ᠬᠥᠬᠡ ᠰᠤᠳᠤᠷ - ᠢᠨᠵᠠᠨᠨᠠᠰᠢ < ᠳᠥᠲᠥᠭᠡᠷ ᠪᠦᠯᠦᠭ > Хөх судар - Инжинаш <Дөтгөр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠳᠥᠲᠥᠭᠡᠷ ᠪᠦᠯᠦᠭ > Хөх судар - Инжинаш <Дөтгөр бүлэг >

ᠬᠥᠬᠡ ᠰᠤᠳᠤᠷ - ᠢᠨᠵᠠᠨᠨᠠᠰᠢ < ᠳᠥᠲᠥᠭᠡᠷ ᠪᠦᠯᠦᠭ > Хөх судар - Инжинаш <Дөтгөр бүлэг >

ᠠᠩᠭᠢᠯᠠᠯ:ᠲᠡᠦᠬᠡ ᠰᠣᠶᠣᠯ
2023-06-18

356

ᠠᠭᠤᠯᠠ ᠤᠰᠤᠨ ᠤ᠋ ᠬᠠᠪᠴᠢᠯ ᠳ᠋ᠤᠷ ᠭᠤᠷᠪᠠᠨ ᠤᠳᠠᠭ᠎ᠠ ᠦᠰ ᠢ᠋ ᠬᠥᠭᠡᠭᠡᠵᠦᠬᠦᠢ

ᠰᠠᠯᠬᠢᠨ ᠴᠠᠰᠤᠨ ᠤ᠋ ᠰᠢᠭᠤᠷᠭᠠᠨ᠎ᠠ ᠬᠣᠶᠠᠷ ᠦᠶ᠎ᠡ ᠠᠷᠭ᠎ᠠ ᠬᠡᠷᠡᠭᠯᠡᠵᠦᠬᠦᠢ

  
                ᠳᠥᠷᠪᠡᠳᠦᠭᠡᠷ ᠪᠦᠯᠦᠭ 
                     ᠰᠥᠩ ᠰᠢᠶᠦᠦᠽᠥ᠋ᠩ ᠦ᠋ᠨ ᠴᠦᠨ ᠰᠢ ᠶ᠋ᠢᠨ ᠳᠣᠯᠣᠳᠤᠭᠠᠷ ᠣᠨ᠂ ᠠᠯᠲᠠᠨ ᠤᠯᠤᠰ ᠤ᠋ᠨ ᠱ᠌ᠢᠽᠦ᠋ᠩ ᠦ᠋ᠨ 
                            ᠳᠡ ᠳ᠋ᠢᠩ ᠦ᠋ᠨ ᠬᠣᠷᠢᠳᠤᠭᠠᠷ ᠣᠨ᠂ ᠲᠠᠢᠽᠦ ᠠᠷᠪᠠᠨ ᠶᠢᠰᠦᠨ ᠰᠡᠭᠦᠳᠡᠷ ᠲᠡᠢ᠂ 
                            ᠶᠡᠬᠡ ᠲᠠᠢᠽᠦ ᠵᠣᠴᠢ ᠶ᠋ᠢ ᠲᠥᠷᠥᠪᠡ᠂ ᠴᠠᠭᠠᠨ ᠬᠤᠯᠤᠭᠠᠨ᠎ᠠ ᠵᠢᠯ ᠪᠤᠶᠤ 

           ᠠᠭᠤᠯᠠ ᠤᠰᠤᠨ ᠤ᠋ ᠬᠠᠪᠴᠢᠯ ᠳ᠋ᠤᠷ ᠭᠤᠷᠪᠠᠨ ᠤᠳᠠᠭ᠎ᠠ ᠦᠰ ᠢ᠋ ᠬᠥᠭᠡᠭᠡᠵᠦᠬᠦᠢ 
              ᠰᠠᠯᠬᠢᠨ ᠴᠠᠰᠤᠨ ᠤ᠋ ᠰᠢᠭᠤᠷᠭᠠᠨ᠎ᠠ ᠬᠣᠶᠠᠷ ᠦᠶ᠎ᠡ ᠠᠷᠭ᠎ᠠ ᠬᠡᠷᠡᠭᠯᠡᠵᠦᠬᠦᠢ 

                   ᠦᠯᠡᠮᠵᠢ ᠮᠡᠷᠭᠡᠨ ᠵᠠᠯᠮ᠎ᠠ ᠰᠠᠢᠳ ᠲᠠᠲ᠋ᠠᠷ ᠤ᠋ᠨ ᠴᠡᠷᠢᠭ ᠦ᠋ᠨ ᠳᠡᠰ ᠦ᠋ᠨ ᠲᠤᠭ ᠢ᠋ ᠪᠤᠯᠢᠶᠠᠪᠠᠢ 
                   ᠥᠷᠥᠰᠢᠶᠡᠯ ᠶᠡᠬᠡᠲᠦ ᠲᠠᠢᠽᠦ ᠪᠣᠭᠳᠠ ᠵᠢᠷᠭᠤᠭᠠᠨ ᠲᠦᠰᠢᠮᠡᠯ ᠦ᠋ᠨ ᠭᠠᠪᠢᠶ᠎ᠠ ᠵᠢᠳᠬᠦᠯᠭᠡ ᠶ᠋ᠢ ᠰᠠᠢᠰᠢᠶᠠᠪᠠᠢ᠂ 
                   ᠦᠨᠡᠨᠴᠢ ᠴᠡᠭᠡᠵᠢ ᠵᠡᠪᠡ ᠴᠢᠯᠠᠭᠤᠨ ᠬᠣᠶᠠᠷ ᠵᠠᠩᠵᠤᠨ  ᠮᠡᠷᠭᠡᠵᠢᠨ ᠰᠡᠭᠡᠷ ᠦ᠋ᠨ ᠲᠣᠯᠣᠭᠠᠢ ᠶ᠋ᠢ ᠤᠭᠲᠤᠯᠠᠪᠠᠢ 
                   ᠦᠮᠡᠬᠡᠢ ᠬᠤᠯᠠᠭᠠᠢᠴᠢ ᠯᠠᠢᠬᠠᠳ ᠠᠢᠮᠠᠭ ᠦᠬᠦᠬᠦ ᠪᠡᠨ ᠡᠷᠢᠵᠦ ᠤᠷᠪᠠᠬᠤ ᠲᠡᠷᠰᠯᠡᠬᠦ ᠶ᠋ᠢ ᠡᠭᠦᠰᠬᠡᠪᠡᠢ 

      ᠲᠡᠨᠳᠡᠴᠡ ᠲᠡᠷᠡ ᠢᠷᠡᠭᠰᠡᠨ ᠳᠠᠢᠰᠤᠨ ᠪᠤᠰᠤᠳ ᠪᠤᠰᠤ᠂ ᠳᠠᠷᠤᠢ ᠲᠠᠢᠴᠢᠭᠤᠳ ᠤ᠋ᠨ ᠲᠠᠬᠠᠷ ᠦᠬᠦᠭᠡᠳ ᠬᠥᠪᠡᠭᠦᠨ ᠢᠨᠦ ᠲᠠᠷᠭᠤᠲᠠᠢ᠂ ᠴᠢᠯᠭᠡᠷ ᠪᠦᠬᠡ ᠤᠯᠤᠰ ᠢ᠋ ᠡᠵᠡᠯᠡᠭᠡᠳ ᠲᠠᠲ᠋ᠠᠷ ᠤ᠋ᠨ ᠤᠷᠤᠭᠤᠯ ᠢ᠋ ᠬᠡᠷᠡᠭᠰᠡᠬᠦ ᠦᠭᠡᠢ ᠪᠣᠯᠤᠭᠰᠠᠨ ᠳ᠋ᠤᠷ ᠤᠷᠤᠭᠤᠯ ᠳᠠᠷᠤᠢ ᠤᠷᠭᠤᠵᠤ ᠮᠡᠷᠭᠡᠵᠢᠨ ᠰᠡᠭᠡᠷ ᠯᠦ᠍ᠭᠡ ᠨᠥᠬᠥᠴᠡᠷ᠎ᠡ ᠢᠷᠡᠭᠡᠳ ᠲᠠᠢᠽᠦ ᠶ᠋ᠢᠨ ᠳᠠᠯᠠᠭᠠᠳ ᠭᠠᠵᠠᠷ᠎ᠠ ᠠᠪᠠᠯᠠᠷ᠎ᠠ ᠡᠴᠢᠭᠰᠡᠨ ᠢ᠋ ᠮᠡᠳᠡᠯᠭᠡᠴᠢᠯᠡᠨ ᠰᠣᠨᠣᠰᠴᠤ ᠬᠠᠭᠤᠴᠢᠨ ᠥᠰᠢᠶ᠎ᠡ ᠶ᠋ᠢ ᠦᠯᠦ ᠲᠠᠯᠪᠢᠨ ᠪᠠᠰᠠ ᠮᠡᠷᠭᠡᠵᠢᠨ ᠰᠡᠭᠡᠷ ᠢ᠋ ᠬᠠᠳᠬᠤᠨ ᠥᠳᠥᠭᠡᠵᠦ ᠵᠠᠭᠠᠯ ᠬᠠᠨ ᠤ᠋ ᠠᠷᠤ᠂ ᠵᠡᠯᠡᠮᠡ ᠬᠠᠨ ᠤ᠋ ᠥᠯᠭᠡ ᠳ᠋ᠦ᠍ᠷ ᠪᠡᠷᠬᠡ ᠬᠠᠪᠴᠢᠯ ᠭᠠᠵᠠᠷ ᠢ᠋ ᠦᠵᠡᠵᠦ ᠲᠠᠢᠽᠦ ᠶ᠋ᠢᠨ ᠰᠠᠭᠠᠷ ᠦᠭᠡᠢ ᠲᠡᠷᠡ ᠵᠠᠮ ᠢ᠋ᠶ᠋ᠠᠷ ᠥᠩᠭᠡᠷᠡᠬᠦ ᠶ᠋ᠢ ᠮᠡᠳᠡᠬᠦ ᠲᠤᠯᠠ ᠬᠤᠷᠴᠠ ᠰᠢᠯᠭᠠᠳᠠᠭ ᠬᠣᠶᠠᠷ ᠵᠠᠭᠤᠨ ᠲᠠᠪᠢᠨ ᠶᠡᠬᠡ ᠪᠡᠶᠡᠲᠦ ᠡᠷᠡᠰ ᠢ᠋ ᠰᠣᠩᠭᠣᠵᠤ ᠮᠡᠷᠭᠡᠵᠢᠨ ᠰᠡᠭᠡᠷ ᠯᠦ᠍ᠭᠡ ᠢᠷᠡᠵᠦ ᠬᠦᠯᠢᠶᠡᠨ ᠪᠦᠭᠭᠦᠭᠰᠡᠨ ᠠᠵᠤᠭᠤ᠂ ᠡᠳᠦᠭᠡ ᠲᠠᠢᠽᠦ ᠶ᠋ᠢᠨ ᠡᠵᠡᠨ ᠰᠠᠢᠳ ᠢ᠋ ᠲᠥᠭᠥᠷᠢᠭᠯᠡᠨ ᠬᠠᠭᠠᠵᠤ ᠡᠷᠬᠡᠪᠰᠢ ᠠᠯᠠᠨ ᠳᠠᠭᠤᠰᠬᠠᠶ᠎ᠠ ᠭᠡᠮᠡᠨ ᠰᠠᠮᠠᠭᠤᠨ ᠵᠡᠪᠡ ᠲᠠᠯᠪᠢᠭᠤᠯᠬᠤᠢ ᠳ᠋ᠤᠷ ᠪᠤᠭᠤᠷᠤᠯ ᠤ᠋ᠨ ᠲᠣᠯᠣᠭᠠᠢ ᠣᠨᠣᠭᠳᠠᠵᠤ ᠮᠣᠷᠢᠨ ᠠ᠋ᠴᠠ ᠤᠨᠠᠭᠠᠳ ᠠᠮᠢᠨ ᠤ᠋ ᠭᠠᠵᠠᠷ ᠲᠤᠰᠤᠭᠰᠠᠨ ᠦᠭᠡᠢ ᠲᠤᠯᠠ ᠳᠠᠬᠢᠨ ᠤᠷᠪᠠᠨ ᠦᠰᠦᠷᠦᠨ ᠪᠣᠰᠴᠤ ᠢᠯᠳᠦ ᠪᠡᠷ ᠢ᠋ᠶ᠋ᠡᠨ ᠭᠠᠵᠠᠷ ᠲᠣᠷ ᠲᠤᠯᠵᠤ ᠭᠡᠯᠳᠦᠷᠢᠬᠢᠯᠡᠨ ᠪᠥᠬᠦᠢ ᠳ᠋ᠤᠷ ᠪᠣᠭᠣᠷᠵᠢ ᠪᠠᠰᠠ ᠬᠣᠢᠰᠢ ᠬᠠᠨᠳᠤᠨ ᠦᠵᠡᠭᠡᠳ ᠶᠡᠬᠡ ᠳᠠᠭᠤᠨ ᠢ᠋ᠶ᠋ᠠᠷ ᠥᠭᠦᠯᠡᠷᠦᠨ᠄ 《ᠸᠠᠵᠢᠭᠢᠶᠠᠨ ᠪᠤᠭᠤᠷᠤᠯ ᠭᠠᠷ ᠲᠠᠢ ᠪᠥᠭᠡᠲᠡᠯ᠎ᠡ ᠬᠥᠮᠦᠨ ᠳ᠋ᠦ᠍ᠷ ᠬᠠᠳᠤᠭᠳᠠᠵᠤ ᠭᠠᠭᠴᠠ ᠰᠤᠮᠤᠨ ᠳ᠋ᠤᠷ ᠴᠤ᠌ ᠤᠨᠠᠳᠠᠭ ᠪᠤᠶᠤ᠂ ᠡᠪᠡᠷ ᠢ᠋ᠶ᠋ᠡᠨ ᠴᠣᠬᠢᠭᠳᠠᠭᠰᠠᠨ ᠢᠰᠢᠭᠡ ᠮᠡᠲᠦ ᠡᠷᠲᠡᠭ ᠬᠢᠵᠦ ᠤᠨᠠᠬᠤ ᠴᠢᠨᠦ ᠶᠠᠭᠤ ᠪᠣᠢ ? ᠡᠵᠡᠨ ᠦ᠌ ᠡᠮᠦᠨ᠎ᠡ ᠢᠩᠭᠢᠵᠦ ᠶᠠᠪᠤᠨ ᠬᠦᠴᠦᠨ ᠢ᠋ᠶ᠋ᠡᠨ ᠥᠭᠳᠡᠭ ᠦᠦ ? 》 ᠬᠡᠮᠡᠭᠰᠡᠨ ᠳ᠋ᠦ᠍ᠷ ᠪᠤᠭᠤᠷᠤᠯ ᠰᠢᠳᠦ ᠪᠡᠨ ᠨᠢᠭᠡᠨᠲᠡ ᠴᠢᠩᠳᠠ ᠵᠠᠭᠤᠵᠤ᠂ ᠬᠠᠳᠬᠤᠭᠰᠠᠨ ᠰᠤᠮᠤ ᠶ᠋ᠢ ᠰᠤᠭᠤ ᠲᠡᠳᠡᠨ ᠠᠪᠴᠤ ᠲᠠᠶᠠᠭᠳᠠᠭᠠᠳ ᠲᠣᠯᠪᠣᠲᠤ ᠰᠦᠷ ᠰᠠᠷᠠᠯ ᠮᠣᠷᠢᠨ ᠢ᠋ᠶ᠋ᠠᠨ ᠲᠠᠯ᠎ᠠ ᠠ᠋ᠴᠠ ᠠᠨᠤ ᠠᠯᠠᠪᠬᠢᠨ ᠤᠨᠤᠭᠠᠳ ᠪᠤᠶᠤ ᠰᠢᠷᠳᠡᠭ ᠦ᠋ᠨ ᠲᠣᠬᠣᠮ ᠢ᠋ᠶ᠋ᠠᠨ ᠪᠣᠮᠪᠣᠢᠲᠠᠯ᠎ᠠ ᠠᠳᠬᠤᠵᠤ ᠬᠠᠯᠬᠠᠪᠴᠢ ᠶᠤᠭᠠᠨ ᠠᠯᠳᠠᠯ ᠦᠭᠡᠢ ᠪᠠᠷᠢᠵᠤ ᠬᠠᠢᠬᠤᠷᠤᠯ ᠦᠭᠡᠢᠶ᠎ᠠ ᠬᠡᠬᠦᠯᠵᠡᠨ ᠪᠠᠢᠵᠤ ᠬᠠᠷᠢᠯ ᠮᠢᠲᠠᠷᠠᠯ ᠦᠭᠡᠢᠶ᠎ᠠ ᠬᠠᠯᠠᠭᠯᠠᠨ ᠵᠣᠭᠰᠣᠪᠠ᠃ ᠴᠤᠤ ᠮᠡᠷᠭᠡᠨ ᠦ᠌ ᠰᠠᠭᠠᠳᠠᠭ ᠤ᠋ᠨ ᠰᠤᠮᠤ ᠬᠠᠷᠪᠤᠭᠰᠠᠭᠠᠷ ᠳᠠᠭᠤᠰᠤᠭᠠᠳ ᠴᠡᠷᠢᠭ ᠦ᠋ᠨ ᠰᠤᠮᠤ ᠪᠠᠷ ᠬᠠᠷᠪᠤᠬᠤᠢ ᠳ᠋ᠤᠷ ᠲᠠᠢᠽᠦ ᠥᠪᠡᠷ ᠦ᠋ᠨ ᠰᠠᠭᠠᠳᠠᠭ ᠤ᠋ᠨ ᠠᠯᠲᠠᠨ ᠣᠳᠣᠲᠤ ᠰᠢᠩᠬᠤᠲᠤ ᠣᠨᠢ ᠪᠠᠨ ᠰᠤᠭᠤᠯᠵᠤ ᠥᠭᠭᠦᠭᠡᠳ ᠲᠠᠰᠢᠭᠤᠷ ᠢ᠋ᠶ᠋ᠠᠷ ᠵᠢᠭᠠᠵᠤ ᠥᠭᠦᠯᠡᠷᠦᠨ᠄ 《ᠲᠡᠷᠡ ᠰᠠᠷᠠᠯ ᠮᠣᠷᠢ ᠤᠨᠤᠵᠤ ᠰᠢᠷᠢ ᠬᠤᠲᠤᠭ ᠯᠤᠭ᠎ᠠ ᠪᠠᠢᠯᠳᠤᠬᠤ ᠠᠨᠤ ᠮᠢᠨᠦ ᠡᠴᠢᠭᠡ ᠶ᠋ᠢ ᠬᠣᠣᠷᠠᠳᠠᠭᠠᠭᠰᠠᠨ᠂ ᠮᠢᠨᠦ ᠰᠢᠲᠦ ᠵᠠᠭᠤᠬᠤ ᠲᠤᠰ ᠥᠰᠢᠶᠡᠲᠦ ᠬᠥᠮᠦᠨ ᠤᠷᠤᠭᠤᠯ ᠮᠥᠨ᠂ ᠳᠠᠷᠤᠢ ᠲᠡᠭᠦᠨ ᠢ᠋ ᠬᠠᠷᠪᠤ!》 ᠬᠡᠮᠡᠭᠰᠡᠨ ᠳ᠋ᠦ᠍ᠷ ᠴᠤᠤ ᠮᠡᠷᠭᠡᠨ ᠵᠧ ᠭᠡᠵᠦ ᠰᠤᠬᠤᠢᠯᠠᠨ ᠳᠣᠪᠲᠣᠯᠤᠨ ᠣᠷᠣᠵᠤ᠂ ᠰᠤᠨᠢᠶᠠᠨ ᠳᠡᠯᠢᠵᠦ ᠡᠴᠢᠭᠡᠳ ᠤᠷᠤᠭᠤᠯ ᠤ᠋ᠨ ᠬᠣᠭᠣᠯᠠᠢ ᠶ᠋ᠢᠨ ᠬᠠᠵᠠᠭᠤ ᠪᠠᠷ ᠰᠢᠪᠲᠤ ᠬᠠᠷᠪᠤᠵᠤ ᠤᠨᠠᠭᠠᠭᠰᠠᠨ ᠳ᠋ᠤᠷ ᠰᠢᠷᠢ ᠬᠤᠲᠤᠭ ᠤᠷᠲᠤ ᠡᠰᠢᠲᠦ ᠰᠠᠷᠠᠨ ᠰᠦᠬᠡ ᠪᠡᠷ ᠲᠡᠭᠦᠨ ᠦ᠌ ᠪᠠᠷᠠᠭᠤᠨ ᠮᠥᠷᠥ ᠶ᠋ᠢ ᠲᠠᠰᠤ ᠴᠠᠪᠴᠢᠨ ᠠᠪᠴᠤ ᠠᠮᠢᠳᠤ ᠪᠠᠷᠢᠪᠠ᠃ ᠵᠠᠯᠮ᠎ᠠ ᠦᠵᠡᠪᠡᠰᠦ ᠲᠠᠲ᠋ᠠᠷ ᠤ᠋ᠨ ᠴᠡᠷᠢᠭ ᠬᠠᠷ᠎ᠠ ᠳᠡᠰ ᠦ᠋ᠨ ᠲᠤᠭ ᠢ᠋ ᠳᠠᠷᠤᠭᠰᠠᠨ ᠳᠠᠰᠢ ᠬᠠᠭᠠᠵᠤ ᠪᠠᠢᠯᠳᠤᠬᠤ ᠲᠤᠯᠠ ᠰᠤᠮᠤ ᠢᠷᠡᠬᠦ ᠢᠨᠦ ᠵᠤᠵᠠᠭᠠᠨ ᠳ᠋ᠤᠷ ᠲᠠᠢᠽᠦ ᠶ᠋ᠢᠨ ᠤᠯᠠᠭᠠᠨ ᠰᠢᠭᠦᠷ ᠢ᠋ ᠪᠤᠰᠤ ᠲᠡᠰᠢ ᠵᠠᠢᠯᠠᠭᠤᠯᠤᠨ᠂ ᠵᠠᠯᠮ᠎ᠠ ᠮᠣᠷᠢ ᠪᠠᠨ ᠳᠠᠪᠬᠢᠨ ᠰᠢᠷ᠎ᠠ ᠳᠡᠪᠰᠡᠭ ᠲᠣᠷ ᠠᠯᠠᠨ ᠭᠠᠷᠴᠤ ᠲᠤᠭ ᠪᠠᠷᠢᠵᠤ ᠳᠣᠬᠢᠶ᠎ᠠ ᠥᠭᠬᠦ ᠬᠥᠮᠦᠨ ᠢ᠋ ᠴᠠᠪᠴᠢᠨ ᠤᠨᠠᠭᠠᠭᠠᠳ ᠬᠠᠷ᠎ᠠ ᠳᠡᠰ ᠦ᠋ᠨ ᠲᠤᠭ ᠢ᠋ ᠪᠤᠯᠢᠶᠠᠨ ᠠᠪᠴᠤ ᠲᠡᠷᠢᠭᠦᠨ ᠦ᠌ ᠤᠷᠤᠭᠤ ᠬᠠᠨᠳᠤᠭᠤᠯᠤᠨ ᠬᠠᠳᠬᠤᠭᠰᠠᠨ ᠳ᠋ᠤᠷ ᠲᠠᠲ᠋ᠠᠷ ᠤ᠋ᠨ ᠴᠡᠷᠢᠭ ᠲᠡᠮᠳᠡᠭ ᠢ᠋ᠶ᠋ᠡᠨ ᠠᠯᠳᠠᠵᠤ ᠲᠥᠬᠥᠭᠡ ᠦᠭᠡᠢ ᠪᠣᠯᠵᠤ ᠶᠡᠬᠡᠯ᠎ᠡ ᠰᠠᠮᠠᠭᠤᠷᠳᠠᠪᠠ᠃ ᠡᠨᠡ ᠲᠠᠰᠢᠷᠠᠮ ᠳ᠋ᠤᠷ ᠪᠠᠰᠣᠳ ᠤ᠋ᠨ ᠵᠡᠪᠡ ᠪᠠᠰᠠ ᠪᠠᠭᠠᠲᠤᠷᠬᠢᠯᠠᠨ ᠣᠷᠣᠵᠤ ᠮᠡᠷᠭᠡᠵᠢᠨ ᠰᠡᠭᠡᠷ ᠢ᠋ ᠡᠷᠢᠨ ᠢᠷᠡᠬᠦᠢ ᠳ᠋ᠦ᠍ᠷ ᠮᠡᠷᠭᠡᠵᠢᠨ ᠰᠡᠭᠡᠷ ᠤᠷᠢᠳᠠ ᠬᠣᠣᠷ ᠣᠯᠤᠭᠰᠠᠨ ᠬᠥᠮᠦᠨ ᠲᠤᠯᠠ ᠶᠡᠬᠡᠯ᠎ᠡ ᠭᠡᠯᠮᠡᠵᠦ᠂ ᠤᠷᠤᠭᠤᠯ ᠤ᠋ᠨ ᠲᠣᠯᠣᠭᠠᠢ ᠦᠭᠡᠢ ᠥᠷᠥᠭᠡᠰᠦᠨ ᠭᠠᠷ ᠢ᠋ ᠲᠡᠭᠦᠨ ᠠᠪᠴᠤ ᠲᠡᠭᠦᠨ ᠦ᠌ ᠶᠠᠰᠤ ᠪᠣᠯᠭᠠᠵᠤ ᠪᠤᠷᠤᠭᠤ ᠬᠠᠨᠳᠤᠨ ᠪᠤᠷᠤᠭᠤᠯᠠᠵᠤ ᠳᠤᠲᠠᠭᠠᠪᠠ᠃ ᠡᠨᠡ ᠦᠶ᠎ᠡ ᠳ᠋ᠦ᠍ᠷ ᠬᠣᠭᠣᠰᠣᠨ ᠭᠠᠵᠠᠷ ᠠᠶᠤᠩᠭᠠᠯᠠᠵᠤ ᠪᠦᠷᠬᠦᠭ ᠡᠭᠦᠯᠡᠨ ᠬᠥᠬᠡ ᠤᠲᠤᠭᠠᠨ ᠤ᠋ ᠳᠣᠲᠣᠷ᠎ᠠ ᠶᠢᠰᠦᠭᠡᠢ ᠪᠠᠭᠠᠲᠤᠷ ᠤ᠋ᠨ ᠰᠠᠬᠢᠭᠤᠯᠰᠤᠨ ᠳᠦᠷᠰᠦ ᠢᠯᠡᠷᠡᠵᠦ᠂ ᠬᠣᠶᠠᠷ ᠡᠲᠡᠭᠡᠳ ᠦ᠋ᠨ ᠣᠯᠠᠨ ᠢ᠋ᠶ᠋ᠠᠷ ᠴᠥᠮ ᠦᠵᠡᠯᠴᠡᠵᠦ ᠶᠡᠬᠡᠯ᠎ᠡ ᠰᠣᠴᠢᠯᠴᠠᠭᠠᠳ ᠲᠠᠢᠽᠦ ᠶᠠᠭᠠᠷᠠᠨ ᠮᠣᠷᠢᠨ ᠠ᠋ᠴᠠ ᠪᠠᠭᠤᠵᠤ ᠭᠠᠷ ᠢ᠋ᠶ᠋ᠠᠷ ᠤᠷᠤᠭᠤᠯ ᠤ᠋ᠨ ᠴᠢᠰᠤᠨ ᠢ᠋ ᠰᠠᠴᠤᠨ ᠮᠥᠷᠭᠥᠭᠰᠡᠨ᠎ᠡ ᠶᠢᠰᠦᠭᠡᠢ ᠪᠠᠭᠠᠲᠤᠷ ᠤ᠋ᠨ ᠰᠠᠬᠢᠭᠤᠯᠰᠤᠨ ᠳᠠᠷᠤᠢ ᠳᠤᠬᠤᠷᠤᠨ ᠠᠵᠢᠷᠠᠪᠠ᠃ ᠡᠭᠦᠨ ᠳ᠋ᠦ᠍ᠷ ᠲᠠᠲ᠋ᠠᠷ ᠠᠢᠮᠠᠭ ᠤ᠋ᠨ ᠡᠵᠡᠨ ᠢᠨᠦ ᠪᠤᠷᠤᠭᠤᠯᠠᠵᠤ᠂ ᠲᠤᠭ ᠪᠠᠰᠠ ᠤᠨᠠᠭᠠᠳ ᠨᠡᠩ ᠪᠠᠰᠠ ᠡᠳᠡᠭᠡᠷ ᠠᠶᠤᠩᠭ᠎ᠠ ᠰᠠᠬᠢᠭᠤᠯᠰᠤᠨ ᠢ᠋ ᠦᠵᠡᠭᠡᠳ ᠨᠢᠭᠡᠨᠲᠡ ᠪᠠᠢᠯᠳᠤᠬᠤ ᠰᠡᠳᠬᠢᠯ ᠦᠬᠡᠢ ᠪᠣᠯᠵᠤ ᠪᠤᠲᠠᠷᠠᠯᠳᠤᠨ ᠭᠦᠶᠦᠯᠳᠦᠵᠦ ᠳᠤᠲᠠᠭᠠᠯᠴᠠᠪᠠᠢ᠃ 
       ᠲᠠᠢᠽᠦ ᠥᠭᠦᠯᠡᠷᠦᠨ᠄ 《 ᠮᠢᠨᠦ ᠦᠵᠡᠬᠦᠢ ᠳ᠋ᠦ᠍ᠷ ᠳᠠᠢᠰᠤᠨ ᠲᠠᠪᠢ ᠵᠢᠷᠠᠨ ᠰᠢᠬᠠᠮ ᠬᠣᠬᠢᠷᠠᠪᠠ᠂ ᠬᠤᠷᠴᠠ ᠰᠦᠷ ᠢᠨᠦ ᠨᠢᠭᠡᠨᠲᠡ ᠰᠠᠷᠨᠢᠵᠤᠬᠤᠢ᠃ ᠪᠠᠢᠳᠠᠯ ᠢ᠋ ᠰᠢᠨᠵᠢᠪᠡᠰᠦ ᠬᠡᠷᠬᠢᠪᠡᠴᠦ ᠪᠦᠭᠭᠦᠭᠰᠡᠨ ᠴᠡᠷᠢᠭ ᠦᠭᠡᠢ 》ᠬᠡᠮᠡᠬᠦᠢ ᠳ᠋ᠦ᠍ᠷ ᠵᠢᠷᠭᠤᠭᠠᠨ ᠰᠠᠢᠳ ᠤ᠋ᠨ ᠨᠡᠬᠡᠰᠦᠭᠡᠢ ᠬᠡᠮᠡᠬᠦ ᠰᠡᠳᠬᠡᠯ ᠳ᠋ᠦ᠍ᠷ ᠨᠡᠢᠴᠡᠭᠡᠳ ᠵᠢᠷᠭᠤᠭᠤᠯᠠ ᠴᠤᠭᠠᠷ ᠱᠠᠯᠠᠮᠠᠭᠠᠢᠯᠠᠨ ᠳᠣᠪᠲᠣᠯᠵᠤ ᠠᠯᠠᠨ ᠬᠥᠭᠡᠭᠡᠵᠦ᠂ ᠴᠠᠵᠢᠲᠦ ᠶ᠋ᠢᠨ ᠴᠠᠭᠠᠨ ᠲᠠᠯ᠎ᠠ ᠬᠡᠮᠡᠬᠦ ᠭᠠᠵᠠᠷ ᠲᠤᠷ ᠭᠦᠢᠴᠡᠨ ᠬᠦᠷᠴᠦ ᠢᠷᠡᠭᠡᠳ ᠬᠣᠨᠢᠨ ᠤ᠋ ᠰᠦᠷᠦᠭ ᠲᠣᠷ ᠪᠠᠷᠰ ᠣᠷᠣᠭᠰᠠᠨ ᠮᠡᠲᠦ ᠶᠡᠬᠡᠯ᠎ᠡ ᠬᠢᠳᠤᠨ ᠠᠯᠠᠵᠤ ᠲᠠᠲ᠋ᠠᠷ ᠤ᠋ᠨ ᠴᠡᠷᠢᠭ ᠬᠥᠮᠦᠨ ᠤᠳᠠᠭᠠᠨ ᠮᠣᠷᠢ ᠬᠠᠱᠠᠩ ᠪᠣᠯᠤᠭᠰᠠᠨ ᠲᠤᠯᠠ ᠪᠤᠷᠤᠭᠤᠯᠠᠵᠤ ᠡᠰᠡ ᠵᠠᠪᠳᠤᠭᠰᠠᠨ ᠳ᠋ᠤᠷ ᠪᠠᠰᠠ ᠵᠠᠭᠤᠨ ᠢᠯᠡᠭᠦᠦ ᠠᠯᠠᠭᠳᠠᠭᠰᠠᠨ᠂ ᠮᠡᠷᠭᠡᠵᠢᠨ ᠰᠡᠭᠡᠷ ᠶᠡᠬᠡᠯ᠎ᠡ ᠳᠠᠷᠤᠭᠳᠠᠵᠤ ᠠᠶᠤᠮᠰᠢᠭ ᠦᠭᠡᠢ ᠠᠢᠮᠠᠭ ᠲᠠᠭᠠᠨ ᠦᠯᠦ ᠣᠷᠣᠨ᠂ ᠡᠮᠦᠨ᠎ᠡ ᠶᠡᠬᠡ ᠠᠯᠲᠠᠨ ᠤᠯᠤᠰ ᠲᠤᠷ ᠰᠢᠷᠭᠤᠨ ᠣᠷᠣᠵᠤ ᠵᠠᠮ ᠡᠷᠢᠨ ᠶᠠᠪᠤᠮᠤᠢ᠃ 
      ᠲᠡᠭᠦᠨᠴᠡ ᠪᠧᠲ᠋ᠠ᠋ ᠤᠯᠤᠰ ᠤ᠋ᠨ ᠴᠡᠷᠢᠭ ᠢ᠋ᠶ᠋ᠡᠨ ᠬᠤᠷᠢᠶᠠᠵᠤ᠂ ᠡᠨᠡ ᠤᠳᠠᠭ᠎ᠠ ᠶ᠋ᠢᠨ ᠣᠯᠵᠠᠯᠠᠭᠰᠠᠨ ᠲᠡᠢᠨ ᠦ᠌ ᠮᠣᠷᠢ ᠵᠠᠭᠤᠨ ᠢᠯᠡᠭᠦᠦ᠂ ᠰᠠᠢᠨ ᠬᠤᠶᠠᠭ ᠳᠤᠭᠤᠯᠠᠭ᠎ᠠ ᠲᠠᠪᠢᠨ ᠢᠯᠡᠭᠦᠦ ᠵᠠᠬ᠎ᠠ᠂ ᠵᠠᠷ ᠵᠡᠪᠰᠡᠭ ᠬᠣᠶᠠᠷ ᠲᠡᠷᠭᠡ ᠶ᠋ᠢ ᠬᠤᠷᠢᠶᠠᠮᠵᠢᠯᠠᠨ ᠠᠪᠴᠤ ᠡᠵᠡᠨ ᠰᠠᠢᠳ ᠢᠨᠢᠶᠡᠨ ᠪᠠᠶᠠᠰᠤᠯᠳᠤᠭᠰᠠᠭᠠᠷ ᠡᠭᠡᠵᠦ ᠢᠷᠡᠬᠦᠶ᠎ᠡ ᠳᠡᠮᠡᠢ ᠬᠣᠷᠢᠨ ᠭᠠᠵᠠᠷ ᠶᠠᠪᠤᠭᠰᠠᠨ ᠦᠭᠡᠢ᠂ ᠮᠠᠩᠬ᠎ᠠ ᠶ᠋ᠢᠨ ᠪᠤᠷᠭᠠᠰᠤᠨ ᠰᠢᠭᠤᠢ ᠠ᠋ᠴᠠ ᠭᠡᠨᠡᠳᠲᠡ ᠪᠠᠰᠠ ᠨᠢᠭᠡᠨ ᠠᠩᠭᠢ ᠴᠡᠷᠢᠭ ᠭᠠᠷᠴᠤ ᠢᠷᠡᠪᠡ᠃ ᠡᠭᠦᠨ ᠳ᠋ᠦ᠍ᠷ ᠴᠤᠤ ᠮᠡᠷᠭᠡᠨ ᠦᠵᠡᠭᠡᠳ ᠶᠡᠬᠡᠳᠡ ᠰᠣᠴᠢᠵᠤ ᠠᠶ᠎ᠠ ᠭᠡᠮᠡᠨ ᠳᠠᠭᠤᠨ ᠠᠯᠳᠠᠭᠰᠠᠨ ᠳ᠋ᠤᠷ ᠣᠯᠠᠨ ᠬᠥᠮᠦᠨ ᠬᠢᠨᠠᠨ ᠦᠵᠡᠪᠡᠰᠦ ᠲᠡᠷᠡ ᠴᠡᠷᠢᠭ ᠦ᠋ᠨ ᠲᠡᠷᠢᠭᠦᠯᠡᠭᠰᠡᠨ ᠬᠣᠶᠠᠷ ᠲᠦᠰᠢᠮᠡᠯ ᠢᠨᠦ᠂ ᠬᠠᠷᠢᠨ ᠴᠥᠮ ᠮᠣᠷᠢᠨ ᠠ᠋ᠴᠠ ᠬᠠᠷᠠᠢᠨ ᠪᠠᠭᠤᠪᠠ᠃ ᠲᠠᠢᠽᠦ ᠦᠵᠡᠪᠡᠰᠦ ᠮᠤᠬᠤᠯᠢ ᠴᠢᠯᠠᠭᠤᠨ ᠬᠣᠶᠠᠭᠤᠯᠠ ᠠᠵᠤᠭᠤ᠃ ᠦᠵᠡᠰᠡ ᠮᠤᠬᠤᠯᠢ᠂ ᠲᠣᠷᠭᠠᠨ ᠰᠢᠷ᠎ᠠ ᠯᠤᠭ᠎ᠠ ᠵᠥᠪᠯᠡᠵᠦ ᠮᠥᠨ ᠬᠦ᠌ ᠡᠨᠡ ᠭᠠᠵᠠᠷ ᠢ᠋ ᠰᠡᠵᠢᠭᠯᠡᠵᠦ ᠴᠡᠷᠢᠭ ᠢ᠋ᠶ᠋ᠡᠷ ᠤᠭᠲᠤᠷ᠎ᠠ ᠢᠷᠡᠵᠦᠬᠦᠢ᠃ ᠲᠡᠳᠦᠢ ᠡᠵᠡᠨ ᠲᠦᠰᠢᠮᠡᠯ ᠬᠠᠮᠲᠤ ᠨᠡᠢᠯᠡᠵᠦ ᠪᠤᠷᠬᠠᠨ ᠭᠠᠯᠳᠤᠨ᠎ᠠ ᠳ᠋ᠤᠷ ᠬᠦᠷᠴᠦ ᠢᠷᠡᠭᠡᠳ ᠲᠠᠢᠽᠦ ᠮᠣᠷᠢᠨ ᠠ᠋ᠴᠠ ᠪᠠᠭᠤᠭᠠᠳ ᠡᠴᠢᠭᠡ ᠶᠢᠰᠦᠭᠡᠢ ᠪᠠᠭᠠᠲᠤᠷ ᠤ᠋ᠨ ᠴᠢᠨᠳᠠᠷ ᠤ᠋ᠨ ᠡᠮᠦᠨ᠎ᠡ ᠣᠯᠠᠨ ᠲᠦᠰᠢᠮᠡᠳ ᠢ᠋ᠶ᠋ᠡᠨ ᠠᠪᠴᠤ ᠶᠠᠪᠠᠭᠠᠯᠠᠨ ᠠᠯᠬᠤᠵᠤ ᠬᠦᠷᠦᠭᠡᠳ ᠶᠡᠬᠡ ᠲᠠᠬᠢᠯ ᠳᠠᠬᠢᠵᠤ᠂ ᠲᠠᠬᠢᠯ ᠤ᠋ᠨ ᠰᠢᠷᠡᠭᠡᠨ ᠦ᠌ ᠡᠮᠦᠨ᠎ᠡ ᠰᠢᠷᠡᠭᠡᠨ ᠳ᠋ᠦ᠍ᠷ ᠬᠣᠣᠷ᠎ᠠ ᠢᠳᠡᠭᠦᠯᠦᠭᠰᠡᠨ ᠥᠰᠲᠦ ᠬᠥᠮᠦᠨ ᠲᠠᠲ᠋ᠠᠷ ᠤ᠋ᠨ ᠤᠷᠤᠭᠤᠯ ᠢ᠋ ᠬᠦᠯᠢᠵᠦ ᠲᠠᠯᠪᠢᠭᠠᠳ ᠴᠢᠬᠢ ᠳ᠋ᠦ᠍ᠷ ᠠᠷᠢᠬᠢ ᠬᠢᠵᠦ ᠰᠥᠭᠥᠳᠴᠦ ᠠᠯᠲᠠᠨ ᠴᠥᠭᠥᠴᠡ ᠳ᠋ᠦ᠍ᠷ ᠠᠷᠢᠬᠢ ᠪᠠᠨ ᠪᠠᠢᠨ ᠪᠠᠢᠨ ᠲᠣᠰᠤᠭᠠᠨ ᠮᠥᠷᠭᠥᠵᠦ᠂ ᠤᠷᠤᠭᠤᠯ ᠢ᠋ ᠬᠡᠰᠡᠭ ᠬᠡᠰᠡᠭ ᠢ᠋ᠶ᠋ᠡᠷ ᠣᠭᠲᠣᠴᠢᠨ ᠪᠠᠢᠵᠤ ᠮᠡᠳᠡᠭᠦᠯᠦᠷᠦᠨ᠄
          ᠲᠩᠷᠢᠯᠢᠭ ᠡᠴᠢᠭᠡ ᠶ᠋ᠢ ᠮᠢᠨᠦ ᠬᠣᠣᠷ᠎ᠠ ᠪᠠᠷ ᠬᠣᠣᠷᠠᠳᠠᠭᠠᠭᠰᠠᠨ 
          ᠲᠠᠲ᠋ᠠᠷ ᠤ᠋ᠨ ᠠᠢᠮᠠᠭ ᠤ᠋ᠨ ᠲᠡᠷᠰᠯᠡᠭᠦᠦ ᠪᠣᠭᠣᠯ ᠤᠷᠤᠭᠤᠯ ᠢ᠋ 
          ᠲᠡᠰᠬᠡᠯ ᠦᠭᠡᠢ ᠰᠢᠳᠦ ᠵᠠᠭᠤᠨ ᠨᠡᠬᠡᠭᠰᠡᠭᠡᠷ᠂ 
          ᠲᠠᠬᠢᠭᠦᠯᠦᠯ ᠦᠭᠡᠢᠶ᠎ᠠ ᠳᠠᠷᠳᠠᠢᠲᠠᠯ᠎ᠠ ᠬᠦᠯᠢᠵᠦ ᠠᠪᠴᠢᠷᠠᠪᠠ᠃
          ᠲᠡᠮᠡᠴᠡᠯᠳᠦᠵᠦ ᠪᠠᠢᠯᠳᠤᠬᠤ ᠲᠡᠢᠨ ᠳᠠᠢᠰᠣᠨ᠎ᠠ ᠪᠣᠯᠪᠠᠴᠤ 
          ᠲᠡᠮᠳᠡᠭᠲᠡᠶ᠎ᠡ ᠢᠪᠡᠭᠡᠭᠰᠡᠨ ᠡᠴᠢᠭᠡ ᠶ᠋ᠢᠨ ᠰᠠᠬᠢᠭᠤᠯᠰᠣᠨ᠎ᠠ ᠳᠠᠭᠢᠮᠤᠢ᠃ 
          ᠲᠡᠭᠦᠨ ᠦ᠌ ᠡᠯᠢᠭᠡ ᠵᠢᠷᠦᠬᠡ ᠶ᠋ᠢ ᠢᠯᠡᠷᠭᠡᠶ᠎ᠡ ᠠᠮᠰᠠᠭᠠᠳ 
          ᠲᠡᠭᠦᠰ ᠪᠠᠭᠠᠲᠤᠷ ᠬᠤᠪᠢᠯᠭᠠᠨ ᠰᠦᠯᠳᠡ ᠪᠡᠶᠡᠰᠦᠨ ᠠᠮᠤᠲᠤᠭᠠᠢ ! 
ᠬᠡᠮᠡᠭᠡᠳ ᠤᠷᠤᠭᠤᠯ ᠤ᠋ᠨ ᠬᠡᠬᠦᠳᠡᠭ ᠢ᠋ ᠬᠠᠭᠠᠯᠤᠨ ᠵᠢᠷᠦᠬᠡ ᠶ᠋ᠢ ᠭᠠᠷᠭᠠᠵᠤ ᠳᠠᠬᠢᠲᠠᠯ᠎ᠠ ᠤᠷᠤᠭᠤᠯ ᠰᠠᠶᠢ ᠦᠬᠦᠳᠬᠡᠪᠡᠢ᠃ ᠲᠡᠳᠦᠢ ᠲᠣᠯᠣᠭᠠᠢ ᠶ᠋ᠢ ᠠᠨᠤ ᠣᠭᠲᠣᠯᠵᠤ ᠠᠪᠤᠪᠠ᠃ ᠡᠨᠡ ᠡᠳᠦᠷ ᠲᠠᠢᠽᠦ ᠬᠦᠨᠳᠦ ᠬᠣᠷᠣᠰᠤᠯ ᠢ᠋ᠶ᠋ᠠᠨ ᠠᠷᠢᠯᠭᠠᠵᠤ ᠰᠠᠶᠢ ᠮᠠᠩᠨᠠᠢ ᠲᠡᠨᠢᠢᠵᠦ ᠴᠢᠷᠠᠢ ᠲᠣᠬᠣᠷᠴᠤ ᠭᠡᠭᠡᠬᠡᠨ ᠮᠣᠩᠬᠢᠨ ᠠ᠋ᠴᠠ ᠪᠠᠭᠤᠵᠤ ᠢᠷᠡᠭᠡᠳ ᠪᠤᠷᠬᠠᠨ ᠭᠠᠯᠲᠤᠨ᠎ᠠ ᠶ᠋ᠢᠨ ᠠᠭᠤᠯᠠᠨ ᠤ᠋ ᠡᠩᠭᠡᠷ ᠲᠡᠬᠢ ᠰᠤᠪᠤᠭ᠎ᠠ ᠳ᠋ᠤᠷ ᠢ᠋ᠶ᠋ᠠᠨ ᠬᠦᠷᠴᠦ ᠲᠠᠢᠽᠦ ᠪᠠᠰᠠ ᠮᠣᠷᠢᠨ ᠠ᠋ᠴᠠ ᠪᠠᠭᠤᠵᠤ ᠥᠭᠦᠯᠡᠷᠦᠨ᠄ 《 ᠪᠤᠷᠬᠠᠨ ᠭᠠᠯᠲᠤᠨ᠎ᠠ ᠶ᠋ᠢᠨ ᠬᠦᠴᠦᠨ ᠢ᠋ᠶ᠋ᠡᠷ ᠪᠣᠷᠳᠣᠭᠰᠠᠨ ᠬᠣᠩᠭᠣᠷ ᠢ᠋ᠶ᠋ᠠᠨ ᠤᠨᠤᠵᠤ᠂ ᠪᠤᠭᠤ ᠶ᠋ᠢᠨ ᠣᠷᠣᠮ ᠢ᠋ᠶ᠋ᠠᠷ ᠣᠷᠣᠯᠴᠠᠵᠤ ᠪᠤᠷᠭᠠᠰᠤᠨ ᠮᠣᠳᠣᠨ ᠢ᠋ᠶ᠋ᠠᠷ ᠭᠡᠷᠯᠡᠵᠦ ᠪᠣᠰᠨᠢᠭᠤᠯᠬᠤ ᠳᠠᠢᠰᠤᠨ ᠢ᠋ᠶ᠋ᠠᠨ ᠳᠠᠷᠤᠵᠤ ᠪᠣᠳᠠᠲᠤ ᠠᠮᠢᠨ ᠢ᠋ ᠮᠢᠨᠦ ᠭᠠᠷᠭᠠᠪᠠᠢ᠂ ᠠᠭᠤᠯᠠᠨ ᠳ᠋ᠠᠭᠠᠨ ᠮᠥᠷᠭᠥᠰᠦᠭᠡᠢ! 》 ᠬᠡᠮᠡᠵᠦ ᠪᠥᠰᠡᠨ ᠢ᠋ᠶ᠋ᠡᠨ ᠬᠦᠵᠦᠭᠦᠨ ᠳ᠋ᠡᠭᠡᠨ ᠡᠯᠭᠦᠵᠦ᠂ ᠮᠠᠯᠠᠭ᠎ᠠ ᠶᠤᠭᠠᠨ ᠭᠠᠷ ᠲᠠᠭᠠᠨ ᠪᠠᠷᠢᠵᠤ ᠡᠪᠦᠳᠦᠭ ᠶᠦ᠍ᠭᠡᠨ ᠳᠠᠷᠤᠵᠤ ᠮᠥᠷᠭᠥᠬᠦᠢ ᠳ᠋ᠡᠭᠡᠨ ᠡᠢᠨ ᠥᠭᠦᠯᠡᠷᠦᠨ᠄《 ᠡᠷᠡᠮᠡᠭᠡᠷ ᠰᠠᠢᠨ ᠢ᠋ᠶ᠋ᠠᠷ ᠡᠵᠡᠨ ᠡᠰᠡ ᠪᠣᠯᠤᠯᠤᠭ᠎ᠠ᠂ ᠡᠴᠢᠭᠡ ᠲᠡᠭᠷᠢ ᠡᠴᠡ ᠵᠠᠶᠠᠭᠠᠲᠠᠢ ᠪᠥᠯᠥᠭᠡ᠂ ᠬᠠᠷᠠᠳᠠᠨ ᠳᠠᠢᠰᠤᠨ ᠢ᠋ ᠮᠢᠨᠦ ᠳᠠᠷᠤᠵᠤ ᠥᠭᠪᠡ ᠴᠢ᠂ ᠥᠰᠢᠶᠡᠲᠡᠨ ᠳᠠᠢᠰᠤᠨ ᠡᠵᠡ ᠥᠮᠥᠭᠯᠡᠵᠦ ᠭᠠᠷᠭᠠᠪᠠ ᠨᠠᠮᠠᠶ᠋ᠢ! 》 ᠭᠡᠮᠡᠨ ᠶᠢᠰᠦᠨᠲᠡ ᠮᠥᠷᠭᠥᠵᠦ ᠳᠠᠬᠢᠵᠤ ᠪᠠᠷᠠᠭᠤᠨ ᠣᠷᠳᠣᠨ ᠴᠠᠭᠠᠨ ᠭᠡᠷ ᠲᠡᠭᠡᠨ ᠵᠠᠯᠠᠷᠠᠨ ᠬᠦᠷᠴᠦ ᠢᠷᠠᠪᠠᠰᠤ᠂ ᠬᠦᠷᠢᠶᠡᠨ ᠦ᠌ ᠬᠠᠭᠠᠯᠭᠠᠨ ᠤ᠋ ᠳᠡᠭᠡᠷ᠎ᠡ ᠶᠡᠬᠡ ᠪᠠᠷᠰ ᠤ᠋ᠨ ᠠᠷᠠᠰᠤᠨ ᠤ᠋ ᠰᠠᠭᠠᠳᠠᠭ ᠡᠯᠭᠦᠵᠦ᠂ ᠳᠡᠭᠡᠷ᠎ᠡ ᠲᠠᠪᠤᠨ ᠥᠩᠭᠡ ᠶ᠋ᠢᠨ ᠪᠦᠲᠦᠨ ᠬᠬᠢᠪ ᠢ᠋ ᠨᠤᠮᠤ ᠰᠤᠮᠤ ᠳ᠋ᠤᠷ ᠬᠣᠯᠪᠣᠨ ᠤᠶᠠᠵᠤᠬᠤᠢ᠃ ᠣᠯᠠᠨ ᠲᠦᠰᠢᠮᠡᠳ ᠤᠭᠲᠤᠨ ᠢᠷᠡᠵᠦ ᠳᠠᠪᠬᠤᠷ ᠪᠠᠶᠠᠷ ᠤ᠋ᠨ ᠶᠣᠰᠣᠭᠠᠷ ᠭᠠᠳᠠᠨ᠎ᠠ ᠳᠠᠢᠰᠤᠨ ᠢ᠋ ᠳᠠᠷᠤᠵᠤ ᠥᠰᠢᠶ᠎ᠡ ᠪᠡᠨ ᠠᠪᠤᠪᠠ᠂ ᠭᠡᠷ ᠲᠦ᠍ ᠬᠥᠪᠡᠭᠦᠨ ᠮᠡᠨᠳᠦᠯᠡᠵᠦ ᠦᠷ᠎ᠡ ᠶ᠋ᠢ ᠵᠠᠯᠭᠠᠮᠵᠢᠯᠠᠪᠠ ᠭᠡᠮᠡᠨ ᠮᠥᠷᠭᠥᠨ ᠵᠣᠯᠭᠠᠪᠠ᠂ ᠲᠠᠢᠽᠦ ᠵᠠᠬᠢᠷᠤᠨ᠄《ᠬᠥᠪᠡᠭᠦᠨ ᠲᠡᠢ ᠪᠣᠯᠤᠭᠰᠠᠨ ᠶᠠᠮᠪᠠᠷ ᠬᠡᠷᠡᠭ᠂ ᠬᠦᠴᠦᠨ ᠦᠭᠭᠦᠭᠰᠡᠨ ᠲᠦᠰᠢᠮᠡᠯ ᠴᠢᠬᠤᠯᠠ! 》 ᠭᠡᠮᠡᠭᠡᠳ ᠥᠵᠢᠨ ᠡᠬᠡ ᠳ᠋ᠦ᠍ᠷ ᠵᠣᠯᠭᠠᠵᠤ ᠮᠥᠷᠭᠥᠭᠡᠳ ᠰᠡᠴᠡ ᠡᠭᠡᠨ ᠭᠠᠷᠴᠤ ᠢᠷᠡᠭᠡᠳ ᠣᠯᠠᠨ ᠲᠦᠰᠢᠮᠡᠳ ᠢ᠋ᠶ᠋ᠡᠨ ᠬᠤᠷᠢᠮᠯᠠᠬᠤᠢ ᠳ᠋ᠤᠷ ᠲᠣᠷᠭᠠᠨ ᠰᠢᠷ᠎ᠠ᠂ ᠮᠤᠬᠤᠯᠢ ᠠ᠋ᠴᠠ ᠲᠡᠷᠢᠭᠦᠯᠡᠨ ᠠᠷᠢᠬᠢ ᠬᠠᠢᠷᠠᠯᠠᠭᠰᠠᠭᠠᠷ ᠡᠨᠡ ᠤᠳᠠᠭ᠎ᠠ ᠶ᠋ᠢᠨ ᠠᠪᠠ ᠳ᠋ᠤᠷ ᠳᠠᠭᠠᠭᠰᠠᠨ᠂ ᠵᠢᠷᠤᠮ ᠢ᠋ᠶ᠋ᠠᠷ ᠪᠠᠢᠯᠳᠤᠭᠰᠠᠨ ᠵᠢᠷᠭᠤᠭᠠᠨ ᠰᠠᠢᠳ ᠲᠤᠷ ᠬᠦᠷᠴᠦ ᠢᠷᠡᠭᠡᠳ ᠨᠢᠭᠡᠨ ᠨᠢᠭᠡᠨ ᠢ᠋ᠶ᠋ᠡᠷ ᠮᠠᠭᠲᠠᠵᠤ ᠥᠭᠦᠯᠡᠷᠦᠨ᠄ 
          ᠨᠠᠢ᠍ᠮᠠᠨ ᠰᠢᠷᠭ᠎ᠠ ᠡᠷᠳᠡᠨᠢ ᠶ᠋ᠢᠨ ᠠᠭᠲᠠ ᠶ᠋ᠢ ᠨᠡᠬᠡᠬᠦᠢ ᠳ᠋ᠦ᠍ᠷ 
          ᠨᠠᠷᠠᠨ ᠤ᠋ ᠬᠡᠯᠲᠡᠰ ᠴᠠᠭ ᠲᠤᠷ ᠬᠠᠷᠢᠯᠴᠠᠨ ᠵᠤᠯᠭᠠᠯᠳᠤᠮᠤᠢ 
          ᠨᠠᠢᠷᠠᠯᠳᠤᠨ ᠦᠭᠦᠯᠡᠯᠳᠦᠵᠦ ᠬᠦᠴᠦᠨ ᠢ᠋ᠶ᠋ᠡᠨ ᠦᠭᠭᠦᠭᠰᠡᠨ 
          ᠨᠠᠮᠤᠭᠤᠨ ᠪᠠᠭᠠᠲᠤᠷ ᠬᠦᠯᠦᠭ ᠪᠤᠭᠤᠷᠵᠢ ᠰᠠᠢᠳ ᠮᠢᠨᠦ᠃ 
          ᠠᠢᠯ ᠵᠠᠭᠤᠷ᠎ᠠ ᠶᠠᠪᠤᠬᠤᠢ ᠳ᠋ᠤᠷ ᠠᠯᠠᠭ ᠪᠢᠷᠠᠭᠤ ᠮᠡᠲᠦ ᠠᠭᠠᠰᠢᠲᠦ 
          ᠠᠯᠠᠯᠳᠤᠬᠤ ᠳᠠᠢᠰᠤᠨ ᠳ᠋ᠤᠷ ᠣᠷᠣᠪᠠᠰᠤ 
          ᠠᠮᠢᠨ ᠪᠡᠶ᠎ᠡ ᠪᠡᠨ ᠦᠯᠦ ᠬᠠᠢᠷᠠᠯᠠᠭᠴᠢ᠂ 
          ᠬᠠᠨᠢᠯᠠᠨ ᠶᠠᠪᠤᠬᠤᠢ ᠴᠠᠭ ᠲᠤᠷ ᠬᠠᠱᠠᠩ ᠬᠠᠷ᠎ᠠ ᠮᠡᠲᠦ ᠠᠭᠠᠰᠢᠲᠦ 
          ᠬᠠᠷᠠᠳᠠᠨ ᠳᠠᠢᠰᠤᠨ ᠳ᠋ᠤᠷ ᠣᠷᠣᠪᠠᠰᠤ ᠬᠠᠷᠴᠠᠭᠠᠢ ᠰᠢᠪᠠᠭᠤᠨ ᠮᠡᠲᠦ ᠳᠣᠪᠲᠣᠯᠤᠭᠴᠢ᠂ 
          ᠢᠨᠢᠶᠡᠨ ᠨᠠᠭᠠᠳᠬᠤᠢ ᠴᠠᠭ ᠲᠤᠷ ᠢᠳᠡᠷ ᠵᠥᠭᠡᠢ ᠠᠭᠠᠰᠢᠳᠦ 
          ᠢᠳᠡᠪᠬᠢᠯᠡᠬᠦ ᠲᠠᠢᠰᠤᠨ ᠳ᠋ᠤᠷ ᠤᠴᠠᠷᠠᠪᠠᠰᠤ ᠢᠳᠡᠯᠡᠬᠦ ᠰᠢᠪᠠᠭᠤᠨ ᠮᠡᠲᠦ ᠳᠣᠭᠣᠯᠤᠭᠴᠢ᠃ 
ᠪᠣᠭᠣᠷᠵᠢ ᠮᠢᠨᠦ ᠭᠡᠮᠡᠨ ᠰᠠᠢᠰᠢᠶᠠᠨ ᠮᠠᠭᠲᠠᠵᠤ ᠥᠪᠡᠷ ᠦ᠋ᠨ ᠭᠠᠷ ᠢ᠋ᠶ᠋ᠠᠷ ᠢ᠋ᠶ᠋ᠠᠨ ᠠᠷᠢᠬᠢ ᠬᠠᠢᠷᠠᠯᠠᠭᠠᠳ ᠪᠤᠭᠤᠷᠤᠯ ᠢ᠋ ᠮᠠᠭᠲᠠᠷᠤᠨ᠄ 
          ᠬᠠᠷᠪᠤᠬᠤ ᠰᠤᠮᠤᠨ ᠳ᠋ᠤᠷ ᠬᠠᠯᠬᠠᠪᠴᠢ ᠪᠣᠯᠤᠭᠰᠠᠨ 
          ᠰᠠᠮᠠᠭᠤᠨ ᠵᠡᠪᠡ ᠳ᠋ᠦ᠍ᠷ ᠰᠠᠷᠠᠪᠴᠢ ᠪᠣᠯᠤᠭᠰᠠᠨ 
          ᠲᠣᠯᠣᠭᠠᠢ ᠳ᠋ᠠᠭᠠᠨ ᠰᠤᠮᠤ ᠲᠣᠰᠴᠤ ᠪᠠᠢᠲᠠᠯ᠎ᠠ 
          ᠲᠣᠬᠣᠮ ᠰᠢᠷᠲᠡᠭ ᠢ᠋ᠶ᠋ᠡᠨ ᠡᠰᠡ ᠠᠯᠳᠠᠭᠰᠠᠨ 
          ᠲᠤᠯᠭᠠᠭᠤᠷᠢ ᠦᠭᠡᠢ ᠳᠠᠢᠰᠤᠨ ᠢ᠋ ᠲᠤᠯᠤᠭᠴᠢ 
          ᠲᠤᠩ ᠪᠠᠭᠠᠲᠤᠷ ᠬᠦᠯᠦᠭ ᠪᠤᠭᠤᠷᠤᠯ ᠮᠢᠨᠦ ! 
ᠬᠡᠮᠡᠵᠦ᠂ ᠪᠠᠰᠠ ᠭᠠᠷ ᠢ᠋ᠶ᠋ᠠᠷ ᠠᠷᠢᠬᠢ ᠬᠠᠢᠷᠠᠯᠠᠵᠤ ᠮᠠᠭᠲᠠᠨ ᠰᠠᠢᠰᠢᠶᠠᠭᠠᠳ ᠳᠠᠷᠤᠷ ᠰᠢᠷᠢ ᠬᠤᠲᠤᠭ ᠢ᠋ ᠮᠠᠭᠲᠠᠷᠤᠨ᠄ 
          ᠮᠡᠷᠭᠡᠵᠢᠨ ᠰᠡᠭᠡᠷ ᠢ᠋ ᠮᠡᠳᠡᠵᠦ ᠴᠢᠳᠠᠭᠠᠳ 
          ᠲᠠᠲ᠋ᠠᠷ ᠠᠢᠮᠠᠭ ᠢ᠋ ᠲᠠᠨᠢᠵᠤ ᠭᠠᠷᠭᠠᠭᠰᠠᠨ᠂ 
          ᠤᠷᠤᠭᠤᠯ ᠬᠤᠯᠠᠭᠠᠢ ᠶ᠋ᠢ ᠤᠭᠤᠴᠠ ᠪᠠᠷ ᠴᠠᠪᠴᠢᠭᠰᠠᠨ  
          ᠣᠮᠣᠭᠲᠤ ᠠᠷᠰᠯᠠᠨ ᠮᠡᠲᠦ ᠰᠢᠷᠢ ᠬᠤᠲᠤᠭ ᠮᠢᠨᠦ ! 
ᠬᠡᠮᠡᠵᠦ ᠪᠠᠰᠠ ᠭᠠᠷ ᠢ᠋ᠶ᠋ᠠᠷ ᠠᠷᠢᠬᠢ ᠬᠠᠢᠷᠠᠯᠠᠵᠤ ᠳᠠᠷᠤᠢ ᠴᠤᠤ ᠮᠡᠷᠭᠡᠨ ᠢ᠋ ᠡᠢᠨ ᠭᠡᠮᠡᠨ ᠮᠠᠭᠲᠠᠷᠤᠨ᠄ 
          ᠵᠠᠬᠢᠶ᠎ᠠ ᠶᠢ ᠮᠢᠨᠦ ᠦᠯᠦ ᠳᠠᠪᠠᠨ  
          ᠵᠠᠢ ᠴᠢᠯᠥᠭᠡ ᠠᠯᠳᠠᠯ ᠥᠭᠡᠢ᠎ᠡ ᠂
          ᠬᠦᠴᠦᠷᠬᠡᠭ ᠬᠥᠮᠦᠨ ᠦ᠌ ᠬᠥᠮᠥᠭᠡᠢ ᠳᠣᠣᠭᠤᠷ 
          ᠬᠥᠷᠪᠡᠲᠡᠯ᠎ᠡ ᠬᠠᠷᠪᠤᠵᠤ᠂
          ᠰᠠᠮᠠᠭᠤᠨ ᠬᠤᠯᠠᠭᠠᠢ ᠶ᠋ᠢᠨ ᠰᠠᠭᠠᠯᠳᠤᠷᠭ᠎ᠠ ᠳᠣᠣᠭᠤᠷ 
          ᠰᠠᠷᠪᠠᠢᠲᠠᠯ᠎ᠠ ᠬᠠᠷᠪᠤᠵᠤ᠂
          ᠬᠠᠳᠬᠤᠯᠳᠤᠬᠤ ᠳᠠᠢᠰᠤᠨ ᠢ᠋ 
          ᠬᠠᠭᠠᠰ ᠪᠣᠯᠭᠠᠭᠰᠠᠨ᠂ 
          ᠵᠥᠷᠢᠴᠡᠯᠳᠦᠬᠦ ᠳᠠᠢᠰᠤᠨ ᠢ᠋ ᠵᠥᠭᠡᠭ ᠪᠣᠯᠭᠠᠭᠰᠠᠨ 
          ᠵᠦᠷᠴᠢᠳ ᠦ᠋ᠨ ᠰᠠᠢᠨ ᠴᠤᠤ ᠮᠡᠷᠭᠡᠨ ᠮᠢᠨᠦ ! 
ᠬᠡᠮᠡᠵᠦ ᠪᠠᠰᠠ ᠭᠠᠷ ᠢ᠋ᠶ᠋ᠠᠷ ᠠᠷᠢᠬᠢ ᠬᠠᠢᠷᠠᠯᠠᠵᠤ ᠮᠠᠭᠲᠠᠨ ᠰᠠᠢᠰᠢᠶᠠᠭᠠᠳ ᠵᠢᠴᠢ ᠵᠡᠯᠮ᠎ᠡ ᠶ᠋ᠢ ᠡᠢᠨ ᠭᠡᠮᠡᠨ ᠮᠠᠭᠲᠠᠷᠤᠨ᠄ 
          ᠤᠷᠤᠭᠤ ᠬᠦᠷᠦᠭᠡᠰᠦᠨ᠎ᠡ ᠣᠳᠤᠯᠭ᠎ᠠ ᠪᠣᠯᠤᠭᠰᠠᠨ 
          ᠣᠮᠣᠭᠲᠤ ᠳᠠᠢᠰᠤᠨ ᠳ᠋ᠤᠷ ᠬᠣᠰᠢᠭᠤᠴᠢ ᠪᠣᠯᠤᠭᠰᠠᠨ᠂ 
          ᠣᠮᠳᠠᠯ ᠦᠬᠡᠷ ᠨᠣᠢᠷᠲᠤ 
          ᠤᠢᠳᠬᠠᠷ ᠦᠭᠡᠢ ᠰᠡᠳᠬᠢᠯᠳᠦ᠂ 
          ᠤᠯᠤᠰ ᠤ᠋ᠨ ᠤᠷᠢᠳᠠ ᠬᠦᠴᠦᠨ ᠢ᠋ᠶ᠋ᠡᠨ ᠦᠭᠭᠦᠭᠰᠡᠨ 
          ᠤᠷᠤᠭ ᠤᠷᠢᠶᠠᠩᠬᠠᠨ ᠤ᠋ ᠰᠠᠢᠬᠠᠨ ᠵᠠᠯᠠᠮ᠎ᠠ ᠮᠢᠨᠦ ! 
ᠬᠡᠮᠡᠵᠦ ᠮᠥᠨ ᠬᠦ᠌ ᠥᠪᠡᠷ ᠦᠨ ᠭᠠᠷ ᠢ᠋ᠶ᠋ᠠᠷ ᠬᠠᠰ ᠬᠤᠨᠳᠠᠭᠠᠲᠤ ᠠᠷᠢᠬᠢ ᠪᠠᠨ ᠬᠠᠢᠷᠠᠯᠠᠭᠠᠳ ᠵᠡᠪᠡ ᠶ᠋ᠢ ᠮᠠᠭᠲᠠᠷᠤᠨ᠄ 
          ᠣᠯᠠᠨ ᠳᠠᠢᠰᠤᠨ ᠢ᠋ ᠳᠠᠷᠤᠵᠤ 
          ᠣᠯᠵᠠ ᠣᠮᠣᠭ ᠢ᠋ ᠣᠷᠣᠭᠤᠯᠤᠭᠰᠠᠨ᠂ 
          ᠪᠣᠳᠠᠲᠠᠢ ᠰᠠᠢᠬᠠᠨ ᠪᠡᠶᠡᠲᠦ 
          ᠪᠤᠯᠳᠤᠷᠢᠯ ᠦᠬᠡᠷ ᠶᠠᠪᠤᠳᠠᠯ ᠳ᠋ᠤ᠌ ᠂ 
          ᠲᠠᠰᠤᠷᠬᠠᠢ ᠰᠢᠷᠳᠡᠭ ᠬᠤᠭᠤᠷᠬᠠᠢ ᠰᠠᠭᠠᠳᠠᠭ ᠡᠰᠡ ᠭᠡᠭᠡᠯᠭᠡᠭᠰᠡᠨ᠂ 
          ᠲᠠᠭᠠᠯᠠᠮᠵᠢᠲᠠᠢ ᠪᠠᠭᠠᠲᠤᠷ ᠲᠠᠩᠰᠤᠭ ᠵᠡᠪᠡ ᠮᠢᠨᠦ! 
