ᠬᠡᠦᠬᠡᠳ ᠦᠨ ᠢᠷᠦᠭᠡᠯ Хүүхдийн ерөөл
ᠬᠡᠦᠬᠡᠳ ᠦᠨ ᠢᠷᠦᠭᠡᠯ
ᠲᠦᠮᠡᠨ ᠠᠷᠠᠳ ᠤ᠋ᠨ ᠳᠣᠲᠣᠷ᠎ᠠ ᠠ᠋ᠴᠠ
ᠲᠦᠷᠦᠭᠦᠨ ᠦ᠌ ᠨᠢᠭᠡ ᠳ᠋ᠦ᠍ ᠦᠵᠡᠭᠳᠡᠭᠰᠡᠨ
ᠰᠠᠢ ᠠᠷᠠᠳ ᠤ᠋ᠨ ᠳᠣᠲᠣᠷ᠎ᠠ ᠠ᠋ᠴᠠ
ᠰᠠᠢᠨ ᠤ᠋ ᠨᠢᠭᠡ ᠳ᠋ᠦ᠍ ᠲᠣᠭᠣᠭᠳᠠᠭᠰᠠᠨ
ᠬᠠᠯᠠᠭᠤᠨ ᠬᠣᠶᠠᠷ ᠠᠮᠠᠷᠠᠭ ᠤ᠋ᠨ
ᠬᠠᠨᠢᠯᠠᠵᠤ ᠰᠠᠭᠤᠭᠰᠠᠨ ᠨᠢ
ᠽᠠᠮᠪᠤᠲᠢᠪ ᠦ᠋ᠨ ᠵᠠᠩᠰᠢᠯ
ᠵᠠᠮᠯᠢᠩ ᠬᠣᠷᠸ᠎ᠠ ᠶ᠋ᠢᠨ ᠵᠢᠮ᠎ᠡ ᠪᠡᠷ
ᠵᠠᠶᠠᠭ᠎ᠠ ᠵᠠᠮ ᠨᠢ ᠨᠡᠢᠯᠡᠭᠡᠳ
ᠵᠣᠯ ᠮᠥᠷ ᠨᠢ ᠵᠣᠬᠢᠭᠠᠳ
ᠬᠢᠯᠢ ᠰᠢᠳᠠᠷ ᠢ᠋ᠶ᠋ᠠᠷ ᠨᠥᠬᠥᠷᠯᠡᠭᠰᠡᠨ
ᠬᠡᠯᠡ ᠰᠠᠨᠠᠯ ᠨᠢ ᠨᠡᠢᠯᠡᠭᠰᠡᠨ
ᠬᠣᠶᠠᠷ ᠵᠠᠯᠠᠭᠤ ᠬᠣᠭᠣᠷᠣᠨᠳᠣ ᠪᠠᠨ
ᠲᠣᠬᠢᠷᠠᠬᠤ ᠦᠭᠡ ᠪᠡᠨ ᠶᠠᠷᠢᠯᠴᠠᠭᠠᠳ
ᠤᠨᠠᠵᠤ ᠪᠠᠢᠪᠠᠯ ᠪᠣᠰᠬᠠᠵᠤ
ᠤᠨᠲᠠᠵᠤ ᠪᠠᠢᠪᠠᠯ ᠰᠡᠷᠢᠭᠡᠵᠦ
ᠥᠯᠥᠰᠬᠦ ᠳ᠋ᠦ᠍ ᠨᠢ ᠦᠯ ᠪᠣᠯᠬᠣ ᠪᠡᠷ
ᠡᠪᠡᠳᠬᠦ ᠳ᠋ᠦ᠍ ᠨᠢ ᠡᠮ ᠪᠣᠯᠬᠣ ᠪᠡᠷ
ᠡᠯᠳᠡᠪ ᠪᠣᠳᠣᠯ ᠢ᠋ᠶ᠋ᠠᠨ ᠬᠡᠯᠡᠯᠴᠡᠭᠡᠳ
ᠡᠷ᠎ᠡ ᠡᠮ᠎ᠡ ᠪᠣᠯᠤᠯᠴᠠᠵᠠᠢ᠃
ᠲᠡᠭᠡᠭᠡᠳ ᠪᠠᠢᠵᠤ ᠪᠠᠢᠲᠠᠯ᠎ᠠ
ᠲᠡᠳᠦᠢ ᠴᠦ᠍ ᠶᠡᠬᠡ ᠣᠳᠤᠭᠰᠠᠨ ᠦᠭᠡᠢ
ᠠᠮᠠᠷᠠᠭ ᠬᠠᠢᠷᠠᠲᠠᠢ ᠬᠡᠦᠬᠡᠨ ᠨᠢ
ᠠᠯᠲᠠᠨ ᠬᠡᠪᠡᠯᠢ ᠳᠣᠲᠣᠷ᠎ᠠ ᠪᠠᠨ
ᠠᠯᠠᠭ ᠦᠷ᠎ᠡ ᠶ᠋ᠢ ᠣᠯᠤᠭᠠᠳ
ᠬᠡᠨ ᠳ᠋ᠦ᠍ ᠴᠦ᠍ ᠬᠡᠯᠡᠯ ᠦᠭᠡᠢ
ᠲᠠᠪᠤᠨ ᠰᠠᠷ᠎ᠠ ᠪᠣᠯᠵᠤ
ᠬᠡᠨ ᠡᠴᠡ ᠴᠦ᠍ ᠨᠢᠭᠤᠯ ᠦᠭᠡᠢ
ᠲᠠᠪᠤᠨ ᠰᠠᠷ᠎ᠠ ᠲᠡᠭᠡᠭᠡᠬᠦ ᠳ᠋ᠦ᠍ ᠪᠡᠨ
ᠤᠷᠤᠭᠤ ᠭᠠᠵᠠᠷ ᠤᠨᠵᠢᠬᠤ ᠨᠢ ᠶᠡᠬᠡᠲᠡᠵᠦ
ᠥᠭᠡᠳᠡ ᠭᠠᠵᠠᠷ ᠣᠭᠣᠭᠢᠯᠠᠬᠤ ᠨᠢ ᠶᠡᠬᠡᠲᠡᠵᠦ
ᠪᠠᠭ᠎ᠠ ᠵᠢᠭᠠᠬᠠᠨ ᠬᠡᠦᠬᠡᠳ ᠢ᠋
ᠪᠠᠵᠠᠵᠤ ᠡᠪᠡᠳᠴᠦ ᠡᠬᠢᠯᠡᠬᠦ ᠳ᠋ᠦ᠍
ᠡᠮᠨᠡᠯᠭᠡ ᠰᠤᠪᠢᠯᠠᠯ ᠤ᠋ᠨ ᠭᠠᠵᠠᠷ ᠠ᠋ᠴᠠ
ᠲᠦᠷᠭᠡᠨ ᠲᠤᠰᠠᠯᠠᠮᠵᠢ ᠶ᠋ᠢ ᠳᠠᠭᠤᠳᠠᠵᠠᠢ᠃
ᠥᠨᠳᠥᠷ ᠰᠠᠢᠬᠠᠨ ᠨᠢᠷᠤᠭᠤ ᠲᠠᠢ
ᠥᠷᠭᠡᠨ ᠪᠣᠷᠣ ᠴᠢᠷᠠᠢ ᠲᠠᠢ
ᠢᠷᠠᠭᠤ ᠰᠠᠢᠬᠠᠨ ᠬᠣᠭᠣᠯᠠᠢ ᠲᠠᠢ
ᠢᠷᠠᠯᠵᠠᠭᠰᠠᠨ ᠴᠠᠭᠠᠨ ᠰᠢᠲᠦ ᠲᠡᠢ
ᠡᠢᠮᠦ ᠪᠦᠰᠡᠭᠦᠢ ᠡᠮᠴᠢ ᠢᠷᠡᠭᠡᠳ
ᠢᠵᠢ ᠶ᠋ᠢ ᠨᠢ ᠠᠮᠤᠷᠵᠢᠬᠤ ᠳ᠋ᠤ᠌ ᠬᠦᠷᠭᠡᠵᠡᠢ᠃
ᠠᠰᠢᠭᠦᠢ ᠬᠠᠷᠢᠨ ᠲᠡᠭᠡᠲᠡᠯ᠎ᠡ
ᠠᠯᠠᠭ ᠬᠣᠩᠭᠣᠷ ᠦᠷ᠎ᠡ ᠨᠢ
ᠠᠴᠢᠲᠤ ᠡᠬᠡ ᠪᠡᠨ ᠰᠢᠨᠠᠯᠤᠭᠠᠯ ᠦᠭᠡᠢ
ᠶᠣᠣ ᠭᠡᠬᠦ ᠶ᠋ᠢᠨ ᠡᠪᠡᠳᠴᠢᠨ ᠦᠭᠡᠢ
ᠶᠠ ᠭᠡᠬᠦ ᠶ᠋ᠢᠨ ᠵᠣᠪᠠᠯᠠᠩ ᠦᠭᠡᠢ
