬᠡᠷᠡᠭ ᠲᠦ᠍ᠷ ᠴᠡᠷᠢᠭ ᠠᠪᠤᠨ ᠡᠴᠢᠪᠡᠰᠦ ᠪᠤᠰᠤ ᠤᠯᠤᠰ ᠲᠤᠷ ᠤᠤᠯᠢᠬᠠᠢ ᠳᠣᠣᠯᠢᠬᠠᠢ ᠪᠠᠨ ᠮᠡᠳᠡᠭᠳᠡᠮᠦᠢ ᠂ ᠢᠯᠡᠷᠬᠡᠢ ᠴᠡᠷᠢᠭ ᠳᠠᠭᠠᠭᠤᠯᠤᠨ ᠡᠴᠢᠵᠦ ᠪᠣᠯᠬᠤ ᠦᠭᠡᠢ 》ᠬᠡᠮᠡᠬᠦᠢ ᠳ᠋ᠦ᠍ᠷ ᠲᠠᠢᠽᠦ ᠮᠠᠰᠢᠳᠠ ᠪᠡᠶᠡᠰᠴᠦ ᠡᠷᠡᠬᠡᠢ ᠬᠤᠷᠤᠭᠤᠨ ᠤ᠋ ᠡᠷᠡᠬᠡᠢᠪᠴᠢ ᠶᠦ᠍ᠭᠡᠨ ᠮᠤᠰᠬᠢᠵᠦ᠂ ᠡᠷᠳᠡᠨᠢ ᠶ᠋ᠢᠨ ᠪᠦᠰᠡ ᠶ᠋ᠢᠨ ᠤᠨᠵᠢᠯᠭ᠎ᠠ ᠪᠠᠨ ᠰᠢᠪᠳᠤᠷᠤᠨ ᠮᠦᠰᠢᠶᠡᠨ ᠵᠠᠬᠢᠷᠤᠨ:《 ᠮᠤᠬᠤᠯᠢ ᠮᠢᠨᠦ ᠮᠣᠷᠳᠠᠬᠤ ᠰᠠᠨᠠᠭᠠᠨ ᠢ᠋ ᠮᠡᠳᠡᠪᠡ᠂ ᠵᠢᠨᠦ᠍ᠩ ᠮᠢᠨᠦ ᠵᠢᠯᠣᠭᠣᠳᠬᠤ ᠤᠬᠠᠭᠠᠨ ᠢ᠋ ᠤᠬᠠᠪᠠᠢ ! 》ᠬᠡᠮᠡᠭᠰᠡᠨ ᠳ᠋ᠦ᠍ᠷ ᠵᠢᠨᠦᠩ ᠮᠤᠬᠤᠯᠢ ᠡᠵᠡᠨ ᠢ᠋ᠶ᠋ᠡᠨ ᠡᠷᠡᠬᠡᠢᠪᠴᠢ ᠮᠤᠰᠬᠢᠨ ᠪᠦᠰᠡ ᠪᠡᠨ ᠰᠢᠪᠳᠤᠷᠤᠬ᠍ᠰᠠᠨ ᠢ᠋ ᠦᠵᠡᠭᠡᠳ ᠰᠡᠬᠡᠰᠬᠢᠵᠦ ᠲᠠᠢᠽᠦ ᠶ᠋ᠢᠨ ᠰᠠᠨᠠᠭᠠᠨ ᠢ᠋ ᠨᠡᠪᠲᠡ ᠤᠬᠠᠭᠠᠳ ᠮᠥᠨ ᠪᠠᠶᠠᠷᠯᠠᠨ ᠢᠨᠢᠶᠡᠵᠦ ᠦᠭᠡ ᠦᠭᠡᠢ ᠮᠥᠷᠭᠥᠭᠡᠳ ᠭᠠᠷᠴᠤ ᠢᠷᠡᠪᠡ᠃ ᠲᠣᠷᠭᠠᠨ ᠰᠢᠷ᠎ᠠ ᠤᠭᠲᠤᠵᠤ ᠠᠰᠠᠭᠤᠷᠤᠨ :《ᠬᠡᠷᠬᠢᠵᠦ ᠲᠣᠭᠲᠠᠪᠠ ? 》 ᠮᠤᠬᠤᠯᠢ ᠥᠴᠢᠷᠦᠨ:《 ᠡᠵᠡᠨ ᠡᠷᠡᠬᠡᠢᠪᠴᠢ ᠪᠡᠨ ᠮᠤᠰᠬᠢᠵᠦ᠂ ᠪᠦᠰᠡ ᠪᠡᠨ ᠰᠢᠪᠲᠤᠷᠪᠠ᠂ ᠯᠠᠪ ᠢᠯᠡᠷᠭᠡᠢ ᠴᠡᠷᠢᠭ ᠳᠠᠭᠠᠭᠤᠯᠬᠤ ᠦᠭᠡᠢ ᠰᠤᠪᠠᠢ ᠰᠤᠭᠤᠯᠳᠤᠷ ᠢ᠋ᠶ᠋ᠠᠷ ᠮᠣᠷᠢᠯᠠᠮᠤᠢ᠃ ᠠᠬᠠᠢ ᠪᠢᠳᠡ ᠬᠣᠶᠠᠭᠤᠯᠠ ᠡᠵᠡᠨ ᠢ᠋ ᠬᠠᠮᠠᠭᠠᠯᠠᠬᠤ ᠶ᠋ᠢ ᠪᠡᠯᠡᠳᠬᠡᠷᠡ ᠡᠴᠢᠶ᠎ᠡ᠃ 》 ᠬᠡᠮᠡᠵᠦ ᠳᠠᠷᠤᠢ ᠥᠨᠳᠥᠷ ᠳᠣᠪᠣ ᠶ᠋ᠢᠨ ᠵᠢᠨᠦᠩ ᠦ᠋ᠨ ᠴᠠᠴᠠᠷ ᠲᠤᠷ ᠢ᠋ᠶ᠋ᠠᠨ ᠢᠷᠡᠵᠦ ᠰᠠᠭᠤᠭᠠᠳ ᠭᠤᠷᠪᠠᠨᠲᠠ ᠶᠡᠬᠡ ᠦᠬᠡᠷ ᠫᠤᠤ ᠲᠠᠯᠪᠢᠭᠤᠯᠵᠤ᠂ ᠨᠢᠭᠡᠨ ᠬᠣᠣᠰ ᠤ᠋ᠨ ᠵᠡᠰ ᠲᠠᠲᠠᠯᠭ᠎ᠠ ᠪᠠ ᠭᠤᠴᠢᠨ ᠬᠣᠶᠠᠷ ᠬᠠᠯᠵᠠᠨ ᠪᠦᠷᠢᠶ᠎ᠡ ᠶ᠋ᠢ ᠬᠠᠮᠲᠤ ᠪᠠᠷ ᠦᠯᠢᠶᠡᠯᠭᠡᠵᠦ᠂ ᠳᠥᠷᠪᠡᠨ ᠵᠦᠭ ᠦ᠋ᠨ ᠴᠡᠷᠢᠭ ᠦ᠋ᠨ ᠬᠡᠩᠭᠡᠷᠭᠡ ᠶ᠋ᠢ ᠳᠡᠯᠡᠳᠦᠭᠦᠯᠦᠨ᠂ ᠣᠯᠠᠨ ᠵᠠᠩᠵᠤᠨ ᠨᠠᠷ ᠢ᠋ ᠴᠤᠭᠠᠷ ᠴᠤᠭᠯᠠᠭᠤᠯᠤᠨ᠂ ᠴᠠᠴᠠᠷ ᠤ᠋ᠨ ᠳᠣᠲᠣᠷ᠎ᠠ ᠬᠤᠷᠠᠭᠤᠯᠤᠭᠠᠳ ᠳᠠᠷᠤᠢ ᠶᠡᠬᠡ ᠬᠣᠪᠲᠣ ᠶ᠋ᠢᠨ ᠳᠣᠲᠣᠷ᠎ᠠ ᠠ᠋ᠴᠠ ᠣᠯᠠᠨ ᠵᠠᠩᠵᠤᠨ ᠲᠦᠰᠢᠮᠡᠳ ᠦ᠋ᠨ ᠨᠡᠷ᠎ᠡ ᠪᠢᠴᠢᠭᠰᠡᠨ ᠲᠡᠮᠳᠡᠭ ᠰᠤᠮᠤ ᠠ᠋ᠴᠠ ᠵᠢᠷᠭᠤᠭᠠᠨ ᠵᠡᠪᠡ ᠰᠤᠭᠤᠯᠤᠨ ᠠᠪᠴᠤ ᠳᠣᠷᠣᠭ᠍ᠰᠢ ᠪᠠᠭᠤᠯᠭᠠᠨ ᠵᠢᠷᠭᠤᠭᠠᠨ ᠵᠠᠩᠵᠤᠨ ᠢ᠋ ᠵᠠᠷᠯᠠᠵᠤ ᠂ ᠲᠠᠭᠲᠤ ᠳ᠋ᠤᠷ ᠠᠪᠠᠷᠢᠭᠤᠯᠵᠤ᠂ ᠣᠯᠠᠨ ᠬᠥᠮᠦᠨ ᠲᠣᠯᠣᠭᠠᠢ ᠡᠷᠭᠦᠨ ᠦᠵᠡᠪᠡᠰᠦ ᠪᠤᠭᠤᠷᠵᠢ᠂ ᠪᠤᠭᠤᠷᠤᠯ᠂ ᠵᠡᠪᠡ ᠴᠢᠯᠠᠭᠤᠨ᠂ ᠴᠤᠤ ᠮᠡᠷᠭᠡᠨ᠂ ᠰᠢᠷᠢ ᠬᠤᠲᠤᠭ ᠡᠨᠡ ᠵᠢᠷᠭᠤᠭᠠᠨ ᠰᠠᠢᠳ ᠠᠵᠤᠭᠤ᠃ ᠲᠡᠳᠦᠢ ᠵᠢᠨᠦᠩ ᠮᠤᠬᠤᠯᠢ ᠂ ᠰᠢᠷᠢ ᠬᠤᠲᠤᠭ ᠢ᠋ ᠳᠡᠪᠰᠢᠭᠦᠯᠵᠦ ᠨᠢᠭᠡᠨ ᠲᠡᠮᠳᠡᠭ ᠵᠡᠪᠡ ᠥᠭᠴᠦ ᠥᠭᠦᠯᠡᠷᠦᠨ: 《ᠴᠢ ᠲᠠᠪᠤᠨ ᠵᠠᠭᠤᠨ ᠰᠢᠯᠭᠠᠳᠠᠭ ᠴᠡᠷᠢᠭ ᠢ᠋ ᠠᠪᠴᠤ ᠬᠡᠷᠡᠢᠳ ᠪᠠ ᠮᠠᠨ ᠤ᠋ ᠬᠣᠶᠠᠷ ᠤᠯᠤᠰ ᠤ᠋ᠨ ᠵᠠᠬ᠎ᠠ ᠳ᠋ᠤᠷ ᠪᠦᠬᠦᠢ ᠵᠢᠪᠬᠤᠯᠠᠩ ᠨᠡᠷᠡᠲᠦ ᠠᠭᠤᠯᠠᠨ ᠤ᠋ ᠳᠣᠣᠷ᠎ᠠ ᠶᠡᠬᠡ ᠠᠪᠠ ᠶ᠋ᠢᠨ ᠪᠠᠭᠤᠳᠠᠯ ᠪᠡᠯᠡᠳ᠂ ᠭᠤᠷᠪᠠᠨ ᠰᠠᠷ᠎ᠠ ᠶ᠋ᠢᠨ ᠬᠣᠷᠢᠨ ᠨᠢᠭᠡᠨ ᠲᠡᠭᠷᠢ ᠭᠡᠭᠡᠷᠡᠬᠦ ᠶ᠋ᠢᠨ ᠦᠶ᠎ᠡ ᠳ᠋ᠦ᠍ᠷ ᠰᠢᠭᠤᠳ ᠬᠡᠷᠡᠢᠳ ᠤᠯᠤᠰ ᠲᠤᠷ ᠣᠷᠣᠵᠤ ᠂ ᠬᠡᠷᠦᠯᠦᠨ ᠮᠥᠷᠡᠨ ᠤ ᠵᠦᠭ ᠡᠵᠡᠨ ᠢ᠋ ᠤᠭᠲᠤᠷ᠎ᠠ ᠡᠴᠢ ᠂ᠬᠡᠷᠡᠢᠳ ᠡᠴᠡ ᠡᠭᠡᠪᠡᠰᠦ ᠡᠵᠡᠨ ᠲᠡᠨᠳᠡ ᠠᠪᠠ ᠬᠢᠮᠦᠢ᠂ ᠬᠡᠷᠪᠡ ᠵᠠᠮ ᠳ᠋ᠤᠷ ᠲᠡᠮᠳᠡᠭ ᠫᠤᠤ ᠶ᠋ᠢᠨ ᠳᠠᠭᠤᠨ ᠭᠠᠷᠬᠤ ᠪᠤᠶᠤ ᠴᠡᠷᠢᠭ ᠲᠡᠢᠨ ᠤ ᠲᠣᠭᠣᠰᠣᠨ ᠳᠡᠭᠳᠡᠪᠡᠰᠦ ᠲᠦᠷᠭᠡᠨ᠎ᠡ ᠠᠯᠠᠨ ᠣᠷᠣᠵᠤ ᠡᠵᠡᠨ ᠤ ᠳᠡᠷᠭᠡᠳᠡ ᠬᠥᠷ᠂ ᠣᠰᠣᠯᠳᠠᠵᠤ ᠪᠣᠯᠬᠤ ᠦᠭᠡᠢ᠃ ᠬᠡᠷᠪᠡ ᠣᠰᠣᠯᠳᠠᠪᠠᠰᠤ ᠤᠷᠢᠳᠤ ᠡᠳᠦᠷ ᠦ᠋ᠨ ᠶᠠᠯ᠎ᠠ ᠠ᠋ᠴᠠ ᠬᠦᠨᠳᠦ ᠪᠣᠯᠠᠢ᠃》 ᠬᠡᠮᠡᠭᠰᠡᠨ ᠳ᠋ᠦ᠍ᠷ ᠰᠢᠷᠢ ᠬᠤᠲᠤᠭ ᠴᠠᠭᠠᠵᠠ ᠶ᠋ᠢ ᠬᠦᠯᠢᠶᠡᠨ ᠠᠪᠴᠤ ᠴᠡᠷᠢᠭ ᠢ᠋ᠶ᠋ᠡᠨ ᠪᠠᠢᠴᠠᠭᠠᠷᠠ ᠡᠴᠢᠪᠡ᠃ ᠵᠢᠴᠢ ᠴᠤᠤ ᠮᠡᠷᠭᠡᠨ ᠢ᠋ ᠳᠠᠭᠤᠳᠠᠵᠤ ᠥᠭᠦᠯᠡᠷᠦᠨ:《ᠴᠢ ᠭᠠᠭᠴᠠ ᠬᠡᠳᠦᠬᠡᠨ ᠬᠥᠮᠦᠨ ᠪᠠ ᠪᠠᠭᠤᠳᠠᠯ ᠬᠦᠨᠡᠰᠦᠨ ᠢ᠋ᠶ᠋ᠡᠨ ᠠᠪᠴᠤ ᠰᠠᠢᠨ ᠰᠠᠭᠠᠳᠠᠭ ᠢ᠋ᠶ᠋ᠠᠨ ᠠᠭᠰᠠᠵᠤ ᠬᠡᠷᠡᠢᠳ ᠤᠯᠤᠰ ᠲᠤᠷ ᠡᠵᠡᠨ ᠤ ᠲᠡᠷᠢᠭᠦᠨ ᠮᠡᠳᠡᠭᠡᠴᠢ ᠪᠣᠯᠤᠨ ᠡᠴᠢᠵᠦ᠂ ᠾᠧ ᠸᠠᠩ ᠤ᠋ᠨ ᠠᠮᠤᠷ ᠢ᠋ ᠡᠷᠢᠵᠦ ᠲᠡᠨᠳᠡᠬᠢ ᠪᠠᠢᠳᠠᠯ ᠪᠠ ᠵᠠᠮ ᠤ᠋ᠨ ᠶᠠᠩᠵᠤ ᠶ᠋ᠢ ᠦᠵᠡᠵᠦ᠂ ᠬᠡᠷᠪᠡ ᠬᠤᠷᠢᠮ ᠤ᠋ᠨ ᠣᠢᠷ᠎ᠠ ᠪᠦᠭᠭᠦᠭᠰᠡᠨ ᠴᠡᠷᠢᠭ ᠪᠠ ᠭᠡᠨᠡᠳᠡᠭᠦᠯᠬᠦ ᠠᠷᠭ᠎ᠠ ᠠᠪᠠᠰᠤ ᠰᠠᠢᠲᠤᠷ ᠰᠢᠨᠵᠢᠵᠦ ᠮᠡᠳᠡᠭᠡᠳ ᠣᠢᠷᠠᠯᠴᠠᠭ᠎ᠠ ᠭᠠᠵᠠᠷ ᠢ᠋ ᠦᠵᠡᠵᠦ ᠪᠦᠭᠭᠦᠲᠦᠭᠡᠢ᠃ ᠲᠡᠳᠡᠨ ᠤ ᠨᠠᠷᠢᠨ ᠠᠷᠭ᠎ᠠ ᠶ᠋ᠢ ᠣᠨᠣᠴᠢᠲᠤ ᠰᠤᠮᠤᠨ ᠢ᠋ᠶ᠋ᠠᠷ ᠲᠡᠷᠢᠭᠦᠯᠡᠭᠰᠡᠨ ᠬᠥᠮᠦᠨ ᠢ᠋ ᠬᠠᠷᠪᠤ᠂ ᠬᠡᠷᠬᠢᠪᠡᠴᠦ ᠪᠢᠲᠡᠭᠡᠢ ᠣᠰᠣᠯᠳᠠ᠂ ᠴᠢᠬᠤᠯᠠ ᠬᠡᠷᠡᠭ ᠴᠥᠮ ᠴᠢᠨᠦ ᠪᠡᠶ᠎ᠡ ᠳ᠋ᠦ᠍ᠷ ᠪᠣᠢ᠂ ᠡᠳᠦᠭᠡ ᠳᠠᠷᠤᠢ ᠶᠠᠪᠤ ! 》 ᠭᠡᠮᠡᠨ ᠶᠠᠪᠤᠭᠤᠯᠤᠭᠠᠳ ᠵᠡᠪᠡ ᠂ ᠴᠢᠯᠠᠭᠤᠨ ᠬᠣᠶᠠᠭᠤᠯᠠ ᠶ᠋ᠢ ᠳᠠᠭᠤᠳᠠᠵᠤ ᠥᠭᠦᠯᠡᠷᠦᠨ : 《 ᠲᠠ ᠬᠣᠶᠠᠭᠤᠯᠠ ᠨᠢᠭᠡᠨ ᠮᠢᠩᠭᠠᠨ ᠰᠢᠯᠭᠠᠭᠰᠠᠨ ᠴᠡᠷᠢᠭ ᠢ᠋ ᠠᠪᠴᠤ ᠬᠡᠷᠡᠢᠳ ᠤᠯᠤᠰ ᠲᠤᠷ ᠬᠦᠷᠴᠦ ᠰᠢᠬᠢᠷ ᠲᠠᠮᠪᠠᠭᠠ ᠬᠤᠳᠠᠯᠳᠤᠬᠤ ᠬᠥᠮᠦᠨ ᠤ ᠶᠠᠩᠵᠤ ᠪᠠᠷ ᠴᠢᠮᠡᠵᠦ᠂ ᠲᠡᠳᠡᠨ ᠤ ᠴᠡᠷᠢᠭ ᠦ᠋ᠨ ᠬᠠᠮᠢᠭ᠎ᠠ ᠪᠦᠭᠭᠦᠬᠦ ᠶ᠋ᠢ ᠲᠡᠩᠰᠡᠵᠦ ᠮᠡᠳᠡᠭᠡᠳ ᠲᠣᠰᠴᠤ ᠪᠦᠭᠭᠦ᠃ ᠬᠡᠷᠪᠡ ᠲᠡᠢᠮᠦ ᠣᠢᠷᠠᠯᠴᠠᠭ᠎ᠠ ᠴᠡᠷᠢᠭ ᠦᠭᠡᠢ ᠪᠥᠭᠡᠰᠦ ᠲᠠᠨ ᠤ ᠬᠣᠶᠠᠭᠤᠯᠠ ᠭᠤᠷᠪᠠᠨ ᠰᠠᠷ᠎ᠠ ᠶ᠋ᠢᠨ ᠬᠣᠷᠢᠨ ᠤ᠋ ᠰᠥᠨᠢ ᠳᠦᠯᠢ ᠳ᠋ᠦ᠍ᠷ ᠬᠡᠷᠦᠯᠦᠨ ᠮᠥᠷᠡᠨ ᠢ᠋ ᠭᠡᠲᠦᠯᠵᠦ ᠂ᠬᠣᠶᠠᠷ ᠤᠯᠤᠰ ᠤ᠋ᠨ ᠬᠤᠷᠢᠮ ᠬᠤᠷᠢᠮᠯᠠᠬᠤ ᠭᠠᠵᠠᠷ ᠤ᠋ᠨ ᠲᠡᠭᠷᠢ ᠡᠯᠡᠰᠦᠨ ᠤ ᠨᠠᠢᠯᠵᠠᠭᠤᠷ ᠤᠳᠠ ᠶ᠋ᠢᠨ ᠰᠢᠭᠤᠢ ᠳ᠋ᠤᠷ ᠪᠦᠭᠭᠦᠲᠦᠭᠡᠢ᠃ ᠲᠡᠳᠡ ᠬᠡᠷᠪᠡ ᠭᠡᠨᠡᠳᠡᠭᠦᠯᠬᠦ ᠠᠷᠭ᠎ᠠ ᠠᠪᠠᠰᠤ ᠠᠯᠠᠨ ᠭᠠᠷᠴᠤ ᠡᠵᠡᠨ ᠢ᠋ ᠬᠠᠮᠵᠢᠵᠤ ᠢᠷ᠎ᠡ ᠂ᠪᠢᠴᠢᠬᠠᠨ ᠣᠰᠣᠯᠳᠠᠪᠠᠰᠤ ᠦᠬᠦᠬᠦ ᠶᠠᠯ᠎ᠠ ᠪᠣᠢ ! 