ᠬᠥᠬᠡ ᠰᠤᠳᠤᠷ - ᠢᠨᠵᠠᠨᠨᠠᠰᠢ < ᠳᠣᠯᠣᠳᠤᠭᠠᠷ ᠪᠦᠯᠦᠭ > Хөх судар - Инжинаш <Долдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠳᠣᠯᠣᠳᠤᠭᠠᠷ ᠪᠦᠯᠦᠭ > Хөх судар - Инжинаш <Долдугаар бүлэг >

ᠬᠥᠬᠡ ᠰᠤᠳᠤᠷ - ᠢᠨᠵᠠᠨᠨᠠᠰᠢ < ᠳᠣᠯᠣᠳᠤᠭᠠᠷ ᠪᠦᠯᠦᠭ > Хөх судар - Инжинаш <Долдугаар бүлэг >

ᠠᠩᠭᠢᠯᠠᠯ:ᠲᠡᠦᠬᠡ ᠰᠣᠶᠣᠯ
2023-06-21

438


                ᠳᠣᠯᠣᠳᠤᠭᠠᠷ ᠪᠦᠯᠦᠭ            
                     ᠰᠥᠩ ᠰᠢᠶᠤᠤᠽᠤᠩ ᠤ᠋ᠨ ᠴᠦᠨ ᠰᠢ ᠶ᠋ᠢᠨ ᠠᠷᠪᠠᠨ ᠨᠢᠭᠡᠳᠦᠭᠡᠷ ᠣᠨ ᠂ 
                            ᠠᠯᠲᠠᠨ ᠤᠯᠤᠰ ᠤ᠋ᠨ ᠱ᠌ᠢᠽᠦ᠋ᠩ ᠦ᠋ᠨ ᠳᠡ ᠳ᠋ᠢᠩ ᠦ᠋ᠨ ᠬᠣᠷᠢᠨ ᠳᠥᠷᠪᠡᠳᠦᠭᠡᠷ ᠣᠨ ᠂ 
                            ᠲᠠᠶ᠋ᠢᠽᠦ ᠬᠣᠷᠢᠨ ᠭᠤᠷᠪᠠᠨ ᠰᠡᠭᠦᠳᠡᠷ ᠲᠡᠢ ᠪᠣᠯᠪᠠ ᠂  ᠬᠥᠬᠡ ᠯᠤᠤ ᠵᠢᠯ ᠦ᠋ᠨ ᠬᠡᠷᠡᠭ ᠪᠤᠶᠤ  

             ᠨᠠᠶ᠋ᠢᠯᠵᠠᠭᠤᠷ ᠪᠤᠷᠭᠠᠰᠤᠨ ᠤ᠋ ᠰᠢᠭᠤᠢ ᠳ᠋ᠤᠷ ᠠᠯᠲᠠᠨ ᠭᠤᠷᠭᠤᠤᠯᠳᠠᠢ ᠮᠡᠳᠡᠭᠡ ᠬᠦᠷᠭᠡᠪᠡᠢ 
             ᠨᠠᠢ᠍ᠮᠠᠨ ᠤ᠋ ᠠᠶ᠋ᠢᠮᠠᠭ ᠤᠯᠤᠰ ᠲᠤᠷ ᠬᠣᠩᠭᠣᠷ ᠵᠤᠯᠠ ᠡᠯᠪᠡᠷᠢᠯ ᠢ᠋ ᠮᠡᠳᠡᠪᠡᠢ  

               ᠮᠠᠲᠠᠯ ᠥᠴᠦᠬᠡᠨ ᠰᠥᠷᠭᠡᠦ ᠢᠯᠠᠭᠤ ᠤᠷᠪᠠᠵᠤ ᠲᠡᠷᠰᠯᠡᠭᠰᠡᠨ ᠵᠠᠮᠤᠬ᠎ᠠ ᠯᠤᠭ᠎ᠠ ᠨᠥᠬᠥᠷᠯᠡᠪᠡ 
                    ᠮᠡᠷᠭᠡᠨ ᠰᠡᠴᠡᠨ ᠰᠣᠯᠤᠩᠭᠤᠸ᠋᠎ᠠ ᠥᠬᠢᠨ ᠲᠡᠩᠰᠡᠵᠦ ᠢᠯᠡᠭᠡᠭᠰᠡᠨ ᠪᠡᠯᠡᠭ ᠶᠦ᠍ᠭᠡᠨ ᠢᠯᠡᠷᠬᠡᠶ᠋ᠢᠯᠡᠪᠡ᠂ 
                    ᠮᠡᠬᠡᠯᠡᠭᠳᠡᠨ ᠬᠠᠭᠤᠷᠲᠠᠭᠰᠠᠨ ᠴᠢᠦᠢ ᠶᠤᠸᠠᠨᠱᠤᠸᠠᠢ ᠮᠡᠯᠵᠢᠭᠡᠴᠡᠨ ᠪᠠᠲᠤᠯᠠᠵᠤ ᠶᠡᠬᠡ ᠴᠡᠷᠢᠭ ᠪᠠᠶ᠋ᠢᠭᠤᠯᠪᠠ 
                    ᠮᠡᠳᠡᠵᠦ ᠲᠥᠰᠦᠭᠡᠯᠡᠭᠰᠡᠨ ᠮᠥᠩᠭᠥᠯᠵᠢ ᠰᠠᠶ᠋ᠢᠳ ᠮᠡᠭᠡᠶ᠋ᠢᠷᠡᠨ ᠡᠭᠡᠵᠦ ᠤᠷᠲᠤ ᠰᠡᠭᠦᠷᠡᠰᠦᠨ ᠠᠯᠳᠠᠪᠠ ᠃  

      ᠲᠡᠨᠳᠡᠴᠡ ᠵᠠᠮᠤᠬ᠎ᠠ ᠶᠡᠬᠡᠯ᠎ᠡ ᠳᠠᠷᠤᠭᠳᠠᠵᠤ ᠬᠡᠳᠦᠬᠡᠨ ᠮᠣᠷᠢᠲᠠᠨ ᠢ᠋ᠶ᠋ᠠᠨ ᠠᠪᠴᠤ ᠬᠣᠨᠣᠭ ᠡᠷᠢᠨ ᠨᠢᠭᠡᠨ ᠨᠡᠭᠦᠳᠡᠯ ᠦ᠋ᠨ ᠭᠡᠷ ᠦ᠋ᠨ ᠡᠮᠦᠨ᠎ᠡ ᠬᠦᠷᠴᠦ ᠢᠷᠡᠭᠰᠡᠨ ᠳ᠋ᠦ᠍ᠷ ᠳᠣᠲᠣᠷ᠎ᠠ ᠠ᠋ᠴᠠ ᠨᠢᠭᠡᠨ ᠶᠡᠬᠡ ᠡᠷ᠎ᠡ ᠭᠠᠷᠴᠤ ᠠᠰᠠᠭᠤᠷᠤᠨ :《ᠴᠢ ᠬᠠᠮᠢᠭ᠎ᠠ ᠠ᠋ᠴᠠ ᠢᠷᠡᠭᠰᠡᠨ ᠬᠥᠮᠦᠨ᠂ ᠶᠠᠮᠪᠠᠷ ᠬᠡᠷᠡᠭ ᠲᠦ᠍ᠷ ᠡᠢᠨ ‍ᠬᠦ ᠶᠠᠪᠤᠮᠤᠢ ? 》ᠵᠠᠮᠤᠬ᠎ᠠ ᠥᠭᠦᠯᠡᠷᠦᠨ : 《ᠠᠶᠠᠨ ᠬᠥᠭᠡᠭᠡᠬᠦ ᠬᠥᠮᠦᠨ ᠬᠣᠨᠣᠭ ᠭᠣᠶᠣᠷ᠎ᠠ ᠢᠷᠡᠪᠡ᠃ 》ᠲᠡᠷᠡ ᠶᠡᠬᠡ ᠡᠷ᠎ᠡ ᠵᠠᠮᠤᠬ᠎ᠠ ᠶ᠋ᠢᠨ ᠳᠡᠭᠡᠷᠡᠬᠢ ᠳᠣᠣᠷᠠᠬᠢ ᠶ᠋ᠢ ᠨᠢᠭᠡᠨ ᠵᠡᠷᠭᠡ ᠰᠢᠨᠵᠢᠵᠦ ᠦᠵᠡᠭᠡᠳ ᠥᠭᠦᠯᠡᠷᠦᠨ : 《ᠠᠶᠠᠨ ᠬᠥᠭᠡᠭᠡᠬᠦ ᠬᠥᠮᠦᠨ ᠪᠥᠭᠡᠳ ᠶᠠᠭᠤᠨ ᠳ᠋ᠤᠷ ᠪᠡᠶ᠎ᠡ ᠳ᠋ᠦ᠍ᠷ ᠰᠢᠷᠬ᠎ᠠ ᠲᠠᠢ ᠪᠣᠢ ? 》 ᠵᠠᠮᠤᠬ᠎ᠠ ᠥᠭᠦᠯᠡᠷᠦᠨ : 《ᠵᠠᠮ ᠳ᠋ᠤᠷ ᠳᠡᠭᠡᠷᠡᠮ ᠳ᠋ᠦ᠍ᠷ ᠤᠴᠠᠷᠠᠭᠠᠳ ᠡᠶ᠋ᠢᠮᠦ ᠪᠣᠯᠪᠠ ᠃ 》ᠬᠡᠮᠡᠭᠰᠡᠨ ᠳ᠋ᠦ᠍ᠷ ᠲᠡᠷᠡ ᠶᠡᠬᠡ ᠡᠷ᠎ᠡ ᠰᠠᠶᠢ ᠭᠡᠷ ᠲᠡᠭᠡᠨ ᠣᠷᠣᠭᠤᠯᠵᠤ᠂ ᠲᠡᠷᠭᠡᠨ ᠡᠴᠡ ᠪᠡᠨ ᠠᠷᠢᠬᠢ ᠠᠪᠴᠢᠷᠠᠭᠤᠯᠵᠤ ᠤᠤᠭᠤᠯᠭᠠᠪᠠ᠃ ᠵᠠᠮᠤᠬ᠎ᠠ ᠵᠠᠮ ᠳ᠋ᠤᠷ ᠶᠠᠳᠠᠩᠭᠢᠷᠠᠨ ᠰᠢᠷᠬ᠎ᠠ ᠪᠠᠰᠠ ᠡᠪᠡᠷᠰᠢᠶᠡᠵᠦ᠂ ᠬᠡᠳᠦᠨ ᠠᠶᠠᠭ᠎ᠠ ᠠᠷᠢᠬᠢ ᠤᠤᠭᠤᠵᠤ ᠰᠡᠳᠬᠢᠯ ᠢ᠋ᠶ᠋ᠡᠨ ᠰᠠᠭᠠᠲᠠᠭᠤᠯᠵᠤ ᠳᠠᠷᠤᠢ ᠬᠡᠪᠲᠡᠪᠡ᠃ ᠲᠡᠷᠡ ᠶᠡᠬᠡ ᠡᠷ᠎ᠡ ᠲᠣᠪ ᠳᠤᠭᠤᠢ ᠨᠡᠯᠢᠶᠡᠳ ᠲᠦᠩᠰᠦᠶ᠋ᠢᠨ ᠰᠠᠭᠤᠭᠠᠳ ᠭᠡᠨᠡᠳᠲᠡ ᠪᠣᠰᠴᠤ ᠭᠠᠳᠠᠭᠰᠢ ᠭᠠᠷᠴᠤ ᠡᠴᠢᠪᠡ᠃ ᠵᠠᠮᠤᠬ᠎ᠠ ᠰᠠᠶᠢ ᠨᠢᠳᠦ ᠪᠡᠨ ᠠᠨᠢᠨ ᠤᠮᠳᠠᠰᠤᠭᠠᠢ ᠬᠡᠮᠡᠲᠡᠯ᠎ᠡ ᠭᠡᠨᠡᠳᠲᠡ ᠳᠡᠭᠡᠷ᠎ᠡ ᠡᠴᠡ ᠨᠢᠭᠡᠨ ᠬᠥᠮᠦᠨ ᠳᠠᠷᠤᠪᠠ᠃ ᠵᠠᠮᠤᠬ᠎ᠠ ᠶᠡᠬᠡᠯ᠎ᠡ ᠰᠣᠴᠢᠵᠤ ᠳᠡᠭᠡᠭᠰᠢ ᠲᠡᠯᠴᠢᠯᠡᠬᠦᠢ ᠳ᠋ᠦ᠍ᠷ ᠲᠡᠷᠡ ᠬᠥᠮᠦᠨ ᠵᠠᠮᠤᠬ᠎ᠠ ᠶ᠋ᠢ ᠬᠡᠳᠦᠢᠨᠡᠢ ᠬᠦᠯᠢᠵᠦ ᠳᠠᠭᠤᠰᠪᠠ᠃ ᠦᠵᠡᠰᠡ ᠲᠡᠷᠡ ᠶᠡᠬᠡ ᠡᠷ᠎ᠡ ᠬᠡᠷᠡᠢᠳ ᠦ᠋ᠨ ᠬᠣᠰᠢᠭᠤᠴᠢ ᠫᠣᠯᠭᠤᠲᠠᠢ ᠠᠵᠤᠭᠤ᠃ ᠨᠠᠢ᠍ᠮᠠᠨ ᠤᠯᠤᠰ ᠠ᠋ᠴᠠ ᠠᠮᠢᠨ ᠬᠡᠯᠲᠦᠷᠢᠵᠦ ᠡᠭᠡᠵᠦ ᠾᠧ ᠸᠠᠩ ᠤ᠋ᠨ ᠬᠣᠶ᠋ᠢᠨ᠎ᠠ ᠠ᠋ᠴᠠ ᠢᠷᠡᠬᠦᠢ ᠳ᠋ᠦ᠍ᠷ ᠵᠠᠮᠤᠬ᠎ᠠ ᠶ᠋ᠢᠨ ᠬᠣᠨᠣᠭ ᠡᠷᠢᠬᠦᠢ ᠳ᠋ᠦ᠍ᠷ ᠲᠣᠬᠢᠶᠠᠯᠳᠤᠭᠠᠳ ᠳᠣᠲᠣᠷ᠎ᠠ ᠬᠠᠷᠠᠬᠠᠨ ᠰᠡᠵᠢᠭᠯᠡᠬᠦᠢ ᠳ᠋ᠦ᠍ᠷ ᠳᠣᠣᠷᠠᠬᠢ ᠨᠢᠭᠡᠨ ᠬᠥᠮᠦᠨ ᠢᠨᠦ ᠵᠠᠮᠤᠬ᠎ᠠ ᠶ᠋ᠢᠨ ᠳᠠᠭᠠᠭᠰᠠᠨ ᠠᠷᠠᠳ ᠢ᠋ ᠠᠷᠢᠬᠢ ᠤᠤᠭᠤᠯᠭᠠᠨ ᠤᠴᠢᠷ ᠢ᠋ ᠴᠥᠮ ᠣᠯᠵᠤ ᠰᠣᠨᠣᠰᠤᠭᠠᠳ ᠫᠣᠯᠭᠤᠲᠠᠢ ᠶ᠋ᠢ ᠰᠡᠮᠡᠬᠡᠷ ᠳᠣᠬᠢᠨ ᠭᠠᠷᠭᠠᠵᠤ᠂ ᠰᠢᠪᠡᠨᠡᠨ ᠬᠡᠯᠡᠭᠰᠡᠨ ᠳ᠋ᠦ᠍ᠷ ᠫᠣᠯᠭᠤᠲᠠᠢ ᠳᠠᠷᠤᠢ ᠲᠡᠭᠦᠨ ᠦ᠌ ᠨᠥᠬᠥᠷ ᠰᠡᠯᠲᠡ ᠶ᠋ᠢ ᠴᠥᠮ ᠪᠠᠷᠢᠵᠤ ᠬᠦᠯᠢᠭᠡᠳ ᠵᠢᠴᠢ ᠡᠳᠦᠷ ᠾᠧ ᠸᠠᠩ ᠤ᠋ᠨ ᠴᠡᠷᠢᠭ ᠡᠭᠡᠬᠦ ᠶ᠋ᠢ ᠮᠡᠳᠡᠬᠦ ᠲᠤᠯᠠ ᠳᠠᠷᠤᠢ ᠲᠡᠨᠳᠡ ᠬᠦᠯᠢᠶᠡᠪᠡᠢ᠃
      ᠲᠡᠭᠦᠨᠴᠡ ᠲᠠᠶ᠋ᠢᠽᠦ ᠶᠡᠬᠡ ᠴᠡᠷᠢᠭ ᠢ᠋ᠶ᠋ᠡᠨ ᠬᠤᠷᠢᠶᠠᠬᠤᠢ ᠳ᠋ᠤᠷ ᠢᠯᠠᠭᠤ ᠢᠷᠡᠵᠦ ᠴᠢᠨᠳᠠᠭᠠᠨ᠎ᠠ ᠴᠠᠭᠠᠨ ᠤ᠋ ᠲᠣᠯᠣᠭᠠᠢ ᠶ᠋ᠢ ᠡᠷᠭᠦᠨ ᠪᠠᠷᠢᠪᠠ᠃ ᠲᠠᠶ᠋ᠢᠽᠦ᠂ ᠾᠧ ᠸᠠᠩ ᠮᠠᠩᠨᠤᠭᠲᠤ ᠬᠣᠶᠠᠭᠤᠯᠠ ᠶ᠋ᠢᠨ ᠣᠯᠵᠠᠯᠠᠭᠰᠠᠨ ᠵᠠᠷ ᠵᠡᠪᠰᠡᠭ᠂ ᠬᠤᠶᠠᠭ ᠳᠤᠭᠤᠯᠠᠭ᠎ᠠ᠂ ᠬᠥᠮᠦᠨ ᠮᠣᠷᠢ᠂ ᠲᠤᠭ ᠬᠡᠩᠭᠡᠷᠭᠡ ᠡᠯ᠎ᠡ ᠵᠦᠢᠯ ᠢ᠋ ᠴᠥᠮ ᠢ᠋ᠶ᠋ᠡᠷ ᠲᠤᠰ ᠲᠤᠰ ᠲᠤᠷ ᠠᠨᠤ ᠬᠤᠪᠢᠶᠠᠨ ᠥᠭᠴᠦ ᠬᠤᠷᠢᠮ ᠬᠤᠷᠢᠮᠯᠠᠵᠤ ᠬᠥᠬᠢᠭᠡᠭᠡᠳ ᠤᠯᠤᠰ ᠤᠯᠤᠰ ᠲᠤᠷ ᠠᠨᠤ ᠡᠭᠡᠭᠦᠯᠪᠡᠢ᠃ ᠲᠡᠳᠦᠢ ᠵᠡᠯᠮ᠎ᠡ᠂ ᠬᠤᠳᠠᠭᠠᠨ᠎ᠠ ᠪᠡᠬᠢ ᠶ᠋ᠢ ᠪᠠᠷᠢᠵᠤ ᠠᠴᠢᠷᠠᠭᠰᠠᠨ ᠳ᠋ᠤᠷ ᠲᠠᠶ᠋ᠢᠽᠦ ᠥᠷᠥᠰᠢᠶᠡᠩᠭᠦᠢ ᠴᠢᠷᠠᠢ ᠪᠠᠷ ᠠᠰᠠᠭᠤᠷᠤᠨ : 《ᠪᠢ ᠴᠢᠨᠦ ᠦᠢᠯᠡ ᠶᠠᠪᠤᠳᠠᠯ ᠢ᠋ ᠰᠣᠨᠣᠰᠪᠠᠰᠤ ᠮᠥᠨ ᠤᠬᠠᠭᠠᠨᠲᠠᠨ ᠬᠡᠮᠡᠪᠡᠰᠦ ᠪᠣᠯᠬᠤ ᠪᠥᠭᠡᠲᠡᠯ᠎ᠡ ᠴᠢ ᠵᠠᠮᠤᠬ᠎ᠠ ᠶ᠋ᠢ ᠶᠠᠮᠪᠠᠷ ᠬᠥᠮᠦᠨ ᠭᠡᠮᠡᠨ ᠲᠡᠭᠦᠨ ᠢ᠋ ᠳᠣᠯᠳᠣᠶ᠋ᠢᠳᠠᠨ ᠶᠠᠪᠤᠪᠠ ? 》ᠬᠤᠳᠠᠭᠠᠨ᠎ᠠ ᠪᠡᠬᠢ ᠥᠭᠦᠯᠡᠷᠦᠨ: 《ᠮᠢᠨᠦ ᠡᠵᠡᠨ ᠳ᠋ᠦ᠍ᠷ ᠥᠷᠦᠰᠢᠶᠡᠯᠲᠡᠢ ᠪᠥᠭᠡᠳ ᠶᠣᠰᠣ ᠴᠠᠭᠠᠵᠠ ᠳ᠋ᠤᠷ ᠲᠣᠳᠣᠷᠬᠠᠢ᠂ ᠢᠲᠡᠭᠡᠭᠰᠡᠨ ᠢᠶᠠᠨ ᠰᠡᠵᠢᠭᠯᠡᠬᠦ ᠦᠭᠡᠢ᠂ ᠰᠡᠵᠢᠭᠯᠡᠭᠰᠡᠨ ᠢ᠋ᠶ᠋ᠡᠨ ᠢᠲᠡᠭᠡᠬᠦ ᠦᠭᠡᠢ᠂ ᠵᠥᠪᠯᠡᠯ ᠳ᠋ᠦ᠍ᠷ ᠪᠠᠬᠠᠲᠠᠢ ᠪᠥᠭᠡᠳ ᠠᠷᠭ᠎ᠠ ᠪᠠᠷ ᠶᠠᠪᠤᠵᠤ ᠴᠢᠳᠠᠮᠤᠢ᠂ ᠶᠠᠭᠤᠨ ᠳ᠋ᠤᠷ ᠳᠣᠷᠣᠮᠵᠢᠯᠠᠨ ᠥᠭᠦᠯᠡᠬᠦ ᠪᠣᠢ ? 》 ᠲᠠᠶ᠋ᠢᠽᠦ ᠵᠠᠬᠢᠷᠤᠨ: 《ᠲᠡᠷᠡ ᠤᠭ ᠲᠤᠷ ᠮᠢᠨᠦ ᠲᠦᠰᠢᠮᠡᠯ ᠪᠥᠯᠥᠭᠡ᠂ ᠨᠠᠳᠠ ᠠ᠋ᠴᠠ ᠤᠷᠪᠠᠭᠰᠠᠨ ᠠᠨᠤ ᠳᠠᠷᠤᠢ ᠵᠢᠷᠤᠮ ᠦᠭᠡᠢ᠂ ᠴᠡᠷᠢᠭ ᠠᠪᠴᠤ ᠮᠢᠨᠦ ᠭᠠᠵᠠᠷ ᠲᠤᠷ ᠭᠦᠨ ᠣᠷᠣᠭᠰᠠᠨ ᠠᠨᠤ ᠳᠠᠷᠤᠢ ᠮᠡᠷᠭᠡᠨ ᠦᠭᠡᠢ᠂ ᠵᠢᠷᠭᠤᠭᠠᠨ ᠲᠦᠮᠡᠨ ᠦ᠌ ᠣᠯᠠᠨ ᠢ᠋ ᠠᠪᠴᠤ ᠶᠠᠪᠤᠭᠠᠳ ᠡᠨᠡ ᠮᠡᠲᠦ ᠳᠠᠷᠤᠭᠳᠠᠭᠰᠠᠨ ᠠᠨᠤ ᠪᠠᠭᠠᠲᠤᠷ ᠦᠭᠡᠢ᠂ ᠳᠠᠶ᠋ᠢᠨ ᠠᠲᠠᠯ᠎ᠠ ᠴᠢ ᠦᠯᠦ ᠮᠠᠭᠤᠰᠢᠶᠠᠬᠤ ᠠᠨᠤ ᠵᠢᠷᠤᠮᠲᠤ ᠰᠡᠳᠬᠢᠯ ᠲᠡᠢ ᠬᠥᠮᠦᠨ ᠪᠠᠶ᠋ᠢᠨᠠᠮ ! 》 ᠬᠡᠮᠡᠵᠦ ᠠᠯᠠᠬᠤ ᠶ᠋ᠢ ᠭᠡᠯᠳᠦᠷᠢᠭᠦᠯᠵᠦ ᠬᠦᠯᠢᠶᠡᠰᠦᠨ ᠢ᠋ ᠲᠠᠶ᠋ᠢᠯᠤᠨ ᠲᠠᠯᠪᠢᠪᠠ᠃ ᠬᠤᠳᠠᠭᠠᠨ᠎ᠠ ᠪᠡᠬᠢ ᠲᠠᠶ᠋ᠢᠽᠦ ᠶ᠋ᠢᠨ ᠮᠡᠷᠭᠡᠨ ᠭᠡᠭᠡᠬᠡᠨ ᠳ᠋ᠦ᠍ᠷ ᠪᠢᠰᠢᠷᠡᠵᠦ ᠥᠷᠥᠰᠢᠶᠡᠯ ᠬᠡᠰᠢᠭ ᠢ᠋ ᠰᠢᠲᠦᠵᠦ ᠡᠭᠦᠷᠢᠳᠡ ᠰᠦᠰᠦᠭᠯᠡᠵᠦ ᠮᠥᠷᠭᠥᠵᠦ ᠳᠠᠭᠠᠪᠠ᠃ 
      ᠲᠡᠳᠦᠢ ᠵᠢᠨᠦᠩ ᠮᠤᠬᠤᠯᠢ ᠪᠠᠰᠠ ᠨᠢᠭᠡᠨ ᠬᠥᠮᠦᠨ ᠢ᠋ ᠤᠳᠤᠷᠢᠳᠤᠨ ᠣᠷᠣᠭᠤᠯᠵᠤ᠂ ᠲᠠᠶ᠋ᠢᠽᠦ ᠶ᠋ᠢᠨ ᠡᠮᠦᠨ᠎ᠡ ᠰᠥᠭᠥᠳᠬᠡᠵᠦ ᠮᠥᠷᠭᠥᠭᠦᠯᠪᠡ ᠂ ᠡᠨᠡ ᠬᠥᠮᠦᠨ ᠳᠠᠷᠤᠢ ᠵᠠᠮᠤᠬ᠎ᠠ ᠯᠤᠭ᠎ᠠ ᠡᠬᠡ ᠨᠢᠭᠡ ᠡᠴᠢᠭᠡ ᠥᠪᠡᠷ᠎ᠡ ᠲᠡᠢ ᠠᠷᠤᠵᠠ ᠬᠡᠮᠡᠭᠴᠢ ᠮᠥᠨ᠃ ᠵᠠᠮᠤᠬ᠎ᠠ ᠶ᠋ᠢᠨ ᠡᠴᠢᠭᠡ ᠤᠳᠤᠨᠴᠢᠷ ᠬᠡᠮᠡᠭᠴᠢ ᠴᠡᠷᠢᠭ ᠡᠴᠡ ᠨᠢᠭᠡᠨ ᠡᠮ᠎ᠡ ᠣᠯᠵᠠᠯᠠᠭᠠᠳ ᠲᠡᠭᠦᠨ ᠢ᠋ ᠠᠪᠴᠤ ᠵᠠᠮᠤᠬ᠎ᠠ ᠶ᠋ᠢ ᠲᠥᠷᠥᠭᠡᠳ ᠤᠳᠤᠨᠴᠢᠷ ᠦᠬᠦᠭᠰᠡᠨ ᠳ᠋ᠦ᠍ᠷ ᠵᠠᠮᠤᠬ᠎ᠠ ᠶ᠋ᠢᠨ ᠡᠬᠡ ᠪᠠᠰᠠ ᠪᠣᠯᠤᠭᠠᠳ ᠬᠡᠮᠡᠭᠴᠢ ᠳ᠋ᠦ᠍ᠷ ᠭᠠᠷᠴᠤ ᠳᠠᠷᠤᠢ ᠡᠨᠡ ᠠᠷᠤᠵᠠ ᠶ᠋ᠢ ᠲᠥᠷᠥᠭᠰᠡᠨ ᠲᠤᠯᠠ ᠡᠨᠡ ᠠᠷᠤᠵᠠ ᠵᠠᠮᠤᠬ᠎ᠠ ᠶ᠋ᠢ ᠳᠠᠭᠠᠵᠤ ᠶᠠᠪᠤᠬᠤ ᠪᠥᠯᠥᠭᠡ᠃ ᠡᠳᠦᠭᠡ ᠴᠡᠷᠢᠭ ᠡᠳᠦᠬᠦ  ᠶ᠋ᠢᠨ ᠤᠷᠢᠳᠠᠬᠠᠨ ᠤᠷᠭᠤᠨ ᠢᠷᠡᠵᠦ ᠮᠤᠬᠤᠯᠢ ᠳ᠋ᠤᠷ ᠵᠣᠯᠭᠠᠭᠰᠠᠨ ᠢ᠋ ᠮᠤᠬᠤᠯᠢ ᠲᠡᠭᠦᠨ ᠢ᠋ ᠲᠤᠷᠰᠢᠭᠤᠯ ᠪᠣᠯᠤᠭᠤᠵᠠᠢ ᠭᠡᠮᠡᠨ ᠰᠡᠮᠡᠬᠡᠷ ᠬᠠᠷᠠᠭᠠᠯᠵᠠᠭᠤᠯᠤᠭᠠᠳ ᠡᠳᠦᠭᠡ ᠴᠡᠷᠢᠭ ᠳᠡᠶ᠋ᠢᠯᠵᠦ ᠨᠡᠶ᠋ᠢᠲᠡ ᠶ᠋ᠢ ᠬᠤᠷᠢᠶᠠᠭᠰᠠᠨ ᠲᠤᠯᠠ ᠰᠠᠶᠢ ᠳᠠᠭᠠᠭᠤᠯᠤᠨ ᠠᠪᠴᠢᠷᠠᠵᠤ ᠲᠠᠶ᠋ᠢᠽᠦ ᠳ᠋ᠦ᠍ᠷ ᠵᠣᠯᠭᠠᠭᠤᠯᠤᠭᠰᠠᠨ ᠠᠵᠤᠭᠤ᠃ ᠲᠡᠳᠦᠢ ᠠᠷᠤᠵᠠ ᠠ᠋ᠴᠠ ᠲᠠᠶ᠋ᠢᠽᠦ ᠠᠰᠠᠭᠤᠷᠤᠨ : 《ᠴᠢ ᠲᠥᠷᠥᠭᠰᠡᠨ  ᠢ᠋ᠶ᠋ᠡᠨ ᠭᠡᠭᠡᠵᠦ ᠨᠠᠳᠠ ᠳ᠋ᠤᠷ ᠳᠠᠭᠠᠭᠰᠠᠨ ᠰᠠᠨᠠᠭᠠᠨ ᠴᠢᠨᠦ ᠶᠠᠭᠤᠨ ? 》 ᠠᠷᠤᠵᠠ ᠮᠥᠷᠭᠥᠵᠦ ᠮᠡᠳᠡᠭᠦᠯᠦᠷᠦᠨ : 《ᠪᠢ ᠵᠠᠮᠤᠬ᠎ᠠ ᠯᠤᠭ᠎ᠠ ᠡᠴᠢᠭᠡ ᠥᠪᠡᠷ᠎ᠡ ᠪᠣᠯᠪᠠᠴᠤ ᠡᠬᠡ ᠨᠢᠭᠡ᠂ ᠬᠡᠪᠲᠡᠰᠢ ᠥᠪᠡᠷ᠎ᠡ ᠪᠣᠯᠪᠠᠴᠤ ᠬᠡᠪᠡᠯᠢ ᠨᠢᠭᠡ ᠲᠡᠢ ᠳᠡᠭᠦᠦ᠂ ᠵᠠᠮᠤᠬ᠎ᠠ ᠠ᠋ᠴᠠ ᠡᠰᠡ ᠬᠠᠭᠠᠴᠠᠪᠠᠰᠤ ᠵᠣᠬᠢᠨᠠᠮ ᠪᠥᠯᠥᠭᠡ᠃ ᠭᠠᠭᠴᠠ ᠵᠠᠮᠤᠬ᠎ᠠ ᠬᠠᠭᠠᠨ ᠰᠠᠭᠤᠵᠤ ᠪᠠᠰᠠ ᠢᠨᠠᠭᠰᠢ ᠴᠡᠷᠢᠭ ᠮᠣᠷᠳᠠᠬᠤ ᠶ᠋ᠢ ᠰᠡᠳᠦᠭᠰᠡᠨ ᠡᠳᠦᠷ ᠲᠦ᠍ᠷ ᠨᠢᠭᠡᠨ ᠬᠤᠸᠠ ᠥᠩᠭᠡᠲᠦ ᠦᠨᠢᠶ᠎ᠡ ᠮᠢᠨᠦ ᠠᠬ᠎ᠠ ᠵᠠᠮᠤᠬ᠎ᠠ ᠶ᠋ᠢᠨ ᠬᠠᠭᠠᠨ ᠤ᠋ ᠥᠷᠭᠥᠭᠡ ᠶ᠋ᠢ ᠮᠥᠷᠭᠦᠯᠬᠢᠯᠡᠨ ᠲᠦᠢᠪᠡᠭᠡᠭᠰᠡᠭᠡᠷ ᠨᠢᠭᠡᠨ ᠡᠪᠡᠷ ᠬᠤᠭᠤᠷᠠᠭᠠᠳ ᠪᠠᠰᠠ ᠵᠠᠮᠤᠬ᠎ᠠ ᠶ᠋ᠢ ᠡᠷᠢᠨ ᠮᠥᠷᠭᠥᠬᠦᠢ ᠳ᠋ᠦ᠍ᠷ ᠰᠠᠶᠢ ᠠᠯᠠᠪᠠ᠃ ᠡᠭᠦᠨ ᠳ᠋ᠦ᠍ᠷ ᠲᠡᠭᠷᠢ ᠦᠯᠦ ᠲᠠᠭᠠᠯᠠᠬᠤ ᠶ᠋ᠢ ᠣᠯᠵᠤ ᠮᠡᠳᠡᠭᠡᠳ ᠢᠳᠬᠠᠨ ᠬᠡᠯᠡᠪᠡᠰᠦ ᠨᠠᠮᠠᠶ᠋ᠢ ᠢᠯᠪᠡ ᠪᠣᠯᠲᠠᠯ᠎ᠠ ᠳᠡᠯᠡᠳᠪᠡ᠃ ᠲᠡᠶ᠋ᠢᠨ ‍ᠬᠦ ᠤᠷᠭᠤᠨ ᠢᠷᠡᠵᠦ ᠡᠵᠡᠨ ᠴᠢᠮ᠎ᠠ ᠳ᠋ᠤᠷ ᠳᠠᠭᠠᠷ᠎ᠠ ᠢᠷᠡᠪᠡᠰᠦ᠂ ᠰᠥᠨᠢ ᠡᠵᠡᠨ ᠴᠢᠨᠦ ᠴᠡᠷᠢᠭ ᠦ᠋ᠨ ᠬᠦᠷᠢᠶ᠎ᠡ ᠶ᠋ᠢᠨ ᠭᠠᠳᠠᠭᠤᠷ ᠨᠢᠭᠡᠨ ᠮᠤᠬᠤᠯᠴᠠᠷ ᠬᠠᠷ᠎ᠠ ᠪᠤᠬᠠᠨᠳᠠᠢ ᠮᠡᠲᠦ ᠶᠠᠭᠤᠮ᠎ᠠ᠂ ᠴᠡᠷᠢᠭ ᠦ᠋ᠨ ᠬᠦᠷᠢᠶ᠎ᠡ ᠶ᠋ᠢ ᠲᠣᠭᠣᠷᠢᠨ ᠮᠠᠨᠠᠵᠤ ᠶᠠᠪᠤᠨ᠂ ᠲᠡᠷᠭᠡᠭᠦᠷ ᠢ᠋ᠶ᠋ᠡᠷ ᠭᠦᠶᠦᠵᠦ ᠨᠢᠭᠡᠨ ᠬᠥᠮᠦᠨ ᠢ᠋ ᠮᠥᠷᠭᠥᠵᠦ ᠠᠯᠠᠪᠠ᠃ ᠲᠡᠷᠡ ᠮᠤᠬᠤᠯᠴᠠᠷ ᠬᠠᠷ᠎ᠠ ᠪᠤᠬᠠᠨᠳᠠᠢ ᠡᠴᠢᠭᠰᠡᠨ ᠦ᠌ ᠬᠣᠶ᠋ᠢᠨ᠎ᠠ᠂ ᠪᠢ ᠲᠡᠷᠡ ᠮᠥᠷᠭᠥᠭᠳᠡᠵᠦ ᠦᠬᠦᠭᠰᠡᠨ ᠬᠥᠮᠦᠨ ᠢ᠋ ᠦᠵᠡᠪᠡᠰᠦ ᠮᠢᠨᠦ ᠠᠬ᠎ᠠ ᠵᠠᠮᠤᠬ᠎ᠠ ᠶ᠋ᠢᠨ ᠲᠡᠩᠰᠡᠭᠦᠯ ᠲᠤᠷᠰᠢᠭᠤᠯ ᠤ᠋ᠨ ᠲᠡᠷᠢᠭᠦᠯᠡᠭᠰᠡᠨ ᠲᠦᠰᠢᠮᠡᠯ ᠵᠠᠷ᠎ᠠ ᠠᠵᠤᠭᠤ᠃ ᠪᠡᠶ᠎ᠡ ᠶ᠋ᠢ ᠦᠵᠡᠪᠡᠰᠦ ᠲᠡᠭᠷᠢ ᠶ᠋ᠢᠨ ᠠᠶᠤᠩᠭ᠎ᠠ ᠳ᠋ᠤᠷ ᠳᠠᠭᠠᠷᠢᠭᠳᠠᠭᠰᠠᠨ ᠮᠡᠲᠦ ᠳᠠᠷᠢ ᠶ᠋ᠢᠨ ᠦᠨᠦᠷ ᠲᠡᠢ᠂ ᠡᠵᠡᠨ ᠴᠢᠨᠦ ᠮᠠᠭᠠᠳ ᠲᠡᠭᠷᠢ ᠶ᠋ᠢᠨ ᠬᠥᠪᠡᠭᠦᠨ ᠢ᠋ ᠮᠡᠳᠡᠪᠡ᠃ ᠲᠡᠶ᠋ᠢᠨ ‍ᠬᠦ ᠤᠯᠤᠰ ᠲᠥᠷᠥ ᠳ᠋ᠦ᠍ᠷ ᠴᠢᠨᠦ ᠵᠢᠳᠬᠦᠵᠦ᠂ ᠬᠠᠭᠠᠨ ᠰᠠᠭᠤᠷᠢᠨ ᠢ᠋ ᠴᠢᠨᠦ ᠪᠦᠲᠦᠭᠡᠶ᠎ᠡ ᠭᠡᠮᠡᠨ ᠬᠠᠷᠠᠩᠭᠤᠢ ᠰᠥᠨᠢ ᠤᠷᠭᠤᠨ ᠢᠷᠡᠵᠦ᠂ ᠬᠠᠯᠠᠭᠤᠨ ᠠᠮᠠᠨ ᠢ᠋ᠶ᠋ᠠᠷ ᠲᠠᠩᠭᠠᠷᠢᠭᠯᠠᠵᠤ ᠳᠠᠭᠠᠪᠠᠢ ! 》ᠬᠡᠮᠡᠭᠰᠡᠨ ᠳ᠋ᠦ᠍ᠷ ᠲᠠᠶ᠋ᠢᠽᠦ ᠬᠠᠶ᠋ᠢᠷ᠎ᠠ ᠬᠡᠰᠢᠭ ᠬᠦᠷᠲᠡᠭᠡᠵᠦ ᠂ ᠬᠠᠮᠤᠭ ᠭᠣᠷᠯᠣᠳ ᠢ᠋ ᠵᠠᠬᠢᠷᠤᠭᠤᠯᠪᠠᠢ᠃ 