ᠠᠮᠤᠷ ᠮᠡᠨᠳᠦ ᠲᠥᠷᠦᠵᠢ
ᠠᠨ ᠭᠡᠵᠦ ᠠᠩᠭᠠᠢᠬᠤ ᠳ᠋ᠤ᠌ ᠪᠠᠨ
ᠠ ᠦᠰᠦᠭ ᠢ᠋ᠶ᠋ᠡᠨ ᠡᠬᠢᠯᠡᠵᠦ
ᠡᠩ ᠭᠡᠵᠦ ᠣᠬᠢᠯᠠᠬᠤ ᠳ᠋ᠤ᠌ ᠪᠠᠨ
ᠡᠷᠳᠡᠮ ᠨᠣᠮ ᠢ᠋ᠶ᠋ᠠᠨ ᠵᠥᠩᠨᠡᠵᠦ
ᠡᠵᠢ ᠠᠪᠤ ᠶ᠋ᠢᠨ ᠬᠦᠦ
ᠢᠩᠭᠢᠵᠦ ᠲᠥᠷᠥᠭᠰᠡᠨ ᠪᠢᠯᠡ᠃
ᠬᠡᠪ ᠵᠠᠩᠰᠢᠯ ᠢ᠋ᠶ᠋ᠠᠨ ᠳᠠᠭᠠᠵᠤ
ᠬᠡᠳᠦ ᠬᠣᠨᠣᠭ ᠪᠣᠯᠤᠭᠠᠳ
ᠪᠤᠯᠪᠠᠷᠠᠢ ᠵᠢᠭᠠᠬᠠᠨ ᠬᠦᠦ ᠶ᠋ᠢᠨ ᠢ᠋ᠶ᠋ᠡᠨ
ᠪᠤᠳᠠᠭ᠎ᠠ ᠬᠤᠷᠢᠮ ᠢ᠋ ᠬᠢᠬᠦ ᠪᠡᠷ
ᠪᠤᠶᠠᠨᠲᠠᠢ ᠲᠠ ᠨᠠᠷ ᠢ᠋ ᠴᠤᠭᠯᠠᠭᠤᠯᠤᠭᠠᠳ
ᠰᠠᠶᠢ ᠭᠠᠷᠤᠭᠰᠠᠨ ᠬᠦᠦ ᠶ᠋ᠢᠨ ᠢ᠋ᠶ᠋ᠡᠨ
ᠰᠠᠢᠨ ᠰᠠᠢᠬᠠᠨ ᠢ᠋ ᠢᠷᠦᠭᠡᠵᠦ ᠪᠦᠬᠦᠢ ᠳ᠋ᠦ᠍
ᠡᠷᠳᠡᠨᠢᠲᠦ ᠬᠥᠮᠦᠨ ᠦ᠌ ᠪᠡᠶ᠎ᠡ ᠶ᠋ᠢ ᠣᠯᠤᠭᠰᠠᠨ
ᠡᠨᠡ ᠬᠦᠦ ᠶᠢᠨ ᠢᠶᠡᠨ ᠡᠷᠬᠢᠮ ᠠᠯᠳᠠᠷ ᠢ᠋ ᠳᠠᠭᠤᠷᠢᠰᠬᠠᠶᠠ
ᠡᠷᠬᠢᠮ ᠦ᠋ᠨ ᠳᠡᠭᠡᠳᠦ ᠪᠡᠯᠡᠭ ᠢ᠋
ᠡᠨᠳᠡ ᠰᠣᠨᠣᠰᠬᠠᠨ ᠠᠢᠯᠠᠳᠬᠠᠶ᠎ᠠ
ᠬᠠᠢᠷᠠᠲᠠᠢ ᠬᠦᠦ ᠶ᠋ᠢᠨ ᠮᠠᠨᠢ ᠢᠵᠢᠢ ᠨᠢ
ᠬᠠᠭᠠᠰ ᠢᠳᠡᠵᠦ ᠬᠤᠭᠤᠰ ᠤᠨᠲᠠᠵᠤ
ᠰᠥᠨᠢ ᠳᠤᠮᠳᠠ ᠶ᠋ᠢᠨ ᠬᠢᠷᠢ ᠳ᠋ᠦ᠍
ᠰᠢᠯᠦᠭ ᠨᠣᠢᠷᠠᠨ ᠤ᠋ ᠡᠬᠢᠨ ᠳ᠋ᠦ᠍
ᠰᠡᠭᠦᠳᠡᠷᠲᠦ᠍ ᠭᠡᠷ ᠲᠦ᠍ ᠪᠡᠨ ᠭᠡᠭᠡ ᠪᠠᠷᠢᠵᠤ
