ᠬᠥᠬᠡ ᠰᠤᠳᠤᠷ - ᠢᠨᠵᠠᠨᠨᠠᠰᠢ < ᠠᠷᠪᠠᠳᠤᠭᠠᠷ ᠪᠦᠯᠦᠭ > Хөх судар - Инжинаш < Аравдугаар бүлэг >
ᠠᠷᠪᠠᠳᠤᠭᠠᠷ ᠪᠦᠯᠦᠭ
ᠰᠥᠩ ᠰᠢᠶᠤᠤᠽᠦ᠋ᠩ ᠦ᠋ᠨ ᠴᠦᠨ ᠰᠢ ᠶ᠋ᠢᠨ ᠠᠷᠪᠠᠨ ᠳᠥᠷᠪᠡᠳᠦᠭᠡᠷ ᠣᠨ᠂ ᠠᠯᠲᠠᠨ ᠤᠯᠤᠰ ᠤ᠋ᠨ
ᠱ᠌ᠢᠽᠦ᠋ᠩ ᠦ᠋ᠨ ᠳᠠ ᠳ᠋ᠢᠩ ᠦ᠋ᠨ ᠬᠣᠷᠢᠨ ᠳᠣᠯᠣᠳᠤᠭᠠᠷ ᠣᠨ᠂ ᠣᠯᠠᠭ᠍ᠴᠢᠨ ᠬᠣᠨᠢᠨ ᠵᠢᠯ ᠂
ᠲᠠᠢᠽᠦ ᠬᠣᠷᠢᠨ ᠵᠢᠷᠭᠤᠭᠠᠲᠠᠢ᠂ ᠡᠨᠡ ᠵᠢᠯ ᠲᠠᠢᠽᠦ ᠶ᠋ᠢᠨ ᠳᠥᠷᠪᠡᠳᠦᠭᠡᠷ ᠬᠥᠪᠡᠭᠦᠨ ᠲᠤᠯᠤᠢ ᠶ᠋ᠢ ᠲᠥᠷᠥᠪᠡ᠂
ᠬᠣᠵᠢᠮ ᠿᠦᠢᠽᠦ᠋ᠩ ᠬᠡᠮᠡᠪᠡ
ᠦᠯᠡᠮᠵᠢ ᠨᠠᠢᠷᠲᠤ ᠰᠣᠯᠤᠩᠭᠤᠸ᠎ᠠ ᠦᠯᠡᠮᠵᠢ ᠰᠡᠳᠬᠢᠯᠭᠡᠲᠦ ᠠᠯᠲᠠᠨᠱᠠᠭ᠎ᠠ ᠶ᠋ᠢ ᠮᠥᠷᠥᠭᠡᠳᠪᠡ
ᠦᠨᠡᠨ ᠡᠯᠪᠡᠷᠢᠯᠳᠦ ᠬᠣᠩᠭᠣᠷ ᠵᠤᠯᠠ ᠦᠨᠡᠨ ᠥᠷᠥᠰᠢᠶᠡᠯᠲᠦ ᠵᠢᠨᠦᠩ ᠮᠤᠬᠤᠯᠠᠢ ᠶ᠋ᠢ ᠰᠣᠴᠢᠭᠠᠪᠠ
ᠤᠯᠤᠰ ᠲᠥᠷᠥ ᠶ᠋ᠢᠨ ᠶᠡᠬᠡ ᠪᠠᠢᠯᠳᠤᠭᠠᠨ᠎ᠠ ᠥᠬᠢᠳ ᠬᠡᠦᠬᠡᠳ ᠦ᠋ᠨ ᠨᠠᠢᠷ ᠰᠡᠳᠬᠢᠯᠭᠡ ᠪᠠᠷᠢᠯᠳᠤᠵᠤ
ᠤᠴᠠᠷᠠᠯ ᠲᠣᠬᠢᠶᠠᠯ ᠤ᠋ᠨ ᠤᠷᠠᠨ ᠲᠠᠰᠢᠷᠡᠮᠡ ᠥᠭᠬᠦ ᠠᠪᠬᠤ ᠪᠡᠯᠡᠭ ᠰᠡᠯᠡᠭ ᠶᠠᠪᠤᠯᠴᠠᠮᠤᠢ᠂
ᠤᠬᠠᠭᠠᠨ ᠮᠡᠳᠡᠯᠳᠦ ᠰᠣᠯᠤᠩᠭᠤᠸ᠎ᠠ ᠥᠬᠢᠨ ᠦᠨᠡᠬᠡᠷ ᠶᠠᠭᠤ ᠲᠠᠢ ᠣᠶᠤᠨ ᠪᠢᠯᠢᠭ ᠪᠦᠷᠢᠳᠪᠡᠢ
ᠤᠷᠪᠠᠮᠠᠲᠠᠭᠠᠢ ᠬᠦᠷᠪᠡᠮᠡᠳᠡᠭᠡᠢ ᠢᠯᠠᠭᠤ ᠬᠥᠪᠡᠭᠦᠨ ᠥᠴᠦᠬᠡᠨ ᠲᠡᠳᠦᠢ ᠴᠦ᠍ ᠠᠴᠢ ᠵᠢᠷᠤᠮ ᠦᠭᠡᠢ᠃
ᠲᠡᠨᠳᠡᠴᠡ ᠪᠧᠲ᠋ᠡ᠋ ᠤᠯᠤᠰ ᠤ᠋ᠨ ᠵᠠᠯᠮ᠎ᠠ᠂ ᠰᠠᠢᠬᠠᠨ ᠰᠤᠷᠲᠠᠯᠲᠤ ᠨᠠᠷ ᠠᠯᠲᠠᠨ ᠤᠯᠤᠰ ᠠ᠋ᠴᠠ ᠡᠭᠡᠵᠦ ᠥᠪᠡᠷ ᠦ᠋ᠨ ᠤᠯᠤᠰ ᠤ᠋ᠨ ᠵᠠᠬ᠎ᠠ ᠳ᠋ᠤᠷ ᠣᠷᠣᠮᠠᠭᠴᠠ ᠴᠡᠷᠢᠭ ᠵᠠᠷᠯᠠᠬᠤ ᠲᠡᠮᠳᠡᠭᠲᠦ ᠰᠤᠮᠤ ᠳᠥᠷᠪᠡᠨ ᠵᠦᠭ ᠲᠦ᠍ᠷ ᠳᠠᠷᠠᠭ᠎ᠠ ᠳᠠᠷᠠᠭ᠎ᠠ ᠪᠠᠷ ᠬᠣᠷᠣᠬᠠᠢ ᠨᠢᠰᠬᠦ ᠮᠡᠲᠦ ᠪᠠᠭᠤᠵᠤ ᠢᠷᠡᠭᠡᠳ ᠶᠡᠬᠡᠯ᠎ᠡ ᠦᠢᠮᠡᠮᠦᠢ᠃ ᠪᠠᠰᠠ ᠠᠯᠢ ᠡᠲᠡᠭᠡᠳ ᠡᠴᠡ ᠲᠡᠢᠨ ᠳᠡᠭᠳᠡᠪᠡ ? ᠬᠡᠮᠡᠪᠡᠰᠦ᠂ ᠤᠭ ᠠ᠋ᠴᠠ ᠢᠵᠢᠯᠵᠢ ᠠᠢᠮᠠᠭ ᠤ᠋ᠨ ᠰᠢᠳᠠᠷ ᠵᠡᠷᠭᠡᠯᠡᠳᠡᠭᠡ ᠰᠠᠯᠵᠢᠭᠤᠳ᠂ ᠰᠠᠴᠤᠭ᠎ᠠ᠂ ᠲᠤᠤᠵᠢ ᠬᠡᠮᠡᠬᠦ ᠭᠤᠷᠪᠠᠨ ᠪᠠᠭ᠎ᠠ ᠠᠢᠮᠠᠭ ᠪᠣᠢ ᠪᠥᠯᠥᠭᠡ᠃ ᠰᠠᠯᠵᠢᠭᠤᠳ ᠠᠢᠮᠠᠭ ᠤ᠋ᠨ ᠡᠵᠡᠨ ᠱᠠᠭᠠᠢ᠂ ᠰᠠᠴᠤᠭ᠎ᠠ ᠠᠢᠮᠠᠭ ᠤ᠋ᠨ ᠰᠠᠨᠠᠲᠤ᠂ ᠲᠤᠤᠵᠢ ᠠᠢᠮᠠᠭ ᠤ᠋ᠨ ᠲᠣᠢᠮᠣᠭ᠂ ᠡᠨᠡ ᠭᠤᠷᠪᠠᠨ ᠠᠢᠮᠠᠭ᠂ ᠢᠵᠢᠯᠵᠢ ᠠᠢᠮᠠᠭ ᠪᠧᠲ᠋ᠡ᠋ ᠤᠯᠤᠰ ᠲᠤᠷ ᠳᠠᠭᠠᠪᠠ ᠭᠡᠮᠡᠨ ᠰᠣᠨᠣᠰᠴᠤ ᠭᠤᠷᠪᠠᠨ ᠠᠢᠮᠠᠭ ᠶᠠᠭᠠᠷᠠᠨ ᠵᠦᠷᠴᠢᠳ ᠤᠯᠤᠰ ᠲᠤᠷ ᠴᠢᠭᠤᠯᠭᠠᠨ ᠴᠢᠭᠤᠯᠵᠤ᠂ ᠰᠠᠴᠤᠭ᠎ᠠ ᠠᠢᠮᠠᠭ ᠤ᠋ᠨ ᠡᠵᠡᠨ ᠰᠠᠨᠠᠲᠤ ᠤᠭ ᠠ᠋ᠴᠠ ᠠᠯᠲᠠᠨ ᠤᠯᠤᠰ ᠠ᠋ᠴᠠ ᠵᠠᠩᠵᠤᠨ ᠴᠣᠯᠠ ᠣᠯᠤᠭᠰᠠᠨ ᠲᠤᠯᠠ ᠳᠠᠷᠤᠢ ᠪᠡᠶ᠎ᠡ ᠪᠡᠨ ᠵᠠᠩᠵᠤᠨ ᠬᠠᠨ ᠭᠡᠮᠡᠨ ᠱᠠᠭᠠᠢ ᠪᠠ ᠲᠣᠢᠮᠣᠭ ᠬᠣᠶᠠᠭᠤᠯᠠ ᠶ᠋ᠢ ᠵᠡᠭᠦᠨ ᠪᠠᠷᠠᠭᠤᠨ ᠮᠥᠷᠥ ᠶ᠋ᠢᠨ ᠵᠠᠩᠵᠤᠨ ᠬᠡᠮᠡᠵᠦ᠂ ᠲᠣᠭᠣᠷᠢᠭ᠍ᠰᠠᠨ ᠨᠡᠷ᠎ᠡ ᠦᠭᠡᠢ ᠥᠴᠦᠬᠡᠨ ᠤᠯᠤᠰ ᠠᠢᠮᠠᠭ ᠤ᠋ᠳ ᠢ᠋ ᠠᠶᠤᠯᠭᠠᠨ ᠶᠠᠪᠤᠳᠠᠭ ᠪᠥᠯᠥᠭᠡ᠃ ᠡᠳᠦᠭᠡ ᠢᠵᠢᠯᠵᠢ ᠠᠢᠮᠠᠭ ᠪᠧᠲ᠋ᠡ᠋ ᠤᠯᠤᠰ ᠲᠤᠷ ᠳᠠᠭᠠᠪᠠ ᠭᠡᠮᠡᠨ ᠴᠢᠭᠤᠯᠭᠠᠨ ᠴᠢᠭᠤᠯᠵᠤ᠂ ᠵᠠᠩᠵᠤᠨ ᠬᠠᠨ ᠰᠠᠨᠠᠲᠤ᠂ ᠱᠠᠭᠠᠢ ᠪᠠ ᠲᠣᠢᠮᠣᠭ ᠬᠣᠶᠠᠭᠤᠯᠠ ᠶ᠋ᠢᠨ ᠵᠦᠭ ᠵᠥᠪᠯᠡᠨ ᠥᠭᠦᠯᠡᠷᠦᠨ : 《 ᠡᠨᠡ ᠪᠧᠲ᠋ᠡ᠋ ᠤᠯᠤᠰ ᠤ᠋ᠨ ᠡᠵᠡᠨ ᠲᠡᠮᠦᠵᠢᠨ ᠦ᠌ ᠠᠤᠭ᠎ᠠ ᠬᠦᠴᠦᠨ ᠠᠳᠠᠪᠠᠰᠢ ᠪᠠᠳᠠᠷᠠᠵᠤ᠂ ᠠᠯᠲᠠᠨ ᠤᠯᠤᠰ ᠪᠡᠯᠡᠭ ᠬᠦᠷᠭᠡᠭᠰᠡᠨ ᠳ᠋ᠦ᠍ᠷ ᠢ᠋ᠶ᠋ᠡᠨ ᠡᠷᠡᠮᠰᠢᠵᠦ᠂ ᠠᠳᠠᠯᠢ ᠰᠠᠴᠠᠭᠤ ᠤᠯᠤᠰ ᠢᠵᠢᠯᠵᠢ ᠠᠢᠮᠠᠭ ᠢ᠋ ᠪᠠᠰᠠ ᠠᠷᠭ᠎ᠠ ᠮᠡᠬᠡ ᠪᠡᠷ ᠣᠷᠣᠭᠤᠯᠵᠤ ᠠᠪᠤᠪᠠ᠃ ᠠᠯᠢ ᠦᠶ᠎ᠡ ᠡᠴᠡ ᠢᠵᠢᠯᠵᠢ ᠠᠢᠮᠠᠭ ᠢ᠋ ᠪᠢᠳᠡ ᠬᠤᠷᠢᠶᠠᠰᠤᠭᠠᠢ ᠬᠡᠮᠡᠲᠡᠯ᠎ᠡ ᠪᠧᠲ᠋ᠡ᠋ ᠤᠯᠤᠰ ᠤᠷᠢᠳᠠ ᠵᠠᠪᠳᠤᠪᠠ᠃ ᠠᠬᠤ ᠪᠦᠬᠦᠢ ᠡᠨᠡ ᠦᠶ᠎ᠡ ᠳ᠋ᠦ᠍ᠷ ᠠᠯᠠᠯᠳᠤᠨ ᠪᠠᠢᠯᠳᠤᠵᠤ᠂ ᠪᠧᠲ᠋ᠡ᠋ ᠤᠯᠤᠰ ᠢ᠋ ᠡᠰᠡ ᠮᠥᠬᠥᠭᠡᠪᠡᠰᠦ ᠠᠵᠢᠭ ᠦᠭᠡᠢ ᠠᠭᠰᠠᠭᠠᠷ ᠪᠢᠳᠡᠨ ᠢ᠋ ᠮᠥᠨ ᠦᠯᠡᠳᠡᠭᠡᠯ ᠦᠭᠡᠢ ᠴᠥᠮ ᠬᠤᠷᠢᠶᠠᠮᠵᠢᠯᠠᠮᠤᠢ᠃ 》ᠲᠣᠢᠮᠣᠭ ᠥᠭᠦᠯᠡᠷᠦᠨ : 《 ᠨᠢᠭᠡᠨᠲᠡ ᠡᠢᠮᠦ ᠪᠣᠯᠪᠠᠰᠤ ᠣᠳᠣ ᠲᠦᠷᠭᠡᠨ᠎ᠡ ᠡᠰᠡ ᠪᠠᠢᠯᠳᠤᠪᠠᠰᠤ ᠪᠣᠯᠬᠤ ᠦᠭᠡᠢ᠃ ᠴᠢᠳᠠᠬᠤᠯ᠎ᠠ ᠲᠡᠳᠡᠨ ᠢ᠋ ᠮᠡᠬᠡᠯᠡᠨ ᠴᠣᠴᠢᠮᠠᠲᠠᠭᠠᠢ ᠪᠠᠷ ᠬᠦᠷᠴᠦ ᠨᠤᠲᠤᠭ ᠢ᠋ ᠳᠠᠷᠤᠨ ᠪᠠᠢᠯᠳᠤᠵᠤ ᠰᠥᠨᠢ ᠪᠡᠷ ᠠᠷᠢᠯᠭᠠᠪᠠᠰᠤ ᠰᠠᠶᠢ ᠰᠠᠢᠨ᠃ ᠬᠡᠮᠡᠬᠦᠢ ᠳ᠋ᠦ᠍ᠷ ᠵᠦᠷᠴᠢᠳ ᠦ᠋ᠨ ᠵᠠᠩᠵᠤᠨ ᠬᠠᠨ ᠰᠠᠨᠠᠲᠤ ᠭᠤᠷᠪᠠᠨ ᠠᠢᠮᠠᠭ ᠤ᠋ᠨ ᠴᠡᠷᠢᠭ ᠢ᠋ ᠪᠠᠷᠠᠲᠠᠯ᠎ᠠ ᠰᠢᠯᠭᠠᠵᠤ᠂ ᠭᠤᠷᠪᠠᠨ ᠲᠦᠮᠡᠨ ᠦ᠌ ᠲᠣᠭᠠᠨ ᠳ᠋ᠤᠷ ᠬᠦᠷᠭᠡᠵᠦ᠂ ᠵᠡᠭᠦᠨ ᠡᠮᠦᠨ᠎ᠡ ᠵᠦᠭ ᠪᠦᠬᠦᠢ ᠵᠠᠷᠤᠳ ᠤᠯᠤᠰ ᠤ᠋ᠨ ᠸᠠᠨᠭᠴᠤᠭ ᠬᠠᠭᠠᠨ ᠯᠤᠭ᠎ᠠ ᠬᠠᠭᠤᠴᠢᠨ ᠦᠰ ᠢ᠋ ᠠᠪᠤᠷᠠ ᠡᠴᠢᠮᠦᠢ ᠭᠡᠮᠡᠨ ᠠᠯᠳᠠᠷᠰᠢᠭᠤᠯᠵᠤ᠂ ᠪᠧᠲ᠋ᠡ᠋ ᠤᠯᠤᠰ ᠪᠠ ᠢᠵᠢᠯᠵᠢ ᠠᠢᠮᠠᠭ ᠢ᠋ ᠮᠡᠬᠡᠯᠡᠨ ᠡᠪᠳᠡᠰᠦᠭᠡᠢ ᠬᠡᠮᠡᠬᠦ ᠶ᠋ᠢ ᠢᠵᠢᠯᠵᠢ ᠠᠢᠮᠠᠭ ᠤ᠋ᠨ ᠪᠣᠱᠣᠭᠲᠤ ᠪᠤᠲ᠋ᠤ ᠰᠣᠨᠣᠰᠴᠤ ᠮᠡᠩᠳᠡᠨ ᠰᠡᠩᠳᠡᠨ ᠨᠢᠭᠡᠨᠲᠡᠭᠡᠭᠦᠷ ᠲᠠᠢᠽᠦ ᠳ᠋ᠦ᠍ᠷ ᠰᠣᠨᠣᠰᠬᠠᠷ᠎ᠠ ᠳᠣᠪᠲᠣᠯᠭᠠᠵᠤ᠂ ᠨᠢᠭᠡᠨᠲᠡᠭᠡᠭᠦᠷ ᠥᠪᠡᠷ ᠦ᠋ᠨ ᠠᠢᠮᠠᠭ ᠤ᠋ᠨ ᠴᠡᠷᠢᠭ ᠢ᠋ᠶ᠋ᠡᠨ ᠲᠠᠪᠤᠨ ᠮᠢᠩᠭᠠᠨ ᠰᠢᠯᠭᠠᠵᠤ ᠠᠪᠤᠨ ᠵᠥᠷᠴᠢᠳ ᠦ᠋ᠨ ᠤᠯᠤᠰ ᠤ᠋ᠨ ᠵᠠᠬ᠎ᠠ ᠳ᠋ᠤᠷ ᠪᠦᠬᠦᠢ ᠳᠤᠣᠷᠪᠢ ᠬᠡᠮᠡᠬᠦ ᠠᠭᠤᠯᠠᠨ ᠤ᠋ ᠬᠠᠪᠴᠢᠯ ᠵᠡᠪᠡ ᠶ᠋ᠢᠨ ᠵᠠᠮ ᠤ᠋ᠨ ᠬᠣᠶᠠᠷ ᠬᠠᠵᠠᠭᠤᠳᠠ ᠪᠦᠭᠭᠦᠪᠡᠢ ᠃
ᠲᠡᠢᠨ ᠬᠦ᠌ ᠪᠧᠲ᠋ᠡ᠋ ᠤᠯᠤᠰ ᠮᠡᠳᠡᠭᠡ ᠣᠯᠵᠤ ᠶᠠᠭᠠᠷᠠᠨ ᠲᠠᠢᠽᠦ ᠪᠡᠶ᠎ᠡ ᠪᠡᠷ ᠶᠡᠬᠡ ᠴᠡᠷᠢᠭ ᠠᠪᠴᠤ ᠤᠭᠲᠤᠨ ᠪᠠᠢᠯᠳᠤᠷ᠎ᠠ ᠨᠢᠰᠦᠨ ᠳᠣᠪᠲᠣᠯᠤᠭ᠎ᠠ ᠪᠠᠷ ᠮᠣᠷᠳᠠᠨ ᠬᠥᠳᠡᠯᠦᠭᠰᠡᠨ ᠠᠵᠤᠭᠤ᠃ ᠡᠭᠦᠨ ᠳ᠋ᠦ᠍ᠷ ᠦᠯᠡᠳᠡᠭᠰᠡᠨ ᠴᠡᠷᠢᠭ ᠢ᠋ ᠥᠨᠳᠥᠷ ᠰᠡᠴᠡᠨ ᠠᠪᠴᠤ ᠬᠣᠢᠲᠤ ᠵᠠᠮ ᠢ᠋ᠶ᠋ᠠᠷ ᠣᠷᠣᠵᠤ ᠵᠦᠷᠴᠢᠳ ᠤᠯᠤᠰ ᠤ᠋ᠨ ᠦᠯᠡᠳᠡᠭᠰᠡᠨ ᠭᠤᠷᠪᠠᠨ ᠠᠢᠮᠠᠭ ᠤ᠋ᠨ ᠨᠤᠲᠤᠭ ᠤᠰᠤᠨ᠂ ᠡᠮ᠎ᠡ ᠦᠷ᠎ᠡ ᠶ᠋ᠢ ᠬᠤᠷᠢᠶᠠᠮᠵᠢᠯᠠ ᠬᠡᠮᠡᠵᠦᠬᠦᠢ᠃ ᠡᠨᠡ ᠥᠨᠳᠥᠷ ᠰᠡᠴᠡᠨ ᠬᠡᠮᠡᠭᠴᠢ ᠶ᠋ᠢ ᠠᠩᠬᠠᠨ ᠤ᠋ ᠪᠦᠯᠦᠭ ᠲᠣᠷ ᠪᠠᠰᠠ ᠲᠣᠪᠴᠢᠯᠠᠭᠰᠠᠨ ᠪᠥᠯᠥᠭᠡ᠃ ᠡᠨᠡ ᠥᠨᠳᠥᠷ ᠰᠡᠴᠡᠨ ᠠᠬ᠎ᠠ ᠳᠡᠭᠦᠦ ᠬᠣᠶᠠᠭᠤᠯᠠ ᠪᠥᠯᠥᠭᠡ᠂ ᠠᠬ᠎ᠠ ᠶ᠋ᠢᠨ ᠨᠡᠷ᠎ᠡ ᠥᠨᠢ᠂ ᠮᠠᠢᠯᠵᠢ ᠠᠢᠮᠠᠭ ᠢ᠋ ᠡᠵᠡᠯᠡᠵᠦ ᠡᠷᠲᠡ ᠲᠠᠢᠽᠦ ᠶ᠋ᠢᠨ ᠡᠴᠢᠭᠡ ᠶᠢᠰᠦᠭᠡᠢ ᠪᠠᠭᠠᠲᠤᠷ ᠯᠤᠭ᠎ᠠ ᠪᠧᠲ᠋ᠡ᠋ ᠤᠯᠤᠰ ᠲᠤᠷ ᠬᠠᠮᠲᠤ ᠨᠤᠲᠤᠭᠯᠠᠵᠤ ᠪᠥᠬᠥᠶ᠎ᠡ᠂ ᠶᠢᠰᠦᠭᠡᠢ ᠪᠠᠭᠠᠲᠤᠷ ᠪᠡᠶ᠎ᠡ ᠥᠩᠭᠡᠷᠡᠵᠦ ᠲᠠᠢᠽᠦ ᠪᠠᠭ᠎ᠠ ᠲᠤᠯᠠ ᠡᠷᠬᠡ ᠰᠦᠷ ᠪᠠᠭᠤᠷᠠᠵᠤ᠂ ᠬᠤᠯᠵᠢᠨ ᠣᠯᠠᠨ ᠠᠢᠮᠠᠭ ᠤ᠋ᠳ ᠢ᠋ ᠲᠡᠷᠢᠭᠦᠯᠡᠵᠦ ᠤᠷᠪᠠᠨ ᠣᠳᠬᠤᠢ ᠳ᠋ᠤᠷ ᠡᠨᠡ ᠮᠠᠢᠯᠵᠢ ᠶ᠋ᠢᠨ ᠡᠵᠡᠨ ᠥᠨᠢ ᠪᠠᠰᠠ ᠤᠷᠪᠠᠨ ᠣᠳᠬᠤᠢ ᠳ᠋ᠤᠷ ᠲᠡᠭᠦᠨ ᠦ᠌ ᠳᠡᠭᠦᠦ ᠢᠨᠤ ᠥᠨᠳᠥᠷ ᠠᠬ᠎ᠠ ᠪᠠᠨ ᠨᠡᠬᠡᠵᠦ ᠳ᠋ᠡᠭᠡᠨ ᠳᠠᠬᠢᠨ ᠳᠠᠪᠲᠠᠨ ᠬᠣᠷᠢᠭ᠍ᠯᠠᠪᠠᠴᠤ ᠠᠬ᠎ᠠ ᠠᠨᠤ ᠦᠭᠡ ᠠᠪᠬᠤ ᠦᠭᠡᠢ ᠡᠴᠢᠭᠰᠡᠨ ᠳ᠋ᠦ᠍ᠷ ᠳᠡᠭᠦᠦ ᠢᠨᠤ ᠥᠨᠳᠥᠷ ᠡᠭᠡᠵᠦ ᠲᠠᠢᠽᠦ ᠶ᠋ᠢᠨ ᠳᠡᠷᠭᠡᠳᠡ ᠢᠷᠡᠭᠰᠡᠨ᠎ᠡ᠂ ᠲᠠᠢᠽᠦ ᠭᠠᠢᠬᠠᠵᠤ ᠥᠨᠳᠥᠷ ᠡᠴᠡ ᠠᠰᠠᠭᠤᠷᠤᠨ: 《 ᠴᠢ ᠶᠠᠭᠤᠨ ᠳ᠋ᠤᠷ ᠲᠥᠷᠥᠭᠰᠡᠨ ᠠᠬ᠎ᠠ ᠪᠠᠨ ᠦᠯᠦ ᠳᠠᠭᠠᠨ ᠲᠡᠮᠦᠵᠢᠨ ᠨᠠᠮᠠᠶ᠋ᠢ ᠡᠷᠢᠨ ᠢᠷᠡᠪᠡ ? 》 ᠬᠡᠮᠡᠭᠰᠡᠨ ᠳ᠋ᠦ᠍ᠷ ᠥᠨᠳᠥᠷ ᠶᠡᠬᠡᠯ᠎ᠡ ᠴᠢᠬᠤᠯᠳᠠᠵᠤ ᠤᠬᠢᠯᠠᠨ ᠰᠥᠭᠥᠳᠴᠦ ᠰᠤᠮᠤ ᠬᠤᠭᠤᠯᠵᠤ ᠲᠠᠩᠭᠠᠷᠢᠭ᠍ᠯᠠᠨ ᠥᠴᠢᠭᠰᠡᠨ ᠢᠨᠦ:
ᠥᠷᠥᠰᠢᠶᠡᠯ ᠵᠤᠵᠠᠭᠠᠨᠲᠤ ᠡᠵᠡᠨ ᠴᠢ ᠬᠡᠮᠡᠭᠴᠢ
ᠥᠭᠯᠢᠭᠡ ᠶᠡᠬᠡᠲᠦ ᠬᠥᠮᠦᠨ ᠦ᠌ ᠮᠠᠩᠯᠠᠢ ᠪᠤᠶᠤ᠂
ᠦᠨᠡᠨᠴᠢ ᠰᠢᠳᠤᠷᠭᠤ ᠥᠨᠳᠥᠷ ᠪᠢ ᠬᠡᠮᠡᠭᠴᠢ
ᠦᠬᠦᠲᠡᠯ᠎ᠡ ᠲᠠᠨᠢᠬᠤ ᠨᠢᠭᠡᠨ ᠡᠴᠢᠭᠡ ᠡᠵᠡᠨ ᠪᠣᠯᠠᠢ᠃
ᠬᠡᠮᠡᠭᠰᠡᠨ ᠳ᠋ᠦ᠍ᠷ ᠲᠠᠢᠽᠦ ᠡᠨᠡ ᠥᠨᠳᠥᠷ ᠥᠪᠡᠷᠮᠢᠴᠡ ᠨᠢᠭᠡᠨ ᠰᠡᠴᠡᠨ ᠤᠬᠠᠭᠠᠨᠲᠠᠢ ᠬᠥᠮᠦᠨ ᠪᠠᠢᠨᠠᠮ ᠭᠡᠮᠡᠨ ᠰᠠᠢᠰᠢᠶᠠᠵᠤ ᠰᠡᠴᠡᠨ ᠴᠣᠯᠠ ᠬᠠᠢᠷᠠᠯᠠᠵᠤ ᠥᠨᠳᠥᠷ ᠰᠡᠴᠡᠨ ᠬᠡᠮᠡᠪᠡᠢ᠃ ᠡᠭᠦᠨ ᠦ᠌ ᠠᠬ᠎ᠠ ᠥᠨᠢ ᠬᠣᠵᠢᠮ ᠬᠡᠷᠡᠢᠳ ᠤᠯᠤᠰ ᠤ᠋ᠨ ᠾᠧ ᠸᠠᠩ ᠳ᠋ᠤᠷ ᠳᠡᠢᠯᠦᠭᠳᠡᠨ ᠳᠠᠭᠠᠵᠤ ᠲᠡᠭᠦᠨ ᠦ᠌ ᠳᠣᠣᠷᠠᠬᠢ ᠲᠣᠳᠣ ᠬᠡᠮᠡᠭᠴᠢ ᠳ᠋ᠦ᠍ᠷ ᠠᠯᠠᠭᠳᠠᠵᠤ᠂ ᠠᠢᠮᠠᠭ ᠢ᠋ᠶ᠋ᠠᠨ ᠪᠤᠯᠢᠶᠠᠭᠳᠠᠭᠰᠠᠨ ᠢ᠋ ᠶᠡᠬᠡ ᠬᠣᠵᠢᠮ ᠲᠠᠢᠽᠦ ᠢᠯᠦᠨᠰᠢ ᠬᠣᠲᠠ ᠳ᠋ᠤᠷ ᠰᠠᠶᠢ ᠰᠥᠨᠥᠭᠡᠪᠡᠢ᠃ ᠲᠡᠢᠨ ᠬᠦ᠌ ᠡᠨᠡ ᠥᠨᠳᠥᠷ ᠰᠡᠴᠡᠨ ᠢ᠋ ᠢᠲᠡᠭᠡᠵᠦ ᠬᠡᠷᠡᠭᠯᠡᠬᠦ ᠶ᠋ᠢᠨ ᠲᠤᠯᠠ ᠬᠣᠢᠲᠤ ᠵᠠᠮ ᠤ᠋ᠨ ᠴᠡᠷᠢᠭ ᠢ᠋ ᠲᠡᠭᠦᠨ ᠳ᠋ᠦ᠍ᠷ ᠲᠤᠰᠢᠶᠠᠨ ᠣᠷᠣᠭᠤᠯᠪᠠ᠃ ᠲᠡᠭᠦᠨᠴᠡ ᠢᠵᠢᠯᠵᠢ ᠠᠢᠮᠠᠭ ᠤ᠋ᠨ ᠪᠣᠱᠣᠭᠲᠤ ᠪᠤᠲ᠋ᠤ᠂ ᠳᠣᠤᠷᠪᠢ ᠠᠭᠤᠯᠠᠨ ᠳ᠋ᠤᠷ ᠭᠤᠷᠪᠠᠨ ᠡᠳᠦᠷ ᠬᠦᠯᠢᠶᠡᠵᠦ ᠰᠠᠶᠢ ᠭᠤᠷᠪᠠᠨ ᠠᠢᠮᠠᠭ ᠤ᠋ᠨ ᠴᠡᠷᠢᠭ ᠳᠠᠷᠠᠭ᠎ᠠ ᠳᠠᠷᠠᠭ᠎ᠠ ᠪᠠᠷ ᠬᠦᠷᠴᠦ ᠢᠷᠡᠭᠡᠳ ᠵᠡᠪᠡ ᠳ᠋ᠦ᠍ᠷ ᠣᠷᠣᠵᠤ ᠬᠠᠭᠠᠰ ᠥᠩᠭᠡᠷᠡᠲᠡᠯ᠎ᠡ ᠭᠡᠨᠡᠳᠲᠡ ᠤᠯᠠᠭᠠᠪᠤᠷ ᠤ᠋ᠨ ᠲᠦᠯᠡᠭᠡ ᠪᠠ ᠪᠠᠲᠤ ᠴᠠᠭᠠᠨ ᠮᠣᠳᠣᠨ ᠤ᠋ ᠰᠢᠭᠤᠢ ᠠ᠋ᠴᠠ ᠵᠡᠰ ᠪᠦᠷᠢᠶ᠎ᠡ ᠶ᠋ᠢᠨ ᠳᠠᠭᠤᠨ ᠭᠠᠷᠴᠤ ᠠᠭᠤᠯᠠᠨ ᠤ᠋ ᠬᠣᠶᠠᠷ ᠬᠠᠪᠢᠷᠭ᠎ᠠ ᠠ᠋ᠴᠠ ᠵᠡᠪᠡ ᠴᠢᠯᠠᠭᠤᠨ ᠤ᠋ ᠪᠠᠭᠤᠵᠤ ᠢᠷᠡᠬᠦ ᠢᠨᠤ ᠵᠤᠨ ᠤ᠋ ᠴᠠᠭ ᠤ᠋ᠨ ᠠᠵᠢᠷᠭᠠᠨ ᠪᠣᠷᠣᠭᠠᠨ ᠴᠢᠳᠬᠤᠵᠤ᠂ ᠳᠣᠭᠰᠢᠨ ᠮᠥᠨᠳᠥᠷ ᠳᠡᠯᠡᠳᠬᠦ ᠮᠡᠲᠦ ᠳ᠋ᠦ᠍ᠷ ᠭᠤᠷᠪᠠᠨ ᠠᠢᠮᠠᠭ ᠤ᠋ᠨ ᠴᠡᠷᠢᠭ ᠣᠭᠲᠣ ᠰᠠᠨᠠᠭᠠᠨ ᠳ᠋ᠤ᠌ ᠦᠭᠡᠢ ᠪᠠᠢᠭᠰᠠᠨ ᠲᠤᠯᠠ ᠶᠡᠬᠡᠯ᠎ᠡ ᠳᠠᠷᠤᠭᠳᠠᠨ᠂ ᠴᠡᠷᠢᠭ ᠦ᠋ᠨ ᠪᠠᠭ᠎ᠠ ᠬᠠᠭᠠᠰ ᠠᠨᠤ ᠰᠢᠷᠬᠠᠲᠤᠵᠤ ᠬᠣᠶᠠᠷ ᠠᠩᠭᠢ ᠲᠠᠰᠤᠯᠤᠭᠳᠠᠭᠠᠳ ᠵᠦᠷᠴᠢᠳ ᠦ᠋ᠨ ᠬᠠᠨ ᠰᠠᠨᠠᠲᠤ ᠪᠡᠶ᠎ᠡ ᠳ᠋ᠦ᠍ᠷ ᠬᠡᠳᠦ ᠬᠡᠳᠦᠨ ᠰᠤᠮᠤ ᠭᠠᠳᠠᠵᠤ᠂ ᠶᠠᠭᠠᠷᠠᠨ ᠡᠮᠦᠨᠡᠲᠦ ᠠᠩᠭᠢ ᠶ᠋ᠢᠨ ᠴᠡᠷᠢᠭ ᠢ᠋ ᠠᠪᠴᠤ ᠰᠢᠪᠲᠤᠯᠤᠨ ᠳᠤᠤᠷᠪᠢ ᠠᠭᠤᠯᠠᠨ ᠤ᠋ ᠵᠡᠭᠦᠨ ᠵᠡᠪᠡ ᠳ᠋ᠦ᠍ᠷ ᠬᠦᠷᠴᠦ ᠢᠷᠡᠲᠡᠯ᠎ᠡ ᠱᠠᠭᠠᠢ ᠬᠡᠳᠦᠢᠨᠡᠢ ᠵᠡᠪᠡ ᠴᠢᠯᠠᠭᠤᠨ᠎ᠠ ᠣᠨᠣᠭᠳᠠᠵᠤ ᠦᠬᠦᠪᠡ᠃ ᠡᠷᠭᠢᠨ ᠵᠠᠩᠵᠤᠨ ᠬᠠᠨ ᠰᠠᠨᠠᠲᠤ ᠶᠡᠬᠡᠯ᠎ᠡ ᠴᠢᠬᠤᠯᠳᠠᠵᠤ ᠰᠢᠭᠤᠳ ᠵᠡᠭᠦᠨ ᠲᠡᠰᠢ ᠴᠣᠬᠢᠨ ᠭᠠᠷᠰᠤᠭᠠᠢ ᠬᠡᠮᠡᠵᠦ ᠵᠡᠪᠡ ᠶ᠋ᠢᠨ ᠠᠮᠠᠨ ᠤ᠋ ᠡᠮᠦᠨᠡᠭᠦᠷ ᠳᠣᠪᠲᠣᠯᠤᠨ ᠥᠩᠭᠡᠷᠡᠲᠡᠯ᠎ᠡ ᠵᠡᠭᠦᠨ ᠡᠮᠦᠨ᠎ᠡ ᠡᠴᠡ ᠭᠡᠨᠡᠳᠲᠡ ᠫᠤᠤ ᠶ᠋ᠢᠨ ᠳᠠᠭᠤᠨ ᠳ᠋ᠤᠷ ᠲᠡᠭᠷᠢ ᠳᠡᠯᠪᠡᠷᠡᠨ᠂ ᠠᠯᠠᠬᠤ ᠠᠭᠤᠷ ᠣᠭᠲᠠᠷᠭᠤᠢ ᠳ᠋ᠤ᠌ ᠲᠤᠯᠵᠤ ᠲᠤᠭ ᠬᠢᠭᠢᠷᠢ ᠨᠠᠷᠠᠨ ᠢ᠋ ᠬᠠᠯᠠᠭᠯᠠᠨ᠂ ᠵᠠᠷ ᠵᠡᠪᠰᠡᠭ ᠠᠭᠤᠯᠠ ᠶ᠋ᠢ ᠪᠦᠷᠬᠦᠭᠡᠳ ᠪᠧᠲ᠋ᠡ᠋ ᠤᠯᠤᠰ ᠤ᠋ᠨ ᠶᠡᠬᠡ ᠴᠡᠷᠢᠭ ᠴᠣᠬᠢᠨ ᠬᠦᠷᠴᠦ ᠢᠷᠡᠭᠡᠳ ᠮᠤᠬᠤᠯᠢ ᠨᠢᠭᠡᠨᠲᠡ ᠬᠡᠩᠭᠡᠷᠭᠡ ᠳᠡᠯᠡᠳᠴᠦ ᠲᠥᠭᠥᠷᠢᠭᠯᠡᠨ ᠬᠠᠭᠠᠪᠠ᠃ ᠲᠠᠢᠽᠦ ᠶ᠋ᠢᠨ ᠠᠷᠰᠯᠠᠨᠲᠤ ᠤᠯᠠᠭᠠᠨ ᠰᠢᠭᠦᠷ ᠵᠡᠭᠦᠨ ᠬᠥᠮᠥᠭᠡᠨ ᠦ᠌ ᠳᠡᠭᠡᠷ᠎ᠡ ᠵᠣᠭᠰᠣᠪᠠ᠃ ᠵᠦᠷᠴᠢᠳ ᠦ᠋ᠨ ᠵᠠᠩᠵᠤᠨ ᠬᠠᠨ ᠰᠠᠨᠠᠲᠤ ᠳᠣᠯᠣᠭᠠᠨ ᠮᠢᠩᠭᠠᠨ ᠴᠡᠷᠢᠭ ᠢ᠋ ᠠᠪᠴᠤ ᠪᠠᠰᠠ ᠬᠠᠪᠴᠢᠭᠠᠷ ᠭᠣᠣᠯ ᠳ᠋ᠤᠷ ᠬᠠᠭᠠᠭᠳᠠᠵᠤ ᠨᠢᠭᠡᠨᠲᠡ ᠮᠤᠯᠲᠤᠷᠠᠨ ᠭᠠᠷᠴᠤ ᠴᠢᠳᠠᠬᠤ ᠦᠭᠡᠢ ᠪᠡᠨ ᠮᠡᠳᠡᠭᠡᠳ ᠠᠷᠤ ᠥᠪᠥᠷ ᠲᠣᠷ ᠴᠥᠮ ᠴᠢᠭᠢᠷᠠᠭ ᠳᠠᠢᠰᠤᠨ ᠲᠤᠰᠤᠭᠰᠠᠨ ᠳ᠋ᠤᠷ ᠨᠢᠭᠡᠨᠲᠡ ᠠᠷᠭ᠎ᠠ ᠮᠣᠬᠣᠵᠤ ᠶᠠᠭᠠᠷᠠᠨ ᠬᠣᠢᠲᠤ ᠡᠲᠡᠭᠡᠳ ᠦ᠋ᠨ ᠥᠨᠳᠥᠷ ᠳᠡᠪᠰᠡᠭ ᠲᠣᠷ ᠳᠣᠪᠲᠣᠯᠤᠨ ᠭᠠᠷᠴᠤ ᠳᠤᠭᠤᠯᠠᠭ᠎ᠠ ᠪᠠᠨ ᠮᠤᠯᠲᠤᠯᠤᠨ ᠠᠪᠤᠭᠠᠳ ᠥᠨᠳᠥᠷ ᠳᠠᠭᠤᠨ ᠢ᠋ᠶ᠋ᠠᠷ ᠳᠠᠭᠤᠳᠠᠨ ᠥᠭᠦᠯᠡᠷᠦᠨ: 《 ᠪᠧᠲ᠋ᠡ᠋ ᠤᠯᠤᠰ ᠤ᠋ᠨ ᠡᠵᠡᠨ ᠢ᠋ ᠪᠢᠯᠬᠠᠮᠠᠯ ᠶᠡᠬᠡ ᠥᠷᠥᠰᠢᠶᠡᠯ ᠲᠡᠢ ᠭᠡᠮᠡᠨ ᠰᠣᠨᠣᠰᠤᠯᠤᠭᠠ᠂ ᠪᠢᠳᠡᠨ ᠦ᠌ ᠥᠴᠦᠬᠡᠨ ᠠᠮᠢᠨ ᠢ᠋ ᠦᠯᠡᠳᠡᠭᠡᠪᠡᠰᠦ ᠪᠡᠶ᠎ᠡ ᠡᠴᠦᠰᠲᠡᠯ᠎ᠡ ᠬᠦᠴᠦᠨ ᠢ᠋ᠶ᠋ᠡᠨ ᠪᠠᠷᠢᠰᠤᠭᠠᠢ ! 》 ᠬᠡᠮᠡᠬᠦ ᠦᠭᠡ ᠪᠠᠷᠠᠬᠤ ᠶ᠋ᠢᠨ ᠤᠷᠢᠳᠠ ᠳᠡᠪᠰᠡᠭ ᠦ᠋ᠨ ᠬᠣᠢᠨ᠎ᠠ ᠠ᠋ᠴᠠ ᠪᠣᠱᠣᠭᠲᠤ ᠪᠤᠲ᠋ᠤ ᠳᠣᠪᠲᠣᠯᠤᠨ ᠭᠠᠷᠴᠤ ᠵᠠᠩᠵᠤᠨ ᠬᠠᠨ ᠢ᠋ ᠨᠢᠭᠡᠬᠡᠨ ᠰᠤᠮᠤ ᠪᠠᠷ ᠬᠠᠷᠪᠤᠵᠤ ᠤᠨᠠᠭᠠᠨ ᠠᠮᠢᠳᠤ ᠪᠠᠷᠢᠨ ᠲᠠᠢᠽᠦ ᠳ᠋ᠦ᠍ᠷ ᠢᠷᠡᠵᠦ ᠮᠥᠷᠭᠥᠨ ᠵᠣᠯᠭᠠᠵᠤ᠂ ᠡᠨᠡ ᠰᠠᠨᠠᠲᠤ ᠶ᠋ᠢ ᠲᠤᠰᠢᠶᠠᠭᠠᠳ ᠮᠡᠳᠡᠭᠦᠯᠦᠷᠦᠨ:《 ᠡᠵᠡᠨ ᠡᠨᠳᠡ ᠰᠠᠨᠠᠲᠤ ᠶ᠋ᠢ ᠪᠠᠷᠢᠵᠤ ᠳᠤᠣᠷᠪᠢ ᠠᠭᠤᠯᠠᠨ ᠤ᠋ ᠵᠡᠭᠦᠨᠲᠡ ᠭᠠᠷᠤᠭᠰᠠᠨ ᠲᠦᠮᠡ ᠢᠯᠡᠭᠦᠦ ᠴᠡᠷᠢᠭ ᠢ᠋ ᠳᠠᠭᠠᠭᠤᠯ᠂ ᠬᠦᠷᠭᠡᠨ ᠪᠢ ᠬᠠᠳᠠᠮ ᠠᠬ᠎ᠠ ᠬᠠᠰᠠᠷ ᠯᠤᠭ᠎ᠠ ᠠᠭᠤᠯᠠᠨ ᠤ᠋ ᠪᠠᠷᠠᠭᠤᠨᠲᠠ ᠭᠠᠷᠴᠤ ᠲᠡᠨᠳᠡ ᠬᠣᠴᠣᠷᠤᠭᠰᠠᠨ ᠲᠤᠤᠵᠢ ᠠᠢᠮᠠᠭ ᠤ᠋ᠨ ᠲᠣᠢᠮᠣᠭ ᠤ᠋ᠨ ᠴᠡᠷᠢᠭ ᠢ᠋ ᠪᠠᠢᠯᠳᠤᠰᠤᠭᠠᠢ᠂ ᠬᠠᠮᠤᠭ ᠬᠡᠷᠡᠭ ᠦ᠋ᠨ ᠦᠨᠳᠦᠰᠦᠨ ᠴᠥᠮ ᠲᠡᠷᠡ ᠲᠣᠢᠮᠣᠭ ᠡᠴᠡ ᠡᠳᠦᠵᠦᠬᠦᠢ᠃ 》 ᠬᠡᠮᠡᠬᠦᠢ ᠳ᠋ᠦ᠍ᠷ ᠲᠠᠢᠽᠦ ᠪᠡᠶᠡᠰᠦᠨ ᠵᠥᠪᠰᠢᠶᠡᠷᠡᠵᠦ᠂ ᠬᠠᠰᠠᠷ ᠪᠡᠯᠭᠦᠳᠡᠢ ᠬᠣᠶᠠᠭᠤᠯᠠ ᠳ᠋ᠤᠷ ᠵᠢᠷᠭᠤᠭᠠᠨ ᠮᠢᠩᠭᠠᠨ ᠭᠠᠪᠰᠢᠭᠠᠢ ᠰᠢᠯᠭᠠᠳᠠᠭ ᠴᠡᠷᠢᠭ ᠥᠭᠴᠦ ᠳᠡᠭᠦᠦ ᠬᠦᠷᠭᠡᠨ ᠪᠤᠲ᠋ᠤ ᠯᠤᠭ᠎ᠠ ᠳᠣᠪᠲᠣᠯᠭᠠᠨ ᠢᠯᠡᠭᠡᠭᠡᠳ ᠪᠠᠰᠠ ᠣᠢᠲᠤ ᠸᠴᠢᠷ᠂ ᠤᠷᠠᠨ ᠭᠠᠴᠤᠭ ᠬᠣᠶᠠᠭᠤᠯᠠ ᠳ᠋ᠤᠷ ᠬᠣᠶᠠᠷ ᠮᠢᠩᠭᠠᠨ ᠴᠡᠷᠢᠭ ᠥᠭᠴᠦ ᠬᠣᠢᠨ᠎ᠠ ᠠ᠋ᠴᠠ ᠳᠠᠭᠠᠵᠤ ᠲᠤᠰᠠᠯᠠᠷ᠎ᠠ ᠢᠯᠡᠭᠡᠪᠡ᠃ ᠳᠡᠭᠦᠦ ᠬᠦᠷᠭᠡᠨ ᠪᠤᠲ᠋ᠤ ᠨᠡᠢᠲᠡ ᠶ᠋ᠢ ᠲᠡᠷᠢᠭᠦᠯᠡᠨ ᠠᠭᠤᠯᠠ ᠶ᠋ᠢ ᠳᠠᠪᠠᠵᠤ ᠬᠥᠭᠡᠭᠡᠨ ᠢᠷᠡᠬᠦᠶ᠎ᠡ᠂ ᠲᠣᠢᠮᠣᠭ ᠡᠮᠦᠨ᠎ᠡ ᠴᠡᠷᠢᠭ ᠦ᠋ᠨ ᠮᠡᠳᠡᠭᠡ ᠶ᠋ᠢ ᠬᠡᠳᠦᠢᠨᠡᠢ ᠣᠯᠵᠤ᠂ ᠦᠯᠡᠳᠡᠭᠰᠡᠨ ᠴᠡᠷᠢᠭ ᠢ᠋ ᠠᠪᠴᠤ ᠡᠭᠡᠵᠦ ᠳᠤᠲᠠᠭᠠᠨ ᠳᠡᠮᠡᠢ ᠬᠣᠶᠠᠷ ᠭᠠᠵᠠᠷ ᠶᠠᠪᠤᠭᠰᠠᠨ ᠦᠭᠡᠢ ᠪᠧᠲ᠋ᠡ᠋ ᠤᠯᠤᠰ ᠪᠠ ᠢᠵᠢᠯᠵᠢ ᠠᠢᠮᠠᠭ ᠤ᠋ᠨ ᠨᠡᠬᠡᠬᠦ ᠴᠡᠷᠢᠭ ᠴᠢᠯᠠᠭᠤ ᠥᠩᠬᠥᠷᠢᠨ ᠦᠶᠡᠷ ᠤᠷᠤᠰᠬᠤ ᠮᠡᠲᠦ ᠴᠣᠬᠢᠨ ᠬᠦᠷᠴᠦ ᠢᠷᠡᠭᠡᠳ ᠲᠥᠭᠥᠷᠢᠭᠯᠡᠨ ᠬᠠᠭᠠᠪᠠ᠃ ᠲᠡᠳᠦᠢ ᠲᠣᠢᠮᠣᠭ ᠰᠢᠬᠠᠮᠳᠠᠵᠤ ᠭᠣᠣᠯ ᠤ᠋ᠨ ᠬᠣᠢᠲᠤ ᠡᠲᠡᠭᠡᠳ ᠦ᠋ᠨ ᠬᠣᠵᠢᠭᠡᠷ ᠳᠣᠪᠣ ᠶ᠋ᠢᠨ ᠬᠠᠳᠠᠨ ᠳ᠋ᠤᠷ ᠭᠠᠷᠴᠤ ᠴᠡᠷᠢᠭ ᠢ᠋ᠶ᠋ᠡᠨ ᠵᠢᠭ᠍ᠰᠠᠭᠠᠵᠤ ᠳᠥᠷᠪᠡᠨ ᠵᠦᠭ ᠲᠦ᠍ᠷ ᠴᠢᠯᠠᠭᠤ ᠥᠩᠬᠥᠷᠢᠭᠦᠯᠦᠨ ᠪᠠᠢᠯᠳᠤᠬᠤᠢ ᠳ᠋ᠤᠷ ᠪᠣᠱᠣᠭᠲᠤ ᠪᠤᠲ᠋ᠤ ᠬᠠᠳᠠᠮ ᠠᠬ᠎ᠠ ᠬᠠᠪᠤᠲᠤ ᠬᠠᠰᠠᠷ ᠤ᠋ᠨ ᠵᠦᠭ ᠥᠭᠦᠯᠡᠷᠦᠨ: 《 ᠬᠠᠳᠠᠮ ᠠᠬ᠎ᠠ ᠴᠢ ᠴᠡᠷᠢᠭ ᠢ᠋ ᠠᠪᠴᠤ ᠬᠠᠭᠠᠵᠤ ᠪᠠᠢᠭᠲᠤᠨ᠂ ᠪᠢ ᠬᠡᠳᠦᠨ ᠮᠣᠷᠢᠲᠠᠨ ᠪᠠ ᠰᠡᠵᠢᠭᠯᠡᠭᠦᠯᠬᠦ ᠲᠡᠮᠳᠡᠭ ᠫᠤᠤ ᠶ᠋ᠢ ᠠᠪᠴᠤ ᠰᠡᠮᠡᠬᠡᠷ ᠡᠨᠡ ᠳᠣᠪᠣ ᠶ᠋ᠢᠨ ᠬᠣᠢᠲᠤ ᠪᠡᠶ᠎ᠡ ᠶ᠋ᠢᠨ ᠳᠡᠯ ᠬᠠᠳᠠ ᠳ᠋ᠤᠷ ᠭᠠᠷᠴᠤ ᠡᠨᠡ ᠲᠣᠢᠮᠣᠭ ᠨᠢᠭᠡᠨ ᠬᠥᠮᠦᠨ ᠢ᠋ ᠬᠠᠷᠪᠤᠵᠤ ᠤᠨᠠᠭᠠᠪᠠᠰᠤ ᠳᠠᠷᠤᠢ ᠴᠥᠮ ᠳᠠᠭᠠᠭᠤᠯᠤᠮᠢ᠃ 》 ᠬᠡᠮᠡᠬᠦᠢ ᠳ᠋ᠦ᠍ᠷ ᠬᠠᠪᠤᠲᠤ ᠬᠠᠰᠠᠷ ᠥᠭᠦᠯᠡᠷᠦᠨ: 《 ᠠᠳᠠᠬᠢ ᠴᠡᠷᠢᠭ ᠢ᠋ ᠪᠦᠬᠦ ᠪᠡᠯᠭᠦᠳᠡᠢ ᠵᠠᠬᠢᠷᠤᠨ ᠬᠠᠭᠠᠵᠤ ᠪᠠᠢᠭᠲᠤᠨ᠂ ᠪᠢᠳᠡ ᠬᠣᠶᠠᠭᠤᠯᠠ ᠡᠴᠢᠰᠦᠭᠡᠢ᠃ 》 ᠭᠡᠮᠡᠨ ᠪᠠᠰᠠ ᠪᠡᠯᠭᠦᠳᠡᠢ ᠳ᠋ᠦ᠍ᠷ ᠰᠤᠷᠭᠠᠨ ᠥᠭᠦᠯᠡᠷᠦᠨ : 《 ᠴᠢ ᠳᠡᠯ ᠬᠠᠳᠠ ᠶ᠋ᠢᠨ ᠳᠡᠭᠡᠷᠡᠬᠢ ᠫᠤᠤ ᠶ᠋ᠢᠨ ᠳᠠᠭᠤᠨ ᠢ᠋ ᠰᠣᠨᠣᠰᠤᠮᠠᠭᠴᠠ ᠴᠡᠷᠢᠭ ᠢ᠋ᠶ᠋ᠡᠷ ᠬᠤᠴᠢᠭᠡᠷ ᠳᠣᠪᠣ ᠶ᠋ᠢᠨ ᠪᠠᠷᠠᠭᠤᠨ ᠡᠲᠡᠭᠡᠳ ᠢ᠋ᠶ᠋ᠡᠷ ᠭᠠᠷᠴᠤ ᠪᠠᠢᠯᠳᠤ᠂ ᠵᠡᠭᠦᠨ ᠡᠲᠡᠭᠡᠳ ᠢ᠋ ᠰᠤᠯᠠ ᠲᠠᠯᠪᠢᠵᠤ ᠲᠡᠳᠡᠨ ᠦ᠌ ᠪᠠᠭᠤᠬᠤ ᠵᠠᠮ ᠪᠣᠯᠭᠠᠨ ᠮᠥᠨ ᠬᠦ᠌ ᠮᠠᠨ ᠤ᠋ ᠴᠡᠷᠢᠭ ᠦ᠋ᠨ ᠵᠦᠭ ᠬᠥᠮᠥᠷᠢᠨ ᠠᠪᠠᠴᠢᠪᠠᠰᠤ ᠪᠦᠷᠢᠨ᠎ᠡ ᠣᠯᠵᠤ ᠳᠠᠭᠠᠭᠤᠯᠤᠮᠤᠢ᠃ 》 ᠬᠡᠮᠡᠬᠦᠢ ᠳ᠋ᠦ᠍ᠷ ᠪᠡᠯᠭᠦᠳᠡᠢ ᠠᠷᠭ᠎ᠠ ᠦᠭᠡᠢ ᠬᠦᠯᠢᠶᠡᠨ ᠠᠪᠴᠤ ᠭᠠᠭᠴᠠ ᠬᠠᠭᠤᠷᠮᠠᠭ ᠢ᠋ᠶ᠋ᠠᠷ ᠡᠮᠦᠨ᠎ᠡ ᠡᠴᠡ ᠪᠠᠢᠯᠳᠤᠭᠴᠢ ᠪᠣᠯᠤᠨ ᠰᠦᠷ ᠦᠵᠡᠭᠦᠯᠦᠮᠦᠢ᠃ ᠪᠤᠲ᠋ᠤ ᠬᠠᠰᠠᠷ ᠬᠣᠶᠠᠭᠤᠯᠠ ᠰᠠᠢᠨ ᠬᠠᠷᠪᠤᠭᠠᠴᠢ ᠳᠥᠴᠢ ᠲᠠᠪᠢᠨ ᠰᠠᠬᠢᠭᠤᠯᠰᠤᠨ ᠰᠤᠮᠤᠲᠤ ᠰᠢᠳᠠᠷ ᠴᠡᠷᠢᠭ ᠢ᠋ᠶ᠋ᠡᠨ ᠠᠪᠴᠤ ᠱᠠᠯᠠᠮᠠᠭᠠᠢᠯᠠᠨ ᠳᠡᠯ ᠬᠠᠳᠠ ᠶ᠋ᠢᠨ ᠬᠣᠢᠭᠤᠷ ᠲᠣᠭᠣᠷᠢᠨ ᠳᠡᠯ ᠬᠠᠳᠠ ᠳ᠋ᠤᠷ ᠰᠡᠮᠡᠬᠡᠷ ᠭᠠᠷᠴᠤ ᠬᠠᠳᠠ ᠬᠠᠷᠠᠭ᠎ᠠ ᠶ᠋ᠢᠨ ᠲᠦᠯᠡᠭᠡ ᠶ᠋ᠢᠨ ᠳᠠᠯᠳᠠ ᠨᠢᠭᠤᠵᠤ ᠦᠵᠡᠪᠡᠰᠦ᠂ ᠲᠣᠢᠮᠣᠭ ᠤ᠋ᠨ ᠴᠡᠷᠢᠭ ᠴᠥᠮ ᠡᠮᠦᠨ᠎ᠡ ᠵᠦᠭ ᠬᠠᠨᠳᠤᠵᠤ ᠴᠢᠯᠠᠭᠤ ᠣᠪᠣᠭᠠᠯᠠᠨ ᠪᠡᠯᠡᠳᠬᠡᠮᠦᠢ᠃ ᠬᠠᠰᠠᠷ ᠥᠭᠦᠯᠡᠷᠦᠨ: 《 ᠠᠳᠠᠴᠠ ᠯᠠᠪ ᠬᠣᠶᠠᠷ ᠵᠠᠭᠤᠨ ᠰᠢᠬᠠᠮ ᠨᠣᠮᠣᠨ ᠤ᠋ ᠭᠠᠵᠠᠷ ᠪᠣᠢ᠂ ᠬᠡᠳᠦᠢ ᠬᠠᠷᠪᠤᠵᠤ ᠬᠦᠷᠪᠡᠴᠦ ᠬᠦᠴᠦᠨ ᠪᠠᠭᠤᠷᠠᠮᠤᠢ᠂ ᠪᠢ ᠪᠠᠰᠠ ᠲᠡᠮᠦᠷ ᠰᠢᠷᠬᠡᠭᠲᠦ ᠨᠤᠮᠤ ᠠᠪᠴᠢᠷᠠᠭᠰᠠᠨ ᠦᠭᠡᠢ᠃ 》 ᠪᠤᠲ᠋ᠤ ᠥᠭᠦᠯᠡᠷᠦᠨ: 《 ᠪᠢ ᠬᠠᠷᠢᠨ ᠡᠵᠡᠨ ᠦ᠌ ᠥᠭᠭᠦᠭᠰᠡᠨ ᠪᠣᠯᠣᠳ ᠰᠢᠷᠬᠡᠭᠲᠦ ᠨᠤᠮᠤ ᠶ᠋ᠢ ᠠᠪᠴᠤ ᠢᠷᠡᠪᠡ᠂ ᠠᠬ᠎ᠠ ᠬᠠᠷᠪᠤᠮᠤᠢ ᠤᠤ᠂ ᠪᠢ ᠬᠠᠷᠪᠤᠮᠢ ᠤᠤ ? 》 ᠬᠠᠰᠠᠷ ᠥᠭᠦᠯᠡᠷᠦᠨ : 《 ᠠᠯᠢ ᠠᠨᠤ ᠲᠣᠢᠮᠣᠭ ᠪᠣᠢ? 》 ᠪᠤᠲ᠋ᠤ ᠥᠴᠢᠷᠦᠨ: 《 ᠲᠡᠷᠡ ᠴᠠᠭᠠᠨ ᠲᠤᠭ ᠤ᠋ᠨ ᠳᠣᠣᠷ᠎ᠠ ᠵᠣᠭᠰᠣᠵᠤ ᠶᠡᠬᠡ ᠬᠡᠩᠭᠡᠷᠭᠡ ᠳᠡᠯᠡᠳᠬᠦ ᠢᠨᠦ ᠳᠠᠷᠤᠢ ᠲᠣᠢᠮᠣᠭ ᠮᠥᠨ ᠂ ᠠᠷᠤ ᠳ᠋ᠤᠷ ᠲᠠᠪᠤᠨ ᠴᠠᠭᠠᠨ ᠲᠠᠯᠪᠠᠬᠠ ᠬᠠᠳᠬᠤᠵᠤ ᠪᠠᠢᠬᠤ ᠦᠭᠡᠢ ᠦᠦ ? 》 ᠬᠡᠮᠡᠭᠰᠡᠨ ᠳ᠋ᠦ᠍ᠷ ᠬᠠᠰᠠᠷ ᠂ ᠪᠤᠲ᠋ᠤ ᠶ᠋ᠢᠨ ᠨᠤᠮᠤ ᠵᠡᠪᠡ ᠶ᠋ᠢ ᠠᠪᠴᠤ ᠬᠣᠶᠠᠷ ᠭᠤᠷᠪᠠᠨ ᠤᠳᠠᠭ᠎ᠠ ᠣᠨᠢᠯᠠᠨ ᠦᠵᠡᠭᠡᠳ ᠥᠭᠦᠯᠡᠷᠦᠨ: 《 ᠪᠢ ᠯᠠᠪ ᠠᠯᠳᠠᠮᠤᠢ ᠭᠡᠮᠡᠨ ᠰᠠᠨᠠᠮᠤᠢ᠂ ᠯᠠᠪ ᠤᠨᠤᠬᠤ ᠦᠭᠡᠢ᠂ ᠳᠡᠭᠦᠦ ᠬᠦᠷᠭᠡᠨ ᠴᠢ ᠬᠠᠷᠪᠤᠲᠤᠭᠠᠢ ! 》 ᠭᠡᠮᠡᠨ ᠬᠥᠩᠭᠡᠨ ᠶᠠᠪᠠ ᠬᠠᠲᠠᠭᠤ ᠨᠤᠮᠤ ᠶ᠋ᠢ ᠪᠤᠲ᠋ᠤ ᠳ᠋ᠤᠷ ᠥᠭᠪᠡ᠃ ᠪᠤᠲ᠋ᠤ ᠥᠭᠦᠯᠡᠷᠦᠨ: 《 ᠪᠢ ᠬᠠᠷᠢᠨ ᠯᠠᠪ ᠣᠨᠣᠮᠤᠢ ᠭᠡᠮᠡᠨ ᠰᠠᠨᠠᠮᠤᠢ᠂ ᠬᠠᠳᠠᠮ ᠠᠬ᠎ᠠ ᠮᠢᠨᠦ ᠬᠠᠷᠪᠤᠬᠤ ᠶ᠋ᠢ ᠦᠵᠡᠲᠦᠭᠡᠢ ! 》 ᠭᠡᠮᠡᠨ ᠪᠣᠯᠣᠳ ᠤ᠋ᠨ ᠰᠢᠷᠬᠡᠭᠲᠦ ᠨᠤᠮᠤ ① ᠬᠤᠷᠴᠠ ᠮᠡᠰᠡᠲᠦ ᠰᠤᠮᠤ ᠶ᠋ᠢ ᠰᠢᠯᠭᠠᠵᠤ ᠳᠦᠭᠦᠷᠲᠡᠯ᠎ᠡ ᠲᠠᠲᠠᠵᠤ ᠬᠢᠨᠠᠨ ᠣᠨᠢᠯᠠᠵᠤ ᠂ 《 ᠡᠵᠡᠨ ᠦ᠌ ᠪᠤᠶᠠᠨ ᠮᠡᠳᠡᠲᠦᠭᠡᠢ ! 》 ᠭᠡᠮᠡᠨ ᠨᠢᠭᠡᠨᠲᠡ ᠬᠠᠷᠪᠤᠭᠰᠠᠨ ᠳ᠋ᠤᠷ ᠴᠢᠪᠬᠢᠲᠡᠯ᠎ᠡ ᠲᠣᠢᠮᠣᠭ ᠦ᠋ᠨ ᠠᠮᠠᠨ ᠬᠦᠵᠦᠭᠦᠦ ᠪᠡᠷ ᠰᠢᠪᠲᠤ ᠡᠨᠡᠲᠡᠭᠡ ᠲᠡᠷᠲᠡᠭᠡ ᠬᠠᠭᠠᠰ ᠬᠠᠭᠠᠰ ᠭᠠᠷᠴᠤ ᠤᠨᠠᠲᠠᠯ᠎ᠠ ᠣᠯᠠᠨ ᠴᠡᠷᠢᠭ ᠲᠡᠭᠷᠢ ᠡᠴᠡ ᠰᠤᠮᠤ ᠪᠠᠭᠤᠪᠠ ᠭᠡᠮᠡᠨ ᠠᠶᠤᠯᠳᠤᠨ ᠰᠠᠮᠠᠭᠤᠷᠠᠵᠤ᠂ ᠶᠡᠬᠡ ᠴᠠᠭᠠᠨ ᠲᠤᠭ ᠪᠠᠰᠠ ᠤᠨᠠᠭᠰᠠᠨ ᠳ᠋ᠤᠷ ᠳᠣᠣᠵᠢ ᠠᠢᠮᠠᠭ ᠤ᠋ᠨ ᠴᠡᠷᠢᠭ ᠨᠢᠭᠡᠨᠲᠡ ᠰᠠᠮᠠᠭᠤᠷᠠᠪᠠ᠃ ᠡᠭᠦᠨ ᠳ᠋ᠦ᠍ᠷ ᠬᠠᠰᠠᠷ ᠪᠤᠲ᠋ᠤ ᠬᠣᠶᠠᠭᠤᠯᠠ ᠶᠠᠭᠠᠷᠠᠨ ᠲᠡᠮᠳᠡᠭ ᠫᠤᠤ ᠶ᠋ᠢ ᠲᠠᠯᠪᠢᠭᠤᠯᠤᠮᠠᠭᠴᠠ ᠪᠠᠰᠠ ᠪᠦᠭᠦᠳᠡᠭᠡᠷ ᠢᠯᠡᠷᠡᠨ ᠭᠠᠷᠴᠤ ᠴᠢᠳᠠᠯ ᠴᠢᠳᠠᠯ ᠢ᠋ᠶ᠋ᠠᠨ ᠭᠠᠷᠭᠠᠨ ᠬᠠᠷᠪᠤᠯᠴᠠᠬᠤᠢ ᠳ᠋ᠤᠷ ᠬᠡᠳᠦᠢ ᠬᠣᠯᠠ ᠪᠣᠯᠪᠠᠴᠤ ᠤᠷᠤᠭᠤ ᠬᠠᠷᠪᠤᠬᠤ ᠲᠤᠯᠠ ᠮᠠᠰᠢ ᠣᠨᠣᠪᠴᠢᠲᠠᠢ᠂ ᠰᠤᠮᠤ ᠪᠦᠷᠢ ᠬᠣᠭᠣᠰᠣᠨ ᠦᠭᠡᠢ᠃ ᠲᠤᠤᠵᠢ ᠠᠢᠮᠠᠭ ᠤ᠋ᠨ ᠴᠡᠷᠢᠭ ᠶᠡᠬᠡᠯ᠎ᠡ ᠠᠶᠤᠯᠳᠤᠵᠤ ᠡᠴᠢᠬᠦ ᠵᠦᠭ ᠦᠭᠡᠢ ᠰᠠᠮᠠᠭᠤᠷᠠᠬᠤᠶᠠ᠂ ᠦᠵᠡᠪᠡᠰᠦ ᠳᠣᠪᠣ ᠶ᠋ᠢ ᠪᠦᠰᠡᠯᠡᠬᠦ ᠴᠡᠷᠢᠭ ᠴᠥᠮ ᠪᠠᠷᠠᠭᠤᠨ ᠪᠡᠶ᠎ᠡ ᠡᠴᠡ ᠠᠯᠠᠨ ᠥᠭᠡᠳᠡᠯᠡᠬᠦᠢ ᠳ᠋ᠦ᠍ᠷ ᠪᠦᠭᠦᠳᠡᠭᠡᠷ ᠠᠷᠭ᠎ᠠ ᠳ᠋ᠤᠷ ᠤᠨᠠᠪᠠ ᠭᠡᠮᠡᠨ ᠳᠠᠷᠤᠢ ᠬᠣᠵᠢᠭᠡᠷ ᠬᠠᠳᠠᠲᠤ ᠳᠣᠪᠣ ᠶ᠋ᠢᠨ ᠵᠡᠭᠦᠨ ᠤᠷᠤᠭᠤ ᠳᠣᠪᠲᠣᠯᠤᠨ ᠠᠷᠤ ᠶ᠋ᠢᠨ ᠪᠦᠭᠭᠦᠭᠰᠡᠨ ᠴᠡᠷᠢᠭ ᠡᠴᠡ ᠰᠡᠵᠢᠭᠯᠡᠵᠦ ᠰᠢᠭᠤᠳ ᠵᠡᠭᠦᠨ ᠡᠮᠦᠨ᠎ᠡ ᠵᠦᠭ ᠠᠭᠤᠳᠠᠮ ᠭᠣᠣᠯ ᠤ᠋ᠨ ᠵᠦᠭ ᠡᠴᠢᠲᠡᠯ᠎ᠡ ᠡᠮᠦᠨ᠎ᠡ ᠳᠠᠪᠠᠭᠠᠨ ᠤ᠋ ᠢᠷᠣᠭᠠᠷ ᠠ᠋ᠴᠠ ᠪᠠᠰᠠ ᠭᠡᠨᠡᠳᠲᠡ ᠲᠡᠭᠷᠢ ᠳᠡᠯᠪᠡᠷᠡᠲᠡᠯ᠎ᠡ ᠫᠤᠤ ᠳᠠᠭᠤᠷᠢᠰᠴᠤ ᠣᠢᠲᠤ ᠸᠴᠢᠷ᠂ ᠤᠷᠠᠨ ᠭᠠᠴᠤᠭ ᠬᠣᠶᠠᠭᠤᠯᠠ ᠶ᠋ᠢᠨ ᠲᠤᠰᠠᠯᠠᠬᠤ ᠴᠡᠷᠢᠭ ᠲᠦ᠍ᠷ ᠴᠢᠪ ᠤᠴᠠᠷᠠᠵᠤ᠂ ᠴᠡᠷᠢᠭ ᠦ᠋ᠨ ᠰᠥᠰᠥ ᠬᠡᠮᠬᠡᠷᠡᠵᠦ ᠵᠠᠷ ᠵᠡᠪᠰᠡᠭ ᠢ᠋ᠶ᠋ᠡᠨ ᠳᠥᠷᠪᠡᠨ ᠵᠦᠭ ᠲᠦ᠍ᠷ ᠣᠷᠬᠢᠵᠤ᠂ ᠬᠤᠶᠠᠭ ᠳᠤᠭᠤᠯᠠᠭ᠎ᠠ ᠪᠠᠨ ᠲᠠᠢᠯᠵᠤ᠂ ᠲᠣᠢᠮᠤᠭ ᠦ᠋ᠨ ᠮᠣᠯᠲᠣᠭ ᠲᠣᠯᠣᠭᠠᠢ ᠶ᠋ᠢ ᠣᠭᠲᠣᠯᠵᠤ ᠲᠠᠷᠪᠤᠰ ᠮᠡᠲᠦ ᠪᠡᠷ ᠡᠷᠭᠦᠨ ᠪᠠᠷᠢᠵᠤ ᠮᠥᠷᠭᠥᠵᠦ ᠳᠠᠭᠠᠭᠰᠠᠨ ᠳ᠋ᠤᠷ ᠤᠷᠤᠭ ᠰᠠᠳᠤᠨ ᠲᠠᠪᠤᠨ ᠬᠥᠮᠦᠨ ᠳᠠᠭᠠᠭᠰᠠᠨ ᠴᠡᠷᠢᠭ ᠢ᠋ ᠲᠣᠭᠠᠯᠠᠨ ᠦᠵᠡᠪᠡᠰᠦ ᠨᠢᠭᠡᠨ ᠲᠦᠮᠡᠨ ᠬᠣᠶᠠᠷ ᠮᠢᠩᠭᠠᠨ ᠪᠣᠢ ᠲᠤᠯᠠ ᠲᠠᠪᠤᠨ ᠠᠩᠭᠢ ᠬᠤᠪᠢᠶᠠᠨ ᠰᠠᠯᠭᠠᠵᠤ ᠵᠠᠬᠢᠷᠤᠨ᠂ ᠲᠣᠢᠮᠣᠭ ᠤ᠋ᠨ ᠲᠣᠯᠣᠭᠠᠢ ᠦᠨᠡᠬᠡᠷ ᠦᠰᠦ ᠦᠭᠡᠢ ᠮᠣᠯᠲᠣᠭ ᠲᠤᠯᠠ ᠮᠣᠷᠢᠨ ᠤ᠋ ᠨᠣᠭᠲᠣ ᠳ᠋ᠤᠷ ᠬᠢᠵᠦ ᠲᠤᠭ ᠤ᠋ᠨ ᠳᠡᠭᠡᠷ᠎ᠡ ᠡᠯᠭᠦᠵᠦ ᠶᠡᠬᠡ ᠬᠦᠷᠢᠶᠡᠨ ᠦ᠌ ᠵᠦᠭ ᠢᠷᠡᠪᠡ᠃ ᠡᠨᠡ ᠦᠶ᠎ᠡ ᠳ᠋ᠦ᠍ᠷ ᠲᠠᠢᠽᠦ ᠮᠤᠬᠤᠯᠢ ᠬᠣᠶᠠᠭᠤᠯᠠ ᠳᠣᠣᠷᠪᠢ ᠠᠭᠤᠯᠠᠨ ᠤ᠋ ᠵᠡᠭᠦᠨᠲᠡ ᠭᠠᠷᠤᠭᠰᠠᠨ ᠵᠦᠷᠴᠢᠳ ᠦ᠋ᠨ ᠵᠠᠩᠵᠤᠨ ᠬᠠᠨ ᠤ᠋ ᠴᠡᠷᠢᠭ ᠢ᠋ ᠪᠦᠷᠢᠨ᠎ᠡ ᠴᠥᠮ ᠳᠠᠭᠠᠭᠤᠯᠵᠤ ᠬᠤᠪᠢᠶᠠᠨ ᠵᠠᠬᠢᠷᠤᠭᠤᠯᠵᠤ᠂ ᠵᠡᠯᠮ᠎ᠡ ᠪᠠ ᠰᠠᠢᠬᠠᠨ ᠰᠤᠷᠲᠠᠯᠲᠤ ᠲᠠᠨ ᠬᠦᠷᠴᠦ ᠢᠷᠡᠭᠡᠳ ᠵᠠᠬᠢᠶ᠎ᠠ ᠶ᠋ᠢ ᠡᠭᠡᠭᠦᠯᠵᠦ ᠂ ᠳᠠᠷᠤᠢ ᠬᠠᠰᠠᠷ ᠲᠠᠨ ᠤ᠋ ᠴᠡᠷᠢᠭ ᠦ᠋ᠨ ᠪᠦᠷᠢᠨ᠎ᠡ ᠳᠡᠢᠯᠦᠭᠰᠡᠨ ᠮᠡᠳᠡᠭᠡ ᠶ᠋ᠢ ᠣᠯᠵᠤ᠂ ᠵᠠᠯᠮ᠎ᠠ ᠪᠠ ᠰᠠᠢᠬᠠᠨ ᠰᠤᠷᠲᠠᠯᠲᠤ ᠬᠣᠶᠠᠭᠤᠯᠠ ᠪᠠᠷ ᠳᠤᠤᠷᠪᠢ ᠶ᠋ᠢᠨ ᠳᠠᠪᠠᠭᠠᠨ ᠳ᠋ᠤᠷ ᠤᠭᠲᠣᠭᠤᠯᠤᠨ ᠠᠷᠢᠬᠢ ᠪᠠᠷᠢᠭᠤᠯᠵᠤ᠂ ᠬᠦᠷᠢᠶᠡᠨ ᠦ᠌ ᠡᠭᠦᠳᠡᠨ ᠳ᠋ᠦ᠍ᠷ ᠶᠡᠬᠡ ᠵᠢᠨᠦᠩ ᠮᠤᠬᠤᠯᠢ ᠪᠡᠶ᠎ᠡ ᠪᠡᠷ ᠠᠷᠢᠬᠢ ᠪᠠᠷᠢᠵᠤ ᠪᠡᠯᠭᠡᠯᠡᠨ ᠬᠦᠷᠢᠶᠡᠨ ᠳ᠋ᠦ᠍ᠷ ᠣᠷᠣᠭᠰᠠᠨ᠎ᠠ᠂ ᠲᠠᠢᠽᠦ ᠴᠠᠴᠠᠷ ᠤ᠋ᠨ ᠳᠣᠣᠷ᠎ᠠ ᠪᠡᠶ᠎ᠡ ᠪᠡᠷ ᠤᠭᠲᠤᠵᠤ᠂ ᠠᠬ᠎ᠠ ᠳᠡᠭᠦᠦ ᠬᠦᠷᠭᠡᠨ ᠳ᠋ᠦ᠍ᠷ ᠴᠥᠮ ᠭᠠᠷ ᠢ᠋ᠶ᠋ᠠᠷ ᠠᠷᠢᠬᠢ ᠬᠠᠢᠷᠠᠯᠠᠵᠤ ᠶᠡᠬᠡ ᠬᠤᠷᠢᠮ ᠬᠤᠷᠢᠮᠯᠠᠵᠤ ᠴᠡᠷᠢᠭ ᠢ᠋ ᠬᠣᠶᠠᠷ ᠡᠳᠦᠷ ᠠᠮᠠᠷᠠᠭᠤᠯᠤᠨ᠂ ᠰᠠᠶᠢ ᠤᠯᠤᠰ ᠲᠤᠷ ᠡᠭᠡᠰᠦᠭᠡᠢ ᠬᠡᠮᠡᠲᠡᠯ᠎ᠡ ᠥᠨᠳᠥᠷ ᠰᠡᠴᠡᠨ ᠵᠦᠷᠴᠢᠳ ᠤᠯᠤᠰ ᠤ᠋ᠨ ᠭᠤᠷᠪᠠᠨ ᠠᠢᠮᠠᠭ ᠢ᠋ ᠨᠡᠢᠲᠡ ᠪᠡᠷ ᠡᠪᠬᠡᠨ ᠠᠪᠴᠤ ᠬᠦᠷᠴᠦ ᠢᠷᠡᠭᠡᠳ ᠵᠠᠩᠵᠤᠨ ᠬᠠᠨ ᠰᠠᠨᠠᠲᠤ᠂ ᠵᠢᠴᠢ ᠱᠠᠭᠠᠢ᠂ ᠲᠣᠢᠮᠤᠭ ᠨᠠᠷ ᠤ᠋ᠨ ᠭᠡᠷ ᠦ᠋ᠨ ᠠᠮᠠᠨ ᠢ᠋ ᠬᠠᠮᠲᠤ ᠪᠠᠷ ᠠᠪᠴᠤ ᠢᠷᠡᠪᠡ᠃ ᠮᠤᠬᠤᠯᠢ ᠶᠠᠭᠠᠷᠠᠨ ᠣᠶᠤᠲᠤ ᠰᠡᠴᠡᠨ ᠢ᠋ᠶ᠋ᠡᠷ ᠤᠬᠲᠤᠭᠤᠯᠤᠨ ᠥᠪᠡᠷ ᠦ᠋ᠨ ᠪᠡᠶ᠎ᠡ ᠬᠦᠷᠢᠶᠡᠨ ᠦ᠌ ᠬᠠᠭᠠᠯᠭᠠᠨ᠎ᠠ ᠤᠭᠲᠤᠵᠤ ᠲᠠᠢᠽᠦ ᠭᠠᠷ ᠢ᠋ᠶ᠋ᠠᠷ ᠠᠷᠢᠬᠢ ᠬᠠᠢᠷᠠᠯᠠᠨ ᠪᠠᠰᠠ ᠨᠢᠭᠡᠨ ᠡᠳᠦᠷ ᠬᠤᠷᠢᠮᠯᠠᠵᠤ᠂ ᠵᠢᠴᠢ ᠡᠳᠦᠷ ᠳᠡᠢᠯᠦᠭᠰᠡᠨ ᠫᠤᠤ ᠭᠤᠷᠪᠠᠨᠲᠠ ᠳᠠᠭᠤᠷᠢᠰᠴᠤ ᠪᠠᠶᠠᠷ ᠤ᠋ᠨ ᠬᠠᠷᠠᠩᠭ᠎ᠠ ᠨᠢᠭᠡᠨᠲᠡ ᠴᠣᠬᠢᠮᠠᠭᠴᠠ ᠳᠥᠷᠪᠡᠨ ᠲᠦᠮᠡᠨ ᠶᠡᠬᠡ ᠴᠡᠷᠢᠭ ᠬᠠᠮᠲᠤ ᠪᠠᠷ ᠬᠥᠳᠡᠯᠵᠦ᠂ ᠠᠷᠤ ᠭᠠᠵᠠᠷ ᠤ᠋ᠨ ᠲᠠᠯ᠎ᠠ ᠠᠭᠤᠳᠠᠮ ᠲᠤᠯᠠ ᠣᠯᠠᠨ ᠴᠡᠷᠢᠭ ᠴᠤᠭᠠᠷ ᠶᠠᠪᠤᠵᠤ ᠳᠥᠷᠥᠭᠡ ᠪᠡᠨ ᠲᠣᠭᠰᠢᠵᠤ ᠲᠦᠷᠴᠢᠭᠢᠨᠡᠲᠡᠯ᠎ᠡ ᠳᠠᠭᠤᠯᠠᠯᠴᠠᠨ᠂ ᠡᠮᠡᠭᠡᠯ ᠢ᠋ᠶ᠋ᠡᠨ ᠴᠣᠬᠢᠵᠤ ᠡᠭᠡᠰᠢᠭᠯᠡᠨ ᠳᠠᠭᠤᠯᠠᠭᠰᠠᠭᠠᠷ ᠤᠯᠤᠰ ᠲᠤᠷ ᠬᠦᠷᠴᠦ ᠢᠷᠡᠪᠡᠰᠦ᠂ ᠲᠡᠷᠢᠭᠦᠨ ᠤᠲᠤᠯᠭᠠᠨ ᠳ᠋ᠤᠷ ᠬᠦᠯᠦᠭ ᠴᠢᠯᠠᠭᠤ ᠤᠭᠲᠤᠪᠠ᠃ ᠳᠡᠳ᠋ ᠣᠳᠤᠯᠭᠠᠨ᠎ᠠ ᠬᠦᠯᠦᠭ ᠪᠤᠭᠤᠷᠵᠢ ᠤᠭᠲᠤᠪᠠ᠂ ᠭᠤᠲᠠᠭᠠᠷ ᠤᠲᠤᠯᠭᠠᠨ᠎ᠠ ᠲᠣᠷᠭᠠᠨ ᠰᠢᠷ᠎ᠠ ᠲᠠᠢᠽᠦ ᠶ᠋ᠢᠨ ᠶᠡᠬᠡ ᠬᠥᠪᠡᠭᠦᠨ ᠵᠣᠴᠢ ᠶ᠋ᠢ ᠠᠪᠴᠤ ᠤᠭᠲᠤᠪᠠ᠃ ᠨᠡᠩ ᠪᠠᠰᠠ ᠡᠨᠡ ᠵᠠᠪᠰᠠᠷ᠎ᠠ ᠲᠠᠢᠽᠦ ᠶ᠋ᠢᠨ ᠪᠦᠷᠳᠡᠭᠡᠯᠵᠢᠨ ᠵᠦᠰᠦᠨ ᠰᠡᠴᠡᠨ ᠬᠠᠲᠤᠨ ᠲᠡᠭᠷᠢ ᠶ᠋ᠢᠨ ᠠᠶᠤᠩᠭ᠎ᠠ ᠶ᠋ᠢᠨ ᠡᠵᠡᠨ ᠢ᠋ ᠲᠡᠭᠷᠢ ᠠᠶᠤᠩᠭᠠᠯᠠᠬᠤᠢ ᠳ᠋ᠤᠷ ᠪᠣᠳᠠᠲᠠᠶ᠎ᠠ ᠦᠵᠡᠭᠡᠳ ᠮᠥᠨ ᠠᠶᠤᠩᠭᠠᠯᠠᠭᠰᠠᠨ ᠴᠠᠭ ᠲᠤᠷ ᠲᠠᠢᠽᠦ ᠶ᠋ᠢᠨ ᠵᠦᠰᠦᠨ ᠬᠠᠲᠤᠨ ᠠ᠋ᠴᠠ ᠳᠥᠷᠪᠡᠳᠦᠭᠡᠷ ᠬᠥᠪᠡᠭᠦᠨ ᠲᠡᠢ ᠪᠣᠯᠤᠭᠰᠠᠨ᠎ᠠ᠂ ᠴᠢᠷᠠᠢ ᠶ᠋ᠢᠨ ᠭᠡᠷᠡᠯ ᠭᠠᠯ ᠮᠡᠲᠦ ᠭᠡᠷᠡᠯᠲᠦᠨ ᠤᠯᠠᠢᠵᠤ ᠳᠤᠯᠠᠢᠬᠤ ᠲᠤᠯᠠ ᠲᠠᠢᠽᠦ ᠨᠡᠷ᠎ᠡ ᠶ᠋ᠢ ᠲᠣᠯᠢ ᠭᠡᠮᠡᠨ ᠬᠠᠢᠷᠠᠯᠠᠵᠤ᠂ ᠭᠠᠢᠬᠠᠯᠲᠠᠢ ᠪᠠᠭᠠᠲᠤᠷ ᠭᠠᠷᠤᠨᠠᠮ ᠢ᠋᠎ᠡ᠂ ᠡᠨᠡ ᠬᠥᠪᠡᠭᠦᠨ ᠢ᠋ ᠲᠥᠷᠥᠭᠡᠳ ᠪᠢ ᠴᠢᠬᠤᠯᠠ ᠳᠠᠢᠰᠤᠨ ᠢ᠋ᠶ᠋ᠠᠨ ᠳᠠᠷᠤᠵᠤ᠂ ᠪᠠᠰᠠ ᠴᠠᠬᠢᠯᠭᠠᠨ ᠤ᠋ ᠡᠵᠡᠨ ᠢ᠋ ᠦᠵᠡᠪᠡ᠂ ᠯᠠᠪ ᠲᠡᠭᠷᠢ ᠡᠴᠢᠭᠡ ᠮᠢᠨᠦ ᠨᠠᠳᠠ ᠳ᠋ᠤᠷ ᠲᠤᠰᠠᠯᠠᠶ᠎ᠠ ᠢᠯᠡᠭᠡᠪᠡᠢ ᠢ᠋᠎ᠡ ᠬᠡᠮᠡᠪᠡ᠃ ᠲᠡᠳᠦᠢ ᠠᠭᠤᠯᠠ ᠲᠠᠯ᠎ᠠ ᠪᠠᠨ ᠳᠠᠬᠢᠵᠤ ᠥᠭᠡᠯᠦᠨ ᠥᠵᠢᠨ ᠳ᠋ᠦ᠍ᠷ ᠮᠥᠷᠭᠥᠨ ᠠᠭᠤᠯᠵᠠᠵᠤ ᠂ ᠡᠴᠢᠭᠰᠡᠨ ᠴᠡᠷᠢᠭ ᠦ᠋ᠨ ᠤᠴᠢᠷ ᠢ᠋ ᠪᠦᠷᠢᠨ᠎ᠡ ᠮᠡᠳᠡᠭᠦᠯᠵᠦ ᠳᠡᠭᠦᠦ ᠬᠦᠷᠭᠡᠨ ᠦ᠌ ᠭᠠᠪᠢᠶ᠎ᠠ ᠵᠢᠳᠬᠦᠯᠭᠡ ᠶ᠋ᠢ ᠮᠡᠳᠡᠭᠦᠯᠦᠭᠰᠡᠨ ᠳ᠋ᠦ᠍ᠷ ᠥᠭᠡᠯᠦᠨ ᠦᠵᠢᠨ ᠮᠠᠰᠢᠳᠠ ᠪᠡᠶᠡᠰᠦᠨ᠂ ᠡᠨᠡ ᠶᠡᠬᠡ ᠪᠠᠶᠠᠷ ᠲᠤᠷ ᠤᠳᠬᠠᠨ ᠥᠬᠢᠨ ᠲᠤᠨᠤᠮᠠᠯ ᠲᠠᠵᠢ ᠶ᠋ᠢ ᠪᠠᠭᠤᠯᠭᠠᠨ ᠥᠭᠭᠦᠮᠥᠢ ᠭᠡᠮᠡᠨ ᠵᠠᠬᠢᠶ᠎ᠠ ᠪᠠᠭᠤᠯᠭᠠᠪᠠ᠃ ᠡᠭᠦᠨ ᠳ᠋ᠦ᠍ᠷ ᠪᠧᠲ᠋ᠡ᠋ ᠤᠯᠤᠰ ᠤ᠋ᠨ ᠬᠣᠲᠠᠯᠠᠭᠠᠷ ᠳᠠᠪᠬᠤᠷ ᠪᠠᠶᠠᠷ ᠲᠤᠷ ᠲᠣᠬᠢᠶᠠᠯᠳᠤᠵᠤ᠂ ᠲᠠᠢᠽᠦ ᠮᠥᠨ ᠡᠨᠡ ᠤᠳᠠᠭ᠎ᠠ ᠶ᠋ᠢᠨ ᠴᠡᠷᠢᠭ ᠦ᠋ᠨ ᠲᠡᠷᠢᠭᠦᠨ ᠭᠠᠪᠢᠶ᠎ᠠ ᠠᠨᠤ ᠬᠦᠷᠭᠡᠨ ᠳᠡᠭᠦᠦ ᠪᠤᠲ᠋ᠤ ᠶ᠋ᠢᠨ ᠭᠠᠪᠢᠶ᠎ᠠ ᠲᠤᠯᠠ ᠡᠨᠡ ᠬᠡᠪᠴᠢᠶᠡᠨ ᠳ᠋ᠦ᠍ᠷ ᠨᠡᠢᠯᠡᠭᠦᠯᠦᠨ ᠤᠨᠤᠨ ᠮᠥᠷᠡᠨ ᠦ᠌ ᠬᠥᠪᠡᠭᠡ᠂ ᠪᠤᠷᠬᠠᠨ ᠭᠠᠯᠳᠤᠨ᠎ᠠ ᠶ᠋ᠢᠨ ᠲᠠᠯ᠎ᠠ ᠳ᠋ᠤᠷ ᠶᠡᠬᠡ ᠪᠠᠭᠤᠳᠠᠯ ᠪᠡᠯᠡᠳᠬᠡᠵᠦ᠂ ᠴᠡᠷᠢᠭ ᠦ᠋ᠨ ᠭᠠᠪᠢᠶ᠎ᠠ ᠳ᠋ᠤᠷ ᠱᠠᠩᠨᠠᠬᠤ ᠪᠠ ᠲᠤᠨᠤᠮᠠᠯ ᠲᠠᠵᠢ ᠠᠪᠬᠠᠢ ᠶ᠋ᠢᠨ ᠬᠣᠯᠪᠣᠬᠤ ᠳ᠋ᠤᠷ ᠪᠡᠯᠡᠳᠬᠡᠨ ᠤᠷᠤᠭ ᠤ᠋ᠨ ᠵᠢᠷᠭᠤᠭᠠᠨ ᠶᠣᠰᠣᠯᠠᠯ ᠢ᠋ ᠲᠡᠭᠦᠰᠬᠡᠬᠦ ᠭᠠᠵᠠᠷ ᠪᠣᠯᠭᠠᠪᠠ᠃
- - - -
①ᠡᠨᠡ ᠪᠣᠯᠪᠠᠰᠤ ᠹᠠ ᠲᠢᠶᠣᠤ ᠪᠠᠷ ᠳᠠᠪᠬᠤᠷᠯᠠᠨ ᠬᠢᠭᠰᠡᠨ ᠨᠤᠮᠤ ᠪᠤᠶᠤ᠃
ᠲᠡᠳᠦᠢ ᠲᠥᠷᠥᠯ ᠲᠥᠷᠥᠭᠰᠡᠨ ᠤᠷᠤᠭ ᠰᠠᠳᠤᠨ ᠪᠠ ᠰᠠᠢᠳ ᠲᠦᠰᠢᠮᠡᠳ ᠤᠯᠤᠰ ᠠᠯᠪᠠᠲᠤ ᠨᠠᠷ ᠨᠡᠢᠲᠡ ᠪᠡᠷ ᠣᠳᠣᠨ ᠵᠡᠷᠭᠡᠯᠡᠵᠦ ᠡᠭᠦᠯᠡ ᠴᠤᠭᠯᠠᠬᠤ ᠮᠡᠲᠦ ᠬᠤᠷᠠᠵᠤ᠂ ᠬᠦᠷᠭᠡᠨ ᠪᠤᠲ᠋ᠤ ᠳ᠋ᠤᠷ ᠠᠯᠲᠠᠨ ᠮᠠᠩᠨᠤᠭ᠂ ᠬᠠᠰ ᠤ᠋ᠨ ᠪᠦᠰᠡ ᠪᠦᠰᠡᠯᠡᠭᠦᠯᠵᠦ᠂ ᠰᠡᠭᠦᠵᠢᠨ ᠳ᠋ᠦ᠍ᠷ ᠣᠭ᠌ᠶᠤ ᠱ᠌ᠢᠷᠦ ᠶ᠋ᠢᠨ ᠣᠭᠣᠰᠣᠷ ᠬᠡᠯᠬᠢᠶᠡᠲᠦ ᠰᠤᠮᠤᠨ ᠠᠯᠴᠢᠭᠤᠷ᠂ ᠬᠦᠵᠦᠭᠦᠨ ᠳ᠋ᠦ᠍ᠷ ᠰᠤᠪᠤᠳ ᠲᠠᠨ᠎ᠠ ᠮᠥᠬᠥᠯᠢᠭ ᠲᠣᠭᠠᠲᠤ ᠡᠷᠢᠭᠡ ᠬᠦᠵᠦᠭᠦᠪᠴᠢᠯᠡᠭᠦᠯᠦᠨ᠂ ᠣᠷᠣᠢ ᠳ᠋ᠤᠷ ᠪᠠᠳᠮᠠᠷᠠᠭ᠎ᠠ ᠡᠷᠳᠡᠨᠢ ᠶ᠋ᠢᠨ ᠸᠴᠢᠷ ᠲᠣᠭᠲᠠᠭᠠᠵᠤ᠂ ᠬᠥᠯ ᠳ᠋ᠦ᠍ᠷ ᠣ ᠶ᠋ᠢᠨ ᠣᠯᠠᠲᠤ ᠦᠵᠦᠭᠦᠷ ᠲᠡᠢ ᠲᠦᠷᠡᠢᠲᠦ ᠭᠤᠲᠤᠯ᠂ ᠮᠣᠷᠢᠨ ᠳ᠋ᠤᠷ ᠮᠥᠩᠭᠥᠨ ᠳᠥᠷᠥᠭᠡ᠂ ᠬᠠᠰ ᠤ᠋ᠨ ᠬᠠᠵᠠᠭᠠᠷ᠂ ᠬᠣᠪ ᠤ᠋ᠨ ᠬᠤᠳᠠᠷᠭ᠎ᠠ᠂ ᠰᠢᠷ᠎ᠠ ᠵᠢᠯᠣᠭᠣ᠂ ᠤᠯᠠᠭᠠᠨ ᠮᠣᠨᠴᠣᠭ᠂ ᠠᠯᠲᠠᠨ ᠸᠴᠢᠷ ᠬᠢᠵᠦ ᠭᠠᠯ ᠭᠣᠯᠣᠮᠲᠠ ᠳ᠋ᠤᠷ ᠮᠥᠷᠭᠥᠭᠦᠯᠵᠦ ᠥᠭᠡᠯᠦᠨ ᠥᠵᠢᠨ ᠳ᠋ᠦ᠍ᠷ ᠶᠣᠰᠣᠯᠠᠭᠤᠯᠤᠨ᠂ ᠳᠣᠯᠣᠭᠠᠨ ᠪᠥᠭᠲᠥᠭᠡ᠂ ᠶᠡᠬᠡ ᠲᠡᠷᠭᠡ ᠪᠠ ᠳᠣᠯᠣᠭᠠᠨ ᠠᠩᠭᠢ ᠱᠠᠪᠠᠩ ᠬᠥᠭᠵᠢᠮ ᠢ᠋ᠶ᠋ᠡᠷ ᠪᠠᠭᠤᠯᠭᠠᠨ ᠪᠣᠭᠲᠣᠯᠠᠬᠤ ᠶ᠋ᠢᠨ ᠶᠡᠬᠡ ᠪᠠᠭᠤᠳᠠᠯ ᠬᠣᠷᠣᠭ᠎ᠠ ᠳ᠋ᠤᠷ ᠲᠠᠢᠽᠦ ᠪᠡᠶ᠎ᠡ ᠪᠡᠷ ᠬᠦᠷᠭᠡᠵᠦ᠂ ᠲᠡᠭᠷᠢ ᠭᠠᠵᠠᠷ ᠡᠵᠡᠳ ᠰᠠᠬᠢᠭᠤᠯᠰᠤᠨ᠎ᠠ ᠮᠥᠷᠭᠥᠭᠦᠯᠦᠨ᠂ ᠯᠤᠤ ᠶ᠋ᠢᠨ ᠬᠥᠰᠢᠭᠡ ᠳ᠋ᠦ᠍ᠷ ᠣᠷᠣᠭᠤᠯᠤᠨ ᠠᠯᠲᠠᠨ ᠬᠤᠨᠳᠠᠭ᠎ᠠ ᠶ᠋ᠢ ᠬᠣᠯᠪᠣᠵᠤ᠂ ᠵᠢᠷᠭᠤᠭᠠᠨ ᠶᠣᠰᠣᠯᠠᠯ ᠢ᠋ ᠲᠡᠭᠦᠰᠬᠡᠯᠭᠡᠵᠦ ᠭᠤᠷᠪᠠᠨ ᠡᠳᠦᠷ ᠦ᠋ᠨ ᠶᠡᠬᠡ ᠬᠤᠷᠢᠮ ᠬᠤᠷᠢᠮᠯᠠᠬᠤᠢ ᠳ᠋ᠤᠷ ᠬᠦᠷᠭᠡᠨ ᠪᠤᠲ᠋ᠤ ᠵᠦᠷᠴᠢᠳ ᠦ᠋ᠨ ᠵᠠᠩᠵᠤᠨ ᠬᠠᠨ ᠰᠠᠨᠠᠲᠤ ᠶ᠋ᠢᠨ ᠠᠮᠢᠨ ᠢ᠋ ᠬᠡᠯᠲᠦᠷᠢᠭᠦᠯᠬᠦ ᠶ᠋ᠢ ᠭᠤᠶᠤᠭᠰᠠᠨ ᠳ᠋ᠤᠷ ᠲᠠᠢᠽᠦ ᠵᠥᠪᠰᠢᠶᠡᠨ ᠲᠣᠭᠲᠠᠭᠠᠵᠤ᠂ ᠶᠡᠬᠡ ᠠᠷᠰᠯᠠᠨᠲᠤ ᠴᠠᠴᠠᠷ ᠲᠤᠷ ᠰᠠᠭᠤᠵᠤ ᠳᠡᠭᠦᠦ ᠬᠦᠷᠭᠡᠨ ᠪᠤᠲ᠋ᠤ ᠳ᠋ᠤᠷ ᠰᠠᠷᠬᠤᠳ ᠥᠭᠴᠦ ᠡᠢᠨ ᠪᠡᠯᠭᠡᠯᠡᠵᠦ ᠵᠠᠬᠢᠷᠤᠨ:
ᠭᠤᠷᠪᠠᠬᠠᠨ ᠰᠤᠮᠤ ᠳ᠋ᠤᠷ ᠠᠯᠲᠠᠨ ᠤᠯᠤᠰ ᠢ᠋ ᠠᠶᠤᠯᠭᠠᠭᠰᠠᠨ
ᠠᠩᠬ᠎ᠠ ᠲᠠᠪᠤᠨᠠᠩ ᠳᠡᠭᠦᠦ ᠬᠦᠷᠭᠡᠨ ᠮᠢᠨᠢ ᠪᠤᠲ᠋ᠤ ᠴᠢ᠂
ᠨᠢᠭᠡᠬᠡᠨ ᠰᠤᠮᠤ ᠪᠠᠷ ᠭᠤᠷᠪᠠᠨ ᠤᠯᠤᠰ ᠢ᠋ ᠣᠷᠣᠭᠤᠯᠤᠭᠰᠠᠨ
ᠨᠢᠭᠤᠷ ᠭᠡᠷᠡᠯᠲᠡᠢ ᠲᠠᠪᠤᠨᠠᠩ ᠳᠡᠭᠦᠦ ᠬᠦᠷᠭᠡᠨ ᠮᠢᠨᠦ᠃
ᠠᠯᠲᠠᠨ ᠤ᠋ ᠲᠥᠷᠥ ᠶ᠋ᠢ ᠠᠳᠠᠯᠢ ᠬᠠᠮᠲᠤ ᠶᠠᠪᠤᠵᠤ ᠪᠦᠲᠦᠭᠡᠶ᠎ᠡ
ᠬᠠᠰ ᠤ᠋ᠨ ᠲᠥᠷᠥ ᠶ᠋ᠢ ᠬᠠᠮᠲᠤ ᠴᠤᠭᠠᠷ ᠵᠢᠳᠬᠦᠵᠦ ᠪᠦᠲᠦᠭᠡᠰᠦᠭᠡᠢ !
ᠭᠡᠮᠡᠨ ᠶᠡᠬᠡ ᠬᠤᠷᠢᠮ ᠬᠤᠷᠢᠮᠯᠠᠵᠤ᠂ ᠭᠤᠷᠪᠠᠳᠤᠭᠠᠷ ᠡᠳᠦᠷ ᠲᠣᠷ ᠶᠢᠰᠦᠨ ᠪᠦᠴᠡᠲᠦ ᠯᠤᠤ ᠶ᠋ᠢᠨ ᠬᠥᠰᠢᠭᠡ ᠶ᠋ᠢ ᠬᠣᠶᠠᠷ ᠡᠲᠡᠭᠡᠳ ᠦ᠋ᠨ ᠰᠠᠢᠳ ᠲᠦᠰᠢᠮᠡᠳ ᠪᠡᠯᠭᠡᠯᠡᠨ ᠲᠠᠢᠯᠵᠤ᠂ ᠮᠣᠷᠳᠠᠬᠤ ᠲᠤᠬᠠᠢ ᠳ᠋ᠤᠷ ᠥᠭᠡᠯᠦᠨ ᠥᠵᠢᠨ ᠭᠠᠭᠴᠠ ᠬᠡᠦᠬᠡᠨ ᠢ᠋ᠶ᠋ᠡᠨ ᠲᠤᠨᠤᠮᠠᠯ ᠲᠠᠵᠢ ᠠᠪᠠᠬᠠᠢ ᠶ᠋ᠢᠨ ᠭᠠᠷ ᠠ᠋ᠴᠠ ᠪᠠᠷᠢᠵᠤ ᠰᠤᠷᠭᠠᠨ ᠥᠭᠦᠯᠡᠷᠦᠨ: 《 ᠬᠡᠦᠬᠡᠨ ᠮᠢᠨᠦ ᠴᠢ ᠭᠠᠭᠴᠠ ᠬᠠᠳᠠᠮ ᠤ᠋ᠨ ᠨᠡᠷ᠎ᠡ ᠶ᠋ᠢ ᠵᠢᠳᠬᠦᠵᠦ ᠮᠠᠨᠳᠤᠭᠤᠯ᠂ ᠲᠥᠷᠬᠥᠮ ᠦ᠋ᠨ ᠨᠡᠷ᠎ᠡ ᠶ᠋ᠢ ᠬᠢᠴᠢᠶᠡᠵᠦ ᠰᠠᠬᠢ᠂ ᠥᠪᠡᠷ᠎ᠡ ᠦᠭᠡ ᠬᠡᠷᠡᠭ ᠦᠭᠡᠢ᠂ ᠲᠣᠮᠣᠭ᠎ᠠ ᠰᠠᠢᠲᠤ ᠬᠡᠦᠬᠡᠨ ᠮᠢᠨᠦ᠂ ᠲᠠᠯᠪᠢᠭᠤ ᠠᠭᠤᠳᠠᠮ ᠲᠠᠵᠢ ᠠᠪᠬᠠᠢ ᠮᠢᠨᠦ ᠥᠪᠡᠷ ᠢ᠋ᠶ᠋ᠡᠨ ᠮᠡᠳᠡᠨᠡᠮ ! 》 ᠬᠡᠮᠡᠭᠡᠳ ᠨᠢᠯᠪᠤᠰᠤᠨ ᠤᠨᠠᠭᠠᠨ ᠮᠣᠷᠳᠠᠭᠤᠯᠪᠠᠢ᠃
ᠲᠡᠭᠦᠨᠴᠡ ᠲᠡᠢ ᠰᠡᠴᠡᠨ ᠲᠡᠷᠢᠭᠦᠯᠡᠨ ᠵᠠᠷᠴᠢᠭᠤᠲᠠᠢ ᠳᠥᠷᠪᠡᠨ ᠨᠣᠶᠠᠨ ᠬᠣᠲᠠ᠂ ᠬᠠᠰᠠᠷ ᠤ᠋ᠨ ᠬᠠᠲᠤᠨ ᠲᠡᠷᠢᠭᠦᠯᠡᠨ ᠲᠠᠪᠤᠨ ᠬᠤᠳᠠᠭᠠᠢ᠂ ᠮᠤᠬᠤᠯᠢ ᠲᠡᠷᠢᠭᠦᠯᠡᠨ ᠶᠢᠰᠦᠨ ᠲᠦᠰᠢᠮᠡᠯ ᠬᠣᠲᠠ᠂ ᠮᠤᠬᠤᠯᠢ ᠶ᠋ᠢᠨ ᠡᠮ᠎ᠡ ᠲᠡᠷᠢᠭᠦᠯᠡᠵᠦ ᠶᠢᠰᠦᠨ ᠭᠡᠭᠡ ᠨᠠᠷ ᠬᠤᠳᠠᠭᠠᠢ᠂ ᠵᠠᠰᠠᠯᠭ᠎ᠠ ᠶ᠋ᠢᠨ ᠭᠡᠷ ᠬᠣᠷᠣᠬᠠ ᠥᠷᠭᠥᠭᠡ ᠴᠠᠴᠠᠷ ᠲᠡᠷᠢᠭᠦᠯᠡᠨ ᠠᠳᠤᠭᠤ ᠮᠠᠯ᠂ ᠠᠯᠪᠠᠲᠤ ᠤᠯᠤᠰ᠂ ᠭᠡᠷ ᠢᠨᠵᠢ᠂ ᠠᠮᠢᠨ ᠢ᠋ ᠬᠡᠯᠲᠦᠷᠢᠭᠦᠯᠦᠭᠰᠡᠨ ᠰᠠᠨᠠᠲᠤ ᠲᠡᠷᠢᠭᠦᠯᠡᠨ᠂ ᠲᠡᠭᠦᠨ ᠦ᠌ ᠬᠠᠷᠢᠶᠠᠲᠤ ᠨᠢᠭᠡᠨ ᠠᠢᠮᠠᠭ ᠢ᠋ ᠴᠥᠮ ᠳᠠᠭᠠᠭᠤᠯᠤᠨ ᠥᠭᠴᠦ ᠪᠠᠰᠠ ᠱᠠᠭᠠᠢ ᠪᠠ ᠲᠣᠢᠮᠤᠭ ᠬᠣᠶᠠᠭᠤᠯᠠ ᠶ᠋ᠢᠨ ᠭᠡᠷ ᠦ᠋ᠨ ᠠᠮᠠ ᠶ᠋ᠢ ᠬᠦᠷᠭᠡᠨ ᠪᠤᠲ᠋ᠤ ᠳ᠋ᠤᠷ ᠬᠥᠲᠥᠴᠢ ᠪᠣᠯᠭᠠᠨ ᠵᠠᠰᠠᠵᠤ ᠥᠭᠭᠥᠭᠡᠳ ᠫᠤᠤ ᠭᠤᠷᠪᠠᠨᠲᠠ ᠳᠠᠭᠤᠷᠢᠰᠤᠮᠠᠭᠴᠠ ᠪᠧᠲ᠋ᠡ᠋ ᠤᠯᠤᠰ ᠠ᠋ᠴᠠ ᠤᠷᠤᠭ ᠬᠦᠷᠭᠡᠬᠦ ᠨᠣᠶᠠᠳ ᠲᠦᠰᠢᠮᠡᠳ ᠠᠯᠪᠠᠲᠤ ᠤᠯᠤᠰ ᠶᠡᠬᠡ ᠮᠢᠩᠭᠠᠨ ᠲᠣᠭ᠎ᠠ ᠮᠢᠩᠭᠠᠨ ᠬᠥᠮᠦᠨ ᠮᠣᠷᠢ ᠬᠠᠮᠲᠤ ᠬᠥᠳᠡᠯᠵᠦ ᠢᠵᠢᠯᠵᠢ ᠠᠢᠮᠠᠭ ᠤ᠋ᠨ ᠵᠦᠭ ᠵᠣᠷᠢᠪᠠ᠃ ᠨᠢᠭᠡᠨ ᠵᠠᠮ ᠤ᠋ᠨ ᠰᠦᠷ ᠭᠡᠷᠡᠯᠲᠡᠢ ᠪᠠ ᠦᠢᠮᠡᠭᠡᠨ ᠬᠥᠭᠵᠢᠮ ᠲᠡᠢ ᠶ᠋ᠢ ᠨᠢᠭᠡᠨ ᠦᠭᠡᠨ ᠳ᠋ᠦ᠍ᠷ ᠲᠣᠭᠠᠴᠢᠨ ᠪᠦᠷᠢᠳᠬᠡᠬᠦᠶᠡ ᠪᠡᠷᠬᠡ᠃
ᠡᠨᠡ ᠡᠲᠡᠭᠡᠳ ᠲᠣᠷ ᠢᠵᠢᠯᠵᠢ ᠠᠢᠮᠠᠭ ᠤ᠋ᠨ ᠯᠢᠶᠧ ᠰᠧ ᠣᠪᠣᠭᠲᠤ ᠨᠠᠷ ᠤ᠋ᠨ ᠲᠥᠷᠥᠯ ᠲᠥᠷᠥᠭᠰᠡᠨ ᠪᠠ ᠤᠷᠤᠭ ᠰᠠᠳᠤᠨ᠂ ᠤᠯᠤᠰ ᠠᠯᠪᠠᠲᠤ ᠬᠢᠭᠡᠳ ᠨᠡᠩᠳᠡ ᠰᠠᠨᠠᠲᠤ ᠶ᠋ᠢᠨ ᠨᠢᠭᠡᠨ ᠠᠢᠮᠠᠭ ᠠᠮᠢ ᠶ᠋ᠢ ᠠᠪᠤᠷᠠᠭᠰᠠᠨ ᠠᠴᠢ ᠳ᠋ᠤᠷ ᠬᠠᠷᠢᠭᠤᠯᠠᠬᠤᠢ ᠶ᠋ᠢᠨ ᠲᠤᠯᠠ ᠠᠢᠮᠠᠭ ᠤ᠋ᠨ ᠬᠣᠲᠠᠯᠠᠭᠠᠷ ᠪᠦᠭᠦᠳᠡᠭᠡᠷ ᠴᠤᠭᠯᠠᠵᠤ ᠬᠤᠷᠢᠮ ᠳ᠋ᠤᠷ ᠵᠢᠳᠬᠦᠯᠴᠡᠨ ᠴᠢᠷᠮᠠᠢᠵᠤ᠂ ᠪᠤᠰᠤ ᠪᠠᠭ᠎ᠠ ᠪᠠᠭ᠎ᠠ ᠠᠢᠮᠠᠭ ᠤ᠋ᠳ ᠤ᠋ᠨ ᠪᠠᠶᠠᠷ ᠲᠤᠷ ᠬᠤᠷᠠᠭᠰᠠᠨ ᠲᠠᠢ ᠮᠥᠨ ᠬᠡᠳᠦᠨ ᠠᠷᠪᠠᠨ ᠭᠠᠵᠠᠷ ᠤ᠋ᠨ ᠲᠠᠯ᠎ᠠ ᠳ᠋ᠤ᠌ ᠪᠠᠭᠤᠳᠠᠯ ᠪᠠᠭᠤᠷᠢ ᠳᠦᠭᠦᠷᠦᠭᠡᠳ ᠮᠥᠨ ᠮᠠᠰᠢ ᠰᠦᠷ ᠦᠵᠡᠮᠵᠢ ᠲᠡᠢ᠃ ᠵᠢᠴᠢ ᠬᠣᠯᠠ ᠣᠢᠷ᠎ᠠ ᠪᠠᠷ ᠪᠧᠲ᠋ᠡ᠋ ᠤᠯᠤᠰ ᠤ᠋ᠨ ᠠᠪᠠᠬᠠᠢ ᠶ᠋ᠢ ᠬᠦᠨᠳᠦ ᠵᠤᠵᠠᠭᠠᠨ ᠵᠠᠰᠠᠯᠭ᠎ᠠ᠂ ᠭᠡᠷ ᠬᠣᠷᠣᠭ᠎ᠠ᠂ ᠤᠯᠤᠰ ᠠᠯᠪᠠᠲᠤ ᠠᠳᠤᠭᠤ ᠮᠠᠯ᠂ ᠳᠠᠭᠠᠯᠲᠠ ᠢᠨᠵᠢ ᠲᠡᠢ ᠶ᠋ᠢ ᠦᠵᠡᠭᠡᠳ ᠱᠠᠭᠰᠢᠯᠴᠠᠨ ᠭᠠᠢᠬᠠᠯᠳᠤᠬᠤ ᠶ᠋ᠢ ᠮᠥᠨ ᠬᠡᠯᠡᠬᠦ ᠦᠭᠡᠢ᠃ ᠲᠡᠭᠦᠨᠴᠡ ᠢᠵᠢᠯᠵᠢ ᠠᠢᠮᠠᠭ ᠪᠧᠲ᠋ᠡ᠋ ᠤᠯᠤᠰ ᠤ᠋ᠨ ᠬᠦᠷᠭᠡᠵᠦ ᠢᠷᠡᠭᠰᠡᠨ ᠤᠷᠤᠭ ᠤ᠋ᠨ ᠲᠡᠳᠡᠨ ᠦ᠌ ᠬᠤᠷᠢᠮ ᠲᠣᠢ ᠠ᠋ᠴᠠ ᠢᠯᠡᠭᠦᠦ ᠭᠤᠷᠪᠠᠨ ᠬᠤᠪᠢ ᠨᠡᠮᠡᠨ ᠬᠦᠨᠳᠦᠯᠡᠵᠦ ᠥᠭᠭᠦᠭᠰᠡᠨ ᠢᠨᠤ ᠥᠯᠵᠡᠢ ᠲᠡᠢ᠂ ᠠᠪᠤᠭᠰᠠᠨ ᠠᠨᠤ ᠠᠴᠢ ᠲᠠᠢ ᠪᠣᠯᠵᠤ᠂ ᠭᠤᠷᠪᠠᠨ ᠡᠳᠦᠷ ᠦ᠋ᠨ ᠶᠡᠬᠡ ᠬᠤᠷᠢᠮ ᠲᠡᠭᠦᠰᠴᠦ ᠬᠣᠶᠠᠷ ᠤᠷᠤᠭ ᠤ᠋ᠨ ᠬᠥᠷ ᠨᠠᠢᠷ ᠰᠠᠢᠬᠠᠨ ᠢ᠋ ᠬᠡᠯᠡᠯᠴᠡᠬᠦ ᠡᠴᠡ ᠭᠠᠳᠠᠨ᠎ᠠ᠂ ᠲᠡᠳᠦᠢ ᠪᠧᠲ᠋ᠡ᠋ ᠤᠯᠤᠰ ᠤ᠋ᠨ ᠨᠣᠶᠠᠳ ᠲᠦᠰᠢᠮᠡᠳ ᠠᠪᠠᠬᠠᠢ ᠠ᠋ᠴᠠ ᠪᠠᠨ ᠠᠶᠠᠷᠯᠠᠨ ᠰᠠᠯᠵᠤ ᠤᠯᠤᠰ ᠲᠤᠷ ᠢ᠋ᠶ᠋ᠠᠨ ᠡᠭᠡᠵᠦ ᠢᠷᠡᠪᠡ᠃ ᠡᠨᠡ ᠶᠠᠭᠠᠷᠠᠯ ᠤ᠋ᠨ ᠬᠣᠭᠣᠷᠣᠨᠳᠣ ᠭᠡᠷᠡᠢ᠍ᠢᠳ ᠠᠢᠮᠠᠭ ᠤ᠋ᠨ ᠾᠧ ᠸᠠᠩ ᠤ᠋ᠨ ᠬᠥᠪᠡᠭᠦᠨ ᠰᠢᠨ᠎ᠡ ᠬᠦᠩ ᠢᠯᠠᠭᠤ᠂ ᠳᠡᠷᠭᠡᠳᠡ ᠪᠡᠨ ᠪᠠᠢᠬᠤ ᠵᠠᠮᠤᠬ᠎ᠠ ᠳ᠋ᠤᠷ ᠨᠢᠭᠡᠨ ᠰᠠᠯᠠᠭᠠᠨ ᠤ᠋ ᠬᠤᠯᠠᠭᠠᠢ ᠴᠡᠷᠢᠭ ᠥᠭᠴᠦ ᠡᠨᠡ ᠲᠠᠰᠢᠷᠠᠮ ᠳ᠋ᠤᠷ ᠴᠢᠯᠦᠭᠡᠳᠡᠨ ᠰᠥᠨᠢ ᠳᠦᠯᠢᠨ ᠳᠣᠪᠲᠣᠯᠤᠨ ᠢᠷᠡᠵᠦ᠂ ᠲᠠᠢᠽᠦ ᠶ᠋ᠢᠨ ᠳᠥᠭᠦᠯᠡ ᠮᠥᠷᠡᠨ ᠦ᠌ ᠡᠮᠦᠨ᠎ᠡ ᠪᠦᠬᠦᠢ ᠡᠪᠦᠯᠵᠢᠶᠡᠨ ᠦ᠌ ᠨᠤᠲᠤᠭ ᠲᠤᠷ ᠭᠠᠯ ᠲᠠᠯᠪᠢᠨ ᠤᠯᠤᠰ ᠠᠯᠪᠠᠲᠤ ᠶ᠋ᠢᠨ ᠡᠳ᠋ ᠮᠠᠯ ᠪᠦᠬᠦᠨ ᠢ᠋ ᠵᠦᠭᠡᠷ ᠥᠭᠭᠦᠭᠰᠡᠨ ᠮᠡᠲᠦ ᠴᠥᠮ ᠲᠠᠪᠴᠢᠯᠠᠨ ᠠᠪᠠᠴᠢᠭᠠᠳ ᠬᠠᠭᠤᠷᠮᠠᠭ ᠢ᠋ᠶ᠋ᠠᠷ ᠴᠠᠢᠯᠵᠢ ᠠᠢᠮᠠᠭ ᠲᠠᠪᠴᠢᠯᠠᠪᠠ ᠭᠡᠮᠡᠨ ᠠᠯᠳᠠᠷᠰᠢᠭᠤᠯᠤᠨ ᠬᠡᠯᠡᠭᠰᠡᠨ ᠳ᠋ᠦ᠍ᠷ ᠪᠦᠭᠦᠳᠡᠭᠡᠷ ᠡᠨᠡ ᠮᠡᠳᠡᠭᠡ ᠶ᠋ᠢ ᠰᠣᠨᠣᠰᠴᠤ ᠶᠠᠭᠠᠷᠠᠨ ᠲᠦᠷᠭᠡᠯᠡᠨ ᠳᠣᠪᠲᠣᠯᠤᠨ ᠢᠷᠡᠵᠦ ᠲᠠᠢᠽᠦ ᠳ᠋ᠦ᠍ᠷ ᠵᠣᠯᠭᠠᠨ ᠮᠥᠷᠭᠥᠵᠦ ᠪᠠᠷᠠᠭᠰᠠᠨ ᠬᠣᠢᠨ᠎ᠠ᠂ ᠡᠵᠡᠨ ᠦ᠌ ᠡᠪᠦᠯᠵᠢᠶᠡᠨ ᠦ᠌ ᠨᠤᠲᠤᠭ ᠲᠤᠷ ᠭᠠᠮᠰᠢᠭ᠋ ᠪᠣᠯᠤᠭᠰᠠᠨ᠎ᠠ ᠳᠠᠬᠢᠨ ᠮᠥᠷᠭᠥᠵᠦ ᠲᠣᠬᠣᠷᠤᠭᠤᠯᠬᠤᠢ ᠳ᠋ᠤᠷ ᠲᠠᠢᠽᠦ ᠰᠡᠭᠦᠷᠡᠰᠦᠨ ᠠᠯᠳᠠᠵᠤ ᠮᠦᠰᠢᠶᠡᠨ ᠥᠭᠦᠯᠡᠷᠦᠨ: 《 ᠢᠨᠢᠶᠡᠯᠲᠡᠢ ᠢᠨᠤ ᠾᠧ ᠸᠠᠩ ᠶᠠᠭᠠᠬᠢᠨ ᠬᠥᠮᠦᠨ ᠭᠡᠮᠡᠨ ᠶᠠᠪᠤᠬᠤ ᠠᠵᠢ ! ᠲᠥᠷᠥᠭᠰᠡᠨ ᠬᠥᠪᠡᠭᠦᠨ ᠢ᠋ᠶ᠋ᠡᠨ ᠴᠦ᠍ ᠵᠠᠬᠢᠷᠤᠨ ᠦᠯᠦ ᠴᠢᠳᠠᠵᠤ᠂ ᠮᠢᠨᠦ ᠲᠤᠰ ᠥᠰᠢᠶᠡᠲᠦ ᠵᠠᠮᠤᠬ᠎ᠠ ᠶ᠋ᠢ ᠳᠠᠷᠤᠨ ᠠᠬᠤᠭᠤᠯᠵᠤ ᠨᠢᠭᠤᠨ ᠲᠡᠵᠢᠭᠡᠬᠦ ᠪᠡᠷ ᠦᠯᠦ ᠪᠠᠷᠠᠨ ᠪᠠᠰᠠ ᠬᠤᠯᠠᠭᠠᠢ ᠴᠡᠷᠢᠭ ᠥᠭᠴᠦ ᠨᠠᠳᠠ ᠯᠤᠭ᠎ᠠ ᠬᠠᠯᠳᠠᠭᠤᠯᠬᠤ ᠠᠨᠤ ᠶᠠᠭᠤ ᠲᠠᠢ ᠥᠴᠦᠬᠡᠨ᠂ ᠶᠠᠭᠤ ᠲᠠᠢ ᠢᠴᠢᠩᠭᠦᠷᠡᠯᠲᠡᠢ ! ᠮᠢᠨᠦ ᠨᠢᠭᠡᠨ ᠨᠤᠲᠤᠭ ᠰᠢᠲᠠᠬᠤᠢ ᠳ᠋ᠤᠷ ᠶᠠᠭᠤᠨ ᠪᠣᠢ ? ᠮᠢᠨᠦ ᠤᠯᠤᠰ ᠠᠯᠪᠠᠲᠤ ᠳ᠋ᠤᠷ ᠭᠠᠰᠢᠭᠤᠨ ᠪᠣᠯᠤᠭᠰᠠᠨ ᠠᠨᠤ ᠶᠠᠭᠤ ᠲᠠᠢ ᠬᠥᠭᠡᠷᠦᠬᠦᠢ ! ᠵᠢᠨᠦᠩ ᠪᠡᠶ᠎ᠡ ᠪᠡᠷ ᠡᠴᠢᠵᠦ ᠭᠠᠮᠰᠢᠭ᠋ ᠲᠤᠷ ᠤᠴᠠᠷᠠᠭᠰᠠᠨ ᠤᠯᠤᠰ ᠠᠯᠪᠠᠲᠤ ᠶ᠋ᠢ ᠮᠢᠨᠦ ᠡᠷᠭᠢᠨ ᠦᠵᠡᠵᠦ ᠥᠯᠥᠰᠬᠦ ᠲᠠᠭᠠᠷᠠᠬᠤ ᠭᠠᠴᠢᠭ᠍ᠳᠠᠯ ᠵᠣᠪᠠᠯᠠᠩ ᠠ᠋ᠴᠠ ᠭᠠᠷᠭ᠎ᠠ᠂ ᠡᠨᠳᠡᠬᠢ ᠶᠡᠬᠡ ᠰᠠᠩ ᠢ᠋ ᠨᠡᠭᠡᠭᠡᠵᠦ ᠨᠡᠬᠡᠢ ᠤᠩᠭᠠᠰᠤ᠂ ᠪᠥᠰ ᠴᠠᠢ ᠶ᠋ᠢ ᠠᠪᠴᠤ ᠲᠡᠨᠳᠡᠬᠢ ᠣᠢᠷᠠᠯᠴᠠᠭ᠎ᠠ ᠠᠳᠤᠭᠤᠨ ᠠ᠋ᠴᠠ ᠮᠣᠷᠢ ᠦᠬᠡᠷ ᠬᠣᠨᠢ ᠰᠠᠯᠭᠠᠵᠤ ᠲᠡᠵᠢᠭᠡᠯᠭᠡ ᠪᠣᠯᠭᠠᠨ ᠲᠡᠩᠭᠦᠷᠡᠭᠦᠯ ! 