      ᠲᠡᠷᠡ ᠦᠶ᠎ᠡ ᠳ᠋ᠦ᠍ᠷ ᠳᠠᠭᠠᠭᠰᠠᠨ ᠣᠯᠠᠨ ᠠᠶ᠋ᠢᠮᠠᠭ ᠦ᠋ᠳ ᠢ᠋ ᠴᠥᠮ ᠴᠢᠮᠡᠳ ᠦ᠋ᠨ ᠦᠯᠬᠦ ᠰᠠᠶ᠋ᠢᠳ ᠪᠠ ᠪᠠᠷᠯᠠᠰ ᠤ᠋ᠨ ᠣᠶᠤᠨ ᠭᠣᠸ᠋᠎ᠠ ᠬᠣᠶᠠᠭᠤᠯᠠ ᠵᠠᠬᠢᠷᠬᠤ ᠲᠤᠯᠠ ᠰᠢᠨ᠎ᠡ ᠰᠢᠨ᠎ᠡ ᠳᠠᠭᠠᠭᠰᠠᠨ ᠶᠢᠰᠦᠨ ᠠᠶ᠋ᠢᠮᠠᠭ ᠤ᠋ᠨ ᠬᠥᠮᠦᠨ ᠠᠮᠠᠨ ᠤ᠋ ᠲᠣᠭ᠎ᠠ ᠶ᠋ᠢ ᠪᠢᠴᠢᠭᠯᠡᠨ ᠠᠪᠴᠤ ᠲᠠᠶ᠋ᠢᠽᠦ ᠶ᠋ᠢᠨ ᠳᠡᠷᠭᠡᠳᠡ ᠣᠷᠣᠵᠤ ᠠᠶ᠋ᠢᠮᠠᠭ ᠠᠶ᠋ᠢᠮᠠᠭ ᠤ᠋ᠨ ᠨᠣᠶᠠᠳ ᠲᠠᠯᠪᠢᠬᠤ ᠶ᠋ᠢ ᠵᠠᠬᠢᠶ᠎ᠠ ᠡᠷᠢᠨ ᠡᠰᠢᠯᠡᠬᠦᠢ ᠳ᠋ᠦ᠍ᠷ ᠬᠣᠩᠬᠣᠳᠠᠨ ᠢ᠋ ᠮᠡᠩᠭᠡᠯᠢᠭ ᠲᠠᠶ᠋ᠢᠽᠦ ᠳ᠋ᠦ᠍ᠷ ᠮᠡᠳᠡᠭᠦᠯᠦᠷᠦᠨ : 《ᠶᠢᠰᠦᠨ ᠠᠶ᠋ᠢᠮᠠᠭ ᠠ᠋ᠴᠠ ᠭᠠᠭᠴᠠ ᠡᠨᠡ ᠲᠠᠶ᠋ᠢᠴᠢᠭᠤᠳ ᠠᠶ᠋ᠢᠮᠠᠭ ᠮᠠᠨ ᠤ᠋ ᠤᠯᠤᠰ ᠲᠤᠷ ᠭᠤᠷᠪᠠᠨ ᠦᠶ᠎ᠡ ᠶ᠋ᠢᠨ ᠭᠦᠨ ᠥᠰᠢᠶᠡᠲᠡᠢ ᠪᠥᠭᠡᠳ ᠡᠵᠡᠨ ᠦ᠌ ᠨᠠᠰᠤᠨ ᠰᠡᠭᠦᠳᠡᠷ ᠪᠠᠭ᠎ᠠ ᠴᠠᠭ ᠲᠤᠷ ᠮᠠᠨ ᠢ᠋ ᠪᠠᠶ᠋ᠢᠯ ᠥᠭᠡᠶ᠎ᠡ ᠲᠠᠪᠴᠢᠯᠠᠨ ᠳᠠᠷᠤᠯᠠᠵᠤ ᠶᠠᠪᠤᠯᠤᠭ᠎ᠠ᠃ ᠲᠡᠭᠦᠨ ᠦ᠌ ᠨᠢᠭᠡᠨ ᠠᠶ᠋ᠢᠮᠠᠭ ᠢ᠋ ᠠᠪᠴᠤ ᠬᠢᠳᠤᠪᠠᠰᠤ ᠵᠣᠬᠢᠮᠤᠢ ! 》 ᠬᠡᠮᠡᠭᠰᠡᠨ ᠳ᠋ᠦ᠍ᠷ ᠪᠦᠬᠦ ᠪᠡᠯᠭᠦᠳᠡᠢ ᠲᠠᠶ᠋ᠢᠽᠦ ᠶ᠋ᠢᠨ ᠳᠡᠷᠭᠡᠳᠡ ᠪᠠᠢᠭᠰᠠᠨ ᠲᠤᠯᠠ ᠭᠠᠷᠴᠤ ᠢᠷᠡᠭᠰᠡᠨ ᠳ᠋ᠦ᠍ᠷ ᠡᠨᠡ ᠦᠶ᠎ᠡ ᠳ᠋ᠦ᠍ᠷ ᠲᠠᠢᠴᠢᠭᠤᠳ ᠤ᠋ᠨ ᠴᠢᠯᠭᠡᠷ ᠪᠥᠬᠡ ᠭᠠᠭᠴᠠ ᠮᠣᠷᠢ ᠪᠠᠷ ᠴᠡᠷᠢᠭ ᠦ᠋ᠨ ᠳᠣᠲᠣᠷ᠎ᠠ ᠠ᠋ᠴᠠ ᠤᠷᠭᠤᠨ ᠭᠠᠷᠴᠤ ᠰᠠᠷᠯᠠᠭ ᠤᠯᠤᠰ ᠤ᠋ᠨ ᠵᠠᠯᠢᠲᠤ ᠰᠦᠯᠳᠡ ᠬᠠᠨ ᠤ᠋ ᠲᠡᠨᠳᠡ ᠡᠴᠢᠭᠰᠡᠨ ᠲᠤᠯᠠ ᠭᠠᠭᠴᠠ ᠲᠠᠢᠴᠢᠭᠤᠳ ᠤ᠋ᠨ ᠲᠠᠷᠭᠤᠲᠠᠢ ᠲᠠᠯᠪᠤᠲᠠᠢ ᠪᠠᠷᠢᠭᠳᠠᠵᠤ ᠳᠠᠭᠠᠭᠰᠠᠨ ᠢ᠋ᠶ᠋ᠠᠷ ᠲᠡᠳᠡ ᠬᠣᠶᠠᠭᠤᠯᠠ ᠶᠠᠭᠠᠷᠠᠨ ᠪᠡᠯᠭᠦᠳᠡᠢ  ᠶ᠋ᠢ ᠵᠠᠮ ᠲᠣᠰᠴᠤ ᠠᠰᠠᠭᠤᠷᠤᠨ :《ᠳᠣᠲᠣᠷ᠎ᠠ ᠮᠠᠨ ᠢ᠋ ᠶᠠᠭᠤᠨ ᠭᠡᠮᠡᠨ ᠥᠭᠦᠯᠡᠯᠳᠦᠮᠦᠢ ? 》ᠬᠡᠮᠡᠭᠰᠡᠨ ᠳ᠋ᠦ᠍ᠷ ᠪᠡᠯᠭᠦᠳᠡᠢ ᠠᠬᠠᠰᠬᠢᠵᠦ ᠥᠭᠦᠯᠡᠷᠦᠨ : 《ᠲᠠᠨ ᠤ᠋ ᠲᠠᠶ᠋ᠢᠴᠢᠭᠤᠳ ᠤᠷᠢᠳᠠ ᠮᠠᠨ ᠤ᠋ ᠠᠬ᠎ᠠ ᠪᠠᠭ᠎ᠠ ᠪᠦᠬᠦᠢ ᠴᠠᠭ ᠲᠤᠷ ᠬᠡᠲᠦᠷᠬᠡᠶ᠎ᠡ ᠳᠠᠷᠤᠯᠠᠨ ᠪᠠᠷᠢᠵᠤ ᠭᠢᠨᠵᠢᠯᠡᠵᠦ ᠭᠠᠪᠠᠯᠠᠭᠰᠠᠨ ᠲᠤᠯᠠ ᠡᠳᠦᠭᠡ ᠲᠠᠨ ᠢ᠋ ᠬᠢᠳᠤᠮᠤᠢ ᠬᠡᠮᠡᠵᠦ ᠪᠣᠢ᠃ ᠪᠠᠰᠠ ᠳᠠᠷᠤᠯᠠᠨ ᠲᠠᠪᠴᠢᠯᠠᠬᠤ ᠦᠭᠡᠢ ᠦᠦ ? 》ᠬᠡᠮᠡᠭᠰᠡᠨ ᠳ᠋ᠦ᠍ᠷ ᠲᠠᠷᠭᠤᠲᠠᠢ᠂ ᠲᠠᠯᠪᠤᠲᠠᠢ ᠠᠬ᠎ᠠ ᠳᠡᠭᠦᠦ ᠬᠣᠶᠠᠭᠤᠯᠠ ᠶᠡᠬᠡᠯ᠎ᠡ ᠎ᠡᠠᠶᠤᠵᠤ ᠠᠮᠢᠨ ᠳ᠋ᠠᠭᠠᠨ ᠬᠣᠣᠷ ᠬᠢᠵᠦ ᠦᠬᠦᠭᠰᠡᠨ ᠳ᠋ᠦ᠍ᠷ ᠲᠠᠢᠴᠢᠭᠤᠳ ᠠᠢᠮᠠᠭ ᠤ᠋ᠨ ᠠᠷᠠᠳ ᠣᠯᠠᠩᠬᠢ ᠨᠢ ᠥᠪᠡᠷ ᠵᠠᠭᠤᠷ᠎ᠠ ᠪᠠᠨ ᠦᠬᠦᠯᠳᠦᠵᠦ ᠰᠠᠮᠠᠭᠤᠷᠠᠬᠤ ᠰᠢᠬᠠᠵᠤ ᠦᠢᠮᠡᠯᠳᠦᠭᠰᠡᠨ ᠳ᠋ᠦ᠍ᠷ ᠮᠤᠬᠤᠯᠢ ᠶᠠᠭᠠᠷᠠᠨ ᠲᠠᠶ᠋ᠢᠽᠦ ᠳ᠋ᠦ᠍ᠷ ᠮᠡᠳᠡᠭᠦᠯᠵᠦ᠂ ᠲᠠᠶ᠋ᠢᠽᠦ ᠬᠡᠯᠲᠦᠷᠢᠭᠦᠯᠬᠦ ᠵᠠᠬᠢᠶ᠎ᠠ ᠪᠠᠭᠤᠯᠭᠠᠭᠰᠠᠨ ᠳ᠋ᠤᠷ ᠲᠠᠢᠴᠢᠭᠤᠳ ᠰᠠᠶᠢ ᠠᠮᠤᠷᠵᠢᠨ ᠨᠠᠮᠠᠭᠵᠢᠪᠠ᠃ ᠲᠠᠶ᠋ᠢᠽᠦ ᠲᠡᠷᠡ ᠤᠴᠢᠷ ᠢ᠋ ᠰᠣᠨᠣᠰᠤᠭᠠᠳ ᠰᠡᠭᠦᠷᠡᠰᠦᠨ ᠠᠯᠳᠠᠵᠤ ᠥᠭᠦᠯᠡᠷᠦᠨ:《ᠪᠦᠬᠦ ᠪᠡᠯᠭᠦᠳᠡᠢ ᠶ᠋ᠢᠨ ᠪᠡᠶ᠎ᠡ ᠪᠥᠬᠡ ᠪᠣᠯᠪᠠᠴᠤ ᠰᠡᠳᠬᠢᠯ ᠪᠦᠬᠦ ᠦᠭᠡᠢ᠂ ᠠᠷᠤ ᠪᠥᠬᠡ ᠪᠣᠯᠪᠠᠴᠤ ᠠᠮᠠ ᠪᠦᠬᠦ ᠦᠭᠡᠢ ᠠᠵᠤᠭᠤ᠂ ᠡᠭᠦᠨ ᠡᠴᠡ ᠬᠣᠢᠰᠢ ᠶᠡᠬᠡ ᠵᠥᠪᠯᠡᠯ ᠳ᠋ᠦ᠍ᠷ ᠪᠦᠬᠦ ᠪᠡᠯᠭᠦᠳᠡᠢ ᠶ᠋ᠢ ᠣᠷᠣᠭᠤᠯᠬᠤ ᠶ᠋ᠢ ᠪᠠᠢᠭ᠎ᠠ 》 ᠬᠡᠮᠡᠪᠡᠢ᠃ ᠲᠡᠭᠦᠨᠴᠡ ᠾᠧ ᠸᠠᠩ ᠡᠴᠢᠭᠡ ᠬᠥᠪᠡᠭᠦᠨ ᠣᠯᠵᠠ ᠣᠮᠣᠭᠳᠠᠶ᠎ᠠ ᠡᠭᠡᠵᠦ ᠢᠷᠡᠬᠦᠢ ᠳ᠋ᠦ᠍ᠷ ᠫᠤᠯᠭᠤᠲᠠᠢ ᠵᠠᠮ ᠳ᠋ᠤᠷ ᠲᠣᠰᠴᠤ ᠵᠠᠮᠤᠬ᠎ᠠ ᠶ᠋ᠢ ᠡᠷᠭᠦᠪᠡ᠃ ᠬᠡᠷᠡᠢᠳ ᠲᠣᠷ ᠬᠦᠷᠴᠦ ᠢᠷᠡᠭᠰᠡᠨ ᠬᠣᠢᠨ᠎ᠠ᠂ ᠾᠧ ᠸᠠᠩ ᠵᠠᠮᠤᠬ᠎ᠠ ᠶ᠋ᠢ ᠦᠭᠡᠨ ᠡᠴᠡ ᠪᠡᠨ ᠨᠢᠴᠤᠪᠠ ᠭᠡᠮᠡᠨ ᠠᠯᠠᠰᠤᠭᠠᠢ ᠬᠡᠮᠡᠬᠦᠢ ᠳ᠋ᠦ᠍ᠷ ᠵᠠᠮᠤᠬ᠎ᠠ ᠮᠥᠷᠭᠥᠨ ᠭᠤᠶᠤᠵᠤ ᠥᠭᠦᠯᠡᠷᠦᠨ : 《ᠲᠦᠰᠢᠮᠡᠯ ᠪᠢ ᠦᠭᠡ ᠶ᠋ᠢ ᠨᠢᠴᠤᠭᠰᠠᠨ ᠪᠤᠰᠤ᠂ ᠬᠦᠴᠦᠨ ᠡᠰᠡ ᠭᠦᠢᠴᠡᠯᠳᠦᠭᠰᠡᠨ ᠤᠴᠢᠷ ᠪᠣᠯᠠᠢ᠂ ᠡᠯᠴᠢ ᠠᠰᠤᠷᠢ ᠳ᠋ᠤᠷ ᠲᠣᠳᠣᠷᠬᠠᠢ ᠬᠡᠯᠡᠭᠰᠡᠨ ᠪᠥᠯᠥᠭᠡ ! 》 ᠬᠡᠮᠡᠬᠦᠢ ᠳ᠋ᠦ᠍ᠷ ᠬᠡᠷᠡᠢᠳ ᠦ᠋ᠨ ᠰᠠᠢᠳ ᠠᠨᠳᠤ ᠥᠭᠦᠯᠡᠷᠦᠨ : 《ᠲᠡᠷᠡ ᠴᠦ᠍ ᠲᠡᠢᠮᠦ ᠪᠣᠢ ‍ᠶ᠎ᠠ᠂ ᠴᠢ ᠪᠸᠲ᠋ᠡ᠋ ᠤᠯᠤᠰ ᠮᠠᠨ ᠳ᠋ᠤᠷ ᠠᠴᠢᠲᠠᠢ ᠶ᠋ᠢ ᠮᠡᠳᠡᠨ ᠪᠥᠭᠡᠲᠡᠯ᠎ᠡ ᠶᠠᠭᠤᠨ ᠤ᠋ ᠤᠴᠢᠷ ᠬᠠᠷᠢᠨ ᠪᠸᠲ᠋ᠡ᠋ ᠤᠯᠤᠰ ᠲᠤᠷ ᠮᠣᠷᠳᠠᠮᠤᠢ ? 》 ᠵᠠᠮᠤᠬ᠎ᠠ ᠪᠠᠰᠠ ᠮᠥᠷᠭᠥᠯᠬᠢᠯᠡᠨ ᠥᠭᠦᠯᠡᠷᠦᠨ : 《ᠲᠦᠰᠢᠮᠡᠯ ᠪᠢ ᠤᠷᠢᠳᠠ ᠬᠤᠲᠠᠭᠠᠨ᠎ᠡ ᠪᠡᠬᠢ ᠪᠡᠷ ᠮᠡᠲᠡᠭᠦᠯᠦᠭᠦᠯᠦᠭᠰᠡᠨ ᠦᠭᠡ ᠪᠣᠢ ᠪᠥᠯᠥᠭᠡ᠂ ᠪᠸᠲ᠋ᠡ᠋ ᠤᠯᠤᠰ ᠤ᠋ᠨ ᠡᠵᠡᠨ ᠬᠡᠳᠦᠢ ᠢᠯᠡ ᠳ᠋ᠦ᠍ᠷ ᠮᠠᠨ ᠯᠤᠭ᠎ᠠ ᠰᠠᠢᠨ ᠪᠣᠯᠪᠠᠴᠤ ᠡᠴᠦᠰ ᠲᠦ᠍ᠷ ᠪᠢᠳᠡᠨ ᠢ᠋ ᠬᠤᠷᠢᠶᠠᠮᠵᠢᠯᠠᠬᠤ ᠰᠡᠳᠬᠢᠯ ᠪᠣᠢ᠃ ᠲᠦᠰᠢᠮᠡᠯ ᠪᠢ ᠲᠡᠶ᠋ᠢᠨ ‍ᠬᠦ ᠲᠡᠭᠦᠨ ᠦ᠌ ᠮᠥᠬᠥᠭᠡᠵᠦ ᠭᠠᠪᠢᠶ᠎ᠠ ᠪᠠᠶ᠋ᠢᠭᠤᠯᠤᠨ ᠡᠵᠡᠨ ᠸᠠᠩ ᠴᠢᠮᠠᠶ᠋ᠢ  ᠶᠤᠭᠠᠨ ᠭᠠᠭᠴᠠᠭᠠᠷ ᠢ᠋ ᠬᠣᠶ᠋ᠢᠲᠤ ᠭᠠᠵᠠᠷ ᠢ᠋ ᠡᠵᠡᠯᠡᠭᠦᠯᠰᠦᠭᠡᠢ ᠬᠡᠮᠡᠭᠰᠡᠨ ᠪᠥᠯᠥᠭᠡ᠃ 》ᠢᠯᠠᠭᠤ ᠡᠨᠡ ᠵᠠᠮᠤᠬ᠎ᠠ ᠶ᠋ᠢᠨ ᠬᠡᠯᠡᠭᠰᠡᠨ ᠡᠳᠡᠭᠡᠷ ᠦᠭᠡ ᠶ᠋ᠢ ᠰᠣᠨᠣᠰᠤᠭᠠᠳ ᠰᠡᠳᠬᠢᠯ ᠳ᠋ᠦ᠍ᠷ ᠶᠡᠬᠡᠯ᠎ᠡ ᠨᠡᠶ᠋ᠢᠴᠡᠵᠦ᠂ ᠶᠠᠭᠠᠷᠠᠨ ᠣᠷᠣᠭᠰᠢ ᠳᠠᠪᠰᠢᠨ ᠰᠥᠭᠥᠳᠴᠦ ᠡᠴᠢᠭᠡ ᠾᠧ ᠸᠠᠩ ᠠ᠋ᠴᠠ ᠭᠤᠶᠤᠨ ᠥᠭᠦᠯᠡᠷᠦᠨ : 《ᠬᠥᠪᠡᠭᠦᠨ ᠪᠢ ᠦᠵᠡᠪᠡᠰᠦ ᠵᠠᠮᠤᠬ᠎ᠠ ᠬᠠᠷᠢᠨ ᠬᠡᠷᠡᠭᠯᠡᠵᠦ ᠪᠣᠯᠬᠤ ᠬᠥᠮᠦᠨ ᠪᠠᠶ᠋ᠢᠨᠠᠮ᠃ ᠡᠴᠢᠭᠡ ᠸᠠᠩ ᠲᠡᠭᠦᠨ ᠦ᠌ ᠠᠮᠢᠨ ᠢ᠋ ᠭᠡᠯᠳᠦᠷᠢᠭᠦᠯᠵᠦ ᠬᠥᠪᠡᠭᠦᠨ ᠨᠠᠳᠠ ᠳ᠋ᠤ᠌ ᠲᠤᠰᠢᠶᠠᠨ ᠥᠭᠬᠦ ᠪᠣᠯᠪᠠᠤ ! 》ᠬᠡᠮᠡᠭᠰᠡᠨ ᠳ᠋ᠦ᠍ᠷ ᠾᠧ ᠸᠠᠩ ᠦᠭᠡ ᠳᠠᠭᠠᠵᠤ ᠵᠠᠮᠤᠬ᠎ᠠ ᠶ᠋ᠢᠨ ᠠᠮᠢᠨ ᠢ᠋ ᠭᠡᠯᠳᠦᠷᠢᠭᠦᠯᠵᠦ᠂ ᠢᠯᠠᠭᠤ ᠶ᠋ᠢᠨ ᠳᠣᠣᠷ᠎ᠠ ᠲᠤᠰᠢᠶᠠᠭᠰᠠᠨ ᠳ᠋ᠤᠷ ᠠᠨᠳᠤ ᠪᠠᠶᠠᠷ ᠦᠭᠡᠢ ᠪᠣᠯᠵᠤ ᠭᠠᠷᠴᠤ ᠡᠴᠢᠭᠡᠳ ᠬᠣᠷᠣᠭ᠎ᠠ᠂ ᠫᠣᠯᠭᠤᠲᠠᠢ᠂ ᠭᠠᠯᠪᠠ ᠂ ᠠᠰᠤᠷᠢ ᠨᠠᠷ ᠲᠤᠷ ᠥᠭᠦᠯᠡᠷᠦᠨ : 《ᠮᠠᠨ ᠤ᠋ ᠬᠡᠷᠡᠢᠳ ᠤᠯᠤᠰ ᠤ᠋ᠨ ᠮᠥᠬᠥᠵᠦ ᠡᠪᠳᠡᠷᠡᠬᠦ ᠢᠨᠦ ᠡᠭᠡᠨᠡᠭᠲᠡ ᠵᠠᠮᠤᠬ᠎ᠠ ᠨᠢᠭᠡᠨ ᠬᠥᠮᠦᠨ ᠳ᠋ᠦ᠍ᠷ ᠪᠣᠯᠪᠠ ! 》 ᠬᠡᠮᠡᠪᠡᠢ᠃ ᠡᠨᠡ ᠦᠨᠡᠬᠡᠷ : 
            ᠰᠠᠷᠠᠨ ᠬᠦᠷᠢᠶᠡᠯᠡᠪᠡᠰᠦ ᠰᠠᠭᠠᠷ ᠦᠭᠡᠢ ᠰᠠᠯᠬᠢᠨ ᠪᠣᠷᠣᠭᠠᠨ ᠠᠬᠤᠢ ᠶ᠋ᠢ 
            ᠰᠠᠶ᠋ᠢᠳ ᠮᠡᠷᠭᠡᠳ ᠰᠠᠨᠠᠭᠰᠠᠨ ᠳᠠᠷᠤᠢ ᠤᠷᠢᠳᠠᠰᠠ ᠣᠯᠵᠤ ᠮᠡᠳᠡᠮᠦᠢ ᠬᠡᠮᠡᠮᠦᠢ ᠃ 
      ᠲᠡᠨᠳᠡᠴᠡ ᠰᠣᠯᠣᠩᠭᠣᠸ᠋᠎ᠠ ᠥᠬᠢᠨ ᠠᠬ᠎ᠠ ᠶᠤᠭᠠᠨ ᠵᠠᠮᠤᠬ᠎ᠠ ᠶ᠋ᠢ ᠭᠤᠶᠤᠨ ᠠᠪᠴᠤ ᠡᠴᠢᠭᠰᠡᠨ ᠢ᠋ ᠦᠵᠡᠭᠡᠳ ᠳᠣᠲᠣᠷ᠎ᠠ ᠣᠶ᠋ᠢᠤᠠᠬᠠᠷᠯᠠᠨ᠂ ᠪᠸᠲ᠋ᠡ᠋ ᠤᠯᠤᠰ ᠤ᠋ᠨ ᠡᠵᠡᠨ ᠳ᠋ᠦ᠍ᠷ ᠬᠡᠷᠬᠢᠨ ᠤᠴᠠᠷᠠᠬᠤ ᠪᠣᠢ ᠭᠡᠮᠡᠨ ᠮᠠᠰᠢ ᠪᠤᠬᠢᠨᠢᠳᠤᠨ ᠰᠠᠨᠠᠭᠰᠠᠭᠠᠷ ᠭᠡᠨᠡᠳᠲᠡ ᠪᠠᠰᠠ ᠰᠡᠭᠦᠷᠡᠰᠦᠨ ᠠᠯᠳᠠᠬᠤᠢ ᠳ᠋ᠤᠷ ᠬᠦᠷᠪᠡ᠃ ᠶᠠᠭᠤᠨ ᠬᠡᠮᠡᠪᠡᠰᠦ ᠬᠠᠷᠠᠬᠠᠨ ᠨᠠᠢ᠍ᠮᠠᠨ ᠤᠯᠤᠰ ᠠ᠋ᠴᠠ ᠴᠡᠷᠢᠭ ᠡᠭᠡᠭᠰᠡᠨ ᠡᠴᠡ ᠬᠣᠶ᠋ᠢᠰᠢ ᠤᠷᠲᠤᠳᠠ ᠴᠡᠴᠡᠭ ᠳᠡᠯᠭᠡᠷᠡᠭᠰᠡᠨ ᠥᠷᠯᠥᠭᠡ᠂ ᠰᠠᠷᠠᠨ ᠳᠦᠭᠦᠷᠦᠭᠰᠡᠨ ᠦᠳᠡᠰᠢ ᠪᠣᠯᠪᠠᠰᠤ ᠰᠠᠯᠬᠢᠨ ᠢ᠋ ᠤᠭᠲᠤᠨ ᠰᠡᠭᠦᠳᠡᠷ ᠢ᠋ ᠬᠦᠯᠢᠶᠡᠨ ᠣᠶ᠋ᠢᠤᠠᠬᠠᠷᠯᠠᠨ ᠭᠡᠩᠭᠡᠷᠡᠵᠦ᠂ ᠲᠡᠷᠡ ᠡᠳᠦᠷ ᠦ᠋ᠨ ᠮᠣᠷᠢᠨ ᠤ᠋ ᠳᠡᠭᠡᠷᠡᠬᠢ ᠲᠡᠷᠡ ᠨᠢᠭᠡᠨ ᠵᠦᠢᠯ ᠦ᠋ᠨ ᠭᠣᠸ᠋᠎ᠠ ᠦᠵᠡᠰᠬᠦᠯᠡᠩ ᠵᠥᠭᠡᠯᠡᠨ ᠨᠠᠶ᠋ᠢᠷ ᠢ᠋ ᠤᠮᠠᠷᠲᠠᠨ ᠴᠢᠳᠠᠬᠤ ᠦᠭᠡᠢ᠃ ᠨᠢᠭᠡᠨ ᠡᠳᠦᠷ ᠾᠧ ᠸᠠᠩ ᠬᠠᠯᠠᠭᠤᠨ ᠠ᠋ᠴᠠ ᠵᠠᠶ᠋ᠢᠯᠠᠵᠤ ᠪᠤᠷᠭᠠᠰᠤᠨ ᠰᠢᠭᠤᠢ ᠶ᠋ᠢᠨ ᠭᠦᠨ᠎ᠡ ᠭᠠᠵᠠᠷ᠎ᠠ ᠪᠠᠭᠤᠳᠠᠯᠯᠠᠭᠰᠠᠨ᠎ᠠ᠂ ᠵᠤᠨ ᠤ᠋ ᠵᠣᠰᠠᠯ ᠤ᠋ᠨ ᠵᠠᠭᠤᠨ ᠵᠦᠢᠯ ᠦ᠋ᠨ ᠪᠣᠯᠵᠣᠮᠣᠷ ᠤ᠋ᠨ ᠵᠢᠷᠭᠢᠬᠦ ᠢᠨᠦ ᠮᠠᠰᠢ ᠬᠥᠭᠲᠡᠢ ᠰᠠᠢᠬᠠᠨ ᠳ᠋ᠤᠷ ᠪᠠᠰᠠ ᠠᠯᠲᠠᠨ ᠭᠤᠷᠭᠤᠤᠯᠳᠠᠢ ᠶ᠋ᠢᠨ ᠡᠭᠡᠰᠢᠭᠯᠡᠨ ᠳᠣᠩᠭᠣᠳᠬᠤ ᠠᠨᠤ ᠨᠡᠩᠳᠡ ᠤᠶᠠᠷᠠᠯᠲᠠᠢ ᠰᠠᠢᠬᠠᠨ ᠳ᠋ᠤᠷ ᠭᠡᠨᠡᠳᠲᠡ ᠪᠠᠰᠠ ᠨᠠᠢ᠍ᠮᠠᠨ ᠤᠯᠤᠰ ᠤ᠋ᠨ ᠲᠡᠷᠡ ᠠᠯᠲᠠᠨᠱᠠᠭ᠎ᠠ ᠬᠥᠪᠡᠭᠦᠨ ᠢ᠋ ᠰᠠᠨᠠᠭᠠᠯᠵᠠᠵᠤ᠂ ᠲᠤᠩᠭᠠᠯᠠᠭ ᠲᠤᠶᠠᠭᠠᠲᠤ ᠨᠠᠭᠤᠷ ᠲᠤᠷ  ᠥᠩᠭᠡᠶ᠋ᠢᠵᠦ ᠥᠪᠡᠷ ᠦ᠋ᠨ ᠵᠢᠰᠦ ᠪᠡᠨ ᠦᠵᠡᠭᠡᠳ ᠪᠠᠰᠠ ᠠᠯᠲᠠᠨᠱᠠᠭ᠎ᠠ ᠶ᠋ᠢᠨ ᠬᠥᠳᠡᠯᠵᠦ ᠠᠭᠠᠰᠢᠯᠠᠬᠤ ᠰᠠᠢᠬᠠᠨ ᠢ᠋ ᠰᠠᠨᠠᠭᠠᠯᠵᠠᠨ᠂ ᠥᠩᠭᠡ ᠵᠢᠰᠦᠨ ᠦ᠌ ᠦᠵᠡᠰᠬᠦᠯᠡᠩ ᠢ᠋ ᠮᠥᠷᠥᠭᠡᠳᠦᠨ᠂ ᠨᠡᠯᠢᠶᠡᠳ ᠰᠡᠭᠦᠷᠡᠰᠦᠨ ᠠᠯᠳᠠᠵᠤ ᠣᠯᠠᠨ ᠥᠬᠢᠳ ᠢᠨᠵᠢ ᠨᠠᠷ ᠢ᠋ᠶ᠋ᠠᠨ ᠠᠪᠴᠤ ᠠᠯᠭᠤᠷ ᠭᠢᠩᠰᠢᠨ ᠳᠠᠭᠤᠯᠠᠷᠤᠨ᠂ ᠲᠡᠷᠡ ᠳᠠᠭᠤᠨ ᠤ᠋ ᠦᠭᠡ : 
            ᠤᠭᠲᠤᠮᠠᠯ ᠪᠤᠷᠭᠠᠰᠤᠨ ᠢ᠋ ᠰᠧ 
            ᠨᠠᠭᠤᠷ ᠤ᠋ᠨ ᠬᠥᠪᠡᠭᠡᠨ ᠦ᠌  ᠰᠠᠢᠬᠠᠨ ᠢ᠋ ᠰᠧ᠂ 
            ᠨᠤᠤᠨᠵᠢᠬᠠᠨ ᠪᠡᠶ᠎ᠡ ᠶ᠋ᠢ ᠰᠧ 
            ᠨᠢᠭᠤᠯᠴᠠᠨ ᠨᠠᠭᠠᠳᠬᠤᠶ᠎ᠠ  ᠰᠠᠢᠬᠠᠨ ᠢ᠋ ᠰᠧ ᠂ 
            ᠠᠯᠲᠠᠨ ᠤ᠋ ᠭᠤᠷᠭᠤᠤᠯᠳᠠᠢ ᠶ᠋ᠢ ᠰᠧ 
            ᠠᠯᠤᠰ ᠰᠢᠭᠤᠢ ᠳ᠋ᠤᠷ  ᠰᠠᠢᠬᠠᠨ ᠢ᠋ ᠰᠧ ᠂ 
            ᠠᠷᠢᠭᠤᠨ ᠵᠢᠰᠦ ᠶ᠋ᠢ ᠰᠧ 
            ᠠᠭᠤᠯᠠ ᠤᠰᠤᠨ ᠤ᠋  ᠰᠠᠢᠬᠠᠨ ᠢ᠋ ᠰᠧ ! 
