ᠬᠥᠬᠡ ᠰᠤᠳᠤᠷ - ᠢᠨᠵᠠᠨᠨᠠᠰᠢ < ᠶᠢᠰᠦᠳᠦᠭᠡᠷ ᠪᠦᠯᠦᠭ > Хөх судар - Инжинаш <Есдүгээр бүлэг >
ᠳᠦᠭᠦᠯᠡ ᠮᠥᠷᠡᠨ ᠳ᠋ᠦ᠍ᠷ ᠳᠤᠭᠤᠯᠠᠭ᠎ᠠ ᠬᠠᠷᠪᠤᠵᠤ ᠠᠯᠲᠠᠨ ᠤ᠋ ᠡᠯᠴᠢ ᠶ᠋ᠢ ᠰᠦᠷᠳᠡᠭᠡᠪᠡᠢ
ᠢᠵᠢᠯᠵᠢ ᠠᠢᠮᠠᠭ ᠲᠤᠷ ᠤᠷᠤᠭ ᠪᠠᠷᠢᠵᠤ ᠬᠠᠰ ᠤ᠋ᠨ ᠰᠠᠯᠠᠭᠠᠨ ᠢ᠋ ᠬᠠᠢᠷᠠᠯᠠᠪᠠᠢ
ᠶᠢᠰᠦᠳᠦᠭᠡᠷ ᠪᠦᠯᠦᠭ
ᠰᠥᠩ ᠰᠢᠶᠤᠤᠽᠦ᠋ᠩ ᠦ᠋ᠨ ᠴᠦᠨ ᠰᠢ ᠶ᠋ᠢᠨ ᠠᠷᠪᠠᠨ ᠭᠤᠷᠪᠠᠳᠤᠭᠠᠷ ᠣᠨ ᠂ ᠠᠯᠲᠠᠨ ᠤᠯᠤᠰ ᠤ᠋ᠨ
ᠱ᠌ᠢᠽᠦ᠋ᠩ ᠦ᠋ᠨ ᠳᠡ ᠳ᠋ᠢᠩ ᠦ᠋ᠨ ᠬᠣᠷᠢᠨ ᠵᠢᠷᠭᠤᠳᠤᠭᠠᠷ ᠣᠨ ᠂ ᠤᠯᠠᠭᠠᠨ ᠮᠣᠷᠢᠨ ᠵᠢᠯ ᠲᠠᠢᠽᠦ ᠬᠣᠷᠢᠨ ᠲᠠᠪᠤᠲᠠᠢ ᠂
ᠡᠨᠡ ᠵᠢᠯ ᠲᠠᠢᠽᠦ ᠶ᠋ᠢᠨ ᠭᠤᠷᠪᠠᠳᠤᠭᠠᠷ ᠲᠠᠢᠽᠢ ᠥᠭᠡᠳᠡᠢ ᠶ᠋ᠢ ᠲᠥᠷᠥᠪᠡ ᠂ ᠬᠣᠵᠢᠮ ᠬᠠᠭᠠᠨ ᠰᠠᠭᠤᠪᠠ
ᠳᠦᠭᠦᠯᠡ ᠮᠥᠷᠡᠨ ᠳ᠋ᠦ᠍ᠷ ᠳᠤᠭᠤᠯᠠᠭ᠎ᠠ ᠬᠠᠷᠪᠤᠵᠤ ᠠᠯᠲᠠᠨ ᠤ᠋ ᠡᠯᠴᠢ ᠶ᠋ᠢ ᠰᠦᠷᠳᠡᠭᠡᠪᠡᠢ
ᠢᠵᠢᠯᠵᠢ ᠠᠢᠮᠠᠭ ᠲᠤᠷ ᠤᠷᠤᠭ ᠪᠠᠷᠢᠵᠤ ᠬᠠᠰ ᠤ᠋ᠨ ᠰᠠᠯᠠᠭᠠᠨ ᠢ᠋ ᠬᠠᠢᠷᠠᠯᠠᠪᠠᠢ
ᠮᠠᠲᠠᠯ ᠥᠴᠦᠬᠡᠨ ᠸᠧᠢ ᠸᠠᠩ ᠶᠦᠩ ᠵᠢᠢ ᠲᠡᠭᠷᠢ ᠶ᠋ᠢ ᠦᠯᠦ ᠲᠠᠨᠢᠮᠤᠢ
ᠮᠡᠬᠡᠲᠡᠢ ᠬᠠᠷᠪᠤᠭᠠᠴᠢ ᠢᠵᠢᠯᠵᠢ ᠶ᠋ᠢᠨ ᠪᠣᠲ᠋ᠤ ᠴᠠᠭ ᠤ᠋ᠨ ᠤᠴᠠᠷᠠᠯ ᠢ᠋ ᠣᠯᠵᠤᠬᠤᠢ ᠂
ᠮᠡᠨᠳᠦᠯᠡᠮᠡᠭᠴᠡ ᠪᠡᠯᠭᠡᠲᠡᠢ ᠲᠠᠢᠽᠦ᠋ᠩ ᠥᠭᠡᠳᠡᠢ ᠶᠢᠷᠲᠢᠨᠴᠦ ᠶ᠋ᠢᠨ ᠢᠷᠣ᠎ᠠ ᠶ᠋ᠢ ᠵᠢᠭᠠᠪᠠᠢ
ᠮᠡᠷᠭᠡᠨ ᠬᠡᠲᠦᠢᠳᠦᠭᠰᠡᠨ ᠲᠠᠢᠽᠦ ᠪᠣᠭᠳᠠ ᠬᠤᠢᠴᠢᠬᠢ ᠶ᠋ᠢᠨ ᠬᠡᠷᠡᠭ ᠢ᠋ ᠠᠢᠯᠠᠳᠪᠠᠢ ᠃
ᠲᠡᠨᠳᠡᠴᠡ ᠠᠯᠲᠠᠨ ᠤᠯᠤᠰ ᠤ᠋ᠨ ᠸᠧᠢ ᠸᠠᠩ ᠶᠦᠩ ᠵᠢᠢ ᠬᠠᠷᠠᠬᠠᠨ ᠬᠡᠮᠵᠢᠶ᠎ᠡ ᠦᠭᠡᠢ ᠰᠦᠷ ᠲᠠᠯᠪᠢᠨ᠂ ᠬᠢᠷᠢ ᠦᠭᠡᠢ ᠶᠡᠬᠡ ᠪᠠᠢᠷᠢ ᠭᠠᠷᠭᠠᠨ ᠶᠠᠪᠤᠭᠰᠠᠭᠠᠷ ᠪᠧᠲ᠋ᠠ᠋ ᠤᠯᠤᠰ ᠤ᠋ᠨ ᠵᠠᠬ᠎ᠠ ᠳ᠋ᠤᠷ ᠣᠷᠣᠮᠠᠭᠴᠠ ᠭᠡᠨᠡᠳᠲᠡ ᠨᠢᠭᠡᠨ ᠠᠩᠭᠢ ᠤᠯᠠᠭᠠᠨ ᠲᠤᠭ ᠬᠢᠭᠢᠷᠢ᠂ ᠤᠯᠠᠭᠠᠨ ᠬᠤᠶᠠᠭ ᠳᠤᠭᠤᠯᠠᠭᠠᠲᠤ ᠨᠢᠭᠡᠨ ᠰᠠᠯᠠᠭᠠᠨ ᠤ᠋ ᠴᠡᠷᠢᠭ ᠦ᠋ᠨ ᠫᠤᠤ ᠶ᠋ᠢᠨ ᠳᠠᠭᠤᠨ ᠳ᠋ᠤᠷ ᠲᠡᠭᠷᠢ ᠭᠠᠵᠠᠷ ᠳᠡᠯᠪᠡᠷᠡᠨ᠂ ᠮᠣᠷᠢᠨ ᠤ᠋ ᠲᠣᠭᠣᠰᠣᠨ ᠠᠭᠤᠯᠠ ᠨᠠᠷᠠᠨ ᠢ᠋ ᠬᠠᠯᠠᠬᠠᠯᠠᠨ ᠬᠥᠨᠳᠡᠯᠢᠰᠦᠨ ᠵᠢᠭᠰᠠᠭᠠᠭᠰᠠᠨ ᠳ᠋ᠤᠷ ᠸᠧᠢ ᠸᠠᠩ ᠶᠦᠩ ᠵᠢᠢ ᠶᠡᠬᠡᠯ᠎ᠡ ᠰᠣᠴᠢᠵᠤ ᠶᠠᠭᠠᠷᠠᠨ ᠤᠴᠢᠷ ᠢ᠋ ᠠᠰᠠᠭᠤᠪᠠᠰᠤ᠂ ᠦᠵᠡᠰᠡ ᠪᠧᠲ᠋ᠠ᠋ ᠤᠯᠤᠰ ᠤ᠋ᠨ ᠡᠮᠦᠨ᠎ᠡ ᠳ᠋ᠡᠬᠢ ᠬᠣᠰᠢᠭᠤᠴᠢ ᠬᠦᠯᠦᠭ ᠪᠤᠭᠤᠷᠵᠢ᠂ ᠵᠢᠨᠦᠩ ᠮᠤᠬᠤᠯᠢ ᠶ᠋ᠢᠨ ᠵᠠᠬᠢᠶ᠎ᠠ ᠪᠠᠷ ᠲᠠᠪᠤᠨ ᠵᠠᠭᠤᠨ ᠰᠢᠯᠭᠠᠳᠠᠭ ᠴᠡᠷᠢᠭ ᠢ᠋ ᠠᠪᠴᠤ ᠥᠪᠡᠷ ᠦ᠋ᠨ ᠤᠯᠤᠰ ᠤ᠋ᠨ ᠵᠠᠬ᠎ᠠ ᠬᠢᠵᠠᠭᠠᠷ ᠢ᠋ ᠴᠠᠭᠳᠠᠨ ᠶᠠᠪᠤᠬᠤ ᠠᠵᠤᠭᠤ᠃ ᠲᠡᠳᠦᠢ ᠸᠧᠢ ᠸᠠᠩ ᠶᠦᠩ ᠶ᠋ᠢᠢ ᠢᠷᠡᠭᠰᠡᠨ ᠤᠴᠢᠷ ᠢ᠋ᠶ᠋ᠠᠨ ᠲᠣᠳᠣᠷᠬᠠᠢᠯᠠᠨ ᠬᠡᠯᠡᠭᠦᠯᠦᠭᠰᠡᠨ ᠳ᠋ᠦ᠍ᠷ ᠬᠦᠯᠦᠭ ᠪᠤᠭᠤᠷᠵᠢ ᠥᠪᠡᠷ ᠦ᠋ᠨ ᠴᠡᠷᠢᠭ ᠲᠦ᠍ᠷ ᠴᠠᠭᠠᠵᠠ ᠵᠠᠷᠯᠠᠨ ᠴᠡᠷᠢᠭ ᠢ᠋ᠶ᠋ᠡᠨ ᠪᠠᠭᠤᠳᠠᠯᠯᠠᠭᠤᠯᠵᠤ᠂ ᠵᠠᠯᠮ᠎ᠠ ᠪᠠ ᠰᠠᠢᠬᠠᠨ ᠰᠤᠷᠲᠠᠯᠲᠤ ᠬᠣᠶᠠᠭᠤᠯᠠ ᠶ᠋ᠢ ᠠᠯᠲᠠᠨ ᠤᠯᠤᠰ ᠤ᠋ᠨ ᠡᠯᠴᠢ ᠶ᠋ᠢᠨ ᠪᠠᠭᠤᠳᠠᠯ ᠳ᠋ᠤᠷ ᠢᠯᠡᠭᠡᠵᠦ᠂ ᠵᠣᠴᠢᠨ ᠤ᠋ ᠶᠣᠰᠣᠨ ᠢ᠋ᠶ᠋ᠠᠷ ᠲᠣᠭᠣᠰᠣᠨ ᠢ᠋ ᠭᠦᠪᠢᠬᠦ ᠬᠤᠷᠢᠮ ᠤ᠋ᠨ ᠠᠷᠢᠬᠢ ᠬᠣᠨᠢ ᠬᠦᠷᠭᠡᠯᠭᠡᠨ ᠦᠭᠡ ᠬᠡᠯᠡᠯᠴᠡᠷ᠎ᠡ ᠢᠯᠡᠭᠡᠪᠡ᠃ ᠡᠨᠡ ᠰᠠᠢᠬᠠᠨ ᠰᠤᠷᠲᠠᠯᠲᠤ ᠬᠡᠮᠡᠭᠴᠢ ᠶ᠋ᠢ ᠪᠢᠴᠢᠭ ᠦᠵᠡᠬᠦ ᠮᠡᠷᠭᠡᠳ ᠮᠡᠳᠡᠬᠦ ᠦᠭᠡᠢ ᠪᠣᠯᠠᠢ᠂ ᠠᠩᠬ᠎ᠠ ᠪᠦᠯᠦᠭ ᠦ᠋ᠨ ᠴᠠᠴᠠᠷ ᠠᠭᠤᠯᠠᠨ ᠤ᠋ ᠶᠡᠬᠡ ᠪᠠᠢᠯᠳᠤᠭᠠᠨ ᠳ᠋ᠤᠷ ᠴᠢᠯᠥᠭᠡ ᠣᠯᠵᠤ᠂ ᠡᠨᠡ ᠰᠠᠢᠬᠠᠨ ᠰᠤᠷᠲᠠᠯᠲᠤ ᠶ᠋ᠢᠨ ᠤᠴᠢᠷ ᠢ᠋ ᠭᠠᠷᠭᠠᠨ ᠵᠠᠪᠳᠤᠭᠰᠠᠨ ᠦᠭᠡᠢ᠃ ᠡᠨᠡ ᠬᠡᠮᠡᠭᠴᠢ ᠤᠭ ᠲᠤᠷ ᠮᠥᠨ ᠰᠢ ᠯᠢᠶᠣᠤ — ᠬᠠᠷ᠎ᠠ ᠬᠢᠳᠠᠨ ᠤᠯᠤᠰ ᠤ᠋ᠨ ᠬᠥᠮᠦᠨ᠂ ᠳᠡᠭᠡᠳᠦ ᠬᠡᠮᠡᠬᠦ ᠨᠡᠷ᠎ᠡ ᠲᠡᠢ ᠭᠠᠵᠠᠷ ᠲᠤᠷ ᠰᠠᠭᠤᠬᠤᠶ᠎ᠠ᠂ ᠬᠡᠳᠦᠨ ᠣᠨ ᠤ᠋ ᠡᠮᠦᠨ᠎ᠡ ᠲᠠᠢᠽᠦ ᠮᠢᠩᠭᠠᠨ ᠠᠪᠠ ᠪᠠᠷ ᠠᠪᠠᠯᠠᠭᠰᠠᠭᠠᠷ ᠲᠠᠩᠳᠦ ᠶ᠋ᠢᠨ ᠭᠣᠣᠯ ᠳ᠋ᠤᠷ ᠬᠦᠷᠪᠡᠰᠦ ᠨᠢᠭᠡᠨ ᠰᠠᠢᠬᠠᠨ ᠲᠥᠷᠥᠭᠰᠡᠨ ᠠᠷᠪᠠᠨ ᠬᠡᠳᠦᠨ ᠨᠠᠰᠤᠨ ᠤ᠋ ᠬᠥᠪᠡᠭᠦᠨ ᠬᠣᠨᠢ ᠠᠳᠤᠭᠤᠯᠠᠬᠤ ᠪᠥᠭᠡᠳ ᠪᠠᠷᠢᠭᠰᠠᠨ ᠰᠢᠲᠠᠮ ᠢ᠋ᠶ᠋ᠠᠨ ᠭᠠᠵᠠᠷ ᠲᠤᠷ ᠬᠠᠳᠬᠤᠵᠤ᠂ ᠳᠡᠭᠡᠷ᠎ᠡ ᠢᠨᠦ ᠮᠠᠯᠠᠭ᠎ᠠ ᠪᠠᠨ ᠲᠠᠯᠪᠢᠭᠠᠳ ᠲᠡᠭᠦᠨ ᠦ᠌ ᠡᠮᠦᠨ᠎ᠡ ᠶᠣᠰᠣᠯᠠᠨ ᠮᠥᠷᠭᠥᠵᠦ ᠨᠠᠭᠠᠳᠬᠤ ᠶ᠋ᠢ ᠦᠵᠡᠭᠡᠳ ᠲᠠᠢᠽᠦ ᠮᠣᠷᠢᠨ ᠤ᠋ ᠵᠢᠯᠣᠭᠣ ᠪᠠᠨ ᠵᠠᠯᠠᠵᠤ ᠲᠡᠷᠡ ᠬᠥᠪᠡᠭᠦᠨ ᠦ᠌ ᠣᠢᠷ᠎ᠠ ᠬᠦᠷᠴᠦ ᠤᠴᠢᠷ ᠢ᠋ ᠠᠰᠠᠭᠤᠪᠠᠰᠤ᠂ ᠲᠡᠷᠡ ᠬᠥᠮᠦᠨ ᠰᠥᠭᠥᠳᠦᠭᠰᠡᠭᠡᠷ ᠮᠡᠳᠡᠭᠦᠯᠦᠷᠦᠨ᠄ 《 ᠪᠢ ᠬᠥᠮᠦᠨ ᠯᠣᠭᠡ ᠬᠠᠮᠲᠤ ᠶᠠᠪᠤᠪᠠᠰᠤ ᠨᠠᠰᠤᠨ ᠤ᠋ ᠠᠬ᠎ᠠ ᠪᠠᠷ ᠠᠨᠤ ᠬᠦᠨᠳᠦᠯᠡᠮᠦᠢ᠂ ᠪᠢ ᠬᠡᠷᠪᠡᠷ ᠭᠠᠭᠴᠠᠭᠠᠷ ᠪᠠᠢᠬᠤ ᠠᠪᠠᠰᠤ ᠲᠣᠯᠣᠭᠠᠢ ᠳ᠋ᠤᠷ ᠡᠮᠦᠰᠦᠭᠰᠡᠨ ᠮᠠᠯᠠᠭ᠎ᠠ ᠪᠠᠨ ᠡᠷᠬᠢᠮ ᠢ᠋ᠶ᠋ᠡᠷ ᠬᠦᠨᠳᠦᠯᠡᠮᠦᠢ᠃ 》 ᠬᠡᠮᠡᠭᠰᠡᠨ ᠳ᠋ᠦ᠍ᠷ ᠲᠠᠢᠽᠦ ᠮᠦᠰᠢᠶᠡᠵᠦ ᠠᠰᠠᠭᠤᠷᠤᠨ᠄ 《 ᠲᠡᠷᠡ ᠮᠡᠲᠦ ᠬᠦᠨᠳᠦᠯᠡᠬᠦ ᠤᠴᠢᠷ ᠠᠨᠤ ᠶᠠᠭᠤᠨ? 》 ᠬᠡᠮᠡᠭᠰᠡᠨ ᠳ᠋ᠦ᠍ᠷ᠂ ᠲᠡᠷᠡ ᠬᠥᠪᠡᠭᠦᠨ ᠮᠡᠳᠡᠭᠦᠯᠦᠷᠦᠨ᠄ 《 ᠬᠥᠮᠦᠨ ᠪᠦᠬᠦᠨ ᠭᠦᠢᠬᠡᠨ ᠬᠡᠯᠡᠯᠴᠡᠬᠦ ᠢᠨᠦ᠄ ᠬᠥᠮᠦᠨ ᠦ᠌ ᠡᠵᠡᠨ ᠲᠩᠷᠢᠯᠢᠭ ᠴᠢᠮᠠᠶ᠋ᠢ ᠢᠷᠠᠮᠤ ᠬᠡᠮᠡᠬᠦᠢ ᠳ᠋ᠦ᠍ᠷ ᠪᠢ ᠬᠦᠨᠳᠦᠯᠡᠬᠦ ᠶᠣᠰᠣᠯᠠᠬᠤ ᠮᠥᠷᠭᠥᠬᠦ ᠰᠥᠭᠥᠳᠬᠦ ᠲᠥᠷᠥ ᠶᠣᠰᠣᠨ ᠢ᠋ ᠰᠠᠨᠠᠵᠤ ᠪᠣᠯᠪᠠᠰᠤᠷᠠᠭᠤᠯᠤᠮᠠᠢ᠃ 》 ᠬᠡᠮᠡᠭᠰᠡᠨ ᠳ᠋ᠦ᠍ᠷ ᠲᠠᠢᠽᠦ ᠶᠡᠬᠡᠳᠡ ᠰᠣᠨᠢᠷᠬᠠᠨ ᠪᠡᠶᠡᠰᠴᠦ ᠲᠡᠭᠦᠨ ᠦ᠌ ᠨᠡᠷ᠎ᠡ ᠣᠪᠣᠭ ᠨᠠᠰᠤ ᠵᠢᠯ ᠢ ᠠᠰᠠᠭᠤᠪᠠᠰᠤ ᠲᠡᠷᠡ ᠬᠥᠪᠡᠭᠦᠨ ᠮᠡᠳᠡᠭᠦᠯᠦᠷᠦᠨ᠄ 《ᠳᠠᠩᠲᠦ ᠶ᠋ᠢᠨ ᠭᠣᠣᠯ ᠳ᠋ᠤᠷ ᠨᠤᠲᠤᠭᠰᠢᠭᠰᠠᠨ ᠢ᠋ᠶ᠋ᠠᠷ ᠳᠠᠩ ᠡᠦ ᠨᠢ ᠣᠪᠣᠭᠲᠤ ᠪᠣᠯᠪᠠ᠂ ᠰᠠᠢᠬᠠᠨ ᠵᠢᠰᠦᠲᠡᠢ ᠲᠥᠷᠥᠭᠰᠡᠨ ᠢ᠋ᠶ᠋ᠡᠷ ᠮᠢᠨᠦ ᠡᠴᠢᠭᠡ ᠴᠣᠴᠣᠯᠢ ᠨᠠᠮᠠᠶ᠋ᠢ ᠰᠠᠢᠬᠠᠨ ᠭᠡᠮᠡᠨ ᠨᠡᠷᠡᠢᠳᠪᠡ᠃ ᠰᠠᠢᠬᠠᠨ ᠪᠢ ᠡᠨᠡ ᠵᠢᠯ ᠠᠷᠪᠠᠨ ᠨᠢᠭᠡᠨ ᠨᠠᠰᠤ ᠲᠠᠢ᠂ ᠰᠢᠷᠬᠠᠴᠢᠨ ᠦᠬᠡᠷ ᠵᠢᠯ ᠲᠡᠢ ᠪᠣᠯᠠᠢ᠃ 》 ᠬᠡᠮᠡᠭᠰᠡᠨ ᠳ᠋ᠦ᠍ᠷ ᠲᠠᠢᠽᠦ ᠲᠡᠭᠦᠨ ᠢ᠋ ᠰᠠᠢᠰᠢᠶᠠᠨ ᠪᠡᠶᠡᠰᠴᠦ ᠰᠠᠢᠬᠠᠨ ᠰᠤᠷᠲᠠᠯᠲᠤ ᠭᠡᠮᠡᠨ ᠨᠡᠷ᠎ᠡ ᠬᠠᠢᠷᠠᠯᠠᠭᠠᠳ ᠭᠡᠷ ᠡᠷᠦᠬᠡ ᠲᠡᠢ ᠢᠨᠤ ᠤᠯᠤᠰ ᠭᠡᠷ ᠲᠦ᠍ᠷ ᠢ᠋ᠶ᠋ᠡᠨ ᠠᠪᠴᠢᠷᠠᠭᠠᠳ ᠰᠠᠢᠬᠠᠨ ᠰᠤᠷᠲᠠᠯᠲᠤ ᠶ᠋ᠢ ᠰᠡᠴᠡᠨ ᠵᠦᠰᠦᠨ ᠪᠦᠷᠲᠡᠭᠡᠯᠵᠢᠨ ᠬᠠᠲᠤᠨ ᠳ᠋ᠠᠭᠠᠨ ᠲᠤᠰᠢᠶᠠᠨ ᠥᠭᠴᠦ ᠵᠠᠷᠤᠭᠳᠠᠭᠤᠯᠤᠨ ᠲᠠᠢᠽᠦ ᠶ᠋ᠢᠨ ᠶᠡᠬᠡ ᠬᠥᠪᠡᠭᠦᠨ ᠵᠣᠴᠢ ᠯᠤᠭᠡ ᠨᠠᠭᠠᠳᠤᠭᠤᠯᠤᠨ ᠥᠰᠬᠡᠯᠭᠡᠵᠦ᠂ ᠠᠷᠪᠠᠨ ᠨᠠᠢ᠍ᠮᠠᠨ ᠨᠠᠰᠤᠯᠠᠵᠤ᠂ ᠬᠤᠷᠴᠠ ᠰᠡᠷᠭᠦᠯᠡᠩ ᠣᠯᠠᠨ ᠠ᠋ᠴᠠ ᠣᠨᠴᠠᠭᠠᠢ᠂ ᠲᠡᠭᠦᠨ ᠦ᠌ ᠡᠴᠢᠭᠡ ᠡᠴᠡ ᠳᠥᠷᠪᠡᠨ ᠡᠲᠡᠭᠡᠳ ᠦ᠋ᠨ ᠬᠡᠯᠡ ᠰᠤᠷᠭᠠᠭᠰᠠᠨ ᠲᠤᠯᠠ ᠵᠡᠯᠮ᠎ᠡ ᠶ᠋ᠢᠨ ᠬᠠᠮᠲᠤ ᠠᠯᠲᠠᠨ ᠤᠯᠤᠰ ᠠ᠋ᠴᠠ ᠢᠷᠡᠭᠰᠡᠨ ᠸᠧᠢ ᠸᠠᠩ ᠶᠦᠩ ᠶ᠋ᠢᠢ ᠶ᠋ᠢᠨ ᠪᠠᠭᠤᠳᠠᠯ ᠳ᠋ᠤᠷ ᠢᠷᠡᠵᠦ ᠮᠡᠳᠡᠭᠦᠯᠦᠷᠦᠨ᠄ 《 ᠡᠷᠭᠢᠨ ᠠᠯᠲᠠᠨ ᠤᠯᠤᠰ ᠬᠡᠳᠦᠢ ᠳᠡᠯᠡᠬᠡᠢ ᠳ᠋ᠠᠬᠢᠨ ᠤ᠋ ᠪᠠᠭ᠎ᠠ ᠬᠠᠭᠠᠰ ᠢ᠋ ᠡᠵᠡᠯᠡᠪᠡᠴᠦ ᠪᠢᠳᠡᠨ ᠦ᠌ ᠪᠧᠲ᠋ᠠ᠋ ᠤᠯᠤᠰ ᠲᠤᠷ ᠬᠠᠷᠢᠶ᠎ᠠ ᠦᠭᠡᠢ ᠲᠤᠯᠠ ᠪᠢᠳᠡ ᠮᠠᠨ ᠤ᠋ ᠡᠵᠡᠨ ᠡᠴᠡ ᠡᠰᠢ ᠵᠠᠬᠢᠶ᠎ᠠ ᠦᠭᠡᠢ ᠪᠡᠷ ᠶᠡᠬᠡ ᠸᠠᠩ ᠢ᠋ ᠵᠠᠬ᠎ᠠ ᠶ᠋ᠢᠨ ᠳᠣᠲᠣᠷ᠎ᠠ ᠲᠠᠯᠪᠢᠨ ᠣᠷᠣᠭᠤᠯᠵᠤ ᠦᠯᠦ ᠴᠢᠳᠠᠮᠤ᠃ ᠲᠡᠢᠨ ᠬᠦ᠌ ᠶᠡᠬᠡ ᠸᠠᠩ ᠲᠦᠷ ᠪᠠᠬᠠᠨ ᠲᠦᠳᠡᠭᠡᠯᠵᠡᠨ ᠪᠠᠭᠤᠮᠤ᠂ ᠪᠢᠳᠡ ᠶᠡᠬᠡ ᠸᠠᠩ ᠤ᠋ᠨ ᠢᠷᠡᠭᠰᠡᠨ ᠤᠴᠢᠷ ᠢ᠋ ᠲᠣᠳᠣᠷᠬᠠᠢᠯᠠᠨ ᠮᠡᠳᠡᠭᠦᠯᠵᠦ᠂ ᠲᠡᠮᠳᠡᠭ ᠵᠡᠪᠡ ᠢᠷᠡᠭᠰᠡᠨ ᠴᠠᠭ ᠲᠤᠷ ᠵᠢᠴᠢ ᠵᠠᠯᠠᠷᠠᠮᠤ !》 ᠬᠡᠮᠡᠭᠰᠡᠨ ᠳ᠋ᠦ᠍ᠷ ᠸᠧᠢ ᠸᠠᠩ ᠶᠦᠩ ᠵᠢᠢ ᠥᠭᠦᠯᠡᠷᠦᠨ᠄ 《ᠬᠡᠳᠦᠢᠨᠡᠢ ᠵᠠᠬᠢᠶ᠎ᠠ ᠳᠣᠪᠲᠣᠯᠭᠠᠭᠰᠠᠨ ᠪᠣᠯᠠᠢ᠃ 》 ᠵᠡᠯᠮ᠎ᠡ᠂ ᠰᠠᠢᠬᠠᠨ ᠰᠤᠷᠲᠠᠯᠲᠤ ᠬᠣᠶᠠᠭᠤᠯᠠ ᠥᠴᠢᠷᠦᠨ᠄ 《ᠬᠡᠳᠦᠢ ᠶᠡᠬᠡ ᠸᠠᠩ ᠤ᠋ᠨ ᠮᠡᠳᠡᠭᠡ ᠡᠴᠢᠭᠰᠡᠨ ᠪᠣᠯᠪᠠᠴᠤ ᠮᠠᠨ ᠤ᠋ ᠲᠤᠰᠢᠶᠠᠯ ᠤ᠋ᠨ ᠭᠠᠵᠠᠷ ᠲᠡᠮᠳᠡᠭ ᠢᠷᠡᠭᠡᠳᠦᠢ᠃ 》 ᠬᠡᠮᠡᠬᠦᠢ ᠳ᠋ᠦ᠍ᠷ ᠸᠧᠢ ᠸᠠᠩ ᠶᠦᠩ ᠵᠢᠢ ᠠᠷᠭ᠎ᠠ ᠦᠭᠡᠢ ᠠᠭᠤᠷ ᠢ᠋ ᠬᠦᠯᠢᠴᠡᠵᠦ ᠨᠢᠭᠡᠨ ᠡᠳᠦᠷ ᠲᠦᠳᠡᠭᠡᠯᠵᠡᠲᠡᠯᠡ ᠳᠠᠷᠠᠭ᠎ᠠ ᠡᠳᠦᠷ ᠲᠠᠢᠽᠦ ᠶ᠋ᠢᠨ ᠡᠮᠦᠨ᠎ᠡ ᠡᠴᠡ ᠳᠡᠭᠦᠦ ᠪᠡᠨ ᠬᠠᠪᠤᠲᠤ ᠬᠠᠰᠠᠷ᠂ ᠣᠢᠲᠤ ᠸᠴᠢᠷ ᠬᠣᠶᠠᠭᠤᠯᠠ ᠶ᠋ᠢ ᠲᠡᠮᠳᠡᠭ ᠵᠡᠪᠡ ᠪᠠᠷᠢᠭᠤᠯᠤᠨ ᠢᠯᠡᠭᠡᠵᠦ᠂ ᠸᠧᠢ ᠸᠠᠩ ᠶᠦᠩ ᠵᠢᠢ ᠶ᠋ᠢ ᠤᠭᠲᠤᠭᠤᠯᠵᠤ᠂ ᠲᠠᠰᠢᠷᠠᠮ ᠳ᠋ᠤᠷ ᠨᠠᠢ᠍ᠮᠠᠨ ᠤᠯᠤᠰ ᠤ᠋ᠨ ᠴᠢᠦᠢ ᠰᠢᠦᠸᠠᠢ ᠡᠦ ᠶ᠋ᠢ ᠵᠢᠷᠤᠮᠲᠤ ᠰᠠᠢᠳ ᠭᠡᠮᠡᠨ ᠲᠡᠭᠦᠨ ᠦ᠌ ᠬᠡᠭᠦᠷ ᠢ᠋ ᠨᠠᠢ᠍ᠮᠠᠨ ᠤ᠋ ᠵᠠᠬ᠎ᠠ ᠳ᠋ᠤᠷ ᠬᠦᠷᠭᠡᠭᠦᠯᠦᠭᠡᠳ ᠠᠯᠲᠠᠨ ᠤᠯᠤᠰ ᠤ᠋ᠨ ᠡᠯᠴᠢ ᠶ᠋ᠢ ᠤᠳᠤᠷᠢᠳᠤᠨ ᠤᠯᠤᠰ ᠲᠤᠷ ᠣᠷᠣᠭᠤᠯᠬᠤᠢ ᠳ᠋ᠤᠷ ᠬᠦᠯᠦᠭ ᠪᠤᠭᠤᠷᠵᠢ᠂ ᠵᠢᠨᠦᠩ ᠮᠤᠬᠤᠯᠢ ᠶ᠋ᠢᠨ ᠵᠠᠬᠢᠶ᠎ᠠ ᠪᠠᠷ ᠸᠧᠢ ᠸᠠᠩ ᠶᠦᠩ ᠵᠢᠢ ᠶ᠋ᠢᠨ ᠴᠡᠷᠢᠭ ᠢ᠋ ᠵᠠᠬ᠎ᠠ ᠶ᠋ᠢᠨ ᠭᠠᠳᠠᠨ᠎ᠠ ᠬᠣᠴᠣᠷᠤᠭᠤᠯᠵᠤ᠂ ᠪᠤᠭᠤᠷᠵᠢ ᠥᠪᠡᠷ ᠦ᠋ᠨ ᠪᠡᠶ᠎ᠡ ᠪᠡᠷ ᠡᠰᠡᠷᠭᠦᠴᠡᠯᠡᠨ ᠪᠠᠭᠤᠵᠤ ᠠᠷᠢᠬᠢ ᠰᠢᠭᠦᠰᠦ ᠢᠯᠡᠭᠡᠵᠦ ᠬᠤᠷᠢᠮ ᠲᠠᠯᠪᠢᠪᠠ᠃ ᠡᠭᠦᠨ ᠳ᠋ᠦ᠍ᠷ ᠸᠧᠢ ᠸᠠᠩ ᠶᠦᠩ ᠶ᠋ᠢᠢ ᠬᠡᠳᠦᠢ ᠠᠭᠤᠷᠯᠠᠪᠠᠴᠤ ᠠᠷᠭ᠎ᠠ ᠦᠭᠡᠢ ᠬᠠᠰᠠᠷ ᠸᠴᠢᠷ ᠬᠣᠶᠠᠭᠤᠯᠠ ᠯᠤᠭ᠎ᠠ ᠪᠧᠲ᠋ᠠ᠋ ᠤᠯᠤᠰ ᠲᠤᠷ ᠣᠷᠣᠵᠤ ᠢᠷᠡᠨ ᠬᠡᠳᠦᠨ ᠡᠳᠦᠷ ᠶᠠᠪᠤᠵᠤ ᠳᠥᠭᠦᠯᠡ ᠮᠥᠷᠡᠨ ᠦ᠌ ᠬᠥᠪᠡᠭᠡ ᠳ᠋ᠦ᠍ᠷ ᠬᠦᠷᠴᠦ ᠲᠠᠢᠽᠦ ᠶ᠋ᠢᠨ ᠵᠣᠴᠢᠨ ᠳ᠋ᠤᠷ ᠵᠣᠯᠭᠠᠬᠤ ᠶᠡᠬᠡ ᠥᠷᠲᠡᠭᠡ ᠪᠠᠭᠤᠳᠠᠯ ᠳ᠋ᠤᠷ ᠲᠠᠢᠽᠦ ᠯᠤᠭ᠎ᠠ ᠬᠠᠷᠢᠯᠴᠠᠨ ᠵᠣᠯᠭᠠᠯᠳᠤᠬᠤᠶᠠ᠂ ᠸᠧᠢ ᠸᠠᠩ ᠶᠦᠩ ᠵᠢᠢ ᠲᠠᠢᠽᠦ ᠶ᠋ᠢ ᠬᠦᠵᠢᠰ ᠦ᠋ᠨ ᠰᠢᠷᠡᠭᠡ ᠪᠡᠯᠡᠳᠴᠦ ᠬᠠᠭᠠᠨ ᠤ᠋ ᠵᠠᠷᠯᠢᠭ ᠢ᠋ ᠮᠥᠷᠭᠥᠵᠦ ᠬᠦᠯᠢᠶᠡᠨ ᠠᠪ ᠬᠡᠮᠡᠬᠦᠢ ᠳ᠋ᠦ᠍ᠷ ᠲᠠᠢᠽᠦ ᠥᠴᠦᠬᠡᠨ ᠢᠨᠢᠶᠡᠵᠦ ᠬᠠᠷᠢᠭᠤ ᠥᠴᠢᠷᠦᠨ᠄ 《 ᠮᠠᠨ ᠤ᠋ ᠪᠧᠲ᠋ᠠ᠋ ᠤᠯᠤᠰ ᠬᠡᠮᠡᠭᠴᠢ ᠡᠷᠲᠡᠨ ᠡᠳᠦᠭᠡ ᠡᠴᠡ ᠰᠠᠯᠤᠨ ᠭᠠᠷᠴᠤ ᠲᠥᠪᠡᠳ ᠦ᠋ᠨ ᠬᠦᠵᠦᠭᠦᠨ ᠰᠠᠨᠳᠠᠯᠢᠲᠤ ᠬᠠᠭᠠᠨ ᠳ᠋ᠤᠷ ᠤᠯᠠᠮᠵᠢᠯᠠᠨ ᠵᠢᠴᠢ ᠡᠩ ᠲᠡᠷᠢᠭᠦᠨ ᠲᠡᠭᠷᠢ ᠶ᠋ᠢᠨ ᠬᠥᠪᠡᠭᠦᠨ ᠪᠥᠷᠲᠡ ᠴᠢᠨᠣ᠎ᠠ ᠠ᠋ᠴᠠ ᠡᠨᠡ ᠪᠧᠲ᠋ᠠ᠋ ᠤᠯᠤᠰ ᠤ᠋ᠨ ᠡᠵᠡᠨ ᠪᠣᠯᠤᠭᠰᠠᠭᠠᠷ ᠮᠢᠨᠦ ᠪᠡᠶ᠎ᠡ ᠳ᠋ᠦ᠍ᠷ ᠬᠦᠷᠲᠡᠯ᠎ᠡ ᠬᠣᠷᠢᠨ ᠲᠠᠪᠤᠨ ᠦᠶ᠎ᠡ ᠪᠣᠯᠲᠠᠯ᠎ᠠ᠂ ᠡᠮᠦᠨ᠎ᠡ ᠬᠢᠲᠠᠳ ᠪᠠ ᠳᠠᠰᠢᠩ ᠤᠯᠤᠰ ᠲᠤᠷ ᠪᠣᠭᠣᠯ ᠪᠣᠯᠤᠨ ᠳᠠᠭᠠᠭᠰᠠᠨ ᠭᠠᠵᠠᠷ ᠣᠭᠲᠣ ᠦᠭᠡᠢ ᠪᠥᠭᠡᠲᠡᠯ᠎ᠡ ᠳᠤᠮᠳᠠᠳᠤ ᠠᠯᠲᠠᠨ ᠤᠯᠤᠰ ᠤ᠋ᠨ ᠡᠵᠡᠨ ᠶᠠᠭᠠᠬᠢᠨ ᠨᠠᠮᠠᠶ᠋ᠢ ᠪᠣᠭᠣᠯ ᠤᠯᠤᠰ ᠲᠤᠷ ᠢ᠋ᠶ᠋ᠠᠨ ᠠᠳᠠᠯᠢᠬᠠᠨ ᠦᠵᠡᠵᠦ ᠪᠣᠯᠬᠤ ᠠᠵᠢ ! ᠪᠢ ᠴᠦ᠍ ᠮᠥᠨ ᠶᠠᠮᠪᠠᠷ ᠠᠶᠤᠮᠰᠢᠭ ᠦᠭᠡᠢ ᠤᠷᠢᠳᠤᠰ ᠡᠪᠦᠭᠡᠳ ᠦ᠋ᠨ ᠪᠠᠢᠭᠤᠯᠤᠭᠰᠠᠨ ᠤᠯᠤᠰ ᠲᠥᠷᠥ ᠶ᠋ᠢ ᠬᠦᠯᠢᠶᠡᠨ ᠡᠵᠡᠯᠡᠵᠦ ᠪᠠᠢᠭᠠᠳ ᠳᠡᠭᠡᠳᠦᠰ ᠦ᠋ᠨ ᠶᠠᠰᠤᠨ ᠢ᠋ ᠱᠠᠷᠭᠢᠷᠠᠭᠤᠯᠤᠨ ᠲᠠᠨ ᠤ᠋ ᠤᠯᠤᠰ ᠲᠤᠷ ᠪᠣᠭᠣᠯᠴᠢᠯᠠᠵᠤ ᠪᠣᠯᠤᠮᠤᠢ ! ᠳᠡᠭᠡᠳᠦ ᠡᠪᠦᠭᠡᠳ ᠦ᠋ᠨ ᠶᠠᠰᠤᠨ ᠢ᠋ ᠱᠠᠷᠭᠢᠷᠠᠭᠤᠯᠤᠨ ᠰᠦᠯᠳᠡ ᠶ᠋ᠢ ᠭᠤᠲᠤᠭᠠᠬᠤ ᠶ᠋ᠢ ᠪᠢ ᠦᠯᠦ ᠴᠢᠳᠠᠮᠤᠢ !》 