》 ᠬᠡᠮᠡᠭᠡᠳ ᠪᠠᠰᠠ ᠨᠢᠭᠡᠨ ᠲᠡᠮᠳᠡᠭ ᠵᠡᠪᠡ ᠥᠭᠴᠦ ᠥᠭᠦᠯᠡᠷᠦᠨ : 《ᠥᠴᠦᠬᠡᠨ ᠣᠰᠣᠯᠳᠠᠪᠠᠰᠤ ᠡᠵᠡᠨ ᠤ ᠵᠠᠰᠠᠭ ᠤᠯᠤᠰ ᠤ᠋ᠨ ᠴᠠᠭᠠᠵᠠ ᠶ᠋ᠢ ᠪᠢ ᠬᠠᠯᠬᠠᠯᠠᠨ ᠦᠯᠦ ᠴᠢᠳᠠᠮᠤᠢ !》 ᠬᠡᠮᠡᠭᠰᠡᠨ ᠳ᠋ᠦ᠍ᠷ ᠬᠣᠶᠠᠭᠤᠯᠠ ᠳᠤᠷᠠᠲᠠᠶ᠎ᠠ ᠬᠦᠯᠢᠶᠡᠨ ᠠᠪᠴᠤ ᠪᠠᠭᠤᠪᠠ ᠃ ᠰᠢᠬᠢᠷ ᠪᠠ ᠲᠠᠮᠪᠠᠭᠠ ᠶ᠋ᠢ ᠶᠡᠬᠡ ᠰᠠᠩ ᠠ᠋ᠴᠠ ᠲᠠᠪᠢᠨ ᠠᠴᠢᠶ᠎ᠠ ᠠᠭᠰᠤᠨ ᠠᠪᠴᠤ ᠴᠡᠷᠢᠭ ᠢ᠋ᠶ᠋ᠡᠨ ᠪᠠᠢᠴᠠᠭᠠᠷᠠ ᠡᠴᠢᠪᠡ ᠃
ᠲᠡᠳᠦᠢ ᠪᠤᠭᠤᠷᠤᠯ ᠂ ᠪᠤᠭᠤᠷᠵᠢ ᠬᠣᠶᠠᠭᠤᠯᠠ ᠶ᠋ᠢ ᠳᠠᠭᠤᠳᠠᠵᠤ ᠬᠣᠶᠠᠷ ᠲᠡᠮᠳᠡᠭᠲᠦ ᠵᠡᠪᠡ ᠶ᠋ᠢ ᠰᠠᠭᠤᠳᠠᠯ ᠠ᠋ᠴᠠ ᠪᠣᠰᠴᠤ ᠭᠠᠷᠳᠠᠭᠤᠯᠤᠨ ᠥᠭᠭᠥᠭᠡᠳ ᠥᠭᠦᠯᠡᠷᠦᠨ : 《 ᠬᠣᠶᠠᠷ ᠠᠬᠠᠢ ᠲᠠ ᠬᠣᠶᠠᠭᠤᠯᠠ ᠬᠣᠶᠠᠷ ᠮᠢᠩᠭᠠᠨ ᠴᠡᠷᠢᠭ ᠠᠪᠴᠤ ᠴᠠᠢᠯᠵᠢ ᠠᠢᠮᠠᠭ ᠮᠠᠨ ᠤ᠋ ᠡᠪᠦᠯᠵᠢᠶᠡᠨ ᠤ ᠨᠤᠲᠤᠭ ᠢ᠋ ᠳᠠᠪᠴᠢᠯᠠᠭᠰᠠᠨ ᠤ᠋ ᠦᠰ ᠠᠪᠤᠮᠤᠢ ᠭᠡᠮᠡᠨ ᠠᠯᠳᠠᠷᠰᠢᠭᠤᠯᠵᠤ᠂ ᠬᠡᠷᠡᠢᠳ ᠤᠯᠤᠰ ᠤ᠋ᠨ ᠳᠣᠲᠣᠷ᠎ᠠ ᠣᠷᠣᠵᠤ ᠬᠡᠷᠦᠯᠦᠨ ᠮᠥᠷᠡᠨ ᠤ ᠢᠨᠠᠳᠤ ᠬᠥᠪᠡᠭᠡ ᠳ᠋ᠦ᠍ᠷ ᠬᠤᠯᠤᠰᠤ ᠡᠪᠡᠰᠦᠨ᠎ᠡ ᠪᠦᠭᠭᠦᠲᠦᠭᠡᠢ᠃ ᠲᠡᠳᠡ ᠬᠡᠷᠪᠡ ᠮᠠᠭᠤ ᠵᠥᠪᠯᠡᠯ ᠠᠪᠠᠰᠤ ᠵᠠᠮ ᠳ᠋ᠤᠷ ᠯᠠᠪ ᠬᠤᠯᠠᠭᠠᠢ ᠴᠡᠷᠢᠭ ᠪᠦᠭᠭᠦᠮᠦᠢ᠃ ᠤᠷᠢᠳᠠ ᠪᠦᠦ ᠭᠠᠷ᠂ ᠬᠡᠵᠢᠶ᠎ᠡ ᠲᠡᠳᠡᠨ ᠤ ᠴᠡᠷᠢᠭ ᠨᠢᠭᠡᠨᠲᠡ ᠬᠥᠳᠡᠯᠦᠨ ᠭᠠᠷᠴᠤ ᠢᠷᠡᠭᠡᠳ ᠲᠡᠳᠡᠨ ᠤ ᠮᠠᠭᠤ ᠨᠢᠭᠡᠨᠲᠡ ᠢᠯᠡᠷᠡᠭᠰᠡᠨ ᠤ ᠬᠣᠢᠨ᠎ᠠ ᠰᠠᠶᠢ ᠠᠯᠠᠨ ᠭᠠᠷᠴᠤ ᠲᠡᠷᠢᠭᠦᠯᠡᠭᠰᠡᠨ ᠴᠡᠷᠢᠭ ᠦ᠋ᠨ ᠬᠥᠮᠦᠨ ᠢ᠋ ᠪᠠᠷᠢᠲᠤᠭᠠᠢ᠃ ᠬᠣᠶᠠᠷ ᠠᠬᠠᠢ ᠬᠡᠷᠬᠢᠪᠡᠴᠦ ᠪᠢᠲᠡᠭᠡᠢ ᠣᠰᠤᠯᠲᠠ᠂ ᠡᠨᠡ ᠬᠡᠮᠡᠭᠴᠢ ᠡᠵᠡᠨ ᠤ ᠠᠮᠢᠨ ᠪᠡᠶ᠎ᠡ ᠳ᠋ᠦ᠍ᠷ ᠬᠣᠯᠪᠣᠭᠳᠠᠬᠤ ᠬᠡᠷᠡᠭ !》 