ᠬᠥᠬᠡ ᠰᠤᠳᠤᠷ - ᠢᠨᠵᠠᠨᠨᠠᠰᠢ < ᠨᠠᠢ᠍ᠮᠠᠳᠤᠭᠠᠷ ᠪᠦᠯᠦᠭ > Хөх судар - Инжинаш <Наймдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠨᠠᠢ᠍ᠮᠠᠳᠤᠭᠠᠷ ᠪᠦᠯᠦᠭ > Хөх судар - Инжинаш <Наймдугаар бүлэг >

ᠬᠥᠬᠡ ᠰᠤᠳᠤᠷ - ᠢᠨᠵᠠᠨᠨᠠᠰᠢ < ᠨᠠᠢ᠍ᠮᠠᠳᠤᠭᠠᠷ ᠪᠦᠯᠦᠭ > Хөх судар - Инжинаш <Наймдугаар бүлэг >

ᠠᠩᠭᠢᠯᠠᠯ:ᠲᠡᠦᠬᠡ ᠰᠣᠶᠣᠯ
2023-06-22

476

ᠪᠥᠬᠡ ᠢᠳᠠᠮ ᠰᠠᠯᠬᠢᠨ ᠢ᠋ ᠤᠷᠢᠵᠤ ᠪᠧᠲ᠋ᠠ᠋ ᠤᠯᠤᠰ ᠢ᠋ ᠪᠠᠢᠯᠳᠤᠮᠤᠢ

ᠮᠡᠷᠭᠡᠨ ᠮᠤᠬᠤᠯᠢ ᠤᠴᠢᠷ ᠢ᠋ ᠰᠢᠭᠦᠮᠵᠢᠯᠡᠨ ᠰᠢᠷᠢ ᠬᠤᠲᠤᠭ ᠢ᠋ ᠶᠠᠯᠠᠯᠠᠮᠤᠢ


                ᠨᠠᠢ᠍ᠮᠠᠳᠤᠭᠠᠷ  ᠪᠦᠯᠦᠭ 
                    ᠰᠥᠩ ᠰᠢᠶᠤᠤᠽᠦ᠋ᠩ ᠦ᠋ᠨ ᠴᠦᠨ ᠰᠢ ᠶ᠋ᠢᠨ ᠠᠷᠪᠠᠨ ᠬᠣᠶᠠᠳᠤᠭᠠᠷ ᠣᠨ᠂ ᠠᠯᠲᠠᠨ ᠤᠯᠤᠰ ᠤ᠋ᠨ 
                           ᠱ᠌ᠢᠽᠦ᠋ᠩ ᠬᠠᠭᠠᠨ ᠤ᠋ ᠳᠠ ᠳ᠋ᠢᠩ ᠦ᠋ᠨ ᠬᠣᠷᠢᠨ ᠲᠠᠪᠤᠳᠤᠭᠠᠷ ᠣᠨ᠂ ᠲᠠᠢᠽᠦ ᠬᠣᠷᠢᠨ ᠳᠥᠷᠪᠡᠨ 
                           ᠰᠡᠭᠦᠳᠡᠷ ᠲᠡᠢ ᠪᠣᠯᠪᠠ᠂ ᠬᠥᠬᠡᠭᠴᠢᠨ ᠮᠣᠭᠠᠢ ᠵᠢᠯ ᠪᠤᠶᠤ᠂ ᠡᠨᠡ ᠵᠢᠯ ᠦ᠋ᠨ ᠳᠥᠷᠪᠡᠨ ᠰᠠᠷ᠎ᠠ ᠳ᠋ᠤᠷ᠂ 
                           ᠲᠠᠢᠽᠦ ᠰᠡᠴᠡᠨ ᠰᠡᠴᠢᠭᠯᠢᠭ ᠭᠦᠩᠵᠦ ᠶ᠋ᠢ ᠲᠥᠷᠥᠪᠡ᠂  ᠡᠮᠦᠨ᠎ᠡ ᠪᠦᠯᠦᠭ ᠲᠣᠷ ᠭᠠᠷᠪᠠᠢ 
                  

             ᠪᠥᠬᠡ ᠢᠳᠠᠮ ᠰᠠᠯᠬᠢᠨ ᠢ᠋ ᠤᠷᠢᠵᠤ  ᠪᠧᠲ᠋ᠠ᠋ ᠤᠯᠤᠰ ᠢ᠋ ᠪᠠᠢᠯᠳᠤᠮᠤᠢ 
             ᠮᠡᠷᠭᠡᠨ ᠮᠤᠬᠤᠯᠢ ᠤᠴᠢᠷ ᠢ᠋ ᠰᠢᠭᠦᠮᠵᠢᠯᠡᠨ ᠰᠢᠷᠢ ᠬᠤᠲᠤᠭ ᠢ᠋ ᠶᠠᠯᠠᠯᠠᠮᠤᠢ 

                        ᠠᠰᠤᠷᠤ ᠴᠢᠭᠢᠷᠠᠭ ᠶᠤᠸᠠᠨᠱᠤᠸᠠᠢ ᠴᠢᠦᠢ ᠰᠢᠦᠸᠠᠢ ᠦ᠋ ᠠᠪᠠᠢ ᠦᠨᠡᠬᠡᠷ ᠵᠢᠷᠤᠮ ᠲᠠᠢ
                        ᠠᠳᠠᠪᠠᠰᠢ ᠴᠢᠬᠡᠴᠢ ᠬᠣᠰᠢᠭᠤᠴᠢ ᠢᠳᠡᠷ ᠳᠣᠪᠣ ᠠᠶ᠎ᠠ ᠶᠠᠭᠤ ᠲᠠᠢ ᠬᠥᠭᠡᠷᠦᠬᠦᠢ᠂ 
                        ᠠᠭᠤᠷᠯᠠᠯ ᠶᠡᠬᠡᠲᠦ ᠵᠠᠩᠵᠤᠨ ᠰᠢᠷᠢ ᠬᠤᠲᠤᠭ ᠠᠮᠢᠰᠬᠤᠯ ᠮᠠᠰᠢᠳᠠ ᠲᠣᠪᠴᠢᠬᠠᠨ 
                        ᠠᠷᠭ᠎ᠠ ᠪᠣᠳᠣᠯᠭᠠᠲᠤ ᠵᠢᠨᠦᠩ ᠮᠤᠬᠤᠯᠢ ᠶ᠋ᠢᠨ ᠠᠯᠠᠬᠤ ᠠᠮᠢᠳᠤᠷᠠᠭᠤᠯᠬᠤ ᠠᠮᠲᠠᠲᠠᠢ᠃

       ᠲᠡᠷᠡ ᠦᠶ᠎ᠡ ᠲᠠᠢᠽᠦ ᠤᠯᠤᠰ ᠲᠤᠷ ᠬᠡᠷᠡᠭ ᠦᠭᠡᠢ ᠲᠤᠯᠠ ᠮᠢᠩᠭᠠᠨ ᠠᠪᠠ ᠪᠠᠷ ᠠᠪᠠᠯᠠᠷ᠎ᠠ ᠭᠠᠷᠴᠤ ᠬᠡᠰᠢᠭᠲᠡᠢ ᠶ᠋ᠢᠨ ᠲᠠᠯ᠎ᠠ ᠳ᠋ᠤᠷ ᠪᠠᠭᠤᠳᠠᠯᠯᠠᠵᠤ ᠭᠦᠨ ᠨᠠᠮᠤᠷ ᠠᠪᠠ ᠬᠣᠮᠣᠷᠭᠠᠨ ᠬᠢᠬᠦ ᠪᠥᠯᠥᠭᠡ ᠃ 
       ᠲᠡᠭᠦᠨᠴᠡ ᠪᠧᠲ᠋ᠠ᠋ ᠤᠯᠤᠰ ᠤ᠋ᠨ ᠬᠢᠵᠠᠭᠠᠷ ᠤ᠋ᠨ ᠲᠤᠷᠰᠢᠭᠤᠯ᠂ ᠨᠠᠢ᠍ᠮᠠᠨ ᠤ᠋ ᠴᠡᠷᠢᠭ ᠢᠷᠡᠬᠦ ᠶ᠋ᠢ ᠮᠡᠳᠡᠭᠡᠳ ᠨᠢᠰᠬᠦ ᠮᠡᠲᠦ ᠳᠣᠪᠲᠣᠯᠤᠨ ᠮᠡᠳᠡᠭᠦᠯᠦᠷ᠎ᠡ ᠢᠷᠡᠭᠰᠡᠨ ᠳ᠋ᠦ᠍ᠷ ᠲᠠᠢᠽᠦ ᠨᠢᠭᠡᠨᠲᠡᠭᠡᠭᠦᠷ ᠤᠯᠤᠰ ᠲᠤᠷ ᠢ᠋ᠶ᠋ᠠᠨ ᠳᠣᠪᠲᠣᠯᠭᠠᠨ ᠲᠣᠷᠭᠠᠨ ᠰᠢᠷ᠎ᠠ᠂ ᠮᠤᠬᠤᠯᠢ ᠲᠠᠨ ᠤ᠋ ᠣᠯᠠᠨ ᠰᠠᠢᠳ ᠢ᠋ ᠶᠡᠬᠡ ᠴᠡᠷᠢᠭ ᠢ᠋ ᠠᠪᠴᠤ ᠳᠣᠪᠲᠣᠯᠤᠨ ᠢᠷ᠎ᠡ ᠭᠡᠮᠡᠨ ᠬᠡᠯᠡᠵᠦ ᠢᠯᠡᠭᠡᠭᠡᠳ ᠨᠢᠭᠡᠨᠲᠡᠭᠡᠭᠦᠷ ᠴᠡᠷᠢᠭ ᠢ᠋ᠶ᠋ᠡᠨ ᠠᠪᠴᠤ ᠠᠭᠤᠯᠠᠨ ᠤ᠋ ᠢᠷᠣᠭᠠᠷ ᠪᠠᠭᠤᠳᠠᠯᠯᠠᠭᠠᠳ ᠦᠯᠦ ᠮᠡᠳᠡᠭᠴᠢ ᠪᠡᠷ ᠠᠪᠠᠯᠠᠵᠤ᠂ ᠭᠤᠷᠪᠠ ᠳᠥᠷᠪᠡ ᠬᠣᠨᠣᠲᠠᠯ᠎ᠠ ᠨᠠᠢ᠍ᠮᠠᠨ ᠤ᠋ ᠴᠡᠷᠢᠭ ᠣᠢᠷ᠎ᠠ ᠪᠣᠯᠪᠠ᠃ ᠲᠠᠢᠽᠦ ᠶ᠋ᠢᠨ ᠶᠡᠬᠡ ᠴᠡᠷᠢᠭ ᠦ᠋ᠨ ᠮᠡᠳᠡᠭᠡ ᠮᠥᠨ ᠬᠦᠷᠴᠦ ᠢᠷᠡᠪᠡ᠃ 
       ᠲᠡᠨᠳᠡᠴᠡ ᠨᠠᠢ᠍ᠮᠠᠨ ᠤ᠋ ᠬᠣᠰᠢᠭᠤᠴᠢ ᠢᠳᠡᠷ ᠳᠣᠪᠣ ᠶ᠋ᠢᠨ ᠴᠡᠷᠢᠭ ᠤᠷᠢᠳᠠ ᠬᠦᠷᠴᠦ ᠢᠷᠡᠭᠡᠳ ᠲᠠᠢᠽᠦ ᠶ᠋ᠢᠨ ᠠᠪᠠᠯᠠᠷ᠎ᠠ ᠭᠠᠷᠴᠤ ᠠᠭᠤᠯᠠᠨ ᠢᠷᠣᠭᠠᠷ ᠲᠤᠷ  ᠪᠦᠬᠦᠢ ᠶ᠋ᠢ ᠦᠵᠡᠭᠡᠳ ᠶᠡᠬᠡᠯ᠎ᠡ ᠪᠠᠶᠠᠷᠯᠠᠵᠤ 《ᠲᠡᠭᠷᠢ ᠨᠠᠳᠠ ᠳ᠋ᠤᠷ ᠭᠠᠢᠬᠠᠯᠲᠠᠢ ᠭᠠᠪᠢᠶ᠎ᠠ ᠣᠯᠭᠣᠭᠤᠯᠪᠠᠢ ! 》 ᠬᠡᠮᠡᠵᠦ ᠳᠠᠷᠤᠢ ᠬᠡᠩᠭᠡᠷᠭᠡ ᠳᠡᠯᠡᠳᠦᠭᠦᠯᠦᠨ ᠪᠦᠷᠢᠶ᠎ᠡ ᠦᠯᠢᠶᠡᠯᠭᠡᠵᠦ᠂ ᠠᠭᠤᠯᠠ ᠶ᠋ᠢ ᠥᠭᠡᠳᠡᠯᠡᠨ ᠪᠠᠢᠯᠳᠤᠷ᠎ᠠ ᠢᠷᠡᠬᠦᠢ ᠳ᠋ᠦ᠍ᠷ ᠲᠠᠢᠽᠦ ᠨᠠᠢ᠍ᠮᠠᠨ ᠤ᠋ ᠴᠡᠷᠢᠭ ᠦ᠋ᠨ ᠠᠭᠤᠯᠠ ᠳᠤᠮᠳᠠᠯᠠᠬᠤ ᠶ᠋ᠢ ᠬᠦᠯᠢᠶᠡᠵᠦ ᠭᠡᠨᠡᠳᠲᠡ ᠳᠡᠭᠡᠷ᠎ᠡ ᠡᠴᠡ ᠳᠠᠷᠤᠨ ᠣᠷᠣᠵᠤ ᠢᠷᠡᠪᠡ᠃ ᠨᠠᠢ᠍ᠮᠠᠨ ᠤ᠋ ᠴᠡᠷᠢᠭ ᠲᠠᠢᠽᠦ ᠶ᠋ᠢ ᠰᠠᠨᠠᠭᠠᠨ ᠳ᠋ᠤᠷ ᠦᠭᠡᠢ ᠪᠠᠢᠭᠰᠠᠨ ᠲᠤᠯᠠ ᠯᠠᠪ ᠪᠤᠷᠤᠭᠤᠯᠠᠮᠤᠢ ᠭᠡᠮᠡᠨ ᠰᠡᠳᠬᠢᠵᠦ ᠠᠵᠢᠭ ᠦᠭᠡᠢ ᠠᠭᠤᠯᠠ ᠥᠭᠡᠳᠡᠯᠡᠭᠰᠡᠨ ᠪᠥᠯᠥᠭᠡ᠃ ᠡᠳᠦᠭᠡ ᠭᠡᠳᠡᠷᠭᠦ ᠬᠠᠷᠢᠨ ᠳᠠᠷᠤᠨ ᠪᠠᠭᠤᠵᠤ ᠢᠷᠡᠭᠰᠡᠨ ᠢ᠋ ᠦᠵᠡᠭᠡᠳ ᠨᠠᠢ᠍ᠮᠠᠨ ᠤ᠋ ᠴᠡᠷᠢᠭ ᠦ᠋ᠨ ᠰᠡᠳᠬᠢᠯ ᠰᠣᠴᠢᠨ ᠬᠡᠮᠬᠡᠷᠡᠭᠰᠡᠨ ᠳᠡᠭᠡᠷ᠎ᠡ᠂ ᠮᠣᠷᠢ ᠪᠠᠰᠠ ᠥᠭᠡᠳᠡ ᠪᠠᠢᠯᠳᠤᠨ ᠭᠠᠷᠴᠤ ᠪᠣᠯᠬᠤ ᠦᠭᠡᠢ ᠲᠤᠯᠠ ᠬᠥᠯ ᠵᠣᠭᠰᠣᠨ ᠲᠣᠭᠲᠠᠬᠤ ᠶ᠋ᠢᠨ ᠤᠷᠢᠳᠠ᠂ ᠲᠠᠢᠽᠦ ᠶ᠋ᠢᠨ ᠴᠡᠷᠢᠭ ᠳᠡᠭᠡᠷ᠎ᠡ ᠡᠴᠡ ᠴᠢᠯᠠᠭᠤ ᠥᠩᠬᠥᠷᠢᠨ ᠬᠠᠳᠠ ᠶᠡᠭᠦᠷᠡᠬᠦ ᠮᠡᠲᠦ ᠳᠠᠷᠤᠨ ᠪᠠᠭᠤᠵᠤ ᠢᠷᠡᠭᠡᠳ ᠴᠠᠪᠴᠢᠯᠬᠢᠯᠠᠨ ᠣᠷᠣᠬᠤᠶ᠎ᠠ᠂ ᠨᠠᠢ᠍ᠮᠠᠨ ᠤ᠋ ᠴᠡᠷᠢᠭ ᠪᠠᠢᠯᠳᠤᠯ ᠦᠭᠡᠢ ᠪᠡᠷ ᠰᠠᠮᠠᠭᠤᠷᠠᠨ ᠪᠤᠷᠤᠭᠤᠯᠠᠵᠤ ᠤᠷᠤᠭᠤᠳᠠᠨ ᠳᠣᠪᠲᠣᠯᠪᠠᠢ᠃ ᠢᠳᠡᠷ ᠳᠣᠪᠣ ᠠᠭᠤᠯᠠᠨ ᠤ᠋ ᠬᠥᠲᠥᠯ ᠳ᠋ᠦ᠍ᠷ ᠲᠠᠢᠽᠦ ᠯᠤᠬ᠎ᠠ ᠤᠴᠠᠷᠠᠯᠳᠤᠭᠠᠳ ᠬᠣᠶᠠᠷ ᠤᠳᠠᠭ᠎ᠠ ᠵᠥᠷᠢᠴᠡᠯᠳᠦᠭᠰᠡᠨ ᠦᠭᠡᠢ ᠡᠮᠡᠭᠡᠯ ᠦ᠋ᠨ ᠣᠯᠣᠩ ᠴᠠᠪᠢᠯᠤᠤᠷ ᠲᠠᠰᠤ ᠡᠴᠢᠵᠦ᠂ ᠡᠮᠡᠭᠡᠯ ᠢᠨᠦ ᠬᠥᠯᠪᠡᠷᠢᠭᠡᠳ ᠢᠳᠡᠷ ᠳᠣᠪᠣ ᠮᠣᠷᠢᠨ ᠠ᠋ᠴᠠ ᠪᠠᠨ ᠲᠦᠷᠦᠭᠦᠯᠡᠨ ᠤᠨᠠᠭᠰᠠᠨ ᠳ᠋ᠤᠷ ᠲᠠᠢᠽᠦ ᠭᠠᠩ ᠶ᠋ᠢᠳᠠ ᠪᠠᠨ ᠲᠡᠭᠦᠨ ᠦ᠌ ᠠᠷᠤ ᠭᠣᠣᠯ ᠳ᠋ᠤᠷ ᠲᠤᠯᠭᠠᠵᠤ ᠵᠠᠩᠳᠠᠨ ᠠᠰᠠᠭᠤᠷᠤᠨ: 《ᠥᠴᠦᠬᠡᠨ ᠪᠣᠭᠣᠯ ᠴᠢᠨᠦ ᠠᠮᠢ ᠡᠳᠦᠭᠡ ᠮᠢᠨᠦ ᠵᠢᠳᠠᠨ ᠤ᠋ ᠦᠵᠦᠭᠦᠷ ᠲᠣᠷ ᠪᠣᠢ᠂ ᠴᠢ ᠦᠬᠦᠰᠦᠭᠡᠢ ᠬᠡᠮᠡᠮᠦᠢ  ᠦᠦ ᠡᠳᠡᠭᠡᠰᠦᠭᠡᠢ ᠬᠡᠮᠡᠮᠦᠢ ᠦᠦ ? 》ᠢᠳᠡᠷ ᠳᠣᠪᠣ ᠢᠨᠴᠠᠡᠡᠳᠠᠶ᠎ᠠ ᠢᠨᠢᠶᠡᠵᠦ ᠥᠭᠦᠯᠡᠷᠦᠨ: 《ᠦᠬᠦᠬᠦ ᠡᠳᠡᠭᠡᠬᠦ ᠢᠨᠦ ᠮᠢᠨᠦ ᠵᠣᠷᠢᠭ ᠪᠤᠰᠤ᠂ ᠶᠤᠸᠠᠨᠱᠤᠸᠠᠢ ᠶ᠋ᠢᠨ ᠳᠤᠷ᠎ᠠ ᠪᠣᠢ ‍ᠶ᠎ᠠ᠂ ᠮᠢᠨᠦ ᠰᠠᠨᠠᠭ᠎ᠠ ᠪᠠᠷ ᠪᠣᠯᠪᠠᠰᠤ ᠦᠬᠦᠬᠦ ᠶ᠋ᠢ ᠡᠷᠢᠮᠦᠢ᠃ 》 ᠲᠠᠢᠽᠦ ᠥᠭᠦᠯᠡᠷᠦᠨ: 《ᠪᠢ ᠡᠳᠦᠭᠡ ᠴᠢᠨᠦ ᠠᠮᠢ ᠶ᠋ᠢ ᠬᠡᠯᠲᠦᠷᠢᠭᠦᠯᠦᠨ ᠢᠯᠡᠭᠡᠰᠦᠭᠡᠢ᠂ ᠴᠢ ᠮᠢᠨᠦ ᠠᠴᠢ ᠨᠢ ᠬᠡᠷᠬᠢᠵᠦ ᠬᠠᠷᠢᠭᠤᠯᠠᠮᠤᠢ? 》 ᠢᠳᠡᠷ ᠳᠣᠪᠣ ᠭᠠᠵᠠᠷ ᠲᠤ᠌ ᠪᠠᠯᠲᠠᠢᠨ ᠬᠡᠪᠲᠡᠵᠦ ᠪᠠᠢᠭᠠᠳ ᠫᠠᠴᠢᠭᠢᠨᠠᠲᠠᠯ᠎ᠠ ᠢᠨᠢᠶᠡᠵᠦ ᠥᠴᠢᠷᠦᠨ: 《ᠬᠣᠢᠴᠢ ᠡᠳᠦᠷ ᠴᠢᠳᠠᠬᠤᠯ᠎ᠠ ᠮᠥᠨ ᠬᠦ᠌ ᠡᠨᠡ ᠶᠣᠰᠣᠭᠠᠷ ᠴᠡᠷᠢᠭ ᠠᠪᠴᠤ ᠪᠠᠢᠯᠳᠤᠵᠤ ᠬᠠᠷᠢᠭᠤᠯᠠᠮᠤᠢ ‍ᠶ᠎ᠠ ! 》 ᠬᠡᠮᠡᠭᠰᠡᠨ ᠳ᠋ᠦ᠍ᠷ ᠲᠠᠢᠽᠦ ᠥᠴᠦᠬᠡᠨ ᠮᠦᠰᠢᠶᠡᠵᠦ ᠪᠠᠰᠠ ᠠᠰᠠᠭᠤᠷᠤᠨ: 《ᠲᠠᠨ ᠤ᠋ ᠠᠢᠮᠠᠭ ᠤ᠋ᠨ ᠴᠡᠷᠢᠭ ᠡᠳᠦᠭᠡ ᠬᠡᠳᠦᠢ ᠢᠷᠡᠪᠡ? 》 ᠢᠳᠡᠷ ᠳᠣᠪᠣ ᠥᠴᠢᠷᠦᠨ: 《ᠲᠠᠪᠤᠨ ᠲᠦᠮᠡᠨ ᠵᠢᠷᠭᠤᠭᠠᠨ ᠮᠢᠩᠭᠠᠨ ᠢᠷᠡᠪᠡ᠃ 》  ᠲᠠᠢᠽᠦ ᠠᠰᠠᠭᠤᠷᠤᠨ: 《ᠵᠠᠩᠵᠤᠨ ᠳ᠋ᠤᠷ ᠲᠣᠭᠠᠴᠠᠬᠤ ᠬᠥᠮᠦᠨ ᠬᠡᠳᠦᠢ ᠪᠣᠢ ? 》 ᠢᠳᠡᠷ ᠳᠣᠪᠣ ᠥᠴᠢᠷᠦᠨ: 《ᠶᠡᠬᠡ ᠪᠠᠭᠠᠲᠤᠷ ᠮᠥᠨ ᠠᠷᠪᠠᠭᠠᠳ ᠪᠣᠢ᠃ 》  ᠲᠠᠢᠽᠦ ᠲᠤᠯᠤᠭᠰᠠᠨ ᠵᠢᠳᠠ ᠪᠠᠨ ᠠᠪᠴᠤ ᠥᠭᠦᠯᠡᠷᠦᠨ : 《ᠴᠢ ᠣᠳᠴᠤ ᠲᠠᠨ ᠤ᠋ ᠴᠡᠷᠢᠭ ᠦ᠋ᠨ ᠡᠵᠡᠨ ᠴᠢᠦᠢ ᠰᠢᠦᠸᠠᠢ ᠡᠦ ᠳ᠋ᠡᠭᠡᠨ ᠬᠡᠯᠡ᠂ ᠡᠨᠡ ᠤᠳᠠᠭ᠎ᠠ ᠬᠡᠷᠪᠡ ᠪᠠᠰᠠ ᠮᠢᠨᠦ ᠴᠡᠷᠢᠭ ᠲᠦ᠍ᠷ ᠳᠠᠷᠤᠭᠳᠠᠪᠠᠰᠤ ᠬᠠᠭᠤᠴᠢᠨ ᠶᠡᠬᠡ ᠯᠢᠶᠣᠤ ᠤᠯᠤᠰ ᠬᠢᠭᠡᠳ ᠰᠢᠨ᠎ᠡ ᠨᠠᠢ᠍ᠮᠠᠨ ᠬᠣᠶᠠᠷ ᠤᠯᠤᠰ ᠤ᠋ᠨ ᠰᠦᠷ ᠨᠡᠷ᠎ᠡ ᠶ᠋ᠢ ᠭᠠᠭᠴᠠ ᠴᠢ ᠨᠢᠭᠡᠬᠡᠨ ᠬᠥᠮᠦᠨ ᠡᠪᠳᠡᠵᠦ ᠭᠡᠭᠡᠯᠭᠡᠮᠦᠢ ! 》 ᠬᠡᠮᠡᠭᠰᠡᠨ ᠳ᠋ᠦ᠍ᠷ ᠢᠳᠡᠷ ᠳᠣᠪᠣ : 《ᠠ ᠪᠣᠯᠤᠮᠤᠢ ! 》 ᠭᠡᠮᠡᠨ ᠬᠦᠯᠢᠶᠡᠨ ᠠᠪᠴᠤ ᠮᠣᠷᠢ ᠪᠠᠨ ᠣᠯᠵᠤ ᠤᠨᠤᠭᠠᠳ ᠳᠠᠷᠤᠭᠳᠠᠭᠰᠠᠨ ᠴᠡᠷᠢᠭ ᠢ᠋ᠶ᠋ᠡᠨ ᠠᠪᠴᠤ ᠡᠴᠢᠪᠡ᠃ 
       ᠵᠢᠴᠢ ᠡᠳᠦᠷ ᠦ᠋ᠨ ᠨᠠᠷᠠᠨ ᠰᠢᠩᠭᠡᠬᠦ ᠦᠶ᠎ᠡ ᠳ᠋ᠦ᠍ᠷ ᠵᠢᠨᠦᠩ ᠮᠤᠬᠤᠯᠢ ᠲᠠᠨ ᠤ᠋ ᠶᠡᠬᠡ ᠴᠡᠷᠢᠭ ᠬᠦᠷᠴᠦ ᠢᠷᠡᠭᠡᠳ ᠤᠷᠤᠭ᠍ᠰᠢ ᠲᠠᠪᠰᠢᠵᠤ᠂ ᠠᠯᠬᠠᠲᠠᠢ ᠠᠭᠤᠯᠠᠨ ᠤ᠋ ᠲᠠᠯ᠎ᠠ ᠳ᠋ᠤᠷ ᠬᠦᠷᠢᠶ᠎ᠡ ᠪᠠᠭᠤᠳᠠᠯᠯᠠᠪᠠ᠃ ᠳᠠᠭᠠᠯᠳᠤᠭ᠎ᠠ ᠪᠠᠷ ᠨᠠᠢ᠍ᠮᠠᠨ ᠤ᠋ ᠴᠡᠷᠢᠭ ᠮᠥᠨ ᠬᠦᠷᠴᠦ ᠢᠷᠡᠭᠡᠳ ᠴᠢᠦᠢ ᠰᠢᠦᠸᠠᠢ ᠡᠦ ᠭᠠᠵᠠᠷ ᠤ᠋ᠨ ᠪᠠᠢᠳᠠᠯ ᠢ᠋ ᠬᠡᠮᠵᠢᠨ ᠵᠢᠱ᠌ᠢᠵᠦ᠂ ᠠᠭᠤᠯᠠ ᠶ᠋ᠢ ᠳᠥᠰᠢᠨ ᠭᠣᠣᠯ ᠢ᠋ ᠬᠠᠯᠠᠭᠯᠠᠵᠤ᠂ ᠪᠡᠷᠬᠡ ᠶ᠋ᠢ ᠡᠵᠡᠯᠡᠨ ᠬᠡᠳᠡᠷ ᠲᠣᠷ ᠨᠢᠭᠤᠵᠤ ᠬᠦᠷᠢᠶ᠎ᠡ ᠪᠠᠢᠭᠤᠯᠪᠠ᠃ ᠪᠤᠭᠤᠷᠵᠢ ᠲᠣᠷᠭᠠᠨ ᠰᠢᠷ᠎ᠠ ᠲᠠᠨ᠂ ᠵᠢᠨᠦᠩ ᠮᠤᠬᠤᠯᠢ ᠶ᠋ᠢᠨ ᠵᠦᠭ ᠥᠭᠦᠯᠡᠷᠦᠨ: 《ᠬᠡᠷᠪᠡ ᠡᠰᠡᠷᠭᠦᠴᠡᠯ ᠦ᠋ᠨ ᠨᠠᠢ᠍ᠮᠠᠨ ᠤ᠋ ᠴᠡᠷᠢᠭ ᠬᠡᠳᠡᠷ ᠪᠡᠷᠬᠡ ᠶ᠋ᠢ ᠡᠵᠡᠯᠡᠪᠡᠰᠦ ᠪᠢᠳᠡᠨ ᠲᠡᠭᠦᠨ ᠦ᠌ ᠬᠦᠷᠢᠶ᠎ᠡ ᠶ᠋ᠢ ᠡᠪᠳᠡᠯᠡᠬᠦᠶ᠎ᠡ ᠪᠡᠷᠬᠡ᠂ ᠤᠷᠢᠳᠠ ᠴᠡᠷᠢᠭ ᠭᠠᠷᠴᠤ ᠪᠤᠯᠢᠶᠠᠨ ᠡᠪᠳᠡᠯᠡᠪᠡᠰᠦ ᠶᠠᠮᠪᠠᠷ ? 》 ᠮᠤᠬᠤᠯᠢ ᠥᠭᠦᠯᠡᠷᠦᠨ: 《ᠪᠡᠷᠬᠡ ᠬᠡᠳᠡᠷ ᠢ᠋ ᠡᠵᠡᠯᠡᠬᠦ ᠢᠨᠦ ᠪᠠᠲᠤᠯᠠᠨ ᠰᠠᠬᠢᠬᠤᠶ᠎ᠠ ᠬᠡᠷᠡᠭᠲᠡᠢ ᠪᠣᠢ ‍ᠶ᠎ᠠ᠂ ᠡᠰᠡᠷᠭᠦᠴᠡᠨ ᠪᠠᠢᠯᠳᠤᠬᠤᠢ ᠳ᠋ᠤᠷ ᠲᠤᠰᠠ ᠦᠭᠡᠢ᠃ ᠡᠳᠦᠭᠡ ᠲᠡᠳᠡᠨ ᠦ᠌ ᠴᠡᠷᠢᠭ ᠬᠣᠯᠠ ᠠ᠋ᠴᠠ ᠢᠷᠡᠭᠡᠳ ᠲᠦᠷᠭᠡᠨ᠎ᠡ ᠪᠠᠢᠯᠳᠤᠪᠠᠰᠤ ᠠᠰᠢᠭ᠋ ᠲᠠᠢ ᠪᠣᠢ ‍ᠶ᠎ᠠ᠂ ᠰᠠᠬᠢᠵᠤ ᠰᠠᠭᠤᠭᠠᠳ ᠶᠠᠭᠤ ᠬᠢᠮᠦᠢ ? ᠪᠡᠷᠬᠡ ᠶ᠋ᠢ ᠡᠵᠡᠯᠡᠪᠡᠴᠦ ᠣᠭᠲᠣ ᠲᠤᠰᠠ ᠦᠭᠡᠢ᠂ ᠲᠡᠮᠡᠴᠡᠬᠦ  ᠶ᠋ᠢ ᠪᠠᠢᠰᠤᠭᠠᠢ ! 》 ᠬᠡᠮᠡᠭᠰᠡᠨ ᠳ᠋ᠦ᠍ᠷ ᠲᠠᠢᠽᠦ ᠶᠡᠬᠡᠳᠡ ᠵᠥᠪᠰᠢᠶᠡᠵᠦ ᠣᠯᠠᠨ ᠢ᠋ᠶ᠋ᠠᠷ ᠪᠢᠰᠢᠷᠡᠵᠦ ᠵᠣᠭᠰᠣᠪᠠ᠃ 