ᠭᠡᠮᠡᠨ ᠵᠦᠭᠡᠷ ᠬᠠᠷᠢ ᠵᠣᠴᠢᠨ ᠤ᠋ ᠶᠣᠰᠣᠭᠠᠷ ᠵᠣᠯᠭᠠᠯᠳᠤᠬᠤᠢ ᠳ᠋ᠤᠷ ᠸᠧᠢ ᠸᠠᠩ ᠶᠦᠩ ᠶ᠋ᠢᠢ ᠠᠭᠤᠷ ᠴᠢᠭᠯᠡᠷᠡᠪᠡᠴᠦ ᠲᠠᠢᠽᠦ ᠶ᠋ᠢᠨ ᠥᠴᠢᠬᠦ ᠢᠨᠦ ᠮᠥᠨ ᠵᠦᠢ ᠪᠥᠭᠡᠳ ᠪᠠᠰᠠ ᠨᠢᠳᠦ ᠡᠷᠭᠦᠨ ᠦᠵᠡᠬᠦᠯ᠎ᠡ ᠪᠧᠲ᠋ᠠ᠋ ᠤᠯᠤᠰ ᠤ᠋ᠨ ᠡᠵᠡᠨ ᠦ᠌ ᠭᠤᠷᠪᠠᠨ ᠬᠦᠯᠦᠭ᠂ ᠳᠥᠷᠪᠡᠨ ᠳᠡᠭᠦᠦ᠂ ᠵᠢᠷᠭᠤᠭᠠᠨ ᠰᠠᠢᠳ᠂ ᠶᠢᠰᠦᠨ ᠡᠩ ᠦ᠋ᠨ ᠵᠡᠷᠭᠡ ᠶ᠋ᠢᠨ ᠣᠯᠠᠨ ᠰᠠᠢᠳ ᠲᠦᠰᠢᠮᠡᠳ ᠢᠨᠦ ᠬᠣᠶᠠᠷ ᠠᠢᠮᠠᠭᠯᠠᠨ ᠬᠠᠷᠢᠶᠠᠴᠠᠢ ᠶ᠋ᠢᠨ ᠵᠢᠭᠦᠷ ᠮᠡᠲᠦ ᠵᠠᠭᠰᠠᠭᠠᠭᠰᠠᠨ ᠠᠨᠤ᠂ ᠵᠠᠬ᠎ᠠ ᠳᠠᠷᠠᠭᠠᠯᠠᠨ ᠴᠥᠮ ᠴᠣᠯᠭᠣᠷᠠᠭᠰᠠᠨ ᠣᠳᠣᠳ ᠤ᠋ᠨ ᠬᠡᠲᠦᠢᠳᠦᠭᠰᠡᠨ ᠨᠤᠭᠤᠯᠬᠤ ᠪᠠᠢᠳᠠᠯ ᠦᠭᠡᠢ᠃ ᠡᠭᠦᠨ ᠳ᠋ᠦ᠍ᠷ ᠸᠧᠢ ᠸᠠᠩ ᠶᠦᠩ ᠵᠢᠢ ᠳᠣᠲᠣᠷ᠎ᠠ ᠠᠶᠤᠨ ᠲᠦᠭᠰᠢᠵᠦ ᠴᠠᠷᠭᠢᠯᠲᠤᠨ ᠪᠤᠯᠢᠶᠠᠯᠳᠤᠵᠤ ᠮᠥᠨ ᠴᠢᠳᠠᠬᠤ ᠦᠭᠡᠢ᠂ ᠠᠷᠭ᠎ᠠ ᠦᠭᠡᠢ ᠵᠣᠴᠢᠨ ᠤ᠋ ᠰᠠᠭᠤᠳᠠᠯ ᠳ᠋ᠤᠷ ᠰᠠᠭᠤᠵᠤ ᠢᠷᠡᠭᠰᠡᠨ ᠤᠴᠢᠷ ᠲᠤᠬᠠᠢ ᠪᠠᠨ ᠬᠡᠯᠡᠵᠦ ᠡᠷᠭᠦᠮᠵᠢᠯᠡᠨ ᠱᠠᠩᠨᠠᠬᠤ ᠰᠢᠯᠲᠠᠭᠠᠨ ᠢ᠋ ᠥᠭᠦᠯᠡᠭᠰᠡᠨ ᠳ᠋ᠦ᠍ᠷ ᠲᠠᠢᠽᠦ ᠬᠥᠩᠭᠡᠮᠰᠦᠭᠯᠡᠨ ᠮᠠᠷᠭᠤᠵᠤ ᠥᠭᠦᠯᠡᠷᠦᠨ᠄ 《ᠨᠠᠳᠠ ᠳ᠋ᠤᠷ ᠡᠷᠳᠡᠮ ᠴᠢᠳᠠᠯ ᠦᠭᠡᠢ᠂ ᠣᠶᠤᠨ ᠶᠠᠪᠤᠳᠠᠯ ᠮᠥᠴᠢᠳ ᠪᠥᠭᠡᠲᠡᠯ᠎ᠡ ᠡᠷᠭᠢᠨ ᠳᠤᠮᠳᠠᠳᠤ ᠤᠯᠤᠰ ᠤ᠋ᠨ ᠲᠠᠨ ᠤ᠋ ᠡᠵᠡᠨ ᠡᠨᠡ ᠮᠡᠲᠦ ᠬᠦᠨᠳᠦ ᠪᠡᠷ ᠦᠵᠡᠵᠦ ᠡᠳᠡᠭᠡᠷ ᠵᠦᠢᠯ ᠦ᠋ᠨ ᠡᠷᠭᠦᠮᠵᠢᠯᠡᠯ ᠬᠡᠰᠢᠭ ᠢ᠋ ᠢᠯᠡᠭᠡᠭᠰᠡᠨ ᠢᠨᠤ ᠦᠨᠡᠬᠡᠷ ᠪᠠᠶᠠᠷᠯᠠᠨ ᠲᠠᠯᠠᠷᠬᠠᠵᠤ ᠪᠠᠷᠠᠰᠢ ᠦᠭᠡᠢ᠃ ᠭᠠᠭᠴᠠ ᠮᠠᠨ ᠤ᠋ ᠡᠨᠡ ᠬᠣᠢᠲᠤ ᠭᠠᠵᠠᠷ ᠬᠡᠮᠡᠭᠴᠢ ᠡᠷᠲᠡᠨ ᠡᠴᠡ ᠢᠨᠠᠭᠰᠢ ᠰᠢᠯᠤᠭᠤᠨ ᠦᠨᠡᠨᠴᠢ ᠶ᠋ᠢ ᠰᠠᠬᠢᠯ ᠪᠣᠯᠭᠠᠳᠠᠭ ᠲᠤᠯᠠ ᠬᠣᠭᠣᠰᠣᠨ ᠨᠡᠷ᠎ᠡ ᠬᠥᠨᠳᠡᠢ ᠡᠷᠭᠦᠮᠵᠢᠯᠡᠯ ᠢ᠋ ᠡᠷᠬᠢᠯᠡᠬᠦ ᠦᠭᠡᠢ᠂ ᠨᠡᠩ ᠪᠠᠰᠠ ᠮᠢᠨᠦ ᠡᠨᠡ ᠪᠠᠭ᠎ᠠ ᠪᠧᠲ᠋ᠠ᠋ ᠤᠯᠤᠰ ᠲᠤᠷ ᠡᠷᠬᠡᠪᠰᠢ ᠪᠠᠲᠤ ᠰᠢᠯᠤᠭᠤᠨ ᠴᠢᠬᠡᠴᠢ ᠦᠨᠡᠨᠴᠢ ᠶ᠋ᠢ ᠣᠨᠣᠯ ᠪᠣᠯᠭᠠᠳᠠᠭ ᠲᠤᠯᠠ ᠲᠡᠳᠡᠭᠡᠷ ᠠᠯᠲᠠᠨ ᠰᠤᠪᠤᠳ ᠤ᠋ᠨ ᠶᠠᠩᠵᠤᠯᠠᠬᠤ ᠴᠢᠮᠡᠭᠯᠡᠬᠦ ᠶ᠋ᠢ ᠶᠡᠬᠡᠳᠡ ᠴᠡᠭᠡᠷᠯᠡᠬᠦᠢ ᠶ᠋ᠢᠨ ᠣᠴᠢᠷ᠎ᠠ᠂ ᠬᠡᠳᠦᠢᠪᠡᠷ ᠰᠢᠷ᠎ᠠ ᠠᠯᠲᠠᠨ ᠥᠩᠭᠡᠲᠦ ᠲᠣᠷᠭ᠎ᠠ᠂ ᠭᠡᠷᠡᠯᠲᠦ ᠰᠤᠪᠤᠳ᠂ ᠰᠠᠢᠬᠠᠨ ᠬᠠᠰ ᠪᠠᠢᠪᠠᠴᠤ ᠣᠭᠲᠣᠬᠠᠨ ᠴᠤ᠌ ᠬᠡᠷᠡᠭᠯᠡᠬᠦ ᠭᠠᠵᠠᠷ ᠦᠭᠡᠢ᠃ ᠡᠷᠭᠢᠨ ᠳᠡᠭᠡᠳᠦ ᠤᠯᠤᠰ ᠲᠠᠯᠠᠭᠠᠷ ᠰᠡᠳᠬᠢᠯ ᠰᠦᠢᠳᠬᠡᠵᠦ ᠶᠠᠭᠤ ᠬᠢᠬᠦ ᠪᠣᠢ ! 》 ᠬᠡᠮᠡᠬᠦᠢ ᠳ᠋ᠦ᠍ᠷ ᠸᠧᠢ ᠸᠠᠩ ᠶᠦᠩ ᠵᠢᠢ ᠳᠠᠷᠤᠢ ᠡᠮᠦᠨ᠎ᠡ ᠭᠠᠵᠠᠷ ᠤ᠋ᠨ ᠵᠠᠩ ᠢ᠋ᠶ᠋ᠠᠷ ᠶᠣᠰᠣᠯᠠᠯ ᠬᠥᠭᠵᠢᠮ ᠦ᠋ᠨ ᠬᠡᠪ ᠳᠦᠷᠢᠮ ᠪᠠ ᠲᠠᠮᠠᠭ᠎ᠠ ᠡᠷᠭᠦᠮᠵᠢᠯᠡᠯ ᠦ᠋ᠨ ᠡᠷᠭᠢᠨ ᠥᠨᠳᠥᠷ ᠬᠢᠭᠡᠳ ᠠᠯᠲᠠᠨ ᠲᠣᠷᠭ᠎ᠠ ᠶ᠋ᠢᠨ ᠳᠦᠷᠢᠮ ᠳᠦᠷᠰᠦ᠂ ᠬᠠᠰ ᠰᠤᠪᠤᠳ ᠤ᠋ᠨ ᠴᠤᠬᠠᠭ ᠦᠨᠡᠲᠡᠢ ᠶ᠋ᠢ ᠨᠢᠭᠡᠨ ᠵᠡᠷᠭᠡ ᠲᠣᠭᠠᠴᠢᠨ ᠬᠡᠯᠡᠭᠰᠡᠨ ᠳ᠋ᠦ᠍ᠷ ᠲᠠᠢᠽᠦ ᠪᠠᠰᠠ ᠥᠴᠦᠬᠡᠨ ᠮᠦᠰᠢᠶᠡᠵᠦ ᠬᠠᠷᠢᠭᠤ ᠥᠭᠦᠯᠡᠷᠦᠨ᠄《 ᠮᠠᠨ ᠤ᠋ ᠪᠢᠲᠡᠭᠦᠯᠢᠭ ᠤᠯᠤᠰ ᠲᠤᠷ ᠬᠠᠷᠢᠨ ᠡᠳᠡᠭᠡᠷ ᠢ᠋ ᠣᠭᠲᠣ ᠮᠡᠳᠡᠬᠦ ᠦᠭᠡᠢ᠂ ᠭᠠᠭᠴᠠ ᠬᠢᠴᠢᠶᠡᠬᠦ ᠢᠨᠤ ᠡᠵᠡᠨ ᠢᠨᠤ ᠢᠲᠡᠭᠡᠮᠵᠢ ᠲᠡᠢ ᠪᠡᠷ ᠡᠨᠡᠷᠢᠬᠦ᠂ ᠰᠠᠢᠳ ᠠᠨᠤ ᠴᠢᠬᠡᠴᠢ ᠪᠡᠷ ᠵᠢᠳᠬᠦᠬᠦ᠂ ᠡᠷᠢᠬᠦ ᠢᠨᠤ ᠤᠯᠤᠰ ᠠᠢᠮᠠᠭ᠂ ᠬᠦᠰᠡᠬᠦ ᠢᠨᠤ ᠭᠠᠵᠠᠷ ᠣᠷᠣᠨ ᠪᠣᠯᠠᠢ ᠃ ᠬᠡᠷᠪᠡ ᠡᠵᠡᠨ ᠢᠨᠤ ᠬᠣᠪᠳᠣᠭ ᠤᠵᠢᠳ᠂ ᠲᠦᠰᠢᠮᠡᠯ ᠢᠨᠤ ᠵᠠᠯᠢᠬᠠᠢ ᠵᠢᠰᠤᠷ ᠪᠣᠯᠤᠭᠠᠳ ᠡᠷᠢᠬᠦ ᠢᠨᠤ ᠡᠳ᠋ ᠠᠰᠢᠭ᠂ ᠬᠦᠰᠡᠬᠦ ᠢᠨᠤ ᠵᠢᠷᠭᠠᠯ ᠴᠡᠩᠭᠡᠯ ᠪᠣᠯᠪᠠᠰᠤ ᠬᠡᠳᠦᠢ ᠲᠡᠳᠡᠭᠡᠷ ᠲᠠᠮᠠᠭ᠎ᠠ ᠡᠷᠭᠦᠮᠵᠢᠯᠡᠯ ᠪᠠ ᠠᠯᠲᠠᠨ ᠲᠣᠷᠭ᠎ᠠ ᠪᠠᠢᠪᠠᠰᠤ ᠡᠭᠡᠨᠡᠭᠲᠡ ᠶᠠᠭᠤᠨ ᠤ᠋ ᠲᠤᠰᠠ ᠠᠵᠢ ! ᠭᠡᠳᠡᠷᠭᠦ ᠬᠠᠷᠢᠨ ᠳᠣᠣᠷᠠᠳᠤᠰ ᠢ᠋ ᠤᠷᠠᠨ ᠵᠠᠯᠢᠬᠠᠢ ᠪᠠᠷ ᠥᠨᠳᠥᠷ ᠡᠷᠬᠢᠮ ᠢ᠋ ᠡᠷᠡᠭᠡᠯᠵᠡᠭᠦᠯᠦᠨ᠂ ᠭᠠᠵᠢᠭᠤ ᠲᠠᠰᠢᠮᠠᠭᠠᠢ ᠪᠠᠷ ᠤᠳᠤᠷᠢᠳᠬᠤ ᠦᠨᠳᠦᠰᠦ ᠡᠭᠦᠰᠬᠡᠯ ᠪᠣᠯᠣᠮᠢ᠃ ᠤᠯᠤᠰ ᠢ᠋ᠶ᠋ᠠᠨ ᠥᠰᠬᠡᠵᠦ ᠣᠯᠠᠨ ᠢ᠋ᠶ᠋ᠠᠨ ᠠᠮᠤᠵᠢᠭᠤᠯᠬᠤ᠂ ᠲᠥᠷᠥ ᠪᠡᠨ ᠲᠦᠪᠰᠢᠳᠬᠡᠵᠦ ᠲᠦᠮᠡᠨ ᠢ᠋ᠶ᠋ᠡᠨ ᠵᠢᠷᠭᠠᠭᠤᠯᠬᠤ᠂ ᠪᠣᠯᠬᠢ ᠪᠢᠲᠡᠭᠦᠯᠢᠭ ᠨᠠᠳᠠ ᠳ᠋ᠤᠷ ᠲᠡᠳᠡᠭᠡᠷ ᠲᠠᠮᠠᠬᠠ ᠲᠡᠮᠳᠡᠭ᠂ ᠡᠷᠭᠦᠮᠵᠢ ᠴᠣᠯᠠ᠂ ᠠᠯᠲᠠᠨ ᠲᠣᠷᠭ᠎ᠠ᠂ ᠬᠠᠰ ᠰᠤᠪᠤᠳ ᠣᠭᠲᠣ ᠬᠡᠷᠡᠭ ᠦᠭᠡᠢ ᠪᠣᠯᠠᠢ ! 》 ᠬᠡᠮᠡᠭᠡᠳ ᠡᠯ᠎ᠡ ᠵᠦᠢᠯ ᠢ᠋ ᠢᠨᠤ ᠥᠴᠦᠬᠡᠨ ᠴᠦ᠍ ᠠᠪᠬᠤ ᠦᠭᠡᠢ ᠪᠡᠷ ᠰᠠᠢᠨ ᠰᠡᠳᠬᠢᠯ ᠦ᠋ᠨ ᠬᠠᠷᠢᠭᠤ ᠳ᠋ᠤᠷ ᠰᠠᠢᠬᠠᠨ ᠬᠤᠷᠢᠮ ᠬᠤᠷᠢᠮᠯᠠᠬᠤᠶ᠎ᠠ᠂ ᠱᠠᠪᠠᠩ ᠬᠥᠭᠵᠢᠮ ᠡᠭᠦᠰᠬᠡᠯᠭᠡᠬᠦ ᠶ᠋ᠢ ᠵᠣᠭᠰᠣᠭᠠᠵᠤ ᠶᠦᠩ ᠵᠢᠢ ᠶ᠋ᠢᠨ ᠵᠦᠭ ᠥᠭᠦᠯᠡᠷᠦᠨ᠄ 《 ᠮᠠᠨ ᠤ᠋ ᠤᠮᠠᠷᠠᠲᠤ ᠪᠢᠲᠡᠭᠦᠯᠢᠭ ᠭᠠᠵᠠᠷ ᠲᠤᠷ ᠲᠠᠨ ᠤ᠋ ᠡᠮᠦᠨ᠎ᠡ ᠭᠠᠵᠠᠷ ᠤ᠋ᠨ ᠮᠡᠲᠦ ᠤᠷᠠᠨ ᠨᠠᠷᠢᠨ ᠪᠥᠵᠢᠭ᠂ ᠨᠠᠭᠠᠳᠤᠮ ᠤ᠋ᠨ ᠶᠠᠩᠵᠤᠯᠠᠬᠤ ᠴᠢᠮᠡᠭᠯᠡᠬᠦ ᠬᠥᠷ ᠨᠠᠢᠷ ᠦᠭᠡᠢ᠂ ᠬᠡᠳᠦᠢᠪᠡᠷ ᠬᠡᠳᠦᠨ ᠵᠦᠢᠯ ᠦ᠋ᠨ ᠬᠤᠭᠤᠷ ᠴᠣᠭᠣᠷ᠂ ᠶᠠᠲᠤᠭ᠎ᠠ ᠪᠢᠰᠬᠢᠭᠦᠷ ᠦ᠋ᠨ ᠬᠥᠭ ᠳᠠᠭᠤᠨ ᠪᠠᠢᠪᠠᠴᠤ ᠶᠡᠷᠦ ᠶ᠋ᠢᠨ ᠬᠥᠭᠵᠢᠮ᠂ ᠶᠡᠷᠦ ᠭᠠᠢᠬᠠᠯᠲᠠᠢ ᠭᠠᠵᠠᠷ ᠠᠨᠤ ᠦᠭᠡᠢ᠃ ᠲᠡᠢᠨ ᠬᠦ᠌ ᠳᠡᠭᠡᠳᠦ ᠤᠯᠤᠰ ᠤ᠋ᠨ ᠡᠷᠬᠢᠮ ᠲᠦᠰᠢᠮᠡᠯ ᠢ᠋ ᠥᠪᠡᠷ᠎ᠡ ᠬᠦᠨᠳᠦᠯᠡᠬᠦ ᠰᠠᠢᠨ ᠶᠠᠭᠤᠮ᠎ᠠ ᠦᠭᠡᠢ᠂ ᠣᠳᠣ ᠭᠠᠭᠴᠠ ᠪᠢᠲᠡᠭᠦᠯᠢᠭ ᠮᠢᠨᠦ ᠡᠩ ᠦ᠋ᠨ ᠡᠳᠦᠷ ᠡᠷᠬᠢᠯᠡᠳᠡᠭ ᠤᠯᠤᠰ ᠲᠥᠷᠥ ᠶ᠋ᠢᠨ ᠴᠡᠷᠢᠭ ᠦ᠋ᠨ ᠡᠷᠳᠡᠮ ᠢ᠋ᠶ᠋ᠡᠷ ᠡᠷᠭᠢᠨ ᠲᠦᠰᠢᠮᠡᠯ ᠦ᠋ᠨ ᠨᠢᠳᠦᠨ ᠢ᠋ ᠰᠡᠷᠭᠦᠭᠡᠨ᠂ ᠬᠤᠷᠢᠮ ᠤ᠋ᠨ ᠬᠥᠷ ᠨᠠᠢᠷ ᠪᠣᠯᠭᠠᠮᠤᠢ ᠶᠠ! 》 ᠬᠡᠮᠡᠭᠡᠳ ᠦᠷᠭᠦᠭᠡᠨ ᠦ᠌ ᠲᠣᠭᠤᠷᠭᠠᠨᠠ ᠡᠯᠭᠦᠭᠰᠡᠨ ᠠᠷᠰᠯᠠᠨᠲᠤ ᠰᠠᠭᠠᠳᠠᠭ ᠠ᠋ᠴᠠ ᠨᠢᠭᠡᠨ ᠠᠯᠲᠠᠨ ᠲᠣᠭᠣᠨᠣᠪᠲᠤ ᠵᠡᠪᠡ ᠶ᠋ᠢ ᠰᠤᠭᠤᠯᠤᠭᠤᠯᠵᠤ᠂ ᠣᠶᠤᠲᠤ ᠰᠡᠴᠡᠨ ᠢ᠋ᠶ᠋ᠡᠷ ᠵᠢᠨᠦᠩ ᠮᠤᠬᠤᠯᠢ ᠳ᠋ᠤᠷ ᠢᠯᠡᠭᠡᠮᠡᠭᠴᠡ ᠭᠡᠨᠡᠳᠲᠡ ᠵᠢᠨᠦᠩ ᠦ᠋ᠨ ᠥᠨᠳᠥᠷ ᠲᠠᠭᠲᠤ ᠶ᠋ᠢᠨ ᠪᠠᠷᠰ ᠤ᠋ᠨ ᠴᠠᠴᠠᠷ ᠲᠤᠷ ᠶᠡᠬᠡ ᠵᠡᠰ ᠪᠦᠷᠢᠶ᠎ᠡ ᠲᠠᠲᠠᠬᠤ ᠳᠠᠭᠤᠨ ᠭᠠᠷᠴᠤ ᠳᠦᠭᠦᠯᠡ ᠮᠥᠷᠡᠨ ᠦ᠌ ᠶᠡᠬᠡ ᠲᠠᠯ᠎ᠠ ᠶ᠋ᠢᠨ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠤᠯᠠᠭᠠᠨ ᠲᠣᠭᠣᠰᠣᠨ ᠲᠡᠭᠷᠢ ᠳ᠋ᠦ᠍ᠷ ᠲᠤᠯᠲᠠᠯ᠎ᠠ ᠳᠡᠭᠳᠡᠵᠦ᠂ ᠲᠤᠭ ᠬᠢᠭᠢᠷᠢ ᠨᠠᠷᠠᠨ ᠢ᠋ ᠬᠠᠯᠬᠠᠯᠠᠲᠠᠯᠠ ᠵᠡᠷᠭᠡᠯᠡᠵᠦ ᠵᠢᠷᠭᠤᠭᠠᠨ ᠲᠦᠮᠡᠨ ᠰᠢᠳᠠᠷ ᠴᠡᠷᠢᠭ ᠴᠠᠭ ᠭᠱᠠᠨ᠎ᠠ ᠨᠢᠳᠦᠨ ᠦ᠌ ᠡᠮᠦᠨ᠎ᠡ ᠬᠤᠷᠠᠵᠤ ᠢᠷᠡᠭᠡᠳ ᠬᠤᠶᠠᠭ ᠳᠤᠭᠤᠯᠠᠭ᠎ᠠ ᠨᠢᠳᠦᠨ ᠢ᠋ ᠭᠢᠯᠠᠰᠬᠠᠨ᠂ ᠵᠠᠷ ᠵᠡᠪᠰᠡᠭ ᠨᠡᠷᠡᠨ᠎ᠡ ᠭᠢᠯᠪᠡᠯᠵᠡᠨ᠂ ᠰᠤᠮᠤᠨ ᠤ᠋ ᠥᠳᠥ ᠰᠢᠭᠤᠢ ᠮᠡᠲᠦ ᠬᠠᠷᠠᠯᠠᠵᠤ ᠴᠡᠷᠢᠭ ᠦ᠋ᠨ ᠳᠠᠯᠪᠠᠭ᠎ᠠ ᠰᠣᠯᠣᠩᠭ᠎ᠠ ᠠᠳᠠᠯᠢ ᠵᠡᠷᠭᠡᠯᠡᠨ᠂ ᠬᠣᠶᠠᠷ ᠡᠲᠡᠭᠡᠳ ᠵᠥᠷᠢᠭᠦᠯᠦᠨ ᠬᠣᠷᠢᠨ ᠭᠠᠵᠠᠷ ᠤᠷᠲᠤ ᠵᠢᠭᠰᠠᠭᠠᠨ ᠵᠣᠭᠰᠣᠭᠰᠠᠨ ᠳ᠋ᠤᠷ ᠲᠡᠷᠡ ᠴᠠᠭ ᠤ᠋ᠨ ᠰᠦᠷ ᠭᠡᠷᠡᠯ ᠲᠡᠰᠬᠡᠯ ᠦᠭᠡᠢ ᠬᠤᠷᠴᠠ ᠠᠶᠤᠮᠰᠢᠭᠲᠠᠢ᠃ ᠡᠭᠦᠨ ᠳ᠋ᠦ᠍ᠷ ᠠᠯᠲᠠᠨ ᠤᠯᠤᠰ ᠠ᠋ᠴᠠ ᠢᠷᠡᠭᠰᠡᠨ ᠵᠠᠭᠤᠨ ᠢᠯᠡᠭᠦᠦ ᠳᠠᠭᠠᠭᠰᠠᠳ ᠪᠠ ᠵᠢᠴᠢ ᠸᠧᠢ ᠸᠠᠩ ᠶᠦᠩ ᠵᠢᠢ ᠶᠡᠬᠡᠯ᠎ᠡ ᠠᠶᠤᠵᠤ ᠴᠢᠷᠠᠢ ᠠᠨᠤ ᠴᠥᠮ ᠰᠢᠷᠣᠢ ᠮᠡᠲᠦ ᠪᠣᠯᠤᠯᠴᠠᠵᠤ᠂ ᠠᠯᠲᠠᠨ ᠤᠯᠤᠰ ᠤ᠋ᠨ ᠡᠯᠴᠢ ᠡᠵᠡᠨ ᠳᠠᠭᠠᠭᠰᠠᠳ ᠨᠠᠷ ᠬᠠᠷᠢᠯᠴᠠᠨ ᠨᠢᠭᠡᠨ ᠨᠢᠭᠡᠨ ᠢ᠋ᠶ᠋ᠡᠨ ᠰᠢᠷᠲᠡᠯᠴᠡᠵᠦ᠂ ᠸᠧᠢ ᠸᠠᠩ ᠶᠦᠩ ᠵᠢᠢ ᠠᠷᠢᠬᠢᠨ ᠤ᠋ ᠬᠤᠨᠳᠠᠭ᠎ᠠ ᠪᠠᠨ ᠭᠠᠷ ᠴᠡᠴᠡᠷᠬᠢᠯᠡᠨ ᠭᠠᠵᠠᠷ ᠲᠤᠷ ᠠᠯᠳᠠᠭᠠᠳ ᠮᠡᠩᠳᠡᠨ ᠰᠡᠩᠳᠡᠨ ᠭᠦᠶᠦᠨ ᠪᠣᠰᠴᠤ ᠬᠣᠭᠣᠯᠠᠢ ᠴᠡᠴᠡᠷᠡᠨ ᠪᠡᠶ᠎ᠡ ᠳᠠᠭᠵᠢᠵᠤ ᠲᠠᠢᠽᠦ ᠶ᠋ᠢᠨ ᠵᠦᠭ ᠬᠣᠣᠰ ᠡᠪᠦᠳᠦᠭ ᠢ᠋ᠶ᠋ᠡᠷ ᠬᠦᠰᠡᠷ᠎ᠡ ᠲᠦᠰᠬᠢᠲᠡᠯ᠎ᠡ ᠰᠥᠭᠥᠳᠴᠦ ᠮᠥᠷᠭᠥᠬᠦᠢ ᠳ᠋ᠦ᠍ᠷ ᠲᠠᠢᠽᠦ ᠶᠡᠬᠡᠯ᠎ᠡ ᠰᠣᠴᠢᠵᠤ᠂ ᠡᠨᠡ ᠶᠠᠭᠠᠬᠢᠭᠰᠠᠨ ᠪᠣᠢ ᠭᠡᠮᠡᠨ ᠶᠠᠭᠠᠷᠠᠨ ᠭᠦᠶᠦᠨ ᠢᠷᠡᠵᠦ ᠶᠦᠩ ᠵᠢᠢ ᠶ᠋ᠢ ᠲᠡᠳᠬᠦᠨ ᠪᠣᠰᠬᠠᠵᠤ ᠮᠦᠰᠢᠶᠡᠨ ᠥᠭᠦᠯᠡᠷᠦᠨ᠄ 《 ᠡᠷᠭᠢᠨ ᠸᠠᠩ ᠡᠨᠡ ᠬᠡᠷᠬᠢᠭᠰᠡᠨ ᠪᠣᠢ? ᠶᠠᠭᠤᠨ ᠳ᠋ᠤᠷ ᠪᠢᠲᠡᠭᠦᠯᠢᠭ ᠨᠠᠮᠠᠶ᠋ᠢ ᠡᠢᠨ ᠬᠦ᠌ ᠪᠤᠰᠤᠴᠢᠯᠠᠨ ᠦᠵᠡᠵᠦ ᠰᠡᠵᠢᠭᠯᠡᠮᠦᠢ ? ᠮᠢᠨᠦ ᠡᠨᠡ ᠢᠨᠦ ᠣᠭᠲᠣᠬᠠᠨ ᠴᠤ᠌ ᠥᠪᠡᠷ᠎ᠡ ᠰᠡᠳᠬᠢᠯ ᠦᠭᠡᠢ᠂ ᠨᠢᠭᠡᠨ ᠳ᠋ᠦ᠍ᠷ ᠡᠷᠭᠢᠨ ᠸᠠᠩ ᠴᠢᠨᠦ ᠰᠡᠳᠬᠢᠯ ᠢ᠋ ᠰᠡᠷᠭᠦᠭᠡᠨ ᠨᠢᠳᠦᠨ ᠢ᠋ ᠪᠠᠶᠠᠰᠬᠠᠨ᠂ ᠪᠣᠯᠬᠢ ᠤᠯᠤᠰ ᠤ᠋ᠨ ᠬᠦᠨᠳᠦᠯᠡᠯ ᠢ᠋ ᠭᠦᠢᠴᠡᠳᠬᠡᠶ᠎ᠡ᠃ ᠬᠣᠶᠠᠷ ᠲᠤᠷ ᠪᠢᠲᠡᠭᠦᠯᠢᠭ ᠨᠠᠳᠠ ᠳ᠋ᠤᠷ ᠮᠥᠨ ᠬᠡᠳᠦᠨ ᠲᠦᠰᠢᠮᠡᠯ ᠪᠣᠢ᠂ ᠲᠡᠳᠡᠨ ᠢ᠋ ᠬᠤᠷᠢᠶᠠᠵᠤ ᠡᠷᠬᠢᠮ ᠤᠯᠤᠰ ᠠ᠋ᠴᠠ ᠬᠦᠨᠳᠦᠳᠬᠡᠨ ᠬᠦᠷᠲᠡᠭᠡᠭᠰᠡᠨ ᠢ᠋ ᠬᠡᠷᠬᠢᠨ ᠬᠠᠷᠢᠭᠤᠯᠠᠬᠤ ᠶ᠋ᠢ ᠡᠷᠭᠢᠨ ᠸᠠᠩ ᠴᠢᠮᠠᠶ᠋ᠢ ᠪᠠᠢᠲᠠᠯ᠎ᠠ ᠳᠠᠷᠤᠢ ᠵᠥᠪᠯᠡᠨ ᠲᠣᠭᠲᠠᠭᠠᠶ᠎ᠠ ᠭᠡᠮᠡᠨ ᠵᠠᠷᠯᠠᠭᠰᠠᠨ ᠪᠥᠯᠥᠭᠡ !》ᠬᠡᠮᠡᠭᠰᠡᠨ ᠳ᠋ᠦ᠍ᠷ ᠸᠧᠢ ᠸᠠᠩ ᠶᠦᠩ ᠵᠢᠢ ᠰᠠᠶᠢ ᠰᠡᠳᠬᠢᠯ ᠠᠮᠠᠷᠠᠵᠤ ᠴᠢᠷᠠᠢ ᠲᠣᠬᠣᠷᠤᠨ ᠰᠡᠮᠡᠬᠡᠷ ᠤᠷᠲᠤ ᠨᠢᠭᠡᠨᠲᠡ ᠰᠣᠢᠯᠠᠵᠤ ᠬᠣᠢᠰᠢ ᠤᠬᠤᠷᠢᠨ ᠰᠠᠭᠤᠳᠠᠯ ᠳ᠋ᠤᠷ ᠰᠠᠭᠤᠪᠠ᠃ ᠳᠠᠭᠠᠭᠰᠠᠨ ᠠᠷᠠᠳ ᠡᠭᠡᠨᠡᠭᠲᠡ ᠠᠶᠤᠨ ᠴᠡᠴᠡᠷᠬᠢᠯᠡᠮᠦᠢ᠃
ᠲᠡᠳᠦᠢ ᠲᠠᠢᠽᠦ ᠶᠦᠩ ᠵᠢᠢ ᠶ᠋ᠢ ᠲᠣᠬᠣᠷᠤᠭᠤᠯᠤᠨ ᠥᠭᠦᠯᠡᠷᠦᠨ᠄ 《ᠡᠷᠭᠢᠨ ᠸᠠᠩ ᠰᠡᠵᠢᠭ ᠪᠢᠲᠡᠭᠡᠢ ᠲᠥᠷᠥ᠂ ᠰᠠᠢᠨ ᠡᠷ᠎ᠡ ᠬᠣᠯᠠ ᠤᠯᠤᠰ ᠤ᠋ᠨ ᠡᠯᠴᠢ ᠶ᠋ᠢ ᠦᠯᠦ ᠳᠠᠷᠤᠯᠠᠮᠤᠢ᠂ ᠪᠢ ᠪᠢᠲᠡᠭᠦᠯᠢᠭ ᠪᠣᠯᠪᠠᠴᠤ ᠡᠬᠡᠨᠡᠷ ᠦ᠋ᠨ ᠶᠠᠪᠤᠳᠠᠯ ᠢ᠋ᠶ᠋ᠠᠷ ᠦᠯᠦ ᠶᠠᠪᠤᠮᠤᠢ !》 ᠬᠡᠮᠡᠵᠦ ᠠᠷᠰᠯᠠᠨᠲᠤ ᠬᠢᠭᠢᠷᠢ ᠶ᠋ᠢ ᠳᠠᠯᠠᠯᠤᠭᠤᠯᠵᠤ ᠣᠯᠠᠨ ᠲᠡᠷᠢᠭᠦᠯᠡᠭᠰᠡᠨ ᠲᠦᠰᠢᠮᠡᠯ᠂ ᠵᠥᠪᠰᠢᠶᠡᠯ ᠦ᠋ᠨ ᠰᠠᠢᠳ ᠢ᠋ ᠠᠷᠰᠯᠠᠨᠲᠤ ᠥᠷᠭᠥᠭᠡ ᠳ᠋ᠦ᠍ᠷ ᠳᠡᠪᠰᠢᠭᠦᠯᠵᠦ ᠠᠯᠲᠠᠨ ᠤᠯᠤᠰ ᠤ᠋ᠨ ᠡᠳᠡᠭᠡᠷ ᠤᠴᠢᠷ ᠢ᠋ ᠬᠡᠯᠡᠵᠦ ᠵᠥᠪᠳᠡᠨ ᠠᠰᠠᠭᠤᠪᠠᠰᠤ᠂ ᠵᠢᠨᠦᠩ ᠮᠤᠬᠤᠯᠢ ᠰᠥᠭᠥᠳᠴᠦ ᠮᠡᠳᠡᠭᠦᠯᠦᠷᠦᠨ᠄ 《ᠪᠢᠳᠡᠨ ᠦ᠌ ᠡᠵᠡᠨ ᠶᠡᠷᠦ ᠡᠮᠦᠨ᠎ᠡ ᠬᠢᠲᠠᠳ ᠤᠯᠤᠰ ᠲᠤᠷ ᠪᠣᠭᠣᠯᠴᠢᠯᠠᠭᠰᠠᠨ ᠭᠠᠵᠠᠷ ᠦᠭᠡᠢ᠂ ᠲᠡᠳᠡᠨ ᠦ᠌ ᠡᠷᠭᠦᠮᠵᠢᠯᠡᠯ ᠊ᠢ ᠬᠡᠷᠬᠢᠨ ᠬᠦᠯᠢᠶᠡᠵᠦ ᠪᠣᠯᠬᠤ? ᠡᠵᠡᠨ ᠦ᠌ ᠮᠢᠨᠦ ᠡᠭᠡᠭᠦᠯᠦᠭᠰᠡᠨ ᠢᠨᠤ ᠮᠠᠰᠢ ᠵᠣᠬᠢᠭᠰᠠᠨ ᠪᠣᠯᠠᠢ! 》 ᠬᠡᠮᠡᠬᠦᠢ ᠳ᠋ᠦ᠍ᠷ ᠵᠡᠭᠦᠨ ᠡᠲᠡᠭᠡᠳ ᠦ᠋ᠨ ᠲᠡᠷᠢᠭᠦᠯᠡᠭᠰᠡᠨ ᠰᠠᠢᠳ -- ᠤᠯᠤᠰ ᠤ᠋ᠨ ᠨᠠᠭᠠᠴᠤ ᠲᠠᠢ ᠰᠡᠴᠡᠨ ᠦ᠌ ᠬᠠᠵᠠᠭᠤ ᠠ᠋ᠴᠠ ᠲᠣᠷᠭᠠᠨ ᠰᠢᠷ᠎ᠠ ᠲᠠᠪᠰᠢᠨ ᠰᠥᠭᠥᠳᠴᠦ ᠮᠡᠳᠡᠭᠦᠯᠦᠷᠦᠨ᠄ 《 ᠬᠡᠳᠦᠢᠪᠡᠷ ᠲᠡᠢᠨ ᠪᠣᠯᠪᠠᠴᠤ ᠬᠣᠯᠠ ᠳ᠋ᠠᠬᠢ ᠶᠡᠬᠡ ᠤᠯᠤᠰ ᠤ᠋ᠨ ᠰᠠᠢᠨ ᠢ᠋ᠶ᠋ᠠᠷ ᠡᠷᠢᠵᠦ ᠦᠵᠡᠭᠰᠡᠨ ᠢ᠋ ᠲᠡᠰᠡᠷᠭᠦᠯᠡᠨ ᠦᠲᠡᠭᠡᠷᠬᠦ ᠢᠨᠤ ᠠᠷᠠᠢᠬᠠᠨ ᠬᠡᠷᠴᠡᠭᠡᠢ ᠪᠣᠯᠬᠤ ᠪᠥᠭᠡᠳ ᠪᠠᠰᠠ ᠬᠣᠢᠴᠢ ᠡᠳᠦᠷ ᠦ᠋ᠨ ᠬᠣᠯᠠ ᠳ᠋ᠠᠬᠢ ᠤᠯᠤᠰ ᠤ᠋ᠨ ᠡᠷᠢᠨ ᠢᠷᠡᠬᠦ ᠵᠠᠮ ᠢ᠋ ᠲᠠᠰᠤᠯᠤᠭᠤᠵᠠᠢ ᠭᠡᠮᠡᠨ ᠰᠠᠨᠠᠭᠳᠠᠮᠤᠢ᠃ ᠲᠡᠢᠨ ᠬᠦ᠌ ᠲᠡᠭᠦᠨ ᠦ᠌ ᠡᠷᠭᠦᠮᠵᠢᠯᠡᠯ ᠢ᠋ ᠬᠦᠯᠢᠶᠡᠨ ᠡᠰᠡ ᠠᠪᠤᠪᠠᠰᠤ᠂ ᠲᠡᠭᠦᠨ ᠦ᠌ ᠶᠣᠰᠣᠲᠤ ᠪᠡᠯᠡᠭ ᠢ᠋ ᠢᠨᠤ ᠦᠯᠡᠳᠡᠭᠡᠨ ᠠᠪᠤᠪᠠᠰᠤ ᠵᠣᠬᠢᠨᠠᠮ ᠊ᠶ᠎ᠠ 》 ᠬᠡᠮᠡᠭᠰᠡᠨ ᠳ᠋ᠦ᠍ᠷ ᠲᠠᠢᠽᠦ ᠥᠭᠦᠯᠡᠷᠦᠨ᠄ 《ᠬᠥᠮᠦᠨ ᠦ᠌ ᠡᠷᠭᠦᠮᠵᠢᠯᠡᠯ ᠢ᠋ ᠡᠰᠡ ᠬᠦᠯᠢᠶᠡᠨ ᠪᠥᠭᠡᠳ ᠬᠥᠮᠦᠨ ᠦ᠌ ᠡᠳ᠋ ᠢ᠋ ᠦᠯᠡᠳᠡᠭᠡᠪᠡᠰᠦ ᠬᠣᠪᠳᠣᠭ ᠥᠴᠦᠬᠡᠨ ᠡᠴᠡ ᠬᠡᠷᠬᠢᠨ ᠬᠡᠯᠲᠦᠷᠢᠵᠦ ᠪᠣᠯᠤᠮᠤᠢ᠃ 》 ᠬᠡᠮᠡᠬᠦᠢ ᠳ᠋ᠦ᠍ᠷ ᠬᠠᠵᠠᠭᠤ ᠠ᠋ᠴᠠ ᠳᠡᠭᠦᠦ ᠢᠨᠤ ᠬᠠᠪᠤᠲᠤ ᠬᠠᠰᠠᠷ᠂ ᠪᠠᠰᠠ ᠰᠠᠢᠰᠢᠶᠠᠯ ᠤ᠋ᠨ ᠰᠠᠢᠳ ᠠ᠋ᠴᠠ ᠵᠡᠯᠮ᠎ᠡ ᠬᠣᠶᠠᠭᠤᠯᠠ ᠵᠡᠷᠭᠡ ᠪᠡᠷ ᠭᠠᠷᠴᠤ ᠰᠥᠭᠥᠳᠴᠦ ᠮᠡᠳᠡᠭᠦᠯᠦᠷᠦᠨ᠄ 《 ᠳᠤᠮᠳᠠᠳᠤ ᠤᠯᠤᠰ ᠤ᠋ᠨ ᠪᠡᠯᠡᠭ ᠦ᠋ᠨ ᠬᠠᠷᠢᠭᠤ ᠪᠡᠯᠡᠭ ᠢᠯᠡᠭᠡᠪᠡᠰᠦ ᠨᠠᠢᠷ ᠭᠦᠢᠴᠡᠬᠦ ᠪᠣᠯᠠᠢ᠂ ᠡᠵᠡᠨ ᠮᠢᠨᠦ ᠨᠡᠢᠲᠡ ᠶ᠋ᠢ ᠦᠲᠡᠭᠡᠷᠪᠡᠰᠦ ᠬᠣᠯᠠ ᠳ᠋ᠠᠬᠢ ᠤᠯᠤᠰ ᠤ᠋ᠨ ᠡᠯᠢᠭᠡᠰᠢᠶᠡᠨ ᠦᠵᠡᠬᠦ ᠶ᠋ᠢ ᠠᠯᠳᠠᠭᠤᠵᠠᠢ᠃ 》 ᠬᠡᠮᠡᠭᠰᠡᠨ ᠳ᠋ᠦ᠍ᠷ ᠲᠠᠢᠽᠦ ᠨᠢᠭᠡᠨ ᠰᠠᠨᠠᠭᠠᠨ ᠣᠯᠵᠤ ᠵᠢᠨᠦᠩ ᠮᠤᠬᠤᠯᠢ ᠠ᠋ᠴᠠ ᠠᠰᠠᠭᠤᠷᠤᠨ᠄ 《ᠵᠢᠨᠦᠩ ᠳᠠᠬᠢᠨ ᠰᠠᠨᠠᠵᠤ ᠦᠵᠡ᠂ ᠠᠯᠲᠠᠨ ᠤᠯᠤᠰ ᠤ᠋ᠨ ᠬᠠᠷᠢᠭᠤ ᠬᠡᠷᠬᠢᠨ ᠬᠠᠷᠢᠭᠤᠯᠤᠮᠤᠢ ? 