ᠬᠥᠬᠡ ᠰᠤᠳᠤᠷ - ᠢᠨᠵᠠᠨᠨᠠᠰᠢ < ᠵᠢᠷᠭᠤᠳᠤᠭᠠᠷ ᠪᠦᠯᠦᠭ > Хөх судар - Инжинаш <Зургадугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠵᠢᠷᠭᠤᠳᠤᠭᠠᠷ ᠪᠦᠯᠦᠭ > Хөх судар - Инжинаш <Зургадугаар бүлэг >

ᠬᠥᠬᠡ ᠰᠤᠳᠤᠷ - ᠢᠨᠵᠠᠨᠨᠠᠰᠢ < ᠵᠢᠷᠭᠤᠳᠤᠭᠠᠷ ᠪᠦᠯᠦᠭ > Хөх судар - Инжинаш <Зургадугаар бүлэг >

ᠠᠩᠭᠢᠯᠠᠯ:ᠲᠡᠦᠬᠡ ᠰᠣᠶᠣᠯ
2023-06-20

329

ᠬᠡᠷᠡᠢᠳ  ᠦ᠋ᠨ ᠲᠡᠨᠡᠭ ᠫᠤᠯᠭᠤᠳᠠᠢ ᠳᠠᠢᠰᠣᠨ᠎ᠠ ᠣᠮᠣᠷᠬᠠᠭᠯᠠᠨ ᠬᠠᠷᠢᠨ ᠠᠮᠢ ᠬᠡᠯᠲᠦᠷᠢᠪᠡ

ᠣᠢᠷᠠᠳ ᠤ᠋ᠨ ᠬᠤᠳᠠᠭᠠᠨ᠎ᠠ ᠪᠡᠬᠢ ᠵᠢᠯᠣᠭᠣ ᠶ᠋ᠢ ᠲᠠᠲᠠᠵᠤ ᠡᠵᠡᠨ ᠢ᠋ᠶ᠋ᠡᠨ ᠢᠳᠬᠠᠪᠠ


                ᠵᠢᠷᠭᠤᠳᠤᠭᠠᠷ ᠪᠦᠯᠦᠭ 
                    ᠰᠥᠩ ᠰᠢᠶᠣᠣᠽᠦ᠋ᠩ ᠦ᠋ᠨ ᠴᠦᠨ ᠰᠢ ᠶ᠋ᠢᠨ ᠠᠷᠪᠠᠳᠤᠭᠠᠷ ᠣᠨ᠂ ᠠᠯᠲᠠᠨ ᠤᠯᠤᠰ ᠤ᠋ᠨ ᠱ᠌ᠢᠽᠦ᠋ᠩ ᠦ᠋ᠨ ᠳᠡ ᠳ᠋ᠢᠩ ᠦ᠋ᠨ 
                           ᠬᠣᠷᠢᠨ ᠭᠤᠷᠪᠠᠳᠤᠭᠠᠷ ᠣᠨ ᠂ ᠲᠠᠢᠽᠦ ᠬᠣᠷᠢᠨ ᠬᠣᠶᠠᠷ ᠰᠡᠭᠦᠳᠡᠷ ᠲᠡᠢ ᠪᠣᠯᠪᠠ ᠂ ᠬᠠᠷᠠᠭ᠍ᠴᠢᠨ ᠲᠠᠤᠯᠠᠢ  ᠵᠢᠯ  ᠪᠤᠶᠤ  

           ᠬᠡᠷᠡᠢᠳ  ᠦ᠋ᠨ ᠲᠡᠨᠡᠭ  ᠫᠤᠯᠭᠤᠳᠠᠢ ᠳᠠᠢᠰᠣᠨ᠎ᠠ ᠣᠮᠣᠷᠬᠠᠭᠯᠠᠨ ᠬᠠᠷᠢᠨ ᠠᠮᠢ ᠬᠡᠯᠲᠦᠷᠢᠪᠡ 
           ᠣᠢᠷᠠᠳ ᠤ᠋ᠨ ᠬᠤᠳᠠᠭᠠᠨ᠎ᠠ ᠪᠡᠬᠢ ᠵᠢᠯᠣᠭᠣ ᠶ᠋ᠢ ᠲᠠᠲᠠᠵᠤ ᠡᠵᠡᠨ ᠢ᠋ᠶ᠋ᠡᠨ ᠢᠳᠬᠠᠪᠠ  

             ᠥᠷᠥᠰᠢᠶᠡᠯ ᠶᠡᠬᠡᠲᠦ ᠲᠠᠢᠽᠦ ᠪᠣᠭᠳᠠ ᠾᠧ ᠸᠠᠩ ᠲᠤᠭᠤᠷᠢᠯ ᠢ᠋ ᠵᠢᠷᠭᠤᠭᠠᠨ ᠦᠶ᠎ᠡ ᠲᠡᠩᠭᠦᠷᠡᠭᠦᠯᠪᠡ 
                 ᠦᠮᠡᠬᠡᠢ ᠵᠢᠭᠰᠢᠯᠲᠦ ᠵᠠᠮᠤᠬ᠎ᠠ ᠬᠠᠨ ᠰᠢᠨ᠎ᠡ ᠬᠦᠩ ᠢᠯᠠᠭᠤ ᠶ᠋ᠢ ᠲᠠᠪᠤᠨ ᠡᠳᠦᠷ ᠰᠠᠭᠠᠲᠠᠭᠤᠯᠪᠠ᠂ 
                 ᠥᠩᠭᠡ ᠡᠷᠳᠡᠮᠲᠦ ᠰᠣᠯᠤᠩᠭᠤᠸ᠎ᠠ ᠥᠬᠢᠨ ᠤᠷᠠᠨ ᠠᠷᠭ᠎ᠠ ᠪᠠᠷ ᠶᠤᠸᠠᠨᠱᠤᠸᠠᠢ ᠴᠢᠦᠢ ᠰᠢᠦᠸᠠᠢ ᠡᠦ ᠶ᠋ᠢ ᠮᠡᠬᠡᠯᠡᠪᠡ 
                 ᠦᠯᠡᠮᠵᠢ ᠨᠠᠢᠷᠲᠤ ᠠᠯᠲᠠᠨ ᠬᠥᠪᠡᠭᠦᠨ ᠪᠡᠯᠡᠭ ᠥᠭᠴᠦ ᠬᠣᠰᠢᠭᠤᠴᠢ ᠫᠤᠯᠭᠤᠳᠠᠢ ᠶ᠋ᠢ ᠡᠭᠡᠭᠦᠯᠪᠡ ᠃  

      ᠲᠡᠭᠦᠨᠴᠡ ᠾᠧ ᠸᠠᠩ ᠤ᠋ᠨ ᠪᠠᠭᠤᠭᠰᠠᠨ ᠳᠦᠭᠦᠯᠡ ᠮᠥᠷᠡᠨ ᠦ᠌  ᠬᠦᠷᠢᠶ᠎ᠡ ᠶ᠋ᠢ ᠬᠠᠭᠠᠭᠰᠠᠨ ᠠᠨᠤ ᠨᠠᠢ᠍ᠮᠠᠨ ᠤᠯᠤᠰ ᠤ᠋ᠨ ᠡᠵᠡᠨ ᠲᠠᠢᠶᠠᠩ ᠬᠠᠨ᠂ ᠢᠯᠠᠭᠤ ᠶ᠋ᠢᠨ ᠴᠡᠷᠢᠭ ᠢ᠋ ᠶᠡᠬᠡᠯ᠎ᠡ ᠳᠠᠷᠤᠭᠠᠳ ᠳᠡᠢᠯᠦᠭᠰᠡᠨ ᠬᠦᠴᠦᠨ ᠳ᠋ᠡᠭᠡᠨ ᠶᠡᠬᠡ ᠶᠤᠸᠠᠨᠱᠤᠸᠠᠢ ᠴᠢᠦᠢ ᠰᠢᠦᠸᠠᠢ ᠡᠦ ᠳ᠋ᠦ᠍ᠷ ᠵᠠᠩᠵᠤᠨ ᠴᠡᠷᠢᠭ ᠢ᠋ ᠥᠭᠴᠦ ᠮᠢᠩᠭᠠᠲᠠᠨ᠂ ᠮᠡᠳᠡᠯᠳᠦ ᠬᠣᠶᠠᠭᠤᠯᠠ ᠶ᠋ᠢ ᠬᠠᠪᠰᠤᠷᠠᠭᠤᠯᠤᠨ ᠥᠭᠴᠦ ᠬᠡᠷᠡᠢᠳ ᠢ᠋ ᠭᠡᠵᠢᠭᠡ ᠳᠠᠷᠤᠵᠤ ᠰᠤᠨᠳᠠᠯᠠᠨ ᠨᠡᠬᠡᠨ ᠢᠷᠡᠭᠡᠳ ᠾᠧ ᠸᠠᠩ ᠢ᠋ ᠬᠠᠭᠠᠭᠰᠠᠨ ᠠᠵᠤᠭᠤ᠃ ᠾᠧ ᠸᠠᠩ ᠶᠡᠬᠡᠯ᠎ᠡ ᠭᠡᠯᠮᠡᠵᠦ ᠠᠷᠭ᠎ᠠ ᠦᠭᠡᠢ ᠪᠣᠯᠤᠭᠰᠠᠨ ᠳ᠋ᠤᠷ ᠢᠯᠠᠭᠤ ᠥᠭᠦᠯᠡᠷᠦᠨ : 《ᠡᠳᠦᠭᠡ ᠭᠠᠭᠴᠠ ᠵᠠᠮᠤᠬ᠎ᠠ ᠬᠠᠨ ᠠ᠋ᠴᠠ ᠴᠡᠷᠢᠭ ᠵᠢᠭᠡᠯᠡᠷ᠎ᠡ ᠡᠴᠢᠬᠦ ᠪᠣᠢ ‍ᠶ᠎ᠠ᠃ 》ᠰᠣᠯᠤᠩᠭᠤᠸ᠎ᠠ ᠥᠭᠦᠯᠡᠷᠦᠨ: 《ᠬᠡᠷᠡᠭ ᠦᠭᠡᠢ ᠂ ᠵᠠᠮᠤᠬ᠎ᠠ ᠶ᠋ᠢᠨ ᠮᠠᠨ ᠳ᠋ᠤᠷ ᠳᠠᠭᠠᠶ᠎ᠠ ᠬᠡᠮᠡᠭᠰᠡᠨ ᠢᠨᠦ ᠂ ᠤᠭᠤᠲᠠᠢ ᠶ᠋ᠢᠨ ᠭᠠᠵᠠᠷ᠎ᠠ ᠬᠠᠭᠠᠭᠳᠠᠭᠰᠠᠨ ᠳ᠋ᠤᠷ ᠰᠢᠬᠠᠮᠳᠠᠬᠤ ᠳ᠋ᠠᠭᠠᠨ ᠠᠷᠭ᠎ᠠ ᠬᠡᠷᠡᠭᠯᠡᠭᠰᠡᠨ ᠪᠣᠢ ‍ᠶ᠎ᠠ᠂ ᠦᠨᠡᠬᠡᠷ ᠳᠠᠭᠠᠭᠰᠠᠨ ᠠᠨᠤ ᠪᠤᠰᠤ᠂ ᠡᠳᠦᠭᠡ ᠮᠥᠨ ᠬᠦ᠌ ᠪᠸᠲ᠋ᠠ᠋ ᠤᠯᠤᠰ ᠠ᠋ᠴᠠ ᠲᠤᠰᠠᠯᠠᠬᠤ ᠶ᠋ᠢ ᠭᠤᠶᠤᠬᠤᠢ ᠳ᠋ᠤᠷ ᠬᠦᠷᠬᠦ ᠦᠭᠡᠢ᠃ ᠪᠧᠲ᠋ᠠ᠋ ᠬᠡᠮᠡᠭᠴᠢ ᠬᠠᠭᠤᠴᠢᠨ ᠨᠠᠢᠷᠲᠤ ᠤᠯᠤᠰ ᠪᠥᠭᠡᠳ ᠪᠠᠰᠠ ᠥᠷᠥᠰᠢᠶᠡᠯᠳᠦ ᠡᠵᠡᠨ ᠪᠣᠯᠠᠢ᠃ 》ᠢᠯᠠᠭᠤ ᠥᠭᠦᠯᠡᠷᠦᠨ: 《ᠪᠢ ᠰᠠᠨᠠᠪᠠᠰᠤ ᠪᠧᠲ᠋ᠠ᠋ ᠤᠯᠤᠰ ᠥᠨᠥᠬᠡᠨ ᠮᠠᠨ ᠯᠤᠭ᠎ᠠ ᠰᠢᠨ᠎ᠡ ᠥ ᠪᠣᠢ ᠲᠤᠯᠠ ᠬᠡᠷᠬᠢᠪᠡᠴᠦ ᠲᠤᠰᠠᠯᠠᠷ᠎ᠠ ᠢᠷᠡᠬᠦ ᠦᠭᠡᠢ᠂ ᠪᠠᠰᠠ ᠬᠦ᠌ ᠵᠠᠮᠤᠬ᠎ᠠ ᠠ᠋ᠴᠠ ᠭᠣᠶᠣᠷ᠎ᠠ ᠡᠴᠢᠬᠦᠢ ᠳ᠋ᠦ᠍ᠷ ᠬᠦᠷᠬᠦ ᠦᠭᠡᠢ ᠃ 》 ᠰᠣᠯᠤᠩᠭᠤᠸ᠎ᠠ ᠥᠭᠦᠯᠡᠷᠦᠨ: 《ᠪᠢ ᠰᠠᠨᠠᠪᠠᠰᠤ ᠪᠧᠲ᠋ᠠ᠋ ᠶ᠋ᠢᠨ ᠡᠵᠡᠨ ᠰᠠᠨᠠᠭᠠᠨ ᠠᠭᠤᠳᠠᠮ᠂ ᠥᠴᠦᠬᠡᠨ ᠥ ᠶ᠋ᠢ ᠦᠯᠦ ᠰᠠᠨᠠᠮᠤᠢ᠂ ᠡᠷᠬᠡᠪᠰᠢ ᠶᠡᠬᠡ ᠵᠢᠷᠤᠮ ᠢ᠋ ᠡᠷᠬᠢᠯᠡᠬᠦ ᠬᠥᠮᠦᠨ ᠪᠣᠯᠠᠢ᠃ 》ᠬᠡᠮᠡᠵᠦ ᠠᠬ᠎ᠠ ᠥᠬᠢᠨ ᠳᠡᠭᠦᠦ ᠬᠣᠶᠠᠭᠤᠯᠠ ᠬᠠᠷᠠᠬᠠᠨ ᠪᠤᠯᠢᠶᠠᠯᠳᠤᠬᠤᠢ ᠳ᠋ᠤᠷ ᠬᠠᠰᠬᠢᠷᠬᠤ ᠳᠠᠭᠤᠨ ᠨᠡᠮᠡᠨ ᠭᠠᠷᠴᠤ ᠴᠡᠷᠢᠭ ᠦ᠋ᠨ ᠬᠥᠮᠦᠨ ᠢᠷᠡᠵᠦ ᠮᠡᠳᠡᠭᠦᠯᠦᠷᠦᠨ : 《ᠨᠠᠢ᠍ᠮᠠᠨ ᠤ᠋ ᠴᠡᠷᠢᠭ ᠬᠦᠷᠢᠶ᠎ᠡ ᠶ᠋ᠢ ᠪᠠᠢᠯᠳᠤᠬᠤ ᠠᠨᠤ ᠶᠡᠬᠡᠯ᠎ᠡ ᠴᠢᠬᠤᠯ ! 》ᠬᠡᠮᠡᠭᠰᠡᠨ ᠳ᠋ᠦ᠍ᠷ᠂ ᠾᠧ ᠸᠠᠩ ᠫᠤᠯᠭᠤᠳᠠᠢ ᠶ᠋ᠢ ᠳᠠᠭᠤᠳᠠᠵᠤ ᠥᠭᠦᠯᠡᠷᠦᠨ: 《ᠴᠢ ᠬᠠᠭᠠᠭᠰᠠᠨ ᠭᠠᠵᠠᠷ ᠢ᠋ ᠨᠡᠪᠲᠡᠯᠦᠨ ᠭᠠᠷᠴᠤ ᠤᠷᠢᠳᠠ ᠥᠷᠭᠡᠨ ᠮᠥᠷᠡᠨ᠎ᠡ ᠡᠴᠢᠵᠦ᠂ ᠵᠠᠮᠤᠬ᠎ᠠ ᠠ᠋ᠴᠠ ᠴᠡᠷᠢᠭ ᠭᠤᠶᠤᠵᠤ ᠢᠷ᠎ᠡ᠃ ᠬᠡᠷᠪᠡ ᠡᠰᠡ ᠦᠭᠪᠡᠰᠦ ᠪᠤᠷᠬᠠᠨ ᠭᠠᠯᠳᠤᠨ᠎ᠠ ᠳ᠋ᠤᠷ ᠣᠳᠴᠤ ᠲᠡᠮᠦᠵᠢᠨ ᠡᠴᠡ ᠲᠤᠰᠠᠯᠠᠬᠤ ᠶ᠋ᠢ ᠭᠣᠶᠣᠭᠲᠤᠨ ! 》 ᠰᠣᠯᠤᠩᠭᠤᠸ᠎ᠠ ᠶᠠᠭᠠᠷᠠᠨ ᠥᠭᠦᠯᠡᠷᠦᠨ : 《ᠪᠣᠯᠬᠤ ᠦᠭᠡᠢ᠂ ᠬᠡᠷᠪᠡ ᠤᠷᠢᠳᠠ ᠥᠷᠭᠡᠨ ᠮᠦᠷᠡᠨ᠎ᠡ ᠡᠴᠢᠭᠡᠳ ᠬᠣᠢᠨ᠎ᠠ ᠰᠠᠶᠢ ᠪᠤᠷᠬᠠᠨ ᠭᠠᠯᠳᠤᠨ᠎ᠠ ᠳ᠋ᠤᠷ ᠣᠳᠬᠤ ᠪᠣᠯᠪᠠᠰᠤ ᠨᠢᠭᠡᠨ ᠳ᠋ᠦ᠍ᠷ ᠡᠳᠦᠷ ᠤᠳᠠᠬᠤ ᠪᠥᠭᠡᠳ ᠬᠣᠶᠠᠷ ᠲᠤᠷ ᠬᠡᠷᠡᠭ ᠰᠠᠭᠠᠲᠠᠮᠤᠢ ᠃ ᠮᠢᠨᠦ ᠰᠠᠨᠠᠭ᠎ᠠ ᠪᠠᠷ ᠪᠣᠯᠪᠠᠰᠤ ᠠᠬ᠎ᠠ ᠬᠢᠭᠡᠳ ᠫᠤᠯᠭᠤᠳᠠᠢ ᠬᠣᠶᠠᠭᠤᠯᠠ ᠬᠠᠮᠲᠤ ᠭᠠᠷᠴᠤ ᠬᠣᠶᠠᠷ ᠳᠠᠰᠢ ᠡᠴᠢ᠃ ᠡᠴᠢᠭᠡ᠂ ᠬᠤᠷᠭ᠎ᠠ᠂ ᠠᠨᠳᠤ ᠂ ᠭᠠᠯᠪᠠ ᠨᠠᠷ ᠤ᠋ᠨ ᠣᠯᠠᠨ ᠵᠠᠩᠵᠤᠨ ᠢ᠋ ᠠᠪᠴᠤ ᠤᠯᠤᠰ ᠢ᠋ ᠰᠠᠬᠢᠲᠤᠭᠠᠢ᠃ 》ᠢᠯᠠᠭᠤ ᠥᠭᠦᠯᠡᠷᠦᠨ: 《 ᠡᠴᠢᠭᠡ ᠨᠠᠰᠤᠵᠢᠭᠠᠳ ᠴᠢ ᠪᠠᠰᠠ ᠨᠢᠯᠬ᠎ᠠ᠂ ᠪᠢ ᠣᠷᠬᠢᠵᠤ ᠭᠠᠷᠤᠭᠠᠳ ᠰᠡᠳᠬᠢᠯ ᠦᠯᠦ ᠠᠮᠤᠷᠠᠮᠤᠢ᠃  ᠰᠣᠯᠤᠩᠭᠤᠸ᠎ᠠ ᠢᠨᠢᠶᠡᠨ ᠥᠭᠦᠯᠡᠷᠦᠨ: 《ᠭᠠᠢ ᠦᠭᠡᠢ᠂ ᠲᠠ ᠬᠡᠳᠦᠢ ᠨᠡᠪᠲᠡᠯᠦᠨ ᠭᠠᠷᠴᠤ ᠴᠢᠳᠠᠪᠠᠴᠤ ᠳᠠᠢᠰᠤᠨ ᠢ᠋ ᠵᠣᠭᠰᠣᠭᠠᠨ ᠴᠢᠳᠠᠬᠤ ᠦᠭᠡᠢ ᠪᠥᠭᠡᠳ ᠨᠡᠩ ᠲᠦᠷᠭᠡᠨ ᠪᠠᠢᠯᠳᠤᠮᠤᠢ᠃ ᠪᠢ ᠨᠢᠭᠡᠨ ᠪᠢᠴᠢᠬᠠᠨ ᠠᠷᠭ᠎ᠠ ᠬᠡᠷᠡᠭᠯᠡᠵᠦ ᠳᠠᠢᠰᠤᠨ ᠢ᠋ ᠲᠦᠷ ᠵᠣᠭᠰᠣᠭᠠᠶ᠎ᠠ ᠂ ᠲᠠ ᠰᠥᠨᠢ ᠪᠣᠯᠬᠤ ᠶ᠋ᠢ ᠬᠦᠯᠢᠶᠡᠵᠦ ᠨᠢᠭᠤᠨ ᠭᠠᠷᠪᠠᠰᠤ ᠰᠠᠶᠢ ᠠᠶᠤᠯ ᠲᠦᠭᠰᠢᠯ ᠦᠭᠡᠢ ᠪᠣᠯᠤᠮᠤᠢ ! 》 ᠬᠡᠮᠡᠵᠦ ᠥᠨᠳᠥᠷ ᠡᠷᠪᠡᠭᠡᠷ ᠦ᠋ᠨ ᠳᠡᠷᠭᠡᠳᠡ ᠢᠷᠡᠭᠡᠳ ᠥᠨᠳᠥᠷ ᠱᠠᠲᠤ ᠳ᠋ᠤᠷ ᠠᠪᠠᠷᠢᠵᠤ ᠨᠠᠢ᠍ᠮᠠᠨ ᠤ᠋ ᠴᠡᠷᠢᠭ ᠦ᠋ᠨ ᠡᠵᠡᠨ ᠴᠢᠦᠢ ᠰᠢᠦᠸᠠᠢ ᠡᠦ ᠶ᠋ᠢᠨ ᠵᠦᠭ ᠥᠭᠦᠯᠡᠷᠦᠨ: 《ᠮᠠᠨ ᠤ᠋ ᠬᠣᠶᠠᠷ ᠤᠯᠤᠰ ᠤᠭ ᠠ᠋ᠴᠠ ᠣᠭᠲᠣ ᠭᠦᠨ ᠥᠰᠢᠶ᠎ᠡ ᠦᠭᠡᠢ ᠪᠥᠭᠡᠳ ᠡᠳᠦᠭᠡ ᠶᠠᠭᠤᠨ ᠳ᠋ᠤᠷ ᠡᠨᠡ ᠮᠡᠲᠦ ᠴᠢᠬᠤᠯᠳᠠᠭᠤᠯᠤᠮᠤᠢ ?  ᠮᠢᠨᠦ ᠡᠴᠢᠭᠡ ᠥᠲᠡᠯᠪᠡ ᠂ ᠥᠴᠦᠬᠡᠨ ᠬᠢᠯᠢᠩ ᠦ᠋ᠨ ᠣᠴᠢᠷ᠎ᠠ ᠣᠯᠠᠨ ᠤᠯᠤᠰ ᠢ᠋ ᠠᠯᠠᠯᠳᠤᠭᠤᠯᠬᠤ ᠳᠤᠷ᠎ᠠ ᠦᠭᠡᠢ᠂ ᠲᠠ ᠲᠦᠷ ᠮᠠᠨ ᠳ᠋ᠤᠷ ᠲᠠᠪᠤᠨ ᠡᠳᠦᠷ ᠦ᠋ᠨ ᠴᠢᠯᠥᠭᠡ ᠥᠭᠴᠦ ᠴᠡᠷᠢᠭ ᠢ᠋ᠶ᠋ᠡᠨ ᠬᠣᠢᠰᠢ ᠲᠡᠳᠡ᠂ ᠪᠢᠳᠡ ᠠᠯᠢᠪᠠ ᠦᠢᠯᠡ ᠪᠡᠨ ᠪᠠᠭᠴᠠᠯᠠᠵᠤ ᠲᠠᠨ ᠤ᠋ ᠡᠵᠡᠨ ᠳ᠋ᠦ᠍ᠷ ᠪᠠᠷᠢᠬᠤ ᠶᠣᠰᠣᠨ ᠤ᠋ ᠪᠡᠯᠡᠭ ᠢ᠋ᠶ᠋ᠡᠨ ᠪᠡᠯᠡᠳᠬᠡᠭᠡᠳ ᠭᠠᠷᠴᠤ ᠳᠠᠭᠠᠰᠤᠭᠠᠢ ! 》ᠬᠡᠮᠡᠭᠰᠡᠨ ᠳ᠋ᠦ᠍ᠷ ᠴᠢᠦᠢ ᠰᠢᠦᠸᠠᠢ ᠡᠦ ᠰᠠᠨᠠᠪᠠᠰᠤ ᠡᠨᠡ ᠦᠭᠡ ᠮᠠᠰᠢ ᠵᠦᠢ ᠲᠤᠯᠠ ᠥᠭᠦᠯᠡᠷᠦᠨ: 《ᠪᠢᠴᠢᠬᠠᠨ ᠥᠬᠢᠨ ᠴᠢ ᠪᠢᠲᠡᠭᠡᠢ ᠬᠠᠭᠤᠷᠮᠠᠭ ᠥᠭᠦᠯᠡ᠂ ᠦᠨᠡᠨ ᠡᠢᠮᠦ ᠪᠣᠯᠪᠠᠰᠤ ᠬᠠᠷᠢᠨ ᠮᠠᠰᠢ ᠮᠠᠲᠠᠯ ᠲᠠᠢ ᠵᠣᠬᠢᠰ ᠲᠠᠢ ᠪᠥᠭᠡᠳ ᠴᠢ ᠪᠠᠰᠠ ᠴᠤ᠌ ᠶᠡᠬᠡ ᠰᠠᠭᠤᠷᠢᠨ ᠳ᠋ᠤᠷ ᠲᠠᠪᠰᠢᠵᠤ ᠵᠢᠷᠭᠠᠬᠤ ᠴᠤ᠌ ᠮᠠᠭᠠᠳ ᠦᠭᠡᠢ᠂ ᠬᠡᠷᠪᠡ ᠲᠠᠪᠤᠨ ᠡᠳᠦᠷ ᠦ᠋ᠨ ᠳᠣᠲᠣᠷ᠎ᠠ ᠥᠪᠡᠷ᠎ᠡ ᠬᠤᠪᠢᠰᠤᠯ ᠬᠣᠯᠴᠢᠷᠭᠠᠨ ᠬᠡᠷᠡᠭᠯᠡᠵᠦ ᠡᠳᠦᠷ ᠢ᠋ ᠥᠩᠭᠡᠷᠡᠭᠦᠯᠪᠡᠰᠦ᠂ ᠪᠢ ᠶᠡᠬᠡ ᠴᠡᠷᠢᠭ ᠢ᠋ ᠠᠪᠴᠤ ᠲᠡᠭᠦᠨ ᠦ᠌ ᠪᠠᠭᠤᠷᠢ ᠶ᠋ᠢ ᠭᠢᠰᠬᠢᠯᠡᠨ ᠲᠡᠭᠰᠢᠯᠡᠵᠦ᠂ ᠲᠠᠨ ᠤ᠋ ᠡᠴᠢᠭᠡ ᠬᠥᠪᠡᠭᠦᠨ ᠲᠡᠢ ᠴᠥᠮ ᠠᠯᠠᠮᠤᠢ ‍ᠶ᠎ᠠ ᠂ ᠮᠡᠳᠡᠪᠡᠦ ? 》 ᠬᠡᠮᠡᠭᠡᠳ ᠬᠠᠷᠠᠩᠭ᠎ᠠ ᠴᠣᠬᠢᠵᠤ ᠴᠡᠷᠢᠭ ᠢ᠋ᠶ᠋ᠡᠨ ᠬᠣᠷᠢᠶᠠ᠂ ᠭᠤᠷᠪᠠᠨ ᠭᠠᠵᠠᠷ ᠤ᠋ᠨ ᠦᠵᠦᠭᠦᠷ ᠡᠭᠡᠵᠦ ᠬᠦᠷᠢᠶ᠎ᠡ ᠪᠠᠭᠤᠪᠠ᠃ ᠲᠡᠳᠦᠢ ᠲᠡᠷᠡ ᠰᠥᠨᠢ ᠢᠯᠠᠭᠤ ᠫᠣᠯᠭᠤᠳᠠᠢ ᠬᠣᠶᠠᠭᠤᠯᠠ ᠰᠠᠢᠨ ᠮᠣᠷᠢ ᠰᠣᠩᠭᠣᠨ ᠤᠨᠤᠵᠤ᠂ ᠰᠡᠮᠡᠬᠡᠷ ᠳᠣᠪᠲᠣᠯᠤᠨ ᠭᠠᠷᠤᠭᠠᠳ ᠬᠣᠶᠠᠷ ᠲᠠᠰᠢ ᠵᠠᠮ ᠰᠠᠯᠵᠤ᠂ ᠢᠯᠠᠭᠤ ᠰᠥᠨᠢ ᠡᠳᠦᠷ ᠦᠭᠡᠢ ᠰᠡᠬᠡᠭᠦᠯᠦᠭᠰᠡᠭᠡᠷ ᠥᠷᠭᠡᠨ ᠮᠥᠷᠡᠨ᠎ᠡ ᠬᠦᠷᠴᠦ ᠴᠡᠷᠢᠭ ᠭᠤᠶᠤᠬᠤ ᠶ᠋ᠢ ᠬᠡᠯᠡᠭᠰᠡᠨ ᠳ᠋ᠦ᠍ᠷ ᠵᠠᠮᠤᠬ᠎ᠠ : 《ᠮᠢᠨᠦ ᠲᠣᠭᠲᠠᠭᠠᠬᠤ ᠶ᠋ᠢ ᠬᠦᠯᠢᠶᠡ ! 》ᠬᠡᠮᠡᠭᠡᠳ ᠵᠣᠴᠢᠨ ᠤ᠋ ᠥᠷᠲᠡᠭᠡᠨ ᠳ᠋ᠦ᠍ᠷ ᠪᠠᠭᠤᠯᠭᠠᠭᠠᠳ ᠣᠯᠠᠨ ᠲᠦᠰᠢᠮᠡᠳ ᠢ᠋ᠶ᠋ᠡᠨ ᠬᠤᠷᠢᠶᠠᠵᠤ ᠵᠥᠪᠯᠡᠬᠦᠢ ᠳ᠋ᠦ᠍ᠷ ᠭᠣᠷᠯᠤᠰᠤᠨ ᠤ᠋ ᠴᠢᠨᠳᠠᠨ ᠴᠠᠭᠠᠨ᠂ ᠴᠧᠩᠰᠢᠶᠠᠩ ᠠᠨᠤ ᠠᠢᠯᠠᠳᠬᠠᠷᠤᠨ : 《ᠠᠳᠠᠴᠠ ᠴᠡᠷᠢᠭ ᠬᠦᠷᠲᠡᠯ᠎ᠡ ᠬᠡᠷᠡᠢᠳ ᠬᠡᠷᠪᠡ ᠨᠠᠢ᠍ᠮᠠᠨ ᠳ᠋ᠤᠷ ᠠᠪᠲᠠᠪᠠᠰᠤ ᠪᠢᠳᠡ ᠬᠠᠷᠢᠨ ᠲᠤᠰᠠ ᠦᠭᠡᠢ ᠪᠥᠭᠡᠳ ᠪᠠᠰᠠ ᠶᠡᠬᠡ ᠨᠠᠢ᠍ᠮᠠᠨ ᠤᠯᠤᠰ ᠲᠤᠷ ᠦᠰ ᠪᠣᠯᠤᠮᠤᠢ ᠃ ᠬᠡᠷᠪᠡ ᠴᠡᠷᠢᠭ ᠡᠰᠡ ᠦᠭᠪᠡᠰᠦ ᠬᠡᠷᠡᠢᠳ ᠭᠡᠨᠡᠳᠲᠡ ᠳᠡᠢᠯᠦᠭᠰᠡᠨ ᠳ᠋ᠦ᠍ᠷ ᠪᠠᠰᠠ ᠮᠠᠨ ᠢ᠋ ᠲᠠᠩᠭᠠᠷᠢᠭ᠋ ᠠ᠋ᠴᠠ ᠪᠠᠨ ᠨᠢᠴᠤᠪᠠ ᠭᠡᠮᠡᠨ ᠰᠠᠭᠠᠷ ᠦᠭᠡᠢ ᠪᠸᠲ᠋ᠠ᠋ ᠤᠯᠤᠰ ᠯᠤᠭ᠎ᠠ ᠨᠡᠢᠯᠡᠵᠦ ᠳᠠᠬᠢᠨ ᠪᠠᠢᠯᠳᠤᠷ᠎ᠠ ᠢᠷᠡᠮᠦᠢ᠃ ᠰᠣᠨᠣᠰᠬᠤᠯ᠎ᠠ ᠲᠡᠳᠡ ᠪᠠᠰᠠ ᠪᠸᠲ᠋ᠠ᠋ ᠤᠯᠤᠰ ᠠ᠋ᠴᠠ ᠲᠤᠰᠠᠯᠠᠬᠤ ᠶ᠋ᠢ ᠭᠣᠶᠣᠷ᠎ᠠ ᠡᠴᠢᠪᠡ ᠬᠡᠮᠡᠮᠦᠢ᠂ ᠡᠳᠦᠭᠡ ᠶ᠋ᠢᠨ ᠠᠷᠭ᠎ᠠ ᠪᠣᠯᠪᠠᠰᠤ ᠲᠦᠷ ᠡᠨᠳᠡ ᠲᠦᠳᠡᠭᠡᠯᠵᠡᠭᠦᠯᠦᠨ ᠰᠠᠭᠠᠲᠠᠭᠤᠯᠤᠭᠠᠳ ᠲᠤᠷᠰᠢᠭᠤᠯ ᠤ᠋ᠨ ᠮᠣᠷᠢ ᠳᠣᠪᠲᠣᠯᠭᠠᠵᠤ ᠪᠸᠲ᠋ᠠ᠋ ᠤᠯᠤᠰ ᠤ᠋ᠨ ᠪᠠᠢᠳᠠᠯ ᠢ᠋ ᠦᠵᠡᠭᠦᠯᠦᠨ ᠢᠷᠡᠵᠦ ᠵᠢᠴᠢ ᠲᠣᠭᠲᠠᠭᠠᠰᠤᠭᠠᠢ᠃ 》 ᠬᠡᠮᠡᠭᠰᠡᠨ ᠳ᠋ᠦ᠍ᠷ ᠵᠠᠮᠤᠬ᠎ᠠ ᠬᠠᠨ ᠦᠭᠡ ᠶ᠋ᠢ ᠳᠠᠭᠠᠵᠤ᠂ ᠡᠨᠡ ᠡᠳᠦᠷ ᠡᠴᠡ ᠮᠠᠷᠭᠠᠲᠠ ᠭᠡᠮᠡᠨ᠂ ᠮᠠᠷᠭᠠᠲᠠ ᠠ᠋ᠴᠠ ᠨᠥᠭᠥᠭᠡᠳᠦᠷ ᠬᠡᠮᠡᠭᠰᠡᠭᠡᠷ ᠢᠯᠠᠭᠤ ᠶ᠋ᠢ ᠰᠠᠭᠠᠲᠠᠭᠤᠯᠤᠨ ᠤᠭᠤᠲᠠᠢ ᠶ᠋ᠢᠨ ᠭᠠᠵᠠᠷ᠎ᠠ ᠵᠥᠭᠡᠯᠡᠨ ᠢ᠋ᠶ᠋ᠡᠷ ᠬᠣᠷᠢᠪᠠ᠃ 