》 ᠭᠡᠮᠡᠨ ᠶᠡᠬᠡ ᠲᠡᠮᠡᠭᠡᠨ ᠵᠢᠩ ᠢ᠋ᠶ᠋ᠡᠷ ᠵᠠᠭᠤᠨ ᠠᠴᠢᠶ᠎ᠠ ᠠᠴᠢᠭᠤᠯᠤᠨ ᠶᠠᠪᠤᠭᠤᠯᠤᠭᠠᠳ ᠳᠡᠭᠦᠦ ᠬᠠᠪᠤᠲᠤ ᠬᠠᠰᠠᠷ ᠤ᠋ᠨ ᠬᠠᠷᠢᠬᠤᠢ ᠳ᠋ᠤᠷ ᠲᠤᠰᠬᠠᠢᠯᠠᠨ ᠵᠠᠬᠢᠷᠤᠨ: 《ᠳᠡᠭᠦᠦ ᠴᠢᠨᠦ ᠨᠤᠲᠤᠭᠯᠠᠬᠤ ᠲᠡᠷᠡ ᠭᠠᠯᠠᠭᠤᠲᠤ ᠲᠠᠯ᠎ᠠ ᠨᠡᠷᠡᠲᠦ ᠭᠠᠵᠠᠷ ᠬᠡᠳᠦᠢ ᠰᠠᠢᠬᠠᠨ ᠪᠣᠯᠪᠠᠴᠤ ᠡᠭᠡᠨᠡᠭᠲᠡ ᠬᠡᠷᠡᠢᠳ ᠤᠯᠤᠰ ᠲᠤᠷ ᠣᠢᠷ᠎ᠠ᠃ ᠡᠷᠲᠡᠨ ᠦ᠌ ᠦᠭᠡᠨ ᠳ᠋ᠦ᠍ᠷ < ᠬᠣᠣᠷᠠᠲᠤ ᠮᠣᠭᠠᠢ ᠳ᠋ᠤᠷ ᠣᠢᠷ᠎ᠠ ᠰᠠᠭᠤᠪᠠᠰᠤ ᠬᠣᠷᠮᠣᠢ ᠬᠣᠰᠢ ᠪᠠᠨ ᠰᠡᠷᠡᠮᠵᠢᠯᠡᠨ᠂ ᠬᠣᠯᠴᠢᠷᠭᠠᠨ ᠮᠠᠭᠤ ᠳ᠋ᠤᠷ ᠣᠢᠷ᠎ᠠ ᠨᠤᠲᠤᠭᠯᠠᠪᠠᠰᠤ ᠬᠣᠷᠢᠶ᠎ᠠ ᠬᠦᠷᠢᠶ᠎ᠡ ᠪᠡᠨ ᠳᠡᠪᠰᠢᠭᠦᠯ > ᠬᠡᠮᠡᠳᠡᠭ ᠪᠢᠰᠢ ᠦᠦ ? ᠳᠡᠭᠦᠦ ᠴᠢ ᠡᠷᠲᠡ ᠣᠷᠣᠢ ᠢᠯᠠᠭᠤ ᠵᠤᠯᠪᠢᠨ᠂ ᠵᠠᠮᠤᠬ᠎ᠠ ᠬᠤᠢᠬᠤᠷ ᠤ᠋ᠨ ᠭᠡᠮ ᠬᠣᠣᠷ ᠢ᠋ ᠡᠳᠡᠯᠡᠮᠦᠢ᠂ ᠡᠷᠲᠡᠬᠡᠨ ᠨᠡᠭᠦᠨ ᠢᠷᠡᠭᠡᠳ ᠨᠢᠭᠡᠨ᠎ᠡ ᠬᠠᠮᠲᠤ ᠣᠢᠷᠠᠯᠴᠠᠭ᠎ᠠ ᠨᠤᠲᠤᠭᠯᠠᠪᠠᠰᠤ ᠳᠡᠭᠡᠷ᠎ᠡ ᠪᠣᠢ ᠢ᠋᠎ᠡ ! 》 ᠭᠡᠮᠡᠨ ᠵᠠᠬᠢᠭ᠍ᠰᠠᠨ ᠳ᠋ᠤᠷ ᠬᠠᠪᠤᠲᠤ ᠬᠠᠰᠠᠷ ᠬᠠᠷᠢᠭᠤ ᠮᠡᠳᠡᠭᠦᠯᠦᠷᠦᠨ: 《 ᠲᠡᠭᠷᠢ ᠲᠠᠴᠠ ᠵᠠᠶᠠᠭᠠᠲᠤ ᠮᠡᠨᠳᠦᠯᠡᠭᠰᠡᠨ ᠲᠡᠭᠦᠰ ᠪᠤᠶᠠᠨᠲᠤ ᠠᠬ᠎ᠠ ᠡᠵᠡᠨ ᠦ᠌ ᠰᠦᠷ ᠪᠠᠢᠲᠠᠯ᠎ᠠ ᠲᠡᠷᠡ ᠮᠠᠭᠤ ᠬᠡᠷᠡᠢᠳ ᠦ᠋ᠨ ᠢᠯᠠᠭᠤ ᠠ᠋ᠴᠠ ᠲᠡᠮᠲᠦᠷᠢᠯᠡᠨ ᠠᠶᠤᠵᠤ ᠨᠤᠲᠤᠭ ᠨᠡᠭᠦᠯᠭᠡᠬᠦ ᠶᠠᠭᠤᠨ? 》 ᠬᠡᠮᠡᠭᠡᠳ ᠡᠭᠡᠨᠡᠭᠲᠡ ᠨᠡᠭᠦᠵᠦ ᠡᠰᠡ ᠢᠷᠡᠯᠦᠭᠡ᠃ ᠡᠭᠦᠨ ᠦ᠌ ᠬᠠᠷᠢᠵᠤ ᠡᠴᠢᠬᠦ ᠪᠠ ᠮᠤᠬᠤᠯᠢ ᠶ᠋ᠢᠨ ᠣᠯᠠᠨ ᠢ᠋ ᠲᠡᠩᠬᠡᠷᠡᠭᠦᠯᠬᠦ ᠶ᠋ᠢ ᠲᠦᠷ ᠥᠭᠦᠯᠡᠬᠦ ᠦᠭᠡᠢ᠃
ᠥᠭᠦᠯᠡᠬᠦ ᠢᠨᠤ ᠬᠡᠷᠡᠢᠳ ᠠᠢᠮᠠᠭ ᠤ᠋ᠨ ᠢᠯᠠᠭᠤ ᠵᠠᠮᠤᠬ᠎ᠠ ᠶ᠋ᠢᠨ ᠦᠭᠡ ᠳ᠋ᠦ᠍ᠷ ᠣᠷᠣᠵᠤ᠂ ᠠᠯᠠᠭᠲᠠᠢ ᠠᠭᠤᠯᠠᠨ ᠤ᠋ ᠪᠠᠢᠯᠳᠤᠭᠠᠨ ᠳ᠋ᠤᠷ ᠨᠠᠢ᠍ᠮᠠᠨ ᠤᠯᠤᠰ ᠤ᠋ᠨ ᠣᠷᠬᠢᠭ᠍ᠰᠠᠨ ᠬᠦᠷᠢᠶ᠎ᠡ ᠶ᠋ᠢ ᠪᠦᠷᠢᠨ᠎ᠡ ᠬᠤᠯᠠᠭᠠᠢᠯᠠᠵᠤ ᠣᠯᠵᠠᠯᠠᠭᠠᠳ ᠴᠢᠳᠠᠯ ᠤᠬᠠᠭᠠᠨᠲᠤ ᠵᠠᠮᠤᠬ᠎ᠠ ᠶ᠋ᠢᠨ ᠮᠡᠷᠭᠡᠨ ᠠᠷᠭ᠎ᠠ ᠪᠠᠷ ᠶᠠᠪᠤᠭᠰᠠᠨ ᠢ᠋ᠶ᠋ᠠᠷ ᠴᠠᠭᠯᠠᠰᠢ ᠦᠭᠡᠢ ᠣᠯᠵᠠ ᠣᠯᠪᠠ ᠭᠡᠮᠡᠨ ᠶᠡᠬᠡᠳᠡ ᠠᠮᠲᠠᠰᠢᠵᠤ᠂ ᠡᠨᠡ ᠤᠳᠠᠭ᠎ᠠ ᠪᠠᠰᠠ ᠠᠯᠲᠠᠨ ᠤᠯᠤᠰ ᠠ᠋ᠴᠠ ᠪᠡᠯᠡᠭ ᠬᠦᠷᠭᠡᠵᠦ ᠢᠷᠡᠭᠰᠡᠨ ᠪᠠ ᠵᠦᠷᠴᠢᠳ ᠦ᠋ᠨ ᠵᠠᠩᠵᠤᠨ ᠬᠠᠨ ᠢ᠋ ᠪᠠᠷᠢᠵᠤ ᠭᠤᠷᠪᠠᠨ ᠠᠢᠮᠠᠭ ᠢ᠋ ᠳᠠᠭᠠᠭᠤᠯᠤᠭᠰᠠᠨ ᠢ᠋ ᠰᠣᠨᠣᠰᠴᠤ ᠮᠠᠰᠢᠳᠠ ᠠᠲᠠᠭᠠᠷᠬᠠᠨ ᠠᠭᠤᠷᠯᠠᠵᠤ᠂ ᠵᠠᠮᠤᠬ᠎ᠠ ᠯᠤᠭ᠎ᠠ ᠵᠥᠪᠯᠡᠵᠦ ᠡᠴᠢᠭᠡ ᠡᠴᠡ ᠪᠡᠨ ᠳᠠᠯᠳᠠᠭᠤᠷ ᠵᠠᠮᠤᠬ᠎ᠠ ᠳ᠋ᠤᠷ ᠨᠢᠭᠡᠨ ᠰᠠᠯᠠᠭᠠᠨ ᠤ᠋ ᠴᠡᠷᠢᠭ ᠥᠭᠴᠦ ᠲᠡᠭᠦᠨ ᠦ᠌ ᠪᠤᠲᠠᠷᠠᠵᠤ ᠰᠠᠷᠨᠢᠭ᠍ᠰᠠᠨ ᠬᠡᠳᠦᠨ ᠠᠢᠮᠠᠭ ᠤ᠋ᠳ ᠢ᠋ ᠬᠤᠷᠢᠶᠠᠯᠭᠠᠷᠠ ᠭᠠᠷᠭᠠᠵᠤ᠂ ᠵᠠᠮᠤᠬ᠎ᠠ ᠬᠡᠳᠦᠨ ᠡᠳᠦᠷ ᠲᠣᠭᠣᠷᠢᠵᠤ ᠲᠠᠪᠤ ᠵᠢᠷᠭᠤᠭᠠᠨ ᠵᠠᠭᠤᠨ ᠪᠤᠲᠠᠷᠠᠭᠰᠠᠨ ᠠᠢᠮᠠᠭ ᠤ᠋ᠳ ᠢ᠋ ᠬᠣᠷᠢᠶᠠᠨ ᠠᠪᠴᠢᠷᠠᠵᠤ᠂ ᠪᠠᠰᠠ ᠢᠯᠠᠭᠤ ᠶ᠋ᠢᠨ ᠪᠧᠲ᠋ᠡ᠋ ᠤᠯᠤᠰ ᠲᠤᠷ ᠠᠲᠠᠭᠠᠷᠬᠠᠨ ᠠᠭᠤᠷᠯᠠᠬᠤ ᠶ᠋ᠢ ᠳᠠᠭᠠᠭᠤᠯᠤᠨ ᠪᠤᠰᠤ ᠠᠢᠮᠠᠭ ᠤ᠋ᠨ ᠨᠡᠷ᠎ᠡ ᠶ᠋ᠢ ᠵᠢᠭᠠᠵᠤ ᠲᠡᠭᠦᠨ ᠦ᠌ ᠡᠪᠦᠯᠵᠢᠶᠡᠨ ᠤ ᠨᠤᠲᠤᠭ ᠢ᠋ ᠣᠯᠵᠠᠯᠠᠬᠤ ᠠᠷᠭ᠎ᠠ ᠶ᠋ᠢ ᠡᠷᠭᠦᠵᠦ᠂ ᠢᠯᠠᠭᠤ ᠶᠡᠬᠡᠯ᠎ᠡ ᠪᠠᠶᠠᠷᠯᠠᠨ ᠳᠠᠷᠤᠢ ᠲᠡᠭᠦᠨ ᠳ᠋ᠦ᠍ᠷ ᠰᠡᠮᠡᠬᠡᠷ ᠴᠡᠷᠢᠭ ᠬᠠᠪᠰᠤᠷᠤᠨ ᠥᠭᠴᠦ ᠢᠯᠡᠬᠡᠨ᠂ ᠡᠳᠦᠷ ᠪᠠᠭᠤᠳᠠᠯᠯᠠᠨ ᠰᠥᠨᠢ ᠶᠠᠪᠤᠵᠤ ᠪᠧᠲ᠋ᠡ᠋ ᠤᠯᠤᠰ ᠤ᠋ᠨ ᠡᠪᠦᠯᠵᠢᠶᠡᠨ ᠦ᠌ ᠨᠤᠲᠤᠭ ᠤ᠋ᠨ ᠡᠳ᠋ ᠮᠠᠯ ᠢ᠋ ᠣᠯᠵᠠᠯᠠᠭᠤᠯᠤᠨ ᠬᠤᠪᠢᠶᠠᠨ ᠠᠪᠤᠯᠴᠠᠭᠰᠠᠨᠠ᠂ ᠰᠢᠨ᠎ᠡ ᠬᠦᠩ ᠢᠯᠠᠭᠤ ᠶ᠋ᠢᠨ ᠥᠬᠢᠨ ᠳᠡᠭᠦᠦ ᠰᠣᠯᠤᠩᠭᠤᠸ᠎ᠠ ᠰᠣᠨᠣᠰᠴᠤ ᠠᠬ᠎ᠠ ᠶᠠᠭᠤᠨ ᠳ᠋ᠤᠷ ᠡᠨᠡ ᠮᠡᠲᠦ ᠠᠴᠢ ᠵᠢᠷᠤᠮ ᠦᠭᠡᠢ ᠬᠤᠯᠠᠭᠤᠨ ᠶᠠᠪᠤᠬᠤᠢ ᠳ᠋ᠤᠷ ᠬᠦᠷᠪᠡ ᠭᠡᠮᠡᠨ ᠵᠤᠯᠵᠠᠭ᠎ᠠ ᠭᠠᠯᠠᠭᠤ ᠡᠮᠦᠨ᠎ᠡ ᠵᠦᠭ ᠡᠴᠢᠬᠦ ᠴᠠᠭ ᠲᠤᠯᠠ ᠭᠠᠯᠠᠭᠤ ᠨᠤᠭᠤᠰᠤ ᠳ᠋ᠤᠷ ᠭᠥᠷᠥᠭᠡᠯᠡᠨ ᠠᠪᠠᠯᠠᠬᠤᠢ ᠳ᠋ᠤᠷ ᠰᠢᠯᠲᠠᠵᠤ ᠠᠬ᠎ᠠ ᠶᠤᠭᠠᠨ ᠪᠠᠭᠤᠳᠠᠯ ᠳ᠋ᠤᠷ ᠬᠦᠷᠴᠦ ᠦᠨᠡᠨ ᠬᠤᠳᠠᠯ ᠢ᠋ ᠦᠵᠡᠰᠦᠭᠡᠢ ᠭᠡᠮᠡᠨ ᠨᠢᠭᠡᠨ ᠰᠦᠷᠦᠭ ᠡᠬᠡᠨᠡᠷ ᠥᠬᠢᠳ ᠢ᠋ ᠰᠠᠢᠬᠠᠨ ᠡᠮᠦᠰᠬᠡᠨ ᠳᠠᠭᠠᠭᠤᠯᠵᠤ᠂ ᠥᠪᠡᠷ ᠢ᠋ᠶ᠋ᠡᠨ ᠬᠠᠰ ᠴᠠᠭᠠᠨ ᠰᠠᠢᠬᠠᠨ ᠳᠡᠯ ᠰᠡᠭᠦᠯᠲᠦ ᠥᠨᠳᠥᠷ ᠲᠣᠯᠣᠭᠠᠢᠲᠤ ᠤᠷᠤᠰᠤᠮ᠎ᠠ ᠵᠢᠷᠣᠭ᠎ᠠ ᠰᠠᠷᠠᠯ ᠮᠣᠷᠢ ᠤᠨᠤᠵᠤ ᠭᠦᠨ ᠨᠠᠮᠤᠷ ᠤ᠋ᠨ ᠬᠣᠩᠭᠣᠷ ᠰᠠᠯᠬᠢᠨ ᠤ᠋ ᠡᠰᠡᠷᠭᠦ ᠵᠢᠷᠣᠭᠠᠯᠠᠭᠤᠯᠤᠨ ᠶᠠᠪᠤᠭᠤᠯᠠᠬᠤᠶᠠ᠂ ᠬᠣᠴᠣᠷᠤᠭᠰᠠᠨ ᠭᠠᠯᠠᠭᠤ ᠰᠦᠷᠦᠭ ᠰᠦᠷᠦᠭ ᠢ᠋ᠶ᠋ᠡᠷ ᠤᠶᠠᠷᠠᠯᠲᠠᠶᠠ ᠭᠠᠩᠭᠠᠨᠠᠯᠳᠤᠵᠤ ᠡᠮᠦᠨ᠎ᠡ ᠵᠦᠭ ᠨᠢᠰᠬᠦᠶᠡ᠂ ᠬᠤᠪᠠᠬᠠᠢᠷᠠᠭᠰᠠᠨ ᠡᠪᠡᠰᠦᠨ᠎ᠡ ᠵᠡᠭᠡᠷ᠎ᠡ ᠵᠦᠷ ᠬᠣᠣᠰ ᠬᠣᠣᠰ ᠢ᠋ᠶ᠋ᠠᠷ ᠲᠣᠭᠯᠠᠯᠴᠠᠨ ᠭᠦᠶᠦᠯᠳᠦᠬᠦᠢ ᠳ᠋ᠦ᠍ᠷ ᠭᠡᠨᠡᠳᠲᠡ ᠠᠷᠢᠶᠠᠲᠠᠨ ᠵᠢᠭᠦᠷᠲᠡᠨ ᠳ᠋ᠦ᠍ᠷ ᠪᠣᠯᠪᠠᠴᠤ ᠡᠷ᠎ᠡ ᠡᠮ᠎ᠡ ᠶ᠋ᠢᠨ ᠠᠮᠠᠷᠠᠭ ᠬᠠᠯᠠᠭᠤᠨ ᠪᠣᠢ ᠬᠡᠮᠡᠵᠦ ᠳᠠᠷᠤᠢ ᠨᠠᠢ᠍ᠮᠠᠨ ᠤᠯᠤᠰ ᠤ᠋ᠨ ᠰᠠᠢᠬᠠᠨ ᠲᠥᠷᠥᠭᠰᠡᠨ ᠠᠯᠲᠠᠨᠱᠠᠭ᠎ᠠ ᠶ᠋ᠢ ᠮᠥᠷᠥᠭᠡᠳᠦᠨ᠂ ᠲᠡᠭᠦᠨ ᠦ᠌ ᠢᠯᠡᠭᠡᠭᠰᠡᠨ ᠠᠯᠲᠠᠨ ᠡᠷᠡᠬᠡᠢᠪᠴᠢ ᠶ᠋ᠢ ᠦᠵᠡᠭᠡᠳ ᠤᠷᠲᠤᠳᠠ ᠰᠡᠭᠦᠷᠡᠰᠦᠨ ᠠᠯᠳᠠᠭᠰᠠᠨ ᠳ᠋ᠤᠷ ᠵᠥᠭᠡᠯᠡᠨ ᠥᠬᠢᠨ ᠦ᠌ ᠨᠡᠮᠡᠭᠦᠨ ᠭᠡᠳᠡᠰᠦ ᠮᠤᠰᠬᠢᠷᠠᠵᠤ᠂ ᠰᠠᠢᠬᠠᠨ ᠥᠬᠢᠨ ᠦ᠌ ᠰᠠᠮᠰᠠ ᠶ᠋ᠢᠨ ᠳᠣᠲᠣᠷ᠎ᠠ ᠪᠤᠷᠬᠢᠷᠠᠨ ᠰᠠᠨᠠᠭᠠᠨ ᠳ᠋ᠤ᠌ ᠦᠭᠡᠢ ᠨᠢᠭᠡᠨ ᠵᠤᠷᠪᠤᠰ ᠨᠠᠷᠢᠨ ᠨᠢᠯᠪᠤᠰᠤᠨ ᠰᠠᠯᠬᠢᠨ ᠢ᠋ ᠳᠠᠭᠠᠨ ᠬᠡᠢᠰᠴᠦ ᠰᠠᠢᠬᠠᠨ ᠥᠩᠭᠡᠲᠦ ᠪᠤᠯᠪᠠᠷᠠᠢ ᠬᠠᠴᠠᠷ ᠲᠤᠷ ᠵᠥᠷᠢᠭᠦᠦ ᠪᠡᠷ ᠲᠡᠰᠢᠨ ᠲᠣᠰᠪᠠᠢ᠃ ᠲᠡᠢᠨ ᠬᠦ᠌ ᠬᠠᠰ ᠤ᠋ᠨ ᠬᠢᠮᠤᠰᠤᠨ ᠢ᠋ᠶ᠋ᠠᠷ ᠲᠤᠩᠭᠠᠯᠠᠭ ᠨᠢᠯᠪᠤᠰᠤᠨ ᠢ᠋ᠶ᠋ᠠᠨ ᠠᠪᠴᠤ ᠰᠠᠯᠬᠢᠨ ᠡᠰᠡᠷᠭᠦ ᠨᠢᠰᠤᠯᠤᠭᠠᠳ ᠳᠣᠲᠣᠷ᠎ᠠ ᠪᠠᠨ ᠠᠯᠲᠠᠨᠱᠠᠭ᠎ᠠ ᠶ᠋ᠢᠨ ᠲᠡᠷᠡ ᠨᠢᠭᠡᠨ ᠵᠦᠢᠯ ᠦ᠋ᠨ ᠠᠮᠠᠷᠠᠭ ᠬᠠᠯᠠᠭᠤᠨ᠂ ᠨᠠᠢᠷᠠᠮᠳᠠᠭᠤ ᠡᠶᠡᠯᠰᠡᠭ ᠪᠠ ᠬᠡᠭᠡᠨᠴᠢᠷ ᠪᠤᠯᠪᠠᠷᠠᠢ ᠦᠵᠡᠰᠬᠦᠯᠡᠩ ᠰᠠᠢᠬᠠᠨ ᠢ᠋ ᠨᠡᠬᠡᠮᠵᠢᠯᠡᠨ ᠰᠡᠳᠬᠢᠵᠦ ᠵᠡᠭᠦᠨ ᠭᠠᠷ ᠢ᠋ᠶ᠋ᠠᠷ ᠵᠢᠯᠣᠭᠣ ᠪᠠᠨ ᠳᠠᠷᠤᠭᠠᠳ ᠪᠠᠷᠠᠭᠤᠨ ᠭᠠᠷ ᠢ᠋ᠶ᠋ᠠᠷ ᠲᠠᠰᠢᠭᠤᠷ ᠢ᠋ᠶ᠋ᠡᠨ ᠰᠡᠭᠡᠯᠳᠦᠷᠭᠡᠯᠡᠨ ᠬᠠᠳᠬᠤᠮᠠᠯ ᠴᠡᠴᠡᠭᠲᠦ ᠪᠦᠰᠡ ᠪᠡᠨ ᠰᠠᠯᠬᠢᠨ ᠤᠷᠤᠭᠤ ᠰᠢᠪᠳᠤᠷᠤᠨ᠂ ᠬᠠᠰ ᠤ᠋ᠨ ᠳᠠᠷᠤᠭᠤᠯᠲᠤ ᠴᠢᠮᠡᠭ ᠢ᠋ᠶ᠋ᠡᠨ ᠰᠠᠭᠠᠳᠠᠭ ᠤ᠋ᠨ ᠳᠡᠭᠡᠷ᠎ᠡ ᠳᠣᠷᠭᠤᠮᠰᠤᠭᠯᠠᠭᠠᠳ ᠬᠠᠩᠭᠢᠨᠠᠮ᠎ᠠ ᠲᠤᠩᠭᠠᠯᠠᠭ ᠢᠷᠠᠭᠤ ᠵᠥᠭᠡᠯᠡᠨ ᠡᠭᠡᠰᠢᠭ ᠢ᠋ᠶ᠋ᠡᠷ ᠬᠠᠢᠯᠠᠨ ᠤᠬᠢᠯᠠᠵᠤ ᠡᠢᠨ ᠳᠠᠭᠤᠯᠠᠷᠤᠨ:
ᠬᠣᠢᠨ᠎ᠠ ᠠ᠋ᠴᠠ ᠬᠣᠩᠭᠣᠷ ᠰᠠᠯᠬᠢᠨ ᠰᠠᠯᠬᠢᠯᠠᠷᠤᠨ ᠰᠧ
ᠬᠣᠣᠰᠯᠠᠯ ᠦᠭᠡᠢ ᠥᠬᠢᠨ ᠪᠡᠶ᠎ᠡ ᠤᠢᠳᠬᠠᠷᠯᠠᠮᠤᠢ ᠢ᠋᠎ᠡ᠃
ᠬᠤᠪᠢ ᠢᠷᠦᠭᠡᠯ ᠠᠯᠢ ᠭᠠᠵᠠᠷ ᠬᠣᠣᠰᠯᠠᠨᠠᠮ ᠰᠧ
ᠬᠤᠭᠤᠷ ᠶᠠᠲᠤᠭ᠎ᠠ ᠶ᠋ᠢ ᠲᠡᠭᠷᠢ ᠦᠯᠦ ᠨᠡᠢᠯᠡᠭᠦᠯᠦᠨᠡᠮ ᠢ᠋᠎ᠡ᠃
ᠬᠤᠨ ᠭᠠᠯᠠᠭᠤ ᠬᠣᠣᠰᠯᠠᠨ ᠨᠢᠰᠴᠦ ᠡᠭᠡᠬᠦᠶ᠎ᠡ ᠰᠧ
ᠬᠤᠪᠠᠬᠠᠢ ᠪᠡᠶ᠎ᠡ ᠭᠠᠭᠴᠠᠭᠠᠷ ᠮᠣᠷᠢᠯᠠᠵᠤ ᠨᠠᠭᠠᠳᠤᠨᠠᠮ ᠢ᠋᠎ᠡ᠃
ᠬᠣᠯᠠ ᠣᠢᠷ᠎ᠠ ᠬᠥᠮᠦᠨ ᠪᠦᠬᠦᠨ ᠢ᠋ ᠦᠵᠡᠯᠦᠭᠡ ᠰᠧ
ᠬᠤᠭᠤᠷᠠᠭᠰᠠᠨ ᠰᠤᠮᠤᠨ ᠤ᠋ ᠡᠵᠡᠨ ᠳ᠋ᠦ᠍ᠷ ᠦᠯᠦ ᠭᠦᠷᠦᠨᠡᠮ ᠢ᠋᠎ᠡ ᠃
ᠭᠡᠮᠡᠨ ᠠᠯᠭᠤᠷ ᠭᠢᠩᠰᠢᠨ ᠳᠠᠭᠤᠯᠠᠵᠤ ᠡᠪᠡᠰᠦᠨ ᠨᠠᠢᠭᠤᠬᠤ ᠵᠦᠯᠭᠡ ᠳ᠋ᠦ᠍ᠷ ᠰᠡᠯᠭᠦᠨ ᠶᠠᠪᠤᠬᠤᠶ᠎ᠠ᠂ ᠭᠡᠨᠡᠳᠲᠡ ᠵᠡᠭᠦᠨ ᠡᠲᠡᠭᠡᠳ ᠡᠴᠡ ᠲᠣᠭᠣᠰᠣ ᠲᠣᠷᠣᠮ ᠳᠡᠭᠳᠡᠭᠦᠯᠵᠦ ᠬᠣᠰᠢᠭᠤᠴᠢ ᠫᠤᠯᠭᠤᠳᠠᠢ ᠢᠷᠡᠪᠡ᠃ ᠰᠢᠨ᠎ᠡ ᠬᠦᠩ ᠢᠯᠠᠭᠤ ᠶ᠋ᠢᠨ ᠪᠠᠭᠤᠳᠠᠯ ᠤ᠋ᠨ ᠵᠦᠭ ᠬᠣᠷᠢᠨ ᠴᠡᠷᠢᠭ ᠢ᠋ ᠳᠠᠭᠠᠭᠤᠯᠤᠨ ᠨᠢᠰᠬᠦ ᠮᠡᠲᠦ ᠬᠠᠲᠠᠷᠢᠭᠤᠯᠤᠨ ᠢᠷᠡᠭᠡᠳ ᠰᠣᠯᠤᠩᠭᠤᠸ᠎ᠠ ᠶ᠋ᠢ ᠦᠵᠡᠭᠡᠳ ᠶᠠᠭᠠᠷᠠᠨ ᠮᠣᠷᠢᠨ ᠠ᠋ᠴᠠ ᠬᠠᠷᠠᠢᠨ ᠪᠠᠭᠤᠵᠤ ᠠᠮᠤᠷ ᠡᠷᠢᠨ ᠰᠥᠭᠥᠳᠪᠡ᠃ ᠰᠣᠯᠣᠩᠭᠤᠸ᠎ᠠ ᠶᠠᠭᠠᠷᠠᠨ ᠬᠣᠰᠢᠭᠤᠴᠢ ᠡᠨᠳᠡ ᠪᠢᠲᠡᠭᠡᠢ ᠰᠥᠭᠥᠳ ᠭᠡᠮᠡᠨ ᠬᠡᠯᠡᠬᠦ ᠪᠥᠭᠡᠳ ᠨᠢᠭᠡᠨᠲᠡᠭᠡᠭᠦᠷ ᠲᠡᠭᠦᠨ ᠢ᠋ ᠪᠠᠰᠠ ᠬᠠᠮᠢᠭᠠᠰᠢ ᠡᠴᠢᠮᠦᠢ ᠭᠡᠮᠡᠨ ᠠᠰᠠᠭᠤᠬᠤᠢ ᠳ᠋ᠤᠷ ᠫᠤᠯᠭᠤᠳᠠᠢ ᠡᠨᠡ ᠡᠳᠦᠷ ᠨᠠᠢ᠍ᠮᠠᠨ ᠤᠯᠤᠰ ᠤ᠋ᠨ ᠣᠷᠬᠢᠭ᠍ᠰᠠᠨ ᠬᠦᠷᠢᠶ᠎ᠡ ᠡᠴᠡ ᠣᠯᠵᠤ ᠢᠷᠡᠭᠰᠡᠨ ᠬᠣᠷᠢᠭᠤᠯ ᠲᠡᠷᠭᠡᠲᠦ ᠢᠳᠡᠷ ᠳᠣᠪᠣ ᠶ᠋ᠢ ᠭᠠᠷᠭᠠᠵᠤ ᠠᠯᠠᠬᠤ ᠤᠴᠢᠷ ᠢ᠋ ᠬᠡᠯᠡᠭᠰᠡᠨ ᠳ᠋ᠦ᠍ᠷ ᠰᠣᠯᠤᠩᠭᠤᠸ᠎ᠠ ᠭᠢᠷᠳ᠋ᠭᠢᠰᠬᠦ ᠪᠥᠭᠡᠳ ᠠᠯᠠᠰᠬᠢᠨ ᠨᠢᠭᠡᠨ ᠰᠠᠨᠠᠭᠠᠨ ᠣᠷᠣᠭᠠᠳ ᠫᠤᠯᠭᠤᠳᠠᠢ ᠠ᠋ᠴᠠ ᠠᠰᠠᠭᠤᠷᠤᠨ: 《 ᠠᠶ᠎ᠠ ᠪᠢ ᠬᠡᠳᠦᠢᠨᠡᠢ ᠰᠣᠨᠣᠰᠤᠭᠰᠠᠨ ᠠᠨᠤ᠂ ᠬᠣᠰᠢᠭᠤᠴᠢ ᠠᠨᠳᠠ ᠴᠢᠮᠠᠶ᠋ᠢ ᠨᠠᠢ᠍ᠮᠠᠨ ᠤᠯᠤᠰ ᠪᠠᠷᠢᠵᠤ ᠠᠪᠠᠴᠢᠭᠠᠳ ᠲᠤᠰ ᠥᠰᠢᠶᠡᠲᠦ ᠡᠰᠡᠷᠭᠦᠴᠡᠯ ᠪᠥᠭᠡᠳ ᠶᠠᠭᠤ ᠲᠠᠢ ᠰᠣᠨᠢᠨ ᠢ᠋ᠶ᠋ᠠᠷ ᠠᠯᠠᠭᠰᠠᠨ ᠦᠭᠡᠢ ᠬᠠᠷᠢᠭᠤᠯᠵᠤ ᠢᠯᠡᠭᠡᠭᠰᠡᠨ ᠪᠣᠢ ? 》 ᠬᠡᠮᠡᠬᠦᠢ ᠳ᠋ᠦ᠍ᠷ ᠫᠣᠯᠭᠤᠲᠠᠢ ᠥᠴᠢᠷᠦᠨ: 《ᠨᠢᠭᠡᠨᠲᠡ ᠠᠯᠠᠮᠤᠢ ᠭᠡᠮᠡᠨ ᠲᠦᠯᠬᠢᠨ ᠭᠠᠷᠭᠠᠭᠰᠠᠨ ᠪᠥᠯᠥᠭᠡ᠂ ᠬᠣᠢᠨ᠎ᠠ ᠬᠠᠷᠢᠨ ᠲᠠᠢᠶᠠᠩ ᠬᠠᠭᠠᠨ ᠤ᠋ ᠲᠡᠷᠡ ᠰᠠᠢᠬᠠᠨ ᠲᠥᠷᠥᠭᠰᠡᠨ ᠬᠥᠪᠡᠭᠦᠨ ᠠᠯᠲᠠᠨᠱᠠᠭ᠎ᠠ ᠠᠪᠤᠷᠠᠨ ᠭᠠᠷᠭᠠᠵᠤ ᠬᠦᠨᠡᠰᠦ ᠥᠭᠴᠦ ᠬᠠᠷᠢᠭᠤᠯᠤᠨ ᠢᠯᠡᠭᠡᠪᠡ ᠪᠤᠰᠤ ᠪᠣᠯᠪᠠᠰᠤ ᠬᠡᠳᠦᠢᠨᠡᠢ ᠠᠯᠠᠭᠰᠠᠨ ᠪᠣᠯᠠᠢ᠃ ᠰᠤᠯᠤᠩᠭᠤᠸ᠎ᠠ ᠢᠨᠢᠶᠡᠳᠦ ᠠᠯᠳᠠᠵᠤ ᠠᠰᠠᠭᠤᠷᠤᠨ : 《 ᠲᠡᠢᠨ ᠪᠣᠯᠪᠠᠰᠤ ᠡᠨᠡ ᠡᠳᠦᠷ ᠨᠠᠢ᠍ᠮᠠᠨ ᠤ᠋ ᠬᠣᠰᠢᠭᠤᠴᠢ ᠢᠳᠡᠷ ᠳᠣᠪᠣ ᠶ᠋ᠢ ᠠᠯᠠᠬᠤᠢ ᠳ᠋ᠤᠷ ᠬᠣᠰᠢᠭᠤᠴᠢ ᠠᠨᠳᠠ ᠴᠢ ᠬᠠᠵᠠᠭᠤ ᠠ᠋ᠴᠠ ᠬᠠᠷᠠᠵᠤ ᠵᠣᠭᠰᠣᠨ ᠨᠢᠭᠡᠨ ᠰᠠᠢᠨ ᠦᠭᠡ ᠴᠦ᠍ ᠡᠰᠡ ᠬᠡᠯᠡᠬᠦ ᠢᠨᠦ ᠴᠢᠨᠦ ᠳᠣᠲᠣᠷ᠎ᠠ ᠲᠦᠪᠳᠡᠯᠲᠡᠢ ᠦᠦ ᠦᠭᠡᠢ ᠦᠦ ? 》 ᠫᠣᠯᠭᠣᠲᠠᠢ ᠥᠴᠢᠷᠦᠨ : 《 ᠬᠡᠳᠦᠢᠨᠡᠢ ᠠᠯᠠᠮᠤᠢ ᠬᠡᠮᠡᠭᠰᠡᠨ ᠢ᠋ ᠪᠢ ᠭᠤᠶᠤᠭᠰᠠᠭᠠᠷ ᠡᠳᠦᠢ ᠪᠣᠯᠪᠠ᠂ ᠭᠠᠭᠴᠠ ᠲᠡᠷᠡ ᠢᠳᠡᠷ ᠳᠣᠪᠣ ᠮᠢᠨᠦ ᠦᠭᠡ ᠳ᠋ᠦ᠍ᠷ ᠬᠡᠷᠬᠢᠪᠡᠴᠦ ᠣᠷᠣᠬᠤ ᠦᠭᠡᠢ᠂ ᠡᠳᠦᠭᠡ ᠲᠠᠯᠪᠢᠪᠠᠰᠤ᠂ ᠡᠳᠦᠭᠡ ᠳᠠᠷᠤᠢ ᠴᠡᠷᠢᠭ ᠪᠠᠢᠭᠤᠯᠵᠤ ᠢᠷᠡᠮᠦᠢ ᠭᠡᠮᠡᠨ ᠪᠠᠬᠠᠨ ᠴᠤ᠌ ᠵᠥᠭᠡᠯᠡᠨ ᠦᠭᠡ ᠥᠭᠦᠯᠡᠬᠦ ᠦᠭᠡᠢ ᠳ᠋ᠦ᠍ᠷ ᠰᠠᠶᠢ ᠡᠨᠡ ᠬᠢᠷᠢ ᠳ᠋ᠦ᠍ᠷ ᠬᠦᠷᠴᠦᠬᠦᠢ᠃ ᠲᠡᠢᠨ ᠬᠦ᠌ ᠨᠠᠳᠠ ᠳ᠋ᠤᠷ ᠠᠪᠤᠷᠠᠬᠤ ᠠᠷᠭ᠎ᠠ ᠲᠤᠩ ᠦᠭᠡᠢ ᠪᠣᠯᠵᠤᠬᠤᠢ》 ᠂ ᠰᠣᠯᠤᠩᠭᠤᠸ᠎ᠠ ᠠᠰᠠᠭᠤᠷᠤᠨ: 《 ᠠᠨᠳᠠ ᠴᠢᠮᠠᠶ᠋ᠢ ᠨᠠᠢ᠍ᠮᠠᠨ ᠤᠯᠤᠰ ᠪᠠᠷᠢᠵᠤ ᠠᠪᠠᠴᠢᠭᠠᠳ ᠣᠭᠲᠣ ᠳᠠᠭᠠᠭᠤᠯᠤᠮᠢ ᠭᠡᠮᠡᠨ ᠣᠷᠣᠯᠳᠣᠭᠰᠠᠨ ᠦᠭᠡᠢ ᠦᠦ ? 》 ᠫᠣᠯᠭᠣᠲᠠᠢ ᠥᠴᠢᠷᠦᠨ : 《 ᠬᠡᠳᠦᠢᠴᠢᠨᠡᠭᠡᠨ ᠣᠷᠣᠯᠳᠣᠭᠰᠠᠨ ᠪᠥᠯᠥᠭᠡ᠂ ᠪᠢ ᠳᠠᠭᠠᠬᠤ ᠦᠭᠡᠢ ᠳ᠋ᠦ᠍ᠷ ᠰᠠᠶᠢ ᠠᠯᠠᠮᠤᠢ ᠬᠡᠮᠡᠭᠰᠡᠨ ᠪᠥᠯᠥᠭᠡ᠃ 》 ᠰᠣᠯᠤᠩᠭᠤᠸ᠎ᠠ ᠵᠢᠮᠢᠰᠬᠢᠲᠡᠯᠡ ᠢᠨᠢᠶᠡᠵᠦ ᠥᠭᠦᠯᠡᠷᠦᠨ:《 ᠪᠦᠳᠦᠭᠦᠨ ᠦᠭᠡᠨ ᠳ᠋ᠦ᠍ᠷ ᠪᠤᠭᠤ ᠶ᠋ᠢ ᠪᠡᠯᠴᠢᠭᠡᠷ ᠲᠣᠷ ᠨᠠᠮᠨᠠᠭᠳᠠᠬᠤᠢ᠂ ᠪᠤᠰᠤᠳ ᠢ᠋ ᠪᠡᠶ᠎ᠡ ᠳ᠋ᠦ᠍ᠷ ᠦᠯᠢᠳᠬᠡᠭᠳᠡᠬᠦᠢ ᠬᠡᠮᠡᠭᠰᠡᠨ ᠠᠲᠠᠯ᠎ᠠ ᠬᠣᠰᠢᠭᠤᠴᠢ ᠠᠨᠳᠠ ᠴᠢ ᠲᠡᠭᠦᠨ ᠢ᠋ ᠶᠠᠭᠤᠨ ᠳ᠋ᠤᠷ ᠪᠡᠶ᠎ᠡ ᠳ᠋ᠦ᠍ᠷ ᠢ᠋ᠶ᠋ᠡᠨ ᠦᠯᠢᠳᠬᠡᠨ ᠦᠯᠦ ᠦᠵᠡᠮᠦᠢ ? ᠴᠥᠮ ᠥᠪᠡᠷ ᠥᠪᠡᠷ ᠦ᠋ᠨ ᠡᠵᠡᠨ ᠦ᠌ ᠲᠥᠯᠥᠭᠡ ᠪᠤᠰᠤ ᠤᠤ ? ᠵᠢᠴᠢ ᠳ᠋ᠦ᠍ᠷ ᠲᠡᠷᠡ ᠤᠳᠠᠭ᠎ᠠ ᠠᠯᠳᠠᠨᠱᠠᠭ᠎ᠠ ᠶ᠋ᠢᠨ ᠰᠠᠢᠨ ᠢ᠋ᠶ᠋ᠠᠷ ᠡᠶᠡᠳᠦᠵᠦ ᠨᠠᠢᠷᠠᠯᠳᠤᠰᠤᠭᠠᠢ ᠭᠡᠮᠡᠨ ᠢᠯᠡᠭᠡᠭᠰᠡᠨ ᠪᠡᠯᠡᠭ ᠢ᠋ ᠬᠣᠰᠢᠭᠤᠴᠢ ᠠᠨᠳᠠ ᠴᠢ ᠶᠠᠭᠤᠨ ᠳ᠋ᠤᠷ ᠤᠮᠠᠷᠲᠠᠵᠤ ᠣᠷᠬᠢᠨ ᠬᠣᠢᠨ᠎ᠠ ᠰᠠᠶᠢ ᠲᠤᠰᠢᠶᠠᠪᠠ ? 