1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠤᠩᠬᠤ 3-03 Мөнх Тунх

ᠮᠥᠩᠬᠡ ᠲᠤᠩᠬᠤ 3-03 Мөнх Тунх

2023-06-17

363

ᠮᠥᠩᠬᠡ ᠲᠤᠩᠬᠤ3-3

ᠺᠷᠡᠮᠡᠸ ᠄ ᠬᠡᠨ ᠨᠢᠭᠡ ᠨᠢ ᠬᠡᠯᠡᠭᠰᠡᠨ ᠪᠣᠯ ?
ᠪᠠᠰᠠᠷ ᠄ ᠬᠥ ᠬᠥ
ᠺᠷᠡᠮᠡᠸ ᠄ ᠡᠨᠳᠡ ᠲᠡᠨᠳᠡ ᠦᠭᠡᠢ ᠲᠣᠭᠯᠠᠭᠠᠮ ᠪᠠᠶ᠋ᠢᠬᠰᠠᠨ ᠂ ᠲᠡᠷᠡ ᠪᠦᠬᠦᠨ ᠢ᠋ᠶ᠋ᠡᠷ ᠲᠣᠭᠯᠠᠵᠤ ᠨᠠᠭᠠᠳᠤᠭᠰᠠᠨ
ᠪᠠᠰᠠᠷ ᠄ ᠬᠥ ᠬᠥ ᠬᠥ
ᠮᠥᠩᠬᠡ ᠄ ᠬᠡᠨ ᠨᠢᠭᠡ ᠨᠢ ᠵᠥᠪᠯᠡᠭᠰᠡᠨ ᠪᠣᠯ
ᠴᠠᠰᠤᠬᠠᠨ ᠄ ᠨᠠ ᠨᠢ
ᠮᠥᠩᠬᠡ ᠄ ᠪᠢᠳᠡ ᠡᠯᠵᠢᠭᠡᠨ ᠴᠢᠬᠢᠲᠡᠢ ᠪᠣᠶ᠋ᠢᠰ ᠪᠣᠯᠬᠤ ᠦᠭᠡᠢ ᠪᠠᠶ᠋ᠢᠯ᠎ᠠ ᠃
ᠴᠠᠰᠤᠬᠠᠨ ᠄ ᠸᠠᠲ
ᠺᠷᠡᠮᠡᠸ ᠄ ᠡᠩ ᠦ᠋ᠨ ᠴᠢᠬᠢᠲᠡᠢ ᠪᠣᠶ᠋ᠢᠰ ᠪᠠᠶ᠋ᠢᠬᠤ ᠪᠠᠶ᠋ᠢᠯ᠎ᠠ ᠃
ᠪᠠᠰᠠᠷ ᠄ ᠧᠦ ᠶᠧ !
ᠳᠠᠭᠤᠤ ᠄ ᠡᠨᠳᠡ ᠲᠡᠨᠳᠡ ᠦᠭᠡᠢ ᠲᠣᠭᠯᠠᠭᠠᠮ ᠪᠠᠶ᠋ᠢᠬᠰᠠᠨ
ᠲᠡᠷᠡ ᠪᠦᠬᠦᠨ ᠢ᠋ᠶ᠋ᠡᠷ ᠲᠣᠭᠯᠠᠵᠤ ᠨᠠᠭᠠᠳᠤᠭᠰᠠᠨ
ᠪᠠᠰᠠᠷ᠄ᠬᠥ ᠬᠥ ᠂ ᠬᠥ ᠬᠥ ᠁
ᠮᠥᠩᠬᠡ᠄ᠬᠡᠵᠢᠶ᠎ᠡ ᠵᠣᠭᠰᠣᠬᠤ ᠶ᠋ᠢ ᠪᠢᠳᠡ ᠮᠡᠳᠡᠭᠡ ᠦᠭᠡᠢ
ᠬᠡᠨ ᠴᠦ᠍ ᠬᠣᠷᠢᠭᠯᠠᠵᠤ ᠬᠡᠯᠡᠭᠡ ᠦᠭᠡᠢ
ᠴᠠᠰᠤᠬᠠᠨ ᠄ ᠥᠩ?
ᠪᠠᠰᠠᠷ ᠄ ᠬᠥ ᠬᠥ ᠬᠥ
ᠺᠷᠡᠮᠡᠸ ᠄ ᠡᠯᠵᠢᠭᠡᠨ ᠴᠢᠬᠢᠲᠡᠢ ᠪᠣᠶ᠋ᠢᠰ ᠂ ᠡᠨᠳᠡ ᠬᠠᠸᠢᠰ
ᠮᠥᠩᠬᠡ ᠄ ᠲᠡᠶ᠋ᠢᠮᠦ ᠠ᠋ ᠂ ᠪᠢᠳᠡ ᠡᠯᠵᠢᠭᠡᠨ ᠴᠢᠬᠢᠲᠡᠢ᠃
ᠴᠠᠰᠤᠬᠠᠨ᠄ᠡᠩ ᠂ ᠵᠠ ᠲᠠ ᠬᠡᠳᠦ ᠮᠢᠨᠢ ᠪᠣᠯᠤᠭᠰᠠᠨ ‍ᠤᠤ ? ᠬᠡᠨ ᠨᠢᠭᠡ ᠨᠢ ᠬᠡᠯᠡᠭᠰᠡᠨ ᠪᠣᠯ ᠭᠡᠨ᠎ᠡ ᠰᠢᠦ᠂ ᠪᠢ ᠵᠥᠩᠳᠡᠭᠡᠨ ᠬᠡᠯᠡᠵᠦ ᠰᠠᠨᠠᠭᠤᠯᠤᠭ᠎ᠠ ᠪᠢᠵᠡ ᠳᠡ᠃
ᠪᠠᠰᠠᠷ ᠄ ᠦ ᠂ ᠶᠠᠷᠢᠭᠠᠳ ᠪᠠᠶ᠋ᠢᠬᠰᠠᠨ ᠶᠤᠮ ‍ᠤᠤ ? ᠪᠢ ᠪᠣᠯᠬᠣᠷ ᠪᠠᠶ᠋ᠢᠪ ᠪᠠᠶ᠋ᠢᠪ᠁ ᠪᠠᠢ᠂ ᠪᠠᠶ᠋ᠢᠪ ᠪᠠᠶ᠋ᠢᠪ᠁ ᠪᠠᠢ ᠭᠡᠳ ᠪᠠᠶ᠋ᠢᠬ᠋᠎ᠠ ᠶᠤᠮ ᠪᠣᠯ ᠊ᠦᠦ ᠭᠡᠳ ᠰᠣᠨᠣᠰᠤᠭᠠᠳ ᠪᠠᠶ᠋ᠢᠬᠰᠠᠨ ᠰᠢᠲᠠ᠃