      ᠲᠡᠨᠳᠡᠴᠡ ᠫᠣᠯᠭᠤᠳᠠᠢ ᠰᠥᠨᠢ ᠳᠠᠭᠤᠰᠤᠨ ᠳᠣᠪᠲᠣᠯᠤᠨ ᠵᠢᠴᠢ ᠡᠳᠦᠷ ᠦ᠋ᠨ ᠦᠳᠡ ᠶ᠋ᠢᠨ ᠬᠢᠷᠢ ᠳ᠋ᠦ᠍ᠷ ᠪᠤᠷᠬᠠᠨ ᠭᠠᠯᠳᠤᠨ᠎ᠠ ᠳ᠋ᠤᠷ ᠬᠦᠷᠴᠦ ᠢᠷᠡᠭᠡᠳ ᠵᠢᠨᠦᠩ ᠤᠳᠤᠷᠢᠳᠤᠨ ᠲᠠᠢᠽᠦ ᠳ᠋ᠦ᠍ᠷ ᠵᠣᠯᠭᠠᠭᠤᠯᠤᠭᠰᠠᠨ᠎ᠠ᠂ ᠫᠣᠯᠭᠤᠳᠠᠢ ᠮᠥᠷᠭᠥᠵᠦ ᠮᠡᠳᠡᠭᠦᠯᠦᠷᠦᠨ : 《ᠮᠠᠨ ᠤ᠋ ᠡᠵᠡᠨ ᠲᠡᠨᠳᠡᠴᠡ ᠮᠥᠷᠭᠥᠵᠦ ᠭᠤᠶᠤᠨ ᠮᠡᠳᠡᠭᠦᠯ ᠬᠡᠮᠡᠪᠡ ᠂ ᠡᠳᠦᠭᠡ ᠨᠠᠢ᠍ᠮᠠᠨ ᠤᠯᠤᠰ ᠬᠦᠴᠦᠷᠬᠡᠭ ᠲᠣᠷ ᠢ᠋ᠶ᠋ᠠᠨ ᠡᠷᠡᠮᠰᠢᠵᠦ ᠮᠠᠨ ᠤ᠋ ᠤᠯᠤᠰ ᠢ᠋ ᠪᠤᠯᠢᠶᠠᠬᠤ ᠪᠠᠷ ᠦᠯᠦ ᠪᠠᠷᠠᠨ᠂ ᠪᠠᠰᠠ  ᠲᠡᠪᠴᠢᠯᠡᠷ᠎ᠡ ᠢᠷᠡᠵᠦ ᠡᠵᠡᠨ ᠦ᠌ ᠥᠭᠭᠦᠭᠰᠡᠨ ᠳᠥᠭᠦᠯᠡ ᠮᠥᠷᠡᠨ ᠦ᠌ ᠠᠯᠪᠠᠲᠤ ᠤᠯᠤᠰ ᠢ᠋ ᠲᠥᠭᠥᠷᠢᠭᠯᠡᠨ ᠬᠠᠭᠠᠭᠠᠳ ᠤᠯᠤᠰ ᠠᠪᠲᠠᠬᠤ ᠠᠨᠤ ᠥᠷᠯᠥᠭᠡ ᠦᠳᠡᠰᠢ ᠶ᠋ᠢᠨ ᠬᠣᠭᠣᠷᠣᠨᠳᠣ ᠪᠣᠯᠵᠤᠬᠤᠢ᠃ ᠪᠣᠭᠣᠯ ᠤ᠋ᠨ ᠡᠵᠡᠨ ᠨᠢᠭᠡᠨ ᠪᠡᠶ᠎ᠡ ᠦᠬᠦᠬᠦᠢ ᠳ᠋ᠦ᠍ᠷ ᠶᠠᠮᠪᠠᠷ ᠬᠣᠷᠣᠮᠵᠢ᠂ ᠭᠠᠭᠴᠠ ᠡᠵᠡᠨ ᠦ᠌ ᠬᠠᠢᠷᠠᠯᠠᠭᠰᠠᠨ ᠲᠡᠳᠦᠢᠴᠢᠨᠡᠭᠡᠨ ᠤᠯᠤᠰ ᠠᠯᠪᠠᠲᠤ ᠶ᠋ᠢ ᠴᠥᠮ ᠳᠠᠢᠰᠤᠨ ᠤ᠋ ᠣᠯᠵᠠ ᠪᠣᠯᠭᠠᠬᠤ ᠠᠨᠤ ᠭᠣᠲᠣᠮᠰᠢᠭ᠋ ᠲᠤᠯᠠ ᠡᠵᠡᠨ ᠢ᠋ᠶ᠋ᠡᠷ ᠥᠷᠥᠰᠢᠶᠡᠵᠦ᠂ ᠳᠥᠷᠪᠡᠨ ᠬᠦᠯᠦᠭ ᠲᠡᠭᠡᠨ ᠴᠡᠷᠢᠭ ᠥᠭᠴᠦ ᠢᠯᠡᠬᠡᠨ᠂ ᠦᠬᠦᠬᠦ ᠠᠮᠢᠨ ᠢ᠋ ᠠᠪᠤᠷᠠᠬᠤ ᠠᠵᠢᠶᠠᠮᠤ ! 》ᠭᠡᠮᠡᠨ ᠪᠠᠢᠨ ᠪᠠᠢᠨ ᠮᠥᠷᠭᠥᠵᠦ ᠪᠠᠰᠠ ᠮᠡᠳᠡᠭᠦᠯᠦᠷᠦᠨ : 《ᠠᠮᠢᠨ ᠭᠠᠷᠤᠭᠰᠠᠨ ᠬᠣᠢᠨ᠎ᠠ ᠠᠯᠭᠠᠰᠠᠯ ᠦᠭᠡᠢ ᠠᠭᠲᠠ ᠬᠥᠲᠥᠯᠵᠦ ᠡᠮᠡᠭᠡᠯ ᠳᠤᠬᠤᠨ ᠲᠠᠰᠢᠭᠤᠷ ᠡᠷᠭᠦᠨ᠂ ᠬᠠᠵᠠᠭᠠᠷ ᠵᠠᠭᠤᠵᠤ ᠠᠴᠢ ᠳ᠋ᠤᠷ ᠬᠠᠷᠢᠭᠤᠯᠰᠤᠭᠠᠢ ᠬᠡᠮᠡᠮᠦᠢ ! 》 ᠬᠡᠮᠡᠭᠰᠡᠨ ᠳ᠋ᠦ᠍ᠷ ᠲᠠᠢᠽᠦ ᠥᠴᠦᠬᠡᠨ ᠮᠦᠰᠢᠶᠡᠵᠦ ᠵᠠᠬᠢᠷᠤᠨ : 《ᠴᠢᠨᠦ ᠡᠵᠡᠨ ᠦ᠌ ᠢᠲᠡᠭᠡᠮᠵᠢ ᠲᠣᠭᠲᠠᠭᠤᠷᠢ ᠦᠭᠡᠢ ᠶᠠᠪᠤᠳᠠᠯ ᠢ᠋ ᠪᠣᠳᠣᠪᠠᠰᠤ ᠪᠢ ᠦᠯᠦ ᠲᠤᠰᠠᠯᠠᠬᠤ ᠪᠥᠯᠥᠭᠡ᠂ ᠭᠠᠭᠴᠠ ᠤᠷᠢᠳᠠ ᠶ᠋ᠢᠨ ᠦᠶ᠎ᠡ ᠶ᠋ᠢᠨ ᠤᠷᠤᠭᠤᠯ ᠰᠢᠲᠦᠨ ᠮᠡᠲᠦ ᠬᠠᠨᠢᠯᠠᠨ ᠶᠠᠪᠤᠭᠰᠠᠨ ᠢ᠋ ᠪᠣᠳᠣᠵᠤ᠂ ᠪᠢ ᠡᠭᠡᠨᠡᠭᠲᠡ ᠲᠡᠪᠴᠢᠨ ᠲᠦᠪᠳᠡᠬᠦ ᠦᠭᠡᠢ᠂ ᠲᠠ ᠪᠠᠰᠠ ᠥᠪᠡᠷ᠎ᠡ ᠤᠯᠤᠰ ᠠ᠋ᠴᠠ ᠴᠡᠷᠢᠭ ᠭᠣᠶᠣᠷ᠎ᠠ ᠡᠰᠡ ᠡᠴᠢᠪᠡᠦ ? 》 ᠫᠣᠯᠭᠤᠳᠠᠢ ᠮᠥᠷᠭᠥᠵᠦ ᠢᠯᠠᠭᠤ ᠶ᠋ᠢᠨ ᠵᠠᠮᠤᠬ᠎ᠠ ᠳ᠋ᠤᠷ ᠡᠴᠢᠭᠰᠡᠨ ᠢ᠋ ᠦᠨᠡᠨ ᠢ᠋ᠶ᠋ᠡᠷ ᠮᠡᠳᠡᠭᠦᠯᠦᠭᠰᠡᠨ ᠳ᠋ᠦ᠍ᠷ ᠲᠠᠢᠽᠦ ᠰᠡᠭᠦᠷᠡᠰᠦᠨ ᠠᠯᠳᠠᠵᠤ ᠵᠠᠬᠢᠷᠤᠨ : 《ᠵᠠᠮᠤᠬ᠎ᠠ ᠶᠠᠭᠤᠨ ᠤ᠋ ᠲᠠᠨ ᠢ᠋ ᠦᠨᠡᠨ ᠢ᠋ᠶ᠋ᠡᠷ ᠥᠷᠥᠰᠢᠶᠡᠬᠦ ᠠᠵᠢ ! 》ᠬᠡᠮᠡᠭᠡᠳ ᠳᠠᠷᠤᠢ ᠲᠡᠷᠡ ᠴᠠᠭ ᠲᠤᠷ ᠳᠥᠷᠪᠡᠨ ᠬᠦᠯᠦᠭ ᠲᠡᠭᠡᠨ ᠨᠢᠭᠡᠨ ᠲᠦᠮᠡᠨ ᠴᠡᠷᠢᠭ ᠥᠭᠴᠦ ᠾᠧ ᠸᠠᠩ ᠢ᠋ ᠲᠡᠩᠬᠡᠷᠡᠭᠦᠯ ᠭᠡᠮᠡᠨ ᠮᠣᠷᠳᠠᠭᠤᠯᠪᠠ ᠃ 
      ᠲᠡᠳᠦᠢ ᠮᠤᠬᠤᠯᠠᠢ ᠴᠡᠷᠢᠭ ᠠᠪᠤᠨ ᠭᠠᠷᠴᠤ ᠭᠤᠷᠪᠠᠨ ᠬᠦᠯᠦᠭ ᠦ᠋ᠨ ᠵᠦᠭ ᠥᠭᠦᠯᠡᠷᠦᠨ : 《ᠡᠷᠲᠡᠨ ᠦ᠌ ᠦᠭᠡᠨ ᠳ᠋ᠦ᠍ᠷ < ᠰᠦ ᠶ᠋ᠢ ᠰᠠᠮᠤᠷᠴᠤ ᠪᠤᠴᠠᠯᠬᠤ ᠶ᠋ᠢ ᠵᠣᠭᠰᠣᠭᠠᠬᠤ ᠠ᠋ᠴᠠ ᠲᠣᠭᠣᠭ᠎ᠠ ᠶ᠋ᠢᠨ ᠢᠷᠣᠭᠠᠷ ᠤ᠋ᠨ ᠭᠠᠯ ᠢ᠋ ᠤᠮᠳᠠᠷᠠᠭ᠎ᠠ > ᠬᠡᠮᠡᠵᠦᠬᠦᠢ ᠃ ᠴᠡᠷᠢᠭ ᠬᠡᠷᠡᠭᠯᠡᠬᠦ ᠶᠣᠰᠣ ᠬᠥᠮᠦᠨ ᠦ᠌ ᠦᠯᠦ ᠰᠡᠷᠡᠮᠵᠢᠯᠡᠬᠦ ᠪᠡᠷ ᠣᠷᠣᠮᠤᠢ᠂ ᠡᠰᠡ ᠪᠡᠯᠡᠳᠬᠡᠭᠰᠡᠨ ᠳ᠋ᠦ᠍ᠷ ᠪᠠᠢᠯᠳᠤᠮᠤᠢ᠂ ᠡᠳᠦᠭᠡ ᠴᠢᠦᠢ ᠰᠢᠦᠸᠠᠢ ᠡᠦ ᠶᠡᠬᠡ ᠴᠡᠷᠢᠭ ᠠᠪᠴᠤ ᠢᠷᠡᠭᠰᠡᠨ ᠲᠤᠯᠠ ᠨᠠᠢ᠍ᠮᠠᠨ ᠤᠯᠤᠰ ᠬᠥᠨᠳᠡᠢ ᠬᠣᠭᠣᠰᠣᠨ ᠪᠣᠯᠵᠤᠬᠤᠢ᠃ ᠪᠢ ᠴᠡᠷᠢᠭ ᠠᠪᠴᠤ ᠲᠡᠭᠦᠨ ᠦ᠌ ᠤᠯᠤᠰ ᠢ᠋ ᠳᠠᠢᠯᠠᠷ᠎ᠠ ᠡᠴᠢᠮᠦᠢ ᠭᠡᠮᠡᠨ ᠴᠤᠤ ᠲᠠᠯᠪᠢᠪᠠᠰᠤ ᠲᠡᠷᠡ ᠯᠠᠪ ᠴᠡᠷᠢᠭ ᠢ᠋ᠶ᠋ᠡᠨ ᠠᠪᠤᠨ ᠰᠥᠨᠢ ᠳᠦᠯᠢᠨ ᠡᠭᠡᠬᠦᠢ ᠳ᠋ᠦ᠍ᠷ ᠰᠠᠭᠠᠷ ᠦᠭᠡᠢ ᠴᠠᠩᠭᠠᠢ ᠠᠭᠤᠯᠠ ᠪᠠᠷ ᠥᠩᠭᠡᠷᠡᠮᠦᠢ᠃ ᠪᠢᠳᠡ ᠲᠡᠨᠳᠡ ᠴᠡᠷᠢᠭ ᠪᠦᠭᠭᠦᠪᠡᠰᠦ ᠲᠡᠭᠦᠨ ᠢ᠋ ᠰᠤᠨᠳᠠᠯᠠᠨ ᠠᠯᠠᠵᠤ᠂ ᠪᠦᠷᠢᠨ ᠢ᠋ᠶ᠋ᠡᠷ ᠣᠯᠵᠤ ᠳᠡᠢᠯᠬᠦ ᠪᠥᠭᠡᠳ ᠪᠠᠰᠠ ᠲᠡᠭᠦᠨ ᠦ᠌ ᠠᠴᠢᠶ᠎ᠠ ᠬᠥᠰᠬᠡ ᠶ᠋ᠢᠨ ᠬᠦᠨᠳᠦ ᠶ᠋ᠢ ᠣᠯᠵᠠᠯᠠᠮᠤᠢ᠃ ᠡᠨᠡ ᠶᠠᠮᠪᠠᠷ ? 》 ᠬᠡᠮᠡᠭᠰᠡᠨ ᠳ᠋ᠦ᠍ᠷ ᠴᠢᠯᠠᠭᠤᠨ᠂ ᠪᠤᠭᠤᠷᠵᠢ᠂ ᠪᠤᠭᠤᠷᠤᠯ᠂ ᠲᠠᠨ ᠮᠠᠰᠢ ᠵᠦᠢ ᠬᠡᠮᠡᠵᠦ ᠴᠢᠯᠠᠭᠤᠨ᠂ ᠪᠤᠭᠤᠷᠤᠯ ᠬᠣᠶᠠᠭᠤᠯᠠ ᠬᠣᠶᠠᠷ ᠮᠢᠩᠭᠠᠨ ᠴᠡᠷᠢᠭ ᠠᠪᠴᠤ ᠴᠠᠩᠭᠠᠢ ᠠᠭᠤᠯᠠᠨ᠎ᠠ ᠪᠦᠭᠭᠦᠷ᠎ᠡ ᠡᠴᠢᠪᠡ᠃ ᠮᠤᠬᠤᠯᠢ ᠵᠢᠷᠭᠤᠭᠠᠨ ᠮᠢᠩᠭᠠᠨ ᠴᠡᠷᠢᠭ ᠠᠪᠴᠤ ᠨᠠᠢ᠍ᠮᠠᠨ ᠤᠯᠤᠰ ᠲᠤᠷ ᠮᠣᠷᠳᠠᠪᠠ᠃ ᠪᠤᠭᠤᠷᠵᠢ ᠬᠣᠶᠠᠷ ᠮᠢᠩᠭᠠᠨ ᠴᠡᠷᠢᠭ ᠠᠪᠴᠤ  ᠫᠣᠯᠭᠤᠳᠠᠢ ᠯᠤᠭ᠎ᠠ ᠳᠦᠭᠦᠯᠡ ᠮᠥᠷᠡᠨ᠎ᠡ ᠢᠷᠡᠪᠡ ᠃ ᠲᠡᠭᠦᠨᠴᠡ ᠫᠣᠯᠭᠤᠳᠠᠢ ᠤᠷᠤᠭᠰᠢᠯᠠᠨ ᠳᠣᠪᠲᠣᠯᠵᠤ᠂ ᠳᠦᠭᠦᠯᠡ ᠮᠥᠷᠡᠨ ᠳ᠋ᠦ᠍ᠷ ᠬᠦᠷᠴᠦ ᠢᠷᠡᠭᠰᠡᠨ ᠳ᠋ᠦ᠍ᠷ ᠰᠠᠶᠢ ᠳᠥᠷᠪᠡᠳᠦᠭᠡᠷ ᠡᠳᠦᠷ ᠦ᠋ᠨ ᠦᠷ ᠴᠠᠢᠬᠤ ᠪᠣᠯᠤᠭᠰᠠᠨ ᠠᠵᠤᠭᠤ ᠃ ᠾᠧ ᠸᠠᠩ ᠲᠤᠰᠠᠯᠠᠬᠤ ᠴᠡᠷᠢᠭ ᠠᠢᠰᠤᠢ ᠬᠡᠮᠡᠬᠦ ᠶ᠋ᠢ ᠰᠣᠨᠣᠰᠤᠭᠠᠳ ᠶᠡᠬᠡᠯ᠎ᠡ ᠪᠠᠶᠠᠷᠯᠠᠵᠤ᠂ ᠰᠣᠯᠤᠩᠭᠤᠸ᠎ᠠ ᠶ᠋ᠢᠨ ᠵᠦᠭ ᠥᠭᠦᠯᠡᠷᠦᠨ :《ᠦᠨᠡᠬᠡᠷ ᠮᠢᠨᠦ ᠡᠷᠳᠡᠨᠢ ᠬᠡᠦᠬᠡᠨ ᠦ᠌ ᠪᠣᠳᠣᠭᠰᠠᠨ ᠠ᠋ᠴᠠ ᠭᠠᠷᠤᠭᠰᠠᠨ ᠦᠭᠡᠢ᠂ ᠨᠢᠯᠬ᠎ᠠ ᠪᠥᠭᠡᠳ ᠨᠠᠷᠢᠨ ᠨᠢᠭᠲᠠ ᠪᠣᠳᠣᠯᠭᠠᠲᠠᠢ᠂ ᠥᠴᠦᠬᠡᠨ ᠪᠥᠭᠡᠳ ᠥᠨᠳᠥᠷ ᠬᠣᠯᠠ ᠠᠷᠭᠠᠲᠠᠢ᠂ ᠬᠡᠦᠬᠡᠨ ᠪᠥᠭᠡᠳ ᠬᠡᠴᠡᠭᠦᠦ ᠣᠨᠣᠴᠢᠲᠤ ᠤᠬᠠᠭᠠᠨᠲᠠᠢ᠂ ᠥᠬᠢᠨ ᠪᠥᠭᠡᠳ ᠦᠯᠡᠮᠵᠢ ᠮᠡᠷᠭᠡᠨ ᠰᠠᠨᠠᠭᠠᠲᠠᠢ ? 》 ᠭᠡᠮᠡᠨ ᠭᠠᠷ ᠢ᠋ ᠪᠠᠷᠢᠵᠤ ᠮᠠᠭᠲᠠᠬᠤᠢ ᠳ᠋ᠤᠷ ᠰᠣᠯᠤᠩᠭᠤᠸ᠎ᠠ ᠶ᠋ᠢᠨ ᠬᠠᠰ ᠴᠢᠷᠠᠢ ᠬᠠᠯᠠᠮᠰᠠᠨ ᠤᠯᠠᠢᠵᠤ ᠬᠠᠷᠢᠨ ᠢᠰᠪᠡᠯᠵᠡᠨ ᠮᠡᠬᠡᠢᠷᠡᠵᠦᠬᠦᠢ᠃ ᠲᠡᠳᠦᠢ ᠲᠠᠪᠤᠳᠤᠭᠠᠷ ᠡᠳᠦᠷ ᠦ᠋ᠨ ᠥᠷᠯᠥᠭᠡ ᠪᠤᠭᠤᠷᠵᠢ ᠶ᠋ᠢᠨ ᠴᠡᠷᠢᠭ ᠴᠣᠴᠢᠮᠠᠲᠠᠭᠠᠢ ᠪᠠᠷ ᠴᠣᠬᠢᠨ ᠬᠦᠷᠴᠦ ᠢᠷᠡᠭᠰᠡᠨ ᠳ᠋ᠦ᠍ᠷ ᠴᠢᠦᠢ ᠰᠢᠦᠸᠠᠢ ᠡᠦ ᠲᠤᠰᠠᠯᠠᠬᠤ ᠴᠡᠷᠢᠭ ᠬᠦᠷᠴᠦ ᠢᠷᠡᠭᠰᠡᠨ ᠢ᠋ ᠦᠵᠡᠭᠡᠳ ᠶᠡᠬᠡᠯ᠎ᠡ ᠬᠢᠯᠢᠩᠨᠡᠨ ᠲᠡᠨᠴᠢᠭᠦᠷᠡᠵᠦ  ᠥᠭᠦᠯᠡᠷᠦᠨ : 《ᠠᠶ᠎ᠠ ! ᠪᠢ ᠯᠢᠶᠣᠤ᠂ ᠰᠥᠩ᠂ ᠠᠯᠲᠠᠨ ᠭᠤᠷᠪᠠᠨ ᠶᠡᠬᠡ ᠤᠯᠤᠰ ᠲᠤᠷ ᠬᠥᠨᠳᠡᠯᠡᠨ ᠭᠤᠯᠳᠤ ᠪᠠᠢᠯᠳᠤᠨ ᠶᠠᠪᠤᠲᠠᠯ᠎ᠠ ᠨᠢᠭᠡᠨ ᠤᠳᠠᠭ᠎ᠠ ᠴᠤ᠌ ᠭᠡᠨᠡᠳᠡᠭᠰᠡᠨ ᠦᠭᠡᠢ ᠪᠥᠭᠡᠳ ᠡᠨᠡ ᠨᠢᠭᠡᠨ ᠥᠴᠦᠬᠡᠨ ᠬᠡᠷᠡᠢᠳ ᠦ᠋ᠨ ᠪᠢᠴᠢᠬᠠᠨ ᠬᠡᠦᠬᠡᠨ ᠳ᠋ᠦ᠍ᠷ ᠮᠡᠬᠡᠯᠡᠭᠳᠡᠪᠡ ᠪᠢ ! 》ᠭᠡᠮᠡᠨ ᠬᠠᠰᠬᠢᠷᠤᠨ ᠶᠡᠬᠡ ᠴᠡᠷᠢᠭ ᠢ᠋ ᠵᠢᠭ᠍ᠰᠠᠭᠠᠨ ᠠᠯᠠᠷ᠎ᠠ ᠣᠷᠣᠪᠠ᠃ ᠴᠢᠦᠢ ᠰᠢᠦᠸᠠᠢ ᠡᠦ ᠤᠭ ᠲᠠᠭᠠᠨ ᠯᠢᠶᠣᠤ ᠤᠯᠤᠰ ᠤ᠋ᠨ ᠶᠡᠬᠡ ᠵᠠᠩᠵᠤᠨ ᠪᠥᠯᠥᠭᠡ᠂ ᠵᠠᠯᠢᠬᠠᠢ ᠲᠦᠰᠢᠮᠡᠯ ᠳ᠋ᠦ᠍ᠷ ᠭᠦᠳᠬᠡᠭᠳᠡᠨ ᠬᠣᠷᠢᠭᠤᠯ ᠲᠡᠷᠭᠡ ᠳ᠋ᠦ᠍ᠷ ᠲᠡᠭᠡᠭᠡᠭᠳᠡᠵᠦ ᠤᠯᠤᠰ ᠲᠤᠷ ᠠᠯᠠᠷ᠎ᠠ ᠠᠪᠠᠴᠢᠬᠤ ᠶ᠋ᠢ ᠵᠠᠮ ᠳ᠋ᠤᠷ ᠲᠠᠢᠶᠠᠩ ᠬᠠᠨ ᠪᠤᠯᠢᠶᠠᠨ ᠠᠪᠴᠤ ᠳᠠᠭᠠᠭᠤᠯᠤᠭᠰᠠᠨ ᠪᠥᠯᠥᠭᠡ᠃ ᠡᠭᠦᠨ ᠦ᠌ ᠶᠡᠬᠡ ᠬᠥᠪᠡᠭᠦᠨ ᠴᠢᠦᠢ ᠰᠢ ᠯᠢ ᠮᠥᠨ ᠰᠠᠢᠨ ᠲᠥᠷᠥᠭᠰᠡᠨ ᠠᠵᠤᠭᠤ᠃ ᠲᠡᠭᠦᠨᠴᠡ ᠴᠢᠦᠢ ᠰᠢᠦᠸᠠᠢ ᠡᠦ ᠶᠡᠬᠡᠯ᠎ᠡ ᠬᠢᠯᠢᠩᠨᠡᠨ ᠫᠤᠤ ᠲᠠᠯᠪᠢᠨ᠂ ᠾᠧ ᠸᠠᠩ ᠤ᠋ᠨ ᠪᠠᠭᠤᠷᠢ ᠶ᠋ᠢ ᠪᠠᠢᠯᠳᠤᠨ ᠲᠡᠭᠰᠢᠯᠡᠷ᠎ᠡ ᠢᠷᠡᠭᠰᠡᠨ ᠳ᠋ᠦ᠍ᠷ ᠪᠤᠭᠤᠷᠵᠢ ᠨᠢᠭᠡᠨᠲᠡ ᠵᠠᠩᠳᠠᠨ ᠴᠡᠷᠢᠭ ᠢ᠋ᠶ᠋ᠡᠨ ᠠᠪᠴᠤ ᠲᠤᠯᠤᠨ ᠪᠠᠢᠯᠳᠤᠭᠠᠳ ᠨᠢᠭᠡᠨ ᠡᠳᠦᠷ ᠲᠤᠯᠤᠯᠳᠤᠵᠤ ᠬᠡᠨ ᠠᠯᠢᠨ ᠲᠠᠢᠯᠤᠨ ᠳᠡᠢᠯᠦᠭᠳᠡᠬᠦ ᠢᠯᠭᠠᠷᠠᠭᠰᠠᠨ ᠦᠭᠡᠢ ᠃ ᠬᠣᠶᠠᠷ ᠡᠲᠡᠭᠡᠳ ᠠᠳᠠᠯᠢ ᠪᠠᠷ ᠬᠠᠷᠠᠩᠭ᠎ᠠ ᠴᠣᠬᠢᠵᠤ ᠴᠡᠷᠢᠭ ᠬᠣᠷᠢᠶᠠᠨ ᠡᠭᠡᠪᠡ᠃ ᠴᠢᠦᠢ ᠢᠦᠸᠠᠢ ᠡᠦ ᠠᠩᠬᠠᠨ ᠳ᠋ᠤᠷ ᠮᠤᠬᠤᠯᠢ ᠴᠡᠷᠢᠭ ᠠᠪᠴᠤ ᠲᠡᠭᠦᠨ ᠦ᠌ ᠤᠯᠤᠰ ᠢ᠋ ᠴᠢᠯᠦᠭᠡᠳᠡᠷ᠎ᠡ ᠡᠴᠢᠪᠡ ᠭᠡᠮᠡᠨ ᠰᠣᠨᠣᠰᠴᠤ ᠯᠠᠪ ᠮᠡᠬᠡᠯᠡᠬᠦ ᠠᠷᠭ᠎ᠠ ᠭᠡᠮᠡᠨ ᠬᠡᠷᠡᠭᠰᠡᠬᠦ ᠦᠭᠡᠢ ᠪᠥᠯᠥᠭᠡ᠂ ᠳᠣᠯᠣᠳᠤᠭᠠᠷ ᠡᠳᠦᠷ ᠬᠣᠯᠠᠳᠠᠬᠢ ᠲᠡᠩᠰᠡᠭᠦᠯ ᠪᠠ ᠵᠢᠴᠢ ᠲᠡᠭᠦᠨ ᠦ᠌ ᠬᠥᠪᠡᠭᠦᠨ ᠴᠢᠦᠢ ᠰᠢ ᠯᠢ ᠬᠠᠮᠲᠤ ᠢᠷᠡᠵᠦ ᠨᠢᠳᠦ ᠪᠡᠷ ᠦᠵᠡᠭᠰᠡᠨ ᠢ᠋ ᠬᠡᠯᠡᠭᠰᠡᠨ ᠳ᠋ᠦ᠍ᠷ ᠰᠠᠶᠢ ᠶᠡᠬᠡᠯ᠎ᠡ ᠰᠣᠴᠢᠨ ᠶᠠᠭᠠᠷᠠᠵᠤ᠂ ᠰᠠᠨᠠᠪᠠᠴᠤ ᠳᠠᠪ ᠲᠣᠪ ᠢ᠋ᠶ᠋ᠠᠷ ᠪᠤᠭᠤᠷᠵᠢ ᠶ᠋ᠢ ᠲᠠᠢᠯᠵᠤ ᠴᠢᠳᠠᠬᠤ ᠦᠭᠡᠢ ᠶ᠋ᠢᠨ ᠳᠡᠭᠡᠷ᠎ᠡ ᠰᠣᠯᠤᠩᠭᠤᠸ᠎ᠠ ᠪᠠᠰᠠ ᠬᠤᠷᠭ᠎ᠠ᠂ ᠠᠨᠳᠠ᠂ ᠫᠣᠯᠭᠤᠳᠠᠢ᠂ ᠭᠠᠯᠪᠠ ᠨᠠᠷ ᠢ᠋ ᠠᠪᠴᠤ ᠬᠠᠷᠢᠶᠠᠲᠤ ᠴᠡᠷᠢᠭ ᠢ᠋ᠶ᠋ᠡᠨ ᠲᠡᠭᠰᠢᠯᠡᠨ ᠵᠠᠬᠢᠷᠴᠤ ᠪᠤᠭᠤᠷᠵᠢ ᠳ᠋ᠤᠷ ᠲᠤᠰᠠᠯᠠᠨ ᠪᠠᠢᠯᠳᠤᠬᠤ ᠠᠨᠤ ᠮᠠᠰᠢ ᠬᠤᠷᠴᠠ ᠲᠤᠯᠠ ᠲᠠᠢᠯᠤᠨ ᠴᠢᠳᠠᠬᠤ ᠦᠭᠡᠢ ᠪᠡᠨ ᠮᠡᠳᠡᠵᠦ᠂ ᠲᠡᠷᠡ ᠰᠥᠨᠢ ᠰᠡᠮᠡᠬᠡᠷ ᠮᠠᠲᠠᠯᠳᠤ ᠪᠠ ᠮᠢᠩᠭᠠᠲᠠᠨ ᠬᠣᠶᠠᠭᠤᠯᠠ ᠳ᠋ᠤᠷ ᠬᠣᠶᠠᠷ ᠮᠢᠩᠭᠠᠨ ᠴᠡᠷᠢᠭ ᠥᠭᠴᠦ ᠡᠭᠡᠬᠦ ᠵᠠᠮ ᠤ᠋ᠨ ᠬᠣᠶᠠᠷ ᠬᠠᠵᠠᠭᠤ ᠶ᠋ᠢᠨ ᠪᠤᠷᠭᠠᠰᠤᠨ ᠰᠥᠭᠡᠭ ᠲᠣᠷ ᠪᠦᠭᠭᠦᠭᠦᠯᠦᠭᠡᠳ ᠬᠣᠢᠨ᠎ᠠ ᠰᠠᠶᠢ ᠥᠪᠡᠷ ᠦ᠋ᠨ ᠪᠡᠶ᠎ᠡ ᠬᠠᠢᠭᠤᠯ ᠪᠣᠯᠵᠤ ᠶᠡᠬᠡ ᠴᠡᠷᠢᠭ ᠠᠯᠭᠤᠷ ᠤᠬᠤᠷᠢᠨ ᠡᠭᠡᠪᠡ᠃ 