ᠰᠦᠨ ᠦ᠌ ᠪᠡᠨ ᠳᠡᠭᠡᠵᠢ ᠶ᠋ᠢ ᠭᠥᠬᠥᠭᠦᠯᠵᠦ
ᠠᠨ ᠭᠡᠵᠦ ᠠᠯᠠᠭ ᠦᠷ᠎ᠡ ᠨᠢ ᠳᠤᠤᠭᠠᠷᠴᠤ
ᠡᠪᠡᠢ ᠡᠪᠡᠢ ᠭᠡᠵᠦ
ᠡᠵᠢ ᠬᠦᠦ ᠬᠣᠶᠠᠷ ᠶᠠᠷᠢᠯᠴᠠᠵᠤ
ᠢᠯᠠᠵᠤ ᠲᠠᠭᠠᠯᠠᠵᠤ ᠡᠬᠡ ᠨᠢ ᠪᠣᠢᠵᠢᠭᠤᠯᠤᠭᠰᠠᠭᠠᠷ
ᠢᠨᠢᠶᠡᠵᠦ ᠲᠣᠷᠨᠢᠵᠤ ᠶᠡᠬᠡ ᠯᠡ ᠬᠥᠭᠡᠷᠦᠬᠦᠨ ᠪᠣᠯᠤᠨ᠎ᠠ ᠳᠠ᠃
ᠬᠣᠶᠠᠷ ᠨᠠᠰᠤ ᠶ᠋ᠢ ᠴᠦ᠍ ᠬᠥᠷᠥᠨ᠎ᠡ ᠳᠡ
ᠬᠣᠩᠭᠣᠷ ᠳᠠᠭᠠᠬᠢ ᠨᠢ ᠴᠦ᠍ ᠤᠷᠭᠤᠨ᠎ᠠ
ᠠᠯᠠᠭ ᠬᠣᠶᠠᠷ ᠨᠢᠳᠦ ᠪᠡᠷ ᠢ᠋ᠶ᠋ᠡᠨ
ᠠᠪᠤ ᠡᠵᠢ ᠪᠡᠨ ᠲᠠᠨᠢᠳᠠᠭ ᠪᠣᠯᠤᠨ᠎ᠠ᠃
ᠴᠠᠬᠢᠭᠤᠷ ᠰᠢᠳᠦ ᠨᠢ ᠴᠦ᠍ ᠤᠷᠭᠤᠨ᠎ᠠ᠃
ᠴᠠᠭ ᠤ᠋ᠨ ᠬᠥᠭᠡᠷᠦᠬᠦᠨ ᠴᠦ᠍ ᠪᠣᠯᠤᠨ᠎ᠠ᠃
ᠤᠰᠤ ᠨᠤᠲᠤᠭ ᠤ᠋ᠨ ᠤᠯᠤᠰ
ᠤᠯᠠᠮ ᠴᠤ᠌ ᠬᠠᠢᠷᠠᠲᠠᠢ ᠪᠣᠯᠤᠨ᠎ᠠ᠃
ᠭᠤᠯᠭᠤᠵᠤ ᠮᠥᠯᠬᠥᠵᠦ ᠶᠠᠪᠤᠭᠰᠠᠨ ᠬᠦᠦ
ᠭᠤᠷᠪᠠᠨ ᠨᠠᠰᠤ ᠶ᠋ᠢ ᠴᠦ᠍ ᠬᠥᠷᠥᠨ᠎ᠡ᠃
ᠪᠠᠭᠠᠴᠠᠭᠠ ᠪᠠᠭᠠᠴᠠᠭᠠ ᠠᠯᠬᠤᠳᠠᠭ ᠴᠤ᠌ ᠪᠣᠯᠤᠨ᠎ᠠ᠃
ᠪᠠᠷᠢᠭᠰᠠᠨ ᠱᠠᠭᠠᠵᠠᠩ ᠢ᠋ ᠪᠡᠨ ᠬᠠᠭᠠᠯᠳᠠᠭ ᠴᠤ᠌ ᠪᠣᠯᠤᠨ᠎ᠠ᠃
ᠪᠠᠢᠭᠰᠠᠨ ᠭᠠᠵᠠᠷ ᠢ᠋ᠶ᠋ᠠᠨ ᠦᠢᠮᠡᠭᠦᠯᠳᠡᠭ ᠴᠦ᠍ ᠪᠣᠯᠤᠨ᠎ᠠ᠃