ᠭᠡᠮᠡᠨ ᠳᠠᠭᠤᠯᠠᠭᠰᠠᠷ ᠥᠪᠡᠷ ᠦ᠋ᠨ ᠭᠡᠷ ᠲᠦ᠍ᠷ  ᠢ᠋ᠶ᠋ᠡᠨ ᠢᠷᠡᠵᠦ ᠰᠡᠷᠢᠭᠦᠨ ᠰᠡᠭᠦᠳᠡᠷ ᠦ᠋ᠨ ᠵᠠᠳᠠᠭᠠᠢ ᠲᠠᠭᠲᠤ ᠳ᠋ᠤᠷ ᠰᠠᠭᠤᠵᠤ᠂ ᠨᠢᠭᠡᠨ ᠨᠠᠷᠢᠨ ᠴᠤᠭᠤᠷ ᠢ᠋ ᠪᠠᠷᠢᠵᠤ ᠪᠠᠬᠠᠨ ᠴᠤᠭᠤᠷᠳᠠᠲᠠᠯ᠎ᠠ ᠭᠠᠳᠠᠨ᠎ᠠ ᠠ᠋ᠴᠠ ᠲᠡᠷᠡ ᠤᠳᠠᠭ᠎ᠠ ᠶ᠋ᠢᠨ ᠴᠡᠷᠢᠭ ᠲᠦ᠍ᠷ ᠳᠠᠭᠠᠭᠰᠠᠨ ᠶᠡᠬᠡᠬᠡᠨ ᠡᠬᠡᠨᠡᠷ ᠬᠣᠰᠢᠭᠤᠴᠢ ᠫᠣᠯᠭᠤᠲᠠᠢ ᠶ᠋ᠢᠨ ᠡᠮ᠎ᠡ᠎ ᠡᠤᠷᠠᠨᠬᠡᠤ᠂ ᠨᠢᠭᠡᠨ ᠮᠠᠩᠨᠤᠭ ᠬᠠᠪᠲᠠᠭ᠎ᠠ ᠪᠠᠷᠢᠵᠤ ᠢᠨᠢᠶᠡᠭᠰᠡᠭᠡᠷ ᠣᠷᠣᠵᠤ ᠢᠷᠡᠭᠡᠳ ᠰᠣᠯᠣᠩᠭᠣᠸ᠋᠎ᠠ ᠶ᠋ᠢᠨ ᠵᠦᠭ ᠥᠭᠦᠯᠡᠷᠦᠨ : 《ᠠᠪᠠᠭᠠᠢ ᠶᠠᠭᠤᠨ ᠳ᠋ᠤᠷ ᠡᠶ᠋ᠢᠨ ᠬᠦ᠌ ᠣᠶ᠋ᠢᠤᠠᠬᠠᠷᠲᠠᠶ᠎ᠠ ᠴᠤᠭᠤᠷᠳᠠᠵᠤ ᠤᠷᠲᠤ ᠰᠡᠭᠦᠷᠡᠰᠦᠨ ᠠᠯᠳᠠᠮᠤᠢ? ᠨᠠᠳᠠ ᠨᠢᠭᠡᠨ ᠣᠶ᠋ᠢᠤᠠᠬᠠᠷ ᠰᠡᠷᠭᠦᠭᠡᠬᠦ ᠶᠠᠭᠤᠮ᠎ᠠ ᠪᠣᠢ ? 》 ᠬᠡᠮᠡᠭᠡᠳ ᠬᠠᠪᠲᠠᠭ᠎ᠠ ᠶ᠋ᠢ ᠡᠷᠭᠦᠨ ᠪᠠᠷᠢᠪᠠ᠃ ᠰᠣᠯᠤᠩᠭᠤᠸ᠋᠎ᠠ ᠬᠠᠪᠲᠠᠭ᠎ᠠ ᠶ᠋ᠢ ᠬᠦᠯᠢᠶᠡᠨ ᠠᠪᠴᠤ ᠠᠮᠠᠰᠠᠷ ᠢ᠋ ᠲᠦᠷ ᠨᠡᠭᠡᠭᠡᠵᠦ ᠦᠵᠡᠬᠦ ᠦᠭᠡᠢ᠂ ᠬᠠᠪᠲᠠᠭ᠎ᠠ ᠶ᠋ᠢ ᠭᠠᠷ ᠲᠤᠷ ᠢ᠋ᠶ᠋ᠠᠨ ᠪᠠᠷᠢᠵᠤ ᠠᠰᠠᠭᠤᠷᠤᠨ : 《ᠡᠭᠦᠨ ᠳ᠋ᠦ᠍ᠷ ᠶᠠᠮᠪᠠᠷ ᠶᠠᠭᠤᠮ᠎ᠠ ᠪᠣᠢ? ᠶᠠᠭᠠᠬᠢᠨ ᠮᠢᠨᠦ ᠣᠶ᠋ᠢᠤᠠᠬᠠᠷ ᠢ᠋ ᠰᠡᠷᠭᠦᠭᠡᠵᠦ ᠴᠢᠳᠠᠮᠤᠢ ᠬᠡᠮᠡᠮᠦᠢ ?  》ᠤᠷᠠᠨᠬᠡᠤ ᠡᠬᠡᠨᠡᠷ ᠮᠡᠳᠡᠭᠦᠯᠦᠷᠦᠨ : 《ᠠᠪᠠᠬᠠᠢ ᠴᠢ ᠰᠣᠨᠣᠰ᠂ ᠢᠨᠢᠶᠡᠳᠦᠮ ᠪᠤᠰᠤ ‍ᠤᠤ?  ᠮᠢᠨᠦ ᠨᠥᠬᠥᠷ ᠬᠣᠰᠢᠭᠤᠴᠢ ᠫᠣᠯᠭᠤᠲᠠᠢ ᠶ᠋ᠢ ᠨᠠᠢ᠍ᠮᠠᠨ ᠤ᠋ ᠴᠡᠷᠢᠭ ᠪᠠᠷᠢᠵᠤ ᠠᠪᠠᠴᠢᠭᠠᠳ ᠠᠯᠠᠬᠤ ᠳ᠋ᠤᠷ ᠬᠦᠷᠦᠭᠰᠡᠨ ᠢ᠋ ᠬᠠᠷᠢᠨ ᠡᠨᠡ ᠬᠠᠪᠤᠷ ᠤ᠋ᠨ ᠪᠠᠶ᠋ᠢᠯᠲᠤᠭᠠᠨ ᠳ᠋ᠤᠷ ᠤᠴᠠᠷᠠᠭᠰᠠᠨ ᠲᠡᠷᠡ ᠰᠠᠢᠬᠠᠨ ᠬᠥᠪᠡᠭᠦᠨ ᠠᠮᠢᠨ ᠢ᠋ ᠠᠨᠤ ᠭᠡᠯᠳᠦᠷᠢᠭᠦᠯᠵᠦ᠂ ᠬᠡᠲᠦᠶ᠋ᠢᠴᠢᠨᠡᠭᠡᠨ ᠡᠳᠦᠷ ᠰᠢᠷᠬ᠎ᠠ ᠶ᠋ᠢ ᠠᠨᠤ ᠰᠤᠪᠢᠯᠠᠨ ᠰᠠᠢᠨ ᠪᠣᠯᠭᠠᠵᠤ᠂ ᠬᠦᠨᠡᠰᠦ ᠪᠠ ᠮᠥᠩᠭᠥ ᠮᠣᠷᠢ ᠥᠭᠭᠦᠭᠡᠳ ᠡᠨᠡ ᠨᠢᠭᠡᠨ ᠪᠡᠯᠡᠭ ᠢ᠋ ᠠᠪᠠᠬᠠᠢ ᠶ᠋ᠢᠨ ᠰᠠᠢᠨ ᠢ᠋ ᠠᠰᠠᠭᠤᠵᠤ ᠪᠡᠷᠢ᠂ ᠬᠣᠶᠠᠷ ᠤᠯᠤᠰ ᠰᠠᠢᠨ ᠢ᠋ᠶ᠋ᠠᠷ ᠵᠣᠬᠢᠴᠠᠵᠤ ᠰᠠᠢᠨ ᠪᠣᠯᠬᠤ ᠪᠡᠯᠡᠭ᠂ ᠰᠤᠨᠵᠢᠭᠤᠷᠢᠲᠤ ᠶᠠᠭᠤᠮ᠎ᠠ ᠪᠤᠰᠤ ᠭᠡᠮᠡᠨ ᠥᠭᠴᠦᠬᠦᠢ᠃ ᠲᠡᠷᠡ ᠬᠠᠷᠢᠨ ᠴᠡᠷᠢᠭ ᠦ᠋ᠨ ᠤᠴᠢᠷ ᠡᠵᠡᠨ ᠢ᠋ ᠨᠡᠬᠡᠵᠦ ᠡᠴᠢᠭᠡᠳ ᠥᠭᠡᠳᠡ ᠤᠷᠤᠭᠤ ᠳᠣᠪᠲᠣᠯᠤᠭᠰᠠᠭᠠᠷ ᠨᠢᠭᠡᠮᠦᠰᠦᠨ ᠤᠮᠠᠷᠲᠠᠭᠠᠳ ᠥᠴᠥᠭᠡᠳᠦᠷ ᠪᠢ ᠲᠡᠭᠦᠨ ᠦ᠌ ᠬᠤᠪᠴᠠᠰᠤ ᠶ᠋ᠢ ᠬᠠᠯᠠᠬᠤᠢ ᠳ᠋ᠤᠷ ᠦᠵᠡᠪᠡᠰᠦ ᠳᠣᠲᠣᠭᠠᠳᠤ ᠡᠩᠭᠡᠷ ᠲᠣᠷ ᠡᠨᠡ ᠬᠠᠪᠲᠠᠭ᠎ᠠ ᠪᠣᠢ ᠲᠤᠯᠠ ᠪᠢ ᠲᠡᠭᠦᠨ ᠡᠴᠡ ᠠᠰᠠᠭᠤᠭᠰᠠᠨ ᠳ᠋ᠤᠷ ᠲᠡᠷᠡ ᠭᠡᠨᠡᠳᠲᠡ ᠰᠠᠨᠠᠭᠠᠯᠵᠠᠵᠤ᠂ ᠶᠡᠬᠡᠯ᠎ᠡ ᠴᠢᠬᠤᠯᠳᠠᠨ ᠲᠦᠷᠭᠡᠨ᠎ᠡ ᠠᠪᠠᠬᠠᠢ ᠳ᠋ᠤᠷ ᠠᠪᠠᠴᠢᠵᠤ ᠪᠡᠷᠢ᠂ ᠴᠡᠷᠢᠭ ᠦ᠋ᠨ ᠬᠦᠷᠢᠶ᠎ᠡ ᠳ᠋ᠦ᠍ᠷ ᠶᠠᠭᠠᠷᠠᠯ ᠮᠡᠩᠲᠡᠨᠢᠯ ᠳ᠋ᠦ᠍ᠷ ᠰᠠᠭᠠᠲᠠᠵᠤ ᠳᠠᠷᠤᠢ ᠳ᠋ᠤᠷ ᠠᠪᠠᠴᠢᠵᠤ ᠪᠠᠷᠢᠨ ᠵᠠᠪᠳᠤᠭᠰᠠᠨ ᠦᠭᠡᠢ ᠬᠡᠮᠡᠮᠦᠢ᠂ ᠠᠪᠠᠬᠠᠢ ᠨᠡᠭᠡᠭᠡᠵᠦ ᠦᠵᠡᠭᠲᠦᠨ᠂ ᠮᠠᠰᠢ ᠬᠦᠨᠳᠦ᠂ ᠳᠣᠲᠣᠷ᠎ᠠ ᠶᠠᠮᠪᠠᠷ ᠶᠠᠭᠤᠮ᠎ᠠ ᠪᠣᠯᠪᠠ?  》 ᠬᠡᠮᠡᠬᠦᠢ ᠳ᠋ᠦ᠍ᠷ ᠰᠣᠯᠤᠩᠭᠤᠸ᠋᠎ᠠ ᠰᠣᠴᠢᠬᠤ ᠪᠥᠭᠡᠳ ᠪᠠᠶᠠᠷᠯᠠᠵᠤ᠂ ᠰᠣᠨᠢᠷᠬᠠᠨ ᠪᠥᠭᠡᠳ ᠡᠮᠢᠶᠡᠵᠦ᠂ ᠬᠠᠪᠲᠠᠭ᠎ᠠ ᠶ᠋ᠢᠨ ᠠᠮᠠᠰᠠᠷ ᠢ᠋ ᠬᠠᠨᠵᠠᠯᠠᠵᠤ ᠳᠣᠲᠣᠷᠠᠬᠢ ᠶᠠᠭᠤᠮ᠎ᠠ ᠶ᠋ᠢ ᠭᠠᠷᠭᠠᠵᠤ ᠦᠵᠡᠪᠡᠰᠦ᠂ ᠰᠣᠯᠭᠣ ᠴᠠᠭᠠᠰᠤᠨ ᠳ᠋ᠤᠷ ᠪᠠᠭᠯᠠᠭᠰᠠᠨ ᠤ᠋ ᠳᠣᠲᠣᠷ᠎ᠠ ᠨᠢᠭᠡᠨ ᠰᠢᠵᠢᠷ ᠠᠯᠲᠠᠨ ᠤ᠋ ᠡᠷᠡᠬᠡᠢᠪᠴᠢ ᠪᠣᠢ᠂ ᠥᠩᠭᠡ ᠭᠡᠷᠡᠯ ᠳ᠋ᠦ᠍ᠷ ᠨᠢᠳᠦ ᠵᠢᠷᠭᠡᠯᠡᠮᠦᠢ᠃ ᠰᠣᠯᠤᠩᠭᠤᠸ᠋᠎ᠠ ᠶ᠋ᠢᠨ ᠰᠡᠳᠬᠢᠯ ᠨᠢᠳᠦᠨ ᠦ᠌ ᠬᠠᠷᠠᠯᠲᠠ ᠶ᠋ᠢ ᠳᠠᠭᠠᠨ ᠬᠥᠳᠡᠯᠵᠦ ᠪᠠᠰᠠ ᠦᠵᠡᠪᠡᠰᠦ ᠠᠯᠲᠠᠨ ᠡᠷᠬᠡᠢᠪᠴᠢ ᠶ᠋ᠢᠨ ᠳᠡᠭᠡᠷ᠎ᠡ ᠨᠢᠭᠡᠨ ᠮᠤᠰᠬᠢᠶ᠎ᠠ ᠲᠠᠪᠤᠨ ᠥᠩᠭᠡ ᠶ᠋ᠢᠨ ᠤᠩᠭᠠᠷᠢᠯ ᠲᠣᠷᠭᠠᠨ ᠤᠲᠠᠰᠤ ᠶ᠋ᠢ ᠵᠠᠩᠭᠢᠳᠤᠨ ᠤᠶᠠᠵᠤᠬᠤᠢ᠃ 
      ᠰᠣᠯᠤᠩᠭᠤᠸ᠋᠎ᠠ ᠭᠠᠷ ᠠ᠋ᠴᠠ ᠦᠯᠦ ᠰᠠᠯᠭᠠᠨ ᠦᠵᠡᠭᠰᠡᠭᠡᠷ ᠭᠡᠨᠡᠳᠲᠡ ᠲᠡᠭᠦᠨ  ᠦ᠌ ᠤᠬᠠᠭᠠᠨ ᠢ᠋ ᠣᠯᠵᠤ ᠮᠡᠳᠡᠭᠡᠳ ᠰᠠᠨᠠᠮᠰᠠᠷ ᠦᠭᠡᠶ᠎ᠡ ᠨᠢᠳᠦᠨ ᠦ᠌ ᠨᠢᠯᠪᠤᠰᠤᠨ ᠰᠡᠳᠬᠢᠯ ᠦ᠋ᠨ ᠠᠶ᠎ᠠ ᠶ᠋ᠢ ᠳᠠᠭᠠᠵᠤ ᠥᠩᠬᠥᠷᠢᠨ ᠤᠨᠠᠵᠤ ᠢᠷᠡᠪᠡ᠃ ᠡᠭᠦᠨ ᠳ᠋ᠦ᠍ᠷ ᠲᠡᠷᠡ ᠤᠷᠠᠨᠬᠡᠤ ᠡᠮ᠎ᠡ ᠤᠴᠢᠷ ᠢ᠋ ᠤᠬᠠᠬᠤ ᠦᠭᠡᠢ ᠲᠤᠯᠠ ᠥᠭᠦᠯᠡᠷᠦᠨ:《ᠲᠡᠷᠡ ᠰᠠᠢᠬᠠᠨ ᠠᠯᠲᠠᠨ ᠬᠥᠪᠡᠭᠦᠨ ᠪᠠᠰᠠ ᠰᠣᠨᠢᠨ᠂ ᠮᠠᠨ ᠤ᠋ ᠠᠪᠠᠬᠠᠢ ᠶ᠋ᠢ ᠬᠠᠷᠪᠤᠵᠤ ᠨᠠᠮᠨᠠᠬᠤᠢ ᠳ᠋ᠤᠷ ᠰᠠᠢᠨ ᠭᠡᠮᠡᠨ ᠠᠯᠲᠠᠨ ᠡᠷᠡᠬᠡᠢᠪᠴᠢ ᠢᠯᠡᠭᠡᠪᠡ ᠬᠡᠮᠡᠬᠦᠯ᠎ᠡ ᠶᠠᠭᠤᠨ ᠳ᠋ᠤᠷ ᠳᠡᠭᠡᠷ᠎ᠡ ᠢᠨᠦ ᠲᠡᠶ᠋ᠢᠮᠦ ᠲᠠᠪᠤᠨ ᠥᠩᠭᠡ ᠶ᠋ᠢᠨ ᠲᠣᠷᠭᠠᠨ ᠤᠲᠠᠰᠤ ᠵᠠᠩᠭᠢᠳᠤᠭᠰᠠᠨ ᠠᠵᠢ ? 》ᠬᠡᠮᠡᠬᠦᠢ ᠳ᠋ᠦ᠍ᠷ ᠰᠣᠯᠤᠩᠭᠤᠸ᠋᠎ᠠ ᠤᠷᠲᠤ ᠰᠡᠭᠦᠷᠡᠰᠦᠨ ᠠᠯᠳᠠᠵᠤ ᠥᠭᠦᠯᠡᠷᠦᠨ : 《ᠴᠢ ᠣᠯᠵᠤ ᠮᠡᠳᠡᠬᠦ ᠦᠭᠡᠢ ᠪᠣᠯᠠᠢ ! ᠲᠡᠭᠦᠨ ᠦ᠌ ᠰᠠᠨᠠᠭ᠎ᠠ ᠬᠡᠷᠡᠭᠯᠡᠭᠰᠡᠨ ᠠᠨᠤ ᠮᠠᠰᠢ ᠭᠦᠨ᠂ ᠮᠠᠰᠢ ᠬᠣᠯᠠ ᠪᠤᠶᠤ ! ᠡᠭᠦᠨ ᠢ᠋ ᠦᠵᠡᠬᠦᠢ ᠳ᠋ᠦ᠍ᠷ ᠬᠡᠳᠦᠢ ᠬᠣᠶᠠᠷ ᠶᠠᠭᠤᠮ᠎ᠠ ᠪᠣᠯᠪᠠᠴᠤ ᠲᠡᠭᠦᠨ ᠦ᠌ ᠪᠡᠶ᠎ᠡ ᠪᠠ ᠮᠢᠨᠦ ᠪᠡᠶ᠎ᠡ ᠲᠡᠢ ᠣᠷᠣᠭᠤᠯᠵᠤ ᠳᠥᠷᠪᠡᠨ ᠦᠭᠡ ᠶ᠋ᠢᠨ ᠲᠣᠪᠴᠢᠶᠠᠲᠤ ᠣᠨᠢᠰᠣᠭ᠎ᠠ ᠦᠭᠡ ᠪᠣᠯᠭᠠᠨ ᠢᠯᠡᠭᠡᠵᠦᠬᠦᠢ ! 》 ᠤᠷᠠᠨᠬᠡᠤ ᠡᠬᠡᠨᠡᠷ ᠶᠡᠬᠡᠯ᠎ᠡ ᠭᠠᠶ᠋ᠢᠬᠠᠵᠤ ᠤᠴᠢᠷ ᠢ᠋ ᠠᠰᠠᠭᠤᠭᠰᠠᠨ ᠳ᠋ᠤᠷ ᠰᠣᠯᠤᠩᠭᠤᠸ᠋᠎ᠠ ᠥᠭᠦᠯᠡᠷᠦᠨ : 《ᠡᠨᠡ ᠠᠯᠲᠠᠨ ᠡᠷᠡᠬᠡᠢᠪᠴᠢ ᠢᠨᠦ ᠠᠯᠲᠠᠨ ᠬᠡᠮᠡᠭᠴᠢ ᠲᠡᠭᠦᠨ ᠦ᠌ ᠨᠡᠷ᠎ᠡ᠂ ᠡᠷᠡᠬᠡᠢᠪᠴᠢ ᠬᠡᠮᠡᠭᠴᠢ ᠡᠷᠬᠡᠪᠰᠢ ᠬᠡᠮᠡᠬᠦ ᠦᠭᠡ ① ᠵᠢᠴᠢ ᠲᠠᠪᠤᠨ ᠥᠩᠭᠡ ᠢᠨᠦ ᠰᠣᠯᠣᠩᠭ᠎ᠠ ᠶ᠋ᠢᠨ ᠥᠩᠭᠡ᠂ ᠰᠣᠯᠣᠩᠭ᠎ᠠ ᠬᠡᠮᠡᠭᠴᠢ ᠮᠢᠨᠦ ᠨᠡᠷ᠎ᠡ ᠪᠤᠰᠤ ‍ᠤᠤ ? ᠤᠲᠠᠰᠤ ᠶ᠋ᠢ ᠡᠷᠡᠬᠡᠢᠪᠴᠢ ᠳᠡᠭᠡᠷ᠎ᠡ ᠤᠶᠠᠭᠰᠠᠨ ᠠᠨᠤ <ᠠᠯᠲᠠᠨ ᠡᠷᠬᠡᠪᠰᠢ ᠰᠣᠯᠣᠩᠭ᠎ᠠ ᠯᠤᠭ᠎ᠠ ᠵᠠᠩᠭᠢᠳᠤᠮᠤᠢ> ᠬᠡᠮᠡᠭᠰᠡᠨ ᠳᠥᠷᠪᠡᠨ ᠦᠭᠡ ᠪᠣᠯᠬᠤ ᠪᠣᠯᠠᠢ᠂ ᠠᠶ᠎ᠠ ᠲᠡᠭᠦᠨ ᠦ᠌ ᠰᠡᠳᠬᠢᠯ ᠶᠠᠭᠤ ᠲᠠᠢ ᠡᠶ᠋ᠢᠮᠦ ᠬᠦᠨᠳᠦ ᠠᠵᠢ ! ᠠᠢ ᠭᠠᠭᠴᠠ ᠮᠢᠨᠦ ᠡᠴᠢᠭᠡ ᠶᠠᠭᠤᠨ ᠤ᠋ ᠲᠠᠨ ᠯᠤᠭ᠎ᠠ ᠤᠷᠤᠭ ᠪᠠᠷᠢᠬᠤ ᠠᠵᠢ ! 》 ᠭᠡᠮᠡᠨ ᠬᠡᠯᠡᠭᠰᠡᠭᠡᠷ ᠨᠢᠳᠦᠨ ᠦ᠌ ᠨᠢᠯᠪᠤᠰᠤᠨ ᠪᠠᠰᠠ ᠳᠠᠭᠤᠨ ᠤ᠋ ᠠᠶᠠᠯᠭᠤ ᠶ᠋ᠢ ᠳᠠᠭᠠᠵᠤ ᠪᠠᠭᠤᠨ ᠢᠷᠡᠪᠡᠢ᠃ ᠲᠡᠷᠡ ᠡᠬᠡᠨᠡᠷ ᠡᠨᠡ ᠦᠭᠡ ᠶ᠋ᠢ ᠰᠣᠨᠣᠰᠤᠭᠠᠳ ᠡᠨᠡ ᠨᠢᠭᠡᠨ ᠬᠣᠣᠰ ᠬᠥᠪᠡᠭᠦᠨ ᠥᠬᠢᠨ ᠬᠣᠶᠠᠭᠤᠯᠠ ᠶ᠋ᠢᠨ ᠤᠬᠠᠭᠠᠨ ᠰᠠᠨᠠᠭᠠᠨ ᠡᠨᠡ ᠮᠡᠲᠦ ᠲᠡᠩᠴᠡᠭᠰᠡᠨ ᠢ᠋ ᠦᠵᠡᠭᠡᠳ ᠶᠡᠬᠡᠯ᠎ᠡ ᠭᠠᠶ᠋ᠢᠬᠠᠵᠤ ᠪᠠᠰᠠ ᠲᠡᠳᠡ ᠬᠣᠶᠠᠭᠤᠯᠠ ᠶ᠋ᠢᠨ ᠲᠥᠯᠥᠭᠡ ᠦᠷᠦ ᠡᠪᠡᠳᠴᠦ ᠬᠠᠷᠠᠬᠠᠨ ᠨᠥᠬᠥᠷ ᠬᠢᠵᠦ ᠰᠡᠭᠦᠷᠡᠰᠦᠨ ᠠᠯᠲᠠᠨ ᠨᠢᠳᠦᠨ ᠢ᠋ᠶ᠋ᠡᠨ ᠠᠷᠴᠢᠬᠤᠶ᠎ᠠ ᠭᠡᠨᠡᠳᠲᠡ ᠥᠬᠢᠳ ᠢᠷᠡᠵᠦ ᠰᠣᠯᠤᠩᠭᠤᠸ᠋᠎ᠠ ᠶ᠋ᠢ ᠾᠧ ᠸᠠᠩ ᠳᠠᠭᠤᠳᠠᠮᠤᠢ ᠬᠡᠮᠡᠬᠦᠢ ᠳ᠋ᠦ᠍ᠷ ᠰᠣᠯᠤᠩᠭᠤᠸ᠋᠎ᠠ ᠶᠠᠭᠠᠷᠠᠨ ᠡᠷᠡᠬᠡᠶ᠋ᠢᠪᠴᠢ ᠬᠠᠪᠲᠠᠭ᠎ᠠ ᠶ᠋ᠢ ᠬᠣᠷᠢᠶᠠᠨ ᠠᠪᠴᠤ ᠡᠮᠦᠨ᠎ᠡ ᠦᠷᠭᠦᠭᠡᠨ ᠳ᠋ᠦ᠍ᠷ ᠢᠷᠡᠪᠡ᠃   

– – – – 
① ᠬᠣᠢᠳᠤ ᠭᠠᠵᠠᠷ ᠤᠨ ᠵᠠᠷᠢᠮ ᠬᠥᠮᠥᠨ ᠴᠠᠭᠠᠨ ᠬᠡᠮᠡᠬᠦ ᠶᠢ ᠱᠠᠭᠠᠨ᠂ ᠴᠢ ᠪᠢ ᠶᠢ ᠰᠢ ᠪᠢ ᠭᠡᠬᠦ ᠪᠤᠶᠤ᠃


       ᠦᠵᠡᠰᠡ ᠴᠠᠴᠠᠷ ᠠᠭᠤᠯᠠᠨ ᠤ᠋ ᠪᠠᠶ᠋ᠢᠯᠲᠤᠭᠠᠨ ᠳ᠋ᠤᠷ ᠪᠦᠬᠦ ᠪᠡᠯᠭᠦᠳᠡᠢ᠂ ᠰᠣᠯᠤᠩᠭᠤᠸ᠋᠎ᠠ ᠶ᠋ᠢᠨ ᠠᠰᠤᠷᠤ ᠭᠣᠸ᠋᠎ᠠ ᠰᠠᠢᠬᠠᠨ ᠢ᠋ ᠦᠵᠡᠭᠡᠳ ᠡᠮ᠎ᠡ ᠪᠣᠯᠭᠠᠨ ᠭᠤᠶᠤᠰᠤᠭᠠᠢ ᠭᠡᠮᠡᠨ ᠥᠭᠡᠯᠦᠨ ᠥᠵᠢᠨ ᠳ᠋ᠦ᠍ᠷ ᠮᠡᠳᠡᠭᠦᠯᠦᠭᠰᠡᠨ ᠢ᠋ ᠲᠠᠶ᠋ᠢᠽᠦ ᠰᠣᠨᠣᠰᠴᠤ ᠬᠣᠩᠬᠣᠲᠠᠨ ᠤ᠋ ᠮᠡᠩᠭᠡᠯᠢᠭ ᠵᠢᠴᠢ ᠲᠡᠮᠳᠡᠭ ᠥᠳᠥ ᠬᠠᠳᠬᠤᠭᠰᠠᠨ ᠬᠢᠶ᠎ᠡ ᠰᠢᠳᠠᠷ ᠳᠠᠭᠠᠭᠰᠠᠳ ᠠᠷᠭᠠᠰᠤᠨ ᠤ᠋ ᠬᠣᠷᠭᠣᠯᠵᠢ ᠶ᠋ᠢ ᠵᠠᠭᠤᠴᠢ ᠪᠣᠯᠭᠠᠨ ᠰᠣᠯᠤᠩᠭᠤᠸ᠋᠎ᠠ ᠶ᠋ᠢ ᠭᠤᠶᠤᠰᠤᠭᠠᠢ ᠭᠡᠮᠡᠨ ᠢᠯᠡᠭᠡᠭᠰᠡᠨ ᠳ᠋ᠦ᠍ᠷ ᠾᠧ ᠸᠠᠩ ᠲᠦᠷ ᠥᠪᠡᠷ᠎ᠡ ᠪᠠᠭᠤᠳᠠᠯᠯᠠᠭᠤᠯᠤᠭᠠᠳ ᠡᠬᠡ ᠦᠭᠡᠢ ᠥᠨᠥᠴᠢᠨ ᠥᠬᠢᠨ ᠰᠣᠯᠤᠩᠭᠤᠸ᠋᠎ᠠ ᠠ᠋ᠴᠠ ᠳᠤᠷ᠎ᠠ ᠶ᠋ᠢ ᠠᠰᠠᠭᠤᠰᠤᠭᠠᠢ ᠭᠡᠮᠡᠨ ᠳᠠᠭᠤᠳᠠᠭᠰᠠᠨ ᠠᠵᠤᠭᠤ᠃ ᠰᠣᠯᠤᠩᠭᠤᠸ᠋᠎ᠠ ᠢᠷᠡᠵᠦ ᠶᠣᠰᠣ ᠬᠢᠵᠦ ᠰᠠᠭᠤᠭᠰᠠᠨ ᠬᠣᠶ᠋ᠢᠨ᠎ᠠ᠂ ᠾᠧ ᠸᠠᠩ ᠥᠭᠦᠯᠡᠷᠦᠨ: 《ᠬᠥᠪᠡᠭᠦᠨ ᠥᠰᠪᠡᠰᠦ ᠪᠡᠷᠢ ᠠᠪᠬᠤ᠂ ᠬᠡᠦᠬᠡᠨ ᠦᠰᠪᠡᠰᠦ ᠬᠠᠷᠢ ᠳ᠋ᠤᠷ ᠥᠭᠬᠦ ᠢᠨᠦ ᠡᠷᠲᠡᠨ ᠡᠴᠡ ᠲᠣᠭᠲᠠᠭᠰᠠᠨ ᠶᠣᠰᠣ᠂ ᠡᠳᠦᠭᠡ ᠬᠡᠦᠬᠡᠨ ᠴᠢ ᠪᠠᠰᠠ ᠶᠡᠬᠡ ᠪᠣᠯᠬᠤ ᠰᠢᠬᠠᠪᠠ᠂ ᠬᠠᠷᠢ ᠳ᠋ᠤᠷ ᠥᠭᠬᠦ ᠶ᠋ᠢ ᠮᠥᠨ ᠬᠡᠯᠡᠯᠴᠡᠬᠦ ᠴᠠᠭ ᠪᠣᠯᠵᠤᠬᠤᠢ᠃ ᠡᠳᠦᠭᠡ ᠪᠸᠲ᠋ᠡ᠋ ᠤᠯᠤᠰ ᠤ᠋ᠨ ᠡᠵᠡᠨ ᠲᠡᠮᠦᠵᠢᠨ᠂ ᠳᠡᠭᠦᠦ ᠪᠡᠯᠭᠦᠳᠡᠢ ᠳ᠋ᠡᠭᠡᠨ ᠴᠢᠮᠠᠶ᠋ᠢ ᠭᠣᠶᠣᠰᠤᠭᠠᠢ ᠭᠡᠮᠡᠨ ᠵᠠᠭᠤᠴᠢ ᠢᠯᠡᠭᠡᠵᠦᠬᠦᠢ᠃ ᠪᠢ ᠰᠠᠨᠠᠪᠠᠰᠤ ᠪᠸᠲ᠋ᠡ᠋ ᠤᠯᠤᠰ ᠬᠡᠮᠡᠭᠴᠢ ᠮᠠᠨ ᠳ᠋ᠤᠷ ᠵᠢᠷᠭᠤᠭᠠᠨ ᠵᠡᠷᠭᠡ ᠶ᠋ᠢᠨ ᠶᠡᠬᠡ ᠠᠴᠢᠲᠤ ᠤᠯᠤᠰ ᠪᠥᠭᠡᠳ ᠪᠠᠰᠠ ᠴᠤ᠌ ᠬᠠᠭᠠᠨ ᠢᠵᠠᠭᠤᠷᠲᠤ ᠬᠢᠶᠦᠳ ᠶᠠᠰᠤᠲᠠᠨ ᠲᠤᠯᠠ ᠤᠷᠤᠭ ᠪᠠᠷᠢᠯᠳᠤᠬᠤᠢ ᠳ᠋ᠤᠷ ᠮᠠᠰᠢ ᠵᠣᠬᠢᠰᠲᠠᠢ ᠡᠷᠬᠢᠮ᠂ ᠭᠠᠭᠴᠠ ᠬᠡᠦᠬᠡᠨ ᠴᠢᠨᠦ ᠲᠥᠷᠥᠭᠰᠡᠨ ᠡᠬᠡ ᠥᠩᠭᠡᠷᠡᠵᠦ᠂ ᠬᠣᠶ᠋ᠢᠲᠤ ᠡᠬᠡ ᠶ᠋ᠢᠨ ᠭᠠᠷ ᠲᠤᠷ ᠪᠦᠬᠦᠢ ᠳ᠋ᠦ᠍ᠷ ᠡᠴᠢᠭᠡ ᠴᠢᠨᠦ ᠥᠪᠡᠷ ᠢ᠋ᠶ᠋ᠡᠨ ᠠᠰᠠᠭᠤᠮᠤᠢ᠂ ᠴᠢ ᠤᠬᠠᠭᠠᠨ ᠦᠭᠡᠢ ᠬᠥᠮᠦᠨ ᠪᠤᠰᠤ᠂ ᠰᠠᠨᠠᠭᠠᠨ ᠳ᠋ᠤᠷ ᠵᠣᠬᠢᠰᠲᠠᠢ ᠪᠠ ᠵᠣᠬᠢᠰ ᠦᠭᠡᠢ ᠶ᠋ᠢ ᠡᠴᠢᠭᠡ ᠳ᠋ᠡᠭᠡᠨ ᠨᠢᠭᠡ ᠦᠭᠡ ᠬᠡᠯᠡᠪᠡᠰᠦ ᠵᠣᠬᠢᠮᠤᠢ᠃ 》ᠬᠡᠮᠡᠭᠰᠡᠨ ᠳ᠋ᠦ᠍ᠷ ᠰᠣᠯᠤᠩᠭᠤᠸ᠋᠎ᠠ ᠣᠭᠲᠣ ᠳᠠᠭᠤᠨ ᠭᠠᠷᠬᠤ ᠦᠭᠡᠢ ᠬᠠᠭᠠᠰ ᠴᠠᠭ ᠳᠣᠷᠣᠭᠰᠢ ᠬᠠᠨᠳᠤᠵᠤ ᠲᠦᠳᠡᠭᠡᠯᠵᠡᠨ ᠪᠣᠳᠣᠭᠠᠳ ᠰᠠᠶᠢ ᠥᠭᠦᠯᠡᠷᠦᠨ: 《ᠥᠬᠢᠨ ᠬᠥᠪᠡᠭᠦᠨ ᠦ᠌ ᠬᠡᠷᠡᠭ ᠢ᠋ ᠤᠭ ᠠ᠋ᠴᠠ ᠡᠴᠢᠭᠡ ᠮᠡᠳᠡᠵᠦ ᠶᠠᠪᠤᠮᠤᠢ᠂ ᠭᠠᠭᠴᠠ ᠨᠢᠭᠡᠨ ᠨᠠᠰᠤᠨ ᠤ᠋ ᠬᠡᠷᠡᠭ ᠲᠤᠯᠠ ᠡᠰᠡ ᠬᠢᠨᠠᠪᠠᠰᠤ ᠪᠣᠯᠬᠤ ᠦᠭᠡᠢ᠂ ᠡᠨᠡ ᠡᠳᠦᠷ ᠡᠴᠢᠭᠡ ᠸᠠᠩ ᠬᠡᠦᠬᠡᠨ ᠨᠠᠮᠠᠶ᠋ᠢ ᠡᠬᠡ ᠦᠭᠡᠢ ᠥᠨᠥᠴᠢᠨ ᠥᠬᠢᠨ ᠭᠡᠮᠡᠨ ᠡᠰᠡ ᠥᠷᠥᠰᠢᠶᠡᠨ ᠠᠰᠠᠭᠤᠭᠰᠠᠨ ᠦᠭᠡᠢ ᠪᠥᠭᠡᠰᠦ ᠮᠡᠳᠡᠭᠦᠯᠵᠦ ᠴᠢᠳᠠᠬᠤ ᠦᠭᠡᠢ ᠪᠥᠯᠥᠭᠡ᠃ ᠡᠳᠦᠭᠡ ᠨᠢᠭᠡᠨᠲᠡ ᠡᠨᠡ ᠮᠡᠲᠦ ᠥᠷᠥᠰᠢᠶᠡᠵᠦ ᠬᠡᠦᠬᠡᠨ ᠮᠢᠨᠦ ᠦᠨᠡᠨ ᠰᠠᠨᠠᠭᠠᠨ ᠢ᠋ ᠠᠰᠠᠭᠤᠬᠤ ᠲᠤᠯᠠ ᠣᠳᠣ ᠡᠰᠡ ᠮᠡᠳᠡᠭᠦᠯᠪᠡᠰᠦ ᠪᠣᠯᠬᠤ ᠦᠭᠡᠢ ᠳ᠋ᠦ᠍ᠷ ᠬᠦᠷᠴᠦᠬᠦᠢ᠃ ᠲᠡᠷᠡ ᠤᠳᠠᠭ᠎ᠠ ᠬᠡᠦᠬᠡᠨ ᠪᠢ ᠠᠬ᠎ᠠ ᠶ᠋ᠢ ᠳᠠᠭᠠᠵᠤ ᠨᠠᠢ᠍ᠮᠠᠨ ᠤᠯᠤᠰ ᠢ᠋ ᠳᠠᠶ᠋ᠢᠯᠠᠬᠤ ᠲᠤᠬᠠᠢ᠂ ᠲᠠᠶ᠋ᠢᠶᠠᠩ ᠬᠠᠭᠠᠨ ᠤ᠋ ᠬᠥᠪᠡᠭᠦᠨ ᠠᠯᠲᠠᠨᠱᠠᠭ᠎ᠠ ᠬᠡᠦᠬᠡᠨ ᠨᠠᠮᠠᠶ᠋ᠢ ᠨᠢᠭᠡᠨ ᠰᠤᠮᠤ ᠬᠠᠷᠪᠤᠬᠤᠢ ᠳ᠋ᠤᠷ ᠬᠡᠦᠬᠡᠨ ᠪᠢ ᠲᠣᠰᠴᠤ ᠠᠪᠤᠨ ᠦᠵᠡᠪᠡᠰᠦ ᠬᠠᠷᠢᠨ ᠵᠡᠪᠡ ᠶ᠋ᠢ ᠮᠤᠯᠲᠤᠯᠤᠨ ᠠᠪᠤᠭᠠᠳ ᠬᠣᠭᠣᠰᠣᠨ ᠰᠤᠮᠤᠨ ᠤ᠋ ᠮᠡᠰᠡ ᠪᠡᠷ ᠬᠠᠷᠪᠤᠭᠰᠠᠨ ᠠᠵᠤᠭᠤ᠃ ᠡᠳᠦᠭᠡ ᠫᠣᠯᠭᠤᠲᠠᠢ ᠶ᠋ᠢᠨ ᠰᠢᠷᠬ᠎ᠠ ᠶ᠋ᠢ ᠰᠤᠪᠢᠯᠠᠭᠤᠯᠵᠤ ᠰᠠᠢᠨ ᠪᠣᠯᠭᠠᠭᠠᠳ ᠲᠠᠯᠪᠢᠵᠤ ᠢᠯᠡᠭᠡᠬᠦᠢ ᠳ᠋ᠦ᠍ᠷ ᠪᠠᠰᠠ ᠠᠯᠲᠠᠨ ᠡᠷᠡᠬᠡᠶ᠋ᠢᠪᠴᠢ ᠢᠯᠡᠭᠡᠵᠦ᠂ ᠬᠣᠶᠠᠷ ᠤᠯᠤᠰ ᠰᠠᠢᠨ ᠢ᠋ᠶ᠋ᠠᠷ ᠡᠶᠡᠳᠦᠵᠦ ᠨᠠᠶ᠋ᠢᠷᠠᠮᠲᠠᠭᠤ ᠶᠠᠪᠤᠰᠤᠭᠠᠢ ᠬᠡᠮᠡᠵᠦᠬᠦᠢ᠃ ᠬᠡᠦᠬᠡᠨ ᠪᠢ ᠮᠥᠨ ᠪᠡᠶ᠎ᠡ ᠳ᠋ᠦ᠍ᠷ ᠬᠦᠷᠬᠦ ᠰᠢᠬᠠᠭᠰᠠᠨ ᠪᠥᠭᠡᠳ ᠡᠨᠡ ᠵᠡᠷᠭᠡ ᠶ᠋ᠢᠨ ᠡᠴᠢᠨ᠎ᠡ ᠳᠠᠯᠳᠠ ᠪᠠᠷ ᠢᠯᠡᠭᠡᠭᠰᠡᠨ ᠡᠳ᠋ ᠢ᠋ ᠡᠴᠢᠭᠡ ᠡᠬᠡ ᠳ᠋ᠦ᠍ᠷ ᠮᠡᠳᠡᠭᠦᠯᠦᠯ ᠦᠭᠡᠢ ᠪᠡᠷ ᠬᠦᠯᠢᠶᠡᠨ ᠠᠪᠤᠪᠠᠰᠤ ᠡᠯᠡᠭᠯᠡᠭᠳᠡᠯ ᠰᠤᠨᠵᠢᠭᠤᠷᠢ ᠠ᠋ᠴᠠ ᠶᠠᠭᠠᠬᠢᠨ ᠬᠡᠯᠲᠦᠷᠢᠵᠦ ᠴᠢᠳᠠᠮᠤᠢ ? ᠡᠷᠲᠡᠨ ᠦ᠌ ᠪᠦᠳᠦᠭᠦᠨ ᠥᠯᠥᠬᠢ ᠦᠭᠡᠨ ᠳ᠋ᠦ᠍ᠷ <ᠳᠠᠪᠤᠰᠤ ᠠᠭᠤᠰᠲᠠᠯ᠎ᠠ᠂ ᠬᠥᠮᠦᠨ ᠳᠠᠭᠤᠰᠲᠠᠯ᠎ᠠ> ᠬᠡᠮᠡᠵᠦᠬᠦᠢ᠃ ᠠᠯᠢ ᠡᠲᠡᠭᠡᠳ ᠲᠣᠷ ᠪᠣᠯᠬᠤ ᠶ᠋ᠢ ᠡᠴᠢᠭᠡ ᠸᠠᠩ ᠤ᠋ᠨ ᠡᠷᠬᠡ ᠪᠡᠷ ᠪᠣᠯᠰᠤᠭᠠᠢ᠂ ᠥᠨᠥᠴᠢᠨ ᠥᠬᠢᠨ ᠦ᠌ ᠦᠭᠡ ᠡᠭᠦᠨ ᠳ᠋ᠦ᠍ᠷ ᠲᠡᠭᠦᠰᠪᠡ ! 》ᠬᠡᠮᠡᠭᠡᠳ ᠥᠨᠥᠬᠡᠨ ᠦ᠌ ᠲᠡᠷᠡ ᠠᠯᠲᠠᠨ ᠡᠷᠡᠬᠡᠶ᠋ᠢᠪᠴᠢ ᠶ᠋ᠢ ᠦᠵᠡᠵᠦ ᠪᠠᠶ᠋ᠢᠲᠠᠯ᠎ᠠ ᠡᠷᠡᠬᠡᠢ ᠬᠤᠷᠤᠭᠤ ᠳ᠋ᠠᠭᠠᠨ ᠵᠡᠭᠦᠭᠡᠳ ᠦᠶᠡᠰ ᠭᠡᠰᠢᠭᠦᠨ ᠨᠠᠬᠢᠯᠤᠨ ᠨᠣᠬᠢᠯᠤᠭᠰᠠᠭᠠᠷ ᠥᠪᠡᠷ ᠦ᠋ᠨ ᠰᠠᠭᠤᠬᠤ ᠬᠣᠶ᠋ᠢᠲᠤ ᠴᠠᠴᠠᠷ ᠲᠤᠷ ᠢ᠋ᠶ᠋ᠠᠨ ᠡᠴᠢᠪᠡᠢ᠃ ᠡᠭᠦᠨ ᠳ᠋ᠦ᠍ᠷ ᠾᠧ ᠸᠠᠩ ᠥᠴᠢᠨᠡᠨ ᠤᠴᠢᠷ ᠢ᠋ ᠰᠣᠨᠣᠰᠤᠭᠠᠳ ᠬᠢᠯᠢᠩ ᠲᠥᠷᠥᠰᠦᠭᠡᠢ ᠬᠡᠮᠡᠬᠦᠯ᠎ᠡ ᠬᠡᠦᠬᠡᠨ ᠦ᠌ ᠬᠡᠯᠡᠬᠦ ᠢᠨᠤ ᠦᠭᠡ ᠪᠦᠷᠢ ᠲᠣᠳᠣᠷᠬᠠᠢ ᠪᠥᠭᠡᠳ ᠪᠠᠰᠠ ᠴᠤ᠌ ᠴᠥᠮ ᠵᠦᠢ ᠳ᠋ᠦ᠍ᠷ ᠨᠡᠶ᠋ᠢᠴᠡᠮᠦᠢ᠂ ᠬᠡᠷᠡᠭᠰᠡᠬᠦ ᠦᠭᠡᠢ ᠪᠣᠯᠰᠤᠭᠠᠢ ᠬᠡᠮᠡᠪᠡᠰᠦ ᠪᠠᠰᠠ ᠭᠡᠷ ᠦ᠋ᠨ ᠴᠠᠭᠠᠵᠠ ᠰᠠᠮᠠᠭᠤᠷᠠᠵᠤ ᠭᠠᠳᠠᠭᠠᠳᠤ ᠤᠯᠤᠰ ᠲᠤᠷ ᠡᠯᠡᠭᠯᠡᠯ ᠪᠣᠯᠬᠤ ᠠ᠋ᠴᠠ ᠡᠮᠢᠶᠡᠵᠦ ᠬᠠᠷᠠᠬᠠᠨ ᠡᠷᠭᠢᠴᠡᠭᠦᠯᠦᠨ ᠪᠤᠳᠤᠬᠤᠶ᠎ᠠ᠂ ᠭᠠᠳᠠᠨ᠎ᠠ ᠠ᠋ᠴᠠ ᠬᠥᠪᠡᠭᠦᠨ ᠢᠨᠤ ᠰᠢᠨ᠎ᠡ ᠬᠦᠩ ᠢᠯᠠᠭᠤ ᠬᠢᠵᠠᠭᠠᠷ ᠢ᠋ᠶ᠋ᠠᠨ ᠪᠠᠶ᠋ᠢᠴᠠᠭᠠᠭᠠᠳ ᠡᠭᠡᠨ ᠢᠷᠡᠵᠦ ᠡᠴᠢᠭᠡ ᠳ᠋ᠡᠭᠡᠨ ᠵᠣᠯᠭᠠᠷ᠎ᠠ ᠣᠷᠣᠵᠤ ᠢᠷᠡᠪᠡ᠃ ᠾᠧ ᠸᠠᠩ ᠬᠢᠵᠠᠭᠠᠷ ᠤ᠋ᠨ ᠬᠡᠷᠡᠭ ᠢ᠋ ᠬᠡᠳᠦᠨ ᠦᠭᠡ ᠠᠰᠠᠭᠤᠭᠠᠳ ᠳᠠᠷᠤᠢ ᠪᠸᠲ᠋ᠡ᠋ ᠤᠯᠤᠰ ᠠ᠋ᠴᠠ ᠮᠡᠩᠭᠡᠯᠢᠭ ᠲᠠᠨ ᠤ᠋ ᠤᠷᠤᠭ ᠭᠤᠶᠤᠷ᠎ᠠ ᠢᠷᠡᠭᠰᠡᠨ ᠤᠴᠢᠷ ᠢ᠋ ᠬᠡᠯᠡᠭᠰᠡᠨ ᠳ᠋ᠦ᠍ᠷ ᠰᠢᠨ᠎ᠡ ᠬᠦᠩ ᠥᠭᠦᠯᠡᠷᠦᠨ : 《ᠪᠸᠲ᠋ᠡ᠋ ᠤᠯᠤᠰ ᠬᠡᠳᠦᠢ ᠰᠠᠢᠨ ᠪᠣᠯᠪᠠᠴᠤ ᠪᠡᠯᠭᠦᠳᠡᠢ ᠶ᠋ᠢᠨ ᠲᠥᠷᠥᠭᠰᠡᠨ ᠢᠨᠦ ᠪᠣᠯᠬᠢ ᠪᠦᠳᠦᠭᠦᠯᠢᠭ᠂ ᠮᠢᠨᠦ ᠬᠡᠦᠬᠡᠨ ᠳᠡᠭᠦᠦ ᠳ᠋ᠦ᠍ᠷ ᠦᠯᠦ ᠲᠡᠩᠴᠡᠮᠦᠢ᠃ ᠲᠡᠷᠡ ᠴᠦ᠍ ᠪᠠᠢᠲᠤᠭᠠᠢ᠂ ᠨᠠᠰᠤᠨ ᠪᠠᠰᠠ ᠠᠰᠤᠷᠤ ᠠᠬ᠎ᠠ ᠪᠥᠭᠡᠳ ᠨᠡᠩᠳᠡ ᠪᠠᠰᠠ ᠪᠸᠲ᠋ᠡ᠋ ᠡᠤᠯᠤᠰ ᠤ᠋ᠨ ᠡᠵᠡᠨ ᠣᠨᠴᠠ ᠪᠡᠶ᠎ᠡ ᠪᠡᠨ ᠡᠷᠭᠦᠵᠦ᠂ ᠲᠡᠭᠦᠨ ᠦ᠌ ᠤᠷᠤᠭ ᠰᠠᠳᠤᠨ ᠢ᠋ᠶ᠋ᠠᠨ ᠴᠥᠮ ᠳᠣᠣᠷᠠᠳᠤᠰ ᠮᠡᠲᠦ ᠦᠵᠡᠮᠦᠢ᠂ ᠪᠢᠳᠡ ᠲᠡᠭᠦᠨ ᠡᠴᠡ ᠳᠣᠣᠷ᠎ᠠ ᠬᠥᠮᠦᠨ ᠪᠤᠰᠤ᠂ ᠶᠠᠭᠤᠨ ᠳ᠋ᠤᠷ ᠣᠨᠴᠠ ᠲᠡᠭᠦᠨ ᠦ᠌ ᠳᠣᠣᠷ᠎ᠠ ᠣᠳᠴᠤ ᠲᠡᠳᠡᠨ ᠦ᠌ ᠵᠡᠭᠦᠨ ᠡᠲᠡᠭᠡᠳ ᠲᠣᠷ ᠰᠠᠭᠤᠬᠤ ᠪᠣᠢ ! 