      ᠲᠡᠨᠳᠡᠴᠡ ᠭᠣᠷᠯᠣᠳ ᠤ᠋ᠨ ᠵᠠᠮᠤᠬ᠎ᠠ᠂ ᠲᠠᠢᠽᠦ ᠶ᠋ᠢᠨ ᠴᠡᠷᠢᠭ ᠭᠠᠷᠭᠠᠭᠰᠠᠨ ᠢ᠋ ᠰᠦᠪᠡᠭᠴᠢᠯᠡᠨ ᠰᠣᠨᠣᠰᠤᠭᠠᠳ ᠢᠯᠠᠭᠤ ᠳ᠋ᠤᠷ ᠨᠢᠭᠡᠨ ᠮᠢᠩᠭᠠᠨ ᠬᠥᠭᠰᠢᠨ ᠵᠡᠮᠳᠡᠭ ᠴᠡᠷᠢᠭ ᠥᠭᠴᠦ ᠢᠯᠡᠭᠡᠪᠡ᠃ ᠢᠯᠠᠭᠤ ᠲᠡᠭᠷᠢ ᠶ᠋ᠢᠨ ᠴᠡᠷᠢᠭ ᠣᠯᠤᠭᠰᠠᠨ ᠠ᠋ᠴᠠ ᠴᠤ᠌ ᠢᠯᠡᠭᠦᠦ ᠪᠠᠶᠠᠷᠯᠠᠵᠤ᠂ ᠰᠥᠨᠢ ᠡᠳᠦᠷ ᠦᠭᠡᠢ ᠱᠠᠭᠠᠷᠳᠠᠨ ᠳᠣᠪᠲᠣᠯᠤᠭᠰᠠᠭᠠᠷ ᠳᠦᠭᠦᠯᠡ ᠮᠥᠷᠡᠨ ᠳ᠋ᠦ᠍ᠷ ᠬᠦᠷᠴᠦ ᠢᠷᠡᠲᠡᠯ᠎ᠡ ᠨᠠᠢ᠍ᠮᠠᠳᠤᠭᠠᠷ ᠡᠳᠦᠷ ᠦ᠋ᠨ ᠨᠠᠷᠠᠨ ᠤᠨᠠᠵᠤᠬᠤᠢ᠃ ᠲᠡᠷᠡ ᠦᠶ᠎ᠡ ᠳ᠋ᠦ᠍ᠷ ᠨᠠᠢ᠍ᠮᠠᠨ ᠤ᠋ ᠴᠡᠷᠢᠭ ᠬᠡᠳᠦᠢᠨᠡᠢ ᠡᠭᠡᠭᠰᠡᠨ ᠠᠵᠤᠭᠤ᠃ ᠢᠯᠠᠭᠤ ᠶᠡᠬᠡᠯ᠎ᠡ ᠢᠴᠢᠩᠭᠦᠷᠡᠵᠦ᠂ ᠠᠪᠴᠢᠷᠠᠭᠰᠠᠨ ᠴᠡᠷᠢᠭ ᠢ᠋ᠶ᠋ᠡᠨ ᠪᠤᠳᠠᠭᠠᠯᠠᠭᠠᠳ ᠳᠠᠷᠤᠢ ᠨᠡᠬᠡᠰᠦᠭᠡᠢ ᠭᠡᠮᠡᠨ ᠪᠤᠭᠤᠷᠵᠢ ᠶ᠋ᠢ ᠱᠠᠭᠠᠷᠳᠠᠨ ᠢᠯᠡᠭᠡᠰᠦᠭᠡᠢ ᠬᠡᠮᠡᠬᠦᠢ ᠳ᠋ᠦ᠍ᠷ ᠪᠤᠭᠤᠷᠵᠢ ᠥᠭᠦᠯᠡᠷᠦᠨ : 《ᠴᠢᠦᠢ ᠰᠢᠦᠸᠠᠢ ᠡᠤ ᠬᠡᠮᠡᠭᠴᠢ ᠬᠠᠭᠤᠴᠢᠨ ᠯᠢᠶᠣᠤ ᠤᠯᠤᠰ ᠤ᠋ᠨ ᠨᠡᠷᠡᠲᠡᠢ ᠶᠡᠬᠡ ᠵᠠᠩᠵᠤᠨ᠂ ᠪᠠᠭᠠᠲᠤᠷ ᠪᠣᠳᠣᠯᠭ᠎ᠠ ᠬᠣᠣᠰ ᠪᠦᠷᠢᠳᠦᠭᠰᠡᠨ ᠬᠥᠮᠦᠨ ᠂ ᠲᠡᠭᠦᠨ ᠦ᠌ ᠲᠠᠨ ᠤ᠋ ᠨᠢᠭᠡᠨ ᠤᠯᠤᠰ ᠢ᠋ ᠮᠥᠬᠥᠭᠡᠯ ᠦᠭᠡᠢ ᠪᠡᠷ ᠳᠠᠭᠠᠭᠤᠯᠤᠨ ᠠᠪᠠᠴᠢᠰᠤᠭᠠᠢ ᠬᠡᠮᠡᠭᠰᠡᠨ ᠢ᠋ᠶ᠋ᠡᠷ ᠦᠵᠡᠪᠡᠰᠦ ᠭᠦᠨ ᠬᠦᠨᠳᠦ ᠂ ᠤᠷᠲᠤ ᠬᠣᠯᠠ ᠂ ᠶᠡᠬᠡ ᠪᠦᠲᠦᠮᠵᠢᠲᠡᠢ ᠬᠥᠮᠦᠨ ᠂ ᠲᠡᠷᠡ ᠬᠡᠷᠬᠢᠪᠡᠴᠦ ᠬᠥᠩᠭᠡᠨ ᠢ᠋ᠶ᠋ᠡᠷ ᠡᠭᠡᠬᠦ ᠦᠭᠡᠢ᠃ ᠮᠢᠨᠦ ᠡᠵᠡᠨ ᠲᠠᠨ ᠤ᠋ ᠬᠠᠭᠠᠭᠳᠠᠭᠰᠠᠨ ᠢ᠋ ᠲᠠᠢᠯᠤᠨ ᠭᠠᠷᠭ᠎ᠠ ᠬᠡᠮᠡᠭᠰᠡᠨ ᠪᠣᠢ ‍ᠶ᠎ᠠ ᠂ ᠡᠷᠬᠡᠪᠰᠢ ᠨᠠᠢ᠍ᠮᠠᠨ ᠤ᠋ ᠴᠡᠷᠢᠭ ᠢ᠋ ᠪᠠᠷᠠᠲᠠᠯ᠎ᠠ ᠠᠯᠠ ᠬᠡᠮᠡᠭᠰᠡᠨ ᠪᠤᠰᠤ᠂ ᠤᠯᠤᠰ ᠨᠢᠭᠡᠨᠲᠡ ᠳᠡᠢᠯᠦᠭᠳᠡᠵᠦ ᠴᠡᠷᠢᠭ ᠨᠢᠭᠡᠨᠲᠡ ᠡᠭᠡᠪᠡ᠃ ᠳᠠᠢᠰᠤᠨ ᠪᠤᠴᠠᠵᠤ ᠵᠣᠪᠠᠯᠠᠩ ᠠᠷᠢᠯᠪᠠᠰᠤ ᠮᠢᠨᠦ ᠢᠷᠡᠭᠰᠡᠨ ᠬᠡᠷᠡᠭ ᠪᠦᠷᠢᠳᠪᠡ᠂ ᠪᠤᠷᠤᠭᠤᠯᠠᠭᠰᠠᠨ ᠴᠡᠷᠢᠭ ᠦ᠋ᠨ ᠬᠣᠢᠨ᠎ᠠ ᠠ᠋ᠴᠠ ᠪᠢ ᠦᠯᠦ ᠨᠡᠬᠡᠮᠦᠢ᠃ 》ᠭᠡᠮᠡᠨ ᠬᠥᠳᠡᠯᠬᠦ ᠦᠭᠡᠢ ᠳ᠋ᠦ᠍ᠷ ᠂ ᠢᠯᠠᠭᠤ ᠠᠭᠤᠷ ᠲᠥᠷᠥᠵᠦ ᠪᠤᠭᠤᠷᠵᠢ ᠶ᠋ᠢ ᠬᠡᠷᠡᠭ ᠦᠭᠡᠢ ᠤᠤᠯᠭᠠᠮᠴᠢ ᠪᠡᠯᠡᠩᠴᠢ ᠠᠮᠢᠲᠠᠨ ᠭᠡᠮᠡᠨ ᠳᠣᠷᠣᠮᠵᠢᠯᠠᠭᠠᠳ ᠥᠪᠡᠷ ᠪᠤᠰᠤᠳ ᠤ᠋ᠨ ᠴᠡᠷᠢᠭ ᠲᠡᠢ ᠨᠢᠭᠡᠨ ᠮᠢᠩᠭᠠᠨ ᠶᠢᠰᠦᠨ ᠵᠠᠭᠤᠨ ᠴᠡᠷᠢᠭ ᠢ᠋ ᠠᠪᠴᠤ ᠥᠪᠡᠷ ᠦ᠋ᠨ ᠪᠡᠶ᠎ᠡ ᠪᠡᠷ ᠡᠴᠢᠬᠦᠶ᠎ᠡ᠂ ᠰᠣᠯᠤᠩᠭᠤᠸ᠎ᠠ ᠬᠡᠷᠬᠢᠨ ᠬᠣᠷᠢᠭ᠍ᠯᠠᠪᠠᠴᠤ ᠦᠭᠡ ᠶ᠋ᠢ ᠠᠪᠬᠤ ᠦᠭᠡᠢ ᠨᠡᠬᠡᠨ ᠢᠷᠡᠭᠡᠳ ᠳᠡᠮᠡᠢ ᠭᠤᠴᠢᠨ ᠭᠠᠵᠠᠷ ᠶᠠᠪᠤᠭᠰᠠᠨ ᠦᠭᠡᠢ ᠪᠤᠷᠭᠠᠰᠤᠨ ᠰᠥᠭᠡᠭ ᠦ᠋ᠨ ᠳᠣᠲᠣᠷ᠎ᠠ ᠠ᠋ᠴᠠ ᠫᠤᠤ ᠳᠤᠤᠭᠠᠷᠴᠤ ᠬᠣᠶᠠᠷ ᠡᠲᠡᠭᠡᠳ ᠡᠴᠡ ᠬᠠᠪᠴᠢᠨ ᠠᠯᠠᠵᠤ ᠮᠢᠩᠭᠠᠲᠠᠨ ᠂ ᠰᠥᠷᠦᠯᠬᠡᠭ᠂ ᠮᠡᠳᠡᠯᠳᠦ᠂ ᠬᠣᠯᠠᠰᠤᠪᠴᠢ᠂ ᠢᠳᠡᠷ ᠳᠣᠪᠣ ᠲᠠᠨ ᠤ᠋ ᠪᠦᠭᠭᠦᠭᠰᠡᠨ ᠴᠡᠷᠢᠭ ᠭᠠᠷᠴᠤ ᠠᠯᠠᠬᠤᠢ ᠳ᠋ᠤᠷ ᠴᠢᠦᠢ ᠰᠢᠦᠸᠠᠢ ᠡᠤ ᠪᠠᠰᠠ ᠲᠡᠨᠳᠡ ᠲᠦᠳᠡᠭᠡᠯᠵᠡᠨ ᠬᠦᠯᠢᠶᠡᠭᠰᠡᠨ ᠲᠤᠯᠠ ᠶᠡᠬᠡ ᠴᠡᠷᠢᠭ ᠢ᠋ᠶ᠋ᠡᠨ ᠡᠭᠡᠭᠦᠯᠦᠨ ᠠᠯᠠᠵᠤ ᠢᠷᠡᠪᠡ᠃ ᠢᠯᠠᠭᠤ ᠶᠡᠬᠡᠯ᠎ᠡ ᠳᠠᠷᠤᠭᠳᠠᠵᠤ ᠲᠣᠯᠣᠭᠠᠢ ᠰᠡᠭᠦᠯ ᠢ᠋ᠶ᠋ᠡᠨ ᠬᠠᠮᠠᠭᠠᠯᠠᠨ ᠴᠢᠳᠠᠬᠤ ᠦᠭᠡᠢ ᠪᠣᠯᠤᠭᠠᠳ ᠶᠡᠬᠡ ᠴᠡᠷᠢᠭ ᠲᠦ᠍ᠷ ᠬᠠᠭᠠᠭᠳᠠᠨ ᠪᠦᠰᠡᠯᠡᠭᠳᠡᠭᠡᠳ ᠬᠠᠷᠠᠬᠠᠨ ᠠᠯᠠᠭᠳᠠᠬᠤ ᠰᠢᠬᠠᠵᠤ ᠮᠡᠩᠳᠡᠭᠦᠷᠡᠨ ᠪᠥᠬᠥᠶ᠎ᠡ᠂ ᠭᠡᠨᠡᠳᠲᠡ ᠪᠠᠰᠠ ᠬᠠᠰᠬᠢᠷᠬᠤ ᠳᠠᠭᠤᠨ ᠨᠡᠮᠡᠭᠳᠡᠵᠦ ᠬᠠᠭᠠᠭᠰᠠᠨ ᠴᠡᠷᠢᠭ ᠵᠦᠭ ᠵᠦᠭ ᠲᠦ᠍ᠷ ᠪᠤᠳᠠᠷᠠᠯᠳᠤᠨ᠂ ᠪᠤᠭᠤᠷᠵᠢ ᠳᠣᠣᠷᠠᠬᠢ ᠴᠡᠷᠢᠭ ᠢ᠋ᠶ᠋ᠡᠨ ᠠᠪᠴᠤ ᠰᠣᠯᠤᠩᠭᠤᠸ᠎ᠠ ᠶ᠋ᠢ ᠳᠠᠭᠠᠭᠤᠯᠤᠨ ᠬᠠᠰᠬᠢᠷᠤᠭᠰᠠᠭᠠᠷ ᠠᠯᠠᠨ ᠣᠷᠣᠵᠤ ᠢᠷᠡᠪᠡ᠃ ᠲᠡᠨᠡᠭ  ᠫᠣᠯᠭᠤᠳᠠᠢ ᠢᠯᠠᠭᠤ ᠶ᠋ᠢ ᠳᠠᠭᠠᠵᠤ ᠢᠷᠡᠭᠰᠡᠨ ᠲᠤᠯᠠ ᠪᠤᠭᠤᠷᠵᠢ ᠶ᠋ᠢᠨ ᠢᠷᠡᠬᠦ ᠶ᠋ᠢ ᠦᠵᠡᠭᠡᠳ ᠣᠮᠣᠭ ᠲᠥᠷᠥᠵᠦ ᠨᠢᠭᠤᠷ ᠨᠢᠳᠦ ᠦᠭᠡᠢ ᠴᠣᠬᠢᠯᠬᠢᠯᠠᠨ ᠂ ᠢᠯᠠᠭᠤ ᠶ᠋ᠢ ᠬᠠᠯᠬᠠᠯᠠᠨ᠂ ᠴᠢᠦᠢ ᠰᠢᠦᠸᠠᠢ ᠡᠤ ᠯᠦ᠋ᠭᠡ ᠪᠠᠢᠯᠳᠤᠷ᠎ᠠ ᠢᠷᠡᠬᠦᠢ ᠳ᠋ᠦ᠍ᠷ ᠴᠢᠦᠢ ᠰᠢᠦᠸᠠᠢ ᠡᠤ ᠵᠢᠬᠡᠭᠦᠨ ᠢ᠋ᠶ᠋ᠡᠷ ᠨᠢᠭᠡᠨᠲᠡ ᠢᠨᠢᠶᠡᠵᠦ ᠂ ᠭᠠᠭᠴᠠ ᠪᠢᠯᠠᠭᠤ ᠳ᠋ᠤᠷ ᠴᠣᠬᠢᠨ ᠤᠨᠠᠭᠠᠵᠤ᠂ ᠨᠠᠢ᠍ᠮᠠᠨ ᠤ᠋ ᠴᠡᠷᠢᠭ ᠠᠮᠢᠳᠤ ᠪᠠᠷ ᠪᠠᠷᠢᠵᠤ ᠠᠪᠠᠴᠢᠪᠠ᠂ ᠪᠤᠭᠤᠷᠵᠢ ᠫᠣᠯᠭᠤᠳᠠᠢ ᠶ᠋ᠢᠨ ᠤᠨᠠᠭᠰᠠᠨ ᠢ᠋ ᠦᠵᠡᠭᠡᠳ ᠱᠠᠯᠠᠮᠠᠭᠠᠢᠯᠠᠨ ᠣᠷᠣᠵᠤ ᠮᠠᠲᠠᠯᠳᠤ ᠶ᠋ᠢ ᠨᠢᠭᠡᠨᠲᠡ ᠵᠠᠩᠳᠠᠵᠤ ᠴᠠᠪᠴᠢᠨ ᠮᠣᠷᠢᠨ ᠠ᠋ᠴᠠ ᠤᠨᠠᠭᠠᠵᠤ᠂ ᠮᠥᠨ ᠰᠦᠷ ᠲᠣᠷ ᠢᠯᠠᠭᠤ ᠶ᠋ᠢ ᠤᠳᠤᠷᠢᠳᠤᠨ ᠠᠯᠠᠨ ᠭᠠᠷᠴᠤ ᠡᠴᠢᠬᠦᠢ ᠳ᠋ᠦ᠍ᠷ ᠴᠢᠦᠢ ᠰᠢᠦᠸᠠᠢ ᠡᠤ ᠪᠤᠭᠤᠷᠵᠢ ᠶ᠋ᠢᠨ ᠪᠠᠭᠠᠲᠤᠷ ᠬᠡᠴᠡᠭᠦᠦ ᠶ᠋ᠢ ᠮᠡᠳᠡᠬᠦ ᠲᠤᠯᠠ ᠨᠡᠬᠡᠷ᠎ᠡ ᠢᠷᠡᠭᠰᠡᠨ ᠦᠭᠡᠢ᠂ ᠳᠠᠷᠤᠢ ᠴᠡᠷᠢᠭ ᠢ᠋ᠶ᠋ᠡᠨ ᠬᠤᠷᠢᠶᠠᠵᠤ ᠡᠭᠡᠪᠡ᠃ ᠢᠯᠠᠭᠤ ᠰᠠᠮᠠᠭᠤᠨ ᠴᠡᠷᠢᠭ ᠲᠦ᠍ᠷ ᠬᠡᠳᠦ ᠬᠡᠳᠦᠨ ᠰᠢᠷᠬ᠎ᠠ ᠣᠯᠵᠤ ᠴᠡᠷᠢᠭ ᠢ᠋ᠶ᠋ᠡᠨ ᠲᠣᠭᠠᠯᠠᠨ ᠦᠵᠡᠪᠡᠰᠦ ᠳᠣᠯᠣᠭᠠᠨ ᠵᠠᠭᠤᠨ ᠢᠯᠡᠭᠦᠦ ᠬᠣᠬᠢᠷᠠᠭᠰᠠᠨ ᠲᠤᠯᠠ ᠨᠡᠩ ᠶᠡᠬᠡᠯ᠎ᠡ ᠢᠴᠡᠩᠭᠦᠷᠡᠨ ᠪᠤᠭᠤᠷᠵᠢ ᠶ᠋ᠢᠨ ᠠᠮᠢᠨ ᠢ᠋ ᠠᠪᠤᠷᠠᠭᠰᠠᠨ ᠳ᠋ᠤᠷ ᠮᠥᠷᠭᠥᠪᠡᠢ ᠃ ᠦᠵᠡᠰᠡ ᠪᠤᠭᠤᠷᠵᠢ ᠯᠠᠪ ᠪᠦᠭᠭᠦᠭᠰᠡᠨ ᠴᠡᠷᠢᠭ ᠲᠦ᠍ᠷ ᠭᠡᠨᠡᠳᠡᠭᠳᠡᠬᠦ ᠶ᠋ᠢ ᠬᠡᠯᠡᠭᠰᠡᠨ ᠳ᠋ᠦ᠍ᠷ ᠰᠣᠯᠤᠩᠭᠤᠸ᠎ᠠ ᠳᠠᠬᠢᠨ ᠳᠠᠪᠲᠠᠨ ᠭᠤᠶᠤᠵᠤ ᠪᠤᠭᠤᠷᠵᠢ ᠯᠤᠭ᠎ᠠ ᠢᠷᠡᠵᠦ ᠠᠪᠤᠷᠠᠭᠰᠠᠨ ᠠᠵᠤᠭᠤ ᠃ ᠡᠭᠦᠨ ᠳ᠋ᠦ᠍ᠷ ᠾᠧ ᠸᠠᠩ ᠪᠤᠭᠤᠷᠴᠢ ᠶ᠋ᠢᠨ ᠴᠡᠷᠢᠭ ᠦ᠋ᠨ ᠬᠥᠮᠦᠨ ᠳ᠋ᠦ᠍ᠷ ᠬᠦᠨᠳᠦᠳᠡ ᠱᠠᠩᠨᠠᠵᠤ ᠂ ᠲᠠᠪᠤᠨ ᠵᠠᠭᠤᠨ ᠯᠠᠩ ᠴᠠᠭᠠᠨ ᠮᠥᠩᠭᠥ ᠭᠠᠷᠭᠠᠵᠤ ᠪᠤᠭᠤᠷᠵᠢ ᠳ᠋ᠤ᠌ ᠥᠭᠪᠡᠰᠦ ᠪᠤᠭᠤᠷᠵᠢ ᠥᠭᠦᠯᠡᠷᠦᠨ : 《ᠮᠢᠨᠦ ᠡᠨᠡ ᠢᠷᠡᠭᠰᠡᠨ ᠢᠨᠦ ᠡᠵᠡᠨ ᠦ᠌ ᠵᠠᠬᠢᠶ᠎ᠠ ᠪᠠᠷ ᠪᠣᠢ ‍ᠶ᠎ᠠ᠂ ᠥᠪᠡᠷ ᠦ᠋ᠨ ᠰᠠᠨᠠᠭ᠎ᠠ ᠪᠠᠷ ᠪᠤᠰᠤ᠃ ᠲᠠ ᠮᠢᠨᠦ ᠡᠵᠡᠨ ᠦ᠌ ᠬᠡᠰᠢᠭ ᠢ᠋ ᠡᠪᠦᠷᠯᠡᠨ ᠰᠠᠨᠠᠪᠠᠰᠤ ᠵᠣᠬᠢᠮᠤᠢ ‍ᠶ᠎ᠠ᠂ ᠨᠠᠳᠠ ᠳ᠋ᠤᠷ ᠶᠠᠮᠪᠠᠷ ᠭᠠᠪᠢᠶ᠎ᠠ ! 》ᠬᠡᠮᠡᠭᠡᠳ ᠦᠰᠦᠨ ᠦ᠌ ᠲᠡᠳᠦᠢ ᠴᠦ᠍ ᠶᠠᠭᠤᠮ᠎ᠠ ᠠᠪᠤᠭᠰᠠᠨ ᠦᠭᠡᠢ ᠪᠡᠷ ᠴᠡᠷᠢᠭ ᠢ᠋ᠶ᠋ᠡᠨ ᠠᠪᠴᠤ ᠬᠣᠢᠰᠢ ᠡᠭᠡᠪᠡᠢ᠃ 
      ᠲᠡᠨᠳᠡᠴᠡ ᠨᠠᠢ᠍ᠮᠠᠨ ᠤ᠋ ᠴᠡᠷᠢᠭ ᠴᠠᠩᠭᠠᠢ ᠠᠭᠤᠯᠠᠨ ᠳ᠋ᠤᠷ ᠬᠦᠷᠦᠭᠡᠳ ᠴᠢᠯᠠᠭᠤᠨ᠂ ᠪᠤᠭᠤᠷᠤᠯ ᠬᠣᠶᠠᠭᠤᠯᠠ ᠶ᠋ᠢᠨ ᠪᠦᠭᠭᠦᠭᠰᠡᠨ ᠴᠡᠷᠢᠭ ᠲᠦ᠍ᠷ ᠰᠠᠨᠠᠭᠠᠨ ᠳ᠋ᠤ᠌ ᠦᠭᠡᠢ ᠪᠡᠷ ᠤᠴᠠᠷᠠᠭᠠᠳ ᠨᠢᠭᠡᠨ ᠵᠡᠷᠭᠡ ᠶᠡᠬᠡᠯ᠎ᠡ ᠠᠯᠠᠯᠳᠤᠵᠤ ᠳᠠᠷᠤᠭᠳᠠᠭᠠᠳ ᠠᠴᠢᠶ᠎ᠠ ᠬᠥᠰᠬᠡ᠂ ᠡᠳ᠋ ᠲᠠᠸᠠᠷ᠂ ᠮᠣᠷᠢ ᠲᠡᠮᠡᠭᠡ ᠪᠡᠨ ᠴᠥᠮ ᠠᠪᠲᠠᠭᠠᠳ ᠶᠠᠭᠠᠷᠠᠨ ᠤᠯᠤᠰ ᠲᠤᠷ ᠢ᠋ᠶ᠋ᠠᠨ ᠳᠣᠪᠲᠣᠯᠤᠨ ᠣᠷᠣᠪᠠᠰᠤ ᠵᠠᠬ᠎ᠠ ᠶ᠋ᠢᠨ ᠳᠣᠲᠣᠷ᠎ᠠ ᠬᠠᠷᠢᠨ ᠢᠪ ᠴᠢᠪ ᠰᠡᠪ ᠰᠡᠯᠡᠭᠦᠨ᠂ ᠥᠴᠦᠬᠡᠨ ᠴᠦ᠍ ᠬᠡᠷᠡᠭ ᠦᠭᠡᠢ᠂ ᠦᠵᠡᠰᠡ ᠮᠤᠬᠤᠯᠢ ᠬᠠᠭᠤᠷᠮᠠᠭ ᠢ᠋ᠶ᠋ᠠᠷ ᠨᠠᠢ᠍ᠮᠠᠨ ᠤᠯᠤᠰ ᠢ᠋ ᠴᠢᠯᠦᠭᠡᠳᠡᠨ ᠪᠠᠢᠯᠳᠤᠮᠤᠢ ᠭᠡᠮᠡᠨ ᠴᠤᠤ ᠠᠯᠳᠠᠷᠰᠢᠭᠤᠯᠤᠭᠠᠳ ᠾᠧ ᠸᠠᠩ ᠤ᠋ᠨ ᠠᠪᠲᠠᠭᠰᠠᠨ ᠬᠠᠭᠤᠴᠢᠨ ᠬᠡᠷᠡᠢᠳ ᠤᠯᠤᠰ ᠲᠤᠷ ᠰᠡᠮᠡᠬᠡᠷ ᠡᠴᠢᠵᠦ ᠬᠡᠩᠭᠡᠷᠭᠡ ᠨᠢᠭᠡᠨᠲᠡ ᠳᠡᠯᠡᠳᠦᠮᠡᠭᠴᠡ ᠳᠠᠷᠤᠢ ᠬᠡᠷᠡᠢᠳ ᠠᠢᠮᠠᠭ ᠢ᠋ ᠪᠤᠯᠲᠤ ᠪᠠᠷ ᠠᠪᠤᠭᠰᠠᠨ ᠠᠵᠤᠭᠤ᠃ ᠳᠠᠢᠶᠠᠩ ᠬᠠᠨ ᠤ᠋ ᠲᠠᠯᠪᠢᠭ᠍ᠰᠠᠨ ᠾᠧ ᠸᠠᠩ ᠤ᠋ᠨ ᠳᠡᠭᠦᠦ  ᠬᠡᠷᠡᠢᠳ ᠦ᠋ᠨ ᠡᠵᠡᠨ ᠢᠯᠡᠭᠦᠦ ᠬᠠᠷ᠎ᠠ ᠰᠠᠮᠠᠭᠤᠨ ᠴᠡᠷᠢᠭ ᠲᠦ᠍ᠷ ᠦᠬᠦᠵᠦᠬᠦᠢ᠃ ᠪᠤᠰᠤ ᠵᠦᠢᠯ ᠢ᠋ ᠦᠰᠦᠨ ᠦ᠌ ᠲᠡᠳᠦᠢ ᠭᠡᠭᠡᠭᠳᠡᠭᠦᠯᠦᠯ ᠦᠭᠡᠢ ᠪᠡᠷ ᠬᠤᠷᠢᠶᠠᠮᠵᠢᠯᠠᠭᠠᠳ ᠳᠥᠷᠪᠡᠨ ᠬᠦᠯᠦᠭ ᠳᠠᠷᠠᠭ᠎ᠠ ᠳᠠᠷᠠᠭ᠎ᠠ ᠪᠠᠷ ᠡᠭᠡᠵᠦ᠂ ᠲᠠᠢᠽᠦ ᠳ᠋ᠦ᠍ᠷ ᠵᠣᠯᠭᠠᠵᠤ᠂ ᠲᠤᠰ ᠲᠤᠰ ᠤ᠋ᠨ ᠦᠢᠯᠡ ᠪᠡᠨ ᠡᠷᠭᠦᠨ ᠮᠡᠳᠡᠭᠦᠯᠵᠦ ᠮᠥᠷᠭᠥᠪᠡᠢ ᠃ ᠳᠠᠭᠠᠯᠳᠤᠭ᠎ᠠ ᠾᠧ ᠸᠠᠩ ᠡᠴᠢᠭᠡ ᠬᠥᠪᠡᠭᠦᠨ ᠬᠡᠯᠡᠯᠴᠡᠵᠦ ᠢᠯᠠᠭᠤ ᠶ᠋ᠢ ᠠᠪᠤᠨ ᠢᠷᠡᠵᠦ ᠲᠠᠢᠽᠦ ᠶ᠋ᠢᠨ ᠠᠮᠢᠨ ᠢ᠋ ᠭᠠᠷᠭᠠᠭᠰᠠᠨ ᠬᠡᠰᠢᠭ ᠲᠣᠷ ᠮᠥᠷᠭᠥᠭᠦᠯᠬᠦᠶ᠎ᠡ ᠂ ᠢᠯᠠᠭᠤ ᠨᠢᠳᠦᠨ ᠳ᠋ᠦ᠍ᠷ ᠨᠢᠯᠪᠤᠰᠤᠨ ᠬᠠᠪᠴᠢᠭᠤᠯᠵᠤ ᠮᠥᠷᠭᠥᠵᠦ ᠮᠡᠳᠡᠭᠦᠯᠦᠷᠦᠨ: 
           ᠦᠨᠡᠨᠴᠢ ᠡᠵᠡᠨ ᠴᠢᠨᠦ ᠥᠷᠥᠰᠢᠶᠡᠯᠲᠦ ᠰᠡᠳᠬᠢᠯ ᠢ᠋ ᠦᠯᠦ ᠮᠡᠳᠡᠨ
           ᠥᠭᠡᠷᠡᠴᠢᠯᠡᠨ ᠶᠠᠪᠤᠯᠤᠭ᠎ᠠ ᠦᠷᠭᠦᠳᠡᠭ ᠪᠢ᠂  
           ᠬᠠᠯᠠᠮᠵᠢᠲᠤ ᠡᠵᠡᠨ ᠴᠢᠨᠦ ᠬᠠᠢᠷᠠᠲᠤ ᠰᠡᠳᠬᠢᠯ ᠢ᠋ ᠦᠯᠦ ᠮᠡᠳᠡᠨ 
           ᠬᠠᠷᠰᠢᠵᠤ ᠶᠠᠪᠤᠯᠤᠭ᠎ᠠ ᠬᠠᠯᠭᠤᠤ ᠪᠢ᠃  
           ᠡᠭᠦᠨᠴᠡ ᠬᠣᠢᠰᠢᠳᠠ ᠠᠨᠳᠠ ᠴᠢ ᠴᠠᠭᠠᠨ ᠳ᠋ᠤᠷ ᠴᠠᠴᠠᠵᠤ ᠬᠠᠷ᠎ᠠ ᠳ᠋ᠤᠷ ᠬᠠᠬᠠᠪᠠᠰᠤ᠂ 
           ᠬᠠᠷᠠᠩᠭᠤᠢ ᠪᠢ ᠡᠭᠦᠷᠢᠳᠡ ᠲᠠᠭᠠᠯᠴᠠᠵᠤ 
           ᠠᠬ᠎ᠠ ᠡᠵᠡᠨ ᠦ᠌  ᠴᠠᠩ ᠯᠤᠭ᠎ᠠ ᠴᠠᠮᠨᠠᠵᠤ᠂ 
           ᠬᠠᠷᠠᠩᠭ᠎ᠠ ᠯᠤᠭ᠎ᠠ ᠬᠠᠷᠠᠢᠰᠤ ᠬᠠᠲᠠᠩᠭᠢᠷ ᠪᠢ᠃ 
           ᠠᠯᠢᠪᠠ ᠳᠠᠢᠰᠤᠨ ᠳ᠋ᠤᠷ ᠡᠵᠡᠨ ᠴᠢᠨᠦ ᠴᠠᠮᠴᠠ ᠶ᠋ᠢᠨ ᠡᠩᠭᠡᠷ ᠬᠠᠪᠲᠠᠭ᠎ᠠ ᠶ᠋ᠢᠨ ᠣᠭᠣᠰᠣᠷ ᠮᠡᠲᠦ ᠶᠠᠪᠤᠰᠤᠭᠠᠢ ᠪᠢ  
           ᠠᠯᠠᠯᠳᠤᠬᠤ ᠪᠠᠢᠯᠳᠤᠭᠠᠨ᠎ᠠ ᠠᠬᠠᠢ ᠴᠢᠨᠦ ᠴᠠᠷᠪᠠᠭ ᠤ᠋ᠨ ᠬᠠᠯᠬᠠᠪᠴᠢ᠂ ᠬᠠᠷᠪᠤᠯᠭ᠎ᠠ ᠶ᠋ᠢᠨ ᠰᠤᠮᠤ ᠮᠡᠲᠦ ᠵᠢᠳᠬᠦᠰᠦᠭᠡᠢ ᠪᠢ 
           ᠬᠣᠣᠷᠠᠲᠤ ᠮᠣᠭᠠᠢ ᠬᠠᠳᠬᠤᠪᠠᠴᠤ ᠬᠣᠶᠠᠭᠤᠯᠠ ᠪᠦᠦ ᠬᠤᠪᠢᠰᠤᠶ᠎ᠠ᠂ 
           ᠬᠣᠩᠰᠢᠶᠠᠷ ᠠᠮᠠᠨ ᠢ᠋ᠶ᠋ᠠᠷ ᠬᠡᠯᠡᠯᠴᠡᠵᠦ ᠣᠯᠤᠯᠴᠠᠶ᠎ᠠ ᠪᠢᠳᠡ᠂ 
           ᠠᠳᠬᠠᠭᠲᠤ ᠬᠥᠮᠦᠨ ᠬᠠᠳᠬᠠᠪᠠᠴᠤ ᠠᠷᠭ᠎ᠠ ᠳ᠋ᠤᠷ ᠪᠦᠦ ᠣᠷᠣᠶ᠎ᠠ᠂ 
           ᠠᠮᠠ ᠬᠡᠯᠡ ᠪᠡᠷ ᠬᠡᠯᠡᠯᠴᠡᠵᠦ ᠣᠯᠤᠯᠴᠠᠶ᠎ᠠ ᠪᠢ᠃ 
ᠭᠡᠮᠡᠨ ᠲᠠᠩᠭᠠᠷᠢᠭ᠍ᠯᠠᠭᠰᠠᠨ ᠳ᠋ᠤᠷ ᠲᠠᠢᠽᠦ ᠭᠡᠨᠡᠳᠲᠡ ᠯᠠᠢᠬᠠᠳ ᠤ᠋ᠨ ᠰᠡᠴᠡᠨ ᠪᠥᠬᠡ ᠶ᠋ᠢᠨ ᠲᠠᠩᠭᠠᠷᠢᠭ᠍ᠯᠠᠭᠰᠠᠨ ᠢ᠋ ᠰᠠᠨᠠᠭᠠᠯᠵᠠᠵᠤ ᠪᠠᠬᠠᠨ ᠢᠨᠢᠶᠡᠭᠡᠳ ᠬᠤᠷᠢᠮ ᠲᠠᠯᠪᠢᠨ ᠬᠤᠷᠢᠮᠯᠠᠵᠤ ᠬᠦᠨᠳᠦᠯᠡᠭᠡᠳ ᠾᠧ ᠸᠠᠩ ᠤ᠋ᠨ ᠭᠡᠷ ᠦ᠋ᠨ ᠬᠣᠲᠠᠯᠠᠭᠠᠷ ᠢ᠋ ᠬᠠᠭᠤᠴᠢᠨ ᠬᠡᠷᠡᠢᠳ ᠤᠯᠤᠰ ᠢ᠋ ᠪᠦᠷᠢᠨ᠎ᠡ ᠡᠵᠡᠯᠡᠭᠦᠯᠦᠨ ᠬᠦᠷᠭᠡᠯᠭᠡᠨ ᠢᠯᠡᠭᠡᠵᠦ ᠂ ᠬᠡᠪᠴᠢᠭᠦᠷᠢᠲᠦ ᠬᠡᠷᠡᠭ ᠪᠦᠭᠦᠳᠡ ᠶ᠋ᠢ ᠲᠤᠰᠢᠶᠠᠨ ᠥᠭᠴᠦ ᠬᠡᠯᠬᠢᠶᠡᠲᠦ ᠡᠵᠡᠨ ᠪᠣᠯᠭᠠᠭᠰᠠᠨ ᠳ᠋ᠤᠷ ᠾᠧ ᠸᠠᠩ ᠬᠡᠮᠵᠢᠰᠢ ᠦᠭᠡᠢ ᠬᠡᠰᠢᠭ ᠢ᠋ ᠰᠢᠲᠦᠨ ᠰᠠᠨᠠᠵᠤ ᠬᠡᠳᠦᠨ ᠤᠳᠠᠭ᠎ᠠ ᠡᠨᠳᠡᠭᠦᠷᠡᠨ ᠠᠪᠤᠭᠰᠠᠨ ᠳ᠋ᠤᠷ ᠢ᠋ᠶ᠋ᠠᠨ ᠭᠡᠮᠰᠢᠵᠦ᠂ ᠬᠡᠲᠦᠷᠬᠡᠶ᠎ᠡ ᠰᠠᠢᠬᠠᠨ ᠬᠢᠴᠢᠶᠡᠨ ᠵᠠᠰᠠᠭᠰᠠᠨ ᠢ᠋ᠶ᠋ᠠᠷ ᠬᠡᠪ ᠬᠠᠤᠯᠢ ᠮᠠᠰᠢ ᠰᠠᠢᠵᠢᠷᠠᠵᠤ ᠰᠦᠷ ᠬᠦᠴᠦᠨ ᠴᠠᠭ ᠳᠣᠲᠣᠷ᠎ᠠ ᠲᠡᠩᠬᠡᠷᠡᠪᠡᠢ᠃ 
      ᠡᠨᠡ ᠢᠨᠦ ᠬᠠᠷᠠᠭᠴᠢᠨ ᠲᠠᠤᠯᠠᠢ ᠵᠢᠯ ᠦ᠋ᠨ ᠬᠡᠷᠡᠭ᠃ ᠰᠥᠩ ᠤᠯᠤᠰ ᠤ᠋ᠨ ᠰᠢᠶᠤᠤᠽᠦ᠋ᠩ ᠬᠠᠭᠠᠨ ᠤ᠋ ᠴᠦᠨ ᠰᠢ ᠶ᠋ᠢᠨ ᠠᠷᠪᠠᠳᠤᠭᠠᠷ ᠣᠨ᠂ ᠠᠯᠲᠠᠨ ᠤᠯᠤᠰ ᠤ᠋ᠨ ᠱ᠌ᠢᠽᠦ᠋ᠩ ᠬᠠᠭᠠᠨ ᠤ᠋ ᠳᠠ ᠳ᠋ᠢᠩ ᠦ᠋ᠨ ᠬᠣᠷᠢᠨ ᠭᠤᠷᠪᠠᠳᠤᠭᠠᠷ ᠣᠨ᠂ ᠲᠠᠢᠽᠦ ᠬᠣᠷᠢᠨ ᠬᠣᠶᠠᠷ ᠰᠡᠭᠦᠳᠡᠷ ᠲᠡᠢ ᠠᠵᠤᠭᠤ 