ᠪᠠᠢᠵᠠᠨᠠᠭᠰᠠᠨ ᠭᠠᠵᠠᠷ ᠢ᠋ᠶ᠋ᠠᠨ ᠲᠦᠢᠪᠡᠭᠡᠳᠡᠭ ᠴᠦ᠍ ᠪᠣᠯᠤᠨ᠎ᠠ᠃
ᠳᠥᠷᠪᠡᠨ ᠨᠠᠰᠤ ᠶ᠋ᠢ ᠴᠦ᠍ ᠬᠥᠷᠥᠨ᠎ᠡ ᠳᠡ᠃
ᠳᠥᠭᠥ ᠰᠠᠭᠠᠬᠠᠯᠲᠠ ᠪᠠᠷ ᠭᠦᠶᠦᠳᠡᠭ ᠴᠦ᠍ ᠪᠣᠯᠤᠨ᠎ᠠ
ᠠᠬᠢᠵᠤ ᠳᠥᠭᠥᠵᠦ ᠲᠠᠪᠤ ᠬᠥᠷᠥᠭᠡᠳ
ᠠᠵᠢᠯ ᠤ᠋ᠨ ᠨᠡᠮᠡᠷᠢ ᠲᠡᠢ ᠴᠦ᠍ ᠪᠣᠯᠤᠨ᠎ᠠ᠃
ᠠᠪᠤ ᠡᠵᠢ ᠳ᠋ᠦ᠍ ᠪᠡᠨ ᠴᠦ᠍ ᠲᠤᠰᠠᠯᠠᠯᠴᠠᠨ᠎ᠠ᠃
ᠠᠬᠢᠭᠠᠳ ᠬᠣᠶᠠᠷ ᠵᠢᠯ ᠪᠣᠯᠬᠤ ᠳ᠋ᠤ᠌
ᠠᠷᠠᠳ ᠤ᠋ᠨ ᠰᠤᠷᠭᠠᠭᠤᠯᠢ ᠳ᠋ᠤ᠌ ᠣᠷᠣᠬᠤ ᠪᠠᠷ
ᠠᠮᠠ ᠴᠠᠭᠠᠨ ᠴᠠᠭᠠᠰᠤᠨ ᠳᠡᠭᠡᠷ᠎ᠡ
ᠠᠯᠳᠠᠷ ᠨᠡᠷ᠎ᠡ ᠪᠡᠨ ᠪᠢᠴᠢᠭᠦᠯᠦᠨ᠎ᠡ᠃
ᠳᠣᠷᠳᠣᠯ ᠦᠭᠡᠢ ᠳᠡᠭᠡᠭᠰᠢᠯᠡᠵᠦ
ᠳᠣᠯᠣᠭᠠᠨ ᠨᠠᠰᠤ ᠶ᠋ᠢ ᠴᠦ᠍ ᠬᠥᠷᠥᠨ᠎ᠡ ᠳᠡ᠃
ᠤᠯᠠᠮ ᠥᠰᠦᠭᠰᠡᠭᠡᠷ ᠨᠠᠢ᠍ᠮᠠ ᠬᠦᠷᠬᠦ ᠳ᠋ᠦ᠍
ᠤᠯᠤᠰ ᠤ᠋ᠨ ᠰᠤᠷᠭᠠᠭᠤᠯᠢ ᠳ᠋ᠤ᠌ ᠡᠯᠰᠡᠨ᠎ᠡ᠃
ᠡᠯᠪᠡᠷᠢᠯᠲᠦ ᠨᠠᠮ ᠤ᠋ᠨ ᠢ᠋ᠶ᠋ᠠᠨ ᠠᠴᠢ ᠪᠠᠷ
ᠡᠨᠡᠷᠢᠯᠲᠦ ᠵᠠᠰᠠᠭ ᠤ᠋ᠨ ᠢ᠋ᠶ᠋ᠠᠨ ᠢᠪᠡᠭᠡᠯ ᠢ᠋ᠶ᠋ᠡᠷ
ᠡᠷᠳᠡᠮᠲᠡᠨ ᠪᠠᠭᠰᠢ ᠶ᠋ᠢᠨ ᠢ᠋ᠶ᠋ᠡᠨ ᠰᠤᠷᠭᠠᠯ ᠢ᠋ᠶ᠋ᠠᠷ
ᠡᠭᠡᠯᠢᠲᠡᠢ ᠨᠣᠮ ᠢ᠋ ᠰᠣᠷᠣᠨ
ᠡᠯᠳᠡᠪ ᠮᠡᠷᠭᠡᠵᠢᠯ ᠢ᠋ ᠣᠯᠤᠭᠠᠳ
