ᠬᠥᠬᠡ ᠰᠤᠳᠤᠷ - ᠢᠨᠵᠠᠨᠨᠠᠰᠢ < ᠲᠠᠪᠤᠳᠤᠭᠠᠷ ᠪᠦᠯᠦᠭ > Хөх судар - Инжинаш <Тавдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠲᠠᠪᠤᠳᠤᠭᠠᠷ ᠪᠦᠯᠦᠭ > Хөх судар - Инжинаш <Тавдугаар бүлэг >

ᠬᠥᠬᠡ ᠰᠤᠳᠤᠷ - ᠢᠨᠵᠠᠨᠨᠠᠰᠢ < ᠲᠠᠪᠤᠳᠤᠭᠠᠷ ᠪᠦᠯᠦᠭ > Хөх судар - Инжинаш <Тавдугаар бүлэг >

ᠠᠩᠭᠢᠯᠠᠯ:ᠲᠡᠦᠬᠡ ᠰᠣᠶᠣᠯ
2023-06-19

382

ᠬᠠᠷᠭᠢᠰ ᠡᠵᠡᠨ ᠰᠥᠷᠭᠡᠦ ᠪᠣᠭᠣᠯ ᠥᠪᠡᠷ ᠦ᠋ᠨ ᠤᠯᠤᠰ ᠲᠤᠷ ᠥᠰᠢᠶ᠎ᠡ ᠳᠠᠢᠰᠤᠨ

ᠰᠡᠴᠡᠨ ᠬᠥᠪᠡᠭᠦᠨ ᠰᠠᠢᠬᠠᠨ ᠥᠬᠢᠨ ᠮᠣᠷᠢᠨ ᠤ᠋ ᠳᠡᠭᠡᠷᠡᠬᠢ ᠬᠤᠪᠢ ᠵᠣᠬᠢᠶᠠᠯ


               ᠲᠠᠪᠤᠳᠤᠭᠠᠷ ᠪᠦᠯᠦᠭ  
                         ᠰᠥᠩ ᠰᠢᠶᠦᠦᠽᠦ᠋ᠩ ᠦ᠋ᠨ ᠴᠦᠨ ᠰᠢ ᠶ᠋ᠢᠨ ᠶᠢᠰᠦᠳᠦᠭᠡᠷ ᠣᠨ᠂ ᠠᠯᠲᠠᠨ ᠤᠯᠤᠰ ᠤ᠋ᠨ ᠱ᠌ᠢᠽᠦ᠋ᠩ ᠦ᠋ᠨ ᠳᠡ ᠳ᠋ᠢᠩ ᠦ᠋ᠨ 
                                  ᠬᠣᠷᠢᠨ ᠬᠣᠶᠠᠳᠤᠭᠠᠷ ᠣᠨ᠂ ᠲᠠᠢᠽᠦ ᠬᠣᠷᠢᠨ ᠨᠢᠭᠡᠨ ᠰᠡᠭᠦᠳᠡᠷ ᠲᠡᠢ ᠪᠣᠯᠪᠠ᠂ ᠬᠠᠷ᠎ᠠ ᠪᠠᠷᠰ ᠵᠢᠯ ᠦ᠋ᠨ ᠬᠡᠷᠡᠭ ᠤᠴᠢᠷ ᠪᠤᠶᠤ᠂
                                  ᠡᠨᠡ ᠵᠢᠯ ᠲᠠᠢᠽᠦ ᠬᠣᠶᠠᠳᠤᠭᠠᠷ ᠬᠥᠪᠡᠭᠦᠨ ᠴᠠᠭᠠᠲᠠᠢ ᠶ᠋ᠢ ᠲᠥᠷᠥᠪᠡ᠂ ᠬᠣᠢᠨ᠎ᠠ ᠬᠣᠲᠣᠩ ᠤᠯᠤᠰ ᠲᠤᠷ ᠬᠠᠭᠠᠨ ᠡᠷᠭᠦᠮᠵᠢᠯᠡᠪᠡ

              ᠬᠠᠷᠭᠢᠰ ᠡᠵᠡᠨ ᠰᠥᠷᠭᠡᠦ ᠪᠣᠭᠣᠯ ᠥᠪᠡᠷ ᠦ᠋ᠨ ᠤᠯᠤᠰ ᠲᠤᠷ ᠥᠰᠢᠶ᠎ᠡ ᠳᠠᠢᠰᠤᠨ 
            ᠰᠡᠴᠡᠨ ᠬᠥᠪᠡᠭᠦᠨ ᠰᠠᠢᠬᠠᠨ ᠥᠬᠢᠨ ᠮᠣᠷᠢᠨ ᠤ᠋ ᠳᠡᠭᠡᠷᠡᠬᠢ ᠬᠤᠪᠢ ᠵᠣᠬᠢᠶᠠᠯ  

                 ᠲᠡᠮᠳᠡᠭ ᠲᠡᠢ ᠲᠩᠷᠢ ᠶ᠋ᠢᠨ ᠬᠥᠪᠡᠭᠦᠨ ᠲᠠᠢᠽᠦ ᠰᠢᠷᠬᠠᠲᠤᠵᠤ ᠶᠡᠬᠡ ᠴᠠᠰᠤᠨ᠎ᠠ ᠬᠡᠪᠲᠡᠬᠦᠶ᠎ᠡ 
                       ᠲᠡᠳᠭᠦᠮᠵᠢᠲᠦ ᠳᠥᠷᠪᠡᠨ ᠬᠦᠯᠦᠭ ᠢᠰᠡᠭᠡᠢ ᠪᠡᠷ ᠬᠠᠯᠬᠠᠯᠠᠵᠤ ᠬᠥᠯ ᠡᠰᠡ ᠱᠢᠯᠵᠢᠪᠡ᠂ 
                       ᠲᠡᠨᠴᠢᠭᠦᠷᠡᠯᠳᠦ ᠬᠤᠯᠠᠭᠠᠢᠴᠢ ᠶ᠋ᠢᠨ ᠵᠤᠯᠵᠠᠭ᠎ᠠ ᠰᠡᠴᠡᠨ ᠪᠥᠬᠡ ᠰᠣᠭᠲᠣᠵᠤ ᠵᠠᠨᠴᠢᠵᠤ ᠭᠥᠪᠰᠢᠭᠰᠡᠨ᠎ᠡ 
                       ᠲᠡᠷᠰᠯᠡᠭᠦᠦ ᠪᠣᠭᠣᠯ ᠪᠣᠯᠢ ᠠᠨᠤ ᠢᠯᠳᠦ ᠡᠷᠭᠢᠭᠦᠯᠦᠨ ᠲᠣᠯᠣᠭᠠᠢ ᠶ᠋ᠢ ᠣᠭᠲᠣᠯᠵᠤ ᠠᠪᠤᠪᠠ᠃ 

      ᠲᠡᠨᠳᠡᠴᠡ ᠪᠤᠭᠤᠷᠵᠢ ᠯᠠᠢᠬᠠᠳ ᠤ᠋ᠨ ᠨᠤᠮᠤ ᠵᠡᠪᠡ ᠪᠠᠷᠢᠭᠰᠠᠨ ᠴᠡᠷᠢᠭ ᠦ᠋ᠨ ᠬᠣᠢᠭᠤᠷ ᠣᠷᠣᠨ ᠠᠯᠠᠨ ᠰᠠᠷᠨᠢᠭᠤᠯᠵᠤ᠂ ᠥᠪᠡᠷ ᠦ᠋ᠨ ᠴᠡᠷᠢᠭ ᠦ᠋ᠨ ᠳᠣᠲᠣᠷ᠎ᠠ ᠣᠷᠣᠪᠠᠰᠤ᠂ ᠤᠭ ᠠ᠋ᠴᠠ ᠲᠠᠢᠽᠦ ᠤᠨᠠᠭᠤᠯᠢ ᠭᠣᠣ ᠶ᠋ᠢᠨ ᠬᠥᠪᠡᠭᠡᠨ ᠳ᠋ᠦ᠍ᠷ ᠬᠦᠷᠴᠦ ᠢᠷᠡᠭᠡᠳ ᠰᠠᠮᠠᠭᠤᠨ ᠵᠡᠪᠡ ᠳ᠋ᠦ᠍ᠷ ᠮᠥᠷᠥ ᠣᠨᠣᠭᠳᠠᠨ ᠬᠢᠯᠢᠩ ᠲᠥᠷᠥᠵᠦ ᠤᠷᠤᠭᠱᠢ ᠳᠣᠪᠲᠣᠯᠤᠨ ᠠᠯᠠᠨ ᠣᠷᠣᠭᠰᠠᠨ ᠳ᠋ᠤ᠌ ᠪᠠᠰᠠ ᠨᠦᠬᠡ ᠳ᠋ᠦ᠍ᠷ ᠤᠨᠠᠵᠤ ᠮᠣᠷᠢᠨ ᠠ᠋ᠴᠠ ᠪᠠᠨ ᠰᠠᠯᠤᠭᠰᠠᠨ᠎ᠠ᠂ ᠳ᠋ᠠᠷᠬᠢ ᠬᠣᠩᠭᠣᠷ ᠮᠣᠷᠢ ᠠᠨᠤ ᠳᠡᠷᠭᠡᠳᠡ ᠵᠣᠭᠰᠣᠵᠤ᠂ ᠳᠡᠯ ᠰᠡᠭᠦᠯ ᠢ᠋ᠶ᠋ᠡᠷ ᠰᠤᠮᠤ ᠶ᠋ᠢ ᠬᠠᠯᠬᠠᠯᠠᠨ ᠲᠣᠭᠣᠷᠢᠬᠤᠢ ᠳ᠋ᠤᠷ ᠪᠤᠭᠤᠷᠵᠢ ᠮᠣᠷᠢ ᠪᠠᠨ ᠲᠠᠨᠢᠵᠤ ᠶᠠᠭᠠᠷᠠᠨ ᠳᠡᠪᠬᠡᠯᠦᠨ ᠭᠣᠣ ᠳ᠋ᠤᠷ ᠣᠷᠣᠵᠤ᠂ ᠲᠠᠢᠽᠦ ᠶ᠋ᠢ ᠲᠡᠳᠬᠦᠵᠦ ᠬᠥᠪᠡᠭᠡᠨ ᠳ᠋ᠦ᠍ ᠭᠠᠷᠭᠠᠲᠠᠯ᠎ᠠ ᠳ᠋ᠠᠷᠬᠢ ᠮᠣᠷᠢ ᠮᠥᠨ ᠳᠠᠭᠠᠵᠤ ᠳᠡᠪᠬᠡᠯᠦᠨ ᠭᠠᠷᠤᠭᠰᠠᠨ᠎ᠠ ᠪᠤᠭᠤᠷᠵᠢ᠂ ᠲᠠᠢᠽᠦ ᠶ᠋ᠢ ᠲᠡᠳᠬᠦᠵᠦ ᠮᠣᠷᠢ ᠤᠨᠤᠭᠤᠯᠤᠭᠠᠳ ᠲᠡᠭᠦᠨ ᠦ᠌ ᠮᠣᠷᠢ ᠰᠠᠮᠠᠭᠤᠨ ᠴᠢᠭ᠋ ᠲᠦ᠍ᠷ ᠣᠷᠣᠵᠤ ᠡᠴᠢᠭᠰᠡᠨ ᠲᠤᠯᠠ ᠥᠪᠡᠷ ᠢ᠋ᠶ᠋ᠡᠨ ᠶᠠᠪᠠᠭᠠᠯᠠᠨ ᠲᠠᠢᠽᠦ ᠶ᠋ᠢ ᠲᠦᠱᠢᠵᠦ᠍ ᠢᠷᠡᠬᠦᠢ ᠳ᠋ᠦ᠍ ᠵᠠᠯᠮ᠎ᠠ ᠵᠢᠳᠠ ᠡᠷᠭᠢᠭᠦᠯᠦᠨ ᠡᠵᠡᠨ ᠢ᠋ ᠡᠷᠢᠨ ᠢᠷᠡᠬᠦᠢ ᠳ᠋ᠦ᠍ᠷ ᠤᠴᠠᠷᠠᠵᠤ᠂ ᠵᠠᠯᠮ᠎ᠠ ᠶᠠᠭᠠᠷᠠᠨ ᠰᠠᠮᠠᠭᠤᠨ ᠴᠡᠷᠢᠭ ᠦ᠋ᠨ ᠳᠣᠲᠣᠷ᠎ᠠ ᠣᠷᠣᠵᠤ ᠨᠢᠭᠡᠨ ᠰᠤᠯᠠ ᠮᠣᠷᠢᠨ ᠤ᠋ ᠵᠢᠯᠣᠭᠣ᠎ ᠡᠴᠡ ᠲᠡᠳᠡᠨ ᠠᠪᠴᠢᠷᠠᠪᠠᠰᠤ ᠬᠠᠷᠢᠨ ᠪᠤᠭᠤᠷᠵᠢ ᠶ᠋ᠢᠨ ᠪᠤᠭᠤᠨ ᠰᠠᠷᠠᠯ ᠮᠣᠷᠢ ᠲᠤᠯᠠ ᠶᠡᠬᠡᠯ᠎ᠡ ᠪᠠᠶᠠᠷᠯᠠᠨ ᠳᠡᠪᠬᠡᠯᠦᠨ ᠤᠨᠤᠵᠤ ᠲᠠᠢᠽᠦ ᠶ᠋ᠢ ᠲᠦᠱᠢᠵᠦ᠍ ᠬᠣᠢᠱᠢ ᠢᠷᠠᠪᠠᠰᠤ᠂ ᠬᠦᠷᠢᠶ᠎ᠡ ᠨᠢᠭᠡᠨᠲᠡ ᠯᠠᠢᠬᠠᠳ ᠤ᠋ᠨ ᠴᠡᠷᠢᠭ ᠲᠦ᠍ᠷ ᠳᠠᠭᠠᠷᠢᠭᠳᠠᠨ ᠡᠪᠳᠡᠯᠡᠭᠳᠡᠭᠰᠡᠨ ᠲᠤᠯᠠ ᠡᠵᠡᠨ ᠦᠭᠡᠢ ᠨᠢᠭᠡᠨ ᠬᠠᠩᠭᠠᠢ ᠬᠠᠰᠠᠭ ᠲᠡᠷᠭᠡ ᠶ᠋ᠢ ᠲᠦᠯᠬᠢᠨ ᠠᠪᠴᠢᠷᠠᠵᠤ ᠴᠠᠰᠤ ᠶ᠋ᠢ ᠭᠦᠪᠢᠵᠦ ᠲᠠᠢᠽᠦ ᠶ᠋ᠢ ᠬᠡᠪᠲᠡᠭᠦᠯᠪᠡ᠃ 
      ᠲᠠᠢᠽᠦ ᠶ᠋ᠢᠨ ᠵᠡᠪᠡ ᠶ᠋ᠢᠨ ᠱᠢᠷᠬ᠎ᠠ ᠳ᠋ᠤᠷ ᠴᠢᠰᠤ ᠪᠥᠭᠯᠡᠷᠡᠵᠦ᠂ ᠶᠡᠬᠡᠳᠡ ᠡᠪᠡᠷᠱᠢᠶᠡᠵᠦ᠍ ᠳᠣᠲᠣᠷ᠎ᠠ ᠪᠠᠯᠠᠷᠠᠬᠤᠢ ᠳ᠋ᠤ᠌ ᠵᠡᠯᠮ᠎ᠡ ᠵᠢᠪᠡᠲᠦ ᠴᠢᠰᠤ ᠶ᠋ᠢ ᠠᠮᠠ ᠪᠠᠷ ᠰᠣᠷᠣᠨ ᠠᠪᠴᠤ ᠪᠤᠭᠤᠷᠵᠢ ᠳᠡᠪᠡᠯ ᠦ᠋ᠨ ᠡᠩᠭᠢᠷ ᠢ᠋ᠶ᠋ᠡᠨ ᠤᠷᠠᠵᠤ ᠰᠢᠷᠬ᠎ᠠ ᠶ᠋ᠢ ᠪᠣᠭᠣᠪᠠ᠃ ᠲᠠᠢᠽᠦ ᠪᠠᠰᠠ ᠠᠩᠬᠠᠨ ᠤ᠋ ᠡᠳᠦᠷ ᠦᠬᠡᠷ ᠦ᠋ᠨ ᠮᠢᠬ᠎ᠠ ᠵᠣᠭᠣᠭᠯᠠᠭᠠᠳ ᠡᠳᠦᠭᠡ ᠪᠠᠰᠠ ᠴᠢᠰᠤ ᠭᠠᠷᠴᠤ ᠶᠡᠬᠡᠯ᠎ᠡ ᠤᠮᠳᠠᠭᠠᠰᠤᠮᠤᠢ ᠬᠡᠮᠡᠬᠦᠢ ᠳ᠋ᠦ᠍ᠷ ᠵᠠᠯᠮ᠎ᠠ᠂ ᠪᠤᠭᠤᠷᠵᠢ ᠪᠠᠷ ᠲᠠᠢᠽᠦ ᠶ᠋ᠢ ᠰᠠᠬᠢᠭᠤᠯᠤᠭᠠᠳ ᠥᠪᠡᠷ ᠦ᠋ᠨ ᠪᠡᠶ᠎ᠡ ᠪᠠᠰᠠ ᠵᠢᠳᠠ ᠪᠠᠨ ᠠᠪᠴᠤ ᠮᠣᠷᠢ ᠤᠨᠤᠨ ᠰᠦ ᠲᠠᠷᠠᠭ ᠡᠷᠢᠷ᠎ᠡ ᠢᠷᠡᠪᠡ᠃ 
      ᠲᠡᠷᠡ ᠦᠶ᠎ᠡ ᠳ᠋ᠦ᠍ᠷ ᠰᠡᠴᠡᠨ ᠪᠥᠬᠡ ᠶ᠋ᠢᠨ ᠴᠡᠷᠢᠭ᠂ ᠮᠤᠬᠤᠯᠠᠢ ᠶ᠋ᠢᠨ ᠴᠡᠷᠢᠭ ᠲᠦ᠍ᠷ ᠶᠡᠬᠡᠯ᠎ᠡ ᠳᠠᠷᠤᠭᠳᠠᠵᠤ ᠲᠡᠷᠢᠭᠦᠨ ᠰᠡᠭᠦᠯ ᠢ᠋ᠶ᠋ᠡᠨ ᠬᠠᠯᠬᠠᠯᠠᠨ ᠴᠢᠳᠠᠬᠤ ᠦᠭᠡᠢ ᠪᠣᠯᠤᠭᠠᠳ ᠬᠡᠳᠦ ᠬᠡᠳᠦᠨ ᠶᠡᠬᠡ ᠬᠦᠷᠢᠶ᠎ᠡ ᠪᠡᠨ ᠣᠷᠬᠢᠵᠤ ᠪᠤᠷᠤᠭᠤᠯᠠᠭᠰᠠᠨ ᠳ᠋ᠤ᠌ ᠵᠠᠯᠮ᠎ᠠ ᠳᠠᠷᠤᠢ ᠲᠡᠭᠦᠨ ᠦ᠌ ᠬᠦᠷᠢᠶᠡᠨ ᠳ᠋ᠦ᠍ᠷ ᠣᠷᠣᠵᠤ ᠬᠥᠰᠬᠡ ᠲᠡᠷᠭᠡᠨ ᠦ᠌ ᠳᠣᠲᠣᠷ᠎ᠠ ᠎ᠡᠴᠡ ᠨᠢᠭᠡᠨ ᠪᠦᠷᠬᠦᠭᠡᠰᠦ ᠨᠠᠷᠢ ᠲᠠᠷᠠᠭ ᠤ᠋ᠨ ᠪᠣᠳᠣᠩ ᠢ᠋ ᠣᠯᠵᠤ ᠶᠡᠬᠡᠯ᠎ᠡ ᠪᠠᠶᠠᠷᠯᠠᠨ ᠡᠭᠡᠵᠦ ᠳᠣᠪᠲᠣᠯᠤᠨ ᠢᠷᠡᠲᠡᠯ᠎ᠡ ᠮᠤᠬᠤᠯᠠᠢ ᠶ᠋ᠢᠨ ᠴᠡᠷᠢᠭ ᠶᠡᠬᠡᠯ᠎ᠡ ᠲᠠᠢᠯᠵᠤ᠂ ᠪᠠᠰᠠ ᠬᠠᠷᠠᠩᠭᠤᠢ ᠪᠣᠯᠤᠭᠰᠠᠨ ᠲᠤᠯᠠ ᠬᠠᠷᠠᠩᠭ᠎ᠠ ᠴᠣᠬᠢᠨ ᠴᠡᠷᠢᠭ ᠢ᠋ᠶ᠋ᠡᠨ ᠬᠤᠷᠢᠶᠠᠵᠤ ᠲᠠᠢᠽᠦ ᠶ᠋ᠢ ᠡᠷᠢᠭᠰᠡᠭᠡᠷ ᠲᠠᠢᠽᠦ ᠶ᠋ᠢᠨ ᠳᠡᠷᠭᠡᠳᠡ ᠢᠷᠡᠲᠡᠯ᠎ᠡ ᠣᠯᠠᠨ ᠢ᠋ᠶ᠋ᠠᠷ ᠴᠥᠮ ᠬᠤᠷᠠᠵᠤ ᠢᠷᠡᠪᠡ᠃ 
      ᠲᠡᠳᠦᠢ ᠵᠡᠯᠮ᠎ᠡ ᠲᠠᠷᠠᠭ ᠢ᠋ ᠡᠷᠭᠦᠭᠰᠡᠨ ᠳ᠋ᠦ᠍ᠷ ᠲᠠᠢᠽᠦ ᠨᠢᠭᠡᠨ ᠡᠷᠳᠡᠨᠢ ᠡᠪᠡᠷ ᠦ᠋ᠨ ᠠᠶᠠᠭ᠎ᠠ ᠵᠣᠭᠣᠭᠯᠠᠭᠠᠳ ᠳᠣᠲᠣᠷ᠎ᠠ ᠭᠡᠭᠡᠬᠡᠨ ᠪᠣᠯᠪᠠ ᠬᠡᠮᠡᠪᠡᠢ᠃ 
      ᠲᠡᠷᠡ ᠦᠶ᠎ᠡ ᠳ᠋ᠦ᠍ᠷ ᠰᠠᠯᠬᠢᠨ ᠰᠢᠭᠤᠷᠭᠠᠨ ᠬᠡᠳᠦᠢ ᠵᠣᠭᠰᠣᠭᠰᠠᠨ ᠪᠣᠯᠪᠠᠴᠤ ᠴᠠᠰᠤ ᠪᠠᠰᠠ ᠬᠦ᠌ ᠵᠣᠭᠰᠣᠭᠠᠳᠤᠢ ᠪᠥᠭᠡᠳ ᠲᠡᠷᠡ ᠲᠡᠷᠭᠡ ᠳ᠋ᠦ᠍ᠷ ᠪᠦᠷᠬᠦᠭᠦᠯ ᠦᠭᠡᠢ ᠵᠠᠳᠠᠭᠠᠢ ᠲᠤᠯᠠ ᠮᠤᠬᠤᠯᠢ᠂ ᠪᠤᠭᠤᠷᠵᠢ᠂ ᠪᠤᠭᠤᠷᠤᠯ᠂ ᠵᠡᠪᠡ ᠳᠥᠷᠪᠡᠭᠦᠯᠡ ᠲᠠᠢᠽᠦ ᠶ᠋ᠢᠨ ᠳᠡᠭᠡᠷ᠎ᠡ ᠴᠠᠰᠤ ᠶ᠋ᠢ ᠬᠠᠯᠬᠠᠯᠠᠨ ᠨᠢᠭᠡᠨ ᠶᠡᠬᠡ ᠦᠷᠭᠦᠭᠡᠨ ᠦ᠌ ᠢᠰᠡᠭᠡᠢ ᠪᠦᠷᠢᠶᠡᠰᠦ ᠶ᠋ᠢ ᠪᠠᠷᠢᠵᠤ᠂ ᠬᠥᠯ ᠰᠢᠯᠵᠢᠵᠦ ᠭᠠᠷ ᠬᠠᠯᠠᠭᠰᠠᠨ ᠦᠭᠡᠢ ᠪᠡᠷ ᠲᠠᠢᠽᠦ ᠶ᠋ᠢ ᠦᠷ ᠴᠠᠢᠲᠠᠯ᠎ᠠ ᠨᠣᠢᠷᠰᠤᠭᠤᠯᠪᠠ᠃ ① ᠵᠢᠴᠢ ᠥᠷᠯᠥᠭᠡ ᠪᠣᠯᠲᠠᠯ᠎ᠠ ᠶᠡᠬᠡ ᠬᠦᠷᠢᠶ᠎ᠡ ᠶ᠋ᠢ ᠨᠢᠭᠡᠨ ᠰᠥᠨᠢ ᠶ᠋ᠢᠨ ᠵᠠᠭᠤᠷ᠎ᠠ ᠳᠠᠬᠢᠨ ᠳᠡᠯᠡᠳᠴᠦ ᠣᠯᠠᠨ ᠴᠡᠷᠢᠭ ᠢ᠋ ᠪᠤᠳᠠᠭᠠᠯᠠᠭᠠᠳ ᠲᠠᠢᠽᠦ ᠶ᠋ᠢ ᠶᠡᠬᠡ ᠪᠠᠭᠤᠳᠠᠯ ᠤ᠋ᠨ ᠥᠷᠭᠦᠭᠡ ᠳ᠋ᠦ᠍ᠷ ᠵᠠᠯᠠᠪᠠ᠃ 
      ᠡᠨᠡ ᠦᠶ᠎ᠡ ᠳ᠋ᠦ᠍ᠷ ᠴᠠᠰᠤ ᠵᠣᠭᠰᠣᠵᠤ ᠬᠦᠢᠲᠡᠨ ᠦ᠌ ᠬᠦᠴᠦᠨ ᠮᠠᠰᠢ ᠨᠡᠮᠡᠭᠰᠡᠨ ᠳ᠋ᠦ᠍ᠷ ᠮᠤᠬᠤᠯᠢ ᠡᠵᠡᠨ ᠢ᠋ ᠰᠢᠷᠬᠠᠲᠤᠪᠠ᠂ ᠡᠷᠬᠡᠪᠰᠢ ᠥᠰᠢᠶ᠎ᠡ ᠠᠪᠤᠮᠤᠢ ᠭᠡᠮᠡᠨ ᠰᠢᠲᠦ ᠵᠠᠭᠤᠨ ᠰᠡᠴᠡᠨ ᠪᠥᠬᠡ ᠶ᠋ᠢ ᠮᠥᠷᠳᠡᠭᠦᠯᠪᠡᠰᠦ ᠳᠡᠮᠡᠢ ᠬᠣᠯᠠ ᠡᠴᠢᠭᠰᠡᠨ ᠦᠭᠡᠢ ᠲᠤᠯᠠ ᠴᠡᠷᠢᠭ ᠦ᠋ᠨ ᠢᠳᠡᠭᠡᠨ ᠬᠤᠪᠴᠠᠳ ᠢ᠋ ᠵᠤᠵᠠᠭᠠᠯᠠᠭᠠᠳ ᠱᠠᠭᠠᠷᠳᠠᠨ ᠬᠥᠭᠡᠭᠡᠵᠦ ᠨᠡᠬᠡᠰᠦᠭᠡᠢ᠂ ᠡᠵᠡᠨ ᠦ᠌ ᠰᠢᠷᠬ᠎ᠠ ᠮᠥᠨ ᠬᠥᠩᠭᠡᠷᠡᠪᠡᠢ ᠬᠡᠮᠡᠬᠦᠢ ᠳ᠋ᠦ᠍ᠷ ᠪᠤᠭᠤᠷᠤᠯ ᠥᠭᠦᠯᠡᠷᠦᠨ :《 ᠲᠡᠭᠷᠢ ᠶ᠋ᠢᠨ ᠴᠠᠭ ᠲᠤᠰᠠᠯᠠᠭᠰᠠᠨ ᠤᠰᠤ ᠮᠥᠯᠰᠥ ᠬᠥᠯᠳᠡᠭᠦᠦ ᠪᠥᠭᠡᠳ ᠴᠠᠰᠤ ᠪᠠᠰᠠ ᠨᠢᠭᠡᠨ ᠲᠣᠬᠣᠢ ᠢᠯᠡᠭᠦᠦ ᠭᠦᠨ ᠣᠷᠣᠵᠤᠬᠤᠢ᠃ ᠬᠣᠢᠲᠤ ᠬᠠᠪᠤᠷ ᠰᠥᠨᠥᠭᠡᠪᠡᠰᠦ ᠶᠠᠮᠪᠠᠷ? 》 ᠮᠤᠬᠤᠯᠢ ᠥᠭᠦᠯᠡᠷᠦᠨ :《 ᠠᠯᠢᠪᠠ ᠴᠡᠷᠢᠭ ᠬᠡᠷᠡᠭᠯᠡᠬᠦ ᠶᠣᠰᠣ ᠰᠠᠯᠬᠢᠨ ᠭᠠᠯ ᠮᠡᠲᠦ ᠲᠦᠷᠭᠡᠨ ᠪᠣᠯᠪᠠᠰᠤ ᠵᠣᠬᠢᠮᠤᠢ᠃ ᠪᠢ ᠲᠡᠢᠨ ᠬᠦ᠌ ᠰᠥᠨᠢ ᠳᠦᠯᠢᠨ ᠡᠵᠡᠨ ᠦ᠌ ᠵᠠᠬᠢᠶ᠎ᠠ ᠪᠠᠷ ᠶᠠᠪᠤᠵᠤ᠂  ᠰᠡᠴᠡᠨᠳᠠᠢᠵᠤᠤ ᠶ᠋ᠢᠨ ᠴᠡᠷᠢᠭ ᠢ᠋ ᠡᠪᠳᠡᠪᠡ᠃ ᠡᠳᠦᠭᠡ ᠳᠡᠢᠯᠦᠭᠰᠡᠨ ᠬᠦᠴᠦᠨ ᠳ᠋ᠦ᠍ᠷ ᠪᠠᠷᠠᠲᠠᠯ᠎ᠠ ᠡᠰᠡ ᠰᠥᠨᠥᠭᠡᠪᠡᠰᠦ ᠢᠷᠡᠬᠦ ᠵᠢᠯ ᠪᠠᠰᠠ ᠠᠷᠭ᠎ᠠ ᠪᠠᠨ ᠣᠯᠵᠤ ᠰᠦᠷ ᠬᠦᠴᠦᠨ ᠲᠡᠩᠬᠡᠷᠡᠬᠦ ᠪᠣᠯᠠᠢ 》 ᠬᠡᠮᠡᠭᠰᠡᠨ ᠳ᠋ᠦ᠍ᠷ ᠲᠠᠢᠽᠦ ᠮᠤᠬᠤᠯᠢ ᠶ᠋ᠢᠨ ᠦᠭᠡ ᠴᠣᠬᠣᠮ ᠵᠦᠢ ᠭᠡᠮᠡᠨ ᠵᠥᠪᠰᠢᠶᠡᠵᠦ᠂ ᠳᠠᠷᠤᠢ ᠮᠤᠬᠤᠯᠢ ᠳ᠋ᠤᠷ ᠨᠢᠭᠡᠨ ᠲᠦᠮᠡ ᠨᠠᠢ᠍ᠮᠠᠨ ᠮᠢᠩᠭᠠᠨ ᠴᠡᠷᠢᠭ ᠥᠭᠴᠦ ᠪᠡᠶ᠎ᠡ ᠪᠡᠷ ᠬᠠᠲᠠᠭᠤᠵᠢᠨ ᠭᠠᠷᠴᠤ ᠣᠯᠠᠨ ᠴᠡᠷᠢᠭ ᠲᠦ᠍ᠷ ᠮᠢᠨᠦ ᠪᠡᠶ᠎ᠡ ᠰᠢᠷᠬᠠᠳᠤᠭᠰᠠᠨ ᠢ᠋ ᠲᠠ ᠣᠯᠠᠨ ᠢ᠋ᠶ᠋ᠠᠷ ᠡᠷᠬᠡᠪᠰᠢ ᠥᠰᠢᠶ᠎ᠡ ᠶ᠋ᠢ ᠠᠪᠴᠤ ᠢᠷ᠎ᠡ ᠬᠡᠮᠡᠭᠰᠡᠨ ᠳ᠋ᠦ᠍ᠷ ᠣᠯᠠᠨ ᠴᠡᠷᠢᠭ ᠱᠠᠯᠠᠮᠠᠭᠠᠢᠯᠠᠨ ᠬᠦᠯᠢᠶᠡᠨ ᠠᠪᠴᠤ ᠵᠧ ᠬᠡᠮᠡᠬᠦ ᠳᠠᠭᠤᠨ ᠳ᠋ᠤᠷ ᠠᠭᠤᠯᠠ ᠲᠠᠯ᠎ᠠ ᠠᠨᠢᠷᠯᠠᠪᠠ᠃  
– – – – 
①《 ᠭᠠᠩ ᠮᠦ᠍ ᠪᠢᠴᠢᠭ 》 ᠲᠣᠷ ᠡᠨᠡ ᠳᠥᠷᠪᠡᠭᠦᠯᠡ ᠶ᠋ᠢᠨ ᠡᠨᠡ ᠭᠠᠵᠠᠷ ᠢ᠋ ᠲᠣᠭᠠᠴᠢᠵᠤ《 ᠰᠧ ᠵᠢᠸᠧ 》 ᠳᠥᠷᠪᠡᠨ ᠵᠣᠷᠢᠭᠲᠠᠨ ᠬᠡᠮᠡᠵᠦᠬᠦᠢ᠃ 

      ᠲᠡᠳᠦᠢ ᠲᠠᠢᠽᠦ ᠪᠡᠶ᠎ᠡ ᠬᠠᠮᠠᠭᠠᠯᠠᠬᠤ ᠬᠣᠶᠠᠷ ᠮᠢᠩᠭᠠᠨ ᠴᠡᠷᠢᠭ ᠦᠯᠡᠳᠡᠭᠡᠨ ᠠᠪᠴᠤ ᠰᠡᠴᠢᠩ ᠤᠰᠤᠨ ᠤ᠋ ᠬᠣᠢᠲᠤ ᠬᠥᠪᠡᠭᠡᠨ ᠳ᠋ᠦ᠍ᠷ ᠪᠠᠭᠤᠳᠠᠯᠯᠠᠵᠤ ᠂ ᠮᠤᠬᠤᠯᠢ ᠶ᠋ᠢᠨ ᠴᠡᠷᠢᠭ ᠡᠭᠡᠬᠦ ᠶ᠋ᠢ ᠬᠦᠯᠢᠶᠡᠪᠡ᠃ ᠲᠡᠭᠦᠨᠴᠡ ᠮᠤᠬᠤᠯᠢ ᠳᠠᠷᠤᠢ ᠬᠡᠩᠭᠡᠷᠭᠡ ᠳᠡᠯᠡᠳᠦᠨ ᠶᠡᠬᠡ ᠴᠡᠷᠢᠭ ᠢ᠋ ᠠᠪᠴᠤ ᠮᠥᠷ ᠢ᠋ ᠮᠥᠰᠬᠢᠨ ᠨᠡᠬᠡᠨ ᠢᠷᠡᠪᠡᠰᠦ ᠂ ᠰᠡᠴᠡᠨ ᠪᠥᠬᠡ ᠶ᠋ᠢᠨ ᠴᠡᠷᠢᠭ ᠳᠠᠷᠠᠢᠲᠦ ᠶ᠋ᠢᠨ ᠲᠠᠯ᠎ᠠ ᠳ᠋ᠤᠷ ᠡᠭᠡᠵᠦ ᠬᠦᠷᠢᠶ᠎ᠡ ᠪᠠᠭᠤᠵᠤᠬᠤᠢ᠃ ᠲᠡᠳᠦᠢ ᠮᠤᠬᠤᠯᠢ ᠨᠢᠭᠡᠨᠲᠡ ᠬᠡᠩᠭᠡᠷᠭᠡ ᠳᠡᠯᠡᠳᠦᠨ ᠣᠷᠣᠵᠤ ᠭᠤᠷᠪᠠᠨ ᠳᠠᠪᠬᠤᠷ ᠬᠠᠭᠠᠵᠤ ᠠᠪᠤᠪᠠ᠃ ᠲᠡᠭᠦᠨᠴᠡ ᠰᠡᠴᠡᠨ ᠪᠥᠬᠡ ᠭᠡᠳᠡᠷᠭᠦ ᠨᠢᠭᠡᠨ ᠵᠡᠷᠭᠡ ᠶᠡᠬᠡᠯ᠎ᠡ ᠳᠠᠷᠤᠭᠳᠠᠵᠤ ᠴᠡᠷᠢᠭ ᠢ᠋ᠶ᠋ᠡᠨ ᠪᠠᠢᠴᠠᠭᠠᠨ ᠦᠵᠡᠪᠡᠰᠦ ᠭᠤᠷᠪᠠᠨ ᠬᠤᠪᠢ ᠠ᠋ᠴᠠ ᠨᠢᠭᠡᠨ ᠬᠤᠪᠢ ᠬᠣᠬᠢᠷᠠᠵᠤ᠂ ᠨᠢᠭᠡᠨ ᠬᠤᠪᠢ ᠠᠨᠤ ᠲᠠᠢᠽᠦ ᠳ᠋ᠦ᠍ᠷ ᠳᠠᠭᠠᠭᠠᠳ ᠦᠯᠡᠳᠡᠭᠰᠡᠨ ᠨᠢᠭᠡᠨ ᠬᠤᠪᠢ ᠠᠨᠤ ᠪᠠᠰᠠ ᠴᠥᠮ ᠬᠦᠨᠳᠦ ᠰᠢᠷᠬ᠎ᠠ ᠣᠯᠤᠭᠰᠠᠨ ᠲᠤᠯᠠ ᠰᠡᠴᠡᠨ ᠪᠥᠬᠡ ᠶᠡᠬᠡᠯ᠎ᠡ ᠲᠡᠨᠴᠢᠭᠦᠷᠡᠵᠦ ᠴᠡᠷᠢᠭ ᠡᠭᠡᠭᠡᠳ ᠰᠥᠨᠢ ᠰᠣᠭᠲᠣᠲᠠᠯ᠎ᠠ ᠠᠷᠢᠬᠢ ᠤᠤᠭᠤᠵᠤ᠂ ᠪᠣᠯᠢ ᠶ᠋ᠢ ᠴᠡᠷᠢᠭ ᠠᠪᠤᠨ ᠶᠠᠪᠤᠬᠤᠢ ᠳ᠋ᠤᠷ ᠬᠦᠴᠦᠯᠡᠭᠰᠡᠨ ᠦᠭᠡᠢ ᠭᠡᠮᠡᠨ ᠠᠯᠠᠬᠤᠶ᠎ᠠ ᠵᠠᠪᠳᠤᠭᠰᠠᠨ ᠳ᠋ᠤᠷ ᠪᠠᠭ᠎ᠠ ᠡᠬᠡ ᠢᠨᠤ ᠢᠪᠤᠬᠠᠢ ᠬᠦᠴᠦᠯᠡᠨ ᠬᠣᠷᠢᠭᠯᠠᠭᠰᠠᠨ ᠳ᠋ᠤᠷ ᠠᠯᠠᠬᠤ ᠶ᠋ᠢ ᠬᠡᠯᠲᠦᠷᠢᠭᠦᠯᠵᠦ᠂ ᠳᠥᠴᠢᠨ ᠮᠣᠳᠣ ᠬᠦᠨᠳᠦᠳᠡ ᠵᠠᠨᠴᠢᠭᠠᠳ ᠮᠤᠬᠤᠯᠢ ᠶ᠋ᠢᠨ ᠴᠡᠷᠢᠭ ᠬᠦᠷᠴᠦ ᠢᠷᠡᠲᠡᠯ᠎ᠡ ᠰᠡᠴᠡᠨ ᠪᠥᠬᠡ ᠪᠠᠰᠠ ᠬᠦ᠌ ᠰᠣᠭᠲᠣᠵᠤ ᠰᠡᠷᠭᠦᠭᠡᠳᠦᠢ ᠲᠤᠭ ᠨᠣᠢᠷ ᠤ᠋ᠨ ᠳᠤᠮᠳᠠ ᠠᠵᠤᠭᠤ᠃ ᠪᠣᠯᠢ ᠮᠠᠰᠢ ᠬᠣᠷᠣᠰᠴᠤ ᠴᠡᠷᠢᠭ ᠦ᠋ᠨ ᠠᠷᠠᠳ ᠢ᠋ ᠲᠡᠩᠰᠡᠪᠡᠰᠦ᠂ ᠮᠥᠨ ᠴᠥᠮ ᠬᠦᠢᠲᠡᠨ ᠳ᠋ᠦ᠍ᠷ ᠲᠡᠰᠬᠦ ᠦᠭᠡᠢ ᠭᠠᠰᠢᠭᠤᠳᠠᠨ ᠭᠠᠰᠠᠯᠤᠯᠴᠠᠬᠤ ᠲᠤᠯᠠ ᠳᠠᠷᠤᠢ ᠲᠡᠭᠦᠨ ᠦ᠌ ᠤᠷᠤᠭ ᠰᠠᠳᠤᠨ ᠠᠷᠪᠠᠭᠠᠳ ᠬᠥᠮᠦᠨ ᠢ᠋ ᠠᠪᠴᠤ ᠵᠥᠪᠳᠡᠭᠡᠳ ᠬᠤᠷᠴᠠ ᠵᠡᠪᠰᠡᠭ ᠪᠠᠷᠢᠵᠤ ᠮᠣᠩᠭᠣᠯ ᠭᠡᠷ ᠲᠦ᠍ᠷ ᠣᠷᠣᠵᠤ ᠢᠷᠡᠪᠡ᠃ 