ᠬᠡᠮᠡᠵᠦ ᠭᠠᠷ ᠢ᠋ᠶ᠋ᠠᠷ ᠠᠷᠢᠬᠢ ᠬᠠᠢᠷᠠᠯᠠᠵᠤ ᠵᠢᠷᠭᠤᠭᠠᠨ ᠰᠠᠢᠳ ᠢ᠋ᠶ᠋ᠠᠨ ᠮᠠᠭᠲᠠᠨ ᠳᠠᠭᠤᠰᠴᠤ ᠲᠤᠰ ᠲᠤᠰ ᠲᠤᠷ ᠬᠦᠨᠳᠦ ᠱᠠᠩ ᠬᠡᠰᠢᠭ ᠪᠠᠭᠤᠯᠭᠠᠵᠤ ᠪᠠᠰᠠ ᠰᠢᠲᠦ ᠵᠠᠭᠤᠭᠰᠠᠨ ᠤᠷᠤᠭᠤᠯ ᠢ᠋ ᠪᠠᠷᠢᠭᠰᠠᠨ᠎ᠠ ᠲᠣᠬᠢᠶᠠᠯᠳᠤᠵᠤ ᠠᠬᠠᠮᠠᠳ ᠬᠥᠪᠡᠭᠦᠨ ᠲᠡᠢ ᠪᠣᠯᠪᠠ ᠬᠡᠮᠡᠵᠦ᠂ ᠵᠣᠷᠢᠭᠯᠠᠨ ᠵᠠᠭᠤᠭᠰᠠᠨ ᠳᠠᠢᠰᠤᠨ ᠢ᠋ ᠳᠠᠷᠤᠭᠰᠠᠨ᠎ᠠ ᠲᠥᠷᠥᠭᠰᠡᠨ ᠢ᠋ᠶ᠋ᠡᠷ ᠨᠡᠷ᠎ᠡ ᠶ᠋ᠢ ᠵᠣᠴᠢ ᠭᠡᠮᠡᠨ ᠬᠠᠢᠷᠠᠯᠠᠭᠠᠳ ᠡᠨᠡ ᠪᠠᠶᠠᠷ ᠲᠤᠷ ᠠᠪᠠ ᠳ᠋ᠤᠷ ᠳᠠᠭᠠᠭᠰᠠᠨ ᠪᠠ ᠠᠶᠠᠨ ᠳ᠋ᠤᠷ ᠦᠬᠦᠭᠰᠡᠨ ᠠᠷᠠᠳ ᠤ᠋ᠨ ᠡᠮ᠎ᠡ ᠬᠡᠦᠬᠡᠳ ᠲᠣᠷ ᠬᠦᠨᠳᠦᠳᠡ ᠱᠠᠩᠨᠠᠨ ᠬᠥᠬᠢᠭᠦᠯᠪᠡ᠃ 
      ᠡᠨᠡ ᠵᠢᠯ ᠲᠠᠢᠽᠦ ᠠᠷᠪᠠᠨ ᠶᠢᠰᠦᠨ ᠨᠠᠰᠤᠨ ᠰᠡᠭᠦᠳᠡᠷ ᠲᠡᠢ ᠠᠵᠤᠭᠤ᠃ ᠡᠨᠡ ᠵᠢᠯ ᠴᠠᠭᠠᠨ ᠬᠤᠯᠤᠭᠠᠨ᠎ᠠ ᠣᠨ ᠪᠥᠯᠥᠭᠡ᠃ ᠡᠮᠦᠨ᠎ᠡ ᠰᠥᠩ ᠤᠯᠤᠰ ᠤ᠋ᠨ ᠠᠷᠪᠠᠨ ᠨᠢᠭᠡᠳᠦᠭᠡᠷ ᠬᠠᠭᠠᠨ ᠰᠥᠩ ᠰᠢᠶᠦᠦᠽᠥ᠋ᠩ ᠴᠦᠨ ᠰᠢ ᠶ᠋ᠢᠨ ᠳᠣᠯᠣᠳᠤᠭᠠᠷ ᠣᠨ ᠵᠢᠴᠢ ᠠᠯᠲᠠᠨ ᠤᠯᠤᠰ ᠤ᠋ᠨ ᠲᠠᠪᠤᠳᠤᠭᠠᠷ ᠬᠠᠭᠠᠨ ᠱ᠌ᠢᠽᠦ᠋ᠩ ᠸᠠᠨ ᠶᠠᠨ ᠶᠦᠩ ᠦ᠋ᠨ ᠳᠡ ᠳ᠋ᠢᠩ ᠬᠡᠮᠡᠬᠦ ᠶ᠋ᠢᠨ ᠬᠣᠷᠢᠳᠤᠭᠠᠷ ᠣᠨ ᠠᠵᠤᠭᠤ᠃ 
      ᠡᠨᠡ ᠦᠶ᠎ᠡ ᠳ᠋ᠦ᠍ᠷ ᠡᠮᠦᠨ᠎ᠡ ᠵᠦᠩ ᠶᠤᠸᠠᠨ ᠤ᠋ ᠳᠤᠮᠳᠠᠳᠤ ᠣᠷᠣᠨ ᠢ᠋ ᠠᠯᠲᠠᠨ ᠤᠯᠤᠰ ᠡᠵᠡᠯᠡᠭᠡᠳ ᠬᠠᠭᠤᠴᠢᠨ ᠰᠥᠩ ᠤᠯᠤᠰ ᠡᠮᠦᠨ᠎ᠡ ᠭᠠᠵᠠᠷ  ᠨᠡᠢᠰᠯᠡᠵᠦᠬᠦᠢ᠃ ᠲᠡᠭᠦᠨᠴᠡ ᠡᠨᠡ ᠦᠶ᠎ᠡ ᠳ᠋ᠦ᠍ᠷ ᠲᠠᠢᠴᠢᠭᠤᠳ ᠤ᠋ᠨ ᠴᠢᠯᠭᠡᠷ ᠪᠥᠬᠡ᠂ ᠲᠠᠷᠭᠤᠲᠠᠢ ᠨᠠᠷ ᠳᠣᠣᠷᠠᠲᠤ ᠠᠷᠠᠳ ᠢ᠋ᠶ᠋ᠠᠨ ᠶᠣᠰᠣ ᠦᠭᠡᠢ ᠪᠡᠷ ᠵᠣᠪᠠᠭᠠᠨ ᠵᠦᠳᠡᠭᠡᠬᠦᠢ ᠳ᠋ᠦ᠍ᠷ ᠳᠣᠣᠷᠠᠲᠤ ᠠᠷᠠᠳ ᠠᠨᠤ ᠠᠷᠪᠠ ᠬᠣᠷᠢ ᠪᠠᠷ ᠬᠤᠷᠠᠯᠳᠤᠵᠤ ᠵᠥᠪᠯᠡᠯᠳᠦᠨ ᠥᠭᠦᠯᠡᠷᠦᠨ᠄ 《 ᠵᠤᠯᠠᠢ ᠠᠢᠮᠠᠭ ᠠ᠋ᠴᠠ ᠰᠣᠨᠣᠰᠬᠤᠯ᠎ᠠ ᠪᠧᠲ᠋ᠠ᠋ ᠤᠯᠤᠰ ᠤ᠋ᠨ ᠡᠵᠡᠨ ᠲᠡᠮᠦᠵᠢᠨ ᠡᠮᠦᠰᠦᠭᠰᠡᠨ ᠬᠤᠪᠴᠠᠰᠤ ᠪᠠᠨ ᠬᠥᠮᠦᠨ ᠳ᠋ᠦ᠍ᠷ ᠲᠠᠢᠯᠤᠨ ᠡᠮᠦᠰᠬᠡᠵᠦ᠂ ᠤᠨᠤᠭᠰᠠᠨ ᠮᠣᠷᠢ ᠪᠠᠨ ᠪᠤᠰᠤᠳ ᠲᠤᠷ ᠤᠨᠤᠭᠤᠯᠤᠨ᠂ ᠥᠪᠡᠷ ᠦ᠋ᠨ ᠴᠢᠳᠠᠯ ᠢ᠋ᠶ᠋ᠠᠨ ᠪᠤᠰᠤᠳ ᠲᠤᠷ ᠨᠡᠭᠦᠯᠭᠡᠵᠦ᠂ ᠥᠪᠡᠷ ᠦ᠋ᠨ ᠬᠠᠷᠪᠢᠰᠢ ᠪᠠᠨ ᠬᠥᠮᠦᠨ ᠳ᠋ᠦ᠍ᠷ ᠲᠦᠯᠬᠢᠵᠦ᠂ ᠦᠪᠡᠳᠡᠭᠰᠢ ᠡᠷᠳᠡᠮ ᠢᠨᠤ ᠶᠡᠷᠦ ᠡᠭᠦᠯᠡ ᠠᠷᠢᠯᠵᠤ ᠨᠠᠷᠠᠨ ᠭᠠᠷᠤᠭᠰᠠᠨ ᠮᠡᠲᠦ᠂ ᠦᠯᠡᠮᠵᠢ ᠡᠷᠳᠡᠮ ᠢᠨᠤ ᠡᠭᠡᠨᠡᠭᠲᠡ ᠡᠮᠦᠨᠡᠲᠦ ᠰᠠᠯᠬᠢᠨ᠎ᠠ ᠮᠥᠯᠰᠥ ᠭᠡᠰᠬᠦᠢ ᠳ᠋ᠦ᠍ᠷ ᠠᠳᠠᠯᠢ᠂ ᠦᠨᠡᠨ ᠢ᠋ᠶ᠋ᠡᠷ ᠪᠠᠳᠠᠷᠠᠩᠭᠤᠢ ᠴᠠᠭᠠᠨ ᠲᠡᠭᠷᠢ ᠶ᠋ᠢᠨ ᠬᠥᠪᠡᠭᠦᠨ ᠪᠠᠢᠨᠠᠮ᠃ ᠪᠢᠳᠡ ᠪᠦᠭᠦᠳᠡᠭᠡᠷ ᠲᠡᠭᠦᠨ ᠳ᠋ᠦ᠍ᠷ ᠳᠠᠭᠠᠪᠠᠰᠤ ᠦᠨᠡᠨ ᠡᠵᠡᠨ ᠢ᠋ ᠣᠯᠵᠤ ᠡᠭᠦᠷᠢᠳᠡ ᠵᠢᠷᠭᠠᠯᠳᠤᠬᠤ ᠪᠣᠯᠠᠢ ! 》 ᠬᠡᠮᠡᠯᠳᠦᠵᠦ ᠨᠢᠭᠡᠬᠡᠨ ᠰᠥᠨᠢ ᠶ᠋ᠢᠨ ᠬᠣᠭᠣᠷᠣᠨᠳᠣ ᠪᠧᠲ᠋ᠠ᠋ ᠤᠯᠤᠰ ᠲᠤᠷ ᠬᠣᠶᠠᠷ ᠲᠦᠮᠡᠨ ᠢᠯᠡᠭᠦᠦ ᠬᠥᠮᠦᠨ ᠣᠷᠣᠵᠤ ᠢᠷᠡᠭᠰᠡᠨ ᠳ᠋ᠦ᠍ᠷ ᠲᠠᠢᠽᠦ ᠶ᠋ᠢᠨ ᠰᠦᠷ ᠬᠦᠴᠦᠨ ᠨᠡᠩᠳᠡ ᠪᠠᠳᠠᠷᠠᠨ ᠮᠠᠨᠳᠤᠵᠤ ᠴᠡᠷᠢᠭ ᠦ᠋ᠨ ᠣᠮᠣᠭ ᠨᠡᠩ ᠬᠠᠳᠠᠨ ᠴᠢᠭᠢᠷᠠᠭ ᠪᠣᠯᠪᠠ᠃ 
      ᠡᠭᠦᠨᠴᠡ ᠲᠠᠢᠴᠢᠭᠤᠳ ᠤᠯᠠᠮ ᠳᠣᠷᠣᠢᠲᠠᠨ ᠪᠠᠭᠤᠷᠠᠭᠰᠠᠨ ᠳ᠋ᠤᠷ ᠲᠠᠢᠽᠦ ᠳ᠋ᠦ᠍ᠷ ᠳᠠᠭᠠᠵᠤ ᠢᠷᠡᠭᠰᠡᠨ ᠣᠯᠠᠨ ᠠᠢᠮᠠᠭ ᠤ᠋ᠳ ᠪᠦᠭᠦᠳᠡᠭᠡᠷ ᠴᠤᠭᠯᠠᠵᠤ ᠵᠥᠪᠯᠡᠯᠳᠦᠭᠡᠳ ᠲᠠᠢᠽᠦ ᠶ᠋ᠢ ᠬᠠᠭᠠᠨ ᠪᠣᠯᠭᠠᠨ ᠡᠷᠭᠦᠰᠦᠭᠡᠢ ᠭᠡᠮᠡᠨ ᠭᠣᠷᠯᠣᠳ ᠤ᠋ᠨ ᠵᠠᠮᠤᠬ᠎ᠠ ᠳᠤᠷᠠᠳᠬᠠᠨ ᠮᠡᠳᠡᠭᠦᠯᠦᠭᠰᠡᠨ ᠳ᠋ᠦ᠍ᠷ ᠲᠠᠢᠽᠦ ᠲᠠᠪᠠ ᠦᠭᠡᠢ ᠪᠣᠯᠵᠤ ᠵᠠᠬᠢᠷᠤᠨ᠄ 《ᠨᠢᠭᠡᠬᠡᠨ ᠤᠳᠠᠭ᠎ᠠ ᠶ᠋ᠢᠨ ᠳᠠᠢᠰᠤᠨ ᠢ᠋ ᠳᠠᠷᠤᠮᠠᠭᠴᠠ ᠳᠠᠷᠤᠢ ᠤᠴᠢᠷ ᠦᠭᠡᠢ ᠪᠡᠷ ᠠᠬᠤᠢ ᠶᠡᠬᠡ ᠨᠡᠷ᠎ᠡ ᠡᠷᠭᠦᠰᠦᠭᠡᠢ ᠬᠡᠮᠡᠬᠦ ᠢᠨᠦ ᠬᠥᠮᠦᠨ ᠢ᠋ ᠶᠠᠭᠤᠨ ᠳ᠋ᠤᠷ ᠡᠢᠨ ᠬᠦ᠌ ᠭᠦᠶᠦᠬᠡᠨ ᠦᠵᠡᠮᠦᠢ? 》ᠬᠡᠮᠡᠭᠡᠳ ᠮᠠᠰᠢᠳᠠ ᠪᠤᠷᠤᠭᠤᠰᠢᠶᠠᠪᠠ᠃ ᠡᠭᠦᠨ ᠢ᠋ ᠬᠡᠷᠡᠢᠳ ᠤᠯᠤᠰ ᠤ᠋ᠨ ᠾᠧ ᠸᠠᠩ ᠰᠣᠨᠣᠰᠴᠤ ᠮᠢᠨᠦ ᠠᠨᠳᠠ ᠠᠬ᠎ᠠ ᠶ᠋ᠢᠨ ᠬᠥᠪᠡᠭᠦᠨ ᠢ᠋ ᠬᠠᠭᠠᠨ ᠪᠣᠯᠭᠠᠪᠠᠰᠤ ᠲᠠ ᠪᠦᠭᠦᠳᠡᠭᠡᠷ ᠦᠭᠡ ᠳ᠋ᠡᠭᠡᠨ ᠬᠦᠷᠬᠦ ᠬᠡᠷᠡᠭᠲᠡᠢ ᠭᠡᠮᠡᠨ ᠦᠯᠦ ᠲᠠᠭᠠᠯᠠᠨ ᠬᠡᠯᠡᠵᠦ ᠢᠯᠡᠭᠡᠪᠡ᠃ ᠡᠭᠦᠨ ᠳ᠋ᠦ᠍ᠷ ᠣᠯᠠᠨ ᠢ᠋ᠶ᠋ᠠᠷ ᠾᠧ ᠸᠠᠩ ᠳ᠋ᠤᠷ ᠨᠢᠭᠤᠴᠠ ᠠᠳᠬᠠᠭ ᠪᠠᠢᠬᠤ ᠶ᠋ᠢ ᠮᠡᠳᠡᠯᠴᠡᠪᠡᠢ᠂ ᠡᠭᠦᠨ ᠢ᠋ ᠲᠦᠷ ᠥᠭᠦᠯᠡᠬᠦ ᠦᠭᠡᠢ᠃ 
       ᠣᠳᠣ ᠭᠠᠭᠴᠠ ᠥᠭᠦᠯᠡᠬᠦ ᠢᠨᠦ ᠮᠡᠭᠡᠵᠢᠨ ᠰᠡᠭᠡᠷ ᠢ᠋ ᠬᠡᠯᠡᠰᠦᠭᠡᠢ᠃ ᠲᠡᠨᠳᠡᠴᠡ ᠮᠡᠭᠡᠵᠢᠨ ᠰᠡᠭᠡᠷ᠂ ᠲᠥᠷᠥᠭᠰᠡᠨ ᠳᠡᠭᠦᠦ ᠮᠡᠭᠡᠵᠢᠨ ᠰᠡᠭᠦᠯ ᠢ᠋ ᠠᠪᠴᠤ ᠬᠣᠶᠠᠷ ᠵᠠᠭᠤᠨ ᠲᠠᠪᠢ ᠶ᠋ᠢᠨ ᠲᠡᠳᠦᠢ ᠯᠡ ᠦᠯᠡᠳᠡᠭᠰᠡᠨ ᠴᠡᠷᠢᠭ ᠢ᠋ᠶ᠋ᠡᠨ ᠠᠪᠤᠨ ᠠᠶᠤᠮᠰᠢᠭ᠋ ᠦᠭᠡᠢ ᠠᠢᠮᠠᠭ ᠲᠠᠭᠠᠨ ᠡᠭᠡᠵᠦ ᠴᠢᠳᠠᠬᠤ ᠦᠭᠡᠢ᠂ ᠰᠢᠭᠤᠳ ᠠᠯᠲᠠᠨ ᠤᠯᠤᠰ ᠲᠤᠷ ᠰᠢᠷᠭᠤᠨ ᠣᠷᠣᠵᠤ ᠡᠴᠢᠪᠡ᠃ ᠦᠵᠡᠬᠦ ᠮᠡᠷᠭᠡᠳ ᠪᠠᠢᠨ ᠪᠠᠢᠨ ᠠᠯᠲᠠᠨ ᠤᠯᠤᠰ ᠬᠡᠮᠡᠬᠦᠢ ᠳ᠋ᠦ᠍ᠷ ᠡᠰᠡ ᠮᠡᠳᠡᠭᠴᠢᠳ ᠮᠠᠰᠢ ᠪᠡᠷᠬᠡ ᠪᠣᠯᠠᠢ᠃ ᠲᠡᠢᠨ ᠬᠦ᠌ ᠠᠯᠲᠠᠨ ᠤᠯᠤᠰ ᠤ᠋ᠨ ᠤᠴᠢᠷ ᠢ᠋ ᠬᠡᠯᠡᠬᠦ ᠢᠨᠦ᠄ ᠠᠯᠲᠠᠨ ᠤᠯᠤᠰ ᠬᠡᠮᠡᠭᠴᠢ ᠤᠭ ᠲᠤᠷ ᠵᠦᠷᠴᠢᠨ ᠤᠯᠤᠰ ᠬᠡᠮᠡᠮᠦᠢ᠂ ᠵᠦᠷᠴᠢᠨ ᠤᠯᠤᠰ ᠭᠡᠮᠡᠨ ᠶᠠᠪᠤᠬᠤ ᠦᠶ᠎ᠡ ᠳ᠋ᠦ᠍ᠷ ᠡᠭᠦᠷᠢᠳᠡ ᠬᠠᠭᠤᠴᠢᠨ ᠯᠢᠶᠣᠤ ᠤᠯᠤᠰ ᠲᠤᠷ ᠠᠯᠪᠠ ᠪᠠᠷᠢᠵᠤ ᠪᠠᠢᠭᠰᠠᠨ ᠪᠥᠯᠥᠭᠡ᠃ ᠲᠡᠷᠡ ᠲᠤᠬᠠᠢ ᠳ᠋ᠤᠷ ᠯᠢᠶᠣᠤ ᠤᠯᠤᠰ ᠤ᠋ᠨ ᠡᠵᠡᠨ᠂ ᠾᠦᠨ ᠲᠦᠩ ᠵᠢᠶᠠᠩ ᠮᠥᠷᠡᠨ ᠳ᠋ᠦ᠍ᠷ ᠬᠦᠷᠴᠦ ᠵᠢᠭᠠᠰᠤ ᠭᠥᠬᠢᠳᠡᠨ ᠴᠡᠩᠭᠡᠯᠳᠦᠬᠦᠢ ᠳ᠋ᠦ᠍ᠷ ᠮᠢᠩᠭᠠᠨ ᠭᠠᠵᠠᠷ ᠤ᠋ᠨ ᠳᠣᠲᠣᠷᠠᠬᠢ ᠤᠯᠤᠰ ᠠᠢᠮᠠᠭ ᠤ᠋ᠨ ᠡᠵᠡᠳ ᠴᠥᠮ ᠪᠠᠷᠠᠯᠬᠠᠷ᠎ᠠ ᠢᠷᠡᠪᠡ᠃ ᠲᠡᠳᠦᠢ ᠵᠢᠭᠠᠰᠤ ᠪᠠᠷᠢᠭ᠍ᠰᠠᠨ ᠬᠤᠷᠢᠮ ᠳ᠋ᠤᠷ ᠯᠢᠶᠣᠤ ᠤᠯᠤᠰ ᠤ᠋ᠨ ᠡᠵᠡᠨ ᠣᠯᠠᠨ ᠠᠢᠮᠠᠭ ᠦᠨ ᠡᠵᠡᠳ ᠢ᠋ ᠳᠡᠰ ᠳᠠᠷᠠᠭᠠᠯᠠᠨ ᠰᠠᠭᠤᠳᠠᠯ ᠠ᠋ᠴᠠ ᠪᠤᠰᠬᠠᠵᠤ ᠪᠥᠵᠢᠭᠯᠡᠭᠦᠯᠦᠨ ᠮᠠᠭᠰᠢᠭᠤᠯᠤᠭᠰᠠᠭᠠᠷ ᠵᠦᠷᠴᠢᠨ ᠤᠯᠤᠰ ᠤ᠋ᠨ ᠡᠵᠡᠨ ᠠᠭᠦᠳᠡ ᠳ᠋ᠦ᠍ᠷ ᠬᠦᠷᠦᠭᠰᠡᠨ ᠳ᠋ᠦ᠍ᠷ ᠠᠭᠦᠳᠡ ᠰᠢᠭᠤᠳ ᠪᠥᠵᠢᠭᠯᠡᠵᠦ ᠴᠢᠳᠠᠬᠤ ᠦᠭᠡᠢ ᠭᠡᠮᠡᠨ ᠵᠣᠭ ᠵᠣᠭᠰᠣᠵᠤ ᠴᠢᠪ ᠴᠢᠬᠡ ᠬᠠᠷᠠᠬᠤᠢ ᠳ᠋ᠤᠷ ᠯᠢᠶᠣᠤ ᠤᠯᠤᠰ ᠤ᠋ᠨ ᠡᠵᠡᠨ ᠳᠠᠬᠢᠨ ᠳᠠᠪᠲᠠᠨ ᠰᠠᠢᠬᠠᠨ ᠦᠭᠡ ᠪᠡᠷ ᠤᠬᠠᠭᠤᠯᠤᠨ ᠬᠡᠯᠡᠪᠡᠰᠦ ᠠᠭᠦᠳᠡ ᠡᠭᠡᠨᠡᠭᠲᠡ ᠴᠢᠳᠠᠬᠤ ᠦᠭᠡᠢ ᠭᠡᠮᠡᠨ ᠵᠣᠭ ᠵᠣᠭᠰᠣᠵᠤ ᠭᠠᠷᠤᠭᠰᠠᠨ᠎ᠠ᠂ ᠬᠣᠢᠨ᠎ᠠ ᠯᠢᠶᠣᠤ ᠤᠯᠤᠰ ᠤ᠋ᠨ ᠡᠵᠡᠨ ᠦ᠌ ᠮᠢ ᠱᠢ ᠲᠦᠰᠢᠮᠡᠯ ᠰᠢᠶᠣᠤ ᠹᠧᠩ ᠰᠢᠶᠠᠨ ᠤ᠋ ᠵᠦᠭ ᠥᠭᠦᠯᠡᠷᠦᠨ᠄ 《ᠠᠭᠦᠳᠡ ᠡᠷᠡᠯᠬᠡᠭ ᠣᠮᠣᠷᠬᠠᠭ ᠥᠲᠡᠯ᠎ᠡ ᠪᠤᠰᠤ᠂ ᠬᠢᠵᠠᠭᠠᠷ ᠤ᠋ᠨ ᠬᠡᠷᠡᠭ ᠲᠦ᠍ᠷ ᠰᠢᠯᠲᠠᠭ ᠡᠷᠢᠵᠦ ᠠᠯᠠᠪᠠᠰᠤ ᠵᠣᠬᠢᠮᠤᠢ᠂ ᠪᠤᠰᠤ ᠪᠣᠯᠪᠠᠰᠤ ᠬᠣᠵᠢᠮ ᠤ᠋ᠨ ᠵᠣᠪᠠᠯᠠᠩ ᠪᠣᠯᠭᠤᠵᠠᠢ᠃ ᠰᠢᠶᠣᠤ ᠹᠧᠩ ᠰᠢᠶᠠᠨ ᠥᠭᠦᠯᠡᠷᠦᠨ᠄ 《ᠲᠡᠷᠡ ᠬᠡᠮᠡᠭᠴᠢ ᠨᠢᠭᠡᠨ ᠪᠣᠯᠬᠢ ᠪᠢᠲᠡᠭᠦᠯᠢᠭ ᠬᠥᠮᠦᠨ ᠶᠣᠰᠣ ᠵᠢᠷᠤᠮ ᠢ᠋ ᠤᠬᠠᠬᠤ ᠦᠭᠡᠢ᠂ ᠪᠠᠰᠠ ᠴᠤ᠌ ᠲᠣᠳᠣᠷᠬᠠᠢ ᠢᠯᠡᠷᠬᠡᠢ ᠡᠨᠳᠡᠭᠳᠡᠯ ᠶᠠᠯ᠎ᠠ ᠦᠭᠡᠢ ᠪᠥᠭᠡᠲᠡᠯ᠎ᠡ ᠤᠴᠢᠷ ᠦᠭᠡᠢ ᠪᠡᠷ ᠠᠯᠠᠪᠠᠰᠤ ᠬᠣᠯᠠᠳᠠᠬᠢᠨ ᠢ᠋ ᠡᠪᠦᠷᠯᠡᠬᠦ ᠶᠣᠰᠣ ᠯᠤᠭ᠎ᠠ ᠬᠠᠷᠰᠢᠮᠤᠢ᠂ ᠦᠨᠡᠬᠡᠷ ᠥᠪᠡᠷ᠎ᠡ ᠰᠠᠨᠠᠭᠠᠨ ᠪᠣᠢ ᠪᠣᠯᠪᠠᠰᠤ ᠥᠴᠦᠬᠡᠨ ᠲᠡᠳᠦᠢ ᠨᠢᠭᠡᠨ ᠠᠢᠮᠠᠭ᠂ ᠲᠡᠷᠡ ᠶᠠᠭᠤᠨ ᠢ᠋ ᠴᠢᠳᠠᠬᠤ ᠪᠣᠢ ! 》ᠬᠡᠮᠡᠪᠡ᠃ ᠲᠡᠭᠦᠨᠴᠡ ᠠᠭᠦᠳᠡ ᠡᠭᠡᠭᠰᠡᠨ ᠬᠣᠢᠨ᠎ᠠ᠂ ᠯᠢᠶᠣᠤ ᠤᠯᠤᠰ ᠤ᠋ᠨ ᠡᠵᠡᠨ ᠦ᠌ ᠪᠡᠶ᠎ᠡ ᠶ᠋ᠢ ᠨᠢ ᠰᠡᠵᠢᠭᠯᠡᠬᠦᠢ ᠶ᠋ᠢ ᠮᠡᠳᠡᠭᠡᠳ ᠠᠮᠤᠷ ᠦᠭᠡᠢ ᠪᠣᠯᠪᠠ᠃ ᠡᠭᠦᠨᠴᠡ ᠯᠢᠶᠣᠤ ᠤᠯᠤᠰ ᠤ᠋ᠨ ᠡᠵᠡᠨ ᠪᠠᠰᠠ ᠤᠵᠢᠳ ᠨᠥᠷᠢ ᠪᠣᠯᠤᠭᠠᠳ ᠤᠯᠤᠰ ᠤ᠋ᠨ ᠵᠠᠰᠠᠭ ᠢ᠋ ᠬᠡᠷᠡᠭ ᠪᠣᠯᠭᠠᠬᠤ ᠦᠭᠡᠢ ᠬᠠᠷᠢᠨ ᠠᠭᠦᠳᠡ ᠶ᠋ᠢ ᠲᠠᠪᠴᠢᠯᠠᠬᠤᠢ ᠳ᠋ᠤᠷ ᠲᠡᠳᠦᠢ ᠴᠡᠷᠢᠭ ᠲᠡᠢᠨ ᠳᠡᠭᠳᠡᠵᠦ᠂ ᠠᠭᠦᠳᠡ ᠤᠷᠢᠳᠠ ᠣᠢᠷ᠎ᠠ ᠣᠷᠴᠢᠮ ᠤ᠋ᠨ ᠤᠭᠰᠠᠭ᠎ᠠ ᠲᠥᠷᠥᠯ ᠦ᠋ᠨ ᠠᠷᠠᠳ ᠢ᠋ᠶ᠋ᠠᠨ ᠬᠤᠷᠢᠶᠠᠮᠵᠢᠯᠠᠵᠤ ᠳᠠᠭᠠᠯᠳᠤᠭ᠎ᠠ ᠵᠦᠷᠴᠢᠨ ᠤᠯᠤᠰ ᠤ᠋ᠨ ᠵᠢᠶᠧ ᠳᠦ ᠱᠢ ᠲᠦᠰᠢᠮᠡᠯ ᠦᠶᠧᠰᠦ ᠦᠬᠦᠭᠰᠡᠨ ᠳ᠋ᠦ᠍ᠷ ᠠᠭᠦᠳᠡ ᠳᠠᠷᠤᠢ ᠣᠷᠣ ᠶ᠋ᠢ ᠡᠵᠡᠯᠡᠪᠡ᠃ ᠯᠢᠶᠣᠤ ᠤᠯᠤᠰ ᠤ᠋ᠨ ᠠᠰᠢᠪᠦᠤ ᠶ᠋ᠢ ᠵᠠᠷᠤᠵᠤ ᠭᠠᠰᠠᠯᠠᠩ ᠢ᠋ ᠡᠰᠡ ᠮᠡᠳᠡᠭᠦᠯᠦᠭᠰᠡᠨ ᠣᠰᠣᠯ ᠢ᠋ ᠠᠰᠠᠭᠤᠯᠭᠠᠭᠰᠠᠨ ᠳ᠋ᠤᠷ ᠠᠭᠦᠳᠡ ᠥᠭᠦᠯᠡᠷᠦᠨ᠄ 《ᠭᠠᠰᠠᠯᠠᠩ ᠪᠣᠯᠵᠤ ᠪᠠᠢᠲᠠᠯ᠎ᠠ ᠣᠬᠢᠯᠠᠷ᠎ᠠ ᠡᠰᠡ ᠢᠷᠡᠭᠡᠳ ᠬᠠᠷᠢᠨ ᠭᠡᠳᠡᠷᠭᠦ ᠮᠢᠨᠦ ᠪᠤᠷᠤᠭᠤ ᠪᠣᠯᠭᠠᠮᠤᠢ ᠤᠤ ? 》ᠬᠡᠮᠡᠵᠦ ᠲᠡᠳᠦᠢ ᠰᠢᠭᠤᠳ ᠯᠢᠶᠣᠤ ᠤᠯᠤᠰ ᠠ᠋ᠴᠠ ᠤᠷᠪᠠᠵᠤ᠂ ᠨᠢᠩ ᠵᠢᠶᠠᠩ ᠵᠧᠦ ᠶ᠋ᠢ ᠠᠪᠤᠭᠠᠳ ᠬᠦᠴᠦᠨ ᠨᠡᠩ ᠶᠡᠬᠡ ᠪᠣᠯᠵᠤ᠂ ᠰᠥᠩ ᠤᠯᠤᠰ ᠤ᠋ᠨ ᠨᠠᠢ᠍ᠮᠠᠳᠤᠭᠠᠷ ᠬᠠᠭᠠᠨ ᠰᠥᠩ ᠡᠾᠥᠢᠽᠥ᠋ᠩ᠂ ᠵᠣᠣ ᠶ᠋ᠢᠢ ᠵᠢᠨ ᠵᠧᠩ ᠾᠧ ᠶ᠋ᠢᠨ ᠲᠠᠪᠤᠳᠤᠭᠠᠷ ᠣᠨ᠂ ᠴᠠᠭᠠᠨ ᠰᠠᠷ᠎ᠠ ᠳ᠋ᠤᠷ ᠥᠪᠡᠷ ᠦ᠋ᠨ ᠪᠡᠶ᠎ᠡ ᠪᠡᠨ ᠬᠠᠭᠠᠨ ᠭᠡᠮᠡᠨ ᠡᠷᠭᠦᠵᠦ᠂ ᠯᠢᠶᠣᠤ ᠤᠯᠤᠰ ᠲᠡᠮᠦᠷ ᠢ᠋ ᠪᠠᠷᠢᠵᠤ ᠨᠡᠷ᠎ᠡ ᠪᠣᠯᠭᠠᠭᠰᠠᠨ ᠲᠤᠯᠠ ᠲᠡᠮᠦᠷ ᠦ᠋ᠨ ᠪᠠᠲᠤ ᠶ᠋ᠢ ᠡᠷᠬᠢᠯᠡᠭᠰᠡᠨ ᠪᠥᠯᠥᠭᠡ᠂ ᠲᠡᠮᠦᠷ ᠬᠡᠳᠦᠢ ᠪᠠᠲᠤ ᠪᠣᠯᠪᠠᠴᠤ ᠡᠴᠦᠰ ᠲᠦ᠍ᠷ ᠮᠥᠨ ᠵᠢᠪᠡᠷᠡᠵᠦ ᠤᠰᠠᠳᠤᠮᠤᠢ᠃ ᠭᠠᠭᠴᠠ ᠠᠯᠲᠠ ᠪᠣᠯᠪᠠᠰᠤ ᠵᠢᠪᠡᠷᠡᠬᠦ ᠦᠭᠡᠢ᠂ ᠤᠰᠠᠳᠬᠤ ᠦᠭᠡᠢ᠂ ᠠᠯᠲᠠᠨ ᠥᠩᠭᠡ ᠴᠠᠭᠠᠨ ᠸᠠᠨ ᠶᠠᠨ ᠬᠡᠮᠡᠬᠦ ᠥᠩᠭᠡ ᠳ᠋ᠦ᠍ᠷ ᠴᠠᠭᠠᠨ ᠢ᠋ ᠡᠷᠭᠢᠨ ᠬᠡᠮᠡᠵᠦ᠂ ᠤᠯᠤᠰ ᠤ᠋ᠨ ᠨᠡᠷ᠎ᠡ ᠶ᠋ᠢ ᠶᠡᠬᠡ ᠠᠯᠲᠠᠨ ᠤᠯᠤᠰ᠂ ᠣᠨ ᠤ᠋ ᠴᠣᠯᠠ ᠶ᠋ᠢ ᠱᠸᠦ ᠭᠦᠸᠧ ᠶ᠋ᠢᠨ ᠠᠩᠬ᠎ᠠ ᠣᠨ ᠬᠡᠮᠡᠭᠡᠳ ᠠᠭᠦᠳᠡ ᠨᠡᠷ᠎ᠡ ᠪᠡᠨ ᠬᠠᠯᠠᠵᠤ ᠸᠠᠨ ᠶᠠᠨ ᠮᠢᠨ ᠬᠡᠮᠡᠭᠡᠳ ᠳᠡᠭᠦᠦ ᠪᠡᠨ ᠥᠴᠢᠮᠡᠢ ᠶ᠋ᠢ ᠠᠮᠪᠠᠨ᠂ ᠰᠠᠬᠠᠢ ᠶ᠋ᠢ ᠬᠦᠷᠦᠨᠰᠢ ᠬᠡᠮᠡᠬᠦ ᠵᠡᠷᠭᠡ ᠲᠡᠢ ᠪᠣᠯᠭᠠᠪᠠ᠃ ᠲᠡᠭᠦᠨ ᠦ᠌ ᠤᠯᠤᠰ ᠤ᠋ᠨ ᠦᠭᠡᠨ ᠳ᠋ᠦ᠍ᠷ ᠡᠷᠬᠢᠮ ᠶᠡᠬᠡ ᠶ᠋ᠢ《ᠠᠮᠪᠠᠨ 》ᠬᠡᠮᠡᠮᠦᠢ᠂ ᠤᠯᠤᠰ ᠲᠤᠷ ᠲᠤᠰᠠᠯᠠᠭᠴᠢ ᠶ᠋ᠢ 《ᠬᠥᠷᠥᠰᠢ 》ᠬᠡᠮᠡᠮᠦᠢ ᠃ ᠬᠠᠷᠢᠶᠠᠲᠤ ᠢᠷᠭᠡᠨ ᠡᠴᠡ ᠤᠭ ᠲᠤᠷ ᠠᠯᠪᠠᠨ ᠵᠠᠷᠤᠯᠭ᠎ᠠ ᠦᠭᠡᠢ ᠡᠷᠡᠰᠢᠵᠦ ᠢᠳᠡᠷᠰᠢᠭᠰᠡᠨ ᠢ᠋ ᠢᠨᠦ ᠪᠤᠯᠲᠤ ᠪᠠᠷ ᠴᠡᠷᠢᠭ ᠪᠣᠯᠭᠠᠮᠤᠢ᠃ ᠶᠡᠷᠦ ᠶ᠋ᠢᠨ ᠡᠳᠦᠷ ᠪᠣᠯᠪᠠᠰᠤ ᠠᠪᠠᠯᠠᠨ ᠭᠥᠷᠥᠭᠡᠯᠡᠵᠦ᠂ ᠵᠢᠭᠠᠰᠤ ᠪᠠᠷᠢᠨ ᠠᠵᠤ ᠲᠥᠷᠥᠮᠦᠢ᠂ ᠨᠠᠮᠤᠷ ᠪᠣᠯᠪᠠᠰᠤ ᠵᠠᠷ ᠲᠠᠷᠬᠠᠭᠠᠵᠤ ᠠᠯᠢᠪᠠ ᠮᠣᠷᠢ ᠲᠠᠢ ᠪᠠ ᠶᠠᠪᠠᠭᠠᠨ ᠴᠡᠷᠢᠭ ᠦ᠋ᠨ ᠵᠠᠷ ᠵᠡᠪᠰᠡᠭ ᠬᠠᠭᠤᠷᠠᠢ ᠬᠦᠨᠡᠰᠦ ᠶ᠋ᠢ ᠴᠥᠮ ᠥᠪᠡᠷ ᠥᠪᠡᠷ ᠢ᠋ᠶ᠋ᠡᠨ ᠪᠡᠯᠡᠳᠬᠡᠮᠦᠢ᠃ ᠴᠡᠷᠢᠭ ᠮᠣᠷᠳᠠᠬᠤᠢ ᠳ᠋ᠤᠷ ᠠᠢᠮᠠᠭ ᠤ᠋ᠨ ᠲᠡᠷᠢᠭᠦᠨ ᠢ᠋ ᠮᠢᠩᠭᠠᠨ ᠬᠡᠮᠡᠮᠦᠢ᠂ ᠮᠢᠩᠭᠠᠨ ᠬᠡᠮᠡᠭᠴᠢ ᠬᠢᠲᠠᠳ ᠤ᠋ᠨ ᠴᠡᠷᠢᠭ ᠦ᠋ᠨ 《ᠴᠢᠶᠠᠨ ᠴᠥᠩ》 ᠬᠡᠮᠡᠭᠰᠡᠨ ᠮᠡᠲᠦ᠃ ᠲᠡᠳᠦᠢ ᠯᠢᠶᠣᠤ ᠤᠯᠤᠰ᠂ ᠰᠥᠩ ᠤᠯᠤᠰ ᠬᠣᠶᠠᠷ ᠤ᠋ᠨ ᠬᠣᠭᠣᠷᠣᠨᠳᠣᠬᠢ ᠶ᠋ᠢ ᠲᠠᠪᠴᠢᠯᠠᠵᠤ ᠶᠡᠬᠡ ᠤᠯᠤᠰ ᠪᠣᠯᠤᠭᠠᠳ ᠲᠠᠢᠽᠦ ᠠᠭᠦᠳᠡ ᠥᠩᠭᠡᠷᠡᠭᠰᠡᠨ ᠬᠣᠢᠨ᠎ᠠ ᠲᠡᠭᠦᠨ ᠦ᠌ ᠳᠡᠭᠦᠦ ᠥᠴᠢᠮᠡᠢ ᠰᠠᠭᠤᠷᠢᠨ ᠢ᠋ ᠵᠠᠯᠭᠠᠮᠵᠢᠯᠠᠵᠤ᠂ ᠲᠡᠭᠦᠨ ᠦ᠌ ᠦᠶᠡᠯᠢᠳ ᠬᠥᠪᠡᠭᠦᠨ ᠦᠵᠦ ᠲᠦᠰᠢᠮᠡᠯ ᠸᠠᠯᠢᠪᠤ᠂ ᠨᠢᠶᠠᠮᠤᠬᠤ ᠲᠠᠨ ᠢ᠋ ᠬᠡᠷᠡᠭᠯᠡᠵᠦ᠂ ᠲᠡᠳᠦᠢ ᠶᠡᠬᠡ ᠰᠥᠩ ᠤᠯᠤᠰ ᠤ᠋ᠨ ᠡᠾᠦᠢᠽᠥ᠋ᠩ᠂ ᠴᠢᠨᠽᠥ᠋ᠩ ᠬᠣᠶᠠᠷ ᠬᠠᠭᠠᠨ ᠢ᠋ ᠡᠦ ᠭᠦᠸᠧ ᠱᠸᠩ ᠬᠣᠲᠠᠨ ᠳ᠋ᠤᠷ ᠪᠠᠷᠢᠵᠤ ᠠᠪᠴᠢᠷᠠᠭᠰᠠᠨ ᠪᠥᠯᠥᠭᠡ᠃ ᠲᠡᠭᠦᠨᠴᠡ ᠠᠯᠲᠠᠨ ᠤᠯᠤᠰ ᠤ᠋ᠨ《ᠵᠢᠨ》ᠬᠡᠮᠡᠭᠴᠢ ᠳᠠᠷᠤᠢ ᠠᠯᠲᠠᠨ ᠤᠯᠤᠰ ᠤ᠋ᠨ ᠬᠢᠲᠠᠳ ᠨᠡᠷ᠎ᠡ ᠪᠤᠶᠤ ᠂ ᠠᠯᠲᠠᠨ ᠤ᠋《 ᠶ᠋ᠢᠨ 》ᠦᠰᠦᠭ ᠮᠥᠨ᠃ ᠲᠡᠭᠦᠨᠴᠡ ᠠᠯᠲᠠᠨ ᠤᠯᠤᠰ ᠤ᠋ᠨ ᠲᠠᠢᠽᠦ ᠠᠭᠦᠳᠡ᠂ ᠸᠠᠨ ᠶᠠᠨ ᠮᠢᠨ ᠨᠠᠢ᠍ᠮᠠᠨ ᠵᠢᠯ ᠰᠠᠭᠤᠵᠤ ᠥᠩᠭᠡᠷᠡᠭᠰᠡᠨ᠎ᠡ ᠲᠡᠭᠦᠨ ᠤ ᠳᠡᠭᠦᠦ ᠥᠴᠢᠮᠡᠢ ᠳ᠋ᠦ᠍ᠷ ᠰᠠᠭᠤᠷᠢᠨ ᠢ᠋ᠶ᠋ᠠᠨ ᠵᠠᠯᠭᠠᠮᠵᠢᠯᠠᠭᠤᠯᠵᠤ᠂  ᠶ᠋ᠢᠨ ᠲᠠᠢᠽᠥ᠋ᠩ ᠬᠡᠮᠡᠭᠡᠳ ᠡᠨᠡ ᠸᠠᠨ ᠶᠠᠨ ᠱᠧᠩ ᠳᠠᠷᠤᠢ ᠰᠥᠩ ᠤᠯᠤᠰ ᠤ᠋ᠨ ᠡᠾᠦᠢᠽᠥ᠋ᠩ᠂ ᠴᠢᠨᠽᠦ᠋ᠩ ᠬᠣᠶᠠᠷ ᠬᠠᠭᠠᠨ ᠤ᠋ ᠬᠣᠶᠠᠷ ᠭᠠᠷ ᠢ᠋ ᠬᠣᠢᠰᠢ ᠬᠦᠯᠢᠭᠡᠳ ᠬᠣᠷᠢᠭᠤᠯ ᠭᠡᠷᠡᠰᠬᠡᠲᠦ ᠭᠠᠤᠯᠢᠨ ᠬᠠᠨᠵᠤ ᠳ᠋ᠤᠷ ᠵᠣᠭᠰᠣᠭᠠᠵᠤ ᠪᠡᠶ᠎ᠡ ᠳ᠋ᠦ᠍ᠷ ᠡᠯᠳᠡᠪ ᠵᠦᠢᠯ ᠦ᠋ᠨ ᠬᠣᠩᠬᠣ ᠳᠠᠮᠠᠷᠤ ᠪᠠ ᠬᠠᠩᠬᠢᠯᠵᠠᠭᠤᠷ ᠴᠢᠩᠭᠢᠯᠵᠠᠭᠤᠷ ᠤᠶᠠᠵᠤ᠂ ᠬᠥᠯ ᠨᠢᠴᠦᠭᠦᠯᠡᠭᠦᠯᠦᠨ ᠳᠣᠣᠷ᠎ᠠ ᠠᠨᠤ ᠭᠠᠯ ᠬᠥᠭᠵᠢᠭᠡᠵᠦ᠂ ᠨᠠᠢ᠍ᠮᠠᠨ ᠬᠥᠮᠦᠨ ᠳᠠᠮᠨᠠᠨ ᠠᠪᠴᠢᠷᠠᠵᠤ ᠴᠡᠷᠢᠭ ᠳᠡᠢᠯᠦᠭᠰᠡᠨ ᠪᠠᠶᠠᠷ ᠤ᠋ᠨ ᠶᠡᠬᠡ ᠬᠤᠷᠢᠮ ᠤ᠋ᠨ ᠳᠤᠮᠳᠠ ᠲᠠᠯᠪᠢᠵᠤ᠂ ᠠᠯᠲᠠᠨ ᠤᠯᠤᠰ ᠤ᠋ᠨ ᠡᠵᠡᠨ ᠰᠠᠢᠳ ᠲᠡᠭᠦᠨ ᠦ᠌ ᠬᠠᠯᠠᠵᠤ ᠲᠡᠰᠬᠦ ᠦᠭᠡᠢ ᠦᠰᠦᠷᠬᠢᠯᠡᠨ ᠬᠠᠷᠠᠢᠯᠠᠵᠤ ᠵᠠᠭᠤᠨ ᠵᠦᠢᠯ ᠦ᠋ᠨ ᠬᠡᠩᠭᠡᠷᠭᠡ ᠳᠠᠮᠠᠷᠤ᠂ ᠬᠣᠩᠬᠣ ᠬᠠᠩᠭᠢᠯᠵᠠᠭᠤᠷ ᠤ᠋ᠨ ᠳᠠᠭᠤᠨ ᠢ᠋ ᠰᠣᠨᠣᠰᠤᠨ ᠬᠤᠷᠢᠮ ᠤ᠋ᠨ ᠬᠥᠷ ᠪᠣᠯᠭᠠᠨ ᠢᠨᠢᠶᠡᠯᠴᠡᠵᠦᠬᠦᠢ᠃ ᠦᠵᠡᠬᠦ ᠮᠡᠷᠭᠡᠳ ᠡᠨᠡ ᠠᠯᠲᠠᠨ ᠤᠯᠤᠰ ᠤ᠋ᠨ ᠨᠡᠷ᠎ᠡ ᠳᠠᠭᠤᠳᠠᠯᠲᠠ ᠪᠠ ᠦᠭᠡ ᠠᠶᠠᠰ ᠢ᠋ ᠬᠢᠨᠠᠪᠠᠰᠤ ᠵᠣᠬᠢᠮᠤᠢ᠂ ᠬᠣᠢᠨ᠎ᠠ ᠶᠤᠸᠠᠨ ᠤᠯᠤᠰ ᠤ᠋ᠨ ᠲᠠᠢᠽᠥ᠋ᠩ ᠥᠭᠡᠳᠡᠢ ᠢᠩ ᠵᠸᠨ ᠬᠤᠸᠠᠩᠳᠢ ᠠᠯᠲᠠᠨ ᠤᠯᠤᠰ ᠢ᠋ ᠮᠥᠬᠥᠭᠡᠭᠡᠳ ᠲᠡᠭᠦᠨ ᠦ᠌ ᠬᠡᠳᠦᠨ ᠤᠭᠰᠠᠭ᠎ᠠ ᠶ᠋ᠢᠨ ᠬᠡᠦᠬᠡᠳ ᠢ᠋ ᠯᠢᠶᠣᠤ ᠳ᠋ᠦᠩ ᠦ᠋ᠨ ᠵᠡᠭᠦᠨᠲᠡ ᠶᠠ ᠯᠦ᠍ ᠤᠰᠤᠨ ᠤ᠋ ᠬᠢᠵᠠᠭᠠᠷ᠎ᠡ ᠭᠠᠵᠠᠷ ᠰᠠᠭᠤᠯᠭᠠᠭᠰᠠᠨ ᠪᠥᠯᠥᠭᠡ᠃ ᠡᠨᠡ ᠶᠠ ᠯᠦ᠍ ᠤᠰᠤᠨ ᠳᠠᠷᠤᠢ ᠡᠳᠦᠭᠡᠬᠢ ᠬᠢᠷᠢᠨ᠂ ᠬᠠᠷ᠎ᠠ ᠮᠥᠷᠡᠨ ᠦ᠌ ᠵᠡᠷᠭᠡ ᠶ᠋ᠢᠨ ᠭᠠᠵᠠᠷ ᠪᠤᠶᠤ᠃ ᠲᠡᠢᠨ ᠬᠦ᠌ ᠬᠢᠨᠠᠪᠠᠰᠤ ᠵᠣᠬᠢᠮᠤᠢ ᠬᠡᠮᠡᠭᠰᠡᠨ ᠢᠨᠦ ᠡᠨᠡ ᠤᠴᠢᠷ ᠲᠤᠷ ᠪᠥᠯᠥᠭᠡ᠃ 
       ᠲᠡᠭᠦᠨᠴᠡ ᠠᠯᠲᠠᠨ ᠤᠯᠤᠰ ᠤ᠋ᠨ ᠲᠠᠢᠽᠥ᠋ᠩ ᠸᠠᠨ ᠶᠠᠨ ᠱᠧᠩ᠂ ᠲᠢᠶᠠᠨ ᠾᠦ᠋ᠢ ᠭᠡᠮᠡᠨ ᠠᠷᠪᠠᠨ ᠭᠤᠷᠪᠠᠨ ᠵᠢᠯ ᠰᠠᠭᠤᠭᠠᠳ ᠥᠩᠭᠡᠷᠡᠭᠰᠡᠨ᠎ᠡ᠂ ᠶ᠋ᠢᠨ ᠱ᠌ᠢᠽᠦ᠋ᠩ ᠸᠠᠨ ᠶᠠᠨ ᠳ᠋ᠠᠨ ᠰᠠᠭᠤᠷᠢᠨ ᠢ᠋ ᠵᠠᠯᠭᠠᠮᠵᠢᠯᠠᠭᠠᠳ ᠣᠨ ᠤ᠋ ᠴᠣᠯᠠ ᠶ᠋ᠢ ᠮᠥᠨ ᠬᠦ᠌ ᠲᠢᠶᠠᠨ ᠾᠦᠢ ᠪᠡᠷ ᠭᠤᠷᠪᠠᠨ ᠵᠢᠯ ᠶᠠᠪᠤᠭᠠᠳ ᠪᠠᠰᠠ ᠲᠢᠶᠠᠨ ᠵᠢᠦᠸᠠᠨ ᠭᠡᠮᠡᠨ ᠬᠠᠯᠠᠭᠠᠳ ᠭᠤᠷᠪᠠᠨ ᠵᠢᠯ ᠪᠣᠯᠵᠤ ᠳᠠᠭᠠᠯᠳᠤᠭ᠎ᠠ ᠬᠤᠸᠠᠩ ᠲᠦᠩ ᠭᠡᠮᠡᠨ ᠬᠠᠯᠠᠵᠤ ᠨᠠᠢ᠍ᠮᠠᠨ ᠵᠢᠯ ᠨᠡᠢᠲᠡ ᠠᠷᠪᠠᠨ ᠳᠥᠷᠪᠡᠨ ᠵᠢᠯ ᠪᠣᠯᠵᠤ᠂ ᠬᠠᠢ ᠯᠢᠩ ᠸᠠᠩ - ᠸᠠᠨ ᠶᠠᠨ ᠯᠢᠶᠠᠩ ᠳ᠋ᠤᠷ ᠠᠯᠠᠭᠳᠠᠵᠤ ᠲᠥᠷᠥ ᠪᠡᠨ ᠠᠪᠲᠠᠭᠠᠳ ᠡᠨᠡ ᠸᠠᠨ ᠶᠠᠨ ᠯᠢᠶᠠᠩ ᠣᠨ ᠤ᠋ ᠴᠣᠯᠠ ᠪᠠᠨ ᠲᠢᠶᠠᠨ ᠳ᠋ᠸ ᠬᠡᠮᠡᠵᠦ᠂ ᠳᠥᠷᠪᠡᠨ ᠵᠢᠯ ᠪᠣᠯᠤᠭᠠᠳ ᠪᠠᠰᠠ ᠬᠠᠯᠠᠵᠤ᠂ ᠵᠸᠨ ᠶᠤᠸᠠᠨ᠂ ᠵᠧᠩ ᠯᠦᠩ ᠭᠡᠮᠡᠨ ᠲᠠᠪᠤᠨ ᠵᠢᠯ ᠭᠤᠷᠪᠠᠨ ᠤᠳᠠᠭ᠎ᠠ ᠬᠠᠯᠠᠭᠰᠠᠨ᠂ ᠨᠡᠢᠲᠡ ᠠᠷᠪᠠᠨ ᠬᠣᠶᠠᠷ ᠵᠢᠯ ᠪᠣᠯᠤᠭᠠᠳ ᠱᠢᠽᠥ᠋ᠩ ᠳ᠋ᠦ᠍ᠷ ᠠᠷᠢᠯᠭᠠᠭᠳᠠᠵᠤ᠂ ᠸᠠᠨ ᠶᠠᠨ ᠶᠦᠩ ᠰᠠᠭᠤᠷᠢᠨ ᠢ᠋ ᠵᠠᠯᠭᠠᠮᠵᠢᠯᠠᠵᠤ᠂ ᠣᠨ ᠤ᠋ ᠴᠣᠯᠠ ᠶ᠋ᠢ ᠳ᠋ᠠ ᠳ᠋ᠢᠩ ᠦ᠋ᠨ ᠲᠡᠷᠢᠭᠦᠨ ᠣᠨ ᠬᠡᠮᠡᠪᠡ᠃ ᠲᠠᠢᠽᠦ ᠲᠡᠮᠦᠵᠢᠨ ᠪᠣᠯᠪᠠᠰᠤ ᠡᠨᠡ ᠳᠠ ᠳ᠋ᠢᠩ ᠦ᠋ᠨ ᠬᠣᠶᠠᠳᠤᠭᠠᠷ ᠣᠨ ᠳ᠋ᠤᠷ ᠮᠡᠨᠳᠦᠯᠡᠭᠰᠡᠨ ᠪᠤᠶᠤ᠃ ᠲᠡᠭᠦᠨᠴᠡ ᠬᠣᠷᠢᠨ ᠣᠨ ᠪᠣᠯᠵᠤ᠂ ᠴᠠᠭᠠᠨ ᠬᠤᠯᠤᠭᠠᠨ᠎ᠠ ᠵᠢᠯ ᠳᠠᠷᠤᠢ ᠡᠨᠡ ᠱ᠌ᠢᠽᠦ᠋ᠩ᠂ ᠸᠠᠨ ᠶᠠᠨ ᠶᠦᠩ ᠦ᠋ᠨ ᠳᠡ ᠳ᠋ᠢᠩ ᠦ᠋ᠨ ᠬᠣᠷᠢᠳᠤᠭᠠᠷ ᠣᠨ ᠪᠥᠯᠥᠭᠡ᠃ ᠲᠡᠢᠨ ᠬᠦ᠌ ᠡᠨᠡ ᠠᠯᠲᠠᠨ ᠤᠯᠤᠰ ᠲᠤᠯᠭᠤᠷ ᠨᠡᠭᠡᠭᠡᠭᠰᠡᠭᠡᠷ ᠲᠠᠪᠤᠨ ᠬᠠᠭᠠᠨ ᠰᠠᠭᠤᠵᠤ᠂ ᠨᠡᠢᠲᠡ ᠵᠢᠷᠠᠨ ᠵᠢᠷᠭᠤᠭᠠᠨ ᠵᠢᠯ ᠪᠣᠯᠵᠤ᠂ ᠠᠯᠲᠠᠨ ᠤᠯᠤᠰ ᠤ᠋ᠨ ᠵᠠᠰᠠᠭ ᠲᠥᠷᠥ ᠶᠡᠬᠡ ᠰᠥᠩ ᠤᠯᠤᠰ ᠠ᠋ᠴᠠ ᠢᠯᠭᠠᠯ ᠦᠭᠡᠢ ᠪᠣᠯᠪᠠ᠃ ᠡᠳᠦᠭᠡᠬᠢ ᠪᠡᠭᠡᠵᠢᠩ ᠬᠣᠲᠠ ᠶ᠋ᠢ ᠵᠦᠩ ᠳᠦ ᠭᠡᠮᠡᠨ ᠨᠡᠷᠡᠢᠳᠴᠦ ᠳᠤᠮᠳᠠᠳᠤ ᠨᠡᠢᠰᠯᠡᠯ ᠬᠡᠮᠡᠭᠡᠳ ᠳᠥᠷᠪᠡᠨ ᠡᠲᠡᠭᠡᠳ ᠲᠣᠷ ᠪᠠᠰᠠ ᠳᠥᠷᠪᠡᠨ ᠨᠡᠢᠰᠯᠡᠯ ᠲᠡᠢ ᠪᠣᠯᠵᠤᠬᠤᠢ᠃ 
       ᠲᠡᠭᠦᠨᠴᠡ ᠲᠠᠲ᠋ᠠᠷ ᠤ᠋ᠨ ᠮᠡᠭᠡᠵᠢᠨ ᠰᠡᠭᠡᠷ᠂ ᠮᠡᠭᠡᠵᠢᠨ ᠰᠡᠭᠦᠯ ᠠᠬ᠎ᠠ ᠳᠡᠭᠦᠦ ᠬᠣᠶᠠᠭᠤᠯᠠ ᠠᠯᠲᠠᠨ ᠤᠯᠤᠰ ᠲᠤᠷ ᠰᠢᠷᠭᠤᠨ ᠣᠷᠣᠵᠤ ᠶᠠᠪᠤᠭᠰᠠᠭᠠᠷ ᠴᠢᠪᠬᠢᠲᠡᠯ᠎ᠡ ᠰᠥᠩ ᠤᠯᠤᠰ ᠤ᠋ᠨ ᠬᠠᠭᠠᠨ ᠵᠣᠣ ᠱᠸᠨ᠂ ᠠᠯᠲᠠᠨ ᠤᠯᠤᠰ ᠤ᠋ᠨ ᠱ᠌ᠢᠽᠦ᠋ᠩ - ᠸᠠᠨ ᠶᠠᠨ ᠶᠦᠩ ᠳ᠋ᠦ᠍ᠷ ᠲᠥᠷᠥᠭᠰᠡᠨ ᠡᠳᠦᠷ ᠦ᠋ᠨ ᠬᠦᠨᠳᠦ ᠶᠣᠰᠣᠨ ᠤ᠋ ᠪᠡᠯᠡᠭ ᠬᠡᠳᠦᠨ ᠠᠷᠪᠠᠨ ᠲᠡᠷᠭᠡ ᠶ᠋ᠢ ᠬᠥᠷᠭᠡᠯᠭᠡᠵᠦ ᠢᠷᠡᠬᠦᠢ ᠳ᠋ᠦ᠍ᠷ ᠤᠴᠠᠷᠠᠭᠠᠳ ᠰᠡᠳᠬᠢᠯ ᠬᠥᠳᠡᠯᠵᠦ᠂ ᠬᠡᠳᠦᠨ ᠵᠠᠭᠤᠨ ᠬᠥᠮᠦᠨ ᠨᠢᠭᠡᠨᠲᠡ ᠬᠠᠰᠬᠢᠷᠴᠤ ᠴᠢᠬᠢᠷᠰᠦ ᠡᠪᠬᠡᠬᠦ ᠮᠡᠲᠦ ᠴᠥᠮ ᠪᠤᠯᠢᠶᠠᠨ ᠠᠪᠴᠤ ᠰᠥᠩ ᠤᠯᠤᠰ ᠠ᠋ᠴᠠ ᠢᠷᠡᠭᠰᠡᠨ ᠡᠯᠴᠢ ᠵᠣᠣ ᠵᠦᠩ ᠢ᠋ ᠠᠯᠠᠭᠰᠠᠨ ᠳ᠋ᠤᠷ ᠳᠣᠣᠷᠠᠲᠤ ᠠᠷᠠᠳ ᠬᠠᠷᠠᠬᠠᠨ ᠳᠤᠲᠠᠭᠠᠨ ᠶᠠᠪᠤᠬᠤᠶ᠎ᠠ ᠴᠢᠪᠬᠢᠲᠡᠯ᠎ᠡ ᠠᠯᠲᠠᠨ ᠤᠯᠤᠰ ᠤ᠋ᠨ ᠸᠠᠨ ᠶᠠᠨ ᠱᠸᠦ᠂ ᠽᠦᠸᠧ ᠴᠧᠩᠰᠢᠶᠠᠩ ᠴᠡᠷᠢᠭ ᠠᠪᠴᠤ ᠬᠣᠢᠲᠤ ᠬᠢᠵᠠᠭᠠᠷ ᠢ᠋ ᠴᠠᠭᠳᠠᠷ᠎ᠠ ᠢᠷᠡᠬᠦ ᠵᠠᠮ ᠳ᠋ᠤᠷ ᠲᠣᠬᠢᠶᠠᠯᠳᠤᠭᠠᠳ ᠳᠠᠷᠤᠢ ᠴᠠᠭᠠᠵᠠ ᠵᠠᠷᠯᠠᠨ ᠮᠡᠭᠡᠵᠢᠨ ᠰᠡᠭᠡᠷ ᠮᠡᠭᠡᠵᠢᠨ ᠰᠡᠭᠦᠯ ᠬᠣᠶᠠᠭᠤᠯᠠ ᠶ᠋ᠢ ᠨᠡᠬᠡᠵᠦ ᠢᠷᠡᠭᠰᠡᠨ ᠳ᠋ᠦ᠍ᠷ ᠮᠡᠭᠡᠵᠢᠨ ᠰᠡᠭᠡᠷ ᠦ᠋ᠨ ᠳᠡᠭᠦᠦ ᠮᠡᠭᠡᠵᠢᠨ ᠰᠡᠭᠦᠯ ᠪᠠᠢᠳᠠᠯ ᠪᠤᠰᠤ ᠶ᠋ᠢ ᠮᠡᠳᠡᠭᠡᠳ ᠡᠷᠲᠡᠬᠡᠨ ᠠᠬ᠎ᠠ ᠮᠡᠭᠡᠵᠢᠨ ᠰᠡᠭᠡᠷ ᠡᠴᠡ ᠰᠠᠯᠵᠤ ᠠᠷᠠᠯᠵᠢᠶᠠᠨ ᠤ᠋ ᠬᠥᠮᠦᠨ ᠮᠡᠲᠦ ᠴᠢᠮᠡᠵᠦ ᠪᠤᠰᠤ ᠵᠠᠮ ᠢ᠋ᠶ᠋ᠠᠷ ᠮᠥᠨ ᠬᠦ᠌ ᠠᠯᠲᠠᠨ ᠤᠯᠤᠰ ᠲᠤᠷ ᠣᠷᠣᠵᠤ ᠡᠴᠢᠪᠠ᠃ ᠠᠬ᠎ᠠ ᠠᠨᠤ ᠮᠡᠭᠡᠵᠢᠨ ᠰᠡᠭᠡᠷ ᠬᠦᠨᠳᠦ ᠡᠳ᠋ ᠲᠣᠷ ᠬᠣᠮᠣᠬᠠᠯᠵᠠᠨ ᠡᠭᠡᠵᠦ ᠬᠣᠢᠲᠤ ᠵᠦᠭ ᠳᠣᠪᠲᠣᠯᠤᠨ ᠢᠷᠡᠬᠦᠶ᠎ᠡ᠂ ᠪᠧᠲ᠋ᠠ᠋ ᠤᠯᠤᠰ ᠤ᠋ᠨ ᠬᠣᠯᠠ ᠳ᠋ᠠᠬᠢ ᠲᠤᠷᠰᠢᠭᠤᠯ ᠤ᠋ᠨ ᠬᠥᠮᠦᠨ ᠡᠨᠡ ᠮᠡᠳᠡᠭᠡ ᠶ᠋ᠢ ᠰᠣᠨᠣᠰᠴᠤ ᠶᠠᠭᠠᠷᠠᠨ ᠳᠣᠪᠲᠣᠯᠤᠨ ᠢᠷᠡᠵᠦ ᠵᠢᠨᠦᠩ ᠮᠤᠬᠤᠯᠢ ᠳ᠋ᠤᠷ ᠮᠡᠳᠡᠭᠦᠯᠦᠭᠰᠡᠨ ᠳ᠋ᠦ᠍ᠷ ᠵᠢᠨᠦᠩ ᠮᠤᠬᠤᠯᠢ ᠶᠡᠬᠡᠯ᠎ᠡ ᠰᠠᠢᠰᠢᠶᠠᠨ ᠲᠤᠷᠰᠢᠭᠤᠯ ᠤ᠋ᠨ ᠬᠥᠮᠦᠨ ᠳ᠋ᠦ᠍ᠷ ᠬᠦᠨᠳᠦᠳᠡ ᠱᠠᠩᠨᠠᠭᠠᠳ ᠲᠠᠢᠽᠦ ᠳ᠋ᠦ᠍ᠷ ᠮᠡᠳᠡᠭᠦᠯᠵᠦ ᠨᠢᠭᠡᠨ ᠲᠦᠮᠡᠨ ᠪᠡᠯᠡᠨ ᠴᠡᠷᠢᠭ ᠢ᠋ ᠠᠪᠴᠤ ᠨᠢᠭᠡᠨᠲᠡᠭᠡᠭᠦᠷ ᠪᠠᠰᠠ ᠯᠠᠢᠬᠠᠳ ᠠᠢᠮᠠᠭ ᠤ᠋ᠨ ᠰᠡᠴᠡᠨ ᠪᠥᠬᠡ᠂ ᠰᠠᠴᠠᠭᠲᠠᠢᠵᠤᠤ ᠠᠬ᠎ᠠ ᠳᠡᠭᠦᠦ ᠬᠣᠶᠠᠭᠤᠯᠠ ᠶ᠋ᠢ ᠠᠢᠮᠠᠭ ᠤ᠋ᠨ ᠴᠡᠷᠢᠭ ᠢ᠋ᠶ᠋ᠡᠨ ᠳᠠᠢᠴᠢᠯᠠᠨ ᠠᠪᠴᠤ ᠲᠤᠰᠠᠯᠠᠷ᠎ᠠ ᠬᠣᠢᠨ᠎ᠠ ᠠ᠋ᠴᠠ ᠨᠡᠬᠡ ᠭᠡᠮᠡᠨ ᠵᠠᠷᠯᠢᠭ ᠳᠣᠪᠲᠣᠯᠭᠠᠭᠠᠳ ᠲᠠᠢᠽᠦ ᠳᠤᠮᠳᠠᠳᠤ ᠴᠡᠷᠢᠭ ᠢ᠋ ᠳᠠᠷᠤᠵᠤ ᠮᠤᠬᠤᠯᠢ ᠡᠮᠦᠨ᠎ᠡ ᠶᠠᠪᠤᠵᠤ᠂ ᠤᠨᠤᠨ ᠮᠥᠷᠡᠨ ᠢ᠋ ᠥᠭᠡᠳᠡᠯᠡᠨ ᠮᠡᠭᠡᠵᠢᠨ ᠰᠡᠭᠡᠷ ᠪᠠ ᠠᠯᠲᠠᠨ ᠤᠯᠤᠰ ᠤ᠋ᠨ ᠴᠡᠷᠢᠭ ᠢ᠋ ᠤᠭᠲᠤᠨ ᠪᠠᠢᠯᠳᠤᠷ᠎ᠠ ᠢᠷᠡᠭᠰᠡᠨ ᠳ᠋ᠦ᠍ᠷ ᠴᠢᠪᠬᠢᠲᠡᠯ᠎ᠡ ᠲᠣᠬᠢᠶᠠᠯ ᠪᠣᠯᠪᠠ᠃ 
      ᠲᠡᠭᠦᠨᠴᠡ ᠮᠡᠭᠡᠵᠢᠨ ᠰᠡᠭᠡᠷ ᠠᠢᠮᠠᠭ ᠲᠤᠷ ᠢ᠋ᠶ᠋ᠠᠨ ᠣᠷᠣᠵᠤ᠂ ᠣᠯᠤᠭᠰᠠᠨ ᠡᠳ᠋ ᠢ᠋ᠶ᠋ᠡᠷ ᠠᠢᠮᠠᠭ ᠤ᠋ᠨ ᠣᠯᠠᠨ ᠤ᠋ ᠰᠡᠳᠬᠢᠯ ᠢ᠋ ᠬᠤᠳᠠᠯᠳᠤᠨ ᠠᠪᠴᠤ ᠳᠠᠷᠤᠢ ᠲᠠᠲ᠋ᠠᠷ ᠠᠢᠮᠠᠭ ᠤ᠋ᠨ ᠨᠡᠢᠲᠡ ᠴᠡᠷᠢᠭ ᠢ᠋ᠶ᠋ᠡᠨ ᠠᠪᠴᠤ ᠠᠯᠲᠠᠨ ᠤᠯᠤᠰ ᠤ᠋ᠨ ᠸᠠᠨ ᠶᠠᠨ ᠱᠸᠦ ᠯᠤᠭᠡ ᠨᠢᠭᠡᠨ ᠵᠡᠷᠭᠡ ᠦᠬᠦᠨ ᠪᠠᠢᠯᠳᠤᠵᠤ ᠶᠡᠬᠡᠯ᠎ᠡ ᠳᠠᠷᠤᠭᠳᠠᠭᠠᠳ ᠤᠷᠪᠠᠵᠤ ᠲᠠᠢᠴᠢᠭᠤᠳ ᠠᠢᠮᠠᠭ ᠤ᠋ᠨ ᠵᠦᠭ ᠪᠤᠷᠤᠭᠤᠯᠠᠵᠤ ᠬᠠᠷᠠᠬᠠᠨ ᠳᠣᠪᠲᠣᠯᠤᠨ ᠶᠠᠪᠤᠬᠤᠢ ᠳ᠋ᠤᠷ ᠴᠢᠪᠬᠢᠲᠡᠯ᠎ᠡ ᠲᠠᠢᠽᠦ ᠶ᠋ᠢᠨ ᠴᠡᠷᠢᠭ ᠲᠦ᠍ᠷ ᠤᠴᠠᠷᠠᠭᠠᠳ ᠬᠣᠶᠠᠷ ᠴᠡᠷᠢᠭ ᠡᠰᠡᠷᠭᠦᠴᠡᠯᠡᠨ ᠵᠢᠭ᠍ᠰᠠᠭᠠᠯ ᠪᠠᠢᠷᠢᠯᠠᠭᠰᠠᠨ ᠳ᠋ᠤᠷ ᠲᠠᠢᠽᠦ ᠵᠢᠭ᠍ᠰᠠᠭᠠᠯ ᠤ᠋ᠨ ᠡᠮᠦᠨ᠎ᠡ ᠢᠯᠡᠷᠡᠨ ᠭᠠᠷᠴᠤ ᠮᠡᠭᠡᠵᠢᠨ ᠰᠡᠭᠡᠷ ᠢ᠋ ᠶᠡᠬᠡ ᠳᠠᠭᠤᠨ ᠢ᠋ᠶ᠋ᠠᠷ ᠬᠠᠷᠢᠶᠠᠨ ᠥᠭᠦᠯᠡᠷᠦᠨ᠄ 《ᠤᠭ ᠠ᠋ᠴᠠ ᠮᠠᠨ ᠤ᠋ ᠬᠣᠶᠠᠷ ᠤᠯᠤᠰ ᠦᠰ ᠦᠭᠡᠢ ᠪᠥᠭᠡᠲᠡᠯ᠎ᠡ ᠥ ᠳᠡᠭᠳᠡᠭᠡᠨ ᠡᠮᠦᠨ᠎ᠡ ᠵᠦᠭ ᠪᠤᠷᠤᠭᠤᠯᠠᠭᠰᠠᠨ ᠥᠴᠦᠬᠡᠨ ᠬᠤᠯᠠᠭᠠᠢ᠂ ᠡᠨᠡ ᠡᠳᠦᠷ ᠪᠠᠰᠠ ᠮᠢᠨᠦ ᠭᠠᠷ ᠲᠤᠷ ᠤᠨᠠᠪᠠᠤ ᠴᠢ ? 》 ᠬᠡᠮᠡᠬᠦᠢ ᠳ᠋ᠦ᠍ᠷ ᠮᠡᠭᠡᠵᠢᠨ ᠰᠡᠭᠡᠷ ᠶᠡᠬᠡᠯ᠎ᠡ ᠠᠶᠤᠵᠤ ᠣᠭᠲᠣ ᠳᠠᠭᠤᠨ ᠭᠠᠷᠬᠤ ᠦᠭᠡᠢ᠂ ᠰᠡᠷᠡᠭᠡ ᠪᠡᠨ ᠡᠷᠭᠢᠭᠦᠯᠦᠨ᠂ ᠲᠠᠢᠽᠦ ᠶ᠋ᠢ ᠡᠷᠢᠨ ᠢᠷᠡᠬᠦᠢ ᠳ᠋ᠦ᠍ᠷ ᠲᠠᠢᠽᠦ ᠶ᠋ᠢᠨ ᠠᠷᠤ ᠶ᠋ᠢᠨ ᠬᠣᠢᠨ᠎ᠠ ᠠ᠋ᠴᠠ ᠵᠡᠪᠡ᠂ ᠴᠢᠯᠠᠭᠤᠨ ᠬᠣᠶᠠᠭᠤᠯᠠ ᠵᠡᠷᠭᠡ ᠪᠡᠷ ᠭᠠᠷᠴᠤ ᠲᠣᠰᠴᠤ ᠪᠠᠢᠯᠳᠤᠨ ᠠᠷᠪᠠᠨ ᠤᠳᠠᠭ᠎ᠠ ᠵᠥᠷᠢᠴᠡᠯᠳᠦᠭᠰᠡᠨ ᠦᠭᠡᠢ ᠠᠯᠲᠠᠨ ᠤᠯᠤᠰ ᠤ᠋ᠨ ᠽᠦᠸᠧ ᠴᠧᠩᠰᠢᠶᠠᠩ ᠸᠠᠨ ᠶᠠᠨ ᠱᠸᠦ ᠶ᠋ᠢᠨ ᠴᠡᠷᠢᠭ ᠪᠠᠰᠠ ᠨᠡᠬᠡᠨ ᠬᠦᠷᠴᠦ ᠢᠷᠡᠭᠰᠡᠨ ᠳ᠋ᠦ᠍ᠷ ᠮᠡᠭᠡᠵᠢᠨ ᠰᠡᠭᠡᠷ ᠶᠡᠬᠡᠯ᠎ᠡ ᠭᠡᠯᠮᠡᠵᠦ ᠭᠠᠷ ᠬᠥᠯ ᠪᠡᠭᠲᠡᠷᠡᠭᠰᠡᠨ᠎ᠡ᠂ ᠴᠢᠯᠠᠭᠤᠨ ᠨᠢᠭᠡᠨᠲᠡ ᠵᠢᠳᠠᠯᠠᠵᠤ ᠮᠣᠷᠢᠨ ᠠ᠋ᠴᠠ ᠤᠨᠠᠭᠠᠭᠰᠠᠨ ᠳ᠋ᠤᠷ ᠵᠡᠪᠡ ᠳᠠᠷᠤᠢ ᠲᠣᠯᠣᠭᠠᠢ ᠶ᠋ᠢ ᠲᠠᠰᠤ ᠴᠠᠪᠴᠢᠨ ᠠᠪᠤᠪᠠ᠃ ᠲᠠᠢᠽᠦ ᠬᠣᠶᠠᠷ ᠵᠠᠩᠵᠤᠨ ᠤ᠋ ᠳᠡᠢᠯᠦᠭᠰᠡᠨ ᠢ᠋ ᠦᠵᠡᠭᠡᠳ ᠲᠠᠰᠢᠭᠤᠷ ᠢ᠋ᠶ᠋ᠠᠷ ᠨᠢᠭᠡᠨᠲᠡ ᠵᠢᠭᠠᠭᠰᠠᠨ ᠳ᠋ᠤᠷ ᠵᠢᠨᠦᠩ ᠮᠤᠬᠤᠯᠢ ᠶᠡᠬᠡ ᠲᠤᠭ ᠢ᠋ ᠨᠢᠭᠡᠨᠲᠡ ᠳᠠᠯᠠᠯᠵᠤ ᠶᠡᠬᠡ ᠴᠡᠷᠢᠭ ᠠᠯᠠᠨ ᠣᠷᠣᠵᠤ ᠢᠷᠡᠪᠡ᠃ ᠲᠠᠲ᠋ᠠᠷ ᠠᠢᠮᠠᠭ ᠠᠷᠤ ᠥᠪᠥᠷ ᠴᠥᠮ ᠳᠠᠢᠰᠤᠨ ᠳ᠋ᠤᠷ ᠤᠴᠠᠷᠠᠭᠰᠠᠨ ᠢ᠋ᠶ᠋ᠠᠷ ᠶᠡᠬᠡᠯ᠎ᠡ ᠠᠶᠤᠯᠳᠤᠵᠤ᠂ ᠵᠠᠷ ᠵᠡᠪᠰᠡᠭ ᠢ᠋ᠶ᠋ᠡᠨ ᠴᠣᠬᠢᠯᠳᠤᠨ ᠮᠣᠷᠢᠨ ᠠ᠋ᠴᠠ ᠪᠠᠭᠤᠵᠤ ᠭᠤᠶᠤᠨ ᠮᠥᠷᠭᠥᠵᠦ ᠪᠧᠲ᠋ᠠ᠋ ᠤᠯᠤᠰ ᠲᠤᠷ ᠳᠠᠭᠠᠪᠠ᠃ ᠠᠯᠲᠠᠨ ᠤᠯᠤᠰ ᠤ᠋ᠨ ᠴᠡᠷᠢᠭ᠂ ᠪᠧᠲ᠋ᠠ᠋ ᠤᠯᠤᠰ ᠤ᠋ᠨ ᠴᠡᠷᠢᠭ ᠠᠰᠤᠷᠤ ᠬᠦᠴᠦᠲᠡᠢ ᠶ᠋ᠢ ᠦᠵᠡᠭᠡᠳ ᠠᠶᠤᠮᠰᠢᠭ᠋ ᠦᠭᠡᠢ ᠴᠡᠷᠢᠭ ᠦ᠋ᠨ ᠣᠯᠴᠠ ᠠᠰᠢᠭ᠋ ᠢ᠋ ᠪᠤᠯᠢᠶᠠᠯᠳᠤᠬᠤ ᠦᠭᠡᠢ᠂ ᠽᠦᠸᠧ ᠴᠧᠩᠰᠢᠶᠠᠩ ᠸᠠᠨ ᠶᠠᠨ ᠱᠸᠦ ᠤᠷᠤᠭ᠍ᠰᠢ ᠲᠠᠪᠰᠢᠵᠤ ᠮᠣᠷᠢᠨ ᠤ᠋ ᠳᠡᠭᠡᠷ᠎ᠡ ᠡᠴᠡ ᠪᠡᠶ᠎ᠡ ᠥᠨᠳᠡᠢᠵᠦ ᠨᠢᠷᠤᠭᠤ ᠮᠡᠬᠦᠢᠨ ᠲᠠᠢᠽᠦ ᠶ᠋ᠢᠨ ᠵᠦᠭ ᠶᠣᠰᠣᠯᠠᠬᠤᠢ ᠳ᠋ᠤᠷ ᠲᠠᠢᠽᠦ ᠮᠤᠬᠤᠯᠢ ᠳ᠋ᠤᠷ ᠮᠡᠭᠡᠵᠢᠨ ᠰᠡᠭᠡᠷ ᠦ᠋ᠨ ᠲᠣᠯᠣᠭᠠᠢ ᠶ᠋ᠢ ᠪᠠᠷᠢᠭᠤᠯᠵᠤ ᠢᠯᠡᠭᠡᠭᠡᠳ ᠥᠭᠦᠯᠡᠷᠦᠨ᠄ 《ᠡᠨᠡ ᠮᠡᠭᠡᠵᠢᠨ ᠰᠡᠭᠡᠷ ᠲᠠᠨ ᠤ᠋ ᠤᠯᠤᠰ ᠲᠤᠷ ᠶᠠᠯ᠎ᠠ ᠲᠠᠢ ᠶ᠋ᠢᠨ ᠤᠴᠢᠷ ᠲᠣᠯᠣᠭᠠᠢ ᠶ᠋ᠢ ᠠᠨᠤ ᠲᠠ ᠠᠪᠠᠴᠢᠲᠤᠭᠠᠢ᠃ ᠲᠠᠲ᠋ᠠᠷ ᠠᠢᠮᠠᠭ ᠪᠣᠯᠪᠠᠰᠤ ᠮᠢᠨᠦ ᠵᠠᠬ᠎ᠠ ᠶ᠋ᠢᠨ ᠳᠣᠲᠣᠷ᠎ᠠ ᠪᠣᠢ ᠲᠤᠯᠠ ᠪᠢ ᠬᠤᠷᠢᠶᠠᠮᠵᠢᠯᠠᠨ ᠠᠪᠬᠤ ᠠᠨᠤ ᠵᠦᠢ᠃ 》ᠬᠡᠮᠡᠭᠰᠡᠨ ᠳ᠋ᠦ᠍ᠷ ᠸᠠᠨ ᠶᠠᠨ ᠱᠸᠦ ᠲᠣᠯᠣᠭᠠᠢ ᠶ᠋ᠢ ᠬᠦᠯᠢᠶᠡᠨ ᠠᠪᠴᠤ ᠬᠣᠶᠠᠷ ᠡᠲᠡᠭᠡᠳ ᠬᠠᠷᠠᠩᠭ᠎ᠠ ᠴᠣᠬᠢᠵᠤ ᠴᠡᠷᠢᠭ ᠡᠭᠡᠪᠡ᠃ ᠡᠭᠦᠨᠴᠡ ᠲᠠᠲ᠋ᠠᠷ ᠠᠢᠮᠠᠭ ᠤ᠋ᠨ ᠭᠣᠣᠯ ᠰᠠᠯᠠᠭ᠎ᠠ ᠪᠧᠲ᠋ᠠ᠋ ᠤᠯᠤᠰ ᠲᠤᠷ ᠪᠣᠯᠪᠠ᠂ ᠡᠭᠦᠨ ᠢ᠋ ᠲᠦᠷ ᠬᠡᠯᠡᠬᠦ ᠦᠭᠡᠢ᠃ 