      ᠲᠡᠨᠳᠡᠴᠡ ᠴᠢᠦᠢ ᠰᠢᠦᠸᠠᠢ ᠡᠤ ᠂ ᠫᠣᠯᠭᠤᠳᠠᠢ ᠶ᠋ᠢ ᠠᠮᠢᠳᠤ ᠪᠠᠷᠢᠵᠤ ᠴᠡᠷᠢᠭ ᠢ᠋ᠶ᠋ᠡᠨ ᠠᠪᠴᠤ ᠡᠭᠡᠭᠡᠳ ᠲᠠᠢᠶᠠᠩ ᠬᠠᠨ ᠳ᠋ᠤᠷ ᠵᠣᠯᠭᠠᠵᠤ ᠴᠡᠷᠢᠭ ᠬᠣᠬᠢᠷᠠᠭᠰᠠᠨ ᠶᠠᠯ᠎ᠠ ᠶ᠋ᠢ ᠬᠦᠯᠢᠶᠡᠨ ᠮᠥᠷᠭᠥᠬᠦᠢ ᠳ᠋ᠦ᠍ᠷ ᠲᠠᠢᠶᠠᠩ ᠬᠠᠨ ᠥᠭᠦᠯᠡᠷᠦᠨ : 《ᠬᠣᠶᠠᠷ ᠴᠡᠷᠢᠭ ᠬᠠᠷᠢᠯᠴᠠᠨ ᠪᠠᠢᠯᠳᠤᠬᠤᠢ ᠳ᠋ᠤᠷ ᠲᠠᠢᠯᠤᠨ ᠳᠡᠢᠯᠦᠭᠳᠡᠬᠦ ᠢᠨᠤ ᠶᠡᠷᠦ ᠶ᠋ᠢᠨ ᠬᠡᠷᠡᠭ ᠪᠣᠯᠠᠢ᠃ ᠭᠠᠢ ᠦᠭᠡᠢ !》ᠬᠡᠮᠡᠭᠡᠳ ᠶᠠᠯ᠎ᠠ ᠦᠭᠡᠢ ᠪᠣᠯᠭᠠᠵᠤ ᠫᠣᠯᠭᠤᠳᠠᠢ ᠶ᠋ᠢ ᠬᠦᠯᠢᠭᠦᠯᠵᠦ ᠠᠪᠴᠢᠷᠠᠪᠠ᠃ ᠫᠣᠯᠭᠤᠳᠠᠢ ᠫᠣᠯᠬᠤᠯᠵᠠᠨ ᠵᠣᠭᠰᠣᠵᠤ ᠥᠴᠦᠬᠡᠨ ᠴᠦ᠍ ᠦᠯᠦ ᠬᠡᠷᠡᠭᠰᠡᠨ ᠰᠥᠭᠥᠳᠬᠦ ᠦᠭᠡᠢ ᠳ᠋ᠦ᠍ᠷ ᠲᠠᠢᠶᠠᠩ ᠬᠠᠭᠠᠨ ᠪᠠᠬᠠᠨ ᠢᠨᠢᠶᠡᠵᠦ ᠥᠭᠦᠯᠡᠷᠦᠨ : 《ᠴᠢ ᠬᠡᠮᠡᠭᠴᠢ ᠳᠠᠷᠤᠭᠳᠠᠭᠰᠠᠨ ᠴᠡᠷᠢᠭ ᠦ᠋ᠨ ᠪᠠᠷᠢᠭ᠍ᠳᠠᠵᠤ ᠢᠷᠡᠭᠰᠡᠨ ᠣᠯᠳᠠᠪᠤᠷᠢ ᠪᠣᠭᠣᠯ ᠂ ᠪᠢ ᠬᠡᠮᠡᠭᠴᠢ ᠨᠢᠭᠡᠨ ᠮᠣᠵᠢ ᠶ᠋ᠢᠨ ᠬᠠᠭᠠᠨ ᠡᠵᠡᠨ᠂ ᠴᠢ ᠶᠠᠭᠤᠨ ᠤ᠋ ᠤᠴᠢᠷ ᠲᠤᠷ ᠦᠯᠦ ᠰᠥᠭᠥᠳᠦᠮᠦᠢ ? 》 ᠫᠣᠯᠭᠣᠳᠠᠢ ᠬᠡᠬᠦᠯᠵᠡᠨ ᠵᠣᠭᠰᠣᠵᠤ ᠬᠥᠮᠥᠰᠬᠡ ᠪᠡᠨ ᠰᠡᠬᠦᠢᠵᠦ ᠬᠦᠷᠬᠢᠷᠡᠨ ᠪᠠᠷᠬᠢᠷᠠᠵᠤ ᠥᠭᠦᠯᠡᠷᠦᠨ : 《ᠪᠢ ᠳᠠᠷᠤᠭᠳᠠᠵᠤ ᠪᠠᠷᠢᠭ᠍ᠳᠠᠭᠰᠠᠨ ᠲᠤᠯᠠ ᠠᠯᠠᠪᠠᠰᠤ ᠪᠠᠷᠠᠪᠠ᠂ ᠴᠢ ᠬᠠᠷᠢᠶᠠᠲᠤ ᠤᠯᠤᠰ ᠲᠤᠷ ᠢ᠋ᠶ᠋ᠠᠨ ᠬᠠᠭᠠᠨ ᠪᠣᠢ ‍ᠶ᠎ᠠ ᠂ ᠬᠠᠷᠢᠶ᠎ᠠ ᠦᠭᠡᠢ ᠨᠠᠳᠠ ᠳ᠋ᠤᠷ ᠶᠠᠭᠤᠨ ᠤ᠋ ᠬᠠᠮᠢᠶ᠎ᠠ ? 》ᠬᠡᠮᠡᠭᠰᠡᠨ ᠳ᠋ᠦ᠍ᠷ ᠲᠠᠢᠶᠠᠩ ᠬᠠᠨ ᠬᠢᠯᠢᠩ ᠲᠥᠷᠥᠵᠦ ᠡᠭᠦᠨ ᠢ᠋ ᠲᠦᠯᠬᠢᠨ ᠭᠠᠷᠭᠠᠵᠤ ᠠᠯᠠ ᠭᠡᠮᠡᠨ ᠴᠢᠷᠦᠨ ᠠᠪᠠᠴᠢᠭᠤᠯᠬᠤᠶ᠎ᠠ ᠬᠠᠵᠠᠭᠤ ᠠ᠋ᠴᠠ ᠬᠥᠪᠡᠭᠦᠨ ᠢᠨᠦ ᠠᠯᠲᠠᠨᠱᠠᠭ᠎ᠠ  ᠶᠠᠭᠠᠷᠠᠨ ᠤᠷᠤᠭ᠍ᠰᠢ ᠳᠠᠪᠰᠢᠨ ᠰᠥᠭᠥᠳᠴᠦ ᠭᠤᠶᠤᠨ ᠥᠭᠦᠯᠡᠷᠦᠨ : 《ᠬᠡᠷᠡᠢᠳ ᠤᠯᠤᠰ ᠤᠭ ᠠ᠋ᠴᠠ ᠮᠠᠨ ᠯᠤᠭ᠎ᠠ ᠬᠠᠯᠳᠠᠭᠰᠠᠨ ᠦᠭᠡᠢ ᠪᠥᠭᠡᠲᠡᠯ᠎ᠡ ᠪᠢᠳᠡ ᠢᠯᠡᠭᠦᠦ ᠬᠠᠷ᠎ᠠ ᠶ᠋ᠢᠨ ᠦᠭᠡ ᠶ᠋ᠢ ᠠᠪᠴᠤ ᠲᠡᠭᠦᠨ ᠦ᠌ ᠤᠯᠤᠰ ᠢ᠋ ᠪᠤᠯᠢᠶᠠᠭᠰᠠᠨ ᠢ᠋ᠶ᠋ᠠᠷ ᠲᠡᠷᠡ ᠰᠠᠶᠢ ᠪᠢᠳᠡᠨ ᠳ᠋ᠦ᠍ᠷ ᠴᠡᠷᠢᠭᠯᠡᠵᠦᠬᠦᠢ ᠃ ᠡᠨᠡ ᠤᠳᠠᠭ᠎ᠠ ᠮᠠᠨ ᠤ᠋ ᠴᠡᠷᠢᠭ ᠢ᠋ ᠬᠣᠬᠢᠷᠠᠭᠤᠯᠤᠭᠰᠠᠨ ᠠᠨᠤ  ᠪᠸᠲ᠋ᠠ᠋ ᠤᠯᠤᠰ ᠪᠣᠢ ‍ᠶ᠎ᠠ᠂ ᠬᠡᠷᠡᠢᠳ ᠠᠢᠮᠠᠭ ᠪᠤᠰᠤ ᠃ ᠡᠳᠦᠭᠡ ᠢᠯᠡᠭᠦᠦ ᠬᠠᠷ᠎ᠠ ᠪᠠᠰᠠ ᠠᠯᠠᠭᠳᠠᠵᠤ ᠬᠡᠷᠡᠢᠳ ᠨᠢᠭᠡᠨᠲᠡ ᠲᠡᠭᠦᠨ ᠦ᠌ ᠬᠢ ᠪᠣᠯᠪᠠᠢ ᠃ ᠡᠨᠡ ᠨᠢᠭᠡᠨ ᠪᠦᠳᠦᠭᠦᠯᠢᠭ ᠲᠡᠨᠡᠭ ᠡᠷ᠎ᠡ ᠶ᠋ᠢ ᠠᠯᠠᠭᠰᠠᠨ ᠢ᠋ᠶ᠋ᠠᠷ ᠮᠠᠨ ᠳ᠋ᠤᠷ ᠳᠡᠮᠡᠢ ᠲᠤᠰᠠ ᠪᠣᠯᠬᠤ ᠶᠠᠪᠤᠳᠠᠯ ᠦᠭᠡᠢ ᠪᠥᠭᠡᠳ ᠬᠠᠭᠠᠨ ᠡᠴᠢᠭᠡ ᠶ᠋ᠢ ᠬᠠᠷᠢᠨ ᠲᠡᠪᠴᠢ ᠴᠢᠬᠤᠯ ᠬᠡᠮᠡᠮᠦᠢ ᠃ ᠬᠠᠷᠢᠨ ᠲᠡᠭᠦᠨ ᠦ᠌ ᠠᠮᠢᠨ ᠢ᠋ ᠭᠡᠯᠳᠦᠷᠢᠭᠦᠯᠵᠦ ᠬᠣᠢᠰᠢ ᠬᠠᠷᠢᠭᠤᠯᠤᠨ ᠤᠯᠤᠰ ᠲᠤᠷ ᠠᠨᠤ ᠡᠭᠡᠭᠦᠯᠦᠭᠡᠳ ᠰᠠᠢᠨ ᠢ᠋ᠶ᠋ᠠᠷ ᠡᠶᠡᠯᠡᠨ ᠂ ᠴᠡᠷᠢᠭ ᠢ᠋ᠶ᠋ᠡᠷ ᠠᠶᠤᠯᠭᠠᠨ ᠰᠦᠷ ᠬᠡᠰᠢᠭ ᠢ᠋ ᠬᠠᠮᠲᠤ  ᠵᠠᠷᠯᠠᠪᠠᠰᠤ ᠬᠡᠷᠡᠢᠳ ᠠᠢᠮᠠᠭ ᠡᠴᠦᠰ ᠲᠦ᠍ᠷ ᠠᠯᠪᠠ ᠪᠠᠷᠢᠯ ᠦᠭᠡᠢ ᠦᠯᠦ ᠴᠢᠳᠠᠮᠤᠢ ! 》ᠬᠡᠮᠡᠭᠰᠡᠨ ᠳ᠋ᠦ᠍ᠷ ᠲᠠᠢᠶᠠᠩ ᠬᠠᠭᠠᠨ ᠰᠠᠨᠠᠪᠠᠰᠤ ᠬᠥᠪᠡᠭᠦᠨ ᠦ᠌ ᠦᠭᠡ ᠮᠠᠰᠢ ᠵᠦᠢ ᠲᠤᠯᠠ ᠬᠥᠪᠡᠭᠦᠨ ᠦ᠌ ᠪᠢᠴᠢᠬᠠᠨ ᠨᠠᠰᠤᠨ ᠳ᠋ᠤᠷ ᠪᠢᠴᠢᠭ ᠴᠡᠷᠢᠭ ᠦ᠋ᠨ ᠤᠬᠠᠭᠠᠨ ᠪᠦᠷᠢᠳᠦᠭᠰᠡᠨ ᠳ᠋ᠡᠭᠡᠨ ᠠᠯᠤᠰᠬᠢᠨ ᠪᠠᠶᠠᠷᠯᠠᠵᠤ  ᠫᠣᠯᠭᠤᠳᠠᠢ ᠶ᠋ᠢ ᠠᠯᠠᠬᠤ ᠶ᠋ᠢ ᠪᠠᠢᠯᠭᠠᠵᠤ ᠲᠠᠯᠪᠢᠪᠠ᠃ ᠡᠭᠦᠨ ᠳ᠋ᠦ᠍ᠷ ᠫᠣᠯᠭᠤᠳᠠᠢ ᠠᠯᠲᠠᠨᠱᠠᠭ᠎ᠠ ᠶ᠋ᠢᠨ ᠠᠮᠢᠨ ᠢ᠋ ᠠᠪᠤᠷᠠᠭᠰᠠᠨ ᠳ᠋ᠤᠷ ᠣᠮᠣᠷᠬᠠᠭᠯᠠᠵᠤ ᠪᠣᠯᠬᠤ ᠦᠭᠡᠢ ᠲᠤᠯᠠ ᠬᠡᠰᠢᠭ ᠲᠣᠷ ᠮᠥᠷᠭᠥᠷ᠎ᠡ ᠢᠷᠡᠭᠰᠡᠨ ᠳ᠋ᠦ᠍ᠷ ᠠᠯᠲᠠᠨᠱᠠᠭ᠎ᠠ ᠰᠣᠯᠤᠩᠭᠤᠸ᠎ᠠ ᠶ᠋ᠢ ᠮᠠᠰᠢ ᠮᠥᠷᠥᠭᠡᠳᠬᠦ ᠲᠤᠯᠠ ᠫᠣᠯᠭᠤᠳᠠᠢ ᠶ᠋ᠢ ᠬᠡᠳᠦᠨ ᠡᠳᠦᠷ ᠰᠢᠷᠬ᠎ᠠ ᠶ᠋ᠢ ᠰᠤᠪᠢᠯᠠᠭᠤᠯᠤᠨ ᠬᠣᠰᠢᠭᠤᠴᠢ ᠢᠳᠡᠷ ᠳᠣᠪᠣ ᠪᠠᠷ ᠬᠠᠷᠠᠭᠠᠯᠵᠠᠭᠤᠯᠵᠤ ᠲᠡᠩᠬᠡᠷᠡᠭᠦᠯᠦᠭᠡᠳ ᠳᠠᠭᠤᠳᠠᠨ ᠣᠷᠣᠭᠤᠯᠵᠤ ᠥᠭᠦᠯᠡᠷᠦᠨ :《ᠪᠢ ᠲᠠᠨ ᠤ᠋ ᠬᠡᠷᠡᠢᠳ ᠤᠯᠤᠰ ᠯᠤᠭ᠎ᠠ ᠰᠠᠢᠨ ᠢ᠋ᠶ᠋ᠠᠷ ᠵᠣᠬᠢᠴᠠᠨ ᠤᠷᠤᠭ ᠪᠠᠷᠢᠰᠤᠭᠠᠢ ᠬᠡᠮᠡᠮᠦᠢ᠂ ᠴᠢ ᠬᠠᠷᠢᠪᠠᠰᠤ ᠴᠢᠨᠦ ᠡᠵᠡᠨ ᠸᠠᠩ ᠳ᠋ᠤᠷ ᠰᠠᠢᠨ ᠢ᠋ᠶ᠋ᠠᠷ ᠥᠭᠦᠯᠡ ᠂ ᠡᠳᠦᠭᠡ ᠪᠢ ᠲᠠᠨ ᠤ᠋ ᠠᠪᠠᠬᠠᠢ ᠳ᠋ᠤᠷ ᠢᠯᠡᠭᠡᠬᠦ ᠨᠢᠭᠡᠨ ᠶᠣᠰᠣᠨ ᠤ᠋ ᠪᠡᠯᠡᠭ ᠪᠣᠢ᠂ ᠰᠣᠨᠵᠢᠭᠤᠷᠢᠲᠤ ᠶᠠᠭᠤᠮ᠎ᠠ ᠪᠤᠰᠤ᠂ ᠮᠥᠨ ᠬᠦ᠌ ᠰᠠᠢᠨ ᠢ᠋ᠶ᠋ᠠᠷ ᠡᠶᠡᠳᠡᠰᠦᠭᠡᠢ ᠬᠡᠮᠡᠬᠦ ᠶ᠋ᠢᠨ ᠤᠴᠢᠷ᠃ 》ᠬᠡᠮᠡᠭᠡᠳ ᠮᠥᠩᠭᠥ ᠪᠠ ᠮᠣᠷᠢ ᠬᠦᠨᠡᠰᠦ ᠱᠠᠩᠨᠠᠭᠠᠳ ᠪᠡᠯᠡᠭ ᠢ᠋ ᠲᠡᠭᠦᠨ ᠦ᠌ ᠳᠣᠲᠣᠭᠠᠳᠤ ᠡᠩᠭᠡᠷ ᠲᠣᠷ ᠭᠠᠨᠵᠤᠭᠠᠯᠠᠵᠤ ᠥᠭᠪᠡ ᠃ ᠫᠣᠯᠭᠤᠳᠠᠢ ᠦᠵᠡᠪᠡᠰᠦ ᠨᠢᠭᠡᠨ ᠠᠯᠲᠠᠨ ᠪᠠ ᠲᠠᠪᠤᠨ ᠥᠩᠭᠡ ᠶ᠋ᠢᠨ ᠮᠠᠩᠨᠤᠭ ᠬᠠᠪᠲᠠᠭ᠎ᠠ ᠶ᠋ᠢᠨ ᠠᠮᠠᠰᠠᠷ ᠢ᠋ ᠰᠠᠢᠲᠤᠷ ᠰᠢᠷᠢᠵᠦᠬᠦᠢ᠃ ᠲᠡᠳᠦᠢ ᠬᠦᠯᠢᠶᠡᠨ ᠠᠪᠴᠤ ᠠᠯᠲᠠᠨᠱᠠᠭ᠎ᠠ ᠳ᠋ᠤᠷ ᠮᠥᠷᠭᠥᠵᠦ ᠰᠠᠯᠤᠭᠠᠳ ᠮᠣᠷᠢ ᠪᠠᠨ ᠤᠨᠤᠨ ᠡᠭᠡᠵᠦ ᠢᠷᠡᠬᠦᠶ᠎ᠡ ᠵᠠᠮ ᠳ᠋ᠤᠷ ᠰᠣᠨᠣᠰᠪᠠᠰᠤ ᠾᠧ ᠸᠠᠩ ᠴᠡᠷᠢᠭ ᠠᠪᠴᠤ ᠭᠣᠷᠯᠣᠳ ᠤᠯᠤᠰ ᠢ᠋ ᠳᠠᠢᠯᠠᠷ᠎ᠠ ᠡᠴᠢᠪᠡ ᠬᠡᠮᠡᠬᠦ ᠲᠤᠯᠠ ᠬᠡᠷᠡᠢᠳ ᠲᠣᠷ ᠬᠦᠷᠦᠮᠡᠭᠴᠡ ᠵᠣᠭᠰᠣᠭ᠎ᠠ ᠪᠠᠷ ᠪᠡᠶ᠎ᠡ ᠶ᠋ᠢᠨ ᠣᠢᠷᠠᠬᠢ ᠨᠥᠬᠥᠷ ᠰᠡᠯᠲᠡ ᠥᠷᠭᠥᠭᠡ ᠮᠠᠢᠬᠠᠨ ᠢ᠋ᠶ᠋ᠠᠨ ᠠᠪᠴᠤ ᠾᠧ ᠸᠠᠩ ᠯᠠᠪ ᠥᠬᠢᠨ ᠢ᠋ᠶ᠋ᠡᠨ ᠠᠪᠴᠤ ᠮᠣᠷᠳᠠᠪᠠᠢ ‍ᠶ᠎ᠠ ᠭᠡᠮᠡᠨ ᠨᠡᠬᠡᠵᠦ ᠳᠣᠪᠲᠣᠯᠪᠠ᠃  
      ᠲᠡᠨᠳᠡᠴᠡ ᠾᠧ ᠸᠠᠩ ᠤ᠋ᠨ ᠭᠣᠷᠯᠣᠳ ᠯᠤᠭ᠎ᠠ ᠴᠡᠷᠢᠭᠯᠡᠭᠰᠡᠨ ᠤᠴᠢᠷ ᠢ᠋ ᠬᠡᠯᠡᠬᠦ ᠢᠨᠦ : ᠤᠭ ᠠ᠋ᠴᠠ ᠬᠡᠷᠡᠢᠳ ᠠᠢᠮᠠᠭ ᠲᠣᠭᠲᠠᠨᠢᠭ᠍ᠰᠠᠨ᠎ᠠ ᠾᠧ ᠸᠠᠩ ᠂ ᠰᠢᠨ᠎ᠡ ᠬᠦᠩ ᠡᠴᠢᠭᠡ ᠬᠥᠪᠡᠭᠦᠨ ᠬᠣᠶᠠᠭᠤᠯᠠ ᠲᠠᠢᠽᠦ ᠶ᠋ᠢᠨ ᠠᠴᠢ ᠡᠷᠳᠡᠮ ᠢ᠋ ᠮᠠᠰᠢ ᠳᠣᠲᠣᠨᠣᠯᠠᠨ ᠰᠡᠳᠬᠢᠵᠦ ᠂ ᠭᠣᠷᠯᠣᠳ ᠤᠯᠤᠰ ᠤᠷᠢᠳᠠ ᠠᠯᠪᠠ ᠪᠠᠷᠢᠮᠤᠢ ᠭᠡᠮᠡᠨ ᠲᠠᠩᠭᠠᠷᠢᠭ᠍ᠯᠠᠭᠰᠠᠨ ᠪᠥᠭᠡᠳ ᠠᠯᠪᠠ ᠪᠠᠨ ᠵᠢᠯ ᠢᠯᠡᠭᠦᠦ ᠪᠣᠯᠲᠠᠯ᠎ᠠ ᠡᠰᠡ ᠲᠤᠰᠢᠶᠠᠵᠤ ᠡᠳᠦᠭᠡ ᠪᠠᠰᠠ ᠢᠯᠠᠭᠤ ᠶ᠋ᠢ ᠴᠡᠷᠢᠭ ᠵᠢᠭᠡᠯᠡᠷ᠎ᠡ ᠡᠴᠢᠭᠰᠡᠨ ᠳ᠋ᠦ᠍ᠷ ᠳᠥᠷᠪᠡ ᠲᠠᠪᠤᠨ ᠡᠳᠦᠷ ᠬᠠᠭᠤᠷᠤᠨ ᠰᠠᠭᠠᠲᠠᠭᠤᠯᠵᠤ ᠂ ᠬᠣᠢᠨ᠎ᠠ ᠲᠠᠢᠽᠦ ᠶ᠋ᠢᠨ ᠴᠡᠷᠢᠭ ᠭᠠᠷᠤᠭᠰᠠᠨ ᠢ᠋ ᠰᠣᠨᠣᠰᠤᠭᠠᠳ ᠰᠠᠶᠢ ᠨᠢᠭᠡᠬᠡᠨ ᠮᠢᠩᠭᠠᠨ ᠴᠡᠷᠢᠭ ᠥᠭᠭᠦᠭᠰᠡᠨ ᠲᠤᠯᠠ ᠲᠠᠢᠽᠦ ᠶ᠋ᠢᠨ ᠰᠠᠢᠨ ᠢ᠋ ᠪᠣᠳᠣᠭᠰᠠᠭᠠᠷ ᠵᠠᠮᠤᠬ᠎ᠠ ᠶ᠋ᠢᠨ ᠮᠠᠭᠤ ᠶ᠋ᠢ ᠰᠠᠨᠠᠭᠠᠯᠵᠠᠵᠤ ᠂ ᠢᠯᠠᠭᠤ ᠳᠠᠷᠤᠢ ᠴᠡᠷᠢᠭ ᠠᠪᠤᠨ ᠳᠠᠢᠯᠠᠷ᠎ᠠ ᠡᠴᠢᠰᠦᠭᠡᠢ ᠬᠡᠮᠡᠬᠦᠢ ᠳ᠋ᠦ᠍ᠷ ᠬᠡᠷᠡᠢᠳ ᠦ᠋ᠨ ᠬᠠᠭᠤᠴᠢᠨ ᠲᠦᠰᠢᠮᠡᠯ ᠬᠤᠷᠭ᠎ᠠ ᠂ ᠠᠨᠳᠠ ᠬᠣᠶᠠᠭᠤᠯᠠ ᠶᠠᠭᠠᠷᠠᠨ ᠵᠣᠭᠰᠣᠭᠠᠵᠤ ᠥᠭᠦᠯᠡᠷᠦᠨ᠄ 《ᠪᠣᠯᠬᠤ ᠦᠭᠡᠢ᠂ ᠭᠣᠷᠯᠣᠳ ᠬᠡᠳᠦᠢ ᠮᠠᠭᠤ ᠪᠣᠯᠪᠠᠴᠤ ᠪᠢᠳᠡ ᠤᠴᠢᠷ ᠢ᠋ ᠦᠯᠦ ᠥᠭᠦᠯᠡᠨ ᠭᠡᠨᠡᠳᠲᠡ ᠴᠡᠷᠢᠭᠯᠡᠪᠡᠰᠦ ᠪᠤᠷᠤᠭᠤ ᠠᠨᠤ ᠮᠠᠨ ᠳ᠋ᠤᠷ ᠪᠣᠯᠤᠮᠤᠢ᠂ ᠤᠷᠢᠳᠠ ᠨᠢᠭᠡᠨ ᠡᠯᠴᠢ ᠢᠯᠡᠭᠡᠵᠦ ᠲᠡᠳᠡᠨ ᠦ᠌ ᠲᠠᠩᠭᠠᠷᠢᠭ᠋ ᠢ᠋ ᠠᠰᠠᠭᠤᠨ ᠠᠯᠪᠠ ᠬᠥᠭᠡᠭᠡᠯᠭᠡᠷ᠎ᠡ ᠵᠠᠷᠤᠰᠤᠭᠠᠢ᠂ ᠲᠡᠳᠡ ᠬᠡᠷᠪᠡ ᠤᠬᠠᠵᠤ ᠮᠡᠳᠡᠭᠡᠳ ᠠᠯᠪᠠ ᠪᠠᠨ ᠦᠭᠪᠡᠰᠦ ᠲᠡᠢᠨ ᠳᠡᠭᠳᠡᠭᠡᠬᠦ ᠶ᠋ᠢ ᠲᠦᠷ ᠵᠣᠭᠰᠣᠰᠤᠭᠠᠢ ᠂ ᠦᠨᠡᠬᠡᠷ ᠠᠮᠠᠯᠳᠠᠭᠰᠠᠨ ᠢ᠋ᠶ᠋ᠠᠨ ᠨᠢᠴᠤᠵᠤ ᠠᠯᠪᠠ ᠪᠠᠨ ᠡᠰᠡ ᠥᠭᠪᠡᠰᠦ ᠪᠤᠷᠤᠭᠤ ᠲᠡᠳᠡᠨ ᠳ᠋ᠦ᠍ᠷ ᠪᠣᠯᠬᠤ ᠲᠤᠯᠠ ᠴᠡᠷᠢᠭᠯᠡᠬᠦᠢ ᠳ᠋ᠦ᠍ᠷ ᠬᠣᠵᠢᠮᠳᠠᠬᠤ ᠦᠭᠡᠢ ᠪᠣᠯᠠᠢ !》 ᠬᠡᠮᠡᠭᠰᠡᠨ ᠳ᠋ᠦ᠍ᠷ ᠾᠧ ᠸᠠᠩ ᠦᠭᠡ ᠶ᠋ᠢ ᠠᠪᠴᠤ ᠲᠠᠪᠤᠨ ᠵᠠᠭᠤᠨ ᠴᠡᠷᠢᠭ ᠦ᠋ᠨ ᠳᠠᠷᠤᠭ᠎ᠠ ᠲᠦᠰᠢᠮᠡᠯ ᠠᠰᠤᠷᠢ ᠬᠡᠮᠡᠭᠴᠢ ᠶ᠋ᠢ ᠭᠣᠷᠯᠣᠳ ᠤ᠋ᠨ ᠤᠯᠤᠰ ᠠ᠋ᠴᠠ ᠠᠯᠪᠠ ᠬᠥᠭᠡᠭᠡᠯᠭᠡᠷ᠎ᠡ ᠢᠯᠡᠭᠡᠪᠡ ᠃ ᠠᠰᠤᠷᠢ ᠭᠣᠷᠯᠣᠳ ᠲᠤᠷ ᠬᠦᠷᠴᠦ ᠵᠣᠴᠢᠨ ᠤ᠋ ᠪᠠᠭᠤᠳᠠᠯ ᠳ᠋ᠤᠷ ᠪᠠᠭᠤᠭᠰᠠᠨ ᠤ᠋ ᠬᠣᠢᠨ᠎ᠠ ᠂ ᠵᠠᠮᠤᠬ᠎ᠠ ᠬᠠᠨ ᠵᠠᠭᠤᠨ ᠲᠦᠰᠢᠮᠡᠳ ᠢ᠋ᠶ᠋ᠡᠨ ᠴᠤᠭᠯᠠᠭᠤᠯᠵᠤ ᠵᠠᠷᠯᠢᠭ ᠪᠣᠯᠤᠷᠤᠨ :《ᠠᠰᠤᠷᠢ ᠶ᠋ᠢᠨ ᠡᠨᠡ ᠢᠷᠡᠭᠰᠡᠨ ᠠᠨᠤ ᠰᠣᠨᠣᠰᠬᠤᠯ᠎ᠠ ᠾᠧ ᠸᠠᠩ ᠳᠠᠬᠢᠨ ᠬᠡᠷᠡᠢᠳ ᠢ᠋ᠶ᠋ᠡᠨ ᠣᠯᠵᠤ ᠬᠡᠳᠦᠨ ᠣᠭᠣᠴᠢ ᠤᠭᠤᠷᠠᠭ ᠣᠯᠵᠤ ᠤᠤᠭᠤᠭᠠᠳ ᠪᠠᠬᠠᠨ ᠭᠡᠳᠡᠰᠦ ᠳᠦᠭᠦᠷᠡᠩ ᠪᠠᠶᠠᠨ ᠴᠠᠳᠬᠤᠯᠠᠩ ᠳ᠋ᠤᠷ ᠢ᠋ᠶ᠋ᠠᠨ ᠦᠮᠡᠬᠡᠢ ᠣᠮᠣᠭ ᠲᠥᠷᠥᠵᠦ ᠣᠳᠣ ᠨᠠᠳᠠ ᠯᠤᠭ᠎ᠠ ᠬᠠᠯᠳᠠᠷ᠎ᠠ ᠢᠷᠡᠭᠰᠡᠨ ᠪᠣᠢ ‍ᠶ᠎ᠠ ! 》ᠬᠡᠮᠡᠭᠰᠡᠨ ᠳ᠋ᠦ᠍ᠷ ᠣᠢᠷᠠᠳ ᠤ᠋ᠨ ᠬᠤᠳᠠᠭᠠᠨ᠎ᠠ ᠪᠡᠬᠢ ᠥᠭᠦᠯᠡᠷᠦᠨ : 《ᠤᠷᠢᠳᠠ ᠵᠢᠯ ᠪᠢᠳᠡ ᠪᠸᠲ᠋ᠠ᠋ ᠤᠯᠤᠰ ᠲᠤᠷ ᠬᠠᠭᠠᠭᠳᠠᠵᠤ ᠲᠡᠭᠦᠨ ᠢ᠋ ᠪᠸᠲ᠋ᠠ᠋ ᠤᠯᠤᠰ ᠠ᠋ᠴᠠ ᠬᠠᠭᠠᠴᠠᠭᠤᠯᠵᠤ ᠂ ᠴᠡᠷᠢᠭ ᠢ᠋ ᠲᠡᠵᠢᠭᠡᠬᠦ ᠶ᠋ᠢᠨ ᠲᠤᠯᠠ ᠵᠢᠯ ᠪᠦᠷᠢ ᠠᠯᠪᠠ ᠪᠠᠷᠢᠰᠤᠭᠠᠢ ᠭᠡᠮᠡᠨ ᠠᠮᠠ ᠠᠯᠳᠠᠭᠰᠠᠨ ᠪᠥᠯᠥᠭᠡ ᠃ ᠳᠠᠷᠠᠭ᠎ᠠ ᠪᠠᠷ ᠬᠣᠶᠠᠷ ᠵᠢᠯ ᠰᠢᠬᠠᠮ ᠪᠣᠯᠲᠠᠯ᠎ᠠ ᠠᠯᠪᠠ ᠡᠰᠡ ᠥᠭᠪᠡ ᠃ ᠯᠠᠪ ᠲᠡᠭᠦᠨ ᠢ᠋ ᠳᠤᠷᠠᠳᠤᠨ ᠢᠯᠡᠭᠡᠪᠡᠢ ‍ᠶ᠎ᠠ ᠂ ᠲᠡᠨᠡᠭ ᠦ᠋ᠨ ᠤᠯᠤᠰ ᠲᠤᠷ ᠲᠡᠰᠡᠷᠭᠦ ᠬᠤᠳᠠᠯᠴᠢ ᠪᠣᠯᠵᠤ ᠦᠯᠦ ᠪᠣᠯᠤᠮᠤᠢ ᠂ ᠬᠠᠨ ᠡᠵᠡᠨ ᠵᠦᠢ ᠢᠨᠦ ᠬᠡᠯᠡᠭᠰᠡᠨ ᠶᠣᠰᠣᠭᠠᠷ ᠥᠭᠴᠦ ᠢᠯᠡᠬᠡᠨ ᠂ ᠬᠡᠯᠡᠭᠰᠡᠨ ᠦᠭᠡ ᠳ᠋ᠡᠭᠡᠨ ᠬᠦᠷᠪᠡᠰᠦ ᠵᠣᠬᠢᠮᠤᠢ ! 》ᠬᠡᠮᠡᠭᠰᠡᠨ ᠳ᠋ᠦ᠍ᠷ ᠴᠢᠨᠳᠠᠭᠠᠨ᠎ᠠ ᠴᠠᠭᠠᠨ ᠲᠣᠰᠴᠤ ᠥᠭᠦᠯᠡᠷᠦᠨ : 《ᠥᠭᠴᠦ ᠪᠣᠯᠬᠤ ᠦᠭᠡᠢ ᠂ ᠲᠡᠷᠡ ᠥᠨᠥᠬᠡᠨ ᠪᠢᠳᠡᠨ ᠡᠴᠡ ᠨᠢᠭᠡᠨ ᠮᠢᠩᠭᠠᠨ ᠴᠡᠷᠢᠭ ᠵᠢᠭᠡᠯᠡᠨ ᠠᠪᠠᠴᠢᠭᠠᠳ ᠡᠭᠡᠭᠦᠯᠵᠦ ᠢᠯᠡᠭᠡᠭᠰᠡᠨ ᠠᠨᠤ ᠳᠣᠯᠣᠭᠠᠨ ᠵᠠᠭᠤᠨ ᠴᠤ᠌ ᠬᠦᠷᠬᠦ ᠦᠭᠡᠢ ᠂ ᠡᠨᠡ ᠳᠠᠷᠤᠢ ᠲᠡᠭᠦᠨ ᠳ᠋ᠦ᠍ᠷ ᠲᠠᠯ᠎ᠠ ᠥᠭᠭᠦᠭᠰᠡᠨ ᠶᠠᠪᠤᠳᠠᠯ ᠃ ᠲᠡᠷᠡ ᠴᠦ᠍ ᠪᠠᠢᠲᠤᠭᠠᠢ ᠪᠢᠳᠡ ᠤᠭ ᠠ᠋ᠴᠠ ᠲᠡᠭᠦᠨ ᠳ᠋ᠦ᠍ᠷ ᠠᠯᠪᠠ ᠥᠭᠰᠦᠭᠡᠢ ᠬᠡᠮᠡᠭᠰᠡᠨ ᠢᠨᠦ ᠂ ᠲᠡᠭᠦᠨ ᠢ᠋ ᠪᠸᠲ᠋ᠠ᠋ ᠤᠯᠤᠰ ᠠ᠋ᠴᠠ ᠬᠠᠭᠠᠴᠠᠭᠤᠯᠰᠤᠭᠠᠢ ᠬᠡᠮᠡᠭᠰᠡᠨ ᠰᠠᠨᠠᠭᠠᠨ ᠪᠣᠯᠠᠢ ᠃ ᠡᠳᠦᠭᠡ ᠪᠸᠲ᠋ᠠ᠋ ᠤᠯᠤᠰ ᠤ᠋ᠨ ᠡᠵᠡᠨ ᠲᠡᠮᠦᠵᠢᠨ ᠲᠡᠭᠦᠨ ᠦ᠌ ᠬᠠᠭᠠᠭᠳᠠᠭᠰᠠᠨ ᠢ᠋ ᠪᠢᠳᠡᠨ ᠡᠴᠡ ᠤᠷᠢᠳᠠ ᠴᠡᠷᠢᠭ ᠢᠯᠡᠬᠡᠨ ᠲᠡᠩᠬᠡᠷᠡᠭᠦᠯᠵᠦ ᠪᠠᠰᠠ ᠲᠡᠭᠦᠨ ᠦ᠌ ᠠᠯᠳᠠᠭᠰᠠᠨ ᠬᠡᠷᠡᠢᠳ ᠤᠯᠤᠰ ᠢ᠋ ᠠᠪᠴᠤ ᠥᠭᠭᠦᠭᠰᠡᠨ ᠲᠤᠯᠠ ᠲᠡᠳᠡᠨ ᠢ᠋ ᠬᠠᠮᠲᠤᠳᠤᠭᠰᠠᠨ ᠠᠨᠤ ᠢᠯᠡᠷᠬᠡᠢ ᠪᠤᠰᠤ ᠤᠤ ?  ᠪᠢᠳᠡ ᠲᠡᠭᠦᠨ ᠳ᠋ᠦ᠍ᠷ ᠠᠯᠪᠠ ᠥᠭᠭᠦᠭᠰᠡᠨ ᠢ᠋ᠶ᠋ᠡᠷ ᠲᠡᠭᠦᠨ ᠢ᠋ ᠪᠠᠶᠠᠰᠬᠠᠨ ᠴᠢᠳᠠᠬᠤ ᠦᠭᠡᠢ ᠪᠣᠯᠤᠭᠰᠠᠨ ᠲᠤᠯᠠ ᠣᠭᠲᠣ ᠲᠤᠰᠠ ᠦᠭᠡᠢ ᠪᠣᠯᠵᠤᠬᠤᠢ ᠃ ᠶᠠᠭᠤᠨ ᠳ᠋ᠤᠷ ᠡᠢᠮᠦ ᠶᠡᠬᠡ ᠤᠯᠤᠰ ᠪᠥᠭᠡᠳ ᠲᠡᠭᠦᠨ ᠦ᠌ ᠵᠡᠷᠭᠡ ᠶ᠋ᠢᠨ ᠬᠥᠭᠡᠷᠦᠬᠦᠢ ᠥᠲᠡᠯ᠎ᠡ ᠬᠥᠮᠦᠨ ᠳ᠋ᠦ᠍ᠷ ᠠᠯᠪᠠ ᠪᠠᠷᠢᠮᠤᠢ? 》 ᠬᠤᠳᠠᠭᠠᠨ᠎ᠠ ᠪᠡᠬᠢ ᠥᠭᠦᠯᠡᠷᠦᠨ :  《ᠲᠡᠢᠨ ᠥᠭᠦᠯᠡᠵᠦ ᠦᠯᠦ ᠪᠣᠯᠤᠮᠤᠢ ᠂ ᠡᠳᠦᠭᠡ ᠮᠠᠨ ᠤ᠋ ᠤᠯᠤᠰ ᠪᠠᠬᠠᠨ ᠴᠢᠭᠢᠷᠠᠭ ᠪᠣᠯᠣᠮᠠᠭᠴᠠ ᠡᠢᠮᠦ ᠪᠣᠯᠪᠠᠰᠤ ᠲᠡᠷᠡ ᠵᠢᠯ ᠦ᠋ᠨ ᠠᠶᠤᠵᠤ ᠰᠢᠬᠠᠮᠳᠠᠭᠰᠠᠨ ᠳ᠋ᠠᠭᠠᠨ ᠠᠮᠠ ᠠᠯᠳᠠᠭᠰᠠᠨ ᠠᠨᠤ ᠢᠯᠡ ᠪᠣᠯᠬᠤ ᠲᠤᠯᠠ ᠢᠴᠢᠭᠦᠷᠢ ᠪᠤᠰᠤ ᠤᠤ ?  