      ᠰᠡᠴᠡᠨ ᠪᠥᠬᠡ ᠬᠥᠨᠵᠢᠯᠡ ᠶ᠋ᠢᠨ ᠳᠣᠲᠣᠷ᠎ᠠ ᠠ᠋ᠴᠠ ᠬᠡᠩᠭᠡᠷᠭᠡ ᠴᠠᠩ ᠪᠠ ᠫᠤᠤ ᠲᠤᠤᠭᠠᠷᠤᠨ ᠬᠠᠰᠬᠢᠷᠬᠤ ᠳᠠᠭᠤᠨ ᠢ᠋ ᠰᠣᠨᠣᠰᠤᠭᠠᠳ ᠰᠠᠶᠢ ᠥᠨᠳᠡᠢᠨ ᠪᠣᠰᠴᠤ ᠠᠰᠠᠭᠤᠶ᠎ᠠ ᠭᠡᠲᠡᠯ᠎ᠡ ᠪᠣᠯᠢ ᠴᠢᠷᠠᠢ ᠶ᠋ᠢᠨ ᠥᠩᠭᠡ ᠬᠤᠪᠢᠯᠤᠨ ᠢᠯᠳᠦ ᠪᠠᠷᠢᠵᠤ ᠣᠷᠣᠵᠤ ᠢᠷᠡᠭᠰᠡᠨ ᠢ᠋ ᠦᠵᠡᠭᠡᠳ ᠶᠠᠭᠠᠷᠠᠨ ᠭᠦᠶᠦᠨ ᠪᠣᠰᠴᠤ ᠢᠯᠳᠦ ᠪᠡᠨ ᠠᠪᠲᠠᠯ᠎ᠠ ᠪᠣᠯᠢ ᠶᠠᠭᠠᠷᠠᠨ ᠤᠷᠤᠭᠰᠢ ᠲᠠᠪᠰᠢᠵᠤ ᠰᠡᠴᠡᠨ ᠪᠥᠬᠡ ᠶ᠋ᠢᠨ ᠪᠠᠷᠠᠭᠤᠨ ᠮᠥᠷᠥ ᠲᠡᠢ ᠨᠢᠭᠡᠨᠲᠡ ᠴᠠᠪᠴᠢᠨ ᠤᠨᠠᠭᠠᠪᠠ᠃ ᠲᠡᠷᠡ ᠦᠶ᠎ᠡ ᠳ᠋ᠦ᠍ᠷ ᠮᠤᠬᠤᠯᠢ ᠶ᠋ᠢᠨ ᠶᠡᠬᠡ ᠴᠡᠷᠢᠭ ᠨᠢᠭᠡᠨᠲᠡ ᠬᠦᠷᠢᠶ᠎ᠡ ᠶ᠋ᠢ ᠡᠪᠳᠡᠨ ᠣᠷᠣᠵᠤ ᠢᠷᠡᠭᠡᠳ ᠣᠯᠠᠨ ᠴᠡᠷᠢᠭ ᠬᠠᠰᠬᠢᠷᠤᠯᠳᠤᠨ ᠳᠥᠷᠪᠡᠨ ᠳᠠᠰᠢ ᠰᠠᠷᠨᠢᠨ ᠳᠤᠲᠠᠭᠠᠬᠤᠢ ᠳ᠋ᠤᠷ ᠰᠡᠴᠡᠨ ᠪᠥᠬᠡ ᠶ᠋ᠢᠨ ᠭᠠᠷ ᠬᠥᠯ ᠪᠠᠰᠠ ᠬᠦ᠌ ᠠᠷᠪᠠᠯᠵᠠᠨ ᠰᠡᠷᠪᠡᠯᠵᠡᠨ ᠬᠥᠳᠡᠯᠬᠦ ᠲᠤᠯᠠ ᠪᠣᠯᠢ ᠬᠡᠷᠡᠭ ᠴᠢᠬᠤᠯ ᠪᠣᠯᠤᠭᠰᠠᠨ ᠢ᠋ ᠮᠡᠳᠡᠵᠦ᠂ ᠳᠠᠬᠢᠨ ᠨᠢᠭᠡᠨᠲᠡ ᠴᠠᠪᠴᠢᠨ ᠲᠣᠯᠣᠭᠠᠢ ᠶ᠋ᠢ ᠠᠨᠤ ᠣᠭᠲᠣᠯᠵᠤ ᠠᠪᠤᠭᠠᠳ ᠶᠠᠭᠠᠷᠠᠨ ᠭᠠᠷᠴᠤ ᠮᠥᠷᠭᠥᠵᠦ ᠳᠠᠭᠠᠪᠠ᠃ ᠮᠤᠬᠤᠯᠢ ᠰᠡᠴᠡᠨ ᠪᠥᠬᠡ ᠶ᠋ᠢᠨ ᠡᠮᠡᠰ ᠬᠡᠦᠬᠡᠳ ᠢ᠋ ᠬᠤᠷᠢᠶᠠᠮᠵᠢᠯᠠᠨ ᠪᠠᠷᠢᠭᠤᠯᠵᠤ᠂ ᠴᠡᠷᠢᠭ ᠢ᠋ ᠴᠥᠮ ᠪᠠᠢᠴᠠᠭᠠᠨ ᠳᠠᠭᠠᠭᠤᠯᠤᠭᠠᠳ ᠪᠣᠯᠢ ᠶ᠋ᠢ ᠤᠳᠤᠷᠢᠳᠤᠨ ᠠᠪᠴᠢᠷᠠᠵᠤ ᠲᠠᠢᠽᠦ ᠳ᠋ᠦ᠍ᠷ ᠮᠥᠷᠭᠥᠭᠦᠯᠬᠦᠢ ᠳ᠋ᠦ᠍ᠷ ᠲᠠᠢᠽᠦ ᠰᠡᠴᠡᠨ ᠪᠥᠬᠡ ᠶ᠋ᠢᠨ ᠲᠣᠯᠣᠭᠠᠢ ᠶ᠋ᠢ ᠬᠡᠮᠬᠡᠴᠢᠭᠦᠯᠵᠦ᠂ ᠪᠠᠰᠠ ᠪᠣᠯᠢ ᠶ᠋ᠢ ᠡᠵᠡᠨ ᠢ᠋ᠶ᠋ᠡᠨ ᠠᠯᠠᠭᠰᠠᠨ ᠵᠢᠷᠤᠮ ᠦᠭᠡᠢ ᠬᠥᠮᠦᠨ ᠬᠡᠮᠡᠵᠦ ᠮᠣᠷᠢᠨ ᠤ᠋ ᠳᠡᠭᠡᠷ᠎ᠡ ᠬᠦᠯᠢᠭᠦᠯᠵᠦ᠂ ᠶᠡᠬᠡ ᠳᠡᠢᠯᠦᠭᠰᠡᠨ ᠪᠠᠶᠠᠷ ᠤ᠋ᠨ ᠶᠣᠰᠣᠭᠠᠷ ᠬᠠᠷᠠᠩᠭ᠎ᠠ ᠴᠣᠬᠢᠵᠤ ᠶᠡᠬᠡ ᠴᠡᠷᠢᠭ ᠡᠭᠡᠨ ᠢᠷᠡᠬᠦᠢ ᠳ᠋ᠦ᠍ᠷ ᠠᠯᠲᠠᠨ ᠨᠠᠷᠠᠨ ᠴᠠᠰᠤᠨ ᠳᠡᠭᠡᠷ᠎ᠡ ᠲᠣᠰᠴᠤ ᠲᠠᠯ᠎ᠠ ᠶ᠋ᠢᠨ ᠪᠤᠷᠭᠠᠰᠤᠨ ᠰᠢᠭᠤᠢ ᠳ᠋ᠤᠷ ᠴᠥᠮ ᠯᠠᠪᠰᠠᠭ ᠨᠠᠭᠠᠯᠳᠤᠭᠠᠳ ᠠᠭᠤᠯᠠ ᠲᠠᠯ᠎ᠠ ᠶ᠋ᠢ ᠴᠥᠮ ᠬᠠᠰ ᠢ᠋ᠶ᠋ᠠᠷ ᠰᠡᠢᠯᠵᠦ᠂ ᠣ ᠪᠠᠷ ᠴᠣᠭᠴᠠᠯᠠᠭᠰᠠᠨ ᠮᠡᠲᠦ ᠠᠳᠠᠪᠠᠰᠢ ᠦᠵᠡᠮᠵᠢᠲᠡᠢ ᠰᠠᠢᠬᠠᠨ᠃ ᠲᠠᠢᠽᠦ ᠶ᠋ᠢᠨ ᠰᠢᠷᠬ᠎ᠠ ᠮᠥᠨ ᠮᠠᠰᠢ ᠬᠤᠷᠳᠤᠨ ᠰᠠᠢᠨ ᠪᠣᠯᠵᠤ᠂ ᠣᠯᠠᠨ ᠴᠡᠷᠢᠭ ᠦ᠋ᠨ ᠬᠥᠮᠦᠨ ᠬᠠᠷᠠᠬᠠᠨ ᠶᠡᠬᠡᠳᠡ ᠲᠠᠢᠯᠵᠤ ᠬᠦᠨᠳᠦᠳᠡ ᠣᠯᠵᠠᠯᠠᠭᠰᠠᠨ ᠳ᠋ᠤᠷ ᠢ᠋ᠶ᠋ᠠᠨ ᠪᠠᠶᠠᠰᠤᠯᠳᠤᠨ᠂ ᠮᠣᠷᠢᠨ ᠤ᠋ ᠲᠤᠭᠤᠷᠠᠢ ᠳ᠋ᠤᠷ ᠬᠠᠰ ᠤ᠋ᠨ ᠥᠷᠥᠪᠳᠡᠰᠦᠨ ᠢ᠋ ᠭᠢᠰᠬᠢᠨ ᠱᠠᠵᠠᠩ ᠤ᠋ᠨ ᠬᠡᠮᠬᠡᠳᠡᠭ ᠲᠣᠷ ᠶᠠᠪᠤᠵᠤ ᠤᠯᠤᠰ ᠲᠤᠷ ᠢ᠋ᠶ᠋ᠠᠨ ᠪᠤᠴᠠᠬᠤᠶ᠎ᠠ ᠳᠥᠷᠥᠭᠡ ᠪᠡᠨ ᠲᠣᠭᠰᠢᠵᠤ ᠳᠦᠷᠭᠢᠲᠡᠯ᠎ᠡ ᠳᠠᠭᠤᠯᠠᠨ᠂ ᠬᠠᠵᠠᠭᠠᠷ ᠢ᠋ᠶ᠋ᠠᠨ ᠳᠤᠭᠲᠤᠷᠴᠤ ᠬᠠᠩᠭᠢᠨᠠᠲᠠᠯ᠎ᠠ ᠬᠠᠲᠠᠷᠢᠭᠤᠯᠵᠤ ᠴᠠᠰᠤᠨ ᠤ᠋ ᠳᠣᠲᠣᠷ᠎ᠠ ᠠᠩ ᠬᠦᠷᠦᠭᠡᠳ ᠢ᠋ ᠮᠥᠰᠬᠢᠨ ᠠᠪᠠᠯᠠᠵᠤ᠂ ᠨᠠᠭᠤᠷ ᠤ᠋ᠨ ᠬᠥᠪᠡᠭᠡ ᠳ᠋ᠦ᠍ᠷ ᠵᠢᠭᠠᠰᠤ ᠨᠤᠭᠤᠰᠤ ᠶ᠋ᠢ ᠭᠥᠷᠥᠭᠡᠯᠡᠨ ᠪᠠᠷᠢᠭᠰᠠᠭᠠᠷ ᠡᠭᠡᠬᠦᠶ᠎ᠡ ᠮᠡᠷᠭᠢᠳ ᠦ᠋ᠨ ᠠᠢᠮᠠᠭ ᠢ᠋ᠶ᠋ᠠᠷ ᠳᠠᠭᠠᠷᠢᠨ ᠭᠠᠷᠬᠤᠢ ᠳ᠋ᠤᠷ ᠮᠡᠷᠭᠢᠳ ᠦ᠋ᠨ ᠡᠵᠡᠨ ᠮᠠᠩᠨᠣᠭᠲᠤ ᠥᠪᠡᠷ ᠦ᠋ᠨ ᠠᠢᠮᠠᠭ ᠤ᠋ᠨ ᠴᠡᠷᠢᠭ ᠢ᠋ᠶ᠋ᠡᠨ ᠠᠪᠴᠤ ᠵᠠᠮ ᠬᠥᠳᠡᠯᠢᠰᠦᠨ ᠵᠢᠭᠰᠠᠭᠠᠪᠠ᠃ ᠪᠤᠭᠤᠷᠵᠢ ᠴᠡᠷᠢᠭ ᠦ᠋ᠨ ᠡᠮᠦᠨ᠎ᠡ ᠶᠠᠪᠤᠬᠤ ᠲᠤᠯᠠ ᠶᠡᠬᠡ ᠳᠠᠭᠤᠨ ᠢ᠋ᠶ᠋ᠠᠷ ᠵᠠᠩᠳᠠᠨ ᠥᠭᠦᠯᠡᠷᠦᠨ:《 ᠥᠴᠦᠬᠡᠨ ᠬᠤᠯᠠᠭᠠᠢ ᠨᠠᠷ ᠦᠬᠦᠬᠦ ᠪᠡᠨ ᠡᠷᠢᠬᠦ ᠶ᠋ᠢᠨ ᠲᠤᠯᠠ ᠦᠯᠡᠮᠵᠢ ᠶᠡᠬᠡ ᠴᠡᠷᠢᠭ ᠢ᠋ ᠮᠢᠨᠦ ᠲᠤᠰᠪᠠᠤ?》 ᠬᠡᠮᠡᠬᠦᠢ ᠳ᠋ᠦ᠍ᠷ ᠮᠡᠷᠭᠢᠳ ᠦ᠋ᠨ ᠡᠵᠡᠨ ᠮᠠᠩᠨᠣᠭᠲᠤ ᠥᠭᠦᠯᠡᠷᠦᠨ:《 ᠲᠡᠮᠦᠵᠢᠨ ᠨᠡᠷᠡᠲᠦ ᠶ᠋ᠢ ᠲᠡᠭᠷᠢ ᠶ᠋ᠢᠨ ᠦᠷ᠎ᠡ ᠭᠡᠮᠡᠨ ᠰᠣᠨᠣᠰᠪᠠ ᠪᠢ᠂ ᠲᠡᠮᠳᠡᠭᠲᠡᠶ᠎ᠡ ᠡᠨᠡ ᠡᠳᠦᠷ ᠴᠢᠷᠠᠢ ᠦᠵᠡᠰᠦᠭᠡᠢ ᠬᠡᠮᠡᠮᠦᠢ!《 ᠬᠡᠮᠡᠭᠰᠡᠨ ᠳ᠋ᠦ᠍ᠷ ᠴᠡᠷᠢᠭ ᠦ᠋ᠨ ᠳᠣᠲᠣᠷ᠎ᠠ ᠠ᠋ᠴᠠ ᠤᠯᠠᠭᠠᠨ ᠰᠢᠭᠦᠷ ᠬᠥᠳᠡᠯᠵᠦ ᠬᠣᠶᠠᠷ ᠳᠠᠯᠪᠠᠭ᠎ᠠ ᠰᠡᠬᠦᠵᠦ ᠵᠢᠭᠰᠠᠭᠠᠯ ᠤ᠋ᠨ ᠬᠢᠭᠢᠷᠢ ᠨᠡᠭᠡᠭᠡᠮᠡᠭᠴᠡ ᠲᠠᠢᠽᠦ ᠶ᠋ᠢᠨ ᠪᠡᠶ᠎ᠡ ᠢᠯᠡᠷᠡᠨ ᠭᠠᠷᠴᠤ ᠢᠷᠡᠪᠡ᠃ ᠬᠣᠶᠠᠷ ᠡᠲᠡᠭᠡᠳ ᠲᠣᠷ ᠮᠤᠬᠤᠯᠢ᠂ ᠪᠤᠭᠤᠷᠵᠢ ᠬᠣᠶᠠᠭᠤᠯᠠ ᠲᠡᠷᠢᠭᠦᠯᠡᠨ ᠣᠯᠠᠨ ᠲᠦᠰᠢᠮᠡᠳ ᠢ᠋ ᠠᠪᠴᠤ ᠬᠠᠷᠢᠶᠠᠴᠠᠢ ᠶ᠋ᠢᠨ ᠵᠢᠭᠦᠷ ᠮᠡᠲᠦ ᠵᠢᠭᠰᠠᠭᠠᠨ ᠵᠣᠭᠰᠣᠵᠤᠬᠤᠢ᠃ 
      ᠲᠡᠷᠡ ᠦᠶ᠎ᠡ ᠳ᠋ᠦ᠍ᠷ ᠬᠠᠪᠤᠲᠤ ᠬᠠᠰᠠᠷ ᠤᠯᠤᠰ ᠤ᠋ᠨ ᠡᠮᠦᠨ᠎ᠡ ᠡᠴᠡ ᠠᠮᠤᠷ ᠡᠷᠢᠨ ᠬᠦᠨᠡᠰᠦ ᠪᠠ ᠡᠮ ᠬᠦᠷᠭᠡᠵᠦ ᠢᠷᠡᠭᠡᠳ ᠮᠥᠨ ᠳᠡᠷᠭᠡᠳᠡ ᠪᠠᠢᠭᠰᠠᠨ ᠪᠥᠯᠥᠭᠡ᠃ ᠮᠠᠩᠨᠤᠭᠳᠤ ᠲᠠᠢᠽᠦ ᠶ᠋ᠢᠨ ᠲᠡᠭᠷᠢ ᠰᠠᠬᠢᠭᠤᠯᠰᠤᠨ ᠮᠡᠲᠦ ᠬᠤᠪᠢᠯᠭᠠᠨ ᠰᠦᠷ ᠭᠡᠷᠡᠯ ᠢ᠋ ᠦᠵᠡᠭᠡᠳ ᠮᠠᠰᠢᠳᠠ ᠪᠢᠰᠢᠷᠡᠨ ᠭᠠᠢᠬᠠᠵᠤ᠂ ᠶᠡᠬᠡ ᠳᠠᠭᠤᠨ ᠢ᠋ᠶ᠋ᠠᠷ ᠥᠭᠦᠯᠡᠷᠦᠨ:《 ᠲᠡᠭᠷᠢᠯᠢᠭ ᠤ᠋ᠨ ᠦᠷᠡᠰ ᠲᠡᠮᠦᠵᠢᠨ ᠬᠡᠮᠡᠭᠴᠢ ᠲᠥᠷᠥᠭᠰᠡᠨ ᠪᠠᠢᠳᠠᠯ ᠲᠡᠭᠷᠢ ᠶ᠋ᠢᠨ ᠬᠥᠪᠡᠭᠦᠨ ᠮᠠᠭᠠᠳ ᠮᠥᠨ ᠮᠡᠲᠦ ᠪᠣᠯᠪᠠᠴᠤ ᠴᠡᠷᠢᠭ ᠦ᠋ᠨ ᠡᠷᠳᠡᠮ ᠶᠠᠮᠪᠠᠷ ᠢ᠋ ᠣᠯᠵᠤ ᠮᠡᠳᠡᠬᠦ ᠦᠭᠡᠢ᠂ ᠪᠢ ᠡᠳᠦᠭᠡ ᠵᠠᠭᠤᠨ ᠨᠣᠮᠣᠨ ᠤ᠋ ᠦᠵᠦᠭᠦᠷ ᠲᠣᠷ ᠤᠯᠠᠭᠠᠨ ᠨᠠᠷᠠᠨ ᠵᠢᠷᠤᠭᠰᠠᠨ ᠨᠢᠭᠡᠨ ᠬᠢᠭᠢᠷᠢ ᠬᠠᠳᠬᠤᠰᠤᠭᠠᠢ᠂ ᠴᠢ ᠨᠢᠭᠡᠨ ᠰᠤᠮᠤ ᠳ᠋ᠤᠷ ᠬᠠᠷᠪᠤᠵᠤ ᠣᠨᠣᠪᠠᠰᠤ᠂ ᠪᠢ ᠬᠠᠷᠢᠶᠠᠲᠤ ᠠᠢᠮᠠᠭ ᠢ᠋ᠶ᠋ᠠᠨ ᠴᠥᠮ ᠠᠪᠴᠤ ᠳᠠᠭᠠᠬᠤ ᠶ᠋ᠢ ᠬᠦᠰᠡᠮᠦᠢ!《 ᠬᠡᠮᠡᠭᠰᠡᠨ ᠳ᠋ᠦ᠍ᠷ ᠲᠠᠢᠽᠦ ᠶᠡᠬᠡᠯ᠎ᠡ ᠢᠨᠢᠶᠡᠵᠦ ᠥᠭᠦᠯᠡᠷᠦᠨ:《 ᠵᠠᠭᠤᠨ ᠨᠣᠮᠣᠨ ᠤ᠋ ᠦᠵᠦᠭᠦᠷ ᠦ᠋ᠨ ᠶᠠᠭᠤᠮ᠎ᠠ ᠶ᠋ᠢ ᠬᠠᠷᠪᠤᠮᠤᠢ ᠬᠡᠮᠡᠭᠴᠢ ᠴᠡᠷᠢᠭ ᠦ᠋ᠨ ᠬᠥᠮᠦᠨ ᠦ᠌ ᠡᠩ ᠦ᠋ᠨ ᠰᠤᠷᠭᠠᠯ ᠶᠡᠷᠦ ᠶ᠋ᠢᠨ ᠶᠠᠪᠤᠳᠠᠯ ᠪᠣᠯᠠᠢ᠂ ᠪᠢ ᠴᠦ᠍ ᠪᠠᠢᠲᠤᠭᠠᠢ ᠮᠢᠨᠦ ᠳᠣᠣᠷᠠᠬᠢ ᠲᠦᠰᠢᠮᠡᠳ ᠴᠥᠮ ᠲᠥᠰᠦᠭᠡᠯᠡᠮᠦᠢ!《 ᠬᠡᠮᠡᠭᠰᠡᠨ ᠳ᠋ᠦ᠍ᠷ ᠮᠠᠩᠨᠣᠭᠲᠤ ᠳᠠᠷᠤᠢ ᠭᠠᠵᠠᠷ ᠢ᠋ ᠬᠡᠮᠵᠢᠶᠡᠯᠡᠨ ᠤᠯᠠᠭᠠᠨ ᠨᠠᠷᠠᠨ ᠵᠢᠷᠤᠭᠰᠠᠨ ᠬᠢᠭᠢᠷᠢ ᠬᠠᠳᠬᠤᠭᠤᠯᠪᠠ᠃ 
      ᠲᠠᠢᠽᠦ ᠴᠤᠤ ᠮᠡᠷᠭᠡᠨ ᠢ᠋ ᠭᠠᠷᠴᠤ ᠬᠠᠷᠪᠤ ᠬᠡᠮᠡᠭᠰᠡᠨ ᠳ᠋ᠦ᠍ᠷ ᠴᠤᠤ ᠮᠡᠷᠭᠡᠨ ᠳᠣᠲᠣᠷ᠎ᠠ ᠪᠠᠨ ᠲᠩᠷᠢ ᠶ᠋ᠢᠨ ᠵᠦᠭ ᠵᠠᠯᠪᠠᠷᠢᠨ ᠥᠭᠦᠯᠡᠷᠦᠨ: 《 ᠲᠡᠭᠷᠢ ᠢᠪᠡᠭᠡᠵᠦ ᠬᠡᠷᠪᠡ ᠮᠢᠨᠦ ᠡᠵᠡᠨ ᠳᠡᠯᠡᠬᠡᠢ ᠳ᠋ᠠᠬᠢᠨ ᠢ᠋ ᠶᠡᠷᠦᠩᠬᠡᠢᠯᠡᠨ ᠡᠵᠡᠯᠡᠬᠦ ᠪᠤᠶᠠᠨ ᠪᠣᠢ ᠪᠣᠯᠪᠠᠰᠤ ᠨᠢᠭᠡᠨ ᠰᠤᠮᠤ ᠳ᠋ᠤᠷ ᠳᠠᠷᠤᠢ ᠨᠠᠷᠠᠨ ᠢ᠋ ᠤᠨᠤᠵᠤ᠂ ᠨᠢᠭᠡᠨ ᠠᠢᠮᠠᠭ ᠤᠯᠤᠰ ᠢ᠋ ᠣᠷᠣᠭᠤᠯᠤᠨ ᠠᠪᠲᠤᠭᠠᠢ!《 ᠬᠡᠮᠡᠭᠡᠳ ᠳᠠᠷᠤᠢ ᠮᠢᠨᠦ ᠬᠠᠷᠪᠤᠬᠤ ᠶ᠋ᠢ ᠦᠵᠡ ᠭᠡᠮᠡᠨ ᠳᠣᠪᠲᠣᠯᠤᠨ ᠭᠠᠷᠴᠤ ᠢᠷᠡᠭᠡᠳ ᠤᠯᠠᠭᠠᠨ ᠢᠷᠪᠢᠰ ᠦ᠋ᠨ ᠰᠠᠭᠠᠳᠠᠭ ᠠ᠋ᠴᠠ ᠪᠠᠨ ᠨᠤᠮᠤ ᠰᠤᠮᠤ ᠪᠠᠨ ᠠᠪᠴᠤ ᠵᠡᠭᠦᠨ ᠭᠠᠷ ᠢ᠋ ᠲᠤᠯᠬᠤᠢ ᠳ᠋ᠤᠷ ᠬᠠᠨ ᠠᠭᠤᠯᠠ ᠶ᠋ᠢ ᠲᠦᠯᠬᠢᠬᠦ ᠮᠡᠲᠦ᠂ ᠭᠠᠷ ᠢ᠋ᠶ᠋ᠠᠷ ᠲᠠᠲᠠᠬᠤᠢ ᠳ᠋ᠤᠷ ᠨᠢᠯᠬ᠎ᠠ ᠬᠡᠦᠬᠡᠳ ᠢ᠋ ᠲᠡᠪᠡᠷᠢᠬᠦᠢ ᠠᠳᠠᠯᠢ ᠨᠤᠮᠤ ᠳᠡᠯᠢᠵᠦ᠂ ᠲᠥᠭᠥᠷᠢᠭ ᠰᠠᠷᠠᠨ ᠮᠡᠲᠦ ᠪᠣᠯᠵᠤ ᠰᠤᠮᠤ ᠡᠴᠢᠬᠦᠶ᠎ᠡ ᠨᠢᠰᠬᠦ ᠣᠳᠣᠨ ᠬᠠᠷᠪᠤᠵᠤ ᠳᠦᠪᠬᠢᠲᠡᠯ᠎ᠡ ᠬᠢᠭᠢᠷᠢ ᠶ᠋ᠢᠨ ᠳᠤᠮᠳᠠ ᠤᠯᠠᠭᠠᠨ ᠨᠠᠷᠠᠨ ᠤ᠋ ᠭᠣᠣᠯ ᠢ᠋ ᠣᠨᠣᠪᠠ ᠃ ᠬᠣᠶᠠᠷ ᠡᠲᠡᠭᠡᠳ ᠦ᠋ᠨ ᠴᠡᠷᠢᠭ ᠴᠤᠭᠠᠷ ᠬᠠᠰᠬᠢᠷᠤᠨ ᠰᠠᠢᠰᠢᠶᠠᠯᠳᠤᠵᠤ ᠴᠠᠩ ᠬᠡᠩᠭᠡᠷᠭᠡ᠂ ᠯᠠᠪᠠᠢ ᠪᠦᠷᠢᠶ᠎ᠡ ᠬᠠᠮᠲᠤ ᠪᠠᠷ ᠳᠠᠭᠤᠷᠢᠰᠪᠠ᠃ ᠡᠭᠦᠨ ᠳ᠋ᠦ᠍ᠷ ᠦᠵᠡᠪᠡᠰᠦ ᠮᠡᠷᠭᠡᠨ ᠭᠣᠣᠯ ᠤ᠋ᠨ ᠳᠤᠯᠠᠭᠠᠨ ᠪᠤᠯᠠᠭ ᠤ᠋ᠨ ᠠᠭᠤᠷ ᠲᠤᠷ ᠡᠪᠦᠯᠵᠢᠭᠰᠡᠨ ᠬᠣᠶᠠᠷ ᠨᠤᠭᠤᠰᠤ ᠨᠢᠰᠦᠨ ᠢᠷᠡᠬᠦᠶ᠎ᠡ᠂ ᠬᠠᠪᠤᠲᠤ ᠬᠠᠰᠠᠷ ᠶᠡᠬᠡᠯ᠎ᠡ ᠪᠠᠶᠠᠷᠯᠠᠨ ᠮᠣᠷᠢ ᠤᠬᠤᠰᠬᠢᠨ ᠳᠣᠪᠲᠣᠯᠤᠨ ᠭᠠᠷᠴᠤ ᠢᠷᠡᠭᠡᠳ ᠥᠭᠦᠯᠡᠷᠦᠨ:《 ᠴᠤᠤ ᠮᠡᠷᠭᠡᠨ ᠬᠥᠳᠡᠯᠬᠦ ᠦᠭᠡᠢ ᠶᠠᠭᠤᠮ᠎ᠠ ᠶ᠋ᠢ ᠬᠠᠷᠪᠤᠵᠤ ᠤᠨᠤᠬᠤ ᠠᠨᠤ ᠶᠠᠮᠪᠠᠷ ᠭᠠᠢᠬᠠᠮᠰᠢᠭ᠋ ᠪᠣᠢ? ᠮᠢᠨᠦ ᠨᠢᠰᠴᠦ ᠶᠠᠪᠤᠬᠤ ᠶᠠᠭᠤᠮ᠎ᠠ ᠶ᠋ᠢ ᠬᠠᠷᠪᠤᠵᠤ ᠤᠨᠤᠬᠤ ᠶ᠋ᠢ ᠦᠵᠡᠭᠲᠦᠨ! 》 ᠬᠡᠮᠡᠬᠦᠢ ᠳ᠋ᠦ᠍ᠷ ᠣᠯᠠᠨ ᠬᠥᠮᠦᠨ ᠳᠥᠷᠪᠡᠨ ᠳᠠᠰᠢ ᠠᠵᠢᠭᠯᠠᠨ ᠦᠵᠡᠪᠡᠰᠦ ᠶᠡᠬᠡ ᠴᠠᠰᠤᠨ ᠤ᠋ ᠬᠣᠢᠨ᠎ᠠ ᠲᠤᠯᠠ ᠣᠭᠲᠠᠷᠭᠤᠢ ᠶ᠋ᠢᠨ ᠬᠠᠭᠠᠰ ᠢ᠋ᠶ᠋ᠠᠷ ᠬᠣᠶᠠᠷ ᠨᠤᠭᠤᠰᠤ ᠵᠢᠰᠢᠭᠦᠦ ᠪᠡᠷ ᠨᠢᠰᠦᠨ ᠥᠩᠭᠡᠷᠡᠬᠦ ᠶ᠋ᠢ ᠦᠵᠡᠭᠡᠳ ᠮᠠᠩᠨᠣᠭᠲᠤ ᠬᠤᠷᠤᠭᠤ ᠪᠠᠷ ᠵᠢᠭᠠᠵᠤ ᠳᠠᠷᠤᠢ ᠲᠡᠷᠡ ᠨᠤᠭᠤᠰᠤ ᠶ᠋ᠢ ᠬᠠᠷᠪᠤ ᠬᠡᠮᠡᠬᠦᠢ ᠳ᠋ᠦ᠍ᠷ ᠬᠠᠪᠤᠲᠤ ᠬᠠᠰᠠᠷ ᠨᠤᠮᠤ ᠵᠡᠪᠡ ᠪᠡᠨ ᠬᠡᠳᠦᠢᠨᠡᠢ ᠪᠡᠯᠡᠳᠬᠡᠨ ᠭᠠᠷᠴᠤ ᠢᠷᠡᠭᠰᠡᠨ ᠲᠤᠯᠠ ᠳᠠᠷᠤᠢ ᠠᠰᠠᠭᠤᠷᠤᠨ:《 ᠪᠣᠷᠴᠢᠨ ᠢ᠋ ᠬᠠᠷᠪᠤᠮᠤᠢ ᠤᠤ᠂ ᠪᠣᠷᠣᠭᠴᠢᠨ ᠢ᠋ ᠬᠠᠷᠪᠤᠮᠤᠢ ᠤᠤ? 》 ᠮᠠᠩᠨᠣᠭᠲᠤ ᠦᠵᠡᠪᠡᠰᠦ ᠪᠣᠷᠴᠢᠨ ᠤ᠋ ᠨᠢᠰᠬᠦ ᠢᠨᠤ ᠬᠡᠯᠪᠡᠯᠵᠡᠨ ᠳᠡᠪᠳᠡᠷᠢᠵᠦ ᠲᠣᠭᠲᠠᠭᠤᠷᠢ ᠦᠭᠡᠢ ᠲᠤᠯᠠ ᠳᠠᠷᠤᠢ:《 ᠪᠣᠷᠴᠢᠨ ᠢ᠋ ᠬᠠᠷᠪᠤ! 》 ᠬᠡᠮᠡᠭᠰᠡᠨ ᠳ᠋ᠦ᠍ᠷ ᠬᠠᠪᠤᠲᠤ ᠬᠠᠰᠠᠷ ᠪᠠᠰᠠ ᠨᠢᠭᠡᠨ ᠵᠡᠪᠡ ᠠᠪᠴᠤ ᠨᠤᠮᠤ ᠳ᠋ᠤᠷ ᠣᠨᠢᠯᠠᠭᠠᠳ ᠨᠢᠭᠡ ᠵᠡᠪᠡ ᠶ᠋ᠢ ᠢᠳᠠᠮ ᠬᠤᠷᠤᠭᠤ ᠳ᠋ᠠᠭᠠᠨ ᠬᠠᠪᠴᠢᠭᠤᠯᠵᠤ ᠳᠡᠭᠡᠭᠰᠢ ᠬᠠᠷᠪᠤᠨ ᠢᠯᠡᠭᠡᠭᠰᠡᠨ ᠳ᠋ᠦ᠍ᠷ ᠪᠣᠷᠴᠢᠨ ᠠᠨᠤ ᠬᠦᠵᠦᠭᠦᠨ ᠨᠡᠪᠲᠡ ᠣᠨᠣᠭᠳᠠᠵᠤ ᠤᠨᠠᠨ ᠢᠷᠡᠬᠦᠢ ᠳ᠋ᠦ᠍ᠷ ᠬᠠᠪᠤᠲᠤ ᠬᠠᠰᠠᠷ ᠨᠥᠭᠥᠭᠡ ᠨᠢᠭᠡᠨ ᠰᠤᠮᠤ ᠪᠠᠨ ᠣᠨᠢᠯᠠᠵᠤ:《 ᠮᠢᠨᠦ ᠬᠣᠣᠰ ᠰᠤᠮᠤ ᠪᠠᠷ ᠬᠣᠶᠠᠷ ᠨᠤᠭᠤᠰᠤ ᠶ᠋ᠢ ᠬᠠᠷᠪᠤᠬᠤ ᠶ᠋ᠢ ᠦᠵᠡ!  ᠬᠡᠮᠡᠬᠦ ᠦᠭᠡ ᠪᠠᠷᠠᠬᠤ ᠶ᠋ᠢᠨ ᠤᠷᠢᠳᠠ ᠦᠯᠡᠳᠡᠭᠰᠡᠨ ᠪᠣᠷᠣᠭᠴᠢᠨ ᠨᠤᠭᠤᠰᠤ ᠵᠡᠪᠡ ᠬᠠᠳᠬᠤᠭᠰᠠᠭᠠᠷ ᠤᠨᠠᠵᠤ ᠢᠷᠡᠪᠡ᠃ ᠬᠣᠶᠠᠷ ᠡᠲᠡᠭᠡᠳ ᠦ᠋ᠨ ᠴᠡᠷᠢᠭ ᠦ᠋ᠨ ᠠᠷᠠᠳ  ᠬᠠᠰᠬᠢᠷᠤᠯᠳᠤᠬᠤ ᠪᠠ ᠮᠠᠭᠲᠠᠯᠴᠠᠨ ᠰᠠᠢᠰᠢᠶᠠᠯᠴᠠᠬᠤ ᠳᠠᠭᠤᠨ᠂ ᠬᠡᠩᠭᠡᠷᠭᠡ ᠴᠠᠩ ᠤ᠋ᠨ ᠳᠡᠯᠡᠳᠬᠦ ᠴᠢᠮᠡᠭᠡ ᠠᠭᠤᠯᠠ ᠠᠨᠢᠷᠯᠠᠨ ᠲᠠᠯ᠎ᠠ ᠲᠤᠷᠭᠢᠯᠠᠮᠵᠢ ᠃ ᠡᠭᠦᠨ ᠳ᠋ᠦ᠍ᠷ ᠮᠡᠷᠭᠢᠳ ᠦ᠋ᠨ ᠡᠵᠡᠨ ᠮᠠᠩᠨᠣᠭᠲᠤ ᠶᠡᠬᠡᠯ᠎ᠡ ᠪᠢᠰᠢᠷᠡᠨ ᠰᠦᠰᠦᠭᠯᠡᠵᠦ ᠶᠠᠭᠠᠷᠠᠨ ᠮᠣᠷᠢᠨ ᠠ᠋ᠴᠠ ᠪᠠᠨ ᠬᠠᠷᠠᠢᠨ ᠪᠠᠭᠤᠵᠤ ᠬᠦᠰᠡᠷ᠎ᠡ ᠰᠥᠭᠥᠳᠴᠦ ᠥᠨᠳᠥᠷ ᠳᠠᠭᠤᠨ ᠢ᠋ᠶ᠋ᠠᠷ ᠥᠭᠦᠯᠡᠷᠦᠨ:《 ᠡᠷᠬᠡᠲᠦ ᠲᠡᠭᠷᠢ ᠶ᠋ᠢᠨ ᠦᠷ᠎ᠡ᠂ ᠡᠷᠳᠡᠮᠲᠦ ᠡᠵᠡᠨ ᠦ᠌ ᠦᠪᠡᠳᠡᠭᠰᠢ ᠳ᠋ᠦ᠍ᠷ ᠡᠨᠡ ᠮᠡᠲᠦ ᠡᠷᠬᠢᠮ ᠪᠠᠭᠠᠲᠤᠷ ᠤ᠋ᠳ ᠠᠬᠤᠢ᠂ ᠡᠨᠡ ᠬᠦ᠌ ᠳᠡᠯᠡᠬᠡᠢ  ᠳᠡᠭᠡᠷᠡᠬᠢ ᠶ᠋ᠢ ᠡᠵᠡᠯᠡᠬᠦᠢ ᠳ᠋ᠦ᠍ᠷ ᠡᠭᠡᠨᠡᠭᠲᠡ ᠶᠠᠮᠪᠠᠷ ᠪᠡᠷᠬᠡ ᠭᠠᠵᠠᠷ ᠪᠣᠢ? ᠡᠭᠡᠯ ᠥᠲᠡᠯ᠎ᠡ ᠮᠠᠩᠨᠣᠭᠲᠤ ᠪᠢ ᠡᠭᠦᠷᠢᠳᠡ ᠡᠮᠡᠭᠡᠯ ᠲᠣᠬᠣᠵᠤ ᠲᠠᠰᠢᠭᠤᠷ ᠡᠷᠭᠦᠬᠦ ᠶ᠋ᠢ ᠬᠦᠰᠡᠮᠦᠢ!《 ᠬᠡᠮᠡᠵᠦ ᠡᠩᠭᠡᠷ ᠨᠡᠢᠲᠡ ᠠᠢᠮᠠᠭ ᠢ᠋ᠶ᠋ᠠᠨ ᠠᠪᠴᠤ ᠮᠥᠷᠭᠥᠵᠦ ᠳᠠᠭᠠᠭᠰᠠᠨ ᠠᠨᠤ ᠶᠢᠰᠦᠨ ᠮᠢᠩᠭᠠᠨ ᠢᠯᠡᠭᠦᠦ ᠡᠷᠦᠬᠡ ᠠᠮᠠ ᠠᠵᠤᠭᠤ᠃ ᠡᠭᠦᠨ ᠳ᠋ᠦ᠍ᠷ ᠲᠠᠢᠽᠦ ᠰᠠᠢᠰᠢᠶᠠᠨ ᠪᠡᠶᠡᠰᠴᠦ ᠰᠠᠢᠨ ᠦᠭᠡ ᠪᠡᠷ ᠲᠣᠬᠣᠷᠤᠭᠤᠯᠤᠨ ᠪᠤᠭᠤᠷᠵᠢ᠂ ᠮᠤᠬᠤᠯᠢ ᠬᠣᠶᠠᠭᠤᠯᠠ ᠪᠠᠷ ᠲᠦᠰᠢᠭᠦᠯᠦᠨ ᠪᠣᠰᠬᠠᠯᠭᠠᠵᠤ᠂ ᠬᠦᠨᠳᠦ ᠬᠤᠷᠢᠮ ᠬᠤᠷᠢᠮᠯᠠᠨ ᠬᠥᠬᠢᠭᠦᠯᠦᠨ ᠱᠠᠩᠨᠠᠵᠤ ᠬᠡᠳᠦᠨ ᠡᠳᠦᠷ ᠲᠣᠷ ᠪᠤᠷᠬᠠᠨ ᠭᠠᠯᠳᠤᠨ᠎ᠠ ᠳ᠋ᠤᠷ ᠬᠦᠷᠴᠦ ᠢᠷᠠᠪᠠᠰᠤ ᠰᠡᠴᠡᠨ ᠵᠦᠰᠦᠨ ᠪᠥᠷᠲᠡᠭᠡᠯᠵᠢᠨ ᠬᠠᠲᠤᠨ ᠠ᠋ᠴᠠ ᠪᠠᠰᠠ ᠨᠢᠭᠡᠨ ᠬᠥᠪᠡᠭᠦᠨ ᠬᠥᠮᠦᠵᠢᠭᠰᠡᠨ ᠠᠵᠤᠭᠤ᠃ 