》ᠬᠡᠮᠡᠭᠰᠡᠨ ᠳ᠋ᠦ᠍ᠷ ᠾᠧ ᠸᠠᠩ ᠬᠡᠮᠡᠭᠴᠢ ᠨᠢᠭᠡᠨ ᠬᠡᠯᠪᠡᠯᠵᠡᠬᠦ ᠰᠠᠪᠠ ᠲᠤᠯᠠ ᠳᠠᠷᠤᠢ ᠳᠠᠭᠤᠨ ᠦᠭᠡᠢ ᠪᠣᠯᠵᠤ ᠲᠦᠭᠰᠦᠢᠭᠰᠡᠨ ᠳ᠋ᠦ᠍ᠷ ᠳᠤᠭᠲᠤᠷᠤᠭ᠎ᠠ ᠵᠠᠩᠲᠤ ᠢᠯᠠᠭᠤ ᠳᠣᠷᠪᠣᠢᠨ ᠭᠠᠷᠴᠤ ᠢᠷᠡᠭᠡᠳ᠂ ᠳᠤᠷᠠᠳᠬᠠᠷ᠎ᠠ ᠢᠷᠡᠭᠰᠡᠨ ᠮᠡᠩᠭᠡᠯᠢᠭ᠂ ᠬᠣᠷᠭᠣᠯᠵᠢ ᠲᠠᠨ ᠤ᠋ ᠵᠦᠭ ᠥᠭᠦᠯᠡᠷᠦᠨ: 《ᠮᠢᠨᠦ ᠬᠡᠦᠬᠡᠨ ᠳᠡᠭᠦᠦ ᠥᠨᠥᠴᠢᠨ ᠥᠰᠦᠭᠰᠡᠨ ᠦ᠌ ᠳᠡᠭᠡᠷ᠎ᠡ ᠪᠠᠰᠠ ᠡᠴᠢᠭᠡ ᠶ᠋ᠢᠨ ᠭᠠᠭᠴᠠ ᠥᠬᠢᠨ ᠲᠤᠯᠠ ᠠᠰᠤᠷᠤ ᠡᠷᠬᠡ ᠲᠠᠩᠰᠤᠭ᠂ ᠡᠴᠢᠭᠡ ᠸᠠᠩ ᠨᠢᠳᠦᠨ ᠦ᠌ ᠴᠢᠮᠡᠭ ᠪᠣᠯᠭᠠᠨ ᠰᠡᠳᠬᠢᠯ ᠢ᠋ᠶ᠋ᠡᠨ ᠰᠠᠭᠠᠳᠠᠭᠤᠯᠤᠮᠤᠢ᠃ ᠬᠣᠶᠠᠷ ᠲᠤᠷ ᠬᠡᠦᠬᠡᠨ ᠳᠡᠭᠦᠦ ᠶ᠋ᠢᠨ ᠨᠠᠰᠤ ᠬᠠᠷᠠᠬᠠᠨ ᠨᠢᠯᠬ᠎ᠠ ᠪᠢᠴᠢᠬᠠᠨ᠂ ᠡᠨᠡ ᠵᠢᠯ ᠰᠠᠶᠢ ᠠᠷᠪᠠᠨ ᠲᠠᠪᠤᠲᠠᠶ᠋ᠢᠬᠠᠨ ᠪᠥᠯᠥᠭᠡ᠃ ᠡᠨᠡ ᠪᠠᠰᠠ ᠡᠳᠦᠭᠡ ᠬᠠᠷᠠᠬᠠᠨ ᠳᠥᠷᠪᠡᠨ ᠵᠦᠭ ᠲᠦ᠍ᠷ ᠳᠠᠶ᠋ᠢᠨ ᠳᠠᠶ᠋ᠢᠰᠤᠨ ᠳᠡᠭᠳᠡᠵᠦ᠂ ᠤᠯᠤᠰ ᠭᠡᠷ ᠲᠦ᠍ᠷ ᠬᠡᠷᠡᠭ ᠣᠯᠠᠨ᠂ ᠤᠷᠤᠭ ᠰᠠᠳᠤᠨ ᠳ᠋ᠤᠷ ᠤᠷᠰᠢᠭ᠋ ᠠᠷᠪᠢᠨ ᠴᠠᠭ᠂ ᠤᠯᠠᠮᠬᠠᠨ ᠢ᠋ᠶ᠋ᠠᠷ ᠠᠯᠭᠤᠷ ᠪᠠᠶ᠋ᠢᠵᠤ ᠮᠡᠳᠡᠰᠦᠭᠡᠢ ! 》 ᠬᠡᠮᠡᠵᠦ ᠤᠷᠠᠨ ᠰᠢᠯᠲᠠᠭ ᠵᠢᠭᠠᠵᠤ ᠤᠷᠤᠭ ᠦᠯᠦ ᠪᠠᠷᠢᠨ ᠤᠴᠢᠷ ᠵᠣᠬᠢᠶᠠᠨ ᠬᠡᠯᠡᠭᠡᠳ ᠤᠬᠤᠷᠢᠭᠤᠯᠤᠨ ᠬᠣᠶ᠋ᠢᠰᠢ ᠬᠠᠷᠢᠭᠤᠯᠪᠠᠢ᠃ 
      ᠲᠡᠭᠦᠨᠴᠡ ᠲᠠᠶ᠋ᠢᠽᠦ ᠾᠧ ᠸᠠᠩ ᠤ᠋ᠨ ᠠᠮᠠᠨ ᠦᠯᠦ ᠠᠯᠳᠠᠬᠤ ᠶ᠋ᠢ ᠦᠵᠡᠭᠡᠳ ᠠᠭᠤᠷᠰᠠᠵᠤ ᠥᠭᠦᠯᠡᠷᠦᠨ : 《ᠮᠢᠨᠦ ᠳᠡᠭᠦᠦ ᠳ᠋ᠦ᠍ᠷ ᠲᠡᠳᠡᠨ ᠡᠴᠡ ᠡᠷᠬᠢᠮ ᠬᠠᠳᠠᠮ ᠦᠯᠦ ᠣᠯᠳᠠᠬᠤ ᠬᠡᠮᠡᠮᠦᠢ ‍ᠦᠦ? ᠡᠰ ᠦᠭᠪᠡᠰᠦ ᠪᠠᠶ᠋ᠢᠲᠤᠭᠠᠢ ! 》 ᠬᠡᠮᠡᠭᠰᠡᠨ ᠳ᠋ᠦ᠍ᠷ ᠪᠦᠬᠦ ᠪᠡᠯᠭᠦᠳᠡᠢ ᠶ᠋ᠢᠨ ᠬᠦᠰᠡᠭᠰᠡᠨ ᠰᠡᠳᠬᠢᠯ  ᠬᠥᠨᠳᠡᠢᠳᠡᠭᠰᠡᠨ ᠲᠤᠯᠠ ᠪᠡᠶ᠎ᠡ ᠳ᠋ᠡᠭᠡᠨ ᠰᠣᠯᠤᠩᠭᠤᠸ᠋᠎ᠠ ᠶ᠋ᠢ ᠠᠪᠴᠤ ᠥᠭᠬᠦ ᠦᠭᠡᠢ ᠭᠡᠮᠡᠨ ᠮᠠᠭᠤ ᠰᠠᠨᠠᠵᠤ᠂ ᠳᠡᠭᠦᠦ ᠬᠠᠪᠤᠲᠤ ᠬᠠᠰᠠᠷ ᠤ᠋ᠨ ᠵᠦᠭ ᠬᠡᠯᠡᠷᠦᠨ : 《ᠮᠠᠨ ᠤ᠋ ᠠᠬ᠎ᠠ ᠬᠡᠲᠦᠷᠬᠡᠢ ᠶᠡᠬᠡ ᠪᠡᠷ ᠠᠭᠠᠰᠢᠯᠠᠨ ᠬᠠᠨᠠᠩ ᠦᠭᠡᠢ ᠬᠦᠴᠦᠷᠬᠡᠭ ᠶᠠᠪᠤᠮᠤᠢ᠂ ᠪᠡᠯᠭᠦᠳᠡᠢ ᠶ᠋ᠢᠨ ᠪᠦᠬᠦ ᠪᠡᠷ᠂ ᠬᠠᠰᠠᠷ ᠬᠠᠪᠤ ᠪᠠᠷ ᠬᠠᠷᠠᠳᠠᠨ ᠳᠠᠶ᠋ᠢᠰᠤᠨ ᠢ᠋ ᠬᠠᠮᠠᠭᠠᠯᠠᠨ ᠬᠠᠲᠠᠭᠤ ᠡᠰᠡᠷᠭᠦᠴᠡᠯ ᠢ᠋ ᠵᠥᠭᠡᠯᠡᠳᠬᠡᠯᠦᠭᠡ᠃ ᠡᠳᠦᠭᠡ ᠲᠠᠪᠤᠨ ᠥᠩᠭᠡᠳᠡᠨ ᠢ᠋ ᠡᠷᠬᠡ ᠳ᠋ᠡᠭᠡᠨ ᠬᠤᠷᠢᠶᠠᠬᠤᠢ ᠳ᠋ᠤᠷ ᠪᠢᠳᠡ ᠬᠣᠶᠠᠷ ᠠ᠋ᠴᠠ ᠥᠪᠡᠷ᠎ᠡ ᠬᠡᠨ ᠬᠦᠴᠦᠨ ᠥᠭᠬᠦ ! 》 ᠭᠡᠮᠡᠨ ᠬᠠᠷᠠᠬᠠᠨ ᠭᠣᠮᠣᠷᠬᠠᠨ ᠥᠭᠦᠯᠡᠯᠳᠦᠬᠦᠢ ᠳ᠋ᠦ᠍ᠷ ᠦᠵᠡᠪᠡᠰᠦ ᠬᠣᠯᠠ ᠠ᠋ᠴᠠ ᠬᠥᠬᠡ ᠵᠦᠯᠭᠡ ᠶ᠋ᠢ ᠪᠠᠷᠢᠵᠤ᠂ ᠨᠢᠭᠡᠨ ᠲᠤᠷᠠᠩᠬᠠᠢ ᠡᠪᠦᠭᠡᠨ ᠨᠢᠭᠡᠨ ᠡᠭᠦᠷᠭᠡ ᠨᠤᠮᠤ ᠡᠭᠦᠷᠴᠦ ᠠᠶ᠋ᠢᠯ ᠪᠢᠳᠦᠨ ᠬᠤᠳᠠᠯᠳᠤᠷ᠎ᠠ ᠢᠷᠡᠭᠰᠡᠨ ᠳ᠋ᠦ᠍ᠷ ᠪᠡᠯᠭᠦᠳᠡᠢ ᠡᠰᠡᠷᠭᠦ ᠡᠴᠢᠭᠡᠳ ᠨᠢᠭᠡᠨ ᠤᠳᠠᠭᠠᠴᠢᠨ ᠨᠤᠮᠤ ᠶ᠋ᠢ ᠠᠪᠴᠤ ᠥᠭᠦᠯᠡᠷᠦᠨ : 《ᠠᠢ ᠬᠥᠭᠰᠢᠨ ᠴᠢᠨᠦ ᠡᠨᠡ ᠨᠣᠮᠣᠨ  ᠢ᠋ᠶ᠋ᠠᠷ ᠴᠠᠵᠠᠬᠤᠯᠢᠨ ᠤ᠋ ᠬᠠᠷᠢᠩᠭᠠᠢ① ᠶ᠋ᠢᠨ ᠨᠤᠮᠤ ᠬᠢᠬᠦᠢ ᠡᠴᠡ ᠪᠤᠰᠤ ᠶᠠᠭᠤᠨ ᠬᠢᠮᠦᠢ ? 》 ᠬᠡᠮᠡᠬᠦᠢ ᠳ᠋ᠦ᠍ᠷ ᠲᠡᠷᠡ ᠡᠪᠦᠭᠡᠨ ᠬᠠᠪᠠᠷ ᠢ᠋ᠶ᠋ᠠᠨ ᠱᠠᠩᠨᠠᠢᠨ ᠪᠠᠰᠤᠮᠵᠢᠯᠠᠨ ᠢᠨᠢᠶᠡᠵᠦ ᠥᠭᠦᠯᠡᠷᠦᠨ : 《ᠲᠠᠨ ᠤ᠋ ᠬᠣᠶᠠᠷ ᠵᠠᠯᠠᠭᠤᠰ ᠬᠥᠮᠦᠨ ᠦᠭᠡᠢ ᠳᠠᠯᠳᠠ ᠭᠠᠵᠠᠷ ᠲᠤᠷ ᠲᠡᠩᠬᠡᠭᠡ ᠬᠢᠷᠢ ᠪᠡᠨ ᠦᠯᠦ ᠮᠡᠳᠡᠨ ᠲᠡᠩᠴᠡᠰᠢ ᠦᠭᠡᠢ ᠶᠡᠬᠡ ᠦᠭᠡ ᠥᠭᠦᠯᠡᠨᠡᠮ ! ᠲᠡᠭᠷᠢ ᠶ᠋ᠢᠨ ᠬᠥᠪᠡᠭᠦᠨ ᠪᠣᠯᠪᠠᠰᠤ ᠮᠢᠨᠦ ᠡᠨᠡ ᠨᠤᠮᠤ ᠶ᠋ᠢ ᠰᠠᠶᠢ ᠲᠠᠲᠠᠵᠤ ᠢᠯᠠᠮᠤᠢ ᠊ᠢ᠎ᠠ᠂  ᠲᠠᠨ ᠤ᠋ ᠵᠡᠷᠭᠡ ᠶ᠋ᠢᠨ ᠡᠭᠡᠯ ᠠᠷᠠᠳ ᠲᠡᠩᠰᠡᠵᠦ ᠦᠵᠡᠭᠳᠡᠬᠦᠢ ! 》 ᠬᠡᠮᠡᠭᠡᠳ ᠨᠤᠮᠤ  ᠶᠤᠭᠠᠨ ᠠᠪᠴᠤ ᠥᠭᠭᠦᠭᠰᠡᠨ ᠳ᠋ᠦ᠍ᠷ ᠪᠡᠯᠭᠦᠳᠡᠢ ᠬᠦᠢᠲᠡᠨ ᠢ᠋ᠶ᠋ᠡᠷ ᠢᠨᠢᠶᠡᠨ ᠬᠢᠯᠤᠶ᠋ᠢᠨ ᠬᠠᠷᠠᠵᠤ ᠬᠦᠯᠢᠶᠡᠨ ᠠᠪᠤᠭᠠᠳ ᠬᠥᠯ ᠳ᠋ᠡᠭᠡᠨ ᠲᠤᠷᠣᠮᠳᠠᠯᠠᠨ ᠬᠥᠪᠴᠢᠯᠡᠰᠦᠭᠡᠢ ᠭᠡᠮᠡᠨ ᠬᠥᠯᠥᠰᠥ ᠪᠡᠨ ᠤᠷᠤᠰᠲᠠᠯ᠎ᠠ ᠣᠷᠣᠯᠳᠣᠭᠠᠳ ᠭᠠᠷ ᠬᠥᠯ ᠮᠢᠨᠴᠦᠭᠦᠷᠡᠵᠦ ᠬᠦᠴᠦᠨ ᠡᠰᠡ ᠬᠦᠷᠦᠭᠡᠳ ᠬᠦᠷᠡᠩ ᠴᠢᠷᠠᠢ ᠪᠠᠨ ᠬᠥᠬᠡᠷᠡᠲᠡᠯ᠎ᠡ ᠢᠴᠢᠩᠭᠦᠷᠡᠵᠦ ᠭᠡᠳᠡᠷᠭᠦ ᠥᠭᠭᠦᠭᠰᠡᠨ ᠳ᠋ᠦ᠍ᠷ ᠲᠤᠷᠠᠩᠬᠠᠢ ᠬᠥᠭᠰᠢᠨ ᠲᠡᠰᠬᠡᠯ ᠦᠭᠡᠢ ᠥᠴᠦᠬᠡᠨ ᠢᠨᠢᠶᠡᠨ ᠬᠣᠶᠠᠷ ᠭᠠᠷ ᠢ᠋ᠶ᠋ᠠᠷ ᠨᠤᠮᠤ ᠶ᠋ᠢ ᠰᠢᠨ᠎ᠡ ᠰᠠᠷᠠᠨ ᠮᠡᠲᠦ ᠮᠣᠷᠤᠶ᠋ᠢᠯᠭᠠᠵᠤ᠂ ᠠᠮᠠ ᠪᠠᠷ ᠢ᠋ᠶ᠋ᠠᠨ ᠬᠥᠪᠴᠢᠯᠡᠵᠦ ᠥᠭᠭᠦᠭᠰᠡᠨ᠎ᠡ᠂ ᠬᠠᠰᠠᠷ ᠠᠪᠤᠭᠠᠳ ᠲᠡᠩᠬᠡᠭᠡ ᠪᠡᠨ ᠪᠠᠷᠠᠲᠠᠯ᠎ᠠ ᠲᠠᠲᠠᠵᠤ ᠨᠤᠮᠤ ᠶ᠋ᠢᠨ ᠳᠡᠪᠬᠡ ᠶ᠋ᠢ ᠲᠠᠮᠰᠢᠯᠭ᠎ᠠ ᠠ᠋ᠴᠠ ᠰᠠᠯᠭᠠᠨ ᠡᠰᠡ ᠴᠢᠳᠠᠪᠠᠢ ᠃ 
- - - -       
① ᠡᠨᠡ ᠬᠣᠶᠠᠷ ᠦᠰᠦᠭ ᠦ᠋ᠨ ᠤᠴᠢᠷ ᠠᠨᠤ ᠤᠬᠠᠭᠳᠠᠬᠤ ᠦᠭᠡᠢ᠂  ᠬᠠᠯᠠᠭᠤᠷᠠᠭᠰᠠᠨ ᠦᠭᠡ ᠪᠣᠯᠪᠠᠤ ᠬᠡᠮᠡᠬᠦᠯ᠎ᠡ ᠪᠠᠰᠠ ᠲᠡᠭᠦᠨ ᠦ᠌ ᠲᠡᠰᠢᠶ᠎ᠡ ᠶ᠋ᠢ ᠣᠯᠬᠤ ᠦᠭᠡᠢ ᠲᠤᠯᠠ ᠠᠶᠤᠮᠰᠢᠭ ᠦᠭᠡᠢ ᠰᠠᠨᠠᠪᠴᠢᠯᠠᠨ ᠡᠰᠡ ᠵᠠᠰᠠᠵᠤ ᠬᠠᠭᠤᠴᠢᠨ ᠴᠡᠳᠢᠭ ᠰᠤᠳᠤᠷ ᠤ᠋ᠳ ᠤ᠋ᠨ ᠶᠣᠰᠣᠭᠠᠷ ᠪᠢᠴᠢᠪᠡᠢ᠃ ᠡᠰᠡᠬᠦᠯ᠎ᠡ ᠶᠠᠮᠪᠠᠷ ᠨᠢᠭᠡᠨ ᠥᠴᠦᠬᠡᠨ ᠠᠷᠢᠶᠠᠲᠠᠨ ᠵᠢᠭᠦᠷᠲᠡᠨ ᠦ᠌ ᠨᠡᠷ᠎ᠡ ᠴᠦ᠍ ᠪᠣᠯᠪᠠᠤ ᠂ ᠯᠠᠪ ᠬᠠᠭᠤᠴᠢᠨ ᠦᠭᠡ ᠪᠣᠢ ‍ᠶ᠎ᠠ ᠃  ᠡᠰᠡᠬᠦᠯ᠎ᠡ  ᠴᠠᠷᠴᠠᠬᠠᠢ  ᠬᠠᠷᠪᠤᠬᠤ ᠭᠡᠮᠡᠨ ᠪᠠᠰᠤᠮᠵᠢᠯᠠᠨ ᠬᠡᠯᠡᠭᠰᠡᠨ ᠦᠭᠡ ᠴᠦ᠍ ᠪᠣᠯᠪᠠᠤ ᠮᠡᠷᠭᠡᠳ ᠪᠡᠷ ᠢᠯᠭᠠᠭᠳᠠᠬᠤᠢ᠃ 

ᠲᠡᠷᠡ ᠲᠤᠬᠠᠢ ᠳ᠋ᠤᠷ ᠬᠠᠷᠠᠬᠠᠨ ᠬᠠᠯᠠᠭᠤᠨ ᠤ᠋ ᠴᠠᠭ ᠲᠤᠯᠠ ᠲᠠᠶ᠋ᠢᠽᠦ ᠥᠨᠳᠥᠷ ᠳᠣᠪᠣ ᠶ᠋ᠢᠨ ᠵᠠᠳᠠᠭᠠᠢ ᠴᠠᠴᠠᠷ ᠲᠤᠷ ᠰᠡᠷᠢᠭᠦᠴᠡᠨ ᠰᠠᠭᠤᠵᠤ ᠠᠭᠰᠠᠨ  ᠢ᠋ᠶ᠋ᠠᠷ ᠥᠨᠳᠥᠷ ᠡᠴᠡ ᠥᠩᠭᠡᠶ᠋ᠢᠵᠦ ᠦᠵᠡᠬᠦᠯ᠎ᠡ ᠪᠡᠯᠭᠦᠳᠡᠢ ᠬᠠᠰᠠᠷ ᠬᠣᠶᠠᠭᠤᠯᠠ ᠡᠯᠡᠰᠦᠨ ᠳᠠᠩ ᠤ᠋ᠨ ᠬᠥᠬᠡ ᠵᠦᠯᠭᠡ ᠳ᠋ᠦ᠍ᠷ ᠨᠢᠭᠡᠨ ᠡᠪᠦᠭᠡᠨ ᠯᠤᠭᠡ ᠤᠴᠠᠷᠠᠯᠳᠤᠭᠠᠳ ᠨᠤᠮᠤ ᠶ᠋ᠢ ᠠᠨᠤ ᠲᠠᠲᠠᠵᠤ ᠢᠯᠠᠬᠤ ᠦᠭᠡᠢ ᠮᠡᠲᠦ ᠪᠠᠶ᠋ᠢᠬᠤ ᠲᠤᠯᠠ ᠲᠠᠶ᠋ᠢᠽᠦ ᠪᠠᠭᠠᠬᠠᠨ ᠳᠡᠭᠦᠦ ᠨᠠᠷ ᠮᠢᠨᠦ ᠪᠠᠭᠠᠲᠤᠷ ᠬᠥᠮᠥᠨ᠎ᠡ ᠡᠯᠡᠭ ᠪᠣᠯᠭᠤᠵᠠᠢ ᠭᠡᠮᠡᠨ ᠳᠣᠲᠣᠷ᠎ᠠ ᠪᠠᠨ ᠰᠠᠨᠠᠭᠠᠳ ᠰᠤᠯᠠ ᠠᠯᠬᠤᠯᠠᠨ ᠵᠠᠯᠠᠷᠠᠨ ᠬᠦᠷᠴᠦ ᠢᠷᠡᠭᠰᠡᠨ ᠳ᠋ᠦ᠍ᠷ ᠲᠡᠷᠡ ᠡᠪᠦᠭᠡᠨ ᠦᠵᠡᠭᠡᠳ ᠶᠡᠬᠡᠯ᠎ᠡ ᠰᠣᠴᠢᠵᠤ ᠳᠠᠭᠤᠨ ᠠᠯᠳᠠᠵᠤ ᠥᠭᠦᠯᠡᠷᠦᠨ᠄ 《 ᠥ !  ᠡᠨᠡ ᠬᠥᠮᠦᠨ ᠦ᠌ ᠳᠦᠷᠰᠦ ᠲᠥᠯᠥᠪ ᠢᠨᠦ ᠪᠦᠬᠦᠮᠬᠡᠨ ᠪᠥᠭᠡᠳ ᠴᠣᠭ ᠠᠭᠤᠷ ᠠᠨᠤ ᠲᠥᠯᠥᠪ ᠲᠡᠭᠡᠨ ᠳᠦᠭᠦᠷᠴᠦᠬᠦᠢ᠂ ᠵᠢᠪᠬᠤᠯᠠᠩ ᠪᠦᠬᠦᠨ ᠪᠦᠷᠢᠳᠦᠭᠰᠡᠨ ᠢ᠋ᠶ᠋ᠡᠷ ᠠᠮᠢᠰᠬᠤᠯ ᠠᠨᠤ ᠠᠭᠤᠳᠠᠮ᠂ ᠰᠦᠷ ᠰᠦᠯᠳᠡ ᠲᠡᠭᠦᠰᠦᠭᠰᠡᠨ ᠢ᠋ᠶ᠋ᠡᠷ ᠴᠣᠭ ᠠᠨᠤ ᠠᠮᠤᠭᠤᠯᠠᠩ᠂ ᠣᠯᠬᠤ ᠠᠯᠳᠠᠬᠤ ᠳ᠋ᠤᠷ ᠠᠭᠤᠷ ᠠᠨᠤ ᠰᠠᠴᠤᠷᠠᠬᠤ ᠦᠭᠡᠢ᠂ ᠪᠠᠶᠠᠷᠯᠠᠬᠤ ᠬᠢᠯᠢᠩᠯᠡᠬᠦᠢ ᠳ᠋ᠦ᠍ᠷ ᠴᠣᠭ ᠠᠨᠤ ᠴᠤᠴᠠᠷᠠᠬᠤ ᠦᠭᠡᠢ᠂ ᠦᠨᠡᠨ ᠢ᠋ᠶ᠋ᠡᠷ ᠠᠷᠪᠠᠨ ᠵᠦᠭ ᠢ᠋ ᠠᠯᠠᠭᠠᠨ ᠳ᠋ᠠᠭᠠᠨ ᠠᠳᠬᠤᠵᠤ ᠲᠥᠷᠥᠭᠰᠡᠨ ᠦᠨᠡᠨ ‍ᠬᠦ ᠶᠡᠬᠡ ᠡᠷᠬᠡ ᠪᠤᠶᠠᠨᠲᠤ ᠬᠥᠮᠦᠨ ᠪᠠᠶ᠋ᠢᠨᠠᠮ ! 》 ᠬᠡᠮᠡᠬᠦᠢ ᠳ᠋ᠦ᠍ᠷ ᠲᠠᠶ᠋ᠢᠽᠦ ᠥᠴᠦᠬᠡᠨ ᠴᠦ᠍ ᠬᠡᠷᠡᠭᠰᠡᠬᠦ ᠦᠭᠡᠢ ᠪᠡᠷ ᠨᠢᠭᠡᠨ ᠡᠭᠦᠷᠭᠡ ᠨᠤᠮᠤ ᠶ᠋ᠢ ᠠᠨᠤ ᠴᠥᠮ ᠬᠥᠪᠴᠢᠯᠡᠭᠦᠯᠵᠦ ᠬᠣᠶᠠᠷ ᠬᠣᠶᠠᠷ ᠢ᠋ᠶ᠋ᠠᠷ ᠪᠠᠷᠢᠵᠤ ᠬᠢᠪᠢᠷᠠᠲᠠᠯ᠎ᠠ ᠬᠤᠭᠤ ᠬᠤᠭᠤ ᠲᠠᠲᠠᠵᠤ ᠲᠠᠶᠠᠭᠳᠠᠭᠰᠠᠨ᠎ᠠ᠂ ᠲᠡᠷᠡ ᠲᠤᠷᠠᠩᠬᠠᠢ ᠡᠪᠦᠭᠡᠨ ᠲᠡᠰᠬᠡᠯ ᠥᠭᠡᠶ᠎ᠡ ᠪᠠᠶᠠᠷᠯᠠᠨ ᠢᠨᠢᠶᠡᠵᠦ ᠪᠡᠯᠭᠦᠳᠡᠢ ᠬᠠᠰᠠᠷ ᠬᠣᠶᠠᠭᠤᠯᠠ ᠶ᠋ᠢᠨ ᠵᠦᠭ ᠥᠭᠦᠯᠡᠷᠦᠨ : 《ᠶᠠᠮᠪᠠᠷ ᠪᠠᠶ᠋ᠢᠨ᠎ᠠ᠂ ᠶᠠᠮᠪᠠᠷ ᠪᠠᠶ᠋ᠢᠨ᠎ᠠ !  ᠪᠢ ᠬᠡᠯᠡᠭᠰᠡᠨ ᠦᠭᠡᠢ ᠦᠦ !  ᠦᠨᠡᠨ ᠲᠡᠭᠷᠢ ᠶ᠋ᠢᠨ ᠬᠥᠪᠡᠭᠦᠨ ᠡᠴᠡ ᠪᠤᠰᠤ ᠬᠥᠮᠦᠨ ᠮᠢᠨᠦ ᠨᠤᠮᠤ ᠶ᠋ᠢ ᠲᠠᠲᠠᠵᠤ ᠢᠯᠠᠬᠤ ᠦᠭᠡᠢ᠂ ᠡᠨᠡ ᠴᠣᠬᠣᠮ ᠦᠨᠡᠨ ᠲᠡᠭᠷᠢ ᠶ᠋ᠢᠨ ᠦᠷ᠎ᠡ ᠬᠥᠪᠡᠭᠦᠨ ᠪᠣᠯᠠᠢ ! ᠦᠯᠡᠮᠵᠢ ᠥᠷᠢᠭᠦᠦ ᠶᠡᠬᠡ ᠦᠭᠡᠲᠦ ᠲᠠ ᠬᠣᠶᠠᠭᠤᠯᠠ ᠪᠠᠷ ᠡᠭᠦᠨ ᠡᠴᠡ ᠬᠣᠶ᠋ᠢᠰᠢᠲᠠ ᠶᠡᠬᠡ ᠦᠭᠡ ᠥᠭᠦᠯᠡᠬᠦ ᠡᠴᠡ ᠶᠡᠬᠡ ᠬᠡᠰᠡᠭ ᠡᠮᠬᠦᠭᠳᠡᠬᠦᠢ᠂ ᠪᠠᠷᠳᠠᠮ ᠦᠭᠡ ᠥᠭᠦᠯᠡᠬᠦ ᠡᠴᠡ ᠪᠠᠪᠠᠶ᠋ᠢᠲᠠᠯ᠎ᠠ ᠶᠡᠬᠡ ᠡᠮᠬᠦᠭᠳᠡᠬᠦᠢ ! 》ᠭᠡᠮᠡᠨ ᠶᠡᠬᠡᠳᠡ ᠢᠨᠢᠶᠡᠨ ᠬᠤᠭᠤᠷᠬᠠᠢ ᠨᠤᠮᠤ ᠪᠠᠨ ᠬᠣᠷᠢᠶᠠᠨ ᠠᠪᠴᠤ ᠬᠤᠢ ᠰᠠᠯᠬᠢᠨ ᠮᠡᠲᠦ ᠡᠴᠢᠬᠦᠢ ᠳ᠋ᠦ᠍ᠷ ᠲᠠᠶ᠋ᠢᠽᠦ ᠲᠡᠭᠦᠨ ᠦ᠌ ᠬᠣᠶ᠋ᠢᠨ᠎ᠠ ᠠ᠋ᠴᠠ ᠶᠡᠬᠡ ᠳᠠᠭᠤᠨ ᠢ᠋ᠶ᠋ᠠᠷ ᠲᠡᠭᠦᠨ ᠦ᠌ ᠨᠡᠷ᠎ᠡ ᠣᠪᠣᠭ ᠭᠠᠵᠠᠷ ᠣᠷᠣᠨ ᠊ᠢ ᠠᠰᠠᠭᠤᠪᠠᠰᠤ ᠲᠡᠷᠡ ᠡᠪᠦᠭᠡᠨ ᠬᠣᠶ᠋ᠢᠰᠢ ᠬᠠᠨᠳᠤᠨ ᠲᠣᠯᠣᠭᠠᠢ ᠪᠠᠨ ᠰᠠᠵᠢᠵᠤ ᠭᠠᠷ ᠢ᠋ᠶ᠋ᠠᠷ ᠭᠠᠵᠠᠷ ᠢ᠋ ᠵᠢᠭᠠᠵᠤ ᠨᠢᠳᠦᠨ ᠢ᠋ᠶ᠋ᠡᠷ ᠲᠡᠭᠷᠢ ᠶ᠋ᠢ ᠬᠠᠷᠠᠵᠤ᠂ ᠬᠥᠯ ᠢ᠋ᠶ᠋ᠡᠨ ᠡᠷᠭᠦᠮᠡᠭᠴᠡ ᠰᠠᠯᠬᠢᠨ ᠬᠡᠢ ᠮᠡᠲᠦ ᠶᠠᠪᠤᠵᠤ ᠡᠴᠢᠪᠡᠢ᠃ ᠲᠠᠶ᠋ᠢᠽᠦ ᠲᠡᠷᠡ ᠡᠪᠦᠭᠡᠨ ᠦ᠌ ᠪᠠᠶ᠋ᠢᠲᠠᠯ ᠢ᠋ ᠦᠵᠡᠪᠡᠰᠦ ᠬᠡᠷᠬᠢᠪᠡᠴᠦ ᠥᠲᠡᠯ᠎ᠡ ᠬᠥᠮᠦᠨ ᠪᠤᠰᠤ ᠲᠤᠯᠠ ᠪᠡᠶ᠎ᠡ ᠶ᠋ᠢᠨ ᠣᠶ᠋ᠢᠷ᠎ᠠ ᠪᠠᠶ᠋ᠢᠬᠰᠠᠨ ᠲᠣᠭᠣᠰ ᠤ᠋ᠨ ᠥᠳᠥ ᠬᠠᠳᠬᠤᠭᠰᠠᠨ ᠰᠢᠳᠠᠷ ᠬᠢᠶ᠎ᠡ ᠠᠷᠭᠠᠰᠤᠨ ᠤ᠋ ᠬᠣᠷᠭᠣᠯᠵᠢ ᠶ᠋ᠢ ᠲᠡᠷᠡ ᠡᠪᠦᠭᠡᠨ ᠢ᠋ ᠲᠦᠷᠭᠡᠨ᠎ᠡ ᠨᠡᠬᠡᠵᠦ ᠭᠦᠢᠴᠡᠭᠡᠳ ᠡᠭᠡᠭᠦᠯᠦᠨ ᠠᠪᠴᠤ ᠢᠷ᠎ᠡ ᠭᠡᠮᠡᠨ ᠶᠠᠪᠤᠭᠤᠯᠤᠭᠠᠳ ᠣᠷᠳᠣᠨ ᠴᠠᠭᠠᠨ ᠭᠡᠷ ᠲᠡᠭᠡᠨ ᠵᠠᠯᠠᠷᠠᠵᠤ ᠪᠠᠭᠤᠪᠠᠢ᠃ ᠡᠭᠦᠨ ᠳ᠋ᠦ᠍ᠷ ᠠᠷᠭᠠᠰᠤᠨ ᠤ᠋ ᠬᠣᠷᠭᠣᠯᠵᠢ ᠡᠵᠡᠨ ᠦ᠌ ᠵᠠᠬᠢᠶ᠎ᠠ ᠪᠠᠷ ᠡᠪᠦᠭᠡᠨ ᠢ᠋ ᠨᠡᠬᠡᠵᠦ ᠪᠣᠯᠳᠠᠭ ᠤ᠋ᠨ ᠪᠠᠷᠠᠭᠤᠨ ᠪᠡᠶ᠎ᠡ ᠪᠡᠷ ᠡᠴᠢᠪᠡ᠃ ᠪᠡᠯᠭᠦᠳᠡᠢ ᠬᠠᠰᠠᠷ ᠬᠣᠶᠠᠭᠤᠯᠠ ᠶᠡᠬᠡᠯ᠎ᠡ ᠭᠠᠶ᠋ᠢᠬᠠᠵᠤ ᠰᠡᠮᠡᠬᠡᠷ ᠪᠠᠰᠠ ᠲᠡᠷᠢᠭᠦᠨ ᠪᠣᠯᠳᠠᠭ ᠤ᠋ᠨ ᠵᠡᠭᠦᠨ ᠪᠡᠶ᠎ᠡ ᠪᠡᠷ ᠨᠡᠬᠡᠵᠦ ᠡᠴᠢᠭᠡᠳ ᠭᠦᠢᠴᠡᠨ ᠬᠦᠷᠦᠭᠰᠡᠨ ᠳ᠋ᠦ᠍ᠷ ᠲᠡᠷᠡ ᠡᠪᠦᠭᠡᠨ ᠰᠢᠬᠠᠮᠳᠠᠵᠤ ᠭᠡᠨᠡᠳᠲᠡ ᠡᠷᠭᠢᠮᠡᠭᠴᠡ ᠨᠢᠭᠡᠨ ᠬᠥᠬᠡ ᠬᠠᠯᠵᠠᠨ ᠥᠩᠭᠡᠲᠦ ᠴᠢᠬᠢᠲᠡᠢ ᠤᠨᠤᠭᠰᠠᠨ ᠴᠠᠭᠠᠨ ᠡᠪᠦᠭᠡᠨ ᠪᠣᠯᠤᠨ ᠬᠤᠪᠢᠯᠤᠭᠠᠳ ᠬᠤᠭᠤᠷᠬᠠᠢ ᠨᠤᠮᠤ ᠳ᠋ᠤᠷ ᠠᠯᠲᠠᠨ ᠲᠣᠭᠣᠨᠣᠪᠲᠤ ᠰᠤᠮᠤ ᠶ᠋ᠢ ᠣᠨᠢᠯᠠᠵᠤ ᠳᠡᠯᠢᠭᠦᠨ ᠪᠣᠯᠳᠠᠭ ᠠᠭᠤᠯᠠᠨ ᠤ᠋ ᠨᠢᠭᠡᠨ ᠬᠡᠰᠡᠭ ᠬᠠᠳᠠ ᠶ᠋ᠢ ᠳᠡᠯᠪᠡ ᠬᠠᠷᠪᠤᠵᠤ᠂ ᠭᠠᠯ ᠭᠠᠷᠤᠭᠰᠠᠨ ᠵᠠᠪᠰᠠᠷ᠎ᠠ ᠲᠡᠷᠡ ᠡᠪᠦᠭᠡᠨ ᠳᠠᠷᠤᠢ ᠵᠠᠪᠬᠠᠪᠠᠢ᠃ ᠬᠠᠰᠠᠷ ᠪᠡᠯᠭᠦᠳᠡᠢ ᠬᠣᠶᠠᠭᠤᠯᠠ ᠶᠡᠬᠡᠯ᠎ᠡ ᠭᠠᠶ᠋ᠢᠬᠠᠵᠤ ᠡᠭᠡᠪᠡ᠃ ᠲᠡᠭᠦᠨᠴᠡ ᠪᠠᠷᠠᠭᠤᠨ ᠪᠡᠶ᠎ᠡ ᠪᠡᠷ ᠨᠡᠬᠡᠭᠰᠡᠨ ᠬᠣᠷᠭᠣᠯᠵᠢ ᠬᠥᠭᠡᠭᠡᠭᠰᠡᠭᠡᠷ ᠲᠡᠷᠡ ᠡᠪᠦᠭᠡᠨ ᠳᠡᠯᠢᠭᠦᠨ ᠪᠣᠯᠳᠠᠭ ᠢ᠋ ᠲᠣᠭᠣᠷᠢᠨ ᠭᠠᠷᠤᠮᠠᠭᠴᠠ ᠣᠷᠣᠮ ᠲᠣᠷᠤᠮ ᠦᠭᠡᠢ ᠪᠣᠯᠵᠤᠬᠤᠢ᠃ ᠬᠣᠷᠭᠣᠯᠵᠢ ᠳᠥᠷᠪᠡᠨ ᠲᠡᠰᠢ ᠠᠩᠬᠠᠷᠤᠨ ᠦᠵᠡᠪᠡᠰᠦ ᠠᠳᠠᠭ ᠲᠠᠭᠠᠨ ᠵᠠᠮ ᠳ᠋ᠤᠷ ᠶᠠᠪᠤᠬᠤ ᠬᠥᠮᠦᠨ ᠴᠦ᠍ ᠦᠭᠡᠢ ᠲᠤᠯᠠ ᠠᠷᠭ᠎ᠠ ᠪᠠᠨ ᠪᠠᠷᠠᠨ ᠠᠯᠭᠤᠷ ᠡᠭᠡᠵᠦ ᠭᠡᠷ ᠲᠦ᠍ᠷ ᠢ᠋ᠶ᠋ᠡᠨ ᠳᠠᠭᠠᠷᠢᠨ᠂ ᠠᠶ᠋ᠢᠯᠠᠤᠠᠬᠠᠬᠤ ᠦᠭᠡ ᠪᠡᠨ ᠰᠡᠳᠬᠢᠵᠦ ᠠᠷᠠᠵᠠ ᠬᠣᠣᠷᠠᠵᠠ ᠪᠠᠨ ᠤᠤᠭᠤᠭᠰᠠᠭᠠᠷ ᠰᠣᠭᠲᠣᠭᠠᠳ ᠠᠯᠪᠠᠨ ᠬᠡᠷᠡᠭ ᠢ᠋ᠶ᠋ᠡᠨ ᠠᠷᠤ ᠶ᠋ᠢᠨ ᠬᠣᠶ᠋ᠢᠨ᠎ᠠ ᠪᠠᠨ ᠣᠷᠬᠢᠵᠤ᠂ ᠠᠶ᠋ᠢᠯ ᠵᠠᠭᠤᠷ᠎ᠠ ᠶ᠋ᠢᠨ ᠠᠯᠢᠶᠠᠷᠬᠠᠨ ᠬᠠᠨᠢᠯᠠᠭᠰᠠᠨ ᠠᠯᠲᠠᠨ ᠬᠣᠷᠬᠢ ᠨᠡᠷᠡᠲᠦ ᠥᠬᠢᠨ ᠯᠤᠭᠡ ᠪᠡᠨ ᠠᠪᠤᠯᠴᠠᠨ ᠭᠥᠭᠦᠯᠴᠡᠨ ᠬᠠᠮᠲᠤ ᠬᠣᠨᠣᠪᠠᠢ᠃ ᠡᠭᠦᠨ ᠳ᠋ᠦ᠍ ᠲᠠᠶ᠋ᠢᠽᠦ ᠵᠤᠯᠠ ᠰᠢᠲᠠᠭᠠᠲᠠᠯ᠎ᠠ ᠬᠦᠯᠢᠶᠡᠪᠡᠰᠦ ᠢᠷᠡᠬᠦ ᠦᠭᠡᠢ ᠲᠤᠯᠠ ᠮᠤᠬᠤᠯᠢ ᠪᠤᠭᠤᠷᠵᠢ ᠬᠣᠶᠠᠭᠤᠯᠠ ᠳ᠋ᠤᠷ ᠵᠠᠬᠢᠶ᠎ᠠ ᠪᠠᠭᠤᠯᠭᠠᠨ ᠮᠠᠷᠭᠠᠲᠠ ᠥᠷᠯᠥᠭᠡ ᠡᠷᠲᠡ ᠬᠣᠷᠭᠣᠯᠵᠢ ᠶ᠋ᠢ ᠪᠠᠷᠢᠭᠤᠯᠤᠨ ᠠᠪᠴᠢᠷᠠᠵᠤ ᠰᠠᠶ᠋ᠢᠲᠤᠷ ᠰᠢᠳᠬᠡᠨ ᠭᠡᠰᠭᠡ ᠬᠡᠮᠡᠭᠡᠳ ᠳᠣᠲᠣᠭᠠᠳᠤ ᠣᠷᠲᠣᠨ᠎ᠠ ᠣᠷᠣᠵᠤ ᠨᠣᠶ᠋ᠢᠷᠰᠤᠪᠠ᠃ ᠵᠢᠴᠢ ᠥᠷᠯᠥᠭᠡ ᠮᠤᠬᠤᠯᠢ ᠪᠤᠭᠤᠷᠵᠢ᠂ ᠬᠣᠷᠭᠣᠯᠵᠢ ᠶ᠋ᠢ ᠪᠠᠷᠢᠭᠤᠯᠤᠨ ᠠᠪᠴᠢᠷᠠᠭᠤᠯᠪᠠᠰᠤ ᠡᠵᠡᠨ ᠥᠭᠡᠳᠡ ᠪᠣᠯᠤᠨ ᠳᠡᠭᠡᠭᠰᠢᠯᠡᠭᠡᠳᠦᠢ ᠲᠤᠯᠠ ᠪᠤᠭᠤᠷᠵᠢ ᠤᠯᠤᠰ ᠤ᠋ᠨ ᠬᠡᠷᠡᠭ ᠰᠢᠳᠬᠡᠬᠦ ᠭᠠᠳᠠᠭᠠᠳᠤ ᠶᠡᠬᠡ ᠥᠷᠭᠥᠭᠡ ᠶ᠋ᠢᠨ ᠡᠮᠦᠨ᠎ᠡ ᠰᠥᠭᠥᠳᠴᠦ ᠥᠨᠳᠥᠷ ᠳᠠᠭᠤᠨ ᠢ᠋ᠶ᠋ᠠᠷ ᠡᠶ᠋ᠢᠨ ᠮᠡᠳᠡᠭᠦᠯᠦᠷᠦᠨ : 
            ᠭᠡᠭᠡᠬᠡᠨ ᠣᠷᠳᠣᠨ ᠳ᠋ᠤᠷ ᠭᠡᠷᠡᠯ ᠣᠷᠣᠨ ᠠᠮᠤᠢ 
            ᠭᠡᠮᠲᠡ ᠵᠢᠮᠳᠡᠨ ᠴᠢᠨᠦ ᠭᠠᠳᠠᠨ᠎ᠠ ᠬᠤᠷᠠᠨ ᠠᠮᠤᠢ᠂ 
            ᠭᠡᠷᠡᠯᠲᠦ ᠪᠡᠶ᠎ᠡ ᠪᠡᠨ ᠥᠭᠡᠳᠡ ᠪᠣᠯᠤᠨ ᠳᠡᠭᠡᠭᠰᠢᠯᠡᠵᠦ 
            ᠭᠡᠶ᠋ᠢᠭᠦᠯᠬᠦ ᠵᠠᠷᠯᠢᠭ ᠢ᠋ᠶ᠋ᠠᠨ ᠥᠭᠭᠥᠨ ᠰᠣᠶᠣᠷᠬᠠᠬᠤ ᠪᠣᠯᠪᠠᠤ ! 