》 ᠮᠤᠬᠤᠯᠢ ᠡᠵᠡᠨ ᠦ᠌ ᠰᠠᠨᠠᠭᠠᠨ ᠢ᠋ ᠤᠬᠠᠵᠤ ᠮᠡᠳᠡᠭᠦᠯᠦᠷᠦᠨ᠄ 《ᠠᠯᠲᠠᠨ ᠤᠯᠤᠰ ᠡᠮᠦᠨ᠎ᠡ ᠰᠥᠩ ᠤᠯᠤᠰ ᠠ᠋ᠴᠠ ᠦᠰ ᠠᠪᠬᠤ ᠶ᠋ᠢᠨ ᠤᠴᠢᠷ ᠠᠯᠤᠰ ᠮᠠᠨ ᠤ᠋ ᠤᠯᠤᠰ ᠢ᠋ ᠠᠷᠭᠠᠳᠠᠷ᠎ᠠ ᠢᠷᠡᠭᠰᠡᠨ ᠪᠣᠯᠪᠠᠴᠤ ᠪᠢᠳᠡ ᠲᠡᠭᠦᠨ ᠦ᠌ ᠤᠷᠠᠬ᠎ᠠ ᠳ᠋ᠤᠷ ᠡᠰᠡ ᠣᠷᠣᠵᠤ᠂ ᠲᠡᠭᠦᠨ ᠦ᠌ ᠡᠷᠭᠦᠮᠵᠢᠯᠡᠯ ᠢ᠋ ᠡᠭᠡᠭᠦᠯᠵᠦ ᠪᠡᠯᠡᠭ ᠢ᠋ ᠦᠯᠡᠳᠡᠭᠡᠪᠡᠴᠦ ᠪᠠᠯᠩ ᠢ᠋ ᠢᠨᠤ ᠦᠨᠡᠨ ᠡᠷᠳᠡᠮᠲᠦ ᠴᠡᠷᠢᠭ ᠲᠦ᠍ᠷ ᠢ᠋ᠶ᠋ᠡᠨ ᠲᠦᠭᠡᠭᠡᠨ ᠥᠭᠴᠦ ᠢᠷᠡᠭᠰᠡᠨ ᠡᠯᠴᠢ ᠶ᠋ᠢᠨ ᠡᠮᠦᠨ᠎ᠡ ᠴᠡᠷᠢᠭ ᠦ᠋ᠨ ᠡᠷᠳᠡᠮ ᠢ᠋ ᠦᠵᠡᠭᠦᠯᠰᠦᠭᠡᠢ᠃ ᠡᠢᠨ ᠬᠦ᠌ ᠲᠦᠭᠡᠭᠡᠳ ᠬᠠᠷᠢᠭᠤ ᠳ᠋ᠤᠷ ᠠᠨᠤ ᠢᠷᠡᠭᠰᠡᠨ ᠡᠳ᠋ ᠦ᠋ᠨ ᠬᠦᠷᠬᠦ ᠴᠢᠨᠡᠭᠡ ᠪᠡᠷ᠂ ᠡᠵᠡᠨ ᠲᠡᠳᠡᠨ ᠦ᠌ ᠰᠥᠩ ᠤᠯᠤᠰ ᠯᠤᠭ᠎ᠠ ᠪᠠᠢᠯᠳᠤᠬᠤ ᠶ᠋ᠢ ᠰᠣᠨᠣᠰᠤᠭᠰᠠᠨ ᠲᠤᠯᠠ ᠲᠡᠳᠡᠨ ᠦ᠌ ᠴᠡᠷᠢᠭ ᠲᠦ᠍ᠷ ᠣᠷᠣᠰ ᠤᠯᠤᠰ ᠤ᠋ᠨ ᠵᠡᠪᠰᠡᠭ᠂ ᠵᠢᠴᠢ ᠮᠠᠨ ᠤ᠋ ᠭᠠᠵᠠᠷ ᠤ᠋ᠨ ᠮᠣᠷᠢ ᠪᠠᠷ ᠪᠡᠯᠡᠭ ᠬᠦᠷᠭᠡᠭᠦᠯᠪᠡᠰᠦ ᠡᠨᠡ ᠴᠣᠬᠣᠮ ᠲᠡᠳᠡᠨ ᠦ᠌ ᠴᠢᠬᠤᠯᠠ ᠬᠡᠷᠡᠭ ᠪᠣᠯᠠᠢ᠃ 》 ᠬᠡᠮᠡᠭᠰᠡᠨ ᠳ᠋ᠦ᠍ᠷ ᠲᠠᠢᠽᠦ ᠮᠠᠰᠢᠳᠠ ᠰᠠᠢᠰᠢᠶᠠᠨ ᠵᠢᠨᠦᠩ ᠮᠢᠨᠦ ᠰᠠᠨᠠᠭᠠᠨ ᠢ᠋ ᠣᠨᠣᠪᠠ ᠭᠡᠮᠡᠨ ᠳᠠᠷᠤᠢ ᠸᠧᠢ ᠸᠠᠩ ᠶᠦᠩ ᠵᠢᠢ ᠶ᠋ᠢᠨ ᠵᠦᠭ ᠥᠭᠦᠯᠡᠷᠦᠨ᠄ 《 ᠪᠢᠲᠡᠭᠦᠯᠢᠭ ᠪᠢ ᠡᠷᠭᠢᠨ ᠤᠯᠤᠰ ᠤ᠋ᠨ ᠡᠷᠭᠦᠮᠵᠢᠯᠡᠯ ᠬᠡᠰᠢᠭ ᠢ᠋ ᠪᠦᠷᠢᠨ᠎ᠡ ᠬᠦᠯᠢᠶᠡᠰᠦᠭᠡᠢ ᠬᠡᠮᠡᠬᠦᠯ᠎ᠡ ᠮᠢᠨᠦ ᠳᠣᠣᠷᠠᠬᠢ ᠲᠦᠰᠢᠮᠡᠳ ᠨᠠᠷ ᠳᠠᠭᠠᠬᠤ ᠦᠭᠡᠢ᠂ ᠴᠥᠮ ᠡᠭᠡᠭᠦᠯᠰᠦᠭᠡᠢ ᠬᠡᠮᠡᠬᠦᠯ᠎ᠡ ᠡᠷᠬᠢᠮ ᠤᠯᠤᠰ ᠤ᠋ᠨ ᠨᠢᠭᠤᠷ ᠲᠤᠷ ᠪᠠᠰᠠ ᠠᠷᠠᠢᠬᠠᠨ ᠮᠠᠭᠤᠬᠠᠢ ᠪᠣᠯᠵᠤ ᠤᠭ ᠰᠠᠢᠨ ᠰᠡᠳᠬᠢᠯ ᠳ᠋ᠦ᠍ᠷ ᠬᠠᠷᠰᠢᠬᠤ ᠶ᠋ᠢᠨ ᠲᠤᠯᠠ ᠪᠣᠯᠬᠢ ᠮᠢᠨᠦ ᠳᠣᠲᠣᠷ᠎ᠠ ᠪᠠᠰᠠ ᠮᠠᠰᠢ ᠲᠦᠪᠳᠡᠬᠦ ᠦᠭᠡᠢ᠃ ᠲᠡᠢᠨ ᠬᠦ᠌ ᠪᠣᠯᠬᠢ ᠪᠢ ᠠᠳᠠᠪᠠᠰᠢ ᠲᠠᠲᠠᠭᠠᠯᠵᠠᠮᠤᠢ᠂ ᠬᠡᠷᠬᠢᠪᠡᠰᠦ ᠰᠠᠢᠨ ? 》 ᠬᠡᠮᠡᠬᠦᠢ ᠳ᠋ᠦ᠍ᠷ ᠸᠧᠢ ᠸᠠᠩ ᠶᠦᠩ ᠵᠢᠢ ᠤᠭ ᠠ᠋ᠴᠠ ᠬᠣᠢᠲᠤ ᠡᠲᠡᠭᠡᠳ ᠊ᠢ ᠨᠠᠮᠬᠠᠷᠠᠭᠤᠯᠤᠷᠠ ᠢᠷᠡᠭᠰᠡᠨ ᠲᠤᠯᠠ ᠡᠳᠡᠨ ᠦ᠌ ᠤᠷᠠᠬ᠎ᠠ ᠳ᠋ᠤᠷ ᠦᠯᠦ ᠣᠷᠣᠬᠤ ᠶ᠋ᠢ ᠦᠵᠡᠭᠡᠳ ᠡᠭᠡᠵᠦ ᠡᠴᠢᠪᠡᠰᠦ ᠵᠠᠷᠯᠢᠭ ᠢ᠋ ᠡᠭᠡᠭᠦᠯᠬᠦᠶᠡ ᠪᠡᠷᠬᠡ ᠳ᠋ᠦ᠍ᠷ ᠬᠠᠷᠠᠬᠠᠨ ᠪᠡᠭᠲᠡᠷᠦᠨ ᠵᠣᠪᠠᠬᠤᠶᠠ᠂ ᠡᠳᠦᠭᠡ ᠡᠢᠮᠦ ᠨᠢᠭᠡᠨ ᠠᠶᠠᠰ ᠳᠠᠢᠬᠠᠨ ᠦᠭᠡᠰ ᠢ᠋ ᠰᠣᠨᠣᠰᠤᠭᠠᠳ ᠶᠡᠬᠡᠯ᠎ᠡ ᠪᠠᠶᠠᠷᠯᠠᠨ ᠶᠠᠭᠠᠷᠠᠨ ᠰᠠᠭᠤᠳᠠᠯ ᠠ᠋ᠴᠠ ᠪᠠᠨ ᠪᠣᠰᠴᠤ ᠠᠷᠢᠬᠢ ᠬᠢᠯᠭᠡᠨ ᠪᠠᠷᠢᠵᠤ ᠥᠭᠦᠯᠡᠷᠦᠨ᠄ 《ᠡᠨᠡ ᠢᠨᠤ ᠶᠡᠬᠡ ᠶᠤᠸᠠᠨᠱᠤᠸᠠᠢ ᠶ᠋ᠢᠨ ᠮᠡᠷᠭᠡᠨ ᠭᠡᠭᠡᠬᠡᠨ ᠪᠣᠯᠠᠢ᠂ ᠵᠣᠬᠢᠰ ᠢ᠋ ᠢᠨᠤ ᠦᠵᠡᠬᠦ ᠪᠣᠯᠪᠠᠤ !》 ᠬᠡᠮᠡᠬᠦᠢ ᠳ᠋ᠦ᠍ᠷ ᠲᠠᠢᠽᠦ ᠮᠥᠨ ᠶᠠᠭᠠᠷᠠᠨ ᠬᠠᠷᠢᠭᠤ ᠠᠷᠢᠬᠢ ᠪᠠᠷᠢᠵᠤ ᠥᠭᠦᠯᠡᠷᠦᠨ᠄ 《 ᠡᠷᠬᠢᠮ ᠤᠯᠤᠰ ᠤ᠋ᠨ ᠡᠨᠡ ᠮᠡᠲᠦ ᠳᠣᠲᠣᠨᠣᠯᠠᠨ ᠦᠵᠡᠭᠰᠡᠨ ᠢᠨᠤ ᠤᠷᠢᠳᠤ ᠡᠳᠦᠷ ᠦ᠋ᠨ ᠰᠠᠮᠠᠭᠤᠨ ᠡᠭᠦᠰᠬᠡᠭᠰᠡᠨ ᠮᠡᠭᠡᠵᠢᠨ ᠰᠡᠭᠡᠷ ᠦ᠋ᠨ ᠲᠣᠯᠣᠭᠠᠢ ᠶ᠋ᠢ ᠡᠷᠭᠦᠭᠰᠡᠨ ᠦ᠌ ᠰᠢᠯᠲᠠᠭᠠᠨ ᠲᠤᠯᠠ ᠲᠡᠷᠡ ᠰᠢᠯᠲᠠᠭᠠᠨ ᠴᠤ᠌ ᠮᠢᠨᠦ ᠳᠣᠣᠷᠠᠬᠢ ᠵᠠᠩᠵᠤᠨ ᠴᠡᠷᠢᠭ ᠦ᠋ᠨ ᠭᠠᠪᠢᠶ᠎ᠠ ᠪᠣᠢ ᠊ᠶ᠎ᠠ᠂ ᠮᠢᠨᠦ ᠭᠠᠭᠴᠠᠭᠠᠷ ᠤ᠋ᠨ ᠬᠦᠴᠦᠨ ᠪᠤᠰᠤ ᠲᠤᠯᠠ ᠡᠷᠬᠢᠮ ᠳᠤᠮᠳᠠᠳᠤ ᠤᠯᠤᠰ ᠤ᠋ᠨ ᠬᠦᠨᠳᠦ ᠬᠡᠰᠢᠭ ᠢ᠋ ᠪᠣᠯᠬᠢ ᠮᠢᠨᠦ ᠵᠠᠩᠵᠤᠨ ᠴᠡᠷᠢᠭ ᠦᠨᠡᠨ ᠡᠷ᠎ᠡ ᠶ᠋ᠢᠨ ᠡᠷᠳᠡᠮ ᠲᠡᠢ ᠳ᠋ᠦ᠍ᠷ ᠢᠨᠤ ᠱᠠᠩᠨᠠᠪᠠᠰᠤ ᠭᠠᠭᠴᠠ ᠪᠢ ᠠᠪᠤᠭᠰᠠᠨ ᠠ᠋ᠴᠠ ᠲᠦᠮᠡᠨ ᠬᠤᠪᠢ ᠳᠡᠭᠡᠷ᠎ᠡ᠃ ᠲᠡᠢᠨ ᠬᠡᠮᠡᠭᠡᠳ ᠮᠢᠨᠦ ᠵᠠᠩᠵᠤᠨ ᠴᠡᠷᠢᠭ ᠦ᠋ᠨ ᠦᠨᠡᠨ ᠡᠷᠳᠡᠮ ᠪᠠᠢᠬᠤ ᠪᠠ ᠦᠭᠡᠢ ᠶ᠋ᠢ ᠦᠵᠡᠬᠦ ᠬᠡᠷᠡᠭᠲᠡᠢ᠃ ᠦᠨᠡᠬᠡᠷ ᠦᠨᠡᠨ ᠡᠷᠳᠡᠮ ᠠᠪᠠᠰᠤ ᠭᠥᠷᠳᠡᠲᠦᠭᠡᠢ᠃ ᠬᠡᠷᠪᠡ ᠦᠭᠡᠢ ᠪᠥᠭᠡᠰᠦ ᠪᠠᠢᠲᠤᠭᠠᠢ !》 ᠬᠡᠮᠡᠭᠡᠳ《ᠭᠤᠷᠪᠠᠨ ᠡᠳᠦᠷ ᠦ᠋ᠨ ᠬᠣᠢᠨ᠎ᠠ ᠵᠠᠭᠤᠨ ᠨᠣᠮᠣᠨ ᠤ᠋ ᠭᠠᠵᠠᠷ ᠠ᠋ᠴᠠ ᠠᠯᠲᠠᠨ ᠳᠤᠭᠤᠯᠠᠭ᠎ᠠ ᠬᠠᠷᠪᠤᠵᠤ᠂ ᠶᠡᠬᠡ ᠠᠯᠲᠠᠨ ᠤᠯᠤᠰ ᠤ᠋ᠨ ᠪᠡᠯᠡᠭ ᠢ᠋ ᠲᠦᠭᠡᠭᠡᠮᠦᠢ 》 ᠭᠡᠮᠡᠨ ᠵᠠᠷᠯᠠᠭᠠᠳ ᠬᠤᠷᠢᠮ ᠲᠠᠷᠬᠠᠪᠠ᠃
ᠭᠤᠷᠪᠠᠳᠤᠭᠠᠷ ᠡᠳᠦᠷ ᠲᠣᠷ ᠦᠨᠡᠬᠡᠷ ᠬᠤᠷᠢᠮ ᠤ᠋ᠨ ᠡᠮᠦᠨ᠎ᠡ ᠵᠠᠭᠤᠨ ᠨᠣᠮᠣᠨ ᠤ᠋ ᠦᠵᠦᠭᠦᠷ ᠵᠢᠷᠤᠭᠰᠠᠨ ᠰᠢᠷᠤᠭ ᠪᠣᠰᠬᠠᠵᠤ᠂ ᠵᠠᠭᠤᠨ ᠭᠠᠵᠠᠷ ᠠᠭᠤᠳᠠᠮ ᠲᠠᠯ᠎ᠠ ᠳ᠋ᠤᠷ ᠲᠦᠰᠢᠮᠡᠯ ᠴᠡᠷᠢᠭ ᠦ᠋ᠨ ᠬᠤᠷᠠᠭᠰᠠᠨ ᠠᠨᠤ ᠭᠠᠵᠠᠷ ᠤ᠋ᠨ ᠬᠥᠷᠥᠰᠥ ᠶ᠋ᠢ ᠪᠦᠷᠬᠦᠵᠦᠬᠦᠢ᠂ ᠲᠡᠳᠦᠢ ᠲᠡᠷᠡ ᠰᠢᠷᠤᠭ ᠤ᠋ᠨ ᠣᠷᠣᠢ ᠳ᠋ᠤᠷ ᠠᠯᠲᠠᠨ ᠤᠯᠤᠰ ᠤ᠋ᠨ ᠪᠡᠯᠡᠭ ᠲᠣᠷ ᠢᠷᠡᠭᠰᠡᠨ ᠠᠯᠲᠠᠨ ᠳᠤᠭᠤᠯᠠᠭ᠎ᠠ ᠶ᠋ᠢ ᠡᠮᠦᠰᠬᠡᠵᠦ᠂ ᠳᠣᠣᠷ᠎ᠠ ᠢᠨᠤ ᠭᠤᠷᠪᠠᠨ ᠤᠯᠠᠭᠠᠨ ᠨᠠᠷᠠᠨ ᠵᠢᠷᠤᠭᠰᠠᠨ ᠬᠢᠭᠢᠷᠢ ᠤᠶᠠᠭᠠᠳ ᠬᠣᠶᠠᠷ ᠬᠠᠵᠠᠭᠤ ᠳ᠋ᠤᠷ ᠴᠥᠮ ᠬᠡᠳᠦᠨ ᠮᠢᠩᠭᠠᠨ ᠬᠣᠣᠰ ᠴᠡᠴᠡᠭ ᠦ᠋ᠨ ᠬᠡᠩᠭᠡᠷᠭᠡ ᠬᠠᠷᠠᠩᠭ᠎ᠠ ᠪᠦᠷᠢᠶ᠎ᠡ ᠪᠢᠰᠬᠢᠭᠦᠷ ᠢ᠋ ᠵᠢᠭᠰᠠᠭᠠᠵᠤ᠂ ᠬᠢᠭᠢᠷᠢ ᠢ᠋ ᠬᠠᠷᠪᠤᠵᠤ ᠣᠨᠣᠪᠠᠰᠤ ᠮᠥᠩᠭᠥ ᠲᠣᠷᠭ᠎ᠠ᠂ ᠨᠠᠷᠠᠨ ᠢ᠋ ᠤᠨᠤᠪᠠᠰᠤ ᠮᠠᠩᠨᠤᠭ ᠰᠤᠪᠤᠳ ᠱᠠᠩᠨᠠᠮᠤᠢ᠂ ᠳᠤᠭᠤᠯᠠᠭ᠎ᠠ ᠶ᠋ᠢ ᠣᠨᠣᠪᠠᠰᠤ ᠬᠤᠶᠠᠭ ᠳᠤᠭᠤᠯᠠᠭ᠎ᠠ ᠠᠯᠲᠠᠨ ᠬᠠᠰ ᠨᠡᠮᠡᠵᠦ ᠱᠠᠩᠨᠠᠮᠤᠢ ᠭᠡᠮᠡᠨ ᠵᠠᠷᠯᠠᠭᠰᠠᠨ ᠤ᠋ ᠲᠤᠯᠠᠳᠠ ᠬᠣᠯᠠ ᠣᠢᠷ᠎ᠠ ᠶ᠋ᠢᠨ ᠤᠯᠤᠰ ᠠᠢᠮᠠᠭ ᠤ᠋ᠳ ᠪᠠᠰᠠ ᠴᠥᠮ ᠳᠣᠪᠲᠣᠯᠤᠨ ᠬᠦᠷᠴᠦ ᠢᠷᠡᠵᠦᠬᠦᠢ᠃ ᠪᠧᠲ᠋ᠠ᠋ ᠤᠯᠤᠰ ᠤ᠋ᠨ ᠡᠵᠡᠨ ᠲᠠᠢᠽᠦ ᠂ ᠠᠯᠲᠠᠨ ᠤᠯᠤᠰ ᠤ᠋ᠨ ᠡᠯᠴᠢ ᠸᠧᠢ ᠸᠠᠩ ᠶᠦᠩ ᠵᠢᠢ ᠬᠣᠶᠠᠭᠤᠯᠠ ᠥᠨᠳᠥᠷ ᠳᠣᠪᠣ ᠶ᠋ᠢᠨ ᠠᠷᠰᠯᠠᠨᠲᠤ ᠥᠷᠭᠥᠭᠡ ᠳ᠋ᠦ᠍ᠷ ᠵᠣᠴᠢᠨ ᠭᠡᠷ ᠦ᠋ᠨ ᠡᠵᠡᠨ ᠦ᠌ ᠶᠣᠰᠣᠭᠠᠷ ᠡᠰᠡᠷᠭᠦᠴᠡᠯᠡᠨ ᠰᠠᠭᠤᠵᠤ᠂ ᠬᠤᠷᠢᠮ ᠤ᠋ᠨ ᠠᠯᠲᠠᠨ ᠬᠤᠨᠳᠠᠭᠠᠲᠤ ᠰᠠᠷᠬᠤᠳ ᠤ᠋ᠨ ᠰᠢᠷᠡᠭᠡ ᠣᠷᠣᠮᠠᠭᠴᠠ ᠰᠠᠢᠬᠠᠨ ᠰᠤᠷᠲᠠᠯᠲᠤ᠂ ᠣᠶᠤᠲᠤ ᠰᠡᠴᠡᠨ ᠬᠣᠶᠠᠭᠤᠯᠠ ᠬᠣᠶᠠᠷ ᠲᠡᠰᠢ ᠠᠷᠢᠬᠢ ᠡᠷᠭᠦᠮᠡᠭᠴᠡ ᠵᠢᠨᠦᠩ ᠦ᠋ᠨ ᠪᠠᠷᠰ ᠤ᠋ᠨ ᠴᠠᠴᠠᠷ ᠲᠤᠷ ᠶᠡᠬᠡ ᠪᠠᠢᠯᠳᠤᠭᠠᠨ ᠤ᠋ ᠬᠡᠩᠭᠡᠷᠭᠡ ᠶ᠋ᠢᠨ ᠳᠠᠭᠤᠨ ᠬᠦᠩᠭᠢᠷᠡᠰᠡᠨ ᠭᠠᠷᠴᠤ ᠣᠯᠠᠨ ᠪᠠᠭᠠᠲᠤᠷ ᠵᠠᠩᠵᠤᠨ ᠤ᠋ᠳ ᠬᠣᠣᠰ ᠬᠣᠣᠰ ᠢ᠋ᠶ᠋ᠠᠷ ᠬᠤᠶᠠᠭ ᠳᠤᠭᠤᠯᠠᠭ᠎ᠠ ᠡᠮᠦᠰᠴᠦ ᠰᠠᠭᠠᠳᠠᠭ ᠠᠭᠰᠠᠨ ᠭᠠᠷᠴᠤ ᠳᠠᠷᠠᠭ᠎ᠠ ᠳᠠᠷᠠᠭ᠎ᠠ ᠪᠠᠷ ᠳᠠᠪᠰᠢᠵᠤ ᠬᠣᠢᠨ᠎ᠠ ᠬᠣᠢᠨ᠎ᠠ ᠠ᠋ᠴᠠ ᠪᠠᠨ ᠬᠠᠷᠪᠤᠯᠴᠠᠬᠤᠶᠠ᠂ ᠭᠤᠷᠪᠠᠨ ᠬᠤᠪᠢ ᠠ᠋ᠴᠠ ᠬᠣᠶᠠᠷ ᠬᠤᠪᠢ ᠠᠨᠤ ᠬᠢᠭᠢᠷᠢ ᠶ᠋ᠢ ᠤᠨᠤᠵᠤ᠂ ᠪᠠᠰᠠ ᠨᠢᠭᠡᠨ ᠬᠤᠪᠢ ᠠᠨᠤ ᠤᠯᠠᠭᠠᠨ ᠨᠠᠷᠠᠨ ᠢ᠋ ᠤᠨᠤᠵᠤ ᠭᠠᠷᠬᠤᠶ᠎ᠠ᠂ ᠣᠯᠠᠨ ᠴᠡᠷᠢᠭ ᠦ᠋ᠨ ᠪᠠᠶᠠᠷᠯᠠᠯᠴᠠᠨ ᠬᠡᠩᠭᠡᠷᠭᠡ ᠴᠣᠬᠢᠨ ᠬᠠᠰᠬᠢᠷᠤᠯᠳᠤᠬᠤ ᠳᠠᠭᠤᠨ ᠳ᠋ᠤᠷ ᠮᠥᠷᠡᠨ ᠲᠠᠯ᠎ᠠ ᠬᠦᠩᠭᠢᠷᠡᠰᠡᠮᠦᠢ᠃ ᠱᠠᠩ ᠬᠡᠰᠢᠭ ᠢ᠋ ᠬᠦᠯᠢᠶᠡᠯᠴᠡᠨ ᠡᠴᠢᠬᠦ ᠢᠨᠤ ᠨᠢᠳᠦᠨ ᠢ᠋ ᠭᠢᠯᠠᠰᠬᠠᠮᠤᠢ᠃ ᠠᠯᠲᠠᠨ ᠤᠯᠤᠰ ᠤ᠋ᠨ ᠳᠡᠭᠡᠷ᠎ᠡ ᠳᠣᠣᠷ᠎ᠠ ᠪᠠᠷ ᠠᠮᠠ ᠪᠠᠨ ᠪᠠᠷᠢᠯᠴᠠᠨ ᠭᠠᠢᠬᠠᠯᠳᠤᠬᠤᠶᠠ᠂ ᠪᠠᠷᠠᠭᠤᠨ ᠡᠲᠡᠭᠡᠳ ᠤᠯᠠᠭᠠᠨ ᠲᠠᠷᠮ᠎ᠠ ᠶ᠋ᠢᠨ ᠨᠢᠰᠬᠦ ᠪᠠᠷᠰ ᠵᠢᠷᠤᠭᠰᠠᠨ ᠵᠢᠷᠭᠤᠳᠤᠭᠠᠷ ᠲᠤᠭ ᠤ᠋ᠨ ᠳᠣᠣᠷ᠎ᠠ ᠠ᠋ᠴᠠ ᠨᠢᠭᠡᠨ ᠶᠡᠬᠡ ᠵᠠᠩᠵᠤᠨ ᠪᠡᠶ᠎ᠡ ᠳ᠋ᠦ᠍ᠷ ᠮᠥᠩᠭᠥᠨ ᠬᠤᠶᠠᠭ ᠳᠤᠭᠤᠯᠠᠭ᠎ᠠ᠂ ᠪᠡᠯᠭᠡᠭᠦᠰᠦᠨ ᠳ᠋ᠦ᠍ᠷ ᠬᠠᠨᠳᠠᠭᠠᠢ ᠪᠤᠭᠤ ᠶ᠋ᠢᠨ ᠪᠦᠰᠡ᠂ ᠵᠠᠵᠢ ᠳ᠋ᠤᠷ ᠦᠨᠡᠭᠡ ᠶ᠋ᠢᠨ ᠰᠡᠭᠦᠯ ᠦ᠋ᠨ ᠤᠨᠵᠢᠯᠭ᠎ᠠ᠂ ᠰᠡᠭᠦᠵᠢᠨ ᠳ᠋ᠦ᠍ᠷ ᠤᠯᠠᠭᠠᠨ ᠢᠷᠪᠢᠰ ᠦ᠋ᠨ ᠰᠠᠭᠠᠳᠠᠭ ᠠᠭᠰᠠᠵᠤ᠂ ᠬᠠᠰ ᠴᠠᠭᠠᠨ ᠰᠠᠢᠬᠠᠨ ᠴᠢᠷᠠᠢ ᠳ᠋ᠤᠷ ᠭᠤᠷᠪᠠᠨ ᠮᠤᠰᠬᠢᠶ᠎ᠡ ᠬᠠᠷ᠎ᠠ ᠰᠠᠬᠠᠯ ᠬᠡᠢᠰᠴᠦ ᠭᠠᠷ ᠲᠤᠷ ᠮᠥᠩᠭᠥᠨ ᠵᠢᠳᠠ ᠪᠠᠷᠢᠨ᠂ ᠰᠠᠷᠠᠯ ᠮᠣᠷᠢ ᠤᠨᠤᠨ ᠳᠣᠪᠲᠣᠯᠤᠨ ᠭᠠᠷᠴᠤ ᠢᠷᠡᠭᠡᠳ ᠥᠨᠳᠥᠷ ᠳᠠᠭᠤᠨ ᠢ᠋ᠶ᠋ᠠᠷ ᠳᠠᠭᠤᠳᠠᠨ ᠥᠭᠦᠯᠡᠷᠦᠨ᠄ 《ᠭᠠᠭᠴᠠ ᠬᠢᠭᠢᠷᠢ ᠶ᠋ᠢ ᠤᠨᠤᠬᠤ ᠶ᠋ᠢ ᠮᠡᠷᠭᠡᠨ ᠳ᠋ᠦ᠍ᠷ ᠦᠯᠦ ᠲᠣᠭᠠᠴᠠᠮᠤᠢ᠂ ᠮᠢᠨᠦ ᠡᠨᠡ ᠡᠳᠦᠷ ᠦ᠋ᠨ ᠬᠢᠭᠢᠷᠢ ᠪᠠ ᠨᠠᠷᠠᠨ ᠬᠢᠭᠡᠳ ᠳᠤᠭᠤᠯᠠᠭ᠎ᠠ ᠶ᠋ᠢ ᠴᠥᠮ ᠤᠨᠤᠵᠤ᠂ ᠭᠤᠷᠪᠠᠨ ᠳᠠᠪᠬᠤᠷ ᠱᠠᠩ ᠳ᠋ᠤᠷ ᠬᠦᠷᠲᠡᠬᠦ ᠶ᠋ᠢ ᠦᠵᠡ !》 ᠬᠡᠮᠡᠭᠰᠡᠨ ᠳ᠋ᠦ᠍ᠷ ᠣᠯᠠᠨ ᠬᠥᠮᠦᠨ ᠰᠣᠴᠢᠨ ᠦᠵᠡᠪᠡᠰᠦ᠂ ᠦᠵᠡᠰᠡ ᠵᠢᠷᠭᠤᠭᠠᠨ ᠰᠠᠢᠰᠢᠶᠠᠯ ᠳ᠋ᠤᠷ ᠣᠷᠣᠭᠰᠠᠨ ᠰᠠᠢᠳ ᠮᠡᠷᠭᠡᠨ ᠬᠠᠷᠪᠤᠭᠠᠴᠢ ᠴᠤᠤ ᠮᠡᠷᠭᠡᠨ ᠠᠵᠤᠭᠤ᠃ ᠣᠯᠠᠨ ᠬᠥᠮᠦᠨ ᠪᠠᠶᠠᠰᠤᠯᠴᠠᠨ ᠦᠵᠡᠬᠦᠶ᠎ᠡ᠂ ᠴᠤᠤ ᠮᠡᠷᠭᠡᠨ ᠵᠢᠳᠠ ᠶᠤᠭᠠᠨ ᠡᠮᠡᠭᠡᠯ ᠦ᠋ᠨ ᠪᠦᠭᠦᠷᠭᠡ ᠳ᠋ᠦ᠍ᠷ ᠬᠠᠪᠴᠢᠭᠤᠯᠤᠭᠠᠳ ᠵᠡᠭᠦᠨ ᠭᠠᠷ ᠲᠠᠭᠠᠨ ᠰᠠᠬᠢᠭᠤᠯᠰᠤᠨ ᠨᠤᠮᠤ ᠪᠠᠨ ᠠᠳᠬᠤᠵᠤ᠂ ᠪᠠᠷᠠᠭᠤᠨ ᠭᠠᠷ ᠢ᠋ᠶ᠋ᠠᠷ ᠬᠤᠪᠢᠯᠭᠠᠨ ᠰᠤᠮᠤ ᠶᠤᠭᠠᠨ ᠣᠨᠢᠯᠠᠭᠠᠳ ᠤᠷᠠᠨ ᠨᠤᠮᠤ ᠰᠠᠷᠠᠨ ᠮᠡᠲᠦ ᠳᠦᠭᠦᠷᠴᠦ ᠣᠨᠣᠴᠢᠲᠤ ᠰᠤᠮᠤ ᠣᠳᠣᠨ ᠠᠳᠠᠯᠢ ᠡᠴᠢᠭᠡᠳ ᠲᠡᠷᠢᠭᠦᠨ ᠰᠤᠮᠤ ᠳ᠋ᠤᠷ ᠬᠢᠭᠢᠷᠢ ᠶ᠋ᠢ ᠤᠨᠤᠵᠤ᠂ ᠳᠡᠳ᠋ ᠰᠤᠮᠤ ᠳ᠋ᠤᠷ ᠨᠠᠷᠠᠨ ᠢ᠋ ᠤᠨᠤᠭᠠᠳ ᠭᠤᠲᠠᠭᠠᠷ ᠰᠤᠮᠤ ᠠᠨᠤ ᠳᠤᠭᠤᠯᠠᠭ᠎ᠠ ᠶ᠋ᠢᠨ ᠬᠦᠵᠦᠭᠦᠪᠲᠦᠷ ᠲᠣᠷ ᠭᠠᠳᠠᠭᠰᠠᠨ ᠳ᠋ᠤᠷ ᠬᠣᠶᠠᠷ ᠤᠯᠤᠰ ᠤ᠋ᠨ ᠡᠵᠡᠳ ᠰᠠᠢᠳ ᠵᠠᠩᠵᠤᠨ ᠴᠡᠷᠢᠭ ᠰᠤᠯᠠ ᠠᠷᠠᠳ ᠲᠤᠷ ᠬᠦᠷᠲᠡᠯ᠎ᠡ ᠴᠥᠮ ᠳᠠᠭᠤᠨ ᠠᠯᠳᠠᠯᠴᠠᠨ ᠮᠠᠭᠲᠠᠨ ᠰᠠᠢᠰᠢᠶᠠᠵᠤ᠂ ᠳᠠᠭᠤᠳᠠᠯᠴᠠᠬᠤ ᠳᠠᠭᠤᠨ ᠳ᠋ᠤ᠌ ᠳᠠᠪᠠᠭ᠎ᠠ ᠬᠥᠪᠡᠭᠡ ᠠᠨᠢᠷᠯᠠᠵᠤ᠂ ᠰᠠᠯᠬᠢᠨ ᠤᠷᠤᠭᠤ ᠠᠷᠪᠠᠨ ᠭᠠᠵᠠᠷ ᠳᠠᠪᠠᠲᠠᠯ᠎ᠠ ᠰᠣᠨᠣᠰᠳᠠᠬᠤᠶᠠ᠂ ᠳᠠᠭᠤᠳᠠᠭᠰᠠᠨ ᠮᠡᠲᠦ ᠪᠠᠰᠠ ᠨᠢᠭᠡᠨ ᠶᠡᠬᠡ ᠵᠠᠩᠵᠤᠨ ᠢ᠋ ᠬᠥᠳᠡᠯᠭᠡᠵᠦ ᠳᠠᠯᠳᠠ ᠠ᠋ᠴᠠ ᠳᠣᠪᠲᠣᠯᠤᠨ ᠭᠠᠷᠴᠤ ᠢᠷᠡᠪᠡ᠃ ᠡᠨᠡ ᠬᠡᠨ ᠬᠡᠮᠡᠪᠡᠰᠦ ᠲᠠᠢᠯᠤᠨ ᠮᠡᠳᠡᠭᠦᠯᠬᠦ ᠶ᠋ᠢ ᠰᠣᠨᠣᠰ᠄ ᠡᠨᠡ ᠦᠶ᠎ᠡ ᠳ᠋ᠦ᠍ᠷ ᠪᠧᠲ᠋ᠠ᠋ ᠤᠯᠤᠰ ᠭᠠᠳᠠᠨ᠎ᠠ ᠵᠦᠷᠴᠢᠳ ᠤᠯᠤᠰ ᠤ᠋ᠨ ᠣᠢᠷᠠᠯᠴᠠᠭ᠎ᠠ ᠢᠵᠢᠯᠵᠢ᠂ ᠮᠠᠢᠯᠵᠢ᠂ ᠴᠠᠢᠯᠵᠢ ᠬᠡᠮᠡᠬᠦ ᠭᠤᠷᠪᠠᠨ ᠠᠢᠮᠠᠭ ᠪᠣᠢ ᠪᠥᠯᠥᠭᠡ᠃ ᠢᠵᠢᠯᠵᠢ ᠠᠢᠮᠠᠭ ᠤ᠋ᠨ ᠡᠵᠡᠨ ᠥᠯᠵᠡᠢᠲᠦ᠂ ᠡᠭᠦᠨ ᠦ᠌ ᠬᠥᠪᠡᠭᠦᠨ ᠪᠣᠲ᠋ᠤ᠃ ᠴᠠᠢᠯᠵᠢ ᠠᠢᠮᠠᠭ ᠤ᠋ᠨ ᠡᠵᠡᠨ ᠤᠷᠲᠤ᠂ ᠮᠠᠢᠯᠵᠢ ᠠᠢᠮᠠᠭ ᠤ᠋ᠨ ᠡᠵᠡᠨ ᠤᠨᠨᠳᠤᠷ᠂ ᠥᠨᠢ ᠥᠨᠳᠥᠷ ᠬᠡᠮᠡᠬᠦ ᠠᠬ᠎ᠠ ᠳᠡᠭᠦᠦ ᠬᠣᠶᠠᠭᠤᠯᠠ ᠪᠥᠯᠥᠭᠡ᠃ ᠥᠨᠢ ᠢᠨᠤ ᠲᠠᠢᠽᠦ ᠶ᠋ᠢ ᠪᠠᠭ᠎ᠠ ᠴᠠᠭ ᠲᠤᠷ ᠤᠷᠪᠠᠵᠤ ᠭᠠᠷᠤᠭᠠᠳ ᠳᠣᠣᠷᠠᠬᠢ ᠬᠥᠮᠦᠨ ᠳ᠋ᠦ᠍ᠷ ᠢ᠋ᠶ᠋ᠡᠨ ᠲᠣᠳᠣ ᠬᠡᠮᠡᠭᠴᠢ ᠳ᠋ᠦ᠍ᠷ ᠠᠯᠠᠭᠳᠠᠵᠤ᠂ ᠠᠢᠮᠠᠭ ᠢ᠋ᠶ᠋ᠠᠨ ᠪᠤᠯᠢᠶᠠᠬᠠᠨᠳᠠᠨ ᠡᠵᠡᠯᠡᠭᠳᠡᠪᠡ᠃ ᠳᠡᠭᠦᠦ ᠢᠨᠤ ᠥᠨᠳᠥᠷ ᠠᠬ᠎ᠠ ᠪᠠᠨ ᠳᠠᠭᠠᠵᠤ ᠡᠴᠢᠬᠦ ᠦᠭᠡᠢ ᠬᠡᠳᠦᠢᠴᠢᠨᠡᠭᠡᠨ ᠬᠣᠷᠢᠭᠯᠠᠭᠰᠠᠨ ᠵᠦᠢ ᠪᠣᠢ᠂ ᠬᠣᠢᠨ᠎ᠠ ᠭᠠᠷᠴᠤ ᠢᠷᠡᠮᠦᠢ᠃