      ᠵᠢᠴᠢ ᠥᠭᠦᠯᠡᠬᠦ ᠢᠨᠦ᠂ ᠲᠡᠷᠡ ᠦᠶ᠎ᠡ ᠳ᠋ᠦ᠍ᠷ ᠰᠢᠶᠠ ᠤᠯᠤᠰ ᠤ᠋ᠨ ᠣᠢᠷ᠎ᠠ ᠨᠠᠢ᠍ᠮᠠᠨ ᠤᠯᠤᠰ ᠭᠡᠮᠡᠨ ᠪᠣᠢ᠂ ᠤᠷᠲᠤᠳᠠ ᠳᠣᠷᠣᠢᠲᠠᠭᠰᠠᠨ ᠯᠢᠶᠣᠤ ᠤᠯᠤᠰ ᠢ᠋ ᠳᠠᠪᠴᠢᠯᠠᠵᠤ ᠠᠵᠤ ᠲᠦᠷᠦᠮᠦᠢ᠃ ᠯᠢᠶᠣᠤ ᠤᠯᠤᠰ ᠲᠡᠷᠡ ᠦᠶ᠎ᠡ ᠳ᠋ᠦ᠍ᠷ ᠪᠤᠷᠬᠠᠨ ᠤ᠋ ᠰᠤᠷᠭᠠᠯ ᠳ᠋ᠤᠷ ᠶᠡᠬᠡᠯ᠎ᠡ ᠣᠷᠣᠵᠤ᠂ ᠡᠮ᠎ᠡ ᠥᠬᠢᠳ ᠴᠥᠮ ᠦᠰᠦ ᠪᠡᠨ ᠲᠣᠢᠯᠠᠵᠤ ᠨᠣᠮ ᠭᠦᠷᠢᠮ ᠤᠩᠰᠢᠬᠤᠢ ᠶ᠋ᠢ ᠢᠲᠡᠭᠡᠵᠦ᠂ ᠯᠠᠮᠠ ᠬᠥᠮᠦᠨ ᠦᠷ᠎ᠡ ᠶ᠋ᠢᠨ ᠬᠤᠲᠤᠭ ᠳᠠᠷᠢᠬᠤᠢ ᠳ᠋ᠤᠷ ᠬᠦᠷᠴᠦ ᠮᠠᠰᠢ ᠪᠠᠭᠤᠷᠠᠨ ᠳᠣᠷᠣᠢᠲᠠᠵᠤ᠂ ᠠᠳᠠᠭ ᠤ᠋ᠨ ᠦᠶ᠎ᠡ ᠳ᠋ᠦ᠍ᠷ ᠬᠦᠷᠴᠦ ᠢᠷᠡᠭᠡᠳ ᠤᠯᠤᠰ ᠤ᠋ᠨ ᠡᠵᠡᠨ ᠢᠨᠦ ᠶᠧᠯᠢᠣᠢ ᡁᠢ ᠬᠥ ᠪᠠᠰᠠ ᠬᠦ᠌ ᠯᠠᠮᠠ ᠬᠤᠸᠠᠷᠠᠭ ᠢ᠋ ᠳᠠᠭᠠᠭᠤᠯᠤᠨ ᠪᠥᠭᠡᠳ ᠠᠪᠠ ᠰᠢᠪᠠᠭᠤ ᠳ᠋ᠤᠷ ᠤᠵᠢᠳᠯᠠᠨ ᠴᠣᠬᠣᠮ ᠬᠡᠷᠡᠭ ᠢ᠋ᠶ᠋ᠡᠨ ᠡᠷᠬᠢᠯᠡᠬᠦ ᠦᠭᠡᠢ᠂ ᠬᠦᠵᠦᠭᠦᠨ ᠳ᠋ᠦ᠍ᠷ ᠢ᠋ᠶ᠋ᠡᠨ ᠨᠣᠮ ᠪᠤᠷᠬᠠᠨ ᠢ᠋ ᠭᠠᠨᠵᠤᠭᠠᠯᠠᠭᠠᠳ ᠭᠠᠷ ᠲᠤᠷ ᠢ᠋ᠶ᠋ᠠᠨ ᠢᠯᠳᠦ ᠶ᠋ᠢᠳᠡ ᠪᠠᠷᠢᠵᠤ ᠠᠯᠠᠵᠤ ᠨᠢᠲᠤᠯᠤᠨ ᠶᠠᠪᠤᠬᠤᠢ ᠳ᠋ᠤᠷ ᠨᠠᠢ᠍ᠮᠠᠨ ᠤᠯᠤᠰ ᠤ᠋ᠨ ᠤᠷᠢᠳᠤ ᠡᠵᠡᠨ ᠡᠴᠡ ᠬᠣᠶᠠᠷ ᠬᠥᠪᠡᠭᠦᠨ ᠲᠡᠢ ᠶᠡᠬᠡ ᠬᠥᠪᠡᠭᠦᠨ ᠪᠤᠯᠤᠤ᠂ ᠬᠣᠶᠠᠳᠤᠭᠠᠷ ᠬᠥᠪᠡᠭᠦᠨ ᠪᠣᠯᠣᠢ᠃ ᠪᠤᠯᠤᠤ ᠪᠣᠯᠬᠢ ᠮᠤᠩᠬᠠᠭ᠂ ᠪᠣᠯᠣᠢ ᠮᠡᠷᠭᠡᠨ ᠪᠠᠭᠠᠲᠤᠷ ᠲᠤᠯᠠ ᠸᠠᠩ ᠤ᠋ᠨ ᠰᠠᠭᠤᠷᠢᠨ ᠢ᠋ ᠪᠣᠯᠣᠢ ᠳ᠋ᠤᠷ ᠵᠠᠯᠭᠠᠮᠵᠢᠭᠤᠯᠪᠠ᠃ ᠪᠣᠯᠣᠢ ᠮᠡᠷᠭᠡᠨ ᠬᠤᠷᠴᠠ ᠲᠤᠯᠠ ᠨᠠᠢ᠍ᠮᠠᠨ ᠮᠢᠩᠭᠠᠨ ᠴᠡᠷᠢᠭ ᠪᠦᠭᠭᠦᠵᠦ ᠯᠢᠶᠣᠤ ᠤᠯᠤᠰ ᠤ᠋ᠨ ᠡᠵᠡᠨ ᠶᠧᠯᠢᠣᠢ ᡁᠢ ᠬᠥ ᠶ᠋ᠢ ᠠᠪᠠᠯᠠᠷ᠎ᠠ ᠭᠠᠷᠬᠤ ᠶ᠋ᠢ ᠬᠦᠯᠢᠶᠡᠵᠦ ᠯᠠᠮᠠ ᠴᠢᠪᠠᠭᠠᠨᠴᠠ ᠲᠠᠢ ᠴᠥᠮ ᠪᠠᠷᠢᠵᠤ ᠠᠪᠤᠭᠠᠳ ᠲᠡᠭᠦᠨ ᠦ᠌ ᠬᠣᠲᠠᠨ ᠳ᠋ᠤᠷ ᠣᠷᠣᠵᠤ ᠬᠠᠭᠠᠨ ᠰᠠᠭᠤᠷᠢᠨ ᠢ᠋ ᠠᠨᠤ ᠡᠵᠡᠯᠡᠭᠡᠳ ᠶᠧᠯᠢᠣᠢ ᡁᠢ ᠬᠥ ᠶ᠋ᠢ ᠲᠡᠢ ᠱᠠᠩ ᠬᠤᠸᠠᠩ ᠭᠡᠮᠡᠨ ᠨᠡᠷᠡᠢᠳᠴᠦ ᠥᠪᠡᠷ᠎ᠡ ᠭᠦᠨ᠎ᠡ ᠤᠷᠳᠣᠨ᠎ᠠ ᠬᠣᠷᠢᠭ᠍ᠰᠠᠨ ᠶᠧᠯᠢᠣᠢ ᡁᠢ ᠬᠥ ᠪᠯᠠᠮ᠎ᠠ ᠨᠠᠷ ᠤ᠋ᠨ ᠲᠠᠷᠨᠢᠳᠠᠭᠰᠠᠨ ᠬᠦᠵᠦᠭᠦᠨ ᠳ᠋ᠦ᠍ᠷ ᠵᠡᠭᠦᠬᠦ ᠪᠡᠶ᠎ᠡ ᠶ᠋ᠢ ᠬᠠᠮᠠᠭᠠᠯᠠᠨ ᠠᠮᠢᠨ ᠨᠠᠰᠤᠨ ᠢ᠋ ᠤᠷᠲᠤᠳᠬᠠᠭᠴᠢ ᠰᠢᠷ᠎ᠠ ᠤᠯᠠᠭᠠᠨ ᠡᠷᠢᠶᠡᠨ ᠳᠡᠭᠡᠰᠦᠨ ᠢ᠋ᠶ᠋ᠡᠨ ᠪᠥᠰᠡᠨ ᠳ᠋ᠦ᠍ᠷ ᠬᠡᠯᠬᠢᠭᠡᠳ ᠥᠪᠡᠷ ᠢ᠋ᠶ᠋ᠡᠨ ᠪᠣᠭᠣᠮᠢᠯᠠᠨ ᠦᠬᠦᠪᠡᠢ᠃ ᠡᠭᠦᠨᠴᠡ ᠬᠠᠭᠤᠴᠢᠨ ᠯᠢᠶᠣᠤ ᠤᠯᠤᠰ ᠮᠥᠬᠥᠪᠡ᠃ 
      ᠲᠡᠳᠦᠢ ᠨᠠᠢ᠍ᠮᠠᠨ ᠤ᠋ ᠪᠣᠯᠣᠢ ᠳᠠᠷᠤᠢ ᠪᠡᠶ᠎ᠡ ᠪᠡᠨ ᠲᠠᠢᠶᠠᠩ ᠬᠠᠭᠠᠨ ᠭᠡᠮᠡᠨ ᠡᠷᠭᠦᠵᠦ᠂ ᠠᠬ᠎ᠠ ᠪᠠᠨ ᠪᠤᠯᠤᠤ ᠶ᠋ᠢ ᠬᠠᠭᠤᠴᠢᠨ ᠨᠠᠢ᠍ᠮᠠᠨ ᠳ᠋ᠤᠷ ᠸᠠᠩ ᠡᠷᠭᠦᠮᠵᠢᠯᠡᠵᠦ᠂ ᠲᠡᠭᠦᠨ ᠦ᠌ ᠡᠭᠦᠷᠢᠳᠡ ᠠᠳᠬᠠᠭᠯᠠᠨ ᠬᠣᠷᠣᠰᠬᠤ ᠶ᠋ᠢ ᠠᠷᠢᠯᠭᠠᠰᠤᠭᠠᠢ ᠬᠡᠮᠡᠪᠡ᠃ ᠡᠭᠦᠨ ᠳ᠋ᠦ᠍ᠷ ᠪᠤᠯᠤᠤ ᠸᠠᠩ ᠪᠠᠰᠠ ᠪᠠᠢᠨ ᠪᠠᠢᠨ ᠪᠢᠴᠢᠭ ᠠᠢᠯᠠᠳᠬᠠᠨ ᠪᠧᠲ᠋ᠠ᠋ ᠤᠯᠤᠰ ᠤ᠋ᠨ ᠪᠠᠷᠠᠭᠤᠨ ᠬᠣᠢᠲᠤ ᠥᠨᠴᠥᠭ ᠢ᠋ ᠳᠠᠪᠴᠢᠯᠠᠨ ᠪᠤᠯᠢᠶᠠᠬᠤᠢ ᠳ᠋ᠤᠷ ᠲᠠᠢᠽᠦ ᠣᠯᠠᠨ ᠠᠢᠮᠠᠭ ᠤ᠋ᠳ ᠢ᠋ ᠴᠤᠭᠯᠠᠭᠤᠯᠵᠤ ᠨᠠᠢ᠍ᠮᠠᠨ ᠤᠯᠤᠰ ᠤ᠋ᠨ ᠬᠠᠯᠳᠠᠷ᠎ᠠ ᠢᠷᠡᠬᠦᠢ ᠳ᠋ᠦ᠍ᠷ ᠲᠤᠯᠵᠤ ᠪᠠᠢᠯᠳᠤᠰᠤᠭᠠᠢ ᠭᠡᠮᠡᠨ ᠠᠩᠬ᠎ᠠ ᠤᠳᠠᠭ᠎ᠠ ᠰᠡᠴᠡᠨ ᠪᠥᠬᠡ ᠶ᠋ᠢᠨ ᠴᠡᠷᠢᠭ ᠢ᠋ ᠵᠠᠷᠯᠠᠲᠠᠯ᠎ᠠ ᠢᠷᠡᠭᠰᠡᠨ ᠦᠭᠡᠢ᠂ ᠡᠳᠦᠭᠡ᠄ 《ᠬᠡᠨ ᠲᠡᠭᠦᠨ ᠢ᠋ ᠳᠠᠭᠤᠳᠠᠷ᠎ᠠ ᠡᠴᠢᠮᠦᠢ? 》 ᠬᠡᠮᠡᠭᠰᠡᠨ ᠳ᠋ᠤᠢ ᠨᠢᠭᠡᠨ ᠬᠥᠮᠦᠨ ᠣᠯᠠᠨ ᠤ᠋ ᠰᠦᠷᠦᠭ ᠡᠴᠡ ᠭᠠᠷᠴᠤ᠄ 《ᠲᠦᠰᠢᠮᠡᠯ ᠪᠢ ᠡᠴᠢᠬᠦ ᠶ᠋ᠢ ᠬᠦᠰᠡᠮᠦᠢ 》 ᠭᠡᠮᠡᠨ ᠤᠷᠤᠭ᠍ᠰᠢ ᠲᠠᠪᠰᠢᠪᠠ᠃ ᠲᠠᠢᠽᠦ ᠦᠵᠡᠪᠡᠰᠦ ᠰᠢᠯᠲᠠᠳ ᠤ᠋ᠨ ᠴᠢᠨᠳᠠᠭᠠᠨ᠎ᠠ ᠰᠡᠴᠡᠨ ᠠᠵᠤᠭᠤ᠃ ᠲᠠᠢᠽᠦ ᠥᠭᠦᠯᠡᠷᠦᠨ᠄ 《ᠲᠡᠷᠡ ᠰᠡᠴᠡᠨ ᠪᠥᠬᠡ ᠬᠡᠮᠡᠭᠴᠢ ᠠᠮᠢᠲᠠᠨ ᠴᠢᠨᠣ᠎ᠠ ᠰᠢᠷᠠᠨᠤᠳ ᠮᠡᠲᠦ ᠬᠥᠮᠦᠨ ᠪᠣᠯᠠᠢ᠂ ᠬᠡᠯᠡᠬᠦᠢ ᠳ᠋ᠡᠭᠡᠨ ᠬᠡᠳᠦᠢ ᠨᠠᠳᠠ ᠳ᠋ᠤᠷ ᠳᠠᠭᠠᠪᠠ ᠬᠡᠮᠡᠬᠦ ᠪᠣᠯᠪᠠᠴᠤ ᠡᠭᠡᠨᠡᠭᠲᠡ ᠦᠨᠡᠨ ᠰᠡᠳᠬᠢᠯ ᠪᠤᠰᠤ᠂ ᠠᠩᠬ᠎ᠠ ᠤᠳᠠᠭ᠎ᠠ ᠶ᠋ᠢᠨ ᠵᠠᠷᠯᠠᠯ ᠳ᠋ᠤᠷ ᠡᠰᠡ ᠢᠷᠡᠭᠰᠡᠨ ᠢᠨᠦ ᠳᠠᠷᠤᠢ ᠤᠷᠪᠠᠬᠤ ᠪᠠᠢᠳᠠᠯ ᠲᠣᠳᠣᠷᠠᠵᠤᠬᠠᠢ᠃ ᠴᠢ ᠪᠠᠰᠠ ᠠᠷᠢᠬᠢᠨ ᠳ᠋ᠤᠷ ᠳᠤᠷᠠᠲᠠᠢ ᠪᠥᠭᠡᠳ ᠠᠭᠤᠷ ᠶᠡᠬᠡ ᠬᠥᠮᠦᠨ᠂ ᠬᠡᠷᠡᠭ ᠢ᠋ ᠰᠠᠭᠠᠲᠠᠭᠤᠯᠬᠤ ᠪᠣᠯᠭᠤᠵᠠᠢ᠂ ᠲᠡᠭᠦᠨ ᠢ᠋ ᠠᠷᠭᠠᠳᠠᠨ ᠠᠪᠴᠢᠷᠠᠵᠤ ᠨᠣᠮᠣᠭᠠᠳᠬᠠᠪᠠᠰᠤ ᠪᠣᠯᠬᠤ ᠪᠣᠢ ‍ᠢ᠎ᠡ᠂ ᠭᠡᠷᠬᠢᠪᠡᠴᠦ ᠲᠡᠭᠦᠨ ᠯᠦ᠋ᠭᠡ ᠠᠭᠤᠷ ᠲᠡᠮᠡᠴᠡᠪᠡᠰᠦ ᠥᠯᠥ᠍ ᠪᠣᠯᠣᠮᠤᠢ᠃》 ᠴᠢᠨᠳᠠᠭᠠᠨ᠎ᠠ ᠰᠡᠴᠡᠨ ᠥᠭᠦᠯᠡᠷᠦᠨ᠄《 ᠳᠦᠰᠢᠮᠡᠯ ᠪᠢ ᠤᠭ ᠠᠴᠠ ᠰᠡᠴᠡᠨ ᠪᠥᠬᠡ ᠯᠦ᠍ᠭᠡ ᠰᠠᠢᠬᠠᠨ ᠬᠠᠨᠢᠯᠠᠭᠰᠠᠨ ᠪᠥᠯᠥᠭᠡ᠂ ᠲᠡᠷᠡ ᠴᠦ᠍ ᠪᠠᠢᠲᠤᠭᠠᠢ ᠤᠯᠤᠰ ᠲᠥᠷᠥ ᠶ᠋ᠢᠨ ᠶᠡᠬᠡ ᠦᠢᠯᠡ ᠶ᠋ᠢ ᠬᠡᠦᠬᠡᠳ ᠦ᠋ᠨ ᠨᠠᠭᠠᠳᠤᠮ ᠳ᠋ᠤᠷ ᠠᠳᠠᠯᠢ ᠦᠵᠡᠵᠦ ᠪᠣᠯᠤᠮᠤᠢ ᠤᠤ᠂ ᠲᠦᠰᠢᠮᠡᠯ ᠪᠢ ᠡᠴᠢᠪᠡᠰᠦ ᠠᠷᠢᠬᠢ ᠶ᠋ᠢ ᠨᠢᠭᠡᠮᠦᠰᠦᠨ ᠴᠡᠭᠡᠷᠯᠡᠰᠦᠭᠡᠢ! 》 ᠬᠡᠮᠡᠭᠡᠳ ᠵᠠᠬᠢᠶ᠎ᠠ ᠣᠯᠵᠤ ᠢᠷᠡᠪᠡ᠃ ᠲᠡᠷᠡ ᠬᠣᠷᠢᠨ ᠮᠣᠷᠢᠲᠠᠨ ᠢ᠋ ᠠᠪᠴᠤ ᠯᠠᠢᠬᠠᠳ ᠠᠢᠮᠠᠭ ᠲᠤ᠌ ᠢᠷᠡᠪᠡ᠃ ᠲᠡᠭᠦᠨᠴᠡ ᠰᠡᠴᠡᠨ ᠪᠥᠬᠡ ᠰᠣᠨᠣᠰᠤᠮᠠᠭᠴᠠ ᠲᠠᠢᠽᠦ ᠶ᠋ᠢᠨ ᠵᠠᠷᠤᠯᠭ᠎ᠠ ᠪᠠᠷ ᠢᠷᠡᠭᠰᠡᠨ ᠢ᠋ ᠳᠣᠲᠣᠷᠬᠠᠶ᠎ᠠ ᠮᠡᠳᠡᠭᠡᠳ ᠤᠭᠲᠤᠨ ᠣᠷᠣᠭᠤᠯᠵᠤ ᠨᠢᠭᠤᠷ ᠵᠣᠯᠭᠠᠮᠠᠭᠴᠠ ᠳᠠᠷᠤᠢ᠄ 《ᠬᠠᠭᠤᠴᠢᠨ ᠠᠷᠢᠬᠢᠨ ᠠᠨᠳᠠ ᠢᠷᠡᠪᠡ᠂ ᠳᠠᠷᠤᠢ ᠠᠷᠢᠬᠢ ᠪᠡᠯᠡᠳᠬᠡᠨ ᠠᠪᠴᠢᠷᠠ !》ᠬᠡᠮᠡᠵᠦ ᠴᠢᠨᠳᠠᠭᠠᠨ᠎ᠠ ᠰᠡᠴᠡᠨ ᠡᠴᠡ ᠠᠰᠠᠭᠤᠷᠤᠨ᠄ 《ᠠᠪᠤᠭᠠᠢ ᠶ᠋ᠢᠨ ᠡᠨᠡ ᠦᠶ᠎ᠡ ᠶ᠋ᠢᠨ ᠠᠷᠢᠬᠢᠨ ᠤ᠋ ᠬᠡᠮᠵᠢᠶ᠎ᠡ ᠯᠠᠪ ᠨᠡᠩ ᠶᠡᠬᠡ ᠨᠡᠮᠡᠪᠡᠢ ‍ᠢ᠎ᠡ ? 》 ᠴᠢᠨᠳᠠᠭᠠᠨ᠎ᠠ ᠰᠡᠴᠡᠨ ᠥᠭᠦᠯᠡᠷᠦᠨ᠄ 《ᠪᠢ ᠠᠷᠢᠬᠢ ᠶ᠋ᠢ ᠨᠢᠭᠡᠨᠲᠡ ᠴᠡᠭᠡᠷᠯᠡᠪᠡ᠂ ᠥᠪᠡᠷ᠎ᠡ ᠬᠡᠯᠡᠯᠴᠡᠬᠦ ᠤᠴᠢᠷ ᠪᠣᠢ᠃ 》ᠰᠡᠴᠡᠨ ᠪᠥᠬᠡ ᠥᠭᠦᠯᠡᠷᠦᠨ᠄ 《ᠤᠷᠤᠭ᠍ᠰᠢ ᠡᠳᠦᠷ ᠠᠪᠤᠭᠠᠢ ᠯᠤᠭ᠎ᠠ ᠰᠥᠨᠢ ᠭᠡᠭᠡᠷᠡᠲᠡᠯ᠎ᠡ ᠵᠢᠷᠭᠠᠨ ᠤᠤᠭᠤᠯᠴᠠᠵᠤ ᠢᠨᠢᠶᠡᠨ ᠨᠠᠭᠠᠳᠳᠠᠭ ᠪᠥᠯᠥᠭᠡ᠂ ᠡᠳᠦᠭᠡ ᠬᠡᠲᠦᠴᠢᠨᠡᠭᠡᠨ ᠵᠢᠯ ᠪᠣᠯᠵᠤ ᠬᠠᠷᠢᠯᠴᠠᠨ ᠵᠣᠯᠭᠠᠯᠳᠤᠭᠠᠳ ᠠᠷᠢᠬᠢ ᠡᠰᠡ ᠤᠤᠭᠤᠪᠠᠰᠤ ᠪᠣᠯᠤᠮᠤᠢ ᠤᠤ ? ᠬᠡᠳᠦᠢ ᠴᠡᠭᠡᠷᠯᠡᠭᠰᠡᠨ ᠪᠣᠯᠪᠠᠴᠤ ᠡᠨᠡ ᠨᠢᠭᠡᠨ ᠡᠳᠦᠷ ᠲᠦᠷ ᠤᠤᠭᠤᠵᠤ ᠵᠢᠷᠭᠠᠪᠠᠰᠤ ᠵᠣᠬᠢᠮᠤᠢ᠂ ᠭᠠᠭᠴᠠ ᠠᠬ᠎ᠠ ᠳᠡᠭᠦᠦ ᠡᠨᠡ ᠡᠳᠦᠷ ᠤᠴᠠᠷᠠᠭᠰᠠᠨ ᠲᠤᠯᠠ ᠬᠠᠭᠤᠴᠢᠨ ᠬᠠᠨᠢᠯᠠᠨ ᠶᠠᠪᠤᠭᠰᠠᠨ ᠢ᠋ᠶ᠋ᠠᠨ ᠬᠡᠯᠡᠯᠴᠡᠪᠡᠰᠦ ᠪᠣᠯᠬᠤ ᠪᠣᠢ ‍ᠢ᠎ᠡ᠂ ᠥᠪᠡᠷ᠎ᠡ ᠤᠯᠤᠰ ᠲᠥᠷᠥ ᠶ᠋ᠢᠨ ᠤᠴᠢᠷ ᠢ᠋ ᠣᠭᠲᠣ ᠳᠤᠷᠠᠳᠴᠤ ᠪᠣᠯᠬᠤ ᠦᠭᠡᠢ! 》 ᠬᠡᠮᠡᠵᠦ ᠶᠡᠬᠡ ᠳᠠᠭᠤᠨ ᠢ᠋ᠶ᠋ᠠᠷ ᠠᠷᠢᠬᠢ ᠬᠢᠯᠭᠡᠨ ᠯᠠᠬᠯᠠᠢᠨ ᠰᠠᠭᠤᠵᠤ ᠠᠶᠠᠭ᠎ᠠ ᠳᠦᠭᠦᠷᠡᠩ ᠠᠮᠲᠠᠲᠠᠢ ᠰᠠᠢᠬᠠᠨ ᠠᠷᠢᠬᠢ ᠤᠮᠳᠠ ᠳᠡᠷᠡᠰᠦᠨ ᠢ᠋ ᠨᠢᠭᠤᠷ ᠤ᠋ᠨ ᠡᠮᠦᠨ᠎ᠡ ᠲᠠᠯᠪᠢᠪᠠ᠃ ᠴᠢᠨᠳᠠᠭᠠᠨ᠎ᠠ ᠰᠡᠴᠡᠨ ᠠᠩᠬᠠᠨ ᠳ᠋ᠤᠷ ᠴᠢᠮᠡᠭᠡ ᠶ᠋ᠢ ᠰᠣᠨᠣᠰᠤᠮᠠᠭᠴᠠ ᠳᠠᠷᠤᠢ ᠰᠢᠯᠦᠰᠦ ᠵᠠᠯᠭᠢᠭ᠍ᠰᠠᠨ ᠪᠥᠯᠥᠭᠡ᠂ ᠡᠳᠦᠭᠡ ᠠᠶᠠᠭᠠᠨ ᠤ᠋ ᠳᠣᠲᠣᠷ᠎ᠠ ᠰᠢᠯ ᠪᠣᠯᠣᠷ ᠮᠡᠲᠦ ᠲᠤᠩᠭᠠᠯᠠᠭ᠂ ᠪᠢᠳᠦᠷᠶ᠎ᠡ ᠮᠠᠨᠤᠬᠤ ᠠᠳᠠᠯᠢ ᠥᠳᠬᠡᠯᠢᠭ ᠢ᠋ ᠦᠵᠡᠭᠡᠳ ᠰᠠᠨᠠᠪᠠᠴᠤ ᠠᠷᠢᠬᠢ ᠡᠰᠡ ᠤᠤᠭᠤᠪᠠᠰᠤ ᠰᠡᠴᠡᠨ ᠪᠥᠬᠡ ᠯᠤᠭᠡ ᠮᠥᠨ ᠬᠡᠯᠡᠯᠴᠡᠵᠦ ᠦᠯᠦ ᠪᠣᠯᠬᠤ ᠲᠤᠯᠠ ᠳᠠᠷᠤᠢ ᠠᠶᠠᠭ᠎ᠠ ᠶ᠋ᠢ ᠠᠪᠴᠤ ᠨᠢᠭᠡᠨ ᠠᠮᠠ ᠣᠭᠣᠴᠢᠪᠠᠰᠤ ᠤᠷᠤᠭᠤᠯ ᠰᠢᠳᠦᠨ ᠦ᠌ ᠵᠠᠪᠰᠠᠷ ᠢ᠋ᠶ᠋ᠠᠷ ᠬᠠᠰ ᠤ᠋ᠨ ᠰᠢᠮᠦᠰᠦ᠂ ᠠᠯᠲᠠᠨ ᠤ᠋ ᠷᠠᠰᠢᠶᠠᠨ ᠤᠰᠤᠨ ᠣᠷᠣᠵᠤ ᠬᠣᠭᠣᠯᠠᠢ ᠤᠷᠤᠭᠤ ᠶᠠᠪᠤᠬᠤ ᠠᠨᠤ ᠶᠡᠷᠦ ᠲᠦᠳᠡᠯ ᠦᠭᠡᠢ᠃ ᠲᠡᠳᠦᠢ ᠴᠢᠨᠳᠠᠭᠠᠨ᠎ᠠ ᠰᠡᠴᠡᠨ ᠴᠡᠭᠡᠷᠯᠡᠯ ᠢ᠋ᠶ᠋ᠡᠨ ᠴᠢᠬᠢᠨ ᠦ᠌ ᠬᠣᠢᠨ᠎ᠠ ᠪᠠᠨ ᠣᠷᠬᠢᠨ ᠬᠠᠶᠠᠭᠠᠳ ᠨᠢᠭᠡᠨ ᠳ᠋ᠦ᠍ᠷ ᠪᠠᠢᠬᠤ ᠦᠭᠡᠢ᠂ ᠬᠣᠶᠠᠷ ᠲᠤᠷ ᠵᠣᠭᠰᠣᠬᠤ ᠦᠭᠡᠢ᠂ ᠭᠤᠷᠪᠠᠨ ᠳ᠋ᠤᠷ ᠬᠠᠩᠬᠤ ᠦᠭᠡᠢ ᠤᠤᠭᠤᠭᠰᠠᠭᠠᠷ ᠬᠣᠶᠠᠭᠤᠯᠠ ᠴᠥᠮ ᠬᠠᠯᠠᠮᠰᠢᠪᠠ᠃ ᠴᠢᠨᠳᠠᠭᠠᠨ᠎ᠠ ᠰᠡᠴᠡᠨ ᠠᠷᠢᠬᠢᠨ ᠤ᠋ ᠬᠣᠭᠣᠷᠣᠨᠳᠣ ᠬᠡᠳᠦ ᠬᠡᠳᠦᠨ ᠤᠳᠠᠭ᠎ᠠ ᠲᠠᠢᠽᠦ ᠶ᠋ᠢᠨ ᠢᠯᠡᠭᠡᠭᠰᠡᠨ ᠤᠴᠢᠷ ᠢ᠋ ᠡᠬᠢᠯᠡᠵᠦ ᠬᠡᠯᠡᠬᠦᠢ ᠳ᠋ᠦ᠍ᠷ ᠰᠡᠴᠡᠨ ᠪᠥᠬᠡ ᠴᠥᠮ ᠥᠪᠡᠷ᠎ᠡ ᠦᠭᠡ ᠪᠡᠷ ᠰᠠᠭᠠᠲᠠᠭᠤᠯᠤᠨ ᠥᠩᠭᠡᠷᠡᠭᠦᠯᠪᠡ᠃ ᠴᠢᠨᠳᠠᠭᠠᠨ᠎ᠠ ᠰᠡᠴᠡᠨ ᠦᠵᠡᠪᠡᠰᠦ ᠰᠡᠴᠡᠨ ᠪᠥᠬᠡ ᠶ᠋ᠢᠨ ᠤᠯᠠᠭᠠᠨ ᠬᠣᠶᠠᠷ ᠨᠢᠳᠦ ᠨᠡᠩᠳᠡ ᠭᠠᠯ ᠮᠡᠲᠦ ᠴᠢᠰᠤᠨ ᠠᠳᠠᠯᠢ ᠤᠯᠠᠢᠭᠰᠠᠨ ᠲᠤᠯᠠ ᠣᠳᠣ ᠡᠰᠡ ᠬᠡᠯᠡᠪᠡᠰᠦ ᠪᠣᠯᠬᠤ ᠦᠭᠡᠢ ᠪᠣᠯᠪᠠ ᠭᠡᠮᠡᠨ ᠰᠠᠶᠢ ᠲᠠᠢᠽᠦ ᠶ᠋ᠢᠨ ᠵᠠᠷᠤᠭᠰᠠᠨ ᠤᠴᠢᠷ ᠢ᠋ ᠳᠤᠷᠠᠳᠴᠤ ᠬᠣᠶᠠᠷ ᠦᠭᠡ ᠬᠡᠯᠡᠲᠡᠯ᠎ᠡ ᠰᠡᠴᠡᠨ ᠪᠥᠬᠡ ᠭᠡᠨᠡᠳᠲᠡ ᠵᠠᠩᠳᠠᠨ ᠥᠭᠦᠯᠡᠷᠦᠨ᠄ 《ᠪᠢ ᠤᠭ ᠠ᠋ᠴᠠ ᠪᠤᠰᠤ ᠦᠭᠡ ᠶ᠋ᠢ ᠳᠤᠷᠠᠳᠴᠤ ᠪᠣᠯᠬᠤ ᠦᠭᠡᠢ ᠭᠡᠮᠡᠨ ᠡᠰᠡ ᠬᠡᠯᠡᠪᠡᠦ? ᠴᠢ ᠶᠠᠮᠪᠠᠷ ᠠᠶᠤᠮᠰᠢᠭ᠋ ᠦᠭᠡᠢ ᠮᠢᠨᠦ ᠴᠠᠭᠠᠵᠠ ᠠ᠋ᠴᠠ ᠳᠠᠪᠠᠵᠤ ᠥᠪᠡᠷ᠎ᠡ ᠦᠭᠡ ᠬᠡᠯᠡᠮᠦᠢ? ᠮᠢᠨᠦ ᠶᠡᠷᠦ ᠶ᠋ᠢᠨ ᠡᠳᠦᠷ ᠦ᠋ᠨ ᠬᠥᠮᠦᠨ ᠦ᠌ ᠮᠢᠬ᠎ᠠ ᠶ᠋ᠢ ᠢᠳᠡᠳᠡᠭ ᠢ᠋ ᠴᠢ ᠮᠡᠳᠡᠳᠡᠭ ᠪᠢᠰᠢ ᠦᠦ?  ᠬᠡᠷᠪᠡ ᠪᠠᠰᠠ ᠲᠡᠷᠡ ᠪᠧᠲ᠋ᠠ᠋ ᠤᠯᠤᠰ ᠢ᠋ ᠪᠢᠯᠳᠠᠤᠴᠢᠯᠠᠬᠤ ᠦᠭᠡᠰ ᠢ᠋ ᠭᠠᠷᠭᠠᠵᠤ ᠬᠡᠯᠡᠪᠡᠰᠦ ᠪᠢ ᠣᠳᠣ ᠴᠢᠨᠦ ᠮᠢᠬ᠎ᠠ ᠶ᠋ᠢ ᠴᠢᠨᠠᠵᠤ ᠠᠷᠢᠬᠢᠨ ᠤ᠋ ᠵᠠᠭᠤᠰᠢ ᠪᠣᠯᠭᠠᠮᠤᠢ !》ᠬᠡᠮᠡᠭᠰᠡᠨ ᠳ᠋ᠦ᠍ᠷ ᠴᠢᠨᠳᠠᠭᠠᠨ᠎ᠠ ᠰᠡᠴᠡᠨ ᠠᠩᠬᠠᠨ ᠳ᠋ᠤᠷ ᠦᠭᠡ ᠦᠯᠦ ᠬᠡᠯᠡᠭᠦᠯᠬᠦᠢ ᠳ᠋ᠦ᠍ᠷ ᠬᠡᠳᠦᠢᠨᠡᠢ ᠬᠡᠳᠦᠨ ᠬᠤᠪᠢ ᠠᠭᠤᠷ ᠲᠥᠷᠥᠭᠰᠡᠨ ᠪᠥᠯᠥᠭᠡ᠂ ᠡᠳᠦᠭᠡ ᠪᠠᠰᠠ ᠡᠨᠡ ᠮᠡᠲᠦ ᠬᠡᠷᠴᠡᠭᠡᠢ ᠦᠭᠡ ᠭᠠᠷᠴᠤ ᠢᠷᠡᠭᠰᠡᠨ ᠳ᠋ᠦ᠍ᠷ ᠭᠤᠷᠪᠠᠨ ᠠᠶᠠᠭ᠎ᠠ ᠠᠷᠢᠬᠢ ᠬᠡᠪᠡᠯᠢ ᠳ᠋ᠦ᠍ᠷ ᠣᠷᠣᠭᠰᠠᠨ ᠢ᠋ᠶ᠋ᠠᠷ ᠨᠢᠭᠡᠨ ᠬᠡᠰᠡᠭ ᠤᠷᠢᠨ ᠤ᠋ ᠭᠠᠯ ᠬᠡᠬᠦᠳᠡᠭ ᠡᠴᠡ ᠪᠠᠳᠠᠷᠠᠵᠤ ᠠᠭᠰᠤᠷᠬᠢᠯᠠᠨ ᠥᠭᠦᠯᠡᠷᠦᠨ᠄ 《ᠴᠢ ᠶᠠᠭᠤᠲᠠᠢ ᠡᠢᠮᠦ ᠶᠣᠰᠣ ᠦᠭᠡᠢ ᠬᠥᠮᠦᠨ ᠪᠣᠢ ? ᠮᠠᠨ ᠤ᠋ ᠡᠵᠡᠨ ᠴᠢᠨᠦ ᠡᠬᠡ ᠪᠠ ᠡᠮ᠎ᠡ ᠶ᠋ᠢ ᠡᠰᠡ ᠬᠥᠨᠥᠭᠡᠭᠰᠡᠨ ᠠᠴᠢ ᠬᠡᠰᠢᠭ ᠢ᠋ ᠴᠦ᠍ ᠦᠯᠦ ᠪᠣᠳᠣᠬᠤ ᠴᠢᠨᠦ ᠶᠠᠭᠤᠨ? 