            ᠬᠠᠰ ᠣᠷᠳᠣᠨ ᠳ᠋ᠤᠷ ᠴᠢᠨᠦ ᠨᠠᠷᠠᠨ ᠮᠠᠨᠳᠤᠨ ᠭᠠᠷᠪᠠᠢ 
            ᠬᠠᠶ᠋ᠢᠷᠠᠲᠠᠨ ᠶᠠᠯᠠᠲᠠᠨ ᠴᠢᠨᠦ ᠭᠠᠳᠠᠨ᠎ᠠ ᠬᠤᠷᠠᠨ ᠢᠷᠡᠪᠡᠢ᠃ 
            ᠬᠠᠭᠠᠯᠭᠠᠲᠤ ᠡᠭᠦᠳᠡ ᠪᠡᠨ ᠴᠡᠯᠳᠡᠢᠲᠡᠯ᠎ᠡ ᠨᠡᠭᠡᠭᠡᠵᠦ ᠬᠠᠶ᠋ᠢᠷᠠᠯᠠᠭᠠᠳ 
            ᠬᠠᠶ᠋ᠢᠷᠠᠲᠤ ᠵᠠᠷᠯᠢᠭ ᠢ᠋ᠶ᠋ᠠᠨ ᠪᠠᠭᠤᠯᠭᠠᠨ ᠰᠣᠶᠣᠷᠬᠠᠬᠤ ᠠᠵᠢᠶᠠᠮᠤ ! 
ᠬᠡᠮᠡᠭᠰᠡᠨ ᠳ᠋ᠦ᠍ᠷ ᠲᠠᠶ᠋ᠢᠽᠦ ᠶ᠋ᠢᠨ ᠠᠯᠲᠠᠨ ᠴᠣᠭᠴᠠ ᠥᠭᠡᠳᠡ ᠪᠣᠯᠤᠨ ᠪᠣᠰᠤᠭᠠᠳ ᠵᠠᠷᠯᠢᠭ ᠭᠠᠷᠭᠠᠬᠤ ᠭᠠᠳᠠᠭᠠᠳᠤ ᠠᠷᠰᠯᠠᠨᠲᠤ ᠴᠠᠴᠠᠷ ᠲᠤ᠌ ᠵᠠᠯᠠᠷᠠᠨ ᠰᠠᠭᠤᠭᠰᠠᠨ ᠳ᠋ᠤᠷ ᠠᠷᠭᠠᠰᠤᠨ ᠤ᠋ ᠬᠣᠷᠭᠣᠯᠵᠢ ᠬᠣᠶᠠᠷ ᠰᠤᠭᠤᠨ ᠳ᠋ᠠᠭᠠᠨ ᠬᠣᠭᠣᠰᠣᠨ ᠬᠣᠶᠠᠷ ᠪᠣᠳᠣᠩ ᠢ᠋ ᠰᠤᠭᠤᠪᠴᠢᠯᠠᠵᠤ ᠰᠥᠭᠥᠳᠦᠭᠡᠳ ᠲᠦᠴᠢᠭᠢᠨᠡᠲᠡᠯ᠎ᠡ ᠮᠥᠷᠭᠥᠵᠦ ᠮᠡᠳᠡᠭᠦᠯᠦᠷᠦᠨ : 
            ᠡᠵᠡᠨ  ᠦ᠌ ᠵᠠᠷᠯᠢᠭ ᠢ᠋ ᠬᠢᠴᠢᠶᠡᠩᠭᠦᠶ᠋ᠢᠯᠡᠨ ᠳᠠᠭᠠᠵᠤ 
            ᠡᠪᠦᠭᠡᠨ ᠲᠡᠭᠦᠨ ᠢ᠋ ᠡᠷᠢᠨ ᠭᠦᠶᠦᠵᠦ ᠨᠡᠬᠡᠯᠦᠭᠡ ᠪᠢ᠂ 
            ᠡᠮᠦᠨᠡᠲᠦ ᠪᠣᠯᠳᠠᠭ ᠢ᠋ ᠥᠩᠭᠡᠷᠡᠨ ᠭᠠᠷᠤᠮᠠᠭᠴᠠ 
            ᠡᠪᠦᠭᠡᠨ  ᠦ᠌ ᠪᠡᠶ᠎ᠡ ᠣᠷᠣᠮ ᠲᠣᠷᠣᠮ ᠦᠭᠡᠢ ᠪᠣᠯᠵᠤᠬᠤᠢ᠃ 
            ᠳᠡᠭᠡᠳᠦ ᠲᠡᠭᠷᠢ ᠶ᠋ᠢᠨ ᠬᠤᠪᠢᠯᠭᠠᠨ ᠰᠠᠬᠢᠭᠤᠯᠰᠤᠨ ᠴᠤ᠌ ᠪᠣᠯᠪᠠᠤ 
            ᠳᠡᠯᠭᠡᠷᠡᠬᠦ ᠪᠡᠯᠭᠡ ᠢ᠋ ᠵᠢᠭᠠᠷ᠎ᠠ ᠢᠷᠡᠭᠰᠡᠨ ᠴᠦ᠍ ᠪᠣᠢ ᠊ᠢ᠎ᠠ ! 
            ᠳᠣᠣᠷᠠᠲᠤ ᠭᠠᠵᠠᠷ ᠤ᠋ᠨ ᠡᠵᠡᠳ ᠰᠠᠬᠢᠭᠤᠯᠰᠤᠨ ᠴᠤ᠌ ᠪᠣᠯᠪᠠᠤ 
            ᠳᠤᠷᠠᠲᠠᠶ᠎ᠠ ᠲᠥᠷᠥ ᠳ᠋ᠦ᠍ᠷ ᠲᠤᠰᠠᠯᠠᠷ᠎ᠠ ᠢᠷᠡᠭᠰᠡᠨ ᠴᠦ᠍ ᠪᠣᠢ ᠊ᠢ᠎ᠠ ! 
ᠬᠡᠮᠡᠭᠰᠡᠨ ᠳ᠋ᠦ᠍ᠷ ᠲᠠᠶ᠋ᠢᠽᠦ ᠴᠢᠷᠠᠢ ᠪᠠᠷᠤᠶ᠋ᠢᠯᠭᠠᠵᠤ ᠥᠭᠦᠯᠡᠷᠦᠨ : 《ᠠᠯᠵᠠᠭᠤ ᠳ᠋ᠠᠭᠠᠨ ᠠᠮᠲᠠᠰᠢᠵᠤ᠂ ᠵᠠᠯᠬᠠᠭᠤ ᠳ᠋ᠠᠭᠠᠨ ᠵᠠᠯᠢᠬᠠᠢᠷᠠᠭᠠᠳ ᠤᠷᠠᠨ ᠦᠭᠡ ᠪᠡᠷ ᠶᠠᠷᠢᠵᠤ᠂ ᠣᠷᠣᠯᠳᠣᠷ᠎ᠠ ᠢᠷᠡᠪᠡᠦ ᠴᠢ ! 》ᠬᠡᠮᠡᠭᠰᠡᠨ ᠳ᠋ᠦ᠍ᠷ ᠬᠣᠷᠭᠣᠯᠵᠢ ᠶᠡᠬᠡᠯ᠎ᠡ ᠠᠶᠤᠵᠤ ᠳᠠᠭᠤᠨ ᠦᠭᠡᠢ ᠪᠣᠯᠵᠤ ᠳᠣᠷᠣᠭᠰᠢ ᠮᠥᠷᠭᠥᠵᠦ ᠴᠡᠴᠡᠷᠬᠢᠯᠡᠬᠦᠶ᠎ᠡ ᠮᠤᠬᠤᠯᠢ᠂ ᠲᠠᠶ᠋ᠢᠽᠦ ᠶ᠋ᠢ ᠶᠡᠬᠡ ᠭᠢᠯᠢᠭᠯᠡᠭᠦᠵᠡᠢ ᠬᠡᠮᠡᠵᠦ ᠬᠣᠷᠭᠣᠯᠵᠢ ᠶ᠋ᠢᠨ ᠵᠦᠭ ᠰᠡᠮᠡᠬᠡᠷ ᠬᠣᠰᠢᠭᠤ ᠪᠠᠨ ᠳᠣᠬᠢᠭᠰᠠᠨ ᠳ᠋ᠤᠷ ᠬᠣᠷᠭᠣᠯᠵᠢ ᠬᠣᠷᠣᠮᠬᠠᠨ᠎ᠠ ᠤᠬᠠᠵᠤ ᠮᠡᠳᠡᠭᠡᠳ ᠬᠣᠣᠰ ᠬᠣᠣᠰ ᠬᠡᠳᠦᠨᠲᠡ ᠮᠥᠷᠭᠥᠨ ᠮᠡᠳᠡᠭᠦᠯᠦᠷᠦᠨ : 
            ᠳᠠᠯᠠᠨ ᠬᠡᠯᠡᠲᠦ ᠴᠡᠭᠴᠡᠦᠬᠡᠢ ᠪᠣᠯᠵᠣᠮᠣᠷ 
            ᠳ᠋ᠠᠩ ᠳ᠋ᠠᠩ ᠳᠣᠩᠭᠣᠳᠴᠤ ᠪᠠᠶ᠋ᠢᠲᠠᠯ᠎ᠠ 
            ᠳ᠋ᠠᠷᠤᠬᠤᠢ ᠰᠢᠪᠠᠭᠤ ᠠᠨᠤ ᠳᠠᠭᠠᠷᠢᠨ ᠢᠷᠡᠭᠰᠡᠨ᠎ᠡ 
            ᠳᠠᠭᠤᠨ ᠲᠠᠰᠤᠷᠠᠵᠤ ᠵᠠᠪᠬᠠᠨ ᠨᠢᠭᠤᠵᠤ ᠤᠳᠤᠮᠤᠢ᠃ 
            ᠵᠠᠶᠠᠭᠠᠲᠤ ᠡᠵᠡᠨ ᠢ᠋ᠶ᠋ᠡᠨ ᠬᠢᠯᠢᠩᠨᠡᠭᠦᠯᠬᠦᠢ ᠳ᠋ᠦ᠍ᠷ 
            ᠵᠢᠷᠦᠬᠡ ᠰᠥᠰᠥ ᠮᠢᠨᠦ ᠬᠡᠮᠬᠡ ᠡᠴᠢᠪᠡ ᠪᠢ 
            ᠠᠷᠪᠠᠨ ᠨᠠᠰᠤ ᠲᠠᠢ ᠠ᠋ᠴᠠ ᠳᠠᠭᠠᠯᠤᠭ᠎ᠠ ᠪᠢ 
            ᠠᠯᠢᠯᠠ ᠮᠠᠭᠤ ᠪᠠᠨ ᠡᠰᠡ ᠮᠡᠳᠡᠭᠳᠡᠯᠦᠭᠡ ᠪᠢ᠃ 
            ᠠᠷᠠᠵᠠᠨ᠎ᠡ ᠲᠠᠰᠢᠶᠠᠷᠠᠭᠰᠠᠨ ᠮᠢᠨᠦ ᠦᠨᠡᠨ ᠪᠣᠢ ᠊ᠢ᠎ᠡ᠃ 
            ᠠᠯᠤᠰ ᠪᠤᠷᠤᠭᠤ ᠰᠠᠨᠠᠭᠠᠨ ᠦᠭᠡᠢ ᠪᠥᠯᠥᠭᠡ ᠪᠢ 
            ᠬᠣᠷᠢᠨ ᠨᠠᠰᠤᠯᠠᠲᠠᠯ᠎ᠠ ᠳᠠᠭᠠᠯᠤᠭ᠎ᠠ ᠪᠣᠭᠣᠯ ᠪᠢ᠂ 
            ᠬᠣᠯᠴᠢᠷᠭᠠᠨ ᠮᠠᠭᠤ ᠪᠠᠨ ᠴᠥᠮ ᠮᠡᠳᠡᠭᠳᠡᠯᠦᠭᠡ ᠪᠢ 
            ᠬᠤᠤᠷᠠᠵᠠᠨ᠎ᠡ ᠲᠠᠰᠢᠶᠠᠷᠠᠭᠰᠠᠨ ᠮᠢᠨᠦ ᠦᠨᠡᠨ ᠪᠣᠢ ᠊ᠢ᠎ᠡ ᠃ 
            ᠬᠣᠣᠷᠲᠤ ᠮᠠᠭᠤ ᠰᠡᠳᠬᠢᠯ ᠦᠭᠡᠢ ᠪᠥᠯᠥᠭᠡ ᠪᠢ 
            ᠬᠣᠭᠣᠰᠣᠨ ᠬᠣᠶᠠᠷ ᠯᠣᠩᠬᠣ ᠳ᠋ᠤᠷ ᠬᠣᠣᠷᠯᠠᠭᠳᠠᠪᠠ ᠪᠢ ᠂ 
            ᠬᠣᠶ᠋ᠢᠴᠢ ᠡᠳᠦᠷ ᠣᠳᠣᠬᠠᠨ ᠴᠤ᠌ ᠬᠢᠴᠢᠶᠡᠰᠦᠭᠡᠢ ᠪᠢ ! 
ᠬᠡᠮᠡᠭᠡᠳ ᠬᠣᠣᠰ ᠭᠠᠷ ᠢ᠋ᠶ᠋ᠠᠷ ᠬᠣᠭᠣᠰᠣᠨ ᠬᠣᠶᠠᠷ ᠯᠣᠩᠬᠣ ᠪᠠᠨ ᠳᠡᠭᠡᠭᠰᠢᠳᠡ ᠡᠷᠭᠦᠵᠦ ᠮᠡᠳᠡᠭᠦᠯᠦᠷᠦᠨ :
            ᠡᠴᠢᠭᠡ ᠲᠡᠭᠷᠢ ᠡᠴᠡ ᠵᠠᠶᠠᠭᠠᠲᠠᠢ ᠢᠷᠡᠵᠦ ᠮᠡᠨᠳᠦᠯᠡᠭᠰᠡᠨ 
            ᠡᠷᠳᠡᠮᠲᠦ ᠭᠡᠭᠡᠬᠡᠨ ᠡᠷᠬᠡᠲᠦ ᠡᠵᠡᠨ ᠮᠢᠨᠦ ᠥᠷᠥᠰᠢᠶᠡ ᠂ 
            ᠡᠨᠡ ‍ᠬᠦ ᠪᠤᠳᠤᠩᠲᠤ ᠶᠠᠭᠤᠮ᠎ᠠ ᠳ᠋ᠤᠷ 
            ᠡᠷᠭᠢᠭᠦᠳᠡᠨ ᠤᠨᠠᠵᠤ ᠣᠰᠣᠯᠳᠠᠭᠰᠠᠨ ᠢ᠋ ᠠᠶ᠋ᠢᠯᠠᠲᠤᠨ ᠥᠷᠥᠰᠢᠶᠡᠮᠦ ! 
ᠬᠡᠮᠡᠭᠰᠡᠨ ᠳ᠋ᠦ᠍ᠷ ᠲᠠᠶ᠋ᠢᠽᠦ ᠮᠦᠰᠢᠶᠡᠵᠦ ᠴᠢᠩᠭ᠎ᠠ ᠳᠠᠭᠤᠨ ᠢ᠋ᠶ᠋ᠠᠷ ᠵᠠᠬᠢᠷᠤᠨ :《ᠠᠮᠠᠨ ᠤ᠋ ᠪᠠᠨ ᠰᠠᠢᠨ ᠳ᠋ᠤᠷ ᠭᠠᠷᠤᠭᠰᠠᠨ ᠠᠷᠭᠠᠰᠤᠨ ᠂ ᠬᠤᠰᠢᠭᠤᠨ ᠤ᠋ ᠪᠠᠨ ᠰᠠᠢᠨ ᠳ᠋ᠤᠷ ᠭᠡᠯᠳᠦᠷᠢᠭᠰᠡᠨ ᠬᠣᠷᠭᠣᠯᠵᠢ 》 ᠬᠡᠮᠡᠭᠡᠳ ᠶᠠᠯ᠎ᠠ ᠶ᠋ᠢ ᠠᠨᠤ ᠬᠡᠯᠲᠦᠷᠢᠭᠦᠯᠪᠡᠢ᠃ ᠲᠡᠷᠡ ᠦᠶ᠎ᠡ ᠳ᠋ᠦ᠍ᠷ ᠪᠡᠯᠭᠦᠳᠡᠢ ᠬᠠᠰᠠᠷ ᠬᠣᠶᠠᠭᠤᠯᠠ ᠴᠥᠮ ᠲᠠᠶ᠋ᠢᠽᠦ ᠶ᠋ᠢᠨ ᠳᠡᠷᠭᠡᠳᠡ ᠪᠠᠶ᠋ᠢᠬᠤ ᠲᠤᠯᠠᠳᠠ ᠥᠴᠥᠭᠡᠳᠦᠷ ᠦ᠋ᠨ ᠲᠡᠷᠡ ᠡᠪᠦᠭᠡᠨ ᠦ᠌ ᠥᠩᠭᠡ ᠪᠠᠶ᠋ᠢᠲᠠᠯ ᠬᠤᠪᠢᠯᠭᠠᠨ ᠶᠢᠯᠸᠢ ᠶ᠋ᠢ ᠨᠢᠳᠦᠨ ᠢ᠋ᠶ᠋ᠡᠷ ᠦᠵᠡᠭᠰᠡᠨ ᠦ᠌ ᠳᠡᠭᠡᠷ᠎ᠡ ᠂ ᠡᠨᠡ ᠡᠳᠦᠷ ᠦ᠋ᠨ ᠬᠣᠷᠭᠣᠯᠵᠢ ᠶ᠋ᠢᠨ ᠡᠳᠡᠭᠡᠷ ᠥᠭᠦᠯᠡᠯ ᠳ᠋ᠦ᠍ᠷ ᠦᠨᠡᠬᠡᠷ ᠲᠡᠭᠷᠢ ᠰᠠᠬᠢᠭᠤᠯᠰᠤᠨ ᠮᠠᠨ ᠳ᠋ᠤᠷ ᠴᠡᠭᠡᠷᠯᠡᠯ ᠦᠵᠡᠭᠦᠯᠵᠦᠬᠦᠢ ᠭᠡᠮᠡᠨ ᠠᠶᠤᠨ ᠪᠢᠰᠢᠷᠡᠭᠡᠳ ᠭᠠᠶ᠋ᠢᠬᠠᠨ ᠰᠦᠰᠦᠭᠯᠡᠵᠦ᠂ ᠣᠶ᠋ᠢᠲᠤ ᠸᠴᠢᠷ᠂ ᠤᠷᠠᠨ ᠭᠠᠴᠤᠭ ᠬᠣᠶᠠᠷ ᠳᠡᠭᠦᠦ ᠪᠡᠨ ᠠᠪᠴᠤ ᠠᠬ᠎ᠠ ᠳ᠋ᠠᠭᠠᠨ ᠰᠥᠭᠥᠳᠴᠦ ᠦᠨᠡᠨ ᠤᠴᠢᠷ ᠢ᠋ᠶ᠋ᠠᠨ ᠪᠦᠷᠢᠳᠬᠡᠨ ᠮᠡᠳᠡᠭᠦᠯᠵᠦ ᠦᠨᠡᠨᠴᠢᠯᠡᠨ ᠰᠦᠰᠦᠭᠯᠡᠨ ᠡᠭᠦᠨ ᠡᠴᠡ ᠬᠣᠢᠰᠢᠳᠠ ᠦᠨᠡᠨ ‍ᠬᠦ ᠵᠥᠪ ᠰᠢᠳᠤᠷᠭᠤ ᠪᠠᠷ ᠵᠢᠳᠬᠦᠨ ᠶᠠᠪᠤᠵᠤ᠂ ᠡᠭᠦᠷᠢᠳᠡ ᠮᠠᠭᠤ ᠰᠡᠳᠬᠢᠬᠦᠢ ᠶ᠋ᠢ ᠨᠢᠭᠡᠮᠦᠰᠦᠨ ᠠᠷᠢᠯᠭᠠᠪᠠᠢ ① ᠃ ᠰᠥᠩ ᠤᠯᠤᠰ ᠤ᠋ᠨ ᠰᠢᠶᠦᠦᠽᠦᠢ᠍ᠩ ᠬᠠᠭᠠᠨ ᠤ᠋ ᠴᠦᠨ ᠰᠢ ᠶ᠋ᠢᠨ ᠠᠷᠪᠠᠨ ᠬᠣᠶᠠᠳᠤᠭᠠᠷ ᠣᠨ ᠠᠯᠲᠠᠨ ᠤᠯᠤᠰ ᠤ᠋ᠨ ᠱ᠌ᠢᠽᠦ᠋ᠩ ᠬᠠᠭᠠᠨ ᠤ᠋ ᠳᠠ  ᠳ᠋ᠢᠩ ᠦ᠋ᠨ ᠬᠣᠷᠢᠨ ᠲᠠᠪᠤᠳᠤᠭᠠᠷ ᠣᠨ ᠡᠨᠳᠡ ᠡᠴᠡ ᠡᠬᠢᠯᠡᠪᠡ᠃ ᠲᠠᠶ᠋ᠢᠽᠦ ᠡᠨᠡ ᠵᠢᠯ ᠬᠣᠷᠢᠨ ᠳᠥᠷᠪᠡᠨ ᠨᠠᠰᠤᠨ ᠰᠡᠭᠦᠳᠡᠷ ᠲᠡᠢ᠂ ᠡᠨᠡ ᠵᠢᠯ ᠰᠡᠴᠢᠭᠯᠢᠭᠲᠦ ᠨᠠᠭᠤᠷ ᠤ᠋ᠨ ᠬᠥᠪᠡᠭᠡᠨ ᠳ᠋ᠦ᠍ᠷ ᠪᠠᠭᠤᠳᠠᠯᠯᠠᠵᠤ ᠪᠥᠬᠥᠶ᠎ᠡ᠂ ᠰᠡᠴᠡᠨ ᠵᠦᠰᠦᠨ ᠬᠠᠲᠤᠨ ᠠ᠋ᠴᠠ ᠪᠠᠰᠠ ᠨᠢᠭᠡᠨ ᠠᠪᠠᠬᠠᠢ ᠮᠡᠨᠳᠦᠯᠡᠭᠰᠡᠨ  ᠢ᠋ᠶ᠋ᠡᠷ ᠵᠠᠭᠤᠨ ᠴᠡᠴᠡᠭ ᠪᠠᠳᠠᠷᠠᠨ ᠳᠡᠯᠭᠡᠷᠡᠵᠦ ᠪᠦᠬᠦᠢ ᠴᠠᠭ ᠲᠤᠷ ᠰᠡᠴᠢᠭᠯᠢᠭᠲᠦ ᠨᠠᠭᠤᠷ ᠤ᠋ᠨ ᠬᠥᠪᠡᠭᠡ ᠳ᠋ᠦ᠍ᠷ ᠲᠥᠷᠥᠪᠡ ᠭᠡᠮᠡᠨ ᠨᠡᠷ᠎ᠡ ᠶ᠋ᠢ ᠰᠡᠴᠡᠨ ᠰᠡᠴᠢᠭᠯᠢᠭ ᠭᠡᠮᠡᠨ ᠬᠠᠶ᠋ᠢᠷᠠᠯᠠᠪᠠᠢ᠃ ᠬᠣᠶ᠋ᠢᠨ᠎ᠠ ᠬᠤᠸᠠ ᠶ᠋ᠢᠨ ᠭᠦᠩᠵᠦ ᠭᠡᠮᠡᠨ ᠡᠷᠭᠦᠭᠰᠡᠨ ᠪᠥᠯᠥᠭᠡ᠃ ᠡᠨᠡ ᠭᠦᠩᠵᠦ ᠵᠠᠯᠮ᠎ᠠ ᠶ᠋ᠢᠨ ᠬᠥᠪᠡᠭᠦᠨ ᠵᠢᠪᠬᠡ ᠴᠡᠴᠡᠭ ᠹᠦ ᠮᠠ ᠳ᠋ᠤᠷ ᠬᠣᠯᠪᠣᠪᠠ᠃ ᠡᠭᠦᠨ ᠢ᠋ ᠲᠦᠷ ᠥᠭᠦᠯᠡᠬᠦ ᠦᠭᠡᠢ᠃

– – – – 
①  ᠬᠥᠬᠡ ᠯᠤᠤ ᠵᠢᠯ ᠦ᠋ᠨ ᠬᠡᠷᠡᠭ ᠡᠨᠳᠡ ᠲᠡᠭᠦᠰᠴᠦ ᠤᠳᠠᠭᠰᠠᠨ ᠦᠭᠡᠢ ᠨᠠᠮᠤᠷ ᠬᠤᠷᠢᠶᠠᠵᠤ᠂ ᠡᠪᠦᠯ ᠨᠢᠭᠤᠭᠠᠳ ᠪᠠᠰᠠ ᠬᠠᠪᠤᠷ ᠪᠣᠯᠪᠠ᠂  ᠡᠨᠡ ᠣᠨ ᠢ᠋ ᠬᠥᠬᠡᠭᠴᠢᠨ ᠮᠣᠭᠠᠢ ᠡᠵᠡᠯᠡᠪᠡ᠃ 

      ᠣᠳᠣ ᠬᠡᠯᠡᠬᠦ ᠢᠨᠤ ᠨᠠᠢ᠍ᠮᠠᠨ ᠤᠯᠤᠰ ᠤ᠋ᠨ ᠴᠢᠦᠢ ᠰᠢᠦᠸᠠᠢ ᠡᠦ ᠬᠠᠷᠠᠬᠠᠨ ᠪᠸᠲ᠋ᠡ᠋ ᠤᠯᠤᠰ ᠤ᠋ᠨ ᠬᠣᠷᠣᠰᠤᠯ ᠢ᠋ ᠬᠠᠷᠢᠭᠤ ᠠᠪᠬᠤ ᠶ᠋ᠢ ᠰᠡᠳᠬᠢᠬᠦᠶ᠎ᠡ᠂ ᠬᠣᠯᠠᠬᠢ ᠲᠤᠷᠰᠢᠭᠤᠯ ᠠ᠋ᠴᠠ ᠪᠸᠲ᠋ᠡ᠋ ᠤᠯᠤᠰ᠂ ᠬᠡᠷᠡᠶ᠋ᠢᠳ ᠤᠯᠤᠰ ᠤᠷᠤᠭ ᠪᠠᠷᠢᠮᠤᠢ ᠬᠡᠮᠡᠵᠦ ᠪᠣᠢ ᠭᠡᠮᠡᠨ ᠰᠣᠨᠣᠰᠴᠤ ᠵᠢᠴᠢ ᠥᠷᠯᠥᠭᠡ ᠲᠥᠷᠥ ᠳ᠋ᠦ᠍ᠷ ᠭᠠᠷᠤᠭᠠᠳ ᠲᠠᠶ᠋ᠢᠶᠠᠩ ᠬᠠᠭᠠᠨ  ᠳ᠋ᠤᠷ ᠠᠶ᠋ᠢᠯᠠᠤᠠᠬᠠᠷᠤᠨ: 《ᠡᠳᠦᠭᠡ ᠰᠣᠨᠣᠰᠬᠤᠯ᠎ᠠ ᠪᠸᠲ᠋ᠡ᠋ ᠬᠡᠷᠡᠶ᠋ᠢᠳ ᠬᠣᠶᠠᠷ ᠤᠯᠤᠰ ᠤᠷᠤᠭ ᠪᠠᠷᠢᠰᠤᠭᠠᠢ ᠭᠡᠮᠡᠨ ᠬᠡᠯᠡᠯᠴᠡᠵᠦ ᠪᠣᠢ ᠬᠡᠮᠡᠮᠦᠢ᠂ ᠬᠡᠷᠪᠡ ᠡᠶ᠋ᠢᠨ ᠪᠣᠯᠪᠠᠰᠤ ᠬᠦᠴᠦᠨ ᠨᠡᠩ ᠪᠠᠲᠤ ᠪᠣᠯᠬᠤ ᠲᠤᠯᠠ ᠪᠸᠲ᠋ᠡ᠋ ᠤᠯᠤᠰ ᠢ᠋ ᠡᠷᠲᠡᠬᠡᠨ ᠪᠠᠶ᠋ᠢᠯᠲᠤᠬᠤᠢ ᠳ᠋ᠤᠷ ᠦᠯᠦ ᠬᠥᠷᠥᠮᠦᠢ᠃ ᠪᠸᠲ᠋ᠡ᠋ ᠤᠯᠤᠰ ᠪᠠᠰᠠ ᠮᠠᠨ ᠢ᠋ ᠳᠠᠷᠤᠯᠠᠭᠰᠠᠨ ᠬᠣᠷᠣᠰᠤᠯ ᠪᠣᠢ᠂ ᠡᠰᠡ ᠠᠷᠢᠯᠭᠠᠪᠠᠰᠤ ᠪᠣᠯᠬᠤ ᠦᠭᠡᠢ᠃ 》 ᠲᠠᠶ᠋ᠢᠶᠠᠩ ᠬᠠᠭᠠᠨ ᠥᠭᠦᠯᠡᠷᠦᠨ : 《ᠪᠸᠲ᠋ᠡ᠋ ᠤᠯᠤᠰ ᠤ᠋ᠨ ᠡᠵᠡᠨ ᠰᠠᠶ᠋ᠢᠳ ᠴᠥᠮ ᠨᠢᠭᠡᠨ ᠦᠶ᠎ᠡ ᠳ᠋ᠦ᠍ᠷ ᠴᠣᠯᠭᠣᠷᠠᠨ ᠲᠥᠷᠥᠵᠦᠬᠦᠢ᠂ ᠬᠡᠷᠪᠡ ᠬᠥᠩᠭᠡᠯᠡᠨ ᠬᠠᠯᠳᠠᠭᠠᠳ ᠳᠠᠷᠤᠭᠳᠠᠵᠤ ᠵᠣᠭᠰᠣᠵᠤ ᠪᠣᠯᠣᠰᠢ ᠦᠭᠡᠢ ᠳ᠋ᠦ᠍ᠷ ᠬᠦᠷᠪᠡᠰᠦ ᠲᠦᠭᠰᠢᠭᠦᠷᠢ ᠲᠡᠭᠦᠨ ᠡᠴᠡ ᠢᠯᠡᠭᠦᠦ ᠪᠣᠯᠬᠤ ᠦᠭᠡᠢ ‍ᠦᠦ ? 》 ᠠᠯᠲᠠᠨᠱᠠᠭ᠎ᠠ ᠲᠡᠷᠡ ᠬᠣᠶᠠᠷ ᠤᠯᠤᠰ ᠢ᠋ ᠤᠷᠤᠭ ᠪᠠᠷᠢᠮᠤᠢ ᠭᠡᠮᠡᠨ ᠰᠣᠨᠣᠰᠤᠭᠠᠳ ᠳᠠᠷᠤᠢ ᠰᠣᠯᠣᠩᠭᠤᠤ᠎ᠠ ᠶ᠋ᠢᠨ ᠳᠡᠭᠡᠷ᠎ᠡ ᠨᠤᠭᠤᠯᠤᠨ ᠰᠠᠨᠠᠭᠠᠳ ᠳᠣᠲᠣᠷ᠎ᠠ ᠭᠠᠯ ᠰᠢᠲᠠᠬᠤ ᠮᠡᠲᠦ ᠪᠣᠯᠵᠤ ᠶᠠᠭᠠᠷᠠᠨ ᠵᠡᠷᠭᠡ ᠡᠴᠡ ᠭᠠᠷᠴᠤ ᠥᠭᠦᠯᠡᠷᠦᠨ: 《ᠪᠸᠲ᠋ᠡ᠋ ᠤᠯᠤᠰ ᠢ᠋ ᠡᠳᠦᠭᠡ ᠬᠡᠷᠪᠡ ᠡᠰᠡ ᠰᠥᠨᠥᠭᠡᠪᠡᠰᠦ ᠬᠣᠶ᠋ᠢᠴᠢ ᠡᠳᠦᠷ ᠲᠡᠷᠡ ᠬᠣᠶ᠋ᠢᠲᠤ ᠭᠠᠵᠠᠷ ᠢ᠋ ᠭᠠᠭᠴᠠᠭᠠᠷ ᠡᠵᠡᠯᠡᠬᠦ ᠰᠠᠨᠠᠭᠠᠨ ᠪᠣᠢ ᠲᠤᠯᠠ ᠬᠡᠵᠢᠶᠡᠳᠡ ᠨᠢᠭᠡᠨ ᠴᠠᠭ ᠲᠤᠷ ᠮᠠᠨ ᠢ᠋ ᠵᠦᠭᠡᠷ ᠦᠯᠦ ᠲᠠᠯᠪᠢᠮᠤᠢ᠃ ᠡᠳᠦᠭᠡ ᠬᠠᠷᠠᠬᠠᠨ ᠨᠠᠮᠤᠷ ᠤ᠋ᠨ ᠴᠠᠭ ᠤ᠋ᠨ ᠮᠣᠷᠢ ᠲᠠᠷᠭᠤᠨ᠂ ᠨᠤᠮᠤ ᠬᠠᠲᠠᠭᠤ ᠲᠠᠰᠢᠷᠠᠮ ᠢ᠋ ᠠᠯᠳᠠᠪᠠᠰᠤ ᠪᠣᠯᠬᠤ ᠦᠭᠡᠢ ! 》ᠬᠡᠮᠡᠭᠰᠡᠨ᠎ᠡ᠂ ᠤᠯᠤᠰ ᠲᠥᠷᠥ ᠶ᠋ᠢᠨ ᠶᠡᠬᠡ ᠵᠥᠪᠯᠡᠯ ᠦ᠋ᠨ ᠪᠢᠴᠢᠭ ᠦ᠋ᠨ ᠡᠷᠬᠢᠯᠡᠭᠰᠡᠨ ᠰᠠᠶ᠋ᠢᠳ ᠮᠥᠩᠭᠥᠯᠵᠢ ᠭᠠᠷᠴᠤ ᠥᠭᠦᠯᠡᠷᠦᠨ: 《ᠪᠸᠲ᠋ᠡ᠋ ᠤᠯᠤᠰ ᠤ᠋ᠨ ᠡᠵᠡᠨ ᠮᠡᠷᠭᠡᠨ᠂ ᠰᠠᠶ᠋ᠢᠳ ᠬᠤᠷᠴᠠ᠂ ᠵᠠᠩᠵᠤᠨ ᠱᠠᠯᠠᠮᠠᠭᠠᠢ᠂ ᠴᠡᠷᠢᠭ ᠬᠠᠳᠠᠨ᠂ ᠡᠨᠡ ᠬᠡᠳᠦᠨ ᠵᠢᠯ ᠦ᠋ᠨ ᠬᠣᠭᠣᠷᠣᠨᠳᠣ ᠳᠠᠷᠠᠭ᠎ᠠ ᠪᠠᠷ ᠣᠯᠠᠨ ᠠᠶ᠋ᠢᠮᠠᠭ ᠢ᠋ ᠬᠤᠷᠢᠶᠠᠮᠵᠢᠯᠠᠵᠤ᠂ ᠰᠦᠷ ᠬᠦᠴᠦᠨ ᠠᠰᠤᠷᠤ ᠲᠦᠷᠢᠮᠡᠬᠡᠢ ᠪᠣᠯᠵᠤᠬᠤᠢ᠃ ᠭᠣᠷᠯᠣᠳ ᠢ᠋ ᠮᠥᠬᠥᠭᠡᠬᠦ ᠶ᠋ᠢᠨ ᠤᠷᠢᠳᠠ ᠪᠣᠯᠪᠠᠴᠤ ᠬᠤᠶᠠᠭ ᠡᠮᠦᠰᠦᠭᠰᠡᠨ ᠴᠡᠷᠢᠭ ᠳᠥᠷᠪᠡᠨ ᠲᠦᠮᠡᠨ ᠪᠣᠢ ᠬᠡᠮᠡᠬᠦ ᠪᠥᠯᠥᠭᠡ᠂ ᠡᠳᠦᠭᠡ ᠨᠡᠩ ᠬᠡᠳᠦᠢ ᠨᠡᠮᠡᠭᠰᠡᠨ ᠢ᠋ ᠮᠡᠳᠡᠬᠦ ᠦᠭᠡᠢ᠃ ᠮᠢᠨᠦ ᠰᠠᠨᠠᠭ᠎ᠠ ᠪᠠᠷ ᠪᠣᠯᠪᠠᠰᠤ ᠴᠡᠷᠢᠭ ᠢ᠋ᠶ᠋ᠡᠨ ᠲᠡᠭᠰᠢᠯᠡᠵᠦ ᠬᠢᠵᠠᠭᠠᠷ ᠢ᠋ᠶ᠋ᠠᠨ ᠪᠡᠬᠢᠯᠡᠨ ᠰᠠᠬᠢᠬᠤᠢ ᠳ᠋ᠤᠷ ᠬᠦᠷᠬᠦ ᠦᠭᠡᠢ ! 