ᠴᠠᠰᠤᠬᠠᠨ ᠄ ᠵᠠ ᠂ ᠪᠠᠰᠠᠷ ᠠ᠋ ᠃
ᠪᠠᠰᠠᠷ ᠄ ᠬᠢ ᠬᠢ ᠂ ᠱᠠᠷᠢ ᠱᠠᠷᠢ ᠂ ᠲᠣᠭᠯᠠᠭᠰᠠᠨ ᠶᠤᠮ ᠠ᠋ ᠃
ᠴᠠᠰᠤᠬᠠᠨ ᠄ ᠬᠢ ᠬᠢ ᠂ ᠵᠠ ᠪᠦᠭᠦᠳᠡᠭᠡᠷ ᠢ᠋ᠶ᠋ᠡᠨ ᠲᠣᠰᠬᠣᠨ ᠣᠷᠣᠶ᠎ᠠ ᠃
ᠮᠥᠩᠬᠡ ᠄ ᠵᠠ᠂ ᠲᠡᠭᠡᠶ᠎ᠡ ᠲᠡᠭᠡᠶ᠎ᠡ᠂ ᠲᠣᠮᠣ ᠴᠢᠬᠢᠲᠡᠢ ᠪᠠᠶ᠋ᠢᠬᠤ ᠪᠠᠰᠠ ᠵᠦᠭᠡᠷ ᠶᠦ᠍ᠮ ᠪᠠᠶ᠋ᠢᠨ᠎ᠠ ᠰᠢᠦ᠂ ᠬᠢ ᠬᠢ᠂᠂ ᠬᠣᠷᠸ᠋᠎ᠠ ᠳᠡᠯᠡᠬᠡᠢ ᠲᠡᠷᠡ ᠴᠢᠭ ᠲᠦ᠍ ᠪᠡᠨ ᠰᠣᠨᠣᠰᠤᠭᠳᠠᠭᠠᠳ ᠯᠠ
ᠪᠠᠰᠠᠷ᠄ ᠬᠡ ᠬᠡ ᠬᠡ
ᠺᠷᠡᠮᠡᠸ ᠄ ᠬᠥᠶᠢ ᠲᠡᠷᠡ ᠬᠡᠦᠬᠡᠳ ᠊ᠢ ᠬᠠᠷᠠ ᠃
ᠮᠥᠩᠬᠡ ᠄ ᠵᠠᠮ ᠠᠰᠠᠭᠤᠶ᠎ᠠ ᠭᠡᠵᠦ ‍ᠦᠦ ?
ᠺᠷᠡᠮᠡᠸ ᠄ ᠦᠭᠡᠢ ᠴᠢᠬᠢ ᠶ᠋ᠢ ᠨᠢ ᠬᠠᠷᠠ ᠯᠠ ᠳᠠ !
ᠮᠥᠩᠬᠡ ᠄ ᠭᠦᠦᠭ ᠂ᠲᠡᠶ᠋ᠢᠮᠦ ᠪᠠᠶ᠋ᠢᠨ᠎ᠠ ᠂ ᠪᠢᠳᠡ ᠨᠠᠷ ᠲᠠᠢ ᠪᠠᠰᠠ ᠢᠵᠢᠯᠬᠡᠨ ᠡᠯᠵᠢᠭᠡᠨ ᠴᠢᠬᠢᠲᠡᠢ ᠪᠣᠯᠴᠢᠬᠠᠵᠠᠢ ᠃
ᠴᠠᠰᠤᠬᠠᠨ ᠄ ᠰᠠᠢᠨ ᠪᠠᠶ᠋ᠢᠨ᠎ᠠ ‍ᠤᠤ ? ᠶᠠᠭᠤᠨ  ᠳ᠋ᠤ᠌ ᠶᠠᠭᠠᠷᠠᠭᠰᠠᠨ ᠶᠤᠮ ᠪᠣᠯ? ᠪᠢᠳᠡ ᠲᠤᠰᠠᠯᠠᠶ᠎ᠠ ᠯᠠ ᠳᠠ ᠃
ᠫᠢᠨᠤᠺᠢᠣ᠋ ᠄ ᠪᠢ ᠪᠢ ᠪᠢ ᠁
ᠪᠠᠰᠠᠷ ᠄ ᠡᠯᠵᠢᠭᠡᠨ ᠴᠢᠬᠢᠲᠡᠢ ᠪᠣᠶ᠋ᠢᠰ ᠬᠠᠮᠲᠤᠯᠢᠭ᠋ ᠤ᠋ᠨ ᠭᠡᠰᠢᠭᠦᠨ ᠪᠣᠯᠤᠶ᠎ᠠ ᠭᠡᠵᠦ ‍ᠦᠦ ?
ᠫᠢᠨᠤᠺᠢᠣ᠋᠄ ᠶᠠᠭᠤ ?
ᠴᠠᠰᠤᠬᠠᠨ ᠄ ᠪᠠᠰᠠᠷ ᠠ᠋ ᠂ ᠪᠢᠲᠡᠭᠡᠢ ᠲᠣᠭᠯᠠᠭᠠᠳ ᠪᠠᠶ᠋ᠢᠯ ᠳᠠ ᠂ ᠵᠠ ᠶᠠᠭᠠᠬᠢᠭᠰᠠᠨ ᠶᠤᠮ ᠪᠣᠯ ᠮᠢᠨᠦ ᠳᠡᠭᠦᠦ ? ᠪᠢᠳᠡ ᠨᠠᠷ ᠲᠤᠰᠠᠯᠠᠶ᠎ᠠ ᠃
ᠫᠢᠨᠤᠺᠢᠣ᠋ ᠄ ᠪᠢ ᠠᠪᠤ ᠳ᠋ᠤ᠌  ᠪᠠᠨ ᠬᠤᠳᠠᠯ ᠬᠡᠯᠡᠭᠡᠳ ᠭᠠᠳᠠᠭᠤᠷ ᠲᠢᠭ ᠦᠭᠡᠶ᠋ᠢᠲᠡᠵᠦ ᠪᠠᠶ᠋ᠢᠬᠤ ᠬᠣᠭᠣᠷᠣᠨᠳᠣ ᠠᠪᠤ ᠵᠢᠫᠸᠲᠤ᠎ᠠ ᠮᠢᠨᠢ ᠨᠠᠮ᠎ᠠ ᠶ᠋ᠢ ᠬᠠᠶ᠋ᠢᠭᠠᠳ ᠳᠠᠯᠠᠢ ᠳ᠋ᠤ᠌ ᠣᠷᠣᠴᠢᠬᠠᠭᠰᠠᠨ ᠭᠡᠨ᠎ᠡ ᠂ ᠲᠡᠭᠡᠭᠡᠳ ᠣᠳᠣ ᠶᠠᠮᠠᠷ ᠴᠤ᠌ ᠰᠤᠷᠠᠭ ᠪᠠᠶ᠋ᠢᠬᠤ ᠦᠭᠡᠢ᠂ ᠪᠢ ᠶᠠᠭᠠᠬᠢᠳᠠᠭ ᠪᠢᠯᠡ?