      ᠲᠡᠳᠦᠢ ᠤᠷᠢᠳᠠ ᠴᠡᠷᠢᠭ ᠦ᠋ᠨ ᠭᠠᠪᠢᠶᠠᠲᠠᠨ᠎ᠠ ᠬᠤᠷᠢᠮ ᠬᠠᠢᠷᠠᠯᠠᠨ ᠢᠯᠭᠠᠨ ᠰᠠᠯᠭᠠᠨ ᠱᠠᠩᠨᠠᠨ ᠬᠥᠬᠢᠭᠦᠯᠦᠶ᠎ᠡ ᠣᠯᠠᠨ ᠤ᠋ ᠰᠦᠷᠦᠭ ᠡᠴᠡ ᠴᠢᠨᠳᠠᠭᠠᠨ᠎ᠠ ᠰᠡᠴᠡᠨ ᠭᠠᠷᠴᠤ  ᠯᠠᠢᠬᠠᠳ ᠤ᠋ᠨ ᠪᠣᠯᠢ ᠶ᠋ᠢᠨ ᠠᠮᠢ ᠶ᠋ᠢ ᠭᠤᠶᠤᠨ ᠰᠥᠭᠥᠳᠴᠦ ᠮᠥᠷᠭᠥᠨ ᠮᠡᠳᠡᠭᠦᠯᠦᠷᠦᠨ:《 ᠯᠠᠢᠬᠠᠳ ᠤ᠋ᠨ ᠪᠣᠯᠢ ᠬᠡᠳᠦᠢ ᠥᠪᠡᠷ ᠦ᠋ᠨ ᠡᠵᠡᠨ ᠳ᠋ᠡᠭᠡᠨ ᠵᠢᠷᠤᠮ ᠦᠭᠡᠢ ᠪᠣᠯᠪᠠᠴᠤ ᠲᠡᠭᠷᠢ ᠶ᠋ᠢᠨ ᠴᠠᠭ ᠢ᠋ ᠮᠡᠳᠡᠵᠦ ᠮᠠᠨ ᠳ᠋ᠤᠷ ᠲᠤᠰᠠᠯᠠᠭᠰᠠᠨ ᠠᠨᠤ ᠮᠠᠲᠠᠯ ᠦᠭᠡᠢ ᠬᠡᠮᠡᠪᠡᠰᠦ ᠪᠣᠯᠬᠤ ᠦᠭᠡᠢ᠃ ᠡᠨᠡ ᠬᠥᠮᠦᠨ ᠡᠴᠡ ᠪᠤᠰᠤ ᠪᠣᠯᠪᠠᠰᠤ ᠥᠴᠦᠬᠡᠨ ᠲᠦᠰᠢᠮᠡᠯ ᠮᠢᠨᠦ ᠠᠮᠢ ᠬᠡᠳᠦᠢᠨᠡᠢ ᠰᠡᠴᠡᠨ ᠪᠥᠬᠡ ᠶ᠋ᠢᠨ ᠲᠣᠭᠣᠭᠠᠨ ᠤ᠋ ᠳᠣᠲᠣᠷᠠᠬᠢ ᠱᠥᠯᠥ ᠪᠣᠯᠵᠤ᠂ ᠰᠢᠨᠠᠭᠠᠨ ᠤ᠋ ᠳᠣᠲᠣᠷᠠᠬᠢ ᠨᠠᠷᠢ ᠪᠣᠯᠤᠭᠰᠠᠨ ᠪᠥᠯᠥᠭᠡ! ᠬᠡᠮᠡᠭᠰᠡᠨ ᠳ᠋ᠦ᠍ᠷ ᠲᠠᠢᠽᠦ ᠵᠥᠪᠰᠢᠶᠡᠵᠦ ᠪᠣᠯᠢ ᠶ᠋ᠢᠨ ᠬᠦᠯᠢᠶᠡᠰᠦᠨ ᠢ᠋ ᠲᠠᠢᠯᠤᠭᠤᠯᠵᠤ ᠦᠯᠡᠳᠡᠭᠰᠡᠨ ᠠᠢᠮᠠᠭ ᠤ᠋ᠨ ᠠᠷᠠᠳ ᠢ᠋ ᠪᠠᠭᠴᠠᠯᠠᠬᠤ ᠳᠡᠳ᠋ ᠳᠠᠷᠤᠭ᠎ᠠ ᠲᠠᠯᠪᠢᠵᠤ᠂ ᠰᠡᠴᠡᠨ ᠪᠥᠬᠡ ᠶ᠋ᠢᠨ ᠡᠮ᠎ᠡ ᠦᠷ᠎ᠡ ᠶ᠋ᠢ ᠴᠥᠮ ᠴᠢᠨᠳᠠᠭᠠᠨ᠎ᠠ ᠰᠡᠴᠡᠨ ᠳ᠋ᠦ᠍ᠷ ᠪᠣᠭᠣᠯ ᠪᠣᠯᠭᠠᠨ ᠱᠠᠩᠨᠠᠨ ᠥᠭᠴᠦ ᠰᠡᠴᠡᠨ ᠪᠥᠬᠡ ᠶ᠋ᠢᠨ ᠪᠣᠭᠣᠯ ᠵᠠᠷᠤᠳᠠᠰᠤ ᠡᠳ᠋ ᠮᠠᠯ ᠢ᠋ ᠪᠤᠯᠲᠤ ᠨᠡᠢᠲᠡ ᠪᠡᠷ ᠴᠢᠨᠳᠠᠭᠠᠨ᠎ᠠ ᠰᠡᠴᠡᠨ ᠢ᠋ ᠳᠠᠭᠠᠵᠤ ᠡᠴᠢᠭᠡᠳ ᠬᠣᠣᠷ ᠣᠯᠤᠭᠰᠠᠨ ᠠᠷᠠᠳ ᠲᠤᠷ ᠱᠠᠩᠨᠠᠨ ᠥᠭᠴᠦ ᠳᠠᠢᠰᠤᠨ ᠤ᠋ ᠣᠯᠵᠠ ᠶ᠋ᠢ ᠬᠣᠶᠠᠷ ᠬᠤᠪᠢ ᠪᠣᠯᠭᠠᠨ ᠨᠢᠭᠡᠨ ᠬᠤᠪᠢ ᠶ᠋ᠢ ᠵᠠᠩᠵᠤᠨ ᠴᠡᠷᠢᠭ ᠲᠦ᠍ᠷ ᠪᠠᠶᠠᠷᠯᠠᠲᠠᠯ᠎ᠠ ᠱᠠᠩᠨᠠᠨ ᠲᠦᠭᠡᠭᠡᠪᠡ᠃ 
      ᠲᠡᠨᠳᠡᠴᠡ ᠰᠠᠶᠢ ᠳᠣᠲᠣᠭᠠᠳᠤ ᠣᠷᠳᠣᠨ ᠴᠠᠭᠠᠨ ᠭᠡᠷ ᠲᠡᠭᠡᠨ ᠵᠠᠯᠠᠷᠠᠨ ᠪᠠᠭᠤᠵᠤ᠂ ᠡᠨᠡ ᠨᠢᠭᠡᠨ ᠤᠳᠠᠭ᠎ᠠ ᠶ᠋ᠢᠨ ᠴᠠᠭᠠᠨ ᠴᠠᠰᠤᠨ ᠤ᠋ ᠴᠠᠭᠠᠨ ᠮᠥᠷᠲᠦ ᠴᠡᠷᠢᠭ ᠲᠦ᠍ᠷ ᠬᠣᠶᠠᠷ ᠤᠯᠤᠰ ᠳᠠᠭᠠᠭᠰᠠᠨ᠎ᠠ ᠡᠨᠡ ᠬᠣᠶᠠᠳᠤᠭᠠᠷ ᠬᠥᠪᠡᠭᠦᠨ ᠢ᠋ ᠲᠥᠷᠥᠪᠡ᠂ ᠪᠠᠰᠠ ᠴᠤ᠌ ᠲᠡᠭᠦᠨ ᠦ᠌ ᠲᠥᠷᠥᠭᠰᠡᠨ ᠥᠩᠭᠡ ᠵᠢᠰᠦ ᠬᠡᠲᠦᠷᠬᠡᠶ᠎ᠡ ᠭᠡᠭᠡᠬᠡᠨ ᠴᠠᠭᠠᠨ ᠰᠠᠢᠬᠠᠨ ᠲᠥᠷᠥᠭᠰᠡᠨ ᠳ᠋ᠦ᠍ᠷ ᠲᠠᠢᠽᠦ ᠡᠨᠡ ᠬᠥᠪᠡᠭᠦᠨ ᠢ᠋ ᠲᠦᠷᠦᠬᠦᠢ ᠳ᠋ᠦ᠍ᠷ ᠴᠠᠭᠠᠨ ᠮᠥᠷᠲᠦ ᠴᠡᠷᠢᠭ ᠲᠠᠢᠯᠵᠤ᠂ ᠴᠢᠷᠠᠢ ᠮᠠᠬᠠᠪᠣᠳ ᠮᠥᠨ ᠠᠰᠤᠷᠤ ᠴᠠᠭᠠᠨ ᠰᠠᠢᠬᠠᠨ ᠲᠤᠯᠠ ᠨᠡᠷ᠎ᠡ ᠶ᠋ᠢ ᠴᠠᠭᠠᠲᠠᠢ ᠭᠡᠮᠡᠨ ᠬᠠᠢᠷᠠᠯᠠᠵᠤ᠂ ᠵᠡᠯᠮ᠎ᠡ ᠶ᠋ᠢᠨ ᠡᠴᠢᠭᠡ ᠵᠠᠷᠴᠢᠭᠤᠲᠠᠢ ᠰᠢᠨᠵᠢᠭᠴᠢ ᠪᠡᠷ ᠰᠢᠨᠵᠢᠯᠡᠭᠦᠯᠪᠡᠰᠦ᠂ ᠬᠣᠢᠴᠢ ᠡᠳᠦᠷ ᠪᠠᠷᠠᠭᠤᠨ ᠲᠡᠭᠷᠢ ᠳ᠋ᠦ᠍ᠷ ᠲᠤᠯᠲᠠᠯ᠎ᠠ ᠡᠵᠡᠯᠡᠭᠴᠢ ᠲᠤᠯᠭᠤᠷ ᠡᠵᠡᠨ ᠪᠣᠯᠤᠭᠴᠢ ᠪᠤᠶᠠᠨᠲᠤ ᠬᠡᠮᠡᠪᠡ᠃ ᠬᠣᠢᠨ᠎ᠠ ᠦᠨᠡᠬᠡᠷ ᠪᠠᠷᠠᠭᠤᠨ ᠣᠯᠠᠨ ᠬᠣᠲᠣᠩᠭᠣᠳ ᠲᠤᠷ ᠬᠠᠭᠠᠨ ᠡᠷᠭᠦᠮᠵᠢᠯᠡᠭᠰᠡᠨ ᠪᠥᠯᠥᠭᠡ᠃ ᠡᠭᠦᠨ ᠦ᠌ ᠦᠷᠡᠰ ᠳᠠᠢᠴᠢᠩ ᠤᠯᠤᠰ ᠲᠤᠷ ᠳᠠᠭᠠᠭᠰᠠᠨ ᠦᠭᠡᠢ ᠲᠤᠯᠠ ᠸᠠᠩ ᠬᠦᠩ ᠦ᠋ᠳ ᠦ᠋ᠨ ᠢᠯᠡᠳᠬᠡᠯ ᠱᠠᠰᠲᠢᠷ ᠲᠤᠷ ᠭᠠᠷᠭᠠᠨ ᠡᠰᠡ ᠪᠢᠴᠢᠵᠦᠬᠦᠢ ᠃ 
      ᠲᠠᠨᠲᠠᠴᠠ ᠬᠡᠷᠡᠢᠳ ᠤᠯᠤᠰ ᠤ᠋ᠨ ᠾᠧ ᠸᠠᠩ᠂ ᠲᠠᠢᠽᠦ ᠶ᠋ᠢᠨ ᠳᠡᠢᠯᠦᠭᠰᠡᠨ ᠮᠡᠳᠡᠭᠡ ᠶ᠋ᠢ ᠰᠣᠨᠣᠰᠴᠤ ᠪᠠᠰᠠ ᠪᠠᠶᠠᠷ ᠲᠤᠷ ᠨᠡᠢᠯᠡᠭᠦᠯᠦᠨ ᠪᠡᠶ᠎ᠡ ᠪᠡᠷ ᠵᠣᠯᠭᠠᠷ᠎ᠠ ᠢᠷᠡᠭᠰᠡᠨ ᠳ᠋ᠦ᠍ᠷ ᠲᠠᠢᠽᠦ ᠶᠡᠬᠡᠯ᠎ᠡ ᠪᠠᠶᠠᠷᠯᠠᠨ ᠬᠦᠨᠳᠦᠯᠡᠨ ᠬᠤᠷᠢᠮᠯᠠᠵᠤ ᠯᠠᠢᠬᠠᠳ ᠤ᠋ᠨ ᠣᠯᠵᠠ ᠶ᠋ᠢ ᠥᠪᠡᠷ ᠦ᠋ᠨ ᠬᠤᠷᠢᠶᠠᠭᠰᠠᠨ ᠬᠥᠮᠦᠨ᠂ ᠮᠣᠷᠢ᠂ ᠲᠡᠮᠡᠭᠡ᠂ ᠬᠣᠨᠢ᠂ ᠡᠳ᠋ ᠠᠭᠤᠷᠠᠰᠤᠨ ᠤ᠋ ᠭᠣᠣᠯ ᠬᠠᠭᠠᠰ ᠢ᠋ ᠾᠧ ᠸᠠᠩ ᠳ᠋ᠤᠷ ᠬᠤᠪᠢᠶᠠᠨ ᠥᠭᠴᠦ ᠥᠭᠦᠯᠡᠷᠦᠨ:《 ᠣᠷᠣᠭᠰᠢ ᠡᠳᠦᠷ ᠠᠪᠤᠭᠠᠢ ᠴᠢᠮᠠᠶ᠋ᠢ ᠮᠢᠨᠦ ᠡᠴᠢᠭᠡ ᠲᠥᠷᠥᠭᠰᠡᠨ ᠠᠬ᠎ᠠ ᠳᠡᠭᠦᠦ ᠮᠡᠲᠦ ᠦᠵᠡᠵᠦ ᠲᠤᠰᠠᠯᠠᠨ ᠶᠠᠪᠤᠭᠰᠠᠨ ᠲᠤᠯᠠ ᠪᠢ ᠴᠢᠮᠠᠶ᠋ᠢ ᠦᠯᠦ ᠤᠮᠠᠷᠲᠠᠬᠤ ᠠᠨᠤ ᠴᠣᠬᠣᠮ ᠪᠢ ᠡᠴᠢᠭᠡ ᠶᠦ᠍ᠭᠡᠨ ᠦᠯᠦ ᠤᠮᠠᠷᠲᠠᠬᠤ ᠶ᠋ᠢᠨ ᠤᠴᠢᠷ ᠪᠣᠯᠠᠢ! ᠬᠡᠮᠡᠭᠰᠡᠨ ᠳ᠋ᠦ᠍ᠷ ᠾᠧ ᠸᠠᠩ ᠬᠦᠯᠢᠶᠡᠨ ᠠᠪᠴᠤ ᠨᠤᠲᠤᠭ ᠲᠠᠭᠠᠨ ᠡᠭᠡᠭᠡᠳ ᠣᠯᠵᠠ ᠣᠮᠣᠭ ᠢ᠋ᠶ᠋ᠠᠨ ᠠᠢᠮᠠᠭ ᠲᠤᠷ ᠢ᠋ᠶ᠋ᠠᠨ ᠣᠮᠣᠷᠬᠠᠭᠯᠠᠨ ᠭᠠᠢᠬᠠᠭᠤᠯᠪᠠᠢ᠃ 
      ᠡᠨᠡ ᠵᠢᠯ ᠬᠠᠷ᠎ᠠ ᠪᠠᠷᠰ ᠵᠢᠯ ᠪᠥᠯᠥᠭᠡ᠂ ᠰᠥᠩ ᠤᠯᠤᠰ ᠤ᠋ᠨ ᠰᠢᠶᠣᠣᠽᠦ᠋ᠩ ᠬᠠᠭᠠᠨ ᠤ᠋ ᠴᠦᠨ ᠰᠢ ᠶ᠋ᠢᠨ ᠶᠢᠰᠦᠳᠦᠭᠡᠷ ᠣᠨ᠂ ᠠᠯᠲᠠᠨ ᠤᠯᠤᠰ ᠤ᠋ᠨ ᠳ᠋ᠠ  ᠳ᠋ᠢᠩ ᠦ᠋ᠨ ᠬᠣᠷᠢᠨ ᠬᠣᠶᠠᠳᠤᠭᠠᠷ ᠣᠨ᠂ ᠲᠠᠢᠽᠦ ᠲᠡᠮᠦᠵᠢᠨ ᠬᠣᠷᠢᠨ ᠨᠢᠭᠡᠨ ᠨᠠᠰᠤ ᠲᠠᠢ ᠪᠥᠯᠥᠭᠡ᠃ ᠲᠡᠭᠦᠨᠴᠡ ᠾᠧ ᠸᠠᠩ ᠤ᠋ᠨ ᠶᠡᠬᠡ ᠬᠥᠪᠡᠭᠦᠨ ᠢᠯᠠᠭᠤ᠂ ᠠᠯᠲᠠᠨ ᠤᠯᠤᠰ ᠰᠢᠨᠡᠬᠡᠨ ᠬᠦᠩ ᠦ᠋ᠨ ᠴᠣᠯᠠ ᠬᠠᠢᠷᠠᠯᠠᠭᠰᠠᠨ ᠲᠤᠯᠠ ᠬᠣᠢᠲᠤ ᠭᠠᠵᠠᠷ ᠤ᠋ᠨ ᠬᠥᠮᠦᠨ ᠴᠥᠮ ᠲᠡᠭᠦᠨ ᠢ᠋ ᠰᠢᠨ᠎ᠡ ᠬᠦᠩ ᠭᠡᠮᠡᠨ ᠳᠠᠭᠤᠳᠠᠮᠤᠢ᠃ ᠡᠨᠡ ᠰᠢᠨ᠎ᠡ ᠬᠦᠩ ᠢᠯᠠᠭᠤ ᠶ᠋ᠢᠨ ᠵᠠᠩ ᠰᠠᠨᠠᠭᠠᠨ ᠣᠮᠣᠷᠬᠠᠭ ᠳᠡᠭᠡᠷᠡᠩᠭᠦᠢ᠂ ᠲᠠᠢᠽᠦ ᠶ᠋ᠢᠨ ᠮᠡᠷᠭᠢᠳ ᠢ᠋ ᠬᠤᠷᠢᠶᠠᠮᠵᠢᠯᠠᠭᠰᠠᠨ ᠢ᠋ ᠰᠣᠨᠣᠰᠴᠤ ᠠᠳᠬᠠᠬᠯᠠᠬᠤ ᠰᠡᠳᠬᠢᠯ ᠲᠥᠷᠥᠭᠡᠳ ᠬᠠᠭᠠᠰ ᠵᠢᠯ ᠬᠦᠯᠢᠴᠡᠨ ᠥᠩᠭᠡᠷᠡᠭᠦᠯᠵᠦ᠂ ᠬᠣᠢᠲᠤ ᠵᠢᠯ ᠬᠠᠷᠢᠶᠠᠲᠤ ᠴᠡᠷᠢᠭ ᠢ᠋ᠶ᠋ᠡᠨ ᠠᠪᠴᠤ ᠮᠡᠷᠭᠢᠳ ᠦ᠋ᠨ ᠵᠡᠭᠦᠨ ᠭᠠᠷ ᠢ᠋ ᠬᠠᠭᠠᠵᠤ᠂ ᠮᠡᠷᠭᠢᠳ ᠦ᠋ᠨ ᠵᠡᠭᠦᠨ ᠭᠠᠷ ᠤ᠋ᠨ ᠡᠵᠡᠨ ᠳᠣᠲᠣᠭᠠᠨ ᠤ᠋ ᠬᠠᠷᠢᠶᠠᠲᠤ ᠠᠢᠮᠠᠭ ᠢ᠋ ᠲᠠᠪᠴᠢᠯᠠᠨ ᠪᠤᠯᠢᠶᠠᠭᠰᠠᠨ ᠳ᠋ᠤᠷ ᠪᠠᠷᠠᠭᠤᠨ ᠭᠠᠷ ᠤ᠋ᠨ ᠮᠠᠩᠨᠣᠭᠳᠣ ᠰᠣᠨᠣᠰᠴᠤ ᠨᠢᠭᠡᠨ ᠳᠡᠭᠡᠭᠦᠷ ᠵᠡᠭᠦᠨ ᠭᠠᠷ ᠢ᠋ᠶ᠋ᠠᠨ ᠥᠮᠥᠭᠯᠡᠨ ᠨᠢᠭᠡᠨ ᠳᠡᠭᠡᠭᠦᠷ ᠲᠠᠢᠽᠦ ᠳ᠋ᠦ᠍ᠷ ᠤᠴᠢᠷ ᠢ᠋ᠶ᠋ᠠᠨ ᠮᠡᠳᠡᠭᠦᠯᠦᠨ ᠢᠯᠡᠭᠡᠭᠰᠡᠨ᠎ᠡ᠂ ᠲᠡᠷᠡ ᠦᠶ᠎ᠡ ᠳ᠋ᠦ᠍ᠷ ᠲᠠᠢᠽᠦ᠂ ᠮᠤᠬᠤᠯᠢ᠂ ᠴᠢᠯᠠᠭᠤᠨ᠂ ᠪᠤᠭᠤᠷᠵᠢ᠂ ᠪᠤᠭᠤᠷᠤᠯ ᠳᠦᠷᠪᠡᠭᠦᠯᠦᠨ ᠠᠯᠢ ᠠᠯᠢᠨ ᠠ᠋ᠴᠠ ᠤᠷᠢᠳᠠ ᠳᠠᠭᠠᠪᠠ ᠪᠠᠰᠠ ᠴᠡᠷᠢᠭ ᠦ᠋ᠨ ᠭᠠᠪᠢᠶ᠎ᠠ ᠵᠢᠳᠬᠦᠯᠭᠡ ᠬᠢᠭᠡᠳ ᠪᠠᠭᠠᠲᠤᠷ ᠬᠦᠴᠦᠨ ᠴᠥᠮ ᠮᠢᠩᠭᠠᠨ ᠵᠢᠩ ᠦ᠋ᠨ ᠬᠦᠴᠦᠨ ᠪᠣᠢ᠂ ᠬᠡᠨ ᠠᠯᠢᠨ ᠠ᠋ᠴᠠ ᠭᠤᠷᠪᠠᠨ ᠵᠦᠢᠯ ᠢ᠋ᠶ᠋ᠡᠷ ᠬᠡᠲᠦᠢᠳᠦᠨ ᠭᠠᠷᠴᠤᠬᠤᠢ ᠭᠡᠮᠡᠨ ᠶᠡᠬᠡ ᠬᠤᠷᠢᠮ ᠬᠠᠢᠷᠠᠯᠠᠨ ᠬᠤᠷᠢᠮᠯᠠᠵᠤ᠂ ᠳᠥᠷᠪᠡᠨ ᠶᠡᠬᠡ ᠥᠨᠴᠥᠭ ᠲᠣᠷ ᠳᠥᠷᠪᠡᠨ ᠶᠡᠬᠡ ᠬᠦᠷᠢᠶ᠎ᠡ ᠪᠠᠢᠭᠤᠯᠵᠤ ᠳᠥᠷᠪᠡᠨ ᠲᠦᠮᠡᠨ ᠢ᠋ ᠳᠠᠭᠠᠭᠠᠴᠢᠯᠠᠬᠤ ᠬᠥᠬᠡ᠂ ᠤᠯᠠᠭᠠᠨ᠂ ᠰᠢᠷ᠎ᠠ᠂ ᠬᠠᠷ᠎ᠠ ᠳᠥᠷᠪᠡᠨ ᠥᠩᠭᠡ ᠶ᠋ᠢᠨ ᠲᠤᠭ ᠪᠣᠰᠬᠠᠯᠭᠠᠵᠤ᠂ ᠮᠤᠬᠤᠯᠢ ᠴᠢᠯᠠᠭᠤᠨ᠂ ᠪᠤᠭᠤᠷᠵᠢ ᠂ ᠪᠤᠭᠤᠷᠤᠯ ᠢ᠋ ᠳᠥᠷᠪᠡᠨ ᠬᠦᠯᠦᠭ ᠬᠡᠮᠡᠵᠦ ᠳᠥᠷᠪᠡᠨ ᠥᠩᠭᠡ ᠶ᠋ᠢᠨ ᠲᠤᠭ ᠢ᠋ ᠥᠭᠴᠦ ᠡᠷᠭᠦᠮᠵᠢᠯᠡᠪᠡ᠃ ᠲᠡᠳᠦᠢ ᠬᠡᠷᠡᠢᠳ᠂ ᠮᠡᠷᠭᠢᠳ ᠢ᠋ ᠲᠠᠪᠴᠢᠯᠠᠭᠰᠠᠨ ᠢ᠋ ᠰᠣᠨᠣᠰᠴᠤ ᠳᠥᠷᠪᠡᠨ ᠬᠦᠯᠦᠭ ᠯᠦ᠍ᠭᠡ ᠵᠥᠪᠳᠡᠨ ᠬᠡᠯᠡᠯᠴᠡᠬᠦᠢ ᠳ᠋ᠦ᠍ᠷ ᠣᠯᠠᠨ ᠤ᠋ ᠳᠣᠲᠣᠷ᠎ᠠ ᠠ᠋ᠴᠠ ᠨᠢᠭᠡᠨ ᠬᠥᠮᠦᠨ ᠾᠧ ᠸᠠᠩ ᠢ᠋ ᠳᠠᠢᠯᠠᠪᠠᠰᠤ ᠵᠣᠬᠢᠮᠤᠢ ᠭᠡᠮᠡᠨ ᠬᠡᠬᠦᠯᠵᠡᠨ ᠭᠠᠷᠴᠤ ᠢᠷᠡᠪᠡ᠃ ᠲᠠᠢᠽᠦ ᠦᠵᠡᠪᠡᠰᠦ ᠲᠡᠷᠡ ᠬᠥᠮᠦᠨ ᠬᠥᠯ ᠤᠷᠲᠤ᠂ ᠨᠢᠷᠤᠭᠤ ᠣᠬᠣᠷ᠂ ᠴᠢᠷᠠᠢ ᠰᠢᠷᠠᠪᠲᠤᠷ᠂ ᠰᠠᠬᠠᠯ ᠬᠥᠬᠡ᠂ ᠠᠪᠤᠷᠢ ᠵᠠᠩ ᠠᠰᠤᠷᠤ ᠳᠣᠭᠰᠢᠨ᠂ ᠠᠯᠤᠰ ᠴᠠᠭᠠᠨ᠎ᠠ ᠠᠳᠠᠪᠠᠰᠢ ᠵᠠᠯᠢᠬᠠᠢ ᠠᠨᠤ ᠬᠣᠶᠠᠷ ᠨᠢᠳᠦᠨ ᠦ᠌ ᠬᠠᠷᠠᠴᠠ ᠳ᠋ᠤᠷ ᠢᠯᠡᠷᠡᠵᠦᠬᠦᠢ᠃ ᠴᠢᠨᠣ᠎ᠠ ᠶ᠋ᠢᠨ ᠬᠠᠷᠠᠯᠲᠠ ᠦᠨᠡᠭᠡ ᠶ᠋ᠢᠨ ᠱᠣᠩᠰᠢᠯᠭᠠᠲᠠᠢ ᠰᠠᠶᠢ ᠳᠠᠭᠠᠵᠤ ᠢᠷᠡᠮᠡᠭᠴᠡ ᠲᠠᠢᠽᠦ ᠶ᠋ᠢ ᠬᠠᠭᠠᠨ ᠡᠷᠭᠦᠰᠦᠭᠡᠢ ᠬᠡᠮᠡᠭᠰᠡᠨ ᠭᠣᠷᠯᠣᠳ ᠤ᠋ᠨ ᠤᠳᠤᠨᠴᠢᠷ ᠤ᠋ᠨ ᠬᠥᠪᠡᠭᠦᠨ ᠵᠠᠮᠤᠬ᠎ᠠ ᠠᠵᠤᠭᠤ᠃ ᠲᠠᠢᠽᠦ ᠲᠡᠭᠦᠨᠴᠡ ᠾᠧ ᠸᠠᠩ ᠢ᠋ ᠳᠠᠢᠯᠠᠵᠤ ᠪᠣᠯᠬᠤ ᠰᠢᠯᠲᠠᠭᠠᠨ ᠢ᠋ ᠠᠰᠠᠭᠤᠭᠰᠠᠨ ᠳ᠋ᠤᠷ ᠵᠠᠮᠤᠬ᠎ᠠ ᠥᠭᠦᠯᠡᠷᠦᠨ:《 ᠾᠧ ᠸᠠᠩ ᠬᠡᠳᠦᠢ ᠤᠷᠢᠳᠤ ᠪᠠᠭᠠᠲᠤᠷ ᠡᠵᠡᠨ ᠯᠤᠭᠡ ᠬᠠᠨᠢᠯᠠᠨ ᠶᠠᠪᠤᠪᠠ ᠬᠡᠮᠡᠪᠡᠴᠦ ᠲᠡᠭᠦᠨ ᠦ᠌ ᠠᠪᠠᠭ᠎ᠠ ᠵᠦᠭ ᠢ᠋ᠶ᠋ᠡᠷ ᠰᠠᠮᠠᠭᠤ ᠢ᠋ ᠲᠣᠭᠲᠠᠨᠢᠭᠤᠯᠤᠨ ᠥᠭᠭᠦᠭᠰᠡᠨ ᠦ᠌ ᠠᠴᠢ ᠳ᠋ᠤᠷ ᠪᠣᠯᠠᠢ᠃ ᠬᠣᠢᠨ᠎ᠠ ᠡᠵᠡᠨ ᠢ᠋ ᠲᠠᠢᠴᠢᠭᠤᠳ ᠲᠤᠷ ᠳᠠᠷᠤᠯᠠᠬᠠᠲᠠᠨ᠂ ᠲᠠᠲ᠋ᠠᠷ ᠲᠤᠷ ᠲᠦᠢᠪᠡᠭᠡᠭᠲᠦᠨ ᠵᠣᠪᠠᠵᠤ ᠵᠤᠲᠠᠨ ᠶᠠᠪᠤᠬᠤ ᠲᠤᠬᠠᠢ ᠳ᠋ᠤᠷ ᠲᠡᠭᠦᠨ ᠦ᠌ ᠲᠤᠰᠠ ᠪᠣᠯᠤᠭᠰᠠᠨ ᠢ᠋ ᠣᠭᠲᠣ ᠡᠰᠡ ᠰᠣᠨᠣᠰᠪᠠ᠃ ᠲᠡᠷᠡᠬᠡᠨ ᠵᠢᠯ ᠵᠦᠰᠦᠨ ᠬᠠᠲᠤᠨ ᠢ᠋ ᠪᠠᠭᠤᠯᠭᠠᠨ ᠢᠷᠡᠭᠰᠡᠨ ᠬᠤᠷᠢᠮ ᠳ᠋ᠤᠷ ᠢᠷᠡᠭᠡᠳ ᠪᠣᠷᠣ ᠪᠤᠯᠠᠭᠠᠨ ᠤ᠋ ᠳᠠᠬᠤ ᠶ᠋ᠢ ᠡᠮᠦᠰᠴᠦ ᠪᠤᠯᠲᠤ ᠪᠦᠬᠦᠨ ᠦ᠌ ᠳᠡᠭᠡᠷ᠎ᠡ ᠰᠠᠭᠤᠪᠠ᠂ ᠲᠡᠭᠦᠨ ᠦ᠌ ᠬᠣᠵᠢᠮ ᠡᠵᠡᠨ ᠴᠢᠨᠦ ᠲᠡᠢᠨ ᠳᠡᠢᠰᠤᠨ᠎ᠠ᠂ ᠳᠠᠪᠤᠰᠤᠨ ᠤ᠋ ᠲᠡᠳᠦᠢ ᠳᠠᠷᠤᠮᠲᠠ ᠪᠣᠯᠤᠭᠰᠠᠨ ᠶᠠᠪᠤᠳᠠᠯ ᠦᠭᠡᠢ ᠪᠠᠢᠲᠠᠯ᠎ᠠ ᠡᠵᠡᠨ ᠪᠠᠰᠠ ᠲᠡᠭᠦᠨ ᠦ᠌ ᠳᠡᠭᠦᠦ ᠢᠯᠡᠭᠦᠦ ᠬᠠᠷ᠎ᠠ ᠶ᠋ᠢᠨ ᠪᠡᠶ᠎ᠡ ᠶ᠋ᠢ ᠰᠢᠶᠠ ᠤᠯᠤᠰ ᠠ᠋ᠴᠠ ᠠᠪᠴᠢᠷᠠᠭᠤᠯᠵᠤ᠂ ᠪᠦᠭᠦᠳᠡ ᠶ᠋ᠢ ᠪᠦᠷᠢᠨ ᠲᠡᠭᠦᠰ ᠪᠣᠯᠭᠠᠨ ᠭᠠᠵᠠᠷ ᠨᠤᠲᠤᠭ ᠥᠭᠴᠦ ᠤᠯᠤᠰ ᠢᠷᠭᠡᠨ ᠢ᠋ ᠠᠨᠤ ᠬᠣᠷᠢᠶᠠᠨ ᠥᠭᠴᠦ ᠭᠡᠷ ᠭᠠᠳᠠᠭᠠᠲᠠᠢ ᠪᠣᠯᠭᠠᠵᠤ ᠥᠭᠪᠡ᠃ ᠲᠡᠷᠡ ᠬᠣᠢᠨ᠎ᠠ ᠶᠡᠷᠦ ᠬᠢᠮᠤᠰᠤᠨ ᠤ᠋ ᠲᠡᠳᠦᠢ ᠲᠤᠰᠠ ᠪᠣᠯᠤᠭᠰᠠᠨ ᠭᠠᠵᠠᠷ ᠦᠭᠡᠢ᠃ ᠥᠨᠥᠬᠡᠨ ᠪᠠᠰᠠ ᠯᠠᠢᠬᠠᠳ ᠢ᠋ ᠲᠦᠪᠰᠢᠳᠬᠡᠭᠰᠡᠨ ᠣᠯᠵᠠ ᠶ᠋ᠢ ᠲᠡᠷᠡ ᠪᠠᠰᠠ ᠬᠤᠪᠢᠶᠠᠨ ᠠᠪᠠᠴᠢᠭᠠᠳ ᠰᠢᠲᠦᠵᠦ ᠰᠠᠨᠠᠬᠤ ᠪᠠᠢᠳᠠᠯ ᠦᠭᠡᠢ᠂ ᠡᠳᠦᠭᠡ ᠪᠠᠰᠠ ᠮᠡᠷᠭᠢᠳ ᠦ᠋ᠨ ᠮᠠᠨ ᠳ᠋ᠤᠷ ᠳᠠᠭᠠᠭᠰᠠᠨ ᠢ᠋ ᠡᠰᠡ ᠮᠡᠳᠡᠪᠡᠰᠦ ᠮᠥᠨ ᠪᠣᠢ ᠢ᠎ᠡ᠂ ᠲᠣᠳᠣᠷᠬᠠᠶ᠎ᠡ ᠮᠡᠳᠡᠵᠦ ᠪᠠᠢᠭᠠᠳ ᠪᠠᠰᠠ ᠲᠡᠳᠡᠨ ᠢ᠋ ᠳᠠᠪᠴᠢᠯᠠᠭᠰᠠᠨ ᠠᠨᠤ ᠰᠢᠭᠤᠳ ᠮᠠᠨ ᠢ᠋ ᠳᠠᠪᠴᠢᠯᠠᠭᠰᠠᠨ ᠪᠣᠯᠠᠢ᠃ ᠡᠨᠡ ᠵᠡᠷᠭᠡ ᠶ᠋ᠢᠨ ᠵᠣᠪᠠᠯᠠᠩ ᠳ᠋ᠤᠷ ᠦᠯᠦ ᠲᠤᠰᠠᠯᠠᠨ᠂ ᠵᠢᠷᠭᠠᠯᠠᠩ ᠳ᠋ᠤᠷ ᠬᠠᠮᠲᠤᠳᠬᠠᠭᠴᠢ᠂ ᠠᠴᠢ ᠶ᠋ᠢ ᠦᠯᠦ ᠰᠠᠨᠠᠨ᠂ ᠥᠰᠢᠶ᠎ᠡ ᠪᠡᠷ ᠬᠠᠷᠢᠭᠤᠯᠠᠭᠴᠢ ᠬᠥᠮᠦᠨ ᠢ᠋ ᠳᠠᠢᠯᠠᠬᠤ ᠦᠭᠡᠢ ᠬᠡᠨ ᠢ᠋ ᠳᠠᠢᠯᠠᠮᠤᠢ? 》 ᠬᠡᠮᠡᠭᠰᠡᠨ ᠳ᠋ᠦ᠍ᠷ ᠲᠠᠢᠽᠦ ᠵᠠᠬᠢᠷᠤᠨ:《 ᠲᠡᠭᠦᠨ ᠦ᠌ ᠨᠠᠳᠠ ᠳ᠋ᠤᠷ ᠡᠰᠡ ᠲᠤᠰᠠᠯᠠᠭᠰᠠᠨ ᠠᠨᠤ᠂ ᠪᠢ ᠲᠡᠭᠦᠨ ᠢ᠋ ᠡᠰᠡ ᠬᠦᠢᠯᠡᠭᠰᠡᠨ ᠦ᠌ ᠤᠴᠢᠷ ᠲᠤᠷ ᠪᠣᠯᠠᠢ᠂ ᠲᠡᠷᠡ ᠴᠦ᠍ ᠪᠠᠢᠲᠤᠭᠠᠢ ᠪᠢᠳᠡᠨ ᠳ᠋ᠦ᠍ᠷ ᠳᠠᠭᠠᠭᠰᠠᠨ ᠠᠨᠤ ᠮᠡᠷᠭᠢᠳ ᠦ᠋ᠨ ᠪᠠᠷᠠᠭᠤᠨ ᠭᠠᠷ ᠪᠣᠢ ᠢ᠎ᠡ᠂ ᠮᠡᠷᠭᠢᠳ ᠦ᠋ᠨ ᠵᠡᠭᠦᠨ ᠭᠠᠷ ᠪᠤᠰᠤ᠂ ᠳᠡᠯᠡᠬᠡᠢ ᠳ᠋ᠠᠬᠢᠨ ᠬᠡᠮᠡᠭᠴᠢ ᠨᠢᠭᠡᠨ ᠬᠥᠮᠦᠨ ᠦ᠌ ᠳᠡᠯᠡᠬᠡᠢ ᠳ᠋ᠠᠬᠢᠨ ᠪᠤᠰᠤ᠂ ᠳᠡᠯᠡᠬᠡᠢ ᠳ᠋ᠠᠬᠢᠨ ᠤ᠋ ᠬᠥᠮᠦᠨ ᠦ᠌ ᠳᠡᠯᠡᠬᠡᠢ ᠳ᠋ᠠᠬᠢᠨ ᠪᠣᠯᠠᠢ! ᠮᠡᠷᠭᠢᠳ ᠢ᠋ ᠲᠠᠪᠴᠢᠯᠠᠭᠰᠠᠨ ᠢ᠋ ᠪᠢᠳᠡ ᠬᠡᠷᠬᠢᠨ ᠮᠠᠭᠤ ᠭᠡᠮᠡᠨ ᠪᠠᠷᠢᠮᠲᠠᠯᠠᠵᠤ ᠪᠣᠯᠤᠮᠤᠢ᠃ ᠵᠢᠴᠢ ᠳ᠋ᠦ᠍ᠷ ᠨᠠᠢᠷ ᠵᠢᠷᠤᠮ ᠢ᠋ᠶ᠋ᠠᠷ ᠳᠠᠭᠠᠭᠤᠯᠪᠠᠰᠤ ᠨᠠᠪᠴᠢ ᠴᠡᠴᠡᠭ ᠮᠡᠲᠦ ᠡᠭᠦᠷᠢᠳᠡ ᠳᠠᠭᠠᠵᠤ ᠳᠡᠯᠭᠡᠷᠡᠮᠦᠢ᠂ ᠴᠡᠷᠢᠭ ᠲᠡᠢᠨ ᠢ᠋ᠶ᠋ᠠᠷ ᠳᠠᠭᠠᠭᠤᠯᠪᠠᠰᠤ᠂ ᠴᠢᠰᠤ ᠤᠰᠤ ᠮᠡᠲᠦ ᠡᠭᠡᠨᠡᠭᠲᠡ ᠬᠣᠶᠠᠷ ᠥᠩᠭᠡᠯᠡᠬᠦ ᠪᠣᠯᠠᠢ! ᠬᠡᠮᠡᠭᠰᠡᠨ ᠳ᠋ᠦ᠍ᠷ ᠵᠠᠮᠤᠬ᠎ᠠ ᠶᠡᠬᠡ ᠳᠠᠭᠤᠨ ᠢ᠋ᠶ᠋ᠠᠷ ᠥᠭᠦᠯᠡᠷᠦᠨ:《 ᠲᠡᠷᠡ ᠴᠦ᠍ ᠲᠡᠢᠮᠦ ᠪᠣᠢ ᠢ᠎ᠡ᠂ ᠯᠠᠢᠬᠠᠳ ᠤ᠋ᠨ ᠣᠯᠵᠠ ᠶ᠋ᠢ ᠪᠢᠳᠡ ᠲᠡᠭᠦᠨ ᠳ᠋ᠦ᠍ᠷ ᠭᠣᠣᠯ ᠬᠠᠭᠠᠰ ᠢ᠋ᠶ᠋ᠠᠷ ᠬᠤᠪᠢᠶᠠᠨ ᠥᠭᠴᠦ ᠪᠠᠢᠲᠠᠯ᠎ᠠ ᠲᠡᠷᠡ ᠮᠡᠷᠭᠢᠳ ᠦ᠋ᠨ ᠣᠯᠵᠠ ᠪᠠᠨ ᠭᠤᠷᠪᠠᠨ ᠬᠤᠪᠢ ᠠ᠋ᠴᠠ ᠨᠢᠭᠡᠨ ᠢ᠋ ᠴᠦ᠍ ᠦᠯᠦ ᠥᠭᠬᠦ ᠢᠨᠦ ᠶᠠᠭᠤᠨ ᠪᠣᠢ? ᠳᠡᠯᠡᠬᠡᠢ ᠳᠡᠭᠡᠷᠡᠬᠢ ᠶ᠋ᠢ ᠨᠢᠭᠡᠨ ᠬᠥᠮᠦᠨ ᠦ᠌ ᠪᠤᠰᠤ ᠬᠡᠮᠡᠪᠡᠰᠦ ᠡᠵᠡᠨ ᠴᠢ ᠨᠠᠳᠠ ᠳ᠋ᠤᠷ ᠨᠢᠭᠡᠨ ᠲᠦᠮᠡᠨ ᠴᠡᠷᠢᠭ ᠥᠭ᠂ ᠪᠢ ᠮᠡᠷᠭᠢᠳ ᠦ᠋ᠨ ᠵᠡᠭᠦᠨ ᠭᠠᠷ ᠢ᠋ ᠪᠤᠯᠢᠶᠠᠨ ᠠᠪᠴᠤ ᠮᠠᠨ ᠤ᠋ ᠪᠣᠯᠭᠠᠰᠤᠭᠠᠢ! ᠬᠡᠮᠡᠭᠰᠡᠨ ᠳ᠋ᠦ᠍ᠷ᠂ ᠲᠠᠢᠽᠦ ᠲᠡᠭᠦᠨ ᠦ᠌ ᠵᠠᠩ ᠠᠪᠤᠷᠢ ᠲᠦᠰᠢᠮᠡᠯ ᠦ᠋ᠨ ᠶᠣᠰᠣ ᠦᠭᠡᠢ ᠶ᠋ᠢ ᠦᠵᠡᠭᠡᠳ ᠳᠣᠩᠭᠣᠳᠤᠨ ᠥᠭᠦᠯᠡᠷᠦᠨ:《 ᠤᠴᠢᠷ ᠦᠭᠡᠢ ᠤᠷᠰᠢᠭ᠋ ᠳᠡᠭᠳᠡᠭᠡᠨ᠂ ᠦᠰ ᠦᠭᠡᠢ ᠦ ᠳᠡᠭᠳᠡᠭᠡᠨ᠂ ᠬᠣᠶᠠᠷ ᠤᠯᠤᠰ ᠤ᠋ᠨ ᠬᠠᠭᠤᠴᠢᠨ ᠰᠠᠢᠨ ᠢ᠋ ᠬᠤᠳᠬᠤᠷ ᠪᠣᠯᠤᠨ ᠡᠪᠳᠡᠮᠦᠢ! ᠬᠡᠮᠡᠭᠰᠡᠨ ᠳ᠋ᠦ᠍ᠷ ᠵᠠᠮᠤᠬ᠎ᠠ ᠲᠠᠢᠽᠦ ᠶ᠋ᠢᠨ ᠬᠢᠯᠢᠩ ᠲᠥᠷᠥᠬᠦ ᠶ᠋ᠢ ᠦᠵᠡᠭᠡᠳ ᠶᠠᠭᠠᠷᠠᠨ ᠭᠠᠷᠴᠤ ᠰᠥᠭᠥᠳᠦᠨ ᠮᠡᠳᠡᠭᠦᠯᠦᠷᠦᠨ:
          ᠠᠪᠤᠷᠠᠯᠲᠤ ᠡᠵᠡᠨ ᠠᠭᠤᠷ ᠦᠯᠦ ᠲᠦᠷᠦᠮᠦ  
          ᠠᠰᠢᠳᠠ ᠬᠣᠯᠠ ᠠᠯᠭᠤᠷ ᠬᠦᠯᠢᠶᠡᠪᠡᠰᠦ ᠮᠡᠳᠡᠮᠦᠢ᠂  
          ᠠᠭᠤᠯᠠ ᠶ᠋ᠢ ᠬᠠᠰᠢᠵᠤ ᠪᠠᠭᠤᠶ᠎ᠠ ᠪᠢ  
          ᠠᠳᠤᠭᠤᠴᠢᠨ ᠮᠠᠯᠴᠢᠨ ᠢ᠋ᠶ᠋ᠠᠨ ᠠᠮᠠᠷᠠᠭᠤᠯᠤᠶ᠎ᠠ ᠪᠢ᠂ 
          ᠭᠣᠣᠯ ᠢ᠋ ᠬᠠᠰᠢᠵᠤ ᠪᠠᠭᠤᠶ᠎ᠠ ᠪᠢ  
          ᠭᠣᠣᠨᠢ ᠪᠡᠶ᠎ᠡ ᠪᠡᠨ ᠲᠡᠵᠢᠭᠡᠶ᠎ᠡ ᠪᠢ! 