ᠡᠬᠡ ᠡᠴᠢᠭᠡ ᠳ᠋ᠦ᠍ ᠪᠡᠨ ᠡᠨᠡᠷᠢᠯ ᠲᠡᠢ
ᠡᠯᠢᠭᠡᠨ ᠰᠠᠳᠤᠨ ᠳ᠋ᠤ᠌ ᠪᠠᠨ ᠲᠦᠰᠢᠭ ᠲᠡᠢ
ᠡᠬᠡ ᠣᠷᠣᠨ ᠳ᠋ᠤ᠌ ᠪᠠᠨ ᠭᠠᠪᠢᠶ᠎ᠠ ᠲᠠᠢ
ᠡᠨᠡ ᠳᠡᠯᠡᠬᠡᠢ ᠳ᠋ᠦ᠍ ᠨᠡᠷᠡᠲᠡᠢ
ᠡᠷᠬᠢᠮ ᠰᠠᠢᠨ ᠬᠥᠮᠦᠨ ᠪᠣᠯᠬᠤ ᠶ᠋ᠢᠨ
ᠡᠶ᠎ᠡ ᠲᠡᠢ ᠰᠠᠢᠬᠠᠨ ᠢᠷᠦᠭᠡᠯ ᠢ᠋
ᠡᠨᠳᠡ ᠳᠡᠪᠰᠢᠭᠦᠯᠵᠦ ᠠᠢᠯᠠᠳᠬᠠᠶ᠎ᠠ᠃
ХҮҮХДИЙН ЕРӨӨЛ
Түмэн ардын дотроос
Түрүүний нэгд үзэгдсэн
Сая ардын дотроос
Сайны нэгд тоогдсон
Халуун хоёр амрагийн
Ханилж суусан нь
Замба тивийн заншил
Замлин хорвоогийн жамаар
Заяа зам нь нийлээд
Зол мөр нь зохиод
Хил шадраар нөхөрлөсөн
Хэл санал нь нийлсэн
Хоёр залуу хоорондоо
Тохирох үгээ ярилцаад
Унаж байвал босгож
Унтаж байвал сэрээж
Өлсөхөд нь өл болохоор
Өвдөхөд нь эм болохоор
Элдэв бодлоо хэлэлцээд
Эр эм бололцжээ.