ᠤᠷᠢᠳᠠ ᠨᠢᠭᠡᠨᠲᠡ ᠥᠭᠦᠯᠡᠭᠡᠳ ᠡᠳᠦᠭᠡ ᠦᠭᠡ ᠶᠦ᠍ᠭᠡᠨ ᠢᠳᠡᠪᠡᠰᠦ ᠬᠠᠷᠢ ᠤᠯᠤᠰ ᠲᠤᠷ ᠢᠲᠡᠭᠡᠮᠵᠢ ᠦᠭᠡᠢ ᠪᠣᠯᠤᠮᠤᠢ ᠂ ᠬᠥᠮᠦᠨ ᠪᠣᠯᠤᠭᠠᠳ ᠢᠲᠡᠭᠡᠮᠵᠢ ᠦᠭᠡᠢ ᠂ ᠢᠴᠢᠭᠦᠷᠢ ᠦᠭᠡᠢ ᠪᠣᠯᠪᠠᠰᠤ ᠶᠠᠭᠠᠬᠢᠨ ᠶᠡᠬᠡ ᠤᠯᠤᠰ ᠬᠡᠮᠡᠵᠦ ᠪᠣᠯᠬᠤ ᠠᠵᠢ ! ᠲᠡᠷᠡ ᠴᠦ᠍ ᠪᠠᠢᠲᠤᠭᠠᠢ ᠂ ᠠᠯᠪᠠ ᠥᠭᠭᠦᠭᠰᠡᠨ ᠢ᠋ᠶ᠋ᠡᠷ ᠬᠡᠷᠡᠢᠳ ᠦ᠋ᠨ ᠪᠠᠶᠠᠰᠬᠤ ᠦᠭᠡᠢ ᠶ᠋ᠢ ᠮᠡᠳᠡᠪᠡᠰᠦ ᠂ ᠠᠯᠪᠠ ᠡᠰᠡ ᠦᠭᠪᠡᠰᠦ ᠠᠭᠤᠷᠯᠠᠬᠤ ᠠᠨᠤ ᠮᠠᠭᠠᠳ ᠪᠣᠯᠠᠢ ᠂ ᠬᠡᠷᠡᠢᠳ ᠠᠭᠤᠷᠯᠠᠪᠠᠰᠤ ᠳᠠᠷᠤᠢ ᠪᠸᠲ᠋ᠠ᠋ ᠤᠯᠤᠰ ᠯᠤᠭ᠎ᠠ ᠨᠡᠢᠯᠡᠵᠦ ᠲᠡᠷᠡ ᠵᠢᠯ ᠦ᠋ᠨ ᠵᠣᠪᠠᠯᠠᠩ ᠪᠠᠰᠠ ᠨᠢᠳᠦᠨ ᠦ᠌ ᠡᠮᠦᠨ᠎ᠡ ᠬᠦᠷᠴᠦ ᠢᠷᠡᠬᠦ ᠦᠭᠡᠢ ᠦᠦ ? 》ᠴᠢᠨᠳᠠᠭᠠᠨ᠎ᠠ ᠴᠠᠭᠠᠨ ᠥᠭᠦᠯᠡᠷᠦᠨ : 《ᠲᠡᠷᠡ ᠵᠢᠯ ᠮᠠᠨ ᠤ᠋ ᠤᠯᠤᠰ ᠰᠢᠨᠡᠬᠡᠨ ᠲᠣᠭᠲᠠᠵᠤ ᠂ ᠴᠡᠷᠢᠭ ᠴᠥᠭᠡᠨ ᠪᠥᠭᠡᠳ ᠵᠥᠭᠡᠯᠡᠨ ᠶᠠᠳᠠᠩᠭᠢ ᠪᠥᠯᠥᠭᠡ ᠂ ᠡᠳᠦᠭᠡ ᠴᠡᠷᠢᠭ ᠨᠡᠮᠡᠭᠳᠡᠵᠦ ᠪᠠᠰᠠ ᠪᠣᠯᠪᠠᠰᠤᠷᠠᠨ ᠲᠡᠭᠦᠰᠴᠦᠬᠦᠢ ᠃ ᠲᠡᠳᠡᠨ ᠢᠷᠠᠪᠠᠰᠤ ᠳᠠᠷᠤᠢ ᠲᠤᠯᠵᠤ ᠪᠠᠢᠯᠳᠤᠮᠤᠢ ‍ᠶ᠎ᠠ ᠂ ᠬᠡᠨ ᠬᠡᠨ ᠳ᠋ᠡᠭᠡᠨ ᠠᠯᠪᠠ ᠪᠠᠷᠢᠬᠤ ᠶ᠋ᠢ ᠬᠡᠷᠬᠢᠨ ᠣᠯᠵᠤ ᠮᠡᠳᠡᠮᠦᠢ ?  ᠠᠬᠠᠢ ᠶ᠋ᠢᠨ ᠦᠭᠡ ᠪᠡᠷ ᠪᠣᠯᠪᠠᠰᠤ ᠪᠢᠳᠡ ᠡᠴᠦᠰᠲᠡᠯ᠎ᠡ ᠬᠡᠷᠡᠢᠳ ᠲᠣᠷ ᠠᠯᠪᠠ ᠪᠠᠷᠢᠵᠤ ᠶᠠᠪᠤᠮᠤᠢ ᠤᠤ ?  》  ᠵᠠᠮᠤᠬ᠎ᠠ ᠥᠭᠦᠯᠡᠷᠦᠨ : 《ᠬᠣᠶᠠᠷ ᠤᠯᠤᠰ ᠤ᠋ᠨ ᠴᠡᠷᠢᠭ ᠵᠡᠷᠭᠡ ᠪᠡᠷ ᠬᠦᠷᠴᠦ ᠢᠷᠡᠪᠡᠰᠦ ᠨᠢᠭᠡᠨ ᠡᠲᠡᠭᠡᠳ ᠢ᠋ᠶ᠋ᠡᠷ ᠲᠤᠯᠬᠤᠶ᠎ᠠ ᠪᠡᠷᠬᠡ ᠂ ᠴᠡᠷᠢᠭ ᠦ᠋ᠨ ᠶᠣᠰᠣ ᠤᠷᠢᠳᠠ ᠬᠥᠳᠡᠯᠪᠡᠰᠦ ᠬᠥᠮᠦᠨ ᠢ᠋ ᠳᠠᠶᠢᠯᠮᠤᠢ᠂ ᠬᠣᠵᠢᠮ ᠬᠥᠳᠡᠯᠪᠡᠰᠦ ᠬᠥᠮᠦᠨ ᠳ᠋ᠦ᠍ᠷ ᠳᠡᠢᠯᠦᠭᠳᠡᠮᠦᠢ ᠃ ᠨᠠᠳᠠ ᠳ᠋ᠤᠷ ᠨᠢᠭᠡᠨ ᠰᠠᠨᠠᠭᠠᠨ ᠪᠣᠢ ! 》 ᠬᠡᠮᠡᠭᠡᠳ ᠠᠰᠤᠷᠢ ᠶ᠋ᠢ ᠠᠪᠬᠠᠭᠤᠯᠤᠷ᠎ᠠ ᠢᠯᠡᠭᠡᠪᠡ ᠃ ᠠᠰᠤᠷᠢ ᠣᠷᠣᠵᠤ ᠦᠵᠡᠪᠡᠰᠦ ᠵᠠᠮᠤᠬ᠎ᠠ ᠬᠠᠨ ᠰᠢᠷᠡᠭᠡᠨ ᠳ᠋ᠡᠭᠡᠨ ᠰᠠᠭᠤᠵᠤ ᠵᠣᠴᠢᠨ ᠢ᠋ ᠬᠦᠨᠳᠦᠯᠡᠬᠦ ᠠᠭᠠᠯᠢ ᠥᠴᠦᠬᠡᠨ ᠴᠦ᠍ ᠦᠭᠡᠢ ᠳ᠋ᠦ᠍ᠷ ᠠᠰᠤᠷᠢ ᠥᠭᠦᠯᠡᠷᠦᠨ : 《ᠤᠷᠢᠳᠤ ᠵᠢᠯ ᠲᠠᠨ ᠤ᠋ ᠤᠯᠤᠰ ᠪᠣᠷᠵᠢᠭᠢᠳ ᠲᠤᠷ ᠪᠤᠲᠠᠷᠠᠭᠠᠭᠳᠠᠬᠤ ᠰᠢᠬᠠᠭᠠᠳ ᠮᠠᠨ ᠤ᠋ ᠤᠯᠤᠰ ᠲᠤᠷ ᠰᠢᠷᠭᠤᠭᠰᠠᠨ ᠢ᠋ᠶ᠋ᠠᠷ ᠮᠠᠨ ᠤ᠋ ᠡᠵᠡᠨ ᠬᠥᠭᠡᠷᠦᠬᠦᠢᠯᠡᠵᠦ ᠴᠡᠷᠢᠭ ᠢ᠋ᠶ᠋ᠡᠨ ᠲᠠᠲᠠᠭᠠᠳ ᠲᠠᠨ ᠤ᠋ ᠨᠢᠭᠡᠨ ᠤᠯᠤᠰ ᠤ᠋ᠨ ᠬᠡᠮᠬᠡᠷᠡᠨ ᠰᠥᠨᠥᠬᠦ ᠶ᠋ᠢ ᠠᠪᠤᠷᠠᠪᠠ ᠃ ᠡᠳᠦᠭᠡ ᠮᠠᠭᠤ ᠳ᠋ᠤᠷ ᠬᠦᠷᠲᠡᠭᠰᠡᠨ ᠪᠸᠲ᠋ᠠ᠋ ᠤᠯᠤᠰ ᠬᠠᠷᠢᠨ ᠮᠠᠨ ᠳ᠋ᠤᠷ ᠰᠠᠢᠨ ᠢ᠋ᠶ᠋ᠠᠨ ᠬᠦᠷᠭᠡᠵᠦ ᠂ ᠰᠠᠢᠨ ᠳ᠋ᠤᠷ ᠬᠦᠷᠲᠡᠭᠰᠡᠨ ᠲᠠ ᠬᠠᠷᠢᠨ ᠮᠠᠭᠤ ᠶᠤᠭᠠᠨ ᠴᠤ᠌ ᠬᠦᠷᠭᠡᠬᠦ ᠦᠭᠡᠢ ᠲᠤᠯᠠ ᠮᠠᠨ ᠤ᠋ ᠡᠵᠡᠨ ᠲᠤᠬᠠᠢᠯᠠᠨ ᠨᠠᠮᠠᠶ᠋ᠢ ᠪᠣᠯᠭᠣᠭᠠᠵᠤ ᠦᠵᠡ ᠭᠡᠮᠡᠨ ᠢᠯᠡᠭᠡᠪᠡ ᠃ 》 ᠵᠠᠮᠤᠬ᠎ᠠ ᠢᠨᠢᠶᠡᠨ ᠥᠭᠦᠯᠡᠷᠦᠨ : 《 ᠪᠢ ᠲᠠᠨ ᠤ᠋ ᠰᠠᠢᠨ ᠢ᠋ ᠤᠮᠠᠷᠲᠠᠭᠰᠠᠨ ᠪᠤᠰᠤ ᠂ ᠭᠠᠭᠴᠠ ᠡᠨᠡ ᠬᠣᠶᠠᠷ ᠵᠢᠯ ᠦ᠋ᠨ ᠬᠣᠭᠣᠷᠣᠨᠳᠣ ᠤᠯᠤᠰ ᠲᠤᠷ ᠭᠠᠮᠰᠢᠭ᠋ ᠪᠣᠯᠵᠤ ᠦᠭᠡ ᠳ᠋ᠡᠭᠡᠨ ᠬᠦᠷᠴᠦ ᠴᠢᠳᠠᠭᠰᠠᠨ ᠦᠭᠡᠢ ᠢᠨᠦ ᠦᠨᠡᠨ ᠂ ᠴᠢ ᠡᠭᠡᠵᠦ ᠸᠠᠩ ᠳ᠋ᠠᠭᠠᠨ ᠰᠠᠢᠨ ᠢ᠋ᠶ᠋ᠠᠷ ᠥᠭᠦᠯᠡ ᠂ ᠡᠨᠡ ᠵᠢᠯ ᠦ᠋ᠨ ᠡᠴᠦᠰ ᠲᠦ᠍ᠷ ᠪᠢ ᠬᠡᠳᠦᠨ ᠵᠢᠯ ᠦ᠋ᠨ ᠠᠯᠪᠠ ᠶ᠋ᠢ ᠴᠥᠮ ᠬᠤᠷᠢᠶᠠᠮᠵᠢᠯᠠᠵᠤ ᠬᠥᠷᠭᠡᠯᠭᠡᠰᠦᠭᠡᠢ ᠂ ᠲᠦᠷ ᠴᠢᠯᠥᠭᠡ ᠲᠠᠯᠪᠢᠬᠤ ᠶ᠋ᠢ ᠭᠤᠶᠤᠮᠤᠢ ! 》ᠬᠡᠮᠡᠭᠰᠡᠨ ᠳ᠋ᠦ᠍ᠷ ᠠᠰᠤᠷᠢ ᠠᠷᠭ᠎ᠠ ᠦᠭᠡᠢ ᠬᠣᠢᠰᠢ ᠡᠭᠡᠵᠦ ᠢᠷᠡᠭᠡᠳ ᠵᠦᠢ ᠵᠦᠢ ᠪᠡᠷ ᠮᠡᠳᠡᠭᠦᠯᠪᠡ ᠃   
      ᠲᠡᠭᠦᠨᠴᠡ ᠵᠠᠮᠤᠬ᠎ᠠ ᠬᠡᠷᠡᠢᠳ ᠦ᠋ᠨ ᠡᠯᠴᠢ ᠶ᠋ᠢ ᠡᠭᠡᠭᠦᠯᠦᠮᠡᠭᠴᠡ ᠣᠯᠠᠨ ᠲᠦᠰᠢᠮᠡᠳ ᠢ᠋ᠶ᠋ᠡᠨ ᠴᠤᠭᠯᠠᠭᠤᠯᠵᠤ ᠵᠠᠷᠯᠢᠭ ᠪᠣᠯᠤᠷᠤᠨ : 《ᠬᠡᠷᠡᠢᠳ ᠦ᠋ᠨ ᠨᠢᠭᠡᠨ ᠥᠲᠡᠯ᠎ᠡ ᠪᠢᠯᠳᠠᠤᠴᠢ ᠬᠥᠭᠰᠢᠨ ᠡᠴᠡ ᠪᠢ ᠶᠠᠭᠠᠬᠢᠨ ᠠᠶᠤᠬᠤ ᠪᠣᠢ ?  ᠠᠶᠤᠬᠤ ᠠᠨᠤ  ᠪᠸᠲ᠋ᠠ᠋ ᠤᠯᠤᠰ ᠤ᠋ᠨ ᠡᠵᠡᠨ ᠲᠡᠮᠦᠵᠢᠨ ᠪᠣᠯᠠᠢ ᠃ ᠲᠡᠭᠦᠨ ᠢ᠋ ᠡᠷᠲᠡᠬᠡᠨ ᠡᠰᠡ ᠰᠥᠨᠥᠭᠡᠪᠡᠰᠦ ᠪᠢ ᠤᠳᠠᠭᠠᠨ ᠳ᠋ᠠᠭᠠᠨ ᠴᠥᠮ ᠲᠡᠭᠦᠨ ᠦ᠌ ᠲᠣᠭᠣᠭᠠᠨ ᠤ᠋ ᠳᠣᠲᠣᠷᠠᠬᠢ ᠵᠢᠭᠠᠰᠤ ᠪᠣᠯᠤᠮᠤᠢ ! 》ᠬᠡᠮᠡᠭᠡᠳ ᠥᠪᠡᠷ ᠦ᠋ᠨ ᠳᠣᠣᠷᠠᠬᠢ ᠬᠠᠲᠠᠭᠢᠨ ᠂ ᠰᠠᠯᠵᠢᠭᠤᠳ ᠂ ᠠᠺᠠᠷᠢᠭ ᠂ ᠣᠢᠷᠠᠳ ᠂ ᠭᠣᠷᠯᠤᠰᠤᠨ ᠂  ᠭᠣᠷᠯᠣᠳ ᠂ ᠱᠠᠯᠵᠠᠲᠠᠢ ᠂ ᠰᠠᠮᠤᠷᠬᠠᠨ ᠡᠨᠡ ᠶᠢᠰᠦᠨ ᠠᠢᠮᠠᠭ ᠤ᠋ᠨ ᠳᠡᠭᠡᠷ᠎ᠡ ᠬᠣᠵᠢᠮ ᠨᠡᠮᠡᠭᠰᠡᠨ ᠳᠥᠷᠪᠡᠳ ᠂ ᠰᠠᠴᠤᠭ᠎ᠠ ᠂ ᠲᠣᠢ ᠬᠡᠮᠡᠬᠦ ᠭᠤᠷᠪᠠᠨ ᠠᠢᠮᠠᠭ ᠤ᠋ᠨ ᠴᠡᠷᠢᠭ ᠲᠡᠢ ᠨᠡᠢᠲᠡ ᠠᠷᠪᠠᠨ ᠬᠣᠶᠠᠷ ᠠᠢᠮᠠᠭ ᠢ᠋ ᠠᠯᠢ ᠪᠤᠯᠠᠭ ᠤ᠋ᠨ ᠳᠣᠣᠷ᠎ᠠ ᠴᠢᠭᠤᠯᠭᠠᠨ ᠴᠢᠭᠤᠯᠤᠭᠤᠯᠵᠤ ᠂ ᠴᠠᠭᠠᠨ ᠮᠣᠷᠢ ᠬᠠᠷ᠎ᠠ ᠦᠬᠡᠷ ᠠᠯᠠᠵᠤ ᠴᠢᠰᠤᠨ ᠢ᠋ ᠤᠤᠭᠤᠨ ᠲᠠᠩᠭᠠᠷᠢᠭ᠍ᠯᠠᠭᠠᠳ ᠡᠷᠭᠢ ᠶ᠋ᠢᠨ ᠰᠢᠷᠣᠢ ᠶ᠋ᠢ ᠳᠡᠪᠰᠡᠨ ᠡᠮᠪᠦᠷᠢᠭᠦᠯᠵᠦ ᠮᠣᠳᠣᠨ ᠤ᠋ ᠬᠠᠯᠢᠰᠤ ᠶ᠋ᠢ ᠢᠯᠳᠦ ᠪᠡᠷ ᠴᠠᠪᠴᠢᠨ ᠲᠠᠩᠭᠠᠷᠢᠭ᠍ᠯᠠᠨ ᠥᠭᠦᠯᠡᠷᠦᠨ᠄ 《ᠮᠠᠨ ᠤ᠋ ᠬᠡᠨ ᠬᠥᠮᠦᠨ ᠡᠨᠡ ᠦᠭᠡ ᠡᠨᠡ ᠲᠠᠩᠭᠠᠷᠢᠭ᠋ ᠠ᠋ᠴᠠ ᠪᠠᠨ ᠨᠢᠴᠤᠪᠠᠰᠤ ᠡᠨᠡ ᠡᠷᠭᠢ ᠶ᠋ᠢᠨ ᠰᠢᠷᠣᠢ ᠮᠡᠲᠦ ᠡᠮᠪᠦᠷᠢᠨ ᠶᠡᠭᠦᠷᠡᠲᠦᠭᠡᠢ ᠃ ᠡᠨᠡ ᠮᠣᠳᠣᠨ ᠤ᠋ ᠬᠠᠯᠢᠰᠤ ᠮᠡᠲᠦ ᠴᠠᠪᠴᠢᠭ᠍ᠳᠠᠨ ᠣᠭᠲᠣᠯᠤᠭᠳᠠᠲᠤᠭᠠᠢ !》ᠬᠡᠮᠡᠭᠰᠡᠨ ᠳ᠋ᠦ᠍ᠷ ᠵᠠᠮᠤᠬ᠎ᠠ ᠶᠡᠬᠡᠯ᠎ᠡ ᠪᠠᠶᠠᠷᠯᠠᠵᠤ ᠲᠡᠷᠡ ᠡᠳᠦᠷ ᠨᠠᠭᠤᠷ ᠳᠠᠯᠠᠢ ᠮᠡᠲᠦ ᠶᠡᠬᠡᠯ᠎ᠡ ᠬᠤᠷᠢᠮᠯᠠᠪᠠᠢ ᠃ 
      ᠲᠡᠷᠡ ᠦᠶ᠎ᠡ ᠳ᠋ᠦ᠍ᠷ ᠬᠠᠷᠠᠬᠠᠨ ᠲᠠᠪᠤᠨ ᠰᠠᠷ᠎ᠠ ᠶ᠋ᠢᠨ ᠴᠠᠭ ᠲᠤᠯᠠ ᠮᠠᠰᠢ ᠬᠠᠯᠠᠭᠤᠨ᠂ ᠤᠮᠠᠷ᠎ᠠ ᠭᠠᠵᠠᠷ ᠪᠣᠯᠪᠠᠰᠤ ᠥᠴᠦᠬᠡᠨ ᠴᠦ᠍ ᠵᠢᠪᠠᠷ ᠰᠠᠯᠬᠢᠨ ᠦᠭᠡᠢ ᠂ ᠨᠢᠭᠡᠨ ᠲᠡᠷᠭᠡᠯ ᠤᠯᠠᠭᠠᠨ ᠨᠠᠷᠠᠨ ᠣᠭᠲᠠᠷᠭᠤᠢ ᠶ᠋ᠢᠨ ᠴᠡᠭᠡᠯ ᠳ᠋ᠦ᠍ᠷ ᠡᠷᠭᠢᠵᠦ ᠳᠡᠭᠡᠷ᠎ᠡ ᠡᠴᠡ ᠭᠠᠯ ᠤ᠋ᠨ ᠬᠦᠷᠳᠦᠨ ᠮᠡᠲᠦ ᠰᠢᠷᠠᠵᠤ᠂ ᠳᠣᠣᠷ᠎ᠠ ᠭᠠᠵᠠᠷ ᠳᠠᠬᠢ ᠡᠯᠡᠰᠦ ᠬᠤᠮᠠᠭ ᠴᠥᠮ ᠨᠢᠯᠴᠢᠭᠢᠨᠡᠮ᠎ᠡ ᠬᠠᠯᠠᠭᠤᠨ᠂ ᠳᠣᠣᠷ᠎ᠠ ᠠ᠋ᠴᠠ ᠬᠠᠯᠠᠭᠤᠯᠵᠤ ᠦᠨᠡᠬᠡᠷ ᠰᠢᠲᠠᠭᠠᠬᠤ ᠮᠡᠲᠦ ᠳ᠋ᠦ᠍ᠷ ᠵᠠᠮᠤᠬ᠎ᠠ ᠬᠡᠳᠦᠢ ᠰᠡᠷᠢᠬᠦ ᠶ᠋ᠢ ᠡᠷᠢᠵᠦ ᠣᠢ ᠪᠤᠯᠠᠭ ᠤ᠋ᠨ ᠡᠬᠢ ᠶ᠋ᠢ ᠡᠷᠢᠵᠦ ᠴᠢᠭᠤᠯᠤᠭᠤᠯᠤᠭᠰᠠᠨ ᠪᠣᠯᠪᠠᠴᠤ ᠠᠷᠤ ᠭᠠᠵᠠᠷ ᠤ᠋ᠨ ᠣᠢ ᠰᠢᠭᠤᠢ ᠰᠡᠢᠷᠡᠭ ᠪᠣᠭᠣᠨᠢ ᠶ᠋ᠢᠨ ᠳᠡᠭᠡᠷ᠎ᠡ᠂ ᠬᠥᠮᠦᠨ ᠪᠠᠰᠠ ᠠᠰᠤᠷᠤ ᠢᠪᠴᠤᠤ ᠬᠡᠪᠴᠡᠭ᠂ ᠬᠣᠶᠠᠷ ᠲᠤᠷ ᠠᠷᠢᠬᠢᠨ ᠤ᠋ ᠬᠠᠯᠠᠭᠤᠨ ᠠᠮᠠᠷᠬᠠᠨ ᠳᠡᠭᠡᠭᠰᠢ ᠪᠠᠳᠠᠷᠠᠳᠠᠭ ᠲᠤᠯᠠ ᠭᠣᠷᠯᠣᠳ ᠤ᠋ᠨ ᠨᠢᠭᠡᠨ ᠲᠠᠬᠠᠢ ᠬᠡᠮᠡᠭᠴᠢ ᠬᠥᠮᠦᠨ ᠬᠤᠷᠢᠮ ᠳ᠋ᠤᠷ ᠰᠠᠭᠤᠭᠰᠠᠭᠠᠷ ᠶᠡᠬᠡᠯ᠎ᠡ ᠰᠣᠭᠲᠣᠵᠤ ᠂ ᠮᠠᠰᠢᠳᠠ ᠬᠠᠯᠠᠭᠤᠴᠠᠭᠰᠠᠨ ᠳ᠋ᠠᠭᠠᠨ ᠵᠠᠮᠤᠬ᠎ᠠ ᠶ᠋ᠢᠨ ᠡᠮᠦᠨ᠎ᠡ ᠬᠤᠪᠴᠠᠰᠤ ᠬᠤᠨᠠᠷ ᠢ᠋ᠶ᠋ᠠᠨ ᠴᠥᠮ ᠲᠠᠢᠯᠵᠤ᠂ ᠴᠢᠷᠠᠮ᠎ᠠ ᠨᠢᠴᠦᠭᠦᠯᠡᠨ ᠶᠣᠰᠣ ᠦᠭᠡᠢ ᠠᠭᠠᠰᠢᠯᠠᠭᠰᠠᠨ ᠳ᠋ᠤᠷ ᠵᠠᠮᠤᠬ᠎ᠠ ᠶᠡᠬᠡᠯ᠎ᠡ ᠬᠢᠯᠢᠩᠨᠡᠵᠦ᠂ ᠲᠠᠬᠠᠢ ᠶ᠋ᠢ ᠳᠠᠷᠤᠨ ᠬᠡᠪᠲᠡᠭᠦᠯᠵᠦ ᠴᠡᠭᠡᠷᠯᠡᠯ ᠦᠵᠡᠭᠦᠯᠦᠨ ᠬᠣᠷᠢᠨ ᠲᠠᠰᠢᠭᠤᠷ ᠭᠤᠶᠠᠳᠠᠭᠤᠯᠤᠭᠰᠠᠨ ᠳ᠋ᠤᠷ ᠬᠤᠷᠢᠮ ᠲᠠᠷᠬᠠᠭᠰᠠᠨ ᠬᠣᠢᠨ᠎ᠠ ᠲᠠᠬᠠᠢ ᠳᠠᠢᠪᠠᠯᠵᠠᠭᠰᠠᠭᠠᠷ ᠬᠠᠷᠢᠵᠤ ᠢᠷᠡᠬᠦᠶ᠎ᠡ᠂ ᠭᠡᠷ ᠲᠦ᠍ᠷ ᠢᠨᠦ ᠬᠣᠲᠠ ᠰᠠᠴᠤᠷᠠᠬᠤ ᠬᠡᠮᠡᠭᠴᠢ ᠪᠠᠢᠬᠤ ᠲᠤᠯᠠ ᠰᠠᠴᠤᠷᠠᠬᠤ ᠶᠠᠭᠠᠷᠠᠨ ᠤᠭᠲᠤᠨ ᠢᠷᠡᠵᠦ ᠤᠴᠢᠷ ᠢ᠋ ᠠᠰᠠᠭᠤᠭᠰᠠᠨ ᠳ᠋ᠤᠷ ᠲᠠᠬᠠᠢ ᠭᠠᠷ ᠬᠥᠯ ᠢ᠋ᠶ᠋ᠡᠨ ᠰᠠᠷᠪᠠᠯᠵᠠᠭᠤᠯᠵᠤ ᠥᠭᠦᠯᠡᠷᠦᠨ: 《ᠬᠡᠰᠢᠭ ᠢ᠋ᠶ᠋ᠡᠨ ᠪᠠᠷᠠᠭᠰᠠᠨ ᠂ ᠬᠠᠪᠢᠷᠭ᠎ᠠ ᠪᠠᠨ ᠳᠠᠭᠠᠷᠢᠭᠰᠠᠨ ᠵᠠᠮᠤᠬ᠎ᠠ ᠡᠰᠬᠢᠭᠡᠨ① ᠠᠯᠠᠭᠰᠠᠨ ᠶᠠᠷᠰᠢᠭ᠋ ᠳᠡᠭᠳᠡᠭᠡᠨ ᠶᠠᠭᠠᠬᠢᠭ᠍ᠰᠠᠨ ᠪᠸᠲ᠋ᠠ᠋ ᠤᠯᠤᠰ ᠲᠤᠷ ᠴᠡᠷᠢᠭ ᠮᠣᠷᠳᠠᠮᠤᠢ ᠬᠡᠮᠡᠵᠦ ᠶᠠᠩᠵᠤᠯᠠᠨ ᠴᠢᠮᠡᠭᠯᠡᠵᠦ ᠳᠡᠮᠡᠢᠯᠡ ᠠᠭᠠᠰᠢᠯᠠᠵᠤ ᠨᠠᠮᠠᠶ᠋ᠢ ᠬᠣᠷᠢᠨ ᠮᠣᠳᠣ ᠭᠤᠶᠠᠳᠠᠪᠠ ᠃ 》 ᠬᠡᠮᠡᠵᠦ ᠪᠠᠰᠠ ᠭᠣᠯᠣᠮᠲᠠ ᠪᠠᠨ ᠤᠯᠠᠢ᠂ ᠦᠷ᠎ᠡ ᠪᠡᠨ ᠲᠠᠰᠤᠷᠠ ᠭᠡᠮᠡᠨ ᠨᠡᠯᠢᠶᠡᠳ ᠬᠠᠷᠢᠶᠠᠯ ᠲᠠᠯᠪᠢᠵᠤ ᠰᠠᠶᠢ ᠤᠮᠳᠠᠪᠠᠢ ᠃ ᠰᠠᠴᠤᠷᠠᠬᠤ ᠡᠨᠡ ᠣᠴᠢᠷ᠎ᠠ ᠰᠣᠨᠣᠰᠪᠠᠰᠤ ᠳᠣᠲᠣᠷ᠎ᠠ ᠰᠣᠨᠢᠨ ᠤᠴᠢᠷ ᠪᠣᠢ ᠲᠤᠯᠠ ᠦᠳᠡᠰᠢ ᠬᠤᠳᠠᠭᠠᠢ ᠠ᠋ᠴᠠ ᠪᠠᠨ ᠠᠰᠠᠭᠤᠭᠰᠠᠨ ᠳ᠋ᠤᠷ ᠬᠤᠳᠠᠭᠠᠢ ᠠᠨᠤ ᠵᠠᠮᠤᠬ᠎ᠠ ᠶ᠋ᠢᠨ ᠬᠡᠷᠡᠢᠳ ᠦ᠋ᠨ ᠠᠯᠪᠠ ᠬᠥᠭᠡᠭᠡᠬᠦ ᠶ᠋ᠢᠨ ᠤᠴᠢᠷ ᠤᠷᠢᠳᠠ ᠪᠸᠲ᠋ᠠ᠋ ᠤᠯᠤᠰ ᠲᠤᠷ ᠴᠡᠷᠢᠭᠯᠡᠨ ᠠᠷᠢᠯᠭᠠᠭᠠᠳ ᠬᠣᠢᠨ᠎ᠠ ᠰᠠᠶᠢ ᠬᠡᠷᠡᠢᠳ ᠢ᠋ ᠲᠤᠯᠬᠤ ᠶ᠋ᠢ ᠬᠡᠯᠡᠭᠰᠡᠨ ᠳ᠋ᠦ᠍ᠷ ᠰᠠᠴᠤᠷᠠᠬᠤ ᠶᠡᠬᠡᠯ᠎ᠡ ᠰᠣᠴᠢᠵᠤ ᠂ ᠰᠥᠨᠢ ᠳᠦᠯᠢᠨ ᠡᠭᠡᠨ ᠳᠣᠪᠲᠣᠯᠵᠤ ᠢᠷᠡᠭᠡᠳ ᠭᠡᠷ ᠦ᠋ᠨ ᠡᠵᠡᠨ ᠳ᠋ᠡᠭᠡᠨ ᠬᠡᠯᠡᠪᠡ ᠃ ᠦᠵᠡᠰᠡ ᠡᠨᠡ ᠰᠠᠴᠤᠷᠠᠬᠤ ᠬᠡᠮᠡᠭᠴᠢ ᠴᠢᠮᠡᠳ ᠦᠯᠬᠦ ᠪᠠᠶᠠᠨ ᠤ᠋ ᠭᠡᠷ ᠦ᠋ᠨ ᠬᠥᠮᠦᠨ ᠠᠵᠤᠭᠤ ᠃ ᠵᠢᠴᠢ ᠥᠷᠯᠥᠭᠡ ᠦᠯᠬᠦ ᠪᠠᠶᠠᠨ ᠦᠷ ᠦ᠋ᠨ ᠬᠢᠷᠠᠭ᠎ᠠ ᠪᠠᠷ ᠪᠣᠰᠴᠤ ᠲᠠᠢᠽᠦ ᠶ᠋ᠢᠨ ᠪᠤᠷᠬᠠᠨ ᠭᠠᠯᠳᠤᠨ᠎ᠠ ᠳ᠋ᠤᠷ ᠳᠣᠪᠲᠣᠯᠤᠨ ᠢᠷᠡᠵᠦ ᠂ ᠵᠢᠨᠦᠩ ᠮᠤᠬᠤᠯᠢ ᠶ᠋ᠢᠨ ᠴᠠᠴᠠᠷ ᠲᠤᠷ ᠭᠠᠷᠴᠤ ᠮᠡᠳᠡᠭᠦᠯᠦᠭᠰᠡᠨ ᠳ᠋ᠦ᠍ᠷ ᠮᠤᠬᠤᠯᠢ ᠤᠳᠤᠷᠢᠳᠤᠨ ᠲᠠᠢᠽᠦ ᠳ᠋ᠦ᠍ᠷ ᠵᠣᠯᠭᠠᠭᠤᠯᠵᠤ ᠂ ᠭᠣᠷᠯᠣᠳ ᠤ᠋ᠨ ᠴᠡᠷᠢᠭ ᠢᠷᠡᠬᠦ ᠲᠤᠬᠠᠢ ᠮᠡᠳᠡᠭᠦᠯᠦᠭᠰᠡᠨ ᠳ᠋ᠦ᠍ᠷ ᠲᠠᠢᠽᠦ ᠦᠯᠬᠦ ᠶ᠋ᠢ ᠡᠢᠨ ᠭᠡᠮᠡᠨ ᠮᠠᠭᠲᠠᠷᠤᠨ:  
           ᠰᠣᠨᠣᠰᠬᠤ ᠶ᠋ᠢᠨ ᠤᠷᠢᠳᠠ ᠰᠣᠨᠣᠰᠤᠨ ᠴᠢᠳᠠᠭᠴᠢ 
           ᠰᠣᠨᠣᠷ ᠴᠢᠬᠢᠲᠦ ᠰᠢᠳᠤᠷᠭᠤ ᠲᠦᠰᠢᠮᠡᠯ ᠮᠢᠨᠦ ᠂  
           ᠦᠵᠡᠬᠦᠢ ᠶ᠋ᠢᠨ ᠤᠷᠢᠳᠠ ᠥᠭᠦᠯᠡᠨ ᠲᠥᠰᠦᠭᠡᠯᠡᠭᠴᠢ 
           ᠦᠨᠡᠨᠴᠢ ᠰᠡᠳᠬᠢᠯᠲᠦ ᠦᠯᠬᠦ ᠰᠠᠢᠳ ᠮᠢᠨᠦ ᠂ 
           ᠰᠣᠴᠢᠯᠲᠠᠢ ᠬᠡᠷᠡᠭ ᠢ᠋ ᠰᠣᠨᠣᠰᠤᠮᠠᠭᠴᠠ ᠮᠡᠳᠡᠭᠦᠯᠦᠭᠰᠡᠨ ᠢ᠋ᠶ᠋ᠡᠷ 
           ᠰᠤᠷᠭᠠᠯᠲᠤ ᠦᠷᠡᠰ ᠴᠢᠨᠦ ᠦᠷᠡᠵᠢᠲᠦᠭᠡᠢ ᠃  
           ᠦᠯᠡᠮᠵᠢ ᠦᠢᠯᠡ ᠶ᠋ᠢ ᠭᠡᠭᠡᠷᠡᠮᠡᠭᠴᠡ ᠮᠡᠳᠡᠭᠦᠯᠦᠭᠰᠡᠨ ᠢ᠋ᠶ᠋ᠡᠷ 
           ᠦᠷᠡᠵᠢᠯᠲᠦ ᠦᠷᠡᠰ ᠴᠢᠨᠦ ᠥᠭᠡᠳᠡᠯᠡᠲᠦᠭᠡᠢ ! 