ᠬᠡᠮᠡᠭᠰᠡᠨ ᠳ᠋ᠦ᠍ᠷ ᠲᠠᠢᠽᠦ ᠤᠨᠲᠤᠭᠤᠨᠳᠠᠢ ᠲᠤᠯᠠ:《 ᠣᠯᠠᠨ ᠦᠭᠡ ᠬᠡᠷᠡᠭ ᠦᠭᠡᠢ᠂ ᠤᠴᠢᠷ ᠶᠣᠰᠣ ᠲᠠᠢ ᠪᠠᠷ ᠤᠬᠠᠮᠵᠢᠯᠠᠨ ᠶᠠᠪᠤᠭᠲᠤᠨ 》 ᠭᠡᠮᠡᠨ ᠵᠠᠩᠳᠠᠨ ᠡᠭᠡᠭᠦᠯᠵᠦ᠂ ᠣᠷᠳᠣᠨ ᠴᠠᠭᠠᠨ ᠭᠡᠷ ᠲᠡᠭᠡᠨ ᠵᠠᠯᠠᠷᠠᠨ ᠪᠠᠭᠤᠵᠤ᠂ ᠥᠵᠢᠨ ᠡᠮᠡᠭᠡ ᠳ᠋ᠦ᠍ᠷ ᠡᠳᠡᠭᠡᠷ ᠤᠴᠢᠷ ᠢ᠋ ᠮᠡᠳᠡᠭᠦᠯᠬᠦᠢ ᠳ᠋ᠦ᠍ᠷ ᠪᠦᠷᠲᠡᠭᠡᠯᠵᠢᠨ ᠵᠦᠰᠦᠨ ᠰᠡᠴᠡᠨ ᠬᠠᠲᠤᠨ ᠰᠣᠨᠣᠰᠤᠭᠠᠳ ᠰᠤᠯᠠ ᠦᠭᠡ ᠳ᠋ᠦ᠍ᠷ ᠪᠣᠯᠤᠨ ᠲᠠᠢᠽᠦ ᠳ᠋ᠦ᠍ᠷ ᠮᠡᠳᠡᠭᠦᠯᠦᠷᠦᠨ:《 ᠭᠣᠷᠯᠣᠳ ᠤ᠋ᠨ ᠵᠠᠮᠤᠬ᠎ᠠ ᠶ᠋ᠢᠨ ᠲᠡᠷᠡ ᠬᠡᠳᠦᠨ ᠦᠭᠡ᠂ ᠡᠵᠡᠨ ᠴᠢᠮ᠎ᠠ ᠳ᠋ᠤᠷ ᠤᠢᠳᠴᠤ ᠤᠷᠪᠠᠨ ᠬᠠᠭᠠᠴᠠᠬᠤ ᠦᠭᠡ ᠪᠣᠯᠠᠢ᠂ ᠣᠢᠷ᠎ᠠ ᠪᠠᠢᠯᠭᠠᠵᠤ ᠦᠯᠦ ᠪᠣᠯᠬᠤ᠂ ᠣᠯᠢᠭ ᠭᠣᠯᠢᠭ ᠮᠡᠲᠦ ᠣᠢᠷᠠᠲᠤᠭᠰᠠᠨ ᠪᠦᠬᠦᠨ ᠢ᠋ ᠢᠳᠡᠵᠦ ᠤᠴᠠᠷᠠᠭᠰᠠᠨ ᠬᠥᠮᠦᠨ ᠢ᠋ ᠬᠠᠵᠠᠭᠴᠢ ᠬᠥᠮᠦᠨ ᠪᠠᠢᠨᠠᠮ᠃ ᠤᠳᠠᠭᠠᠨ ᠳ᠋ᠤᠷ ᠪᠠᠢᠵᠤ ᠡᠵᠡᠨ ᠴᠢ ᠦᠵᠡᠭᠳᠡᠬᠦᠢ᠂ ᠤᠳᠠᠯ ᠦᠭᠡᠢ ᠳᠠᠢᠰᠤᠨ ᠪᠣᠯᠵᠤ ᠢᠷᠡᠨᠡᠮ ᠢ᠎ᠡ ! 》 ᠬᠡᠮᠡᠭᠰᠡᠨ ᠳ᠋ᠦ᠍ᠷ ᠲᠠᠢᠽᠦ ᠥᠬᠦᠯᠡᠷᠦᠳ :《 ᠪᠢ ᠮᠥᠨ ᠲᠡᠢᠨ ᠰᠡᠵᠢᠭᠯᠡᠪᠡᠴᠦ ᠶᠠᠯ᠎ᠠ ᠦᠭᠡᠢ ᠶ᠋ᠢ ᠶᠠᠯᠠᠯᠠᠵᠤ᠂ ᠪᠤᠷᠤᠭᠤ ᠦᠭᠡᠢ ᠶ᠋ᠢ ᠪᠤᠷᠤᠭᠤᠳᠬᠠᠬᠤ ᠪᠣᠯᠪᠠᠰᠤ ᠡᠷ᠎ᠡ ᠬᠥᠮᠦᠨ ᠦ᠌ ᠶᠠᠪᠤᠳᠠᠯ ᠪᠤᠰᠤ! 》 ᠬᠡᠮᠡᠪᠡ᠃ 
      ᠲᠡᠭᠦᠨᠴᠡ ᠵᠠᠮᠤᠬ᠎ᠠ ᠰᠠᠶᠢ ᠢᠷᠡᠮᠡᠭᠴᠡ ᠲᠠᠢᠽᠦ ᠶ᠋ᠢ ᠬᠠᠭᠠᠨ ᠡᠷᠭᠦᠰᠦᠭᠡᠢ ᠬᠡᠮᠡᠬᠦᠶ᠎ᠡ᠂  ᠲᠠᠢᠽᠦ ᠨᠢᠭᠡᠨ ᠤᠳᠠᠭ᠎ᠠ ᠠᠭᠤᠷᠰᠠᠵᠤ ᠪᠤᠷᠤᠭᠤᠰᠢᠶᠠᠪᠠ᠃ ᠲᠡᠷᠡ ᠲᠤᠬᠠᠢ ᠳᠠᠷᠤᠢ ᠪᠠᠶᠠᠷ ᠦᠭᠡᠢ ᠪᠣᠯᠤᠭᠰᠠᠨ ᠪᠣᠯᠥᠭᠡ᠃ ᠡᠳᠦᠭᠡ ᠪᠠᠰᠠ ᠣᠨᠴᠠ ᠳᠥᠷᠪᠡᠨ ᠬᠦᠯᠦᠭ ᠢ᠋ᠶ᠋ᠡᠨ ᠬᠦᠨᠳᠦᠳᠬᠡᠨ ᠦᠵᠡᠭᠡᠳ ᠲᠡᠭᠦᠨ ᠦ᠌ ᠦᠭᠡ ᠶ᠋ᠢ ᠦᠯᠦ ᠠᠪᠬᠤ ᠶ᠋ᠢ ᠮᠡᠳᠡᠵᠦ᠂ ᠢᠴᠢᠭᠦᠷᠢ ᠬᠤᠪᠢᠯᠤᠨ ᠬᠣᠷᠣᠰᠤᠯ ᠪᠣᠯᠵᠤ᠂ ᠠᠢᠮᠠᠭ ᠲᠤᠷ ᠢ᠋ᠶ᠋ᠠᠨ ᠡᠭᠡᠭᠰᠡᠨ ᠡᠴᠡ ᠤᠷᠪᠠᠬᠤ ᠶ᠋ᠢ ᠪᠡᠯᠡᠳᠬᠡᠵᠦ᠂ ᠬᠠᠭᠠᠰ ᠰᠠᠷ᠎ᠠ ᠪᠣᠯᠤᠭᠰᠠᠨ ᠦᠭᠡᠢ ᠪᠤᠯᠲᠤ ᠠᠢᠮᠠᠭ ᠢ᠋ᠶ᠋ᠠᠨ ᠪᠦᠷᠢᠨ᠎ᠡ ᠠᠪᠴᠤ ᠪᠤᠰᠤ ᠳᠠᠰᠢ ᠪᠤᠷᠤᠭᠤᠯᠠᠨ ᠤᠷᠭᠤᠵᠤ ᠡᠴᠢᠪᠡᠢ᠂ ᠡᠭᠦᠨ ᠢ᠋ ᠲᠦᠷ ᠥᠭᠦᠯᠡᠬᠦ ᠦᠭᠡᠢ᠃ 
      ᠣᠳᠣ ᠬᠡᠯᠡᠬᠦ ᠢᠨᠤ ᠡᠨᠡ ᠬᠣᠶᠠᠷ ᠵᠢᠯ ᠬᠡᠷᠡᠢᠳ ᠤᠯᠤᠰ ᠤ᠋ᠨ ᠸᠠᠩ ᠬᠡᠲᠦᠷᠬᠡᠶ᠎ᠡ ᠣᠯᠵᠠᠯᠠᠵᠤ ᠾᠧ ᠸᠠᠩ ᠤ᠋ᠨ ᠣᠮᠣᠭ ᠶᠡᠬᠡᠲᠡᠵᠦ᠂ ᠬᠥᠪᠡᠭᠦᠨ ᠢᠨᠦ ᠰᠢᠨ᠎ᠡ ᠬᠦᠩ ᠢᠯᠠᠭᠤ ᠶ᠋ᠢᠨ ᠰᠡᠳᠬᠢᠯ ᠪᠠᠰᠠ ᠥᠰᠦᠭᠡᠳ ᠳᠤᠷ᠎ᠠ ᠪᠠᠷ ᠠᠭᠠᠰᠢᠯᠠᠨ᠂ ᠠᠬ᠎ᠠ ᠶᠡᠬᠡᠰ ᠢ᠋ᠶ᠋ᠡᠨ ᠠᠯᠢᠪᠠ ᠵᠦᠢᠯ ᠳ᠋ᠦ᠍ᠷ ᠶᠣᠰᠣ ᠪᠤᠰᠤᠴᠢᠯᠠᠬᠤᠢ ᠳ᠋ᠤᠷ  ᠾᠧ ᠸᠠᠩ ᠤ᠋ᠨ ᠪᠠᠭ᠎ᠠ ᠳᠡᠭᠦᠦ ᠢᠯᠡᠭᠦᠦ ᠬᠠᠷ᠎ᠠ ᠯᠤᠬ᠎ᠠ ᠡᠪᠳᠡᠷᠡᠯᠴᠡᠭᠡᠳ ᠢᠯᠠᠭᠤ ᠢᠯᠡᠭᠦᠦ ᠬᠠᠷ᠎ᠠ ᠶ᠋ᠢ ᠠᠯᠠᠬᠤᠶ᠎ᠠ ᠵᠠᠪᠳᠤᠭᠰᠠᠨ ᠳ᠋ᠤᠷ ᠢᠯᠡᠭᠦᠦ ᠬᠠᠷ᠎ᠠ ᠶᠡᠬᠡᠯ᠎ᠡ ᠬᠢᠯᠢᠩᠨᠡᠨ ᠤᠷᠪᠠᠵᠤ᠂ ᠨᠠᠢ᠍ᠮᠠᠨ ᠤᠯᠤᠰ ᠤ᠋ᠨ ᠲᠠᠢᠶᠠᠩ ᠬᠠᠭᠠᠨ ᠪᠣᠯᠣᠢ ᠶ᠋ᠢᠨ ᠳᠣᠣᠷ᠎ᠠ ᠰᠢᠷᠭᠤᠨ ᠣᠷᠣᠵᠤ᠂ ᠵᠣᠪᠠᠯᠠᠩ ᠢ᠋ᠶ᠋ᠠᠨ ᠲᠣᠭᠠᠴᠢᠵᠤ ᠤᠬᠢᠯᠠᠨ ᠮᠥᠷᠭᠥᠭᠰᠡᠨ᠎ᠡ ᠲᠠᠢᠶᠠᠩ ᠬᠠᠭᠠᠨ ᠲᠡᠷᠡ ᠦᠶ᠎ᠡ ᠳ᠋ᠦ᠍ᠷ ᠬᠠᠷᠠᠬᠠᠨ ᠰᠦᠷ ᠬᠦᠴᠦᠨ ᠢ᠋ᠶ᠋ᠡᠨ ᠪᠠᠳᠠᠷᠠᠭᠤᠯᠤᠨ ᠬᠣᠢᠲᠤ ᠤᠯᠤᠰ ᠢ᠋ ᠨᠡᠢᠭᠡᠮ ᠡᠵᠡᠯᠡᠰᠦᠭᠡᠢ ᠬᠡᠮᠡᠬᠦ ᠰᠡᠳᠬᠢᠯ ᠪᠣᠢ ᠲᠤᠯᠠ ᠳᠠᠷᠤᠢ ᠡᠷᠲᠡᠨ ᠦ᠌ ᠲᠠᠪᠤᠨ ᠲᠦᠷᠢᠮᠡᠬᠡᠢ ᠶ᠋ᠢᠨ ᠶᠣᠰᠣ ᠶ᠋ᠢ ᠮᠣᠷᠳᠠᠵᠤ᠂ ᠤᠯᠤᠰ ᠤ᠋ᠨ ᠬᠣᠲᠠᠯᠠᠭᠠᠷ ᠤ᠋ᠨ ᠴᠡᠷᠢᠭ ᠢ᠋ᠶ᠋ᠡᠨ ᠠᠪᠴᠤ ᠬᠠᠨ ᠠᠭᠤᠯᠠ ᠪᠠᠷ ᠥᠨᠳᠡᠭᠡ ᠶ᠋ᠢ ᠳᠠᠷᠤᠬᠤ ᠮᠡᠲᠦ᠂ ᠬᠡᠷᠡᠢᠳ ᠤᠯᠤᠰ ᠤ᠋ᠨ ᠵᠦᠭ ᠠᠯᠠᠨ ᠢᠷᠡᠬᠦᠢ ᠳ᠋ᠦ᠍ᠷ ᠾᠧ ᠸᠠᠩ᠂ ᠰᠢᠨ᠎ᠡ ᠬᠦᠩ ᠡᠴᠢᠭᠡ ᠬᠥᠪᠡᠭᠦᠨ ᠬᠣᠶᠠᠭᠤᠯᠠ ᠴᠡᠷᠢᠭ ᠠᠪᠴᠤ ᠤᠭᠲᠤᠨ ᠪᠠᠢᠯᠳᠤᠭᠠᠳ ᠨᠠᠢ᠍ᠮᠠᠨ ᠤ᠋ ᠶᠡᠬᠡ ᠶᠦᠩᠱᠦᠸᠡᠢ ᠴᠢᠦᠢ ᠰᠢᠦᠸᠠᠢ ᠡᠤ ᠳ᠋ᠤᠷ ᠶᠡᠬᠡᠯ᠎ᠡ ᠳᠠᠷᠤᠭᠳᠠᠵᠤ᠂ ᠬᠠᠭᠠᠰ ᠬᠤᠶᠠᠭ ᠴᠤ᠌ ᠦᠯᠡᠳᠡᠭᠰᠡᠨ ᠦᠭᠡᠢ᠂ ᠡᠮ᠎ᠡ ᠦᠷ᠎ᠡ ᠪᠡᠨ ᠠᠷᠠᠢᠬᠠᠨ ᠠᠪᠴᠤ ᠡᠴᠢᠭᠡ ᠬᠥᠪᠡᠭᠦᠨ ᠰᠠᠯᠤᠯᠴᠠᠨ ᠪᠤᠷᠤᠭᠤᠯᠠᠵᠤ᠂ ᠾᠧ ᠸᠠᠩ ᠵᠠᠮ ᠳ᠋ᠤᠷ ᠬᠦᠨᠡᠰᠦ ᠲᠠᠰᠤᠷᠠᠨ ᠥᠯᠪᠡᠷᠦᠯᠴᠡᠵᠦ ᠥᠪᠡᠷ ᠦ᠋ᠨ ᠪᠡᠶ᠎ᠡ ᠲᠡᠮᠡᠭᠡ ᠶ᠋ᠢᠨ ᠪᠦᠬᠦ ᠶ᠋ᠢ ᠴᠠᠪᠴᠢᠵᠤ ᠴᠢᠰᠤ ᠶ᠋ᠢ ᠴᠢᠨᠠᠵᠤ ᠢᠳᠡᠨ᠂ ᠡᠮᠡᠰ ᠬᠡᠦᠬᠡᠳ ᠢᠨᠤ ᠬᠣᠨᠢ ᠢᠮᠠᠭ᠎ᠠ ᠶ᠋ᠢᠨ ᠰᠦ᠍ ᠶ᠋ᠢ ᠰᠠᠭᠠᠵᠤ ᠤᠤᠭᠤᠭᠰᠠᠭᠠᠷ ᠮᠥᠨ ᠬᠦ᠌ ᠪᠧᠲ᠋ᠠ᠋ ᠤᠯᠤᠰ ᠲᠤᠷ ᠣᠷᠣᠵᠤ ᠲᠠᠢᠽᠦ ᠶ᠋ᠢᠨ ᠳᠡᠷᠭᠡᠳᠡ ᠢᠷᠡᠪᠡ᠃ 
      ᠲᠡᠳᠦᠢ ᠲᠠᠢᠶᠠᠩ ᠬᠠᠭᠠᠨ ᠪᠣᠯᠣᠢ ᠬᠡᠷᠡᠢᠳ ᠤᠯᠤᠰ ᠢ᠋ ᠪᠤᠯᠲᠤ ᠪᠠᠷ ᠪᠤᠯᠢᠶᠠᠨ ᠠᠪᠴᠤ ᠴᠥᠮ ᠾᠧ ᠸᠠᠩ ᠤ᠋ᠨ ᠳᠡᠭᠦᠦ ᠢᠯᠡᠭᠦᠦ ᠬᠠᠷ᠎ᠠ ᠳ᠋ᠤᠷ ᠡᠵᠡᠯᠡᠭᠦᠯᠵᠦ ᠵᠢᠯ ᠦ᠋ᠨ ᠠᠪᠬᠤ ᠠᠯᠪᠠ ᠶ᠋ᠢ ᠲᠣᠭᠲᠠᠭᠠᠵᠤ ᠶᠡᠬᠡ ᠴᠡᠷᠢᠭ ᠡᠭᠡᠪᠡ᠃ ᠲᠡᠭᠦᠨᠴᠡ ᠲᠠᠢᠽᠦ ᠾᠧ ᠸᠠᠩ ᠤ᠋ᠨ ᠮᠠᠭᠤ ᠶ᠋ᠢ ᠣᠭᠲᠣ ᠦᠯᠦ ᠳᠤᠷᠠᠳᠤᠨ᠂ ᠪᠠᠰᠠ ᠤᠯᠤᠰ ᠠᠯᠪᠠᠲᠤ᠂ ᠠᠳᠤᠭᠤ ᠮᠠᠯ ᠥᠭᠴᠦ ᠳᠦᠭᠦᠯᠡ ᠮᠥᠷᠡᠨ ᠦ᠌ ᠵᠠᠬ᠎ᠠ᠂ ᠭᠠᠯᠠᠭᠤᠲᠤ ᠠᠭᠤᠯᠠᠨ ᠤ᠋ ᠥᠪᠥᠷ ᠲᠣᠷ ᠳᠡᠭᠦᠦ ᠬᠠᠪᠤᠲᠤ ᠬᠠᠰᠠᠷ ᠯᠤᠬ᠎ᠠ ᠬᠠᠮᠲᠤ ᠨᠤᠲᠤᠭᠯᠠᠭᠤᠯᠪᠠᠢ᠃ ᠰᠢᠨ᠎ᠡ ᠬᠦᠩ ᠢᠯᠠᠭᠤ ᠳᠤᠲᠠᠭᠠᠵᠤ ᠬᠢᠳᠠᠨ ᠤᠯᠤᠰ ᠠ᠋ᠴᠠ ᠴᠡᠷᠢᠭ ᠭᠤᠶᠤᠷ᠎ᠠ ᠡᠴᠢᠪᠡ᠃ ᠾᠧ ᠸᠠᠩ ᠡᠮᠡᠰ ᠬᠡᠦᠬᠡᠳ ᠢ᠋ᠶ᠋ᠡᠨ ᠠᠪᠴᠤ ᠡᠨᠳᠡ ᠲᠦᠷ ᠨᠤᠲᠤᠭᠯᠠᠨ ᠰᠠᠭᠤᠵᠤ᠂ ᠡᠯ᠎ᠡ ᠵᠦᠢᠯ ᠳ᠋ᠦ᠍ᠷ ᠴᠥᠮ ᠬᠠᠪᠤᠲᠤ ᠬᠠᠰᠠᠷ ᠲᠠᠢᠽᠦ ᠶ᠋ᠢᠨ ᠵᠠᠬᠢᠶ᠎ᠠ ᠪᠠᠷ ᠾᠧ ᠸᠠᠩ ᠢ᠋ ᠬᠠᠷᠠᠭᠠᠯᠵᠠᠨ ᠲᠡᠵᠢᠭᠡᠮᠦᠢ᠃ ᠡᠭᠦᠨ ᠢ᠋ ᠪᠠᠰᠠ ᠲᠦᠷ ᠬᠡᠯᠡᠬᠦ ᠦᠭᠡᠢ᠃ 
      ᠵᠢᠴᠢ ᠥᠭᠦᠯᠡᠬᠦ ᠢᠨᠦ᠂ ᠭᠣᠷᠯᠣᠳ ᠤ᠋ᠨ ᠵᠠᠮᠤᠬ᠎ᠠ ᠪᠧᠲ᠋ᠠ᠋ ᠤᠯᠤᠰ ᠠ᠋ᠴᠠ ᠤᠷᠪᠠᠨ ᠭᠠᠷᠴᠤ ᠡᠳ᠋ ᠮᠠᠯ ᠢ᠋ᠶ᠋ᠠᠨ ᠶᠡᠬᠡᠯ᠎ᠡ ᠭᠠᠷᠭᠠᠵᠤ ᠣᠯᠠᠨ ᠠᠢᠮᠠᠭ ᠤ᠋ᠳ ᠢ᠋ ᠴᠤᠭᠯᠠᠭᠤᠯᠤᠭᠰᠠᠨ ᠠᠨᠤ᠂ ᠬᠠᠲᠠᠭᠢᠨ᠂ ᠰᠠᠯᠵᠢᠭᠤᠳ᠂ ᠠᠺᠠᠷᠢᠭ᠂ ᠲᠠᠢᠴᠢᠭᠤᠳ᠂ ᠣᠢᠷᠠᠳ᠂ ᠭᠤᠷᠯᠣᠰᠤᠨ᠂ ᠭᠣᠷᠯᠣᠳ᠂ ᠱᠠᠯᠵᠢᠲᠠᠢ᠂ ᠰᠠᠮᠤᠷᠬᠠᠨ᠂ ᠡᠨᠡ ᠶᠢᠰᠦᠨ ᠠᠢᠮᠠᠭ ᠢ᠋ ᠴᠤᠭᠯᠠᠭᠤᠯᠤᠨ ᠬᠤᠷᠢᠮᠯᠠᠬᠤᠢ ᠳ᠋ᠤᠷ ᠣᠢᠷᠠᠳ ᠤ᠋ᠨ ᠬᠤᠳᠠᠭᠠᠨ᠎ᠠ ᠪᠡᠬᠢ᠂ ᠭᠤᠷᠯᠤᠰᠤᠨ ᠤ᠋ ᠴᠢᠨᠳᠠᠨ ᠴᠠᠭᠠᠨ ᠬᠡᠮᠡᠭᠴᠢ ᠬᠣᠶᠠᠭᠤᠯᠠ ᠲᠡᠷᠢᠭᠦᠯᠡᠨ ᠵᠥᠪᠳᠡᠵᠦ ᠥᠷᠭᠡᠨ ᠮᠥᠷᠡᠨ᠂ ᠬᠡᠨ ᠮᠥᠷᠡᠨ ᠬᠣᠶᠠᠷ ᠤ᠋ᠨ ᠵᠠᠪᠰᠠᠷ ᠲᠠᠬᠢ ᠶᠡᠬᠡ ᠪᠡᠯᠴᠢᠭᠡᠷ ᠦ᠋ᠨ ᠠᠭᠤ ᠰᠤᠭᠤᠲᠠᠢ ᠬᠡᠮᠡᠬᠦ ᠭᠠᠵᠠᠷ ᠵᠠᠮᠤᠬ᠎ᠠ ᠶ᠋ᠢ ᠶᠡᠬᠡ ᠬᠠᠭᠠᠨ ᠪᠣᠯᠭᠠᠨ ᠡᠷᠭᠦᠵᠦ ᠮᠥᠷᠭᠥᠭᠡᠳ ᠳᠠᠷᠤᠢ ᠴᠡᠷᠢᠭ ᠭᠠᠷᠭᠠᠵᠤ ᠪᠧᠲ᠋ᠠ᠋ ᠤᠯᠤᠰ ᠢ᠋ ᠳᠡᠭᠡᠷᠡᠮᠯᠡᠬᠦᠢ ᠳ᠋ᠦ᠍ᠷ ᠲᠠᠢᠽᠦ ᠰᠣᠨᠣᠰᠴᠤ ᠪᠦᠷᠳᠡᠭᠡᠯᠵᠢᠨ ᠬᠠᠲᠤᠨ ᠊ᠢ ᠰᠠᠢᠰᠢᠶᠠᠨ ᠥᠭᠦᠯᠡᠷᠦᠨ :《 ᠬᠠᠲᠤᠭᠲᠠᠢ ᠬᠥᠮᠦᠨ ᠪᠥᠭᠡᠳ ᠬᠠᠷᠰᠢᠯ ᠢ᠋ ᠤᠷᠢᠳᠠᠰᠠ ᠮᠡᠳᠡᠵᠦ᠂ ᠡᠬᠡᠨᠡᠷ ᠬᠥᠮᠦᠨ ᠪᠥᠭᠡᠳ ᠡᠰᠡᠷᠭᠦᠴᠡᠯ ᠢ᠋ ᠤᠷᠢᠳᠠᠰᠠ ᠮᠡᠳᠡᠭᠰᠡᠨ᠂ ᠬᠠᠮᠤᠭ ᠪᠦᠭᠦᠳᠡᠭᠡᠷ ᠦ᠋ᠨ ᠡᠷᠭᠦᠭᠰᠡᠨ ᠰᠡᠴᠡᠨ ᠴᠣᠯᠠ ᠬᠣᠭᠣᠰᠣᠨ ᠦᠭᠡᠢ᠂ ᠡᠩᠭᠡᠷ ᠨᠡᠢᠲᠡ ᠶ᠋ᠢᠨ ᠡᠷᠭᠦᠭᠰᠡᠨ ᠡᠷᠳᠡᠮᠲᠦ ᠨᠡᠷ᠎ᠡ ᠵᠦᠭᠡᠷ ᠪᠤᠰᠤ! 》 ᠬᠡᠮᠡᠭᠡᠳ ᠴᠡᠷᠢᠭ ᠢ᠋ᠶ᠋ᠡᠨ ᠰᠢᠯᠭᠠᠵᠤ ᠠᠪᠤᠭᠠᠳ ᠾᠧ ᠸᠠᠩ ᠢ᠋ ᠮᠥᠨ ᠴᠡᠷᠢᠭ ᠢ᠋ᠶ᠋ᠡᠨ ᠠᠪᠴᠤ ᠲᠤᠰᠠᠯᠠᠨ ᠳᠠᠢᠯᠠᠷ᠎ᠠ ᠢᠷᠡᠭᠲᠦᠨ ᠬᠡᠮᠡᠪᠡ᠃ ᠲᠡᠷᠡ ᠦᠶ᠎ᠡ ᠳ᠋ᠦ᠍ᠷ ᠢᠯᠠᠭᠤ ᠬᠢᠳᠠᠨ ᠤᠯᠤᠰ ᠠ᠋ᠴᠠ ᠲᠠᠪᠤᠨ ᠮᠢᠩᠭᠠᠨ ᠴᠡᠷᠢᠭ ᠵᠢᠭᠡᠯᠡᠨ ᠢᠷᠡᠭᠰᠡᠨ ᠲᠤᠯᠠ ᠳᠠᠷᠤᠢ ᠲᠠᠢᠽᠦ ᠶ᠋ᠢᠨ ᠥᠭᠭᠦᠭᠰᠡᠨ ᠴᠡᠷᠢᠭ ᠯᠦ᠍ᠭᠡ ᠨᠡᠢᠯᠡᠭᠦᠯᠦᠨ ᠨᠢᠭᠡ ᠲᠦᠮᠡᠨ ᠪᠣᠯᠭᠠᠵᠤ᠂ ᠲᠠᠢᠽᠦ ᠶ᠋ᠢᠨ ᠭᠤᠷᠪᠠᠨ ᠲᠦᠮᠡᠨ ᠴᠡᠷᠢᠭ ᠯᠦᠭᠡ ᠨᠡᠢᠲᠡ ᠳᠥᠷᠪᠡᠨ ᠲᠦᠮᠡᠨ ᠴᠡᠷᠢᠭ ᠢ᠋ᠶ᠋ᠡᠷ ᠵᠠᠮᠤᠬ᠎ᠠ ᠶ᠋ᠢ ᠠᠭᠤ ᠰᠤᠭᠤᠲᠠᠢ ᠶ᠋ᠢᠨ ᠭᠠᠵᠠᠷ ᠲᠤᠷ ᠬᠠᠭᠠᠪᠠᠢ᠃ ᠵᠠᠮᠤᠬ᠎ᠠ ᠤᠭᠲᠤᠵᠤ ᠪᠠᠢᠯᠳᠤᠪᠠᠰᠤ ᠮᠠᠭᠠᠳ ᠠᠰᠢᠭ᠋ ᠦᠭᠡᠢ ᠲᠤᠯᠠ ᠣᠯᠠᠨ ᠠᠢᠮᠠᠭ ᠤ᠋ᠨ ᠨᠣᠶᠠᠨ ᠢ᠋ᠶ᠋ᠠᠨ ᠰᠢᠷ᠎ᠠ ᠯᠤᠤᠲᠤ ᠥᠷᠭᠥᠭᠡ ᠳ᠋ᠡᠭᠡᠨ ᠴᠤᠭᠯᠠᠭᠤᠯᠵᠤ ᠵᠥᠪᠯᠡᠬᠦᠢ ᠳ᠋ᠦ᠍ᠷ ᠣᠢᠷᠠᠳ ᠤ᠋ᠨ ᠬᠤᠳᠠᠭᠠᠨ᠎ᠠ ᠪᠡᠬᠢ ᠭᠠᠷᠴᠤ ᠠᠢᠯᠠᠳᠬᠠᠷᠤᠨ:《 ᠰᠠᠢᠳ ᠪᠢ ᠦᠵᠡᠪᠡᠰᠦ ᠾᠧ ᠸᠠᠩ ᠭᠠᠷᠤᠳᠢ ᠶ᠋ᠢᠨ ᠣᠪᠣᠷ᠂ ᠲᠠᠬᠢᠶ᠎ᠠ ᠶ᠋ᠢᠨ ᠵᠢᠷᠦᠬᠡ ᠲᠡᠢ᠂ ᠪᠠᠭ᠎ᠠ ᠠᠰᠢᠭ᠋ ᠢ᠋ ᠦᠵᠡᠪᠡᠰᠦ ᠶᠡᠬᠡ ᠵᠢᠷᠤᠮ ᠢ᠋ ᠤᠮᠠᠷᠲᠠᠬᠤ ᠬᠥᠮᠦᠨ᠂ ᠡᠵᠡᠨ ᠨᠠᠳᠠ ᠳ᠋ᠤᠷ ᠨᠠᠷᠢᠨ ᠦᠰᠦᠲᠦ ᠪᠠ ᠨᠡᠷᠡᠲᠡᠢ ᠮᠣᠷᠢ᠂ ᠰᠢᠷ᠎ᠠ ᠠᠯᠲᠠᠨ᠂ ᠰᠠᠢᠬᠠᠨ ᠲᠣᠷᠭᠠᠨ ᠤ᠋ ᠵᠦᠢᠯ ᠢ᠋ ᠥᠭ᠂ ᠰᠠᠢᠳ ᠪᠢ ᠡᠨᠡ ᠰᠥᠨᠢ ᠲᠡᠭᠦᠨ ᠦ ᠬᠦᠷᠢᠶᠡᠨ ᠳ᠋ᠦ᠍ᠷ ᠣᠳᠴᠤ ᠲᠤᠰᠠ ᠪᠠ ᠲᠤᠱᠠ ᠶ᠋ᠢ ᠢᠯᠭᠠᠨ ᠥᠭᠦᠯᠡᠵᠦ᠂ ᠲᠡᠭᠦᠨ ᠦ᠌ ᠴᠡᠷᠢᠭ ᠡᠭᠡᠪᠡᠰᠦ ᠳᠠᠢᠰᠤᠨ ᠰᠡᠵᠢᠭᠯᠡᠵᠦ ᠯᠠᠪ ᠪᠢᠳᠡᠨ ᠯᠤᠬ᠎ᠠ ᠪᠠᠢᠯᠳᠤᠬᠤ ᠦᠭᠡᠢ ᠡᠭᠡᠮᠦᠢ᠂ ᠳᠠᠢᠰᠤᠨ ᠡᠭᠡᠪᠡᠰᠦ ᠪᠢᠳᠡ ᠬᠣᠶᠠᠷ ᠵᠢᠯ ᠦ᠋ᠨ ᠬᠣᠭᠣᠷᠣᠨᠳᠣ ᠮᠣᠷᠢ ᠶ᠋ᠢ ᠪᠣᠷᠳᠣᠵᠤ ᠴᠡᠷᠢᠭ ᠢ᠋ ᠪᠣᠯᠪᠠᠰᠤᠷᠠᠭᠤᠯᠤᠨ᠂ ᠴᠢᠭᠢᠷᠠᠭ ᠪᠣᠯᠤᠭᠰᠠᠨ ᠬᠣᠢᠨ᠎ᠠ ᠲᠡᠭᠦᠨ ᠯᠦᠭᠡ ᠲᠡᠮᠡᠴᠡᠬᠦᠢ ᠳ᠋ᠦ᠍ᠷ ᠪᠡᠷᠬᠡ ᠦᠭᠡᠢ ᠪᠣᠯᠠᠢ᠃ 》  ᠵᠠᠮᠤᠬ᠎ᠠ ᠦᠭᠡ ᠶ᠋ᠢ ᠵᠥᠪᠰᠢᠶᠡᠵᠦ᠂ ᠴᠠᠭᠠᠨ ᠴᠠᠪᠢ ᠶ᠋ᠢᠨ ᠳᠡᠪᠡᠯ ᠳᠥᠷᠪᠡ᠂ ᠨᠡᠷᠡᠲᠡᠢ ᠮᠣᠷᠢ ᠳᠥᠷᠪᠡ᠂ ᠥᠩᠭᠡᠲᠦ ᠲᠣᠷᠭ᠎ᠠ ᠳᠥᠷᠪᠡᠨ ᠪᠠᠭᠴᠠ᠂ ᠰᠢᠵᠢᠷ ᠠᠯᠲᠠ ᠨᠢᠭᠡ ᠵᠠᠭᠤᠨ ᠯᠠᠩ ᠥᠭᠪᠡ᠃ ᠲᠡᠷᠡ ᠰᠥᠨᠢ ᠬᠤᠳᠠᠭᠠᠨ᠎ᠠ ᠪᠡᠬᠢ ᠾᠧ ᠸᠠᠩ ᠤ᠋ᠨ ᠪᠠᠭᠤᠳᠠᠯ ᠳ᠋ᠤᠷ ᠵᠣᠯᠭᠠᠷ᠎ᠠ ᠢᠷᠡᠵᠦ᠂ ᠵᠠᠮᠤᠬ᠎ᠠ ᠶ᠋ᠢᠨ ᠪᠡᠯᠡᠭ ᠢ᠋ ᠪᠠᠷᠢᠭᠠᠳ ᠠᠯᠭᠤᠷ ᠢ᠋ᠶ᠋ᠠᠷ ᠥᠭᠦᠯᠡᠷᠦᠨ :《ᠪᠧᠲ᠋ᠠ᠋ ᠪᠠ ᠬᠡᠷᠡᠢᠳ ᠬᠣᠶᠠᠷ ᠶᠡᠬᠡ ᠤᠯᠤᠰ ᠪᠤᠶᠤ᠂ ᠬᠣᠶᠠᠭᠤᠯᠠ ᠨᠡᠢᠯᠡᠵᠦ ᠮᠠᠨ ᠤ᠋ ᠪᠢᠴᠢᠬᠠᠨ ᠤᠯᠤᠰ ᠢ᠋ ᠬᠠᠭᠠᠭᠰᠠᠨ ᠠᠨᠤ᠂ ᠮᠠᠨ ᠤ᠋ ᠤᠯᠤᠰ ᠤ᠋ᠨ ᠮᠥᠬᠥᠬᠦ ᠥᠷᠯᠥᠭᠡ ᠦᠳᠡᠰᠢ ᠶ᠋ᠢᠨ ᠬᠣᠭᠣᠷᠣᠨᠳᠣ ᠪᠣᠯᠤᠭᠰᠠᠨ ᠢ᠋ ᠣᠯᠵᠤ ᠮᠡᠳᠡᠪᠡᠢ᠃ ᠬᠥᠮᠦᠨ ᠦ᠌ ᠤᠯᠤᠰ ᠢ᠋ ᠴᠡᠷᠢᠭ ᠢ᠋ᠶ᠋ᠡᠷ ᠪᠠᠢᠯᠳᠤᠨ ᠠᠪᠬᠤ ᠠᠨᠤ ᠥᠪᠡᠷ ᠦ᠋ᠨ ᠪᠡᠶ᠎ᠡ ᠳ᠋ᠦ᠍ᠷ ᠲᠤᠰᠠ ᠪᠣᠯᠬᠤ ᠶ᠋ᠢᠨ ᠤᠴᠢᠷ ᠪᠣᠯᠠᠢ᠃ ᠮᠠᠨ ᠤ᠋ ᠤᠯᠤᠰ ᠮᠥᠬᠥᠪᠡᠰᠦ ᠸᠠᠩ ᠳ᠋ᠤᠷ ᠲᠤᠰᠠ ᠪᠣᠯᠬᠤ ᠶᠠᠪᠤᠳᠠᠯ ᠪᠠᠢᠨᠠᠤ? 