ᠡᠳᠦᠭᠡ ᠥᠭᠦᠯᠡᠬᠦ ᠢᠨᠤ᠂ ᠭᠠᠭᠴᠠ ᠡᠨᠡ ᠢᠵᠢᠯᠵᠢ ᠠᠢᠮᠠᠭ ᠤ᠋ᠨ ᠡᠵᠡᠨ ᠯᠢᠶᠧ ᠰᠧ ᠣᠪᠣᠭᠲᠤ ᠢᠯᠭᠦᠨ᠎ᠡ ᠬᠡᠮᠡᠬᠦ ᠨᠤᠲᠤᠭ ᠤ᠋ᠨ ᠥᠯᠵᠡᠢᠲᠦ ᠶ᠋ᠢᠨ ᠭᠠᠭᠴᠠ ᠬᠥᠪᠡᠭᠦᠨ᠂ ᠨᠡᠷ᠎ᠡ ᠪᠣᠲ᠋ᠤ ᠬᠡᠮᠡᠭᠴᠢ ᠡᠨᠡ ᠵᠢᠯ ᠠᠷᠪᠠᠨ ᠨᠠᠢ᠍ᠮᠠᠨ ᠨᠠᠰᠤ ᠲᠠᠢ᠂ ᠲᠥᠷᠥᠭᠰᠡᠨ ᠢᠨᠤ ᠠᠷᠢᠭᠤᠨ ᠭᠡᠭᠡᠬᠡᠨ ᠬᠡᠰᠢᠭᠲᠡᠢ ᠰᠠᠢᠬᠠᠨ᠂ ᠪᠠᠭ᠎ᠠ ᠠ᠋ᠴᠠ ᠬᠠᠷᠪᠤᠬᠤ ᠨᠠᠮᠨᠠᠬᠤᠢ ᠳ᠋ᠤᠷ ᠮᠠᠰᠢ ᠮᠡᠷᠭᠡᠨ᠂ ᠡᠨᠡ ᠡᠳᠦᠷ ᠠᠯᠲᠠᠨ᠂ ᠪᠧᠲ᠋ᠠ᠋ ᠬᠣᠶᠠᠷ ᠤᠯᠤᠰ ᠳᠥᠭᠦᠯᠡ ᠮᠥᠷᠡᠨ ᠦ᠌ ᠲᠠᠯ᠎ᠠ ᠳ᠋ᠤ᠌ ᠠᠯᠲᠠᠨ ᠳᠤᠭᠤᠯᠠᠭ᠎ᠠ ᠬᠠᠷᠪᠤᠵᠤ᠂ ᠬᠣᠶᠠᠷ ᠤᠯᠤᠰ ᠡᠷᠳᠡᠮ ᠮᠥᠷᠥᠢᠴᠡᠮᠦᠢ ᠬᠡᠮᠡᠬᠦ ᠶ᠋ᠢ ᠰᠣᠨᠣᠰᠴᠤ ᠲᠡᠷᠡ ᠢᠷᠪᠢᠰ ᠦ᠋ᠨ ᠰᠢᠷᠪᠥᠰᠥᠲᠦ ᠨᠤᠮᠤ᠂ ᠳᠡᠰ ᠰᠢᠪᠠᠭᠤᠨ ᠤ᠋ ᠥᠳᠥᠲᠦ ᠰᠤᠮᠤᠨ ᠤ᠋ ᠰᠠᠭᠠᠳᠠᠭ ᠢ᠋ᠶ᠋ᠠᠨ ᠠᠭᠰᠠᠵᠤ᠂ ᠡᠷᠡᠮᠡᠭ ᠰᠠᠷᠠᠯ ᠮᠣᠷᠢᠨ ᠢ᠋ᠶ᠋ᠠᠨ ᠤᠨᠤᠭᠠᠳ ᠢᠯᠡᠭᠦᠦ ᠬᠣᠶᠠᠷ ᠳᠠᠭᠠᠭᠰᠠᠳ ᠬᠥᠲᠥᠴᠢ ᠪᠡᠨ ᠠᠪᠴᠤ ᠢᠯᠭᠦᠨ᠎ᠡ ᠶ᠋ᠢᠨ ᠭᠣᠣᠯ᠂ ᠳᠦᠭᠦᠯᠡ ᠮᠥᠷᠡᠨ ᠣᠢᠷ᠎ᠠ ᠲᠤᠯᠠ ᠳᠣᠪᠲᠣᠯᠤᠨ ᠬᠦᠷᠴᠦ ᠢᠷᠡᠭᠡᠳ ᠵᠢᠨᠦᠩ ᠮᠤᠬᠤᠯᠢ ᠶ᠋ᠢᠨ ᠪᠠᠷᠰ ᠤ᠋ᠨ ᠴᠠᠴᠠᠷ ᠲᠤᠷ ᠢᠷᠡᠵᠦ ᠥᠴᠢᠷᠦᠨ᠄ 《 ᠠᠯᠲᠠᠨ ᠤᠯᠤᠰ ᠲᠤᠷ ᠪᠧᠲ᠋ᠠ᠋ ᠤᠯᠤᠰ ᠤ᠋ᠨ ᠬᠡᠴᠡᠭᠦᠦ ᠶᠦ᠍ᠭᠡᠨ ᠦᠵᠡᠬᠦᠯᠭᠦᠢ ᠳ᠋ᠦ᠍ᠷ ᠠᠯᠤᠰ ᠬᠣᠯᠠ ᠠᠢᠮᠠᠭ ᠪᠣᠯᠪᠠᠴᠤ ᠠᠰᠢᠳᠠ ᠬᠠᠪᠰᠤᠷᠪᠠᠰᠤ᠂ ᠠᠬᠤᠢ ᠶᠡᠬᠡ ᠲᠡᠭᠷᠢᠯᠢᠭ ᠦ᠋ᠨ ᠦᠷᠡᠰ ᠦ᠋ᠨ ᠰᠦᠷ ᠪᠤᠶᠠᠨ ᠪᠥᠭᠡᠲᠡᠯ᠎ᠡ ᠠᠯᠳᠠᠰᠢ ᠦᠭᠡᠢ ᠨᠠᠮᠠᠶ᠋ᠢ ᠶᠠᠭᠤᠨ ᠳ᠋ᠤᠷ ᠦᠯᠦ ᠬᠠᠷᠪᠤᠭᠤᠯᠤᠮᠤᠢ ? 》 ᠬᠡᠮᠡᠬᠦᠢ ᠳ᠋ᠦ᠍ᠷ ᠮᠤᠬᠤᠯᠢ ᠲᠡᠭᠦᠨ ᠦ᠌ ᠬᠠᠷᠪᠤᠬᠤ ᠠᠨᠤ ᠰᠠᠢᠨ ᠢ᠋ ᠬᠡᠳᠦᠢᠨᠡᠢ ᠰᠣᠨᠣᠰᠤᠭᠰᠠᠨ ᠲᠤᠯᠠ ᠶᠠᠭᠠᠷᠠᠨ ᠢᠨᠢᠶᠡᠨ ᠥᠭᠦᠯᠡᠷᠦᠨ᠄《 ᠠᠭᠡ ᠴᠢᠮᠠᠶ᠋ᠢ ᠠᠯᠢ ᠦᠶ᠎ᠡ ᠡᠴᠡ ᠠᠳᠠᠪᠠᠰᠢ ᠰᠠᠢᠬᠠᠨ ᠬᠠᠷᠪᠤᠵᠤ ᠨᠠᠮᠨᠠᠮᠤᠢ ᠭᠡᠮᠡᠨ ᠰᠣᠨᠣᠰᠤᠯᠤᠭᠠ᠂ ᠠᠯᠳᠠᠯ ᠥᠭᠡᠶ᠎ᠡ ᠡᠨᠡ ᠡᠳᠦᠷ ᠣᠨᠣᠪᠠᠰᠤ ᠠᠷᠤ ᠭᠠᠵᠠᠷ ᠬᠠᠮᠤᠭ ᠪᠦᠬᠦᠨ ᠦ᠌ ᠨᠡᠷ᠎ᠡ ᠪᠣᠯᠠᠢ !》 ᠬᠡᠮᠡᠵᠦ ᠶᠠᠭᠠᠷᠠᠨ ᠲᠡᠭᠦᠨ ᠦ᠌ ᠪᠡᠶ᠎ᠡ ᠳ᠋ᠦ᠍ᠷ ᠪᠧᠲ᠋ᠠ᠋ ᠤᠯᠤᠰ ᠤ᠋ᠨ ᠶᠣᠰᠣᠨ ᠤ᠋ ᠬᠤᠪᠴᠠᠳ᠂ ᠲᠥᠷᠥ ᠶ᠋ᠢᠨ ᠳᠤᠭᠤᠯᠠᠭ᠎ᠠ ᠬᠠᠯᠠᠨ ᠡᠮᠦᠰᠬᠡᠵᠦ᠂ ᠳᠠᠷᠤᠢ ᠴᠤᠤ ᠮᠡᠷᠭᠡᠨ ᠦ᠌ ᠳᠠᠷᠠᠭ᠎ᠠ ᠳ᠋ᠤᠷ ᠳᠣᠪᠲᠣᠯᠭᠠᠨ ᠣᠷᠣᠭᠤᠯᠤᠭᠰᠠᠨᠠ ᠪᠣᠲ᠋ᠤ ᠪᠦᠷᠭᠦᠳ ᠦ᠋ᠨ ᠥᠳᠥᠲᠦ ᠰᠤᠮᠤᠨ ᠢ᠋ᠶ᠋ᠠᠨ ᠪᠥᠭᠲᠦᠭᠡᠷ ᠬᠠᠷ᠎ᠠ ᠨᠤᠮᠤ ᠳ᠋ᠤᠷ ᠣᠨᠢᠯᠠᠭᠠᠳ ᠪᠥᠬᠥᠢᠵᠦ ᠱᠣᠩᠬᠣᠨ ᠳᠣᠪᠲᠣᠯᠵᠤ ᠣᠷᠣᠭᠠᠳ ᠪᠥᠵᠢᠭᠯᠡᠨ ᠮᠠᠭᠰᠢᠵᠤ ᠡᠬᠢᠯᠡᠵᠦ ᠬᠠᠷᠪᠤᠭᠠᠳ ᠲᠡᠷᠢᠭᠦᠨ ᠰᠤᠮᠤ ᠳ᠋ᠤᠷ ᠬᠢᠭᠢᠷᠢ ᠶ᠋ᠢ ᠤᠨᠤᠵᠤ ᠳᠡᠳ᠋ ᠰᠤᠮᠤ ᠳ᠋ᠤᠷ ᠨᠠᠷᠠᠨ ᠢ᠋ ᠤᠨᠤᠵᠤ᠂ ᠭᠤᠲᠠᠭᠠᠷ ᠰᠤᠮᠤ ᠳ᠋ᠤᠷ ᠳᠤᠭᠤᠯᠠᠭ᠎ᠠ ᠶ᠋ᠢ ᠤᠨᠤᠵᠤ ᠰᠤᠮᠤ ᠭᠠᠳᠠᠭᠰᠠᠭᠠᠷ ᠤᠨᠤᠵᠤ ᠢᠷᠡᠭᠰᠡᠨ᠎ᠡ᠂ ᠬᠣᠶᠠᠷ ᠠᠢᠮᠠᠭ ᠤ᠋ᠨ ᠬᠡᠳᠦᠨ ᠲᠦᠮᠡᠨ ᠣᠯᠠᠨ ᠴᠡᠷᠢᠭ ᠪᠦᠷᠢᠶ᠎ᠡ ᠪᠢᠰᠬᠢᠭᠦᠷ ᠢ᠋ᠶ᠋ᠡᠨ ᠵᠡᠷᠭᠡ ᠪᠡᠷ ᠳᠠᠭᠤᠷᠢᠰᠬᠠᠨ ᠂ ᠬᠠᠷᠠᠩᠭ᠎ᠠ ᠬᠡᠩᠭᠡᠷᠭᠡ ᠪᠡᠨ ᠬᠠᠮᠲᠤ ᠪᠠᠷ ᠴᠣᠬᠢᠵᠤ ᠮᠠᠭᠲᠠᠨ ᠰᠠᠢᠰᠢᠶᠠᠵᠤ ᠪᠠᠶᠠᠰᠤᠯᠴᠠᠨ ᠳᠠᠭᠤᠳᠠᠬᠤ ᠳᠠᠭᠤᠨ ᠳ᠋ᠤᠷ ᠳᠠᠯᠠᠢ ᠪᠤᠴᠠᠯᠵᠤ ᠮᠥᠷᠡᠨ ᠲᠦᠯᠬᠢᠬᠦ ᠮᠡᠲᠦ ᠂ ᠠᠭᠤᠯᠠᠨ ᠤ᠋ ᠭᠥᠷᠦᠭᠡᠰᠦᠨ ᠦᠷᠭᠦᠵᠦ ᠲᠠᠯ᠎ᠠ ᠶ᠋ᠢᠨ ᠠᠩ ᠨᠠᠳᠬᠤᠵᠤᠬᠤᠢ ᠃ ᠡᠭᠦᠨ ᠳ᠋ᠦ᠍ᠷ ᠠᠯᠲᠠᠨ ᠤᠯᠤᠰ ᠤ᠋ᠨ ᠡᠯᠴᠢ ᠸᠧᠢ ᠸᠠᠩ ᠶᠦᠩ ᠶ᠋ᠢᠢ ᠶ᠋ᠢᠨ ᠳᠣᠲᠣᠷ᠎ᠠ ᠬᠥᠳᠡᠯᠵᠦ ᠂ ᠰᠠᠨᠠᠭᠠᠨ ᠪᠢᠰᠢᠷᠡᠭᠡᠳ ᠵᠢᠷᠦᠬᠡ ᠳᠣᠯᠭᠢᠰᠤᠨ ᠰᠥᠰᠥ ᠬᠡᠮᠬᠡᠷᠡᠬᠦᠶᠡ ᠪᠠᠰᠠ ᠪᠠᠷᠠᠭᠤᠨ ᠮᠥᠷᠥ ᠶ᠋ᠢᠨ ᠳᠡᠭᠡᠳᠦ ᠪᠠᠢᠷᠢ ᠶ᠋ᠢᠨ ᠤᠯᠠᠭᠠᠨ ᠢᠰᠡᠭᠡᠢ ᠳ᠋ᠦ᠍ᠷ ᠠᠯᠲᠠᠨ ᠤ᠋ ᠠᠷᠰᠯᠠᠨ ᠬᠠᠲᠠᠭᠰᠠᠨ ᠲᠤᠭ ᠬᠥᠳᠡᠯᠵᠦ ᠬᠡᠩᠭᠡᠷᠭᠡ ᠳᠡᠯᠡᠳᠦᠨ᠂ ᠨᠢᠭᠡᠨ ᠶᠡᠬᠡ ᠵᠠᠩᠵᠤᠨ ᠬᠡᠬᠦᠯᠵᠡᠨ ᠭᠠᠷᠴᠤ ᠥᠨᠳᠥᠷ ᠳᠠᠭᠤᠨ ᠢ᠋ᠶ᠋ᠠᠷ ᠥᠭᠦᠯᠡᠷᠦᠨ᠄ 《 ᠵᠠᠭᠤᠨ ᠨᠣᠮᠣᠨ ᠤ᠋ ᠦᠵᠦᠭᠦᠷ ᠲᠣᠬᠣᠢ ᠶ᠋ᠢᠨ ᠴᠢᠨᠡᠭᠡᠨ ᠶᠠᠭᠤᠮ᠎ᠠ ᠶ᠋ᠢ ᠬᠠᠷᠪᠤᠵᠤ ᠤᠨᠤᠬᠤ ᠶ᠋ᠢ ᠭᠡᠷᠭᠡᠨ ᠮᠡᠷᠭᠡᠨ ᠳ᠋ᠦ᠍ᠷ ᠳᠣᠭᠣᠴᠠᠵᠤ ᠪᠣᠯᠤᠮᠤᠢ? ᠮᠥᠩᠭᠥ ᠲᠣᠷᠭ᠎ᠠ ᠮᠠᠩᠨᠤᠭ ᠰᠤᠪᠤᠳ᠂ ᠠᠯᠲᠠᠨ ᠬᠠᠰ ᠬᠤᠶᠠᠭ ᠳᠤᠭᠤᠯᠠᠭ᠎ᠠ ᠶ᠋ᠢ ᠲᠦᠷ ᠦᠯᠡᠳᠡᠭᠡ᠂ ᠮᠢᠨᠦ ᠳᠤᠭᠤᠯᠠᠭ᠎ᠠ ᠶ᠋ᠢᠨ ᠨᠢᠭᠡᠨ ᠰᠥᠭᠥᠮ ᠦ᠋ᠨ ᠲᠡᠳᠦᠢ ᠰᠣᠨᠣᠪᠲᠤᠷ ᠢ᠋ ᠬᠠᠷᠪᠤᠬᠤ ᠶ᠋ᠢ ᠦᠵᠡ!》 ᠬᠡᠮᠡᠭᠡᠳ ᠪᠡᠶ᠎ᠡ ᠳ᠋ᠦ᠍ᠷ ᠠᠯᠲᠠᠨ ᠭᠠᠷᠠᠬ᠎ᠠ ᠶ᠋ᠢᠨ ᠡᠷᠳᠡᠨᠢ ᠶ᠋ᠢᠨ ᠬᠤᠶᠠᠭ ᠳᠤᠭᠤᠯᠠᠭ᠎ᠠ ᠡᠮᠦᠰᠴᠦ ᠰᠢᠷ᠎ᠠ ᠣᠯᠪᠣᠭ ᠤ᠋ᠨ ᠳᠠᠪᠬᠤᠷᠯᠢᠭ ᠳᠠᠷᠤᠯᠭ᠎ᠠ ᠳᠠᠷᠤᠵᠤᠬᠤᠢ᠃ ᠲᠠᠢᠽᠦ ᠦᠵᠡᠪᠡᠰᠦ ᠳᠡᠭᠦᠦ ᠬᠠᠪᠤᠲᠤ ᠬᠠᠰᠠᠷ ᠲᠤᠯᠠ ᠲᠠᠢᠽᠦ ᠶᠡᠬᠡᠯ᠎ᠡ ᠪᠠᠶᠠᠷᠯᠠᠵᠤ ᠥᠪᠡᠷ ᠦ᠋ᠨ ᠠᠷᠰᠯᠠᠨᠲᠤ ᠰᠠᠭᠠᠳᠠᠭ ᠠ᠋ᠴᠠ ᠪᠠᠨ ᠭᠠᠯᠪᠢᠩᠭ᠎ᠠ ᠶ᠋ᠢᠨ ᠥᠳᠥᠲᠦ ᠠᠯᠲᠠᠨ ᠲᠣᠭᠣᠨᠣᠪᠲᠤ ᠣᠨᠢ ᠪᠠᠨ ᠭᠤᠷᠪᠠᠨᠲᠠ ᠰᠤᠭᠤᠯᠵᠤ᠂ ᠪᠠᠰᠠ ᠣᠷᠣᠰ ᠲᠡᠮᠦᠷ ᠦ᠋ᠨ ᠰᠢᠷᠬᠡᠭᠲᠦ ᠲᠤᠷᠰᠢ ᠪᠤᠭᠤ ᠶ᠋ᠢᠨ ᠡᠯᠢᠭᠡᠲᠦ ᠨᠤᠮᠤ ᠯᠤᠭ᠎ᠠ ᠪᠠᠨ ᠬᠠᠮᠲᠤ ᠭᠠᠷ ᠢ᠋ᠶ᠋ᠠᠷ ᠥᠭᠭᠦᠭᠰᠡᠨ ᠳ᠋ᠦ᠍ᠷ ᠬᠠᠰᠠᠷ ᠶᠠᠭᠠᠷᠠᠨ ᠲᠣᠰᠴᠤ ᠠᠪᠤᠨ ᠬᠡᠰᠢᠭ ᠲᠣᠷ ᠮᠥᠷᠭᠥᠵᠦ ᠬᠡᠭᠡᠷ ᠮᠣᠷᠢᠨ ᠳ᠋ᠤᠷ ᠢ᠋ᠶ᠋ᠠᠨ ᠠᠯᠠᠪᠬᠢᠨ ᠳᠣᠪᠲᠣᠯᠤᠨ ᠭᠠᠷᠴᠤ᠂ ᠳᠣᠲᠣᠷ᠎ᠠ ᠪᠠᠨ ᠰᠡᠮᠡᠬᠡᠷ ᠲᠡᠭᠷᠢ ᠶ᠋ᠢᠨ ᠵᠦᠭ ᠵᠠᠯᠪᠠᠷᠢᠵᠤ ᠰᠡᠳᠬᠢᠷᠦᠨ᠄ ᠮᠢᠨᠦ ᠠᠬ᠎ᠠ ᠦᠨᠡᠬᠡᠷ ᠳᠡᠭᠷᠢᠯᠢᠭ ᠦ᠋ᠨ ᠦᠷᠡᠰ ᠮᠠᠭᠠᠳ ᠮᠥᠨ ᠪᠣᠯᠪᠠᠰᠤ ᠲᠡᠭᠦᠨ ᠦ᠌ ᠡᠨᠡ ᠲᠡᠭᠷᠢ ᠶ᠋ᠢᠨ ᠭᠤᠷᠪᠠᠨ ᠰᠤᠮᠤ ᠳ᠋ᠤᠷ ᠲᠡᠷᠡ ᠬᠦ᠌ ᠳᠤᠭᠤᠯᠠᠭ᠎ᠠ ᠶ᠋ᠢ ᠳᠠᠷᠠᠭ᠎ᠠ ᠪᠠᠷ ᠭᠤᠷᠪᠠᠨᠲᠠ ᠤᠨᠤᠵᠤ ᠲᠡᠮᠳᠡᠭᠲᠡᠶ᠎ᠡ ᠶᠡᠬᠡ ᠠᠯᠲᠠᠨ ᠤᠯᠤᠰ ᠢ᠋ ᠪᠢᠰᠢᠷᠡᠭᠦᠯᠵᠦ᠂ ᠲᠡᠮᠦᠵᠢᠨ ᠡᠵᠡᠨ ᠮᠢᠨᠦ ᠳᠡᠯᠡᠬᠡᠢ ᠳ᠋ᠠᠬᠢᠨ ᠢ᠋ ᠡᠵᠡᠯᠡᠲᠦᠭᠡᠢ ᠬᠡᠮᠡᠭᠡᠳ ᠳᠠᠷᠤᠢ ᠲᠡᠷᠡ ᠳᠤᠭᠤᠯᠠᠭ᠎ᠠ ᠶ᠋ᠢ ᠪᠥᠰ ᠲᠣᠷᠭ᠎ᠠ ᠪᠠᠷ ᠪᠠᠲᠤᠳᠠ ᠣᠷᠢᠶᠠᠨ ᠤᠶᠠᠭᠤᠯᠤᠭᠠᠳ ᠥᠨᠳᠥᠷ ᠳᠠᠭᠤᠨ ᠢ᠋ᠶ᠋ᠠᠷ ᠥᠭᠦᠯᠡᠷᠦᠨ᠄《 ᠮᠢᠨᠦ ᠲᠡᠷᠢᠭᠦᠨ ᠰᠤᠮᠤ ᠳ᠋ᠤᠷ ᠳᠤᠭᠤᠯᠠᠭ᠎ᠠ ᠶ᠋ᠢᠨ ᠵᠡᠭᠦᠨ ᠵᠠᠵᠢᠭᠤᠷ ᠢ᠋ ᠤᠨᠤᠵᠤ᠂ ᠳᠡᠳ᠋ ᠰᠤᠮᠤ ᠪᠠᠷ ᠳᠤᠭᠤᠯᠠᠭ᠎ᠠ ᠶ᠋ᠢᠨ ᠪᠠᠷᠠᠭᠤᠨ ᠵᠠᠵᠢᠭᠤᠷ ᠢ᠋ ᠤᠨᠤᠵᠤ ᠰᠡᠭᠦᠯ ᠦ᠋ᠨ ᠰᠤᠮᠤ ᠳ᠋ᠤᠷ ᠳᠤᠭᠤᠯᠠᠭ᠎ᠠ ᠶ᠋ᠢᠨ ᠰᠣᠨᠣᠪᠲᠠᠷ ᠵᠠᠯᠠᠭ᠎ᠠ ᠲᠠᠢ ᠬᠠᠮᠲᠤ ᠪᠠᠷ ᠬᠠᠷᠪᠤᠵᠤ ᠠᠪᠬᠤ ᠶ᠋ᠢ ᠦᠵᠡ!》 ᠬᠡᠮᠡᠭᠡᠳ ᠵᠡᠭᠦᠨ ᠭᠠᠷ ᠢ᠋ᠶ᠋ᠠᠷ ᠬᠠᠨ ᠠᠭᠤᠯᠠ ᠶ᠋ᠢ ᠲᠦᠯᠬᠢᠵᠦ᠂ ᠪᠠᠷᠠᠭᠤᠨ ᠭᠠᠷ ᠢ᠋ᠶ᠋ᠠᠷ ᠨᠢᠯᠬ᠎ᠠ ᠬᠡᠦᠬᠡᠳ ᠢ᠋ ᠲᠡᠪᠡᠷᠢᠬᠦ ᠮᠡᠲᠦ ᠲᠠᠲᠠᠬᠤᠢ ᠳ᠋ᠤᠷ ᠨᠤᠮᠤ ᠳᠥᠭᠥᠷᠦᠨ ᠲᠡᠷᠭᠡᠯ ᠰᠠᠷᠠᠨ ᠪᠣᠯᠤᠭᠠᠳ ᠰᠤᠮᠤ ᠡᠴᠢᠬᠦᠶ᠎ᠡ ᠤᠨᠠᠬᠤ ᠣᠳᠣᠨ ᠬᠠᠷᠪᠤᠵᠤ ᠴᠢᠪᠬᠢᠲᠡᠯ᠎ᠡ ᠳᠤᠭᠤᠯᠠᠭ᠎ᠠ ᠶ᠋ᠢᠨ ᠵᠡᠭᠦᠨ ᠵᠠᠵᠢᠭᠤᠷ ᠲᠤᠷ ᠭᠣᠷᠣᠢᠲᠠᠯᠠ ᠭᠠᠳᠠᠪᠠ᠃ ᠣᠯᠠᠨ ᠴᠡᠷᠢᠭ ᠬᠠᠮᠲᠤ ᠪᠠᠷ ᠬᠠᠰᠬᠢᠷᠤᠨ ᠭᠤᠷᠪᠠᠨ ᠵᠡᠷᠭᠡ ᠦᠯᠢᠶᠡᠨ ᠳᠡᠯᠡᠳᠪᠡ᠃ ᠳᠡᠳ᠋ ᠰᠤᠮᠤ ᠳ᠋ᠤᠷ ᠵᠡᠭᠦᠨ ᠨᠢᠳᠤᠷᠭ᠎ᠠ ᠡᠮᠦᠨ᠎ᠡ ᠠᠭᠤᠯᠠ ᠶ᠋ᠢᠨ ᠪᠠᠷᠰ ᠢ᠋ ᠨᠤᠳᠤᠷᠴᠤ ᠪᠠᠷᠠᠭᠤᠨ ᠲᠣᠬᠣᠢ ᠬᠣᠢᠲᠤ ᠳᠠᠯᠠᠢ ᠶ᠋ᠢᠨ ᠯᠤᠤᠰ ᠢ᠋ ᠮᠣᠰᠬᠢᠭᠠᠳ ᠬᠠᠲᠠᠭᠠᠢ ᠶ᠋ᠢᠨ ᠨᠤᠮᠤ ᠪᠠᠨ ᠴᠠᠳᠲᠠᠯ᠎ᠠ ᠢᠳᠡᠰᠢᠯᠡᠭᠡᠳ ᠭᠠᠯᠪᠢᠩᠭ᠎ᠠ ᠶ᠋ᠢᠨ ᠥᠳᠥ ᠪᠡᠨ ᠵᠠᠪᠠᠵᠢ ᠪᠠᠨ ᠳᠠᠪᠠᠭᠤᠯᠵᠤ ᠬᠥᠪᠴᠢ ᠳᠤᠤᠭᠠᠷᠴᠤ ᠰᠤᠮᠤ ᠭᠠᠷᠤᠭᠠᠳ ᠪᠠᠰᠠ ᠲᠦᠪᠭᠢᠲᠡᠯᠡ ᠳᠤᠭᠤᠯᠠᠭ᠎ᠠ ᠶ᠋ᠢᠨ ᠪᠠᠷᠠᠭᠤᠨ ᠵᠠᠵᠢᠭᠤᠷ ᠲᠤᠷ ᠭᠣᠷᠣᠢᠲᠠᠯᠠ ᠭᠠᠳᠠᠪᠠ᠃ ᠣᠯᠠᠨ ᠴᠡᠷᠢᠭ ᠴᠤᠭᠠᠷ ᠬᠠᠰᠬᠢᠷᠤᠯᠳᠤᠨ ᠵᠢᠷᠭᠤᠭᠠᠨ ᠵᠡᠷᠭᠡ ᠦᠯᠢᠶᠡᠨ ᠳᠡᠯᠡᠳᠪᠡ᠃ ᠰᠡᠭᠦᠯ ᠦ᠋ᠨ ᠰᠤᠮᠤ ᠳ᠋ᠤᠷ ᠬᠦᠷᠴᠦ ᠢᠷᠡᠭᠰᠡᠨ᠎ᠡ᠂ ᠲᠠᠢᠽᠦ ᠮᠥᠨ ᠲᠡᠭᠷᠢ ᠶ᠋ᠢᠨ ᠵᠦᠭ ᠰᠡᠮᠡᠬᠡᠷ ᠵᠠᠯᠪᠠᠷᠢᠬᠤᠶᠠ ᠂ ᠭᠡᠨᠡᠳᠲᠡ ᠬᠠᠪᠤᠲᠤ ᠬᠠᠰᠠᠷ ᠶᠡᠬᠡ ᠳᠠᠭᠤᠨ ᠢ᠋ᠶ᠋ᠠᠷ ᠥᠭᠦᠯᠡᠷᠦᠨ᠄ 《ᠮᠠᠨ ᠤ᠋ ᠲᠡᠭᠷᠢᠯᠢᠭ ᠦ᠋ᠨ ᠠᠬ᠎ᠠ ᠡᠵᠡᠨ ᠢ᠋ᠶ᠋ᠡᠷ ᠮᠠᠭᠠᠳ ᠳᠡᠯᠡᠬᠡᠢ ᠳ᠋ᠠᠬᠢᠨ ᠢ᠋ ᠶᠡᠷᠦᠩᠬᠡᠢᠯᠡᠨ ᠨᠡᠢᠭᠡᠮᠯᠡᠬᠦ ᠶᠡᠬᠡ ᠪᠤᠶᠠᠨ ᠢ᠋ ᠡᠨᠡ ᠨᠢᠭᠡᠬᠡᠨ ᠰᠤᠮᠤ ᠳ᠋ᠤᠷ ᠦᠵᠡᠭᠳᠡᠬᠦᠢ!》 ᠬᠡᠮᠡᠭᠡᠳ ᠵᠡᠭᠦᠨ ᠠᠯᠠᠭᠠᠨ ᠳ᠋ᠤᠷ ᠠᠯᠲᠠᠨ ᠤᠯᠤᠰ ᠢ᠋ ᠬᠡᠮᠬᠡᠷᠡᠲᠡᠯ᠎ᠡ ᠠᠳᠬᠠᠳ᠂ ᠪᠠᠷᠠᠭᠤᠨ ᠮᠥᠷᠥ ᠳ᠋ᠦ᠍ᠷ ᠪᠧᠲ᠋ᠠ᠋ ᠤᠯᠤᠰ ᠢ᠋ᠶ᠋ᠠᠨ ᠡᠷᠭᠦᠨ ᠲᠡᠪᠡᠷᠢᠵᠦ᠂ ᠪᠣᠯᠣᠳ ᠤ᠋ᠨ ᠰᠢᠷᠬᠡᠭᠲᠦ ᠨᠤᠮᠤ ᠶ᠋ᠢ ᠳᠠᠭᠤᠨ ᠭᠠᠷᠲᠠᠯ᠎ᠠ ᠳᠦᠭᠦᠷᠭᠡᠭᠡᠳ ᠠᠯᠲᠠᠨ ᠣᠨᠢᠲᠤ ᠰᠤᠮᠤ ᠶ᠋ᠢ ᠵᠡᠪᠡ ᠳ᠋ᠦ᠍ᠷ ᠲᠤᠯᠲᠠᠯ᠎ᠠ ᠲᠠᠲᠠᠭᠠᠳ ᠣᠨᠢᠯᠠᠨ ᠲᠣᠭᠲᠠᠭᠠᠵᠤ᠂ ᠡᠷᠡᠬᠡᠢᠪᠴᠢ ᠪᠣᠯᠳᠣᠷᠠᠨ ᠲᠠᠮᠰᠢᠶᠠᠯᠠᠭᠠ ᠲᠠᠮᠰᠢᠶᠠᠯᠠᠨ ᠬᠥᠪᠴᠢ ᠳᠦᠩᠭᠢᠨᠡᠵᠦ᠂ ᠰᠤᠮᠤ ᠱᠣᠷᠴᠢᠭᠢᠨᠠᠨ ᠳᠤᠭᠤᠯᠠᠭ᠎ᠠ ᠳᠠᠭᠤᠷᠢᠰᠴᠤ ᠰᠣᠨᠣᠪᠲᠤᠷ ᠦᠰᠦᠷᠦᠨ ᠡᠴᠢᠭᠰᠡᠨ ᠳ᠋ᠦ᠍ᠷ ᠠᠶ᠎ᠠ ᠪᠧᠲ᠋ᠠ᠋ ᠤᠯᠤᠰ ᠤ᠋ᠨ ᠶᠢᠰᠦᠨ ᠲᠦᠮᠡᠨ ᠦ᠌ ᠶᠡᠬᠡ ᠣᠯᠠᠨ ᠢ᠋ᠶ᠋ᠠᠷ ᠢᠭᠲᠦᠯᠲᠡᠯᠡ ᠦᠰᠦᠷᠬᠢᠯᠡᠨ ᠳᠡᠪᠬᠡᠴᠡᠨ ᠪᠠᠶᠠᠰᠤᠯᠴᠠᠵᠤ᠂ ᠶᠢᠰᠦᠨ ᠵᠡᠷᠭᠡ ᠦᠯᠢᠶᠡᠨ ᠳᠡᠯᠡᠳᠴᠦ ᠰᠠᠢᠰᠢᠶᠠᠨ ᠮᠠᠭᠲᠠᠯᠴᠠᠵᠤ᠂ ᠳᠠᠭᠤᠳᠠᠨ ᠬᠠᠰᠬᠢᠷᠤᠯᠳᠤᠬᠤ ᠠᠨᠤ ᠲᠡᠭᠷᠢ ᠬᠦᠷᠴᠢᠭᠢᠨᠡᠨ ᠭᠠᠵᠠᠷ ᠬᠥᠳᠡᠯᠵᠦ᠂ ᠮᠥᠷᠡᠨ ᠲᠦᠯᠬᠢᠵᠦ ᠳᠠᠯᠠᠢ ᠪᠤᠴᠠᠯᠬᠤ ᠮᠡᠲᠦ ᠦᠢᠮᠡᠯᠳᠦᠮᠦᠢ᠃ ᠡᠭᠦᠨ ᠳ᠋ᠦ᠍ᠷ ᠲᠡᠷᠡ ᠬᠦ᠌ ᠵᠢᠨᠦᠩ ᠮᠤᠬᠤᠯᠢ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠬᠣᠶᠠᠭᠤᠯᠠ ᠶᠠᠭᠠᠷᠠᠨ ᠵᠢᠨᠦᠩ ᠦ᠋ᠨ ᠪᠠᠷᠰ ᠤ᠋ᠨ ᠴᠠᠴᠠᠷ ᠠ᠋ᠴᠠ ᠪᠠᠭᠤᠵᠤ ᠣᠯᠠᠨ ᠰᠠᠢᠳ ᠲᠦᠰᠢᠮᠡᠳ ᠢ᠋ ᠠᠪᠴᠤ ᠲᠠᠢᠽᠦ ᠶ᠋ᠢᠨ ᠠᠷᠰᠯᠠᠨᠲᠤ ᠳᠠᠭᠲᠤᠷ ᠲᠤᠷ ᠠᠪᠠᠷᠢᠵᠤ᠂ ᠠᠯᠲᠠᠨ ᠴᠥᠭᠥᠴᠡ ᠳ᠋ᠦ᠍ᠷ ᠠᠷᠢᠬᠢ ᠬᠢᠵᠦ ᠪᠠᠷᠢᠭᠠᠳ ᠵᠢᠨᠦᠩ ᠮᠤᠬᠤᠯᠢ ᠰᠥᠭᠥᠳᠴᠦ ᠥᠨᠳᠥᠷ ᠰᠠᠢᠬᠠᠨ ᠢᠷᠠᠭᠤ ᠡᠭᠡᠰᠢᠭᠲᠦ ᠳᠠᠭᠤᠨ ᠢ᠋ᠶ᠋ᠠᠷ ᠡᠢᠨ ᠪᠡᠯᠭᠡᠯᠡᠵᠦ ᠮᠡᠳᠡᠭᠦᠯᠦᠷᠦᠨ᠄
ᠪᠣᠯᠣᠳ ᠤ᠋ᠨ ᠳᠤᠭᠤᠯᠠᠭ᠎ᠠ ᠳ᠋ᠤᠷ
ᠪᠣᠰᠣᠬᠠ ᠬᠣᠶᠠᠷ ᠡᠪᠡᠷ ᠮᠡᠲᠦ ᠰᠤᠮᠤ ᠬᠠᠳᠬᠤᠭᠰᠠᠨ ᠢ᠋ᠶ᠋ᠠᠷ
ᠪᠤᠶᠠᠨᠲᠤ ᠡᠵᠡᠨ ᠪᠤᠯᠲᠤ ᠭᠠᠵᠠᠷ ᠢ᠋ ᠡᠵᠡᠯᠡᠬᠦ ᠪᠡᠯᠭᠡ ᠢᠯᠡᠷᠡᠪᠡ ᠃
ᠠᠯᠳᠠᠮᠠᠯ ᠳᠤᠭᠤᠯᠠᠭ᠎ᠠ ᠶ᠋ᠢᠨ ᠠᠳᠠᠪᠠᠰᠢ ᠭᠠᠭᠴᠠ ᠰᠣᠨᠣᠪᠲᠤᠷ ᠢ᠋ ᠠᠨᠤ ᠤᠨᠤᠭᠰᠠᠨ ᠢ᠋ᠶ᠋ᠠᠷ
ᠠᠯᠲᠠᠨ ᠤᠯᠤᠰ ᠠᠯᠪᠠ ᠪᠠᠷᠢᠬᠤ ᠮᠠᠭᠠᠳ ᠪᠣᠯᠤᠭᠰᠠᠨ ᠢᠷᠣ᠎ᠠ ᠮᠡᠳᠡᠭᠳᠡᠪᠡ !
ᠭᠡᠮᠡᠨ ᠪᠠᠶᠠᠷ ᠲᠤᠷ ᠮᠥᠷᠭᠥᠬᠦᠢ ᠳ᠋ᠦ᠍ᠷ ᠲᠠᠢᠽᠦ ᠮᠠᠰᠢᠳᠠ ᠪᠡᠶᠡᠰᠴᠦ ᠸᠧᠢ ᠸᠠᠩ ᠶᠦᠩ ᠵᠢᠢ ᠳ᠋ᠦ᠍ᠷ ᠮᠥᠨ ᠠᠷᠢᠬᠢ ᠪᠠᠷᠢᠭᠤᠯᠵᠤ᠂ ᠳᠠᠷᠤᠢ ᠪᠡᠶ᠎ᠡ ᠡᠭᠡᠵᠦ ᠳᠡᠭᠦᠦ ᠬᠠᠪᠤᠲᠤ ᠬᠠᠰᠠᠷ ᠲᠤᠷ ᠭᠠᠷ ᠢ᠋ᠶ᠋ᠠᠷ ᠠᠷᠢᠬᠢ ᠥᠭᠴᠦ ᠪᠡᠯᠭᠡᠯᠡᠷᠦᠨ᠄
ᠬᠠᠰ ᠶᠡᠬᠡ ᠲᠥᠷᠥ ᠶ᠋ᠢ ᠮᠢᠨᠦ
ᠬᠠᠷᠪᠤᠬᠤ ᠮᠡᠲᠦ ᠪᠦᠲᠦᠭᠡ᠂
ᠬᠠᠮᠤᠭ ᠣᠯᠠᠨ ᠳᠠᠢᠰᠤᠨ ᠢ᠋ ᠮᠢᠨᠦ
ᠬᠠᠳᠤᠬᠤ ᠠᠳᠠᠯᠢ ᠠᠷᠢᠯᠭ᠎ᠠ᠃
ᠬᠠᠨ ᠶᠡᠬᠡ ᠤᠯᠤᠰ ᠢ᠋ ᠮᠢᠨᠦ
ᠬᠠᠷᠪᠤᠬᠤ ᠮᠡᠲᠦ ᠪᠦᠲᠦᠭᠡ᠂
ᠬᠠᠷᠢ ᠬᠣᠯᠠ ᠠᠢᠮᠠᠭ ᠤ᠋ᠳ ᠢ᠋ ᠮᠢᠨᠦ
ᠬᠠᠷᠮᠠᠬᠤ ᠠᠳᠠᠯᠢ ᠬᠤᠷᠢᠶ᠎ᠠ᠂
ᠬᠡᠮᠡᠭᠡᠳ ᠪᠠᠰᠠ ᠢᠵᠢᠯᠵᠢ ᠠᠢᠮᠠᠭ ᠤ᠋ᠨ ᠢᠯᠭᠦᠨ᠎ᠡ ᠶ᠋ᠢᠨ ᠪᠤᠲᠸ᠋ ᠳ᠋ᠦ᠋ᠷ ᠮᠣᠳᠣᠷ ᠢ᠋ᠶ᠋ᠠᠷ ᠠᠷᠢᠬᠢ ᠬᠠᠢᠷᠠᠯᠠᠵᠤ ᠰᠠᠢᠰᠢᠶᠠᠷᠤᠨ ᠄
ᠢᠵᠢᠯᠴᠢ ᠠᠢᠮᠠᠭ ᠤ᠋ᠨ
ᠢᠲᠡᠭᠡᠯᠲᠡᠢ ᠰᠠᠢᠬᠠᠨ ᠪᠤᠲ᠋ᠤ ᠴᠢ
ᠢᠷᠡᠮᠡᠭᠴᠡ ᠰᠡᠴᠡ ᠢᠯᠡᠭᠦᠦ ᠳᠤᠲᠠᠭᠤ ᠦᠭᠡᠢ ᠪᠡᠷ
ᠢᠷᠡᠭᠡᠲᠦ ᠰᠤᠮᠤ ᠪᠠᠷ ᠭᠤᠷᠪᠠᠨᠲᠠ ᠤᠨᠤᠵᠤ ᠴᠢᠳᠠᠭᠰᠠᠨ ᠠᠨᠤ
ᠢᠯᠡᠷᠬᠡᠢ ᠮᠢᠨᠦ ᠢᠨᠠᠭ ᠲᠡᠳᠬᠦᠭᠴᠢ ᠮᠥᠨ ᠪᠤᠶᠤ !