ᠭᠡᠮᠡᠨ ᠢᠷᠥᠭᠡᠨ ᠰᠠᠢᠰᠢᠶᠠᠭᠠᠳ ᠥᠭᠡᠳᠡᠩ ᠂ ᠢᠰᠡᠭᠡᠢ ᠂ ᠴᠡᠩᠮᠡᠨ ᠂ ᠲᠠᠷᠠᠮ᠎ᠠ ᠶ᠋ᠢᠨ ᠵᠦᠢᠯ ᠢ᠋ ᠱᠠᠩᠨᠠᠵᠤ ᠂ ᠲᠡᠭᠦᠨᠴᠡ ᠥᠪᠡᠷ ᠦ᠋ᠨ ᠴᠡᠷᠢᠭ ᠢ᠋ᠶ᠋ᠡᠨ ᠳᠥᠷᠪᠡᠨ ᠲᠦᠮᠡᠨ ᠰᠢᠯᠭᠠᠵᠤ ᠂ ᠨᠢᠭᠡᠨᠲᠡᠭᠡᠭᠦᠷ ᠬᠡᠷᠡᠢᠳ ᠦ᠋ᠨ ᠾᠧ ᠸᠠᠩ ᠤ᠋ᠨ ᠬᠠᠷᠢᠶᠠᠲᠤ ᠴᠡᠷᠢᠭ ᠢ᠋ᠶ᠋ᠡᠨ ᠠᠪᠴᠤ ᠴᠠᠴᠠᠷ ᠠᠭᠤᠯᠠᠨ ᠤ᠋ ᠬᠣᠢᠲᠤ ᠪᠡᠶ᠎ᠡ ᠳ᠋ᠦ᠍ ᠤᠭᠲᠤᠵᠤ ᠪᠠᠭᠤ ᠬᠡᠮᠡᠭᠡᠳ ᠨᠢᠭᠡᠨᠲᠡᠭᠡᠭᠦᠷ ᠪᠠᠰᠠ ᠮᠡᠷᠭᠢᠳ ᠦ᠋ᠨ ᠮᠠᠩᠨᠣᠭᠲᠤ ᠶ᠋ᠢ ᠮᠥᠨ ᠬᠠᠷᠢᠶᠠᠲᠤ ᠠᠢᠮᠠᠭ ᠤ᠋ᠨ ᠴᠡᠷᠢᠭ ᠢ᠋ᠶ᠋ᠡᠨ ᠠᠪᠴᠤ ᠴᠠᠴᠠᠷ ᠠᠭᠤᠯᠠᠨ ᠤ᠋ ᠡᠮᠦᠨ᠎ᠡ ᠪᠦᠭᠭᠦᠭᠲᠦᠨ ᠂ ᠭᠣᠷᠯᠣᠳ ᠤ᠋ᠨ ᠴᠡᠷᠢᠭ ᠦ᠋ᠨ ᠪᠠᠷᠠᠭᠤᠨ ᠵᠦᠭ ᠥᠩᠭᠡᠷᠡᠨ ᠪᠠᠷᠠᠬᠤ ᠶ᠋ᠢ ᠬᠦᠯᠢᠶᠡᠵᠦ ᠮᠠᠨ ᠤ᠋ ᠴᠡᠷᠢᠭ ᠯᠦ᠍ᠭᠡ ᠲᠤᠯᠤᠯᠳᠤᠭᠰᠠᠨ ᠬᠣᠢᠨ᠎ᠠ ᠂ ᠭᠣᠷᠯᠣᠳ ᠤ᠋ᠨ ᠠᠷᠠᠳ ᠤ᠋ᠨ ᠬᠣᠢᠨ᠎ᠠ ᠠ᠋ᠴᠠ ᠭᠠᠷᠴᠤ ᠲᠣᠰᠴᠤ ᠪᠠᠢᠯᠳᠤ ᠭᠡᠮᠡᠨ ᠵᠠᠬᠢᠶ᠎ᠠ ᠳᠣᠪᠲᠣᠯᠭᠠᠭᠠᠳ ᠮᠤᠬᠤᠯᠢ ᠲᠡᠷᠢᠭᠦᠨ ᠂ ᠲᠠᠢᠽᠦ ᠳᠤᠮᠳᠠ ᠂ ᠪᠤᠭᠤᠷᠵᠢ ᠰᠡᠭᠦᠯ ᠭᠤᠷᠪᠠᠨ ᠠᠩᠭᠢ ᠪᠠᠷ ᠮᠣᠷᠳᠠᠵᠤ ᠢᠷᠡᠭᠡᠳ ᠴᠠᠴᠠᠷ ᠠᠭᠤᠯᠠᠨ ᠤ᠋ ᠪᠠᠷᠠᠭᠤᠨ ᠡᠲᠡᠭᠡᠳ ᠲᠣᠷ  ᠪᠠᠭᠤᠳᠠᠯᠯᠠᠪᠠ ᠃
– – – – 
① ᠡᠰᠬᠢᠭᠡᠨ ᠬᠡᠮᠡᠭᠴᠢ ᠡᠴᠢᠭᠡ ᠪᠡᠨ ᠬᠡᠮᠡᠭᠰᠡᠨ ᠠᠷᠤ ᠦᠭᠡ ᠪᠤᠶᠤ

      ᠲᠡᠭᠦᠨᠴᠡ ᠬᠡᠷᠡᠢᠳ ᠤᠯᠤᠰ ᠤ᠋ᠨ ᠡᠵᠡᠨ ᠲᠤᠤ ᠾᠧ ᠸᠠᠩ ᠂  ᠢ ᠰᠢᠨ ᠬᠦᠩ ᠂ ᠡᠴᠢᠭᠡ ᠬᠥᠪᠡᠭᠦᠨ ᠬᠣᠶᠠᠭᠤᠯᠠ ᠭᠣᠷᠯᠣᠳ ᠤᠯᠤᠰ ᠲᠤᠷ ᠡᠴᠢᠭᠰᠡᠨ ᠡᠯᠴᠢ ᠠᠰᠤᠷᠢ ᠶ᠋ᠢᠨ ᠡᠭᠡᠵᠦ ᠮᠡᠳᠡᠭᠦᠯᠦᠭᠰᠡᠨ ᠦᠭᠡ ᠶ᠋ᠢ ᠰᠣᠨᠣᠰᠤᠭᠠᠳ ᠵᠠᠮᠤᠬ᠎ᠠ ᠶ᠋ᠢᠨ ᠮᠡᠬᠡᠯᠡᠨ ᠥᠩᠭᠡᠷᠡᠭᠦᠯᠬᠦ ᠤᠬᠠᠭᠠᠨ ᠢ᠋ ᠮᠡᠳᠡᠭᠡᠳ ᠬᠠᠷᠠᠬᠠᠨ ᠬᠢᠯᠢᠩ ᠲᠥᠷᠥᠵᠦ ᠳᠠᠢᠯᠠᠬᠤ ᠶ᠋ᠢ ᠵᠥᠪᠳᠡᠬᠦᠶ᠎ᠡ ᠥᠬᠢᠨ ᠰᠣᠯᠤᠩᠭᠤᠸ᠎ᠠ ᠥᠭᠦᠯᠡᠷᠦᠨ:《ᠵᠠᠮᠤᠬ᠎ᠠ ᠶ᠋ᠢ ᠲᠠᠢᠯᠠᠬᠤᠢ ᠳ᠋ᠤᠷ ᠪᠸᠲ᠋ᠠ᠋ ᠤᠯᠤᠰ ᠤ᠋ᠨ ᠡᠵᠡᠨ ᠯᠤᠭᠡ ᠡᠰᠡ ᠨᠡᠢᠯᠡᠪᠡᠰᠦ ᠪᠣᠯᠬᠤ ᠦᠭᠡᠢ ᠃ 》ᠭᠡᠮᠡᠨ ᠲᠠᠢᠽᠦ ᠯᠤᠬ᠎ᠠ ᠨᠡᠢᠯᠡᠬᠦ ᠶ᠋ᠢ ᠵᠥᠪᠳᠡᠬᠦᠢ ᠳ᠋ᠦ᠍ᠷ ᠴᠢᠪᠬᠢᠲᠡᠯ᠎ᠡ ᠲᠠᠢᠽᠦ ᠶ᠋ᠢᠨ ᠮᠡᠳᠡᠭᠡ ᠬᠦᠷᠴᠦ ᠢᠷᠡᠭᠰᠡᠨ ᠢ᠋ᠶ᠋ᠡᠷ ᠶᠡᠬᠡᠯ᠎ᠡ ᠪᠠᠶᠠᠷᠯᠠᠵᠤ ᠬᠥᠪᠡᠭᠦᠨ ᠢᠯᠠᠭᠤ ᠂ ᠥᠬᠢᠨ ᠰᠣᠯᠤᠩᠭᠤᠸ᠎ᠠ ᠯᠤᠭ᠎ᠠ ᠵᠠᠩᠵᠤᠨ ᠴᠡᠷᠢᠭ ᠢ᠋ᠶ᠋ᠡᠨ ᠠᠪᠴᠤ ᠪᠣᠯᠵᠣᠭᠠᠨ ᠤ᠋ ᠭᠠᠵᠠᠷ ᠲᠤᠷ ᠬᠦᠷᠴᠦ ᠳᠠᠯᠳᠠᠯᠠᠨ ᠬᠦᠷᠢᠶ᠎ᠡ ᠪᠠᠭᠤᠪᠠ ᠃ 
      ᠲᠡᠭᠦᠨᠴᠡ ᠭᠣᠷᠯᠣᠳ ᠤ᠋ᠨ ᠵᠠᠮᠤᠬ᠎ᠠ ᠬᠠᠨ᠂ ᠲᠣᠭᠲᠠᠨᠢᠬᠤ ᠮᠥᠬᠥᠬᠦ ᠡᠨᠡ ᠤᠳᠠᠭ᠎ᠠ ᠳ᠋ᠤᠷ ᠪᠣᠢ ᠬᠡᠮᠡᠵᠦ ᠤᠯᠤᠰ ᠤ᠋ᠨ ᠬᠣᠲᠠᠯᠠᠭᠠᠷ ᠠᠷᠪᠠᠨ ᠬᠣᠶᠠᠷ ᠠᠢᠮᠠᠭ ᠤ᠋ᠨ ᠴᠡᠷᠢᠭ ᠢ᠋ ᠪᠠᠷᠠᠲᠠᠯ᠎ᠠ ᠠᠪᠴᠤ ᠨᠡᠢᠯᠡᠭᠦᠯᠦᠨ ᠪᠠᠢᠴᠠᠭᠠᠪᠠᠰᠤ ᠨᠡᠢᠲᠡ ᠵᠢᠷᠭᠤᠭᠠᠨ ᠲᠦᠮᠡᠨ ᠳᠥᠷᠪᠡᠨ ᠮᠢᠩᠭᠠᠨ ᠪᠣᠯᠤᠭᠰᠠᠨ ᠲᠤᠯᠠ ᠥᠪᠡᠷ ᠦ᠋ᠨ ᠪᠡᠶ᠎ᠡ ᠳ᠋ᠡᠭᠡᠨ ᠰᠢᠷ᠎ᠠ ᠲᠤᠭ ᠰᠢᠷ᠎ᠠ ᠯᠤᠤᠲᠤ ᠰᠢᠬᠦᠷ ᠡᠷᠭᠦᠭᠦᠯᠦᠨ ᠪᠠᠰᠠ ᠨᠠᠷᠠᠨ ᠤ᠋ ᠬᠠᠯᠬᠠᠪᠴᠢ ᠪᠠᠷᠢᠭᠤᠯᠵᠤ᠂ ᠠᠯᠲᠠᠨ ᠤᠯᠤᠰ ᠤ᠋ᠨ ᠬᠠᠭᠠᠨ ᠤ᠋ ᠪᠠᠢᠳᠠᠯ ᠢ᠋ ᠳᠠᠭᠤᠷᠢᠶᠠᠨ ᠲᠤᠭ ᠢ᠋ᠶ᠋ᠠᠨ ᠳᠠᠬᠢᠭᠠᠳ ᠶᠡᠬᠡ ᠴᠡᠷᠢᠭ ᠢ᠋ ᠭᠤᠷᠪᠠᠨ ᠠᠩᠭᠢ ᠪᠣᠯᠭᠠᠨ ᠵᠣᠬᠢᠶᠠᠵᠤ ᠬᠤᠳᠠᠭᠠᠨ᠎ᠠ ᠪᠡᠬᠢ ᠳ᠋ᠦ᠍ᠷ ᠪᠠᠷᠠᠭᠤᠨ ᠭᠠᠷ ᠤ᠋ᠨ ᠴᠧᠩᠰᠢᠶᠠᠩ ᠤ᠋ᠨ ᠲᠤᠭ ᠡᠷᠭᠦᠭᠦᠯᠵᠦ᠂ ᠪᠠᠷᠠᠭᠤᠨ ᠮᠥᠷ ᠦ᠋ᠨ ᠴᠡᠷᠢᠭ ᠢ᠋ ᠵᠠᠬᠢᠷᠤᠭᠤᠯᠤᠨ ᠴᠢᠨᠳᠠᠮᠤᠨᠢ ᠴᠠᠭᠠᠨ ᠳ᠋ᠤᠷ ᠵᠡᠭᠦᠨ ᠭᠠᠷ ᠤ᠋ᠨ ᠴᠧᠩᠰᠢᠶᠠᠩ ᠤ᠋ᠨ ᠲᠤᠭ ᠡᠷᠭᠦᠭᠦᠯᠵᠦ ᠵᠡᠭᠦᠨ ᠮᠥᠷᠥ ᠶ᠋ᠢᠨ ᠴᠡᠷᠢᠭ ᠢ᠋ ᠵᠠᠬᠢᠷᠤᠭᠤᠯᠵᠤ ᠂ ᠵᠠᠮᠤᠬ᠎ᠠ ᠬᠠᠨ ᠤ᠋ ᠪᠡᠶ᠎ᠡ ᠡᠮᠦᠨ᠎ᠡ ᠬᠣᠢᠨ᠎ᠠ ᠪᠠᠨ ᠲᠡᠭᠷᠢ ᠶ᠋ᠢᠨ ᠬᠥᠪᠡᠭᠦᠨ ᠦ᠌ ᠰᠢᠬᠦᠷ ᠳᠠᠯᠪᠠᠭ᠎ᠠ ᠲᠤᠭ ᠬᠢᠭᠢᠷᠢ ᠶ᠋ᠢᠨ ᠶᠡᠬᠡ ᠵᠢᠭ᠍ᠰᠠᠭᠠᠯ ᠵᠢᠭ᠍ᠰᠠᠭᠠᠵᠤ ᠳᠤᠮᠳᠠᠳᠤ ᠴᠡᠷᠢᠭ ᠢ᠋ ᠡᠵᠡᠯᠡᠨ᠂ ᠲᠤᠭ ᠬᠢᠭᠢᠷᠢ ᠨᠠᠷᠠᠨ ᠢ᠋ ᠬᠠᠯᠠᠭᠯᠠᠨ ᠵᠠᠷ ᠵᠡᠪᠰᠡᠭ ᠬᠢᠷᠠᠭᠤ ᠮᠡᠲᠦ ᠪᠡᠷ ᠪᠸᠲ᠋ᠠ᠋ ᠤᠯᠤᠰ ᠤ᠋ᠨ ᠵᠦᠭ ᠠᠯᠠᠨ ᠶᠠᠪᠤᠭᠰᠠᠭᠠᠷ ᠬᠣᠶᠠᠷ ᠡᠳᠦᠷ ᠪᠣᠯᠵᠤ ᠰᠠᠶᠢ ᠴᠠᠴᠠᠷ ᠠᠭᠤᠯᠠᠨ ᠤ᠋ ᠵᠡᠭᠦᠨᠲᠡ ᠬᠦᠷᠦᠮᠡᠭᠴᠡ ᠭᠡᠨᠡᠳᠲᠡ ᠬᠡᠩᠭᠡᠷᠭᠡ ᠴᠠᠩ ᠤ᠋ᠨ ᠳᠠᠭᠤᠨ ᠭᠠᠷᠴᠤ ᠲᠠᠢᠽᠦ ᠶ᠋ᠢᠨ ᠡᠮᠦᠨᠡᠲᠦ ᠴᠡᠷᠢᠭ ᠢ᠋ ᠠᠪᠴᠤ ᠶᠠᠪᠤᠬᠤ ᠬᠣᠰᠢᠭᠤᠴᠢ ᠬᠦᠯᠦᠭ ᠪᠤᠭᠤᠷᠤᠯ ᠰᠦᠷ ᠰᠠᠷᠠᠯ ᠮᠣᠷᠢᠨ ᠢ᠋ᠶ᠋ᠠᠨ ᠤᠨᠤᠨ ᠰᠦᠷᠲᠦ ᠶᠡᠬᠡ ᠳ᠋ᠠᠮ ᠢᠯᠳᠦᠨ ᠢ᠋ᠶ᠋ᠠᠨ ᠪᠠᠷᠢᠵᠤ ᠰᠦᠷᠡᠬᠡᠢ ᠥᠨᠳᠥᠷ ᠳᠠᠭᠤᠨ ᠢ᠋ᠶ᠋ᠠᠷ ᠵᠠᠩᠳᠠᠨ ᠰᠦᠪᠡᠭᠡ ᠪᠡᠨ ᠲᠤᠯᠵᠤ ᠬᠠᠰᠬᠢᠷᠤᠨ ᠥᠭᠦᠯᠡᠷᠦᠨ : 《ᠠᠯᠢ ᠭᠠᠵᠠᠷ ᠤ᠋ᠨ ᠴᠡᠷᠢᠭ ?  ᠠᠪᠴᠤ ᠶᠠᠪᠤᠬᠤ ᠬᠡᠨ ? ᠠᠶᠠᠨ ᠤ᠋ ᠲᠡᠷᠢᠭᠦᠯᠡᠭᠴᠢ ᠶᠠᠭᠤᠨ ?  ᠠᠯᠠᠯᠳᠤᠬᠤ ᠵᠦᠭ ᠬᠠᠮᠢᠭ᠎ᠠ ?  ᠠᠯᠢᠪᠠ ᠤᠴᠢᠷ ᠢ᠋ᠶ᠋ᠠᠨ ᠬᠡᠯᠡᠲᠦᠭᠡᠢ ! ᠬᠡᠮᠡᠭᠰᠡᠨ ᠳ᠋ᠦ᠍ᠷ ᠭᠣᠷᠯᠣᠳ ᠤ᠋ᠨ ᠴᠡᠷᠢᠭ ᠲᠦ᠍ᠷ ᠬᠠᠭᠠᠨ ᠤ᠋ ᠰᠢᠬᠦᠷ ᠬᠥᠳᠡᠯᠵᠦ ᠬᠠᠭᠠᠯᠭᠠᠨ ᠤ᠋ ᠲᠤᠭ ᠰᠡᠬᠦᠮᠡᠭᠴᠡ ᠬᠠᠨ ᠴᠣᠯᠠᠲᠤ ᠵᠠᠮᠤᠬ᠎ᠠ ᠬᠠᠲᠠᠷᠢᠨ ᠭᠠᠷᠴᠤ ᠢᠷᠡᠭᠡᠳ ᠥᠭᠦᠯᠡᠷᠦᠨ : 《ᠭᠣᠷᠯᠣᠳ ᠤ᠋ᠨ ᠬᠠᠭᠠᠨ ᠪᠢ ᠶᠡᠬᠡ ᠴᠡᠷᠢᠭ ᠠᠪᠴᠤ ᠬᠤᠶᠠᠭ ᠲᠠᠨ ᠤ᠋ ᠪᠸᠲ᠋ᠠ᠋ ᠶ᠋ᠢᠨ ᠡᠵᠡᠨ ᠢ᠋ ᠪᠠᠷᠢᠷ᠎ᠠ ᠡᠴᠢᠮᠦᠢ᠃ 》 ᠪᠤᠭᠤᠷᠤᠯ ᠬᠠᠷᠢᠶᠠᠨ ᠥᠭᠦᠯᠡᠷᠦᠨ : 《ᠵᠢᠷᠤᠮ ᠢ᠋ ᠲᠡᠰᠡᠷᠭᠦᠯᠡᠭᠰᠡᠨ ᠰᠥᠷᠭᠡᠦ ᠬᠤᠯᠠᠭᠠᠢ ᠂ ᠵᠠᠶᠠᠭᠠᠲᠤ ᠡᠵᠡᠨ ᠢ᠋ ᠲᠠᠨᠢᠬᠤ ᠦᠭᠡᠢ ᠰᠣᠬᠣᠷ ᠪᠣᠭᠣᠯ ᠂ ᠪᠢ ᠬᠠᠷᠢᠨ ᠡᠵᠡᠨ ᠦ᠌ ᠵᠠᠬᠢᠶ᠎ᠠ ᠪᠠᠷ ᠪᠢᠴᠢᠬᠠᠨ ᠤᠷᠭᠤᠳᠤᠤᠯ ᠴᠢᠮᠠᠶ᠋ᠢ ᠪᠠᠷᠢᠷ᠎ᠠ ᠡᠴᠢᠬᠦᠶ᠎ᠡ ᠪᠢᠯᠳᠠᠤᠴᠢ ᠪᠣᠭᠣᠯ ᠴᠢ ᠬᠠᠷᠢᠨ ᠮᠡᠳᠡᠭᠰᠡᠨ ᠮᠡᠲᠦ ᠪᠠᠯᠪᠠᠷᠬᠠᠢ ᠲᠣᠯᠣᠭᠠᠢ ᠪᠠᠨ ᠬᠦᠷᠭᠡᠵᠦ ᠢᠷᠡᠪᠡᠦ ? 》ᠬᠡᠮᠡᠭᠰᠡᠨ ᠳ᠋ᠦ᠍ᠷ ᠵᠠᠮᠤᠬ᠎ᠠ ᠬᠠᠨ ᠶᠡᠬᠡᠯ᠎ᠡ ᠬᠢᠯᠢᠩ ᠲᠥᠷᠥᠵᠦ᠂ ᠶᠡᠬᠡ ᠢᠯᠳᠦ ᠪᠡᠨ ᠳᠠᠯᠠᠯᠤᠨ ᠣᠷᠣᠬᠤᠶ᠎ᠠ ᠂ ᠶᠠᠩᠵᠤᠯᠠᠬᠤ ᠬᠠᠭᠠᠨ ᠨᠡᠷ᠎ᠡ ᠪᠡᠨ ᠤᠮᠠᠷᠲᠠᠭᠠᠳ ᠶᠠᠭᠠᠷᠠᠨ ᠰᠠᠨᠳᠤᠷᠤᠨ ᠴᠠᠪᠴᠢᠨ ᠣᠷᠣᠬᠤᠢ ᠳ᠋ᠤᠷ ᠠᠯᠠᠭ ᠦᠰᠦᠲᠦ ᠪᠤᠭᠤᠷᠤᠯ ᠠᠪᠤᠨ ᠤᠭᠲᠤᠵᠤ ᠪᠠᠢᠯᠳᠤᠪᠠ ᠃ ᠭᠣᠷᠯᠣᠳ ᠤ᠋ᠨ ᠶᠡᠬᠡ ᠴᠡᠷᠢᠭ ᠳᠠᠷᠤᠨ ᠣᠷᠣᠵᠤ ᠪᠠᠢᠯᠳᠤᠨ ᠢᠷᠡᠭᠰᠡᠨ ᠳ᠋ᠦ᠍ᠷ ᠪᠤᠭᠤᠷᠤᠯ ᠳᠠᠷᠤᠢ ᠳ᠋ᠠᠮ ᠢᠯᠳᠦ ᠪᠡᠨ ᠳᠠᠯᠠᠯᠤᠨ ᠪᠤᠷᠤᠭᠤᠯᠠᠪᠠ ᠃ ᠪᠸᠲ᠋ᠠ᠋ ᠤᠯᠤᠰ ᠤ᠋ᠨ ᠴᠡᠷᠢᠭ ᠶᠡᠬᠡᠯ᠎ᠡ ᠳᠠᠷᠤᠭᠳᠠᠵᠤ ᠂ ᠲᠤᠭ ᠬᠢᠭᠢᠷᠢ ᠵᠢᠳᠠ ᠢᠯᠳᠦ ᠪᠡᠨ ᠬᠥᠨᠳᠡᠯᠡᠨ ᠭᠤᠯᠳᠤ ᠦᠭᠡᠢ ᠲᠠᠶᠠᠭᠳᠠᠵᠤ ᠭᠣᠳ ᠪᠤᠷᠤᠭᠤᠯᠠᠬᠠᠤᠢ ᠳ᠋ᠤᠷ ᠂ ᠵᠠᠮᠤᠬ᠎ᠠ ᠳᠠᠷᠤᠢ ᠳᠠᠷᠤᠨ ᠣᠷᠣᠵᠤ ᠬᠠᠨ ᠵᠢᠭ᠍ᠰᠠᠭᠠᠯ ᠢ᠋ᠶ᠋ᠠᠨ ᠬᠥᠳᠡᠯᠭᠡᠨ ᠶᠡᠬᠡ ᠴᠡᠷᠢᠭ ᠢ᠋ᠶ᠋ᠡᠨ ᠠᠪᠴᠤ ᠨᠡᠬᠡᠰᠦᠭᠡᠢ ᠬᠡᠮᠡᠲᠡᠯ᠎ᠡ ᠪᠠᠷᠠᠭᠤᠨ ᠡᠲᠡᠭᠡᠳ ᠦ᠋ᠨ ᠮᠥᠷᠥ ᠶ᠋ᠢᠨ ᠴᠡᠷᠢᠭ ᠡᠴᠡ ᠵᠥᠪᠲᠥᠭᠡ ᠴᠧᠩᠰᠢᠶᠠᠩ ᠬᠤᠳᠠᠭᠠᠨ᠎ᠠ ᠪᠡᠬᠢ ᠳᠣᠪᠲᠣᠯᠤᠨ ᠢᠷᠡᠵᠦ ᠬᠣᠷᠢᠭ᠍ᠯᠠᠨ ᠥᠭᠦᠯᠡᠷᠦᠨ: 《ᠡᠵᠡᠨ ᠬᠡᠷᠬᠢᠰᠦᠭᠡᠢ ᠬᠡᠮᠡᠮᠦᠢ ? 》  ᠵᠠᠮᠤᠬ᠎ᠠ ᠬᠠᠨ ᠥᠭᠦᠯᠡᠷᠦᠨ: 《ᠥᠷᠨᠢᠭᠰᠡᠨ ᠭᠠᠯ ᠢ᠋ ᠤᠰᠤᠨ ᠢ᠋ᠶ᠋ᠠᠷ ᠳᠠᠷᠤᠮᠤᠢ ᠂ ᠦᠷᠭᠦᠭᠰᠡᠨ ᠳᠠᠢᠰᠤᠨ ᠢ᠋ ᠴᠡᠷᠢᠭ ᠢ᠋ᠶ᠋ᠡᠷ ᠳᠠᠷᠤᠮᠤᠢ ᠂ ᠦᠬᠦᠯ ᠢ᠋ᠶ᠋ᠡᠨ ᠡᠷᠢᠭᠰᠡᠨ ᠲᠡᠮᠦᠵᠢᠨ ᠯᠠᠪ ᠦᠵᠡᠭᠳᠡᠬᠦ ᠠᠭᠤᠯᠠᠨ ᠳ᠋ᠤᠷ ᠠᠪᠠᠯᠠᠵᠤ ᠪᠣᠢ ᠂ ᠦᠯᠡᠮᠵᠢ ᠰᠠᠢᠬᠠᠨ ᠲᠣᠬᠢᠶᠠᠯᠳᠤᠭᠰᠠᠨ ᠡᠨᠡ ᠬᠡᠪᠴᠢᠶᠡᠨ ᠳ᠋ᠦ᠍ᠷ ᠦᠨᠳᠦᠰᠦᠨ ᠢ᠋ ᠲᠠᠰᠤᠷᠠᠲᠠᠯ᠎ᠠ ᠪᠠᠷᠢᠵᠤ ᠠᠷᠢᠯᠭᠠᠪᠠᠰᠤ ᠵᠣᠬᠢᠮᠤᠢ ! 》 ᠬᠡᠮᠡᠭᠡᠳ ᠳᠠᠷᠤᠢ ᠮᠣᠷᠢ ᠪᠠᠨ ᠲᠠᠰᠢᠭᠤᠷᠳᠠᠨ ᠡᠴᠢᠰᠦᠭᠡᠢ ᠬᠡᠮᠡᠲᠡᠯ᠎ᠡ ᠬᠤᠳᠠᠭᠠᠨ᠎ᠠ ᠪᠡᠬᠢ ᠶᠠᠭᠠᠷᠠᠨ ᠵᠠᠮᠤᠬ᠎ᠠ ᠬᠠᠨ ᠤ᠋ ᠮᠣᠷᠢᠨ ᠤ᠋ ᠵᠢᠯᠣᠭᠣ ᠠ᠋ᠴᠠ ᠠᠳᠬᠠᠳ ᠪᠠᠷᠢᠵᠤ ᠠᠢᠯᠠᠳᠬᠠᠷᠤᠨ : 《ᠬᠠᠨ ᠡᠵᠡᠨ ᠨᠡᠬᠡᠵᠦ ᠪᠣᠯᠬᠤ ᠦᠭᠡᠢ ᠂ ᠡᠵᠡᠨ ᠴᠢ ᠲᠡᠭᠦᠨ ᠢ᠋ ᠦᠨᠡᠬᠡᠷ ᠳᠠᠷᠤᠭᠳᠠᠵᠤ ᠪᠤᠷᠤᠭᠤᠯᠠᠪᠠ ᠬᠡᠮᠡᠮᠦᠢ ᠦᠦ ?  ᠪᠤᠭᠤᠷᠤᠯ ᠬᠡᠮᠡᠭᠴᠢ ᠵᠠᠭᠤᠨᠲᠠ ᠪᠠᠢᠯᠳᠤᠪᠠᠰᠤ ᠵᠠᠭᠤᠨᠲᠠ ᠳᠡᠢᠯᠬᠦ ᠂ ᠳᠥᠷᠪᠡᠨ ᠬᠦᠯᠦᠭ ᠦ᠋ᠨ ᠲᠣᠭᠠᠨ ᠳ᠋ᠤᠷ ᠣᠷᠣᠭᠰᠠᠨ ᠴᠣᠯᠭᠣᠷᠠᠭᠰᠠᠨ ᠪᠠᠭᠠᠲᠤᠷ ᠂ ᠪᠸᠲ᠋ᠠ᠋ ᠤᠯᠤᠰ ᠤ᠋ᠨ ᠡᠵᠡᠨ ᠬᠡᠮᠡᠭᠴᠢ ᠳᠠᠯᠳᠠ ᠢᠯᠡ ᠶ᠋ᠢ ᠤᠬᠠᠵᠤ ᠮᠡᠳᠡᠭᠴᠢ ᠬᠡᠲᠦᠢᠳᠦᠭᠰᠡᠨ ᠮᠡᠷᠭᠡᠨ ᠬᠥᠮᠦᠨ ᠮᠥᠨ ᠃ ᠨᠡᠩᠳᠡ ᠲᠡᠭᠦᠨ ᠦ᠌ ᠳᠣᠣᠷᠠᠬᠢ ᠲᠡᠷᠡ ᠴᠡᠷᠢᠭ ᠦ᠋ᠨ ᠵᠢᠨᠦᠩ ᠮᠤᠬᠤᠯᠢ ᠬᠡᠮᠡᠭᠴᠢ ᠲᠡᠩᠴᠡᠰᠢ ᠦᠭᠡᠢ ᠠᠷᠭ᠎ᠠ ᠪᠣᠳᠣᠯᠭ᠎ᠠ ᠮᠡᠷᠭᠡᠨ ᠪᠠᠭᠠᠲᠤᠷ ᠬᠣᠣᠰ ᠪᠦᠷᠢᠳᠦᠭᠰᠡᠨ ᠲᠠᠰᠤᠷᠬᠠᠢ ᠶᠡᠬᠡ ᠮᠠᠲᠠᠯᠳᠤ ᠴᠢᠭᠢᠷᠠᠭ ᠬᠥᠮᠦᠨ ᠂ ᠪᠸᠲ᠋ᠠ᠋ ᠤᠯᠤᠰ ᠤ᠋ᠨ ᠴᠡᠷᠢᠭ ᠪᠤᠷᠤᠭᠤᠯᠠᠬᠠᠤᠢ ᠳ᠋ᠠᠭᠠᠨ ᠬᠤᠶᠠᠭ ᠵᠡᠪᠰᠡᠭ ᠲᠤᠭ ᠬᠢᠭᠢᠷᠢ ᠶ᠋ᠢ ᠳᠡᠮᠡᠢᠯᠡ ᠴᠣᠬᠢᠭ᠍ᠰᠠᠨ ᠠᠨᠤ ᠮᠠᠰᠢ ᠰᠡᠵᠢᠭᠯᠡᠯᠲᠡᠢ ᠪᠣᠯᠠᠢ ! ᠠᠶ᠎ᠠ ᠡᠵᠡᠨ ᠮᠢᠨᠦ ᠠ᠋ ! ᠠᠭᠤᠯᠠᠨ ᠤ᠋ ᠳᠣᠲᠣᠷᠠᠬᠢ ᠠᠩ ᠭᠥᠷᠦᠭᠡᠰᠦᠨ ᠦᠷᠭᠦᠵᠦ ᠭᠦᠶᠦᠯᠳᠦᠮᠦᠢ ᠂ ᠠᠯᠤᠰ ᠰᠢᠭᠤᠢ ᠶ᠋ᠢᠨ ᠠᠯᠢᠪᠠ ᠪᠣᠯᠵᠣᠮᠣᠷ ᠰᠦᠷᠦᠭᠯᠡᠵᠦ ᠨᠢᠰᠦᠮᠦᠢ ᠃ ᠪᠦᠭᠭᠦᠭᠰᠡᠨ ᠴᠡᠷᠢᠭ ᠦᠭᠡᠢ ᠬᠡᠮᠡᠪᠡᠰᠦ ᠪᠣᠯᠬᠤ ᠦᠭᠡᠢ ! 》 ᠬᠡᠮᠡᠬᠦᠢ ᠳ᠋ᠦ᠍ᠷ ᠵᠠᠮᠤᠬ᠎ᠠ ᠬᠠᠨ ᠥᠭᠦᠯᠡᠷᠦᠨ : 《ᠮᠠᠨ ᠤ᠋ ᠴᠡᠷᠢᠭ ᠡᠳᠦᠭᠰᠡᠭᠡᠷ ᠠᠷᠪᠠ ᠬᠣᠨᠣᠭᠰᠠᠨ ᠦᠭᠡᠢ ᠪᠡᠷ ᠡᠨᠳᠡ ᠬᠦᠷᠴᠦ ᠬᠦᠷᠢᠶ᠎ᠡ ᠪᠠᠭᠤᠪᠠ ᠂ ᠲᠡᠳᠡᠨ ᠳ᠋ᠦ᠍ᠷ ᠬᠤᠪᠢᠯᠭᠠᠨ ᠴᠢᠬᠢ ᠲᠡᠢ ᠭᠡᠮᠡᠨ ᠰᠣᠨᠣᠰᠴᠤ ᠴᠡᠷᠢᠭ ᠪᠦᠭᠭᠦᠬᠦᠢ ᠳ᠋ᠦ᠍ᠷ ᠬᠦᠷᠦᠮᠦᠢ ᠦᠦ ? ᠪᠤᠭᠤᠷᠤᠯ ᠪᠠᠰᠠ ᠰᠠᠨᠠᠭᠠᠨ ᠳ᠋ᠤ᠌ ᠦᠭᠡᠢ ᠪᠡᠷ ᠪᠠᠴᠢᠮ ᠤᠴᠠᠷᠠᠭᠰᠠᠨ᠎ᠠ ᠰᠣᠴᠢᠨ ᠪᠡᠭᠲᠡᠷᠦᠭᠰᠡᠨ ᠢᠨᠦ ᠢᠪ ᠢᠯᠡᠷᠬᠡᠢ ᠪᠠᠢᠲᠠᠯ᠎ᠠ ᠴᠢ ᠶᠠᠭᠤᠨ ᠳ᠋ᠤᠷ ᠡᠢᠨ ᠦ᠌ ᠰᠡᠵᠢᠭᠯᠡᠮᠦᠢ ? 》 ᠵᠥᠪᠲᠡᠭᠡ ᠴᠧᠩᠰᠢᠶᠠᠩ ᠬᠤᠳᠠᠭᠠᠨ᠎ᠠ ᠪᠡᠬᠢ ᠴᠢᠬᠤᠯᠳᠠᠵᠤ ᠠᠰᠠᠭᠤᠷᠤᠨ :《ᠬᠠᠨ ᠡᠵᠡᠨ ᠴᠢᠨᠦ ᠡᠴᠢᠭᠡ ᠥᠪᠡᠷ᠎ᠡ ᠪᠣᠯᠪᠠᠴᠤ ᠡᠬᠡ ᠨᠢᠭᠡ ᠡᠴᠡ ᠲᠥᠷᠥᠭᠰᠡᠨ ᠳᠡᠭᠦᠦ ᠴᠢᠨᠦ ᠬᠤᠷᠣᠵᠠ ᠶᠠᠭᠤᠨ ᠳ᠋ᠤᠷ ᠴᠡᠷᠢᠭ ᠡᠳᠦᠭᠰᠡᠨ ᠳᠠᠷᠤᠢ ᠭᠡᠨᠡᠳᠲᠡ ᠤᠷᠭᠤᠨ ᠵᠠᠪᠬᠠᠷᠠᠪᠠ ?  ᠡᠰᠡ ᠰᠡᠵᠢᠭᠯᠡᠪᠡᠰᠦ ᠪᠣᠯᠤᠮᠤᠢ ᠤᠤ ! 》 ᠵᠠᠮᠤᠬ᠎ᠠ ᠬᠠᠨ ᠥᠭᠦᠯᠡᠷᠦᠨ : 《ᠲᠡᠷᠡ ᠡᠳᠦᠷ ᠴᠡᠷᠢᠭ ᠦ᠋ᠨ ᠬᠦᠷᠢᠶ᠎ᠡ ᠳ᠋ᠦ᠍ᠷ ᠨᠢᠭᠡᠨ ᠭᠠᠯᠵᠠᠭᠤ ᠬᠤᠸᠠ ᠥᠩᠭᠡᠲᠦ ᠦᠨᠢᠶ᠎ᠡ ᠣᠷᠣᠵᠤ ᠮᠢᠨᠦ ᠣᠷᠳᠣᠨ ᠢ᠋ ᠲᠦᠢᠪᠡᠭᠡᠭᠰᠡᠨ ᠳ᠋ᠦ᠍ᠷ ᠲᠡᠷᠡ ᠡᠮᠡᠭᠴᠢ ᠪᠡᠯᠡᠩᠴᠢ ᠪᠠᠢᠳᠠᠯ ᠢ᠋ ᠭᠠᠷᠭᠠᠵᠤ ᠨᠠᠳᠠ ᠳ᠋ᠤᠷ ᠡᠢᠮᠦ ᠲᠡᠢᠮᠦ ᠬᠡᠮᠡᠬᠦᠢ ᠳ᠋ᠦ᠍ᠷ ᠪᠢ ᠠᠭᠤᠷᠯᠠᠵᠤ ᠭᠥᠪᠰᠢᠵᠦ ᠬᠥᠭᠡᠭᠡᠨ ᠭᠠᠷᠭᠠᠭᠰᠠᠨ ᠳ᠋ᠤᠷ ᠂ ᠲᠡᠷᠡ ᠢᠴᠡᠭᠭᠦᠷᠡᠭᠡᠳ ᠣᠷᠭᠣᠪᠠᠢ ᠃ ᠲᠡᠷᠡ ᠶᠠᠭᠤᠨ ᠤ᠋ ᠪᠸᠲ᠋ᠠ᠋ ᠤᠯᠤᠰ ᠲᠤᠷ ᠡᠴᠢᠬᠦ ᠪᠣᠢ ! 》ᠭᠡᠮᠡᠨ ᠬᠠᠷᠠᠬᠠᠨ ᠬᠣᠶᠠᠭᠤᠯᠠ ᠲᠦᠳᠡᠭᠡᠯᠵᠡᠬᠦᠢ ᠳ᠋ᠦ᠍ᠷ ᠵᠡᠭᠦᠨ ᠮᠥᠷᠥ ᠶ᠋ᠢᠨ ᠴᠧᠩᠰᠢᠶᠠᠩ ᠴᠢᠨᠳᠠᠭᠠᠨ᠎ᠠ ᠴᠠᠭᠠᠨ ᠪᠸᠲ᠋ᠠ᠋ ᠤᠯᠤᠰ ᠤ᠋ᠨ ᠪᠤᠭᠤᠷᠤᠯ ᠤ᠋ᠨ ᠴᠡᠷᠢᠭ ᠳᠠᠷᠤᠭᠳᠠᠭᠰᠠᠨ ᠢ᠋ ᠦᠵᠡᠭᠡᠳ ᠬᠠᠷᠠᠬᠠᠨ ᠣᠮᠣᠭ ᠲᠥᠷᠥᠵᠦ ᠨᠡᠬᠡᠰᠦᠭᠡᠢ ᠭᠡᠮᠡᠨ ᠱᠦᠯᠬᠦᠲᠦᠬᠦᠢ ᠳ᠋ᠦ᠍ᠷ ᠵᠥᠪᠳᠡᠭᠡ ᠴᠧᠩᠰᠢᠶᠠᠩ ᠬᠤᠳᠠᠭᠠᠨ᠎ᠠ ᠪᠡᠬᠢ ᠬᠠᠨ ᠡᠵᠡᠨ ᠦ᠌ ᠮᠣᠷᠢ ᠶ᠋ᠢ ᠴᠤᠯᠪᠤᠭᠤᠷᠳᠠᠵᠤ ᠨᠡᠬᠡᠭᠦᠯᠬᠦ ᠦᠭᠡᠢ ᠬᠣᠷᠢᠭ᠍ᠯᠠᠮᠤᠢ ᠭᠡᠮᠡᠨ ᠰᠣᠨᠣᠰᠤᠭᠠᠳ ᠶᠡᠬᠡᠯ᠎ᠡ ᠰᠢᠬᠠᠮᠳᠠᠵᠤ ᠶᠠᠭᠠᠷᠠᠨ ᠳᠤᠮᠳᠠᠳᠤ ᠴᠡᠷᠢᠭ ᠲᠦ᠍ᠷ ᠳᠣᠪᠲᠣᠯᠤᠨ ᠢᠷᠡᠵᠦ ᠶᠡᠬᠡ ᠳᠠᠭᠤᠨ ᠢ᠋ᠶ᠋ᠠᠷ ᠥᠭᠦᠯᠡᠷᠦᠨ: 《ᠪᠸᠲ᠋ᠠ᠋ ᠤᠯᠤᠰ ᠢ᠋ ᠪᠠᠷᠠᠲᠠᠯ᠎ᠠ ᠠᠷᠢᠯᠭᠠᠬᠤ ᠠᠨᠤ ᠡᠨᠡ ᠤᠳᠠᠭ᠎ᠠ ᠳ᠋ᠤᠷ ᠪᠣᠢ ᠂ ᠬᠢᠯᠪᠠᠷ ᠬᠦᠴᠦᠨ ᠰᠦᠢᠳᠬᠡᠵᠦ ᠡᠢᠮᠦ ᠪᠡᠯᠡᠬᠡᠨ ᠲᠠᠰᠢᠷᠠᠮ ᠢ᠋ ᠣᠯᠪᠠᠤ ? ᠬᠤᠳᠠᠭᠠᠨ᠎ᠠ ᠠᠬᠠᠢ ᠴᠢ ᠶᠠᠭᠤᠨ ᠳ᠋ᠤᠷ ᠬᠣᠣᠰᠤᠯᠳᠤᠬᠤᠶ᠎ᠠ ᠪᠡᠷᠬᠡ ᠡᠨᠡ ᠬᠡᠪᠴᠢᠶᠡᠨ ᠦ᠌ ᠴᠠᠭ ᠲᠤᠷ ᠬᠣᠳᠣᠭᠣᠴᠢᠭᠤᠷ ᠪᠣᠯᠤᠨ ᠠᠮᠢᠨᠴᠢᠷ ᠪᠠᠢᠳᠠᠯ ᠢ᠋ ᠭᠠᠷᠭᠠᠵᠤ ᠬᠣᠷᠢᠭ᠍ᠯᠠᠮᠤᠢ ? 