       ᠲᠡᠭᠦᠨᠴᠡ ᠴᠢᠦᠢ ᠰᠢᠦᠸᠠᠢ ᠡᠦ ᠢᠳᠡᠷ ᠳᠣᠪᠣ ᠶ᠋ᠢᠨ ᠴᠡᠷᠢᠭ ᠬᠣᠬᠢᠷᠠᠭᠰᠠᠨ ᠢ᠋ ᠦᠵᠡᠭᠡᠳ ᠶᠡᠬᠡ ᠬᠢᠯᠢᠩ ᠲᠥᠷᠥᠵᠦ ᠴᠡᠷᠢᠭ ᠦ᠋ᠨ ᠬᠤᠷᠴᠠ ᠰᠦᠷ ᠢ᠋ ᠪᠠᠭᠤᠷᠠᠭᠤᠯᠪᠠ ᠭᠡᠮᠡᠨ 《ᠲᠦᠯᠬᠢᠨ ᠭᠠᠷᠭᠠᠵᠤ ᠠᠯᠠ ! 》 ᠬᠡᠮᠡᠭᠰᠡᠨ ᠳ᠋ᠦ᠍ᠷ ᠲᠠᠢᠽᠢ ᠬᠦᠩ ᠠᠯᠲᠠᠨᠱᠠᠭ᠎ᠠ ᠣᠯᠠᠨ ᠵᠠᠩᠵᠤᠨ ᠢ᠋ ᠠᠪᠴᠤ ᠬᠦᠴᠦᠯᠡᠨ ᠭᠤᠶᠤᠵᠤ ᠭᠡᠯᠳᠦᠷᠢᠭᠦᠯᠦᠭᠡᠳ ᠳᠠᠷᠤᠨ ᠤᠨᠠᠭᠠᠵᠤ ᠳᠥᠴᠢᠨ ᠮᠣᠳᠣ ᠬᠦᠨᠳᠦᠳᠡ ᠰᠢᠳᠬᠡᠵᠦ ᠲᠠᠯᠪᠢᠭ᠍ᠰᠠᠨ ᠳ᠋ᠤᠷ ᠢᠳᠡᠷ ᠳᠣᠪᠣ ᠬᠡᠲᠦᠷᠬᠡᠢ ᠲᠠᠷᠭᠤᠨ᠂ ᠬᠣᠳᠣᠭᠣᠳᠣ ᠠᠨᠤ ᠭᠠᠵᠠᠷ ᠢ᠋ ᠲᠤᠯᠵᠤ ᠢᠨᠴᠠᠭᠯᠠᠭᠰᠠᠭᠠᠷ ᠵᠠᠨᠴᠢᠭ᠍ᠳᠠᠨ ᠪᠠᠷᠠᠵᠤ ᠥᠩᠬᠥᠷᠢᠨ ᠪᠣᠰᠴᠤ ᠥᠮᠥᠳᠥ ᠪᠡᠨ ᠬᠠᠪᠴᠢᠭᠤᠯᠤᠨ ᠥᠭᠦᠯᠡᠷᠦᠨ : 《  ᠪᠧᠲ᠋ᠠ᠋ ᠤᠯᠤᠰ ᠤ᠋ᠨ ᠡᠵᠡᠨ ᠦ᠌ ᠬᠡᠯᠡᠬᠦ ᠢᠨᠦ ᠶᠤᠸᠠᠨᠱᠤᠸᠠᠢ ᠶ᠋ᠢ ᠡᠨᠡ ᠤᠳᠠᠭ᠎ᠠ ᠪᠠᠰᠠ ᠬᠡᠷᠪᠡ ᠳᠠᠷᠤᠭᠳᠠᠪᠠᠰᠤ ᠨᠢᠭᠡᠨ ᠪᠡᠶ᠎ᠡ ᠪᠡᠷ ᠬᠠᠭᠤᠴᠢᠨ ᠯᠢᠶᠣᠤ ᠬᠢᠭᠡᠳ ᠰᠢᠨ᠎ᠡ ᠨᠠᠢ᠍ᠮᠠᠨ ᠬᠣᠶᠠᠷ ᠤᠯᠤᠰ ᠢ᠋ ᠴᠥᠮ ᠭᠤᠲᠤᠭᠠᠨ ᠨᠡᠷ᠎ᠡ ᠰᠦᠷ ᠢ᠋ ᠮᠥᠬᠥᠭᠡᠬᠦᠢ ᠳ᠋ᠦ᠍ᠷ ᠬᠦᠷᠦᠭᠦᠯᠬᠦ ᠪᠢᠰᠢᠦ ? ᠬᠡᠮᠡᠮᠦᠢ᠃ 》 ᠬᠡᠮᠡᠭᠰᠡᠨ᠎ᠡ᠂ ᠴᠢᠦᠢ ᠰᠢᠦᠸᠠᠢ ᠡᠦ ᠨᠡᠩᠳᠡ ᠬᠢᠯᠢᠩᠨᠡᠵᠦ᠂ ᠵᠢᠴᠢ ᠡᠳᠦᠷ ᠠᠯᠲᠠᠨᠱᠠᠭ᠎ᠠ ᠯᠤᠭ᠎ᠠ ᠵᠥᠪᠯᠡᠨ ᠥᠭᠦᠯᠡᠷᠦᠨ : 《ᠳᠠᠢᠰᠤᠨ ᠤ᠋ ᠴᠡᠷᠢᠭ ᠦ᠋ᠨ ᠠᠭᠤᠷ ᠮᠠᠰᠢ ᠬᠤᠷᠴᠠ ᠴᠢᠭᠢᠷᠠᠭ᠂ ᠬᠢᠯᠪᠠᠷ ᠢ᠋ᠶ᠋ᠠᠷ ᠪᠠᠢᠯᠳᠤᠵᠤ ᠪᠣᠯᠬᠤ ᠦᠭᠡᠢ᠂ ᠪᠢ ᠦᠵᠡᠪᠡᠰᠦ ᠲᠡᠳᠡ ᠰᠢᠭᠤᠢ ᠪᠠ ᠬᠠᠭᠤᠷᠠᠢ ᠬᠤᠯᠤᠰᠤ ᠡᠪᠡᠰᠦᠨ ᠦ᠌ ᠳᠣᠲᠣᠷ᠎ᠠ ᠪᠠᠭᠤᠳᠠᠯᠯᠠᠵᠤᠬᠤᠢ᠂ ᠡᠭᠦᠨ ᠳ᠋ᠦ᠍ᠷ ᠣᠳᠣ ᠭᠠᠯ ᠢ᠋ᠶ᠋ᠠᠷ ᠪᠠᠢᠯᠳᠤᠪᠠᠰᠤ ᠰᠠᠶᠢ ᠲᠤᠯᠵᠤ ᠪᠣᠯᠬᠤ ᠮᠡᠲᠦ᠂ ᠭᠠᠭᠴᠠ ᠭᠠᠯ ᠢ᠋ᠶ᠋ᠠᠷ ᠪᠠᠢᠯᠳᠤᠬᠤᠢ ᠳ᠋ᠤᠷ ᠰᠠᠯᠬᠢᠨ ᠦᠭᠡᠢ ᠪᠣᠯᠪᠠᠰᠤ ᠮᠥᠨ ᠬᠦᠴᠦᠨ ᠦᠭᠡᠢ ᠲᠤᠯᠠ ᠵᠣᠪᠠᠨᠢᠮᠤᠢ᠃ 》 ᠠᠯᠲᠠᠨᠱᠠᠭ᠎ᠠ ᠥᠭᠦᠯᠡᠷᠦᠨ : 《ᠮᠠᠨ ᠤ᠋ ᠴᠡᠷᠢᠭ ᠲᠦ᠍ᠷ ᠠᠪᠴᠢᠷᠠᠭᠰᠠᠨ ᠪᠥᠬᠡ ᠢᠳᠠᠮ ᠢ᠋ ᠲᠤᠰᠬᠠᠢᠯᠠᠨ ᠰᠠᠯᠬᠢᠨ ᠪᠣᠷᠣᠭᠠᠨ ᠢ᠋ ᠤᠷᠢᠬᠤ ᠶ᠋ᠢᠨ ᠲᠤᠯᠠ ᠠᠪᠴᠢᠷᠠᠭᠰᠠᠨ ᠪᠤᠰᠤ ᠤᠤ᠂ ᠲᠡᠭᠦᠨ ᠢ᠋ ᠳᠠᠭᠤᠳᠠᠨ ᠵᠥᠪᠯᠡᠵᠦ ᠦᠵᠡᠰᠦᠭᠡᠢ᠃ 》 ᠬᠡᠮᠡᠵᠦ ᠪᠥᠬᠡ ᠢᠳᠠᠮ ᠢ᠋ ᠳᠠᠭᠤᠳᠠᠨ ᠠᠪᠴᠢᠷᠠᠵᠤ ᠤᠴᠢᠷ ᠢ᠋ ᠬᠡᠯᠡᠭᠰᠡᠨ ᠳ᠋ᠦ᠍ᠷ ᠪᠥᠬᠡ ᠢᠳᠠᠮ ᠥᠭᠦᠯᠡᠷᠦᠨ: 《ᠰᠠᠯᠬᠢᠨ ᠤᠷᠢᠬᠤ ᠠᠨᠤ ᠬᠠᠷᠢᠨ ᠪᠣᠷᠣᠭᠠᠨ ᠤᠷᠢᠬᠤ ᠠ᠋ᠴᠠ ᠬᠢᠯᠪᠠᠷ᠂ ᠭᠠᠭᠴᠠ ᠲᠡᠳᠡᠨ ᠦ᠌ ᠵᠦᠭ ᠳᠣᠷᠣᠨ᠎ᠠ ᠤᠮᠠᠷ᠎ᠠ ᠶ᠋ᠢᠨ ᠰᠠᠯᠬᠢᠨ ᠢ᠋ ᠤᠷᠢᠬᠤ ᠲᠤᠯᠠ ᠪᠠᠬᠠᠨ ᠤᠳᠠᠭᠠᠨ᠂ ᠡᠨᠡ ᠡᠳᠦᠷ ᠡᠴᠡ ᠡᠬᠢᠯᠡᠨ ᠤᠩᠰᠢᠪᠠᠰᠤ ᠮᠠᠷᠭᠠᠲᠠ ᠶ᠋ᠢᠨ ᠬᠣᠨᠢᠨ ᠴᠠᠭ ᠲᠤᠷ ᠰᠠᠶᠢ ᠭᠦᠢᠴᠡᠭᠳᠡᠮᠦᠢ᠃ 》 ᠴᠢᠦᠢ ᠰᠢᠦᠸᠠᠢ ᠡᠦ ᠥᠭᠦᠯᠡᠷᠦᠨ : 《ᠴᠡᠷᠢᠭ ᠬᠣᠯᠠ ᠠ᠋ᠴᠠ ᠴᠥᠬᠥᠷᠡᠵᠦ ᠢᠷᠡᠭᠰᠡᠨ ᠲᠤᠯᠠ ᠪᠠᠬᠠᠨ ᠰᠡᠭᠬᠢᠬᠦ ᠢᠨᠦ ᠮᠥᠨ ᠵᠦᠢ᠂ ᠴᠢ ᠳᠠᠷᠤᠢ ᠰᠠᠯᠬᠢᠨ ᠢ᠋ᠶ᠋ᠠᠨ ᠤᠷᠢᠷ᠎ᠠ ᠡᠴᠢ᠂ ᠪᠢᠲᠡᠭᠡᠢ ᠶᠡᠬᠡ ᠬᠡᠷᠡᠭ ᠢ᠋ ᠬᠠᠭᠤᠷᠮᠠᠭ ᠪᠣᠯᠭᠠᠨ ᠰᠠᠭᠠᠳᠠᠭᠤᠯ ! 》 ᠬᠡᠮᠡᠭᠰᠡᠨ ᠳ᠋ᠦ᠍ᠷ ᠪᠥᠬᠡ ᠢᠳᠠᠮ ᠪᠣᠰᠴᠤ ᠤᠪᠠᠳᠢᠰ ᠢ᠋ᠶ᠋ᠠᠨ ᠡᠭᠦᠰᠬᠡᠷ᠎ᠡ ᠡᠴᠢᠪᠡ᠃ ᠲᠡᠳᠦᠢ ᠴᠢᠦᠢ ᠰᠢᠦᠸᠠᠢ ᠡᠦ ᠪᠠᠰᠠ ᠢᠳᠡᠷ ᠳᠣᠪᠣ ᠶ᠋ᠢ ᠪᠧᠲ᠋ᠠ᠋ ᠤᠯᠤᠰ ᠤ᠋ᠨ ᠴᠡᠷᠢᠭ ᠦ᠋ᠨ ᠬᠦᠷᠢᠶᠡᠨ ᠳ᠋ᠦ᠍ᠷ ᠵᠠᠷᠤᠵᠤ ᠪᠠᠢᠯᠳᠤᠬᠤ ᠪᠢᠴᠢᠭ ᠪᠠᠷᠢᠭᠤᠯᠤᠨ : ᠪᠢ ᠡᠨᠳᠡ ᠢᠯᠳᠦ ᠪᠡᠨ ᠪᠢᠯᠡᠭᠦᠳᠡᠵᠦ ᠬᠦᠯᠢᠶᠡᠨ ᠪᠣᠢ᠂ ᠰᠥᠰᠥ ᠪᠣᠢ ᠵᠢᠷᠦᠬᠡ ᠶᠡᠬᠡ ᠪᠣᠯᠪᠠᠰᠤ ᠮᠠᠷᠭᠠᠲᠠ ᠶ᠋ᠢᠨ ᠮᠣᠷᠢᠨ ᠴᠠᠭ ᠲᠤᠷ ᠲᠣᠯᠣᠭᠠᠢ ᠪᠠᠨ ᠬᠦᠷᠭᠡᠵᠦ ᠢᠷ᠎ᠡ ᠭᠡᠮᠡᠨ ᠬᠡᠯᠡᠭᠦᠯᠵᠦ ᠢᠯᠡᠭᠡᠭᠰᠡᠨ ᠳ᠋ᠦ᠍ᠷ ᠢᠳᠡᠷ ᠳᠣᠪᠣ ᠮᠥᠨ ᠶᠣᠰᠣᠭᠠᠷ ᠲᠠᠢᠽᠦ ᠶ᠋ᠢᠨ ᠡᠮᠦᠨ᠎ᠡ ᠬᠡᠯᠡᠵᠦ ᠪᠢᠴᠢᠭ ᠢ᠋ ᠥᠭᠭᠦᠭᠰᠡᠨ ᠳ᠋ᠦ᠍ᠷ ᠪᠤᠭᠤᠷᠵᠢ᠂ ᠴᠢᠯᠠᠭᠤᠨ ᠨᠠᠷ ᠠᠯᠠᠰᠤᠭᠠᠢ ᠬᠡᠮᠡᠬᠦᠢ ᠳ᠋ᠦ᠍ᠷ ᠲᠠᠢᠽᠦ ᠮᠦᠰᠢᠶᠡᠵᠦ ᠥᠭᠦᠯᠡᠷᠦᠨ : 《ᠴᠢᠦᠢ ᠰᠢᠦᠸᠠᠢ ᠡᠦ ᠢᠳᠡᠷ ᠳᠣᠪᠣ ᠳ᠋ᠤᠷ ᠠᠭᠤᠷᠯᠠᠵᠤ ᠠᠯᠠᠰᠤᠭᠠᠢ ᠭᠡᠮᠡᠨ ᠲᠤᠬᠠᠢᠯᠠᠨ ᠮᠠᠨ ᠢ᠋ᠶ᠋ᠠᠷ ᠠᠯᠠᠭᠤᠯᠤᠷ᠎ᠠ ᠢᠯᠡᠭᠡᠭᠰᠡᠨ ᠰᠠᠨᠠᠭᠠᠨ ᠪᠣᠯᠠᠢ᠂ ᠪᠢᠳᠡ ᠶᠠᠭᠤᠨ ᠳ᠋ᠤᠷ ᠲᠡᠭᠦᠨ ᠦ᠌ ᠰᠠᠨᠠᠭ᠎ᠠ ᠪᠠᠷ ᠬᠣᠶᠠᠷ ᠤᠯᠤᠰ ᠤ᠋ᠨ ᠬᠣᠭᠣᠷᠣᠨᠳᠣᠬᠢ ᠡᠯᠴᠢ ᠶ᠋ᠢ ᠠᠯᠠᠭᠰᠠᠨ ᠥᠴᠦᠬᠡᠨ ᠠᠮᠢᠰᠬᠤᠯᠳᠤ ᠨᠡᠷ᠎ᠡ ᠶ᠋ᠢ ᠣᠯᠵᠤ᠂ ᠢᠯᠳᠦᠨ ᠢ᠋ᠶ᠋ᠠᠨ ᠪᠤᠵᠠᠷᠯᠠᠮᠤᠢ ! 》 ᠬᠡᠮᠡᠭᠰᠡᠨ᠎ᠡ ᠮᠤᠬᠤᠯᠢ ᠲᠠᠨ ᠶᠡᠬᠡᠯ᠎ᠡ ᠪᠠᠶᠠᠷᠯᠠᠨ ᠭᠠᠢᠬᠠᠵᠤ᠂ ᠢᠳᠡᠷ ᠳᠣᠪᠣ ᠳ᠋ᠤᠷ ᠮᠣᠷᠢ ᠱᠠᠩᠨᠠᠵᠤ ᠠᠷᠢᠬᠢ ᠮᠢᠬ᠎ᠠ ᠪᠠᠷ ᠬᠦᠨᠳᠦᠯᠡᠨ ᠳᠠᠢᠯᠠᠵᠤ ᠬᠣᠢᠰᠢ ᠡᠭᠡᠭᠦᠯᠪᠡᠢ᠃ ᠲᠡᠳᠦᠢ ᠥᠪᠡᠷ ᠦ᠋ᠨ ᠴᠡᠷᠢᠭ ᠢ᠋ᠶ᠋ᠡᠨ ᠪᠠᠢᠴᠠᠭᠠᠪᠠᠰᠤ ᠮᠣᠷᠢᠲᠤ ᠴᠡᠷᠢᠭ ᠭᠤᠷᠪᠠᠨ ᠲᠦᠮᠡ ᠬᠣᠶᠠᠷ ᠮᠢᠩᠭᠠᠨ ᠵᠢᠷᠭᠤᠭᠠᠨ ᠵᠠᠭᠤᠨ ᠶᠠᠪᠠᠭᠠᠨ ᠴᠡᠷᠢᠭ ᠬᠣᠶᠠᠷ ᠲᠦᠮᠡ ᠨᠢᠭᠡᠨ ᠮᠢᠩᠭᠠᠨ ᠳᠥᠷᠪᠡᠨ ᠵᠠᠭᠤᠨ ᠨᠡᠢᠲᠡ ᠪᠦᠭᠦᠳᠡ ᠲᠠᠪᠤᠨ ᠲᠦᠮᠡᠨ ᠳᠥᠷᠪᠡᠨ ᠮᠢᠩᠭᠠᠨ ᠰᠢᠯᠭᠠᠳᠠᠭ ᠴᠡᠷᠢᠭ ᠪᠣᠢ᠂ ᠲᠠᠢᠽᠦ ᠠᠯᠬᠠᠲᠠᠢ ᠠᠭᠤᠯᠠᠨ ᠤ᠋ ᠠᠯᠠᠭᠲᠤ ᠬᠠᠷ᠎ᠠ ᠶ᠋ᠢᠨ ᠳᠡᠭᠡᠷ᠎ᠡ ᠭᠠᠷᠴᠤ ᠴᠡᠷᠢᠭ ᠢ᠋ᠶ᠋ᠡᠨ ᠦᠵᠡᠪᠡᠰᠦ ᠶᠡᠬᠡ ᠪᠠᠭ᠎ᠠ ᠢᠯᠭᠠᠪᠤᠷᠢ ᠲᠠᠢ ᠪᠥᠭᠡᠳ ᠣᠷᠣᠬᠤ ᠡᠭᠡᠬᠦ ᠢᠨᠦ ᠬᠡᠮᠵᠢᠶ᠎ᠡ ᠲᠡᠢ᠂ ᠮᠣᠷᠢ ᠲᠠᠢ ᠶᠠᠪᠠᠭᠠᠨ ᠠᠨᠤ ᠴᠢᠭᠢᠷᠠᠭ ᠪᠥᠭᠡᠳ ᠠᠩᠭᠢ ᠪᠠᠭ ᠠᠨᠤ ᠲᠡᠭᠰᠢ᠂ ᠲᠠᠢᠽᠦ ᠳᠣᠲᠣᠷ᠎ᠠ ᠪᠠᠨ ᠮᠤᠬᠤᠯᠢ ᠶ᠋ᠢᠨ ᠴᠡᠷᠢᠭ ᠬᠡᠷᠡᠭᠯᠡᠬᠦ ᠠᠷᠭ᠎ᠠ ᠶ᠋ᠢ ᠶᠡᠬᠡᠯ᠎ᠡ ᠭᠠᠢᠬᠠᠨ ᠰᠠᠢᠰᠢᠶᠠᠵᠤ᠂ ᠪᠠᠰᠠ ᠦᠵᠡᠬᠦᠯ᠎ᠡ ᠴᠢᠨᠠᠳᠤ ᠴᠡᠷᠢᠭ ᠦ᠋ᠨ ᠬᠦᠷᠢᠶᠡᠨ ᠦ᠌ ᠭᠠᠳᠠᠨ᠎ᠠ ᠨᠠᠢ᠍ᠮᠠᠨ ᠤ᠋ ᠴᠡᠷᠢᠭ ᠦ᠋ᠨ ᠲᠦᠯᠡᠭᠡ ᠴᠠᠪᠴᠢᠬᠤ ᠠᠷᠠᠳ ᠬᠡᠳᠦᠨ ᠬᠥᠮᠦᠨ ᠲᠣᠭᠣᠷᠢᠨ ᠰᠠᠭᠤᠯᠴᠠᠵᠤ ᠠᠮᠠᠷᠠᠬᠤᠢ ᠳ᠋ᠤᠷ ᠭᠡᠨᠡᠳᠲᠡ ᠨᠢᠭᠡᠨ ᠬᠥᠮᠦᠨ ᠢᠨᠦ ᠬᠡᠲᠡ ᠴᠣᠬᠢᠵᠤ ᠲᠠᠮᠠᠬᠢ ᠰᠣᠷᠣᠬᠤᠶ᠎ᠠ ᠭᠠᠯ ᠠᠯᠳᠠᠭᠠᠳ ᠲᠦᠢᠮᠡᠷ ᠰᠢᠲᠠᠪᠠ᠃ ᠲᠡᠷᠡ ᠦᠶ᠎ᠡ ᠬᠠᠷᠠᠬᠠᠨ ᠬᠠᠩᠭᠢᠨᠠᠮ᠎ᠠ ᠨᠠᠮᠤᠷ ᠤ᠋ᠨ ᠬᠠᠭᠤᠷᠠᠢ ᠴᠠᠭ ᠪᠣᠯᠤᠭᠰᠠᠨ ᠲᠤᠯᠠ ᠠᠭᠤᠯᠠᠨ ᠤ᠋ ᠲᠦᠯᠡᠭᠡ ᠡᠪᠡᠰᠦ ᠪᠠ ᠮᠣᠳᠣᠨ ᠤ᠋ ᠨᠠᠪᠴᠢ ᠴᠥᠮ ᠬᠠᠲᠠᠵᠤ᠂ ᠪᠠᠲᠤ ᠴᠠᠭᠠᠨ ᠮᠣᠳᠣᠨ ᠤ᠋ ᠨᠠᠪᠴᠢ ᠪᠠ ᠤᠯᠠᠭᠠᠪᠤᠷ ᠲᠦᠯᠡᠭᠡᠨ ᠦ᠌ ᠨᠠᠪᠴᠢ ᠠᠨᠤ ᠳᠥᠷᠪᠡᠨ ᠰᠠᠷ᠎ᠠ ᠶ᠋ᠢᠨ ᠴᠡᠴᠡᠭ ᠮᠡᠲᠦ ᠤᠯᠠᠢᠭᠠᠳ ᠰᠢᠷ ᠱᠠᠷ ᠱᠤᠸᠠᠷᠴᠢᠭᠢᠨᠡᠨ ᠱᠠᠭᠢᠵᠤ ᠮᠠᠰᠢ ᠬᠠᠭᠤᠷᠠᠢ ᠳ᠋ᠤᠷ ᠲᠠᠢᠽᠦ ᠭᠡᠨᠡᠳᠲᠡ ᠭᠠᠯ ᠤ᠋ᠨ ᠠᠶᠤᠯ ᠢ᠋ ᠰᠠᠨᠠᠭᠠᠯᠵᠠᠵᠤ᠂ ᠮᠤᠬᠤᠯᠢ ᠶ᠋ᠢᠨ ᠴᠡᠷᠢᠭ ᠢ᠋ ᠰᠠᠢᠰᠢᠶᠠᠨ᠂ ᠵᠡᠭᠦᠭᠰᠡᠨ ᠬᠡᠲᠡ ᠪᠡᠨ ᠠᠪᠴᠤ ᠮᠤᠬᠤᠯᠢ ᠳ᠋ᠤᠷ ᠱᠠᠩᠨᠠᠨ ᠵᠡᠭᠦᠯᠭᠡᠮᠡᠭᠴᠡ ᠮᠤᠬᠤᠯᠢ ᠰᠠᠶᠢ ᠰᠡᠬᠡᠰᠬᠢᠵᠦ ᠡᠵᠡᠨ ᠳ᠋ᠦ᠍ᠷ ᠮᠥᠷᠭᠥᠵᠦ ᠠᠭᠤᠯᠠ ᠠ᠋ᠴᠠ ᠪᠠᠭᠤᠮᠠᠭᠴᠠ ᠳᠠᠷᠤᠢ ᠵᠠᠷ ᠲᠠᠷᠬᠠᠭᠠᠨ ᠨᠢᠭᠡᠨ ᠭᠱᠠᠨ᠎ᠠ ᠴᠡᠷᠢᠭ ᠦ᠋ᠨ ᠬᠦᠷᠢᠶ᠎ᠡ ᠪᠡᠨ ᠳᠡᠪᠰᠢᠭᠦᠯᠵᠦ᠂ ᠤᠰᠤᠨ ᠤ᠋ ᠡᠯᠡᠰᠦᠨ ᠳᠠᠩ ᠳ᠋ᠤᠷ ᠪᠠᠭᠤᠳᠠᠯᠯᠠᠭᠤᠯᠪᠠ᠃ ᠣᠯᠠᠨ ᠲᠦᠰᠢᠮᠡᠳ ᠴᠥᠮ ᠤᠴᠢᠷ ᠢ᠋ ᠤᠬᠠᠭᠰᠠᠨ ᠦᠭᠡᠢ ᠲᠤᠯᠠ ᠶᠡᠬᠡ ᠯᠡ ᠭᠠᠢᠬᠠᠯᠳᠤᠪᠠ᠃ ᠡᠭᠦᠨᠴᠡ ᠨᠠᠢ᠍ᠮᠠᠨ ᠤ᠋ ᠴᠢᠦᠢ ᠰᠢᠦᠸᠠᠢ ᠡᠦ ᠲᠠᠢᠽᠦ ᠶ᠋ᠢᠨ ᠴᠡᠷᠢᠭ ᠭᠡᠨᠡᠳᠲᠡ ᠪᠠᠢᠭᠰᠠᠭᠠᠷ ᠲᠠᠪᠰᠢᠵᠤ ᠬᠠᠭᠤᠷᠠᠢ ᠬᠤᠯᠤᠰᠤ ᠡᠪᠡᠰᠦ ᠡᠴᠡ ᠭᠠᠷᠴᠤ ᠤᠰᠤᠨ ᠳᠠᠩ ᠳ᠋ᠤᠷ ᠪᠠᠭᠤᠭᠰᠠᠨ ᠢ᠋ ᠦᠵᠡᠭᠡᠳ ᠶᠡᠬᠡᠯ᠎ᠡ ᠰᠡᠵᠢᠭᠯᠡᠵᠦ᠂ ᠢᠳᠡᠷ ᠳᠣᠪᠣ ᠶ᠋ᠢ ᠠᠯᠠᠭᠰᠠᠨ ᠦᠭᠡᠢ ᠪᠡᠷ ᠦᠯᠦ ᠪᠠᠷᠠᠮ ᠱᠠᠩ ᠬᠡᠰᠢᠭ ᠲᠡᠢ ᠡᠭᠡᠭᠦᠯᠦᠭᠰᠡᠨ ᠢ᠋ᠶ᠋ᠡᠷ ᠯᠠᠪ ᠲᠡᠭᠦᠨ ᠡᠴᠡ ᠬᠡᠯᠡ ᠭᠠᠷᠪᠠ ᠭᠡᠮᠡᠨ ᠰᠡᠵᠢᠭᠯᠡᠵᠦ᠂ ᠢᠳᠡᠷ ᠳᠣᠪᠣ ᠶ᠋ᠢ ᠪᠠᠷᠢᠵᠤ ᠵᠠᠭᠤᠨ ᠵᠦᠢᠯ ᠦ᠋ᠨ ᠬᠦᠨᠳᠦ ᠡᠷᠡᠭᠦᠦ ᠪᠡᠷ ᠡᠷᠡᠭᠦᠳᠡᠨ ᠠᠰᠠᠭᠤᠪᠠᠰᠤ᠂ ᠢᠳᠡᠷ ᠳᠣᠪᠣ ᠬᠡᠳᠦᠨ ᠵᠡᠷᠭᠡ ᠬᠠᠷᠠᠩᠭᠤᠳᠤᠨ ᠤᠨᠠᠪᠠᠴᠤ ᠬᠢᠯᠢᠰ ᠭᠡᠮᠡᠨ ᠪᠠᠷᠬᠢᠷᠠᠵᠤ ᠤᠭᠤᠭᠠᠲᠠ ᠬᠦᠯᠢᠶᠡᠨ ᠠᠪᠬᠤ ᠦᠭᠡᠢ ᠳ᠋ᠦ᠍ᠷ ᠬᠣᠷᠢᠭᠤᠯ ᠲᠡᠷᠭᠡᠨ᠎ᠡ ᠬᠣᠷᠢᠭᠠᠳ ᠴᠡᠷᠢᠭ ᠳᠡᠢᠯᠦᠭᠰᠡᠨ ᠴᠠᠭ ᠲᠤᠷ ᠵᠢᠴᠢ ᠰᠢᠳᠬᠡᠰᠦᠭᠡᠢ ᠬᠡᠮᠡᠪᠡᠢ᠃ 
       ᠰᠤᠳᠤᠷᠴᠢ ᠲᠦᠰᠢᠮᠡᠯ ᠪᠢᠴᠢᠭᠰᠡᠭᠡᠷ ᠡᠨᠳᠡ ᠬᠦᠷᠴᠦ ᠰᠡᠭᠦᠷᠡᠰᠦᠨ ᠠᠯᠳᠠᠵᠤ᠂ ᠰᠢᠯᠦᠭ ᠪᠢᠴᠢᠨ ᠭᠤᠨᠢᠶᠠᠨ ᠭᠠᠩᠰᠠᠷᠠᠭᠰᠠᠨ ᠢᠨᠦ : 
         ᠣᠷᠴᠢᠯᠠᠩ ᠤ᠋ᠨ ᠬᠣᠭᠣᠷᠣᠨᠳᠣ ᠤᠷᠠᠨ ᠪᠣᠯᠭᠣᠮᠵᠢᠲᠤ ᠥᠴᠦᠬᠡᠨ ᠬᠥᠮᠦᠨ ᠵᠢᠷᠭᠠᠬᠤᠶ᠎ᠠ ᠬᠠᠷᠢᠨ ᠬᠢᠯᠪᠠᠷ 
         ᠣᠯᠠᠨ ᠤ᠋ ᠰᠦᠷᠦᠭ ᠲᠣᠷ ᠣᠮᠣᠷᠬᠠᠭ ᠴᠢᠬᠡᠴᠢ ᠪᠠᠭᠠᠲᠤᠷ ᠢᠳᠡᠲᠡᠨ ᠴᠣᠯᠭᠣᠷᠠᠬᠤᠶ᠎ᠠ ᠦᠨᠡᠬᠡᠷ ᠪᠡᠷᠬᠡ 
         ᠣᠯᠢᠬᠠᠢ ᠳᠣᠣᠯᠢᠬᠠᠢ ᠪᠢᠯᠳᠠᠤᠴᠢ ᠠᠷᠠᠳ ᠣᠯᠠᠩᠬᠢ ᠨᠢ ᠴᠥᠮ ᠵᠠᠪᠰᠢᠶᠠᠨ ᠢ᠋ ᠣᠯᠤᠨ ᠴᠢᠳᠠᠭᠠᠳ 
         ᠤᠡᠡᠴᠤᠷᠬᠠᠢ ᠲᠠᠰᠤᠷᠬᠠᠢ ᠦᠨᠡᠨᠴᠢ ᠡᠷ᠎ᠡ ᠣᠨᠴᠠ ᠭᠡᠳᠡᠷᠭᠦ ᠬᠢᠯᠢᠰ ᠭᠦᠵᠢᠷ ᠢ᠋ ᠠᠮᠰᠠᠵᠤᠬᠤᠢ᠃ 
      ᠲᠡᠨᠳᠡᠴᠡ ᠮᠤᠬᠤᠯᠢ ᠴᠡᠷᠢᠭ ᠢ᠋ᠶ᠋ᠡᠨ ᠬᠤᠪᠢᠶᠠᠵᠤ ᠮᠥᠨ ᠭᠤᠷᠪᠠᠨ ᠠᠩᠭᠢ ᠪᠣᠯᠭᠠᠨ ᠵᠣᠬᠢᠶᠠᠵᠤ ᠵᠡᠯᠮ᠎ᠡ᠂ ᠬᠠᠷ᠎ᠠ ᠬᠢᠷᠤ᠂ ᠴᠢᠨᠳᠠᠭᠠᠨ᠎ᠠ ᠰᠡᠴᠡᠨ ᠭᠤᠷᠪᠠᠭᠤᠯᠠ ᠶ᠋ᠢ  ᠳᠡᠭᠡᠳᠦ ᠴᠡᠷᠢᠭ ᠢ᠋ ᠵᠠᠬᠢᠷᠤᠭᠤᠯᠵᠤ᠂ ᠪᠤᠭᠤᠷᠤᠯ᠂ ᠴᠢᠯᠠᠭᠤᠨ᠂ ᠵᠡᠪᠡ ᠭᠤᠷᠪᠠᠭᠤᠯᠠ ᠳ᠋ᠤᠷ ᠳᠣᠣᠷᠠᠲᠤ ᠴᠡᠷᠢᠭ ᠢ᠋ ᠵᠠᠬᠢᠷᠤᠭᠤᠯᠵᠤ᠂ ᠥᠪᠡᠷ ᠦ᠋ᠨ ᠪᠡᠶ᠎ᠡ ᠴᠤᠤ ᠮᠡᠷᠭᠡᠨ᠂ ᠰᠢᠷᠢ ᠬᠤᠲᠤᠭ ᠬᠣᠶᠠᠭᠤᠯᠠ ᠶ᠋ᠢ ᠠᠪᠴᠤ ᠳᠤᠮᠳᠠᠳᠤ ᠴᠡᠷᠢᠭ ᠢ᠋ ᠵᠠᠬᠢᠷᠤᠨ᠂ ᠮᠠᠷᠭᠠᠲᠠ ᠯᠤᠤ ᠴᠠᠭ ᠲᠤᠷ ᠭᠤᠷᠪᠠᠨ ᠠᠩᠭᠢ ᠴᠡᠷᠢᠭ ᠢ᠋ ᠬᠠᠮᠲᠤ ᠪᠠᠷ ᠪᠤᠳᠠᠭᠠᠯᠠᠭᠠᠳ ᠮᠣᠭᠠᠢ ᠴᠠᠭ ᠲᠤᠷ ᠭᠠᠷᠴᠤ ᠵᠢᠭ᠍ᠰᠠᠭᠠᠮᠤᠢ᠃ ᠲᠣᠷᠭᠠᠨ ᠰᠢᠷ᠎ᠠ᠂ ᠢᠳᠡᠷ ᠰᠡᠴᠡᠨ᠂ ᠬᠠᠰᠠᠷ᠂ ᠪᠡᠯᠭᠦᠳᠡᠢ᠂ ᠣᠶᠤᠨ ᠭᠤᠸ᠎ᠠ᠂ ᠣᠶᠤᠲᠤ ᠰᠡᠴᠡᠨ᠂ ᠦᠯᠬᠦ ᠰᠠᠢᠳ᠂ ᠬᠤᠷᠴᠠ ᠪᠠᠢᠷᠢ᠂ ᠰᠠᠢᠬᠠᠨ ᠰᠤᠷᠲᠠᠯᠲᠤ᠂ ᠲᠡᠭᠦᠰᠴᠦᠭ᠍ᠲᠦ ᠠᠷᠪᠠᠭᠤᠯᠠ ᠮᠠᠷᠭᠠᠲᠠ ᠡᠵᠡᠨ ᠢ᠋ ᠳᠠᠭᠠᠵᠤ ᠠᠯᠠᠭᠲᠠᠢ ᠶ᠋ᠢᠨ ᠬᠠᠷ᠎ᠠ ᠳᠡᠭᠡᠷ᠎ᠡ ᠳ᠋ᠦ᠍ᠷ ᠠᠪᠠᠷᠢᠵᠤ ᠮᠠᠨ ᠤ᠋ ᠪᠠᠢᠯᠳᠤᠬᠤ ᠶ᠋ᠢ ᠦᠵᠡ᠂ ᠡᠵᠡᠨ ᠦ᠌ ᠤᠷᠤᠭᠰᠢᠯᠠᠨ ᠣᠷᠣᠬᠤ ᠶ᠋ᠢ ᠬᠢᠴᠢᠶᠡ᠂ ᠬᠡᠷᠬᠢᠪᠡᠴᠦ ᠡᠵᠡᠨ ᠦ᠌ ᠪᠡᠶ᠎ᠡ ᠶ᠋ᠢ ᠰᠢᠩᠬᠤᠯᠠᠭᠤᠯᠵᠤ ᠪᠣᠯᠬᠤ ᠦᠭᠡᠢ᠂ ᠪᠢᠴᠢᠬᠠᠨ ᠣᠰᠣᠯᠳᠠᠪᠠᠰᠤ ᠡᠵᠡᠨ ᠦ᠌ ᠴᠠᠭᠠᠵᠠ ᠪᠠᠷ ᠶᠠᠯᠠᠯᠠᠮᠤᠢ ᠭᠡᠮᠡᠨ ᠴᠢᠩᠳᠠ ᠵᠠᠷᠯᠠᠨ ᠲᠣᠭᠲᠠᠭᠰᠠᠨ ᠤ᠋ ᠬᠣᠢᠨ᠎ᠠ ᠨᠢᠭᠡᠨ ᠨᠢᠭᠡᠨ ᠢ᠋ᠶ᠋ᠡᠷ ᠬᠤᠪᠢᠶᠠᠨ ᠭᠠᠷᠭᠠᠭᠰᠠᠨ ᠠᠪᠠᠰᠤ ᠭᠡᠨᠡᠳᠲᠡ ᠨᠢᠭᠡᠨ ᠬᠥᠮᠦᠨ ᠶᠡᠬᠡ ᠳᠠᠭᠤᠨ ᠢ᠋ᠶ᠋ᠠᠷ ᠳᠠᠭᠤᠳᠠᠨ ᠭᠠᠷᠴᠤ ᠢᠨᠢᠶᠡᠨ ᠥᠭᠦᠯᠡᠷᠦᠨ᠄ 
          ᠪᠣᠭᠳᠠ ᠡᠵᠡᠨ ᠢ᠋ᠶ᠋ᠡᠨ ᠪᠤᠶᠠᠨᠲᠤ ᠡᠳᠦᠷ ᠳᠠᠭᠠᠯᠤᠭ᠎ᠠ ᠪᠢ 
          ᠪᠤᠯᠠᠭ᠎ᠠ ᠳ᠋ᠤᠷ ᠠᠨᠤ ᠪᠤᠯᠳᠤᠷᠯᠠᠭ᠎ᠠ ᠡᠳᠦᠢ ᠪᠢ 
          ᠪᠤᠭᠤᠷᠵᠢ ᠬᠥᠪᠡᠭᠦᠨ ᠠᠷᠪᠠᠨ ᠲᠠᠪᠤᠨ ᠨᠠᠰᠤᠨ᠎ᠠ ᠳᠠᠭᠠᠯᠤᠭ᠎ᠠ ᠪᠢ 
          ᠪᠤᠴᠠᠬᠤᠢ ᠳ᠋ᠤᠷ ᠠᠨᠤ ᠪᠣᠯᠭᠣᠮᠵᠢᠯᠠᠯᠤᠭ᠎ᠠ ᠪᠢ᠃ 
          ᠪᠤᠯᠲᠤ ᠪᠦᠬᠦᠨ ᠢ᠋ ᠠᠳᠠᠯᠢ ᠪᠠᠷ ᠬᠡᠷᠡᠭᠯᠡᠨ ᠠᠲᠠᠯ᠎ᠠ  
          ᠪᠤᠭᠤᠷᠵᠢ ᠨᠠᠮᠠᠶ᠋ᠢ ᠶᠠᠭᠤᠨ ᠳ᠋ᠤᠷ ᠢᠯᠭᠠᠨ ᠭᠠᠷᠭᠠᠵᠤ ᠣᠭᠣᠷᠤᠮᠤᠢ! 