》ᠬᠡᠮᠡᠭᠰᠡᠨ ᠳ᠋ᠦ᠍ᠷ ᠰᠡᠴᠡᠨ ᠪᠥᠬᠡ ᠶᠡᠬᠡ ᠮᠥᠩᠭᠥᠨ ᠦ᠌ ᠴᠣᠮᠣ ᠶ᠋ᠢ ᠰᠢᠷᠡᠭᠡᠨ ᠦ᠌ ᠳᠡᠭᠡᠷ᠎ᠡ ᠲᠠᠴᠢᠭᠢᠨᠠᠲᠠᠯ᠎ᠠ ᠴᠣᠬᠢᠵᠤ ᠰᠦᠷᠡᠬᠡᠢ ᠳᠠᠭᠤᠨ ᠢ᠋ᠶ᠋ᠡᠷ ᠵᠠᠩᠳᠠᠨ ᠥᠭᠦᠯᠡᠷᠦᠨ᠄ 《ᠮᠢᠨᠦ ᠡᠬᠡ ᠡᠮ᠎ᠡ ᠬᠡᠳᠦᠢ ᠪᠠᠷᠢᠭ᠍ᠳᠠᠪᠠᠴᠤ ᠲᠡᠳᠡ ᠡᠭᠡᠨᠡᠭᠲᠡ ᠬᠠᠯᠳᠠᠨ ᠴᠢᠳᠠᠭᠰᠠᠨ ᠦᠭᠡᠢ᠂ ᠲᠠᠨ ᠠᠳᠠᠯᠢ ᠬᠥᠮᠦᠨ ᠦ᠌ ᠪᠣᠭᠣᠯ ᠰᠢᠪᠡᠭᠴᠢᠨ ᠪᠣᠯᠤᠨ ᠶᠠᠪᠤᠬᠤ ᠶ᠋ᠢ ᠪᠢ ᠦᠯᠦ ᠦᠢᠯᠡᠳᠦᠮᠦᠢ !》 ᠴᠢᠨᠳᠠᠭᠠᠨ᠎ᠠ ᠰᠡᠴᠡᠨ ᠬᠠᠷᠢᠶᠠᠨ ᠥᠭᠦᠯᠡᠷᠦᠨ᠄ 《ᠪᠢᠳᠡ ᠬᠡᠳᠦᠢ ᠪᠣᠭᠣᠯ ᠪᠣᠯᠪᠠᠴᠤ ᠪᠣᠭᠳᠠ ᠬᠠᠳ ᠢ᠋ ᠳᠠᠭᠠᠵᠤᠬᠤᠢ᠂ ᠶᠠᠮᠪᠠᠷ ᠲᠠᠨ ᠤ᠋ ᠯᠠᠢᠬᠠᠳ ᠲᠤᠷ ᠠᠳᠠᠯᠢ ᠦᠶ᠎ᠡ ᠤᠯᠠᠷᠢᠨ ᠪᠤᠵᠠᠷ ᠬᠤᠯᠠᠭᠠᠢᠴᠢ ᠶ᠋ᠢᠨ ᠦᠷ᠎ᠡ ᠪᠣᠯᠪᠠᠤ?  ᠬᠣᠨᠢ ᠢᠮᠠᠭᠠᠨ ᠤ᠋ ᠰᠦᠷᠦᠭ ᠲᠣᠷ ᠬᠡᠪᠲᠡᠵᠦ ᠬᠤᠯᠠᠭᠤᠵᠤ ᠶᠠᠪᠤᠭᠰᠠᠨ ᠪᠤᠵᠠᠷ ᠮᠠᠭᠤ ᠠᠳᠤᠭᠤᠰᠤᠨ ᠪᠣᠯᠪᠠᠤ ? ᠪᠢᠳᠡ! 》 ᠬᠡᠮᠡᠭᠰᠡᠨ ᠳ᠋ᠦ᠍ᠷ ᠰᠡᠴᠡᠨ ᠪᠥᠬᠡ ᠭᠡᠨᠡᠳᠲᠡ ᠦᠰᠦᠷᠦᠨ ᠪᠣᠰᠴᠤ ᠶᠡᠬᠡᠯ᠎ᠡ ᠬᠠᠰᠬᠢᠷᠤᠨ᠄ 《ᠡᠨᠡ ᠪᠣᠭᠣᠯ ᠢ᠋ ᠦᠳᠲᠡᠷ ᠠᠪᠠᠴᠢᠵᠤ ᠠᠯᠠᠭᠠᠳ ᠮᠢᠬ᠎ᠠ ᠶ᠋ᠢ ᠴᠢᠨᠠᠵᠤ ᠢᠷ᠎ᠡ ! 》ᠬᠡᠮᠡᠭᠰᠡᠨ ᠳ᠋ᠦ᠍ᠷ ᠳᠣᠣᠷᠠᠬᠢ ᠠᠷᠠᠳ ᠳᠠᠷᠤᠢ ᠴᠢᠨᠳᠠᠭᠠᠨ᠎ᠠ ᠰᠡᠴᠡᠨ ᠢ᠋ ᠳᠠᠷᠤᠵᠤ ᠬᠦᠯᠢᠭᠡᠳ ᠳᠡᠪᠡᠯ ᠬᠤᠪᠴᠠᠳ ᠢ᠋ ᠰᠢᠪᠲᠤᠴᠢᠨ ᠨᠢᠴᠦᠭᠦᠯᠡᠭᠦᠯᠦᠭᠡᠳ ᠲᠦᠯᠬᠢᠯᠡᠨ ᠭᠠᠷᠭᠠᠵᠤ ᠠᠪᠠᠴᠢᠬᠤᠢ ᠳ᠋ᠤᠷ ᠰᠡᠴᠡᠨ ᠪᠥᠬᠡ ᠪᠠᠰᠠ ᠲᠡᠭᠦᠨ ᠢ᠋ ᠳᠠᠭᠠᠵᠤ ᠢᠷᠡᠭᠰᠡᠨ ᠨᠥᠬᠥᠷ ᠰᠡᠯᠲᠡ ᠶ᠋ᠢ ᠨᠢᠭᠡᠬᠡᠨ ᠴᠦ᠍ ᠦᠯᠡᠳᠡᠭᠡᠯ ᠦᠭᠡᠢ ᠴᠥᠮ ᠠᠯᠬᠠᠳᠤᠨ ᠬᠡᠮᠡᠪᠡ᠃
      ᠲᠡᠷᠡ ᠦᠶ᠎ᠡ ᠳ᠋ᠦ᠍ᠷ ᠵᠤᠯᠠ ᠰᠢᠲᠠᠭᠠᠬᠤ ᠴᠠᠭ ᠪᠣᠯᠵᠤ᠂ ᠰᠡᠴᠡᠨ ᠪᠥᠬᠡ ᠮᠠᠰᠢ ᠰᠣᠭᠲᠣᠵᠤ ᠰᠢᠷᠡᠭᠡᠨ ᠢ᠋ ᠳᠡᠷᠡᠯᠡᠵᠦ ᠤᠮᠲᠠᠭᠰᠠᠨ ᠳ᠋ᠤᠷ ᠲᠡᠭᠦᠨ ᠦ᠌ ᠳᠣᠣᠷᠠᠬᠢ ᠲᠣᠪᠴᠢ ᠪᠠᠷᠢᠭ᠍ᠰᠠᠨ ᠲᠦᠰᠢᠮᠡᠯ ᠪᠣᠯᠢ ᠬᠡᠮᠡᠭᠴᠢ ᠴᠢᠨᠳᠠᠭᠠᠨ᠎ᠠ ᠰᠡᠴᠡᠨ ᠢ᠋ ᠳᠠᠯᠳᠠ ᠭᠡᠷ ᠲᠦ᠍ᠷ ᠠᠪᠠᠴᠢᠵᠤ ᠠᠰᠠᠭᠤᠷᠤᠨ᠄ 《ᠮᠠᠨ ᠤ᠋ ᠡᠵᠡᠨ ᠮᠠᠰᠢ ᠶᠣᠰᠣ ᠦᠭᠡᠢ᠂ ᠥᠪᠡᠷ ᠦ᠋ᠨ ᠪᠠᠭ᠎ᠠ ᠡᠬᠡ ᠢᠪᠤᠬᠠᠢ ᠠ᠋ᠴᠠ ᠲᠡᠷᠢᠭᠦᠯᠡᠨ ᠳᠣᠣᠷᠠᠬᠢ ᠠᠷᠠᠳ ᠤ᠋ᠨ ᠡᠬᠡᠨᠡᠷ ᠥᠬᠢᠳ ᠢ᠋ ᠡᠰᠡ ᠪᠤᠵᠠᠷᠯᠠᠭᠰᠠᠨ ᠠᠨᠤ ᠦᠭᠡᠢ᠂ ᠪᠢ ᠦᠵᠡᠪᠡᠰᠦ ᠡᠴᠦᠰ ᠲᠦ᠍ᠷ ᠲᠠᠨ ᠤ᠋ ᠡᠵᠡᠨ ᠳ᠋ᠦ᠍ᠷ ᠪᠠᠷᠢᠭᠳᠠᠮᠤᠢ᠂ ᠪᠢ ᠡᠳᠦᠭᠡ ᠴᠢᠮᠠᠶ᠋ᠢ ᠲᠠᠯᠪᠢᠰᠤᠭᠠᠢ ᠬᠡᠮᠡᠮᠦᠢ᠃ ᠴᠢ ᠬᠣᠵᠢᠮ ᠤ᠋ᠨ ᠡᠳᠦᠷ ᠮᠢᠨᠦ ᠨᠢᠭᠡᠨ ᠭᠡᠷ ᠦ᠋ᠨ ᠠᠮᠢᠨ ᠢ᠋ ᠠᠪᠤᠷᠠᠨ ᠭᠠᠷᠭᠠᠵᠤ ᠴᠢᠳᠠᠮᠢ ᠤᠤ ? 》ᠬᠡᠮᠡᠭᠰᠡᠨ ᠳ᠋ᠦ᠍ᠷ ᠴᠢᠨᠳᠠᠭᠠᠨ᠎ᠠ ᠰᠡᠴᠡᠨ ᠵᠠᠭᠤᠨ ᠬᠤᠪᠢ ᠬᠦᠯᠢᠶᠡᠨ ᠠᠪᠴᠤ ᠬᠠᠪᠠᠷ ᠢ᠋ᠶ᠋ᠡᠨ ᠵᠢᠠᠭᠠᠭᠰᠠᠨ ᠳ᠋ᠤᠷ ᠪᠣᠯᠢ ᠳᠠᠷᠤᠢ ᠬᠦᠯᠢᠶᠡᠰᠦᠨ ᠢ᠋ ᠲᠠᠢᠯᠵᠤ᠂ ᠥᠪᠡᠷ᠎ᠡ ᠳᠡᠪᠡᠯ ᠬᠤᠪᠴᠠᠳ ᠥᠭᠴᠦ ᠡᠮᠦᠰᠬᠡᠨ ᠪᠠᠰᠠ ᠪᠤᠰᠤ ᠮᠣᠷᠢ ᠥᠭᠭᠦᠭᠰᠡᠨ ᠳ᠋ᠦ᠍ᠷ ᠴᠢᠨᠳᠠᠭᠠᠨ᠎ᠠ ᠰᠡᠴᠡᠨ ᠭᠤᠷᠪᠠᠨᠲᠠ ᠮᠥᠷᠭᠥᠭᠡᠳ ᠠᠴᠢ ᠶ᠋ᠢ ᠲᠡᠮᠳᠡᠭᠯᠡᠵᠦ᠂ ᠮᠣᠷᠢᠨ ᠳ᠋ᠤᠷ ᠤᠨᠤᠮᠠᠭᠴᠠ ᠳᠠᠷᠠᠭ᠎ᠠ ᠪᠠᠷ ᠬᠡᠳᠦᠨᠲᠡ ᠲᠠᠰᠢᠭᠤᠷᠳᠠᠵᠤ ᠬᠠᠷᠠᠩᠭᠤᠢ ᠰᠥᠨᠢ ᠬᠡᠩᠬᠦᠯ ᠬᠣᠩᠬᠣᠯ ᠢ᠋ ᠴᠦ᠍ ᠪᠣᠳᠣᠬᠤ ᠦᠭᠡᠢ ᠥᠪᠡᠷ ᠦ᠋ᠨ ᠤᠯᠤᠰ ᠤ᠋ᠨ ᠵᠦᠭ ᠨᠢᠰᠬᠦ ᠮᠡᠲᠦ ᠳᠣᠪᠲᠣᠯᠤᠨ ᠢᠷᠡᠪᠡᠢ᠃ ᠡᠨᠡ ᠦᠨᠡᠬᠡᠷ
           ᠲᠣᠣᠷ ᠠ᠋ᠴᠠ ᠮᠥᠷᠭᠥ ᠵᠢᠭᠠᠰᠤᠨ ᠮᠤᠯᠲᠤᠷᠠᠨ ᠭᠠᠷᠴᠤ ᠴᠢᠳᠠᠭᠰᠠᠨ ᠳ᠋ᠤᠷ 
           ᠲᠣᠯᠣᠭᠠᠢ ᠪᠠᠨ ᠰᠠᠵᠢᠨ ᠰᠡᠭᠦᠯ ᠢ᠋ᠶ᠋ᠡᠨ ᠰᠢᠷᠪᠠᠵᠤ ᠣᠳᠣᠬᠠᠨ ᠴᠤ᠌ ᠢᠷᠡᠬᠦ ᠦᠭᠡᠢ᠃ 
      ᠤᠳᠠᠭᠰᠠᠨ ᠦᠭᠡᠢ ᠰᠡᠴᠡᠨ ᠪᠥᠬᠡ ᠰᠡᠷᠢᠵᠦ ᠬᠥᠮᠦᠨ ᠦ᠌ ᠮᠢᠬ᠎ᠠ ᠭᠡᠮᠡᠨ ᠪᠠᠷᠬᠢᠷᠠᠭᠰᠠᠨ ᠳ᠋ᠤᠷ ᠪᠣᠯᠢ ᠳᠠᠷᠤᠢ ᠴᠢᠨᠳᠠᠭᠠᠨ᠎ᠠ ᠰᠡᠴᠡᠨ ᠦ᠌ ᠳᠠᠭᠠᠭᠰᠠᠨ ᠠᠷᠠᠳ ᠤ᠋ᠨ ᠱᠥᠯᠥ ᠶ᠋ᠢ ᠠᠪᠴᠢᠷᠠᠵᠤ ᠮᠡᠬᠡᠯᠡᠨ ᠥᠩᠭᠡᠷᠡᠭᠡᠪᠡ᠃ ᠠᠷᠤ ᠭᠠᠵᠠᠷ ᠣᠨᠴᠠ ᠶᠠᠭᠤᠨ ᠢ᠋ ᠪᠣᠯᠪᠠᠰᠤ ᠪᠦᠬᠦᠯᠢ ᠪᠡᠷ ᠴᠢᠨᠠᠳᠠᠭ ᠲᠤᠯᠠ ᠬᠠᠭᠤᠷᠮᠠᠭ ᠴᠢᠨᠳᠠᠭᠠᠨ᠎ᠠ ᠰᠡᠴᠡᠨ ᠦ᠌ ᠲᠣᠯᠣᠭᠠᠢ ᠶ᠋ᠢᠨ ᠵᠢᠰᠦ ᠴᠥᠮ ᠢᠯᠵᠠᠷᠠᠭᠰᠠᠨ ᠤ᠋ ᠣᠴᠢᠷ᠎ᠠ ᠪᠠᠢᠴᠠᠭᠠᠬᠤ ᠭᠠᠵᠠᠷ ᠦᠭᠡᠢ ᠪᠣᠯᠤᠭᠰᠠᠨ ᠲᠤᠯᠠ ᠠᠷᠠᠢ ᠮᠡᠬᠡᠯᠡᠨ ᠥᠩᠭᠡᠷᠡᠭᠦᠯᠪᠡ᠃ 
      ᠲᠡᠨᠳᠡᠴᠡ ᠴᠢᠨᠳᠠᠭᠠᠨ᠎ᠠ ᠰᠡᠴᠡᠨ ᠡᠳᠦᠷ ᠰᠥᠨᠢ ᠦᠭᠡᠢ ᠳᠣᠪᠲᠣᠯᠤᠨ ᠡᠭᠡᠵᠦ ᠲᠠᠢᠽᠦ ᠳ᠋ᠦ᠍ᠷ ᠣᠷᠣᠵᠤ ᠮᠥᠷᠭᠥᠨ ᠵᠣᠯᠭᠠᠭᠠᠳ ᠡᠵᠡᠨ ᠦ᠌ ᠭᠡᠭᠡᠬᠡᠨ ᠵᠠᠷᠯᠢᠭ ᠠ᠋ᠴᠠ ᠳᠠᠪᠠᠭᠰᠠᠨ ᠢ᠋ᠶ᠋ᠠᠷ ᠡᠨᠡ ᠠᠮᠢᠨ ᠢ᠋ᠶ᠋ᠠᠨ ᠠᠷᠠᠢ ᠠᠯᠳᠠᠪᠠ ᠬᠡᠮᠡᠵᠦ ᠵᠦᠢ ᠵᠦᠢ ᠪᠡᠷ ᠬᠡᠯᠡᠭᠰᠡᠨ ᠳ᠋ᠦ᠍ᠷ ᠲᠠᠢᠽᠦ ᠠᠶᠤᠩᠭ᠎ᠠ ᠮᠡᠲᠦ ᠶᠡᠬᠡᠯ᠎ᠡ ᠬᠢᠯᠢᠩᠨᠡᠵᠦ᠄ 《ᠰᠡᠴᠡᠨ ᠪᠥᠬᠡ ᠶᠣᠰᠣ ᠦᠭᠡᠢ ᠢᠨᠦ ᠶᠡᠬᠡᠯ᠎ᠡ ᠬᠡᠲᠦᠷᠡᠵᠦᠬᠦᠢ᠂ ᠤᠷᠢᠳᠤ ᠬᠡᠮᠡᠪᠡᠰᠦ ᠮᠢᠨᠦ ᠰᠢᠭᠦᠷ ᠢ᠋ ᠲᠡᠭᠦᠨ ᠦ᠌ ᠡᠬᠡᠨᠡᠷ ᠦ᠋ᠳ ᠵᠠᠨᠴᠢᠪᠠ᠂ ᠳᠠᠭᠠᠯᠳᠤᠭ᠎ᠠ ᠪᠠᠰᠠ ᠮᠢᠨᠦ ᠳᠡᠭᠦᠦ ᠪᠡᠯᠭᠦᠳᠡᠢ ᠶ᠋ᠢᠨ ᠠᠷᠤ ᠶ᠋ᠢ ᠴᠠᠪᠴᠢᠪᠠ᠂ ᠡᠳᠦᠭᠡ ᠪᠠᠰᠠ ᠮᠢᠨᠦ ᠴᠢᠨᠳᠠᠭᠠᠨ᠎ᠠ ᠰᠡᠴᠡᠨ ᠢ᠋ ᠴᠢᠨᠠᠵᠤ ᠢᠳᠡᠮᠦᠢ ᠭᠡᠮᠡᠨ ᠳᠠᠭᠠᠭᠰᠠᠨ ᠠᠷᠠᠳ ᠢ᠋ ᠠᠯᠠᠬᠤ ᠠᠨᠤ᠂ ᠪᠢ ᠲᠡᠭᠦᠨ ᠦ᠌ ᠠᠮᠢᠨ ᠢ᠋ ᠬᠡᠯᠲᠦᠷᠢᠭᠦᠯᠵᠦ ᠶᠠᠭᠠᠬᠢᠨ ᠪᠣᠯᠬᠤ 》ᠬᠡᠮᠡᠭᠡᠳ ᠶᠡᠬᠡ ᠬᠡᠩᠭᠡᠷᠭᠡ ᠳᠡᠯᠡᠳᠦᠭᠦᠯᠦᠨ ᠣᠯᠠᠨ ᠵᠠᠩᠵᠤᠨ ᠴᠡᠷᠢᠭ ᠢ᠋ ᠲᠡᠭᠰᠢᠯᠡᠪᠡ᠃ 
      ᠡᠭᠦᠨ ᠢ᠋ ᠲᠦᠷ ᠵᠣᠭᠰᠣᠵᠤ ᠠᠯᠲᠠᠨ ᠤᠯᠤᠰ ᠤ᠋ᠨ ᠽᠦᠸᠧ ᠴᠧᠩᠰᠢᠶᠠᠩ ᠸᠠᠨ ᠶᠠᠨ ᠱᠸᠦ ᠭᠠᠳᠠᠨ᠎ᠠ ᠵᠢᠯ ᠥᠩᠭᠡᠷᠡᠵᠦ᠂ ᠤᠯᠤᠰ ᠲᠤᠷ ᠢ᠋ᠶ᠋ᠠᠨ ᠡᠭᠡᠵᠦ ᠪᠧᠲ᠋ᠠ᠋ ᠤᠯᠤᠰ ᠤ᠋ᠨ ᠬᠡᠴᠡᠭᠦᠦ ᠴᠢᠭᠢᠷᠠᠭ ᠢ᠋ ᠠᠢᠯᠠᠳᠬᠠᠭᠰᠠᠨ᠎ᠠ᠂ ᠱ᠌ᠢᠽᠦ᠋ᠩ ᠠᠷᠭ᠎ᠠ ᠳ᠋ᠤᠷ ᠣᠷᠣᠭᠤᠯᠵᠤ ᠠᠪᠬᠤ ᠶ᠋ᠢ ᠠᠯᠭᠤᠷ ᠵᠥᠪᠳᠡᠨ ᠠᠢᠯᠠᠳᠬ᠎ᠠ ᠭᠡᠮᠡᠨ ᠵᠠᠷᠯᠢᠭ ᠪᠠᠭᠤᠯᠭᠠᠭᠠᠳ ᠪᠠᠰᠠ ᠤᠷᠢᠳᠤ ᠬᠠᠭᠠᠨ ᠸᠠᠨ ᠶᠠᠨ ᠯᠢᠶᠠᠩ ᠢ᠋ ᠤᠷᠢᠳᠠ ᠱ᠌ᠢᠽᠦ᠋ᠩ ᠬᠠᠭᠠᠨ ᠢ᠋ ᠠᠯᠠᠭᠠᠳ ᠪᠠᠰᠠ ᠲᠥᠷᠥ ᠶ᠋ᠢ ᠪᠤᠯᠢᠶᠠᠪᠠ᠂ ᠵᠧᠩ ᠯᠦᠩ ᠦ᠋ᠨ ᠲᠠᠪᠤᠳᠤᠭᠠᠷ ᠣᠨ ᠳ᠋ᠤ᠌ ᠤᠷᠢᠳᠤ ᠶ᠋ᠢᠨ ᠲᠠᠢᠬᠡᠦ ᠶ᠋ᠢ ᠠᠯᠠᠪᠠ ᠭᠡᠮᠡᠨ ᠨᠠᠢ᠍ᠮᠠᠨ ᠰᠠᠷ᠎ᠠ ᠳ᠋ᠤᠷ ᠸᠠᠨ ᠶᠠᠨ ᠯᠢᠶᠠᠩ ᠢ᠋ ᠪᠠᠭᠤᠷᠠᠭᠤᠯᠤᠨ ᠨᠢᠭᠡᠮᠦᠰᠦᠨ ᠰᠤᠯᠠ ᠢᠷᠭᠡᠨ ᠪᠣᠯᠭᠠᠵᠤ᠂ ᠬᠡᠭᠦᠷ ᠦ᠋ᠨ ᠣᠷᠳᠣᠨ ᠬᠠᠷᠰᠢ᠂ ᠵᠢᠭ᠍ᠰᠠᠭᠠᠯ ᠵᠦᠢᠯ ᠢ᠋ ᠴᠥᠮ ᠡᠪᠳᠡᠭᠦᠯᠪᠡ᠃ ᠡᠨᠡ ᠢᠨᠦ ᠠᠯᠲᠠᠨ ᠤᠯᠤᠰ ᠤ᠋ᠨ ᠲᠠᠪᠤᠳᠤᠭᠠᠷ ᠬᠠᠭᠠᠨ ᠱᠢᠽᠥ᠋ᠩ᠂ ᠸᠠᠨ ᠶᠠᠨ  ᠶᠦᠩ ᠦ᠋ᠨ ᠳᠡ ᠳ᠋ᠢᠩ ᠦ᠋ᠨ ᠬᠣᠷᠢᠨ ᠨᠢᠭᠡᠳᠦᠭᠡᠷ ᠣᠨ᠃ ᠰᠥᠩ ᠤᠯᠤᠰ ᠤ᠋ᠨ ᠠᠷᠪᠠᠨ ᠨᠢᠭᠡᠳᠦᠭᠡᠷ ᠬᠠᠭᠠᠨ ᠰᠢᠶᠦᠦᠽᠥ᠋ᠩ ᠵᠣᠣ ᠱᠸᠨ ᠦ᠌ ᠴᠦᠨ ᠰᠢ ᠶ᠋ᠢᠨ ᠨᠠᠢ᠍ᠮᠠᠳᠤᠭᠠᠷ ᠣᠨ᠃ ᠲᠠᠢᠽᠦ ᠲᠡᠮᠦᠵᠢᠨ ᠡᠨᠡ ᠵᠢᠯ ᠬᠣᠷᠢᠨ ᠨᠠᠰᠤᠨ ᠤ᠋ ᠰᠡᠭᠦᠳᠡᠷ ᠲᠡᠢ ᠪᠥᠯᠥᠭᠡ᠃ 
      ᠲᠡᠭᠦᠨᠴᠡ ᠲᠠᠢᠽᠦ ᠥᠪᠡᠷ ᠦ᠋ᠨ ᠪᠡᠶ᠎ᠡ ᠪᠤᠭᠤᠷᠵᠢ᠂ ᠪᠤᠭᠤᠷᠤᠯ᠂ ᠴᠢᠯᠠᠭᠤᠨ᠂ ᠵᠡᠯᠮ᠎ᠡ ᠴᠢᠬᠤᠯᠠ ᠰᠢᠯᠭᠠᠭᠰᠠᠨ ᠨᠢᠭᠡ ᠲᠦᠮᠡᠨ ᠴᠡᠷᠢᠭ ᠢ᠋ ᠠᠪᠴᠤ ᠵᠡᠭᠦᠨ ᠡᠲᠡᠭᠡᠳ ᠢ᠋ᠶ᠋ᠡᠷ ᠣᠷᠣᠮᠤᠢ᠃ ᠮᠤᠬᠤᠯᠢ ᠶ᠋ᠢ ᠴᠤᠤ ᠮᠡᠷᠭᠡᠨ᠂ ᠰᠢᠷᠢ ᠬᠤᠲᠤᠭ᠂ ᠬᠠᠷ᠎ᠠ ᠬᠢᠷᠤ᠂ ᠵᠡᠪᠡ ᠳᠥᠷᠪᠡᠭᠦᠯᠡ ᠶ᠋ᠢ ᠠᠪᠴᠤ ᠪᠠᠰᠠ ᠨᠢᠭᠡᠨ ᠲᠦᠮᠡᠨ ᠰᠢᠯᠭᠠᠭᠰᠠᠨ ᠴᠡᠷᠢᠭ ᠢ᠋ ᠠᠪᠴᠤ ᠪᠠᠷᠠᠭᠤᠨ ᠡᠲᠡᠭᠡᠳ ᠢ᠋ᠶ᠋ᠡᠷ ᠣᠷᠣ᠃ ᠲᠣᠷᠭᠠᠨ ᠰᠢᠷ᠎ᠠ᠂ ᠮᠡᠩᠬᠡᠯᠢᠭ᠂ ᠦᠨᠡᠨ ᠲᠥᠷᠥ᠂ ᠥᠨᠳᠥᠷ ᠰᠡᠴᠡᠨ᠂ ᠣᠶᠤᠨ ᠭᠤᠸ᠎ᠠ᠂ ᠣᠶᠤᠲᠤ ᠰᠡᠴᠡᠨ ᠳᠥᠷᠪᠡᠨ ᠳᠡᠭᠦᠦ ᠨᠠᠷ ᠨᠢᠭᠡᠨ ᠲᠦᠮᠡᠨ ᠴᠡᠷᠢᠭ ᠢ᠋ᠶ᠋ᠡᠷ ᠤᠯᠤᠰ ᠢ᠋ ᠰᠠᠬᠢ ᠭᠡᠮᠡᠨ ᠦᠯᠡᠳᠡᠭᠡᠭᠡᠳ ᠳᠠᠷᠤᠢ ᠫᠤᠤ ᠲᠠᠯᠪᠢᠭᠤᠯᠵᠤ ᠬᠣᠶᠠᠷ ᠠᠩᠭᠢ ᠶᠡᠬᠡ ᠴᠡᠷᠢᠭ ᠴᠤᠭᠠᠷ ᠬᠥᠳᠡᠯᠵᠦ ᠮᠣᠷᠳᠠᠪᠠ᠃ ᠲᠡᠷᠡ ᠦᠶ᠎ᠡ ᠳ᠋ᠦ᠍ᠷ ᠬᠠᠷᠠᠬᠠᠨ ᠬᠥᠬᠡᠭᠡ ᠡᠪᠦᠯ ᠦ᠋ᠨ ᠴᠠᠭ ᠲᠤᠯᠠ ᠨᠢᠭᠡᠨ ᠰᠥᠨᠢ ᠶ᠋ᠢᠨ ᠵᠠᠭᠤᠷ᠎ᠠ ᠤᠮᠠᠷ᠎ᠠ ᠰᠠᠯᠬᠢᠨ ᠱᠤᠤᠭᠢᠭ᠍ᠰᠠᠨ ᠳ᠋ᠤᠷ ᠲᠦᠮᠡᠨ ᠭᠠᠵᠠᠷ ᠭᠦᠨ ᠡᠭᠦᠯᠡ ᠪᠦᠷᠬᠦᠵᠦ ᠭᠡᠨᠡᠳᠲᠡ ᠯᠦᠪᠬᠢᠮ᠎ᠡ ᠲᠠᠭᠠᠯᠠᠮᠵᠢᠲᠠᠢ ᠳᠤᠯᠠᠭᠠᠨ ᠪᠣᠯᠵᠤ᠂ ᠪᠠᠰᠠ ᠭᠠᠯᠠᠭᠤᠨ ᠤ᠋ ᠦᠳᠦᠨ ᠮᠡᠲᠦ ᠶᠡᠬᠡ ᠯᠠᠪᠰᠠᠬ᠍ᠲᠤ ᠴᠠᠰᠤ ᠯᠠᠪᠰᠠ ᠯᠠᠪᠰᠠ ᠣᠷᠣᠨ ᠡᠭᠦᠰᠬᠡᠪᠡᠢ᠃ 
      ᠲᠡᠷᠡ ᠦᠶ᠎ᠡ ᠳ᠋ᠦ᠍ᠷ ᠲᠠᠢᠽᠦ ᠶ᠋ᠢᠨ ᠴᠡᠷᠢᠭ ᠯᠠᠢᠬᠠᠳ ᠤ᠋ᠨ ᠵᠠᠬ᠎ᠠ ᠳ᠋ᠤᠷ ᠬᠦᠷᠴᠦ ᠬᠦᠷᠢᠶ᠎ᠡ ᠪᠠᠭᠤᠳᠠᠯᠯᠠᠪᠠ᠃ ᠲᠡᠭᠦᠨᠴᠡ ᠰᠡᠴᠡᠨ ᠪᠥᠬᠡ᠂ ᠴᠢᠨᠳᠠᠭᠠᠨ᠎ᠠ ᠰᠡᠴᠡᠨ ᠦ᠌ ᠮᠢᠬ᠎ᠠ ᠱᠥᠯᠥ ᠭᠡᠮᠡᠨ ᠴᠠᠳᠲᠠᠯ᠎ᠠ ᠵᠣᠭᠣᠭᠯᠠᠭᠠᠳ ᠵᠢᠴᠢ ᠥᠷᠯᠥᠭᠡ ᠠᠷᠢᠬᠢ ᠰᠡᠷᠭᠦᠭᠡᠳ ᠶᠡᠬᠡᠯ᠎ᠡ ᠰᠣᠴᠢᠨ ᠠᠶᠤᠵᠤ ᠲᠠᠢᠽᠦ ᠶ᠋ᠢᠨ ᠴᠡᠷᠢᠭ ᠯᠠᠪ ᠢᠷᠡᠬᠦ ᠶ᠋ᠢ ᠮᠡᠳᠡᠵᠦ᠂ ᠳᠡᠭᠦᠦ ᠳ᠋ᠡᠭᠡᠨ ᠰᠡᠴᠡᠨᠳᠠᠢᠵᠦᠦ ᠳ᠋ᠦ᠍ᠷ ᠲᠠᠪᠤᠨ ᠮᠢᠩᠭᠠᠨ ᠴᠡᠷᠢᠭ ᠥᠭᠴᠦ ᠪᠠᠷᠠᠭᠤᠨ ᠵᠠᠮ ᠤ᠋ᠨ ᠵᠠᠬ᠎ᠠ ᠳ᠋ᠤᠷ ᠰᠡᠷᠭᠡᠢᠯᠡᠨ ᠰᠠᠬᠢᠭᠤᠯᠤᠷ᠎ᠠ ᠢᠯᠡᠭᠡᠭᠡᠳ ᠥᠪᠡᠷ ᠦ᠋ᠨ ᠪᠡᠶ᠎ᠡ ᠳᠣᠯᠣᠭᠠᠨ ᠮᠢᠩᠭᠠᠨ ᠴᠡᠷᠢᠭ ᠠᠪᠴᠤ ᠵᠡᠭᠦᠨ ᠵᠠᠮ ᠤ᠋ᠨ ᠵᠠᠬ᠎ᠠ ᠳ᠋ᠤᠷ ᠲᠤᠯᠤᠷ᠎ᠠ ᠪᠠᠭᠤᠳᠠᠯᠯᠠᠵᠤ ᠬᠡᠳᠦᠢᠨᠡᠢ ᠰᠡᠷᠭᠡᠢᠯᠡᠨ ᠪᠡᠯᠡᠳᠬᠡᠭᠰᠡᠨ ᠠᠵᠤᠭᠤ᠃ ᠲᠡᠭᠦᠨᠴᠡ ᠰᠡᠴᠡᠨᠳᠠᠢᠵᠦᠦ ᠴᠡᠷᠢᠭ ᠢ᠋ᠶ᠋ᠡᠨ ᠠᠪᠴᠤ ᠪᠠᠷᠠᠭᠤᠨ ᠵᠠᠬ᠎ᠠ ᠳ᠋ᠤᠷ ᠬᠦᠷᠴᠦ ᠢᠷᠠᠪᠠᠰᠤ ᠤᠷᠢᠳᠠᠰᠠ ᠲᠡᠨᠳᠡ ᠵᠠᠭᠤᠨ ᠢᠯᠡᠭᠦᠦ ᠲᠡᠷᠭᠡ ᠪᠣᠯᠭᠣᠭᠰᠠᠨ ᠠᠷᠠᠰᠤ ᠪᠠ ᠬᠡᠪᠯᠡᠭᠰᠡᠨ ᠴᠠᠢ᠂ ᠵᠢᠴᠢ ᠲᠣᠰᠣ᠂ ᠪᠥᠰ ᠦ᠋ᠨ ᠬᠤᠳᠠᠯᠳᠤᠭᠠᠴᠢᠨ ᠠᠭᠤᠯᠠᠨ ᠤ᠋ ᠢᠷᠤᠭᠠᠷ᠎ᠠ ᠪᠠᠭᠤᠳᠠᠯᠯᠠᠵᠤᠬᠤᠢ᠃  ᠰᠡᠴᠡᠨᠳᠠᠢᠵᠦᠦ  ᠪᠠᠰᠠ ᠬᠥᠮᠦᠨ ᠢᠯᠡᠭᠡᠵᠦ ᠲᠡᠷᠢᠭᠦᠯᠡᠭᠰᠡᠨ ᠬᠣᠶᠠᠷ ᠬᠥᠮᠦᠨ ᠢ᠋ ᠳᠠᠭᠤᠳᠠᠨ ᠠᠪᠴᠢᠷᠠᠵᠤ ᠦᠨ᠎ᠡ ᠶ᠋ᠢ ᠠᠰᠠᠭᠤᠪᠠᠰᠤ ᠮᠠᠰᠢ ᠬᠢᠮᠳᠠ ᠲᠤᠯᠠ ᠳᠣᠲᠣᠷ᠎ᠠ ᠪᠠᠨ ᠪᠠᠶᠠᠷᠯᠠᠵᠤ ᠮᠥᠨ ᠬᠡᠩᠭᠡᠷᠭᠡ ᠪᠦᠷᠢᠬᠦ ᠠᠷᠠᠰᠤ ᠪᠠ ᠲᠤᠭ ᠳᠠᠯᠪᠠᠭ᠎ᠠ ᠬᠢᠬᠦ ᠪᠥᠰ ᠠᠪᠰᠤᠭᠠᠢ ᠬᠡᠮᠡᠵᠦ ᠲᠡᠷᠡ ᠬᠣᠶᠠᠷ ᠬᠤᠳᠠᠯᠳᠤᠭᠠᠴᠢᠨ ᠤ᠋ ᠵᠦᠭ ᠥᠭᠦᠯᠡᠷᠦᠨ᠄ 《 ᠲᠠᠨ ᠤ᠋ ᠶᠠᠭᠤᠮ᠎ᠠ ᠶ᠋ᠢ ᠪᠢ ᠨᠡᠯᠢᠶᠡᠳ ᠠᠪᠤᠮᠤᠢ᠂ ᠡᠳᠦᠭᠡ ᠴᠡᠷᠢᠭ ᠮᠣᠷᠳᠠᠬᠤ ᠴᠠᠭ ᠲᠤᠯᠠ ᠡᠳ᠋ ᠮᠥᠩᠭᠥ ᠢᠯᠡᠭᠦᠴᠡ ᠠᠪᠴᠢᠷᠠᠭᠰᠠᠨ ᠦᠭᠡᠢ᠂ ᠲᠠ ᠲᠦᠷ ᠪᠠᠭᠤᠳᠠᠯ ᠳ᠋ᠤᠷ ᠢ᠋ᠶ᠋ᠠᠨ ᠡᠭᠡᠵᠦ ᠪᠦᠦ ᠬᠥᠳᠡᠯᠦᠭᠲᠦᠨ᠂ ᠭᠠᠢ ᠦᠭᠡᠢ ᠮᠠᠨ ᠤ᠋ ᠡᠳᠡᠭᠡᠷ ᠴᠡᠷᠢᠭ ᠴᠥᠮ ᠶᠡᠬᠡ ᠤᠯᠤᠰ ᠤ᠋ᠨ ᠴᠡᠷᠢᠭ ᠬᠡᠮᠡᠭᠳᠡᠬᠦ ᠲᠤᠯᠠ ᠲᠠᠨ ᠤ᠋ ᠠᠷᠠᠯᠵᠢᠶ᠎ᠠ ᠶ᠋ᠢ ᠦᠯᠦ ᠲᠠᠪᠴᠢᠯᠠᠮᠤᠢ᠂ ᠪᠢ ᠳᠠᠢᠰᠤᠨ ᠢ᠋ ᠳᠠᠷᠤᠭᠰᠠᠨ ᠬᠣᠢᠨ᠎ᠠ ᠳᠠᠷᠤᠢ ᠠᠷᠠᠯᠵᠢᠶ᠎ᠠ ᠬᠢᠰᠦᠭᠡᠢ !》