ᠮᠥᠩᠬᠡ ᠄ ᠪᠢᠳᠡ ᠨᠠᠷ ᠲᠤᠰᠠᠯᠠᠶ᠎ᠠ ᠯᠠ ᠳᠠ ᠂ ᠬᠠᠮᠲᠤ ᠶᠠᠪᠤᠵᠠᠭᠠᠶ᠎ᠠ ᠃
ᠫᠢᠨᠤᠺᠢᠣ᠋᠄ ᠪᠣᠯᠬᠤ ᠶᠤᠮ ‍ᠤᠤ ? ᠡᠨᠡ ᠮᠠᠰᠢ ᠠᠶᠤᠯ ᠲᠠᠢ ᠠᠶᠠᠯᠠᠯ ᠴᠤ᠌ ᠪᠠᠶ᠋ᠢᠵᠤ ᠮᠡᠳᠡᠨ᠎ᠡ ᠰᠢᠦ ᠳᠡ ᠃
ᠪᠠᠰᠠᠷ ᠄ ᠵᠠ᠂ ᠠᠶᠤᠯ ᠭᠡᠳᠡᠭ ᠪᠣᠯ ᠮᠢᠨᠦ ᠥᠷᠯᠥᠭᠡᠨ ᠊ᠦ ᠴᠠᠢ ᠶᠤᠮ ᠤᠤ ᠳᠠ ᠃
ᠴᠠᠰᠤᠬᠠᠨ ᠄ ᠬᠢ ᠬᠢ ᠃
ᠺᠷᠡᠮᠡᠸ ᠄ ᠵᠠ ᠢᠩᠭᠢᠭᠡᠳ ᠡᠯᠵᠢᠭᠡᠨ ᠴᠢᠬᠢ ᠲᠡᠢ ᠪᠣᠶ᠋ᠢᠰ᠂ ᠪᠠᠰᠠ ᠨᠢᠭᠡ ᠴᠠᠭᠠᠨ ᠮᠤᠤᠷ ᠤ᠋ᠨ ᠠᠶᠠᠯᠠᠯ ᠡᠬᠢᠯᠡᠯ᠎ᠡ ᠳᠡ ᠂ ᠬᠡ ᠬᠡ᠃
ᠮᠥᠩᠬᠡ᠄ ᠬᠡ ᠬᠡ ᠬᠡ!
ᠪᠠᠰᠠᠷ ᠄ᠵᠠ ᠪᠢ ᠲᠠ ᠬᠡᠳᠦ ᠶ᠋ᠢ ᠪᠣᠯ ᠦᠨᠡᠨ ᠳ᠋ᠦ᠍ ᠪᠡᠨ ᠭᠠᠶ᠋ᠢᠬᠠᠵᠤ ᠪᠠᠶ᠋ᠢᠨ᠎ᠠ ᠂ ᠨᠡᠭᠡᠷᠡᠨ ᠬᠡᠩ!
ᠴᠠᠰᠤᠬᠠᠨ ᠄ ᠶᠠᠭᠠᠬᠢᠭᠰᠠᠨ ᠵᠦᠭᠡᠷ ‍ᠦᠦ ? ᠪᠠᠰᠠᠷ ᠠ᠋ ?
ᠪᠠᠰᠠᠷ ᠄ ᠤᠰᠤ ᠠᠪᠬᠤ ᠳ᠋ᠤ᠌ ᠶᠠᠭᠠᠬᠢᠳᠠᠭ ᠪᠠᠶ᠋ᠢᠨ᠎ᠠ? ᠡᠩ!
ᠮᠥᠩᠬᠡ ᠄ ᠬᠠᠷᠢᠨ ᠲᠡᠶ᠋ᠢᠮᠦ ᠠ᠋!
ᠺᠷᠡᠮᠡᠸ ᠄ ᠪᠦᠷ ᠬᠠᠲᠠᠵᠤ ᠡᠬᠢᠯᠡᠵᠦ ᠪᠠᠶ᠋ᠢᠲᠠᠭ ᠰᠢᠦ ᠂ ᠠᠷᠠᠰᠤ ᠲᠦᠯᠡᠭᠳᠡᠴᠢᠬᠡᠪᠡ ᠊ᠦᠦ ᠳᠡ?
ᠪᠠᠰᠠᠷ ᠄ ᠪᠢᠲᠡᠭᠦᠦ ᠤᠰᠤᠨ ᠳᠣᠲᠣᠷ᠎ᠠ ᠶᠠᠪᠤᠭᠠᠳ ᠯᠠ᠂ ᠤᠰᠤ ᠶ᠋ᠢ ᠨᠢ ᠤᠤᠭᠤᠭᠠᠳ ᠂ ᠶᠣᠰᠣ ᠶ᠋ᠢ ᠨᠢ ᠳᠠᠭᠠᠭᠠᠳ ᠯᠠ ᠶᠠᠪᠤᠬᠤ ᠶ᠋ᠢ ᠪᠣᠳᠣᠭᠰᠠᠨ ᠡᠨᠡ ᠳᠠᠯᠠᠢ ᠶ᠋ᠢᠨ ᠤᠰᠤ ᠶ᠋ᠢ ᠤᠤᠭᠤᠵᠤ ᠪᠣᠯᠳᠠᠭ ᠦᠭᠡᠢ ᠶ᠋ᠢ ᠬᠡᠨ ᠮᠡᠳᠡᠳᠡᠭ ᠶᠦ᠍ᠮ ᠪᠣᠢ?᠂ ᠡᠩ ᠂ ᠬᠡᠯᠡᠬᠦ ᠦᠭᠡᠢ ᠶᠠᠭᠠᠬᠢᠭᠰᠠᠨ ᠶᠤᠮ ?
ᠮᠥᠩᠬᠡ ᠄ ᠬᠡ ᠬᠡ ᠂ ᠭᠢᠯᠠᠰ ᠣᠯᠴᠢᠬᠠᠬᠤ ᠶᠤᠮ ᠰᠢᠭ᠋ ᠪᠣᠳᠣᠭᠰᠠᠨ ᠰᠢᠦ ᠳᠡ ᠪᠠᠰᠠᠷ ᠮᠢᠨᠢ ᠃
ᠫᠢᠨᠤᠺᠢᠣ᠋ ᠄ ᠲᠠ ᠬᠡᠳᠦ ᠮᠢᠨᠢ ᠭᠠᠶ᠋ᠢᠭᠤᠢ ‍ᠤᠤ ?