ᠬᠡᠮᠡᠬᠦᠶ᠎ᠡ ᠮᠤᠬᠤᠯᠢ ᠶᠠᠭᠠᠷᠠᠨ ᠰᠠᠭᠤᠳᠠᠯ ᠠ᠋ᠴᠠ ᠪᠠᠨ ᠪᠣᠰᠴᠤ ᠢᠨᠢᠶᠡᠨ ᠥᠭᠦᠯᠡᠷᠦᠨ : 《ᠪᠢ ᠠᠬᠠᠢ ᠴᠢᠮᠠᠶ᠋ᠢ ᠬᠣᠴᠣᠷᠤᠭᠤᠯᠤᠨ ᠦᠯᠡᠳᠡᠭᠡᠭᠰᠡᠨ ᠢᠨᠦ᠂ ᠴᠣᠬᠣᠮ ᠨᠢᠭᠡᠨ ᠴᠢᠬᠤᠯᠠ ᠭᠠᠵᠠᠷ ᠲᠤᠰᠢᠶᠠᠰᠤᠭᠠᠢ ᠬᠡᠮᠡᠭᠰᠡᠨ ᠪᠥᠯᠥᠭᠡ᠂ ᠮᠠᠷᠭᠠᠲᠠ ᠴᠢᠦᠢ ᠰᠢᠦᠸᠠᠢ ᠡᠦ ᠶ᠋ᠢᠨ ᠴᠡᠷᠢᠭ ᠬᠡᠷᠪᠡ ᠳᠠᠷᠤᠭᠳᠠᠪᠠᠰᠤ ᠯᠠᠪ ᠤᠯᠠᠭᠠᠨ ᠭᠦᠮ ᠦ᠋ᠨ ᠵᠠᠮ ᠢ᠋ᠶ᠋ᠠᠷ ᠪᠤᠷᠤᠭᠤᠯᠠᠮᠤᠢ᠃ ᠤᠯᠠᠭᠠᠨ ᠭᠦᠮ ᠳ᠋ᠦ᠍ᠷ ᠨᠢᠭᠡᠨ ᠴᠢᠬᠤᠯ ᠵᠡᠪᠡ ᠪᠣᠢ ᠪᠥᠯᠥᠭᠡ᠂ ᠴᠢ ᠴᠢᠨᠠᠳᠤ ᠠᠮᠠᠰᠠᠷ ᠢ᠋ ᠠᠭᠤᠯᠠᠨ ᠤ᠋ ᠮᠣᠳᠣ ᠶ᠋ᠢ ᠣᠭᠲᠣᠯᠵᠤ ᠪᠥᠭᠯᠡᠭᠡᠳ ᠬᠣᠶᠠᠷ ᠡᠲᠡᠭᠡᠳ ᠲᠣᠷ ᠬᠣᠯᠬᠣᠪᠴᠢ ᠨᠤᠮᠤ ᠪᠠᠷᠢᠭ᠍ᠰᠠᠨ ᠴᠡᠷᠢᠭ ᠢ᠋ ᠪᠦᠭᠭᠦᠭᠦᠯ᠂ ᠲᠡᠭᠦᠨ ᠦ᠌ ᠲᠡᠨᠳᠡ ᠬᠦᠷᠬᠦᠢ ᠶ᠋ᠢ ᠬᠦᠯᠢᠶᠡᠵᠦ ᠴᠢᠳᠠᠪᠠᠰᠤ ᠲᠡᠷᠢᠭᠦᠯᠡᠭᠰᠡᠨ ᠵᠠᠩᠵᠤᠨ ᠢ᠋ ᠠᠮᠢᠳᠤ ᠪᠠᠷ ᠪᠡᠷᠢ᠃ 》ᠬᠡᠮᠡᠭᠰᠡᠨ ᠳ᠋ᠦ᠍ᠷ ᠪᠤᠭᠤᠷᠵᠢ ᠠᠷᠭ᠎ᠠ ᠶ᠋ᠢ ᠬᠦᠯᠢᠶᠡᠨ ᠠᠪᠴᠤ ᠡᠴᠢᠪᠡ᠃ ᠮᠤᠬᠤᠯᠢ ᠪᠠᠰᠠ ᠣᠯᠠᠨ ᠪᠠᠭᠠᠲᠤᠷ ᠤ᠋ᠳ ᠢ᠋ ᠳᠠᠭᠤᠳᠠᠵᠤ ᠪᠠᠢᠯᠳᠤᠬᠤ ᠠᠷᠭ᠎ᠠ ᠵᠢᠭᠠᠨ ᠰᠤᠷᠭᠠᠵᠤ:《ᠬᠡᠷᠪᠡ ᠴᠠᠭᠠᠵᠠ ᠠ᠋ᠴᠠ ᠳᠠᠪᠠᠭᠰᠠᠨ ᠢ᠋ ᠡᠷᠬᠡᠪᠰᠢ ᠴᠠᠭᠠᠵᠠ ᠪᠠᠷ ᠠᠪᠠᠴᠢᠮᠤᠢ 》 ᠬᠡᠮᠡᠪᠡ᠃ ᠲᠠᠢᠽᠦ ᠣᠯᠠᠨ ᠴᠡᠷᠢᠭ ᠢ᠋ ᠵᠣᠬᠢᠶᠠᠨ ᠪᠠᠷᠠᠭᠰᠠᠨ ᠢ᠋ ᠰᠣᠨᠣᠰᠤᠭᠠᠳ ᠪᠦᠭᠦᠳᠡ ᠲᠦᠰᠢᠮᠡᠳ ᠢ᠋ ᠳᠠᠭᠤᠳᠠᠨ ᠠᠪᠠᠴᠢᠵᠤ ᠵᠠᠰᠠᠭ ᠳᠤᠩᠬᠠᠬᠠᠯᠠᠨ ᠥᠭᠦᠯᠡᠷᠦᠨ : 《ᠲᠠ ᠪᠦᠭᠦᠳᠡᠭᠡᠷ ᠳᠠᠢᠰᠤᠨ ᠤ᠋ ᠵᠦᠭ ᠠᠮᠢ ᠪᠠᠨ ᠣᠷᠬᠢᠵᠤ ᠠᠯᠠᠯᠳᠤ᠂ ᠨᠢᠭᠡᠨ ᠠᠯᠬᠤᠮ ᠴᠤ᠌ ᠪᠦᠦ ᠮᠢᠲᠠᠷᠬᠠᠲᠤᠨ᠃ ᠬᠡᠷᠪᠡ ᠳᠠᠢᠰᠤᠨ ᠢ᠋ ᠳᠠᠷᠤᠪᠠᠰᠤ ᠡᠯ᠎ᠡ ᠣᠷᠬᠢᠭ᠍ᠰᠠᠨ ᠡᠳ᠋ ᠠᠭᠤᠷᠠᠰᠤᠨ᠂ ᠠᠯᠢᠪᠠ ᠵᠦᠢᠯ ᠢ᠋ ᠪᠦᠦ ᠠᠪᠤᠭᠲᠤᠨ᠂ ᠬᠤᠳᠬᠤᠯᠳᠤᠵᠤ ᠳᠠᠭᠤᠰᠬᠠᠭᠰᠠᠨ ᠬᠣᠢᠨ᠎ᠠ ᠨᠡᠢᠲᠡ ᠪᠦᠭᠦᠳᠡᠭᠡᠷ ᠢ᠋ ᠲᠠᠨ ᠢ᠋ᠶ᠋ᠠᠷ ᠲᠡᠭᠦᠯᠭᠡᠵᠦ᠂ ᠮᠥᠨ ᠬᠦ᠌ ᠲᠠᠨ ᠳ᠋ᠤᠷ ᠬᠤᠪᠢᠶᠠᠨ ᠥᠭᠰᠦᠭᠡᠢ᠂ ᠬᠡᠨ ᠬᠥᠮᠦᠨ ᠵᠠᠬᠢᠶ᠎ᠠ ᠠ᠋ᠴᠠ ᠵᠥᠷᠢᠴᠡᠪᠡᠰᠦ ᠵᠠᠰᠠᠭ ᠴᠠᠭᠠᠵᠠ ᠪᠠᠷ ᠠᠪᠠᠴᠢᠮᠤᠢ 》 ᠬᠡᠮᠡᠪᠡ᠃ 
      ᠵᠢᠴᠢ ᠡᠳᠦᠷ ᠣᠭᠲᠠᠷᠭᠤᠢ ᠪᠤᠷᠤᠢᠵᠤ᠂ ᠪᠤᠳᠠᠩ ᠬᠦᠳᠡᠩ ᠲᠡᠢ ᠪᠣᠯᠪᠠ᠂ ᠬᠣᠶᠠᠷ ᠴᠡᠷᠢᠭ ᠵᠡᠷᠭᠡ ᠪᠡᠷ ᠭᠠᠷᠴᠤ ᠪᠠᠢᠷᠢᠯᠠᠭᠰᠠᠨ ᠬᠣᠢᠨ᠎ᠠ᠂ ᠨᠠᠢ᠍ᠮᠠᠨ ᠤ᠋ ᠵᠡᠭᠦᠨ ᠮᠥᠷᠥ ᠶ᠋ᠢᠨ ᠴᠡᠷᠢᠭ ᠦ᠋ᠨ ᠵᠠᠩᠵᠤᠨ ᠮᠢᠩᠭᠠᠲᠠᠨ᠂ ᠰᠥᠷᠥᠯᠬᠡᠭ ᠬᠣᠶᠠᠭᠤᠯᠠ ᠲᠠᠢᠽᠦ ᠶ᠋ᠢᠨ ᠵᠥᠪᠲᠡᠭᠡ ᠡᠲᠡᠭᠡᠳ ᠦ᠋ᠨ ᠴᠡᠷᠢᠭ ᠲᠦ᠍ᠷ ᠤᠴᠠᠷᠠᠵᠤ᠂ ᠵᠠᠯᠮ᠎ᠠ ᠯᠣᠬ᠎ᠠ ᠲᠤᠯᠭᠠᠯᠴᠠᠪᠠ᠃ ᠮᠢᠩᠭᠠᠲᠠᠨ᠂ ᠰᠥᠷᠦᠯᠬᠡᠭ ᠦ᠋ᠨ ᠵᠦᠭ ᠥᠭᠦᠯᠡᠷᠦᠨ : 《ᠡᠳᠡᠨ ᠦ᠌ ᠴᠡᠷᠢᠭ ᠢ᠋ ᠦᠵᠡᠪᠡᠰᠦ ᠮᠠᠰᠢ ᠵᠥᠭᠡᠯᠡᠨ ᠪᠠᠭᠤᠷᠠᠢ᠂ ᠤᠷᠢᠳᠠ ᠬᠦᠴᠦᠯᠡᠨ ᠪᠠᠢᠯᠳᠤᠪᠠᠰᠤ ᠳᠠᠷᠤᠵᠤ ᠪᠣᠯᠤᠮᠤᠢ᠂ ᠬᠡᠷᠪᠡ ᠲᠡᠳᠡᠨ ᠦ᠌ ᠵᠥᠪᠲᠡᠭᠡ ᠡᠲᠡᠭᠡᠳ ᠦ᠋ᠨ ᠴᠡᠷᠢᠭ ᠳᠠᠷᠤᠭᠳᠠᠪᠠᠰᠤ ᠲᠡᠭᠦᠨ ᠦ᠌ ᠪᠠᠷᠠᠭᠤᠨᠳᠠᠬᠢ ᠴᠡᠷᠢᠭ ᠮᠥᠨ ᠪᠠᠢᠯᠳᠤᠯ ᠦᠭᠡᠢ ᠳᠠᠷᠤᠭᠳᠠᠬᠤ ᠪᠣᠯᠠᠢ᠃ 》 ᠬᠡᠮᠡᠭᠰᠡᠨ ᠳ᠋ᠦ᠍ᠷ ᠰᠥᠷᠥᠯᠬᠡᠭ ᠳᠠᠷᠤᠢ ᠰᠦᠷ ᠲᠠᠯᠪᠢᠵᠤ ᠭᠠᠷᠴᠤ ᠪᠠᠢᠯᠳᠤᠬᠤᠢ ᠶ᠋ᠢᠨ ᠤᠷᠢᠳᠠ᠂ ᠪᠧᠲ᠋ᠠ᠋ ᠤᠯᠤᠰ ᠤ᠋ᠨ ᠴᠡᠷᠢᠭ ᠢ᠋ ᠡᠵᠡᠯᠡᠭᠰᠡᠨ ᠵᠠᠯᠮ᠎ᠠ ᠶ᠋ᠢᠨ ᠵᠡᠭᠦᠨ ᠡᠲᠡᠭᠡᠳ ᠦ᠋ᠨ ᠴᠡᠷᠢᠭ ᠭᠡᠨᠡᠳᠲᠡ ᠬᠣᠢᠰᠢ ᠤᠬᠤᠷᠢᠪᠠ᠂ ᠨᠠᠢ᠍ᠮᠠᠨ ᠤ᠋ ᠬᠣᠶᠠᠷ ᠵᠠᠩᠵᠤᠨ ᠤᠷᠤᠭ᠍ᠰᠢ ᠳᠠᠪᠰᠢᠵᠤ ᠪᠠᠢᠯᠳᠤᠰᠤᠭᠠᠢ ᠬᠡᠮᠡᠲᠡᠯ᠎ᠡ ᠡᠰᠡᠷᠭᠦᠴᠡᠯ ᠦ᠋ᠨ ᠴᠡᠷᠢᠭ ᠦ᠋ᠨ ᠵᠢᠭ᠍ᠰᠠᠭᠠᠯ ᠤ᠋ᠨ ᠬᠠᠭᠠᠯᠭ᠎ᠠ ᠨᠡᠭᠡᠭᠡᠮᠡᠭᠴᠡ ᠨᠢᠭᠡᠨᠲᠡ ᠫᠤᠤ ᠶ᠋ᠢᠨ ᠳᠠᠭᠤᠨ ᠭᠠᠷᠴᠤ ᠬᠠᠷ᠎ᠠ ᠬᠢᠷᠤ᠂ ᠴᠢᠨᠳᠠᠭᠠᠨ᠎ᠠ ᠰᠡᠴᠡᠨ ᠬᠣᠶᠠᠭᠤᠯᠠ ᠵᠢᠷᠭᠤᠭᠠᠨ ᠵᠠᠭᠤᠨ ᠪᠠᠷᠰ ᠤ᠋ᠨ ᠠᠷᠠᠰᠤᠨ ᠳᠡᠪᠡᠯ ᠮᠠᠯᠠᠭ᠎ᠠ ᠡᠮᠦᠰᠴᠦ ᠬᠠᠯᠬᠠᠪᠴᠢ ᠪᠠᠮᠪᠠᠢ ᠪᠠᠷᠢᠭ᠍ᠰᠠᠨ ᠴᠡᠷᠢᠭ ᠢ᠋ ᠠᠪᠤᠨ ᠭᠠᠷᠴᠤ ᠢᠷᠡᠭᠡᠳ ᠪᠠᠷᠰ ᠤ᠋ᠨ ᠠᠷᠠᠰᠤᠨ ᠤ᠋ ᠪᠠᠮᠪᠠᠢᠲᠤ ᠴᠡᠷᠢᠭ ᠪᠠᠬᠠᠨ ᠪᠥᠬᠥᠢᠮᠡᠭᠴᠡ ᠭᠠᠵᠠᠷ ᠯᠣᠬ᠎ᠠ ᠦᠷᠭᠦᠯᠵᠢᠯᠡᠨ ᠥᠩᠬᠥᠷᠢᠵᠦ ᠨᠠᠢ᠍ᠮᠠᠨ ᠤ᠋ ᠴᠡᠷᠢᠭ ᠦ᠋ᠨ ᠵᠦᠭ ᠠᠯᠠᠨ ᠢᠷᠡᠬᠦᠢ ᠳ᠋ᠦ᠍ᠷ ᠨᠠᠢ᠍ᠮᠠᠨ ᠤ᠋ ᠴᠡᠷᠢᠭ ᠦ᠋ᠨ ᠮᠣᠷᠢ ᠴᠥᠮ ᠭᠡᠨᠡᠳᠲᠡ ᠨᠠᠳᠬᠤᠨ ᠦᠷᠭᠦᠵᠦ᠂ ᠵᠢᠯᠣᠭᠣ ᠶ᠋ᠢ ᠲᠡᠳᠡᠨ ᠬᠦᠴᠦᠷᠡᠬᠦ ᠦᠭᠡᠢ ᠪᠣᠯᠵᠤ᠂ ᠭᠡᠳᠡᠷᠭᠦ ᠳᠣᠪᠲᠣᠯᠤᠨ ᠣᠷᠣᠭᠠᠳ ᠬᠠᠷᠢᠨ ᠥᠪᠡᠷ ᠦ᠋ᠨ ᠵᠢᠭ᠍ᠰᠠᠭᠠᠯ ᠢ᠋ᠶ᠋ᠠᠨ ᠳᠠᠭᠠᠷᠢᠨ ᠬᠥᠳᠡᠯᠭᠡᠪᠡ᠂ ᠪᠠᠮᠪᠠᠢ ᠪᠠᠷᠢᠭ᠍ᠰᠠᠨ ᠴᠡᠷᠢᠭ ᠥᠩᠬᠥᠷᠢᠨ ᠶᠠᠪᠤᠵᠤ ᠮᠣᠷᠢᠨ ᠤ᠋ ᠬᠥᠯ ᠢ᠋ ᠴᠠᠪᠴᠢᠯᠬᠢᠯᠠᠨ ᠤᠨᠠᠭᠠᠬᠤᠢ ᠳ᠋ᠤᠷ ᠴᠡᠷᠢᠭ ᠨᠡᠩ ᠰᠠᠮᠠᠭᠤᠷᠠᠵᠤ ᠪᠤᠷᠤᠭᠤᠯᠠᠪᠠ᠃  ᠵᠠᠯᠮ᠎ᠠ᠂ ᠮᠢᠩᠭᠠᠲᠠᠨ ᠯᠤᠭ᠎ᠠ ᠪᠠᠢᠯᠳᠤᠵᠤ ᠬᠡᠳᠦᠨ ᠤᠳᠠᠭ᠎ᠠ ᠪᠣᠯᠤᠭᠰᠠᠨ ᠦᠭᠡᠢ ᠪᠡᠷ ᠵᠠᠯᠮ᠎ᠠ ᠮᠢᠩᠭᠠᠲᠠᠨ ᠢ᠋ ᠨᠢᠭᠡᠨᠲᠡ ᠵᠢᠳᠠᠯᠠᠵᠤ ᠮᠣᠷᠢᠨ ᠠ᠋ᠴᠠ ᠤᠨᠠᠭᠠᠪᠠ᠃ ᠴᠢᠨᠳᠠᠭᠠᠨ᠎ᠠ ᠰᠡᠴᠡᠨ᠂ ᠰᠥᠷᠦᠯᠬᠡᠭ ᠢ᠋ ᠬᠠᠷᠪᠤᠵᠤ ᠨᠢᠭᠤᠷ ᠢ᠋ ᠰᠢᠷᠬᠠᠲᠤᠭᠤᠯᠤᠭᠰᠠᠨ ᠳ᠋ᠤᠷ ᠰᠤᠮᠤ ᠭᠠᠳᠠᠭᠰᠠᠭᠠᠷ ᠳᠤᠲᠠᠭᠠᠪᠠ᠃ ᠨᠠᠢ᠍ᠮᠠᠨ ᠤ᠋ ᠵᠡᠭᠦᠨ ᠭᠠᠷ ᠴᠡᠷᠢᠭ ᠶᠡᠬᠡᠯ᠎ᠡ ᠳᠠᠷᠤᠭᠳᠠᠭᠰᠠᠨ ᠳ᠋ᠤᠷ ᠬᠠᠷ᠎ᠠ ᠬᠢᠷᠤ᠂ ᠨᠠᠢ᠍ᠮᠠᠨ ᠤ᠋ ᠴᠡᠷᠢᠭ ᠦ᠋ᠨ ᠲᠤᠭ ᠬᠢᠭᠢᠷᠢ ᠶ᠋ᠢ ᠶᠡᠬᠡᠯ᠎ᠡ ᠪᠤᠯᠢᠶᠠᠨ ᠠᠪᠴᠤ ᠴᠡᠷᠢᠭ ᠦ᠋ᠨ ᠳᠣᠲᠣᠷ᠎ᠠ ᠪᠣᠰᠬᠠᠯᠭᠠᠪᠠ᠃  ᠴᠢᠦᠢ ᠰᠢᠦᠸᠠᠢ ᠡᠦ ᠳᠤᠮᠳᠠᠳᠤ ᠴᠡᠷᠢᠭ ᠦ᠋ᠨ ᠥᠨᠳᠥᠷ ᠬᠠᠰᠠᠭ ᠲᠤᠷ ᠭᠠᠷᠴᠤ ᠥᠨᠳᠡᠢᠵᠦ ᠦᠵᠡᠬᠦᠯ᠎ᠡ ᠪᠧᠲ᠋ᠠ᠋ ᠤᠯᠤᠰ ᠤ᠋ᠨ ᠵᠡᠭᠦᠨ ᠮᠥᠷᠥ ᠶ᠋ᠢᠨ ᠴᠡᠷᠢᠭ ᠲᠦ᠍ᠷ ᠨᠠᠢ᠍ᠮᠠᠨ ᠤ᠋ ᠲᠤᠭ ᠬᠢᠭᠢᠷᠢ ᠮᠠᠰᠢ ᠣᠯᠠᠨ ᠪᠣᠯᠤᠭᠰᠠᠨ ᠳ᠋ᠤᠷ ᠴᠢᠦᠢ ᠰᠢᠦᠸᠠᠢ ᠡᠦ ᠶᠡᠬᠡᠯ᠎ᠡ ᠪᠠᠶᠠᠷᠯᠠᠵᠤ᠂ ᠶᠠᠭᠠᠷᠠᠨ ᠪᠠᠷᠠᠭᠤᠨ ᠡᠲᠡᠭᠡᠳ ᠦ᠋ᠨ ᠵᠠᠩᠵᠤᠨ ᠰᠡᠮᠦ᠂ ᠳᠠᠷᠤᠮᠲᠠ ᠲᠠᠨ ᠪᠧᠲ᠋ᠠ᠋ ᠤᠯᠤᠰ ᠤ᠋ᠨ ᠪᠤᠷᠤᠭᠤᠳᠠᠬᠢ ᠴᠡᠷᠢᠭ ᠲᠦ᠍ᠷ ᠶᠡᠬᠡ ᠤᠯᠠᠭᠠᠨ ᠰᠢᠬᠦᠷ ᠡᠷᠭᠦᠭᠰᠡᠨ ᠢ᠋ ᠦᠵᠡᠭᠡᠳ ᠯᠠᠪ ᠲᠠᠢᠽᠦ ᠶ᠋ᠢ ᠪᠣᠢ ᠭᠡᠮᠡᠨ ᠱᠠᠯᠠᠮᠠᠭᠠᠢᠯᠠᠨ ᠠᠯᠠᠨ ᠣᠷᠣᠵᠤ ᠢᠷᠡᠭᠰᠡᠨ᠎ᠡ᠂ ᠡᠨᠡᠲᠡᠭᠡ ᠡᠲᠡᠭᠡᠳ ᠡᠴᠡ ᠪᠤᠭᠤᠷᠤᠯ ᠤᠭᠲᠤᠨ ᠪᠠᠢᠯᠳᠤᠵᠤ᠂ ᠬᠡᠳᠦᠨ ᠤᠳᠠᠭ᠎ᠠ ᠪᠣᠯᠤᠭᠰᠠᠨ ᠦᠭᠡᠢ ᠪᠧᠲ᠋ᠠ᠋ ᠤᠯᠤᠰ ᠤ᠋ᠨ ᠴᠡᠷᠢᠭ ᠦ᠋ᠨ ᠵᠢᠭ᠍ᠰᠠᠭᠠᠯ ᠤ᠋ᠨ ᠬᠣᠢᠨ᠎ᠠ ᠶᠡᠬᠡᠯ᠎ᠡ ᠰᠠᠮᠠᠭᠤᠷᠠᠭᠤᠯᠪᠠ᠃ ᠪᠤᠭᠤᠷᠤᠯ ᠳᠠᠷᠤᠢ ᠮᠣᠷᠢ ᠪᠠᠨ ᠲᠡᠩᠭᠦᠷᠡᠭᠦᠯᠦᠨ ᠬᠣᠢᠰᠢ ᠡᠭᠡᠬᠦᠢ ᠳ᠋ᠦ᠍ᠷ ᠤᠯᠠᠭᠠᠨ ᠰᠢᠭᠦᠷ ᠮᠥᠨ ᠬᠣᠢᠰᠢ ᠪᠤᠴᠠᠪᠠ᠃ ᠲᠡᠷᠡ ᠦᠶ᠎ᠡ ᠳ᠋ᠦ᠍ᠷ ᠮᠣᠷᠢᠨ ᠴᠠᠭ ᠤ᠋ᠨ ᠰᠡᠭᠦᠯ ᠪᠣᠯᠵᠤ ᠵᠡᠭᠦᠨ ᠬᠣᠢᠲᠤ ᠵᠦᠭ ᠡᠴᠡ ᠰᠠᠯᠬᠢᠨ ᠰᠢᠭᠤᠷᠭᠠᠨ ᠡᠭᠦᠰᠬᠡᠬᠦᠢ ᠳ᠋ᠦ᠍ᠷ ᠰᠡᠮᠦ ᠪᠧᠲ᠋ᠠ᠋ ᠤᠯᠤᠰ ᠤ᠋ᠨ ᠴᠡᠷᠢᠭ ᠢ᠋ ᠪᠤᠲᠠᠷᠠᠭᠰᠠᠨ ᠢ᠋ᠶ᠋ᠠᠷ ᠦᠵᠡᠵᠦ᠂ ᠳᠠᠷᠤᠮᠲᠠ ᠶ᠋ᠢ ᠳᠠᠯᠠᠯᠤᠨ ᠳᠠᠷᠤᠨ ᠣᠷᠣᠵᠤ ᠢᠷᠡᠬᠦᠢ ᠳ᠋ᠦ᠍ᠷ ᠭᠡᠨᠡᠳᠲᠡ ᠬᠡᠩᠭᠡᠷᠭᠡ ᠶ᠋ᠢᠨ ᠳᠠᠭᠤᠨ ᠶᠡᠬᠡᠯ᠎ᠡ ᠭᠠᠷᠴᠤ ᠮᠤᠬᠤᠯᠢ ᠳᠤᠮᠳᠠᠳᠤ ᠴᠡᠷᠢᠭ ᠦ᠋ᠨ ᠰᠢᠯᠭᠠᠳᠠᠭ ᠰᠠᠢᠨ ᠡᠷᠡᠰ ᠢ᠋ ᠠᠪᠴᠤ ᠭᠠᠷᠤᠭᠠᠳ ᠬᠠᠭᠠᠰ ᠳᠤᠮᠳᠠ ᠠ᠋ᠴᠠ ᠬᠥᠨᠳᠡᠯᠡᠨ ᠡᠲᠡᠭᠡᠳ ᠡᠴᠡ ᠴᠣᠬᠢᠨ ᠢᠷᠡᠭᠡᠳ ᠰᠡᠮᠦ ᠶ᠋ᠢᠨ ᠴᠡᠷᠢᠭ ᠢ᠋ ᠳᠤᠮᠳᠠᠭᠤᠷ ᠲᠠᠰᠤᠯᠤᠨ ᠠᠯᠠᠵᠤ ᠬᠣᠶᠠᠷ ᠠᠩᠭᠢ ᠪᠣᠯᠭᠠᠪᠠ᠃ ᠪᠤᠭᠤᠷᠤᠯ ᠤ᠋ᠨ ᠬᠣᠶᠠᠷ ᠰᠤᠭᠤᠨ ᠠ᠋ᠴᠠ ᠴᠢᠯᠠᠭᠤᠨ ᠵᠡᠪᠡ ᠬᠣᠶᠠᠭᠤᠯᠠ ᠭᠠᠷᠴᠤ ᠪᠠᠢᠯᠳᠤᠬᠤᠢ ᠳ᠋ᠤᠷ ᠨᠠᠢ᠍ᠮᠠᠨ ᠤ᠋ ᠴᠡᠷᠢᠭ ᠲᠤᠯᠤᠨ ᠴᠢᠳᠠᠬᠤ ᠦᠭᠡᠢ ᠪᠣᠯᠤᠭᠠᠳ ᠰᠡᠮᠦ ᠴᠢᠯᠠᠭᠤᠨ ᠤ᠋ ᠶ᠋ᠢᠳᠠ ᠶ᠋ᠢᠨ ᠳᠣᠣᠷ᠎ᠠ ᠦᠬᠦᠪᠡ᠃ ᠳᠠᠷᠤᠮᠲᠠ ᠠᠮᠢ ᠪᠠᠨ ᠬᠠᠮᠠᠭᠠᠯᠠᠨ ᠪᠤᠷᠤᠭᠤᠯᠠᠪᠠ᠃ ᠲᠡᠢᠨ ᠬᠦ᠌ ᠨᠠᠢ᠍ᠮᠠᠨ ᠤ᠋ ᠬᠣᠶᠠᠷ ᠮᠥᠷᠥ ᠶ᠋ᠢᠨ ᠴᠡᠷᠢᠭ ᠴᠥᠮ ᠳᠠᠷᠤᠭᠳᠠᠵᠤᠬᠤᠢ᠃ ᠦᠵᠡᠰᠡ ᠪᠤᠭᠤᠷᠤᠯ ᠤ᠋ᠨ ᠴᠡᠷᠢᠭ ᠲᠦ᠍ᠷ ᠬᠠᠭᠤᠷᠮᠠᠭ ᠢ᠋ᠶ᠋ᠠᠷ ᠲᠠᠢᠽᠦ ᠶ᠋ᠢᠨ ᠰᠢᠬᠦᠷ ᠢ᠋ ᠡᠷᠭᠦᠵᠦ᠂ ᠬᠣᠢᠲᠤ ᠴᠡᠷᠢᠭ ᠢ᠋ᠶ᠋ᠡᠨ ᠰᠠᠮᠠᠭᠤᠷᠠᠭᠰᠠᠨ ᠮᠡᠲᠦ ᠪᠤᠲᠠᠷᠠᠭᠤᠯᠤᠭᠰᠠᠨ ᠪᠠ ᠪᠤᠭᠤᠷᠤᠯ ᠤ᠋ᠨ ᠡᠭᠡᠭᠰᠡᠨ ᠢᠨᠦ ᠴᠥᠮ ᠢ᠋ᠶ᠋ᠠᠷ ᠮᠤᠬᠤᠯᠢ ᠶ᠋ᠢᠨ ᠳᠠᠢᠰᠤᠨ ᠢ᠋ ᠥᠳᠥᠭᠡᠬᠦ ᠠᠷᠭ᠎ᠠ ᠠᠵᠤᠭᠤ᠃ ᠰᠡᠮᠦ ᠲᠠᠨ ᠤ᠋ ᠭᠡᠨᠡᠳᠲᠡ ᠣᠷᠣᠵᠤ ᠢᠷᠡᠬᠦ ᠶ᠋ᠢ ᠦᠵᠡᠭᠡᠳ ᠮᠤᠬᠤᠯᠢ ᠳᠠᠷᠤᠢ ᠶᠡᠬᠡ ᠲᠤᠭ ᠢ᠋ ᠬᠣᠭᠣᠰᠣᠨ ᠢ᠋ᠶ᠋ᠠᠷ ᠣᠷᠬᠢᠵᠤ᠂ ᠴᠤᠤ ᠮᠡᠷᠭᠡᠨ ᠰᠢᠷᠢ ᠬᠤᠲᠤᠭ ᠬᠣᠶᠠᠭᠤᠯᠠ ᠪᠠᠷ ᠳᠤᠮᠳᠠᠳᠤ ᠴᠡᠷᠢᠭ ᠢ᠋ ᠰᠠᠬᠢᠭᠤᠯᠵᠤ ᠬᠡᠷᠬᠢᠪᠡᠴᠦ ᠪᠢᠲᠡᠭᠡᠢ ᠬᠥᠳᠡᠯ ᠭᠡᠮᠡᠨ ᠴᠢᠩᠳᠠ ᠴᠠᠭᠠᠵᠠᠯᠠᠭᠠᠳ ᠥᠪᠡᠷ ᠦ᠋ᠨ ᠪᠡᠶ᠎ᠡ ᠴᠡᠷᠢᠭ ᠦ᠋ᠨ ᠬᠣᠢᠭᠤᠷ ᠲᠣᠭᠣᠷᠢᠨ ᠭᠠᠷᠴᠤ ᠨᠠᠢ᠍ᠮᠠᠨ ᠤ᠋ ᠪᠠᠷᠠᠭᠤᠨ ᠮᠥᠷᠥ ᠶ᠋ᠢᠨ ᠴᠡᠷᠢᠭ ᠢ᠋ ᠳᠠᠷᠤᠭᠰᠠᠨ ᠠᠵᠤᠭᠤ᠃  ᠴᠢᠦᠢ ᠰᠢᠦᠸᠠᠢ ᠡᠦ ᠬᠣᠶᠠᠷ ᠮᠥᠷᠥ ᠶ᠋ᠢᠨ ᠴᠡᠷᠢᠭ ᠢ᠋ ᠴᠥᠮ ᠤᠷᠤᠭ᠍ᠰᠢ ᠣᠷᠣᠬᠤ ᠦᠶ᠎ᠡ ᠳ᠋ᠦ᠍ᠷ ᠳᠠᠷᠤᠢ ᠳᠤᠮᠳᠠᠳᠤ ᠴᠡᠷᠢᠭ ᠦ᠋ᠨ ᠬᠡᠩᠭᠡᠷᠭᠡ ᠶ᠋ᠢ ᠴᠣᠬᠢᠭᠤᠯᠵᠤ᠂ ᠪᠢᠴᠢᠬᠠᠨ ᠵᠠᠩᠵᠤᠨ ᠲᠠᠢᠽᠢ ᠬᠦᠩ ᠠᠯᠲᠠᠨᠱᠠᠭ᠎ᠠ ᠵᠢᠭ᠍ᠰᠠᠭᠠᠯ ᠤ᠋ᠨ ᠡᠮᠦᠨ᠎ᠡ ᠭᠠᠷᠴᠤ ᠰᠦᠷ ᠪᠠᠳᠠᠷᠠᠭᠤᠯᠵᠤ ᠪᠠᠢᠯᠳᠤᠰᠤᠭᠠᠢ ᠬᠡᠮᠡᠬᠦᠢ ᠳ᠋ᠦ᠍ᠷ ᠴᠤᠤ ᠮᠡᠷᠭᠡᠨ ᠲᠠᠨ ᠤᠷᠢᠳᠠ ᠮᠥᠨ ᠵᠢᠨᠦᠩ ᠮᠤᠬᠤᠯᠢ ᠶ᠋ᠢᠨ ᠴᠠᠭᠠᠵᠠ ᠶ᠋ᠢ ᠳᠠᠭᠠᠵᠤ ᠭᠠᠷᠴᠤ ᠪᠠᠢᠯᠳᠤᠬᠤ ᠦᠭᠡᠢ ᠪᠥᠯᠥᠭᠡ᠃ ᠨᠠᠢ᠍ᠮᠠᠨ ᠤ᠋ ᠴᠡᠷᠢᠭ ᠦ᠋ᠨ ᠳᠣᠲᠣᠷ᠎ᠠ ᠠ᠋ᠴᠠ ᠪᠠᠢᠯᠳᠤᠭᠠᠨ ᠤ᠋ ᠬᠡᠩᠭᠡᠷᠭᠡ ᠪᠠᠢᠨ ᠪᠠᠢᠨ ᠱᠠᠭᠠᠷᠳᠠᠨ ᠳᠡᠯᠡᠳᠴᠦ ᠪᠠᠰᠠ ᠠᠯᠲᠠᠨᠱᠠᠭ᠎ᠠ ᠭᠠᠷᠴᠤ ᠴᠡᠷᠢᠭ ᠦ᠋ᠨ ᠠᠷᠠᠳ ᠢ᠋ᠶ᠋ᠠᠷ ᠵᠠᠭᠤᠨ ᠵᠦᠢᠯ ᠢ᠋ᠶ᠋ᠡᠷ ᠢᠴᠢᠭᠡᠨ ᠬᠠᠷᠢᠶᠠᠯᠭᠠᠬᠤᠢ ᠳ᠋ᠤᠷ ᠰᠢᠷᠢ ᠬᠤᠲᠤᠭ ᠳᠠᠷᠤᠢ ᠬᠦᠯᠢᠴᠡᠨ ᠴᠢᠳᠠᠬᠤ ᠦᠭᠡᠢ ᠪᠣᠯᠵᠤ᠂ ᠬᠥᠮᠦᠨ ᠢ᠋ᠶ᠋ᠡᠷ ᠦᠵᠡᠭᠦᠯᠪᠡᠰᠦ ᠬᠣᠢᠰᠢ ᠢᠷᠡᠵᠦ ᠬᠡᠯᠡᠬᠦ ᠢᠨᠦ ᠠᠷᠪᠠᠨ ᠵᠢᠷᠭᠤᠭ᠎ᠠ ᠳᠣᠯᠣᠭᠠᠨ ᠨᠠᠰᠤᠨ ᠤ᠋ ᠪᠢᠴᠢᠬᠠᠨ ᠬᠡᠦᠬᠡᠳ ᠬᠡᠮᠡᠬᠦᠢ ᠳ᠋ᠦ᠍ᠷ ᠰᠢᠷᠢ ᠬᠤᠲᠤᠭ ᠨᠡᠩᠳᠡ ᠥᠴᠦᠬᠡᠨ ᠨᠢᠯᠬ᠎ᠠ ᠭᠡᠮᠡᠨ ᠪᠠᠰᠤᠮᠵᠢᠯᠠᠵᠤ᠂ ᠮᠥᠨ ᠨᠢᠭᠡᠨ ᠭᠠᠪᠢᠶ᠎ᠠ ᠪᠠᠢᠭᠤᠯᠰᠤ ᠭᠡᠮᠡᠨ ᠴᠤᠤ ᠮᠡᠷᠭᠡᠨ ᠦ᠌ ᠭᠠᠰᠢᠭᠤᠨ᠎ᠠ ᠢᠳᠬᠠᠬᠤ ᠦᠭᠡ ᠶ᠋ᠢ ᠠᠪᠬᠤ ᠦᠭᠡᠢ᠂ ᠶᠡᠬᠡ ᠬᠡᠩᠭᠡᠷᠭᠡ ᠶ᠋ᠢ ᠳᠠᠯᠠᠳ ᠭᠡᠮᠡᠨ ᠵᠠᠩᠳᠠᠨ ᠳᠡᠯᠡᠳᠦᠭᠦᠯᠵᠦ᠂ ᠵᠢᠭ᠍ᠰᠠᠭᠠᠯ ᠤ᠋ᠨ ᠪᠠᠮᠪᠠᠢ ᠪᠠ ᠬᠣᠯᠬᠣᠪᠴᠢ ᠨᠤᠮᠤ ᠪᠠᠷᠢᠭ᠍ᠰᠠᠨ ᠴᠡᠷᠢᠭ ᠢ᠋ ᠵᠠᠢᠯᠠᠭᠤᠯᠤᠨ ᠵᠢᠭ᠍ᠰᠠᠭᠠᠯ ᠤ᠋ᠨ ᠬᠠᠯᠬᠠᠪᠴᠢ ᠬᠢᠭᠢᠷᠢ ᠶ᠋ᠢ ᠬᠣᠶᠠᠷ ᠳᠠᠰᠢ ᠢᠷᠡᠵᠦ ᠵᠢᠭ᠍ᠰᠠᠭᠠᠯ ᠤ᠋ᠨ ᠬᠠᠭᠠᠯᠭ᠎ᠠ ᠶ᠋ᠢ ᠨᠡᠭᠡᠭᠡᠮᠡᠭᠴᠡ ᠶᠡᠬᠡ ᠰᠦᠬᠡ ᠪᠡᠨ ᠪᠥᠵᠢᠭᠯᠡᠨ ᠭᠠᠷᠤᠭᠰᠠᠨ ᠳ᠋ᠤᠷ ᠠᠯᠲᠠᠨᠱᠠᠭ᠎ᠠ ᠤᠭᠲᠤᠨ ᠠᠪᠴᠤ ᠬᠡᠳᠦᠨ ᠤᠳᠠᠭ᠎ᠠ ᠵᠥᠷᠢᠴᠡᠯᠳᠦᠭᠰᠡᠨ ᠦᠭᠡᠢ ᠲᠡᠭᠷᠢ ᠶ᠋ᠢᠨ ᠥᠩᠭᠡ ᠶᠡᠬᠡᠯ᠎ᠡ ᠬᠤᠪᠢᠯᠪᠠ᠃  ᠠᠯᠲᠠᠨᠱᠠᠭ᠎ᠠ ᠤᠭᠲᠤᠨ ᠪᠠᠢᠯᠳᠤᠮᠠᠭᠴᠠ ᠳᠠᠷᠤᠢ ᠴᠢᠦᠢ ᠰᠢᠦᠸᠠᠢ ᠡᠦ ᠶ᠋ᠢᠨ ᠠᠷᠭ᠎ᠠ ᠶ᠋ᠢ ᠳᠠᠭᠠᠵᠤ ᠵᠢᠭ᠍ᠰᠠᠭᠠᠯ ᠤ᠋ᠨ ᠵᠦᠭ ᠪᠤᠷᠤᠭᠤᠯᠠᠪᠠ᠃ ᠡᠭᠦᠨ ᠳ᠋ᠦ᠍ᠷ ᠰᠢᠷᠢ ᠬᠤᠲᠤᠭ ᠲᠡᠭᠦᠨ ᠢ᠋ ᠦᠨᠡᠬᠡᠷ ᠳᠠᠷᠤᠭᠳᠠᠭᠰᠠᠨ ᠪᠣᠯᠭᠠᠨ ᠨᠡᠬᠡᠵᠦ ᠢᠷᠡᠮᠡᠭᠴᠡ ᠭᠡᠨᠡᠳᠲᠡ ᠨᠠᠢ᠍ᠮᠠᠨ ᠤ᠋ ᠳᠤᠮᠳᠠᠳᠤ ᠴᠡᠷᠢᠭ ᠦ᠋ᠨ ᠬᠠᠭᠠᠯᠭ᠎ᠠ ᠨᠡᠭᠡᠭᠡᠵᠦ᠂ ᠶᠡᠬᠡ ᠫᠤᠤ ᠶ᠋ᠢᠨ ᠳᠠᠭᠤᠨ ᠳ᠋ᠤᠷ ᠲᠡᠭᠷᠢ ᠭᠠᠵᠠᠷ ᠳᠣᠷᠭᠢᠵᠤ᠂ ᠭᠠᠯ ᠤ᠋ᠨ ᠰᠤᠮᠤ᠂ ᠭᠠᠯ ᠤ᠋ᠨ ᠶ᠋ᠢᠳᠠ᠂ ᠭᠠᠯ ᠤ᠋ᠨ ᠲᠡᠷᠭᠡ᠂ ᠭᠠᠯ ᠤ᠋ᠨ ᠴᠢᠯᠠᠭᠤ ᠬᠠᠮᠲᠤ ᠪᠠᠷ ᠭᠠᠷᠴᠤ ᠴᠠᠬᠢᠯᠭᠠᠨ ᠴᠠᠬᠢᠯᠤᠨ ᠠᠶᠤᠩᠭ᠎ᠠ ᠪᠠᠭᠤᠬᠤ ᠮᠡᠲᠦ ᠳᠡᠯᠡᠳᠦᠨ ᠢᠷᠡᠪᠡ᠃ ᠰᠢᠷᠢ ᠬᠤᠲᠤᠭ ᠤ᠋ᠨ ᠰᠠᠬᠠᠯ ᠬᠥᠮᠥᠰᠬᠡ ᠴᠥᠮ ᠰᠢᠲᠠᠵᠤ ᠡᠭᠡᠵᠦ ᠪᠤᠷᠤᠭᠤᠯᠠᠲᠠᠯ᠎ᠠ ᠪᠧᠲ᠋ᠠ᠋ ᠤᠯᠤᠰ ᠤ᠋ᠨ ᠴᠡᠷᠢᠭ ᠦ᠋ᠨ ᠵᠢᠭ᠍ᠰᠠᠭᠠᠯ ᠤ᠋ᠨ ᠬᠠᠭᠠᠯᠭ᠎ᠠ ᠨᠢᠭᠡᠨᠲᠡ ᠴᠠᠯᠠᠭᠠᠢᠷᠠᠵᠤ ᠲᠤᠯᠵᠤ ᠴᠢᠳᠠᠬᠤ ᠦᠭᠡᠢ ᠪᠣᠯᠤᠭᠰᠠᠨ ᠪᠥᠭᠡᠳ ᠳᠠᠭᠠᠯᠳᠤᠭ᠎ᠠ ᠪᠠᠷ ᠪᠠᠰᠠ ᠶᠡᠬᠡ ᠰᠠᠯᠬᠢᠨ ᠲᠣᠭᠰᠢᠨ ᠬᠤᠢ ᠶᠡᠬᠡᠯ᠎ᠡ ᠳᠡᠭᠳᠡᠵᠦ ᠴᠢᠯᠠᠭᠤ ᠥᠩᠬᠥᠷᠢᠨ ᠬᠤᠮᠠᠭ ᠬᠡᠢᠰᠴᠦ ᠶᠡᠬᠡ ᠴᠡᠷᠢᠭ ᠵᠡᠷᠭᠡ ᠪᠡᠷ ᠬᠠᠰᠬᠢᠷᠤᠨ ᠠᠯᠠᠨ ᠣᠷᠣᠬᠤᠢ ᠳ᠋ᠤᠷ ᠡᠨᠡᠲᠡᠭᠡ ᠴᠡᠷᠢᠭ ᠶᠡᠬᠡᠯ᠎ᠡ ᠰᠠᠮᠠᠭᠤᠷᠠᠪᠠ᠃ ᠭᠠᠯ ᠤ᠋ᠨ ᠨᠥᠯᠡ ᠶ᠋ᠢ ᠰᠠᠯᠬᠢᠨ ᠪᠠᠳᠠᠷᠠᠭᠤᠯᠤᠨ ᠰᠠᠯᠬᠢᠨ ᠤ᠋ ᠬᠦᠴᠦᠨ ᠳ᠋ᠦ᠍ᠷ ᠭᠠᠯ ᠬᠥᠭᠵᠢᠵᠦ᠂ ᠲᠠᠢᠽᠦ ᠶ᠋ᠢᠨ ᠴᠡᠷᠢᠭ ᠨᠢᠳᠦ ᠰᠡᠬᠦᠨ ᠴᠢᠳᠠᠬᠤ ᠦᠭᠡᠢ ᠲᠣᠯᠣᠭᠠᠢ ᠬᠤᠢᠬᠠᠯᠠᠭᠳᠠᠨ ᠴᠢᠬᠢ ᠰᠢᠳᠡᠵᠦ᠂ ᠳᠡᠪᠡᠯ ᠲᠦᠯᠡᠭᠳᠡᠨ ᠨᠢᠭᠤᠷ ᠬᠠᠯᠠᠵᠤ ᠳᠠᠷᠤᠢ ᠰᠠᠯᠬᠢᠨ ᠤᠷᠤᠭᠤᠳᠠᠨ ᠵᠢᠭᠤᠷᠠᠯᠳᠤᠨ ᠪᠤᠷᠤᠭᠤᠯᠠᠪᠠ᠃ ᠨᠠᠢ᠍ᠮᠠᠨ ᠠᠢᠮᠠᠭ ᠤ᠋ᠨ ᠬᠣᠶᠠᠷ ᠮᠥᠷᠥ ᠶ᠋ᠢᠨ ᠳᠠᠷᠤᠭᠳᠠᠭᠰᠠᠨ ᠴᠡᠷᠢᠭ ᠡᠨᠡ ᠬᠦᠴᠦᠨ ᠳ᠋ᠦ᠍ᠷ ᠮᠥᠨ ᠭᠡᠳᠡᠷᠭᠦ ᠡᠭᠡᠨ ᠠᠯᠠᠵᠤ ᠣᠷᠣᠨ ᠢᠷᠡᠬᠦᠢ ᠳ᠋ᠦ᠍ᠷ ᠦᠨᠡᠬᠡᠷ ᠳᠠᠯᠠᠢ ᠪᠤᠴᠠᠯᠤᠨ ᠮᠥᠷᠡᠨ ᠣᠷᠭᠢᠯᠬᠤ ᠮᠡᠲᠦ᠂ ᠴᠢᠳᠬᠥᠷ ᠤᠬᠢᠯᠠᠨ ᠬᠤᠪᠢᠯᠭᠠᠨ  ᠪᠠᠷᠬᠢᠷᠠᠮᠤᠢ᠃ ᠡᠨᠡ ᠦᠨᠡᠬᠡᠷ᠄ 
            ᠲᠡᠭᠷᠢ ᠶ᠋ᠢᠨ ᠲᠣᠭ᠎ᠠ ᠲᠠᠪᠤᠨ ᠵᠠᠭᠤᠨ᠎ᠠ ᠠᠯᠠᠬᠤ ᠬᠡᠮᠵᠢᠶ᠎ᠡ ᠳ᠋ᠦ᠍ᠷ ᠭᠦᠢᠴᠡᠷᠦᠨ 
            ᠲᠡᠭᠦᠨ ᠳ᠋ᠦ᠍ᠷ ᠲᠣᠬᠢᠶᠠᠯᠳᠤᠨ ᠪᠠᠭᠠᠲᠤᠳ ᠲᠥᠷᠥᠭᠡᠳ ᠶᠡᠬᠡ ᠭᠠᠪᠢᠶ᠎ᠠ ᠪᠠᠢᠭᠤᠯᠤᠮᠤᠢ᠃ 
          ᠠᠩᠬᠠᠨ ᠳ᠋ᠤᠷ ᠲᠠᠢᠽᠦ ᠣᠯᠠᠨ ᠤ᠋ ᠳᠡᠭᠡᠷ᠎ᠡ ᠡᠴᠡ ᠥᠪᠡᠷ ᠦ᠋ᠨ ᠴᠡᠷᠢᠭ ᠦ᠋ᠨ ᠬᠣᠶᠠᠷ ᠮᠥᠷᠦᠨ ᠴᠡᠷᠢᠭ ᠳᠡᠢᠯᠦᠭᠰᠡᠨ ᠢ᠋ ᠦᠵᠡᠵᠦ ᠬᠠᠷᠠᠬᠠᠨ ᠮᠤᠬᠤᠯᠢ ᠶ᠋ᠢᠨ ᠠᠷᠭ᠎ᠠ ᠲᠤᠯᠭᠤᠷ ᠢ᠋ ᠳᠣᠲᠣᠷ᠎ᠠ ᠪᠠᠨ ᠰᠠᠢᠰᠢᠶᠠᠬᠤᠶ᠎ᠠ᠂ ᠡᠳᠦᠭᠡ ᠭᠡᠨᠡᠳᠲᠡ ᠳᠠᠢᠰᠤᠨ ᠤ᠋ ᠴᠡᠷᠢᠭ ᠦ᠋ᠨ ᠳᠣᠲᠣᠷ᠎ᠠ ᠠ᠋ᠴᠠ ᠭᠠᠯ ᠤ᠋ᠨ ᠨᠥᠯᠡ ᠬᠠᠷᠪᠤᠨ ᠭᠠᠷᠴᠤ ᠢᠷᠡᠭᠡᠳ ᠭᠠᠯ ᠤ᠋ᠨ ᠴᠤᠷᠮᠠᠳᠠᠰᠤ ᠳ᠋ᠤᠷ ᠲᠡᠭᠷᠢ ᠶ᠋ᠢᠨ ᠰᠠᠯᠬᠢᠨ ᠲᠤᠰᠠᠯᠠᠨ ᠪᠧᠲ᠋ᠠ᠋ ᠤᠯᠤᠰ ᠤ᠋ᠨ ᠴᠡᠷᠢᠭ ᠭᠡᠳᠡᠷᠭᠦ ᠳᠠᠷᠤᠭᠳᠠᠵᠤ ᠲᠠᠢᠽᠦ ᠶ᠋ᠢᠨ ᠴᠡᠷᠢᠭ ᠠᠯᠠᠭᠳᠠᠵᠤ ᠳᠠᠭᠤᠰᠬᠤ ᠰᠢᠬᠠᠭᠰᠠᠨ ᠢ᠋ ᠦᠵᠡᠭᠡᠳ ᠲᠠᠢᠽᠦ ᠶᠡᠬᠡᠯ᠎ᠡ ᠰᠣᠴᠢᠨ ᠰᠢᠬᠠᠮᠳᠠᠵᠤ᠂ ᠮᠣᠷᠢᠨ ᠤ᠋ ᠳᠡᠭᠡᠷ᠎ᠡ ᠡᠴᠡ ᠲᠡᠭᠷᠢ ᠶ᠋ᠢᠨ ᠵᠦᠭ ᠬᠠᠨᠳᠤᠵᠤ᠂ ᠥᠨᠳᠥᠷ ᠳᠠᠭᠤᠨ ᠢ᠋ᠶ᠋ᠠᠷ 《ᠲᠡᠭᠷᠢ ᠡᠴᠢᠭᠡ ᠶᠠᠭᠤᠨ ᠳ᠋ᠤᠷ ᠦᠷ᠎ᠡ ᠪᠡᠨ ᠲᠡᠮᠦᠵᠢᠨ ᠨᠠᠮᠠᠶ᠋ᠢ ᠡᠢᠨ ᠬᠦ᠌ ᠰᠢᠬᠠᠮᠳᠠᠭᠤᠯᠤᠮᠤᠢ ! 》ᠭᠡᠮᠡᠨ ᠬᠠᠰᠬᠢᠷᠤᠨ ᠳᠠᠭᠤᠳᠠᠮᠠᠭᠴᠠ ᠡᠨᠡ ᠦᠭᠡ ᠬᠡᠯᠡᠵᠦ ᠪᠠᠷᠠᠬᠤ ᠶ᠋ᠢᠨ ᠤᠷᠢᠳᠠ ᠬᠣᠭᠣᠰᠣᠨ ᠣᠭᠲᠠᠷᠭᠤᠢ ᠳ᠋ᠤᠷ ᠭᠡᠨᠡᠳᠲᠡ ᠠᠶᠤᠩᠭᠠᠯᠠᠵᠤ᠂ ᠰᠠᠯᠬᠢᠨ ᠤ᠋ ᠬᠦᠴᠦᠨ ᠬᠱᠡᠨ ᠵᠠᠭᠤᠷ᠎ᠠ ᠤᠷᠪᠠᠵᠤ᠂ ᠠᠯᠬᠠᠲᠠᠢ ᠠᠭᠤᠯᠠᠨ ᠤ᠋ ᠬᠠᠳᠠ ᠶ᠋ᠢᠨ ᠬᠣᠰᠢᠭᠤ ᠳᠡᠯᠪᠡ ᠡᠴᠢᠵᠦ ᠳᠣᠲᠣᠷ᠎ᠠ ᠠ᠋ᠴᠠ ᠴᠠᠬᠢᠯᠭᠠᠨ ᠤ᠋ ᠭᠠᠯ ᠪᠠᠳᠠᠷᠠᠨ ᠬᠠᠷᠪᠤᠵᠤ᠂ ᠨᠠᠢ᠍ᠮᠠᠨ ᠤ᠋ ᠴᠡᠷᠢᠭ ᠦ᠋ᠨ ᠵᠦᠭ ᠰᠠᠯᠬᠢᠨ ᠤᠷᠤᠭᠤ ᠪᠠᠭᠤᠨ ᠴᠢᠯᠠᠭᠤ ᠬᠤᠮᠠᠭ ᠭᠡᠳᠡᠷᠭᠦ ᠡᠭᠡᠵᠦ ᠵᠠᠨᠴᠢᠨ ᠡᠭᠦᠰᠬᠡᠪᠡ᠃  ᠲᠠᠢᠽᠦ ᠡᠨᠡ ᠠᠶᠤᠩᠭ᠎  ᠶ᠋ᠢᠨ ᠬᠦᠴᠦᠨ ᠲᠡᠭᠷᠢ ᠶ᠋ᠢᠨ ᠲᠠᠰᠢᠷᠠᠮ ᠳ᠋ᠤᠷ ᠶᠡᠬᠡ ᠬᠡᠩᠭᠡᠷᠭᠡ ᠳᠡᠯᠡᠳᠦᠭᠦᠯᠦᠨ ᠥᠪᠡᠷ ᠦ᠋ᠨ ᠳᠣᠣᠷᠠᠬᠢ ᠨᠢᠭᠡᠨ ᠠᠩᠭᠢ ᠠᠮᠤᠷ ᠴᠡᠷᠢᠭ ᠢ᠋ᠶ᠋ᠡᠨ ᠠᠪᠴᠤ ᠠᠶᠤᠩᠭ᠎ᠠ ᠴᠠᠬᠢᠯᠭᠠᠨ ᠮᠡᠲᠦ ᠠᠯᠠᠨ ᠪᠠᠭᠤᠵᠤ ᠢᠷᠡᠭᠡᠳ ᠭᠠᠭᠴᠠ ᠪᠠᠭ᠎ᠠ ᠴᠡᠷᠢᠭ ᠦ᠋ᠨ ᠡᠮᠦᠨ᠎ᠡ ᠳᠣᠪᠲᠣᠯᠵᠤ᠂ ᠨᠠᠢ᠍ᠮᠠᠨ ᠤ᠋ ᠴᠡᠷᠢᠭ ᠲᠦ᠍ᠷ ᠳᠠᠭᠠᠷᠢᠨ ᠣᠷᠣᠪᠠ᠃ ᠨᠠᠢ᠍ᠮᠠᠨ ᠤ᠋ ᠴᠡᠷᠢᠭ ᠭᠠᠯ ᠭᠡᠳᠡᠷᠭᠦ ᠰᠢᠲᠠᠵᠤ ᠢᠷᠡᠬᠦᠢ ᠳ᠋ᠦ᠍ᠷ ᠲᠠᠯ᠎ᠠ ᠶ᠋ᠢᠨ ᠲᠦᠢᠮᠡᠷ ᠠᠭᠤᠯᠠᠨ ᠤ᠋ ᠭᠠᠯ ᠠ᠋ᠴᠠ ᠰᠢᠳᠡᠵᠦ᠂ ᠨᠠᠢ᠍ᠮᠠᠨ ᠤ᠋ ᠴᠡᠷᠢᠭ ᠦ᠋ᠨ ᠳᠣᠣᠷ᠎ᠠ ᠠ᠋ᠴᠠ ᠬᠤᠢᠬᠠᠯᠠᠨ ᠡᠭᠦᠰᠬᠡᠭᠰᠡᠨ ᠳ᠋ᠦ᠍ᠷ ᠨᠠᠢ᠍ᠮᠠᠨ ᠤ᠋ ᠴᠡᠷᠢᠭ ᠦ᠋ᠨ ᠳᠡᠪᠡᠯ ᠬᠤᠪᠴᠠᠰᠤ ᠴᠥᠮ ᠰᠢᠲᠠᠵᠤ ᠭᠠᠷ ᠬᠥᠯ ᠬᠠᠯᠠᠵᠤ᠂ ᠮᠣᠷᠢ ᠬᠤᠶᠠᠭ ᠴᠥᠮ ᠬᠤᠢᠬᠠᠯᠠᠭᠳᠠᠵᠤ ᠲᠤᠭ ᠬᠢᠭᠢᠷᠢ ᠨᠡᠢᠲᠡ ᠪᠡᠷ ᠲᠦᠯᠡᠭᠳᠡᠪᠡ᠃  ᠪᠧᠲ᠋ᠠ᠋ ᠤᠯᠤᠰ ᠤ᠋ᠨ ᠣᠯᠠᠨ ᠵᠠᠩᠵᠤᠨ ᠨᠠᠷ ᠲᠠᠢᠽᠦ ᠶ᠋ᠢᠨ ᠭᠠᠭᠴᠠᠭᠠᠷ ᠠᠯᠠᠨ ᠣᠷᠣᠭᠰᠠᠨ ᠢ᠋ ᠦᠵᠡᠭᠡᠳ ᠪᠡᠶ᠎ᠡ ᠬᠠᠮᠠᠭᠠᠯᠠᠭᠰᠠᠨ ᠠᠷᠪᠠᠨ ᠵᠠᠩᠵᠤᠨ ᠶᠡᠬᠡᠯ᠎ᠡ ᠠᠶᠤᠵᠤ ᠪᠡᠶ᠎ᠡ ᠶ᠋ᠢᠨ ᠰᠦᠨᠡᠰᠦ ᠪᠡᠶ᠎ᠡ ᠳ᠋ᠦ᠍ᠷ ᠦᠭᠡᠢ ᠴᠡᠷᠢᠭ ᠴᠡᠷᠢᠭ ᠢ᠋ᠶ᠋ᠡᠨ ᠠᠪᠴᠤ ᠦᠬᠦᠨ  ᠳᠣᠪᠲᠣᠯᠤᠯᠴᠠᠨ ᠣᠷᠣᠵᠤ ᠡᠴᠢᠪᠡ᠃ ᠮᠤᠬᠤᠯᠢ ᠮᠥᠨ ᠶᠠᠭᠠᠷᠠᠨ ᠪᠦᠷᠢᠶ᠎ᠡ ᠦᠯᠢᠶᠡᠯᠭᠡᠨ ᠴᠡᠷᠢᠭ ᠢ᠋ ᠲᠡᠭᠰᠢᠯᠡᠵᠦ ᠮᠥᠨ ᠭᠤᠷᠪᠠᠨ ᠠᠩᠭᠢ ᠪᠠᠷ ᠨᠡᠬᠡᠵᠦ ᠤᠷᠪᠠᠨ ᠠᠯᠠᠨ ᠣᠷᠣᠪᠠ᠃ ᠡᠨᠡ ᠤᠳᠠᠭ᠎ᠠ ᠶ᠋ᠢᠨ ᠪᠠᠢᠯᠳᠤᠭᠠᠨ ᠳ᠋ᠤᠷ ᠬᠣᠶᠠᠷ ᠡᠲᠡᠭᠡᠳ ᠦ᠋ᠨ ᠴᠡᠷᠢᠭ ᠬᠠᠷᠢᠯᠴᠠᠨ ᠠᠯᠠᠯᠴᠠᠭᠰᠠᠨ ᠠᠨᠤ ᠬᠤᠩᠰᠢᠭᠤᠨ ᠤᠲᠤᠭᠠᠨ ᠣᠭᠲᠠᠷᠭᠤᠢ ᠳ᠋ᠤᠷ ᠲᠤᠯᠵᠤ᠂ ᠤᠬᠢᠯᠠᠬᠤ ᠳᠠᠭᠤᠨ ᠡᠭᠦᠯᠡᠨ ᠳ᠋ᠦ᠍ᠷ ᠨᠡᠪᠲᠡᠷᠡᠵᠦ᠂ ᠦᠬᠦᠭᠰᠡᠨ ᠶᠠᠰᠤ ᠲᠠᠯ᠎ᠠ ᠳ᠋ᠤᠷ ᠳᠦᠭᠦᠷᠴᠦ ᠤᠯᠠᠭᠠᠨ ᠴᠢᠰᠤ ᠭᠣᠣ ᠳ᠋ᠤᠷ ᠤᠷᠤᠰᠴᠤᠬᠠᠢ᠃ ᠴᠢᠦᠢ ᠰᠢᠦᠸᠠᠢ ᠡᠦ ᠶ᠋ᠢᠨ ᠮᠣᠷᠢ ᠰᠢᠲᠠᠵᠤ ᠦᠬᠦᠭᠡᠳ ᠶᠠᠪᠠᠭᠠᠨ ᠢ᠋ᠶ᠋ᠠᠷ ᠭᠦᠶᠦᠵᠦ ᠠᠭᠤᠯᠠ ᠶ᠋ᠢ ᠳᠠᠪᠠᠨ ᠤᠷᠭᠤᠪᠠ᠃ 
      ᠡᠨᠡ ᠦᠢᠮᠡᠭᠡᠨ ᠳ᠋ᠦ᠍ᠷ ᠬᠡᠷᠡᠢᠳ ᠦ᠋ᠨ ᠰᠢᠨ᠎ᠡ ᠬᠦᠩ ᠢᠯᠠᠭᠤ ᠵᠠᠮᠤᠬ᠎ᠠ ᠶ᠋ᠢᠨ ᠡᠷᠭᠦᠭᠰᠡᠨ ᠠᠷᠭ᠎ᠠ ᠪᠠᠷ ᠨᠢᠭᠡᠨ ᠰᠠᠯᠠᠭᠠᠨ ᠤ᠋ ᠬᠤᠯᠠᠭᠠᠢ ᠴᠡᠷᠢᠭ ᠠᠪᠤᠨ ᠢᠷᠡᠵᠦ᠂ ᠬᠤᠯᠠᠭᠠᠢ ᠵᠠᠮ ᠢ᠋ᠶ᠋ᠠᠷ ᠣᠷᠣᠵᠤ ᠬᠣᠶᠠᠷ ᠤᠯᠤᠰ ᠤ᠋ᠨ ᠴᠡᠷᠢᠭ ᠦ᠋ᠨ ᠬᠣᠭᠣᠷᠣᠨᠳᠣᠬᠢ ᠠᠰᠢᠭ᠋ ᠢ᠋ ᠬᠤᠯᠠᠭᠤᠷ᠎ᠠ ᠢᠷᠡᠭᠡᠳ ᠨᠠᠢ᠍ᠮᠠᠨ ᠤ᠋ ᠭᠡᠭᠡᠭᠰᠡᠨ ᠬᠦᠷᠢᠶ᠎ᠡ ᠳ᠋ᠦ᠍ᠷ ᠣᠷᠣᠵᠤ ᠬᠤᠶᠠᠭ ᠵᠡᠪᠰᠡᠭ ᠲᠡᠷᠭᠡ ᠮᠣᠷᠢ ᠬᠦᠨᠳᠦ ᠨᠠᠷᠢᠨ ᠢ᠋ ᠣᠯᠵᠠᠯᠠᠭᠠᠳ ᠪᠠᠰᠠ ᠨᠢᠭᠡᠨ ᠬᠣᠷᠢᠭᠤᠯ ᠰᠢᠩᠭᠡᠯᠢᠭ ᠲᠡᠷᠭᠡᠨ ᠦ᠌ ᠳᠣᠲᠣᠷᠠᠬᠢ ᠬᠥᠮᠦᠨ ᠪᠠ ᠲᠡᠢᠨ ᠳ᠋ᠦ᠍ᠷ ᠳᠠᠷᠤᠭᠳᠠᠵᠤ ᠬᠦᠷᠢᠶᠡᠨ ᠳ᠋ᠡᠭᠡᠨ ᠰᠢᠷᠭᠤᠨ ᠣᠷᠣᠵᠤ ᠢᠷᠡᠭᠰᠡᠨ ᠬᠣᠷᠢ ᠭᠤᠴᠢᠨ ᠴᠡᠷᠢᠭ ᠦ᠋ᠨ ᠬᠥᠮᠦᠨ ᠲᠡᠢ ᠪᠠᠷᠢᠵᠤ ᠶᠡᠬᠡᠯ᠎ᠡ ᠪᠠᠶᠠᠷᠯᠠᠨ᠂ ᠲᠠᠢᠽᠦ ᠶ᠋ᠢᠨ ᠴᠡᠷᠢᠭ ᠡᠭᠡᠬᠦ ᠡᠴᠡ ᠪᠣᠯᠭᠣᠮᠵᠢᠯᠠᠨ ᠮᠡᠩᠳᠡ ᠰᠡᠩᠳᠡ ᠰᠡᠮᠡᠬᠡᠷ ᠬᠤᠯᠠᠭᠤᠨ ᠠᠢᠮᠠᠭ ᠲᠠᠭᠠᠨ ᠡᠭᠡᠵᠦ ᠡᠴᠢᠪᠡ᠃ ᠡᠨᠡ ᠢᠨᠦ ᠨᠡᠢᠲᠡ ᠪᠡᠷ ᠵᠠᠮᠤᠬ᠎ᠠ᠂ ᠢᠯᠠᠭᠤ ᠶ᠋ᠢ ᠣᠯᠵᠠ ᠲᠠᠢ ᠵᠠᠮ ᠢ᠋ᠶ᠋ᠠᠷ ᠤᠳᠤᠷᠢᠳᠤᠨ᠂ ᠰᠠᠢᠨ ᠳ᠋ᠤᠷ ᠣᠷᠣᠬᠤ ᠶ᠋ᠢᠨ ᠠᠷᠭ᠎ᠠ ᠮᠡᠬᠡ ᠠᠵᠤᠭᠤ᠃ 
      ᠲᠡᠭᠦᠨᠴᠡ ᠨᠠᠢ᠍ᠮᠠᠨ ᠤ᠋ ᠪᠥᠬᠡ ᠢᠳᠠᠮ ᠥᠪᠡᠷ ᠦ᠋ᠨ ᠣᠷᠢᠭ᠍ᠰᠠᠨ ᠰᠠᠯᠬᠢᠨ ᠰᠢᠭᠤᠷᠭᠠᠨ ᠭᠡᠨᠡᠳᠲᠡ ᠤᠷᠪᠠᠭᠰᠠᠨ ᠢ᠋ ᠦᠵᠡᠭᠡᠳ ᠶᠡᠬᠡᠯ᠎ᠡ ᠬᠢᠷᠳ᠋ᠬᠢᠵᠦ᠂ ᠳᠠᠷᠤᠢ ᠳᠣᠲᠣᠷᠠᠬᠢ ᠠᠷᠠᠳ ᠢ᠋ᠶ᠋ᠠᠨ ᠠᠪᠴᠤ ᠤᠷᠢᠳᠠᠰᠠ ᠪᠤᠷᠤᠭᠤᠯᠠᠵᠤ ᠤᠯᠠᠭᠠᠨ ᠭᠦᠮ ᠦ᠋ᠨ ᠵᠠᠮ ᠢ᠋ ᠲᠦᠳᠡ ᠪᠥᠭᠡᠳ ᠨᠢᠭᠤᠴᠠ ᠭᠡᠮᠡᠨ ᠵᠡᠪᠡ ᠶ᠋ᠢᠨ ᠠᠮᠠᠰᠠᠷ ᠲᠤᠷ ᠬᠦᠷᠴᠦ ᠢᠷᠡᠭᠡᠳ ᠬᠣᠢᠰᠢ ᠬᠠᠨᠳᠤᠵᠤ ᠦᠵᠡᠪᠡᠰᠦ ᠪᠠᠢᠯᠳᠤᠭᠠᠨ ᠤ᠋ ᠭᠠᠵᠠᠷ ᠲᠤᠷ ᠬᠠᠷᠠᠬᠠᠨ ᠰᠠᠯᠬᠢᠨ ᠭᠠᠯ ᠵᠡᠷᠭᠡ ᠪᠡᠷ ᠪᠠᠳᠠᠷᠠᠵᠤ᠂ ᠭᠠᠯ ᠤ᠋ᠨ ᠴᠤᠷᠮᠠᠳᠠᠰᠤ ᠠᠭᠤᠯᠠᠨ ᠤ᠋ ᠠᠯᠤᠰ ᠬᠡᠢᠰᠴᠦ ᠬᠠᠰᠬᠢᠷᠬᠤ ᠳᠠᠭᠤᠨ ᠲᠡᠭᠷᠢ ᠳ᠋ᠦ᠍ᠷ ᠲᠤᠯᠤᠭᠰᠠᠨ ᠲᠤᠯᠠ ᠥᠪᠡᠷ ᠦ᠋ᠨ ᠪᠡᠶ᠎ᠡ ᠵᠠᠪᠰᠢᠪᠠ ᠭᠡᠮᠡᠨ ᠵᠡᠪᠡ ᠳ᠋ᠦ᠍ᠷ ᠣᠷᠣᠵᠤ ᠬᠠᠭᠠᠰ ᠭᠠᠵᠠᠷ ᠶᠠᠪᠤᠭᠰᠠᠨ ᠦᠭᠡᠢ᠂ ᠭᠡᠨᠡᠳᠲᠡ ᠬᠡᠩᠭᠡᠷᠭᠡ ᠴᠠᠩ ᠤ᠋ᠨ ᠳᠠᠭᠤᠨ ᠭᠠᠷᠴᠤ ᠬᠣᠶᠠᠷ ᠡᠲᠡᠭᠡᠳ ᠡᠴᠡ ᠬᠠᠷᠪᠤᠬᠤ ᠠᠨᠤ ᠪᠣᠷᠣᠭᠠᠨ ᠮᠥᠨᠳᠥᠷ ᠳᠡᠯᠡᠳᠬᠦ ᠮᠡᠲᠦ᠂ ᠬᠥᠭᠡᠷᠦᠬᠦᠢ ᠪᠥᠵᠥᠩ ᠮᠡᠲᠦ ᠪᠥᠬᠡ ᠢᠳᠠᠮ ᠢ᠋ ᠳᠠᠭᠠᠭᠰᠠᠨ ᠨᠥᠬᠥᠷ ᠰᠡᠯᠲᠡ ᠴᠥᠮ ᠰᠠᠮᠠᠭᠤᠨ ᠵᠡᠪᠡ ᠶ᠋ᠢᠨ ᠳᠣᠣᠷ᠎ᠠ ᠦᠬᠦᠪᠡ᠃ ᠪᠥᠬᠡ ᠢᠳᠠᠮ ᠪᠡᠶ᠎ᠡ ᠳ᠋ᠦ᠍ᠷ ᠠᠷᠪᠠᠨ ᠬᠡᠳᠦᠨ ᠰᠤᠮᠤ ᠭᠠᠳᠠᠵᠤ᠂ ᠵᠡᠪᠡ ᠶ᠋ᠢᠨ ᠬᠣᠢᠲᠤ ᠠᠮᠠᠰᠠᠷ ᠲᠤᠷ ᠳᠣᠪᠲᠣᠯᠤᠨ ᠬᠦᠷᠴᠦ ᠦᠵᠡᠪᠡᠰᠦ ᠵᠡᠪᠡ ᠶ᠋ᠢᠨ ᠠᠮᠠᠰᠠᠷ ᠢ᠋ ᠬᠡᠳᠦᠢᠨᠡᠢ ᠮᠣᠳᠣ ᠴᠢᠯᠠᠭᠤ ᠪᠠᠷ ᠲᠠᠭ ᠪᠥᠭᠯᠡᠭᠰᠡᠨ ᠲᠤᠯᠠ ᠰᠠᠶᠢ ᠪᠡᠶ᠎ᠡ ᠡᠷᠭᠢᠲᠡᠯ᠎ᠡ ᠬᠦᠵᠦᠭᠦᠨ ᠳ᠋ᠦ᠍ᠷ ᠬᠡᠳᠦ ᠬᠡᠳᠦᠨ ᠰᠤᠮᠤ ᠲᠣᠰᠴᠤ ᠮᠣᠷᠢᠨ ᠠ᠋ᠴᠠ ᠥᠩᠬᠥᠷᠢᠨ ᠤᠨᠠᠵᠤ ᠨᠢᠷᠸᠠᠨ ᠤ᠋ ᠳᠦᠷᠢ ᠦᠵᠡᠭᠦᠯᠪᠡᠢ᠃ ᠡᠨᠡ ᠮᠥᠨ ᠪᠥᠬᠡ ᠪᠣᠯᠵᠤ ᠰᠠᠯᠬᠢᠨ ᠤᠷᠢᠭᠠᠳ ᠬᠡᠳᠦᠢᠴᠢᠨᠡᠭᠡᠨ ᠬᠥᠮᠦᠨ ᠢ᠋ ᠬᠣᠬᠢᠷᠠᠭᠤᠯᠤᠭᠰᠠᠨ ᠬᠠᠷᠢᠭᠤᠯᠠᠯ ᠢ᠋ᠶ᠋ᠠᠷ ᠪᠡᠶ᠎ᠡ ᠳ᠋ᠦ᠍ᠷ ᠵᠠᠷᠠᠭ᠎ᠠ ᠮᠡᠲᠦ ᠵᠡᠪᠡ ᠭᠠᠳᠠᠵᠤ ᠦᠬᠦᠭᠰᠡᠨ ᠪᠣᠯᠠᠢ᠃ 
      ᠲᠡᠭᠦᠨᠴᠡ ᠴᠢᠦᠢ ᠰᠢᠦᠸᠠᠢ ᠡᠦ ᠳᠠᠪᠠᠭ᠎ᠠ ᠶ᠋ᠢ ᠳᠠᠪᠠᠨ ᠭᠠᠷᠴᠤ ᠢᠷᠡᠭᠡᠳ ᠰᠥᠷᠦᠯᠬᠡᠭ ᠦ᠋ᠨ ᠳᠠᠷᠤᠭᠰᠠᠨ ᠨᠢᠭᠡᠨ ᠠᠩᠭᠢ ᠴᠡᠷᠢᠭ ᠲᠦ᠍ᠷ ᠤᠴᠠᠷᠠᠵᠤ ᠰᠠᠶᠢ ᠮᠣᠷᠢ ᠣᠯᠵᠤ ᠤᠨᠤᠲᠠᠯ᠎ᠠ ᠬᠣᠢᠨ᠎ᠠ ᠠ᠋ᠴᠠ ᠠᠯᠲᠠᠨᠱᠠᠭ᠎ᠠ ᠮᠥᠨ ᠨᠢᠭᠡᠨ ᠰᠠᠯᠠᠭᠠᠨ ᠤ᠋ ᠬᠣᠬᠢᠷᠠᠭᠰᠠᠨ ᠴᠡᠷᠢᠭ ᠢ᠋ ᠠᠪᠴᠤ ᠭᠦᠢᠴᠡᠨ ᠬᠦᠷᠴᠦ ᠢᠷᠡᠭᠡᠳ ᠶᠡᠬᠡ ᠴᠡᠷᠢᠭ ᠦ᠋ᠨ ᠶᠡᠬᠡ ᠪᠠᠷᠤᠭ ᠢ᠋ ᠪᠠᠷᠤᠭᠯᠠᠨ ᠦᠵᠡᠪᠡᠰᠦ ᠶᠡᠬᠡ ᠬᠠᠭᠠᠰ ᠰᠢᠷᠬᠠᠲᠤᠵᠤ ᠪᠠᠭ᠎ᠠ ᠬᠠᠭᠠᠰ ᠬᠤᠷᠬᠢᠷᠠᠵᠤᠬᠤᠢ᠃ ᠮᠢᠩᠭᠠᠲᠠᠨ᠂ ᠵᠠᠯᠮ᠎ᠠ ᠳ᠋ᠤᠷ ᠵᠢᠳᠠᠯᠠᠭᠳᠠᠪᠠ᠃ ᠰᠡᠮᠦ᠂ ᠬᠦᠯᠦᠭ ᠴᠢᠯᠠᠭᠤᠨ ᠳ᠋ᠤᠷ ᠠᠯᠠᠭᠳᠠᠪᠠ᠃ ᠳᠠᠷᠤᠮᠲᠠ ᠰᠥᠷᠦᠯᠬᠡᠭ ᠬᠣᠶᠠᠭᠤᠯᠠ ᠶ᠋ᠢᠨ ᠲᠡᠳᠦᠢ ᠬᠣᠴᠣᠷᠪᠠ᠃ ᠴᠢᠦᠢ ᠰᠢᠦᠸᠠᠢ ᠡᠦ ᠪᠥᠬᠡ ᠢᠳᠠᠮ ᠢ᠋ ᠠᠰᠠᠭᠤᠪᠠᠰᠤ ᠮᠡᠳᠡᠬᠦ ᠴᠡᠷᠢᠭ ᠦ᠋ᠨ ᠬᠥᠮᠦᠨ ᠮᠡᠳᠡᠭᠦᠯᠦᠷᠦᠨ :《ᠤᠷᠤᠭᠰᠢᠯᠠᠨ ᠤᠯᠠᠭᠠᠨ ᠭᠦᠮ ᠦ᠋ᠨ ᠵᠠᠮ ᠢ᠋ᠶ᠋ᠠᠷ ᠡᠴᠢᠪᠡ 》ᠬᠡᠮᠡᠭᠰᠡᠨ ᠳ᠋ᠤᠷ ᠴᠢᠦᠢ ᠰᠢᠦᠸᠠᠢ ᠡᠦ ᠮᠣᠷᠢᠨ ᠤ᠋ ᠳᠡᠭᠡᠷ᠎ᠡ ᠳᠥᠷᠦᠭᠡᠨ ᠦ᠌ ᠳᠣᠲᠣᠷ᠎ᠠ ᠬᠥᠯ ᠳᠡᠪᠰᠡᠨ ᠭᠠᠰᠠᠯᠤᠨ ᠥᠭᠦᠯᠡᠷᠦᠨ : 《ᠡᠨᠡ ᠬᠥᠮᠦᠨ ᠪᠠᠰᠠ ᠪᠠᠷᠢᠭ᠍ᠳᠠᠪᠠ ! 》 ᠬᠡᠮᠡᠭᠰᠡᠨ ᠳ᠋ᠦ᠍ᠷ ᠲᠠᠢᠽᠢ ᠬᠦᠩ ᠠᠯᠲᠠᠨᠱᠠᠭ᠎ᠠ ᠤᠴᠢᠷ ᠢ᠋ ᠠᠰᠠᠭᠤᠪᠠᠰᠤ ᠴᠢᠦᠢ ᠰᠢᠦᠸᠠᠢ ᠡᠦ ᠥᠭᠦᠯᠡᠷᠦᠨ : 《ᠤᠯᠠᠭᠠᠨ ᠭᠦᠮ ᠦ᠋ᠨ ᠵᠡᠪᠡ ᠬᠡᠮᠡᠭᠴᠢ ᠮᠠᠰᠢ ᠴᠢᠬᠤᠯᠠ ᠬᠠᠪᠴᠢᠭ ᠭᠠᠵᠠᠷ᠂ ᠮᠤᠬᠤᠯᠢ ᠮᠠᠨ ᠤ᠋ ᠴᠡᠷᠢᠭ ᠯᠤᠭᠡ  ᠪᠠᠢᠯᠳᠤᠬᠤ ᠦᠶ᠎ᠡ ᠳ᠋ᠦ᠍ᠷ ᠲᠡᠷᠡ ᠮᠡᠲᠦ ᠵᠠᠭᠤᠨ ᠮᠢᠩᠭᠠᠨ ᠵᠦᠢᠯ ᠢ᠋ᠶ᠋ᠡᠷ ᠬᠤᠪᠢᠰᠬᠠᠵᠤ ᠤᠯᠠᠷᠢᠭᠤᠯᠤᠨ ᠬᠡᠷᠡᠭᠯᠡᠬᠦ ᠪᠡᠷ ᠦᠵᠡᠪᠡᠰᠦ᠂ ᠲᠡᠷᠡ ᠵᠠᠮ ᠳ᠋ᠤᠷ ᠴᠡᠷᠢᠭ ᠦᠯᠦ ᠪᠦᠭᠭᠦᠬᠦ ᠶᠣᠰᠣ ᠪᠣᠢ ᠤᠤ ? 