ᠬᠡᠮᠡᠵᠦ᠂ ᠪᠠᠰᠠ ᠵᠦᠷᠴᠢᠳ ᠦ᠋ᠨ ᠰᠠᠢᠰᠢᠶᠠᠯ ᠤ᠋ᠨ ᠰᠠᠢᠳ ᠬᠤᠪᠢᠯᠭᠠᠨ ᠬᠠᠷᠪᠤᠭᠠᠴᠢ ᠴᠤᠤ ᠮᠡᠷᠭᠡᠨ ᠳ᠋ᠦ᠍ᠷ ᠠᠷᠢᠬᠢ ᠬᠠᠢᠷᠠᠯᠠᠵᠤ ᠰᠠᠢᠰᠢᠶᠠᠷᠤᠨ ᠄
ᠲᠦᠮᠡᠨ ᠴᠡᠷᠢᠭ ᠲᠦ᠍ᠷ ᠲᠡᠷᠢᠭᠦᠯᠡᠭᠰᠡᠨ ᠢ᠋ ᠢᠨᠤ ᠤᠨᠤᠭᠴᠢ
ᠲᠥᠷᠥ ᠶ᠋ᠢᠨ ᠡᠮᠦᠨ᠎ᠡ ᠦᠭᠡ ᠳ᠋ᠦ᠍ᠷ ᠶᠦ᠍ᠭᠡᠨ ᠬᠦᠷᠦᠭᠴᠢ᠂
ᠲᠦᠪᠡᠭᠳᠡᠭᠰᠡᠨ ᠮᠡᠷᠭᠡᠳ ᠢ᠋ ᠨᠢᠭᠡᠬᠡᠨ ᠰᠤᠮᠤ ᠳ᠋ᠤᠷ ᠳᠠᠭᠠᠭᠤᠯᠤᠭᠰᠠᠨ
ᠲᠦᠳᠡᠯ ᠦᠭᠡᠢ ᠴᠤᠤ ᠮᠡᠷᠭᠡᠨ ᠰᠠᠢᠳ ᠮᠢᠨᠦ!
ᠬᠡᠮᠡᠵᠦ ᠲᠣᠷᠭᠠᠨ ᠰᠢᠷ᠎ᠠ᠂ ᠵᠢᠨᠦᠩ ᠮᠤᠬᠤᠯᠢ ᠬᠣᠶᠠᠭᠤᠯᠠ ᠳ᠋ᠤᠷ ᠮᠥᠨ ᠮᠣᠳᠣᠷ ᠢ᠋ᠶ᠋ᠠᠷ ᠠᠷᠢᠬᠢ ᠬᠠᠢᠷᠠᠯᠠᠵᠤ ᠪᠡᠯᠭᠡᠯᠡᠷᠦᠨ᠄
ᠬᠣᠴᠢ ᠦᠭᠡᠢ ᠬᠣᠶᠠᠷ ᠰᠠᠢᠳ ᠲᠠᠨ ᠤ᠋ ᠪᠡᠯᠭᠡᠯᠡᠭᠰᠡᠨ ᠢ᠋ᠶ᠋ᠡᠷ
ᠬᠣᠢᠴᠢ ᠡᠳᠦᠷ ᠳᠡᠯᠡᠬᠡᠢ ᠶ᠋ᠢ ᠡᠵᠡᠯᠡᠵᠦ ᠳᠡᠭᠡᠷ᠎ᠡ ᠳᠣᠣᠷ᠎ᠠ ᠪᠠᠷ ᠵᠢᠷᠭᠠᠯᠳᠤᠶ᠎ᠠ᠂
ᠬᠣᠯᠠ ᠪᠣᠳᠣᠯᠭᠠᠲᠤ ᠬᠣᠣᠰ ᠲᠦᠰᠢᠮᠡᠯ ᠲᠠᠨ ᠤ᠋ ᠪᠡᠯᠭᠡᠳᠡᠭᠰᠡᠨ ᠢ᠋ᠶ᠋ᠡᠷ
ᠬᠣᠴᠣᠷᠯᠢ ᠦᠭᠡᠢ ᠬᠠᠮᠤᠭ ᠢ᠋ ᠬᠤᠷᠢᠶᠠᠵᠤ ᠬᠣᠯᠠ ᠣᠢᠷ᠎ᠠ ᠶ᠋ᠢ ᠠᠮᠤᠷᠵᠢᠭᠤᠯᠤᠶ᠎ᠠ!
ᠬᠡᠮᠡᠭᠡᠳ ᠬᠠᠪᠤᠲᠤ ᠬᠠᠰᠠᠷ ᠲᠡᠷᠢᠭᠦᠯᠡᠨ ᠭᠤᠷᠪᠠᠨ ᠬᠥᠮᠦᠨ ᠳ᠋ᠦ᠍ᠷ ᠳᠡᠰ ᠳᠠᠷᠠᠭᠠᠯᠠᠨ ᠮᠥᠩᠭᠥ ᠲᠣᠷᠭ᠎ᠠ᠂ ᠠᠯᠲᠠᠨ ᠮᠠᠩᠨᠤᠭ᠂ ᠬᠠᠰ ᠰᠤᠪᠤᠳ᠂ ᠨᠤᠮᠤ ᠵᠡᠪᠡ᠂ ᠬᠤᠶᠠᠭ ᠳᠤᠭᠤᠯᠠᠭ᠎ᠠ ᠱᠠᠩᠨᠠᠵᠤ ᠬᠥᠬᠢᠭᠦᠯᠬᠦ ᠶ᠋ᠢ ᠦᠵᠡᠭᠦᠯᠪᠡ᠃
ᠡᠨᠡ ᠦᠶ᠎ᠡ ᠳ᠋ᠦ᠍ ᠸᠧᠢ ᠸᠠᠩ ᠶᠦᠩ ᠵᠢᠢ ᠲᠡᠷᠢᠭᠦᠯᠡᠨ ᠵᠠᠭᠤᠨ ᠢᠯᠡᠭᠦᠦ ᠨᠥᠬᠥᠳ ᠳᠠᠭᠠᠭᠰᠠᠳ᠂ ᠵᠠᠭᠤᠨ ᠢᠯᠡᠭᠦᠦ ᠬᠥᠮᠦᠨ ᠦᠨᠡᠬᠡᠷ ᠴᠥᠮ ᠰᠣᠴᠢᠨ ᠪᠠᠯᠠᠷᠠᠵᠤ ᠭᠠᠢᠬᠠᠨ ᠪᠢᠰᠢᠷᠡᠭᠡᠳ ᠬᠠᠷᠢᠯᠴᠠᠨ ᠨᠢᠭᠡᠨ ᠨᠢᠭᠡᠨ ᠢ᠋ᠶ᠋ᠡᠨ ᠪᠦᠯᠲᠡᠢᠯᠴᠡᠨ ᠬᠠᠷᠠᠯᠴᠠᠵᠤ᠂ ᠶᠦᠩ ᠵᠢᠢ ᠰᠠᠭᠤᠭᠰᠠᠨ ᠭᠠᠵᠠᠷ ᠠ᠋ᠴᠠ ᠪᠠᠨ ᠪᠣᠰᠴᠤ ᠲᠠᠢᠽᠦ ᠳ᠋ᠦ᠍ᠷ ᠠᠷᠢᠬᠢ ᠪᠠᠷᠢᠵᠤ ᠥᠴᠢᠷᠦᠨ᠄ 《 ᠡᠷᠭᠢᠨ ᠶᠤᠸᠠᠨᠱᠤᠸᠠᠢ ᠶ᠋ᠢᠨ ᠦᠪᠡᠳᠡᠭᠰᠢ ᠤᠯᠤᠰ ᠪᠠ ᠭᠠᠷ ᠤ᠋ᠨ ᠳᠣᠣᠷ᠎ᠠ ᠡᠨᠡ ᠮᠡᠲᠦ ᠮᠡᠷᠭᠡᠳ ᠪᠠᠭᠠᠲᠤᠳ ᠪᠠᠢᠬᠤ ᠲᠤᠯᠠ ᠬᠣᠢᠲᠤ ᠭᠠᠵᠠᠷ ᠢ᠋ ᠬᠤᠷᠢᠶᠠᠮᠵᠢᠯᠠᠨ ᠨᠡᠢᠭᠡᠮᠯᠡᠵᠦ ᠠᠮᠤᠭᠤᠯᠤᠨ ᠲᠦᠪᠰᠢᠳᠬᠡᠬᠦᠢ ᠳ᠋ᠦ᠍ᠷ ᠦᠨᠡᠬᠡᠷ ᠭᠠᠷ ᠤ᠋ᠨ ᠠᠯᠠᠭ᠎ᠠ ᠤᠷᠪᠠᠭᠤᠯᠬᠤ ᠮᠡᠲᠦ ᠬᠢᠯᠪᠠᠷ ᠪᠣᠯᠠᠢ !》 ᠬᠡᠮᠡᠬᠦᠢ ᠳ᠋ᠦ᠍ᠷ ᠲᠠᠢᠽᠦ ᠮᠥᠨ ᠶᠠᠭᠠᠷᠠᠨ ᠬᠠᠷᠢᠭᠤ ᠠᠷᠢᠬᠢ ᠪᠠᠷᠢᠵᠤ ᠮᠠᠷᠭᠤᠨ ᠥᠭᠦᠯᠡᠷᠦᠨ᠄ 《 ᠡᠳᠡᠭᠡᠷ ᠴᠥᠮ ᠴᠡᠷᠢᠭ ᠦ᠋ᠨ ᠡᠷ᠎ᠡ ᠶ᠋ᠢᠨ ᠶᠡᠷᠦ ᠶ᠋ᠢᠨ ᠰᠤᠷᠲᠠᠯ ᠡᠩ ᠦ᠋ᠨ ᠡᠷᠳᠡᠮ ᠪᠣᠯᠠᠢ ! ᠶᠠᠮᠪᠠᠷ ᠶᠡᠬᠡ ᠭᠠᠢᠬᠠᠯᠲᠠᠢ ᠭᠠᠵᠠᠷ ᠰᠠᠢᠰᠢᠶᠠᠯᠲᠠᠢ ᠵᠦᠢᠯ ᠪᠣᠢ ! ᠭᠠᠭᠴᠠ ᠡᠷᠭᠢᠨ ᠸᠠᠩ ᠢ᠋ ᠳᠠᠢᠴᠢᠯᠠᠨ ᠰᠡᠷᠭᠦᠭᠡᠬᠦ ᠰᠠᠢᠨ ᠵᠦᠢᠯ ᠦᠭᠡᠢ ᠲᠤᠯᠠ ᠵᠦᠭᠡᠷ ᠨᠢᠭᠡᠨ ᠬᠤᠷᠢᠮ ᠤ᠋ᠨ ᠬᠥᠷ ᠨᠠᠢᠷ ᠪᠣᠯᠭᠠᠭᠰᠠᠨ ᠪᠣᠯᠠᠢ ᠃ ᠶᠡᠷᠦ ᠶ᠋ᠢᠨ ᠡᠳᠦᠷ ᠡᠮᠦᠨ᠎ᠡ ᠤᠯᠤᠰ ᠤ᠋ᠨ ᠬᠥᠮᠦᠨ ᠡᠴᠡ ᠰᠣᠨᠣᠰᠬᠤᠯ᠎ᠠ ᠂ ᠡᠷᠬᠢᠮ ᠦ᠋ᠨ ᠡᠮᠦᠨᠡᠲᠦ ᠤᠯᠤᠰ ᠲᠤᠷ ᠵᠠᠭᠤᠨ ᠠᠯᠴᠠᠮ ᠭᠠᠵᠠᠷ ᠠ᠋ᠴᠠ ᠬᠤᠨᠳᠠᠷ ᠮᠣᠳᠣᠨ ᠤ᠋ ᠨᠠᠪᠴᠢ ᠪᠠ ᠠᠯᠲᠠᠨ ᠵᠣᠭᠣᠰ ᠤ᠋ᠨ ᠨᠦᠬᠡ ᠪᠡᠷ ᠨᠡᠪᠲᠡ ᠤᠨᠤᠳᠠᠭ ᠮᠡᠷᠭᠡᠨ ᠬᠠᠷᠪᠤᠭᠠᠴᠢ ᠣᠯᠠᠨᠲᠠ ᠭᠠᠷᠴᠤ ᠡᠮᠦᠨᠡᠲᠦ ᠤᠯᠤᠰ ᠤ᠋ᠨ ᠪᠢᠴᠢᠭ ᠰᠤᠳᠤᠷ ᠲᠤᠷ ᠡᠭᠦᠷᠢᠳᠡ ᠬᠣᠴᠣᠷᠳᠠᠭ ᠭᠡᠮᠡᠨ ᠤᠷᠲᠤᠳᠠ ᠰᠣᠨᠣᠰᠤᠯᠤᠭᠠ ᠂ ᠡᠷᠭᠢᠨ ᠸᠠᠩ ᠤ᠋ᠨ ᠠᠯᠲᠠᠨ ᠤᠯᠤᠰ ᠬᠡᠮᠡᠭᠴᠢ ᠲᠡᠭᠷᠢ ᠭᠠᠵᠠᠷ ᠤ᠋ᠨ ᠳᠤᠮᠳᠠᠳᠤ ᠶ᠋ᠢ ᠡᠵᠡᠯᠡᠭᠰᠡᠨ ᠶᠡᠬᠡ ᠲᠡᠭᠷᠢ ᠶ᠋ᠢᠨ ᠤᠯᠤᠰ ᠬᠡᠮᠡᠳᠡᠭ ᠲᠤᠯᠠ ᠯᠠᠪ ᠨᠡᠩ ᠭᠠᠢᠬᠠᠯᠲᠠᠢ ᠠᠨᠤ ᠮᠠᠭᠠᠳ ᠣᠯᠳᠠᠬᠤᠯ᠎ᠠ ᠰᠢᠳᠠᠷ ᠵᠠᠩᠵᠤᠨ ᠨᠤᠭᠤᠳ ᠲᠤᠷ ᠵᠠᠬᠢᠶᠠᠯᠠᠵᠤ ᠮᠥᠨ ᠬᠡᠳᠦᠨ ᠰᠤᠮᠤ ᠬᠠᠷᠪᠤᠭᠤᠯᠵᠤ ᠂ ᠮᠠᠨ ᠤ᠋ ᠪᠢᠲᠡᠭᠦᠯᠢᠭ ᠥᠴᠦᠬᠡᠨ ᠤᠯᠤᠰ ᠤ᠋ᠨ ᠣᠯᠠᠨ ᠤ᠋ ᠨᠢᠳᠦ ᠶ᠋ᠢ ᠨᠡᠭᠡᠭᠡᠯᠭᠡᠵᠦ ᠂ ᠳᠤᠮᠳᠠᠳᠤ ᠤᠯᠤᠰ ᠤ᠋ᠨ ᠭᠠᠢᠬᠠᠯ ᠢ᠋ ᠨᠢᠭᠡᠨ ᠤᠳᠠᠭ᠎ᠠ ᠦᠵᠡᠭᠦᠯᠦᠮᠦ !》 ᠬᠡᠮᠡᠭᠰᠡᠨ ᠳ᠋ᠦ᠍ᠷ ᠶᠦᠩ ᠵᠢᠢ ᠶᠡᠬᠡᠯ᠎ᠡ ᠬᠢᠷᠲ᠌ᠬᠢᠪᠡ ᠃ ᠶᠠᠭᠤᠨ ᠬᠡᠮᠡᠪᠡᠰᠦ ᠡᠨᠡ ᠦᠶ᠎ᠡ ᠳ᠋ᠦ᠍ᠷ ᠯᠢᠶᠣᠤ ᠤᠯᠤᠰ ᠮᠥᠬᠥᠵᠦ ᠰᠥᠩ ᠤᠯᠤᠰ ᠭᠢᠰᠬᠢᠯᠡᠭᠳᠡᠭᠡᠳ ᠠᠯᠲᠠᠨ ᠤᠯᠤᠰ ᠠᠮᠤᠷ ᠪᠣᠯᠤᠭᠰᠠᠨ ᠠ᠋ᠴᠠ ᠬᠠᠳ ᠠᠨᠤ ᠵᠥᠭᠡᠯᠡᠨ ᠨᠡᠮᠡᠭᠦᠨ ᠵᠢᠷᠭᠠᠯ ᠴᠡᠩᠭᠡᠯ ᠳ᠋ᠦ᠍ᠷ ᠰᠢᠨᠤᠵᠤ᠂ ᠪᠢᠴᠢᠭ ᠦ᠋ᠨ ᠲᠦᠰᠢᠮᠡᠳ ᠦ᠋ᠨ ᠬᠣᠭᠣᠰᠣᠨ ᠬᠣᠩᠰᠢᠶᠠᠷ ᠤ᠋ᠨ ᠴᠢᠮᠡᠭᠯᠡᠬᠦ ᠦᠭᠡᠰ ᠲᠣᠷ ᠬᠠᠭᠤᠷᠲᠠᠭᠳᠠᠵᠤ᠂ ᠲᠥᠷᠥ ᠶ᠋ᠢᠨ ᠬᠦᠨᠳᠦ ᠡᠷᠬᠡ ᠶ᠋ᠢ ᠴᠥᠮ ᠪᠢᠴᠢᠭ ᠦ᠋ᠨ ᠰᠠᠢᠳ ᠲᠤᠷ ᠪᠠᠷᠢᠭᠤᠯᠤᠭᠰᠠᠨ ᠢ᠋ᠶ᠋ᠠᠷ ᠴᠡᠷᠢᠭ ᠦ᠋ᠨ ᠲᠦᠰᠢᠮᠡᠳ ᠴᠥᠮ ᠴᠡᠷᠢᠭ ᠦ᠋ᠨ ᠡᠷᠳᠡᠮ ᠢ᠋ ᠣᠷᠬᠢᠵᠤ ᠭᠡᠭᠡᠭᠡᠳ᠂ ᠪᠢᠴᠢᠭ ᠲᠦ᠍ᠷ ᠣᠷᠣᠵᠤ ᠬᠢᠴᠢᠶᠡᠯᠴᠡᠨ᠂ ᠡᠷᠬᠢᠮ ᠶᠡᠬᠡ ᠶ᠋ᠢ ᠬᠥᠭᠡᠭᠡᠯᠴᠡᠭᠰᠡᠭᠡᠷ ᠠᠯᠲᠠᠨ ᠤᠯᠤᠰ ᠤ᠋ᠨ ᠴᠡᠷᠢᠭ ᠦ᠋ᠨ ᠰᠤᠷᠲᠠᠯ ᠨᠢᠭᠡᠮᠦᠰᠦᠨ ᠪᠦᠷᠢᠯᠦᠨ ᠳᠠᠭᠤᠰᠴᠤ ᠪᠠᠬᠠᠨ ᠴᠤ᠌ ᠠᠪᠤᠰᠢᠲᠠᠢ ᠬᠥᠮᠦᠨ ᠪᠣᠯᠪᠠᠰᠤ ᠪᠢᠴᠢᠭ ᠦ᠋ᠨ ᠵᠠᠮ ᠢ᠋ᠶ᠋ᠠᠷ ᠪᠠᠶᠠᠨ ᠡᠷᠬᠢᠮ ᠢ᠋ ᠬᠢᠴᠢᠶᠡᠭᠰᠡᠭᠡᠷ ᠴᠡᠷᠢᠭ ᠦ᠋ᠨ ᠬᠠᠷᠢᠶᠠᠲᠤ ᠳ᠋ᠤᠷ ᠰᠢᠭᠤᠳ ᠬᠥᠮᠦᠨ ᠦᠭᠡᠢ ᠪᠣᠯᠵᠤᠬᠤᠢ᠃ ᠬᠡᠳᠦᠢᠪᠡᠷ ᠴᠡᠷᠢᠭ ᠦ᠋ᠨ ᠬᠠᠷᠢᠶᠠᠲᠤ ᠲᠤᠰᠢᠶᠠᠯᠲᠠᠨ ᠪᠣᠯᠪᠠᠴᠤ ᠡᠰᠡᠬᠦᠯ᠎ᠡ ᠬᠣᠭᠣᠰᠣᠨ ᠨᠡᠷ᠎ᠡ ᠶ᠋ᠢᠨ ᠲᠡᠳᠦᠢ ᠶ᠋ᠢ ᠡᠭᠦᠷᠦᠭᠰᠡᠨ ᠢᠯᠵᠠᠷᠬᠠᠢ ᠪᠢᠴᠢᠭ ᠦ᠋ᠨ ᠠᠷᠠᠳ ᠪᠤᠰᠤ ᠪᠣᠯᠪᠠᠰᠤ ᠳᠠᠷᠤᠢ ᠬᠡᠷᠡᠭ ᠦᠭᠡᠢ ᠭᠡᠭᠡᠭᠳᠡᠵᠦ ᠣᠷᠬᠢᠭᠳᠠᠭᠰᠠᠨ ᠡᠩ ᠥᠲᠡᠯ᠎ᠡ ᠮᠤᠩᠬᠠᠨ ᠠᠷᠠᠳ ᠪᠣᠢ ᠊ᠶ᠎ᠠ᠃ ᠨᠢᠭᠡᠬᠡᠨ ᠴᠦ᠍ ᠦᠨᠡᠨ ᠡᠷᠳᠡᠮ ᠴᠢᠳᠠᠯᠲᠤ ᠶᠡᠬᠡᠬᠡᠨ ᠵᠠᠩᠵᠤᠨ ᠨᠤᠭᠤᠳ ᠦᠭᠡᠢ ᠪᠣᠯᠤᠭᠰᠠᠨ ᠲᠤᠯᠠᠳᠠ ᠳᠣᠣᠷᠠᠲᠤ ᠴᠡᠷᠢᠭ ᠦ᠋ᠨ ᠠᠷᠠᠳ ᠰᠢᠭᠤᠳ ᠮᠣᠷᠢ ᠤᠨᠤᠵᠤ ᠵᠡᠪᠰᠡᠭ ᠪᠠᠷᠢᠨ ᠴᠢᠳᠠᠬᠤ ᠦᠭᠡᠢ ᠳ᠋ᠦ᠍ᠷ ᠬᠦᠷᠴᠦᠬᠦᠢ᠃ ᠲᠡᠢᠨ ᠬᠦ᠌ ᠡᠳᠦᠭᠡ ᠳᠠᠭᠠᠵᠤ ᠢᠷᠡᠭᠰᠡᠨ ᠴᠡᠷᠢᠭ ᠦ᠋ᠨ ᠲᠦᠰᠢᠮᠡᠳ ᠬᠡᠮᠡᠬᠦ ᠠᠷᠠᠳ ᠠᠨᠤ ᠴᠥᠮ ᠢ᠋ᠶ᠋ᠡᠷ ᠪᠠᠷᠰ ᠤ᠋ᠨ ᠠᠷᠠᠰᠤ ᠪᠠᠷ ᠪᠠᠭᠯᠠᠭᠰᠠᠨ ᠡᠯᠵᠢᠭᠡ ᠨᠤᠭᠦᠳ ᠲᠤᠯᠠ ᠶᠠᠭᠤᠨ ᠤ᠋ ᠮᠣᠷᠢ ᠳᠣᠪᠲᠣᠯᠤᠨ ᠭᠠᠷᠴᠤ ᠬᠠᠷᠪᠤᠨ ᠨᠠᠮᠨᠠᠵᠤ ᠴᠢᠳᠠᠬᠤ ᠠᠵᠢ !
ᠲᠡᠳᠦᠢ ᠸᠧᠢ ᠸᠠᠩ ᠶᠠᠭᠠᠷᠠᠨ ᠥᠴᠢᠷᠦᠨ᠄ 《 ᠮᠠᠨ ᠤ᠋ ᠤᠯᠤᠰ ᠤ᠋ᠨ ᠨᠡᠷᠡᠲᠡᠢ ᠴᠡᠷᠢᠭ ᠦ᠋ᠨ ᠡᠷᠳᠡᠮᠲᠡᠨ ᠴᠥᠮ ᠬᠠᠭᠠᠨ ᠤ᠋ ᠳᠡᠷᠭᠡᠳᠡ ᠪᠣᠢ᠂ ᠮᠡᠬᠦᠰ ᠸᠠᠩ ᠨᠠᠮᠠᠶ᠋ᠢ ᠳᠠᠭᠠᠵᠤ ᠬᠡᠳᠦᠢ ᠨᠢᠭᠡᠨ ᠬᠣᠶᠠᠷ ᠦᠵᠡᠵᠦ ᠪᠣᠯᠤᠮᠠᠷ ᠠᠨᠤ ᠢᠷᠡᠭᠰᠡᠨ ᠪᠣᠯᠪᠠᠴᠤ ᠡᠷᠭᠢᠨ ᠤᠯᠤᠰ ᠤ᠋ᠨ ᠬᠢᠵᠠᠭᠠᠷ ᠤ᠋ᠨ ᠭᠠᠳᠠᠨ᠎ᠠ ᠦᠯᠡᠳᠡᠵᠦᠬᠦᠢ᠃ ᠡᠨᠳᠡ ᠳᠠᠭᠠᠵᠤ ᠢᠷᠡᠭᠰᠡᠨ ᠦᠭᠡᠢ》 ᠬᠡᠮᠡᠬᠦᠢ ᠳ᠋ᠦ᠍ᠷ ᠲᠠᠢᠽᠦ ᠴᠠᠴᠠᠷ ᠤ᠋ᠨ ᠡᠮᠦᠨ᠎ᠡ ᠵᠢᠭᠰᠠᠭᠠᠨ ᠵᠣᠭᠰᠣᠭᠰᠠᠨ ᠠᠷᠪᠠᠨ ᠬᠡᠳᠦᠨ ᠠᠯᠲᠠᠨ ᠮᠥᠩᠭᠥᠨ ᠦ᠌ ᠬᠤᠶᠠᠭ ᠳᠤᠭᠤᠯᠠᠭ᠎ᠠ ᠡᠮᠦᠰᠴᠦ ᠬᠠᠰ ᠨᠣᠮᠢᠨ ᠤ᠋ ᠪᠦᠰᠡ ᠪᠦᠰᠡᠯᠡᠨ᠂ ᠳᠣᠭᠣᠯᠠᠬᠠ ᠳ᠋ᠤᠷ ᠬᠠᠳᠬᠤᠭᠰᠠ ᠬᠢᠷᠭᠤᠤᠯ ᠤ᠋ᠨ ᠰᠡᠭᠦᠯ ᠦ᠋ᠨ ᠦᠵᠦᠭᠦᠷ ᠢᠨᠦ ᠭᠠᠵᠠᠷ ᠰᠢᠭᠦᠷᠡᠵᠦ᠂ ᠠᠷᠤ ᠳ᠋ᠤᠷ ᠤᠶᠠᠭᠰᠠᠨ ᠳᠠᠯᠪᠠᠬᠠ ᠶ᠋ᠢᠨ ᠪᠦᠴᠡ ᠢᠨᠤ ᠪᠡᠶ᠎ᠡ ᠶ᠋ᠢ ᠣᠷᠢᠶᠠᠨ ᠲᠠᠷᠪᠠᠯᠵᠠᠭᠰᠠᠨ᠂ ᠨᠢᠳᠦ ᠬᠢᠯᠠᠰᠬᠢᠵᠦ ᠭᠡᠷᠡᠯ ᠭᠠᠷᠬᠤ ᠲᠡᠳᠡᠭᠡᠷ ᠠᠯᠲᠠᠨ ᠤᠯᠤᠰ ᠴᠡᠷᠢᠭ ᠦ᠋ᠨ ᠵᠠᠩᠵᠤᠨ ᠨᠤᠭᠤᠳ ᠢ᠋ ᠵᠢᠭᠠᠵᠤ ᠠᠰᠠᠭᠤᠷᠤᠨ᠄ 《 ᠡᠳᠡᠭᠡᠷ ᠬᠤᠪᠢᠯᠭᠠᠨ ᠰᠠᠬᠢᠭᠤᠯᠰᠤᠨ ᠮᠡᠲᠦ ᠰᠠᠢᠬᠠᠨ ᠵᠠᠩᠵᠤᠨ ᠨᠠᠷ ᠡᠳᠦᠢᠬᠡᠨ ᠢ᠋ ᠴᠢᠳᠠᠬᠤ ᠦᠭᠡᠢ ᠦᠦ ? 》 ᠬᠡᠮᠡᠪᠡᠰᠦ ᠶᠦᠩ ᠵᠢᠢ ᠠᠷᠭ᠎ᠠ ᠦᠭᠡᠢ ᠥᠴᠢᠷᠦᠨ᠄ 《 ᠡᠳᠡᠭᠡᠷ ᠴᠥᠮ ᠵᠡᠷᠭᠡ ᠶ᠋ᠢᠨ ᠠᠷᠠᠳ ᠪᠣᠢ ᠊ᠶ᠎ᠠ᠂ ᠭᠠᠢᠬᠠᠯᠲᠠᠢ ᠭᠠᠵᠠᠷ ᠦᠭᠡᠢ᠂ ᠵᠦᠭᠡᠷ ᠨᠢᠭᠡᠨ ᠪᠡᠶ᠎ᠡ ᠶ᠋ᠢ ᠬᠠᠮᠵᠢᠭᠴᠢ ᠪᠣᠯᠠᠢ !》 ᠬᠡᠮᠡᠬᠦᠢ ᠳ᠋ᠦ᠍ᠷ ᠲᠠᠢᠽᠦ ᠥᠴᠦᠬᠡᠨ ᠮᠦᠰᠢᠶᠡᠵᠦ ᠥᠭᠦᠯᠡᠷᠦᠨ᠄《 ᠲᠡᠢᠮᠦ ᠶᠣᠰᠣ ᠪᠣᠢ ᠤᠤ ? ᠴᠥᠮ ᠲᠡᠭᠷᠢ ᠶ᠋ᠢᠨ ᠵᠠᠩᠵᠤᠨ ᠨᠠᠷ ᠮᠡᠲᠦ ᠰᠦᠷᠲᠡᠢ ᠭᠡᠷᠡᠯᠲᠡᠢ ᠪᠥᠭᠡᠳ ᠴᠡᠷᠢᠭ ᠦ᠋ᠨ ᠡᠷᠳᠡᠮ ᠦᠭᠡᠢ ᠬᠡᠮᠡᠬᠦ ᠢᠨᠦ ᠬᠤᠳᠠᠯ ᠬᠡᠷᠡᠭ᠂ ᠭᠠᠭᠴᠠ ᠡᠷᠭᠢᠨ ᠸᠠᠩ ᠶᠡᠬᠡ ᠤᠯᠤᠰ ᠤ᠋ᠨ ᠳᠡᠭᠡᠳᠦ ᠪᠠᠢᠳᠠᠯ ᠢ᠋ᠶ᠋ᠠᠷ ᠪᠠᠭ᠎ᠠ ᠤᠯᠤᠰ ᠲᠤᠷ ᠡᠷᠳᠡᠮ ᠢ᠋ ᠦᠵᠡᠭᠦᠯᠬᠦ ᠦᠭᠡᠢ ᠶᠡᠬᠡᠷᠬᠡᠬᠦᠢ ᠶ᠋ᠢᠨ ᠰᠢᠯᠲᠠᠭᠠᠨ ᠪᠣᠢ ᠊ᠶ᠎ᠠ !》 ᠭᠡᠮᠡᠨ ᠬᠡᠷᠬᠢᠨ ᠥᠳᠥᠭᠡᠪᠡᠴᠦ ᠶᠦᠩ ᠵᠢᠢ ᠳᠠᠬᠢᠨ ᠳᠠᠬᠢᠨ ᠥᠨᠳᠡᠢᠵᠦ ᠮᠠᠷᠭᠤᠨ ᠬᠡᠯᠡᠵᠦ ᠡᠭᠡᠨᠡᠭᠲᠡ ᠵᠠᠩᠵᠤᠨ ᠨᠠᠷ ᠢ᠋ᠶ᠋ᠠᠨ ᠭᠠᠷᠭᠠᠬᠤ ᠦᠭᠡᠢ ᠳ᠋ᠦ᠍ᠷ ᠲᠠᠢᠽᠦ ᠤᠷᠮ᠎ᠠ ᠬᠠᠷᠢᠵᠤ ᠬᠤᠷᠢᠮ ᠲᠠᠷᠬᠠᠭᠠᠳ ᠵᠢᠴᠢ ᠡᠳᠦᠷ ᠪᠡᠶ᠎ᠡ ᠪᠡᠷ ᠶᠦᠩ ᠵᠢᠢ ᠶ᠋ᠢ ᠮᠣᠷᠳᠠᠭᠤᠯᠤᠨ ᠬᠣᠢᠨ᠎ᠠ ᠠ᠋ᠴᠠ ᠢᠨᠦ ᠮᠣᠷᠢ ᠤᠨᠤᠭᠰᠠᠨ ᠳᠦᠷᠢᠮ ᠢ᠋ ᠦᠵᠡᠭᠡᠳ ᠡᠭᠡᠵᠦ ᠪᠠᠭᠤᠬᠤᠶᠠ᠂ ᠣᠯᠠᠨ ᠲᠦᠰᠢᠮᠡᠳ ᠦ᠋ᠨ ᠵᠦᠭ ᠥᠭᠦᠯᠡᠷᠦᠨ᠄ 《ᠡᠨᠡ ᠬᠥᠪᠡᠭᠦᠨ ᠨᠢᠭᠡᠨ ᠸᠠᠩ ᠬᠥᠮᠦᠨ ᠪᠥᠭᠡᠳ ᠬᠥᠩᠭᠡᠨ ᠱᠥᠢᠪᠦᠷ᠂ ᠬᠡᠷᠬᠢᠪᠡᠴᠦ ᠤᠷᠲᠤ ᠨᠠᠰᠤᠯᠠᠬᠤ ᠦᠭᠡᠢ ᠪᠥᠭᠡᠳ ᠯᠠᠪ ᠰᠠᠢᠨ ᠢ᠋ᠶ᠋ᠠᠷ ᠣᠯᠵᠤ ᠦᠬᠦᠬᠦ ᠦᠭᠡᠢ᠂ ᠲᠠ ᠦᠵᠡᠵᠦ ᠪᠠᠢᠭᠲᠤᠨ᠃ 》 ᠬᠡᠮᠡᠪᠡ᠃
ᠲᠡᠭᠦᠨᠴᠡ ᠸᠧᠢ ᠸᠠᠩ ᠶᠦᠩ ᠵᠢᠢ᠂ ᠵᠣᠣ ᠲᠤᠤ ᠱᠢ ᠶ᠋ᠢᠨ ᠠᠯᠲᠠᠨ ᠲᠠᠮᠠᠭ᠎ᠠ ᠪᠠ ᠡᠷᠭᠦᠮᠵᠢᠯᠡᠭᠰᠡᠨ ᠪᠢᠴᠢᠭ ᠢ᠋ᠶ᠋ᠡᠨ ᠴᠥᠮ ᠶᠠᠭ ᠲᠠᠭ ᠨᠢᠭᠤᠵᠤ ᠳᠠᠷᠤᠭᠠᠳ ᠳᠠᠭᠠᠵᠤ ᠢᠷᠡᠭᠰᠡᠨ ᠠᠷᠠᠳ ᠤ᠋ᠨ ᠵᠦᠭ 《 ᠮᠠᠨ ᠤ᠋ ᠢᠷᠡᠭᠰᠡᠨ ᠭᠠᠪᠢᠶ᠎ᠠ ᠪᠦᠷᠢᠨ ᠪᠣᠯᠪᠠ 》 ᠭᠡᠮᠡᠨ ᠬᠡᠯᠡᠯᠴᠡᠨ ᠠᠯᠳᠠᠷᠰᠢᠭᠤᠯᠤᠭᠰᠠᠭᠠᠷ ᠲᠠᠢᠽᠦ ᠶ᠋ᠢᠨ ᠬᠦᠷᠭᠡᠭᠰᠡᠨ ᠡᠯᠴᠢ ᠯᠤᠭᠡ ᠬᠡᠳᠦᠨ ᠡᠳᠦᠷ ᠶᠠᠪᠤᠵᠤ ᠰᠠᠶᠢ ᠪᠧᠲ᠋ᠠ᠋ ᠤᠯᠤᠰ ᠤ᠋ᠨ ᠬᠢᠵᠠᠭᠠᠷ ᠲᠤᠷ ᠬᠦᠷᠴᠦ ᠢᠷᠡᠭᠰᠡᠨ ᠳ᠋ᠦ᠍ᠷ ᠪᠤᠭᠤᠷᠵᠢ ᠬᠡᠳᠦᠢᠨᠡᠢ ᠮᠡᠳᠡᠭᠡ ᠰᠣᠨᠣᠰᠤᠭᠰᠠᠭᠠᠷ ᠤᠳᠠᠭᠰᠠᠨ ᠲᠤᠯᠠ ᠵᠢᠬᠡᠭᠦᠨ ᠢ᠋ᠶ᠋ᠡᠷ ᠢᠨᠢᠶᠡᠵᠦ᠂ ᠥᠪᠡᠷ ᠪᠤᠰᠤᠳ ᠬᠣᠶᠠᠷ ᠠᠩᠭᠢ ᠴᠡᠷᠢᠭ ᠲᠦ᠍ᠷ ᠴᠥᠮ ᠬᠤᠷᠢᠮ ᠲᠠᠯᠪᠢᠨ᠂ ᠡᠵᠡᠨ ᠦ᠌ ᠬᠡᠰᠢᠭ ᠢ᠋ ᠢᠯᠡᠳᠬᠡᠵᠦ ᠠᠯᠲᠠᠨ ᠤᠯᠤᠰ ᠤ᠋ᠨ ᠸᠧᠢ ᠸᠠᠩ ᠶᠦᠩ ᠵᠢᠢ ᠶ᠋ᠢ ᠰᠠᠢᠬᠠᠨ ᠰᠤᠷᠲᠠᠯᠲᠤ᠂ ᠣᠶᠤᠲᠤ ᠰᠡᠴᠡᠨ ᠬᠣᠶᠠᠭᠤᠯᠠ ᠪᠠᠷ ᠪᠧᠲ᠋ᠠ᠋ ᠤᠯᠤᠰ ᠤ᠋ᠨ ᠵᠠᠬ᠎ᠠ ᠶ᠋ᠢᠨ ᠭᠠᠳᠠᠨ᠎ᠠ ᠵᠠᠭᠤᠨ ᠭᠠᠵᠠᠷ ᠤ᠋ᠨ ᠡᠴᠦᠰ ᠭᠠᠷᠲᠠᠯ᠎ᠠ ᠦᠳᠡᠭᠦᠯᠵᠦ ᠂ ᠴᠡᠷᠢᠭ ᠢ᠋ᠶ᠋ᠡᠨ ᠠᠪᠴᠤ ᠤᠯᠤᠰ ᠲᠤᠷ ᠢ᠋ᠶ᠋ᠠᠨ ᠡᠭᠡᠵᠦ ᠵᠠᠬᠢᠶ᠎ᠠ ᠶ᠋ᠢ ᠡᠭᠡᠭᠦᠯᠪᠡ ᠃ ᠬᠥᠭᠡᠷᠦᠬᠦᠢ ᠠᠯᠲᠠᠨ ᠤᠯᠤᠰ ᠤ᠋ᠨ ᠡᠯᠴᠢ ᠸᠧᠢ ᠸᠠᠩ ᠶᠦᠩ ᠵᠢᠢ ᠪᠧᠲ᠋ᠠ᠋ ᠤᠯᠤᠰ ᠲᠤᠷ ᠲᠤᠢᠯ ᠤ᠋ᠨ ᠢᠴᠢᠩᠭᠦᠷᠡᠯ ᠢ᠋ ᠴᠠᠳᠲᠠᠯ᠎ᠠ ᠢᠳᠡᠭᠡᠳ ᠵᠠᠮ ᠤ᠋ᠨ ᠭᠣᠳᠣᠰ ᠲᠤᠷ ᠳᠣᠲᠣᠷ᠎ᠠ ᠪᠠᠨ ᠰᠡᠳᠬᠢᠷᠦᠨ ᠄ ᠡᠨᠡ ᠪᠧᠲ᠋ᠠ᠋ ᠤᠯᠤᠰ ᠶᠠᠭᠤ ᠲᠠᠢ ᠦᠮᠡᠬᠡᠢ ᠪᠥᠭᠡᠳ ᠬᠠᠲᠠᠭᠤ ᠪᠣᠢ ? ᠬᠣᠢᠴᠢ ᠡᠳᠦᠷ ᠡᠳᠡ ᠬᠡᠷᠪᠡ ᠵᠣᠪᠠᠯᠠᠩ ᠪᠣᠯᠬᠤᠢ ᠳ᠋ᠤᠷ ᠬᠦᠷᠪᠡᠰᠦ ᠭᠠᠭᠴᠠ ᠠᠷᠭ᠎ᠠ ᠪᠠᠷ ᠲᠤᠯᠪᠠᠰᠤ ᠪᠣᠯᠬᠤ ᠪᠣᠢ ᠊ᠶ᠎ᠠ᠂ ᠬᠦᠴᠦᠨ ᠢ᠋ᠶ᠋ᠡᠷ ᠪᠠᠢᠯᠳᠤᠪᠠᠰᠤ ᠪᠣᠯᠬᠤ ᠦᠭᠡᠢ ᠠᠵᠤᠭᠤ ! ᠭᠡᠮᠡᠨ ᠪᠣᠳᠣᠭᠰᠠᠭᠠᠷ ᠤᠯᠤᠰ ᠲᠤᠷ ᠢ᠋ᠶ᠋ᠠᠨ ᠬᠦᠷᠴᠦ ᠳᠠᠷᠤᠢ ᠬᠣᠢᠲᠤ ᠶ᠋ᠢ ᠨᠢᠭᠡᠨᠲᠡ ᠠᠮᠤᠭᠤᠯᠵᠤ ᠢᠷᠡᠪᠡ᠃ ᠤᠳᠠᠯ ᠦᠭᠡᠢ ᠬᠠᠭᠠᠰ ᠣᠨ᠂ ᠨᠢᠭᠡᠨ ᠵᠢᠯ ᠦ᠋ᠨ ᠳᠣᠲᠣᠷ᠎ᠠ ᠳᠠ ᠳ᠋ᠠᠨ ᠤᠯᠤᠰ ᠠ᠋ᠴᠠ ᠡᠷᠬᠡᠪᠰᠢ ᠪᠡᠯᠡᠭ ᠬᠦᠷᠭᠡᠵᠦ ᠠᠯᠪᠠ ᠪᠠᠷᠢᠷ᠎ᠠ ᠢᠷᠡᠮᠦᠢ ᠬᠡᠮᠡᠵᠦ᠂ ᠠᠯᠲᠠᠨ ᠤᠯᠤᠰ ᠤ᠋ᠨ ᠱᠢᠽᠦ᠋ᠩ ᠬᠠᠭᠠᠨ ᠸᠠᠨ ᠶᠠᠨ ᠶᠦᠩ ᠢ᠋ ᠦᠰᠦᠷᠲᠡᠯ᠎ᠡ ᠮᠡᠬᠡᠯᠡᠨ ᠪᠦᠷᠢᠨ᠎ᠡ ᠭᠠᠪᠢᠶ᠎ᠠ ᠶ᠋ᠢ ᠠᠪᠴᠤ ᠳᠠᠭᠠᠭᠰᠠᠨ ᠨᠥᠬᠥᠷ ᠰᠡᠯᠲᠡ ᠨᠡᠢᠲᠡ ᠪᠡᠷ ᠨᠢᠭᠡᠨ ᠵᠡᠷᠭᠡ ᠲᠠᠪᠰᠢᠯᠴᠠᠪᠠ᠃