ᠺᠷᠡᠮᠡᠸ ᠄ ᠡᠯᠵᠢᠭᠡᠨ ᠴᠢᠬᠢᠲᠡᠢ ᠪᠣᠶ᠋ᠢᠰ ᠲᠡᠰᠦᠭᠡᠳ ᠭᠠᠷᠤᠨ᠎ᠠ ᠂ ᠶᠠ ᠶᠠ ᠂ ᠶᠠᠭ ᠠᠷᠠᠰᠤ ᠲᠦᠯᠡᠭᠳᠡᠭᠡᠳ ᠪᠠᠶ᠋ᠢᠬᠤ ᠰᠢᠭ᠋ ᠪᠠᠶ᠋ᠢᠨ᠎ᠠ ᠃
ᠮᠥᠩᠬᠡ ᠄ ᠬᠥᠶᠢ ᠂ ᠶᠠ ᠡᠨᠡ ᠶᠠᠭᠤ ᠪᠣᠢ ?
ᠫᠢᠨᠤᠺᠤ ᠄ ᠴᠠᠭᠠᠱᠢ ᠪᠠᠨ ᠪᠠᠶ᠋ᠢᠭᠠᠷᠠᠢ !
ᠬᠥᠶᠢ !
ᠳᠠᠭᠤᠤ ᠄ ( ᠭᠠᠳᠠᠭᠠᠳᠤ )
ᠠᠷᠸ᠎ᠡ ᠄ᠲᠠ ᠪᠦᠬᠦᠨ ᠬᠢᠴᠢᠶᠡᠯ ᠢ᠋ᠶ᠋ᠡᠨ ᠬᠢᠭᠡᠳ ᠰᠠᠭᠤᠵᠤ ᠪᠠᠶ᠋ᠢᠬ᠋᠎ᠠ ᠬᠡᠦᠬᠡᠳ ᠊ᠢ ᠬᠠᠷᠠᠵᠠᠭᠠᠵᠤ ᠪᠠᠶ᠋ᠢᠨ᠎ᠠ ᠂ ᠵᠡᠷᠯᠢᠭ ᠪᠠᠶ᠋ᠢᠭᠠᠯᠢ ᠳ᠋ᠤ᠌ ᠨᠡᠩ ᠬᠣᠪᠣᠷ ᠬᠠᠷᠠᠭᠳᠠᠬᠤ ᠴᠠᠬᠢᠮ ᠬᠢᠴᠢᠶᠡᠯ ᠢ᠋ᠶ᠋ᠡᠨ ᠬᠢᠬᠦ ᠳ᠋ᠦ᠍ ᠪᠡᠨ ᠬᠡᠦᠬᠡᠳ ᠊ᠦᠳ ᠶᠠᠭ ᠶᠠᠮᠠᠷ ᠦᠢᠯᠡᠳᠦᠯ ᠬᠢᠳᠡᠭ ᠊ᠢ ᠪᠦᠭᠦᠳᠡᠭᠡᠷ ᠢ᠋ᠶ᠋ᠡᠨ ᠠᠵᠢᠭᠯᠠᠵᠠᠭᠠᠶ᠎ᠠ ᠃
ᠪᠢᠴᠢᠬᠦ ᠪᠦᠷᠢ ᠳ᠋ᠦ᠍ ᠪᠡᠨ ᠴᠢᠬᠢ ᠨᠢ ᠴᠣᠳᠣᠯᠵᠠᠵᠤ ᠪᠠᠶ᠋ᠢᠬ᠋᠎ᠠ ᠶ᠋ᠢ ᠲᠠ ᠪᠦᠬᠦᠨ ᠠᠩᠵᠠᠭᠠᠷᠠᠵᠤ ᠪᠠᠶ᠋ᠢᠬ᠋᠎ᠠ ᠪᠠᠶ᠋ᠢᠬ᠎ᠠ ᠂ ᠦᠵᠦᠭ ᠪᠠᠷᠢᠯ ᠳ᠋ᠤ᠌ ᠥᠪᠡᠷᠲᠡᠭᠡᠨ ᠢᠲᠡᠭᠡᠯ ᠲᠡᠢ ᠂ ᠳᠠᠷᠠᠭ᠎ᠠ ᠶ᠋ᠢᠨ ᠦᠰᠦᠭ ᠢ᠋ᠶ᠋ᠡᠨ ᠪᠢᠴᠢᠬᠦ  ᠳ᠋ᠦ᠍ ᠪᠡᠨ ᠬᠤᠷᠴᠠ ᠬᠤᠷᠳᠤᠨ ᠪᠣᠯᠵᠤ ᠪᠠᠶ᠋ᠢᠬ᠋᠎ᠠ ᠶ᠋ᠢ ᠠᠩᠵᠠᠭᠠᠷᠠᠵᠤ ᠪᠠᠶ᠋ᠢᠭ᠎ᠠ ᠪᠠᠶ᠋ᠢᠬ᠎ᠠ ᠃
ᠲᠤᠩᠬᠤ ᠄ ᠠᠷᠸ᠎ᠡ ᠠᠬ᠎ᠠ ᠠ᠋ ᠂ ᠡᠨᠡ ᠤᠬᠠᠭᠠᠯᠢᠭ ᠲᠣᠷᠤᠨ ᠴᠢᠨᠢ ᠬᠢᠴᠢᠶᠡᠯ ᠬᠢᠯᠭᠡᠬᠦ ᠦᠭᠡᠢ ᠪᠠᠶ᠋ᠢᠨ᠎ᠠ ᠰᠢᠦ ᠃
ᠠᠷᠸ᠎ᠡ᠄ ᠦ ᠦ ᠂ ᠠᠭᠤᠴᠢᠯᠠᠭᠠᠷᠠᠢ ᠂ ᠶᠠᠪᠤᠯ᠎ᠠ ᠶᠠᠪᠤᠯ᠎ᠠ ᠃
ᠪᠠᠰᠠᠷ ᠄ ᠶᠣᠣ ᠶᠣᠣ ᠁᠂ ᠡᠩ ᠂ ᠮᠠᠨ ᠤ᠋ ᠬᠢ ᠠ᠋᠂ ᠪᠠᠶ᠋ᠢᠨ᠎ᠠ ‍ᠤᠤ ?
ᠮᠥᠩᠬᠡ ᠄ ᠪᠠᠶ᠋ᠢᠨ᠎ᠠ ᠪᠠᠶ᠋ᠢᠨ᠎ᠠ ᠂ ᠲᠠ ᠬᠡᠳᠦ ᠮᠠᠨᠢ ᠬᠠᠮᠢᠭ᠎ᠠ ᠪᠠᠶ᠋ᠢᠨ᠎ᠠ ?
ᠴᠠᠰᠤᠬᠠᠨ ᠄ ᠵᠠ ᠂ ᠬᠡᠨ ᠬᠡᠨ ᠪᠠᠶ᠋ᠢᠨ᠎ᠠ ? ᠮᠥᠩᠬᠡ ?
ᠮᠥᠩᠬᠡ ᠄ ᠪᠢ ᠪᠠᠶ᠋ᠢᠨ᠎ᠠ ᠃
ᠴᠠᠰᠤᠬᠠᠨ᠄ᠭᠸᠷᠡᠮᠢ?