》 ᠬᠡᠮᠡᠲᠡᠯ᠎ᠡ ᠨᠠᠢ᠍ᠮᠠᠨ ᠤᠯᠤᠰ ᠤ᠋ᠨ ᠤᠶ᠋ᠢᠭᠤᠷ ᠤᠯᠤᠰ ᠠ᠋ᠴᠠ ᠵᠠᠯᠠᠵᠤ ᠠᠪᠴᠢᠷᠠᠭᠰᠠᠨ ᠲᠠᠶ᠋ᠢᠶᠠᠩ ᠬᠠᠨ ᠤ᠋ ᠪᠠᠭᠰᠢ ᠨᠥᠬᠥᠷ᠂ ᠤᠯᠤᠰ ᠲᠥᠷᠥ ᠶ᠋ᠢᠨ ᠪᠢᠴᠢᠭ ᠲᠠᠮᠠᠭ᠎ᠠ ᠶ᠋ᠢ ᠬᠠᠮᠢᠶᠠᠷᠤᠭᠰᠠᠨ ᠪᠠᠷᠠᠭᠤᠨ ᠡᠲᠡᠭᠡᠳ ᠦ᠋ᠨ ᠡᠷᠬᠢᠯᠡᠭᠰᠡᠨ ᠰᠠᠶ᠋ᠢᠳ ᠳ᠋ᠠᠳᠠᠳᠤᠩᠭ᠎ᠠ ᠭᠠᠷᠴᠤ ᠥᠭᠦᠯᠡᠷᠦᠨ: 《ᠪᠸᠲ᠋ᠡ᠋ ᠤᠯᠤᠰ ᠤ᠋ᠨ ᠡᠵᠡᠨ ᠬᠡᠮᠡᠭᠴᠢ ᠬᠥᠮᠦᠨ ᠦ᠌ ᠮᠠᠩᠯᠠᠢ ᠪᠣᠯᠠᠢ ! ᠳᠣᠣᠷᠠᠬᠢ ᠰᠠᠶ᠋ᠢᠳ ᠠᠨᠤ ᠪᠠᠰᠠ ᠪᠦᠭᠦᠳᠡ ᠴᠥᠮ ᠪᠠᠭᠠᠲᠤᠷ ᠡᠷᠳᠡᠮᠲᠡᠨ᠂ ᠬᠢᠯᠪᠠᠷ ᠢ᠋ᠶ᠋ᠠᠷ ᠬᠠᠯᠳᠠᠵᠤ ᠦᠯᠦ ᠪᠣᠯᠤᠮᠤᠢ᠃ 》ᠬᠡᠮᠡᠬᠦᠢ ᠳ᠋ᠦ᠍ᠷ ᠶᠡᠬᠡ ᠶᠤᠸᠠᠨᠱᠤᠸᠠᠢ ᠴᠢᠦᠢ ᠰᠢᠦᠸᠠᠢ ᠡᠦ ᠵᠢᠴᠢ ᠵᠡᠭᠦᠨ ᠡᠲᠡᠭᠡᠳ ᠦ᠋ᠨ ᠶᠡᠬᠡ ᠵᠠᠩᠵᠤᠨ ᠬᠣᠯᠠᠰᠤᠪᠴᠢ ᠴᠤᠭᠠᠷ ᠭᠠᠷᠴᠤ ᠴᠢᠦᠢ ᠰᠢᠦᠸᠠᠢ ᠡᠦ ᠶᠡᠬᠡᠯ᠎ᠡ ᠠᠭᠤᠷᠯᠠᠵᠤ ᠥᠨᠳᠥᠷ ᠳᠠᠭᠤᠨ  ᠢ᠋ᠶ᠋ᠠᠷ ᠥᠭᠦᠯᠡᠷᠦᠨ :《ᠲᠠ ᠴᠥᠮ ᠪᠤᠰᠤᠳ ᠤ᠋ᠨ ᠰᠦᠷ ᠢ᠋ ᠪᠠᠳᠠᠷᠠᠭᠤᠯᠵᠤ᠂ ᠥᠪᠡᠷ ᠦ᠋ᠨ ᠵᠣᠷᠢᠭ ᠢ᠋ ᠰᠢᠨᠲᠠᠷᠠᠭᠤᠯᠤᠨ ᠲᠦᠷ ᠵᠠᠭᠤᠷ᠎ᠠ ᠠᠮᠤᠷ ᠰᠠᠭᠤᠬᠤ ᠶ᠋ᠢ ᠰᠠᠨᠠᠬᠤ ᠪᠣᠢ ᠊ᠢ᠎ᠠ᠂ ᠡᠤᠯᠤᠰ ᠭᠡᠷ ᠦ᠋ᠨ ᠲᠤᠯᠠ ᠬᠣᠯᠠ ᠤᠷᠲᠤ ᠪᠣᠳᠣᠬᠤ ᠶ᠋ᠢ ᠣᠭᠲᠣ ᠬᠢᠴᠢᠶᠡᠬᠦ ᠦᠭᠡᠢ᠂ ᠪᠸᠲ᠋ᠡ᠋ ᠤᠯᠤᠰ ᠤ᠋ᠨ ᠡᠵᠡᠨ ᠬᠣᠶ᠋ᠢᠲᠤ ᠭᠠᠵᠠᠷ ᠢ᠋ ᠡᠵᠡᠯᠡᠬᠦ ᠰᠠᠨᠠᠭᠠᠨ ᠪᠠᠶ᠋ᠢᠬᠤ ᠶ᠋ᠢ ᠴᠦ᠍ ᠪᠠᠶ᠋ᠢᠲᠤᠭᠠᠢ᠂ ᠡᠮᠦᠨ᠎ᠡ ᠤᠯᠤᠰ ᠢ᠋ ᠴᠦ᠍ ᠮᠥᠨ ᠡᠴᠦᠰ ᠲᠡᠭᠡᠨ ᠬᠤᠷᠢᠶᠠᠬᠤ ᠪᠠᠶ᠋ᠢᠲᠠᠯ ᠪᠣᠢ ᠶ᠋ᠢ ᠬᠡᠨ ᠦᠯᠦ ᠮᠡᠳᠡᠮᠦᠢ ? ᠬᠡᠷᠪᠡ ᠡᠨᠡ ᠦᠶ᠎ᠡ ᠳ᠋ᠦ᠍ᠷ ᠵᠠᠪᠳᠤᠵᠤ ᠡᠰᠡ ᠠᠷᠢᠯᠭᠠᠭᠠᠳ ᠤᠳᠠᠬᠤ ᠦᠭᠡᠢ ᠵᠢᠭᠦᠷ ᠥᠳᠥ ᠲᠡᠭᠦᠰᠦᠭᠰᠡᠨ ᠬᠣᠶ᠋ᠢᠨ᠎ᠠ ᠨᠡᠩ ᠲᠤᠯᠬᠤᠶ᠎ᠠ ᠪᠡᠷᠬᠡ ᠪᠣᠯᠬᠤ ᠪᠣᠯᠠᠢ ! 》ᠮᠥᠩᠭᠦᠯᠵᠢ ᠥᠭᠦᠯᠡᠷᠦᠨ : 《ᠰᠣᠨᠣᠰᠬᠤᠯ᠎ᠠ ᠪᠸᠲ᠋ᠡ᠋ ᠤᠯᠤᠰ ᠬᠡᠷᠡᠶ᠋ᠢᠳ ᠡᠴᠡ ᠤᠷᠤᠭ ᠭᠣᠶᠣᠷ᠎ᠠ ᠢᠷᠡᠪᠡ ᠬᠡᠮᠡᠮᠦ᠃ ᠪᠢ ᠦᠵᠡᠪᠡᠰᠦ ᠾᠧ ᠸᠠᠩ ᠤ᠋ᠨ ᠬᠥᠪᠡᠭᠦᠨ ᠰᠢᠨ᠎ᠡ ᠬᠦᠩ ᠢᠯᠠᠭᠤ ᠶ᠋ᠢᠨ ᠵᠠᠩ ᠣᠮᠣᠷᠬᠠᠭ ᠪᠥᠭᠡᠳ ᠰᠠᠨᠠᠭᠠᠨ ᠶᠡᠬᠡᠷᠬᠡᠭ᠂ ᠬᠡᠷᠬᠢᠪᠡᠴᠦ ᠲᠡᠳᠡᠨ ᠯᠤᠭᠡ ᠤᠷᠤᠭ ᠪᠠᠷᠢᠯᠳᠤᠬᠤ ᠦᠭᠡᠢ ᠤᠷᠤᠭ ᠡᠰᠡ ᠪᠠᠷᠢᠯᠳᠤᠪᠠᠰᠤ ᠬᠣᠶᠠᠷ ᠤᠯᠤᠰ ᠤ᠋ᠨ ᠡᠪᠳᠡᠷᠡᠬᠦ ᠠᠨᠤ ᠨᠢᠳᠦᠨ ᠦ᠌ ᠡᠮᠦᠨ᠎ᠡ ᠪᠣᠢ ᠪᠣᠯᠠᠢ᠃ ᠲᠡᠳᠡᠨ ᠦ᠌ ᠡᠪᠳᠡᠷᠡᠯᠴᠡᠬᠦ ᠶ᠋ᠢ ᠬᠦᠯᠢᠶᠡᠵᠦ ᠪᠢᠳᠡ ᠳᠤᠮᠳᠠ ᠠ᠋ᠴᠠ ᠲᠡᠳᠡᠨ ᠦ᠌ ᠳᠡᠶ᠋ᠢᠯᠦᠨ ᠳᠡᠢᠯᠦᠭᠳᠡᠬᠦ ᠶ᠋ᠢ ᠦᠵᠡᠨ ᠵᠢᠭᠠᠰᠤᠴᠢᠨ ᠬᠥᠮᠦᠨ  ᠦ᠌ ᠠᠰᠢᠭ᠋ ᠢ᠋ ᠬᠤᠷᠢᠶᠠᠮᠵᠢᠯᠠᠪᠠᠰᠤ ᠰᠠᠶᠢᠨ ᠦᠭᠡᠢ ‍ᠦᠦ ?  ᠡᠳᠦᠭᠡ ᠴᠡᠷᠢᠭ ᠢ᠋ ᠵᠦᠳᠡᠭᠡᠨ᠂ ᠣᠯᠠᠨ ᠢ᠋ ᠬᠥᠳᠡᠯᠭᠡᠭᠡᠳ ᠲᠠᠶ᠋ᠢᠯᠪᠠᠰᠤ ᠲᠡᠳᠦ ᠪᠣᠢ ‍ᠶ᠎ᠠ᠂ ᠬᠡᠷᠪᠡ ᠳᠡᠢᠯᠦᠭᠳᠡᠪᠡᠰᠦ ᠣᠳᠣ ᠬᠡᠷᠬᠢᠮᠦᠢ ! 》ᠴᠢᠦᠢ ᠰᠢᠦᠸᠠᠢ ᠡᠸ᠋ ᠪᠠᠰᠤᠮᠵᠢᠯᠠᠨ ᠢᠨᠢᠶᠡᠵᠦ ᠥᠭᠦᠯᠡᠷᠦᠨ : 《ᠡᠷᠭᠢᠨ ᠬᠣᠶᠠᠷ ᠰᠠᠶ᠋ᠢᠳ ᠤ᠋ᠨ ᠡᠨᠡ ᠢᠨᠦ ᠰᠣᠬᠣᠷ ᠢ᠋ᠶ᠋ᠠᠷ ᠲᠠᠭᠠᠮᠵᠢᠯᠠᠵᠤ ᠳᠦᠯᠡᠢ  ᠪᠡᠷ ᠴᠢᠩᠨᠠᠬᠤ ᠬᠡᠷᠡᠭ ᠪᠣᠯᠠᠢ᠃ ᠬᠡᠷᠪᠡ ᠬᠣᠶᠠᠷ ᠤᠯᠤᠰ ᠨᠢᠭᠡᠨᠲᠡ ᠤᠷᠤᠭ ᠪᠠᠷᠢᠯᠳᠤᠨ ᠲᠣᠭᠲᠠᠪᠠᠰᠤ ᠪᠠᠰᠠ ᠬᠡᠷᠬᠢᠮᠦᠢ ? ᠲᠡᠳᠡᠨ ᠦ᠌ ᠴᠡᠷᠢᠭ ᠳᠥᠷᠪᠡᠨ ᠲᠦᠮᠡᠨ ᠬᠡᠮᠡᠬᠦᠢ ᠳ᠋ᠦ᠍ᠷ ᠮᠠᠨ ᠤ᠋ ᠴᠡᠷᠢᠭ ᠮᠥᠨ ᠲᠠᠪᠤᠨ ᠲᠦᠮᠡᠨ ᠢᠯᠡᠭᠦᠦ ᠪᠣᠢ᠃ ᠤᠯᠤᠰ ᠤ᠋ᠨ ᠳᠣᠲᠣᠷᠠᠬᠢ ᠢᠳᠡᠷᠰᠢᠭᠰᠡᠨ ᠵᠠᠯᠠᠭᠤᠰ ᠢ᠋ ᠬᠣᠷᠢᠶᠠᠨ ᠰᠢᠯᠭᠠᠪᠠᠰᠤ ᠵᠢᠷᠭᠤᠭᠠᠨ ᠲᠦᠮᠡᠨ ᠬᠦᠷᠬᠦ ᠦᠭᠡᠢ ᠶ᠋ᠢᠨ ᠲᠤᠯᠠ ᠶᠠᠭᠤᠨ ᠳ᠋ᠤᠷ ᠵᠣᠪᠠᠮᠤᠢ᠃ ᠪᠢ ᠡᠨᠡ ᠤᠳᠠᠭ᠎ᠠ ᠴᠡᠷᠢᠭ ᠭᠠᠷᠤᠭᠠᠳ ᠬᠡᠷᠪᠡ ᠡᠰᠡ ᠲᠠᠶ᠋ᠢᠯᠪᠠᠰᠤ ᠲᠣᠯᠣᠭᠠᠢ ᠪᠠᠨ ᠣᠭᠲᠣᠯᠵᠤ ᠬᠠᠭᠠᠨ ᠡᠵᠡᠨ ᠦ᠌ ᠡᠮᠦᠨ᠎ᠡ ᠡᠷᠭᠦᠭᠦᠯᠵᠦ᠂ ᠶᠠᠯ᠎ᠠ ᠬᠦᠯᠢᠶᠡᠰᠦᠭᠡᠢ ! 》ᠭᠡᠮᠡᠨ ᠨᠢᠭᠡᠬᠡᠨ ᠴᠠᠭ ᠤ᠋ᠨ ᠬᠢᠯᠢᠩ ᠢ᠋ᠶ᠋ᠡᠷ ᠬᠡᠯᠡᠵᠦ ᠭᠠᠷᠭᠠᠭᠰᠠᠨ ᠳ᠋ᠤᠷ ᠬᠠᠵᠠᠭᠤ ᠠ᠋ᠴᠠ ᠶᠡᠬᠡ ᠵᠠᠩᠵᠤᠨ ᠬᠤᠯᠠᠰᠤᠪᠴᠢ ᠮᠥᠨ ᠲᠤᠰᠠᠯᠠᠵᠤ ᠥᠭᠦᠯᠡᠷᠦᠨ : 《ᠲᠠᠵᠢ ᠮᠠᠩᠨᠤᠭ ᠢ᠋ ᠡᠮᠦᠰᠴᠦ ᠠᠯᠲᠠᠨ ᠬᠠᠰ ᠢ᠋ ᠡᠳ᠋ᠯᠡᠨ᠂ ᠴᠡᠴᠡᠭ ᠰᠠᠷᠠᠨ ᠳ᠋ᠤᠷ ᠵᠢᠷᠭᠠᠵᠤ᠂ ᠰᠢᠯᠦᠭ ᠳᠡᠷᠡᠰᠦᠨ ᠳ᠋ᠦ᠍ᠷ ᠴᠡᠩᠭᠡᠯᠳᠦᠭᠴᠢ ᠰᠤᠯᠠ ᠠᠮᠤᠷ ᠪᠢᠴᠢᠭ ᠦ᠋ᠨ ᠡᠷᠭᠢᠨ ᠰᠠᠶ᠋ᠢᠳ ᠨᠠᠷ ᠭᠠᠭᠴᠠ ᠡᠳᠦᠷ ᠥᠩᠭᠡᠷᠡᠭᠦᠯᠬᠦ ᠶ᠋ᠢ ᠬᠢᠴᠢᠶᠡᠬᠦ ᠪᠣᠢ ‍ᠶ᠎ᠠ᠂ ᠤᠷᠲᠤ ᠤᠳᠠᠭᠠᠨ ᠢ᠋ ᠪᠣᠳᠣᠬᠤ ᠦᠭᠡᠢ᠂ ᠮᠠᠨ ᠤ᠋ ᠶᠡᠬᠡ ᠶᠤᠸᠠᠨᠱᠤᠸᠠᠢ ᠶ᠋ᠢᠨ ᠡᠳᠡᠭᠡᠷ ᠦᠭᠡ ᠶ᠋ᠢ ᠪᠢ ᠬᠥᠨᠳᠡᠯᠡᠨ ᠦ᠌ ᠬᠥᠮᠦᠨ ᠪᠣᠯᠵᠤ ᠪᠠᠲᠤᠯᠠᠰᠤᠭᠠᠢ᠃ ᠬᠡᠷᠪᠡ ᠴᠡᠷᠢᠭ ᠳᠠᠶ᠋ᠢᠯᠦᠭᠡᠳ ᠢᠷᠠᠪᠠᠰᠤ ᠡᠷᠭᠢᠨ ᠬᠣᠶᠠᠷ ᠮᠡᠷᠭᠡᠨ ᠰᠠᠶ᠋ᠢᠳ ᠬᠡᠷᠬᠢᠮᠦᠢ ?  ᠮᠥᠩᠭᠥᠯᠵᠢ᠂ ᠳ᠋ᠠᠳᠠᠳᠤᠩᠭ᠎ᠠ ᠬᠣᠶᠠᠭᠤᠯᠠ ᠵᠡᠷᠭᠡ ᠪᠡᠷ ᠥᠭᠦᠯᠡᠷᠦᠨ : 《ᠪᠸᠲ᠋ᠡ᠋ ᠤᠯᠤᠰ ᠤ᠋ᠨ ᠡᠵᠡᠨ ᠲᠡᠮᠦᠵᠢᠨ ᠬᠡᠮᠡᠭᠴᠢ ᠠᠯᠲᠠᠨ ᠭᠠᠳᠠᠰᠤ ᠣᠳᠣᠨ ᠳ᠋ᠤᠷ ᠲᠣᠬᠢᠶᠠᠯᠳᠤᠵᠤ᠂ ᠲᠡᠭᠦᠨ ᠢ᠋ ᠲᠥᠷᠥᠬᠦᠢ ᠳ᠋ᠦ᠍ᠷ ᠴᠠᠭᠠᠨ ᠭᠡᠷᠡᠯ ᠽᠢ ᠸᠧᠢ ᠣᠳᠣᠨ ᠠ᠋ᠴᠠ ᠪᠠᠭᠤᠭᠰᠠᠨ ᠲᠤᠯᠠ ᠲᠡᠭᠦᠨ ᠯᠤᠭᠡ ᠠᠯᠠᠯᠳᠤᠬᠤ ᠠ᠋ᠴᠠ ᠠᠮᠠᠷᠠᠭᠯᠠᠬᠤ ᠠᠨᠤ ᠳᠡᠭᠡᠷ᠎ᠡ ᠬᠡᠮᠡᠭᠰᠡᠨ ᠪᠣᠢ  ‍ᠶ᠎ᠠ ᠂ ᠯᠠᠪ ᠳᠡᠶ᠋ᠢᠯᠦᠨ  ᠳᠡᠢᠯᠦᠭᠳᠡᠬᠦ ᠶ᠋ᠢ ᠬᠡᠨ ᠪᠠᠲᠤᠯᠠᠨ ᠴᠢᠳᠠᠬᠤ ᠪᠣᠢ ! 》 ᠴᠢᠦᠢ ᠰᠢᠦᠸᠠᠢ ᠡᠸ᠋ ᠶᠡᠬᠡ ᠳᠠᠭᠤᠨ ᠢ᠋ᠶ᠋ᠠᠷ ᠥᠭᠦᠯᠡᠷᠦᠨ :《ᠡᠨᠡ ᠤᠳᠠᠭ᠎ᠠ ᠪᠢ ᠯᠠᠪ ᠳᠡᠶ᠋ᠢᠯᠬᠦ ᠶ᠋ᠢ ᠲᠣᠯᠣᠭᠠᠢ ᠪᠠᠨ ᠲᠠᠯᠪᠢᠨ ᠪᠠᠲᠤᠯᠠᠬᠤ ᠠ᠋ᠴᠠ ᠣᠳᠣ ᠬᠡᠷᠬᠢᠮᠦᠢ ? 》 ᠬᠡᠮᠡᠬᠦᠢ ᠳ᠋ᠦ᠍ᠷ ᠳᠠᠶ᠋ᠢᠶᠠᠩ ᠬᠠᠨ ᠲᠡᠭᠦᠨ ᠦ᠌ ᠰᠡᠳᠬᠢᠯ ᠴᠢᠩ ᠦᠨᠡᠨ ᠪᠣᠯᠤᠭᠰᠠᠨ ᠢ᠋ ᠦᠵᠡᠭᠡᠳ ᠬᠥᠪᠡᠭᠦᠨ ᠲᠠᠶ᠋ᠢᠽᠢ ᠬᠦᠩ ᠠᠯᠲᠠᠨᠱᠠᠭ᠎ᠠ ᠪᠠᠰᠠ ᠱᠠᠭᠠᠷᠳᠠᠨ ᠱᠦᠯᠬᠦᠲᠦᠬᠦᠢ ᠳ᠋ᠦ᠍ᠷ ᠨᠢᠭᠡᠨ ᠤᠳᠠᠭ᠎ᠠ ᠡᠳᠡᠨ ᠦ᠌ ᠵᠣᠷᠢᠭ ᠴᠢᠳᠠᠯ ᠢ᠋ ᠲᠡᠩᠰᠡᠵᠦ ᠦᠵᠡᠰᠦᠭᠡᠢ ᠭᠡᠮᠡᠨ ᠬᠥᠪᠡᠭᠦᠨ ᠠᠯᠲᠠᠨᠱᠠᠭ᠎ᠠ ᠶ᠋ᠢ ᠲᠠᠰᠢᠯᠠᠭᠤᠯᠵᠤ ᠂ ᠠᠷᠪᠠᠨ ᠡᠳᠦᠷ ᠦ᠋ᠨ ᠳᠣᠲᠣᠷ᠎ᠠ ᠶᠡᠬᠡ ᠬᠠᠭᠠᠰ ᠴᠡᠷᠢᠭ ᠢ᠋ ᠠᠪᠴᠤ ᠮᠣᠷᠳᠠ᠂ ᠮᠢᠨᠦ ᠪᠡᠶ᠎ᠡ ᠶᠡᠬᠡ ᠵᠠᠩᠵᠤᠨ ᠬᠣᠯᠠᠰᠤᠪᠴᠢ ᠶ᠋ᠢ ᠠᠪᠴᠤ ᠤᠯᠤᠰ ᠢ᠋ ᠰᠠᠬᠢᠰᠤᠭᠠᠢ ᠭᠡᠮᠡᠨ ᠲᠣᠭᠲᠠᠭᠠᠵᠤ ᠵᠠᠷᠯᠢᠭ ᠪᠠᠭᠤᠯᠭᠠᠪᠠ᠃ ᠡᠭᠦᠨ ᠳ᠋ᠦ᠍ᠷ ᠵᠥᠪᠯᠡᠯᠲᠡ ᠡᠷᠬᠢᠯᠡᠭᠰᠡᠨ ᠰᠠᠶ᠋ᠢᠳ ᠮᠥᠩᠭᠥᠯᠵᠢ᠂ ᠳ᠋ᠠᠳᠠᠳᠤᠩᠭ᠎ᠠ ᠶ᠋ᠢᠨ ᠵᠦᠭ ᠤᠷᠲᠤ ᠰᠡᠭᠦᠷᠡᠰᠦᠨ ᠠᠯᠳᠠᠵᠤ ᠥᠭᠦᠯᠡᠷᠦᠨ: 《ᠠᠭᠤᠯᠠ ᠮᠣᠷᠢᠨ ᠢ᠋ ᠮᠣᠬᠣᠭᠠᠮᠤᠢ᠂ ᠠᠭᠤᠷ ᠤᠯᠤᠰ ᠢ᠋ ᠮᠥᠬᠥᠭᠡᠮᠦᠢ᠂ ᠴᠢᠦᠢ ᠰᠢᠦᠸᠠᠢ ᠡᠸ᠋ ᠪᠠᠭᠠᠲᠤᠷ ᠪᠣᠯᠪᠠᠴᠤ ᠮᠡᠷᠭᠡᠨ ᠦᠭᠡᠢ᠂ ᠯᠠᠪ ᠴᠠᠭ ᠢ᠋ ᠲᠡᠰᠡᠷᠭᠦᠯᠡᠵᠦ᠂ ᠮᠠᠨ ᠢ᠋ ᠴᠥᠮ ᠤᠯᠤᠰ ᠤ᠋ᠨ ᠬᠣᠶ᠋ᠢᠨ᠎ᠠ ᠠ᠋ᠴᠠ ᠳᠠᠭᠠᠭᠤᠯᠤᠨ ᠦᠬᠦᠭᠦᠯᠬᠦᠢ ᠳ᠋ᠦ᠍ᠷ ᠬᠦᠷᠦᠭᠦᠯᠦᠮᠦᠢ ‍ᠶ᠎ᠠ ! 》 ᠬᠡᠮᠡᠬᠦᠢ ᠳ᠋ᠦ᠍ᠷ ᠳ᠋ᠠᠳᠠᠳᠤᠩᠭ᠎ᠠ ᠮᠥᠨ ᠭᠤᠨᠢᠶᠠᠨ ᠥᠬᠦᠯᠡᠷᠳ : 《ᠡᠷᠲᠡ ᠬᠠᠨ ᠤᠯᠤᠰ ᠤ᠋ᠨ ᠦᠶ᠎ᠡ ᠳ᠋ᠦ᠍ᠷ ᠫᠠᠩ ᠳᠧ ᠬᠡᠮᠡᠭᠴᠢ᠂ ᠭᠤᠸᠠᠨ ᠶᠦᠨ ᠴᠠᠩ ᠯᠤᠭ᠎ᠠ ᠠᠪᠰᠠ ᠪᠠᠨ ᠲᠡᠭᠡᠭᠡᠵᠦ ᠪᠠᠶ᠋ᠢᠯᠲᠤᠭᠰᠠᠨ ᠮᠡᠲᠦ ᠪᠣᠯᠤᠨᠠᠮ ‍ᠶ᠎ᠠ ! 》ᠬᠡᠮᠡᠪᠡᠢ᠃ ᠡᠨᠡ ᠦᠨᠡᠬᠡᠷ 
          ᠡᠷᠳᠡᠮᠲᠡᠨ ᠮᠡᠷᠭᠡᠳ ᠡᠭᠦᠳᠡ ᠡᠰᠡ ᠭᠠᠷᠤᠨ ᠲᠠᠩᠬᠢᠮ ᠤ᠋ᠨ ᠳᠣᠲᠣᠷ᠎ᠠ ᠰᠠᠭᠤᠵᠤ ᠪᠠᠶ᠋ᠢᠭᠠᠳ 
          ᠡᠴᠢᠵᠦ ᠢᠷᠡᠬᠦ ᠡᠷᠬᠡ ᠲᠣᠪᠴᠢ ᠶ᠋ᠢ ᠪᠠᠶ᠋ᠢᠲᠠᠯ ᠢ᠋ ᠦᠵᠡᠮᠡᠭᠴᠡ ᠤᠬᠠᠵᠤ ᠲᠥᠰᠥᠭᠡᠯᠡᠮᠦᠢ ᠬᠡᠮᠡᠬᠦ ᠪᠣᠯᠠᠢ ᠃ 
      ᠲᠡᠭᠦᠨᠴᠡ ᠴᠢᠦᠢ ᠰᠢᠦᠸᠠᠢ ᠡᠸ᠋ ᠵᠠᠷᠯᠢᠭ ᠣᠯᠤᠮᠠᠭᠴᠠ ᠵᠠᠷ ᠲᠠᠷᠬᠠᠭᠠᠨ ᠴᠡᠷᠢᠭ ᠦ᠋ᠨ ᠡᠷ᠎ᠡ ᠶ᠋ᠢ ᠬᠤᠷᠢᠶᠠᠬᠤᠶ᠎ᠠ ᠬᠠᠷᠢᠨ ᠨᠢᠭᠡᠨ ᠰᠣᠨᠢᠨ ᠥᠬᠢᠨ ᠭᠠᠢᠬᠠᠯᠲᠠᠢ ᠬᠡᠦᠬᠡᠨ ᠢ᠋ ᠤᠳᠤᠷᠢᠳᠴᠤ ᠭᠠᠷᠭᠠᠪᠠᠢ᠃ ᠡᠨᠡ ᠥᠬᠢᠨ ᠦ᠌ ᠨᠡᠷ᠎ᠡ ᠬᠣᠩᠭᠣᠷ ᠵᠤᠯᠠ᠂ ᠡᠴᠢᠭᠡ ᠶ᠋ᠢᠨ ᠨᠡᠷ᠎ᠡ ᠲᠣᠯᠢ ᠡᠪᠦᠭᠡᠨ᠂ ᠵᠠᠭᠤᠨ ᠡᠷ᠎ᠡ ᠶ᠋ᠢᠨ ᠳᠠᠭᠠᠭᠠᠮᠠᠯ ᠪᠣᠱᠣᠬᠣ ① ᠠᠵᠤᠭᠤ᠃ ᠬᠣᠵᠢᠮ ᠤ᠋ᠨ ᠠᠪᠤᠭᠰᠠᠨ ᠡᠮ᠎ᠡ ᠨᠢᠳᠤᠮᠡᠯ ᠡᠴᠡ ᠨᠢᠭᠡᠨ ᠬᠥᠪᠡᠭᠦᠨ ᠪᠣᠢ᠂ ᠨᠡᠷ᠎ᠡ ᠭᠡᠭᠡᠷᠡᠬᠦ᠂ ᠪᠠᠰᠠ ‍ᠬᠦ ᠬᠤᠪᠴᠢᠯᠭ᠎ᠠ ᠪᠦᠷᠬᠦᠭᠦᠯ ᠡᠴᠡ ᠭᠠᠷᠤᠭᠠᠳᠤᠢ ᠭᠠᠭᠴᠠ ᠡᠨᠡ ᠬᠣᠩᠭᠣᠷ ᠵᠤᠯᠠ ᠥᠨᠥᠴᠢᠨ ᠬᠡᠦᠬᠡᠨ ᠦ᠌ ᠲᠥᠷᠥᠭᠰᠡᠨ ᠢᠨᠦ ᠬᠥᠮᠥᠰᠬᠡ ᠠᠷᠢᠭᠤᠨ᠂ ᠨᠢᠳᠦ ᠲᠤᠩᠭᠠᠯᠠᠭ᠂ ᠴᠢᠷᠠᠢ ᠴᠠᠭᠠᠨ᠂ ᠤᠷᠤᠭᠤᠯ ᠤᠯᠠᠭᠠᠨ᠂ ᠵᠢᠰᠦ ᠲᠥᠭᠥᠷᠢᠭ ᠳᠦᠭᠦᠷᠡᠩ᠂ ᠪᠡᠶ᠎ᠡ ᠥᠨᠳᠥᠷ ᠰᠣᠪᠠᠶ᠋ᠢᠩᠬᠠᠨ᠂ ᠳᠠᠭᠤᠨ ᠠᠨᠤ ᠢᠷᠠᠭᠤ ᠰᠠᠢᠬᠠᠨ᠂ ᠪᠢᠴᠢᠬᠠᠨ ᠠ᠋ᠴᠠ ᠰᠣᠨᠢᠨ ᠥᠪᠡᠷ᠎ᠡ ᠲᠥᠷᠥᠭᠰᠡᠨ ᠪᠥᠯᠥᠭᠡ᠃ ᠲᠡᠭᠦᠨ ᠢ᠋ ᠲᠦᠷᠦᠬᠦᠶ᠎ᠡ ᠡᠴᠢᠭᠡ ᠡᠬᠡ ᠢᠨᠦ ᠬᠠᠷᠠᠩᠭᠤᠢ ᠭᠡᠷ ᠲᠦ᠍ ᠲᠡᠮᠲᠡᠷᠢᠨ ᠪᠥᠬᠥᠶ᠎ᠡ ᠭᠡᠨᠡᠳᠲᠡ ᠭᠠᠳᠠᠨ᠎ᠠ ᠠ᠋ᠴᠠ ᠨᠢᠭᠡᠨ ᠣᠳᠣᠨ ᠮᠡᠲᠦ ᠵᠤᠯᠠ ᠬᠤᠷᠤᠶ᠋ᠢᠯᠵᠠᠨ ᠣᠷᠣᠵᠤ ᠢᠷᠡᠪᠡ ᠭᠡᠮᠡᠨ ᠵᠡᠭᠦᠳᠦᠯᠡᠭᠡᠳ ᠡᠭᠦᠨ ᠢ᠋ ᠲᠥᠷᠥᠭᠰᠡᠨ ᠲᠤᠯᠠ ᠨᠡᠷ᠎ᠡ ᠶ᠋ᠢ ᠬᠣᠩᠭᠣᠷ ᠵᠤᠯᠠ ᠭᠡᠮᠡᠨ ᠥᠭᠴᠦᠬᠦᠢ᠃ ᠠᠩᠬᠠᠨ ᠳ᠋ᠤᠷ ᠡᠴᠢᠭᠡ ᠢᠨᠦ ᠬᠥᠪᠡᠭᠦᠨ ᠦᠭᠡᠢ ᠴᠠᠭ ᠲᠤᠷ ᠲᠡᠭᠦᠨ ᠢ᠋ ᠳᠠᠷᠤᠢ ᠬᠥᠪᠡᠭᠦᠨ ᠪᠣᠯᠭᠠᠨ ᠳᠠᠭᠠᠭᠤᠯᠤᠨ ᠮᠣᠷᠢ ᠤᠷᠤᠯᠳᠤᠭᠤᠯᠵᠤ ᠢᠯᠳᠦ ᠪᠥᠵᠢᠭᠯᠡᠭᠦᠯᠦᠨ᠂ ᠨᠠᠮᠨᠠᠭ᠎ᠠ ᠬᠠᠷᠪᠤᠵᠤ ᠴᠢᠯᠠᠭᠤ ᠴᠣᠬᠢᠭᠤᠯᠤᠨ ᠰᠤᠷᠭᠠᠭᠰᠠᠨ ᠠᠵᠤᠭᠤ᠃ ᠤᠯᠠᠮ ᠦᠰᠬᠦᠢ ᠳ᠋ᠦ᠍ᠷ ᠬᠣᠶᠠᠷ ᠵᠢᠯ ᠤᠶ᠋ᠢᠭᠤᠷ ᠪᠢᠴᠢᠭ ᠦᠵᠡᠭᠦᠯᠵᠦ᠂ ᠦᠢᠯᠡ ᠤᠲᠠᠰᠤ ᠳ᠋ᠤᠷ ᠣᠷᠣᠭᠤᠯᠪᠠᠰᠤ ᠬᠣᠩᠭᠣᠷ ᠵᠤᠯᠠ ᠮᠥᠨ ᠦᠢᠯᠡ ᠤᠲᠠᠰᠤᠨ ᠳ᠋ᠤᠷ ᠮᠡᠷᠭᠡᠰᠢᠵᠦ᠂ ᠤᠷᠲᠤᠳᠠ ᠠᠪᠠ ᠠᠶᠠᠨ ᠳ᠋ᠤᠷ ᠲᠠᠭᠠᠯᠴᠠᠨ ᠶᠠᠪᠤᠳᠠᠭ ᠪᠥᠯᠥᠭᠡ᠂ ᠲᠡᠷᠡ ᠦᠶ᠎ᠡ ᠳ᠋ᠦ᠍ᠷ ᠬᠣᠶ᠋ᠢᠲᠤ ᠭᠠᠵᠠᠷ ᠮᠣᠩᠭᠣᠯ ᠦᠰᠦᠭ ᠭᠠᠷᠤᠭᠠᠳᠤᠢ ᠲᠤᠯᠠ ᠴᠥᠮ ᠤᠶ᠋ᠢᠭᠤᠷ ᠤᠯᠤᠰ ᠤ᠋ᠨ ᠦᠰᠦᠭ ᠢ᠋ ᠬᠡᠷᠡᠭᠯᠡᠬᠦ ᠪᠥᠯᠥᠭᠡ᠂ ᠬᠣᠩᠭᠣᠷ ᠵᠤᠯᠠ ᠲᠡᠷᠡ ᠦᠰᠦᠭ ᠢ᠋ ᠮᠠᠰᠢ ᠲᠥᠰᠦᠭᠡᠯᠡᠵᠦᠬᠦᠢ᠃ ᠲᠡᠷᠡ ᠦᠶ᠎ᠡ ᠳ᠋ᠦ᠍ᠷ ᠪᠠᠰᠠ ᠠᠷᠪᠠᠨ ᠵᠢᠷᠭᠤᠭᠠᠨ ᠨᠠᠰᠤᠯᠠᠵᠤ ᠥᠰᠦᠭᠡᠳ ᠬᠠᠷᠢᠨ ᠨᠢᠭᠡᠨ ᠬᠠᠰ ᠬᠥᠪᠡᠭᠦᠨ ᠮᠡᠲᠦ ᠪᠣᠯᠵᠤᠬᠤᠢ᠃ ᠬᠣᠶ᠋ᠢᠲᠤ ᠭᠠᠵᠠᠷ ᠤ᠋ᠨ ᠬᠥᠮᠦᠨ ᠡᠬᠡᠨᠡᠷ ᠦ᠋ᠨ ᠦᠢᠯᠡ ᠶ᠋ᠢ ᠡᠷᠬᠢᠯᠡᠬᠦ ᠦᠭᠡᠢ᠂ ᠬᠠᠷᠪᠤᠬᠤ ᠨᠠᠮᠨᠠᠬᠤ ᠶ᠋ᠢ ᠡᠷᠬᠢᠮ ᠪᠣᠯᠭᠠᠨ ᠬᠢᠴᠢᠶᠡᠬᠦ ᠲᠤᠯᠠ ᠡᠨᠡ ᠬᠣᠩᠭᠣᠷ ᠵᠤᠯᠠ ᠬᠡᠦᠬᠡᠨ ᠤᠷᠲᠤᠳᠠ ᠡᠴᠢᠭᠡ ᠪᠡᠨ ᠳᠠᠭᠠᠵᠤ ᠭᠠᠳᠠᠭᠰᠢ ᠶᠠᠪᠤᠬᠤ ᠠᠵᠤᠭᠤ᠃ ᠡᠴᠢᠭᠡ ᠢᠨᠦ ᠲᠡᠭᠦᠨ ᠦ᠌ ᠶᠡᠬᠡ ᠥᠰᠦᠭᠰᠡᠨ ᠢ᠋ ᠦᠵᠡᠭᠡᠳ ᠬᠠᠷᠢ ᠳ᠋ᠤᠷ ᠥᠭᠬᠦ ᠶ᠋ᠢ ᠬᠡᠯᠡᠯᠴᠡᠪᠡᠰᠦ ᠣᠭᠲᠣ ᠪᠣᠯᠬᠤ ᠦᠭᠡᠢ ᠪᠥᠯᠥᠭᠡ᠃ ᠨᠢᠭᠡᠨ ᠡᠳᠦᠷ ᠡᠴᠢᠭᠡ ᠢᠨᠦ ᠢᠷᠡᠵᠦ ᠲᠡᠭᠦᠨ ᠦ᠌ ᠬᠣᠶ᠋ᠢᠲᠤ ᠡᠬᠡ ᠨᠢᠳᠤᠮᠡᠯ ᠦ᠋ᠨ ᠵᠦᠭ ᠥᠭᠦᠯᠡᠷᠦᠨ: 《ᠡᠳᠦᠭᠡ ᠮᠠᠨ ᠤ᠋ ᠲᠠᠶ᠋ᠢᠶᠠᠩ ᠬᠠᠭᠠᠨ ᠡᠵᠡᠨ ᠦ᠌ ᠴᠡᠷᠢᠭ ᠪᠸᠲ᠋ᠡ᠋ ᠤᠯᠤᠰ ᠤ᠋ᠨ ᠡᠵᠡᠨ ᠯᠤᠭᠡ ᠪᠠᠶ᠋ᠢᠯᠲᠤᠮᠤᠢ ᠬᠡᠮᠡᠮᠦ᠃ ᠪᠢ ᠴᠡᠷᠢᠭ ᠦ᠋ᠨ ᠬᠤᠶᠠᠭ ᠪᠥᠭᠡᠳ ᠪᠠᠰᠠ ᠵᠠᠭᠤᠨ ᠡᠷ᠎ᠡ ᠶ᠋ᠢᠨ ᠪᠣᠱᠣᠬᠣ ᠳᠠᠭᠠᠭᠠᠮᠠᠯ ᠲᠤᠯᠠ ᠯᠠᠪ ᠬᠡᠯᠲᠦᠷᠢᠨ ᠴᠢᠳᠠᠬᠤ ᠦᠭᠡᠢ ᠮᠥᠨ ᠮᠣᠷᠳᠠᠬᠤ ᠳ᠋ᠤᠷ ᠬᠦᠷᠴᠦᠬᠦᠢ᠃ 》ᠡᠮ᠎ᠡ ᠢᠨᠦ ᠨᠢᠳᠤᠮᠠᠯ ᠥᠭᠦᠯᠡᠷᠦᠨ : 《ᠴᠢ ᠡᠳᠦᠭᠡ ᠨᠠᠰᠤᠲᠠᠢ ᠪᠣᠯᠪᠠ᠂ ᠶᠠᠭᠠᠬᠢᠨ ᠡᠨᠡ ᠠᠯᠪᠠᠨ᠎ᠠ ᠡᠴᠢᠵᠦ ᠪᠣᠯᠤᠮᠤᠢ ? 