ᠡᠭᠦᠨ ᠢ᠋ ᠲᠦᠷ ᠥᠭᠦᠯᠡᠬᠦ ᠦᠭᠡᠢ ᠃ ᠣᠳᠣ ᠭᠠᠭᠴᠠ ᠬᠡᠯᠡᠬᠦ ᠢᠨᠦ ᠨᠠᠢ᠍ᠮᠠᠨ ᠤᠯᠤᠰ ᠤ᠋ᠨ ᠠᠯᠠᠭᠲᠠᠢ ᠳ᠋ᠤᠷ ᠳᠠᠷᠤᠭᠳᠠᠭᠰᠠᠨ ᠢ᠋ ᠲᠣᠪᠴᠢᠯᠠᠨ ᠬᠡᠯᠡᠵᠦ ᠬᠤᠷᠢᠶᠠᠰᠤᠭᠠᠢ ᠃ ᠠᠯᠬᠠᠲᠠᠢ ᠠᠭᠤᠯᠠᠨ᠎ᠠ ᠨᠠᠢ᠍ᠮᠠᠨ ᠠᠢᠮᠠᠭ ᠤ᠋ᠨ ᠴᠡᠷᠢᠭ ᠶᠡᠬᠡᠳᠡ ᠳᠠᠷᠤᠭᠳᠠᠵᠤ ᠲᠣᠯᠣᠭᠠᠢ ᠡᠷᠭᠢᠯ ᠦᠭᠡᠢ ᠨᠢᠭᠡᠨ ᠠᠮᠢ ᠪᠠᠷ ᠳᠤᠲᠠᠭᠠᠵᠤ ᠂ ᠡᠳᠦᠷ ᠰᠥᠨᠢ ᠦᠭᠡᠢ ᠳᠣᠪᠲᠣᠯᠤᠨ ᠤᠯᠤᠰ ᠲᠤᠷ ᠢ᠋ᠶ᠋ᠠᠨ ᠬᠦᠷᠴᠦ ᠬᠣᠲᠠᠨ ᠳ᠋ᠤ᠌ ᠣᠷᠣᠭᠠᠳ ᠠᠯᠲᠠᠨᠱᠠᠭ᠎ᠠ ᠡᠴᠢᠭᠡ ᠶᠦ᠍ᠭᠡᠨ ᠳᠠᠢᠶᠠᠩ ᠬᠠᠨ ᠤ᠋ ᠡᠪᠦᠳᠦᠭ ᠢ᠋ ᠲᠡᠪᠡᠷᠢᠨ ᠤᠬᠢᠯᠠᠵᠤ ᠂ ᠴᠡᠷᠢᠭ ᠳᠠᠷᠤᠭᠳᠠᠵᠤ ᠶᠤᠸᠠᠨᠱᠤᠸᠠᠢ ᠦᠬᠦᠭᠰᠡᠨ ᠢ᠋ ᠠᠢᠯᠠᠳᠬᠠᠭᠰᠠᠨ ᠳ᠋ᠤᠷ ᠲᠠᠢᠶᠠᠩ ᠬᠠᠨ ᠤᠭᠰᠠᠭ᠎ᠠ ᠳ᠋ᠤᠷ ᠣᠷᠣᠭᠤᠯᠤᠭᠰᠠᠨ ᠶᠡᠬᠡ ᠶᠤᠸᠠᠨᠱᠤᠸᠠᠢ ᠴᠢᠦᠢ ᠰᠢᠦᠸᠠᠢ ᠡᠦ ᠶ᠋ᠢᠨ ᠦᠬᠦᠭᠰᠡᠨ ᠢ᠋ ᠰᠣᠨᠣᠰᠤᠮᠠᠭᠴᠠ ᠤᠬᠢᠯᠠᠨ ᠬᠠᠷᠠᠩᠭᠤᠳᠴᠤ ᠂ ᠰᠡᠷᠭᠦᠭᠰᠡᠨ ᠬᠣᠢᠨ᠎ᠠ ᠪᠡᠶ᠎ᠡ ᠪᠡᠷ ᠪᠡᠯᠪᠡᠰᠦᠷᠡᠯ ᠡᠮᠦᠰᠴᠦ ᠵᠥᠭᠴᠢᠯᠡᠨ ᠬᠠᠨᠳᠤᠵᠤ ᠠᠷᠢᠬᠢ ᠰᠠᠴᠤᠨ ᠭᠡᠭᠡᠵᠦ ᠪᠥᠬᠥᠶ᠎ᠡ ᠂ ᠬᠠᠷᠢᠨ ᠰᠠᠨᠠᠭᠠᠨ ᠳ᠋ᠤᠷ ᠦᠭᠡᠢ ᠪᠧᠲ᠋ᠠ᠋ ᠤᠯᠤᠰ ᠠ᠋ᠴᠠ ᠴᠢᠦᠢ ᠰᠢᠦᠸᠠᠢ ᠡᠦ ᠶ᠋ᠢᠨ ᠲᠣᠯᠣᠭᠠᠢ ᠪᠡᠶ᠎ᠡ ᠶ᠋ᠢ ᠬᠠᠮᠲᠤᠳᠬᠠᠨ ᠣᠶᠣᠵᠤ ᠲᠣᠷᠭ᠎ᠠ ᠪᠠᠷ ᠣᠷᠢᠶᠠᠨ ᠂ ᠰᠢᠷ ᠢ᠋ᠶ᠋ᠡᠷ ᠰᠢᠷᠯᠡᠭᠡᠳ ᠬᠦᠷᠭᠡᠵᠦ ᠢᠷᠡᠨ ᠬᠢᠵᠠᠭᠠᠷ ᠤ᠋ᠨ ᠴᠠᠭᠳᠠᠭᠤᠯ ᠠᠪᠴᠤ ᠢᠷᠡᠭᠰᠡᠨ᠎ᠡ ᠂ ᠲᠠᠢᠶᠠᠩ ᠬᠠᠨ ᠶᠠᠰᠤᠨ ᠢ᠋ ᠲᠡᠪᠡᠷᠢᠨ ᠤᠬᠢᠯᠠᠵᠤ ᠂ ᠲᠡᠭᠦᠨ ᠦ᠌ ᠬᠥᠪᠡᠭᠦᠨ ᠴᠢᠦᠢ ᠱᠢ ᠯᠢ ᠶ᠋ᠢ ᠠᠪᠤᠨ ᠪᠠᠢᠵᠤ ᠶᠠᠰᠤᠨ ᠢ᠋ ᠬᠦᠨᠳᠦᠳᠬᠡᠨ ᠪᠤᠮᠪᠠᠯᠠᠭᠠᠳ ᠲᠡᠭᠦᠨ ᠦ᠌ ᠬᠥᠪᠡᠭᠦᠨ ᠢ᠋ ᠵᠢᠷᠤᠮ ᠤ᠋ᠨ ᠬᠥᠪᠡᠭᠦᠨ ᠪᠣᠯᠭᠠᠪᠠ ᠃ ᠭᠠᠳᠠᠨ᠎ᠠ ᠪᠠᠰᠠ ᠵᠠᠭᠤᠨ ᠡᠷᠦᠬᠡ ᠬᠠᠷᠢᠶᠠᠲᠤ ᠥᠭᠴᠦ ᠤᠭᠰᠠᠭ᠎ᠠ ᠶ᠋ᠢᠨ ᠳᠡᠳ᠋ ᠬᠦᠩ ᠭᠡᠮᠡᠨ ᠡᠷᠭᠦᠪᠡ ᠃ ᠡᠨᠡ ᠴᠢᠦᠢ ᠱᠢ ᠯᠢ ᠴᠦ᠍ ᠲᠥᠷᠥᠭᠰᠡᠨ ᠢᠨᠦ ᠬᠤᠷᠴᠠ ᠬᠠᠳᠠᠨ ᠬᠥᠮᠦᠨ ᠲᠤᠯᠠ ᠳᠠᠷᠤᠢ ᠲᠡᠭᠦᠨ ᠦ᠌ ᠡᠴᠢᠭᠡ ᠶ᠋ᠢᠨ ᠣᠷᠣ ᠳ᠋ᠤᠷ ᠶᠡᠬᠡ ᠵᠠᠩᠵᠤᠨ ᠡᠷᠭᠦᠮᠵᠢᠯᠡᠪᠡ ᠃ ᠴᠢᠦᠢ ᠱᠢ ᠯᠢ ᠨᠠᠢ᠍ᠮᠠᠨ ᠤᠯᠤᠰ ᠤ᠋ᠨ ᠴᠡᠷᠢᠭ ᠦ᠋ᠨ ᠡᠷᠬᠡ ᠲᠣᠪᠴᠢ ᠶ᠋ᠢ ᠴᠤᠭᠠᠷ ᠡᠵᠡᠯᠡᠵᠦ ᠂ ᠨᠠᠰᠤ ᠰᠠᠶᠢ ᠬᠣᠷᠢᠨ ᠬᠣᠶᠠᠷ ᠪᠣᠯᠪᠠᠴᠤ ᠪᠣᠳᠣᠯᠭ᠎ᠠ ᠰᠠᠨᠠᠭᠠᠨ ᠥᠲᠡᠯ᠎ᠡ ᠪᠤᠰᠤ ᠃ ᠭᠠᠭᠴᠠ ᠪᠧᠲ᠋ᠠ᠋ ᠤᠯᠤᠰ ᠠ᠋ᠴᠠ ᠦᠰ ᠠᠪᠬᠤ ᠶ᠋ᠢ ᠰᠡᠳᠬᠢᠵᠦ ᠂ ᠥᠷᠯᠥᠭᠡ ᠦᠳᠡᠰᠢ ᠬᠥᠮᠥᠰᠬᠡ ᠳᠡᠯᠭᠡᠬᠦ ᠦᠭᠡᠢ ᠶ᠋ᠢ ᠲᠠᠢᠶᠠᠩ ᠬᠠᠨ ᠤ᠋ ᠤᠷᠢᠵᠤ ᠠᠪᠴᠢᠷᠠᠨ ᠤᠯᠤᠰ ᠤ᠋ᠨ ᠶᠡᠬᠡ ᠡᠷᠬᠡ ᠶ᠋ᠢ ᠲᠤᠰᠢᠶᠠᠭᠰᠠᠨ ᠰᠠᠢᠳ ᠮᠥᠩᠭᠦ᠋ᠯᠵᠢ ᠳᠠᠬᠢᠨ ᠳᠠᠪᠲᠠᠨ ᠰᠡᠷᠭᠦᠭᠡᠨ ᠬᠣᠷᠢᠭᠯᠠᠪᠠᠴᠤ ᠴᠢᠦᠢ ᠱᠢ ᠯᠢ ᠭᠠᠭᠴᠠ ᠡᠴᠢᠭᠡ ᠶ᠋ᠢ ᠠᠯᠠᠭᠰᠠᠨ ᠥᠰᠢᠶ᠎ᠡ ᠳ᠋ᠦ᠍ᠷ ᠨᠢᠭᠡᠨ ᠲᠡᠭᠷᠢ ᠶ᠋ᠢ ᠰᠢᠲᠦᠬᠦ ᠦᠭᠡᠢ ᠬᠡᠮᠡᠬᠦᠢ ᠳ᠋ᠦ᠍ᠷ ᠮᠥᠩᠭᠦ᠋ᠯᠵᠢ ᠳ᠋ᠠᠳᠠᠳᠤᠩᠭ᠎ᠠ ᠬᠠᠮᠲᠤ ᠪᠠᠷ ᠤᠷᠲᠤ ᠰᠡᠭᠦᠷᠡᠰᠦᠨ ᠠᠯᠳᠠᠵᠤ ᠄ 《 ᠡᠷᠲᠡᠨ ᠦ᠌ ᠭᠤᠷᠪᠠᠨ ᠤᠯᠤᠰ ᠤ᠋ᠨ ᠸᠧᠢ ᠤᠯᠤᠰ ᠤ᠋ᠨ ᠡᠦ ᠳᠢ ᠼᠤᠤ ᠼᠤᠤ ᠡᠴᠢᠭᠡ ᠶᠦ᠍ᠭᠡᠨ ᠦᠰ ᠢ᠋ ᠠᠪᠴᠤ ᠡᠰᠡ ᠴᠢᠳᠠᠪᠠ ᠃ ᠴᠢ ᠬᠡᠷᠪᠡ ᠡᠨᠡ ᠰᠡᠳᠬᠢᠯ ᠢ᠋ ᠡᠰᠡ ᠡᠭᠡᠭᠦᠯᠪᠡᠰᠦ ᠂ ᠨᠠᠢ᠍ᠮᠠᠨ ᠤᠯᠤᠰ ᠤ᠋ᠨ ᠵᠠᠭᠤᠨ ᠣᠪᠣᠭᠲᠠᠨ ᠪᠠ ᠲᠠᠬᠢᠯᠭ᠎ᠠ ᠲᠠᠪᠢᠯᠭ᠎ᠠ ᠡᠴᠦᠰ ᠲᠦ᠍ᠷ ᠶᠡᠬᠡ ᠲᠦᠭᠰᠢᠯᠲᠡᠢ ᠪᠣᠯᠣᠮᠢ !》 ᠬᠡᠮᠡᠭᠰᠡᠨ ᠳ᠋ᠦ᠍ᠷ ᠴᠢᠦᠢ ᠱᠢ ᠯᠢ ᠠᠮᠠᠨ ᠳ᠋ᠤᠷ ᠠ ᠬᠡᠮᠡᠪᠡᠴᠦ ᠠᠯᠤᠰ ᠲᠤᠷ ᠶᠡᠬᠡᠯ᠎ᠡ ᠬᠣᠷᠣᠰᠪᠠ ᠃ ᠡᠭᠦᠨ ᠢ᠋ ᠪᠠᠰᠠ ᠲᠦᠷ ᠬᠡᠯᠡᠬᠦ ᠦᠭᠡᠢ ᠃
ᠣᠳᠣ ᠬᠡᠯᠡᠬᠦ ᠢᠨᠦ ᠪᠧᠲ᠋ᠠ᠋ ᠤᠯᠤᠰ ᠤ᠋ᠨ ᠡᠵᠡᠨ ᠲᠠᠢᠽᠦ ᠠᠯᠲᠠᠨ ᠤᠯᠤᠰ ᠤ᠋ᠨ ᠡᠯᠴᠢ ᠶ᠋ᠢ ᠡᠭᠡᠭᠦᠯᠵᠦ ᠂ ᠪᠤᠷᠬᠠᠨ ᠭᠠᠯᠳᠤᠨ᠎ᠠ ᠳ᠋ᠤᠷ ᠡᠭᠡᠵᠦ ᠢᠷᠠᠪᠠᠰᠤ ᠂ ᠲᠠᠢᠽᠦ ᠶ᠋ᠢᠨ ᠲᠥᠪ ᠦ᠋ᠨ ᠶᠡᠬᠡ ᠪᠦᠷᠳᠡᠭᠡᠯᠵᠢᠨ ᠵᠦᠰᠦᠨ ᠰᠡᠴᠡᠨ ᠬᠠᠲᠤᠨ ᠪᠠᠰᠠ ᠨᠢᠭᠡᠨ ᠬᠥᠪᠡᠭᠦᠨ ᠬᠥᠩᠭᠡᠵᠢᠵᠦ ᠂ ᠭᠤᠷᠪᠠᠳᠤᠭᠠᠷ ᠡᠳᠦᠷ ᠦ᠋ᠨ ᠥᠯᠥᠭᠡᠢ ᠳ᠋ᠦ᠍ᠷ ᠣᠷᠣᠭᠤᠯᠬᠤ ᠬᠤᠷᠢᠮ ᠳ᠋ᠤᠷ ᠲᠣᠬᠢᠶᠠᠯᠳᠤᠭᠰᠠᠨ ᠢ᠋ᠶ᠋ᠠᠷ ᠲᠠᠢᠽᠦ ᠡᠳᠦᠷ ᠢ᠋ ᠪᠣᠳᠣᠪᠠᠰᠤ ᠠᠯᠲᠠᠨ ᠤᠯᠤᠰ ᠠ᠋ᠴᠠ ᠪᠡᠯᠡᠭ ᠬᠦᠷᠭᠡᠵᠦ ᠢᠷᠡᠭᠰᠡᠨ ᠳ᠋ᠦ᠍ᠷ ᠲᠣᠬᠢᠶᠠᠯᠳᠤᠵᠤ ᠂ ᠪᠠᠰᠠ ᠶᠡᠬᠡ ᠠᠯᠲᠠᠨ ᠤᠯᠤᠰ ᠢ᠋ ᠡᠷᠳᠡᠮ ᠢ᠋ᠶ᠋ᠡᠷ ᠳᠡᠢᠯᠦᠭᠰᠡᠨ ᠡᠳᠦᠷ ᠲᠣᠷ ᠲᠥᠷᠥᠭᠰᠡᠨ ᠲᠤᠯᠠ ᠤᠯᠤᠰ ᠲᠥᠷᠥ ᠤᠯᠠᠮ ᠥᠭᠡᠳᠡᠯᠡᠭᠦᠯᠬᠦ ᠪᠡᠯᠭᠡ ᠳ᠋ᠦ᠍ᠷ ᠲᠣᠬᠢᠶᠠᠯᠳᠤᠨ ᠲᠥᠷᠥᠪᠡ ᠬᠡᠮᠡᠵᠦ ᠨᠡᠷ᠎ᠡ ᠶ᠋ᠢ ᠥᠭᠡᠳᠡᠢ ᠭᠡᠮᠡᠨ ᠬᠠᠢᠷᠠᠯᠠᠵᠤ ᠂ ᠭᠡᠷ ᠦ᠋ᠨ ᠲᠦᠰᠢᠮᠡᠳ ᠦ᠋ᠨ ᠵᠦᠭ ᠵᠠᠬᠢᠭᠰᠠᠨ ᠠᠨᠤ ᠄ 《 ᠬᠣᠢᠴᠢ ᠡᠳᠦᠷ ᠠᠯᠲᠠᠨ ᠤᠯᠤᠰ ᠡᠨᠡ ᠭᠤᠷᠪᠠᠳᠤᠭᠠᠷ ᠬᠥᠪᠡᠭᠦᠨ ᠦ᠌ ᠭᠠᠷ ᠲᠤᠷ ᠠᠪᠲᠠᠵᠤ ᠠᠯᠢᠪᠠ ᠵᠦᠢᠯ ᠠᠨᠤ ᠠᠷᠢᠯᠤᠨ ᠳᠠᠭᠤᠰᠴᠤ ᠦᠨᠳᠦᠰᠦᠨ ᠲᠡᠰᠦᠷᠡᠨᠡᠮ ᠊ᠶ᠎ᠠ᠂ ᠲᠠ ᠲᠡᠮᠳᠡᠭᠯᠡᠵᠦ ᠠᠪᠤᠭᠲᠤᠨ 》 ᠬᠡᠮᠡᠪᠡ ᠃ ᠣᠶᠤᠲᠤ ᠰᠡᠴᠡᠨ ᠰᠢᠩᠬᠤᠲᠤ ᠦᠵᠦᠭ ᠢ᠋ᠶ᠋ᠡᠷ ᠪᠢᠴᠢᠵᠦ ᠠᠪᠤᠪᠠ ᠃ ᠲᠡᠭᠦᠨᠴᠡ ᠵᠢᠴᠢ ᠥᠷᠯᠥᠭᠡ ᠵᠢᠨᠦᠩ ᠮᠤᠬᠤᠯᠢ ᠳ᠋ᠤᠷ ᠵᠠᠬᠢᠶ᠎ᠠ ᠪᠠᠭᠤᠯᠭᠠᠨ ᠂ ᠠᠯᠲᠠᠨ ᠤᠯᠤᠰ ᠤ᠋ᠨ ᠬᠠᠷᠢᠭᠤ ᠬᠦᠷᠭᠡᠬᠦ ᠪᠡᠯᠡᠭ ᠦ᠋ᠨ ᠲᠠᠪᠤᠨ ᠵᠠᠭᠤᠨ ᠮᠣᠷᠢ ᠵᠡᠪᠰᠡᠭ ᠢ᠋ ᠪᠡᠯᠡᠳᠬᠡᠵᠦ ᠵᠡᠯᠮ᠎ᠡ ᠂ ᠰᠠᠢᠬᠠᠨ ᠰᠤᠷᠲᠠᠯᠲᠤ ᠬᠣᠶᠠᠭᠤᠯᠠ ᠶ᠋ᠢ ᠨᠢᠭᠡᠨ ᠰᠠᠷ᠎ᠠ ᠶ᠋ᠢᠨ ᠳᠣᠲᠣᠷ᠎ᠠ ᠮᠣᠷᠳᠠᠭᠤᠯᠤᠮᠤᠢ ᠬᠡᠮᠡᠭᠡᠳ ᠣᠶᠤᠲᠤ ᠰᠡᠴᠡᠨ ᠂ ᠣᠶᠤᠨ ᠭᠤᠸ᠎ᠠ ᠂ ᠰᠠᠢᠬᠠᠨ ᠰᠤᠷᠲᠠᠯᠲᠤ ᠭᠤᠷᠪᠠᠭᠤᠯᠠ ᠪᠠᠷ ᠬᠢᠲᠠᠳ ᠦᠰᠦᠭ ᠦ᠋ᠨ ᠬᠠᠷᠢᠭᠤ ᠲᠠᠯᠠᠷᠬᠠᠬᠤ ᠪᠢᠴᠢᠭ ᠢ᠋ ᠲᠣᠳᠣᠷᠬᠠᠢᠯᠠᠨ ᠬᠢᠯᠭᠡᠵᠦ ᠬᠠᠪᠤᠲᠤ ᠬᠠᠰᠠᠷ ᠂ ᠣᠢᠲᠤ ᠸᠴᠢᠷ ᠬᠣᠶᠠᠭᠤᠯᠠ ᠬᠠᠪᠰᠤᠷᠠ ᠬᠡᠮᠡᠭᠡᠳ ᠪᠠᠰᠠ ᠵᠠᠯᠮ᠎ᠠ ᠶ᠋ᠢ ᠳᠣᠲᠣᠭᠠᠳᠤ ᠥᠷᠭᠥᠭᠡ ᠳ᠋ᠦ᠍ᠷ ᠳᠠᠭᠤᠳᠠᠵᠤ ᠵᠠᠬᠢᠷᠤᠨ ᠄ 《 ᠪᠢ ᠲᠡᠷᠡ ᠡᠳᠦᠷ ᠳᠥᠭᠦᠯᠡ ᠮᠥᠷᠡᠨ ᠳ᠋ᠦ᠍ᠷ ᠳᠤᠭᠤᠯᠠᠭ᠎ᠠ ᠬᠠᠷᠪᠤᠭᠰᠠᠨ ᠶᠡᠬᠡ ᠴᠢᠭᠤᠯᠭᠠᠨ᠎ᠠ ᠦᠵᠡᠪᠡᠰᠦ ᠂ ᠢᠵᠢᠯᠵᠢ ᠠᠢᠮᠠᠭ ᠤ᠋ᠨ ᠢᠯᠭᠦᠨ᠎ᠡ ᠶ᠋ᠢᠨ ᠭᠣᠣᠯ ᠤ᠋ᠨ ᠲᠡᠷᠡ ᠥᠯᠵᠡᠢᠲᠦ ᠶ᠋ᠢᠨ ᠬᠥᠪᠡᠭᠦᠨ ᠪᠣᠲ᠋ᠤ ᠶ᠋ᠢᠨ ᠲᠥᠷᠥᠭᠰᠡᠨ ᠢᠨᠦ ᠡᠭᠡᠨᠡᠭᠲᠡ ᠥᠲᠡᠯ᠎ᠡ ᠬᠥᠮᠦᠨ ᠪᠤᠰᠤ ᠂ ᠦᠭᠡ ᠶᠠᠪᠤᠳᠠᠯ ᠢ᠋ ᠦᠵᠡᠬᠦᠯ᠎ᠡ ᠬᠡᠷᠡᠭ ᠲᠡᠢ ᠬᠥᠮᠦᠨ ᠪᠠᠢᠨᠠᠮ ᠃ ᠨᠡᠩ ᠪᠠᠰᠠ ᠲᠡᠭᠦᠨ ᠦ᠌ ᠦᠭᠡ ᠶᠠᠪᠤᠳᠠᠯ ᠢ᠋ ᠰᠢᠨᠵᠢᠪᠡᠰᠦ ᠮᠠᠰᠢ ᠮᠡᠷᠭᠡᠨ ᠴᠢᠳᠠᠪᠤᠷᠢᠲᠤ ᠬᠥᠮᠦᠨ ᠪᠥᠭᠡᠳ ᠨᠠᠰᠤᠨ ᠪᠠᠰᠠ ᠢᠳᠡᠷ ᠵᠠᠯᠠᠭᠤ ᠶ᠋ᠢᠨ ᠰᠠᠢᠬᠠᠨ ᠴᠠᠭ ᠂ ᠴᠡᠷᠢᠭ ᠦ᠋ᠨ ᠡᠷᠳᠡᠮ ᠡᠷᠬᠢᠮ ᠬᠤᠷᠴᠠ ᠂ ᠦᠨᠡᠬᠡᠷ ᠨᠢᠭᠡᠨ ᠬᠦᠮᠦᠵᠢᠯᠲᠦ ᠬᠥᠮᠦᠨ ᠪᠤᠶᠤ ᠃ ᠭᠠᠭᠴᠠ ᠭᠡᠷᠭᠡᠢ ᠠᠪᠤᠭᠰᠠᠨ ᠪᠣᠯᠪᠠᠤ ᠦᠭᠡᠢ ᠦᠦ ? ᠪᠢ ᠲᠡᠭᠦᠨ ᠢ᠋ ᠮᠠᠰᠢ ᠲᠠᠭᠠᠯᠠᠨ ᠪᠠᠶᠠᠰᠤᠮᠤᠢ ᠃ ᠡᠳᠦᠭᠡ ᠡᠮᠦᠨ᠎ᠡ ᠠᠯᠲᠠᠨ ᠤᠯᠤᠰ ᠠ᠋ᠴᠠ ᠬᠦᠷᠭᠡᠵᠦ ᠢᠷᠡᠭᠰᠡᠨ ᠦᠵᠡᠮᠵᠢᠲᠦ ᠵᠦᠢᠯ ᠂ ᠰᠠᠢᠬᠠᠨ ᠶᠠᠭᠤᠮ᠎ᠠ ᠠ᠋ᠴᠠ ᠪᠠᠰᠠ ᠪᠠᠬᠠᠨ ᠨᠡᠮᠡᠵᠦ ᠱᠠᠩᠨᠠᠰᠤᠭᠠᠢ ᠬᠡᠮᠡᠮᠦᠢ ᠃ ᠭᠠᠭᠴᠠ ᠡᠴᠢᠪᠡᠰᠦ ᠵᠣᠬᠢᠰ ᠲᠠᠢ ᠲᠡᠢᠮᠦ ᠲᠡᠭᠦᠰ ᠲᠡᠭᠰᠢ ᠬᠣᠣᠰ ᠪᠦᠷᠢᠳᠦᠭᠰᠡᠨ ᠨᠠᠰᠤᠨ ᠪᠤᠶᠠᠨᠲᠤ ᠬᠥᠮᠦᠨ ᠦᠭᠡᠢ ᠂ ᠣᠳᠣ ᠭᠠᠭᠴᠠ ᠬᠢᠨᠠᠨ ᠪᠣᠳᠣᠪᠠᠰᠤ ᠴᠢᠨᠦ ᠡᠴᠢᠭᠡ ᠵᠠᠷᠴᠢᠭᠤᠲᠠᠢ ᠡᠪᠦᠭᠡᠨ ᠡᠴᠡ ᠥᠪᠡᠷ᠎ᠡ ᠬᠥᠮᠦᠨ ᠦᠭᠡᠢ ᠪᠣᠯᠵᠤᠬᠤᠢ ᠃ ᠲᠡᠢᠨ ᠬᠦ᠌ ᠮᠢᠨᠦ ᠣᠨᠴᠠᠭᠠᠢ ᠦᠵᠡᠵᠦ ᠡᠯᠢᠭᠡᠰᠢᠶᠡᠨ ᠰᠠᠨᠠᠭᠰᠠᠨ ᠱᠠᠩ ᠢ᠋ ᠴᠢᠨᠦ ᠡᠴᠢᠭᠡ ᠬᠦᠷᠭᠡᠨ ᠠᠪᠠᠴᠢᠭᠲᠤᠨ ᠂ ᠮᠢᠨᠦ ᠦᠭᠡ ᠰᠠᠨᠠᠭᠠᠨ ᠢ᠋ ᠪᠣᠳᠣᠯᠭᠠᠲᠤ ᠰᠠᠢᠳ ᠴᠢ ᠡᠴᠢᠭᠡ ᠳ᠋ᠡᠭᠡᠨ ᠪᠦᠷᠢᠳᠬᠡᠨ ᠬᠡᠯᠡᠭᠲᠦᠨ ᠃ 》 ᠬᠡᠮᠡᠭᠡᠳ ᠥᠩᠭᠡᠲᠦ ᠲᠣᠷᠭ᠎ᠠ ᠳᠥᠷᠪᠡᠨ ᠪᠠᠭᠴᠠ ᠂ ᠰᠠᠢᠬᠠᠨ ᠰᠤᠪᠤᠳ ᠳᠥᠷᠪᠡᠨ ᠮᠥᠬᠥᠯᠢᠭ ᠂ ᠪᠣᠷᠣ ᠪᠤᠯᠠᠭ ᠤ᠋ᠨ ᠬᠤᠶᠠᠭ ᠤ᠋ᠨ ᠳᠠᠪᠬᠤᠴᠠ ᠣᠯᠪᠣᠭ ᠨᠢᠭᠡ ᠂ ᠡᠷᠳᠡᠨᠢ ᠰᠢᠭᠢᠳᠬᠡᠷᠲᠦ ᠡᠷᠳᠡᠨᠢ ᠶ᠋ᠢᠨ ᠰᠡᠯᠡᠮ᠎ᠡ ᠨᠢᠭᠡ ᠂ ᠪᠠᠰᠠ ᠡᠷᠳᠡᠨᠢ ᠶ᠋ᠢᠨ ᠰᠢᠭᠢᠳᠬᠡᠷᠲᠦ ᠰᠠᠭᠠᠳᠠᠭ ᠨᠢᠭᠡ ᠂ ᠨᠡᠢᠲᠡ ᠲᠠᠪᠤᠨ ᠵᠦᠢᠯ ᠢ᠋ ᠵᠠᠯᠮ᠎ᠠ ᠳ᠋ᠤᠷ ᠲᠤᠰᠢᠶᠠᠨ ᠥᠭᠪᠡ ᠃ ᠤᠷᠢᠶᠠᠩᠬᠠᠨ ᠤ᠋ ᠤᠬᠠᠭᠠᠨ ᠰᠠᠢᠲᠤ ᠵᠡᠯᠮ᠎ᠡ ᠲᠠᠢᠽᠦ ᠶ᠋ᠢᠨ ᠰᠠᠨᠠᠭᠠᠨ ᠢ᠋ ᠬᠡᠳᠦᠢᠨᠡᠢ ᠮᠡᠳᠡᠭᠡᠳ ᠳᠤᠷᠠᠲᠠᠶ᠎ᠠ ᠵᠠᠬᠢᠶ᠎ᠠ ᠪᠠ ᠱᠠᠩ ᠤ᠋ᠨ ᠡᠳ᠋ ᠲᠡᠢ ᠬᠦᠯᠢᠶᠡᠨ ᠠᠪᠴᠤ ᠭᠡᠷ ᠲᠡᠭᠡᠨ ᠢᠷᠡᠵᠦ ᠂ ᠡᠴᠢᠭᠡ ᠳ᠋ᠡᠭᠡᠨ ᠲᠠᠢᠽᠦ ᠶ᠋ᠢᠨ ᠢᠯᠡᠷᠬᠡᠢ ᠦᠭᠡ ᠪᠠ ᠳᠠᠯᠳᠠ ᠰᠠᠨᠠᠭᠠᠨ ᠢ᠋ ᠠᠨᠤ ᠪᠦᠷᠢᠳᠬᠡᠨ ᠬᠡᠯᠡᠭᠡᠳ ᠱᠠᠩ ᠤ᠋ᠨ ᠡᠳ᠋ ᠢ᠋ ᠲᠣᠳᠣᠷᠬᠠᠢᠯᠠᠨ ᠲᠤᠰᠢᠶᠠᠭᠠᠳ ᠡᠴᠢᠭᠡ ᠳ᠋ᠡᠭᠡᠨ ᠥᠭᠦᠯᠡᠷᠦᠨ ᠄ 《 ᠡᠨᠡ ᠬᠡᠷᠡᠭ ᠢᠯᠡ ᠳ᠋ᠦ᠍ᠷ ᠡᠵᠡᠨ ᠦ᠌ ᠨᠢᠭᠤᠷ ᠢ᠋ ᠬᠢᠴᠢᠶᠡᠨ ᠪᠦᠲᠦᠭᠡᠵᠦ ᠂ ᠳᠠᠯᠳᠠ ᠳ᠋ᠤᠷ ᠡᠵᠡᠨ ᠦ᠌ ᠵᠠᠬᠢᠶ᠎ᠠ ᠶ᠋ᠢ ᠡᠰᠡ ᠢᠴᠡᠭᠡᠪᠡᠰᠦ ᠰᠠᠶᠢ ᠪᠣᠯᠤᠮᠤᠢ ᠃ 》 ᠬᠡᠮᠡᠬᠦᠢ ᠳ᠋ᠦ᠍ᠷ ᠵᠠᠷᠴᠢᠭᠤᠲᠠᠢ ᠡᠪᠦᠭᠡᠨ ᠢᠨᠢᠶᠡᠵᠦ ᠥᠭᠦᠯᠡᠷᠦᠨ ᠄ 《 ᠵᠢᠱ᠌ᠢᠯᠡᠭᠡ ᠰᠠᠢᠲᠤ ᠵᠡᠯᠮ᠎ᠡ ᠬᠥᠪᠡᠭᠦᠨ ᠦ᠌ ᠦᠭᠡ ᠂ ᠵᠢᠷᠠᠨ ᠨᠠᠰᠤᠲᠤ ᠮᠢᠨᠦ ᠰᠠᠨᠠᠭᠠᠨ ᠳ᠋ᠤᠷ ᠶᠡᠬᠡᠯ᠎ᠡ ᠨᠡᠢᠴᠡᠪᠡ !》 ᠬᠡᠮᠡᠵᠦ ᠵᠢᠴᠢ ᠡᠳᠦᠷ ᠳᠠᠷᠤᠢ ᠵᠢᠷᠭᠤᠭ᠎ᠠ ᠳᠣᠯᠣᠭᠠᠨ ᠬᠥᠮᠦᠨ ᠳᠠᠭᠠᠭᠤᠯᠵᠤ ᠂ ᠵᠢᠭᠠᠭᠰᠠᠭᠠᠷ ᠢᠯᠭᠦᠨ᠎ᠡ ᠶ᠋ᠢᠨ ᠨᠤᠲᠤᠭ ᠲᠤᠷ ᠬᠦᠷᠴᠦ ᠮᠣᠷᠢᠨ ᠠ᠋ᠴᠠ ᠪᠠᠭᠤᠲᠠᠯ᠎ᠠ ᠪᠣᠲ᠋ᠤ ᠨᠢᠭᠡᠨᠲᠡ ᠮᠡᠳᠡᠭᠡ ᠣᠯᠤᠭᠰᠠᠨ ᠲᠤᠯᠠ ᠶᠠᠭᠠᠷᠠᠨ ᠶᠣᠰᠣᠯᠠᠨ ᠤᠭᠲᠤᠵᠤ ᠠᠪᠤᠭᠠᠳ ᠶᠣᠰᠣᠯᠠᠨ ᠬᠦᠨᠳᠦᠯᠡᠵᠦ ᠦᠬᠡᠷ ᠨᠢᠲᠤᠯᠵᠤ ᠂ ᠱᠠᠩᠨᠠᠭᠰᠠᠨ ᠶᠠᠭᠤᠮ᠎ᠠ ᠶ᠋ᠢ ᠪᠦᠷᠢᠨ᠎ᠡ ᠮᠥᠷᠭᠥᠨ ᠪᠠᠶᠠᠷᠯᠠᠵᠤ ᠬᠦᠯᠢᠶᠡᠨ ᠠᠪᠤᠭᠠᠳ ᠬᠤᠷᠢᠮ ᠲᠠᠯᠪᠢᠵᠤ ᠵᠠᠷᠴᠢᠭᠤᠲᠠᠢ ᠶ᠋ᠢ ᠬᠦᠨᠳᠦᠯᠡᠵᠦ ᠠᠷᠢᠬᠢ ᠪᠠᠷᠢᠵᠤ ᠂ ᠬᠡᠳᠦᠨ ᠡᠳᠦᠷ ᠬᠥᠷ ᠨᠠᠢᠷ ᠬᠢᠵᠦ ᠡᠮᠡᠭᠡᠯ ᠬᠠᠵᠠᠭᠠᠷᠲᠤ ᠰᠠᠢᠨ ᠮᠣᠷᠢᠨ ᠤ᠋ ᠲᠡᠷᠢᠭᠦᠯᠡᠭᠰᠡᠨ ᠪᠠᠯᠩ ᠪᠠᠷᠢᠵᠤ ᠂ ᠳᠠᠭᠠᠭᠤᠯᠤᠭᠰᠠᠨ ᠠᠷᠠᠳ ᠲᠤᠷ ᠪᠠᠰᠠ ᠰᠢᠭᠦᠰᠦ ᠵᠤᠮ᠎ᠠ ᠶ᠋ᠢᠨ ᠪᠡᠯᠡᠭ ᠥᠭᠴᠦ ᠰᠠᠢᠨ ᠮᠣᠷᠢ ᠬᠠᠯᠠᠨ ᠤᠨᠤᠭᠤᠯᠵᠤ ᠂ ᠡᠴᠢᠭᠡ ᠳ᠋ᠦ᠍ᠷ ᠢ᠋ᠶ᠋ᠡᠨ ᠠᠶᠠᠷᠯᠠᠵᠤ ᠨᠥᠬᠥᠳ ᠰᠡᠯᠲᠡ ᠪᠡᠨ ᠠᠪᠴᠤ ᠡᠯᠴᠢ ᠵᠠᠷᠴᠢᠭᠤᠲᠠᠢ ᠯᠤᠭ᠎ᠠ ᠪᠧᠲ᠋ᠠ᠋ ᠤᠯᠤᠰ ᠤ᠋ᠨ ᠪᠤᠷᠬᠠᠨ ᠭᠠᠯᠳᠤᠨ᠎ᠠ ᠶ᠋ᠢᠨ ᠬᠣᠷᠣᠭᠠᠨ᠎ᠠ ᠂ ᠲᠠᠢᠽᠦ ᠶ᠋ᠢᠨ ᠬᠡᠰᠢᠭ ᠲᠣᠷ ᠮᠥᠷᠭᠥᠷ᠎ᠡ ᠢᠷᠡᠵᠦ ᠲᠠᠢᠽᠦ ᠳ᠋ᠦ᠍ᠷ ᠨᠢᠭᠤᠷ ᠵᠣᠯᠭᠠᠵᠤ ᠰᠠᠨᠠᠭᠠᠨ ᠢ᠋ᠶ᠋ᠠᠨ ᠭᠠᠷᠭᠠᠵᠤ ᠮᠡᠳᠡᠭᠦᠯᠦᠷᠦᠨ ᠄
ᠡᠷᠬᠡᠲᠦ ᠡᠵᠡᠨ ᠴᠢᠨᠦ ᠦᠪᠡᠳᠡᠭᠰᠢ ᠡᠷᠳᠡᠮ ᠢ᠋ ᠦᠵᠡᠬᠦᠯ᠎ᠡ
ᠡᠭᠦᠯᠡ ᠠᠷᠢᠯᠤᠭᠰᠠᠨ ᠥᠷᠯᠥᠭᠡ ᠶ᠋ᠢᠨ ᠨᠠᠷᠠᠨ ᠮᠡᠲᠦ ᠂
ᠡᠪᠦᠯ ᠦ᠋ᠨ ᠦᠶ᠎ᠡ ᠶ᠋ᠢᠨ ᠡᠷᠴᠢᠵᠦ ᠬᠥᠯᠳᠡᠭᠰᠡᠨ ᠮᠥᠯᠰᠥ
ᠡᠶᠡᠪᠡᠷᠭᠦ ᠰᠠᠯᠬᠢᠨ᠎ᠠ ᠭᠡᠰᠴᠦ ᠬᠠᠢᠯᠬᠤ ᠳ᠋ᠤᠷ ᠠᠳᠠᠯᠢ ᠃
ᠡᠴᠢᠭᠡ ᠬᠥᠪᠡᠭᠦᠨ ᠬᠠᠮᠲᠤ ᠪᠠᠷ ᠪᠠᠶᠠᠷᠯᠠᠵᠤ
ᠡᠨᠡ ᠰᠡᠳᠬᠢᠯ ᠡᠭᠦᠷᠢᠳᠡ ᠰᠢᠳᠦᠨ ᠰᠦᠰᠦᠭᠯᠡᠪᠡ ᠂
ᠡᠮᠦᠨ᠎ᠡ ᠴᠢᠨᠦ ᠬᠠᠯᠬᠠᠪᠴᠢᠨ ᠪᠣᠯᠬᠤ ᠶ᠋ᠢ ᠬᠦᠰᠡᠮᠦᠢ
ᠡᠭᠡᠬᠦᠢ ᠳ᠋ᠦ᠍ᠷ ᠢᠨᠤ ᠬᠠᠢᠭᠤᠯ ᠪᠣᠯᠬᠤ ᠶ᠋ᠢ ᠰᠠᠨᠠᠮᠤᠢ!