ᠭᠸᠷᠡᠮᠢ᠄ ᠪᠠᠶ᠋ᠢᠨ᠎ᠠ ᠪᠠᠶ᠋ᠢᠨ᠎ᠠ
ᠴᠠᠰᠤᠬᠠᠨ ᠄ ᠪᠠᠰᠠᠷ ᠠ᠋
ᠪᠠᠰᠠᠷ ᠄ ᠶᠸᠰ ᠳᠡᠰ
ᠮᠥᠩᠬᠡ ᠄ ᠫᠢᠨᠤᠺᠢᠣ᠋ ᠠ᠋
ᠫᠢᠨᠤᠺᠢᠣ᠋ ᠄ ᠪᠢ ᠪᠠᠶ᠋ᠢᠨ᠎ᠠ
ᠮᠥᠩᠬᠡ ᠄ ᠲᠡᠭᠡᠪᠡᠯ ᠡᠨᠡ ᠬᠡᠨ ᠪᠠᠶ᠋ᠢᠨ᠎ᠠ ?
ᠪᠦᠭᠦᠳᠡᠭᠡᠷ ᠄ᠸᠠ ᠠ ᠁
ᠫᠢᠨᠤᠺᠢᠣ᠋ ᠄ ᠠᠪᠤ ᠠ᠋!
ᠠᠪᠤ ᠵᠢᠫᠸᠲᠤ᠎ᠠ ᠄ ᠮᠢᠨᠦ ᠬᠦᠦ!
ᠫᠢᠨᠤᠺᠢᠣ᠋ ᠄ ᠠᠪᠤ ᠠ᠋᠂ ᠬᠦᠦ ᠪᠡᠨ ᠠᠭᠤᠴᠢᠯᠠᠭᠠᠷᠠᠢ᠂ ᠪᠢ ᠲᠠᠨ ᠳ᠋ᠤ᠌ ᠲᠠᠩᠳᠠ ᠬᠤᠳᠠᠯ ᠬᠡᠯᠡᠵᠦ ᠪᠠᠶ᠋ᠢᠭᠰᠠᠨ ᠳ᠋ᠤ᠌ ᠂ ᠪᠢ ᠲᠠᠨ ᠊ᠤ ᠨᠠᠳᠠ ᠳ᠋ᠤ᠌ ᠬᠢᠴᠢᠶᠡᠯ ᠨᠣᠮ ᠢ᠋ᠶ᠋ᠠᠨ ᠠᠪᠤᠭᠠᠷᠠᠢ ᠭᠡᠰᠡᠨ ᠵᠣᠭᠣᠰ ᠢ᠋ᠶ᠋ᠠᠷ ᠢ᠋ᠶ᠋ᠠᠨ ᠵᠢᠷᠬᠡ ᠦᠵᠡᠴᠢᠬᠡᠭᠰᠡᠨ᠂ ᠣᠴᠢᠵᠤ ᠪᠣᠯᠬᠤ ᠦᠭᠡᠢ ᠭᠡᠭᠰᠡᠭᠡᠷ ᠪᠠᠶ᠋ᠢᠲᠠᠯ᠎ᠠ ᠰᠢᠪᠰᠢᠯᠭᠡ  ᠲᠡᠢ ᠲᠣᠭᠯᠠᠭᠠᠮ ᠤ᠋ᠨ ᠲᠠᠯᠠᠪᠠᠢ ᠳ᠋ᠤ᠌ ᠣᠴᠢᠴᠢᠬᠠᠭᠰᠠᠨ ᠁
ᠠᠪᠤ ᠵᠢᠫᠸᠲᠤ᠎ᠠ ᠄ ᠵᠦᠭᠡᠷ ᠳᠡ ᠬᠦᠦ ᠮᠢᠨᠢ ᠵᠦᠭᠡᠷ᠂ ᠠᠪᠤ ᠨᠢ ᠠᠭᠤᠴᠢᠯᠠᠯ ᠦᠭᠡᠢ ᠶᠠᠭᠠᠬᠢᠪᠠ ᠂ ᠡᠨᠡ ᠪᠦᠬᠦᠨ ᠊ᠢ  ᠪᠡᠨ ᠤᠬᠠᠭᠠᠷᠠᠵᠤ ᠪᠠᠶ᠋ᠢᠨ᠎ᠠ ᠭᠡᠳᠡᠭ ᠴᠢᠨᠢ ᠬᠠᠮᠤᠭ ᠤ᠋ᠨ ᠴᠢᠬᠤᠯᠠ ᠶᠤᠮ ᠰᠢᠦ ᠳᠡ ᠃
ᠺᠷᠡᠮᠡᠸ ᠄ ᠢᠩᠭᠢᠭᠡᠳ ᠮᠠᠨ ᠤ᠋ ᠫᠢᠨᠤᠺᠢᠣ᠋ ᠠᠪᠤ ᠵᠢᠫᠸᠳ᠋ᠸ᠎ᠡ ᠲᠡᠢ ᠪᠡᠨ ᠬᠠᠯᠢᠮᠤ ᠶ᠋ᠢᠨ ᠭᠡᠳᠡᠰᠦᠨ ᠳ᠋ᠦ᠍ ᠲᠠᠭᠠᠷᠠᠵᠠᠢ᠃ ᠰᠡᠷᠭᠦᠯᠡᠩ ᠫᠢᠨᠤᠺᠢᠣ᠋ ᠭᠠᠯ ᠲᠦᠯᠡᠵᠦ ᠤᠲᠤᠭ᠎ᠠ ᠲᠠᠯᠪᠢᠭᠰᠠᠨ ᠢ᠋ᠶ᠋ᠠᠷ ᠬᠠᠯᠢᠮᠤ ᠨᠠᠶ᠋ᠢᠲᠠᠭᠠᠵᠤ ᠪᠢᠳᠡ ᠬᠡᠳᠦ ᠶ᠋ᠢ ᠪᠦᠭᠦᠳᠡ ᠶ᠋ᠢ ᠨᠢ ᠳᠠᠯᠠᠢ ᠳ᠋ᠤ᠌ ᠭᠠᠷᠭᠠᠵᠤ ᠴᠢᠳᠠᠭᠰᠠᠨ ᠶᠤᠮ ᠳᠠ ᠃
ᠪᠠᠰᠠᠷ ᠄ ᠠᠢ᠂ ᠬᠢ ᠬᠢ ᠬᠢ᠂ ᠨᠢᠭᠡ ᠯᠡ ᠶᠡᠬᠡ ᠶᠠᠷᠢᠭᠰᠠᠨ ᠬᠥᠮᠦᠨ᠂ ᠡᠨᠡ ᠪᠣᠯᠭᠠᠨ ᠊ᠢ ᠦᠵᠡᠭᠦᠯᠴᠢᠬᠡᠵᠦ ᠪᠣᠯᠳᠠᠭ ᠦᠭᠡᠢ ᠶᠦ᠍ᠮ ᠊ᠦᠦ?