》 ᠬᠡᠮᠡᠬᠦ ᠦᠭᠡ ᠪᠠᠷᠠᠬᠤ ᠶ᠋ᠢᠨ ᠤᠷᠢᠳ᠂  ᠪᠤᠭᠤᠷᠵᠢ ᠶ᠋ᠢᠨ ᠴᠡᠷᠢᠭ ᠡᠭᠡᠨ ᠬᠦᠷᠴᠦ ᠢᠷᠡᠭᠡᠳ ᠨᠢᠭᠡᠨᠲᠡ ᠬᠠᠰᠬᠢᠷᠤᠨ ᠲᠥᠭᠥᠷᠢᠭᠯᠡᠨ ᠬᠠᠭᠠᠪᠠ᠃ ᠴᠢᠦᠢ ᠰᠢᠦᠸᠠᠢ ᠡᠦ ᠭᠠᠷᠴᠤ ᠴᠢᠳᠠᠬᠤ ᠦᠭᠡᠢ ᠪᠣᠯᠤᠭᠰᠠᠨ ᠢ᠋ᠶ᠋ᠠᠨ ᠮᠡᠳᠡᠭᠡᠳ ᠥᠨᠳᠥᠷ ᠳᠠᠭᠤᠨ ᠢ᠋ᠶ᠋ᠠᠷ : 《ᠬᠠᠢᠷᠠᠬᠠᠨ ᠮᠥᠩᠭᠥᠯᠵᠢ ᠠᠬ᠎ᠠ ᠶ᠋ᠢᠨ ᠦᠭᠡ ᠶ᠋ᠢ ᠡᠰᠡ ᠰᠣᠨᠣᠰᠤᠭᠰᠠᠨ ᠢ᠋ᠶ᠋ᠠᠷ ᠡᠢᠮᠦ ᠪᠤᠯᠬᠤᠢ ᠳ᠋ᠤᠷ ᠬᠦᠷᠪᠡ ! 》 ᠬᠡᠮᠡᠭᠡᠳ ᠪᠠᠰᠠ ᠠᠯᠲᠠᠨᠱᠠᠭ᠎ᠠ ᠶ᠋ᠢᠨ ᠵᠦᠭ ᠥᠭᠦᠯᠡᠷᠦᠨ : 《ᠪᠢ ᠬᠡᠳᠦᠢ ᠡᠨᠡ ᠴᠡᠷᠢᠭ ᠢ᠋ ᠨᠡᠪᠲᠡᠯᠦᠨ ᠭᠠᠷᠴᠤ ᠴᠢᠳᠠᠪᠠᠴᠤ ᠶᠠᠮᠪᠠᠷ ᠨᠢᠭᠤᠷ ᠢ᠋ᠶ᠋ᠠᠷ ᠬᠠᠭᠠᠨ ᠡᠵᠡᠨ ᠳ᠋ᠡᠭᠡᠨ ᠤᠴᠠᠷᠠᠮᠤᠢ᠂ ᠮᠢᠨᠦ ᠤᠷᠢᠳᠠ ᠶ᠋ᠢᠨ ᠬᠡᠯᠡᠭᠰᠡᠨ ᠦᠭᠡ ᠪᠣᠢ ᠪᠥᠯᠥᠭᠡ᠂ ᠪᠠᠭ᠎ᠠ ᠡᠵᠡᠨ ᠲᠠᠢᠽᠢ ᠬᠦᠩ ᠮᠢᠨᠦ ᠲᠣᠯᠣᠭᠠᠢ ᠶ᠋ᠢ ᠠᠪᠠᠴᠢᠵᠤ ᠡᠵᠡᠨ ᠬᠠᠭᠠᠨ ᠤ᠋ ᠡᠮᠦᠨ᠎ᠡ ᠡᠷᠭᠦ ! 》 ᠬᠡᠮᠡᠭᠡᠳ ᠵᠡᠭᠦᠭᠰᠡᠨ ᠡᠷᠳᠡᠨᠢ ᠶ᠋ᠢᠨ ᠰᠡᠯᠡᠮ᠎ᠡ ᠶ᠋ᠢ ᠰᠤᠭᠤ ᠲᠡᠳᠡᠨ ᠠᠪᠴᠤ ᠬᠦᠵᠦᠭᠦᠦ ᠪᠡᠨ ᠣᠭᠲᠣᠯᠵᠤ ᠦᠬᠦᠪᠡᠢ᠃ ᠬᠠᠢᠷᠠᠨ ᠨᠢᠭᠡᠨ ᠦᠶ᠎ᠡ ᠶ᠋ᠢᠨ ᠪᠠᠭᠠᠲᠤᠷ ᠢᠳᠡᠲᠡᠨ ᠰᠠᠢᠨ ᠢ᠋ᠶ᠋ᠠᠷ ᠣᠯᠵᠤ ᠡᠴᠦᠰ ᠪᠣᠯᠤᠭᠰᠠᠨ ᠦᠭᠡᠢ᠃ ᠠᠯᠲᠠᠨᠱᠠᠭ᠎ᠠ ᠶᠡᠬᠡᠯ᠎ᠡ ᠤᠬᠢᠯᠠᠨ ᠳᠠᠷᠤᠢ ᠳᠠᠷᠤᠮᠲᠠ᠂ ᠰᠥᠷᠦᠯᠬᠡᠭ ᠬᠣᠶᠠᠭᠤᠯᠠ ᠶ᠋ᠢ ᠠᠪᠴᠤ ᠨᠡᠪᠲᠡᠯᠦᠨ ᠭᠠᠷᠬᠤᠶ᠎ᠠ ᠶᠠᠭᠤᠨ ᠤ᠋ ᠴᠢᠦᠢ ᠰᠢᠦᠸᠠᠢ ᠡᠦ ᠶ᠋ᠢᠨ ᠲᠣᠯᠣᠭᠠᠢ ᠶ᠋ᠢ ᠠᠪᠬᠤ ᠴᠢᠯᠥᠭᠡ ᠪᠣᠢ᠃ ᠡᠭᠦᠨ ᠳ᠋ᠦ᠍ᠷ ᠪᠤᠭᠤᠷᠵᠢ ᠨᠠᠢ᠍ᠮᠠᠨ ᠤᠯᠤᠰ ᠲᠤᠷ ᠡᠨᠡ ᠮᠡᠲᠦ ᠵᠢᠷᠤᠮᠲᠤ ᠲᠤᠷᠰᠢᠮᠡᠯ ᠪᠦᠬᠦᠢ ᠶ᠋ᠢ ᠦᠵᠡᠭᠡᠳ ᠪᠤᠰᠤᠳ ᠢ᠋ ᠮᠥᠨ ᠠᠯᠠᠵᠤ ᠲᠦᠪᠳᠡᠬᠦ ᠦᠭᠡᠢ ᠵᠠᠮ ᠲᠠᠯᠪᠢᠨ ᠭᠠᠷᠭᠠᠵᠤ ᠢᠯᠡᠭᠡᠭᠡᠳ ᠦᠯᠡᠳᠡᠭᠰᠡᠨ ᠴᠡᠷᠢᠭ ᠢ᠋ ᠬᠤᠷᠢᠶᠠᠮᠵᠢᠯᠠᠨ ᠠᠪᠴᠤ ᠴᠢᠦᠢ ᠰᠢᠦᠸᠠᠢ ᠡᠦ ᠶ᠋ᠢᠨ ᠶᠠᠰᠤ ᠨᠢ ᠠᠪᠤᠭᠤᠯᠵᠤ ᠴᠡᠷᠢᠭ ᠡᠭᠡᠪᠡ᠃ 
      ᠲᠡᠭᠦᠨᠴᠡ ᠮᠤᠬᠤᠯᠢ ᠨᠢᠭᠡᠨ ᠵᠡᠷᠭᠡ ᠶᠡᠬᠡᠯ᠎ᠡ ᠲᠠᠢᠯᠵᠤ ᠬᠡᠳᠦᠨ ᠮᠢᠩᠭᠠᠨ ᠬᠥᠮᠦᠨ ᠮᠣᠷᠢ ᠣᠯᠵᠤ᠂ ᠶᠡᠬᠡ ᠴᠡᠷᠢᠭ ᠢ᠋ᠶ᠋ᠡᠨ ᠬᠠᠷᠠᠩᠭ᠎ᠠ ᠴᠣᠬᠢᠵᠤ ᠬᠤᠷᠢᠶᠠᠭᠠᠳ ᠳᠡᠢᠯᠦᠭᠰᠡᠨ ᠶᠣᠰᠣᠭᠠᠷ ᠬᠡᠩᠭᠡᠷᠭᠡ ᠳᠡᠯᠡᠳᠦᠨ ᠪᠢᠰᠬᠢᠭᠦᠷ ᠦᠯᠢᠶᠡᠯᠭᠡᠨ ᠡᠭᠡᠬᠦᠶ᠎ᠡ᠂ ᠣᠯᠠᠨ ᠲᠦᠰᠢᠮᠡᠳ ᠬᠡᠭᠡᠷ᠎ᠡ ᠲᠠᠯ᠎ᠠ ᠶ᠋ᠢᠨ ᠣᠢ ᠰᠢᠭᠤᠢ᠂ ᠰᠥᠭᠡᠭ ᠨᠠᠢᠯᠵᠠᠭᠤᠷ ᠴᠥᠮ ᠰᠢᠲᠠᠭᠰᠠᠨ ᠢ᠋ ᠦᠵᠡᠭᠡᠳ ᠲᠠᠢᠽᠦ ᠶ᠋ᠢᠨ ᠤᠰᠤᠨ ᠤ᠋ ᠡᠯᠡᠰᠦᠨ ᠳᠠᠩ ᠳ᠋ᠤᠷ ᠬᠦᠷᠢᠶ᠎ᠡ ᠳᠡᠪᠰᠢᠭᠦᠯᠦᠭᠰᠡᠨ ᠤᠴᠢᠷ ᠢ᠋ ᠰᠠᠶᠢ ᠮᠡᠳᠡᠭᠡᠳ ᠬᠤᠪᠢᠯᠭᠠᠨ ᠮᠠᠲᠠᠯ ᠰᠠᠬᠢᠭᠤᠯᠰᠤᠨ ᠤ᠋ ᠤᠬᠠᠭᠠᠨ ᠢ᠋ ᠶᠡᠬᠡᠯ᠎ᠡ ᠭᠠᠢᠬᠠᠯᠳᠤᠵᠤ ᠪᠢᠰᠢᠷᠡᠯᠴᠡᠨ ᠰᠦᠰᠦᠭᠯᠡᠪᠡᠢ᠃ 
      ᠲᠡᠭᠦᠨᠴᠡ ᠣᠯᠠᠨ ᠵᠠᠩᠵᠤᠨ ᠨᠤᠭᠤᠳ ᠬᠤᠷᠠᠵᠤ ᠥᠪᠡᠷ ᠥᠪᠡᠷ ᠦ᠋ᠨ ᠭᠠᠪᠢᠶ᠎ᠠ ᠣᠯᠵᠠ ᠪᠠᠨ ᠡᠷᠭᠦᠬᠦᠶ᠎ᠡ᠂ ᠵᠡᠯᠮ᠎ᠡ᠂ ᠮᠢᠩᠭᠠᠲᠠᠨ ᠤ᠋ ᠲᠣᠯᠣᠭᠠᠢ ᠶ᠋ᠢ ᠡᠷᠭᠦᠪᠡ᠃ ᠴᠢᠯᠠᠭᠤᠨ᠂ ᠰᠡᠮᠦ ᠶ᠋ᠢᠨ ᠲᠣᠯᠣᠭᠠᠢ ᠶ᠋ᠢ ᠪᠠᠷᠢᠪᠠ᠃ ᠪᠤᠭᠤᠷᠤᠯ ᠲᠠᠪᠤᠨ ᠮᠢᠩᠭᠠᠨ ᠢᠯᠡᠭᠦᠦ ᠠᠮᠢᠳᠤ ᠪᠠᠷᠢᠭ᠍ᠰᠠᠨ ᠴᠡᠷᠢᠭ ᠦ᠋ᠨ ᠲᠣᠭ᠎ᠠ ᠳᠠᠩᠰᠠ ᠪᠠ ᠨᠠᠢ᠍ᠮᠠᠨ ᠮᠢᠩᠭᠠᠨ ᠢᠯᠡᠭᠦᠦ ᠮᠣᠷᠢ᠂ ᠬᠤᠶᠠᠭ ᠳᠤᠭᠤᠯᠠᠭ᠎ᠠ᠂ ᠵᠠᠷ ᠵᠡᠪᠰᠡᠭ ᠲᠦᠮᠡ ᠢᠯᠡᠭᠦᠦ ᠵᠠᠬ᠎ᠠ ᠶ᠋ᠢ ᠮᠡᠳᠡᠭᠦᠯᠪᠡ᠃ ᠲᠤᠭ ᠬᠢᠭᠢᠷᠢ᠂ ᠰᠢᠬᠦᠷ ᠳᠠᠯᠪᠠᠭ᠎ᠠ ᠴᠥᠮ ᠰᠢᠲᠠᠭᠰᠠᠨ ᠲᠤᠯᠠ ᠬᠤᠷᠢᠶᠠᠪᠠᠴᠤ ᠬᠡᠷᠡᠭᠯᠡᠵᠦ ᠪᠣᠯᠬᠤ ᠦᠭᠡᠢ ᠪᠣᠯᠵᠤᠬᠤᠢ᠃ ᠲᠡᠳᠦᠢ ᠵᠢᠨᠦᠩ ᠮᠤᠬᠤᠯᠢ ᠪᠠᠷᠰ ᠤ᠋ᠨ ᠠᠷᠠᠰᠤᠨ ᠤ᠋ ᠴᠠᠴᠠᠷ ᠲᠤᠷ ᠰᠠᠭᠤᠵᠤ᠂ ᠰᠢᠷᠢ ᠬᠤᠲᠤᠭ ᠢ᠋ ᠳᠠᠭᠤᠳᠠᠨ ᠠᠪᠴᠢᠷᠠᠵᠤ ᠣᠯᠠᠨ ᠤ᠋ ᠳᠤᠮᠳᠠ ᠲᠠᠭᠲᠤ ᠶ᠋ᠢᠨ ᠡᠮᠦᠨ᠎ᠡ ᠵᠣᠭᠰᠣᠭᠠᠵᠤ ᠶᠡᠬᠡ ᠳᠠᠭᠤᠨ ᠢ᠋ᠶ᠋ᠠᠷ ᠥᠭᠦᠯᠡᠷᠦᠨ : 《ᠪᠢ ᠴᠢᠮᠠᠶ᠋ᠢ ᠳᠤᠮᠳᠠᠳᠤ ᠴᠡᠷᠢᠭ ᠢ᠋ ᠬᠡᠷᠬᠢᠪᠡᠴᠦ ᠪᠦᠦ ᠬᠥᠳᠡᠯᠭᠡ ᠭᠡᠮᠡᠨ ᠳᠠᠬᠢᠨ ᠳᠠᠪᠲᠠᠨ ᠴᠠᠭᠠᠵᠠᠯᠠᠭᠰᠠᠨ ᠪᠠᠢᠲᠠᠯ᠎ᠠ ᠴᠢ ᠶᠠᠭᠤᠨ ᠤ᠋ ᠤᠴᠢᠷ ᠲᠤᠷ ᠴᠠᠭᠠᠵᠠ ᠠ᠋ᠴᠠ ᠵᠥᠷᠢᠴᠡᠵᠦ ᠬᠥᠳᠡᠯᠦᠭᠡᠳ ᠴᠡᠷᠢᠭ ᠢ᠋ ᠳᠠᠷᠤᠭᠳᠠᠬᠤᠢ ᠳ᠋ᠤᠷ ᠭᠥᠷᠥᠭᠦᠯᠪᠡ ? ᠴᠢ ᠬᠡᠷᠪᠡ ᠵᠢᠭ᠍ᠰᠠᠭᠠᠯ ᠤ᠋ᠨ ᠬᠠᠭᠠᠯᠭ᠎ᠠ ᠶ᠋ᠢ ᠡᠰᠡ ᠨᠡᠭᠡᠭᠡᠭᠰᠡᠨ ᠪᠥᠭᠡᠰᠦ ᠭᠠᠯ ᠤ᠋ᠨ ᠲᠡᠷᠭᠡ ᠶᠠᠭᠠᠬᠢᠨ ᠮᠠᠨ ᠤ᠋ ᠵᠢᠭ᠍ᠰᠠᠭᠠᠯ ᠤ᠋ᠨ ᠳᠣᠲᠣᠷ᠎ᠠ ᠨᠡᠪᠲᠡᠯᠦᠨ ᠣᠷᠣᠵᠤ ᠴᠢᠳᠠᠬᠤ ᠪᠣᠢ ! ᠭᠠᠯ ᠤ᠋ᠨ ᠲᠡᠷᠭᠡ ᠡᠰᠡ ᠣᠷᠣᠵᠤ ᠴᠡᠷᠢᠭ ᠡᠰᠡ ᠰᠠᠮᠠᠭᠤᠷᠠᠭᠰᠠᠨ ᠪᠥᠭᠡᠰᠦ ᠳᠠᠢᠰᠤᠨ ᠤ᠋ ᠴᠡᠷᠢᠭ ᠬᠡᠷᠬᠢᠨ ᠲᠦᠷᠭᠢᠯᠦᠨ ᠣᠷᠣᠵᠤ ᠢᠷᠡᠬᠦᠢ ᠳ᠋ᠦ᠍ᠷ ᠬᠥᠷᠥᠮᠦᠢ ? ᠠᠯᠢᠪᠠ ᠴᠡᠷᠢᠭ ᠦ᠋ᠨ ᠶᠣᠰᠣ ᠨᠢᠭᠡᠨ ᠬᠥᠮᠦᠨ ᠡᠨᠳᠡᠭᠦᠷᠡᠨ ᠬᠥᠳᠡᠯᠪᠡᠰᠦ ᠬᠡᠳᠦᠢᠴᠢᠨᠡᠭᠡᠨ ᠲᠦᠮᠡᠨ ᠬᠥᠮᠦᠨ ᠦ᠌ ᠠᠮᠢ ᠪᠤᠰᠠᠨᠢᠵᠤ᠂ ᠬᠥᠩᠭᠡᠨ ᠪᠣᠯᠪᠠᠰᠤ ᠴᠡᠷᠢᠭ ᠳᠠᠷᠤᠭᠳᠠᠵᠤ᠂ ᠬᠦᠨᠳᠦ ᠪᠣᠯᠪᠠᠰᠤ ᠤᠯᠤᠰ ᠮᠥᠬᠥᠬᠦ ᠶᠡᠬᠡ ᠬᠡᠷᠡᠭ ᠬᠣᠯᠪᠣᠭᠳᠠᠬᠤ ᠲᠤᠯᠠ ᠲᠡᠢᠨ ᠬᠦ᠌ ᠴᠡᠷᠢᠭ ᠦ᠋ᠨ ᠴᠠᠭᠠᠵᠠ ᠶ᠋ᠢ ᠤᠯᠤᠰ ᠤ᠋ᠨ ᠴᠠᠭᠠᠵᠠ ᠠ᠋ᠴᠠ ᠬᠠᠲᠠᠭᠤ ᠲᠣᠭᠲᠠᠭᠠᠵᠤᠬᠤᠢ᠃ ᠲᠡᠢᠮᠦ ᠶ᠋ᠢᠨ ᠲᠤᠯᠠ ᠡᠵᠡᠨ ᠨᠠᠮᠠᠶ᠋ᠢ ᠬᠡᠳᠦᠢᠪᠡᠷ ᠮᠠᠲᠠᠯ ᠴᠢᠳᠠᠯ ᠦᠭᠡᠢ ᠪᠣᠯᠪᠠᠴᠤ ᠮᠢᠨᠦ ᠨᠢᠭᠡᠨ ᠴᠢᠩ ᠦᠨᠡᠨ ᠬᠢᠴᠢᠶᠡᠩᠭᠦᠢ ᠪᠣᠯᠭᠣᠮᠵᠢ ᠶ᠋ᠢ ᠠᠢᠯᠠᠳᠴᠤ ᠣᠯᠠᠨ ᠤ᠋ ᠳᠣᠲᠣᠷ᠎ᠠ ᠠ᠋ᠴᠠ ᠡᠷᠭᠦᠨ ᠭᠠᠷᠭᠠᠵᠤ ᠵᠢᠨᠦᠩ ᠪᠣᠯᠭᠠᠨ ᠬᠦᠨᠳᠦ ᠡᠷᠬᠡ ᠶ᠋ᠢ ᠪᠠᠷᠢᠭᠤᠯᠤᠭᠰᠠᠨ ᠠᠨᠤ ᠲᠤᠬᠠᠢᠯᠠᠨ ᠤᠯᠤᠰ ᠲᠥᠷᠥ ᠪᠠ ᠣᠯᠠᠨ ᠴᠡᠷᠢᠭ ᠦ᠋ᠨ ᠦᠬᠦᠬᠦ ᠡᠳᠡᠭᠡᠬᠦ ᠴᠢᠬᠤᠯᠠ ᠬᠡᠷᠡᠭ ᠢ᠋ ᠲᠤᠰᠢᠶᠠᠭᠰᠠᠨ ᠪᠣᠯᠠᠢ᠃ ᠪᠢ ᠡᠵᠡᠨ ᠦ᠌ ᠬᠦᠨᠳᠦ ᠴᠢᠬᠤᠯᠠ ᠶ᠋ᠢ ᠬᠦᠯᠢᠶᠡᠵᠦ ᠪᠣᠢ ᠳᠤᠯᠠᠳᠠ ᠨᠢᠭᠡᠨ ᠰᠥᠨᠢ ᠠᠮᠤᠷ ᠤᠮᠳᠠᠨ ᠴᠢᠳᠠᠬᠤ ᠦᠭᠡᠢ᠂ ᠨᠢᠭᠡᠨ ᠴᠠᠭ ᠴᠤ᠌ ᠴᠠᠳᠲᠠᠯ᠎ᠠ ᠢᠳᠡᠵᠦ ᠴᠢᠳᠠᠬᠤ ᠦᠭᠡᠢ᠂ ᠰᠥᠨᠢ ᠳᠠᠭᠤᠰᠤᠨ ᠴᠠᠭ ᠦᠷᠭᠦᠯᠵᠢᠳᠡ ᠥᠴᠦᠬᠡᠨ ᠴᠦ᠍ ᠣᠮᠲᠣᠭᠠᠢᠯᠠᠬᠤ ᠦᠭᠡᠢ᠂ ᠨᠢᠳᠦ ᠠᠨᠢᠨ ᠬᠤᠷᠤᠭᠤ ᠪᠠᠷ ᠵᠢᠷᠤᠵᠤ᠂ ᠳᠡᠷ᠎ᠡ ᠳ᠋ᠦ᠍ᠷ ᠳᠡᠷᠡᠯᠡᠨ ᠰᠡᠳᠬᠢᠯ ᠳ᠋ᠦ᠍ᠷ ᠰᠠᠨᠠᠨ᠂ ᠵᠠᠭᠤᠨ ᠤᠳᠠᠭ᠎ᠠ ᠪᠣᠳᠣᠵᠤ ᠮᠢᠩᠭᠠᠨ ᠵᠡᠷᠭᠡ ᠪᠣᠯᠭᠣᠮᠵᠢᠯᠠᠵᠤ ᠰᠠᠶᠢ ᠲᠣᠭᠲᠠᠭᠠᠨ ᠭᠠᠷᠭᠠᠭᠰᠠᠨ ᠢ᠋ ᠴᠢᠨᠦ ᠨᠢᠭᠡᠬᠡᠨ ᠬᠥᠮᠦᠨ ᠭᠠᠭᠴᠠᠭᠠᠷ ᠵᠣᠷᠢᠭ ᠮᠡᠳᠡᠨ ᠵᠥᠷᠢᠴᠡᠨ ᠶᠠᠪᠤᠭᠰᠠᠨ ᠢ᠋ᠶ᠋ᠠᠷ ᠳᠠᠷᠤᠢ ᠴᠥᠭᠥᠴᠡ ᠬᠠᠭᠠᠷᠠᠵᠤ ᠠᠷᠢᠬᠢ ᠠᠰᠬᠠᠭᠰᠠᠨ ᠮᠡᠲᠦ ᠪᠣᠯᠭᠠᠬᠤ ᠠᠨᠤ ᠶᠠᠭᠤᠨ ᠠᠵᠢ ! ᠪᠢ ᠬᠢᠴᠢᠶᠡᠨ ᠪᠣᠯᠭᠣᠮᠵᠢᠯᠠᠨ ᠬᠣᠶᠠᠷ ᠴᠡᠷᠢᠭ ᠬᠠᠷᠢᠯᠴᠠᠨ ᠲᠤᠯᠭᠠᠯᠴᠠᠭᠰᠠᠨ ᠲᠤᠬᠠᠢ ᠳ᠋ᠤᠷ ᠨᠢᠭᠡᠨ ᠠᠯᠬᠤᠮ ᠴᠤ᠌ ᠤᠴᠢᠷ ᠦᠭᠡᠢ ᠦᠯᠦ ᠬᠥᠳᠡᠯᠬᠦ ᠢᠨᠦ ᠭᠠᠭᠴᠠ ᠥᠪᠡᠷ ᠦ᠋ᠨ ᠨᠢᠭᠡᠨ ᠠᠮᠢᠨ ᠢ᠋ ᠬᠠᠢᠷᠠᠯᠠᠬᠤ ᠶ᠋ᠢᠨ ᠲᠡᠳᠦᠢ ᠯᠡ ᠪᠤᠰᠤ ᠪᠣᠯᠠᠢ᠃ ᠡᠴᠦᠰ ᠲᠦ᠍ᠷ ᠴᠥᠮ ᠣᠯᠠᠨ ᠴᠡᠷᠢᠭ ᠦ᠋ᠨ ᠪᠤᠰᠠᠨᠢᠬᠤ ᠠ᠋ᠴᠠ ᠠᠶᠤᠭᠰᠠᠨ ᠠᠨᠤ ᠪᠤᠶᠤ᠃ ᠣᠯᠠᠨ ᠵᠠᠩᠵᠤᠨ ᠨᠤᠭᠤᠳ ᠠᠯᠢᠨ ᠴᠤ᠌ ᠴᠥᠮ ᠴᠢᠮ᠎ᠠ ᠳ᠋ᠤᠷ ᠠᠳᠠᠯᠢ ᠨᠢᠭᠡᠨ ᠦᠶ᠎ᠡ ᠳ᠋ᠦ᠍ᠷ ᠳᠠᠭᠠᠭᠰᠠᠨ ᠲᠤᠯᠭᠤᠷ ᠪᠠᠢᠭᠤᠯᠤᠭᠰᠠᠨ ᠲᠦᠰᠢᠮᠡᠳ ᠲᠤᠯᠠ ᠲᠡᠳᠡ ᠪᠦᠭᠦᠳᠡᠭᠡᠷ ᠴᠥᠮ ᠴᠢᠮᠠᠶ᠋ᠢ ᠳᠠᠭᠤᠷᠢᠶᠠᠨ ᠴᠡᠷᠢᠭ ᠦ᠋ᠨ ᠴᠢᠩᠭ᠎ᠠ ᠴᠠᠭᠠᠵᠠ ᠶ᠋ᠢ ᠡᠢᠨ ᠬᠦ᠌ ᠵᠣᠷᠢᠭ ᠮᠡᠳᠡᠨ ᠵᠥᠷᠢᠴᠡᠨ ᠰᠠᠮᠠᠭᠤᠷᠠᠭᠤᠯᠪᠠᠰᠤ ᠮᠠᠨ ᠤ᠋ ᠡᠵᠡᠨ ᠦ᠌ ᠡᠨᠡ ᠪᠧᠲ᠋ᠠ᠋ ᠤᠯᠤᠰ ᠣᠳᠣ ᠬᠡᠷᠬᠢᠨ ᠲᠣᠭᠲᠠᠨᠢᠵᠤ᠂ ᠪᠢ ᠪᠠᠰᠠ ᠴᠤ᠌ ᠶᠠᠭᠠᠬᠢᠨ ᠡᠨᠡ ᠶᠡᠬᠡ ᠦᠢᠯᠡ ᠶ᠋ᠢ ᠳᠠᠭᠠᠭᠠᠴᠢᠯᠠᠨ ᠶᠠᠪᠤᠵᠤ᠂ ᠶᠡᠬᠡ ᠬᠡᠷᠡᠭ ᠢ᠋ ᠪᠦᠲᠦᠭᠡᠨ ᠴᠢᠳᠠᠮᠤᠢ ? 》ᠬᠡᠮᠡᠭᠰᠡᠨ ᠨᠢᠭᠡᠨ ᠵᠡᠷᠭᠡ ᠶ᠋ᠢᠨ ᠦᠭᠡᠨ ᠳ᠋ᠦ᠍ᠷ᠂ ᠰᠢᠷᠢ ᠬᠤᠲᠤᠭ ᠮᠥᠨ ᠥᠪᠡᠷ ᠦ᠋ᠨ ᠡᠨᠳᠡᠭᠦᠦ ᠣᠰᠣᠯ ᠢ᠋ᠶ᠋ᠠᠨ ᠭᠦᠨ᠎ᠡ ᠮᠡᠳᠡᠵᠦ ᠶᠠᠭᠠᠷᠠᠨ ᠳᠣᠷᠣᠭ᠍ᠰᠢ ᠰᠥᠭᠥᠳᠴᠦ ᠲᠡᠷᠢᠭᠦᠨ ᠳᠠᠷᠤᠵᠤ ᠣᠭᠲᠣ ᠳᠠᠭᠤᠨ ᠭᠠᠷᠬᠤ ᠦᠭᠡᠢ ᠳᠣᠲᠣᠷ᠎ᠠ ᠪᠠᠨ ᠮᠠᠰᠢᠳᠠ ᠭᠡᠮᠰᠢᠨ ᠪᠤᠳᠤᠬᠤᠶ᠎ᠠ ᠵᠢᠨᠦᠩ ᠮᠤᠬᠤᠯᠢ ᠥᠭᠦᠯᠡᠷᠦᠨ : 《ᠡᠵᠡᠨ ᠦ᠌ ᠵᠠᠰᠠᠭ ᠢ᠋ᠶ᠋ᠠᠷ ᠡᠶ᠎ᠡ ᠬᠢᠵᠦ ᠦᠯᠦ ᠪᠣᠯᠤᠮᠤᠢ᠂ ᠴᠡᠷᠢᠭ ᠦ᠋ᠨ ᠴᠠᠭᠠᠵᠠ ᠳ᠋ᠤᠷ ᠴᠢᠷᠠᠢ ᠬᠠᠷᠠᠬᠤ ᠶᠣᠰᠣ ᠦᠭᠡᠢ 》 ᠬᠡᠮᠡᠭᠡᠳ ᠡᠮᠦᠨᠡᠬᠢ ᠰᠢᠷᠡᠭᠡ ᠪᠡᠨ ᠲᠠᠴᠢᠭᠢᠨᠠᠲᠠᠯ᠎ᠠ ᠴᠣᠬᠢᠵᠤ᠂ ᠥᠨᠳᠥᠷ ᠳᠠᠭᠤᠨ ᠢ᠋ᠶ᠋ᠠᠷ ᠨᠢᠭᠡᠨᠲᠡ ᠬᠠᠰᠬᠢᠷᠤᠨ ᠬᠢᠳᠤᠵᠤ ᠠᠯᠠᠬᠤ ᠴᠠᠭᠠᠵᠠᠨ ᠤ᠋ ᠵᠡᠪᠡ ᠶ᠋ᠢ ᠴᠣᠬᠢᠨ ᠪᠠᠭᠤᠯᠭᠠᠵᠤ᠂ ᠬᠢᠷᠭᠤᠢ ᠮᠡᠲᠦ ᠢᠯᠳᠦ ᠰᠦᠬᠡ ᠪᠠᠷᠢᠭ᠍ᠰᠠᠨ ᠠᠷᠠᠳ ᠢ᠋ ᠵᠠᠩᠳᠠᠨ᠂ ᠬᠢᠷᠢ ᠦᠭᠡᠢ ᠰᠢᠷᠢ ᠬᠤᠲᠤᠭ ᠢ᠋ ᠴᠢᠷᠦᠨ ᠭᠠᠷᠭᠠᠵᠤ ᠦᠳᠲᠡᠷ ᠲᠦᠷᠭᠡᠨ᠎ᠡ ᠴᠠᠪᠴᠢᠨ ᠠᠯᠠᠵᠤ ᠲᠣᠯᠣᠭᠠᠢ ᠶ᠋ᠢ ᠡᠯᠭᠦᠵᠦ ᠣᠯᠠᠨ ᠳ᠋ᠤᠷ ᠴᠡᠭᠡᠷᠯᠡᠯ ᠦᠵᠡᠭᠦᠯᠵᠦ᠂ ᠴᠡᠷᠢᠭ ᠦ᠋ᠨ ᠴᠠᠭᠠᠵᠠ ᠶ᠋ᠢ ᠴᠢᠩᠭ᠎ᠠ ᠪᠣᠯᠭ᠎ᠠ ᠬᠡᠮᠡᠮᠡᠭᠴᠡ ᠬᠣᠶᠠᠷ ᠡᠲᠡᠭᠡᠳ ᠲᠣᠷ ᠵᠢᠭ᠍ᠰᠠᠭᠠᠭᠰᠠᠨ ᠢᠯᠳᠦ ᠰᠦᠬᠡ ᠪᠠᠷᠢᠭ᠍ᠰᠠᠨ ᠴᠡᠷᠢᠭ ᠦ᠋ᠨ ᠠᠷᠠᠳ ᠪᠠᠷᠰ ᠴᠢᠨᠣ᠎ᠠ ᠮᠡᠲᠦ ᠳᠠᠪᠰᠢᠨ ᠣᠷᠣᠵᠤ᠂ ᠰᠢᠷᠢ ᠬᠤᠲᠤᠭ ᠢ᠋ ᠳᠠᠷᠤᠵᠤ ᠬᠦᠯᠢᠭᠡᠳ ᠴᠢᠷᠴᠦ ᠲᠦᠯᠬᠢᠯᠡᠨ ᠠᠪᠴᠤ ᠭᠠᠷᠪᠠ᠃ ᠡᠭᠦᠨ ᠳ᠋ᠦ᠍ᠷ ᠣᠯᠠᠨ ᠵᠠᠩᠵᠤᠨ ᠨᠠᠷ ᠶᠡᠬᠡᠯ᠎ᠡ ᠠᠶᠤᠵᠤ ᠨᠢᠭᠡᠨ ᠨᠢᠭᠡᠨ ᠢ᠋ᠶ᠋ᠡᠨ ᠰᠢᠷᠲᠡᠯᠴᠡᠨ᠂ ᠴᠢᠷᠠᠢ ᠴᠢᠷᠠᠢ ᠪᠠᠨ ᠬᠠᠷᠠᠯᠴᠠᠵᠤ᠂ ᠴᠢᠷᠠᠢ ᠶ᠋ᠢᠨ ᠥᠩᠭᠡ ᠴᠥᠮ ᠰᠢᠷ᠎ᠠ ᠰᠢᠷᠣᠢ ᠮᠡᠲᠦ ᠪᠣᠯᠤᠭᠠᠳ ᠠᠶᠤᠮᠰᠢᠭ᠋ ᠦᠭᠡᠢ ᠨᠢᠭᠡᠨ ᠬᠥᠮᠦᠨ ᠴᠦ᠍ ᠳᠠᠭᠤᠨ ᠭᠠᠷᠴᠤ ᠴᠢᠳᠠᠬᠤ ᠦᠭᠡᠢ ᠬᠠᠷᠠᠬᠠᠨ ᠴᠢᠬᠤᠯᠳᠠᠨ ᠪᠠᠴᠢᠮᠳᠠᠬᠤᠶ᠎ᠠ᠂ ᠲᠡᠷᠡ ᠦᠶ᠎ᠡ ᠳ᠋ᠦ᠍ᠷ ᠪᠤᠭᠤᠷᠵᠢ ᠳᠡᠢᠯᠦᠭᠰᠡᠨ ᠴᠡᠷᠢᠭ ᠢ᠋ᠶ᠋ᠡᠨ ᠠᠪᠴᠤ ᠡᠭᠡᠨ ᠬᠦᠷᠴᠦ ᠢᠷᠡᠭᠡᠳ ᠬᠦᠷᠢᠶᠡᠨ ᠦ᠌ ᠬᠠᠭᠠᠯᠭᠠᠨ ᠤ᠋ ᠭᠠᠳᠠᠨ᠎ᠠ ᠮᠣᠷᠢᠨ ᠠ᠋ᠴᠠ ᠪᠠᠭᠤᠵᠤ ᠣᠷᠣᠵᠤ ᠢᠷᠡᠬᠦᠢ ᠳ᠋ᠦ᠍ᠷ ᠰᠢᠷᠢ ᠬᠤᠲᠤᠭ ᠢ᠋ ᠬᠦᠯᠢᠵᠦ ᠲᠦᠯᠬᠢᠨ ᠭᠠᠷᠭᠠᠵᠤ ᠠᠪᠴᠢᠷᠠᠬᠤᠢ ᠳ᠋ᠤᠷ ᠴᠢᠪᠬᠢᠲᠡᠯ᠎ᠡ ᠤᠴᠠᠷᠠᠭᠠᠳ ᠤᠴᠢᠷ ᠢ᠋ ᠠᠰᠠᠭᠤᠭᠰᠠᠨ ᠳ᠋ᠤᠷ ᠴᠡᠷᠢᠭ ᠦ᠋ᠨ ᠠᠷᠠᠳ ᠵᠦᠢ ᠵᠦᠢ ᠪᠡᠷ ᠬᠡᠯᠡᠭᠰᠡᠨ᠎ᠡ ᠪᠤᠭᠤᠷᠵᠢ ᠶᠡᠬᠡᠯ᠎ᠡ ᠬᠢᠷᠳ᠋ᠬᠢᠵᠦ᠂ ᠨᠠᠢ᠍ᠮᠠᠨ ᠤ᠋ ᠴᠡᠷᠢᠭ ᠦ᠋ᠨ ᠶᠤᠸᠠᠨᠱᠤᠸᠠᠢ ᠴᠢᠦᠢ ᠰᠢᠦᠸᠠᠢ ᠡᠦ ᠬᠢᠭᠡᠳ ᠪᠥᠬᠡ ᠢᠳᠠᠮ ᠬᠣᠶᠠᠭᠤᠯᠠ ᠶ᠋ᠢᠨ ᠲᠣᠯᠣᠭᠠᠢ ᠶ᠋ᠢ ᠬᠣᠶᠠᠷ ᠰᠡᠭᠦᠵᠢᠨ ᠳ᠋ᠡᠭᠡᠨ ᠭᠠᠨᠵᠤᠭᠠᠯᠠᠨ ᠤᠶᠠᠵᠤ ᠶᠡᠬᠡ ᠳᠠᠭᠤᠨ ᠢ᠋ᠶ᠋ᠠᠷ᠂ 《ᠴᠠᠭᠠᠵᠠᠨ ᠤ᠋ ᠵᠡᠪᠡ ᠶ᠋ᠢ ᠲᠦᠷ ᠠᠯᠭᠤᠷᠯᠠᠵᠤ ᠠᠯᠠᠬᠤ ᠶ᠋ᠢ ᠲᠦᠷ ᠪᠠᠬᠠᠨ ᠬᠦᠯᠢᠶᠡ ! 》ᠭᠡᠮᠡᠨ ᠬᠣᠶᠠᠷ ᠬᠣᠷᠮᠣᠢ ᠪᠠᠨ ᠥᠨᠳᠥᠷ ᠰᠡᠬᠦᠨ ᠶᠡᠬᠡ ᠠᠯᠬᠤᠳᠠᠯ ᠢ᠋ᠶ᠋ᠠᠷ ᠵᠢᠨᠦᠩ ᠦ᠋ᠨ ᠪᠠᠷᠰ ᠤ᠋ᠨ ᠴᠠᠴᠠᠷ ᠲᠤᠷ ᠠᠯᠬᠤᠨ ᠣᠷᠣᠵᠤ ᠢᠷᠡᠪᠡ᠂ ᠣᠯᠠᠨ ᠵᠠᠩᠵᠤᠨ ᠨᠠᠷ ᠪᠤᠭᠤᠷᠵᠢ ᠶ᠋ᠢᠨ ᠣᠷᠣᠵᠤ ᠢᠷᠡᠬᠦᠢ ᠶ᠋ᠢ ᠦᠵᠡᠭᠡᠳ ᠳᠣᠲᠣᠷ᠎ᠠ ᠰᠠᠶᠢ ᠠᠯᠠᠰᠬᠢᠨ ᠪᠠᠶᠠᠷᠯᠠᠵᠤ᠂ ᠡᠨᠡ ᠬᠥᠮᠦᠨ ᠬᠦᠷᠴᠦ ᠢᠷᠠᠪᠠᠰᠤ ᠯᠠᠪ ᠨᠢᠭᠡᠨ ᠤᠴᠢᠷ ᠭᠠᠷᠤᠮᠤᠢ ᠬᠡᠮᠡᠪᠡᠢ᠃ 