》 ᠾᠧ ᠸᠠᠩ ᠥᠭᠦᠯᠡᠷᠦᠨ :《ᠪᠧᠲ᠋ᠠ᠋ ᠤᠯᠤᠰ ᠪᠢᠳᠡᠨ ᠯᠦ᠍ᠭᠡ ᠠᠬ᠎ᠠ ᠳᠡᠭᠦᠦ ᠶ᠋ᠢᠨ ᠤᠯᠤᠰ ᠪᠣᠯᠵᠤᠬᠤᠢ᠂ ᠲᠡᠭᠦᠨ ᠦ᠌ ᠳᠠᠢᠰᠤᠨ ᠳᠠᠷᠤᠢ ᠮᠢᠨᠦ ᠳᠠᠢᠰᠤᠨ ᠪᠣᠯᠠᠢ᠃ ᠲᠤᠰᠠ ᠪᠣᠯᠬᠤ ᠪᠠ ᠦᠯᠦ ᠪᠣᠯᠬᠤ ᠶ᠋ᠢ ᠤᠬᠠᠬᠤ ᠦᠭᠡᠢ᠃ 》 ᠬᠤᠳᠠᠭᠠᠨ᠎ᠠ ᠪᠡᠬᠢ ᠥᠭᠦᠯᠡᠷᠦᠨ :《 ᠪᠧᠲ᠋ᠠ᠋ ᠤᠯᠤᠰ ᠸᠠᠩ ᠯᠤᠭ᠎ᠠ ᠰᠠᠢᠨ ᠬᠡᠮᠡᠬᠦᠯ᠎ᠡ ᠮᠠᠨ ᠤ᠋ ᠤᠯᠤᠰ ᠸᠠᠩ ᠯᠤᠭ᠎ᠠ ᠮᠥᠨ ᠦᠰ ᠦᠭᠡᠢ ᠪᠣᠯᠠᠢ᠃ ᠲᠡᠷᠡ ᠴᠦ᠍ ᠪᠠᠢᠲᠤᠭᠠᠢ ᠮᠠᠨ ᠤ᠋ ᠤᠯᠤᠰ ᠪᠠ ᠬᠡᠷᠡᠢᠳ ᠤᠯᠤᠰ ᠬᠡᠮᠡᠭᠴᠢ ᠴᠠᠭᠠᠨ ᠵᠢᠭᠦᠷᠲᠦ ᠪᠢᠯᠵᠤᠤᠬᠠᠢ ᠪᠣᠯᠠᠢ᠃ ᠪᠧᠲ᠋ᠠ᠋ ᠤᠯᠤᠰ ᠤ᠋ᠨ ᠲᠡᠮᠦᠵᠢᠨ ᠬᠡᠮᠡᠭᠴᠢ ᠣᠭᠲᠠᠷᠭᠤᠢ ᠳ᠋ᠤᠷ ᠨᠢᠰᠦᠭᠴᠢ ᠭᠠᠯᠠᠭᠤ ᠪᠣᠯᠠᠢ᠃ ᠴᠠᠭᠠᠨ ᠵᠢᠭᠦᠷᠲᠦ ᠪᠢᠯᠵᠤᠤᠬᠠᠢ ᠵᠤᠨ ᠡᠪᠦᠯ ᠥᠭᠡᠶ᠎ᠡ ᠬᠣᠢᠲᠤ ᠭᠠᠵᠠᠷ ᠲᠠᠭᠠᠨ ᠣᠷᠣᠰᠢᠮᠤᠢ᠃ ᠭᠠᠯᠠᠭᠤ ᠪᠣᠯᠪᠠᠰᠤ ᠬᠦᠢᠲᠡᠨ ᠴᠠᠭ ᠲᠤᠷ ᠳᠠᠷᠤᠢ ᠳᠤᠯᠠᠭᠠᠨ ᠢ᠋ ᠡᠷᠢᠵᠦ ᠡᠮᠦᠨ᠎ᠡ ᠭᠠᠵᠠᠷ ᠡᠴᠢᠮᠦᠢ᠃ ᠲᠡᠮᠦᠵᠢᠨ ᠦ᠌ ᠰᠠᠨᠠᠭᠠᠨ ᠤ᠋ ᠶᠡᠬᠡ ᠶ᠋ᠢ ᠦᠵᠡᠵᠦ ᠡᠰᠡ ᠭᠠᠷᠪᠠᠤ? ᠪᠠᠰᠠ ᠴᠤ᠌ ᠮᠠᠨ ᠤ᠋ ᠤᠯᠤᠰ ᠮᠥᠬᠥᠭᠡᠳ ᠸᠠᠩ ᠳ᠋ᠤᠷ ᠲᠤᠰᠠ ᠪᠣᠢ ᠪᠣᠯᠪᠠᠰᠤ ᠪᠢᠳᠡ ᠮᠥᠨ ᠢᠷᠡᠵᠦ ᠢᠯᠡᠭᠦᠴᠡ ᠭᠤᠶᠤᠴᠢᠯᠠᠬᠤ ᠦᠭᠡᠢ ᠪᠥᠯᠥᠭᠡ᠃ ᠡᠳᠦᠭᠡ ᠮᠠᠨ ᠤ᠋ ᠤᠯᠤᠰ ᠪᠠᠢᠬᠤ ᠲᠤᠯᠠ ᠲᠡᠮᠦᠵᠢᠨ ᠸᠠᠩ ᠢ᠋ ᠬᠦᠨᠳᠦᠯᠡᠵᠦ ᠨᠥᠬᠥᠷ ᠲᠠᠲᠠᠵᠤ ᠶᠠᠪᠤᠮᠤᠢ᠂ ᠬᠡᠷᠪᠡ ᠲᠡᠭᠦᠨ ᠦ᠌ ᠳᠠᠢᠰᠤᠨ ᠴᠥᠮ ᠡᠴᠦᠳᠪᠡᠰᠦ ᠸᠠᠩ ᠢ᠋ ᠮᠥᠨ ᠪᠣᠭᠣᠯ ᠪᠣᠯᠭᠠᠬᠤ ᠠ᠋ᠴᠠ ᠦᠯᠦ ᠬᠠᠷᠢᠬᠤ ᠪᠣᠢ ᠢ᠎ᠡ᠂ ᠮᠠᠨ ᠤ᠋ ᠤᠯᠤᠰ ᠮᠥᠬᠥᠬᠦ ᠢᠨᠤ ᠸᠠᠩ ᠳ᠋ᠤᠷ ᠶᠠᠮᠪᠠᠷ ᠲᠤᠰᠠ ᠪᠣᠯᠬᠤ ᠭᠠᠵᠠᠷ ᠪᠣᠢ? ᠶᠠᠭᠤᠨ ᠳ᠋ᠤᠷ ᠡᠷᠬᠡᠪᠰᠢ ᠦᠰ ᠦᠭᠡᠢ ᠤᠯᠤᠰ ᠢ᠋ ᠮᠥᠬᠥᠭᠡᠵᠦ᠂ ᠥᠰᠬᠦ ᠣᠮᠣᠭᠴᠢᠯᠠᠬᠤ ᠤᠯᠤᠰ ᠲᠤᠷ ᠬᠦᠴᠦᠨ ᠨᠡᠮᠡᠭᠦᠯᠦᠮᠦᠢ? ᠮᠠᠨ ᠤ᠋ ᠤᠯᠤᠰ ᠢ᠋ ᠮᠥᠬᠥᠭᠡᠬᠦ ᠢᠨᠤ ᠸᠠᠩ ᠳ᠋ᠤᠷ ᠥᠴᠦᠬᠡᠨ ᠴᠦ᠍ ᠲᠤᠰᠠ ᠦᠭᠡᠢ᠂ ᠬᠣᠢᠰᠢ ᠡᠴᠢᠬᠦᠢ ᠳ᠋ᠦ᠍ᠷ ᠦᠯᠦ ᠬᠥᠷᠥᠮᠦᠢ᠃ ᠬᠡᠷᠪᠡ ᠬᠣᠢᠰᠢ ᠡᠴᠢᠪᠡᠰᠦ ᠸᠠᠩ ᠳ᠋ᠤᠷ ᠮᠠᠨ ᠤ᠋ ᠤᠯᠤᠰ ᠠ᠋ᠴᠠ ᠵᠢᠯ ᠪᠦᠷᠢ ᠡᠨᠡ ᠶᠣᠰᠣᠭᠠᠷ ᠠᠯᠪᠠ ᠪᠠᠷᠢᠰᠤᠭᠠᠢ ᠬᠡᠮᠡᠮᠦᠢ᠃ ᠥᠪᠡᠷ ᠦ᠋ᠨ ᠣᠯᠬᠤ ᠪᠠᠨ ᠬᠥᠮᠦᠨ ᠳ᠋ᠦ᠍ᠷ ᠣᠯᠭᠣᠯᠤᠭᠠᠳ ᠪᠠᠰᠠ ᠬᠥᠮᠦᠨ ᠳ᠋ᠦ᠍ᠷ ᠪᠠᠷᠢᠮᠲᠠᠯᠠᠭᠳᠠᠬᠤ ᠠᠨᠤ ᠡᠭᠦᠨᠴᠡ ᠶᠠᠮᠪᠠᠷ? ᠸᠠᠩ ᠬᠢᠨᠠᠨ ᠪᠣᠳᠣᠵᠤ ᠦᠵᠡᠭᠳᠡᠬᠦᠢ᠃ ᠲᠡᠮᠦᠵᠢᠨ ᠡᠨᠡ ᠬᠡᠳᠦᠨ ᠵᠢᠯ ᠦ᠋ᠨ ᠬᠣᠭᠣᠷᠣᠨᠳᠣ ᠲᠠᠲ᠋ᠠᠷ ᠢ᠋ ᠲᠡᠭᠰᠢᠯᠡᠵᠦ᠂ ᠰᠠᠮᠤᠤ ᠶ᠋ᠢ ᠰᠠᠷᠨᠢᠭᠤᠯᠤᠭᠠᠳ ᠵᠤᠯᠠᠢ ᠶ᠋ᠢ ᠵᠣᠭᠣᠭᠯᠠᠵᠤ᠂ ᠴᠢᠮᠡᠳ ᠢ᠋ ᠴᠢᠬᠢᠭᠡᠳ ᠬᠠᠴᠢᠭᠤᠳ ᠢ᠋ ᠬᠠᠷᠮᠠᠵᠤ᠂ ᠲᠣᠷᠭᠤᠳ ᠢ᠋ ᠲᠣᠭᠲᠠᠭᠠᠨ᠂ ᠯᠠᠢᠬᠠᠳ ᠢ᠋ ᠯᠠᠷᠪᠠᠢᠯᠭᠠᠵᠤ᠂ ᠮᠡᠷᠭᠢᠳ ᠢ᠋ ᠮᠡᠬᠡᠯᠡᠪᠡᠢ᠃ ᠸᠠᠩ ᠲᠡᠭᠦᠨ ᠦ᠌ ᠶᠡᠬᠡ ᠪᠠᠭ᠎ᠠ ᠠᠢᠮᠠᠭ ᠤ᠋ᠳ ᠢ᠋ ᠡᠵᠡᠷᠬᠡᠬᠦ ᠶ᠋ᠢ ᠦᠵᠡᠭᠳᠡᠬᠦᠢ᠃ ᠣᠳᠣ ᠦᠯᠡᠳᠡᠭᠰᠡᠨ ᠮᠠᠨ ᠤ᠋ ᠡᠨᠡ ᠬᠡᠳᠦᠨ ᠠᠢᠮᠠᠭ᠂ ᠬᠡᠷᠪᠡ ᠪᠠᠰᠠ ᠬᠦ᠌ ᠲᠡᠭᠦᠨ ᠳ᠋ᠦ᠍ᠷ ᠬᠤᠷᠢᠶᠠᠭᠳᠠᠪᠠᠰᠤ ᠬᠡᠷᠡᠢᠳ ᠭᠠᠭᠴᠠᠭᠠᠷ ᠬᠡᠷᠬᠢᠨ ᠬᠡᠯᠲᠦᠷᠢᠨ ᠴᠢᠳᠠᠮᠤᠢ?᠃ ᠸᠠᠩ ᠮᠠᠨ ᠤ᠋ ᠠᠯᠪᠠ ᠶ᠋ᠢ ᠬᠦᠯᠢᠶᠡᠨ ᠠᠪᠴᠤ ᠨᠡᠷ᠎ᠡ ᠨᠢᠭᠡ ᠡᠶ᠎ᠡ ᠡᠪᠲᠡᠢ ᠪᠣᠯᠪᠠᠰᠤ ᠮᠠᠨ ᠤ᠋ ᠡᠵᠡᠨ ᠬᠡᠷᠬᠢᠪᠡᠴᠦ ᠲᠡᠮᠦᠵᠢᠨ ᠦ᠌ ᠠᠳᠠᠯᠢ ᠬᠠᠨᠴᠤ ᠳᠤᠭᠲᠤᠢᠯᠠᠨ ᠬᠠᠵᠠᠭᠤ ᠠ᠋ᠴᠠ ᠬᠠᠷᠠᠬᠤ ᠦᠭᠡᠢ ᠪᠣᠯᠠᠢ᠃ ᠬᠡᠷᠬᠢᠪᠡᠴᠦ ᠨᠠᠢ᠍ᠮᠠᠨ ᠤᠯᠤᠰ ᠠ᠋ᠴᠠ ᠸᠠᠩ ᠴᠢᠨᠦ ᠤᠯᠤᠰ ᠢ᠋ ᠪᠤᠯᠢᠶᠠᠨ ᠠᠪᠴᠤ ᠥᠭᠭᠦᠮᠥᠢ᠃ ᠮᠠᠨ ᠤ᠋ ᠤᠯᠤᠰ ᠢ᠋ ᠡᠰᠡ ᠮᠥᠬᠥᠭᠡᠪᠡᠰᠦ᠂ ᠸᠠᠩ ᠳ᠋ᠤᠷ ᠲᠤᠰᠠ ᠪᠣᠯᠬᠤ ᠠᠨᠤ ᠡᠢᠮᠦ᠃ ᠸᠠᠩ ᠰᠠᠨᠠᠵᠤ ᠦᠵᠡᠬᠦ ᠠᠵᠢᠶᠠᠮᠤ!》 ᠬᠡᠮᠡᠭᠰᠡᠨ ᠳ᠋ᠦ᠍ᠷ ᠾᠧ ᠸᠠᠩ ᠠᠯᠲᠠ ᠲᠣᠷᠭ᠎ᠠ ᠮᠣᠷᠢ ᠵᠠᠬ᠎ᠠ ᠶ᠋ᠢ ᠦᠵᠡᠭᠡᠳ ᠪᠠᠰᠠ ᠡᠳᠡᠭᠡᠷ ᠦᠭᠡᠰ ᠢ᠋ ᠰᠣᠨᠣᠰᠴᠤ ᠰᠡᠳᠬᠢᠯ ᠠᠯᠮᠠᠢᠷᠳᠤᠨ ᠲᠣᠯᠣᠭᠠᠢ ᠭᠤᠳᠤᠢᠵᠤ ᠳᠤᠤᠭᠠᠷᠬᠤ ᠦᠭᠡᠢ ᠪᠣᠯᠤᠭᠰᠠᠨ ᠳ᠋ᠤᠷ ᠢᠯᠠᠭᠤ ᠳᠠᠷᠤᠢ ᠬᠠᠵᠠᠭᠤ ᠠ᠋ᠴᠠ ᠶᠡᠬᠡ ᠳᠠᠭᠤᠨ ᠢ᠋ᠶ᠋ᠠᠷ ᠥᠴᠢᠷᠦᠨ:《 ᠪᠧᠲ᠋ᠠ᠋ ᠤᠯᠤᠰ ᠤ᠋ᠨ ᠡᠵᠡᠨ ᠣᠨᠴᠠ ᠬᠥᠮᠦᠨ ᠢ᠋ ᠪᠠᠰᠤᠮᠵᠢᠯᠠᠨ ᠭᠢᠰᠬᠢᠯᠡᠮᠦᠢ᠂ ᠬᠤᠳᠠᠭᠠᠨ᠎ᠠ ᠪᠡᠬᠢ ᠶ᠋ᠢᠨ ᠦᠭᠡ ᠮᠠᠰᠢ ᠵᠦᠢ! 》 ᠬᠡᠮᠡᠭᠰᠡᠨ ᠳ᠋ᠦ᠍ᠷ ᠾᠧ ᠸᠠᠩ ᠰᠡᠳᠬᠢᠯ ᠰᠢᠭᠤᠳᠴᠤ ᠶᠣᠰᠣᠨ ᠤ᠋ ᠪᠡᠯᠡᠭ ᠢ᠋ ᠬᠦᠯᠢᠶᠡᠨ ᠠᠪᠤᠭᠠᠳ ᠲᠡᠷᠡ ᠰᠥᠨᠢ ᠬᠤᠳᠠᠭᠠᠨ᠎ᠠ ᠪᠡᠬᠢ ᠯᠦ᠍ᠭᠡ ᠲᠠᠩᠭᠠᠷᠢᠭ᠋ ᠨᠡᠢᠯᠡᠭᠡᠳ ᠡᠪᠡᠳᠴᠢᠯᠡᠪᠡ ᠭᠡᠮᠡᠨ ᠰᠢᠯᠲᠠᠭᠯᠠᠵᠤ ᠴᠡᠷᠢᠭ ᠢ᠋ᠶ᠋ᠡᠨ ᠬᠣᠢᠰᠢ ᠲᠠᠲᠠᠪᠠᠢ᠃ 
      ᠮᠤᠬᠤᠯᠢ᠂  ᠾᠧ ᠸᠠᠩ ᠦᠭᠡ ᠡᠴᠡ ᠪᠡᠨ ᠨᠢᠴᠤᠵᠤ᠂ ᠰᠡᠮᠡᠬᠡᠷ ᠴᠡᠷᠢᠭ ᠡᠭᠡᠭᠰᠡᠨ ᠢ᠋ ᠦᠵᠡᠭᠡᠳ ᠶᠡᠬᠡᠯ᠎ᠡ ᠠᠭᠤᠷᠯᠠᠵᠤ ᠨᠡᠬᠡᠵᠦ ᠠᠯᠠᠰᠤᠭᠠᠢ ᠬᠡᠮᠡᠬᠦᠢ ᠳ᠋ᠦ᠍ᠷ ᠲᠠᠢᠽᠦ ᠵᠣᠭᠰᠣᠭᠠᠨ ᠥᠭᠦᠯᠡᠷᠦᠨ :《 ᠦᠯᠦ ᠪᠣᠯᠬᠤ᠂ ᠾᠧ ᠸᠠᠩ ᠬᠡᠮᠡᠭᠴᠢ ᠮᠢᠨᠦ ᠡᠴᠢᠭᠡ ᠯᠤᠬᠡ ᠠᠬ᠎ᠠ ᠳᠡᠭᠦᠦ ᠪᠣᠯᠵᠤ ᠶᠠᠪᠤᠪᠠ᠂ ᠲᠡᠭᠦᠨ ᠦ᠌ ᠮᠠᠭᠤ ᠠᠨᠤ ᠢᠯᠡᠷᠡᠭᠡᠳᠦᠢ ᠪᠥᠭᠡᠲᠡᠯ᠎ᠡ ᠨᠡᠬᠡᠵᠦ ᠠᠯᠠᠪᠠᠰᠤ ᠥᠷᠥᠰᠢᠶᠡᠯ ᠦᠭᠡᠢ ᠪᠣᠯᠤᠮᠤᠢ᠃ ᠵᠢᠴᠢ ᠵᠠᠮᠤᠬ᠎ᠠ ᠵᠠᠪᠰᠠᠷᠳᠠᠭᠤᠯᠤᠭᠰᠠᠨ ᠠᠨᠤ ᠦᠨᠡᠨ ᠪᠣᠯᠪᠠᠰᠤ ᠪᠢᠳᠡᠨ ᠢ᠋ ᠥᠪᠡᠷ ᠵᠠᠭᠤᠷ᠎ᠠ ᠪᠠᠨ ᠠᠯᠠᠯᠳᠤᠲᠤᠭᠠᠢ ᠬᠡᠮᠡᠭᠰᠡᠨ ᠰᠠᠨᠠᠭ᠎ᠠ᠂ ᠠᠷᠭ᠎ᠠ ᠶ᠋ᠢ ᠮᠡᠳᠡᠨ ᠪᠥᠭᠡᠲᠡᠯ᠎ᠡ ᠲᠡᠭᠦᠨ ᠦ᠌ ᠠᠷᠭ᠎ᠠ ᠳ᠋ᠤᠷ ᠤᠨᠠᠪᠠᠰᠤ ᠮᠡᠷᠭᠡᠨ ᠦᠭᠡᠢ ᠪᠣᠯᠤᠮᠤᠢ ᠃ ᠪᠠᠰᠠ ᠪᠢᠳᠡ ᠲᠡᠭᠦᠨ ᠢ᠋ ᠨᠡᠬᠡᠬᠦᠢ ᠳ᠋ᠦ᠍ᠷ ᠳᠠᠢᠰᠤᠨ ᠬᠡᠷᠪᠡ ᠮᠠᠨ ᠤ᠋ ᠬᠣᠢᠨ᠎ᠠ ᠠ᠋ᠴᠠ ᠰᠤᠨᠳᠠᠯᠠᠨ ᠠᠯᠠᠪᠠᠰᠤ ᠪᠢᠳᠡᠨ ᠦ᠌ ᠴᠡᠷᠢᠭ ᠰᠠᠮᠠᠭᠤᠨ ᠪᠣᠯᠤᠮᠤᠢ ᠂ ᠲᠡᠭᠰᠢ ᠶᠦ᠍ᠭᠡᠨ ᠰᠠᠮᠠᠭᠤᠷᠠᠭᠤᠯᠪᠠᠰᠤ ᠤᠤᠯᠢᠬᠠᠢ – ᠪᠠᠭᠠᠲᠤᠷ ᠦᠭᠡᠢ ᠪᠣᠯᠤᠮᠤᠢ᠃ ᠥᠷᠥᠰᠢᠶᠡᠯ ᠦᠭᠡᠢ᠂ ᠮᠡᠷᠭᠡᠨ ᠦᠭᠡᠢ᠂ ᠪᠠᠭᠠᠲᠤᠷ ᠦᠭᠡᠢ ᠢᠨᠤ ᠮᠢᠨᠦ ᠶᠠᠪᠤᠬᠤ ᠶᠠᠪᠤᠳᠠᠯ ᠪᠤᠰᠤ᠃ ᠵᠠᠮᠤᠬ᠎ᠠ ᠶ᠋ᠢ ᠪᠠᠷᠢᠬᠤ ᠪᠠ ᠡᠰᠡ ᠪᠠᠷᠢᠬᠤ ᠠᠨᠤ ᠶᠠᠮᠪᠠᠷ ᠴᠢᠬᠤᠯᠠ ᠦᠢᠯᠡ ᠪᠣᠢ! ᠪᠢᠳᠡ ᠮᠥᠨ ᠡᠭᠡᠮᠦᠶ᠎ᠡ᠃ 》 ᠬᠡᠮᠡᠭᠰᠡᠨ ᠳ᠋ᠦ᠍ᠷ᠂ ᠮᠤᠬᠤᠯᠢ ᠮᠥᠷᠭᠥᠵᠦ ᠮᠡᠳᠡᠭᠦᠯᠦᠷᠦᠨ:《 ᠪᠣᠭᠣᠯ ᠮᠠᠨ ᠤ᠋ ᠮᠠᠲᠠᠯ ᠤᠬᠠᠭᠠᠨ ᠡᠵᠡᠨ ᠦ᠌ ᠵᠠᠭᠤᠨ ᠤ᠋ ᠨᠢᠭᠡᠨ ᠳ᠋ᠦ᠍ᠷ ᠴᠦ᠍ ᠬᠦᠷᠬᠦ ᠦᠭᠡᠢ᠃ 》 ᠬᠡᠮᠡᠵᠦ ᠳᠠᠷᠤᠢ ᠶᠡᠬᠡ ᠴᠡᠷᠢᠭ ᠢ᠋ᠶ᠋ᠡᠨ ᠡᠭᠡᠭᠰᠡᠨ ᠳ᠋ᠦ᠍ᠷ ᠵᠠᠮᠤᠬ᠎ᠠ ᠶ᠋ᠢᠨ ᠬᠠᠭᠠᠭᠳᠠᠭᠰᠠ ᠠᠨᠤ ᠲᠡᠳᠦᠢ ᠲᠠᠢᠯᠤᠭᠳᠠᠪᠠᠢ ᠃
      ᠲᠡᠭᠦᠨᠴᠡ ᠾᠧ ᠸᠠᠩ ᠳᠦᠭᠦᠯᠡ ᠮᠥᠷᠡᠨ ᠦ᠌ ᠡᠬᠢ ᠳ᠋ᠦ᠍ᠷ ᠨᠡᠭᠦᠵᠦ ᠪᠠᠭᠤᠭᠠᠳ ᠬᠥᠪᠡᠭᠦᠨ ᠢᠯᠠᠭᠤ ᠪᠠ ᠲᠦᠰᠢᠮᠡᠯ ᠪᠣᠯᠭᠣᠲᠠᠢ ᠬᠣᠶᠠᠭᠤᠯᠠ ᠳ᠋ᠤᠷ ᠨᠢᠭᠡᠨ ᠲᠦᠮᠡᠨ ᠴᠡᠷᠢᠭ ᠥᠭᠴᠦ ᠨᠠᠢ᠍ᠮᠠᠨ ᠠᠢᠮᠠᠭ ᠠ᠋ᠴᠠ ᠦᠰ ᠠᠪᠤᠨ ᠳᠠᠢᠯᠠᠷ᠎ᠠ ᠡᠴᠢ! 》 ᠬᠡᠮᠡᠬᠦᠢ ᠳ᠋ᠦ᠍ᠷ ᠬᠣᠢᠲᠤ ᠥᠷᠭᠥᠭᠡ ᠡᠴᠡ ᠥᠬᠢᠨ ᠢᠨᠤ ᠰᠣᠯᠣᠩᠭᠣᠸ᠎ᠠ ᠵᠣᠯᠭᠠᠷ᠎ᠠ ᠢᠷᠡᠪᠡ᠃ 
      ᠤᠭ ᠠ᠋ᠴᠠ ᠾᠧ ᠸᠠᠩ ᠤ᠋ᠨ ᠠᠪᠠᠯᠢ ᠭᠡᠷᠭᠡᠢ ᠡᠴᠡ ᠨᠢᠭᠡᠨ ᠥᠬᠢᠨ ᠪᠣᠢ ᠪᠥᠯᠥᠭᠡ᠂ ᠡᠨᠡ ᠵᠢᠯ ᠠᠷᠪᠠᠨ ᠲᠠᠪᠤᠨ ᠨᠠᠰᠤ ᠲᠠᠢ ᠂ ᠲᠡᠭᠦᠨ ᠢ᠋ ᠲᠥᠷᠥᠬᠦ ᠦᠶ᠎ᠡ ᠳ᠋ᠦ᠍ ᠡᠭᠦᠯᠡ ᠪᠣᠷᠣᠭᠠᠨ ᠠᠷᠢᠯᠵᠤ᠂ ᠥᠷᠭᠥᠭᠡ ᠡᠴᠡ ᠣᠭ᠌ᠶᠤ ᠱ᠌ᠢᠷᠦ ᠮᠡᠲᠦ  ᠰᠣᠯᠣᠩᠭ᠎ᠠ ᠲᠠᠲᠠᠭᠰᠠᠨ ᠳ᠋ᠤᠷ ᠲᠣᠬᠢᠶᠠᠯᠳᠤᠭᠰᠠᠨ ᠢ᠋ᠶ᠋ᠠᠷ ᠨᠡᠷ᠎ᠡ ᠶ᠋ᠢ ᠰᠣᠯᠤᠩᠭᠤᠸ᠎ᠠ  ᠬᠡᠮᠡᠵᠦᠬᠦᠢ᠃ ᠲᠥᠷᠥᠭᠰᠡᠨ ᠢᠨᠤ ᠰᠠᠷᠠᠨ ᠮᠡᠲᠦ ᠰᠠᠢᠬᠠᠨ᠂ ᠴᠡᠴᠡᠭ ᠠᠳᠠᠯᠢ ᠦᠵᠡᠰᠬᠦᠯᠡᠩ᠂ ᠰᠣᠯᠣᠩᠭ᠎ᠠ ᠮᠡᠲᠦ ᠥᠩᠭᠡᠲᠡᠢ᠂ ᠬᠠᠰ ᠠᠳᠠᠯᠢ ᠠᠷᠢᠭᠤᠨ᠃ ᠠᠷᠤ ᠭᠠᠵᠠᠷ ᠪᠥᠭᠡᠲᠡᠯ᠎ᠡ ᠠᠳᠠᠯᠢᠳᠬᠠᠰᠢ ᠦᠭᠡᠢ ᠪᠤᠯᠪᠠᠷᠠᠢ ᠲᠥᠷᠥᠭᠡᠳ ᠡᠯᠡᠰᠦᠨ ᠭᠠᠵᠠᠷ ᠪᠥᠭᠡᠲᠡᠯ᠎ᠡ ᠡᠨᠡ ᠮᠡᠲᠦ ᠰᠠᠢᠬᠠᠨ ᠲᠦᠷᠦᠵᠦᠬᠦᠢ ᠃ ᠪᠢᠴᠢᠬᠠᠨ ᠠ᠋ᠴᠠ ᠤᠬᠠᠭᠠᠨ ᠮᠠᠲᠠᠯ ᠬᠥᠮᠦᠨ ᠡᠴᠡ ᠬᠡᠲᠦᠷᠬᠡᠢ ᠪᠥᠯᠥᠭᠡ᠂ ᠥᠰᠦᠭᠰᠡᠨ ᠳ᠋ᠦ᠍ᠷ ᠥᠩᠭᠡ ᠵᠢᠰᠦ ᠨᠡᠩ ᠨᠡᠮᠡᠭᠦᠨ ᠪᠣᠯᠤᠭᠠᠳ ᠤᠬᠠᠭᠠᠨ ᠴᠢᠳᠠᠯ ᠣᠯᠠᠨ ᠠ᠋ᠴᠠ ᠬᠡᠲᠦᠢᠳᠴᠦ ᠴᠡᠷᠢᠭ ᠦ᠋ᠨ ᠡᠷᠳᠡᠮ ᠨᠡᠩᠳᠡ ᠬᠤᠷᠴᠠ ᠨᠠᠷᠢᠨ᠂ ᠰᠤᠯᠠ ᠠᠬᠤᠢ ᠳ᠋ᠤᠷ ᠰᠡᠯᠡᠮ᠎ᠡ ᠪᠥᠵᠢᠭᠯᠡᠬᠦ ᠢᠨᠦ ᠯᠤᠤ ᠣᠷᠢᠶᠠᠯᠳᠤᠬᠤ ᠮᠡᠲᠦ᠂ ᠤᠷᠲᠤᠳᠠ ᠠᠬ᠎ᠠ ᠪᠠᠨ ᠳᠠᠭᠠᠵᠤ ᠠᠪᠠ ᠠᠶᠠᠨ ᠳ᠋ᠤ᠌ ᠶᠠᠪᠤᠳᠠᠭ ᠪᠣᠯᠥᠭᠡ᠃ ᠬᠣᠢᠲᠤ ᠭᠠᠵᠠᠷ ᠤ᠋ᠨ  ᠥᠬᠢᠳ ᠦ᠋ᠨ ᠮᠣᠷᠢ ᠳᠣᠪᠲᠣᠯᠬᠤ ᠪᠠ ᠬᠠᠷᠪᠤᠬᠤ ᠨᠠᠮᠨᠠᠬᠤ ᠠᠨᠤ ᠶᠡᠷᠦ ᠶ᠋ᠢᠨ ᠬᠡᠷᠡᠭ ᠪᠣᠯᠪᠠᠴᠤ ᠡᠨᠡ ᠰᠣᠯᠤᠩᠭᠤᠸ᠎ᠠ ᠥᠬᠢᠨ ᠨᠡᠩᠳᠡ ᠴᠡᠷᠢᠭ ᠦ᠋ᠨ ᠦᠢᠯᠡ ᠳ᠋ᠦ᠍ᠷ ᠪᠠᠬᠠᠲᠠᠢ᠂ ᠤᠷᠲᠤᠳᠠ ᠳᠣᠣᠷᠠᠬᠢ ᠣᠯᠠᠨ ᠥᠬᠢᠳ ᠢ᠋ᠶ᠋ᠡᠨ ᠪᠠᠢᠯᠳᠤᠬᠤ ᠠᠯᠠᠯᠳᠤᠬᠤ ᠶ᠋ᠢ ᠰᠤᠷᠭᠠᠮᠤᠢ᠃ ᠡᠬᠡ ᠢᠨᠤ ᠬᠡᠳᠦᠢᠨᠡᠢ ᠥᠩᠭᠡᠷᠡᠵᠦ ᠡᠳᠦᠭᠡ ᠾᠧ ᠸᠠᠩ ᠤ᠋ᠨ ᠪᠠᠭ᠎ᠠ ᠡᠮ᠎ᠡ ᠨᠠᠷᠠᠨ ᠲᠤᠶᠠᠭ᠎ᠠ ᠬᠡᠮᠡᠬᠦ ᠬᠣᠢᠲᠤ ᠡᠬᠡ ᠶ᠋ᠢᠨ ᠭᠠᠷ ᠳᠡᠭᠡᠷ᠎ᠡ ᠪᠠᠢᠬᠤ ᠲᠤᠯᠠ ᠡᠴᠢᠭᠡ ᠢᠨᠤ ᠬᠡᠲᠦᠷᠬᠡᠶ᠎ᠡ ᠡᠷᠬᠡᠯᠡᠭᠦᠯᠦᠨ ᠲᠠᠢᠳᠬᠤᠷᠠᠭᠤᠯᠤᠮᠤᠢ᠃ ᠪᠠᠭ᠎ᠠ ᠡᠮ᠎ᠡ ᠨᠠᠷᠠᠨ ᠲᠤᠶᠠᠭ᠎ᠠ ᠠ᠋ᠴᠠ ᠨᠢᠭᠡᠨ ᠬᠥᠪᠡᠭᠦᠨ ᠲᠥᠷᠥᠵᠦ᠂ ᠨᠡᠷ᠎ᠡ ᠶ᠋ᠢ ᠲᠤᠰᠬᠤ ᠭᠡᠮᠡᠨ ᠥᠭᠴᠦ ᠬᠠᠷᠠᠬᠠᠨ ᠨᠢᠯᠬ᠎ᠠ ᠪᠠᠢᠭᠰᠠᠭᠠᠷ ᠪᠥᠯᠥᠭᠡ᠃ ᠡᠳᠦᠭᠡ ᠰᠣᠯᠤᠩᠭᠤᠸ᠎ᠠ ᠠᠬ᠎ᠠ ᠪᠠᠨ ᠨᠠᠢ᠍ᠮᠠᠨ ᠤᠯᠤᠰ ᠲᠤᠷ ᠴᠡᠷᠢᠭᠯᠡᠮᠦᠢ ᠬᠡᠮᠡᠬᠦ ᠶ᠋ᠢ ᠰᠣᠨᠣᠰᠤᠭᠠᠳ ᠡᠴᠢᠭᠡ ᠳ᠋ᠡᠭᠡᠨ ᠵᠣᠯᠭᠠᠷ᠎ᠠ ᠢᠷᠡᠵᠦ ᠥᠭᠦᠯᠡᠷᠦᠨ:《 ᠨᠠᠢ᠍ᠮᠠᠨ ᠠᠢᠮᠠᠭ ᠬᠡᠮᠡᠭᠴᠢ ᠶᠡᠬᠡ ᠤᠯᠤᠰ᠂ ᠮᠢᠨᠦ ᠠᠬ᠎ᠠ ᠶ᠋ᠢᠨ ᠵᠠᠩ ᠪᠠᠰᠠ ᠴᠤᠯᠭᠤᠢ ᠲᠦᠷᠢᠮᠡᠬᠡᠢ᠂ ᠬᠡᠷᠪᠡ ᠠᠯᠳᠠᠭᠳᠠᠯ ᠪᠣᠯᠪᠠᠰᠤ ᠤᠯᠤᠰ ᠢ᠋ ᠠᠯᠳᠠᠭᠰᠠᠨ ᠶᠡᠬᠡ ᠭᠡᠮᠰᠢᠯ ᠪᠣᠯᠤᠮᠤᠢ᠃ ᠬᠡᠦᠬᠡᠨ ᠪᠢ ᠳᠣᠣᠷᠠᠬᠢ ᠬᠣᠷᠢ ᠭᠤᠴᠢᠨ ᠡᠬᠡᠨᠡᠷ ᠴᠡᠷᠢᠭ ᠢ᠋ ᠠᠪᠤᠭᠠᠳ ᠬᠣᠢᠲᠤᠬᠢ ᠬᠠᠢᠭᠤᠯ ᠪᠣᠯᠤᠰᠤ! ᠬᠡᠷᠪᠡ ᠲᠦᠯᠪᠡᠷᠡᠳᠡᠪᠡᠰᠦ ᠬᠠᠷᠢᠨ ᠪᠠᠰᠠ ᠥᠴᠦᠬᠡᠨ ᠲᠤᠰᠠ ᠪᠣᠯᠬᠤ ᠴᠤ᠌ ᠶᠠᠭᠤᠨ ᠤ᠋ ᠮᠠᠭᠠᠳ᠂ 》 ᠬᠡᠮᠡᠬᠦᠢ ᠳ᠋ᠦ᠍ᠷ ᠾᠧ ᠸᠠᠩ ᠥᠭᠦᠯᠡᠷᠦᠨ:《 ᠥᠬᠢᠨ ᠬᠥᠮᠦᠨ ᠴᠡᠷᠢᠭ ᠲᠦ᠍ᠷ ᠭᠠᠷᠬᠤ ᠠᠨᠤ ᠡᠷᠲᠡᠨ ᠡᠴᠡ ᠮᠥᠨ ᠪᠣᠢ ᠪᠣᠯᠪᠠᠴᠤ ᠬᠡᠦᠬᠡᠨ ᠴᠢ ᠨᠠᠰᠤ ᠪᠠᠭ᠎ᠠ ᠴᠢᠰᠤ ᠰᠢᠩᠭᠡᠨ ᠠᠷᠠᠢᠬᠠᠨ ᠬᠡᠪᠡᠷᠡᠭ ᠪᠤᠯᠪᠠᠷᠠᠢ᠂ ᠪᠢ ᠰᠡᠳᠬᠢᠯ ᠦᠯᠦ ᠠᠮᠤᠮᠤᠢ᠃ 》 ᠢᠯᠠᠭᠤ ᠥᠭᠦᠯᠡᠷᠦᠨ:《 ᠥᠬᠢᠨ ᠳᠡᠭᠦᠦ ᠶ᠋ᠢᠨ ᠡᠴᠢᠬᠦ ᠮᠢᠨᠦ ᠪᠢᠳᠡᠨ ᠳ᠋ᠦ᠍ᠷ ᠬᠠᠷᠢᠯᠴᠠᠨ ᠲᠦᠰᠢᠶ᠎ᠡ ᠲᠤᠯᠭ᠎ᠠ ᠪᠣᠯᠤᠮᠤᠢ᠂ ᠡᠴᠢᠭᠡ ᠰᠡᠳᠬᠢᠯ ᠢ᠋ᠶ᠋ᠡᠨ ᠰᠤᠯᠠ ᠳᠡᠯᠪᠢ! 》 ᠬᠡᠮᠡᠭᠡᠳ ᠫᠣᠯᠭᠤᠳᠠᠢ ᠳ᠋ᠤᠷ ᠭᠤᠷᠪᠠᠨ ᠮᠢᠩᠭᠠᠨ ᠴᠡᠷᠢᠭ ᠥᠭᠴᠦ ᠡᠮᠦᠨ᠎ᠡ ᠬᠣᠰᠢᠭᠤᠴᠢ ᠪᠣᠯᠭᠠᠨ ᠥᠪᠡᠷ ᠦ᠋ᠨ ᠪᠡᠶ᠎ᠡ ᠵᠢᠷᠭᠤᠭᠠᠨ ᠮᠢᠩᠭᠠᠨ ᠴᠡᠷᠢᠭ ᠠᠪᠴᠤ ᠳᠤᠮᠳᠠ ᠪᠣᠯᠤᠭᠠᠳ ᠰᠣᠯᠤᠩᠭᠤᠸ᠎ᠠ ᠳ᠋ᠤ᠌ ᠨᠢᠭᠡᠨ ᠮᠢᠩᠭᠠᠨ ᠴᠡᠷᠢᠭ ᠢ᠋ ᠵᠠᠬᠢᠷᠤᠭᠤᠯᠵᠤ ᠬᠣᠢᠨ᠎ᠠ ᠪᠣᠯᠭᠠᠵᠤ ᠶᠡᠬᠡ ᠴᠡᠷᠢᠭ ᠨᠠᠢ᠍ᠮᠠᠨ ᠤᠯᠤᠰ ᠤ᠋ᠨ ᠵᠦᠭ ᠮᠣᠷᠳᠠᠪᠠ᠃  