》ᠲᠣᠯᠢ ᠥᠭᠦᠯᠡᠷᠦᠨ: 《ᠴᠢ ᠪᠠᠰᠠ ᠵᠠᠯᠠᠭᠤ᠂ ᠨᠠᠳᠠ ᠳ᠋ᠤᠷ ᠪᠠᠰᠠ ᠣᠷᠣᠯᠠᠵᠤ ᠡᠴᠢᠬᠦ ᠬᠥᠪᠡᠭᠦᠨ ᠦᠭᠡᠢ ᠲᠤᠯᠠ ᠶᠠᠭᠠᠬᠢᠨ ᠬᠡᠯᠲᠦᠷᠢᠵᠦ ᠪᠣᠯᠤᠮᠤᠢ ? 》 ᠡᠮ᠎ᠡ ᠢᠨᠦ ᠥᠭᠦᠯᠡᠷᠦᠨ : 《ᠬᠡᠳᠦᠨ ᠯᠠᠩ ᠮᠥᠩᠭᠥ ᠰᠦᠢᠳᠬᠡᠪᠡᠰᠦ ᠬᠡᠯᠲᠦᠷᠢᠵᠦ ᠪᠣᠯᠬᠤ ᠦᠭᠡᠢ ‍ᠦᠦ ? 》 ᠡᠪᠦᠭᠡᠨ ᠥᠭᠦᠯᠡᠷᠦᠨ: 《ᠴᠥᠮ ᠳᠠᠶ᠋ᠢᠨ ‍ᠬᠦ ᠮᠥᠩᠭᠥ ᠰᠦᠢᠳᠬᠡᠭᠡᠳ ᠭᠠᠷᠴᠤ ᠪᠣᠯᠬᠤ ᠪᠣᠯᠪᠠᠰᠤ ᠴᠡᠷᠢᠭ ᠦ᠋ᠨ ᠬᠤᠶᠠᠭ ᠬᠠᠮᠢᠭ᠎ᠠ ᠠ᠋ᠴᠠ ᠭᠠᠷᠴᠤ ᠢᠷᠡᠮᠦᠢ ? ᠮᠥᠩᠭᠥ ᠶ᠋ᠢ ᠪᠠᠰᠠ ᠬᠠᠮᠢᠭ᠎ᠠ ᠠ᠋ᠴᠠ ᠣᠯᠤᠮᠤᠢ ? 》ᠡᠮ᠎ᠡ ᠨᠢᠳᠤᠮᠡᠯ ᠥᠭᠦᠯᠡᠷᠦᠨ : 《ᠴᠢ ᠬᠥᠭᠰᠢᠷᠡᠭᠡᠳ ᠡᠴᠢᠬᠦᠢ ᠳ᠋ᠦ᠍ᠷ ᠪᠡᠷᠬᠡ ᠪᠣᠯᠤᠭᠰᠠᠨ ᠢ᠋ ᠴᠦ᠍ ᠪᠠᠶ᠋ᠢᠲᠤᠭᠠᠢ᠂ ᠭᠡᠷ ᠲᠡᠬᠢ ᠡᠨᠡ ᠨᠢᠭᠡᠨ ᠡᠭᠦᠷ ᠡᠮ᠎ᠡ ᠦᠷ᠎ᠡ ᠶ᠋ᠢ ᠬᠡᠨ ᠲᠡᠵᠢᠭᠡᠮᠦᠢ? ᠪᠠᠭ᠎ᠠ ᠡᠮ᠎ᠡ ᠪᠠ ᠨᠢᠯᠬ᠎ᠠ ᠬᠥᠪᠡᠭᠦᠨ ᠪᠡᠶᠡᠯᠡᠭᠰᠡᠨ ᠥᠬᠢᠨ ᠣᠳᠣ ᠬᠡᠨ ᠳ᠋ᠦ᠍ᠷ ᠲᠦᠰᠢᠵᠦ ᠠᠮᠢᠳᠤᠷᠠᠶ᠎ᠠ ! 》 ᠲᠣᠯᠢ ᠡᠪᠦᠭᠡᠨ ᠥᠭᠦᠯᠡᠷᠦᠨ: 《ᠵᠣᠪᠠᠵᠤ ᠭᠠᠰᠠᠯᠪᠠᠴᠤ ᠲᠤᠰᠠ ᠦᠭᠡᠢ᠂ ᠲᠡᠷᠡ ᠴᠠᠭ ᠲᠤᠷ ᠬᠦᠷᠦᠭᠰᠡᠨ ᠬᠣᠶ᠋ᠢᠨ᠎ᠠ ᠵᠢᠴᠢ ᠮᠡᠳᠡᠰᠦᠭᠡᠢ ! 》 ᠬᠡᠮᠡᠵᠦ ᠬᠡᠳᠦᠨ ᠡᠳᠦᠷ ᠥᠩᠭᠡᠷᠡᠭᠰᠡᠨ ᠦᠭᠡᠢ ᠴᠡᠷᠢᠭ ᠦ᠋ᠨ ᠰᠢᠪᠠᠭ᠎ᠠ ᠶ᠋ᠢᠨ ᠪᠠᠭᠤᠵᠤ ᠢᠷᠡᠬᠦ ᠢᠨᠦ ᠴᠠᠰᠤᠨ ᠤ᠋ ᠯᠠᠪᠰᠠ ᠮᠡᠲᠦ ᠳᠠᠪᠬᠤᠷ ᠳᠠᠪᠬᠤᠷ᠃ ᠲᠣᠯᠢ ᠡᠪᠦᠭᠡᠨ ᠢ᠋ ᠡᠴᠢᠵᠦ ᠨᠡᠷ᠎ᠡ ᠪᠢᠴᠢᠭᠦᠯ ᠬᠡᠮᠡᠬᠦᠢ ᠳ᠋ᠦ᠍ᠷ ᠲᠣᠯᠢ ᠡᠪᠦᠭᠡᠨ ᠠᠷᠭ᠎ᠠ ᠦᠭᠡᠢ ᠣᠯᠠᠨ ᠤ᠋ ᠰᠦᠷᠦᠭ ᠲᠣᠷ ᠳᠠᠭᠠᠵᠤ ᠡᠴᠢᠪᠡ᠃ ᠰᠠᠨᠠᠮᠰᠠᠷ ᠦᠭᠡᠢ ᠴᠡᠷᠢᠭ ᠦ᠋ᠨ ᠦᠢᠯᠡ ᠰᠢᠬᠠᠮ ᠭᠠᠪᠰᠢᠭᠠᠢ ᠲᠤᠯᠠ ᠳᠠᠷᠤᠢ ᠠᠮᠤ ᠬᠦᠨᠡᠰᠦ ᠶ᠋ᠢ ᠶᠠᠪᠤᠭᠤᠯᠵᠤ᠂ ᠭᠤᠷᠪᠠᠨ ᠡᠳᠦᠷ ᠦ᠋ᠨ ᠳᠣᠲᠣᠷ᠎ᠠ ᠳᠠᠷᠤᠢ ᠮᠣᠷᠳᠠᠮᠤᠢ ᠭᠡᠮᠡᠨ ᠬᠤᠭᠤᠴᠠᠭᠰᠠᠨ ᠳ᠋ᠤᠷ ᠨᠢᠭᠡᠨ ᠭᠡᠷ ᠦ᠋ᠨ ᠬᠣᠲᠠᠯᠠᠭᠠᠷ ᠲᠦᠮᠡᠨ ᠮᠢᠩᠭᠠᠨ ᠵᠦᠢᠯ ᠢ᠋ᠶ᠋ᠡᠷ ᠵᠣᠪᠠᠨᠢᠮᠤᠢ᠃ ᠬᠣᠩᠭᠣᠷ ᠵᠤᠯᠠ ᠳᠣᠲᠣᠷ᠎ᠠ ᠪᠠᠨ ᠰᠠᠨᠠᠷᠤᠨ: 《ᠡᠴᠢᠭᠡ ᠡᠬᠡ ᠨᠠᠮᠠᠶ᠋ᠢ ᠲᠥᠷᠥᠵᠦ ᠲᠡᠵᠢᠭᠡᠨ ᠬᠥᠮᠦᠨ ᠪᠣᠯᠭᠠᠪᠠᠢ᠂ ᠪᠢ ᠬᠡᠳᠦᠢ ᠥᠬᠢᠨ ᠪᠣᠯᠪᠠᠴᠤ ᠨᠠᠮᠠᠶ᠋ᠢ ᠬᠥᠪᠡᠭᠦᠨ ᠡᠴᠡ ᠳᠣᠣᠷ᠎ᠠ ᠠᠰᠠᠷᠠᠭᠰᠠᠨ ᠦᠭᠡᠢ᠂ ᠡᠬᠡ ᠶ᠋ᠢᠨ ᠠᠴᠢ ᠶ᠋ᠢ ᠬᠠᠷᠢᠭᠤᠯᠠᠨ ᠴᠢᠳᠠᠬᠤ ᠦᠭᠡᠢ ᠶ᠋ᠢᠨ ᠤᠷᠢᠳᠠ ᠡᠴᠦᠰ ᠪᠣᠯᠪᠠ᠂ ᠡᠳᠦᠭᠡ ᠨᠠᠰᠤᠵᠢᠭᠰᠠᠨ ᠡᠴᠢᠭᠡ ᠬᠣᠴᠣᠷᠴᠤ ᠪᠠᠰᠠ ᠦᠬᠦᠯ ᠦ᠋ᠨ ᠴᠡᠷᠢᠭ ᠲᠦ᠍ᠷ ᠮᠣᠷᠳᠠᠮᠤᠢ ᠬᠡᠮᠡᠮᠦ᠃ ᠮᠢᠨᠦ ᠳᠡᠭᠡᠷ᠎ᠡ ᠪᠠᠰᠠ ᠠᠬ᠎ᠠ ᠦᠭᠡᠢ ᠳᠣᠣᠷ᠎ᠠ ᠪᠠᠰᠠ ᠶᠡᠬᠡᠬᠡᠨ ᠳᠡᠭᠦᠦ ᠦᠭᠡᠢ᠂ ᠡᠴᠢᠭᠡ ᠬᠡᠷᠪᠡ ᠭᠠᠷᠴᠤ ᠡᠴᠢᠪᠡᠰᠦ ᠡᠨᠡ ᠵᠠᠯᠠᠭᠤ ᠡᠬᠡ᠂ ᠨᠢᠯᠬ᠎ᠠ ᠳᠡᠭᠦᠦ ᠣᠳᠣ ᠬᠡᠷᠬᠢᠵᠦ ᠠᠮᠢᠳᠤᠷᠠᠮᠤᠢ ? ᠡᠴᠢᠭᠡ ᠬᠡᠷᠪᠡ ᠦᠬᠦᠪᠡᠰᠦ ᠮᠢᠩᠭᠠᠨ ᠴᠡᠷᠢᠭ ᠲᠦᠮᠡᠨ ᠮᠣᠷᠢᠨ ᠳ᠋ᠤᠷ ᠭᠢᠰᠬᠢᠯᠡᠭᠳᠡᠬᠦ ᠶ᠋ᠢ ᠴᠦ᠍ ᠪᠠᠶ᠋ᠢᠲᠤᠭᠠᠢ᠂  ᠪᠢ ᠨᠢᠭᠡᠨ ᠥᠬᠢᠨ ᠬᠥᠮᠦᠨ ᠡᠨᠡ ᠨᠢᠭᠡᠨ ᠭᠡᠷ ᠦᠷᠦᠭ ᠴᠥᠷᠦᠭ ᠢ᠋ ᠶᠠᠭᠠᠬᠢᠨ ᠲᠡᠵᠢᠭᠡᠮᠦᠢ ?  ᠡᠶ᠋ᠢᠮᠦ ᠪᠣᠯᠪᠠᠰᠤ ᠨᠢᠭᠡᠨ ᠭᠡᠷ ᠳᠠᠷᠤᠢ ᠪᠠᠷᠠᠭᠳᠠᠬᠤᠢ ᠳ᠋ᠤᠷ ᠬᠥᠷᠥᠮᠦᠢ᠃ ᠠᠶ᠎ᠠ ᠪᠢ ᠠᠪᠤ ᠶ᠋ᠢᠨ ᠢ᠋ᠶ᠋ᠡᠨ ᠠᠰᠠᠷᠠᠬᠤᠢ ᠳ᠋ᠤᠷ ᠬᠦᠷᠲᠡᠵᠦ᠂ ᠡᠨᠡ ᠪᠡᠶ᠎ᠡ ᠡᠶ᠋ᠢᠮᠦ ᠶᠡᠬᠡ ᠪᠣᠯᠤᠭᠠᠳ ᠨᠢᠳᠦᠨ ᠦᠵᠡᠭᠰᠡᠭᠡᠷ ᠬᠥᠭᠰᠢᠨ ᠡᠴᠢᠭᠡ ᠪᠡᠨ ᠦᠬᠦᠬᠦ ᠭᠠᠵᠠᠷ ᠲᠤᠷ ᠶᠠᠪᠤᠭᠤᠯᠬᠤ ᠠᠨᠤ᠂ ᠥᠬᠢᠨ ᠬᠥᠮᠦᠨ ᠢ᠋ ᠲᠥᠷᠥᠵᠦ ᠲᠡᠵᠢᠭᠡᠭᠰᠡᠨ ᠢᠨᠦ ᠶᠠᠮᠪᠠᠷ ᠠᠴᠢ ᠪᠣᠢ ! 》ᠭᠡᠮᠡᠨ ᠰᠠᠨᠠᠭᠰᠠᠭᠠᠷ ᠡᠨᠳᠡ ᠬᠦᠷᠦᠭᠡᠳ ᠭᠡᠨᠡᠳᠲᠡ ᠬᠠᠪᠠᠷ ᠪᠤᠷᠬᠢᠷᠠᠨ ᠮᠣᠳᠣᠨ ᠤ᠋ ᠰᠡᠭᠦᠳᠡᠷ ᠲᠣᠷ ᠠᠰᠬᠠᠷᠠᠲᠠᠯ᠎ᠠ ᠨᠢᠯᠪᠤᠰᠤᠨ ᠤᠨᠠᠭᠠᠵᠤ ᠪᠠᠰᠠ ᠰᠠᠨᠠᠷᠤᠨ : 《ᠡᠰᠡᠬᠦᠯ᠎ᠡ ᠪᠢ ᠬᠠᠷᠢᠨ ᠡᠷᠡᠴᠢᠯᠡᠨ ᠴᠢᠮᠡᠭᠯᠡᠵᠦ᠂ ᠡᠴᠢᠭᠡ ᠶ᠋ᠢᠨ ᠲᠥᠯᠥᠭᠡ ᠣᠷᠣᠯᠠᠵᠤ ᠡᠴᠢᠭᠡᠳ ᠨᠢᠭᠡᠨ ᠭᠡᠷ ᠢ᠋ ᠠᠪᠤᠷᠠᠪᠠᠰᠤ ᠪᠣᠯᠬᠤ ᠪᠣᠯᠪᠠᠤ ?  ᠭᠠᠭᠴᠠ ᠪᠢ ᠥᠪᠡᠷ ᠢ᠋ᠶ᠋ᠡᠨ ᠬᠢᠨᠠᠨ ᠬᠢᠴᠢᠶᠡᠪᠡᠰᠦ ᠬᠡᠷᠬᠢᠪᠡᠴᠦ ᠬᠥᠮᠦᠨ ᠳ᠋ᠦ᠍ᠷ ᠰᠡᠷᠡᠭᠳᠡᠬᠦ ᠦᠭᠡᠢ᠂ ᠵᠣᠯ ᠵᠠᠶᠠᠭ᠎ᠠ ᠪᠠᠷ ᠬᠡᠳᠦᠨ ᠰᠠᠷ᠎ᠠ ᠬᠠᠭᠠᠰ ᠵᠢᠯ ᠦ᠋ᠨ ᠬᠣᠭᠣᠷᠣᠨᠳᠣ ᠠᠶ᠋ᠢᠯ ᠠᠶ᠋ᠢᠮᠠᠭ ᠲᠠᠭᠠᠨ ᠠᠮᠢᠳᠤ ᠪᠠᠷ ᠡᠭᠡᠵᠦ ᠢᠷᠡᠨ ᠴᠢᠳᠠᠪᠠᠰᠤ ᠲᠥᠷᠥᠵᠦ ᠲᠡᠵᠢᠭᠡᠭᠰᠡᠨ ᠠᠴᠢ ᠳ᠋ᠤᠷ ᠬᠠᠷᠢᠭᠤᠯᠠᠨ ᠴᠢᠳᠠᠬᠤ ᠪᠥᠭᠡᠳ ᠥᠬᠢᠨ ᠪᠡᠶ᠎ᠡ ᠶ᠋ᠢ ᠮᠥᠨ ᠵᠦᠭᠡᠷ ᠲᠥᠷᠥᠭᠰᠡᠨ ᠦᠭᠡᠢ ᠪᠣᠯᠤᠮᠤᠢ᠃ ᠨᠢᠭᠡᠨ ᠳ᠋ᠦ᠍ᠷ ᠪᠣᠯᠪᠠᠰᠤ ᠬᠥᠭᠰᠢᠨ ᠡᠴᠢᠭᠡ ᠶ᠋ᠢᠨ ᠳᠠᠶ᠋ᠢᠨ ᠳ᠋ᠤᠷ ᠦᠬᠦᠬᠦ ᠡᠴᠡ ᠭᠡᠯᠳᠦᠷᠢᠭᠦᠯᠦᠮᠦᠢ᠃ ᠵᠢᠴᠢ ᠳ᠋ᠦ᠍ᠷ ᠪᠣᠯᠪᠠᠰᠤ ᠨᠢᠯᠬ᠎ᠠ ᠳᠡᠭᠦᠦ ᠮᠥᠨ ᠬᠥᠮᠦᠨ ᠪᠣᠯᠵᠤ᠂ ᠮᠠᠨ ᠤ᠋ ᠦᠨᠳᠦᠰᠦ ᠲᠠᠰᠤᠷᠠᠬᠤ ᠦᠭᠡᠢ ᠪᠣᠯᠤᠮᠤᠢ᠂ ᠭᠡᠨᠡᠳᠲᠡ ᠪᠠᠰᠠ ᠴᠢᠰᠤᠨ ᠪᠠᠶ᠋ᠢᠯᠲᠤᠭᠠᠨ ᠳ᠋ᠤᠷ ᠭᠠᠪᠢᠶ᠎ᠠ ᠪᠦᠲᠦᠭᠡᠵᠦ ᠬᠠᠨ ᠡᠵᠡᠨ ᠦ᠌ ᠬᠥᠬᠡ ᠰᠤᠳᠤᠷ ᠲᠤᠷ ᠨᠡᠷ᠎ᠡ ᠬᠣᠴᠣᠷᠬᠤ ᠴᠤ᠌ ᠮᠠᠭᠠᠳ᠃ ᠤᠯᠤᠰ ᠲᠥᠷᠥ ᠶ᠋ᠢᠨ ᠭᠠᠪᠢᠶ᠎ᠠ ᠶ᠋ᠢᠨ ᠳᠠᠩᠰᠠᠨ ᠳ᠋ᠤᠷ ᠣᠨᠴᠠ ᠡᠷ᠎ᠡ ᠬᠥᠮᠦᠨ ᠢ᠋ ᠨᠡᠷ᠎ᠡ ᠬᠣᠴᠣᠷ ᠬᠡᠮᠡᠵᠦᠬᠦᠢ ᠦᠦ !  ᠬᠡᠷᠡᠶ᠋ᠢᠳ ᠸᠠᠩ ᠤ᠋ᠨ ᠥᠬᠢᠨ ᠴᠡᠷᠢᠭ ᠲᠦ᠍ᠷ ᠭᠠᠷᠴᠤ ᠪᠣᠯᠤᠭᠠᠳ ᠪᠢ ᠨᠢᠭᠡᠨ ᠪᠣᠱᠣᠬᠤ ᠶ᠋ᠢᠨ ᠬᠡᠦᠬᠡᠨ ᠳᠠᠶ᠋ᠢᠨ ᠳ᠋ᠤᠷ ᠡᠴᠢᠵᠦ ᠪᠣᠯᠬᠤ ᠦᠭᠡᠢ ᠦᠦ ? ᠭᠠᠭᠴᠠ ᠪᠢ ᠡᠷ᠎ᠡ ᠬᠥᠮᠦᠨ ᠦ᠌ ᠬᠤᠶᠠᠭ ᠳᠤᠭᠤᠯᠠᠭ᠎ᠠ ᠶ᠋ᠢ ᠡᠮᠦᠰᠴᠦ ᠵᠡᠭᠦᠪᠡᠰᠦ ᠪᠠᠬᠠᠨ ᠲᠥᠯᠥᠪ ᠪᠣᠢ ᠪᠣᠯᠪᠠᠤ ? 》ᠬᠡᠮᠡᠵᠦ ᠶᠠᠭᠠᠷᠠᠨ ᠢᠷᠡᠵᠦ ᠡᠴᠢᠭᠡ ᠶᠦ᠍ᠭᠡᠨ ᠬᠤᠶᠠᠭ ᠳᠤᠭᠤᠯᠠᠭ᠎ᠠ ᠶ᠋ᠢ ᠡᠮᠦᠰᠦᠭᠡᠳ ᠪᠠᠰᠠ ᠴᠤ᠌ ᠬᠢᠲᠠᠳ ᠤ᠋ᠨ ᠥᠬᠢᠨ ᠮᠡᠲᠦ ᠪᠢᠴᠢᠬᠠᠨ ᠬᠥᠯ ᠪᠤᠰᠤ ᠲᠤᠯᠠ ᠣᠭᠲᠣ ᠪᠡᠷᠬᠡ ᠦᠭᠡᠢ᠂ ᠬᠣᠶ᠋ᠢᠲᠤ ᠭᠠᠵᠠᠷ ᠤ᠋ᠨ ᠵᠠᠩ ᠪᠠᠰᠠ ᠲᠥᠪ ᠰᠢᠯᠤᠭᠤᠨ ᠢ᠋ ᠡᠷᠬᠢᠯᠡᠵᠦ᠂ ᠴᠢᠮᠡᠭᠯᠡᠬᠦ ᠬᠣᠪᠤᠷᠯᠠᠬᠤᠢ ᠳ᠋ᠤᠷ ᠲᠠᠪᠠ ᠦᠭᠡᠢ ᠲᠤᠯᠠ ᠭᠡᠷ ᠪᠦᠷᠢ ᠳ᠋ᠦ᠍ᠷ ᠪᠣᠯᠣᠷ ᠲᠣᠯᠢ ᠦᠭᠡᠢ ᠭᠠᠤᠯᠢᠨ ᠲᠣᠯᠢ ᠮᠥᠨ ᠲᠣᠳᠣᠷᠬᠠᠢ ᠦᠭᠡᠢ ᠲᠤᠯᠠ ᠤᠰᠤᠨ ᠤ᠋ ᠳᠡᠷᠭᠡᠳᠡ ᠢᠷᠡᠵᠦ ᠰᠡᠭᠦᠳᠡᠷ ᠵᠦᠭ ᠨᠢᠭᠡᠨᠲᠡ ᠦᠵᠡᠪᠡᠰᠦ : ᠡᠪᠡᠦ ! ᠵᠠᠭᠤᠨ ᠴᠡᠷᠢᠭ ᠦ᠋ᠨ ᠳᠠᠭᠠᠭᠠᠮᠠᠯ ᠪᠣᠱᠣᠬᠤ ᠪᠣᠯᠵᠤ ᠪᠣᠯᠬᠤ ᠴᠤ᠌ ᠪᠠᠶ᠋ᠢᠲᠤᠭᠠᠢ᠂ ᠮᠢᠩᠭᠠᠨ ᠴᠡᠷᠢᠭ ᠦ᠋ᠨ ᠲᠡᠷᠢᠭᠦᠯᠡᠭᠴᠢ ᠵᠠᠩᠵᠤᠨ ᠪᠣᠯᠪᠠᠴᠤ ᠮᠥᠨ ᠪᠣᠯᠬᠤ ᠬᠢᠷᠢᠲᠡᠢ ᠲᠤᠯᠠ ᠥᠪᠡᠷ ᠦ᠋ᠨ ᠳᠦᠷᠰᠦ ᠶ᠋ᠢᠨ ᠵᠦᠭ ᠡᠷ᠎ᠡ ᠬᠥᠮᠦᠨ ᠦ᠌ ᠣᠪᠣᠷ ᠢ᠋ ᠳᠠᠭᠤᠷᠢᠶᠠᠨ ᠦᠵᠡᠬᠦᠢ ᠳ᠋ᠦ᠍ᠷ ᠰᠠᠨᠠᠮᠰᠠᠷ ᠦᠭᠡᠢ ᠬᠣᠶ᠋ᠢᠲᠤ ᠡᠬᠡ ᠢᠨᠤ ᠣᠷᠣᠵᠤ ᠢᠷᠡᠭᠡᠳ ᠬᠠᠷᠢᠨ ᠬᠢᠷᠲ᠌ᠬᠢᠵᠦ ᠥᠭᠦᠯᠡᠷᠦᠨ : 《ᠡᠨᠡ ᠬᠡᠦᠬᠡᠨ ᠶᠠᠭᠤᠲᠠᠢ ᠵᠢᠭᠲᠡᠢ᠂ ᠶᠠᠭᠤᠨ ᠳ᠋ᠤᠷ ᠡᠨᠡ ᠮᠡᠲᠦ ᠳᠦᠷᠢᠯᠡᠬᠦ ᠪᠣᠢ ? 》ᠬᠡᠮᠡᠭᠰᠡᠨ ᠳ᠋ᠦ᠍ᠷ ᠡᠴᠢᠭᠡ ᠢᠨᠦ ᠭᠠᠳᠠᠨ᠎ᠠ ᠨᠠᠷᠠᠨ ᠢᠯᠡ ᠳ᠋ᠦ᠍ᠷ ᠨᠢᠯᠬ᠎ᠠ ᠬᠥᠪᠡᠭᠦᠨ ᠭᠡᠭᠡᠷᠡᠬᠦ ᠶ᠋ᠢ ᠲᠡᠪᠡᠷᠢᠵᠦ ᠤᠬᠢᠯᠠᠨ ᠪᠥᠬᠥᠶ᠎ᠡ᠂ ᠡᠨᠡ ᠳᠠᠭᠤᠨ ᠢ᠋ ᠰᠣᠨᠣᠰᠤᠭᠠᠳ ᠭᠠᠳᠠᠨ᠎ᠠ ᠠ᠋ᠴᠠ ᠣᠷᠣᠵᠤ ᠦᠵᠡᠭᠡᠳ ᠢᠨᠢᠶᠡᠨ ᠥᠭᠦᠯᠡᠷᠦᠨ : 《ᠬᠡᠦᠬᠡᠨ ᠮᠢᠨᠦ ᠶᠠᠭᠤᠨ ᠳ᠋ᠤᠷ ᠡᠶ᠋ᠢᠨ ‍ᠬᠦ ᠡᠮᠦᠰᠴᠦ ᠵᠡᠭᠦᠭᠰᠡᠨ ᠪᠣᠢ ? 》 ᠬᠣᠩᠭᠣᠷ ᠵᠤᠯᠠ ᠥᠭᠦᠯᠡᠷᠦᠨ : 《 ᠡᠴᠢᠭᠡ ᠠ᠋ ! ᠬᠡᠦᠬᠡᠨ ᠪᠢ ᠡᠨᠡ ᠡᠳᠦᠷ ᠡᠶ᠋ᠢᠨ ‍ᠬᠦ ᠡᠮᠦᠰᠴᠦ ᠵᠡᠭᠦᠭᠰᠡᠨ ᠮᠢᠨᠦ ᠡᠴᠢᠭᠡ ᠶ᠋ᠢᠨ ᠲᠥᠯᠥᠭᠡ ᠣᠷᠣᠯᠠᠵᠤ ᠡᠴᠢᠵᠦ ᠪᠣᠯᠤᠮᠤᠢ ᠤᠤ ? 》ᠡᠴᠢᠭᠡ ᠢᠨᠤ ᠥᠭᠦᠯᠡᠷᠦᠨ : 《ᠡᠶ᠋ᠢᠮᠦ ᠰᠠᠶᠢᠬᠠᠨ ᠣᠪᠣᠷ ᠳᠦᠷᠢ ᠪᠡᠷ ᠶᠠᠭᠠᠬᠢᠨ ᠡᠴᠢᠵᠦ ᠪᠣᠯᠬᠤ ᠠᠵᠢ ! ᠲᠡᠷᠡ ᠡᠳᠦᠷ ᠨᠡᠷ᠎ᠡ ᠪᠢᠴᠢᠭᠦᠯᠬᠦ ᠲᠤᠬᠠᠢ ᠮᠠᠨ ᠤ᠋ ᠨᠢᠭᠡᠨ ᠲᠥᠯ ᠦ᠋ᠨ ᠴᠡᠷᠢᠭ ᠮᠥᠨ ᠭᠤᠷᠪᠠᠨ ᠮᠢᠩᠭᠠᠨ ᠬᠡᠳᠦᠨ ᠵᠠᠭᠤᠨ ᠪᠣᠢ᠂ ᠶᠠᠭᠤᠨ ᠤ᠋ ᠡᠶ᠋ᠢᠮᠦ ᠰᠠᠶᠢᠬᠠᠨ ᠴᠣᠭ ᠵᠢᠪᠬᠤᠯᠠᠩ ᠲᠠᠢ ᠠᠨᠤ ᠪᠠᠶ᠋ᠢᠬᠤ ᠠᠵᠢ ? ᠭᠠᠭᠴᠠ ᠬᠠᠢᠷᠠᠬᠠᠨ ᠴᠢ ! 》 ᠬᠡᠮᠡᠬᠦ ᠦᠭᠡᠨ ᠳ᠋ᠦ᠍ᠷ ᠬᠦᠷᠦᠭᠡᠳ ᠳᠠᠭᠤᠨ ᠴᠡᠴᠡᠷᠡᠵᠦ ᠨᠢᠯᠪᠤᠰᠤᠨ ᠴᠤᠪᠤᠷᠢᠨ ᠤᠨᠠᠪᠠ᠃ ᠬᠣᠩᠭᠣᠷ ᠵᠤᠯᠠ ᠮᠥᠨ ᠨᠢᠯᠪᠤᠰᠤᠨ ᠢ᠋ᠶ᠋ᠠᠨ ᠠᠷᠴᠢᠵᠤ ᠥᠭᠦᠯᠡᠷᠦᠨ: 《ᠠᠪᠤ ᠴᠢ ᠶᠠᠭᠤᠨ ᠳ᠋ᠤᠷ ᠬᠠᠢᠷᠠᠬᠠᠨ ᠬᠡᠮᠡᠮᠦᠢ ?  ᠲᠣᠯᠢ ᠡᠪᠦᠭᠡᠨ ᠥᠭᠦᠯᠡᠷᠦᠨ : 《ᠬᠠᠢᠷᠠᠬᠠᠨ ᠴᠢ ᠥᠬᠢᠨ ᠪᠣᠯᠤᠨ ᠲᠥᠷᠥᠵᠦᠬᠦᠢ᠂ ᠬᠡᠷᠪᠡ ᠬᠥᠪᠡᠭᠦᠨ ᠪᠣᠯᠪᠠᠰᠤ ᠬᠥᠭᠰᠢᠨ ᠡᠴᠢᠭᠡ ᠴᠢᠨᠦ ᠶᠠᠭᠤᠨ ᠳ᠋ᠤᠷ ᠵᠣᠪᠠᠬᠤ ᠪᠣᠢ ! ᠬᠠᠷᠢᠨ ᠴᠤ᠌ ᠴᠢᠮᠠᠶ᠋ᠢ ᠭᠠᠷᠴᠤ ᠭᠠᠪᠢᠶ᠎ᠠ ᠪᠦᠲᠦᠭᠡᠲᠦᠭᠡᠢ ᠬᠡᠮᠡᠬᠦ ᠦᠭᠡᠢ ᠦᠦ ! 》 ᠬᠣᠩᠭᠣᠷ ᠵᠤᠯᠠ ᠥᠭᠦᠯᠡᠷᠦᠨ: 《ᠡᠴᠢᠭᠡ ᠡᠬᠡ ᠪᠢᠲᠡᠭᠡᠢ ᠰᠡᠳᠬᠢᠯ ᠵᠣᠪᠠ᠂ ᠬᠡᠦᠬᠡᠨ ᠪᠢ ᠨᠢᠭᠡᠨᠲᠡ ᠰᠠᠨᠠᠭᠠᠨ ᠲᠣᠭᠲᠠᠪᠠ᠂ ᠮᠠᠷᠭᠠᠲᠠ ᠳᠠᠷᠤᠢ ᠡᠴᠢᠭᠡ ᠶ᠋ᠢᠨ ᠲᠥᠯᠥᠭᠡ ᠴᠡᠷᠢᠭ ᠲᠦ᠍ᠷ ᠮᠣᠷᠳᠠᠮᠤᠢ ! 》ᠬᠡᠮᠡᠬᠦᠢ ᠳ᠋ᠦ᠍ᠷ ᠡᠴᠢᠭᠡ ᠡᠬᠡ ᠢᠨᠤ ᠵᠡᠷᠭᠡ ᠪᠡᠷ ᠥᠭᠦᠯᠡᠷᠦᠨ : 《ᠦᠵᠡ ! ᠴᠢ ᠬᠡᠮᠡᠭᠴᠢ ᠨᠢᠭᠡᠨ ᠬᠠᠷᠢ ᠦᠵᠡᠭᠡᠳᠦᠢ ᠬᠡᠦᠬᠡᠨ ᠬᠥᠮᠦᠨ᠂ ᠪᠢᠲᠡᠭᠡᠢ ᠡᠶ᠋ᠢᠮᠦ ᠲᠡᠨᠡᠭ ᠦᠭᠡ ᠬᠡᠯᠡ ! 》 ᠬᠣᠩᠭᠣᠷ ᠵᠤᠯᠠ ᠥᠭᠦᠯᠡᠷᠦᠨ : 《ᠡᠷᠲᠡᠨ ᠦ᠌ ᠦᠶ᠎ᠡ ᠳ᠋ᠦ᠍ᠷ ᠬᠡᠲᠦᠶ᠋ᠢᠴᠢᠨᠡᠭᠡᠨ ᠡᠬᠡᠨᠡᠷ ᠥᠬᠢᠳ ᠰᠠᠮᠠᠭᠤᠨ ᠴᠠᠭ ᠲᠣᠬᠢᠶᠠᠯᠳᠤᠪᠠᠰᠤ ᠡᠷᠡᠴᠢᠯᠡᠨ ᠴᠢᠮᠡᠵᠦ ᠤᠷᠭᠤᠨ ᠵᠠᠢᠯᠠᠭᠰᠠᠨ ᠪᠠ ᠴᠢᠳᠠᠯᠲᠠᠢ ᠤᠬᠠᠭᠠᠨ ᠲᠠᠢ ᠠᠨᠤ ᠴᠡᠷᠢᠭ ᠲᠦ᠍ ᠭᠠᠷᠤᠭᠰᠠᠨ ᠬᠡᠲᠦᠶ᠋ᠢᠴᠢᠨᠡᠭᠡᠨ ᠪᠣᠢ ! ᠭᠠᠭᠴᠠ ᠥᠪᠡᠷ ᠢ᠋ᠶ᠋ᠡᠨ ᠬᠠᠮᠭᠠᠯᠠᠨ ᠶᠠᠪᠤᠪᠠᠰᠤ ᠬᠡᠷᠬᠢᠪᠡᠴᠦ ᠬᠥᠮᠦᠨ ᠳ᠋ᠦ᠍ᠷ ᠰᠡᠷᠡᠭᠳᠡᠬᠦ ᠦᠭᠡᠢ ᠪᠣᠯᠠᠢ ! 》 ᠡᠬᠡ ᠢᠨᠦ ᠮᠥᠷᠥ ᠶ᠋ᠢ ᠲᠠᠪᠰᠢᠵᠤ ᠥᠭᠦᠯᠡᠷᠦᠨ : 《ᠪᠣᠯᠬᠤ ᠦᠭᠡᠢ᠂ ᠴᠢ ᠬᠡᠮᠡᠭᠴᠢ ᠬᠠᠷᠢ ᠦᠵᠡᠭᠡᠳᠦᠢ ᠨᠢᠭᠡᠨ ᠥᠬᠢᠨ᠂ ᠶᠠᠭᠠᠬᠢᠨ ᠲᠦᠮᠡ ᠮᠢᠩᠭᠠᠨ ᠬᠥᠮᠦᠨ ᠦ᠌ ᠳᠤᠮᠳᠠ ᠬᠤᠳᠬᠤᠨ ᠶᠠᠪᠤᠵᠤ ᠪᠣᠯᠬᠤ ᠠᠵᠢ ! 》 ᠬᠣᠩᠭᠣᠷ ᠵᠤᠯᠠ ᠥᠭᠦᠯᠡᠷᠦᠨ: 《ᠡᠴᠢᠭᠡ ᠡᠬᠡ ᠳᠡᠮᠡᠢ ᠪᠢᠲᠡᠭᠡᠢ ᠴᠢᠪᠬᠠᠭᠤᠷᠠ᠂ ᠮᠢᠨᠦ ᠨᠢᠭᠡᠨ ᠪᠡᠶ᠎ᠡ ᠶ᠋ᠢ ᠲᠡᠪᠴᠢᠪᠡᠰᠦ ᠰᠠᠶᠢ ᠡᠴᠢᠭᠡ ᠡᠬᠡ᠂ ᠤᠯᠠᠭᠠᠨ ᠴᠠᠬ᠎ᠠ ᠶ᠋ᠢ ᠠᠮᠤᠷ ᠪᠣᠯᠭᠠᠵᠤ ᠴᠢᠳᠠᠮᠤᠢ᠂ ᠰᠢᠳᠤᠷᠭᠤ ᠲᠦᠰᠢᠮᠡᠯ ᠪᠠ ᠲᠠᠬᠢᠮᠳᠠᠭᠤ ᠦᠷ᠎ᠡ ᠪᠣᠯᠬᠤ ᠶ᠋ᠢ ᠣᠨᠴᠠ ᠡᠷ᠎ᠡ ᠬᠥᠮᠦᠨ ᠦᠢᠯᠡᠳ ᠬᠡᠮᠡᠵᠦᠬᠦᠢ  ᠦᠦ ?  ᠵᠣᠷᠢᠭ ᠪᠣᠢ ᠪᠣᠯᠪᠠᠰᠤ ᠦᠢᠯᠡ ᠳᠠᠷᠤᠢ ᠪᠦᠲᠦᠮᠦᠢ ! ᠭᠠᠭᠴᠠ ᠡᠴᠢᠭᠡ ᠡᠬᠡ ᠨᠠᠮᠠᠶ᠋ᠢ ᠮᠣᠷᠳᠠᠬᠤ ᠦᠶ᠎ᠡ ᠳ᠋ᠦ᠍ᠷ ᠪᠢᠲᠡᠭᠡᠢ ᠤᠬᠢᠯᠠᠨ ᠤᠨᠵᠢᠵᠤ ᠬᠠᠮᠲᠤ ᠶᠠᠪᠤᠬᠤ ᠨᠢᠭᠡᠨ ᠭᠠᠯ ᠳ᠋ᠤᠷ ᠮᠡᠳᠡᠭᠳᠡ᠂ ᠥᠬᠢᠨ ᠪᠢ ᠬᠡᠷᠬᠢᠪᠡᠴᠦ ᠢᠴᠢᠩᠭᠦᠷᠢᠲᠦ ᠦᠢᠯᠡ ᠶ᠋ᠢ ᠬᠢᠵᠦ ᠡᠴᠢᠭᠡ ᠡᠬᠡ ᠶ᠋ᠢ ᠭᠤᠲᠤᠭᠠᠬᠤ ᠦᠭᠡᠢ ᠪᠣᠯᠠᠢ ! 