》ᠬᠡᠮᠡᠭᠰᠡᠨ ᠳ᠋ᠦ᠍ᠷ ᠵᠠᠮᠤᠬ᠎ᠠ ᠶ᠋ᠢᠨ ᠰᠡᠳᠬᠢᠯ ᠳ᠋ᠦ᠍ᠷ ᠴᠢᠪᠬᠢᠲᠡᠯ᠎ᠡ ᠨᠡᠢᠴᠡᠵᠦ ᠳᠠᠷᠤᠢ ᠬᠤᠳᠠᠭᠠᠨ᠎ᠠ ᠪᠡᠬᠢ ᠶ᠋ᠢ ᠴᠤᠯᠪᠤᠭᠤᠷ ᠳᠡᠯᠪᠢ ᠭᠡᠮᠡᠨ ᠨᠢᠭᠡᠨᠲᠡ ᠳᠤᠭᠲᠤᠷᠴᠤ ᠠᠳᠬᠤᠭᠰᠠᠨ ᠭᠠᠷ ᠢ᠋ ᠠᠯᠳᠠᠭᠤᠯᠤᠨ ᠳᠠᠷᠤᠢ ᠶᠡᠬᠡ ᠴᠡᠷᠢᠭ ᠢ᠋ ᠠᠪᠤᠨ ᠨᠢᠰᠬᠦ ᠮᠡᠲᠦ ᠨᠡᠬᠡᠨ ᠳᠣᠪᠲᠣᠯᠵᠤ ᠣᠷᠣᠪᠠ ᠃ ᠬᠤᠳᠠᠭᠠᠨ᠎ᠠ ᠪᠡᠬᠢ ᠮᠣᠷᠢᠨ ᠤ᠋ ᠳᠥᠷᠥᠭᠡ ᠶ᠋ᠢᠨ ᠳᠡᠭᠡᠷ᠎ᠡ ᠬᠥᠯ ᠳᠡᠪᠰᠡᠨ ᠬᠥᠮᠥᠰᠬᠡ ᠠᠲᠤᠷᠢᠨ ᠲᠡᠭᠷᠢ ᠶ᠋ᠢ ᠬᠠᠨᠳᠤᠵᠤ ᠤᠷᠲᠤ ᠰᠡᠭᠦᠷᠡᠰᠦ ᠠᠯᠳᠠᠵᠤ : 《ᠠᠷᠪᠠᠨ ᠬᠣᠶᠠᠷ ᠠᠢᠮᠠᠭ ᠭᠱᠠᠨ ᠵᠠᠭᠤᠷ᠎ᠠ ᠪᠠᠷᠠᠭᠳᠠᠪᠠᠢ ! 》 ᠭᠡᠮᠡᠨ ᠠᠷᠭ᠎ᠠ ᠦᠭᠡᠢ ᠳᠠᠭᠠᠵᠤ ᠣᠷᠣᠪᠠ ᠃ ᠡᠳᠡᠭᠡᠷ ᠦᠭᠡᠰ ᠢ᠋ ᠱᠠᠯᠵᠠᠲᠠᠢ ᠂ ᠰᠠᠮᠤᠷᠬᠠᠨ᠂ ᠳᠣᠣᠵᠢ ᠭᠤᠷᠪᠠᠨ ᠠᠢᠮᠠᠭ ᠤ᠋ᠨ ᠡᠵᠡᠨ ᠱᠠᠬᠠᠢ ᠂ ᠰᠠᠨᠠᠲᠤ ᠂ ᠲᠥᠢᠮᠥᠭ᠋ ᠨᠠᠷ ᠰᠣᠨᠣᠰᠴᠤ ᠴᠡᠷᠢᠭ ᠴᠡᠷᠢᠭ ᠢ᠋ᠶ᠋ᠡᠨ ᠠᠪᠴᠤ ᠰᠡᠮᠡᠬᠡᠷ ᠬᠣᠴᠣᠷᠤᠨ ᠤᠷᠭᠤᠨ ᠡᠴᠢᠵᠦ ᠲᠠᠩᠭᠠᠷᠢᠭ᠋ ᠠ᠋ᠴᠠ ᠪᠠᠨ ᠨᠢᠴᠤᠪᠠᠢ ᠃ ᠡᠭᠦᠨ ᠦ᠌ ᠤᠷᠭᠤᠨ ᠡᠴᠢᠬᠦ ᠶ᠋ᠢ ᠬᠡᠯᠡᠬᠦ ᠦᠭᠡᠢ ᠃  
       ᠲᠡᠨᠳᠡᠴᠡ ᠵᠠᠮᠤᠬ᠎ᠠ ᠬᠠᠨ ᠪᠡᠶ᠎ᠡ ᠪᠡᠷ ᠲᠡᠷᠢᠭᠦᠯᠡᠨ ᠶᠡᠬᠡ ᠴᠡᠷᠢᠭ ᠢ᠋ ᠠᠪᠴᠤ ᠠᠭᠤᠯᠠ ᠶᠡᠭᠦᠷᠡᠬᠦ ᠮᠡᠲᠦ ᠂ ᠮᠥᠷᠡᠨ ᠰᠡᠲᠡᠷᠡᠭᠰᠡᠨ ᠠᠳᠠᠯᠢ ᠨᠢᠭᠡᠨ ᠠᠮᠢ ᠪᠠᠷ ᠳᠣᠪᠲᠣᠯᠤᠨ ᠨᠡᠬᠡᠭᠰᠡᠭᠡᠷ ᠳᠥᠩᠭᠡᠵᠦ ᠴᠠᠴᠠᠷ ᠠᠭᠤᠯᠠᠨ ᠤ᠋ ᠪᠠᠷᠠᠭᠤᠨ ᠡᠲᠡᠭᠡᠳ ᠲᠣᠷ ᠬᠦᠷᠴᠦ ᠢᠷᠡᠲᠡᠯ᠎ᠡ ᠭᠡᠨᠡᠳᠲᠡ ᠫᠤᠤ ᠶ᠋ᠢᠨ ᠳᠠᠭᠤᠨ ᠲᠡᠭᠷᠢ ᠭᠠᠵᠠᠷ ᠳᠣᠯᠭᠢᠰᠤᠨ ᠳᠦᠷᠭᠢᠯᠵᠦ ᠴᠢᠪᠬᠢᠲᠡᠯ᠎ᠡ ᠲᠠᠢᠽᠦ ᠶ᠋ᠢᠨ ᠲᠥᠪ ᠦ᠋ᠨ ᠶᠡᠬᠡ ᠴᠡᠷᠢᠭ ᠲᠦ᠍ᠷ ᠠᠭᠤᠯᠵᠠᠭᠠᠳ ᠵᠠᠮᠤᠬ᠎ᠠ ᠬᠠᠨ ᠦᠨᠡᠬᠡᠷ ᠪᠠᠬᠠᠨ ᠰᠡᠵᠢᠭ ᠲᠦᠷᠦᠪᠡᠴᠦ ᠨᠢᠭᠡᠨᠲᠡ ᠡᠭᠡᠵᠦ ᠪᠣᠯᠬᠤ ᠦᠭᠡᠢ ᠪᠣᠯᠤᠭᠰᠠᠨ ᠳ᠋ᠤᠷ ᠠᠷᠭ᠎ᠠ ᠦᠭᠡᠢ ᠬᠣᠶᠠᠷ ᠴᠡᠷᠢᠭ ᠵᠡᠷᠭᠡ ᠪᠡᠷ ᠬᠠᠰᠬᠢᠷᠤᠯᠳᠤᠨ᠂ ᠵᠡᠪᠰᠡᠭ ᠠᠭᠤᠯᠵᠠᠭᠤᠯᠵᠤ ᠵᠢᠭᠤᠷᠠᠯᠳᠤᠨ ᠠᠯᠠᠯᠳᠤᠬᠤᠢ ᠳ᠋ᠤᠷ ᠭᠡᠨᠡᠳᠲᠡ ᠪᠠᠰᠠ ᠫᠤᠤ ᠶ᠋ᠢᠨ ᠳᠠᠭᠤᠨ ᠳ᠋ᠤᠷ ᠠᠭᠤᠯᠠ ᠠᠨᠢᠷᠯᠠᠨ ᠵᠡᠪᠡ ᠶ᠋ᠢᠨ ᠡᠮᠦᠨ᠎ᠡ ᠬᠣᠢᠨ᠎ᠠ ᠠ᠋ᠴᠠ ᠬᠡᠷᠡᠢᠳ ᠪᠠ ᠮᠡᠷᠭᠢᠳ᠂ ᠬᠣᠶᠠᠷ ᠠᠢᠮᠠᠭ ᠤ᠋ᠨ ᠴᠡᠷᠢᠭ ᠵᠡᠷᠭᠡ ᠪᠡᠷ ᠠᠯᠠᠨ ᠭᠠᠷᠴᠤ ᠪᠠᠢᠯᠳᠤᠨ ᠬᠦᠷᠴᠦ ᠢᠷᠡᠬᠦᠢ ᠳ᠋ᠦ᠍ᠷ ᠭᠣᠷᠯᠣᠳ ᠤ᠋ᠨ ᠭᠤᠷᠪᠠᠨ ᠠᠩᠭᠢ ᠴᠡᠷᠢᠭ ᠦᠨᠡᠬᠡᠷ ᠪᠦᠭᠭᠦᠭᠰᠡᠨ ᠴᠡᠷᠢᠭ ᠦ᠋ᠨ ᠠᠷᠭ᠎ᠠ ᠳ᠋ᠤᠷ ᠤᠨᠠᠪᠠ ᠭᠡᠮᠡᠨ ᠠᠶᠤᠯᠳᠤᠭᠰᠠᠨ᠎ᠠ ᠨᠢᠭᠡᠨᠲᠡ ᠬᠠᠰᠬᠢᠷᠤᠯᠳᠤᠵᠤ ᠬᠤᠮᠪᠢᠯᠳᠤᠨ ᠨᠢᠭᠡᠨ ᠪᠥᠭᠡᠮ ᠪᠣᠯᠪᠠ᠃  ᠮᠤᠬᠤᠯᠢ ᠳᠤᠮᠳᠠᠳᠤ ᠴᠡᠷᠢᠭ ᠢ᠋ ᠠᠪᠴᠤ ᠬᠡᠷᠡᠮ ᠮᠡᠲᠦ ᠪᠣᠰᠴᠤ ᠤᠭᠲᠤᠨ ᠢᠷᠡᠬᠦᠢ ᠳ᠋ᠦ᠍ᠷ ᠭᠣᠷᠯᠣᠳ ᠴᠡᠷᠢᠭ ᠭᠤᠷᠪᠠᠨ ᠪᠠᠶᠠᠨ᠎ᠠ ᠴᠥᠮ ᠳᠠᠢᠰᠤᠨ ᠳ᠋ᠤᠷ ᠤᠴᠠᠷᠠᠵᠤ ᠲᠤᠯᠤᠨ ᠴᠢᠳᠠᠬᠤ ᠦᠭᠡᠢ ᠪᠣᠯᠤᠭᠠᠳ ᠤᠯᠠᠮ ᠤᠯᠠᠮ ᠡᠭᠡᠵᠦ ᠰᠠᠷᠨᠢᠨ ᠳᠤᠲᠠᠭᠠᠨ ᠡᠭᠦᠰᠬᠡᠬᠦᠢ ᠳ᠋ᠦ᠍ᠷ ᠮᠤᠬᠤᠯᠢ ᠴᠠᠭᠠᠵᠠ ᠵᠠᠷᠯᠠᠵᠤ᠄ ᠰᠢᠷ᠎ᠠ ᠰᠢᠬᠦᠷ ᠳᠠᠯᠪᠠᠭ᠎ᠠ ᠶ᠋ᠢᠨ ᠳᠣᠣᠷ᠎ᠠ ᠪᠠᠢᠬᠤ ᠠᠨᠤ ᠵᠠᠮᠤᠬ᠎ᠠ ᠮᠥᠨ ᠂ ᠡᠵᠡᠨ ᠦ᠌ ᠵᠠᠬᠢᠶ᠎ᠠ ᠵᠠᠮᠤᠬ᠎ᠠ ᠶ᠋ᠢ ᠬᠡᠨ ᠬᠥᠮᠦᠨ ᠪᠠᠷᠢᠪᠠᠰᠤ ᠮᠢᠩᠭᠠᠨ ᠯᠠᠩ ᠮᠥᠩᠭᠥ ᠱᠠᠩᠨᠠᠵᠤ᠂ ᠲᠦᠮᠡᠨ ᠡᠷᠦᠬᠡ ᠶ᠋ᠢᠨ ᠨᠣᠶᠠᠨ ᠪᠣᠯᠭᠠᠮᠤᠢ ᠭᠡᠮᠡᠨ ᠣᠯᠠᠨ ᠴᠡᠷᠢᠭ ᠢ᠋ᠶ᠋ᠡᠷ ᠬᠠᠰᠬᠢᠷᠤᠭᠤᠯᠤᠨ ᠵᠠᠷᠯᠠᠭᠤᠯᠬᠤᠶ᠎ᠠ ᠴᠡᠷᠢᠭ ᠦ᠋ᠨ ᠳᠣᠲᠣᠷ᠎ᠠ ᠲᠦᠷᠬᠢᠷᠡᠨ ᠳᠠᠭᠤᠳᠠᠯᠴᠠᠬᠤ ᠠᠨᠤ ᠭᠣᠣᠯ ᠠᠨᠢᠷᠯᠠᠵᠤ᠂ ᠬᠠᠳᠠ ᠶ᠋ᠢᠨ ᠳᠠᠭᠤᠨ ᠮᠡᠲᠦ ᠃ ᠡᠭᠦᠨ ᠳ᠋ᠦ᠍ᠷ ᠪᠤᠷᠤᠭᠤ ᠳ᠋ᠠᠬᠢ ᠴᠧᠩᠰᠢᠶᠠᠩ ᠴᠢᠨᠳᠠᠭᠠᠨ᠎ᠠ ᠴᠠᠭᠠᠨ ᠦᠨᠡᠬᠡᠷ ᠪᠦᠭᠭᠦᠭᠰᠡᠨ ᠴᠡᠷᠢᠭ ᠭᠠᠷᠴᠤ ᠬᠠᠭᠠᠭᠰᠠᠨ ᠳ᠋ᠤᠷ ᠶᠡᠬᠡᠯ᠎ᠡ ᠭᠡᠯᠮᠡᠵᠦ ᠂ ᠵᠠᠮᠤᠬ᠎ᠠ ᠶ᠋ᠢᠨ ᠰᠢᠷ᠎ᠠ ᠯᠤᠤᠲᠤ ᠰᠢᠭᠦᠷ ᠳᠠᠯᠪᠠᠭ᠎ᠠ᠂ ᠲᠤᠭ ᠬᠢᠭᠢᠷᠢ ᠶ᠋ᠢ ᠴᠥᠮ ᠭᠠᠵᠠᠷ ᠲᠤᠷ ᠬᠡᠪᠲᠡᠭᠦᠯᠦᠨ ᠲᠠᠯᠪᠢᠭᠠᠳ ᠵᠠᠮᠤᠬ᠎ᠠ ᠶ᠋ᠢ ᠤᠳᠤᠷᠢᠳᠤᠨ ᠬᠦᠨᠳᠦ ᠬᠠᠭᠠᠭᠰᠠᠨ ᠭᠠᠵᠠᠷ ᠢ᠋ ᠠᠮᠢᠨ ᠪᠡᠶ᠎ᠡ ᠪᠡᠨ ᠲᠠᠯᠪᠢᠨ ᠠᠯᠠᠯᠳᠤᠵᠤ ᠰᠢᠪᠲᠤᠯᠤᠨ ᠭᠠᠷᠴᠤ ᠢᠷᠡᠪᠡ ᠃ ᠬᠤᠳᠠᠭᠠᠨ᠎ᠠ ᠪᠡᠬᠢ ᠶᠡᠬᠡᠯ᠎ᠡ ᠭᠠᠰᠢᠭᠤᠳᠠᠨ ᠶᠠᠮᠪᠠᠷ ᠪᠠᠢᠨ᠎ᠠ᠂ ᠶᠠᠮᠪᠠᠷ ᠪᠠᠢᠨ᠎ᠠ ᠬᠡᠮᠡᠭᠰᠡᠭᠡᠷ ᠢᠷᠡᠵᠦ᠂ ᠰᠢᠷ᠎ᠠ ᠲᠤᠭ ᠢ᠋ ᠠᠪᠴᠤ ᠥᠪᠡᠷ ᠦ᠋ᠨ ᠳᠡᠭᠡᠷ᠎ᠡ ᠪᠡᠨ ᠪᠠᠷᠢᠭᠤᠯᠪᠠ ᠂ ᠮᠤᠬᠤᠯᠢ ᠰᠢᠷ᠎ᠠ ᠲᠤᠭ ᠤᠨᠠᠭᠠᠳ ᠪᠠᠰᠠ ᠳᠠᠬᠢᠨ ᠪᠣᠰᠤᠭᠰᠠᠨ ᠢ᠋ ᠦᠵᠡᠭᠡᠳ ᠴᠡᠷᠢᠭ ᠢ᠋ ᠵᠠᠬᠢᠷᠤᠨ ᠬᠡᠳᠦᠨ ᠠᠷᠪᠠᠨ ᠳᠠᠪᠬᠤᠷ ᠬᠠᠭᠠᠪᠠ᠂ ᠴᠢᠨᠳᠠᠭᠠᠨ᠎ᠠ ᠴᠠᠭᠠᠨ᠂ ᠵᠠᠮᠤᠬ᠎ᠠ ᠶ᠋ᠢ ᠬᠠᠮᠠᠭᠠᠯᠠᠨ ᠬᠦᠨᠳᠦ ᠬᠠᠭᠠᠭᠰᠠᠨ ᠭᠠᠵᠠᠷ ᠠ᠋ᠴᠠ ᠠᠯᠠᠨ ᠭᠠᠷᠴᠤ ᠤᠮᠠᠷ᠎ᠠ ᠵᠦᠭ ᠡᠴᠢᠬᠦᠢ ᠳ᠋ᠦ᠍ᠷ ᠠᠭᠤᠯᠠᠨ ᠤ᠋ ᠳᠣᠣᠷ᠎ᠠ ᠾᠧ ᠸᠠᠩ ᠤ᠋ᠨ ᠬᠠᠢᠭᠤᠯ ᠴᠡᠷᠢᠭ ᠢᠯᠠᠭᠤ ᠂ ᠰᠣᠯᠤᠩᠭᠤᠸ᠎ᠠ ᠲᠠᠨ ᠤ᠋ ᠴᠡᠷᠢᠭ ᠲᠦ᠍ᠷ ᠬᠥᠨᠳᠡᠯᠢᠳᠦᠭᠳᠡᠵᠦ ᠵᠡᠭᠦᠨ ᠪᠡᠶ᠎ᠡ ᠳ᠋ᠦ᠍ᠷ ᠢᠯᠠᠭᠤ ᠂ ᠪᠠᠷᠠᠭᠤᠨ ᠡᠲᠡᠭᠡᠳ ᠡᠴᠡ ᠰᠣᠯᠤᠩᠭᠤᠸ᠎ᠠ ᠬᠠᠪᠴᠢᠨ ᠠᠯᠠᠨ ᠣᠷᠣᠵᠤ ᠢᠷᠡᠭᠰᠡᠨ ᠳ᠋ᠦ᠍ᠷ ᠵᠠᠮᠤᠬ᠎ᠠ ᠪᠠ ᠴᠢᠨᠳᠠᠭᠠᠨ᠎ᠠ ᠴᠠᠭᠠᠨ ᠬᠣᠶᠠᠭᠤᠯᠠ ᠶ᠋ᠢᠨ ᠪᠡᠶ᠎ᠡ ᠳ᠋ᠦ᠍ᠷ ᠬᠡᠳᠦᠨ ᠰᠢᠷᠬ᠎ᠠ ᠣᠯᠵᠤ᠂ ᠬᠠᠷᠠᠬᠠᠨ ᠮᠡᠩᠳᠡᠭᠦᠷᠡᠨ ᠶᠠᠪᠤᠬᠤ ᠴᠠᠭ ᠲᠤᠯᠠ ᠴᠢᠨᠳᠠᠭᠠᠨ᠎ᠠ ᠴᠠᠭᠠᠨ ᠰᠢᠷᠬ᠎ᠠ ᠮᠠᠰᠢ ᠬᠦᠨᠳᠦ ᠲᠤᠯᠠ ᠶᠡᠬᠡ ᠳᠠᠭᠤᠨ ᠢ᠋ᠶ᠋ᠠᠷ ᠳᠠᠭᠤᠳᠠᠨ ᠥᠭᠦᠯᠡᠷᠦᠨ: 《ᠬᠠᠨ ᠡᠵᠡᠨ ᠮᠢᠨᠦ ᠬᠤᠷᠳᠤᠨ ᠵᠠᠢᠯᠠᠵᠤ ᠭᠠᠷᠲᠤᠭᠠᠢ ᠂ ᠲᠦᠰᠢᠮᠡᠯ ᠮᠢᠨᠦ ᠦᠬᠦᠬᠦ ᠭᠠᠵᠠᠷ ᠡᠨᠳᠡ ᠪᠣᠯᠪᠠ ! 》 ᠬᠡᠮᠡᠵᠦ ᠵᠢᠳᠠ ᠪᠠᠨ ᠬᠥᠨᠳᠡᠯᠡᠨ ᠪᠠᠷᠢᠵᠤ ᠡᠵᠡᠨ ᠳ᠋ᠡᠭᠡᠨ ᠠᠶᠠᠷᠯᠠᠵᠤ ᠪᠠᠷᠠᠬᠤ ᠶ᠋ᠢᠨ ᠤᠷᠢᠳ ᠢᠯᠠᠭᠤ ᠵᠢᠳᠠᠯᠠᠨ ᠬᠦᠷᠴᠦ ᠢᠷᠡᠭᠰᠡᠨ ᠳ᠋ᠦ᠍ᠷ ᠵᠠᠮᠤᠬ᠎ᠠ ᠳᠠᠷᠤᠢ ᠴᠢᠨᠳᠠᠭᠠᠨ᠎ᠠ ᠴᠠᠭᠠᠨ ᠤ᠋ ᠬᠣᠢᠭᠤᠷ ᠲᠠᠯᠲᠠᠷᠢᠨ ᠠᠷᠪᠠᠭᠠᠳᠬᠠᠨ ᠮᠣᠷᠢᠲᠠᠨ ᠢ᠋ ᠠᠪᠴᠤ ᠳᠠᠭᠠᠷᠢᠨ ᠭᠠᠷᠴᠤ ᠪᠤᠷᠤᠭᠤᠯᠠᠨ ᠡᠴᠢᠬᠦᠶ᠎ᠡ ᠂ ᠰᠣᠯᠤᠩᠭᠤᠸ᠎ᠠ ᠬᠠᠪᠢᠷᠭ᠎ᠠ ᠠ᠋ᠴᠠ ᠨᠢᠭᠡᠨᠲᠡ ᠬᠠᠳᠬᠤᠵᠤ ᠣᠷᠣᠲᠠᠯ᠎ᠠ ᠪᠦᠬᠦ ᠪᠡᠯᠭᠦᠳᠡᠢ ᠮᠥᠨ ᠭᠦᠢᠴᠡᠨ ᠬᠦᠷᠴᠦ ᠢᠷᠡᠭᠡᠳ ᠡᠨᠡᠲᠡᠭᠡ ᠡᠲᠡᠭᠡᠳ ᠡᠴᠡ ᠵᠢᠰᠢᠭᠦᠦ ᠪᠡᠷ ᠪᠠᠰᠠ ᠨᠢᠭᠡᠨᠲᠡ ᠵᠢᠳᠠᠯᠠᠭᠰᠠᠨ ᠳ᠋ᠤᠷ ᠴᠢᠪᠬᠢᠲᠡᠯ᠎ᠡ ᠰᠣᠯᠤᠩᠭᠤᠸ᠎ᠠ ᠶ᠋ᠢᠨ ᠬᠠᠳᠬᠤᠭᠰᠠᠨ ᠳ᠋ᠤᠷ ᠲᠣᠬᠢᠶᠠᠯᠳᠤᠨ ᠬᠣᠶᠠᠷ ᠢ᠋ᠢᠳᠠ ᠮᠥᠷᠭᠥᠯᠳᠦᠵᠦ ᠭᠠᠯ ᠪᠠᠳᠠᠷᠠᠭᠠᠳ ᠵᠠᠮᠤᠬ᠎ᠠ ᠬᠠᠯᠲᠤ ᠡᠴᠢᠵᠦ ᠪᠤᠷᠤᠭᠤᠯᠠᠪᠠ ᠃ ᠡᠭᠦᠨ ᠳ᠋ᠦ᠍ᠷ ᠰᠣᠯᠣᠩᠭᠤᠸ᠎ᠠ ᠂ ᠪᠦᠬᠦ ᠪᠡᠯᠭᠦᠳᠡᠢ ᠬᠣᠶᠠᠭᠤᠯᠠ ᠶ᠋ᠢᠨ ᠵᠢᠳᠠ ᠳ᠋ᠤᠷ ᠤᠶᠠᠭᠰᠠᠨ ᠢᠷᠪᠢᠰ ᠦ᠋ᠨ ᠰᠡᠭᠦᠯ ᠵᠢᠭᠤᠷᠠᠯᠳᠤᠨ ᠵᠠᠩᠭᠢᠳᠤᠭᠠᠳ ᠰᠠᠯᠤᠯᠴᠠᠬᠤ ᠵᠠᠪᠰᠠᠷ᠎ᠠ ᠵᠠᠮᠤᠬ᠎ᠠ ᠵᠤᠯᠪᠠᠨ ᠭᠠᠷᠴᠤ ᠣᠯᠠᠨ ᠤ᠋ ᠰᠦᠷᠦᠭ ᠲᠣᠷ ᠰᠢᠷᠭᠤᠯᠠᠨ ᠣᠷᠣᠵᠤ ᠦᠵᠡᠭᠳᠡᠬᠦ ᠦᠭᠡᠢ ᠪᠣᠯᠤᠭᠰᠠᠨ᠎ᠠ ᠳᠠᠷᠤᠢ ᠪᠡᠶ᠎ᠡ ᠡᠭᠡᠵᠦ ᠴᠢᠨᠳᠠᠭᠠᠨ᠎ᠠ ᠴᠠᠭᠠᠨ ᠢ᠋ ᠬᠠᠭᠠᠵᠤ ᠢᠷᠡᠪᠡ ᠃ ᠡᠨᠡ ᠦᠶ᠎ᠡ ᠳ᠋ᠦ᠍ᠷ ᠴᠢᠨᠳᠠᠭᠠᠨ᠎ᠠ ᠴᠠᠭᠠᠨ ᠪᠡᠶ᠎ᠡ ᠳ᠋ᠦ᠍ᠷ ᠬᠦᠨᠳᠦ ᠰᠢᠷᠬ᠎ᠠ ᠣᠯᠤᠭᠰᠠᠨ ᠲᠤᠯᠠ ᠵᠡᠭᠦᠨ ᠰᠦᠪᠡᠭᠡ ᠪᠡᠷ ᠨᠠᠷᠢᠨ ᠭᠡᠳᠡᠰᠦ ᠢᠨᠦ ᠴᠤᠪᠤᠷᠠᠨ ᠭᠠᠷᠤᠭᠰᠠᠨ ᠢ᠋ ᠰᠣᠯᠣᠭᠠᠢ ᠭᠠᠷ ᠢ᠋ᠶ᠋ᠠᠷ ᠴᠢᠬᠢᠵᠦ ᠣᠷᠣᠭᠤᠯᠤᠭᠠᠳ ᠪᠠᠰᠠ ᠲᠤᠯᠤᠨ ᠪᠠᠢᠯᠳᠤᠵᠤ ᠬᠠᠷᠠᠬᠠᠨ ᠪᠡᠶ᠎ᠡ ᠤᠮᠳᠠᠷᠠᠨ ᠭᠠᠷ ᠮᠠᠨᠠᠷᠠᠬᠤᠶ᠎ᠠ ᠰᠣᠯᠤᠩᠭᠤᠸ᠎ᠠ ᠪᠦᠬᠦ ᠪᠡᠯᠭᠦᠳᠡᠢ ᠬᠣᠶᠠᠭᠤᠯᠠ ᠬᠣᠶᠠᠷ ᠠᠩᠭᠢ ᠴᠡᠷᠢᠭ ᠢ᠋ᠶ᠋ᠡᠨ ᠠᠪᠴᠤ ᠬᠠᠭᠠᠵᠤ ᠢᠷᠡᠭᠰᠡᠨ ᠳ᠋ᠦ᠍ᠷ ᠭᠠᠷᠴᠤ ᠴᠢᠳᠠᠬᠤ ᠦᠭᠡᠢ ᠪᠡᠨ ᠮᠡᠳᠡᠭᠡᠳ ᠢᠯᠳᠦ ᠪᠡᠨ ᠰᠤᠭᠤᠯᠵᠤ ᠬᠦᠵᠦᠭᠦᠨ ᠢ᠋ᠶ᠋ᠡᠨ ᠣᠭᠲᠣᠯᠵᠤ ᠦᠬᠦᠪᠡᠢ ᠃ ᠲᠡᠳᠦᠢ ᠢᠯᠠᠭᠤ ᠲᠣᠯᠣᠭᠠᠢ ᠶ᠋ᠢ ᠣᠭᠲᠣᠯᠵᠤ ᠠᠪᠤᠪᠠ ᠃ ᠲᠡᠭᠦᠨᠴᠡ ᠮᠤᠬᠤᠯᠢ ᠰᠢᠷ᠎ᠠ ᠲᠤᠭ ᠤ᠋ᠨ ᠭᠠᠳᠠᠭᠤᠷ ᠬᠠᠮᠠᠭᠠᠯᠠᠬᠤ ᠴᠡᠷᠢᠭ ᠨᠡᠯᠢᠶᠡᠳ ᠵᠤᠵᠠᠭᠠᠨ ᠲᠤᠯᠠ ᠳᠠᠪ ᠳᠡᠭᠡᠷ᠎ᠡ ᠪᠠᠷᠢᠭ᠍ᠳᠠᠬᠤ ᠦᠭᠡᠢ ᠳ᠋ᠦ᠍ᠷ ᠳᠠᠷᠤᠢ ᠮᠣᠳᠣ ᠲᠣᠭᠰᠢᠵᠤ ᠰᠠᠮᠠᠭᠤᠨ ᠰᠤᠮᠤ ᠲᠠᠯᠪᠢᠭᠤᠯᠤᠨ ᠬᠠᠷᠪᠤᠬᠤ ᠠᠨᠤ ᠤᠩᠭᠠᠷᠢᠯ ᠬᠡᠢᠰᠬᠦ ᠮᠡᠲᠦ ᠃ ᠭᠣᠷᠯᠣᠳ ᠤ᠋ᠨ ᠴᠡᠷᠢᠭ ᠦ᠋ᠨ ᠤᠬᠢᠯᠠᠯᠴᠠᠬᠤ ᠳᠠᠭᠤᠨ ᠬᠥᠬᠡ ᠡᠭᠦᠯᠡᠨ᠎ᠡ ᠨᠡᠪᠲᠡᠷᠡᠵᠦ᠂ ᠪᠤᠳᠠᠷᠠᠯᠳᠤᠨ ᠤᠨᠠᠬᠤ ᠠᠨᠤ ᠨᠠᠮᠤᠷ ᠤ᠋ᠨ ᠨᠠᠪᠴᠢ ᠠᠳᠠᠯᠢ᠃ ᠨᠡᠩ ᠪᠠᠰᠠ ᠪᠸᠲ᠋ᠠ᠋ ᠤᠯᠤᠰ ᠤ᠋ᠨ ᠴᠡᠷᠢᠭ ᠦ᠋ᠳ ᠴᠥᠮ ᠳᠡᠭᠡᠳᠦ ᠭᠠᠵᠠᠷ ᠢ᠋ ᠡᠵᠡᠯᠡᠭᠡᠳ ᠪᠠᠰᠠ ᠰᠠᠯᠬᠢᠨ ᠤ᠋ ᠳᠡᠭᠡᠷ᠎ᠡ ᠵᠣᠭᠰᠣᠵᠤ ᠬᠠᠷᠪᠤᠬᠤ ᠳ᠋ᠤᠷ ᠡᠰᠡᠷᠭᠦ ᠢᠨᠦ ᠴᠢᠬᠡ ᠬᠠᠨᠳᠤᠰᠢ ᠦᠭᠡᠢ ᠃ ᠭᠣᠷᠯᠣᠳ ᠤ᠋ᠨ ᠴᠡᠷᠢᠭ ᠦ᠋ᠨ ᠪᠤᠲᠠᠷᠠᠯᠳᠤᠨ ᠲᠠᠯᠲᠠᠷᠢᠵᠤ ᠮᠣᠷᠢᠨ ᠠ᠋ᠴᠠ ᠤᠨᠠᠬᠤ ᠠᠨᠤ ᠲᠡᠰᠳᠡᠰᠢ ᠦᠭᠡᠢ ᠬᠥᠭᠡᠷᠦᠬᠦᠢ ᠳ᠋ᠦ᠍ᠷ ᠬᠤᠳᠠᠭᠠᠨ᠎ᠠ ᠪᠡᠬᠢ ᠦᠵᠡᠭᠰᠡᠭᠡᠷ ᠲᠦᠪᠳᠡᠬᠦ ᠦᠭᠡᠢ ᠪᠣᠯᠵᠤ ᠶᠠᠭᠠᠷᠠᠨ ᠮᠣᠷᠢ ᠪᠠᠨ ᠤᠬᠤᠰᠬᠢᠨ ᠴᠡᠷᠢᠭ ᠦ᠋ᠨ ᠡᠮᠦᠨ᠎ᠡ ᠭᠠᠷᠴᠤ ᠢᠷᠡᠭᠡᠳ ᠪᠠᠷᠠᠭᠤᠨ ᠭᠠᠷ ᠢ᠋ᠶ᠋ᠠᠷ ᠳᠤᠭᠤᠯᠠᠭ᠎ᠠ ᠪᠠᠨ ᠠᠪᠴᠤ ᠥᠨᠳᠥᠷ ᠳᠠᠭᠤᠨ ᠢ᠋ᠶ᠋ᠠᠷ ᠳᠠᠭᠤᠳᠠᠨ ᠥᠭᠦᠯᠡᠷᠦᠨ: 《ᠪᠢ ᠪᠣᠯᠪᠠᠰᠤ ᠭᠣᠷᠯᠣᠳ ᠤ᠋ᠨ ᠲᠦᠰᠢᠮᠡᠯ ᠬᠤᠳᠠᠭᠠᠨ᠎ᠠ ᠪᠡᠬᠢ ᠪᠤᠶᠤ ᠂ ᠮᠢᠨᠦ ᠬᠠᠨ ᠡᠵᠡᠨ ᠬᠡᠳᠦᠢᠨᠡᠢ ᠵᠠᠢᠯᠠᠨ ᠭᠠᠷᠴᠤ ᠬᠣᠯᠠ ᠡᠴᠢᠪᠡ ᠂ ᠮᠢᠨᠦ ᠨᠢᠭᠡᠨ ᠬᠥᠮᠦᠨ ᠦ᠌ ᠲᠤᠯᠠ ᠣᠯᠠᠨ ᠴᠡᠷᠢᠭ ᠢ᠋ ᠪᠢᠲᠡᠭᠡᠢ ᠬᠠᠷᠪᠤᠵᠤ ᠭᠢᠲᠤᠭᠳᠠᠬᠠᠤᠢ !》ᠬᠡᠮᠡᠬᠦ ᠦᠭᠡ ᠬᠡᠯᠡᠵᠦ ᠪᠠᠷᠠᠬᠤ ᠶ᠋ᠢᠨ ᠤᠷᠢᠳᠠ ᠨᠢᠭᠡᠨ ᠵᠡᠪᠡ ᠨᠢᠰᠦᠨ ᠬᠦᠷᠴᠦ ᠢᠷᠡᠭᠡᠳ ᠵᠡᠭᠦᠨ ᠮᠥᠷᠥ ᠳ᠋ᠦ᠍ᠷ ᠲᠣᠰᠴᠤ ᠬᠤᠳᠠᠭᠠᠨ᠎ᠠ ᠪᠡᠬᠢ ᠮᠣᠷᠢᠨ ᠠ᠋ᠴᠠ ᠤᠨᠠᠭᠰᠠᠨ ᠢ᠋ ᠣᠷᠢᠶᠠᠩᠬᠠᠨ ᠤ᠋ ᠵᠡᠯᠮ᠎ᠡ ᠠᠮᠢᠳᠤ ᠪᠠᠷᠢᠪᠠ ᠃ ᠭᠣᠷᠯᠣᠳ ᠤ᠋ᠨ ᠰᠢᠷ᠎ᠠ ᠲᠤᠭ ᠪᠠᠰᠠ ᠤᠨᠠᠪᠠᠢ᠃ ᠣᠯᠠᠨ ᠴᠡᠷᠢᠭ ᠡᠵᠡᠨ ᠦᠭᠡᠢ ᠪᠣᠯᠤᠭᠰᠠᠨ ᠢ᠋ ᠦᠵᠡᠭᠡᠳ ᠪᠤᠷᠤᠭᠤᠯᠠᠨ ᠭᠠᠷᠴᠤ ᠴᠢᠳᠠᠬᠤ ᠦᠭᠡᠢ ᠢᠨᠦ ᠴᠥᠮ ᠰᠥᠭᠥᠳᠴᠦ ᠳᠠᠭᠠᠪᠠ ᠃ ᠴᠠᠴᠠᠷ ᠠᠭᠤᠯᠠᠨ ᠤ᠋ ᠡᠨᠡ ᠨᠢᠭᠡᠨ ᠤᠳᠠᠭ᠎ᠠ ᠶ᠋ᠢᠨ ᠪᠠᠢᠯᠳᠤᠭᠠᠨ ᠳ᠋ᠤᠷ ᠶᠢᠰᠦᠨ ᠠᠢᠮᠠᠭ ᠤᠯᠤᠰ ᠪᠦᠷᠢᠨ ᠢ᠋ᠶ᠋ᠡᠷ ᠬᠤᠷᠢᠶᠠᠭᠳᠠᠵᠤ ᠳᠠᠭᠠᠪᠠ ᠃ ᠲᠠᠢᠽᠦ ᠮᠠᠰᠢ ᠶᠡᠬᠡᠳᠡ ᠲᠠᠢᠯᠵᠤ ᠬᠠᠷᠠᠩᠭ᠎ᠠ ᠴᠣᠬᠢᠨ ᠴᠡᠷᠢᠭ ᠬᠤᠷᠢᠶᠠᠪᠠ ᠃ 