      ᠲᠡᠭᠦᠨᠴᠡ ᠨᠠᠢ᠍ᠮᠠᠨ ᠤᠯᠤᠰ ᠤ᠋ᠨ ᠲᠠᠢᠶᠠᠩ ᠬᠠᠭᠠᠨ| ᠪᠣᠯᠣᠢ ᠬᠡᠮᠡᠭᠴᠢ ᠨᠢᠭᠡᠨ ᠰᠠᠢᠨ ᠡᠷ᠎ᠡ ᠪᠥᠯᠥᠭᠡ᠃ ᠨᠠᠰᠤ ᠲᠠᠪᠢᠨ ᠢ᠋ ᠥᠩᠭᠡᠷᠡᠪᠡᠴᠦ ᠬᠦᠴᠦᠨ ᠲᠠᠮᠢᠷ ᠨᠡᠩ ᠴᠢᠩᠭᠠᠷᠠᠵᠤᠬᠤᠢ᠃ ᠲᠡᠭᠦᠨ ᠦ᠌ ᠳᠣᠣᠷ᠎ᠠ ᠬᠣᠶᠠᠷ ᠠᠢᠮᠠᠭ ᠭᠤᠷᠪᠠᠨ ᠲᠦᠮᠡᠨ ᠢᠯᠡᠭᠦᠦ ᠰᠢᠯᠭᠠᠳᠠᠭ ᠴᠡᠷᠢᠭ ᠪᠣᠢ᠂ ᠶᠡᠬᠡ ᠬᠥᠪᠡᠭᠦᠨ ᠨᠡᠷ᠎ᠡ ᠠᠯᠲᠠᠨᠱᠠᠭ᠎ᠠ᠂ ᠪᠠᠭ᠎ᠠ ᠬᠥᠪᠡᠭᠦᠨ ᠨᠡᠷ᠎ᠡ ᠮᠥᠩᠭᠥᠨ ᠲᠣᠯᠢ᠂ ᠪᠠᠰᠠ ᠨᠢᠭᠡᠨ ᠥᠬᠢᠨ ᠨᠡᠷ᠎ᠡ ᠬᠠᠰ ᠲᠤᠶᠠᠭ᠎ᠠ᠂ ᠴᠥᠮ ᠰᠤᠪᠤᠳ ᠲᠠᠨ᠎ᠠ ᠰᠢᠯ ᠪᠣᠯᠣᠷ ᠮᠡᠲᠦ ᠲᠥᠷᠥᠵᠦᠬᠦᠢ᠃ ᠠᠯᠲᠠᠨᠱᠠᠭ᠎ᠠ ᠡᠨᠡ ᠵᠢᠯ ᠠᠷᠪᠠᠨ ᠲᠠᠪᠤᠨ ᠨᠠᠰᠤ ᠲᠠᠢ᠂ ᠡᠭᠦᠨ ᠢ᠋ ᠲᠥᠷᠥᠬᠦ ᠦᠶ᠎ᠡ ᠳ᠋ᠦ᠍ᠷ ᠡᠬᠡ ᠢᠨᠤ ᠨᠢᠭᠡᠨ ᠠᠯᠲᠠᠨ ᠢ᠋ᠶ᠋ᠠᠷ ᠬᠢᠭᠰᠡᠨ ᠬᠣᠨᠢᠨ ᠤ᠋ ᠱᠠᠬ᠎ᠠ ᠶ᠋ᠢ ᠵᠠᠯᠭᠢᠪᠠ ᠭᠡᠮᠡᠨ ᠵᠡᠭᠦᠳᠦᠯᠡᠭᠰᠡᠨ ᠢ᠋ᠶ᠋ᠡᠷ ᠨᠡᠷ᠎ᠡ ᠶ᠋ᠢ  ᠠᠯᠲᠠᠨᠱᠠᠭ᠎ᠠ ᠭᠡᠮᠡᠨ ᠦᠭᠴᠦᠬᠦᠢ᠃ ᠲᠥᠷᠥᠭᠰᠡᠨ ᠢᠨᠦ ᠨᠠᠷᠠᠨ ᠮᠡᠲᠦ ᠨᠢᠭᠤᠷ ᠲᠠᠢ᠂ ᠣᠳᠣᠨ ᠠᠳᠠᠯᠢ ᠨᠢᠳᠦᠲᠡᠢ᠂ ᠠᠭᠤᠯᠠ ᠮᠡᠲᠦ ᠬᠥᠮᠥᠰᠬᠡ ᠲᠡᠢ᠂ ᠰᠢᠩᠬᠤ ᠠᠳᠠᠯᠢ ᠤᠷᠤᠭᠤᠯ ᠲᠠᠢ᠂ ᠤᠮᠠᠷ᠎ᠠ ᠭᠠᠵᠠᠷ ᠪᠥᠭᠡᠲᠡᠯ᠎ᠡ ᠤᠬᠠᠮᠵᠢᠯᠠᠯᠲᠠᠢ ᠮᠡᠷᠭᠡᠨ ᠬᠡᠲᠦᠷᠡᠭᠡᠳ ᠬᠣᠢᠲᠤ ᠭᠠᠵᠠᠷ ᠪᠥᠭᠡᠲᠡᠯ᠎ᠡ ᠬᠣᠣᠰ ᠦᠭᠡᠢ ᠰᠠᠢᠬᠠᠨ ᠲᠦᠷᠦᠵᠦᠬᠦᠢ᠃ ᠨᠢᠯᠬ᠎ᠠ ᠠ᠋ᠴᠠ ᠨᠠᠷᠢᠨ ᠨᠢᠭᠲᠠ ᠨᠡᠢᠲᠡ ᠡᠴᠡ ᠴᠣᠯᠭᠣᠷᠠᠵᠤ ᠥᠰᠦᠭᠰᠡᠨ ᠦ᠌ ᠬᠣᠢᠨ᠎ᠠ ᠰᠦᠷ ᠭᠡᠷᠡᠯ ᠤᠯᠠᠮ ᠥᠩᠭᠡᠲᠡᠢ ᠪᠣᠯᠵᠤᠬᠤᠢ᠃  ᠢᠯᠳᠦ ᠵᠢᠳᠠ ᠶ᠋ᠢ ᠰᠤᠷᠤᠭᠰᠠᠨ ᠠᠨᠤ ᠬᠤᠪᠢᠯᠭᠠᠨ ᠮᠡᠲᠦ ᠬᠤᠷᠴᠠ᠂ ᠬᠠᠷᠪᠤᠬᠤ ᠨᠠᠮᠨᠠᠬᠤ ᠶ᠋ᠢ ᠪᠣᠯᠪᠠᠰᠤᠷᠠᠭᠰᠠᠨ ᠠᠨᠤ ᠰᠠᠯᠬᠢᠨ ᠠᠳᠠᠯᠢ ᠲᠦᠷᠭᠡᠨ᠃ ᠡᠴᠢᠭᠡ ᠡᠬᠡ ᠮᠢᠨᠦ ᠪᠡᠷᠢ ᠭᠤᠶᠤᠵᠤ ᠥᠭᠰᠦᠭᠡᠢ ᠬᠡᠮᠡᠬᠦᠢ ᠳ᠋ᠦ᠍ᠷ ᠠᠯᠲᠠᠨᠱᠠᠭ᠎ᠠ ᠶ᠋ᠢᠨ ᠬᠡᠯᠡᠭᠰᠡᠨ ᠢᠨᠦ :《 ᠨᠢᠭᠡᠨ ᠨᠠᠰᠤᠨ ᠤ᠋ ᠶᠡᠬᠡ ᠬᠡᠷᠡᠭ ᠢ᠋ ᠬᠡᠳᠦᠢ ᠡᠴᠢᠭᠡ ᠡᠬᠡ ᠮᠡᠳᠡᠪᠡᠴᠦ ᠪᠠᠰᠠ ᠬᠦ᠌ ᠪᠢ ᠥᠪᠡᠷ ᠢ᠋ᠶ᠋ᠡᠨ ᠰᠣᠩᠭᠣᠬᠤ ᠬᠡᠷᠡᠭᠲᠡᠢ! 》 ᠬᠡᠮᠡᠵᠦ ᠲᠡᠢᠨ ᠬᠦ᠌ ᠰᠠᠭᠤᠭᠰᠠᠭᠠᠷ ᠠᠵᠤᠭᠤ᠃ ᠡᠳᠦᠭᠡ ᠲᠤᠷᠰᠢᠭᠤᠯ ᠤ᠋ᠨ ᠮᠡᠳᠡᠭᠡ ᠶ᠋ᠢ ᠰᠣᠨᠣᠰᠤᠭᠠᠳ ᠡᠴᠢᠭᠡ ᠶ᠋ᠢᠨ ᠵᠦᠭ ᠥᠭᠦᠯᠡᠷᠦᠨ: 《 ᠢᠯᠠᠭᠤ ᠪᠠᠷᠰ ᠤ᠋ᠨ ᠵᠢᠷᠦᠬᠡ ᠶ᠋ᠢ ᠪᠠᠷᠢᠵᠤ ᠪᠢᠳᠡᠨ ᠯᠦ᠍ᠭᠡ ᠬᠠᠯᠳᠠᠷ᠎ᠠ ᠢᠷᠡᠭᠰᠡᠨ ᠲᠤᠯᠠ ᠬᠥᠪᠡᠭᠦᠨ ᠪᠢ ᠤᠷᠢᠳᠠ ᠬᠣᠶᠠᠷ ᠮᠢᠩᠭᠠᠨ ᠴᠡᠷᠢᠭ ᠠᠪᠴᠤ ᠲᠡᠭᠦᠨ ᠦ᠌ ᠬᠦᠷᠢᠶ᠎ᠡ ᠪᠠᠢᠭᠤᠯᠤᠨ ᠵᠠᠪᠳᠤᠬᠤ ᠶ᠋ᠢᠨ ᠤᠷᠢᠳᠠ ᠨᠢᠭᠡᠨ ᠵᠡᠷᠭᠡ ᠰᠠᠢᠲᠤᠷ ᠠᠯᠠᠭᠠᠳ ᠬᠤᠷᠴᠠ ᠰᠦᠷ ᠢ᠋  ᠢᠨᠤ ᠰᠢᠨᠲᠠᠷᠠᠭᠤᠯᠰᠤᠭᠠᠢ ᠃ 》 ᠲᠠᠢᠶᠠᠩ ᠬᠠᠭᠠᠨ ᠥᠭᠦᠯᠡᠷᠦᠨ :《ᠴᠢ ᠨᠠᠰᠤᠨ ᠪᠠᠭ᠎ᠠ ᠲᠤᠯᠠ ᠴᠢᠰᠤᠨ ᠠᠭᠤᠷ ᠤ᠋ᠨ ᠬᠦᠴᠦᠷᠬᠡᠭ ᠲᠣᠷ ᠡᠷᠡᠮᠰᠢᠵᠦ ᠬᠥᠩᠭᠡᠨ ᠢ᠋ᠶ᠋ᠡᠷ ᠬᠥᠳᠡᠯᠰᠦᠭᠡᠢ ᠬᠡᠮᠡᠬᠦ ᠢᠨᠦ ᠬᠣᠢᠴᠢ ᠡᠳᠦᠷ ᠦ᠋ᠨ ᠵᠠᠩᠵᠤᠨ ᠪᠣᠯᠬᠤ ᠡᠵᠡᠨ ᠪᠣᠯᠬᠤ ᠶᠣᠰᠣ ᠪᠤᠰᠤ᠂ ᠡᠷᠬᠡᠪᠰᠢ ᠵᠠᠭᠤᠨᠲᠠ ᠪᠠᠢᠯᠳᠤᠪᠠᠰᠤ ᠵᠠᠭᠤᠨᠲᠠ ᠳᠡᠢᠯᠬᠦ ᠶ᠋ᠢ ᠪᠣᠳᠣᠪᠠᠰᠤ ᠵᠣᠬᠢᠮᠤᠢ᠂ ᠨᠠᠳᠠ ᠳ᠋ᠤᠷ ᠲᠡᠭᠦᠨ ᠢ᠋ ᠳᠠᠷᠤᠬᠤ ᠠᠷᠭ᠎ᠠ ᠪᠣᠢ! 》 ᠬᠡᠮᠡᠭᠡᠳ ᠣᠯᠠᠨ ᠲᠦᠰᠢᠮᠡᠳ ᠢ᠋ᠶ᠋ᠡᠨ ᠴᠤᠭᠯᠠᠭᠤᠯᠤᠨ ᠵᠡᠭᠦᠨ ᠭᠠᠷ ᠤ᠋ᠨ ᠵᠠᠩᠵᠤᠨ ᠮᠢᠩᠭᠠᠲᠠᠨ ᠳ᠋ᠤᠷ ᠰᠢᠯᠭᠠᠭᠰᠠᠨ ᠴᠡᠷᠢᠭ ᠬᠣᠶᠠᠷ ᠮᠢᠩᠭ᠎ᠠ ᠥᠭᠴᠦ ᠬᠠᠩᠭᠠᠢ ᠠᠭᠤᠯᠠᠨ ᠤ᠋ ᠡᠮᠦᠨ᠎ᠡ ᠭᠤᠴᠢᠨ ᠭᠠᠵᠠᠷ ᠤ᠋ᠨ ᠶᠡᠬᠡ ᠭᠣᠣ ᠳ᠋ᠤᠷ ᠪᠦᠭᠭᠦᠵᠦ᠂ ᠪᠢᠳᠡᠨ ᠦ᠌ ᠬᠦᠷᠢᠶᠡᠨ ᠦ᠌ ᠦᠬᠡᠷ ᠫᠤᠤ ᠶ᠋ᠢᠨ ᠳᠠᠭᠤᠨ ᠢ᠋ ᠰᠣᠨᠣᠰᠴᠤ ᠢᠯᠠᠭᠤ ᠶ᠋ᠢᠨ ᠡᠮᠦᠨ᠎ᠡ ᠴᠡᠷᠢᠭ ᠢ᠋ ᠳᠣᠯ᠂ ᠪᠠᠷᠠᠭᠤᠨ ᠭᠠᠷ ᠤ᠋ᠨ ᠮᠡᠳᠡᠯᠳᠦ ᠮᠥᠨ ᠬᠣᠶᠠᠷ ᠮᠢᠩᠭᠠᠨ ᠴᠡᠷᠢᠭ ᠠᠪᠴᠤ ᠶᠡᠬᠡ ᠭᠣᠣ ᠶ᠋ᠢᠨ ᠬᠣᠢᠲᠤ ᠪᠤᠷᠭᠠᠰᠤᠨ ᠰᠢᠭᠤᠢ ᠳ᠋ᠤᠷ ᠪᠦᠭᠭᠦᠵᠦ ᠫᠤᠤ ᠶ᠋ᠢᠨ ᠳᠠᠭᠤᠨ ᠢ᠋ ᠰᠣᠨᠣᠰᠪᠠᠰᠤ ᠳᠠᠷᠤᠢ ᠢᠯᠠᠭᠤ ᠶ᠋ᠢᠨ ᠳᠤᠮᠳᠠᠳᠤ ᠴᠡᠷᠢᠭ ᠢ᠋ ᠳᠣᠯ᠂ ᠬᠥᠪᠡᠭᠦᠨ ᠠᠯᠲᠠᠨᠱᠠᠭ᠎ᠠ ᠭᠤᠷᠪᠠᠨ ᠮᠢᠩᠭᠠᠨ ᠴᠡᠷᠢᠭ ᠠᠪᠴᠤ ᠶᠡᠬᠡ ᠭᠣᠣ ᠶ᠋ᠢᠨ ᠡᠮᠦᠨ᠎ᠡ ᠡᠷᠭᠢ ᠳ᠋ᠦ᠍ᠷ ᠳᠣᠪᠣ ᠶ᠋ᠢᠨ ᠳᠣᠣᠷ᠎ᠠ ᠪᠦᠭᠭᠦᠵᠦ᠂ ᠢᠯᠠᠭᠤ ᠶ᠋ᠢᠨ ᠴᠡᠷᠢᠭ ᠳᠠᠷᠤᠭᠳᠠᠭᠰᠠᠨ ᠬᠣᠢᠨ᠎ᠠ ᠪᠤᠷᠤᠭᠤᠯᠠᠬᠤᠶ᠎ᠠ ᠲᠡᠭᠦᠨ ᠤ ᠬᠣᠢᠲᠤ ᠬᠠᠢᠭᠤᠯᠯᠠᠬᠤ ᠴᠡᠷᠢᠭ ᠢ᠋ ᠳᠤᠯ᠂ ᠪᠠᠰᠠ ᠲᠡᠭᠦᠨ ᠦ᠌ ᠠᠴᠢᠶ᠎ᠠ ᠬᠥᠰᠬᠡ ᠶ᠋ᠢ ᠪᠤᠯᠢᠶᠠᠨ ᠠᠪ᠃ ᠪᠢ ᠥᠪᠡᠷ ᠦ᠋ᠨ ᠪᠡᠶ᠎ᠡ ᠶᠡᠬᠡ ᠴᠡᠷᠢᠭ ᠢ᠋ ᠠᠪᠴᠤ ᠴᠢᠦᠢ ᠰᠢᠦᠸᠠᠢ ᠡᠦ᠂ ᠬᠣᠯᠠᠰᠤᠪᠴᠢ ᠬᠣᠶᠠᠭᠤᠯᠠ ᠶ᠋ᠢ ᠠᠪᠴᠤ ᠤᠯᠤᠰ ᠊ᠢ ᠰᠠᠬᠢᠰᠤᠭᠠᠢ! 》 ᠬᠡᠮᠡᠭᠰᠡᠨ ᠳ᠋ᠦ᠍ᠷ ᠬᠣᠶᠠᠷ ᠲᠦᠰᠢᠮᠡᠯ ᠠᠯᠲᠠᠨᠱᠠᠭ᠎ᠠ ᠶ᠋ᠢ ᠳᠠᠭᠠᠵᠤ ᠲᠤᠰ ᠲᠤᠰ ᠤ᠋ᠨ ᠴᠡᠷᠢᠭ ᠢ᠋ᠶ᠋ᠡᠨ ᠠᠪᠴᠤ ᠡᠴᠢᠪᠡ᠃ 
      ᠲᠡᠨᠳᠡᠴᠡ ᠢᠯᠠᠭᠤ ᠶᠡᠬᠡ ᠴᠡᠷᠢᠭ ᠢ᠋ᠶ᠋ᠡᠨ ᠠᠪᠴᠤ ᠰᠢᠭᠤᠳ ᠬᠠᠩᠭᠠᠢ ᠠᠭᠤᠯᠠᠨ ᠤ᠋ ᠶᠡᠬᠡ ᠪᠠᠭᠤᠳᠠᠯ ᠤ᠋ᠨ ᠡᠮᠦᠨ᠎ᠡ ᠬᠦᠷᠴᠦ ᠢᠷᠡᠭᠡᠳ ᠬᠣᠰᠢᠭᠤᠴᠢ ᠫᠣᠯᠭᠤᠲᠠᠢ ᠤᠷᠢᠳᠠ ᠬᠦᠷᠢᠶ᠎ᠡ ᠪᠡᠨ ᠪᠠᠢᠭᠤᠯᠤᠨ ᠲᠣᠭᠲᠠᠭᠠᠳ ᠨᠠᠢ᠍ᠮᠠᠨ ᠤ᠋ ᠶᠡᠬᠡ ᠪᠠᠭᠤᠷᠢ ᠶ᠋ᠢ ᠦᠵᠡᠪᠡᠰᠦ᠂ ᠤᠨᠠᠭᠤᠯᠢ ᠭᠦᠨ᠂ ᠬᠡᠷᠡᠮ ᠥᠨᠳᠥᠷ᠂ ᠰᠦᠯᠵᠢᠭᠦᠷ ᠮᠣᠳᠣᠨ ᠬᠦᠷᠢᠶ᠎ᠡ ᠪᠡᠨ ᠥᠨᠳᠥᠷ ᠪᠤᠰᠬᠠᠭᠠᠳ ᠬᠠᠭᠠᠯᠭ᠎ᠠ ᠡᠭᠦᠳᠡ ᠪᠡᠨ ᠶᠠᠭ ᠳᠠᠷᠤᠵᠤᠬᠤᠢ᠃ ᠲᠡᠳᠦᠢ ᠨᠠᠢ᠍ᠮᠠᠨ ᠤ᠋ ᠴᠡᠷᠢᠭ ᠭᠠᠷᠴᠤ ᠪᠠᠢᠯᠳᠤᠬᠤ ᠦᠭᠡᠢ ᠲᠤᠯᠠ ᠠᠷᠭ᠎ᠠ ᠦᠭᠡᠢ ᠴᠡᠷᠢᠭ ᠦ᠋ᠨ ᠬᠥᠮᠦᠨ ᠢ᠋ᠶ᠋ᠡᠷ ᠢᠴᠢᠭᠡᠨ ᠬᠠᠷᠢᠶᠠᠯᠭᠠᠬᠤᠢ ᠳ᠋ᠤᠷ ᠢᠯᠠᠭᠤ ᠶ᠋ᠢᠨ ᠴᠡᠷᠢᠭ ᠳᠠᠭᠠᠯᠳᠤᠭ᠎ᠠ ᠪᠠᠷ ᠬᠦᠷᠴᠦ ᠢᠷᠡᠭᠡᠳ ᠬᠦᠷᠴᠡ ᠴᠠᠪᠴᠢᠭᠤᠷ ᠢ᠋ᠶ᠋ᠠᠷ ᠤᠨᠠᠭᠤᠯᠢ ᠳ᠋ᠤᠷ ᠠᠨᠤ ᠰᠢᠷᠣᠢ ᠳᠦᠭᠦᠷᠭᠡᠨ᠂ ᠳᠡᠭᠡᠭᠡ ᠪᠠᠮᠪᠠᠢ ᠪᠠᠷᠢᠭ᠍ᠰᠠᠨ ᠴᠡᠷᠢᠭ ᠢ᠋ᠶ᠋ᠡᠷ ᠰᠦᠯᠵᠢᠭᠦᠷ ᠢ᠋ ᠢᠨᠤ ᠦᠵᠡᠵᠦ ᠡᠪᠳᠡᠯᠡᠬᠦᠢ ᠳ᠋ᠦ᠍ᠷ ᠬᠦᠷᠢᠶᠡᠨ ᠦ᠌ ᠳᠣᠲᠣᠷ᠎ᠠ ᠠ᠋ᠴᠠ ᠭᠡᠨᠡᠳᠲᠡ ᠬᠡᠩᠭᠡᠷᠭᠡ ᠴᠠᠩ ᠴᠣᠬᠢᠵᠤ ᠬᠣᠯᠬᠣᠪᠴᠢ ᠨᠤᠮᠤ ᠪᠠᠷ ᠬᠠᠷᠪᠤᠬᠤ ᠠᠨᠤ ᠪᠣᠷᠣᠭᠠᠨ ᠣᠷᠣᠬᠤ ᠮᠡᠲᠦ᠂ ᠢᠯᠠᠭᠤ ᠶ᠋ᠢᠨ ᠴᠡᠷᠢᠭ ᠨᠡᠯᠢᠶᠡᠳ ᠬᠣᠬᠢᠷᠠᠵᠤ ᠬᠣᠢᠰᠢ ᠤᠬᠤᠷᠢᠪᠠ᠃ ᠪᠠᠬᠠᠨ ᠰᠡᠭᠬᠢᠭᠡᠳ ᠪᠠᠰᠠ ᠣᠷᠣᠯᠳᠣᠪᠠᠰᠤ ᠳᠣᠲᠣᠷ᠎ᠠ ᠠ᠋ᠴᠠ ᠬᠠᠷᠪᠤᠬᠤ ᠠᠨᠤ ᠤᠷᠢᠳᠠ ᠶ᠋ᠢᠨ ᠠᠳᠠᠯᠢ ᠲᠤᠯᠠ ᠨᠢᠭᠡᠨ ᠡᠳᠦᠷ ᠤᠷᠤᠯᠳᠤᠵᠤ᠂ ᠴᠡᠷᠢᠭ ᠦ᠋ᠨ ᠠᠷᠠᠳ ᠬᠣᠯᠠ ᠠ᠋ᠴᠠ ᠰᠡᠬᠦᠭᠦᠯᠡᠨ ᠬᠦᠷᠴᠦ ᠢᠷᠡᠭᠰᠡᠨ ᠲᠤᠯᠠ ᠮᠠᠰᠢ ᠶᠠᠳᠠᠷᠠᠪᠠ᠃ ᠲᠡᠷᠡ ᠰᠥᠨᠢ ᠲᠠᠢᠶᠠᠩ ᠬᠠᠭᠠᠨ ᠥᠪᠡᠷ ᠦ᠋ᠨ ᠪᠡᠶ᠎ᠡ ᠪᠡᠷ ᠴᠡᠷᠢᠭ ᠠᠪᠴᠤ ᠮᠣᠷᠢᠨ ᠤ᠋ ᠬᠣᠩᠬᠣ ᠲᠠᠢᠯᠤᠭᠠᠳ ᠶᠡᠬᠡ ᠵᠠᠩᠵᠤᠨ ᠬᠤᠯᠠᠰᠤᠪᠴᠢ ᠪᠠ ᠵᠢᠴᠢ ᠶᠡᠬᠡ ᠶᠤᠸᠠᠨᠱᠤᠸᠠᠢ ᠴᠢᠦᠢ ᠰᠢᠦᠸᠠᠢ ᠡᠦ ᠨᠠᠷ ᠢ᠋ ᠠᠪᠴᠤ ᠬᠥᠮᠦᠨ ᠦ᠌ ᠠᠮᠠᠨ ᠳ᠋ᠤᠷ ᠰᠢᠪᠠᠭ᠎ᠠ ᠡᠮᠬᠦᠭᠦᠯᠦᠨ ᠬᠦᠷᠢᠶᠡᠨ ᠡᠴᠡ ᠰᠡᠮᠡᠬᠡᠷ ᠭᠠᠷᠬᠤᠶ᠎ᠠ ᠬᠡᠷᠡᠢᠳ ᠤᠯᠤᠰ ᠤ᠋ᠨ ᠴᠡᠷᠢᠭ ᠬᠠᠷᠠᠬᠠᠨ ᠠᠮᠲᠠᠳᠠᠶ᠎ᠠ ᠤᠮᠲᠠᠮᠤᠢ᠃ ᠲᠡᠳᠦᠢ ᠬᠡᠩᠭᠡᠷᠭᠡ ᠴᠠᠩ ᠭᠡᠨᠡᠳᠲᠡ ᠳᠠᠭᠤᠷᠢᠰᠴᠤ ᠶᠡᠬᠡᠯ᠎ᠡ ᠬᠠᠰᠬᠢᠷᠤᠯᠳᠤᠨ ᠠᠯᠠᠨ ᠡᠭᠦᠰᠬᠡᠭᠰᠡᠨ᠎ᠡ ᠨᠢᠭᠡᠨ ᠬᠥᠮᠦᠨ ᠠᠷᠪᠠᠨ ᠳ᠋ᠤᠷ ᠲᠡᠩᠴᠡᠵᠦ ᠴᠣᠬᠢᠨ ᠣᠷᠣᠪᠠ᠃
      ᠲᠡᠷᠡ ᠦᠶ᠎ᠡ ᠳ᠋ᠦ᠍ᠷ ᠢᠯᠠᠭᠤ ᠵᠡᠭᠦᠳᠦᠨ ᠡᠴᠡ ᠰᠣᠴᠢᠨ ᠰᠡᠷᠢᠭᠡᠳ ᠶᠠᠭᠠᠷᠠᠨ ᠬᠤᠶᠠᠭᠯᠠᠵᠤ ᠮᠣᠷᠢ ᠤᠨᠤᠲᠠᠯ᠎ᠠ ᠣᠯᠠᠨ ᠴᠡᠷᠢᠭ ᠠᠭᠤᠯᠠ ᠨᠤᠷᠠᠵᠤ ᠳᠠᠯᠠᠢ ᠲᠦᠯᠬᠢᠬᠦ ᠮᠡᠲᠦ ᠠᠯᠠᠨ ᠣᠷᠣᠵᠤ ᠢᠷᠡᠭᠰᠡᠨ᠎ᠡ ᠬᠡᠷᠡᠢᠳ ᠦ᠋ᠨ ᠴᠡᠷᠢᠭ ᠶᠡᠬᠡᠯ᠎ᠡ ᠰᠠᠮᠠᠭᠤᠷᠠᠪᠠ᠃ ᠲᠡᠳᠡ ᠴᠥᠮ ᠨᠣᠢᠷ ᠠ᠋ᠴᠠ ᠰᠠᠶᠢ ᠰᠡᠷᠭᠦᠵᠦ ᠮᠣᠷᠢ ᠡᠮᠡᠭᠡᠯᠯᠡᠨ᠂ ᠬᠥᠮᠦᠨ ᠬᠤᠶᠠᠭᠯᠠᠵᠤ ᠵᠠᠪᠳᠤᠬᠤ ᠦᠭᠡᠢ ᠳ᠋ᠦ᠍ᠷ ᠨᠠᠢ᠍ᠮᠠᠨ ᠤ᠋ ᠴᠡᠷᠢᠭ ᠦ᠋ᠨ ᠠᠯᠠᠬᠤ ᠠᠨᠤ ᠲᠠᠷᠪᠤᠰ ᠬᠠᠭᠠᠯᠵᠤ ᠨᠣᠭᠣᠭ᠎ᠠ ᠬᠡᠷᠴᠢᠬᠦ ᠮᠡᠲᠦ᠃ ᠢᠯᠠᠭᠤ ᠶᠡᠬᠡᠯ᠎ᠡ ᠳᠠᠷᠤᠭᠳᠠᠵᠤ ᠬᠠᠷᠠᠬᠠᠨ ᠪᠤᠷᠤᠭᠤᠯᠠᠬᠤᠶ᠎ᠠ ᠭᠡᠨᠡᠳᠲᠡ ᠦᠬᠡᠷ ᠫᠤᠤ ᠳᠤᠤᠭᠠᠷᠴᠤ ᠭᠣᠣ ᠶ᠋ᠢᠨ ᠰᠢᠭᠤᠢ ᠶ᠋ᠢᠨ ᠳᠣᠲᠣᠷ᠎ᠠ ᠠ᠋ᠴᠠ ᠪᠦᠭᠭᠦᠭᠰᠡᠨ ᠴᠡᠷᠢᠭ ᠭᠠᠷᠴᠤ ᠭᠠᠯ ᠤ᠋ᠨ ᠭᠡᠷᠡᠯ ᠲᠡᠭᠷᠢ ᠳ᠋ᠦ᠍ᠷ ᠲᠤᠯᠵᠤ᠂ ᠬᠠᠰᠬᠢᠷᠠᠬᠤ ᠳᠠᠭᠤᠨ ᠲᠠᠯ᠎ᠠ ᠳ᠋ᠤᠷ ᠳᠦᠭᠦᠷᠴᠦᠬᠦᠢ᠃ ᠪᠠᠷᠠᠭᠤᠨ ᠡᠲᠡᠭᠡᠳ ᠡᠴᠡ ᠮᠡᠳᠡᠯᠳᠦ ᠠᠯᠠᠨ ᠢᠷᠡᠬᠦᠢ ᠳ᠋ᠦ᠍ᠷ ᠢᠯᠠᠭᠤ ᠶᠠᠭᠠᠷᠠᠨ ᠲᠣᠰᠴᠤ ᠪᠠᠢᠯᠳᠤᠪᠠ᠃ ᠪᠠᠰᠠ ᠵᠡᠭᠦᠨ ᠡᠲᠡᠭᠡᠳ ᠡᠴᠡ ᠮᠢᠩᠭᠠᠲᠠᠨ ᠠᠯᠠᠨ ᠢᠷᠡᠬᠦᠢ ᠳ᠋ᠦ᠍ᠷ ᠪᠣᠯᠭᠤᠲᠠᠢ ᠤᠭᠲᠤᠨ ᠠᠯᠠᠯᠳᠤᠵᠤ᠂ ᠳᠥᠷᠪᠡᠨ ᠬᠥᠮᠦᠨ ᠬᠠᠷᠠᠬᠠᠨ ᠬᠠᠯᠠᠮᠰᠢᠨ ᠪᠠᠢᠯᠳᠤᠬᠤᠶ᠎ᠠ ᠬᠣᠢᠨ᠎ᠠ ᠠ᠋ᠴᠠ ᠲᠠᠢᠶᠠᠩ ᠬᠠᠭᠠᠨ᠂ ᠴᠢᠦᠢ ᠰᠢᠦᠸᠠᠢ ᠡᠦ ᠂ ᠬᠣᠯᠠᠰᠤᠪᠴᠢ ᠨᠠᠷ ᠤ᠋ᠨ ᠴᠡᠷᠢᠭ ᠭᠤᠷᠪᠠᠨ ᠵᠠᠮ ᠢ᠋ᠶ᠋ᠠᠷ ᠭᠦᠢᠴᠡᠨ ᠬᠦᠷᠴᠦ ᠢᠷᠡᠪᠡ᠃ ᠢᠯᠠᠭᠤ ᠲᠠᠢᠯᠵᠤ ᠦᠯᠦ ᠴᠢᠳᠠᠬᠤ ᠪᠠᠨ ᠮᠡᠳᠡᠭᠡᠳ ᠬᠣᠭᠣᠰᠣᠭᠠᠷ ᠨᠢᠭᠡᠨᠲᠡ ᠵᠢᠳᠠᠯᠠᠭᠠᠳ ᠴᠡᠷᠢᠭ ᠢ᠋ᠶ᠋ᠡᠨ ᠠᠪᠴᠤ ᠪᠤᠷᠤᠭᠤᠯᠠᠨ ᠠᠷᠪᠠᠨ ᠭᠠᠵᠠᠷ ᠶᠠᠪᠤᠭᠰᠠᠨ ᠦᠭᠡᠢ ᠣᠯᠠᠨ ᠴᠡᠷᠢᠭ ᠠᠮᠢᠰᠬᠤᠭ᠎ᠠ ᠶᠠᠳᠠᠬᠤᠶ᠎ᠠ ᠶᠡᠬᠡ ᠳᠣᠪᠣ ᠶ᠋ᠢᠨ ᠳᠣᠣᠷ᠎ᠠ ᠠ᠋ᠴᠠ ᠭᠡᠨᠡᠳᠲᠡ ᠪᠦᠷᠢᠶ᠎ᠡ ᠶ᠋ᠢᠨ ᠳᠠᠭᠤᠨ ᠭᠠᠷᠴᠤ ᠨᠢᠭᠡᠨ ᠪᠢᠴᠢᠬᠠᠨ ᠰᠠᠢᠬᠠᠨ ᠵᠠᠩᠵᠤᠨ᠂ ᠬᠣᠶᠠᠷ ᠪᠠᠭ᠎ᠠ ᠵᠠᠩᠵᠤᠨ ᠢ᠋ ᠳᠠᠭᠠᠭᠤᠯᠤᠨ ᠬᠥᠨᠳᠡᠯᠡᠨ ᠡᠲᠡᠭᠡᠳ ᠡᠴᠡ ᠠᠯᠠᠨ ᠣᠷᠣᠵᠤ ᠢᠷᠡᠪᠡ᠃ ᠬᠣᠰᠢᠭᠤᠴᠢ ᠪᠣᠯᠭᠣᠳᠠᠢ ᠲᠡᠭᠦᠨ ᠢ᠋ ᠪᠠᠭ᠎ᠠ ᠭᠡᠮᠡᠨ ᠪᠠᠰᠤᠵᠤ᠂ ᠶᠡᠬᠡ ᠢᠯᠳᠦ ᠪᠡᠨ ᠡᠷᠭᠦᠨ ᠴᠠᠪᠴᠢᠨ ᠣᠷᠣᠵᠤ ᠢᠷᠡᠬᠦᠢ ᠳ᠋ᠦ᠍ᠷ ᠠᠯᠲᠠᠨᠱᠠᠭ᠎ᠠ ᠰᠡᠷᠪᠡᠭᠡᠲᠦ ᠵᠢᠳᠠ ᠪᠠᠷ ᠨᠢᠭᠡᠨᠲᠡ ᠮᠤᠰᠬᠢᠮᠠᠭᠴᠠ ᠪᠣᠯᠭᠤᠳᠠᠢ ᠶ᠋ᠢᠨ ᠵᠡᠭᠦᠨ ᠭᠤᠶ᠎ᠠ ᠶ᠋ᠢ ᠨᠡᠪᠲᠡ ᠵᠢᠳᠠᠯᠠᠭᠰᠠᠨ ᠳ᠋ᠤᠷ ᠶᠡᠬᠡᠯ᠎ᠡ ᠡᠪᠡᠳᠦᠨ ᠠᠷᠠᠢ ᠮᠣᠷᠢᠨ ᠠ᠋ᠴᠠ ᠡᠰᠡ ᠤᠨᠠᠪᠠ᠃ ᠢᠯᠠᠭᠤ ᠲᠣᠰᠴᠤ ᠪᠠᠢᠯᠳᠤᠭᠰᠠᠨ᠎ᠠ ᠫᠣᠯᠭᠤᠳᠠᠢ ᠶ᠋ᠢᠨ ᠠᠮᠢ ᠬᠡᠯᠲᠦᠷᠢᠵᠦ ᠪᠤᠷᠤᠭᠤᠯᠠᠪᠠ᠃ ᠠᠯᠲᠠᠨᠱᠠᠭ᠎ᠠ ᠶ᠋ᠢᠨ ᠰᠦᠷ ᠬᠦᠴᠦᠨ ᠤᠯᠠᠮ ᠨᠡᠮᠡᠭᠳᠡᠵᠦ᠂ ᠵᠢᠳᠠ ᠠᠨᠤ ᠰᠠᠯᠬᠢᠨ ᠭᠠᠯ ᠠ᠋ᠴᠠ ᠲᠦᠷᠭᠡᠨ ᠲᠤᠯᠠ ᠢᠯᠠᠭᠤ ᠪᠠᠰᠠ ᠬᠣᠢᠲᠤᠬᠢ ᠴᠡᠷᠢᠭ ᠨᠡᠬᠡᠨ ᠬᠦᠷᠴᠦ ᠢᠷᠡᠬᠦ ᠡᠴᠡ ᠠᠶᠤᠨ ᠴᠢᠯᠥᠭᠡ ᠡᠷᠢᠨ ᠳᠠᠷᠤᠢ ᠪᠤᠷᠤᠭᠤᠯᠠᠪᠠ᠃ ᠠᠯᠲᠠᠨᠱᠠᠭ᠎ᠠ ᠠᠯᠠᠯᠳᠤᠭᠰᠠᠭᠠᠷ ᠲᠩᠷᠢ ᠬᠡᠬᠡᠷᠡᠭᠰᠡᠨ ᠳ᠋ᠦ᠍ᠷ ᠦᠵᠡᠬᠦᠯ᠎ᠡ ᠬᠠᠮᠤᠭ ᠤ᠋ᠨ ᠰᠡᠭᠦᠯ ᠦ᠋ᠨ ᠨᠢᠭᠡᠨ ᠠᠩᠭᠢ ᠴᠡᠷᠢᠭ ᠦ᠋ᠨ ᠲᠡᠷᠢᠭᠦᠯᠡᠭᠰᠡᠨ ᠢᠨᠤ ᠬᠠᠷᠢᠨ ᠨᠢᠭᠡᠨ ᠰᠢᠯ ᠪᠣᠯᠣᠷ ᠮᠡᠲᠦ ᠰᠠᠢᠬᠠᠨ ᠥᠬᠢᠨ ᠬᠥᠮᠦᠨ ᠬᠣᠷᠢ ᠭᠤᠴᠢᠨ ᠪᠢᠰᠢᠭᠤᠯᠢᠭ᠋ ᠡᠬᠡᠨᠡᠷ ᠥᠬᠢᠳ ᠢ᠋ ᠠᠪᠴᠤ ᠨᠢᠰᠬᠦ ᠮᠡᠲᠦ ᠳᠣᠪᠲᠣᠯᠤᠨ ᠬᠦᠷᠴᠦ ᠢᠷᠡᠪᠡ᠃ ᠲᠡᠷᠡ ᠦᠶ᠎ᠡ ᠳ᠋ᠦ᠍ᠷ ᠬᠠᠪᠤᠷ ᠤ᠋ᠨ ᠳᠤᠮᠳᠠ ᠶ᠋ᠢᠨ ᠴᠠᠭ ᠲᠤᠯᠠ ᠲᠡᠭᠷᠢ ᠪᠠᠰᠠ ᠬᠦ᠌ ᠬᠦᠢᠲᠡᠨ᠂ ᠲᠡᠷᠡ ᠥᠬᠢᠨ ᠲᠡᠷᠢᠭᠦᠨ ᠳ᠋ᠡᠭᠡᠨ ᠲᠠᠲᠠᠵᠤ ᠤᠶᠠᠭᠰᠠᠨ ᠰᠤᠪᠤᠳ᠂ ᠬᠠᠳᠠᠮᠠᠯ ᠬᠠᠷ᠎ᠠ ᠪᠤᠳᠤᠮᠠᠯ ᠪᠤᠯᠠᠭᠠᠨ ᠮᠠᠯᠠᠭ᠎ᠠ ᠡᠮᠦᠰᠴᠦ ᠭᠤᠷᠪᠠᠨ ᠨᠢᠳᠦᠲᠦ ᠲᠣᠭᠣᠰ ᠤ᠋ᠨ ᠤᠲᠤᠭ᠎ᠠ ᠵᠡᠭᠦᠭᠡᠳ ᠬᠣᠶᠠᠷ ᠤᠷᠲᠤ ᠴᠠᠴᠤᠭᠲᠤ ᠵᠠᠯᠠᠭ᠎ᠠ ᠲᠣᠷᠭᠠᠮᠰᠤᠭ  ᠪᠦᠴᠡ ᠠᠷᠤ ᠶ᠋ᠢᠨ ᠬᠣᠢᠨ᠎ᠠ ᠬᠡᠢᠰᠴᠦ ᠪᠡᠶ᠎ᠡ ᠳ᠋ᠦ᠍ᠷ ᠠᠯᠲᠠᠨ ᠭᠠᠷᠠᠬ᠎ᠠ ᠶ᠋ᠢᠨ ᠬᠤᠶᠠᠭ ᠤ᠋ᠨ ᠳᠡᠭᠡᠷ᠎ᠡ ᠬᠠᠳᠬᠤᠮᠠᠯ ᠬᠡᠮᠡᠷᠯᠢᠭ ᠮᠠᠩᠨᠤᠭ ᠳᠡᠪᠡᠯ ᠢ᠋ᠶ᠋ᠡᠷ ᠳᠠᠪᠬᠤᠷᠯᠠᠵᠤ᠂ ᠡᠮᠦᠨ᠎ᠡ ᠪᠡᠨ ᠤᠯᠠᠭᠠᠨ ᠢᠷᠪᠢᠰ ᠦ᠋ᠨ ᠬᠣᠷᠮᠣᠢ ᠪᠦᠰᠡᠯᠡᠵᠦ᠂ ᠨᠢᠭᠡᠨ ᠲᠡᠭᠦᠰ ᠴᠡᠴᠡᠭᠲᠦ ᠪᠦᠰᠡ ᠡᠪᠦᠳᠦᠭ ᠦ᠋ᠨ ᠳᠣᠣᠷ᠎ᠠ ᠬᠡᠢᠰᠦᠨ ᠳᠡᠷᠪᠡᠯᠵᠡᠵᠦ ᠂ ᠨᠢᠭᠤᠷ ᠠᠨᠤ ᠰᠢᠨ᠎ᠡ ᠳᠡᠯᠭᠡᠷᠡᠭᠰᠡᠨ ᠯᠢᠩᠬᠤ᠎ᠠ ᠴᠡᠴᠡᠭ ᠮᠡᠲᠦ᠂ ᠪᠡᠶ᠎ᠡ  ᠢᠨᠤ ᠬᠠᠪᠤᠷ ᠤ᠋ᠨ ᠰᠠᠯᠬᠢᠨ ᠤ᠋  ᠨᠠᠢᠯᠵᠠᠭᠤᠷ ᠪᠤᠷᠭᠠᠰᠤᠨ ᠠᠳᠠᠯᠢ ᠨᠢᠳᠦ ᠳᠦᠭᠦᠷᠡᠩ ᠨᠠᠢᠷ ᠤ᠋ᠨ ᠭᠡᠷᠡᠯ ᠳᠦᠭᠦᠷᠦᠭᠡᠳ ᠰᠢᠩᠬᠤ ᠶ᠋ᠢᠨ ᠤᠷᠤᠭᠤᠯ ᠬᠠᠰ ᠶᠠᠰᠤᠨ ᠢ᠋  ᠡᠮᠬᠦᠵᠦᠬᠦᠢ᠃ ᠭᠠᠷ ᠲᠤᠷ ᠤᠷᠲᠤ ᠡᠰᠢᠲᠦ ᠰᠠᠷᠠᠲᠤ ᠵᠢᠳᠠ ᠪᠠᠷᠢᠵᠤ᠂ ᠬᠥᠯ ᠳ᠋ᠦ᠍ᠷ ᠱ᠌ᠢᠷᠦ ᠰᠢᠭᠢᠳᠬᠡᠭᠰᠡᠨ ᠪᠠᠢᠯᠳᠤᠭᠠᠨ ᠤ᠋ ᠭᠤᠲᠤᠯ ᠡᠮᠦᠰᠦᠭᠡᠳ ᠦᠨᠡᠬᠡᠷ ᠬᠥᠮᠦᠨ ᠦ᠌ ᠰᠡᠳᠬᠢᠯ ᠢ᠋ ᠬᠥᠪᠬᠡᠯᠵᠡᠭᠦᠯᠦᠨ ᠵᠢᠷᠦᠬᠡ ᠶ᠋ᠢ ᠤᠶᠠᠷᠠᠭᠤᠯᠤᠮᠤᠢ᠃ ᠠᠯᠲᠠᠨᠱᠠᠭ᠎ᠠ ᠦᠵᠡᠭᠡᠳ ᠶᠠᠭᠠᠷᠠᠨ ᠵᠢᠳᠠ ᠪᠠᠨ ᠬᠣᠷᠢᠶᠠᠨ ᠠᠪᠴᠤ ᠢᠨᠢᠶᠡᠮᠰᠦᠭᠯᠡᠨ ᠠᠰᠠᠭᠤᠷᠤᠨ:《 ᠴᠢ ᠶᠠᠮᠪᠠᠷ ᠬᠥᠮᠦᠨ ᠪᠣᠢ ? 》  ᠰᠤᠯᠤᠩᠭᠤᠸ᠎ᠠ ᠭᠡᠨᠡᠳᠲᠡ ᠨᠢᠳᠦ ᠡᠷᠭᠦᠨ ᠲᠡᠷᠡ ᠪᠢᠴᠢᠬᠠᠨ ᠵᠠᠩᠵᠤᠨ ᠢ᠋ ᠦᠵᠡᠪᠡᠰᠦ᠂ ᠠᠶ᠎ᠠ ᠬᠥᠮᠥᠰᠬᠡ ᠠᠷᠢᠭᠤᠨ ᠬᠥᠬᠡ ᠠᠭᠤᠯᠠ ᠮᠡᠲᠦ᠂ ᠨᠢᠳᠦ ᠭᠡᠭᠡᠬᠡᠨ ᠲᠤᠩᠭᠠᠯᠠᠭ ᠪᠤᠯᠠᠭ ᠠᠳᠠᠯᠢ᠂ ᠤᠷᠤᠭᠤᠯ ᠤᠯᠠᠭᠠᠨ᠂ ᠰᠢᠲᠦ ᠴᠠᠭᠠᠨ᠂ ᠪᠡᠶ᠎ᠡ ᠬᠣᠪᠣᠷ᠂ ᠪᠡᠯᠭᠡᠭᠦᠰᠦᠨ ᠨᠠᠷᠢᠨ᠂ ᠮᠥᠩᠭᠥᠨ ᠦ᠌ ᠬᠤᠶᠠᠭ ᠳᠤᠭᠤᠯᠠᠭ᠎ᠠ ᠡᠮᠦᠰᠴᠦ ᠲᠡᠷᠢᠭᠦᠨ ᠳ᠋ᠦ᠍ᠷ ᠬᠢᠷᠭᠤᠤᠯ ᠤ᠋ᠨ ᠰᠡᠭᠦᠯ ᠬᠠᠳᠬᠤᠭᠠᠳ ᠬᠥᠳᠡᠯᠵᠦ ᠠᠭᠠᠰᠢᠯᠠᠬᠤ ᠠᠨᠤ ᠥᠪᠡᠷᠮᠢᠴᠡ ᠲᠠᠭᠠᠯᠠᠮᠵᠢᠲᠠᠢ ᠪᠥᠭᠡᠳ ᠬᠥᠮᠦᠨ ᠦᠵᠡᠪᠡᠰᠦ ᠶᠡᠷᠦ ᠢᠨᠢᠶᠡᠰᠦᠭᠡᠢ ᠭᠡᠮᠡᠨ ᠪᠠᠶᠠᠰᠬᠤᠯᠠᠩ ᠤ᠋ᠨ ᠰᠡᠳᠬᠢᠯ ᠲᠥᠷᠥᠮᠦᠢ᠃ ᠰᠣᠯᠤᠩᠭᠤᠸ᠎ᠠ ᠲᠡᠭᠦᠨ ᠦ᠌ ᠪᠡᠶ᠎ᠡ ᠶ᠋ᠢ ᠨᠢ ᠠᠰᠠᠭᠤᠬᠤ ᠶ᠋ᠢ ᠦᠵᠡᠭᠡᠳ ᠭᠡᠨᠡᠳᠲᠡ ᠳᠣᠲᠣᠷ᠎ᠠ ᠬᠥᠳᠡᠯᠵᠦ᠂ ᠢᠷᠠᠭᠤ ᠬᠥᠩᠭᠡᠨ ᠬᠥᠬᠥᠭᠡ ᠶ᠋ᠢᠨ ᠳᠠᠭᠤᠨ ᠢ᠋ᠶ᠋ᠠᠷ ᠭᠡᠳᠡᠷᠭᠦ ᠠᠰᠠᠭᠤᠷᠤᠨ:《 ᠴᠢ ᠶᠠᠮᠪᠠᠷ ᠬᠥᠮᠦᠨ ᠪᠣᠢ ᠨᠠᠮᠠᠶ᠋ᠢ ᠠᠰᠠᠭᠤᠵᠤ ᠶᠠᠭᠤ ᠬᠢᠮᠦᠢ ? 》  ᠠᠯᠲᠠᠨᠱᠠᠭ᠎ᠠ ᠥᠭᠦᠯᠡᠷᠦᠨ:《 ᠨᠠᠢ᠍ᠮᠠᠨ ᠤᠯᠤᠰ ᠤ᠋ᠨ ᠡᠷᠬᠡᠲᠦ ᠡᠵᠡᠨ ᠲᠠᠢᠶᠠᠩ ᠬᠠᠭᠠᠨ ᠤ᠋ ᠨᠠᠢᠷᠠᠮᠳᠠᠬᠤ ᠭᠡᠭᠡᠨ ᠬᠤᠪᠢᠯᠭᠠᠨ ᠵᠢᠳᠠᠲᠤ ᠠᠯᠲᠠᠨᠱᠠᠭ᠎ᠠ ᠬᠥᠪᠡᠭᠦᠨ ᠬᠡᠮᠡᠭᠴᠢ ᠪᠢ ᠮᠥᠨ᠂ ᠴᠢᠨᠦ ᠨᠡᠷ᠎ᠡ ᠬᠡᠨ? 》 ᠰᠣᠯᠤᠩᠭᠤᠸ᠎ᠠ ᠬᠠᠷᠠᠬᠠᠨ ᠵᠥᠭᠡᠯᠡᠨ ᠭᠡᠳᠡᠰᠦᠲᠦ ᠴᠠᠭ ᠲᠤᠯᠠ ᠳᠠᠷᠤᠢ ᠬᠠᠷᠢᠭᠤ ᠥᠭᠦᠯᠡᠷᠦᠨ:《 ᠬᠡᠷᠡᠢᠳ ᠠᠢᠮᠠᠭ ᠤ᠋ᠨ ᠥᠷᠥᠰᠢᠶᠡᠯᠲᠦ ᠾᠧ ᠸᠠᠩ ᠡᠵᠡᠨ ᠦ᠌ ᠬᠡᠴᠡᠭᠦᠦ ᠬᠠᠷᠪᠤᠭᠴᠢ ᠭᠠᠭᠴᠠ ᠥᠬᠢᠨ ᠰᠣᠯᠤᠩᠭᠤᠸ᠎ᠠ ᠬᠡᠮᠡᠭᠴᠢ ᠪᠢ ᠮᠥᠨ! 》 ᠬᠡᠮᠡᠭᠰᠡᠨ ᠳ᠋ᠦ᠍ᠷ ᠠᠯᠲᠠᠨᠱᠠᠭ᠎ᠠ ᠳᠣᠲᠣᠷ᠎ᠠ ᠪᠠᠨ ᠰᠠᠨᠠᠷᠤᠨ:《 ᠡᠨᠡ ᠥᠬᠢᠨ ᠦ᠌ ᠡᠩᠭᠡᠰᠬᠡ ᠶ᠋ᠢᠨ ᠵᠠᠰᠠᠯᠭ᠎ᠠ ᠦᠭᠡᠢ ᠪᠥᠭᠡᠳ ᠶᠠᠭᠤᠲᠠᠢ ᠡᠢᠮᠦ ᠭᠤᠸ᠎ᠠ ᠰᠠᠢᠬᠠᠨ ᠠᠵᠢ? ᠮᠠᠨ ᠤ᠋ ᠬᠣᠢᠲᠤ ᠭᠠᠵᠠᠷ ᠪᠠᠰᠠ ᠡᠢᠮᠦ ᠵᠢᠰᠦᠲᠡᠨ ᠲᠥᠷᠥᠳᠡᠭ ᠠᠵᠤᠭᠤ? ᠬᠠᠢᠷᠠᠬᠠᠨ ᠪᠢ ᠡᠭᠦᠨ ᠢ᠋ ᠠᠯᠠᠵᠤ ᠲᠦᠪᠳᠡᠬᠦ ᠦᠭᠡᠢ᠂ ᠨᠢᠭᠡᠨ ᠤᠳᠠᠭ᠎ᠠ ᠢᠴᠢᠭᠡᠨ ᠬᠡᠯᠡᠵᠦ ᠲᠠᠯᠪᠢᠨ ᠢᠯᠡᠭᠡᠰᠦᠭᠡᠢ! 》 ᠬᠡᠮᠡᠭᠡᠳ ᠰᠣᠯᠤᠩᠭᠤᠸ᠎ᠠ ᠶ᠋ᠢᠨ ᠵᠦᠭ ᠥᠭᠦᠯᠡᠷᠦᠨ :《 ᠪᠢ ᠰᠠᠨᠠᠪᠠᠰᠤ ᠴᠢᠨᠦ ᠡᠴᠢᠭᠡ ᠮᠥᠨ ᠨᠢᠭᠡᠨ ᠸᠠᠩ ᠬᠥᠮᠦᠨ ᠪᠥᠭᠡᠳ ᠳᠣᠣᠷ᠎ᠠ ᠪᠠᠢᠯᠳᠤᠭᠠᠨ ᠤ᠋ ᠲᠦᠰᠢᠮᠡᠯ ᠦᠭᠡᠢ ᠬᠡᠮᠡᠵᠦ ᠥᠬᠢᠨ ᠢ᠋ᠶ᠋ᠡᠨ ᠲᠠᠯᠪᠢᠨ ᠭᠠᠷᠭᠠᠵᠤ ᠡᠷ᠎ᠡ ᠰᠣᠩᠭᠣᠭᠤᠯᠤᠮᠤᠢ ᠤᠤ? 》 ᠰᠣᠯᠤᠩᠭᠤᠸ᠎ᠠ ᠡᠨᠡ ᠦᠭᠡᠨ ᠳ᠋ᠦ᠍ᠷ ᠬᠥᠮᠥᠰᠬᠡ ᠵᠢᠷᠡᠢᠭᠡᠳ ᠬᠠᠷᠢᠭᠤ ᠥᠭᠦᠯᠡᠷᠦᠨ:《 ᠪᠢ ᠰᠠᠨᠠᠪᠠᠰᠤ ᠴᠢᠨᠦ ᠡᠴᠢᠭᠡ ᠬᠠᠷᠢᠨ ᠨᠢᠭᠡᠨ ᠬᠠᠭᠠᠨ ᠬᠥᠮᠦᠨ ᠬᠡᠮᠡᠬᠦ ᠪᠥᠭᠡᠳ ᠳᠠᠢᠰᠤᠨ ᠳ᠋ᠤᠷ ᠬᠡᠷᠡᠭᠯᠡᠬᠦ ᠬᠥᠮᠦᠨ ᠴᠦ᠍ ᠦᠭᠡᠢ ᠭᠡᠮᠡᠨ ᠨᠣᠬᠠᠢ ᠶ᠋ᠢᠨ ᠭᠥᠯᠥᠭᠡ ᠶ᠋ᠢ ᠲᠠᠯᠪᠢᠨ ᠭᠠᠷᠭᠠᠵᠤ ᠬᠥᠮᠦᠨ ᠦ᠌ ᠡᠰᠡᠷᠭᠦ ᠬᠤᠴᠠᠭᠤᠯᠤᠮᠤᠢ ᠤᠤ? 》 ᠬᠡᠮᠡᠭᠰᠡᠨ ᠳ᠋ᠦ᠍ᠷ ᠬᠣᠶᠠᠷ ᠡᠲᠡᠭᠡᠳ ᠦ᠋ᠨ ᠴᠡᠷᠢᠭ ᠠᠷᠠᠳ ᠴᠥᠮ ᠢᠨᠢᠶᠡᠳᠦᠮ ᠲᠥᠷᠥᠪᠡ᠃  ᠠᠯᠲᠠᠨᠱᠠᠭ᠎ᠠ ᠶᠡᠬᠡᠯ᠎ᠡ ᠠᠭᠤᠷ ᠲᠥᠷᠥᠵᠦ ᠶ᠋ᠢᠳᠡ ᠪᠡᠨ ᠮᠤᠰᠬᠢᠨ ᠵᠢᠳᠠᠯᠠᠨ ᠢᠷᠡᠬᠦᠶ᠎ᠡ ᠰᠣᠯᠣᠩᠭᠤᠸ᠎ᠠ ᠳᠠᠷᠤᠢ ᠰᠠᠷᠠᠲᠤ ᠵᠢᠳᠠ ᠪᠠᠨ ᠡᠷᠭᠢᠭᠦᠯᠦᠨ ᠲᠣᠰᠴᠤ ᠵᠠᠢᠯᠠᠭᠤᠯᠤᠭᠠᠳ ᠨᠢᠭᠡᠨ ᠬᠣᠣᠰ ᠰᠠᠢᠬᠠᠨ ᠬᠥᠪᠡᠭᠦᠨ ᠦᠵᠡᠰᠬᠦᠯᠡᠩ ᠥᠬᠢᠨ ᠬᠣᠶᠠᠭᠤᠯᠠ ᠵᠥᠷᠢᠴᠡᠯᠳᠦᠨ ᠪᠠᠢᠯᠳᠤᠵᠤ᠂ ᠬᠣᠷᠢᠨ ᠤᠳᠠᠭ᠎ᠠ ᠢᠯᠡᠭᠦᠦ ᠪᠣᠯᠲᠠᠯ᠎ᠠ ᠲᠠᠢᠯᠤᠨ ᠳᠡᠢᠯᠦᠭᠳᠡᠬᠦ ᠢᠯᠭᠠᠭᠳᠠᠬᠤ ᠦᠭᠡᠢ ᠳ᠋ᠦ᠍ᠷ ᠠᠯᠲᠠᠨᠱᠠᠭ᠎ᠠ ᠦᠵᠡᠪᠡᠰᠦ ᠰᠣᠯᠤᠩᠭᠤᠸ᠎ᠠ ᠶ᠋ᠢᠨ ᠢᠳᠡ ᠬᠡᠷᠡᠭᠯᠡᠬᠦ  ᠢᠨᠤ ᠭᠢᠯᠪᠢᠯᠭᠡᠨ ᠴᠠᠬᠢᠯᠭᠠᠨ ᠮᠡᠲᠦ᠂ ᠰᠠᠯᠬᠢᠨ ᠪᠣᠷᠣᠭᠠᠨ ᠨᠡᠪᠲᠡᠷᠡᠰᠢ ᠦᠭᠡᠢ ᠳ᠋ᠦ᠍ᠷ ᠠᠯᠲᠠᠨᠱᠠᠭ᠎ᠠ ᠳᠣᠲᠣᠷ᠎ᠠ ᠪᠠᠨ ᠭᠠᠢᠬᠠᠵᠤ ᠰᠠᠨᠠᠷᠤᠨ:《 ᠶᠠᠭᠤ ᠲᠠᠢ ᠨᠢᠭᠡᠨ ᠰᠠᠢᠨ ᠡᠷᠳᠡᠮ ᠴᠢᠳᠠᠯᠲᠤ ᠰᠠᠢᠬᠠᠨ ᠥᠬᠢᠨ ᠪᠣᠢ ? ᠬᠠᠢᠷᠠᠬᠠᠨ ᠬᠠᠷᠢᠨ ᠬᠠᠰᠢ ᠬᠡᠷᠡᠭ ᠪᠣᠯᠭᠤᠵᠠᠢ᠂ ᠪᠢ ᠲᠦᠷ ᠲᠡᠭᠦᠨ ᠦ᠌ ᠤᠬᠠᠭᠠᠨ ᠢ᠋ ᠲᠡᠩᠰᠡᠵᠦ ᠦᠵᠡᠰᠦᠭᠡᠢ! 》 ᠬᠡᠮᠡᠭᠡᠳ ᠵᠢᠳᠠ ᠪᠠᠨ ᠬᠡᠳᠦᠨᠲᠡ ᠬᠤᠷᠤᠢᠯᠠᠭᠠᠳ ᠳᠠᠷᠤᠢ ᠮᠣᠷᠢ ᠪᠠᠨ ᠲᠡᠩᠭᠦᠷᠡᠭᠦᠯᠦᠨ ᠪᠤᠷᠤᠭᠤᠯᠠᠪᠠ᠃ ᠰᠤᠯᠤᠩᠭᠤᠸ᠎ᠠ ᠨᠢᠰᠬᠦ ᠮᠡᠲᠦ ᠨᠡᠬᠡᠨ ᠢᠷᠡᠬᠦᠢ ᠳ᠋ᠦ᠍ᠷ ᠭᠡᠨᠡᠳᠲᠡ ᠨᠣᠮᠣᠨ ᠤ᠋ ᠬᠥᠪᠴᠢ ᠶ᠋ᠢᠨ ᠴᠢᠮᠡᠭᠡ ᠰᠣᠨᠣᠰᠤᠭᠳᠠᠲᠠᠯ᠎ᠠ ᠨᠢᠳᠦᠨ ᠬᠤᠷᠴᠠ ᠲᠤᠯᠠ ᠪᠠᠷᠠᠭᠤᠨ ᠭᠠᠷ ᠢ᠋ᠶ᠋ᠠᠨ ᠨᠢᠭᠡᠨᠲᠡ ᠰᠤᠩᠭᠠᠮᠠᠭᠴᠠ ᠲᠡᠭᠦᠨ ᠦ᠌ ᠰᠤᠮᠤ ᠶ᠋ᠢ ᠠᠳᠬᠤᠵᠤ ᠠᠪᠤᠭᠠᠳ ᠦᠵᠡᠬᠦᠯ᠎ᠡ ᠬᠠᠷᠢᠨ ᠨᠢᠭᠡᠨ ᠵᠡᠪᠡ ᠦᠭᠡᠢ ᠰᠤᠮᠤ ᠠᠵᠤᠭᠤ᠃ ᠥᠲᠥᠨ ᠦ᠌ ᠬᠣᠭᠣᠷᠣᠨᠳᠣ ᠠᠯᠲᠠᠲᠤ ᠰᠢᠩᠬᠤ ᠪᠠᠷ ᠳᠣᠯᠣᠭᠠᠨ ᠣᠳᠣᠨ ᠵᠢᠷᠤᠵᠤᠬᠤᠢ᠃ ᠰᠣᠯᠤᠩᠭᠤᠸ᠎ᠠ ᠡᠭᠦᠨ ᠢ᠋ ᠦᠵᠡᠭᠡᠳ ᠭᠡᠨᠡᠳᠲᠡ ᠰᠡᠳᠬᠢᠯ ᠬᠥᠳᠡᠯᠵᠦ ᠳᠣᠲᠣᠷ᠎ᠠ ᠬᠥᠪᠬᠡᠯᠵᠡᠭᠡᠳ ᠵᠤᠤᠮᠠᠰᠬᠢᠲᠡᠯ᠎ᠡ ᠥᠴᠦᠬᠡᠨ ᠢᠨᠢᠶᠡᠵᠦ᠂ ᠰᠤᠮᠤ ᠶ᠋ᠢ ᠰᠠᠭᠠᠳᠠᠭ ᠲᠠᠭᠠᠨ ᠲᠥᠷᠥᠭᠡᠳ ᠮᠤᠷᠤᠢ ᠬᠥᠮᠥᠰᠬᠡ ᠪᠡᠨ ᠪᠠᠬᠠᠨ ᠠᠲᠤᠷᠢᠮᠠᠭᠴᠠ ᠨᠢᠭᠡᠨ ᠰᠠᠨᠠᠭᠠᠨ ᠣᠯᠵᠤ᠂ ᠵᠢᠳᠠ ᠪᠠᠨ ᠡᠮᠡᠭᠡᠯ ᠦ᠋ᠨ ᠪᠦᠭᠦᠷᠭᠡ ᠳ᠋ᠡᠭᠡᠨ ᠬᠥᠨᠳᠡᠯᠢᠳᠴᠦ ᠬᠠᠪᠴᠢᠭᠤᠯᠤᠭᠠᠳ ᠮᠠᠩᠨᠤᠭ ᠬᠠᠪᠲᠠᠭ᠎ᠠ ᠶ᠋ᠢᠨ ᠳᠣᠲᠣᠷ᠎ᠠ ᠠ᠋ᠴᠠ ᠨᠢᠭᠡᠨ ᠮᠥᠬᠥᠯᠢᠭ ᠭᠠᠷᠭᠠᠵᠤ ᠦᠵᠡᠪᠡᠰᠦ ᠠᠯᠲᠠᠨᠱᠠᠭ᠎ᠠ ᠬᠠᠷᠠᠬᠠᠨ ᠢᠨᠢᠶᠡᠮᠰᠦᠭᠯᠡᠬᠦ ᠴᠢᠷᠠᠢ ᠪᠠᠷ ᠢᠷᠡᠬᠦ ᠲᠤᠯᠠ ᠲᠡᠳᠦᠢ ᠨᠤᠮᠤ ᠪᠠᠨ ᠲᠠᠲᠠᠵᠤ ᠲᠠᠮᠰᠢᠶᠠᠯᠠᠨ ᠢᠯᠡᠭᠡᠪᠡ᠃ ᠠᠯᠲᠠᠨᠱᠠᠭ᠎ᠠ ᠯᠠᠪ ᠬᠠᠷᠢᠭᠤ ᠨᠢᠭᠡᠨ ᠰᠤᠮᠤ ᠬᠠᠷᠪᠤᠪᠠᠢ ᠊ᠶ᠎ᠠ ᠭᠡᠮᠡᠨ ᠬᠠᠷᠠᠬᠠᠨ ᠠᠵᠢᠶᠠᠷᠠᠬᠤᠢ ᠳ᠋ᠤᠷ ᠵᠢᠳᠠ ᠠᠳᠬᠤᠭᠰᠠᠨ ᠪᠠᠷᠠᠭᠤᠨ ᠭᠠᠷ ᠤ᠋ᠨ ᠠᠷᠤ ᠳ᠋ᠤᠷ ᠨᠢᠭᠡᠨ ᠮᠥᠬᠥᠯᠢᠭ ᠳᠦᠪᠬᠢᠲᠡᠯ᠎ᠡ ᠲᠣᠰᠴᠤ ᠶ᠋ᠢᠳᠡ ᠪᠡᠨ ᠠᠷᠠᠢ ᠡᠰᠡ ᠠᠯᠳᠠᠪᠠ᠃ ᠠᠯᠲᠠᠨᠱᠠᠭ᠎ᠠ ᠮᠥᠬᠥᠯᠢᠭ ᠢ᠋ ᠠᠪᠤᠭᠤᠯᠵᠤ ᠦᠵᠡᠪᠡᠰᠦ ᠳᠡᠭᠡᠷ᠎ᠡ ᠢᠨᠤ ᠠᠯᠲᠠᠨ ᠢ᠋ᠶ᠋ᠠᠷ ᠮᠥᠩᠬᠡ ᠲᠠᠮᠠᠭ᠎ᠠ ᠳᠠᠷᠤᠵᠤᠬᠤᠢ᠃ ᠠᠯᠲᠠᠨᠱᠠᠭ᠎ᠠ ᠶ᠋ᠢᠨ ᠰᠡᠳᠬᠢᠯ ᠭᠡᠨᠡᠳᠲᠡ ᠳᠣᠯᠭᠢᠰᠤᠨ ᠬᠥᠳᠡᠯᠵᠦ ᠮᠣᠷᠢ ᠪᠠᠨ ᠲᠡᠳᠡᠨ ᠵᠣᠭᠰᠣᠭᠠᠭᠠᠳ ᠰᠣᠯᠤᠩᠭᠤᠸ᠎ᠠ ᠶ᠋ᠢ ᠤᠯᠠᠮ ᠰᠢᠷᠳᠡᠪᠡᠰᠦ ᠤᠯᠠᠮ ᠰᠠᠢᠬᠠᠨ ᠳ᠋ᠤᠷ ᠬᠡᠷᠬᠢᠬᠦ ᠪᠡᠨ ᠮᠡᠳᠡᠬᠦ ᠦᠭᠡᠢ ᠪᠣᠯᠪᠠᠢ ᠃ ᠰᠣᠯᠤᠩᠭᠤᠸ᠎ᠠ᠂ ᠠᠯᠲᠠᠨᠱᠠᠭ᠎ᠠ ᠶ᠋ᠢᠨ ᠦᠯᠦ ᠬᠥᠳᠡᠯᠬᠦ ᠶ᠋ᠢ ᠦᠵᠡᠭᠡᠳ ᠮᠥᠨ ᠴᠢᠷᠠᠢ ᠪᠠᠨ ᠲᠥᠪ ᠪᠣᠯᠭᠠᠨ ᠲᠡᠭᠦᠨ ᠢ᠋ ᠰᠢᠷᠳᠡᠵᠦ ᠣᠭᠲᠣ ᠳᠠᠭᠤᠨ ᠭᠠᠷᠬᠤ ᠦᠭᠡᠢ᠂ ᠬᠣᠶᠠᠭᠤᠯᠠ ᠵᠣᠭ ᠵᠣᠭᠰᠣᠵᠤ ᠬᠠᠷᠢᠯᠴᠠᠨ ᠰᠢᠷᠲᠡᠯᠴᠡᠵᠦ ᠬᠠᠭᠠᠰ ᠴᠠᠭ ᠪᠣᠯᠤᠭᠰᠠᠨ ᠳ᠋ᠤᠷ ᠬᠠᠵᠠᠭᠤ ᠠ᠋ᠴᠠ ᠨᠢᠭᠡᠨ ᠶᠡᠬᠡᠬᠡᠨ ᠡᠬᠡᠨᠡᠷ ᠳᠠᠷᠤᠨ ᠴᠢᠳᠠᠬᠤ ᠦᠭᠡᠢ ᠥᠭᠦᠯᠡᠷᠦᠨ:《 ᠲᠡᠷᠡ ᠪᠢᠴᠢᠬᠠᠨ ᠵᠠᠩᠵᠤᠨ ᠪᠠᠢᠯᠳᠤᠪᠠᠰᠤ ᠪᠠᠢᠯᠳᠤᠬᠤ ᠦᠭᠡᠢ᠂ ᠡᠭᠡᠪᠡᠰᠦ ᠡᠭᠡᠬᠦ ᠦᠭᠡᠢ᠂ ᠳᠡᠮᠡᠢᠯᠡ ᠡᠢᠨ ᠬᠦ᠌ ᠮᠠᠨ ᠢ᠋ ᠬᠠᠯᠬᠠᠯᠠᠨ ᠵᠣᠭᠰᠣᠬᠤ ᠠᠨᠤ ᠶᠠᠭᠤᠨ? 》 ᠠᠯᠲᠠᠨᠱᠠᠭ᠎ᠠ ᠥᠭᠦᠯᠡᠷᠦᠨ:《 ᠪᠢ ᠦᠵᠡᠪᠡᠰᠦ ᠲᠠᠨ ᠤ᠋ ᠠᠪᠠᠬᠠᠢ ᠯᠠᠪ ᠠᠷᠪᠠᠨ ᠲᠠᠪᠤ ᠵᠢᠷᠭᠤᠭ᠎ᠠ ᠠ᠋ᠴᠠ ᠬᠡᠲᠦᠷᠡᠬᠦ ᠦᠭᠡᠢ᠂ ᠨᠠᠳᠠ ᠯᠤᠭ᠎ᠠ ᠮᠠᠰᠢ ᠳᠠᠩ ᠰᠠᠴᠠᠭᠤ! 》 ᠬᠡᠮᠡᠭᠰᠡᠨ ᠳ᠋ᠦ᠍ᠷ ᠰᠣᠯᠤᠩᠭᠤᠸ᠎ᠠ ᠳᠠᠷᠤᠢ ᠮᠣᠷᠢ ᠪᠠᠨ ᠬᠥᠳᠡᠯᠭᠡᠵᠦ ᠡᠴᠢᠰᠦᠭᠡᠢ ᠬᠡᠮᠡᠲᠡᠯ᠎ᠡ ᠠᠯᠲᠠᠨᠱᠠᠭ᠎ᠠ ᠪᠠᠰᠠ ᠶᠡᠬᠡ ᠳᠠᠭᠤᠨ ᠢ᠋ᠶ᠋ᠠᠷ ᠠᠰᠠᠭᠤᠷᠤᠨ:《 ᠲᠠᠨ ᠤ᠋ ᠠᠪᠬᠠᠢ ᠶ᠋ᠢ ᠬᠥᠮᠦᠨ ᠭᠤᠶᠤᠪᠠᠤ ? 》 ᠲᠡᠷᠡ ᠡᠬᠡᠨᠡᠷ ᠦᠭᠡᠢ ᠬᠡᠮᠡᠲᠡᠯ᠎ᠡ ᠰᠤᠯᠤᠩᠭᠤᠸ᠎ᠠ ᠡᠭᠡᠵᠦ ᠲᠡᠷᠡ ᠡᠬᠡᠨᠡᠷ ᠢ᠋ ᠬᠠᠷᠠᠭᠰᠠᠨ ᠳ᠋ᠤᠷ ᠳᠠᠷᠤᠢ ᠳᠠᠭᠤᠨ ᠦᠭᠡᠢ ᠪᠣᠯᠪᠠ᠃  ᠠᠯᠲᠠᠨᠱᠠᠭ᠎ᠠ ᠶ᠋ᠢᠨ ᠳᠣᠣᠷᠠᠬᠢ ᠨᠢᠭᠡᠨ ᠵᠠᠩᠵᠤᠨ ᠥᠭᠦᠯᠡᠷᠦᠨ:《 ᠲᠡᠢᠮᠦ ᠪᠣᠯᠪᠠᠰᠤ ᠮᠠᠨ ᠤ᠋ ᠬᠣᠶᠠᠷ ᠤᠯᠤᠰ ᠤᠷᠤᠭ ᠪᠠᠷᠢᠪᠠᠰᠤ ᠡᠳᠦᠷ ᠪᠦᠷᠢ ᠡᠨᠡ ᠮᠡᠲᠦ ᠠᠯᠠᠯᠳᠤᠬᠤ ᠠ᠋ᠴᠠ ᠳᠡᠭᠡᠷ᠎ᠡ ᠦᠭᠡᠢ ᠦᠦ? 》 ᠬᠡᠮᠡᠬᠦ ᠦᠭᠡ ᠪᠠᠷᠠᠬᠤ ᠶ᠋ᠢᠨ ᠤᠷᠢᠳ᠂ ᠰᠣᠯᠤᠩᠭᠤᠸ᠎ᠠ ᠳᠠᠷᠤᠢ ᠴᠡᠷᠢᠭ ᠢ᠋ᠶ᠋ᠡᠨ ᠲᠡᠷᠢᠭᠦᠯᠡᠨ ᠵᠠᠮ ᠪᠤᠯᠢᠶᠠᠨ ᠭᠠᠷᠬᠤᠶ᠎ᠠ᠂ ᠠᠯᠲᠠᠨᠱᠠᠭ᠎ᠠ ᠶ᠋ᠢᠳᠠ ᠪᠠᠨ ᠬᠥᠨᠳᠡᠯᠡᠨ ᠪᠠᠷᠢᠵᠤ᠂ ᠡᠴᠢᠬᠦ ᠵᠠᠮ ᠢ᠋ ᠬᠥᠨᠳᠡᠯᠢᠳᠴᠦ ᠥᠭᠦᠯᠡᠷᠦᠨ:《 ᠠᠪᠠᠬᠠᠢ ᠪᠢᠳᠡ ᠬᠣᠶᠠᠭᠤᠯᠠ ᠬᠤᠪᠢ ᠪᠠᠷᠢᠯᠳᠤᠯᠭ᠎ᠠ ᠪᠣᠢ ᠲᠤᠯᠠ ᠠᠯᠠᠯᠳᠤᠬᠤ ᠶ᠋ᠢᠨ ᠬᠣᠭᠣᠷᠣᠨᠳᠣ ᠠᠮᠠᠷᠠᠭ ᠪᠣᠯᠵᠤ ᠪᠠᠢᠯᠳᠤᠵᠤ ᠲᠦᠪᠳᠡᠬᠦ ᠦᠭᠡᠢ᠂ ᠭᠠᠭᠴᠠ ᠡᠨᠡ ᠤᠳᠠᠭ᠎ᠠ ᠰᠠᠯᠤᠭᠰᠠᠨ ᠳ᠋ᠤᠷ ᠬᠡᠵᠢᠶ᠎ᠡ ᠤᠴᠠᠷᠠᠬᠤ ᠮᠠᠭᠠᠳ ᠦᠭᠡᠢ ᠶ᠋ᠢᠨ ᠲᠤᠯᠠ ᠠᠪᠠᠬᠠᠢ ᠨᠢᠭᠡᠨ ᠪᠡᠯᠡᠭ ᠦᠯᠡᠳᠡᠭᠡᠪᠡᠰᠦ ᠵᠣᠬᠢᠮᠤᠢ! 