》 ᠭᠡᠮᠡᠨ ᠠᠰᠠᠭᠤᠭᠰᠠᠨ ᠳ᠋ᠤᠷ ᠫᠤᠯᠭᠤᠳᠠᠢ ᠫᠣᠯᠭᠣᠯᠵᠠᠨ ᠮᠡᠩᠳᠡᠭᠦᠷᠡᠵᠦ ᠶᠠᠭᠠᠷᠠᠨ ᠮᠡᠳᠡᠭᠦᠯᠦᠷᠦᠨ : 《 ᠲᠡᠷᠡ ᠪᠡᠯᠡᠭ ᠢ᠋ ᠪᠢ ᠤᠮᠠᠷᠲᠠᠨ ᠣᠷᠬᠢᠭ᠍ᠰᠠᠨ ᠪᠤᠰᠤ᠂ ᠡᠭᠡᠵᠦ ᠢᠷᠡᠬᠦᠢ ᠳ᠋ᠦ᠍ᠷ ᠡᠵᠡᠨ ᠸᠠᠩ ᠳᠠᠢᠰᠤᠨ ᠳ᠋ᠤᠷ ᠮᠣᠷᠳᠠᠭᠰᠠᠨ ᠳ᠋ᠤᠷ ᠯᠠᠪ ᠠᠪᠠᠬᠠᠢ ᠳᠠᠭᠠᠵᠤ ᠡᠴᠢᠪᠡᠢ ᠢ᠋᠎ᠡ ᠭᠡᠮᠡᠨ ᠵᠢᠴᠢ ᠥᠷᠯᠥᠭᠡ ᠳᠠᠷᠤᠢ ᠡᠵᠡᠨ ᠦ᠌ ᠬᠣᠢᠨ᠎ᠠ ᠠ᠋ᠴᠠ ᠳᠣᠪᠲᠣᠯᠵᠤ ᠂ ᠵᠠᠮ ᠳ᠋ᠤᠷ ᠵᠠᠮᠤᠬ᠎ᠠ ᠶ᠋ᠢ ᠪᠠᠷᠢᠵᠤ ᠲᠡᠨᠳᠡ ᠬᠦᠷᠪᠡᠰᠦ ᠠᠪᠠᠬᠠᠢ ᠬᠠᠷᠢᠨ ᠡᠴᠢᠭᠰᠡᠨ ᠦᠭᠡᠢ ᠪᠣᠯᠪᠠᠰᠤ ᠭᠡᠮᠡᠨ ᠲᠡᠢᠨ ᠬᠦ᠌ ᠡᠭᠡᠵᠦ ᠢᠷᠡᠭᠡᠳ ᠰᠠᠶᠢ ᠲᠤᠰᠢᠶᠠᠭᠰᠠᠨ ᠪᠥᠯᠥᠭᠡ ᠃ 》 ᠭᠡᠮᠡᠨ ᠨᠢᠭᠡᠨᠲᠡᠭᠡᠭᠦᠷ ᠬᠡᠯᠡᠬᠦ ᠪᠥᠭᠡᠳ ᠨᠢᠭᠡᠨᠲᠡᠭᠡᠭᠦᠷ ᠳᠠᠬᠢᠨ ᠰᠥᠭᠥᠳᠴᠦ ᠥᠭᠦᠯᠡᠷᠦᠨ : 《 ᠡᠳᠦᠭᠡ ᠠᠪᠠᠬᠠᠢ ᠶ᠋ᠢᠨ ᠡᠳᠡᠭᠡᠷ ᠦᠭᠡ ᠶ᠋ᠢ ᠦᠵᠡᠬᠦᠯ᠎ᠡ ᠡᠭᠡᠨᠡᠭᠲᠡ ᠢᠳᠡᠷ ᠳᠣᠪᠣ ᠶ᠋ᠢ ᠡᠭᠡᠭᠦᠯᠦᠨ ᠬᠠᠷᠢᠭᠤᠯᠵᠤ ᠪᠣᠭᠣᠯ ᠮᠢᠨᠦ ᠬᠠᠷᠢᠭᠤ ᠶ᠋ᠢ ᠥᠭᠰᠦᠭᠡᠢ ᠬᠡᠮᠡᠬᠦ ᠰᠠᠨᠠᠭᠠᠨ᠂ ᠣᠯᠳᠠᠬᠤᠯ᠎ᠠ ᠠᠪᠠᠬᠠᠢ ᠪᠠᠬᠠᠨ ᠬᠦᠴᠦᠨ ᠲᠤᠰᠠᠯᠠᠵᠤ ᠪᠣᠭᠣᠯ ᠨᠠᠮᠠᠶ᠋ᠢ ᠡᠰᠡ ᠠᠯᠠᠭᠰᠠᠨ ᠬᠠᠷᠢᠭᠤ ᠶ᠋ᠢ ᠥᠭᠭᠦᠭᠦᠯᠬᠦ ᠪᠣᠯᠪᠠ ᠤᠤ ! 》 ᠭᠡᠮᠡᠨ ᠭᠣᠶᠣᠬᠤᠢ ᠳ᠋ᠤᠷ ᠴᠢᠪᠬᠢᠲᠡᠯ᠎ᠡ ᠰᠣᠯᠤᠩᠭᠤᠸ᠎ᠠ ᠶ᠋ᠢᠨ ᠰᠡᠳᠬᠢᠯ ᠳ᠋ᠦ᠍ᠷ ᠨᠡᠢᠴᠡᠵᠦ ᠰᠡᠮᠡᠬᠡᠷ ᠠᠯᠠᠰᠬᠢᠨ ᠪᠠᠶᠠᠷᠯᠠᠵᠤ ᠥᠭᠦᠯᠡᠷᠦᠨ: 《 ᠪᠢ ᠮᠥᠨ ᠥᠪᠡᠷ᠎ᠡ ᠬᠡᠷᠡᠭ ᠪᠠᠢᠵᠤ ᠠᠬ᠎ᠠ ᠶ᠋ᠢᠨ ᠪᠠᠭᠤᠳᠠᠯ ᠳ᠋ᠤᠷ ᠡᠴᠢᠮᠦᠢ᠂ ᠠᠨᠳᠠ ᠴᠢ ᠭᠤᠶᠤᠴᠢᠯᠠᠭᠠᠳ ᠡᠰᠡ ᠪᠣᠯᠬᠤ ᠪᠥᠭᠡᠰᠦ ᠲᠠᠰᠢᠷᠠᠮ ᠳ᠋ᠤᠷ ᠪᠢ ᠨᠢᠭᠡᠨ ᠬᠡᠳᠦᠨ ᠦᠭᠡ ᠬᠡᠯᠡᠵᠦ ᠦᠵᠡᠰᠦᠭᠡᠢ᠃ 》 ᠬᠡᠮᠡᠭᠡᠳ ᠳᠠᠷᠤᠢ ᠤᠷᠢᠳᠠ ᠡᠴᠢᠵᠦ ᠬᠦᠯᠢᠶᠡ ᠭᠡᠮᠡᠨ ᠢᠯᠡᠭᠡᠭᠡᠳ ᠬᠣᠢᠨ᠎ᠠ ᠠ᠋ᠴᠠ ᠠᠯᠭᠤᠷ ᠶᠠᠪᠤᠭᠰᠠᠭᠠᠷ ᠰᠢᠨ᠎ᠡ ᠬᠦᠩ ᠦ᠋ᠨ ᠴᠡᠷᠢᠭ ᠦ᠋ᠨ ᠪᠠᠭᠤᠳᠠᠯ ᠤ᠋ᠨ ᠡᠮᠦᠨ᠎ᠡ ᠬᠦᠷᠪᠡᠰᠦ᠂ ᠴᠡᠷᠢᠭ ᠦ᠋ᠨ ᠠᠷᠠᠳ ᠢᠳᠡᠷ ᠳᠣᠪᠣ ᠶ᠋ᠢ ᠬᠦᠯᠢᠵᠦ ᠲᠦᠯᠬᠢᠨ ᠠᠴᠢᠷᠠᠵᠤ ᠠᠯᠠ ᠬᠡᠮᠡᠬᠦ ᠵᠠᠬᠢᠶ᠎ᠠ ᠶ᠋ᠢ ᠬᠦᠯᠢᠶᠡᠮᠦᠢ᠃ ᠢᠯᠳᠦ ᠰᠦᠬᠡ ᠰᠢᠭᠤᠢ ᠮᠡᠲᠦ ᠬᠡᠷᠴᠢᠭᠢᠨᠡᠨ ᠬᠠᠷᠰᠢᠯᠳᠤᠵᠤ ᠠᠳᠠᠪᠠᠰᠢ ᠠᠶᠤᠮᠰᠢᠭ᠍ᠲᠠᠢ᠃ ᠰᠣᠯᠤᠩᠭᠤᠸ᠎ᠠ ᠶ᠋ᠢᠨ ᠬᠦᠷᠴᠦ ᠢᠷᠡᠭᠰᠡᠨ ᠢ᠋ ᠦᠵᠡᠭᠡᠳ ᠬᠠᠭᠠᠯᠭᠠᠨ ᠤ᠋ ᠲᠦᠰᠢᠮᠡᠯ ᠬᠠᠰᠬᠢᠷᠤᠨ ᠵᠠᠩᠳᠠᠵᠤ ᠴᠡᠷᠢᠭ ᠦ᠋ᠨ ᠠᠷᠠᠳ ᠬᠣᠶᠠᠷ ᠠᠩᠭᠢᠯᠠᠨ ᠵᠠᠮ ᠭᠠᠷᠭᠠᠨ ᠵᠣᠭᠰᠣᠵᠤ ᠶᠣᠰᠣᠯᠠᠨ ᠬᠠᠰᠬᠢᠷᠤᠯᠴᠠᠪᠠ ᠃ ᠰᠣᠯᠤᠩᠭᠤᠸ᠎ᠠ ᠣᠯᠠᠨ ᠴᠡᠷᠢᠭ ᠦ᠋ᠨ ᠭᠠᠷᠭᠠᠭᠰᠠᠨ ᠭᠤᠯᠳᠤᠩ ᠢ᠋ᠶ᠋ᠠᠷ ᠣᠷᠣᠵᠤ ᠮᠣᠷᠢᠯᠠᠭᠰᠠᠭᠠᠷ ᠳᠡᠳ᠋ ᠴᠠᠴᠠᠷ ᠲᠤᠷ ᠣᠷᠣᠵᠤ ᠰᠠᠶᠢ ᠮᠣᠷᠢᠨ ᠠ᠋ᠴᠠ ᠪᠠᠭᠤᠵᠤ ᠳᠠᠭᠠᠭᠰᠠᠨ ᠠᠷᠠᠳ ᠢ᠋ ᠠᠪᠴᠤ ᠠᠬ᠎ᠠ ᠰᠢᠨ᠎ᠡ ᠬᠦᠩ ᠦ᠋ᠨ ᠳᠡᠷᠭᠡᠳᠡ ᠣᠷᠣᠪᠠᠰᠤ᠂ ᠰᠢᠨ᠎ᠡ ᠬᠦᠩ ᠢᠯᠠᠭᠤ ᠰᠠᠭᠤᠭᠰᠠᠨ ᠰᠠᠭᠤᠳᠠᠯ ᠠ᠋ᠴᠠ ᠪᠠᠨ ᠥᠨᠳᠡᠢᠵᠦ ᠢᠨᠢᠶᠡᠨ ᠥᠭᠦᠯᠡᠷᠦᠨ: 《 ᠬᠡᠦᠬᠡᠨ ᠳᠡᠭᠦᠦ ᠶᠠᠭᠤ ᠲᠠᠢ ᠰᠠᠢᠨ ᠠᠢᠯᠴᠢᠯᠠᠷᠠ ᠢᠷᠡᠪᠡ ? 》 ᠭᠡᠮᠡᠨ ᠨᠠᠢᠷ ᠲᠠᠯᠪᠢᠨ ᠰᠠᠭᠤᠯᠭᠠᠭᠰᠠᠨ ᠬᠣᠢᠨ᠎ᠠ ᠰᠣᠯᠤᠩᠭᠤᠸ᠎ᠠ ᠦᠵᠡᠪᠡᠰᠦ ᠬᠦᠰᠡᠷ᠎ᠡ ᠫᠤᠯᠭᠤᠳᠠᠢ ᠰᠥᠭᠥᠳᠴᠦ ᠪᠣᠢ᠃ ᠲᠡᠢᠨ ᠬᠦ᠌ ᠰᠣᠯᠤᠩᠭᠤᠸ᠎ᠠ ᠲᠠᠰᠢᠷᠠᠮ ᠳ᠋ᠤᠷ ᠢᠨᠢᠶᠡᠨ ᠥᠭᠦᠯᠡᠷᠦᠨ: 《 ᠬᠡᠦᠬᠡᠨ ᠳᠡᠭᠦᠦ ᠡᠨᠡ ᠡᠳᠦᠷ ᠮᠠᠰᠢ ᠤᠢᠳᠬᠤ ᠲᠤᠯᠠ ᠬᠡᠭᠡᠷ᠎ᠡ ᠶ᠋ᠢᠨ ᠭᠠᠯᠠᠭᠤ ᠪᠠ ᠮᠥᠷᠡᠨ ᠦ᠌ ᠵᠢᠭᠠᠰᠤ ᠳ᠋ᠤᠷ ᠭᠥᠷᠥᠭᠡᠯᠡᠨ ᠪᠠᠷᠢᠷ᠎ᠠ ᠭᠠᠷᠴᠤ ᠢᠷᠡᠨ᠂ ᠲᠠᠰᠢᠷᠠᠮ ᠳ᠋ᠤᠷ ᠪᠠᠰᠠ ᠠᠬ᠎ᠠ ᠪᠡᠷᠭᠡᠢ ᠶ᠋ᠢ ᠡᠷᠭᠢᠵᠦ ᠦᠵᠡᠶ᠎ᠡ ᠭᠡᠵᠦ ᠪᠠᠢᠲᠠᠯ᠎ᠠ ᠬᠣᠰᠢᠭᠤᠴᠢ ᠫᠤᠯᠭᠤᠳᠠᠢ ᠠᠨᠳᠠ ᠤᠴᠠᠷᠠᠵᠤ᠂ ᠨᠠᠢ᠍ᠮᠠᠨ ᠤᠯᠤᠰ ᠤ᠋ᠨ ᠡᠰᠡ ᠠᠯᠠᠭᠰᠠᠨ ᠤ᠋ ᠬᠠᠷᠢᠭᠤ ᠡᠳᠦᠭᠡ ᠨᠠᠢ᠍ᠮᠠᠨ ᠤ᠋ ᠬᠣᠰᠢᠭᠤᠴᠢ ᠢᠳᠡᠷ ᠳᠣᠪᠣ ᠶ᠋ᠢ ᠮᠥᠨ ᠬᠦ᠌ ᠠᠯᠠᠯ ᠦᠭᠡᠢ ᠡᠭᠡᠭᠦᠯᠵᠦ᠂ ᠲᠡᠷᠢᠭᠦᠨ ᠳ᠋ᠦ᠍ᠷ ᠬᠣᠢᠴᠢ ᠡᠳᠦᠷ ᠲᠡᠳᠡᠨ ᠳ᠋ᠦ᠍ᠷ ᠲᠠᠯ᠎ᠠ ᠬᠡᠯᠡᠬᠦᠢ ᠳ᠋ᠦ᠍ᠷ ᠰᠠᠢᠨ ᠬᠡᠮᠡᠪᠡᠴᠦ ᠠᠬ᠎ᠠ ᠶ᠋ᠢᠨ ᠦᠯᠦ ᠪᠣᠯᠬᠤ ᠠ᠋ᠴᠠ ᠪᠣᠯᠭᠣᠮᠵᠢᠯᠠᠨ ᠨᠠᠮᠠᠶ᠋ᠢ ᠪᠠᠰᠠ ᠭᠤᠶᠤᠵᠤ ᠠᠬ᠎ᠠ ᠳ᠋ᠤᠷ ᠬᠡᠯᠡᠮᠦ ᠭᠡᠮᠡᠨ ᠠᠪᠴᠤ ᠢᠷᠡᠪᠡ᠃ ᠬᠡᠦᠬᠡᠨ ᠳᠡᠭᠦᠦ ᠪᠢ ᠪᠣᠳᠣᠪᠠᠰᠤ ᠨᠠᠢ᠍ᠮᠠᠨ ᠤᠯᠤᠰ ᠬᠡᠳᠦᠢ ᠮᠠᠨ ᠯᠤᠭ᠎ᠠ ᠥᠰᠢᠶ᠎ᠡ ᠲᠡᠢ ᠪᠣᠯᠪᠠᠴᠤ ᠡᠨᠡ ᠤᠳᠠᠭ᠎ᠠ ᠡᠨᠡ ᠢᠳᠡᠷ ᠳᠣᠪᠣ ᠶ᠋ᠢᠨ ᠮᠠᠨ ᠳ᠋ᠤᠷ ᠪᠠᠷᠢᠭ᠍ᠳᠠᠭᠰᠠᠨ ᠠᠨᠤ ᠲᠡᠳᠡ ᠪᠧᠲ᠋ᠡ᠋ ᠤᠯᠤᠰ ᠯᠤᠭ᠎ᠠ ᠪᠠᠢᠯᠳᠤᠬᠤᠶ᠎ᠠ ᠥᠪᠡᠷ ᠦ᠋ᠨ ᠤᠯᠤᠰ ᠲᠤᠷ ᠶᠠᠯ᠎ᠠ ᠣᠯᠵᠤ ᠬᠣᠷᠢᠵᠤ ᠪᠠᠢᠭᠰᠠᠨ ᠢ᠋ ᠣᠯᠵᠠᠯᠠᠵᠤ ᠠᠪᠴᠢᠷᠠᠭᠰᠠᠨ ᠪᠣᠢ ᠢ᠋᠎ᠡ᠂ ᠶᠠᠮᠪᠠᠷ ᠪᠢᠳᠡᠨ ᠯᠦ᠍ᠭᠡ ᠡᠰᠡᠷᠭᠦᠯᠡᠨ ᠪᠠᠢᠯᠳᠤᠬᠤᠢ ᠳ᠋ᠤᠷ ᠪᠠᠷᠢᠭ᠍ᠳᠠᠭᠰᠠᠨ ᠪᠤᠰᠤ᠂ ᠨᠡᠩ ᠪᠠᠰᠠ ᠨᠠᠢ᠍ᠮᠠᠨ ᠤᠯᠤᠰ ᠤ᠋ᠨ ᠮᠠᠨ ᠯᠤᠭ᠎ᠠ ᠲᠤᠰᠬᠠᠢᠯᠠᠨ ᠪᠠᠢᠯᠳᠤᠬᠤᠶ᠎ᠠ ᠮᠠᠨ ᠤ᠋ ᠬᠣᠰᠢᠭᠤᠴᠢ ᠶ᠋ᠢ ᠪᠠᠷᠢᠭ᠍ᠰᠠᠨ ᠪᠥᠭᠡᠳ ᠬᠠᠷᠢᠨ ᠠᠯᠠᠭᠰᠠᠨ ᠦᠭᠡᠢ ᠠᠲᠠᠯ᠎ᠠ ᠪᠢᠳᠡ ᠪᠤᠰᠤᠳ ᠤ᠋ᠨ ᠪᠠᠢᠯᠳᠤᠭᠠᠨ ᠠ᠋ᠴᠠ ᠣᠯᠵᠠᠯᠠᠭᠰᠠᠨ ᠬᠥᠮᠦᠨ ᠢ᠋ ᠠᠯᠠᠪᠠᠰᠤ ᠨᠠᠢ᠍ᠮᠠᠨ ᠤᠯᠤᠰ ᠲᠤᠷ ᠡᠭᠦᠷᠢᠳᠡ ᠶ᠋ᠢᠨ ᠡᠯᠡᠭᠯᠡᠭᠳᠡᠯ ᠪᠠᠰᠤᠮᠵᠢᠯᠠᠯ ᠪᠣᠯᠬᠤ ᠪᠥᠭᠡᠳ ᠪᠠᠰᠠ ᠦᠭᠡᠨ ᠦ᠌ ᠪᠠᠷᠢᠭᠤᠯ ᠪᠣᠯᠤᠮᠤᠢ᠃ ᠵᠢᠴᠢ ᠳ᠋ᠦ᠍ᠷ ᠲᠡᠷᠡ ᠨᠢᠭᠡᠨ ᠪᠢᠲᠡᠭᠦᠯᠢᠭ ᠡᠷ᠎ᠡ ᠶ᠋ᠢ ᠠᠯᠠᠭᠰᠠᠨ ᠢ᠋ᠶ᠋ᠠᠷ ᠪᠢᠳᠡᠨ ᠦ᠌ ᠤᠯᠤᠰ ᠲᠤᠷ ᠶᠠᠮᠪᠠᠷ ᠶᠡᠬᠡ ᠲᠤᠰᠠ ᠪᠣᠯᠬᠤ ᠭᠠᠵᠠᠷ ᠪᠣᠢ ! ᠭᠡᠳᠡᠷᠭᠦ ᠬᠠᠷᠢᠨ ᠨᠠᠢ᠍ᠮᠠᠨ ᠤᠯᠤᠰ ᠲᠤᠷ ᠬᠣᠷᠣᠰᠤᠯ ᠢ᠋ ᠨᠡᠮᠡᠭᠦᠯᠦᠨ ᠪᠤᠰᠤ ᠠᠢᠮᠠᠭ ᠲᠤᠷ ᠡᠯᠡᠭᠯᠡᠯ ᠪᠣᠯᠬᠤ ᠠ᠋ᠴᠠ ᠥᠪᠡᠷ᠎ᠡ ᠶᠠᠭᠤᠨ ᠲᠤᠰᠠ᠂ ᠦᠨᠡᠬᠡᠷ ᠮᠠᠨ ᠳ᠋ᠤ᠌ ᠦᠨᠡᠨ ᠴᠢᠳᠠᠯ ᠠᠪᠠᠰᠤ ᠲᠡᠭᠦᠨ ᠯᠦ᠍ᠭᠡ ᠲᠤᠰᠬᠠᠢᠯᠠᠨ ᠡᠰᠡᠷᠭᠦᠴᠡᠨ ᠪᠠᠢᠯᠳᠤᠬᠤᠶ᠎ᠠ ᠪᠠᠷᠢᠵᠤ ᠠᠯᠠᠬᠤ ᠪᠥᠭᠡᠰᠦ ᠰᠠᠶᠢ ᠢᠴᠢᠭᠦᠷᠢ ᠦᠭᠡᠢ ᠪᠣᠯᠠᠢ᠂ ᠪᠣᠳᠣᠪᠠᠰᠤ ᠨᠢᠭᠡᠬᠡᠨ ᠲᠡᠨᠡᠭ ᠪᠢᠲᠡᠭᠦᠯᠢᠭ ᠡᠷ᠎ᠡ ᠶ᠋ᠢ ᠠᠯᠠᠵᠤ ᠲᠦᠮᠡᠨ ᠴᠡᠷᠢᠭ ᠦ᠋ᠨ ᠦᠰ ᠢ᠋ ᠴᠢᠩᠭᠠᠷᠠᠭᠤᠯᠬᠤ ᠠ᠋ᠴᠠ ᠨᠢᠭᠡᠨ ᠬᠡᠷᠡᠭ ᠦᠭᠡᠢ ᠬᠥᠮᠦᠨ ᠢ᠋ ᠲᠠᠯᠪᠢᠨ ᠡᠭᠡᠭᠦᠯᠦᠭᠡᠳ ᠬᠣᠵᠢᠮ ᠡᠳᠦᠷ ᠲᠦᠮᠡᠨ ᠴᠡᠷᠢᠭ ᠦ᠋ᠨ ᠡᠮᠦᠨ᠎ᠡ ᠬᠡᠯᠡᠬᠦ ᠦᠭᠡᠰ ᠲᠡᠢ ᠪᠣᠯᠪᠠᠰᠤ ᠲᠡᠷᠡ ᠢᠨᠦ ᠳᠡᠭᠡᠷ᠎ᠡ ᠮᠡᠲᠦ ! 》 ᠬᠡᠮᠡᠭᠰᠡᠨ ᠳ᠋ᠦ᠍ᠷ ᠢᠯᠠᠭᠤ ᠥᠭᠦᠯᠡᠷᠦᠨ : 《 ᠪᠢ ᠪᠠᠰᠠ ᠲᠡᠢᠨ ᠰᠠᠨᠠᠵᠤ ᠠᠮᠢᠨ ᠢ᠋ ᠬᠡᠯᠲᠦᠷᠢᠭᠦᠯᠰᠦᠭᠡᠢ ᠬᠡᠮᠡᠬᠦᠯ᠎ᠡ ᠲᠡᠷᠡ ᠬᠠᠷᠢᠭᠤᠴᠠᠬᠤ ᠪᠠᠨ ᠣᠷᠣ ᠵᠣᠭᠰᠣᠬᠤ ᠦᠭᠡᠢ ᠳ᠋ᠦ᠍ᠷ ᠰᠠᠶᠢ ᠠᠯᠠᠵᠤ ᠠᠷᠢᠯᠭᠠᠰᠤᠭᠠᠢ ᠬᠡᠮᠡᠭᠰᠡᠨ ᠪᠥᠯᠥᠭᠡ᠂ ᠡᠳᠦᠭᠡ ᠬᠡᠦᠬᠡᠨ ᠳᠡᠭᠦᠦ ᠶ᠋ᠢᠨ ᠡᠢᠨ ᠬᠦ᠌ ᠬᠡᠯᠡᠬᠦ ᠪᠠ ᠬᠣᠰᠢᠭᠤᠴᠢ ᠫᠤᠯᠭᠤᠳᠠᠢ ᠪᠠᠰᠠ ᠭᠤᠶᠤᠬᠤ ᠲᠤᠯᠠ ᠳᠠᠷᠤᠢ ᠲᠠᠯᠪᠢᠰᠤᠭᠠᠢ! 》 ᠬᠡᠮᠡᠭᠡᠳ ᠲᠡᠮᠳᠡᠭ ᠵᠡᠪᠡ ᠭᠠᠷᠭᠠᠵᠤ ᠨᠢᠭᠡᠨᠲᠡ ᠬᠦᠯᠢᠵᠦ ᠭᠠᠷᠭᠠᠭᠰᠠᠨ ᠢᠳᠡᠷ ᠳᠣᠪᠣ ᠶ᠋ᠢ ᠡᠭᠡᠭᠦᠯᠦᠨ ᠣᠷᠣᠭᠤᠯᠵᠤ ᠬᠦᠯᠢᠶᠡᠰᠦᠨ ᠢ᠋ ᠲᠠᠢᠯᠵᠤ ᠬᠣᠰᠢᠭᠤᠴᠢ ᠫᠤᠯᠭᠤᠳᠠᠢ ᠳ᠋ᠤᠷ ᠲᠤᠰᠢᠶᠠᠨ ᠥᠭᠴᠦ ᠭᠠᠷᠭᠠᠬᠤᠶ᠎ᠠ ᠢᠳᠡᠷ ᠳᠣᠪᠣ ᠥᠴᠦᠬᠡᠨ ᠴᠦ᠍ ᠮᠥᠷᠭᠥᠬᠦ ᠦᠭᠡᠢ᠂ ᠤᠭ ᠬᠡᠪ ᠢ᠋ᠶ᠋ᠡᠷ 《ᠨᠠᠮᠠᠶ᠋ᠢ ᠲᠠᠯᠪᠢᠪᠠᠰᠤ ᠪᠢ ᠪᠠᠰᠠ ᠬᠦ᠌ ᠪᠠᠢᠯᠳᠤᠷ᠎ᠠ ᠢᠷᠡᠮᠦᠢ᠂ ᠠᠯᠠᠬᠤ ᠠᠨᠤ ᠳᠡᠭᠡᠷ᠎ᠡ ! 》 ᠭᠡᠮᠡᠨ ᠬᠥᠳᠡᠯᠬᠦ ᠦᠭᠡᠢ ᠳ᠋ᠦ᠍ᠷ ᠡᠰᠡ ᠢᠨᠢᠶᠡᠭᠰᠡᠨ ᠬᠥᠮᠦᠨ ᠦᠭᠡᠢ᠃ ᠫᠤᠯᠭᠤᠳᠠᠢ ᠶᠠᠭᠠᠷᠠᠨ ᠰᠢᠨ᠎ᠡ ᠬᠦᠩ ᠠᠬ᠎ᠠ ᠥᠬᠢᠨ ᠳᠡᠭᠦᠦ ᠬᠣᠶᠠᠭᠤᠯᠠ ᠶ᠋ᠢᠨ ᠬᠡᠰᠢᠭ ᠲᠣᠷ ᠮᠥᠷᠭᠥᠵᠦ ᠳᠠᠷᠤᠢ ᠭᠠᠷᠴᠤ ᠢᠷᠡᠨ ᠢᠳᠡᠷ ᠳᠣᠪᠣ ᠶ᠋ᠢ ᠴᠢᠷᠴᠦ ᠬᠥᠲᠥᠯᠦᠨ ᠴᠡᠷᠢᠭ ᠦ᠋ᠨ ᠬᠦᠷᠢᠶ᠎ᠡ ᠡᠴᠡ ᠭᠠᠷᠴᠤ ᠡᠴᠢᠪᠡ᠃ ᠳᠠᠭᠠᠯᠳᠤᠭ᠎ᠠ ᠰᠣᠯᠤᠩᠭᠤᠸ᠎ᠠ ᠮᠥᠨ ᠠᠬ᠎ᠠ ᠠ᠋ᠴᠠ ᠪᠠᠨ ᠰᠠᠯᠤᠨ ᠮᠣᠷᠢ ᠤᠨᠤᠵᠤ ᠭᠠᠷᠴᠤ ᠢᠷᠡᠨ ᠭᠡᠭᠡᠬᠡᠨ ᠪᠤᠯᠠᠭ ᠤ᠋ᠨ ᠤᠷᠤᠰᠬᠠᠯ ᠢ᠋ᠶ᠋ᠠᠷ ᠶᠠᠪᠤᠵᠤ ᠰᠡᠳᠬᠢᠯ ᠳ᠋ᠦ᠍ᠷ ᠨᠠᠢ᠍ᠮᠠᠨ ᠤ᠋ ᠠᠯᠳᠠᠨᠱᠠᠭ᠎ᠠ ᠶ᠋ᠢᠨ ᠬᠠᠷᠢᠭᠤ ᠶᠠᠭᠤᠨ ᠢᠯᠡᠭᠡᠬᠦ ᠶ᠋ᠢ ᠪᠣᠳᠣᠵᠤ ᠬᠠᠰ ᠤ᠋ᠨ ᠰᠠᠷᠠᠯ ᠮᠣᠷᠢᠨ ᠢ᠋ᠶ᠋ᠠᠨ ᠬᠠᠲᠠᠷᠢᠭᠤᠯᠵᠤ᠂ ᠬᠠᠵᠢᠯᠭᠠᠲᠤ ᠮᠠᠩᠨᠤᠭ ᠰᠠᠭᠠᠳᠠᠭ ᠠ᠋ᠴᠠ ᠪᠠᠨ ᠬᠠᠢᠷᠠᠲᠤ ᠰᠠᠢᠬᠠᠨ ᠠᠯᠳᠠᠨᠱᠠᠭ᠎ᠠ ᠶ᠋ᠢᠨ ᠬᠠᠷᠪᠤᠵᠤ ᠢᠯᠡᠭᠡᠭᠰᠡᠨ ᠵᠡᠪᠡ ᠦᠭᠡᠢ ᠮᠤᠬᠤᠷ ᠰᠤᠮᠤ ᠶ᠋ᠢ ᠰᠤᠭᠤᠯᠵᠤ ᠭᠠᠷᠭᠠᠨ ᠦᠵᠡᠮᠡᠭᠴᠡ ᠬᠠᠢᠷᠠᠯᠠᠬᠤ ᠰᠡᠳᠬᠢᠯ ᠬᠠᠯᠠᠰᠢᠷᠠᠨ ᠭᠡᠭᠡᠭᠡᠷᠡᠭᠡᠳ ᠬᠠᠯᠠᠭᠤᠨ ᠰᠡᠳᠬᠢᠯ ᠬᠠᠢᠯᠤᠨ ᠤᠶᠠᠷᠠᠵᠤ᠂ ᠬᠠᠰ ᠰᠠᠢᠬᠠᠨ ᠳᠦᠷᠰᠦ ᠪᠡᠨ ᠤᠰᠤᠨ ᠤ᠋ ᠳᠣᠲᠣᠷ᠎ᠠ ᠦᠵᠡᠭᠡᠳ ᠬᠠᠮᠤᠭ ᠪᠡᠶ᠎ᠡ ᠶ᠋ᠢᠨ ᠬᠣᠲᠠᠯᠠᠭᠠᠷ ᠤᠢᠳᠤᠨ ᠤᠢᠳᠬᠠᠷᠯᠠᠵᠤ ᠬᠥᠪᠬᠡᠯᠵᠡᠭᠡᠳ ᠬᠠᠩᠭᠢᠨᠠᠮ᠎ᠠ ᠨᠣᠮᠣᠬᠠᠨ ᠢᠷᠠᠭᠤ ᠡᠬᠡᠰᠢᠭ ᠢ᠋ᠶ᠋ᠡᠷ ᠬᠠᠩᠭᠢᠨᠠᠲᠠᠯ᠎ᠠ ᠭᠢᠩᠰᠢᠵᠦ ᠡᠢᠨ ᠭᠡᠮᠡᠨ ᠳᠠᠭᠤᠯᠠᠷᠤᠨ:
ᠠᠷᠢᠭᠤᠨ ᠪᠤᠯᠠᠭ ᠤ᠋ᠨ ᠡᠬᠢᠨ᠎ᠡ ᠰᠧ
ᠠᠯᠢᠶᠠᠷᠬᠠᠨ ᠨᠠᠭᠠᠳᠴᠤ ᠶᠠᠪᠤᠬᠤᠶ᠎ᠠ ᠂
ᠠᠯᠤᠰ ᠤᠰᠤᠨ ᠳ᠋ᠤᠷ ᠲᠤᠰᠤᠭᠰᠠᠨ ᠰᠧ
ᠠᠪᠠᠬᠠᠢ ᠮᠢᠨᠦ ᠳᠦᠷᠰᠦ ᠢ᠋᠎ᠡ ᠂
ᠠᠶ᠎ᠠ ᠶᠠᠭᠤ ᠲᠠᠢ ᠬᠥᠭᠡᠷᠦᠬᠦᠢ ᠰᠧ
ᠠᠭᠠᠷ ᠮᠡᠲᠦ ᠬᠥᠮᠥᠰᠬᠡᠳᠡᠶᠡ ᠂
ᠠᠷᠢᠯᠤᠭᠰᠠᠨ ᠰᠠᠢᠬᠠᠨ ᠵᠢᠰᠦ ᠨᠢ ᠰᠧ
ᠠᠷᠤ ᠭᠠᠵᠠᠷ ᠲᠥᠷᠥᠵᠦᠬᠦᠢ ᠢ᠋᠎ᠡ ᠂
ᠠᠯᠠᠭ ᠲᠤᠩᠭᠠᠯᠠᠭ ᠨᠢᠳᠦᠨ ᠢ᠋ᠶ᠋ᠡᠨ ᠰᠧ
ᠠᠭᠯᠠᠭ ᠲᠠᠯ᠎ᠠ ᠪᠠᠷ ᠰᠡᠷᠭᠦᠭᠡᠶ᠎ᠡ ᠂
ᠠᠮᠠᠷᠠᠭ ᠡᠨᠡ ᠰᠡᠳᠬᠢᠯ ᠢ᠋ᠶ᠋ᠡᠨ ᠰᠧ
ᠠᠯᠲᠠᠨ ᠤ᠋ ᠰᠤᠮᠤᠨ ᠢ᠋ᠶ᠋ᠠᠷ ᠰᠡᠷᠭᠦᠭᠡᠶ᠎ᠡ ᠢ᠋᠎ᠡ ᠂
ᠠᠳᠠᠪᠠᠰᠢ ᠪᠠᠭ᠎ᠠ ᠪᠡᠶ᠎ᠡ ᠪᠡᠨ ᠰᠧ
ᠠᠭᠤᠯᠠ ᠤᠰᠤᠨ ᠢ᠋ᠶ᠋ᠠᠷ ᠰᠡᠷᠭᠦᠭᠡᠶ᠎ᠡ ᠂
ᠠᠪᠠᠬᠠᠢ ᠮᠢᠨᠦ ᠰᠡᠳᠬᠢᠯ ᠢ᠋ᠶ᠋ᠡᠨ ᠰᠧ
ᠠᠯᠲᠠᠨ ᠤ᠋ ᠡᠷᠡᠬᠡᠢᠪᠴᠢ ᠪᠡᠷ ᠰᠡᠷᠭᠦᠭᠡᠶ᠎ᠡ ᠢ᠋᠎ᠡ ᠃
ᠭᠡᠮᠡᠨ ᠬᠠᠷᠠᠬᠠᠨ ᠳᠠᠭᠤᠯᠠᠵᠤ ᠶᠠᠪᠤᠬᠤᠶ᠎ᠠ ᠬᠣᠰᠢᠭᠤᠴᠢ ᠫᠤᠯᠭᠤᠳᠠᠢ᠂ ᠢᠳᠡᠷ ᠳᠣᠪᠣ ᠶ᠋ᠢ ᠠᠪᠴᠤ ᠥᠪᠡᠷ ᠦ᠋ᠨ ᠪᠠᠭᠤᠳᠠᠯ ᠳ᠋ᠤᠷ ᠠᠪᠠᠴᠢᠬᠤᠶ᠎ᠠ ᠴᠢᠪ ᠤᠴᠠᠷᠠᠭᠠᠳ ᠫᠤᠯᠭᠤᠳᠠᠢ ᠶᠠᠭᠠᠷᠠᠨ ᠢᠳᠡᠷ ᠳᠣᠪᠣ ᠳ᠋ᠤᠷ ᠥᠭᠦᠯᠡᠷᠦᠨ: 《ᠡᠨᠡ ᠳᠠᠷᠤᠢ ᠴᠢᠨᠦ ᠠᠮᠢᠨ ᠢ᠋ ᠠᠪᠤᠷᠠᠭᠰᠠᠨ ᠮᠠᠨ ᠤ᠋ ᠠᠪᠠᠬᠠᠢ ᠪᠣᠯᠠᠢ᠃ ᠴᠢ ᠪᠠᠭᠤᠵᠤ ᠲᠠᠯ᠎ᠠ ᠥᠭᠭᠦᠨ ᠶᠣᠰᠣᠯᠠᠪᠠᠰᠤ ᠵᠣᠬᠢᠮᠤᠢ ᠬᠡᠮᠡᠭᠰᠡᠨ ᠳ᠋ᠦ᠍ᠷ ᠢᠳᠡᠷ ᠳᠣᠪᠣ ᠶᠠᠭᠠᠷᠠᠨ ᠮᠣᠷᠢᠨ ᠠ᠋ᠴᠠ ᠪᠠᠭᠤᠵᠤ ᠬᠡᠰᠢᠭ ᠲᠣᠷ ᠮᠥᠷᠭᠥᠬᠦᠶ᠎ᠡ᠂ ᠰᠣᠯᠤᠩᠭᠤᠸ᠎ᠠ ᠮᠣᠷᠢᠨ ᠤ᠋ ᠵᠢᠯᠣᠭᠣ ᠪᠠᠷ ᠤᠷᠤᠭᠤᠯ ᠢ᠋ᠶ᠋ᠠᠨ ᠬᠠᠯᠠᠠᠭᠯᠠᠵᠤ᠂ ᠥᠴᠦᠬᠡᠨ ᠢᠰᠪᠡᠯᠵᠡᠨ ᠢᠨᠢᠶᠡᠵᠦ ᠥᠭᠦᠯᠡᠷᠦᠨ:
ᠡᠷᠲᠡᠨ ᠡᠴᠡ ᠦᠰ ᠦᠭᠡᠢ ᠪᠢᠳᠡᠨ ᠦ᠌ ᠬᠣᠶᠠᠷ ᠤᠯᠤᠰ
ᠡᠳᠦᠭᠡ ᠪᠠᠢᠨ ᠪᠠᠢᠨ ᠥ ᠳᠡᠭᠳᠡᠭᠡᠨ ᠴᠡᠷᠢᠭᠯᠡᠬᠦᠢ ᠳ᠋ᠦ᠍ᠷ ᠬᠦᠷᠦᠭᠰᠡᠨ᠂
ᠡᠨᠡ ᠢᠨᠤ ᠡᠭᠡᠨᠡᠭᠲᠡ ᠶᠠᠭᠤᠨ ᠤ᠋ ᠬᠣᠷᠣᠰᠤᠯ ᠠᠵᠢ ?