》 ᠬᠡᠮᠡᠭᠰᠡᠨ ᠳ᠋ᠦ᠍ᠷ ᠡᠴᠢᠭᠡ ᠡᠬᠡ ᠢᠨᠤ ᠲᠡᠭᠦᠨ ᠦ᠌ ᠡᠷᠬᠡᠪᠰᠢ ᠡᠴᠢᠮᠦᠢ ᠬᠡᠮᠡᠬᠦ ᠵᠣᠷᠢᠭ ᠢ᠋ ᠦᠵᠡᠭᠡᠳ ᠭᠡᠷ ᠦ᠋ᠨ ᠬᠣᠲᠠᠯᠠᠭᠠᠷ ᠱᠣᠭᠰᠢᠨ ᠤᠬᠢᠯᠠᠵᠤ ᠣᠭᠲᠣ ᠰᠠᠨᠠᠭ᠎ᠠ ᠠᠮᠤᠷ ᠦᠭᠡᠢ ᠪᠣᠯᠵᠤ᠂ ᠨᠢᠭᠡᠨ ᠰᠥᠨᠢ ᠥᠩᠭᠡᠷᠡᠨ ᠦᠷ ᠴᠠᠶ᠋ᠢᠬᠤ ᠪᠣᠯᠤᠭᠰᠠᠨ ᠳ᠋ᠤᠷ 《ᠪᠢᠳᠡ ᠣᠳᠣ ᠶᠠᠪᠤᠵᠠᠭᠠᠮᠤᠢ ! 》  ᠭᠡᠮᠡᠨ ᠭᠠᠳᠠᠨ᠎ᠠ ᠠ᠋ᠴᠠ ᠬᠥᠮᠦᠨ ᠮᠣᠳᠣ ᠲᠣᠭᠰᠢᠵᠤ ᠳᠠᠭᠤᠳᠠᠭᠰᠠᠨ᠎ᠠ᠂ ᠲᠣᠯᠢ ᠡᠪᠦᠭᠡᠨ ᠭᠠᠷᠴᠤ ᠦᠵᠡᠪᠡᠰᠦ ᠭᠤᠷᠪᠠ ᠳᠥᠷᠪᠡᠨ ᠠᠳᠠᠯᠢ ᠪᠣᠱᠤᠬᠤ ᠨᠠᠷ ᠲᠤᠯᠠ ᠡᠪᠦᠭᠡᠨ ᠰᠠᠶᠢ ᠳᠠᠭᠤᠨ ᠭᠠᠷᠰᠤᠭᠠᠢ ᠬᠡᠮᠡᠲᠡᠯ᠎ᠡ ᠬᠣᠩᠭᠣᠷ ᠵᠤᠯᠠ ᠬᠡᠳᠦᠢᠨᠡᠢ ᠡᠮᠦᠰᠴᠦ ᠵᠡᠭᠦᠭᠡᠳ ᠰᠠᠭᠠᠳᠠᠭ ᠨᠤᠮᠤ ᠪᠠᠨ ᠠᠭᠰᠠᠨ ᠭᠠᠷᠴᠤ ᠢᠷᠡᠭᠡᠳ ᠪᠦᠳᠦᠭᠦᠨ ᠬᠣᠭᠣᠯᠠᠢ ᠪᠠᠷ ᠥᠭᠦᠯᠡᠷᠦᠨ : 《ᠮᠢᠨᠦ ᠡᠴᠢᠭᠡ ᠬᠥᠭᠰᠢᠷᠡᠪᠡ᠂ ᠪᠢ ᠡᠴᠢᠭᠡ ᠪᠡᠨ ᠲᠥᠯᠥᠭᠡᠯᠡᠨ ᠴᠡᠷᠢᠭ ᠲᠦ᠍ᠷ ᠮᠣᠷᠳᠠᠮᠤᠢ ! 》ᠬᠡᠮᠡᠭᠰᠡᠨ ᠳ᠋ᠦ᠍ᠷ ᠲᠡᠷᠡ ᠬᠡᠳᠦᠨ ᠬᠥᠮᠦᠨ ᠦᠵᠡᠭᠡᠳ ᠢᠨᠢᠶᠡᠨ ᠥᠭᠦᠯᠡᠷᠦᠨ : 《ᠡᠨᠡ ᠡᠪᠦᠭᠡᠨ ᠦ᠌ ᠡᠨᠡ ᠬᠥᠪᠡᠭᠦᠨ ᠦᠨᠡᠬᠡᠷ ᠶᠠᠭᠤᠲᠠᠢ ᠰᠠᠢᠬᠠᠨ ᠴᠣᠭ ᠵᠠᠯᠢ ᠲᠠᠢ ᠪᠣᠢ ! ᠪᠡᠶ᠎ᠡ ᠮᠥᠨ ᠪᠠᠭ᠎ᠠ ᠦᠭᠡᠢ ! 》 ᠬᠡᠮᠡᠯᠳᠦᠬᠦᠢ ᠳ᠋ᠦ᠍ᠷ ᠬᠣᠩᠭᠣᠷ ᠵᠤᠯᠠ ᠳᠠᠷᠤᠢ ᠡᠴᠢᠭᠡ ᠡᠬᠡ ᠳ᠋ᠡᠭᠡᠨ ᠶᠣᠰᠣᠯᠠᠨ ᠠᠶᠠᠷᠯᠠᠵᠤ 《ᠡᠴᠢᠭᠡ ᠡᠬᠡ ᠪᠡᠶ᠎ᠡ ᠪᠡᠨ  ᠰᠠᠢᠬᠠᠨ ᠭᠠᠮᠨᠠᠨ ᠬᠢᠮᠠᠭᠠᠳᠠᠭᠲᠤᠨ ! 》 ᠬᠡᠮᠡᠬᠦ ᠨᠢᠭᠡᠨ ᠦᠭᠡ ᠶ᠋ᠢᠨ ᠲᠡᠳᠦᠢ ᠯᠡ ᠬᠡᠯᠡᠭᠡᠳ ᠬᠥᠲᠥᠴᠢ ᠪᠡᠨ ᠠᠪᠴᠤ ᠮᠣᠷᠢ ᠪᠠᠨ ᠬᠥᠲᠥᠯᠦᠨ ᠤᠷᠲᠤ ᠶ᠋ᠢᠳᠡ ᠪᠡᠨ ᠪᠠᠷᠢᠵᠤ᠂ ᠶᠡᠬᠡ ᠠᠯᠬᠤᠮ ᠢ᠋ᠶ᠋ᠠᠷ ᠭᠠᠷᠤᠭᠰᠠᠨ ᠳ᠋ᠤᠷ ᠡᠴᠢᠭᠡ ᠡᠬᠡ ᠢᠨᠤ ᠬᠣᠶ᠋ᠢᠨ᠎ᠠ ᠠ᠋ᠴᠠ ᠬᠠᠷᠠᠵᠤ ᠨᠢᠯᠪᠤᠰᠤᠨ ᠤᠨᠠᠭᠠᠵᠤ ᠮᠥᠨ ᠠᠷᠭ᠎ᠠ ᠦᠭᠡᠢ ᠭᠡᠷ ᠲᠡᠭᠡᠨ ᠣᠷᠣᠪᠠᠢ᠃
       ᠲᠡᠭᠦᠨᠴᠡ ᠴᠢᠦᠢ ᠰᠢᠦᠸᠠᠢ ᠡᠦ ᠤᠯᠤᠰ ᠤ᠋ᠨ ᠳᠣᠲᠣᠷᠠᠬᠢ ᠴᠡᠷᠢᠭ ᠢ᠋ ᠪᠦᠭᠦᠳᠡ ᠶ᠋ᠢ ᠪᠠᠭᠴᠠᠯᠠᠵᠤ᠂ ᠨᠡᠶ᠋ᠢᠲᠡ ᠳᠣᠯᠣᠭᠠᠨ ᠲᠦᠮᠡᠨ ᠪᠣᠯᠭᠠᠵᠤ᠂ ᠲᠠᠪᠤᠨ ᠲᠦᠮᠡᠨ ᠢ᠋ ᠠᠪᠴᠤ ᠭᠤᠷᠪᠠᠨ ᠠᠩᠭᠢ ᠵᠣᠬᠢᠶᠠᠨ᠂ ᠥᠪᠡᠷ ᠦ᠋ᠨ ᠪᠡᠶ᠎ᠡ ᠠᠯᠲᠠᠨᠱᠠᠭ᠎ᠠ᠂ ᠪᠥᠬᠡ ᠢᠳᠠᠮ ᠯᠤᠭ᠎ᠠ ᠳᠤᠮᠳᠠᠳᠤ ᠴᠡᠷᠢᠭ ᠢ᠋ ᠵᠠᠬᠢᠷᠴᠤ ᠰᠠᠮᠤᠤ᠂ ᠳᠠᠷᠤᠮᠲᠠ ᠬᠣᠶᠠᠷ ᠵᠠᠩᠵᠤᠨ ᠢ᠋ᠶ᠋ᠠᠷ ᠪᠠᠷᠠᠭᠤᠨ ᠮᠥᠷᠥ ᠶ᠋ᠢᠨ ᠴᠡᠷᠢᠭ ᠢ᠋ ᠵᠠᠬᠢᠷᠤᠭᠤᠯᠵᠤ᠂ ᠰᠥᠷᠦᠯᠬᠡᠭ᠂ ᠮᠢᠩᠭᠠᠲᠠᠨ ᠬᠣᠶᠠᠷ ᠵᠠᠩᠵᠤᠨ ᠢ᠋ᠶ᠋ᠠᠷ ᠵᠡᠭᠦᠨ ᠮᠥᠷᠥ ᠶ᠋ᠢᠨ ᠴᠡᠷᠢᠭ ᠢ᠋ ᠵᠠᠬᠢᠷᠤᠭᠤᠯᠵᠤ᠂ ᠵᠠᠯᠠᠭᠤ ᠵᠠᠩᠵᠤᠨ ᠢᠳᠡᠷ ᠳᠣᠪᠣ ᠳ᠋ᠤᠷ ᠨᠢᠭᠡᠨ ᠮᠢᠩᠭᠠᠨ ᠴᠡᠷᠢᠭ ᠥᠭᠴᠦ ᠬᠣᠰᠢᠭᠤᠴᠢ ᠪᠣᠯᠭᠠᠨ : ᠠᠭᠤᠯᠠ ᠶ᠋ᠢ ᠤᠴᠠᠷᠠᠪᠠᠰᠤ ᠵᠠᠮ ᠨᠡᠬᠡᠭᠡ᠂ ᠤᠰᠤᠨ ᠳ᠋ᠤᠷ ᠲᠣᠬᠢᠶᠠᠯᠳᠤᠪᠠᠰᠤ ᠬᠥᠭᠥᠷᠭᠡ ᠳᠡᠯᠪᠢ᠂ ᠭᠠᠭᠴᠠ ᠣᠷᠣᠭᠰᠢ ᠣᠷᠣᠪᠠᠰᠤ ᠪᠣᠯᠬᠤ ᠪᠣᠢ ‍ᠶ᠎ᠠ᠂ ᠬᠣᠶ᠋ᠢᠰᠢ ᠤᠬᠤᠷᠢᠪᠠᠰᠤ ᠶᠠᠯ᠎ᠠ ᠳ᠋ᠤᠷ ᠤᠨᠠᠭᠠᠮᠤᠢ ᠬᠡᠮᠡᠵᠦ ᠡᠮᠦᠨ᠎ᠡ ᠶᠠᠪᠤᠭᠤᠯᠤᠨ᠂ ᠳᠤᠮᠳᠠᠳᠤ ᠴᠡᠷᠢᠭ ᠲᠦ᠍ᠷ ᠭᠤᠷᠪᠠᠨ ᠴᠡᠷᠢᠭ ᠦ᠋ᠨ ᠲᠣᠪᠴᠢ ᠴᠠᠭᠠᠵᠠ ᠬᠡᠮᠡᠬᠦ ᠶᠡᠬᠡ ᠲᠤᠭ ᠪᠠᠷᠢᠭᠤᠯᠵᠤ᠂ ᠭᠤᠷᠪᠠᠨᠲᠠ ᠶᠡᠬᠡ ᠫᠤᠤ ᠲᠠᠯᠪᠢᠭᠠᠳ ᠪᠸᠲ᠋ᠡ᠋ ᠤᠯᠤᠰ ᠤ᠋ᠨ ᠵᠦᠭ ᠳᠠᠯᠠᠢ ᠲᠦᠯᠬᠢᠬᠦ᠂ ᠠᠭᠤᠯᠠ ᠨᠡᠭᠦᠬᠦ ᠮᠡᠲᠦ ᠪᠡᠷ ᠪᠠᠶ᠋ᠢᠯᠲᠤᠷ᠎ᠠ ᠢᠷᠡᠪᠡᠢ ᠃ 
- - - - 
① ᠪᠣᠱᠣᠬᠣ ᠬᠡᠮᠡᠭᠴᠢ ᠠᠯᠪᠠ ᠬᠥᠭᠡᠭᠡᠭᠴᠢ ᠬᠡᠮᠡᠭᠰᠡᠨ ᠦᠭᠡ᠃

ᠴᠣᠬᠣᠯᠠᠭᠰᠠᠨ ᠠᠨᠤ 
      ᠡᠨᠡ ᠪᠦᠯᠦᠭ ᠲᠣᠷ ᠨᠡᠶ᠋ᠢᠲᠡ ᠳᠥᠷᠪᠡᠨ ᠬᠡᠰᠡᠭ᠂ ᠲᠡᠷᠢᠭᠦᠨ ᠬᠡᠰᠡᠭ ᠬᠡᠷᠡᠶ᠋ᠢᠳ ᠤᠯᠤᠰ ᠢ᠋ ᠮᠥᠬᠥᠪᠡ ᠬᠡᠮᠡᠮᠦᠢ᠃ ᠬᠣᠶᠠᠳᠤᠭᠠᠷ ᠬᠡᠰᠡᠭ ᠰᠣᠯᠣᠩᠭᠤᠸ᠋᠎ᠠ ᠶ᠋ᠢ ᠬᠠᠷᠢᠯᠠᠪᠠ ᠬᠡᠮᠡᠮᠦᠢ᠂ ᠭᠤᠷᠪᠠᠳᠤᠭᠠᠷ ᠬᠡᠰᠡᠭ ᠤᠯᠤᠰ ᠢ᠋ ᠪᠸᠲ᠋ᠡ᠋ ᠲᠣᠭᠲᠠᠨᠢᠪᠠ ᠬᠡᠮᠡᠮᠦᠢ᠃ ᠳᠥᠲᠥᠭᠡᠷ ᠬᠡᠰᠡᠭ ᠴᠢᠦᠢ ᠶᠤᠸᠠᠨᠱᠤᠸᠠᠢ ᠦᠬᠦᠪᠡ ᠬᠡᠮᠡᠮᠦᠢ᠃ ᠶᠠᠭᠠᠬᠢᠨ ᠡᠶ᠋ᠢᠨ ‍ᠬᠦ ᠮᠡᠳᠡᠪᠡ ?  ᠬᠡᠮᠡᠪᠡᠰᠦ : ᠨᠢᠭᠡᠨ ᠨᠢᠭᠡᠨ ᠢ᠋ᠶ᠋ᠡᠷ ᠲᠠᠶ᠋ᠢᠯᠤᠨ ᠮᠡᠳᠡᠭᠦᠯᠬᠦ ᠶ᠋ᠢ ᠰᠣᠨᠣᠰ : ᠲᠡᠷᠢᠭᠦᠨ ᠬᠡᠰᠡᠭ ᠦ᠋ᠨ ᠬᠡᠷᠡᠶ᠋ᠢᠳ ᠤᠯᠤᠰ ᠢ᠋ ᠮᠥᠬᠥᠪᠡ ᠬᠡᠮᠡᠭᠰᠡᠨ ᠢᠨᠦ : ᠲᠡᠷᠢᠭᠦᠨ ᠳ᠋ᠦ᠍ᠷ ᠾᠧ ᠸᠠᠩ ᠤ᠋ᠨ ᠬᠡᠯᠪᠡᠶ᠋ᠢᠭᠦᠦ ᠲᠠᠰᠢᠮᠠᠭᠠᠢ ᠠᠨᠤ ᠲᠦᠰᠢᠮᠡᠳ ᠦ᠋ᠨ ᠭᠠᠰᠠᠯᠤᠨ ᠬᠡᠯᠡᠯᠴᠡᠬᠦ ᠢᠨᠤ ᠰᠠᠯᠤᠯᠴᠠᠬᠤᠢ ᠶ᠋ᠢᠨ ᠲᠡᠮᠳᠡᠭ᠂ ᠡᠴᠢᠭᠡ ᠰᠠᠮᠠᠭᠤᠷᠠᠭᠤᠯᠤᠨ ᠬᠥᠪᠡᠭᠦᠨ ᠲᠡᠷᠰᠯᠡᠵᠦ᠂ ᠰᠠᠶ᠋ᠢᠳ ᠰᠠᠯᠤᠯᠴᠠᠪᠠᠰᠤ ᠤᠯᠤᠰ ᠭᠡᠷ ᠨᠢᠭᠡᠨ ᠵᠠᠮᠤᠬ᠎ᠠ ᠶ᠋ᠢᠨ ᠤᠷᠠᠨ ᠬᠡᠯᠡᠨ᠎ᠡ ᠮᠥᠬᠥᠯ ᠦᠭᠡᠢ ᠬᠡᠷᠬᠢᠨ ᠴᠢᠳᠠᠮᠤᠢ ?  ᠲᠡᠶ᠋ᠢᠨ ‍ᠬᠦ ᠲᠡᠷᠢᠭᠦᠨ ᠬᠡᠰᠡᠭ ᠲᠣᠷ ᠬᠡᠷᠡᠶ᠋ᠢᠳ ᠤᠯᠤᠰ ᠮᠥᠬᠥᠪᠡ ᠬᠡᠮᠡᠮᠦᠢ᠃ ᠵᠢᠴᠢ ᠬᠣᠶᠠᠳᠤᠭᠠᠷ ᠬᠡᠰᠡᠭ ᠲᠣᠷ ᠰᠣᠯᠣᠩᠭᠤᠸ᠋᠎ᠠ ᠶ᠋ᠢ ᠬᠠᠷᠢᠯᠠᠪᠠ ᠬᠡᠮᠡᠭᠰᠡᠨ ᠢᠨᠤ : ᠲᠡᠷᠢᠭᠦᠨ ᠳ᠋ᠦ᠍ᠷ ᠠᠯᠲᠠᠨ ᠬᠥᠪᠡᠭᠦᠨ᠂ ᠰᠣᠯᠣᠩᠭᠤᠸ᠋᠎ᠠ ᠥᠬᠢᠨ ᠨᠢᠭᠤᠷ ᠤᠴᠠᠷᠠᠨ ᠪᠡᠯᠡᠭ ᠰᠣᠯᠢᠯᠴᠠᠵᠤ ᠠᠮᠠᠨ ᠠᠯᠳᠠᠵᠤ ᠲᠠᠩᠭᠠᠷᠢᠭᠯᠠᠨ ᠥᠴᠢᠵᠦ ᠬᠡᠯᠡᠯᠴᠡᠪᠡ᠃ ᠬᠣᠶᠠᠷ ᠲᠤᠷ ᠬᠣᠶᠠᠷ ᠡᠲᠡᠭᠡᠳ ᠮᠥᠷᠥᠭᠡᠳᠦᠯᠴᠢᠨ ᠰᠡᠳᠬᠢᠵᠦ ᠪᠡᠯᠡᠭ ᠰᠡᠯᠡᠭ ᠢᠯᠡᠭᠡᠮᠦᠢ᠃ ᠭᠤᠷᠪᠠᠨ ᠳ᠋ᠤᠷ ᠰᠣᠯᠣᠩᠭᠤᠸ᠋᠎ᠠ ᠡᠬᠡᠨᠡᠷ ᠦ᠋ᠨ ᠵᠦᠭ ᠤᠴᠢᠷ ᠢ᠋ ᠲᠠᠶ᠋ᠢᠯᠵᠤ ᠡᠴᠢᠭᠡ ᠶ᠋ᠢᠨ ᠡᠮᠦᠨ᠎ᠡ ᠡᠷᠡᠬᠡᠶ᠋ᠢᠪᠴᠢ ᠶ᠋ᠢ ᠵᠡᠭᠦᠭᠰᠡᠨ ᠢᠨᠤ ᠰᠡᠳᠬᠢᠯ ᠨᠢᠭᠡᠨᠲᠡ ᠬᠠᠷᠪᠤᠭᠰᠠᠨ ᠰᠤᠮᠤ ᠮᠡᠲᠦ ᠰᠢᠭᠤᠳᠴᠤ ᠲᠣᠭᠲᠠᠭᠰᠠᠨ ᠲᠤᠯᠠ ᠪᠤᠰᠤᠳ ᠶᠠᠭᠤᠨ ᠤ᠋ ᠮᠤᠰᠬᠢᠨ ᠴᠢᠳᠠᠬᠤ ᠪᠣᠢ ? ᠲᠡᠶ᠋ᠢᠨ ‍ᠬᠦ ᠬᠣᠶᠠᠳᠤᠭᠠᠷ ᠬᠡᠰᠡᠭ ᠲᠣᠷ ᠰᠣᠯᠣᠩᠭᠤᠸ᠋᠎ᠠ ᠶ᠋ᠢ ᠬᠠᠷᠢᠯᠠᠵᠤ ᠲᠣᠭᠲᠠᠪᠠ ᠬᠡᠮᠡᠪᠡᠢ᠃ ᠭᠤᠷᠪᠠᠳᠤᠭᠠᠷ ᠬᠡᠰᠡᠭ ᠲᠣᠷ ᠪᠸᠲ᠋ᠡ᠋ ᠤᠯᠤᠰ ᠤ᠋ᠨ ᠲᠡᠷᠢᠭᠦᠨ ᠳ᠋ᠦ᠍ᠷ ᠡᠵᠡᠨ ᠭᠡᠭᠡᠬᠡᠨ᠂ ᠠᠬ᠎ᠠ ᠡᠯᠢᠭᠡᠰᠡᠭ ᠲᠤᠯᠠ ᠭᠡᠷ ᠲᠣᠭᠲᠠᠨᠢᠪᠠ᠃ ᠬᠣᠶᠠᠷ ᠲᠤᠷ ᠲᠥᠷᠥᠭᠰᠡᠨ ᠣᠶ᠋ᠢᠷ᠎ᠠ ᠳᠡᠭᠦᠦ ᠪᠢᠰᠢᠷᠡᠭᠰᠡᠨ ᠲᠤᠯᠠ ᠡᠰᠢ ᠲᠣᠭᠲᠠᠨᠢᠪᠠ᠃ ᠭᠤᠷᠪᠠᠨ ᠳ᠋ᠤᠷ ᠰᠠᠶ᠋ᠢᠳ ᠬᠢᠴᠢᠶᠡᠩᠭᠦᠢ᠂ ᠲᠦᠰᠢᠮᠡᠯ ᠰᠦᠰᠦᠭᠲᠡᠢ ᠲᠤᠯᠠ ᠤᠯᠤᠰ ᠲᠣᠭᠲᠠᠨᠢᠪᠠ᠃ ᠲᠡᠶ᠋ᠢᠨ ‍ᠬᠦ ᠲᠡᠭᠷᠢ ᠶ᠋ᠢᠨ ᠰᠠᠬᠢᠭᠤᠯᠰᠤᠨ ᠲᠡᠳᠬᠦᠨ ᠲᠤᠰᠠᠯᠠᠵᠤ᠂ ᠭᠠᠵᠠᠷ ᠤ᠋ᠨ ᠡᠵᠡᠨ ᠭᠠᠶ᠋ᠢᠬᠠᠯ ᠦᠵᠡᠭᠦᠯᠬᠦ  ᠶ᠋ᠢᠨ ᠲᠤᠯᠠ ᠭᠤᠷᠪᠠᠳᠤᠭᠠᠷ ᠬᠡᠰᠡᠭ ᠲᠣᠷ ᠪᠸᠲ᠋ᠡ᠋ ᠤᠯᠤᠰ ᠲᠣᠭᠲᠠᠨᠢᠪᠠ ᠬᠡᠮᠡᠪᠡᠢ᠃ ᠳᠥᠷᠪᠡᠳᠦᠭᠡᠷ ᠬᠡᠰᠡᠭ ᠲᠣᠷ ᠴᠢᠦᠢ ᠶᠤᠸᠠᠨᠱᠤᠸᠠᠢ ᠦᠬᠦᠪᠡ ᠬᠡᠮᠡᠭᠰᠡᠨ ᠢᠨᠦ ᠡᠨᠡ ᠴᠡᠷᠢᠭ ᠭᠠᠷᠬᠤ ᠶ᠋ᠢ ᠲᠡᠷᠢᠭᠦᠨ ᠳ᠋ᠦ᠍ᠷ ᠭᠣᠣᠯ ᠡᠵᠡᠨ ᠢᠨᠦ ᠲᠠᠶ᠋ᠢᠶᠠᠩ ᠬᠠᠨ ᠳᠤᠷ᠎ᠠ ᠦᠭᠡᠢ᠃ ᠬᠣᠶᠠᠷ ᠲᠤᠷ ᠵᠡᠭᠦᠨ ᠲᠤᠰᠢᠮᠡᠯ ᠮᠥᠩᠭᠥᠯᠵᠢ ᠳᠤᠷ᠎ᠠ ᠦᠭᠡᠢ᠃ ᠭᠤᠷᠪᠠᠨ ᠳ᠋ᠤᠷ ᠪᠠᠷᠠᠭᠤᠨ ᠰᠠᠶ᠋ᠢᠳ ᠳ᠋ᠠᠳᠠᠳᠤᠩᠭ᠎ᠠ ᠳᠤᠷ᠎ᠠ ᠦᠭᠡᠢ ᠪᠠᠶ᠋ᠢᠲᠠᠯ᠎ᠠ ᠨᠢᠭᠡᠨ ᠴᠢᠦᠢ ᠰᠢᠦᠸᠠᠢ ᠡᠸ᠋ ᠭᠠᠭᠴᠠ ᠬᠢᠯᠢᠩ ᠴᠦᠯᠢᠰ ᠠᠭᠤᠷ ᠢ᠋ᠶ᠋ᠠᠷ ᠮᠠᠭᠤ ᠦᠭᠡ ᠪᠡᠷ ᠠᠮᠠᠨ ᠠᠯᠳᠠᠵᠤ ᠲᠡᠷᠢᠭᠦᠨ ᠡᠭᠡᠵᠦ ᠪᠣᠯᠣᠰᠢ ᠦᠭᠡᠢ ᠪᠡᠷ ᠭᠠᠷᠴᠤ ᠢᠷᠡᠭᠰᠡᠨ ᠳ᠋ᠦ᠍ᠷ ᠴᠢᠦᠢ ᠶᠤᠸᠠᠨᠱᠤᠸᠠᠢ ᠦᠬᠦᠪᠡ ᠬᠡᠮᠡᠪᠡᠢ᠃ ᠡᠨᠡ ᠢᠨᠦ ᠲᠦᠳᠡ ᠲᠣᠪᠴᠢᠲᠤ ᠴᠣᠭᠣᠯᠠᠪᠤᠷᠢ ᠮᠥᠨ᠃ ᠵᠢᠴᠢ ᠡᠨᠡ ᠶᠤᠸᠠᠨ ᠲᠠᠶ᠋ᠢᠽᠦ ᠶ᠋ᠢᠨ ᠡᠷᠲᠡᠨ ᠦ᠌ ᠣᠯᠠᠨ ᠤᠯᠤᠰ ᠪᠠᠶ᠋ᠢᠭᠤᠯᠤᠭᠰᠠᠨ ᠮᠡᠷᠭᠡᠨ ᠪᠠᠭᠠᠲᠤᠷ ᠬᠠᠳ ᠠ᠋ᠴᠠ ᠬᠡᠲᠦᠷᠡᠭᠰᠡᠨ ᠭᠠᠵᠠᠷ ᠣᠯᠠᠨᠲᠠ ᠪᠣᠢ᠃ ᠲᠣᠪᠴᠢᠯᠠᠨ ᠲᠣᠭᠠᠴᠠᠪᠠᠰᠤ ᠴᠦᠨ ᠴᠢᠦ ᠶ᠋ᠢᠨ ᠦᠶ᠎ᠡ ᠡᠴᠡ ᠳᠣᠷᠣᠭᠰᠢ ᠴᠢᠨ ᠤᠯᠤᠰ ᠤ᠋ᠨ ᠱᠢ ᠬᠤᠸᠠᠩ ᠨᠢᠭᠡᠨ ᠪᠡᠶ᠎ᠡ ᠡᠴᠡ ᠪᠤᠰᠤ ᠶ᠋ᠢ ᠣᠯᠤᠭᠰᠠᠨ ᠦᠭᠡᠢ᠂ ᠬᠠᠨ ᠤᠯᠤᠰ ᠤ᠋ᠨ ᠭᠤᠤᠽᠤ ᠪᠤᠰᠤ ᠶ᠋ᠢ ᠴᠥᠮ ᠣᠯᠤᠭᠰᠠᠨ ᠪᠣᠯᠪᠠᠴᠤ ᠡᠴᠢᠭᠡ ᠪᠠ ᠳᠡᠭᠦᠦ  ᠶ᠋ᠢ ᠣᠯᠤᠭᠰᠠᠨ ᠦᠭᠡᠢ᠃ ᠸᠧᠢ ᠤᠯᠤᠰ ᠤ᠋ᠨ ᠡᠸ᠋ ᠳᠢ ᠣᠯᠠᠨ ᠢ᠋ ᠴᠥᠮ ᠣᠯᠤᠭᠰᠠᠨ ᠪᠣᠯᠪᠠᠴᠤ ᠭᠠᠭᠴᠠ ᠨᠥᠬᠥᠷ ᠢ᠋ ᠣᠯᠤᠭᠰᠠᠨ ᠦᠭᠡᠢ᠃ ᠱᠤ᠌ ᠤᠯᠤᠰ ᠤ᠋ᠨ ᠵᠣᠣ ᠯᠢᠶᠧ ᠳᠢ ᠬᠠᠭᠠᠨ ᠪᠤᠰᠤᠳ ᠢ᠋ ᠴᠥᠮ ᠣᠯᠪᠠᠴᠤ ᠬᠥᠪᠡᠭᠦᠨ ᠢ᠋ ᠣᠯᠤᠭᠰᠠᠨ ᠦᠭᠡᠢ᠃ ᠡᠸ᠋ ᠤᠯᠤᠰ ᠤ᠋ᠨ ᠲᠠᠢ ᠳᠢ ᠡᠴᠢᠭᠡ ᠶ᠋ᠢ ᠣᠯᠤᠭᠰᠠᠨ ᠦᠭᠡᠢ᠃ ᠶ᠋ᠢᠨ ᠤᠯᠤᠰ ᠤ᠋ᠨ ᠡᠸ᠋ ᠳᠢ ᠰᠠᠶ᠋ᠢᠳ ᠊ᠢ ᠣᠯᠤᠭᠰᠠᠨ ᠦᠭᠡᠢ᠃  ᠨᠠᠨ ᠰᠥᠩ ᠦ᠋ᠨ ᠡᠸ᠋ ᠳᠢ ᠳᠡᠭᠦᠦ ᠶ᠋ᠢ ᠣᠯᠤᠭᠰᠠᠨ ᠦᠭᠡᠢ᠃  ᠨᠠᠨ ᠴᠢ ᠤᠯᠤᠰ ᠤ᠋ᠨ ᠭᠣᠣ ᠳᠢ ᠠᠬ᠎ᠠ ᠶ᠋ᠢ ᠣᠯᠤᠭᠰᠠᠨ ᠦᠭᠡᠢ᠃ ᠯᠢᠶᠠᠩ ᠤᠯᠤᠰ ᠤ᠋ᠨ ᠡᠸ᠋ ᠳᠢ ᠬᠥᠪᠡᠭᠦᠨ ᠢ᠋ ᠣᠯᠤᠭᠰᠠᠨ ᠦᠭᠡᠢ᠃ ᠴᠢᠨ ᠤᠯᠤᠰ ᠤ᠋ᠨ ᠡᠸ᠋ ᠳᠢ ᠬᠥᠪᠡᠭᠦᠨ ᠢ᠋ ᠣᠯᠤᠭᠰᠠᠨ ᠦᠭᠡᠢ᠃ ᠰᠦᠢ ᠤᠯᠤᠰ ᠤ᠋ᠨ ᠸᠸᠨ ᠳᠢ ᠪᠠᠰᠠ ᠬᠥᠪᠡᠭᠦᠨ ᠢ᠋ ᠣᠯᠤᠭᠰᠠᠨ ᠦᠭᠡᠢ᠃ ᠳᠠᠩ ᠤᠯᠤᠰ ᠤ᠋ᠨ ᠭᠤᠤᠽᠤ ᠶ᠋ᠢᠨ ᠬᠥᠪᠡᠭᠦᠨ ᠳᠠᠩ ᠲᠡᠶ᠋ᠢᠽᠦᠢ᠍ᠩ ᠡᠯ᠎ᠡ ᠵᠦᠢᠯ ᠪᠦᠷᠢᠳᠦᠭᠰᠡᠨ ᠪᠣᠯᠪᠠᠴᠤ ᠠᠬ᠎ᠠ ᠳᠡᠭᠦᠦ ᠶ᠋ᠢ ᠣᠯᠤᠭᠰᠠᠨ ᠦᠭᠡᠢ᠃ ᠡᠭᠦᠨᠴᠡ ᠡᠸ᠋ ᠳᠢ ᠲᠠᠪᠤᠨ ᠦᠶ᠎ᠡ ᠶ᠋ᠢᠨ ᠬᠣᠶ᠋ᠢᠲᠤ ᠯᠢᠶᠠᠩ ᠲᠠᠶ᠋ᠢᠽᠦ᠂ ᠬᠣᠶ᠋ᠢᠲᠤ ᠳᠠᠩ ᠵᠣᠸᠠᠩᠽᠦᠩ᠂ ᠬᠣᠶ᠋ᠢᠲᠤ ᠶ᠋ᠢᠨ ᠭᠤᠤᠽᠤ᠂ ᠬᠣᠶ᠋ᠢᠲᠤ ᠬᠠᠨ ᠭᠤᠤᠽᠤ᠂ ᠬᠣᠶ᠋ᠢᠲᠤ ᠵᠣᠣ ᠲᠠᠶ᠋ᠢᠽᠦ᠂ ᠪᠦᠭᠦᠳᠡ ᠲᠠᠪᠢᠨ ᠭᠤᠷᠪᠠᠨ ᠵᠢᠯ ᠶᠠᠭᠤ ᠶᠠᠭᠤᠬᠠᠨ ᠢ᠋ ᠣᠯᠤᠭᠰᠠᠨ ᠦᠭᠡᠢ ᠪᠡᠷ ᠥᠩᠭᠡᠷᠡᠵᠦ ᠂ ᠰᠥᠩ ᠤᠯᠤᠰ ᠲᠤ᠌ ᠬᠤᠷᠢᠶᠠᠭᠳᠠᠪᠠᠴᠤ ᠰᠥᠩ ᠲᠠᠶ᠋ᠢᠽᠦ ᠪᠠᠰᠠ ᠬᠥᠪᠡᠭᠦᠨ ᠪᠠ ᠳᠡᠭᠦᠦ ᠶ᠋ᠢ ᠣᠯᠤᠭᠰᠠᠨ ᠦᠭᠡᠢ᠃ ᠯᠢᠶᠣᠤ ᠤᠯᠤᠰ ᠤ᠋ᠨ ᠲᠠᠶ᠋ᠢᠽᠦ ᠠᠬ᠎ᠠ ᠶ᠋ᠢ ᠣᠯᠤᠭᠰᠠᠨ ᠦᠭᠡᠢ᠃ ᠠᠯᠲᠠᠨ ᠤᠯᠤᠰ ᠤ᠋ᠨ ᠲᠠᠶ᠋ᠢᠽᠦ ᠳᠡᠭᠦᠦ ᠶ᠋ᠢ ᠣᠯᠤᠭᠰᠠᠨ ᠦᠭᠡᠢ᠃ ᠭᠠᠭᠴᠠ ᠡᠨᠡ ᠶᠤᠸᠠᠨ ᠤᠯᠤᠰ ᠤ᠋ᠨ ᠲᠠᠶ᠋ᠢᠽᠦ ᠢᠵᠠᠭᠤᠷ ᠦᠨᠳᠦᠰᠦ ᠡᠴᠢᠭᠡ ᠡᠬᠡ ᠠᠬ᠎ᠠ ᠳᠡᠭᠦᠦ᠂ ᠰᠠᠶ᠋ᠢᠳ ᠲᠦᠰᠢᠮᠡᠳ᠂ ᠬᠥᠪᠡᠭᠦᠨ ᠠᠴᠢ ᠨᠠᠷ᠂ ᠨᠥᠬᠥᠷ ᠬᠠᠨᠢ᠂ ᠲᠡᠭᠷᠢ ᠶ᠋ᠢᠨ ᠴᠠᠭ ᠭᠠᠵᠠᠷ ᠤ᠋ᠨ ᠬᠡᠮᠵᠢᠶ᠎ᠡ ᠶ᠋ᠢ ᠪᠦᠷᠢᠨ᠎ᠡ ᠣᠯᠵᠤᠬᠤᠢ᠃ ᠦᠨᠡᠬᠡᠷ ᠺᠦᠩ ᠹᠦᠽᠢ ᠶ᠋ᠢᠨ ᠵᠧᠦ ᠤᠯᠤᠰ ᠤ᠋ᠨ ᠸᠸᠨ ᠸᠠᠩ ᠢ᠋ ᠬᠡᠯᠡᠭᠰᠡᠨ ᠢᠨᠤ : 《ᠵᠣᠪᠠᠭᠰᠠᠨ ᠦᠭᠡᠢ ᠢᠨᠤ ᠸᠸᠨ ᠸᠠᠩ ᠪᠣᠯᠠᠢ᠂ ᠮᠡᠷᠭᠡᠨ ᠪᠣᠭᠳᠠ᠂ ᠡᠴᠢᠭᠡ ᠪᠣᠯᠵᠤ ᠪᠠᠶ᠋ᠢᠭᠤᠯᠵᠤ ᠥᠭᠭᠥᠭᠡᠳ ᠪᠠᠭᠠᠲᠤᠷ ᠪᠣᠭᠳᠠ ᠬᠥᠪᠡᠭᠦᠨ ᠪᠣᠯᠵᠤ ᠬᠦᠯᠢᠶᠡᠨ ᠠᠪᠴᠤ ᠪᠠᠳᠠᠷᠠᠭᠤᠯᠪᠠ᠂ ᠵᠣᠪᠠᠭᠰᠠᠨ ᠦᠭᠡᠢ ᠢᠨᠤ ᠸᠸᠨ ᠸᠠᠩ ᠪᠣᠯᠠᠢ 》ᠬᠡᠮᠡᠵᠦᠬᠦᠢ᠃ ᠠᠶ᠎ᠠ ᠡᠨᠡ ᠮᠡᠲᠦ ᠪᠦᠷᠢᠳᠬᠦ ᠢᠨᠤ ᠴᠥᠭᠡᠨ ᠪᠣᠯᠠᠢ᠂ ᠴᠤᠬᠠᠭ ᠪᠣᠯᠠᠢ᠂ ᠶᠠᠭᠠᠬᠢᠨ ᠪᠣᠭᠳᠠ ᠬᠡᠮᠡᠯ ᠦᠭᠡᠢ ᠪᠣᠯᠤᠮᠤᠢ ?  ᠮᠡᠷᠭᠡᠳ ᠪᠡᠷ ᠠᠯᠭᠤᠷ ᠬᠤᠷᠤᠭᠤ ᠳᠠᠷᠤᠨ ᠲᠣᠭᠠᠯᠠᠨ ᠦᠵᠡᠭᠳᠡᠬᠦᠢ !