      ᠵᠢᠨᠦᠩ ᠮᠤᠬᠤᠯᠢ᠂ ᠬᠦᠯᠦᠭ ᠪᠤᠭᠤᠷᠵᠢ ᠶ᠋ᠢᠨ ᠬᠦᠷᠢᠶᠡᠨ ᠦ᠌ ᠬᠠᠭᠠᠯᠭ᠎ᠠ ᠣᠷᠣᠵᠤ ᠢᠷᠡᠬᠦ ᠶ᠋ᠢ ᠦᠵᠡᠭᠡᠳ ᠯᠠᠪ ᠭᠤᠶᠤᠬᠤ ᠶ᠋ᠢ ᠮᠡᠳᠡᠵᠦ᠂ ᠪᠠᠷᠰ ᠤ᠋ᠨ ᠴᠠᠴᠠᠷ ᠠ᠋ᠴᠠ ᠳᠠᠭᠤᠨ ᠭᠠᠷᠴᠤ ᠤᠭᠲᠤᠵᠤ ᠠᠰᠠᠭᠤᠷᠤᠨ :《ᠬᠦᠯᠦᠭ ᠠᠬ᠎ᠠ ᠶ᠋ᠢᠨ ᠪᠡᠶ᠎ᠡ ᠳ᠋ᠦ᠍ᠷ ᠲᠤᠰᠢᠶᠠᠭᠰᠠᠨ ᠦᠢᠯᠡ ᠬᠡᠷᠬᠢᠪᠡ ? 》 ᠪᠤᠭᠤᠷᠵᠢ ᠥᠴᠢᠷᠦᠨ : 《ᠨᠠᠢ᠍ᠮᠠᠨ ᠤ᠋ ᠴᠡᠷᠢᠭ ᠦ᠋ᠨ ᠡᠵᠡᠨ ᠶᠤᠸᠠᠨᠱᠤᠸᠠᠢ ᠴᠢᠦᠢ ᠰᠢᠦᠸᠠᠢ ᠡᠦ ᠂ ᠪᠥᠬᠡ ᠢᠳᠠᠮ ᠬᠣᠶᠠᠭᠤᠯᠠ ᠶ᠋ᠢᠨ ᠲᠣᠯᠣᠭᠠᠢ ᠶ᠋ᠢ ᠠᠪᠴᠤ ᠢᠷᠡᠪᠡ᠃ 》 ᠮᠤᠬᠤᠯᠢ ᠥᠭᠦᠯᠡᠷᠦᠨ :《ᠬᠡᠷᠪᠡ ᠲᠤᠰᠢᠶᠠᠭᠰᠠᠨ ᠦᠢᠯᠡ ᠶ᠋ᠢ ᠣᠰᠣᠯᠳᠠᠵᠤ ᠢᠷᠡᠭᠰᠡᠨ ᠪᠣᠯᠪᠠᠰᠤ᠂ ᠠᠬ᠎ᠠ ᠴᠢᠮᠠᠶ᠋ᠢ ᠬᠡᠷᠬᠢᠪᠡᠰᠦ ᠵᠣᠬᠢᠮᠤᠢ ? 》  ᠪᠤᠭᠤᠷᠵᠢ ᠥᠴᠢᠷᠦᠨ : 《ᠴᠡᠷᠢᠭ ᠦ᠋ᠨ ᠡᠵᠡᠨ ᠵᠢᠨᠦᠩ ᠦ᠋ᠨ ᠳᠤᠷ᠎ᠠ ᠪᠣᠢ ‍ᠶ᠎ᠠ ! 》 ᠮᠤᠬᠤᠯᠢ ᠥᠭᠦᠯᠡᠷᠦᠨ : 《 ᠮᠢᠨᠦ ᠳᠤᠷ᠎ᠠ ᠪᠤᠰᠤ᠂ ᠢᠯᠡ ᠵᠠᠰᠠᠭ ᠤ᠋ᠨ ᠴᠠᠭᠠᠵᠠ ᠪᠣᠢ᠃ ᠡᠳᠦᠭᠡ ᠰᠢᠷᠢ ᠬᠤᠲᠤᠭ ᠴᠡᠷᠢᠭ ᠦ᠋ᠨ ᠴᠠᠭᠠᠵᠠ ᠶ᠋ᠢ ᠵᠥᠷᠢᠴᠡᠵᠦ ᠴᠡᠷᠢᠭ ᠢ᠋ ᠬᠣᠬᠢᠷᠠᠭᠤᠯᠤᠭᠰᠠᠨ ᠲᠤᠯᠠ ᠪᠢ ᠡᠳᠦᠭᠡ ᠡᠵᠡᠨ ᠦ᠌ ᠢᠯᠡ ᠵᠠᠰᠠᠭ ᠴᠠᠭᠠᠵᠠ ᠪᠠᠷ ᠰᠢᠳᠬᠡᠨ ᠠᠪᠠᠴᠢᠮᠤᠢ᠃ ᠠᠬ᠎ᠠ ᠴᠢ ᠪᠢᠲᠡᠭᠡᠢ ᠳᠠᠭᠤᠨ ᠭᠠᠷᠤᠭᠲᠤᠨ ! 》  ᠪᠤᠭᠤᠷᠵᠢ ᠶᠠᠭᠠᠷᠠᠨ ᠥᠭᠦᠯᠡᠷᠦᠨ : 《ᠲᠡᠢᠨ ᠪᠣᠯᠪᠠᠴᠤ ᠴᠠᠭᠠᠵᠠ ᠳ᠋ᠤᠷ ᠬᠥᠩᠭᠡᠯᠡᠬᠦ ᠬᠦᠨᠳᠦᠳᠬᠡᠬᠦ ᠥᠷᠥᠰᠢᠶᠡᠯ ᠪᠣᠢ᠂ ᠬᠥᠮᠦᠨ ᠳ᠋ᠦ᠍ᠷ ᠡᠨᠳᠡᠭᠳᠡᠬᠦ ᠠᠯᠳᠠᠭᠳᠠᠬᠤ ᠶᠠᠪᠤᠳᠠᠯ ᠠᠮᠤᠢ᠂ ᠵᠢᠨᠦᠩ ᠵᠦᠢ ᠶ᠋ᠢ ᠠᠨᠤ ᠦᠵᠡᠵᠦ ᠠᠯᠠᠬᠤ ᠶ᠋ᠢ ᠠᠭᠤᠴᠢᠯᠠᠨ ᠠᠮᠢᠨ ᠢ᠋ ᠬᠡᠯᠲᠦᠷᠢᠭᠦᠯᠬᠦ ᠪᠣᠯᠪᠠᠤ ! 》 ᠬᠡᠮᠡᠬᠦᠢ ᠳ᠋ᠦ᠍ᠷ ᠮᠤᠬᠤᠯᠢ ᠥᠭᠦᠯᠡᠷᠦᠨ : 《ᠬᠡᠷᠡᠭ ᠲᠦ᠍ᠷ ᠴᠢᠬᠤᠯᠠ ᠶᠡᠷᠦᠩᠬᠡᠢ ᠶ᠋ᠢᠨ ᠤᠴᠢᠷ ᠪᠣᠢ᠂ ᠵᠠᠰᠠᠭ ᠲᠤᠷ ᠨᠠᠢᠷ ᠲᠠᠯ᠎ᠠ ᠶ᠋ᠢᠨ ᠶᠠᠪᠤᠳᠠᠯ ᠦᠭᠡᠢ᠃ ᠬᠦᠯᠦᠭ ᠠᠬ᠎ᠠ ᠴᠢ ᠤᠴᠢᠷ ᠢ᠋ ᠮᠡᠳᠡᠵᠦ ᠤᠯᠤᠰ ᠤ᠋ᠨ ᠴᠠᠭᠠᠵᠠ ᠶ᠋ᠢ ᠳᠠᠭᠠᠪᠠᠰᠤ ᠵᠣᠬᠢᠮᠤᠢ᠃ ᠲᠡᠷᠡ ᠵᠢᠯ ᠦ᠋ᠨ ᠯᠠᠢᠬᠠᠳ ᠤ᠋ᠨ ᠴᠡᠷᠢᠭ ᠲᠦ᠍ᠷ ᠬᠦᠯᠦᠭ ᠠᠬ᠎ᠠ ᠴᠢ ᠪᠡᠶ᠎ᠡ ᠪᠡᠷ ᠡᠵᠡᠨ ᠦ᠌ ᠭᠡᠭᠡᠬᠡᠨ ᠢ᠋ ᠳᠠᠭᠠᠵᠤ ᠪᠠᠢᠭᠠᠳ ᠡᠵᠡᠨ ᠦ᠌ ᠠᠯᠲᠠᠨ ᠴᠣᠭᠴᠠ ᠳ᠋ᠤᠷ ᠰᠢᠩᠬᠤᠯᠠᠭᠤᠯᠤᠭᠰᠠᠨ ᠶᠠᠯ᠎ᠠ ᠪᠠᠨ ᠮᠡᠳᠡᠮᠦᠢ ᠤᠤ ? ᠶᠠᠭᠤᠨ ᠤ᠋ ᠤᠴᠢᠷ ᠡᠵᠡᠨ ᠢ᠋ ᠵᠢᠭᠤᠷᠠᠵᠤ ᠦᠯᠦ ᠬᠣᠷᠢᠭ᠍ᠯᠠᠨ᠂ ᠲᠦᠭᠰᠢᠯᠲᠡᠢ ᠭᠠᠵᠠᠷ᠎ᠠ ᠡᠵᠡᠨ ᠢ᠋ ᠳᠣᠪᠲᠣᠯᠭᠠᠨ ᠣᠷᠣᠬᠤᠢ ᠳ᠋ᠤᠷ ᠭᠥᠷᠥᠭᠦᠯᠪᠡ ? ᠡᠨᠡ ᠤᠳᠠᠭ᠎ᠠ ᠶ᠋ᠢᠨ ᠭᠦᠨ ᠭᠠᠪᠢᠶ᠎ᠠ ᠪᠠᠷ ᠲᠡᠷᠡ ᠤᠳᠠᠭ᠎ᠠ ᠶ᠋ᠢᠨ ᠶᠠᠯ᠎ᠠ ᠶ᠋ᠢ ᠬᠡᠳᠦᠢ ᠵᠣᠯᠢᠵᠤ ᠪᠣᠯᠬᠤ ᠪᠣᠯᠪᠠᠴᠤ ᠰᠢᠷᠢ ᠬᠤᠲᠤᠭ ᠤ᠋ᠨ ᠶᠠᠯ᠎ᠠ ᠶ᠋ᠢ ᠣᠳᠣ ᠭᠤᠶᠤᠵᠤ ᠪᠣᠯᠬᠤ ᠦᠭᠡᠢ ᠪᠣᠢ ‍ᠶ᠎ᠠ᠃ 》 ᠪᠤᠭᠤᠷᠵᠢ ᠥᠴᠢᠷᠦᠨ : 《ᠡᠵᠡᠨ ᠦ᠌ ᠪᠡᠶ᠎ᠡ ᠶ᠋ᠢ ᠡᠷᠡᠭᠡᠯᠵᠡᠨ ᠡᠰᠡ ᠴᠢᠳᠠᠭᠰᠠᠨ ᠠᠨᠤ ᠦᠨᠡᠬᠡᠷ ᠮᠢᠨᠦ ᠶᠠᠯ᠎ᠠ ᠪᠥᠭᠡᠲᠡᠯ᠎ᠡ ᠡᠳᠦᠭᠡᠬᠢ ᠭᠠᠪᠢᠶ᠎ᠠ ᠪᠠᠷ ᠵᠣᠯᠢᠵᠤ ᠪᠣᠯᠬᠤ ᠪᠠᠷ ᠦᠵᠡᠬᠦᠯ᠎ᠡ ᠡᠨᠳᠡᠭᠦᠷᠡᠨ ᠣᠰᠣᠯᠳᠠᠭᠰᠠᠨ ᠰᠢᠷᠢ ᠬᠤᠲᠤᠭ ᠢ᠋ ᠮᠥᠨ ᠪᠠᠬᠠᠨ ᠥᠷᠥᠰᠢᠶᠡᠵᠦ᠂ ᠠᠮᠢᠨ ᠢ᠋ ᠦᠯᠡᠳᠡᠭᠡᠵᠦ ᠠᠯᠭᠤᠷ ᠭᠠᠪᠢᠶ᠎ᠠ ᠪᠠᠢᠭᠤᠯᠤᠭᠤᠯᠵᠤ ᠶᠠᠯ᠎ᠠ ᠶ᠋ᠢ ᠵᠣᠯᠢᠭᠤᠯᠬᠤ ᠪᠣᠯᠪᠠᠤ ! 》 ᠮᠤᠬᠤᠯᠢ ᠥᠭᠦᠯᠡᠷᠦᠨ : 《ᠡᠵᠡᠨ ᠦ᠌ ᠪᠡᠶ᠎ᠡ ᠠᠲᠠᠵᠤ ᠰᠢᠩᠬᠤᠯᠠᠭᠰᠠᠨ ᠬᠡᠷᠡᠭ ᠦ᠋ᠨ ᠶᠡᠬᠡ ᠬᠠᠭᠠᠰ ᠡᠵᠡᠨ ᠦ᠌ ᠪᠡᠶ᠎ᠡ ᠳ᠋ᠦ᠍ᠷ ᠪᠣᠢ ᠲᠤᠯᠠ ᠠᠬ᠎ᠠ ᠶ᠋ᠢ ᠶᠠᠯᠠᠯᠠᠵᠤ ᠪᠣᠯᠬᠤ ᠦᠭᠡᠢ᠃ ᠰᠢᠷᠢ ᠬᠤᠲᠤᠭ ᠤ᠋ᠨ ᠡᠨᠡ ᠶᠠᠪᠤᠳᠠᠯ ᠪᠣᠯᠪᠠᠰᠤ ᠲᠡᠷᠡ ᠭᠠᠭᠴᠠᠭᠠᠷ ᠵᠣᠷᠢᠭ ᠮᠡᠳᠡᠨ ᠵᠥᠷᠢᠴᠡᠭᠰᠡᠨ ᠲᠤᠯᠠ ᠲᠡᠭᠦᠨ ᠢ᠋ ᠬᠡᠯᠲᠦᠷᠢᠭᠦᠯᠵᠦ ᠪᠣᠯᠤᠮᠤᠢ ᠤᠤ ? 》ᠭᠡᠮᠡᠨ ᠬᠣᠶᠠᠭᠤᠯᠠ ᠬᠠᠷᠠᠬᠠᠨ ᠢᠯᠭᠠᠨ ᠬᠡᠯᠡᠯᠴᠡᠬᠦᠶ᠎ᠡ᠂ ᠭᠠᠳᠠᠨ᠎ᠠ ᠠ᠋ᠴᠠ ᠲᠣᠷᠭᠠᠨ ᠰᠢᠷ᠎ᠠ ᠳᠣᠪᠲᠣᠯᠤᠭᠰᠠᠭᠠᠷ ᠣᠷᠣᠵᠤ ᠢᠷᠡᠭᠡᠳ ᠮᠣᠷᠢᠨ ᠠ᠋ᠴᠠ ᠪᠠᠭᠤᠵᠤ ᠪᠠᠷᠰ ᠤ᠋ᠨ ᠴᠠᠴᠠᠷ ᠤ᠋ᠨ ᠳᠣᠣᠷ᠎ᠠ ᠠ᠋ᠴᠠ : 《ᠡᠵᠡᠨ ᠦ᠌ ᠵᠠᠷᠯᠢᠭ ᠪᠣᠢ᠂ ᠵᠢᠨᠦᠩ ᠪᠣᠰᠴᠤ ᠰᠣᠨᠣᠰ ! 》 ᠬᠡᠮᠡᠬᠦᠢ ᠳ᠋ᠦ᠍ᠷ ᠮᠤᠬᠤᠯᠢ ᠶᠠᠭᠠᠷᠠᠨ ᠰᠠᠭᠤᠳᠠᠯ ᠠ᠋ᠴᠠ ᠪᠠᠨ ᠪᠣᠰᠴᠤ ᠬᠣᠢᠰᠢ ᠬᠠᠨᠳᠤᠨ ᠰᠥᠭᠥᠳᠪᠡ᠃ ᠲᠣᠷᠭᠠᠨ ᠰᠢᠷ᠎ᠠ ᠵᠠᠬᠢᠶ᠎ᠠ ᠶ᠋ᠢ ᠤᠯᠠᠮᠵᠢᠯᠠᠨ ᠥᠭᠦᠯᠡᠷᠦᠨ : 《ᠡᠵᠡᠨ ᠦ᠌ ᠵᠠᠷᠯᠢᠭ : 〈ᠰᠢᠷᠢ ᠬᠤᠲᠤᠭ ᠬᠡᠳᠦᠢᠪᠡᠷ ᠨᠢᠭᠡᠨ ᠴᠠᠭ ᠲᠤᠷ ᠴᠠᠭᠠᠵᠠ ᠠ᠋ᠴᠠ ᠵᠥᠷᠢᠴᠡᠵᠦ ᠴᠡᠷᠢᠭ ᠢ᠋ ᠴᠠᠯᠠᠭᠠᠢᠷᠠᠬᠤᠢ ᠳ᠋ᠤᠷ ᠬᠦᠷᠦᠭᠦᠯᠦᠭᠰᠡᠨ ᠪᠣᠯᠪᠠᠴᠤ ᠲᠡᠷᠡ ᠮᠥᠨ ᠬᠦ᠌ ᠤᠯᠤᠰ ᠤ᠋ᠨ ᠲᠥᠯᠥᠭᠡ ᠵᠢᠳᠬᠦᠰᠦᠭᠡᠢ ᠬᠡᠮᠡᠭᠰᠡᠨ ᠰᠢᠳᠤᠷᠭᠤ ᠰᠡᠳᠬᠢᠯ ᠡᠴᠡ ᠡᠳᠦᠵᠦᠬᠦᠢ᠃ ᠴᠡᠷᠢᠭ ᠬᠡᠳᠦᠢ ᠲᠡᠭᠦᠨ ᠦ᠌ ᠴᠢᠩᠳᠠ ᠪᠡᠬᠢᠯᠡᠬᠦ ᠵᠢᠭ᠍ᠰᠠᠭᠠᠯ ᠤ᠋ᠨ ᠬᠠᠭᠠᠯᠭ᠎ᠠ ᠶ᠋ᠢ ᠴᠠᠯᠠᠢᠯᠭᠠᠭᠰᠠᠨ ᠠ᠋ᠴᠠ ᠭᠡᠮ ᠪᠣᠯᠵᠤ ᠭᠡᠨᠡᠳᠲᠡ ᠳᠠᠷᠤᠭᠳᠠᠭᠰᠠᠨ ᠪᠣᠯᠪᠠᠴᠤ ᠪᠠᠰᠠ ᠬᠦ᠌ ᠰᠠᠯᠬᠢᠨ ᠭᠠᠯ ᠤ᠋ᠨ ᠠᠰᠤᠷᠤ ᠲᠦᠷᠭᠡᠨ ᠳᠣᠭ᠍ᠰᠢᠨ ᠤ᠋ ᠤᠴᠢᠷ ᠲᠡᠢᠮᠦ  ᠪᠣᠯᠵᠤᠬᠤᠢ᠃ ᠲᠡᠢᠨ ᠠᠲᠠᠯ᠎ᠠ ᠲᠡᠭᠷᠢ ᠥᠷᠥᠰᠢᠶᠡᠨ ᠴᠠᠭ ᠭᠱᠠᠨ ᠵᠠᠭᠤᠷ᠎ᠠ ᠰᠠᠯᠬᠢᠨ ᠬᠤᠢ ᠭᠡᠳᠡᠷᠭᠦ ᠤᠷᠪᠠᠵᠤ᠂ ᠮᠠᠨ ᠤ᠋ ᠴᠡᠷᠢᠭ ᠪᠠᠰᠠ ᠬᠦ᠌ ᠳᠠᠬᠢᠨ ᠳᠡᠢᠯᠦᠭᠰᠡᠨ ᠢᠨᠦ ᠪᠠᠰᠠ ᠴᠤ᠌ ᠲᠡᠭᠷᠢ ᠰᠠᠬᠢᠭᠤᠯᠰᠤᠨ ᠤ᠋ ᠬᠠᠪᠰᠤᠷᠤᠯ ᠢᠪᠡᠭᠡᠯ ᠪᠤᠶᠤ ᠮᠡᠲᠦ᠃ ᠲᠡᠢᠨ ᠬᠦ᠌ ᠴᠡᠷᠢᠭ ᠦ᠋ᠨ ᠡᠵᠡᠨ ᠵᠢᠨᠦᠩ ᠵᠣᠬᠢᠰ ᠢ᠋ ᠦᠵᠡᠵᠦ ᠶᠠᠯ᠎ᠠ ᠶ᠋ᠢ ᠬᠥᠩᠭᠡᠯᠡᠨ ᠠᠪᠠᠴᠢᠵᠤ ᠠᠮᠢᠨ ᠢ᠋ ᠠᠨᠤ ᠭᠡᠯᠳᠦᠷᠢᠭᠦᠯᠦᠭᠡᠳ ᠠᠭᠤᠳᠠᠮ ᠢ᠋ᠶ᠋ᠠᠷ ᠵᠠᠰᠠᠭᠯᠠᠬᠤ ᠶ᠋ᠢ ᠦᠵᠡᠭᠦᠯ᠃ ᠵᠢᠷᠭᠤᠭᠠᠨ ᠰᠠᠢᠳ ᠤ᠋ᠨ ᠰᠠᠢᠰᠢᠶᠠᠯ ᠳ᠋ᠤᠷ ᠣᠷᠣᠭᠰᠠᠨ ᠭᠠᠪᠢᠶᠠᠲᠤ ᠰᠠᠢᠳ ᠢ᠋ ᠦᠬᠦᠬᠦᠢ ᠳ᠋ᠦ᠍ᠷ ᠪᠢᠲᠡᠭᠡᠢ ᠬᠦᠷᠭᠡ 〉 ᠬᠡᠮᠡᠪᠡ 》ᠬᠡᠮᠡᠭᠰᠡᠨ ᠳ᠋ᠦ᠍ᠷ ᠮᠤᠬᠤᠯᠢ ᠰᠠᠶᠢ ᠰᠢᠷᠢ ᠬᠤᠲᠤᠭ ᠤ᠋ᠨ ᠠᠯᠠᠬᠤ ᠶᠠᠯ᠎ᠠ ᠶ᠋ᠢ ᠭᠡᠯᠳᠦᠷᠢᠭᠦᠯᠵᠦ ᠭᠡᠵᠢᠭᠡ ᠶ᠋ᠢ ᠬᠢᠷᠭᠠᠨ ᠠᠪᠴᠤ ᠰᠢᠷᠤᠭ ᠲᠤᠷ ᠡᠯᠭᠦᠵᠦ ᠣᠯᠠᠨ ᠳ᠋ᠤᠷ ᠦᠵᠡᠭᠦᠯᠦᠨ ᠴᠡᠭᠡᠷᠯᠡᠯ ᠪᠣᠯᠭᠠᠭᠠᠳ ᠪᠠᠰᠠ ᠬᠦᠷᠢᠶᠡᠨ ᠬᠠᠭᠠᠯᠭ᠎ᠠ ᠶ᠋ᠢ ᠰᠠᠬᠢᠭ᠍ᠰᠠᠨ ᠴᠡᠷᠢᠭ ᠦ᠋ᠨ ᠠᠷᠠᠳ ᠢ᠋ ᠳᠠᠭᠤᠳᠠᠨ ᠠᠪᠴᠢᠷᠠᠵᠤ ᠵᠠᠩᠳᠠᠨ ᠠᠰᠠᠭᠤᠷᠤᠨ : 《ᠪᠢ ᠲᠠᠨ ᠢ᠋ ᠬᠠᠭᠠᠯᠭ᠎ᠠ ᠰᠠᠬᠢᠭᠤᠯᠤᠭᠰᠠᠨ ᠠᠨᠤ ᠲᠤᠬᠠᠢᠯᠠᠨ ᠬᠥᠮᠦᠨ ᠦ᠌ ᠣᠷᠣᠵᠤ ᠭᠠᠷᠬᠤ ᠶ᠋ᠢ ᠴᠠᠭᠠᠵᠠᠯᠠᠭᠰᠠᠨ ᠠᠨᠤ ᠪᠣᠯᠠᠢ᠂ ᠲᠠ ᠶᠠᠭᠤᠨ ᠳ᠋ᠤᠷ ᠨᠢᠭᠡᠨ ᠮᠣᠷᠢᠲᠤ ᠬᠥᠮᠦᠨ ᠳᠣᠪᠲᠣᠯᠤᠨ ᠣᠷᠣᠵᠤ ᠢᠷᠡᠵᠦ ᠪᠠᠢᠲᠠᠯ᠎ᠠ ᠵᠣᠭᠰᠣᠭᠠᠵᠤ ᠦᠯᠦ  ᠪᠠᠷᠢᠮᠤᠢ ? ᠪᠠᠷᠢᠬᠤ ᠶ᠋ᠢ ᠪᠠᠢᠲᠤᠭᠠᠢ᠂ ᠶᠠᠭᠤᠨ ᠳ᠋ᠤᠷ ᠲᠦᠷ ᠵᠣᠭᠰᠣᠭᠠᠵᠤ ᠨᠠᠳᠠ ᠳ᠋ᠤᠷ ᠦᠯᠦ ᠮᠡᠳᠡᠭᠦᠯᠬᠦ ᠪᠣᠢ ? 》 ᠴᠡᠷᠢᠭ ᠦ᠋ᠨ ᠠᠷᠠᠳ ᠴᠤᠭᠠᠷ ᠰᠥᠭᠥᠳᠴᠦ ᠮᠥᠷᠭᠥᠯᠭᠢᠯᠡᠨ ᠮᠡᠳᠡᠭᠦᠯᠦᠷᠦᠨ : 《ᠪᠣᠭᠣᠯ ᠤ᠋ᠳ ᠪᠢᠳᠡ ᠮᠥᠨ ᠬᠣᠷᠢᠭ᠍ᠯᠠᠭᠰᠠᠨ ᠪᠥᠯᠥᠭᠡ᠂ ᠭᠠᠭᠴᠠ ᠡᠨᠡ ᠲᠦᠰᠢᠮᠡᠯ ᠡᠵᠡᠨ ᠦ᠌ ᠵᠠᠷᠯᠢᠭ ᠪᠣᠢ ᠭᠡᠮᠡᠨ ᠵᠣᠭᠰᠣᠯ ᠦᠭᠡᠢ ᠳᠣᠪᠲᠣᠯᠤᠨ ᠣᠷᠣᠵᠤ ᠢᠷᠡᠪᠡ᠃ 》 ᠮᠤᠬᠤᠯᠢ ᠶᠡᠬᠡᠯ᠎ᠡ ᠬᠢᠯᠢᠩᠯᠡᠵᠦ ᠰᠢᠷᠡᠭᠡᠨ ᠢ᠋ ᠠᠯᠠᠭᠠᠳᠠᠵᠤ ᠥᠭᠦᠯᠡᠷᠦᠨ: 《ᠠ᠋ ! ᠬᠡᠷᠪᠡ ᠪᠤᠰᠤ ᠡᠰᠡᠷᠭᠦᠴᠡᠯ ᠦ᠋ᠨ ᠳᠠᠢᠰᠤᠨ ᠤ᠋ ᠠᠷᠠᠳ ᠮᠠᠨ ᠤ᠋ ᠤᠯᠤᠰ ᠤ᠋ᠨ ᠶᠠᠩᠵᠤ ᠪᠠᠷ ᠴᠢᠮᠡᠭᠯᠡᠵᠦ᠂ ᠪᠠᠰᠠ ᠬᠦ᠌ ᠡᠵᠡᠨ ᠦ᠌ ᠵᠠᠷᠯᠢᠭ ᠪᠣᠢ ᠭᠡᠮᠡᠨ ᠨᠠᠮᠠᠶ᠋ᠢ ᠠᠯᠠᠷ᠎ᠠ ᠳᠣᠪᠲᠣᠯᠤᠨ ᠣᠷᠣᠵᠤ ᠢᠷᠡᠪᠡᠰᠦ ᠲᠠ ᠮᠥᠨ ᠲᠠᠯᠪᠢᠨ ᠣᠷᠣᠭᠤᠯᠵᠤ ᠢᠯᠡᠭᠡᠮᠦᠢ ᠦᠦ ? ᠣᠰᠣᠯ ᠴᠠᠯᠠᠭᠠᠢ ᠪᠠᠨ ᠦᠯᠦ ᠮᠡᠳᠡᠨ ᠤᠷᠠᠴᠢᠯᠠᠨ ᠬᠡᠯᠡᠬᠦ ᠠᠨᠤ ᠨᠡᠩ ᠠᠭᠤᠷᠯᠠᠯᠲᠠᠢ 》 ᠭᠡᠮᠡᠨ ᠨᠢᠭᠡᠨᠲᠡ ᠵᠠᠩᠳᠠᠵᠤ : 《ᠦᠳᠲᠡᠷ ᠡᠨᠡ ᠪᠣᠭᠣᠯᠴᠤᠳ ᠢ᠋ ᠴᠥᠮ ᠠᠪᠠᠴᠢᠵᠤ ᠴᠠᠪᠴᠢᠨ ᠠᠯᠠᠭᠠᠳ ᠣᠯᠠᠨ ᠳ᠋ᠤᠷ ᠴᠡᠭᠡᠷᠯᠡᠯ ᠦᠵᠡᠭᠦᠯ ! 》 ᠬᠡᠮᠡᠬᠦᠢ ᠳ᠋ᠦ᠍ᠷ ᠲᠣᠷᠭᠠᠨ ᠰᠢᠷ᠎ᠠ ᠶᠠᠭᠠᠷᠠᠨ ᠤᠷᠤᠭ᠍ᠰᠢ ᠳᠠᠪᠰᠢᠵᠤ ᠭᠤᠶᠤᠨ ᠮᠡᠳᠡᠭᠦᠯᠦᠷᠦᠨ : 《ᠡᠨᠡ ᠴᠥᠮ ᠮᠢᠨᠦ ᠣᠮᠲᠣᠭᠠᠢ ᠣᠰᠣᠯ ᠤ᠋ᠨ ᠶᠠᠯ᠎ᠠ᠂ ᠪᠢ ᠡᠵᠡᠨ ᠦ᠌ ᠵᠠᠷᠯᠢᠭ ᠢ᠋ ᠤᠯᠠᠮᠵᠢᠯᠠᠷ᠎ᠠ ᠢᠷᠡᠭᠰᠡᠨ ᠲᠤᠯᠠ ᠰᠥᠭᠥᠳᠴᠦ ᠪᠣᠯᠬᠤ ᠦᠭᠡᠢ᠂ ᠪᠤᠰᠤ ᠪᠣᠯᠪᠠᠰᠤ ᠮᠥᠨ ᠰᠥᠭᠥᠳᠴᠦ ᠭᠤᠶᠤᠨ ᠮᠡᠳᠡᠭᠦᠯᠬᠦ ᠪᠥᠯᠥᠭᠡ᠃ ᠵᠢᠨᠦᠩ ᠲᠡᠳᠡᠨ ᠦ᠌ ᠠᠯᠠᠬᠤ ᠶ᠋ᠢ ᠭᠡᠯᠳᠦᠷᠢᠭᠦᠯᠵᠦ ᠡᠵᠡᠨ ᠳ᠋ᠦ᠍ᠷ ᠮᠡᠳᠡᠭᠦᠯᠦᠨ ᠮᠢᠨᠦ ᠶᠠᠯ᠎ᠠ ᠶ᠋ᠢ ᠬᠡᠯᠡᠯᠴᠡᠮᠦ ! 》 ᠵᠢᠨᠦᠩ ᠮᠤᠬᠤᠯᠢ ᠨᠢᠳᠦ ᠭᠢᠯᠤᠢᠨ ᠴᠢᠩᠭ᠎ᠠ ᠳᠠᠭᠤᠨ ᠢ᠋ᠶ᠋ᠠᠷ ᠥᠭᠦᠯᠡᠷᠦᠨ : 《ᠨᠠᠷᠠᠨ ᠤ᠋ ᠢᠯᠴᠢ ᠳ᠋ᠦ᠍ᠷ ᠨᠠᠢᠷ ᠦᠭᠡᠢ᠂ ᠲᠠᠰᠤᠷᠬᠠᠢ ᠴᠠᠭᠠᠵᠠ ᠳ᠋ᠤᠷ ᠲᠠᠯ᠎ᠠ ᠦᠭᠡᠢ᠂ ᠠᠪᠤᠭᠠᠢ ᠡᠵᠡᠨ ᠦ᠌ ᠵᠠᠷᠯᠢᠭ ᠤᠯᠠᠮᠵᠢᠯᠠᠭᠰᠠᠨ ᠡᠯᠴᠢ ᠲᠤᠯᠠ ᠶᠠᠯ᠎ᠠ ᠭᠥᠷᠥᠭᠦᠯᠵᠦ ᠪᠣᠯᠬᠤ ᠦᠭᠡᠢ᠂ ᠦᠳᠲᠡᠷ ᠲᠦᠷᠭᠡᠨ ᠵᠢᠨᠦᠩ ᠦ᠋ᠨ ᠬᠦᠷᠢᠶ᠎ᠡ ᠳ᠋ᠦ᠍ᠷ ᠳᠣᠪᠲᠣᠯᠤᠨ ᠣᠷᠣᠵᠤ ᠢᠷᠡᠭᠰᠡᠨ ᠮᠣᠷᠢᠨ ᠤ᠋ ᠬᠥᠯ ᠢ᠋ ᠴᠥᠮ ᠴᠠᠪᠴᠢᠨ ᠠᠪ !ᠬᠠᠭᠠᠯᠭᠠᠨ ᠤ᠋ ᠴᠡᠷᠢᠭ ᠦ᠋ᠨ ᠲᠡᠷᠢᠭᠦᠨ ᠤᠳᠠᠭ᠎ᠠ ᠲᠤᠯᠠ ᠶᠠᠯ᠎ᠠ ᠶ᠋ᠢ ᠬᠡᠯᠲᠦᠷᠢᠭᠦᠯ !》ᠬᠡᠮᠡᠭᠰᠡᠨ ᠳ᠋ᠦ᠍ᠷ ᠠᠮᠢ ᠭᠡᠯᠳᠦᠷᠢᠭᠰᠡᠨ ᠴᠡᠷᠢᠭ ᠦ᠋ᠨ ᠠᠷᠠᠳ ᠲᠦᠴᠢᠭᠢᠨᠡᠲᠡᠯ᠎ᠡ ᠮᠥᠷᠭᠥᠵᠦ ᠳᠠᠷᠤᠢ ᠲᠣᠷᠭᠠᠨ ᠰᠢᠷ᠎ᠠ ᠶ᠋ᠢᠨ ᠤᠨᠤᠭᠰᠠᠨ ᠮᠣᠷᠢᠨ ᠤ᠋ ᠳᠥᠷᠪᠡᠨ ᠬᠥᠯ ᠢ᠋ ᠴᠥᠮ ᠴᠠᠪᠴᠢᠨ ᠠᠪᠤᠪᠠᠢ᠃ 
      ᠡᠨᠡ ᠢᠨᠦ ᠤᠭ ᠠ᠋ᠴᠠ ᠲᠠᠢᠽᠦ᠂ ᠮᠤᠬᠤᠯᠢ ᠶ᠋ᠢᠨ ᠴᠡᠷᠢᠭ ᠬᠡᠷᠡᠭᠯᠡᠬᠦ ᠮᠠᠰᠢ ᠭᠠᠢᠬᠠᠯᠲᠠᠢ ᠬᠡᠴᠡᠭᠦᠦ ᠶ᠋ᠢ ᠦᠵᠡᠭᠡᠳ ᠭᠠᠭᠴᠠ ᠣᠯᠠᠨ ᠲᠦᠰᠢᠮᠡᠳ ᠮᠤᠬᠤᠯᠢ ᠶ᠋ᠢ ᠨᠠᠰᠤᠨ ᠳᠡᠭᠦᠦ ᠪᠥᠭᠡᠳ ᠪᠠᠰᠠ ᠵᠡᠷᠭᠡ ᠶ᠋ᠢᠨ ᠬᠥᠮᠦᠨ ᠬᠡᠮᠡᠵᠦ ᠳᠡᠮᠡᠢ ᠦᠯᠦ ᠣᠢᠰᠢᠶᠠᠬᠤ ᠶ᠋ᠢ ᠮᠡᠳᠡᠵᠦ᠂ ᠲᠤᠬᠠᠢᠯᠠᠨ ᠮᠤᠬᠤᠯᠢ ᠳ᠋ᠤᠷ ᠬᠡᠲᠡ ᠴᠠᠬᠢᠭᠤᠷ ᠤ᠋ᠨ ᠤᠬᠠᠭᠠᠨ ᠢ᠋ ᠬᠡᠯᠡᠵᠦ᠂ ᠬᠣᠶᠠᠷ ᠬᠠᠲᠠᠭᠤ ᠠ᠋ᠴᠠ ᠰᠠᠶᠢ ᠭᠠᠯ ᠭᠠᠷᠬᠤ ᠶ᠋ᠢ ᠬᠡᠯᠡᠵᠦ᠂ ᠲᠤᠬᠠᠢᠯᠠᠨ ᠮᠤᠬᠤᠯᠢ ᠳ᠋ᠤᠷ ᠰᠠᠮ ᠢ᠋ᠶ᠋ᠠᠷ ᠤᠬᠠᠭᠤᠯᠵᠤ ᠲᠠᠰᠢᠷᠠᠮ ᠢ᠋ ᠦᠵᠡᠵᠦ ᠡᠢᠨ ᠬᠦ᠌ ᠰᠦᠷ ᠦᠵᠡᠭᠦᠯ ᠬᠡᠮᠡᠭᠰᠡᠨ ᠠᠵᠤᠭᠤ᠃ ᠠᠶ᠎ᠠ ᠮᠠᠨᠳᠤᠵᠤ ᠪᠠᠳᠠᠷᠠᠬᠤ ᠤᠯᠤᠰ ᠭᠡᠷ ᠦ᠋ᠨ ᠬᠠᠭᠠᠨ ᠰᠠᠢᠳ ᠬᠠᠷᠢᠯᠴᠠᠨ ᠴᠥᠮ ᠥᠷᠦᠰᠢᠶᠡᠯᠲᠡᠨ᠂ ᠡᠨᠡ ᠨᠢᠭᠡᠨ ᠬᠡᠷᠡᠭ ᠡᠴᠡ ᠤᠯᠤᠰ ᠤ᠋ᠨ ᠬᠣᠲᠠᠯᠠᠭᠠᠷ ᠰᠠᠢᠳ ᠲᠦᠰᠢᠮᠡᠳ᠂ ᠠᠯᠪᠠᠲᠤ ᠢᠷᠭᠡᠨ᠂ ᠴᠠᠭᠠᠵᠠ ᠬᠠᠤᠯᠢ ᠶ᠋ᠢ ᠰᠠᠬᠢᠬᠤ ᠠᠨᠤ ᠠᠮᠢ ᠮᠡᠲᠦ ᠪᠣᠯᠵᠤ᠂ ᠵᠢᠨᠦᠩ ᠮᠤᠬᠤᠯᠢ ᠶ᠋ᠢᠨ ᠡᠵᠡᠨ ᠦ᠌ ᠡᠯᠴᠢ ᠳ᠋ᠦ᠍ᠷ ᠴᠦ᠍ ᠨᠠᠢᠷ ᠦᠯᠦ ᠦᠯᠡᠳᠡᠭᠡᠬᠦ ᠶ᠋ᠢ ᠦᠵᠡᠭᠡᠳ ᠣᠯᠠᠨ ᠲᠦᠰᠢᠮᠡᠳ ᠴᠥᠮ ᠰᠢᠷᠪᠡᠭᠡᠲᠦᠨ ᠡᠮᠢᠶᠡᠵᠦ᠂ ᠡᠭᠦᠨ ᠡᠴᠡ ᠬᠣᠢᠰᠢ ᠠᠶᠤᠮᠰᠢᠭ᠋ ᠦᠭᠡᠢ ᠮᠤᠬᠤᠯᠢ ᠶ᠋ᠢᠨ ᠴᠠᠭᠠᠵᠠ ᠠ᠋ᠴᠠ ᠨᠢᠭᠡᠨᠲᠡ ᠵᠥᠷᠢᠴᠡᠬᠦ ᠦᠭᠡᠢ ᠪᠣᠯᠪᠠ᠃ 