ᠭᠡᠮᠡᠨ ᠳᠠᠬᠢᠨ ᠳᠠᠬᠢᠨ ᠮᠥᠷᠭᠥᠬᠦᠢ ᠳ᠋ᠦ᠍ᠷ ᠲᠠᠢᠽᠦ ᠪᠡᠶᠡᠰᠦᠨ ᠮᠠᠷᠭᠤᠵᠤ ᠮᠦᠰᠢᠶᠡᠨ ᠥᠭᠦᠯᠡᠷᠦᠨ ᠄
ᠡᠷ᠎ᠡ ᠬᠥᠮᠦᠨ ᠦ᠌ ᠡᠷᠳᠡᠮ ᠡᠷᠡᠬᠡᠢ ᠬᠤᠷᠤᠭᠤᠨ ᠤ᠋ ᠴᠢᠳᠠᠯ ᠢ᠋ᠶ᠋ᠠᠷ
ᠡᠷᠬᠡ ᠶᠠᠰᠤᠲᠤ ᠠᠯᠲᠠᠨ ᠤ᠋ ᠡᠷᠬᠢᠮ ᠸᠠᠩ ᠢ᠋ ᠪᠢᠰᠢᠷᠡᠭᠦᠯᠦᠭᠰᠡᠨᠡ
ᠡᠭᠦᠷᠢᠳᠡ ᠮᠢᠨᠦ ᠰᠡᠳᠬᠢᠯ ᠳ᠋ᠦ᠍ᠷ ᠡᠯᠢᠭᠡᠰᠢᠶᠡᠨ ᠰᠡᠳᠬᠢᠬᠦ ᠶ᠋ᠢᠨ ᠲᠤᠯᠠᠳᠠ
ᠡᠳᠦᠢ ᠲᠡᠳᠦᠢᠬᠡᠨ ᠱᠠᠩᠨᠠᠪᠠᠢ ᠂ ᠡᠷᠬᠡᠪᠰᠢ ᠶᠣᠰᠣᠯᠠᠬᠤ ᠪᠤᠶᠤ ᠃
ᠭᠡᠮᠡᠨ ᠬᠤᠷᠢᠮ ᠬᠠᠢᠷᠠᠯᠠᠵᠤ ᠬᠠᠷᠢᠭᠤᠯᠬᠤᠶᠠ ᠂ ᠲᠠᠢᠽᠦ ᠶ᠋ᠢᠨ ᠬᠠᠷᠢᠯᠠᠭᠠᠳᠤᠢ ᠬᠠᠢᠷ᠎ᠠ ᠶᠡᠬᠡᠲᠦ ᠲᠤᠨᠤᠮᠠᠯ ᠨᠡᠷᠡᠲᠦ ᠨᠢᠭᠡᠨ ᠬᠠᠰ ᠰᠠᠢᠬᠠᠨ ᠬᠡᠦᠬᠡᠨ ᠳᠡᠭᠦᠦ ᠪᠠᠢᠨᠠᠮ ᠭᠡᠮᠡᠨ ᠰᠣᠨᠣᠰᠴᠤ ᠬᠠᠯᠳᠠᠨ ᠭᠤᠶᠤᠵᠤ ᠪᠣᠯᠬᠤ ᠪᠣᠯᠪᠠᠤ ᠭᠡᠮᠡᠨ ᠬᠠᠮᠲᠤ ᠢᠷᠡᠭᠰᠡᠨ ᠵᠠᠷᠴᠢᠭᠤᠲᠠᠢ ᠠ᠋ᠴᠠ ᠠᠰᠠᠭᠤᠭᠰᠠᠨ ᠳ᠋ᠤᠷ ᠬᠠᠪᠤᠲᠠᠶᠠ ᠵᠠᠷᠴᠢᠭᠤᠲᠠᠢ ᠡᠪᠦᠭᠡᠨ ᠬᠠᠷᠢᠭᠤ ᠡᠢᠨ ᠭᠡᠮᠡᠨ ᠥᠴᠢᠷᠦᠨ᠄
ᠬᠠᠨ ᠦᠨᠳᠦᠰᠦᠲᠦ ᠪᠣᠷᠵᠢᠭᠢᠳ
ᠬᠠᠷᠢ ᠤᠷᠤᠭ ᠪᠠᠷᠢᠬᠤᠢ ᠳ᠋ᠤᠷ
ᠬᠠᠷᠭᠢᠰ ᠮᠠᠭᠤ ᠶ᠋ᠢ ᠵᠢᠭᠰᠢᠨᠡᠮ ᠶᠠ ᠃
ᠬᠠᠷᠪᠤᠯᠭ᠎ᠠ ᠰᠠᠢᠲᠤ ᠴᠢᠮᠠᠶ᠋ᠢ
ᠬᠠᠷᠠᠲᠠᠯ᠎ᠠ ᠦᠯᠦ ᠦᠲᠡᠭᠡᠷᠦᠮᠦ ᠂
ᠬᠠᠯᠳᠠᠨ ᠦᠵᠡᠰᠦᠭᠡᠢ ᠬᠡᠮᠡᠪᠡᠰᠦ
ᠬᠠᠱᠠᠩ ᠮᠢᠨᠦ ᠪᠡᠶ᠎ᠡ
ᠬᠠᠢᠮᠰᠠᠨ ᠲᠡᠩᠰᠡᠵᠦ ᠦᠵᠡᠰᠦᠭᠡᠢ ᠃
ᠬᠠᠷᠢᠵᠤ ᠰᠠᠨᠠᠭ᠎ᠠ ᠪᠠᠨ ᠲᠣᠭᠲᠠᠵᠤ
ᠬᠠᠮᠤᠭ ᠢ᠋ᠶ᠋ᠠᠷ ᠢᠷᠡᠭᠳᠡᠬᠦᠢ !
ᠬᠡᠮᠡᠭᠰᠡᠨ ᠳ᠋ᠦ᠍ᠷ ᠬᠠᠷᠪᠤᠯᠭ᠎ᠠ ᠰᠠᠢᠲᠤ ᠪᠣᠲ᠋ᠤ ᠪᠠᠷ ᠬᠠᠨᠲᠠᠯ᠎ᠠ ᠶᠡᠬᠡᠯ᠎ᠡ ᠪᠠᠶᠠᠷᠯᠠᠵᠤ ᠬᠠᠷᠢᠵᠤ ᠳᠣᠪᠲᠣᠯᠤᠨ ᠢᠷᠡᠭᠡᠳ ᠬᠠᠮᠤᠭ ᠰᠠᠨᠠᠭ᠎ᠠ ᠪᠠᠨ ᠭᠠᠷᠭᠠᠵᠤ ᠂ ᠬᠠᠢᠷᠠᠯᠠᠬᠤ ᠡᠴᠢᠭᠡ ᠳ᠋ᠡᠭᠡᠨ ᠬᠡᠯᠡᠭᠰᠡᠨ ᠳ᠋ᠦ᠍ᠷ ᠡᠴᠢᠭᠡ ᠢᠨᠤ ᠥᠭᠦᠯᠡᠷᠦᠨ ᠄ 《 ᠪᠣᠭᠳᠠ ᠢᠴᠡᠭᠤᠷᠲᠤ ᠪᠣᠷᠵᠢᠭᠢᠳ᠂ ᠲᠡᠭᠷᠢᠯᠢᠭ ᠦᠨᠳᠦᠰᠦᠲᠦ ᠲᠡᠮᠦᠵᠢᠨ ᠂ ᠶᠠᠭᠤᠨ ᠤ᠋ ᠮᠠᠨ ᠯᠤᠭ᠎ᠠ ᠤᠷᠤᠭ ᠪᠠᠷᠢᠮᠤ ᠬᠡᠮᠡᠮᠦ ᠃ ᠲᠡᠢᠨ ᠪᠣᠯᠪᠠᠴᠤ ᠪᠤᠶᠠᠨ ᠶᠡᠬᠡᠲᠦ ᠪᠣᠷᠵᠢᠭᠢᠳ ᠤ᠋ᠨ ᠪᠦᠪᠡᠢᠯᠡᠨ ᠦᠵᠡᠬᠦ ᠬᠠᠢᠷ᠎ᠠ ᠳ᠋ᠤᠷ ᠭᠤᠶᠤᠵᠤ ᠦᠵᠡᠰᠦᠭᠡᠢ ᠃ ᠬᠠᠨ ᠦᠨᠳᠦᠰᠦᠲᠦ ᠲᠡᠮᠦᠵᠢᠨ ᠦ᠌ ᠬᠠᠢᠷᠠᠯᠠᠨ ᠦᠵᠡᠬᠦ ᠬᠡᠰᠢᠭ ᠲᠣᠷ ᠬᠠᠯᠳᠠᠵᠤ ᠦᠵᠡᠰᠦᠭᠡᠢ ᠃ 》 ᠬᠡᠮᠡᠭᠡᠳ ᠲᠥᠷᠥᠭᠰᠡᠨ ᠠᠬ᠎ᠠ ᠶᠠᠪᠤᠴᠢᠲᠠᠢ ᠶ᠋ᠢ ᠭᠤᠶᠤᠵᠤ ᠂ ᠬᠥᠪᠡᠭᠦᠨ ᠪᠤᠲ᠋ᠤ ᠶ᠋ᠢ ᠳᠠᠭᠠᠭᠤᠯᠤᠨ ᠥᠭᠴᠦ ᠮᠥᠨ ᠬᠦ᠌ ᠤᠷᠢᠳᠠ ᠲᠠᠨᠢᠭᠰᠠᠨ ᠣᠷᠢᠶᠠᠩᠬᠠᠨ ᠤ᠋ ᠵᠠᠷᠴᠢᠭᠤᠲᠠᠢ ᠥᠲᠡᠭᠦᠰ ᠢ᠋ ᠭᠤᠶᠤᠵᠤ ᠵᠠᠭᠤᠴᠢ ᠪᠣᠯᠭᠠᠰᠤᠭᠠᠢ ᠭᠡᠮᠡᠨ ᠪᠡᠯᠡᠭ ᠦ᠋ᠨ ᠮᠣᠷᠢ ᠲᠡᠮᠡᠭᠡ ᠶ᠋ᠢ ᠬᠥᠭᠡᠭᠡᠵᠦ ᠶᠡᠬᠡ ᠨᠡᠭᠦᠳᠡᠯ ᠢ᠋ᠶ᠋ᠡᠷ ᠬᠦᠷᠴᠦ ᠢᠷᠡᠭᠡᠳ ᠵᠠᠷᠴᠢᠭᠤᠲᠠᠢ ᠥᠲᠡᠭᠦᠰ ᠲᠣᠷ ᠵᠣᠯᠭᠠᠵᠤ ᠤᠴᠢᠷ ᠲᠤᠬᠠᠢ ᠪᠠᠨ ᠭᠠᠷᠭᠠᠵᠤ ᠭᠤᠶᠤᠴᠢᠯᠠᠨ ᠬᠡᠯᠡᠭᠰᠡᠨ ᠳ᠋ᠦ᠍ᠷ ᠵᠠᠷᠴᠢᠭᠤᠲᠠᠢ ᠳᠤᠷᠠᠲᠠᠶ᠎ᠠ ᠬᠦᠯᠢᠶᠡᠨ ᠠᠪᠴᠤ ᠥᠭᠦᠯᠡᠷᠦᠨ ᠄ 《 ᠣᠭ᠌ᠶᠤ ᠱ᠌ᠢᠷᠦ ᠶ᠋ᠢᠨ ᠣᠭᠣᠰᠣᠷ ᠬᠡᠯᠬᠢᠶ᠎ᠡ ᠶ᠋ᠢ ᠬᠡᠯᠡᠯᠴᠡᠨ ᠲᠣᠭᠲᠠᠪᠠᠰᠤ ᠂ ᠤᠷᠲᠤ ᠨᠠᠰᠤᠨ ᠥᠯᠵᠡᠢ ᠬᠤᠲᠤᠭ ᠳᠡᠯᠭᠡᠷᠡᠨᠡᠮ ᠬᠡᠮᠡᠯᠦᠭᠡ ᠂ ᠪᠦᠲᠦᠪᠡ ᠡᠰᠡ ᠪᠦᠲᠦᠪᠡ ᠮᠡᠳᠡᠭᠦᠯᠦᠨ ᠪᠠᠢᠵᠤ ᠦᠵᠡᠮᠦᠢ ᠶᠠ !》 ᠬᠡᠮᠡᠵᠦ ᠂ ᠬᠥᠪᠡᠭᠦᠨ ᠵᠠᠯᠮ᠎ᠠ ᠳ᠋ᠤᠷ ᠬᠡᠯᠡᠭᠦᠯᠵᠦ ᠲᠠᠢᠽᠦ ᠳ᠋ᠦ᠍ᠷ ᠮᠡᠳᠡᠭᠦᠯᠪᠡᠰᠦ ᠂ ᠲᠠᠢᠽᠦ ᠮᠠᠰᠢ ᠶᠡᠬᠡ ᠪᠡᠶᠡᠰᠴᠦ ᠵᠠᠷᠴᠢᠭᠤᠲᠠᠢ ᠪᠠ ᠶᠠᠪᠤᠴᠢᠲᠠᠢ ᠬᠣᠶᠠᠭᠤᠯᠠ ᠶ᠋ᠢ ᠠᠷᠰᠯᠠᠨᠲᠤ ᠴᠠᠴᠠᠷ ᠲᠤᠷ ᠳᠠᠭᠤᠳᠠᠨ ᠣᠷᠣᠭᠤᠯᠵᠤ ᠵᠣᠯᠭᠠᠭᠰᠠᠨ ᠳ᠋ᠤᠷ ᠶᠠᠪᠤᠴᠢᠲᠠᠢ ᠲᠠᠢᠽᠦ ᠶ᠋ᠢᠨ ᠠᠰᠤᠷᠤ ᠰᠦᠷᠲᠡᠢ ᠶ᠋ᠢ ᠦᠵᠡᠭᠡᠳ ᠭᠱᠠᠨ ᠵᠠᠭᠤᠷ᠎ᠠ ᠤᠬᠠᠭᠠᠨ ᠪᠠᠯᠠᠷᠠᠭᠠᠳ ᠰᠥᠭᠥᠳ ᠰᠥᠭᠥᠳᠦᠭᠰᠡᠭᠡᠷ ᠨᠢᠭᠡᠮᠦᠰᠦᠨ ᠳᠠᠭᠤᠨ ᠭᠠᠷᠴᠤ ᠴᠢᠳᠠᠬᠤ ᠦᠭᠡᠢ ᠪᠣᠯᠤᠭᠠᠳ ᠶᠠᠭ ᠲᠠᠭ ᠪᠣᠯᠤᠭᠰᠠᠨ ᠳ᠋ᠤᠷ ᠵᠠᠷᠴᠢᠭᠤᠲᠠᠢ ᠬᠡᠷᠬᠢᠨ ᠲᠦᠯᠬᠢᠨ ᠲᠠᠲᠠᠪᠠᠴᠤ ᠨᠢᠭᠡᠨᠲᠡ ᠵᠣᠭ ᠵᠣᠭᠰᠣᠵᠤ ᠬᠡᠯᠡ ᠲᠠᠲᠠᠭᠰᠠᠨ ᠳ᠋ᠤᠷ ᠵᠠᠷᠴᠢᠭᠤᠲᠠᠢ ᠡᠪᠦᠭᠡᠨ ᠠᠷᠭ᠎ᠠ ᠦᠭᠡᠢ ᠣᠷᠣᠭᠰᠢ ᠳᠠᠪᠰᠢᠨ ᠰᠥᠭᠥᠳᠴᠦ ᠶᠠᠭ ᠲᠠᠭ ᠪᠣᠯᠤᠭᠰᠠᠨ ᠶᠠᠪᠤᠴᠢᠲᠠᠢ ᠡᠪᠦᠭᠡᠨ ᠦ᠌ ᠲᠤᠯᠠ ᠲᠥᠯᠥᠭᠡᠯᠡᠨ ᠡᠢᠨ ᠮᠡᠳᠡᠭᠦᠯᠦᠷᠦᠨ ᠄
ᠪᠣᠭᠳᠠ ᠢᠵᠠᠭᠤᠷᠲᠤ ᠪᠣᠷᠵᠢᠭᠢᠳ ᠪᠤᠶᠠᠨ ᠶᠡᠬᠡᠲᠦ ᠡᠵᠡᠨ ᠴᠢᠮ᠎ᠠ ᠳ᠋ᠤᠷ
ᠪᠣᠯᠣᠷ ᠮᠡᠲᠦ ᠠᠷᠢᠭᠤᠨ ᠪᠤᠯᠠᠭ ᠠᠳᠠᠯᠢ ᠲᠤᠩᠭᠠᠯᠠᠭ ᠂
ᠪᠣᠳᠣᠯᠭ᠎ᠠ ᠤᠬᠠᠭᠠᠨ ᠪᠦᠷᠢᠳᠦᠭᠰᠡᠨ ᠪᠤᠯᠪᠠᠷᠠᠢ ᠬᠠᠰ ᠲᠤᠷ ᠲᠡᠩᠴᠡᠬᠦ
ᠪᠣᠱᠣᠭᠲᠤ ᠰᠠᠢᠬᠠᠨ ᠬᠡᠦᠬᠡᠨ ᠳᠡᠭᠦᠦ ᠪᠠᠢᠨᠠᠮ ᠭᠡᠮᠡᠨ ᠂
ᠢᠵᠢᠯᠵᠢ ᠠᠢᠮᠠᠭ ᠤ᠋ᠨ ᠡᠵᠡᠨ ᠢᠲᠡᠭᠡᠯᠲᠡᠢ ᠬᠠᠷᠪᠣᠯᠭᠠᠲᠤ ᠪᠤᠲ᠋ᠤ
ᠢᠷᠡᠵᠦ ᠡᠴᠢᠬᠦᠶ᠎ᠡ ᠰᠣᠨᠣᠰᠤᠭᠠᠳ ᠶᠢᠰᠦᠨ ᠴᠠᠭᠠᠨ ᠢ᠋ᠶ᠋ᠠᠨ ᠪᠡᠯᠡᠳᠴᠦ
ᠢᠷᠦᠭᠡᠯᠲᠦ ᠠᠪᠠᠬᠠᠢ ᠶ᠋ᠢ ᠭᠤᠶᠤᠵᠤ ᠢᠨᠠᠭ ᠤᠷᠤᠭ ᠪᠣᠯᠰᠤᠭᠠᠢ ᠬᠡᠮᠡᠮᠦᠢ᠃
ᠢᠯᠡᠷᠭᠡᠶ᠎ᠡ ᠵᠠᠬᠢᠶ᠎ᠠ ᠶ᠋ᠢ ᠭᠤᠶᠤᠨᠠᠮ ᠢᠪᠡᠭᠡᠨ ᠬᠠᠢᠷᠠᠯᠠᠵᠤ ᠰᠣᠶᠣᠷᠬ᠎ᠠ
ᠬᠠᠭᠠᠨ ᠢᠵᠠᠭᠤᠷᠲᠤ ᠪᠣᠷᠵᠢᠭᠢᠳ ᠬᠠᠢᠷ᠎ᠠ ᠶᠡᠬᠡᠲᠦ ᠡᠵᠡᠨ ᠴᠢᠮ᠎ᠠ ᠳ᠋ᠤᠷ ᠂
ᠬᠠᠰ ᠮᠡᠲᠦ ᠡᠷᠬᠢᠮ ᠬᠠᠮᠠᠭᠠᠯᠠᠯᠲᠤ ᠥᠬᠢᠨ ᠳᠡᠭᠦᠦ ᠪᠠᠢᠨᠠᠮ ᠭᠡᠮᠡᠨ
ᠢᠯᠭᠦᠨ᠎ᠡ ᠶ᠋ᠢᠨ ᠨᠤᠲᠤᠭ ᠤ᠋ᠨ ᠬᠥᠮᠦᠨ ᠯᠢᠶ᠋ᠸ ᠰᠧ ᠣᠪᠣᠭᠲᠤ ᠪᠤᠲ᠋ᠤ
ᠢᠯᠪᠢᠨ ᠬᠦᠷᠲᠡᠭᠡᠭᠰᠡᠨ ᠬᠡᠰᠢᠭ ᠢ᠋ ᠢᠭᠲᠦᠯᠦᠨ ᠬᠦᠷᠲᠡᠵᠦ ᠶᠠᠪᠤᠬᠤᠶ᠎ᠠ
ᠢᠯᠡᠷᠬᠡᠢ ᠠᠯᠳᠠᠷ ᠢ᠋ ᠰᠣᠨᠣᠰᠴᠤ ᠶᠢᠰᠦᠨ ᠪᠠᠯᠠᠩ ᠢ᠋ᠶ᠋ᠠᠨ ᠪᠠᠷᠢᠵᠤ
ᠢᠩᠬᠥᠢᠮᠡ ᠵᠠᠷᠯᠢᠭ ᠢ᠋ ᠭᠤᠶᠤᠨᠠᠮ ᠢᠷᠥᠭᠡᠨ ᠬᠠᠢᠷᠠᠯᠠᠵᠤ ᠰᠣᠶᠣᠷᠬ᠎ᠠ ᠃
ᠬᠠᠰ ᠤ᠋ᠨ ᠰᠠᠯᠠᠭᠠᠨ ᠢ᠋ ᠭᠤᠶᠤᠵᠤ ᠬᠠᠮᠤᠭ ᠬᠠᠢᠷ᠎ᠠ ᠭᠤᠶᠤᠨᠠᠮ
ᠬᠠᠢᠷᠠᠯᠠᠨ ᠥᠷᠥᠰᠢᠶᠡᠨ ᠥᠭᠴᠦ ᠬᠠᠯᠠᠭᠤᠨ ᠵᠠᠬᠢᠶ᠎ᠠ ᠶ᠋ᠢ ᠰᠣᠶᠣᠷᠬᠠᠮᠤ !
ᠬᠡᠮᠡᠭᠡᠳ ᠶᠠᠪᠤᠴᠢᠲᠠᠢ ᠡᠪᠦᠭᠡᠨ ᠢ᠋ ᠲᠦᠯᠬᠢᠵᠦ ᠭᠤᠶᠤᠳᠠᠯ ᠢ᠋ᠶ᠋ᠠᠨ ᠮᠡᠳᠡᠭᠦᠯ ᠬᠡᠮᠡᠭᠰᠡᠨ ᠳ᠋ᠦ᠍ᠷ ᠶᠠᠪᠤᠴᠢᠲᠠᠢ ᠡᠪᠦᠭᠡᠨ ᠦ᠌ ᠵᠢᠷᠦᠬᠡ ᠰᠠᠶᠢ ᠪᠠᠬᠠᠨ ᠲᠣᠭᠲᠠᠨᠢᠵᠤ ᠂ ᠬᠡᠳᠦ ᠬᠡᠳᠦᠨᠲᠡ ᠢᠨᠴᠠᠭᠯᠠᠨ ᠬᠠᠨᠢᠶᠠᠵᠤ ᠰᠠᠶᠢ ᠬᠣᠭᠣᠯᠠᠢ ᠴᠡᠴᠡᠷᠡᠨ ᠮᠡᠳᠡᠭᠦᠯᠦᠷᠦᠨ ᠄
ᠠᠯᠲᠠᠨ ᠶᠠᠰᠤᠲᠤ ᠪᠣᠷᠵᠢᠭᠢᠳ ᠠᠯᠳᠠᠷ ᠶᠡᠬᠡᠲᠦ ᠡᠵᠡᠨ ᠴᠢᠮ᠎ᠠ ᠳ᠋ᠤᠷ
ᠠᠳᠠᠯᠢᠳᠬᠠᠰᠢ ᠦᠭᠡᠢ ᠪᠤᠶᠠᠨᠲᠤ ᠠᠪᠠᠬᠠᠢ ᠥᠬᠢᠨ ᠳᠡᠭᠦᠦ ᠪᠠᠢᠨᠠᠮ ᠬᠡᠮᠡᠮᠦ ᠃
ᠬᠢᠶᠦᠳ ᠶᠠᠰᠤᠲᠤ ᠪᠣᠷᠵᠢᠭᠢᠳ ᠬᠢᠯᠢᠩ ᠶᠡᠬᠡᠲᠦ ᠡᠵᠡᠨ ᠴᠢᠮ᠎ᠠ ᠳ᠋ᠤᠷ
ᠭᠬᠢᠷᠢ ᠦᠭᠡᠢ ᠭᠡᠷᠡᠯᠲᠦ ᠭᠬᠢᠷᠲᠦᠯ ᠦᠭᠡᠢ ᠬᠡᠦᠬᠡᠨ ᠳᠡᠭᠦᠦ ᠪᠠᠢᠨᠠᠮ ᠬᠡᠮᠡᠮᠦ ᠃
ᠲᠡᠭᠷᠢᠯᠢᠭ ᠶᠠᠰᠤᠲᠤ ᠪᠣᠷᠵᠢᠭᠢᠳ ᠲᠡᠩᠴᠡᠰᠢ ᠦᠭᠡᠢ ᠡᠵᠡᠨ ᠴᠢᠮ᠎ᠠ ᠳ᠋ᠤᠷ
ᠲᠡᠭᠦᠰ ᠡᠷᠳᠡᠮ ᠪᠦᠷᠢᠳᠦᠭᠰᠡᠨ ᠲᠡᠭᠷᠢ ᠮᠡᠲᠦ ᠬᠡᠦᠬᠡᠨ ᠳᠡᠭᠦᠦ ᠪᠠᠢᠨᠠᠮ ᠬᠡᠮᠡᠯᠦᠭᠡ ᠃
ᠢᠯᠭᠦᠨ᠎ᠡ ᠶ᠋ᠢᠨ ᠨᠤᠲᠤᠭ ᠤ᠋ᠨ ᠪᠤᠲ᠋ᠤ ᠶᠢᠰᠦᠨ ᠮᠣᠷᠢ ᠪᠠᠨ ᠪᠠᠷᠢᠵᠤ ᠢᠷᠡᠨ
ᠢᠲᠡᠭᠡᠯᠲᠦ ᠵᠠᠬᠢᠶ᠎ᠠ ᠶ᠋ᠢ ᠭᠤᠶᠤᠨᠠᠮ ᠂ ᠢᠯᠪᠢᠨ ᠬᠠᠢᠷᠠᠯᠠᠵᠤ ᠰᠣᠶᠣᠷᠬ᠎ᠠ !
ᠬᠡᠮᠡᠬᠦᠶ᠎ᠡ ᠲᠠᠢᠽᠦ ᠪᠠᠬᠠᠨ ᠮᠦᠰᠢᠶᠡᠵᠦ ᠡᠢᠨ ᠭᠡᠮᠡᠨ ᠵᠠᠬᠢᠷᠤᠨ ᠄
ᠬᠥᠪᠡᠭᠦᠨ ᠬᠥᠮᠦᠵᠢᠪᠡᠰᠦ ᠪᠡᠷᠢ ᠠᠪᠬᠤ ᠥᠬᠢᠨ ᠦᠰᠪᠡᠰᠦ
ᠬᠦᠷᠭᠡᠨ ᠳ᠋ᠦ᠍ᠷ ᠥᠭᠬᠦ ᠢᠨᠦ ᠡᠷᠲᠡᠨ ᠦ᠌ ᠬᠠᠳ ᠤ᠋ᠨ ᠬᠠᠤᠯᠢ ᠪᠤᠶᠤ
ᠬᠥᠮᠦᠨ ᠲᠥᠷᠥᠪᠡᠰᠦ ᠴᠢᠷᠮᠠᠢᠨ ᠶᠠᠪᠤᠬᠤ
ᠬᠡᠦᠬᠡᠨ ᠪᠣᠯᠪᠠᠴᠤ ᠳᠡᠭᠡᠭᠰᠢᠳᠡ ᠵᠢᠳᠬᠦᠬᠦ ᠢᠨᠤ ᠡᠷ᠎ᠡ ᠶ᠋ᠢᠨ ᠳᠦᠷᠰᠦᠲᠡᠨ ᠦ᠌ ᠶᠣᠰᠣ ᠪᠤᠶᠤ ᠂
ᠬᠥᠮᠦᠵᠢᠯᠳᠦ ᠤᠯᠤᠰ ᠬᠦᠰᠡᠵᠦ ᠡᠷᠢᠨ ᠢᠷᠡᠭᠡᠳ
ᠬᠥᠭᠰᠢᠳ ᠢ᠋ᠶ᠋ᠡᠷ ᠡᠢᠨ ᠬᠦ᠌ ᠮᠡᠳᠡᠭᠦᠯᠦᠭᠦᠯᠦᠨ ᠭᠣᠶᠣᠬᠤᠢ ᠳ᠋ᠤᠷ
ᠬᠥᠰᠢᠭᠦᠷᠯᠡᠨ ᠮᠤᠰᠬᠢᠬᠤ ᠪᠠᠷ ᠶᠠᠭᠤᠨ ᠪᠣᠯᠤᠨᠠᠮ ᠊ᠶ᠎ᠠ ᠃
ᠬᠦᠷᠭᠡᠨ ᠪᠣᠯᠤᠭᠴᠢᠳ ᠠᠨᠤ ᠬᠠᠮᠢᠭ᠎ᠠ ᠪᠣᠢ ?
ᠬᠡᠮᠡᠭᠰᠡᠨ ᠳ᠋ᠦ᠍ᠷ ᠵᠠᠷᠴᠢᠭᠤᠲᠠᠢ ᠂ ᠶᠠᠪᠤᠴᠢᠲᠠᠢ ᠬᠣᠶᠠᠭᠤᠯᠠ ᠶᠠᠭᠠᠷᠠᠨ ᠭᠠᠷᠴᠤ ᠢᠷᠡᠨ ᠂ ᠬᠦᠷᠭᠡᠨ ᠪᠣᠯᠤᠭᠴᠢ ᠪᠤᠲ᠋ᠤ ᠶ᠋ᠢ ᠳᠠᠭᠠᠭᠤᠯᠤᠨ ᠣᠷᠣᠵᠤ ᠢᠷᠡᠭᠡᠳ ᠲᠠᠢᠽᠦ ᠶ᠋ᠢᠨ ᠡᠮᠦᠨ᠎ᠡ ᠣᠢᠷ᠎ᠠ ᠰᠥᠭᠥᠳᠬᠡᠭᠰᠡᠨ ᠳ᠋ᠦ᠍ᠷ ᠂ ᠲᠠᠢᠽᠦ ᠦᠵᠡᠭᠡᠳ ᠪᠡᠶᠡᠰᠴᠦ ᠵᠠᠬᠢᠷᠤᠨ ᠄
ᠠᠯᠲᠠᠨ ᠤᠯᠤᠰ ᠢ᠋ ᠠᠶᠤᠲᠠᠯ᠎ᠠ ᠠᠯᠢᠪᠠ ᠪᠦᠬᠦᠨ ᠢ᠋ ᠪᠠᠶᠠᠷᠯᠠᠲᠠᠯᠠ
ᠠᠵᠢᠭ ᠥᠭᠡᠶ᠎ᠡ ᠣᠷᠣᠵᠤ ᠠᠯᠲᠠᠨ ᠳᠤᠭᠤᠯᠠᠭ᠎ᠠ ᠶ᠋ᠢ ᠤᠨᠤᠭᠰᠠᠨ ᠂
ᠠᠰᠤᠷᠤ ᠮᠡᠷᠭᠡᠨ ᠬᠠᠷᠪᠣᠯᠭᠠᠲᠤ ᠠᠳᠠᠪᠠᠰᠢ ᠰᠠᠢᠨ ᠣᠨᠣᠴᠢᠲᠤ
ᠠᠷᠢᠭᠤᠨ ᠰᠠᠢᠬᠠᠨ ᠲᠥᠷᠥᠭᠰᠡᠨ ᠠᠮᠤᠷᠯᠢᠩᠭᠤᠢ ᠴᠢ ᠠᠵᠤᠭᠤ ᠬᠡᠮᠡᠭᠡᠳ
ᠪᠤᠭᠤᠷᠵᠢ ᠪᠤᠭᠤᠷᠤᠯ ᠬᠣᠶᠠᠭᠤᠯᠠ ᠳ᠋ᠤᠷ ᠪᠣᠱᠣᠭ ᠵᠠᠬᠢᠶ᠎ᠠ ᠪᠠᠭᠤᠯᠭᠠᠵᠤ
ᠪᠤᠯᠲᠤ ᠤᠯᠤᠰ ᠢ᠋ ᠬᠤᠷᠢᠶᠠᠵᠤ ᠪᠣᠯᠬᠤ ᠡᠰᠡᠬᠦ ᠶ᠋ᠢ ᠵᠥᠪᠯᠡᠭᠡᠳ
ᠪᠤᠴᠠᠯ ᠥᠭᠡᠶ᠎ᠡ ᠲᠣᠭᠲᠠᠵᠤ ᠪᠣᠯᠢᠯ ᠦᠭᠡᠢ ᠮᠡᠳᠡᠭᠦᠯ
ᠪᠣᠱᠣᠭᠲᠤ ᠥᠵᠢᠨ ᠳ᠋ᠦ᠍ᠷ ᠮᠡᠳᠡᠭᠦᠯᠵᠦ ᠪᠤᠶᠠᠨᠲᠤ ᠦᠢᠯᠡ ᠶ᠋ᠢ ᠪᠦᠲᠦᠭᠡᠶ᠎ᠡ ᠂
ᠪᠤᠭᠤᠷᠵᠢ ᠂ ᠪᠤᠭᠤᠷᠤᠯ ᠵᠧ ᠭᠡᠵᠦ ᠪᠤᠰᠤᠳ ᠥᠪᠡᠷ ᠢ᠋ ᠬᠣᠷᠢᠶᠠᠨ
ᠪᠣᠯᠪᠠᠰᠤᠨ ᠪᠣᠯᠲᠠᠯ᠎ᠠ ᠵᠥᠪᠳᠡᠭᠡᠳ ᠪᠤᠷᠬᠠᠨ ᠭᠠᠯᠳᠤᠨ᠎ᠠ ᠶ᠋ᠢᠨ ᠲᠠᠯ᠎ᠠ ᠳ᠋ᠤᠷ
ᠪᠣᠳᠠᠲᠤ ᠬᠤᠷᠢᠮ ᠪᠡᠯᠡᠳᠬᠡᠨ ᠪᠣᠷᠣ ᠰᠠᠷᠬᠤᠳ ᠪᠠᠷᠢᠵᠤ ᠂
ᠪᠣᠭᠰᠢᠵᠤ ᠡᠢᠨ ᠮᠡᠳᠡᠭᠦᠯᠦᠷᠦᠨ ᠄
ᠬᠠᠨ ᠬᠤᠷᠮᠤᠰᠲᠠ ᠠ᠋ᠴᠠ ᠵᠠᠶᠠᠭ᠎ᠠ ᠲᠠᠢ ᠮᠡᠨᠳᠦᠯᠡᠭᠰᠡᠨ
ᠬᠠᠰ ᠬᠠᠳᠠ ᠮᠡᠲᠦ ᠡᠵᠡᠨ ᠴᠢᠨᠦ ᠂
ᠬᠠᠢᠷ᠎ᠠ ᠶᠡᠬᠡᠲᠦ ᠬᠡᠦᠬᠡᠨ ᠳᠡᠭᠦᠦ ᠶᠦ᠍ᠭᠡᠨ
ᠬᠠᠷᠠᠰᠢ ᠦᠭᠡᠢ ᠲᠤᠨᠤᠮᠠᠯ ᠲᠠᠵᠢ ᠠᠪᠠᠬᠠᠢ ᠶ᠋ᠢ ᠪᠢᠳᠡ ᠃
ᠬᠠᠰᠢᠶ᠎ᠠ ᠲᠥᠰᠢᠶ᠎ᠡ ᠢᠵᠢᠯᠵᠢ ᠠᠢᠮᠠᠭ ᠤ᠋ᠨ ᠡᠵᠡᠨ
ᠬᠠᠷᠪᠤᠯᠭ᠎ᠠ ᠰᠠᠢᠲᠤ ᠢᠯᠭᠦᠨ᠎ᠡ ᠶ᠋ᠢᠨ ᠨᠤᠲᠤᠭ ᠤ᠋ᠨ ᠪᠣᠲ᠋ᠤ ᠳ᠋ᠤᠷ
ᠬᠠᠢᠷᠠᠯᠠᠯ ᠥᠭᠡᠶ᠎ᠡ ᠬᠣᠯᠪᠣᠵᠤ ᠪᠣᠯᠬᠤ ᠪᠠᠢᠨᠠᠮ
ᠬᠠᠮᠤᠭ ᠤᠯᠤᠰ ᠪᠦᠷᠢᠨ᠎ᠡ ᠳᠤᠷᠠᠲᠠᠢ ᠪᠠᠶᠠᠷᠯᠠᠮᠤᠢ !