ᠺᠷᠡᠮᠡᠸ ᠄ ᠠ ᠪᠣᠯᠢ ᠳᠠ ᠪᠠᠰᠠᠷ ᠠ᠋ ᠂ ᠬᠥᠮᠦᠨ ᠭᠣᠶᠣ ᠤᠶᠠᠩᠭᠠᠯᠠᠵᠤ ᠪᠠᠶ᠋ᠢᠬᠤ ᠴᠢᠨᠢ ᠃
ᠪᠠᠰᠠᠷ ᠄ ᠠᠷᠠᠢ ᠯᠤᠤᠪᠢᠳᠴᠠᠭ᠎ᠡ ᠦᠭᠡᠢ ᠊ᠦᠦ? ᠥᠩ᠂ ᠬᠡ ᠬᠡ ᠬᠡ
ᠺᠷᠡᠮᠡᠸ ᠄ ᠴᠠᠭ ᠨᠢ ᠢᠩᠭᠢᠭᠡᠳ ᠲᠠᠭᠠᠷᠠᠴᠢᠬᠠᠯ᠎ᠠ ᠪᠠᠰᠠᠷ ᠠ᠋ ᠂ ᠪᠠᠶ᠋ᠢᠵᠠᠭᠠᠷᠠᠢ᠂ᠳᠠᠭᠤᠰᠬᠠᠭᠠᠳᠠᠬᠠᠶ᠎ᠡ᠃
ᠪᠠᠰᠠᠷ᠄ ᠵᠠ ᠭᠢᠯᠠᠰ ᠠ᠋᠂ ᠭᠢᠯᠠᠰ᠂ ᠠ᠃ ᠵᠠ ᠭᠢᠯᠠᠰ ᠭᠢᠯᠠᠰ ᠭᠢᠯᠠᠰ ᠁ ᠮᠠᠶ᠋ᠢᠨᠺᠠᠷᠠᠲ ᠪᠢᠳᠡᠨ ᠊ᠢ ᠬᠦᠯᠢᠶᠡᠬᠦ ᠦᠭᠡᠢ ᠰᠢᠦ ᠃
ᠺᠷᠡᠮᠡᠸ ᠄ ᠵᠠ ᠵᠠ ᠂ ᠪᠢ ᠴᠦ᠍ ᠦᠯᠢᠭᠡᠷ ᠤᠩᠰᠢᠨ᠎ᠠ ᠭᠡᠵᠦ ᠮᠢᠬᠠᠴᠢᠯᠠᠳᠠᠭ ᠶᠤᠮ ᠪᠠᠶ᠋ᠢᠨ᠎ᠠ ᠂ ᠶᠡᠷᠦ ᠨᠢ ᠶᠠᠪᠤᠵᠤ ᠲᠣᠭᠯᠠᠯ᠎ᠠ ᠂ ᠲᠠ ᠬᠡᠳᠦ ᠦᠵᠡᠴᠢᠬᠡ᠂ᠦᠵᠡᠴᠢᠬᠡ ᠃
ᠳᠠᠭᠢᠨᠢ ᠄ ᠲᠠ ᠬᠡᠳᠦ ᠦᠨᠡᠬᠡᠷ ᠮᠤᠨᠳᠠᠭ ᠪᠠᠶ᠋ᠢᠯ᠎ᠠ ᠂ ᠠᠶᠤᠯ ᠤ᠋ᠨ ᠥᠭᠡᠳᠡ ᠡᠴᠡ ᠰᠥᠷᠴᠦ ᠴᠢᠳᠠᠭᠰᠠᠨ ᠪᠣᠯᠬᠣᠷ ᠂ ᠲᠠ ᠬᠡᠳᠦ ᠶ᠋ᠢ ᠡᠩ ᠦ᠋ᠨ ᠴᠢᠬᠢᠲᠡᠢ ᠬᠡᠦᠬᠡᠳ ᠊ᠤᠳ ᠪᠣᠯᠭᠠᠶ᠎ᠠ ᠃
ᠪᠠᠰᠠᠷ ᠄ ᠦ ᠂ ᠡᠩ ᠦ᠋ᠨ ᠪᠣᠯᠴᠢᠬᠠᠯ᠎ᠠ ᠂ ᠠ!ᠬᠢ ᠬᠢ ᠪᠠᠶᠠᠷᠯᠠᠯ᠎ᠠ !
ᠺᠷᠡᠮᠡᠸ ᠄ ᠪᠠᠶᠠᠷᠯᠠᠯ᠎ᠠ !
ᠮᠥᠩᠬᠡ ᠄ ᠪᠠᠶᠠᠷᠯᠠᠯ᠎ᠠ !
ᠳᠠᠭᠢᠨᠢ ᠄ ᠫᠢᠨᠤᠺᠢᠣ᠋ ᠂ ᠴᠢᠮ᠎ᠠ ᠶ᠋ᠢ ᠦᠨᠡᠨᠴᠢ ᠰᠢᠳᠤᠷᠭᠤ ᠂ ᠪᠤᠰᠤᠳ ᠤ᠋ᠨ ᠲᠥᠯᠥᠭᠡ ᠭᠡᠰᠡᠨ ᠰᠡᠳᠬᠢᠯ ᠊ᠢ ᠱᠠᠩᠨᠠᠨ᠂ ᠵᠢᠩᠬᠢᠨᠢ ᠬᠡᠦᠬᠡᠳ ᠪᠣᠯᠭᠠᠵᠤ ᠦᠭᠬᠦᠶ᠎ᠡ᠃
ᠫᠢᠨᠤᠺᠢᠣ᠋ ᠄ ᠮᠢᠨᠦ᠂ ᠮᠢᠨᠦ ᠴᠡᠭᠡᠵᠢᠨ ᠳ᠋ᠦ᠍ ᠨᠢᠭᠡ ᠶᠠᠭᠤᠮ᠎ᠠ ᠴᠣᠬᠢᠯᠠᠭᠠᠳ ᠪᠠᠶ᠋ᠢᠬᠤ ᠶᠤᠮ᠃
ᠠᠪᠤ ᠵᠢᠫᠸᠲᠤ᠎ᠠ ᠄ ᠫᠢᠨᠤᠺᠢᠣ᠋ ᠮᠢᠨᠦ ᠬᠦᠦ᠃
ᠫᠢᠨᠤᠺᠢᠣ᠋ ᠄ ᠠᠪᠤ ᠠ᠋ ᠂ ᠪᠢ ᠵᠢᠩᠬᠢᠨᠢ ᠬᠡᠦᠬᠡᠳ ᠪᠣᠯᠵᠤ ᠴᠢᠳᠠᠯ᠎ᠠ ᠂ ᠪᠠᠶᠠᠷᠯᠠᠯ᠎ᠠ ᠲᠩᠷᠢ ᠶ᠋ᠢᠨ ᠳᠠᠭᠢᠨᠢ ᠮᠢᠨᠢ !