ᠭᠡᠮᠡᠨ ᠪᠡᠶ᠎ᠡ ᠪᠡᠷ ᠮᠣᠷᠳᠠᠭᠤᠯᠤᠭᠠᠳ ᠡᠭᠡᠨ ᠣᠷᠣᠵᠤ᠂ ᠠᠷᠪᠠᠨ ᠵᠡᠪᠡ ᠰᠤᠭᠤᠯᠵᠤ ᠠᠷᠪᠠᠨ ᠵᠠᠩᠵᠤᠨ ᠢ᠋ ᠴᠠᠴᠠᠷ ᠲᠤᠷ ᠠᠪᠠᠷᠢᠭᠤᠯᠪᠠ᠃ ᠣᠯᠠᠨ ᠬᠥᠮᠦᠨ ᠦᠵᠡᠪᠡᠰᠦ : ᠥᠨᠳᠥᠷ ᠰᠡᠴᠡᠨ ᠦᠨᠡᠨ ᠲᠥᠷᠥ ᠬᠣᠶᠠᠭᠤᠯᠠ ᠪᠠ ᠵᠢᠴᠢ ᠬᠠᠪᠤᠲᠤ ᠬᠠᠰᠠᠷ᠂ ᠪᠦᠬᠦ ᠪᠡᠯᠭᠦᠳᠡᠢ ᠂ ᠵᠡᠯᠮ᠎ᠡ᠂ ᠬᠣᠷᠭᠣᠯᠵᠢ᠂ ᠣᠶᠤᠲᠤ ᠰᠡᠴᠡᠨ᠂ ᠣᠶᠤᠨ ᠭᠤᠸ᠎ᠠ᠂ ᠰᠠᠢᠬᠠᠨ ᠰᠤᠷᠲᠠᠯᠲᠤ᠂ ᠲᠡᠭᠦᠰᠴᠦᠭ᠍ᠲᠦ ᠠᠷᠪᠠᠭᠤᠯᠠ ᠪᠣᠯᠠᠢ᠃ ᠲᠡᠳᠦᠢ ᠦᠨᠡᠨ ᠲᠥᠷᠥ᠂ ᠥᠨᠳᠥᠷ ᠰᠡᠴᠡᠨ ᠬᠣᠶᠠᠭᠤᠯᠠ ᠳ᠋ᠤᠷ ᠨᠢᠭᠡ ᠵᠡᠪᠡ᠂ ᠨᠢᠭᠡᠨ ᠲᠡᠮᠳᠡᠭᠲᠦ ᠢᠯᠳᠦ ᠥᠭᠴᠦ ᠲᠠᠢᠽᠦ ᠶ᠋ᠢᠨ ᠵᠢᠭ᠍ᠰᠠᠭᠠᠯ ᠤ᠋ᠨ ᠳᠠᠷᠤᠭ᠎ᠠ ᠲᠠᠯᠪᠢᠵᠤ ᠂ ᠪᠠᠰᠠ ᠴᠢᠬᠢᠨ ᠳ᠋ᠦ᠍ᠷ ᠬᠡᠳᠦᠨ ᠦᠭᠡᠢ ᠰᠤᠷᠭᠠᠵᠤ᠂ ᠵᠢᠴᠢ ᠬᠠᠪᠤᠲᠤ ᠬᠠᠰᠠᠷ᠂ ᠪᠦᠬᠦ ᠪᠡᠯᠭᠦᠳᠡᠢ ᠶ᠋ᠢ ᠡᠵᠡᠨ ᠤ ᠪᠡᠶ᠎ᠡ ᠶ᠋ᠢ ᠬᠠᠮᠠᠭᠠᠯᠠᠬᠤ ᠮᠥᠷᠥ ᠶ᠋ᠢᠨ ᠶᠡᠬᠡ ᠵᠠᠩᠵᠤᠨ ᠪᠣᠯᠭᠠᠵᠤ᠂ ᠨᠡᠢᠲᠡ ᠶ᠋ᠢ ᠳᠠᠭᠠᠭᠤᠯᠤᠨ᠂ ᠪᠠᠰᠠ ᠤᠶᠤᠲᠤ ᠰᠡᠴᠡᠨ᠂ ᠰᠠᠢᠬᠠᠨ ᠰᠤᠷᠲᠠᠯᠲᠤ ᠬᠣᠶᠠᠭᠤᠯᠠ ᠳ᠋ᠤᠷ ᠨᠢᠭᠡᠨ ᠡᠪᠡᠷ ᠠᠶᠠᠭ᠎ᠠ ᠥᠭᠴᠦ ᠡᠵᠡᠨ ᠤ ᠴᠠᠪ ᠵᠣᠭᠣᠭ᠂ ᠠᠷᠢᠬᠢ ᠮᠢᠬ᠎ᠠ ᠶ᠋ᠢ ᠴᠢᠩᠳᠠᠯᠠᠨ ᠲᠤᠰᠢᠶᠠᠭᠠᠳ ᠪᠠᠰᠠ ᠠᠷᠭᠠᠰᠤᠨ ᠤ᠋ ᠬᠣᠷᠭᠣᠯᠵᠢ᠂ ᠣᠶᠤᠨ ᠭᠤᠸ᠎ᠠ ᠬᠣᠶᠠᠭᠤᠯᠠ ᠳ᠋ᠤᠷ ᠡᠵᠡᠨ ᠤ ᠬᠦᠯᠦᠭ ᠦ᠋ᠨ ᠲᠠᠪᠤᠨ ᠮᠣᠷᠢᠨ ᠢ᠋ ᠪᠠᠷᠢᠭᠤᠯᠤᠨ ᠵᠠᠯᠮ᠎ᠠ ᠳ᠋ᠤᠷ ᠡᠵᠡᠨ ᠤ ᠨᠢᠭᠤᠴᠠ ᠵᠡᠪᠰᠡᠭ — ᠣᠷᠣᠰ ᠤᠯᠤᠰ ᠤ᠋ᠨ ᠲᠡᠮᠳᠡᠭ ᠫᠤᠤ ᠶ᠋ᠢ ᠥᠭᠴᠦ ᠠᠮᠢᠨ ᠳ᠋ᠤᠷ ᠬᠦᠷᠪᠡᠰᠦ ᠡᠭᠦᠪᠡᠷ ᠬᠠᠷᠪᠤ ᠂ ᠠᠭᠠᠵᠢᠮ ᠪᠣᠯᠪᠠᠰᠤ ᠲᠡᠮᠳᠡᠭ ᠪᠣᠯᠭ᠎ᠠ ᠭᠡᠮᠡᠨ ᠲᠤᠰᠢᠶᠠᠭᠠᠳ ᠴᠠᠭᠠᠵᠠ ᠶ᠋ᠢ ᠵᠠᠷᠯᠠᠨ ᠲᠣᠭᠲᠠᠭᠠᠵᠤ ᠲᠠᠢᠽᠦ ᠶ᠋ᠢᠨ ᠮᠣᠷᠳᠠᠬᠤ ᠶ᠋ᠢ ᠬᠦᠯᠢᠶᠡᠪᠡ᠃
ᠡᠨᠡ ᠤᠳᠠᠭ᠎ᠠ ᠶ᠋ᠢᠨ ᠪᠤᠶᠠᠨ ᠵᠣᠪᠠᠯᠠᠩ ᠬᠠᠮᠢᠭᠠᠰᠢ ᠪᠣᠯᠬᠤ ᠶ᠋ᠢ ᠮᠡᠳᠡᠬᠦ ᠦᠭᠡᠢ ᠂ ᠳᠣᠣᠷᠠᠲᠤ ᠪᠦᠯᠦᠭ ᠲᠣᠷ ᠦᠵᠡᠭᠳᠡᠬᠦᠢ᠃
ᠴᠣᠬᠣᠯᠠᠭᠰᠠᠨ ᠠᠨᠤ