ᠬᠡᠮᠡᠭᠰᠡᠨ ᠳ᠋ᠦ᠍ᠷ ᠬᠣᠶᠠᠷ ᠬᠤᠳᠠᠯᠳᠤᠭᠠᠴᠢᠨ ᠬᠥᠮᠦᠨ ᠦᠭᠡ ᠳᠠᠭᠠᠵᠤ ᠡᠭᠡᠪᠡ᠃ ᠲᠡᠷᠡ ᠦᠳᠡᠰᠢ ᠮᠤᠬᠤᠯᠢ ᠶ᠋ᠢᠨ ᠶᠡᠬᠡ ᠴᠡᠷᠢᠭ ᠬᠦᠷᠴᠦ ᠢᠷᠡᠭᠡᠳ ᠬᠣᠶᠠᠷ ᠡᠲᠡᠭᠡᠳ ᠲᠠᠪᠤᠨ ᠭᠠᠵᠠᠷ ᠠᠯᠤᠰ ᠬᠦᠷᠢᠶ᠎ᠡ ᠪᠠᠭᠤᠪᠠ᠃ ᠵᠢᠴᠢ ᠡᠳᠦᠷ ᠬᠣᠶᠠᠷ ᠴᠡᠷᠢᠭ ᠡᠰᠡᠷᠭᠦᠴᠡᠯᠡᠨ ᠵᠢᠭ᠍ᠰᠭ᠋ᠠᠭᠰᠠᠨ ᠬᠣᠢᠨ᠎ᠠ ᠮᠤᠬᠤᠯᠢ ᠶᠡᠬᠡ ᠳᠠᠭᠤᠨ ᠢ᠋ᠶ᠋ᠠᠷ ᠬᠠᠷᠢᠶᠠᠨ ᠥᠭᠦᠯᠡᠷᠦᠨ᠄ 《ᠵᠢᠷᠤᠮ ᠢ᠋ ᠲᠡᠰᠡᠷᠭᠦᠯᠡᠨ ᠠᠴᠢ ᠶ᠋ᠢ ᠤᠮᠠᠷᠲᠠᠭᠰᠠᠨ ᠬᠤᠯᠠᠭᠠᠢ ᠶ᠋ᠢᠨ ᠵᠤᠯᠵᠠᠭ᠎ᠠ ᠨᠠᠷ ᠡᠳᠦᠭᠡ ᠲᠡᠭᠷᠢ ᠶ᠋ᠢᠨ ᠴᠡᠷᠢᠭ ᠬᠦᠷᠴᠦ ᠢᠷᠡᠪᠡᠰᠦ ᠪᠠᠰᠠ ᠬᠦ᠌ ᠦᠬᠦᠬᠦ ᠪᠡᠨ ᠮᠡᠳᠡᠬᠦ ᠦᠭᠡᠢ ᠦᠦ ? 》 ᠬᠡᠮᠡᠭᠰᠡᠨ ᠳ᠋ᠦ᠍ᠷ ᠰᠡᠴᠡᠨᠳᠠᠢᠵᠦᠦ ᠣᠭᠲᠣ ᠳᠠᠭᠤᠨ ᠭᠠᠷᠬᠤ ᠦᠭᠡᠢ ᠴᠡᠷᠢᠭ ᠢ᠋ᠶ᠋ᠠᠨ ᠳᠠᠯᠠᠯᠤᠨ ᠠᠯᠠᠨ ᠣᠷᠣᠵᠤ ᠢᠷᠡᠬᠦᠢ ᠳ᠋ᠦ᠍ᠷ ᠮᠤᠬᠤᠯᠢ ᠲᠡᠮᠦᠷ ᠰᠢᠳᠠᠮ ᠢ᠋ᠶ᠋ᠠᠷ ᠨᠢᠭᠡᠨᠲᠡ ᠵᠢᠭᠠᠮᠠᠭᠴᠠ ᠶᠡᠬᠡ ᠴᠡᠷᠢᠭ ᠡᠪᠬᠡᠨ ᠣᠷᠣᠵᠤ᠂ ᠬᠣᠶᠠᠷ ᠴᠡᠷᠢᠭ ᠬᠤᠳᠬᠤᠯᠳᠤᠨ ᠨᠢᠭᠡᠨ ᠵᠡᠷᠭᠡ ᠶᠡᠬᠡᠯ᠎ᠡ ᠪᠠᠢᠯᠳᠤᠪᠠ᠃ ᠵᠡᠪᠡ ᠴᠢᠪᠬᠢᠲᠡᠯ᠎ᠡ ᠰᠡᠴᠡᠨᠳᠠᠢᠵᠦᠦ ᠳ᠋ᠦ᠍ᠷ ᠤᠴᠠᠷᠠᠯᠳᠤᠨ ᠪᠠᠢᠯᠳᠤᠵᠤ ᠬᠠᠷᠠᠬᠠᠨ ᠲᠤᠯᠵᠤ ᠴᠢᠳᠠᠬᠤ ᠦᠭᠡᠢ ᠮᠡᠩᠳᠡᠭᠦᠷᠡᠬᠦᠶ᠎ᠡ ᠭᠡᠨᠡᠳᠲᠡ ᠪᠠᠰᠠ ᠮᠤᠬᠤᠯᠢ ᠪᠡᠶ᠎ᠡ ᠪᠡᠷ ᠠᠯᠠᠨ ᠬᠦᠷᠴᠦ ᠢᠷᠡᠭᠡᠳ ᠲᠡᠮᠦᠷ ᠰᠢᠲᠠᠮ ᠢ᠋ ᠭᠠᠯᠵᠠᠭᠤ ᠯᠤᠤ ᠮᠡᠲᠦ ᠭᠤᠷᠪᠠᠯᠵᠠᠭᠤᠯᠵᠤ ᠳᠡᠯᠡᠳᠬᠦᠢ ᠳ᠋ᠦ᠍ᠷ ᠰᠠᠴᠠᠭᠲᠠᠢᠵᠤᠤ ᠶ᠋ᠢᠨ ᠰᠥᠰᠥ ᠬᠡᠮᠬᠡᠷᠡᠨ ᠬᠠᠷᠠᠬᠠᠨ ᠬᠠᠯᠬᠠᠯᠠᠨ ᠴᠢᠳᠠᠬᠤ ᠦᠭᠡᠢ ᠪᠦᠬᠦᠢ ᠳ᠋ᠦ᠍ᠷ ᠮᠤᠬᠤᠯᠢ ᠨᠢᠭᠡᠨᠲᠡ ᠳᠡᠯᠡᠳᠬᠦᠢ ᠳ᠋ᠦ᠍ᠷ ᠴᠢᠪᠬᠢᠲᠡᠯ᠎ᠡ ᠰᠡᠴᠡᠨᠳᠠᠢᠵᠦᠦ ᠶ᠋ᠢᠨ ᠪᠠᠷᠠᠭᠤᠨ ᠮᠥᠷᠥ ᠳ᠋ᠦ᠍ᠷ ᠨᠢᠭᠡᠨ ᠰᠢᠳᠠᠮ ᠲᠣᠰᠤᠭᠠᠳ ᠪᠦᠬᠦᠯᠢ ᠪᠡᠶ᠎ᠡ ᠤᠮᠳᠠᠷᠠᠵᠤ ᠭᠠᠷ ᠲᠤᠷ ᠪᠠᠷᠢᠭ᠍ᠰᠠᠨ ᠢᠯᠳᠦ ᠪᠡᠨ ᠠᠯᠳᠠᠵᠤ ᠰᠢᠷᠭᠤᠯᠠᠵᠤ ᠳᠤᠲᠠᠭᠠᠪᠠ᠃ ᠴᠡᠷᠢᠭ ᠢᠨᠦ ᠪᠠᠰᠠ ᠴᠥᠭᠡᠨ ᠢ᠋ᠶ᠋ᠡᠷ ᠣᠯᠠᠨ ᠳ᠋ᠤᠷ ᠲᠡᠩᠴᠡᠬᠦᠶ᠎ᠡ ᠪᠡᠷᠬᠡ ᠲᠤᠯᠠ ᠮᠥᠨ ᠡᠵᠡᠨ ᠢ᠋ᠶ᠋ᠡᠨ ᠳᠠᠭᠠᠵᠤ ᠪᠤᠲᠠᠷᠠᠨ ᠪᠤᠷᠤᠭᠤᠯᠠᠯᠴᠠᠪᠠ᠃ ᠮᠤᠬᠤᠯᠢ ᠶ᠋ᠢᠨ ᠴᠡᠷᠢᠭ ᠶᠡᠬᠡᠯ᠎ᠡ ᠲᠠᠢᠯᠵᠤ ᠯᠠᠢᠬᠠᠳ ᠤ᠋ᠨ ᠠᠯᠠᠭᠳᠠᠭᠰᠠᠨ ᠴᠡᠷᠢᠭ ᠲᠠᠯ᠎ᠠ ᠳ᠋ᠤᠷ ᠳᠥᠭᠥᠷᠦᠨ᠂ ᠴᠠᠭᠠᠨ ᠴᠠᠰᠤᠨ᠎ᠠ ᠤᠯᠠᠭᠠᠨ ᠴᠢᠰᠤ ᠲᠦᠰᠦᠷᠴᠦ ᠮᠠᠨᠳᠠᠷᠠᠸ᠎ᠠ ᠴᠡᠴᠡᠭ ᠵᠤᠯᠭᠠᠷᠠᠭᠰᠠᠨ ᠮᠡᠲᠦ᠃ 
      ᠲᠡᠷᠡ ᠴᠠᠭ ᠲᠤᠷ ᠴᠠᠰᠤ ᠣᠷᠣᠭᠰᠠᠭᠠᠷ ᠳᠥᠷᠪᠡᠨ ᠵᠦᠭ ᠦ᠋ᠨ ᠠᠭᠤᠯᠠ ᠲᠠᠯ᠎ᠠ ᠴᠥᠮ ᠴᠠᠪ ᠴᠡᠢᠮ᠎ᠡ ᠪᠣᠯᠤᠭᠠᠳ ᠵᠡᠭᠦᠨ ᠪᠠᠷᠠᠭᠤᠨ ᠲᠠᠨᠢᠭ᠍ᠳᠠᠬᠤ ᠦᠭᠡᠢ ᠪᠣᠯᠤᠭᠰᠠᠨ ᠳ᠋ᠤᠷ ᠮᠤᠬᠤᠯᠢ ᠳᠡᠢᠯᠦᠭᠰᠡᠨ ᠬᠦᠴᠦᠨ ᠳ᠋ᠦ᠍ᠷ ᠨᠡᠬᠡᠨ ᠠᠯᠠᠵᠤ ᠢᠷᠡᠪᠡ᠃ ᠰᠡᠴᠡᠨᠳᠠᠢᠵᠦᠦ ᠭᠠᠭᠴᠠ ᠪᠡᠶ᠎ᠡ ᠪᠡᠷ ᠴᠡᠷᠢᠭ ᠦ᠋ᠨ ᠡᠮᠦᠨ᠎ᠡ ᠪᠤᠷᠤᠭᠤᠯᠠᠨ ᠥᠪᠡᠷ ᠦ᠋ᠨ ᠬᠦᠷᠢᠶᠡᠨ ᠳ᠋ᠦ᠍ᠷ ᠬᠦᠷᠴᠦ ᠦᠵᠡᠪᠡᠰᠦ ᠬᠦᠷᠢᠶ᠎ᠡ ᠬᠡᠳᠦᠢᠨᠡᠢ ᠪᠧᠲ᠋ᠠ᠋ ᠤᠯᠤᠰ ᠤ᠋ᠨ ᠴᠡᠷᠢᠭ ᠲᠦ᠍ᠷ ᠠᠪᠲᠠᠵᠤ᠂ ᠪᠧᠲ᠋ᠠ᠋ ᠤᠯᠤᠰ ᠤ᠋ᠨ ᠲᠤᠭ ᠬᠢᠭᠢᠷᠢ ᠬᠠᠳᠬᠤᠵᠤ ᠪᠠᠰᠠ ᠴᠠᠩ ᠤ᠋ᠨ ᠳᠠᠭᠤᠨ ᠭᠠᠷᠤᠮᠠᠭᠴᠠ ᠬᠦᠷᠢᠶᠡᠨ ᠦ᠌ ᠳᠣᠲᠣᠷ᠎ᠠ ᠠ᠋ᠴᠠ ᠨᠢᠭᠡᠨ ᠠᠩᠭᠢ ᠴᠡᠷᠢᠭ ᠠᠯᠠᠨ ᠭᠠᠷᠴᠤ ᠢᠷᠡᠪᠡ᠃ ᠰᠡᠴᠡᠨᠳᠠᠢᠵᠦᠦ ᠶᠡᠬᠡᠯ᠎ᠡ ᠭᠡᠯᠮᠡᠵᠦ ᠮᠣᠷᠢ ᠪᠠᠨ ᠡᠭᠡᠭᠦᠯᠦᠨ ᠪᠤᠷᠤᠭᠤᠯᠠᠬᠤᠶ᠎ᠠ᠂ ᠴᠢᠬᠢᠨ ᠦ᠌ ᠨᠤᠭᠤᠯᠪᠤᠷᠢ ᠪᠠ ᠬᠤᠶᠠᠭ ᠤ᠋ᠨ ᠵᠠᠭᠠᠮ᠎ᠠ ᠳ᠋ᠤᠷ ᠴᠠᠰᠤ ᠳᠦᠭᠦᠷᠴᠦ ᠰᠢᠷᠭᠤᠯᠠᠭᠰᠠᠭᠠᠷ ᠤᠷᠢᠳᠤ ᠡᠳᠦᠷ ᠦ᠋ᠨ ᠬᠤᠳᠠᠯᠳᠤᠭᠠᠴᠢᠨ ᠤ᠋ ᠬᠦᠷᠢᠶᠡᠨ ᠳ᠋ᠦ᠍ᠷ ᠣᠷᠣᠵᠤ ᠢᠷᠠᠪᠠᠰᠤ ᠴᠢᠪᠬᠢᠲᠡᠯ᠎ᠡ ᠲᠡᠷᠡ ᠡᠳᠦᠷ ᠦ᠋ᠨ ᠲᠡᠷᠢᠭᠦᠯᠡᠭᠰᠡᠨ ᠬᠤᠳᠠᠯᠳᠤᠭᠠᠴᠢᠨ ᠳ᠋ᠤᠷ ᠤᠴᠠᠷᠠᠵᠤ ᠶᠡᠬᠡ ᠰᠦᠬᠡ ᠪᠡᠨ ᠳᠠᠯᠠᠢᠨ ᠰᠡᠴᠡᠨᠳᠠᠢᠵᠦᠦ ᠶ᠋ᠢᠨ ᠣᠷᠣᠢ ᠤᠷᠤᠭᠤ ᠨᠢᠭᠡᠨᠲᠡ ᠴᠠᠪᠴᠢᠵᠤ ᠬᠣᠶᠠᠷ ᠠᠩᠭᠢ ᠪᠣᠯᠭᠠᠪᠠ᠃ ᠲᠡᠷᠡ ᠬᠤᠳᠠᠯᠳᠤᠭᠠᠴᠢ ᠬᠡᠨ ᠪᠣᠢ ᠬᠡᠮᠡᠪᠡᠰᠦ᠄ ᠦᠵᠡᠰᠡ ᠮᠤᠬᠤᠯᠢ ᠴᠡᠷᠢᠭ ᠭᠠᠷᠤᠮᠠᠭᠴᠠ ᠰᠢᠷᠢ ᠬᠤᠲᠤᠭ᠂ ᠬᠠᠷ᠎ᠠ ᠬᠢᠷᠤ ᠬᠣᠶᠠᠭᠤᠯᠠ ᠳ᠋ᠤᠷ ᠬᠣᠶᠠᠷ ᠵᠠᠭᠤᠨ ᠬᠥᠮᠦᠨ ᠥᠭᠴᠦ ᠬᠤᠳᠠᠯᠳᠤᠭᠠᠴᠢᠨ ᠬᠥᠮᠦᠨ ᠪᠣᠯᠭᠠᠭᠠᠳ ᠰᠥᠨᠢ ᠳᠦᠯᠢᠨ ᠶᠠᠪᠤᠵᠤ ᠤᠷᠤᠭᠰᠢᠯᠠᠨ ᠯᠠᠢᠬᠠᠳ ᠤ᠋ᠨ ᠵᠠᠬ᠎ᠠ ᠳ᠋ᠤᠷ ᠣᠷᠣᠭᠤᠯᠤᠭᠰᠠᠨ ᠠᠵᠤᠭᠤ᠃ ᠲᠡᠳᠡᠭᠡᠷ ᠴᠠᠢ ᠲᠣᠰᠣ ᠪᠥᠰ ᠠᠷᠠᠰᠤᠨ ᠤ᠋ ᠲᠡᠷᠭᠡ ᠳ᠋ᠦ᠍ᠷ ᠲᠡᠭᠡᠭᠡᠭᠰᠡᠨ ᠢᠨᠦ ᠴᠥᠮ ᠴᠡᠷᠢᠭ ᠦ᠋ᠨ ᠬᠤᠶᠠᠭ ᠲᠤᠭᠤᠯᠠᠭ᠎ᠠ᠂ ᠵᠠᠷ ᠵᠡᠪᠰᠡᠭ ᠪᠣᠯᠠᠢ᠃ ᠲᠡᠷᠡ ᠦᠶ᠎ᠡ ᠳ᠋ᠦ᠍ᠷ ᠰᠢᠷᠢ ᠬᠤᠲᠤᠭ ᠲᠠᠨ ᠳᠣᠬᠢᠶ᠎ᠠ ᠶ᠋ᠢ ᠣᠯᠵᠤ ᠬᠠᠷ᠎ᠠ ᠬᠢᠷᠤ ᠴᠡᠷᠢᠭ ᠢ᠋ᠶ᠋ᠡᠨ ᠠᠪᠤᠨ ᠤᠷᠢᠳᠠ ᠰᠡᠴᠡᠨᠳᠠᠢᠵᠦᠦ ᠶ᠋ᠢᠨ ᠬᠦᠷᠢᠶ᠎ᠡ ᠶ᠋ᠢ ᠡᠵᠡᠯᠡᠭᠡᠳ ᠰᠢᠷᠢ ᠬᠤᠲᠤᠭ ᠲᠣᠰᠴᠤ ᠠᠯᠠᠭᠰᠠᠨ ᠠᠵᠤᠭᠤ᠃ ᠯᠠᠢᠬᠠᠳ ᠤ᠋ᠨ ᠳᠠᠷᠤᠭᠳᠠᠭᠰᠠᠨ ᠴᠡᠷᠢᠭ ᠬᠠᠭᠠᠰ ᠢᠯᠡᠭᠦᠦ ᠳᠠᠭᠠᠭᠰᠠᠨ ᠳ᠋ᠤᠷ ᠮᠤᠬᠤᠯᠢ ᠳᠠᠷᠤᠢ ᠬᠡᠩᠭᠡᠷᠭᠡ ᠳᠡᠯᠡᠳᠦᠨ ᠴᠡᠷᠢᠭ ᠢ᠋ ᠵᠣᠭᠰᠣᠭᠠᠯ ᠥᠭᠡᠶ᠎ᠡ ᠰᠢᠭᠤᠳ ᠰᠡᠴᠡᠨ ᠪᠥᠬᠡ ᠶ᠋ᠢᠨ ᠪᠠᠷᠠᠭᠤᠨ ᠪᠠᠭᠤᠳᠠᠯ ᠳ᠋ᠤᠷ ᠳᠣᠪᠲᠣᠯᠵᠤ ᠲᠤᠯᠤᠨ ᠢᠷᠡᠪᠡ᠃ 
      ᠲᠡᠭᠦᠨᠴᠡ ᠲᠠᠢᠽᠦ ᠶ᠋ᠢᠨ ᠴᠡᠷᠢᠭ ᠶᠡᠬᠡ ᠴᠠᠰᠤᠨ ᠤ᠋ ᠬᠣᠢᠲᠤ ᠡᠳᠦᠷ ᠰᠡᠴᠡᠨ ᠪᠥᠬᠡ ᠶ᠋ᠢᠨ ᠴᠡᠷᠢᠭ ᠯᠤᠭᠡ ᠲᠤᠯᠵᠤ ᠪᠠᠢᠯᠳᠤᠬᠤᠢ ᠳ᠋ᠤᠷ ᠰᠡᠴᠡᠨ ᠪᠥᠬᠡ ᠲᠠᠢᠽᠦ ᠶ᠋ᠢ ᠦᠵᠡᠪᠡᠰᠦ ᠪᠡᠶ᠎ᠡ ᠥᠨᠳᠥᠷ ᠶᠢᠰᠦᠨ ᠲᠣᠬᠣᠢ᠂ ᠮᠥᠷᠥ ᠥᠷᠭᠡᠨ ᠳᠥᠷᠪᠡᠨ ᠲᠥᠭᠡ᠂ ᠪᠡᠶ᠎ᠡ ᠶ᠋ᠢᠨ ᠡᠮᠦᠨ᠎ᠡ ᠠᠷᠪᠠᠨ ᠠᠯᠴᠠᠮ ᠤ᠋ᠨ ᠭᠠᠳᠠᠨ᠎ᠠ ᠰᠦᠷ ᠵᠢᠪᠬᠤᠯᠠᠩ ᠪᠠᠳᠠᠷᠠᠭᠠᠳ ᠨᠢᠭᠤᠷ ᠡᠰᠡᠷᠭᠦ ᠬᠥᠮᠦᠨ ᠴᠢᠬᠡ ᠬᠠᠷᠠᠵᠤ ᠴᠢᠳᠠᠬᠤ ᠦᠭᠡᠢ᠃ ᠬᠠᠰ ᠴᠠᠭᠠᠨ ᠶᠡᠬᠡ ᠴᠢᠷᠠᠢ ᠨᠠᠷᠠᠨ ᠮᠠᠨᠳᠤᠭᠰᠠᠨ ᠮᠡᠲᠦ᠂ ᠬᠣᠣᠰ ᠶᠡᠬᠡ ᠣᠳᠣᠨ ᠤ᠋ ᠨᠢᠳᠦᠨ ᠭᠢᠯᠪᠠᠯᠬᠢᠯᠠᠨ ᠴᠠᠬᠢᠯᠭᠠᠨ ᠠᠳᠠᠯᠢ᠂ ᠬᠦᠷᠢ ᠬᠣᠷᠣᠬᠠᠢ ᠶ᠋ᠢᠨ ᠬᠣᠶᠠᠷ ᠬᠥᠮᠥᠰᠬᠡ ᠬᠥᠮᠦᠨ ᠪᠦᠬᠦᠨ ᠢ᠋ ᠰᠦᠷᠳᠡᠭᠦᠯᠵᠦ᠂ ᠠᠷᠰᠯᠠᠨ ᠤ᠋ ᠡᠭᠡᠰᠢᠭ ᠦ᠋ᠨ ᠶᠡᠬᠡ ᠲᠠᠭᠤᠨ᠎ᠠ ᠪᠤᠰᠤᠳ ᠤ᠋ᠨ ᠲᠠᠷᠢᠬᠢ ᠳᠦᠩᠭᠢᠨᠡᠮᠦ᠃ ᠪᠡᠶ᠎ᠡ ᠳ᠋ᠦ᠍ᠷ ᠠᠯᠲᠠᠨ ᠬᠤᠶᠠᠭ ᠳᠤᠭᠤᠯᠠᠭ᠎ᠠ ᠡᠮᠦᠰᠴᠦ ᠳᠣᠣᠷ᠎ᠠ ᠪᠠᠨ ᠳ᠋ᠡᠷᠭᠢ ᠬᠣᠩᠭᠣᠷ ᠯᠤᠤ ᠶ᠋ᠢᠨ ᠮᠣᠷᠢ ᠤᠨᠤᠵᠤ᠂ ᠭᠠᠷ ᠲᠠᠭᠠᠨ ᠮᠣᠭᠠᠢ ᠶ᠋ᠢᠨ ᠰᠡᠭᠦᠯ ᠦ᠋ᠨ ᠭᠠᠩ ᠵᠢᠳᠠ ᠪᠠᠷᠢᠵᠤ ᠰᠡᠭᠦᠵᠢᠨ ᠳ᠋ᠡᠭᠡᠨ ᠲᠡᠮᠦᠷ ᠰᠢᠷᠬᠡᠭᠲᠦ ᠰᠠᠬᠢᠭᠤᠯᠰᠤᠨ ᠨᠤᠮᠤ ᠠᠭᠰᠠᠵᠤ᠂ ᠵᠢᠭ᠍ᠰᠠᠭᠠᠯ ᠤ᠋ᠨ ᠡᠮᠦᠨ᠎ᠡ ᠳ᠋ᠡᠷᠭᠢ ᠬᠣᠩᠭᠣᠷ ᠮᠣᠷᠢ ᠪᠠᠨ ᠳᠡᠪᠬᠡᠴᠡᠭᠦᠯᠦᠨ᠂ ᠦᠨᠡᠬᠡᠷ ᠲᠡᠭᠷᠢ ᠶ᠋ᠢᠨ ᠬᠤᠪᠢᠯᠭᠠᠨ ᠡᠵᠡᠳ ᠮᠡᠲᠦ ᠠᠶᠤᠮᠰᠢᠭ᠍ᠲᠠᠢ ᠰᠦᠷ ᠲᠡᠢ ᠲᠤᠯᠠ ᠰᠡᠴᠡᠨ ᠪᠥᠬᠡ ᠠᠶᠤᠮᠰᠢᠭ᠋ ᠦᠭᠡᠢ ᠭᠠᠷᠴᠤ ᠲᠤᠯᠤᠨ ᠪᠠᠢᠯᠳᠤᠬᠤ ᠦᠭᠡᠢ᠂ ᠳᠡᠮᠡᠢᠯᠡ ᠵᠢᠭ᠍ᠰᠠᠭᠠᠯ ᠤ᠋ᠨ ᠳᠣᠲᠣᠷ᠎ᠠ ᠠ᠋ᠴᠠ ᠬᠠᠰᠬᠢᠷᠤᠨ ᠬᠠᠷᠢᠶᠠᠬᠤᠢ ᠳ᠋ᠤᠷ ᠪᠤᠭᠤᠷᠤᠯ᠂ ᠴᠢᠯᠠᠭᠤᠨ ᠶᠡᠬᠡᠯ᠎ᠡ ᠬᠢᠯᠢᠩ ᠲᠥᠷᠥᠵᠦ ᠨᠢᠭᠡᠨᠲᠡ ᠵᠠᠩᠳᠠᠵᠤ ᠳᠣᠪᠲᠣᠯᠤᠨ᠂ ᠯᠠᠢᠬᠠᠳ ᠤ᠋ᠨ ᠵᠢᠭ᠍ᠰᠠᠭᠠᠯ ᠳ᠋ᠤᠷ ᠴᠣᠬᠢᠨ ᠣᠷᠣᠵᠤ ᠰᠡᠴᠡᠨ ᠪᠥᠬᠡ ᠶ᠋ᠢ ᠡᠷᠢᠨ ᠠᠯᠠᠷ᠎ᠠ ᠢᠷᠡᠬᠦᠢ ᠳ᠋ᠦ᠍ᠷ ᠰᠡᠴᠡᠨ ᠪᠥᠬᠡ ᠶᠡᠬᠡᠯ᠎ᠡ ᠠᠶᠤᠵᠤ ᠬᠣᠶᠠᠷ ᠭᠤᠷᠪᠠᠬᠠᠨ ᠤᠳᠠᠭ᠎ᠠ ᠵᠥᠷᠢᠴᠡᠯᠳᠦᠮᠡᠭᠴᠡ ᠳᠠᠷᠤᠢ ᠪᠤᠷᠤᠭᠤᠯᠠᠪᠠ᠃ ᠪᠤᠷᠤᠭᠤᠯ᠂ ᠴᠢᠯᠠᠭᠤᠨ ᠬᠣᠶᠠᠭᠤᠯᠠ ᠲᠠᠯᠪᠢᠯ ᠦᠭᠡᠢ ᠨᠡᠬᠡᠨ ᠢᠷᠡᠬᠦᠢ ᠳ᠋ᠦ᠍ᠷ ᠬᠣᠢᠨ᠎ᠠ ᠠ᠋ᠴᠠ ᠪᠠᠰᠠ ᠪᠧᠲ᠋ᠠ᠋ ᠤᠯᠤᠰ ᠤ᠋ᠨ ᠶᠡᠬᠡ ᠴᠡᠷᠢᠭ ᠮᠥᠨ ᠠᠯᠠᠨ ᠣᠷᠣᠵᠤ ᠢᠷᠡᠪᠡ᠃ ᠲᠡᠷᠡ ᠦᠶ᠎ᠡ ᠳ᠋ᠦ᠍ᠷ ᠰᠠᠯᠬᠢᠨ ᠶᠡᠬᠡᠯ᠎ᠡ ᠱᠣᠷᠬᠢᠷᠠᠨ᠂ ᠴᠠᠰᠤ ᠯᠤᠭ᠎ᠠ ᠬᠠᠮᠲᠤ ᠰᠢᠭᠤᠷᠤᠨ ᠶᠡᠬᠡᠯ᠎ᠡ ᠳᠡᠯᠡᠳᠦᠨ ᠡᠭᠦᠰᠬᠡᠭᠰᠡᠨ ᠲᠤᠯᠠ ᠬᠡᠳᠦᠨ ᠠᠯᠴᠠᠮ ᠤ᠋ᠨ ᠭᠠᠵᠠᠷ ᠲᠤᠷ ᠬᠥᠮᠦᠨ ᠦᠵᠡᠭᠳᠡᠬᠦ ᠦᠭᠡᠢ ᠪᠣᠯᠵᠤ᠂ ᠡᠨᠡ ᠲᠡᠰᠢᠷᠡᠮ᠎ᠡ ᠰᠡᠴᠡᠨ ᠪᠥᠬᠡ ᠳᠠᠷᠤᠢ ᠮᠣᠷᠢ ᠪᠠᠨ ᠡᠢᠨ ᠨᠢᠭᠡᠨᠲᠡ ᠥᠰᠥᠷᠬᠡᠨ ᠬᠠᠷᠠᠢᠯᠭᠠᠮᠠᠭᠴᠠ ᠦᠵᠡᠭᠳᠡᠬᠦ ᠦᠭᠡᠢ ᠪᠣᠯᠵᠤᠬᠤᠢ᠃ ᠪᠤᠭᠤᠷᠤᠯ᠂ ᠴᠢᠯᠠᠭᠤᠨ ᠲᠠᠨ ᠬᠠᠷᠠᠬᠠᠨ ᠬᠠᠮᠢᠭᠠᠰᠢ ᠡᠴᠢᠭᠰᠡᠨ ᠢ᠋ ᠣᠯᠬᠤ ᠦᠭᠡᠢ ᠰᠡᠵᠢᠭᠯᠡᠵᠦ ᠪᠥᠬᠥᠶ᠎ᠡ᠂ ᠬᠣᠢᠲᠤᠬᠢ ᠴᠡᠷᠢᠭ ᠨᠢᠭᠡᠨᠲᠡ ᠣᠷᠬᠢᠵᠤ ᠤᠷᠤᠭ᠍ᠰᠢ ᠠᠯᠠᠨ ᠣᠷᠣᠪᠠ᠃ ᠪᠤᠭᠤᠷᠤᠯ ᠥᠨᠳᠥᠷ ᠳᠠᠭᠤᠨ ᠢ᠋ᠶ᠋ᠡᠷ ᠳᠠᠭᠤᠳᠠᠨ ᠬᠡᠷᠡᠭ ᠰᠡᠵᠢᠭᠯᠡᠯᠲᠡᠢ ᠪᠣᠯᠪᠠ᠃ ᠴᠡᠷᠢᠭ ᠤᠷᠤᠭ᠍ᠰᠢ ᠪᠢᠲᠡᠭᠡᠢ ᠣᠷᠣ ᠭᠡᠮᠡᠨ ᠬᠡᠷᠬᠢᠨ ᠪᠠᠷᠬᠢᠷᠠᠪᠠᠴᠤ ᠶᠡᠬᠡ ᠴᠡᠷᠢᠭ ᠨᠢᠭᠡᠨᠲᠡ ᠲᠦᠷᠭᠢᠯᠦᠨ ᠳᠣᠪᠲᠣᠯᠤᠭᠰᠠᠨ ᠲᠤᠯᠠ ᠨᠢᠭᠡᠨᠲᠡ ᠵᠣᠭᠰᠣᠭᠠᠨ ᠴᠢᠳᠠᠬᠤ ᠦᠭᠡᠢ ᠪᠣᠯᠵᠤ᠂ ᠭᠡᠨᠡᠳᠲᠡ ᠲᠡᠭᠷᠢ ᠳᠡᠯᠪᠡᠷᠡᠨ ᠭᠠᠵᠠᠷ ᠬᠠᠭᠠᠷᠠᠬᠤ ᠮᠡᠲᠦ ᠨᠢᠭᠡᠨ ᠶᠡᠬᠡ ᠳᠠᠭᠤᠨ ᠭᠠᠷᠴᠤ ᠡᠮᠦᠨᠡᠲᠦ ᠴᠡᠷᠢᠭ ᠨᠢᠭᠡᠨᠲᠡ ᠳᠦᠴᠢᠭᠢᠨᠡᠨ ᠴᠥᠮ ᠢ᠋ᠶ᠋ᠠᠷ ᠰᠡᠴᠡᠨ ᠪᠥᠬᠡ ᠶ᠋ᠢᠨ ᠡᠷᠦᠭᠰᠡᠨ ᠨᠦᠬᠡᠨ ᠦ᠌ ᠳᠣᠲᠣᠷ᠎ᠠ ᠤᠨᠠᠯᠳᠤᠪᠠ᠃ ᠬᠥᠮᠦᠨ ᠮᠣᠷᠢ ᠳᠡᠭᠡᠷ᠎ᠡ ᠳᠡᠭᠡᠷ᠎ᠡ ᠡᠴᠡ ᠪᠡᠨ ᠳᠠᠷᠤᠯᠳᠤᠨ ᠣᠷᠣᠭᠰᠠᠨ ᠠᠨᠤ ᠲᠣᠭᠠᠯᠠᠵᠤ ᠪᠠᠷᠠᠰᠢ ᠦᠭᠡᠢ᠃ ᠴᠢᠯᠠᠭᠤᠨ ᠮᠥᠨ ᠰᠡᠷᠡᠮᠵᠢᠯᠡᠭᠰᠡᠨ ᠦᠭᠡᠢ ᠬᠥᠮᠦᠨ ᠮᠣᠷᠢ ᠲᠠᠢ ᠨᠦᠬᠡᠨ ᠳ᠋ᠦ᠍ᠷ ᠤᠨᠠᠨ ᠣᠳᠬᠤᠢ ᠳ᠋ᠤᠷ ᠶᠡᠬᠡᠯ᠎ᠡ ᠬᠢᠷᠳ᠋ᠬᠢᠵᠦ ᠪᠡᠶ᠎ᠡ ᠪᠡᠨ ᠰᠤᠩᠭᠠᠨ ᠨᠢᠭᠡᠨᠲᠡ ᠳᠡᠪᠬᠡᠯᠦᠭᠰᠡᠨ ᠳ᠋ᠦ᠍ᠷ ᠴᠢᠨᠠᠳᠤ ᠢᠷᠮᠡᠭ ᠲᠣᠷ ᠦᠰᠦᠷᠦᠨ ᠭᠠᠷᠴᠤ ᠳᠥᠷᠪᠡᠨ ᠳᠠᠰᠢ ᠦᠵᠡᠪᠡᠰᠦ ᠭᠠᠭᠴᠠ ᠬᠠᠰᠬᠢᠷᠬᠤ ᠳᠠᠭᠤᠨ ᠴᠢᠬᠢᠨ ᠳ᠋ᠦ᠍ᠷ ᠰᠣᠨᠣᠰᠳᠠᠵᠤ᠂ ᠰᠠᠯᠬᠢᠨ ᠴᠠᠰᠤᠨ ᠤ᠋ ᠶᠡᠬᠡ ᠰᠢᠭᠤᠷᠭᠠᠨ ᠱᠠᠭᠢᠶᠠᠨ ᠳ᠋ᠤᠷ ᠨᠡᠢᠯᠡᠵᠦ ᠳᠠᠯᠠᠢ ᠪᠤᠴᠠᠯᠬᠤ ᠮᠡᠲᠦ᠂ ᠨᠡᠩ ᠪᠠᠰᠠ ᠴᠠᠰᠤᠨ ᠤ᠋ ᠳᠡᠯᠡᠳᠬᠦᠢ ᠳ᠋ᠦ᠍ᠷ ᠨᠢᠳᠦᠨ ᠨᠡᠭᠡᠭᠡᠵᠦ ᠪᠣᠯᠬᠤ ᠦᠭᠡᠢ ᠪᠣᠯᠵᠤᠬᠤᠢ᠃ 