ᠡᠭᠡᠵᠦ ᠡᠴᠢᠪᠡᠰᠦ ᠡᠶ᠎ᠡ ᠨᠠᠢᠷᠲᠠᠢ ᠪᠣᠯᠭᠠᠭᠳᠠᠬᠤᠢ !
ᠬᠡᠮᠡᠭᠡᠳ ᠠᠯᠳᠠᠨᠱᠠᠭ᠎ᠠ ᠶ᠋ᠢᠨ ᠵᠡᠪᠡ ᠦᠭᠡᠢ ᠰᠤᠮᠤ ᠶ᠋ᠢ ᠪᠠᠷᠢᠵᠤ᠂ ᠵᠢᠴᠢ ᠡᠷᠡᠬᠡᠢ ᠬᠤᠷᠤᠭᠤᠨ ᠤ᠋ ᠡᠷᠡᠭᠡᠢᠪᠴᠢ ᠵᠢ ᠦᠵᠡᠭᠦᠯᠵᠦ ᠥᠭᠦᠯᠡᠷᠦᠨ: 《ᠡᠳᠡᠭᠡᠷ ᠵᠡᠷᠭᠡ ᠶ᠋ᠢᠨ ᠡᠷᠡᠬᠡᠢᠪᠴᠢ ᠰᠤᠮᠤᠨ ᠤ᠋ ᠰᠢᠯᠲᠠᠭᠠᠨ ᠢ᠋ᠶ᠋ᠠᠷ ᠡᠷᠬᠡᠲᠦ ᠮᠠᠨ ᠤ᠋ ᠬᠣᠶᠠᠷ ᠤᠯᠤᠰ ᠡᠶᠡᠳᠡᠪᠡᠰᠦ ᠪᠣᠯᠬᠤ ᠪᠥᠭᠡᠲᠡᠯ᠎ᠡ ᠡᠳᠦᠷ ᠪᠦᠷᠢ ᠲᠡᠢᠨ ᠳᠡᠭᠳᠡᠭᠡᠬᠦ ᠶᠠᠭᠤᠨ ᠤ᠋ ᠤᠴᠢᠷ ᠠᠵᠢ ? ᠡᠳᠦᠭᠡ ᠬᠣᠰᠢᠭᠤᠴᠢ ᠵᠠᠩᠵᠤᠨ ᠴᠢᠮ᠎ᠠ ᠳ᠋ᠤᠷ ᠡᠳᠦᠢ ᠲᠡᠳᠦᠢ ᠬᠠᠷᠢᠭᠤ ᠪᠡᠯᠡᠭ ᠬᠦᠨᠡᠰᠦᠨ ᠦ᠌ ᠵᠦᠢᠯ ᠢ᠋ ᠥᠭᠰᠦᠭᠡᠢ᠂ ᠡᠭᠡᠵᠦ ᠡᠴᠢᠪᠡᠰᠦ ᠡᠳᠡᠭᠡᠷ ᠦᠭᠡᠰ ᠢ᠋ ᠰᠠᠢᠬᠠᠨ ᠬᠡᠯᠡᠲᠦᠭᠡᠢ ! 》 ᠬᠡᠮᠡᠭᠡᠳ ᠴᠢᠷᠠᠢ ᠣᠯᠪᠠᠯᠵᠠᠨ ᠨᠢᠳᠦᠨ ᠳ᠋ᠦ᠍ᠷ ᠨᠢᠯᠪᠤᠰᠤᠨ ᠬᠤᠷᠠᠵᠤ᠂ ᠶᠠᠭᠠᠷᠠᠨ ᠬᠠᠨᠴᠤ ᠪᠠᠷ ᠨᠢᠭᠤᠷ ᠢ᠋ᠶ᠋ᠠᠨ ᠬᠠᠯᠭ᠍ᠯᠠᠵᠤ ᠮᠣᠷᠢᠨ ᠢ᠋ᠶ᠋ᠠᠨ ᠬᠡᠢᠰᠬᠡᠨ ᠲᠠᠯᠪᠢᠵᠤ ᠡᠭᠡᠵᠦ ᠢᠷᠡᠭᠡᠳ ᠫᠤᠯᠭᠤᠳᠠᠢ ᠶ᠋ᠢᠨ ᠡᠮ᠎ᠡ ᠳ᠋ᠦ᠍ᠷ ᠤᠭ ᠠᠪᠴᠢᠷᠠᠭᠰᠠᠨ ᠮᠠᠩᠨᠤᠭ ᠬᠠᠪᠲᠠᠭ᠎ᠠ ᠪᠠ ᠪᠠᠰᠠ ᠨᠢᠭᠡᠨ ᠪᠠᠭᠯᠠᠭ᠎ᠠ ᠲᠠᠢ ᠮᠥᠩᠭᠥ ᠯᠦ᠍ᠭᠡ ᠥᠭᠴᠦ ᠥᠭᠦᠯᠡᠷᠦᠨ: 《 ᠨᠠᠢ᠍ᠮᠠᠨ ᠤᠯᠤᠰ ᠴᠢᠨᠦ ᠡᠷ᠎ᠡ ᠵᠢ ᠲᠠᠯᠪᠢᠨ ᠬᠠᠷᠢᠭᠤᠯᠤᠭᠰᠠᠨ ᠬᠠᠷᠢᠭᠤ ᠳ᠋ᠤᠷ ᠪᠢ ᠡᠳᠦᠭᠡ ᠠᠬ᠎ᠠ ᠳ᠋ᠤᠷ ᠬᠡᠯᠡᠵᠦ ᠨᠠᠢ᠍ᠮᠠᠨ ᠤ᠋ ᠢᠳᠡᠷ ᠳᠣᠪᠣ ᠶ᠋ᠢ ᠡᠭᠡᠭᠦᠯᠬᠦ ᠲᠤᠯᠠ ᠡᠨᠡ ᠮᠥᠩᠭᠥ ᠶ᠋ᠢ ᠲᠡᠭᠦᠨ ᠳ᠋ᠦ᠍ᠷ ᠱᠠᠩᠨᠠᠭᠠᠳ ᠡᠨᠡ ᠮᠠᠩᠨᠤᠭ ᠬᠠᠪᠲᠠᠭ᠎ᠠ ᠶ᠋ᠢ ᠲᠡᠭᠦᠨ ᠦ᠌ ᠡᠩᠭᠡᠷ ᠲᠣᠷ ᠵᠡᠭᠦᠯᠭᠡᠵᠦ ᠡᠭᠡᠭᠦᠯᠲᠦᠭᠡᠢ 》 ᠬᠡᠮᠡᠭᠰᠡᠨ ᠳ᠋ᠦ᠍ᠷ ᠫᠤᠯᠭᠤᠳᠠᠢ ᠶ᠋ᠢᠨ ᠡᠮ᠎ᠡ ᠶᠡᠬᠡᠯ᠎ᠡ ᠪᠠᠶᠠᠷᠯᠠᠨ ᠬᠦᠯᠢᠶᠡᠨ ᠠᠪᠴᠤ ᠬᠠᠪᠲᠠᠭ᠎ᠠ ᠪᠠ ᠮᠥᠩᠭᠥ ᠶ᠋ᠢ ᠡᠷ᠎ᠡ ᠳ᠋ᠦ᠍ᠷ ᠢ᠋ᠶ᠋ᠡᠨ ᠥᠭᠴᠦ ᠮᠥᠩᠭᠥ ᠶ᠋ᠢ ᠱᠠᠩᠨᠠᠭᠤᠯᠤᠨ ᠬᠠᠪᠲᠠᠭ᠎ᠠ ᠶ᠋ᠢ ᠡᠭᠡᠭᠦᠯᠦᠮᠦᠢ ᠭᠡᠮᠡᠨ ᠮᠥᠨ ᠬᠦ᠌ ᠲᠡᠭᠦᠨ ᠦ᠌ ᠡᠩᠭᠡᠷ ᠲᠣᠷ ᠵᠡᠭᠦᠯᠭᠡᠭᠡᠳ ᠬᠡᠷᠬᠢᠪᠡᠴᠦ ᠪᠢᠲᠡᠭᠡᠢ ᠤᠮᠠᠷᠲᠠ ᠭᠡᠮᠡᠨ ᠬᠡᠳᠦᠨ ᠤᠳᠠᠭ᠎ᠠ ᠬᠡᠯᠡᠵᠦ᠂ ᠪᠠᠰᠠ ᠬᠠᠭᠤᠷᠠᠢ ᠬᠦᠨᠡᠰᠦᠨ ᠢ᠋ ᠨᠢᠭᠡᠨ ᠠᠴᠢᠶ᠎ᠠ ᠨᠢᠭᠡᠨ ᠬᠥᠲᠥᠴᠢ ᠲᠡᠢ ᠥᠭᠴᠦ ᠮᠣᠷᠳᠠᠭᠤᠯᠪᠠ᠃ ᠲᠡᠳᠦᠢ ᠰᠠᠶᠢ ᠭᠡᠷ ᠲᠦ᠍ᠷ ᠢ᠋ᠶ᠋ᠠᠨ ᠣᠷᠣᠲᠠᠯ᠎ᠠ ᠰᠢᠨ᠎ᠡ ᠬᠦᠩ ᠢᠯᠠᠭᠤ ᠶ᠋ᠢᠨ ᠲᠡᠨᠳᠡ ᠡᠴᠡ ᠳᠠᠭᠤᠳᠠᠷ᠎ᠠ ᠢᠷᠡᠭᠰᠡᠨ ᠳ᠋ᠦ᠍ᠷ ᠶᠠᠭᠠᠷᠠᠨ ᠡᠴᠢᠪᠡᠰᠦ ᠵᠠᠮᠤᠬ᠎ᠠ᠂ ᠢᠯᠠᠭᠤ ᠬᠣᠶᠠᠭᠤᠯᠠ ᠲᠡᠨᠳᠡ ᠬᠠᠷᠠᠬᠠᠨ ᠪᠧᠲ᠋ᠡ᠋ ᠤᠯᠤᠰ ᠲᠤᠷ ᠲᠠᠪᠴᠢᠯᠠᠭᠳᠠᠭᠰᠠᠨ ᠦᠰ ᠢ᠋ᠶ᠋ᠡᠨ ᠬᠠᠷᠢᠭᠤ ᠯᠠᠪ ᠦᠰ ᠠᠪᠬᠤ ᠴᠡᠷᠢᠭ ᠪᠠᠢᠭᠤᠯᠤᠮᠤ᠂ ᠲᠡᠭᠦᠨ ᠢ᠋ ᠬᠥᠳᠡᠯᠬᠦ ᠶ᠋ᠢᠨ ᠤᠷᠢᠳᠠ ᠪᠢᠳᠡ ᠵᠠᠪᠳᠤᠵᠤ ᠲᠡᠭᠦᠨ ᠢ᠋ ᠮᠥᠬᠥᠭᠡᠰᠦᠭᠡᠢ ᠭᠡᠮᠡᠨ ᠵᠥᠪᠳᠡᠬᠦᠢ ᠳ᠋ᠦ᠍ᠷ ᠫᠤᠯᠭᠤᠳᠠᠢ ᠶᠠᠭᠠᠷᠠᠨ ᠠᠴᠢ ᠶ᠋ᠢ ᠲᠡᠰᠡᠷᠭᠦᠯᠡᠨ ᠦᠰ ᠢ᠋ᠶ᠋ᠡᠷ ᠬᠠᠷᠢᠭᠤᠯᠵᠤ ᠦᠯᠦ ᠪᠣᠯᠤᠮᠤᠢ ᠭᠡᠮᠡᠨ ᠬᠣᠷᠢᠭ᠍ᠯᠠᠬᠤᠢ ᠳ᠋ᠤᠷ ᠰᠢᠨ᠎ᠡ ᠬᠦᠩ ᠢᠯᠠᠭᠤ ᠲᠠᠪᠠ ᠦᠭᠡᠢ ᠪᠣᠯᠵᠤ ᠴᠢᠷᠠᠢ ᠪᠠᠷᠤᠢᠨ ᠥᠭᠦᠯᠡᠷᠦᠨ: 《ᠥᠴᠦᠬᠡᠨ ᠲᠤᠰᠠ ᠨᠢ ᠪᠣᠳᠣᠭᠰᠠᠭᠠᠷ ᠶᠡᠬᠡ ᠬᠦᠴᠦᠨ ᠲᠡᠭᠦᠰᠪᠡᠰᠦ ᠲᠡᠷᠡ ᠴᠠᠭ ᠲᠤᠷ ᠪᠢᠳᠡ ᠦᠬᠦᠪᠡᠰᠦ ᠶᠠᠰᠤ ᠲᠠᠯᠪᠢᠬᠤ ᠭᠠᠵᠠᠷ ᠦᠭᠡᠢ ᠪᠣᠯᠬᠤ ᠶ᠋ᠢ ᠴᠢ ᠶᠠᠭᠤᠨ ᠤ᠋ ᠤᠬᠠᠬᠤ ᠠᠵᠢ ? ᠣᠯᠠᠨ ᠦᠭᠡ ᠬᠡᠷᠡᠭ ᠦᠭᠡᠢ᠂ ᠤᠯᠤᠰ ᠤ᠋ᠨ ᠳᠣᠲᠣᠷᠠᠬᠢ ᠡᠷᠡᠴᠢᠯᠡᠭᠰᠡᠨ ᠡᠷ᠎ᠡ ᠶ᠋ᠢ ᠪᠠᠢᠴᠠᠭᠠᠬᠤ ᠴᠡᠷᠢᠭ ᠲᠦ᠍ᠷ ᠣᠷᠣᠭᠤᠯᠵᠤ ᠶᠡᠬᠡ ᠴᠡᠷᠢᠭ ᠢ᠋ ᠰᠠᠢᠲᠤᠷ ᠪᠣᠯᠪᠠᠰᠤᠷᠠᠭᠤᠯ ! 》 ᠬᠡᠮᠡᠭᠰᠡᠨ ᠳ᠋ᠦ᠍ᠷ ᠫᠤᠯᠭᠤᠳᠠᠢ ᠠᠷᠭ᠎ᠠ ᠦᠭᠡᠢ ᠭᠠᠷᠴᠤ ᠢᠷᠡᠭᠡᠳ ᠰᠥᠨᠢ ᠬᠠᠭᠤᠴᠢᠨ ᠲᠦᠰᠢᠮᠡᠯ ᠠᠨᠳᠤ ᠳ᠋ᠤᠷ ᠤᠴᠠᠷᠠᠵᠤ ᠡᠳᠡᠭᠡᠷ ᠤᠴᠢᠷ ᠢ᠋ ᠪᠦᠷᠢᠳᠬᠡᠨ ᠬᠡᠯᠡᠭᠰᠡᠨ ᠳ᠋ᠦ᠍ᠷ ᠠᠨᠳᠤ ᠤᠷᠲᠤ ᠰᠡᠭᠦᠷᠡᠰᠦ ᠠᠯᠳᠠᠵᠤ ᠥᠭᠦᠯᠡᠷᠦᠨ: 《ᠠᠶ᠎ᠠ ! ᠪᠢ ᠬᠡᠳᠦᠢᠨᠡᠢ ᠬᠡᠯᠡᠭᠰᠡᠨ ᠦᠭᠡᠢ ᠦᠦ ? ᠮᠠᠨ ᠤ᠋ ᠤᠯᠤᠰ ᠤ᠋ᠨ ᠮᠥᠬᠥᠬᠦ ᠢᠨᠤ ᠮᠠᠭᠠᠳ ᠮᠥᠨ ᠡᠨᠡ ᠵᠠᠮᠤᠬ᠎ᠠ ᠨᠢᠭᠡᠨ ᠬᠥᠮᠦᠨ ᠦ᠌ ᠪᠡᠶ᠎ᠡ ᠳ᠋ᠦ᠍ᠷ ᠪᠣᠢ ᠬᠡᠮᠡᠭᠰᠡᠨ ᠦᠭᠡᠢ ᠦᠦ ? ᠪᠤᠶᠠᠨ ᠦᠭᠡᠢ ᠲᠠ ᠬᠡᠷᠬᠢᠵᠦ ᠪᠤᠶᠠᠨ ᠠᠭᠴᠢᠳ ᠤ᠋ᠨ ᠲᠥᠷᠥ ᠶ᠋ᠢ ᠪᠤᠯᠢᠶᠠᠵᠤ ᠪᠣᠯᠬᠤ ᠠᠵᠢ ! ᠭᠠᠭᠴᠠ ᠬᠠᠢᠷᠠᠬᠠᠨ ᠮᠠᠨ ᠤ᠋ ᠬᠥᠭᠰᠢᠨ ᠡᠵᠡᠨ ᠢ᠋ ᠮᠢᠨᠦ ᠡᠴᠦᠰ ᠲᠦ᠍ᠷ ᠰᠠᠢᠨ ᠢ᠋ᠶ᠋ᠠᠷ ᠡᠴᠦᠰᠯᠡᠭᠦᠯᠬᠦ ᠦᠭᠡᠢ ᠪᠣᠯᠭᠠᠬᠤᠨᠠ ᠭᠡᠮᠡᠨ ᠵᠣᠪᠠᠨᠢᠮᠤᠢ᠃ ᠪᠢ ᠴᠦ᠍ ᠨᠢᠭᠡᠨᠲᠡ ᠬᠥᠭᠰᠢᠷᠡᠬᠦ ᠶ᠋ᠢᠨ ᠮᠥᠷ ᠲᠦ᠍ᠷ ᠣᠷᠣᠵᠤ ᠬᠡᠷᠡᠭ ᠡᠴᠡ ᠭᠠᠷᠴᠤ ᠴᠡᠷᠢᠭ ᠡᠴᠡ ᠪᠠᠭᠤᠬᠤ ᠴᠠᠭ ᠲᠤᠷ ᠬᠦᠷᠪᠡ᠃ ᠶᠠᠮᠪᠠᠷ ᠠᠮᠲᠠ ᠪᠣᠢ᠃ ᠭᠠᠭᠴᠠ ᠲᠠᠨ ᠤ᠋ ᠪᠡᠶ᠎ᠡ ᠴᠣᠬᠣᠮ ᠨᠠᠰᠤᠨ ᠳᠤᠮᠳᠠ ᠶ᠋ᠢᠨ ᠬᠠᠷᠠᠬᠠᠨ ᠬᠡᠷᠡᠭ ᠪᠦᠲᠦᠭᠡᠬᠦ ᠦᠶ᠎ᠡ᠂ ᠣᠳᠣ ᠡᠰᠡ ᠬᠢᠴᠢᠶᠡᠨ ᠰᠡᠷᠡᠪᠡᠰᠦ ᠶᠠᠮᠪᠠᠷ ᠬᠡᠷᠡᠭ ᠪᠣᠯᠬᠤ ᠴᠤ᠌ ᠮᠠᠭᠠᠳ ᠦᠭᠡᠢ ᠰᠠᠢᠲᠤᠷ ᠪᠣᠯᠭᠣᠮᠵᠢᠯᠠᠵᠤ ᠶᠠᠪᠤᠭᠳᠠᠬᠤᠢ 》 ᠬᠡᠮᠡᠪᠡ᠃ ᠫᠤᠯᠭᠤᠳᠠᠢ ᠦᠭᠡ ᠶ᠋ᠢ ᠬᠦᠯᠢᠶᠡᠨ ᠠᠪᠴᠤ ᠤᠳᠠᠯ ᠦᠭᠡᠢ ᠤᠯᠤᠰ ᠢ᠋ ᠲᠣᠭᠣᠷᠢᠨ ᠪᠠᠢᠴᠠᠭᠠᠷᠠ ᠭᠠᠷᠤᠭᠰᠠᠨ ᠢ᠋ ᠲᠦᠷ ᠥᠭᠦᠯᠡᠬᠦ ᠦᠭᠡᠢ᠃
ᠵᠢᠴᠢ ᠥᠭᠦᠯᠡᠬᠦ ᠢᠨᠦ᠂ ᠲᠡᠭᠦᠨᠴᠡ ᠢᠳᠡᠷ ᠳᠣᠪᠣ᠂ ᠫᠤᠯᠭᠤᠳᠠᠢ ᠠ᠋ᠴᠠ ᠰᠠᠯᠤᠨ ᠬᠠᠷᠠᠬᠠᠨ ᠤᠯᠤᠰ ᠤ᠋ᠨ ᠵᠦᠭ ᠶᠠᠪᠤᠬᠤᠢ ᠳ᠋ᠤᠷ ᠵᠠᠮ ᠳ᠋ᠤᠷ ᠪᠧᠲ᠋ᠡ᠋ ᠤᠯᠤᠰ ᠤ᠋ᠨ ᠵᠠᠬ᠎ᠠ ᠪᠠᠷ ᠳᠠᠭᠠᠷᠢᠨ ᠭᠠᠷᠬᠤᠶ᠎ᠠ ᠪᠧᠲ᠋ᠡ᠋ ᠤᠯᠤᠰ ᠤ᠋ᠨ ᠬᠢᠵᠠᠭᠠᠷ ᠤ᠋ᠨ ᠴᠠᠭᠳᠠᠭᠤᠯ ᠤ᠋ᠨ ᠪᠠᠭᠤᠳᠠᠯ ᠳ᠋ᠤᠷ ᠬᠣᠨᠣᠭᠠᠳ ᠤᠴᠢᠷ ᠢ᠋ᠶ᠋ᠠᠨ ᠬᠡᠯᠡᠭᠰᠡᠨ ᠳ᠋ᠦ᠍ᠷ ᠬᠠᠷᠢᠨ ᠴᠢᠪᠬᠢᠲᠡᠯ᠎ᠡ ᠪᠠᠷᠢᠭ᠍ᠳᠠᠵᠤ᠂ ᠵᠢᠨᠦᠩ ᠮᠤᠬᠤᠯᠢ ᠶ᠋ᠢᠨ ᠭᠠᠮᠰᠢᠭ᠋ ᠢ᠋ ᠲᠡᠩᠬᠡᠷᠡᠭᠦᠯᠬᠦ ᠴᠡᠷᠢᠭ ᠦ᠋ᠨ ᠪᠠᠭᠤᠳᠠᠯ ᠳ᠋ᠤᠷ ᠬᠦᠷᠭᠡᠵᠦ ᠢᠷᠡᠭᠰᠡᠨ᠎ᠡ ᠢᠳᠡᠷ ᠳᠣᠪᠣ ᠮᠥᠨ ᠬᠦ᠌ ᠰᠢᠭᠤᠳ ᠦᠨᠡᠨ ᠢ᠋ᠶ᠋ᠡᠷ ᠥᠴᠢᠭᠡᠳ ᠥᠴᠦᠬᠡᠨ ᠴᠦ᠍ ᠬᠡᠷᠡᠭᠰᠡᠬᠦ ᠦᠭᠡᠢ ᠳ᠋ᠦ᠍ᠷ ᠮᠤᠬᠤᠯᠢ ᠲᠡᠭᠦᠨ ᠦ᠌ ᠳᠣᠲᠣᠷᠠᠬᠢ ᠤᠴᠢᠷ ᠰᠢᠯᠲᠠᠭᠠᠨ ᠢ᠋ ᠰᠣᠨᠣᠰᠴᠤ ᠮᠡᠳᠡᠭᠡᠳ ᠬᠦᠯᠢᠶᠡᠰᠦᠨ ᠢ᠋ ᠠᠨᠤ ᠲᠠᠢᠯᠤᠭᠤᠯᠵᠤ᠂ ᠠᠷᠢᠬᠢ ᠮᠢᠬ᠎ᠠ ᠴᠠᠳᠲᠠᠯ᠎ᠠ ᠢᠳᠡᠭᠦᠯᠵᠦ᠂ ᠪᠠᠰᠠ ᠬᠦᠨᠡᠰᠦᠨ ᠦ᠌ ᠬᠣᠨᠢ ᠭᠥᠷᠥᠭᠡᠰᠦ ᠪᠥᠰ ᠳᠡᠪᠡᠯ ᠬᠤᠪᠴᠠᠳ ᠱᠠᠩᠨᠠᠵᠤ ᠲᠠᠯᠪᠢᠨ ᠡᠭᠡᠭᠦᠯᠦᠭᠡᠳ ᠲᠡᠭᠦᠨ ᠢ᠋ ᠪᠠᠷᠢᠵᠤ ᠢᠷᠡᠭᠰᠡᠨ ᠴᠠᠭᠳᠠᠭᠤᠯ ᠢ᠋ ᠬᠢᠴᠢᠶᠡᠩᠭᠦᠢ ᠪᠣᠯᠭᠣᠮᠵᠢᠲᠠᠢ ᠭᠡᠮᠡᠨ ᠬᠦᠨᠳᠦᠳᠡ ᠱᠠᠩᠨᠠᠨ ᠬᠥᠬᠢᠭᠦᠯᠵᠦ ᠢᠯᠡᠭᠡᠪᠡ᠃ ᠡᠭᠦᠨ ᠳ᠋ᠦ᠍ᠷ ᠵᠢᠨᠦᠩ ᠮᠤᠬᠤᠯᠢ ᠯᠤᠭ᠎ᠠ ᠬᠠᠮᠲᠤ ᠢᠷᠡᠭᠰᠡᠨ ᠲᠡᠭᠦᠰᠴᠤᠭᠲᠦ ᠬᠡᠮᠡᠭᠴᠢ᠂ ᠵᠢᠴᠢ ᠵᠢᠨᠦᠩ ᠮᠤᠬᠤᠯᠢ ᠶ᠋ᠢᠨ ᠳᠡᠭᠦᠦ ᠳᠠᠢ᠌ᠠᠰᠠᠩ ᠨᠠᠷ ᠢᠳᠡᠷ ᠳᠣᠪᠣ ᠶ᠋ᠢ ᠶᠠᠭᠤᠨ ᠳ᠋ᠤᠷ ᠲᠠᠯᠪᠢᠵᠤ ᠡᠭᠡᠭᠦᠯᠦᠭᠰᠡᠨ ᠤᠴᠢᠷ ᠢ᠋ ᠠᠰᠠᠭᠤᠪᠠᠰᠤ ᠮᠤᠬᠤᠯᠢ ᠢᠨᠢᠶᠡᠨ ᠥᠭᠦᠯᠡᠷᠦᠨ : 《ᠲᠠ ᠰᠣᠨᠣᠰᠴᠤ ᠡᠰᠡ ᠭᠠᠷᠪᠠ ᠤᠤ ? ᠬᠡᠷᠡᠢᠳ ᠤᠯᠤᠰ ᠳᠣᠲᠣᠷ᠎ᠠ ᠠ᠋ᠴᠠ ᠢᠯᠵᠠᠷᠠᠬᠤ ᠰᠢᠬᠠᠪᠠ᠂ ᠬᠡᠦᠬᠡᠨ ᠬᠥᠮᠦᠨ ᠤᠯᠤᠰ ᠲᠥᠷᠥ ᠶ᠋ᠢᠨ ᠵᠠᠰᠠᠭ ᠤ᠋ᠨ ᠬᠡᠷᠡᠭ ᠢ᠋ ᠶᠠᠪᠤᠭᠤᠯᠪᠠᠰᠤ ᠠᠷᠭ᠎ᠠ ᠪᠢᠯᠢᠭ ᠤᠷᠪᠠᠬᠤ ᠮᠠᠭᠤ ᠢᠷᠣ᠎ᠠ ᠪᠣᠯᠠᠢ᠃ ᠡᠷᠲᠡ ᠯᠢᠶᠣᠤ ᠤᠯᠤᠰ ᠲᠤᠷ ᠬᠡᠳᠦᠢ ᠬᠣᠶᠠᠷ ᠦᠶ᠎ᠡ ᠡᠬᠡᠨᠡᠷ ᠲᠥᠷᠥ ᠶ᠋ᠢ ᠪᠠᠷᠢᠪᠠᠴᠤ ᠲᠡᠷᠡ ᠪᠣᠯᠪᠠᠰᠤ ᠤᠯᠤᠰ ᠤ᠋ᠨ ᠡᠬᠡ ᠪᠣᠯᠠᠢ᠃ ᠡᠨᠡ ᠬᠡᠮᠡᠭᠴᠢ ᠬᠠᠷᠢ ᠦᠵᠡᠭᠡᠳᠦᠢ ᠬᠡᠦᠬᠡᠨ ᠬᠥᠮᠦᠨ ᠬᠡᠳᠦᠢ ᠰᠡᠴᠡᠨ ᠮᠡᠷᠭᠡᠨ ᠰᠠᠢᠨ ᠪᠣᠯᠪᠠᠴᠤ ᠬᠥᠪᠡᠭᠦᠨ ᠦ᠌ ᠴᠢᠳᠠᠯ ᠥᠬᠢᠨ ᠳ᠋ᠦ᠍ᠷ ᠳᠠᠪᠰᠢᠪᠠᠰᠤ ᠬᠡᠦᠬᠡᠨ ᠬᠥᠮᠦᠨ ᠬᠡᠮᠡᠭᠴᠢ ᠡᠭᠡᠨᠡᠭᠲᠡ ᠪᠤᠰᠤᠳ ᠤ᠋ᠨ ᠬᠥᠮᠦᠨ ᠲᠤᠯᠠᠳᠠ ᠥᠪᠡᠷ ᠪᠠᠭᠤᠷᠠᠢ᠂ ᠪᠤᠰᠤᠳ ᠴᠢᠭᠢᠷᠠᠭ ᠪᠣᠯᠬᠤ ᠶ᠋ᠢᠨ ᠲᠡᠮᠳᠡᠭ᠃ ᠲᠡᠢᠨ ᠬᠦ᠌ ᠤᠯᠤᠰ ᠮᠥᠬᠥᠵᠦ ᠭᠡᠷ ᠡᠪᠳᠡᠷᠡᠬᠦ ᠦᠨᠳᠦᠰᠦᠨ ᠪᠣᠯᠤᠮᠤᠢ᠂ ᠡᠨᠡ ᠨᠢᠭᠡ᠃ ᠵᠢᠴᠢ ᠳ᠋ᠦ᠍ᠷ ᠬᠡᠷᠡᠢᠳ ᠦ᠋ᠨ ᠲᠡᠷᠡ ᠰᠠᠢᠬᠠᠨ ᠰᠣᠯᠤᠩᠭᠤᠸ᠎ᠠ ᠥᠬᠢᠨ᠂ ᠨᠠᠢ᠍ᠮᠠᠨ ᠤ᠋ ᠲᠡᠷᠡ ᠠᠯᠲᠠᠨᠱᠠᠭ᠎ᠠ ᠬᠥᠪᠡᠭᠦᠨ ᠦ᠌ ᠬᠡᠭᠡᠨᠴᠢᠷ ᠲᠥᠷᠥᠭᠰᠡᠨ ᠳ᠋ᠦ᠍ᠷ ᠲᠠᠴᠢᠶᠠᠵᠤ ᠤᠵᠢᠳ ᠰᠠᠮᠠᠭᠤᠨ ᠬᠤᠷᠢᠴᠠᠯ ᠰᠡᠳᠬᠢᠯ ᠦ᠋ᠨ ᠰᠢᠯᠲᠠᠭᠠᠨ ᠪᠣᠢ ᠲᠤᠯᠠ ᠰᠠᠶᠢ ᠡᠴᠢᠭᠡ ᠶ᠋ᠢᠨ ᠲᠤᠰ ᠡᠰᠡᠷᠭᠦᠴᠡᠯ ᠳ᠋ᠦ᠍ᠷ ᠥᠬᠢᠨ ᠢᠨᠤ ᠥᠭᠡᠳᠡ ᠤᠷᠤᠭᠤ ᠪᠠᠯᠩ ᠰᠡᠯᠡᠭ ᠶᠠᠪᠤᠯᠴᠠᠬᠤ ᠪᠣᠯᠠᠢ ᠃ ᠡᠭᠦᠨ ᠳ᠋ᠦ᠍ᠷ ᠶᠠᠮᠪᠠᠷ ᠰᠠᠢᠨ ᠬᠡᠷᠡᠭ ᠪᠣᠢ ᠠᠵᠢ ! ᠲᠡᠷᠡ ᠶᠠᠪᠤᠯᠴᠠᠪᠠᠰᠤ ᠶᠠᠪᠤᠯᠴᠠᠲᠤᠭᠠᠢ᠂ ᠪᠢ ᠴᠢᠳᠠᠬᠤᠯ᠎ᠠ ᠲᠡᠳᠡᠨ ᠦ᠌ ᠳᠣᠲᠣᠷ᠎ᠠ ᠠ᠋ᠴᠠ ᠥ ᠳᠡᠭᠳᠡᠲᠦᠭᠡᠢ ᠬᠡᠮᠡᠮᠦᠢ᠃ ᠪᠢᠳᠡ ᠲᠡᠭᠦᠨ ᠦ᠌ ᠵᠠᠮ ᠢ᠋ ᠲᠣᠰᠴᠤ ᠶᠠᠭᠤᠨ ᠳ᠋ᠤᠷ ᠲᠡᠳᠡᠨ ᠦ᠌ ᠭᠡᠮ ᠢ᠋ ᠲᠠᠰᠤᠯᠵᠤ ᠥᠭᠭᠦᠮᠦᠢ ? ᠡᠨᠡ ᠬᠣᠶᠠᠷ᠃ ᠪᠠᠰᠠ ᠴᠤ᠌ ᠲᠡᠷᠡ ᠮᠡᠲᠦ ᠥᠴᠦᠬᠡᠨ ᠰᠡᠳᠬᠢᠯᠳᠦ ᠭᠡᠷᠡᠢ᠍ᠢᠳ ᠠᠢᠮᠠᠭ ᠪᠣᠯᠪᠠᠴᠤ ᠲᠡᠷᠡ ᠮᠡᠲᠦ ᠠᠭᠤᠳᠠᠮ ᠥᠷᠦᠰᠢᠶᠡᠯᠲᠡᠢ ᠪᠡᠷ ᠬᠠᠭᠤᠷᠮᠠᠭᠯᠠᠨ ᠠᠭᠠᠰᠢᠯᠠᠵᠤ ᠪᠠᠢᠲᠠᠯ᠎ᠠ ᠪᠢᠳᠡᠨ ᠦ᠌ ᠦᠨᠡᠨ ᠥᠷᠥᠰᠢᠶᠡᠯᠲᠦ ᠪᠧᠲ᠋ᠡ᠋ ᠤᠯᠤᠰ ᠲᠡᠭᠦᠨ ᠦ᠌ ᠨᠢᠭᠡᠬᠡᠨ ᠬᠥᠮᠦᠨ ᠢ᠋ ᠵᠠᠮ ᠲᠣᠰᠴᠤ ᠠᠯᠠᠪᠠᠰᠤ ᠂ ᠮᠠᠨ ᠤ᠋ ᠡᠵᠡᠨ ᠦ᠌ ᠨᠢᠭᠤᠷ ᠲᠤᠷ ᠮᠠᠭᠤᠬᠠᠢ ᠪᠣᠯᠬᠤ ᠪᠥᠭᠡᠳ ᠨᠡᠩ ᠪᠠᠰᠠ ᠮᠠᠨ ᠤ᠋ ᠡᠵᠡᠨ ᠥᠪᠡᠷ ᠢ᠋ᠶ᠋ᠡᠨ ᠪᠠᠢᠯᠳᠤᠵᠤ ᠤᠨᠠᠭᠠᠭᠠᠳ ᠪᠠᠰᠠ ᠠᠯᠠᠭᠰᠠᠨ ᠦᠭᠡᠢ ᠡᠭᠡᠭᠦᠯᠦᠭᠰᠡᠨ ᠪᠥᠭᠡᠲᠡᠯ᠎ᠡ ᠪᠢᠳᠡ ᠲᠡᠭᠦᠨ ᠢ᠋ ᠵᠠᠮ ᠲᠣᠰᠴᠤ ᠠᠯᠠᠪᠠᠰᠤ ᠮᠠᠰᠢ ᠵᠣᠬᠢᠰ ᠦᠭᠡᠢ᠂ ᠡᠨᠡ ᠭᠤᠷᠪᠠ᠃ ᠡᠢᠮᠦ ᠭᠤᠷᠪᠠᠨ ᠵᠦᠢᠯ ᠦ᠋ᠨ ᠤᠴᠢᠷ ᠠᠲᠠᠯ᠎ᠠ ᠲᠡᠭᠦᠨ ᠦ᠌ ᠨᠢᠭᠡᠬᠡᠨ ᠬᠥᠮᠦᠨ ᠢ᠋ ᠠᠯᠠᠵᠤ ᠶᠠᠭᠤᠬᠢᠮᠤᠢ ? 》 ᠬᠡᠮᠡᠭᠰᠡᠨ ᠳ᠋ᠦ᠍ᠷ ᠣᠯᠠᠨ ᠢ᠋ᠶ᠋ᠠᠷ ᠶᠡᠬᠡᠯ᠎ᠡ ᠭᠠᠢᠬᠠᠯᠳᠤᠵᠤ ᠵᠢᠨᠦᠩ ᠦᠨᠡᠬᠡᠷ ᠰᠠᠬᠢᠭᠤᠯᠰᠤᠨ ᠪᠠᠭᠤᠵᠤ ᠲᠥᠷᠥᠭᠰᠡᠨ ᠪᠣᠯᠠᠢ ᠬᠡᠮᠡᠯᠳᠦᠪᠡᠢ᠃
ᠲᠡᠨᠳᠡᠴᠡ ᠡᠨᠡ ᠢᠳᠡᠷ ᠳᠣᠪᠣ ᠶ᠋ᠢ ᠪᠧᠲ᠋ᠡ᠋ ᠤᠯᠤᠰ ᠪᠠᠷᠢᠭᠠᠳ ᠬᠠᠷᠢᠨ ᠱᠠᠩ ᠬᠤᠷᠢᠮ ᠥᠭᠴᠦ ᠶᠠᠪᠤᠭᠤᠯᠤᠭᠰᠠᠨ ᠡᠨᠡ ᠬᠦ᠌ ᠮᠡᠳᠡᠭᠡ ᠶ᠋ᠢ ᠵᠠᠮᠤᠬ᠎ᠠ ᠰᠣᠨᠣᠰᠴᠤ ᠶᠠᠭᠠᠷᠠᠨ ᠢᠷᠡᠵᠦ ᠰᠢᠨ᠎ᠡ ᠬᠦᠩ ᠢᠯᠠᠭᠤ ᠳ᠋ᠤᠷ ᠥᠭᠦᠯᠡᠷᠦᠨ:《 ᠪᠧᠲ᠋ᠡ᠋ ᠤᠯᠤᠰ ᠤ᠋ᠨ ᠲᠡᠮᠦᠵᠢᠨ ᠤᠷᠢᠳᠤ ᠡᠳᠦᠷ ᠲᠠᠨ ᠯᠤᠭ᠎ᠠ ᠤᠷᠤᠭ ᠪᠠᠷᠢᠰᠤᠭᠠᠢ ᠬᠡᠮᠡᠭᠰᠡᠨ ᠪᠥᠭᠡᠳ ᠡᠳᠦᠭᠡ ᠪᠠᠰᠠ ᠢᠳᠡᠷ ᠳᠣᠪᠣ ᠶ᠋ᠢ ᠵᠠᠮ ᠲᠣᠰᠴᠤ ᠠᠪᠠᠴᠢᠨ ᠲᠠᠨ ᠤ᠋ ᠤᠯᠤᠰ ᠢ᠋ ᠳᠠᠢᠯᠠᠬᠤ ᠶ᠋ᠢ ᠵᠥᠪᠯᠡᠮᠦᠢ᠂ ᠡᠰᠡ ᠢᠲᠡᠭᠡᠪᠡᠰᠦ ᠴᠠᠭᠳᠠᠭᠤᠯ ᠠ᠋ᠴᠠ ᠠᠰᠠᠭᠤ᠃ ᠡᠷᠭᠢᠨ ᠬᠦᠩ ᠴᠢ ᠬᠡᠷᠪᠡ ᠪᠧᠲ᠋ᠡ᠋ ᠤᠯᠤᠰ ᠢ᠋ ᠳᠠᠢᠯᠠᠪᠠᠰᠤ ᠥᠴᠦᠬᠡᠨ ᠪᠢ ᠪᠠᠰᠠ ᠪᠤᠰᠤ ᠣᠯᠠᠨ ᠠᠢᠮᠠᠭ ᠤ᠋ᠨ ᠴᠡᠷᠢᠭ ᠢ᠋ ᠡᠯᠰᠡᠷ᠎ᠡ ᠡᠴᠢᠵᠦ ᠬᠠᠮᠲᠤ ᠬᠦᠴᠦᠨ ᠢ᠋ᠶ᠋ᠡᠷ ᠳᠠᠢᠯᠠᠪᠠᠰᠤ ᠡᠨᠡ ᠦᠶ᠎ᠡ ᠳ᠋ᠦ᠍ᠷ ᠪᠧᠲ᠋ᠡ᠋ ᠤᠯᠤᠰ ᠢ᠋ ᠮᠥᠬᠥᠭᠡᠵᠦ ᠪᠣᠯᠤᠮᠤᠢ᠃ ᠡᠨᠡ ᠴᠠᠭ ᠢ᠋ ᠠᠯᠳᠠᠪᠠᠰᠤ ᠬᠣᠢᠴᠢ ᠡᠳᠦᠷ ᠣᠯᠠᠨ ᠠᠢᠮᠠᠭ ᠴᠥᠮ ᠲᠡᠭᠦᠨ ᠦ᠌ ᠲᠣᠭᠣᠭᠠᠨ ᠤ᠋ ᠳᠣᠲᠣᠷᠠᠬᠢ ᠵᠢᠭᠠᠰᠤ ᠪᠣᠯᠤᠮᠤᠢ᠃ ᠡᠨᠡ ᠬᠢᠷᠢ ᠳ᠋ᠦ᠍ᠷ ᠪᠣᠯᠪᠠᠴᠤ ᠪᠧᠲ᠋ᠡ᠋ ᠤᠯᠤᠰ ᠣᠷᠴᠢᠨ ᠲᠣᠭᠣᠷᠢᠨ ᠮᠢᠩᠭᠠᠨ ᠭᠠᠵᠠᠷ ᠴᠥᠮ ᠲᠡᠭᠦᠨ ᠳ᠋ᠦ᠍ᠷ ᠬᠤᠷᠢᠶᠠᠭᠳᠠᠪᠠ !》 ᠬᠡᠮᠡᠬᠦᠢ ᠳ᠋ᠦ᠍ᠷ ᠴᠢᠪᠬᠢᠲᠡᠯ᠎ᠡ ᠰᠢᠨ᠎ᠡ ᠬᠦᠩ ᠢᠯᠠᠭᠤ ᠶ᠋ᠢᠨ ᠰᠡᠳᠬᠢᠯ ᠳ᠋ᠦ᠍ᠷ ᠨᠡᠢᠴᠡᠵᠦ ᠥᠭᠦᠯᠡᠷᠦᠨ : 《 ᠪᠢ ᠪᠠᠰᠠ ᠬᠡᠳᠦᠢᠨᠡᠢ ᠲᠡᠢᠨ ᠰᠡᠳᠬᠢᠵᠦ ᠤᠷᠢᠳᠤ ᠤᠳᠠᠭ᠎ᠠ ᠪᠧᠲ᠋ᠡ᠋ ᠤᠯᠤᠰ ᠤ᠋ᠨ ᠡᠵᠡᠨ ᠲᠡᠮᠦᠵᠢᠨ ᠦ᠌ ᠲᠥᠷᠥᠯ ᠦ᠋ᠨ ᠬᠥᠮᠦᠨ᠂ ᠠᠷᠳᠠ᠂ ᠬᠤᠰᠠᠭᠤᠷ᠂ ᠳᠡᠯᠵᠢᠲᠠᠢ ᠭᠤᠷᠪᠠᠭᠤᠯᠠ ᠯᠤᠭ᠎ᠠ ᠬᠡᠯᠡᠯᠴᠡᠬᠦᠶ᠎ᠡ᠂ ᠲᠡᠳᠡ ᠭᠤᠷᠪᠠᠭᠤᠯᠠ ᠲᠡᠳᠡᠨ ᠦ᠌ ᠠᠯᠠᠭᠲᠠᠢ ᠠᠭᠤᠯᠠᠨ ᠤ᠋ ᠪᠠᠢᠯᠳᠤᠭᠠᠨ ᠤ᠋ ᠴᠡᠷᠢᠭ ᠦ᠋ᠨ ᠣᠯᠵᠠ ᠶ᠋ᠢ ᠪᠤᠯᠢᠶᠠᠨ ᠠᠪᠴᠤ ᠣᠯᠠᠨ ᠴᠡᠷᠢᠭ ᠲᠦ᠍ᠷ ᠲᠦᠭᠡᠭᠡᠨ ᠥᠭᠪᠡ ᠭᠡᠮᠡᠨ ᠲᠡᠭᠦᠨ ᠦ᠌ ᠡᠵᠡᠨ ᠳ᠋ᠦ᠍ᠷ ᠮᠠᠰᠢ ᠬᠣᠷᠣᠰᠴᠤ ᠪᠠᠢᠭᠰᠠᠨ ᠪᠥᠯᠥᠭᠡ᠃ ᠲᠡᠢᠨ ᠬᠦ᠌ ᠪᠢ ᠥᠨᠥᠬᠡᠨ ᠬᠥᠮᠦᠨ ᠢᠯᠡᠭᠡᠵᠦ ᠲᠡᠩᠰᠡᠭᠦᠯᠦᠨ ᠬᠡᠯᠡᠯᠴᠡᠭᠦᠯᠪᠡᠰᠦ ᠲᠡᠳᠡᠨ ᠦ᠌ ᠬᠡᠯᠡᠬᠦ ᠢᠨᠦ: ᠬᠡᠷᠪᠡ ᠮᠠᠨ ᠤ᠋ ᠴᠡᠷᠢᠭ ᠳᠠᠢᠯᠠᠷ᠎ᠠ ᠡᠴᠢᠪᠡᠰᠦ ᠲᠡᠳᠡ ᠳᠣᠲᠣᠷ᠎ᠠ ᠠ᠋ᠴᠠ ᠲᠤᠰᠠᠯᠠᠰᠤᠭᠠᠢ ᠬᠡᠮᠡᠪᠡ᠂ ᠲᠡᠢᠨ ᠬᠦ᠌ ᠡᠨᠡ ᠬᠡᠪᠴᠢᠶᠡᠨ ᠢ᠋ ᠬᠡᠷᠬᠢᠪᠡᠴᠦ ᠠᠯᠳᠠᠵᠤ ᠪᠣᠯᠬᠤ ᠦᠭᠡᠢ ! 》 ᠬᠡᠮᠡᠭᠡᠳ ᠳᠠᠷᠤᠢ ᠡᠴᠢᠭᠡ ᠾᠧ ᠸᠠᠩ ᠳ᠋ᠤᠷ ᠮᠡᠳᠡᠭᠦᠯᠦᠭᠰᠡᠨ᠎ᠡ᠂ ᠾᠧ ᠸᠠᠩ ᠲᠣᠭᠣᠷᠢᠯ ᠰᠡᠭᠦᠷᠡᠰᠦᠨ ᠠᠯᠳᠠᠵᠤ ᠥᠭᠦᠯᠡᠷᠦᠨ: 《ᠪᠢ ᠬᠥᠪᠡᠭᠦᠨ ᠴᠢᠨᠦ ᠡᠢᠮᠦ ᠰᠠᠨᠠᠭᠠᠨ ᠪᠦᠬᠦᠢ ᠶ᠋ᠢ ᠬᠡᠳᠦᠢᠨᠡᠢ ᠰᠣᠨᠣᠰᠪᠠ᠃ ᠲᠡᠷᠡ ᠵᠠᠮᠤᠬ᠎ᠠ ᠬᠡᠮᠡᠭᠴᠢ ᠬᠥᠮᠦᠨ ᠮᠠᠰᠢ ᠲᠡᠰᠬᠡᠯ ᠦᠭᠡᠢ ᠤᠷᠠᠨ ᠬᠣᠩᠰᠢᠶᠠᠷᠲᠤ ᠮᠠᠭᠤ ᠬᠥᠮᠦᠨ ᠪᠠᠢᠨᠠᠮ᠃ ᠴᠢ ᠲᠡᠭᠦᠨ ᠦ᠌ ᠦᠭᠡ ᠶ᠋ᠢ ᠬᠡᠷᠬᠢᠪᠡᠴᠦ ᠪᠢᠲᠡᠭᠡᠢ ᠢᠲᠡᠭᠡᠮᠵᠢᠯᠡ ! 》 ᠬᠡᠮᠡᠭᠡᠳ ᠵᠥᠪᠰᠢᠶᠡᠬᠦ ᠦᠭᠡᠢ ᠳ᠋ᠦ᠍ᠷ ᠢᠯᠠᠭᠤ ᠲᠠᠪᠠ ᠦᠭᠡᠢ ᠪᠣᠯᠵᠤ᠂ ᠥᠷᠭᠥᠭᠡ ᠶ᠋ᠢᠨ ᠣᠷᠬᠢᠭᠤᠯ ᠢ᠋ ᠬᠦᠴᠦᠯᠡᠨ ᠨᠢᠭᠡᠨᠲᠡ ᠲᠠᠶᠠᠭᠳᠠᠵᠤ ᠭᠠᠷᠴᠤ ᠢᠷᠡᠭᠡᠳ ᠬᠡᠳᠦᠨ ᠡᠳᠦᠷ ᠪᠣᠯᠵᠤ ᠪᠠᠰᠠ ᠣᠷᠣᠵᠤ ᠮᠡᠳᠡᠭᠦᠯᠬᠦᠢ ᠳ᠋ᠦ᠍ᠷ ᠴᠢᠪᠬᠢᠲᠡᠯ᠎ᠡ ᠾᠧ ᠸᠠᠩ ᠤ᠋ᠨ ᠳᠡᠷᠭᠡᠳᠡ ᠥᠬᠢᠨ ᠢᠨᠤ ᠰᠣᠯᠤᠩᠭᠤᠸ᠎ᠠ᠂ ᠬᠠᠭᠤᠴᠢᠨ ᠲᠤᠰᠢᠮᠡᠯ ᠠᠨᠳᠤ᠂ ᠪᠠᠰᠠ ᠬᠣᠰᠢᠭᠤᠴᠢ ᠬᠤᠷᠭ᠎ᠠ ᠫᠤᠯᠭᠤᠳᠠᠢ ᠨᠠᠷ ᠴᠥᠮ ᠪᠠᠢᠬᠤ ᠳ᠋ᠤᠷ ᠲᠣᠬᠢᠶᠠᠯᠳᠤᠭᠠᠳ ᠾᠧ ᠸᠠᠩ ᠳᠠᠷᠤᠢ ᠤᠷᠲᠤ ᠰᠡᠭᠦᠷᠡᠰᠦᠨ ᠠᠯᠳᠠᠵᠤ ᠢᠯᠠᠭᠤ ᠶ᠋ᠢᠨ ᠵᠦᠭ ᠥᠭᠦᠯᠡᠷᠦᠨ : 《ᠠᠢ ! ᠶᠠᠭᠤ ᠲᠠᠢ ᠪᠡᠷᠬᠡᠲᠡᠢ ᠠᠵᠢ ! ᠮᠠᠨ ᠤ᠋ ᠭᠡᠷᠡᠢ᠍ᠢᠳ ᠤᠯᠤᠰ᠂ ᠪᠧᠲ᠋ᠡ᠋ ᠤᠯᠤᠰ ᠤ᠋ᠨ ᠬᠡᠳᠦᠨ ᠤᠳᠠᠭ᠎ᠠ ᠶ᠋ᠢᠨ ᠶᠡᠬᠡ ᠠᠴᠢ ᠳ᠋ᠤᠷ ᠠᠨᠤ ᠬᠦᠷᠲᠡᠵᠦ᠂ ᠮᠢᠨᠦ ᠡᠴᠢᠭᠡ ᠶ᠋ᠢᠨ ᠦᠶ᠎ᠡ ᠡᠴᠡ ᠲᠡᠳᠡᠨ ᠦ᠌ ᠡᠪᠦᠭᠡ ᠶ᠋ᠢᠨ ᠬᠠᠷᠠᠭᠠᠯᠵᠠᠯᠭ᠎ᠠ ᠳ᠋ᠤᠷ ᠰᠢᠲᠦᠭᠰᠡᠭᠡᠷ ᠢᠷᠡᠭᠡᠳ ᠪᠢ ᠲᠡᠮᠦᠵᠢᠨ ᠦ᠌ ᠡᠴᠢᠭᠡ ᠶᠢᠰᠦᠭᠡᠢ ᠪᠠᠭᠠᠲᠤᠷ ᠤ᠋ᠨ ᠬᠦᠴᠦᠨ ᠢ᠋ᠶ᠋ᠡᠷ ᠠᠪᠠᠭ᠎ᠠ ᠳ᠋ᠤᠷ ᠪᠤᠯᠢᠶᠠᠭᠳᠠᠭᠰᠠᠨ ᠬᠡᠷᠡᠢᠳ ᠤᠯᠤᠰ ᠢ᠋ ᠰᠠᠶᠢ ᠡᠭᠡᠭᠦᠯᠦᠨ ᠣᠯᠵᠤ ᠠᠪᠤᠪᠠ᠃ ᠬᠣᠢᠨ᠎ᠠ ᠪᠠᠰᠠ ᠡᠳᠦᠭᠡ ᠪᠣᠯᠲᠠᠯ᠎ᠠ ᠬᠡᠳᠦ ᠬᠡᠳᠦᠨ ᠤᠳᠠᠭ᠎ᠠ ᠮᠠᠨ ᠤ᠋ ᠤᠯᠤᠰ ᠲᠡᠮᠦᠵᠢᠨ ᠦ᠌ ᠲᠡᠳᠬᠦᠮᠵᠢ ᠪᠡᠷ ᠬᠥᠮᠦᠵᠢᠭᠰᠡᠨ ᠢ᠋ ᠬᠥᠪᠡᠭᠦᠨ ᠴᠢ ᠨᠢᠳᠦ ᠪᠡᠷ ᠦᠵᠡᠵᠦ ᠪᠡᠶ᠎ᠡ ᠪᠡᠷ ᠥᠩᠭᠡᠷᠡᠭᠡᠭᠰᠡᠨ ᠪᠥᠭᠡᠳ ᠪᠠᠰᠠ ᠴᠤ᠌ ᠠᠮᠠ ᠠᠯᠳᠠᠵᠤ ᠲᠠᠩᠭᠠᠷᠢᠭ᠍ᠯᠠᠭᠰᠠᠨ ᠭᠠᠵᠠᠷ ᠪᠣᠢ ᠪᠢᠰᠢ ᠦᠦ ? ᠲᠡᠢᠨ ᠪᠥᠭᠡᠳ ᠡᠳᠦᠭᠡ ᠲᠡᠷᠡ ᠮᠠᠭᠤ ᠬᠣᠩᠰᠢᠶᠠᠷᠲᠤ ᠮᠣᠭᠠᠢ ᠶ᠋ᠢᠨ ᠬᠡᠯᠡᠲᠦ ᠮᠠᠰᠢ ᠬᠠᠷᠭᠢᠰ ᠵᠠᠮᠤᠬ᠎ᠠ ᠶ᠋ᠢᠨ ᠦᠭᠡ ᠳ᠋ᠦ᠍ᠷ ᠣᠷᠣᠵᠤ᠂ ᠣᠨᠴᠠ ᠣᠭᠲᠣ ᠥ ᠦᠰ ᠦᠭᠡᠢ ᠶ᠋ᠢᠨ ᠳᠡᠭᠡᠷ᠎ᠡ ᠬᠠᠷᠢᠨ ᠦᠯᠡᠮᠵᠢ ᠠᠴᠢ ᠲᠤᠰᠠᠳᠠᠨᠠ ᠴᠡᠷᠢᠭ ᠲᠡᠢᠨ ᠳᠡᠭᠳᠡᠭᠡᠬᠦ ᠢᠨᠦ ᠶᠠᠭᠤᠨ ᠪᠣᠢ ? ᠪᠢ ᠡᠳᠦᠭᠡ ᠬᠥᠭᠰᠢᠷᠡᠨ ᠮᠤᠨᠤᠬᠤᠢ ᠶ᠋ᠢᠨ ᠮᠥᠷ ᠲᠦ᠍ᠷ ᠣᠷᠣᠵᠤ᠂ ᠰᠠᠬᠠᠯ ᠦᠰᠦ ᠴᠥᠮ ᠴᠠᠢᠵᠤ ᠥᠷᠯᠥᠭᠡ ᠮᠠᠨᠠᠭᠠᠷ ᠦᠬᠦᠬᠦ ᠰᠢᠬᠠᠵᠤᠬᠤᠢ᠃ ᠪᠢ ᠡᠨᠡ ᠪᠡᠶ᠎ᠡ ᠪᠡᠨ ᠠᠮᠤᠷ ᠢ᠋ᠶ᠋ᠠᠷ ᠦᠬᠦᠰᠦᠭᠡᠢ ᠭᠡᠮᠡᠨ ᠰᠠᠨᠠᠮᠤᠢ᠂ ᠴᠢ ᠨᠠᠮᠠᠶ᠋ᠢ ᠦᠬᠦᠲᠡᠯ᠎ᠡ ᠪᠠᠬᠠᠨ ᠠᠮᠠᠷᠠᠭᠤᠯᠤᠭᠲᠤᠨ᠂ ᠴᠢ ᠣᠨᠴᠠ ᠡᠷ᠎ᠡ ᠬᠥᠮᠦᠨ ᠦ᠌ ᠶᠠᠪᠤᠳᠠᠯ ᠢ᠋ᠶ᠋ᠠᠷ ᠶᠠᠪᠤᠰᠤᠭᠠᠢ ᠭᠡᠮᠡᠨ ᠦᠷᠭᠦᠯᠵᠢ ᠰᠠᠨᠠᠬᠤ ᠠᠪᠠᠰᠤ᠂ ᠬᠣᠢᠴᠢ ᠡᠳᠦᠷ ᠬᠡᠪᠴᠢᠶᠡᠨ ᠢ᠋ ᠦᠵᠡᠵᠦ ᠥᠨᠳᠥᠷ ᠮᠡᠷᠭᠡᠨ ᠤᠷᠠᠨ ᠰᠠᠢᠨ ᠠᠷᠭ᠎ᠠ ᠬᠡᠷᠡᠭᠯᠡᠵᠦ ᠬᠡᠷᠡᠭ ᠢ᠋ᠶ᠋ᠡᠨ ᠪᠦᠲᠦᠭᠡᠬᠦᠢ ᠳ᠋ᠦ᠍ᠷ ᠣᠷᠣᠢᠲᠠᠬᠤ ᠦᠭᠡᠢ ᠪᠣᠯᠠᠢ᠂ ᠡᠳᠦᠭᠡ ᠨᠠᠮᠠᠶ᠋ᠢ ᠪᠢᠲᠡᠭᠡᠢ ᠡᠨᠡ ᠮᠡᠲᠦ ᠵᠣᠪᠠᠭᠠᠵᠤ ᠰᠢᠬᠠᠮᠳᠠᠭᠤᠯᠤᠨ ᠣᠷᠬᠢᠭᠤᠯ ᠡᠭᠦᠳᠡ ᠶ᠋ᠢ ᠮᠢᠨᠦ ᠲᠠᠰᠤᠷᠠᠲᠠᠯ᠎ᠠ ᠲᠠᠶᠠᠭᠳᠠᠵᠤ ᠳᠠᠩᠴᠤ ᠶᠠᠳᠠᠭᠤᠯᠬᠤ ᠠᠨᠤ ᠶᠠᠭᠤᠨ ? 》 ᠬᠡᠮᠡᠬᠦᠢ ᠳ᠋ᠦ᠍ᠷ ᠬᠠᠵᠠᠭᠤ ᠠ᠋ᠴᠠ ᠥᠬᠢᠨ ᠳᠡᠭᠦᠦ ᠢᠨᠦ ᠰᠣᠯᠤᠩᠭᠤᠸ᠎ᠠ᠂ ᠵᠢᠴᠢ ᠠᠨᠳᠠ ᠬᠤᠷᠭ᠎ᠠ ᠫᠤᠯᠭᠤᠲᠠᠢ ᠨᠠᠷ ᠴᠤᠭᠠᠷ ᠣᠷᠣᠵᠤ ᠢᠷᠡᠨ ᠪᠧᠲ᠋ᠡ᠋ ᠤᠯᠤᠰ ᠤ᠋ᠨ ᠬᠡᠳᠦ ᠬᠡᠳᠦᠨ ᠤᠳᠠᠭ᠎ᠠ ᠶ᠋ᠢᠨ ᠶᠡᠬᠡ ᠠᠴᠢ ᠲᠤᠰᠠ ᠶ᠋ᠢ ᠲᠣᠭᠠᠴᠢᠵᠤ ᠢᠯᠠᠭᠤ ᠶ᠋ᠢᠨ ᠲᠡᠢᠨ ᠳᠡᠭᠳᠡᠭᠡᠬᠦ ᠶ᠋ᠢ ᠠᠷᠠᠢ ᠴᠢᠷᠠᠢ ᠬᠣᠷᠢᠭ᠍ᠯᠠᠵᠤ ᠬᠣᠢᠰᠢᠯᠠᠭᠤᠯᠪᠠ᠃
ᠡᠭᠦᠨ ᠢ᠋ ᠵᠠᠮᠤᠬ᠎ᠠ ᠴᠥᠮ ᠰᠦᠪᠡᠭᠴᠢᠯᠡᠨ ᠰᠣᠨᠣᠰᠤᠭᠠᠳ ᠾᠧ ᠸᠠᠩ ᠢ᠋ ᠰᠢᠳᠦ ᠵᠠᠭᠤᠨ ᠵᠠᠭᠤᠵᠤ ᠬᠣᠣᠷᠯᠠᠬᠤ ᠰᠠᠨᠠᠭᠠᠨ ᠢ᠋ ᠪᠠᠷᠢᠪᠠ᠃ ᠡᠨᠡ ᠮᠡᠳᠡᠭᠡ ᠶ᠋ᠢ ᠪᠧᠲ᠋ᠡ᠋ ᠤᠯᠤᠰ ᠤ᠋ᠨ ᠬᠢᠵᠠᠭᠠᠷ ᠤ᠋ᠨ ᠲᠤᠷᠰᠢᠭᠤᠯ ᠰᠣᠨᠣᠰᠴᠤ ᠵᠢᠨᠦᠩ ᠮᠤᠬᠤᠯᠢ ᠳ᠋ᠤᠷ ᠮᠡᠳᠡᠭᠦᠯᠦᠷ᠎ᠡ ᠢᠷᠡᠪᠡᠰᠦ ᠴᠡᠷᠢᠭ ᠦ᠋ᠨ ᠬᠦᠷᠢᠶ᠎ᠡ ᠳ᠋ᠦ᠍ᠷ ᠡᠷ᠎ᠡ ᠬᠥᠮᠦᠨ ᠥᠬᠢᠨ ᠪᠣᠯᠤᠨ ᠬᠤᠪᠢᠯᠪᠠ ᠭᠡᠮᠡᠨ ᠦᠢᠮᠡᠯᠳᠦᠮᠦᠢ᠃ ᠶᠠᠭᠤᠨ ᠳ᠋ᠤᠷ ᠡᠢᠮᠦ ᠰᠣᠨᠢᠨ ᠬᠡᠷᠡᠭ ᠭᠠᠷᠪᠠ ? ᠬᠡᠮᠡᠪᠡᠰᠦ : ᠦᠵᠡᠰᠡ ᠨᠠᠢ᠍ᠮᠠᠨ ᠤᠯᠤᠰ ᠡᠭᠡᠨᠡᠭᠲᠡ ᠬᠠᠭᠤᠴᠢᠨ ᠯᠢᠶᠣᠤ ᠤᠯᠤᠰ ᠢ᠋ ᠡᠵᠡᠯᠡᠭᠰᠡᠨ ᠢ᠋ᠶ᠋ᠡᠷ ᠬᠥᠮᠦᠨ ᠢᠨᠦ ᠣᠯᠠᠩᠬᠢ ᠨᠢ ᠰᠡᠴᠡᠨ ᠰᠡᠷᠭᠦᠯᠡᠩ ᠠᠷᠤᠤᠬᠠᠨ ᠭᠡᠭᠡᠬᠡᠨ ᠲᠤᠯᠠ ᠡᠨᠡ ᠤᠳᠠᠭ᠎ᠠ ᠶ᠋ᠢᠨ ᠠᠯᠬᠠᠲᠠᠢ ᠠᠭᠤᠯᠠᠨ ᠤ᠋ ᠪᠠᠢᠯᠳᠤᠭᠠᠨ ᠳ᠋ᠤᠷ ᠨᠠᠢ᠍ᠮᠠᠨ ᠤ᠋ ᠴᠡᠷᠢᠭ ᠳᠠᠷᠤᠭᠳᠠᠵᠤ ᠬᠡᠳᠦᠨ ᠮᠢᠩᠭᠠᠨ ᠬᠥᠮᠦᠨ ᠳᠠᠭᠠᠭᠰᠠᠨ᠎ᠠ᠂ ᠡᠭᠦᠨ ᠦ᠌ ᠳᠣᠲᠣᠷ᠎ᠠ ᠠ᠋ᠴᠠ ᠵᠢᠨᠦᠩ ᠮᠤᠬᠤᠯᠢ ᠬᠡᠳᠦᠨ ᠠᠷᠪᠠᠨ ᠬᠡᠦᠬᠡᠳ ᠢ᠋ ᠰᠣᠩᠭᠣᠨ ᠠᠪᠴᠤ ᠪᠡᠶ᠎ᠡ ᠶ᠋ᠢᠨ ᠣᠢᠷᠠᠬᠢ ᠵᠠᠷ ᠵᠠᠬᠢᠶ᠎ᠠ ᠤᠯᠠᠮᠵᠢᠯᠠᠬᠤ ᠲᠡᠩᠰᠡᠭᠦᠯ ᠲᠤᠷᠰᠢᠭᠤᠯ ᠪᠣᠯᠭᠠᠬᠤ᠂ ᠰᠠᠩ ᠬᠥᠮᠥᠷᠭᠡ ᠶ᠋ᠢᠨ ᠲᠢᠰᠡ ᠲᠦᠯᠬᠢᠭᠦᠷ ᠪᠠᠷᠢᠬᠤ᠂ ᠣᠷᠣᠵᠤ ᠭᠠᠷᠬᠤ ᠲᠡᠮᠳᠡᠭ ᠳᠠᠩᠰᠠ ᠪᠢᠴᠢᠭᠦᠯᠬᠦ᠂ ᠥᠴᠦᠬᠡᠨ ᠬᠡᠷᠡᠭ ᠲᠦ᠍ᠷ ᠵᠠᠷᠤᠴᠠᠯᠠᠬᠤ ᠠᠵᠤᠭᠤ᠃ ᠡᠳᠦᠭᠡ ᠭᠡᠨᠡᠳᠲᠡ ᠬᠢᠵᠠᠭᠠᠷ ᠤ᠋ᠨ ᠲᠤᠷᠰᠢᠭᠤᠯ ᠴᠠᠭᠳᠠᠭᠤᠯ ᠨᠠᠢ᠍ᠮᠠᠨ ᠤ᠋ ᠬᠣᠰᠢᠭᠤᠴᠢ ᠢᠳᠡᠷ ᠳᠣᠪᠣ ᠶ᠋ᠢ ᠪᠠᠷᠢᠵᠤ ᠢᠷᠡᠭᠰᠡᠨ ᠳ᠋ᠦ᠍ᠷ ᠮᠤᠬᠤᠯᠢ ᠬᠠᠷᠢᠨ ᠱᠠᠩ ᠬᠡᠰᠢᠭ ᠥᠭᠴᠦ ᠡᠭᠡᠭᠦᠯᠦᠨ ᠢᠯᠡᠭᠡᠬᠦᠶ᠎ᠡ᠂ ᠰᠠᠨᠠᠮᠰᠠᠷ ᠦᠭᠡᠢ ᠨᠠᠢ᠍ᠮᠠᠨ ᠤ᠋ ᠡᠳᠡᠭᠡᠷ ᠬᠡᠦᠬᠡᠳ ᠦ᠋ᠨ ᠳᠣᠲᠣᠷ᠎ᠠ ᠠ᠋ᠴᠠ ᠬᠣᠩᠭᠣᠷ ᠬᠡᠮᠡᠬᠦ ᠬᠥᠪᠡᠭᠦᠨ ᠨᠢᠭᠤᠵᠤ ᠨᠢᠯᠪᠤᠰᠤᠨ ᠤᠨᠠᠭᠠᠭᠰᠠᠨ ᠳ᠋ᠤᠷ ᠮᠤᠬᠤᠯᠢ ᠦᠵᠡᠵᠦ ᠭᠠᠷᠤᠭᠠᠳ ᠪᠠᠢᠴᠠᠭᠠᠨ ᠠᠰᠠᠭᠤᠷᠤᠨ : 《ᠪᠢ ᠲᠠᠨ ᠤ᠋ ᠡᠨᠡ ᠬᠡᠳᠦᠨ ᠬᠡᠦᠬᠡᠳ ᠢ᠋ ᠰᠢᠨᠵᠢᠯᠡᠨ ᠦᠵᠡᠵᠦ ᠰᠣᠩᠭᠣᠨ ᠠᠪᠴᠤ ᠪᠡᠶ᠎ᠡ ᠶ᠋ᠢᠨ ᠣᠢᠷ᠎ᠠ ᠳᠡᠪᠰᠢᠭᠦᠯᠦᠨ ᠬᠡᠷᠡᠭᠯᠡᠵᠦ᠂ ᠡᠭᠦᠳᠬᠦ ᠦᠢᠯᠡᠳᠬᠦ ᠣᠯᠠᠨ ᠠ᠋ᠴᠠ ᠬᠥᠩᠭᠡᠨ ᠠᠮᠠᠷ᠂ ᠡᠮᠦᠰᠬᠦ ᠢᠳᠡᠬᠦ ᠨᠡᠢᠲᠡ ᠡᠴᠡ ᠠᠮᠲᠠᠲᠠᠢ ᠥᠩᠭᠡᠲᠡᠢ ᠳ᠋ᠦ᠍ᠷ ᠪᠦᠭᠦᠳᠡᠭᠡᠷ ᠴᠥᠮ ᠴᠢᠷᠠᠢ ᠠᠷᠠᠢᠵᠤ ᠬᠥᠮᠥᠰᠬᠡ ᠳᠡᠯᠭᠡᠨ ᠮᠢᠨᠦ ᠬᠡᠰᠢᠭ ᠲᠣᠷ ᠵᠢᠳᠬᠦᠨ ᠪᠠᠶᠠᠷᠯᠠᠯᠴᠠᠨ ᠬᠥᠭᠡᠷᠦᠯᠴᠡᠨ ᠨᠠᠭᠠᠳᠤᠯᠴᠠᠨ ᠶᠠᠪᠤᠬᠤ ᠪᠥᠭᠡᠲᠡᠯ᠎ᠡ ᠭᠠᠭᠴᠠ ᠴᠢ ᠭᠠᠭᠴᠠᠭᠠᠷ ᠦᠯᠦ ᠰᠢᠳᠦᠨ᠂ ᠤᠯᠤᠰ ᠤ᠋ᠨ ᠬᠥᠮᠦᠨ ᠢ᠋ᠶ᠋ᠡᠨ ᠦᠵᠡᠮᠡᠭᠴᠡ ᠨᠢᠯᠪᠤᠰᠤᠨ ᠤᠨᠠᠭᠠᠭᠰᠠᠨ ᠠᠨᠤ ᠶᠠᠭᠤᠨ ? ᠪᠢ ᠴᠢᠮᠠᠶ᠋ᠢ ᠳᠠᠬᠢᠨ ᠳᠠᠪᠲᠠᠨ ᠰᠢᠨᠵᠢᠬᠦᠯ᠎ᠡ ᠴᠢᠨᠦ ᠴᠢᠷᠠᠢ ᠵᠢᠰᠦ ᠳ᠋ᠦ᠍ᠷ ᠮᠥᠨ ᠲᠡᠢᠮᠦ ᠰᠥᠷᠬᠦ ᠲᠡᠷᠰᠯᠡᠭᠦᠦ ᠰᠢᠨᠵᠢ ᠦᠭᠡᠢ ᠃ ᠪᠠᠰᠠ ᠴᠢᠨᠦ ᠠᠯᠬᠤᠬᠤ ᠭᠢᠰᠬᠢᠬᠦ ᠳᠤᠤᠭᠠᠷᠬᠤ ᠥᠭᠦᠯᠡᠬᠦ ᠳ᠋ᠦ᠍ᠷ ᠪᠠᠰᠠ ᠲᠡᠢᠮᠦ ᠵᠢᠷᠤᠮ ᠦᠭᠡᠢ ᠪᠠᠢᠳᠠᠯ ᠦᠭᠡᠢ ᠲᠤᠯᠠ ᠰᠢᠳᠠᠷ ᠬᠡᠷᠡᠭᠯᠡᠪᠡ ᠃ ᠯᠠᠪ ᠪᠢ ᠬᠥᠮᠦᠨ ᠢ᠋ ᠰᠢᠨᠵᠢᠵᠦ ᠠᠯᠳᠠᠪᠠᠢ ᠢ᠋᠎ᠡ ! 