      ᠲᠡᠭᠦᠨᠴᠡ ᠡᠴᠡ ᠣᠯᠠᠨ ᠤ᠋ ᠣᠯᠵᠠ ᠠᠰᠢᠭ᠋ ᠢ᠋ ᠨᠡᠢᠭᠡᠮᠯᠡᠨ ᠬᠤᠪᠢᠶᠠᠬᠤᠶ᠎ᠠ᠂ ᠲᠠᠢᠽᠦ ᠶ᠋ᠢᠨ ᠲᠤᠩᠬᠠᠭ ᠵᠠᠬᠢᠶ᠎ᠠ ᠠ᠋ᠴᠠ ᠵᠥᠷᠢᠴᠡᠨ ᠴᠡᠷᠢᠭ ᠦ᠋ᠨ ᠣᠯᠵᠠᠨ ᠤ᠋ ᠮᠠᠯ ᠮᠣᠷᠢ ᠡᠳ᠋ ᠲᠠᠸᠠᠷ ᠢ᠋ ᠳᠤᠷ᠎ᠠ ᠪᠠᠷ ᠡᠵᠡᠷᠬᠡᠨ ᠠᠪᠴᠤ ᠥᠮᠴᠢᠯᠡᠭᠰᠡᠨ᠂ ᠲᠠᠢᠽᠦ ᠶ᠋ᠢᠨ ᠬᠣᠯᠠ ᠤᠭᠰᠠᠭ᠎ᠠ ᠶ᠋ᠢᠨ ᠲᠥᠷᠥᠯ ᠦ᠋ᠨ ᠬᠥᠮᠦᠨ-ᠠᠷᠳᠠ ᠬᠡᠮᠡᠭᠴᠢ ᠨᠢᠭᠡ᠂ ᠳᠡᠯᠵᠢᠲᠡᠢ ᠬᠡᠮᠡᠭᠴᠢ ᠨᠢᠭᠡ᠂ ᠬᠤᠰᠠᠭᠤᠷ ᠬᠡᠮᠡᠭᠴᠢ ᠨᠢᠭᠡ᠂ ᠨᠡᠢᠲᠡ ᠭᠤᠷᠪᠠᠨ ᠬᠥᠮᠦᠨ ᠢ᠋ ᠪᠠᠢᠴᠠᠭᠠᠨ ᠭᠠᠷᠭᠠᠵᠤ ᠮᠤᠬᠤᠯᠢ ᠵᠣᠷᠢᠭ ᠢ᠋ᠶ᠋ᠠᠷ ᠰᠢᠳᠬᠡᠪᠡᠰᠦ ᠡᠵᠡᠨ ᠦ᠌ ᠶᠠᠰᠤ ᠮᠢᠬ᠎ᠠ ᠳ᠋ᠤᠷ ᠬᠠᠷᠰᠢ ᠪᠣᠯᠬᠤ ᠲᠤᠯᠠ ᠠᠷᠳᠠ᠂ ᠳᠡᠯᠵᠢᠲᠠᠢ᠂ ᠬᠤᠰᠠᠭᠤᠷ ᠭᠤᠷᠪᠠᠭᠤᠯᠠ ᠶ᠋ᠢ ᠮᠤᠬᠤᠯᠢ ᠪᠡᠶ᠎ᠡ ᠪᠡᠷ ᠲᠠᠢᠽᠦ ᠶ᠋ᠢᠨ ᠳᠡᠷᠭᠡᠳᠡ ᠬᠦᠷᠭᠡᠵᠦ ᠢᠷᠡᠭᠰᠡᠨ ᠳ᠋ᠦ᠍ᠷ ᠲᠠᠢᠽᠦ ᠠᠷᠰᠯᠠᠨᠲᠤ ᠴᠠᠴᠠᠷ ᠲᠤᠷ ᠭᠠᠷᠴᠤ ᠰᠠᠭᠤᠭᠠᠳ ᠠᠷᠳᠠ᠂ ᠬᠤᠰᠠᠭᠤᠷ᠂ ᠳᠡᠯᠵᠢᠲᠠᠢ ᠭᠤᠷᠪᠠᠭᠤᠯᠠ ᠶ᠋ᠢ ᠳᠠᠭᠤᠳᠠᠨ ᠣᠷᠣᠭᠤᠯᠵᠤ ᠶᠡᠬᠡᠯ᠎ᠡ ᠬᠢᠯᠢᠩᠨᠡᠨ ᠳᠣᠩᠭᠣᠳᠴᠤ ᠥᠭᠦᠯᠡᠷᠦᠨ : 《ᠪᠢ ᠪᠠᠭ᠎ᠠ ᠶ᠋ᠢᠨ ᠴᠠᠭ ᠲᠤᠷ ᠮᠢᠨᠦ ᠡᠴᠢᠭᠡ ᠦᠬᠦᠵᠦ᠂ ᠪᠧᠲ᠋ᠠ᠋ ᠤᠯᠤᠰ ᠳᠣᠷᠣᠢᠲᠠᠨ ᠪᠠᠭᠤᠷᠠᠵᠤ ᠣᠯᠠᠨ ᠢ᠋ᠶ᠋ᠠᠷ ᠤᠷᠪᠠᠨ ᠤᠲᠤᠯᠴᠠᠵᠤ᠂ ᠵᠠᠭᠤᠨ ᠵᠦᠢᠯ ᠦ᠋ᠨ ᠵᠣᠪᠠᠯᠠᠩ ᠭᠠᠰᠢᠭᠤᠨ ᠢ᠋ ᠠᠮᠰᠠᠵᠤ ᠪᠦᠬᠦᠢ ᠴᠠᠭ ᠲᠤᠷ ᠲᠠᠨ ᠢ᠋ ᠪᠢ ᠮᠥᠨ ᠲᠥᠷᠥᠯ ᠲᠥᠷᠥᠭᠰᠡᠨ ᠠᠬ᠎ᠠ ᠵᠠᠬ᠎ᠠ ᠭᠡᠮᠡᠨ ᠤᠯᠤᠰ ᠢ᠋ ᠡᠵᠡᠯᠡᠵᠦ ᠣᠯᠠᠨ ᠵᠢᠰᠦᠨ ᠢ᠋ ᠲᠤᠯᠰᠤᠭᠠᠢ ᠬᠡᠮᠡᠬᠦᠯ᠎ᠡ ᠲᠠ ᠪᠠᠰᠠ ᠣᠯᠠᠨ ᠳᠠᠢᠰᠤᠨ ᠠ᠋ᠴᠠ ᠡᠮᠢᠶᠡᠵᠦ᠂ ᠡᠵᠡᠨ ᠦᠯᠦ ᠪᠣᠯᠤᠨ ᠣᠨᠴᠠ ᠨᠠᠮᠠᠶ᠋ᠢ ᠭᠣᠣᠯ ᠰᠠᠯᠠᠭ᠎ᠠ ᠭᠡᠮᠡᠨ ᠪᠧᠲ᠋ᠠ᠋ ᠤᠯᠤᠰ ᠢ᠋ ᠡᠵᠡᠯᠡᠭᠦᠯᠦᠨ ᠡᠵᠡᠨ ᠪᠣᠯᠭᠠᠵᠤ᠂ ᠬᠣᠢᠨ᠎ᠠ ᠬᠡᠳᠦᠢᠴᠢᠨᠡᠭᠡᠨ ᠳᠡᠢᠰᠤᠨ᠎ᠠ ᠡᠯ᠎ᠡ ᠵᠦᠢᠯ ᠢ᠋ᠶ᠋ᠡᠷ ᠵᠣᠪᠠᠵᠤ ᠶᠠᠪᠤᠬᠤᠶ᠎ᠠ ᠲᠠ ᠣᠭᠲᠣ ᠲᠤᠰᠠ ᠪᠣᠯᠤᠨ ᠶᠠᠪᠤᠭᠰᠠᠨ ᠦᠭᠡᠢ ᠪᠥᠯᠥᠭᠡ᠃ ᠡᠳᠦᠭᠡ ᠮᠢᠨᠦ ᠲᠥᠷᠥᠯ ᠦ᠋ᠨ ᠳᠣᠲᠣᠷ᠎ᠠ ᠵᠢᠳᠬᠦᠨ ᠶᠠᠪᠤᠮᠤᠢ ᠬᠡᠮᠡᠭᠴᠢ ᠭᠠᠭᠴᠠ ᠨᠢᠭᠡᠨ ᠲᠥᠷᠥᠯ ᠦ᠋ᠨ ᠳᠡᠭᠦᠦ ᠲᠣᠭᠲᠣᠩᠭᠣ᠌ ᠪᠠᠭᠠᠲᠤᠷ ᠠ᠋ᠴᠠ ᠥᠪᠡᠷ᠎ᠡ ᠬᠥᠮᠦᠨ ᠦᠭᠡᠢ᠃ ᠲᠠ ᠮᠠᠭᠤ ᠴᠠᠭ ᠲᠤᠷ ᠡᠰᠡ ᠮᠠᠨᠠᠭᠠᠳ ᠰᠠᠢᠨ ᠦᠶ᠎ᠡ ᠳ᠋ᠦ᠍ ᠰᠠᠮᠠᠭᠤᠷᠠᠭᠤᠯᠬᠤ ᠠᠨᠤ ᠶᠠᠭᠤᠨ ᠪᠣᠢ ? ᠪᠢ ᠴᠡᠷᠢᠭ ᠦ᠋ᠨ ᠡᠮᠦᠨ᠎ᠡ ᠪᠦᠭᠦᠳᠡᠭᠡᠷ ᠲᠣᠷ ᠳᠤᠩᠬᠠᠯᠠᠨ ᠤᠬᠠᠭᠤᠯᠤᠭᠰᠠᠨ ᠪᠥᠭᠡᠲᠡᠯ᠎ᠡ ᠲᠠ ᠮᠢᠨᠦ ᠲᠥᠷᠥᠯ ᠲᠥᠷᠥᠭᠰᠡᠨ ᠪᠥᠭᠡᠲᠡᠯ᠎ᠡ ᠮᠢᠨᠦ ᠵᠠᠰᠠᠭ ᠴᠠᠭᠠᠵᠠ ᠠ᠋ᠴᠠ ᠵᠥᠷᠢᠴᠡᠨ ᠳᠠᠪᠠᠪᠠᠰᠤ ᠪᠢ ᠣᠳᠣ ᠣᠯᠠᠨ ᠠᠢᠮᠠᠭ ᠤ᠋ᠳ ᠢ᠋ ᠬᠡᠷᠬᠢᠨ ᠵᠠᠬᠢᠷᠬᠤ ᠬᠡᠷᠬᠢᠨ ᠵᠠᠰᠠᠬᠤ ᠠᠵᠢ ! ᠲᠠᠨ ᠤ᠋ ᠪᠡᠶ᠎ᠡ ᠪᠡᠶᠡᠰ ᠢ᠋ ᠴᠠᠭᠠᠵᠠ ᠪᠠᠷ ᠰᠢᠳᠬᠡᠨ ᠠᠪᠠᠴᠢᠰᠤᠭᠠᠢ ᠬᠡᠮᠡᠬᠦᠯ᠎ᠡ ᠪᠢ ᠲᠥᠷᠥᠯ ᠳ᠋ᠡᠭᠡᠨ ᠲᠥᠷᠥᠯᠬᠡᠭ᠂ ᠡᠯᠢᠭᠡ ᠳ᠋ᠡᠭᠡᠨ ᠡᠯᠢᠭᠡᠰᠡᠭ ᠪᠣᠯᠬᠤ ᠶᠣᠰᠣᠨ ᠠ᠋ᠴᠠ ᠡᠲᠡᠭᠡᠳ ᠪᠣᠯᠬᠤ ᠪᠥᠭᠡᠳ ᠣᠳᠣ ᠴᠣᠬᠣᠮ ᠡᠷᠬᠢᠮ ᠢ᠋ᠶ᠋ᠡᠨ ᠡᠯᠢᠭᠡ ᠳ᠋ᠡᠭᠡᠨ ᠭᠠᠷᠭᠠᠵᠤ᠂ ᠲᠥᠯᠥᠪ ᠢ᠋ᠶ᠋ᠡᠨ ᠲᠥᠷᠥᠯ ᠳ᠋ᠡᠭᠡᠨ ᠦᠵᠡᠭᠦᠯᠬᠦ ᠥᠴᠦᠬᠡᠨ ᠲᠥᠷᠥᠯᠬᠢᠲᠡᠨ ᠪᠣᠯᠬᠤ ᠦᠭᠡᠢ ᠦᠦ ①᠃ ᠪᠦᠦ ᠬᠡᠷᠡᠭᠰᠡᠰᠦᠭᠡᠢ ᠬᠡᠮᠡᠬᠦᠯ᠎ᠡ ᠪᠢ ᠣᠳᠣ ᠠᠷᠠᠳ ᠠᠯᠪᠠᠲᠤ ᠤᠯᠤᠰ ᠢᠷᠭᠡᠨ ᠳ᠋ᠦ᠍ᠷ ᠬᠡᠯᠪᠡᠢᠭᠦᠦ ᠲᠠᠰᠢᠮᠠᠭᠠᠢ ᠭᠡᠮᠡᠨ ᠬᠡᠯᠡᠭᠳᠡᠮᠦᠢ᠃ ᠲᠡᠢᠨ ᠬᠦ᠌ ᠲᠠ ᠮᠢᠨᠦ ᠶᠠᠰᠤ ᠮᠢᠬ᠎ᠠ ᠡᠩ ᠦ᠋ᠨ ᠠᠷᠠᠳ ᠲᠤᠷ ᠠᠳᠠᠯᠢ ᠪᠤᠰᠤ ᠲᠤᠯᠠ ᠵᠠᠰᠠᠭ ᠠ᠋ᠴᠠ ᠳᠠᠪᠠᠭᠰᠠᠨ ᠶᠠᠯ᠎ᠠ ᠶ᠋ᠢ ᠲᠡᠷᠢᠭᠦᠨ ᠤᠳᠠᠭ᠎ᠠ ᠶ᠋ᠢ ᠬᠡᠯᠲᠦᠷᠢᠭᠦᠯᠰᠦᠭᠡᠢ᠂ ᠵᠠᠰᠠᠭ ᠤ᠋ᠨ ᠴᠠᠭᠠᠵᠠ ᠶ᠋ᠢ ᠦᠲᠡᠭᠡᠷᠪᠡᠰᠦ ᠣᠯᠠᠨ ᠤ᠋ ᠰᠡᠳᠬᠢᠯ ᠠᠯᠳᠠᠭᠳᠠᠬᠤ ᠲᠤᠯᠠ ᠲᠠᠨ ᠤ᠋ ᠥᠮᠴᠢᠯᠡᠭᠰᠡᠨ ᠢ᠋ ᠡᠷᠬᠡᠪᠰᠢ ᠵᠠᠰᠠᠭ ᠤ᠋ᠨ ᠶᠣᠰᠣᠭᠠᠷ ᠣᠯᠠᠨ ᠳ᠋ᠤᠷ ᠲᠦᠭᠡᠭᠡᠨ ᠥᠭᠴᠦ ᠮᠢᠨᠦ ᠴᠠᠭᠠᠵᠠᠨ ᠤ᠋ ᠪᠠᠲᠤ ᠦᠨᠡᠨᠴᠢ ᠲᠠᠰᠢᠮᠠᠭᠠᠢ ᠬᠡᠯᠪᠡᠢᠭᠦᠦ ᠦᠭᠡᠢ ᠶ᠋ᠢ ᠣᠯᠠᠨ ᠳ᠋ᠤᠷ ᠦᠵᠡᠭᠦᠯᠬᠦ ᠬᠡᠷᠡᠭᠲᠡᠢ᠃ ᠡᠨᠡ ᠤᠳᠠᠭ᠎ᠠ ᠠᠯᠠᠬᠤ ᠶᠠᠯ᠎ᠠ ᠶ᠋ᠢ ᠭᠡᠯᠳᠦᠷᠢᠭᠦᠯᠵᠦ ᠠᠪᠤᠷᠠᠰᠤᠭᠠᠢ᠃ ᠡᠭᠦᠨ ᠡᠴᠡ ᠬᠣᠢᠰᠢ ᠡᠨᠳᠡᠭᠦᠦ ᠪᠡᠨ ᠬᠠᠯᠠᠵᠤ ᠶᠣᠰᠣᠴᠢᠯᠠᠨ ᠶᠠᠪᠤ᠂ ᠪᠢ ᠲᠠᠨ ᠢ᠋ ᠦᠯᠦ ᠣᠭᠣᠷᠴᠤ ᠲᠡᠪᠴᠢᠮᠦᠢ᠃ ᠡᠷᠲᠡᠨ ᠦ᠌ ᠦᠭᠡᠨ ᠳ᠋ᠦ᠍ᠷ 《 ᠨᠤᠲᠤᠭᠲᠤ ᠬᠥᠮᠦᠨ ᠬᠡ ᠬᠡᠨ ② ᠲᠥᠷᠥᠯᠳᠦ ᠬᠥᠮᠦᠨ ᠪᠥᠬᠦᠭᠡᠨ 》 ᠬᠡᠮᠡᠳᠡᠭ ᠪᠢᠰᠢᠦ !》 ᠭᠡᠮᠡᠨ ᠵᠠᠬᠢᠭᠠᠳ ᠲᠡᠳᠡᠨ ᠦ᠌ ᠡᠵᠡᠷᠬᠡᠨ ᠥᠮᠴᠢᠯᠡᠭᠰᠡᠨ ᠡᠳ᠋ ᠮᠠᠯ ᠢ᠋ ᠴᠥᠮ ᠠᠪᠴᠤ ᠣᠯᠠᠨ ᠴᠡᠷᠢᠭ ᠲᠦ᠍ᠷ ᠠᠳᠠᠯᠢ ᠪᠠᠷ ᠲᠦᠭᠡᠭᠡᠨ ᠥᠭᠭᠦᠭᠡᠳ ᠠᠷᠳᠠ᠂ ᠳᠡᠯᠵᠢᠲᠡᠢ᠂ ᠬᠤᠰᠠᠭᠤᠷ ᠭᠤᠷᠪᠠᠭᠤᠯᠠ ᠶ᠋ᠢᠨ ᠠᠮᠢᠨ ᠢ᠋ ᠬᠡᠯᠲᠦᠷᠢᠭᠦᠯᠵᠦ ᠭᠠᠷᠭᠠᠭᠰᠠᠨ ᠳ᠋ᠤᠷ ᠲᠡᠷᠡ ᠭᠤᠷᠪᠠᠭᠤᠯᠠ ᠠᠩᠬᠠᠨ ᠳ᠋ᠤᠷ ᠰᠦᠷ ᠡᠴᠡ ᠠᠶᠤᠴᠤ ᠬᠣᠢᠨ᠎ᠠ ᠬᠡᠰᠢᠭ ᠢ᠋ ᠢᠨᠦ ᠰᠢᠲᠦᠵᠦ ᠵᠡᠷᠭᠡ ᠪᠡᠷ ᠮᠥᠷᠭᠥᠵᠦ ᠭᠠᠷᠪᠠ᠃
- - - -    
① ᠡᠨᠡ ᠨᠢᠭᠡᠨ ᠦᠭᠡᠰ ᠂ ᠡᠨᠡ ᠦᠶ᠎ᠡ ᠶ᠋ᠢᠨ ᠬᠢᠷᠢ ᠬᠡᠮᠵᠢᠶ᠎ᠡ ᠦᠭᠡᠢ ᠠᠭᠠᠰᠢᠯᠠᠬᠤ ᠵᠠᠰᠠᠭ ᠤ᠋ᠳ ᠲᠤᠷ ᠶᠠᠭᠠᠬᠢᠨ ᠬᠠᠷᠰᠢᠯᠠᠬᠤ ᠪᠣᠯᠪᠠ ᠂ ᠲᠡᠳᠡᠭᠡᠷ ᠤᠷᠤᠭ ᠲᠤᠷ ᠢ᠋ᠶ᠋ᠠᠨ ᠣᠮᠣᠷᠬᠠᠭ ᠂ ᠲᠥᠷᠥᠯ ᠳ᠋ᠦ᠍ᠷ ᠢ᠋ᠶ᠋ᠡᠨ ᠶᠡᠬᠡᠷᠬᠡᠭᠴᠢ ᠬᠤᠰᠢᠭᠤᠨ ᠤ᠋ ᠸᠠᠩ ᠵᠠᠰᠠᠭ ᠤ᠋ᠳ ᠡᠨᠡ ᠦᠭᠡ ᠶ᠋ᠢ ᠰᠣᠨᠣᠰᠪᠠᠰᠤ ᠯᠠᠪ ᠶᠠᠮ᠎ᠠ ᠬᠥᠳᠡᠯᠵᠦ ᠶᠠᠪᠠᠭᠠᠳᠠᠵᠤ ᠶᠠᠩᠰᠢᠮᠤᠢ ‍ᠶ᠎ᠠ ᠃ 
② ᠰᠠᠢᠬᠠᠨ ᠬᠡᠮᠡᠭᠰᠡᠨ ᠦᠭᠡ  

      ᠲᠡᠭᠦᠨᠴᠡ ᠲᠠᠢᠽᠦ ᠠᠯᠠᠭᠲᠠᠢ ᠠᠭᠤᠯᠠᠨ ᠳ᠋ᠤᠷ ᠴᠡᠷᠢᠭ ᠢ᠋ ᠭᠤᠷᠪᠠᠨ ᠡᠳᠦᠷ ᠬᠤᠷᠢᠮᠯᠠᠨ ᠠᠮᠠᠷᠠᠭᠤᠯᠵᠤ᠂ ᠦᠬᠦᠭᠰᠡᠳ ᠦ᠋ᠨ ᠶᠠᠰᠤ ᠶ᠋ᠢ ᠬᠤᠷᠢᠶᠠᠯᠭᠠᠨ ᠰᠠᠶᠢ ᠴᠡᠷᠢᠭ ᠡᠭᠡᠰᠦᠭᠡᠢ ᠬᠡᠮᠡᠲᠡᠯ᠎ᠡ ᠪᠤᠷᠬᠠᠨ ᠭᠠᠯᠳᠤᠨ᠎ᠠ ᠠ᠋ᠴᠠ ᠮᠡᠳᠡᠭᠡ ᠢᠷᠡᠵᠦ ᠡᠮᠦᠨ᠎ᠡ ᠠᠯᠲᠠᠨ ᠤᠯᠤᠰ ᠤ᠋ᠨ ᠱ᠌ᠢᠽᠦ᠋ᠩ ᠬᠠᠭᠠᠨ ᠰᠠᠢᠨ ᠢ᠋ᠶ᠋ᠠᠷ ᠡᠶᠡᠳᠦᠰᠦᠭᠡᠢ ᠭᠡᠮᠡᠨ ᠤᠭᠰᠠᠭ᠎ᠠ ᠶ᠋ᠢᠨ ᠨᠢᠭᠡᠨ ᠸᠠᠩ ᠬᠥᠮᠦᠨ ᠢ᠋ ᠵᠠᠷᠤᠪᠠ ᠭᠡᠮᠡᠨ ᠸᠠᠩ ᠤ᠋ᠨ ᠡᠮᠦᠨ᠎ᠡ ᠡᠴᠡ ᠤᠷᠤᠭᠰᠢᠯᠠᠨ ᠶᠠᠪᠤᠬᠤ ᠵᠢᠭ᠍ᠰᠠᠭᠠᠯ ᠤ᠋ᠨ ᠳᠠᠷᠤᠭ᠎ᠠ ᠲᠦᠰᠢᠮᠡᠯ ᠤᠷᠢᠳᠠ ᠢᠷᠡᠵᠦ ᠮᠡᠳᠡᠭᠡ ᠬᠦᠷᠭᠡᠪᠡ ᠬᠡᠮᠡᠭᠰᠡᠨ ᠳ᠋ᠦ᠍ᠷ ᠲᠠᠢᠽᠦ ᠶᠡᠬᠡ ᠴᠡᠷᠢᠭ ᠢ᠋ ᠠᠪᠴᠤ ᠤᠯᠤᠰ ᠲᠤᠷ ᠢ᠋ᠶ᠋ᠠᠨ ᠡᠭᠡᠵᠦ ᠪᠤᠷᠬᠠᠨ ᠭᠠᠯᠳᠤᠨ᠎ᠠ ᠳ᠋ᠤᠷ ᠬᠦᠷᠲᠡᠯ᠎ᠡ ᠭᠤᠷᠪᠠᠨ ᠤᠳᠤᠯᠭᠠᠨ᠎ᠠ ᠲᠡᠷᠢᠭᠦᠨ ᠳ᠋ᠦ᠍ᠷ ᠮᠡᠩᠬᠡᠯᠢᠭ᠂ ᠬᠣᠷᠭᠣᠯᠵᠢ ᠤᠭᠲᠤᠪᠠ᠂ ᠳᠡᠳ᠋ ᠲᠣᠷ ᠣᠢᠲᠤ ᠤᠴᠢᠭ᠂ ᠤᠷᠠᠨ ᠭᠠᠴᠤᠭ ᠤᠭᠲᠤᠪᠠ᠃ ᠭᠤᠲᠠᠭᠠᠷ ᠲᠤᠷ ᠨᠠᠭᠠᠴᠤ ᠥᠷᠯᠥᠭ ᠨᠣᠶᠠᠨ ᠯᠢᠳᠠᠷ ᠰᠡᠴᠡᠨ᠂ ᠬᠠᠳᠠᠮ ᠲᠠᠢ ᠰᠡᠴᠡᠨ᠂ ᠵᠣᠴᠢ᠂ ᠴᠠᠭᠠᠲᠠᠢ ᠬᠣᠶᠠᠷ ᠪᠠᠭ᠎ᠠ ᠡᠵᠡᠳ ᠢ᠋ ᠲᠡᠪᠡᠷᠢᠵᠦ ᠬᠣᠷᠣᠭᠠᠨ ᠤ᠋ ᠵᠠᠬ᠎ᠠ ᠳ᠋ᠤᠷ ᠤᠭᠲᠤᠪᠠ᠃ ᠲᠡᠢᠨ ᠬᠦ᠌ ᠲᠠᠢᠽᠦ᠂ ᠥᠭᠡᠯᠦᠨ ᠦᠵᠢᠨ ᠬᠠᠲᠤᠨ ᠡᠬᠡ ᠳ᠋ᠦ᠍ᠷ ᠮᠥᠷᠭᠥᠵᠦ ᠠᠭᠤᠯᠵᠠᠨ ᠭᠠᠷᠴᠤ ᠢᠷᠡᠭᠡᠳ ᠣᠯᠠᠨ ᠵᠠᠩᠵᠤᠨ ᠴᠡᠷᠢᠭ ᠦ᠋ᠨ ᠦᠬᠦᠭᠰᠡᠳ ᠦ᠋ᠨ ᠡᠮ᠎ᠡ ᠦᠷ᠎ᠡ ᠳ᠋ᠦ᠍ᠷ ᠲᠡᠵᠢᠭᠡᠯᠭᠡ ᠬᠡᠰᠢᠭ ᠬᠦᠷᠲᠡᠭᠡᠨ ᠬᠥᠬᠢᠭᠦᠯᠵᠦ᠂ ᠠᠮᠢᠳᠤ ᠶ᠋ᠢᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠵᠤ ᠱᠠᠩᠨᠠᠨ ᠬᠥᠬᠢᠭᠦᠯᠵᠦ ᠵᠢᠴᠢ ᠠᠯᠲᠠᠨ ᠤᠯᠤᠰ ᠠ᠋ᠴᠠ ᠡᠯᠴᠢ ᠢᠷᠠᠪᠠᠰᠤ ᠬᠠᠮᠢᠭ᠎ᠠ ᠤᠭᠲᠤᠬᠤ ᠬᠠᠮᠢᠭ᠎ᠠ ᠬᠤᠷᠢᠮᠯᠠᠬᠤ᠂ ᠬᠠᠯᠠᠭᠤᠨ ᠰᠠᠢᠬᠠᠨ ᠢ᠋ ᠬᠡᠷᠬᠢᠨ ᠭᠦᠢᠴᠡᠳᠬᠡᠬᠦ᠂ ᠬᠠᠲᠠᠭᠤ ᠴᠢᠭᠢᠷᠠᠭ ᠢ᠋ ᠶᠠᠭᠠᠬᠢᠨ ᠦᠵᠡᠭᠦᠯᠬᠦ ᠶ᠋ᠢ ᠨᠠᠭᠠᠴᠤ ᠯᠢᠳᠠᠷ ᠰᠡᠴᠡᠨ ᠥᠷᠯᠥᠭ ᠨᠣᠶᠠᠨ᠂ ᠬᠠᠳᠠᠮ ᠲᠠᠢ ᠰᠡᠴᠡᠨ᠂ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ᠂ ᠴᠡᠷᠢᠭ ᠦ᠋ᠨ ᠵᠢᠨᠦᠩ ᠮᠤᠬᠤᠯᠢ ᠨᠠᠷ ᠯᠤᠬ᠎ᠠ ᠬᠡᠯᠡᠯᠴᠡᠨ ᠲᠣᠭᠲᠠᠭᠠᠵᠤ ᠪᠡᠯᠡᠳᠬᠡᠨ ᠬᠦᠯᠢᠶᠡᠯᠭᠡᠭᠰᠡᠨ ᠢ᠋ ᠲᠦᠷ ᠬᠡᠯᠡᠬᠦ ᠦᠭᠡᠢ᠃ 
      ᠣᠳᠣ ᠭᠠᠭᠴᠠ ᠥᠭᠦᠯᠡᠬᠦ ᠢᠨᠦ᠂ ᠡᠨᠡ ᠵᠢᠯ ᠰᠢᠶᠠ ᠤᠯᠤᠰ᠂ ᠠᠯᠲᠠᠨ ᠤᠯᠤᠰ ᠤ᠋ᠨ ᠪᠠᠷᠠᠭᠤᠨ ᠬᠣᠢᠲᠤ ᠪᠡᠶ᠎ᠡ ᠶ᠋ᠢᠨ ᠬᠢᠵᠠᠭᠠᠷ ᠢ᠋ ᠲᠡᠮᠡᠴᠡᠨ ᠴᠡᠷᠢᠭ ᠦᠷᠭᠦᠯᠵᠢᠯᠡᠭᠡᠳ ᠵᠠᠬ᠎ᠠ ᠶ᠋ᠢᠨ ᠠᠷᠠᠳ ᠭᠠᠰᠠᠯᠠᠩ ᠠᠮᠰᠠᠨ ᠰᠠᠩ ᠬᠥᠮᠥᠷᠭᠡ ᠬᠣᠭᠣᠰᠣᠷᠠᠵᠤ᠂ ᠤᠯᠤᠰ ᠤ᠋ᠨ ᠬᠦᠴᠦᠨ ᠤᠯᠠᠮ ᠪᠠᠭᠤᠷᠠᠭᠠᠳ ᠣᠯᠠᠨ ᠬᠤᠯᠠᠭᠠᠢ ᠳᠡᠭᠳᠡᠵᠦ ᠾᠦᠢ ᠨᠢᠩ ᠹᠦ ᠬᠣᠲᠠ ᠲᠦᠪᠰᠢᠨ ᠦᠭᠡᠢ ᠪᠣᠯᠵᠤ᠂ ᠪᠠᠰᠠ ᠡᠮᠦᠨ᠎ᠡ ᠰᠥᠩ ᠤᠯᠤᠰ ᠤ᠋ᠨ ᠰᠢᠶᠤᠤᠽᠦ᠋ᠩ ᠬᠠᠭᠠᠨ ᠵᠣᠣ ᠴᠦᠨ ᠪᠡᠶ᠎ᠡ ᠪᠡᠨ ᠠᠯᠲᠠᠨ ᠤᠯᠤᠰ ᠤ᠋ᠨ ᠦᠶᠡᠯᠢᠳ ᠬᠥᠪᠡᠭᠦᠨ ᠭᠡᠮᠡᠨ ᠮᠠᠰᠢ ᠬᠢᠴᠢᠶᠡᠩᠭᠦᠢᠯᠡᠳᠡᠭ ᠪᠥᠯᠥᠭᠡ᠃ ᠡᠭᠦᠨ ᠳ᠋ᠦ᠍ᠷ ᠬᠦᠷᠴᠦ ᠢᠷᠡᠭᠡᠳ ᠱᠢ ᠰᠢ ᠪᠡᠷ ᠱᠤ᠌ ᠮᠢ ᠶᠤᠸᠠᠨ ᠤ᠋ ᠬᠡᠷᠡᠭ ᠢ᠋ ᠮᠡᠳᠡᠭᠦᠯᠵᠦ᠂ ᠬᠤᠸᠠᠩ ᠴᠢᠶᠠ ᠶ᠋ᠢ ᠶᠡᠬᠡ ᠵᠦᠩ ᠴᠧᠩ ᠲᠦᠰᠢᠮᠡᠯ ᠡᠷᠭᠦᠮᠵᠢᠯᠡᠭᠡᠳ ᠪᠠᠰᠠ ᠪᠣᠮᠪᠣ ᠶ᠋ᠢᠨ ᠰᠤᠷᠭᠠᠯ ᠢ᠋ ᠵᠣᠭᠰᠣᠭᠠᠨ ᠠᠢᠯᠠᠳᠬᠠᠭᠰᠠᠨ ᠴᠧᠨ ᠵᠢᠶᠠ ᠶ᠋ᠢ ᠫᠢᠩ ᠵᠠᠩ ᠵᠧᠩ ᠱᠢ ᠲᠦᠰᠢᠮᠡᠯ ᠬᠠᠪᠰᠤᠷᠤᠭᠤᠯᠵᠤ᠂ ᠪᠠᠰᠠ ᠳᠧ ᠱᠧᠦ ᠬᠦᠩ ᠣᠷᠳᠣᠨ ᠠ᠋ᠴᠠ ᠪᠠᠭᠤᠯᠭᠠᠭᠰᠠᠨ ᠴᠧᠨ ᠶᠤᠸᠠᠨ ᠢ᠋ ᠭᠠᠪᠢᠶ᠎ᠠ ᠪᠠᠢᠭᠤᠯ ᠭᠡᠮᠡᠨ ᠠᠯᠲᠠᠨ ᠤᠯᠤᠰ ᠠ᠋ᠴᠠ ᠤᠷᠢᠳᠤ ᠶ᠋ᠢᠨ ᠥᠰᠢᠶ᠎ᠡ ᠶ᠋ᠢ ᠠᠪᠬᠤ ᠰᠡᠳᠬᠢᠯ ᠳᠡᠭᠳᠡᠭᠡᠳ ᠡᠳ᠋ ᠴᠤᠭᠯᠠᠭᠤᠯᠤᠨ ᠴᠡᠷᠢᠭ ᠡᠯᠰᠡᠵᠦ ᠹᠧᠩ ᠴᠦ ᠺᠦ - ᠡᠯᠪᠡᠭ ᠵᠤᠵᠠᠭᠠᠨ ᠬᠥᠮᠥᠷᠭᠡ ᠡᠴᠡ ᠮᠢᠩᠭᠠᠨ ᠯᠠᠩ ᠰᠢᠷ᠎ᠠ ᠠᠯᠲᠠ ᠭᠠᠷᠭᠠᠵᠤ᠂ ᠭᠠᠪᠢᠶ᠎ᠠ ᠪᠠᠢᠭᠤᠯᠬᠤ ᠠᠷᠠᠳ ᠲᠤᠷ ᠱᠠᠩᠨᠠᠬᠤ ᠶ᠋ᠢ ᠪᠡᠯᠡᠳᠬᠡᠨ ᠡᠦ ᠱᠢ ᠶ᠋ᠢ ᠪᠠᠷᠠᠭᠤᠨ ᠱᠤ᠌ ᠭᠠᠵᠠᠷ ᠲᠤᠷ ᠴᠡᠷᠢᠭ ᠪᠣᠯᠪᠠᠰᠤᠷᠠᠭᠤᠯ ᠬᠡᠮᠡᠪᠡ᠃ ᠠᠯᠲᠠᠨ ᠤᠯᠤᠰ ᠡᠨᠡ ᠮᠡᠳᠡᠭᠡ ᠶ᠋ᠢ ᠰᠣᠨᠣᠰᠤᠭᠠᠳ ᠶᠡᠬᠡᠯ᠎ᠡ ᠰᠣᠴᠢᠵᠤ ᠶᠠᠭᠠᠷᠠᠨ ᠱᠤ᠌ ᠮᠢ ᠱᠢ ᠲᠦᠰᠢᠮᠡᠯ ᠵᠠᠯᠭᠠᠬᠤ ᠵᠠᠩᠵᠤᠨ ᠫᠦ ᠰᠠᠨ ᠺᠦᠢ ᠶ᠋ᠢ ᠬᠤ᠌ ᠨᠠᠨ ᠤ ᠭᠠᠵᠠᠷ  ᠰᠢᠦᠸᠠᠨ ᠹᠦ ᠱᠢ ᠳᠦᠰᠢᠮᠡᠯ ᠪᠣᠯᠭᠠᠨ᠂ ᠰᠥᠩ ᠤᠯᠤᠰ ᠤ᠋ᠨ ᠦᠨᠡᠨ ᠲᠠᠰᠢᠶ᠎ᠠ ᠶ᠋ᠢ ᠰᠡᠷᠡᠮᠵᠢᠯᠡᠭᠦᠯᠦᠨ᠂ ᠨᠢᠭᠡᠨᠲᠡᠭᠡᠭᠦᠷ ᠬᠣᠢᠲᠤ ᠤᠯᠤᠰ ᠯᠤᠬ᠎ᠠ ᠡᠶᠡᠯᠡᠵᠦ᠂ ᠬᠣᠢᠲᠤ ᠡᠲᠡᠭᠡᠳ ᠤᠨ ᠵᠣᠪᠠᠯᠠᠩ ᠢ᠋ ᠦᠭᠡᠢ ᠪᠣᠯᠭᠠᠰᠤᠭᠠᠢ ᠭᠡᠮᠡᠨ ᠤᠭᠰᠠᠭ᠎ᠠ ᠶ᠋ᠢᠨ ᠠᠴᠢ ᠸᠧᠢ ᠸᠠᠩ ᠶᠦᠩ ᠵᠢᠢ ᠶ᠋ᠢ ᠬᠡᠳᠦᠢ ᠨᠠᠰᠤᠨ ᠪᠠᠭ᠎ᠠ ᠪᠣᠯᠪᠠᠴᠤ ᠰᠡᠴᠡᠨ ᠰᠡᠷᠭᠦᠯᠡᠩ ᠭᠡᠮᠡᠨ ᠲᠡᠭᠦᠨ ᠳ᠋ᠦ᠍ᠷ ᠠᠯᠲᠠᠨ ᠢ᠋ᠶ᠋ᠠᠷ ᠴᠢᠳᠬᠤᠭᠰᠠᠨ ᠵᠣᠣ ᠲᠤᠤ ᠱᠢ ᠶ᠋ᠢᠨ ᠲᠠᠮᠠᠭ᠎ᠠ ᠴᠠᠴᠤᠭ ᠲᠡᠷᠢᠭᠦᠯᠡᠨ᠂ ᠮᠠᠩᠨᠤᠭ ᠲᠠᠵᠢ᠂ ᠬᠤᠶᠠᠭ ᠲᠤᠭᠤᠯᠠᠭ᠎ᠠ᠂ ᠲᠣᠷᠭ᠎ᠠ ᠲᠦᠷᠭᠡ᠂ ᠠᠯᠲᠠᠨ ᠬᠠᠰ᠂ ᠰᠤᠪᠤᠳ ᠡᠷᠳᠡᠨᠢ ᠶ᠋ᠢᠨ ᠵᠦᠢᠯ ᠢ᠋ ᠬᠡᠳᠦᠨ ᠲᠡᠷᠭᠡ ᠲᠡᠭᠡᠭᠡᠯᠭᠡᠵᠦ ᠤᠷᠢᠳᠤ ᠡᠳᠦᠷ ᠦ᠋ᠨ ᠮᠡᠭᠡᠵᠢᠨ ᠰᠡᠭᠡᠷ ᠦ᠋ᠨ ᠲᠣᠯᠣᠭᠠᠢ ᠶ᠋ᠢ ᠪᠠᠷᠢᠭ᠍ᠰᠠᠨ ᠭᠠᠪᠢᠶ᠎ᠠ ᠳ᠋ᠤᠷ ᠱᠠᠩᠨᠠᠨ ᠡᠷᠭᠦᠮᠵᠢᠯᠡᠮᠦᠢ ᠭᠡᠮᠡᠨ ᠰᠢᠯᠲᠠᠭ ᠵᠢᠭᠠᠭᠰᠠᠨ ᠪᠣᠯᠪᠠᠴᠤ ᠦᠨᠡᠨ ᠳ᠋ᠦ᠍ᠷ ᠲᠠᠢᠽᠦ ᠶ᠋ᠢᠨ ᠬᠣᠢᠲᠤ ᠭᠠᠵᠠᠷ ᠢ᠋ ᠨᠡᠢᠭᠡᠮᠯᠡᠬᠦ ᠰᠢᠬᠠᠭᠰᠠᠨ ᠢ᠋ ᠰᠣᠨᠣᠰᠴᠤ ᠪᠠᠰᠠ ᠲᠡᠭᠷᠢ ᠶ᠋ᠢ ᠰᠡᠳᠬᠢᠬᠦ ᠰᠧ ᠲᠢᠶᠠᠨ ᠲᠠᠢ ᠶᠠᠮᠤᠨ ᠤ᠋ ᠬᠣᠢᠲᠤ ᠡᠲᠡᠭᠡᠳ ᠪᠣᠭᠳᠠ ᠬᠥᠮᠦᠨ ᠭᠠᠷᠴᠤ ᠽᠢ ᠸᠧᠢ ᠣᠳᠤᠨ᠎ᠠ ᠲᠣᠬᠢᠶᠠᠯᠳᠤᠪᠠ ᠭᠡᠮᠡᠨ ᠠᠢᠯᠠᠳᠬᠠᠭᠰᠠᠨ ᠢ᠋ ᠰᠡᠳᠬᠢᠵᠦ᠂ ᠠᠷᠭ᠎ᠠ ᠪᠠᠷ ᠡᠷᠬᠡ ᠳ᠋ᠡᠭᠡᠨ ᠣᠷᠣᠭᠤᠯᠵᠤ ᠠᠪᠰᠤᠭᠠᠢ ᠬᠡᠮᠡᠭᠰᠡᠨ ᠰᠠᠨᠠᠭᠠᠨ ᠠᠵᠤᠭᠤ᠃ ᠨᠡᠩᠳᠡ ᠬᠣᠢᠲᠤ ᠵᠢᠯ ᠦ᠋ᠨ ᠭᠤᠷᠪᠠᠨ ᠰᠠᠷ᠎ᠠ ᠳ᠋ᠤᠷ᠂ ᠪᠡᠶ᠎ᠡ ᠪᠡᠷ ᠾᠦᠢ ᠨᠢᠩ  ᠹᠦ ᠶ᠋ᠢ ᠴᠠᠭᠳᠠᠷ᠎ᠠ ᠡᠴᠢᠬᠦ ᠲᠤᠯᠠ ᠤᠷᠢᠳᠠᠰᠠ ᠬᠣᠢᠲᠤ ᠶ᠋ᠢ ᠠᠮᠤᠭᠤᠯᠤᠨ ᠤᠯᠤᠰ ᠢ᠋ ᠰᠠᠬᠢᠵᠤ᠂ ᠲᠠᠢᠽᠢ ᠸᠠᠨ ᠶᠠᠨ ᠵᠢᠩ ᠦ᠋ᠨ ᠰᠠᠬᠢᠬᠤ ᠳ᠋ᠤᠷ ᠠᠮᠠᠷ ᠢ᠋ ᠬᠠᠷᠠᠵᠤ᠂  ᠤᠭᠰᠠᠭ᠎ᠠ ᠶ᠋ᠢᠨ ᠠᠴᠢ ᠸᠧᠢ ᠸᠠᠩ ᠶᠦᠩ ᠵᠢᠢ ᠶ᠋ᠢ ᠬᠦᠢᠲᠡᠨ ᠡᠪᠦᠯ ᠢ᠋ ᠥᠩᠭᠡᠷᠡᠮᠡᠭᠴᠡ ᠮᠣᠷᠳᠠ ᠬᠡᠮᠡᠭᠰᠡᠨ ᠠᠵᠤᠭᠤ᠃ ᠲᠡᠢᠨ ᠬᠦ᠌ ᠶᠦᠩ ᠵᠢᠢ ᠶᠡᠬᠡ ᠪᠠᠢᠷᠢ ᠭᠠᠷᠭᠠᠨ ᠬᠡᠳᠦᠨ ᠰᠠᠷ᠎ᠠ ᠶ᠋ᠢᠨ ᠡᠮᠦᠨ᠎ᠡ ᠡᠴᠡ ᠮᠡᠳᠡᠭᠡ ᠢᠯᠡᠭᠡᠭᠰᠡᠨ ᠠᠵᠤᠭᠤ᠃ ᠡᠨᠡ ᠢᠨᠦ ᠰᠦᠷ ᠲᠠᠯᠪᠢᠬᠤ ᠶ᠋ᠢᠨ ᠬᠠᠷᠠᠭ᠎ᠠ᠃ 