ᠳᠠᠭᠢᠨᠢ ᠄ ᠵᠦᠭᠡᠷ ᠳᠡ ᠂ ᠬᠥᠮᠦᠨ ᠪᠦᠬᠦᠨ ᠠᠯᠳᠠᠳᠠᠭ ᠂ ᠭᠡᠬᠦ  ᠳ᠋ᠦ᠍ ᠪᠡᠨ ᠲᠡᠷᠡ ᠪᠣᠯᠭᠠᠨ ᠊ᠢ ᠪᠡᠨ ᠤᠬᠠᠭᠠᠷᠠᠨ ᠂ ᠵᠥᠪ ᠵᠦᠢᠯ ᠊ᠢ ᠠᠯᠢ ᠪᠣᠯᠬᠤ ᠬᠢᠬᠦ ᠶᠣᠰᠣᠲᠠᠢ ᠪᠠᠶ᠋ᠢᠲᠠᠭ ᠶᠤᠮ ᠰᠢᠦ ᠳᠡ᠂ ᠡᠭᠦᠨ ᠊ᠢ ᠦᠵᠡᠵᠦ ᠪᠠᠶ᠋ᠢᠬ᠋᠎ᠠ ᠬᠡᠦᠬᠡᠳ ᠪᠦᠷᠢ ᠪᠤᠰᠤᠳ  ᠲᠤ᠌ ᠪᠠᠨ ᠲᠤᠰᠠᠯᠠᠨ ᠨᠢᠭᠡᠨ ᠨᠢᠭᠡᠨ  ᠢ᠋ᠶ᠋ᠡᠨ ᠳᠡᠮᠵᠢᠳᠡᠭ ᠮᠤᠨᠳᠠᠭ ᠬᠡᠦᠬᠡᠳ ᠦ᠋ᠳ ᠪᠠᠶ᠋ᠢᠭᠠᠷᠠᠢ ᠂ ᠲᠠ ᠪᠦᠬᠦᠨ ᠊ᠢ ᠪᠡᠨ ᠠᠵᠠ ᠶ᠋ᠢᠨ ᠲᠣᠬᠢᠶᠠᠯᠳᠤ ᠪᠠᠷ ᠱᠠᠩᠨᠠᠶ᠎ᠠ ᠂ ᠮᠠᠰᠢ ᠠᠵᠠ ᠲᠠᠢ ᠵᠦᠢᠯ ᠤᠳᠠᠬᠤ ᠦᠭᠡᠢ ᠲᠣᠬᠢᠶᠠᠯᠳᠤᠬᠤ ᠪᠣᠯᠤᠨ᠎ᠠ ᠂ ᠪᠠᠶᠠᠷ ᠬᠦᠷᠭᠡᠶ᠎ᠡ !
ᠪᠸᠪᠸᠲ᠋ᠣ᠋᠂ ᠪᠦᠬᠦ ᠨᠠᠰᠤᠨ ᠤ᠋ ᠬᠥᠮᠦᠰ ᠦ᠋ᠨ ᠬᠠᠮᠤᠭ ᠤ᠋ᠨ ᠵᠤᠭ᠎ᠠ ᠲᠠᠢ ᠮᠥᠴᠡ ᠪᠸᠪᠸᠲ᠋ᠣ᠋ ᠮᠥᠩᠬᠡ ᠄ ᠥᠩ ᠂ ᠠᠮᠲᠠᠲᠠᠢ ᠪᠠᠶ᠋ᠢᠬᠤ ᠳᠠ ᠃
ᠲᠤᠩᠬᠤ ᠄ ᠬᠠᠷᠢᠨ ᠳᠠ
ᠪᠠᠰᠠᠷ ᠄ ᠸᠠᠩ ᠸᠠᠩ ᠂ ᠸᠧ ᠸᠧ
ᠴᠠᠰᠤᠬᠠᠨ ᠄ ᠮᠢᠶᠣᠤ ᠮᠢᠶᠣᠤ ᠁
ᠮᠥᠩᠬᠡ ᠄ ᠶᠠᠭ ᠂ ᠠᠷᠸ᠎ᠡ ᠠᠬ᠎ᠠ ᠪᠠᠷ ᠶᠠᠭᠠᠬᠢᠵᠤ ᠠᠪᠤᠭᠤᠯᠬᠤ ᠤᠤ ?
ᠪᠦᠭᠦᠳᠡᠭᠡᠷ ᠄ ᠬᠡ ᠬᠡ
ᠮᠥᠩᠬᠡ ᠄ ᠡᠨᠡ ᠪᠸᠪᠸᠲ ᠶᠡᠬᠡ ᠲᠠᠵᠢ ᠦᠭᠡᠢ ᠳ᠋ᠢᠽᠧᠯ ᠰᠢᠬᠢᠷ ᠶᠦ᠍ᠮ ᠰᠢᠬ ᠠ᠋ ᠃
ᠲᠤᠩᠬᠤ ᠄ ᠰᠢᠬᠢᠷ ᠦᠭᠡᠢ ᠳ᠋ᠢᠽᠧᠯ ᠰᠢᠬᠢᠷ ᠭᠡᠵᠦ ᠪᠠᠰᠠ ᠪᠠᠶ᠋ᠢᠲᠠᠭ ?
ᠮᠥᠩᠬᠡ ᠄ ᠸᠠ ᠧᠦ ᠂ ᠪᠠᠶ᠋ᠢᠩᠭᠤ ᠪᠢᠰᠢ ᠂ ᠬᠠᠶᠠ ᠨᠢᠭᠡ ᠢᠳᠡᠴᠢᠬᠡᠪᠡᠯ ᠶᠠᠷᠢᠬᠤ ᠶᠠᠭᠤᠮ᠎ᠠ ᠦᠭᠡᠢ ᠳᠡ ᠃
ᠲᠤᠩᠬᠤ ᠄ ᠬᠥᠥᠭ ᠂ ᠪᠦᠷ ᠪᠠᠶ᠋ᠢᠷᠢᠨ ᠳ᠋ᠤ᠌ ᠪᠠᠶ᠋ᠢᠲᠠᠭ ᠶᠤᠮ ᠪᠠᠶ᠋ᠢᠨ᠎ᠠ ᠰᠢᠲᠠ ᠃
ᠮᠥᠩᠬᠡ ᠄ ᠫᠥᠬᠥ᠂ ᠴᠠᠭᠠᠨ ᠬᠣᠭᠣᠯᠠ ᠲᠠᠢ ᠬᠥᠮᠦᠨ ᠳ᠋ᠦ᠍ ᠬᠦᠷᠲᠡᠯ᠎ᠡ ᠵᠣᠷᠢᠭᠤᠯᠤᠭᠰᠠᠨ ᠰᠢᠬᠢᠷ ᠪᠠᠶ᠋ᠢᠲᠠᠭ ᠶᠤᠮ ‍ᠤᠤ ? ᠸᠠ ᠧᠦ
ᠠᠷᠸ᠎ᠡ ᠄ ᠬᠡ ᠬᠡ ᠂ ᠵᠠ ᠵᠠ ᠠᠬ᠎ᠠ ᠨᠢ ᠠᠪᠴᠤ ᠥᠭᠭᠦᠨ᠎ᠡ᠃
ᠮᠥᠩᠬᠡ ᠄ ᠶᠣᠬᠣ ᠂ ᠰᠠᠢᠬᠠᠨ ᠪᠠᠶ᠋ᠢᠯ᠎ᠠ ᠰᠢᠦ !