Тэгээд байж байтал
Төдий ч их удсангүй
Амраг хайртай хүүхэн нь
Алтан хэвэл дотроо
Алаг үрийг олоод
Хэнд ч хэлэлгүй таван сар болж
Хэнээс ч нуулгүй таван сар тээхдээ
Уруу газар унжих нь ихдэж
Өөд газар уухилах нь ихдэж
Бага жаахан хүүхдийг
Базаж өвдөж эхлэхэд
Эмнэлэг сувиллын газраас
Түргэн тусламжийг дууджээ.
Өндөр сайхан нуруутай
Өргөн бор царайтай
Яруу сайхан хоолойтой
Яралзсан цагаан шүдтэй
Ийм бүсгүй эмч ирээд
Ижийг нь амаржихад хүргэжээ.
Ашгүй харин тэгтэл
Алаг хонгор үр нь
Ачит эхээ шаналгалгүй
Ёо гэхийн өвчингүй
Еэ гэхийн зовлонгүй
Амар мэнд төрж
Аан гэж ангайхдаа
А үсгээ эхэлж
Ээн гэж уйлахдаа
Эрдэм номоо зөгнөж
Ээж аавын хүү
Ингэж төрсөн билээ.
Хэв заншлаа дагаж
Хэд хоног болоод
Булбарай жаахан хүүгийнхээ
Будаа хуримыг хийхээр
Буянтай та нарыг цуглуулаад
Сая гарсан хүүгийнхээ
Сайн сайхныг ерөөж бүхийд
Эрдэнэт хүний биеийг олсон
Энэ хүнийхээ эрхэм алдрыг дуурсгая
Эрхмийн дээд бэлгийг
Энд сонсгон айлтгая
Хайртай хүүгийн маань ижий нь
Хагас идэж хугас унтаж
Шөнө дундын хэрд
Шүлэг нойрны эхэнд
Сүүдэрт гэртээ гэгээ барьж
Сүүнийхээ дээжийг хөхүүлж
Аан гэж алаг үр нь дуугарч
Эвий эвий гэж
Ээж хүү хоёр ярилцаж
Илж таалж
Эх нь бойжуулсаар
Инээж торниж
Их л хөөрхөн болно доо.
Хоёр насыг ч хүрнэ дээ
Хонгор даахь нь ч ургана
Алаг хоёр нүдээрээ
Аав ээжээ таньдаг болно.
Цахиур шүд нь ч ургана.
Цагийн хөөрхөн ч болно.
Ус нутгийн улс
Улам ч хайртай болно.
Гулгаж мөлхөж явсан хүү
Гурван насыг ч хүрнэ.
Баацга баацга алхдаг ч болно.
Барьсан шаазангаа хагалдаг ч болно.
Байсан газраа үймүүлдэг ч болно.
Байзнасан газраа түйвээдэг ч болно.
Дөрвөн насыг ч хүрнэ дээ.
Дөх саахалтаар гүйдэг ч болно
Ахиж дөхөж тав хүрээд
Ажлын нэмэртэй ч болно.
Аав ээждээ ч туслалцана.
Ахиад хоёр жил болоход
Ардын сургуульд орохоор
Ам цагаан цаасан дээр
Алдар нэрээ бичүүлнэ.
Дордолгүй дээшилж
Долоон насыг ч хүрнэ дээ.
Улам өссөөр найм хүрэхэд
Улсын сургуульд элсэнэ.
Элбэрэлт намынхаа ачаар
Энэрэлт засгийнхаа ивээлээр
Эрдэмтэн багшийнхаа сургаалаар
Ээлтэй номыг суран
Элдэв мэргэжлийг олоод
Эх эцэгтээ энэрэлтэй
Элгэн садандаа түшигтэй
Эх орондоо гавьяатай
Энэ дэлхийд нэртэй
Эрхэм сайн хүн болохын
Эетэй сайхан ерөөлийг
Энд дэвшүүлж айлтгая.