      ᠲᠡᠭᠦᠨᠴᠡ ᠪᠦᠬᠦ ᠪᠡᠯᠭᠦᠳᠡᠢ ᠵᠠᠮᠤᠬ᠎ᠠ ᠶ᠋ᠢ ᠨᠡᠬᠡᠬᠦᠢ ᠳ᠋ᠦ᠍ᠷ ᠰᠣᠯᠤᠩᠭᠤᠸ᠎ᠠ ᠶ᠋ᠢ ᠦᠵᠡᠭᠡᠳ ᠪᠠᠰᠠ ᠵᠢᠳᠠᠨ ᠤ᠋ ᠢᠷᠪᠢᠰ ᠦ᠋ᠨ ᠰᠡᠭᠦᠯ ᠵᠢᠭᠤᠷᠠᠯᠳᠤᠵᠤ ᠂ ᠰᠣᠯᠤᠩᠭᠤᠸ᠎ᠠ ᠶ᠋ᠢᠨ ᠥᠰᠴᠦ ᠬᠥᠮᠦᠵᠢᠭᠡᠳ ᠠᠷᠪᠠᠨ ᠵᠢᠷᠭᠤᠭᠠᠨ ᠨᠠᠰᠤᠯᠠᠵᠤ ᠴᠡᠴᠡᠭ ᠢ᠋ ᠢᠴᠢᠩᠭᠦᠷᠡᠭᠦᠯᠬᠦ ᠂ ᠰᠠᠷᠠᠨ ᠢ᠋ ᠭᠤᠲᠤᠭᠠᠮᠠᠷ ᠰᠠᠢᠬᠠᠨ ᠪᠣᠯᠤᠭᠰᠠᠨ ᠢ᠋ ᠦᠵᠡᠭᠡᠳ ᠡᠨᠡ ᠶᠢᠷᠲᠢᠨᠴᠦ ᠳ᠋ᠦ᠍ᠷ ᠪᠠᠰᠠ ᠡᠨᠡ ᠮᠡᠲᠦ ᠰᠠᠢᠬᠠᠨ ᠬᠥᠮᠦᠨ ᠪᠠᠢᠬᠤ ᠠᠵᠢ ᠭᠡᠮᠡᠨ ᠡᠷᠡᠭᠡᠯᠵᠡᠨ ᠰᠢᠷᠲᠡᠵᠦ ᠪᠠᠬᠠᠨ ᠲᠦᠳᠡᠭᠡᠯᠵᠡᠭᠰᠡᠨ ᠴᠢᠯᠥᠭᠡᠨ ᠳ᠋ᠦ᠍ᠷ ᠵᠠᠮᠤᠬ᠎ᠠ ᠵᠤᠯᠪᠠᠨ ᠮᠤᠯᠲᠤᠷᠠᠨ ᠭᠠᠷᠪᠠᠢ ᠃ ᠪᠦᠬᠦ ᠪᠡᠯᠭᠦᠳᠡᠢ ᠬᠣᠢᠨ᠎ᠠ ᠰᠡᠬᠡᠰᠬᠢᠵᠦ ᠰᠠᠶᠢ ᠡᠷᠢᠨ ᠨᠡᠬᠡᠲᠡᠯ᠎ᠡ ᠵᠠᠮᠤᠬ᠎ᠠ ᠣᠷᠣᠮ ᠲᠣᠷᠤᠮ ᠦᠭᠡᠢ ᠪᠣᠯᠤᠨ ᠡᠴᠢᠵᠦᠬᠦᠢ ᠃ ᠲᠡᠳᠦᠢ ᠶᠡᠬᠡ ᠴᠡᠷᠢᠭ ᠦ᠋ᠨ ᠬᠠᠷᠠᠩᠭ᠎ᠠ ᠴᠣᠬᠢᠬᠣᠢ ᠳ᠋ᠤᠷ ᠮᠥᠨ ᠬᠤᠷᠠᠵᠤ ᠢᠷᠡᠪᠡ ᠃ ᠡᠭᠦᠨ ᠦ᠌ ᠳᠣᠲᠣᠷ᠎ᠠ ᠱᠠᠯᠵᠠᠲᠠᠢ ᠂ ᠰᠠᠮᠤᠷᠬᠠᠨ ᠂ ᠲᠤᠤᠵᠢ ᠭᠤᠷᠪᠠᠨ ᠠᠢᠮᠠᠭ ᠤᠬᠤᠷᠢᠨ ᠬᠣᠴᠣᠷᠴᠤ ᠪᠤᠰᠤ ᠵᠠᠮ ᠢ᠋ᠶ᠋ᠠᠷ ᠪᠤᠷᠤᠭᠤᠯᠠᠨ ᠠᠢᠮᠠᠭ ᠠᠢᠮᠠᠭ ᠂ ᠤᠯᠤᠰ ᠤᠯᠤᠰ ᠲᠤᠷ ᠢ᠋ᠶ᠋ᠠᠨ ᠡᠭᠡᠵᠦ ᠮᠠᠩᠨᠠᠢ ᠳ᠋ᠠᠭᠠᠨ ᠵᠠᠯᠪᠠᠷᠢᠨ ᠥᠭᠦᠯᠡᠯᠳᠦᠷᠦᠨ :《ᠵᠠᠮᠤᠬ᠎ᠠ ᠶ᠋ᠢ ᠳᠠᠭᠠᠵᠤ ᠠᠷᠠᠢ ᠡᠰᠡ ᠭᠡᠨᠡᠳᠡᠭᠳᠡᠪᠡᠢ ᠃ ᠪᠸᠲ᠋ᠠ᠋ ᠤᠯᠤᠰ ᠢ᠋ ᠪᠢᠳᠡᠨ ᠡᠴᠡ ᠪᠤᠰᠤ ᠬᠡᠨ ᠲᠡᠭᠦᠨ ᠦ᠌ ᠪᠠᠰᠢᠷ ᠤᠬᠠᠭᠠᠨ ᠢ᠋ ᠣᠯᠤᠨ ᠪᠠᠢᠯᠳᠤᠨ ᠴᠢᠳᠠᠬᠤ ᠠᠵᠢ ! ᠬᠥᠮᠦᠨ ᠦ᠌ ᠰᠠᠨᠠᠭᠠᠨ ᠢ᠋ᠶ᠋ᠠᠷ ᠶᠠᠪᠤᠵᠤ ᠳᠡᠢᠯᠬᠦ ᠡᠴᠡ ᠥᠪᠡᠷ ᠦ᠋ᠨ ᠤᠬᠠᠭᠠᠨ ᠢ᠋ᠶ᠋ᠠᠷ ᠶᠠᠪᠤᠵᠤ ᠳᠡᠢᠯᠦᠭᠳᠡᠪᠡᠴᠦ ᠬᠢᠯᠢᠰ ᠦᠭᠡᠢ ᠪᠣᠯᠠᠢ ! 》ᠬᠡᠮᠡᠯᠳᠦᠪᠡᠢ ᠃ 
      ᠲᠡᠭᠦᠨᠴᠡ ᠵᠠᠮᠤᠬ᠎ᠠ ᠬᠥᠨᠳᠡᠯᠢᠳᠦᠭᠰᠡᠨ ᠴᠡᠷᠢᠭ ᠢ᠋ ᠳᠠᠭᠠᠷᠢᠨ ᠭᠠᠷᠴᠤ ᠠᠶᠤᠮᠰᠢᠭ᠋ ᠦᠭᠡᠢ ᠵᠡᠭᠦᠨ ᠵᠦᠭ ᠡᠭᠡᠬᠦ ᠦᠭᠡᠢ ᠂ ᠪᠠᠷᠠᠭᠤᠨ ᠬᠣᠢᠲᠤ ᠨᠠᠢ᠍ᠮᠠᠨ ᠠᠢᠮᠠᠭ ᠤ᠋ᠨ ᠵᠦᠭ ᠪᠤᠷᠤᠭᠤᠯᠠᠨ ᠡᠴᠢᠬᠦᠶ᠎ᠡ ᠡᠭᠡᠵᠦ ᠦᠵᠡᠪᠡᠰᠦ ᠭᠤᠷᠪᠠ ᠳᠦᠷᠪᠡᠭᠡᠨ ᠮᠣᠷᠢᠲᠠᠨ ᠦᠯᠡᠳᠡᠵᠦᠬᠦᠢ ᠃ ᠲᠡᠳᠦᠢ ᠳᠠᠭᠤ ᠲᠠᠯᠪᠢᠨ ᠳᠣᠪᠲᠣᠯᠤᠭᠰᠠᠭᠠᠷ ᠲᠠᠪᠢᠨ ᠭᠠᠵᠠᠷ ᠭᠠᠷᠴᠤ ᠨᠠᠷᠠᠨ ᠰᠢᠩᠭᠡᠵᠦ ᠭᠡᠭᠡ ᠲᠠᠰᠤᠷᠠᠬᠤ ᠰᠢᠬᠠᠭᠰᠠᠨ ᠲᠤᠯᠠ ᠬᠣᠨᠣᠬᠤ ᠬᠥᠰᠬᠡ ᠦᠭᠡᠢ ᠶ᠋ᠢᠨ ᠤᠴᠢᠷ ᠨᠢᠭᠡᠨ ᠪᠢᠴᠢᠬᠠᠨ ᠭᠣᠣᠯ ᠢ᠋ ᠭᠡᠲᠦᠯᠦᠨ ᠭ᠍ᠡᠷᠪᠠᠰᠤ ᠬᠣᠯᠠᠬᠢ ᠮᠠᠩᠬ᠎ᠠ ᠶ᠋ᠢᠨ ᠥᠪᠥᠷ ᠲᠦ᠍ᠷ ᠨᠢᠭᠡᠨ ᠪᠠᠭᠤᠷᠢ ᠥᠷᠭᠥᠭᠡ ᠴᠠᠢᠵᠤ ᠦᠵᠡᠭᠳᠡᠬᠦ ᠲᠤᠯᠠ ᠮᠣᠷᠢ ᠪᠠᠨ ᠲᠠᠰᠢᠭᠤᠷᠳᠠᠨ ᠪᠠᠭᠤᠳᠠᠯ ᠤ᠋ᠨ ᠡᠮᠦᠨ᠎ᠡ ᠬᠦᠷᠴᠦ ᠢᠷᠡᠪᠡᠰᠦ ᠳᠣᠲᠣᠷ᠎ᠠ ᠠ᠋ᠴᠠ ᠨᠢᠭᠡᠨ ᠶᠡᠬᠡ ᠪᠡᠶ᠎ᠡ ᠲᠡᠢ ᠡᠷ᠎ᠡ ᠭᠠᠷᠴᠤ ᠢᠷᠡᠪᠡ ᠃ ᠵᠠᠮᠤᠬ᠎ᠠ ᠬᠣᠨᠣᠭ ᠡᠷᠢᠨ ᠭᠤᠶᠤᠭᠰᠠᠨ ᠳ᠋ᠤᠷ ᠲᠡᠷᠡ ᠶᠡᠬᠡ ᠡᠷ᠎ᠡ ᠵᠠᠮᠤᠬ᠎ᠠ ᠶ᠋ᠢᠨ ᠳᠡᠭᠡᠷ᠎ᠡ ᠳᠣᠣᠷᠠᠬᠢ ᠶ᠋ᠢ ᠨᠢᠭᠡᠨ ᠤᠳᠠᠭ᠎ᠠ ᠰᠢᠨᠵᠢᠭᠡᠳ ᠠᠰᠠᠭᠤᠷᠤᠨ : 《ᠠᠶᠠᠨ ᠬᠥᠭᠡᠭᠡᠬᠦ ᠬᠥᠮᠦᠨ ᠪᠥᠭᠡᠳ ᠶᠠᠭᠤᠨ ᠳ᠋ᠤᠷ ᠪᠡᠶ᠎ᠡ ᠳ᠋ᠦ᠍ᠷ ᠰᠢᠷᠬ᠎ᠠ ᠲᠠᠢ ᠪᠣᠢ ? 》 ᠵᠠᠮᠤᠬ᠎ᠠ ᠥᠭᠦᠯᠡᠷᠦᠨ: 《ᠵᠠᠮ ᠳ᠋ᠤᠷ ᠳᠡᠭᠡᠷᠡᠮ ᠤᠴᠠᠷᠠᠭᠠᠳ ᠡᠢᠮᠦ ᠪᠣᠯᠪᠠ ᠃ 》  ᠬᠡᠮᠡᠭᠰᠡᠨ ᠳ᠋ᠦ᠍ᠷ ᠲᠡᠷᠡ ᠡᠷ᠎ᠡ ᠭᠡᠷ ᠲᠦ᠍ᠷ ᠣᠷᠣᠭᠤᠯᠵᠤ ᠬᠡᠳᠦᠨ ᠠᠶᠠᠭ᠎ᠠ ᠠᠷᠢᠬᠢ ᠥᠭᠴᠦ ᠤᠤᠭᠤᠯᠭᠠᠪᠠ ᠃ ᠵᠠᠮᠤᠬ᠎ᠠ ᠠᠷᠢᠬᠢ ᠪᠠᠷ ᠰᠡᠳᠬᠢᠯ ᠢ᠋ᠶ᠋ᠡᠨ ᠰᠠᠭᠠᠲᠠᠭᠤᠯᠵᠤ ᠬᠡᠪᠲᠡᠪᠡ ᠃ ᠲᠡᠷᠡ ᠶᠡᠬᠡ ᠡᠷ᠎ᠡ ᠲᠣᠪ ᠳᠤᠭᠤᠢ ᠨᠢᠭᠡᠨ ᠵᠡᠷᠭᠡ ᠲᠦᠩᠰᠦᠢᠨ ᠰᠠᠭᠤᠵᠤ ᠭᠡᠨᠡᠳᠲᠡ ᠪᠣᠰᠴᠤ ᠭᠠᠷᠴᠤ ᠡᠴᠢᠪᠡ ᠃ ᠵᠠᠮᠤᠬ᠎ᠠ ᠶ᠋ᠢᠨ ᠰᠢᠷᠬ᠎ᠠ ᠡᠪᠡᠷᠰᠢᠶᠡᠵᠦ ᠬᠠᠷᠠᠬᠠᠨ ᠲᠤᠭ ᠳ᠋ᠠᠭ ᠪᠥᠬᠥᠶ᠎ᠡ ᠭᠡᠨᠡᠳᠲᠡ ᠳᠡᠭᠡᠷ᠎ᠡ ᠡᠴᠡ ᠬᠡᠳᠦᠨ ᠬᠥᠮᠦᠨ ᠳᠠᠷᠤᠵᠤ ᠪᠠᠷᠢᠪᠠ ᠃ ᠵᠠᠮᠤᠬ᠎ᠠ ᠶᠡᠬᠡᠯ᠎ᠡ ᠰᠣᠴᠢᠵᠤ ᠲᠡᠯᠴᠢᠯᠡᠲᠡᠯ᠎ᠡ ᠬᠡᠳᠦᠢᠨᠡᠢ ᠬᠦᠯᠢᠵᠦ ᠳᠠᠭᠤᠰᠪᠠ ᠃  
      ᠡᠭᠦᠨ ᠦ᠌ ᠪᠤᠶᠠᠨ ᠵᠣᠪᠠᠯᠠᠩ ᠡᠯ᠎ᠡ ᠬᠠᠷᠰᠢ ᠶ᠋ᠢ ᠳᠣᠣᠷᠠᠲᠤ ᠪᠦᠯᠦᠭ ᠲᠣᠷ ᠦᠵᠡᠭᠳᠡᠬᠦᠢ ᠃  
            ᠲᠡᠮᠦᠷ ᠭᠤᠲᠤᠯ ᠡᠯᠡᠲᠡᠯ᠎ᠡ ᠡᠷᠢᠪᠡᠴᠦ ᠣᠯᠳᠠᠬᠤᠶ᠎ᠠ ᠪᠡᠷᠬᠡ ᠪᠣᠯᠤᠭᠰᠠᠨ ᠵᠠᠮᠤᠬ᠎ᠠ 
            ᠲᠡᠭᠦᠨ ᠦ᠌ ᠦᠢᠯᠡ ᠬᠦᠷᠴᠦ ᠢᠷᠡᠭᠰᠡᠨ ᠳ᠋ᠦ᠍ᠷ ᠥᠪᠡᠷ ᠢ᠋ᠶ᠋ᠡᠨ ᠡᠷᠢᠨ ᠪᠠᠷᠢᠭ᠍ᠳᠠᠬᠤ ᠶ᠋ᠢ ᠶᠠᠭᠠᠬᠢᠶ᠎ᠠ !

 ᠴᠣᠬᠣᠯᠠᠭᠰᠠᠨ ᠠᠨᠤ      
       ᠡᠷᠲᠡ ᠳᠠᠩ ᠤᠯᠤᠰ ᠲᠤᠯᠭᠤᠷ ᠪᠠᠢᠭᠤᠯᠬᠤ ᠲᠤᠬᠠᠢ ᠂ ᠳᠠᠩ ᠲᠠᠢᠽᠦ᠋ᠩ ᠯᠢ ᠱᠢ ᠮᠢᠨ ᠲᠠᠢᠽᠢ ᠪᠦᠬᠦᠢ ᠴᠠᠭᠳᠠ ᠂ ᠭᠠᠳᠠᠭᠠᠳᠤ ᠠᠷᠪᠠᠨ ᠨᠠᠢ᠍ᠮᠠᠨ ᠮᠣᠵᠢ ᠶ᠋ᠢᠨ ᠡᠵᠡᠳ ᠂ ᠬᠠᠷᠢᠶᠠᠲᠤ ᠮᠣᠵᠢ ᠮᠣᠵᠢ ᠪᠠᠨ ᠡᠵᠡᠷᠬᠡᠵᠦ ᠡᠢᠮᠦ ᠸᠠᠩ ᠲᠡᠢᠮᠦ ᠬᠠᠭᠠᠨ ᠭᠡᠮᠡᠨ ᠡᠷᠭᠦᠭᠡᠳ ᠵᠣᠷᠢᠭ ᠳᠤᠷ᠎ᠠ ᠪᠠᠷ ᠰᠠᠮᠠᠭᠤᠷᠠᠭᠤᠯᠬᠤ ᠦᠶ᠎ᠡ ᠳ᠋ᠦ᠍ᠷ ᠰᠢᠶᠣᠤ ᠴᠢᠨ ᠸᠠᠩ ᠯᠢ ᠱᠢ ᠮᠢᠨ ᠂ ᠸᠠᠩ ᠱᠢ ᠴᠥᠩ ᠢ᠋ ᠳᠠᠢᠯᠠᠷ᠎ᠠ ᠡᠴᠢᠭᠰᠡᠨ ᠳ᠋ᠦ᠍ᠷ ᠳ᠋ᠧᠦ ᠵᠢᠶᠠᠨ ᠳᠧ ᠬᠣᠷᠢᠨ ᠲᠦᠮᠡᠨ ᠰᠢᠯᠭᠠᠳᠠᠭ ᠴᠡᠷᠢᠭ ᠢ᠋ᠶ᠋ᠡᠷ ᠸᠠᠩ ᠱᠢ ᠴᠥᠩ ᠢ᠋ ᠥᠮᠥᠭᠯᠡᠷ᠎ᠡ ᠢᠷᠡᠭᠰᠡᠨ᠎ᠡ ᠂ ᠰᠢᠶᠣᠤ ᠴᠢᠨ ᠸᠠᠩ ᠨᠠᠢ᠍ᠮᠠᠬᠠᠨ ᠴᠡᠷᠢᠭ ᠢ᠋ ᠠᠪᠴᠤ ᠢᠷᠡᠭᠡᠳ ᠥᠪᠡᠷ ᠦ᠋ᠨ ᠪᠡᠶ᠎ᠡ ᠠᠭᠤᠯᠠᠨ ᠳ᠋ᠤᠷ ᠠᠪᠠᠷᠢᠵᠤ ᠂ ᠨᠢᠭᠡᠨ ᠵᠡᠷᠭᠡ ᠬᠢᠨᠠᠨ ᠦᠵᠡᠭᠡᠳ ᠠᠭᠤᠯᠠᠨ ᠠ᠋ᠴᠠ ᠪᠠᠭᠤᠵᠤ ᠢᠷᠡᠮᠡᠭᠴᠡ ᠬᠡᠳᠦᠬᠡᠨ ᠮᠢᠩᠭᠠᠨ ᠴᠡᠷᠢᠭ ᠢ᠋ ᠠᠪᠴᠤ ᠳ᠋ᠧᠦ ᠵᠢᠶᠠᠨ ᠳᠧ ᠶ᠋ᠢᠨ ᠬᠣᠷᠢᠨ ᠲᠦᠮᠡᠨ ᠴᠡᠷᠢᠭ ᠦ᠋ᠨ ᠡᠮᠦᠨ᠎ᠡ ᠪᠡᠶ᠎ᠡ ᠪᠡᠷ ᠰᠢᠪᠲᠤᠯᠤᠨ ᠣᠷᠣᠵᠤ ᠬᠥᠨᠳᠡᠯᠡᠨ ᠭᠤᠯᠳᠤ ᠪᠠᠷ ᠪᠠᠢᠯᠳᠤᠵᠤ ᠳ᠋ᠧᠦ ᠵᠢᠶᠠᠨ ᠳᠧ ᠶ᠋ᠢᠨ ᠬᠦᠷᠢᠶᠡᠨ ᠳ᠋ᠦ᠍ᠷ ᠪᠠᠢᠯᠳᠤᠨ ᠣᠷᠣᠵᠤ ᠳ᠋ᠧᠦ ᠵᠢᠶᠠᠨ ᠳᠧ ᠶ᠋ᠢ ᠠᠮᠢᠳᠤ ᠪᠠᠷᠢᠭᠠᠳ ᠬᠣᠷᠢᠨ ᠲᠦᠮᠡᠨ ᠴᠡᠷᠢᠭ ᠢ᠋ ᠢᠨᠦ ᠴᠥᠮ ᠳᠠᠭᠠᠭᠤᠯᠵᠤ ᠬᠠᠭᠠᠨ ᠰᠠᠭᠤᠭᠰᠠᠨ ᠸᠠᠩ ᠱᠢ ᠴᠥᠩ ᠢ᠋ ᠮᠥᠨ ᠳᠠᠢᠯᠠᠨ ᠲᠦᠪᠰᠢᠳᠬᠡᠪᠡ ᠃ ᠡᠨᠡ ᠢᠨᠦ ᠶᠡᠬᠡ  《ᠭᠠᠩ ᠮᠦ᠍ ᠪᠢᠴᠢᠭ 》ᠲᠣᠷ ᠲᠡᠮᠳᠡᠭᠯᠡᠭᠰᠡᠨ ᠬᠡᠷᠡᠭ ᠃ ᠰᠤᠳᠤᠷᠴᠢ ᠲᠦᠰᠢᠮᠡᠯ ᠲᠠᠢᠵᠢ ᠢᠨᠵᠠᠨᠨᠠᠰᠢ ᠪᠢ ᠪᠠᠭ᠎ᠠ ᠶ᠋ᠢᠨ ᠴᠠᠭ ᠲᠤᠷ  《ᠰᠢᠨ᠎ᠡ ᠳᠠᠩ ᠪᠢᠴᠢᠭ 》 ᠢ᠋ ᠦᠵᠡᠭᠡᠳ ᠠᠷᠠᠢᠬᠠᠨ ᠥᠷᠢᠭᠦᠦ ᠭᠡᠮᠡᠨ ᠰᠡᠳᠬᠢᠬᠦᠶ᠎ᠡ ᠡᠳᠦᠭᠡ ᠶᠡᠬᠡ  《ᠭᠠᠩ ᠮᠦ᠍ 》 ᠪᠢᠴᠢᠭ ᠲᠣᠷ ᠬᠠᠷᠢᠨ ᠲᠡᠭᠦᠨᠴᠡ ᠬᠢᠯᠪᠠᠷ ᠢ᠋ ᠦᠵᠡᠭᠡᠳ ᠰᠠᠶᠢ ᠲᠡᠭᠷᠢ ᠶ᠋ᠢᠨ ᠴᠠᠭ ᠬᠦᠷᠴᠦ ᠢᠷᠠᠪᠠᠰᠤ ᠲᠦᠮᠡᠨ ᠵᠦᠢᠯ ᠥᠴᠦᠬᠡᠨ ᠴᠦ᠍ ᠪᠡᠷᠬᠡ ᠦᠭᠡᠢ ᠶ᠋ᠢ ᠮᠡᠳᠡᠵᠦᠬᠦᠢ ᠃ ᠠᠶ᠎ᠠ ᠲᠡᠳᠦᠢ ᠂ ᠯᠢ ᠱᠢ ᠮᠢᠨ ᠂ ᠳ᠋ᠧᠦ ᠵᠢᠶᠠᠨ ᠳᠧ ᠡᠴᠡ ᠠᠰᠠᠭᠤᠷᠤᠨ : 《ᠪᠢ ᠴᠢᠨᠦ ᠤᠯᠤᠰ ᠢ᠋ ᠬᠠᠯᠳᠠᠭᠰᠠᠨ ᠦᠭᠡᠢ ᠪᠥᠭᠡᠲᠡᠯ᠎ᠡ ᠴᠢ ᠶᠠᠭᠤᠨ ᠳ᠋ᠤᠷ ᠡᠷᠢᠨ ᠢᠷᠡᠵᠦ ᠪᠠᠷᠢᠭ᠍ᠳᠠᠪᠠ ? 》 ᠬᠡᠮᠡᠭᠰᠡᠨ ᠳ᠋ᠦ᠍ᠷ ᠳ᠋ᠧᠦ ᠢ᠋ᠶᠠᠨ ᠳᠧ ᠶ᠋ᠢᠨ ᠢᠨᠢᠶᠡᠵᠦ ᠥᠴᠢᠭᠰᠡᠨ ᠢᠨᠦ: 《ᠪᠢ ᠬᠡᠷᠪᠡ ᠡᠢᠨ ᠬᠦ᠌ ᠡᠷᠢᠨ ᠡᠰᠡ ᠢᠷᠡᠭᠰᠡᠨ ᠪᠥᠭᠡᠰᠦ ᠸᠠᠩ ᠴᠢ ᠪᠠᠰᠠ ᠬᠦᠴᠦᠨ ᠰᠦᠢᠳᠬᠡᠵᠦ ᠴᠡᠷᠢᠭ ᠠᠪᠤᠨ ᠡᠴᠢᠬᠦ ᠦᠭᠡᠢ ᠦᠦ ? 》ᠬᠡᠮᠡᠵᠦᠬᠦᠢ ᠃ ᠲᠡᠭᠦᠨᠴᠢᠯᠡᠨ ᠡᠨᠡ ᠵᠠᠮᠤᠬ᠎ᠠ ᠥᠪᠡᠷ ᠢ᠋ᠶ᠋ᠡᠨ ᠡᠷᠢᠨ ᠢᠷᠡᠵᠦ ᠂ ᠥᠪᠡᠷ ᠦ᠋ᠨ ᠤᠯᠤᠰ ᠢ᠋ᠶ᠋ᠠᠨ ᠳᠡᠭᠡᠵᠢ ᠡᠷᠭᠦᠬᠦ ᠪᠡᠷ ᠦᠯᠦ ᠪᠠᠷᠠᠨ ᠲᠠᠰᠢᠷᠠᠮ ᠳ᠋ᠤᠷ ᠪᠠᠰᠠ ᠨᠠᠢ᠍ᠮᠠᠨ ᠠᠢᠮᠠᠭ ᠤᠯᠤᠰ ᠢ᠋ ᠠᠪᠴᠤ ᠴᠥᠮ ᠪᠸᠲ᠋ᠠ᠋ ᠤᠯᠤᠰ ᠲᠤᠷ ᠡᠷᠭᠦᠴᠡ ᠡᠷᠭᠦᠭᠰᠡᠨ ᠢᠨᠦ ᠵᠠᠮᠤᠬ᠎ᠠ ᠬᠠᠷᠢᠨ ᠦᠵᠡᠬᠦᠢ ᠳ᠋ᠦ᠍ᠷ ᠲᠠᠢᠽᠦ ᠶ᠋ᠢᠨ ᠡᠰᠡᠷᠭᠦᠴᠡᠯ ᠪᠣᠯᠪᠠᠴᠤ ᠴᠢᠨᠠᠳᠤ ᠤᠴᠢᠷ ᠰᠢᠯᠲᠠᠭᠠᠨ ᠢ᠋ ᠪᠣᠳᠣᠪᠠᠰᠤ ᠬᠠᠷᠢᠨ ᠲᠠᠢᠽᠦ ᠳ᠋ᠦ᠍ᠷ ᠬᠣᠨᠢ ᠬᠥᠭᠡᠭᠡᠵᠦ ᠣᠷᠣᠭᠤᠯᠬᠤ ᠴᠢᠨᠣ᠎ᠠ ᠮᠡᠲᠦ ᠪᠣᠯᠤᠭᠰᠠᠨ ᠪᠤᠰᠤ ᠤᠤ ? ᠦᠵᠡᠬᠦ ᠮᠡᠷᠭᠡᠳ ᠡᠨᠡ ᠦᠶᠡᠰ ᠢ᠋ ᠲᠡᠮᠳᠡᠭᠯᠡᠵᠦ ᠠᠪᠤᠭᠲᠤᠨ ᠂ ᠬᠣᠵᠢᠮ ᠡᠢᠮᠦ ᠦᠢᠯᠡ ᠣᠯᠠᠨᠲᠠ ᠭᠠᠷᠴᠤ ᠢᠷᠡᠬᠦ ᠪᠣᠯᠠᠢ ᠃ ᠵᠢᠴᠢ ᠵᠠᠮᠤᠬ᠎ᠠ ᠶ᠋ᠢᠨ ᠵᠡᠭᠦᠨ ᠪᠠᠷᠠᠭᠤᠨ ᠬᠣᠶᠠᠷ ᠴᠧᠩᠰᠢᠶᠠᠩ ᠴᠢᠨᠳᠠᠭᠠᠨ᠎ᠠ ᠴᠠᠭᠠᠨ ᠂ ᠬᠤᠳᠠᠭᠠᠨ᠎ᠠ ᠪᠡᠬᠢ ᠬᠣᠶᠠᠭᠤᠯᠠ ᠳ᠋ᠤᠷ ᠬᠠᠷᠢᠨ ᠴᠤ᠌ ᠨᠡᠯᠢᠶᠡᠳ ᠤᠴᠢᠷ ᠪᠣᠢ ᠃ ᠬᠤᠳᠠᠭᠠᠨ᠎ᠠ ᠪᠡᠬᠢ ᠶ᠋ᠢᠨ ᠦᠭᠡ ᠪᠦᠷᠢ ᠶ᠋ᠢᠨ ᠤᠴᠢᠷ ᠰᠢᠯᠲᠠᠭᠠᠨ ᠴᠥᠮ ᠵᠦᠢ ᠂ ᠴᠢᠨᠳᠠᠭᠠᠨ᠎ᠠ ᠴᠠᠭᠠᠨ ᠤ᠋ ᠦᠢᠯᠡ ᠪᠦᠬᠦᠨ ᠴᠥᠮ ᠪᠤᠷᠤᠭᠤ ᠮᠡᠲᠦ ᠪᠥᠭᠡᠲᠡᠯ᠎ᠡ ᠬᠤᠳᠠᠭᠠᠨ᠎ᠠ ᠪᠡᠬᠢ ᠶ᠋ᠢᠨ ᠡᠵᠡᠨ ᠢ᠋ ᠡᠰᠡ ᠲᠠᠨᠢᠭ᠍ᠰᠠᠨ ᠠᠨᠤ ᠲᠡᠷᠢᠭᠦᠨ ᠣᠰᠣᠯ ᠂ ᠴᠢᠨᠳᠠᠭᠠᠨ᠎ᠠ ᠴᠠᠭᠠᠨ ᠤ᠋ ᠡᠴᠦᠰᠲᠡᠯ᠎ᠡ ᠦᠬᠦᠨ ᠪᠠᠢᠯᠳᠤᠭᠰᠠᠨ ᠠᠨᠤ ᠵᠢᠷᠤᠮ ᠪᠣᠯᠠᠢ ᠃ ᠬᠤᠳᠠᠭᠠᠨ᠎ᠠ ᠪᠡᠬᠢ ᠮᠡᠷᠭᠡᠨ ᠬᠡᠮᠡᠬᠦᠶ᠎ᠡ ᠴᠢᠨᠳᠠᠭᠠᠨ᠎ᠠ ᠴᠠᠭᠠᠨ ᠵᠢᠷᠤᠮᠲᠤ ᠪᠤᠶᠤ ᠂ ᠮᠡᠷᠭᠡᠨ ᠵᠢᠷᠤᠮᠲᠤ ᠬᠣᠶᠠᠷ ᠲᠦᠰᠢᠮᠡᠯ ᠢ᠋ ᠣᠯᠵᠤ ᠪᠠᠰᠠ ᠲᠠᠩᠭᠠᠷᠢᠭ᠋ ᠨᠡᠢᠯᠡᠭᠰᠡᠨ ᠪᠠᠭᠠᠲᠤᠷ ᠴᠡᠷᠢᠭ ᠵᠢᠷᠭᠤᠭᠠᠨ ᠲᠦᠮᠡᠨ ᠢ᠋ ᠪᠠᠷᠢᠵᠤ ᠪᠠᠢᠭᠠᠳ ᠡᠨᠡ ᠮᠡᠲᠦ ᠪᠣᠯᠤᠭᠰᠠᠨ ᠠᠨᠤ ᠡᠴᠦᠰ ᠲᠦ᠍ᠷ ᠵᠠᠮᠤᠬ᠎ᠠ ᠨᠢᠭᠡᠬᠡᠨ ᠬᠥᠮᠦᠨ ᠦ᠌ ᠮᠠᠲᠠᠯ ᠴᠢᠳᠠᠯ ᠦᠭᠡᠢ ᠶ᠋ᠢᠨ ᠤᠴᠢᠷ ᠲᠤᠷ ᠪᠣᠯᠠᠢ ᠃ ᠲᠡᠢᠨ ᠬᠦ᠌ ᠵᠠᠮᠤᠬ᠎ᠠ ᠲᠡᠭᠷᠢ ᠶ᠋ᠢ ᠰᠥᠷᠴᠦ ᠴᠠᠭ ᠢ᠋ ᠲᠡᠰᠡᠷᠭᠦᠯᠡᠭᠰᠡᠨ ᠮᠤᠩᠬᠠᠭ ᠪᠣᠭᠣᠯ ᠂ ᠬᠡᠷᠬᠢᠨ ᠶᠡᠬᠡ ᠬᠡᠷᠡᠭ ᠪᠦᠲᠦᠭᠡᠵᠦ ᠴᠢᠳᠠᠬᠤ ᠠᠵᠢ ! ᠨᠢᠭᠡᠨ ᠵᠦᠢᠯ ᠂ ᠬᠡᠷᠡᠢᠳ ᠦ᠋ᠨ ᠾᠧ ᠸᠠᠩ ᠤ᠋ᠨ ᠬᠥᠪᠡᠭᠦᠨ ᠢᠨᠦ ᠂ ᠲᠡᠷᠡ ᠮᠡᠲᠦ ᠮᠤᠩᠬᠠᠭ ᠪᠤᠳᠤᠯᠢᠶᠠᠨ ᠲᠥᠷᠥᠭᠡᠳ ᠥᠬᠢᠨ ᠠᠨᠤ ᠲᠡᠷᠡ ᠬᠢᠷᠢᠲᠡᠢ ᠮᠡᠷᠭᠡᠨ ᠴᠢᠳᠠᠪᠤᠷᠢ ᠲᠠᠢ ᠲᠥᠷᠥᠭᠰᠡᠨ ᠢᠨᠦ ᠠᠷᠭ᠎ᠠ ᠪᠢᠯᠢᠭ ᠦ᠋ᠨ ᠠᠮᠢᠰᠬᠤᠯ ᠤᠷᠪᠠᠭᠰᠠᠨ ᠬᠡᠷᠡᠭ ᠪᠤᠰᠤ ᠤᠤ ? ᠲᠡᠢᠨ ᠬᠦ᠌ ᠤᠯᠤᠰ ᠡᠴᠦᠰᠲᠡᠯ᠎ᠡ ᠰᠠᠢᠨ ᠦᠭᠡᠢ ᠶ᠋ᠢ ᠡᠨᠡ ᠨᠢᠭᠡᠬᠡᠨ ᠳ᠋ᠦ᠍ᠷ ᠳᠠᠷᠤᠢ ᠣᠯᠵᠤ ᠮᠡᠳᠡᠬᠦ ᠦᠭᠡᠢ ᠦᠦ ?   ᠨᠢᠭᠡᠨ ᠵᠦᠢᠯ ᠂ ᠴᠡᠷᠢᠭ ᠦ᠋ᠨ ᠪᠢᠴᠢᠭ ᠲᠣᠷ 《ᠪᠠᠰᠤᠮᠵᠢᠯᠠᠭᠰᠠᠨ ᠳᠠᠢᠰᠤᠨ᠎ᠠ ᠳᠠᠷᠤᠭᠳᠠᠮᠤᠢ ᠂ ᠬᠥᠩᠭᠡᠯᠡᠭᠰᠡᠨ ᠡᠰᠡᠷᠭᠦᠴᠡᠯ ᠳ᠋ᠦ᠍ᠷ ᠡᠪᠳᠡᠷᠡᠮᠦᠢ 》ᠬᠡᠮᠡᠵᠦᠬᠦᠢ ᠃ ᠨᠠᠢ᠍ᠮᠠᠨ ᠤ᠋ ᠶᠡᠬᠡ  ᠶᠤᠸᠠᠨᠱᠤᠸᠠᠢ ᠴᠢᠦᠢ ᠰᠢᠦᠸᠠᠢ ᠡᠤ ᠥᠴᠦᠬᠡᠨ ᠭᠠᠵᠠᠷ ᠣᠰᠣᠯᠳᠠᠵᠤ ᠡᠰᠡ ᠬᠢᠨᠠᠭᠰᠠᠨ ᠢ᠋ᠶ᠋ᠠᠷ ᠬᠡᠷᠡᠢᠳ ᠦ᠋ᠨ ᠨᠢᠭᠡᠨ ᠪᠢᠴᠢᠬᠠᠨ ᠥᠬᠢᠨ ᠰᠣᠯᠤᠩᠭᠤᠸ᠎ᠠ ᠳ᠋ᠤᠷ ᠨᠢᠭᠡᠨ ᠵᠡᠷᠭᠡ ᠦᠰᠦᠷᠲᠡᠯ᠎ᠡ ᠮᠡᠬᠡᠯᠡᠭᠳᠡᠭᠰᠡᠨ ᠢᠨᠦ ᠴᠡᠷᠢᠭ ᠦ᠋ᠨ ᠶᠣᠰᠣᠨ ᠳ᠋ᠤᠷ ᠬᠠᠷᠰᠢᠭ᠍ᠰᠠᠨ ᠤᠴᠢᠷ ᠪᠣᠯᠠᠢ ᠃ ᠲᠡᠢᠨ ᠬᠦ᠌ ᠡᠷᠲᠡᠨ ᠦ᠌ ᠪᠢᠴᠢᠭ ᠲᠣᠷ ᠮᠡᠷᠭᠡᠳ ᠰᠠᠢᠳ ᠡᠷᠬᠡᠪᠰᠢ ᠭᠠᠭᠴᠠᠭᠠᠷ ᠲᠤᠷ ᠪᠣᠯᠭᠣᠮᠵᠢᠯᠠᠬᠤ ᠶ᠋ᠢ ᠰᠠᠬᠢᠯ ᠪᠣᠯᠭᠠᠵᠤᠬᠤᠢ᠃ ᠨᠢᠭᠡᠨ ᠵᠦᠢᠯ ᠂ ᠨᠠᠢ᠍ᠮᠠᠨ ᠤ᠋ ᠠᠯᠲᠠᠨᠱᠠᠭ᠎ᠠ ᠶ᠋ᠢ ᠡᠷᠳᠡᠮᠲᠦ ᠬᠥᠪᠡᠭᠦᠨ ᠳ᠋ᠦ᠍ᠷ ᠲᠣᠭᠠᠴᠠᠵᠤ ᠪᠣᠯᠬᠤ ᠨᠢᠭᠡᠨ ᠵᠦᠢᠯ ᠪᠣᠢ ᠃ ᠠᠯᠢ ᠵᠦᠢᠯ ᠬᠡᠮᠡᠪᠡᠰᠦ : ᠬᠡᠷᠡᠢᠳ ᠦ᠋ᠨ ᠤᠭ ᠰᠢᠯᠲᠠᠭᠠᠨ ᠢ᠋ ᠲᠣᠭᠠᠴᠠᠭᠰᠠᠨ ᠠᠨᠤ ᠦᠨᠡᠨᠴᠢ ᠭᠣᠣᠯᠴᠢ ᠂ ᠰᠦᠷ ᠬᠡᠰᠢᠭ ᠬᠣᠶᠠᠷ ᠢ᠋ᠶ᠋ᠠᠷ ᠠᠯᠪᠠ ᠪᠠᠷᠢᠭᠤᠯᠰᠤᠭᠠᠢ ᠬᠡᠮᠡᠭᠰᠡᠨ ᠡᠨᠡ ᠬᠣᠶᠠᠷ ᠦᠭᠡ ᠳ᠋ᠦ᠍ᠷ ᠪᠣᠯᠠᠢ᠃ ᠬᠡᠳᠦᠢᠪᠡᠷ ᠥᠩᠭᠡ ᠶ᠋ᠢ ᠬᠦᠰᠡᠬᠦ ᠶ᠋ᠢᠨ ᠲᠤᠯᠠ ᠬᠡᠯᠡᠭᠰᠡᠨ ᠪᠣᠯᠪᠠᠴᠤ ᠥᠩᠭᠡ ᠶ᠋ᠢᠨ ᠣᠴᠢᠷ᠎ᠠ ᠲᠥᠪ ᠢ᠋ ᠣᠯᠤᠭᠰᠠᠨ ᠠᠨᠤ ᠰᠠᠢᠰᠢᠶᠠᠯᠲᠠᠢ ᠭᠠᠵᠠᠷ ᠪᠣᠯᠠᠢ ᠃ ᠪᠠᠰᠠ ᠴᠤ᠌ ᠮᠠᠰᠢ ᠪᠣᠯᠬᠤ ᠬᠡᠷᠡᠭ ᠮᠥᠨ ᠂ ᠬᠡᠷᠪᠡ ᠤᠷᠤᠭ ᠪᠠᠷᠢᠪᠠᠰᠤ ᠬᠡᠷᠡᠢᠳ ᠬᠡᠷᠬᠢᠪᠡᠴᠦ ᠨᠠᠢ᠍ᠮᠠᠨ ᠤ᠋ ᠭᠠᠷ ᠠ᠋ᠴᠠ ᠭᠠᠷᠴᠤ ᠴᠢᠳᠠᠮᠤᠢ ᠤᠤ ? ᠲᠡᠢᠨ ᠬᠦ᠌ ᠡᠷᠳᠡᠮᠲᠦ ᠬᠥᠪᠡᠭᠦᠨ ᠬᠡᠮᠡᠪᠡ ᠃ ᠵᠢᠴᠢ ᠬᠡᠷᠡᠢᠳ ᠦ᠋ᠨ ᠫᠣᠯᠭᠤᠳᠠᠢ ᠴᠣᠬᠣᠮ ᠦᠨᠡᠨᠴᠢ ᠪᠠᠲᠤ ᠪᠥᠭᠡᠳ ᠪᠠᠰᠠ ᠴᠤ᠌ ᠰᠢᠳᠤᠷᠭᠤ ᠪᠠᠭᠠᠲᠤᠷ ᠰᠠᠢᠳ ᠪᠣᠯᠠᠢ ᠃