ᠡᠨᠡ ᠨᠢᠭᠡᠨ ᠪᠦᠯᠦᠭ᠂ ᠦᠵᠡᠬᠦᠢ ᠳ᠋ᠦ᠍ᠷ ᠬᠡᠳᠦᠢ ᠥᠲᠡᠯ᠎ᠡ ᠮᠡᠲᠦ ᠪᠣᠯᠪᠠᠴᠤ ᠡᠭᠦᠨ ᠤ ᠳᠣᠲᠣᠷ᠎ᠠ ᠬᠠᠷᠢᠨ 《ᠶᠡᠬᠡ ᠰᠤᠷᠲᠠᠬᠤᠢ ᠪᠢᠴᠢᠭ 》 ᠲᠣᠷ : 《 ᠬᠥᠮᠦᠨ ᠤ ᠡᠵᠡᠨ ᠪᠣᠯᠤᠭᠴᠢᠳ ᠥᠷᠥᠰᠢᠶᠡᠯ ᠳ᠋ᠦ᠍ᠷ ᠵᠣᠭᠰᠣ᠂ ᠬᠥᠮᠦᠨ ᠤ ᠰᠠᠢᠳ ᠪᠣᠯᠤᠭᠴᠢᠳ ᠬᠢᠴᠢᠶᠡᠩᠭᠦᠢ ᠳ᠋ᠦ᠍ᠷ ᠵᠣᠭᠰᠣ᠂ ᠬᠥᠮᠦᠨ ᠤ ᠬᠥᠪᠡᠭᠦᠨ ᠪᠣᠯᠤᠭᠴᠢᠳ ᠠᠴᠢᠯᠠᠯ ᠳ᠋ᠤᠷ ᠵᠣᠭᠰᠣ᠂ ᠬᠥᠮᠦᠨ ᠤ ᠡᠴᠢᠭᠡ ᠪᠣᠯᠤᠭᠴᠢᠳ ᠠᠰᠠᠷᠠᠯ ᠳ᠋ᠤᠷ ᠵᠣᠭᠰᠣ᠂ ᠤᠯᠤᠰ ᠤ᠋ᠨ ᠬᠥᠮᠦᠨ ᠯᠤᠭᠡ ᠨᠥᠬᠥᠷᠯᠡᠪᠡᠰᠦ ᠢᠲᠡᠭᠡᠮᠵᠢ ᠳ᠋ᠦ᠍ᠷ ᠵᠣᠭᠰᠣ 》 ᠬᠡᠮᠡᠭᠰᠡᠨ ᠨᠢᠭᠡᠨ ᠠᠩᠭᠢ ᠪᠦᠷᠢᠨ᠎ᠡ ᠪᠠᠭᠲᠠᠵᠤᠬᠤᠢ᠃ ᠡᠴᠢᠭᠡ ᠬᠥᠪᠡᠭᠦᠨ ᠤ ᠠᠮᠠᠷᠠᠭ᠂ ᠡᠵᠡᠨ ᠰᠠᠢᠳ ᠤ᠋ᠨ ᠵᠢᠷᠤᠮ᠂ ᠠᠬ᠎ᠠ ᠳᠡᠭᠦᠦ ᠶ᠋ᠢᠨ ᠡᠯᠢᠭᠡᠰᠡᠭ᠂ ᠨᠥᠬᠥᠷ ᠡᠮ᠎ᠡ ᠶ᠋ᠢᠨ ᠢᠨᠠᠭ᠂ ᠬᠠᠨᠢ ᠨᠥᠬᠥᠳ ᠦ᠋ᠨ ᠪᠠᠲᠤ ᠡᠰᠡ ᠪᠦᠷᠢᠳᠦᠭᠰᠡᠨ ᠢᠨᠦ ᠦᠭᠡᠢ᠃ ᠲᠠᠢᠯᠤᠨ ᠡᠰᠡ ᠭᠠᠷᠭᠠᠪᠠᠰᠤ ᠬᠡᠷᠬᠢᠨ ᠳᠠᠷᠤᠢ ᠰᠠᠨᠠᠭᠠᠨ ᠳ᠋ᠤᠷ ᠣᠷᠣᠬᠤ ᠠᠵᠢ ! ᠬᠥᠮᠦᠨ ᠤ ᠦᠷ᠎ᠡ ᠪᠣᠯᠤᠭᠴᠢᠳ ᠲᠤᠷ ᠨᠢᠭᠡᠨ ᠥᠬᠢᠨ ᠬᠥᠮᠦᠨ ᠬᠣᠩᠭᠣᠷ ᠵᠤᠯᠠ ᠬᠡᠦᠬᠡᠨ ᠢ᠋ ᠮᠥᠨ ᠲᠤᠢᠯ ᠤ᠋ᠨ ᠲᠠᠬᠢᠮᠳᠠᠭᠤ ᠳ᠋ᠤᠷ ᠳᠣᠭᠣᠴᠠᠵᠤ ᠪᠣᠯᠬᠤ ᠪᠣᠯᠠᠢ᠃ ᠡᠷᠲᠡᠨ ᠤ ᠠᠴᠢᠯᠠᠯᠲᠤ ᠬᠡᠦᠬᠡᠳ ᠲᠣᠷ ᠡᠨᠡ ᠮᠡᠲᠦ ᠠᠴᠢᠯᠠᠯ ᠢ᠋ ᠪᠦᠷᠢᠨ ᠭᠦᠢᠴᠡᠳᠬᠡᠨ ᠴᠢᠳᠠᠭᠰᠠᠨ ᠠᠳᠠᠪᠠᠰᠢ ᠬᠡᠳᠦ ᠭᠠᠷᠪᠠ ? ᠵᠢᠴᠢ ᠠᠬ᠎ᠠ ᠳᠡᠭᠦᠦ ᠶ᠋ᠢᠨ ᠡᠯᠢᠭᠡᠰᠡᠭ ᠢ᠋ᠶ᠋ᠡᠷ ᠬᠡᠯᠡᠯᠴᠡᠪᠡᠰᠦ ᠂ ᠲᠠᠢᠽᠦ ᠶ᠋ᠢᠨ ᠳᠡᠭᠦᠦ ᠪᠡᠨ ᠪᠡᠯᠭᠦᠳᠡᠢ ᠶ᠋ᠢ ᠥᠷᠥᠰᠢᠶᠡᠨ ᠡᠯᠢᠭᠡᠰᠢᠶᠡᠬᠦ ᠢᠨᠦ ᠬᠥᠪᠡᠭᠦᠨ ᠮᠡᠲᠦ ᠰᠠᠨᠠᠵᠤ᠂ ᠪᠡᠯᠭᠦᠳᠡᠢ ᠶ᠋ᠢᠨ ᠠᠬ᠎ᠠ ᠪᠠᠨ ᠦᠵᠡᠬᠦ ᠢᠨᠤ ᠡᠴᠢᠭᠡ ᠠᠳᠠᠯᠢ ᠰᠢᠲᠦᠬᠦ ᠢᠨᠤ ᠮᠥᠨ ᠠᠬ᠎ᠠ ᠳᠡᠭᠦᠦ ᠶ᠋ᠢᠨ ᠳᠣᠲᠣᠷᠠᠬᠢ ᠲᠤᠢᠯ ᠤ᠋ᠨ ᠡᠯᠢᠭᠡᠰᠡᠭ ᠪᠣᠯᠠᠢ᠃ ᠪᠠᠰᠠ ᠡᠵᠡᠨ ᠰᠠᠢᠳ ᠤ᠋ᠨ ᠵᠢᠷᠤᠮ ᠢ᠋ᠶ᠋ᠠᠷ ᠠᠪᠴᠤ ᠬᠡᠯᠡᠪᠡᠰᠦ᠂ ᠲᠠᠢᠽᠦ ᠶ᠋ᠢᠨ ᠮᠤᠬᠤᠯᠢ ᠶ᠋ᠢ ᠠᠬ᠎ᠠ ᠳᠡᠭᠦᠦ ᠮᠡᠲᠦ ᠦᠵᠡᠵᠦ᠂ ᠮᠤᠬᠤᠯᠢ ᠶ᠋ᠢᠨ ᠲᠠᠢᠽᠦ ᠶ᠋ᠢ ᠡᠴᠢᠭᠡ ᠲᠡᠭᠷᠢ ᠯᠦ᠍ᠭᠡ ᠠᠳᠠᠯᠢ ᠰᠦᠰᠦᠭᠯᠡᠬᠦ ᠂ ᠵᠢᠴᠢ ᠨᠠᠢ᠍ᠮᠠᠨ ᠤᠯᠤᠰ ᠤ᠋ᠨ ᠢᠳᠡᠷ ᠳᠣᠪᠣ ᠶ᠋ᠢᠨ ᠭᠤᠷᠪᠠᠨ ᠦᠬᠦᠯ ᠳ᠋ᠦ᠍ᠷ ᠬᠦᠷᠲᠡᠯ᠎ᠡ ᠰᠡᠳᠬᠢᠯ ᠡᠰᠡ ᠤᠷᠪᠠᠬᠤ᠂ ᠪᠠᠰᠠ ᠭᠡᠷᠡᠢ᠍ᠳ ᠠᠢᠮᠠᠭ ᠤ᠋ᠨ ᠫᠤᠯᠭᠤᠳᠠᠢ ᠶ᠋ᠢᠨ ᠡᠵᠡᠨ ᠢ᠋ᠶ᠋ᠡᠨ ᠵᠥᠪ ᠦᠵᠡᠯ ᠲᠦᠷᠦᠭᠰᠡᠨᠡ ᠲᠡᠷᠡ ᠮᠡᠲᠦ ᠪᠠᠶᠠᠷᠯᠠᠭᠰᠠᠨ᠂ ᠡᠳᠡᠭᠡᠷ ᠴᠥᠮ ᠲᠤᠢᠯ ᠤ᠋ᠨ ᠥᠷᠥᠰᠢᠶᠡᠯᠲᠦ ᠡᠵᠡᠨ᠂ ᠲᠤᠢᠯ ᠤ᠋ᠨ ᠰᠢᠳᠤᠷᠭᠤ ᠰᠠᠢᠳ ᠪᠣᠯᠠᠢ᠃ ᠪᠣᠭᠳᠠ ᠬᠥᠮᠦᠨ ᠤ ᠲᠥᠷᠥᠯᠬᠢ ᠳᠠᠭᠠᠵᠤ ᠲᠥᠷᠥᠭᠰᠡᠨ ᠰᠢᠳᠤᠷᠭᠤ ᠦᠨᠡᠨᠴᠢ ᠵᠠᠩ ᠪᠣᠯᠠᠢ᠃ ᠬᠡᠷᠬᠢᠨ ᠮᠣᠩᠭᠣᠯ ᠲᠣᠭᠠᠲᠠᠨ ᠪᠦᠬᠦᠨ ᠢ᠋ ᠶᠣᠰᠣ ᠰᠤᠷᠲᠠᠯ ᠂ ᠴᠡᠭᠡᠷ ᠢᠴᠢᠭᠦᠷᠢ ᠨᠢᠭᠡᠨᠲᠡ ᠦᠭᠡᠢ ᠬᠡᠮᠡᠵᠦ ᠪᠣᠯᠤᠮᠤᠢ ? ᠬᠡᠷᠪᠡ ᠡᠷ᠎ᠡ ᠡᠮ᠎ᠡ ᠶ᠋ᠢᠨ ᠨᠠᠢᠷ ᠵᠢᠷᠤᠮ ᠢ᠋ᠶ᠋ᠠᠷ ᠬᠡᠯᠡᠪᠡᠰᠦ : ᠰᠣᠯᠤᠩᠭᠤᠸ᠎ᠠ ᠶ᠋ᠢᠨ ᠦᠯᠦ ᠤᠮᠠᠷᠲᠠᠬᠤ ᠂ ᠠᠯᠲᠠᠨᠱᠠᠭ᠎ᠠ ᠶ᠋ᠢᠨ ᠦᠯᠦ ᠲᠡᠪᠴᠢᠬᠦ ᠶ᠋ᠢ ᠮᠥᠨ ᠮᠠᠰᠢ ᠰᠠᠢᠰᠢᠶᠠᠵᠤ ᠪᠣᠯᠤᠯᠲᠠᠢ ᠂ ᠪᠢᠲᠡᠭᠡᠢ ᠰᠠᠳᠤᠷ ᠤᠵᠢᠳ ᠭᠡᠮᠡᠨ ᠲᠠᠰᠢᠶᠠᠷᠠ !ᠬᠣᠯᠪᠣᠭᠠᠳᠤᠢ ᠪᠥᠭᠡᠳ ᠡᠨᠡ ᠮᠡᠲᠦ ᠶ᠋ᠢ ᠦᠵᠡᠪᠡᠰᠦ ᠨᠡᠩᠳᠡ ᠬᠣᠯᠪᠣᠪᠠᠰᠤ ᠣᠳᠣ ᠶᠠᠮᠪᠠᠷ ᠵᠦᠢᠲᠡᠢ ᠶ᠋ᠢ ᠮᠡᠳᠡᠵᠦ ᠪᠣᠯᠬᠤ ᠪᠣᠯᠠᠢ᠃ ᠡᠨᠡ ᠶᠢᠷᠲᠢᠨᠴᠦ ᠶ᠋ᠢᠨ ᠬᠣᠭᠣᠷᠣᠨᠳᠣ ᠰᠠᠢᠬᠠᠨ ᠥᠬᠢᠨ᠂ ᠡᠷᠳᠡᠮᠲᠦ ᠬᠥᠪᠡᠭᠦᠨ ᠤ ᠨᠠᠢᠷ ᠰᠡᠳᠬᠢᠯᠭᠡ ᠬᠡᠮᠡᠭᠴᠢ ᠮᠥᠨ ᠬᠦ᠌ ᠨᠢᠭᠡᠨ ᠵᠦᠢᠯ ᠦ᠋ᠨ ᠲᠡᠭᠷᠢ ᠶ᠋ᠢᠨ ᠴᠢᠨᠠᠷ ᠂ ᠬᠥᠮᠦᠨ ᠤ ᠡᠰᠢ ᠪᠣᠯᠠᠢ᠃ ᠰᠤᠯᠤᠩᠭᠤᠸ᠎ᠠ ᠶ᠋ᠢ ᠰᠠᠢᠬᠠᠨ ᠬᠥᠮᠦᠨ ᠳ᠋ᠦ᠍ᠷ ᠳᠣᠭᠣᠴᠠᠵᠤ ᠪᠣᠯᠬᠤ ᠠᠨᠤ ᠬᠡᠳᠦᠨ ᠵᠦᠢᠯ ᠪᠣᠢ : ᠲᠡᠷᠢᠭᠦᠨ ᠳ᠋ᠦ᠍ᠷ ᠠᠯᠲᠠᠨᠱᠠᠭ᠎ᠠ ᠶ᠋ᠢᠨ ᠬᠡᠷᠡᠭ ᠤᠴᠢᠷ ᠪᠠ ᠪᠡᠯᠡᠭ ᠰᠡᠯᠡᠭ ᠢ᠋ ᠣᠭᠲᠣ ᠳᠠᠯᠳᠠᠯᠠᠭᠰᠠᠨ ᠦᠭᠡᠢ ᠪᠡᠷ ᠡᠴᠢᠭᠡ ᠳ᠋ᠦ᠍ᠷ ᠢ᠋ᠶ᠋ᠡᠨ ᠲᠣᠳᠣᠷᠬᠠᠢᠯᠠᠨ ᠮᠡᠳᠡᠭᠦᠯᠦᠭᠰᠡᠨ ᠪᠠ ᠠᠬ᠎ᠠ ᠶᠤᠭᠠᠨ ᠰᠡᠷᠭᠦᠭᠡᠨ ᠬᠣᠷᠢᠭ᠍ᠯᠠᠬᠤ ᠬᠢᠭᠡᠳ ᠫᠤᠯᠭᠤᠳᠠᠢ ᠠ᠋ᠴᠠ ᠮᠣᠬᠣᠭᠠᠨ ᠠᠰᠠᠭᠤᠭᠰᠠᠨ ᠂ ᠪᠠᠰᠠ ᠬᠠᠷᠢᠭᠤ ᠦᠨᠡᠨ ᠶᠣᠰᠣᠨ ᠤ᠋ ᠦᠭᠡ ᠂ ᠬᠣᠯᠪᠣᠭᠰᠠᠨ ᠪᠡᠯᠡᠭ ᠢᠯᠡᠭᠡᠭᠰᠡᠨ ᠡᠳᠡᠭᠡᠷ ᠴᠥᠮ ᠨᠠᠷᠠᠨ ᠰᠠᠷᠠᠨ ᠤ᠋ ᠳᠣᠣᠷᠠᠬᠢ ᠭᠡᠭᠡᠬᠡᠨ ᠲᠣᠳᠣᠷᠬᠠᠢ ᠬᠡᠷᠡᠭ ᠪᠣᠯᠠᠢ ᠃ᠳᠠᠯᠳᠠ ᠨᠢᠭᠤᠴᠠ ᠰᠠᠮᠠᠭᠤᠨ ᠰᠠᠳᠤᠷ ᠪᠤᠰᠤ ᠪᠤᠶᠤ ᠃ ᠨᠠᠢᠷ ᠤ᠋ᠨ ᠰᠡᠳᠬᠢᠯ ᠬᠥᠳᠡᠯᠦᠭᠰᠡᠨ ᠪᠦᠬᠦᠨ ᠢ᠋ ᠰᠠᠳᠤᠷ ᠬᠡᠮᠡᠵᠦ ᠦᠯᠦ ᠪᠣᠯᠤᠮᠤᠢ ᠂ ᠡᠷᠲᠡᠨ ᠤ ᠴᠦᠨ ᠴᠢᠦ ᠳ᠋ᠦ᠍ᠷ ᠭᠠᠷᠤᠭᠰᠠᠨ ᠸᠸᠨ ᠸᠠᠩ ᠪᠣᠭᠳᠠ ᠶ᠋ᠢᠨ ᠠᠷᠪᠠᠨ ᠨᠢᠭᠡᠨ ᠬᠥᠪᠡᠭᠦᠨ ᠂ ᠵᠢᠴᠢ ᠺᠦᠩ ᠹᠦᠽᠢ ᠶ᠋ᠢᠨ ᠬᠥᠪᠡᠭᠦᠨ ᠺᠦᠩ ᠯᠢ ᠪᠣᠯᠪᠠᠴᠤ ᠴᠥᠮ ᠰᠡᠳᠬᠢᠯ ᠬᠥᠳᠡᠯᠵᠦ ᠳᠤᠰᠤᠯ ᠪᠠᠭᠤᠭᠰᠠᠨ ᠠ᠋ᠴᠠ ᠪᠦᠲᠦᠭᠰᠡᠨ ᠲᠤᠯᠠ ᠬᠤᠷᠢᠴᠠᠯ ᠰᠡᠳᠬᠢᠯ ᠲᠥᠷᠥᠪᠡ ᠭᠡᠮᠡᠨ ᠡᠳᠦᠭᠡ ᠲᠡᠳᠡᠨ ᠢ᠋ ᠪᠣᠭᠳᠠ ᠪᠤᠰᠤ ᠭᠡᠮᠡᠨ ᠬᠡᠯᠡᠵᠦ ᠪᠣᠯᠤᠮᠤᠢ ᠤᠤ ! ᠪᠠᠰᠠ ᠲᠡᠷᠡ ᠪᠣᠯᠪᠠᠰᠤ ᠲᠤᠰᠬᠠᠢ ᠡᠷ᠎ᠡ ᠡᠮ᠎ᠡ ᠪᠣᠯᠤᠭᠰᠠᠨ ᠲᠥᠪ ᠨᠠᠢᠷ ᠬᠡᠮᠡᠪᠡᠰᠦ ᠡᠨᠡ ᠮᠥᠨ ᠡᠭᠦᠷᠢᠳᠡ ᠶ᠋ᠢᠨ ᠡᠷ᠎ᠡ ᠡᠮ᠎ᠡ ᠪᠣᠯᠬᠤ ᠲᠥᠪ ᠨᠠᠢᠷ ᠤ᠋ᠨ ᠲᠤᠯᠠ ᠪᠣᠯᠠᠢ᠃ ᠲᠡᠢᠨ ᠬᠦ᠌ ᠰᠣᠯᠤᠩᠭᠤᠸ᠎ᠠ ᠶ᠋ᠢ ᠡᠬᠡᠨᠡᠷ ᠦ᠋ᠨ ᠳᠥᠷᠪᠡᠨ ᠡᠷᠳᠡᠮ ᠢ᠋ ᠦᠲᠡᠭᠡᠷᠪᠡ ᠭᠡᠮᠡᠨ ᠲᠠᠰᠢᠮᠠᠭᠠᠢᠯᠠᠨ ᠪᠤᠷᠤᠭᠤᠰᠢᠶᠠᠬᠤᠶᠠ ᠮᠠᠰᠢ ᠪᠡᠷᠬᠡ ᠂ ᠬᠠᠷᠢᠨ ᠴᠤ᠌ ᠡᠷ᠎ᠡ ᠡᠮ᠎ᠡ ᠶ᠋ᠢᠨ ᠨᠠᠢᠷ ᠵᠢᠷᠤᠮ ᠢ᠋ ᠭᠦᠨ᠎ᠡ ᠮᠡᠳᠡᠵᠦᠬᠦᠢ ᠬᠡᠮᠡᠮᠦᠢ᠃ ᠵᠢᠴᠢ ᠨᠥᠬᠥᠷ ᠬᠠᠨᠢ ᠶ᠋ᠢᠨ ᠪᠠᠲᠤ ᠢᠲᠡᠭᠡᠮᠵᠢ ᠪᠡᠷ ᠬᠡᠯᠡᠪᠡᠰᠦ ᠲᠠᠢᠽᠦ ᠶ᠋ᠢᠨ ᠲᠦᠭᠰᠢᠯᠲᠡᠢ ᠭᠠᠵᠠᠷ ᠪᠣᠯᠪᠠᠴᠤ ᠲᠥᠳᠡᠯ ᠦᠭᠡᠢ ᠡᠴᠢᠬᠦ ᠢᠨᠦ ᠲᠤᠢᠯ ᠤ᠋ᠨ ᠪᠠᠲᠤ ᠪᠣᠯᠠᠢ᠃ ᠮᠣᠩᠭᠣᠯ ᠪᠦᠬᠦᠨ ᠮᠠᠭᠤ ᠪᠤᠰᠤ᠂ ᠮᠤᠬᠤᠷ ᠵᠡᠪᠡ ᠡᠴᠡ ᠡᠭᠦᠯᠡ ᠤᠷᠭᠤᠮᠤᠢ᠂ ᠶᠠᠮᠪᠠᠷ ᠭᠠᠵᠠᠷ ᠲᠤᠷ ᠡᠷᠳᠡᠮᠲᠡᠨ ᠦᠭᠡᠢ ᠪᠣᠢ ? ᠶᠠᠭᠤᠨ ᠤ᠋ ᠤᠴᠢᠷ ᠲᠤᠷ ᠪᠠᠰᠠ ᠬᠡᠯᠪᠡᠷᠢᠨ ᠰᠠᠨᠠᠬᠤ ᠠᠵᠢ᠃