ᠬᠡᠮᠡᠭᠰᠡᠨ ᠳ᠋ᠦ᠍ᠷ ᠲᠠᠢᠽᠦ ᠪᠡᠶᠡᠰᠦᠨ ᠮᠦᠰᠢᠶᠡᠵᠦ ᠂ ᠳᠥᠷᠪᠡᠨ ᠳᠡᠭᠦᠦ ᠪᠡᠨ ᠳᠠᠭᠠᠭᠤᠯᠤᠨ ᠥᠭᠡᠯᠦᠨ ᠥᠵᠢᠨ ᠡᠬᠡ ᠳ᠋ᠦ᠍ᠷ ᠤᠯᠠᠮᠵᠢᠯᠠᠨ ᠮᠡᠳᠡᠭᠦᠯᠵᠦ ᠲᠣᠭᠲᠠᠭᠠᠨ ᠶᠡᠬᠡ ᠴᠠᠴᠠᠷ ᠲᠤᠷ ᠰᠠᠭᠤᠵᠤ ᠵᠠᠬᠢᠷᠤᠨ ᠄
ᠠᠬ᠎ᠠ ᠳᠡᠭᠦᠦ ᠪᠢᠳᠡ ᠲᠠᠪᠤᠭᠤᠯᠠ ᠶ᠋ᠢᠨ ᠳᠣᠲᠣᠷ᠎ᠠ
ᠠᠷᠠᠬᠠᠨ ᠭᠠᠭᠴᠠ ᠡᠨᠡ ᠨᠢᠭᠡᠬᠡᠨ ᠬᠡᠦᠬᠡᠨ ᠳᠡᠭᠦᠦ ᠪᠥᠯᠥᠭᠡ ᠃
ᠠᠭᠠᠯᠢ ᠰᠠᠢᠲᠤ ᠢᠯᠭᠦᠨ᠎ᠡ ᠶ᠋ᠢᠨ ᠪᠣᠲ᠋ᠤ ᠳ᠋ᠤᠷ ᠭᠣᠶᠣᠪᠠᠰᠤ
ᠠᠷᠭᠠᠳᠠᠯ ᠦᠭᠡᠢ ᠠᠮᠠᠨ ᠠᠯᠳᠠᠵᠤ ᠤᠷᠤᠭ ᠪᠣᠯᠤᠨᠠᠮ ᠊ᠶ᠎ᠠ᠃
ᠠᠯᠢᠪᠠ ᠤᠭᠰᠠᠭ᠎ᠠ ᠠᠯᠪᠠᠲᠤ ᠤᠯᠤᠰ ᠲᠤᠷ ᠬᠦᠷᠲᠡᠯ᠎ᠡ
ᠠᠬᠤ ᠪᠦᠭᠦᠳᠡᠭᠡᠷ ᠳᠤᠷᠠᠲᠠᠢ ᠪᠣᠯᠤᠭᠰᠠᠨ ᠤ᠋ ᠲᠤᠯᠠᠳᠠ
ᠠᠯᠲᠠᠨ ᠮᠡᠲᠦ ᠬᠡᠦᠬᠡᠨ ᠳᠡᠭᠦᠦ ᠠᠪᠠᠬᠠᠢ ᠶᠤᠭᠠᠨ
ᠠᠷᠢᠭᠤᠨ ᠲᠥᠷᠥᠭᠰᠡᠨ ᠪᠣᠲ᠋ᠤ ᠳ᠋ᠤᠷ ᠬᠠᠲᠤᠨ ᠪᠣᠯᠭᠠᠨᠠᠮ ᠊ᠶ᠎ᠠ ᠬᠡᠮᠡᠵᠦ ᠂
ᠭᠠᠯ ᠭᠣᠯᠣᠮᠲᠠ ᠳ᠋ᠤᠷ ᠱᠠᠭᠠᠨᠲᠤ ᠣᠷᠬᠢᠨ ᠳᠠᠬᠢᠭᠤᠯᠵᠤ
ᠭᠠᠯᠳᠤᠨ᠎ᠠ ᠠᠭᠤᠯᠠᠨ ᠳ᠋ᠤᠷ ᠰᠠᠴᠤᠯᠢ ᠡᠷᠭᠦᠨ ᠮᠥᠷᠭᠥᠭᠦᠯᠦᠭᠡᠳ
ᠭᠠᠳᠠᠨ᠎ᠠ ᠳᠣᠲᠣᠨ᠎ᠠ ᠠᠬ᠎ᠠ ᠵᠠᠬᠠᠰ ᠲᠤᠷ ᠶᠣᠰᠣᠯᠠᠭᠤᠯᠤᠨ
ᠭᠠᠷ ᠬᠥᠯ ᠦ᠋ᠨ ᠤᠷᠤᠭ ᠰᠠᠳᠤᠨ ᠢ᠋ ᠴᠥᠮ ᠲᠠᠨᠢᠭᠤᠯᠤᠭᠰᠠᠨ ᠬᠣᠢᠨ᠎ᠠ
ᠬᠠᠨᠳᠠᠭᠠᠢ ᠪᠤᠭᠤ ᠶ᠋ᠢᠨ ᠡᠯᠢᠭᠡᠲᠦ ᠨᠤᠮᠤ
ᠭᠠᠯᠪᠢᠩᠭ᠎ᠠ ᠰᠢᠪᠠᠭᠤᠨ ᠤ᠋ ᠥᠳᠥᠲᠦ ᠰᠤᠮᠤ ᠳ᠋ᠤ᠌
ᠭᠠᠢᠬᠠᠯᠲᠠᠢ ᠡᠷᠳᠡᠨᠢᠰ ᠦ᠋ᠨ ᠰᠢᠭᠢᠳᠬᠡᠷᠲᠦ ᠰᠠᠭᠠᠳᠠᠭ ᠢ᠋
ᠭᠠᠷ ᠢ᠋ᠶ᠋ᠠᠷ ᠱᠠᠩᠨᠠᠨ ᠬᠦᠷᠭᠡᠨ ᠪᠣᠲ᠋ᠤ ᠳ᠋ᠤᠷ ᠪᠦᠰᠡᠯᠡᠭᠦᠯᠦᠭᠡᠳ
ᠭᠠᠭᠴᠠ ᠶᠢᠰᠦᠨ ᠦ᠌ ᠪᠡᠯᠡᠭ ᠢ᠋ ᠢᠨᠦ ᠦᠯᠡᠳᠡᠭᠡᠨ ᠲᠣᠭᠲᠠᠭᠠᠭᠠᠳ
ᠭᠠᠪᠰᠢᠭᠠᠢ ᠬᠠᠷᠪᠤᠭᠴᠢ ᠢᠯᠭᠦᠨ᠎ᠡ ᠶ᠋ᠢᠨ ᠪᠣᠲ᠋ᠤ ᠶ᠋ᠢ ᠮᠥᠷᠭᠥᠭᠦᠯᠵᠦ ᠂
ᠭᠠᠳᠠᠰᠤ ᠮᠡᠲᠦ ᠳᠡᠭᠦᠦ ᠬᠦᠷᠭᠡᠨ ᠢ᠋ᠶ᠋ᠡᠨ ᠪᠣᠯᠭᠠᠭᠠᠳ
ᠭᠠᠢᠬᠠᠯᠲᠠᠢ ᠪᠣᠳᠣᠯᠭᠠᠲᠤ ᠬᠡᠮᠡᠬᠦ ᠴᠣᠯᠠ ᠥᠭᠴᠦ ᠬᠠᠢᠷᠠᠯᠠᠨ ᠂
ᠭᠠᠢᠬᠠᠮᠰᠢᠭᠲᠤ ᠰᠠᠢᠬᠠᠨ ᠮᠠᠩᠨᠤᠭ ᠳᠡᠪᠡᠯ ᠡᠮᠦᠰᠬᠡᠨ
ᠭᠠᠷᠤᠳᠢ ᠶ᠋ᠢᠨ ᠡᠮᠡᠭᠡᠯᠲᠦ ᠨᠡᠷᠡᠲᠡᠢ ᠮᠣᠷᠢ ᠤᠨᠤᠭᠤᠯᠵᠤ ᠂
ᠭᠠᠵᠠᠷ ᠳᠡᠯᠡᠬᠡᠢ ᠮᠡᠲᠦ ᠶᠡᠬᠡ ᠬᠤᠷᠢᠮ ᠬᠤᠷᠢᠮᠯᠠᠵᠤ
ᠭᠠᠳᠠᠭᠰᠠᠨ ᠠᠳᠠᠯᠢ ᠰᠤᠮᠤᠨ ᠤ᠋ ᠪᠡᠯᠡᠭ ᠢ᠋ ᠲᠠᠯᠪᠢᠨ ᠲᠣᠭᠲᠠᠵᠤ ᠂
ᠠᠨᠳᠠ ᠬᠣᠲᠠ ᠪᠣᠯᠤᠭᠰᠠᠨ ᠵᠠᠷᠴᠢᠭᠤᠲᠠᠢ ᠶᠠᠪᠤᠴᠢᠲᠠᠢ ᠪᠠᠷ
ᠠᠪᠴᠤ ᠥᠭᠬᠦ ᠪᠣᠭᠲᠣᠯᠠᠬᠤ ᠶ᠋ᠢᠨ ᠪᠡᠯᠡᠭ ᠢ᠋ ᠬᠡᠯᠡᠯᠴᠡᠬᠦᠶ᠎ᠡ ᠂
ᠠᠳᠤᠭᠤ ᠮᠠᠯ ᠬᠡᠳᠦᠨ ᠭᠣᠣᠯ ᠳᠦᠭᠦᠷᠡᠩ ᠣᠷᠣᠬᠤ ᠶ᠋ᠢ
ᠠᠶᠤᠮᠰᠢᠭ ᠦᠭᠡᠢ ᠡᠷᠲᠡᠬᠡᠨ ᠵᠠᠬᠢᠶᠠᠯᠠᠨ ᠪᠡᠯᠡᠳᠬᠡᠰᠦᠭᠡᠢ ᠬᠡᠮᠡᠬᠦᠢ ᠳ᠋ᠦ᠍ᠷ
ᠲᠠᠢᠽᠦ ᠮᠦᠰᠢᠶᠡᠵᠦ ᠵᠠᠬᠢᠷᠤᠨ ᠄
ᠠᠯᠲᠠᠨ ᠬᠣᠭᠣᠯᠠᠪᠴᠢᠳᠤ ᠬᠡᠦᠬᠡᠨ ᠳᠡᠭᠦᠦ ᠳ᠋ᠦ᠍ᠷ ᠮᠢᠨᠦ ᠬᠣᠯᠪᠣᠵᠤ
ᠠᠮᠠᠷᠠᠭ ᠢᠨᠠᠭ ᠤᠷᠤᠭ ᠰᠠᠳᠤᠨ ᠪᠣᠯᠤᠭᠰᠠᠨ ᠤ᠋ ᠲᠤᠯᠠᠳᠠ
ᠠᠯᠢᠪᠠ ᠦᠢᠯᠡᠰ ᠲᠣᠷ ᠵᠣᠪᠠᠯᠠᠩ ᠵᠢᠷᠭᠠᠯᠠᠩ ᠢ᠋ ᠬᠠᠮᠲᠤᠳᠬᠠᠵᠤ
ᠠᠰᠢᠳᠠ ᠬᠠᠮᠲᠤ ᠶᠡᠬᠡ ᠲᠥᠷᠥ ᠳ᠋ᠦ᠍ᠷ ᠮᠢᠨᠦ ᠵᠢᠳᠬᠦᠵᠦ
ᠠᠯᠲᠠᠨ ᠳᠡᠯᠡᠬᠡᠢ ᠳᠡᠭᠡᠷᠡᠬᠢ ᠶ᠋ᠢ ᠨᠡᠢᠭᠡᠮᠯᠡᠨ ᠬᠤᠷᠢᠶᠠᠪᠠᠰᠤ ᠪᠠᠷᠠᠪᠠ ᠃
ᠠᠳᠠᠪᠠᠰᠢ ᠲᠡᠳᠦᠢᠴᠢᠨᠡᠭᠡᠨ ᠵᠤᠵᠠᠭᠠᠨ ᠪᠡᠯᠡᠭ ᠢ᠋ᠶ᠋ᠡᠷ ᠶᠠᠭᠤ ᠬᠢᠬᠦ ?
ᠠᠷᠠᠢ ᠶᠢᠰᠦ ᠶᠢᠰᠦᠨ ᠦ᠌ ᠶᠣᠰᠣᠨ ᠳ᠋ᠤᠷ ᠲᠣᠬᠣᠷᠪᠠᠰᠤ ᠪᠠᠷᠠᠪᠠ ᠃
ᠠᠬᠤᠢ ᠶᠡᠬᠡ ᠡᠳ᠋ ᠮᠠᠯ ᠢ᠋ ᠰᠦᠢᠳᠬᠡᠬᠦ ᠬᠡᠷᠡᠭ ᠦᠭᠡᠢ !
ᠬᠡᠮᠡᠵᠦ ᠬᠤᠷᠢᠮ ᠲᠡᠭᠦᠰᠴᠦ ᠤᠷᠤᠭ ᠮᠣᠷᠳᠠᠪᠠ ᠂ ᠡᠨᠡ ᠮᠡᠳᠡᠭᠡ ᠶ᠋ᠢ ᠳᠥᠷᠪᠡᠨ ᠵᠦᠭ ᠲᠦ᠍ᠷ ᠮᠢᠩᠭᠠᠨ ᠭᠠᠵᠠᠷ ᠰᠣᠨᠣᠰᠴᠤ ᠠᠯᠲᠠᠨ ᠤᠯᠤᠰ ᠠ᠋ᠴᠠ ᠪᠧᠲ᠋ᠠ᠋ ᠤᠯᠤᠰ ᠤ᠋ᠨ ᠡᠵᠡᠨ ᠳ᠋ᠦ᠍ᠷ ᠠᠯᠪᠠ ᠬᠦᠷᠭᠡᠵᠦ ᠢᠷᠡᠪᠡ ᠃ ᠲᠡᠷᠡ ᠪᠠᠰᠠ ᠢᠵᠢᠯᠵᠢ ᠠᠢᠮᠠᠭ ᠢ᠋ ᠤᠷᠤᠭ ᠤ᠋ᠨ ᠨᠠᠢᠷ ᠢ᠋ᠶ᠋ᠠᠷ ᠣᠷᠣᠭᠤᠯᠵᠤ ᠠᠪᠤᠪᠠ ᠭᠡᠮᠡᠨ ᠲᠦᠷᠭᠢᠯᠦᠨ ᠬᠡᠯᠡᠯᠴᠡᠮᠦᠢ ᠃ ᠡᠨᠡ ᠵᠠᠪᠰᠠᠷ ᠲᠤᠷ ᠤᠷᠢᠶᠠᠩᠬᠠᠨ ᠤ᠋ ᠵᠡᠯᠮ᠎ᠡ ᠂ ᠰᠠᠢᠬᠠᠨ ᠰᠤᠷᠲᠠᠯᠲᠤ ᠂ ᠣᠶᠤᠨ ᠭᠤᠸ᠎ᠠ ᠂ ᠣᠶᠤᠲᠤ ᠰᠡᠴᠡᠨ ᠳᠥᠷᠪᠡᠭᠦᠯᠡ ᠰᠠᠢᠬᠠᠨ ᠰᠤᠷᠲᠠᠯᠲᠤ ᠶ᠋ᠢᠨ ᠡᠴᠢᠭᠡ ᠴᠣᠴᠣᠯᠢ ᠶ᠋ᠢᠨ ᠪᠢᠴᠢᠭᠰᠡᠨ ᠬᠠᠷᠢᠭᠤ ᠪᠢᠴᠢᠭ ᠢ᠋ ᠠᠪᠴᠤ ᠠᠯᠲᠠᠨ ᠤᠯᠤᠰ ᠲᠤᠷ ᠲᠠᠪᠤᠨ ᠵᠠᠭᠤᠨ ᠰᠠᠢᠨ ᠮᠣᠷᠢ ᠂ ᠲᠠᠪᠤᠨ ᠵᠠᠭᠤᠨ ᠰᠠᠢᠨ ᠵᠡᠪᠰᠡᠭ ᠬᠦᠷᠭᠡᠨ ᠡᠴᠢᠭᠡᠳ ᠪᠢᠴᠢᠭ ᠢ᠋ ᠡᠷᠭᠦᠭᠰᠡᠨ ᠳ᠋ᠦ᠍ᠷ ᠠᠯᠲᠠᠨ ᠤᠯᠤᠰ ᠤ᠋ᠨ ᠱᠢᠽᠦ᠋ᠩ ᠬᠠᠭᠠᠨ ᠸᠠᠨ ᠶᠠᠨ ᠶᠦᠩ ᠬᠣᠢᠲᠤ ᠶ᠋ᠢᠨ ᠡᠯᠴᠢ ᠶ᠋ᠢ ᠬᠦᠨᠳᠦᠯᠡᠨ ᠡᠭᠡᠭᠦᠯᠵᠦ ᠮᠥᠨ ᠪᠢᠴᠢᠭ ᠢ᠋ᠶ᠋ᠡᠷ ᠸᠧᠢ ᠸᠠᠩ ᠶᠦᠩ ᠵᠢᠢ ᠶ᠋ᠢ ᠡᠵᠡᠨ ᠢ᠋ ᠮᠡᠬᠡᠯᠡᠵᠦ ᠡᠳᠦᠷ ᠢ᠋ ᠥᠩᠭᠡᠷᠡᠭᠡᠪᠡ ᠬᠡᠮᠡᠵᠦ ᠶᠠᠯ᠎ᠠ ᠬᠡᠯᠡᠯᠴᠡᠭᠦᠯᠵᠦ ᠬᠦᠨᠳᠦᠳᠡ ᠲᠣᠷᠭᠠᠪᠠ ᠃ ᠸᠧᠢ ᠸᠠᠩ ᠶᠦᠩ ᠵᠢᠢ ᠬᠣᠶᠠᠷ ᠳᠠᠰᠢ ᠴᠥᠮ ᠬᠣᠷᠣᠰᠤᠯ ᠢ᠋ ᠡᠪᠦᠷᠯᠡᠪᠡ ᠂ ᠵᠣᠣ ᠲᠤᠤ ᠱᠢ ᠶ᠋ᠢᠨ ᠲᠠᠮᠠᠭ᠎ᠠ ᠶ᠋ᠢ ᠲᠡᠭᠦᠨ ᠦ᠌ ᠭᠡᠷ ᠡᠴᠡ ᠨᠡᠩᠵᠢᠨ ᠭᠠᠷᠭᠠᠪᠠ ᠃
ᠲᠠᠲᠠᠴᠠ ᠬᠣᠢᠲᠤ ᠶ᠋ᠢᠨ ᠡᠯᠴᠢ ᠵᠡᠯᠮ᠎ᠡ ᠲᠠᠨ ᠤᠯᠤᠰ ᠲᠤᠷ ᠢ᠋ᠶ᠋ᠠᠨ ᠢᠷᠠᠪᠠᠰᠤ ᠂ ᠤᠯᠤᠰ ᠤ᠋ᠨ ᠳᠣᠲᠣᠷ᠎ᠠ ᠶᠡᠬᠡᠯ᠎ᠡ ᠦᠢᠮᠡᠯᠳᠦᠮᠦᠢ ᠂ ᠡᠰᠡ ᠠᠯᠵᠢᠶᠠᠪᠠᠰᠤ ᠳᠣᠣᠷ᠎ᠠ ᠦᠵᠡᠭᠳᠡᠬᠦᠢ ᠃
ᠴᠣᠬᠣᠯᠠᠭᠰᠠᠨ ᠠᠨᠤ
ᠡᠨᠡ ᠪᠦᠯᠦᠭ ᠲᠣᠷ ᠰᠠᠶᠢ ᠲᠠᠢᠽᠦ ᠶ᠋ᠢᠨ ᠦᠨᠡᠬᠡᠷ ᠲᠩᠷᠢ ᠶ᠋ᠢᠨ ᠲᠥᠷᠥᠯᠬᠢ ᠪᠣᠭᠳᠠ ᠬᠥᠮᠦᠨ ᠢᠨᠤ ᠲᠣᠳᠣᠷᠬᠠᠢ ᠢᠯᠡᠷᠡᠨ ᠭᠠᠷᠴᠤ ᠢᠷᠡᠪᠡ᠃ ᠠᠯᠢ ᠭᠠᠵᠠᠷ ᠲᠤᠷ ᠢᠯᠡᠷᠡᠪᠡ ᠬᠡᠮᠡᠪᠡᠰᠦ᠄ ᠲᠣᠳᠣᠷᠬᠠᠢ ᠢᠯᠡᠷᠡᠭᠰᠡᠨ ᠭᠤᠷᠪᠠᠨ ᠵᠦᠢᠯ ᠪᠣᠢ᠂ ᠠᠯᠢ ᠭᠤᠷᠪᠠᠨ ᠵᠦᠢᠯ ᠬᠡᠮᠡᠪᠡᠰᠦ᠄ ᠲᠡᠷᠢᠭᠦᠨ ᠳ᠋ᠦ᠍ᠷ ᠸᠧᠢ ᠸᠠᠩ ᠶᠦᠩ ᠵᠢᠢ ᠶ᠋ᠢᠨ ᠬᠣᠢᠴᠢ ᠡᠳᠦᠷ ᠦ᠋ᠨ ᠬᠣ ᠬᠠᠨ ᠬᠣ ᠳ᠋ᠤᠷ ᠠᠯᠠᠭᠳᠠᠬᠤ ᠶ᠋ᠢ ᠤᠭᠲᠤᠨ ᠤᠬᠠᠵᠤ ᠠᠢᠯᠠᠳᠪᠠ᠃ ᠬᠣᠶᠠᠷ ᠲᠤᠷ ᠭᠤᠷᠪᠠᠳᠤᠭᠠᠷ ᠬᠥᠪᠡᠭᠦᠨ ᠥᠭᠡᠳᠡᠢ ᠶ᠋ᠢᠨ ᠳᠥᠴᠢᠨ ᠶᠢᠰᠦᠨ ᠣᠨ ᠳ᠋ᠤᠷ ᠠᠯᠲᠠᠨ ᠤᠯᠤᠰ ᠢ᠋ ᠮᠥᠬᠥᠭᠡᠬᠦ ᠶ᠋ᠢ ᠳᠣᠳᠣᠷᠬᠠᠶ᠎ᠠ ᠠᠢᠯᠠᠳᠪᠠ᠃ ᠭᠤᠷᠪᠠᠳᠤᠭᠠᠷ ᠲᠤᠷ ᠢᠯᠭᠦᠨ᠎ᠡ ᠶ᠋ᠢᠨ ᠪᠣᠲ᠋ᠤ ᠶ᠋ᠢᠨ ᠤᠯᠤᠰ ᠨᠡᠭᠡᠭᠡᠬᠦ ᠶᠡᠬᠡ ᠵᠠᠩᠵᠤᠨ᠂ ᠤᠷᠤᠭ ᠤ᠋ᠨ ᠲᠦᠰᠢᠮᠡᠯ ᠪᠣᠯᠬᠤ ᠶ᠋ᠢ ᠨᠢᠭᠡᠨᠲᠡ ᠦᠵᠡᠮᠡᠭᠴᠡ ᠨᠡᠪᠲᠡ ᠲᠣᠯᠢᠳᠠᠵᠤ ᠭᠠᠷᠭᠠᠪᠠ᠃ ᠡᠭᠦᠨ ᠳ᠋ᠦ᠍ᠷ ᠰᠠᠶᠢ ᠡᠷᠲᠡᠨ ᠦ᠌ ᠵᠧᠦ ᠤᠯᠤᠰ ᠤ᠋ᠨ ᠸᠸᠨ ᠸᠠᠩ ᠪᠣᠭᠳᠠ ᠮᠥᠨ ᠥᠪᠡᠷ ᠦ᠋ᠨ ᠳᠣᠯᠣᠭᠠᠨ ᠵᠢᠯ ᠢᠦ ᠯᠢ ᠬᠣᠲᠠ ᠳ᠋ᠤᠷ ᠬᠣᠷᠢᠭᠳᠠᠬᠤ ᠵᠣᠪᠠᠯᠠᠩ ᠪᠠ ᠵᠢᠴᠢ ᠬᠠᠭᠤᠴᠢᠨ ᠬᠡᠭᠦᠷ ᠡᠴᠡ ᠭᠠᠷᠤᠭᠰᠠᠨ ᠠᠶᠤᠩᠭ᠎ᠠ ᠶ᠋ᠢᠨ ᠳᠠᠭᠤᠨ ᠠ᠋ᠴᠠ ᠣᠯᠤᠭᠰᠠᠨ ᠬᠥᠪᠡᠭᠦᠨ ᠯᠧᠢ ᠵᠸᠨ ᠽᠢ ᠶ᠋ᠢᠨ ᠬᠣᠢᠴᠢ ᠡᠳᠦᠷ ᠪᠠᠰᠠ ᠨᠢᠭᠡᠨ ᠤᠯᠤᠰ ᠨᠡᠭᠡᠭᠡᠬᠦ ᠵᠠᠩᠵᠤᠨ ᠪᠣᠯᠬᠤ ᠶ᠋ᠢ ᠮᠡᠳᠡᠭᠰᠡᠨ ᠬᠢᠭᠡᠳ ᠪᠠᠰᠠ ᠱᠠᠩ ᠤᠯᠤᠰ ᠤ᠋ᠨ ᠵᠧᠦ ᠬᠠᠭᠠᠨ ᠱᠸᠤ ᠰᠢᠨ ᠦ᠌ ᠬᠣᠷᠢᠨ ᠣᠨ ᠤ᠋ ᠳᠣᠲᠣᠷ᠎ᠠ ᠪᠡᠶ᠎ᠡ ᠪᠡᠨ ᠭᠠᠯ ᠢ᠋ᠶ᠋ᠠᠷ ᠰᠢᠲᠠᠭᠠᠨ ᠦᠬᠦᠬᠦ ᠶ᠋ᠢ ᠵᠢᠭᠠᠨ ᠭᠠᠷᠭᠠᠭᠰᠠᠨ ᠡᠨᠡ ᠭᠤᠷᠪᠠᠨ ᠵᠦᠢᠯ ᠯᠦᠭᠡ ᠠᠳᠠᠯᠢ ᠪᠣᠯᠤᠭᠰᠠᠨ ᠳ᠋ᠤᠷ ᠰᠠᠶᠢ ᠮᠠᠭᠠᠳ ᠪᠣᠭᠳᠠ ᠬᠥᠮᠦᠨ ᠦ᠌ ᠲᠥᠷᠥᠯᠬᠢ ᠳᠠᠭᠠᠵᠤ ᠲᠥᠷᠥᠬᠦ ᠭᠠᠢᠬᠠᠮᠰᠢᠭᠲᠤ ᠮᠠᠲᠠᠯ ᠬᠡᠮᠡᠭᠴᠢ ᠢᠨᠤ ᠡᠨᠡ ᠮᠡᠲᠦ ᠠᠵᠤᠭᠤ ᠭᠡᠮᠡᠨ ᠭᠠᠢᠬᠠᠵᠤ ᠲᠡᠷᠢᠭᠦᠨ ᠳᠣᠬᠢᠪᠠ᠃ ᠪᠠᠰᠠ ᠸᠸᠨ ᠸᠠᠩ ᠵᠢᠢ ᠴᠠᠩ ᠤ᠋ᠨ ᠲᠥᠷᠥᠭᠰᠡᠨ ᠬᠥᠪᠡᠭᠦᠨ ᠡᠦ ᠸᠠᠩ ᠶ᠋ᠢᠢ ᠹᠠ ᠶ᠋ᠢᠨ ᠳᠡᠭᠦᠦ ᠵᠧᠦ ᠬᠦᠩ᠂ ᠵᠢᠢ ᠳ᠋ᠠᠨ ᠢ᠋ ᠯᠦ᠍ ᠬᠡᠮᠡᠬᠦ ᠤᠯᠤᠰ ᠲᠤᠷ ᠡᠷᠭᠦᠮᠵᠢᠯᠡᠪᠡ᠃ ᠲᠡᠷᠡ ᠯᠦ᠍ ᠤᠯᠤᠰ ᠤ᠋ᠨ ᠭᠠᠵᠠᠷ ᠡᠳᠦᠭᠡᠬᠢ ᠶ᠋ᠢᠨ ᠱᠠᠨᠳᠦ᠋ᠩ ᠮᠣᠵᠢ ᠶ᠋ᠢᠨ ᠶᠠᠨ ᠵᠧᠦ ᠹᠦ ᠶ᠋ᠢᠨ ᠬᠠᠷᠢᠶᠠᠲᠤ ᠭᠠᠵᠠᠷ ᠪᠥᠯᠥᠭᠡ᠃ ᠪᠠᠰᠠ ᠵᠧᠦ ᠤᠯᠤᠰ ᠤ᠋ᠨ ᠲᠤᠯᠭᠤᠷ ᠨᠡᠭᠡᠭᠡᠭᠰᠡᠨ ᠭᠠᠪᠢᠶᠠᠲᠤ ᠵᠢᠶᠠᠩ ᠲᠠᠢ ᠬᠦᠩ᠂ ᠵᠢᠶᠠᠩ ᠱᠠᠩ ᠢ᠋ ᠴᠢ ᠤᠯᠤᠰ ᠲᠤᠷ ᠡᠷᠭᠦᠮᠵᠢᠯᠡᠪᠡ᠃ ᠡᠨᠡ ᠴᠢ ᠤᠯᠤᠰ ᠤ᠋ᠨ ᠭᠠᠵᠠᠷ ᠡᠳᠦᠭᠡᠬᠢ ᠱᠠᠨᠳᠦ᠋ᠩ ᠮᠣᠵᠢ ᠶ᠋ᠢᠨ ᠴᠢᠩ ᠵᠧᠦ ᠹᠦ ᠶ᠋ᠢᠨ ᠭᠠᠵᠠᠷ ᠮᠥᠨ᠃ ᠲᠡᠢᠨ ᠬᠦ᠌ ᠵᠧᠦ ᠬᠦᠩ ᠢ᠋ ᠡᠦ ᠸᠠᠩ ᠳᠡᠷᠭᠡᠳᠡ ᠪᠡᠨ ᠪᠠᠢᠯᠭᠠᠵᠤ᠂ ᠪᠡᠶ᠎ᠡ ᠪᠠᠰᠠ ᠲᠥᠷᠥ ᠳ᠋ᠦ᠍ᠷ ᠠᠯᠪᠠ ᠲᠠᠢ ᠰᠠᠯᠤᠨ ᠴᠢᠳᠠᠬᠤ ᠦᠭᠡᠢ ᠲᠤᠯᠠ ᠵᠧᠦ ᠬᠦᠩ ᠲᠡᠭᠦᠨ ᠦ᠌ ᠬᠥᠪᠡᠭᠦᠨ ᠪᠦᠸᠧ ᠴᠢᠨ ᠢ᠋ ᠰᠤᠷᠭᠠᠵᠤ ᠤᠯᠤᠰ ᠢ᠋ᠶ᠋ᠠᠨ ᠵᠠᠰᠠᠭᠤᠯᠤᠷᠠ ᠢᠯᠡᠭᠡᠪᠡ᠃ ᠲᠠᠢ ᠬᠦᠩ ᠲᠡᠭᠦᠨ ᠦ᠌ ᠬᠥᠪᠡᠭᠦᠨ ᠢ᠋ ᠠᠪᠴᠤ ᠪᠡᠶ᠎ᠡ ᠪᠡᠷ ᠡᠴᠢᠵᠦ ᠴᠢ ᠤᠯᠤᠰ ᠢ᠋ ᠲᠠᠪᠤᠬᠠᠨ ᠰᠠᠷ᠎ᠠ ᠶ᠋ᠢᠨ ᠳᠣᠲᠣᠷ᠎ᠠ ᠵᠠᠰᠠᠵᠤ ᠡᠭᠡᠨ ᠢᠷᠡᠵᠦ ᠤᠯᠤᠰ ᠵᠠᠰᠠᠭᠳᠠᠭᠰᠠᠨ ᠭᠠᠪᠢᠶ᠎ᠠ ᠪᠠᠨ ᠮᠡᠳᠡᠭᠦᠯᠪᠡ᠃ ᠵᠧᠦ ᠬᠦᠩ ᠦ᠋ᠨ ᠬᠥᠪᠡᠭᠦᠨ ᠯᠦ᠍ ᠤᠯᠤᠰ ᠢ᠋ ᠬᠣᠶᠠᠷ ᠣᠨ ᠤᠷᠤᠯᠳᠤᠵᠤ ᠰᠠᠶᠢ ᠵᠠᠰᠠᠨ ᠭᠠᠪᠢᠶ᠎ᠠ ᠶ᠋ᠢ ᠮᠡᠳᠡᠭᠦᠯᠪᠡ᠃ ᠬᠣᠢᠨ᠎ᠠ ᠡᠦ ᠸᠠᠩ ᠭᠡᠨᠡᠳᠲᠡ ᠶᠡᠬᠡᠯ᠎ᠡ ᠴᠢᠯᠡᠭᠡᠷᠬᠡᠭᠰᠡᠨ ᠳ᠋ᠦ᠍ᠷ ᠳᠡᠭᠦᠦ ᠢᠨᠤ ᠵᠧᠦ ᠬᠦᠩ ᠬᠠᠭᠠᠨ ᠤ᠋ ᠲᠥᠯᠥᠭᠡ ᠦᠬᠦᠰᠦᠭᠡᠢ᠂ ᠲᠠᠢᠽᠢ ᠪᠠᠭ᠎ᠠ ᠭᠡᠮᠡᠨ ᠥᠨᠳᠥᠷ ᠮᠠᠨᠳᠠᠯ ᠴᠣᠭᠴᠠᠯᠠᠵᠤ᠂ ᠲᠩᠷᠢ ᠪᠠ ᠳᠡᠭᠡᠳᠦᠰ ᠦ᠋ᠨ ᠶᠡᠬᠡ ᠲᠠᠬᠢᠯ ᠡᠷᠭᠦᠵᠦ᠂ ᠴᠢᠩ ᠦᠨᠡᠨ ᠢ᠋ᠶ᠋ᠡᠷ ᠤᠬᠢᠯᠠᠨ ᠭᠤᠶᠤᠭᠰᠠᠨ ᠳ᠋ᠤᠷ᠂ ᠡᠦ ᠸᠠᠩ ᠦᠨᠡᠬᠡᠷ ᠡᠪᠡᠳᠴᠢᠨ ᠰᠠᠢᠨ ᠪᠣᠯᠤᠭᠰᠠᠨ ᠳ᠋ᠤᠷ ᠨᠠᠢ᠍ᠮᠠᠨ ᠵᠠᠭᠤᠨ ᠮᠣᠵᠢ ᠶ᠋ᠢᠨ ᠪᠡᠢᠰᠡ ᠴᠥᠮ ᠬᠤᠷᠠᠵᠤ᠂ ᠵᠧᠦ ᠬᠦᠩ ᠦ᠋ᠨ ᠭᠠᠪᠢᠶᠠᠲᠤ ᠦᠭᠡᠰ ᠢ᠋ ᠠᠯᠲᠠᠨ ᠬᠣᠷᠭᠣ ᠳ᠋ᠤᠷ ᠬᠣᠷᠢᠶᠠᠨ ᠬᠠᠳᠠᠭᠠᠯᠠᠵᠤ ᠶᠡᠬᠡ ᠬᠤᠷᠢᠮ ᠬᠤᠷᠢᠮᠯᠠᠬᠤᠢ ᠳ᠋ᠤᠷ᠂ ᠵᠧᠦ ᠬᠦᠩ ᠦ᠋ᠨ ᠬᠥᠪᠡᠭᠦᠨ ᠪᠦᠸᠧ ᠴᠢᠨ ᠪᠠᠰᠠ ᠢᠷᠡᠭᠰᠡᠨ ᠲᠤᠯᠠ ᠵᠧᠦ ᠬᠦᠩ᠂ ᠵᠢᠶᠠᠩ ᠲᠠᠢ ᠬᠦᠩ ᠡᠴᠡ ᠠᠰᠠᠭᠤᠷᠤᠨ᠄ 《 ᠬᠦᠩ ᠴᠢ᠂ ᠴᠢ ᠤᠯᠤᠰ ᠢ᠋ ᠵᠠᠰᠠᠬᠤᠢ ᠳ᠋ᠤᠷ ᠶᠠᠭᠠᠬᠢᠨ ᠲᠠᠪᠤᠬᠠᠨ ᠰᠠᠷ᠎ᠠ ᠶ᠋ᠢᠨ ᠳᠣᠲᠣᠷ᠎ᠠ ᠭᠠᠪᠢᠶ᠎ᠠ ᠪᠦᠲᠦᠭᠡᠪᠡ? 》 ᠲᠠᠢ ᠬᠦᠩ ᠥᠴᠢᠷᠦᠨ᠄ 《 ᠪᠢ ᠴᠢ ᠤᠯᠤᠰ ᠢ᠋ ᠵᠠᠰᠠᠬᠤᠢ ᠳ᠋ᠤᠷ ᠶᠠᠩᠵᠤᠯᠠᠬᠤ ᠴᠢᠮᠡᠭᠯᠡᠬᠦ ᠶ᠋ᠢ ᠴᠥᠮ ᠪᠠᠢᠯᠭᠠᠵᠤ ᠬᠥᠮᠦᠨ ᠳ᠋ᠦ᠍ᠷ ᠲᠡᠩᠴᠡᠭᠦᠯᠦᠭᠰᠡᠨ ᠲᠤᠯᠠ ᠵᠠᠭᠤᠨ ᠣᠪᠣᠭᠲᠠᠨ ᠬᠢᠯᠪᠠᠷ ᠢ᠋ᠶ᠋ᠠᠷ ᠲᠦᠷᠭᠡᠨ᠎ᠡ ᠵᠠᠰᠠᠭᠳᠠᠵᠤ ᠭᠠᠪᠢᠶ᠎ᠠ ᠪᠦᠲᠦᠭᠡᠪᠡᠢ᠃ 》 ᠬᠡᠮᠡᠭᠰᠡᠨ ᠳ᠋ᠦ᠍ᠷ ᠵᠧᠦ ᠬᠦᠩ ᠪᠡᠶ᠎ᠡ ᠡᠭᠡᠵᠦ ᠬᠥᠪᠡᠭᠦᠨ ᠪᠦᠸᠧ ᠴᠢᠨ ᠡᠴᠡ ᠠᠰᠠᠭᠤᠷᠤᠨ᠄ 《ᠴᠢ ᠯᠦ᠍ ᠤᠯᠤᠰ ᠢ᠋ ᠵᠠᠰᠠᠬᠤᠢ ᠳ᠋ᠤᠷ ᠶᠠᠭᠤᠨ ᠳ᠋ᠤᠷ ᠬᠣᠶᠠᠷ ᠣᠨ ᠪᠣᠯᠲᠠᠯ᠎ᠠ ᠤᠳᠠᠪᠠ ? 》ᠬᠡᠮᠡᠬᠦᠢ ᠳ᠋ᠦ᠍ᠷ ᠪᠦᠸᠧ ᠴᠢᠨ ᠮᠡᠳᠡᠭᠦᠯᠦᠷᠦᠨ᠄ 《 ᠯᠦ᠍ ᠤᠯᠤᠰ ᠤ᠋ᠨ ᠬᠠᠭᠤᠴᠢᠨ ᠮᠠᠭᠤ ᠵᠠᠰᠠᠭ ᠢ᠋ ᠴᠥᠮ ᠪᠠᠢᠯᠭᠠᠵᠤ ᠂ ᠣᠯᠠᠨ ᠢᠷᠭᠡᠨ ᠢ᠋ ᠭᠤᠷᠪᠠᠨ ᠵᠢᠯ ᠦ᠋ᠨ ᠪᠡᠯᠪᠡᠰᠦᠷᠡᠯ ᠦ᠋ᠨ ᠶᠣᠰᠣᠨ ᠢ᠋ ᠲᠣᠭᠲᠠᠭᠠᠵᠤ ᠳᠠᠭᠠᠭᠤᠯᠤᠨ ᠶᠠᠪᠤᠭᠤᠯᠬᠤᠢ ᠳ᠋ᠤᠷ ᠢᠷᠭᠡᠨ ᠳᠠᠭᠤᠷᠢᠶᠠᠨ ᠶᠠᠪᠤᠬᠤ ᠠᠨᠤ ᠪᠡᠷᠬᠡ ᠲᠤᠯᠠ ᠬᠣᠶᠠᠷ ᠣᠨ ᠪᠣᠯᠪᠠ᠃ 》 ᠬᠡᠮᠡᠭᠰᠡᠨ ᠳ᠋ᠦ᠍ᠷ ᠵᠧᠦ ᠬᠦᠩ ᠲᠣᠯᠣᠭᠠᠢ ᠳᠣᠬᠢᠵᠤ ᠰᠡᠭᠦᠷᠡᠰᠦᠨ ᠠᠯᠳᠠᠵᠤ ᠥᠭᠦᠯᠡᠷᠦᠨ᠄ 《 ᠬᠣᠢᠴᠢ ᠡᠳᠦᠷ ᠴᠢ ᠤᠯᠤᠰ ᠲᠦᠷᠢᠮᠡᠬᠡᠢ ᠪᠣᠯᠤᠭᠠᠳ ᠯᠦ᠍ ᠤᠯᠤᠰ ᠪᠠᠭᠤᠷᠠᠢ ᠪᠣᠯᠤᠮᠤᠢ !》 ᠬᠡᠮᠡᠭᠰᠡᠨ ᠳ᠋ᠦ᠍ᠷ ᠡᠦ ᠸᠠᠩ ᠤᠴᠢᠷ ᠢ᠋ ᠠᠰᠠᠭᠤᠭᠰᠠᠨ ᠳ᠋ᠤᠷ ᠵᠧᠦ ᠬᠦᠩ ᠠᠢᠯᠠᠳᠬᠠᠷᠤᠨ᠄ 《 ᠳᠥᠭᠥᠮ ᠵᠠᠰᠠᠭ ᠬᠡᠮᠡᠭᠴᠢ ᠢᠷᠭᠡᠨ ᠳ᠋ᠦ᠍ᠷ ᠨᠡᠢᠴᠡᠮᠦᠢ᠂ ᠲᠡᠢᠨ ᠬᠦ᠌ ᠪᠠᠲᠤ᠂ ᠲᠦᠪᠡᠭ ᠵᠠᠰᠠᠭ ᠢᠷᠭᠡᠨ ᠳ᠋ᠦ᠍ᠷ ᠪᠡᠷᠬᠡ᠂ ᠲᠡᠢᠨ ᠬᠦ᠌ ᠬᠡᠪᠡᠷᠡᠭ᠂ ᠬᠣᠢᠴᠢ ᠡᠳᠦᠷ ᠯᠦ᠍ ᠤᠯᠤᠰ ᠯᠠᠪ ᠴᠢ ᠤᠯᠤᠰ ᠢ᠋ ᠦᠢᠯᠡᠴᠢᠯᠡᠬᠦ ᠶ᠋ᠢ ᠡᠭᠦᠨ ᠳ᠋ᠦ᠍ᠷ ᠣᠯᠵᠤ ᠮᠡᠳᠡᠪᠡ᠃ 》 ᠬᠣᠢᠨ᠎ᠠ ᠦᠨᠡᠬᠡᠷ ᠲᠡᠢᠮᠦ ᠪᠣᠯᠪᠠ᠂ ᠲᠡᠢᠨ ᠬᠦ᠌ ᠡᠨᠡ ᠪᠣᠭᠳᠠ ᠬᠥᠮᠦᠨ ᠦ᠌ ᠤᠷᠢᠳᠠᠰᠠ ᠤᠭᠲᠤᠨ ᠮᠡᠳᠡᠬᠦ ᠢᠨᠦ ᠡᠷᠲᠡᠨ ᠡᠴᠡ ᠪᠠᠢᠭᠰᠠᠭᠠᠷ ᠲᠤᠯᠠ ᠡᠨᠡ ᠡᠤᠳᠠᠭᠠ ᠲᠠᠢᠽᠦ ᠪᠣᠭᠳᠠ ᠶ᠋ᠢᠨ ᠡᠨᠡ ᠭᠤᠷᠪᠠᠨ ᠵᠦᠢᠯ ᠳ᠋ᠦ᠍ ᠮᠠᠰᠢᠳᠠ ᠨᠡᠢᠴᠡᠪᠡ᠃