》 ᠬᠡᠮᠡᠭᠰᠡᠨ ᠳ᠋ᠦ᠍ᠷ ᠰᠤᠯᠤᠩᠭᠤᠸ᠎ᠠ᠂ ᠠᠯᠲᠠᠨᠱᠠᠭ᠎ᠠ ᠶ᠋ᠢ ᠪᠠᠰᠠ ᠨᠢᠭᠡᠨ ᠤᠳᠠᠭ᠎ᠠ ᠤᠶᠠᠷᠠᠯᠲᠠᠢ ᠬᠠᠷᠠᠵᠤ ᠦᠵᠡᠭᠡᠳ ᠥᠭᠦᠯᠡᠷᠦᠨ:《 ᠮᠢᠨᠦ ᠪᠥᠮᠪᠥᠭᠡ ᠶ᠋ᠢ ᠠᠪᠤᠭᠠᠢ ᠠᠪᠤᠭᠰᠠᠨ ᠪᠢᠰᠢ ᠦᠦ? ᠲᠡᠷᠡ ᠳᠠᠷᠤᠢ ᠪᠡᠯᠡᠭ ᠪᠣᠯᠲᠤᠭᠠᠢ 》 ᠬᠡᠮᠡᠭᠡᠳ ᠮᠣᠷᠢ ᠪᠠᠨ ᠳᠠᠪᠬᠢᠨ ᠳᠠᠭᠠᠷᠢᠨ ᠭᠠᠷᠴᠤ ᠢᠷᠡᠪᠡ᠃ ᠠᠯᠲᠠᠨᠱᠠᠭ᠎ᠠ ᠬᠣᠢᠨ᠎ᠠ ᠠ᠋ᠴᠠ ᠪᠠᠷ᠎ᠠ ᠬᠠᠷᠠᠵᠤ ᠳᠣᠲᠣᠷ᠎ᠠ ᠮᠠᠰᠢ ᠭᠡᠩᠬᠡᠷᠡᠬᠦᠶ᠎ᠡ᠂ ᠰᠤᠯᠤᠩᠭᠤᠸ᠎ᠠ ᠪᠠᠰᠠ ᠲᠡᠷᠢᠭᠦᠨ ᠡᠭᠡᠵᠦ ᠨᠠᠢᠷᠡᠯᠳᠡᠶ᠎ᠡ ᠬᠠᠷᠠᠵᠤ ᠦᠵᠡᠬᠦ ᠶ᠋ᠢ ᠦᠵᠡᠭᠡᠳ ᠶᠠᠭᠠᠷᠠᠨ ᠮᠣᠷᠢ ᠪᠠᠨ ᠳᠣᠪᠲᠣᠯᠭᠠᠨ ᠨᠡᠬᠡᠨ ᠢᠷᠡᠵᠦ ᠥᠭᠦᠯᠡᠷᠦᠨ: 《 ᠠᠯᠲᠠᠨ ᠬᠥᠪᠡᠭᠦᠨ ᠪᠢ ᠡᠨᠡ ᠨᠠᠰᠤᠨ ᠳ᠋ᠤᠷ ᠠᠪᠠᠬᠠᠢ ᠠ᠋ᠴᠠ ᠥᠪᠡᠷ᠎ᠡ ᠳ᠋ᠦ᠍ᠷ ᠬᠣᠯᠪᠣᠬᠤ ᠦᠭᠡᠢ ᠪᠣᠯᠪᠠ᠃ ᠬᠡᠷᠪᠡ ᠡᠨᠡ ᠦᠭᠡ ᠡᠴᠡ ᠪᠡᠨ ᠨᠢᠴᠤᠪᠠᠰᠤ ᠂ ᠡᠨᠡ ᠰᠤᠮᠤ ᠮᠡᠲᠦ ᠪᠣᠯᠰᠤᠭᠠᠢ! 》 ᠬᠡᠮᠡᠭᠡᠳ ᠰᠠᠭᠠᠳᠠᠭ ᠠ᠋ᠴᠠ ᠪᠠᠨ ᠨᠢᠭᠡᠨ ᠰᠤᠮᠤ ᠶ᠋ᠢ ᠠᠪᠴᠤ ᠡᠮᠡᠭᠡᠯ ᠦ᠋ᠨ ᠪᠦᠭᠦᠷᠭᠡ ᠶ᠋ᠢᠨ ᠳᠡᠭᠡᠷ᠎ᠡ ᠬᠤᠭᠤ ᠳᠠᠷᠤᠵᠤ ᠬᠠᠭᠠᠰ ᠢ᠋ ᠰᠣᠯᠤᠩᠭᠤᠸ᠎ᠠ ᠳ᠋ᠤᠷ ᠥᠭᠭᠦᠭᠰᠡᠨ᠎ᠡ᠂ ᠰᠣᠯᠤᠩᠭᠤᠸ᠎ᠠ ᠲᠡᠭᠦᠨ ᠦ᠌ ᠰᠡᠳᠬᠢᠯ ᠴᠢᠩ ᠦᠨᠡᠨ ᠪᠣᠯᠤᠭᠰᠠᠨ ᠢ᠋ ᠦᠵᠡᠭᠡᠳ ᠭᠡᠨᠡᠳᠲᠡ ᠰᠡᠳᠬᠢᠯ ᠤᠶᠠᠷᠠᠨ ᠬᠠᠪᠠᠷ ᠤᠷᠤᠭᠤ ᠪᠤᠷᠬᠢᠷᠠᠵᠤ᠂ ᠨᠢᠳᠦ ᠳᠦᠭᠦᠷᠡᠩ ᠨᠢᠯᠪᠤᠰᠤᠨ ᠬᠤᠷᠠᠭᠠᠳ ᠨᠡᠮᠡᠭᠦᠨ ᠳᠠᠭᠤᠨ ᠢ᠋ᠶ᠋ᠠᠷ ᠥᠭᠦᠯᠡᠷᠦᠨ:《 ᠠᠪᠤᠭᠠᠢ ᠶ᠋ᠢᠨ ᠰᠤᠮᠤ ᠮᠢᠨᠦ ᠰᠠᠭᠠᠳᠠᠭ ᠲᠤᠷ ᠪᠣᠢ᠂ ᠰᠤᠮᠤᠨ ᠤ᠋ ᠮᠡᠰᠡ ᠬᠡᠵᠢᠶ᠎ᠡ ᠢᠯᠪᠡᠷᠡᠲᠡᠯ᠎ᠡ ᠮᠢᠨᠦ ᠰᠡᠳᠬᠢᠯ ᠦᠯᠦ ᠬᠤᠪᠢᠯᠤᠮᠤᠢ᠂ ᠦᠭᠡ ᠡᠭᠦᠨ ᠳ᠋ᠦ᠍ᠷ ᠲᠡᠭᠦᠰᠪᠡᠢ᠂ ᠠᠭᠡ ᠠᠶᠠᠷ ᠪᠣᠯ! 》 ᠬᠡᠮᠡᠭᠡᠳ ᠭᠠᠷ ᠢ᠋ᠶ᠋ᠠᠷ ᠴᠢᠷᠠᠢ ᠪᠠᠨ ᠬᠠᠯᠬᠠᠯᠠᠵᠤ ᠨᠢᠰᠬᠦ ᠮᠡᠲᠦ ᠡᠴᠢᠪᠡᠢ᠃ ᠠᠯᠲᠠᠨᠱᠠᠭ᠎ᠠ ᠳᠥᠷᠦᠭᠡᠨ ᠦ᠌ ᠳᠣᠲᠣᠷ᠎ᠠ ᠬᠥᠯ ᠢ᠋ᠶ᠋ᠡᠨ ᠳᠡᠪᠰᠡᠨ᠂ ᠤᠷᠲᠤ ᠰᠡᠭᠦᠷᠡᠰᠦ ᠠᠯᠳᠠᠵᠤ᠂ ᠰᠣᠯᠤᠩᠭᠤᠸ᠎ᠠ ᠶ᠋ᠢᠨ ᠬᠣᠯᠠ ᠡᠴᠢᠭᠰᠡᠨ ᠢ᠋ ᠦᠵᠡᠭᠡᠳ ᠰᠠᠶᠢ ᠮᠣᠷᠢ ᠪᠠᠨ ᠡᠭᠡᠭᠦᠯᠦᠨ ᠤᠷᠮ᠎ᠠ ᠦᠭᠡᠢ ᠬᠣᠢᠰᠢ ᠡᠭᠡᠪᠡ᠃ ᠡᠨᠡ ᠦᠨᠡᠬᠡᠷ ᠪᠠᠭᠠᠲᠤᠷ ᠢᠳᠡᠲᠡᠨ ᠦ᠌ ᠠᠭᠤᠷ ᠣᠬᠣᠷ᠂ ᠥᠬᠢᠳ ᠬᠡᠦᠬᠡᠳ ᠦ᠋ᠨ ᠨᠠᠢᠷ ᠤᠷᠲᠤ ᠬᠡᠮᠡᠭᠰᠡᠨᠴᠢᠯᠨᠨ ᠬᠠᠷᠢᠯᠴᠠᠨ ᠮᠥᠷᠥᠭᠡᠳᠴᠦ ᠬᠠᠷᠢᠯᠴᠠᠨ ᠤᠴᠠᠷᠠᠬᠤ ᠠᠯᠢ ᠡᠳᠦᠷ ᠢ᠋ ᠮᠡᠳᠡᠶ᠎ᠡ! ᠡᠨᠡ ᠲᠤᠬᠠᠢ ᠳ᠋ᠤᠷ ᠦᠨᠡᠬᠡᠷ ᠲᠡᠭᠦᠰᠬᠦᠶ᠎ᠡ ᠪᠡᠷᠬᠡ᠃ 
      ᠲᠠᠭᠲᠠᠴᠠ ᠢᠯᠠᠭᠤ ᠨᠢᠭᠡᠨ ᠵᠡᠷᠭᠡ ᠶᠡᠬᠡᠯ᠎ᠡ ᠳᠠᠷᠤᠭᠳᠠᠵᠤ᠂ ᠬᠣᠬᠢᠷᠠᠭᠰᠠᠨ ᠴᠡᠷᠢᠭ ᠢ᠋ᠶ᠋ᠡᠨ ᠪᠠᠢᠴᠠᠭᠠᠨ ᠦᠵᠡᠪᠡᠰᠦ ᠳᠣᠯᠣᠭᠠᠨ ᠮᠢᠩᠭᠠᠨ ᠢᠯᠡᠭᠦᠦ ᠦᠯᠡᠳᠡᠭᠰᠡᠨ ᠡᠴᠡ ᠪᠠᠭ᠎ᠠ ᠬᠠᠭᠠᠰ ᠠᠨᠤ ᠪᠠᠰᠠ ᠰᠢᠷᠬ᠎ᠠ ᠣᠯᠤᠭᠰᠠᠨ ᠲᠤᠯᠠ ᠶᠠᠭᠠᠷᠠᠨ ᠳᠥᠭᠦᠯᠡ ᠮᠥᠷᠡᠨ᠎ᠡ ᠡᠭᠡᠵᠦ ᠢᠷᠡᠭᠰᠡᠨ ᠳ᠋ᠦ᠍ᠷ ᠾᠧ ᠸᠠᠩ ᠦᠵᠡᠭᠡᠳ ᠠᠭᠤᠷ ᠲᠥᠷᠥᠬᠦ ᠪᠥᠭᠡᠳ ᠪᠠᠰᠠ ᠭᠠᠰᠢᠭᠤᠳᠠᠨ ᠬᠠᠷᠠᠬᠠᠨ ᠭᠠᠰᠠᠯᠬᠤᠶ᠎ᠠ ᠭᠡᠨᠡᠳᠲᠡ ᠪᠠᠰᠠ ᠫᠤᠤ ᠶ᠋ᠢᠨ ᠳᠠᠭᠤᠨ ᠳ᠋ᠤᠷ ᠲᠡᠭᠷᠢ ᠳᠣᠷᠭᠢᠯᠤᠨ᠂ ᠴᠠᠩ ᠬᠡᠩᠭᠡᠷᠭᠡ ᠶ᠋ᠢᠨ ᠴᠢᠮᠡᠭᠡ ᠴᠤᠭᠠᠷ ᠭᠠᠷᠴᠤ ᠣᠯᠠᠨ ᠴᠡᠷᠢᠭ ᠬᠠᠰᠬᠢᠷᠤᠯᠳᠤᠨ᠂ ᠡᠨᠡ ᠤᠳᠠᠭ᠎ᠠ ᠬᠡᠷᠬᠢᠪᠡᠴᠦ ᠾᠧ ᠸᠠᠩ ᠢ᠋ ᠪᠢᠲᠡᠭᠡᠢ ᠭᠠᠷᠭ᠎ᠠ ᠬᠡᠮᠡᠯᠳᠦᠬᠦᠢ ᠳ᠋ᠦ᠍ᠷ ᠾᠧ ᠸᠠᠩ ᠡᠴᠢᠭᠡ ᠬᠥᠪᠡᠭᠦᠨ ᠦ᠌ ᠴᠢᠷᠠᠢ ᠰᠢᠷᠣᠢ ᠮᠡᠲᠦ ᠪᠣᠯᠪᠠ᠃ 
      ᠪᠠᠰᠠ ᠠᠯᠢ ᠡᠲᠡᠭᠡᠳ ᠡᠴᠡ ᠳᠠᠢᠰᠤᠨ ᠢᠷᠡᠭᠰᠡᠨ ᠢ᠋ ᠮᠡᠳᠡᠬᠦ ᠦᠭᠡᠢ᠂ ᠠᠯᠭᠤᠷ ᠠᠭᠠᠵᠢᠮ ᠢ᠋ᠶ᠋ᠠᠷ ᠳᠣᠣᠷᠠᠲᠤ ᠪᠦᠯᠦᠭ ᠲᠣᠷ ᠦᠵᠡᠭᠳᠡᠬᠦᠢ᠃ 

ᠴᠣᠬᠣᠯᠠᠭᠰᠠᠨ ᠠᠨᠤ 
      ᠡᠨᠡ ᠪᠦᠯᠦᠭ ᠲᠣᠷ ᠡᠩ ᠲᠡᠷᠢᠭᠦᠨ᠎ᠡ  ᠯᠠᠢᠬᠠᠳ ᠤ᠋ᠨ ᠰᠡᠴᠡᠨ ᠪᠥᠬᠡ ᠶ᠋ᠢᠨ ᠬᠡᠷᠡᠭ᠂ ᠳᠤᠮᠳᠠᠳᠤ ᠳ᠋ᠤᠷ ᠭᠣᠷᠯᠣᠳ ᠤ᠋ᠨ ᠵᠠᠮᠤᠬ᠎ᠠ ᠶ᠋ᠢᠨ ᠶᠠᠪᠤᠳᠠᠯ᠂  ᠰᠡᠭᠦᠯ ᠳ᠋ᠦ᠍ᠷ ᠬᠡᠷᠡᠢᠳ ᠨᠠᠢ᠍ᠮᠠᠨ ᠤ᠋ ᠦᠢᠯᠡ᠂ ᠡᠨᠡ ᠭᠤᠷᠪᠠᠨ ᠠ᠋ᠴᠠ ᠲᠡᠷᠢᠭᠦᠨ ᠳ᠋ᠦ᠍ᠷ ᠳᠥᠷᠪᠡᠨ ᠬᠦᠯᠦᠭ ᠦ᠋ᠨ ᠵᠣᠷᠢᠭ ᠵᠢᠷᠤᠮ ᠢᠯᠡᠷᠡᠵᠦᠬᠦᠢ᠃  ᠡᠳᠦᠷ ᠲᠣᠷ ᠠᠮᠢᠨ ᠪᠡᠶ᠎ᠡ ᠪᠡᠨ ᠲᠠᠯᠪᠢᠵᠤ ᠪᠠᠢᠯᠳᠤᠭᠠᠳ ᠰᠥᠨᠢ ᠪᠠᠰᠠ ᠬᠥᠯ ᠰᠢᠯᠵᠢᠯ ᠦᠭᠡᠢ ᠢᠰᠡᠭᠡᠢ ᠶ᠋ᠢ ᠪᠠᠷᠢᠵᠤ ᠵᠣᠭᠰᠣᠨ ᠡᠵᠡᠨ ᠢ᠋ ᠰᠤᠪᠢᠯᠠᠬᠤ ᠠᠨᠤ᠂ ᠬᠡᠳᠦᠢ ᠡᠷᠲᠡᠨ ᠦ᠌ ᠬᠣᠷᠢᠨ ᠳᠥᠷᠪᠡᠨ ᠦᠨᠡᠨ ᠡᠯᠪᠡᠷᠢᠯᠲᠦ ᠬᠥᠪᠡᠭᠦᠨ᠂ ᠡᠴᠢᠭᠡ ᠡᠬᠡ ᠪᠡᠨ ᠰᠤᠪᠢᠯᠠᠪᠠᠴᠤ ᠡᠭᠦᠨ ᠡᠴᠡ ᠬᠡᠲᠦᠷᠡᠬᠦ ᠦᠭᠡᠢ ᠪᠣᠯᠠᠢ᠃ ᠬᠡᠳᠦᠢ ᠱᠤ᠌ ᠤᠯᠤᠰ ᠤ᠋ᠨ ᠬᠠᠨ ᠵᠦᠩ ᠸᠠᠩ ᠯᠢᠦ ᠪᠧᠢ ᠶ᠋ᠢᠨ ᠲᠠᠪᠤᠨ ᠪᠠᠷᠰ ᠤ᠋ᠨ ᠵᠠᠩᠵᠤᠨ ᠪᠣᠯᠪᠠᠴᠤ ᠮᠥᠨ ᠡᠨᠡ ᠮᠡᠲᠦ ᠡᠴᠡ ᠬᠡᠲᠦᠷᠡᠬᠦ ᠦᠭᠡᠢ ᠪᠤᠰᠤ ᠤᠤ? ᠳᠤᠮᠳᠠᠳᠤ ᠳ᠋ᠤᠷ ᠲᠠᠢᠽᠦ ᠶ᠋ᠢᠨ ᠵᠠᠮᠤᠬ᠎ᠠ ᠶ᠋ᠢᠨ ᠬᠥᠭᠵᠢᠭᠡᠬᠦ ᠦᠭᠡᠰ ᠢ᠋ ᠦᠯᠦ ᠵᠥᠪᠰᠢᠶᠡᠨ᠂ ᠰᠡᠴᠡᠨ ᠬᠠᠲᠤᠨ ᠤ᠋ ᠵᠠᠮᠤᠬ᠎ᠠ ᠶ᠋ᠢᠨ ᠦᠭᠡᠨ ᠦ᠌ ᠠᠶᠠᠰ ᠢ᠋ ᠰᠣᠨᠣᠰᠤᠮᠠᠭᠴᠠ ᠵᠠᠮᠤᠬ᠎ᠠ ᠶ᠋ᠢᠨ ᠳᠠᠢᠰᠤᠨ ᠪᠣᠯᠬᠤ ᠶ᠋ᠢ ᠤᠭᠲᠤᠵᠤ ᠮᠡᠳᠡᠭᠰᠡᠨ ᠢᠨᠤ᠂ ᠦᠨᠡᠬᠡᠷ ᠲᠩᠷᠢ ᠡᠴᠢᠭᠡ᠂ ᠭᠠᠵᠠᠷ ᠡᠬᠡ ᠶ᠋ᠢᠨ ᠲᠡᠢᠨ ᠮᠠᠲᠠᠯ ᠤ᠋ᠨ ᠭᠡᠭᠡᠬᠡᠨ ᠮᠡᠷᠭᠡᠨ ᠪᠣᠯᠠᠢ᠃ ᠪᠠᠰᠠ ᠲᠠᠢᠽᠦ ᠶ᠋ᠢᠨ ᠵᠠᠮᠤᠬ᠎ᠠ ᠶ᠋ᠢ ᠬᠠᠭᠠᠭᠰᠠᠨ᠎ᠠ᠂ ᠾᠧ ᠸᠠᠩ ᠤ᠋ᠨ ᠡᠳ᠋ ᠲᠣᠷ ᠬᠣᠪᠳᠣᠭᠯᠠᠨ ᠵᠢᠷᠤᠮ ᠢ᠋ ᠲᠡᠰᠡᠷᠭᠦᠯᠦᠭᠰᠡᠨ᠎ᠡ᠂ ᠲᠠᠢᠽᠦ ᠶ᠋ᠢᠨ ᠶᠡᠬᠡᠰ ᠰᠠᠢᠳ ᠬᠢᠭᠡᠳ ᠾᠧ ᠸᠠᠩ ᠤ᠋ᠨ ᠥᠴᠦᠬᠡᠨ ᠬᠥᠮᠦᠨ ᠢᠨᠤ ᠵᠢᠷᠤᠭᠰᠠᠨ ᠮᠡᠲᠦ ᠢᠯᠡᠷᠡᠨ ᠭᠠᠷᠴᠤᠬᠤᠢ᠃《 ᠶᠡᠬᠡ ᠰᠤᠷᠲᠠᠬᠤᠢ 》 ᠪᠢᠴᠢᠭ ᠲᠣᠷ ᠥᠭᠦᠯᠡᠭᠰᠡᠨ ᠢᠨᠦ:《 ᠶᠡᠬᠡᠰ ᠰᠠᠢᠳ ᠪᠢᠯᠢᠭ ᠢ᠋ ᠪᠢᠯᠡᠭᠦᠳᠡᠵᠦ ᠡᠯᠢᠭᠡ ᠶᠦ᠍ᠭᠡᠨ ᠡᠯᠢᠭᠡᠰᠢᠮᠦᠢ᠂ ᠥᠴᠦᠬᠡᠨ ᠬᠥᠮᠦᠨ ᠴᠡᠩᠭᠡᠯ ᠳ᠋ᠦ᠍ᠷ ᠢ᠋ᠶ᠋ᠡᠨ ᠴᠡᠩᠭᠡᠯᠳᠦᠵᠦ᠂ ᠠᠰᠢᠭ᠋ ᠢ᠋ ᠠᠰᠢᠭ᠋ ᠪᠤᠯᠭᠠᠮᠠᠢ᠃ 》ᠬᠡᠮᠡᠭᠰᠡᠨ ᠯᠦ᠍ᠭᠡ ᠴᠢᠪᠬᠢᠲᠡᠯ᠎ᠡ ᠬᠣᠣᠰᠯᠠᠵᠤᠬᠤᠢ᠃ ᠪᠠᠰᠠ ᠬᠡᠷᠡᠢᠳ ᠢ᠋ ᠨᠡᠬᠡᠰᠦᠭᠡᠢ ᠬᠡᠮᠡᠭᠰᠡᠨ ᠳ᠋ᠦ᠍ᠷ  ᠲᠠᠢᠽᠦ ᠶ᠋ᠢᠨ ᠥᠷᠥᠰᠢᠶᠡᠯ ᠮᠡᠷᠭᠡᠨ ᠪᠠᠭᠠᠲᠤᠷ ᠢ᠋ ᠪᠠᠷᠢᠮᠲᠠᠯᠠᠨ᠂ ᠠᠭᠤᠷ ᠢ᠋  ᠵᠠᠯᠭᠢᠭᠰᠠᠨ ᠠᠨᠤ ᠦᠨᠡᠬᠡᠷ ᠪᠣᠭᠳᠠ ᠪᠠᠭᠠᠲᠤᠷ ᠬᠡᠮᠡᠭᠰᠡᠨ ᠬᠣᠶᠠᠷ ᠦᠰᠦᠭ ᠢ᠋ ᠭᠤᠲᠤᠭᠠᠭᠰᠠᠨ ᠦᠭᠡᠢ ᠪᠣᠯᠠᠢ᠃ ᠵᠢᠴᠢ  ᠬᠡᠷᠡᠢᠳ ᠤᠯᠤᠰ ᠮᠥᠬᠥᠬᠦ ᠪᠠᠢᠳᠠᠯ ᠡᠨᠡ ᠨᠢᠭᠡᠨ ᠪᠦᠯᠦᠭ ᠲᠣᠷ ᠳᠠᠷᠤᠢ ᠢᠯᠡᠷᠡᠵᠦᠬᠦᠢ᠃ ᠾᠧ ᠸᠠᠩ ᠬᠡᠯᠪᠡᠢᠭᠦᠦ ᠲᠠᠰᠢᠮᠠᠭᠠᠢ᠂ ᠬᠥᠪᠡᠭᠦᠨ  ᠰᠥᠷᠭᠡᠦ ᠲᠡᠷᠰ ᠲᠤᠯᠠ ᠬᠡᠷᠬᠢᠨ ᠶᠡᠬᠡ ᠬᠡᠷᠡᠭ ᠢ᠋ ᠪᠦᠲᠦᠭᠡᠵᠦ ᠪᠣᠯᠬᠤ ᠠᠵᠢ! ᠡᠴᠢᠭᠡ ᠪᠤᠰᠤ ᠡᠴᠢᠭᠡ᠂ ᠬᠥᠪᠡᠭᠦᠨ ᠪᠤᠰᠤ ᠬᠥᠪᠡᠭᠦᠨ᠂ ᠤᠯᠤᠰ ᠭᠡᠷ ᠬᠡᠷᠬᠢᠨ ᠤᠳᠠᠭᠠᠨ ᠲᠣᠭᠲᠠᠵᠤ ᠪᠣᠯᠬᠤ! ᠬᠡᠷᠪᠡ ᠨᠠᠢ᠍ᠮᠠᠨ ᠤᠯᠤᠰ ᠲᠤᠷ ᠲᠠᠢᠽᠦ ᠡᠨᠡ ᠮᠡᠲᠦ ᠨᠠᠢᠷᠠᠯᠳᠤᠭᠰᠠᠨ ᠪᠥᠭᠡᠰᠦ ᠲᠠᠢᠶᠠᠩ ᠬᠠᠭᠠᠨ ᠬᠡᠷᠬᠢᠪᠡᠴᠦ ᠾᠧ ᠸᠠᠩ ᠤ᠋ᠨ ᠮᠡᠲᠦ ᠨᠠᠢᠷ ᠵᠢᠷᠤᠮ ᠢ᠋ ᠦᠯᠦ ᠦᠲᠡᠭᠡᠷᠦᠮᠦᠢ᠂ ᠾᠧ ᠸᠠᠩ ᠥᠴᠦᠬᠡᠨ ᠬᠥᠮᠦᠨ᠂ ᠲᠠᠢᠶᠠᠩ ᠶᠡᠬᠡᠰ ᠰᠠᠢᠳ᠂  ᠾᠧ ᠸᠠᠩ ᠮᠤᠩᠬᠠᠨ ᠪᠤᠳᠤᠯᠢᠶᠠᠨ᠂ ᠲᠠᠢᠶᠠᠩ ᠮᠡᠷᠭᠡᠨ ᠰᠡᠴᠡᠨ᠂ ᠾᠧ ᠸᠠᠩ ᠬᠠᠷᠠᠩᠭᠤᠢ ᠪᠤᠳᠤᠩᠭᠤᠢ᠂ ᠲᠠᠢᠶᠠᠩ ᠭᠡᠭᠡᠬᠡᠨ ᠲᠣᠳᠣᠷᠬᠠᠢ᠂ ᠾᠧ ᠸᠠᠩ ᠦᠭᠡᠨᠴᠡ ᠪᠠᠭᠤᠷᠠᠢ᠂ ᠲᠠᠢᠶᠠᠩ ᠪᠠᠭᠠᠲᠤᠷ ᠡᠷᠡᠯᠬᠡᠭ᠂ ᠾᠧ ᠸᠠᠩ ᠥᠬᠢᠨ ᠢ᠋ᠶ᠋ᠡᠨ ᠡᠷᠬᠡᠯᠡᠭᠦᠯᠵᠦ ᠠᠪᠠ ᠠᠶᠠᠨ᠎ᠠ ᠲᠠᠪᠠ ᠪᠠᠷ  ᠶᠠᠪᠤᠭᠤᠯᠤᠮᠤᠢ᠂ ᠡᠨᠡ ᠶᠠᠪᠤᠳᠠᠯ ᠵᠣᠬᠢᠮᠤᠢ ᠤᠤ? ᠲᠠᠢᠶᠠᠩ ᠬᠥᠪᠡᠭᠦᠨ ᠢ᠋ᠶ᠋ᠡᠨ ᠰᠤᠷᠭᠠᠵᠤ ᠠᠷᠭ᠎ᠠ ᠤᠬᠠᠭᠠᠨ ᠢ᠋ ᠵᠢᠭᠠᠵᠤ ᠪᠡᠶ᠎ᠡ ᠪᠡᠷ ᠶᠠᠪᠤᠬᠤ ᠶ᠋ᠢ ᠦᠵᠡᠭᠳᠡᠬᠦᠢ᠃ ᠬᠣᠢᠨ᠎ᠠ ᠬᠡᠷᠡᠢᠳ᠂ ᠨᠠᠢ᠍ᠮᠠᠨ ᠬᠡᠳᠦᠢ ᠴᠥᠮ  ᠪᠧᠲ᠋ᠠ᠋ ᠤᠯᠤᠰ ᠲᠤᠷ ᠬᠤᠷᠢᠶᠠᠭᠳᠠᠪᠠᠴᠤ ᠢᠴᠢᠭᠦᠷᠢ ᠲᠡᠢ ᠪᠠ ᠢᠴᠢᠭᠦᠷᠢ ᠦᠭᠡᠢ ᠶ᠋ᠢᠨ ᠢᠯᠭᠠᠯ ᠪᠣᠢ᠃ ᠵᠢᠴᠢ ᠳᠠᠩ ᠤᠯᠤᠰ ᠤ᠋ᠨ ᠵᠣ᠌ ᠼᠠᠨ᠂ ᠳ᠋ᠤᠸᠠᠨ ᠰᠢᠶᠣᠤ ᠱᠢ ᠶ᠋ᠢ ᠵᠣᠭᠣᠭᠯᠠᠭᠰᠠᠨ᠂ ᠡᠨᠡ ᠪᠢᠴᠢᠭ ᠦ᠋ᠨ ᠰᠡᠴᠡᠨ ᠪᠥᠬᠡ᠂ ᠴᠢᠨᠳᠠᠭᠠᠨ᠎ᠠ ᠶ᠋ᠢ ᠠᠮᠲᠠᠯᠠᠰᠤᠭᠠᠢ ᠬᠡᠮᠡᠭᠰᠡᠨ ᠨᠡᠯᠢᠶᠡᠳ ᠠᠮᠢᠲᠠᠨ ᠪᠣᠢ ᠃ ᠬᠥᠮᠦᠨ ᠦ᠌ ᠮᠢᠬ᠎ᠠ ᠢᠳᠡᠭᠴᠢᠳ ᠡᠷᠲᠡᠨ ᠡᠴᠡ ᠪᠠᠢᠭᠰᠠᠭᠠᠷ ᠢᠷᠡᠵᠦᠬᠦᠢ᠃ ᠪᠠᠰᠠ ᠰᠡᠭᠦᠯ ᠦ᠋ᠨ ᠦᠶ᠎ᠡ ᠶ᠋ᠢᠨ ᠰᠠᠢᠬᠠᠨ ᠥᠬᠢᠨ ᠰᠡᠴᠡᠨ ᠬᠥᠪᠡᠭᠦᠨ ᠰᠣᠯᠤᠩᠭᠤᠸ᠎ᠠ ᠠᠯᠲᠠᠨᠱᠠᠭ᠎ᠠ ᠶ᠋ᠢᠨ ᠨᠢᠭᠡᠨ ᠵᠦᠢᠯ ᠦ᠋ᠨ ᠬᠡᠷᠡᠭ ᠬᠡᠳᠦᠢ ᠲᠥᠪ ᠦᠵᠡᠯ ᠪᠤᠰᠤ ᠪᠣᠯᠪᠠᠴᠤ ᠠᠶ᠎ᠠ ᠥᠩᠭᠡᠲᠦ ᠶᠢᠷᠲᠢᠨᠴᠦ ᠶ᠋ᠢᠨ ᠬᠣᠭᠣᠷᠣᠨᠳᠣᠬᠢ ᠰᠠᠢᠬᠠᠨ ᠥᠬᠢᠨ ᠡᠷᠳᠡᠮᠲᠦ ᠬᠥᠪᠡᠭᠦᠨ ᠦ᠌ ᠰᠡᠳᠬᠢᠯᠭᠡ ᠶ᠋ᠢ ᠬᠦᠨᠳᠦᠳᠬᠡᠬᠦᠢ ᠶ᠋ᠢ ᠦᠨᠡᠬᠡᠷ ᠲᠠᠰᠤᠯᠤᠨ ᠵᠣᠭᠰᠣᠭᠠᠬᠤᠶ᠎ᠠ ᠪᠡᠷᠬᠡ ᠶ᠋ᠢᠨ ᠣᠴᠢᠷ᠎ᠠ ᠡᠷᠲᠡᠨ ᠦ᠌ ᠪᠣᠭᠳᠠ ᠵᠧᠦ ᠬᠦᠩ ᠰᠠᠶᠢ ᠵᠢᠷᠭᠤᠭᠠᠨ ᠶᠣᠰᠣᠯᠠᠯ ᠢ᠋ᠶ᠋ᠠᠷ ᠪᠠᠭᠤᠯᠭᠠᠨ ᠠᠪᠴᠤ ᠡᠮ᠎ᠡ ᠪᠣᠯᠭᠠᠬᠤ ᠶ᠋ᠢ ᠲᠣᠳᠤᠷᠠᠬᠠᠢᠯᠠᠵᠤᠬᠤᠢ᠃ ᠠᠶ᠎ᠠ ᠡᠷᠲᠡᠨ ᠡᠴᠡ ᠬᠤᠷᠢᠴᠠᠯ ᠢ᠋  ᠬᠣᠷᠢᠭᠯᠠᠭᠰᠠᠨ ᠰᠤᠷᠭᠠᠯ ᠮᠢᠩᠭᠠᠨ ᠬᠠᠭᠤᠳᠠᠰᠤ ᠪᠠᠢᠲᠠᠯ᠎ᠠ ᠰᠡᠳᠬᠢᠯᠭᠡ ᠶ᠋ᠢ ᠬᠠᠢᠷᠠᠯᠠᠭᠰᠠᠨ ᠰᠢᠯᠦᠭ ᠪᠠᠰᠠ ᠲᠦᠮᠡᠨ ᠪᠠᠳᠠᠭ ᠲᠤᠷ ᠮᠣᠬᠣᠬᠤ ᠦᠭᠡᠢ᠃ ᠡᠷᠲᠡᠨ ᠦ᠌ ᠣᠯᠠᠨ ᠱᠠᠰᠲᠢᠷ ᠢ᠋ ᠦᠵᠡᠬᠦᠯ᠎ᠡ ᠨᠠᠢᠷ ᠬᠤᠷᠢᠴᠠᠯ ᠤ᠋ᠨ ᠣᠴᠢᠷ᠎ᠠ ᠶᠣᠰᠣ ᠵᠢᠷᠤᠮ ᠢ᠋ ᠡᠪᠳᠡᠭᠰᠡᠨ ᠶᠡᠬᠡ ᠡᠷᠬᠡᠲᠡᠨ ᠦ᠌ ᠥᠬᠢᠳ ᠬᠡᠦᠬᠡᠳ ᠣᠯᠠᠨᠲᠠ ᠭᠠᠷᠵᠤᠬᠤᠢ᠃ ᠮᠥᠨ ᠬᠦ᠌ ᠡᠨᠡ ᠰᠦᠩ ᠤᠯᠤᠰ ᠤ᠋ᠨ ᠦᠶ᠎ᠡ ᠳ᠋ᠦ᠍ᠷ ᠭᠠᠷᠤᠭᠰᠠᠨ  ᠱᠧ ᠲᠡᠢ ᠵᠢᠶᠦ᠋ᠨ᠂ ᠮᠦ᠍ ᠬᠦᠢ ᠢᠩ ᠬᠡᠷᠬᠢᠨ ᠡᠨᠡ ᠬᠣᠢᠲᠤ ᠭᠠᠵᠠᠷ ᠤ᠋ᠨ ᠯᠢᠶᠣᠤ ᠤᠯᠤᠰ ᠤ᠋ᠨ ᠬᠥᠭᠰᠢᠨ ᠵᠠᠯᠠᠭᠤ ᠬᠣᠶᠠᠷ ᠲᠠᠢᠬᠡᠦ ᠪᠠ ᠡᠨᠡ ᠰᠣᠯᠣᠩᠭᠤᠸ᠎ᠠ ᠬᠡᠦᠬᠡᠨ᠎ᠡ ᠬᠦᠷᠬᠦ ᠠᠵᠢ! ᠶᠠᠭᠤᠨ ᠬᠡᠮᠡᠪᠡᠰᠦ ᠡᠨᠡ ᠬᠥᠪᠡᠭᠦᠨ ᠥᠬᠢᠨ ᠴᠥᠮ ᠰᠠᠮᠠᠭᠤᠨ ᠴᠠᠭ ᠤ᠋ᠨ ᠡᠷᠬᠡᠲᠡᠨ ᠪᠥᠭᠡᠳ ᠶᠣᠰᠣ ᠶ᠋ᠢ ᠰᠡᠳᠬᠢᠯᠭᠡ ᠡᠴᠡ ᠬᠦᠨᠳᠦ ᠦᠵᠡᠵᠦ ᠴᠢᠳᠠᠭᠰᠠᠨ ᠳ᠋ᠤᠷ ᠪᠣᠯᠠᠢ᠃ ᠠᠷᠤ ᠭᠠᠵᠠᠷ ᠬᠡᠮᠡᠭᠴᠢ ᠰᠤᠷᠲᠠᠯ᠂ ᠶᠣᠰᠣᠯᠠᠯ᠂ ᠴᠡᠭᠡᠷ᠂  ᠢᠴᠢᠭᠦᠷᠢ ᠶ᠋ᠢ ᠦᠯᠦ ᠡᠷᠬᠢᠯᠡᠬᠦ ᠣᠷᠣᠨ ᠬᠡᠮᠡᠬᠦ ᠪᠥᠭᠡᠳ ᠰᠡᠳᠬᠢᠯ ᠢ᠋ ᠮᠤᠰᠬᠢᠨ ᠶᠣᠰᠣ ᠪᠠᠷ ᠰᠠᠯᠤᠯᠴᠠᠨ ᠴᠢᠳᠠᠭᠰᠠᠨ ᠠᠨᠤ ᠰᠡᠳᠬᠢᠯ ᠡᠴᠡ ᠪᠡᠨ ᠲᠥᠷᠥᠭᠳᠡᠭᠰᠡᠨ ᠴᠡᠭᠡᠷ ᠢᠴᠢᠭᠦᠷᠢ ᠪᠤᠰᠤ ᠤᠤ? ᠲᠡᠢᠨ ᠬᠦ᠌ ᠰᠠᠷᠲᠠᠭ ᠡᠷ᠎ᠡ᠂ ᠰᠠᠭᠠᠷ ᠡᠮ᠎ᠡ ᠳ᠋ᠦ᠍ᠷ ᠪᠢᠲᠡᠭᠡᠢ ᠦᠯᠢᠳᠬᠡ᠂ ᠬᠠᠷᠢᠨ ᠴᠣᠬᠣᠮ ᠰᠠᠢᠨ ᠡᠷ᠎ᠡ᠂ ᠰᠠᠢᠬᠠᠨ ᠬᠥᠮᠥᠨ᠎ᠡ ᠲᠣᠭᠠᠴᠠᠯᠲᠠᠢ ᠪᠣᠯᠠᠢ᠃ ᠲᠡᠢᠨ ᠬᠦ᠌ ᠪᠣᠭᠳᠠ ᠺᠦᠩ ᠹᠦᠽᠢ ᠪᠣᠯᠪᠠᠴᠤ ᠡᠭᠦᠨ ᠢ᠋ ᠲᠠᠰᠤᠯᠤᠨ ᠡᠰᠡ ᠴᠢᠳᠠᠵᠤ《 ᠰᠢᠯᠦᠭᠯᠡᠯᠲᠦ ᠨᠣᠮ 》 ᠤ᠋ᠨ ᠳᠠᠷᠠᠭ᠎ᠠ ᠳᠠᠷᠠᠭ᠎ᠠ ᠶ᠋ᠢᠨ ᠣᠯᠠᠨ ᠪᠦᠯᠦᠭ ᠲᠣᠷ ᠥᠬᠢᠳ ᠬᠡᠦᠬᠡᠳ ᠦ᠋ᠨ ᠰᠡᠳᠬᠢᠯᠭᠡ ᠨᠠᠢᠷ ᠢ᠋ ᠰᠢᠯᠦᠭᠯᠡᠵᠦᠬᠦᠢ᠃