》 ᠭᠡᠮᠡᠨ ᠪᠠᠰᠠ ᠲᠡᠭᠦᠨᠴᠡ ᠳᠠᠬᠢᠨ ᠳᠠᠪᠲᠠᠨ ᠡᠷᠭᠢᠴᠡᠭᠦᠯᠦᠨ ᠠᠰᠠᠭᠤᠵᠤ ᠵᠣᠭᠰᠣᠬᠤ ᠦᠭᠡᠢ ᠳ᠋ᠦ᠍ᠷ ᠲᠡᠷᠡ ᠬᠣᠩᠭᠣᠷ ᠬᠥᠪᠡᠭᠦᠨ ᠠᠩᠬᠠᠨ ᠳ᠋ᠤᠷ ᠮᠥᠨ ᠳᠤᠤᠭᠠᠷ ᠶᠠᠳᠠᠬᠤ ᠪᠥᠯᠥᠭᠡ᠂ ᠬᠣᠢᠨ᠎ᠠ ᠨᠡᠬᠡᠮᠵᠢᠯᠡᠨ ᠠᠰᠠᠭᠤᠵᠤ ᠤᠳᠠᠭᠰᠠᠨ ᠳ᠋ᠤᠷ ᠠᠷᠭ᠎ᠠ ᠦᠭᠡᠢ ᠪᠣᠯᠵᠤ᠂ ᠳᠠᠷᠤᠢ ᠦᠨᠡᠨ ᠤᠴᠢᠷ ᠲᠤᠬᠠᠢ ᠪᠠᠨ ᠡᠬᠢᠨ ᠡᠴᠡ ᠠᠳᠠᠭ ᠲᠤᠷ ᠬᠦᠷᠲᠡᠯ᠎ᠡ ᠤᠬᠢᠯᠠᠨ ᠪᠠᠢᠵᠤ ᠴᠥᠮ ᠲᠣᠭᠠᠴᠢᠨ ᠭᠠᠷᠭᠠᠪᠠ ᠃ ᠡᠨᠡ ᠲᠣᠭᠠᠴᠢᠬᠤ ᠳ᠋ᠤᠷ ᠬᠠᠵᠠᠭᠤᠳᠠ ᠰᠣᠨᠣᠰᠴᠤ ᠪᠠᠢᠭᠰᠠᠨ ᠵᠠᠩᠵᠤᠨ ᠲᠦᠰᠢᠮᠡᠳ ᠴᠦ᠍ ᠴᠥᠮ ᠲᠡᠰᠬᠡᠯ ᠦᠭᠡᠢ ᠨᠢᠯᠪᠤᠰᠤᠨ ᠤᠨᠠᠭᠠᠯᠴᠠᠪᠠ ᠃ ᠡᠨᠡ ᠦᠨᠡᠬᠡᠷ ᠲᠡᠮᠦᠷ ᠭᠤᠲᠤᠰᠤᠨ ᠢ᠋ ᠡᠯᠳᠡᠯ᠎ᠡ ᠡᠷᠢᠪᠡᠴᠦ ᠦᠯᠦ ᠣᠯᠳᠠᠬᠤ ᠰᠤᠷᠠᠭ ᠂ ᠲᠡᠭᠦᠰ ᠤᠴᠠᠷᠠᠯᠳᠤ ᠬᠡᠳᠦᠬᠡᠨ ᠳᠤᠰᠤᠯ ᠨᠢᠯᠪᠤᠰᠤᠨ ᠳ᠋ᠤᠷ ᠥᠪᠡᠷ ᠢ᠋ᠶ᠋ᠡᠨ ᠢᠯᠡᠷᠡᠨ ᠭᠠᠷᠴᠤ ᠢᠷᠡᠪᠡ᠃ ᠡᠨᠡ ᠬᠥᠪᠡᠭᠦᠨ ᠢᠨᠦ ᠬᠡᠨ ? ᠬᠡᠮᠡᠪᠡᠰᠦ : ᠴᠢᠪ ᠴᠢᠬᠡ ᠨᠠᠢ᠍ᠮᠠᠨ ᠤᠯᠤᠰ ᠤ᠋ᠨ ᠡᠴᠢᠭᠡ ᠶ᠋ᠢᠨ ᠲᠥᠯᠥᠭᠡ ᠴᠡᠷᠢᠭ ᠲᠦ᠍ᠷ ᠭᠠᠷᠤᠭᠰᠠᠨ ᠡᠯᠪᠡᠷᠢᠯᠳᠦ ᠬᠡᠦᠬᠡᠨ ᠬᠣᠩᠭᠣᠷ ᠵᠤᠯᠠ ᠠᠵᠤᠭᠤ ᠃ ᠦᠵᠡᠰᠡ ᠬᠣᠩᠭᠣᠷ ᠵᠤᠯᠠ ᠬᠠᠷᠠᠬᠠᠨ ᠡᠴᠢᠭᠡ ᠡᠬᠡ ᠡᠴᠡ ᠪᠡᠨ ᠠᠶᠠᠷᠯᠠᠨ ᠰᠠᠯᠤᠭᠰᠠᠨ ᠠ᠋ᠴᠠ ᠬᠣᠢᠰᠢ ᠶᠡᠬᠡ ᠴᠡᠷᠢᠭ ᠲᠦ᠍ᠷ ᠨᠡᠢᠯᠡᠵᠦ ᠂ ᠪᠧᠲ᠋ᠡ᠋ ᠤᠯᠤᠰ ᠤ᠋ᠨ ᠵᠦᠭ ᠮᠣᠷᠢᠯᠠᠨ ᠢᠷᠡᠬᠦᠶ᠎ᠡ ᠵᠠᠮ ᠤ᠋ᠨ ᠵᠠᠭᠤᠷ᠎ᠠ ᠬᠠᠮᠲᠤ ᠶᠠᠪᠤᠬᠤ ᠨᠥᠬᠥᠳ ᠲᠡᠭᠦᠨ ᠦ᠌ ᠬᠣᠶᠠᠷ ᠴᠢᠬᠢ ᠳ᠋ᠦ᠍ᠷ ᠴᠥᠮ ᠴᠣᠭᠣᠷᠣᠬᠠᠢ ᠲᠠᠢ ᠶ᠋ᠢ ᠦᠵᠡᠭᠡᠳ ᠤᠴᠢᠷ ᠢ᠋ ᠠᠰᠠᠭᠤᠪᠠᠰᠤ ᠥᠴᠢᠬᠦ ᠢᠨᠦ : 《 ᠪᠢ ᠬᠥᠮᠦᠨ ᠦ᠌ ᠭᠠᠭᠴᠠ ᠬᠥᠪᠡᠭᠦᠨ ᠲᠤᠯᠠ ᠲᠥᠷᠥᠭᠰᠡᠨ ᠳᠠᠷᠤᠢ ᠡᠩᠬᠦᠷᠡᠢᠯᠡᠵᠦ᠂ ᠬᠣᠶᠠᠷ ᠴᠢᠬᠢ ᠶ᠋ᠢ ᠴᠥᠮ ᠴᠤᠭᠤᠯᠪᠠ 》 ᠬᠡᠮᠡᠪᠡ᠃ ᠠᠷᠤ ᠭᠠᠵᠠᠷ ᠲᠡᠢᠮᠦ ᠢᠨᠤ ᠣᠯᠠᠨ ᠲᠤᠯᠠ ᠣᠯᠠᠩᠬᠢ ᠨᠢ ᠴᠥᠮ ᠢᠲᠡᠭᠡᠮᠵᠢᠯᠡᠮᠦᠢ᠃ ᠵᠠᠷᠢᠮ ᠪᠠᠬᠠᠨ ᠬᠢᠨᠠᠮᠠᠭᠠᠢ ᠠᠷᠠᠳ ᠲᠡᠭᠦᠨ ᠦ᠌ ᠥᠩᠭᠡ ᠵᠢᠰᠦ ᠣᠯᠠᠨ ᠠ᠋ᠴᠠ ᠦᠵᠡᠰᠬᠦᠯᠡᠩ ᠭᠤᠸ᠎ᠠ᠂ ᠮᠢᠬ᠎ᠠ ᠠᠷᠠᠰᠤ ᠡᠩ ᠡᠴᠡ ᠡᠲᠡᠭᠡᠳ ᠪᠤᠯᠪᠠᠷᠠᠢ ᠳ᠋ᠤᠷ ᠰᠡᠮᠡᠬᠡᠷ ᠰᠡᠳᠬᠢᠯ ᠲᠠᠯᠪᠢᠨ ᠲᠡᠩᠰᠡᠬᠦᠢ ᠶ᠋ᠢ ᠬᠣᠩᠭᠣᠷ ᠵᠤᠯᠠ ᠬᠡᠳᠦᠢᠨᠡᠢ ᠮᠡᠳᠡᠭᠡᠳ ᠬᠡᠪᠲᠡᠬᠦ ᠤᠮᠳᠠᠬᠤᠢ ᠳ᠋ᠤᠷ ᠳᠡᠪᠡᠯ ᠪᠦᠰᠡ ᠪᠡᠨ ᠰᠠᠢᠲᠤᠷ ᠪᠠᠲᠤᠯᠠᠨ ᠦᠯᠦ ᠰᠡᠷᠡᠭᠳᠡᠬᠦᠶᠡ᠂ ᠴᠡᠷᠢᠭ ᠦ᠋ᠨ ᠭᠠᠵᠠᠷ ᠲᠤᠯᠠ ᠳᠡᠪᠡᠯ ᠦᠯᠦ ᠲᠠᠢᠯᠬᠤ ᠬᠠᠤᠯᠢ ᠲᠣᠭᠲᠠᠭᠰᠠᠨ ᠣᠴᠢᠷ᠎ᠠ ᠬᠥᠮᠦᠨ ᠪᠠᠰᠠ ᠨᠠᠷᠢᠪᠴᠢᠯᠠᠨ ᠠᠰᠠᠭᠤᠵᠤ ᠴᠢᠳᠠᠬᠤ ᠦᠭᠡᠢ ᠃ ᠬᠡᠳᠦᠢᠪᠡᠷ ᠰᠢᠩᠭᠡᠨ ᠮᠥᠷ ᠦᠵᠡᠬᠦᠢ ᠳ᠋ᠦ᠍ᠷ ᠪᠣᠯᠪᠠᠴᠤ ᠣᠯᠠᠨ ᠮᠣᠷᠢᠨ ᠤ᠋ ᠰᠦᠷᠦᠭ ᠦ᠋ᠨ ᠳᠣᠲᠣᠷ᠎ᠠ ᠰᠢᠭᠡᠬᠦ ᠲᠤᠯᠠ ᠣᠯᠠᠨ ᠮᠣᠷᠢ ᠭᠢᠰᠬᠢᠯᠡᠭᠡᠳ ᠰᠢᠭᠡᠭᠰᠡᠨ ᠭᠠᠵᠠᠷ ᠢ᠋ ᠰᠢᠨᠵᠢᠨ ᠣᠯᠵᠤ ᠴᠢᠳᠠᠬᠤ ᠦᠭᠡᠢ ᠳ᠋ᠦ᠍ᠷ ᠣᠯᠠᠨ ᠢ᠋ᠶ᠋ᠠᠷ ᠮᠡᠳᠡᠵᠦ ᠡᠰᠡ ᠴᠢᠳᠠᠪᠠᠢ᠃ ᠬᠣᠶᠠᠷ ᠲᠤᠷ ᠡᠳᠦᠷ ᠤᠳᠠᠭᠰᠠᠨ ᠦᠭᠡᠢ ᠪᠡᠷ ᠠᠯᠠᠭᠲᠠᠢ ᠠᠭᠤᠯᠠᠨ ᠤ᠋ ᠭᠠᠵᠠᠷ ᠬᠦᠷᠴᠦ ᠢᠷᠡᠭᠡᠳ ᠶᠡᠬᠡ ᠪᠠᠢᠯᠳᠤᠭᠠᠨ᠎ᠠ ᠪᠠᠰᠠ ᠡᠷᠡᠯᠭᠡᠨ ᠴᠡᠷᠢᠭ ᠦ᠋ᠨ ᠡᠮᠦᠨ᠎ᠡ ᠪᠠᠢᠭᠰᠠᠭᠠᠷ ᠰᠠᠯᠬᠢᠨ ᠰᠢᠭᠤᠷᠭᠠᠨ ᠤᠷᠪᠠᠴᠤ᠂ ᠪᠧᠲ᠋ᠡ᠋ ᠤᠯᠤᠰ ᠤ᠋ᠨ ᠴᠡᠷᠢᠭ ᠭᠡᠨᠡᠳᠲᠡ ᠴᠣᠬᠢᠨ ᠣᠷᠣᠭᠰᠠᠨ ᠳ᠋ᠤᠷ ᠳᠤᠲᠠᠭᠠᠨ ᠵᠠᠪᠳᠤᠭᠰᠠᠨ ᠦᠭᠡᠢ᠃ ᠪᠧᠲ᠋ᠡ᠋ ᠤᠯᠤᠰ ᠤ᠋ᠨ ᠴᠡᠷᠢᠭ ᠦ᠋ᠨ ᠬᠣᠢᠨ᠎ᠠ ᠨᠣᠷᠤᠵᠤ ᠭᠠᠯ ᠠ᠋ᠴᠠ ᠬᠡᠯᠲᠦᠷᠢᠭᠡᠳ ᠣᠯᠠᠨ ᠴᠡᠷᠢᠭ ᠪᠧᠲ᠋ᠡ᠋ ᠤᠯᠤᠰ ᠲᠤᠷ ᠳᠠᠭᠠᠬᠤᠢ ᠳ᠋ᠤᠷ ᠬᠠᠮᠲᠤ ᠰᠥᠭᠥᠳᠴᠦ ᠳᠠᠭᠠᠭᠰᠠᠨ ᠠᠵᠤᠭᠤ ᠃ ᠡᠭᠦᠨ ᠢ᠋ ᠬᠡᠷᠬᠢᠬᠦ ᠶ᠋ᠢ ᠮᠡᠳᠡᠰᠦᠭᠡᠢ ᠬᠡᠮᠡᠪᠡᠰᠦ ᠳᠣᠣᠷᠠᠲᠤ ᠪᠦᠯᠦᠭ ᠲᠣᠷ ᠦᠵᠡᠲᠦᠭᠡᠢ ᠃
ᠴᠣᠬᠣᠯᠠᠭᠰᠠᠨ ᠠᠨᠤ
ᠡᠨᠡ ᠪᠦᠯᠦᠭ ᠲᠣᠷ ᠴᠢᠬᠤᠯᠠ ᠦᠭᠡᠰ ᠲᠠᠪᠤᠨ ᠠᠩᠭᠢ ᠂ ᠴᠢᠬᠤᠯᠠ ᠰᠤᠷᠭᠠᠯ ᠲᠠᠪᠤᠨ ᠠᠩᠭᠢ ᠂ ᠨᠡᠢᠲᠡ ᠠᠷᠪᠠᠨ ᠠᠩᠭᠢ᠃ ᠲᠡᠷᠢᠭᠦᠨ ᠳ᠋ᠦ᠍ᠷ ᠲᠠᠢᠽᠦ ᠶ᠋ᠢᠨ ᠳᠡᠭᠦᠦ ᠬᠦᠷᠭᠡᠨ ᠢ᠋ᠶ᠋ᠡᠨ ᠲᠠᠪᠤᠨᠠᠩ ᠪᠤᠲ᠋ᠤ ᠶ᠋ᠢ ᠰᠤᠷᠭᠠᠭᠰᠠᠨ ᠨᠢᠭᠡ᠃ ᠬᠣᠶᠠᠷ ᠲᠤᠷ ᠥᠭᠡᠯᠦᠨ ᠦᠵᠢᠨ ᠦ᠌ ᠠᠪᠠᠬᠠᠢ ᠪᠠᠨ ᠰᠤᠷᠭᠠᠭᠰᠠᠨ᠃ ᠭᠤᠷᠪᠠᠨ ᠳ᠋ᠤᠷ ᠲᠠᠢᠽᠦ ᠳᠡᠭᠦᠦ ᠬᠠᠪᠤᠲᠤ ᠬᠠᠰᠠᠷ ᠢ᠋ ᠰᠤᠷᠭᠠᠭᠰᠠᠨ᠃ ᠳᠥᠷᠪᠡᠨ ᠳ᠋ᠦ᠍ᠷ ᠲᠠᠢᠽᠦ ᠮᠤᠬᠤᠯᠢ ᠶ᠋ᠢ ᠰᠤᠷᠭᠠᠨ ᠭᠠᠮᠰᠢᠭ᠋ ᠢ᠋ ᠲᠡᠩᠬᠡᠷᠡᠭᠦᠯᠦᠷ᠎ᠡ ᠢᠯᠡᠭᠡᠭᠰᠡᠨ᠃ ᠲᠠᠪᠤᠨ ᠳ᠋ᠤᠷ ᠮᠤᠬᠤᠯᠢ ᠳᠡᠭᠦᠦ ᠪᠠ ᠵᠠᠩᠵᠤᠨ ᠨᠠᠷ ᠲᠤᠷ ᠡᠷ᠎ᠡ ᠡᠮ᠎ᠡ ᠥᠬᠢᠳ ᠬᠡᠦᠬᠡᠳ ᠦ᠋ᠨ ᠢᠷᠣ᠎ᠠ ᠪᠡᠯᠭᠡ ᠶ᠋ᠢ ᠲᠠᠢᠯᠤᠭᠰᠠᠨ᠃ ᠵᠢᠷᠭᠤᠭ᠎ᠠ ᠳ᠋ᠤᠷ ᠰᠣᠯᠤᠩᠭᠤᠸ᠎ᠠ ᠶ᠋ᠢᠨ ᠫᠤᠯᠭᠤᠳᠠᠢ ᠶ᠋ᠢ ᠡᠷᠭᠢᠴᠡᠭᠦᠯᠦᠨ ᠠᠰᠠᠭᠤᠭᠰᠠᠨ᠃ ᠳᠣᠯᠣᠭᠠᠨ ᠳ᠋ᠤᠷ ᠰᠤᠯᠤᠩᠭᠤᠸ᠎ᠠ ᠶ᠋ᠢᠨ ᠠᠬ᠎ᠠ ᠢᠯᠠᠭᠤ ᠶ᠋ᠢ ᠰᠡᠷᠡᠮᠵᠢᠯᠡᠭᠦᠯᠵᠦ ᠢᠳᠡᠷ ᠳᠣᠪᠣ ᠶ᠋ᠢ ᠲᠠᠯᠪᠢᠭᠤᠯᠤᠭᠰᠠᠨ᠃ ᠨᠠᠢ᠍ᠮᠠᠨ ᠳ᠋ᠤᠷ ᠰᠣᠯᠤᠩᠭᠤᠸ᠎ᠠ ᠢᠳᠡᠷ ᠳᠣᠪᠣ ᠳ᠋ᠤᠷ ᠰᠤᠮᠤ ᠪᠠ ᠡᠷᠭᠡᠢᠪᠴᠢ ᠶ᠋ᠢ ᠦᠵᠡᠭᠦᠯᠵᠦ ᠲᠡᠳᠡᠭᠡᠷ ᠦᠭᠡᠰ ᠢ᠋ ᠬᠡᠯᠡᠭᠰᠡᠨ᠃ ᠶᠢᠰᠦ ᠳ᠋ᠦ᠍ᠷ ᠠᠨᠳᠤ ᠶ᠋ᠢᠨ ᠫᠤᠯᠭᠤᠳᠠᠢ ᠶ᠋ᠢ ᠬᠢᠴᠢᠶᠡᠨ ᠶᠠᠪᠤᠬᠤ ᠶ᠋ᠢ ᠰᠤᠷᠭᠠᠭᠰᠠᠨ ᠃ ᠠᠷᠪᠠᠨ ᠳ᠋ᠤᠷ ᠾᠧ ᠸᠠᠩ ᠤ᠋ᠨ ᠬᠥᠪᠡᠭᠦᠨ ᠢᠯᠠᠭᠤ ᠶ᠋ᠢᠨ ᠴᠡᠷᠢᠭᠯᠡᠰᠦᠭᠡᠢ ᠬᠡᠮᠡᠭᠰᠡᠨ ᠳ᠋ᠦ᠍ᠷ ᠬᠣᠷᠢᠭ᠍ᠯᠠᠨ ᠰᠤᠷᠭᠠᠵᠤ ᠬᠡᠯᠡᠭᠰᠡᠨ ᠡᠨᠡ ᠠᠷᠪᠠᠨ ᠠᠩᠭᠢ ᠪᠤᠶᠤ ᠃ ᠡᠨᠡ ᠠᠷᠪᠠᠨ ᠠᠩᠭᠢ ᠦᠭᠡᠰ ᠦ᠋ᠨ ᠪᠤᠰᠤ ᠶᠢᠰᠦᠨ ᠠᠩᠭᠢ ᠦᠭᠡᠰ ᠴᠥᠮ ᠢ᠋ᠶ᠋ᠠᠷ ᠮᠠᠰᠢ ᠴᠢᠬᠡᠴᠢ ᠮᠠᠰᠢ ᠰᠢᠳᠤᠷᠭᠤ ᠮᠠᠰᠢ ᠣᠨᠣᠪᠴᠢᠲᠠᠢ ᠮᠠᠰᠢ ᠬᠡᠷᠡᠭᠲᠡᠢ ᠪᠣᠯᠪᠠ᠃ ᠭᠠᠭᠴᠠ ᠾᠧ ᠸᠠᠩ ᠲᠣᠭᠣᠷᠢᠯ ᠤ᠋ᠨ ᠡᠨᠡ ᠨᠢᠭᠡᠨ ᠠᠩᠭᠢ ᠦᠭᠡᠰ ᠲᠣᠷ ᠳᠠᠷᠤᠢ ᠭᠡᠷᠡᠢ᠍ᠢᠳ ᠠᠢᠮᠠᠭ ᠵᠠᠭᠤᠷᠮ᠎ᠠ ᠮᠥᠬᠥᠵᠦ ᠾᠧ ᠸᠠᠩ ᠤ᠋ᠨ ᠪᠡᠶ᠎ᠡ ᠰᠠᠢᠨ ᠢ᠋ᠶ᠋ᠠᠷ ᠦᠯᠦ ᠡᠴᠦᠰᠯᠡᠬᠦ ᠢᠨᠦ ᠨᠢᠭᠡᠨᠲᠡ ᠢᠯᠡᠷᠡᠨ ᠭᠠᠷᠴᠤ ᠢᠷᠡᠯᠦᠭᠡ᠃ ᠤᠴᠢᠷ ᠶᠠᠭᠤᠨ ? ᠬᠡᠮᠡᠪᠡᠰᠦ : ᠠᠶ᠎ᠠ ! 《 ᠶᠡᠬᠡ ᠰᠤᠷᠲᠠᠬᠤᠢ 》 ᠳ᠋ᠤᠷ ᠥᠭᠦᠯᠡᠭᠰᠡᠨ ᠢᠨᠦ: 《 ᠬᠥᠮᠦᠨ ᠥᠪᠡᠷ ᠦ᠋ᠨ ᠢᠨᠠᠭ ᠠᠮᠠᠷᠠᠭ ᠲᠤᠷ ᠬᠡᠯᠪᠡᠷᠢᠮᠦᠢ 》 ᠬᠡᠮᠡᠭᠰᠡᠨ ᠪᠠ ᠵᠢᠴᠢ 《 ᠬᠥᠮᠦᠨ ᠥᠪᠡᠷ ᠦ᠋ᠨ ᠬᠥᠪᠡᠭᠦᠨ ᠦ᠌ ᠮᠠᠭᠤ ᠲᠥᠷᠥᠭᠰᠡᠨ ᠢ᠋ ᠮᠡᠳᠡᠬᠦ ᠦᠭᠡᠢ᠂ ᠬᠥᠮᠦᠨ ᠥᠪᠡᠷ ᠦ᠋ᠨ ᠲᠠᠷᠢᠶᠠᠨ ᠤ᠋ ᠥᠨᠳᠥᠷ ᠥᠰᠦᠭᠰᠡᠨ ᠢ᠋ ᠤᠬᠠᠬᠤ ᠦᠭᠡᠢ 》 ᠬᠡᠮᠡᠭᠰᠡᠨ ᠢᠨᠤ ᠦᠨᠡᠬᠡᠷ ᠶᠠᠭᠤᠲᠠᠢ ᠲᠣᠪᠴᠢ ᠲᠠᠢ ᠪᠣᠭᠳᠠᠰ ᠤ᠋ᠨ ᠦᠭᠡ ᠵᠠᠷᠯᠢᠭ ᠠᠵᠢ ! ᠡᠨᠡ ᠾᠧ ᠸᠠᠩ ᠲᠡᠭᠦᠨ ᠦ᠌ ᠬᠥᠪᠡᠭᠦᠨ ᠦ᠌ ᠠᠴᠢ ᠶ᠋ᠢ ᠲᠡᠰᠡᠷᠭᠦᠯᠡᠨ᠂ ᠵᠢᠷᠤᠮ ᠢ᠋ ᠰᠥᠷᠬᠦ ᠶ᠋ᠢ ᠨᠢᠭᠡᠨᠲᠡ ᠮᠡᠳᠡᠪᠡᠰᠦ ᠲᠡᠳᠦ ᠪᠣᠢ ᠢ᠋᠎ᠡ ᠃ ᠣᠳᠣ ᠤᠭ ᠡᠬᠢᠯᠡᠭᠰᠡᠨ ᠦᠭᠡᠰ ᠦ᠋ᠨ ᠶᠣᠰᠣᠭᠠᠷ ᠦᠭᠡ ᠶ᠋ᠢ ᠲᠡᠭᠦᠰᠦᠨ ᠲᠡᠭᠦᠰᠲᠡᠯ᠎ᠡ ᠰᠢᠭᠤᠳ ᠪᠧᠲ᠋ᠡ᠋ ᠤᠯᠤᠰ ᠤ᠋ᠨ ᠠᠴᠢ ᠲᠤᠰᠠ ᠶ᠋ᠢ ᠲᠣᠭᠠᠴᠢᠵᠤ᠂ ᠬᠥᠪᠡᠭᠦᠨ ᠢ᠋ᠶ᠋ᠡᠨ ᠣᠭᠴᠣ ᠲᠠᠰᠤ ᠴᠢᠩᠳᠠᠯᠠᠨ ᠵᠠᠬᠢᠵᠤ ᠭᠠᠷᠭᠠᠪᠠᠰᠤ ᠵᠣᠬᠢᠬᠤ ᠠᠲᠠᠯ᠎ᠠ ᠣᠳᠣ ᠪᠠᠰᠠ ᠦᠭᠡ ᠰᠤᠷᠭᠠᠯ ᠤ᠋ᠨ ᠰᠡᠭᠦᠯ ᠢ᠋ ᠭᠠᠵᠢᠭᠤ ᠤᠳᠤᠷᠢᠳᠤᠭᠰᠠᠨ ᠢ᠋ᠶ᠋ᠠᠷ ᠬᠤᠷᠢᠶᠠᠵᠤ : 《 ᠴᠢ ᠦᠨᠡᠬᠡᠷ ᠡᠷ᠎ᠡ ᠶ᠋ᠢᠨ ᠶᠠᠪᠤᠳᠠᠯ ᠢ᠋ ᠮᠥᠷᠳᠡᠪᠡᠰᠦ ᠬᠣᠢᠴᠢ ᠡᠳᠦᠷ ᠬᠡᠪᠴᠢᠶᠡᠨ ᠢ᠋ ᠦᠵᠡᠵᠦ ᠥᠨᠳᠥᠷ ᠰᠠᠢᠨ ᠤᠷᠠᠨ ᠨᠠᠷᠢᠨ ᠠᠷᠭ᠎ᠠ ᠪᠠᠷ ᠶᠠᠪᠤᠵᠤ ᠦᠢᠯᠡᠰ ᠢ᠋ᠶ᠋ᠡᠨ ᠪᠦᠲᠦᠭᠡᠭᠳᠡᠬᠦᠢ ! 》 ᠬᠡᠮᠡᠬᠦ ᠵᠡᠷᠭᠡ ᠶ᠋ᠢᠨ ᠦᠭᠡᠰ ᠢ᠋ ᠬᠡᠯᠡᠵᠦ ᠲᠡᠭᠦᠨ ᠦ᠌ ᠰᠡᠳᠬᠢᠯ ᠢ᠋ ᠨᠡᠩ ᠭᠦᠨ᠎ᠡ ᠥᠷᠨᠢᠭᠦᠯᠦᠭᠰᠡᠨ ᠠᠵᠢ᠂ ᠡᠨᠡ ᠶᠠᠪᠤᠳᠠᠯ ᠨᠢᠭᠡ᠃ ᠵᠢᠴᠢ ᠲᠡᠷᠡ ᠵᠠᠮᠤᠬ᠎ᠠ ᠲᠡᠰᠬᠡᠯ ᠦᠭᠡᠢ ᠮᠠᠭᠤ ᠬᠥᠮᠦᠨ ᠢ᠋ ᠶᠠᠮᠪᠠᠷ ᠥᠨᠥᠬᠡᠨ ᠰᠠᠶᠢ ᠮᠡᠳᠡᠭᠰᠡᠨ ᠪᠤᠰᠤ᠃ ᠬᠡᠳᠦᠢᠨᠡᠢ ᠲᠡᠭᠦᠨ ᠦ᠌ ᠬᠠᠨ ᠪᠣᠢ ᠦᠶ᠎ᠡ ᠳ᠋ᠦ᠍ᠷ ᠠᠯᠪᠠ ᠡᠰᠡ ᠬᠦᠷᠭᠡᠨ ᠲᠠᠩᠭᠠᠷᠢᠭ᠋ ᠠ᠋ᠴᠠ ᠪᠠᠨ ᠨᠢᠴᠤᠭᠰᠠᠨ ᠪᠠ ᠬᠣᠢᠨ᠎ᠠ ᠴᠡᠷᠢᠭ ᠡᠰᠡ ᠲᠤᠰᠠᠯᠠᠨ ᠢᠯᠠᠭᠤ ᠶ᠋ᠢ ᠰᠠᠭᠠᠲᠠᠭᠤᠯᠤᠭᠰᠠᠨ ᠳ᠋ᠤᠷ ᠳᠠᠷᠤᠢ ᠮᠡᠳᠡᠭᠰᠡᠨ ᠪᠣᠢ᠃ ᠨᠢᠭᠡᠨᠲᠡ ᠮᠠᠭᠤ ᠶ᠋ᠢ ᠮᠡᠳᠡᠪᠡᠰᠦ ᠣᠳᠣ ᠲᠠᠰᠤᠯᠤᠨ ᠠᠯᠠᠪᠠᠰᠤ ᠵᠣᠬᠢᠬᠤ ᠠᠲᠠᠯ᠎ᠠ ᠪᠠᠰᠠ ᠲᠡᠭᠦᠨ ᠦ᠌ ᠬᠥᠪᠡᠭᠦᠨ ᠦ᠌ ᠦᠭᠡᠰ ᠢ᠋ ᠠᠪᠴᠤ ᠲᠡᠭᠦᠨ ᠢ᠋ ᠪᠠᠰᠠ ᠠᠬᠤᠭᠤᠯᠤᠨ ᠲᠡᠵᠢᠭᠡᠮᠦᠢ᠃ ᠨᠢᠭᠡᠨᠲᠡ ᠲᠡᠵᠢᠭᠡᠭᠰᠡᠨ ᠲᠤᠯᠠ ᠣᠳᠣ ᠰᠡᠳᠬᠢᠯ ᠢ᠋ ᠢᠨᠤ ᠠᠪᠴᠤ ᠳᠠᠷᠤᠢ ᠮᠠᠭᠤ ᠵᠦᠭ ᠲᠦ᠍ᠷ ᠵᠠᠷᠤᠪᠠᠰᠤ ᠪᠠᠷᠠᠭᠰᠠᠨ ᠪᠣᠯᠠᠢ᠃ ᠪᠠᠰᠠ ᠲᠡᠭᠦᠨ ᠢ᠋ ᠡᠭᠦᠷᠢᠳᠡ ᠮᠠᠭᠤ ᠬᠥᠮᠦᠨ ᠭᠡᠮᠡᠨ ᠬᠡᠯᠡᠵᠦ ᠵᠠᠮᠤᠬ᠎ᠠ ᠶ᠋ᠢᠨ ᠬᠣᠷᠣᠰᠤᠯ ᠢ᠋ ᠨᠡᠮᠡᠭᠦᠯᠵᠦ᠂ ᠤᠯᠠᠮ ᠪᠠᠢᠭᠰᠠᠭᠠᠷ ᠲᠡᠭᠦᠨ ᠦ᠌ ᠬᠥᠪᠡᠭᠦᠨ ᠢᠯᠠᠭᠤ ᠶ᠋ᠢᠨ ᠥᠷᠭᠥᠭᠡ ᠶ᠋ᠢᠨ ᠣᠷᠬᠢᠭᠤᠯ ᠢ᠋ ᠲᠠᠰᠤ ᠲᠠᠶᠠᠭᠳᠠᠵᠤ ᠳᠤᠭᠲᠤᠷᠤᠭᠰᠠᠨ ᠡᠨᠡ ᠠᠭᠤᠷ ᠢ᠋ ᠪᠠᠰᠠ ᠵᠠᠮᠤᠬ᠎ᠠ ᠶ᠋ᠢᠨ ᠪᠡᠶ᠎ᠡ ᠳ᠋ᠦ᠍ᠷ ᠨᠡᠭᠦᠯᠭᠡᠵᠦ ᠬᠡᠯᠡᠬᠦᠢ ᠳ᠋ᠦ᠍ᠷ ᠬᠦᠷᠦᠭᠰᠡᠨ ᠡᠨᠡ ᠶᠠᠪᠤᠳᠠᠯ ᠬᠣᠶᠠᠷ᠃ ᠪᠠᠰᠠ ᠥᠪᠡᠷ ᠦ᠋ᠨ ᠤᠯᠤᠰ ᠢ᠋ ᠡᠵᠡᠯᠡᠨ ᠪᠥᠭᠡᠳ ᠬᠥᠪᠡᠭᠦᠨ ᠢᠨᠤ ᠳᠠᠯᠳᠠᠭᠤᠷ ᠲᠡᠳᠦᠢᠴᠢᠨᠡᠭᠡᠨ ᠬᠤᠯᠠᠭᠤᠬᠤ ᠳᠠᠪᠴᠢᠯᠠᠬᠤ ᠶ᠋ᠢ ᠦᠢᠯᠡᠳᠴᠦ ᠪᠠᠢᠲᠠᠯ᠎ᠠ ᠦᠯᠦ ᠰᠣᠨᠣᠰᠬᠤ ᠠᠨᠤ ᠯᠠᠪ ᠪᠠᠭ᠎ᠠ ᠡᠮ᠎ᠡ ᠨᠠᠷᠠᠨ ᠲᠤᠶᠠᠭ᠎ᠠ ᠳ᠋ᠤᠷ ᠭᠢᠯᠠᠰᠤᠭᠰᠠᠨ ᠢ᠋ ᠢᠯᠡᠷᠬᠡᠢ ᠮᠡᠳᠡᠪᠡᠰᠦ ᠪᠣᠯᠤᠮᠤᠢ᠂ ᠡᠨᠡ ᠶᠠᠪᠤᠳᠠᠯ ᠭᠤᠷᠪᠠ᠃ ᠡᠨᠡ ᠭᠤᠷᠪᠠᠨ ᠵᠦᠢᠯ ᠦ᠋ᠨ ᠦᠨᠳᠦᠰᠦᠨ ᠶᠠᠭᠤᠨ ᠠ᠋ᠴᠠ ᠡᠳᠦᠪᠡ ? ᠬᠡᠮᠡᠪᠡᠰᠦ : ᠡᠴᠦᠰ ᠲᠦ᠍ᠷ ᠪᠠᠰᠠ ᠬᠦ᠌ ᠥᠪᠡᠷ ᠦ᠋ᠨ ᠬᠥᠪᠡᠭᠦᠨ ᠢ᠋ ᠬᠡᠯᠪᠡᠷᠢᠨ ᠥᠷᠥᠰᠢᠶᠡᠵᠦ ᠂ ᠲᠡᠭᠦᠨ ᠦ᠌ ᠰᠠᠨᠠᠭᠠᠨ ᠢ᠋ ᠲᠠᠰᠤᠯᠤᠨ ᠴᠢᠳᠠᠬᠤ ᠦᠭᠡᠢ ᠳ᠋ᠡᠭᠡᠨ ᠲᠡᠭᠦᠨ ᠦ᠌ ᠬᠥᠪᠡᠭᠦᠨ ᠦ᠌ ᠲᠤᠢᠯ ᠤ᠋ᠨ ᠮᠠᠭᠤ ᠶ᠋ᠢ ᠦᠵᠡᠵᠦ ᠡᠰᠡ ᠭᠠᠷᠤᠨ᠂ ᠪᠠᠰᠠ ᠨᠠᠷᠠᠨ ᠲᠤᠶᠠᠭ᠎ᠠ ᠨᠡᠷ᠎ᠡ ᠲᠡᠢ ᠬᠠᠲᠤᠨ ᠳ᠋ᠤᠷ ᠰᠢᠨᠤᠵᠤ᠂ ᠲᠤᠶᠠᠭ᠎ᠠ ᠭᠡᠷᠡᠯ ᠡᠴᠡ ᠰᠠᠯᠤᠨ ᠴᠢᠳᠠᠬᠤ ᠦᠭᠡᠢ ᠳ᠋ᠦ᠍ᠷ ᠤᠯᠤᠰ ᠤ᠋ᠨ ᠬᠡᠷᠡᠭ ᠵᠠᠢᠳᠠᠭᠳᠠᠨ᠂ ᠢᠯᠠᠭᠤ ᠪᠠ ᠵᠠᠮᠤᠬ᠎ᠠ ᠶ᠋ᠢᠨ ᠮᠠᠭᠤ ᠶᠠᠪᠤᠳᠠᠯ ᠬᠥᠨᠳᠡᠯᠡᠨ ᠬᠥᠭᠴᠢᠵᠦ ᠤᠯᠤᠰ ᠭᠡᠷ ᠦ᠋ᠨ ᠦᠨᠳᠦᠰᠦᠨ ᠬᠥᠳᠡᠯᠭᠡᠭᠳᠡᠬᠦᠢ ᠳ᠋ᠦ᠍ᠷ ᠬᠦᠷᠦᠭᠰᠡᠨ ᠪᠤᠰᠤ ᠤᠤ ? ᠲᠡᠢᠨ ᠬᠦ᠌ ᠬᠥᠮᠦᠨ ᠦ᠌ ᠥᠪᠡᠷ ᠦ᠋ᠨ ᠠᠮᠠᠷᠠᠭ ᠢᠨᠠᠭ ᠲᠤᠷ ᠬᠡᠯᠪᠡᠷᠢᠨ᠂ ᠤᠯᠤᠰ ᠭᠡᠷ ᠡᠪᠳᠡᠷᠡᠮᠦᠢ ᠬᠡᠮᠡᠭᠴᠢ ᠡᠭᠦᠨ ᠢ᠋ ᠬᠡᠯᠡᠭᠰᠡᠨ ᠪᠣᠯᠠᠢ᠃ ᠦᠵᠡᠬᠦᠢ ᠳ᠋ᠦ᠍ᠷ ᠾᠧ ᠸᠠᠩ ᠬᠥᠪᠡᠭᠦᠨ ᠦ᠌ ᠪᠡᠨ ᠮᠠᠭᠤ ᠳ᠋ᠤᠷ ᠤᠯᠤᠰ ᠭᠡᠷ ᠮᠥᠬᠥᠭᠰᠡᠨ ᠮᠡᠲᠦ ᠪᠣᠯᠪᠠᠴᠤ ᠡᠴᠦᠰ ᠲᠦ᠍ᠷ ᠴᠥᠮ ᠾᠧ ᠸᠠᠩ ᠤ᠋ᠨ ᠥᠪᠡᠷ ᠦ᠋ᠨ ᠡᠨᠡ ᠭᠤᠷᠪᠠᠨ ᠪᠤᠷᠤᠭᠤ ᠳ᠋ᠤᠷ ᠮᠥᠬᠥᠭᠰᠡᠨ ᠪᠣᠯᠠᠢ ᠃