ᠲᠤᠩᠬᠤ ᠄ ᠰᠠᠢᠬᠠᠨ ᠪᠠᠶ᠋ᠢᠯ᠎ᠠ
ᠮᠥᠩᠬᠡ ᠄ ᠠᠷᠸ᠎ᠡ ᠠᠬ᠎ᠠ  ᠳ᠋ᠤ᠌ ᠣᠬᠢᠭᠠᠳ ᠮᠠᠭᠲᠠᠵᠤ ᠶᠠᠷᠢᠪᠠᠯ ᠂ ᠪᠡᠪᠡᠲᡂ ᠴᠢᠨᠢ ᠥᠭᠡᠷ᠎ᠡ ᠶᠠᠮᠠᠷ ᠶᠠᠮᠠᠷ ᠲᠥᠷᠥᠯ ᠪᠠᠶ᠋ᠢᠬ᠋᠎ᠠ ᠪᠢᠯᠡ ?
ᠲᠤᠩᠬᠤ ᠄ ᠬᠢ ᠬᠢ ᠂ ᠮᠥᠩᠬᠡ ᠣᠳᠣ ᠪᠣᠯᠤᠨ᠎ᠠ ᠃
ᠮᠥᠩᠬᠡ ᠄ ᠬᠢ ᠬᠢ
ᠴᠠᠰᠤᠬᠠᠨ ᠄ ᠬᠢ ᠬᠢ
ᠪᠠᠰᠠᠷ ᠄ ᠪᠸᠪᠸᠲ ᠂ ᠦ ᠦ ᠡᠨᠡ ᠳᠠᠭᠤᠨ ᠤ᠋ ᠿᠢᠮᠠᠱ ᠊ᠢ ᠨᠢ ᠶᠡᠷᠦ ᠨᠢ ᠬᠢᠨ᠎ᠡ᠃ ᠪᠸᠪᠸᠲ ᠂ ᠽᠢᠺᠠ᠂ ᠽᠢᠺᠠ᠃
ᠴᠠᠰᠤᠬᠠᠨ ᠄ ᠬᠡᠦᠬᠡᠳ ᠦ᠋ᠳ ᠠ᠋ ᠂ ᠮᠠᠰᠺᠠ ᠵᠥᠪ ᠵᠡᠭᠦᠬᠦ ᠨᠢ ᠶᠡᠬᠡ ᠴᠢᠬᠤᠯᠠ ᠵᠦᠢᠯ ᠰᠢᠦ ᠂ ᠬᠡᠷᠪᠡ ᠭᠠᠳᠠᠭᠤᠷ ᠭᠠᠷᠬᠤ ᠶᠤᠮ ᠪᠣᠯ ᠢ᠋ᠶ᠋ᠠᠨ ᠠᠷᠢᠭᠤᠳᠬᠠᠵᠤ ᠪᠠᠶ᠋ᠢᠭᠠᠷᠠᠢ !

ᠦᠰᠦᠭ ᠠᠮᠢᠯᠠᠭᠤᠯᠤᠭᠴᠢ᠄ ᠬᠤᠸᠠᠷ
ᠦᠰᠦᠭ ᠬᠠᠳᠠᠭᠴᠢ ᠄ ᠾᠦᠩ ᠸᠧᠢ
ᠬᠢᠨᠠᠯᠲᠠ᠄ ᠪᠥᠬᠡᠴᠢᠯᠠᠭᠤ᠂ ᠾᠦᠩ ᠸᠧᠢ᠂ ᠱᠤᠳᠤᠷᠭᠤ᠂
ᠵᠡᠭᠦᠯᠲᠡ᠄
ᠤᠬᠠᠭᠠᠯᠢᠭ ᠲᠣᠷᠤᠨ—- ᠨᠢᠰᠬᠡᠳᠡᠭ ᠠᠤᠲ ᠰᠡᠭᠦᠳᠡᠷᠯᠡᠬᠦ ᠮᠠᠰᠢᠨ ᠢ ᠬᠡᠯᠡᠵᠦ ᠪᠠᠢᠨ᠎ᠠ᠃
ᠿᠢᠮᠡᠱ| ᠰᠢᠨ᠎ᠡ ᠬᠤᠪᠢᠯᠪᠤᠷᠢ ᠭᠡᠰᠡᠨ ᠤᠳᠬ᠎ᠠ ᠲᠠᠢ᠃
ᠯᠤᠤᠪᠢᠳᠴᠠᠭ᠎ᠡ| ᠲᠤᠰ ᠬᠥᠳᠡᠯᠭᠡᠭᠡᠨᠲᠦ ᠵᠢᠷᠤᠭ ᠲᠤ᠌ ᠨᠢᠭᠡ ᠶᠡᠬᠡ ᠰᠦᠷᠵᠢᠩ ᠲᠠᠯᠪᠢᠭᠠᠳ ᠪᠤᠶᠤ ᠨᠢᠭᠡ ᠶᠡᠬᠡ ᠰᠦᠷᠡᠬᠡᠢ ᠶᠠᠭᠤᠮ᠎ᠠ ᠪᠣᠯᠭᠠᠯ᠎ᠠ ᠭᠡᠰᠡᠨ ᠤᠳᠬ᠎ᠠ ᠪᠠᠷ ᠬᠡᠷᠡᠭᠯᠡᠭᠳᠡᠵᠦ ᠪᠠᠶ᠋ᠢᠭ᠎ᠠ ᠬᠠᠷᠢ ᠭᠠᠷᠤᠯ ᠲᠠᠢ ᠦᠭᠡ ᠮᠠᠭᠠᠳ᠂ ᠬᠠᠯᠬ᠎ᠠ ᠨᠤᠲᠤᠭ ᠲᠤ᠌ ᠶᠠᠷᠢᠳᠠᠭ᠂ ᠥᠪᠥᠷ ᠮᠣᠩᠭᠣᠯ ᠳ᠋ᠤ᠌ ᠶᠠᠷᠢᠳᠠᠭ ᠦᠭᠡᠢ᠃