      ᠲᠡᠭᠦᠨᠴᠡ ᠬᠣᠢᠲᠤ ᠵᠢᠯ ᠦ᠋ᠨ ᠴᠠᠭᠠᠨ ᠰᠠᠷ᠎ᠠ ᠳ᠋ᠤᠷ᠂ ᠸᠧᠢ ᠸᠠᠩ ᠶᠦᠩ ᠵᠢᠢ ᠵᠠᠷᠯᠢᠭ ᠢ᠋ ᠬᠦᠯᠢᠶᠡᠨ ᠠᠪᠴᠤ ᠱ᠌ᠢᠽᠦ᠋ᠩ ᠬᠠᠭᠠᠨ ᠸᠠᠨ ᠶᠠᠨ ᠶᠦᠩ ᠡᠴᠡ ᠮᠥᠷᠭᠥᠨ ᠰᠠᠯᠤᠭᠠᠳ ᠵᠠᠭᠤᠨ ᠢᠯᠡᠭᠦᠦ ᠮᠣᠷᠢᠲᠠᠨ ᠢ᠋ ᠠᠪᠴᠤ ᠶᠠᠨ ᠵᠢᠩ - ᠵᠦᠩ ᠳᠦ ᠬᠣᠲᠠ ᠶ᠋ᠢᠨ ᠭᠤᠷᠪᠠᠳᠤᠭᠠᠷ ᠬᠠᠭᠠᠯᠭ᠎ᠠ ᠴᠠᠪᠴᠢᠶᠠᠯ ᠪᠣᠭᠣᠮᠲᠠ ᠪᠠᠷ ᠭᠠᠷᠴᠤ ᠪᠠᠰᠠ ᠳᠡᠳ᠋ ᠬᠠᠭᠠᠯᠭ᠎ᠠ ᠬᠥ ᠪᠧᠢ ᠺᠧᠦ ᠪᠣᠭᠣᠮᠲᠠ ᠪᠠᠷ ᠨᠡᠪᠲᠡᠯᠦᠨ ᠵᠢᠴᠢ ᠬᠠᠮᠤᠭ ᠤ᠋ᠨ ᠭᠠᠳᠠᠭᠠᠳᠤ ᠵᠠᠩ ᠵᠢᠶᠠ ᠺᠧᠦ ᠪᠣᠭᠣᠮᠲᠠ ᠶ᠋ᠢ ᠭᠠᠷᠴᠤ ᠢᠷᠡᠬᠦᠶ᠎ᠡ᠂  ᠪᠧᠲ᠋ᠠ᠋ ᠤᠯᠤᠰ ᠤ᠋ᠨ ᠬᠡᠴᠡᠭᠦᠦ ᠶ᠋ᠢ ᠮᠡᠳᠡᠬᠦ ᠦᠭᠡᠢ᠂ ᠰᠠᠨᠠᠭᠠᠨ ᠳ᠋ᠤᠷ ᠬᠣᠢᠲᠤ ᠭᠠᠵᠠᠷ ᠤ᠋ᠨ ᠪᠣᠯᠬᠢ ᠪᠢᠲᠡᠭᠦᠯᠢᠭ ᠥᠴᠦᠬᠡᠨ ᠠᠢᠮᠠᠭ ᠶᠠᠭᠤᠨ ᠢ᠋ ᠦᠵᠡᠵᠦ ᠶᠠᠭᠤᠨ ᠢ᠋ ᠮᠡᠳᠡᠬᠦ ᠭᠡᠮᠡᠨ ᠪᠠᠰᠠ ᠨᠢᠭᠡᠨ ᠵᠣᠣ ᠲᠤᠤ ᠱᠢ- ᠵᠠᠷᠯᠢᠭ ᠢ᠋ᠶ᠋ᠠᠷ ᠳᠠᠢᠯᠠᠬᠤ ᠡᠯᠴᠢ ᠶ᠋ᠢᠨ ᠲᠠᠮᠠᠭ᠎ᠠ ᠴᠠᠴᠤᠭ ᠠᠪᠴᠤ ᠢᠷᠡᠬᠦᠢ ᠪᠡᠨ ᠮᠠᠰᠢ ᠡᠷᠬᠢᠮ ᠪᠣᠯᠭᠠᠵᠤ᠂ ᠰᠦᠷ ᠲᠠᠯᠪᠢᠨ ᠸᠠᠩ ᠤ᠋ᠨ ᠵᠢᠭ᠍ᠰᠠᠭᠠᠯ ᠵᠢᠭ᠍ᠰᠭ᠋ᠠᠵᠤ ᠵᠠᠷᠯᠢᠭ ᠢ᠋ᠶ᠋ᠠᠷ ᠳᠠᠢᠯᠠᠬᠤ ᠡᠯᠴᠢ᠂ ᠥᠪᠡᠷ ᠦ᠋ᠨ ᠪᠡᠶ᠎ᠡ ᠨᠢᠶᠠᠨ ᠲᠡᠷᠭᠡᠨ ᠳ᠋ᠦ᠍ᠷ ᠰᠠᠭᠤᠵᠤ᠂ ᠬᠡᠷᠡᠭᠯᠡᠬᠦ ᠰᠠᠪᠠ ᠵᠡᠪᠰᠡᠭ ᠪᠠ ᠢᠳᠡᠭᠡᠨ ᠬᠤᠪᠴᠠᠳ ᠢ᠋ ᠵᠠᠮ ᠬᠠᠪᠴᠢᠭᠤᠯᠤᠨ ᠤᠷᠤᠭ᠍ᠰᠢ ᠶᠠᠪᠤᠭᠤᠯᠵᠤ᠂ ᠪᠡᠶ᠎ᠡ ᠬᠠᠮᠠᠭᠠᠯᠠᠬᠤ ᠲᠠᠪᠤᠨ ᠵᠠᠭᠤᠨ ᠴᠡᠷᠢᠭ ᠢ᠋ ᠠᠩᠭᠢᠳᠠ ᠬᠣᠢᠨ᠎ᠠ ᠠ᠋ᠴᠠ ᠶᠠᠪᠤᠭᠤᠯᠤᠨ ᠵᠠᠩ ᠵᠢᠶᠠ ᠺᠧᠦ ᠪᠣᠭᠣᠮᠲᠠ ᠠ᠋ᠴᠠ ᠭᠠᠷᠴᠤ ᠬᠡᠳᠦᠨ ᠡᠳᠦᠷ ᠦ᠋ᠨ ᠵᠠᠮ ᠶᠠᠪᠤᠭᠰᠠᠨ ᠦᠭᠡᠢ ᠪᠧᠲ᠋ᠠ᠋ ᠤᠯᠤᠰ ᠤ᠋ᠨ ᠵᠠᠬ᠎ᠠ ᠳ᠋ᠤᠷ ᠬᠦᠷᠴᠦ ᠢᠷᠡᠮᠡᠭᠴᠡ ᠭᠡᠨᠡᠳᠲᠡ ᠫᠤᠤ ᠶ᠋ᠢᠨ ᠳᠠᠭᠤᠨ ᠭᠠᠷᠴᠤ ᠨᠢᠭᠡᠨ ᠰᠠᠯᠠᠭ᠎ᠠ ᠴᠡᠷᠢᠭ ᠴᠥᠮ ᠤᠯᠠᠭᠠᠨ ᠲᠤᠭ᠂ ᠤᠯᠠᠭᠠᠨ ᠬᠢᠭᠢᠷᠢ ᠪᠠᠷᠢᠵᠤ᠂ ᠵᠢᠭ᠍ᠰᠠᠭᠠᠯ ᠤ᠋ᠨ ᠳᠠᠯᠪᠠᠭ᠎ᠠ ᠬᠣᠶᠠᠷ ᠲᠡᠰᠢ ᠢᠷᠠᠮᠠᠭᠴᠠ ᠨᠢᠭᠡᠨ ᠶᠡᠬᠡ ᠵᠠᠩᠵᠤᠨ ᠵᠡᠭᠡᠷᠳᠡ ᠮᠣᠷᠢ ᠤᠨᠤᠵᠤ ᠤᠷᠲᠤ ᠵᠢᠳᠠ ᠪᠠᠷᠢᠭᠠᠳ ᠵᠠᠮ ᠬᠥᠨᠳᠡᠯᠢᠳᠦᠨ ᠵᠣᠭᠰᠣᠭᠠᠳ ᠶᠡᠬᠡ ᠳᠠᠭᠤᠨ ᠢ᠋ᠶ᠋ᠠᠷ ᠢᠷᠡᠭᠰᠡᠨ ᠤᠴᠢᠷ ᠢ᠋ ᠠᠰᠠᠭᠤᠪᠠ᠃ ᠡᠨᠡ ᠬᠥᠮᠦᠨ ᠬᠡᠨ ᠢ᠋ ᠮᠡᠳᠡᠰᠦᠭᠡᠢ ᠬᠡᠮᠡᠪᠡᠰᠦ ᠲᠠᠢᠵᠢ ᠢᠨᠵᠠᠨᠨᠠᠰᠢ ᠶ᠋ᠢᠨ ᠵᠠᠯᠭᠠᠨ ᠴᠥᠯᠪᠡᠭᠰᠡᠨ ᠳᠣᠣᠷᠠᠲᠤ ᠪᠦᠯᠦᠭ ᠲᠣᠷ ᠦᠵᠡᠭᠳᠡᠬᠦᠢ ᠃ 
            ᠪᠠᠷᠰ ᠤ᠋ᠨ ᠡᠭᠦᠷ ᠬᠢᠭᠡᠳ ᠯᠤᠤᠰ ᠤ᠋ᠨ ᠬᠥᠪ ᠲᠣᠷ ᠣᠷᠣᠬᠤᠢ ᠠᠨᠤ  
            ᠪᠠᠷᠠᠭᠳᠠᠬᠤ ᠠᠮᠢ ᠪᠠ ᠪᠠᠳᠠᠷᠠᠬᠤ ᠵᠠᠶᠠᠭ᠎ᠠ ᠪᠠᠨ ᠮᠡᠳᠡᠪᠡᠰᠦ ᠵᠣᠬᠢᠮᠤᠢ ᠃ 

ᠴᠣᠬᠣᠯᠠᠭᠰᠠᠨ ᠠᠨᠤ 
      ᠨᠠᠢ᠍ᠮᠠᠨ ᠤᠯᠤᠰ ᠢ᠋ ᠶᠡᠬᠡ ᠤᠯᠤᠰ ᠬᠡᠮᠡᠪᠡᠰᠦ ᠪᠣᠯᠤᠮᠤᠢ᠂ ᠡᠵᠡᠨ ᠢᠨᠦ ᠤᠬᠠᠭᠠᠨᠲᠠᠢ᠂ ᠬᠥᠪᠡᠭᠦᠨ ᠢᠨᠦ ᠴᠢᠭᠢᠷᠠᠭ᠂ ᠪᠢᠴᠢᠭ ᠦ᠋ᠨ ᠲᠦᠰᠢᠮᠡᠳ ᠡᠴᠡ ᠮᠥᠩᠭᠥᠯᠵᠢ᠂ ᠳ᠋ᠠᠳᠠᠳᠤᠩᠭ᠎ᠠ ᠶ᠋ᠢᠨ ᠵᠡᠷᠭᠡ ᠶ᠋ᠢᠨ ᠮᠡᠷᠭᠡᠨ ᠰᠠᠢᠳ ᠪᠣᠢ᠃ ᠴᠡᠷᠢᠭ ᠦ᠋ᠨ ᠲᠦᠰᠢᠮᠡᠳ ᠡᠴᠡ ᠮᠡᠳᠡᠬᠦ ᠬᠣᠩᠭᠣᠷ ᠵᠤᠯᠠ ᠶ᠋ᠢᠨ ᠵᠡᠷᠭᠡ ᠶ᠋ᠢᠨ ᠠᠴᠢᠯᠠᠯᠲᠠᠢ ᠦᠷ᠎ᠡ ᠪᠣᠢ᠃ ᠴᠡᠷᠢᠭ ᠲᠦ᠍ᠷ ᠪᠠᠰᠠ ᠰᠠᠯᠬᠢᠨ ᠢ᠋ ᠤᠷᠢᠬᠤ ᠪᠥᠬᠡ ᠢᠳᠠᠮ ᠤ᠋ᠨ ᠵᠡᠷᠭᠡ ᠶ᠋ᠢᠨ ᠤᠪᠠᠳᠢᠰᠲᠤ ᠪᠠᠭ᠍ᠰᠢ ᠪᠣᠢ᠃ ᠲᠡᠢᠨ ᠪᠥᠭᠡᠳ ᠶᠠᠭᠤᠨ ᠳ᠋ᠤᠷ ᠡᠨᠡ ᠮᠡᠲᠦ ᠳᠠᠷᠤᠭᠳᠠᠵᠤ ᠦᠬᠦᠬᠦ ᠢᠨᠦ ᠦᠬᠦᠵᠦ᠂ ᠠᠯᠠᠭᠳᠠᠬᠤ ᠠᠨᠤ ᠠᠯᠠᠭᠳᠠᠵᠤ᠂ ᠡᠴᠦᠰ ᠲᠦ᠍ᠷ ᠮᠥᠨ ᠮᠥᠬᠥᠪᠡ ? ᠬᠡᠮᠡᠪᠡᠰᠦ : ᠠᠶ᠎ᠠ ᠣᠳᠣ ᠴᠣᠬᠣᠮ ᠲᠡᠭᠷᠢ ᠪᠣᠯᠠᠢ᠂ ᠴᠠᠭ ᠪᠣᠯᠠᠢ ᠬᠡᠮᠡᠮᠦᠢ᠃ ᠮᠣᠩᠭᠣᠯ ᠢ᠋ᠶ᠋ᠠᠷ ᠬᠡᠯᠡᠪᠡᠰᠦ ᠦᠢᠯᠡ ᠪᠣᠯᠠᠢ᠃ ᠡᠨᠡ ᠪᠢᠴᠢᠭ ᠲᠣᠷ ᠴᠢᠦᠢ ᠰᠢᠦᠸᠠᠢ ᠡᠦ ᠶ᠋ᠢ ᠡᠷᠲᠡᠨ ᠦ᠌ ᠬᠠᠨ ᠤᠯᠤᠰ ᠤ᠋ᠨ ᠫᠠᠩ ᠳᠧ ᠳ᠋ᠦ᠍ᠷ ᠦᠯᠢᠭᠡᠷᠯᠡᠵᠦᠬᠦᠢ᠃ ᠰᠤᠳᠤᠷᠴᠢ ᠮᠢᠨᠦ ᠦᠵᠡᠬᠦᠢ ᠳ᠋ᠦ᠍ᠷ ᠮᠥᠨ ᠰᠥᠩ ᠤᠯᠤᠰ ᠤ᠋ᠨ ᠯᠢ ᠯᠠᠩ᠂ ᠶᠠᠩ ᠯᠢᠶᠠᠩ ᠬᠣᠶᠠᠷ ᠬᠦᠩ ᠳ᠋ᠦ᠍ᠷ ᠲᠡᠩᠴᠡᠵᠦᠬᠦᠢ᠃ ᠫᠠᠩ ᠳᠧ ᠨᠢᠭᠡᠨ ᠭᠠᠭᠴᠠ ᠡᠷ᠎ᠡ ᠶ᠋ᠢᠨ ᠶᠠᠪᠤᠳᠠᠯ ᠪᠣᠢ ‍ᠶ᠎ᠠ᠂ ᠡᠭᠦᠨ ᠳ᠋ᠦ᠍ᠷ ᠬᠡᠷᠬᠢᠨ ᠬᠦᠷᠴᠦ ᠴᠢᠳᠠᠬᠤ ᠠᠵᠢ ! ᠴᠢᠦᠢ ᠰᠢᠦᠸᠠᠢ ᠡᠦ ᠶ᠋ᠢᠨ ᠤᠯᠤᠰ ᠤ᠋ᠨ ᠲᠤᠯᠠ ᠡᠭᠦᠷᠢᠳᠡ ᠪᠣᠳᠣᠬᠤ᠂ ᠪᠡᠶ᠎ᠡ ᠪᠠ ᠭᠡᠷ ᠢ᠋ᠶ᠋ᠡᠨ ᠦᠯᠦ ᠪᠣᠳᠣᠬᠤ ᠠᠨᠤ ᠶᠣᠰᠣ ᠪᠣᠯᠠᠢ᠃ ᠪᠠᠰᠠ ᠪᠧᠲ᠋ᠠ᠋ ᠤᠯᠤᠰ ᠤ᠋ᠨ ᠡᠵᠡᠨ ᠮᠡᠷᠭᠡᠨ ᠪᠠᠭᠠᠲᠤᠷ᠂ ᠡᠴᠦᠰ ᠲᠦ᠍ᠷ ᠨᠠᠢ᠍ᠮᠠᠨ ᠢ᠋ ᠦᠯᠦ ᠲᠠᠯᠪᠢᠬᠤ ᠶ᠋ᠢ ᠤᠭᠲᠤᠵᠤ ᠮᠡᠳᠡᠭᠰᠡᠨ ᠢᠨᠦ ᠮᠡᠷᠭᠡᠨ᠂ ᠪᠠᠰᠠ ᠪᠠᠷᠢᠮᠲᠠᠯᠠᠭᠰᠠᠨ ᠵᠣᠷᠢᠭ ᠢ᠋ᠶ᠋ᠠᠨ ᠦᠯᠦ ᠵᠣᠭᠰᠣᠨ ᠠᠮᠢ ᠪᠠᠨ ᠲᠡᠪᠴᠢᠵᠦ ᠴᠡᠷᠢᠭᠯᠡᠬᠦ ᠢᠨᠦ ᠪᠠᠭᠠᠲᠤᠷ᠂ ᠡᠵᠡᠨ ᠦ᠌ ᠡᠮᠦᠨ᠎ᠡ ᠬᠡᠯᠡᠭᠰᠡᠨ ᠦᠭᠡ ᠡᠴᠡ ᠪᠡᠨ ᠨᠢᠴᠤᠯ ᠦᠭᠡᠢ ᠴᠡᠷᠢᠭ ᠳᠠᠷᠤᠭᠳᠠᠮᠠᠭᠴᠠ ᠬᠦᠵᠦᠭᠦᠦ ᠪᠡᠨ ᠣᠭᠨᠲᠣᠯᠣᠭᠰᠠᠨ ᠠᠨᠤ ᠪᠠᠲᠤ᠂ ᠪᠦᠭᠦᠳᠡᠭᠡᠷ ᠢ᠋ ᠨᠡᠢᠯᠡᠭᠦᠯᠪᠡᠰᠦ ᠵᠢᠷᠤᠮ ᠰᠢᠳᠤᠷᠭᠤ ᠡᠯᠪᠡᠷᠢᠯ ᠪᠦᠷᠢᠳᠦᠭᠰᠡᠨ ᠪᠣᠯᠠᠢ᠃ ᠲᠠᠪᠤᠨ ᠡᠭᠦᠷᠢᠳᠡ ᠡᠴᠡ ᠭᠠᠭᠴᠠ ᠨᠢᠭᠡᠨ ᠥᠷᠥᠰᠢᠶᠡᠯ ᠳᠤᠲᠠᠭᠤ ᠬᠡᠮᠡᠬᠦᠯ᠎ᠡ ᠥᠷᠥᠰᠢᠶᠡᠯ ᠬᠡᠮᠡᠭᠴᠢ ᠪᠣᠭᠳᠠ ᠺᠦᠩ ᠹᠦᠽᠢ ᠮᠥᠨ ᠬᠦᠯᠢᠶᠡᠨ ᠴᠢᠳᠠᠬᠤ ᠦᠭᠡᠢ  ᠬᠡᠮᠡᠬᠦ ᠶ᠋ᠢᠨ ᠲᠤᠯᠠ ᠨᠢᠭᠡᠨ ᠴᠡᠷᠢᠭ ᠦ᠋ᠨ ᠡᠷ᠎ᠡ ᠶ᠋ᠢᠨ ᠪᠡᠶ᠎ᠡ ᠳ᠋ᠦ᠍ᠷ ᠬᠡᠷᠬᠢᠨ ᠪᠦᠷᠢᠳᠴᠦ ᠪᠣᠯᠬᠤ ? ᠨᠢᠭᠡᠨ ᠴᠡᠷᠢᠭ ᠦ᠋ᠨ ᠡᠷ᠎ᠡ ᠵᠢᠷᠤᠮ᠂ ᠶᠣᠰᠣᠯᠠᠯ᠂ ᠮᠡᠷᠭᠡᠨ᠂ ᠪᠠᠭᠠᠲᠤᠷ᠂ ᠪᠠᠲᠤ ᠡᠨᠡ ᠲᠠᠪᠤᠨ ᠢ᠋ ᠪᠦᠷᠢᠳᠬᠡᠨ ᠴᠢᠳᠠᠭᠰᠠᠨ ᠠᠨᠤ ᠰᠠᠢᠰᠢᠶᠠᠯᠲᠠᠢ ᠦᠭᠡᠢ ᠦᠦ ?  ᠵᠠᠷᠢᠮᠠᠳ ᠥᠭᠦᠯᠡᠷᠦᠨ : 《ᠳᠠᠷᠤᠭᠳᠠᠬᠤ ᠪᠠᠨ ᠡᠰᠡ ᠮᠡᠳᠡᠭᠰᠡᠨ ᠠᠨᠤ ᠮᠡᠷᠭᠡᠨ ᠦᠦ ? ᠠᠮᠢ ᠪᠠᠨ ᠡᠰᠡ ᠬᠠᠮᠠᠭᠠᠯᠠᠭᠰᠠᠨ ᠠᠨᠤ ᠪᠠᠭᠠᠲᠤᠷ ᠤᠤ ᠬᠡᠮᠡᠮᠦᠢ᠃ ᠲᠡᠢᠮᠦ ᠪᠥᠭᠡᠰᠦ ᠵᠣ᠌ ᠭᠧ ᠡᠦ ᠾᠧᠦ ᠶ᠋ᠢᠨ ᠰᠢᠶᠠ ᠫᠢ ᠳ᠋ᠦ᠍ᠷ ᠳᠠᠷᠤᠭᠳᠠᠨ ᠳ᠋ᠠᠩ ᠶᠠᠩ ᠳ᠋ᠤᠷ ᠳᠤᠲᠠᠭᠠᠭᠰᠠᠨ ᠪᠠ ᠭᠤᠸᠠᠨ ᠵᠥᠩ ᠤ᠋ᠨ ᠤᠭ ᠬᠠᠮᠠᠭᠠᠯᠠᠭᠰᠠᠨ ᠡᠵᠡᠨ ᠺᠦᠩᠽᠢ ᠽᠢ ᠰᠢᠦ ᠪᠡᠨ ᠠᠯᠠᠭᠤᠯᠤᠭᠰᠠᠨ ᠴᠥᠮ  ᠮᠤᠩᠬᠠᠭ ᠤᠤ ? ᠭᠤᠸᠠᠨ  ᠹᠦᠽᠢ  ᠶᠦᠨ ᠴᠠᠩ ᠤ᠋ᠨ ᠳ᠋ᠦᠩ ᠡᠦ ᠳ᠋ᠦ᠍ᠷ ᠰᠠᠬᠢᠭᠤᠯᠰᠤᠨ ᠪᠣᠯᠤᠭᠰᠠᠨ ᠪᠠ ᠶᠦᠸᠠᠢ ᠹᠦᠽᠢ ᠶ᠋ᠢᠨ ᠭᠡᠷ ᠦ᠋ᠨ ᠬᠣᠲᠠᠯᠠᠭᠠᠷ ᠴᠥᠮ ᠠᠯᠠᠭᠳᠠᠭᠰᠠᠨ ᠠᠨᠤ ᠦᠭᠡᠨᠴᠡ ᠦᠦ ? ᠪᠠᠭᠠᠲᠤᠷ ᠵᠢᠷᠤᠮ ᠬᠡᠮᠡᠭᠴᠢ ᠶᠣᠰᠣᠨ ᠳ᠋ᠤᠷ ᠲᠦᠰᠢᠵᠦ ᠰᠠᠶᠢ ᠪᠠᠭᠠᠲᠤᠷ ᠵᠢᠷᠤᠮ ᠪᠣᠯᠬᠤ ᠪᠣᠢ ‍ᠶ᠎ᠠ᠃ ᠦᠬᠦᠵᠦ ᠠᠮᠢᠳᠤᠷᠠᠬᠤ ᠪᠠᠷ ᠬᠡᠯᠡᠯᠴᠡᠬᠦ ᠦᠭᠡᠢ᠃ ᠬᠡᠷᠪᠡ ᠶᠠᠪᠤᠵᠤ ᠴᠢᠳᠠᠭᠰᠠᠨ ᠪᠠ ᠠᠮᠢᠳᠤᠷᠠᠨ ᠵᠢᠷᠭᠠᠭᠰᠠᠨ ᠢ᠋ᠶ᠋ᠠᠷ ᠬᠡᠯᠡᠬᠦ ᠪᠣᠯᠪᠠᠰᠤ ᠡᠵᠡᠳ ᠡᠴᠡ ᠸᠠᠩ ᠮᠡᠩ᠂ ᠼᠤᠤ ᠼᠤᠤ ᠪᠣᠢ᠂ ᠰᠠᠢᠳ ᠠ᠋ᠴᠠ ᠵᠣᠣ ᠭᠣᠣ᠂ ᠴᠢᠨ ᠾᠦᠢ ᠪᠣᠢ᠂ ᠡᠳᠡᠭᠡᠷ ᠢ᠋ ᠴᠥᠮ ᠮᠡᠷᠭᠡᠨ ᠪᠠᠭᠠᠲᠤᠷ ᠲᠤᠷ ᠲᠣᠭᠠᠴᠠᠵᠤ ᠪᠣᠯᠤᠮᠤᠢ ᠤᠤ ? ᠲᠡᠢᠨ ᠬᠦ᠌ ᠶᠣᠰᠣᠨ ᠳ᠋ᠤᠷ ᠬᠠᠷᠰᠢᠭ᠍ᠰᠠᠨ ᠴᠢᠳᠠᠯᠲᠠᠨ ᠢ᠋ ᠴᠥᠮ ᠶᠢᠷᠲᠢᠨᠴᠦ ᠶ᠋ᠢᠨ ᠬᠣᠭᠣᠷᠣᠨᠳᠣ ᠳ᠋ᠤᠷ ᠬᠤᠯᠠᠭᠤᠵᠤ ᠠᠮᠢᠳᠤᠷᠠᠪᠠ ᠬᠡᠮᠡᠮᠦᠢ᠃ ᠲᠡᠢᠨ ᠬᠦ᠌ ᠰᠤᠳᠤᠷᠴᠢ ᠪᠢ ᠡᠨᠡ ᠴᠢᠦᠢ ᠰᠢᠦᠸᠠᠢ ᠡᠦ ᠶ᠋ᠢ ᠵᠢᠷᠤᠮ᠂ ᠶᠣᠰᠣᠯᠠᠯ᠂ ᠮᠡᠷᠭᠡᠨ᠂ ᠪᠠᠭᠠᠲᠤᠷ᠂ ᠪᠠᠲᠤ ᠲᠠᠪᠤᠨ ᠢ᠋ ᠪᠦᠷᠢᠳᠬᠡᠪᠡ ᠬᠡᠮᠡᠪᠡᠢ᠃ ᠵᠢᠴᠢ ᠲᠡᠨᠡᠭ ᠦᠨᠡᠨᠴᠢ ᠢᠳᠡᠷ ᠳᠣᠪᠣ ᠶ᠋ᠢ ᠮᠥᠨ ᠲᠤᠢᠯ ᠤ᠋ᠨ ᠰᠢᠳᠤᠷᠭᠤ ᠵᠢᠷᠤᠮᠲᠤ ᠴᠢᠬᠡᠴᠢ ᠭᠣᠣᠯᠴᠢ ᠲᠦᠰᠢᠮᠡᠯ ᠬᠡᠮᠡᠪᠡᠰᠦ ᠪᠣᠯᠤᠯᠲᠠᠢ᠃ ᠤᠯᠠᠮ ᠬᠣᠵᠢᠮ ᠲᠡᠭᠦᠨ ᠦ᠌ ᠶᠠᠪᠤᠳᠠᠯ ᠢ᠋ ᠦᠵᠡᠭᠳᠡᠬᠦᠢ᠃ ᠬᠡᠳᠦᠢ ᠡᠷᠲᠡᠨ ᠦ᠌ ᠴᠢᠬᠡᠴᠢ ᠲᠠᠰᠤᠷᠬᠠᠢ ᠢᠦᠢ ᡂᠢ ᠬᠦᠩ᠂ ᠯᠦ᠍ ᠭᠦᠸᠧ ᠬᠦᠩ ᠨᠠᠷ ᠪᠣᠯᠪᠠᠴᠤ ᠮᠥᠨ ᠡᠭᠦᠨ ᠡᠴᠡ ᠦᠯᠦ ᠬᠡᠲᠦᠷᠡᠮᠦᠢ ‍ᠶ᠎ᠠ᠃ ᠵᠢᠴᠢ ᠲᠠᠢᠽᠦ ᠶ᠋ᠢᠨ ᠲᠡᠭᠷᠢ ᠶ᠋ᠢᠨ ᠬᠥᠪᠡᠭᠦᠨ ᠬᠡᠮᠡᠬᠦᠢ ᠳ᠋ᠦ᠍ᠷ ᠰᠤᠳᠤᠷᠴᠢ ᠪᠢ ᠬᠡᠳᠦᠢ ᠭᠠᠷ ᠢ᠋ᠶ᠋ᠠᠷ ᠪᠢᠴᠢᠪᠡᠴᠦ ᠡᠭᠡᠨᠡᠭᠲᠡ ᠰᠡᠳᠬᠢᠯ ᠦ᠋ᠨ ᠳᠣᠲᠣᠷ᠎ᠠ ᠭᠠᠢᠬᠠᠬᠤ ᠪᠥᠯᠥᠭᠡ ᠃ ᠡᠳᠦᠭᠡ ᠡᠨᠡ ᠪᠦᠯᠦᠭ ᠲᠣᠷ ᠪᠠᠰᠠ ᠲᠠᠢᠽᠦ ᠶ᠋ᠢᠨ ᠭᠡᠨᠡᠳᠲᠡ ᠰᠢᠬᠠᠮᠳᠠᠭᠰᠠᠨ᠎ᠠ ᠨᠢᠭᠡᠨᠲᠡ ᠵᠠᠩᠳᠠᠮᠠᠭᠴᠠ ᠬᠣᠭᠣᠰᠣᠨ ᠣᠭᠲᠠᠷᠭᠤᠢ ᠳ᠋ᠤᠷ ᠠᠶᠤᠩᠭᠠᠯᠠᠵᠤ᠂ ᠠᠭᠤᠯᠠ ᠬᠠᠳᠠ ᠳᠡᠯᠪᠡᠷᠡᠨ ᠭᠠᠯ ᠭᠠᠷᠴᠤ ᠰᠠᠯᠬᠢᠨ ᠬᠤᠢ ᠤᠷᠪᠠᠪᠠ ᠬᠡᠮᠡᠬᠦᠢ ᠳ᠋ᠦ᠍ᠷ ᠳᠣᠲᠣᠷ᠎ᠠ ᠨᠢᠭᠡᠨᠲᠡ ᠳᠠᠮ ᠲᠣᠮ ᠰᠠᠨᠠᠬᠤᠶ᠎ᠠ ᠪᠠᠰᠠ ᠪᠣᠳᠣᠪᠠᠰᠤ ᠡᠷᠲᠡᠨ ᠦ᠌ ᠸᠧᠨ ᠸᠠᠩ ᠤ᠋ᠨ ᠠᠶᠤᠩᠭ᠎ᠠ ᠶ᠋ᠢᠨ ᠳᠠᠭᠤᠨ ᠠ᠋ᠴᠠ ᠯᠧᠢ ᠶ᠋ᠧᠨ ᠽᠢ ᠶ᠋ᠢ ᠣᠯᠤᠭᠰᠠᠨ᠂ ᠵᠠᠩ ᠹᠧᠢ ᠶ᠋ᠢᠨ ᠴᠠᠩ ᠪᠠᠨ ᠬᠥᠭᠥᠷᠭᠡ ᠶ᠋ᠢ ᠲᠠᠰᠤ ᠪᠠᠷᠬᠢᠷᠠᠭᠰᠠᠨ᠂ ᠵᠣᠣ ᠶᠦᠨ ᠦ᠌ ᠠ ᠳ᠋ᠧᠦ ᠶ᠋ᠢ ᠡᠪᠦᠷᠯᠡᠵᠦ ᠨᠦᠬᠡ ᠡᠴᠡ ᠭᠠᠷᠤᠭᠰᠠᠨ᠂ ᠳᠠᠩ ᠲᠠᠢᠽᠦ᠋ᠩ ᠦ᠋ᠨ ᠲᠣᠯᠣᠭᠠᠢ ᠠ᠋ᠴᠠ ᠯᠤᠤ ᠭᠠᠷᠴᠤ ᠣᠯᠠᠨ ᠤᠳᠠᠭ᠎ᠠ ᠴᠡᠷᠢᠭ ᠦ᠋ᠨ ᠵᠡᠪᠰᠡᠭ ᠢ᠋ ᠲᠤᠰᠤᠭᠰᠠᠨ᠂ ᠠᠳᠠᠭ ᠲᠠᠭᠠᠨ ᠮᠥᠨ ᠰᠥᠩ ᠤᠯᠤᠰ ᠤ᠋ᠨ ᠠᠷᠪᠠᠳᠤᠭᠠᠷ ᠡᠵᠡᠨ ᠣᠷᠭᠣᠭᠠᠳ ᠳᠤᠲᠠᠭᠠᠵᠤ ᠪᠦᠷᠢᠯᠭᠦᠢ ᠳ᠋ᠦ᠍ᠷ ᠬᠦᠷᠦᠭᠰᠡᠨ᠂ ᠺᠠᠩ ᠸᠠᠩ᠂ ᠵᠣᠣ ᠭᠧᠦ ᠰᠢᠪᠠᠷ ᠮᠣᠷᠢ ᠤᠨᠤᠵᠤ ᠮᠥᠷᠡᠨ ᠭᠡᠲᠦᠯᠦᠭᠰᠡᠨ᠂ ᠡᠳᠡᠭᠡᠷ ᠬᠡᠷᠡᠭ ᠢ᠋ ᠡᠭᠡᠭᠦᠯᠦᠨ ᠰᠡᠳᠬᠢᠪᠡᠰᠦ᠂ ᠡᠨᠡ ᠶᠤᠸᠠᠨ ᠲᠠᠢᠽᠦ ᠶ᠋ᠢᠨ ᠡᠭᠦᠨ ᠢ᠋ ᠡᠰᠡ ᠢᠲᠡᠭᠡᠬᠦᠢ ᠳ᠋ᠦ᠍ᠷ ᠦᠯᠦ ᠪᠤᠯᠬᠤᠢ ᠳ᠋ᠤᠷ ᠬᠥᠷᠥᠮᠦᠢ᠃ ᠮᠠᠨ ᠤ᠋ ᠴᠢᠩ ᠤᠯᠤᠰ ᠤ᠋ᠨ ᠲᠡᠭᠷᠢ ᠶ᠋ᠢᠨ ᠲᠡᠳᠬᠦᠭᠰᠡᠨ ᠬᠠᠭᠠᠨ ᠵᠢᠶᠠᠩ ᠨᠠᠨ᠎ᠤ ᠭᠠᠵᠠᠷ ᠲᠤᠷ ᠵᠣᠭᠣᠭ ᠬᠢᠬᠦᠶ᠎ᠡ᠂ ᠨᠢᠭᠡᠨ ᠬᠡᠳᠦᠨ ᠵᠠᠩ ᠤ᠋ᠨ ᠶᠡᠬᠡ ᠬᠠᠪᠲᠠᠰᠤ ᠬᠠᠭᠠᠨ ᠤ᠋ ᠣᠩᠭᠣᠴᠠ ᠶ᠋ᠢ ᠠᠳᠬᠤᠵᠤ ᠰᠠᠵᠢᠯᠠᠭᠰᠠᠨ᠎ᠠ᠂ ᠬᠠᠭᠠᠨ ᠪᠠᠴᠢᠮᠳᠠᠵᠤ ᠲᠡᠭᠷᠢ ᠡᠭᠦᠨ ᠢ᠋ ᠲᠠᠭᠠᠷᠢᠪᠠᠰᠤ ᠵᠣᠬᠢᠬᠤ ᠦᠭᠡᠢ ᠦᠦ ? ᠬᠡᠮᠡᠭᠰᠡᠨ ᠦᠭᠡ ᠪᠠᠷᠠᠬᠤ ᠶ᠋ᠢᠨ ᠤᠷᠢᠳ ᠮᠥᠨ ᠬᠣᠭᠣᠰᠣᠨ ᠭᠠᠵᠠᠷ ᠠᠶᠤᠩᠭᠠᠯᠠᠵᠤ ᠬᠠᠪᠲᠠᠰᠤ ᠶ᠋ᠢ ᠳᠠᠭᠠᠷᠢᠪᠠ᠃ ᠡᠳᠡᠭᠡᠷ ᠢ᠋ ᠬᠢᠨᠠᠬᠤ ᠠᠵᠢᠶᠠᠮᠤ᠃