      ᠦᠵᠡᠰᠡ ᠰᠡᠴᠡᠨ ᠪᠥᠬᠡ ᠬᠥᠯᠲᠦ ᠡᠯᠡᠰᠦ ᠶ᠋ᠢ ᠤᠷᠲᠤ ᠬᠣᠷᠢ ᠭᠤᠴᠢᠨ ᠵᠠᠩ᠂ ᠥᠷᠭᠡᠨ ᠬᠣᠶᠠᠷ ᠵᠠᠩ ᠢᠯᠡᠭᠦᠦ ᠡᠷᠦᠵᠦ ᠤᠨᠠᠭᠤᠯᠢ ᠤᠬᠤᠭᠠᠳ ᠳᠡᠭᠡᠭᠦᠷ ᠮᠣᠳᠣ ᠲᠠᠯᠪᠢᠨ ᠬᠤᠯᠤᠰᠤ ᠡᠪᠡᠰᠦ ᠪᠡᠷ ᠪᠦᠷᠬᠦᠵᠦ ᠬᠤᠴᠢᠭᠠᠳ ᠳᠡᠭᠡᠷ᠎ᠡ ᠪᠠᠰᠠ ᠴᠠᠰᠤ ᠣᠷᠣᠬᠤᠢ ᠳ᠋ᠤᠷ ᠴᠠᠪ ᠴᠠᠢᠮ᠎ᠠ ᠨᠢᠭᠡᠨ ᠠᠳᠠᠯᠢ ᠪᠣᠯᠤᠭᠰᠠᠨ ᠳ᠋ᠤᠷ ᠲᠠᠢᠽᠦ ᠶ᠋ᠢᠨ ᠴᠡᠷᠢᠭ ᠭᠡᠨᠡᠳᠡᠭᠳᠡᠨ ᠤᠨᠠᠭᠰᠠᠨ ᠳ᠋ᠤᠷ ᠰᠡᠴᠡᠨ ᠪᠥᠬᠡ ᠳᠠᠷᠤᠢ ᠪᠦᠭᠭᠦᠭᠰᠡᠨ ᠴᠡᠷᠢᠭ ᠢ᠋ᠶ᠋ᠡᠨ ᠴᠤᠭᠠᠷ ᠭᠠᠷᠭᠠᠵᠤ ᠡᠭᠡᠵᠦ ᠭᠡᠳᠡᠷᠭᠦ ᠠᠯᠠᠨ ᠢᠷᠡᠲᠡᠯ᠎ᠡ ᠪᠠᠰᠠ ᠭᠡᠨᠡᠳᠲᠡ ᠴᠡᠷᠢᠭ ᠦ᠋ᠨ ᠬᠡᠩᠭᠡᠷᠭᠡ ᠶ᠋ᠢᠨ ᠳᠠᠭᠤᠨ ᠶᠡᠬᠡᠯ᠎ᠡ ᠳᠠᠭᠤᠷᠢᠰᠴᠤ ᠮᠤᠬᠤᠯᠢ ᠶ᠋ᠢᠨ ᠨᠢᠭᠡᠨ ᠠᠩᠭᠢ ᠳᠡᠢᠯᠦᠭᠰᠡᠨ ᠴᠡᠷᠢᠭ ᠠᠷᠤ ᠶ᠋ᠢᠨ ᠬᠣᠢᠨ᠎ᠠ ᠠ᠋ᠴᠠ ᠠᠯᠠᠨ ᠬᠦᠷᠴᠦ ᠢᠷᠡᠭᠡᠳ ᠰᠡᠴᠡᠨ ᠪᠥᠬᠡ ᠶ᠋ᠢ ᠳᠤᠮᠳᠠ ᠪᠠᠨ ᠲᠥᠭᠥᠷᠢᠭᠯᠡᠨ ᠬᠠᠭᠠᠵᠤ ᠠᠪᠤᠪᠠ᠃ ᠲᠡᠷᠡ ᠦᠶ᠎ᠡ ᠳ᠋ᠦ᠍ᠷ ᠲᠠᠢᠽᠦ ᠶ᠋ᠢᠨ ᠴᠡᠷᠢᠭ ᠶᠡᠬᠡᠯ᠎ᠡ ᠰᠠᠮᠠᠭᠤᠷᠠᠵᠤ᠂ ᠡᠵᠡᠨ ᠲᠦᠰᠢᠮᠡᠯ ᠬᠠᠷᠢᠯᠴᠠᠨ ᠬᠠᠢᠬᠤᠷᠤᠨ ᠴᠢᠳᠠᠬᠤ ᠦᠭᠡᠢ ᠪᠣᠯᠵᠤ ᠪᠤᠭᠤᠷᠵᠢ᠂ ᠵᠠᠯᠮ᠎ᠠ ᠲᠠᠨ ᠬᠣᠢᠨ᠎ᠠ ᠬᠠᠢᠭᠤᠯᠯᠠᠵᠤ ᠶᠠᠪᠤᠬᠤᠶ᠎ᠠ᠂ ᠡᠮᠦᠨ᠎ᠡ ᠴᠡᠷᠢᠭ ᠰᠠᠮᠠᠭᠤᠷᠠᠵᠤ ᠶᠡᠬᠡ ᠴᠡᠷᠢᠭ ᠵᠣᠭᠰᠣᠭᠰᠠᠨ ᠢ᠋ ᠦᠵᠡᠭᠡᠳ ᠪᠤᠭᠤᠷᠵᠢ ᠮᠣᠷᠢ ᠪᠠᠨ ᠤᠬᠤᠰᠬᠢᠨ ᠲᠠᠰᠢᠭᠤᠷᠳᠠᠵᠤ ᠳᠤᠮᠳᠠᠳᠤ ᠴᠡᠷᠢᠭ ᠲᠦ᠍ ᠢᠷᠡᠵᠦ ᠦᠵᠡᠪᠡᠰᠦ ᠲᠠᠢᠽᠦ ᠦᠭᠡᠢ ᠲᠤᠯᠠ ᠶᠠᠭᠠᠷᠠᠨ ᠡᠮᠦᠨᠡᠲᠦ ᠴᠡᠷᠢᠭ ᠲᠦ᠍ᠷ ᠢᠷᠡᠪᠡᠰᠦ ᠪᠤᠭᠤᠷᠤᠯ ᠬᠠᠷᠠᠬᠠᠨ ᠯᠠᠢᠬᠠᠳ ᠤ᠋ᠨ ᠡᠭᠡᠵᠦ ᠠᠯᠠᠬᠤ ᠬᠡᠳᠦᠨ ᠵᠠᠭᠤᠨ ᠴᠡᠷᠢᠭ ᠯᠦ᠍ᠭᠡ ᠲᠤᠯᠵᠤ ᠠᠯᠠᠯᠳᠤᠮᠤᠢ᠂ ᠯᠠᠢᠬᠠᠳ ᠤ᠋ᠨ ᠴᠡᠷᠢᠭ ᠭᠣᠣ ᠳ᠋ᠤᠷ ᠤᠨᠠᠭᠰᠠᠨ ᠴᠡᠷᠢᠭ ᠦ᠋ᠨ ᠳᠡᠭᠡᠷ᠎ᠡ ᠡᠴᠡ ᠬᠠᠷᠪᠤᠬᠤ ᠠᠨᠤ ᠪᠣᠷᠣᠭᠠᠨ ᠣᠷᠣᠬᠤ ᠮᠡᠲᠦ᠃ ᠪᠤᠭᠤᠷᠵᠢ ᠶᠡᠬᠡ ᠳᠠᠭᠤᠨ ᠢ᠋ᠶ᠋ᠠᠷ ᠠᠰᠠᠭᠤᠷᠤᠨ᠄ 《ᠪᠤᠭᠤᠷᠤᠯ ᠠᠬᠠᠢ᠂ ᠡᠵᠡᠨ ᠢ᠋ ᠦᠵᠡᠪᠡᠦ ? 》 ᠪᠤᠭᠤᠷᠤᠯ ᠠᠯᠠᠯᠳᠤᠬᠤ ᠪᠥᠭᠡᠳ ᠨᠢᠭᠡᠨᠲᠡᠭᠡᠭᠦᠷ ᠥᠭᠦᠯᠡᠷᠦᠨ᠄ 《ᠯᠠᠪ ᠴᠢᠨᠠᠳᠤᠰ ᠤ᠋ᠨ ᠴᠡᠷᠢᠭ ᠲᠦ᠍ ᠣᠷᠣᠭᠰᠠᠨ ᠪᠣᠢ ‍ᠢ᠎ᠡ ! 》 ᠪᠤᠭᠤᠷᠵᠢ ᠳᠠᠷᠤᠢ ᠮᠣᠷᠢ ᠪᠠᠨ ᠬᠡᠢᠰᠬᠡᠨ ᠲᠠᠯᠪᠢᠵᠤ᠂ ᠳ᠋ᠠᠮ ᠢᠯᠳᠦ ᠪᠡᠨ ᠪᠥᠵᠢᠭᠯᠡᠨ ᠴᠢᠨᠠᠳᠤ ᠴᠡᠷᠢᠭ ᠲᠦ᠍ᠷ ᠴᠢᠰᠤᠨ ᠵᠠᠮ ᠭᠠᠷᠭᠠᠨ ᠣᠷᠣᠵᠤ ᠢᠷᠡᠬᠦᠢ ᠳ᠋ᠦ᠍ᠷ ᠭᠣᠣ ᠬᠥᠮᠦᠨ ᠢ᠋ᠶ᠋ᠡᠷ ᠳᠦᠭᠦᠷᠦᠭᠰᠡᠨ ᠲᠤᠯᠠ ᠳᠡᠭᠡᠭᠦᠷ ᠢᠨᠦ ᠬᠠᠷᠠᠢᠯᠭᠠᠨ ᠭᠠᠷᠴᠤ ᠬᠣᠶᠠᠷ ᠴᠡᠷᠢᠭ ᠵᠢᠭᠤᠷᠠᠯᠳᠤᠨ ᠪᠠᠢᠯᠳᠤᠬᠤ ᠭᠠᠵᠠᠷ ᠲᠤᠷ ᠰᠢᠪᠲᠤᠯᠤᠨ ᠣᠷᠣᠵᠤ᠂ ᠡᠷᠢᠨ ᠢᠷᠠᠪᠠᠰᠤ ᠨᠢᠭᠤᠷ ᠡᠰᠡᠷᠭᠦ ᠨᠢᠭᠡᠨ ᠵᠠᠩᠵᠤᠨ ᠤ᠋ ᠢᠷᠡᠬᠦᠢ ᠳ᠋ᠦ᠍ᠷ ᠤᠴᠠᠷᠠᠵᠤ᠂ ᠵᠢᠳᠠ ᠢᠯᠳᠦ ᠬᠠᠷᠴᠢᠭᠢᠨᠠᠨ ᠭᠠᠯ ᠳᠤᠸᠠᠯᠠᠰ ᠬᠢᠵᠦ ᠭᠢᠯᠪᠡᠯᠵᠡᠮᠦᠢ᠃ ᠲᠡᠷᠡ ᠥᠨᠳᠥᠷ ᠳᠠᠭᠤᠨ ᠢ᠋ᠶ᠋ᠠᠷ ᠠᠰᠠᠭᠤᠷᠤᠨ᠄ 《ᠠᠪᠤᠭᠠᠢ ᠬᠠᠮᠢᠭᠠᠰᠢ ᠡᠴᠢᠮᠦᠢ ? 》 ᠪᠤᠭᠤᠷᠵᠢ ᠳᠠᠭᠤᠨ ᠤ᠋ ᠠᠶᠠᠯᠭᠤ ᠶ᠋ᠢ ᠲᠠᠨᠢᠵᠤ ᠯᠠᠪᠯᠠᠨ ᠦᠵᠡᠪᠡᠰᠦ ᠪᠤᠰᠤᠳ ᠪᠤᠰᠤ ᠵᠡᠪᠡ ᠠᠵᠤᠭᠤ᠃ ᠲᠡᠳᠦᠢ ᠡᠵᠡᠨ ᠢ᠋ ᠠᠰᠠᠭᠤᠪᠠᠰᠤ ᠵᠡᠪᠡ ᠥᠭᠦᠯᠡᠷᠦᠨ᠄ 《ᠪᠢᠳᠡ ᠡᠨᠳᠡ ᠰᠡᠴᠡᠨ ᠪᠥᠬᠡ ᠶ᠋ᠢ ᠬᠠᠭᠠᠵᠤ ᠠᠯᠠᠯᠳᠤᠮᠤᠢ᠂ ᠡᠵᠡᠨ ᠡᠨᠡᠲᠡᠭᠡ ᠢᠷᠡᠭᠰᠡᠨ ᠦᠭᠡᠢ ! 》ᠬᠡᠮᠡᠭᠰᠡᠨ ᠳ᠋ᠦ᠍ᠷ ᠪᠤᠭᠤᠷᠵᠢ ᠪᠠᠰᠠ ᠵᠠᠮ ᠭᠠᠷᠭᠠᠨ ᠠᠯᠠᠵᠤ ᠬᠣᠢᠰᠢ ᠡᠭᠡᠵᠦ ᠳᠣᠪᠲᠣᠯᠤᠮᠤᠢ᠃ ᠡᠪᠦᠯ ᠦ᠋ᠨ ᠡᠳᠦᠷ ᠮᠠᠰᠢ ᠣᠬᠣᠷ ᠤ᠋ᠨ ᠳᠡᠭᠡᠷ᠎ᠡ ᠪᠠᠰᠠ ᠶᠡᠬᠡᠯ᠎ᠡ ᠡᠭᠦᠯᠡ ᠲᠡᠢ ᠴᠠᠰᠤ ᠲᠠᠢ ᠰᠠᠯᠬᠢᠨ ᠰᠢᠭᠤᠷᠭᠠᠨ ᠤ᠋ ᠶᠡᠬᠡ ᠳ᠋ᠦ᠍ᠷ ᠨᠠᠷᠠᠨ ᠪᠠᠰᠠ ᠣᠷᠣᠢᠲᠠᠵᠤ᠂ ᠡᠭᠦᠯᠡᠨ ᠦ᠌ ᠵᠤᠵᠠᠭᠠᠨ ᠳ᠋ᠤᠷ ᠪᠦᠷᠦᠭ ᠪᠠᠷᠤᠭ ᠪᠣᠯᠤᠨ ᠡᠭᠦᠰᠬᠡᠭᠰᠡᠨ ᠳ᠋ᠦ᠍ᠷ ᠪᠣᠭᠤᠷᠵᠢ ᠶᠡᠬᠡᠯ᠎ᠡ ᠴᠢᠬᠤᠯᠳᠠᠨ᠂ ᠪᠠᠰᠠ ᠭᠣᠣ ᠶ᠋ᠢ ᠬᠠᠷᠠᠢᠯᠭᠠᠨ ᠭᠠᠷᠴᠤ ᠢᠷᠡᠪᠡᠰᠦ ᠥᠪᠡᠷ ᠦ᠋ᠨ ᠴᠡᠷᠢᠭ ᠦ᠋ᠨ ᠳᠣᠲᠣᠷ᠎ᠠ ᠡᠵᠡᠨ ᠬᠠᠮᠢᠭ᠎ᠠ ᠪᠣᠢ ᠭᠡᠮᠡᠨ ᠪᠠᠷᠬᠢᠷᠠᠯᠴᠠᠬᠤ ᠳᠠᠭᠤᠨ ᠵᠠᠯᠭᠠᠯᠳᠤᠵᠤ ᠳᠥᠷᠪᠡᠨ ᠵᠦᠭ ᠬᠠᠰᠬᠢᠷᠤᠯᠳᠤᠬᠤ ᠳᠠᠭᠤᠨ ᠲᠡᠭᠷᠢ ᠳ᠋ᠦ᠍ᠷ ᠲᠤᠯᠵᠤ᠂ ᠬᠥᠮᠦᠨ ᠦ᠌ ᠲᠣᠯᠣᠭᠠᠢ ᠮᠣᠷᠢᠨ ᠤ᠋ ᠬᠥᠯ ᠦ᠋ᠨ ᠳᠣᠣᠷ᠎ᠠ ᠥᠩᠬᠥᠷᠢᠯᠳᠦᠮᠦᠢ᠃ 
      ᠲᠠᠢᠽᠦ ᠶ᠋ᠢᠨ ᠬᠠᠮᠢᠭᠠᠰᠢ ᠪᠣᠯᠤᠭᠰᠠᠨ ᠢ᠋ ᠮᠡᠳᠡᠰᠦᠭᠡᠢ ᠬᠡᠮᠡᠪᠡᠰᠦ ᠲᠠᠯᠪᠢᠯ ᠦᠭᠡᠢ ᠳᠣᠣᠷᠠᠲᠤ ᠪᠦᠯᠦᠭ ᠲᠣᠷ ᠲᠦᠷᠭᠡᠨ᠎ᠡ ᠦᠵᠡᠭᠳᠡᠬᠦᠢ ᠃ 

 ᠴᠣᠬᠣᠯᠠᠭᠰᠠᠨ ᠠᠨᠤ 
      ᠡᠨᠡ ᠪᠦᠯᠦᠭ ᠲᠣᠷ ᠲᠠᠢᠽᠦ ᠶ᠋ᠢᠨ ᠪᠣᠭᠳᠠ ᠬᠥᠮᠦᠨ ᠦ᠌ ᠲᠥᠷᠥᠯᠬᠢ ᠭᠡᠭᠡᠬᠡᠨ ᠮᠠᠲᠠᠯ ᠪᠠ ᠲᠡᠭᠷᠢ ᠶ᠋ᠢᠨ ᠬᠥᠪᠡᠭᠦᠨ ᠮᠠᠭᠠᠳ ᠮᠥᠨ ᠠᠨᠤ ᠢᠯᠡᠷᠡᠵᠦᠬᠦᠢ᠃ ᠡᠷᠲᠡ ᠱᠠᠩ ᠤᠯᠤᠰ ᠤ᠋ᠨ ᠦᠶ᠎ᠡ ᠳ᠋ᠦ᠍ᠷ ᠪᠠᠷᠠᠭᠤᠨ ᠤ᠋ ᠪᠡᠢᠯᠡ ᠱᠢ ᠪᠠ ᠾᠧᠦ᠂ ᠵᠢᠢ ᠴᠠᠩ ᠸᠠᠩ ᠪᠣᠯᠬᠤᠢ ᠶ᠋ᠢᠨ ᠤᠷᠢᠳᠠ ᠱᠠᠩ ᠤᠯᠤᠰ ᠲᠤᠷ ᠳᠠᠭᠤᠳᠠᠭᠳᠠᠨ ᠡᠴᠢᠬᠦᠶ᠎ᠡ ᠵᠠᠮ ᠳ᠋ᠤᠷ ᠶᠠᠨ ᠱᠠᠨ ᠠᠭᠤᠯᠠ ᠪᠠᠷ ᠥᠩᠭᠡᠷᠡᠬᠦᠢ ᠳ᠋ᠦ᠍ᠷ ᠠᠭᠤᠯᠠᠨ ᠤ᠋ ᠳᠣᠣᠷ᠎ᠠ ᠬᠦᠷᠴᠦ ᠨᠠᠷᠠᠨ ᠲᠣᠪ ᠲᠤᠩᠭᠠᠯᠠᠭ ᠰᠠᠢᠬᠠᠨ ᠭᠠᠷᠴᠤ ᠪᠠᠢᠲᠠᠯ᠎ᠠ ᠭᠦᠨ ᠬᠤᠯᠤᠰᠤᠨ ᠰᠢᠷᠣᠢ ᠶ᠋ᠢᠨ ᠲᠢᠩᠬᠢᠮ ᠳ᠋ᠦ᠍ᠷ ᠵᠢᠭ᠍ᠰᠠᠭᠠᠯ ᠵᠣᠭᠰᠣᠵᠤ ᠪᠣᠷᠣᠭᠠᠨ ᠳᠠᠯᠳᠠᠯᠠᠮᠤᠢ ᠬᠡᠮᠡᠭᠰᠡᠨ ᠳ᠋ᠦ᠍ᠷ ᠰᠢᠳᠠᠷ ᠠᠷᠠᠳ ᠤᠴᠢᠷ ᠢ᠋ ᠠᠰᠠᠭᠤᠭᠰᠠᠨ᠎ᠠ᠂ ᠸᠸᠨ ᠸᠠᠩ ᠤ᠋ᠨ ᠬᠡᠯᠡᠭᠰᠡᠨ ᠢᠨᠦ ᠂ ᠡᠨᠡ ᠡᠳᠦᠷ ᠬᠥᠬᠡᠭᠴᠢᠨ ᠮᠣᠭᠠᠢ ᠲᠣᠬᠢᠶᠠᠯᠳᠤᠵᠤ ᠰᠢᠷᠬᠠᠴᠢᠨ ᠲᠠᠤᠯᠠᠢ ᠴᠠᠭ ᠲᠤᠷ ᠯᠠᠪ  ᠶᠡᠬᠡ ᠰᠠᠯᠬᠢᠨ ᠲᠣᠭᠰᠢᠨ ᠬᠤᠷ᠎ᠠ᠂ ᠠᠶᠤᠩᠭ᠎ᠠ ᠴᠠᠬᠢᠯᠭᠠᠨ ᠳᠠᠭᠤᠷᠢᠰᠴᠤ ᠡᠨᠡ ᠭᠠᠵᠠᠷ ᠠ᠋ᠴᠠ ᠶᠢᠷᠲᠢᠨᠴᠦ ᠶ᠋ᠢ ᠡᠯᠰᠡᠬᠦ ᠪᠠᠭᠠᠲᠤᠷ ᠬᠦᠴᠦᠲᠡᠨ ᠭᠠᠷᠤᠮᠠᠢ ᠬᠡᠮᠡᠲᠡᠯ᠎ᠡ ᠤᠳᠠᠭᠰᠠᠨ ᠦᠭᠡᠢ ᠦᠨᠡᠬᠡᠷ ᠬᠠᠷ᠎ᠠ ᠡᠭᠦᠯᠡ ᠪᠦᠷᠬᠦᠨ ᠳᠣᠭᠰᠢᠨ ᠬᠤᠷ᠎ᠠ ᠠᠶᠤᠮᠰᠢᠭ᠍ᠲᠤ ᠰᠠᠯᠬᠢᠨ ᠳᠡᠭᠳᠡᠵᠦ ᠶᠡᠬᠡᠯ᠎ᠡ ᠠᠶᠤᠩᠭᠠᠯᠠᠵᠤ ᠬᠠᠭᠤᠴᠢᠨ ᠬᠡᠭᠦᠷ ᠡᠴᠡ ᠯᠧᠢ ᠵᠸᠨ ᠽᠢ ᠶ᠋ᠢ ᠣᠯᠤᠭᠰᠠᠨ ᠪᠥᠯᠥᠭᠡ᠃ ᠡᠭᠦᠨ ᠢ᠋ ᠬᠠᠷᠠᠬᠠᠨ ᠭᠠᠢᠬᠠᠵᠤ ᠪᠥᠬᠥᠶ᠎ᠡ᠂ ᠤᠷᠢᠳᠤ ᠪᠦᠯᠦᠭ ᠲᠣᠷ ᠲᠠᠢᠽᠦ ᠪᠡᠷᠬᠡ ᠬᠠᠪᠴᠢᠯ ᠢ᠋ ᠦᠵᠡᠮᠡᠭᠴᠡ ᠬᠤᠯᠠᠭᠠᠢ ᠪᠠᠢᠬᠤ ᠶ᠋ᠢ ᠮᠡᠳᠡᠭᠰᠡᠨ ᠢᠨᠦ ᠦᠨᠡᠬᠡᠷ ᠡᠯ᠎ᠡ ᠪᠣᠭᠳᠠ ᠬᠥᠮᠦᠨ ᠪᠦᠬᠦᠨ᠎ᠡ ᠡᠷᠬᠡᠪᠰᠢ ᠤᠷᠢᠳᠠᠰᠠ ᠮᠡᠳᠡᠬᠦ ᠨᠢᠭᠡᠨ ᠵᠦᠢᠯ ᠦ᠋ᠨ ᠭᠡᠭᠡᠬᠡᠨ ᠲᠣᠳᠣᠷᠬᠠᠢ ᠲᠡᠢᠨ ᠮᠠᠲᠠᠯ ᠪᠠᠢᠬᠤ ᠶ᠋ᠢ ᠣᠯᠵᠤ ᠮᠡᠳᠡᠪᠡᠢ᠃ ᠨᠢᠭᠡᠨ ᠵᠦᠢᠯ᠂ ᠡᠷᠲᠡᠨ ᠦ᠌ ᠭᠤᠷᠪᠠᠨ ᠤᠯᠤᠰ ᠤ᠋ᠨ ᠯᠢᠦ ᠪᠧᠢ᠂ ᠸᠧᠢ ᠤᠯᠤᠰ ᠲᠤᠷ ᠨᠡᠬᠡᠭᠳᠡᠵᠦ ᠦᠬᠦᠬᠦᠢ ᠳ᠋ᠦ᠍ᠷ ᠬᠦᠷᠴᠦ ᠨᠢᠯᠪᠤᠰᠤᠨ ᠳᠤᠰᠤᠯᠳᠤ ᠮᠣᠷᠢ ᠪᠠᠷ ᠲᠠᠨ ᠰᠢ ᠭᠣᠣᠯ ᠢ᠋ ᠬᠠᠷᠠᠢᠯᠭᠠᠨ ᠭᠠᠷᠤᠭᠰᠠᠨ ᠢ᠋ ᠲᠡᠭᠷᠢ ᠶ᠋ᠢᠨ ᠢᠪᠡᠭᠡᠯ ᠭᠡᠮᠡᠨ ᠰᠡᠳᠬᠢᠬᠦᠶ᠎ᠡ᠂ ᠡᠨᠡ ᠪᠦᠯᠦᠭ ᠲᠣᠷ ᠲᠠᠢᠽᠦ ᠪᠠᠰᠠ ᠪᠡᠷᠬᠡ ᠬᠠᠪᠴᠢᠯ ᠳ᠋ᠤᠷ ᠬᠠᠭᠠᠭᠳᠠᠭᠰᠠᠨ᠎ᠠ ᠵᠢᠷᠭᠤᠭᠠᠨ ᠰᠠᠢᠳ ᠤ᠋ᠨ ᠬᠦᠴᠦᠯᠡᠨ ᠭᠠᠷᠭᠠᠭᠰᠠᠨ ᠠᠨᠤ ᠦᠨᠡᠬᠡᠷ ᠲᠡᠭᠷᠢ ᠰᠠᠬᠢᠭᠤᠯᠰᠤᠨ ᠲᠡᠭᠷᠢ ᠶ᠋ᠢᠨ ᠬᠥᠪᠡᠭᠦᠨ ᠢ᠋ ᠨᠡᠬᠡᠯᠴᠡᠨ ᠬᠠᠮᠠᠭᠠᠯᠠᠬᠤ ᠶ᠋ᠢ ᠳᠣᠲᠣᠷᠬᠠᠶ᠎ᠠ ᠮᠡᠳᠡᠪᠡᠢ᠃ ᠨᠢᠭᠡᠨ ᠵᠦᠢᠯ᠂ ᠡᠷᠲᠡᠨ ᠦ᠌ ᠡᠴᠢᠭᠡ ᠠᠬ᠎ᠠ ᠶ᠋ᠢᠨ ᠥᠰᠢᠶ᠎ᠡ ᠶ᠋ᠢ ᠠᠮᠲᠠᠳᠠᠶ᠎ᠠ ᠠᠪᠴᠤ ᠴᠢᠳᠠᠭᠰᠠᠨ ᠠᠨᠤ ᠵᠧᠦ ᠤᠯᠤᠰ ᠤ᠋ᠨ ᠡᠦ ᠸᠠᠩ ᠶ᠋ᠢᠢ ᠹᠠ ᠪᠣᠯᠠᠢ᠂ ᠳᠡᠰᠯᠡᠪᠡᠰᠦ ᠳᠠᠷᠤᠢ ᠡᠨᠡ ᠮᠣᠩᠭᠣᠯ ᠤᠯᠤᠰ ᠤ᠋ᠨ ᠲᠠᠢᠽᠦ ᠲᠡᠮᠦᠵᠢᠨ ᠪᠣᠢ ‍ᠢ᠎ᠡ᠃ ᠲᠡᠭᠦᠨᠴᠡ ᠪᠠᠰᠠ ᠡᠴᠢᠭᠡ ᠶ᠋ᠢᠨ ᠥᠰᠢᠶ᠎ᠡ ᠶ᠋ᠢ ᠡᠨᠡ ᠮᠡᠲᠦ ᠠᠮᠲᠠᠳᠠᠶ᠎ᠠ ᠠᠪᠴᠤ ᠴᠢᠳᠠᠭᠰᠠᠨ ᠠᠨᠤ ᠠᠳᠠᠪᠠᠰᠢ ᠬᠡᠳᠦ ᠭᠠᠷᠪᠠ ?  ᠨᠢᠭᠡᠨ ᠵᠦᠢᠯ᠂ ᠪᠤᠭᠤᠷᠵᠢ ᠤᠷᠤᠭ᠍ᠰᠢ ᠪᠠᠢᠯᠳᠤᠨ ᠪᠥᠭᠡᠳ ᠬᠣᠢᠰᠢ ᠬᠠᠨᠳᠤᠵᠤ ᠬᠠᠷᠠᠭᠠᠯᠵᠠᠬᠤ ᠠᠨᠤ ᠮᠠᠰᠢ ᠰᠢᠳᠤᠷᠭᠤ ᠬᠡᠮᠡᠬᠦᠯ᠎ᠡ ᠵᠠᠯᠠᠮ᠎ᠠ ᠶ᠋ᠢᠨ ᠲᠦᠮᠡᠨ ᠵᠡᠪᠡ ᠳ᠋ᠦ᠍ᠷ ᠰᠢᠷᠭᠤᠯᠤᠨ ᠣᠷᠣᠵᠤ ᠬᠠᠷ᠎ᠠ ᠳᠡᠰ ᠦ᠋ᠨ ᠲᠤᠭ ᠢ᠋ ᠡᠰᠡ ᠴᠠᠪᠴᠢᠭ᠍ᠰᠠᠨ ᠪᠥᠭᠡᠰᠦ ᠬᠡᠳᠦᠢ ᠴᠦ ᠪᠠ ᠸᠠᠩ ᠰᠢᠶᠠᠩ ᠢᠦᠢ ᠪᠣᠯᠪᠠᠴᠤ ᠲᠠᠢᠽᠦ ᠶ᠋ᠢ ᠬᠡᠷᠬᠢᠨ ᠠᠪᠤᠨ ᠭᠠᠷᠴᠤ ᠴᠢᠳᠠᠬᠤ ᠠᠵᠢ ! ᠡᠨᠡ ᠢᠨᠦ ᠵᠠᠯᠮ᠎ᠠ ᠶ᠋ᠢᠨ ᠮᠠᠰᠢ ᠣᠨᠣᠴᠢᠲᠠᠢ ᠲᠤᠢᠯ ᠤ᠋ᠨ ᠮᠡᠷᠭᠡᠨ ᠭᠡᠭᠡᠬᠡᠨ ᠬᠤᠷᠴᠠ ᠰᠢᠳᠤᠷᠭᠤ ᠭᠠᠵᠠᠷ ᠪᠣᠯᠠᠢ᠃ ᠡᠨᠡ ᠮᠡᠲᠦ ᠵᠢᠳᠬᠦᠭᠰᠡᠨ ᠢ᠋ᠶ᠋ᠡᠷ ᠲᠡᠭᠦᠨ ᠦ᠌ ᠦᠷᠡᠰ ᠳᠥᠷᠪᠡᠨ ᠬᠣᠰᠢᠭᠤ ᠲᠠᠪᠤᠨᠠᠩ ᠦᠶ᠎ᠡ ᠤᠯᠠᠷᠢᠨ ᠪᠣᠭᠳᠠ ᠴᠢᠩᠭᠢᠰ ᠦ᠋ᠨ ᠵᠠᠷᠯᠢᠭ ᠢ᠋ᠶ᠋ᠠᠷ ᠪᠣᠭᠳᠠ ᠶ᠋ᠢᠨ ᠦᠷᠡᠰ ᠯᠦ᠍ᠭᠡ ᠳᠠᠩ ᠰᠠᠴᠠᠭᠤ ᠶᠠᠪᠤᠬᠤ ᠪᠣᠯᠠᠢ᠃ ᠲᠡᠢᠨ ᠬᠦ᠌ ᠡᠨᠡ ᠬᠡᠮᠡᠭᠴᠢ ᠲᠦᠮᠡᠨ ᠦᠶ᠎ᠡ ᠦᠯᠦ ᠢᠯᠵᠠᠷᠠᠮᠤᠢ ᠬᠡᠮᠡᠭᠴᠢ ᠡᠨᠡ ᠪᠣᠯᠠᠢ᠃ ᠨᠢᠭᠡᠨ ᠵᠦᠢᠯ᠂ ᠡᠷᠲᠡ ᠯᠢᠦ ᠪᠧᠢ ᠳ᠋ᠠᠩ ᠶᠠᠩ ᠤ᠋ᠨ ᠭᠠᠵᠠᠷ ᠶᠡᠬᠡᠯ᠎ᠡ ᠳᠠᠷᠤᠭᠳᠠᠭᠰᠠᠨ᠎ᠠ ᠵᠣᠣ ᠶᠦᠨ ᠬᠥᠪᠡᠭᠦᠨ ᠢ᠋ ᠢᠨᠦ ᠡᠪᠦᠷᠯᠡᠵᠦ ᠬᠦᠷᠴᠦ ᠢᠷᠡᠭᠰᠡᠨ ᠳ᠋ᠦ᠍ᠷ ᠬᠠᠲᠤᠳ ᠢ᠋ᠶ᠋ᠠᠨ ᠣᠭᠲᠣ ᠠᠰᠠᠭᠤᠬᠤ ᠦᠭᠡᠢ ᠪᠥᠭᠡᠳ ᠬᠥᠪᠡᠭᠦᠨ ᠢ᠋ᠶ᠋ᠡᠨ ᠴᠣᠬᠢᠵᠤ᠂ ᠵᠣᠣ ᠶᠦᠨ ᠦ᠌ ᠭᠠᠷ ᠠ᠋ᠴᠠ ᠪᠠᠷᠢᠵᠤ ᠤᠬᠢᠯᠠᠭᠰᠠᠨ᠂ ᠬᠠᠭᠤᠷᠮᠠᠭ ᠮᠡᠬᠡ ᠪᠣᠯᠪᠠᠤ ᠭᠡᠮᠡᠨ ᠰᠡᠳᠬᠢᠬᠦᠶ᠎ᠡ᠂ ᠡᠨᠡ ᠪᠦᠯᠦᠭ ᠲᠣᠷ ᠲᠠᠢᠽᠦ ᠠᠬᠠᠮᠠᠳ ᠬᠥᠪᠡᠭᠦᠨ ᠲᠡᠢ ᠪᠣᠯᠤᠭᠠᠳ ᠣᠭᠲᠣ ᠬᠡᠷᠡᠭᠰᠡᠬᠦ ᠦᠭᠡᠢ ᠪᠡᠷ ᠤᠷᠢᠳᠠ ᠵᠢᠷᠭᠤᠭᠠᠨ ᠰᠠᠢᠳ ᠢ᠋ᠶ᠋ᠠᠨ ᠰᠠᠢᠰᠢᠶᠠᠨ ᠮᠠᠭᠲᠠᠵᠤ ᠬᠤᠷᠢᠮᠯᠠᠭᠰᠠᠨ ᠠᠨᠤ ᠡᠯ᠎ᠡ ᠤᠯᠤᠰ ᠪᠦᠲᠦᠭᠡᠬᠦ ᠬᠠᠳ ᠡᠵᠡᠳ ᠪᠦᠬᠦᠨ ᠦ᠌ ᠰᠠᠨᠠᠭ᠎ᠠ ᠰᠡᠳᠬᠢᠯ ᠶᠠᠷᠠᠭᠳᠠᠭᠠᠨ ᠡᠨᠡ ᠮᠡᠲᠦ ᠪᠢᠰᠢᠷᠡᠯᠲᠡᠢ ᠬᠦᠨᠳᠦᠯᠡᠯ ᠲᠡᠢ ᠢᠨᠦ ᠡᠨᠡ ᠪᠤᠶᠤ᠃ ᠨᠢᠭᠡᠨ ᠵᠦᠢᠯ᠂ ᠲᠠᠢᠽᠦ ᠶ᠋ᠢᠨ ᠮᠡᠭᠡᠵᠢᠨ ᠰᠡᠭᠡᠷ ᠢ᠋ ᠠᠯᠲᠠᠨ ᠤᠯᠤᠰ ᠤ᠋ᠨ ᠴᠡᠷᠢᠭ ᠬᠥᠭᠡᠭᠡᠵᠦ ᠠᠢᠰᠤᠢ ᠭᠡᠮᠡᠨ ᠰᠣᠨᠣᠰᠤᠮᠠᠭᠴᠠ ᠳᠠᠷᠤᠢ ᠴᠡᠷᠢᠭ ᠠᠪᠴᠤ ᠤᠭᠲᠤᠭᠰᠠᠨ ᠠᠨᠤ ᠮᠡᠭᠡᠵᠢᠨ ᠰᠡᠭᠡᠷ ᠢ᠋ ᠡᠷᠬᠢᠯᠡᠭᠰᠡᠨ ᠪᠤᠰᠤ᠂ ᠠᠯᠲᠠᠨ ᠤᠯᠤᠰ ᠢ᠋ ᠰᠡᠵᠢᠭᠯᠡᠭᠰᠡᠨ ᠪᠣᠯᠠᠢ᠃ ᠨᠢᠭᠡᠨ ᠵᠦᠢᠯ᠂ ᠨᠠᠢ᠍ᠮᠠᠨ ᠢ᠋ ᠲᠤᠯᠬᠤ ᠶ᠋ᠢᠨ ᠤᠴᠢᠷ᠂ ᠰᠡᠴᠡᠨ ᠪᠥᠬᠡ ᠶ᠋ᠢ ᠵᠠᠷᠯᠠᠬᠤᠢ ᠳ᠋ᠤᠷ ᠨᠠᠮ ᠢ᠋ᠶ᠋ᠠᠷ ᠠᠷᠭᠠᠳᠠᠨ ᠰᠡᠩᠬᠡᠷᠡᠭᠦᠯᠰᠦᠭᠡᠢ ᠬᠡᠮᠡᠭᠰᠡᠨ ᠢᠨᠦ᠂ ᠲᠦᠮᠡᠨ ᠦᠶ᠎ᠡ ᠶ᠋ᠢᠨ ᠡᠵᠡᠳ ᠪᠣᠯᠤᠭᠴᠢᠳ ᠳᠣᠣᠷᠠᠳᠤᠰ ᠢ᠋ᠶ᠋ᠠᠨ ᠢᠯᠪᠢᠨ ᠲᠡᠵᠢᠭᠡᠭᠰᠡᠳ ᠦ᠋ᠨ ᠲᠤᠢᠯ ᠤ᠋ᠨ ᠡᠨᠡᠷᠢᠯ ᠪᠣᠯᠠᠢ᠃ ᠨᠢᠭᠡᠨ ᠵᠦᠢᠯ᠂ ᠴᠢᠨᠳᠠᠭᠠᠨ᠎ᠠ ᠰᠡᠴᠡᠨ ᠦ᠌ ᠴᠠᠯᠠᠭᠠᠢ ᠲᠠᠩᠬᠠᠢ ᠶ᠋ᠢ ᠲᠠᠢᠽᠦ ᠤᠷᠢᠳᠠᠰᠠ ᠰᠡᠷᠭᠦᠭᠡᠨ ᠵᠠᠬᠢᠭ᠍ᠰᠠᠨ ᠠᠨᠤ ᠮᠡᠷᠭᠡᠨ ᠭᠡᠭᠡᠬᠡᠨ ᠦ᠌ ᠲᠤᠢᠯ ᠦᠨ ᠣᠨᠣᠯ ᠪᠤᠶᠤ᠃ ᠨᠢᠭᠡᠨ ᠵᠦᠢᠯ᠂ ᠰᠡᠴᠡᠨ ᠪᠥᠬᠡ ᠶ᠋ᠢ ᠳᠠᠢᠯᠠᠬᠤ ᠴᠡᠷᠢᠭ ᠬᠥᠳᠡᠯᠭᠦᠢ ᠳ᠋ᠦ᠍ᠷ ᠡᠷᠬᠡᠪᠰᠢ ᠭᠤᠷᠪᠠᠨ ᠪᠤᠷᠤᠭᠤ ᠶ᠋ᠢ ᠲᠣᠭᠠᠴᠢᠭ᠍ᠰᠠᠨ ᠠᠨᠤ᠂ ᠴᠣᠬᠣᠮ ᠨᠡᠢᠭᠡᠮ ᠢ᠋ ᠡᠵᠡᠯᠡᠬᠦ ᠶᠡᠬᠡ ᠶᠣᠰᠣᠲᠤ ᠵᠢᠷᠤᠮ ᠤ᠋ᠨ ᠴᠡᠷᠢᠭ ᠪᠤᠶᠤ᠃ ᠨᠢᠭᠡᠨ ᠵᠦᠢᠯ᠂ ᠮᠤᠬᠤᠯᠢ ᠬᠤᠳᠠᠯᠳᠤᠭᠠᠴᠢᠨ ᠤ᠋ ᠠᠷᠭ᠎ᠠ ᠶ᠋ᠢ ᠬᠡᠷᠡᠭᠯᠡᠭᠰᠡᠨ ᠴᠣᠬᠣᠮ ᠶᠡᠬᠡ ᠴᠡᠷᠢᠭ ᠦ᠋ᠨ ᠡᠭᠡᠬᠦ ᠤᠬᠤᠷᠢᠬᠤ ᠬᠠᠤᠯᠢ ᠪᠤᠶᠤ᠃ ᠨᠢᠭᠡᠨ ᠵᠦᠢᠯ᠂ ᠡᠨᠡ ᠶᠡᠬᠡ ᠴᠠᠰᠤ ᠬᠡᠳᠦᠢ ᠴᠠᠭ ᠤ᠋ᠨ ᠬᠤᠷ᠎ᠠ ᠪᠣᠯᠪᠠᠴᠤ ᠰᠠᠯᠬᠢᠨ ᠰᠢᠭᠤᠷᠭᠠᠨ ᠠᠨᠤ ᠲᠠᠢᠽᠦ ᠶ᠋ᠢ ᠲᠡᠭᠷᠢ ᠬᠠᠮᠠᠭᠠᠯᠠᠭᠰᠠᠨ ᠮᠡᠲᠦ᠂ ᠭᠠᠭᠴᠠ ᠴᠠᠰᠤ ᠪᠣᠯᠤᠭᠠᠳ ᠶᠡᠬᠡ ᠰᠢᠭᠤᠷᠭᠠᠨ ᠦᠭᠡᠢ ᠪᠥᠭᠡᠰᠦ ᠨᠦᠬᠡ ᠳ᠋ᠦ᠍ᠷ ᠰᠢᠯᠵᠢᠭᠰᠡᠨ ᠲᠠᠢᠽᠦ ᠶ᠋ᠢ ᠯᠠᠢᠬᠠᠳ ᠤ᠋ᠨ ᠴᠡᠷᠢᠭ ᠶᠠᠭᠤᠨ ᠤ᠋ ᠰᠤᠯᠠ ᠲᠠᠯᠪᠢᠬᠤ ᠠᠵᠢ᠂ ᠦᠵᠡᠬᠦ ᠮᠡᠷᠭᠡᠳ ᠬᠢᠨᠠᠨ ᠪᠣᠳᠣᠵᠤ ᠳᠠᠬᠢᠨ ᠳᠠᠪᠲᠠᠨ ᠰᠠᠨᠠᠪᠠᠰᠤ ᠵᠣᠬᠢᠮᠤᠢ᠃ ᠡᠳᠡᠭᠡᠷ ᠴᠥᠮ ᠲᠡᠭᠷᠢ ᠶ᠋ᠢᠨ ᠰᠠᠨᠠᠭᠠᠨ ᠪᠣᠭᠳᠠ ᠬᠥᠮᠦᠨ ᠢ᠋ ᠬᠠᠮᠠᠭᠠᠯᠠᠬᠤ ᠶᠡᠬᠡ ᠤᠴᠢᠷ ᠪᠤᠶᠤ᠂ ᠦᠨᠡᠮᠯᠡᠨ ᠰᠡᠳᠬᠢᠪᠡᠰᠦ ᠵᠣᠬᠢᠮᠤᠢ᠃